ᠬᠥᠬᠡ ᠰᠤᠳᠤᠷ - ᠢᠨᠵᠠᠨᠨᠠᠰᠢ <ᠭᠤᠴᠢᠨ ᠳᠣᠯᠣᠳᠤᠭᠠᠷ ᠪᠦᠯᠦᠭ > Хөх судар - Инжинаш <Гучин долдугар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ <ᠭᠤᠴᠢᠨ ᠳᠣᠯᠣᠳᠤᠭᠠᠷ ᠪᠦᠯᠦᠭ > Хөх судар - Инжинаш <Гучин долдугар бүлэг >

ᠬᠥᠬᠡ ᠰᠤᠳᠤᠷ - ᠢᠨᠵᠠᠨᠨᠠᠰᠢ <ᠭᠤᠴᠢᠨ ᠳᠣᠯᠣᠳᠤᠭᠠᠷ ᠪᠦᠯᠦᠭ > Хөх судар - Инжинаш <Гучин долдугар бүлэг >

ᠠᠩᠭᠢᠯᠠᠯ:ᠲᠡᠦᠬᠡ ᠰᠣᠶᠣᠯ
2023-09-01

364

ᠪᠤᠷᠬᠠᠨ ᠲᠡᠭᠷᠢ ᠶᠢᠰᠦᠨ ᠥᠷᠯᠥᠭ  ᠦ᠋ᠨ ᠪᠡᠯᠡᠭ ᠢᠷᠦᠭᠡᠯ  ᠢ᠋ ᠶᠢᠰᠦᠨ ᠵᠦᠢᠯ ᠢ᠋ᠶ᠋ᠡᠷ ᠬᠠᠢᠷᠠᠯᠠᠪᠠ

ᠪᠣᠭᠳᠠ ᠴᠢᠩᠭᠢᠰ ᠲᠦᠮᠡᠨ ᠦᠶ᠎ᠡ ᠶ᠋ᠢᠨ ᠬᠠᠭᠠᠨ ᠤ᠋ ᠰᠠᠭᠤᠷᠢᠨ ᠳ᠋ᠤᠷ ᠰᠠᠭᠤᠪᠠ


                  ᠭᠤᠴᠢᠨ ᠳᠣᠯᠣᠳᠤᠭᠠᠷ ᠪᠦᠯᠦᠭ  
                                 ᠤᠯᠠᠭᠠᠨ ᠪᠠᠷᠰ ᠵᠢᠯ᠂ ᠲᠠᠢᠽᠦ ᠳᠥᠴᠢᠨ ᠲᠠᠪᠤᠨ ᠰᠡᠭᠦᠳᠡᠷ ᠲᠡᠢ᠂ ᠠᠷᠪᠠᠨ ᠬᠣᠶᠠᠷ ᠰᠠᠷ᠎ᠠ ᠶ᠋ᠢᠨ 
                                 ᠰᠢᠨ᠎ᠡ ᠶ᠋ᠢᠨ ᠨᠢᠭᠡᠨ᠎ᠡ ᠬᠠᠭᠠᠨ ᠰᠠᠭᠤᠷᠢᠨ ᠳ᠋ᠤᠷ ᠰᠠᠭᠤᠵᠤ᠂ ᠤᠯᠤᠰ ᠤ᠋ᠨ ᠨᠡᠷ᠎ᠡ ᠶ᠋ᠢ ᠮᠣᠩᠭᠣᠯ ᠭᠡᠮᠡᠨ ᠬᠠᠯᠠᠵᠤ᠂ 
                                 ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠬᠡᠮᠡᠪᠡ᠂ ᠰᠥᠩ ᠤᠯᠤᠰ ᠤ᠋ᠨ ᠨᠢᠩᠽᠦ᠋ᠩ ᠦ᠋ᠨ 
                                 ᠺᠠᠢ ᠰᠢ ᠶ᠋ᠢᠨ ᠬᠣᠶᠠᠳᠤᠭᠠᠷ ᠣᠨ᠂ ᠠᠯᠲᠠᠨ ᠤᠯᠤᠰ ᠤ᠋ᠨ ᠲᠠᠢ ᠾᠧ ᠶ᠋ᠢᠨ ᠵᠢᠷᠭᠤᠳᠤᠭᠠᠷ ᠣᠨ  

                   ᠪᠤᠷᠬᠠᠨ ᠲᠡᠭᠷᠢ ᠶᠢᠰᠦᠨ ᠥᠷᠯᠥᠭ ᠦ᠋ᠨ ᠪᠡᠯᠡᠭ ᠢᠷᠦᠭᠡᠯ ᠢ᠋ ᠶᠢᠰᠦᠨ ᠵᠦᠢᠯ ᠢ᠋ᠶ᠋ᠡᠷ ᠬᠠᠢᠷᠠᠯᠠᠪᠠ 
               ᠪᠣᠭᠳᠠ ᠴᠢᠩᠭᠢᠰ ᠲᠦᠮᠡᠨ ᠦᠶ᠎ᠡ ᠶ᠋ᠢᠨ ᠬᠠᠭᠠᠨ ᠤ᠋ ᠰᠠᠭᠤᠷᠢᠨ ᠳ᠋ᠤᠷ ᠰᠠᠭᠤᠪᠠ  

       ᠲᠡᠨᠳᠡᠴᠡ ᠲᠠᠢᠽᠦ ᠬᠠᠷᠠᠬᠠᠨ ᠬᠠᠲᠤᠨ ᠯᠤᠭ᠎ᠠ ᠪᠠᠨ ᠳᠥᠷᠪᠡᠨ ᠬᠦᠯᠦᠭ᠂ ᠵᠢᠷᠭᠤᠭᠠᠨ ᠰᠠᠢᠳ᠂ ᠶᠢᠰᠦᠨ ᠡᠩ᠂ ᠵᠠᠭᠤᠨ ᠲᠦᠰᠢᠮᠡᠳ ᠦ᠋ᠨ ᠥᠬᠢᠳ ᠬᠡᠦᠬᠡᠳ ᠡᠴᠡ ᠪᠡᠷᠢ ᠰᠣᠩᠭᠣᠬᠤ ᠬᠦᠷᠭᠡᠨ ᠰᠢᠯᠭᠠᠬᠤ ᠶ᠋ᠢ ᠵᠥᠪᠯᠡᠵᠦ᠂ ᠳᠡᠭᠡᠭᠰᠢ ᠥᠭᠡᠯᠦᠨ ᠥᠵᠢᠨ ᠳ᠋ᠦ᠍ᠷ ᠮᠡᠳᠡᠭᠦᠯᠬᠦ ᠶ᠋ᠢ ᠵᠥᠪᠳᠡᠨ ᠠᠲᠠᠯ᠎ᠠ ᠭᠠᠳᠠᠨ᠎ᠠ ᠭᠤᠷᠪᠠᠨ ᠵᠡᠷᠭᠡ ᠦᠬᠡᠷ ᠫᠤᠤ ᠶ᠋ᠢᠨ ᠳᠠᠭᠤᠨ ᠭᠠᠷᠴᠤ ᠶᠡᠬᠡ ᠵᠦᠩ ᠬᠡᠩᠭᠡᠷᠭᠡ ᠬᠠᠮᠲᠤ ᠪᠠᠷ ᠳᠠᠭᠤᠷᠢᠰᠴᠤ ᠲᠠᠢᠽᠦ ᠶ᠋ᠢ ᠭᠠᠳᠠᠨ᠎ᠠ ᠲᠥᠷᠥ ᠶ᠋ᠢᠨ ᠦᠷᠭᠦᠭᠡᠨ᠎ᠡ ᠵᠠᠯᠠᠬᠤ ᠱᠠᠪᠠᠩ ᠬᠥᠭᠵᠢᠮ ᠡᠭᠦᠰᠬᠡᠵᠦ᠂ ᠣᠯᠠᠨ ᠲᠦᠰᠢᠮᠡᠳ ᠦ᠋ᠨ ᠮᠥᠷᠭᠥᠬᠦ ᠴᠤᠭᠤᠷ ᠪᠢᠰᠬᠢᠭᠦᠷ ᠦᠯᠢᠶᠡᠵᠦ᠂ ᠶᠡᠬᠡ ᠤᠯᠤᠰ ᠤ᠋ᠨ ᠴᠢᠬᠤᠯᠠ ᠬᠡᠷᠡᠭ ᠮᠡᠳᠡᠭᠦᠯᠬᠦ ᠳᠣᠬᠢᠶ᠎ᠠ ᠲᠡᠮᠳᠡᠭ ᠲᠠᠯᠪᠢᠵᠤ᠂ ᠲᠠᠢᠽᠦ ᠶ᠋ᠢ ᠲᠥᠷᠥ ᠳ᠋ᠦ᠍ᠷ ᠭᠠᠷᠤᠮᠤ ᠭᠡᠮᠡᠨ ᠵᠠᠯᠠᠬᠤᠢ ᠳ᠋ᠤᠷ ᠲᠠᠢᠽᠦ ᠯᠠᠪ ᠤᠯᠤᠰ ᠲᠥᠷᠥ ᠶ᠋ᠢᠨ ᠴᠢᠬᠤᠯᠠ ᠬᠡᠷᠡᠭ ᠪᠠᠢᠬᠤ ᠶ᠋ᠢ ᠮᠡᠳᠡᠵᠦ᠂ ᠶᠠᠭᠠᠷᠠᠨ ᠯᠤᠤ ᠶ᠋ᠢᠨ ᠬᠤᠪᠴᠠᠰᠤ᠂ ᠡᠷᠳᠡᠨᠢ ᠶ᠋ᠢᠨ ᠪᠦᠰᠡ᠂ ᠲᠢᠳᠢᠮᠲᠦ ᠮᠠᠯᠠᠭ᠎ᠠ᠂ ᠤᠯᠠᠭᠠᠨ ᠭᠤᠲᠤᠯ ᠡᠮᠦᠰᠴᠦ ᠭᠠᠳᠠᠨ᠎ᠠ ᠲᠥᠷᠥ ᠳ᠋ᠦ᠍ᠷ ᠭ᠍ᠡᠷᠪᠠᠰᠤ᠂ ᠲᠥᠷᠥ ᠶ᠋ᠢᠨ ᠪᠠᠷᠠᠭᠤᠨ ᠡᠲᠡᠭᠡᠳ ᠲᠣᠷᠭᠠᠨ ᠰᠢᠷ᠎ᠠ᠂ ᠴᠢᠨᠳᠠᠭᠠᠨ᠎ᠠ ᠰᠡᠴᠡᠨ᠂ ᠣᠯᠠᠨ ᠰᠡᠴᠡᠳ ᠰᠠᠢᠳ ᠲᠡᠷᠢᠭᠦᠯᠡᠨ ᠵᠣᠭᠰᠣᠵᠤ ᠵᠡᠭᠦᠨ ᠡᠲᠡᠭᠡᠳ ᠮᠤᠬᠤᠯᠢ᠂ ᠪᠤᠭᠤᠷᠵᠢ ᠣᠯᠠᠨ ᠪᠠᠭᠠᠲᠤᠳ ᠵᠠᠩᠵᠤᠨ ᠨᠠᠷ ᠲᠡᠷᠢᠭᠦᠯᠡᠨ ᠵᠣᠭᠰᠣᠵᠤ᠂ ᠲᠠᠢᠽᠦ ᠭᠠᠷᠴᠤ ᠤᠯᠠᠭᠠᠨ ᠯᠤᠤᠲᠤ ᠣᠯᠪᠣᠭ ᠲᠦᠰᠢᠯᠭᠡᠲᠦ ᠲᠥᠪ ᠦ᠋ᠨ ᠰᠢᠷᠡᠬᠡᠨ᠎ᠡ ᠰᠠᠭᠤᠲᠠᠯ᠎ᠠ ᠣᠯᠠᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠲᠣᠷᠭᠠᠨ ᠰᠢᠷ᠎ᠠ᠂ ᠮᠤᠬᠤᠯᠢ ᠬᠣᠶᠠᠭᠤᠯᠠ ᠵᠡᠷᠭᠡ ᠡᠴᠡ ᠭᠠᠷᠴᠤ ᠰᠥᠭᠥᠳᠦᠨ ᠮᠡᠳᠡᠭᠦᠯᠦᠷᠦᠨ:《ᠮᠠᠭᠠᠳ ᠲᠡᠭᠷᠢ ᠶ᠋ᠢᠨ ᠬᠥᠪᠡᠭᠦᠨ ᠡᠵᠡᠨ ᠮᠢᠨᠦ᠂ ᠮᠠᠷᠭᠤᠯ ᠦᠭᠡᠢ ᠭᠤᠴᠢᠨ ᠵᠢᠯ ᠵᠣᠪᠠᠨ ᠵᠦᠳᠡᠵᠦ ᠵᠢᠳᠬᠦᠭᠰᠡᠭᠡᠷ ᠠᠷᠠᠢ ᠭᠡᠵᠦ ᠬᠣᠢᠲᠤ ᠤᠯᠤᠰ ᠢ᠋ ᠬᠤᠷᠢᠶᠠᠵᠤ ᠣᠯᠠᠨ ᠰᠠᠮᠠᠭᠤᠨ ᠢ᠋ ᠠᠷᠢᠯᠭᠠᠭᠠᠳ ᠪᠸᠲ᠋ᠠ᠋ ᠤᠯᠤᠰ ᠤ᠋ᠨ ᠨᠢᠭᠡᠨ ᠭᠡᠷ ᠪᠣᠯᠵᠤ ᠡᠨᠡ ᠤᠯᠠᠭᠠᠨ ᠪᠠᠷᠰ ᠣᠨ ᠪᠣᠯᠲᠠᠯ᠎ᠠ ᠡᠳᠦᠭᠡ ᠨᠢᠭᠡᠨᠲᠡ ᠠᠮᠤᠭᠤᠯᠠᠩ ᠵᠢᠷᠭᠠᠯᠠᠩ ᠡᠩᠬᠡ ᠲᠦᠪᠰᠢᠨ ᠪᠣᠯᠪᠠ᠃ ᠡᠵᠡᠨ ᠦ᠌ ᠬᠢᠴᠢᠶᠡᠨ ᠵᠢᠳᠬᠦᠵᠦ ᠬᠣᠷᠢᠶᠠᠨ ᠳᠠᠢᠯᠠᠭᠰᠠᠨ ᠤ᠋ ᠬᠡᠰᠢᠭ ᠢ᠋ᠶ᠋ᠡᠷ ᠡᠳᠦᠭᠡ ᠮᠠᠨ ᠤ᠋ ᠪᠸᠲ᠋ᠠ᠋ ᠤᠯᠤᠰ ᠤ᠋ᠨ ᠡᠷᠬᠡᠲᠦ ᠲᠦᠰᠢᠮᠡᠳ ᠡᠴᠡ ᠡᠬᠢᠯᠡᠨ ᠡᠭᠡᠯ ᠠᠷᠠᠳ ᠲᠤᠷ ᠲᠤᠯᠲᠠᠯ᠎ᠠ ᠡᠩᠭᠡᠷ ᠨᠡᠢᠲᠡ ᠪᠠᠶᠠᠨ ᠴᠠᠳᠬᠤᠯᠠᠩ ᠵᠢᠷᠭᠠᠯᠠᠩ ᠢ᠋ ᠡᠳ᠋ᠯᠡᠬᠦ ᠡᠳᠡᠭᠡᠷ ᠴᠥᠮ ᠡᠷᠬᠡᠲᠦ ᠡᠵᠡᠨ ᠦ᠌ ᠡᠨᠡᠷᠢᠨ ᠨᠢᠭᠦᠯᠡᠰᠦᠭᠰᠡᠨ ᠦ᠌ ᠶᠡᠬᠡ ᠬᠡᠰᠢᠭ ᠪᠤᠶᠤ ᠡᠳᠦᠭᠡ ᠪᠠᠰᠠ ᠡᠵᠡᠨ ᠦ᠌ ᠴᠢᠬᠤᠯᠠ ᠭᠤᠷᠪᠠᠨ ᠵᠦᠢᠯ ᠦ᠋ᠨ ᠶᠡᠬᠡ ᠬᠡᠷᠡᠭ ᠪᠣᠢ : ᠲᠡᠷᠢᠭᠦᠨ ᠳ᠋ᠦ᠍ᠷ ᠳᠡᠭᠡᠳᠦ ᠦᠵᠢᠨ ᠡᠮᠡᠭᠡ᠂ ᠳᠡᠭᠡᠳᠦ ᠪᠠᠭᠠᠲᠤᠷ ᠡᠵᠡᠨ ᠡᠴᠡ ᠵᠠᠯᠠᠭᠤ ᠪᠠᠷ ᠬᠠᠭᠠᠴᠠᠵᠤ ᠡᠵᠡᠨ ᠦ᠌ ᠪᠡᠶ᠎ᠡ ᠶ᠋ᠢ ᠵᠣᠪᠠᠨ ᠵᠦᠳᠡᠵᠦ ᠬᠥᠮᠦᠵᠢᠭᠦᠯᠦᠨ ᠥᠰᠬᠡᠵᠦ ᠳᠥᠷᠪᠡᠨ ᠵᠦᠭ ᠲᠦ᠍ᠷ ᠴᠡᠷᠢᠭ ᠲᠡᠢᠨ ᠢ᠋ᠶ᠋ᠠᠷ ᠳᠠᠢᠯᠠᠨ ᠶᠠᠪᠤᠬᠤᠢ ᠳ᠋ᠤᠷ ᠥᠷᠯᠥᠭᠡ ᠦᠳᠡᠰᠢ ᠰᠡᠳᠬᠢᠯ ᠲᠦᠭᠰᠢᠵᠦ ᠰᠠᠨᠠᠭᠠᠨ ᠵᠦᠳᠡᠭᠰᠡᠨ ᠲᠤᠯᠠ ᠡᠳᠦᠭᠡ ᠵᠠᠭᠤᠨ ᠲᠦᠮᠡᠨ ᠦ᠌ ᠤᠯᠤᠰ ᠤ᠋ᠨ ᠴᠢᠭᠤᠯᠭᠠᠨ ᠢ᠋ ᠦᠵᠡᠭᠦᠯᠵᠦ ᠳᠠᠯᠠᠨ ᠨᠠᠰᠤᠨ ᠤ᠋ ᠪᠠᠶᠠᠷ ᠲᠤᠷ ᠨᠡᠢᠴᠡᠭᠦᠯᠦᠨ ᠳᠥᠴᠢᠨ ᠵᠢᠯ ᠦ᠋ᠨ ᠵᠦᠳᠡᠭᠰᠡᠨ ᠰᠡᠳᠬᠢᠯ ᠢ᠋ ᠪᠠᠶᠠᠰᠬᠠᠬᠤ ᠡᠨᠡ ᠲᠡᠷᠢᠭᠦᠨ ᠨᠢᠭᠡᠨ ᠵᠦᠢᠯ ᠦ᠋ᠨ ᠴᠢᠬᠤᠯᠠ ᠬᠡᠷᠡᠭ᠃ ᠵᠢᠴᠢ ᠳ᠋ᠦ᠍ᠷ ᠡᠵᠡᠨ ᠦ᠌ ᠠᠯᠲᠠᠨ ᠬᠠᠰ ᠤ᠋ᠨ ᠦᠷᠡᠰ ᠮᠠᠨ ᠤ᠋ ᠪᠠᠭ᠎ᠠ ᠡᠵᠡᠳ ᠳᠥᠷᠪᠡᠭᠦᠯᠡ ᠳ᠋ᠦ᠍ᠷ ᠶᠡᠬᠡ ᠲᠥᠷᠥ ᠶ᠋ᠢᠨ ᠬᠠᠲᠤᠳ ᠢ᠋ ᠨᠡᠷᠡᠯᠡᠵᠦ ᠳᠥᠷᠥᠯᠡᠨ ᠡᠷᠭᠦᠮᠵᠢᠯᠡᠬᠦ ᠪᠠ ᠪᠠᠰᠠ ᠡᠵᠡᠨ ᠦ᠌ ᠠᠩᠬ᠎ᠠ ᠠᠪᠠᠬᠠᠢ ᠡᠵᠡᠨ ᠢ᠋ ᠮᠢᠨᠦ ᠪᠠᠰᠠ ᠬᠠᠷᠢᠯᠠᠬᠤ ᠳᠥᠷᠥᠯᠡᠬᠦ ᠬᠡᠷᠡᠭ ᠪᠣᠢ ᠲᠤᠯᠠ ᠬᠦᠷᠭᠡᠨ ᠬᠠᠷᠢ ᠶ᠋ᠢ ᠰᠣᠩᠭᠣᠨ ᠲᠣᠭᠲᠠᠭᠠᠬᠤ ᠡᠨᠡ ᠬᠣᠶᠠᠳᠤᠭᠠᠷ ᠵᠦᠢᠯ ᠦ᠋ᠨ ᠴᠢᠬᠤᠯᠠ ᠬᠡᠷᠡᠭ᠃ ᠵᠢᠴᠢ ᠳ᠋ᠦ᠍ᠷ ᠡᠵᠡᠨ ᠦ᠌ ᠵᠠᠭᠤᠨ ᠲᠦᠮᠡᠨ ᠤᠯᠤᠰ ᠠᠯᠪᠠᠲᠤ ᠶ᠋ᠢ ᠨᠢᠳᠦ ᠪᠡᠷ ᠦᠵᠡᠨ ᠴᠡᠷᠢᠭ ᠦ᠋ᠨ ᠡᠷᠳᠡᠮ ᠢ᠋ ᠢᠨᠣ ᠰᠢᠯᠭᠠᠪᠠᠰᠤ ᠵᠣᠬᠢᠮᠤᠢ᠃ ᠮᠠᠨ ᠤ᠋ ᠶᠡᠬᠡ ᠪᠸᠲ᠋ᠠ᠋ ᠤᠯᠤᠰ ᠬᠣᠢᠲᠤ ᠣᠯᠠᠨ ᠤᠯᠤᠰ ᠢ᠋ ᠴᠥᠮ ᠬᠤᠷᠢᠶᠠᠮᠵᠢᠯᠠᠵᠤ ᠨᠢᠭᠡᠨ ᠪᠣᠯᠤᠭᠰᠠᠨ ᠲᠤᠯᠠ ᠮᠠᠰᠢ ᠠᠭᠤᠳᠠᠮ ᠥᠷᠭᠡᠨ ᠪᠣᠯᠵᠤ᠂ ᠴᠡᠷᠢᠭ ᠬᠤᠶᠠᠭ ᠤ᠋ᠨ ᠲᠣᠭ᠎ᠠ ᠭᠤᠴᠢᠨ ᠲᠦᠮᠡᠨ ᠢᠯᠡᠭᠦᠦ ᠪᠣᠯᠵᠤ᠂ ᠬᠠᠷᠠᠴᠤ ᠠᠯᠪᠠᠲᠤ ᠳᠣᠯᠣᠭᠠᠨ ᠵᠠᠭᠤᠨ ᠲᠦᠮᠡᠨ ᠢᠯᠡᠭᠦᠦ ᠠᠮᠠ᠂ ᠬᠠᠮᠢᠶᠠᠷᠤᠨ ᠵᠠᠬᠢᠷᠬᠤ ᠠᠨᠤ ᠣᠯᠠᠨ ᠴᠥᠭᠡᠨ ᠳᠠᠩ ᠰᠠᠴᠠᠭᠤ ᠦᠭᠡᠢ ᠲᠤᠯᠠ ᠤᠯᠤᠰ ᠤ᠋ᠨ ᠬᠣᠲᠠᠯᠠ ᠪᠠᠷ ᠶᠡᠬᠡ ᠴᠢᠭᠤᠯᠭᠠᠨ ᠴᠢᠭᠤᠯᠵᠤ᠂ ᠠᠩᠭᠢ ᠪᠠᠭ ᠢ᠋ ᠨᠠᠷᠢᠪᠴᠢᠯᠠᠨ ᠢᠯᠭᠠᠨ ᠰᠠᠯᠭᠠᠨ ᠲᠣᠭᠲᠠᠭᠠᠬᠤ ᠪᠠ ᠵᠢᠴᠢ ᠬᠣᠢᠲᠤ ᠶ᠋ᠢ ᠲᠦᠪᠰᠢᠳᠬᠡᠭᠰᠡᠨ ᠣᠯᠠᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠭᠰᠠᠨ ᠠᠨᠤ ᠶᠠᠭᠠᠷᠠᠯ ᠮᠡᠩᠳᠡᠭᠦᠷᠡᠯ ᠴᠡᠷᠢᠭ ᠲᠡᠢᠨ ᠦ᠌ ᠴᠠᠭ ᠲᠤᠷ ᠲᠣᠬᠢᠶᠠᠯᠳᠤᠭᠠᠳ ᠭᠡᠭᠡᠭᠳᠡᠨ ᠣᠷᠬᠢᠭ᠍ᠳᠠᠵᠤ ᠳᠤᠲᠠᠭᠤ ᠳᠣᠷᠭᠣᠨ ᠪᠣᠯᠤᠭᠰᠠᠨ ᠢ᠋ ᠪᠠᠰᠠ ᠬᠢᠨᠠᠨ ᠨᠠᠷᠢᠪᠴᠢᠯᠠᠨ ᠳᠠᠪᠲᠠᠨ ᠢᠯᠭᠠᠪᠠᠰᠤ ᠬᠣᠢᠴᠢ ᠡᠳᠦᠷ ᠦ᠋ᠨ ᠴᠡᠷᠢᠭ ᠲᠦ᠍ᠷ ᠦᠬᠦᠨ ᠵᠢᠳᠬᠦᠬᠦᠢ ᠳ᠋ᠦ᠍ᠢ ᠨᠡᠩ ᠬᠦᠴᠦᠲᠡᠢ ᠪᠣᠯᠭᠠᠬᠤ᠂ ᠡᠨᠡ ᠭᠤᠷᠪᠠᠨ ᠵᠦᠢᠯ ᠦ᠋ᠨ ᠴᠢᠬᠤᠯᠠ ᠬᠡᠷᠡᠭ ᠪᠣᠢ ᠲᠤᠯᠠ ᠲᠡᠢᠨ ᠬᠦ᠌ ᠡᠵᠡᠨ ᠳ᠋ᠦ᠍ᠷ ᠮᠡᠳᠡᠭᠦᠯᠵᠦ ᠪᠸᠲ᠋ᠠ᠋ ᠤᠯᠤᠰ ᠤ᠋ᠨ ᠬᠣᠲᠠᠯᠠᠭᠠᠷ ᠢ᠋ ᠬᠠᠭᠤᠴᠢᠨ ᠮᠤᠩ ᠤᠯᠤᠰ ᠤ᠋ᠨ ᠭᠣᠣᠯ ᠤ᠋ᠨ ᠬᠡᠷᠦᠯᠦᠨ ᠮᠥᠷᠡᠨ ᠦ᠌ ᠡᠬᠢ ᠳ᠋ᠦ᠍ᠷ ᠶᠡᠬᠡ ᠠᠭᠤᠳᠠᠮ ᠠᠭᠤᠯᠠ ᠤᠰᠤᠲᠤ ᠲᠠᠯᠠᠪᠤᠷ ᠲᠤᠷ ᠶᠡᠬᠡ ᠴᠢᠭᠤᠯᠭᠠᠨ ᠢ᠋ ᠴᠢᠭᠤᠯᠭᠤᠯᠵᠤ᠂ ᠡᠵᠡᠨ ᠦ᠌ ᠡᠷᠳᠡᠨᠢᠲᠦ ᠪᠠᠭᠤᠳᠠᠯ ᠬᠣᠷᠣᠭ᠎ᠠ ᠶ᠋ᠢ ᠮᠥᠨ ᠬᠠᠮᠲᠤ ᠪᠠᠷ ᠤᠨᠤᠨ ᠮᠥᠷᠡᠨ ᠦ᠌ ᠵᠠᠬ᠎ᠠ ᠳ᠋ᠤᠷ ᠪᠠᠢᠭᠤᠯᠵᠤ ᠡᠨᠡ ᠳᠡᠯᠭᠡᠷᠡᠭᠰᠡᠨ ᠳᠥᠷᠪᠡᠨ ᠰᠠᠷ᠎ᠠ ᠶ᠋ᠢᠨ ᠡᠪᠡᠰᠦᠨ ᠦ᠌ ᠵᠥᠭᠡᠯᠡᠨ ᠤᠰᠤᠨ ᠤ᠋ ᠲᠤᠩᠭᠠᠯᠠᠭ ᠴᠠᠭ ᠤ᠋ᠨ ᠨᠠᠢᠷᠠᠮᠳᠠᠬᠤ ᠦᠶᠡᠰ ᠳᠥᠯᠭᠡᠨ ᠳ᠋ᠦ᠍ᠷ ᠪᠸᠲ᠋ᠠ᠋ ᠤᠯᠤᠰ ᠤ᠋ᠨ ᠬᠣᠲᠠᠯᠠᠭᠠᠷ ᠢ᠋ ᠲᠡᠨᠳᠡ ᠬᠤᠷᠢᠶᠠᠵᠤ᠂ ᠶᠡᠬᠡ ᠴᠢᠭᠤᠯᠭᠠᠨ ᠴᠢᠭᠤᠯᠬᠤᠢ ᠳ᠋ᠤᠷ ᠣᠯᠠᠨ ᠲᠦᠮᠡᠨ᠎ᠡ ᠮᠠᠰᠢ ᠡᠪᠲᠡᠢ ᠵᠣᠬᠢᠰᠲᠠᠢ᠂ ᠤᠯᠤᠰ ᠤ᠋ᠨ ᠡᠯ᠎ᠡ ᠵᠦᠢᠯ ᠦ᠋ᠨ ᠴᠢᠬᠤᠯᠠ ᠦᠢᠯᠡᠰ ᠢ᠋ ᠲᠡᠨᠳᠡ ᠲᠣᠭᠲᠠᠭᠠᠨ ᠬᠡᠯᠡᠯᠴᠡᠵᠦ᠂ ᠨᠠᠮᠤᠷ ᠤ᠋ᠨ ᠨᠠᠢ᠍ᠮᠠᠨ ᠰᠠᠷ᠎ᠠ ᠲᠤᠯᠲᠠᠯ᠎ᠠ ᠲᠡᠨᠳᠡ ᠵᠤᠰᠠᠵᠤ ᠲᠣᠭᠲᠠᠭᠠᠪᠠᠰᠤ ᠮᠠᠰᠢ ᠠᠭᠤᠳᠠᠮ ᠲᠠᠯᠪᠢᠭᠤ᠂ ᠣᠷᠬᠢᠭ᠍ᠳᠠᠨ ᠭᠡᠭᠡᠭᠳᠡᠵᠦ ᠰᠡᠯᠲᠡᠨ ᠤᠮᠠᠷᠲᠠᠬᠤ ᠠᠯᠳᠠᠰᠢ ᠭᠠᠷᠬᠤ ᠦᠭᠡᠢ ᠪᠣᠯᠤᠮᠤᠢ᠃ ᠡᠭᠦᠨ ᠦ᠌ ᠲᠤᠯᠠ ᠡᠵᠡᠨ ᠳ᠋ᠦ᠍ᠷ ᠮᠡᠳᠡᠭᠦᠯᠦᠨ ᠵᠠᠬᠢᠶ᠎ᠠ ᠣᠯᠵᠤ ᠶᠡᠬᠡ ᠴᠢᠭᠤᠯᠭᠠᠨ ᠢ᠋ ᠵᠠᠷᠯᠠᠰᠤᠭᠠᠢ ᠬᠡᠮᠡᠮᠦᠢ᠂ ᠡᠵᠡᠨ ᠮᠢᠨᠦ ᠠᠢᠯᠠᠳᠤᠨ ᠲᠣᠭᠲᠠᠭ᠎ᠠ ! 》ᠭᠡᠮᠡᠨ ᠮᠥᠷᠭᠥᠵᠦ ᠮᠡᠳᠡᠭᠦᠯᠦᠭᠰᠡᠨ ᠳ᠋ᠦ᠍ᠷ  ᠲᠠᠢᠽᠦ ᠲᠡᠷᠢᠭᠦᠨ ᠨᠢᠭᠡᠨ ᠥᠭᠡᠯᠦᠨ ᠡᠬᠡ ᠶᠦ᠍ᠭᠡᠨ ᠪᠠᠶᠠᠰᠬᠠᠬᠤ ᠶ᠋ᠢ ᠬᠡᠯᠡᠭᠰᠡᠨ ᠳ᠋ᠦ᠍ᠷ ᠶᠡᠬᠡᠯ᠎ᠡ ᠪᠠᠶᠠᠷᠯᠠᠨ ᠵᠠᠬᠢᠷᠤᠨ : 《ᠣᠯᠠᠨ ᠲᠦᠰᠢᠮᠡᠳ ᠦ᠋ᠨ ᠤᠮᠳᠠᠭᠰᠠᠨ ᠢ᠋ ᠮᠢᠨᠦ ᠰᠡᠷᠢᠭᠡᠵᠦ᠂ ᠤᠮᠠᠷᠲᠠᠭᠰᠠᠨ ᠢ᠋ ᠮᠢᠨᠦ ᠰᠠᠨᠠᠭᠠᠯᠵᠠᠭᠤᠯᠤᠨ ᠠᠴᠢᠯᠠᠬᠤ ᠡᠯᠪᠡᠷᠢᠬᠦ᠂ ᠠᠰᠠᠷᠠᠬᠤ ᠨᠢᠭᠦᠯᠡᠰᠬᠦ᠂ ᠬᠥᠮᠦᠵᠢᠭᠦᠯᠬᠦ ᠬᠥᠬᠢᠭᠦᠯᠬᠦ ᠡᠨᠡ ᠭᠤᠷᠪᠠᠨ ᠵᠦᠢᠯ ᠢ᠋ ᠮᠡᠳᠡᠭᠦᠯᠦᠭᠰᠡᠨ ᠢᠨᠣ ᠴᠢᠪᠬᠢᠲᠡᠯ᠎ᠡ ᠮᠢᠨᠦ ᠰᠠᠨᠠᠭᠠᠨ ᠳ᠋ᠤᠷ ᠨᠡᠢᠴᠡᠪᠡ᠃ ᠡᠳᠦᠭᠡ ᠳᠠᠷᠤᠢ ᠮᠢᠨᠦ ᠰᠤᠮᠤ ᠪᠠ ᠰᠢᠪᠠᠭ᠎ᠠ ᠪᠠᠷ ᠵᠠᠷᠯᠠᠵᠤ ᠴᠢᠭᠤᠯᠭᠤᠯ᠃ ᠡᠨᠡ ᠡᠳᠦᠷ ᠯᠠᠪ ᠰᠠᠢᠨ ᠡᠳᠦᠷ ᠭᠡᠮᠡᠨ ᠰᠡᠳᠦᠵᠦ ᠮᠡᠳᠡᠭᠦᠯᠦᠭᠰᠡᠨ ᠲᠤᠯᠠ ᠡᠨᠡ ᠡᠳᠦᠷ ᠡᠴᠡ ᠮᠢᠨᠦ ᠶᠡᠬᠡ ᠪᠠᠭᠤᠳᠠᠯ ᠨᠡᠭᠦᠳᠡᠯ ᠬᠣᠷᠣᠭ᠎ᠠ ᠬᠦᠷᠢᠶ᠎ᠡ ᠶ᠋ᠢ ᠡᠬᠢᠯᠡᠵᠦ ᠬᠥᠳᠡᠯᠭᠡ᠃ ᠪᠸᠲ᠋ᠠ᠋ ᠤᠯᠤᠰ ᠤ᠋ᠨ ᠬᠠᠷᠢᠶᠠᠲᠤ – ᠠᠷᠪᠠᠨ ᠨᠠᠰᠤᠨ ᠠ᠋ᠴᠠ ᠳᠡᠭᠡᠭᠰᠢ ᠥᠬᠢᠳ ᠬᠡᠦᠬᠡᠳ ᠲᠣᠷ ᠬᠦᠷᠲᠡᠯ᠎ᠡ ᠴᠢᠭᠤᠯᠭᠠᠨ ᠳ᠋ᠤᠷ ᠬᠣᠴᠣᠷᠤᠭᠤᠯᠵᠤ ᠪᠣᠯᠬᠤ ᠦᠭᠡᠢ᠃ 》ᠭᠡᠮᠡᠨ ᠵᠠᠬᠢᠶ᠎ᠠ ᠪᠠᠭᠤᠯᠭᠠᠪᠠ᠃ ᠣᠯᠠᠨ ᠲᠦᠰᠢᠮᠡᠳ ᠵᠠᠬᠢᠶ᠎ᠠ ᠶ᠋ᠢ ᠬᠦᠯᠢᠶᠡᠵᠦ ᠮᠥᠷᠭᠥᠪᠡ᠃ ᠬᠤᠭᠤᠷ ᠴᠣᠭᠣᠷ ᠬᠥᠳᠡᠯᠵᠦ ᠲᠠᠢᠽᠦ ᠡᠭᠡᠵᠦ ᠵᠠᠯᠠᠷᠠᠪᠠ᠃ ᠣᠯᠠᠨ ᠪᠠᠭᠠᠲᠤᠳ ᠰᠠᠢᠳ ᠲᠦᠰᠢᠮᠡᠳ ᠲᠥᠷᠥ ᠡᠴᠡ ᠪᠠᠭᠤᠵᠤ ᠢᠷᠡᠭᠡᠳ ᠳᠥᠷᠪᠡᠨ ᠵᠦᠭ ᠲᠦ᠍ᠷ ᠲᠠᠷᠬᠠᠯᠴᠠᠪᠠ᠃ ᠵᠢᠨᠦᠩ ᠦ᠋ᠨ ᠴᠠᠴᠠᠷ ᠠ᠋ᠴᠠ ᠵᠠᠷ ᠰᠢᠪᠠᠭ᠎ᠠ ᠶ᠋ᠢ ᠠᠪᠴᠤ ᠳᠥᠷᠪᠡᠨ ᠵᠦᠭ ᠨᠠᠢ᠍ᠮᠠᠨ ᠵᠣᠪᠬᠢᠰ ᠴᠠᠰᠤᠨ ᠤ᠋ ᠯᠠᠪᠰᠠ᠂ ᠪᠣᠷᠣᠭᠠᠨ ᠤ᠋ ᠳᠤᠰᠤᠯ ᠮᠡᠲᠦ ᠣᠯᠠᠨ ᠠᠢᠮᠠᠭ ᠤᠯᠤᠰ ᠲᠤᠷ ᠵᠠᠷᠯᠠᠯ ᠲᠤᠩᠬᠠᠭ ᠳᠣᠪᠲᠣᠯᠭᠠᠪᠠ᠃  
       ᠵᠠᠷᠯᠠᠭᠰᠠᠨ ᠵᠠᠷ ᠪᠢᠴᠢᠭ ᠦ᠋ᠨ ᠦᠭᠡ : ᠡᠵᠡᠨ ᠦ᠌ ᠵᠠᠬᠢᠶ᠎ᠠ ᠪᠠᠷ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠮᠤᠬᠤᠯᠢ ᠨᠠᠷ ᠪᠸᠲ᠋ᠠ᠋ ᠤᠯᠤᠰ ᠤ᠋ᠨ ᠨᠡᠢᠲᠡ ᠪᠦᠭᠦᠳᠡ ᠳ᠋ᠦ᠍ᠷ ᠴᠢᠩᠳᠠᠯᠠᠨ ᠵᠠᠷᠯᠠᠪᠠ᠂ ᠬᠢᠴᠢᠶᠡᠨ ᠳᠠᠭᠠᠵᠤ ᠶᠠᠪᠤᠭᠲᠤᠨ! ᠡᠳᠦᠭᠡ ᠳᠡᠭᠡᠳᠦ ᠥᠭᠡᠯᠦᠨ ᠥᠵᠢᠨ ᠡᠮᠡᠭᠡ ᠶ᠋ᠢᠨ ᠳᠠᠯᠠᠨ ᠰᠡᠭᠦᠳᠡᠷ ᠦ᠋ᠨ ᠶᠡᠬᠡ ᠪᠠᠶᠠᠷ ᠲᠤᠷ ᠲᠣᠬᠢᠶᠠᠯᠳᠤᠭᠤᠯᠤᠨ᠂ ᠬᠣᠲᠠᠯᠠ ᠤᠯᠤᠰ ᠲᠤᠷ ᠵᠠᠷᠯᠠᠵᠤ ᠨᠡᠢᠲᠡ ᠪᠡᠷ ᠴᠥᠮ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ ᠪᠣᠯᠲᠠᠯ᠎ᠠ ᠤᠨᠤᠨ ᠮᠥᠷᠡᠨ ᠦ᠌ ᠡᠬᠢ᠂ ᠮᠤᠩ ᠨᠡᠷᠡᠲᠦ ᠬᠠᠭᠤᠴᠢᠨ ᠤᠯᠤᠰ ᠤ᠋ᠨ ᠶᠡᠬᠡ ᠠᠭᠤᠯᠠ ᠲᠠᠯ᠎ᠠ ᠳ᠋ᠤᠷ ᠶᠡᠬᠡ ᠴᠢᠭᠤᠯᠭᠠᠨ ᠴᠢᠭᠤᠯᠵᠤ᠂ ᠦᠵᠢᠨ ᠡᠮᠡᠭᠡ ᠶ᠋ᠢᠨ ᠶᠡᠬᠡ ᠪᠠᠶᠠᠷ ᠲᠤᠷ ᠣᠯᠠᠨ ᠲᠦᠰᠢᠮᠡᠯ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠬᠦ ᠪᠠ ᠣᠯᠠᠨ ᠴᠥᠭᠡᠨ ᠢ᠋ ᠦᠵᠡᠭᠦᠯᠬᠦ ᠪᠥᠭᠡᠳ ᠪᠠᠰᠠ ᠮᠠᠨ ᠤ᠋ ᠤᠯᠤᠰ ᠤ᠋ᠨ ᠪᠠᠭ᠎ᠠ ᠡᠵᠡᠳ ᠲᠣᠷ ᠬᠠᠲᠤᠳ ᠰᠣᠩᠭᠣᠬᠤ ᠪᠠ ᠠᠪᠠᠬᠠᠢ ᠡᠵᠡᠨ ᠳ᠋ᠦ᠍ᠷ ᠬᠦᠷᠭᠡᠨ ᠰᠣᠩᠭᠣᠬᠤ ᠬᠢᠭᠡᠳ ᠪᠢᠴᠢᠭ ᠴᠡᠷᠢᠭ ᠦ᠋ᠨ ᠡᠷᠳᠡᠮ ᠢ᠋ ᠰᠢᠯᠭᠠᠬᠤ ᠶ᠋ᠢᠨ ᠲᠤᠯᠠ ᠤᠯᠤᠰ ᠤ᠋ᠨ ᠬᠣᠲᠠᠯᠠ ᠪᠠᠷ ᠠᠷᠪᠠᠨ ᠨᠠᠰᠤᠨ ᠠ᠋ᠴᠠ ᠳᠡᠭᠡᠭᠰᠢ ᠬᠣᠷᠢᠨ ᠨᠠᠰᠤᠨ ᠠ᠋ᠴᠠ ᠳᠣᠷᠣᠭ᠍ᠰᠢ ᠥᠬᠢᠳ ᠬᠡᠦᠬᠡᠳ ᠢ᠋ ᠴᠥᠮ ᠴᠢᠭᠤᠯᠭᠠᠨ ᠳ᠋ᠤᠷ ᠴᠢᠭᠤᠯᠭᠤᠯ! ᠡᠨᠡ ᠬᠡᠮᠡᠭᠴᠢ ᠬᠥᠮᠦᠵᠢᠨ ᠮᠠᠨᠳᠤᠬᠤ ᠶᠡᠬᠡ ᠦᠢᠯᠡ ᠲᠤᠯᠠ ᠨᠡᠢᠲᠡ ᠪᠡᠷ ᠬᠢᠴᠢᠶᠡᠨ ᠴᠢᠷᠮᠠᠢᠭᠲᠤᠨ᠃ ᠡᠭᠦᠨ ᠦ᠌ ᠳᠣᠲᠣᠷ᠎ᠠ ᠬᠡᠷᠪᠡ ᠬᠣᠯᠠ ᠭᠡᠮᠡᠨ ᠶᠠᠷᠰᠢᠭ᠋ ᠠ᠋ᠴᠠ ᠵᠠᠢᠯᠠᠨ᠂ ᠠᠯᠵᠠᠭᠤᠷᠠᠨ ᠵᠠᠯᠬᠠᠭᠤᠷᠠᠭᠰᠠᠳ ᠭᠠᠷᠴᠤ ᠭᠡᠷᠡᠴᠢᠯᠡᠬᠦ ᠪᠠ ᠪᠠᠢᠴᠠᠭᠠᠬᠤᠢ ᠳ᠋ᠤᠷ ᠨᠣᠭᠳᠠᠪᠠᠰᠤ᠂ ᠡᠵᠡᠨ ᠦ᠌ ᠬᠡᠰᠢᠭ ᠢ᠋ ᠦᠲᠡᠭᠡᠷᠴᠦ ᠵᠠᠬᠢᠶ᠎ᠠ ᠶ᠋ᠢ ᠰᠥᠷᠦᠭᠰᠡᠨ ᠶᠠᠯ᠎ᠠ ᠳ᠋ᠤᠷ ᠪᠡᠶ᠎ᠡ ᠮᠥᠬᠥᠬᠦ ᠵᠣᠪᠠᠯᠠᠩ ᠪᠣᠯᠬᠤ ᠲᠤᠯᠠ ᠬᠢᠴᠢᠶᠡᠨ ᠰᠦᠰᠦᠭᠯᠡᠵᠦ ᠳᠠᠭᠠᠵᠤ ᠶᠠᠪᠤᠭᠲᠤᠨ ! ᠬᠡᠮᠡᠵᠦᠬᠦᠢ᠃  
       ᠲᠡᠳᠦᠢ ᠪᠸᠲ᠋ᠠ᠋ ᠤᠯᠤᠰ ᠤ᠋ᠨ ᠬᠣᠲᠠᠯᠠᠭᠠᠷ ᠤᠨᠤᠨ ᠮᠥᠷᠡᠨ ᠦ᠌ ᠡᠬᠢ ᠳ᠋ᠦ᠍ᠷ ᠠᠭᠤᠯᠠ ᠳᠠᠪᠰᠢᠨ ᠳᠠᠯᠠᠢ ᠨᠡᠭᠦᠬᠦ ᠮᠡᠲᠦ ᠴᠢᠭᠤᠯᠭᠠᠨ᠎ᠠ ᠡᠴᠢᠬᠦ ᠶᠡᠬᠡ ᠪᠠᠭ᠎ᠠ ᠤᠯᠤᠰ ᠠᠢᠮᠠᠭ ᠤ᠋ᠳ ᠮᠥᠨ ᠴᠥᠮ ᠨᠢᠭᠡᠨ ᠴᠦ᠍ ᠬᠣᠴᠣᠷᠤᠯ ᠦᠭᠡᠢ ᠬᠠᠮᠲᠤ ᠪᠠᠷ ᠨᠡᠭᠦᠨ ᠡᠴᠢᠪᠡ᠃ ᠵᠢᠨᠦᠩ ᠮᠤᠬᠤᠯᠢ ᠬᠠᠮᠤᠭ ᠤ᠋ᠨ ᠤᠷᠢᠳ ᠬᠦᠷᠴᠦ ᠢᠷᠡᠭᠡᠳ ᠸᠠᠩᠬᠦᠪ ᠠᠢᠮᠠᠭ ᠤ᠋ᠨ ᠲᠡᠴᠢᠩᠬᠣᠷᠯᠣ᠂ ᠪᠦᠲᠦᠨ᠎ᠡ ᠠᠢᠮᠠᠭ ᠤ᠋ᠨ ᠢᠯᠠᠭᠤᠭᠰᠠᠨ ᠬᠣᠶᠠᠭᠤᠯᠠ ᠶ᠋ᠢ ᠠᠪᠴᠤ ᠲᠠᠪᠤᠨ ᠮᠢᠩᠭᠠᠨ ᠴᠡᠷᠢᠭ ᠢ᠋ᠶ᠋ᠡᠷ ᠲᠠᠢᠽᠦ ᠶ᠋ᠢᠨ ᠪᠠᠭᠤᠳᠠᠯ ᠢ᠋ ᠪᠡᠯᠡᠳᠬᠡᠬᠦᠶ᠎ᠡ᠂ ᠥᠭᠡᠯᠦᠨ ᠥᠵᠢᠨ᠂ ᠪᠦᠷᠲᠡᠭᠡᠯᠵᠢᠨ ᠬᠠᠲᠤᠨ ᠤ᠋ ᠪᠠᠭᠤᠳᠠᠯ ᠠ᠋ᠴᠠ ᠭᠠᠳᠠᠨ᠎ᠠ᠂ ᠲᠠᠢᠽᠦ ᠶ᠋ᠢᠨ ᠶᠢᠰᠦᠨ ᠬᠦᠷᠢᠶ᠎ᠡ ᠶ᠋ᠢ ᠪᠠᠢᠭᠤᠯᠵᠤ᠂ ᠬᠣᠢᠲᠤ ᠡᠲᠡᠭᠡᠳ ᠬᠣᠶᠠᠷ ᠭᠠᠵᠠᠷ ᠤ᠋ᠨ ᠦᠵᠦᠭᠦᠷ ᠣᠯᠠᠨ ᠴᠡᠷᠢᠭ ᠢ᠋ ᠦᠵᠡᠬᠦ ᠶᠡᠬᠡ ᠳᠣᠪᠣ ᠶ᠋ᠢᠨ ᠳᠡᠭᠡᠷ᠎ᠡ ᠰᠢᠷᠣᠢ ᠶ᠋ᠢᠨ ᠮᠠᠨᠳᠠᠯ ᠴᠣᠬᠢᠭᠤᠯᠵᠤ᠂ ᠳᠤᠮᠳᠠᠳᠤ ᠠᠨᠤ ᠭᠤᠷᠪᠠᠨ ᠳᠠᠪᠬᠤᠷ ᠳᠡᠭᠲᠡᠷ ᠳᠡᠯᠡᠳᠴᠦ ᠭᠠᠵᠠᠷ ᠠ᠋ᠴᠠ ᠳᠡᠭᠡᠭᠰᠢ ᠠᠷᠪᠠᠨ ᠨᠠᠢ᠍ᠮᠠᠨ ᠠᠯᠲᠠ ᠥᠨᠳᠥᠷ᠂ ᠣᠷᠣᠢ ᠳ᠋ᠤᠷ ᠬᠥᠨᠳᠡᠯᠡᠨ ᠭᠤᠯᠳᠤ ᠨᠠᠶᠠᠨ ᠨᠢᠭᠡᠨ ᠠᠯᠲᠠ ᠠᠭᠤᠳᠠᠮ᠂ ᠳᠤᠮᠳᠠ ᠬᠦᠢᠰᠦ ᠳ᠋ᠦ᠍ᠷ ᠪᠠᠰᠠ ᠨᠢᠭᠡᠨ ᠠᠯᠲᠠ ᠥᠨᠳᠥᠷ᠂ ᠠᠷᠪᠠᠨ ᠨᠠᠢ᠍ᠮᠠᠨ ᠠᠯᠲᠠ ᠠᠭᠤᠳᠠᠮ ᠤ᠋ᠨ ᠴᠠᠭ ᠳᠤᠮᠳᠠ ᠠᠨᠤ ᠡᠵᠡᠨ ᠰᠠᠭᠤᠬᠤ ᠬᠣᠷᠢᠨ ᠬᠣᠶᠠᠷ ᠬᠠᠨ᠎ᠠ ᠮᠥᠩᠭᠥᠨ ᠲᠤᠯᠭᠠᠭᠤᠷᠢᠲᠤ ᠶᠡᠬᠡ ᠥᠷᠭᠥᠭᠡ ᠶ᠋ᠢ ᠪᠠᠷᠢᠵᠤ᠂ ᠣᠷᠣᠢ ᠳ᠋ᠤᠷ ᠬᠣᠶᠠᠷ ᠠᠯᠲᠠ ᠥᠨᠳᠥᠷ ᠦᠨᠡᠨ ᠠᠯᠲᠠᠨ  ᠸᠴᠢᠷ ᠭᠠᠨᠵᠢᠷ᠎ᠠ ᠪᠤᠰᠬᠠᠵᠤ᠂ ᠥᠷᠭᠥᠭᠡ ᠶ᠋ᠢ ᠰᠢᠷ᠎ᠠ ᠢᠰᠡᠭᠡᠢ ᠳ᠋ᠦ᠍ᠷ ᠶᠡᠬᠡ ᠪᠠᠭ᠎ᠠ ᠨᠠᠶᠠᠨ ᠨᠢᠭᠡᠨ ᠠᠯᠲᠠᠨ ᠯᠤᠤᠲᠤ ᠪᠦᠷᠭᠡᠰᠦ ᠪᠡᠷ ᠪᠦᠷᠬᠦᠵᠦ᠂ ᠲᠣᠭᠣᠷᠢᠨ ᠶᠢᠰᠦᠨ ᠠᠯᠲᠠ ᠥᠷᠭᠡᠨ᠂ ᠶᠢᠰᠦᠨ ᠥᠩᠭᠡ ᠶ᠋ᠢᠨ ᠬᠥᠰᠢᠭᠡ ᠲᠠᠲᠠᠵᠤ᠂ ᠥᠷᠭᠥᠭᠡ ᠶ᠋ᠢᠨ ᠠᠷᠤ ᠳ᠋ᠤᠷ ᠠᠯᠲᠠᠨ ᠭᠠᠳᠠᠰᠤ ᠣᠳᠣᠨ ᠵᠢᠷᠤᠭᠰᠠᠨ ᠲᠤᠭ ᠢ᠋ ᠪᠤᠰᠬᠠᠵᠤ᠂ ᠥᠷᠭᠥᠭᠡ ᠶ᠋ᠢᠨ ᠵᠡᠭᠦᠨ ᠪᠠᠷᠠᠭᠤᠨ ᠳ᠋ᠤᠷ ᠨᠠᠷᠠ ᠰᠠᠷᠠᠨ ᠤ᠋ ᠵᠢᠷᠤᠭᠲᠤ ᠶᠡᠬᠡ ᠲᠤᠭ ᠢ᠋ ᠪᠤᠰᠬᠠᠨ᠂ ᠭᠠᠳᠠᠭᠤᠷ ᠲᠣᠭᠣᠷᠢᠨ ᠳᠣᠯᠣᠭᠠᠨ ᠣᠳᠣᠨ ᠪᠠ ᠬᠣᠷᠢᠨ ᠣᠳᠣᠳ ᠤ᠋ᠨ ᠳᠠᠯᠪᠠᠭᠠᠨ ᠢ᠋ᠶ᠋ᠠᠷ ᠬᠦᠷᠢᠶᠡᠯᠡᠵᠦ᠂ ᠵᠠᠪᠰᠠᠷ ᠪᠦᠷᠢ ᠳ᠋ᠦ᠍ᠷ ᠲᠠᠪᠤᠨ ᠮᠠᠬᠠᠪᠣᠳ ᠤ᠋ᠨ ᠥᠩᠭᠡ ᠪᠡᠷ ᠪᠠᠬ᠎ᠠ ᠳᠠᠯᠪᠠᠭ᠎ᠠ ᠶ᠋ᠢ ᠠᠩᠭᠢ ᠠᠩᠭᠢ ᠪᠠᠷ ᠲᠣᠭᠣᠷᠢᠭᠤᠯᠤᠨ ᠬᠠᠳᠬᠤᠭᠤᠯᠵᠤ ᠂ ᠪᠠᠰᠠ ᠨᠠᠢ᠍ᠮᠠᠨ ᠵᠣᠪᠬᠢᠰ ᠲᠤᠷ ᠨᠠᠢ᠍ᠮᠠᠨ ᠬᠦᠯᠢᠯ ᠦ᠋ᠨ ᠲᠤᠭ ᠪᠣᠰᠬᠠᠨ ᠲᠠᠪᠴᠠᠩ ᠤ᠋ᠨ ᠬᠥᠪᠡᠭᠡ ᠪᠡᠷ ᠶᠢᠰᠦᠨ ᠮᠡᠩᠭᠡ ᠶ᠋ᠢᠨ ᠳᠠᠯᠪᠢᠭᠠᠨ ᠢ᠋ ᠶᠢᠰᠦᠨ ᠥᠩᠭᠡ ᠪᠡᠷ ᠬᠤᠪᠢᠶᠠᠨ ᠶᠢᠰᠦ ᠶᠢᠰᠦᠨ ᠢ᠋ᠶ᠋ᠡᠷ ᠬᠤᠪᠢᠶᠠᠨ ᠬᠠᠳᠬᠤᠵᠤ᠂ ᠥᠷᠭᠥᠭᠡ ᠶ᠋ᠢᠨ ᠴᠢᠭ ᠡᠮᠦᠨ᠎ᠡ ᠭᠤᠷᠪᠠᠨ ᠲᠡᠮᠦᠷ ᠬᠥᠯᠲᠦ ᠶᠢᠰᠦᠨ ᠠᠯᠲᠠ ᠥᠨᠳᠥᠷ ᠵᠢᠷᠤᠭ ᠲᠤᠷ ᠶᠢᠰᠦᠨ ᠵᠦᠢᠯ ᠦ᠋ᠨ ᠡᠷᠳᠡᠨᠢ ᠶ᠋ᠢᠨ ᠰᠢᠭᠢᠳᠭᠡᠷᠢᠲᠦ ᠠᠯᠲᠠᠨ ᠣᠷᠣᠢᠲᠤ ᠴᠠᠭᠠᠨ ᠲᠤᠭ ᠢ᠋ ᠪᠣᠰᠬᠠᠵᠤ᠂ ᠲᠣᠭᠣᠷᠢᠭᠤᠯᠤᠨ ᠶᠢᠰᠦᠨ ᠥᠩᠭᠡ ᠶ᠋ᠢᠨ ᠭᠬᠢᠪ ᠲᠣᠷᠭ᠎ᠠ ᠪᠠᠷ ᠶᠢᠰᠦᠨ ᠶᠡᠬᠡ ᠮᠠᠨᠵᠢᠯᠭ᠎ᠠ ᠡᠭᠦᠳᠴᠦ ᠭᠠᠵᠠᠷ ᠰᠢᠭᠦᠷᠡᠲᠡᠯ᠎ᠡ ᠤᠨᠵᠢᠭᠤᠯᠪᠠ᠃ ᠶᠢᠰᠦᠨ ᠮᠠᠨᠵᠢᠯᠭᠠᠲᠤ ᠴᠠᠭᠠᠨ ᠲᠤᠭ ᠢ᠋ ᠮᠥᠨ ᠡᠨᠡ ᠴᠠᠭᠠᠨ ᠲᠤᠭ ᠤ᠋ᠨ ᠡᠮᠦᠨ᠎ᠡ ᠬᠣᠢᠰᠢ ᠬᠠᠨᠳᠤᠭᠤᠯᠤᠨ ᠪᠣᠰᠬᠠᠵᠤ᠂ ᠬᠥᠬᠡ᠂ ᠤᠯᠠᠭᠠᠨ᠂ ᠴᠠᠭᠠᠨ᠂ ᠬᠠᠷ᠎ᠠ ᠳᠥᠷᠪᠡᠨ ᠰᠢᠬᠦᠷ ᠦ᠋ᠨ ᠡᠮᠦᠨ᠎ᠡ ᠪᠠᠰᠠ ᠨᠢᠭᠡᠨ ᠠᠳᠠᠯᠢ ᠤᠯᠠᠭᠠᠨ ᠰᠢᠬᠦᠷ ᠪᠤᠰᠬᠠᠵᠤ᠂ ᠳᠠᠷᠠᠭ᠎ᠠ ᠠᠨᠤ ᠨᠢᠭᠡᠨ ᠡᠩ ᠦ᠋ᠨ ᠶᠢᠰᠦᠨ ᠥᠩᠭᠡ ᠶ᠋ᠢᠨ ᠳᠠᠯᠪᠠᠭ᠎ᠠ ᠶ᠋ᠢ ᠪᠤᠰᠬᠠᠵᠤᠬᠤᠢ᠃ ᠦᠷᠭᠦᠭᠡᠨ ᠦ᠌ ᠳᠣᠲᠣᠷ᠎ᠠ ᠴᠢᠬᠡ ᠳᠤᠮᠳᠠ ᠭᠤᠷᠪᠠᠨ ᠳᠠᠪᠬᠤᠷ ᠭᠤᠷᠪᠠᠨ ᠳᠡᠭᠲᠡᠷᠲᠦ ᠣᠷᠣᠨ ᠰᠢᠷᠡᠭᠡᠨ ᠢ᠋ ᠴᠥᠮ ᠰᠢᠷ᠎ᠠ ᠠᠯᠲᠠᠨ ᠯᠤᠤᠲᠤ ᠮᠠᠩᠨᠤᠭ ᠢ᠋ᠶ᠋ᠠᠷ ᠪᠦᠷᠬᠦᠵᠦ᠂ ᠥᠷᠭᠥᠭᠡ ᠶ᠋ᠢᠨ ᠳᠣᠲᠣᠷ᠎ᠠ ᠮᠥᠨ ᠬᠦ᠌ ᠶᠡᠬᠡ ᠪᠠᠭ᠎ᠠ ᠨᠠᠶᠠᠨ ᠨᠢᠭᠡᠨ ᠠᠯᠲᠠᠨ ᠯᠤᠤᠲᠤ ᠰᠢᠷ᠎ᠠ ᠮᠠᠩᠨᠤᠭ ᠢ᠋ᠶ᠋ᠠᠷ ᠲᠤᠲᠣᠷᠠᠯᠠᠨ ᠭᠡᠰᠦᠷᠡᠭᠦᠯᠵᠦ᠂ ᠭᠤᠷᠪᠠᠨ ᠳᠠᠪᠬᠤᠷ ᠰᠢᠷᠡᠭᠡᠨ ᠦ᠌ ᠳᠡᠭᠡᠳᠦ ᠰᠠᠭᠤᠷᠢᠨ ᠳ᠋ᠤᠷ ᠮᠥᠨ ᠬᠦ᠌ ᠶᠢᠰᠦᠨ ᠠᠯᠲᠠᠨ ᠯᠤᠤᠲᠤ ᠰᠢᠷ᠎ᠠ ᠣᠯᠪᠣᠭ ᠲᠦᠰᠢᠯᠭᠡ ᠵᠢᠭ᠍ᠰᠠᠭᠠᠵᠤ᠂ ᠠᠷᠤ ᠶ᠋ᠢᠨ ᠬᠣᠢᠨ᠎ᠠ ᠶᠢᠰᠦᠨ ᠠᠯᠲᠠᠨ ᠯᠤᠤᠲᠤ ᠶᠢᠰᠦᠨ ᠡᠩᠬᠡᠲᠦ ᠠᠷᠪᠠᠨ ᠳᠠᠪᠬᠤᠷ ᠯᠡᠪᠡᠷᠢᠲᠦ ᠰᠢᠷ᠎ᠠ ᠬᠦᠬᠦᠷ ᠪᠣᠯᠭᠠᠨ ᠤᠶᠠᠭᠠᠳ ᠰᠠᠭᠤᠳᠠᠯ ᠤ᠋ᠨ ᠡᠮᠦᠨ᠎ᠡ ᠮᠥᠨ ᠬᠦ᠌ ᠠᠯᠲᠠᠨ ᠯᠤᠤᠲᠤ ᠰᠢᠷ᠎ᠠ ᠮᠠᠩᠨᠤᠭ ᠪᠦᠷᠬᠦᠭᠦᠯᠲᠦ ᠥᠨᠳᠥᠷ ᠰᠢᠷᠡᠭᠡ ᠲᠠᠯᠪᠢᠵᠤ᠂ ᠲᠥᠪ ᠰᠢᠷᠡᠭᠡᠨ ᠦ᠌ ᠬᠣᠢᠨ᠎ᠠ ᠥᠨᠳᠥᠷ ᠰᠢᠷᠡᠭᠡ ᠶ᠋ᠢᠨ ᠳᠡᠭᠡᠷ᠎ᠡ ᠮᠥᠨ ᠬᠦ᠌ ᠰᠢᠷ᠎ᠠ ᠮᠠᠩᠨᠤᠭ ᠢ᠋ᠶ᠋ᠠᠷ ᠪᠦᠷᠬᠦᠵᠦ᠂ ᠳᠡᠭᠡᠷ᠎ᠡ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢ ᠳᠠᠬᠢᠵᠤ᠂ ᠶᠢᠰᠦᠨ ᠶᠡᠬᠡ ᠠᠯᠲᠠᠨ ᠴᠥᠭᠥᠴᠡ ᠳ᠋ᠦ᠍ᠷ ᠶᠢᠰᠦᠨ ᠵᠤᠯᠠ ᠠᠰᠠᠭᠠᠪᠠ᠃ ᠲᠥᠪ ᠦ᠋ᠨ ᠸᠴᠢᠷ ᠲᠠᠪᠴᠠᠩ ᠢ᠋ ᠲᠣᠭᠣᠷᠢᠭᠤᠯᠤᠨ ᠬᠣᠶᠠᠳᠤᠭᠠᠷ ᠳᠡᠭᠲᠡᠷ ᠦ᠋ᠨ ᠲᠠᠪᠴᠠᠩ ᠳ᠋ᠤᠷ ᠵᠡᠭᠦᠨ ᠪᠠᠷᠠᠭᠤᠨ ᠳ᠋ᠤᠷ ᠬᠥᠬᠡ᠂ ᠤᠯᠠᠭᠠᠨ᠂ ᠴᠠᠭᠠᠨ᠂ ᠬᠠᠷ᠎ᠠ ᠳᠥᠷᠪᠡᠨ ᠥᠩᠭᠡ ᠶ᠋ᠢᠨ ᠴᠠᠴᠠᠷ ᠳᠡᠯᠡᠳᠴᠦ ᠳᠥᠷᠪᠡᠨ ᠥᠩᠭᠡ ᠶ᠋ᠢᠨ ᠲᠤᠭ᠂ ᠳᠥᠷᠪᠡᠨ ᠥᠩᠭᠡ ᠶ᠋ᠢᠨ ᠳᠠᠯᠪᠠᠭ᠎ᠠ᠂ ᠳᠥᠷᠪᠡᠨ ᠥᠩᠭᠡ ᠶ᠋ᠢᠨ ᠬᠢᠭᠢᠷᠢ ᠬᠠᠳᠬᠤᠵᠤ᠂ ᠸᠴᠢᠷ ᠮᠠᠨᠳᠠᠯ ᠤ᠋ᠨ ᠡᠮᠦᠨ᠎ᠡ ᠲᠤᠭ ᠳᠠᠯᠪᠠᠭ᠎ᠠ ᠬᠢᠭᠢᠷᠢ ᠶ᠋ᠢ ᠢᠨᠦ ᠴᠥᠮ ᠤᠯᠠᠭᠠᠨ᠂ ᠨᠢᠭᠡᠨ ᠠᠳᠠᠯᠢ ᠳᠥᠷᠪᠡᠨ ᠴᠠᠴᠠᠷ ᠴᠣᠬᠢᠵᠤ᠂ ᠭᠤᠷᠪᠠᠳᠤᠭᠠᠷ ᠳᠡᠭᠲᠡᠷ ᠦ᠋ᠨ ᠶᠡᠬᠡ ᠲᠠᠪᠴᠠᠩ ᠳ᠋ᠤᠷ ᠶᠢᠰᠦᠨ ᠮᠡᠩᠭᠡ ᠶ᠋ᠢᠨ ᠶᠢᠰᠦᠨ ᠥᠩᠭᠡ᠂ ᠶᠢᠰᠦᠨ ᠲᠤᠭ ᠳᠠᠯᠪᠠᠭ᠎ᠠ ᠬᠢᠭᠢᠷᠢ ᠴᠠᠴᠠᠷ ᠢ᠋ ᠴᠣᠬᠢᠭᠤᠯᠵᠤ᠂ ᠡᠩ ᠪᠦᠷᠢᠨ ᠶᠢᠰᠦ ᠶᠢᠰᠦᠨ ᠨᠠᠶᠠᠨ ᠨᠢᠭᠡᠨ ᠬᠢᠭᠢᠷᠢ ᠲᠣᠭᠣᠷᠢᠭᠤᠯᠤᠨ ᠬᠠᠳᠬᠤᠵᠤ᠂ ᠶᠢᠰᠦᠨ ᠥᠩᠭᠡ ᠶ᠋ᠢᠨ ᠶᠢᠰᠦᠨ ᠡᠩ᠂ ᠭᠤᠷᠪᠠᠳᠤᠭᠠᠷ ᠲᠠᠪᠴᠠᠩ ᠳ᠋ᠤᠷ ᠵᠠᠬ᠎ᠠ ᠵᠠᠯᠭᠠᠯᠳᠤᠨ ᠵᠢᠭ᠍ᠰᠠᠭᠠᠵᠤᠬᠤᠢ᠃ ᠳᠥᠷᠪᠡᠳᠦᠭᠡᠷ ᠶᠡᠬᠡ ᠳᠣᠪᠣ ᠳ᠋ᠤᠷ ᠮᠥᠨ ᠬᠦ᠌ ᠶᠢᠰᠦᠨ ᠡᠩ ᠦ᠋ᠨ ᠥᠩᠭᠡ ᠪᠡᠷ ᠶᠢᠰᠦᠨ ᠳᠠᠯᠪᠠᠭ᠎ᠠ ᠵᠢᠭ᠍ᠰᠠᠭᠠᠨ ᠬᠠᠳᠬᠤᠵᠤ᠂ ᠳᠠᠯᠪᠠᠭ᠎ᠠ ᠪᠦᠷᠢ ᠶ᠋ᠢᠨ ᠳᠣᠣᠷ᠎ᠠ ᠳᠠᠯᠪᠠᠭ᠎ᠠ ᠪᠠᠷᠢᠭ᠍ᠰᠠᠨ ᠬᠤᠶᠠᠭ ᠳᠤᠭᠤᠯᠠᠭᠠᠲᠤ ᠴᠡᠷᠢᠭ ᠶᠢᠰᠦᠨ ᠵᠠᠭᠤᠨ ᠶᠡᠷᠡᠨ ᠶᠢᠰᠦᠨ ᠬᠥᠮᠦᠨ ᠵᠣᠭᠰᠣᠵᠤ᠂ ᠨᠢᠭᠡᠨ ᠡᠩ ᠦ᠋ᠨ ᠨᠢᠭᠡᠨ ᠥᠩᠭᠡ ᠶ᠋ᠢᠨ ᠴᠡᠷᠢᠭ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠥᠮᠦᠨ ᠴᠥᠮ ᠳᠣᠲᠣᠭ᠍ᠰᠢ ᠬᠠᠨᠳᠤᠨ ᠵᠣᠭᠰᠣᠵᠤᠬᠤᠢ᠃ ᠡᠨᠡ ᠮᠠᠨᠳᠠᠯ ᠤ᠋ᠨ ᠪᠠᠷᠠᠭᠤᠨ ᠬᠣᠢᠲᠤ ᠵᠡᠭᠦᠨ ᠬᠣᠢᠲᠤ ᠬᠠᠭᠠᠰ ᠭᠠᠵᠠᠷ ᠤ᠋ᠨ ᠦᠵᠦᠭᠦᠷ ᠭᠤᠷᠪᠠᠨ ᠳᠠᠪᠬᠤᠷ ᠪᠢᠴᠢᠬᠠᠨ ᠮᠠᠨᠳᠠᠯ ᠴᠣᠭᠴᠠᠯᠠᠵᠤ᠂ ᠴᠥᠮ ᠰᠢᠷ᠎ᠠ ᠯᠤᠤ ᠶ᠋ᠢᠨ ᠰᠢᠬᠦᠷ ᠳᠠᠯᠪᠠᠭ᠎ᠠ ᠲᠤᠭ ᠬᠢᠭᠢᠷᠢ ᠶ᠋ᠢ ᠥᠷᠭᠥᠭᠡ ᠴᠠᠴᠠᠷ ᠢ᠋ ᠲᠣᠭᠣᠷᠢᠭᠤᠯᠤᠨ ᠪᠣᠰᠬᠠᠵᠤᠬᠤᠢ᠃ ᠪᠠᠰᠠ ᠣᠯᠠᠨ ᠠᠢᠮᠠᠭ ᠤ᠋ᠳ ᠢ᠋ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠦᠷᠢᠶ᠎ᠡ ᠵᠣᠬᠢᠶᠠᠨ ᠪᠠᠭᠤᠯᠭᠠᠵᠤ᠂ ᠡᠯ᠎ᠡ ᠵᠦᠢᠯ ᠮᠠᠰᠢ ᠪᠡᠯᠡᠨ ᠪᠣᠯᠵᠤ ᠡᠵᠡᠨ ᠦ᠌ ᠮᠡᠳᠡᠭᠡ ᠶ᠋ᠢ ᠠᠪᠤᠭᠤᠯᠤᠨ᠂ ᠶᠢᠰᠦᠨ ᠡᠩ ᠦ᠋ᠨ ᠲᠡᠷᠢᠭᠦᠯᠡᠭᠰᠡᠨ ᠰᠠᠢᠳ ᠣᠯᠠᠨ ᠠᠢᠮᠠᠭ ᠤ᠋ᠨ ᠲᠡᠷᠢᠭᠦᠯᠡᠭᠰᠡᠨ ᠲᠦᠰᠢᠮᠡᠳ ᠪᠦᠭᠦᠳᠡᠭᠡᠷ ᠪᠤᠷᠬᠠᠨ ᠭᠠᠯᠳᠤᠨ᠎ᠠ ᠳ᠋ᠤᠷ ᠢᠷᠡᠵᠦ᠂ ᠲᠠᠢᠽᠦ ᠳ᠋ᠦ᠍ᠷ ᠴᠢᠭᠤᠯᠭᠠᠨ ᠪᠦᠷᠢᠳᠦᠭᠰᠡᠨ ᠢ᠋ ᠮᠡᠳᠡᠭᠦᠯᠵᠦ ᠵᠠᠯᠠᠭᠰᠠᠨ ᠳ᠋ᠤᠷ ᠲᠠᠢᠽᠦ ᠡᠬᠡ ᠥᠭᠡᠯᠦᠨ ᠦᠵᠢᠨ ᠢ᠋ ᠠᠪᠴᠤ ᠬᠠᠲᠤᠳ ᠬᠥᠪᠡᠭᠦᠳ ᠢ᠋ᠶ᠋ᠡᠨ ᠳᠠᠭᠠᠭᠤᠯᠤᠨ ᠭᠤᠷᠪᠠᠨ ᠵᠡᠷᠭᠡ ᠦᠬᠡᠷ ᠫᠤᠤ ᠶ᠋ᠢᠨ ᠳᠠᠭᠤᠨ ᠲᠡᠭᠷᠢ ᠭᠠᠵᠠᠷ ᠳᠡᠯᠪᠡᠷᠡᠬᠦ ᠮᠡᠲᠦ ᠳᠤᠤᠭᠠᠷᠴᠤ ᠶᠡᠬᠡ ᠤᠯᠤᠰ ᠬᠠᠮᠲᠤ ᠪᠠᠷ ᠶᠡᠬᠡ ᠬᠣᠷᠣᠭ᠎ᠠ ᠪᠦᠷᠢ ᠳᠠᠪᠰᠢᠨ ᠬᠥᠳᠡᠯᠵᠦ ᠤᠨᠤᠨ ᠮᠥᠷᠡᠨ ᠦ᠌ ᠵᠦᠭ ᠮᠣᠷᠳᠠᠪᠠ᠃ 
       ᠡᠨᠡ ᠦᠶ᠎ᠡ ᠳ᠋ᠦ᠍ᠷ ᠮᠤᠬᠤᠯᠢ ᠲᠡᠷᠢᠭᠦᠯᠡᠨ ᠶᠢᠰᠦᠨ ᠡᠩ ᠦ᠋ᠨ ᠲᠦᠰᠢᠮᠡᠳ ᠤᠷᠤᠭᠰᠢᠯᠠᠨ ᠳᠣᠪᠲᠣᠯᠭᠠᠵᠤ᠂ ᠵᠠᠮ ᠳ᠋ᠤᠷ ᠶᠢᠰᠦᠨ ᠡᠩ ᠦ᠋ᠨ ᠲᠡᠷᠢᠭᠦᠯᠡᠭᠰᠡᠨ ᠲᠦᠰᠢᠮᠡᠳ ᠢ᠋ ᠳᠠᠮ ᠳᠠᠮ ᠢ᠋ᠶ᠋ᠠᠷ ᠦᠯᠡᠳᠡᠭᠡᠭᠰᠡᠭᠡᠷ ᠡᠴᠢᠵᠦ ᠶᠢᠰᠦᠨ ᠣᠳᠤᠯᠭ᠎ᠠ ᠪᠠᠷ ᠪᠡᠯᠡᠳᠬᠡᠪᠡ᠃ ᠮᠤᠬᠤᠯᠢ ᠥᠪᠡᠷ ᠢ᠋ᠶ᠋ᠡᠨ ᠨᠠᠢ᠍ᠮᠠᠳᠤᠭᠠᠷ ᠤᠳᠤᠯᠭ᠎ᠠ ᠪᠠᠷ ᠶᠠᠪᠤᠵᠤ᠂ ᠲᠣᠷᠭᠠᠨ ᠰᠢᠷ᠎ᠠ ᠶ᠋ᠢ ᠮᠠᠨᠳᠠᠯ ᠤ᠋ᠨ ᠳᠣᠣᠷ᠎ᠠ ᠵᠣᠭᠰᠣᠭᠠᠵᠤᠬᠤᠢ᠃ 
       ᠲᠡᠳᠦᠢ ᠭᠤᠴᠢᠨ ᠵᠢᠷᠭᠤᠭᠠᠨ ᠶᠡᠬᠡ ᠤᠯᠤᠰ᠂ ᠳᠠᠯᠠᠨ ᠬᠣᠶᠠᠷ ᠪᠠᠭ᠎ᠠ ᠠᠢᠮᠠᠭ᠂ ᠭᠤᠷᠪᠠᠨ ᠠᠢᠮᠠᠭ ᠶᠢᠰᠦᠨ ᠬᠦᠷᠢᠶ᠎ᠡ ᠶ᠋ᠢ ᠲᠣᠭᠣᠷᠢᠭᠤᠯᠤᠨ ᠠᠩᠭᠢ ᠠᠩᠭᠢ ᠪᠠᠷ ᠲᠤᠰ ᠲᠤᠰ ᠤ᠋ᠨ ᠲᠤᠭ ᠢ᠋ ᠪᠤᠰᠬᠠᠯᠭᠠᠵᠤ᠂ ᠮᠥᠨ ᠬᠦ᠌ ᠶᠢᠰᠦᠨ ᠡᠩ ᠢ᠋ᠶ᠋ᠡᠷ ᠥᠩᠭᠡ ᠬᠤᠪᠢᠶᠠᠵᠤᠬᠤᠢ᠃ ᠪᠠᠭ ᠪᠦᠷᠢ ᠳ᠋ᠦ᠍ᠷ ᠪᠢᠯᠠᠷ ᠪᠢᠰᠬᠢᠭᠦᠷ᠂ ᠬᠤᠭᠤᠷ ᠴᠣᠭᠣᠷ ᠢ᠋ ᠪᠡᠯᠡᠳᠬᠡᠯᠭᠡᠨ᠂ ᠤᠳᠤᠯᠭ᠎ᠠ ᠶ᠋ᠢᠨ ᠫᠤᠤ ᠶ᠋ᠢᠨ ᠳᠠᠭᠤᠨ ᠢ᠋ ᠬᠦᠯᠢᠶᠡᠨ ᠵᠢᠭ᠍ᠰᠠᠭᠠᠨ ᠵᠣᠭᠰᠣᠭᠠᠵᠤᠬᠤᠢ᠃ ᠭᠤᠴᠢᠨ ᠵᠢᠷᠭᠤᠭᠠᠨ ᠶᠡᠬᠡ ᠤᠯᠤᠰ ᠢ᠋ ᠲᠣᠭᠠᠴᠢᠪᠠᠰᠤ : ᠬᠦᠯᠢᠭᠡ ᠲᠠᠩᠭᠤᠳ᠂ ᠬᠠᠷᠯᠢᠭ᠋ ᠤᠯᠤᠰ ᠤ᠋ᠨ ᠠᠷᠰᠯᠠᠨ᠂ ᠳᠣᠬ᠍ᠮᠣᠭ ᠤᠯᠤᠰ᠂ ᠭᠣᠷᠯᠣᠰ ᠤᠯᠤᠰ᠂ ᠨᠠᠢ᠍ᠮᠠᠨ ᠤᠯᠤᠰ᠂ ᠬᠡᠷᠡᠢᠳ ᠤᠯᠤᠰ᠂ ᠰᠢᠷ᠎ᠠ ᠰᠠᠷᠲᠠᠭᠤᠯ᠂ ᠰᠤᠯᠤᠩᠭᠤᠳ ᠤᠯᠤᠰ᠂ ᠵᠦᠷᠢᠶᠡᠳ ᠤᠯᠤᠰ᠂ ᠬᠠᠷ᠎ᠠ ᠴᠡᠷᠢᠭ᠂ ᠲᠠᠲ᠋ᠠᠷ᠂ ᠲᠠᠢᠴᠢᠭᠤᠳ᠂ ᠮᠠᠩᠨᠣᠭᠲᠤ᠂ ᠴᠢᠮᠡᠳ᠂ ᠮᠡᠷᠭᠢᠳ᠂ ᠵᠤᠯᠠᠢ᠂ ᠮᠠᠢᠯᠵᠢ᠂ ᠴᠢᠵᠢᠯᠵᠢ᠂ ᠢᠵᠢᠯᠵᠢ᠂ ᠭᠣᠷᠯᠤᠰᠤᠨ᠂ ᠵᠠᠯᠢᠷᠤᠨ᠂ ᠬᠠᠵᠢᠭᠤᠳ᠂ ᠰᠢᠯᠳᠠᠳᠠ᠂ ᠬᠠᠷᠭᠠᠢ᠂ ᠬᠠᠷᠠᠯᠳᠠᠢ᠂ ᠦᠯᠬᠦ᠂ ᠲᠣᠷᠭᠤᠳ᠂ ᠰᠠᠯᠵᠢᠭᠤᠳ᠂ ᠣᠢᠷᠠᠳ᠂ ᠥᠭᠡᠯᠡᠳ᠂ ᠸᠠᠩᠬᠦᠪ᠂ ᠪᠦᠲᠦᠨ᠎ᠡ᠂ ᠳᠥᠷᠪᠡᠳ᠂ ᠣᠷᠤᠳ᠂ ᠬᠣᠩᠭᠢᠷᠠᠳ᠂ ᠯᠠᠢᠬᠠᠳ᠂ ᠬᠠᠲᠠᠭᠢᠨ᠂ ᠵᠠᠯᠠᠢᠳ᠂ ᠵᠡᠯᠢᠷᠠᠳ᠂ ᠬᠠᠴᠢᠭᠤᠳ᠂ ᠭᠣᠷᠯᠤᠰᠤᠨ᠂ ᠠᠩᠭᠠᠷᠠᠭ᠂ ᠰᠡᠮᠦ᠂ ᠱᠠᠯᠵᠢᠲᠠᠢ᠂ ᠰᠠᠰᠤᠬ᠎ᠠ᠂ ᠦᠵᠡᠢ᠂ ᠦᠦᠰᠢᠨ᠂ ᠰᠠᠯᠴᠤᠳ᠂ ᠬᠠᠷᠨᠣᠳ᠂ ᠬᠠᠩᠳᠤᠳ᠂ ᠤᠷᠢᠶᠠᠩᠬᠠᠨ᠂ ᠪᠢᠳᠡᠭᠦᠳ᠂ ᠬᠢᠯᠤᠰᠦᠨ᠂ ᠮᠢᠬᠠᠰ᠂ ᠣᠷᠣᠩᠭ᠎ᠠ᠂ ᠰᠥᠨᠢᠳ᠂ ᠤᠷᠠᠳ᠂ ᠽᠦᠯᠳᠡᠨ᠂ ᠴᠠᠬᠠᠷ᠂ ᠬᠠᠯᠬ᠎ᠠ᠂ ᠬᠣᠩᠭᠢᠳ᠂ ᠬᠣᠩᠵᠢᠯᠠ᠂ ᠭᠠᠭᠴᠠ ᠬᠥᠯᠲᠦ᠂ ᠥᠬᠢᠨ᠂ ᠲᠦᠮᠡᠳ᠂ ᠵᠦᠷᠴᠢᠳ᠂ ᠷᠣᠮ᠂ ᠤᠴᠣᠩᠭ᠎ᠠ᠂ ᠬᠣᠢᠴᠢ᠂ ᠣᠩᠭᠣᠳ᠂ ᠬᠡᠢᠴᠣᠳ᠂ ᠦᠵᠢᠶᠡᠳ᠂  ᠵᠥᠷᠭᠡᠨ᠂  ᠵᠣᠣᠰ ᠮᠢᠩᠭᠠᠨ᠂ ᠦᠵᠦᠮᠦᠴᠢᠨ᠂ ᠵᠠᠷᠤᠳ᠂ ᠵᠠᠯᠢ᠂ ᠬᠠᠳᠠᠷ᠂ ᠲᠣᠭᠠᠴᠢᠨ᠂ ᠬᠣᠷᠢ᠂ ᠵᠦᠢᠷᠡᠳ᠂ ᠪᠢᠷᠯᠡᠰ᠂ ᠬᠤᠷᠣᠴᠢᠳ᠂ ᠣᠳᠬᠣᠨ᠂ ᠰᠦᠷᠳᠡ᠂ ᠮᠤᠤᠮᠢᠩᠭᠠᠨ᠂ ᠰᠠᠯᠴᠤᠭ᠂ ᠮᠤᠩ᠂  ᠮᠣᠭᠣᠯᠵᠢᠪᠣ᠂ ᠣᠷᠳᠣᠰ᠂ ᠤᠯᠠᠭᠠᠨ ᠴᠠᠪ᠂  ᠬᠦᠷᠬ᠎ᠠ᠂ ᠪᠠᠭᠠᠷᠢᠨ᠂ ᠦᠵᠢᠮᠦᠳ᠂ ᠠᠯᠠᠱᠠᠨ᠂ ᠬᠥᠬᠡ ᠨᠠᠭᠤᠷ᠂ ᠤᠲᠤᠲᠠᠯᠠ᠂ ᠰᠢᠯ᠂ ᠵᠣᠣ᠂ ᠭᠣᠣᠯ᠂ ᠶᠡᠬᠡᠷ᠂ ᠵᠢᠷᠢᠮ ᠡᠳᠡᠭᠡᠷ ᠤᠯᠤᠰ ᠠᠢᠮᠠᠭ ᠤ᠋ᠳ ᠭᠠᠵᠠᠷ ᠤ᠋ᠨ ᠬᠥᠷᠥᠰᠥ ᠶ᠋ᠢ ᠬᠣᠷᠢᠨ ᠭᠠᠵᠠᠷ ᠢᠯᠡᠭᠦᠦ ᠲᠣᠭᠣᠷᠢᠨ ᠪᠦᠷᠬᠦᠵᠦᠬᠦᠢ᠃ 
      ᠲᠡᠳᠦᠢ ᠲᠠᠢᠽᠦ ᠪᠤᠷᠬᠠᠨ ᠭᠠᠯᠳᠤᠨ᠎ᠠ ᠠ᠋ᠴᠠ ᠶᠡᠬᠡ ᠨᠡᠭᠦᠳᠡᠯ ᠢ᠋ᠶ᠋ᠡᠷ ᠨᠡᠭᠦᠵᠦ᠂ ᠲᠦᠭ ᠲᠦᠮᠡᠨ ᠬᠥᠮᠦᠨ ᠮᠢᠩᠭᠠᠨ ᠭᠠᠵᠠᠷ ᠰᠢᠬᠠᠮ ᠵᠠᠯᠭᠠᠯᠳᠤᠨ ᠶᠠᠪᠤᠵᠤ᠂ ᠤᠨᠤᠨ ᠮᠥᠷᠡᠨ ᠦ᠌ ᠡᠬᠢ ᠳ᠋ᠦ᠍ᠷ ᠬᠦᠷᠴᠦ ᠢᠷᠡᠬᠦᠶ᠎ᠡ᠂ ᠳᠠᠷᠠᠭ᠎ᠠ ᠳᠠᠷᠠᠭ᠎ᠠ ᠭᠤᠷᠪᠠᠨ ᠶᠡᠬᠡ ᠫᠤᠤ ᠶ᠋ᠢᠨ ᠳᠠᠭᠤᠨ ᠭᠠᠷᠤᠮᠠᠭᠴᠠ ᠡᠵᠡᠨ ᠢ᠋ ᠤᠭᠲᠤᠬᠤ ᠬᠥᠭᠵᠢᠮ ᠡᠭᠦᠰᠬᠡᠨ ᠲᠡᠷᠢᠭᠦᠨ ᠤᠳᠤᠯᠭ᠎ᠠ ᠳ᠋ᠤᠷ ᠪᠠᠰᠤᠳ ᠤ᠋ᠨ ᠵᠡᠪᠡ ᠭᠠᠷᠴᠤ ᠤᠭᠲᠤᠪᠠ᠃ ᠪᠠᠰᠠ ᠵᠠᠭᠤᠨ ᠭᠠᠵᠠᠷ ᠤ᠋ᠨ ᠦᠵᠦᠭᠦᠷ ᠫᠤᠤ ᠳᠠᠭᠤᠷᠢᠰᠴᠤ ᠬᠥᠭᠵᠢᠮ ᠡᠭᠦᠰᠬᠡᠨ ᠴᠤᠤ ᠮᠡᠷᠭᠡᠨ ᠭᠠᠷᠴᠤ ᠤᠭᠲᠤᠪᠠ᠃ ᠭᠤᠷᠪᠠᠳᠤᠭᠠᠷ ᠣᠲᠣᠯᠭᠠᠨ ᠳ᠋ᠤᠷ ᠵᠠᠭᠤᠨ ᠭᠠᠵᠠᠷ ᠤ᠋ᠨ ᠡᠴᠦᠰ ᠫᠤᠤ ᠳᠠᠭᠤᠷᠢᠰᠴᠤ ᠬᠥᠭᠵᠢᠮ ᠡᠭᠦᠰᠬᠡᠨ ᠵᠠᠯᠮ᠎ᠠ ᠭᠠᠷᠴᠤ ᠵᠠᠮ ᠤ᠋ᠨ ᠬᠠᠵᠠᠭᠤᠳᠠ ᠰᠥᠭᠥᠳᠴᠦ ᠤᠭᠲᠤᠪᠠ᠃ ᠳᠥᠷᠪᠡᠳᠦᠭᠡᠷ ᠣᠳᠤᠯᠭᠠᠨ᠎ᠠ ᠫᠤᠤ ᠳᠠᠭᠤᠷᠢᠰᠤᠨ ᠬᠥᠭᠵᠢᠮ ᠡᠭᠦᠰᠬᠡᠵᠦ ᠰᠢᠷᠢ ᠬᠤᠲᠤᠭ ᠭᠠᠷᠴᠤ ᠤᠭᠲᠤᠪᠠ᠃ ᠲᠠᠪᠤᠳᠤᠭᠠᠷ ᠣᠳᠤᠯᠭᠠᠨ ᠳ᠋ᠤᠷ ᠫᠤᠤ ᠳᠠᠭᠤᠷᠢᠰᠴᠤ ᠴᠢᠯᠠᠭᠤᠨ ᠭᠠᠷᠴᠤ ᠤᠭᠲᠤᠪᠠ᠃ ᠵᠢᠷᠭᠤᠳᠤᠭᠠᠷ ᠣᠳᠤᠯᠭᠠᠨ ᠳ᠋ᠤᠷ ᠫᠤᠤ ᠳᠠᠭᠤᠷᠢᠰᠴᠤ ᠬᠥᠭᠵᠢᠮ ᠡᠭᠦᠰᠬᠡᠨ ᠪᠤᠭᠤᠷᠤᠯ ᠭᠠᠷᠴᠤ ᠰᠥᠭᠥᠳᠴᠦ ᠤᠭᠲᠤᠪᠠ᠃ ᠳᠣᠯᠣᠳᠤᠭᠠᠷ ᠣᠳᠤᠯᠭᠠᠨ ᠳ᠋ᠤᠷ ᠫᠤᠤ ᠳᠠᠭᠤᠷᠢᠰᠴᠤ ᠬᠥᠭᠵᠢᠮ ᠡᠭᠦᠰᠬᠡᠨ ᠪᠤᠭᠤᠷᠵᠢ ᠭᠠᠷᠴᠤ ᠤᠭᠲᠤᠪᠠ᠃ ᠨᠠᠢ᠍ᠮᠠᠳᠤᠭᠠᠷ ᠣᠳᠤᠯᠭᠠᠨ ᠳ᠋ᠤᠷ ᠮᠤᠬᠤᠯᠢ ᠭᠠᠷᠴᠤ ᠭᠤᠷᠪᠠᠨ ᠬᠤᠪᠢ ᠶᠡᠬᠡ ᠬᠡᠩᠭᠡᠷᠭᠡ ᠬᠠᠷᠠᠩᠭ᠎ᠠ ᠪᠠᠷ ᠤᠭᠲᠤᠵᠤ᠂ ᠲᠠᠢᠽᠦ ᠨᠢᠳᠦ ᠡᠷᠭᠦᠨ ᠦᠵᠡᠪᠡᠰᠦ ᠬᠣᠯᠠ ᠠ᠋ᠴᠠ ᠭᠤᠷᠪᠠᠨ ᠮᠠᠨᠳᠠᠯ ᠢ᠋ ᠡᠭᠦᠳᠦᠭᠰᠡᠨ ᠢᠨᠣ ᠡᠭᠦᠯᠡ ᠣᠪᠣᠭᠠᠯᠠᠭᠰᠠᠨ ᠮᠡᠲᠦ ᠨᠢᠳᠦᠨ ᠵᠡᠷᠭᠡᠯᠡᠵᠦ᠂ ᠶᠢᠰᠦᠨ ᠥᠩᠭᠡ ᠶ᠋ᠢᠨ ᠵᠠᠭᠤᠨ ᠤᠯᠤᠰ ᠤ᠋ᠨ ᠴᠢᠭᠤᠯᠤᠭᠰᠠᠨ ᠳᠠᠯᠠᠢ ᠶ᠋ᠢᠨ ᠳᠠᠪᠠᠯᠭᠠᠨ ᠬᠢᠵᠠᠭᠠᠷ ᠦᠭᠡᠢ ᠳᠠᠪᠠᠯᠭᠠᠯᠠᠬᠤ ᠮᠡᠲᠦ᠂ ᠲᠤᠭ ᠬᠢᠭᠢᠷᠢ ᠳ᠋ᠦ᠍ᠷ ᠥᠷᠭᠥᠭᠡ ᠮᠠᠢᠬᠠᠨ ᠬᠠᠯᠬᠠᠯᠠᠭᠳᠠᠵᠤᠬᠤᠢ᠃ 
       ᠲᠠᠢᠽᠦ ᠳᠣᠲᠣᠷ᠎ᠠ ᠪᠠᠨ ᠭᠠᠢᠬᠠᠨ ᠰᠠᠨᠠᠷᠤᠨ : ᠡᠨᠡ ᠥᠨᠳᠥᠷ ᠮᠠᠨᠳᠠᠯ ᠠᠨᠤ ᠶᠠᠭᠤ ᠬᠢᠬᠦ ᠪᠣᠢ ᠭᠡᠮᠡᠨ ᠭᠠᠢᠬᠠᠭᠰᠠᠭᠠᠷ ᠢᠷᠡᠭᠰᠡᠨ᠎ᠡ ᠶᠢᠰᠦᠨ ᠴᠠᠭᠠᠨ ᠬᠦᠷᠢᠶᠡᠨ ᠦ᠌ ᠲᠡᠷᠢᠭᠦᠨ ᠬᠦᠷᠢᠶᠡᠨ ᠦ᠌ ᠭᠠᠳᠠᠨ᠎ᠠ ᠲᠣᠷᠭᠠᠨ ᠰᠢᠷ᠎ᠠ ᠤᠭᠲᠤᠨ ᠰᠥᠭᠥᠳᠴᠦᠬᠦᠢ᠃ ᠬᠣᠶᠠᠷ ᠡᠲᠡᠭᠡᠳ ᠬᠥᠭᠵᠢᠮ ᠡᠭᠦᠰᠬᠡᠨ᠂ ᠲᠠᠢᠽᠦ ᠮᠣᠷᠢᠨ ᠠ᠋ᠴᠠ ᠪᠠᠭᠤᠵᠤ ᠴᠠᠴᠠᠷ ᠲᠤᠷ ᠰᠠᠭᠤᠬᠤᠢ ᠳ᠋ᠤᠷ ᠤᠳᠠᠭᠰᠠᠨ ᠦᠭᠡᠢ ᠥᠭᠡᠯᠦᠨ ᠥᠵᠢᠨ ᠦ᠌ ᠵᠢᠭ᠍ᠰᠠᠭᠠᠯ ᠬᠦᠷᠴᠦ ᠢᠷᠡᠭᠰᠡᠨ ᠳ᠋ᠦ᠍ᠷ ᠲᠠᠢᠽᠦ ᠣᠯᠠᠨ ᠲᠦᠰᠢᠮᠡᠳ ᠢ᠋ᠶ᠋ᠡᠨ ᠠᠪᠤᠨ ᠰᠥᠭᠥᠳᠴᠦ ᠤᠭᠲᠤᠭᠠᠳ ᠭᠣᠣᠯ ᠴᠠᠴᠠᠷ ᠲᠤᠷ ᠴᠠᠢ ᠪᠠᠷᠢᠵᠤ ᠭᠬᠢᠪ ᠡᠷᠭᠦᠨ ᠪᠡᠯᠭᠡᠯᠡᠭᠰᠡᠨ ᠦ᠌ ᠬᠣᠢᠨ᠎ᠠ ᠰᠠᠶᠢ ᠥᠵᠢᠨ ᠡᠮᠡᠭᠡ ᠶ᠋ᠢᠨ ᠪᠠᠭᠤᠳᠠᠯ ᠳ᠋ᠤᠷ ᠵᠠᠯᠠᠪᠠ᠃  
       ᠲᠡᠳᠦᠢ ᠣᠯᠠᠨ ᠲᠦᠰᠢᠮᠡᠳ ᠮᠥᠷᠭᠥᠵᠦ ᠪᠠᠷᠠᠭᠰᠠᠨ ᠤ᠋ ᠬᠣᠢᠨ᠎ᠠ ᠲᠠᠢᠽᠦ ᠡᠮᠦᠨ᠎ᠡ ᠦᠵᠡᠭᠳᠡᠬᠦ ᠲᠡᠷᠡ ᠭᠤᠷᠪᠠᠨ ᠮᠠᠨᠳᠠᠯ ᠢ᠋ ᠠᠰᠠᠭᠤᠭᠰᠠᠨ ᠳ᠋ᠤᠷ ᠮᠤᠬᠤᠯᠢ᠂ ᠪᠤᠭᠤᠷᠵᠢ ᠮᠡᠳᠡᠭᠦᠯᠦᠷᠦᠨ :《ᠤᠯᠤᠰ ᠤ᠋ᠨ ᠣᠯᠠᠨ ᠢ᠋ ᠡᠷᠭᠦᠮᠵᠢᠯᠡᠬᠦ ᠲᠤᠯᠠ ᠤᠷᠢᠳᠠ ᠲᠡᠭᠷᠢ ᠭᠠᠵᠠᠷ ᠢ᠋ ᠳᠠᠬᠢᠵᠤ ᠮᠥᠷᠭᠥᠬᠦ ᠮᠠᠨᠳᠠᠯ ! 》ᠬᠡᠮᠡᠭᠰᠡᠨ ᠳ᠋ᠦ᠍ᠷ ᠲᠠᠢᠽᠦ ᠲᠡᠷᠢᠭᠦᠨ ᠳᠣᠬᠢᠵᠤ᠂ ᠵᠢᠴᠢ ᠡᠳᠦᠷ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠡᠳᠦᠷ ᠲᠤᠯᠠ ᠣᠯᠠᠨ ᠲᠦᠰᠢᠮᠡᠳ ᠬᠤᠷᠠᠵᠤ᠂ ᠲᠠᠢᠽᠦ ᠶ᠋ᠢ ᠮᠠᠨᠳᠠᠯ ᠳ᠋ᠤᠷ ᠠᠪᠠᠷᠢᠭᠤᠯᠵᠤ ᠥᠵᠢᠨ ᠡᠮᠡᠭᠡ ᠶ᠋ᠢᠨ ᠲᠤᠯᠠ ᠲᠡᠭᠷᠢ ᠭᠠᠵᠠᠷ ᠲᠤᠷ ᠬᠦᠵᠢ ᠡᠷᠭᠦᠵᠦ ᠬᠤᠲᠤᠭ ᠭᠤᠶᠤᠨ ᠵᠠᠯᠪᠠᠷᠢ ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠪᠠᠶᠠᠷ ᠤ᠋ᠨ ᠶᠣᠰᠣᠭᠠᠷ ᠰᠠᠢᠨ ᠪᠡᠯᠡᠭᠲᠦ ᠳᠡᠪᠡᠯ ᠰᠠᠢᠬᠠᠨ ᠡᠷᠳᠡᠨᠢᠰ ᠦ᠋ᠨ ᠪᠦᠰᠡ ᠪᠦᠰᠡᠯᠡᠵᠦ᠂ ᠮᠣᠷᠢ ᠤᠨᠤᠨ ᠳᠤᠮᠳᠠ ᠮᠠᠨᠳᠠᠯ ᠳ᠋ᠤᠷ ᠢᠷᠡᠪᠡᠰᠦ ᠵᠡᠪᠡ ᠮᠠᠨᠳᠠᠯ ᠤ᠋ᠨ ᠳᠣᠣᠷ᠎ᠠ ᠰᠥᠳᠥ ᠤᠰᠤ ᠴᠠᠭᠠᠨ ᠭᠬᠢᠪ ᠠᠩᠬᠢᠯᠤᠮᠠᠯ ᠬᠦᠵᠢᠰ ᠪᠠᠷᠢᠨ ᠵᠣᠭᠰᠣᠵᠤᠬᠤᠢ᠃ ᠲᠠᠢᠽᠦ ᠰᠥᠳᠥ ᠤᠰᠤᠨ ᠢ᠋ᠶ᠋ᠠᠷ ᠠᠮᠠ ᠪᠠᠨ ᠵᠠᠢᠯᠵᠤ ᠨᠢᠭᠤᠷ ᠭᠠᠷ ᠢ᠋ᠶ᠋ᠠᠨ ᠤᠬᠢᠶᠠᠨ᠂ ᠠᠩᠬᠢᠯᠤᠮᠠᠯ ᠬᠦᠵᠢᠰ ᠢ᠋ᠶ᠋ᠡᠷ ᠪᠡᠶ᠎ᠡ ᠪᠡᠨ ᠠᠷᠢᠭᠤᠳᠬᠠᠨ᠂ ᠴᠠᠭᠠᠨ ᠭᠬᠢᠪ ᠠᠪᠴᠤ ᠵᠡᠪᠡ ᠶ᠋ᠢ ᠳᠥᠰᠢᠨ ᠮᠠᠨᠳᠠᠯ ᠤ᠋ᠨ ᠥᠭᠡᠳᠡ ᠮᠠᠴᠤᠯᠬᠢᠯᠠᠨ ᠠᠪᠠᠷᠢᠭ᠍ᠰᠠᠭᠠᠷ ᠭᠤᠷᠪᠠᠨ ᠳᠠᠪᠬᠤᠷ ᠲᠤᠷ ᠭᠠᠷᠴᠤ ᠶᠡᠬᠡ ᠦᠷᠭᠦᠭᠡᠨ ᠳ᠋ᠦ᠍ᠷ ᠣᠷᠣᠵᠤ ᠦᠵᠡᠪᠡᠰᠦ᠂ ᠦᠵᠡᠰᠡ ᠴᠥᠮ ᠲᠡᠭᠷᠢ ᠶ᠋ᠢᠨ ᠬᠥᠪᠡᠭᠦᠨ ᠦ᠌ ᠰᠠᠭᠤᠷᠢᠨ ᠣᠷᠣᠨ ᠪᠡᠯᠡᠳᠴᠦ ᠬᠣᠢᠨ᠎ᠠ ᠬᠠᠷᠢᠨ ᠪᠠᠳᠠᠷᠠᠩᠭᠤᠢ ᠴᠠᠭᠠᠨ ᠰᠦᠯᠳᠡ ᠲᠡᠭᠷᠢ ᠶ᠋ᠢ ᠳᠠᠬᠢᠵᠤᠬᠤᠢ᠃ 
       ᠲᠠᠢᠽᠦ ᠡᠳᠡᠨ ᠦ᠌ ᠰᠠᠨᠠᠭᠠᠨ ᠢ᠋ ᠬᠡᠳᠦᠢᠨᠡᠢ ᠠᠢᠯᠠᠳᠴᠤ ᠮᠡᠳᠡᠭᠡᠳ ᠨᠢᠭᠡᠨ ᠭᠠᠵᠠᠷ ᠢ᠋ ᠪᠣᠳᠣᠨ ᠲᠣᠭᠲᠠᠭᠠᠪᠠ᠃ ᠲᠡᠳᠦᠢ ᠣᠯᠠᠨ ᠢ᠋ ᠠᠪᠴᠤ ᠬᠦᠵᠢ ᠡᠷᠭᠦᠵᠦ ᠮᠥᠷᠭᠥᠨ᠂ ᠥᠭᠡᠯᠦᠨ ᠦᠵᠢᠨ ᠦ᠌ ᠨᠠᠰᠤᠨ ᠪᠤᠶᠠᠨ ᠥᠨᠳᠥᠷ ᠪᠣᠯᠬᠤ ᠶ᠋ᠢᠨ ᠲᠤᠯᠠ ᠬᠤᠲᠤᠭ ᠭᠤᠶᠤᠨ ᠮᠥᠷᠭᠥᠭᠡᠳ ᠡᠭᠡᠵᠦ ᠭᠠᠷᠴᠤ ᠢᠷᠡᠬᠦᠶ᠎ᠡ᠂ ᠭᠡᠨᠡᠳᠲᠡ ᠮᠠᠨᠳᠠᠯ ᠤ᠋ᠨ ᠨᠠᠷᠠᠨ ᠰᠠᠷᠠᠨ ᠤ᠋ ᠳᠣᠣᠷ᠎ᠠ ᠵᠦᠩ ᠬᠡᠩᠭᠡᠷᠭᠡ ᠶ᠋ᠢᠨ ᠳᠠᠭᠤᠨ ᠭᠠᠷᠤᠮᠠᠭᠴᠠ ᠨᠠᠢ᠍ᠮᠠᠨ ᠬᠦᠯᠢᠯ ᠶᠢᠰᠦᠨ ᠮᠡᠩᠭᠡ ᠶ᠋ᠢᠨ ᠲᠤᠭ ᠤ᠋ᠨ ᠳᠣᠣᠷ᠎ᠠ ᠠ᠋ᠴᠠ ᠶᠢᠰᠦᠨ ᠵᠦᠢᠯ ᠦ᠋ᠨ ᠬᠥᠭᠵᠢᠮ ᠡᠭᠦᠰᠬᠡᠨ᠂ ᠭᠤᠷᠪᠠᠨ ᠵᠡᠷᠭᠡ ᠦᠯᠢᠶᠡᠨ ᠳᠡᠯᠡᠳᠦᠭᠰᠡᠨ ᠳ᠋ᠦ᠍ᠷ ᠲᠠᠢᠽᠦ ᠥᠷᠭᠥᠭᠡ ᠶ᠋ᠢᠨ ᠡᠮᠦᠨ᠎ᠡ ᠴᠢᠬᠡ ᠡᠮᠦᠨᠡᠰᠢ ᠬᠠᠨᠳᠤᠨ ᠵᠣᠭᠰᠣᠵᠤ᠂ ᠳᠥᠷᠪᠡᠨ ᠥᠩᠭᠡ ᠶ᠋ᠢᠨ ᠰᠢᠬᠦᠷ ᠦ᠋ᠨ ᠳᠣᠣᠷ᠎ᠠ ᠳᠥᠷᠪᠡᠨ ᠳᠡᠭᠦᠦ ᠢᠨᠤ ᠵᠣᠭᠰᠣᠵᠤ᠂ ᠳᠥᠷᠪᠡᠨ ᠤᠯᠠᠭᠠᠨ ᠰᠢᠬᠦᠷ ᠦ᠋ᠨ ᠳᠣᠣᠷ᠎ᠠ ᠳᠥᠷᠪᠡᠨ ᠬᠥᠪᠡᠭᠦᠨ ᠢᠨᠦ ᠵᠣᠭᠰᠣᠵᠤ᠂ ᠶᠢᠰᠦᠨ ᠥᠩᠭᠡ ᠶ᠋ᠢᠨ ᠶᠢᠰᠦᠨ ᠳᠠᠯᠪᠠᠭ᠎ᠠ ᠶ᠋ᠢᠨ ᠳᠣᠣᠷ᠎ᠠ᠂ ᠶᠢᠰᠦᠨ ᠡᠩ ᠲᠦᠰᠢᠮᠡᠳ ᠢᠨᠦ ᠵᠣᠭᠰᠣᠵᠤ᠂ ᠳᠣᠣᠷ᠎ᠠ ᠳᠡᠭᠲᠡᠷ ᠲᠣᠷ ᠵᠠᠭᠤᠨ ᠤᠯᠤᠰ ᠤ᠋ᠨ ᠡᠵᠡᠨ ᠢᠨᠦ ᠴᠥᠮ ᠳᠣᠲᠣᠭ᠍ᠰᠢ ᠬᠠᠨᠳᠤᠨ ᠵᠣᠭᠰᠣᠵᠤ᠂ ᠭᠤᠲᠠᠭᠠᠷ ᠳᠡᠭᠲᠡᠷ ᠲᠣᠷ ᠣᠯᠠᠨ ᠵᠠᠩᠵᠤᠨ ᠪᠠᠭᠠᠲᠤᠷ ᠤ᠋ᠳ ᠳᠦᠭᠦᠷᠲᠡᠯ᠎ᠡ ᠳᠣᠲᠣᠭ᠍ᠰᠢ ᠬᠠᠨᠳᠤᠨ ᠵᠣᠭᠰᠣᠵᠤ᠂ ᠳᠣᠪᠣ ᠶ᠋ᠢᠨ ᠳᠡᠭᠡᠷ᠎ᠡ ᠶᠢᠰᠦᠨ ᠡᠩ ᠦ᠋ᠨ ᠶᠢᠰᠦᠨ ᠥᠩᠭᠡ ᠶ᠋ᠢᠨ ᠲᠤᠭ ᠳᠠᠯᠪᠠᠭ᠎ᠠ ᠶ᠋ᠢᠨ ᠳᠣᠣᠷ᠎ᠠ ᠥᠩᠭᠡ ᠪᠡᠷ ᠢᠯᠭᠠᠨ ᠠᠩᠭᠢ ᠠᠩᠭᠢ ᠪᠠᠷ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠴᠡᠷᠢᠭ᠂ ᠶᠢᠰᠦᠨ ᠥᠩᠭᠡ ᠶ᠋ᠢᠨ ᠬᠤᠶᠠᠭ ᠳᠤᠭᠤᠯᠠᠭ᠎ᠠ᠂ ᠲᠤᠭ ᠳᠠᠯᠪᠠᠭ᠎ᠠ ᠪᠠᠷ ᠬᠤᠪᠢᠶᠠᠨ ᠵᠣᠭᠰᠣᠵᠤ᠂ ᠭᠤᠷᠪᠠᠳᠤᠭᠠᠷ ᠫᠤᠤ᠂ ᠭᠤᠷᠪᠠᠳᠤᠭᠠᠷ ᠬᠥᠭᠵᠢᠮ ᠳ᠋ᠦ᠍ᠷ ᠭᠡᠨᠡᠳᠲᠡ ᠪᠦᠭᠦᠳᠡᠭᠡᠷ ᠬᠦᠷᠴᠢᠭᠢᠨᠡᠲᠡᠯ᠎ᠡ ᠰᠥᠭᠥᠳᠪᠡ᠃ ᠵᠠᠭᠤᠨ ᠡᠬᠡᠰᠢᠭ ᠮᠢᠩᠭᠠᠨ ᠳᠠᠭᠤᠨ ᠢᠪ ᠴᠢᠪ ᠵᠣᠭ ᠵᠣᠭᠰᠣᠪᠠ᠃ ᠲᠣᠷᠭᠠᠨ ᠰᠢᠷ᠎ᠠ ᠰᠥᠭᠥᠳᠦᠭᠰᠡᠭᠡᠷ ᠪᠠᠢᠵᠤ ᠡᠪᠦᠷ ᠡᠴᠡ ᠪᠡᠨ ᠰᠢᠷ᠎ᠠ ᠨᠤᠭᠤᠯᠪᠤᠷᠢ ᠭᠠᠷᠭᠠᠵᠤ ᠥᠨᠳᠥᠷ ᠳᠠᠭᠤᠨ ᠢ᠋ᠶ᠋ᠠᠷ ᠡᠭᠡᠰᠢᠭᠯᠡᠨ ᠡᠢᠨ ᠳᠠᠭᠤᠳᠠᠷᠤᠨ :  
       ᠡᠩ ᠲᠡᠷᠢᠭᠦᠨ ᠡᠵᠡᠨ ᠢ᠋ ᠰᠢᠯᠲᠠᠭᠠᠨ ᠪᠣᠯᠬᠤᠢ ᠳ᠋ᠤᠷ ᠥᠵᠢᠨ ᠡᠬᠡ ᠶ᠋ᠢᠨ ᠰᠢᠷᠡᠭᠡᠨ ᠢ᠋ ᠴᠠᠭᠠᠨ ᠭᠡᠷᠡᠯ ᠪᠦᠷᠬᠦᠨ᠂ ᠠᠯᠲᠠᠨ ᠥᠩᠭᠡᠲᠦ ᠪᠠᠳᠠᠷᠠᠩᠭᠤᠢ ᠴᠠᠭᠠᠨ ᠲᠡᠭᠷᠢ ᠬᠤᠪᠢᠯᠤᠨ ᠵᠡᠭᠦᠳᠦᠯᠡᠭᠰᠡᠨ ᠢ᠋ᠶ᠋ᠡᠷ ᠡᠵᠡᠨ ᠴᠢᠮᠠᠢ ᠮᠡᠨᠳᠦᠯᠡᠪᠡ᠃ ᠨᠡᠩ ᠪᠠᠰᠠ ᠳᠡᠭᠷᠢᠯᠢᠭ ᠡᠵᠡᠨ ᠦ᠌ ᠲᠥᠷᠥᠭᠰᠡᠨ ᠴᠠᠭ ᠲᠤᠷ ᠳᠡᠯᠢᠭᠦᠨ ᠪᠣᠯᠳᠣᠭ ᠠ᠋ᠴᠠ ᠴᠠᠭᠠᠨ ᠭᠡᠷᠡᠯ ᠰᠠᠴᠤᠷᠠᠪᠠ᠂ ᠤᠨᠤᠨ ᠮᠥᠷᠡᠨ ᠭᠤᠷᠪᠠᠨ ᠡᠳᠦᠷ ᠲᠤᠩᠭᠠᠯᠠᠭ ᠤᠷᠤᠰᠪᠠ᠃ ᠬᠣᠶᠠᠷ ᠭᠠᠷ ᠲᠤᠷ ᠨᠥᠵᠢ ᠠᠳᠬᠤᠨ ᠲᠥᠷᠥᠭᠡᠳ ᠮᠥᠨ ᠡᠳᠦᠷ ᠲᠠᠲ᠋ᠠᠷ ᠢ᠋ ᠳᠠᠷᠤᠵᠤ ᠲᠡᠮᠡᠭᠡᠴᠢᠨ ᠢ᠋ ᠣᠯᠵᠠᠯᠠᠪᠠ᠃ ᠡᠭᠦᠨᠴᠡ ᠡᠵᠡᠨ ᠮᠢᠨᠦ ᠠᠷᠪᠠᠨ ᠭᠤᠷᠪᠠᠨ ᠨᠠᠰᠤᠨ ᠠ᠋ᠴᠠ ᠡᠬᠢᠯᠡᠨ ᠳᠡᠭᠡᠳᠦ ᠡᠵᠡᠨ ᠦ᠌ ᠦᠰ ᠢ᠋ ᠨᠡᠬᠡᠵᠦ ᠴᠡᠷᠢᠭ ᠪᠠᠢᠭᠤᠯᠤᠨ᠂ ᠳᠥᠷᠪᠡᠨ ᠵᠦᠭ ᠲᠦ᠍ᠷ ᠪᠠᠢᠯᠳᠤᠨ ᠳᠠᠢᠯᠠᠵᠤ ᠶᠠᠪᠤᠨ᠂ ᠮᠠᠬᠠᠪᠣᠳ ᠤ᠋ᠨ ᠭᠠᠰᠢᠭᠤᠨ ᠪᠠ ᠪᠠᠷᠰ ᠤ᠋ᠨ ᠵᠣᠪᠠᠯᠠᠩ ᠬᠢᠭᠡᠳ ᠥᠯᠥᠰᠬᠦ ᠲᠠᠭᠠᠷᠠᠬᠤ ᠭᠠᠴᠢᠭ᠍ᠳᠠᠬᠤ ᠮᠣᠬᠣᠭᠳᠠᠬᠤ ᠬᠢᠯᠢᠰᠳᠡᠬᠦ ᠳᠠᠷᠤᠯᠠᠭᠳᠠᠬᠤ ᠬᠥᠭᠡᠭᠡᠭᠳᠡᠬᠦ ᠪᠠᠷᠢᠭ᠍ᠳᠠᠬᠤ ᠪᠠᠰᠤᠮᠵᠢᠯᠠᠭᠳᠠᠬᠤ ᠳᠣᠷᠣᠮᠵᠢᠯᠠᠭᠳᠠᠬᠤ ᠭᠦᠵᠢᠷᠯᠡᠭᠳᠡᠬᠦ ᠵᠡᠷᠭᠡ ᠵᠠᠭᠤᠨ ᠵᠦᠢᠯ ᠮᠢᠩᠭᠠᠨ ᠠᠩᠭᠢ ᠶ᠋ᠢᠨ ᠵᠣᠪᠠᠯᠠᠩ ᠵᠦᠳᠡᠭᠦᠷᠢ ᠡᠳ᠋ᠯᠡᠭᠰᠡᠭᠡᠷ ᠡᠳᠦᠭᠡ ᠳᠥᠴᠢᠨ ᠲᠠᠪᠤᠨ ᠰᠡᠭᠦᠳᠡᠷ ᠬᠦᠷᠲᠡᠯ᠎ᠡ ᠳᠥᠷᠪᠡᠨ ᠵᠦᠭ ᠨᠠᠢ᠍ᠮᠠᠨ ᠵᠣᠪᠬᠢᠰ ᠲᠤᠷ ᠴᠡᠷᠢᠭᠯᠡᠨ ᠳᠠᠢᠯᠠᠨ ᠶᠠᠪᠤᠵᠤ ᠵᠠᠷ ᠵᠡᠪᠰᠡᠭ ᠦ᠋ᠨ ᠮᠣᠳᠣ ᠰᠢᠭᠤᠢ ᠳ᠋ᠤᠷ ᠰᠢᠷᠭᠤᠯᠠᠨ᠂ ᠮᠢᠬ᠎ᠠ ᠴᠢᠰᠤᠨ ᠤ᠋ ᠮᠥᠷᠡᠨ ᠳᠠᠯᠠᠢ ᠳ᠋ᠤᠷ ᠤᠮᠪᠠᠵᠤ᠂ ᠮᠢᠩᠭᠠᠨ ᠤᠳᠠᠭ᠎ᠠ ᠶ᠋ᠢᠨ ᠦᠬᠦᠯ ᠡᠴᠡ ᠭᠡᠲᠦᠯᠵᠦ᠂ ᠲᠦᠮᠡᠨ ᠵᠡᠷᠭᠡ ᠮᠥᠬᠥᠬᠦ ᠡᠴᠡ ᠮᠤᠯᠲᠤᠷᠠᠨ ᠠᠷᠠᠢᠬᠠᠨ ᠭᠡᠵᠦ ᠭᠤᠴᠢᠨ ᠬᠣᠶᠠᠷ ᠵᠢᠯ ᠦ᠋ᠨ ᠬᠦᠴᠦᠨ ᠢ᠋ᠶ᠋ᠡᠷ ᠰᠠᠶᠢ ᠡᠷᠭᠢᠨ ᠲᠣᠭᠣᠷᠢᠨ ᠲᠦᠮᠡᠨ ᠭᠠᠵᠠᠷ ᠢ᠋ ᠨᠡᠢᠭᠡᠮᠯᠡᠵᠦ᠂ ᠬᠡᠳᠦ ᠬᠡᠳᠦᠨ ᠴᠢᠭᠢᠷᠠᠭ ᠤᠯᠤᠰ ᠢ᠋ ᠴᠥᠮ ᠣᠷᠣᠭᠤᠯᠪᠠ᠃ ᠡᠳᠦᠭᠡ ᠬᠡᠳᠦᠢ ᠡᠮᠦᠨ᠎ᠡ ᠠᠯᠲᠠᠨ ᠤᠯᠤᠰ᠂ ᠰᠥᠩ ᠤᠯᠤᠰ ᠪᠣᠢ ᠪᠣᠯᠪᠠᠴᠤ ᠡᠭᠡᠨᠡᠭᠲᠡ ᠴᠥᠮ ᠠᠮᠤᠷ ᠵᠢᠷᠭᠠᠯ ᠤᠵᠢᠳ ᠴᠡᠩᠭᠡᠯ ᠢ᠋ ᠡᠷᠬᠢᠯᠡᠭᠰᠡᠨ ᠤᠯᠤᠰ ᠲᠤᠯᠠ ᠤᠳᠠᠯ ᠦᠭᠡᠢ ᠴᠥᠮ ᠡᠵᠡᠨ ᠦ᠌ ᠬᠠᠷᠢᠶᠠᠲᠤ ᠪᠣᠯᠤᠮᠤᠢ᠃ ᠡᠳᠦᠭᠡ ᠡᠨᠡ ᠳᠥᠴᠢᠨ ᠲᠠᠪᠤᠨ ᠵᠢᠯ ᠳ᠋ᠦ᠍ᠷ ᠪᠤᠰᠤᠳ ᠴᠥᠮ ᠵᠠᠪᠰᠠᠷ ᠪᠣᠢ᠂ ᠭᠠᠭᠴᠠ ᠦᠵᠢᠨ ᠡᠮᠡᠭᠡ ᠴᠠᠭ ᠭᠱᠠᠨ᠎ᠠ ᠵᠠᠪᠰᠠᠷ ᠦᠭᠡᠢ᠃ ᠡᠵᠡᠨ ᠬᠡᠳᠦᠢ ᠲᠡᠭᠷᠢ ᠶ᠋ᠢᠨ ᠰᠠᠬᠢᠭᠤᠯᠰᠤᠨ ᠮᠠᠭᠠᠳ ᠮᠥᠨ ᠪᠣᠯᠪᠠᠴᠤ ᠥᠵᠢᠨ ᠡᠮᠡᠭᠡ ᠪᠡᠶ᠎ᠡ ᠡᠴᠡ ᠪᠡᠨ ᠲᠥᠷᠥᠭᠰᠡᠨ ᠲᠤᠯᠠ ᠲᠡᠢᠨ ᠦᠯᠦ ᠰᠡᠳᠬᠢᠮᠦ ! ᠲᠡᠢᠨ ᠬᠦ᠌ ᠡᠵᠡᠨ ᠢ᠋ ᠮᠡᠨᠳᠦᠯᠡᠵᠦ ᠡᠨᠡ ᠡᠳᠦᠷ ᠬᠦᠷᠲᠡᠯ᠎ᠡ ᠡᠨᠡ ᠳᠥᠴᠢᠨ ᠲᠠᠪᠤᠨ ᠵᠢᠯ ᠦ᠋ᠨ ᠰᠡᠳᠬᠢᠯ ᠲᠠᠲᠠᠭᠳᠠᠨ ᠰᠠᠨᠠᠭᠠᠨ ᠰᠦᠢᠳᠬᠡᠭᠰᠡᠨ ᠢ᠋ ᠪᠣᠳᠣᠪᠠᠴᠤ ᠳᠠᠭ᠌ᠷᠢᠯᠢᠭ᠌ ᠡᠵᠡᠨ ᠣᠳᠣ ᠡᠨᠡ ᠡᠳᠦᠷ ᠤᠷᠢᠳᠤᠰ ᠤ᠋ᠨ ᠰᠠᠭᠤᠷᠢᠨ ᠢ᠋ ᠵᠠᠯᠭᠠᠮᠵᠢᠯᠠᠨ ᠲᠡᠭᠷᠢ ᠶ᠋ᠢᠨ ᠬᠥᠪᠡᠭᠦᠨ ᠦ᠌ ᠰᠠᠭᠤᠷᠢᠨ ᠳ᠋ᠤᠷ ᠰᠠᠭᠤᠵᠤ᠂ ᠳᠡᠭᠡᠷ᠎ᠡ ᠡᠴᠡ ᠲᠡᠭᠷᠢ ᠰᠠᠬᠢᠭᠤᠯᠰᠤᠨ᠂ ᠡᠴᠢᠭᠡ ᠡᠬᠡ ᠪᠠ ᠢᠨᠠᠭᠰᠢᠳᠠ ᠠᠬ᠎ᠠ ᠳᠡᠭᠦᠦ ᠨᠠᠷ ᠬᠥᠪᠡᠭᠦᠳ ᠬᠢᠭᠡᠳ ᠭᠠᠳᠠᠭᠠᠳᠤ ᠤᠯᠤᠰ ᠣᠯᠠᠨ ᠠᠢᠮᠠᠭ᠂ ᠵᠢᠴᠢ ᠠᠯᠪᠠᠲᠤ ᠰᠠᠢᠳ ᠣᠯᠠᠨ ᠲᠦᠰᠢᠮᠡᠳ᠂ ᠴᠡᠷᠢᠭ ᠢᠷᠭᠡᠨ ᠲᠡᠭᠷᠢ ᠭᠠᠵᠠᠷ ᠬᠥᠮᠦᠨ ᠠᠮᠢᠲᠠᠨ ᠪᠦᠭᠦᠳᠡ ᠶ᠋ᠢᠨ ᠬᠦᠰᠡᠨ ᠰᠠᠨᠠᠬᠤ ᠳ᠋ᠤᠷ ᠨᠡᠢᠯᠡᠭᠦᠯᠬᠦ ᠠᠵᠢᠶᠠᠮᠤ ! ᠡᠷᠲᠡᠨ ᠡᠴᠡ ᠡᠵᠡᠨ ᠳ᠋ᠦ᠍ᠷ ᠬᠡᠳᠦᠨ ᠤᠳᠠᠭ᠎ᠠ ᠳᠤᠷᠠᠳᠬᠠᠨ ᠮᠡᠳᠡᠭᠦᠯᠲᠡᠯ᠎ᠡ ᠡᠵᠡᠨ ᠡᠰᠡ ᠵᠥᠪᠰᠢᠶᠡᠷᠡᠬᠦᠢ ᠳ᠋ᠦ᠍ᠷ ᠡᠳᠦᠭᠡ ᠵᠠᠭᠤᠨ ᠲᠦᠮᠡᠨ ᠣᠯᠠᠨ ᠤᠯᠤᠰ ᠠᠢᠮᠠᠭ ᠢ᠋ᠶ᠋ᠠᠷ ᠨᠢᠭᠤᠷ ᠲᠤᠷ ᠢᠴᠢᠭᠦᠷᠢ ᠪᠣᠯᠵᠤ᠂ ᠰᠡᠳᠬᠢᠯ ᠦ᠋ᠨ ᠭᠣᠮᠣᠳᠠᠯ ᠪᠣᠯᠭᠠᠨ ᠡᠳᠦᠷ ᠰᠥᠨᠢ ᠦᠭᠡᠢ ᠭᠠᠰᠢᠭᠤᠳᠠᠨ ᠦᠯᠦ ᠵᠣᠭᠰᠣᠬᠤ ᠲᠤᠯᠠ ᠠᠷᠭ᠎ᠠ ᠦᠭᠡᠢ ᠳᠡᠭᠡᠭᠰᠢᠳᠡ ᠪᠣᠯᠪᠠᠰᠤ ᠲᠡᠭᠷᠢ ᠶ᠋ᠢᠨ ᠰᠠᠨᠠᠭᠠᠨ ᠪᠠ ᠳᠠᠷᠠᠭ᠎ᠠ ᠥᠵᠢᠨ ᠡᠮᠡᠭᠡ ᠶ᠋ᠢᠨ ᠰᠡᠳᠬᠢᠯ ᠢ᠋ ᠪᠣᠳᠣᠨ᠂ ᠳᠣᠷᠣᠭᠰᠢᠳᠠ ᠪᠣᠯᠪᠠᠰᠤ ᠣᠯᠠᠨ ᠠᠢᠮᠠᠭ ᠤ᠋ᠳ ᠤ᠋ᠨ ᠰᠠᠨᠠᠭᠠᠨ ᠤ᠋ ᠬᠦᠰᠡᠯ ᠢ᠋ ᠲᠡᠪᠴᠢᠨ ᠴᠢᠳᠠᠬᠤ ᠦᠭᠡᠢ ᠲᠤᠯᠠ ᠣᠯᠠᠨ ᠤᠯᠤᠰ ᠯᠤᠭ᠎ᠠ ᠵᠥᠪᠯᠡᠯᠳᠦᠨ ᠬᠡᠳᠦᠢᠨᠡᠢ ᠪᠡᠯᠡᠳᠬᠡᠵᠦ ᠡᠨᠡ ᠡᠳᠦᠷ ᠢᠯᠡᠳᠬᠡᠨ ᠮᠡᠳᠡᠭᠦᠯᠪᠡ᠃ ᠣᠯᠳᠠᠬᠤᠯ᠎ᠠ ᠡᠵᠡᠨ ᠲᠡᠷᠢᠭᠦᠨ ᠳ᠋ᠦ᠍ᠷ ᠥᠵᠢᠨ ᠡᠮᠡᠭᠡ ᠶ᠋ᠢᠨ ᠳᠥᠴᠢᠨ ᠲᠠᠪᠤᠨ ᠣᠨ ᠤ᠋ ᠵᠦᠳᠡᠭᠰᠡᠨ ᠰᠡᠳᠬᠢᠯ ᠢ᠋ ᠲᠡᠭᠷᠢ ᠶ᠋ᠢᠨ ᠬᠥᠪᠡᠭᠦᠨ ᠦ᠌ ᠡᠬᠡ ᠪᠣᠯᠭᠠᠨ ᠨᠢᠭᠡᠬᠡᠨ ᠢ᠋ᠶ᠋ᠡᠷ ᠬᠠᠷᠢᠭᠤᠯᠠᠬᠤ  ᠪᠣᠯᠪᠠᠤ! ᠡᠭᠦᠨ ᠦ᠌ ᠲᠤᠯᠠ ᠬᠣᠯᠠ ᠣᠢᠷ᠎ᠠ ᠨᠡᠢᠲᠡ ᠪᠡᠷ ᠨᠢᠭᠡᠨ ᠰᠠᠨᠠᠭᠠᠨ ᠢ᠋ᠶ᠋ᠠᠷ ᠡᠷᠭᠦᠨ ᠮᠡᠳᠡᠭᠦᠯᠵᠦ ᠰᠠᠭᠤᠷᠢᠨ ᠢ᠋ ᠲᠥᠪ ᠪᠣᠯᠭᠠᠬᠤᠢ ᠶ᠋ᠢ ᠭᠤᠶᠤᠮᠤᠢ ᠬᠡᠮᠡᠵᠦᠬᠦᠢ᠃ 
       ᠲᠡᠨᠳᠡᠴᠡ ᠪᠢᠴᠢᠭ ᠢ᠋ ᠳᠠᠭᠤᠳᠠᠵᠤ ᠪᠠᠷᠠᠭᠠᠳ ᠮᠥᠷᠭᠥᠬᠦᠶ᠎ᠡ ᠵᠦᠩ ᠬᠡᠩᠭᠡᠷᠭᠡ ᠳᠠᠭᠤᠷᠢᠰᠤᠭᠰᠠᠨ ᠳ᠋ᠤᠷ ᠲᠠᠢᠽᠦ ᠮᠥᠨ ᠳᠠᠭᠤᠨ ᠭᠠᠷᠬᠤ ᠦᠭᠡᠢ –ᠵᠥᠪᠰᠢᠶᠡᠰᠦᠭᠡᠢ ᠬᠡᠮᠡᠬᠦᠯ᠎ᠡ ᠬᠠᠭᠠᠨ ᠰᠠᠭᠤᠬᠤ ᠰᠠᠨᠠᠭᠠᠨ ᠳ᠋ᠤᠷ ᠠᠨᠤ ᠬᠦᠷᠦᠭᠡᠳᠦᠢ᠂ ᠪᠦᠦ ᠵᠥᠪᠰᠢᠶᠡᠰᠦᠭᠡᠢ ᠬᠡᠮᠡᠬᠦᠯ᠎ᠡ ᠣᠯᠠᠨ ᠤ᠋ ᠴᠢᠩ ᠦᠨᠡᠨ ᠰᠠᠨᠠᠭᠠᠨ ᠮᠥᠨ ᠲᠤᠯᠠ ᠤᠨᠲᠤᠭᠤᠴᠠᠬᠤᠶ᠎ᠠ ᠪᠡᠷᠬᠡ᠃ ᠡᠢᠨ ᠬᠦ᠌ ᠠᠷᠭ᠎ᠠ ᠦᠭᠡᠢ ᠪᠣᠯᠵᠤ ᠣᠯᠠᠨ ᠤ᠋ ᠵᠦᠭ ᠥᠭᠦᠯᠡᠷᠦᠨ :《ᠲᠠᠨ ᠤ᠋ ᠣᠯᠠᠨ ᠰᠡᠴᠡᠳ ᠰᠠᠢᠳ ᠪᠠᠭᠠᠲᠤᠳ ᠵᠠᠩᠵᠤᠨ ᠨᠠᠷ ᠶᠠᠭᠤᠨ ᠢ᠋ ᠮᠡᠳᠡᠮᠦᠢ? ᠡᠷ᠎ᠡ ᠬᠥᠮᠦᠨ ᠦ᠌ ᠡᠷᠬᠡ ᠰᠦᠷ ᠥᠷᠥᠰᠢᠶᠡᠯ ᠬᠡᠰᠢᠭ ᠠᠪᠠᠰᠤ ᠶᠠᠷᠠᠭᠳᠠᠭᠠᠨ ᠬᠠᠭᠠᠨ ᠰᠠᠭᠤᠵᠤ ᠪᠣᠯᠤᠮᠤᠢ᠃ ᠡᠷᠬᠡ ᠰᠦᠷ ᠥᠷᠥᠰᠢᠶᠡᠯ ᠬᠡᠰᠢᠭ ᠦᠭᠡᠢ ᠪᠥᠭᠡᠰᠦ ᠬᠠᠭᠠᠨ ᠰᠠᠭᠤᠪᠠᠴᠤ ᠪᠣᠭᠣᠯ ᠪᠣᠯᠬᠤ ᠪᠣᠯᠠᠢ᠃ ᠡᠳᠦᠭᠡ ᠪᠢ ᠪᠡᠶ᠎ᠡ ᠪᠡᠷ ᠪᠠᠢᠵᠤ᠂ ᠡᠨᠡ ᠮᠡᠲᠦ ᠬᠣᠲᠠ ᠶ᠋ᠢᠨ ᠳᠣᠲᠣᠷ᠎ᠠ ᠪᠠᠨ ᠬᠠᠭᠠᠨ ᠰᠠᠭᠤᠭᠰᠠᠨ ᠬᠠᠭᠠᠳ ᠢ᠋ ᠨᠡᠢᠲᠡ ᠠᠷᠪᠠᠨ ᠬᠣᠶᠠᠷ ᠪᠠᠷᠢᠵᠤ ᠠᠯᠠᠪᠠ᠃ ᠲᠡᠢᠨ ᠪᠥᠭᠡᠳ ᠥᠪᠡᠷ ᠢ᠋ᠶ᠋ᠡᠨ ᠪᠠᠰᠠ ᠲᠡᠢᠮᠦ ᠬᠠᠭᠠᠨ ᠢ᠋ ᠰᠠᠭᠤᠵᠤ ᠰᠡᠳᠬᠢᠯ ᠳ᠋ᠦ᠍ᠷ ᠢ᠋ᠶ᠋ᠡᠨ ᠢᠴᠢᠭᠦᠷᠢ ᠪᠣᠯᠭᠠᠨ ᠶᠠᠭᠠᠬᠢᠬᠤ ? ᠲᠠᠨ ᠤ᠋ ᠣᠯᠠᠨ ᠰᠠᠢᠳ ᠦᠯᠦ ᠤᠬᠠᠮᠤ ? ᠡᠨᠡ ᠬᠠᠭᠠᠨ ᠬᠡᠮᠡᠭᠴᠢ ᠶᠡᠷᠦ ᠶ᠋ᠢᠨ ᠵᠡᠷᠭᠡ ᠬᠡᠷᠬᠡᠮ ᠦ᠋ᠨ ᠠᠳᠠᠯᠢ ᠳᠤᠷ᠎ᠠ ᠪᠠᠷ ᠬᠡᠯᠡᠵᠦ ᠦᠯᠦ ᠪᠣᠯᠬᠤ᠂ ᠬᠠᠭᠠᠨ ᠬᠡᠮᠡᠭᠴᠢ ᠶ᠋ᠢ ᠣᠨᠴᠠ ᠦᠨᠡᠨ ᠬᠠᠭᠠᠨ ᠬᠥᠮᠦᠨ ᠰᠠᠶᠢ ᠰᠠᠭᠤᠬᠤ᠂ ᠬᠥᠮᠦᠨ ᠪᠦᠬᠦᠨ ᠬᠠᠭᠠᠨ ᠪᠣᠯᠵᠤ ᠦᠯᠦ ᠪᠣᠯᠤᠮᠤᠢ᠃ ᠦᠨᠡᠨ ᠬᠠᠭᠠᠨ ᠬᠡᠮᠡᠭᠴᠢ ᠬᠠᠭᠠᠨ ᠬᠡᠮᠡᠬᠦ ᠨᠡᠷ᠎ᠡ ᠡᠷᠭᠦᠯ ᠦᠭᠡᠢ ᠪᠡᠷ ᠶᠠᠷᠠᠭᠳᠠᠭᠠᠨ ᠣᠯᠠᠨ ᠤ᠋ ᠰᠡᠳᠬᠢᠯ ᠬᠠᠭᠠᠨ ᠮᠡᠲᠦ ᠦᠵᠡᠮᠦᠢ᠃ ᠡᠭᠦᠨ ᠢ᠋ ᠰᠠᠶᠢ ᠬᠠᠭᠠᠨ ᠬᠡᠮᠡᠮᠦᠢ᠂ ᠬᠠᠭᠤᠷᠮᠠᠭ ᠶᠠᠩᠵᠤ ᠭᠠᠳᠠᠭᠠᠳᠤ ᠳᠦᠷᠢ ᠪᠡᠷ ᠦᠯᠦ ᠪᠣᠯᠤᠮᠤᠢ᠃ ᠡᠳᠦᠭᠡ ᠮᠢᠨᠦ ᠡᠨᠡ ᠦᠶ᠎ᠡ ᠬᠢᠷᠢ ᠪᠡᠷ ᠦᠵᠡᠬᠦᠯ᠎ᠡ ᠡᠨᠡ ᠮᠡᠲᠦ ᠳᠥᠷᠪᠡᠨ ᠵᠦᠭ ᠶᠠᠪᠤᠪᠠᠰᠤ ᠲᠠᠨ ᠤ᠋ ᠣᠯᠠᠨ ᠰᠠᠢᠳ ᠤ᠋ᠨ ᠲᠡᠳᠬᠦᠮᠵᠢ ᠪᠡᠷ ᠶᠠᠮᠪᠠᠷ ᠬᠠᠭᠠᠨ ᠠ᠋ᠴᠠ ᠬᠠᠷᠢᠨ ᠢᠯᠡᠭᠦᠦ ᠲᠤᠯᠠ ᠨᠡᠷ᠎ᠡ ᠦᠭᠡᠢ ᠶᠡᠬᠡ ᠬᠠᠭᠠᠨ ᠪᠤᠰᠤ ᠤᠤ ? ᠬᠠᠭᠠᠨ ᠪᠤᠰᠤ ᠪᠥᠭᠡᠳ ᠬᠠᠭᠠᠨ ᠤ᠋ ᠶᠠᠪᠤᠳᠠᠯ ᠢ᠋ᠶ᠋ᠠᠷ ᠶᠠᠪᠤᠪᠠᠰᠤ ᠲᠡᠷᠡ ᠰᠠᠶᠢ ᠠᠮᠲᠠᠲᠠᠢ᠃ ᠬᠡᠷᠪᠡ ᠬᠠᠭᠠᠨ ᠪᠣᠯᠤᠭᠠᠳ ᠣᠳᠣ ᠬᠠᠭᠠᠨ ᠤ᠋ ᠶᠠᠪᠤᠳᠠᠯ ᠢ᠋ ᠠᠯᠳᠠᠪᠠᠰᠤ ᠬᠠᠭᠠᠨ ᠪᠣᠯᠵᠤ ᠶᠠᠭᠤ ᠬᠢᠬᠦ ?  ᠡᠨᠡ ᠢᠨᠣ ᠮᠢᠨᠦ ᠤᠭ ᠰᠠᠨᠠᠭᠠᠨ᠂ ᠲᠠ ᠡᠳᠦᠭᠡ ᠣᠨᠴᠠ ᠨᠠᠮᠠᠢ ᠬᠡᠲᠦᠷᠬᠡᠢ ᠨᠡᠷ᠎ᠡ ᠡᠷᠢ ᠬᠡᠮᠡᠬᠦ ᠢᠨᠣ ᠮᠢᠨᠦ ᠳᠥᠷᠪᠡᠨ ᠵᠦᠭ ᠲᠦ᠍ᠷ ᠶᠠᠪᠤᠬᠤ ᠶ᠋ᠢ ᠬᠠᠯᠬᠠᠯᠠᠬᠤ ᠬᠡᠷᠡᠭ ᠪᠣᠯᠠᠢ! ᠬᠠᠭᠠᠨ ᠤ᠋ ᠶᠠᠪᠤᠳᠠᠯ ᠮᠢᠨᠦ ᠪᠡᠶ᠎ᠡ ᠳ᠋ᠦ᠍ᠷ ᠳᠤᠲᠠᠭᠤ ᠲᠤᠯᠠ ᠪᠢ ᠶᠠᠭᠠᠬᠢᠨ ᠬᠠᠭᠠᠨ ᠰᠠᠭᠤᠵᠤ ᠪᠣᠯᠬᠤ ! 》 ᠭᠡᠮᠡᠨ ᠠᠮᠠ ᠦᠯᠦ ᠠᠯᠳᠠᠬᠤᠢ ᠳ᠋ᠤᠷ ᠲᠣᠷᠭᠠᠨ ᠰᠢᠷ᠎ᠠ ᠪᠠᠰᠠ ᠮᠠᠯᠠᠭ᠎ᠠ ᠪᠠᠨ ᠠᠪᠴᠤ ᠮᠥᠷᠭᠥᠬᠦᠶ᠎ᠡ ᠮᠠᠯᠠᠭ᠎ᠠ ᠠᠪᠬᠤ ᠳᠣᠬᠢᠶ᠎ᠠ ᠳ᠋ᠤᠷ ᠬᠣᠲᠠᠯᠠ ᠤᠯᠤᠰ ᠴᠥᠮ ᠮᠠᠯᠠᠭ᠎ᠠ ᠪᠠᠨ ᠠᠪᠴᠤ ᠰᠥᠭᠥᠳᠦᠭᠡᠳ ᠵᠠᠭᠤᠨ ᠲᠦᠮᠡᠨ ᠴᠡᠷᠢᠭ ᠢᠷᠭᠡᠨ ᠡᠷ᠎ᠡ ᠡᠮ᠎ᠡ ᠬᠥᠭᠰᠢᠨ ᠵᠠᠯᠠᠭᠤ ᠶᠡᠬᠡ ᠪᠠᠭ᠎ᠠ ᠬᠥᠭᠰᠢᠨ ᠨᠢᠯᠬ᠎ᠠ ᠨᠡᠢᠲᠡ ᠪᠡᠷ ᠭᠤᠷᠪᠠᠨ ᠭᠠᠵᠠᠷ ᠥᠷᠭᠡᠨ ᠤᠨᠤᠨ ᠮᠥᠷᠡᠨ ᠦ᠌ ᠬᠥᠪᠡᠭᠡ ᠲᠠᠯ᠎ᠠ ᠶ᠋ᠢ ᠴᠥᠮ ᠬᠥᠮᠦᠨ ᠢ᠋ᠶ᠋ᠡᠷ ᠪᠦᠷᠬᠦᠵᠦ᠂ ᠨᠢᠭᠡᠨ ᠳᠠᠭᠤᠨ ᠢ᠋ᠶ᠋ᠠᠷ《ᠲᠦᠮᠡᠨ ᠨᠠᠰᠤᠲᠤ ᠥᠷᠥᠰᠢᠶᠡᠯ ᠢ᠋ ᠨᠡᠭᠡᠭᠡᠨ ᠠᠯᠲᠠᠨ ᠠᠮᠠᠨ ᠢ᠋ᠶ᠋ᠠᠨ ᠨᠡᠭᠡᠭᠡᠨ ᠬᠠᠢᠷᠠᠯᠠᠬᠤ ᠠᠵᠢᠶᠠᠮᠤ! 》 ᠭᠡᠮᠡᠨ ᠪᠠᠷᠬᠢᠷᠠᠭᠰᠠᠨ ᠳᠠᠭᠤᠨ ᠳ᠋ᠤᠷ ᠮᠠᠨᠳᠠᠯ ᠤ᠋ᠨ ᠣᠪᠣᠭᠠᠯᠠᠭᠰᠠᠨ ᠳᠣᠪᠣ ᠳᠣᠯᠭᠢᠰᠤᠨ ᠬᠥᠳᠡᠯᠵᠦ ᠬᠥᠮᠦᠨ ᠦ᠌ ᠵᠢᠷᠦᠬᠡ ᠳᠣᠯᠭᠢᠰᠤᠮᠤᠢ᠃ ᠦᠵᠡᠰᠡ ᠡᠨᠡ ᠣᠯᠠᠨ ᠢ᠋ᠶ᠋ᠠᠷ ᠬᠡᠳᠦᠢᠨᠡᠢ ᠵᠥᠪᠯᠡᠨ ᠲᠣᠭᠲᠠᠭᠰᠠᠨ ᠠᠷᠭ᠎ᠠ ᠠᠵᠤᠭᠤ᠃ ᠲᠣᠷᠭᠠᠨ ᠰᠢᠷ᠎ᠠ ᠮᠠᠯᠠᠭ᠎ᠠ ᠪᠠᠨ ᠠᠪᠤᠪᠠᠰᠤ ᠡᠨᠡ ᠳᠠᠷᠤᠢ ᠲᠠᠢᠽᠦ ᠦᠭᠡ ᠦᠯᠦ ᠠᠪᠬᠤ ᠳᠣᠬᠢᠶ᠎ᠠ ᠲᠤᠯᠠ ᠣᠯᠠᠨ ᠢ᠋ᠶ᠋ᠠᠷ ᠰᠢᠬᠠᠮᠳᠠᠭᠤᠯᠬᠤ ᠠᠷᠭ᠎ᠠ ᠠᠵᠢ᠃ ᠡᠭᠦᠨ ᠳ᠋ᠦ᠍ᠷ ᠲᠠᠢᠽᠦ ᠦᠵᠡᠪᠡᠰᠦ ᠡᠳᠡᠭᠡᠷ ᠴᠡᠷᠢᠭ ᠢᠷᠭᠡᠨ ᠦ᠌ ᠨᠢᠳᠦᠨ ᠳ᠋ᠦ᠍ᠷ ᠴᠥᠮ ᠨᠢᠯᠪᠤᠰᠤ ᠬᠠᠪᠴᠢᠭ᠍ᠰᠠᠨ ᠢ᠋ ᠦᠵᠡᠭᠡᠳ ᠰᠠᠨᠠᠭ᠎ᠠ ᠴᠢᠩ ᠦᠨᠡᠨ ᠢ᠋ ᠮᠡᠳᠡᠵᠦ ᠠᠷᠭ᠎ᠠ ᠦᠭᠡᠢ ᠥᠭᠦᠯᠡᠷᠦᠨ :《ᠪᠢ ᠲᠠᠨ ᠤ᠋ ᠨᠡᠢᠲᠡ ᠶ᠋ᠢᠨ ᠰᠠᠨᠠᠭᠠᠨ ᠢ᠋ ᠳᠠᠭᠠᠵᠤ ᠬᠠᠭᠠᠨ ᠰᠠᠭᠤᠰᠤᠭᠠᠢ᠃ ᠲᠡᠢᠨ ᠪᠣᠯᠪᠠᠴᠤ ᠮᠢᠨᠦ ᠭᠤᠷᠪᠠᠨ ᠵᠦᠢᠯ ᠦ᠋ᠨ ᠤᠴᠢᠷ ᠪᠣᠢ !》ᠬᠡᠮᠡᠭᠰᠡᠨ ᠳ᠋ᠦ᠍ᠷ ᠣᠯᠠᠨ ᠢ᠋ᠶ᠋ᠠᠷ ᠡᠵᠡᠨ ᠠᠮᠠ ᠠᠯᠳᠠᠭᠰᠠᠨ ᠢ᠋ ᠦᠵᠡᠭᠡᠳ ᠪᠦᠭᠦᠳᠡᠭᠡᠷ ᠪᠠᠶᠠᠷᠯᠠᠨ :《ᠡᠵᠡᠨ ᠦ᠌ ᠠᠮᠠᠨ ᠠ᠋ᠴᠠ ᠬᠠᠭᠠᠨ ᠰᠠᠭᠤᠰᠤᠭᠠᠢ ᠬᠡᠮᠡᠬᠦ ᠦᠭᠡ ᠭᠠᠷᠤᠭᠰᠠᠨ ᠪᠣᠯᠪᠠᠰᠤ ᠳᠠᠷᠤᠢ ᠲᠡᠭᠷᠢ ᠠᠢᠯᠠᠳᠬᠤ ᠪᠣᠯᠠᠢ᠂ ᠭᠤᠷᠪᠠᠨ ᠵᠦᠢᠯ ᠢ᠋ ᠴᠦ᠍ ᠪᠠᠢᠲᠤᠭᠠᠢ ᠭᠤᠴᠢᠨ ᠵᠦᠢᠯ ᠪᠣᠯᠪᠠᠴᠤ ᠤᠯᠤᠰ ᠤ᠋ᠨ ᠬᠣᠲᠠᠯᠠ ᠦᠯᠦ ᠳᠠᠭᠠᠬᠤ ᠵᠦᠢᠯ ᠦᠭᠡᠢ᠃ 》 ᠲᠠᠢᠽᠦ ᠵᠠᠬᠢᠷᠤᠨ :《ᠦᠨᠡᠨ ᠲᠡᠭᠷᠢ ᠶ᠋ᠢᠨ ᠬᠥᠪᠡᠭᠦᠨ ᠬᠠᠭᠠᠨ ᠰᠠᠭᠤᠮᠤᠢ ᠬᠡᠮᠡᠭᠴᠢ ᠣᠨᠴᠠ ᠦᠨᠡᠨ ᠲᠡᠭᠷᠢ ᠶ᠋ᠢᠨ ᠬᠥᠪᠡᠭᠦᠨ ᠦᠨᠡᠬᠡᠷ ᠮᠠᠭᠠᠳ ᠮᠥᠨ ᠪᠣᠯᠪᠠᠰᠤ ᠰᠠᠶᠢ ᠪᠣᠯᠬᠤ ᠲᠤᠯᠠ ᠪᠢ ᠶᠢᠰᠦᠨ ᠤᠳᠠᠭ᠎ᠠ ᠪᠡᠯᠭᠡᠳᠡᠵᠦ ᠦᠵᠡᠭᠡᠳ ᠴᠥᠮ ᠨᠡᠢᠴᠡᠪᠡᠰᠦ ᠳᠠᠷᠤᠢ ᠬᠠᠭᠠᠨ ᠰᠠᠭᠤᠰᠤᠭᠠᠢ᠂ ᠲᠡᠷᠢᠭᠦᠨ ᠪᠡᠯᠭᠡ ᠮᠢᠨᠦ ᠡᠨᠡ ᠡᠳᠦᠷ ᠦ᠋ᠨ ᠬᠤᠲᠤᠭ ᠭᠤᠶᠤᠨ ᠡᠷᠭᠦᠭᠰᠡᠨ ᠭᠤᠷᠪᠠᠨ ᠬᠦᠵᠢ ᠮᠠᠷᠭᠠᠲᠠ ᠥᠷᠯᠥᠭᠡ ᠪᠣᠯᠲᠠᠯ᠎ᠠ ᠰᠢᠲᠠᠪᠠᠰᠤ ᠡᠨᠡ ᠳᠠᠷᠤᠢ ᠲᠡᠷᠢᠭᠦᠨ ᠪᠡᠯᠭᠡ ᠪᠣᠯᠲᠤᠭᠠᠢ ! 》ᠭᠡᠮᠡᠨ ᠥᠪᠡᠷ ᠦ᠋ᠨ ᠪᠡᠶ᠎ᠡ ᠪᠡᠷ ᠦᠷᠭᠦᠭᠡᠨ ᠦ᠌ ᠡᠭᠦᠳᠡ ᠶ᠋ᠢ ᠰᠢᠷ᠎ᠠ ᠭᠬᠢᠪ ᠯᠠᠴᠠ ᠪᠠᠷ ᠣᠨᠢᠰᠣ ᠶ᠋ᠢ ᠣᠷᠢᠶᠠᠵᠤ᠂ ᠥᠪᠡᠷ ᠦ᠋ᠨ ᠭᠠᠷ ᠢ᠋ᠶ᠋ᠠᠷ ᠯᠠᠴᠠ ᠬᠠᠢᠯᠤᠭᠤᠯᠤᠨ ᠯᠣᠮᠪᠣᠳᠠᠭᠠᠳ ᠵᠡᠪᠡ ᠶ᠋ᠢ ᠲᠦᠰᠢᠨ ᠮᠠᠨᠳᠠᠯ ᠠ᠋ᠴᠠ ᠪᠠᠭᠤᠵᠤ ᠢᠷᠡᠭᠡᠳ ᠲᠡᠷᠢᠭᠦᠨ ᠪᠠᠭᠤᠳᠠᠯ ᠳ᠋ᠤᠷ ᠢ᠋ᠶ᠋ᠠᠨ ᠣᠷᠣᠵᠤ ᠥᠭᠡᠯᠦᠨ ᠦᠵᠢᠨ ᠳ᠋ᠦ᠍ᠷ ᠡᠳᠡᠭᠡᠷ ᠤᠴᠢᠷ ᠢ᠋ ᠮᠡᠳᠡᠭᠦᠯᠦᠭᠰᠡᠨ᠎ᠡ ᠥᠵᠢᠨ ᠡᠮᠡᠭᠡ ᠪᠡᠶᠡᠰᠴᠦ ᠮᠦᠰᠢᠶᠡᠪᠡ᠃ 
       ᠲᠡᠳᠦᠢ ᠭᠠᠳᠠᠭᠠᠳᠤ ᠣᠯᠠᠨ ᠲᠦᠰᠢᠮᠡᠳ ᠴᠢᠭᠤᠯᠵᠤ ᠶᠡᠬᠡᠯ᠎ᠡ ᠴᠢᠬᠤᠯᠳᠠᠨ ᠡᠨᠡ ᠤᠳᠠᠭ᠎ᠠ ᠶ᠋ᠢᠨ ᠡᠨᠡ ᠠᠷᠭ᠎ᠠ ᠪᠠᠰᠠ ᠡᠪᠳᠡᠷᠡᠪᠡ᠂ ᠲᠡᠷᠡ ᠬᠦᠵᠢ ᠮᠠᠷᠭᠠᠲᠠ ᠥᠷᠯᠥᠭᠡ ᠪᠣᠯᠲᠠᠯ᠎ᠠ ᠬᠡᠷᠬᠢᠨ ᠰᠢᠲᠠᠵᠤ ᠪᠣᠯᠬᠤ ? ᠣᠯᠠᠨ ᠢ᠋ᠶ᠋ᠠᠷ ᠲᠠᠯᠠᠭᠠᠷ ᠰᠡᠳᠬᠢᠯ ᠢ᠋ ᠰᠦᠢᠳᠬᠡᠪᠡ ᠬᠡᠮᠡᠬᠦᠢ ᠳ᠋ᠦ᠍ᠷ ᠮᠤᠬᠤᠯᠢ ᠢᠨᠢᠶᠡᠨ ᠥᠭᠦᠯᠡᠷᠦᠨ :《ᠣᠯᠠᠨ ᠠᠬᠠᠢ ᠨᠠᠷ ᠰᠡᠳᠬᠢᠯ ᠢ᠋ᠶ᠋ᠡᠨ ᠰᠤᠯᠠ ᠳᠡᠯᠪᠢ᠂ ᠲᠡᠷᠡ ᠬᠦᠵᠢ ᠮᠠᠷᠭᠠᠲᠠ ᠴᠤ᠌ ᠪᠠᠢᠲᠤᠭᠠᠢ ᠨᠥᠭᠥᠭᠡᠳᠦᠷ ᠪᠣᠯᠲᠠᠯ᠎ᠠ ᠰᠢᠲᠠᠬᠤ ᠶ᠋ᠢ ᠴᠦ᠍ ᠪᠢ ᠪᠠᠲᠤᠯᠠᠰᠤᠭᠠᠢ᠃ 》 ᠣᠯᠠᠨ ᠢ᠋ᠶ᠋ᠠᠷ ᠤᠴᠢᠷ ᠢ᠋ ᠠᠰᠠᠭᠤᠭᠰᠠᠨ ᠳ᠋ᠤᠷ ᠮᠤᠬᠤᠯᠢ ᠥᠭᠦᠯᠡᠷᠦᠨ :《ᠮᠠᠨ ᠤ᠋ ᠡᠨᠡ ᠡᠵᠡᠨ ᠦ᠌ ᠮᠡᠨᠳᠦᠯᠡᠬᠦᠢ ᠶ᠋ᠢᠨ ᠦᠶ᠎ᠡ ᠶ᠋ᠢᠨ ᠳᠣᠯᠣᠭᠠᠨ ᠵᠦᠢᠯ ᠦ᠋ᠨ ᠪᠡᠯᠭᠡ ᠢᠷᠣ᠎ᠠ ᠶ᠋ᠢ ᠣᠯᠠᠩᠬᠢ ᠨᠢ ᠴᠥᠮ ᠮᠡᠳᠡᠬᠦ ᠪᠢᠰᠢ ᠦᠦ ? ᠨᠢᠭᠡᠨᠲᠡ ᠲᠡᠷᠡ ᠮᠡᠲᠦ ᠢᠷᠣ᠎ᠠ ᠪᠡᠯᠭᠡ ᠶ᠋ᠢ ᠢᠲᠡᠭᠡᠯ ᠦᠭᠡᠢ ᠦᠯᠦ ᠪᠣᠯᠬᠤ ᠪᠠᠷ ᠢᠯᠡᠷᠡᠭᠰᠡᠨ ᠢ᠋ ᠴᠦ᠍ ᠪᠠᠢᠲᠤᠭᠠᠢ᠂ ᠡᠳᠦᠭᠡ ᠡᠨᠡ ᠭᠤᠴᠢᠨ ᠬᠣᠶᠠᠷ ᠵᠢᠯ ᠦ᠋ᠨ ᠳᠣᠲᠣᠷ᠎ᠠ ᠳᠥᠷᠪᠡᠨ ᠵᠦᠭ ᠲᠦ᠍ᠷ ᠳᠠᠢᠯᠠᠨ ᠶᠠᠪᠤᠵᠤ ᠣᠯᠠᠨ ᠢ᠋ ᠬᠤᠷᠢᠶᠠᠬᠤᠢ ᠳ᠋ᠤᠷ ᠡᠷᠬᠡᠪᠰᠢ ᠰᠠᠨᠠᠭᠠᠨ ᠢ᠋ ᠳᠠᠭᠠᠵᠤ ᠳᠠᠷᠤᠭᠳᠠᠨ ᠳᠠᠭᠠᠬᠤ ᠪᠠᠷ ᠦᠵᠡᠪᠡᠴᠦ ᠮᠠᠨ ᠤ᠋ ᠡᠵᠡᠨ ᠢ᠋ ᠮᠠᠭᠠᠳ ᠲᠡᠭᠷᠢ ᠶ᠋ᠢᠨ ᠬᠥᠪᠡᠭᠦᠨ ᠢ᠋ ᠮᠡᠳᠡᠪᠡᠰᠦ ᠪᠣᠯᠬᠤ ᠪᠣᠯᠠᠢ᠃ ᠬᠡᠷᠪᠡ ᠮᠠᠭᠠᠳ ᠲᠡᠭᠷᠢ ᠶ᠋ᠢᠨ ᠬᠥᠪᠡᠭᠦᠨ ᠪᠣᠯᠪᠠᠰᠤ ᠲᠡᠷᠡ ᠬᠦᠵᠢ ᠨᠢᠭᠡᠨ ᠡᠳᠦᠷ ᠰᠢᠲᠠᠬᠤ ᠴᠤ᠌ ᠪᠠᠢᠲᠤᠭᠠᠢ᠂ ᠠᠷᠪᠠᠨ ᠡᠳᠦᠷ ᠰᠢᠳᠡ ᠬᠡᠮᠡᠪᠡᠰᠦ ᠲᠡᠷᠡ ᠳᠠᠷᠤᠢ ᠠᠷᠪᠠᠨ ᠡᠳᠦᠷ ᠰᠢᠲᠠᠬᠤ ᠬᠡᠷᠡᠭᠲᠡᠢ ᠪᠣᠯᠠᠢ᠂ ᠨᠡᠩ ᠢᠯᠠᠩᠭᠤᠶ᠎ᠠ ᠮᠠᠨ ᠤ᠋ ᠡᠨᠡ ᠮᠠᠨᠳᠤᠵᠤ ᠪᠠᠳᠠᠷᠠᠬᠤ ᠦᠶ᠎ᠡ ᠶ᠋ᠢᠨ ᠬᠠᠭᠠᠨ ᠡᠵᠡᠨ ᠲᠡᠭᠷᠢ ᠶ᠋ᠢᠨ ᠬᠥᠪᠡᠭᠦᠨ ᠢ᠋ ᠴᠦ᠍ ᠪᠠᠢᠲᠤᠭᠠᠢ᠂ ᠬᠡᠳᠦᠢ ᠶᠡᠭᠦᠳᠴᠦ ᠪᠠᠷᠠᠭᠳᠠᠬᠤ ᠦᠶ᠎ᠡ ᠶ᠋ᠢᠨ ᠬᠠᠭᠠᠨ ᠤ᠋ ᠦᠭᠡ ᠶ᠋ᠢ ᠡᠵᠡᠳ ᠰᠠᠬᠢᠭᠤᠯᠰᠤᠨ ᠮᠥᠨ ᠦᠯᠦ ᠭᠡᠭᠡᠮᠦᠢ᠃ ᠡᠷᠲᠡᠨ ᠦ᠌ ᠲᠡᠳᠡᠭᠡᠷ ᠬᠠᠳ ᠤ᠋ᠳ ᠤ᠋ᠨ ᠮᠠᠨᠳᠤᠬᠤ ᠦᠶ᠎ᠡ ᠶ᠋ᠢᠨ ᠢᠳᠡᠭᠡᠰᠢ ᠦᠭᠡᠢ ᠤᠴᠢᠷ ᠵᠦᠢ ᠳ᠋ᠦ᠍ᠷ ᠦᠯᠦ ᠨᠡᠢᠴᠡᠬᠦ ᠰᠣᠨᠢᠨ ᠢᠷᠣ᠎ᠠ ᠪᠡᠯᠭᠡ ᠭᠠᠷᠤᠭᠰᠠᠨ ᠢ᠋ ᠴᠥᠮ ᠪᠠᠢᠲᠤᠭᠠᠢ᠂ ᠡᠳᠦᠭᠡ ᠪᠥᠭᠡᠰᠦ ᠡᠮᠦᠨ᠎ᠡ ᠰᠥᠩ ᠤᠯᠤᠰ ᠪᠠᠷᠠᠭᠳᠠᠨ ᠮᠥᠬᠥᠬᠦ ᠰᠢᠬᠠᠭᠰᠠᠨ ᠪᠥᠭᠡᠳ ᠲᠡᠳᠡ ᠡᠮᠦᠨ᠎ᠡ ᠵᠦᠭ ᠠᠯᠲᠠᠨ ᠤᠯᠤᠰ ᠠ᠋ᠴᠠ ᠠᠶᠤᠵᠤ ᠳᠤᠲᠠᠭᠠᠨ ᠡᠴᠢᠬᠦᠢ ᠳ᠋ᠦ᠍ᠷ ᠲᠡᠷᠡ ᠺᠠᠩ ᠸᠠᠩ ᠨᠢᠭᠡᠨ ᠰᠢᠪᠠᠷ ᠢ᠋ᠶ᠋ᠠᠷ ᠪᠦᠲᠦᠭᠡᠭᠰᠡᠨ ᠮᠣᠷᠢ ᠶ᠋ᠢ ᠤᠨᠤᠵᠤ ᠮᠥᠷᠡᠨ ᠢ᠋ ᠭᠡᠲᠦᠯᠪᠡ᠃ ᠪᠠᠷᠠᠭᠳᠠᠭᠰᠠᠨ ᠬᠢᠲᠠᠳ ᠪᠠᠰᠠ ᠪᠠᠢᠯᠳᠤᠨ ᠭᠠᠷᠴᠤ ᠴᠢᠳᠠᠬᠤ ᠪᠥᠭᠡᠲᠡᠯ᠎ᠡ ᠪᠠᠳᠠᠷᠠᠬᠤ ᠮᠠᠨ ᠤ᠋ ᠡᠵᠡᠨ ᠲᠡᠭᠷᠢ ᠶ᠋ᠢᠨ ᠬᠥᠪᠡᠭᠦᠨ ᠢ᠋ ᠶᠠᠭᠤᠨ ᠥᠭᠦᠯᠡᠬᠦ ! 》ᠬᠡᠮᠡᠪᠡ᠃ ᠡᠭᠦᠨ ᠳ᠋ᠦ᠍ᠷ ᠸᠠᠩᠬᠦᠪ ᠠᠢᠮᠠᠭ ᠤ᠋ᠨ ᠳᠠᠴᠢᠩᠬᠤᠷᠯᠤ ᠶᠡᠬᠡᠯ᠎ᠡ ᠭᠠᠢᠬᠠᠵᠤ ᠪᠢᠰᠢᠷᠡᠪᠡ᠃ 
       ᠲᠡᠨᠳᠡᠴᠡ ᠵᠢᠴᠢ ᠥᠷᠯᠥᠭᠡ ᠣᠯᠠᠨ ᠢ᠋ᠶ᠋ᠠᠷ ᠮᠠᠨᠳᠠᠯ ᠤ᠋ᠨ ᠳᠣᠣᠷ᠎ᠠ ᠬᠤᠷᠠᠵᠤ ᠬᠥᠭᠵᠢᠮ ᠡᠭᠦᠰᠬᠡᠨ ᠲᠠᠢᠽᠦ ᠶ᠋ᠢ ᠵᠠᠯᠠᠭᠰᠠᠨ ᠳ᠋ᠤᠷ ᠲᠠᠢᠽᠦ ᠨᠠᠷᠠᠨ ᠮᠠᠨᠳᠤᠬᠤ ᠦᠶ᠎ᠡ ᠳ᠋ᠦ᠍ᠷ ᠥᠪᠡᠷ ᠦ᠋ᠨ ᠪᠡᠶ᠎ᠡ ᠪᠡᠷ ᠪᠢᠲᠡᠭᠦᠮᠵᠢ ᠶ᠋ᠢ ᠡᠪᠳᠡᠵᠦ᠂ ᠣᠯᠠᠨ ᠲᠦᠰᠢᠮᠡᠳ ᠯᠦ᠍ᠭᠡ ᠣᠷᠣᠵᠤ ᠦᠵᠡᠪᠡᠰᠦ ᠭᠤᠷᠪᠠᠨ ᠬᠦᠵᠢ ᠦᠨᠡᠬᠡᠷ ᠠᠷᠪᠠᠨ ᠬᠤᠪᠢ ᠠ᠋ᠴᠠ ᠰᠠᠶᠢ ᠨᠢᠭᠡᠨ ᠬᠤᠪᠢ ᠰᠢᠲᠠᠵᠤᠬᠤᠢ᠃ ᠲᠡᠳᠦᠢ ᠲᠠᠢᠽᠦ ᠥᠴᠢᠷᠦᠨ :《ᠡᠨᠡ ᠯᠠᠪ ᠤᠳᠠᠭᠠᠨ ᠰᠢᠲᠠᠬᠤ ᠬᠦᠵᠢ ᠪᠣᠯᠠᠢ ! 》 ᠭᠡᠮᠡᠨ ᠶᠢᠰᠦᠨ ᠬᠦᠵᠢ ᠶ᠋ᠢ ᠠᠪᠤᠨ ᠪᠠᠭᠤᠵᠤ ᠢᠷᠡᠭᠡᠳ ᠵᠡᠪᠡ ᠶ᠋ᠢᠨ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠡᠷᠭᠦᠮᠵᠢᠯᠡᠪᠡ᠃ ᠵᠢᠴᠢ ᠲᠡᠷᠡ ᠵᠢᠯ ᠮᠠᠰᠢ ᠶᠡᠬᠡ ᠭᠠᠩ ᠬᠠᠪᠰᠠᠷᠭᠠᠨ ᠪᠣᠯᠵᠤ ᠣᠯᠠᠨ ᠢ᠋ᠶ᠋ᠠᠷ ᠠᠩᠭᠠᠨ ᠪᠥᠬᠥᠶ᠎ᠡ᠂ ᠲᠠᠢᠽᠦ ᠰᠠᠨᠠᠭᠠᠨ ᠳ᠋ᠤ᠌ ᠣᠷᠣᠵᠤ᠂ ᠲᠠᠪᠤᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠮᠠᠨᠳᠠᠯ ᠳ᠋ᠤᠷ ᠭᠠᠷᠴᠤ ᠮᠠᠯᠠᠭ᠎ᠠ ᠪᠠᠨ ᠠᠪᠴᠤ ᠡᠮᠦᠨ᠎ᠡ ᠵᠦᠭ ᠬᠠᠨᠳᠤᠨ ᠲᠡᠭᠷᠢ ᠶ᠋ᠢ ᠳᠠᠬᠢᠵᠤ᠂ ᠶᠡᠬᠡ ᠲᠠᠬᠢᠯ ᠬᠦᠵᠢ ᠵᠤᠯᠠ ᠪᠡᠯᠡᠳᠴᠦ ᠠᠮᠢᠳᠤ ᠦᠬᠡᠷ ᠮᠣᠷᠢ ᠬᠣᠨᠢ ᠵᠢᠭ᠍ᠰᠠᠭᠠᠨ ᠥᠪᠡᠷ ᠢ᠋ᠶ᠋ᠡᠨ ᠰᠥᠭᠥᠳᠴᠦ ᠥᠨᠳᠥᠷ ᠳᠠᠭᠤᠨ ᠢ᠋ᠶ᠋ᠠᠷ ᠡᠭᠡᠰᠢᠭᠯᠡᠨ ᠡᠢᠨ ᠤᠩᠰᠢᠵᠤ ᠮᠥᠷᠭᠥᠷᠦᠨ: 
                ᠬᠥᠬᠡ ᠮᠥᠩᠬᠡ ᠲᠡᠭᠷᠢ ᠡᠴᠢᠭᠡ ᠳ᠋ᠦ᠍ᠷ ᠬᠦᠵᠢ ᠵᠤᠯᠠ ᠪᠠᠷ ᠲᠠᠬᠢᠮᠤᠢ 
                ᠬᠦᠨᠳᠦᠯᠡᠬᠦ ᠲᠡᠭᠷᠢ ᠶ᠋ᠢᠨ ᠤᠨᠢᠶᠠᠷ ᠠᠨᠤ ᠬᠦᠯᠢ ᠳᠠᠷᠤᠢ ᠤᠷᠮᠠᠯᠠᠳᠤᠭᠠᠢ ! 
                ᠬᠦᠷᠦᠭᠰᠡᠨ ᠡᠯ᠎ᠡ ᠤᠯᠤᠰ ᠤ᠋ᠨ ᠮᠢᠨᠦ ᠬᠥᠮᠦᠨ ᠠᠮᠢᠲᠠᠨ ᠵᠢᠷᠭᠠᠲᠤᠭᠠᠢ ! 
                ᠬᠥᠭᠡᠷᠦᠬᠦᠢ ᠡᠨᠡ ᠤᠯᠤᠰ ᠲᠤᠷ ᠬᠤᠷ᠎ᠠ ᠪᠣᠷᠣᠭᠠᠨ ᠣᠷᠣᠲᠤᠭᠠᠢ !
                ᠬᠠᠭᠠᠨ ᠮᠥᠩᠬᠡ ᠲᠡᠭᠷᠢ ᠡᠴᠢᠭᠡ ᠳ᠋ᠦ᠍ᠷ ᠬᠠᠮᠤᠭ ᠲᠠᠬᠢᠯ ᠢ᠋ᠶ᠋ᠠᠷ ᠳᠠᠭᠢᠮᠤᠢ 
                ᠬᠠᠮᠤᠭ ᠮᠢᠨᠦ ᠬᠦᠷᠦᠭᠰᠡᠨ ᠡᠯ᠎ᠡ ᠤᠯᠤᠰ ᠤ᠋ᠨ ᠡᠵᠡᠳ ᠪᠦᠭᠦᠳᠡᠭᠡᠷ ᠵᠣᠭᠣᠭᠯᠠᠲᠤᠭᠠᠢ! 
                ᠬᠠᠢᠷᠠᠲᠤ ᠪᠢ ᠦᠨᠡᠨ ᠢ᠋ᠶ᠋ᠡᠷ ᠣᠯᠠᠨ ᠢ᠋ ᠡᠵᠡᠯᠡᠬᠦ ᠬᠠᠭᠠᠨ ᠵᠠᠶᠠᠭᠠᠲᠠᠢ ᠪᠣᠯᠪᠠᠰᠤ 
                ᠬᠠᠩᠭᠠᠬᠤ ᠪᠣᠷᠣᠭᠠᠨ ᠣᠷᠣᠵᠤ ᠬᠠᠮᠲᠤ ᠪᠦᠭᠦᠳᠡᠭᠡᠷ ᠢ᠋ ᠵᠢᠷᠭᠠᠭᠤᠯᠲᠤᠭᠠᠢ ! 
ᠬᠡᠮᠡᠭᠰᠡᠨ᠎ᠡ᠂ ᠴᠠᠭ ᠭᠱᠠᠨ ᠡᠭᠦᠯᠡ ᠪᠦᠷᠬᠦᠵᠦ ᠶᠡᠬᠡ ᠬᠤᠷ᠎ᠠ ᠣᠷᠣᠪᠠᠢ᠃ 
       ᠲᠠᠢᠽᠦ ᠳᠠᠷᠤᠢ ᠴᠤᠤ ᠮᠡᠷᠭᠡᠨ ᠢ᠋ ᠲᠦᠰᠢᠵᠦ ᠮᠠᠨᠳᠠᠯ ᠠ᠋ᠴᠠ ᠪᠠᠭᠤᠵᠤ᠂ ᠪᠠᠭᠤᠳᠠᠯ ᠳ᠋ᠤᠷ ᠡᠭᠡᠵᠦ ᠬᠣᠶᠠᠷ ᠡᠳᠦᠷ ᠦ᠋ᠨ ᠶᠡᠬᠡ ᠬᠤᠷ᠎ᠠ ᠵᠣᠭᠰᠣᠭᠰᠠᠨ ᠤ᠋ ᠬᠣᠢᠨ᠎ᠠ ᠣᠯᠠᠨ ᠢ᠋ᠶ᠋ᠠᠷ ᠪᠢᠰᠢᠷᠡᠨ ᠮᠥᠷᠭᠥᠪᠡᠰᠦ᠂ ᠲᠠᠢᠽᠦ ᠥᠭᠦᠯᠡᠷᠦᠨ : 《ᠡᠨᠡ ᠴᠠᠭ ᠤ᠋ᠨ ᠬᠤᠷ᠎ᠠ ᠲᠣᠬᠢᠶᠠᠯᠳᠤᠵᠤᠬᠤᠢ᠂ ᠡᠭᠦᠨ ᠳ᠋ᠦ᠍ ᠢᠲᠡᠭᠡᠪᠡᠰᠦ ᠦᠯᠦ ᠪᠣᠯᠬᠤᠢ ! 》ᠭᠡᠮᠡᠨ ᠴᠤᠤ ᠮᠡᠷᠭᠡᠨ ᠦ᠌ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠡᠷᠭᠦᠮᠵᠢᠯᠡᠪᠡ᠃ 
       ᠵᠢᠴᠢ ᠵᠢᠷᠭᠤᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠽᠦ ᠵᠡᠯᠮ᠎ᠡ ᠶ᠋ᠢ ᠲᠦᠰᠢᠨ ᠮᠠᠨᠳᠠᠯ ᠳ᠋ᠤᠷ ᠠᠪᠠᠷᠢᠵᠤ ᠦᠵᠡᠪᠡᠰᠦ ᠴᠠᠭᠠᠨ ᠮᠠᠨᠠᠨ ᠮᠠᠨᠳᠠᠯ ᠢ᠋ ᠪᠦᠷᠬᠦᠵᠦ᠂ ᠮᠠᠨᠳᠠᠯ ᠤ᠋ᠨ ᠠᠯᠢᠪᠠ ᠵᠦᠢᠯ ᠳ᠋ᠦ᠍ᠷ ᠴᠥᠮ ᠥᠭᠡᠳᠡᠩ ᠮᠡᠲᠦ ᠴᠠᠭᠠᠪᠲᠤᠷ ᠦᠰᠦ ᠤᠷᠭᠤᠭᠰᠠᠨ ᠳ᠋ᠤᠷ ᠲᠠᠢᠽᠦ ᠬᠦᠵᠢ ᠵᠤᠯᠠ ᠪᠠᠷᠢᠵᠤ ᠪᠠᠭᠤᠵᠤ ᠢᠷᠡᠭᠡᠳ ᠡᠨᠡ ᠯᠠᠪ ᠴᠢᠭᠢᠭ ᠪᠠᠭᠤᠭᠰᠠᠨ ᠠ᠋ᠴᠠ ᠪᠣᠯᠪᠠ ᠭᠡᠮᠡᠨ ᠵᠠᠯᠮ᠎ᠠ ᠶ᠋ᠢᠨ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ 
       ᠵᠢᠴᠢ ᠵᠢᠷᠭᠤᠭᠠᠨ ᠰᠠᠷ᠎ᠠ ᠶ᠋ᠢᠨ ᠬᠣᠷᠢᠨ ᠠ᠋ᠴᠠ ᠡᠬᠢᠯᠡᠵᠦ ᠳᠠᠷᠤᠢ ᠶᠡᠬᠡᠯ᠎ᠡ ᠪᠣᠷᠣᠭᠠᠨ ᠣᠷᠣᠵᠤ ᠵᠣᠭᠰᠣᠬᠤ ᠦᠭᠡᠢ᠂ ᠬᠠᠭᠠᠰ ᠰᠠᠷ᠎ᠠ ᠨᠠᠷᠠᠨ ᠢ᠋ ᠦᠵᠡᠭᠰᠡᠨ ᠦᠭᠡᠢ ᠬᠥᠮᠦᠨ ᠮᠠᠯ ᠵᠤᠲᠠᠬᠤᠢ ᠳ᠋ᠤᠷ ᠬᠦᠷᠴᠦ ᠲᠦᠯᠡᠭᠡ ᠲᠦᠯᠡᠰᠢ ᠶᠡᠬᠡᠯ᠎ᠡ ᠳᠤᠲᠠᠬᠤᠢ ᠳ᠋ᠤᠷ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠰᠢᠷᠢ ᠬᠤᠲᠤᠭ ᠢ᠋ ᠳᠥᠰᠢᠨ ᠮᠠᠨᠳᠠᠯ ᠳ᠋ᠤᠷ ᠠᠪᠠᠷᠢᠭᠠᠳ ᠬᠦᠵᠢ ᠵᠤᠯᠠ ᠡᠷᠭᠦᠨ ᠪᠣᠷᠣᠭᠠᠨ ᠠᠷᠢᠯᠬᠤ ᠶ᠋ᠢ ᠭᠤᠶᠤᠨ ᠠᠢᠯᠠᠳᠬᠠᠭᠰᠠᠨ ᠳ᠋ᠤᠷ ᠦᠨᠡᠬᠡᠷ ᠮᠥᠨ ᠴᠠᠭ ᠲᠤᠷ ᠳᠠᠷᠤᠢ ᠲᠡᠭᠷᠢ ᠬᠠᠢᠷᠠᠯᠠᠨ ᠡᠭᠦᠯᠡ ᠬᠡᠰᠡᠭᠯᠡᠨ ᠬᠣᠶᠠᠷ ᠠᠩᠭᠢ ᠪᠣᠯᠵᠤ ᠬᠥᠬᠡ ᠲᠡᠭᠷᠢ ᠦᠵᠡᠭᠳᠡᠵᠦ ᠨᠠᠷᠠᠨ ᠭᠠᠷᠪᠠ᠃ ᠲᠠᠢᠽᠦ ᠪᠠᠰᠠ ᠬᠦ᠌ ᠡᠨᠡ ᠯᠠᠪ ᠠᠷᠢᠯᠬᠤ ᠴᠠᠭ ᠲᠤᠷ ᠲᠣᠬᠢᠶᠠᠯᠳᠤᠪᠠ᠂ ᠮᠢᠨᠦ ᠴᠢᠳᠠᠯ ᠪᠤᠰᠤ ᠭᠡᠮᠡᠨ ᠮᠠᠨᠳᠠᠯ ᠠ᠋ᠴᠠ ᠪᠠᠭᠤᠵᠤ᠂ ᠰᠢᠷᠢ ᠬᠤᠲᠤᠭ ᠤ᠋ᠨ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ ᠨᠠᠢ᠍ᠮᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠽᠦ ᠴᠢᠯᠠᠭᠤᠨ ᠢ᠋ ᠳᠥᠰᠢᠨ ᠮᠠᠨᠳᠠᠯ ᠳ᠋ᠤᠷ ᠠᠪᠠᠷᠢᠵᠤ ᠬᠦᠵᠢ ᠵᠤᠯᠠ ᠡᠷᠭᠦᠵᠦ ᠪᠠᠷᠠᠲᠠᠯ᠎ᠠ ᠭᠡᠨᠡᠳᠲᠡ ᠲᠠᠢᠽᠦ ᠶ᠋ᠢᠨ ᠬᠦᠯᠦᠭ ᠮᠣᠷᠢᠳ ᠤ᠋ᠨ ᠰᠦᠷᠦᠭ ᠡᠴᠡ ᠨᠡᠢᠲᠡ ᠶᠢᠰᠦᠨ ᠮᠣᠷᠢ ᠳᠣᠪᠲᠣᠯᠤᠨ ᠮᠠᠨᠳᠠᠯ ᠢ᠋ ᠲᠣᠭᠣᠷᠢᠨ ᠢᠩᠭᠠᠷᠴᠠᠬᠤᠶ᠎ᠠ᠂ ᠲᠠᠢᠽᠦ ᠴᠥᠮ ᠪᠠᠷᠢᠭᠤᠯᠵᠤ᠂ ᠡᠮᠡᠭᠡᠯ ᠦ᠋ᠨ ᠲᠡᠷᠢᠭᠦᠨ ᠮᠣᠷᠢ ᠪᠣᠯᠭᠠᠪᠠ᠃ ᠡᠨᠡ ᠮᠣᠷᠢᠳ ᠤᠷᠲᠤᠳᠠ ᠪᠣᠷᠳᠣᠭ᠎ᠠ ᠢᠳᠡᠭᠰᠡᠭᠡᠷ ᠳᠠᠳᠤᠭᠰᠠᠨ ᠲᠤᠯᠠ ᠢᠷᠡᠵᠦᠬᠦᠢ ᠭᠡᠮᠡᠨ ᠬᠦᠯᠦᠭ ᠴᠢᠯᠠᠭᠤᠨ ᠤ᠋ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃  
       ᠶᠢᠰᠦᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠽᠦ ᠪᠤᠭᠤᠷᠤᠯ ᠢ᠋ ᠲᠦᠰᠢᠵᠦ ᠮᠠᠨᠳᠠᠯ ᠳ᠋ᠤᠷ ᠠᠪᠠᠷᠢᠪᠠ᠃ ᠪᠠᠷᠠᠭᠤᠨ ᠬᠣᠢᠨ᠎ᠠ ᠠ᠋ᠴᠠ ᠨᠢᠭᠡᠨ ᠵᠡᠷᠭᠡ ᠰᠠᠯᠬᠢᠨ ᠳᠡᠭᠳᠡᠵᠦ᠂ ᠡᠯᠡᠰᠦ ᠮᠠᠩᠬ᠎ᠠ ᠰᠢᠭᠤᠷᠤᠨ ᠬᠡᠢᠰᠦᠭᠰᠡᠭᠡᠷ ᠮᠠᠨᠳᠠᠯ ᠤ᠋ᠨ ᠡᠮᠦᠨ᠎ᠡ ᠨᠢᠭᠡᠨ ᠳᠣᠪᠣ ᠮᠠᠩᠬ᠎ᠠ ᠶ᠋ᠢ ᠬᠡᠢᠰᠬᠡᠭᠰᠡᠭᠡᠷ ᠳᠣᠲᠣᠷ᠎ᠠ ᠠ᠋ᠴᠠ ᠨᠢᠭᠡᠨ ᠬᠡᠰᠡᠭ ᠴᠢᠯᠠᠭᠤ ᠭᠠᠷᠴᠤ ᠢᠷᠡᠪᠡ᠃ ᠳᠦᠷᠰᠦ ᠢᠨᠣ ᠬᠣᠶᠠᠷ ᠦᠬᠡᠷ ᠣᠷᠢᠶᠠᠯᠳᠤᠨ ᠬᠡᠪᠲᠡᠭᠰᠡᠨ ᠪᠠᠢᠳᠠᠯ ᠲᠠᠢ ᠪᠥᠭᠡᠳ ᠬᠥᠮᠦᠨ ᠦ᠌ ᠴᠢᠨᠡᠭᠡᠨ ᠥᠨᠳᠥᠷ᠂ ᠲᠠᠢᠽᠦ :《ᠡᠨᠡ ᠯᠠᠪ ᠡᠷᠲᠡᠨ ᠡᠴᠡ ᠪᠠᠢᠭᠰᠠᠨ ᠴᠢᠯᠠᠭᠤ ᠳᠡᠭᠡᠷ᠎ᠡ ᠢᠨᠣ ᠮᠠᠩᠬ᠎ᠠ ᠬᠤᠷᠠᠵᠤᠬᠤᠢ᠂ ᠡᠳᠦᠭᠡ ᠯᠠᠪ ᠲᠤᠰ ᠡᠰᠡᠷᠭᠦ ᠶ᠋ᠢᠨ ᠰᠠᠯᠬᠢᠨ ᠳ᠋ᠤᠷ ᠲᠣᠬᠢᠶᠠᠯᠳᠤᠨ ᠮᠠᠩᠬ᠎ᠠ ᠠᠨᠤ ᠰᠢᠭᠤᠷᠤᠨ ᠬᠡᠢᠰᠦᠭᠡᠳ ᠴᠢᠯᠠᠭᠤ ᠠᠨᠤ  ᠭᠠᠷᠴᠤᠬᠤᠢ᠃ ᠡᠭᠦᠨ ᠳ᠋ᠦ᠍ ᠶᠠᠮᠪᠠᠷ ᠭᠠᠢᠬᠠᠯ ᠪᠠᠢᠬᠤ ! 》ᠭᠡᠮᠡᠨ ᠮᠠᠨᠳᠠᠯ ᠠ᠋ᠴᠠ ᠪᠠᠭᠤᠵᠤ ᠪᠤᠭᠤᠷᠤᠯ ᠤ᠋ᠨ ᠨᠢᠭᠡᠨ ᠡᠩ ᠦ᠋ᠨ ᠵᠠᠩᠵᠤᠨ ᠤ᠋ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ 
       ᠠᠷᠪᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠽᠦ ᠪᠤᠭᠤᠷᠵᠢ ᠶ᠋ᠢ ᠲᠦᠰᠢᠵᠦ ᠮᠠᠨᠳᠠᠯ ᠳ᠋ᠤᠷ ᠠᠪᠠᠷᠢᠬᠤᠶ᠎ᠠ ᠴᠢᠬᠡ ᠡᠮᠦᠨ᠎ᠡ ᠡᠴᠡ ᠦᠬᠡᠷ ᠦ᠋ᠨ ᠴᠢᠨᠡᠭᠡᠨ ᠶᠡᠬᠡ ᠪᠡᠶ᠎ᠡ ᠲᠡᠢ ᠲᠠᠪᠤᠨ ᠥᠩᠭᠡ ᠶ᠋ᠢᠨ ᠪᠣᠯᠵᠣᠮᠣᠷ ᠮᠡᠲᠦ ᠥᠩᠭᠡ ᠭᠡᠷᠡᠯ ᠲᠡᠢ ᠨᠢᠭᠡᠨ ᠰᠢᠪᠠᠭᠤ ᠨᠢᠰᠦᠨ ᠬᠦᠷᠴᠦ ᠢᠷᠡᠭᠡᠳ ᠲᠡᠷᠡ ᠴᠢᠯᠠᠭᠤᠨ ᠤ᠋ ᠳᠡᠭᠡᠷ᠎ᠡ ᠰᠠᠭᠤᠵᠤ᠂ ᠲᠠᠢᠽᠦ ᠶ᠋ᠢᠨ ᠵᠦᠭ 《ᠴᠢᠩᠭᠢᠰ ᠴᠢᠩᠭᠢᠰ ᠴᠢᠩᠭᠢᠰ 》ᠭᠡᠮᠡᠨ ᠭᠤᠷᠪᠠᠨᠲᠠ ᠳᠤᠤᠭᠠᠷᠴᠤ ᠮᠠᠨᠳᠠᠯ ᠢ᠋ ᠭᠤᠷᠪᠠᠨᠲᠠ ᠲᠣᠭᠣᠷᠢᠨ ᠨᠢᠰᠴᠦ ᠮᠥᠨ ᠬᠦ᠌ ᠡᠮᠦᠨ᠎ᠡ ᠵᠦᠭ ᠡᠴᠢᠪᠡ᠃ ᠲᠠᠢᠽᠦ ᠰᠣᠨᠢᠨ ᠰᠢᠪᠠᠭᠤ ᠭᠡᠮᠡᠨ ᠮᠡᠳᠡᠪᠡ᠃ ᠮᠠᠨᠳᠠᠯ ᠠ᠋ᠴᠠ ᠪᠠᠭᠤᠵᠤ ᠪᠤᠭᠤᠷᠵᠢ ᠶ᠋ᠢᠨ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ ᠠᠷᠪᠠᠨ ᠨᠢᠭᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠢᠽᠦ ᠵᠢᠨᠦᠩ ᠮᠤᠬᠤᠯᠢ ᠶ᠋ᠢ ᠳᠥᠰᠢᠨ ᠮᠠᠨᠳᠠᠯ ᠳ᠋ᠤᠷ ᠠᠪᠠᠷᠢᠪᠠᠰᠤ᠂ ᠮᠠᠨᠳᠠᠯ ᠤ᠋ᠨ ᠳᠡᠭᠡᠷ᠎ᠡ ᠡᠪᠡᠰᠦ ᠬᠥᠬᠡᠷᠡᠵᠦ ᠬᠡᠭᠡᠷ᠎ᠡ ᠶ᠋ᠢᠨ ᠴᠡᠴᠡᠭ ᠳᠡᠯᠭᠡᠷᠡᠪᠡ᠃ ᠲᠡᠷᠡ ᠲᠠᠪᠤᠨ ᠥᠩᠭᠡ ᠶ᠋ᠢᠨ ᠰᠢᠪᠠᠭᠤ ᠪᠠᠰᠠ ᠢᠷᠡᠵᠦ ᠴᠢᠯᠠᠭᠤᠨ ᠳ᠋ᠤ᠌ ᠰᠠᠭᠤᠵᠤ ᠭᠤᠷᠪᠠᠨᠲᠠ ᠴᠢᠩᠭᠢᠰ ᠭᠡᠮᠡᠨ ᠳᠣᠩᠭᠣᠳᠴᠤ ᠨᠢᠰᠦᠨ ᠡᠴᠢᠭᠰᠡᠨ ᠳ᠋ᠦ᠍ᠷ ᠲᠡᠷᠡ ᠴᠢᠯᠠᠭᠤᠨ ᠪᠠᠰᠠ ᠳᠠᠭᠤᠨ ᠭᠠᠷᠪᠠ᠃ ᠮᠤᠬᠤᠯᠢ᠂ ᠲᠠᠢᠽᠦ ᠶ᠋ᠢ ᠮᠠᠨᠳᠠᠯ ᠤ᠋ᠨ ᠰᠤᠯᠠ ᠰᠢᠷᠡᠭᠡᠨ ᠳ᠋ᠦ᠍ᠷ ᠵᠠᠯᠠᠵᠤ ᠰᠠᠭᠤᠯᠭᠠᠨ ᠥᠪᠡᠷ ᠢ᠋ᠶ᠋ᠡᠨ ᠢᠷᠡᠵᠦ ᠲᠡᠷᠡ ᠴᠢᠯᠠᠭᠤᠨ ᠢ᠋ ᠰᠢᠨᠵᠢᠯᠡᠨ ᠦᠵᠡᠪᠡᠰᠦ᠂ ᠬᠣᠶᠠᠷ ᠦᠬᠡᠷ ᠦ᠋ᠨ ᠣᠷᠢᠶᠠᠯᠳᠤᠨ ᠬᠡᠪᠲᠡᠭᠰᠡᠨ ᠠᠳᠠᠯᠢ ᠳᠡᠭᠡᠷ᠎ᠡ᠂ ᠬᠠᠷᠢᠨ ᠬᠢᠲᠤᠭ᠎ᠠ ᠶ᠋ᠢᠨ ᠮᠥᠷᠥ ᠶ᠋ᠢᠨ ᠴᠢᠨᠡᠭᠡᠨ ᠵᠠᠪᠰᠠᠷ ᠭᠠᠷᠴᠤ ᠠᠩᠭᠠᠢᠭᠰᠠᠨ ᠳ᠋ᠤᠷ ᠮᠤᠬᠤᠯᠢ ᠡᠵᠡᠨ ᠳ᠋ᠦ᠍ᠷ ᠮᠡᠳᠡᠭᠦᠯᠵᠦ᠂ ᠶᠡᠬᠡ ᠲᠡᠮᠦᠷ ᠴᠠᠷᠢᠯ ᠪᠠ ᠰᠦᠬᠡ ᠣᠷᠣᠭᠤᠯᠵᠤ ᠬᠥᠰᠢᠪᠡᠰᠦ ᠬᠠᠷᠢᠨ ᠬᠢᠯᠪᠠᠷᠬᠠᠨ ᠬᠠᠭᠠᠷᠠᠵᠤ ᠳᠣᠲᠣᠷ᠎ᠠ ᠠ᠋ᠴᠠ ᠬᠥᠨᠳᠡᠯᠡᠨ ᠭᠤᠯᠳᠤ ᠨᠢᠭᠡᠨ ᠲᠥᠭᠡ ᠳᠥᠷᠪᠡᠨ ᠬᠤᠷᠤᠭᠤ ᠪᠦᠬᠦᠯᠢ ᠬᠠᠰ ᠴᠠᠢᠵᠤ ᠭᠠᠷᠪᠠ᠃ ᠬᠢᠨᠠᠨ ᠦᠵᠡᠪᠡᠰᠦ ᠶᠡᠬᠡ ᠲᠥᠯᠥᠪ ᠲᠠᠮᠠᠭ᠎ᠠ ᠮᠡᠲᠦ᠂ ᠳᠡᠭᠡᠷ᠎ᠡ ᠨᠢᠭᠡᠨ ᠶᠠᠰᠤᠲᠤ ᠮᠡᠨᠡᠬᠡᠢ ᠶ᠋ᠢᠨ ᠨᠢᠷᠤᠭᠤ ᠳ᠋ᠤᠷ ᠬᠣᠶᠠᠷ ᠯᠤᠤ ᠣᠷᠢᠶᠠᠯᠳᠤᠬᠤ ᠮᠡᠲᠦ ᠤᠷᠭᠤᠵᠤᠬᠤᠢ᠃
       ᠲᠡᠳᠦᠢ ᠣᠯᠠᠨ ᠲᠦᠰᠢᠮᠡᠳ ᠲᠠᠢᠽᠦ ᠶ᠋ᠢ ᠮᠠᠨᠳᠠᠯ ᠠ᠋ᠴᠠ ᠪᠠᠭᠤᠯᠭᠠᠬᠤ ᠦᠭᠡᠢ ᠮᠠᠨᠳᠠᠯ ᠤ᠋ᠨ ᠳᠡᠭᠡᠷ᠎ᠡ ᠪᠦᠬᠦᠢ ᠰᠠᠭᠤᠬᠤ ᠦᠷᠭᠦᠭᠡᠨ᠎ᠡ ᠪᠡᠶ᠎ᠡ ᠶ᠋ᠢ ᠠᠷᠢᠭᠤᠳᠬᠠᠨ ᠥᠷᠯᠥᠭᠡ ᠪᠦᠷᠢ ᠬᠦᠵᠢ ᠰᠢᠲᠠᠭᠠᠨ ᠲᠡᠭᠷᠢ ᠶ᠋ᠢ ᠲᠠᠬᠢᠭᠤᠯᠵᠤ᠂ ᠳᠠᠷᠤᠢ ᠮᠤᠬᠤᠯᠢ ᠶ᠋ᠢᠨ ᠨᠢᠭᠡᠨ ᠡᠩ ᠦ᠋ᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠪᠡ᠃ ᠬᠡᠳᠦᠢᠨᠡᠢ ᠣᠯᠠᠨ ᠢ᠋ᠶ᠋ᠠᠷ ᠡᠳᠡᠭᠡᠷ ᠵᠡᠷᠭᠡ ᠶ᠋ᠢᠨ ᠪᠡᠯᠡᠭ ᠢᠷᠦᠭᠡᠯ ᠤᠳᠠᠭ᠎ᠠ ᠪᠦᠷᠢ ᠲᠣᠬᠢᠶᠠᠯᠳᠤᠬᠤᠢ ᠳ᠋ᠤᠷ ᠲᠠᠢᠽᠦ ᠴᠦ᠍ ᠮᠥᠨ ᠳᠣᠲᠣᠷ᠎ᠠ ᠪᠠᠨ ᠭᠠᠢᠬᠠᠵᠤ ᠮᠥᠨ ᠬᠡᠲᠦᠷᠬᠡᠢ ᠮᠤᠰᠬᠢᠨ ᠵᠥᠷᠢᠬᠦ ᠪᠡᠨ ᠪᠠᠢᠵᠤ᠂ ᠰᠦᠰᠦᠭ ᠢ᠋ ᠭᠠᠭᠴᠠᠳᠬᠠᠨ ᠪᠡᠶ᠎ᠡ ᠪᠡᠨ ᠠᠷᠢᠭᠤᠳᠬᠠᠨ ᠰᠠᠷ᠎ᠠ ᠰᠢᠬᠠᠮ ᠪᠣᠯᠵᠤ᠂ ᠠᠷᠪᠠᠨ ᠨᠢᠭᠡᠨ ᠰᠠᠷ᠎ᠠ ᠶ᠋ᠢᠨ ᠬᠣᠷᠢᠨ ᠨᠠᠢ᠍ᠮᠠᠨ ᠠ᠋ᠴᠠ ᠲᠡᠭᠷᠢ ᠡᠮᠦᠨ᠎ᠡ ᠡᠴᠡ ᠰᠠᠯᠬᠢᠯᠠᠨ᠂ ᠵᠠᠭᠤᠨ ᠵᠦᠢᠯ ᠦ᠋ᠨ ᠨᠠᠢᠷᠠᠮᠳᠠᠬᠤ ᠠᠭᠤᠷ ᠮᠠᠨᠳᠤᠵᠤ᠂ ᠮᠠᠨᠳᠠᠯ ᠤ᠋ᠨ ᠳᠡᠭᠡᠷ᠎ᠡ ᠡᠪᠡᠰᠦ ᠬᠥᠬᠡᠷᠡᠨ ᠴᠡᠴᠡᠭ ᠠᠩᠬᠢᠯᠤᠨ᠂ ᠭᠠᠵᠠᠷ ᠠ᠋ᠴᠠ ᠨᠢᠭᠡᠨ ᠵᠡᠷᠭᠡ ᠲᠤᠩᠭᠠᠯᠠᠭ ᠠᠩᠬᠢᠯᠤᠮᠠᠯ ᠦᠨᠦᠷᠲᠦ ᠴᠠᠭᠠᠨ ᠠᠭᠤᠷ ᠳᠡᠭᠡᠭᠰᠢ ᠮᠠᠨᠳᠤᠨ ᠭᠠᠷᠴᠤ ᠳᠣᠷᠣᠭ᠍ᠰᠢ ᠬᠠᠢᠯᠤᠨ ᠳᠤᠰᠤᠯᠬᠤ ᠠᠨᠤ ᠪᠤᠷᠴᠠᠭ ᠤ᠋ᠨ ᠮᠥᠬᠥᠯᠢᠭ ᠦ᠋ᠨ ᠴᠢᠨᠡᠭᠡᠨ ᠤᠯᠠᠪᠢᠷ ᠥᠩᠭᠡᠲᠦ ᠴᠡᠴᠡᠭ ᠦ᠋ᠨ ᠬᠤᠷ᠎ᠠ ᠮᠠᠨᠳᠠᠯ ᠢ᠋ ᠲᠣᠭᠣᠷᠢᠵᠤ ᠠᠷᠪᠠᠨ ᠭᠠᠵᠠᠷ ᠠᠭᠤᠳᠠᠮ ᠣᠷᠣᠵᠤ᠂ ᠠᠷᠪᠠᠨ ᠬᠣᠶᠠᠷ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠥᠷᠯᠥᠭᠡ ᠬᠤᠯᠤᠭᠠᠨ᠎ᠠ ᠴᠠᠭ ᠲᠤᠷ ᠲᠣᠷᠭᠠᠨ ᠰᠢᠷ᠎ᠠ ᠲᠡᠷᠢᠭᠦᠯᠡᠨ ᠭᠤᠷᠪᠠᠨ ᠶᠡᠬᠡ ᠦᠬᠡᠷ ᠫᠤᠤ ᠲᠠᠯᠪᠢᠭᠤᠯᠤᠮᠠᠭᠴᠠ ᠳᠥᠷᠪᠡᠨ ᠵᠦᠭ ᠨᠠᠢ᠍ᠮᠠᠨ ᠵᠣᠪᠬᠢᠰ ᠶᠢᠰᠦᠨ ᠡᠩ ᠵᠠᠭᠤᠨ ᠤᠯᠤᠰ ᠬᠠᠮᠲᠤ ᠪᠠᠷ ᠬᠥᠭᠵᠢᠮ ᠡᠭᠦᠰᠬᠡᠨ᠂ ᠲᠠᠢᠽᠦ ᠶ᠋ᠢᠨ ᠭᠣᠣᠯ ᠮᠠᠨᠳᠠᠯ ᠤ᠋ᠨ ᠠᠯᠲᠠᠨ ᠣᠷᠣᠢ ᠠ᠋ᠴᠠ ᠴᠠᠭᠠᠨ ᠭᠡᠷᠡᠯ ᠰᠠᠴᠤᠷᠠᠨ᠂ ᠤᠯᠤᠰ ᠤ᠋ᠨ ᠬᠣᠲᠠᠯᠠ ᠭᠡᠷᠡᠯ ᠵᠤᠯᠠ ᠬᠡᠷᠡᠭᠯᠡᠯ ᠦᠭᠡᠢ ᠪᠣᠯᠵᠤ᠂ ᠲᠠᠢ ᠰᠡᠴᠡᠨ᠂ ᠲᠣᠷᠭᠠᠨ ᠰᠢᠷ᠎ᠠ᠂ ᠮᠤᠬᠤᠯᠢ᠂ ᠪᠤᠭᠤᠷᠵᠢ ᠳᠥᠷᠪᠡᠭᠦᠯᠡ ᠲᠠᠢᠽᠦ ᠶ᠋ᠢᠨ ᠪᠠᠭᠤᠳᠠᠯ ᠤ᠋ᠨ ᠡᠮᠦᠨ᠎ᠡ ᠢᠷᠡᠵᠦ ᠪᠡᠯᠭᠡᠯᠡᠵᠦ ᠡᠢᠨ ᠮᠡᠳᠡᠭᠦᠯᠦᠷᠦᠨ :《ᠳᠥᠷᠪᠡᠨ ᠥᠩᠭᠡ᠂ ᠲᠠᠪᠤᠨ ᠬᠠᠷᠢ᠂ ᠵᠢᠷᠭᠤᠭᠠᠨ ᠰᠠᠢᠳ᠂ ᠶᠢᠰᠦᠨ ᠡᠩ᠂ ᠲᠥᠷᠥᠯ ᠲᠥᠷᠥᠭᠰᠡᠳ᠂ ᠤᠷᠤᠭ ᠰᠠᠳᠤᠨ ᠪᠠ ᠰᠠᠢᠳ ᠲᠦᠰᠢᠮᠡᠳ ᠬᠦᠯᠦᠭ ᠪᠠᠭᠠᠲᠤᠷ ᠤ᠋ᠳ ᠬᠢᠭᠡᠳ ᠤᠯᠤᠰ ᠠᠯᠪᠠᠲᠤ ᠵᠠᠩᠵᠤᠨ ᠴᠡᠷᠢᠭ ᠪᠠ ᠬᠠᠷᠠᠴᠤ ᠪᠣᠭᠣᠯᠴᠤᠳ᠂ ᠬᠢᠲᠠᠳ ᠢᠷᠭᠡᠳ ᠴᠥᠮ ᠴᠤᠭᠯᠠᠵᠤ᠂ ᠲᠡᠭᠷᠢ ᠡᠴᠢᠭᠡ ᠴᠦ᠍ ᠡᠵᠡᠨ ᠴᠢᠮ᠎ᠠ ᠳ᠋ᠤᠷ ᠶᠢᠰᠦᠨ ᠵᠦᠢᠯ ᠦ᠋ᠨ ᠪᠡᠯᠭᠡ ᠲᠡᠮᠳᠡᠭ ᠪᠠᠭᠤᠯᠭᠠᠪᠠ᠃ ᠡᠷᠳᠡᠨᠢᠰ ᠦ᠋ᠨ ᠣᠷᠳᠣᠨ ᠠ᠋ᠴᠠ ᠴᠤ᠌ ᠴᠠᠭᠠᠨ ᠭᠡᠷᠡᠯ ᠰᠠᠴᠤᠷᠠᠨ ᠠᠮᠤᠢ᠃ ᠲᠡᠷᠢᠭᠦᠨ ᠥᠷᠯᠥᠭᠡ ᠨᠢᠭᠡᠨ ᠬᠦᠵᠢ ᠬᠣᠶᠠᠷ ᠡᠳᠦᠷ ᠰᠢᠲᠠᠪᠠ᠃ ᠬᠣᠶᠠᠳᠤᠭᠠᠷ ᠥᠷᠯᠥᠭᠡ ᠭᠠᠩ ᠤ᠋ᠨ ᠬᠤᠷ᠎ᠠ ᠠᠮᠢᠲᠠᠨ ᠢ᠋ ᠬᠠᠨᠲᠠᠯ᠎ᠠ ᠣᠷᠣᠪᠠ᠃ ᠭᠤᠷᠪᠠᠳᠤᠭᠠᠷ ᠥᠷᠯᠥᠭᠡ ᠠᠩᠬᠢᠯᠤᠮᠠᠯ ᠮᠠᠨᠠᠨ ᠴᠡᠴᠡᠭ ᠳᠡᠯᠭᠡᠷᠡᠲᠡᠯ᠎ᠡ ᠪᠠᠭᠤᠪᠠ᠃ ᠳᠥᠷᠪᠡᠳᠦᠭᠡᠷ ᠥᠷᠯᠥᠭᠡ ᠵᠦᠰᠡ ᠶ᠋ᠢᠨ ᠬᠤᠷ᠎ᠠ ᠴᠠᠭ ᠳᠣᠲᠣᠷ᠎ᠠ ᠠᠷᠢᠯᠪᠠ᠃ ᠲᠠᠪᠤᠳᠤᠭᠠᠷ ᠥᠷᠯᠥᠭᠡ ᠶᠢᠰᠦᠨ ᠬᠦᠯᠦᠭ ᠥᠪᠡᠷ ᠢ᠋ᠶ᠋ᠡᠨ ᠢᠷᠡᠪᠡ᠃ ᠵᠢᠷᠭᠤᠳᠤᠭᠠᠷ ᠥᠷᠯᠥᠭᠡ ᠪᠡᠯᠭᠡᠲᠦ ᠰᠠᠯᠬᠢᠨ ᠡᠷᠳᠡᠨᠢ ᠶ᠋ᠢᠨ ᠴᠢᠯᠠᠭᠤᠨ ᠢ᠋ ᠭᠠᠷᠭᠠᠪᠠ᠃ ᠳᠣᠯᠣᠳᠤᠭᠠᠷ ᠥᠷᠯᠥᠭᠡ ᠲᠠᠪᠤᠨ ᠥᠩᠭᠡ ᠶ᠋ᠢᠨ ᠬᠤᠪᠢᠯᠭᠠᠨ ᠰᠢᠪᠠᠭᠤ ᠳᠣᠩᠭᠣᠳᠪᠠ᠃ ᠨᠠᠢ᠍ᠮᠠᠳᠤᠭᠠᠷ ᠥᠷᠯᠥᠭᠡ ᠬᠠᠳᠠ ᠶ᠋ᠢᠨ ᠴᠢᠯᠠᠭᠤ ᠥᠪᠡᠷ ᠢ᠋ᠶ᠋ᠡᠨ ᠬᠠᠭᠠᠷᠠᠪᠠ᠃ ᠶᠢᠰᠦᠳᠦᠭᠡᠷ ᠥᠷᠯᠥᠭᠡ ᠴᠠᠭᠠᠨ ᠭᠡᠷᠡᠯ ᠡᠳᠦᠭᠡ ᠳ᠋ᠦ᠍ᠷ ᠰᠠᠴᠤᠷᠠᠮᠤᠢ᠂ ᠦᠨᠡᠨ ᠵᠠᠶᠠᠭᠠᠲᠤ ᠡᠵᠡᠨ ᠮᠢᠨᠦ ᠮᠥᠨ ᠳᠠᠷᠤᠢ ᠳᠡᠭᠡᠭᠰᠢᠯᠡᠨ ᠪᠣᠰᠴᠤ ᠵᠠᠯᠠᠷᠠᠨ ᠭᠠᠷᠴᠤ ᠢᠷᠡᠭᠡᠳ ᠲᠡᠭᠷᠢ ᠭᠠᠵᠠᠷ ᠬᠥᠮᠦᠨ ᠨᠡᠢᠲᠡ ᠶ᠋ᠢᠨ ᠰᠠᠨᠠᠭᠠᠨ ᠳ᠋ᠤᠷ ᠨᠡᠢᠴᠡᠭᠦᠯᠪᠡᠰᠦ ᠵᠣᠬᠢᠮᠤᠢ᠂ < ᠲᠡᠭᠷᠢ ᠶ᠋ᠢ ᠰᠥᠷᠦᠭᠴᠢ ᠮᠥᠬᠥᠮᠦᠢ᠂ ᠲᠡᠭᠷᠢ ᠶ᠋ᠢ ᠳᠠᠭᠠᠬ᠍ᠨᠴᠢᠳ ᠮᠠᠨᠳᠤᠮᠤᠢ > ᠴᠠᠭᠠᠨ ᠭᠡᠷᠡᠯ ᠡᠴᠡ ᠬᠤᠪᠢᠯᠵᠤ ᠮᠡᠨᠳᠦᠯᠡᠭᠰᠡᠨ ᠲᠡᠭᠷᠢ ᠡᠵᠡᠨ ᠮᠢᠨᠦ ᠲᠡᠭᠷᠢ ᠡᠴᠢᠭᠡ ᠶᠦ᠍ᠭᠡᠨ ᠰᠠᠨᠠᠭᠠᠨ ᠢ᠋ ᠳᠠᠭᠠᠵᠤ᠂ ᠬᠠᠮᠤᠭ ᠦᠷᠡᠰ ᠢ᠋ᠶ᠋ᠡᠨ ᠬᠦᠰᠡᠯ ᠳ᠋ᠦ᠍ᠷ ᠭᠥᠷᠦᠭᠦᠯᠦᠮᠦ ! 》ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠠᠷᠭ᠎ᠠ ᠦᠭᠡᠢ ᠨᠢᠭᠤᠷ ᠪᠡᠶ᠎ᠡ ᠶ᠋ᠢ ᠠᠷᠢᠭᠤᠳᠬᠠᠨ᠂ ᠰᠢᠨ᠎ᠡ ᠠᠷᠢᠭᠤᠨ ᠠᠯᠲᠠᠨ ᠯᠤᠤ ᠶ᠋ᠢᠨ ᠬᠤᠪᠴᠠᠳ᠂ ᠡᠷᠳᠡᠨᠢ ᠶ᠋ᠢᠨ ᠪᠦᠰᠡ ᠬᠠᠯᠠᠨ ᠪᠦᠰᠡᠯᠡᠵᠦ᠂ ᠲᠡᠷᠢᠭᠦᠨ ᠳ᠋ᠦ᠍ᠷ ᠶᠢᠰᠦᠨ ᠯᠤᠤᠲᠤ ᠰᠤᠪᠤᠷᠭ᠎ᠠ ᠠᠳᠠᠯᠢ ᠣᠷᠣᠢᠲᠤ ᠮᠠᠯᠠᠭ᠎ᠠ᠂ ᠴᠢᠬᠢᠨ ᠳ᠋ᠦ᠍ᠷ ᠰᠤᠪᠤᠳ ᠰᠢᠭᠢᠳᠬᠡᠭᠰᠡᠨ ᠠᠯᠲᠠᠨ ᠭᠠᠷᠠᠬ᠎ᠠ᠂ ᠬᠦᠵᠦᠭᠦᠨ ᠳ᠋ᠦ᠍ᠷ ᠶᠢᠰᠦᠨ ᠡᠷᠳᠡᠨᠢᠰ ᠦ᠋ᠨ ᠬᠣᠭᠣᠯᠠᠪᠴᠢ᠂ ᠬᠥᠯ ᠳ᠋ᠦ᠍ᠷ ᠠᠭᠤᠯᠠ ᠤᠰᠤᠨ ᠤ᠋ ᠭᠤᠲᠤᠯ ᠡᠮᠦᠰᠴᠦ ᠵᠠᠯᠠᠷᠠᠨ ᠭᠠᠷᠴᠤ ᠢᠷᠡᠪᠡ᠃ 
       ᠣᠯᠠᠨ ᠲᠦᠰᠢᠮᠡᠳ ᠦᠵᠡᠪᠡᠰᠦ ᠲᠡᠭᠷᠢ ᠶ᠋ᠢᠨ ᠬᠥᠪᠡᠭᠦᠨ ᠦ᠌ ᠲᠥᠷᠥᠯᠬᠢ ᠭᠡᠷᠡᠯ ᠨᠠᠷᠠᠨ ᠰᠠᠷᠠᠨ ᠮᠡᠲᠦ᠂ ᠪᠣᠭᠳᠠ ᠬᠥᠮᠦᠨ ᠦ᠌ ᠪᠤᠶᠠᠨᠲᠤ ᠰᠦᠷ ᠠᠶᠤᠩᠭ᠎ᠠ ᠴᠠᠬᠢᠯᠭᠠᠨ ᠠᠳᠠᠯᠢ᠂ ᠲᠦᠮᠡᠨ ᠬᠥᠮᠦᠨ ᠦ᠌ ᠦᠢᠮᠡᠭᠡᠨ ᠢᠪ ᠴᠢᠪ ᠳᠠᠷᠤᠭᠳᠠᠪᠠ᠃ ᠭᠤᠷᠪᠠᠨ ᠳᠠᠪᠬᠤᠷ ᠮᠠᠨᠳᠠᠯ ᠳ᠋ᠤᠷ ᠶᠢᠰᠦᠨ ᠵᠦᠢᠯ ᠦ᠋ᠨ ᠬᠤᠭᠤᠷ ᠴᠣᠭᠣᠷ ᠪᠦᠷᠢᠶ᠎ᠡ ᠪᠢᠰᠬᠢᠭᠦᠷ ᠦ᠋ᠨ ᠡᠬᠡᠰᠢᠭ ᠭᠡᠭᠡᠷᠡᠬᠦᠢ ᠶ᠋ᠢᠨ ᠦᠶ᠎ᠡ ᠲᠤᠯᠠ ᠣᠭᠲᠠᠷᠭᠤᠢ ᠠᠯᠤᠰ ᠳᠠᠯᠠᠢ ᠶ᠋ᠢᠨ ᠬᠡᠳᠦ ᠰᠣᠨᠣᠰᠳᠠᠵᠤ᠂ ᠴᠠᠭᠠᠨ ᠭᠡᠷᠡᠯ ᠳᠥᠷᠪᠡᠨ ᠵᠦᠭ ᠰᠠᠴᠤᠷᠠᠨ᠂ ᠲᠠᠢᠽᠦ ᠭᠣᠣᠯ ᠲᠡᠭᠷᠢ ᠶ᠋ᠢᠨ ᠬᠥᠪᠡᠭᠦᠨ ᠦ᠌ ᠥᠷᠭᠥᠭᠡ ᠳ᠋ᠦ᠍ᠷ ᠢᠷᠡᠵᠦ ᠲᠡᠭᠷᠢ ᠭᠠᠵᠠᠷ ᠲᠤᠷ ᠬᠦᠵᠢ ᠵᠤᠯᠠ ᠰᠢᠲᠠᠭᠠᠨ ᠶᠣᠰᠣᠯᠠᠨ ᠮᠥᠷᠭᠥᠭᠡᠳ ᠥᠪᠡᠷ ᠦ᠋ᠨ ᠡᠪᠦᠭᠡ ᠳᠡᠭᠡᠳᠦᠰ ᠦ᠋ᠨ ᠬᠠᠳ ᠲᠤᠷ ᠬᠦᠵᠢ ᠵᠤᠯᠠ ᠰᠢᠲᠠᠭᠠᠵᠤ ᠶᠣᠰᠣᠯᠠᠨ ᠮᠥᠷᠭᠥᠵᠦ᠂ ᠥᠪᠡᠷ ᠦ᠋ᠨ ᠲᠥᠷᠥᠭᠰᠡᠨ ᠡᠬᠡ ᠥᠭᠡᠯᠦᠨ ᠬᠠᠲᠤᠨ ᠤ᠋ ᠵᠦᠭ ᠬᠦᠵᠢ ᠵᠤᠯᠠ ᠡᠷᠭᠦᠨ ᠶᠣᠰᠣᠯᠠᠨ ᠮᠥᠷᠭᠥᠵᠦ᠂ ᠭᠠᠷ ᠤᠬᠢᠶᠠᠨ ᠠᠮᠠ ᠪᠠᠨ ᠵᠠᠢᠯᠤᠨ ᠳᠡᠪᠡᠯ ᠦ᠋ᠨ ᠲᠣᠭᠣᠰᠣᠨ ᠢ᠋ ᠭᠦᠪᠢᠵᠦ᠂ ᠰᠠᠢᠬᠠᠨ ᠦᠨᠦᠷ ᠢ᠋ᠶ᠋ᠡᠷ ᠠᠷᠢᠭᠤᠯᠠᠨ᠂ ᠲᠣᠷᠭᠠᠨ ᠰᠢᠷ᠎ᠠ᠂ ᠲᠠᠢ ᠰᠡᠴᠡᠨ ᠬᠣᠶᠠᠭᠤᠯᠠ ᠶ᠋ᠢ ᠲᠦᠰᠢᠵᠦ᠂ ᠭᠤᠷᠪᠠᠨ ᠳᠠᠪᠬᠤᠷ ᠥᠨᠳᠥᠷ ᠲᠡᠭᠷᠢ ᠶ᠋ᠢᠨ ᠬᠥᠪᠡᠭᠦᠨ ᠦ᠌ ᠯᠤᠤ ᠶ᠋ᠢᠨ ᠰᠢᠷᠡᠬᠡᠨ᠎ᠡ ᠠᠪᠠᠷᠢᠵᠤ᠂ ᠴᠢᠬᠡ ᠡᠮᠦᠨᠡᠰᠢ ᠬᠠᠨᠳᠤᠵᠤ ᠲᠡᠭᠷᠢ ᠶ᠋ᠢᠨ ᠬᠥᠪᠡᠭᠦᠨ ᠦ᠌ ᠬᠠᠭᠠᠨ ᠰᠠᠭᠤᠷᠢᠨ ᠳ᠋ᠤᠷ ᠢ᠋ᠶ᠋ᠠᠨ ᠰᠠᠭᠤᠵᠤ ᠬᠠᠭᠠᠨ ᠪᠣᠯᠪᠠ᠃ 
       ᠲᠡᠳᠦᠢ ᠣᠯᠠᠨ ᠲᠦᠰᠢᠮᠡᠳ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠬᠦᠶ᠎ᠡ᠂ ᠲᠡᠭᠷᠢ ᠶ᠋ᠢᠨ ᠬᠥᠪᠡᠭᠦᠨ ᠦ᠌ ᠶᠡᠬᠡ ᠬᠥᠭᠵᠢᠮ ᠡᠭᠦᠰᠬᠡᠨ ᠵᠦᠩ ᠬᠡᠩᠭᠡᠷᠭᠡ ᠳᠠᠭᠤᠷᠢᠰᠤᠨ ᠭᠤᠷᠪᠠᠨ ᠳᠠᠪᠬᠤᠷ ᠮᠠᠨᠳᠠᠯ ᠪᠠ ᠲᠣᠭᠣᠷᠢᠭ᠍ᠰᠠᠨ ᠶᠡᠬᠡ ᠳᠣᠪᠣ ᠬᠢᠭᠡᠳ ᠬᠣᠷᠢᠨ ᠭᠠᠵᠠᠷ ᠤ᠋ᠨ ᠬᠦᠷᠢᠶ᠎ᠡ ᠳ᠋ᠦ᠍ᠷ 《ᠲᠦᠮᠡᠨ ᠨᠠᠰᠤᠲᠤ ! 》ᠬᠡᠮᠡᠬᠦ ᠳᠠᠭᠤᠨ ᠳ᠋ᠤᠷ ᠠᠭᠤᠯᠠ ᠭᠣᠣᠯ ᠠᠨᠢᠷᠯᠠᠮᠤᠢ᠃ ᠡᠭᠦᠨ ᠳ᠋ᠦ᠍ᠷ ᠲᠠᠢᠽᠦ ᠦᠵᠡᠪᠡᠰᠦ ᠳᠡᠭᠡᠷ᠎ᠡ ᠥᠷᠭᠥᠭᠡ ᠶ᠋ᠢᠨ ᠡᠷᠦᠬᠡ ᠡᠴᠡ ᠨᠢᠭᠡᠨ ᠵᠤᠷᠪᠤᠰ ᠴᠠᠷ᠎ᠠ ᠶ᠋ᠢᠨ ᠴᠢᠨᠡᠭᠡᠨ ᠪᠦᠳᠦᠭᠦᠨ ᠴᠠᠭᠠᠨ ᠭᠡᠷᠡᠯ ᠲᠤᠨᠤᠨ ᠪᠠᠭᠤᠵᠤ ᠢᠷᠡᠭᠡᠳ ᠲᠠᠢᠽᠦ ᠶ᠋ᠢᠨ ᠡᠮᠦᠨ᠎ᠡ ᠪᠦᠬᠦᠢ ᠰᠢᠷᠡᠭᠡᠨ᠎ᠡ ᠲᠤᠰᠤᠭᠰᠠᠨ ᠳ᠋ᠤᠷ ᠲᠠᠢᠽᠦ ᠲᠡᠷᠢᠭᠦᠯᠡᠨ ᠵᠠᠭᠤᠨ ᠲᠦᠰᠢᠮᠡᠳ ᠪᠦᠭᠦᠳᠡᠭᠡᠷ ᠦᠵᠡᠪᠡᠰᠦ ᠭᠡᠷᠡᠯ ᠦ᠋ᠨ ᠳᠣᠣᠷ᠎ᠠ᠂ ᠬᠠᠷᠢᠨ ᠨᠢᠭᠡᠨ ᠬᠠᠰ ᠠᠶᠠᠭ᠎ᠠ ᠳᠦᠭᠦᠷᠡᠩ ᠤᠰᠤ ᠮᠡᠯᠲᠡᠭᠡᠨᠡᠨ ᠰᠢᠷᠡᠭᠡᠨ ᠳ᠋ᠦ᠍ᠷ ᠲᠤᠰᠤᠭᠰᠠᠨ᠎ᠠ ᠪᠦᠭᠦᠳᠡᠭᠡᠷ ᠶᠡᠬᠡᠯ᠎ᠡ ᠭᠠᠢᠬᠠᠵᠤ ᠲᠠᠢᠽᠦ ᠠᠪᠴᠤ ᠦᠵᠡᠪᠡᠰᠦ ᠭᠬᠢᠷ ᠦᠭᠡᠢ ᠠᠷᠢᠭᠤᠨ ᠤᠰᠤ ᠮᠡᠲᠦ᠂ ᠦᠨᠦᠷ ᠢᠨᠦ ᠬᠡᠲᠦᠷᠬᠡᠶ᠎ᠡ ᠠᠩᠬᠢᠯᠤᠮᠠᠯ᠂ ᠠᠮᠰᠠᠵᠤ ᠦᠵᠡᠬᠦᠯ᠎ᠡ ᠠᠰᠤᠷᠤ ᠨᠢᠭᠡᠨ ᠵᠦᠢᠯ ᠦ᠋ᠨ ᠬᠡᠯᠡᠵᠦ ᠪᠣᠯᠣᠰᠢ ᠦᠭᠡᠢ ᠠᠮᠲᠠᠲᠠᠢᠬᠠᠨ ᠰᠠᠢᠬᠠᠨ ᠠᠮᠲᠠᠲᠠᠢ᠂ ᠠᠷᠢᠬᠢ ᠯᠤᠭ᠎ᠠ ᠨᠡᠢᠴᠡᠬᠦ ᠦᠭᠡᠢ᠃ 
       ᠲᠡᠳᠦᠢ ᠳᠡᠭᠡᠵᠢ ᠶ᠋ᠢ ᠨᠢᠭᠡᠨ ᠴᠥᠭᠥᠴᠡ ᠠᠪᠴᠤ ᠦᠯᠡᠭᠰᠡᠨ ᠢ᠋ ᠵᠣᠭᠣᠭᠯᠠᠬᠤᠢ ᠳ᠋ᠤᠷ ᠬᠠᠵᠠᠭᠤ ᠠ᠋ᠴᠠ ᠬᠠᠰᠠᠷ᠂ ᠪᠡᠯᠭᠦᠳᠡᠢ ᠦᠵᠡᠭᠡᠳ  《ᠬᠦᠷᠲᠡᠭᠡᠮᠦ ! 》 ᠭᠡᠮᠡᠨ ᠭᠤᠶᠤᠭᠰᠠᠨ ᠳ᠋ᠤᠷ ᠲᠠᠢᠽᠦ ᠵᠥᠪᠰᠢᠶᠡᠵᠦ ᠵᠣᠭᠣᠭᠯᠠᠨ ᠦᠯᠡᠭᠰᠡᠨ ᠬᠠᠭᠠᠰ ᠣᠭᠣᠴᠢ ᠶ᠋ᠢ ᠬᠣᠶᠠᠭᠤᠯᠠ ᠳ᠋ᠤᠷ ᠥᠭᠴᠦ ᠬᠤᠪᠢᠶᠠᠵᠤ ᠠᠮᠠ ᠬᠥᠷ ᠭᠡᠮᠡᠨ ᠱᠠᠩᠨᠠᠨ ᠦᠭᠪᠡᠰᠦ ᠬᠣᠶᠠᠭᠤᠯᠠ ᠶ᠋ᠢᠨ ᠠᠯᠢᠨ ᠤ᠋ ᠠᠮᠠᠨ ᠳ᠋ᠤᠷ ᠴᠤ᠌ ᠴᠥᠮ ᠡᠰᠡ ᠣᠷᠣᠪᠠᠢ᠃ ᠡᠭᠦᠨ᠎ᠡ ᠭᠠᠢᠬᠠᠵᠤ ᠠᠶᠠᠭ᠎ᠠ ᠶ᠋ᠢ ᠭᠡᠳᠡᠷᠭᠦ ᠡᠭᠡᠭᠦᠯᠵᠦ ᠪᠠᠷᠢᠪᠠᠰᠤ ᠠᠶᠠᠭ᠎ᠠ ᠲᠠᠢᠽᠦ ᠶ᠋ᠢᠨ ᠭᠠᠷ ᠲᠤ᠌ ᠣᠷᠣᠮᠠᠭᠴᠠ ᠲᠡᠷᠡ ᠷᠠᠰᠢᠶᠠᠨ ᠮᠥᠨ ᠬᠦ᠌ ᠠᠶᠠᠭ᠎ᠠ ᠶ᠋ᠢᠨ ᠢᠷᠣᠭᠠᠷ ᠠ᠋ᠴᠠ ᠳᠡᠪᠦᠯᠦᠨ ᠭᠠᠷᠴᠤ ᠢᠷᠡᠭᠰᠡᠨ ᠳ᠋ᠦ᠍ᠷ ᠬᠠᠰᠠᠷ᠂ ᠪᠡᠯᠭᠦᠳᠡᠢ ᠶᠡᠬᠡᠯ᠎ᠡ ᠠᠶᠤᠨ ᠭᠡᠮᠰᠢᠵᠦ ᠬᠣᠶᠠᠭᠤᠯᠠ ᠮᠥᠷᠭᠥᠪᠡ᠃ ᠲᠠᠢᠽᠦ ᠨᠢᠭᠡᠨ ᠠᠮᠠ ᠣᠭᠣᠴᠢᠪᠠᠰᠤ ᠪᠠᠰᠠ ᠬᠦ᠌ ᠪᠠᠬᠠᠨ ᠦᠯᠡᠳᠡᠬᠦ ᠲᠤᠯᠠ ᠳᠥᠷᠪᠡᠨ ᠲᠠᠢᠽᠢ ᠪᠠᠨ ᠳᠠᠭᠤᠳᠠᠵᠤ ᠥᠪᠡᠷ ᠦ᠋ᠨ ᠭᠠᠷ ᠢ᠋ᠶ᠋ᠠᠷ ᠠᠯᠲᠠᠨ ᠬᠠᠯᠪᠠᠭ᠎ᠠ ᠪᠠᠷᠢᠵᠤ ᠬᠥᠮᠦᠨ ᠪᠦᠷᠢ ᠶ᠋ᠢᠨ ᠠᠮᠠ ᠳ᠋ᠤᠷ ᠪᠠᠬᠠᠨ ᠠᠮᠠ ᠬᠦᠷᠦᠭᠦᠯᠪᠡᠰᠦ ᠥᠭᠡᠳᠡᠢ ᠡᠴᠡ ᠪᠤᠰᠤ ᠠᠨᠤ ᠠᠮᠠᠨ ᠳ᠋ᠤᠷ ᠣᠷᠣᠭᠰᠠᠨ ᠦᠭᠡᠢ ᠬᠡᠮᠡᠮᠦᠢ᠃ 
       ᠲᠡᠳᠦᠢ ᠲᠠᠢᠽᠦ ᠲᠣᠯᠣᠭᠠᠢ ᠳᠣᠬᠢᠵᠤ ᠣᠯᠠᠨ ᠲᠦᠰᠢᠮᠡᠳ ᠦ᠋ᠨ ᠵᠦᠭ ᠵᠠᠷᠯᠢᠭ ᠪᠠᠭᠤᠯᠭᠠᠷᠤᠨ : 《ᠮᠠᠨ ᠤ᠋ ᠪᠸᠲ᠋ᠠ᠋ ᠤᠯᠤᠰ ᠤᠭ ᠠ᠋ᠴᠠ ᠮᠥᠨ ᠬᠣᠢᠲᠤ ᠤᠯᠤᠰ ᠤ᠋ᠨ ᠲᠡᠳᠦᠢ ᠪᠥᠯᠥᠭᠡ᠃ ᠡᠳᠦᠭᠡ ᠭᠠᠳᠠᠭᠠᠳᠤ ᠤᠯᠤᠰ ᠬᠣᠷᠢᠭᠠᠳ ᠢᠯᠡᠭᠦᠦ ᠳᠠᠭᠠᠭᠰᠠᠨ ᠲᠤᠯᠠ ᠤᠯᠤᠰ ᠲᠤᠷ ᠮᠥᠨ ᠥᠪᠡᠷ᠎ᠡ ᠨᠢᠭᠡᠨ ᠨᠡᠷ᠎ᠡ ᠡᠷᠭᠦᠪᠡᠰᠦ ᠵᠣᠬᠢᠮᠤᠢ᠂ ᠤᠯᠤᠰ ᠤ᠋ᠨ ᠨᠠᠭᠠᠴᠤ ᠲᠠᠢ ᠰᠡᠴᠡᠨ᠂ ᠤᠯᠤᠰ ᠤ᠋ᠨ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠪᠢᠴᠢᠭ ᠲᠠᠮᠠᠭ᠎ᠠ ᠶ᠋ᠢ ᠬᠠᠮᠢᠶᠠᠷᠬᠤ ᠳ᠋ᠠᠳᠠᠳᠣᠩᠭ᠎ᠠ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ᠂ ᠵᠠᠯᠮ᠎ᠠ᠂ ᠣᠶᠤᠨ ᠭᠤᠸ᠎ᠠ᠂ ᠣᠶᠤᠲᠤ ᠰᠡᠴᠡᠨ᠂ ᠰᠠᠢᠬᠠᠨ ᠰᠤᠷᠲᠠᠯᠲᠤ᠂ ᠳᠠᠴᠢᠩᠬᠤᠷᠯᠤ᠂ ᠢᠯᠠᠭᠤᠭᠰᠠᠨ ᠨᠠᠷ ᠤᠯᠤᠰ ᠤ᠋ᠨ ᠨᠡᠷ᠎ᠡ ᠶ᠋ᠢ ᠵᠥᠪᠯᠡᠵᠦ ᠠᠢᠯᠠᠳᠬ᠎ᠠ !》ᠭᠡᠮᠡᠨ ᠵᠠᠷᠯᠢᠭ ᠪᠠᠭᠤᠯᠭᠠᠭᠰᠠᠨ᠎ᠠ ᠣᠯᠠᠨ ᠢ᠋ᠶ᠋ᠠᠷ ᠵᠥᠪᠯᠡᠵᠦ ᠪᠥᠬᠥᠶ᠎ᠡ᠂ ᠡᠨᠡ ᠦᠶ᠎ᠡ ᠳ᠋ᠦ᠍ᠷ ᠵᠡᠭᠦᠨ ᠡᠲᠡᠭᠡᠳ ᠭᠡᠭᠡ ᠭᠡᠭᠡᠷᠡᠵᠦ᠂ ᠲᠡᠷᠡ ᠲᠠᠪᠤᠨ ᠥᠩᠭᠡ ᠶ᠋ᠢᠨ ᠬᠤᠪᠢᠯᠭᠠᠨ ᠰᠢᠪᠠᠭᠤ ᠨᠢᠰᠦᠨ ᠢᠷᠡᠵᠦ ᠶᠡᠬᠡ ᠥᠷᠭᠥᠭᠡ ᠶ᠋ᠢᠨ ᠳᠡᠭᠡᠷ᠎ᠡ ᠰᠠᠭᠤᠵᠤ《ᠴᠢᠩᠭᠢᠰ ᠴᠢᠩᠭᠢᠰ 》ᠭᠡᠮᠡᠨ ᠶᠢᠰᠦᠨ ᠵᠡᠷᠭᠡ ᠳᠣᠩᠭᠣᠳᠴᠤ ᠨᠢᠰᠴᠦ ᠡᠴᠢᠪᠡ᠃ 
       ᠲᠡᠳᠦᠢ ᠣᠯᠠᠨ ᠢ᠋ᠶ᠋ᠠᠷ ᠵᠥᠪᠯᠡᠨ ᠲᠣᠭᠲᠠᠵᠤ ᠲᠠᠢ ᠰᠡᠴᠡᠨ ᠣᠷᠣᠵᠤ ᠰᠥᠭᠥᠳᠴᠦ ᠠᠢᠯᠠᠳᠬᠠᠷᠤᠨ : 《 ᠪᠤᠭᠲᠠᠨ ᠡᠵᠡᠨ ᠳ᠋ᠦ᠍ ᠶᠢᠰᠦᠨ ᠵᠡᠷᠭᠡ ᠲᠡᠭᠷᠢ ᠪᠡᠯᠭᠡ ᠶ᠋ᠢ ᠰᠣᠶᠣᠷᠬᠠᠵᠤ ᠬᠠᠭᠠᠨ ᠰᠠᠭᠤᠷᠢᠨ ᠳ᠋ᠤᠷ ᠰᠠᠭᠤᠬᠤᠢ ᠳ᠋ᠤᠷ ᠲᠡᠭᠷᠢ ᠶ᠋ᠢᠨ ᠭᠠᠢᠬᠠᠮᠰᠢᠭ᠍ᠲᠤ ᠬᠤᠪᠢᠯᠭᠠᠨ ᠰᠢᠪᠠᠭᠤ ᠭᠤᠷᠪᠠᠨ ᠵᠡᠷᠭᠡ ᠢᠷᠡᠵᠦ ᠴᠢᠩᠭᠢᠰ ᠴᠢᠩᠭᠢᠰ ᠭᠡᠮᠡᠨ ᠳᠠᠭᠤᠳᠠᠭᠰᠠᠨ ᠲᠤᠯᠠ < ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠣᠸᠠᠩᠲᠢ > ᠪᠣᠯᠤᠭᠰᠠᠨ ᠲᠤᠯᠠᠳᠠ ᠪᠣᠭᠳᠠ ᠡᠵᠡᠨ᠂ ᠬᠥᠮᠦᠨ ᠦ᠌ ᠰᠣᠳᠣ < ᠴᠢᠩᠭᠢᠰ ᠪᠣᠭᠳᠠ > ᠬᠠᠭᠠᠨ ᠬᠡᠮᠡᠪᠡᠰᠦ ᠵᠣᠬᠢᠮᠤᠢ᠃ ᠪᠣᠭᠳᠠ ᠡᠵᠡᠨ ᠭᠤᠴᠢᠨ ᠬᠣᠶᠠᠷ ᠵᠢᠯ ᠬᠠᠮᠢᠭ᠎ᠠ ᠬᠦᠷᠪᠡᠴᠦ ᠲᠡᠷᠡ ᠤᠯᠤᠰ ᠲᠤᠷ ᠬᠦᠨᠳᠦᠯᠡᠭᠳᠡᠨ ᠡᠷᠬᠢᠯᠡᠭᠳᠡᠵᠦ᠂ ᠡᠵᠡᠨ ᠪᠦᠷᠢ ᠢᠷᠡᠵᠦ ᠡᠨᠡ ᠡᠳᠦᠷ ᠮᠠᠨ ᠤ᠋ ᠪᠸᠲ᠋ᠠ᠋ ᠤᠯᠤᠰ ᠤ᠋ᠨ ᠵᠠᠭᠤᠨ ᠲᠦᠮᠡᠨ ᠤᠯᠤᠰ ᠢ᠋ᠶ᠋ᠠᠨ ᠡᠷᠲᠡᠨ ᠦ᠌ ᠮᠣᠩᠭᠣᠯᠵᠢᠬᠤ ᠠᠢᠮᠠᠭ ᠤ᠋ᠨ ᠡᠵᠡᠯᠡᠭᠰᠡᠨ ᠮᠤᠩ ᠨᠡᠷᠡᠲᠦ ᠤᠯᠤᠰ ᠤ᠋ᠨ ᠭᠣᠣᠯ ᠳ᠋ᠤᠷ ᠴᠢᠭᠤᠯᠭᠠᠨ ᠴᠢᠭᠤᠯᠵᠤ᠂ ᠡᠵᠡᠨ ᠶᠢᠰᠦᠨ ᠥᠷᠯᠥᠭ ᠲᠡᠭᠷᠢ ᠶ᠋ᠢᠨ ᠪᠡᠯᠭᠡ ᠶ᠋ᠢ ᠭᠤᠶᠤᠨ ᠬᠠᠭᠠᠨ ᠰᠢᠷᠡᠭᠡᠨ ᠳ᠋ᠡᠭᠡᠨ ᠰᠠᠭᠤᠵᠤ᠂ ᠮᠠᠨ ᠤ᠋ ᠡᠨᠡ ᠤᠯᠤᠰ ᠢ᠋ ᠬᠦᠨᠳᠦᠯᠡᠭᠳᠡᠬᠦᠢ ᠶ᠋ᠢᠨ < ᠳᠡᠭᠡᠳᠦ ᠬᠥᠬᠡ ᠮᠣᠩᠭᠣᠯ ᠤᠯᠤᠰ > ᠬᠡᠮᠡᠭᠳᠡᠰᠦᠭᠡᠢ ! 》ᠭᠡᠮᠡᠨ᠂ ᠢᠷᠭᠡᠨ ᠦᠰᠦᠭ ᠢ᠋ ᠢᠨᠦ ᠳ᠋ᠠᠳᠠᠳᠤᠩᠭ᠎ᠠ᠂ ᠳᠠᠴᠢᠩᠬᠤᠷᠯᠤ᠂ ᠢᠯᠠᠭᠤᠭᠰᠠᠨ ᠨᠠᠷ ᠣᠷᠴᠢᠭᠤᠯᠤᠨ ᠭᠠᠷᠭᠠᠪᠠ : ᠲᠡᠭᠷᠢ ᠶ᠋ᠢᠨ ᠪᠣᠱᠣᠭ ᠢ᠋ᠶ᠋ᠠᠷ ᠤᠯᠠᠷᠢᠯ ᠢ᠋ ᠨᠡᠭᠡᠭᠡᠭᠰᠡᠨ ᠪᠣᠭᠳᠠ ᠪᠠᠭᠠᠲᠤᠷ ᠬᠣᠸᠠᠩᠲᠢ ᠴᠢᠩᠭᠢᠰ ᠬᠠᠭᠠᠨ  (承天啟運聖武皇帝成吉思可汗) ᠡᠨᠡ ᠤᠨᠤᠨ ᠮᠥᠷᠡᠨ ᠦ᠌ ᠬᠥᠪᠡᠭᠡᠨ ᠳ᠋ᠦ᠍ᠷ ᠬᠠᠭᠠᠨ ᠰᠠᠭᠤᠭᠰᠠᠨ ᠢ᠋ 《ᠵᠦᠽᠢ ᠭᠠᠩ ᠮᠦ᠍ 》 ᠳ᠋ᠦ᠍ᠷ ᠤᠨᠤᠨ ᠮᠥᠷᠡᠨ ᠬᠠᠨ ᠨᠠᠨ ᠾᠧ ᠭᠡᠮᠡᠨ ᠪᠢᠴᠢᠭᠡᠳ ᠴᠢᠩᠭᠢᠰ ᠬᠡᠮᠡᠭᠰᠡᠨ ᠦᠭᠡ ᠶ᠋ᠢ 《 ᠴᠧᠩ ᠵᠶ᠋ᠢ ᠽᠢ ᠺᠧ ᠬᠠᠨ  》ᠭᠡᠮᠡᠨ ᠦᠰᠦᠭ ᠰᠠᠯᠭᠠᠨ ᠪᠢᠴᠢᠭᠡᠳ ᠪᠠᠰᠠ ᠴᠠᠭᠠᠨ ᠶᠠᠰᠤᠲᠤ ᠬᠡᠮᠡᠬᠦ ᠦᠭᠡ ᠶ᠋ᠢ ᠬᠠᠯᠭᠤᠷᠠᠵᠤ ᠣᠪᠣᠭ ᠪᠣᠯᠭᠠᠨ ᠡᠨᠳᠡᠭᠦᠷᠡᠵᠦ ᠴᠠᠭᠠᠨ ᠬᠡᠮᠡᠭᠰᠡᠨ ᠦᠭᠡ ᠶ᠋ᠢ 《ᠴᠢ ᠦ ᠸᠸᠨ 》ᠭᠡᠮᠡᠨ ᠬᠠᠯᠠᠭᠤᠷᠠᠨ ᠪᠢᠴᠢᠵᠦᠬᠦᠢ᠃ ᠵᠢᠴᠢ ᠮᠣᠩᠭᠣᠯ ᠬᠡᠮᠡᠭᠰᠡᠨ ᠦᠭᠡ ᠶ᠋ᠢ ᠡᠨᠡ ᠡᠳᠦᠷ ᠡᠴᠡ ᠡᠬᠢᠯᠡᠨ ᠰᠠᠶᠢ ᠮᠣᠩᠭᠣᠯ ᠬᠡᠮᠡᠭᠰᠡᠨ ᠦᠭᠡ ᠭᠠᠷᠤᠭᠰᠠᠨ ᠪᠥᠭᠡᠲᠡᠯ᠎ᠡ ᠮᠠᠨ ᠤ᠋ ᠮᠣᠩᠭᠣᠯ ᠨᠣᠮ ᠪᠢᠴᠢᠭ ᠣᠷᠴᠢᠭᠤᠯᠬᠤᠢ ᠳ᠋ᠤᠷ ᠯᠢᠶᠣᠤ᠂ ᠠᠯᠲᠠᠨ᠂ ᠬᠢᠳᠠᠨ᠂ ᠰᠢᠶᠠ᠂ ᠲᠥᠪᠡᠳ᠂ ᠲᠠᠩᠭᠤᠳ ᠢ᠋ ᠴᠥᠮ ᠢ᠋ᠶ᠋ᠠᠷ ᠮᠣᠩᠭᠣᠯ ᠭᠡᠮᠡᠨ ᠨᠡᠷᠡᠢᠳᠴᠦ ᠮᠠᠰᠢ ᠶᠡᠬᠡᠳᠡ ᠲᠠᠰᠢᠶᠠᠷᠠᠭᠰᠠᠨ ᠪᠣᠯᠠᠢ᠃ ᠡᠨᠡ ᠮᠣᠩᠭᠣᠯ ᠤᠯᠤᠰ ᠰᠠᠭᠤᠵᠤ ᠮᠣᠩᠭᠣᠯ ᠬᠡᠮᠡᠭᠰᠡᠨ ᠦᠰᠦᠭ ᠵᠣᠬᠢᠶᠠᠭᠰᠠᠨ ᠠᠨᠤ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠳᠠᠢ ᠾᠧ ᠬᠡᠮᠡᠬᠦ ᠵᠢᠷᠭᠤᠳᠤᠭᠠᠷ ᠣᠨ ᠤ᠋ ᠬᠥᠬᠡᠭᠡ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠬᠤᠯᠤᠭᠠᠨ᠎ᠠ ᠴᠠᠭ᠂ ᠰᠥᠩ ᠤᠯᠤᠰ ᠤ᠋ᠨ ᠨᠢᠩᠽᠦ᠋ᠩ ᠦ᠋ᠨ ᠺᠠᠢ ᠰᠢ ᠶ᠋ᠢᠨ ᠬᠣᠶᠠᠳᠤᠭᠠᠷ ᠣᠨ ᠤ᠋ ᠬᠥᠬᠡᠭᠡ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠬᠤᠯᠤᠭᠠᠨ᠎ᠠ ᠴᠠᠭ ᠲᠤᠷ ᠰᠠᠶᠢ ᠭᠠᠷᠤᠭᠰᠠᠨ ᠢ᠋ ᠣᠨ ᠠ᠋ᠴᠠ ᠤᠷᠢᠳᠠ ᠵᠣᠣ ᠤᠯᠤᠰ᠂ ᠴᠢᠨ᠂ ᠬᠠᠨ᠂ ᠤ᠋᠂ ᠳᠠᠩ ᠵᠡᠷᠭᠡ ᠶ᠋ᠢᠨ ᠤᠯᠤᠰ ᠤᠯᠤᠰ ᠤ᠋ᠨ ᠲᠥᠪ ᠳᠠᠭᠤᠨ ᠠᠯᠠᠷ ᠴᠠᠬᠠᠷ ᠤᠢᠭᠤᠷ ᠰᠣᠯᠤᠩᠭᠤᠳ ᠵᠡᠷᠭᠡ ᠶ᠋ᠢᠨ ᠤᠯᠤᠰ ᠢ᠋ ᠴᠥᠮ ᠮᠣᠩᠭᠣᠯ ᠬᠡᠮᠡᠭᠰᠡᠨ ᠢᠨᠦ ᠶᠡᠬᠡᠳᠡ ᠲᠠᠰᠢᠶᠠᠷᠠᠭᠰᠠᠨ ᠪᠣᠯᠠᠢ᠃ ᠡᠰᠡ ᠬᠢᠨᠠᠪᠠᠰᠤ ᠪᠣᠯᠤᠮᠤᠢ ᠤᠤ ?
       ᠲᠡᠳᠦᠢ ᠲᠠᠢᠽᠦ ᠲᠡᠭᠷᠢ ᠶ᠋ᠢᠨ  ᠷᠠᠰᠢᠶᠠᠨ ᠢ᠋ ᠥᠭᠡᠯᠦᠨ ᠲᠠᠢᠬᠡᠦ ᠳ᠋ᠦ᠍ᠷ ᠪᠠᠷᠢᠵᠤ ᠠᠮᠰᠠᠭᠤᠯᠪᠠ ᠃ ᠪᠦᠷᠳᠡᠭᠡᠯᠵᠢᠨ ᠬᠤᠸᠠᠩᠬᠡᠦ ᠳ᠋ᠦ᠍ᠷ ᠥᠭᠪᠡᠰᠦ ᠠᠮᠲᠠᠯᠠᠭᠰᠠᠨ ᠢ᠋ ᠪᠤᠰᠤᠳ ᠬᠥᠮᠦᠨ ᠡᠰᠡ ᠦᠵᠡᠪᠡ᠃ 
       ᠲᠡᠨᠳᠡᠴᠡ ᠲᠠᠢᠽᠦ ᠣᠯᠠᠨ ᠲᠦᠰᠢᠮᠡᠳ ᠢ᠋ ᠠᠪᠴᠤ ᠥᠵᠢᠨ ᠲᠠᠢᠬᠡᠦ ᠶ᠋ᠢ ᠪᠠᠷᠠᠭᠤᠨ ᠬᠣᠢᠲᠤ ᠥᠨᠳᠥᠷ ᠮᠠᠨᠳᠠᠯ ᠳ᠋ᠤᠷ ᠵᠠᠯᠠᠵᠤ ᠵᠦᠢᠯ ᠵᠦᠢᠯ ᠦ᠋ᠨ ᠬᠥᠭᠵᠢᠮ ᠡᠭᠦᠰᠬᠡᠨ᠂ ᠲᠠᠢᠬᠡᠦ ᠴᠢᠩᠭᠢᠰ ᠬᠠᠭᠠᠨ ᠲᠡᠷᠢᠭᠦᠯᠡᠨ ᠣᠯᠠᠨ ᠢ᠋ ᠠᠪᠴᠤ ᠮᠥᠷᠭᠥᠬᠦᠢ ᠳ᠋ᠦ᠍ᠷ ᠥᠭᠡᠯᠦᠨ ᠲᠠᠢᠬᠡᠦ ᠦᠵᠡᠪᠡᠰᠦ ᠬᠣᠷᠢᠨ ᠭᠠᠵᠠᠷ ᠤ᠋ᠨ ᠲᠠᠯ᠎ᠠ ᠳᠦᠭᠦᠷᠡᠩ ᠵᠠᠭᠤᠨ ᠲᠦᠮᠡᠨ ᠬᠥᠮᠦᠨ ᠨᠢᠭᠡᠨ ᠲᠣᠯᠣᠭᠠᠢ ᠪᠠᠷ ᠮᠥᠷᠭᠥᠬᠦᠢ ᠳ᠋ᠦ᠍ᠷ ᠲᠡᠭᠷᠢ ᠭᠠᠵᠠᠷ ᠲᠤᠷ ᠵᠠᠯᠪᠠᠷᠢᠵᠤ᠂ ᠲᠠᠢᠽᠦ ᠴᠢᠩᠭᠢᠰ ᠬᠠᠭᠠᠨ ᠤ᠋ ᠭᠠᠷ ᠢ᠋ ᠪᠠᠷᠢᠵᠤ ᠢᠷᠥᠭᠡᠨ ᠥᠭᠦᠯᠡᠷᠦᠨ :《ᠬᠠᠭᠠᠨ ᠬᠥᠪᠡᠭᠦᠨ ᠴᠢ ᠬᠠᠮᠤᠭ ᠪᠦᠭᠦᠳᠡ ᠶ᠋ᠢ ᠬᠥᠪᠡᠭᠦᠨ ᠮᠡᠲᠦ ᠠᠰᠠᠷᠠ᠂ ᠡᠵᠡᠨ ᠬᠥᠪᠡᠭᠦᠨ ᠴᠢ ᠨᠡᠢᠲᠡ ᠪᠦᠭᠦᠳᠡ ᠶ᠋ᠢ ᠲᠥᠷᠥᠭᠰᠡᠨ ᠳ᠋ᠦ᠍ᠷ ᠮᠡᠲᠦ ᠥᠷᠥᠰᠢᠶᠡ᠃ ᠬᠥᠭᠰᠢᠨ ᠪᠢ ᠳᠥᠴᠢᠨ ᠲᠠᠪᠤᠨ ᠵᠢᠯ ᠵᠦᠳᠡᠭᠰᠡᠨ ᠮᠢᠨᠦ ᠬᠣᠭᠣᠰᠣᠨ ᠦᠭᠡᠢ᠃ ᠬᠥᠪᠡᠭᠦᠨ ᠮᠢᠨᠦ ᠬᠠᠮᠤᠭ ᠢ᠋ ᠡᠵᠡᠯᠡᠬᠦ ᠬᠠᠭᠠᠨ ᠰᠠᠭᠤᠵᠤ ᠮᠢᠨᠦ ᠠᠴᠢ ᠶ᠋ᠢ ᠬᠠᠷᠢᠭᠤᠯᠠᠪᠠ ! 》ᠭᠡᠮᠡᠨ ᠨᠢᠯᠪᠤᠰᠤᠨ ᠤᠨᠠᠭᠠᠨ ᠪᠠᠶᠠᠷᠯᠠᠵᠤ᠂ ᠲᠠᠢᠽᠦ ᠴᠢᠩᠭᠢᠰ ᠬᠠᠭᠠᠨ ᠤ᠋ ᠲᠡᠭᠷᠢ ᠶ᠋ᠢᠨ ᠷᠠᠰᠢᠶᠠᠨ ᠤ᠋ ᠳᠡᠭᠡᠵᠢ ᠶ᠋ᠢ ᠠᠮᠲᠠᠯᠠᠵᠤ ᠪᠡᠶᠡᠰᠪᠡ᠃ 
       ᠲᠡᠳᠦᠢ ᠵᠡᠭᠦᠨ ᠬᠣᠢᠲᠤ ᠮᠠᠨᠳᠠᠯ ᠳ᠋ᠤᠷ ᠪᠦᠷᠳᠡᠭᠡᠯᠵᠢᠨ ᠬᠠᠲᠤᠨ ᠢ᠋ ᠵᠠᠯᠠᠵᠤ ᠲᠠᠢᠽᠦ ᠡᠰᠡᠷᠭᠦᠯᠡᠨ ᠰᠠᠭᠤᠵᠤ᠂ ᠬᠠᠷᠢᠯᠴᠠᠨ ᠭᠬᠢᠪ ᠰᠣᠯᠢᠯᠴᠠᠭᠰᠠᠨ ᠬᠣᠢᠨ᠎ᠠ᠂ ᠤᠯᠤᠰ ᠤ᠋ᠨ ᠬᠣᠲᠠᠯᠠᠭᠠᠷ ᠮᠠᠨᠳᠠᠯ ᠤ᠋ᠨ ᠳᠣᠣᠷ᠎ᠠ ᠰᠥᠭᠥᠳᠴᠦ ᠮᠥᠷᠭᠥᠬᠦᠢ ᠳ᠋ᠦ᠍ᠷ ᠪᠦᠷᠲᠡᠭᠡᠯᠵᠢᠨ ᠬᠠᠲᠤᠨ ᠲᠠᠢᠽᠢ ᠨᠠᠷ ᠢ᠋ᠶ᠋ᠠᠷ ᠲᠠᠢ ᠰᠡᠴᠡᠨ ᠢ᠋ ᠲᠦᠰᠢᠭᠦᠯᠦᠨ ᠪᠣᠰᠬᠠᠯᠭᠠᠪᠠ᠃ ᠲᠡᠳᠦᠢ ᠬᠠᠭᠠᠨ ᠤ᠋ ᠵᠠᠷᠯᠢᠭ ᠢ᠋ᠶ᠋ᠠᠷ ᠤᠷᠢᠳᠤ ᠶ᠋ᠢᠨ ᠶᠢᠰᠦᠭᠡᠢ ᠪᠠᠭᠠᠲᠤᠷ ᠢ᠋ ᠨᠡᠬᠡᠵᠦ ᠡᠷᠭᠦᠮᠵᠢᠯᠡᠭᠰᠡᠨ ᠢᠨᠣ《ᠴᠢᠬᠢᠷᠡᠭ ᠪᠠᠭᠠᠲᠤᠷ ᠬᠠᠭᠠᠨ ᠯᠢᠶ᠋ᠸᠽᠣ 》 ᠭᠡᠮᠡᠨ ᠨᠡᠬᠡᠨ ᠡᠷᠭᠦᠵᠦ᠂ ᠥᠭᠡᠯᠦᠨ ᠥᠵᠢᠨ ᠡᠮᠡᠭᠡ ᠶ᠋ᠢ《ᠦᠯᠡᠭᠦᠦ ᠢᠷᠦᠭᠡᠯᠲᠦ ᠲᠡᠢ ᠴᠢᠩ ᠲᠠᠢᠬᠡᠦ 》ᠭᠡᠮᠡᠨ ᠡᠷᠭᠦᠵᠦ᠂ ᠪᠦᠷᠲᠡᠭᠡᠯᠵᠢᠨ ᠵᠦᠰᠦᠨ ᠲᠥᠪ ᠬᠠᠲᠤᠨ ᠢ᠋《ᠭᠡᠷᠡᠯᠲᠦ ᠶᠡᠬᠡᠮᠰᠦᠭ ᠬᠤᠸᠠᠩᠬᠡᠦ 》 ᠭᠡᠮᠡᠨ ᠡᠷᠭᠦᠵᠦ᠂ ᠵᠡᠭᠦᠨ ᠪᠠᠷᠠᠭᠤᠨ ᠲᠥᠷᠥ ᠶ᠋ᠢᠨ ᠬᠠᠲᠤᠳ ᠵᠢᠰᠦᠲᠦ᠂ ᠵᠢᠰᠦᠯᠢᠭ᠂ ᠭᠣᠣᠯ ᠤ᠋ᠨ ᠰᠠᠷᠠᠨ ᠢ᠋ ᠵᠡᠭᠦᠨ ᠪᠠᠷᠠᠭᠤᠨ ᠣᠷᠳᠣᠨ ᠤ᠋《ᠡᠷᠬᠢᠮ ᠹᠧᠢ 》ᠡᠷᠭᠦᠵᠦ᠂ ᠬᠠᠰᠠᠷ᠂ ᠪᠡᠯᠭᠦᠳᠡᠢ᠂ ᠣᠴᠢᠭ᠂ ᠭᠠᠴᠤᠭ ᠳᠥᠷᠪᠡᠨ ᠲᠥᠷᠥᠯ ᠸᠠᠩ᠂ ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠭᠦᠯᠡ ᠶ᠋ᠢ ᠳᠥᠷᠪᠡᠨ ᠲᠠᠢᠽᠢ ᠸᠠᠩ ᠬᠡᠮᠡᠵᠦ᠂ ᠲᠠᠢᠽᠦ ᠴᠢᠩᠭᠢᠰ ᠬᠠᠭᠠᠨ ᠠ᠋ᠴᠠ ᠲᠠᠢ ᠰᠡᠴᠡᠨ᠂ ᠲᠣᠷᠭᠠᠨ ᠰᠢᠷ᠎ᠠ ᠬᠣᠶᠠᠭᠤᠯᠠ ᠶ᠋ᠢ ᠵᠠᠭᠤᠨ ᠪᠢᠴᠢᠭ ᠦ᠋ᠨ ᠲᠦᠰᠢᠮᠡᠳ ᠦ᠋ᠨ ᠲᠡᠷᠢᠭᠦᠨ ᠲᠦᠰᠢᠮᠡᠳ᠂ ᠡᠮᠦᠨ᠎ᠡ ᠬᠣᠢᠨᠠᠬᠢ ᠭᠠᠳᠠᠭᠠᠳᠤ ᠤᠯᠤᠰ ᠢ᠋ ᠵᠠᠬᠢᠷᠬᠤ ᠰᠠᠢᠳ᠃ ᠮᠤᠬᠤᠯᠢ᠂ ᠪᠤᠭᠤᠷᠵᠢ ᠬᠣᠶᠠᠭᠤᠯᠠ ᠶ᠋ᠢ ᠵᠢᠨᠦᠩ᠂ ᠴᠡᠷᠢᠭ ᠦ᠋ᠨ ᠲᠦᠰᠢᠮᠡᠳ ᠢ᠋ ᠲᠡᠷᠢᠭᠦᠯᠡᠬᠦ ᠶᠤᠸᠠᠨᠱᠤᠸᠠᠢ᠂ ᠵᠡᠭᠦᠨ ᠪᠠᠷᠠᠭᠤᠨ ᠬᠣᠶᠠᠷ ᠲᠦᠮᠡᠨ ᠢ᠋ ᠵᠠᠬᠢᠷᠬᠤ ᠮᠥᠷᠥ ᠶ᠋ᠢᠨ ᠵᠠᠩᠵᠤᠨ ᠬᠡᠮᠡᠵᠦ᠂ ᠪᠤᠭᠤᠷᠤᠯ᠂ ᠴᠢᠯᠠᠭᠤᠨ᠂ ᠴᠤᠤ ᠮᠡᠷᠭᠡᠨ᠂ ᠰᠢᠷᠢ ᠬᠤᠲᠤᠭ᠂ ᠵᠠᠯᠮ᠎ᠠ᠂ ᠵᠡᠪᠡ ᠶ᠋ᠢ ᠲᠠᠪᠤᠨ ᠪᠠᠷᠰ ᠤ᠋ᠨ ᠵᠠᠩᠵᠤᠨ᠃ ᠡᠭᠦᠨ ᠡᠴᠡ ᠭᠠᠳᠠᠨ᠎ᠠ ᠳᠣᠲᠣᠭᠠᠳᠤ ᠭᠤᠴᠢᠨ ᠵᠢᠷᠭᠤᠭᠠᠨ ᠪᠠᠭᠠᠲᠤᠷ ᠵᠠᠩᠵᠤᠨ ᠠᠨᠤ : ᠮᠡᠩᠭᠡᠯᠢᠭ᠂ ᠮᠡᠩᠭᠡᠲᠦ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ᠂ ᠬᠠᠷ᠎ᠠ ᠬᠢᠷᠤ᠂ ᠬᠤᠷᠴᠠ ᠪᠠᠢᠷᠢ᠂ ᠣᠶᠤᠲᠤ ᠰᠡᠴᠡᠨ᠂ ᠣᠶᠤᠨ ᠭᠤᠸ᠎ᠠ᠂ ᠠᠷᠠᠭᠠᠰᠤᠨ ᠤ᠋ ᠬᠣᠷᠭᠣᠯᠵᠢ ᠤᠷᠲᠤ᠂ ᠷᠢᠨᠴᠢᠨ᠂ ᠪᠣᠲ᠋ᠣ᠂ ᠪᠤᠰᠦᠩ᠂ ᠰᠠᠢᠬᠠᠨ ᠰᠤᠷᠲᠠᠯᠲᠤ᠂ ᠠᠵᠢᠨᠠᠢ᠂ ᠬᠤᠳᠠᠷᠭ᠎ᠠ᠂ ᠳᠠᠢᠰᠤᠨᠳᠠᠷᠤᠭᠴᠢ᠂ ᠵᠠᠮᠪᠠᠯ᠂ ᠪᠤᠯᠤ᠂ ᠡᠭᠦᠯᠡᠨ ᠴᠡᠷᠪᠢ᠂ ᠰᠥᠪᠡᠭᠡᠲᠡᠢ᠂ ᠲᠡᠭᠦᠰᠴᠣᠭ᠍ᠲᠦ᠂ ᠠᠯᠲᠠᠨᠱᠠᠭ᠎ᠠ᠂ ᠳᠠᠴᠢᠩᠬᠤᠷᠯᠤ᠂ ᠢᠯᠠᠭᠤᠭᠰᠠᠨ᠂ ᠭᠢᠯᠥᠭᠡᠨ᠂ ᠲᠤᠰᠬᠤ᠂ ᠢᠳᠡᠷ ᠳᠣᠪᠣ᠂ ᠴᠡᠴᠡᠭ᠂ ᠠᠨᠳᠠᠨ᠂ ᠪᠠᠳᠤᠷ᠂ ᠳ᠋ᠠᠳᠠᠳᠤᠩᠭ᠎ᠠ᠂ ᠪᠣᠯᠢᠭ᠍ᠲᠦ ᠪᠠᠷᠰ᠂ ᠰᠢᠯᠢᠭᠲᠦ ᠪᠠᠷᠰ᠂ ᠲᠡᠰᠬᠡᠯ ᠪᠠᠷᠰ᠂ ᠡᠨᠡ ᠪᠣᠯᠪᠠᠰᠤ ᠭᠤᠴᠢᠨ ᠵᠢᠷᠭᠤᠭᠠᠨ ᠪᠠᠭᠠᠲᠤᠷ ᠵᠠᠩᠵᠤᠨ᠃ ᠦᠯᠡᠭᠰᠡᠨ ᠳᠠᠯᠠᠨ ᠬᠣᠶᠠᠷ ᠭᠠᠳᠠᠭᠠᠳᠤ ᠶ᠋ᠢᠨ ᠬᠤᠷᠴᠠ  ᠵᠠᠩᠵᠤᠨ ᠨᠠᠷ ᠠᠨᠤ : ᠠᠯᠤᠬ᠎ᠠ᠂ ᠰᠦᠬᠡ᠂ ᠠᠯᠮᠠᠰ᠂ ᠸᠴᠢᠷ᠂ ᠪᠣᠯᠢᠭ᠍ᠲᠠᠢ᠂ ᠪᠣᠯᠤᠭ᠂ ᠤᠬᠠᠭᠠᠲᠠᠢ᠂ ᠠᠨᠠᠨᠳᠠ᠂ ᠰᠤᠪᠤᠲᠠᠢ᠂ ᠬᠠᠳᠤ ᠲᠡᠮᠦᠷ᠂ ᠳᠤᠭᠤᠯᠠᠭ᠎ᠠ ᠲᠡᠮᠦᠷ᠂ ᠬᠣᠪᠤᠯᠠᠢ᠂ ᠱᠤᠪᠤᠯᠠᠢ᠂ ᠸᠠᠢᠵᠢᠩ᠂ ᠠᠯᠢᠵᠠᠩ᠂ ᠬᠦᠳᠡᠷ ᠪᠦᠰᠡ᠂ ᠬᠦᠷᠡᠯ ᠪᠦᠰᠡ᠂ ᠥᠳᠥ᠂ ᠰᠣᠳᠣ᠂ ᠪᠤᠭᠤᠲᠤ ᠬᠤᠸᠠ᠂ ᠠᠯᠠᠭ ᠲᠤᠭᠤᠯ᠂ ᠶᠣᠯᠣ ᠶ᠋ᠢᠨ ᠪᠠᠭᠠᠰᠤ᠂ ᠤᠨᠵᠢᠭᠠᠢ᠂ ᠰᠤᠨᠵᠢᠭᠠᠢ᠂ ᠮᠤᠨᠤᠬᠤ᠂ ᠰᠦᠷᠲᠦ᠂ ᠴᠠᠭᠠᠯᠠᠰᠢ᠂ ᠵᠦᠯᠭᠡᠲᠡᠢ᠂ ᠴᠢᠮᠡᠪᠡᠢ᠂ ᠬᠤᠢᠯᠠᠳᠠᠷ᠂ ᠰᠥᠷᠥᠯᠬᠡᠭ᠂ ᠮᠢᠩᠭᠠᠲᠠ᠂ ᠨᠠᠨᠰ᠂ ᠭᠢᠯᠣᠳᠤᠩ᠂ ᠲᠠᠵᠣᠨᠠᠢ᠂ ᠰᠠᠮᠤᠤ᠂ ᠠᠬᠠᠢ᠂ ᠶᠠᠱ᠌ᠢ᠂ ᠰᠢᠵᠢᠯᠢᠶᠡᠮᠪᠦ᠂ ᠰᠢᠯ᠂ ᠪᠣᠯᠭᠣᠨ᠂ ᠬᠤᠲᠤᠭᠲᠤ᠂ ᠰᠤᠪᠤᠬᠠᠢ᠂ ᠲᠥᠵᠦ᠂ ᠴᠢᠦᠢ ᠱᠢ ᠯᠢ᠂ ᠴᠢᠭᠳᠦ᠂ ᠵᠢᠩ᠂ ᠪᠤᠭᠤ᠂ ᠮᠡᠨᠠᠩ᠂ ᠮᠠᠨᠢᠷ᠂ ᠺᠡᠣᠯᠤ᠂ ᠲᠠᠷᠢᠰᠣᠨᠤᠰᠤᠭ᠍ᠴᠢ᠂ ᠡᠯᠢᠶ᠎ᠡ᠂ ᠪᠣᠳᠣᠩ᠂ ᠬᠦᠨᠳᠦ᠂ ᠯᠢᠦ ᠹᠦ᠂ ᠯᠢᠦ ᠵᠦᠩ ᠯᠦ᠍᠂ ᠳ᠋ᠦᠩ ᠵᠢᠶᠦ᠋ᠨ᠂ ᠰᠠᠷᠠᠨ᠂ ᠠᠨᠳᠦ᠂ ᠫᠣᠯᠭᠣᠳᠠᠢ᠂ ᠰᠢᠳᠤᠷᠭᠤ᠂ ᠰᠣᠯᠤᠩᠭᠤᠸ᠎ᠠ᠂ ᠬᠣᠩᠭᠣᠷ ᠵᠤᠯᠠ᠂ ᠰᠢᠯᠢᠨ ᠬᠠᠲᠤᠨ᠂ ᠬᠠᠰ ᠲᠤᠶᠠᠭ᠎ᠠ ᠨᠠᠷ ᠁ ᠡᠨᠡ  ᠳᠠᠯᠠᠨ ᠬᠣᠶᠠᠷ ᠬᠤᠷᠴᠠ ᠬᠣᠰᠢᠭᠤᠴᠢ ᠵᠠᠩᠵᠤᠨ ᠨᠠᠷ ᠲᠡᠷᠢᠭᠦᠯᠡᠨ ᠱᠠᠯᠠᠮᠠᠭᠠᠢ ᠴᠡᠷᠢᠭ ᠳᠥᠴᠢᠨ ᠲᠦᠮᠡᠨ᠂ ᠤᠯᠤᠰ ᠤ᠋ᠨ ᠬᠠᠷᠢᠶᠠᠲᠤ ᠡᠷ᠎ᠡ ᠶ᠋ᠢᠨ ᠲᠣᠭ᠎ᠠ ᠨᠠᠢ᠍ᠮᠠᠨ ᠵᠠᠭᠤᠨ ᠲᠦᠮᠡᠨ ᠢᠯᠡᠭᠦᠦ ᠪᠣᠯᠵᠤ᠂ ᠲᠠᠢᠽᠦ ᠴᠢᠩᠭᠢᠰ ᠬᠠᠭᠠᠨ᠂ ᠣᠯᠠᠨ ᠤᠯᠤᠰ ᠤ᠋ᠨ ᠰᠠᠩ ᠬᠥᠮᠥᠷᠭᠡ ᠶ᠋ᠢ ᠨᠡᠭᠡᠭᠡᠵᠦ ᠶᠡᠬᠡ ᠱᠠᠩ ᠲᠠᠯᠪᠢᠨ᠂ ᠬᠦᠨᠳᠦ ᠥᠭᠯᠢᠭᠡ ᠥᠭᠴᠦ ᠮᠣᠩᠭᠣᠯ ᠤᠯᠤᠰ ᠤ᠋ᠨ ᠬᠠᠷᠢᠶᠠᠲᠤ ᠪᠦᠬᠦᠨ ᠭᠠᠵᠠᠷ ᠲᠤᠷ ᠵᠠᠷᠯᠢᠭ ᠪᠠᠭᠤᠯᠭᠠᠨ ᠣᠯᠠᠨ ᠶᠠᠯᠠᠲᠠᠨ ᠢ᠋ ᠠᠷᠪᠠᠨ ᠬᠠᠷ᠎ᠠ ᠲᠠᠪᠤᠨ ᠵᠠᠪᠰᠠᠷ ᠦᠭᠡᠢ ᠶᠡᠬᠡ ᠶᠠᠯ᠎ᠠ ᠠ᠋ᠴᠠ ᠪᠤᠰᠤ ᠶ᠋ᠢ ᠠᠨᠤ ᠴᠥᠮ ᠨᠢᠭᠡᠨ ᠵᠡᠷᠭᠡ ᠬᠥᠩᠭᠡᠯᠡᠵᠦ ᠲᠠᠯᠪᠢᠭᠤᠯᠪᠠ᠃ ᠪᠠᠰᠠ ᠯᠦᠸᠧ ᠽᠢ ᠴᠧᠩ ᠬᠣᠲᠠ ᠬᠢᠭᠡᠳ ᠯᠢ ᠴᠢᠯᠢ ᠬᠣᠷᠣᠭ᠎ᠠ ᠶ᠋ᠢᠨ ᠳᠣᠯᠣᠭᠠᠨ ᠲᠦᠮᠡᠨ ᠢᠯᠡᠭᠦᠦ ᠢᠷᠭᠡᠨ ᠢ᠋ ᠡᠭᠡᠭᠦᠯᠪᠡ᠃ ᠤᠯᠤᠰ ᠤ᠋ᠨ ᠬᠣᠲᠠᠯᠠᠭᠠᠷ ᠪᠤᠷᠬᠠᠨ ᠭᠠᠯᠳᠤᠨ᠎ᠠ ᠳ᠋ᠤᠷ ᠤᠷᠢᠳᠤᠰ ᠤ᠋ᠨ ᠰᠦᠮ᠎ᠡ ᠶ᠋ᠢ ᠪᠠᠷᠢᠭᠤᠯᠵᠤ ᠲᠠᠬᠢᠯᠭ᠎ᠠ ᠶ᠋ᠢᠨ ᠣᠷᠣᠨ ᠪᠣᠯᠭᠠᠪᠠ᠃ 
       ᠲᠡᠷᠡ ᠦᠶ᠎ᠡ ᠳ᠋ᠦ᠍ᠷ ᠮᠣᠩᠭᠣᠯ ᠤ᠋ᠨ ᠬᠠᠭᠠᠨ ᠠᠨᠤ ᠡᠷᠬᠡᠪᠰᠢ ᠬᠤᠪᠢᠯᠭᠠᠨ ᠰᠠᠬᠢᠭᠤᠯᠰᠤᠨ ᠤ᠋ ᠶᠣᠰᠣᠭᠠᠷ ᠴᠢᠮᠡᠵᠦ᠂ ᠪᠡᠶ᠎ᠡ ᠬᠤᠪᠴᠠᠰᠤᠨ ᠪᠠ ᠡᠮᠦᠰᠬᠦ ᠭᠤᠲᠤᠯ ᠮᠠᠯᠠᠭ᠎ᠠ ᠪᠦᠬᠦᠨ ᠪᠠᠷᠠᠭᠤᠨ ᠲᠥᠪᠡᠳ ᠦ᠋ᠨ ᠳᠠᠮᠵᠢᠨ ᠳᠣᠭᠰᠢᠳ ᠤ᠋ᠨ ᠳᠦᠷᠢ ᠪᠡᠷ ᠴᠢᠮᠡᠬᠦ ᠠᠵᠤᠭᠤ᠃ ᠪᠡᠶ᠎ᠡ ᠳᠦᠭᠦᠷᠡᠩ ᠡᠷᠳᠡᠨᠢᠰ ᠦ᠋ᠨ ᠡᠷᠢᠭᠡ᠂ ᠴᠢᠬᠢᠨ ᠳ᠋ᠦ᠍ᠷ ᠣᠭ᠌ᠶᠤ ᠱ᠌ᠢᠷᠦ ᠰᠢᠭᠢᠳᠬᠡᠭᠰᠡᠨ ᠴᠤᠤ ᠪᠦᠦ ᠶ᠋ᠢᠨ ᠣᠷᠣᠢ᠂ ᠳᠣᠣᠷ᠎ᠠ ᠲᠦᠰᠢᠮᠡᠳ ᠲᠣᠷ ᠢᠨᠦ ᠶᠢᠰᠦᠨ ᠥᠩᠭᠡ ᠶ᠋ᠢᠨ ᠡᠷᠳᠡᠨᠢᠰ ᠦ᠋ᠨ ᠴᠢᠯᠠᠭᠤᠨ ᠤ᠋ ᠣᠷᠣᠢ ᠬᠠᠳᠠᠭᠤᠯᠵᠤ᠂ ᠶᠢᠰᠦᠨ ᠡᠩ ᠢ᠋ ᠢᠯᠭᠠᠨ ᠰᠠᠯᠭᠠᠨ ᠬᠠᠮᠢᠶᠠᠷᠴᠤᠬᠤᠢ᠃ ᠵᠠᠯᠠᠭᠠᠲᠤ ᠮᠠᠯᠠᠭ᠎ᠠ᠂ ᠥᠨᠳᠥᠷ ᠳᠡᠪᠡᠯ᠂ ᠨᠠᠷᠢᠨ ᠬᠠᠨᠴᠤᠲᠤ ᠡᠮᠦᠰᠬᠦ ᠶ᠋ᠢ ᠲᠡᠷᠡ ᠦᠶ᠎ᠡ ᠳ᠋ᠦ᠍ᠷ ᠬᠠᠢᠷᠠᠯᠠᠭᠰᠠᠨ ᠠᠵᠤᠭᠤ᠃ ᠭᠠᠭᠴᠠ ᠬᠠᠭᠠᠨ ᠠᠨᠤ ᠥᠪᠡᠷ ᠢ᠋ᠶ᠋ᠡᠨ ᠲᠡᠢᠨ ᠬᠦ᠌ ᠴᠢᠮᠡᠮᠦᠢ᠃ ᠲᠡᠨᠳᠡᠴᠡ ᠱᠧᠩ ᠡᠦ ᠬᠤᠸᠠᠩᠳᠢ ᠴᠢᠩᠭᠢᠰ ᠬᠠᠭᠠᠨ ᠠ᠋ᠴᠠ ᠲᠡᠷᠢᠭᠦᠯᠡᠵᠦ ᠂ ᠤᠯᠤᠰ ᠤ᠋ᠨ ᠬᠣᠲᠠᠯᠠᠭᠠᠷ ᠶᠢᠰᠦᠨ ᠡᠳᠦᠷ ᠦ᠋ᠨ ᠶᠡᠬᠡ ᠬᠤᠷᠢᠮ ᠬᠤᠷᠢᠮᠯᠠᠬᠤᠢ ᠳ᠋ᠤᠷ ᠶᠢᠰᠦᠨ ᠥᠷᠯᠥᠭ ᠦ᠋ᠨ ᠪᠡᠯᠡᠭ ᠢ᠋ ᠶᠢᠰᠦᠨ ᠡᠩ ᠦ᠋ᠨ ᠲᠦᠰᠢᠮᠡᠳ ᠪᠠᠷᠢᠵᠤ ᠪᠡᠯᠭᠡᠯᠡᠭᠰᠡᠨ ᠢ᠋ᠶ᠋ᠡᠷ ᠶᠢᠰᠦᠨ ᠡᠩ ᠥᠷᠯᠥᠭ ᠬᠡᠮᠡᠭᠰᠡᠨ ᠢᠨᠦ ᠡᠨᠡ ᠠᠵᠤᠭᠤ᠃ ᠲᠡᠳᠦᠢ ᠲᠡᠭᠷᠢ ᠨᠠᠷᠠᠨ ᠬᠠᠭᠠᠨ ᠤ᠋ ᠥᠷᠯᠥᠭ ᠲᠣᠷ ᠨᠡᠢᠯᠡᠭᠦᠯᠵᠦ ᠶᠡᠬᠡ ᠬᠤᠷᠢᠮ ᠳ᠋ᠤᠷ ᠠᠳᠠᠪᠠᠰᠢ ᠳᠤᠯᠠᠭᠠᠨ᠎ᠠ ᠬᠡᠭᠡᠷ᠎ᠡ ᠶ᠋ᠢᠨ ᠪᠣᠯᠵᠣᠮᠣᠷ ᠢ᠋ᠶ᠋ᠷ ᠵᠠᠷ ᠵᠢᠷᠭᠢᠵᠦ᠂ ᠴᠠᠭᠠᠨ ᠵᠢᠭᠦᠷᠲᠡᠨ ᠥᠨᠢᠷ ᠭᠠᠵᠠᠷ ᠲᠤᠷ ᠳᠡᠪᠳᠡᠷᠢᠨ᠂ ᠣᠯᠠᠨ ᠶᠡᠬᠡ ᠬᠤᠷᠢᠮ ᠳ᠋ᠤᠷ ᠮᠠᠰᠢ ᠨᠡᠢᠴᠡᠭᠰᠡᠨ ᠳ᠋ᠦ᠍ᠷ ᠴᠢᠩᠭᠢᠰ ᠬᠠᠭᠠᠨ ᠳᠥᠷᠪᠡᠨ ᠳᠡᠭᠦᠦ ᠳᠥᠷᠪᠡᠨ ᠬᠥᠪᠡᠭᠦᠨ ᠳᠥᠷᠪᠡᠨ ᠬᠦᠯᠦᠭ᠂ ᠲᠠᠪᠤᠨ ᠬᠠᠷᠢ ᠵᠢᠷᠭᠤᠭᠠᠨ ᠰᠠᠢᠳ᠂ ᠶᠢᠰᠦᠨ ᠡᠩ᠂ ᠭᠤᠴᠢᠨ ᠵᠢᠷᠭᠤᠭᠠᠨ ᠪᠠᠭᠠᠲᠤᠳ ᠳᠠᠯᠠᠨ ᠬᠣᠶᠠᠷ ᠵᠠᠩᠵᠤᠨ ᠨᠠᠷ ᠢ᠋ᠶ᠋ᠠᠨ ᠳᠡᠰ ᠳᠠᠷᠠᠭᠠᠯᠠᠨ ᠰᠠᠭᠤᠯᠭᠠᠵᠤ ᠬᠤᠷᠢᠮᠯᠠᠬᠤᠢ ᠳ᠋ᠤᠷ ᠵᠡᠭᠦᠨ ᠪᠠᠷᠠᠭᠤᠨ ᠲᠦᠮᠡᠨ ᠤᠯᠤᠰ ᠢ᠋ ᠡᠵᠡᠯᠡᠭᠰᠡᠨ ᠵᠢᠨᠦᠩ ᠮᠤᠬᠤᠯᠢ᠂ ᠶᠤᠸᠠᠨᠱᠤᠸᠠᠢ ᠪᠤᠭᠤᠷᠵᠢ ᠬᠣᠶᠠᠭᠤᠯᠠ ᠳ᠋ᠤᠷ ᠵᠠᠷᠯᠢᠭ ᠪᠣᠯᠤᠷᠤᠨ :《ᠪᠢ ᠪᠠᠭ᠎ᠠ ᠶ᠋ᠢᠨ ᠴᠠᠭ ᠲᠤ᠌ ᠪᠡᠯᠭᠦᠳᠡᠢ᠂ ᠬᠠᠰᠠᠷ ᠬᠣᠶᠠᠷ ᠳᠡᠭᠦᠦ ᠨᠠᠷ ᠢ᠋ᠶ᠋ᠠᠨ ᠲᠦᠰᠢᠵᠦ ᠳᠥᠷᠪᠡᠨ ᠵᠦᠭ ᠬᠠᠷᠪᠤᠨ ᠶᠠᠪᠤᠵᠤ᠂ ᠪᠡᠯᠭᠦᠳᠡᠢ ᠶ᠋ᠢᠨ ᠪᠦᠬᠦ᠂ ᠬᠠᠰᠠᠷ ᠤ᠋ᠨ ᠬᠠᠷᠪᠤᠳᠠᠯ ᠢ᠋ᠶ᠋ᠠᠷ ᠳᠡᠯᠡᠬᠡᠢ ᠳ᠋ᠠᠭᠢᠨ᠎ᠠ ᠶᠠᠪᠤᠵᠤ ᠪᠣᠯᠤᠮᠤᠢ ᠭᠡᠮᠡᠨ ᠤᠷᠲᠤᠳᠠ ᠥᠭᠦᠯᠡᠳᠡᠭ ᠪᠥᠯᠥᠭᠡ᠃ ᠬᠣᠢᠨ᠎ᠠ ᠳᠠ ᠳᠥᠷᠪᠡᠭᠦᠯᠡ ᠶ᠋ᠢᠨ ᠬᠤᠷᠠᠨ ᠢᠷᠡᠵᠦ ᠬᠠᠪᠰᠤᠷᠤᠨ ᠲᠡᠳᠬᠦᠭᠰᠡᠨ ᠢ᠋ᠶ᠋ᠡᠷ ᠡᠳᠦᠭᠡ ᠪᠢ ᠡᠷᠬᠢᠮ ᠦᠪᠡᠳᠡᠭᠰᠢ ᠥᠨᠳᠥᠷ ᠶᠡᠬᠡ ᠲᠡᠭᠷᠢ ᠶ᠋ᠢᠨ ᠬᠥᠪᠡᠭᠦᠨ ᠦ᠌ ᠰᠠᠭᠤᠷᠢᠨ ᠳ᠋ᠤᠷ ᠰᠠᠭᠤᠪᠠ᠃ ᠡᠳᠦᠭᠡ ᠲᠠ ᠬᠣᠶᠠᠭᠤᠯᠠ ᠶ᠋ᠢᠨ ᠴᠢᠷᠮᠠᠢᠭᠰᠠᠨ ᠠᠨᠤ ᠬᠠᠷᠢᠨ ᠬᠠᠰᠠᠷ᠂ ᠪᠡᠯᠭᠦᠳᠡᠢ ᠨᠠᠷ ᠠ᠋ᠴᠠ ᠪᠠᠬᠠᠨ ᠴᠤ᠌ ᠳᠣᠣᠷ᠎ᠠ ᠦᠭᠡᠢ᠂ ᠬᠡᠳᠦᠢ ᠨᠠᠳᠠ ᠯᠤᠭ᠎ᠠ ᠨᠢᠭᠡᠨ ᠡᠬᠡ ᠡᠴᠡ ᠡᠰᠡ ᠲᠥᠷᠥᠭᠰᠡᠨ ᠪᠣᠯᠪᠠᠴᠤ ᠨᠢᠭᠡᠨ ᠡᠴᠢᠭᠡ ᠡᠴᠡ ᠲᠥᠷᠥᠭᠰᠡᠨ ᠯᠦ᠍ᠭᠡ ᠠᠳᠠᠯᠢ ᠭᠠᠪᠢᠶ᠎ᠠ ᠪᠠᠢᠭᠤᠯᠤᠭᠰᠠᠨ ᠪᠠᠭ᠎ᠠ ᠦᠭᠡᠢ᠃ ᠪᠢ ᠲᠠ ᠬᠣᠶᠠᠭᠤᠯᠠ ᠶ᠋ᠢ ᠲᠥᠷᠥᠭᠰᠡᠨ ᠡᠴᠡ ᠪᠡᠨ ᠥᠴᠦᠬᠡᠨ ᠴᠦ᠍ ᠥᠪᠡᠷ᠎ᠡ ᠦᠯᠦ ᠰᠠᠨᠠᠮᠤᠢ᠃ ᠪᠢ ᠲᠠᠨ ᠢ᠋ ᠦᠵᠡᠬᠦ ᠢᠨᠣ ᠥᠪᠡᠷ ᠦ᠋ᠨ ᠪᠡᠶ᠎ᠡ ᠶ᠋ᠢᠨ ᠬᠣᠶᠠᠷ ᠮᠥᠷᠥ ᠮᠡᠲᠦ᠂ ᠰᠠᠭᠤᠬᠤ ᠤᠯᠤᠰ ᠤ᠋ᠨ ᠬᠣᠶᠠᠷ ᠠᠷᠠᠯ ᠠᠳᠠᠯᠢ ᠦᠵᠡᠮᠦᠢ᠃ ᠲᠥᠷᠥᠭᠰᠡᠨ ᠡᠴᠡ ᠮᠢᠨᠦ ᠳᠥᠷᠪᠡᠨ ᠳᠡᠭᠦᠦ᠂ ᠲᠦᠰᠢᠮᠡᠯ ᠡᠴᠡ ᠮᠢᠨᠦ ᠳᠥᠷᠪᠡᠨ ᠬᠦᠯᠦᠭ ᠮᠢᠨᠦ ᠳᠥᠷᠪᠡᠨ ᠮᠥᠴᠢ ᠪᠤᠶᠤ᠂ ᠤᠯᠤᠰ ᠤ᠋ᠨ ᠨᠠᠭᠠᠴᠤ ᠤᠯᠤᠰ ᠤ᠋ᠨ ᠲᠡᠷᠢᠭᠦᠨ ᠮᠢᠨᠦ ᠦᠨᠡᠨ ᠰᠠᠨᠠᠭᠠᠨ ᠪᠤᠶᠤ᠃ ᠲᠠ ᠬᠣᠶᠠᠭᠤᠯᠠ ᠬᠡᠮᠡᠭᠴᠢ ᠮᠢᠨᠦ ᠬᠣᠶᠠᠷ ᠭᠠᠷ ᠪᠤᠶᠤ ! ᠠᠷᠪᠠᠨ ᠲᠦᠰᠢᠮᠡᠳ ᠮᠢᠨᠦ ᠠᠷᠪᠠᠨ ᠬᠤᠷᠤᠭᠤ ᠪᠤᠶᠤ᠃ ᠬᠣᠷᠢᠨ ᠲᠦᠰᠢᠮᠡᠳ ᠮᠢᠨᠦ ᠬᠣᠷᠢᠨ ᠬᠤᠷᠤᠭᠤ ᠪᠤᠶᠤ᠃ ᠵᠠᠭᠤᠨ ᠲᠦᠰᠢᠮᠡᠳ ᠮᠢᠨᠦ ᠦᠰᠦ ᠰᠠᠬᠠᠯ ᠪᠣᠯᠵᠤ᠂ ᠤᠯᠤᠰ ᠤ᠋ᠨ ᠬᠣᠲᠠᠯᠠ ᠨᠠᠷ ᠮᠢᠨᠦ ᠪᠡᠶ᠎ᠡ ᠴᠣᠭᠴᠠ ᠪᠤᠶᠤ᠃ ᠲᠡᠷᠢᠭᠦᠯᠡᠭᠰᠡᠨ ᠲᠦᠰᠢᠮᠡᠳ ᠲᠠ ᠨᠠᠷ ᠪᠦᠭᠦᠳᠡᠭᠡᠷ ᠢᠵᠠᠭᠤᠷ ᠤ᠋ᠨ ᠰᠡᠳᠬᠢᠯ ᠢ᠋ᠶ᠋ᠡᠨ ᠪᠦᠦ ᠠᠯᠳᠠᠭᠲᠤᠨ᠂ ᠶᠡᠷᠦᠳᠡ ᠶ᠋ᠢᠨ ᠬᠠᠭᠤᠴᠢᠨ ᠵᠠᠩ ᠢ᠋ᠶ᠋ᠠᠷ ᠶᠠᠪᠤ᠂ ᠡᠷᠲᠡᠨ ᠦ᠌ ᠰᠠᠨᠠᠭᠠᠨ ᠢ᠋ᠶ᠋ᠠᠨ ᠪᠢᠲᠡᠭᠡᠢ ᠠᠯᠤᠰᠳᠠᠭᠤᠯ᠂ ᠡᠭᠦᠷᠢᠳᠡ ᠶ᠋ᠢᠨ ᠬᠠᠭᠤᠴᠢᠨ ᠵᠠᠩ ᠢ᠋ᠶ᠋ᠠᠷ ᠵᠢᠳᠬᠦᠲᠦᠭᠡᠢ ! 》ᠭᠡᠮᠡᠨ ᠵᠠᠷᠯᠢᠭ ᠪᠣᠯᠤᠭᠰᠠᠨ ᠳ᠋ᠤᠷ ᠵᠠᠭᠤᠨ ᠲᠦᠰᠢᠮᠡᠳ ᠨᠢᠭᠡᠨ ᠳᠠᠭᠤᠨ ᠢ᠋ᠶ᠋ᠠᠷ《ᠲᠦᠮᠡᠨ ᠨᠠᠰᠤᠲᠤ! 》ᠭᠡᠮᠡᠨ ᠭᠤᠷᠪᠠᠨ ᠵᠡᠷᠭᠡ ᠶᠡᠬᠡ ᠳᠠᠭᠤᠨ ᠢ᠋ᠶ᠋ᠠᠷ ᠮᠥᠷᠭᠥᠪᠡ᠃ ᠦᠵᠡᠬᠦ ᠮᠡᠷᠭᠡᠳ ᠣᠳᠣ ᠬᠠᠭᠠᠨ ᠰᠠᠭᠤᠭᠰᠠᠨ ᠬᠣᠢᠨ᠎ᠠ ᠬᠣᠷᠢᠨ ᠬᠣᠶᠠᠷ ᠵᠢᠯ ᠦ᠋ᠨ ᠶᠠᠪᠤᠳᠠᠯ ᠢ᠋ ᠮᠡᠳᠡᠰᠦᠭᠡᠢ ᠬᠡᠮᠡᠪᠡᠰᠦ᠂ ᠰᠤᠳᠤᠷᠴᠢ ᠲᠦᠰᠢᠮᠡᠯ ᠮᠢᠨᠦ《ᠵᠣᠸᠠᠨ ᠰᠢᠶᠠᠨ ᠯᠢ ᠬᠠᠨ ᠪᠢᠴᠢᠭ 》 ᠢ᠋ ᠨᠡᠭᠡᠭᠡᠬᠦ ᠶ᠋ᠢ ᠳ᠋ᠦ᠍ᠷ ᠬᠦᠯᠢᠶᠡᠬᠦ ᠪᠣᠯᠪᠠᠤ !

ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠣ :  
                ᠠᠰᠠᠷᠠᠯᠲᠤ ᠡᠬᠡ ᠥᠭᠡᠯᠦᠨ ᠲᠠᠢᠬᠡᠦ 
                ᠠᠰᠤᠷᠤ ᠶᠡᠬᠡ ᠪᠤᠶᠠᠨᠲᠠᠢ᠂  
                ᠠᠴᠢᠯᠠᠯᠲᠤ ᠬᠠᠭᠠᠨ ᠲᠠᠢᠽᠦ ᠪᠣᠭᠳᠠ  
                ᠠᠶᠤᠬᠤ ᠮᠡᠲᠦ ᠰᠦᠷᠲᠡᠢ᠂ 
                ᠠᠭᠤᠳᠠᠮ ᠶᠡᠬᠡᠮᠰᠦᠭ ᠭᠡᠷᠡᠯᠲᠦ ᠬᠤᠸᠠᠩᠬᠡᠦ 
                ᠠᠰᠢᠳᠠ ᠮᠡᠷᠭᠡᠨ ᠨᠡᠷᠡᠲᠡᠢ᠂ 
                ᠠᠯᠲᠠᠨ ᠢ᠋ ᠮᠥᠬᠥᠭᠡᠭᠰᠡᠨ ᠥᠭᠡᠳᠡᠢ ᠲᠠᠢᠽᠢ 
                ᠠᠯᠢᠪᠠ ᠶ᠋ᠢ ᠡᠵᠡᠯᠡᠬᠦ ᠵᠠᠶᠠᠭᠠᠲᠠᠢ᠃