ᠬᠥᠬᠡ ᠰᠤᠳᠤᠷ - ᠢᠨᠵᠠᠨᠨᠠᠰᠢ < ᠬᠣᠷᠢᠨ ᠭᠤᠷᠪᠠᠳᠤᠭᠠᠷ ᠪᠦᠯᠦᠭ > Хөх судар - Инжинаш <Хорин гуравдугаар бүлэг >
ᠪᠸᠲ᠋ᠠ᠋ ᠤᠯᠤᠰ ᠤ᠋ᠨ ᠡᠵᠡᠨ ᠲᠦᠰᠢᠮᠡᠯ ᠡᠷᠢᠭᠡ ᠰᠣᠶᠣᠭ᠎ᠠ ᠪᠠᠷ ᠡᠷᠬᠢᠮ ᠰᠣᠶᠣᠯ ᠢ᠋ ᠵᠠᠷᠯᠠᠮᠤᠢ
ᠬᠡᠷᠡᠢᠳ ᠠᠢᠮᠠᠭ ᠤ᠋ᠨ ᠡᠴᠢᠭᠡ ᠬᠥᠪᠡᠭᠦᠨ ᠡᠷᠡᠮᠡᠬᠡᠢ ᠰᠦᠷᠭᠡᠦ ᠪᠡᠷ ᠡᠷᠬᠡ ᠰᠦᠷ ᠢ᠋ ᠪᠠᠳᠠᠷᠠᠭᠤᠯᠤᠮᠤᠢ
ᠬᠣᠷᠢᠨ ᠭᠤᠷᠪᠠᠳᠤᠭᠠᠷ ᠪᠦᠯᠦᠭ
ᠰᠥᠩ ᠨᠢᠩᠽᠦ᠋ᠩ ᠦ᠋ᠨ ᠴᠢᠩ ᠶᠤᠸᠠᠨ ᠤ᠋ ᠬᠣᠶᠠᠳᠤᠭᠠᠷ ᠣᠨ ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋
ᠴᠧᠩ ᠠᠨ ᠤ᠋ ᠲᠡᠷᠢᠭᠦᠨ ᠣᠨ᠂ᠲᠠᠢᠽᠦ ᠭᠤᠴᠢᠨ ᠲᠠᠪᠤᠨ ᠰᠡᠭᠦᠳᠡᠷ ᠲᠡᠢ᠂ᠤᠯᠠᠭᠠᠨ ᠯᠤᠤ ᠵᠢᠯ ᠪᠠᠢᠭᠰᠠᠭᠠᠷ ᠪᠣᠢ
ᠪᠸᠲ᠋ᠠ᠋ ᠤᠯᠤᠰ ᠤ᠋ᠨ ᠡᠵᠡᠨ ᠲᠦᠰᠢᠮᠡᠯ ᠡᠷᠢᠭᠡ ᠰᠣᠶᠣᠭ᠎ᠠ ᠪᠠᠷ ᠡᠷᠬᠢᠮ ᠰᠣᠶᠣᠯ ᠢ᠋ ᠵᠠᠷᠯᠠᠮᠤᠢ
ᠬᠡᠷᠡᠢᠳ ᠠᠢᠮᠠᠭ ᠤ᠋ᠨ ᠡᠴᠢᠭᠡ ᠬᠥᠪᠡᠭᠦᠨ ᠡᠷᠡᠮᠡᠬᠡᠢ ᠰᠥᠷᠭᠡᠦ ᠪᠡᠷ ᠡᠷᠬᠡ ᠰᠦᠷ ᠢ᠋ ᠪᠠᠳᠠᠷᠠᠭᠤᠯᠤᠮᠤᠢ
ᠠᠯᠲᠠᠨ ᠰᠠᠯᠠᠭᠠᠨ ᠥᠭᠴᠦ ᠬᠥᠮᠦᠵᠢᠭᠰᠡᠨᠡ ᠠᠯᠢᠪᠠ ᠲᠤᠰᠢᠮᠡᠳ ᠦ᠋ᠨ ᠪᠠᠶᠠᠰᠤᠯ
ᠠᠷᠪᠠᠨ ᠨᠠᠢ᠍ᠮᠠᠨ ᠤ᠋ ᠣᠭ᠌ᠶᠤ ᠡᠷᠢᠭᠡ ᠠᠬᠤ ᠰᠠᠢᠳ ᠨᠠᠷ ᠤ᠋ᠨ ᠢᠳᠬᠠᠯ᠂
ᠠᠰᠠᠷᠠᠯ ᠰᠣᠶᠣᠯᠲᠤ ᠪᠤᠭᠤ ᠶ᠋ᠢᠨ ᠰᠣᠶᠣᠭ᠎ᠠ ᠠᠰᠢᠳᠠ ᠡᠭᠦᠷᠢᠳᠡ ᠶ᠋ᠢᠨ ᠰᠤᠷᠭᠠᠯ
ᠠᠪᠠᠬᠠᠢ ᠰᠣᠯᠣᠩᠭ᠎ᠠ ᠶ᠋ᠢᠨ ᠥᠭᠦᠯᠡᠬᠦ ᠥᠴᠢᠬᠦ ᠠᠳᠠᠪᠠᠰᠢ ᠦᠨᠡᠨ ᠶᠣᠰᠣᠯᠠᠯ
ᠲᠡᠨᠳᠡᠴᠡ ᠣᠯᠠᠨ ᠲᠦᠰᠢᠮᠡᠳ ᠦ᠋ᠨ ᠭᠠᠪᠢᠶ᠎ᠠ ᠵᠢᠳᠬᠦᠯᠭᠡ ᠶ᠋ᠢ ᠢᠯᠭᠠᠬᠤᠶᠠ᠂ ᠬᠣᠶᠠᠷ ᠳᠡᠭᠦᠦ᠂ ᠳᠥᠷᠪᠡᠨ ᠬᠦᠯᠦᠭ᠂ ᠲᠠᠪᠤᠨ ᠪᠠᠭᠠᠲᠤᠳ ᠢ᠋ ᠵᠡᠯᠮ᠎ᠡ ᠶ᠋ᠢᠨ ᠨᠢᠭᠡᠨ ᠤᠷᠤᠭ ᠲᠠᠢ ᠬᠠᠮᠲᠤ ᠳᠡᠭᠡᠳᠦ ᠰᠠᠭᠤᠳᠠᠯ ᠳ᠋ᠤᠷ ᠰᠠᠭᠤᠯᠭᠠᠬᠤᠶᠠ᠂ ᠣᠯᠠᠨ ᠭᠠᠪᠢᠶᠠᠲᠠᠨ ᠪᠦᠭᠦᠳᠡᠭᠡᠷ ᠣᠨᠴᠠ ᠲᠠᠢᠽᠦ ᠶ᠋ᠢᠨ ᠶᠡᠬᠡ ᠬᠥᠪᠡᠭᠦᠨ ᠵᠣᠴᠢ ᠶ᠋ᠢ ᠲᠡᠷᠢᠭᠦᠨ ᠰᠠᠭᠤᠳᠠᠯ ᠳ᠋ᠤᠷ ᠰᠠᠭᠤᠯᠭᠠᠵᠤ᠂ ᠴᠡᠷᠢᠭ ᠦ᠋ᠨ ᠡᠷᠳᠡᠮ ᠢ᠋ ᠱᠠᠭᠠᠷᠳᠠᠰᠤᠭᠠᠢ ᠬᠡᠮᠡᠭᠰᠡᠨ ᠳ᠋ᠦ᠍ᠷ ᠲᠠᠢᠽᠦ ᠠᠷᠭ᠎ᠠ ᠦᠭᠡᠢ ᠭᠤᠶᠤᠳᠠᠯ ᠢ᠋ ᠠᠪᠴᠤ ᠵᠠᠬᠢᠷᠤᠨ :
ᠠᠬᠠᠮᠠᠳ ᠬᠥᠪᠡᠭᠦᠨ ᠵᠣᠴᠢ ᠶ᠋ᠢᠨ ᠠᠤᠭ᠎ᠠ ᠬᠦᠴᠦᠨ ᠰᠠᠢᠰᠢᠶᠠᠯᠲᠠᠢ ᠠᠨᠤ
ᠠᠨᠳᠠ ᠪᠠᠭ᠍ᠰᠢ ᠨᠠᠷ ᠤ᠋ᠨ ᠠᠰᠤᠷᠤ ᠬᠢᠴᠢᠶᠡᠭᠰᠡᠨ ᠦ᠌ ᠰᠠᠢᠨ ᠳ᠋ᠤᠷ ᠪᠣᠯᠠᠢ᠂
ᠠᠷᠪᠠᠨ ᠬᠡᠲᠦᠲᠡᠢᠬᠡᠨ ᠵᠣᠴᠢ ᠶ᠋ᠢᠨ ᠠᠶᠠᠨ ᠳᠠᠢᠰᠤᠨ᠎ᠠ ᠪᠡᠯᠭᠡᠲᠡᠢ ᠢᠨᠦ
ᠠᠪᠠᠭ᠎ᠠ ᠪᠠᠭᠠᠲᠤᠳ ᠤ᠋ᠨ ᠠᠩᠬᠠᠷᠤᠨ ᠰᠤᠷᠭᠠᠭᠰᠠᠨ ᠤ᠋ ᠰᠠᠢᠨ ᠳ᠋ᠤᠷ ᠪᠣᠯᠠᠢ᠃
ᠠᠳᠠᠪᠠᠰᠢ ᠪᠢᠲᠡᠭᠡᠢ ᠡᠷᠭᠦᠵᠦ ᠮᠠᠭᠳᠠᠯᠬᠢᠯᠠ
ᠠᠩᠬ᠎ᠠ ᠳᠠᠢᠰᠤᠨ᠎ᠠ ᠮᠢᠨᠦ ᠵᠠᠬᠢᠶ᠎ᠠ ᠶ᠋ᠢ ᠠᠯᠳᠠᠵᠤ᠂
ᠠᠰᠤᠷᠠᠯ ᠦᠭᠡᠢ ᠪᠡᠷ ᠳᠤᠬ᠍ᠮᠣᠭ ᠤ᠋ᠨ ᠬᠠᠭᠠᠨ ᠢ᠋ ᠠᠨᠤ ᠠᠯᠠᠪᠠ᠃
ᠬᠣᠢᠴᠢ ᠡᠳᠦᠷ ᠲᠠ ᠴᠥᠮ ᠭᠠᠵᠠᠷ ᠣᠷᠣᠨ ᠤ᠋ ᠡᠵᠡᠨ ᠪᠣᠯᠤᠭᠴᠢᠳ ᠪᠥᠭᠡᠲᠡᠯ᠎ᠡ
ᠬᠣᠷᠣᠮᠬᠠᠨ ᠵᠠᠭᠤᠷ᠎ᠠ ᠤᠯᠤᠰ ᠡᠵᠡᠯᠡᠭᠴᠢᠳ ᠢ᠋ ᠠᠯᠠᠵᠤ ᠰᠥᠨᠥᠭᠡᠬᠦᠢ ᠳ᠋ᠦ᠍ᠷ ᠪᠢᠲᠡᠭᠡᠢ ᠬᠦᠷᠭᠦᠯ !
ᠬᠡᠮᠡᠵᠦ ᠮᠡᠬᠡᠲᠦ ᠬᠠᠭᠠᠨ ᠤ᠋ ᠲᠣᠯᠣᠭᠠᠢ ᠪᠡᠶ᠎ᠡ ᠶ᠋ᠢ ᠬᠠᠮᠲᠤᠳᠬᠠᠨ ᠣᠶᠣᠭᠤᠯᠵᠤ᠂ ᠴᠠᠭᠠᠲᠠᠢ ᠶ᠋ᠢ ᠢᠯᠡᠬᠡᠨ ᠠᠷᠢᠬᠢ ᠰᠠᠴᠤᠭᠤᠯᠵᠤ᠂ ᠳᠣᠬ᠍ᠮᠣᠭ ᠠ᠋ᠴᠠ ᠳᠠᠭᠠᠭᠰᠠᠨ ᠪᠣᠷᠣ ᠠᠷᠰᠯᠠᠨ ᠳ᠋ᠤᠷ ᠲᠤᠰᠢᠶᠠᠨ ᠥᠭᠴᠦ ᠭᠡᠷ ᠦ᠋ᠨ ᠠᠮᠠᠨ ᠢ᠋ ᠠᠨᠤ ᠠᠪᠴᠤ ᠶᠠᠰᠤᠨ ᠢ᠋ ᠰᠢᠳᠬᠡᠯᠭᠡᠪᠡ᠃ ᠡᠨᠡ ᠢᠨᠦ ᠬᠥᠪᠡᠭᠦᠨ ᠦ᠌ ᠠᠯᠠᠭᠰᠠᠨ ᠡᠨᠳᠡᠭᠦᠦ ᠶ᠋ᠢ ᠡᠴᠢᠭᠡ ᠦᠯᠦ ᠬᠦᠯᠢᠶᠡᠮᠦᠢ ᠭᠡᠮᠡᠨ ᠳᠡᠭᠦᠦ ᠴᠠᠭᠠᠲᠠᠢ ᠪᠠᠷ ᠠᠷᠢᠬᠢ ᠰᠠᠴᠤᠭᠤᠯᠵᠤᠬᠤᠢ᠃
ᠲᠡᠭᠦᠨᠴᠡ ᠮᠤᠬᠤᠯᠢ ᠳᠤᠬ᠍ᠮᠣᠭ ᠤᠯᠤᠰ ᠤ᠋ᠨ ᠬᠣᠲᠠ ᠪᠠ ᠮᠣᠵᠢ ᠶ᠋ᠢ ᠬᠣᠷᠢᠶᠠᠨ ᠪᠠᠢᠴᠠᠭᠠᠪᠠᠰᠤ᠂ ᠳᠣᠯᠣᠭᠠᠨ ᠬᠣᠲᠠ᠂ ᠶᠢᠰᠦᠨ ᠮᠣᠵᠢ᠂ ᠬᠣᠢᠲᠤ ᠵᠠᠬ᠎ᠠ ᠣᠷᠣᠰ ᠤᠯᠤᠰ ᠲᠤᠷ ᠵᠠᠬ᠎ᠠ ᠨᠡᠢᠯᠡᠭᠰᠡᠨ ᠢ᠋ᠶ᠋ᠡᠷ ᠬᠣᠲᠠ ᠪᠠᠯᠭᠠᠳ ᠮᠠᠰᠢ ᠤᠷᠠᠨ ᠨᠠᠷᠢᠨ ᠪᠠᠲᠤ ᠪᠡᠬᠢ᠂ ᠠᠯᠲᠠᠨ ᠮᠥᠩᠭᠥᠨ ᠶᠡᠬᠡᠯ᠎ᠡ ᠡᠯᠪᠡᠭ ᠪᠠᠶᠠᠨ ᠴᠠᠳᠬᠤᠯᠠᠩ ᠲᠤᠯᠠ ᠮᠤᠬᠤᠯᠢ ᠰᠥᠨᠢ ᠲᠠᠢᠽᠦ ᠶ᠋ᠢᠨ ᠳᠡᠷᠭᠡᠳᠡ ᠣᠷᠣᠵᠤ ᠮᠡᠳᠡᠭᠦᠯᠦᠷᠦᠨ : 《ᠡᠨᠡ ᠭᠠᠵᠠᠷ ᠮᠠᠰᠢ ᠡᠷᠬᠢᠮ ᠴᠢᠬᠤᠯᠠ ᠭᠠᠵᠠᠷ ᠪᠠᠢᠨᠠᠮ᠂ ᠡᠵᠡᠨ ᠠᠢᠯᠠᠳᠪᠠᠤ ? 》ᠬᠡᠮᠡᠭᠰᠡᠨ ᠳ᠋ᠦ᠍ᠷ ᠲᠡᠷᠡ ᠲᠤᠬᠠᠢ ᠲᠠᠢᠽᠦ ᠶ᠋ᠢᠨ ᠦᠳᠡᠰᠢ ᠶ᠋ᠢᠨ ᠵᠣᠭᠣᠭ ᠵᠣᠭᠣᠭᠯᠠᠬᠤ ᠴᠠᠭ᠂ ᠭᠠᠷ ᠲᠤᠷ ᠢ᠋ᠶ᠋ᠠᠨ ᠣᠷᠣᠰ ᠤᠯᠤᠰ ᠤ᠋ᠨ ᠬᠢᠲᠤᠭ᠎ᠠ ᠪᠠᠷᠢᠵᠤ ᠂ ᠮᠢᠬ᠎ᠠ ᠬᠥᠰᠬᠥᠯᠡᠵᠦ ᠵᠣᠭᠣᠭᠯᠠᠨ ᠪᠠᠢᠭᠰᠠᠨ ᠲᠤᠯᠠ ᠡᠨᠡ ᠦᠭᠡ ᠶ᠋ᠢ ᠰᠣᠨᠣᠰᠴᠤ ᠪᠡᠶᠡᠰᠦᠨ ᠮᠦᠰᠢᠶᠡᠭᠡᠳ ᠳᠠᠷᠤᠢ ᠲᠡᠷᠡ ᠬᠢᠲᠤᠭ᠎ᠠ ᠪᠠᠷ ᠬᠠᠭᠠᠰ ᠤᠭᠤᠴᠠ ᠶ᠋ᠢ ᠳᠠᠷᠤᠵᠤ ᠰᠠᠯᠭᠠᠭᠠᠳ ᠣᠷᠣᠰ ᠭᠢᠲᠤᠬᠠ ᠲᠠᠢ ᠬᠠᠮᠲᠤ ᠪᠠᠷ ᠮᠤᠬᠤᠯᠢ ᠳ᠋ᠤᠷ ᠱᠠᠩᠨᠠᠨ ᠥᠭᠭᠦᠭᠰᠡᠨ ᠳ᠋ᠦ᠍ᠷ ᠮᠤᠬᠤᠯᠢ ᠥᠴᠢᠷᠦᠨ :《ᠡᠵᠡᠨ ᠬᠡᠳᠦᠢᠨᠡᠢ ᠮᠡᠳᠡᠵᠦ ᠠᠢᠯᠠᠳᠤᠭᠰᠠᠨ ᠠᠵᠢ !》ᠭᠡᠮᠡᠨ ᠬᠡᠰᠢᠭ ᠲᠣᠷ ᠮᠥᠷᠭᠥᠵᠦ ᠪᠠᠷᠠᠲᠠᠯ᠎ᠠ ᠬᠦᠷᠲᠡᠭᠡᠳ ᠭᠠᠷᠴᠤ ᠡᠴᠢᠪᠡ᠃ ᠡᠨᠡ ᠢᠨᠦ ᠡᠵᠡᠨ ᠲᠦᠰᠢᠮᠡᠯ ᠬᠣᠶᠠᠭᠤᠯᠠ ᠣᠷᠣᠰ ᠤᠯᠤᠰ ᠤ᠋ᠨ ᠬᠢᠲᠤᠭ᠎ᠠ ᠪᠠᠷ ᠳᠣᠬᠢᠶ᠎ᠠ ᠪᠣᠯᠭᠠᠨ ᠂ ᠣᠷᠣᠰ ᠤᠯᠤᠰ ᠢ᠋ ᠠᠪᠰᠤᠭᠠᠢ ᠬᠡᠮᠡᠭᠰᠡᠨ ᠪᠢᠲᠡᠭᠦᠦ ᠵᠥᠪᠯᠡᠯ ᠠᠵᠤᠭᠤ ! ᠰᠢᠳᠠᠷ ᠠᠷᠠᠳ ᠴᠥᠮ ᠡᠰᠡ ᠮᠡᠳᠡᠪᠡ᠃
ᠲᠡᠳᠦᠢ ᠳᠣᠬ᠍ᠮᠣᠭ ᠤ᠋ᠨ ᠮᠡᠬᠡᠲᠦ ᠬᠠᠭᠠᠨ ᠤ᠋ ᠡᠮ᠎ᠡ ᠦᠷ᠎ᠡ ᠶ᠋ᠢ ᠪᠠᠢᠴᠠᠭᠠᠪᠠᠰᠤ ᠮᠡᠬᠡᠲᠦ ᠬᠠᠭᠠᠨ ᠤ᠋ ᠶᠡᠬᠡ ᠡᠮ᠎ᠡ ᠮᠦᠩᠭᠦᠨᠬᠡᠦ ᠬᠡᠳᠦᠢᠨᠡᠢ ᠠᠳᠬᠠᠭ ᠬᠠᠷᠠᠮ ᠵᠠᠩ ᠢ᠋ᠶ᠋ᠠᠨ ᠭᠠᠷᠭᠠᠵᠤ ᠮᠡᠬᠡᠲᠦ ᠬᠠᠭᠠᠨ ᠳ᠋ᠤᠷ ᠠᠯᠠᠭᠳᠠᠭᠰᠠᠨ ᠠᠵᠤᠭᠤ ᠃ ᠲᠡᠭᠦᠨᠴᠡ ᠲᠥᠷᠥᠭᠰᠡᠨ ᠵᠢᠭᠡᠷ ᠵᠢᠷᠬᠡ ᠬᠡᠮᠡᠬᠦ ᠬᠣᠶᠠᠷ ᠥᠬᠢᠨ ᠲᠥᠷᠥᠭᠰᠡᠨ ᠢᠨᠦ ᠲᠣᠰᠣᠲᠤ ᠭᠠᠷ ᠢ᠋ᠶ᠋ᠠᠷ ᠪᠠᠷᠢᠰᠢ ᠦᠭᠡᠢ ᠰᠠᠢᠬᠠᠨ᠂ ᠨᠠᠰᠤᠨ ᠴᠥᠮ ᠠᠷᠪᠠᠨ ᠲᠠᠪᠤ ᠵᠢᠷᠭᠤᠭ᠎ᠠ ᠬᠦᠷᠦᠭᠰᠡᠨ ᠲᠤᠯᠠ ᠲᠠᠢᠽᠦ ᠪᠠᠰᠠ ᠳᠡᠭᠦᠦ ᠪᠡᠯᠭᠦᠳᠡᠢ ᠳ᠋ᠦ᠍ᠷ ᠠᠪᠴᠤ ᠥᠭᠰᠦᠭᠡᠢ ᠬᠡᠮᠡᠬᠦᠢ ᠳ᠋ᠦ᠍ᠷ ᠪᠡᠯᠭᠦᠳᠡᠢ ᠮᠡᠳᠡᠭᠦᠯᠦᠷᠦᠨ :《ᠨᠢᠳᠤᠨᠤᠨ ᠪᠤᠭᠤᠷᠵᠢ ᠲᠠᠢᠯᠪᠠ᠂ ᠡᠨᠡ ᠵᠢᠯ ᠮᠤᠬᠤᠯᠢ ᠣᠯᠪᠠ᠂ ᠡᠵᠡᠨ ᠠᠬ᠎ᠠ ᠲᠡᠳᠡ ᠬᠣᠶᠠᠭᠤᠯᠠ ᠳ᠋ᠤᠷ ᠱᠠᠩᠨᠠᠵᠤ ᠪᠠᠢ ᠂ ᠤᠯᠤᠰ ᠲᠥᠷᠥ ᠳ᠋ᠦ᠍ᠷ ᠲᠤᠰᠠᠲᠠᠢ᠂ ᠮᠢᠨᠦ ᠠᠴᠢ ᠲᠡᠭᠦᠨ ᠦ᠌ ᠡᠴᠢᠭᠡ ᠶ᠋ᠢ ᠠᠯᠠᠭᠰᠠᠨ ᠲᠤᠯᠠ ᠪᠢ ᠬᠡᠷᠬᠢᠨ ᠥᠬᠢᠨ ᠢ᠋ ᠢᠨᠦ ᠠᠪᠴᠤ ᠪᠣᠯᠬᠤ ᠪᠣᠢ ? 》 ᠬᠡᠮᠡᠭᠰᠡᠨ ᠳ᠋ᠦ᠍ᠷ ᠲᠠᠢᠽᠦ ᠰᠣᠴᠢᠨ ᠰᠠᠢᠰᠢᠶᠠᠵᠤ᠂ ᠵᠢᠬᠡᠷ ᠬᠡᠦᠬᠡᠨ ᠢ᠋ ᠪᠤᠭᠤᠷᠵᠢ ᠶ᠋ᠢᠨ ᠬᠥᠪᠡᠭᠦᠨ ᠡᠭᠦᠯᠡᠨ ᠴᠡᠷᠪᠢ ᠳ᠋ᠦ᠍ᠷ ᠵᠢᠭᠠᠵᠤ᠂ ᠵᠢᠷᠬᠡ ᠬᠡᠦᠬᠡᠨ ᠢ᠋ ᠮᠤᠬᠤᠯᠢ ᠶ᠋ᠢᠨ ᠬᠥᠪᠡᠭᠦᠨ ᠪᠤᠯᠤ ᠳ᠋ᠤᠷ ᠵᠢᠭᠠᠵᠤ᠂ ᠪᠣᠷᠣ ᠠᠷᠰᠯᠠᠨ ᠢ᠋ᠶ᠋ᠠᠷ ᠤᠷᠤᠭ ᠬᠡᠯᠡᠯᠴᠡᠭᠦᠯᠦᠨ ᠂ ᠪᠡᠯᠡᠭ ᠰᠢᠭᠦᠰᠦ ᠣᠷᠭᠢᠭᠤᠯᠵᠤ ᠪᠠᠭᠤᠯᠭᠠᠨ ᠠᠪᠤᠭᠤᠯᠪᠠ ᠃
ᠲᠡᠭᠦᠨᠴᠡ ᠳᠣᠬ᠍ᠮᠣᠭ ᠤᠯᠤᠰ ᠤ᠋ᠨ ᠶᠢᠰᠦᠨ ᠪᠠᠭ᠎ᠠ ᠮᠣᠵᠢ᠂ ᠲᠠᠪᠤᠨ ᠶᠡᠬᠡ ᠬᠣᠲᠠ ᠶ᠋ᠢᠨ ᠰᠠᠩ ᠬᠥᠮᠥᠷᠭᠡ ᠶ᠋ᠢ ᠪᠠᠢᠴᠠᠭᠠᠵᠤ᠂ ᠡᠳ᠋ ᠠᠮᠤ ᠶ᠋ᠢ ᠶᠡᠬᠡᠯ᠎ᠡ ᠭᠠᠷᠭᠠᠨ ᠤᠷᠢᠳᠠ ᠥᠪᠡᠷ ᠦ᠋ᠨ ᠭᠠᠪᠢᠶᠠᠳᠠᠨᠠ ᠱᠠᠩᠨᠠᠵᠤ᠂ ᠳᠠᠭᠠᠯᠳᠤᠭ᠎ᠠ ᠰᠠᠶᠢ ᠰᠠᠷᠯᠠᠭ ᠤ᠋ᠨ ᠴᠡᠷᠢᠭ᠂ ᠲᠣᠬ᠍ᠮᠣᠭ ᠤ᠋ᠨ ᠢᠷᠭᠡᠨ᠎ᠡ ᠲᠦᠭᠡᠭᠡᠨ ᠬᠥᠬᠢᠭᠦᠯᠬᠦ ᠶ᠋ᠢ ᠦᠵᠡᠭᠦᠯᠪᠡ ᠃
ᠡᠢᠨ ᠬᠦ᠌ ᠡᠪᠦᠯ ᠦ᠋ᠨ ᠲᠡᠷᠢᠭᠦᠨ ᠰᠠᠷ᠎ᠠ ᠪᠣᠯᠤᠭᠰᠠᠨ᠎ᠠ ᠣᠷᠣᠰ ᠤᠯᠤᠰ ᠠ᠋ᠴᠠ ᠳᠣᠬ᠍ᠮᠣᠭ ᠰᠠᠷᠯᠠᠭ ᠬᠣᠶᠠᠷ ᠤᠯᠤᠰ ᠤ᠋ᠨ ᠤᠬᠠᠭᠠᠨ ᠲᠣᠮᠣᠭᠣ ᠦᠭᠡᠢ ᠲᠡᠨᠡᠭ ᠰᠡᠬᠦᠳᠡᠭ ᠲᠦᠭᠦᠬᠡᠢ ᠬᠦᠴᠦᠨ ᠡᠴᠡ ᠮᠠᠰᠢ ᠠᠶᠤᠳᠠᠭ ᠳᠡᠭᠡᠷ᠎ᠡ᠂ ᠡᠳᠦᠭᠡ ᠲᠡᠭᠦᠨᠴᠡ ᠬᠦᠴᠦᠲᠡᠢ ᠪᠸᠲ᠋ᠠ᠋ ᠤᠯᠤᠰ ᠴᠥᠮ ᠠᠪᠤᠭᠰᠠᠨ ᠳ᠋ᠤᠷ ᠶᠡᠬᠡ ᠠᠶᠤᠵᠤ᠂ ᠣᠷᠣᠰ ᠤ᠋ᠨ ᠡᠵᠡᠨ ᠢᠨᠦ ᠬᠡᠦᠬᠡᠨ ᠴᠣᠯᠠᠲᠤ ᠬᠠᠭᠠᠨ ᠡᠯᠴᠢ ᠢᠯᠡᠭᠡᠵᠦ᠂ ᠡᠯᠳᠡᠪ ᠵᠦᠢᠯ ᠦ᠋ᠨ ᠰᠣᠨᠢᠨ ᠡᠳ᠋ ᠫᠤᠤ ᠵᠡᠪᠰᠡᠭ ᠦ᠋ᠨ ᠬᠦᠨᠳᠦ ᠪᠠᠯᠠᠩ ᠬᠥᠷᠭᠡᠯᠭᠡᠵᠦ ᠡᠶᠡᠲᠡᠢ ᠶᠠᠪᠤᠰᠤᠭᠠᠢ ᠬᠡᠮᠡᠭᠰᠡᠨ᠎ᠡ ᠲᠠᠢᠽᠦ ᠮᠥᠨ ᠵᠡᠯᠮ᠎ᠡ᠂ ᠰᠠᠢᠬᠠᠨ ᠰᠤᠷᠲᠠᠯᠲᠤ ᠨᠠᠷ ᠢ᠋ᠶ᠋ᠠᠷ ᠡᠮᠦᠨ᠎ᠡ ᠭᠠᠵᠠᠷ ᠤ᠋ᠨ ᠦᠨ᠎ᠡ ᠲᠡᠢ ᠡᠳ᠋ ᠢ᠋ᠶ᠋ᠡᠷ ᠪᠡᠯᠡᠭ ᠬᠦᠷᠭᠡᠯᠭᠡᠨ ᠥᠭᠪᠡ᠃ ᠡᠨᠡ ᠬᠡᠳᠦᠨ ᠰᠠᠷ᠎ᠠ ᠶ᠋ᠢᠨ ᠵᠠᠪᠰᠠᠷ᠎ᠡ ᠳᠣᠬ᠍ᠮᠣᠭ ᠠ᠋ᠴᠠ ᠪᠠᠰᠠ ᠬᠡᠳᠦᠨ ᠮᠢᠩᠭᠠᠨ ᠰᠢᠯᠭᠠᠷᠠᠭᠰᠠᠨ ᠬᠦᠴᠦᠲᠦ ᠴᠡᠷᠢᠭ ᠰᠣᠩᠭᠣᠨ ᠠᠪᠴᠤ ᠤᠷᠢᠳᠤ ᠬᠣᠢᠲᠤᠬᠢ ᠲᠠᠢ ᠨᠢᠭᠡᠨ ᠲᠦᠮᠡᠨ ᠬᠣᠶᠠᠷ ᠮᠢᠩᠭᠠᠨ ᠪᠣᠯᠤᠭᠰᠠᠨ ᠳ᠋ᠤᠷ ᠵᠢᠨᠦᠩ ᠮᠤᠬᠤᠯᠢ ᠶᠡᠬᠡᠯ᠎ᠡ ᠪᠠᠶᠠᠷᠯᠠᠵᠤ᠂ ᠲᠠᠢᠽᠦ ᠳ᠋ᠦ᠍ᠷ ᠮᠡᠳᠡᠭᠦᠯᠦᠷᠦᠨ :《ᠶᠠᠮᠠᠷᠪᠠ ᠴᠡᠷᠢᠭ ᠣᠯᠠᠨ ᠳ᠋ᠤᠷ ᠦᠭᠡᠢ ᠬᠤᠷᠴᠠ ᠳ᠋ᠤᠷ ᠪᠣᠢ᠂ ᠠᠯᠢᠪᠠ ᠵᠠᠩᠵᠤᠨ ᠬᠦᠴᠦᠨ ᠳ᠋ᠦ᠍ᠷ ᠦᠭᠡᠢ ᠮᠡᠷᠭᠡᠨ ᠳ᠋ᠦ᠍ᠷ ᠪᠣᠢ ! 》ᠲᠠᠢᠽᠦ ᠮᠥᠨ ᠭᠡᠮᠡᠨ ᠰᠠᠢᠰᠢᠶᠠᠵᠤ ᠡᠭᠦᠯᠡ ᠴᠡᠷᠪᠢ ᠪᠤᠯᠤ ᠬᠣᠶᠠᠷ ᠢ᠋ᠶ᠋ᠠᠷ ᠳᠣᠬ᠍ᠮᠣᠭ ᠢ᠋ ᠳ᠋ᠦ᠍ᠷ ᠰᠠᠬᠢᠭᠤᠯᠵᠤ᠂ ᠮᠡᠬᠡᠲᠦ ᠬᠠᠭᠠᠨ ᠤ᠋ ᠾᠧᠷ ᠵᠦᠷ ᠬᠡᠮᠡᠬᠦ ᠬᠣᠶᠠᠷ ᠬᠥᠪᠡᠭᠦᠨ ᠢ᠋ ᠡᠭᠦᠯᠡ ᠴᠡᠷᠪᠢ ᠪᠤᠯᠤ ᠬᠣᠶᠠᠭᠤᠯᠠ ᠳ᠋ᠤᠷ ᠲᠤᠰᠢᠶᠠᠨ ᠥᠭᠴᠦ ᠡᠳᠡᠨ ᠦ᠌ ᠰᠡᠳᠬᠢᠯ ᠢ᠋ ᠰᠠᠢᠬᠠᠨ ᠠᠪ᠂ ᠡᠨᠡ ᠭᠠᠵᠠᠷ ᠬᠣᠢᠴᠢ ᠡᠳᠦᠷ ᠬᠡᠷᠡᠭ ᠲᠡᠢ ᠬᠡᠮᠡᠭᠡᠳ ᠶᠡᠬᠡ ᠲᠤᠭ ᠢ᠋ ᠡᠭᠡᠭᠦᠯᠵᠦ ᠳᠠᠬᠢᠭᠠᠳ ᠴᠡᠷᠢᠭ ᠡᠭᠡᠵᠦ ᠡᠪᠦᠯ ᠦ᠋ᠨ ᠰᠡᠭᠦᠯ ᠰᠠᠷ᠎ᠠ ᠳ᠋ᠤᠷ ᠤᠯᠤᠰ ᠲᠤᠷ ᠬᠦᠷᠴᠦ ᠢᠷᠡᠬᠦᠢ ᠵᠠᠮ ᠳ᠋ᠤᠷ ᠥᠭᠡᠳᠡᠢ᠂ ᠲᠣᠯᠢ᠂ ᠤᠴᠢᠭ᠂ ᠭᠠᠴᠤᠭ ᠬᠣᠶᠠᠷ ᠬᠥᠪᠡᠭᠦᠨ᠂ ᠬᠣᠶᠠᠷ ᠳᠡᠭᠦᠦ ᠳᠥᠷᠪᠡᠭᠦᠯᠡ ᠳᠥᠷᠪᠡᠨ ᠤᠭᠲᠤᠯᠭ᠎ᠠ ᠳ᠋ᠤᠷ ᠤᠭᠲᠤᠪᠠ᠃
ᠲᠡᠳᠦᠢ ᠲᠠᠢᠽᠦ ᠣᠷᠲᠣᠨ᠎ᠠ ᠪᠠᠭᠤᠵᠤ᠂ ᠤᠯᠤᠰ ᠢ᠋ ᠰᠠᠬᠢᠭ᠍ᠰᠠᠨ ᠨᠡᠢᠲᠡ ᠳ᠋ᠦ᠍ᠷ ᠬᠦᠨᠳᠦ ᠬᠤᠷᠢᠮ ᠬᠦᠷᠲᠡᠭᠡᠨ ᠱᠠᠩ ᠲᠠᠯᠪᠢᠪᠠ᠃ ᠰᠥᠨᠢ ᠵᠢᠨᠦᠩ ᠮᠤᠬᠤᠯᠢ ᠲᠠᠢᠽᠦ ᠳ᠋ᠦ᠍ᠷ ᠵᠣᠯᠭᠠᠵᠤ ᠬᠡᠳᠦᠨ ᠪᠢᠲᠡᠭᠦᠦ ᠦᠭᠡ ᠬᠡᠯᠡᠯᠴᠡᠵᠦ ᠭᠠᠷᠭᠠᠭᠠᠳ ᠵᠢᠴᠢ ᠥᠷᠯᠥᠭᠡ ᠳᠥᠷᠪᠡᠨ ᠵᠦᠭ ᠡᠴᠡ ᠶᠡᠬᠡ ᠳᠣᠬᠢᠶ᠎ᠠ ᠳᠠᠭᠤᠷᠢᠰᠴᠤ ᠣᠯᠠᠨ ᠵᠠᠩᠵᠤᠨ ᠪᠠᠭᠠᠲᠤᠳ ᠴᠥᠮ ᠵᠢᠨᠦᠩ ᠦ᠋ᠨ ᠴᠠᠴᠠᠷ ᠤ᠋ᠨ ᠳᠣᠣᠷ᠎ᠠ ᠬᠤᠷᠠᠵᠤ ᠭᠤᠷᠪᠠᠨ ᠶᠡᠬᠡ ᠫᠤᠤ ᠳᠠᠭᠤᠷᠢᠰᠤᠨ᠂ ᠵᠢᠷᠭᠤᠭᠠᠨ ᠵᠡᠷᠭᠡ ᠬᠡᠩᠭᠡᠷᠭᠡ ᠳᠡᠯᠡᠳᠴᠦ ᠶᠢᠰᠦᠨ ᠦᠶ᠎ᠡ ᠬᠠᠯᠵᠠᠨ ᠪᠦᠷᠢᠶ᠎ᠡ ᠦᠯᠢᠶᠡᠨ᠂ ᠶᠡᠬᠡ ᠵᠢᠨᠦᠩ ᠴᠠᠴᠠᠷ ᠲᠤᠷ ᠰᠠᠭᠤᠮᠠᠭᠴᠠ ᠵᠠᠩᠵᠤᠨ ᠨᠠᠷ ᠤ᠋ᠨ ᠨᠡᠷ᠎ᠡ ᠪᠢᠴᠢᠭᠰᠡᠨ ᠰᠤᠮᠤᠨ ᠤ᠋ ᠬᠠᠪᠤᠳ ᠠ᠋ᠴᠠ ᠨᠢᠭᠡᠨ ᠠᠳᠬᠤ ᠰᠤᠮᠤ ᠶ᠋ᠢ ᠠᠪᠴᠤ ᠴᠠᠴᠠᠷ ᠤ᠋ᠨ ᠳᠣᠣᠷ᠎ᠠ ᠴᠣᠬᠢᠵᠤ ᠪᠠᠭᠤᠯᠭᠠᠪᠠ᠃ ᠣᠯᠠᠨ ᠵᠠᠩᠵᠤᠨ ᠨᠠᠷ ᠴᠢᠷᠠᠢ ᠠᠯᠳᠠᠵᠤ ᠠᠪᠴᠤ ᠳᠠᠭᠤᠳᠠᠪᠠᠰᠤ᠂ ᠵᠡᠯᠮ᠎ᠡ᠂ ᠵᠡᠪᠡ᠂ ᠰᠢᠷᠢ ᠬᠤᠲᠤᠭ᠂ ᠬᠠᠷ᠎ᠠ ᠬᠢᠷᠤ᠂ ᠴᠤᠤ ᠮᠡᠷᠭᠡᠨ᠂ ᠬᠤᠷᠴᠠ ᠪᠠᠢᠷᠢ᠂ ᠥᠨᠳᠥᠷ ᠰᠡᠴᠡᠨ᠂ ᠦᠨᠡᠨ ᠲᠥᠷᠥ᠂ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠲᠡᠭᠦᠰᠴᠦᠭ᠍ᠲᠦ᠂ ᠦᠯᠬᠦ ᠰᠠᠢᠳ᠂ ᠪᠠᠶᠠᠨ ᠬᠢᠶ᠎ᠡ ᠡᠨᠡ ᠠᠷᠪᠠᠨ ᠳᠥᠷᠪᠡᠭᠦᠯᠡ ᠲᠤᠯᠠ ᠳᠡᠰ ᠵᠡᠷᠭᠡ ᠪᠡᠷ ᠴᠥᠮ ᠴᠠᠴᠠᠷ ᠲᠤᠷ ᠭᠠᠷᠴᠤ ᠵᠢᠭ᠍ᠰᠠᠭᠠᠨ ᠵᠣᠭᠰᠣᠵᠠᠭᠠᠪᠠ᠃ ᠵᠢᠨᠦᠩ ᠮᠤᠬᠤᠯᠢ ᠥᠭᠦᠯᠡᠷᠦᠨ :《ᠲᠠ ᠪᠦᠭᠦᠳᠡᠭᠡᠷ ᠰᠣᠨᠣᠰ :ᠡᠵᠡᠨ ᠬᠡᠮᠡᠭᠴᠢ ᠨᠢᠭᠡᠨ ᠤᠯᠤᠰ ᠤ᠋ᠨ ᠲᠣᠯᠣᠭᠠᠢ ᠲᠡᠷᠢᠭᠦᠨ᠂ ᠰᠠᠢᠳ ᠬᠡᠮᠡᠭᠴᠢ ᠨᠢᠭᠡᠨ ᠤᠯᠤᠰ ᠤ᠋ᠨ ᠭᠠᠷ ᠬᠥᠯ ᠂ ᠴᠡᠷᠢᠭ ᠬᠡᠮᠡᠭᠴᠢ ᠨᠢᠭᠡᠨ ᠤᠯᠤᠰ ᠤ᠋ᠨ ᠬᠤᠶᠠᠭ ᠵᠡᠪᠰᠡᠭ᠂ ᠠᠷᠠᠳ ᠬᠡᠮᠡᠭᠴᠢ ᠨᠢᠭᠡᠨ ᠤᠯᠤᠰ ᠤ᠋ᠨ ᠢᠳᠡᠭᠡᠨ ᠬᠤᠪᠴᠠᠰᠤᠨ ᠪᠥᠭᠡᠲᠡᠯ᠎ᠡ ᠲᠠᠨ ᠤ᠋ ᠠᠷᠪᠠᠨ ᠳᠥᠷᠪᠡᠭᠦᠯᠡ ᠪᠠᠢᠭᠠᠳ ᠶᠠᠭᠤᠨ ᠳ᠋ᠤᠷ ᠡᠵᠡᠨ ᠢ᠋ ᠳᠣᠬ᠍ᠮᠣᠭ ᠤᠯᠤᠰ ᠤ᠋ᠨ ᠮᠤᠬᠤᠷ ᠣᠯᠣᠭᠠᠢ ᠠᠭᠤᠯᠠᠨ᠎ᠠ ᠣᠷᠣᠭᠤᠯᠵᠤ᠂ ᠲᠡᠢᠮᠦ ᠶᠡᠬᠡ ᠠᠶᠤᠯ ᠳ᠋ᠤᠷ ᠲᠦᠪᠡᠭᠳᠡᠭᠦᠯᠪᠡ ? 》 ᠣᠯᠠᠨ ᠢ᠋ᠶ᠋ᠠᠷ ᠰᠥᠭᠥᠳᠴᠦ ᠮᠡᠳᠡᠭᠦᠯᠦᠷᠦᠨ :《ᠪᠢᠳᠡ ᠬᠣᠷᠢᠭ᠍ᠯᠠᠵᠤ ᠪᠠᠢᠲᠠᠯ᠎ᠠ ᠬᠦᠴᠦᠷᠡᠭᠰᠡᠨ ᠦᠭᠡᠢ᠃ 》 ᠮᠤᠬᠤᠯᠢ ᠠᠭᠤᠷᠰᠠᠨ ᠥᠭᠦᠯᠡᠷᠦᠨ :《ᠪᠡᠶ᠎ᠡ ᠪᠦᠬᠥᠢᠯ ᠦᠭᠡᠢ ᠪᠡᠷ ᠲᠡᠷᠢᠭᠦᠨ ᠭᠠᠵᠠᠷ ᠲᠤᠷ ᠦᠯᠦ ᠭᠥᠷᠥᠮᠦᠢ᠂ ᠬᠥᠯ ᠠᠯᠬᠤᠯ ᠦᠭᠡᠢ ᠪᠡᠷ ᠪᠡᠶ᠎ᠡ ᠦᠯᠦ ᠲᠠᠪᠰᠢᠮᠤᠢ᠂ ᠡᠵᠡᠨ ᠦ᠌ ᠳᠡᠭᠦᠦ ᠨᠠᠷ ᠨᠢᠭᠡᠬᠡᠨ ᠴᠠᠭ ᠪᠠᠢᠭᠰᠠᠨ ᠦᠭᠡᠢ ᠬᠣᠭᠣᠷᠣᠨᠳᠣ ᠲᠠᠨ ᠤ᠋ ᠡᠳᠦᠢᠴᠢᠨᠡᠭᠡᠨ ᠬᠠᠭᠤᠴᠢᠨ ᠰᠠᠢᠳ ᠪᠠᠢᠭᠰᠠᠭᠠᠷ ᠦᠵᠡᠵᠦ ᠪᠠᠢᠲᠠᠯ᠎ᠠ ᠡᠵᠡᠨ ᠢ᠋ ᠦᠬᠦᠯᠭᠡᠨ ᠦ᠌ ᠭᠠᠵᠠᠷ ᠣᠷᠣᠭᠤᠯᠬᠤ ᠠᠨᠤ ᠶᠠᠭᠤᠨ? ᠨᠢᠭᠡᠨ ᠬᠣᠶᠠᠷ ᠠᠨᠤ ᠡᠵᠡᠨ ᠳ᠋ᠦ᠍ᠷ ᠴᠠᠪᠴᠢᠭ᠍ᠳᠠᠬᠤ ᠶ᠋ᠢ ᠪᠣᠯᠬᠤ ᠪᠣᠢ ᠶᠠ᠂ ᠡᠵᠡᠨ ᠦ᠌ ᠪᠡᠶ᠎ᠡ ᠶ᠋ᠢ ᠲᠦᠭᠰᠢᠯᠲᠡᠢ ᠭᠠᠵᠠᠷ ᠣᠷᠣᠭᠤᠯᠵᠤ ᠪᠣᠯᠤᠮᠤᠢ ᠤᠤ ? ᠦᠵᠡᠬᠦᠯ᠎ᠡ ᠵᠡᠯᠮ᠎ᠡ ᠴᠢ ᠰᠠᠷᠯᠠᠭ ᠤᠯᠤᠰ ᠢ᠋ ᠰᠦᠢᠷᠡᠭᠦᠯᠬᠦᠢ ᠳ᠋ᠦ᠍ᠷ ᠮᠥᠷᠥ ᠪᠡᠨ ᠴᠠᠪᠴᠢᠭ᠍ᠰᠠᠨ ᠲᠤᠯᠠ ᠡᠳᠦᠭᠡ ᠰᠠᠢᠨ ᠪᠣᠯᠵᠤᠬᠤᠢ᠃ ᠬᠡᠷᠪᠡ ᠲᠣᠯᠣᠭᠠᠢ ᠪᠠᠨ ᠣᠭᠲᠣᠯᠤᠭᠰᠠᠨ ᠪᠥᠭᠡᠰᠦ ᠳᠠᠬᠢᠨ ᠠᠮᠢᠳᠤᠷᠠᠵᠤ ᠪᠣᠯᠤᠮᠤᠢ ᠤᠤ ? ᠲᠡᠷᠡ ᠤᠳᠠᠬ᠎ᠠ ᠡᠵᠡᠨ ᠦ᠌ ᠪᠡᠶ᠎ᠡ ᠡᠨᠳᠡᠭᠰᠡᠨ ᠪᠥᠭᠡᠰᠦ ᠪᠸᠲ᠋ᠠ᠋ ᠤᠯᠤᠰ ᠤ᠋ᠨ ᠪᠡᠶ᠎ᠡ ᠪᠠᠷᠠᠭᠳᠠᠬᠤ ᠪᠣᠯᠠᠢ ! ᠬᠡᠨ ᠳ᠋ᠦ᠍ᠷ ᠲᠦᠰᠢᠵᠦ ᠢᠲᠡᠭᠡᠬᠦ ᠠᠵᠢ ! ᠲᠠ ᠪᠠᠰᠠ ᠬᠦᠴᠦᠷᠦᠭᠰᠡᠨ ᠦᠭᠡᠢ ᠭᠡᠮᠡᠨ ᠰᠢᠯᠲᠠᠭ ᠬᠡᠯᠡᠮᠦᠢ ᠦᠦ ? ᠡᠵᠡᠨ ᠦ᠌ ᠳᠥᠷᠪᠡᠨ ᠳᠡᠭᠦᠦ ᠂ ᠭᠤᠷᠪᠠᠨ ᠬᠦᠯᠦᠭ ᠦᠳᠲᠡᠷ ᠡᠳᠡᠨ ᠢ᠋ ᠲᠦᠯᠬᠢᠨ ᠭᠠᠷᠭᠠᠵᠤ᠂ ᠵᠢᠷᠭᠤᠭᠠᠨ ᠰᠠᠢᠳ ᠤ᠋ᠨ ᠰᠠᠢᠰᠢᠶᠠᠯ ᠳ᠋ᠤᠷ ᠣᠷᠣᠵᠤ ᠠᠯᠠᠬᠤᠢ ᠳ᠋ᠤᠷ ᠦᠯᠦ ᠭᠥᠷᠦᠭᠦᠯᠬᠦ ᠶ᠋ᠢ ᠢᠨᠦ ᠦᠰᠦᠨ ᠢ᠋ ᠴᠠᠪᠴᠢᠵᠤ ᠣᠯᠠᠨ ᠳ᠋ᠤᠷ ᠦᠵᠡᠭᠦᠯ ! ᠪᠤᠰᠤᠳ ᠢ᠋ ᠠᠨᠤ ᠴᠥᠮ ᠴᠠᠪᠴᠢᠨ ᠠᠯᠠᠵᠤ ᠴᠠᠭᠠᠵᠠ ᠶ᠋ᠢ ᠴᠢᠩᠭᠠᠳᠬᠠ ! ᠬᠡᠨ ᠬᠥᠮᠦᠨ ᠬᠥᠨᠳᠡᠯᠢᠳᠦᠨ ᠬᠣᠷᠢᠭ᠍ᠯᠠᠪᠠᠰᠤ ᠵᠢᠨᠦᠩ ᠦ᠋ᠨ ᠢᠯᠳᠦᠨ ᠳ᠋ᠦ᠍ᠷ ᠵᠠᠶᠠᠭ᠎ᠠ ᠪᠠᠨ ᠮᠡᠳᠡ !》ᠭᠡᠮᠡᠨ ᠠᠶᠤᠩᠭ᠎ᠠ ᠮᠡᠲᠦ ᠪᠠᠷᠬᠢᠷᠠᠨ ᠰᠢᠷᠡᠭᠡ ᠪᠡᠨ ᠬᠡᠮᠬᠡ ᠢᠰᠬᠦᠯᠵᠦ᠂ ᠵᠢᠨᠦᠩ ᠦ᠋ᠨ ᠢᠯᠳᠦᠨ ᠢ᠋ᠶ᠋ᠠᠨ ᠰᠤᠭ ᠲᠠᠲᠠᠵᠤ ᠠᠪᠤᠭᠰᠠᠨ᠎ᠠ᠂ ᠴᠠᠴᠠᠷ ᠤ᠋ᠨ ᠳᠣᠣᠷ᠎ᠠ ᠵᠣᠭᠰᠣᠵᠤ ᠢᠯᠳᠦ ᠰᠦᠬᠡ ᠪᠠᠷᠢᠭ᠍ᠰᠠᠨ ᠠᠷᠠᠳ ᠬᠦᠷᠴᠢᠭᠢᠨᠡᠲᠡᠯ᠎ᠡ ᠭᠦᠶᠦᠯᠳᠦᠵᠦ ᠭᠠᠷᠤᠨ ᠢᠷᠡᠭᠡᠳ ᠠᠷᠪᠠᠨ ᠳᠥᠷᠪᠡᠭᠦᠯᠡ ᠶ᠋ᠢ ᠴᠥᠮ ᠳᠠᠷᠤᠨ ᠬᠦᠯᠢᠵᠦ ᠲᠦᠯᠬᠢᠯᠡᠨ ᠠᠪᠠᠴᠢᠪᠠ᠃ ᠲᠠᠯᠠᠪᠤᠷ ᠳᠦᠭᠦᠷᠡᠩ ᠵᠠᠩᠵᠤᠨ ᠪᠠᠭᠠᠲᠤᠳ ᠴᠥᠮ ᠠᠶᠤᠵᠤ ᠴᠢᠷᠠᠢ ᠶ᠋ᠢᠨ ᠥᠩᠭᠡ ᠴᠥᠮ ᠰᠢᠷᠣᠢ ᠮᠡᠲᠦ ᠪᠣᠯᠵᠤ ᠥᠴᠦᠬᠡᠨ ᠴᠦ᠍ ᠠᠷᠭ᠎ᠠ ᠦᠭᠡᠢ ᠪᠥᠬᠥᠶ᠎ᠡ᠂ ᠡᠨᠡ ᠦᠶ᠎ᠡ ᠳ᠋ᠦ᠍ ᠲᠠᠢᠽᠦ ᠶ᠋ᠢᠨ ᠳᠥᠷᠪᠡᠨ ᠬᠥᠪᠡᠭᠦᠨ ᠴᠥᠮ ᠴᠡᠷᠢᠭ ᠦ᠋ᠨ ᠴᠠᠴᠠᠷ ᠲᠤᠷ ᠵᠠᠷ ᠰᠣᠨᠣᠰᠬᠤ ᠲᠤᠰᠢᠶᠠᠯᠲᠠᠢ ᠪᠣᠯᠤᠭᠰᠠᠨ ᠲᠤᠯᠠ ᠭᠤᠷᠪᠠᠨ ᠬᠦᠯᠦᠭ ᠳᠥᠷᠪᠡᠨ ᠳᠡᠭᠦᠦ ᠳᠥᠷᠪᠡᠨ ᠪᠠᠭ᠎ᠠ ᠡᠵᠡᠳ ᠲᠠᠪᠤᠨ ᠪᠠᠷᠰ ᠤ᠋ᠨ ᠪᠠᠭᠠᠲᠤᠳ ᠬᠠᠮᠲᠤ ᠪᠠᠷ ᠵᠢᠨᠦᠩ ᠦ᠋ᠨ ᠴᠠᠴᠠᠷ ᠤ᠋ᠨ ᠳᠣᠣᠷ᠎ᠠ ᠰᠦᠷᠦᠭᠯᠡᠨ ᠰᠥᠭᠥᠳᠴᠦ ᠭᠤᠶᠤᠴᠢᠯᠠᠬᠤᠶᠠ᠂ ᠮᠤᠬᠤᠯᠢ ᠡᠭᠦᠨ ᠢ᠋ ᠦᠵᠡᠭᠡᠳ ᠵᠢᠨᠦᠩ ᠦ᠋ᠨ ᠳᠤᠭᠤᠯᠠᠭ᠎ᠠ ᠳᠠᠯᠪᠠᠭ᠎ᠠ ᠪᠠᠨ ᠴᠥᠮ ᠠᠪᠴᠤ ᠡᠮᠦᠨ᠎ᠡ ᠰᠢᠷᠡᠭᠡᠨ ᠳ᠋ᠦ᠍ᠷ ᠲᠠᠯᠪᠢᠭᠠᠳ:《ᠡᠢᠮᠦ ᠪᠣᠯᠪᠠᠰᠤ ᠪᠢ ᠡᠨᠡ ᠵᠢᠨᠦᠩ ᠦ᠋ᠨ ᠲᠤᠰᠢᠶᠠᠯ ᠢ᠋ ᠲᠦᠯᠬᠢᠮᠦᠢ !》ᠭᠡᠮᠡᠨ ᠬᠠᠷᠠᠬᠠᠨ ᠴᠢᠷᠭᠠᠯᠳᠤᠬᠤᠶᠠ᠂ ᠡᠨᠡ ᠦᠶ᠎ᠡ ᠳ᠋ᠦ᠍ᠷ ᠴᠢᠪᠬᠢᠲᠡᠯ᠎ᠡ ᠲᠠᠢᠽᠦ ᠪᠡᠶ᠎ᠡ ᠪᠡᠷ ᠵᠢᠯ ᠦ᠋ᠨ ᠰᠡᠭᠦᠯ ᠦ᠋ᠨ ᠶᠣᠰᠣᠭᠠᠷ ᠠᠭᠤᠯᠠ ᠶ᠋ᠢᠨ ᠳᠡᠭᠡᠷ᠎ᠡ ᠭᠠᠷᠴᠤ ᠢᠷᠡᠭᠰᠡᠨ᠎ᠡ ᠲᠣᠬᠢᠶᠠᠯᠳᠤᠵᠤ ᠶᠠᠭᠠᠷᠠᠨ ᠮᠥᠨ ᠬᠦ᠌ ᠲᠣᠷᠭᠠᠨ ᠰᠢᠷ᠎ᠠ ᠪᠠᠷ ᠵᠠᠬᠢᠶ᠎ᠠ ᠢᠯᠡᠭᠡᠭᠰᠡᠨ ᠳ᠋ᠦ᠍ᠷ ᠬᠠᠭᠠᠯᠭ᠎ᠠ ᠶ᠋ᠢᠨ ᠴᠡᠷᠢᠭ ᠦ᠋ᠳ ᠴᠤᠭᠠᠷ ᠲᠣᠷᠭᠠᠨ ᠰᠢᠷ᠎ᠠ ᠶ᠋ᠢᠨ ᠮᠣᠷᠢᠨ ᠤ᠋ ᠬᠥᠯ ᠳ᠋ᠦ᠍ᠷ ᠰᠢᠷᠭᠤᠯᠴᠠᠨ ᠵᠢᠭᠤᠷᠠᠯᠴᠠᠮᠠᠷ ᠰᠥᠭᠥᠳᠦᠯᠴᠡᠨ :《ᠵᠢᠨᠦᠩ ᠦ᠋ᠨ ᠴᠠᠭᠠᠵᠠ ᠴᠢᠩᠭ᠎ᠠ᠂ ᠡᠵᠡᠨ ᠦ᠌ ᠡᠯᠴᠢ ᠳ᠋ᠦ᠍ᠷ ᠮᠡᠳᠡᠭᠦᠯᠬᠦ ᠶ᠋ᠢ ᠬᠦᠯᠢᠶᠡ ! 》ᠭᠡᠮᠡᠨ ᠬᠡᠩᠭᠡᠷᠭᠡ ᠴᠣᠬᠢᠵᠤ ᠮᠡᠳᠡᠭᠦᠯᠦᠭᠰᠡᠨ ᠳ᠋ᠦ᠍ᠷ ᠳᠣᠲᠣᠷ᠎ᠠ ᠠ᠋ᠴᠠ ᠪᠤᠭᠤᠷᠵᠢ ᠭᠠᠷᠴᠤ ᠡᠵᠡᠨ ᠦ᠌ ᠡᠯᠴᠢ ᠶ᠋ᠢ ᠤᠭᠲᠤᠨ ᠣᠷᠣᠭᠤᠯᠵᠤ ᠂ ᠵᠢᠨᠦᠩ ᠰᠠᠭᠤᠳᠠᠯ ᠠ᠋ᠴᠠ ᠪᠣᠰᠴᠤ ᠬᠣᠢᠰᠢ ᠬᠠᠨᠳᠤᠨ ᠰᠥᠭᠥᠳᠪᠡ᠃ ᠲᠣᠷᠭᠠᠨ ᠰᠢᠷ᠎ᠠ ᠳᠣᠪᠣᠴᠠᠭ ᠤ᠋ᠨ ᠳᠣᠣᠷ᠎ᠠ ᠮᠣᠷᠢᠨ ᠳᠡᠭᠡᠷ᠎ᠡ ᠡᠵᠡᠨ ᠦ᠌ ᠵᠠᠬᠢᠶ᠎ᠠ ᠶ᠋ᠢ ᠤᠯᠠᠮᠵᠢᠯᠠᠨ ᠵᠠᠬᠢᠷᠤᠨ:《ᠠᠷᠪᠠᠨ ᠳᠥᠷᠪᠡᠨ ᠵᠠᠩᠵᠤᠨ ᠲᠦᠰᠢᠮᠡᠳ ᠦ᠋ᠨ ᠬᠣᠷᠢᠭ᠍ᠯᠠᠯ ᠢ᠋ ᠠᠯᠳᠠᠭᠰᠠᠨ ᠶᠠᠯ᠎ᠠ ᠠᠨᠤ ᠴᠥᠮ ᠮᠢᠨᠦ ᠥᠪᠡᠷ ᠦ᠋ᠨ ᠰᠠᠨᠠᠭ᠎ᠠ ᠴᠢᠬᠤᠯ ᠬᠢᠯᠢᠩ ᠲᠦᠷᠭᠡᠨ ᠡᠴᠡ ᠪᠣᠯᠵᠤᠬᠤᠢ᠃ ᠪᠢ ᠳᠤᠷᠠᠲᠠᠶ᠎ᠠ ᠠᠮᠠᠨ ᠠᠯᠳᠠᠵᠤ ᠡᠭᠦᠨ ᠡᠴᠡ ᠬᠣᠢᠰᠢ ᠲᠦᠷᠭᠡᠨ ᠲᠦᠭᠦᠬᠡᠢ ᠲᠦᠭᠰᠢᠯ ᠠᠶᠤᠯᠲᠤ ᠭᠠᠵᠠᠷ ᠲᠤᠷ ᠰᠢᠪᠲᠤᠯᠤᠨ ᠣᠷᠣᠬᠤ ᠶ᠋ᠢ ᠪᠠᠢᠰᠤᠭᠠᠢ᠂ ᠮᠥᠨ ᠬᠦ᠌ ᠲᠡᠷᠡ ᠠᠷᠪᠠᠨ ᠳᠥᠷᠪᠡᠭᠦᠯᠡ ᠪᠡᠷ ᠪᠠᠲᠤᠯᠠᠭᠤᠯᠰᠤᠭᠠᠢ᠃ ᠳᠠᠬᠢᠨ ᠣᠰᠣᠯᠳᠠᠭᠰᠠᠨ ᠴᠠᠭ ᠲᠤᠷ ᠲᠡᠳᠡᠨ ᠳ᠋ᠦ᠍ᠷ ᠳᠠᠪᠬᠤᠷ ᠶᠠᠯ᠎ᠠ ᠤᠨᠠᠭᠠᠲᠤᠭᠠᠢ᠂ ᠡᠨᠡ ᠤᠳᠠᠭ᠎ᠠ ᠶ᠋ᠢᠨ ᠲᠡᠳᠡᠨ ᠦ᠌ ᠶᠠᠯ᠎ᠠ ᠳ᠋ᠤᠷ ᠪᠢ ᠳᠤᠷᠠᠲᠠᠶ᠎ᠠ ᠮᠥᠨ ᠬᠦ᠌ ᠮᠢᠩᠭᠠᠨ ᠠᠭᠲᠠ ᠶ᠋ᠢᠨ ᠲᠣᠷᠭᠠᠭᠤᠯᠢ ᠭᠠᠷᠭᠠᠵᠤ᠂ ᠲᠡᠳᠡᠨ ᠦ᠌ ᠶᠠᠯ᠎ᠠ ᠶ᠋ᠢ ᠵᠣᠯᠢᠰᠤᠭᠠᠢ᠃ ᠵᠢᠨᠦᠩ ᠬᠡᠷᠬᠢᠪᠡᠴᠦ ᠬᠡᠯᠲᠦᠷᠢᠭᠦᠯᠦᠨ ᠠᠪᠠᠴᠢ !》ᠭᠡᠮᠡᠨ ᠵᠠᠬᠢᠵᠤ ᠪᠠᠷᠠᠭᠠᠳ ᠰᠠᠶᠢ ᠮᠣᠷᠢᠨ ᠠ᠋ᠴᠠ ᠪᠠᠭᠤᠪᠠ᠃ ᠵᠢᠨᠦᠩ ᠮᠥᠨ ᠪᠣᠰᠴᠤ ᠡᠵᠡᠨ ᠦ᠌ ᠵᠠᠬᠢᠶ᠎ᠠ ᠪᠠᠷ ᠣᠯᠠᠨ ᠢ᠋ ᠭᠡᠯᠳᠦᠷᠢᠭᠦᠯᠵᠦ᠂ ᠶᠠᠯ᠎ᠠ ᠲᠣᠷᠭᠠᠭᠤᠯᠢ ᠶ᠋ᠢ ᠢᠯᠭᠠᠨ ᠰᠠᠯᠭᠠᠭᠰᠠᠨ ᠠᠨᠤ :ᠡᠨᠡ ᠠᠯᠳᠠᠰᠢ ᠶ᠋ᠢ ᠵᠢᠨᠦᠩ ᠪᠢ ᠤᠷᠢᠳᠠᠰᠠ ᠡᠰᠡ ᠰᠡᠷᠡᠮᠵᠢᠯᠡᠨ ᠤᠬᠠᠭᠰᠠᠨ ᠶᠠᠯ᠎ᠠ ᠳ᠋ᠤᠷ ᠵᠠᠭᠤᠨ ᠠᠭᠲᠠ᠂ ᠪᠡᠯᠭᠦᠳᠡᠢ ᠬᠠᠰᠠᠷ ᠢ᠋ ᠲᠤᠰᠬᠠᠢᠯᠠᠨ ᠡᠵᠡᠨ ᠢ᠋ ᠬᠣᠷᠢᠭ᠍ᠯᠠᠨ ᠬᠠᠮᠠᠭᠠᠯᠠᠬᠤᠢ ᠳ᠋ᠤᠷ ᠶᠠᠪᠤᠭᠤᠯᠤᠭᠰᠠᠨ ᠪᠥᠭᠡᠳ ᠬᠣᠶᠠᠭᠤᠯᠠ ᠴᠥᠮ ᠡᠵᠡᠨ ᠡᠴᠡ ᠰᠠᠯᠵᠤ᠂ ᠲᠤᠰ ᠲᠤᠰᠢᠶᠠᠯ ᠢ᠋ ᠠᠯᠳᠠᠭᠰᠠᠨ ᠲᠤᠯᠠ ᠬᠥᠮᠦᠨ ᠪᠦᠷᠢ ᠲᠠᠪᠢᠨ ᠠᠭᠲᠠ᠂ ᠡᠨᠡ ᠠᠷᠪᠠᠨ ᠳᠥᠷᠪᠡᠭᠦᠯᠡ ᠬᠡᠳᠦᠢᠪᠡᠷ ᠡᠵᠡᠨ ᠲᠣᠷᠭᠠᠭᠤᠯᠢ ᠭᠠᠷᠭᠠᠭᠰᠠᠨ ᠪᠣᠯᠪᠠᠴᠤ ᠵᠢᠷᠭᠤᠭᠠᠨ ᠵᠠᠩᠵᠤᠨ᠂ ᠬᠥᠮᠦᠨ ᠪᠦᠷᠢ ᠶᠢᠰᠦᠨ ᠠᠭᠲᠠ᠂ ᠦᠯᠡᠭᠰᠡᠨ ᠨᠠᠢ᠍ᠮᠠᠨ ᠰᠢᠳᠠᠷ ᠲᠦᠰᠢᠮᠡᠳ ᠬᠥᠮᠦᠨ ᠪᠦᠷᠢ ᠳᠣᠯᠣᠭᠠᠨ ᠠᠭᠲᠠ᠂ ᠪᠦᠭᠦᠳᠡ ᠶ᠋ᠢ ᠨᠡᠢᠯᠡᠭᠦᠯᠵᠦ᠂ ᠭᠠᠪᠢᠶᠠᠲᠤ ᠵᠠᠩᠵᠤᠨ ᠴᠡᠷᠢᠭ ᠲᠦ᠍ᠷ ᠳᠠᠪᠬᠤᠷ ᠱᠠᠩᠨᠠᠬᠤ ᠪᠠᠷ ᠲᠣᠭᠲᠠᠭᠠᠵᠤ᠂ ᠪᠠᠰᠠ ᠨᠡᠢᠲᠡ ᠳ᠋ᠦ᠍ᠷ ᠵᠠᠷᠯᠠᠭᠰᠠᠨ ᠠᠨᠤ :《ᠡᠵᠡᠨ ᠦ᠌ ᠳᠥᠷᠪᠡᠨ ᠳᠡᠭᠦᠦ᠂ ᠳᠥᠷᠪᠡᠨ ᠬᠦᠯᠦᠭ᠂ ᠳᠥᠷᠪᠡᠨ ᠬᠥᠪᠡᠭᠦᠨ ᠬᠢᠭᠡᠳ ᠵᠢᠷᠭᠤᠭᠠᠨ ᠰᠠᠢᠳ᠂ ᠶᠢᠰᠦᠨ ᠡᠩ᠂ ᠲᠠᠪᠤᠨ ᠪᠠᠭᠠᠲᠤᠳ ᠠ᠋ᠴᠠ ᠲᠡᠷᠢᠭᠦᠯᠡᠨ᠂ ᠣᠯᠠᠨ ᠵᠠᠩᠵᠤᠨ ᠰᠤᠯᠠ ᠴᠡᠷᠢᠭ ᠦ᠋ᠳ ᠲᠣᠷ ᠬᠦᠷᠲᠡᠯ᠎ᠡ ᠬᠡᠨ ᠬᠥᠮᠦᠨ ᠡᠵᠡᠨ ᠢ᠋ ᠳᠠᠭᠠᠵᠤ ᠪᠠᠢᠭᠠᠳ ᠲᠦᠭᠰᠢᠯ ᠠᠶᠤᠯ ᠲᠠᠢ ᠭᠠᠵᠠᠷ ᠲᠤᠷ ᠬᠣᠷᠢᠭ᠍ᠯᠠᠯ ᠢ᠋ ᠠᠯᠳᠠᠵᠤ ᠡᠵᠡᠨ ᠢ᠋ ᠣᠷᠣᠭᠤᠯᠤᠭᠠᠳ ᠡᠵᠡᠨ ᠦ᠌ ᠪᠡᠶ᠎ᠡ ᠶ᠋ᠢ ᠲᠦᠭᠰᠢᠭᠦᠷᠢᠲᠡᠢ ᠪᠣᠯᠭᠠᠪᠠᠰᠤ᠂ ᠲᠡᠷᠡ ᠬᠥᠮᠦᠨ ᠢ᠋ ᠨᠠᠶᠠᠨ ᠮᠠᠨᠴᠤᠷᠭ᠎ᠠ ᠵᠠᠨᠴᠢᠮᠤᠢ᠃ ᠬᠡᠷᠪᠡ ᠡᠵᠡᠨ ᠦ᠌ ᠪᠡᠶ᠎ᠡ ᠰᠢᠩᠬᠤᠯᠠᠪᠠᠰᠤ ᠲᠡᠷᠡ ᠬᠥᠮᠦᠨ ᠢ᠋ ᠴᠠᠪᠴᠢᠨ ᠠᠯᠠᠮᠤᠢ᠃ ᠬᠡᠷᠪᠡ ᠡᠵᠡᠨ ᠦ᠌ ᠪᠡᠶ᠎ᠡ ᠶ᠋ᠢ ᠪᠡᠷᠲᠡᠭᠡᠨ ᠮᠠᠬᠠᠪᠣᠳ ᠡᠪᠳᠡᠷᠡᠬᠦᠢ ᠳ᠋ᠦ᠍ᠷ ᠬᠦᠷᠦᠭᠦᠯᠪᠡᠰᠦ ᠲᠡᠷᠡ ᠬᠥᠮᠦᠨ ᠦ᠌ ᠨᠢᠭᠡᠨ ᠭᠡᠷ ᠢ᠋ ᠴᠥᠮ ᠠᠯᠠᠮᠤᠢ᠃ ᠬᠡᠷᠪᠡ ᠡᠵᠡᠨ ᠦ᠌ ᠠᠮᠢᠨ ᠨᠠᠰᠤᠨ ᠳ᠋ᠤᠷ ᠬᠦᠷᠦᠭᠦᠯᠪᠡᠰᠦ᠂ ᠲᠡᠷᠡ ᠬᠥᠮᠦᠨ ᠦ᠌ ᠶᠢᠰᠦᠨ ᠤᠭᠰᠠᠭ᠎ᠠ ᠶ᠋ᠢ ᠬᠦᠢᠰᠦ ᠲᠡᠮᠲᠡᠷᠢᠨ ᠠᠷᠢᠯᠭᠠᠮᠤᠢ᠃ ᠵᠢᠨᠦᠩ ᠮᠢᠨᠦ ᠪᠡᠶ᠎ᠡ ᠡᠴᠡ ᠲᠡᠷᠢᠭᠦᠯᠡᠨ ᠰᠤᠯᠠ ᠴᠡᠷᠢᠭ ᠶᠡᠷᠦ ᠶ᠋ᠢᠨ ᠠᠷᠠᠳ ᠲᠤᠷ ᠬᠦᠷᠲᠡᠯ᠎ᠡ ᠨᠢᠭᠡᠨ ᠠᠳᠠᠯᠢ ᠪᠠᠷ ᠠᠪᠠᠴᠢᠮᠤᠢ᠃ ᠣᠭᠲᠣ ᠢᠯᠭᠠᠯ ᠦᠭᠡᠢ ᠴᠥᠮ ᠡᠩᠭᠡᠷ ᠲᠣᠷ ᠲᠡᠮᠳᠡᠭ ᠵᠡᠭᠦᠵᠦ ᠤᠢᠯᠠᠨ ᠲᠡᠮᠳᠡᠭᠯᠡᠵᠦ ᠠᠪ ! 》ᠭᠡᠮᠡᠨ ᠴᠢᠩᠳᠠ ᠵᠠᠷᠯᠠᠨ ᠲᠣᠭᠲᠠᠭᠠᠭᠠᠳ ᠵᠢᠴᠢ ᠪᠠᠰᠠ ᠳᠥᠷᠪᠡᠨ ᠳᠡᠭᠦᠦ ᠳᠥᠷᠪᠡᠨ ᠬᠦᠯᠦᠭ ᠳᠥᠷᠪᠡᠨ ᠰᠠᠢᠰᠢᠶᠠᠯ ① ᠳᠥᠷᠪᠡᠨ ᠤᠷᠤᠭ ② ᠡᠨᠡ ᠠᠷᠪᠠᠨ ᠵᠢᠷᠭᠤᠭᠠᠨ ᠬᠥᠮᠦᠨ ᠡᠴᠡ ᠬᠥᠮᠦᠨ ᠪᠦᠷᠢ ᠰᠦᠨᠡᠰᠦᠨ ᠢ᠋ ᠰᠠᠬᠢᠬᠤ ᠨᠣᠭᠣᠭᠠᠨ ᠣᠭ᠌ᠶᠤ ᠨᠢᠭᠡᠨ ᠮᠥᠬᠥᠯᠢᠭ᠂ ᠵᠢᠴᠢ ᠳᠥᠷᠪᠡᠨ ᠬᠥᠪᠡᠭᠦᠳ ᠲᠣᠷ ᠢᠨᠦ ᠲᠣᠭᠣᠰᠣᠨ ᠢ᠋ ᠵᠠᠢᠯᠠᠭᠤᠯᠬᠤ ᠭᠡᠷᠡᠯᠲᠦ ᠰᠤᠪᠤᠳ ᠳᠥᠷᠪᠡᠨ ᠮᠥᠬᠥᠯᠢᠭ ᠥᠭᠴᠦ ᠲᠠᠪᠤᠨ ᠳᠥᠷᠪᠡ ᠨᠡᠢᠲᠡ ᠬᠣᠷᠢᠨ ᠮᠥᠬᠥᠯᠢᠭ ᠢ᠋ ᠠᠪᠴᠤ ᠳᠥᠷᠪᠡᠨ ᠳᠡᠭᠦᠦ᠂ ᠳᠥᠷᠪᠡᠨ ᠤᠷᠤᠭ ᠢ᠋ ᠳᠥᠷᠪᠡᠨ ᠰᠤᠪᠤᠳ ᠢ᠋ᠶ᠋ᠠᠷ ᠰᠠᠯᠭᠠᠨ᠂ ᠳᠥᠷᠪᠡᠨ ᠡᠪᠦᠳᠦᠭ ᠪᠣᠯᠭᠠᠨ ᠬᠡᠯᠬᠢᠵᠦ᠂ ᠪᠠᠰᠠ ᠲᠠᠢᠽᠦ ᠶ᠋ᠢᠨ ᠪᠠᠭ᠎ᠠ ᠠ᠋ᠴᠠ ᠪᠡᠶ᠎ᠡ ᠬᠠᠮᠠᠭᠠᠯᠠᠨ ᠵᠡᠭᠦᠵᠦ ᠪᠠᠢᠭᠰᠠᠨ ᠡᠷᠳᠡᠨᠢᠲᠦ ᠪᠤᠭᠤ ᠶ᠋ᠢᠨ ᠰᠣᠶᠣᠭ᠎ᠠ ᠠ᠋ᠴᠠ ᠨᠢᠭᠡᠨ ᠠᠯᠮᠠᠰ ᠡᠷᠳᠡᠨᠢ ᠶ᠋ᠢᠨ ᠮᠥᠬᠥᠯᠢᠭ ᠢ᠋ ᠠᠪᠴᠤ ᠳᠤᠮᠳᠠᠳᠤ ᠡᠪᠦᠳᠦᠭ ᠦ᠋ᠨ ᠳᠡᠭᠡᠷ᠎ᠡ ᠳᠠᠪᠬᠤᠷ ᠵᠠᠩᠭᠢᠳᠴᠤ ᠸᠴᠢᠷ ᠬᠦᠢᠰᠦ ᠪᠣᠯᠭᠠᠭᠠᠳ ᠲᠡᠭᠦᠨ ᠢ᠋ ᠲᠠᠢᠽᠦ ᠶ᠋ᠢᠨ ᠪᠡᠶ᠎ᠡ ᠳ᠋ᠦ᠍ᠷ ᠤᠷᠠᠯᠠᠵᠤ ᠨᠡᠢᠲᠡ ᠬᠣᠷᠢᠨ ᠬᠥᠮᠦᠨ ᠦ᠌ ᠨᠡᠷ᠎ᠡ ᠶ᠋ᠢ ᠪᠢᠴᠢᠵᠦ ᠪᠦᠭᠦᠳᠡᠭᠡᠷ ᠢᠷᠡᠵᠦ᠂ ᠲᠠᠢᠽᠦ ᠳ᠋ᠦ᠍ᠷ ᠢᠳᠬᠠᠯ ᠡᠷᠭᠦᠵᠦ ᠮᠡᠳᠡᠭᠦᠯᠦᠷᠦᠨ : 《ᠠᠷᠪᠠᠨ ᠨᠠᠢ᠍ᠮᠠᠨ ᠵᠦᠢᠯ ᠦ᠋ᠨ ᠴᠡᠷᠢᠭ ᠦ᠋ᠨ ᠡᠷᠳᠡᠮ ᠬᠡᠮᠡᠭᠴᠢ ᠡᠷ᠎ᠡ ᠬᠥᠮᠦᠨ ᠦ᠌ ᠪᠡᠶ᠎ᠡ ᠪᠡᠨ ᠬᠠᠮᠠᠭᠠᠯᠠᠬᠤ ᠴᠢᠬᠤᠯᠠ ᠰᠤᠷᠲᠠᠯ᠂ ᠠᠷᠪᠠᠨ ᠨᠠᠢ᠍ᠮᠠᠨ ᠣᠭ᠌ᠶᠤ ᠡᠷᠳᠡᠨᠢ ᠬᠡᠮᠡᠭᠴᠢ ᠰᠦᠨᠡᠰᠦᠨ ᠢ᠋ ᠰᠠᠬᠢᠬᠤ ᠰᠠᠢᠬᠠᠨ ᠴᠢᠯᠠᠭᠤ ᠂ ᠳᠥᠷᠪᠡᠨ ᠳᠡᠭᠦᠦ᠂ ᠳᠥᠷᠪᠡᠨ ᠤᠷᠤᠭ᠂ ᠳᠥᠷᠪᠡᠨ ᠬᠥᠪᠡᠭᠦᠨ᠂ ᠳᠥᠷᠪᠡᠨ ᠬᠦᠯᠦᠭ᠂ ᠳᠥᠷᠪᠡᠨ ᠰᠠᠢᠳ ᠬᠡᠮᠡᠭᠴᠢ ᠪᠦᠭᠦᠳᠡᠭᠡᠷ ᠴᠥᠮ ᠠᠯᠮᠠᠰ ᠡᠷᠳᠡᠨᠢ ᠮᠡᠲᠦ ᠠᠯᠲᠠᠨ ᠶᠠᠰᠤᠲᠤ ᠡᠵᠡᠨ ᠢ᠋ᠶ᠋ᠡᠨ ᠬᠠᠮᠠᠭᠠᠯᠠᠬᠤ ᠪᠣᠯᠠᠢ᠃ ᠡᠵᠡᠨ ᠦ᠌ ᠨᠢᠭᠡᠨ ᠪᠡᠶ᠎ᠡ ᠡᠨᠳᠡᠪᠡᠰᠦ ᠡᠳᠡᠭᠡᠷ ᠴᠥᠮ ᠬᠡᠯᠬᠢᠶ᠎ᠡ ᠲᠠᠰᠤᠷᠠᠬᠤ ᠮᠡᠲᠦ᠂ ᠡᠵᠡᠨ ᠮᠢᠨᠦ ᠡᠭᠦᠨ ᠢ᠋ ᠡᠩᠭᠡᠷ ᠲᠡᠭᠡᠨ ᠵᠡᠭᠦᠵᠦ᠂ ᠡᠳᠡᠭᠡᠷ ᠪᠦᠬᠦᠨ ᠦ᠌ ᠢᠳᠬᠠᠯ ᠢ᠋ ᠰᠡᠳᠬᠢᠵᠦ᠂ ᠡᠯ᠎ᠡ ᠲᠦᠭᠰᠢᠯᠳᠦ ᠭᠠᠵᠠᠷ᠎ᠠ ᠡᠷᠬᠢᠮ ᠪᠡᠶ᠎ᠡ ᠪᠡᠨ ᠬᠥᠩᠭᠡᠯᠡᠨ ᠦᠯᠦ ᠣᠷᠣᠮᠤ ! ᠡᠨᠡ ᠬᠡᠮᠡᠭᠴᠢ ᠶ᠋ᠢ ᠦᠯᠢᠳᠬᠡᠪᠡᠰᠦ᠂ ᠡᠨᠡ ᠡᠷᠢᠭᠡ ᠶ᠋ᠢᠨ ᠪᠦᠭᠦᠳᠡᠭᠡᠷ ᠦ᠋ᠨ ᠣᠭᠣᠰᠣᠷ ᠬᠡᠯᠬᠢᠶ᠎ᠡ ᠶ᠋ᠢ ᠨᠡᠢᠲᠡ ᠪᠡᠷ ᠴᠥᠮ ᠡᠨᠡ ᠸᠴᠢᠷ ᠬᠦᠢᠰᠦ ᠳ᠋ᠦ᠍ᠷ ᠵᠠᠩᠭᠢᠳᠴᠤ ᠪᠠᠢᠬᠤ ᠲᠤᠯᠠ ᠸᠴᠢᠷ ᠬᠦᠢᠰᠦ ᠬᠡᠮᠬᠡᠷᠡᠪᠡᠰᠦ ᠡᠷᠢᠭᠡ ᠳᠠᠷᠤᠢ ᠬᠡᠯᠬᠢᠶ᠎ᠡ ᠦᠭᠡᠢ᠂ ᠲᠣᠪᠴᠢᠶ᠎ᠠ ᠦᠭᠡᠢ ᠪᠣᠯᠵᠤ᠂ ᠠᠯᠳᠠᠷᠠᠨ ᠰᠠᠯᠪᠠᠷᠠᠬᠤᠢ ᠳ᠋ᠤᠷ ᠬᠦᠷᠬᠦ ᠮᠡᠲᠦ᠃ ᠡᠷᠢᠭᠡ ᠳ᠋ᠦ᠍ᠷ ᠸᠴᠢᠷ ᠬᠦᠢᠰᠦ ᠦᠭᠡᠢ ᠪᠥᠭᠡᠰᠦ ᠡᠷᠢᠭᠡ ᠭᠡᠮᠡᠨ ᠨᠡᠷᠡᠯᠡᠵᠦ ᠦᠯᠦ ᠪᠣᠯᠤᠮᠤᠢ᠂ ᠳᠥᠷᠪᠡᠨ ᠰᠤᠪᠤᠳ ᠤ᠋ᠨ ᠡᠪᠦᠳᠦᠭ ᠬᠡᠮᠡᠭᠴᠢ ᠡᠵᠡᠨ ᠴᠢᠨᠦ ᠳᠥᠷᠪᠡᠨ ᠬᠥᠪᠡᠭᠦᠨ ᠴᠢᠨᠦ ᠪᠤᠶᠤ᠂ ᠬᠣᠢᠴᠢ ᠡᠳᠦᠷ ᠠᠯᠢ ᠠᠨᠤ ᠡᠵᠡᠨ ᠴᠢᠨᠦ ᠡᠷᠳᠡᠮ ᠰᠤᠷᠲᠠᠯ ᠤᠬᠠᠭᠠᠨ ᠴᠢᠳᠠᠯ ᠢ᠋ ᠳᠠᠭᠤᠷᠢᠶᠠᠨ ᠴᠢᠳᠠᠪᠠᠰᠤ ᠳᠠᠷᠤᠢ ᠡᠨᠡ ᠮᠡᠲᠦ ᠡᠪᠦᠳᠦᠭ ᠦ᠋ᠨ ᠠᠯᠢᠨ᠎ᠠ ᠪᠣᠯᠪᠠᠴᠤ ᠡᠨᠡ ᠸᠴᠢᠷ ᠢ᠋ ᠠᠨᠤ ᠳᠡᠭᠡᠷ᠎ᠡ ᠨᠡᠮᠡᠪᠡᠰᠦ ᠳᠠᠷᠤᠢ ᠸᠴᠢᠷ ᠬᠦᠢᠰᠦ ᠪᠣᠯᠵᠤ᠂ ᠡᠵᠡᠨ ᠦ᠌ ᠪᠡᠶ᠎ᠡ ᠮᠡᠲᠦ ᠪᠡᠷ ᠨᠢᠭᠡᠨ ᠤᠯᠤᠰ ᠤ᠋ᠨ ᠲᠣᠪᠴᠢᠶ᠎ᠠ ᠬᠡᠯᠬᠢᠶ᠎ᠡ ᠶ᠋ᠢ ᠪᠠᠷᠢᠵᠤ᠂ ᠡᠵᠡᠨ ᠡᠷᠢᠭᠡ ᠪᠣᠯᠬᠤ ᠪᠣᠯᠠᠢ᠃ ᠡᠵᠡᠨ ᠮᠢᠨᠦ ᠠᠢᠯᠠᠳᠤᠨᠠᠮ ᠪᠣᠯᠪᠠᠤ !》ᠭᠡᠮᠡᠨ ᠡᠷᠭᠦᠨ ᠪᠠᠷᠢᠭ᠍ᠰᠠᠨ᠎ᠠ᠂ ᠲᠠᠢᠽᠦ ᠮᠠᠰᠢᠳᠠ ᠪᠡᠶᠡᠰᠦᠨ ᠮᠦᠰᠢᠶᠡᠨ ᠮᠠᠭᠲᠠᠨ ᠰᠠᠢᠰᠢᠶᠠᠵᠤ ᠠᠪᠴᠤ ᠡᠩᠭᠡᠷ ᠲᠣᠷ ᠢ᠋ᠶ᠋ᠠᠨ ᠵᠡᠭᠦᠭᠡᠳ ᠰᠡᠭᠦᠵᠢᠨ ᠡᠴᠡ ᠪᠡᠨ ᠮᠣᠷᠢ ᠤᠨᠤᠬᠤ ᠶ᠋ᠢᠨ ᠳᠠᠷᠤᠯᠭ᠎ᠠ ᠪᠣᠯᠭᠠᠭᠰᠠᠨ ᠶᠢᠰᠦᠨ ᠵᠦᠢᠯ ᠦ᠋ᠨ ᠡᠷᠳᠡᠨᠢ ᠳᠦᠭᠦᠷᠦᠭᠰᠡᠨ ᠪᠤᠭᠤ ᠶ᠋ᠢᠨ ᠰᠣᠶᠣᠭ᠎ᠠ᠂ ᠬᠢᠲᠤᠭ᠎ᠠ ᠪᠠ ᠲᠤᠤᠬᠠᠢ ᠯᠤᠭ᠎ᠠ ᠬᠠᠮᠲᠤ ᠠᠪᠴᠤ ᠬᠠᠷᠢᠭᠤ ᠠᠨᠤ ᠱᠠᠩᠨᠠᠨ ᠥᠭᠭᠦᠭᠦᠶᠡ ᠡᠢᠨ ᠭᠡᠮᠡᠨ ᠲᠠᠢᠯᠤᠨ ᠬᠡᠯᠡᠵᠦ ᠵᠠᠬᠢᠷᠤᠨ :《ᠶᠢᠰᠦᠨ ᠡᠷᠳᠡᠨᠢ ᠬᠡᠮᠡᠭᠴᠢ ᠡᠷ᠎ᠡ ᠬᠥᠮᠦᠨ ᠦ᠌ ᠶᠢᠰᠦᠨ ᠡᠷᠳᠡᠮ ᠪᠤᠶᠤ᠂ ᠶᠢᠰᠦᠨ ᠡᠷᠳᠡᠮ ᠠᠯᠢ ᠪᠣᠢ ? ᠬᠡᠮᠡᠪᠡᠰᠦ : ᠲᠡᠷᠢᠭᠦᠨ ᠳ᠋ᠦ᠍ᠷ ᠪᠤᠰᠤᠳ ᠤ᠋ᠨ ᠵᠣᠪᠠᠯᠠᠩ ᠢ᠋ ᠪᠡᠶ᠎ᠡ ᠳ᠋ᠦ᠍ᠷ ᠡᠷᠭᠢᠴᠡᠭᠦᠯᠵᠦ᠂ ᠬᠣᠶᠠᠷ ᠲᠤᠷ ᠪᠤᠷᠤᠭᠤ ᠲᠡᠷᠰᠯᠡᠭᠦᠦ ᠪᠡᠷ ᠬᠡᠷᠬᠢᠪᠡᠴᠦ ᠦᠯᠦ ᠶᠠᠪᠤᠬᠤ᠂ ᠭᠤᠷᠪᠠᠨ ᠳ᠋ᠤᠷ ᠪᠤᠯᠲᠤ ᠬᠥᠮᠦᠨ ᠢ᠋ ᠡᠷᠭᠦᠨ ᠬᠦᠨᠳᠦᠯᠡᠵᠦ ᠬᠢᠴᠢᠶᠡᠩᠭᠦᠢᠯᠡᠬᠦ᠂ ᠳᠥᠷᠪᠡᠨ ᠳ᠋ᠦ᠍ᠷ ᠪᠣᠳᠣᠬᠤ ᠰᠢᠨᠵᠢᠬᠦ ᠪᠣᠳᠣᠯᠭ᠎ᠠ ᠤᠬᠠᠭᠠᠨ ᠢ᠋ ᠨᠠᠷᠢᠪᠴᠢᠯᠠᠬᠤ᠂ ᠲᠠᠪᠤᠨ ᠳ᠋ᠤᠷ ᠪᠤᠴᠠᠬᠤ ᠪᠤᠯᠭᠢᠬᠤ ᠶ᠋ᠢ ᠦᠬᠦᠪᠡᠴᠦ ᠦᠯᠦ ᠦᠢᠯᠡᠳᠬᠦ᠂ ᠵᠢᠷᠭᠤᠭᠠᠨ ᠳ᠋ᠤᠷ ᠪᠤᠵᠠᠷ ᠤᠵᠢᠳ ᠲᠤᠷ ᠰᠣᠭᠲᠣᠭᠤᠷᠠᠨ ᠦᠯᠦ ᠵᠢᠪᠬᠦ᠂ ᠳᠣᠯᠣᠭᠠᠨ ᠳ᠋ᠤᠷ ᠪᠤᠰᠤᠳ ᠤ᠋ᠨ ᠡᠳ᠋ ᠲᠣᠷ ᠬᠣᠪᠳᠣᠭᠯᠠᠨ ᠦᠯᠦ ᠭᠣᠷᠢᠯᠠᠬᠤ᠂ ᠨᠠᠢ᠍ᠮᠠ ᠳ᠋ᠤᠷ ᠪᠤᠷᠤᠭᠤ ᠪᠠᠨ ᠡᠭᠡᠭᠦᠯᠵᠦ ᠢᠴᠢᠬᠦ ᠡᠮᠢᠶᠡᠬᠦ ᠶ᠋ᠢ ᠮᠡᠳᠡᠬᠦ᠂ ᠶᠢᠰᠦ ᠳ᠋ᠦ᠍ᠷ ᠪᠤᠰᠤᠴᠢᠷ ᠢ᠋ ᠵᠠᠰᠠᠬᠤᠢ ᠳ᠋ᠤᠷ ᠵᠣᠷᠢᠭ ᠦᠯᠦ ᠰᠢᠨᠲᠠᠷᠠᠬᠤ – ᠡᠨᠡ ᠶᠢᠰᠦᠭᠦᠯᠡ ᠶ᠋ᠢ ᠮᠠᠭᠠᠳ ᠪᠦᠷᠢᠳᠬᠡᠨ ᠴᠢᠳᠠᠪᠠᠰᠤ᠂ ᠡᠭᠦᠨ ᠢ᠋ ᠴᠣᠬᠣᠮ ᠠᠴᠢᠯᠠᠯᠲᠠᠢ ᠬᠥᠪᠡᠭᠦᠳ᠂ ᠪᠠᠭᠠᠲᠤᠷ ᠡᠷ᠎ᠡ ᠬᠡᠮᠡᠮᠦᠢ᠃ ᠪᠤᠭᠤ ᠶ᠋ᠢᠨ ᠰᠣᠶᠣᠭ᠎ᠠ ᠶ᠋ᠢ ᠬᠡᠷᠡᠭᠯᠡᠭᠰᠡᠨ ᠢᠨᠦ᠂ ᠡᠷ᠎ᠡ ᠬᠥᠮᠦᠨ ᠢ᠋ ᠲᠦᠮᠡᠨ ᠦᠢᠯᠡ ᠳ᠋ᠦ᠍ᠷ ᠦᠵᠦᠭᠦᠷ ᠭᠠᠷᠭᠠᠵᠤ ᠶᠠᠪᠤᠭᠲᠤᠨ ᠬᠡᠮᠡᠭᠰᠡᠨ ᠬᠤᠷᠴᠠ ᠴᠢᠭᠢᠷᠠᠭ ᠬᠠᠳᠠᠨ ᠪᠠᠭᠠᠲᠤᠷ ᠰᠠᠨᠠᠭᠠᠨ ᠪᠤᠶᠤ᠃ ᠡᠷᠳᠡᠨᠢ ᠶ᠋ᠢᠨ ᠭᠠᠳᠠᠭᠤᠷ ᠡᠪᠡᠷ ᠢ᠋ᠶ᠋ᠡᠷ ᠭᠠᠳᠠᠷᠯᠠᠭᠰᠠᠨ ᠢᠨᠦ ᠡᠷᠳᠡᠮ ᠴᠢᠳᠠᠯ ᠢ᠋ᠶ᠋ᠠᠨ ᠳᠣᠲᠣᠷ᠎ᠠ ᠪᠠᠨ ᠨᠢᠭᠤᠵᠤ᠂ ᠡᠷᠬᠡ ᠪᠠᠭᠠᠲᠤᠷ ᠢ᠋ᠶ᠋ᠠᠷ ᠪᠠᠭᠯᠠᠵᠤ ᠬᠠᠯᠬᠠᠯᠠᠨ᠂ ᠭᠠᠳᠠᠨ᠎ᠠ ᠪᠠᠨ ᠪᠢᠲᠡᠭᠦᠯᠢᠭ ᠂ ᠳᠣᠲᠣᠷ᠎ᠠ ᠪᠠᠨ ᠨᠠᠷᠢᠯᠠᠭ ᠪᠣᠯᠵᠤ᠂ ᠡᠷᠳᠡᠮ ᠪᠠᠢᠪᠠᠴᠤ ᠪᠢᠲᠡᠭᠡᠢ ᠭᠠᠢᠬᠠᠭᠤᠯ ᠬᠡᠮᠡᠭᠰᠡᠨ ᠰᠠᠨᠠᠭᠠᠨ ᠪᠤᠶᠤ᠃ ᠲᠠᠨ ᠤ᠋ ᠣᠯᠠᠨ ᠰᠡᠴᠡᠳ ᠪᠠᠭᠠᠲᠤᠳ ᠰᠠᠢᠳ ᠲᠦᠰᠢᠮᠡᠳ ᠪᠠ ᠲᠥᠷᠥᠯ ᠤᠷᠤᠭ ᠠᠯᠪᠠᠲᠤ ᠤᠯᠤᠰ ᠪᠦᠭᠦᠳᠡᠭᠡᠷ ᠵᠠᠬᠢᠶ᠎ᠠ ᠶ᠋ᠢ ᠮᠢᠨᠦ ᠳᠠᠭᠠᠵᠤ ᠶᠠᠪᠤᠭᠲᠤᠨ᠃ ᠠᠳᠠᠭ ᠲᠠᠭᠠᠨ ᠨᠢᠭᠡᠨ ᠬᠣᠶᠠᠷ ᠵᠦᠢᠯ ᠢ᠋ ᠠᠨᠤ ᠪᠣᠯᠪᠠᠴᠤ ᠴᠢᠩᠳᠠ ᠪᠠᠷᠢᠮᠲᠠᠯᠠᠵᠤ ᠳ᠋ᠠᠭᠠᠨ ᠶᠠᠪᠤᠵᠤ ᠴᠢᠳᠠᠪᠠᠰᠤ᠂ ᠡᠵᠡᠨ ᠴᠢᠨᠦ ᠪᠢ ᠡᠨᠡ ᠠᠷᠪᠠᠨ ᠨᠠᠢ᠍ᠮᠠᠨ ᠵᠦᠢᠯ ᠦ᠋ᠨ ᠴᠡᠷᠢᠭ ᠦ᠋ᠨ ᠡᠷᠳᠡᠮ ᠢ᠋ᠶ᠋ᠡᠷ ᠦᠯᠢᠳᠬᠡᠭᠰᠡᠨ ᠪᠡᠶ᠎ᠡ ᠶ᠋ᠢᠨ ᠬᠠᠮᠠᠭᠠᠯᠠᠯ ᠢ᠋ ᠮᠠᠭᠠᠳ ᠬᠢᠴᠢᠶᠡᠨ ᠰᠠᠬᠢᠨ ᠶᠠᠪᠤᠰᠤᠭᠠᠢ! 》 ᠬᠡᠮᠡᠬᠦᠢ ᠳ᠋ᠦ᠍ᠷ ᠣᠯᠠᠨ ᠲᠦᠰᠢᠮᠡᠳ ᠰᠣᠨᠣᠰᠤᠭᠰᠠᠭᠠᠷ ᠴᠥᠮ ᠳᠣᠲᠣᠷ᠎ᠠ ᠢᠭᠲᠦᠯᠦᠨ ᠪᠡᠶᠡᠰᠦᠨ ᠪᠢᠰᠢᠷᠡᠭᠡᠳ ᠳᠤᠷᠠᠲᠠᠶ᠎ᠠ ᠬᠦᠯᠢᠶᠡᠯᠴᠡᠨ ᠮᠥᠷᠭᠥᠵᠦ ᠭᠠᠷᠤᠨ ᠢᠷᠡᠭᠡᠳ ᠮᠤᠬᠤᠯᠢ ᠤᠯᠤᠰ ᠤ᠋ᠨ ᠬᠣᠲᠠᠯᠠᠭᠠᠷ ᠲᠤᠷ ᠡᠨᠡ ᠶᠢᠰᠦᠨ ᠰᠤᠷᠭᠠᠯ ᠤ᠋ᠨ ᠵᠠᠬᠢᠶ᠎ᠠ ᠶ᠋ᠢ ᠵᠠᠷᠯᠠᠭᠤᠯᠵᠤ᠂ ᠡᠨᠡ ᠰᠤᠷᠭᠠᠯ ᠢ᠋ ᠲᠡᠮᠳᠡᠭᠯᠡᠭᠦᠯᠬᠦᠢ ᠶ᠋ᠢᠨ ᠲᠤᠯᠠ ᠪᠡᠶ᠎ᠡ ᠡᠴᠡ ᠪᠡᠨ ᠲᠡᠷᠢᠭᠦᠯᠡᠨ ᠳᠣᠷᠣᠭ᠍ᠰᠢ ᠰᠤᠯᠠ ᠴᠡᠷᠢᠭ ᠬᠤᠶᠠᠭ ᠪᠠ ᠠᠷᠠᠳ ᠠᠯᠪᠠᠲᠤ ᠳ᠋ᠤᠷ ᠬᠦᠷᠲᠡᠯ᠎ᠡ ᠡᠨᠡ ᠶᠢᠰᠦᠨ ᠡᠷᠳᠡᠮᠲᠦ ᠰᠣᠶᠣᠭ᠎ᠠ ᠶ᠋ᠢ ᠬᠢᠲᠤᠭ᠎ᠠ ᠯᠤᠭ᠎ᠠ ᠬᠣᠯᠪᠣᠨ ᠵᠡᠭᠦᠯᠭᠡᠵᠦ᠂ ᠡᠨᠡ ᠶᠢᠰᠦᠨ ᠰᠤᠷᠭᠠᠯ ᠢ᠋ ᠬᠠᠷᠢᠯᠴᠠᠨ ᠪᠣᠯᠪᠠᠰᠤᠷᠠᠭᠤᠯᠤᠨ ᠤᠩᠰᠢᠵᠤ ᠤᠯᠠᠮᠵᠢᠯᠠᠨ ᠰᠤᠷᠤᠯᠴᠠᠭᠤᠯᠪᠠ᠃ ᠡᠭᠦᠨᠴᠡ ᠠᠷᠪᠠᠨ ᠨᠠᠢ᠍ᠮᠠᠨ ᠮᠥᠬᠥᠯᠢᠭ ᠡᠷᠢᠭᠡ᠂ ᠶᠢᠰᠦᠨ ᠰᠣᠶᠣᠯᠲᠤ ᠪᠤᠭᠤ ᠶ᠋ᠢᠨ ᠰᠣᠶᠣᠭ᠎ᠠ ᠵᠡᠭᠦᠯᠴᠡᠬᠦ ᠰᠤᠷᠲᠠᠯ ᠬᠣᠴᠣᠷᠪᠠ᠃ ᠡᠨᠡ ᠦᠶ᠎ᠡ《ᠱᠢ ᠪᠠ ᠯᠦᠸᠧ ᠬᠠᠨ 》ᠬᠡᠮᠡᠬᠦ ᠡᠷᠢᠭᠡ ᠪᠠ ᠵᠢᠴᠢ ᠬᠢᠲᠤᠭ᠎ᠠ ᠯᠤᠭ᠎ᠠ ᠨᠣᠭᠣᠭᠠᠨ ᠪᠤᠭᠤ ᠶ᠋ᠢᠨ ᠰᠣᠶᠣᠭ᠎ᠠ ᠵᠡᠭᠦᠬᠦ ᠢᠨᠦ ᠲᠡᠷᠡ ᠦᠶ᠎ᠡ ᠶ᠋ᠢᠨ ᠰᠤᠷᠲᠠᠯ ᠠᠵᠤᠭᠤ᠃
ᠲᠡᠭᠦᠨᠴᠡ ᠣᠯᠠᠨ ᠤ᠋ ᠭᠠᠪᠢᠶ᠎ᠠ ᠵᠢᠳᠬᠦᠯᠭᠡ ᠶ᠋ᠢ ᠢᠯᠭᠠᠵᠤ ᠤᠷᠢᠳᠤ ᠪᠦᠯᠦᠭ ᠦ᠋ᠨ ᠤᠯᠠᠭᠠᠨ ᠯᠤᠤ ᠵᠢᠯ ᠡᠨᠳᠡ ᠲᠡᠭᠦᠰᠴᠦ ᠵᠢᠯ ᠦ᠋ᠨ ᠰᠡᠭᠦᠯ ᠦ᠋ᠨ ᠶᠣᠰᠣᠭᠠᠷ ᠲᠠᠢᠵᠤ ᠲᠠᠪᠢᠭ᠍ᠯᠠᠨ ᠱᠠᠩ ᠬᠤᠷᠢᠮ ᠲᠦᠭᠡᠭᠡᠵᠦ᠂ ᠤᠯᠠᠭᠴᠢᠨ ᠮᠣᠭᠠᠢ ᠵᠢᠯ ᠡᠭᠦᠨ ᠡᠴᠡ ᠡᠬᠢᠯᠡᠵᠦ ᠰᠢᠨ᠎ᠡ ᠵᠢᠯ ᠦ᠋ᠨ ᠪᠠᠯᠠᠩ ᠢ᠋ᠶ᠋ᠡᠷ ᠮᠥᠷᠭᠥᠵᠦ ᠶᠣᠰᠣᠯᠠᠨ ᠪᠡᠯᠭᠡᠯᠡᠯᠴᠡᠨ ᠬᠤᠷᠢᠮᠯᠠᠵᠤ ᠂ ᠬᠣᠢᠲᠤ ᠵᠢᠯ ᠦ᠋ᠨ ᠬᠤᠪᠢᠲᠤ ᠰᠠᠷ᠎ᠠ ᠳ᠋ᠤᠷ ᠬᠣᠯᠠ ᠣᠢᠷ᠎ᠠ ᠪᠠᠷ ᠬᠤᠷᠠᠵᠤ ᠬᠣᠣᠰ ᠰᠠᠢᠬᠠᠨ ᠨᠠᠢᠷ ᠬᠤᠷᠢᠮ ᠬᠢᠪᠡ᠃
– – – –
① ᠵᠡᠯᠮ᠎ᠡ ᠂ ᠵᠡᠪᠡ ᠂ ᠴᠤᠤ ᠮᠡᠷᠭᠡᠨ ᠂ ᠰᠢᠷᠢ ᠬᠤᠲᠤᠭ ᠂ ᠨᠥᠬᠥᠭᠡ ᠬᠣᠶᠠᠷ ᠠᠨᠤ ᠳᠥᠷᠪᠡᠨ ᠬᠦᠯᠦᠭ ᠲᠣᠷ ᠪᠣᠢ᠃
② ᠣᠯᠭᠤᠨᠤᠳ ᠬᠣᠩᠭᠢᠷᠠᠳ ᠂ ᠰᠣᠯᠣᠩᠭᠣᠰ ᠂ ᠢᠯᠭᠦᠨ᠎ᠡ ᠂ ᠨᠢᠭᠡᠨ ᠨᠠᠭᠠᠴᠤ ᠬᠣᠶᠠᠷ ᠬᠠᠳᠠᠮ ᠂ ᠡᠨᠡ ᠳᠥᠷᠪᠡᠨ᠃
ᠡᠨᠡ ᠵᠢᠯ ᠡᠮᠦᠨ᠎ᠡ ᠰᠥᠩ ᠤᠯᠤᠰ ᠤ᠋ᠨ ᠠᠷᠪᠠᠨ ᠳᠥᠷᠪᠡᠳᠦᠭᠡᠷ ᠡᠵᠡᠨ ᠰᠥᠩ ᠨᠢᠩᠽᠦ᠋ᠩ ᠵᠣᠣ ᠺᠦᠸᠧ ᠶ᠋ᠢᠨ ᠴᠢᠩ ᠶᠤᠸᠠᠨ ᠬᠡᠮᠡᠬᠦ ᠶ᠋ᠢᠨ ᠭᠤᠷᠪᠠᠳᠤᠭᠠᠷ ᠣᠨ ᠂ ᠠᠯᠲᠠᠨ ᠤᠯᠤᠰ ᠤ᠋ᠨ ᠵᠢᠷᠭᠤᠳᠤᠭᠠᠷ ᠡᠵᠡᠨ ᠵᠠᠩᠽᠦ᠋ᠩ ᠸᠠᠨ ᠶᠠᠨ ᠵᠢᠩ ᠦ᠋ᠨ ᠴᠧᠩ ᠠᠨ ᠬᠡᠮᠡᠬᠦ ᠶ᠋ᠢᠨ ᠬᠣᠶᠠᠳᠤᠭᠠᠷ ᠣᠨ ᠪᠣᠯᠪᠠᠢ᠃ ᠲᠠᠢᠽᠦ ᠭᠤᠴᠢᠨ ᠵᠢᠷᠭᠤᠭᠠᠨ ᠰᠡᠭᠦᠳᠡᠷ ᠲᠡᠢ ᠪᠣᠯᠪᠠ᠃ ᠲᠡᠳᠦᠢ ᠪᠸᠲ᠋ᠠ᠋ ᠤᠯᠤᠰ ᠲᠤᠷ ᠳᠡᠮᠡᠢ ᠬᠡᠷᠡᠭ ᠦᠭᠡᠢ ᠠᠮᠤᠷ ᠰᠤᠯᠠ ᠵᠢᠷᠭᠠᠬᠤ ᠲᠤᠯᠠ ᠪᠠᠰᠠ ᠤᠳᠠᠯ ᠦᠭᠡᠢ ᠵᠤᠨ ᠪᠣᠯᠵᠤ ᠢᠷᠡᠭᠰᠡᠨ᠎ᠡ ᠂ ᠵᠡᠭᠦᠨ ᠬᠡᠷᠡᠢᠳ ᠦ᠋ᠨ ᠲᠡᠷᠡ ᠤᠯᠠᠭᠠᠨ ᠥᠩᠭᠡ ᠵᠥᠭᠡᠯᠡᠨ ᠭᠡᠳᠡᠰᠦᠲᠦ ᠬᠥᠭᠡᠷᠦᠬᠦᠢ ᠬᠡᠦᠬᠡᠨ ᠰᠣᠯᠤᠩᠭᠤᠸ᠎ᠠ ᠪᠠᠰᠠ ᠬᠦ᠌ ᠰᠡᠷᠢᠭᠦᠨ ᠰᠢᠭᠤᠢ ᠶ᠋ᠢᠨ ᠲᠤᠩᠭᠠᠯᠠᠭ ᠪᠤᠯᠠᠭ ᠤ᠋ᠨ ᠬᠥᠬᠡ ᠵᠦᠯᠭᠡ ᠳ᠋ᠦ᠍ᠷ ᠠᠯᠬᠤᠯᠠᠵᠤ ᠂ ᠬᠠᠰ ᠤ᠋ᠨ ᠵᠢᠰᠦ ᠪᠡᠨ ᠣᠰᠤᠨ᠎ᠠ ᠦᠵᠡᠵᠦ ᠠᠯᠲᠠᠨ ᠭᠤᠷᠭᠤᠤᠯᠳᠠᠢ ᠶ᠋ᠢᠨ ᠡᠭᠡᠰᠢᠭ ᠢ᠋ ᠴᠢᠩᠨᠠᠭᠰᠠᠭᠠᠷ ᠪᠠᠰᠠ ᠲᠡᠷᠡ ᠨᠠᠢ᠍ᠮᠠᠨ ᠤᠯᠤᠰ ᠤ᠋ᠨ ᠨᠠᠢᠷᠠᠮᠳᠠᠭᠤ ᠰᠠᠢᠬᠠᠨ ᠲᠥᠷᠥᠭᠰᠡᠨ ᠠᠯᠲᠠᠨᠱᠠᠭ᠎ᠠ ᠶ᠋ᠢ ᠮᠥᠷᠥᠭᠡᠳᠴᠦ ᠤᠰᠤᠨ ᠤ᠋ ᠢᠷᠮᠡᠭ ᠲᠣᠷ ᠬᠡᠪᠲᠡᠭᠡ ᠤᠷᠭᠤᠭᠰᠠᠨ ᠪᠤᠷᠭᠠᠰᠤ ᠮᠣᠲᠣᠨᠠ ᠡᠯᠢᠭᠡᠳᠡᠵᠦ ᠂ ᠲᠤᠩᠭᠠᠯᠠᠭ ᠣᠰᠤᠨ᠎ᠠ ᠥᠩᠭᠡᠢᠵᠦ ᠬᠥᠷᠥᠭ ᠳᠦᠷᠰᠦ ᠪᠡᠨ ᠣᠰᠤᠨ᠎ᠠ ᠦᠵᠡᠪᠡᠰᠦ ᠂ ᠨᠣᠭᠣᠭᠠᠨ ᠣᠢ ᠶ᠋ᠢᠨ ᠪᠢᠳᠦᠷᠶ᠎ᠡ ᠶ᠋ᠢᠨ ᠲᠤᠶᠠᠭ᠎ᠠ ᠳ᠋ᠤᠷ ᠴᠠᠭᠠᠨ ᠬᠠᠰ ᠤ᠋ᠨ ᠬᠤᠪᠢᠯᠭᠠᠨ ᠥᠬᠢᠨ ᠡᠷᠡᠦ ᠪᠡᠨ ᠲᠤᠯᠵᠤ ᠵᠣᠭᠰᠣᠭᠠᠳ ᠬᠥᠬᠡ ᠤᠨᠢᠶᠠᠷ ᠤ᠋ᠨ ᠮᠤᠷᠤᠢ ᠬᠥᠮᠥᠰᠬᠡ ᠳ᠋ᠦ᠍ᠷ ᠳᠠᠭᠠᠵᠤ ᠢᠯᠠᠰᠢ ᠦᠭᠡᠢ ᠵᠣᠪᠠᠯᠠᠩ ᠢ᠋ ᠣᠨᠢᠰᠤᠯᠠᠨ ᠂ ᠰᠢᠯ ᠪᠣᠯᠣᠷ ᠤ᠋ᠨ ᠨᠠᠢᠷᠠᠮᠳᠠᠭᠤ ᠲᠤᠩᠭᠠᠯᠠᠭ ᠬᠣᠶᠠᠷ ᠨᠢᠳᠦᠨ᠎ᠡ ᠂ ᠤᠮᠠᠷᠲᠠᠵᠤ ᠴᠢᠳᠠᠰᠢ ᠦᠭᠡᠢ ᠨᠠᠢᠷ ᠰᠡᠳᠬᠢᠯᠭᠡ ᠶ᠋ᠢ ᠠᠬᠤᠭᠤᠯᠵᠤ ᠂ ᠯᠢᠩᠬ᠍ᠦᠠ ᠶ᠋ᠢᠨ ᠦᠨᠳᠦᠰᠦᠨ ᠮᠡᠲᠦ ᠰᠣᠭᠳᠠᠮ ᠭᠠᠷ ᠭᠬᠢᠪ ᠦ᠋ᠨ ᠬᠠᠨᠴᠤ ᠠ᠋ᠴᠠ ᠬᠠᠭᠠᠰ ᠭᠠᠷᠴᠤ ᠪᠤᠷᠭᠠᠰᠤᠨ ᠤ᠋ ᠨᠠᠢᠯᠵᠠᠭᠤᠷ ᠤ᠋ᠨ ᠠᠳᠠᠯᠢ ᠬᠢᠩᠭᠠᠯᠬᠠᠨ ᠪᠡᠶ᠎ᠡ ᠂ ᠬᠥᠬᠡᠮᠳᠦᠭ ᠰᠡᠭᠦᠳᠡᠷ ᠲᠣᠷ ᠤᠢᠳᠤᠨ ᠭᠡᠩᠭᠡᠷᠡᠵᠦᠬᠦᠢ ᠃ ᠡᠨᠡ ᠪᠡᠶ᠎ᠡ ᠪᠠᠰᠠ ᠬᠣᠷᠢ ᠭᠠᠷᠴᠤ ᠡᠪᠴᠢᠭᠦᠨ ᠳ᠋ᠦ᠍ᠷ ᠪᠠᠰᠠ ᠮᠥᠷᠥᠭᠡᠳᠦᠯ ᠭᠡᠩᠭᠡᠷᠡᠯ ᠢ᠋ ᠡᠪᠦᠷᠯᠡᠨ ᠂ ᠠᠯᠭᠤᠷ ᠡᠰᠬᠢᠷᠦᠨ ᠂ ᠠᠯᠲᠠᠨᠱᠠᠭ᠎ᠠ ᠶ᠋ᠢᠨ ᠠᠭᠠᠰᠢ ᠳᠦᠷᠢ ᠶ᠋ᠢ ᠪᠣᠳᠣᠭᠰᠠᠭᠠᠷ ᠰᠠᠨᠠᠮᠰᠠᠷ ᠦᠭᠡᠢ ᠲᠡᠭᠦᠨ ᠦ᠌ ᠰᠠᠯᠬᠤ ᠦᠶ᠎ᠡ ᠳ᠋ᠦ᠍ᠷ ᠰᠠᠢᠬᠠᠨ ᠬᠥᠮᠥᠰᠬᠡ ᠪᠡᠨ ᠠᠲᠤᠷᠢᠭᠤᠯᠵᠤ ᠂ ᠰᠠᠯᠤᠨ ᠲᠦᠪᠳᠡᠬᠦ ᠦᠭᠡᠢ ᠪᠠᠢᠳᠠᠯ ᠢ᠋ ᠰᠠᠨᠠᠭᠠᠯᠵᠠᠵᠤ ᠂ ᠪᠠᠰᠠ ᠭᠡᠨᠡᠳᠲᠡ ᠲᠡᠭᠦᠨ ᠦ᠌ ᠡᠨᠡ ᠨᠠᠰᠤᠨ ᠳ᠋ᠤᠷ ᠡᠭᠡᠴᠢ ᠴᠢᠮᠠᠴᠠ ᠥᠪᠡᠷ᠎ᠡ ᠬᠣᠯᠪᠣᠭᠠᠨ ᠢ᠋ ᠡᠷᠢᠪᠡᠰᠦ ᠡᠨᠡ ᠰᠤᠮᠤ ᠮᠡᠲᠦ ᠪᠣᠯᠰᠤᠭᠠᠢ ᠬᠡᠮᠡᠬᠦ ᠦᠶ᠎ᠡ ᠳ᠋ᠦ᠍ᠷ ᠬᠦᠷᠦᠭᠡᠳ ᠬᠣᠶᠠᠷ ᠨᠢᠳᠦᠨ ᠦ᠌ ᠨᠢᠯᠪᠤᠰᠤᠨ ᠰᠣᠯᠢᠯᠴᠠᠯᠳᠤᠨ ᠤᠨᠠᠵᠤ ᠢᠷᠡᠭᠡᠳ ᠬᠥᠮᠦᠨ ᠦᠭᠡᠢ ᠰᠡᠯᠡᠭᠦᠨ ᠭᠠᠵᠠᠷ᠎ᠠ ᠰᠢᠭᠤᠳ ᠱᠣᠭᠰᠢᠨ ᠤᠬᠢᠯᠠᠬᠤᠢ ᠳ᠋ᠤᠷ ᠬᠦᠷᠪᠡ ᠃
ᠠᠶ᠎ᠠ ᠶᠠᠭᠤᠲᠠᠢ ᠪᠡᠷᠬᠡ ᠥᠬᠢᠳ ᠬᠡᠦᠬᠡᠳ ᠦ᠋ᠨ ᠤᠯᠠᠭᠠᠨ ᠴᠢᠰᠤᠲᠤ ᠰᠡᠳᠬᠢᠯ ᠠᠵᠢ ?
ᠠᠪᠠᠢ ᠬᠡᠷᠬᠢᠬᠦ ᠪᠣᠯᠬᠤᠯ᠎ᠠ ᠵᠥᠭᠡᠯᠡᠨ ᠨᠡᠮᠡᠭᠦᠨ ᠦ᠌ ᠬᠠᠯᠠᠭᠤᠨ ᠠᠮᠠᠷᠠᠭ ᠰᠠᠨᠠᠭᠠᠨ ᠬᠦᠷᠬᠦ ᠪᠣᠯᠪᠠ !
ᠬᠡᠮᠡᠭᠰᠡᠨᠴᠢᠯᠡᠨ᠂ ᠬᠥᠭᠡᠷᠦᠬᠦᠢ ᠨᠢᠭᠡᠨ ᠨᠠᠬᠢᠯᠤᠨ ᠤᠬᠢᠯᠠᠬᠤ ᠰᠠᠢᠬᠠᠨ ᠥᠬᠢᠨ᠂ ᠭᠦᠨ ᠰᠢᠭᠤᠢ᠂ ᠮᠣᠳᠣᠨ ᠤ᠋ ᠳᠠᠯᠳᠠ ᠨᠢᠭᠤᠵᠤ ᠤᠬᠢᠯᠠᠨ ᠪᠦᠲᠡᠵᠦ ᠬᠠᠬᠠᠬᠤᠢ ᠳ᠋ᠤᠷ ᠬᠡᠨ ᠢᠨᠦ ᠦᠷᠦ ᠦᠯᠦ ᠡᠪᠡᠳᠦᠮᠦᠢ ᠶᠠ ! ᠲᠡᠭᠦᠨᠴᠡ ᠰᠣᠯᠤᠩᠭᠤᠸ᠎ᠠ ᠡᠢᠨ ᠭᠡᠮᠡᠨ ᠬᠡᠩᠰᠢᠨ ᠤᠬᠢᠯᠠᠷᠤᠨ ᠂ ᠲᠡᠭᠦᠨ ᠦ᠌ ᠦᠭᠡᠰ ᠢᠨᠦ ᠄
ᠠᠯᠲᠠᠨ ᠬᠥᠪᠡᠭᠦᠨ ᠠᠯᠢ ᠲᠥᠷᠥᠯ ᠳ᠋ᠦ᠍ᠷ
ᠠᠪᠠᠬᠠᠢ ᠨᠠᠳᠠ ᠳ᠋ᠤᠷ ᠬᠤᠪᠢ ᠪᠠᠢᠬᠤ ᠪᠣᠯᠪᠠ ?
ᠠᠮᠠᠷᠠᠭ ᠰᠡᠳᠬᠢᠯ ᠭᠦᠨ ᠨᠠᠢᠷ ᠲᠤᠷ
ᠠᠪᠠᠬᠠᠢ ᠪᠡᠶ᠎ᠡ ᠬᠦᠯᠢᠶᠡᠭᠰᠡᠭᠡᠷ ᠬᠥᠭᠰᠢᠷᠡᠬᠦ ᠰᠢᠬᠠᠪᠠ ᠃
ᠠᠯᠭᠠᠰᠠᠯᠰᠢ ᠦᠭᠡᠢ ᠪᠡᠷ ᠰᠠᠨᠠᠭᠰᠠᠭᠠᠷ ᠪᠢ
ᠠᠪᠠᠬᠠᠢ ᠪᠡᠶ᠎ᠡ ᠪᠡᠨ ᠭᠡᠭᠡᠵᠦ ᠤᠷᠭᠢᠰᠤᠭᠠᠢ ᠃
ᠠᠮᠢᠳᠤ ᠪᠡᠶ᠎ᠡ ᠦᠬᠦᠪᠡᠴᠦ ᠰᠡᠳᠬᠢᠯ ᠦᠯᠦ ᠴᠥᠬᠥᠷᠡᠮᠦᠢ
ᠠᠪᠠᠬᠠᠢ ᠮᠢᠨᠦ ᠶᠠᠰᠤ ᠴᠠᠢᠪᠠᠴᠤ ᠪᠠᠷ
ᠠᠮᠠ ᠠᠯᠳᠠᠭᠰᠠᠨ ᠢ᠋ᠶ᠋ᠠᠨ ᠦᠯᠦ ᠬᠠᠯᠠᠮᠤᠢ
ᠠᠶ᠎ᠠ ᠮᠢᠨᠦ ᠳᠣᠲᠣᠷ᠎ᠠ ᠲᠡᠰᠬᠦᠶ᠎ᠡ ᠪᠡᠷᠬᠡ ᠠᠮᠤᠢ ᠃
ᠠᠪᠤᠭᠠᠢ ᠴᠢ ᠶᠠᠭᠠᠬᠢᠨ ᠬᠠᠷᠠᠲᠠᠢ ᠪᠣᠢ ?
ᠠᠮᠤᠷ ᠵᠢᠷᠭᠠᠯ ᠤ᠋ᠨ ᠮᠠᠩᠯᠠᠢ ᠶ᠋ᠢ ᠡᠳ᠋ᠯᠡᠵᠦ ᠰᠠᠭᠤᠭᠠᠳ ᠴᠢ
ᠠᠮ ᠬᠢᠯᠳᠦ ① ᠥᠬᠢᠨ ᠪᠡᠶ᠎ᠡ ᠶ᠋ᠢ ᠮᠢᠨᠦ
ᠠᠷᠤ ᠶ᠋ᠢᠨ ᠬᠣᠢᠨ᠎ᠠ ᠪᠠᠨ ᠣᠷᠬᠢᠭ᠍ᠰᠠᠨ ᠪᠣᠢ ᠶᠠ ᠴᠢ
ᠠᠶᠤᠤᠯᠢᠬᠠᠢ ᠮᠢᠨᠦ ᠳᠡᠯᠪᠡᠷᠡᠬᠦ ᠰᠢᠬᠠᠪᠠ ᠪᠢ !
ᠠᠯᠢ ᠡᠳᠦᠷ ᠦᠬᠦᠵᠦ ᠡᠴᠢᠶ᠎ᠡ ᠪᠢ
ᠭᠡᠮᠡᠨ ᠪᠤᠷᠭᠠᠰᠤᠨ ᠤ᠋ ᠮᠣᠲᠣᠨᠠ ᠡᠯᠢᠭᠡᠳᠡᠨ ᠬᠡᠪᠲᠡᠵᠦ ᠭᠡᠩᠬᠡᠷᠡᠨ᠂ ᠪᠤᠯᠠᠭ ᠤ᠋ᠨ ᠤᠷᠤᠰᠬᠠᠯ ᠳ᠋ᠤᠷ ᠨᠢᠯᠪᠤᠰᠤᠨ ᠢ᠋ᠶ᠋ᠠᠷ ᠨᠡᠮᠡᠷᠢᠯᠡᠵᠦ᠂ ᠪᠣᠳᠣᠨ ᠪᠣᠳᠣᠨ ᠪᠤᠷᠬᠢᠷᠠᠨ ᠤᠶᠠᠷᠠᠵᠤ ᠤᠬᠢᠯᠠᠭᠠᠳ ᠪᠣᠮᠪᠣᠷᠳᠠᠬᠤ ᠨᠢᠯᠪᠤᠰᠤ ᠳ᠋ᠤᠷ ᠡᠩᠭᠡᠷ ᠡᠪᠴᠢᠭᠦᠦ ᠨᠣᠷᠪᠠᠢ᠃
– – – –
① ᠠᠮ ᠬᠢᠯᠳᠦ-ᠬᠡᠯᠡ ᠦᠭᠡᠢ ᠬᠥᠮᠦᠨ᠃
ᠲᠡᠳᠦᠢ ᠬᠠᠷᠠᠬᠠᠨ ᠭᠡᠩᠭᠡᠷᠡᠨ ᠣᠷᠢᠳᠬᠠᠷᠯᠠᠵᠤ ᠨᠢᠯᠪᠤᠰᠤᠨ ᠤᠨᠠᠭᠠᠬᠤᠶᠠ᠂ ᠳᠠᠭᠠᠭᠰᠠᠨ ᠢᠨᠵᠢ ᠳᠠᠭᠠᠯᠲᠠ ᠪᠠᠷ ᠡᠷᠢᠨ ᠬᠦᠷᠴᠦ ᠢᠷᠡᠭᠰᠡᠨ ᠳ᠋ᠦ᠍ᠷ ᠶᠠᠭᠠᠷᠠᠨ ᠪᠤᠷᠤᠭᠤ ᠬᠠᠨᠳᠤᠵᠤ᠂ ᠪᠤᠯᠠᠭ ᠤ᠋ᠨ ᠤᠰᠤᠨ ᠢ᠋ᠶ᠋ᠠᠷ ᠨᠢᠭᠤᠷ ᠢ᠋ᠶ᠋ᠠᠨ ᠤᠬᠢᠶᠠᠵᠤ ᠰᠠᠭᠤᠪᠠᠢ᠃ ᠳᠠᠭᠠᠯᠲᠠ ᠥᠬᠢᠳ ᠮᠡᠳᠡᠭᠦᠯᠦᠷᠦᠨ:《ᠬᠠᠭᠤᠴᠢᠨ ᠠᠨᠳᠠ ᠲᠦᠰᠢᠮᠡᠯ ᠠᠨᠳᠠ ᠂ ᠬᠣᠷᠣᠭ᠎ᠠ ᠂ ᠺᠠᠯᠪᠠ ᠂ ᠫᠣᠯᠭᠤᠳᠠᠢ ᠳᠥᠷᠪᠡᠭᠦᠯᠡ ᠭᠦᠩᠵᠦ ᠠᠪᠠᠬᠠᠢ ᠳ᠋ᠤᠷ ᠵᠣᠯᠭᠠᠰᠤᠭᠠᠢ ᠭᠡᠮᠡᠨ ᠬᠦᠯᠢᠶᠡᠵᠦᠬᠦᠢ᠂ ᠮᠡᠳᠡᠭᠦᠯᠬᠦ ᠴᠢᠬᠤᠯᠠ ᠬᠡᠷᠡᠭ ᠪᠣᠢ ᠬᠡᠮᠡᠮᠦᠢ᠃》ᠬᠡᠮᠡᠭᠰᠡᠨ ᠳ᠋ᠦ᠍ᠷ ᠰᠣᠯᠤᠩᠭᠤᠸ᠎ᠠ ᠭᠠᠢᠬᠠᠵᠤ ᠲᠡᠷᠢᠭᠦᠨ ᠨᠢᠭᠤᠷ ᠢ᠋ᠶ᠋ᠠᠨ ᠰᠢᠨᠡᠳᠬᠡᠵᠦ᠂ ᠳᠡᠳ᠋ ᠴᠠᠴᠠᠷ ᠭᠡᠷ ᠲᠦ᠍ᠷ ᠭᠠᠷᠴᠤ ᠵᠣᠯᠭᠠᠪᠠᠰᠤ᠂ ᠲᠡᠳᠡ ᠳᠥᠷᠪᠡᠭᠦᠯᠡ ᠰᠥᠭᠥᠳᠴᠦ ᠮᠡᠳᠡᠭᠦᠯᠦᠷᠦᠨ:《ᠮᠠᠨ ᠤ᠋ ᠪᠠᠭ᠎ᠠ ᠸᠠᠩ ᠡᠵᠡᠨ ᠣᠨᠴᠠ ᠪᠸᠲ᠋ᠠ᠋ ᠤᠯᠤᠰ ᠢ᠋ ᠪᠠᠢᠯᠳᠤᠮᠤᠢ ᠭᠡᠮᠡᠨ ᠨᠢᠭᠡᠨᠲᠡ ᠪᠡᠯᠡᠳᠬᠡᠵᠦᠬᠦᠢ᠃ ᠡᠨᠡ ᠢᠯᠵᠠᠷᠠᠰᠢ ᠦᠭᠡᠢ ᠶᠠᠩᠰᠢᠶ᠎ᠠ ᠬᠡᠯᠡᠲᠦ ᠵᠠᠮᠤᠬ᠎ᠠ ᠪᠣᠭᠣᠯ ᠶᠠᠪᠠᠷᠲᠠᠵᠤ ᠶᠠᠪᠤᠭᠰᠠᠭᠠᠷ ᠬᠡᠳᠦ ᠬᠡᠳᠦᠨ ᠤᠯᠤᠰ ᠤ᠋ᠨ ᠦᠨᠡᠰᠦᠨ ᠢ᠋ ᠢᠨᠦ ᠬᠡᠢᠰᠬᠡᠵᠦ ᠡᠭᠡᠵᠦ ᠢᠷᠡᠭᠡᠳ ᠶᠠᠭᠠᠬᠢᠨ ᠶᠠᠭᠠᠬᠢᠨ ᠬᠡᠯᠡᠭᠰᠡᠭᠡᠷ ᠪᠠᠰᠠ ᠶᠠᠷᠰᠢᠭ᠋ ᠳᠡᠭᠳᠡᠭᠡᠨ᠂ ᠪᠸᠲ᠋ᠠ᠋ ᠤᠯᠤᠰ ᠯᠤᠭ᠎ᠠ ᠰᠢᠭᠤᠳ ᠬᠠᠯᠳᠠᠵᠤ ᠪᠠᠢᠯᠳᠤᠷ᠎ᠠ ᠡᠴᠢᠬᠦ ᠪᠡᠷ ᠲᠣᠭᠲᠠᠪᠠ᠃ ᠡᠨᠡ ᠬᠡᠷᠡᠭ ᠬᠡᠷᠬᠢᠪᠡᠴᠦ ᠪᠣᠯᠬᠤ ᠬᠡᠷᠡᠭ ᠪᠤᠰᠤ᠂ ᠮᠠᠨ ᠳ᠋ᠤᠷ ᠥᠴᠦᠬᠡᠨ ᠴᠦ᠍ ᠶᠣᠰᠣ ᠦᠭᠡᠢ ᠪᠡᠷ ᠦᠯᠦ ᠪᠠᠷᠠᠨ ᠂ ᠬᠡᠳᠦᠢ ᠪᠠᠢᠯᠳᠤᠪᠠᠴᠤ ᠪᠸᠲ᠋ᠠ᠋ ᠤᠯᠤᠰ ᠢ᠋ ᠲᠠᠢᠯᠵᠤ ᠪᠣᠯᠬᠤ ᠬᠠᠤᠯᠢ ᠦᠭᠡᠢ ᠂ ᠪᠸᠲ᠋ᠠ᠋ ᠤᠯᠤᠰ ᠬᠢᠵᠠᠭᠠᠷ ᠤᠯᠤᠰ ᠢ᠋ ᠴᠥᠮ ᠪᠠᠢᠯᠳᠤᠨ ᠣᠷᠣᠭᠤᠯᠵᠤ ᠠᠪᠬᠤ ᠪᠥᠭᠡᠳ ᠮᠠᠨ ᠤ᠋ ᠤᠯᠤᠰ ᠢ᠋ ᠦᠯᠦ ᠬᠠᠯᠳᠠᠬᠤ ᠠᠨᠤ ᠲᠡᠷᠡ ᠪᠠᠰᠠ ᠮᠠᠨ ᠢ᠋ ᠬᠠᠭᠤᠴᠢᠨ ᠨᠠᠢᠷᠲᠤ ᠤᠯᠤᠰ ᠭᠡᠮᠡᠨ ᠲᠡᠢᠨ ᠬᠦ᠌ ᠦᠵᠡᠵᠦ ᠦᠯᠦ ᠬᠠᠯᠳᠠᠬᠤ ᠪᠣᠯᠠᠢ᠃ ᠡᠨᠡ ᠳᠠᠷᠤᠢ ᠮᠠᠨ ᠳ᠋ᠤᠷ ᠪᠠᠷᠠᠰᠢ ᠦᠭᠡᠢ ᠬᠡᠰᠢᠭ ᠪᠥᠭᠡᠲᠡᠯ᠎ᠡ ᠪᠢᠳᠡ ᠭᠡᠳᠡᠷᠭᠦ ᠬᠥᠮᠦᠨ ᠯᠦ᠍ᠭᠡ ᠬᠡᠷᠬᠢᠨ ᠬᠠᠯᠳᠠᠵᠤ ᠪᠣᠯᠬᠤ ? ᠡᠨᠡ ᠦᠶ᠎ᠡ ᠶ᠋ᠢᠨ ᠰᠢᠨ᠎ᠡ ᠡᠷᠭᠦᠮᠵᠢᠯᠡᠭᠰᠡᠨ ᠲᠦᠰᠢᠮᠡᠳ ᠨᠢᠭᠡᠨ ᠳ᠋ᠦ᠍ᠷ ᠪᠸᠲ᠋ᠠ᠋ ᠤᠯᠤᠰ ᠤ᠋ᠨ ᠮᠠᠨ ᠳ᠋ᠤᠷ ᠭᠦᠨ ᠠᠴᠢ ᠲᠠᠢ ᠶ᠋ᠢ ᠮᠡᠳᠡᠬᠦ ᠦᠭᠡᠢ᠂ ᠬᠣᠶᠠᠷ ᠲᠤᠷ ᠡᠨᠡ ᠬᠣᠶᠠᠷ ᠵᠢᠯ ᠦ᠋ᠨ ᠡᠯᠡᠰᠡᠭᠰᠡᠨ ᠴᠡᠷᠢᠭ ᠲᠦ᠍ᠷ ᠢ᠋ᠶ᠋ᠠᠨ ᠨᠢᠭᠡᠮᠦᠰᠦᠨ ᠡᠷᠡᠮᠰᠢᠵᠦ ᠣᠮᠣᠷᠬᠠᠭᠯᠠᠨ ᠪᠠᠷᠳᠠᠩ ᠰᠠᠨᠠᠮᠤᠢ᠃ ᠲᠡᠳᠡ ᠶᠠᠭᠤᠨᠠᠢ ᠪᠢᠳᠡᠨ ᠦ᠌ ᠤᠯᠤᠰ ᠤ᠋ᠨ ᠭᠦᠨ ᠬᠣᠯᠠ ᠶ᠋ᠢ ᠪᠣᠳᠣᠬᠤ ᠪᠣᠢ ! ᠵᠢᠴᠢ ᠭᠠᠳᠠᠨ᠎ᠠ ᠠ᠋ᠴᠠ ᠢᠷᠡᠭᠰᠡᠨ ᠲᠡᠳᠡᠭᠡᠷ < ᠴᠠᠩ ᠳ᠋ᠤᠷ ᠴᠠᠮ ᠂ ᠬᠡᠩᠭᠡᠷᠭᠡ ᠳ᠋ᠦ᠍ᠷ ᠭᠡᠮ > ᠭᠡᠬᠦ ᠥᠴᠦᠬᠡᠨ ᠠᠢᠮᠠᠭ ᠤ᠋ᠳ ᠶᠠᠭᠤᠨᠠᠢ ᠮᠠᠨ ᠳ᠋ᠤᠷ ᠦᠬᠦᠨ ᠵᠢᠳᠬᠦᠬᠦ ᠠᠵᠢ ! ᠪᠸᠲ᠋ᠠ᠋ ᠤᠯᠤᠰ ᠢ᠋ ᠬᠠᠯᠳᠠᠨ ᠬᠠᠯᠳᠠᠭᠰᠠᠭᠠᠷ ᠬᠠᠢᠷᠠᠬᠠᠨ ᠮᠠᠨ ᠤ᠋ ᠬᠡᠷᠡᠢᠳ ᠬᠠᠭ᠎ᠠ ᠬᠡᠮᠬᠡ ᠡᠴᠢᠬᠦ ᠪᠣᠯᠠᠢ ᠃ ᠲᠡᠢᠮᠦ ᠶ᠋ᠢᠨ ᠲᠤᠯᠠ ᠬᠠᠭᠠᠨ ᠡᠵᠡᠨ ᠡᠴᠡ ᠳᠠᠯᠳᠠᠭᠤᠷ ᠭᠦᠩᠵᠦ ᠠᠪᠠᠬᠠᠢ ᠳ᠋ᠤᠷ ᠮᠡᠳᠡᠭᠦᠯᠵᠦ᠂ ᠬᠠᠭᠠᠨ ᠢ᠋ ᠬᠣᠷᠢᠭ᠍ᠯᠠᠵᠤ ᠂ ᠬᠠᠷᠠᠳᠠᠨ ᠲᠡᠢᠨ ᠢ᠋ ᠦᠯᠦ ᠡᠳᠦᠭᠦᠯᠦᠮᠦ ᠬᠡᠮᠡᠮᠦᠢ ! 》ᠬᠡᠮᠡᠭᠰᠡᠨ ᠳ᠋ᠦ᠍ᠷ ᠰᠡᠷᠭᠦᠯᠡᠩ ᠭᠦᠩᠵᠦ ᠰᠣᠯᠤᠩᠭᠤᠸ᠎ᠠ ᠰᠡᠭᠦᠷᠡᠰᠦᠨ ᠠᠯᠳᠠᠵᠤ᠂ ᠳᠥᠷᠪᠡᠨ ᠲᠦᠰᠢᠮᠡᠯ ᠢ᠋ ᠪᠣᠰᠬᠠᠵᠤ ᠥᠭᠦᠯᠡᠷᠦᠨ :《ᠬᠠᠭᠠᠨ ᠡᠴᠢᠭᠡ ᠭᠡᠨᠡᠳᠲᠡ ᠪᠠᠢᠭᠰᠠᠭᠠᠷ ᠪᠠᠰᠠ ᠶᠠᠭᠤᠨ ᠳ᠋ᠤᠷ ᠡᠢᠮᠦ ᠰᠠᠨᠠᠭᠠᠨ ᠣᠷᠣᠪᠠ ? 》ᠬᠡᠮᠡᠭᠰᠡᠨ ᠳ᠋ᠦ᠍ᠷ ᠠᠨᠳᠤ ᠮᠡᠳᠡᠭᠦᠯᠦᠷᠦᠨ :《ᠬᠠᠮᠤᠭ ᠡᠨᠡ ᠦᠶ᠎ᠡ ᠶ᠋ᠢᠨ ᠰᠢᠨ᠎ᠡ ᠲᠠᠢᠰᠢ ᠭᠦᠷᠡᠯᠵᠡᠭᠡᠨ᠎ᠡ ᠶ᠋ᠢᠨ ᠦᠭᠡᠨ ᠳ᠋ᠦ᠍ᠷ ᠡᠢᠮᠦ ᠪᠣᠯᠪᠠ ᠃ ᠤᠭ ᠠᠷᠭ᠎ᠠ ᠴᠥᠮ ᠵᠠᠮᠤᠬ᠎ᠠ ᠪᠣᠭᠣᠯ ᠠ᠋ᠴᠠ ᠭᠠᠷᠤᠭᠰᠠᠨ ᠬᠡᠷᠡᠭ ᠪᠣᠯᠠᠢ ! 》ᠬᠡᠮᠡᠭᠰᠡᠨ ᠳ᠋ᠦ᠍ᠷ ᠰᠣᠯᠤᠩᠭᠤᠸ᠎ᠠ ᠭᠤᠨᠢᠶᠠᠵᠤ ᠥᠭᠦᠯᠡᠷᠦᠨ:《ᠴᠣᠬᠣᠮ ᠳ᠋ᠤᠷ ᠬᠡᠦᠬᠡᠨ ᠬᠥᠮᠦᠨ ᠨᠠᠳᠠ ᠳ᠋ᠤᠷ ᠬᠠᠷᠢᠶ᠎ᠠ ᠦᠭᠡᠢ ᠪᠣᠯᠠᠢ ᠂ ᠬᠡᠳᠦᠢ ᠲᠡᠢᠮᠦ ᠪᠣᠯᠪᠠᠴᠤ ᠬᠥᠭᠰᠢᠨ ᠡᠴᠢᠭᠡ ᠶ᠋ᠢᠨ ᠪᠡᠶ᠎ᠡ ᠶ᠋ᠢᠨ ᠲᠥᠯᠥᠭᠡ ᠡᠰᠡ ᠪᠣᠳᠣᠪᠠᠰᠤ ᠪᠠᠰᠠ ᠪᠣᠯᠬᠤ ᠦᠭᠡᠢ᠃ ᠪᠢ ᠠᠯᠭᠤᠷ ᠪᠠᠢᠵᠤ᠂ ᠨᠢᠭᠡᠨ ᠪᠠᠢᠳᠠᠯ ᠢ᠋ ᠦᠵᠡᠵᠦ ᠬᠣᠷᠢᠭ᠍ᠯᠠᠨ ᠬᠡᠯᠡᠰᠦᠭᠡᠢ᠂ ᠲᠡᠷᠡ ᠴᠠᠭ ᠲᠤᠷ ᠲᠠ ᠳᠥᠷᠪᠡᠭᠦᠯᠡ ᠮᠥᠨ ᠨᠠᠳᠠ ᠳ᠋ᠤᠷ ᠪᠠᠬᠠᠨ ᠲᠤᠰᠠᠯᠠᠲᠤᠭᠠᠢ 》ᠬᠡᠮᠡᠪᠡᠢ᠃ ᠡᠨᠡ ᠬᠡᠷᠡᠢᠳ ᠦ᠋ᠨ ᠸᠠᠩ ᠬᠠᠭᠠᠨ ᠲᠤᠭᠤᠷᠢᠯ ᠪᠠᠰᠠ ᠬᠡᠷᠬᠢᠨ ᠪᠸᠲ᠋ᠠ᠋ ᠤᠯᠤᠰ ᠯᠤᠭ᠎ᠠ ᠲᠡᠢᠨ ᠳᠡᠭᠳᠡᠭᠡᠬᠦᠢ ᠶ᠋ᠢ ᠡᠭᠦᠰᠬᠡᠪᠡ ? ᠬᠡᠮᠡᠪᠡᠰᠦ : ᠦᠭᠡ ᠶ᠋ᠢ ᠪᠠᠰᠠ ᠬᠣᠢᠰᠢ ᠬᠡᠳᠦᠨ ᠵᠢᠯ ᠡᠭᠡᠭᠦᠯᠵᠦ ᠂ ᠾᠧ ᠸᠠᠩ ᠤ᠋ᠨ ᠬᠠᠭᠠᠨ ᠰᠠᠭᠤᠭᠰᠠᠨ ᠠ᠋ᠴᠠ ᠡᠬᠢᠯᠡᠨ ᠬᠡᠯᠡᠰᠦᠭᠡᠢ᠃
ᠲᠡᠷᠡ ᠵᠢᠯ ᠢᠯᠠᠭᠤ ᠂ ᠵᠠᠮᠤᠬ᠎ᠠ ᠬᠠᠲᠠᠭᠤ ᠵᠥᠭᠡᠯᠡᠨ ᠵᠢᠷᠭᠤᠭᠠᠨ ᠵᠦᠢᠯ ᠦ᠋ᠨ ᠵᠢᠭ᠍ᠰᠠᠭᠠᠯ ᠪᠡᠯᠡᠳᠴᠦ ᠲᠠᠢᠽᠦ ᠶ᠋ᠢ ᠭᠡᠨᠡᠳᠡᠭᠦᠯᠰᠦᠭᠡᠢ ᠬᠡᠮᠡᠭᠰᠡᠭᠡᠷ ᠭᠡᠳᠡᠷᠭᠦ ᠬᠠᠷᠢᠨ ᠾᠧ ᠸᠠᠩ ᠢ᠋ᠶ᠋ᠠᠨ ᠪᠠᠷᠢᠭ᠍ᠳᠠᠨ ᠠᠪᠠᠴᠢᠭ᠍ᠳᠠᠭᠠᠳ ᠬᠠᠷᠭᠢᠰ ᠲᠦᠰᠢᠮᠡᠯ ᠵᠠᠮᠤᠬ᠎ᠠ ᠶ᠋ᠢᠨ ᠦᠭᠡ ᠳ᠋ᠦ᠍ᠷ ᠣᠷᠣᠵᠤ᠂ ᠰᠥᠷᠬᠦ ᠬᠥᠪᠡᠭᠦᠨ ᠢᠯᠠᠭᠤ ᠡᠴᠢᠭᠡ ᠶ᠋ᠢᠨ ᠰᠠᠭᠤᠷᠢᠨ ᠢ᠋ ᠪᠤᠯᠢᠶᠠᠨ ᠸᠠᠩ ᠪᠣᠯᠤᠭᠠᠳ ᠭᠡᠨᠡᠳᠲᠡ ᠡᠴᠢᠭᠡ ᠢᠨᠦ ᠾᠧ ᠸᠠᠩ ᠠᠯᠠᠭᠳᠠᠭᠰᠠᠨ ᠦᠭᠡᠢ ᠪᠡᠷ ᠦᠯᠦ ᠪᠠᠷᠠᠨ᠂ ᠠᠳᠠᠪᠠᠰᠢ ᠣᠯᠵᠠ ᠣᠮᠣᠭ ᠲᠠᠢ ᠪᠠᠷ ᠡᠭᠡᠵᠦ ᠢᠷᠡᠭᠰᠡᠨ ᠳ᠋ᠦ᠍ᠷ ᠢᠯᠠᠭᠤ ᠨᠠᠷ ᠠᠮᠲᠠ ᠰᠢᠮᠳᠠ ᠠᠯᠳᠠᠷᠠᠵᠤ᠂ ᠠᠷᠭ᠎ᠠ ᠦᠭᠡᠢ ᠡᠴᠢᠭᠡ ᠪᠡᠨ ᠸᠠᠩ ᠬᠠᠭᠠᠨ ᠭᠡᠮᠡᠨ ᠬᠡᠲᠦᠷᠬᠡᠢ ᠶᠡᠬᠡ ᠨᠡᠷ᠎ᠡ ᠡᠷᠭᠦᠮᠵᠢᠯᠡᠵᠦ᠂ ᠬᠡᠮᠵᠢᠶ᠎ᠡ ᠦᠭᠡᠢ ᠥᠩᠭᠡ ᠭᠡᠷᠡᠯ ᠭᠢᠯᠪᠠᠰᠤᠭᠤᠯᠤᠨ ᠭᠡᠷ ᠲᠡᠷᠭᠡ ᠪᠡᠨ ᠬᠢᠷᠢ ᠡᠴᠡ ᠪᠡᠨ ᠬᠡᠲᠦᠷᠡᠲᠡᠯ᠎ᠡ ᠵᠠᠰᠠᠨ᠂ ᠭᠠᠷᠴᠤ ᠣᠷᠣᠬᠤ ᠳ᠋ᠠᠭᠠᠨ ᠲᠡᠭᠷᠢ ᠶ᠋ᠢᠨ ᠬᠥᠪᠡᠭᠦᠨ ᠦ᠌ ᠶᠡᠬᠡ ᠵᠢᠭ᠍ᠰᠠᠭᠠᠯ ᠢ᠋ ᠵᠢᠭ᠍ᠰᠠᠭᠠᠵᠤ᠂ ᠠᠯᠲᠠᠨ ᠤᠯᠤᠰ ᠤ᠋ᠨ ᠬᠠᠭᠠᠨ ᠤ᠋ ᠬᠡᠪ ᠶᠠᠩᠵᠤ ᠶ᠋ᠢ ᠳᠠᠭᠤᠷᠢᠶᠠᠨ᠂ ᠡᠮᠦᠨ᠎ᠡ ᠤᠯᠤᠰ ᠤ᠋ᠨ ᠨᠠᠷᠢᠨ ᠬᠥᠭᠵᠢᠮ ᠪᠠ ᠦᠵᠡᠮᠵᠢᠲᠦ ᠰᠠᠪᠠ ᠵᠡᠪᠰᠡᠭ ᠢ᠋ ᠶᠡᠬᠡᠳᠡ ᠵᠥᠭᠡᠭᠡᠵᠦ᠂ ᠲᠡᠷᠭᠡ ᠰᠡᠦᠬᠡ ᠶ᠋ᠢ ᠣᠯᠠᠨᠲᠠ ᠠᠪᠴᠢᠷᠠᠨ᠂ ᠪᠠᠰᠠ ᠰᠢᠷ᠎ᠠ ᠥᠩᠭᠡᠲᠦ ᠲᠠᠵᠢ ᠮᠠᠩᠨᠤᠭ ᠲᠣᠷᠭ᠎ᠠ ᠲᠥᠷᠭᠡ ᠶ᠋ᠢ ᠬᠡᠳᠦᠢᠴᠢᠨᠡᠭᠡᠨ ᠱᠠᠷ ᠠᠴᠢᠵᠤ ᠠᠴᠢᠷᠠᠭᠠᠳ ᠪᠦᠷᠢᠯᠭᠡᠵᠦ ᠴᠢᠮᠡᠭᠰᠡᠨ ᠳ᠋ᠦ᠍ᠷ ᠠᠷᠤ ᠭᠠᠵᠠᠷ ᠤ᠋ᠨ ᠪᠢᠴᠢᠬᠠᠨ ᠠᠢᠮᠠᠭ ᠤ᠋ᠨ ᠨᠢᠳᠦ ᠨᠡᠬᠡᠭᠡᠳᠦᠢ ᠪᠡᠯᠡᠩᠴᠢ ᠠᠷᠠᠳ ᠤ᠋ᠨ ᠨᠢᠳᠦᠨ ᠵᠡᠷᠭᠡᠯᠡᠵᠦ᠂ ᠰᠡᠳᠬᠢᠯ ᠬᠥᠳᠡᠯᠦᠭᠡᠳ ᠬᠣᠭᠣᠰᠣᠨ ᠥᠩᠭᠡ ᠳ᠋ᠦ᠍ᠷ ᠮᠡᠬᠡᠯᠡᠭᠳᠡᠨ᠂ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠥᠴᠦᠬᠡᠨ ᠠᠢᠮᠠᠭ ᠪᠢᠴᠢᠬᠠᠨ ᠪᠦᠯᠦᠭ ᠦ᠋ᠳ ᠪᠠ ᠭᠡᠭᠡᠭᠳᠡᠵᠦ ᠣᠷᠭᠢᠭ᠍ᠳᠠᠭᠰᠠᠨ ᠤᠯᠤᠰ ᠤ᠋ᠳ᠂ ᠢᠬᠢᠷ ᠰᠢᠬᠢᠷ ᠠᠢᠮᠠᠭ ᠤ᠋ᠳ᠂ ᠪᠤᠲᠠᠷᠠᠵᠤ ᠰᠠᠷᠨᠢᠭ᠍ᠰᠠᠨ ᠰᠦᠷᠦᠭ᠂ ᠪᠣᠰᠴᠤ ᠤᠷᠭᠤᠭᠰᠠᠨ ᠪᠠᠭ ᠤ᠋ᠳ ᠬᠡᠷᠡᠢᠳ ᠦ᠋ᠨ ᠬᠠᠭᠠᠨ ᠴᠣᠯᠠ ᠪᠠ ᠬᠣᠭᠣᠰᠣᠨ ᠨᠡᠷ᠎ᠡ ᠶ᠋ᠢ ᠰᠣᠨᠣᠰᠴᠤ ᠪᠠᠰᠠ ᠲᠡᠭᠦᠨ ᠦ᠌ ᠬᠣᠮᠣᠭᠠᠢ ᠭᠡᠷᠡᠯ ᠬᠣᠭᠣᠰᠣᠨ ᠦᠭᠡ ᠶ᠋ᠢ ᠦᠵᠡᠭᠡᠳ ᠬᠤᠷᠠᠵᠤ ᠢᠷᠡᠨ ᠪᠢᠯᠳᠠᠤᠴᠢᠯᠠᠨ ᠳᠠᠭᠠᠭᠰᠠᠨ ᠠᠨᠤ ᠢᠯᠠᠭ᠎ᠠ ᠪᠠᠲᠠᠭᠠᠨ᠎ᠠ ᠮᠡᠲᠦ ᠣᠯᠠᠨ ᠪᠣᠯᠵᠤ᠂ ᠬᠡᠳᠦᠬᠡᠨ ᠵᠢᠯ ᠦ᠋ᠨ ᠬᠣᠭᠣᠷᠣᠨᠳᠣ ᠰᠦᠷ ᠬᠦᠴᠦᠨ ᠨᠡᠯᠢᠶᠡᠳ ᠴᠢᠭᠢᠷᠠᠭ ᠪᠣᠯᠤᠭᠰᠠᠨ ᠳ᠋ᠤᠷ ᠢᠯᠠᠭᠤ ᠶ᠋ᠢᠨ ᠦᠮᠡᠬᠡᠢ ᠣᠮᠣᠭ ᠨᠡᠩᠳᠡ ᠨᠡᠮᠡᠭᠳᠡᠵᠦ᠂ ᠡᠳᠦᠷ ᠰᠥᠨᠢ ᠦᠭᠡᠢ ᠴᠡᠷᠢᠭ ᠴᠢᠭᠤᠯᠤᠭᠤᠯᠤᠨ ᠬᠤᠶᠠᠭ ᠡᠯᠰᠡᠵᠦ᠂ ᠡᠮᠦᠨ᠎ᠡ ᠠᠯᠲᠠᠨ ᠤᠯᠤᠰ ᠤ᠋ᠨ ᠬᠢᠲᠠᠳ ᠲᠦᠰᠢᠮᠡᠯ ᠦ᠋ᠨ ᠨᠡᠷ᠎ᠡ ᠪᠡᠷ ᠲᠥᠬᠥᠭᠡ ᠲᠣᠮᠣᠭᠣ ᠦᠭᠡᠢ ᠪᠡᠷ ᠵᠡᠷᠭᠡ ᠲᠠᠯᠪᠢᠵᠤ᠂ ᠲᠦᠰᠢᠮᠡᠯ ᠡᠷᠭᠦᠮᠵᠢᠯᠡᠭᠰᠡᠨ ᠢᠨᠦ᠂ ᠥᠪᠡᠷ ᠦ᠋ᠨ ᠪᠡᠶ᠎ᠡ ᠬᠤᠸᠠᠩ ᠲᠠᠢᠽᠢ᠂ ᠢ ᠰᠢᠨ᠎ᠡ ᠸᠠᠩ ᠪᠥᠭᠡᠳ ᠪᠦᠭᠦᠳᠡ ᠴᠡᠷᠢᠭ ᠦ᠋ᠨ ᠳ᠋ᠦᠳᠦ᠋ ᠶᠤᠸᠠᠨᠱᠤᠸᠠᠢ᠂ ᠵᠠᠮᠤᠬ᠎ᠠ ᠶ᠋ᠢ ᠪᠢᠴᠢᠭ ᠴᠡᠷᠢᠭ ᠢ᠋ ᠬᠠᠮᠲᠤᠳᠬᠠᠨ ᠵᠠᠬᠢᠷᠬᠤ – ᠭ᠍ᠡᠷᠪᠠᠰᠤ ᠶᠤᠸᠠᠨᠱᠤᠸᠠᠢ ᠂ ᠣᠷᠣᠪᠠᠰᠤ ᠴᠧᠩᠰᠢᠶᠠᠩ᠂ ᠬᠠᠳᠠᠮ ᠠᠪᠠᠭ᠎ᠠ ᠲᠠᠲ᠋ᠠᠷ ᠠᠢᠮᠠᠭ ᠤ᠋ᠨ ᠭᠦᠷᠡᠯᠵᠡᠭᠡᠨ᠎ᠡ ᠡᠪᠦᠭᠡᠨ ᠢ᠋ ᠤᠯᠤᠰ ᠭᠡᠷ ᠦ᠋ᠨ ᠬᠦᠨᠳᠦ ᠴᠢᠬᠤᠯᠠ ᠪᠠ ᠴᠡᠷᠢᠭ ᠢᠷᠭᠡᠨ ᠦ᠌ ᠬᠡᠷᠡᠭ ᠂ ᠰᠠᠩ ᠬᠥᠮᠥᠷᠭᠡ ᠪᠦᠭᠦᠳᠡᠭᠡᠷ ᠢ᠋ ᠨᠡᠢᠭᠡᠮᠯᠡᠨ ᠵᠠᠬᠢᠷᠬᠤ ᠂ ᠤᠯᠤᠰ ᠲᠤᠷ ᠪᠣᠯᠪᠠᠰᠤ ᠽᠠᠢᠰᠢᠶᠠᠩ ᠂ ᠴᠡᠷᠢᠭ ᠲᠦ᠍ᠷ ᠭ᠍ᠡᠷᠪᠡᠰᠤ ᠵᠢᠶᠦ᠋ᠨ ᠱᠢ ᠂ ᠪᠠᠰᠠ ᠲᠠᠲ᠋ᠠᠷ ᠠᠢᠮᠠᠭ ᠤ᠋ᠨ ᠲᠡᠮᠡᠯᠵᠢᠭᠡᠨ᠎ᠡ ᠡᠪᠦᠭᠡᠨ ᠦ᠌ ᠬᠣᠶᠠᠷ ᠬᠥᠪᠡᠭᠦᠨ – ᠢᠯᠠᠭᠤ ᠶ᠋ᠢᠨ ᠡᠮ᠎ᠡ ᠶ᠋ᠢᠨ ᠬᠣᠶᠠᠷ ᠳᠡᠭᠦᠦ ᠂ ᠨᠢᠭᠡᠨ ᠦ᠌ ᠨᠡᠷ᠎ᠡ ᠣᠯᠢᠨᠲᠠᠢ ᠂ ᠨᠢᠭᠡᠨ ᠦ᠌ ᠨᠡᠷ᠎ᠡ ᠭᠣᠯᠢᠨᠳᠠᠢ ᠂ ᠣᠯᠢᠨᠲᠠᠢ ᠶ᠋ᠢ ᠲᠠᠢᠰᠢ ᠂ ᠭᠣᠯᠢᠨᠳᠠᠢ ᠶ᠋ᠢ ᠲᠠᠢᠪᠤᠤ ᠂ ᠵᠢᠴᠢ ᠪᠠᠭ᠎ᠠ ᠡᠮ᠎ᠡ ᠶ᠋ᠢᠨ ᠠᠬ᠎ᠠ ᠲᠠᠢᠴᠢᠭᠤᠳ ᠤ᠋ᠨ ᠤᠷᠠᠨ ᠵᠠᠳᠠᠤᠯᠢ ᠬᠡᠮᠡᠭᠴᠢ ᠶ᠋ᠢ ᠱᠤᠤᠱ᠌ᠢ ᠂ ᠵᠢᠴᠢ ᠸᠠᠢᠯᠠ ᠬᠡᠮᠡᠬᠦ ᠪᠢᠴᠢᠬᠠᠨ ᠠᠢᠮᠠᠭ ᠤ᠋ᠨ ᠡᠵᠡᠨ ᠦᠬᠡᠷ ᠪᠠᠳᠤᠨ᠎ᠠ ᠬᠡᠮᠡᠭᠴᠢ ᠶ᠋ᠢ ᠱᠣᠣᠪᠣᠣ ᠂ ᠡᠭᠦᠨ ᠡᠴᠡ ᠭᠠᠳᠠᠨ᠎ᠠ ᠪᠠᠰᠠ ᠰᠢᠨ᠎ᠡ ᠳᠠᠭᠠᠭᠰᠠᠨ ᠵᠣᠯᠢᠶ᠎ᠠ ᠠᠢᠮᠠᠭ ᠤ᠋ᠨ ᠡᠵᠡᠨ ᠬᠤᠷᠭᠤᠤᠰ ᠂ ᠪᠠᠰᠠ ᠲᠤᠩᠨᠠᠢ ᠠᠢᠮᠠᠭ ᠤ᠋ᠨ ᠡᠵᠡᠨ ᠱᠤᠮᠪᠣᠯ ᠂ ᠪᠠᠰᠠ ᠬᠣᠯᠢ ᠠᠢᠮᠠᠭ ᠤ᠋ᠨ ᠡᠵᠡᠨ ᠢᠯᠴᠠᠭ ᠂ ᠪᠠᠰᠠ ᠰᠢᠯᠢ ᠠᠢᠮᠠᠭ ᠤ᠋ᠨ ᠡᠵᠡᠨ ᠪᠠᠲ᠋ᠠ ᠂ ᠪᠠᠰᠠ ᠵᠢᠷᠮᠡ ᠠᠢᠮᠠᠭ ᠤ᠋ᠨ ᠡᠵᠡᠨ ᠪᠥᠭᠡᠰᠢᠷ ᠂ ᠡᠨᠡ ᠲᠠᠪᠤᠭᠤᠯᠠ ᠶ᠋ᠢ ᠲᠠᠪᠤᠨ ᠪᠠᠷᠰ ᠤ᠋ᠨ ᠵᠠᠩᠵᠤᠨ ᠡᠷᠭᠦᠮᠵᠢᠯᠡᠭᠡᠳ ᠪᠠᠰᠠ ᠭᠡᠷ ᠦ᠋ᠨ ᠬᠠᠭᠤᠴᠢᠨ ᠲᠦᠰᠢᠮᠡᠳ ᠠᠨᠳᠠ ᠂ ᠬᠣᠷᠣᠭ᠎ᠠ ᠂ ᠪᠤᠯᠭᠣᠳᠠᠢ ᠂ ᠺᠠᠯᠪᠠ ᠳᠥᠷᠪᠡᠭᠦᠯᠡ ᠶ᠋ᠢ ᠲᠥᠷᠥ ᠶ᠋ᠢᠨ ᠳᠥᠷᠪᠡᠨ ᠲᠦᠰᠢᠯᠭᠡ ᠲᠤᠰᠢᠮᠡᠯ ᠭᠡᠮᠡᠨ ᠡᠷᠭᠦᠮᠵᠢᠯᠡᠵᠦ᠂ ᠪᠠᠰᠠ ᠰᠢᠳᠠᠷ ᠪᠠᠢᠭᠰᠠᠨ ᠪᠢᠯᠳᠠᠷ ᠬᠡᠮᠡᠭᠴᠢ ᠶ᠋ᠢ ᠶᠡᠬᠡ ᠬᠣᠰᠢᠭᠤᠴᠢ ᠭᠡᠮᠡᠨ ᠡᠷᠭᠦᠮᠵᠢᠯᠡᠭᠡᠳ ᠪᠠᠰᠠ ᠢᠲᠡᠭᠡᠯᠲᠡᠢ ᠭᠣᠴᠣᠭ ᠣᠯᠤᠩᠬᠤ᠂ ᠭᠣᠣᠷᠬᠢ ᠬᠡᠮᠡᠭᠴᠢ ᠬᠣᠶᠠᠷ ᠢ᠋ ᠬᠠᠭᠠᠨ ᠤ᠋ ᠵᠠᠭᠤᠴᠢ ᠲᠦᠰᠢᠮᠡᠯ ᠭᠡᠮᠡᠨ ᠡᠷᠭᠦᠮᠵᠢᠯᠡᠪᠡᠢ᠃ ᠡᠨᠡ ᠬᠣᠶᠠᠷ ᠵᠢᠯ ᠦ᠋ᠨ ᠬᠣᠭᠣᠷᠣᠨᠳᠣ ᠡᠢᠨ ᠬᠦ᠌ ᠪᠠᠴᠢᠯᠠᠭᠰᠠᠨ ᠢ᠋ᠶ᠋ᠠᠷ ᠠᠷᠤ ᠭᠠᠵᠠᠷ ᠤ᠋ᠨ ᠣᠯᠢᠬᠠᠢ ᠲᠣᠯᠢᠬᠠᠢ ᠤᠪᠣᠩᠴᠢ ᠪᠢᠯᠳᠠᠤᠴᠢ ᠵᠠᠩ ᠢ᠋ᠶ᠋ᠡᠷ ᠣᠯᠠᠨ ᠠᠢᠮᠠᠭ ᠤ᠋ᠳ ᠠ᠋ᠴᠠ ᠢᠷᠡᠵᠦ ᠳᠠᠭᠠᠭᠰᠠᠨ ᠢ᠋ᠶ᠋ᠠᠷ ᠰᠠᠨᠠᠭᠠᠨ ᠶᠡᠬᠡᠳᠴᠦ ᠣᠮᠣᠭ ᠥᠰᠦᠭᠡᠳ ᠡᠷᠬᠡᠪᠰᠢ ᠪᠸᠲ᠋ᠠ᠋ ᠤᠯᠤᠰ ᠢ᠋ ᠳᠠᠢᠯᠠᠵᠤ ᠠᠷᠢᠯᠭᠠᠰᠤᠭᠠᠢ ᠬᠡᠮᠡᠵᠦ ᠬᠡᠳᠦ ᠬᠡᠳᠦᠨ ᠡᠲᠡᠭᠡᠳ ᠦ᠋ᠨ ᠤᠯᠤᠰ ᠲᠤᠷ ᠵᠠᠮᠤᠬ᠎ᠠ ᠶ᠋ᠢ ᠢᠯᠡᠭᠡᠵᠦ ᠡᠲᠦᠭᠡᠨ ᠴᠡᠷᠢᠭᠯᠡᠭᠦᠯᠦᠭᠡᠳ ᠭᠡᠳᠡᠷᠭᠦ ᠴᠥᠮ ᠪᠸᠲ᠋ᠠ᠋ ᠤᠯᠤᠰ ᠲᠤᠷ ᠠᠪᠲᠠᠭᠳᠠᠭᠤᠯᠤᠭᠠᠳ ᠵᠠᠮᠤᠬ᠎ᠠ ᠪᠠᠰᠠ ᠳᠣᠬ᠍ᠮᠣᠭ ᠤ᠋ᠨ ᠨᠢᠭᠡᠨ ᠤᠯᠤᠰ ᠢ᠋ ᠲᠣᠪᠣᠷᠴᠣᠭ ᠢ᠋ ᠠᠨᠤ ᠭᠠᠷᠭᠠᠭᠠᠳ ᠳᠤᠲᠠᠭᠠᠨ ᠬᠠᠷᠢᠵᠤ ᠢᠷᠡᠭᠡᠳ ᠥᠴᠦᠬᠡᠨ ᠴᠦ᠍ ᠢᠴᠢᠩᠭᠦᠷᠡᠬᠦ ᠦᠭᠡᠢ ᠪᠡᠷ ᠢᠨᠢᠶᠡᠨ ᠥᠭᠦᠯᠡᠷᠦᠨ:《ᠰᠠᠷᠯᠠᠭ ᠤ᠋ᠨ ᠰᠠᠷᠮᠠᠭ᠍ᠴᠢᠨ ᠂ ᠲᠣᠬ᠍ᠮᠣᠭ ᠤ᠋ᠨ ᠲᠠᠤᠯᠠᠢ ᠨᠠᠷ ᠡᠭᠡᠨᠡᠭᠲᠡ ᠬᠡᠷᠡᠭ ᠦᠭᠡᠢ ᠠᠮᠢᠲᠠᠨ ᠨᠤᠭᠤᠳ ᠂ ᠡᠴᠦᠰ ᠲᠦ᠍ᠷ ᠪᠢᠳᠡ ᠥᠪᠡᠷ ᠢ᠋ᠶ᠋ᠡᠨ ᠡᠰᠡ ᠬᠦᠴᠦᠯᠡᠪᠡᠰᠦ ᠪᠣᠯᠬᠤ ᠦᠭᠡᠢ ᠪᠣᠯᠪᠠ ᠃ ᠪᠤᠰᠤᠳ ᠤ᠋ᠨ ᠪᠤᠶᠠᠨ ᠢ᠋ᠶ᠋ᠠᠷ ᠪᠣᠭᠣᠮᠲᠠ ᠬᠢᠵᠦ ᠪᠣᠯᠬᠤ ᠦᠭᠡᠢ ᠂ ᠪᠤᠭᠤ ᠶ᠋ᠢᠨ ᠡᠪᠡᠷ ᠢ᠋ᠶ᠋ᠡᠷ ᠪᠤᠭᠤᠯᠠᠭ᠎ᠠ ᠬᠢᠵᠦ ᠪᠣᠯᠬᠤ ᠦᠭᠡᠢ !》ᠬᠡᠮᠡᠭᠰᠡᠨ ᠳ᠋ᠦ᠍ᠷ ᠢᠯᠠᠭᠤ ᠪᠸᠲ᠋ᠠ᠋ ᠤᠯᠤᠰ ᠢ᠋ ᠪᠠᠢᠯᠳᠤᠬᠤ ᠠᠷᠭ᠎ᠠ ᠶ᠋ᠢ ᠠᠰᠠᠭᠤᠭᠰᠠᠨ᠎ᠠ ᠵᠠᠮᠤᠬ᠎ᠠ ᠳᠠᠷᠤᠢ ᠴᠢᠬᠢᠨ ᠦ᠌ ᠳᠡᠷᠭᠡᠳᠡ ᠢᠨᠦ ᠡᠢᠮᠦ ᠲᠡᠢᠮᠦ ᠬᠡᠮᠡᠭᠰᠡᠨ ᠳ᠋ᠦ᠍ᠷ ᠢᠯᠠᠭᠤ ᠶᠡᠬᠡᠳᠡ ᠪᠠᠶᠠᠷᠯᠠᠵᠤ ᠂ ᠳᠠᠷᠤᠢ ᠣᠯᠣᠩᠬᠤ ᠭᠣᠣᠷᠬᠢ ᠬᠣᠶᠠᠭᠤᠯᠠ ᠳ᠋ᠤᠷ ᠡᠮᠦᠨ᠎ᠡ ᠭᠠᠵᠠᠷ ᠤ᠋ᠨ ᠥᠩᠭᠡᠲᠦ ᠲᠣᠷᠭ᠎ᠠ ᠂ ᠥᠪᠡᠷ ᠦ᠋ᠨ ᠭᠠᠵᠠᠷ ᠤ᠋ᠨ ᠨᠠᠷᠢᠨ ᠦᠰᠦᠲᠦ ᠪᠠ ᠴᠠᠭᠠᠨ ᠮᠥᠩᠭᠥᠨ ᠦ᠌ ᠥᠯᠥᠭᠡᠢ ᠂ ᠰᠢᠵᠢᠷ ᠠᠯᠲᠠᠨ ᠤ᠋ ᠵᠢᠰᠦᠪᠦᠷᠢ ᠶ᠋ᠢᠨ ᠵᠦᠢᠯ ᠢ᠋ ᠪᠠᠷᠢᠭᠤᠯᠵᠤ ᠂ ᠪᠸᠲ᠋ᠠ᠋ ᠤᠯᠤᠰ ᠤ᠋ᠨ ᠲᠠᠢᠽᠦ ᠶ᠋ᠢᠨ ᠲᠥᠷᠥᠯ ᠦ᠋ᠨ ᠬᠥᠮᠦᠨ ᠠᠷᠳᠠ ᠂ ᠬᠤᠰᠠᠭᠤᠷ ᠂ ᠳᠡᠯᠵᠢᠲᠠᠢ ᠭᠤᠷᠪᠠᠭᠤᠯᠠ ᠳ᠋ᠤᠷ ᠬᠤᠯᠠᠭᠤᠨ ᠢᠯᠡᠭᠡᠵᠦ ᠬᠡᠯᠡᠭᠦᠯᠦᠷᠦᠨ : 《ᠡᠨᠳᠡ ᠬᠠᠷᠠᠬᠠᠨ ᠰᠠᠭᠤᠷᠢᠨ ᠢ᠋ ᠪᠠᠢᠭᠤᠯᠤᠭᠰᠠᠭᠠᠷ ᠂ ᠲᠠ ᠭᠤᠷᠪᠠᠭᠤᠯᠠ ᠶ᠋ᠢᠨ ᠵᠡᠭᠦᠨ ᠡᠲᠡᠭᠡᠳ ᠦ᠋ᠨ ᠲᠠᠢᠰᠢ ᠂ ᠲᠠᠢᠪᠤᠤ ᠂ ᠱᠣᠣᠱᠢ ᠶ᠋ᠢᠨ ᠭᠤᠷᠪᠠᠨ ᠣᠷᠣ ᠶ᠋ᠢ ᠦᠯᠡᠳᠡᠭᠡᠭᠰᠡᠭᠡᠷ ᠪᠣᠢ ᠃ ᠡᠳᠦᠭᠡ ᠢᠷᠡᠪᠡᠰᠦ ᠡᠷᠬᠢᠮ ᠲᠦᠰᠢᠮᠡᠯ ᠪᠣᠯᠠᠢ ᠂ ᠡᠰᠡᠬᠦᠯ᠎ᠡ ᠡᠳᠦᠭᠡ ᠪᠢ ᠳᠠᠷᠤᠢ ᠲᠠᠢᠯᠠᠶ᠎ᠠ ᠡᠴᠢᠬᠦ ᠲᠤᠯᠠ ᠲᠡᠨᠳᠡ ᠴᠢᠬᠤᠯᠠ ᠦᠶ᠎ᠡ ᠳ᠋ᠦ᠍ᠷ ᠳᠣᠲᠣᠷ᠎ᠠ ᠠ᠋ᠴᠠ ᠲᠤᠰᠠᠯᠠᠪᠠᠴᠤ ᠮᠥᠨ ᠶᠡᠬᠡ ᠭᠠᠪᠢᠶ᠎ᠠ ᠪᠣᠯᠠᠢ᠃ 》 ᠭᠡᠮᠡᠨ ᠬᠤᠳᠠᠯᠳᠤᠭᠠᠴᠢᠨ ᠤ᠋ ᠶᠠᠩᠵᠤ ᠪᠠᠷ ᠴᠢᠮᠡᠭᠯᠡᠭᠦᠯᠵᠦ ᠂ ᠲᠣᠷᠭ᠎ᠠ ᠵᠠᠬ᠎ᠠ ᠂ ᠠᠯᠲᠠᠨ ᠮᠥᠩᠭᠥᠨ ᠢ᠋ ᠨᠢᠭᠲᠠ ᠨᠢᠭᠤᠯᠭᠠᠵᠤ ᠂ ᠴᠠᠭ᠎ᠠ ᠮᠥᠭᠥ ① ᠠᠷᠠᠯᠵᠢᠨ ᠠᠪᠬᠤ ᠬᠤᠳᠠᠯᠳᠤᠭᠠᠴᠢᠨ ᠤ᠋ ᠶᠠᠩᠵᠤ ᠪᠠᠷ ᠴᠢᠮᠡᠭᠯᠡᠵᠦ ᠶᠠᠪᠤᠭᠤᠯᠪᠠ ᠃
– – – –
① ᠴᠠᠭᠠᠨ ᠮᠥᠭᠥ ᠬᠡᠮᠡᠭᠴᠢ ᠡᠳᠦᠭᠡᠬᠢ ᠨᠠᠷᠢᠨ ᠨᠣᠭᠣᠭ᠎ᠠ ᠳ᠋ᠤ᠌ ᠣᠷᠣᠬᠤ ᠪᠠᠢ ᠮᠦᠸᠧ ᠶ᠋ᠢ ᠬᠡᠯᠡᠮᠦᠢ᠃
ᠲᠡᠭᠦᠨᠴᠡ ᠥᠪᠡᠷ ᠦ᠋ᠨ ᠤᠯᠤᠰ ᠤ᠋ᠨ ᠳᠣᠲᠣᠷ᠎ᠠ ᠠ᠋ᠴᠠ ᠠᠷᠪᠠᠨ ᠲᠠᠪᠤᠨ ᠨᠠᠰᠤᠨ ᠬᠦᠷᠦᠭᠰᠡᠨ ᠡᠴᠡ ᠡᠬᠢᠯᠡᠵᠦ᠂ ᠵᠢᠷᠠᠨ ᠲᠠᠪᠤᠨ ᠵᠢᠷᠭᠤᠭᠠᠨ ᠨᠠᠰᠤᠨ ᠳ᠋ᠤᠷ ᠲᠤᠯᠲᠠᠯ᠎ᠠ ᠴᠡᠷᠢᠭ ᠲᠦ᠍ᠷ ᠲᠣᠭᠠᠴᠠᠵᠤ ᠡᠯᠰᠡᠭᠰᠡᠭᠡᠷ ᠥᠪᠡᠷ ᠪᠠ ᠪᠤᠰᠤᠳ ᠤ᠋ᠨ ᠴᠡᠷᠢᠭ ᠲᠡᠢ ᠨᠡᠢᠲᠡ ᠳᠣᠯᠣᠭᠠᠨ ᠲᠦᠮᠡ ᠨᠠᠢ᠍ᠮᠠᠨ ᠮᠢᠩᠭ᠎ᠠ ᠪᠣᠯᠭᠠᠵᠤ ᠂ ᠠᠷᠪᠠᠨ ᠲᠦᠮᠡ ᠭᠡᠮᠡᠨ ᠠᠯᠳᠠᠷᠰᠢᠭᠤᠯᠪᠠ ᠃ ᠡᠨᠡ ᠴᠡᠷᠢᠭ ᠲᠦ᠍ᠷ ᠥᠨᠥᠴᠢᠨ ᠨᠢᠯᠬ᠎ᠠ ᠪᠠᠨ ᠳᠠᠭᠠᠵᠤ ᠭᠠᠷᠤᠭᠰᠠᠨ ᠡᠬᠡ ᠂ ᠡᠭᠡᠴᠢ ᠪᠠ ᠡᠬᠡᠨᠡᠷ ᠥᠬᠢᠳ ᠨᠡᠯᠢᠶᠡᠳ ᠪᠣᠢ ᠃ ᠭᠠᠭᠴᠠ ᠬᠥᠪᠡᠭᠦᠨ ᠢ᠋ᠶ᠋ᠡᠨ ᠳᠠᠭᠠᠭᠰᠠᠨ ᠡᠬᠡᠨᠡᠷ ᠂ ᠥᠨᠥᠴᠢᠨ ᠳᠡᠭᠦᠦ ᠪᠡᠨ ᠳᠠᠭᠠᠭᠰᠠᠨ ᠥᠬᠢᠳ ᠢ᠋ ᠬᠡᠯᠡᠭᠰᠡᠨ ᠪᠣᠯᠠᠢ᠃
ᠲᠡᠷᠡ ᠲᠤᠬᠠᠢ ᠾᠧ ᠸᠠᠩ ᠬᠠᠭᠠᠨ ᠰᠠᠭᠤᠭᠰᠠᠨ ᠳ᠋ᠤᠷ ᠦᠨᠡᠬᠡᠷ ᠰᠦᠷᠲᠡᠢ ᠭᠡᠷᠡᠯᠲᠡᠢ ᠪᠣᠯᠤᠭᠰᠠᠨ᠎ᠠ ᠂ ᠡᠭᠡᠨᠡᠭᠲᠡ ᠰᠡᠳᠬᠢᠯ ᠡᠴᠡ ᠪᠠᠶᠠᠰᠬᠤ ᠪᠠ ᠨᠡᠩ ᠡᠴᠢᠭᠡ ᠪᠣᠯᠤᠭᠰᠠᠨ ᠬᠥᠮᠦᠨ ᠦ᠌ ᠬᠥᠪᠡᠭᠦᠨ ᠢ᠋ᠶ᠋ᠡᠨ ᠰᠠᠨᠠᠬᠤ ᠶ᠋ᠢ ᠦᠭᠡᠢ ᠪᠣᠯᠭᠠᠨ ᠴᠢᠳᠠᠬᠤ ᠦᠭᠡᠢ ᠲᠤᠯᠠ ᠬᠠᠷᠠᠬᠠᠨ ᠪᠸᠲ᠋ᠠ᠋ ᠤᠯᠤᠰ ᠯᠤᠭ᠎ᠠ ᠪᠠᠢᠯᠳᠤᠬᠤ ᠪᠠ ᠪᠠᠢᠬᠤ ᠶ᠋ᠢ ᠲᠣᠭᠲᠠᠭᠠᠨ ᠴᠢᠳᠠᠬᠤ ᠦᠭᠡᠢ ᠬᠡᠯᠪᠡᠯᠵᠡᠨ᠂ ᠬᠥᠪᠡᠭᠦᠨ ᠦ᠌ ᠰᠠᠨᠠᠭᠠᠨ ᠪᠠ ᠥᠬᠢᠨ ᠦ᠌ ᠦᠭᠡ ᠶ᠋ᠢ ᠴᠥᠮ ᠭᠡᠭᠡᠵᠦ ᠴᠢᠳᠠᠬᠤ ᠦᠭᠡᠢ ᠪᠥᠬᠥᠶ᠎ᠡ ᠂ ᠵᠠᠮᠤᠬ᠎ᠠ ᠢᠯᠠᠭᠤ ᠳ᠋ᠤᠷ ᠰᠡᠮᠡᠬᠡᠷ ᠥᠭᠦᠯᠡᠷᠦᠨ :《ᠬᠠᠭᠠᠨ ᠡᠵᠡᠨ ᠦ᠌ ᠲᠠᠰᠤᠯᠤᠨ ᠦᠯᠦ ᠠᠪᠠᠴᠢᠬᠤ ᠠᠨᠤ ᠂ ᠬᠡᠦᠬᠡᠨ ᠳᠡᠭᠦᠦ ᠰᠡᠷᠭᠦᠯᠡᠩ ᠭᠦᠩᠵᠦ ᠂ ᠲᠥᠷᠥ ᠶ᠋ᠢᠨ ᠲᠦᠰᠢᠯᠭᠡ ᠳᠥᠷᠪᠡᠨ ᠲᠦᠰᠢᠮᠡᠯ ᠨᠠᠷ ᠤ᠋ᠨ ᠨᠢᠭᠤᠴᠠ ᠪᠠᠷ ᠢᠳᠬᠠᠬᠤ ᠠ᠋ᠴᠠ ᠢᠷᠡᠮᠦᠢ᠃ ᠡᠷᠭᠢᠨ ᠸᠠᠩ ᠳᠡᠭᠦᠦ ᠴᠢ ᠡᠷᠬᠡᠪᠰᠢ ᠭᠦᠷᠡᠯᠵᠡᠭᠡᠨ᠎ᠡ ᠴᠧᠩᠰᠢᠶᠠᠩ ᠢ᠋ ᠡᠢᠮᠦ ᠲᠡᠢᠮᠦ ᠶᠠᠪᠤᠭᠤᠯᠪᠠᠰᠤ ᠡᠨᠡ ᠬᠡᠷᠡᠭ ᠮᠠᠭᠠᠳ ᠪᠦᠲᠦᠮᠦᠢ 》ᠬᠡᠮᠡᠭᠰᠡᠨ ᠳ᠋ᠦ᠍ᠷ ᠢᠯᠠᠭᠤ ᠨᠢᠭᠡᠨ ᠡᠳᠦᠷ ᠶᠡᠬᠡ ᠬᠤᠷᠢᠮ ᠪᠡᠯᠡᠳᠬᠡᠵᠦ᠂ ᠳᠡᠭᠡᠷ᠎ᠡ ᠡᠲᠡᠭᠡᠳ ᠲᠣᠷ ᠭᠦᠷᠡᠯᠵᠡᠭᠡᠨ᠎ᠡ ᠲᠠᠢᠰᠢ ᠪᠠᠨ ᠰᠠᠭᠤᠯᠭᠠᠨ ᠪᠠᠶᠠᠷᠯᠠᠲᠠᠯᠠ ᠬᠦᠨᠳᠦᠯᠡᠵᠦ ᠂ ᠲᠡᠭᠦᠨ ᠦ᠌ ᠴᠢᠬᠢᠨ ᠦ᠌ ᠳᠡᠷᠭᠡᠳᠡ ᠡᠢᠮᠦ ᠲᠡᠢᠮᠦ ᠭᠡᠮᠡᠨ ᠰᠤᠷᠭᠠᠵᠤ ᠬᠡᠯᠡᠭᠰᠡᠨ ᠳ᠋ᠦ᠍ᠷ ᠭᠦᠷᠡᠯᠵᠡᠭᠡᠨ᠎ᠡ ᠡᠪᠦᠭᠡᠨ ᠳᠤᠷᠠᠲᠠᠶ᠎ᠠ ᠬᠦᠯᠢᠶᠡᠨ ᠠᠪᠴᠤ ᠳᠡᠳ᠋ ᠡᠳᠦᠷ ᠲᠡᠮᠳᠡᠭ ᠳᠣᠬᠢᠶ᠎ᠠ ᠴᠣᠬᠢᠭᠤᠯᠤᠨ᠂ ᠳᠣᠲᠣᠭᠠᠳᠤ ᠤᠷᠳᠣᠨ᠎ᠠ ᠣᠷᠣᠵᠤ ᠸᠠᠩ ᠬᠠᠭᠠᠨ ᠳ᠋ᠤᠷ ᠮᠥᠷᠭᠥᠨ ᠵᠣᠯᠭᠠᠵᠤ ᠬᠠᠵᠠᠭᠤᠳᠠ ᠵᠣᠭᠰᠣᠭᠰᠠᠨ ᠳ᠋ᠤᠷ ᠸᠠᠩ ᠬᠠᠭᠠᠨ ᠤᠷᠤᠭ ᠤ᠋ᠨ ᠨᠠᠢᠷ ᠢ᠋ ᠦᠵᠡᠵᠦ ᠰᠠᠭᠤᠳᠠᠯ ᠬᠠᠢᠷᠠᠯᠠᠨ ᠰᠠᠭᠤᠯᠭᠠᠵᠤ ᠵᠠᠷᠯᠢᠭ ᠪᠣᠯᠤᠨ ᠠᠰᠠᠭᠤᠷᠤᠨ : 《ᠡᠷᠭᠢᠨ ᠬᠣᠲᠠ ᠴᠢᠩ ᠂ ᠴᠢᠮ᠎ᠠ ᠳ᠋ᠤᠷ ᠤᠯᠤᠰ ᠲᠥᠷᠥ ᠳ᠋ᠦ᠍ᠷ ᠶᠠᠮᠪᠠᠷ ᠴᠢᠬᠤᠯᠠ ᠬᠡᠷᠡᠭ ᠠᠵᠤ ᠢᠷᠡᠪᠡ ? 》 ᠭᠦᠷᠡᠯᠵᠡᠭᠡᠨ᠎ᠡ ᠠᠢᠯᠠᠳᠬᠠᠷᠤᠨ :《ᠬᠠᠭᠠᠨ ᠡᠵᠡᠨ ᠦ᠌ ᠲᠦᠮᠡᠨ ᠣᠨ ᠵᠠᠭᠤᠨ ᠦᠶ᠎ᠡ ᠲᠡᠭᠷᠢ ᠶ᠋ᠢᠨ ᠬᠥᠪᠡᠭᠦᠨ ᠦ᠌ ᠰᠠᠭᠤᠷᠢᠨ ᠢ᠋ ᠡᠵᠡᠯᠡᠬᠦ ᠶ᠋ᠢᠨ ᠲᠤᠯᠠ ᠪᠣᠳᠣᠭᠰᠠᠨ ᠬᠡᠳᠦᠨ ᠦᠭᠡ ᠪᠡᠨ ᠮᠡᠳᠡᠭᠦᠯᠬᠦ ᠨᠢᠭᠡᠨ ᠵᠦᠢᠯ ᠦ᠋ᠨ ᠤᠴᠢᠷ ᠪᠣᠢ : ᠬᠤᠸᠠᠩ ᠲᠠᠢᠽᠢ ᠢ ᠰᠢᠨ᠎ᠡ ᠸᠠᠩ ᠤ᠋ᠨ ᠤᠷᠢᠳᠤᠰ ᠳᠡᠭᠡᠳᠦᠰ ᠢ᠋ᠶ᠋ᠡᠨ ᠥᠨᠳᠥᠷ ᠦᠪᠡᠳᠡᠭᠰᠢ ᠪᠣᠯᠭᠠᠶ᠎ᠠ᠂ ᠦᠷ᠎ᠡ ᠠᠴᠢ ᠳ᠋ᠤᠷ ᠦᠯᠡᠮᠵᠢ ᠡᠯᠪᠡᠭ ᠦᠯᠡᠳᠡᠭᠡᠶ᠎ᠡ ᠬᠡᠮᠡᠬᠦ ᠶ᠋ᠢᠨ ᠲᠤᠯᠠᠳᠠ ᠡᠳᠦᠷ ᠰᠥᠨᠢ ᠦᠭᠡᠢ ᠴᠢᠷᠮᠠᠢᠭᠰᠠᠨ ᠢ᠋ᠶ᠋ᠠᠷ ᠳᠡᠭᠡᠷ᠎ᠡ ᠲᠡᠭᠷᠢ ᠠᠢᠯᠠᠳᠴᠤ ᠢᠪᠡᠭᠡᠨ ᠲᠤᠰᠠᠯᠠᠵᠤ᠂ ᠬᠡᠳᠦᠬᠡᠨ ᠵᠢᠯ ᠦ᠋ᠨ ᠬᠣᠭᠣᠷᠣᠨᠳᠣ ᠬᠠᠭᠠᠨ ᠰᠠᠭᠤᠷᠢᠨ ᠪᠦᠲᠦᠵᠦ᠂ ᠬᠠᠮᠤᠭ ᠪᠦᠭᠦᠳᠡᠭᠡᠷ ᠬᠤᠷᠠᠭᠠᠳ ᠨᠢᠭᠡᠨ ᠬᠣᠰᠢᠭᠤᠴᠢ ᠂ ᠬᠣᠶᠠᠷ ᠵᠠᠭᠤᠴᠢ ᠂ ᠳᠥᠷᠪᠡᠨ ᠲᠦᠰᠢᠯᠭᠡ ᠂ ᠲᠠᠪᠤᠨ ᠪᠠᠷᠰ ᠂ ᠵᠢᠷᠭᠤᠭᠠᠨ ᠵᠥᠪᠯᠡᠯ ᠦ᠋ᠨ ᠵᠡᠷᠭᠡ ᠶ᠋ᠢᠨ ᠣᠯᠠᠨ ᠰᠠᠢᠳ ᠲᠦᠰᠢᠮᠡᠳ ᠴᠥᠮ ᠪᠦᠷᠢᠳᠴᠦ ᠬᠠᠭᠠᠨ ᠢ᠋ ᠬᠠᠮᠠᠭᠠᠯᠠᠬᠤ ᠭᠤᠷᠪᠠᠨ ᠲᠦᠮᠡᠨ ᠭᠣᠴᠣᠭ ᠴᠡᠷᠢᠭ ᠂ ᠬᠠᠮᠤᠭ ᠢ᠋ ᠬᠤᠷᠢᠶᠠᠬᠤ ᠠᠷᠪᠠᠨ ᠲᠦᠮᠡᠨ ᠬᠤᠷᠴᠠ ᠬᠤᠶᠠᠭ ᠲᠠᠢ ᠴᠤᠭᠠᠷ ᠪᠦᠷᠢᠳᠴᠦᠬᠦᠢ᠃ ᠣᠳᠣ ᠡᠨᠡ ᠮᠡᠲᠦ ᠴᠢᠬᠤᠯᠠ ᠬᠡᠪᠴᠢᠶᠡᠨ ᠢ᠋ ᠣᠯᠬᠤᠶ᠎ᠠ ᠪᠡᠷᠬᠡ ᠲᠣᠬᠢᠶᠠᠯ ᠳ᠋ᠤᠷ ᠪᠠᠢᠭᠰᠠᠨ ᠢ᠋ ᠪᠠᠷᠠᠭᠳᠠᠭᠤᠯᠤᠭᠰᠠᠨ ᠪᠸᠲ᠋ᠠ᠋ ᠤᠯᠤᠰ ᠤ᠋ᠨ ᠪᠤᠯᠲᠤ ᠪᠤᠲᠠᠷᠠᠭᠤᠯᠤᠭᠰᠠᠨ ᠪᠣᠷᠵᠢᠭᠢᠳ ᠠᠢᠮᠠᠭ ᠤ᠋ᠨ ᠪᠤᠰᠤᠳ ᠢ᠋ ᠪᠣᠭᠣᠯᠴᠢᠯᠠᠭᠤᠯᠤᠭᠰᠠᠨ᠂ ᠪᠤᠷᠬᠠᠨ ᠭᠠᠯᠳᠤᠨ᠎ᠠ ᠶ᠋ᠢᠨ ᠲᠡᠰᠬᠦ ᠶ᠋ᠢ ᠠᠯᠳᠠᠭᠤᠯᠤᠭᠰᠠᠨ ᠲᠡᠮᠦᠵᠢᠨ ᠬᠥᠪᠡᠭᠦᠨ ᠢ᠋ ᠠᠷᠢᠯᠭᠠᠬᠤ ᠦᠭᠡᠢ ᠶᠠᠮᠪᠠᠷ ᠴᠠᠭ ᠢ᠋ ᠬᠦᠯᠢᠶᠡᠮᠦᠢ ? ᠬᠠᠭᠠᠨ ᠡᠵᠡᠨ ᠴᠢ ᠬᠡᠷᠪᠡ ᠬᠠᠮᠲᠤᠳᠴᠤ ᠬᠠᠰ ᠠᠪᠠᠬᠠᠢ ᠭᠦᠩᠵᠦ ᠪᠡᠨ ᠲᠡᠭᠦᠨ ᠦ᠌ ᠳᠡᠭᠦᠦ ᠪᠡᠯᠭᠦᠳᠡᠢ ᠳ᠋ᠦ᠍ᠷ ᠥᠭᠴᠦ ᠤᠷᠤᠭ ᠪᠤᠯᠬᠤᠢ ᠳ᠋ᠤᠷ ᠬᠦᠷᠪᠡᠰᠦ᠂ ᠡᠴᠦᠰ ᠲᠦ᠍ᠷ ᠲᠡᠭᠦᠨ ᠦ᠌ ᠰᠢᠷᠡᠭᠡᠨ ᠦ᠌ ᠳᠣᠣᠷ᠎ᠠ ᠰᠥᠭᠥᠳᠴᠦ ᠮᠥᠷᠭᠥᠬᠦ ᠲᠦᠰᠢᠮᠡᠯ ᠪᠣᠯᠬᠤ ᠠ᠋ᠴᠠ ᠬᠡᠯᠲᠦᠷᠢᠨ ᠦᠯᠦ ᠴᠢᠳᠠᠮᠤᠢ᠃ ᠡᠳᠦᠭᠡ ᠮᠠᠨ ᠤ᠋ ᠪᠡᠶ᠎ᠡ ᠡᠵᠡᠨ ᠸᠠᠩ ᠬᠡᠳᠦᠢ ᠮᠠᠭᠤ ᠪᠣᠯᠪᠠᠴᠤ ᠬᠠᠭᠠᠨ ᠡᠵᠡᠨ ᠦ᠌ ᠪᠡᠶ᠎ᠡ ᠴᠢᠨᠦ ᠯᠤᠤ ᠶ᠋ᠢᠨ ᠣᠯᠪᠣᠭᠲᠤ ᠽᠠᠨᠳᠠᠨ ᠰᠢᠷᠡᠬᠡᠨ᠎ᠡ ᠰᠠᠭᠤᠵᠤ᠂ ᠠᠯᠲᠠᠨ ᠤ᠋ ᠣᠷᠣᠢᠲᠤ ᠮᠠᠩᠨᠤᠭ ᠣᠷᠲᠣᠨ᠎ᠠ ᠣᠷᠣᠰᠢᠨ᠂ ᠭᠠᠷᠪᠠᠰᠤ ᠰᠢᠬᠦᠷ ᠬᠠᠯᠬᠠᠪᠴᠢ ᠨᠠᠷᠠᠨ ᠢ᠋ ᠬᠠᠯᠬᠠᠭᠯᠠᠵᠤ᠂ ᠣᠷᠣᠪᠠᠰᠤ ᠱ᠌ᠢᠷᠦ ᠰᠤᠪᠤᠳ ᠨᠢᠳᠦᠨ ᠢ᠋ ᠴᠢᠨᠦ ᠰᠡᠷᠭᠦᠭᠡᠵᠦ ᠂ ᠴᠠᠭ ᠤ᠋ᠨ ᠪᠤᠳᠠᠭ᠎ᠠ ᠳ᠋ᠤᠷ ᠱᠠᠪᠠᠩ ᠬᠥᠭᠵᠢᠮ ᠡᠭᠦᠰᠬᠡᠨ ᠂ ᠰᠥᠨᠢ ᠶ᠋ᠢᠨ ᠨᠣᠢᠷ ᠲᠤᠷ ᠽᠠᠨᠳᠠᠨ ᠬᠥᠬᠥᠯ ᠰᠢᠲᠠᠭᠠᠵᠤ᠂ ᠶᠢᠰᠦᠨ ᠬᠠᠭᠠᠯᠭ᠎ᠠ ᠨᠠᠶᠠᠨ ᠨᠢᠭᠡᠨ ᠪᠥᠭᠲᠥᠭᠡ ᠲᠠᠲᠠᠵᠤ᠂ ᠠᠷᠪᠠᠨ ᠵᠦᠭ ᠡᠴᠡ ᠵᠠᠭᠤᠨ ᠲᠦᠮᠡᠨ ᠤᠯᠤᠰ ᠪᠦᠷᠢᠳᠴᠦᠬᠦᠢ᠃ ᠡᠨᠡ ᠮᠡᠲᠦ ᠠᠴᠢᠯᠠᠯ ᠡᠷᠭᠦᠮᠵᠢᠯᠡᠯᠲᠦ ᠲᠠᠢᠽᠢ ᠶᠤᠭᠠᠨ ᠡᠭᠦᠷᠢ ᠤᠷᠲᠤ ᠡᠷᠬᠢᠮ ᠦᠪᠡᠳᠡᠭᠰᠢ ᠪᠣᠯᠬᠤ ᠶ᠋ᠢ ᠦᠯᠦ ᠰᠠᠨᠠᠨ ᠂ ᠡᠷᠡᠦᠯᠡᠨ ᠬᠦᠯᠢᠵᠦ ᠠᠴᠢᠵᠤ ᠠᠪᠠᠴᠢᠭ᠍ᠰᠠᠨ ᠡᠢᠨ ᠬᠦ᠌ ᠡᠷᠡᠮᠡᠬᠡᠢ ᠬᠠᠷᠭᠢᠰ ᠪᠸᠲ᠋ᠠ᠋ ᠤᠯᠤᠰ ᠤ᠋ᠨ ᠡᠵᠡᠨ᠂ ᠪᠣᠮᠣᠷᠲᠠᠯᠠ ᠬᠦᠯᠢᠵᠦ ᠪᠤᠯᠢᠶᠠᠵᠤ ᠠᠪᠠᠴᠢᠭ᠍ᠰᠠᠨ ᠪᠣᠷᠵᠢᠭᠢᠳ ᠠᠢᠮᠠᠭ ᠤ᠋ᠨ ᠲᠡᠮᠦᠵᠢᠨ ᠢ᠋ ᠥᠮᠥᠭᠯᠡᠬᠦ ᠢᠨᠦ ᠬᠠᠭᠠᠨ ᠡᠵᠡᠨ ᠴᠢᠮ᠎ᠠ ᠳ᠋ᠤᠷ ᠡᠴᠦᠰᠲᠡᠯ᠎ᠡ ᠶᠠᠭᠤᠨ ᠤ᠋ ᠲᠤᠰᠠ ᠪᠣᠯᠬᠤ ᠭᠠᠵᠠᠷ ᠪᠣᠢ ᠠᠵᠢ ! ᠪᠸᠲ᠋ᠠ᠋ ᠤᠯᠤᠰ ᠤ᠋ᠨ ᠡᠵᠡᠨ ᠬᠡᠳᠦᠢᠪᠡᠷ ᠴᠡᠷᠢᠭ ᠲᠤᠰᠠᠯᠠᠵᠤ ᠬᠡᠳᠦᠨ ᠤᠳᠠᠭ᠎ᠠ ᠠᠪᠤᠷᠠᠭᠰᠠᠨ ᠴᠤ᠌ ᠪᠠᠰᠠ ᠴᠠᠪᠴᠢᠲᠠᠯᠠ ᠬᠦᠯᠢᠵᠦ ᠴᠢᠷᠦᠨ ᠠᠪᠠᠴᠢᠭᠠᠳ ᠠᠯᠠᠯ ᠦᠭᠡᠢ ᠪᠡᠷ ᠠᠯᠲᠠᠨ ᠲᠣᠷᠭ᠎ᠠ ᠪᠠᠷ ᠴᠢᠮᠡᠵᠦ ᠬᠠᠷᠢᠭᠤᠯᠤᠭᠰᠠᠨ ᠠᠨᠤ᠂ ᠡᠴᠦᠰ ᠲᠦ᠍ᠷ ᠬᠠᠭᠠᠨ ᠡᠵᠡᠨ ᠴᠢᠮᠠᠢ ᠬᠠᠲᠠᠭᠤ ᠪᠠᠷ ᠬᠠᠲᠠᠷᠠᠭᠠᠳ ᠵᠥᠭᠡᠯᠡᠨ ᠢ᠋ᠶ᠋ᠡᠷ ᠵᠦᠯᠭᠦᠵᠦ᠂ ᠤᠷᠠᠨ ᠠᠭᠠᠰᠢ ᠪᠠᠷ ᠢ᠋ᠶ᠋ᠠᠨ ᠬᠠᠭᠤᠷᠴᠤ ᠠᠷᠭ᠎ᠠ ᠳ᠋ᠤᠷ ᠢ᠋ᠶ᠋ᠠᠨ ᠣᠷᠣᠭᠤᠯᠵᠤ ᠠᠪᠤᠭᠠᠳ ᠪᠣᠭᠣᠯ ᠢ᠋ᠶ᠋ᠠᠨ ᠪᠣᠯᠭᠠᠵᠤ ᠪᠣᠷᠪᠢ ᠳ᠋ᠤᠷ ᠢ᠋ᠶ᠋ᠠᠨ ᠭᠢᠰᠬᠢᠰᠦᠭᠡᠢ ᠬᠡᠮᠡᠬᠦ ᠠᠷᠭ᠎ᠠ ᠪᠣᠯᠠᠢ ᠃ ᠡᠨᠡ ᠬᠠᠰ ᠬᠠᠳᠠ ᠮᠡᠲᠦ ᠬᠠᠭᠠᠨ ᠲᠥᠷᠥ ᠪᠡᠨ ᠪᠠᠷᠢᠵᠤ ᠪᠠᠷᠢᠭᠠᠳ ᠬᠠᠷᠠᠳᠠᠨ ᠳᠠᠢᠰᠤᠨ ᠤ᠋ ᠬᠠᠭᠤᠷᠬᠤ ᠠᠷᠭ᠎ᠠ ᠳ᠋ᠤᠷ ᠣᠷᠣᠵᠤ᠂ ᠬᠠᠮᠢᠶ᠎ᠠ ᠦᠭᠡᠢ ᠪᠣᠷᠵᠢᠭᠢᠳ ᠲᠤᠷ ᠪᠣᠭᠣᠯ ᠪᠣᠯᠬᠤ ᠠᠨᠤ ᠬᠠᠢᠷᠠᠬᠠᠨ ᠦᠭᠡᠢ ᠦᠦ ? ᠲᠡᠭᠦᠨ ᠦ᠌ ᠡᠨᠡ ᠲᠠᠯᠪᠢᠨ ᠬᠡᠷᠡᠭᠯᠡᠬᠦ ᠠᠷᠭ᠎ᠠ ᠶ᠋ᠢ ᠦᠯᠢᠳᠬᠡᠪᠡᠰᠦ᠂ ᠬᠣᠩᠭᠣ ᠳ᠋ᠤᠷ ᠢ᠋ᠶ᠋ᠠᠨ ᠬᠦᠷᠦᠭᠰᠡᠨ ᠬᠤᠷᠢᠴᠠᠯ ᠶᠡᠬᠡᠲᠦ ᠥᠬᠢᠳ ᠡᠬᠡᠨᠡᠷ ᠢ᠋ ᠬᠣᠩᠭᠣᠯᠵᠠᠨ ᠬᠣᠷᠪᠣᠬᠠᠨ ᠡᠲᠦᠭᠡᠨ ᠬᠥᠭᠵᠢᠭᠡᠵᠦ ᠪᠠᠢᠭᠠᠳ ᠬᠣᠷᠮᠣᠢ ᠳ᠋ᠠᠭᠠᠨ ᠣᠷᠣᠭᠤᠯᠵᠤ᠂ ᠳᠣᠣᠷ᠎ᠠ ᠪᠠᠨ ᠬᠡᠪᠲᠡᠭᠦᠯᠬᠦ ᠮᠡᠲᠦ ᠪᠤᠶᠤ !ᠬᠠᠭᠠᠨ ᠡᠵᠡᠨ ᠮᠢᠨᠦ ᠬᠠᠮᠲᠤᠳᠲᠠᠯᠠ ᠪᠣᠳᠣᠵᠤ ᠠᠢᠯᠠᠳ᠂ ᠬᠠᠷ᠎ᠠ ᠬᠦᠷᠳᠦ ᠲᠡᠮᠦᠵᠢᠨ ᠬᠠᠭᠠᠨ ᠴᠢᠮᠠᠢ ᠬᠠᠯᠠᠭᠤᠨ ᠢ᠋ᠶ᠋ᠠᠷ ᠰᠠᠨᠠᠵᠤ᠂ ᠦᠨᠡᠨ ᠢ᠋ᠶ᠋ᠡᠷ ᠥᠷᠥᠰᠢᠶᠡᠭᠰᠡᠨ ᠪᠥᠭᠡᠰᠦ᠂ ᠲᠡᠷᠡᠬᠡᠨ ᠵᠢᠯ ᠬᠠᠭᠠᠨ ᠡᠵᠡᠨ ᠴᠢᠨᠦ ᠪᠡᠶ᠎ᠡ ᠶ᠋ᠢ ᠴᠢᠨᠦ ᠥᠯᠥᠭᠴᠢᠨ ᠨᠣᠬᠠᠢ ᠶ᠋ᠢᠨ ᠵᠤᠯᠵᠠᠭ᠎ᠠ ᠮᠡᠲᠦ ᠥᠩᠬᠥᠷᠢᠵᠦ ᠳᠤᠭᠤᠢᠷᠠᠲᠠᠯᠠ ᠬᠦᠯᠢᠵᠦ ᠠᠪᠠᠴᠢᠭᠠᠳ ᠠᠪᠤ ᠡᠵᠢ ᠡᠴᠡ ᠲᠥᠷᠥᠭᠰᠡᠨ ᠪᠡᠶ᠎ᠡ ᠶ᠋ᠢ ᠴᠢᠨᠦ ᠠᠪᠠ ᠳ᠋ᠤᠷ ᠠᠯᠠᠭᠰᠠᠨ ᠲᠠᠤᠯᠠᠢ ᠬᠢᠷᠭᠤᠯ ᠠᠳᠠᠯᠢ ᠪᠠᠷ ᠠᠷᠠᠰᠤ ᠮᠢᠬ᠎ᠠ ᠶ᠋ᠢ ᠴᠢᠨᠦ ᠴᠢᠷᠠᠮ᠎ᠠ ᠨᠢᠴᠦᠭᠦᠯᠡᠭᠦᠯᠵᠦ᠂ ᠠᠯᠢᠪᠠ ᠪᠦᠭᠦᠳᠡᠭᠡᠷ ᠲᠣᠷ ᠡᠯᠡᠭ ᠪᠣᠯᠭᠠᠭᠰᠠᠨ ᠠᠵᠢ ! ᠠᠳᠠᠪᠠᠰᠢ ᠰᠠᠨᠠᠵᠤ ᠬᠦᠨᠳᠦᠯᠡᠭᠰᠡᠨ ᠢᠨᠦ ᠬᠠᠮᠢᠭ᠎ᠠ ᠪᠣᠢ ? ᠦᠵᠡᠬᠦᠢ ᠳ᠋ᠦ᠍ᠷ ᠬᠡᠳᠦᠢ ᠴᠢᠨᠦ ᠬᠦᠯᠢᠶᠡᠰᠦᠨ ᠢ᠋ ᠠᠯᠳᠠᠷᠠᠭᠠᠵᠤ᠂ ᠡᠮᠦᠰᠦᠭᠰᠡᠨ ᠳᠡᠪᠡᠯ ᠢ᠋ᠶ᠋ᠡᠨ ᠲᠠᠢᠯᠤᠨ ᠡᠮᠦᠰᠬᠡᠭᠰᠡᠨ ᠪᠣᠯᠪᠠᠴᠤ ᠬᠦᠨᠳᠦ ᠬᠠᠭᠠᠨ ᠡᠵᠡᠨ ᠴᠢᠮᠠᠢ ᠬᠥᠮᠦᠨ ᠪᠤᠰᠤ ᠪᠠᠷ ᠳᠠᠷᠤᠯᠠᠭᠰᠠᠨ ᠪᠤᠰᠤ ᠤᠤ ? ᠲᠡᠭᠦᠨ ᠦ᠌ ᠲᠦᠰᠢᠮᠡᠳ ᠬᠠᠭᠠᠨ ᠴᠢᠮᠠᠢ ᠬᠦᠯᠢᠵᠦ ᠶᠠᠪᠤᠬᠤ ᠶ᠋ᠢ ᠲᠡᠳᠡ ᠦᠨᠡᠬᠡᠷ ᠣᠭᠲᠣ ᠡᠰᠡ ᠦᠵᠡᠪᠡ ᠬᠡᠮᠡᠮᠦᠢ ᠦᠦ ? ᠬᠥᠪᠴᠢᠨ ᠪᠡᠶ᠎ᠡ ᠶ᠋ᠢ ᠴᠢᠨᠦ ᠴᠢᠷᠠᠮ᠎ᠠ ᠨᠢᠴᠦᠭᠦᠯᠡᠵᠦ ᠬᠦᠯᠢᠨ ᠪᠠᠷᠢᠵᠤ ᠰᠤᠨᠳᠠᠯᠠᠵᠤ ᠠᠴᠢᠭ᠍ᠰᠠᠨ ᠢ᠋ ᠲᠡᠮᠦᠵᠢᠨ ᠦᠨᠡᠬᠡᠷ ᠡᠰᠡ ᠮᠡᠳᠡᠪᠡ ᠬᠡᠮᠡᠮᠤᠶᠤ ? ᠦᠯᠢᠭᠡᠷᠯᠡᠪᠡᠰᠦ ᠬᠥᠨᠵᠢᠯᠡ ᠶ᠋ᠢᠨ ᠳᠣᠲᠣᠷ᠎ᠠ ᠬᠥᠷᠪᠡᠭᠦᠯᠦᠭᠰᠡᠨ ᠬᠡᠦᠬᠡᠨ ᠢ᠋ ᠬᠥᠪᠴᠢᠨ ᠪᠢᠲᠡᠭᠦᠦ ᠪᠦᠲᠦᠨ ᠥᠬᠢᠨ ᠪᠣᠯᠭᠠᠵᠤ ᠪᠣᠯᠤᠮᠤᠢ ᠤᠤ ? ᠬᠠᠭᠠᠨ ᠡᠵᠡᠨ ᠮᠢᠨᠦ ᠬᠠᠯᠬᠠᠯᠠᠭᠳᠠᠭᠰᠠᠨ ᠰᠡᠳᠬᠢᠯ ᠢ᠋ᠶ᠋ᠡᠨ ᠬᠠᠢᠷᠠᠯᠠᠨ ᠬᠠᠷᠢᠭᠤᠯᠵᠤ ᠬᠠᠢᠷᠠᠯᠠ᠂ ᠬᠠᠭᠠᠭᠳᠠᠭᠰᠠᠨ ᠰᠠᠨᠠᠭᠠᠨ ᠢ᠋ᠶ᠋ᠠᠨ ᠨᠡᠭᠡᠭᠡᠵᠦ ᠬᠠᠢᠷᠠᠯᠠ᠂ ᠬᠠᠭᠤᠷᠮᠠᠭ ᠠᠭᠠᠰᠢᠲᠤ ᠲᠡᠮᠦᠵᠢᠨ ᠭᠦᠪᠡᠭᠦᠨᠡ ᠬᠠᠭᠤᠷᠲᠠᠵᠤ ᠦᠯᠦ ᠳᠠᠭᠠᠮᠤ ! 》ᠭᠡᠮᠡᠨ ᠰᠥᠭᠥᠳᠦᠨ ᠮᠥᠷᠭᠥᠬᠦᠢ ᠳ᠋ᠦ᠍ᠷ ᠾᠧ ᠸᠠᠩ ᠬᠡᠮᠡᠭᠴᠢ ᠤᠭ ᠠ᠋ᠴᠠ ᠲᠣᠭᠲᠠᠭᠤᠷᠢ ᠦᠭᠡᠢ ᠰᠠᠨᠠᠭ᠎ᠠ ᠲᠠᠢ ᠶ᠋ᠢᠨ ᠳᠡᠭᠡᠷ᠎ᠡ ᠪᠠᠰᠠ ᠡᠨᠡ ᠨᠢᠭᠡᠨ ᠵᠡᠷᠭᠡ ᠶ᠋ᠢᠨ ᠤᠷᠠᠨ ᠦᠭᠡᠰ ᠲᠣᠷ ᠢᠴᠢᠩᠭᠦᠷᠡᠨ ᠪᠥᠭᠡᠳ ᠬᠣᠷᠣᠰᠴᠤ ᠬᠣᠷᠣᠰᠬᠤ ᠪᠥᠭᠡᠳ ᠠᠭᠤᠷᠯᠠᠵᠤ᠂ ᠶᠠᠭᠤᠨ ᠢ᠋ ᠲᠡᠷᠡ ᠦᠶ᠎ᠡ ᠶ᠋ᠢᠨ ᠲᠠᠢᠽᠦ ᠶ᠋ᠢᠨ ᠡᠰᠡ ᠠᠯᠠᠭᠰᠠᠨ ᠲᠦᠮᠡᠨ ᠬᠡᠰᠢᠭ ᠢ᠋ ᠰᠠᠨᠠᠬᠤ ᠪᠣᠢ ! ᠨᠢᠭᠡᠬᠡᠨ ᠴᠠᠭ ᠤ᠋ᠨ ᠤᠷᠠᠯᠠᠨ ᠵᠣᠬᠢᠶᠠᠭᠰᠠᠨ ᠦᠭᠡᠰ ᠲᠣᠷ ᠰᠡᠳᠬᠢᠯ ᠪᠤᠯᠢᠶᠠᠭᠳᠠᠵᠤ ᠬᠢᠯᠢᠩ ᠪᠠᠳᠠᠷᠠᠭᠠᠳ ᠵᠡᠭᠦᠭᠰᠡᠨ ᠢᠯᠳᠦ ᠪᠡᠨ ᠰᠤᠭ ᠲᠡᠳᠡᠨ ᠠᠪᠤᠭᠠᠳ ᠭᠦᠷᠡᠯᠵᠡᠭᠡᠨ᠎ᠡ ᠶ᠋ᠢᠨ ᠵᠦᠭ ᠥᠭᠦᠯᠡᠷᠦᠨ: 《ᠭᠦᠨ ᠪᠣᠳᠣᠯᠭᠠᠲᠤ ᠭᠦᠷᠡᠯᠵᠡᠭᠡᠨ᠎ᠡ ᠴᠢ ᠂ ᠴᠢᠬᠡ ᠰᠠᠨᠠᠭᠠᠲᠤ ᠴᠧᠩᠰᠢᠶᠠᠩ ᠮᠢᠨᠦ ᠴᠢ᠂ ᠤᠮᠳᠠᠭᠰᠠᠨ ᠢ᠋ ᠮᠢᠨᠦ ᠰᠡᠷᠢᠭᠡᠵᠦ᠂ ᠤᠮᠠᠷᠲᠠᠭᠰᠠᠨ ᠢ᠋ ᠮᠢᠨᠦ ᠰᠠᠨᠠᠭᠠᠯᠵᠠᠭᠤᠯᠪᠠ᠃ ᠤᠴᠢᠷᠲᠤ ᠡᠨᠡ ᠦᠭᠡ ᠶ᠋ᠢ ᠡᠨᠳᠡ ᠬᠦᠷᠲᠡᠯ᠎ᠡ ᠡᠰᠡ ᠬᠡᠯᠡᠭᠰᠡᠨ ᠪᠥᠭᠡᠰᠦ᠂ ᠤᠬᠠᠮᠠᠢ ᠦᠭᠡᠢ ᠮᠡᠬᠦᠰ ᠪᠢ᠂ ᠡᠴᠦᠰᠲᠡᠯ᠎ᠡ ᠲᠡᠳᠡᠨ ᠳ᠋ᠦ᠍ᠷ ᠮᠡᠬᠡᠯᠡᠭᠳᠡᠬᠦ ᠪᠥᠯᠥᠭᠡ ᠪᠢ᠂ ᠤᠬᠠᠵᠤ ᠣᠯᠤᠭᠰᠠᠨ ᠡᠨᠡ ᠲᠠᠰᠢᠷᠠᠮ ᠳ᠋ᠤᠷ ᠤᠷᠠᠨ ᠮᠡᠬᠡᠲᠦ ᠲᠡᠮᠦᠵᠢᠨ ᠢ᠋ ᠳᠠᠢᠯᠠᠵᠤ ᠡᠰᠡ ᠠᠷᠢᠯᠭᠠᠪᠠᠰᠤ᠂ ᠤᠷᠢᠳᠠᠰᠠ ᠪᠠᠢᠬᠤ ᠡᠨᠡ ᠠᠶᠠᠭ᠎ᠠ ᠮᠡᠲᠦ ᠪᠣᠯᠲᠤᠭᠠᠢ ᠬᠡᠮᠡᠭᠡᠳ ᠡᠮᠦᠨ᠎ᠡ ᠪᠡᠨ ᠲᠠᠯᠪᠢᠬᠤ ᠴᠠᠢ ᠤᠤᠭᠤᠭᠰᠠᠨ ᠶᠢᠰᠦᠨ ᠡᠷᠳᠡᠨᠢᠲᠦ ᠠᠯᠲᠠᠨ ᠳᠣᠲᠣᠷᠲᠤ ᠵᠠᠪᠢᠶ᠎ᠠ ᠨᠡᠷᠡᠲᠦ ᠯᠠᠭᠤᠷ ᠠᠶᠠᠬᠠ ᠪᠠᠨ ᠰᠠᠯᠪᠠᠷᠠᠵᠤ ᠳᠡᠯᠪᠡᠷᠡᠲᠡᠯ᠎ᠡ ᠪᠠᠯᠪᠠ ᠬᠡᠮᠬᠡ ᠴᠠᠪᠴᠢᠨ ᠲᠠᠩᠭᠠᠷᠢᠭ᠍ᠯᠠᠭᠠᠳ ᠡᠳᠦᠭᠡ ᠳᠠᠷᠤᠢ ᠴᠡᠷᠢᠭ ᠦ᠋ᠨ ᠰᠢᠪᠠᠭ᠎ᠠ ᠪᠠᠭᠤᠯᠭ᠎ᠠ ᠬᠡᠮᠡᠪᠡ ᠃
ᠲᠡᠳᠦᠢ ᠭᠦᠷᠡᠯᠵᠡᠭᠡᠨ᠎ᠡ ᠭᠠᠷᠴᠤ ᠢᠷᠡᠭᠡᠳ ᠡᠳᠡᠭᠡᠷ ᠤᠴᠢᠷ ᠢ᠋ ᠪᠦᠷᠢᠨ᠎ᠡ ᠬᠡᠯᠡᠵᠦ᠂ ᠵᠠᠮᠤᠬ᠎ᠠ ᠶ᠋ᠢ ᠮᠠᠭᠲᠠᠵᠤ ᠥᠭᠦᠯᠡᠷᠦᠨ :《ᠵᠠᠮᠤᠬ᠎ᠠ ᠴᠧᠩᠰᠢᠶᠠᠩ ᠤ᠋ᠨ ᠰᠤᠷᠭᠠᠭᠰᠠᠨ ᠦᠭᠡ ᠦᠨᠡᠬᠡᠷ ᠬᠠᠭᠠᠨ ᠡᠵᠡᠨ ᠦ᠌ ᠵᠢᠷᠦᠬᠡ ᠶ᠋ᠢ ᠣᠨᠣᠪᠠ᠃ ᠪᠢ ᠲᠡᠳᠡᠭᠡᠷ ᠬᠠᠲᠠᠭᠤ ᠦᠭᠡ ᠶ᠋ᠢ ᠬᠡᠯᠡᠬᠦᠢ ᠳ᠋ᠦ᠍ᠷ ᠨᠡᠯᠢᠶᠡᠳ ᠢ᠋ᠶ᠋ᠡᠷ ᠬᠠᠯᠳᠠᠭᠰᠠᠨ ᠪᠥᠯᠥᠭᠡ ᠃ ᠭᠠᠭᠴᠠ ᠴᠢᠨᠦ ᠳᠠᠬᠢᠨ ᠳᠠᠪᠲᠠᠨ ᠬᠡᠯᠡᠭᠰᠡᠨ ᠢ᠋ᠶ᠋ᠡᠷ ᠠᠷᠭ᠎ᠠ ᠦᠭᠡᠢ ᠬᠡᠯᠡᠪᠡ ᠃ ᠲᠡᠭᠦᠨ ᠢ᠋ ᠡᠰᠡ ᠬᠡᠯᠡᠭᠰᠡᠨ ᠪᠥᠭᠡᠰᠦ ᠡᠨᠡ ᠬᠡᠷᠡᠭ ᠦᠨᠡᠬᠡᠷ ᠡᠢᠮᠦ ᠣᠭᠴᠣ ᠲᠠᠰᠤ ᠪᠠᠷ ᠦᠯᠦ ᠪᠦᠲᠦᠮᠦᠢ ! 》ᠬᠡᠮᠡᠬᠦᠢ ᠳ᠋ᠦ᠍ᠷ ᠵᠠᠮᠤᠬ᠎ᠠ ᠢᠨᠢᠶᠡᠨ ᠥᠭᠦᠯᠡᠷᠦᠨ : 《ᠲᠡᠭᠦᠨ ᠢ᠋ ᠡᠰᠡ ᠠᠭᠤᠷᠯᠠᠭᠤᠯᠪᠠᠰᠤ ᠬᠡᠷᠬᠢᠪᠡᠴᠦ ᠥᠪᠡᠷ ᠦ᠋ᠨ ᠪᠡᠶ᠎ᠡ ᠪᠡᠷ ᠭᠠᠷᠬᠤ ᠦᠭᠡᠢ᠂ ᠲᠡᠭᠦᠨ ᠦ᠌ ᠪᠡᠶ᠎ᠡ ᠡᠰᠡ ᠭ᠍ᠡᠷᠪᠠᠰᠤ ᠣᠯᠠᠨ ᠠᠢᠮᠠᠭ ᠤ᠋ᠳ ᠬᠦᠴᠦᠯᠡᠬᠦ ᠦᠭᠡᠢ ᠪᠣᠯᠤᠮᠤᠢ᠃ ᠲᠡᠢᠨ ᠬᠦ᠌ ᠪᠢ ᠰᠠᠶᠢ ᠡᠨᠡ ᠮᠡᠲᠦ ᠠᠷᠭ᠎ᠠ ᠶ᠋ᠢ ᠬᠡᠷᠡᠭᠯᠡᠭᠰᠡᠨ ᠪᠣᠯᠠᠢ !》ᠬᠡᠮᠡᠪᠡ ᠃ ᠵᠢᠴᠢ ᠥᠷᠯᠥᠭᠡ ᠵᠠᠭᠤᠨ ᠲᠦᠰᠢᠮᠡᠳ ᠪᠦᠭᠦᠳᠡᠭᠡᠷ ᠲᠥᠷᠥ ᠳ᠋ᠦ᠍ᠷ ᠭᠠᠷᠴᠤ 《ᠬᠠᠭᠠᠨ ᠡᠵᠡᠨ ᠦ᠌ ᠬᠠᠯᠬᠠᠯᠠᠭᠳᠠᠯ ᠠᠷᠢᠯᠵᠤ ᠂ ᠪᠣᠭᠳᠠ ᠡᠵᠡᠨ ᠦ᠌ ᠪᠣᠯᠢᠭ᠍ᠳᠠᠯ ᠨᠡᠭᠡᠭᠡᠭᠳᠡᠪᠡ ! 》 ᠭᠡᠮᠡᠨ ᠪᠠᠶᠠᠷ ᠤ᠋ᠨ ᠶᠣᠰᠣᠭᠠᠷ ᠮᠥᠷᠭᠥᠲᠡᠯ᠎ᠡ ᠲᠥᠷᠥ ᠶ᠋ᠢᠨ ᠲᠦᠰᠢᠯᠭᠡ ᠳᠥᠷᠪᠡᠨ ᠲᠦᠰᠢᠮᠡᠯ ᠭᠠᠷᠤᠭᠰᠠᠨ ᠦᠭᠡᠢ ᠳ᠋ᠦ᠍ᠷ ᠢᠯᠠᠭᠤ ᠶᠡᠬᠡᠯ᠎ᠡ ᠵᠠᠨᠤᠨ ᠬᠣᠷᠣᠰᠤᠭᠰᠠᠨᠠ ᠺᠠᠯᠪᠠ ᠰᠣᠨᠣᠰᠴᠤ ᠭᠠᠭᠴᠠᠭᠠᠷ ᠭᠠᠷᠴᠤ ᠮᠥᠷᠭᠥᠪᠡ ᠂ ᠡᠳᠡᠭᠡᠷ ᠠᠷᠭ᠎ᠠ ᠵᠠᠯᠢ ᠦᠭᠡ ᠰᠠᠨᠠᠭᠠᠨ ᠭᠠᠭᠴᠠ ᠵᠠᠮᠤᠬ᠎ᠠ ᠨᠢᠭᠡᠬᠡᠨ ᠬᠥᠮᠦᠨ ᠦ᠌ ᠡᠭᠦᠰᠦᠭᠰᠡᠨ ᠢᠨᠦ ᠪᠤᠶᠤ᠃
ᠲᠡᠳᠦᠢ ᠬᠠᠷᠠᠬᠠᠨ ᠶᠠᠭᠠᠷᠠᠨ ᠮᠡᠩᠳᠡᠭᠦᠷᠡᠨ ᠴᠡᠷᠢᠭ ᠬᠤᠶᠠᠭ ᠴᠢᠭᠤᠯᠤᠯᠴᠠᠨ ᠦᠢᠮᠡᠯᠳᠦᠬᠦᠶ᠎ᠡ ᠂ ᠡᠮᠦᠨ᠎ᠡ ᠨᠠᠢ᠍ᠮᠠᠨ ᠤᠯᠤᠰ ᠠ᠋ᠴᠠ ᠢᠳᠡᠷ ᠳᠣᠪᠣ ᠪᠠᠰᠠ ᠢᠷᠡᠵᠦ ᠤᠷᠤᠭ ᠢ᠋ᠶ᠋ᠠᠨ ᠱᠠᠭᠠᠷᠳᠠᠬᠤᠢ ᠳ᠋ᠤᠷ ᠠᠨᠳᠠ ᠪᠣᠯᠭᠣᠲᠠᠢ ᠨᠠᠷ ᠡᠳᠡᠭᠡᠷ ᠤᠴᠢᠷ ᠢ᠋ ᠬᠡᠯᠡᠵᠦ ᠥᠭᠦᠯᠡᠷᠦᠨ :《ᠡᠳᠦᠭᠡ ᠴᠢᠪᠬᠢᠲᠡᠯ᠎ᠡ ᠡᠨᠡ ᠪᠣᠷᠭᠢᠯᠳᠤᠭᠠᠨ ᠳ᠋ᠤᠷ ᠲᠣᠬᠢᠶᠠᠯᠳᠤᠵᠤᠬᠤᠢ᠃ ᠣᠳᠣ ᠶᠠᠭᠤᠨ ᠳ᠋ᠤᠷ ᠪᠸᠲ᠋ᠠ᠋ ᠤᠯᠤᠰ ᠤ᠋ᠨ ᠬᠡᠷᠡᠭ ᠢᠯᠭᠠᠷᠠᠬᠤ ᠶ᠋ᠢ ᠦᠯᠦ ᠬᠦᠯᠢᠶᠡᠮᠦᠢ ? 》 ᠭᠡᠮᠡᠨ ᠪᠡᠯᠡᠭ ᠦᠯᠡᠳᠡᠭᠡᠨ ᠠᠪᠴᠤ ᠡᠭᠡᠭᠦᠯᠪᠡ ᠃
ᠲᠡᠭᠦᠨᠴᠡ ᠬᠡᠷᠡᠢᠳ ᠦ᠋ᠨ ᠵᠠᠭᠤᠨ ᠲᠦᠰᠢᠮᠡᠳ ᠮᠥᠷᠭᠥᠵᠦ ᠭᠠᠷᠤᠭᠰᠠᠨ ᠤ᠋ ᠬᠣᠢᠨ᠎ᠠ ᠂ ᠾᠧ ᠸᠠᠩ ᠳᠣᠲᠣᠭᠠᠳᠤ ᠣᠷᠳᠣᠨ᠎ᠠ ᠣᠷᠣᠭᠰᠠᠨ ᠳ᠋ᠤᠷ ᠥᠬᠢᠨ ᠰᠡᠷᠭᠦᠯᠡᠩ ᠭᠦᠩᠵᠦ ᠰᠣᠯᠤᠩᠭᠤᠸ᠎ᠠ ᠂ ᠠᠨᠳᠠ ᠂ ᠬᠣᠷᠣᠭ᠎ᠠ ᠂ ᠪᠣᠯᠭᠣᠲᠠᠢ ᠨᠠᠷ ᠢ᠋ ᠠᠪᠴᠤ ᠮᠥᠷᠭᠥᠨ ᠢᠳᠬᠠᠵᠤ ᠥᠭᠦᠯᠡᠷᠦᠨ : 《ᠪᠸᠲ᠋ᠠ᠋ ᠤᠯᠤᠰ ᠮᠠᠨ ᠤ᠋ ᠤᠯᠤᠰ ᠲᠤᠷ ᠳᠠᠷᠠᠭ᠎ᠠ ᠳᠠᠷᠠᠭ᠎ᠠ ᠲᠤᠰᠠ ᠪᠣᠯᠤᠭᠰᠠᠨ ᠭᠠᠵᠠᠷ ᠪᠣᠢ᠂ ᠬᠠᠷᠢᠨ ᠪᠢᠴᠢᠬᠠᠨ ᠴᠤ᠌ ᠦᠰ ᠪᠣᠯᠤᠭᠰᠠᠨ ᠭᠠᠵᠠᠷ ᠦᠭᠡᠢ ᠪᠥᠭᠡᠲᠡᠯ᠎ᠡ ᠶᠠᠭᠠᠬᠢᠨ ᠬᠥᠮᠦᠨ ᠢ᠋ ᠬᠠᠯᠳᠠᠮᠤᠢ ? ᠪᠸᠲ᠋ᠠ᠋ ᠤᠯᠤᠰ ᠤ᠋ᠨ ᠡᠵᠡᠨ ᠮᠡᠷᠭᠡᠨ ᠂ ᠰᠠᠢᠳ ᠰᠢᠳᠤᠷᠭᠤ ᠂ ᠵᠠᠩᠵᠤᠨ ᠪᠠᠭᠠᠲᠤᠷ ᠂ ᠴᠡᠷᠢᠭ ᠴᠢᠭᠢᠷᠠᠭ ᠲᠤᠯᠠ ᠬᠢᠯᠪᠠᠷ ᠢ᠋ᠶ᠋ᠠᠷ ᠳᠡᠢᠯᠦᠭᠳᠡᠬᠦ ᠦᠭᠡᠢ᠂ ᠬᠡᠳᠦᠢ ᠲᠠᠢᠯᠪᠠᠴᠤ ᠪᠠᠷ ᠣᠭᠲᠣ ᠤᠴᠢᠷ ᠦᠭᠡᠢ ᠪᠡᠷ ᠡᠷᠢᠨ ᠬᠠᠯᠳᠠᠭᠰᠠᠨ ᠶᠠᠯ᠎ᠠ ᠪᠤᠷᠤᠭᠤ ᠮᠠᠨ ᠳ᠋ᠤᠷ ᠪᠣᠯᠤᠮᠤᠢ᠃ ᠡᠴᠢᠭᠡ ᠬᠠᠭᠠᠨ ᠬᠢᠨᠠᠪᠠᠰᠤ ᠵᠣᠬᠢᠮᠤᠢ !》ᠭᠡᠮᠡᠨ ᠭᠠᠰᠢᠭᠤᠨ᠎ᠠ ᠢᠳᠬᠠᠭᠰᠠᠨ ᠳ᠋ᠤᠷ ᠸᠠᠩ ᠬᠠᠭᠠᠨ ᠪᠠᠰᠠ ᠪᠠᠬᠠᠨ ᠬᠡᠯᠪᠡᠯᠵᠡᠬᠦ ᠪᠠᠢᠳᠠᠯ ᠣᠷᠣᠭᠰᠠᠨ ᠳ᠋ᠤ᠌ ᠰᠢᠨ᠎ᠡ ᠸᠠᠩ ᠶᠡᠬᠡᠯ᠎ᠡ ᠭᠡᠯᠮᠡᠵᠦ ᠶᠠᠭᠠᠷᠠᠨ ᠲᠣᠰᠴᠤ ᠥᠭᠦᠯᠡᠷᠦᠨ :《ᠬᠡᠦᠬᠡᠨ ᠳᠡᠭᠦᠦ ᠴᠢ ᠶᠠᠭᠤᠨ ᠳ᠋ᠤᠷ ᠪᠸᠲ᠋ᠠ᠋ ᠤᠯᠤᠰ ᠢ᠋ ᠡᠨᠡ ᠮᠡᠲᠦ ᠥᠮᠥᠭᠯᠡᠮᠦᠢ ? ᠪᠸᠲ᠋ᠠ᠋ ᠤᠯᠤᠰ ᠤ᠋ᠨ ᠡᠵᠡᠨ ᠬᠠᠭᠠᠨ ᠡᠴᠢᠭᠡ ᠶ᠋ᠢ ᠮᠢᠨᠦ ᠪᠠᠴᠢᠯᠠᠵᠤ ᠠᠪᠠᠴᠢᠭ᠍ᠰᠠᠨ ᠢ᠋ ᠬᠡᠦᠬᠡᠨ ᠳᠡᠭᠦᠦ ᠶᠠᠭᠤᠨ ᠦᠯᠦ ᠬᠡᠯᠡᠮᠦᠢ ? ᠲᠡᠷᠡ ᠢᠨᠦ ᠮᠠᠨ ᠢ᠋ ᠲᠤᠢᠯ ᠳ᠋ᠤᠷ ᠬᠦᠷᠲᠡᠯ᠎ᠡ ᠳᠠᠷᠤᠯᠠᠭᠰᠠᠨ ᠠᠨᠤ ᠪᠤᠰᠤ ᠤᠤ ? 》 ᠰᠣᠯᠤᠩᠭᠤᠸ᠎ᠠ ᠥᠴᠢᠷᠦᠨ :《ᠲᠡᠷᠡ ᠢᠨᠦ ᠪᠸᠲ᠋ᠠ᠋ ᠤᠯᠤᠰ ᠤ᠋ᠨ ᠡᠵᠡᠨ ᠦᠬᠦᠬᠦᠢ ᠳ᠋ᠦ᠍ᠷ ᠬᠦᠷᠦᠭᠰᠡᠨ ᠲᠤᠯᠠ ᠡᠴᠢᠭᠡ ᠬᠠᠭᠠᠨ ᠢ᠋ᠶ᠋ᠠᠷ ᠠᠮᠢ ᠪᠠᠨ ᠬᠠᠯᠬᠠᠯᠠᠬᠤ ᠪᠠᠷ ᠠᠪᠠᠴᠢᠭ᠍ᠰᠠᠨ ᠪᠥᠯᠥᠭᠡ ᠃ ᠡᠷᠢᠵᠦ ᠬᠠᠯᠳᠠᠭᠰᠠᠨ ᠬᠡᠷᠡᠭ ᠪᠤᠰᠤ ᠪᠣᠯᠠᠢ !》ᠬᠡᠮᠡᠭᠰᠡᠨ ᠳ᠋ᠦ᠍ᠷ ᠢᠯᠠᠭᠤ ᠠᠮᠠ ᠪᠥᠭᠯᠡᠭᠳᠡᠭᠡᠳ ᠢᠴᠢᠩᠭᠦᠷᠡᠬᠦ ᠳ᠋ᠡᠭᠡᠨ ᠭᠡᠳᠡᠷᠭᠦ ᠲᠠᠢᠯᠵᠤ ᠥᠭᠦᠯᠡᠷᠦᠨ :《ᠠᠢ! ᠬᠡᠦᠬᠡᠨ ᠳᠡᠭᠦᠦ ᠴᠢ ᠣᠨᠴᠠ ᠪᠸᠲ᠋ᠠ᠋ ᠤᠯᠤᠰ ᠤ᠋ᠨ ᠲᠡᠮᠦᠵᠢᠨ ᠢ᠋ ᠲᠡᠷᠡ ᠮᠡᠲᠦ ᠥᠮᠥᠭᠯᠡᠬᠦ ᠢᠨᠦ ᠦᠨᠡᠬᠡᠷ ᠲᠡᠮᠦᠵᠢᠨ ᠦ᠌ ᠳᠡᠭᠦᠦ ᠪᠡᠯᠭᠦᠳᠡᠢ ᠳ᠋ᠦ᠍ᠷ ᠭᠠᠷᠰᠤᠭᠠᠢ ᠬᠡᠮᠡᠮᠦᠢ ᠦᠦ ? ᠪᠡᠯᠭᠦᠳᠡᠢ ᠪᠡᠬᠡ ᠮᠡᠲᠦ ᠬᠠᠷ᠎ᠠ ᠴᠢᠷᠠᠢ ᠲᠠᠢ ᠂ ᠪᠡᠷᠬᠡ ᠮᠠᠭᠤᠬᠠᠢ ᠰᠦᠷᠡᠬᠡᠢ ᠵᠢᠰᠦᠲᠡᠢ ᠂ ᠪᠡᠯᠴᠢᠷᠲᠤ ᠮᠣᠳᠣᠨ ᠮᠡᠲᠦ ᠬᠠᠴᠠᠷ ᠲᠠᠢ ᠂ ᠪᠡᠯᠡᠭ ᠦᠭᠡᠢ ᠪᠠᠢᠳᠠᠯ ᠳᠦᠷᠢ ᠲᠡᠢ ᠪᠣᠯᠠᠢ ᠃ ᠪᠢᠳᠦᠷᠶ᠎ᠡ ᠮᠡᠲᠦ ᠰᠠᠢᠬᠠᠨ ᠲᠥᠷᠥᠭᠰᠡᠨ ᠪᠦᠸᠧ ᠵᠣ ᠬᠡᠦᠬᠡᠨ ᠳᠡᠭᠦᠦ ᠮᠢᠨᠦ ᠂ ᠴᠢ ᠲᠡᠭᠦᠨ ᠳ᠋ᠦ᠍ᠷ ᠬᠡᠷᠬᠢᠨ ᠬᠣᠯᠪᠣᠵᠤ ᠪᠣᠯᠬᠤ ? 》ᠬᠡᠮᠡᠭᠰᠡᠨ ᠳ᠋ᠦ᠍ᠷ ᠰᠣᠯᠤᠩᠭᠤᠸ᠎ᠠ ᠡᠨᠡ ᠨᠢᠭᠡᠨ ᠵᠡᠷᠭᠡ ᠶ᠋ᠢᠨ ᠪᠤᠳᠤᠩᠭᠤᠢ ᠮᠤᠩᠬᠠᠭ ᠤᠴᠢᠷ ᠦᠭᠡᠢ ᠦᠭᠡᠨ ᠳ᠋ᠦ᠍ᠷ ᠪᠣᠭᠣᠭᠳᠠᠨ ᠬᠠᠭᠠᠭᠳᠠᠵᠤ ᠂ ᠢᠴᠢᠩᠭᠦᠷᠡᠨ ᠲᠡᠨᠴᠢᠭᠦᠷᠡᠵᠦ ᠲᠡᠰᠬᠡᠯ ᠦᠭᠡᠢ ᠴᠢᠷᠠᠢ ᠤᠯᠠᠢᠵᠤ ᠂ ᠬᠣᠷᠣᠰᠴᠤ ᠤᠬᠢᠯᠠᠭᠰᠠᠭᠠᠷ ᠬᠣᠢᠲᠤ ᠴᠠᠴᠠᠷ ᠲᠤᠷ ᠡᠭᠡᠵᠦ ᠡᠴᠢᠪᠡ᠃ ᠠᠨᠳᠤ ᠨᠠᠷ ᠤ᠋ᠨ ᠭᠤᠷᠪᠠᠨ ᠲᠦᠰᠢᠮᠡᠯ ᠡᠨᠡ ᠪᠠᠢᠳᠠᠯ ᠢ᠋ ᠦᠵᠡᠭᠡᠳ ᠠᠶᠤᠮᠰᠢᠭ᠋ ᠦᠭᠡᠢ ᠦᠭᠡ ᠳᠠᠭᠤᠨ ᠡᠰᠡ ᠭᠠᠷᠪᠠᠢ ᠃
ᠲᠡᠳᠦᠢ ᠸᠠᠩ ᠬᠠᠭᠠᠨ ᠬᠡᠦᠬᠡᠨ ᠦ᠌ ᠦᠭᠡᠨ ᠳ᠋ᠦ᠍ᠷ ᠬᠡᠳᠦᠢ ᠪᠠᠬᠠᠨ ᠰᠡᠩᠬᠡᠷᠡᠨ ᠰᠡᠬᠡᠭᠡᠷᠡᠪᠡᠴᠦ ᠨᠢᠭᠡᠨᠲᠡ ᠠᠮᠠ ᠠᠯᠳᠠᠵᠤ ᠲᠠᠩᠭᠠᠷᠢᠭ᠍ᠯᠠᠨ ᠠᠶᠠᠭ᠎ᠠ ᠶᠤᠭᠠᠨ ᠬᠠᠭ᠎ᠠ ᠴᠠᠪᠴᠢᠭ᠍ᠰᠠᠨ ᠲᠤᠯᠠ ᠠᠷᠭ᠎ᠠ ᠦᠭᠡᠢ ᠠᠯᠠᠯᠳᠤᠬᠤ ᠴᠡᠷᠢᠭ ᠲᠡᠭᠰᠢᠯᠡᠵᠦ ᠂ ᠶᠢᠰᠦ ᠶᠢᠰᠦᠨ ᠰᠢᠷ᠎ᠠ ᠪᠥᠭᠲᠡᠭᠡᠳᠦ ᠬᠣᠲᠠ ᠬᠦᠷᠢᠶᠡᠲᠦ ᠪᠠᠭᠤᠳᠠᠯ ᠭᠡᠷ ᠪᠠ ᠠᠯᠲᠠᠨ ᠣᠷᠣᠢᠲᠤ ᠮᠠᠩᠨᠤᠭ ᠥᠷᠭᠥᠭᠡ ᠬᠢᠭᠡᠳ ᠨᠠᠷᠠᠨ ᠤ᠋ ᠬᠠᠯᠬᠠᠪᠴᠢ ᠯᠤᠤᠲᠤ ᠰᠢᠭᠦᠷ ᠂ ᠨᠠᠷᠠᠨ ᠰᠠᠷᠠᠨ ᠤ᠋ ᠲᠤᠭ ᠬᠢᠭᠢᠷᠢ ᠂ ᠭᠠᠷᠤᠳᠢ ᠭᠠᠯᠪᠢᠩᠭ᠎ᠠ ᠶ᠋ᠢᠨ ᠳᠠᠯᠪᠠᠭ᠎ᠠ ᠵᠤᠷᠪᠠᠳᠠᠰᠤ ᠶ᠋ᠢᠨ ᠲᠡᠭᠷᠢ ᠶ᠋ᠢᠨ ᠬᠥᠪᠡᠭᠦᠨ ᠦ᠌ ᠶᠡᠬᠡ ᠵᠢᠭ᠍ᠰᠠᠭᠠᠯ ᠢ᠋ᠶ᠋ᠠᠷ ᠳᠤᠮᠳᠠᠳᠤ ᠴᠡᠷᠢᠭ ᠢ᠋ᠶ᠋ᠡᠨ ᠳᠠᠷᠤᠵᠤ ᠶᠡᠬᠡ ᠪᠠᠭᠤᠳᠠᠯ ᠪᠠᠭᠤᠪᠠ᠃ ᠶᠤᠸᠠᠨᠱᠤᠸᠠᠢ ᠵᠠᠮᠤᠬ᠎ᠠ ᠶ᠋ᠢᠨ ᠠᠩᠭᠢ ᠪᠠᠭ ᠢ᠋ ᠢᠯᠭᠠᠭᠰᠠᠨ ᠠᠨᠤ : ᠺᠠᠯᠪᠠ ᠶ᠋ᠢ ᠪᠤᠰᠣᠴᠠᠷ ᠰᠡᠳᠬᠢᠯ ᠪᠠᠷᠢᠪᠠ ᠭᠡᠮᠡᠨ ᠲᠡᠷᠢᠭᠦᠨ ᠦ᠌ ᠲᠡᠷᠢᠭᠦᠨ ᠳ᠋ᠦ᠍ᠷ ᠲᠠᠪᠤᠨ ᠮᠢᠩᠭᠠᠨ ᠴᠡᠷᠢᠭ ᠠᠪᠴᠤ ᠠᠩᠬ᠎ᠠ ᠬᠣᠰᠢᠭᠤᠴᠢ ᠪᠣᠯᠭᠠᠵᠤ ᠂ ᠠᠭᠤᠯᠠ ᠤᠴᠠᠷᠠᠪᠠᠰᠤ ᠵᠠᠮ ᠨᠡᠬᠡᠭᠡ ᠂ ᠤᠰᠤ ᠤᠴᠠᠷᠠᠪᠠᠰᠤ ᠬᠥᠭᠥᠷᠭᠡ ᠳᠡᠯᠪᠢ ᠂ ᠠᠢᠯ ᠤᠴᠠᠷᠠᠪᠠᠰᠤ ᠪᠠᠭᠤᠳᠠᠯ ᠪᠡᠯᠡᠳᠭᠡ ᠂ ᠴᠡᠷᠢᠭ ᠤᠴᠠᠷᠠᠪᠠᠰᠤ ᠲᠡᠷᠢᠭᠦᠯᠡᠭᠰᠡᠨ ᠢ᠋ ᠪᠡᠷᠢ ᠂ ᠭᠠᠭᠴᠠ ᠤᠷᠤᠭ᠍ᠰᠢ ᠣᠷᠣᠪᠠᠰᠤ ᠪᠣᠯᠬᠤ ᠪᠣᠢ ᠶᠠ ᠂ ᠬᠣᠢᠰᠢ ᠤᠬᠤᠷᠢᠪᠠᠰᠤ ᠴᠠᠪᠴᠢᠨ ᠠᠯᠠᠮᠤᠢ ᠭᠡᠮᠡᠨ ᠮᠠᠩᠯᠠᠢᠯᠠᠨ ᠪᠠᠢᠯᠳᠤᠬᠤ ᠵᠠᠩᠵᠤᠨ ᠪᠣᠯᠭᠠᠵᠤ ᠂ ᠮᠣᠷᠢᠨ ᠳᠡᠭᠡᠭᠦᠷ ᠲᠤᠪᠳᠤᠯᠭᠠᠪᠠᠷ ᠮᠣᠷᠳᠠᠭᠤᠯᠤᠭᠠᠳ ᠲᠠᠪᠤᠨ ᠪᠠᠷᠰ ᠤ᠋ᠨ ᠵᠠᠩᠵᠤᠨ ᠬᠣᠣᠷᠭᠣᠰ ᠂ ᠱᠤᠮᠪᠣᠯ ᠂ ᠢᠯᠴᠠᠭ ᠂ ᠪᠠᠲ᠋ᠠ ᠂ ᠪᠥᠭᠡᠰᠢᠷ ᠲᠠᠪᠤᠭᠤᠯᠠ ᠳ᠋ᠤᠷ ᠮᠥᠨ ᠲᠠᠪᠤᠭᠠᠳ ᠲᠠᠪᠤᠭᠠᠳ ᠮᠢᠩᠭᠠᠨ ᠴᠡᠷᠢᠭ ᠵᠠᠬᠢᠷᠤᠭᠤᠯᠵᠤ ᠂ ᠳᠠᠢᠰᠤᠨ᠎ᠠ ᠤᠴᠠᠷᠠᠭᠰᠠᠨ ᠴᠠᠭ ᠲᠤ᠌ ᠂ ᠬᠤᠪᠢᠰᠬᠠᠯ ᠢ᠋ ᠳᠠᠭᠠᠵᠤ ᠬᠡᠷᠡᠭᠯᠡᠬᠦ ᠶ᠋ᠢ ᠬᠦᠯᠢᠶᠡ ᠭᠡᠮᠡᠨ ᠮᠥᠨ ᠬᠦ᠌ ᠳᠣᠪᠳᠤᠯᠭᠠᠪᠠᠷ ᠮᠣᠷᠳᠠᠭᠤᠯᠵᠤ ᠂ ᠵᠠᠮᠤᠬ᠎ᠠ ᠶ᠋ᠢᠨ ᠪᠡᠶ᠎ᠡ ᠣᠯᠢᠨᠲᠠᠢ ᠂ ᠭᠣᠯᠢᠨᠲᠠᠢ ᠬᠣᠶᠠᠭᠤᠯᠠ ᠂ ᠲᠠᠢᠰᠢ ᠲᠠᠢᠪᠤᠤ ᠶ᠋ᠢ ᠠᠪᠴᠤ ᠨᠢᠭᠡᠨ ᠲᠦᠮᠡᠨ ᠴᠡᠷᠢᠭ ᠢ᠋ ᠵᠠᠬᠢᠷᠤᠨ ᠵᠡᠭᠦᠨ ᠡᠲᠡᠭᠡᠳ ᠦ᠋ᠨ ᠮᠥᠷᠥ ᠶ᠋ᠢᠨ ᠵᠠᠩᠵᠤᠨ ᠪᠣᠯᠵᠤ᠂ ᠲᠠᠢᠽᠦ ᠢᠯᠠᠭᠤ ᠢ ᠰᠢᠨ᠎ᠡ ᠸᠠᠩ ᠂ ᠱᠤᠤᠱ᠌ᠢ ᠤᠷᠠᠨ ᠵᠠᠳᠠᠤᠯᠠᠢ᠂ ᠱᠤᠣᠪᠣᠣ ᠦᠬᠡᠷ ᠪᠦᠲᠦᠨ᠎ᠡ ᠬᠣᠶᠠᠭᠤᠯᠠ ᠶ᠋ᠢ ᠠᠪᠴᠤ ᠨᠢᠭᠡᠨ ᠲᠦᠮᠡᠨ ᠴᠡᠷᠢᠭ ᠢ᠋ ᠵᠠᠬᠢᠷᠤᠨ ᠪᠠᠷᠠᠭᠤᠨ ᠡᠲᠡᠭᠡᠳ ᠦ᠋ᠨ ᠮᠥᠷᠥ ᠶ᠋ᠢᠨ ᠵᠠᠩᠵᠤᠨ ᠪᠣᠯᠵᠤ ᠂ ᠸᠠᠩ ᠬᠠᠭᠠᠨ ᠪᠡᠶ᠎ᠡ ᠪᠡᠷ ᠽᠠᠢᠰᠢᠶᠠᠩ ᠭᠦᠷᠡᠯᠵᠡᠭᠡᠨ᠎ᠡ ᠂ ᠰᠢᠶᠠᠨ ᠹᠸᠩ ᠪᠠᠯᠳᠠᠷ ᠨᠠᠷ ᠢ᠋ ᠠᠪᠴᠤ ᠳᠤᠮᠳᠠᠳᠤ ᠴᠡᠷᠢᠭ ᠢ᠋ ᠨᠡᠢᠭᠡᠮᠯᠡᠨ ᠵᠠᠬᠢᠷᠴᠤ ᠭᠤᠷᠪᠠᠨ ᠬᠦᠷᠢᠶᠡᠨ ᠦ᠌ ᠲᠣᠪᠴᠢ ᠴᠠᠭᠠᠵᠠᠨ ᠤ᠋ ᠲᠤᠭ ᠢ᠋ ᠡᠮᠦᠨ᠎ᠡ ᠪᠣᠯᠭᠠᠵᠤ ᠂ ᠥᠯᠵᠡᠢᠲᠦ ᠪᠤᠯᠠᠭ᠎ᠠ ᠶ᠋ᠢᠨ ᠰᠡᠭᠦᠯ ᠦ᠋ᠨ ᠬᠢᠭᠢᠷᠢ ᠶ᠋ᠢ ᠬᠣᠢᠨ᠎ᠠ ᠳᠠᠭᠠᠭᠤᠯᠤᠨ ᠂ ᠬᠡᠳᠦᠨ ᠠᠷᠪᠠᠨ ᠰᠢᠷ᠎ᠠ ᠰᠢᠭᠦᠷ ᠳᠠᠯᠪᠠᠭ᠎ᠠ ᠲᠤᠭ ᠬᠠᠯᠬᠠᠪᠴᠢ ᠨᠠᠷᠠᠨ ᠢ᠋ ᠬᠠᠯᠠᠭᠯᠠᠵᠤ ᠂ ᠬᠡᠳᠦᠨ ᠬᠣᠣᠰ ᠣᠭᠣᠰᠣᠷᠲᠤ ᠬᠦᠯᠢᠰ ᠵᠠᠮ ᠳ᠋ᠤᠷ ᠠᠩᠬᠢᠯᠵᠤ᠂ ᠮᠣᠷᠢᠨ ᠤ᠋ ᠳᠡᠭᠡᠷ᠎ᠡ ᠬᠥᠭᠵᠢᠮ ᠳᠠᠭᠤᠷᠢᠰᠴᠤ ᠨᠢᠳᠦᠨ ᠦ᠌ ᠡᠮᠦᠨ᠎ᠡ ᠴᠢᠮᠡᠭ ᠳᠡᠷᠪᠡᠯᠵᠡᠵᠦ ᠂ ᠡᠨᠡ ᠴᠠᠭ ᠤ᠋ᠨ ᠰᠦᠷ ᠳᠦᠷᠢᠮ ᠪᠠᠷᠠᠭᠤᠨ ᠵᠣᠣ ᠶ᠋ᠢᠨ ᠳᠠᠯᠠᠢ ᠪᠠᠯᠮ᠎ᠠ᠂ ᠪᠡᠴᠢᠨ ᠡᠷᠳᠡᠨᠢ ᠡᠴᠡ ᠴᠦ᠍ ᠬᠡᠲᠦᠷᠬᠡᠢ᠃ ᠦᠨᠡᠬᠡᠷ ᠨᠢᠳᠦᠨ ᠢ᠋ ᠭᠢᠯᠠᠰᠬᠠᠵᠤ ᠰᠡᠳᠬᠢᠯ ᠢ᠋ ᠬᠥᠪᠬᠡᠯᠵᠡᠭᠦᠯᠵᠦ᠂ ᠰᠠᠨᠠᠭᠠᠨ ᠢ᠋ ᠰᠡᠷᠭᠦᠭᠡᠨ ᠣᠮᠣᠭ ᠢ᠋ ᠳᠦᠷᠦᠭᠦᠯᠦᠮᠦᠢ᠃ ᠲᠤᠭ ᠬᠢᠭᠢᠷᠢ ᠨᠠᠷᠠᠨ ᠢ᠋ ᠬᠠᠯᠬᠠᠭᠯᠠᠵᠤ᠂ ᠵᠠᠷ ᠵᠡᠪᠰᠡᠭ ᠲᠠᠯ᠎ᠠ ᠶ᠋ᠢ ᠪᠦᠷᠬᠦᠵᠦ᠂ ᠬᠥᠮᠦᠨ ᠮᠣᠷᠢᠨ ᠲᠡᠰᠦᠷᠡᠰᠢ ᠦᠭᠡᠢ ᠂ ᠴᠡᠷᠢᠭ ᠬᠤᠶᠠᠭ ᠨᠢᠳᠦᠨ ᠦ᠌ ᠦᠵᠦᠭᠦᠷ ᠦᠨᠡᠬᠡᠷ ᠬᠠᠨ ᠠᠭᠤᠯᠠ ᠪᠠᠷ ᠥᠨᠳᠡᠭᠡ ᠶ᠋ᠢ ᠳᠠᠷᠤᠵᠤ ᠂ ᠬᠠᠲᠤᠨ ᠮᠥᠷᠡᠨ ᠢ᠋ᠶ᠋ᠡᠷ ᠨᠠᠪᠴᠢ ᠶ᠋ᠢ ᠤᠷᠤᠰᠬᠠᠬᠤ ᠮᠡᠲᠦ ᠪᠡᠷ ᠫᠤᠤ ᠶ᠋ᠢᠨ ᠳᠠᠭᠤᠨ ᠳ᠋ᠤᠷ ᠭᠠᠵᠠᠷ ᠳᠡᠯᠪᠡᠷᠡᠨ ᠂ ᠴᠡᠷᠢᠭ ᠦ᠋ᠨ ᠲᠣᠭᠣᠰᠣᠨ ᠲᠡᠭᠷᠢ ᠳ᠋ᠦ᠍ᠷ ᠲᠤᠯᠵᠤ ᠂ ᠠᠯᠠᠬᠤ ᠠᠭᠤᠷ ᠡᠭᠦᠯᠡ ᠶ᠋ᠢ ᠨᠡᠪᠲᠡᠯᠦᠨ ᠂ ᠬᠡᠩᠭᠡᠷᠭᠡ ᠶ᠋ᠢᠨ ᠳᠠᠭᠤᠨ ᠰᠦᠨᠡᠰᠦᠨ ᠢ᠋ ᠰᠠᠷᠨᠢᠭᠤᠯᠵᠤ ᠂ ᠪᠸᠲ᠋ᠠ᠋ ᠤᠯᠤᠰ ᠤ᠋ᠨ ᠵᠦᠭ ᠳᠠᠯᠠᠢ ᠲᠦᠯᠬᠢᠨ ᠮᠥᠷᠡᠨ ᠪᠢᠯᠬᠠᠬᠤ ᠮᠡᠲᠦ ᠳᠠᠷᠠᠭ᠎ᠠ ᠳᠠᠷᠠᠭ᠎ᠠ ᠪᠠᠷ ᠲᠣᠪᠠᠲᠣᠯᠤᠨ ᠣᠷᠣᠪᠠ ᠃
ᠡᠨᠡ ᠦᠶ᠎ᠡ ᠳ᠋ᠦ᠍ᠷ ᠬᠡᠷᠡᠢᠳ ᠦ᠋ᠨ ᠡᠯᠴᠢ ᠶᠠᠪᠤᠵᠤ ᠪᠠᠢᠭᠰᠠᠨ ᠠᠰᠤᠷᠢ ᠂ ᠵᠠᠮᠤᠬ᠎ᠠ ᠶ᠋ᠢᠨ ᠡᠷᠬᠡ ᠪᠠᠷᠢᠭ᠍ᠰᠠᠨ ᠢ᠋ ᠦᠵᠡᠭᠡᠳ ᠯᠠᠪ ᠲᠡᠭᠦᠨ ᠦ᠌ ᠬᠠᠭᠤᠴᠢᠨ ᠦᠰ ᠢ᠋ ᠨᠡᠬᠡᠵᠦ ᠂ ᠨᠠᠮᠠᠢ ᠤᠨᠠᠭᠠᠮᠤᠢ ᠬᠡᠮᠡᠭᠡᠳ ᠮᠣᠷᠢᠨ ᠳ᠋ᠤᠷ ᠢᠰᠬᠦᠯᠦᠭᠳᠡᠵᠦ ᠬᠡᠬᠦᠳᠡᠭ ᠦ᠋ᠨ ᠶᠠᠰᠤ ᠭᠡᠮ ᠪᠣᠯᠪᠠ ᠭᠡᠮᠡᠨ ᠰᠢᠯᠲᠠᠭᠯᠠᠵᠤ ᠲᠤᠰᠢᠶᠠᠯ ᠢ᠋ᠶ᠋ᠡᠨ ᠪᠠᠢᠵᠤ ᠭᠡᠷ ᠲᠡᠭᠡᠨ ᠰᠤᠯᠠ ᠰᠠᠭᠤᠵᠤ ᠪᠠᠢᠭᠰᠠᠨ ᠲᠤᠯᠠ ᠥᠨᠥᠬᠡᠨ ᠡᠮᠦᠨ᠎ᠡ ᠵᠦᠭ ᠬᠡᠳᠦᠨ ᠮᠢᠩᠭᠠᠨ ᠠᠭᠲᠠ ᠭᠡᠯᠢᠵᠦ ᠂ ᠴᠠᠭᠠᠨ ᠬᠡᠷᠡᠮ ᠦ᠋ᠨ ᠭᠠᠳᠠᠨ᠎ᠠ ᠪᠦᠬᠦᠢ ᠠᠯᠲᠠᠨ ᠤᠯᠤᠰ ᠤ᠋ᠨ ᠵᠡᠭᠦᠨ ᠬᠣᠢᠲᠤ ᠪᠦᠬᠦᠢ ᠬᠣᠢᠲᠤ ᠨᠡᠢᠰᠯᠡᠯ ᠦ᠋ᠨ ᠰᠢᠩ ᠵᠦᠩ ᠹᠦ ᠂ ᠰᠢᠩ ᠵᠦᠩ ᠰᠢᠶᠠᠨ ᠂ ᠶᠦᠩ ᠳᠧ ᠰᠢᠶᠠᠨ ᠂ ᠳ᠋ᠦᠩ ᠪᠠ ᠰᠢᠶᠠᠨ ᠤ᠋ ᠵᠡᠷᠭᠡ ᠶ᠋ᠢᠨ ᠭᠠᠵᠠᠷ ① ᠮᠣᠷᠢᠨ ᠠᠷᠠᠯᠵᠢᠨ ᠶᠠᠪᠤᠬᠤᠶ᠎ᠠ ᠂ ᠡᠭᠡᠬᠦ ᠵᠠᠮ ᠳ᠋ᠤᠷ ᠾᠧ ᠸᠠᠩ ᠤ᠋ᠨ ᠪᠸᠲ᠋ᠠ᠋ ᠤᠯᠤᠰ ᠯᠤᠭ᠎ᠠ ᠲᠡᠢᠨ ᠳᠡᠭᠳᠡᠭᠡᠬᠦ ᠶ᠋ᠢ ᠰᠣᠨᠣᠰᠴᠤ ᠳᠣᠲᠣᠷ᠎ᠠ ᠪᠠᠨ ᠰᠡᠮᠡᠬᠡᠷ ᠵᠢᠬᠡᠭᠦᠨ ᠢ᠋ᠶ᠋ᠡᠷ ᠢᠨᠢᠶᠡᠵᠦ ᠂ ᠡᠮᠦᠨ᠎ᠡ ᠵᠦᠭ ᠡᠴᠡ ᠠᠴᠢᠷᠠᠭᠰᠠᠨ ᠨᠠᠷᠢᠨ ᠵᠥᠭᠡᠯᠡᠨ ᠠᠷᠠᠯᠵᠢᠶ᠎ᠠ ᠪᠠᠨ ᠲᠡᠳᠡᠨ ᠳ᠋ᠦ᠍ᠷ ᠬᠤᠳᠠᠯᠳᠤᠨ ᠥᠭᠰᠦᠭᠡᠢ ᠭᠡᠮᠡᠨ ᠬᠡᠷᠡᠢᠳ ᠦ᠋ᠨ ᠵᠡᠭᠦᠨ ᠵᠠᠬ᠎ᠠ ᠳ᠋ᠤᠷ ᠬᠦᠷᠦᠮᠡᠭᠴᠡ ᠣᠯᠠᠨ ᠠᠢᠮᠠᠭ ᠤ᠋ᠨ ᠠᠷᠠᠳ ᠴᠤᠭᠠᠷ ᠂ ᠬᠤᠷᠠᠨ ᠢᠷᠡᠵᠦ ᠂ ᠠᠷᠠᠯᠵᠢᠶ᠎ᠠ ᠬᠢᠬᠦᠢ ᠳ᠋ᠦ᠍ᠷ ᠬᠡᠷᠡᠢᠳ ᠦ᠋ᠨ ᠬᠤᠯᠠᠭᠠᠢ ᠡᠯᠴᠢ ᠂ ᠥᠨᠳᠡᠭᠡᠨ ᠮᠥᠭᠥ ᠶ᠋ᠢᠨ ᠠᠷᠠᠯᠵᠢᠶ᠎ᠠ ᠶᠠᠪᠤᠬᠤ ᠣᠯᠣᠩᠬᠤ ᠂ ᠭᠣᠣᠷᠬᠢ ᠬᠣᠶᠠᠭᠤᠯᠠ ᠳ᠋ᠤᠷ ᠤᠴᠠᠷᠠᠵᠤ ᠲᠠᠨᠢᠯᠴᠠᠭᠠᠳ ᠰᠡᠮᠡᠬᠡᠷ ᠬᠡᠯᠡᠯᠴᠡᠬᠦᠢ ᠶ᠋ᠢ ᠪᠸᠲ᠋ᠠ᠋ ᠤᠯᠤᠰ ᠤ᠋ᠨ ᠵᠡᠭᠦᠨᠳᠡᠬᠢ ᠲᠤᠷᠰᠢᠭᠤᠯ ᠤ᠋ᠨ ᠬᠥᠮᠦᠨ ᠂ ᠲᠣᠭᠲᠣᠩᠭᠣ᠌ ᠪᠠᠭᠠᠲᠤᠷ ᠤ᠋ᠨ ᠬᠥᠪᠡᠭᠦᠨ ᠂ ᠠᠨᠳᠠᠨ ᠴᠢᠩ ᠴᠥᠮ ᠣᠯᠵᠤ ᠰᠣᠨᠣᠰᠤᠭᠠᠳ ᠶᠡᠬᠡᠯ᠎ᠡ ᠭᠢᠷᠲ᠌ᠬᠢᠵᠦ ᠂ ᠠᠷᠠᠯᠵᠢᠶ᠎ᠠ ᠬᠢᠬᠦ ᠪᠡᠨ ᠪᠠᠢᠭᠠᠳ ᠲᠡᠷᠡ ᠬᠣᠶᠠᠷ ᠮᠥᠭᠥ ᠠᠪᠬᠤ ᠬᠤᠳᠠᠯᠳᠤᠭᠠᠴᠢᠨ ᠢ᠋ ᠬᠣᠯᠠᠭᠤᠷ ᠬᠠᠢᠮᠤᠰᠤᠨ ᠳᠠᠭᠠᠵᠤ ᠶᠠᠪᠤᠭᠰᠠᠭᠠᠷ ᠂ ᠪᠸᠲ᠋ᠠ᠋ ᠤᠯᠤᠰ ᠤ᠋ᠨ ᠪᠤᠷᠬᠠᠨ ᠭᠠᠯᠳᠤᠨ᠎ᠠ ᠶ᠋ᠢᠨ ᠣᠢᠷ᠎ᠠ ᠬᠦᠷᠦᠮᠡᠭᠴᠡ ᠰᠥᠨᠢ ᠪᠡᠷ ᠣᠷᠣᠵᠤ ᠂ ᠣᠯᠣᠩᠬᠤ ᠭᠣᠣᠷᠬᠢ ᠬᠣᠶᠠᠭᠤᠯᠠ ᠶ᠋ᠢ ᠪᠠᠷᠢᠮᠲᠠᠯᠠᠨ ᠵᠢᠨᠦᠩ ᠮᠤᠬᠤᠯᠢ ᠳ᠋ᠤᠷ ᠬᠦᠷᠭᠡᠪᠡ ᠃ ᠮᠤᠬᠤᠯᠢ ᠠᠨᠳᠠᠨ ᠴᠢᠩ ᠳ᠋ᠦ᠍ᠷ ᠬᠦᠨᠳᠦ ᠱᠠᠩ ᠥᠭᠴᠦ ᠬᠥᠬᠢᠭᠦᠯᠦᠭᠡᠳ ᠰᠠᠢᠰᠢᠶᠠᠨ ᠥᠭᠦᠯᠡᠷᠦᠨ:《ᠰᠣᠯᠣᠩᠭᠣᠰ ᠤ᠋ᠨ ᠦᠨᠡᠭᠡ ᠶ᠋ᠢᠨ ᠮᠥᠷᠡᠨ ᠢ᠋ ᠰᠤᠮᠤ ᠮᠡᠲᠦ ᠭᠡᠲᠦᠯᠦᠭᠰᠡᠨ ᠢ᠋ ᠰᠣᠨᠣᠰᠤᠮᠠᠭᠴᠠ ᠰᠡᠳᠬᠢᠯ ᠲᠠᠯᠪᠢᠵᠤ ᠬᠡᠷᠡᠢᠳ ᠦ᠋ᠨ ᠭᠡᠮ ᠢ᠋ ᠮᠡᠳᠡᠭᠰᠡᠨ ᠰᠤᠷᠲᠠᠯ ᠰᠣᠶᠣᠯᠲᠤ ᠢᠵᠠᠭᠤᠷᠲᠠᠨ ᠤ᠋ ᠦᠷ᠎ᠡ ᠠᠨᠳᠠᠨ ᠴᠢᠩ ᠰᠢᠳᠤᠷᠭᠤ ᠦᠨᠡᠨᠴᠢ ᠬᠡᠲᠦᠢᠳᠴᠦᠬᠦᠢ !》ᠭᠡᠮᠡᠨ ᠬᠤᠷᠢᠮ ᠥᠭᠴᠦ ᠳᠠᠬᠢᠨ ᠲᠤᠷᠰᠢᠭᠤᠯᠤᠷᠠ ᠢᠯᠡᠭᠡᠭᠡᠳ ᠬᠣᠶᠠᠷ ᠬᠤᠳᠠᠯᠳᠤᠭᠠᠴᠢᠨ ᠤ᠋ ᠣᠨᠣᠯᠭ᠎ᠠ ᠬᠥᠰᠬᠡ ᠲᠡᠢ ᠴᠥᠮ ᠨᠡᠩᠵᠢᠭᠦᠯᠵᠦ ᠂ ᠮᠥᠩᠭᠥ ᠂ ᠲᠣᠷᠭ᠎ᠠ ᠂ ᠵᠠᠬ᠎ᠠ ᠶ᠋ᠢ ᠴᠥᠮ ᠣᠯᠵᠤ ᠂ ᠭᠠᠭᠴᠠ ᠠᠯᠲᠠᠨ ᠪᠠ ᠪᠢᠴᠢᠭ ᠢ᠋ ᠣᠯᠤᠭᠰᠠᠨ ᠦᠭᠡᠢ ᠳ᠋ᠦ᠍ᠷ ᠮᠤᠬᠤᠯᠢ ᠳᠣᠲᠣᠭᠠᠳᠤ ᠴᠠᠴᠠᠷ ᠲᠤᠷ ᠰᠠᠭᠤᠵᠤ ᠪᠦᠭᠦᠳᠡᠭᠡᠷ ᠢ᠋ ᠠᠪᠠᠴᠢᠵᠤ ᠂ ᠰᠢᠳᠠᠷ ᠠᠷᠠᠳ ᠲᠤᠷ ᠵᠠᠬᠢᠵᠤ ᠨᠡᠩᠵᠢᠭᠦᠯᠵᠦ ᠂ ᠡᠮᠡᠭᠡᠯ ᠦ᠋ᠨ ᠳᠡᠪᠢᠰ ᠦ᠋ᠨ ᠳᠣᠲᠣᠷ᠎ᠠ ᠠ᠋ᠴᠠ ᠪᠢᠴᠢᠭ ᠢ᠋ ᠣᠯᠤᠭᠠᠳ ᠰᠤᠯᠠ ᠠᠷᠠᠳ ᠢ᠋ ᠴᠥᠮ ᠵᠠᠢᠯᠠᠭᠤᠯᠵᠤ ᠂ ᠰᠠᠶᠢ ᠲᠡᠷᠡ ᠮᠥᠭᠥ ᠠᠪᠬᠤ ᠬᠥᠮᠦᠨ ᠦ᠌ ᠮᠥᠷᠥ ᠳ᠋ᠦ᠍ᠷ ᠢᠯᠳᠦ ᠲᠠᠯᠪᠢᠵᠤ ᠦᠨᠡᠨ ᠢ᠋ᠶ᠋ᠡᠨ ᠪᠦᠷᠢᠨ ᠮᠡᠳᠡᠭᠦᠯ ᠂ ᠨᠢᠭᠡᠨ ᠦᠰᠦᠭ ᠳᠠᠯᠳᠠᠯᠠᠪᠠᠰᠤ ᠲᠠ ᠬᠣᠶᠠᠭᠤᠯᠠ ᠶ᠋ᠢᠨ ᠲᠣᠯᠣᠭᠠᠢ ᠶ᠋ᠢ ᠴᠢᠨᠦ ᠠᠪᠤᠮᠤᠢ ᠬᠡᠮᠡᠪᠡ ᠂ ᠡᠨᠡ ᠬᠣᠶᠠᠷ ᠵᠣᠴᠢᠳ ᠤ᠋ᠨ ᠮᠥᠬᠥᠬᠦ ᠪᠠ ᠮᠥᠯᠲᠥᠷᠡᠬᠦ ᠬᠠᠮᠢᠭᠠᠰᠢ ᠪᠣᠯᠬᠤ ᠶ᠋ᠢ ᠮᠡᠳᠡᠰᠦᠭᠡᠢ ᠬᠡᠮᠡᠪᠡᠰᠦ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠮᠢᠨᠦ ᠵᠦᠩ ᠰᠢᠨ ᠂ ᠴᠧᠩ ᠰᠢᠨ ᠬᠣᠶᠠᠷ ᠹᠦ ᠶ᠋ᠢᠨ ᠠᠭᠡ ᠨᠠᠷ ᠭᠡᠭᠡ ᠨᠠᠷ ᠤ᠋ᠨ ᠤᠰᠤᠨ ᠳᠠᠷᠬᠠᠢ ᠥᠬᠢᠨ ② ᠂ ᠦᠬᠡᠷᠲᠦ ᠦᠭᠡᠨᠴᠡ ᠬᠥᠪᠡᠭᠦᠨ ᠦ᠌ ᠬᠡᠩᠭᠡᠷᠭᠡ ᠂ ᠬᠡᠳᠡᠷᠭᠡ ᠬᠣᠶᠠᠷ ᠣᠳᠣᠨ ᠢ᠋ ᠲᠠᠬᠢᠬᠤ ᠤᠷᠠᠨ ᠭᠤᠶᠤᠬᠤ ᠨᠠᠭᠠᠳᠤᠮ ᠢ᠋ ᠪᠠᠬᠠᠨ ᠦᠵᠡᠵᠦ ᠢᠨᠢᠶᠡᠭᠡᠳ ᠵᠢᠴᠢ ᠵᠠᠯᠭᠠᠵᠤ ᠴᠥᠯᠪᠡᠭᠰᠡᠨ ᠳᠣᠣᠷᠠᠲᠤ ᠪᠦᠯᠦᠭ ᠢ᠋ ᠦᠵᠡᠭᠳᠡᠬᠦᠢ ᠃
– – – –
① ᠡᠳᠡᠭᠡᠷ ᠭᠠᠵᠠᠷ ᠴᠥᠮ ᠪᠠᠷᠠᠭᠤᠨ ᠳᠣᠬ᠍ᠮᠣᠭ ᠤ᠋ᠨ ᠭᠠᠵᠠᠷ ᠮᠥᠨ᠂ᠠᠯᠲᠠᠨ ᠤᠯᠤᠰ ᠤ᠋ᠨ ᠦᠶ᠎ᠡ ᠳ᠋ᠦ᠍ᠷ ᠡᠳᠦᠭᠡᠬᠢ ᠭᠤᠷᠪᠠᠨ ᠰᠤᠪᠤᠷᠭ᠎ᠠ ᠪᠦᠬᠦᠢ ᠴᠤᠤ ᠶᠠᠩ ᠰᠢᠶᠠᠨ ᠤ᠋ ᠭᠠᠵᠠᠷ ᠢ᠋ ᠰᠢᠩ ᠵᠦᠭ ᠹᠦ ᠬᠡᠮᠡᠵᠦᠬᠦᠢ ᠂ ᠬᠠᠷ᠎ᠠ ᠬᠣᠲᠠ ᠶ᠋ᠢᠨ ᠨᠡᠷ᠎ᠡ ᠴᠢᠶᠠᠨ ᠵᠧᠦ ᠬᠡᠮᠡᠬᠦ ᠠᠵᠤᠭᠤ᠃
② ᠨᠧᠦ ᠯᠠᠩ᠂ ᡁᠢ ᠨᠢᠦᠢ ᠬᠣᠶᠠᠷ ᠣᠳᠣᠨ ᠪᠤᠶᠤ ᠃
ᠴᠣᠬᠣᠯᠠᠭᠰᠠᠨ ᠠᠨᠤ
ᠡᠨᠡ ᠪᠦᠯᠦᠭ ᠢ᠋ ᠮᠡᠷᠭᠡᠳ ᠢ᠋ᠶ᠋ᠡᠷ ᠰᠠᠢᠬᠠᠨ ᠨᠠᠷᠢᠪᠴᠢᠯᠠᠨ ᠰᠢᠨᠵᠢᠪᠡᠦ ? ᠲᠡᠷᠢᠭᠦᠨ ᠬᠡᠰᠡᠭ ᠲᠣᠷ ᠲᠠᠢᠽᠦ ᠶ᠋ᠢᠨ ᠣᠯᠠᠨ ᠵᠠᠩᠵᠤᠨ ᠨᠠᠷ ᠲᠠᠢᠽᠦ ᠶ᠋ᠢᠨ ᠠᠬᠠᠮᠠᠳ ᠬᠥᠪᠡᠭᠦᠨ ᠵᠣᠴᠢ ᠶ᠋ᠢᠨ ᠡᠷᠡᠯᠬᠡᠭ ᠪᠠᠭᠠᠲᠤᠷ ᠢ᠋ ᠱᠠᠭᠠᠷᠳᠠᠨ ᠬᠥᠬᠢᠭᠦᠯᠬᠦᠢ ᠶ᠋ᠢᠨ ᠲᠤᠯᠠ ᠬᠤᠷᠢᠮ ᠤ᠋ᠨ ᠲᠡᠷᠢᠭᠦᠨ ᠳ᠋ᠦ᠍ᠷ ᠰᠠᠭᠤᠯᠭᠠᠵᠤ ᠬᠦᠨᠳᠦᠯᠡᠯ ᠢ᠋ ᠦᠵᠡᠭᠦᠯᠦᠶ᠎ᠡ ᠭᠡᠮᠡᠨ ᠭᠤᠶᠤᠭᠰᠠᠨ ᠳ᠋ᠤᠷ ᠲᠠᠢᠽᠦ ᠶ᠋ᠢᠨ ᠠ ᠲᠣᠯᠣᠭᠠᠢ ᠪᠠᠷ ᠬᠣᠯᠪᠣᠵᠤ ᠵᠠᠬᠢᠭ᠍ᠰᠠᠨ – ᠠᠪᠠᠭ᠎ᠠ ᠠᠨᠳᠠ ᠨᠠᠷ ᠢ᠋ ᠠᠨᠤ ᠰᠠᠢᠰᠢᠶᠠᠭᠰᠠᠨ ᠨᠢᠭᠡᠨ ᠬᠡᠷᠡᠭ ᠂ ᠡᠷᠲᠡᠨ ᠦ᠌ ᠭᠤᠷᠪᠠᠨ ᠤᠯᠤᠰ ᠤ᠋ᠨ ᠰᠡᠭᠦᠯ ᠦ᠋ᠨ ᠦᠶ᠎ᠡ ᠶ᠋ᠢᠨ ᠤᠯᠤᠰ ᠤ᠋ᠨ ᠦᠨᠳᠦᠰᠦᠨ ᠢ᠋ ᠪᠠᠢᠭᠤᠯᠤᠭᠰᠠᠨ ᠰᠧ ᠮᠠ᠋ ᠢ ᠶ᠋ᠢᠨ ᠬᠣᠶᠠᠷ ᠬᠥᠪᠡᠭᠦᠨ ᠰᠧ ᠮᠠ᠋ ᠱᠢ ᠂ ᠰᠧ ᠮᠠ᠋ ᠵᠣᠣ ᠬᠣᠶᠠᠭᠤᠯᠠ ᠶ᠋ᠢ ᠮᠠᠭᠲᠠᠭᠰᠠᠨ ᠳ᠋ᠤᠷ ᠦᠯᠢᠳᠬᠡᠪᠡᠰᠦ ᠶᠠᠮᠪᠠᠷ ᠪᠣᠢ ? ᠼᠤᠤ ᠼᠤᠤ ᠬᠥᠪᠡᠭᠦᠨ ᠢ᠋ᠶ᠋ᠡᠨ ᠮᠠᠭᠲᠠᠬᠤᠢ ᠳ᠋ᠤᠷ ᠮᠢᠨᠦ ᠮᠢᠩᠭᠠᠨ ᠭᠠᠵᠠᠷ ᠤ᠋ᠨ ᠤᠨᠠᠭ᠎ᠠ ᠳᠠᠭ᠎ᠠ ᠬᠡᠮᠡᠵᠦᠬᠦᠢ ᠂ ᠰᠧ ᠮᠠ᠋ ᠢ ᠬᠡᠦᠬᠡᠳ ᠢ᠋ᠶ᠋ᠡᠨ ᠮᠠᠭᠲᠠᠬᠤᠢ ᠳ᠋ᠤᠷ ᠮᠢᠨᠦ ᠰᠠᠷᠠᠪᠴᠢᠨᠠ ᠡᠭᠦᠷᠯᠡᠭᠰᠡᠨ ᠭᠡᠷ ᠦ᠋ᠨ ᠪᠣᠯᠵᠣᠮᠣᠷ ᠬᠡᠮᠡᠵᠦᠬᠦᠢ ᠃ ᠼᠤᠤ ᠼᠤᠤ ᠪᠣᠯᠪᠠᠰᠤ ᠬᠥᠪᠡᠭᠦᠨ ᠢ᠋ᠶ᠋ᠡᠨ ᠪᠠᠭᠠᠲᠤᠷ ᠢ᠋ ᠮᠠᠭᠲᠠᠵᠤᠬᠤᠢ ᠂ ᠰᠧ ᠮᠠ᠋ ᠢ ᠪᠣᠯᠪᠠᠰᠤ ᠬᠡᠦᠬᠡᠳ ᠢ᠋ᠶ᠋ᠡᠨ ᠤᠬᠠᠭᠠᠨᠲᠠᠢ ᠶ᠋ᠢ ᠮᠠᠭᠲᠠᠵᠤᠬᠤᠢ ᠃ ᠨᠢᠭᠡᠨ ᠢᠨᠦ ᠸᠧᠢ ᠤᠯᠤᠰ ᠤ᠋ᠨ ᠲᠠᠢᠽᠦ ᠂ ᠨᠢᠭᠡᠨ ᠢᠨᠦ ᠶ᠋ᠢᠨ ᠤᠯᠤᠰ ᠤ᠋ᠨ ᠲᠠᠢᠽᠦ ᠂ ᠡᠨᠡ ᠬᠣᠶᠠᠷ ᠲᠠᠢᠽᠦ ᠶᠠᠭᠤᠨᠠᠢ ᠡᠨᠡ ᠶᠤᠸᠠᠨ ᠤᠯᠤᠰ ᠤ᠋ᠨ ᠲᠠᠢᠽᠦ ᠳ᠋ᠦ᠍ᠷ ᠬᠦᠷᠴᠦ ᠴᠢᠳᠠᠮᠤᠢ? ᠡᠨᠡ ᠶᠤᠸᠠᠨ ᠤᠯᠤᠰ ᠤ᠋ᠨ ᠲᠠᠢᠽᠦ ᠬᠡᠳᠦᠢᠪᠡᠷ ᠬᠥᠮᠦᠵᠢᠭᠦᠯᠬᠦ ᠶ᠋ᠢ ᠦᠵᠡᠭᠦᠯᠪᠡᠴᠦ ᠠᠮᠠ ᠨᠡᠭᠡᠭᠡᠮᠡᠭᠴᠡ ᠠᠪᠠᠭ᠎ᠠ ᠠᠨᠳᠠ ᠨᠠᠷ ᠢ᠋ ᠰᠠᠢᠰᠢᠶᠠᠬᠤ ᠪᠥᠭᠡᠳ ᠠᠯᠤᠰ ᠴᠠᠭᠠᠨ᠎ᠠ ᠵᠣᠴᠢ ᠶ᠋ᠢᠨ ᠠᠰᠠᠷᠠᠯ ᠦᠭᠡᠢ ᠶ᠋ᠢ ᠵᠢᠭᠰᠢᠬᠦ ᠪᠤᠰᠤ ᠤᠤ ? ᠡᠭᠦᠨ ᠢ᠋ ᠰᠠᠶᠢ ᠬᠡᠯᠪᠡᠢᠭᠦᠦ ᠦᠭᠡᠢ ᠠᠰᠠᠷᠠᠯ ᠬᠡᠮᠡᠮᠦᠢ ᠃ ᠠᠩᠬ᠎ᠠ ᠪᠦᠯᠦᠭ ᠲᠣᠷ ᠵᠠᠮᠤᠬ᠎ᠠ ᠶ᠋ᠢᠨ ᠪᠡᠯᠡᠳᠬᠡᠭᠰᠡᠨ ᠥᠩᠬᠥᠷᠢᠬᠦ ᠬᠠᠳᠠ ᠶ᠋ᠢᠨ ᠠᠷᠭ᠎ᠠ ᠳ᠋ᠤᠷ ᠣᠷᠣᠭᠠᠳ ᠨᠢᠭᠡᠨᠲᠡ ᠵᠠᠢᠯᠠᠰᠢ ᠦᠭᠡᠢ ᠳ᠋ᠦ᠍ᠷ ᠬᠦᠷᠦᠭᠰᠡᠨ ᠳ᠋ᠦ᠍ᠷ ᠲᠠᠢᠽᠦ ᠶ᠋ᠢᠨ ᠳᠤᠲᠠᠭᠠᠵᠤ ᠬᠡᠮᠬᠡᠷᠡᠬᠦ ᠡᠴᠡ ᠲᠤᠯᠵᠤ ᠬᠡᠮᠬᠡᠷᠡᠰᠦᠭᠡᠢ ᠬᠡᠮᠡᠭᠰᠡᠨ ᠲᠡᠷᠡ ᠰᠠᠨᠠᠭᠠᠨ ᠴᠣᠬᠣᠮ ᠲᠦᠮᠡᠨ ᠦᠶ᠎ᠡ ᠶ᠋ᠢᠨ ᠲᠤᠢᠯ ᠤ᠋ᠨ ᠪᠠᠭᠠᠲᠤᠷ ᠪᠣᠯᠠᠢ ᠃ ᠡᠭᠦᠨ ᠢ᠋ ᠳᠠᠷᠤᠢ ᠲᠤᠯᠭᠠᠭᠤᠷᠢᠲᠤ ᠡᠷ᠎ᠡ ᠂ ᠲᠤᠯᠵᠤ ᠢᠷᠡᠭᠰᠡᠨ ᠦᠬᠦᠯ ᠳ᠋ᠦ᠍ᠷ ᠤᠴᠠᠷᠠᠪᠠᠰᠤ ᠨᠢᠳᠦ ᠴᠠᠪᠴᠢᠯ ᠦᠭᠡᠢ ᠬᠦᠯᠢᠶᠡᠨ ᠠᠪᠬᠤ ᠠᠨᠤ ᠲᠤᠢᠯ ᠤ᠋ᠨ ᠴᠢᠬᠢᠷᠡᠭ ᠪᠤᠰᠤ ᠤᠤ ? ᠬᠡᠷᠪᠡ ᠲᠤᠯᠵᠤ ᠡᠰᠡ ᠢᠷᠡᠭᠰᠡᠨ ᠢ᠋ ᠡᠢᠨ ᠬᠦ᠌ ᠡᠷᠢᠭᠰᠡᠨ ᠪᠥᠭᠡᠰᠦ ᠲᠡᠭᠦᠨ ᠢ᠋ ᠭᠠᠭᠴᠠ ᠨᠢᠭᠡᠨ ᠭᠠᠨᠢ ᠡᠷ᠎ᠡ ᠬᠡᠮᠡᠬᠦ ᠪᠣᠢ ᠶᠠ ᠂ ᠭᠠᠢᠬᠠᠮᠰᠢᠭ᠍ᠲᠤ ᠪᠠᠭᠠᠲᠤᠷ ᠲᠤᠷ ᠬᠡᠷᠬᠢᠨ ᠲᠣᠭᠠᠴᠠᠵᠤ ᠪᠣᠯᠬᠤ ᠪᠣᠢ ! ᠡᠷᠲᠡ ᠭᠤᠸᠠᠨ ᠯᠣᠣᠶᠧ ᠵᠡᠭᠦᠨ ᠦ ᠤᠯᠤᠰ ᠲᠤᠷ ᠰᠠᠬᠢᠭᠤᠯᠰᠤᠨ ᠪᠣᠯᠬᠤ ᠦᠶ᠎ᠡ ᠳ᠋ᠦ᠍ᠷ ᠨᠢᠳᠦ ᠴᠠᠪᠴᠢᠯ ᠦᠭᠡᠢ ᠴᠢᠪ ᠴᠢᠬᠡ ᠲᠤᠯᠵᠤ ᠬᠦᠯᠢᠶᠡᠭᠰᠡᠨ ᠢᠨᠦ ᠮᠥᠨ ᠬᠦ᠌ ᠡᠨᠡ ᠴᠠᠭ ᠤ᠋ᠨ ᠲᠤᠢᠯ ᠤ᠋ᠨ ᠪᠠᠭᠠᠲᠤᠷ ᠪᠣᠯᠠᠢ ᠃ ᠤᠷᠢᠳᠠ ᠼᠤᠤ ᠼᠤᠤ ᠶ᠋ᠢᠨ ᠴᠡᠷᠢᠭ ᠲᠦ᠍ᠷ ᠬᠣᠷᠢᠭ᠍ᠳᠠᠭᠠᠳ ᠮᠥᠨ ᠬᠦ᠌ ᠲᠤᠯᠤᠭᠰᠠᠨ ᠦᠬᠦᠯ ᠭᠡᠮᠡᠨ ᠵᠠᠩ ᠯᠢᠶᠣᠤ ᠶ᠋ᠢᠨ ᠬᠡᠳᠦᠨ ᠤᠳᠠᠭ᠎ᠠ ᠶ᠋ᠢᠨ ᠦᠭᠡ ᠶ᠋ᠢ ᠡᠭᠡᠭᠦᠯᠵᠦ ᠂ ᠬᠣᠢᠨ᠎ᠠ ᠬᠣᠶᠠᠷ ᠪᠡᠷᠭᠡᠨ ᠢ᠋ᠶ᠋ᠡᠨ ᠰᠢᠪᠠᠷᠳᠠᠬᠤ ᠠ᠋ᠴᠠ ᠪᠣᠯᠭᠣᠮᠵᠢᠯᠠᠵᠤ ᠠᠷᠭ᠎ᠠ ᠦᠭᠡᠢ ᠠᠮᠢᠳᠤᠷᠠᠪᠠ ᠂ ᠪᠤᠰᠤ ᠪᠣᠯᠪᠠᠰᠤ ᠲᠡᠷᠡ ᠤᠳᠠᠭ᠎ᠠ ᠳᠠᠷᠤᠢ ᠦᠬᠦᠬᠦ ᠪᠥᠯᠥᠭᠡ᠃ ᠲᠡᠭᠦᠨᠴᠢᠯᠡᠨ ᠲᠠᠢᠽᠦ ᠶ᠋ᠢᠨ ᠨᠢᠭᠡᠨᠲᠡ ᠲᠤᠯᠤᠭᠰᠠᠨ ᠠ᠋ᠴᠠ ᠡᠰᠡ ᠵᠠᠢᠯᠠᠬᠤ ᠠᠨᠤ ᠭᠤᠸᠠᠨ ᠯᠣᠣᠶᠧ ᠶ᠋ᠢᠨ ᠪᠠᠭᠠᠲᠤᠷ ᠠ᠋ᠴᠠ ᠥᠴᠦᠬᠡᠨ ᠴᠦ᠍ ᠳᠣᠣᠷ᠎ᠠ ᠦᠭᠡᠢ ᠪᠣᠯᠠᠢ ᠃ ᠲᠡᠢᠨ ᠪᠥᠭᠡᠳ ᠬᠥᠪᠡᠭᠦᠨ ᠢ᠋ᠶ᠋ᠡᠨ ᠵᠣᠴᠢ ᠶ᠋ᠢᠨ ᠮᠡᠬᠡᠲᠦ ᠬᠠᠭᠠᠨ ᠤ᠋ ᠲᠣᠯᠣᠭᠠᠢ ᠶ᠋ᠢ ᠡᠷᠭᠦᠬᠦ ᠶ᠋ᠢ ᠦᠵᠡᠭᠡᠳ ᠴᠢᠷᠠᠢ ᠳ᠋ᠤᠷ ᠪᠠᠶᠠᠰᠤᠯ ᠢ᠋ ᠦᠵᠡᠭᠦᠯᠦᠭᠰᠡᠨ ᠢᠨᠦ ᠣᠯᠠᠨ ᠰᠠᠢᠳ ᠤ᠋ᠨ ᠬᠥᠪᠡᠭᠦᠨ ᠢ᠋ᠶ᠋ᠡᠨ ᠲᠡᠳᠬᠦᠨ ᠶᠠᠪᠤᠬᠤᠢ ᠳ᠋ᠤᠷ ᠪᠣᠢ ᠶᠠ ᠂ ᠬᠥᠪᠡᠭᠦᠨ ᠢ᠋ᠶ᠋ᠡᠨ ᠪᠠᠭᠠᠲᠤᠷ ᠬᠡᠴᠡᠭᠦᠦ ᠳ᠋ᠦ᠍ᠷ ᠪᠤᠰᠤ ᠃ ᠲᠡᠢᠨ ᠬᠦ᠌ ᠠᠮᠠᠨ ᠳ᠋ᠤᠷ ᠴᠢ ᠪᠠᠰᠠ ᠮᠢᠨᠦ ᠤᠭ ᠰᠠᠨᠠᠭᠠᠨ ᠢ᠋ ᠠᠯᠳᠠᠵᠤ ᠪᠠᠰᠠ ᠤᠯᠤᠰ ᠡᠵᠡᠯᠡᠭᠴᠢ ᠡᠵᠡᠨ ᠢ᠋ ᠠᠯᠠᠬᠤᠢ ᠳ᠋ᠤᠷ ᠭᠥᠷᠥᠭᠦᠯᠪᠡᠦ ? ᠬᠡᠮᠡᠭᠰᠡᠨ ᠳ᠋ᠦ᠍ᠷ ᠢᠯᠡᠷᠡᠭᠰᠡᠨ ᠪᠤᠰᠤ ᠤᠤ ? ᠡᠨᠡ ᠢᠨᠦ ᠲᠤᠢᠯ ᠤ᠋ᠨ ᠪᠠᠭᠠᠲᠤᠷ ᠪᠤᠰᠤ ᠪᠣᠯᠪᠠᠰᠤ ᠲᠤᠢᠯ ᠤ᠋ᠨ ᠥᠷᠥᠰᠢᠶᠡᠯ ᠢ᠋ᠶ᠋ᠡᠷ ᠶᠠᠪᠤᠨ ᠦᠯᠦ ᠴᠢᠳᠠᠮᠤᠢ ᠬᠡᠮᠡᠭᠴᠢ ᠪᠣᠯᠠᠢ ᠃ ᠳᠡᠳ᠋ ᠬᠡᠰᠡᠭ ᠲᠣᠷ ᠳᠠᠷᠤᠢ ᠥᠷᠥᠰᠢᠶᠡᠯ ᠢ᠋ ᠦᠨᠡᠮᠴᠢᠯᠡᠵᠦ ᠂ ᠠᠷᠪᠠᠨ ᠳᠥᠷᠪᠡᠨ ᠰᠠᠢᠳ ᠤ᠋ᠨ ᠶᠠᠯ᠎ᠠ ᠶ᠋ᠢ ᠭᠤᠶᠤᠵᠤ ᠥᠪᠡᠷ ᠦ᠋ᠨ ᠬᠢᠯᠢᠩ ᠴᠢᠬᠤᠯ ᠢ᠋ ᠴᠢᠬᠡ ᠦᠨᠡᠨ ᠢ᠋ᠶ᠋ᠡᠷ ᠬᠦᠯᠢᠶᠡᠨ ᠠᠪᠴᠤ ᠲᠣᠷᠭᠠᠭᠤᠯᠢ ᠭᠠᠷᠭᠠᠨ ᠂ ᠪᠠᠰᠠ ᠠᠷᠪᠠᠨ ᠨᠠᠢ᠍ᠮᠠᠨ ᠦᠯᠢᠳᠬᠡᠯᠳᠦ ᠡᠷᠢᠭᠡ ᠶ᠋ᠢ ᠬᠦᠯᠢᠶᠡᠨ ᠠᠪᠴᠤ ᠬᠠᠷᠢᠭᠤ ᠶᠢᠰᠦᠨ ᠡᠷᠳᠡᠮᠲᠦ ᠪᠤᠭᠤ ᠶ᠋ᠢᠨ ᠰᠣᠶᠣᠭ᠎ᠠ ᠶ᠋ᠢ ᠰᠣᠶᠣᠷᠬᠠᠨ ᠬᠠᠢᠷᠠᠯᠠᠵᠤ ᠂ ᠤᠯᠤᠰ ᠤ᠋ᠨ ᠬᠣᠲᠠᠯᠠᠭᠠᠷ ᠲᠤᠷ ᠵᠠᠷᠯᠠᠭᠰᠠᠨ ᠠᠨᠤ ᠦᠨᠡᠬᠡᠷ ᠲᠦᠮᠡᠨ ᠦᠶ᠎ᠡ ᠶ᠋ᠢᠨ ᠮᠡᠷᠭᠡᠨ ᠭᠡᠭᠡᠬᠡᠨ ᠡᠵᠡᠨ ᠪᠣᠯᠠᠢ ᠃ ᠵᠢᠴᠢ ᠡᠨᠡ ᠮᠡᠲᠦ ᠡᠵᠡᠨ ᠳ᠋ᠦ᠍ᠷ ᠪᠠᠰᠠ ᠮᠤᠬᠤᠯᠢ ᠶ᠋ᠢᠨ ᠲᠡᠷᠡ ᠮᠡᠲᠦ ᠰᠢᠳᠤᠷᠭᠤ ᠬᠢᠴᠢᠶᠡᠯᠲᠡᠢ ᠭᠦᠨ ᠬᠣᠯᠠᠪᠴᠢ ᠲᠦᠰᠢᠮᠡᠯ ᠤᠴᠠᠷᠠᠵᠤ ᠂ ᠡᠵᠡᠨ ᠦ᠌ ᠪᠡᠨ ᠲᠥᠯᠥᠭᠡ ᠦᠶ᠎ᠡ ᠤᠯᠠᠷᠢᠨ ᠪᠣᠳᠣᠵᠤ ᠡᠷᠢᠭᠡ ᠶ᠋ᠢ ᠪᠠᠷᠢᠬᠤᠶ᠎ᠠ ᠂ ᠸᠴᠢᠷ ᠬᠦᠢᠰᠦ ᠶ᠋ᠢ ᠠᠯᠢ ᠡᠪᠦᠳᠦᠭ ᠲᠣᠷ ᠨᠡᠮᠡᠪᠡᠰᠦ ᠂ ᠳᠥᠷᠪᠡᠨ ᠪᠠᠭ᠎ᠠ ᠡᠵᠡᠳ ᠂ ᠡᠵᠡᠨ ᠦ᠌ ᠤᠬᠠᠭᠠᠨ ᠡᠷᠳᠡᠮ ᠢ᠋ ᠰᠤᠷᠤᠭᠰᠠᠨ ᠯᠤᠭ᠎ᠠ ᠨᠢᠭᠡᠨ ᠠᠳᠠᠯᠢ ᠬᠡᠮᠡᠭᠰᠡᠨ ᠢᠨᠦ ᠂ ᠡᠷᠲᠡᠨ ᠦ᠌ ᠳᠠᠩ ᠤᠯᠤᠰ ᠤ᠋ᠨ ᠸᠧᠢ ᠵᠧᠩ ᠡᠴᠡ ᠬᠡᠲᠦᠢᠳᠴᠦᠬᠦᠢ ᠃ ᠭᠤᠲᠠᠭᠠᠷ ᠠᠩᠭᠢ ᠣᠷᠣᠰ ᠤᠯᠤᠰ ᠢ᠋ ᠠᠪᠰᠤᠭᠠᠢ ᠭᠡᠮᠡᠨ ᠬᠡᠯᠡᠯᠴᠡᠮᠡᠭᠴᠡ ᠦᠨᠡᠬᠡᠷ ᠣᠷᠣᠰ ᠤᠯᠤᠰ ᠠ᠋ᠴᠠ ᠪᠡᠯᠡᠭ ᠬᠦᠷᠭᠡᠵᠦ ᠢᠷᠡᠭᠰᠡᠨ ᠢᠨᠦ ᠲᠡᠭᠷᠢ ᠶ᠋ᠢᠨ ᠬᠥᠪᠡᠭᠦᠨ ᠦ᠌ ᠠᠮᠠᠨ ᠠ᠋ᠴᠠ ᠦᠭᠡ ᠭᠠᠷᠤᠮᠠᠭᠴᠠ ᠬᠡᠷᠡᠭ ᠲᠡᠳᠦᠢ ᠰᠡᠳᠦᠯᠭᠡᠷ ᠭᠠᠷᠬᠤ ᠠᠨᠤ ᠲᠡᠭᠷᠢ ᠶ᠋ᠢᠨ ᠰᠠᠨᠠᠭᠠᠨ ᠪᠤᠶᠤ ᠃ ᠳᠥᠲᠥᠭᠡᠷ ᠠᠩᠭᠢ ᠳ᠋ᠤᠷ ᠰᠣᠯᠤᠩᠭᠤᠸ᠎ᠠ ᠥᠬᠢᠨ ᠨᠠᠢᠷ ᠢ᠋ ᠮᠥᠷᠥᠭᠡᠳᠦᠭᠰᠡᠨ ᠢᠨᠦ ᠦᠵᠡᠬᠦᠢ ᠳ᠋ᠦ᠍ᠷ ᠬᠡᠳᠦᠢ ᠥᠴᠦᠬᠡᠨ ᠮᠡᠲᠦ ᠪᠣᠯᠪᠠᠴᠤ ᠦᠨᠡᠮᠴᠢᠯᠡᠨ ᠬᠡᠯᠡᠪᠡᠰᠦ ᠵᠣᠷᠢᠭ ᠵᠢᠷᠤᠮᠲᠤ ᠥᠬᠢᠨ ᠪᠥᠭᠡᠳ ᠡᠴᠢᠭᠡ ᠪᠡᠨ ᠬᠣᠷᠢᠭ᠍ᠯᠠᠭᠰᠠᠨ ᠠᠨᠤ ᠨᠡᠩ ᠮᠡᠷᠭᠡᠨ ᠭᠡᠭᠡᠬᠡᠨ ᠪᠣᠯᠠᠢ ᠃ ᠬᠠᠷᠠᠬᠠᠨ ᠾᠧ ᠸᠠᠩ ᠭᠦᠷᠡᠯᠵᠡᠭᠡᠨ᠎ᠡ ᠶ᠋ᠢᠨ ᠳᠠᠭᠤᠨ ᠳ᠋ᠤᠷ ᠰᠡᠳᠬᠢᠯ ᠠᠭᠤᠷᠯᠠᠵᠤ ᠂ ᠵᠠᠮᠤᠬ᠎ᠠ ᠶ᠋ᠢᠨ ᠠᠷᠭ᠎ᠠ ᠳ᠋ᠤᠷ ᠤᠨᠠᠵᠤ ᠂ ᠨᠢᠭᠡᠨ ᠠᠯᠬᠤᠮ ᠳ᠋ᠤᠷ ᠶᠡᠬᠡ ᠡᠨᠳᠡᠭᠦᠦ ᠳ᠋ᠦ᠍ᠷ ᠳᠠᠪᠰᠢᠪᠠᠢ ᠃ ᠬᠥᠭᠡᠷᠦᠬᠦᠢ ᠨᠢᠭᠡᠨᠲᠡ ᠲᠤᠯᠭᠠᠭᠤᠷᠢ ᠦᠭᠡᠢ ᠶ᠋ᠢᠨ ᠡᠷᠬᠡ ᠪᠡᠷ ᠨᠢᠭᠡᠬᠡᠨ ᠭᠦᠷᠡᠯᠵᠡᠭᠡᠨ᠎ᠡ ᠶ᠋ᠢᠨ ᠳᠠᠭᠤᠨ ᠳ᠋ᠤᠷ ᠰᠡᠳᠬᠢᠯ ᠠᠯᠮᠠᠢᠳᠠᠨ ᠂ ᠨᠢᠭᠡᠨ ᠨᠠᠰᠤᠨ᠎ᠠ ᠵᠢᠷᠤᠮ ᠦᠭᠡᠢ ᠶ᠋ᠢ ᠡᠭᠦᠰᠬᠡᠪᠡ ᠃ ᠲᠡᠢᠨ ᠬᠦ᠌ ᠡᠷᠲᠡᠨ ᠦ᠌ ᠦᠭᠡᠰ ᠲᠣᠷ ᠨᠢᠭᠡᠬᠡᠨ ᠵᠣᠭᠣᠰ ᠤ᠋ᠨ ᠲᠡᠳᠦᠢᠬᠡᠨ ᠬᠡᠯᠲᠡᠰ ᠡᠴᠢᠭᠰᠡᠨ ᠳ᠋ᠦ᠍ᠷ ᠴᠠᠷ᠎ᠠ ᠳᠦᠭᠦᠷᠡᠩ ᠴᠥᠮ ᠴᠢᠳᠬᠤᠮᠤᠢ ᠬᠡᠮᠡᠭᠴᠢ ᠡᠭᠦᠨ ᠢ᠋ ᠬᠡᠯᠡᠭᠰᠡᠨ ᠪᠤᠶᠤ᠃
