ᠬᠥᠬᠡ ᠰᠤᠳᠤᠷ - ᠢᠨᠵᠠᠨᠨᠠᠰᠢ < ᠳᠥᠴᠢᠨ ᠭᠤᠷᠪᠠᠳᠤᠭᠠᠷ ᠪᠦᠯᠦᠭ > Хөх судар - Инжинаш < Дөчин гуравдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠨ ᠭᠤᠷᠪᠠᠳᠤᠭᠠᠷ ᠪᠦᠯᠦᠭ > Хөх судар - Инжинаш < Дөчин гуравдугаар бүлэг >

ᠬᠥᠬᠡ ᠰᠤᠳᠤᠷ - ᠢᠨᠵᠠᠨᠨᠠᠰᠢ < ᠳᠥᠴᠢᠨ ᠭᠤᠷᠪᠠᠳᠤᠭᠠᠷ ᠪᠦᠯᠦᠭ > Хөх судар - Инжинаш < Дөчин гуравдугаар бүлэг >

ᠠᠩᠭᠢᠯᠠᠯ:ᠲᠡᠦᠬᠡ ᠰᠣᠶᠣᠯ
2023-09-07

255

ᠠᠯᠲᠠᠨ ᠤ᠋ ᠡᠵᠡᠨ ᠠᠷᠠᠳ ᠢ᠋ ᠵᠣᠪᠠᠭᠠᠵᠤ ᠤᠯᠤᠰ ᠡᠪᠳᠡᠷᠡᠬᠦᠢ ᠳ᠋ᠤᠷ ᠬᠦᠷᠪᠡ

ᠮᠣᠩᠭᠣᠯ ᠤ᠋ᠨ ᠬᠠᠭᠠᠨ ᠢᠷᠭᠡᠳ ᠢ᠋ ᠡᠨᠡᠷᠢᠵᠦ ᠳᠠᠢᠰᠤᠨ ᠢ᠋ ᠨᠢᠭᠡᠨᠲᠡ ᠪᠤᠲᠠᠷᠠᠭᠤᠯᠪᠠ


                   ᠳᠥᠴᠢᠨ ᠭᠤᠷᠪᠠᠳᠤᠭᠠᠷ ᠪᠦᠯᠦᠭ  
                               ᠴᠢᠩᠭᠢᠰ ᠬᠠᠭᠠᠨ ᠡᠨᠡ ᠵᠢᠯ ᠲᠠᠪᠢᠨ ᠰᠡᠭᠦᠳᠡᠷ ᠲᠡᠢ᠂ ᠴᠠᠭᠠᠭᠴᠢᠨ ᠬᠣᠨᠢᠨ ᠵᠢᠯ ᠂ ᠲᠠᠢᠽᠦ ᠴᠢᠩᠭᠢᠰ ᠬᠠᠭᠠᠨ ᠤ᠋ ᠵᠢᠷᠭᠤᠳᠤᠭᠠᠷ ᠣᠨ᠂ 
                               ᠰᠥᠩ ᠤᠯᠤᠰ ᠤ᠋ᠨ ᠨᠢᠩᠽᠦ᠋ᠩ ᠦ᠋ᠨ ᠵᠢᠶᠠ ᠳ᠋ᠢᠩ ᠦ᠋ᠨ ᠳᠥᠷᠪᠡᠳᠦᠭᠡᠷ ᠣᠨ᠂ ᠠᠯᠲᠠᠨ ᠤᠯᠤᠰ ᠤ᠋ᠨ ᠶᠦᠩ ᠵᠢᠢ ᠶ᠋ᠢᠨ ᠳᠡ ᠠᠨ ᠤ᠋ ᠭᠤᠷᠪᠠᠳᠤᠭᠠᠷ ᠣᠨ 

              ᠠᠯᠲᠠᠨ ᠤ᠋ ᠡᠵᠡᠨ ᠠᠷᠠᠳ ᠢ᠋ ᠵᠣᠪᠠᠭᠠᠵᠤ ᠤᠯᠤᠰ ᠡᠪᠳᠡᠷᠡᠬᠦᠢ ᠳ᠋ᠦ᠍ᠷ ᠬᠦᠷᠪᠡ 
              ᠮᠣᠩᠭᠣᠯ ᠤ᠋ᠨ ᠬᠠᠭᠠᠨ ᠢᠷᠭᠡᠳ ᠢ᠋ ᠡᠨᠡᠷᠢᠵᠦ ᠳᠠᠢᠰᠤᠨ ᠢ᠋ ᠨᠢᠭᠡᠨᠲᠡ ᠪᠤᠲᠠᠷᠠᠭᠤᠯᠪᠠ   

       ᠲᠡᠨᠳᠡᠴᠡ ᠴᠢᠩᠭᠢᠰ ᠬᠠᠭᠠᠨ ᠡᠨᠡ ᠵᠢᠯ ᠦ᠋ᠨ ᠴᠠᠭᠠᠨ ᠰᠠᠷ᠎ᠠ ᠳ᠋ᠤ᠌ ᠡᠮᠦᠨᠡᠲᠦ ᠠᠯᠲᠠᠨ ᠤᠯᠤᠰ ᠢ᠋ ᠳᠠᠢᠯᠠᠬᠤ ᠶᠡᠬᠡ ᠴᠡᠷᠢᠭ ᠢ᠋ ᠰᠢᠯᠭᠠᠵᠤ ᠪᠠᠢᠴᠠᠭᠠᠬᠤᠢ ᠳ᠋ᠤᠷ ᠠᠯᠲᠠᠨ ᠤᠯᠤᠰ ᠲᠤᠷ ᠠᠯᠠᠭᠳᠠᠭᠰᠠᠨ ᠰᠠᠢᠨ ᠪᠥᠬᠡ ᠬᠠᠭᠠᠨ ᠤ᠋ ᠬᠥᠪᠡᠭᠦᠨ ᠵᠠᠮᠪᠠᠯ᠂ ᠬᠠᠭᠠᠨ ᠤ᠋ ᠡᠮᠦᠨ᠎ᠡ ᠰᠥᠭᠥᠳᠴᠦ ᠤᠬᠢᠯᠠᠨ ᠠᠢᠯᠠᠳᠬᠠᠷᠤᠨ :《ᠡᠨᠡ ᠡᠳᠦᠷ ᠣᠳᠣ ᠥᠴᠦᠬᠡᠨ ᠰᠠᠢᠳ ᠨᠠᠷᠠᠨ ᠰᠠᠷᠠᠨ ᠢ᠋ ᠦᠵᠡᠬᠦ ᠪᠣᠯᠪᠠ᠃ ᠪᠣᠭᠳᠠ ᠡᠵᠡᠨ ᠴᠢᠬᠤᠯᠠ ᠭᠠᠵᠠᠷ ᠲᠦᠭᠰᠢᠭᠦᠷᠢᠲᠦ ᠵᠠᠮ ᠳ᠋ᠤᠷ ᠥᠴᠦᠬᠡᠨ ᠰᠠᠢᠳ ᠢ᠋ ᠬᠡᠷᠡᠭᠯᠡᠬᠦ ᠠᠵᠢᠶᠠᠮᠤ ! 》ᠬᠡᠮᠡᠭᠰᠡᠨ ᠳ᠋ᠦ᠍ᠷ ᠬᠠᠭᠠᠨ ᠰᠠᠢᠰᠢᠶᠠᠵᠤ ᠳᠠᠷᠤᠢ ᠵᠠᠮᠪᠠᠯ ᠢ᠋ ᠡᠮᠦᠨ᠎ᠡ ᠬᠣᠰᠢᠭᠤᠴᠢ ᠪᠣᠯᠭᠠᠨ ᠵᠡᠪᠡ ᠳ᠋ᠦ᠍ᠷ ᠬᠠᠪᠰᠤᠷᠤᠭᠤᠯᠤᠨ᠂ ᠠᠯᠲᠠᠨ ᠤ᠋ ᠨᠠᠷᠢᠨ ᠮᠡᠳᠡᠭᠡ ᠲᠦᠳᠡ ᠵᠠᠮ ᠢ᠋ ᠰᠦᠪᠡᠭᠴᠢᠯᠡᠨ ᠮᠡᠳᠡᠬᠦ ᠶᠡᠬᠡ ᠵᠥᠪᠯᠡᠯ ᠳ᠋ᠦ᠍ᠷ ᠣᠷᠣᠭᠤᠯᠪᠠ᠃ ᠡᠨᠡ ᠢᠨᠦ ᠵᠠᠮᠪᠠᠯ ᠠᠯᠲᠠᠨ ᠤᠯᠤᠰ ᠤ᠋ᠨ ᠴᠠᠪᠴᠢᠶᠠᠯ ᠪᠣᠭᠣᠮᠲᠠ ᠶ᠋ᠢᠨ ᠭᠠᠳᠠᠨ᠎ᠠ ᠣᠢᠷ᠎ᠠ ᠰᠠᠭᠤᠭᠰᠠᠨ ᠲᠤᠯᠠ ᠠᠯᠲᠠᠨ ᠤᠯᠤᠰ ᠤ᠋ᠨ ᠶᠡᠬᠡ ᠬᠡᠷᠡᠮ ᠦ᠋ᠨ ᠨᠠᠷᠢᠨ ᠵᠠᠮ ᠳᠠᠯᠳᠠ ᠠᠮᠠᠨ ᠢ᠋ ᠮᠡᠳᠡᠬᠦᠢ ᠶ᠋ᠢᠨ ᠰᠢᠯᠲᠠᠭᠠᠨ ᠳ᠋ᠤᠷ ᠠᠵᠤᠭᠤ᠃ ᠲᠡᠳᠦᠢ ᠬᠠᠭᠠᠨ ᠤ᠋ ᠭᠡᠭᠡᠨ ᠬᠣᠢᠲᠤ ᠬᠡᠷᠦᠯᠦᠨ ᠨᠡᠷᠡᠲᠦ ᠶᠡᠬᠡ ᠮᠥᠷᠡᠨ ᠦ᠌ ᠬᠥᠪᠡᠭᠡ ᠳ᠋ᠦ᠍ᠷ ᠠᠯᠲᠠᠨ ᠤᠯᠤᠰ ᠢ᠋ ᠪᠠᠢᠯᠳᠤᠬᠤ ᠶᠡᠬᠡ ᠴᠡᠷᠢᠭ ᠢ᠋ ᠰᠢᠯᠭᠠᠵᠤ ᠪᠣᠯᠪᠠᠰᠤᠷᠠᠭᠤᠯᠤᠭᠠᠳ ᠳᠥᠷᠪᠡᠨ ᠬᠢᠵᠠᠭᠠᠷ ᠤ᠋ᠨ ᠵᠠᠭᠤᠨ ᠲᠦᠮᠡᠨ ᠴᠡᠷᠢᠭ ᠡᠴᠡ ᠰᠠᠢᠨ ᠡᠷ᠎ᠡ ᠬᠦᠴᠦᠨ ᠶᠡᠬᠡ ᠡᠷᠡᠰ ᠢ᠋ ᠰᠢᠯᠭᠠᠵᠤ᠂ ᠮᠥᠨ ᠶᠡᠬᠡ ᠢᠯᠳᠦ ᠬᠠᠲᠠᠭᠤ ᠨᠤᠮᠤ ᠬᠦᠴᠦᠲᠡᠨ ᠢ᠋ ᠢᠨᠦ ᠰᠣᠩᠭᠣᠵᠤ᠂ ᠪᠠᠰᠠ ᠬᠡᠷᠦᠯᠦᠨ ᠦ᠌ ᠡᠮᠦᠨ᠎ᠡ ᠬᠡᠳᠡᠷ ᠠᠭᠤᠯᠠᠨ᠎ᠠ ᠣᠯᠠᠨ ᠴᠡᠷᠢᠭ ᠦ᠋ᠨ ᠮᠣᠷᠢ ᠶ᠋ᠢ ᠰᠤᠷᠭᠠᠵᠤ᠂ ᠵᠠᠮᠪᠠᠯ᠂ ᠳᠠᠴᠢᠩᠬᠤᠷᠯᠤ ᠨᠠᠷ ᠶᠤᠸᠠᠨᠱᠤᠸᠠᠢ ᠮᠤᠬᠤᠯᠢ ᠳ᠋ᠤᠷ ᠮᠡᠳᠡᠭᠦᠯᠵᠦ : 《ᠡᠮᠦᠨ᠎ᠡ ᠭᠠᠵᠠᠷ ᠤ᠋ᠨ ᠠᠭᠤᠯᠠ ᠬᠠᠳᠠᠨ ᠢ᠋ ᠮᠠᠨ ᠤ᠋ ᠤᠮᠠᠷ᠎ᠠ ᠭᠠᠵᠠᠷ ᠲᠤᠷ ᠦᠯᠢᠭᠡᠷᠯᠡᠵᠦ ᠪᠣᠯᠬᠤ ᠦᠭᠡᠢ᠂ ᠡᠷᠬᠡᠪᠰᠢ ᠮᠣᠷᠢᠨ ᠤ᠋ ᠬᠥᠯ ᠳ᠋ᠦ᠍ᠷ ᠲᠡᠮᠦᠷ ᠭᠤᠲᠤᠰᠤ ᠡᠮᠦᠰᠬᠡᠬᠦ ᠬᠡᠷᠡᠭᠲᠡᠢ᠂ ᠲᠡᠮᠦᠷ ᠭᠤᠲᠤᠰᠤ ᠬᠡᠮᠡᠭᠴᠢ ᠡᠳᠦᠭᠡ ᠮᠣᠷᠢᠨ ᠤ᠋ ᠲᠠᠬ᠎ᠠ ᠶ᠋ᠢ ᠬᠡᠯᠡᠵᠦᠬᠦᠢ᠃ ᠵᠢᠴᠢ ᠴᠡᠷᠢᠭ ᠦ᠋ᠨ ᠮᠣᠷᠢ ᠶ᠋ᠢ ᠡᠳᠦᠷ ᠡᠳᠦᠷ ᠥᠪᠥᠷᠡᠬᠡᠨ ᠰᠣᠢᠵᠤ ᠤᠶᠠᠭᠠᠳ ᠰᠠᠢᠲᠤᠷ ᠥᠯᠦᠰᠬᠡᠭᠰᠡᠨ ᠦ᠌ ᠬᠣᠢᠨ᠎ᠠ ᠬᠠᠭᠤᠷᠠᠢ ᠡᠪᠡᠰᠦ ᠶ᠋ᠢ ᠶᠡᠬᠡ ᠬᠡᠷᠴᠢᠭᠦᠷ ᠢ᠋ᠶ᠋ᠡᠷ ᠬᠡᠷᠴᠢᠵᠦ ᠪᠣᠷᠳᠣᠨ᠂ ᠰᠢᠳᠦᠨ ᠢ᠋ ᠬᠠᠲᠠᠭᠤᠷᠠᠭᠤᠯᠤᠨ᠂ ᠪᠠᠰᠠ ᠡᠳᠦᠷ ᠪᠦᠷᠢ ᠡᠮᠡᠭᠡᠯ ᠠᠪᠬᠤ ᠦᠭᠡᠢ ᠪᠡᠷ ᠠᠭᠤᠯᠠ ᠥᠭᠡᠳᠡ ᠤᠷᠤᠭᠤ ᠭᠦᠶᠦᠯᠭᠡᠨ ᠰᠣᠷᠢᠵᠤ ᠳᠠᠰᠬᠠᠨ᠂ ᠲᠡᠷᠡ ᠲᠠᠯ᠎ᠠ ᠶ᠋ᠢᠨ ᠡᠪᠡᠰᠦᠨ ᠦ᠌ ᠰᠢᠮ᠎ᠡ ᠢᠨᠦ ᠪᠡᠶ᠎ᠡ ᠳ᠋ᠦ᠍ᠷ ᠰᠢᠩᠭᠡᠨ ᠮᠢᠬᠠᠯᠠᠪᠠᠰᠤ ᠰᠠᠶᠢ ᠡᠮᠦᠨ᠎ᠡ ᠭᠠᠵᠠᠷ ᠤ᠋ᠨ ᠬᠠᠯᠠᠭᠤᠨ ᠠᠭᠤᠷᠲᠤ ᠭᠠᠵᠠᠷ ᠡᠴᠢᠪᠡᠰᠦ ᠡᠪᠡᠰᠦ ᠪᠣᠷᠳᠣᠭ᠎ᠠ ᠰᠠᠢᠬᠠᠨ ᠢᠳᠡᠵᠦ᠂ ᠡᠳᠦᠷ ᠰᠥᠨᠢ ᠤᠨᠤᠬᠤᠢ ᠳ᠋ᠤᠷ ᠪᠠᠢᠩᠭᠤᠷᠠᠬᠤ ᠦᠭᠡᠢ ᠪᠠ ᠭᠡᠮ ᠲᠠᠬᠤᠯ ᠬᠦᠷᠬᠦ ᠦᠭᠡᠢ ᠪᠣᠯᠤᠮᠤᠢ᠃ ᠵᠢᠴᠢ ᠴᠡᠷᠢᠭ ᠦ᠋ᠨ ᠠᠷᠠᠳ ᠦᠬᠡᠷ ᠦ᠋ᠨ ᠮᠢᠬ᠎ᠠ ᠶ᠋ᠢᠨ ᠲᠠᠯᠬ᠎ᠠ ᠪᠠ ᠬᠣᠨᠢ ᠦᠬᠡᠷ ᠦ᠋ᠨ ᠰᠢᠷᠪᠥᠰᠥ ᠶ᠋ᠢᠨ ᠬᠠᠲᠠᠭᠠᠮᠠᠯ᠂ ᠭᠠᠵᠠᠷ ᠤ᠋ᠨ ᠰᠢᠭᠤᠷᠢ ᠶ᠋ᠢ ᠴᠡᠷᠢᠭ ᠪᠦᠷᠢ ᠨᠢᠭᠡᠨ ᠲᠠᠭᠠᠷᠴᠤᠭ ᠠᠪᠤᠭᠲᠤᠨ᠃ ᠲᠡᠢᠨ ᠪᠣᠯᠪᠠᠰᠤ ᠪᠠᠴᠢᠮᠳᠠᠨ ᠰᠠᠨᠳᠤᠷᠬᠤᠢ ᠳ᠋ᠤᠷ ᠬᠦᠨᠡᠰᠦ ᠬᠡᠷᠡᠭ ᠦᠭᠡᠢ᠃ ᠡᠨᠡ ᠠᠯᠲᠠᠨ ᠤᠯᠤᠰ ᠯᠤᠭ᠎ᠠ ᠪᠠᠢᠯᠳᠤᠬᠤᠢ ᠳ᠋ᠤᠷ ᠪᠠᠷᠠᠭᠤᠨ ᠲᠥᠪᠡᠳ᠂ ᠲᠠᠩᠭᠤᠳ᠂ ᠰᠢᠶᠠ᠂ ᠰᠠᠷᠲᠠᠭᠴᠢᠨ ᠳ᠋ᠤᠷ ᠪᠠᠢᠯᠳᠤᠬᠤ ᠯᠤᠭ᠎ᠠ ᠦᠯᠢᠭᠡᠷᠯᠡᠵᠦ ᠪᠣᠯᠬᠤ ᠦᠭᠡᠢ᠂ ᠲᠡᠳᠡᠭᠡᠷ ᠭᠠᠵᠠᠷ ᠤ᠋ᠨ ᠡᠪᠡᠰᠦ ᠢᠳᠡᠭᠡᠨ ᠤᠮᠳᠠᠭᠠᠨ ᠴᠥᠮ ᠮᠠᠨ ᠤ᠋ ᠭᠠᠵᠠᠷ ᠯᠤᠭ᠎ᠠ ᠠᠳᠠᠯᠢ ᠦᠭᠡᠢ ᠴᠡᠷᠢᠭ ᠪᠠᠰᠠ ᠣᠯᠠᠨ᠂ ᠭᠠᠵᠠᠷ ᠪᠠᠰᠠ ᠠᠭᠤᠳᠠᠮ ᠪᠣᠯᠠᠢ᠃ ᠡᠨᠡ ᠠᠯᠲᠠᠨ ᠤᠯᠤᠰ ᠬᠡᠮᠡᠭᠴᠢ ᠭᠠᠵᠠᠷ ᠴᠢᠬᠤᠯ᠂ ᠬᠥᠮᠦᠨ ᠢᠪᠴᠤᠤ᠂ ᠠᠭᠤᠯᠠ ᠬᠡᠳᠡᠷ ᠤᠰᠤ ᠲᠦᠯᠬᠢᠨ᠂ ᠬᠥᠮᠦᠨ ᠢᠨᠦ ᠵᠠᠭᠤᠨ ᠵᠦᠢᠯ ᠦ᠋ᠨ ᠠᠮᠤ ᠦᠷᠡᠰ ᠵᠢᠮᠢᠰ ᠨᠣᠭᠣᠭ᠎ᠠ᠂ ᠪᠠᠰᠠ ᠤᠰᠤᠨ ᠬᠠᠭᠤᠷᠠᠢ ᠶ᠋ᠢᠨ ᠵᠠᠭᠤᠨ ᠵᠦᠢᠯ ᠦ᠋ᠨ ᠠᠮᠢᠲᠠᠨ ᠤ᠋ ᠮᠢᠬ᠎ᠠ ᠪᠠᠷ ᠣᠨ ᠤ᠋ ᠬᠦᠨᠡᠰᠦ ᠪᠣᠯᠭᠠᠮᠤᠢ᠃ ᠮᠠᠨ ᠤ᠋ ᠴᠡᠷᠢᠭ ᠬᠡᠷᠪᠡ ᠥᠪᠡᠷ ᠦ᠋ᠨ ᠬᠦᠨᠡᠰᠦ ᠶ᠋ᠢ ᠡᠯᠪᠡᠭ ᠠᠪᠠᠴᠢᠪᠠᠰᠤ ᠵᠠᠮ ᠳ᠋ᠤᠷ ᠵᠦᠳᠡᠭᠦᠷᠢ ᠪᠣᠯᠵᠤ ᠪᠠᠢᠯᠳᠤᠬᠤ ᠦᠶ᠎ᠡ ᠳ᠋ᠦ᠍ᠷ ᠡᠭᠦᠷᠭᠡ ᠪᠣᠯᠤᠮᠤᠢ᠃ ᠲᠡᠢᠨ ᠬᠦ᠌ ᠮᠥᠨ ᠠᠯᠲᠠᠨ ᠤᠯᠤᠰ ᠤ᠋ᠨ ᠪᠡᠯᠡᠨ ᠢᠳᠡᠰᠢ ᠶ᠋ᠢ ᠢᠳᠡᠬᠦ ᠲᠤᠯᠠ ᠢᠳᠡᠭᠡᠨ ᠦ᠌ ᠵᠦᠢᠯ ᠣᠯᠠᠨ᠂ ᠴᠡᠷᠢᠭ ᠦ᠋ᠨ ᠠᠷᠠᠳ ᠲᠤᠷ ᠡᠪᠡᠳᠴᠢᠨ ᠪᠣᠯᠬᠤ ᠲᠤᠯᠠ ᠬᠤᠷᠤᠳ ᠪᠢᠰᠢᠯᠠᠭ᠂ ᠦᠬᠡᠷ ᠬᠣᠨᠢᠨ ᠤ᠋ ᠬᠠᠲᠠᠭᠠᠮᠠᠯ ᠲᠠᠯᠬ᠎ᠠ ᠶ᠋ᠢ ᠥᠪᠡᠷ ᠥᠪᠡᠷ ᠦ᠋ᠨ ᠪᠡᠶ᠎ᠡ ᠳ᠋ᠦ᠍ ᠲᠠᠭᠠᠷᠴᠤᠭᠯᠠᠨ ᠠᠪᠴᠤ ᠬᠢᠲᠠᠳ ᠤ᠋ᠨ ᠢᠳᠡᠭᠡᠨ ᠳ᠋ᠦ᠍ᠷ ᠬᠣᠯᠢᠵᠤ ᠢᠳᠡᠪᠡᠰᠦ ᠨᠣᠭᠣᠭ᠎ᠠ ᠵᠢᠮᠢᠰ ᠦᠷᠡᠰ ᠦ᠋ᠨ ᠬᠣᠣᠷ᠎ᠠ ᠶ᠋ᠢ ᠳᠠᠷᠤᠵᠤ ᠡᠪᠡᠳᠴᠢᠨ ᠪᠣᠯᠬᠤ ᠦᠭᠡᠢ ᠪᠥᠭᠡᠳ ᠴᠢᠬᠤᠯᠠ ᠴᠠᠭ ᠲᠤᠷ ᠦᠬᠡᠷ ᠦ᠋ᠨ ᠮᠢᠬ᠎ᠠ ᠶ᠋ᠢᠨ ᠲᠠᠯᠬ᠎ᠠ ᠶ᠋ᠢ ᠨᠢᠭᠡᠨ ᠴᠢᠮᠬᠢ ᠵᠢᠭᠤᠷᠠᠵᠤ ᠤᠤᠭᠤᠪᠠᠰᠤ ᠬᠡᠳᠦᠨ ᠡᠳᠦᠷ ᠲᠣᠷ ᠥᠯᠥᠰᠬᠦ ᠦᠭᠡᠢ᠃ ᠡᠨᠡ ᠢᠨᠦ ᠲᠡᠷᠢᠭᠦᠨ ᠨᠢᠭᠡᠨ ᠴᠢᠬᠤᠯᠠ ᠬᠡᠷᠡᠭ᠃ ᠵᠢᠴᠢ ᠡᠳᠦᠭᠡ ᠡᠮᠦᠨ᠎ᠡ ᠵᠦᠭ ᠴᠡᠷᠢᠭ ᠦ᠋ᠨ ᠣᠯᠠᠨ ᠢ᠋ ᠬᠡᠷᠡᠭᠯᠡᠬᠦ ᠦᠭᠡᠢ᠂ ᠣᠨᠴᠠ ᠬᠤᠷᠴᠠ ᠴᠢᠭᠢᠷᠠᠭ ᠤᠷᠠᠨ ᠬᠠᠳᠠᠨ ᠢ᠋ ᠡᠷᠬᠢᠯᠡᠬᠦ ᠲᠤᠯᠠ ᠦᠯᠡᠭᠰᠡᠨ ᠴᠡᠷᠢᠭ ᠮᠣᠷᠢᠨ ᠢ᠋ ᠳᠥᠷᠪᠡᠨ ᠠᠩᠭᠢ ᠵᠣᠬᠢᠶᠠᠵᠤ᠂ ᠬᠣᠶᠠᠷ ᠬᠠᠭᠠᠯᠭ᠎ᠠ ᠪᠠᠷ ᠡᠨᠡ ᠬᠡᠳᠡᠷ ᠠᠭᠤᠯᠠ ᠪᠠ ᠢᠮᠠᠭ᠎ᠠ ᠶ᠋ᠢᠨ ᠤᠷᠤᠭᠤᠯᠲᠤ ᠠᠭᠤᠯᠠ ᠡᠨᠡ ᠬᠣᠶᠠᠷ ᠠᠭᠤᠯᠠᠨ ᠳ᠋ᠤᠷ ᠴᠡᠷᠢᠭ ᠢ᠋ ᠪᠣᠯᠪᠠᠰᠤᠷᠠᠭᠤᠯᠤᠨ ᠮᠣᠷᠢᠨ ᠢ᠋ ᠰᠤᠷᠭᠠᠵᠤ ᠬᠠᠯᠠᠨ ᠡᠭᠡᠯᠵᠢᠯᠡᠨ ᠬᠡᠷᠡᠭᠯᠡᠬᠦᠢ ᠳ᠋ᠦ᠍ᠷ ᠪᠡᠯᠡᠳᠬᠡᠰᠦᠭᠡᠢ᠃ ᠡᠢᠮᠦ ᠪᠥᠭᠡᠰᠦ ᠵᠢᠯ ᠪᠦᠷᠢ ᠪᠠᠢᠯᠳᠤᠨ᠂ ᠣᠨ ᠪᠦᠷᠢ ᠵᠣᠳᠣᠪᠠᠴᠤ ᠮᠠᠨ ᠤ᠋ ᠤᠯᠤᠰ ᠤ᠋ᠨ ᠬᠦᠴᠦᠨ ᠮᠣᠬᠣᠬᠤ ᠦᠭᠡᠢ᠂ ᠴᠡᠷᠢᠭ ᠦ᠋ᠨ ᠡᠷᠳᠡᠮ ᠤᠯᠠᠮ ᠨᠡᠮᠡᠭᠳᠡᠵᠦ᠂ ᠵᠢᠯ ᠪᠦᠷᠢ ᠠᠮᠤᠷ ᠢ᠋ᠶ᠋ᠠᠷ ᠴᠡᠩᠭᠡᠯ ᠢ᠋ ᠳᠡᠷᠡᠯᠡᠬᠦ ᠲᠤᠯᠠ ᠦᠯᠦ ᠪᠦᠲᠦᠬᠦ ᠶᠠᠪᠤᠳᠠᠯ ᠦᠭᠡᠢ ᠪᠣᠯᠤᠮᠤᠢ᠃ 》ᠬᠡᠮᠡᠭᠰᠡᠨ ᠳ᠋ᠦ᠍ᠷ ᠶᠡᠬᠡ ᠶᠤᠸᠠᠨᠱᠤᠸᠠᠢ ᠵᠢᠨᠦᠩ ᠮᠤᠬᠤᠯᠢ ᠶᠡᠬᠡᠯ᠎ᠡ ᠰᠠᠢᠰᠢᠶᠠᠨ ᠪᠠᠶᠠᠷᠯᠠᠵᠤ᠂ ᠳᠠᠷᠤᠢ ᠬᠠᠭᠠᠨ ᠳ᠋ᠤᠷ ᠠᠢᠯᠠᠳᠬᠠᠨ ᠲᠣᠭᠲᠠᠭᠠᠵᠤ ᠶᠡᠬᠡ ᠵᠠᠩᠵᠤᠨ ᠴᠡᠷᠢᠭ ᠢ᠋ ᠬᠣᠶᠠᠷ ᠠᠩᠭᠢ ᠬᠤᠪᠢᠶᠠᠪᠠ᠃ ᠤᠯᠤᠰ ᠲᠤᠷ ᠬᠣᠶᠠᠷ ᠠᠩᠭᠢ ᠶ᠋ᠢᠨ ᠨᠢᠭᠡᠨ ᠠᠩᠭᠢ ᠬᠣᠶᠠᠷ ᠪᠠᠭ᠂ ᠠᠭᠤᠯᠠᠨ ᠳ᠋ᠤᠷ ᠴᠡᠷᠢᠭ ᠮᠣᠷᠢᠨ ᠢ᠋ ᠰᠤᠷᠭᠠᠬᠤᠢ ᠳ᠋ᠤᠷ ᠪᠤᠭᠤᠷᠵᠢ᠂ ᠰᠢᠷᠢ ᠬᠤᠲᠤᠭ ᠬᠣᠶᠠᠭᠤᠯᠠ ᠶ᠋ᠢ ᠬᠡᠷᠦᠯᠦᠨ ᠦ᠌ ᠬᠡᠳᠡᠷ ᠠᠭᠤᠯᠠᠨ ᠳ᠋ᠤᠷ ᠬᠣᠷᠢᠨ ᠲᠦᠮᠡᠨ ᠴᠡᠷᠢᠭ ᠮᠣᠷᠢᠨ ᠢ᠋ ᠰᠤᠷᠭ᠎ᠠ᠂ ᠪᠤᠭᠤᠷᠤᠯ᠂ ᠬᠠᠷ᠎ᠠ ᠬᠢᠷᠤ ᠬᠣᠶᠠᠭᠤᠯᠠ ᠦᠷᠢᠯᠲᠦ ᠶ᠋ᠢᠨ ᠠᠭᠤᠯᠠᠨ ᠳ᠋ᠤᠷ ᠬᠣᠷᠢᠨ ᠲᠦᠮᠡᠨ ᠴᠡᠷᠢᠭ ᠮᠣᠷᠢᠨ ᠢ᠋ ᠰᠤᠷᠭ᠎ᠠ᠂ ᠡᠳᠦᠭᠡ ᠰᠢᠯᠭᠠᠭᠰᠠᠨ ᠬᠣᠷᠢᠨ ᠲᠦᠮᠡᠨ ᠢ᠋ ᠬᠠᠭᠠᠨ ᠤ᠋ ᠭᠡᠭᠡᠨ᠂ ᠮᠤᠬᠤᠯᠢ ᠠᠪᠴᠤ ᠡᠮᠦᠨ᠎ᠡ ᠵᠦᠭ ᠣᠷᠣᠵᠤ ᠪᠠᠢᠯᠳᠤᠮᠤᠢ᠃ ᠳᠥᠷᠪᠡᠨ ᠳᠡᠭᠦᠦ ᠸᠠᠩ᠂ ᠳᠥᠷᠪᠡᠨ ᠲᠠᠢᠽᠢ ᠸᠠᠩ ᠨᠠᠷ᠂ ᠬᠣᠶᠠᠷ ᠬᠣᠶᠠᠷ ᠢ᠋ᠶ᠋ᠠᠷ ᠤᠯᠤᠰ ᠢ᠋ ᠰᠠᠬᠢ᠂ ᠭᠠᠳᠠᠭᠠᠳᠤ ᠳᠥᠷᠪᠡᠨ ᠵᠦᠭ ᠦ᠋ᠨ ᠠᠢᠮᠠᠭ ᠤᠯᠤᠰ ᠳᠥᠷᠪᠡᠨ ᠬᠤᠪᠢ ᠬᠠᠭᠠᠰᠯᠠᠵᠤ᠂ ᠭᠤᠷᠪᠠᠨ ᠬᠤᠪᠢ ᠡᠭᠡᠯᠵᠢᠯᠡᠨ ᠴᠡᠷᠢᠭ ᠮᠣᠷᠢᠨ ᠢ᠋ ᠰᠤᠷᠭᠠᠵᠤ ᠨᠢᠭᠡᠨ ᠬᠠᠮᠲᠤ ᠡᠵᠡᠨ ᠢ᠋ ᠳᠠᠭᠠᠵᠤ ᠠᠶᠠᠨ ᠳ᠋ᠤᠷ ᠶᠠᠪᠤ᠃ ᠴᠠᠭᠠᠲᠠᠢ ᠨᠢᠭᠡᠨ ᠠᠩᠭᠢ ᠴᠡᠷᠢᠭ ᠢ᠋ ᠠᠪᠴᠤ ᠰᠢᠶᠠ ᠤᠯᠤᠰ ᠲᠤᠷ ᠡᠴᠢᠵᠦ᠂ ᠰᠢᠶᠠ ᠤᠯᠤᠰ ᠤ᠋ᠨ ᠴᠡᠷᠢᠭ ᠢ᠋ ᠮᠥᠨ ᠳᠥᠷᠪᠡᠨ ᠬᠤᠪᠢ ᠰᠠᠯᠭᠠᠨ ᠨᠢᠭᠡᠨ ᠬᠤᠪᠢ ᠶ᠋ᠢ ᠠᠪᠴᠤ ᠪᠠᠷᠠᠭᠤᠨ ᠬᠣᠢᠲᠤ ᠠ᠋ᠴᠠ ᠣᠷᠣ᠃ ᠦᠯᠡᠭᠰᠡᠨ ᠭᠤᠷᠪᠠᠨ ᠬᠤᠪᠢ ᠶ᠋ᠢ ᠮᠥᠨ ᠬᠦ᠌ ᠮᠠᠨ ᠤ᠋ ᠤᠯᠤᠰ ᠤ᠋ᠨ ᠴᠡᠷᠢᠭ ᠯᠦ᠍ᠭᠡ ᠠᠳᠠᠯᠢ ᠰᠤᠷᠭᠠᠨ ᠡᠭᠡᠯᠵᠢᠯᠡᠨ ᠬᠡᠷᠡᠭᠯᠡᠬᠦ ᠪᠡᠷ ᠪᠡᠯᠡᠳ᠃ ᠵᠢᠴᠢ ᠰᠢᠶᠠ ᠤᠯᠤᠰ ᠤ᠋ᠨ ᠲᠡᠮᠦᠷ᠂ ᠱᠠᠨᠰᠢ ᠮᠣᠵᠢ ᠶ᠋ᠢᠨ ᠰᠠᠢᠨ ᠲᠡᠮᠦᠷ ᠪᠣᠢ ᠲᠤᠯᠠ ᠲᠡᠨᠳᠡᠬᠢ ᠲᠡᠮᠦᠷ ᠦ᠋ᠨ ᠳᠠᠷᠬᠠᠨᠴᠤᠳ ᠮᠠᠨ ᠤ᠋ ᠮᠣᠩᠭᠣᠯ ᠤ᠋ᠨ ᠳᠠᠷᠬᠠᠨ ᠠ᠋ᠴᠠ ᠤᠷᠠᠨ ᠨᠠᠷᠢᠨ᠂ ᠮᠣᠳᠣᠨ ᠨᠡᠭᠦᠷᠡᠰᠦ᠂ ᠴᠢᠯᠠᠭᠤᠨ ᠨᠡᠭᠦᠷᠡᠰᠦ ᠶ᠋ᠢᠨ ᠬᠥᠭ ᠬᠡᠮᠵᠢᠶ᠎ᠡ ᠶ᠋ᠢ ᠰᠠᠢᠨ ᠮᠡᠳᠡᠬᠦ ᠲᠤᠯᠠ ᠰᠠᠢᠨ ᠤᠷᠠᠨ ᠲᠡᠮᠦᠷ ᠦ᠋ᠨ ᠳᠠᠷᠬᠠᠨ ᠠ᠋ᠴᠠ ᠲᠠᠪᠢᠨ ᠬᠥᠮᠦᠨ ᠢ᠋ ᠰᠣᠩᠭᠣᠨ᠂ ᠮᠠᠨ ᠤ᠋ ᠤᠯᠤᠰ ᠲᠤᠷ ᠢᠯᠡᠭᠡᠵᠦ ᠮᠣᠷᠢᠳ ᠢ᠋ ᠲᠠᠬᠠᠯᠠᠭᠤᠯᠤᠨ᠂ ᠪᠠᠰᠠ ᠮᠠᠨ ᠤ᠋ ᠮᠣᠩᠭᠣᠯ ᠳ᠋ᠤᠷ ᠮᠣᠷᠢ ᠲᠠᠬᠠᠯᠠᠬᠤ ᠶ᠋ᠢ ᠰᠤᠷᠭ᠎ᠠ᠃ ᠵᠠᠯᠮ᠎ᠠ᠂ ᠵᠡᠪᠡ᠂ ᠲᠠᠴᠢᠩᠬᠤᠷᠯᠤ᠂ ᠢᠯᠠᠭᠤᠭᠰᠠᠨ᠂ ᠠᠯᠲᠠᠨᠱᠠᠭ᠎ᠠ᠂ ᠠᠨᠳᠠᠨ᠂ ᠵᠠᠮᠪᠠᠯ᠂ ᠰᠠᠢᠬᠠᠨ ᠰᠤᠷᠲᠠᠯᠲᠤ᠂ ᠣᠶᠤᠲᠤ ᠰᠡᠴᠡᠨ ᠨᠠᠷ ᠡᠮᠦᠨ᠎ᠡ ᠵᠦᠭ ᠦ᠋ᠨ ᠬᠣᠲᠠ ᠪᠠᠯᠭᠠᠳ ᠢ᠋ ᠪᠠᠢᠯᠳᠤᠬᠤᠢ ᠳ᠋ᠤᠷ ᠵᠠᠷᠤᠬᠤ ᠤᠷᠠᠨ ᠨᠠᠷᠢᠨ ᠡᠭᠦᠯᠡᠨ ᠱᠠᠲᠤ ᠳᠠᠪᠠᠬᠤ ᠵᠠᠮ᠂ ᠴᠢᠯᠠᠭᠤ ᠶ᠋ᠢᠨ ᠤᠭᠤᠲᠠ᠂ ᠭᠠᠯ ᠤ᠋ᠨ ᠵᠡᠪᠰᠡᠭ᠂ ᠬᠢᠲᠠᠳ ᠤ᠋ᠨ ᠵᠠᠩ ᠢ᠋ᠶ᠋ᠠᠷ ᠰᠦᠷ ᠪᠤᠰᠬᠠᠬᠤ᠂ ᠵᠠᠷ ᠵᠡᠪᠰᠡᠭ᠂ ᠲᠤᠭ ᠳᠠᠯᠪᠠᠭ᠎ᠠ᠂ ᠬᠠᠯᠠᠬᠠᠪᠴᠢ ᠰᠢᠬᠦᠷ᠂ ᠲᠡᠷᠭᠡ ᠰᠡᠦᠬᠡ᠂ ᠶᠡᠬᠡ ᠬᠥᠭᠵᠢᠮ᠂ ᠥᠷᠭᠥᠭᠡ ᠮᠠᠢᠬᠠᠨ᠂ ᠴᠠᠴᠠᠷ ᠲᠠᠭᠲᠤ᠂ ᠬᠡᠩᠭᠡᠷᠭᠡ ᠬᠠᠷᠠᠩᠭ᠎ᠠ᠂ ᠵᠡᠪᠡ ᠴᠢᠯᠠᠭᠤᠨ ᠤ᠋ ᠬᠠᠯᠬᠠᠪᠴᠢ᠂ ᠲᠡᠮᠳᠡᠭ ᠭᠠᠯ ᠤ᠋ᠨ ᠰᠠᠪᠠ᠂ ᠶᠡᠬᠡ ᠫᠤᠤ ᠶ᠋ᠢᠨ ᠵᠦᠢᠯ ᠢ᠋ ᠡᠳ᠋ ᠪᠠᠷᠠᠭ᠎ᠠ ᠬᠠᠢᠷᠠᠯᠠᠯ ᠦᠭᠡᠢ ᠡᠷᠬᠡᠪᠰᠢ ᠠᠯᠲᠠᠨ ᠤᠯᠤᠰ ᠠ᠋ᠴᠠ ᠠᠷᠪᠠᠨ ᠬᠤᠪᠢ ᠢᠯᠡᠭᠦᠦ ᠰᠦᠷᠲᠡᠢ ᠭᠡᠷᠡᠯᠲᠡᠢ ᠪᠡᠯᠡᠳᠭᠡ᠃ ᠠᠯᠲᠠᠨ ᠤᠯᠤᠰ ᠣᠨᠴᠠ ᠮᠠᠨ ᠢ᠋ ᠨᠠᠮᠤᠷ ᠰᠡᠷᠭᠡᠢᠯᠡᠬᠦ ᠲᠤᠯᠠ ᠪᠢᠳᠡ ᠣᠳᠣ ᠲᠡᠭᠦᠨ ᠦ᠌ ᠦᠯᠦ ᠰᠡᠷᠭᠡᠢᠯᠡᠬᠦ ᠪᠡᠷ ᠬᠠᠪᠤᠷ ᠵᠤᠨ ᠢ᠋ᠶ᠋ᠠᠷ ᠲᠡᠳᠡᠨ ᠯᠦ᠍ᠭᠡ ᠬᠠᠯᠳᠠᠮᠤᠢ᠃ ᠲᠡᠢᠨ ᠬᠦ᠌ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠡᠷᠢᠭᠦᠨ ᠠᠩᠭᠢ ᠶ᠋ᠢᠨ ᠬᠣᠷᠢᠨ ᠲᠦᠮᠡᠨ ᠴᠡᠷᠢᠭ ᠡᠮᠦᠨ᠎ᠡ ᠵᠦᠭ ᠣᠷᠣᠮᠤᠢ ᠭᠡᠮᠡᠨ ᠲᠣᠭᠲᠠᠭᠠᠪᠠ᠃ 
       ᠲᠡᠳᠦᠢ ᠬᠠᠭᠠᠨ ᠤ᠋ ᠭᠡᠭᠡᠨ ᠵᠠᠮᠪᠠᠯ ᠢ᠋ ᠡᠯᠴᠢ ᠪᠣᠯᠭᠠᠨ᠂ ᠠᠯᠲᠠᠨ ᠤᠯᠤᠰ ᠲᠤᠷ ᠲᠠᠪᠤᠨ ᠵᠦᠢᠯ ᠦ᠋ᠨ ᠶᠠᠯ᠎ᠠ ᠠᠰᠠᠭᠤᠯᠭᠠᠷ᠎ᠠ ᠵᠠᠷᠤᠪᠠ᠃ ᠲᠡᠷᠢᠭᠦᠨ ᠶᠠᠯ᠎ᠠ : ᠡᠵᠡᠨ ᠢ᠋ᠶ᠋ᠡᠨ ᠬᠣᠣᠷᠠᠳᠠᠭᠠᠨ ᠦᠬᠦᠭᠦᠯᠦᠭᠡᠳ ᠰᠠᠭᠤᠷᠢᠨ ᠢ᠋ ᠪᠤᠯᠢᠶᠠᠨ᠂ ᠬᠣᠶᠠᠳᠤᠭᠠᠷ ᠶᠠᠯ᠎ᠠ : ᠠᠬ᠎ᠠ ᠶᠤᠭᠠᠨ ᠦᠷ᠎ᠡ ᠶ᠋ᠢ ᠲᠠᠰᠤᠯᠤᠨ ᠶᠤᠸᠠᠢ ᠹᠧᠢ ᠸᠧᠢ ᠯᠢ ᠱᠢ ᠶ᠋ᠢ ᠠᠯᠠᠭᠰᠠᠨ᠂ ᠭᠤᠷᠪᠠᠳᠤᠭᠠᠷ ᠶᠠᠯ᠎ᠠ : ᠮᠠᠨ ᠤ᠋ ᠤᠯᠤᠰ ᠮᠠᠭᠤ ᠦᠭᠡᠢ ᠪᠥᠭᠡᠲᠡᠯ᠎ᠡ ᠡᠦ ᠰᠠᠨ ᠹᠦ ᠶ᠋ᠢᠨ ᠭᠠᠵᠠᠷ ᠬᠣᠲᠠ ᠴᠣᠭᠴᠠᠯᠠᠨ ᠮᠠᠨ ᠢ᠋ ᠲᠠᠢᠯᠠᠰᠤᠭᠠᠢ ᠬᠡᠮᠡᠭᠰᠡᠨ᠂ ᠳᠥᠷᠪᠡᠳᠦᠭᠡᠷ ᠶᠠᠯ᠎ᠠ : ᠪᠢ ᠤᠭ ᠠ᠋ᠴᠠ ᠲᠠᠨ ᠤ᠋ ᠤᠯᠤᠰ ᠲᠤᠷ ᠪᠤᠴᠠᠭᠰᠠᠨ ᠭᠠᠵᠠᠷ ᠦᠭᠡᠢ᠂ ᠬᠣᠶᠠᠷ ᠤᠯᠤᠰ ᠬᠠᠷᠢᠯᠴᠠᠨ ᠨᠠᠢᠷᠲᠠᠢ ᠶᠠᠪᠤᠭᠰᠠᠨ ᠪᠠᠢᠲᠠᠯ᠎ᠠ ᠳᠠ ᠣᠨᠴᠠ ᠮᠠᠨ ᠢ᠋ ᠪᠣᠭᠣᠯ ᠮᠡᠲᠦ ᠦᠵᠡᠵᠦ ᠰᠠᠮᠠᠭᠤᠨ ᠥᠭᠡᠲᠦ ᠡᠯᠴᠢ ᠵᠠᠷᠤᠵᠤ ᠮᠠᠨ ᠤ᠋ ᠤᠯᠤᠰ ᠢ᠋ ᠪᠡᠶ᠎ᠡ ᠳ᠋ᠡᠭᠡᠨ ᠮᠥᠷᠭᠥ ᠬᠡᠮᠡᠭᠰᠡᠨ᠂ ᠲᠠᠪᠤᠳᠤᠭᠠᠷ ᠶᠠᠯ᠎ᠠ : ᠨᠠᠮᠠᠶ᠋ᠢ ᠮᠡᠬᠡᠯᠡᠨ ᠵᠠᠯᠠᠨ ᠠᠪᠠᠴᠢᠵᠤ ᠪᠠᠷᠢᠵᠤ ᠠᠯᠠᠰᠤᠭᠠᠢ ᠬᠡᠮᠡᠭᠰᠡᠨ ᠲᠠᠪᠤᠨ ᠵᠦᠢᠯ ᠦ᠋ᠨ ᠶᠠᠯ᠎ᠠ ᠶ᠋ᠢ ᠠᠰᠠᠭᠤᠯᠭᠠᠨ᠂ ᠪᠠᠰᠠ ᠪᠠᠭ᠎ᠠ ᠪᠡᠯᠡᠭ ᠪᠠᠷᠢᠭᠤᠯᠵᠤ ᠢᠯᠡᠭᠡᠪᠡ᠃ 
       ᠲᠡᠳᠦᠢ ᠬᠠᠭᠠᠨ ᠤ᠋ ᠭᠡᠭᠡᠨ ᠪᠣᠯᠣᠳ ᠬᠦᠴᠦᠲᠦ ᠬᠣᠷᠢᠨ ᠲᠦᠮᠡᠨ ᠴᠡᠷᠢᠭ ᠦ᠋ᠨ ᠮᠣᠷᠢᠨ ᠳ᠋ᠤᠷ ᠴᠥᠮ ᠲᠡᠮᠦᠷ ᠲᠠᠬ᠎ᠠ ᠬᠠᠳᠠᠭᠤᠯᠵᠤ ᠠᠭᠤᠯᠠᠨ ᠤ᠋ ᠳᠣᠲᠣᠷ᠎ᠠ ᠬᠠᠷᠠᠬᠠᠨ ᠶᠡᠬᠡ ᠴᠡᠷᠢᠭ ᠢ᠋ ᠪᠣᠯᠪᠠᠰᠤᠷᠠᠭᠤᠯᠤᠨ ᠪᠦᠬᠦᠢ ᠳ᠋ᠦ᠍ᠷ ᠡᠨᠡ ᠮᠡᠳᠡᠭᠡ ᠳᠥᠷᠪᠡᠨ ᠵᠦᠭ ᠲᠦ᠍ᠷ ᠲᠠᠷᠬᠠᠵᠤ᠂ ᠰᠥᠩ᠂ ᠠᠯᠲᠠᠨ᠂ ᠯᠢᠶᠣᠤ᠂ ᠴᠧᠨ ᠡᠳᠡᠭᠡᠷ ᠶᠡᠬᠡ ᠤᠯᠤᠰ ᠡᠰᠡ ᠠᠶᠤᠭᠰᠠᠨ ᠠᠨᠤ ᠦᠭᠡᠢ᠃ 
       ᠲᠡᠳᠦᠢ ᠪᠠᠷᠠᠭᠤᠨ ᠬᠣᠢᠲᠤ ᠨᠢᠭᠡᠨ ᠶᠡᠬᠡ ᠤᠯᠤᠰ ᠪᠣᠢ᠂ ᠤᠯᠤᠰ ᠤ᠋ᠨ ᠨᠡᠷ᠎ᠡ ᠶ᠋ᠢ ᠬᠠᠯᠬ᠎ᠠ ᠬᠡᠮᠡᠮᠦᠢ᠃ ᠡᠨᠡ ᠬᠠᠯᠬ᠎ᠠ ᠶ᠋ᠢᠨ ᠬᠥᠮᠦᠨ ᠮᠣᠷᠢ ᠮᠠᠰᠢ ᠬᠠᠳᠠᠨ ᠴᠢᠭᠢᠷᠠᠭ᠂ ᠤᠯᠤᠰ ᠤ᠋ᠨ ᠡᠵᠡᠨ ᠦ᠌ ᠨᠡᠷ᠎ᠡ ᠠᠰᠢᠯᠠᠨ ᠬᠠᠭᠠᠨ ᠡᠮᠦᠨ᠎ᠡ ᠱᠠᠨᠰᠢ ᠮᠣᠵᠢ ᠶ᠋ᠢᠨ ᠬᠡᠳᠦᠨ ᠮᠡᠷᠭᠡᠨ ᠨᠥᠬᠥᠷ ᠲᠣᠷ ᠨᠥᠬᠥᠷᠯᠡᠭᠰᠡᠨ ᠲᠤᠯᠠ ᠲᠡᠭᠷᠢ ᠶ᠋ᠢᠨ ᠴᠠᠭ ᠢ᠋ ᠠᠰᠠᠭᠤᠵᠤ ᠮᠡᠳᠡᠭᠡᠳ ᠡᠳᠦᠭᠡ ᠪᠠᠰᠠ ᠮᠣᠩᠭᠣᠯ ᠤᠯᠤᠰ᠂ ᠠᠯᠲᠠᠨ ᠤᠯᠤᠰ ᠢ᠋ ᠳᠠᠢᠯᠠᠬᠤ ᠶ᠋ᠢ ᠰᠣᠨᠣᠰᠤᠭᠠᠳ ᠨᠡᠩ ᠭᠠᠢᠬᠠᠯᠳᠤᠨ ᠪᠢᠰᠢᠷᠡᠵᠦ᠂ ᠳᠠᠷᠤᠢ ᠥᠪᠡᠷ ᠦ᠋ᠨ ᠪᠡᠶ᠎ᠡ ᠪᠡᠷ ᠮᠢᠩᠭᠠᠨ ᠲᠡᠮᠡᠭᠡᠨ ᠠᠴᠢᠶ᠎ᠠ ᠪᠠᠷ ᠭᠠᠵᠠᠷ ᠤ᠋ᠨ ᠨᠠᠷᠢᠨ ᠵᠥᠭᠡᠯᠡᠨ ᠬᠦᠨᠳᠦ ᠡᠳ᠋ ᠪᠠᠷᠠᠭ᠎ᠠ ᠠᠯᠲᠠᠨ ᠮᠥᠩᠭᠥᠨ᠂ ᠲᠠᠷᠮ᠎ᠠ ᠴᠡᠩᠮᠡ ᠶ᠋ᠢ ᠠᠪᠴᠤ ᠮᠣᠩᠭᠣᠯ ᠤ᠋ᠨ ᠴᠢᠩᠭᠢᠰ ᠬᠠᠭᠠᠨ ᠳ᠋ᠤᠷ ᠳᠠᠭᠠᠷ᠎ᠠ ᠢᠷᠡᠭᠡᠳ ᠤᠷᠢᠳᠠ ᠮᠡᠳᠡᠭᠡᠨ ᠦ᠌ ᠡᠯᠴᠢ ᠵᠠᠷᠤᠭᠰᠠᠨ ᠳ᠋ᠤᠷ ᠬᠠᠭᠠᠨ ᠤ᠋ ᠭᠡᠭᠡᠨ ᠪᠡᠶᠡᠰᠴᠦ ᠶᠡᠬᠡ ᠬᠥᠪᠡᠭᠦᠨ ᠲᠠᠢᠽᠢ ᠵᠣ᠌ ᠴᠢᠨ ᠸᠠᠩ ᠳ᠋ᠤᠷ ᠴᠡᠷᠢᠭ ᠥᠭᠴᠦ ᠠᠰᠢᠯᠠᠨ ᠬᠠᠭᠠᠨ ᠢ᠋ ᠤᠭᠲᠣᠭᠤᠯᠤᠨ ᠬᠤᠷᠢᠮ ᠬᠠᠢᠷᠠᠯᠠᠬᠤᠢ ᠳ᠋ᠤᠷ ᠬᠠᠯᠬ᠎ᠠ ᠶ᠋ᠢᠨ ᠠᠰᠢᠯᠠᠨ ᠬᠠᠭᠠᠨ ᠶᠡᠬᠡᠯ᠎ᠡ ᠪᠠᠶᠠᠷᠯᠠᠨ ᠢᠷᠡᠵᠦ ᠬᠠᠭᠠᠨ ᠤ᠋ ᠭᠡᠭᠡᠨ ᠳ᠋ᠦ᠍ᠷ ᠪᠠᠷᠠᠯᠬᠠᠨ ᠮᠥᠷᠭᠥᠬᠦᠶ᠎ᠡ ᠂ ᠬᠠᠭᠠᠨ ᠤ᠋ ᠭᠡᠭᠡᠨ ᠦ᠌ ᠨᠢᠭᠤᠷ ᠢ᠋ ᠦᠵᠡᠭᠡᠳ ᠶᠡᠬᠡᠯ᠎ᠡ ᠭᠠᠢᠬᠠᠵᠤ ᠡᠢᠨ ᠠᠢᠯᠠᠳᠬᠠᠷᠤᠨ : 
             ᠲᠦᠮᠡᠨ ᠭᠠᠵᠠᠷ ᠤ᠋ᠨ ᠬᠣᠯᠠ ᠠ᠋ᠴᠠ ᠲᠡᠮᠳᠡᠭᠲᠦ ᠲᠡᠭᠷᠢ ᠭᠡᠮᠡᠨ ᠰᠣᠨᠣᠰᠤᠯᠤᠭ᠎ᠠ 
             ᠲᠦᠳᠡᠯ ᠦᠭᠡᠢ ᠬᠦᠷᠴᠦ ᠢᠷᠡᠬᠦᠶ᠎ᠡ ᠲᠡᠩᠴᠡᠰᠢ ᠦᠭᠡᠢ ᠭᠡᠷᠡᠯᠲᠡᠢ ᠪᠠᠢᠨᠠᠮ᠃ 
             ᠲᠥᠷᠥᠭᠰᠡᠨ ᠭᠡᠷᠡᠯ ᠨᠠᠷᠠᠨ ᠢ᠋ ᠳᠠᠷᠤᠬᠤ ᠭᠡᠭᠡᠬᠡᠨ ᠴᠣᠭᠴᠠ ᠳ᠋ᠤᠷ ᠠᠨᠤ 
             ᠲᠥᠷᠥᠯᠬᠢ ᠮᠢᠨᠦ ᠡᠯᠢᠭᠡ ᠵᠢᠷᠦᠬᠡ ᠡᠴᠡ ᠰᠢᠲᠦᠨ ᠰᠦᠰᠦᠭᠯᠡᠵᠦ ᠪᠢᠰᠢᠷᠡᠪᠡ᠃ 
             ᠪᠠᠷᠠᠭᠤᠨ ᠲᠥᠪᠡᠳ ᠲᠣᠷ ᠬᠥᠮᠦᠨ ᠦ᠌ ᠡᠷᠬᠡᠲᠦ ᠰᠤᠤᠲᠤ ᠬᠠᠭᠠᠨ ᠭᠡᠮᠡᠨ 
             ᠪᠠᠯᠪᠤ ᠤᠯᠤᠰ ᠲᠤᠷ ᠬᠦᠴᠦᠨ ᠬᠦᠷᠳᠦᠲᠦ ᠪᠣᠭᠳᠠ ᠡᠵᠡᠨ ᠲᠡᠮᠦᠵᠢᠨ 
             ᠪᠠᠬᠠᠷᠬᠠᠬᠤ ᠤᠯᠤᠰ ᠲᠤᠷ ᠲᠡᠭᠷᠢ ᠶ᠋ᠢᠨ ᠬᠥᠪᠡᠭᠦᠨ ᠴᠢᠩᠭᠢᠰ ᠬᠠᠭᠠᠨ ᠬᠡᠮᠡᠭᠡᠳ 
             ᠪᠠᠬᠠᠨ ᠲᠡᠳᠦᠢ ᠴᠦ᠍ ᠬᠣᠭᠣᠰᠣᠨ ᠦᠭᠡᠢ ᠦᠨᠡᠬᠡᠷ ᠬᠥᠮᠦᠨ ᠦ᠌ ᠡᠷᠭᠢᠨ ᠠᠵᠤᠭᠤ ! 
ᠭᠡᠮᠡᠨ ᠮᠥᠷᠭᠥᠭᠰᠡᠨ ᠳ᠋ᠦ᠍ᠷ ᠬᠠᠭᠠᠨ ᠤ᠋ ᠭᠡᠭᠡᠨ ᠶᠠᠭᠠᠷᠠᠨ ᠵᠣ᠌ ᠴᠢᠨ ᠸᠠᠩ ᠢ᠋ᠶ᠋ᠠᠷ ᠲᠦᠰᠢᠭᠦᠯᠦᠨ ᠪᠣᠰᠬᠠᠵᠤ᠂ ᠳᠡᠷᠭᠡᠳᠡ ᠪᠡᠨ ᠪᠣᠭᠣᠨᠢ ᠰᠠᠭᠤᠳᠠᠯ ᠥᠭᠴᠦ ᠰᠢᠷᠡᠭᠡ ᠲᠠᠯᠪᠢᠭᠤᠯᠤᠨ ᠬᠦᠨᠳᠦ ᠬᠤᠷᠢᠮ ᠬᠠᠢᠷᠠᠯᠠᠨ᠂ ᠬᠦᠷᠭᠡᠵᠦ ᠢᠷᠡᠭᠰᠡᠨ ᠮᠢᠩᠭᠠᠨ ᠠᠴᠢᠶ᠎ᠠ ᠡᠳ᠋ ᠢ᠋ ᠶᠡᠬᠡ ᠲᠥᠷᠥ ᠶ᠋ᠢᠨ ᠡᠮᠦᠨ᠎ᠡ ᠨᠠᠷᠠᠨ ᠰᠠᠷᠠᠨ ᠲᠡᠭᠷᠢ ᠭᠠᠵᠠᠷ ᠲᠤᠷ ᠦᠵᠡᠭᠦᠯᠦᠨ ᠳᠡᠯᠭᠡᠵᠦ᠂ ᠳᠣᠯᠣᠭᠠᠨ ᠡᠳᠦᠷ ᠲᠠᠯᠪᠢᠵᠤ ᠰᠠᠶᠢ ᠬᠣᠷᠢᠶᠠᠨ ᠶᠡᠬᠡ ᠰᠠᠩ ᠬᠥᠮᠥᠷᠭᠡ ᠳ᠋ᠦ᠍ᠷ ᠣᠷᠣᠭᠤᠯᠪᠠ᠃ ᠬᠠᠯᠬ᠎ᠠ ᠤᠯᠤᠰ ᠤ᠋ᠨ ᠠᠰᠢᠯᠠᠨ ᠬᠠᠭᠠᠨ ᠡᠮᠦᠨ᠎ᠡ ᠠᠯᠲᠠᠨ ᠤᠯᠤᠰ ᠢ᠋ ᠲᠠᠢᠯᠠᠬᠤᠢ ᠳ᠋ᠤᠷ ᠥᠴᠦᠬᠡᠨ ᠲᠤᠰᠠ ᠪᠣᠯᠭᠠᠮᠤᠢ ᠭᠡᠮᠡᠨ ᠬᠡᠳᠦᠨ ᠮᠢᠩᠭᠠᠨ ᠲᠡᠨᠡᠭ ᠬᠦᠴᠦᠲᠦ ᠴᠡᠷᠢᠭ ᠠᠪᠴᠤ ᠬᠠᠭᠠᠨ ᠤ᠋ ᠡᠮᠦᠨ᠎ᠡ ᠪᠣᠯᠰᠤᠭᠠᠢ ᠭᠡᠮᠡᠨ ᠴᠢᠩ ᠦᠨᠡᠨ ᠢ᠋ᠶ᠋ᠡᠷ ᠠᠢᠯᠠᠳᠬᠠᠬᠤᠢ ᠳ᠋ᠤᠷ ᠬᠠᠭᠠᠨ ᠲᠡᠭᠦᠨ ᠦ᠌ ᠴᠢᠩ ᠦᠨᠡᠨ ᠢ᠋ ᠮᠡᠳᠡᠵᠦ ᠵᠥᠪᠰᠢᠶᠡᠨ᠂ ᠮᠥᠨ ᠴᠡᠷᠢᠭ ᠢ᠋ ᠬᠡᠳᠡᠷ ᠠᠭᠤᠯᠠᠨ ᠳ᠋ᠤᠷ ᠪᠣᠯᠪᠠᠰᠤᠷᠠᠭᠤᠯᠪᠠ᠃ ᠳᠠᠭᠠᠯᠳᠤᠭ᠎ᠠ ᠬᠠᠪᠤᠷ ᠤ᠋ᠨ ᠳᠤᠮᠳᠠᠳᠤ ᠬᠣᠶᠠᠷ ᠰᠠᠷ᠎ᠠ ᠳ᠋ᠤ᠌᠂ ᠡᠮᠦᠨᠡᠲᠦ ᠤᠢᠭᠤᠷ ᠤᠯᠤᠰ ᠤ᠋ᠨ ᠡᠵᠡᠨ ᠭᠡᠷᠡᠯ ᠪᠠᠰᠠ ᠬᠦᠨᠳᠦ ᠲᠠᠪᠤᠨ ᠵᠠᠭᠤᠨ ᠠᠴᠢᠶ᠎ᠠ ᠶ᠋ᠢᠨ ᠠᠯᠪᠠ ᠪᠠᠷᠢᠵᠤ ᠳᠠᠭᠠᠷ᠎ᠠ ᠢᠷᠡᠭᠰᠡᠨ ᠳ᠋ᠦ᠍ᠷ ᠬᠠᠭᠠᠨ ᠤ᠋ ᠭᠡᠭᠡᠨ ᠮᠥᠨ ᠬᠦ᠌ ᠵᠣᠴᠢ ᠶ᠋ᠢ ᠭᠠᠷᠭᠠᠨ ᠤᠭᠲᠤᠭᠤᠯᠵᠤ ᠨᠢᠭᠤᠷ ᠥᠭᠭᠦᠨ᠂ ᠬᠠᠯᠬ᠎ᠠ ᠶ᠋ᠢᠨ ᠠᠰᠢᠯᠠᠨ ᠯᠤᠭ᠎ᠠ ᠠᠳᠠᠯᠢ ᠥᠷᠥᠰᠢᠶᠡᠵᠦ᠂ ᠬᠤᠷᠢᠮ ᠬᠠᠢᠷᠠᠯᠠᠨ ᠬᠦᠷᠭᠡᠵᠦ ᠢᠷᠡᠭᠰᠡᠨ ᠠᠯᠪᠠ ᠶ᠋ᠢ ᠮᠥᠨ ᠬᠦ᠌ ᠲᠡᠭᠷᠢ ᠳ᠋ᠦ᠍ᠷ ᠦᠵᠡᠭᠦᠯᠵᠦ ᠬᠣᠷᠢᠶᠠᠨ ᠠᠪᠤᠪᠠ᠃ ᠤᠢᠭᠤᠷ ᠤᠯᠤᠰ ᠤ᠋ᠨ ᠡᠵᠡᠨ ᠭᠡᠷᠡᠯ ᠪᠠᠰᠠ ᠲᠠᠪᠤᠨ ᠮᠢᠩᠭᠠᠨ ᠴᠡᠷᠢᠭ ᠢ᠋ᠶ᠋ᠡᠷ ᠡᠮᠦᠨ᠎ᠡ ᠪᠣᠯᠬᠤ ᠶ᠋ᠢ ᠭᠤᠶᠤᠨ ᠠᠢᠯᠠᠳᠬᠠᠭᠰᠠᠨ ᠳ᠋ᠤᠷ ᠬᠠᠭᠠᠨ ᠵᠥᠪᠰᠢᠶᠡᠵᠦ ᠬᠠᠯᠬ᠎ᠠ ᠤᠯᠤᠰ ᠤ᠋ᠨ ᠠᠰᠢᠯᠠᠨ ᠯᠤᠭ᠎ᠠ ᠴᠡᠷᠢᠭ ᠢ᠋ ᠪᠣᠯᠪᠠᠰᠤᠷᠠᠭᠤᠯᠪᠠ᠃ 
       ᠲᠡᠳᠦᠢ ᠠᠯᠲᠠᠨ ᠤᠯᠤᠰ ᠲᠤᠷ ᠶᠠᠯ᠎ᠠ ᠠᠰᠠᠭᠤᠨ ᠪᠡᠯᠡᠭ ᠬᠦᠷᠭᠡᠭᠰᠡᠨ ᠵᠠᠮᠪᠠᠯ ᠠᠯᠲᠠᠨ ᠤᠯᠤᠰ ᠤ᠋ᠨ ᠬᠣᠲᠠᠨ ᠳ᠋ᠤᠷ ᠣᠷᠣᠵᠤ ᠬᠡᠷᠡᠭ ᠤᠯᠠᠮᠵᠢᠯᠠᠬᠤ ᠶᠠᠮᠤᠨ ᠳ᠋ᠤᠷ ᠬᠦᠷᠴᠦ ᠤᠴᠢᠷ ᠲᠤᠬᠠᠢ ᠪᠠᠨ ᠭᠠᠷᠭᠠᠨ ᠬᠡᠯᠡᠭᠰᠡᠨ ᠳ᠋ᠦ᠍ᠷ ᠠᠯᠲᠠᠨ ᠤ᠋ ᠡᠵᠡᠨ ᠶᠦᠩ ᠵᠢᠢ ᠳᠠᠭᠤᠳᠠᠨ ᠣᠷᠣᠭᠤᠯᠵᠤ ᠵᠣᠯᠭᠠᠨ᠂ ᠪᠢᠴᠢᠭ ᠢ᠋ ᠦᠵᠡᠵᠦ ᠳᠣᠲᠣᠷ᠎ᠠ ᠠᠮᠤᠷ ᠦᠭᠡᠢ ᠪᠣᠯᠵᠤ᠂ ᠪᠠᠰᠠ ᠠᠩᠬᠠᠨ ᠤ᠋ ᠡᠯᠴᠢ ᠡᠴᠢᠭᠰᠡᠨ ᠢ᠋ ᠶᠠᠭᠤᠨ ᠳ᠋ᠤᠷ ᠭᠤᠲᠤᠭᠠᠪᠠ ᠭᠡᠮᠡᠨ ᠠᠰᠠᠭᠤᠭᠰᠠᠨ ᠳ᠋ᠤᠷ ᠵᠠᠮᠪᠠᠯ ᠥᠭᠦᠯᠡᠷᠦᠨ : 《ᠮᠠᠨ ᠤ᠋ ᠤᠯᠤᠰ ᠬᠡᠮᠡᠭᠴᠢ ᠡᠷᠲᠡᠨ ᠦ᠌ ᠬᠡᠳᠦᠨ ᠮᠢᠩᠭᠠᠨ ᠣᠨ ᠠ᠋ᠴᠠ ᠡᠳᠦᠭᠡ ᠬᠦᠷᠲᠡᠯ᠎ᠡ ᠣᠭᠲᠣ ᠡᠮᠦᠨ᠎ᠡ ᠭᠠᠵᠠᠷ ᠤ᠋ᠨ ᠬᠠᠭᠠᠨ ᠳ᠋ᠤᠷ ᠪᠣᠭᠣᠯᠴᠢᠯᠠᠨ ᠳᠠᠭᠠᠭᠰᠠᠨ ᠭᠠᠵᠠᠷ ᠦᠭᠡᠢ ᠪᠥᠭᠡᠲᠡᠯ᠎ᠡ ᠪᠣᠭᠣᠯ ᠤ᠋ᠨ ᠶᠣᠰᠣᠭᠠᠷ ᠪᠢᠴᠢᠭ ᠢᠯᠡᠭᠡᠬᠦ ᠲᠤᠯᠠ ᠲᠡᠢᠨ ᠬᠦ᠌ ᠤᠴᠢᠷ ᠢ᠋ ᠤᠬᠠᠭᠤᠯᠪᠠ᠃ 》ᠶᠦᠩ ᠵᠶ᠋ᠢ ᠪᠠᠰᠠ ᠠᠰᠠᠭᠤᠷᠤᠨ :《ᠲᠠᠨ ᠤ᠋ ᠡᠵᠡᠨ ᠬᠡᠳᠦᠨ ᠮᠢᠩᠭᠠᠨ ᠭᠠᠵᠠᠷ ᠤ᠋ᠨ ᠭᠠᠳᠠᠨ᠎ᠠ ᠪᠠᠢᠵᠤ᠂ ᠮᠢᠨᠦ ᠶᠢᠰᠦᠨ ᠳᠠᠪᠬᠤᠷ ᠤ᠋ᠨ ᠳᠣᠲᠣᠷᠠᠬᠢ ᠶᠠᠯ᠎ᠠ ᠶ᠋ᠢ ᠬᠡᠷᠬᠢᠨ ᠡᠨᠡ ᠮᠡᠲᠦ ᠲᠣᠳᠣᠷᠬᠠᠢ ᠮᠡᠳᠡᠪᠡ ? 》 ᠵᠠᠮᠪᠠᠯ ᠥᠭᠦᠯᠡᠷᠦᠨ : 《ᠬᠠᠭᠠᠨ ᠬᠥᠮᠦᠨ ᠬᠡᠮᠡᠭᠴᠢ ᠳᠡᠯᠡᠬᠡᠢ ᠳ᠋ᠠᠬᠢᠨ ᠤ᠋ ᠨᠠᠷᠠᠨ ᠰᠠᠷᠠᠨ ᠳ᠋ᠤᠷ ᠠᠳᠠᠯᠢ᠂ ᠨᠠᠷᠠᠨ ᠰᠠᠷᠠᠨ ᠳ᠋ᠤᠷ ᠪᠤᠷᠲᠠᠭ ᠭᠬᠢᠷ ᠬᠦᠷᠬᠦ ᠪᠠ ᠭᠬᠢᠷᠲᠦᠬᠦᠢ ᠶ᠋ᠢ ᠳᠡᠯᠡᠬᠡᠢ ᠳ᠋ᠠᠬᠢᠨ ᠴᠥᠮ ᠦᠵᠡᠬᠦ ᠪᠥᠭᠡᠲᠡᠯ᠎ᠡ ᠶᠢᠰᠦᠨ ᠳᠠᠪᠠᠬᠤᠷ ᠭᠡᠷ ᠬᠦᠷᠢᠶ᠎ᠡ ᠪᠡᠷ ᠶᠠᠭᠠᠬᠢᠨ ᠬᠠᠯᠬᠠᠯᠠᠨ ᠴᠢᠳᠠᠮᠤᠢ ! ᠴᠢᠨᠦ ᠵᠠᠭᠤᠨ ᠣᠪᠣᠭᠲᠠᠨ ᠠᠷᠠᠳ ᠬᠣᠶᠠᠷ ᠤᠳᠠᠭ᠎ᠠ ᠡᠴᠢᠵᠦ ᠵᠠᠭᠠᠯᠳᠤᠪᠠ᠃ 》 ᠶᠦᠩ ᠵᠢᠢ ᠠᠰᠠᠭᠤᠷᠤᠨ :《ᠪᠢᠳᠡ ᠲᠠᠨ ᠤ᠋ ᠡᠵᠡᠨ ᠢ᠋ ᠮᠡᠬᠡᠯᠡᠨ ᠠᠴᠢᠷᠠᠵᠤ ᠪᠠᠷᠢᠵᠤ ᠠᠯᠠᠮᠤᠢ ᠬᠡᠮᠡᠭᠰᠡᠨ ᠢ᠋ ᠲᠠᠨ ᠤ᠋ ᠡᠵᠡᠨ ᠶᠠᠭᠠᠬᠢᠨ ᠣᠯᠵᠤ ᠰᠣᠨᠣᠰᠪᠠ ? 》ᠵᠠᠮᠪᠠᠯ ᠥᠭᠦᠯᠡᠷᠦᠨ :《ᠡᠳᠦᠭᠡ ᠡᠷᠭᠢᠨ ᠤᠯᠤᠰ ᠤ᠋ᠨ ᠲᠦᠰᠢᠮᠡᠯ ᠡᠵᠡᠨ ᠳ᠋ᠡᠭᠡᠨ ᠴᠢᠮ᠎ᠠ ᠳ᠋ᠤᠷ ᠬᠣᠷᠣᠰᠴᠤ ᠢᠷᠭᠡᠨ ᠢᠨᠦ ᠲᠦᠰᠢᠮᠡᠯ ᠳ᠋ᠡᠭᠡᠨ ᠬᠣᠷᠣᠰᠬᠤ ᠲᠤᠯᠠ ᠨᠢᠭᠡᠨ ᠦᠭᠡ ᠨᠢᠭᠡᠨ ᠵᠥᠪᠯᠡᠯ ᠳᠡᠯᠡᠬᠡᠢ ᠳ᠋ᠠᠬᠢᠨ ᠢ᠋ ᠲᠣᠭᠣᠷᠢᠵᠤ᠂ ᠰᠢᠶᠠ ᠤᠯᠤᠰ ᠤ᠋ᠨ ᠡᠵᠡᠨ ᠯᠢ ᠠᠨ ᠴᠢᠦᠸᠠᠨ ᠮᠠᠨ ᠤ᠋ ᠤᠯᠤᠰ ᠤ᠋ᠨ ᠬᠠᠭᠠᠨ ᠡᠵᠡᠨ ᠳ᠋ᠦ᠍ᠷ ᠠᠢᠯᠠᠳᠬᠠᠨ ᠢᠯᠡᠭᠡᠵᠦᠬᠦᠢ᠃ ᠲᠡᠢᠨ ᠬᠦ᠌ ᠲᠤᠰᠬᠠᠢᠯᠠᠨ ᠰᠠᠢᠳ ᠨᠠᠮᠠᠶ᠋ᠢ ᠵᠠᠷᠤᠨ ᠲᠣᠳᠣᠷᠬᠠᠢᠯᠠᠨ ᠠᠰᠠᠭᠤᠯᠭᠠᠷ᠎ᠠ ᠵᠠᠷᠤᠪᠠ᠃ 》 ᠬᠡᠮᠡᠭᠰᠡᠨ ᠳ᠋ᠦ᠍ᠷ ᠶᠦᠩ ᠵᠢᠢ ᠥᠭᠦᠯᠡᠷᠦᠨ : 《ᠡᠨᠡ ᠢᠨᠦ ᠴᠢᠨᠦ ᠬᠠᠭᠠᠨ ᠴᠢᠭᠢᠷᠠᠭ ᠤᠯᠤᠰ ᠤ᠋ᠨ ᠬᠡᠷᠡᠭ ᠢ᠋ ᠯᠠᠪᠯᠠᠬᠤ ᠰᠠᠢᠨ ᠰᠡᠳᠬᠢᠯ᠂ ᠴᠢ ᠡᠴᠢᠪᠡᠰᠦ ᠮᠢᠨᠦ ᠦᠭᠡ ᠶ᠋ᠢ ᠰᠠᠢᠬᠠᠨ ᠬᠡᠯᠡ᠂ ᠮᠢᠨᠦ ᠣᠷᠳᠣᠨ ᠤ᠋ ᠳᠣᠲᠣᠷᠠᠬᠢ ᠬᠡᠷᠡᠭ ᠬᠡᠮᠡᠭᠴᠢ ᠮᠢᠨᠦ ᠠᠬ᠎ᠠ ᠬᠠᠭᠠᠨ ᠤ᠋ ᠦᠷ᠎ᠡ ᠶ᠋ᠢ ᠭᠠᠳᠠᠭᠠᠳᠤ ᠹᠧᠢ ᠸᠧᠢ ᠯᠢ ᠱᠢ ᠬᠥᠨᠥᠭᠡᠭᠰᠡᠨ ᠲᠤᠯᠠ ᠪᠢ ᠬᠣᠷᠣᠰᠴᠤ ᠲᠡᠭᠦᠨ ᠢ᠋ ᠦᠬᠦᠭᠦᠯᠪᠡ᠃ ᠵᠢᠴᠢ ᠣᠯᠠᠨ ᠬᠥᠮᠦᠨ ᠨᠠᠮᠠᠶ᠋ᠢ ᠠᠬ᠎ᠠ ᠳ᠋ᠤᠷ ᠢ᠋ᠶ᠋ᠠᠨ ᠬᠣᠣᠷ᠎ᠠ ᠥᠭᠪᠡ ᠬᠡᠮᠡᠭᠴᠢ ᠮᠢᠨᠦ ᠤᠯᠤᠰ ᠤ᠋ᠨ ᠰᠥᠷᠭᠡᠦ ᠲᠦᠰᠢᠮᠡᠳ ᠦ᠋ᠨ ᠵᠣᠬᠢᠶᠠᠨ ᠬᠡᠯᠡᠭᠰᠡᠨ ᠬᠤᠳᠠᠯ ᠦᠭᠡ᠂ ᠵᠢᠴᠢ ᠮᠢᠨᠦ ᠡᠯᠴᠢ ᠡᠴᠢᠵᠦ ᠮᠢᠨᠦ ᠰᠦᠷ ᠢ᠋ ᠵᠢᠭᠠᠵᠤ ᠬᠡᠲᠦᠷᠬᠡᠢ ᠰᠠᠮᠠᠭᠤᠨ ᠦᠭᠡ ᠬᠡᠯᠡᠭᠰᠡᠨ ᠢᠨᠦ ᠮᠢᠨᠦ ᠡᠯᠴᠢ ᠶ᠋ᠢᠨ ᠲᠣᠮᠣᠭ᠎ᠠ ᠦᠭᠡᠢ ᠶ᠋ᠢᠨ ᠶᠠᠯ᠎ᠠ᠂ ᠪᠢ ᠡᠷᠬᠡᠪᠰᠢ ᠲᠡᠭᠦᠨ ᠢ᠋ ᠠᠯᠠᠵᠤ ᠥᠭᠰᠦᠭᠡᠢ᠃ ᠵᠢᠴᠢ ᠡᠦ ᠰᠠᠨ ᠹᠦ ᠶ᠋ᠢ ᠪᠠᠷᠢᠭᠤᠯᠤᠭᠰᠠᠨ ᠠᠨᠤ ᠮᠢᠨᠦ ᠬᠣᠢᠲᠤ ᠮᠣᠵᠢ ᠶ᠋ᠢᠨ ᠲᠡᠷᠢᠭᠦᠯᠡᠭᠴᠢ ᠲᠦᠰᠢᠮᠡᠯ ᠠᠨᠠᠮᠠᠢ ᠶ᠋ᠢᠨ ᠨᠠᠳᠠ ᠠ᠋ᠴᠠ ᠳᠠᠯᠳᠠᠭᠤᠷ ᠬᠢᠭᠰᠡᠨ ᠬᠡᠷᠡᠭ᠂ ᠡᠳᠡᠭᠡᠷ ᠬᠡᠷᠡᠭ ᠮᠡᠬᠦᠰ ᠬᠥᠮᠦᠨ ᠨᠠᠳᠠ ᠳ᠋ᠤᠷ ᠣᠭᠲᠣ ᠬᠠᠷᠢᠶ᠎ᠠ ᠦᠭᠡᠢ᠃ ᠡᠢᠨ ᠠᠲᠠᠯ᠎ᠠ ᠲᠠᠨ ᠤ᠋ ᠡᠵᠡᠨ ᠴᠢᠩᠭᠢᠰ ᠬᠠᠭᠠᠨ ᠪᠠᠰᠠ ᠠᠯᠪᠠ ᠢᠯᠡᠭᠡᠵᠦ᠂ ᠪᠠᠰᠠ ᠪᠡᠯᠡᠭ ᠬᠦᠷᠭᠡᠭᠰᠡᠨ᠎ᠡ ᠮᠡᠬᠦᠰ ᠪᠢ ᠭᠦᠨ᠎ᠡ ᠲᠠᠯᠠᠷᠬᠠᠮᠤᠢ ! 》ᠬᠡᠮᠡᠭᠰᠡᠨ ᠳ᠋ᠦ᠍ᠷ ᠵᠠᠮᠪᠠᠯ ᠥᠭᠦᠯᠡᠷᠦᠨ : 《ᠡᠳᠡᠭᠡᠷ ᠲᠠᠪᠤᠨ ᠵᠦᠢᠯ ᠢ᠋ ᠬᠠᠭᠠᠨ ᠴᠢ ᠬᠢᠨᠠᠵᠤ ᠦᠵᠡᠲᠦᠭᠡᠢ ! 》 ᠭᠡᠮᠡᠨ ᠭᠠᠷᠴᠤ ᠢᠷᠡᠲᠡᠯ᠎ᠡ ᠬᠣᠢᠲᠤ ᠬᠢᠵᠠᠭᠠᠷ ᠤ᠋ᠨ ᠠᠨᠠᠮᠠᠢ ᠬᠦᠷᠴᠦ ᠢᠷᠡᠭᠡᠳ ᠲᠥᠷᠥ ᠳ᠋ᠦ᠍ᠷ ᠭᠠᠷᠬᠤᠢ ᠳ᠋ᠤᠷ ᠵᠠᠮᠪᠠᠯ ᠯᠤᠭ᠎ᠠ ᠤᠴᠠᠷᠠᠵᠤ ᠬᠠᠷᠢᠶᠠᠨ ᠥᠭᠦᠯᠡᠷᠦᠨ : 《ᠬᠣᠢᠲᠤ ᠬᠢᠵᠠᠭᠠᠷ ᠤ᠋ᠨ ᠵᠡᠷᠯᠢᠭ ᠠᠷᠢᠶᠠᠲᠠᠨ ᠶᠠᠭᠤᠨ ᠳ᠋ᠤᠷ ᠮᠠᠨ ᠤ᠋ ᠶᠡᠬᠡ ᠠᠯᠲᠠᠨ ᠤᠯᠤᠰ ᠤ᠋ᠨ ᠲᠥᠷᠥ ᠳ᠋ᠦ᠍ᠷ ᠶᠠᠪᠤᠮᠤᠢ ? ᠡᠨᠡ ᠪᠣᠭᠣᠯ ᠢ᠋ ᠶᠠᠭᠤᠨ ᠳ᠋ᠤᠷ ᠡᠰᠡ ᠠᠯᠠᠪᠠ ? 》ᠬᠡᠮᠡᠭᠰᠡᠨ ᠳ᠋ᠦ᠍ᠷ ᠵᠠᠮᠪᠠᠯ ᠬᠠᠷᠢᠭᠤ ᠬᠠᠷᠢᠶᠠᠨ ᠥᠭᠦᠯᠡᠷᠦᠨ: 《ᠡᠵᠡᠨ ᠢ᠋ᠶ᠋ᠡᠨ ᠲᠡᠰᠡᠷᠭᠦᠯᠡᠵᠦ ᠤᠯᠤᠰ ᠢ᠋ᠶ᠋ᠡᠨ ᠪᠠᠷᠠᠭᠳᠠᠭᠤᠯᠬᠤ ᠤᠰᠤᠨ ᠬᠠᠭᠤᠷᠠᠢ ᠶ᠋ᠢᠨ ᠬᠠᠪᠲᠠᠰᠤ ᠪᠣᠭᠣᠯ᠂ ᠠᠯᠲᠠᠨ ᠤᠯᠤᠰ ᠴᠢᠨᠦ ᠭᠠᠷ ᠲᠤᠷ ᠪᠦᠷᠢᠯᠦᠮᠦᠢ ! 》ᠭᠡᠮᠡᠨ ᠴᠠᠷᠭᠢᠯᠲᠤᠭᠰᠠᠨ ᠢ᠋ ᠲᠥᠷᠥ ᠶ᠋ᠢᠨ ᠭᠠᠳᠠᠭᠠᠳᠤ ᠰᠠᠢᠳ ᠰᠠᠯᠭᠠᠭᠰᠠᠨ ᠳ᠋ᠤᠷ ᠵᠠᠮᠪᠠᠯ ᠪᠠᠭᠤᠳᠠᠯ ᠳ᠋ᠤᠷ ᠢᠷᠠᠪᠠᠰᠤ ᠬᠠᠭᠠᠨ ᠠᠨᠤ ᠬᠤᠷᠢᠮ ᠦᠭᠡᠢ ᠲᠤᠯᠠ ᠠᠭᠤᠷᠯᠠᠵᠤ ᠮᠣᠷᠢ ᠪᠠᠨ ᠤᠨᠤᠵᠤ ᠵᠦᠩ ᠳ᠋ᠦ᠍ ᠬᠣᠲᠠᠨ ᠠ᠋ᠴᠠ ᠭᠠᠷᠴᠤ ᠬᠦᠷᠭᠡᠬᠦ ᠲᠦᠰᠢᠮᠡᠯ ᠢ᠋ ᠰᠢᠪᠲᠠᠨ ᠠᠪᠴᠤ ᠮᠣᠩᠭᠣᠯ ᠤᠯᠤᠰ ᠲᠠᠭᠠᠨ ᠡᠭᠡᠪᠡ᠃ 
       ᠲᠡᠳᠦᠢ ᠠᠨᠠᠮᠠᠢ ᠬᠠᠭᠠᠨ ᠤ᠋ ᠪᠠᠨ ᠳᠡᠷᠭᠡᠳᠡ ᠣᠷᠣᠪᠠᠰᠤ᠂ ᠶᠦᠩ ᠵᠢᠢ ᠸᠧᠢ ᠱᠣᠣ ᠸᠠᠩ ᠠᠨᠠᠮᠠᠢ ᠠ᠋ᠴᠠ ᠠᠰᠠᠭᠤᠷᠤᠨ : 《ᠴᠢ ᠬᠢᠵᠠᠭᠠᠷ ᠢ᠋ᠶ᠋ᠠᠨ ᠰᠠᠬᠢᠬᠤ ᠦᠭᠡᠢ ᠶᠠᠭᠤᠨ ᠳ᠋ᠤᠷ ᠢᠷᠡᠪᠡ ? 》 ᠠᠨᠠᠮᠠᠢ ᠠᠢᠯᠠᠳᠬᠠᠷᠤᠨ : 《ᠮᠣᠩᠭᠣᠯ ᠤ᠋ᠨ ᠴᠡᠷᠢᠭ ᠨᠢᠳᠤᠨᠤᠨ ᠨᠠᠮᠤᠷ ᠬᠣᠶᠠᠷ ᠠᠩᠭᠢ ᠪᠠᠷ ᠢᠷᠡᠵᠦ᠂ ᠮᠠᠨ ᠤ᠋ ᠬᠢᠵᠠᠭᠠᠷ ᠢ᠋ ᠬᠠᠯᠳᠠᠵᠤ ᠮᠤᠬᠤᠯᠢ᠂ ᠵᠡᠪᠡ ᠬᠡᠮᠡᠬᠦ ᠢᠨᠦ ᠲᠠᠪᠤᠨ ᠲᠦᠮᠡᠨ ᠴᠡᠷᠢᠭ ᠢ᠋ᠶ᠋ᠡᠷ ᠮᠠᠨ ᠤ᠋ ᠡᠦ ᠰᠠᠨ ᠹᠦ ᠶ᠋ᠢᠨ ᠭᠠᠵᠠᠷ ᠢ᠋ ᠪᠠᠷᠠᠲᠠᠯ᠎ᠠ ᠳᠠᠪᠴᠢᠯᠠᠪᠠ᠃ ᠪᠠᠰᠠ ᠮᠣᠩᠭᠣᠯ ᠤ᠋ᠨ ᠡᠵᠡᠨ ᠦ᠌ ᠬᠣᠶᠠᠳᠤᠭᠠᠷ ᠬᠥᠪᠡᠭᠦᠨ ᠴᠠᠭᠠᠲᠠᠢ᠂ ᠰᠢᠶᠠ ᠤᠯᠤᠰ ᠤ᠋ᠨ ᠴᠡᠷᠢᠭ ᠢ᠋ ᠠᠪᠴᠤ ᠮᠠᠨ ᠤ᠋ ᠪᠠᠷᠠᠭᠤᠨ ᠬᠣᠢᠲᠤ ᠳ᠋ᠤᠸᠠᠨ ᠵᠧᠦ ᠬᠣᠲᠠ ᠶ᠋ᠢ ᠪᠠᠷᠠᠲᠠᠯ᠎ᠠ ᠲᠠᠪᠴᠢᠯᠠᠪᠠ᠃ ᠣᠳᠣ ᠡᠰᠡ ᠳᠠᠢᠯᠠᠪᠠᠰᠤ ᠪᠣᠯᠬᠤ ᠦᠭᠡᠢ ᠪᠣᠯᠤᠭᠰᠠᠨ ᠳ᠋ᠤᠷ ᠬᠠᠭᠠᠨ ᠳ᠋ᠤᠷ ᠠᠢᠯᠠᠳᠬᠠᠵᠤ ᠳᠠᠢᠯᠠᠬᠤ ᠵᠠᠷᠯᠢᠭ ᠢ᠋ ᠭᠣᠶᠣᠷ᠎ᠠ ᠢᠷᠡᠪᠡ᠃ 》ᠸᠧᠢ ᠱᠣᠣ ᠸᠠᠩ ᠥᠭᠦᠯᠡᠷᠦᠨ : 《ᠪᠢ ᠮᠣᠩᠭᠣᠯ ᠤ᠋ᠨ ᠡᠵᠡᠨ ᠲᠡᠮᠦᠵᠢᠨ ᠯᠦ᠍ᠭᠡ ᠣᠭᠲᠣ ᠲᠣᠳᠣᠷᠬᠠᠢ ᠥ ᠦᠰ ᠦᠭᠡᠢ ᠪᠥᠭᠡᠲᠡᠯ᠎ᠡ ᠴᠢ ᠶᠠᠭᠤᠨ ᠳ᠋ᠤᠷ ᠰᠠᠮᠠᠭᠤᠨ ᠳᠡᠭᠳᠡᠬᠦ ᠦᠭᠡ ᠭᠠᠷᠭᠠᠮᠤᠢ ?  ᠥᠨᠥᠬᠡᠨ ᠮᠣᠩᠭᠣᠯ ᠤ᠋ᠨ ᠡᠯᠴᠢ ᠡᠳᠡᠭᠡᠷ ᠤᠴᠢᠷ ᠢ᠋ ᠲᠠᠪᠤᠨ ᠵᠦᠢᠯ ᠵᠢᠭ᠍ᠰᠠᠭᠠᠵᠤ ᠲᠣᠳᠣᠷᠬᠠᠢᠯᠠᠨ ᠠᠰᠠᠭᠤᠷ᠎ᠠ ᠢᠷᠡᠪᠡ᠃ ᠪᠢ ᠠᠷᠠᠢᠬᠠᠨ ᠨᠠᠮᠬᠠᠷᠠᠭᠤᠯᠤᠨ ᠬᠡᠯᠡᠵᠦ ᠭᠠᠷᠭᠠᠪᠠ᠃ ᠠᠨᠠᠮᠠᠢ ᠴᠢ ᠶᠠᠭᠤᠨ ᠳ᠋ᠤᠷ ᠲᠤᠰᠠ ᠦᠭᠡᠢ ᠰᠠᠮᠠᠭᠤᠨ ᠢ᠋ ᠡᠷᠢᠮᠦᠢ ? 》ᠬᠡᠮᠡᠭᠰᠡᠨ ᠳ᠋ᠦ᠍ᠷ ᠠᠨᠠᠮᠠᠢ ᠶᠠᠭᠠᠷᠠᠨ ᠴᠢᠷᠮᠠᠢᠨ ᠠᠢᠯᠠᠳᠬᠠᠷᠤᠨ : 《ᠨᠢᠳᠤᠨᠤᠨ ᠨᠠᠮᠤᠷ ᠮᠠᠨ ᠤ᠋ ᠡᠦ ᠰᠠᠨ ᠹᠦ᠂ ᠳ᠋ᠤᠸᠠᠨ ᠵᠧᠦ ᠶ᠋ᠢ ᠲᠠᠪᠴᠢᠯᠠᠪᠠ ᠃ ᠡᠨᠡ ᠵᠢᠯ ᠰᠢᠶᠠ᠂ ᠤᠢᠭᠤᠷ᠂ ᠬᠠᠯᠬ᠎ᠠ ᠶ᠋ᠢᠨ ᠵᠡᠷᠭᠡ ᠵᠡᠷᠭᠡᠯᠡᠳᠡᠭᠡ ᠤᠯᠤᠰ ᠴᠥᠮ ᠮᠣᠩᠭᠣᠯ ᠳ᠋ᠤᠷ ᠪᠢᠰᠢᠷᠡᠨ ᠳᠠᠭᠠᠵᠤ ᠴᠡᠷᠢᠭ ᠬᠠᠪᠰᠤᠷᠤᠨ᠂ ᠡᠳᠦᠭᠡ ᠦᠵᠡᠲᠡᠯ᠎ᠡ ᠭᠤᠷᠪᠠᠨ ᠶᠡᠬᠡ ᠤᠯᠤᠰ ᠬᠠᠮᠲᠤ ᠪᠠᠷ ᠮᠥᠨ ᠨᠤᠮᠤ ᠵᠡᠪᠡ ᠪᠡᠨ ᠵᠠᠰᠠᠵᠤ ᠬᠢᠯᠭᠡᠨ᠂ ᠴᠡᠷᠢᠭ ᠦ᠋ᠨ ᠬᠣᠷᠢᠶ᠎ᠠ ᠳ᠋ᠤᠷ ᠲᠥᠪᠡᠳ ᠲᠠᠩᠭᠤᠳ ᠰᠠᠢᠨ ᠡᠷᠡᠰ ᠢ᠋ ᠰᠣᠩᠭᠣᠨ ᠠᠪᠴᠤ ᠮᠣᠷᠢ ᠶ᠋ᠢ ᠲᠠᠯ᠎ᠠ ᠶ᠋ᠢᠨ ᠡᠪᠡᠰᠦᠨ ᠳ᠋ᠦ᠍ᠷ ᠬᠤᠷᠯᠠᠵᠤ᠂ ᠬᠤᠶᠠᠭ ᠳᠤᠭᠤᠯᠠᠭ᠎ᠠ ᠲᠡᠷᠭᠡ ᠰᠡᠦᠬᠡ ᠲᠤᠭ ᠳᠠᠯᠪᠠᠭ᠎ᠠ ᠶ᠋ᠢ ᠨᠡᠮᠡᠨ ᠪᠠᠢᠭᠤᠯᠵᠤ᠂ ᠬᠡᠳᠡᠷ ᠠᠭᠤᠯᠠᠨ ᠦᠷᠢᠯᠲᠦ ᠠᠭᠤᠯᠠᠨ ᠳ᠋ᠤᠷ ᠨᠠᠢ᠍ᠮᠠᠨ ᠲᠦᠮᠡᠨ ᠴᠡᠷᠢᠭ ᠢ᠋ ᠪᠣᠯᠪᠠᠰᠤᠷᠠᠭᠤᠯᠵᠤ ᠪᠠᠢᠬᠤ ᠠᠨᠤ ᠮᠠᠨ ᠤ᠋ ᠤᠯᠤᠰ ᠢ᠋ ᠠᠪᠬᠤ ᠰᠠᠨᠠᠭ᠎ᠠ ᠪᠤᠰᠤ ᠶᠠᠭᠤᠨ ? ᠬᠠᠭᠠᠨ ᠡᠵᠡᠨ ᠶᠠᠭᠤᠨ ᠳ᠋ᠤᠷ ᠰᠠᠢᠳ ᠨᠠᠮᠠᠶ᠋ᠢ ᠴᠦᠯᠢᠰᠳᠡᠪᠡ ᠭᠡᠮᠡᠨ ᠪᠤᠷᠤᠭᠤᠰᠢᠶᠠᠮᠤᠢ ? 》ᠬᠡᠮᠡᠭᠰᠡᠨ ᠳ᠋ᠦ᠍ᠷ ᠸᠧᠢ ᠱᠣᠣ ᠸᠠᠩ ᠵᠣᠷᠢᠮᠠᠭ ᠢ᠋ᠶ᠋ᠠᠷ ᠶᠡᠬᠡᠯ᠎ᠡ ᠬᠢᠯᠢᠩᠯᠡᠵᠦ :《ᠡᠨᠡ ᠪᠣᠭᠣᠯ ᠬᠢᠵᠠᠭᠠᠷ ᠢ᠋ ᠬᠢᠴᠢᠶᠡᠨ ᠰᠠᠬᠢᠬᠤ ᠲᠤᠰᠬᠠᠢ ᠲᠤᠰᠢᠶᠠᠯ ᠢ᠋ᠶ᠋ᠠᠨ ᠬᠢᠴᠢᠶᠡᠬᠦ ᠦᠭᠡᠢ᠂ ᠬᠠᠷᠢᠨ ᠵᠣᠷᠢᠮᠠᠭ ᠢ᠋ᠶ᠋ᠠᠷ ᠭᠠᠳᠠᠭᠠᠳᠤ ᠤᠯᠤᠰ ᠯᠤᠭ᠎ᠠ ᠬᠠᠯᠳᠠᠵᠤ ᠦᠰ ᠲᠠᠷᠢᠨ᠂ ᠮᠢᠨᠦ ᠰᠢᠨ᠎ᠡ ᠪᠠᠢᠭᠤᠯᠤᠭᠰᠠᠨ ᠤᠯᠤᠰ ᠤ᠋ᠨ ᠴᠡᠷᠢᠭ ᠢ᠋ᠶ᠋ᠡᠷ ᠥᠪᠡᠷ ᠦ᠋ᠨ ᠠᠮᠢᠨ ᠤ᠋ ᠦᠰ ᠢ᠋ᠶ᠋ᠡᠨ ᠠᠪᠤᠮᠤᠢ ᠭᠡᠮᠡᠨ ᠮᠢᠨᠦ ᠤᠯᠤᠰ ᠲᠥᠷᠥ ᠳ᠋ᠦ᠍ᠷ ᠬᠥᠨᠥᠭᠡᠯ ᠳᠡᠭᠳᠡᠭᠡᠪᠡ᠃ ᠲᠡᠢᠨ ᠪᠥᠭᠡᠳ ᠶᠠᠯ᠎ᠠ ᠪᠠᠨ ᠮᠡᠳᠡᠬᠦ ᠦᠭᠡᠢ ᠬᠠᠷᠢᠨ ᠮᠡᠬᠦᠰ ᠬᠥᠮᠦᠨ ᠯᠦ᠍ᠭᠡ ᠤᠷᠠᠨ ᠦᠭᠡ ᠪᠡᠷ ᠲᠡᠮᠡᠴᠡᠨ ᠬᠡᠯᠡᠯᠴᠡᠮᠦᠢ᠃ 》ᠭᠡᠮᠡᠨ ᠨᠢᠭᠡᠨᠲᠡ ᠵᠠᠬᠢᠵᠤ ᠪᠠᠭᠤᠯᠭᠠᠭᠠᠳ ᠭᠢᠨᠳᠠᠨ ᠳ᠋ᠤᠷ ᠬᠣᠷᠢᠵᠤ ᠶᠠᠭᠠᠷᠠᠨ ᠴᠡᠷᠢᠭ ᠭᠠᠷᠭᠠᠨ ᠠᠨᠠᠮᠠᠢ ᠶ᠋ᠢᠨ ᠭᠡᠷ ᠡᠷᠦᠬᠡ ᠶ᠋ᠢ ᠴᠥᠮ ᠵᠠᠬᠢᠷᠤᠭᠤᠯᠪᠠ᠃  
       ᠲᠡᠳᠦᠢ ᠶᠠᠭᠠᠷᠠᠨ ᠬᠠᠭᠤᠴᠢᠨ ᠯᠢᠶᠣᠤ ᠶ᠋ᠢᠨ ᠬᠥᠮᠦᠨ ᠰᠢᠮᠦ ᠮᠢᠩᠭᠠᠨ ᠬᠡᠮᠡᠬᠦ ᠲᠦᠰᠢᠮᠡᠯ ᠢ᠋ ᠰᠣᠩᠭᠣᠨ ᠭᠠᠷᠭᠠᠵᠤ᠂ ᠲᠡᠭᠦᠨ ᠳ᠋ᠦ᠍ᠷ ᠮᠣᠩᠭᠣᠯ ᠤᠯᠤᠰ ᠲᠤᠷ ᠬᠠᠷᠢᠭᠤ ᠬᠦᠷᠭᠡᠬᠦ ᠬᠦᠨᠳᠦ ᠠᠯᠲᠠᠨ ᠬᠠᠰ ᠲᠣᠷᠭ᠎ᠠ ᠲᠦᠷᠭᠡ ᠶ᠋ᠢ ᠠᠷᠪᠠᠨ ᠲᠡᠷᠭᠡ ᠲᠡᠭᠡᠭᠡᠯᠭᠡᠵᠦ᠂ ᠬᠣᠶᠠᠷ ᠤᠯᠤᠰ ᠬᠠᠷᠢᠯᠴᠠᠨ ᠡᠶᠡᠳᠡᠵᠦ ᠨᠠᠢᠷᠠᠯᠳᠤᠰᠤᠭᠠᠢ ᠬᠡᠮᠡᠬᠦ ᠵᠣᠣ ᠪᠢᠴᠢᠭ ᠪᠠᠷᠢᠭᠤᠯᠵᠤ ᠡᠶ᠎ᠡ ᠪᠣᠯᠬᠤ ᠡᠯᠴᠢ ᠶ᠋ᠢ ᠶᠠᠪᠤᠭᠤᠯᠪᠠ᠃ ᠡᠨᠡ ᠢᠨᠦ ᠮᠣᠩᠭᠣᠯ ᠤ᠋ᠨ ᠬᠠᠭᠠᠨ ᠢ᠋ ᠮᠡᠬᠡᠯᠡᠨ ᠢᠷᠡᠭᠦᠯᠦᠭᠡᠳ ᠬᠣᠣᠷᠯᠠᠰᠤᠭᠠᠢ ᠬᠡᠮᠡᠭᠰᠡᠨ ᠰᠠᠨᠠᠭᠠᠨ᠃  
      ᠲᠡᠳᠦᠢ ᠰᠢᠮᠦ ᠮᠢᠩᠭᠠᠨ᠂ ᠠᠯᠲᠠᠨ ᠤᠯᠤᠰ ᠤ᠋ᠨ ᠸᠧᠢ ᠱᠣᠣ ᠸᠠᠩ ᠤ᠋ᠨ ᠬᠦᠨᠳᠦ ᠪᠡᠯᠡᠭ᠂ ᠨᠠᠢᠷᠠᠯᠳᠤᠬᠤ ᠵᠣᠣ ᠪᠢᠴᠢᠭ ᠢ᠋ ᠡᠭᠦᠷᠴᠦ ᠣᠭᠲᠣ ᠠᠶᠤᠮᠰᠢᠭ᠋ ᠦᠭᠡᠢ ᠤᠷᠢᠳᠤ ᠶ᠋ᠢᠨ ᠵᠠᠷᠯᠢᠭ ᠤ᠋ᠨ ᠰᠠᠢᠳ ᠤ᠋ᠨ ᠶᠡᠬᠡ ᠪᠠᠢᠷᠢ ᠭᠠᠷᠭᠠᠬᠤ ᠦᠭᠡᠢ᠂ ᠠᠯᠲᠠᠨ ᠤᠯᠤᠰ ᠤ᠋ᠨ ᠡᠯᠴᠢ ᠶ᠋ᠢᠨ ᠶᠣᠰᠣᠭᠠᠷ ᠮᠣᠩᠭᠣᠯ ᠤᠯᠤᠰ ᠤ᠋ᠨ ᠬᠣᠲᠠᠨ ᠳ᠋ᠤᠷ ᠬᠦᠷᠴᠦ ᠤᠯᠤᠰ ᠤ᠋ᠨ ᠬᠡᠷᠡᠭ ᠤᠯᠠᠮᠵᠢᠯᠠᠬᠤ ᠴᠠᠴᠠᠷ ᠲᠤᠷ ᠢᠷᠡᠵᠦ᠂ ᠴᠡᠷᠢᠭ ᠦ᠋ᠨ ᠶᠤᠸᠠᠨᠱᠤᠸᠠᠢ ᠮᠤᠬᠤᠯᠢ ᠳ᠋ᠤᠷ ᠵᠣᠯᠭᠠᠵᠤ ᠤᠴᠢᠷ ᠢ᠋ ᠪᠦᠷᠢᠳᠬᠡᠨ ᠮᠡᠳᠡᠭᠦᠯᠪᠡ᠃ ᠡᠨᠡ ᠦᠶ᠎ᠡ ᠳ᠋ᠦ᠍ᠷ ᠠᠯᠲᠠᠨ ᠤᠯᠤᠰ ᠤ᠋ᠨ ᠭᠠᠵᠠᠷ ᠡᠴᠢᠭᠰᠡᠨ ᠮᠣᠩᠭᠣᠯ ᠤ᠋ᠨ ᠡᠯᠴᠢ ᠵᠠᠮᠪᠠᠯ ᠡᠭᠡᠵᠦ ᠢᠷᠡᠨ ᠵᠠᠷᠯᠢᠭ ᠢ᠋ ᠡᠭᠡᠭᠦᠯᠵᠦ᠂ ᠠᠯᠲᠠᠨ ᠤᠯᠤᠰ ᠤ᠋ᠨ ᠤᠴᠢᠷ ᠢ᠋ ᠨᠠᠷᠢᠪᠴᠢᠯᠠᠨ ᠠᠢᠯᠠᠳᠬᠠᠨ ᠲᠡᠳᠡᠨ ᠢᠨᠦ ᠬᠠᠭᠠᠨ ᠤ᠋ ᠭᠡᠭᠡᠨ ᠢ᠋ ᠮᠡᠬᠡᠯᠡᠨ ᠠᠪᠠᠴᠢᠵᠤ᠂ ᠬᠣᠣᠷᠯᠠᠬᠤ ᠰᠠᠨᠠᠭᠠᠨ ᠢ᠋ ᠬᠡᠯᠡᠭᠰᠡᠨ ᠠᠵᠤᠭᠤ ᠃ 
       ᠲᠡᠳᠦᠢ ᠡᠨᠡ ᠤᠳᠠᠭ᠎ᠠ ᠶ᠋ᠢᠨ ᠡᠯᠴᠢ ᠪᠡᠷ ᠡᠳᠡᠭᠡᠷ ᠬᠦᠨᠳᠦ ᠪᠡᠯᠡᠭ ᠢ᠋ ᠡᠷᠭᠦᠵᠦ᠂ ᠬᠣᠶᠠᠷ ᠤᠯᠤᠰ ᠤ᠋ᠨ ᠡᠵᠡᠨ ᠵᠢᠩ ᠵᠧᠦ ᠬᠣᠲᠠ ᠳ᠋ᠤᠷ ᠤᠴᠠᠷᠠᠵᠤ ᠨᠢᠭᠤᠷ ᠲᠤᠯᠤᠨ ᠡᠶᠡᠳᠡᠬᠦ ᠶ᠋ᠢ ᠬᠡᠯᠡᠭᠰᠡᠨ ᠳ᠋ᠦ᠍ᠷ ᠮᠤᠬᠤᠯᠢ ᠬᠡᠳᠦᠢᠨᠡᠢ ᠰᠠᠨᠠᠭᠠᠨ ᠢ᠋ ᠮᠡᠳᠡᠵᠦ᠂ ᠵᠢᠴᠢ ᠡᠳᠦᠷ ᠬᠠᠭᠠᠨ ᠳ᠋ᠤᠷ ᠵᠣᠯᠭᠠᠵᠤ᠂ ᠠᠯᠲᠠᠨ ᠤᠯᠤᠰ ᠤ᠋ᠨ ᠡᠯᠴᠢ ᠰᠢᠮᠦ ᠮᠢᠩᠭᠠᠨ ᠢ᠋ ᠤᠳᠤᠷᠢᠳᠤᠨ ᠪᠠᠷᠠᠭᠠᠳᠠᠭᠤᠯᠤᠭᠰᠠᠨ ᠳ᠋ᠤᠷ ᠰᠢᠮᠦ ᠮᠢᠩᠭᠠᠨ ᠯᠤᠤ ᠶ᠋ᠢᠨ ᠴᠠᠴᠠᠷ ᠤ᠋ᠨ ᠭᠠᠳᠠᠨ᠎ᠠ ᠰᠥᠭᠥᠳᠴᠦ ᠭᠠᠳᠠᠨ᠎ᠠ ᠠ᠋ᠴᠠ ᠬᠠᠭᠠᠨ ᠤ᠋ ᠭᠡᠭᠡᠨ ᠢ᠋ ᠦᠵᠡᠮᠡᠭᠴᠡ ᠳᠣᠲᠣᠷ᠎ᠠ ᠳᠣᠯᠭᠢᠰᠤᠨ ᠬᠥᠳᠡᠯᠦᠨ ᠶᠡᠬᠡᠯ᠎ᠡ ᠭᠠᠢᠬᠠᠨ ᠪᠢᠰᠢᠷᠡᠵᠦ᠂ ᠵᠢᠴᠢ ᠢᠷᠡᠭᠰᠡᠨ ᠤᠴᠢᠷ ᠢ᠋ᠶ᠋ᠠᠨ ᠠᠶᠤᠨ ᠡᠮᠢᠶᠡᠨ ᠪᠦᠷᠢᠳᠬᠡᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠥᠴᠦᠬᠡᠨ ᠮᠦᠰᠢᠶᠡᠵᠦ ᠥᠭᠦᠯᠡᠷᠦᠨ : 《ᠴᠢ ᠡᠭᠡᠪᠡᠰᠦ ᠴᠢᠨᠦ ᠡᠵᠡᠨ ᠳ᠋ᠦ᠍ᠷ ᠢ᠋ᠶ᠋ᠡᠨ ᠰᠠᠢᠬᠠᠨ ᠮᠡᠳᠡᠭᠦᠯ᠂ ᠳᠤᠮᠳᠠᠳᠤ ᠤᠯᠤᠰ ᠢ᠋ ᠡᠵᠡᠯᠡᠨ ᠬᠥᠮᠦᠨ ᠦ᠌ ᠬᠠᠭᠠᠨ ᠪᠣᠯᠬᠤᠢ ᠳ᠋ᠤᠷ ᠴᠢᠩ ᠦᠨᠡᠨ ᠬᠠᠭᠠᠨ ᠤ᠋ ᠰᠡᠳᠬᠢᠯ ᠢ᠋ ᠡᠰᠡ ᠪᠠᠷᠢᠬᠤ ᠪᠣᠯᠪᠠᠰᠤ ᠪᠣᠯᠬᠤ ᠦᠭᠡᠢ ᠪᠣᠯᠠᠢ᠃ ᠡᠨᠡ ᠮᠡᠲᠦ ᠬᠠᠭᠤᠷᠮᠠᠭ ᠬᠠᠰᠢ ᠥᠴᠦᠬᠡᠨ ᠬᠥᠮᠦᠨ ᠦ᠌ ᠶᠠᠪᠤᠳᠠᠯ ᠦᠯᠦ ᠪᠣᠯᠬᠤ᠃ ᠶᠡᠬᠡ ᠵᠤᠯᠠ ᠶ᠋ᠢ ᠬᠡᠷᠬᠢᠨ ᠰᠢᠲᠠᠭᠠᠪᠠᠴᠤ ᠨᠠᠷᠠᠨ ᠤ᠋ ᠭᠡᠷᠡᠯ ᠢ᠋ ᠳᠠᠷᠤᠵᠤ ᠦᠯᠦ ᠪᠣᠯᠤᠮᠤᠢ᠃ ᠡᠳᠡᠭᠡᠷ ᠦᠭᠡᠰ ᠪᠠ ᠪᠡᠯᠡᠭ ᠴᠥᠮ ᠨᠠᠮᠠᠶ᠋ᠢ ᠮᠡᠬᠡᠯᠡᠨ ᠠᠪᠠᠴᠢᠬᠤ ᠡᠬᠡᠨᠡᠷ ᠬᠥᠮᠦᠨ ᠦ᠌ ᠨᠠᠷᠢᠨ ᠬᠣᠣᠷ᠂ ᠴᠡᠷᠢᠭ ᠪᠦᠭᠭᠦᠵᠦ ᠨᠠᠮᠠᠶ᠋ᠢ ᠠᠯᠠᠰᠤᠭᠠᠢ ᠬᠡᠮᠡᠭᠰᠡᠨ ᠡᠨᠡ ᠠᠷᠭ᠎ᠠ ᠪᠠᠨ ᠮᠠᠰᠢ ᠤᠷᠠᠨ ᠨᠠᠷᠢᠨ ᠭᠡᠮᠡᠨ ᠪᠣᠳᠣᠭᠰᠠᠨ ᠠᠨᠤ ᠥᠴᠦᠬᠡᠨ ᠬᠥᠮᠦᠨ ᠦ᠌ ᠦᠮᠡᠬᠡᠢ ᠤᠬᠠᠭᠠᠨ ᠲᠤᠯᠠ ᠥᠪᠡᠷ ᠢ᠋ᠶ᠋ᠡᠨ ᠢᠴᠢᠩᠭᠦᠷᠡᠬᠦ ᠬᠡᠷᠡᠭ ᠪᠣᠯᠠᠢ᠃ ᠪᠢ ᠦᠯᠦ ᠮᠡᠬᠡᠯᠡᠭᠳᠡᠬᠦ ᠴᠦ᠍ ᠪᠠᠢᠲᠤᠭᠠᠢ᠂ ᠬᠡᠳᠦᠢ ᠮᠡᠬᠡᠯᠡᠭᠳᠡᠨ ᠡᠴᠢᠪᠡᠴᠦ ᠲᠡᠭᠷᠢ ᠡᠴᠢᠭᠡ ᠮᠢᠨᠦ ᠨᠠᠮᠠᠶ᠋ᠢ ᠦᠯᠦ ᠮᠥᠬᠥᠭᠡᠮᠦᠢ᠃ ᠪᠢ ᠪᠠᠭ᠎ᠠ ᠶ᠋ᠢᠨ ᠴᠠᠭ ᠲᠤ᠌ ᠬᠦᠴᠦᠨ ᠬᠦᠷᠬᠦ ᠦᠭᠡᠢ ᠳ᠋ᠦ᠍ᠷ ᠭᠦᠨ ᠥᠰᠲᠦ ᠲᠠᠢᠴᠢᠭᠤᠳ ᠲᠤᠷ ᠪᠠᠷᠢᠭ᠍ᠳᠠᠵᠤ᠂ ᠬᠥᠯ ᠳ᠋ᠦ᠍ᠷ ᠳᠥᠩᠭᠡ᠂ ᠭᠠᠷ ᠲᠤᠷ ᠭᠠᠪ᠂ ᠬᠦᠵᠦᠭᠦᠨ ᠳ᠋ᠦ᠍ᠷ ᠭᠢᠨᠵᠢ ᠪᠡᠷ ᠪᠠᠷᠢᠭ᠍ᠳᠠᠵᠤ ᠪᠠᠢᠲᠠᠯ᠎ᠠ ᠲᠡᠭᠷᠢ ᠡᠴᠢᠭᠡ ᠮᠢᠨᠦ ᠨᠠᠮᠠᠶ᠋ᠢ ᠡᠰᠡ ᠦᠬᠦᠭᠦᠯᠦᠭᠰᠡᠨ ᠢ᠋ ᠡᠳᠦᠭᠡ ᠮᠢᠨᠦ ᠵᠢᠭᠦᠷ ᠥᠳᠥ ᠲᠡᠭᠦᠰᠴᠦ ᠶᠡᠬᠡ ᠤᠯᠤᠰ ᠪᠣᠯᠤᠨ ᠮᠢᠨᠦ ᠨᠠᠰᠤ ᠪᠠᠰᠠ ᠲᠠᠪᠢᠨ ᠳ᠋ᠤᠷ ᠬᠦᠷᠦᠭᠰᠡᠨ ᠪᠥᠭᠡᠳ ᠨᠢᠭᠡᠨ ᠥᠴᠦᠬᠡᠨ ᠬᠥᠪᠡᠭᠦᠨ ᠶᠦᠩ ᠵᠢᠢ ᠶ᠋ᠢᠨ ᠡᠬᠡᠨᠡᠷ ᠦ᠋ᠨ ᠠᠷᠭ᠎ᠠ ᠳ᠋ᠤᠷ ᠤᠨᠠᠬᠤ ᠶᠣᠰᠣ ᠪᠣᠢ ᠤᠤ ?  ᠲᠡᠢᠨ ᠬᠦ᠌ ᠣᠳᠣ ᠡᠶᠡᠳᠡᠬᠦ ᠶ᠋ᠢ ᠬᠡᠯᠡᠯᠴᠡᠬᠦ ᠶ᠋ᠢ ᠨᠢᠭᠡᠮᠦᠰᠦᠨ ᠪᠠᠢᠭ᠎ᠠ᠂ ᠦᠨᠡᠬᠡᠷ ᠡᠶᠡᠳᠡᠬᠦ ᠰᠠᠨᠠᠭᠠᠨ ᠠᠪᠠᠰᠤ ᠮᠢᠨᠦ ᠵᠠᠷᠤᠭᠰᠠᠨ ᠡᠯᠴᠢ ᠥᠪᠡᠷ ᠦ᠋ᠨ ᠤᠯᠤᠰ ᠲᠤᠷ ᠡᠭᠡᠬᠦᠶ᠎ᠡ ᠠᠨᠠᠮᠠᠢ ᠭᠤᠲᠤᠭᠠᠨ ᠬᠠᠷᠢᠶᠠᠬᠤ ᠶᠣᠰᠣ ᠪᠣᠢ ᠤᠤ ?  ᠬᠦᠷᠭᠡᠵᠦ ᠢᠷᠡᠭᠰᠡᠨ ᠲᠡᠳᠡᠭᠡᠷ ᠶᠠᠭᠤᠮ᠎ᠠ ᠶ᠋ᠢ ᠮᠠᠨ ᠤ᠋ ᠲᠥᠪ ᠴᠢᠬᠡ ᠬᠠᠳᠠᠨ ᠴᠢᠭᠢᠷᠠᠭ ᠤᠯᠤᠰ ᠡᠯᠡᠰᠦ ᠰᠢᠷᠣᠢ ᠮᠡᠲᠦ ᠦᠵᠡᠮᠦᠢ᠃ ᠮᠠᠨ ᠤ᠋ ᠤᠯᠤᠰ ᠲᠤᠷ ᠥᠴᠦᠬᠡᠨ ᠴᠦ᠍ ᠬᠡᠷᠡᠭ ᠦᠭᠡᠢ᠃ ᠪᠢᠴᠢᠭ ᠪᠠ ᠪᠡᠯᠡᠭ ᠢ᠋ᠶ᠋ᠡᠨ ᠬᠡᠪ ᠢ᠋ᠶ᠋ᠡᠷ ᠡᠭᠡᠭᠦᠯᠦᠨ ᠠᠪᠠᠴᠢ᠃ ᠮᠢᠨᠦ ᠡᠯᠴᠢ ᠶ᠋ᠢ ᠬᠠᠷᠢᠶᠠᠭᠰᠠᠨ ᠤ᠋ ᠬᠠᠷᠢᠭᠤ ᠴᠢᠮ᠎ᠠ ᠳ᠋ᠤ᠌ ᠬᠦᠨᠳᠦ ᠶᠡᠬᠡ ᠬᠤᠷᠢᠮ ᠱᠠᠩ ᠥᠭᠰᠦᠭᠡᠢ ! 》 ᠭᠡᠮᠡᠨ ᠵᠠᠷᠯᠢᠭ ᠪᠠᠭᠤᠯᠭᠠᠵᠤ ᠭᠠᠷᠭᠠᠭᠰᠠᠨ ᠳ᠋ᠤᠷ ᠰᠢᠮᠦ ᠮᠢᠩᠭᠠᠨ ᠬᠠᠷᠢᠭᠤ ᠨᠢᠭᠡᠨ ᠦᠭᠡ ᠴᠦ᠍ ᠬᠠᠷᠢᠭᠤᠯᠤᠨ ᠴᠢᠳᠠᠭᠰᠠᠨ ᠦᠭᠡᠢ᠂ ᠮᠥᠷᠭᠥᠨ ᠭᠠᠷᠴᠤ ᠢᠷᠡᠭᠡᠳ ᠬᠤᠷᠢᠮ ᠳ᠋ᠤᠷ ᠬᠦᠷᠲᠡᠵᠦ᠂ ᠱᠠᠩ ᠢ᠋ ᠠᠪᠤᠭᠠᠳ ᠠᠪᠴᠢᠷᠠᠭᠰᠠᠨ ᠶᠠᠭᠤᠮ᠎ᠠ ᠪᠠᠨ ᠬᠡᠪ ᠢ᠋ᠶ᠋ᠡᠷ ᠡᠭᠡᠭᠦᠯᠦᠨ ᠠᠪᠴᠤ ᠡᠴᠢᠬᠦᠢ ᠳ᠋ᠦ᠍ᠷ ᠮᠤᠬᠤᠯᠢ ᠬᠠᠷᠠᠬᠠᠨ ᠮᠠᠨ ᠤ᠋ ᠵᠠᠬ᠎ᠠ ᠳ᠋ᠤᠷ ᠪᠤᠯᠢᠶᠠᠭᠳᠠᠪᠠ ᠭᠡᠮᠡᠨ ᠨᠡᠷ᠎ᠡ ᠭᠠᠷᠭᠠᠭᠤᠵᠠᠢ ᠭᠡᠮᠡᠨ ᠴᠡᠷᠢᠭ ᠢ᠋ᠶ᠋ᠡᠷ ᠬᠦᠷᠭᠡᠵᠦ ᠵᠠᠬ᠎ᠠ ᠳ᠋ᠤᠷ ᠠᠨᠤ ᠣᠷᠣᠭᠤᠯᠵᠤ ᠬᠥᠮᠦᠨ ᠪᠠ ᠡᠳ᠋ ᠲᠡᠢ ᠬᠠᠭᠠᠯᠭᠠᠨ ᠤ᠋ ᠵᠠᠩᠵᠤᠨ ᠳ᠋ᠤᠷ ᠲᠣᠳᠣᠷᠬᠠᠢᠯᠠᠨ ᠲᠤᠰᠢᠶᠠᠯᠭᠠᠪᠠ᠃ 
       ᠲᠡᠳᠦᠢ ᠰᠢᠮᠦ ᠮᠢᠩᠭᠠᠨ ᠤᠯᠤᠰ ᠲᠤᠷ ᠢ᠋ᠶ᠋ᠠᠨ ᠡᠭᠡᠵᠦ ᠬᠠᠭᠠᠨ ᠳ᠋ᠤᠷ ᠢ᠋ᠶ᠋ᠠᠨ ᠤᠬᠢᠯᠠᠨ ᠪᠠᠢᠵᠤ ᠮᠣᠩᠭᠣᠯ ᠤ᠋ᠨ ᠤᠴᠢᠷ ᠢ᠋ ᠪᠦᠷᠢᠳᠬᠡᠨ ᠮᠡᠳᠡᠭᠦᠯᠪᠡ᠃ ᠡᠨᠡ ᠵᠠᠪᠰᠠᠷ ᠲᠤᠷ ᠪᠠᠷᠠᠭᠤᠨ ᠰᠢᠶᠠ ᠤᠯᠤᠰ ᠤ᠋ᠨ ᠴᠡᠷᠢᠭ ᠢ᠋ ᠴᠠᠭᠠᠲᠠᠢ ᠴᠢᠨ ᠸᠠᠩ᠂ ᠪᠤᠯᠤ᠂ ᠡᠭᠦᠯᠡᠨ ᠴᠡᠷᠪᠢ ᠨᠠᠷ ᠢ᠋ ᠠᠪᠴᠤ ᠰᠢᠯᠭᠠᠭᠰᠠᠨ ᠴᠡᠷᠢᠭ ᠲᠠᠪᠤᠨ ᠲᠦᠮᠡ᠂ ᠰᠢᠶᠠ ᠶ᠋ᠢᠨ ᠰᠢᠯᠭᠠᠭᠰᠠᠨ ᠴᠡᠷᠢᠭ ᠭᠤᠷᠪᠠᠨ ᠲᠦᠮᠡ᠂ ᠨᠡᠢᠲᠡ ᠨᠠᠢ᠍ᠮᠠᠨ ᠲᠦᠮᠡᠨ ᠢ᠋ ᠠᠪᠴᠤ ᠠᠯᠲᠠᠨ ᠤᠯᠤᠰ ᠤ᠋ᠨ ᠳ᠋ᠤᠸᠠᠨ ᠵᠧᠦ ᠳ᠋ᠦ᠍ᠷ ᠬᠦᠷᠴᠦ ᠢᠷᠡᠬᠦᠶ᠎ᠡ᠂ ᠠᠯᠲᠠᠨ ᠤᠯᠤᠰ ᠤ᠋ᠨ ᠲᠦᠮᠡᠨ ᠢᠷᠭᠡᠨ ᠪᠣᠳᠣᠩ ᠳ᠋ᠤᠷ ᠴᠠᠢ ᠠᠷᠢᠬᠢ᠂ ᠰᠠᠭᠰᠤᠨ ᠳ᠋ᠤᠷ ᠪᠤᠳᠠᠭ᠎ᠠ ᠪᠣᠭᠣᠷᠰᠣᠭ ᠳᠠᠮᠨᠠᠨ᠂ ᠮᠣᠩᠭᠣᠯ ᠤ᠋ᠨ ᠴᠡᠷᠢᠭ ᠢ᠋ ᠤᠭᠲᠤᠵᠤ᠂ ᠳ᠋ᠤᠸᠠᠨ ᠵᠧᠦ ᠶ᠋ᠢᠨ ᠢᠷᠭᠡᠳ ᠬᠠᠭᠠᠯᠭ᠎ᠠ ᠨᠡᠭᠡᠭᠡᠵᠦ ᠣᠷᠣᠭᠤᠯᠪᠠ᠃ ᠡᠨᠡ ᠦᠶ᠎ᠡ ᠳ᠋ᠦ᠍ᠷ ᠰᠢᠶᠠ ᠤᠯᠤᠰ ᠤ᠋ᠨ ᠡᠵᠡᠨ ᠯᠢ ᠠᠨ ᠴᠢᠦᠸᠠᠨ ᠡᠪᠡᠳᠴᠢᠨ ᠣᠯᠵᠤ ᠬᠡᠪᠲᠡᠬᠦ ᠲᠤᠯᠠ ᠲᠡᠵᠢᠭᠡᠭᠰᠡᠨ ᠬᠥᠪᠡᠭᠦᠨ ᠯᠢ ᠽᠦᠨ ᠰᠢᠦᠢ ᠳ᠋ᠦ᠍ᠷ ᠴᠡᠷᠢᠭ ᠢ᠋ᠶ᠋ᠡᠨ ᠥᠭᠴᠦ ᠵᠠᠬᠢᠷᠤᠭᠤᠯᠤᠨ᠂ ᠲᠠᠢᠽᠢ ᠴᠠᠭᠠᠲᠠᠢ ᠴᠢᠨ ᠸᠠᠩ ᠤ᠋ᠨ ᠡᠮᠦᠨ᠎ᠡ ᠬᠣᠰᠢᠭᠤᠴᠢ ᠪᠣᠯᠭᠠᠨ ᠤᠷᠤᠭ᠍ᠰᠢ ᠣᠷᠣᠭᠰᠠᠨ ᠪᠥᠯᠥᠭᠡ᠃ ᠰᠢᠶᠠ ᠤᠯᠤᠰ ᠤ᠋ᠨ ᠴᠡᠷᠢᠭ ᠠᠯᠲᠠᠨ ᠤᠯᠤᠰ ᠤ᠋ᠨ ᠵᠠᠩ ᠢ᠋ ᠮᠡᠳᠡᠬᠦ ᠲᠤᠯᠠ ᠶᠠᠭᠠᠷᠠᠨ ᠰᠢᠬᠠᠮᠳᠠᠨ ᠣᠷᠣᠵᠤ᠂ ᠠᠯᠲᠠᠨ ᠤᠯᠤᠰ ᠤ᠋ᠨ ᠵᠢᠦ ᠶᠤᠸᠠᠨ ᠤ᠋ ᠭᠠᠵᠠᠷ ᠢ᠋ ᠵᠣᠷᠢᠵᠤ ᠪᠠᠢᠯᠳᠤᠪᠠ᠃ ᠬᠣᠢᠲᠤ ᠠ᠋ᠴᠠ ᠴᠢᠩᠭᠢᠰ ᠬᠠᠭᠠᠨ ᠤ᠋ ᠭᠡᠭᠡᠨ ᠢ᠋ᠶ᠋ᠡᠷ ᠮᠤᠬᠤᠯᠢ ᠲᠠᠢᠪᠤᠤ ᠪᠠ ᠲᠠᠪᠤᠨ ᠪᠠᠷᠰ ᠤ᠋ᠨ ᠵᠠᠩᠵᠤᠨ᠂ ᠵᠡᠪᠡ᠂ ᠵᠠᠯᠮ᠎ᠠ ᠨᠠᠷ ᠢ᠋ ᠠᠪᠴᠤ ᠠᠷᠪᠠᠨ ᠲᠦᠮᠡᠨ ᠴᠡᠷᠢᠭ ᠢ᠋ᠶ᠋ᠡᠷ ᠡᠮᠦᠨ᠎ᠡ ᠵᠦᠭ ᠳᠡ ᠱᠦᠢ ᠯᠢ ᠶ᠋ᠢ ᠨᠡᠪᠲᠡᠯᠦᠨ ᠠᠯᠠᠨ ᠣᠷᠣᠵᠤ ᠢᠷᠡᠬᠦᠶ᠎ᠡ᠂ ᠠᠯᠲᠠᠨ ᠤᠯᠤᠰ ᠤ᠋ᠨ ᠡᠵᠡᠨ ᠸᠧᠢ ᠱᠣᠣ ᠸᠠᠩ ᠰᠠᠶᠢ ᠶᠡᠬᠡᠯ᠎ᠡ ᠠᠶᠤᠵᠤ᠂ ᠠᠷᠭ᠎ᠠ ᠦᠭᠡᠢ ᠠᠨᠠᠮᠠᠢ ᠶ᠋ᠢ ᠶᠠᠯ᠎ᠠ ᠶ᠋ᠢ ᠬᠡᠯᠲᠦᠷᠢᠭᠦᠯᠦᠨ ᠪᠠᠷᠠᠭᠤᠨ ᠬᠣᠢᠲᠤ ᠬᠢᠵᠠᠭᠠᠷ ᠢ᠋ ᠬᠠᠮᠠᠭᠠᠯᠠᠨ ᠰᠠᠬᠢᠬᠤ ᠵᠣᠣ ᠲᠤᠤ ᠱᠢ ᠪᠣᠯᠭᠠᠨ ᠡᠷᠭᠦᠨ ᠳᠡᠪᠰᠢᠭᠦᠯᠵᠦ ᠪᠠᠢᠯᠳᠤᠬᠤ ᠰᠠᠬᠢᠬᠤ ᠶ᠋ᠢ ᠲᠤᠰᠢᠶᠠᠨ ᠮᠣᠷᠳᠠᠭᠤᠯᠵᠤ᠂ ᠪᠠᠰᠠ ᠲᠠᠢᠹᠦ᠋ ᠲᠦᠰᠢᠮᠡᠯ ᠴᠢᠶᠠᠨ ᠵᠢᠶᠠ ᠡᠦ ᠪᠣᠯᠤᠨ ᠢ ᠵᠠᠩ ᠵᠧᠩ ᠱᠢ ᠲᠦᠰᠢᠮᠡᠯ ᠪᠥᠭᠡᠳ ᠪᠠᠰᠠ  ᠼᠠᠨ ᡁᠢ ᠵᠧᠩ ᠱᠢ ᠲᠦᠰᠢᠮᠡᠯ ᠬᠠᠪᠰᠤᠷᠤᠭᠤᠯᠤᠨ ᠲᠠᠯᠪᠢᠵᠤ᠂ ᠪᠠᠰᠠ ᠤᠭᠰᠠᠭ᠎ᠠ ᠶ᠋ᠢᠨ ᠸᠠᠨ ᠶᠠᠨ ᠬᠤ᠌ ᠱᠠ ᠶ᠋ᠢ ᠰᠢᠩ ᠱᠧᠩ ᠱᠢ ᠪᠣᠯᠭᠠᠨ᠂ ᠹᠦ ᠵᠧᠦ ᠰᠢ ᠵᠢᠩ ᠪᠠᠯᠭᠠᠰᠤᠨ ᠳ᠋ᠤᠷ ᠦᠯᠡᠳᠡᠭᠡᠨ ᠰᠠᠬᠢᠭᠤᠯᠵᠤ᠂ ᠾᠧ ᠱᠢ ᠯᠢᠶᠠᠨ᠂ ᠬᠤ᠌ ᠱᠠ ᠬᠤ᠌ ᠬᠣᠶᠠᠷ ᠰᠠᠢᠳ ᠢ᠋ ᠱᠣ ᠮᠢ ᠶᠤᠸᠠᠨ ᠤ᠋ ᠬᠡᠷᠡᠭ ᠢ᠋ ᠶᠠᠪᠤᠭᠤᠯᠬᠤ ᠲᠤᠰᠢᠶᠠᠯ ᠳ᠋ᠤᠷ ᠳᠡᠪᠰᠢᠭᠦᠯᠵᠦ᠂ ᠮᠣᠩᠭᠣᠯ ᠤ᠋ᠨ ᠴᠡᠷᠢᠭ ᠢᠷᠡᠬᠦ ᠶ᠋ᠢ ᠪᠡᠬᠢᠯᠡᠨ ᠪᠡᠯᠡᠳᠴᠦ ᠴᠠᠪᠴᠢᠶᠠᠯ ᠪᠣᠭᠣᠮᠲᠠ ᠶ᠋ᠢᠨ ᠪᠠᠲᠤ ᠪᠡᠬᠢ ᠳ᠋ᠦ᠍ᠷ ᠢᠲᠡᠭᠡᠵᠦ᠂ ᠬᠡᠷᠡᠮ ᠦ᠋ᠨ ᠬᠠᠭᠠᠯᠭ᠎ᠠ ᠶ᠋ᠢ ᠵᠤᠵᠠᠭᠠᠯᠠᠨ ᠲᠡᠮᠦᠷ ᠢ᠋ᠶ᠋ᠡᠷ ᠭᠠᠳᠠᠷᠯᠠᠵᠤ ᠪᠠᠲᠤᠯᠠᠭᠠᠳ ᠮᠣᠷᠢᠨ ᠤ᠋ ᠬᠥᠯ ᠳ᠋ᠦ᠍ᠷ ᠰᠢᠷᠭᠢᠬᠦ ᠰᠡᠷᠡᠭᠡ ᠲᠡᠮᠦᠷ ᠢ᠋ ᠵᠠᠭᠤᠨ ᠢᠯᠡᠭᠦᠦ ᠭᠠᠵᠠᠷ ᠲᠤᠷ ᠭᠠᠵᠠᠷ ᠤ᠋ᠨ ᠬᠥᠷᠥᠰᠥ ᠶ᠋ᠢ ᠪᠦᠷᠬᠦᠲᠡᠯ᠎ᠡ ᠳᠡᠯᠭᠡᠨ ᠲᠠᠯᠪᠢᠭ᠍ᠰᠠᠨ ᠠᠵᠤᠭᠤ ① ᠃ 

– – – –  
① 《ᠭᠠᠩ ᠮᠦ᠍ ᠪᠢᠴᠢᠭ 》ᠲᠣᠷ ᠰᠥᠩ ᠦ᠋ᠨ ᠰᠠᠢᠳ ᠤ᠋ᠨ ᠴᠣᠬᠣᠯᠠᠭᠰᠠᠨ ᠠᠨᠤ : ᠡᠷᠲᠡᠨ ᠦ᠌ ᠤᠢᠯᠠᠭᠰᠠᠨ ᠢ᠋ ᠦᠵᠡᠬᠦᠯ᠎ᠡ ᠠᠯᠲᠠᠨ ᠤᠯᠤᠰ ᠤ᠋ᠨ ᠲᠤᠯᠭᠤᠷ ᠡᠵᠡᠨ ᠠᠭᠦ᠋ᠳᠠ ᠲᠤᠭᠲᠠᠮ ᠤᠯᠤᠰ ᠢ᠋ ᠪᠦᠲᠦᠭᠡᠬᠦ ᠲᠡᠷᠡ ᠲᠤᠬᠠᠢ ᠳ᠋ᠤᠷ ᠶᠠᠭᠤᠲᠠᠢ ᠮᠡᠷᠭᠡᠨ ᠪᠠᠭᠠᠲᠤᠷ ᠬᠡᠲᠦᠷᠬᠡᠢ ᠪᠥᠯᠥᠭᠡ᠂ ᠡᠳᠦᠭᠡ ᠵᠠᠯᠭᠠᠮᠵᠢᠯᠠᠭᠰᠠᠭᠠᠷ ᠸᠧᠢ ᠱᠣᠣ ᠸᠠᠩ ᠶᠦᠩ ᠵᠢᠢ ᠳ᠋ᠦ᠍ᠷ ᠬᠦᠷᠴᠦ ᠢᠷᠡᠨ ᠡᠨᠡ ᠶᠦᠩ ᠵᠢᠢ ᠡᠨᠡ ᠮᠡᠲᠦ ᠮᠤᠩᠬᠠᠭ ᠪᠠᠭᠤᠷᠠᠢ ᠶ᠋ᠢᠨ ᠲᠤᠢᠯ ᠳ᠋ᠤᠷ ᠬᠦᠷᠦᠭᠰᠡᠨ ᠢᠨᠦ ᠠᠶ᠎ᠠ ᠤᠷᠢᠳᠤ ᠦᠶ᠎ᠡ ᠶ᠋ᠢᠨ ᠪᠤᠰᠤᠳ ᠢ᠋ ᠳᠠᠷᠤᠯᠠᠬᠤ ᠴᠢᠳᠠᠯ ᠰᠦᠷ ᠢᠨᠦ ᠡᠳᠦᠭᠡ ᠬᠠᠮᠢᠭ᠎ᠠ ᠡᠴᠢᠭᠰᠡᠨ ᠪᠣᠢ ? ᠠᠯᠲᠠᠨ ᠤᠯᠤᠰ ᠮᠣᠩᠭᠣᠯ ᠠ᠋ᠴᠠ ᠨᠠᠢᠷᠠᠯᠳᠤᠬᠤ ᠶ᠋ᠢ ᠭᠣᠶᠣᠲᠠᠯ᠎ᠠ ᠮᠣᠩᠭᠣᠯ ᠪᠣᠯᠬᠤ ᠦᠭᠡᠢ᠂ ᠪᠠᠰᠠ ᠪᠢᠶᠠᠨ ᠯᠢᠶᠠᠩ ᠤ᠋ᠨ ᠰᠥᠩ ᠤᠯᠤᠰ ᠮᠥᠨ ᠬᠦ᠌ ᠠᠯᠲᠠᠨ ᠤᠯᠤᠰ ᠢ᠋ ᠭᠤᠶᠤᠵᠤ ᠨᠠᠢᠷᠠᠯᠳᠤᠰᠤᠭᠠᠢ ᠬᠡᠮᠡᠲᠡᠯ᠎ᠡ ᠠᠯᠲᠠᠨ ᠤᠯᠤᠰ ᠮᠥᠨ ᠬᠦ᠌ ᠬᠦᠯᠢᠶᠡᠭᠰᠡᠨ ᠦᠭᠡᠢ᠂ ᠤᠷᠲᠤᠳᠠ ᠭᠤᠶᠤᠳᠠᠯ ᠥᠭᠳᠡᠭ ᠦᠭᠡᠢ ᠪᠥᠯᠥᠭᠡ᠂ ᠡᠭᠦᠨ ᠢ᠋ ᠳᠠᠷᠤᠢ ᠲᠡᠭᠷᠢ ᠶ᠋ᠢᠨ ᠬᠠᠷᠢᠭᠤᠯᠠᠯ ᠤ᠋ᠨ ᠰᠠᠢᠨ ᠮᠠᠭᠤ ᠠᠨᠤ ᠡᠨᠡ ᠮᠡᠲᠦ ᠲᠦᠷᠭᠡᠨ ᠬᠡᠮᠡᠬᠦ ᠢᠨᠦ ᠪᠤᠰᠤ ᠤᠤ ? ᠡᠨᠡ ᠡᠷᠭᠢᠨ ᠰᠠᠢᠳ ᠰᠥᠩ ᠦ᠋ᠨ ᠬᠡᠮᠡᠮᠦ᠃

       ᠲᠡᠨᠳᠡᠴᠡ ᠬᠠᠪᠤᠷ ᠤ᠋ᠨ ᠲᠡᠷᠢᠭᠦᠨ ᠰᠠᠷ᠎ᠠ ᠳ᠋ᠤ᠌ ᠮᠣᠩᠭᠣᠯ ᠤᠯᠤᠰ ᠤ᠋ᠨ ᠴᠢᠩᠭᠢᠰ ᠬᠠᠭᠠᠨ᠂ ᠬᠠᠰᠠᠷ᠂ ᠪᠡᠯᠭᠦᠳᠡᠢ ᠬᠣᠶᠠᠷ ᠴᠢᠨ ᠸᠠᠩ᠂ ᠥᠭᠡᠳᠡᠢ᠂ ᠲᠣᠯᠢ ᠬᠣᠶᠠᠷ ᠲᠠᠢᠽᠢ᠂ ᠮᠤᠬᠤᠯᠢ ᠶᠤᠸᠠᠨᠱᠤᠸᠠᠢ᠂ ᠵᠡᠪᠡ᠂ ᠵᠡᠯᠮ᠎ᠡ᠂ ᠴᠢᠯᠠᠭᠤ᠂ ᠹᠦ ᠮᠠ᠋ ᠴᠡᠴᠡᠭ᠂ ᠲᠠᠪᠤᠨ ᠪᠠᠷᠰ ᠤ᠋ᠨ ᠵᠠᠩᠵᠤᠨ ᠢ᠋ ᠠᠪᠴᠤ ᠬᠣᠷᠢᠨ ᠲᠦᠮᠡᠨ ᠴᠡᠷᠢᠭ ᠢ᠋ᠶ᠋ᠡᠷ ᠠᠯᠲᠠᠨ ᠤᠯᠤᠰ ᠤ᠋ᠨ ᠵᠦᠭ ᠮᠣᠷᠳᠠᠭᠰᠠᠨ᠎ᠠ᠂ ᠠᠯᠲᠠᠨ ᠤᠯᠤᠰ ᠤ᠋ᠨ ᠳ᠋ᠧᠩ ᠰᠢᠦᠸᠠᠢ ᠨᠡᠷᠡᠲᠦ ᠶᠡᠬᠡ ᠵᠠᠩᠵᠤᠨ ᠠᠯᠲᠠᠨ ᠤᠯᠤᠰ ᠤ᠋ᠨ ᠬᠣᠢᠲᠤ ᠬᠠᠭᠠᠰ ᠤ᠋ᠨ ᠴᠡᠷᠢᠭ ᠢ᠋ ᠴᠥᠮ ᠠᠪᠴᠤ ᠨᠡᠢᠲᠡ ᠲᠠᠪᠢᠨ ᠲᠦᠮᠡᠨ ᠴᠡᠷᠢᠭ ᠢ᠋ᠶ᠋ᠡᠷ ᠶᠠᠨ ᠬᠤ᠌ ᠯᠢᠩ ᠳᠠᠪᠠᠭᠠᠨ ᠤ᠋ ᠬᠣᠢᠲᠤ ᠡᠲᠡᠭᠡᠳ ᠲᠣᠷ ᠪᠠᠭᠤᠳᠠᠯᠯᠠᠨ᠂ ᠮᠣᠩᠭᠣᠯ ᠤ᠋ᠨ ᠴᠡᠷᠢᠭ ᠢ᠋ ᠰᠡᠷᠭᠡᠢᠯᠡᠨ ᠲᠤᠰᠤᠭᠰᠠᠨ ᠠᠵᠤᠭᠤ᠃ ᠲᠡᠳᠦᠢ ᠲᠠᠢᠽᠦ ᠴᠢᠩᠭᠢᠰ ᠬᠠᠭᠠᠨ᠂ ᠳᠡᠭᠡᠳᠦ ᠲᠠᠢᠹᠦ᠋ ᠲᠦᠰᠢᠮᠡᠯ ᠰᠠᠢᠬᠠᠨ ᠰᠤᠷᠲᠠᠯᠲᠤ ᠶ᠋ᠢ ᠠᠯᠲᠠᠨ ᠤᠯᠤᠰ ᠤ᠋ᠨ ᠬᠥᠮᠦᠨ ᠦ᠌ ᠳᠦᠷᠢ ᠪᠡᠷ ᠴᠢᠮᠡᠭᠯᠡᠭᠦᠯᠵᠦ᠂ ᠠᠯᠲᠠᠨ ᠤᠯᠤᠰ ᠤ᠋ᠨ ᠴᠡᠷᠢᠭ ᠦ᠋ᠨ ᠴᠢᠮᠡᠭᠡᠨ ᠢ᠋ ᠦᠵᠡᠭᠦᠯᠦᠷ᠎ᠡ ᠵᠠᠷᠤᠪᠠ᠃ ᠰᠠᠢᠬᠠᠨ ᠰᠤᠷᠲᠠᠯᠲᠤ ᠪᠤᠰᠤ ᠵᠠᠮ ᠢ᠋ᠶ᠋ᠠᠷ ᠡᠮᠦᠨ᠎ᠡ ᠵᠦᠭ ᠡᠴᠢᠵᠦ᠂ ᠠᠯᠲᠠᠨ ᠤᠯᠤᠰ ᠤ᠋ᠨ ᠴᠡᠷᠢᠭ ᠦ᠋ᠨ ᠬᠦᠷᠢᠶᠡᠨ ᠦ᠌ ᠡᠮᠦᠨ᠎ᠡ ᠭᠠᠷᠴᠤ ᠠᠯᠲᠠᠨ ᠤᠯᠤᠰ ᠠ᠋ᠴᠠ ᠴᠡᠷᠢᠭ ᠦ᠋ᠨ ᠢᠳᠡᠰᠢ ᠬᠦᠷᠭᠡᠷ᠎ᠡ ᠢᠷᠡᠬᠦ ᠬᠤᠳᠠᠯᠳᠤᠭᠠᠨ ᠤ᠋ ᠬᠥᠮᠦᠨ ᠯᠦ᠍ᠭᠡ ᠳᠣᠲᠣᠭ᠍ᠰᠢ ᠣᠷᠣᠵᠤ᠂ ᠠᠯᠲᠠᠨ ᠤᠯᠤᠰ ᠤ᠋ᠨ ᠴᠡᠷᠢᠭ ᠦ᠋ᠨ ᠦᠭᠡᠰ ᠢ᠋ ᠴᠢᠩᠨᠠᠪᠠᠰᠤ ᠴᠥᠮ ᠮᠣᠩᠭᠣᠯ ᠤ᠋ᠨ ᠴᠡᠷᠢᠭ ᠦ᠋ᠨ ᠬᠦᠴᠦᠷᠬᠡᠭ ᠲᠡᠨᠡᠭᠷᠡᠭᠡᠭ ᠡᠴᠡ ᠠᠶᠤᠨ ᠵᠢᠪᠡᠭᠦᠷᠡᠬᠦ ᠦᠭᠡᠰ ᠭᠠᠷᠬᠤᠢ ᠳ᠋ᠤᠷ ᠶᠠᠭᠠᠷᠠᠨ ᠡᠭᠡᠨ ᠭᠠᠷᠴᠤ ᠬᠠᠭᠤᠴᠢᠨ ᠵᠠᠮ ᠢ᠋ᠶ᠋ᠠᠷ ᠢᠷᠡᠵᠦ ᠬᠠᠭᠠᠨ ᠳ᠋ᠤᠷ ᠵᠣᠯᠭᠠᠵᠤ ᠠᠢᠯᠠᠳᠬᠠᠷᠤᠨ :《ᠠᠯᠲᠠᠨ ᠤᠯᠤᠰ ᠤ᠋ᠨ ᠴᠡᠷᠢᠭ ᠬᠡᠳᠦᠢ ᠣᠯᠠᠨ ᠪᠣᠯᠪᠠᠴᠤ ᠲᠡᠳᠡᠨ ᠦ᠌ ᠴᠡᠷᠢᠭ ᠦ᠋ᠨ ᠡᠵᠡᠨ ᠳ᠋ᠧᠩ ᠰᠢᠦᠸᠠᠢ ᠠ᠋ᠴᠠ ᠳᠠᠷᠠᠭᠠᠯᠠᠨ ᠮᠠᠰᠢ ᠠᠶᠤᠨ ᠪᠣᠯᠭᠣᠮᠵᠢᠯᠠᠮᠤᠢ᠃ ᠨᠡᠩ ᠬᠢᠲᠠᠳ ᠴᠡᠷᠢᠭ ᠦ᠋ᠨ ᠰᠡᠳᠬᠢᠯ ᠬᠥᠳᠡᠯᠦᠨ ᠶᠡᠬᠡᠯ᠎ᠡ ᠬᠥᠯ ᠠᠯᠳᠠᠬᠤ ᠳᠦᠷᠢᠮ ᠪᠣᠢ᠃ 》ᠬᠡᠮᠡᠭᠰᠡᠨ ᠳ᠋ᠦ᠍ᠷ ᠡᠨᠡ ᠦᠭᠡ ᠶ᠋ᠢ ᠮᠤᠬᠤᠯᠢ ᠰᠣᠨᠣᠰᠤᠨ ᠬᠠᠭᠠᠨ ᠤ᠋ ᠳᠡᠷᠭᠡᠳᠡ ᠣᠷᠣᠵᠤ ᠳᠠᠢᠰᠤᠨ ᠢ᠋ ᠡᠪᠳᠡᠬᠦ ᠠᠷᠭ᠎ᠠ ᠶ᠋ᠢ ᠵᠥᠪᠳᠡᠬᠦᠢ ᠳ᠋ᠦ᠍ᠷ ᠬᠠᠭᠠᠨ ᠵᠠᠷᠯᠢᠭ ᠪᠣᠯᠤᠷᠤᠨ: 《ᠳᠠᠢᠰᠤᠨ ᠤ᠋ ᠠᠶᠤᠵᠤ ᠪᠣᠯᠭᠣᠮᠵᠢᠯᠠᠬᠤ ᠠᠨᠤ ᠲᠡᠷᠡ ᠴᠥᠮ ᠬᠡᠴᠡᠭᠦᠦ ᠳᠠᠢᠰᠤᠨ ᠪᠣᠯᠠᠢ᠃ ᠠᠶᠤᠪᠠᠰᠤ ᠯᠠᠪ ᠬᠢᠴᠢᠶᠡᠮᠦᠢ᠂ ᠬᠢᠴᠢᠶᠡᠪᠡᠰᠦ ᠮᠥᠨ ᠴᠢᠭᠢᠷᠠᠭ ᠪᠣᠯᠤᠮᠤᠢ᠂ ᠲᠡᠭᠦᠨ ᠢ᠋ ᠬᠥᠩᠭᠡᠨ ᠦᠵᠡᠵᠦ ᠦᠯᠦ ᠪᠣᠯᠤᠮᠤᠢ᠃ ᠮᠠᠨ ᠤ᠋ ᠴᠡᠷᠢᠭ ᠴᠥᠭᠡᠨ᠂ ᠠᠯᠲᠠᠨ ᠤᠯᠤᠰ ᠤ᠋ᠨ ᠴᠡᠷᠢᠭ ᠣᠯᠠᠨ᠂ ᠡᠨᠡ ᠤᠳᠠᠭ᠎ᠠ ᠣᠳᠣ ᠮᠠᠨ ᠤ᠋ ᠴᠡᠷᠢᠭ ᠬᠥᠮᠦᠨ ᠪᠦᠷᠢ ᠠᠮᠢ ᠪᠠᠨ ᠲᠡᠪᠴᠢᠵᠦ ᠪᠠᠢᠯᠳᠤᠨ ᠳᠠᠷᠤᠪᠠᠰᠤ ᠡᠭᠦᠨ ᠡᠴᠡ ᠬᠣᠵᠢᠮ ᠠᠯᠲᠠᠨ ᠤᠯᠤᠰ ᠢ᠋ ᠰᠠᠶᠢ ᠡᠪᠳᠡᠵᠦ ᠪᠣᠯᠤᠮᠤᠢ᠃ ᠬᠡᠷᠪᠡ ᠡᠨᠡ ᠤᠳᠠᠭ᠎ᠠ ᠪᠠᠬᠠᠨ ᠬᠡᠯᠪᠡᠷᠢᠨ ᠪᠤᠲᠠᠷᠠᠵᠤ ᠠᠯᠲᠠᠨ ᠤᠯᠤᠰ ᠲᠤᠷ ᠳᠠᠷᠤᠭᠳᠠᠪᠠᠰᠤ᠂ ᠡᠭᠦᠨᠴᠡ ᠣᠳᠣ ᠮᠠᠨ ᠤ᠋ ᠮᠣᠩᠭᠣᠯ ᠤᠯᠤᠰ ᠳᠣᠷᠣᠢᠲᠠᠨ ᠪᠠᠭᠤᠷᠠᠮᠤ᠃ ᠲᠡᠢᠨ ᠬᠦ᠌ ᠡᠨᠡ ᠤᠳᠠᠭ᠎ᠠ ᠬᠥᠮᠦᠨ ᠪᠦᠷᠢ ᠠᠮᠢ ᠴᠥᠯᠡᠨ ᠪᠠᠢᠯᠳᠤᠪᠠᠰᠤ ᠰᠠᠶᠢ ᠲᠠᠢᠯᠵᠤ ᠪᠣᠯᠤᠮᠤᠢ᠃ ᠡᠳᠡᠭᠡᠷ ᠪᠦᠬᠦᠨ ᠦ᠌ ᠰᠡᠳᠬᠢᠯ ᠢ᠋ ᠴᠥᠮ ᠮᠠᠨ ᠳ᠋ᠤᠷ ᠠᠳᠠᠯᠢ ᠦᠬᠦᠬᠦ ᠶ᠋ᠢ ᠡᠷᠢᠭᠦᠯᠵᠦ ᠳᠠᠢᠰᠤᠨ ᠢ᠋ ᠡᠰᠡᠷᠭᠦᠴᠡᠬᠦᠢ ᠳ᠋ᠦ᠍ᠷ ᠰᠥᠷᠦᠭᠦᠯᠬᠦ ᠪᠡᠷᠬᠡ ᠢᠨᠦ ᠡᠭᠦᠨ ᠳ᠋ᠦ᠍ᠷ ᠪᠣᠯᠠᠢ ! 》ᠭᠡᠮᠡᠨ ᠬᠠᠭᠠᠨ ᠤ᠋ ᠰᠢᠳᠠᠷ ᠰᠥᠭᠥᠳᠴᠦ ᠨᠢᠭᠡᠨ ᠬᠡᠳᠦᠨ ᠦᠭᠡ ᠠᠢᠯᠠᠳᠬᠠᠨ ᠭᠠᠷᠴᠤ ᠢᠷᠡᠨ᠂ ᠣᠯᠠᠨ ᠵᠠᠩᠵᠤᠨ ᠴᠡᠷᠢᠭ ᠢ᠋ ᠬᠤᠷᠢᠶᠠᠵᠤ᠂ ᠭᠤᠷᠪᠠᠨ ᠠᠩᠭᠢ ᠵᠢᠷᠭᠤᠭᠠᠨ ᠬᠡᠰᠡᠭ ᠪᠣᠯᠭᠠᠨ ᠢᠯᠭᠠᠵᠤ᠂ ᠲᠡᠷᠢᠭᠦᠨ ᠠᠩᠭᠢ ᠳ᠋ᠤᠷ ᠬᠠᠭᠠᠨ ᠤ᠋ ᠪᠡᠶ᠎ᠡ ᠮᠤᠬᠤᠯᠢ ᠬᠣᠶᠠᠭᠤᠯᠠ᠂ ᠬᠣᠶᠠᠳᠤᠭᠠᠷ ᠠᠩᠭᠢ ᠳ᠋ᠤᠷ ᠬᠠᠯᠬ᠎ᠠ ᠶ᠋ᠢᠨ ᠠᠰᠢᠯᠠᠨ᠂ ᠤᠢᠭᠤᠷ ᠤ᠋ᠨ ᠭᠡᠷᠡᠯ᠂ ᠭᠤᠷᠪᠠᠳᠤᠭᠠᠷ ᠠᠩᠭᠢ ᠳ᠋ᠤᠷ ᠵᠡᠪᠡ᠂ ᠵᠡᠯᠮ᠎ᠡ᠂ ᠠᠩᠭᠢ ᠪᠦᠷᠢ ᠳ᠋ᠦ᠍ ᠬᠣᠶᠠᠷ ᠵᠠᠩᠵᠤᠨ᠂ ᠲᠡᠷᠢᠭᠦᠨ ᠰᠡᠭᠦᠯ ᠵᠠᠯᠭᠠᠯᠳᠤᠨ᠂ ᠡᠨᠡ ᠤᠳᠠᠭ᠎ᠠ ᠴᠡᠷᠢᠭ ᠦ᠋ᠨ ᠬᠦᠷᠢᠶ᠎ᠡ ᠬᠠᠷᠢᠯᠴᠠᠨ ᠪᠠᠢᠷᠢᠯᠠᠨ ᠵᠢᠭ᠍ᠰᠠᠭᠠᠯ ᠵᠢᠭ᠍ᠰᠠᠭᠠᠵᠤ ᠪᠠᠢᠯᠳᠤᠬᠤ ᠠᠨᠤ ᠪᠤᠰᠤ᠂ ᠭᠤᠷᠪᠠᠨ ᠠᠩᠭᠢ ᠵᠢᠷᠭᠤᠭᠠᠨ ᠵᠠᠩᠵᠤᠨ ᠨᠢᠭᠡᠨ ᠬᠡᠩᠭᠡᠷᠭᠡ ᠳ᠋ᠦ᠍ᠷ ᠡᠯ᠎ᠡ ᠤᠯᠤᠰ ᠤ᠋ᠨ ᠬᠦᠷᠢᠶ᠎ᠡ ᠳ᠋ᠦ᠍ᠷ ᠭᠠᠷᠤᠨ ᠣᠷᠣᠵᠤ᠂ ᠲᠡᠭᠦᠨ ᠦ᠌ ᠴᠡᠷᠢᠭ ᠦ᠋ᠨ ᠴᠠᠭᠠᠨ᠎ᠠ ᠭᠠᠷᠴᠤ ᠬᠣᠢᠲᠤ ᠵᠦᠭ ᠳᠠᠷᠤᠨ ᠬᠥᠭᠡᠭᠡᠮᠦᠢ᠃ ᠡᠨᠡ ᠢᠨᠦ ᠨᠢᠭᠡᠨᠲᠡ ᠴᠠᠪᠴᠢᠨ ᠣᠷᠣᠬᠤ ᠠᠷᠭ᠎ᠠ᠃ ᠤᠷᠢᠳᠠ ᠣᠷᠣᠭᠰᠠᠨ ᠢ᠋ ᠲᠡᠷᠢᠭᠦᠨ ᠭᠠᠪᠢᠶ᠎ᠠ᠂ ᠬᠣᠢᠨ᠎ᠠ ᠬᠣᠴᠣᠷᠤᠭᠰᠠᠨ ᠢ᠋ ᠲᠡᠷᠢᠭᠦᠨ ᠶᠠᠯ᠎ᠠ ᠭᠤᠷᠪᠠᠨ ᠦᠶ᠎ᠡ ᠬᠦᠢᠰᠦ ᠲᠡᠮᠲᠡᠷᠢᠨ ᠠᠯᠠᠮᠤᠢ᠂ ᠮᠠᠨ ᠤ᠋ ᠡᠵᠡᠨ ᠦ᠌ ᠭᠤᠴᠢᠨ ᠣᠨ ᠤ᠋ ᠥᠷᠥᠰᠢᠶᠡᠯ ᠢ᠋ ᠡᠨᠡ ᠤᠳᠠᠭ᠎ᠠ ᠳ᠋ᠤᠷ ᠦᠵᠡᠮᠦᠢ᠂ ᠮᠠᠨ ᠤ᠋ ᠡᠵᠡᠨ ᠯᠠᠪ ᠲᠡᠭᠷᠢ ᠶ᠋ᠢᠨ ᠬᠥᠪᠡᠭᠦᠨ ᠢ᠋ ᠡᠨᠡ ᠤᠳᠠᠭ᠎ᠠ ᠳ᠋ᠤᠷ ᠮᠡᠳᠡᠮᠦᠢ᠃ ᠠᠯᠲᠠᠨ ᠤᠯᠤᠰ ᠢ᠋ ᠣᠯᠬᠤ ᠶ᠋ᠢ ᠡᠨᠡ ᠤᠳᠠᠭ᠎ᠠ ᠳ᠋ᠤᠷ ᠮᠡᠳᠡᠮᠦᠢ᠃ ᠣᠯᠠᠨ ᠵᠠᠩᠵᠤᠨ ᠴᠡᠷᠢᠭ ᠡᠨᠡ ᠪᠠᠢᠯᠳᠤᠭᠠᠨ ᠢ᠋ ᠡᠷᠲᠡᠨ ᠦ᠌ ᠪᠤᠰᠤ ᠤᠯᠤᠰ ᠲᠤᠷ ᠦᠯᠢᠳᠬᠡᠵᠦ ᠦᠯᠦ ᠪᠣᠯᠤᠮᠤᠢ᠃ ᠡᠵᠡᠨ ᠤᠷᠢᠳᠠ ᠲᠡᠷᠢᠭᠦᠯᠡᠨ ᠣᠷᠣᠵᠤ᠂ ᠮᠠᠨ ᠤ᠋ ᠴᠡᠷᠢᠭ ᠴᠥᠮ ᠠᠯᠲᠠᠨ ᠤᠯᠤᠰ ᠤ᠋ᠨ ᠴᠡᠷᠢᠭ ᠦ᠋ᠨ ᠴᠠᠭᠠᠨ᠎ᠠ ᠭᠠᠷᠤᠭᠰᠠᠨ ᠬᠣᠵᠢᠮ᠂ ᠬᠠᠭᠠᠨ ᠪᠠᠰᠠ ᠪᠤᠰᠤ ᠨᠢᠭᠡᠨ ᠠᠩᠭᠢ ᠴᠡᠷᠢᠭ ᠢ᠋ ᠤᠳᠤᠷᠢᠳᠤᠨ ᠣᠷᠣᠮᠤᠢ᠃ ᠵᠠᠬᠢᠶ᠎ᠠ ᠵᠠᠷᠯᠢᠭ ᠠ᠋ᠴᠠ ᠵᠥᠷᠢᠴᠡᠪᠡᠰᠦ ᠡᠩ ᠦ᠋ᠨ ᠶᠠᠯ᠎ᠠ ᠳ᠋ᠤᠷ ᠠᠳᠠᠯᠢ ᠨᠢᠭᠡᠨ ᠪᠡᠶ᠎ᠡ ᠶ᠋ᠢ ᠠᠯᠠᠬᠤ ᠪᠤᠰᠤ᠂ ᠡᠮ᠎ᠡ ᠦᠷ᠎ᠡ᠂ ᠡᠴᠢᠭᠡ ᠡᠬᠡ᠂ ᠠᠬ᠎ᠠ ᠳᠡᠭᠦᠦ ᠴᠥᠮ ᠦᠬᠦᠬᠦ ᠪᠣᠯᠠᠢ᠂ ᠬᠢᠴᠢᠶᠡᠨ ᠰᠡᠷᠡᠮᠵᠢᠯᠡᠵᠦ ᠪᠠᠢᠯᠳᠤ ᠭᠡᠮᠡᠨ ᠴᠢᠩᠳᠠ ᠵᠠᠷᠯᠠᠭᠰᠠᠨ ᠳ᠋ᠤᠷ᠂ ᠣᠯᠠᠨ ᠵᠠᠩᠵᠤᠨ ᠴᠡᠷᠢᠭ ᠦ᠋ᠨ《ᠵᠧ !》ᠭᠡᠮᠡᠨ ᠤᠷᠢᠶ᠎ᠠ ᠬᠦᠯᠢᠶᠡᠨ ᠠᠪᠬᠤ ᠳᠠᠭᠤᠨ ᠠᠨᠤ ᠭᠠᠵᠠᠷ ᠳᠣᠷᠭᠢᠯᠤᠮᠣᠢ᠃ ᠵᠢᠴᠢ ᠡᠳᠦᠷ ᠪᠠᠢᠯᠳᠤᠭᠠᠨ ᠤ᠋ ᠬᠣᠢᠨ᠎ᠠ ᠨᠢᠭᠡᠨ ᠲᠦᠮᠡᠨ ᠴᠡᠷᠢᠭ ᠬᠣᠴᠣᠷᠭᠠᠵᠤ ᠳᠠᠢᠰᠤᠨ ᠤ᠋ ᠪᠤᠲᠠᠷᠠᠭᠰᠠᠨ ᠴᠡᠷᠢᠭ ᠢ᠋ ᠨᠡᠬᠡᠨ ᠠᠯᠠᠬᠤ ᠶ᠋ᠢ ᠲᠠᠢᠽᠢ ᠥᠭᠡᠳᠡᠢ᠂ ᠲᠣᠯᠢ ᠬᠣᠶᠠᠷ ᠲᠤᠷ ᠲᠤᠰᠢᠶᠠᠪᠠ᠃ 
       ᠲᠡᠳᠦᠢ ᠮᠤᠬᠤᠯᠢ ᠤᠢᠭᠤᠷ ᠤ᠋ᠨ ᠨᠢᠭᠡᠨ ᠰᠠᠢᠬᠠᠨ ᠰᠦᠷᠲᠡᠢ ᠲᠥᠷᠥᠭᠰᠡᠨ ᠴᠡᠷᠢᠭ ᠢ᠋ ᠲᠠᠢᠽᠦ ᠶ᠋ᠢᠨ ᠳᠦᠷᠢᠮ ᠢ᠋ᠶ᠋ᠡᠷ ᠴᠢᠮᠡᠵᠦ ᠬᠠᠮᠤᠭ ᠤ᠋ᠨ ᠡᠮᠦᠨ᠎ᠡ ᠪᠣᠯᠭᠠᠵᠤ᠂ ᠶᠡᠬᠡ ᠬᠡᠩᠭᠡᠷᠭᠡ ᠶ᠋ᠢ ᠭᠠᠵᠠᠷ ᠳᠣᠷᠭᠢᠲᠠᠯ᠎ᠠ ᠴᠣᠬᠢᠭᠤᠯᠵᠤ᠂ ᠶᠡᠬᠡ ᠫᠤᠤ ᠶ᠋ᠢ ᠲᠠᠯᠪᠢᠭᠤᠯᠤᠮᠠᠭᠴᠠ ᠨᠢᠭᠡᠨᠲᠡ ᠬᠠᠰᠬᠢᠷᠤᠨ ᠠᠯᠲᠠᠨ ᠤᠯᠤᠰ ᠤ᠋ᠨ ᠴᠡᠷᠢᠭ ᠲᠦ᠍ᠷ ᠨᠡᠪᠲᠡᠯᠦᠨ ᠣᠷᠣᠵᠤ ᠢᠷᠡᠪᠡ᠃ 
       ᠡᠨᠡ ᠦᠶ᠎ᠡ ᠳ᠋ᠦ᠍ᠷ ᠠᠯᠲᠠᠨ ᠤᠯᠤᠰ ᠤ᠋ᠨ ᠴᠡᠷᠢᠭ᠂ ᠮᠣᠩᠭᠣᠯ ᠤ᠋ᠨ ᠴᠡᠷᠢᠭ ᠯᠠᠪ ᠬᠡᠳᠦᠨ ᠡᠳᠦᠷ ᠪᠠᠭᠤᠳᠠᠯᠯᠠᠵᠤ ᠰᠠᠶᠢ ᠣᠷᠣᠵᠤ ᠪᠠᠢᠯᠳᠤᠬᠤ ᠶ᠋ᠢ ᠬᠡᠯᠡᠯᠴᠡᠮᠦᠢ ‍ᠶ᠎ᠠ ᠭᠡᠮᠡᠨ ᠪᠥᠬᠥᠶ᠎ᠡ᠂ ᠭᠡᠨᠡᠳᠲᠡ ᠰᠣᠴᠢᠮᠠᠭᠠᠢ ᠪᠠᠷ ᠴᠣᠬᠢᠨ ᠣᠷᠣᠵᠤ ᠢᠷᠡᠭᠰᠡᠨ ᠳ᠋ᠦ᠍ᠷ ᠶᠡᠬᠡᠯ᠎ᠡ ᠠᠶᠤᠯᠳᠤᠵᠤ ᠪᠠᠢᠯᠳᠤᠬᠤ ᠶ᠋ᠢ ᠪᠠᠢᠲᠤᠭᠠᠢ ᠮᠣᠷᠢ ᠣᠨᠣᠯᠭ᠎ᠠ ᠪᠠᠨ ᠤᠨᠤᠵᠤ ᠵᠠᠪᠳᠤᠬᠤ ᠦᠭᠡᠢ᠂ ᠵᠡᠪᠡ ᠬᠤᠶᠠᠭ ᠢ᠋ᠶ᠋ᠠ ᠠᠪᠴᠤ ᠵᠠᠪᠳᠤᠭᠰᠠᠨ ᠦᠭᠡᠢ ᠪᠡᠷ ᠳᠤᠲᠠᠭᠠᠨ ᠰᠠᠷᠨᠢᠨ ᠪᠤᠷᠤᠭᠤᠯᠠᠪᠠ᠃ ᠲᠡᠳᠦᠢ ᠮᠣᠩᠭᠣᠯ ᠤ᠋ᠨ ᠴᠡᠷᠢᠭ ᠨᠢᠭᠡᠨ ᠴᠠᠭ ᠤ᠋ᠨ ᠳᠣᠲᠣᠷ᠎ᠠ ᠨᠢᠭᠡᠨᠲᠡ ᠠᠯᠲᠠᠨ ᠤᠯᠤᠰ ᠤ᠋ᠨ ᠴᠡᠷᠢᠭ ᠦ᠋ᠨ ᠴᠠᠭᠠᠨ᠎ᠠ ᠠᠨᠤ ᠭᠠᠷᠴᠤ ᠡᠭᠡᠵᠦ ᠠᠯᠠᠬᠤᠢ ᠳ᠋ᠤᠷ ᠠᠯᠲᠠᠨ ᠤᠯᠤᠰ ᠤ᠋ᠨ ᠴᠡᠷᠢᠭ ᠬᠣᠢᠰᠢ ᠳᠤᠲᠠᠭᠠᠰᠤᠭᠠᠢ ᠬᠡᠮᠡᠲᠡᠯ᠎ᠡ ᠡᠰᠡᠷᠭᠦ ᠢᠨᠦ ᠮᠣᠩᠭᠣᠯ ᠤ᠋ᠨ ᠦᠨᠡᠨ ᠬᠠᠭᠠᠨ ᠴᠢᠩᠭᠢᠰ ᠦ᠋ᠨ ᠬᠣᠶᠠᠷ ᠬᠥᠪᠡᠭᠦᠨ ᠢ᠋ᠶ᠋ᠡᠨ ᠠᠪᠴᠤ ᠴᠠᠬᠢᠯᠭᠠᠨ ᠮᠡᠲᠦ ᠠᠯᠠᠨ ᠢᠷᠡᠭᠰᠡᠨ ᠳ᠋ᠦ᠍ᠷ ᠠᠯᠲᠠᠨ ᠤᠯᠤᠰ ᠤ᠋ᠨ ᠴᠡᠷᠢᠭ ᠨᠢᠭᠡᠮᠦᠰᠦᠨ ᠰᠦᠨᠡᠰᠦᠨ ᠰᠠᠷᠨᠢᠵᠤ ᠳᠠᠷᠤᠢ ᠪᠠᠷᠠᠭᠤᠨ ᠡᠮᠦᠨ᠎ᠡ ᠳᠠᠰᠢ ᠪᠤᠷᠤᠭᠤᠯᠠᠭᠰᠠᠨ᠎ᠠ᠂ ᠠᠯᠲᠠᠨ ᠤᠯᠤᠰ ᠤ᠋ᠨ ᠴᠡᠷᠢᠭ ᠢ᠋ ᠬᠣᠢᠨ᠎ᠠ ᠠ᠋ᠴᠠ ᠬᠥᠭᠡᠭᠡᠨ ᠠᠯᠠᠬᠤ ᠠᠨᠤ ᠲᠦᠢᠮᠡᠷ ᠦ᠋ᠨ ᠭᠠᠯ ᠰᠠᠯᠬᠢᠨ ᠤᠷᠤᠭᠤ ᠰᠢᠲᠠᠬᠤ ᠮᠡᠲᠦ᠃ ᠡᠭᠦᠨ ᠳ᠋ᠦ᠍ᠷ ᠬᠠᠭᠠᠨ ᠤ᠋ ᠭᠡᠭᠡᠨ ᠪᠠᠰᠠ ᠯᠤᠤ ᠶ᠋ᠢᠨ ᠮᠣᠷᠢ ᠪᠠᠨ ᠨᠢᠭᠡᠨᠲᠡ ᠬᠡᠢᠰᠬᠡᠵᠦ ᠨᠡᠬᠡᠨ ᠣᠷᠣᠭᠰᠠᠨ ᠳ᠋ᠤᠷ ᠠᠯᠲᠠᠨ ᠤᠯᠤᠰ ᠤ᠋ᠨ ᠴᠡᠷᠢᠭ ᠳᠠᠷᠤᠢ ᠲᠡᠮᠦᠷ ᠰᠡᠷᠡᠭᠡ ᠲᠠᠯᠪᠢᠭ᠍ᠰᠠᠨ ᠵᠠᠮ ᠢ᠋ᠶ᠋ᠠᠷ ᠥᠪᠡᠷ ᠢ᠋ᠶ᠋ᠡᠨ ᠣᠷᠣᠵᠤ ᠡᠴᠢᠬᠦᠢ ᠳ᠋ᠦ᠍ᠷ ᠳ᠋ᠧᠩ ᠰᠢᠦᠸᠠᠢ ᠵᠠᠷᠯᠠᠯ ᠤᠬᠠᠭᠤᠯᠪᠠᠴᠤ ᠣᠭᠲᠣ ᠰᠣᠨᠣᠰᠬᠤ ᠦᠭᠡᠢ ᠪᠣᠯᠤᠭᠰᠠᠨ ᠳ᠋ᠤᠷ ᠥᠪᠡᠷ ᠢ᠋ᠶ᠋ᠡᠨ ᠪᠤᠰᠤ ᠵᠠᠮ ᠡᠷᠢᠵᠦ ᠪᠥᠬᠥᠶ᠎ᠡ᠂ ᠲᠠᠢᠽᠦ ᠴᠢᠩᠭᠢᠰ ᠬᠠᠭᠠᠨ ᠤ᠋ ᠴᠡᠷᠢᠭ ᠬᠦᠷᠴᠦ ᠢᠷᠡᠭᠰᠡᠨ ᠳ᠋ᠦ᠍ᠷ ᠰᠠᠶᠢ ᠵᠠᠮ ᠪᠤᠷᠤᠭᠤᠯᠠᠨ ᠭᠠᠷᠰᠤᠭᠠᠢ ᠬᠡᠮᠡᠭᠡᠳ ᠴᠢᠪᠬᠢᠲᠡᠯ᠎ᠡ ᠴᠢᠩᠭᠢᠰ ᠬᠠᠭᠠᠨ ᠤ᠋ ᠣᠢᠷ᠎ᠠ ᠬᠦᠷᠴᠦ ᠢᠷᠡᠭᠰᠡᠨ ᠳ᠋ᠦ᠍ᠷ ᠰᠠᠢᠨᠪᠦ᠋ᠬᠡ ᠬᠠᠭᠠᠨ ᠤ᠋ ᠬᠥᠪᠡᠭᠦᠨ ᠵᠠᠮᠪᠠᠯ ᠬᠡᠳᠦᠢᠨᠡᠢ ᠡᠴᠢᠭᠡ ᠪᠡᠨ ᠠᠯᠠᠭᠰᠠ ᠳ᠋ᠧᠩ ᠰᠢᠦᠸᠠᠢ ᠶ᠋ᠢ ᠦᠵᠡᠵᠦ ᠳᠠᠭᠠᠨ ᠨᠡᠬᠡᠮᠵᠢᠯᠡᠨ ᠬᠥᠭᠡᠭᠡᠵᠦ ᠭᠦᠢᠴᠡᠨ ᠪᠠᠷᠠᠭᠤᠨ ᠭᠠᠷ ᠢ᠋ ᠲᠠᠰᠤ ᠴᠠᠪᠴᠢᠨ ᠤᠨᠠᠭᠠᠵᠤ ᠠᠮᠢᠳᠤ ᠪᠠᠷᠢᠪᠠ᠃ ᠡᠨᠡ ᠦᠶ᠎ᠡ ᠳ᠋ᠦ᠍ᠷ ᠠᠯᠲᠠᠨ ᠤ᠋ ᠴᠡᠷᠢᠭ ᠥᠪᠡᠷ ᠦ᠋ᠨ ᠲᠠᠯᠪᠢᠭ᠍ᠰᠠᠨ ᠲᠡᠮᠦᠷ ᠰᠡᠷᠡᠭᠡ ᠳ᠋ᠦ᠍ᠷ ᠮᠣᠷᠢᠨ ᠠᠨᠤ ᠪᠦᠳᠦᠷᠢᠨ ᠤᠨᠠᠵᠤ᠂ ᠬᠣᠴᠣᠷᠤᠭᠰᠠᠨ ᠠᠨᠤ ᠮᠣᠩᠭᠣᠯ ᠤ᠋ᠨ ᠴᠡᠷᠢᠭ ᠲᠦ᠍ᠷ ᠠᠮᠢᠳᠤ ᠪᠠᠷᠢᠭ᠍ᠳᠠᠪᠠ᠃ ᠲᠠᠪᠢᠨ ᠲᠦᠮᠡᠨ ᠴᠡᠷᠢᠭ ᠦ᠋ᠨ ᠶᠡᠬᠡ ᠬᠠᠭᠠᠰ ᠠᠯᠠᠭᠳᠠᠵᠤ᠂ ᠪᠠᠭ᠎ᠠ ᠬᠠᠭᠠᠰ ᠠᠨᠤ ᠰᠢᠷᠬᠠᠲᠤᠵᠤ ᠮᠤᠯᠲᠤᠷᠠᠨ ᠭᠠᠷᠤᠭᠰᠠᠨ ᠬᠥᠮᠦᠨ ᠦᠭᠡᠢ᠃ ᠮᠣᠩᠭᠣᠯ ᠤ᠋ᠨ ᠴᠡᠷᠢᠭ ᠡᠨᠡ ᠨᠢᠭᠡᠨ ᠡᠳᠦᠷ ᠲᠣᠷ ᠠᠯᠲᠠᠨ ᠤᠯᠤᠰ ᠤ᠋ᠨ ᠴᠡᠷᠢᠭ ᠢ᠋ ᠵᠠᠭᠤᠨ ᠢᠯᠡᠭᠦᠦ ᠭᠠᠵᠠᠷ ᠨᠡᠬᠡᠵᠦ ᠠᠯᠠᠨ᠂ ᠠᠯᠲᠠᠨ ᠤᠯᠤᠰ ᠤ᠋ᠨ ᠴᠡᠷᠢᠭ ᠦ᠋ᠨ ᠦᠬᠦᠳᠡᠯ ᠥᠷᠭᠡᠨ ᠭᠤᠴᠢᠨ ᠭᠠᠵᠠᠷ᠂ ᠤᠷᠲᠤ ᠵᠠᠭᠤᠨ ᠢᠯᠡᠭᠦᠦ ᠭᠠᠵᠠᠷ ᠤ᠋ᠨ ᠬᠥᠷᠥᠰᠥ ᠶ᠋ᠢ ᠪᠦᠷᠬᠦᠵᠦᠬᠦᠢ᠃ ᠡᠭᠦᠨ ᠳ᠋ᠦ᠍ᠷ ᠠᠯᠲᠠᠨ ᠤᠯᠤᠰ ᠤ᠋ᠨ ᠴᠡᠷᠢᠭ ᠰᠢᠭᠤᠳ ᠮᠣᠩᠭᠣᠯ ᠤ᠋ᠨ ᠴᠡᠷᠢᠭ ᠦ᠋ᠨ ᠡᠰᠡᠷᠭᠦ ᠬᠠᠨᠳᠤᠬᠤ ᠦᠭᠡᠢ ᠪᠣᠯᠪᠠ᠃ ᠮᠣᠩᠭᠣᠯ ᠤ᠋ᠨ ᠴᠡᠷᠢᠭ ᠲᠠᠪᠤᠨ ᠭᠠᠵᠠᠷ ᠤ᠋ᠨ ᠦᠵᠦᠭᠦᠷ ᠲᠣᠷ ᠬᠦᠷᠪᠡᠰᠦ᠂ ᠠᠯᠲᠠᠨ ᠤᠯᠤᠰ ᠤ᠋ᠨ ᠴᠡᠷᠢᠭ ᠳᠠᠷᠤᠢ ᠨᠢᠳᠦ ᠪᠡᠨ ᠠᠨᠢᠵᠤ ᠳᠤᠲᠠᠭᠠᠨ ᠶᠠᠪᠤᠮᠤᠢ᠃ ᠲᠦᠰᠢᠮᠡᠯ ᠵᠠᠩᠵᠤᠨ ᠨᠢᠭᠡᠨᠲᠡ ᠵᠠᠬᠢᠷᠤᠨ ᠵᠣᠭᠰᠣᠭᠠᠵᠤ ᠴᠢᠳᠠᠬᠤ ᠦᠭᠡᠢ ᠪᠣᠯᠪᠠ᠃ ᠡᠨᠡ ᠤᠳᠠᠭ᠎ᠠ ᠳ᠋ᠤᠷ ᠬᠣᠴᠣᠷᠤᠨ ᠦᠯᠡᠳᠡᠭᠰᠡᠨ ᠴᠡᠷᠢᠭ ᠨᠢᠭᠡᠨ ᠴᠦ᠍ ᠭᠠᠷᠤᠭᠰᠠᠨ ᠦᠭᠡᠢ ᠳ᠋ᠦ᠍ᠷ ᠬᠠᠭᠠᠨ ᠶᠡᠬᠡᠯ᠎ᠡ ᠪᠠᠶᠠᠷᠯᠠᠵᠤ᠂ ᠶᠡᠬᠡ ᠱᠠᠩ ᠢ᠋ ᠬᠡᠲᠦᠷᠬᠡᠶ᠎ᠡ ᠬᠦᠨᠳᠦ ᠲᠠᠯᠪᠢᠵᠤ ᠬᠥᠬᠢᠭᠦᠯᠦᠭᠰᠡᠨ ᠳ᠋ᠦ᠍ᠷ ᠬᠣᠯᠠ ᠣᠢᠷ᠎ᠠ ᠶ᠋ᠢᠨ ᠴᠡᠷᠢᠭ ᠴᠥᠮ ᠪᠠᠶᠠᠷᠯᠠᠨ ᠬᠦᠰᠡᠬᠦ ᠪᠥᠭᠡᠳ ᠲᠡᠮᠡᠴᠡᠯᠳᠦᠨ ᠪᠠᠢᠯᠳᠤᠷ᠎ᠠ ᠣᠷᠣᠮᠤᠢ᠃ ᠡᠨᠡ ᠮᠡᠲᠦ ᠶᠡᠬᠡᠯ᠎ᠡ ᠳᠡᠢᠯᠦᠭᠰᠡᠨ ᠳ᠋ᠦ᠍ᠷ ᠮᠣᠩᠭᠣᠯ ᠤ᠋ᠨ ᠬᠣᠷᠢᠨ ᠲᠦᠮᠡᠨ ᠴᠡᠷᠢᠭ ᠦ᠋ᠨ ᠰᠡᠳᠬᠢᠯ ᠨᠢᠭᠡᠨᠲᠡ ᠭᠠᠩ ᠲᠡᠮᠦᠷ ᠮᠡᠲᠦ ᠪᠣᠯᠵᠤ᠂ ᠤᠷᠤᠭ᠍ᠰᠢ ᠠᠯᠠᠨ ᠣᠷᠣᠬᠤ ᠠᠨᠤ ᠬᠣᠭᠣᠰᠣᠨ ᠭᠠᠵᠠᠷ ᠶᠠᠪᠤᠬᠤ ᠮᠡᠲᠦ ᠳ᠋ᠦ᠍ᠷ ᠠᠯᠲᠠᠨ ᠤᠯᠤᠰ ᠤ᠋ᠨ ᠴᠡᠷᠢᠭ ᠨᠢᠭᠡᠨᠲᠡ ᠰᠥᠰᠥ ᠬᠡᠮᠬᠡᠷᠡᠭᠰᠡᠨ ᠲᠤᠯᠠ ᠴᠡᠷᠢᠭ ᠦ᠋ᠨ ᠳᠠᠭᠤᠨ ᠢ᠋ ᠰᠣᠨᠣᠰᠤᠮᠠᠭᠴᠠ ᠳᠠᠷᠤᠢ ᠪᠤᠷᠤᠭᠤᠯᠠᠨ ᠶᠠᠪᠤᠬᠤᠶ᠎ᠠ ᠮᠣᠩᠭᠣᠯ ᠤ᠋ᠨ ᠴᠡᠷᠢᠭ ᠬᠤᠯᠤᠰᠤ ᠬᠠᠭᠠᠯᠤᠨ ᠡᠪᠡᠰᠦ ᠬᠠᠳᠤᠬᠤ ᠮᠡᠲᠦ ᠴᠣᠬᠢᠨ ᠣᠷᠣᠵᠤ ᠳᠠ ᠱᠦᠢ ᠯᠢ ᠶ᠋ᠢ ᠡᠪᠳᠡᠨ᠂ ᠹᠧᠩ ᠰᠢᠶᠠᠨ᠂ ᠯᠢ ᠰᠢᠶᠠᠨ ᠡᠨᠡ ᠭᠤᠷᠪᠠᠨ ᠬᠣᠲᠠᠨ ᠢ᠋ ᠭᠠᠷ ᠤ᠋ᠨ ᠠᠯᠠᠭ᠎ᠠ ᠤᠷᠪᠠᠭᠤᠯᠤᠨ᠂ ᠬᠣᠭᠣᠰᠣᠨ ᠬᠣᠲᠠ ᠪᠠᠷ ᠶᠠᠪᠤᠬᠤ ᠮᠡᠲᠦ ᠣᠯᠵᠤ᠂ ᠴᠡᠷᠢᠭ ᠢᠨᠦ ᠪᠤᠷᠤᠭᠤᠯᠠᠨ ᠶᠠᠪᠤᠵᠤ᠂ ᠢᠷᠭᠡᠨ ᠪᠠ ᠠᠷᠠᠯᠵᠢᠶ᠎ᠠ ᠶ᠋ᠢᠨ ᠬᠥᠮᠦᠨ ᠤᠭᠲᠤᠨ ᠵᠠᠯᠠᠮᠤᠢ᠃ ᠡᠭᠦᠨ ᠳ᠋ᠦ᠍ᠷ ᠠᠯᠲᠠᠨ ᠤᠯᠤᠰ ᠤ᠋ᠨ ᠡᠵᠡᠨ ᠶᠦᠩ ᠵᠶ᠋ᠢ ᠶᠡᠬᠡᠯ᠎ᠡ ᠪᠠᠴᠢᠮᠳᠠᠵᠤ᠂ ᠰᠢᠳᠠᠷ ᠰᠠᠢᠳ ᠲᠤ᠌ ᠶ᠋ᠢᠢ᠂ ᠱᠢ ᠵᠦᠩ᠂ ᠹᠦ ᠰᠠᠨ ᠬᠦᠢ ᠳ᠋ᠦ᠍ᠷ ᠪᠠᠰᠠ ᠲᠠᠪᠤᠨ ᠲᠦᠮᠡᠨ ᠴᠡᠷᠢᠭ ᠥᠭᠴᠦ ᠵᠢᠶᠠᠩ ᠵᠢᠶᠠ᠂ ᠳ᠋ᠢᠩ ᠰᠢᠦᠸᠠᠢ ᠶ᠋ᠢᠨ ᠣᠯᠠᠨ ᠴᠡᠷᠢᠭ ᠢ᠋ ᠠᠪᠤᠭᠤᠯᠤᠨ᠂ ᠨᠡᠢᠲᠡ ᠵᠢᠷᠠᠨ ᠨᠠᠢ᠍ᠮᠠᠨ ᠲᠦᠮᠡᠨ ᠴᠡᠷᠢᠭ ᠢ᠋ᠶ᠋ᠡᠷ ᠡᠦ ᠰᠠᠨ ᠹᠦ ᠶ᠋ᠢᠨ ᠵᠠᠬ᠎ᠠ ᠳ᠋ᠤᠷ ᠬᠣᠲᠠ ᠶ᠋ᠢ ᠮᠣᠳᠣ ᠰᠢᠷᠣᠢ ᠪᠠᠷ ᠪᠥᠭᠯᠡᠭᠦᠯᠦᠨ ᠴᠡᠷᠢᠭ ᠢ᠋ ᠪᠠᠭᠤᠯᠭᠠᠨ᠂ ᠮᠣᠩᠭᠣᠯ ᠤ᠋ᠨ ᠹᠧᠩ ᠰᠢᠶᠠᠨ᠂ ᠯᠢ ᠰᠢᠶᠠᠨ ᠤ᠋ ᠴᠡᠷᠢᠭ ᠦ᠋ᠨ ᠮᠡᠳᠡᠭᠡ ᠶ᠋ᠢ ᠠᠪᠬᠤᠢ ᠳ᠋ᠤᠷ ᠮᠤᠬᠤᠯᠢ᠂ ᠵᠡᠪᠡ᠂ ᠵᠠᠯᠮ᠎ᠠ ᠬᠣᠶᠠᠭᠤᠯᠠ ᠶ᠋ᠢ ᠠᠪᠴᠤ ᠰᠥᠨᠢ ᠳᠦᠯᠢᠨ ᠳᠣᠪᠲᠣᠯᠤᠨ ᠢᠷᠡᠵᠦ᠂ ᠭᠡᠨᠡᠳᠲᠡ ᠬᠠᠯᠳᠠᠨ ᠠᠯᠠᠨ ᠣᠷᠣᠭᠰᠠᠨ ᠳ᠋ᠤᠷ ᠠᠯᠲᠠᠨ ᠤᠯᠤᠰ ᠤ᠋ᠨ ᠴᠡᠷᠢᠭ ᠦ᠋ᠨ ᠨᠢᠭᠡᠨᠲᠡ ᠬᠡᠮᠬᠡᠷᠡᠭᠰᠡᠨ ᠲᠤᠯᠠ ᠪᠠᠰᠠ ᠬᠣᠶᠠᠷ ᠲᠦᠰᠢᠮᠡᠯ ᠢ᠋ᠶ᠋ᠡᠨ ᠣᠷᠬᠢᠵᠤ ᠪᠤᠷᠤᠭᠤᠯᠠᠨ ᠡᠴᠢᠬᠦᠢ ᠳ᠋ᠦ᠍ᠷ᠂ ᠮᠤᠬᠤᠯᠢ ᠴᠡᠷᠢᠭ ᠢ᠋ ᠴᠢᠩᠳᠠ ᠴᠠᠭᠠᠵᠠᠯᠠᠨ ᠲᠠᠯᠪᠢᠯ ᠦᠭᠡᠢ ᠨᠡᠬᠡᠨ ᠣᠷᠣᠵᠤ ᠠᠯᠠᠭᠰᠠᠨ ᠳ᠋ᠤᠷ᠂ ᠲᠤ᠌ ᠵᠢᠢ᠂ ᠱᠢ ᠵᠦᠩ ᠢ᠋ ᠪᠠᠰᠠ ᠠᠮᠢᠳᠤ ᠪᠠᠷᠢᠵᠤ᠂ ᠹᠦ ᠰᠠᠨ ᠬᠦᠢ ᠪᠡᠶ᠎ᠡ ᠳ᠋ᠦ᠍ᠷ ᠮᠢᠩᠭᠠᠨ ᠵᠢᠳᠠ ᠶ᠋ᠢᠨ ᠰᠢᠷᠬ᠎ᠠ ᠣᠯᠵᠤ ᠳᠤᠲᠠᠭᠠᠨ ᠶᠠᠪᠤᠭᠰᠠᠨ᠎ᠠ ᠠᠯᠲᠠᠨ ᠤᠯᠤᠰ ᠤ᠋ᠨ ᠠᠪᠠᠭ᠎ᠠ ᠵᠠᠩᠵᠤᠨ ᠭᠣᠣ ᠪᠦᠦ ᠢᠦᠢ ᠨᠢᠭᠡᠨ ᠠᠩᠭᠢ ᠴᠡᠷᠢᠭ ᠢ᠋ᠶ᠋ᠡᠷ ᠥᠮᠥᠭᠯᠡᠷ᠎ᠡ ᠢᠷᠡᠭᠰᠡᠨ ᠳ᠋ᠦ᠍ᠷ᠂ ᠹᠦ ᠰᠠᠨ ᠬᠦᠢ ᠬᠠᠷᠠᠬᠠᠨ ᠭᠣᠣ ᠪᠦᠦ ᠢᠦᠢ ᠶ᠋ᠢ ᠣᠷᠣᠢ ᠢᠷᠡᠪᠡ ᠭᠡᠮᠡᠨ ᠠᠭᠤᠷᠯᠠᠨ ᠠᠯᠠᠰᠤᠭᠠᠢ ᠬᠡᠮᠡᠭᠰᠡᠨ ᠢ᠋ ᠣᠯᠠᠨ ᠵᠠᠩᠵᠤᠨ ᠬᠦᠴᠦᠯᠡᠨ ᠭᠤᠶᠤᠵᠤ ᠠᠯᠠᠬᠤ ᠶ᠋ᠢ ᠭᠡᠯᠳᠦᠷᠢᠭᠦᠯᠵᠦ ᠳᠥᠴᠢᠨ ᠮᠣᠳᠣ ᠬᠦᠨᠳᠦᠳᠡ ᠵᠠᠨᠴᠢᠭᠠᠳ ᠳᠠᠬᠢᠨ ᠨᠢᠭᠡᠨ ᠲᠦᠮᠡᠨ ᠴᠡᠷᠢᠭ ᠥᠭᠴᠦ ᠤᠭᠲᠤᠨ ᠲᠣᠰᠴᠤ ᠪᠠᠢᠯᠳᠤ ᠭᠡᠮᠡᠨ ᠶᠠᠪᠤᠭᠤᠯᠤᠭᠰᠠᠨ ᠳ᠋ᠤᠷ᠂ ᠭᠣᠣ ᠪᠦᠦ ᠢᠦᠢ ᠬᠣᠷᠣᠰᠴᠤ ᠨᠢᠭᠡᠨ ᠲᠦᠮᠡᠨ ᠴᠡᠷᠢᠭ ᠢ᠋ᠶ᠋ᠡᠨ ᠠᠪᠴᠤ ᠮᠣᠩᠭᠣᠯ ᠤᠯᠤᠰ ᠲᠤᠷ ᠳᠠᠭᠠᠷ᠎ᠠ ᠡᠴᠢᠭᠰᠡᠨ ᠳ᠋ᠦ᠍ᠷ ᠮᠤᠬᠤᠯᠢ ᠲᠡᠭᠦᠨ ᠦ᠌ ᠵᠠᠨᠴᠢᠭ᠍ᠳᠠᠭᠰᠠᠨ ᠰᠢᠷᠬ᠎ᠠ ᠶ᠋ᠢ ᠦᠵᠡᠵᠦ ᠦᠭᠡ ᠤᠴᠢᠷ ᠢ᠋ ᠪᠠᠢᠴᠠᠭᠠᠨ ᠬᠡᠷᠡᠭ ᠦ᠋ᠨ ᠦᠨᠡᠨ ᠢ᠋ ᠣᠯᠵᠤ᠂ ᠭᠣᠣ ᠪᠦᠦ ᠢᠦᠢ ᠶ᠋ᠢ ᠬᠠᠭᠠᠨ ᠳ᠋ᠤᠷ ᠪᠠᠷᠠᠭᠠᠳᠠᠭᠤᠯᠤᠨ ᠮᠥᠷᠭᠥᠭᠦᠯᠦᠭᠰᠡᠨ ᠳ᠋ᠦ᠍ᠷ ᠬᠠᠭᠠᠨ ᠤ᠋ ᠭᠡᠭᠡᠨ ᠨᠢᠳᠦ ᠲᠠᠯᠪᠢᠨ ᠦᠵᠡᠪᠡᠰᠦ ᠡᠨᠡ ᠭᠣᠣ ᠪᠦᠦ ᠢᠦᠢ ᠨᠢᠭᠡᠨ ᠲᠦᠷᠭᠡᠨ ᠴᠦᠯᠢᠰ ᠴᠢᠷᠠᠢ ᠲᠠᠢ ᠴᠢᠬᠡ ᠬᠥᠮᠦᠨ ᠲᠤᠯᠠ ᠦᠵᠡᠵᠦ ᠲᠠᠨᠢᠭᠠᠳ ᠨᠢᠭᠤᠷ ᠥᠭᠴᠦ ᠵᠠᠷᠯᠢᠭ ᠪᠣᠯᠤᠨ ᠠᠰᠠᠭᠤᠷᠤᠨ : 《ᠲᠠᠨ ᠤ᠋ ᠳᠤᠮᠳᠠᠳᠤ ᠤᠯᠤᠰ ᠤ᠋ᠨ ᠣᠯᠠᠨ ᠢᠷᠭᠡᠨ ᠦ᠌ ᠵᠣᠪᠠᠯᠠᠩ ᠪᠣᠯᠬᠤ ᠴᠠᠭ ᠪᠣᠯᠵᠤ ᠥᠴᠦᠬᠡᠨ ᠬᠥᠮᠦᠨ ᠬᠠᠭᠠᠨ ᠪᠣᠯᠤᠭᠠᠳ ᠲᠦᠮᠡᠨ ᠢᠷᠭᠡᠨ ᠦ᠌ ᠡᠯᠡᠰᠦ ᠬᠤᠮᠠᠭ ᠮᠡᠲᠦ ᠦᠬᠦᠬᠦ ᠴᠠᠭ ᠪᠣᠯᠵᠤᠬᠤᠢ᠃ ᠪᠢ ᠣᠳᠣ ᠣᠯᠠᠨ ᠢ᠋ ᠪᠠᠬᠠᠨ ᠠᠮᠤᠷ ᠪᠣᠯᠭᠠᠰᠤᠭᠠᠢ ᠬᠡᠮᠡᠮᠦᠢ᠃ ᠴᠢ ᠳᠤᠮᠳᠠᠳᠤ ᠤᠯᠤᠰ ᠤ᠋ᠨ ᠬᠥᠮᠦᠨ ᠲᠤᠯᠠ ᠥᠪᠡᠷ ᠦ᠋ᠨ ᠭᠠᠵᠠᠷ ᠤ᠋ᠨ ᠭᠡᠮ ᠠᠮᠢᠰᠬᠤᠯ ᠢ᠋ ᠮᠡᠳᠡᠵᠦ ᠭᠠᠷᠬᠤ ᠲᠤᠯᠠ ᠲᠡᠭᠷᠢ ᠴᠢᠮᠠᠶ᠋ᠢ ᠲᠠᠨᠢᠵᠤ ᠨᠠᠳᠠ ᠳ᠋ᠤᠷ ᠳᠠᠭᠠᠭᠤᠯᠪᠠ᠃ ᠣᠳᠣ ᠬᠡᠷᠬᠢᠬᠦ ᠪᠣᠯᠪᠠᠰᠤ ᠲᠠᠨ ᠤ᠋ ᠤᠯᠤᠰ ᠤ᠋ᠨ ᠮᠤᠩᠬᠠᠭ ᠬᠠᠷᠠᠩᠭᠤᠢ ᠬᠠᠭᠠᠨ ᠢ᠋ ᠠᠷᠢᠯᠭᠠᠵᠤ᠂ ᠲᠦᠮᠡᠨ ᠢᠷᠭᠡᠨ ᠢ᠋ ᠠᠮᠤᠷ ᠪᠣᠯᠭᠠᠪᠠᠰᠤ ᠵᠣᠬᠢᠮᠤᠢ ? 》ᠬᠡᠮᠡᠭᠰᠡᠨ ᠳ᠋ᠦ᠍ᠷ ᠭᠣᠣ ᠪᠦᠦ ᠢᠦᠢ ᠮᠥᠷᠭᠥᠵᠦ ᠦᠨᠡᠨ ᠰᠠᠨᠠᠭᠠᠨ ᠢ᠋ᠶ᠋ᠠᠨ ᠠᠢᠯᠠᠳᠬᠠᠷᠤᠨ : 《ᠵᠦᠩ ᠶᠤᠸᠠᠨ ᠤ᠋ ᠭᠠᠵᠠᠷ ᠤ᠋ᠨ ᠬᠦᠴᠦᠨ ᠢ᠋ ᠬᠢᠯᠪᠠᠷ ᠦᠵᠡᠵᠦ ᠦᠯᠦ ᠪᠣᠯᠤᠮᠤᠢ᠃ ᠭᠠᠭᠴᠠ ᠡᠵᠡᠨ ᠲᠦᠰᠢᠮᠡᠯ ᠢᠨᠤ ᠮᠠᠭᠤ ᠪᠣᠯᠤᠭᠰᠠᠨ ᠢ᠋ᠶ᠋ᠠᠷ ᠵᠠᠰᠠᠭ ᠢ᠋ ᠵᠠᠰᠠᠨ ᠡᠰᠡ ᠴᠢᠳᠠᠵᠤᠬᠤᠢ᠃ ᠠᠯᠲᠠᠨ ᠤᠯᠤᠰ ᠤ᠋ᠨ ᠡᠮᠦᠨ᠎ᠡ ᠣᠷᠣᠨ ᠳ᠋ᠤᠷ ᠪᠠᠭᠠᠲᠤᠷ ᠴᠢᠳᠠᠯᠲᠤ ᠢᠷᠭᠡᠨ ᠦᠯᠡᠮᠵᠢ ᠪᠣᠢ᠂ ᠬᠠᠭᠠᠨ ᠤ᠋ ᠭᠡᠭᠡᠨ ᠤᠷᠢᠳᠠ ᠲᠡᠷᠡ ᠣᠷᠣᠨ ᠢ᠋ ᠳᠠᠢᠯᠠᠨ ᠠᠪᠤᠪᠠᠰᠤ᠂ ᠠᠯᠲᠠᠨ ᠤ᠋ ᠬᠣᠲᠠ ᠬᠣᠭᠣᠰᠣᠨ ᠪᠣᠯᠤᠮᠤᠢ᠃ ᠲᠡᠭᠦᠨ ᠦ᠌ ᠳᠠᠷᠠᠭ᠎ᠠ ᠠᠯᠲᠠᠨ ᠤᠯᠤᠰ ᠤ᠋ᠨ ᠡᠵᠡᠯᠡᠭᠰᠡᠨ ᠳᠤᠮᠳᠠᠳᠤ ᠤᠯᠤᠰ ᠢ᠋ ᠬᠢᠴᠢᠶᠡᠪᠡᠰᠦ᠂ ᠬᠠᠭᠠᠨ ᠡᠵᠡᠨ ᠦ᠌ ᠬᠠᠮᠤᠭ ᠤᠯᠤᠰ ᠢ᠋ ᠡᠵᠡᠯᠡᠬᠦ ᠶᠡᠬᠡ ᠦᠢᠯᠡ ᠪᠦᠲᠦᠬᠦᠢ ᠳ᠋ᠦ᠍ᠷ ᠭᠠᠷ ᠤ᠋ᠨ ᠠᠯᠠᠭ᠎ᠠ ᠤᠷᠪᠠᠭᠤᠯᠬᠤ ᠮᠡᠲᠦ ᠬᠢᠯᠪᠠᠷ ᠪᠣᠯᠤᠮᠤᠢ᠃ ᠡᠳᠦᠭᠡ ᠤᠯᠤᠰ ᠤ᠋ᠨ ᠴᠠᠭᠠᠵᠠ ᠬᠠᠲᠠᠭᠤ ᠪᠥᠭᠡᠳ ᠰᠠᠮᠠᠭᠤᠨ ᠪᠣᠯᠤᠭᠰᠠᠨ ᠲᠤᠯᠠ ᠣᠯᠠᠨ ᠢᠷᠭᠡᠨ ᠬᠠᠭᠠᠨ ᠤ᠋ ᠤᠯᠤᠰ ᠢ᠋ ᠪᠠᠷᠠᠭᠠᠳᠠᠬᠤ ᠠᠨᠤ ᠡᠳ᠋ ᠢ᠋ ᠬᠦᠰᠡᠬᠦ ᠮᠡᠲᠦ᠃ ᠡᠭᠦᠨ ᠳ᠋ᠦ᠍ᠷ ᠬᠠᠭᠠᠨ ᠤ᠋ ᠭᠡᠭᠡᠨ ᠣᠳᠣ ᠪᠠᠬᠠᠨ ᠥᠷᠥᠰᠢᠶᠡᠯ ᠢ᠋ ᠵᠠᠷᠯᠠᠪᠠᠰᠤ ᠠᠯᠲᠠᠨ ᠤᠯᠤᠰ ᠤ᠋ᠨ ᠢᠷᠭᠡᠨ ᠢᠷᠡᠵᠦ ᠮᠥᠷᠭᠥᠨ ᠳᠠᠭᠠᠮᠤᠢ᠃ ᠡᠢᠨ ᠪᠣᠯᠪᠠᠰᠤ ᠨᠡᠢᠭᠡᠮ ᠢ᠋ ᠡᠵᠡᠯᠡᠨ ᠬᠣᠵᠢᠮ ᠪᠤᠰᠤ ᠣᠯᠠᠨ ᠢᠷᠭᠡᠳ ᠬᠤᠪᠢᠰᠤᠨ ᠴᠢᠳᠠᠬᠤ ᠦᠭᠡᠢ ᠪᠣᠯᠤᠮᠤᠢ 》᠃ ᠬᠡᠮᠡᠭᠰᠡᠨ ᠳ᠋ᠦ᠍ᠷ ᠬᠠᠭᠠᠨ ᠤ᠋ ᠭᠡᠭᠡᠨ ᠲᠡᠭᠦᠨ ᠦ᠌ ᠰᠠᠨᠠᠭᠠᠨ ᠦᠨᠡᠨ ᠢ᠋ ᠦᠵᠡᠵᠦ ᠬᠦᠨᠳᠦᠳᠡ ᠱᠠᠩᠨᠠᠵᠤ ᠡᠮᠦᠨ᠎ᠡ ᠶ᠋ᠢ ᠳᠠᠢᠯᠠᠬᠤ ᠬᠣᠰᠢᠭᠤᠴᠢ ᠪᠣᠯᠭᠠᠪᠠ᠃ 
       ᠲᠡᠳᠦᠢ ᠬᠠᠭᠠᠨ ᠤ᠋ ᠭᠡᠭᠡᠨ ᠣᠯᠠᠨ ᠴᠡᠷᠢᠭ ᠲᠦ᠍ᠷ ᠲᠠᠪᠤᠨ ᠵᠦᠢᠯ ᠦ᠋ᠨ ᠲᠤᠭ ᠲᠠᠷᠬᠠᠭᠠᠨ ᠥᠭᠪᠡ᠃ ᠲᠡᠷᠢᠭᠦᠨ ᠳ᠋ᠦ᠍ᠷ ᠰᠤᠯᠠ ᠢᠷᠭᠡᠨ ᠢ᠋ ᠠᠯᠠᠵᠤ ᠪᠣᠯᠬᠤ ᠦᠭᠡᠢ᠂ ᠴᠡᠷᠢᠭ ᠦ᠋ᠨ ᠲᠡᠷᠢᠭᠦᠯᠡᠭᠰᠡᠨ ᠪᠠ ᠣᠯᠠᠨ ᠳ᠋ᠤᠷ ᠬᠣᠣᠷᠲᠤ ᠡᠵᠡᠳ ᠢ᠋ ᠰᠠᠶᠢ ᠠᠯᠠᠪᠠᠰᠤ ᠵᠣᠬᠢᠮᠤᠢ᠃ ᠵᠢᠴᠢ ᠥᠴᠦᠬᠡᠨ ᠭᠠᠪᠢᠶ᠎ᠠ ᠦᠭᠡᠢ ᠶᠠᠯᠠᠲᠤ ᠬᠥᠮᠦᠨ ᠢ᠋ ᠬᠦᠨᠳᠦ ᠬᠥᠩᠭᠡᠨ ᠢ᠋ ᠢᠯᠭᠠᠨ ᠰᠠᠯᠭᠠᠵᠤ ᠰᠢᠭᠦᠨ ᠰᠢᠳᠬᠡᠵᠦ ᠵᠠᠰᠠ᠂ ᠮᠣᠩᠭᠣᠯ ᠬᠥᠮᠦᠨ ᠴᠡᠷᠢᠭ ᠢ᠋ᠶ᠋ᠡᠷ ᠠᠵᠤ ᠲᠥᠷᠥᠬᠦ ᠶ᠋ᠢᠨ ᠦᠨᠳᠦᠰᠦ ᠪᠣᠯᠭᠠᠭᠰᠠᠨ ᠲᠤᠯᠠ ᠬᠥᠮᠦᠨ ᠪᠦᠷᠢ ᠬᠤᠶᠠᠭ ᠡᠮᠦᠰᠦᠨ ᠴᠡᠷᠢᠭ ᠲᠦ᠍ᠷ ᠳᠣᠭᠣᠴᠠ᠂ ᠳᠤᠷ᠎ᠠ ᠦᠭᠡᠢ ᠪᠣᠯᠪᠠᠰᠤ ᠵᠣᠭᠰᠣᠭ᠎ᠠ᠃ ᠬᠡᠷᠪᠡ ᠬᠣᠲᠠ ᠪᠠᠯᠭᠠᠳ ᠤ᠋ᠨ ᠬᠢᠲᠠᠳ ᠢ᠋ ᠪᠣᠯᠪᠠᠰᠤ ᠳᠥᠷᠪᠡᠨ ᠴᠢᠭ ① ᠳᠠᠷᠠᠭᠠᠲᠦ ᠠᠷᠠᠳ ᠢ᠋ ᠬᠤᠶᠠᠭ ᠡᠮᠦᠰᠬᠡᠨ ᠴᠡᠷᠢᠭ ᠲᠦ᠍ᠷ ᠳᠣᠭᠣᠴᠠ᠂ ᠠᠷᠪᠠᠨ ᠲᠠᠪᠤᠨ ᠨᠠᠰᠤᠨ ᠠ᠋ᠴᠠ ᠳᠡᠭᠡᠭᠰᠢ ᠶ᠋ᠢ ᠴᠡᠷᠢᠭ ᠲᠦ᠍ᠷ ᠳᠣᠭᠣᠴᠠ᠂ ᠵᠢᠷᠠᠨ ᠨᠠᠰᠤᠨ ᠳ᠋ᠤᠷ ᠬᠦᠷᠪᠡᠰᠦ ᠴᠡᠷᠢᠭ ᠡᠴᠡ ᠭᠠᠷᠭ᠎ᠠ᠃ ᠵᠢᠴᠢ ᠲᠣᠢᠨ ᠬᠤᠸᠠᠷᠠᠭ ᠪᠠ ᠪᠣᠮᠪᠣ ᠴᠢᠪᠠᠭᠠᠨᠴᠠ ᠬᠡᠮᠡᠭᠴᠢ ᠤᠯᠤᠰ ᠤ᠋ᠨ ᠶᠡᠬᠡ ᠦᠢᠯᠡ ᠳ᠋ᠦ᠍ᠷ ᠲᠤᠰᠠ ᠦᠭᠡᠢ ᠲᠤᠯᠠ ᠨᠢᠭᠡᠮᠦᠰᠦᠨ ᠳᠠᠰᠤᠯ ᠭᠡᠮᠡᠨ ᠵᠠᠷᠯᠢᠭ ᠪᠠᠭᠤᠯᠭᠠᠵᠤ ᠴᠠᠭᠠᠵᠠᠯᠠᠨ ᠵᠠᠷᠯᠠᠪᠠ᠃  
       ᠲᠡᠳᠦᠢ ᠬᠠᠭᠠᠨ ᠤ᠋ ᠭᠡᠭᠡᠨ ᠳᠡᠢᠯᠦᠭᠰᠡᠨ ᠬᠦᠴᠦᠨ ᠳ᠋ᠦ᠍ᠷ ᠣᠯᠠᠨ ᠴᠡᠷᠢᠭ ᠢ᠋ ᠬᠥᠬᠢᠭᠡᠨ ᠱᠠᠩᠨᠠᠵᠤ᠂ ᠰᠢᠦᠸᠠᠨ ᠬᠤᠸᠠ ᠶ᠋ᠢᠨ ᠵᠦᠭ ᠣᠷᠣᠪᠠ᠃  

– – – – 
① ᠲᠡᠷᠡ ᠦᠶ᠎ᠡ ᠳ᠋ᠦ᠍ᠷ ᠬᠣᠷᠢᠨ ᠡᠳᠦᠷ ᠢ᠋ ᠨᠢᠭᠡᠨ ᠴᠢᠭ ᠬᠡᠮᠡᠮᠦᠢ᠂ ᠡᠨᠡ ᠮᠡᠲᠦ ᠣᠷᠣᠭᠰᠠᠨ ᠢ᠋ ᠬᠠᠷᠢᠨ ᠶᠠᠭᠤᠨ ᠳ᠋ᠤᠷ ᠦᠯᠦ ᠳᠠᠭᠤᠳᠠᠬᠤ ? ᠢᠷᠭᠡᠨ ᠰᠤᠳᠤᠷᠴᠢ ᠨᠠᠷ ᠣᠨᠴᠠ ᠬᠡᠯᠪᠡᠢᠭᠦᠦ ᠪᠡᠷ ᠮᠣᠩᠭᠣᠯ ᠢ᠋ ᠮᠠᠭᠤ ᠬᠡᠯᠡᠰᠦᠭᠡᠢ ᠭᠡᠮᠡᠨ ᠡᠭᠦᠨ ᠳ᠋ᠦ᠍ᠷ ᠢ᠋ᠶ᠋ᠡᠨ ᠤᠴᠢᠷ ᠵᠦᠢ ᠳ᠋ᠦ᠍ᠷ ᠣᠭᠲᠣ ᠨᠡᠢᠯᠡᠯᠴᠡᠬᠦ ᠦᠭᠡᠢ ᠪᠡᠷ ᠰᠡᠪ ᠡᠷᠢᠨ ᠪᠢᠴᠢᠭᠰᠡᠨ ᠢᠨᠦ ᠶᠠᠭᠤᠲᠠᠢ ᠢᠨᠢᠶᠡᠯᠲᠡᠢ᠂ ᠡᠭᠦᠨ ᠢ᠋ ᠶᠠᠮᠪᠠᠷ ᠰᠤᠳᠤᠷᠴᠢ ᠬᠡᠮᠡᠮᠦᠢ᠃

      ᠲᠡᠨᠳᠡᠴᠡ ᠠᠯᠲᠠᠨ ᠤ᠋ ᠸᠧᠢ ᠱᠣᠣ ᠸᠠᠩ ᠡᠨᠡ ᠬᠠᠪᠤᠷ ᠵᠤᠨ ᠬᠡᠳᠦᠨ ᠰᠠᠷ᠎ᠠ ᠳ᠋ᠤᠷ ᠭᠤᠷᠪᠠᠨ ᠵᠡᠷᠭᠡ ᠴᠡᠷᠢᠭ ᠲᠦᠯᠬᠢᠵᠦ᠂ ᠬᠡᠳᠦᠨ ᠶᠡᠬᠡ ᠬᠣᠲᠠ ᠴᠥᠮ ᠠᠪᠲᠠᠭᠰᠠᠨ ᠳ᠋ᠤᠷ ᠶᠡᠬᠡᠯ᠎ᠡ ᠴᠢᠬᠤᠯᠳᠠᠨ ᠰᠢᠬᠠᠮᠳᠠᠵᠤ᠂ ᠵᠢᠷᠭᠤᠭᠠᠨ ᠰᠠᠷ᠎ᠠ ᠳ᠋ᠤᠷ ᠲᠥᠷᠥᠭᠰᠡᠨ ᠡᠳᠦᠷ ᠦ᠋ᠨ ᠪᠠᠶᠠᠷ ᠢ᠋ ᠮᠥᠨ ᠬᠢᠬᠦ ᠦᠭᠡᠢ᠃ ᠡᠷᠲᠡ ᠰᠥᠩ ᠤᠯᠤᠰ᠂ ᠠᠯᠲᠠᠨ ᠤᠯᠤᠰ ᠲᠤᠷ ᠬᠡᠲᠦᠷᠬᠡᠶ᠎ᠡ ᠳᠠᠷᠤᠯᠬᠠᠳᠠᠨ ᠬᠥᠪᠡᠭᠦᠨ ᠢᠨᠦ ᠪᠣᠯᠵᠤ᠂ ᠵᠢᠯ ᠪᠦᠷᠢ ᠠᠯᠲᠠᠨ ᠤᠯᠤᠰ ᠤ᠋ᠨ ᠬᠠᠭᠠᠨ ᠤ᠋ ᠲᠥᠷᠥᠭᠰᠡᠨ ᠡᠳᠦᠷ ᠲᠣᠷ ᠬᠦᠨᠳᠦ ᠪᠡᠯᠡᠭ ᠬᠦᠷᠭᠡᠨ ᠢᠷᠡᠳᠡᠭ ᠠᠵᠤᠭᠤ᠃ ᠡᠨᠡ ᠤᠳᠠᠭ᠎ᠠ ᠪᠠᠰᠠ ᠲᠥᠷᠥᠭᠰᠡᠨ ᠡᠳᠦᠷ ᠦ᠋ᠨ ᠪᠠᠶᠠᠷ ᠲᠤᠷ ᠨᠡᠢᠯᠡᠭᠦᠯᠦᠨ ᠬᠦᠨᠳᠦ ᠪᠡᠯᠩ ᠬᠦᠷᠭᠡᠨ ᠢᠷᠡᠵᠦ᠂ ᠰᠥᠩ ᠦ᠋ᠨ ᠡᠯᠴᠢ ᠳ᠋ᠤᠸᠠᠨ ᠵᠧᠦ ᠳ᠋ᠦ᠍ᠷ ᠬᠦᠷᠴᠦ ᠠᠯᠲᠠᠨ ᠤᠯᠤᠰ᠂ ᠮᠣᠩᠭᠣᠯ ᠤ᠋ᠨ ᠴᠡᠷᠢᠭ ᠦ᠋ᠨ ᠤᠷᠤᠭ᠍ᠰᠢ ᠣᠷᠣᠬᠤ ᠶ᠋ᠢ ᠦᠵᠡᠭᠡᠳ ᠪᠡᠯᠡᠭ ᠬᠦᠷᠭᠡᠬᠦ ᠪᠡᠨ ᠪᠠᠢᠭᠠᠳ ᠤᠯᠤᠰ ᠲᠤᠷ ᠢ᠋ᠶ᠋ᠠᠨ ᠡᠭᠡᠨ ᠢᠷᠡᠵᠦ᠂ ᠡᠳᠡᠭᠡᠷ ᠤᠴᠢᠷ ᠢ᠋ ᠨᠢᠩᠽᠦ᠋ᠩ ᠬᠠᠭᠠᠨ ᠳ᠋ᠤᠷ ᠢ᠋ᠶ᠋ᠠᠨ ᠪᠦᠷᠢᠨ᠎ᠡ ᠠᠢᠯᠠᠳᠬᠠᠭᠰᠠᠨ ᠳ᠋ᠤᠷ ᠨᠢᠩᠽᠦ᠋ᠩ ᠬᠠᠭᠠᠨ ᠶᠡᠬᠡᠯ᠎ᠡ ᠪᠠᠶᠠᠷᠯᠠᠵᠤ᠂ ᠪᠠᠰᠠ ᠥᠪᠡᠷ ᠦ᠋ᠨ ᠬᠠᠷᠢᠶᠠᠲᠤ ᠤᠯᠤᠰ ᠤ᠋ᠨ ᠵᠢᠶᠠᠩ ᠸᠧᠢ᠂ ᠭᠧᠩ ᠬᠤ᠌᠂ ᠰᠧ ᠴᠢᠦᠸᠠᠨ ᠡᠳᠡᠭᠡᠷ ᠭᠠᠵᠠᠷ ᠤ᠋ᠨ ᠣᠯᠠᠨ ᡁᠢ ᠵᠢᠢ ᠰᠧ ᠲᠦᠰᠢᠮᠡᠳ ᠨᠠᠷ ᠢ᠋ ᠭᠠᠵᠠᠷ ᠭᠠᠵᠠᠷ ᠵᠠᠬ᠎ᠠ ᠬᠢᠵᠠᠭᠠᠷ ᠢ᠋ ᠴᠢᠩᠳᠠᠯᠠᠨ ᠪᠡᠬᠢᠯᠡᠨ ᠬᠢᠴᠢᠶᠡᠵᠦ ᠰᠠᠬᠢ ᠭᠡᠮᠡᠨ ᠵᠠᠷᠯᠢᠭ ᠪᠠᠭᠤᠯᠭᠠᠪᠠ ① ᠃  

– – – – 
①《ᠭᠠᠩ ᠮᠦ᠍ ᠪᠢᠴᠢᠭ 》 ᠦ᠋ᠨ ᠳᠣᠲᠣᠷ᠎ᠠ ᠥᠭᠦᠯᠡᠭᠰᠡᠨ ᠢᠨᠦ᠂ ᠡᠷᠲᠡ ᠰᠥᠩ ᠤᠯᠤᠰ ᠤ᠋ᠨ ᠵᠣᠣ ᠡᠯ ᠱᠢ ᠬᠠᠭᠠᠨ᠂ ᠰᠠᠨ ᠬᠦᠩ ᠦ᠋ᠨ ᠳ᠋ᠦ᠍ᠷ ᠣᠷᠣᠵᠤ ᠮᠥᠷᠡᠨ ᠳ᠋ᠦ᠍ᠷ ᠬᠦᠷᠦᠭᠡᠳ ᠡᠪᠡᠳᠴᠢᠨ ᠣᠯᠤᠭᠰᠠᠨ ᠢ᠋ ᠡᠵᠡᠨ ᠳ᠋ᠡᠭᠡᠨ ᠬᠥᠪᠡᠭᠦᠨ ᠢᠨᠦ ᠲᠡᠭᠦᠨ ᠦ᠌ ᠡᠪᠡᠳᠴᠢᠨ ᠢ᠋ ᠠᠷᠢᠯᠤᠭᠰᠠᠨ ᠬᠣᠢᠨ᠎ᠠ ᠰᠠᠶᠢ ᠠᠯᠠᠵᠤᠬᠤᠢ᠂ ᠢᠴᠢᠭᠦᠷᠢ ᠪᠣᠯᠠᠢ ᠃ ᠰᠥᠩ ᠨᠢᠩᠽᠦ᠋ᠩ ᠡᠯᠴᠢ ᠵᠠᠷᠤᠵᠤ ᠠᠯᠲᠠᠨ ᠤᠯᠤᠰ ᠲᠤᠷ ᠲᠥᠷᠥᠭᠰᠡᠨ ᠡᠳᠦᠷ ᠦ᠋ᠨ ᠪᠠᠶᠠᠷ ᠪᠠᠷᠢᠷ᠎ᠠ ᠪᠢᠯᠳᠠᠤᠴᠢᠯᠠᠨ ᠢᠷᠡᠭᠰᠡᠨ ᠢᠨᠦ ᠮᠠᠰᠢ ᠣᠯᠠᠨ᠂ ᠨᠢᠭᠡᠨ ᠤᠳᠠᠭ᠎ᠠ ᠶ᠋ᠢᠨ ᠠᠮᠠ ᠣᠷᠣᠵᠤ ᠪᠣᠯᠬᠤ ᠦᠭᠡᠢ ᠶ᠋ᠢ ᠦᠵᠡᠭᠡᠳ ᠮᠥᠨ ᠬᠦ᠌ ᠪᠡᠯᠡᠭ ᠬᠦᠷᠭᠡᠬᠦ ᠶ᠋ᠢ ᠵᠣᠭᠰᠣᠭᠠᠵᠤᠬᠤᠢ᠃ ᠰᠥᠩ ᠬᠡᠮᠡᠭᠴᠢ ᠬᠠᠭᠤᠴᠢᠨ ᠳᠤᠮᠳᠠᠳᠤ ᠤᠯᠤᠰ ᠤ᠋ᠨ ᠬᠠᠭᠠᠨ ᠪᠤᠶᠤ᠂ ᠲᠦᠮᠡᠨ ᠲᠡᠷᠭᠡᠲᠦ ᠶ᠋ᠢᠨ ᠡᠵᠡᠨ ᠪᠥᠭᠡᠳ ᠲᠣᠷᠭ᠎ᠠ ᠲᠦᠷᠭᠡ ᠠᠯᠲᠠ ᠬᠠᠰ ᠪᠡᠯᠡᠳᠬᠡᠨ ᠭᠠᠳᠠᠭᠠᠳᠤ ᠠᠢᠮᠠᠭ ᠲᠤᠷ ᠪᠢᠯᠳᠠᠤᠴᠢᠯᠠᠨ ᠬᠦᠷᠭᠡᠵᠦ ᠰᠠᠢᠨ ᠪᠣᠯᠬᠤ ᠶ᠋ᠢ ᠴᠢᠷᠮᠠᠢᠬᠤ ᠪᠥᠭᠡᠲᠡᠯ᠎ᠡ ᠠᠯᠲᠠᠨ ᠤᠯᠤᠰ ᠬᠠᠷᠢᠨ ᠲᠡᠭᠦᠨ ᠦ᠌ ᠬᠠᠷᠢᠭᠤ ᠰᠠᠢᠨ ᠢ᠋ᠶ᠋ᠠᠷ ᠦᠵᠡᠬᠦ ᠦᠭᠡᠢ ᠭᠡᠳᠡᠷᠭᠦ ᠳᠠᠷᠤᠯᠠᠨ ᠳᠣᠷᠣᠮᠵᠢᠯᠠᠬᠤ ᠠᠨᠤ᠂ ᠰᠥᠩ ᠤᠯᠤᠰ ᠦᠨᠡᠬᠡᠷ ᠢᠴᠢᠭᠦᠷᠢ ᠪᠤᠶᠤ᠃《ᠭᠠᠩ ᠮᠦ᠍ ᠪᠢᠴᠢᠭ 》 ᠦ᠋ᠨ ᠤᠴᠢᠷ ᠢ᠋ ᠡᠬᠢᠯᠡᠨ ᠪᠢᠴᠢᠭᠰᠡᠨ ᠬᠤ᠌ ᠱᠢ ᠥᠭᠦᠯᠡᠷᠦᠨ: 《ᠬᠥᠮᠦᠨ ᠢᠴᠢᠩᠭᠦᠷᠢ ᠪᠣᠢ ᠠᠪᠠᠰᠤ ᠬᠣᠢᠨ᠎ᠠ ᠰᠠᠶᠢ ᠠᠭᠤᠷᠯᠠᠮᠤᠢ᠂ ᠣᠮᠣᠷᠬᠠᠨ ᠬᠣᠷᠣᠰᠪᠠᠰᠤ ᠰᠠᠶᠢ ᠴᠢᠭᠢᠷᠠᠭ ᠪᠣᠯᠬᠤ ᠶ᠋ᠢ ᠴᠢᠷᠮᠠᠢᠮᠤᠢ᠂ ᠴᠢᠭᠢᠷᠠᠭ ᠪᠣᠯᠤᠨ ᠴᠢᠳᠠᠪᠠᠰᠤ ᠰᠠᠶᠢ ᠰᠠᠢᠨ ᠳ᠋ᠤᠷ ᠬᠢᠴᠢᠶᠡᠮᠦᠢ᠂ ᠰᠠᠢᠨ ᠪᠣᠯᠤᠨ ᠴᠢᠳᠠᠪᠠᠰᠤ ᠰᠠᠶᠢ ᠪᠡᠶ᠎ᠡ ᠲᠣᠭᠲᠠᠨᠢᠮᠤᠢ᠂ ᠪᠡᠶ᠎ᠡ ᠲᠣᠭᠲᠠᠨᠢᠨ ᠴᠢᠳᠠᠭᠰᠠᠨ ᠬᠣᠢᠨ᠎ᠠ ᠰᠠᠶᠢ ᠲᠡᠭᠦᠨ ᠦ᠌ ᠵᠠᠰᠠᠭ ᠢ᠋ ᠴᠢᠩᠭᠠᠯᠠᠨ ᠤᠯᠤᠰ ᠭᠡᠷ ᠢ᠋ ᠬᠠᠮᠠᠭᠠᠯᠠᠨ ᠴᠢᠳᠠᠬᠤ ᠪᠤᠶᠤ ! ᠰᠥᠩ ᠨᠢᠩᠽᠦ᠋ᠩ ᠦ᠋ᠨ ᠳᠣᠲᠣᠭᠠᠳᠤ ᠬᠡᠪ ᠦ᠋ᠨ ᠬᠡᠮᠵᠢᠶᠡᠨ ᠢ᠋ᠶ᠋ᠡᠨ ᠡᠷᠬᠡᠲᠦ ᠲᠦᠰᠢᠮᠡᠳ ᠲᠣᠷ ᠢ᠋ᠶ᠋ᠠᠨ ᠡᠵᠡᠯᠡᠭᠦᠯᠦᠨ᠂ ᠭᠠᠳᠠᠭᠠᠳᠤ ᠳᠦᠷᠢᠮ ᠬᠡᠮᠵᠢᠶᠡᠨ ᠢ᠋ᠶ᠋ᠡᠨ ᠡᠰᠡᠷᠭᠦᠴᠡᠯ ᠤᠯᠤᠰ ᠢ᠋ᠶ᠋ᠠᠷ ᠳᠠᠷᠤᠭᠤᠯᠠᠭᠰᠠᠨ ᠠᠨᠤ᠂ ᠴᠣᠬᠣᠮ ᠲᠡᠭᠦᠨ ᠦ᠌ ᠵᠣᠪᠠᠯᠠᠩ ᠵᠦᠳᠡᠭᠦᠷᠢ ᠬᠦᠨᠳᠦ ᠡᠪᠡᠳᠴᠢᠨ ᠡᠮᠭᠡᠭ ᠢᠨᠦ ᠪᠤᠶᠤ᠂ ᠡᠷᠳᠡᠮ ᠢ᠋ ᠳᠡᠯᠭᠡᠨ ᠮᠡᠷᠭᠡᠨ ᠢ᠋ ᠤᠯᠠᠷᠢᠭᠤᠯᠤᠨ ᠴᠢᠳᠠᠪᠠᠰᠤ ᠠᠮᠢᠨ ᠢ᠋ ᠬᠠᠮᠠᠭᠠᠯᠠᠨ ᠦᠬᠦᠯ ᠡᠴᠡ ᠭᠡᠲᠦᠯᠦᠨ ᠭᠠᠷᠴᠤ ᠪᠣᠯᠬᠤ ᠴᠠᠭ ᠪᠥᠭᠡᠲᠡᠯ᠎ᠡ ᠰᠥᠩ ᠨᠢᠩᠽᠦ᠋ᠩ ᠬᠠᠷᠠᠬᠠᠨ ᠠᠮᠤᠷ ᠢ᠋ ᠡᠷᠢᠵᠦ ᠢᠴᠢᠭᠦᠷᠢ ᠶ᠋ᠢ ᠬᠦᠯᠢᠴᠡᠨ ᠦᠭᠡᠨᠴᠡ ᠪᠠᠭᠤᠷᠠᠢ ᠶ᠋ᠢ ᠤᠭᠤᠷᠤᠨ᠂ ᠬᠠᠯᠬᠠᠯᠠᠯ ᠦᠭᠡᠢ ᠪᠡᠷ ᠡᠴᠡᠭᠦᠯᠡᠯ ᠠᠩᠬᠠᠷᠤᠨ ᠠᠬᠤᠢ ᠳ᠋ᠤᠷ ᠥᠪᠡᠷ ᠦ᠋ᠨ ᠣᠪᠣᠷ ᠳᠦᠷᠢ ᠤᠯᠤᠰ ᠤ᠋ᠨ ᠬᠦᠴᠦᠨ ᠴᠢᠳᠠᠯ ᠢ᠋ ᠭᠠᠳᠠᠭᠠᠳᠤ ᠤᠯᠤᠰ ᠲᠤᠷ ᠪᠠᠰᠤᠭᠳᠠᠭᠤᠯᠤᠨ ᠶᠠᠪᠤᠬᠤᠢ ᠠᠨᠤ ᠴᠥᠮ ᠥᠪᠡᠷ ᠦ᠋ᠨ ᠪᠡᠶ᠎ᠡ ᠡᠷᠢᠭᠰᠡᠨ ᠢᠨᠦ ᠪᠤᠶᠤ  》 ᠬᠡᠮᠡᠵᠦᠬᠦᠢ᠃ ᠬᠤ᠌ ᠱᠢ ᠰᠥᠩ ᠦ᠋ᠨ ᠤᠯᠠᠷᠢᠵᠤ ᠳᠠᠭᠠᠭᠰᠠᠨ ᠡᠨᠡ ᠨᠢᠭᠡᠨ ᠠᠩᠭᠢ ᠶ᠋ᠢ ᠪᠢᠴᠢᠪᠡᠢ ‍ᠶ᠎ᠠ᠃   

       ᠲᠡᠨᠳᠡᠴᠡ ᠨᠠᠢ᠍ᠮᠠᠨ ᠰᠠᠷ᠎ᠠ ᠳ᠋ᠤᠷ ᠰᠢᠶᠠ ᠤᠯᠤᠰ ᠤ᠋ᠨ ᠯᠢ ᠠᠨ ᠴᠢᠦᠸᠠᠨ ᠤ᠋ ᠡᠪᠡᠳᠴᠢᠨ ᠬᠦᠨᠳᠦᠳᠴᠦ ᠦᠬᠦᠭᠰᠡᠨ ᠳ᠋ᠦ᠍ᠷ ᠴᠠᠭᠠᠲᠠᠢ ᠲᠡᠭᠦᠨ ᠦ᠌ ᠦᠷᠡᠴᠢᠯᠡᠭᠰᠡᠨ ᠬᠥᠪᠡᠭᠦᠨ ᠯᠢ ᠽᠦᠨ ᠰᠢᠦᠢ ᠶ᠋ᠢ ᠢᠨᠦ ᠲᠡᠭᠦᠨ ᠦ᠌ ᠡᠴᠢᠭᠡ ᠶ᠋ᠢᠨ ᠣᠷᠣ ᠳ᠋ᠤᠷ ᠠᠨᠤ ᠪᠠᠢᠭᠤᠯᠤᠨ ᠥᠭᠴᠦ ᠲᠡᠭᠦᠨ ᠦ᠌ ᠤᠯᠤᠰ ᠤ᠋ᠨ ᠲᠦᠰᠢᠮᠡᠯ ᠨᠠᠷ ᠠᠨᠤ ᠯᠢ ᠠᠨ ᠴᠢᠦᠸᠠᠨ ᠢ᠋ ᠨᠢᠩᠽᠦ᠋ᠩ ᠭᠡᠮᠡᠨ ᠨᠡᠬᠡᠨ ᠡᠷᠭᠦᠮᠵᠢᠯᠡᠪᠡᠢ᠃ 
       ᠲᠡᠳᠦᠢ ᠭᠠᠰᠠᠯᠠᠩ ᠤ᠋ᠨ ᠬᠡᠷᠡᠭ ᠢ᠋ ᠲᠡᠭᠦᠰᠬᠡᠨ᠂ ᠴᠡᠷᠢᠭ ᠢ᠋ᠶ᠋ᠡᠨ ᠠᠪᠴᠤ ᠲᠠᠢᠽᠦ ᠴᠢᠩᠭᠢᠰ ᠬᠠᠭᠠᠨ ᠤ᠋ ᠴᠡᠷᠢᠭ ᠢ᠋ ᠤᠭᠲᠤᠨ ᠢᠷᠡᠵᠦ ᠵᠥᠪᠯᠡᠵᠦ᠂ ᠰᠢᠶᠠ ᠤᠯᠤᠰ ᠤ᠋ᠨ ᠡᠵᠡᠨ ᠢ᠋ ᠵᠠᠯᠭᠠᠮᠵᠢᠯᠠᠨ ᠪᠠᠢᠭᠤᠯᠵᠤ᠂ ᠥᠬᠢᠨ ᠢ᠋ ᠡᠭᠡᠵᠦ ᠡᠷᠭᠦᠭᠦᠯᠦᠭᠰᠡᠨ ᠢ᠋ ᠠᠢᠯᠠᠳᠬᠠᠨ ᠲᠣᠭᠲᠠᠭᠠᠵᠤ ᠬᠠᠷᠢᠭᠤ ᠵᠣᠣ ᠪᠢᠴᠢᠭ ᠪᠠᠷᠢᠭᠤᠯᠤᠨ ᠢᠯᠡᠭᠡᠵᠦ᠂ ᠴᠡᠷᠢᠭ ᠢ᠋ᠶ᠋ᠡᠨ ᠬᠠᠭᠠᠨ ᠤ᠋ ᠴᠡᠷᠢᠭ ᠯᠦ᠍ᠭᠡ ᠨᠡᠢᠯᠡᠭᠦᠯᠵᠦ᠂ ᠠᠯᠲᠠᠨ ᠤᠯᠤᠰ ᠤ᠋ᠨ ᠰᠢ ᠵᠢᠩ – ᠪᠠᠷᠠᠭᠤᠨ ᠨᠡᠢᠰᠯᠡᠯ ᠢ᠋ ᠪᠠᠢᠯᠳᠤᠷ᠎ᠠ ᠣᠷᠣᠬᠤᠢ ᠳ᠋ᠤᠷ ᠠᠯᠲᠠᠨ ᠤᠯᠤᠰ ᠤ᠋ᠨ ᠶᠦᠩ ᠵᠢᠢ ᠰᠢᠬᠠᠮᠳᠠᠵᠤ ᠴᠢᠶᠠᠨ ᠤ᠋ ᠨᠣ ᠸᠠᠨ ᠶᠠᠨ᠂ ᠬᠤ᠌ ᠱᠠ ᠬᠤ᠌ ᠶ᠋ᠢ ᠦ ᠰᠠᠨ ᠹᠦ ᠳ᠋ᠦ᠍ᠷ ᠦᠵᠡᠷ᠎ᠡ ᠡᠴᠢᠶ᠎ᠡ ᠬᠡᠮᠡᠲᠡᠯ᠎ᠡ ᠡᠨᠳᠡ ᠬᠦᠷᠬᠦᠢ ᠶ᠋ᠢᠨ ᠤᠷᠢᠳᠠ ᠮᠣᠩᠭᠣᠯ ᠤ᠋ᠨ ᠴᠡᠷᠢᠭ ᠡᠦ ᠰᠠᠨ ᠹᠦ ᠶ᠋ᠢ ᠬᠡᠳᠦᠢᠨᠡᠢ ᠠᠪᠴᠤ ᠡᠵᠡᠯᠡᠭᠡᠳ ᠪᠠᠰᠠ ᠡᠦ ᠶᠤᠸᠠᠢ ᠢᠩ ᠢ᠋ ᠠᠪᠤᠭᠠᠳ ᠳᠡᠢᠯᠦᠭᠰᠡᠨ ᠬᠦᠴᠦᠨ ᠳ᠋ᠦ᠍ᠷ ᠪᠦᠸᠧ ᠳ᠋ᠧᠩ ᠴᠡᠨ ᠬᠣᠲᠠᠨ ᠢ᠋ ᠡᠪᠳᠡᠵᠦ᠂ ᠰᠢ ᠵᠢᠩ ᠢ᠋ ᠬᠠᠭᠠᠵᠤ ᠳᠣᠯᠣᠭᠠᠨ ᠡᠳᠦᠷ ᠪᠠᠢᠯᠳᠤᠬᠤᠢ ᠳ᠋ᠤᠷ ᠰᠢ ᠵᠢᠩ ᠢ᠋ ᠰᠠᠬᠢᠭ᠍ᠰᠠᠨ ᠬᠤ᠌ ᠱᠠ ᠬᠤ᠌ ᠰᠦᠨᠡᠰᠦᠨ ᠦᠭᠡᠢ ᠠᠶᠤᠵᠤ᠂ ᠥᠪᠡᠷ ᠦ᠋ᠨ ᠳᠣᠣᠷᠠᠬᠢ ᠴᠡᠷᠢᠭ ᠢ᠋ᠶ᠋ᠡᠨ ᠠᠪᠴᠤ ᠬᠦᠨᠳᠦ ᠬᠠᠭᠠᠭᠰᠠᠨ ᠭᠠᠵᠠᠷ ᠢ᠋ ᠨᠡᠪᠲᠡᠯᠦᠨ ᠭᠠᠷᠴᠤ ᠬᠣᠲᠠ ᠶᠤᠭᠠᠨ ᠣᠷᠬᠢᠵᠤ ᠤᠷᠭᠤᠨ ᠪᠤᠷᠤᠭᠤᠯᠠᠬᠤᠢ ᠳ᠋ᠤᠷ ᠮᠤᠬᠤᠯᠢ᠂ ᠴᠢᠯᠠᠭᠤ ᠠᠨᠳᠠᠨ ᠬᠣᠶᠠᠭᠤᠯᠠ ᠳ᠋ᠤᠷ ᠭᠤᠷᠪᠠᠨ ᠮᠢᠩᠭᠠᠨ ᠴᠡᠷᠢᠭ ᠥᠭᠴᠦ ᠬᠥᠭᠡᠭᠡᠨ ᠠᠯᠠᠵᠤ ᠶᠡᠬᠡᠯ᠎ᠡ ᠳᠠᠷᠤᠭᠠᠳ ᠲᠠᠯᠪᠢᠯ ᠦᠭᠡᠢ ᠨᠡᠬᠡᠨ ᠠᠯᠠᠭᠰᠠᠭᠠᠷ ᠼᠦᠢ ᠪᠠ ᠬᠤ᠌ ᠶ᠋ᠢᠨ ᠠᠮᠠᠨ ᠳ᠋ᠤᠷ ᠬᠦᠷᠴᠦ ᠰᠢ ᠵᠢᠩ ᠪᠠᠯᠭᠠᠰᠤᠨ ᠢ᠋ ᠠᠪᠤᠭᠠᠳ ᠪᠠᠰᠠ ᠾᠧ ᠹᠦ ᠵᠧᠦ ᠶ᠋ᠢ ᠡᠵᠡᠯᠡᠪᠡᠢ᠃ ᠲᠡᠳᠦᠢ ᠬᠠᠭᠠᠨ ᠤ᠋ ᠭᠡᠭᠡᠨ᠂ ᠵᠣᠴᠢ᠂ ᠴᠠᠭᠠᠲᠠᠢ᠂ ᠥᠭᠡᠳᠡᠢ ᠭᠤᠷᠪᠠᠨ ᠲᠠᠢᠽᠢ ᠴᠢᠨ ᠸᠠᠩ ᠳ᠋ᠤᠷ ᠴᠡᠷᠢᠭ ᠬᠤᠪᠢᠶᠠᠨ ᠥᠭᠴᠦ ᠶᠦᠨ ᠨᠧᠢ ᠶ᠋ᠢᠨ ᠵᠡᠭᠦᠨ ᠳᠠᠰᠢ ᠱᠧᠩ ᠵᠧᠦ᠂ ᠡᠦ ᠵᠧᠦ᠂ ᠰᠦᠸᠧ ᠵᠧᠦ᠂ ᠹᠸᠩ ᠵᠧᠦ᠂ ᠵᠢᠩ ᠵᠧᠦ ᠶ᠋ᠢ ᠪᠠᠢᠯᠳᠤᠷ᠎ᠠ ᠢᠯᠡᠭᠡᠭᠡᠳ ᠥᠪᠡᠷ ᠢ᠋ᠶ᠋ᠡᠨ ᠮᠤᠬᠤᠯᠢ ᠨᠠᠷ ᠢ᠋ ᠠᠪᠴᠤ ᠠᠯᠲᠠᠨ ᠤᠯᠤᠰ ᠤ᠋ᠨ ᠳᠧ ᠵᠧᠦ᠂ ᠵᠢᠩ ᠵᠧᠦ᠂ ᠾᠦᠩ ᠵᠧᠦ᠂ ᠴᠠᠩ ᠪᠠ᠂ ᠬᠤᠸᠠᠢ ᠯᠠᠢ᠂ ᠶ᠋ᠢᠨ ᠱᠠᠨ᠂ ᠹᠠᠩ  ᠶᠦᠨ ᠵᠧᠦ᠂ ᠮᠢ ᠶᠦᠨ ᠰᠢᠶᠠᠨ᠂ ᠹᠦ ᠨᠢᠩ ᠵᠧᠦ᠂ ᠵᠢᠢ ᠨᠢᠩ ᠵᠢᠶᠦ᠋ᠨ ᠦ᠌ ᠵᠡᠷᠭᠡ ᠬᠣᠲᠠ ᠪᠠᠯᠭᠠᠳ ᠢ᠋ ᠳᠠᠭᠠᠷᠢᠨ ᠭᠠᠷᠬᠤᠢ ᠳ᠋ᠤᠷ ᠡᠳᠡᠭᠡᠷ ᠭᠠᠵᠠᠷ ᠤ᠋ᠨ ᠠᠷᠠᠳ ᠴᠥᠮ ᠮᠥᠷᠭᠥᠨ ᠤᠭᠲᠤᠵᠤ ᠳᠠᠭᠠᠪᠠ᠃ ᠲᠡᠳᠦᠢ ᠡᠵᠡᠯᠡᠭᠰᠡᠨ ᠬᠣᠲᠠ ᠶ᠋ᠢ ᠥᠩᠭᠡᠷᠡᠵᠦ ᠪᠠ ᠯᠠᠨ ᠳ᠋ᠤᠷ ᠬᠦᠷᠴᠦ ᠡᠮᠦᠨᠡᠰᠢ ᠴᠧᠩ ᠽᠠᠩ ᠳ᠋ᠤᠷ ᠲᠤᠯᠭᠠᠨ ᠯᠢᠨ ᠬᠤᠸᠠᠩ ᠢ᠋ᠶ᠋ᠠᠷ ᠥᠩᠭᠡᠷᠡᠨ ᠣᠷᠣᠵᠤ᠂ ᠯᠢᠦ ᠾᠧ ᠶ᠋ᠢ ᠭᠡᠲᠦᠯᠦᠭᠡᠳ ᠪᠠᠷᠠᠭᠤᠨ ᠡᠮᠦᠨ᠎ᠡ ᠱᠠᠨ ᠳᠢ ᠳ᠋ᠦ᠍ᠷ ᠬᠦᠷᠴᠦ ᠬᠣᠲᠠ ᠪᠠᠯᠭᠠᠳ ᠢ᠋ ᠴᠥᠮ ᠮᠣᠩᠭᠣᠯ ᠳ᠋ᠤᠷ ᠳᠠᠭᠠᠭᠤᠯᠪᠠ᠃ ᠰᠡᠷᠢᠭᠦᠨ ᠨᠠᠮᠤᠷ ᠤ᠋ᠨ ᠶᠢᠰᠦᠨ ᠰᠠᠷ᠎ᠠ ᠳ᠋ᠤ᠌ ᠬᠠᠭᠠᠨ ᠤ᠋ ᠭᠡᠭᠡᠨ ᠹᠦ ᠵᠧᠦ ᠶ᠋ᠢ ᠨᠢᠭᠡᠨᠲᠡ ᠠᠪᠤᠭᠰᠠᠨ ᠲᠤᠯᠠ ᠴᠡᠷᠢᠭ ᠢ᠋ ᠵᠣᠭᠰᠣᠭᠠᠵᠤ᠂ ᠮᠣᠷᠢᠨ ᠢ᠋ ᠲᠡᠵᠢᠭᠡᠨ ᠪᠠᠬᠠᠨ ᠠᠮᠤᠰᠬᠢᠵᠦ ᠵᠢᠴᠢ ᠡᠮᠦᠨᠡᠰᠢ ᠣᠷᠣᠰᠤᠭᠠᠢ ᠬᠡᠮᠡᠬᠦᠢ ᠳ᠋ᠦ᠍ᠷ ᠠᠯᠲᠠᠨ ᠤᠯᠤᠰ ᠤ᠋ᠨ ᠡᠵᠡᠨ ᠶᠡᠬᠡᠯ᠎ᠡ ᠠᠶᠤᠵᠤ ᠳᠠᠬᠢᠨ ᠵᠠᠷᠯᠢᠭ ᠪᠠᠭᠤᠯᠭᠠᠨ᠂ ᠵᠣᠣ ᠲᠤᠤ ᠱᠢ – ᠸᠠᠨ ᠶᠠᠨ ᠵᠢᠶᠣᠤ ᠶ᠋ᠢᠨ ᠢ᠋ᠶ᠋ᠠᠷ ᠶᠡᠬᠡ ᠴᠡᠷᠢᠭ ᠢ᠋ ᠵᠠᠬᠢᠷᠤᠭᠤᠯᠤᠨ᠂ ᠪᠠᠰᠠ ᠴᠡᠷᠢᠭ ᠨᠡᠮᠡᠵᠦ ᠸᠠᠨ ᠶᠠᠨ ᠹᠠᠨ ᠤᠤ ᠲᠠᠨ ᠢ᠋ ᠴᠡᠷᠢᠭ ᠳᠠᠭᠠᠭᠤᠯᠤᠨ ᠳᠥᠴᠢᠨ ᠲᠦᠮᠡ ᠭᠡᠮᠡᠨ ᠠᠯᠳᠠᠷᠰᠢᠭᠤᠯᠤᠨ᠂ ᠪᠠᠰᠠ ᠵᠡᠭᠦᠨ ᠳᠠᠪᠠᠭᠠᠨ᠎ᠠ ᠪᠠᠭᠤᠳᠠᠯᠯᠠᠭᠤᠯᠵᠤ᠂ ᠬᠤ᠌ ᠱᠠ ᠬᠤ᠌ ᠶ᠋ᠢ ᠬᠣᠢᠲᠤ ᠴᠡᠷᠢᠭ ᠢ᠋ ᠠᠪᠴᠤ ᠬᠣᠢᠨ᠎ᠠ ᠳᠠᠷᠤᠭ᠎ᠠ ᠪᠣᠯᠭᠠᠪᠠ᠃ ᠡᠭᠦᠨ ᠳ᠋ᠦ᠍ᠷ ᠣᠯᠠᠨ ᠰᠠᠢᠳ ᠤ᠋ᠳ ᠸᠠᠨ ᠶᠠᠨ ᠵᠢᠶᠣᠤ ᠶ᠋ᠢᠨ ᠳ᠋ᠦ᠍ᠷ ᠥᠭᠦᠯᠡᠷᠦᠨ : 《ᠮᠣᠩᠭᠣᠯ ᠰᠠᠨᠠᠭᠰᠠᠨ ᠣᠯᠠᠨ ᠹᠦ᠂ ᠵᠧᠦ ᠶ᠋ᠢ ᠪᠡᠨ ᠠᠪᠴᠤ ᠣᠳᠣ ᠰᠠᠨᠠᠭᠠᠨ ᠰᠤᠯᠠ ᠪᠣᠯᠵᠤ ᠮᠣᠷᠢᠨ ᠠ᠋ᠴᠠ ᠪᠠᠭᠤᠵᠤ᠂ ᠲᠠᠯ᠎ᠠ ᠳ᠋ᠤᠷ ᠪᠡᠯᠴᠢᠵᠦ ᠠᠳᠤᠭᠤᠯᠠᠬᠤ ᠡᠨᠡ ᠰᠠᠨᠠᠭᠠᠨ ᠳ᠋ᠤ᠌ ᠦᠭᠡᠢ ᠴᠢᠯᠥᠭᠡᠨ ᠳ᠋ᠦ᠍ᠷ ᠪᠢᠳᠡ ᠴᠡᠷᠢᠭ ᠢ᠋ᠶ᠋ᠡᠷ ᠭᠡᠨᠡᠳᠲᠡ ᠳᠠᠷᠤᠨ ᠣᠷᠣᠪᠠᠰᠤ ᠲᠠᠢᠯᠵᠤ ᠪᠣᠯᠬᠤ ᠦᠭᠡᠢ ᠦᠦ ?》ᠬᠡᠮᠡᠭᠰᠡᠨ ᠳ᠋ᠦ᠍ᠷ ᠸᠠᠨ ᠶᠠᠨ ᠵᠢᠶᠣᠤ ᠶ᠋ᠢᠨ ᠥᠭᠦᠯᠡᠷᠦᠨ :《ᠡᠨᠡ ᠲᠦᠭᠰᠢᠭᠦᠷᠢ ᠲᠡᠢ ᠵᠠᠮ ᠪᠤᠶᠤ᠂ ᠬᠠᠷᠢᠨ ᠪᠢᠳᠡ ᠮᠣᠷᠢᠲᠤ ᠶᠠᠪᠠᠭᠠᠨ ᠴᠡᠷᠢᠭ ᠢ᠋ᠶ᠋ᠡᠷ ᠬᠠᠮᠲᠤ ᠣᠷᠣᠵᠤ ᠪᠠᠢᠯᠳᠤᠪᠠᠰᠤ ᠴᠣᠬᠣᠮ ᠲᠦᠮᠡᠨ ᠳ᠋ᠦ᠍ᠷ ᠪᠦᠷᠢᠳᠬᠦ ᠠᠷᠭ᠎ᠠ ! 》ᠬᠡᠮᠡᠭᠰᠡᠨ ᠳ᠋ᠦ᠍ᠷ ᠮᠣᠩᠭᠣᠯ ᠤ᠋ᠨ ᠵᠠᠮᠪᠠᠯ ᠬᠡᠳᠦᠢᠨᠡᠢ ᠲᠦᠷᠭᠡᠯᠡᠨ ᠡᠴᠢᠵᠦ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠮᠤᠬᠤᠯᠢ ᠯᠤᠭ᠎ᠠ ᠵᠥᠪᠯᠡᠵᠦ ᠮᠢᠩᠭᠠᠰ ᠤ᠋ᠨ ᠬᠣᠱᠣᠣ ᠨᠡᠷᠡᠲᠦ ᠭᠠᠵᠠᠷ ᠢ᠋ᠶ᠋ᠡᠷ ᠪᠠᠢᠯᠳᠤᠵᠤ ᠬᠥᠭᠡᠭᠡᠬᠦᠢ ᠳ᠋ᠦ᠍ᠷ ᠸᠠᠨ ᠶᠠᠨ ᠵᠢᠶᠣᠤ ᠶ᠋ᠢᠨ ᠪᠠᠰᠠ ᠰᠢᠮᠦ ᠮᠢᠩᠭᠠᠨ ᠲᠡᠭᠦᠨ ᠦ᠌ ᠲᠦᠰᠢᠮᠡᠯ ᠢ᠋ ᠮᠣᠩᠭᠣᠯ ᠠ᠋ᠴᠠ ᠠᠴᠢᠷᠠᠭᠰᠠᠨ ᠤᠴᠢᠷ ᠢ᠋ ᠠᠰᠠᠭᠤᠷ᠎ᠠ ᠵᠠᠷᠤᠭᠰᠠᠨ ᠳ᠋ᠤᠷ ᠰᠢᠮᠦ ᠮᠢᠩᠭᠠᠨ ᠨᠢᠭᠤᠷ ᠤᠴᠠᠷᠠᠨ ᠳᠠᠢᠯᠠᠭᠰᠠᠨ ᠤᠴᠢᠷ ᠢ᠋ ᠨᠢᠭᠡᠨ ᠵᠡᠷᠭᠡ ᠠᠰᠠᠭᠤᠵᠤ ᠡᠭᠡᠪᠡ᠃  
       ᠲᠡᠳᠦᠢ ᠬᠠᠭᠠᠨ ᠤ᠋ ᠭᠡᠭᠡᠨ ᠮᠤᠬᠤᠯᠢ ᠶ᠋ᠢ ᠳᠠᠭᠤᠳᠠᠨ ᠵᠥᠪᠯᠡᠵᠦ᠂ ᠪᠠᠰᠠ ᠴᠡᠷᠢᠭ ᠢ᠋ ᠨᠢᠭᠡᠨ ᠵᠡᠷᠭᠡ ᠲᠡᠭᠰᠢᠯᠡᠵᠦ ᠳᠠᠷᠤᠢ ᠳᠠᠷᠤᠨ ᠣᠷᠣᠪᠠ᠃ ᠸᠠᠨ ᠶᠠᠨ ᠵᠢᠶᠣᠤ ᠶ᠋ᠢᠨ ᠡᠨᠡ ᠤᠳᠠᠭ᠎ᠠ ᠳ᠋ᠤᠷ ᠪᠠᠢᠯᠳᠤᠬᠤᠶ᠎ᠠ᠂ ᠨᠢᠭᠡᠨᠲᠡ ᠠᠶᠤᠭᠰᠠᠨ ᠴᠡᠷᠢᠭ ᠬᠡᠷᠬᠢᠨ ᠵᠠᠬᠢᠷᠤᠨ ᠳᠠᠷᠤᠪᠠᠴᠤ ᠮᠣᠩᠭᠣᠯ ᠤ᠋ᠨ ᠲᠤᠭ ᠢ᠋ ᠦᠵᠡᠮᠡᠭᠴᠡ ᠳᠠᠷᠤᠢ ᠪᠤᠷᠤᠭᠤᠯᠠᠬᠤᠢ ᠳ᠋ᠤᠷ ᠮᠣᠩᠭᠣᠯ ᠤ᠋ᠨ ᠴᠡᠷᠢᠭ ᠮᠥᠨ ᠳᠠᠷᠤᠨ ᠠᠯᠠᠨ ᠣᠷᠣᠵᠤ ᠨᠡᠬᠡᠨ ᠪᠠᠢᠯᠳᠤᠵᠤ ᠵᠠᠭᠤᠨ ᠭᠠᠵᠠᠷ ᠢᠯᠡᠭᠦᠦ ᠬᠥᠭᠡᠭᠡᠪᠡ ᠃ ᠡᠨᠡ ᠤᠳᠠᠭ᠎ᠠ ᠶ᠋ᠢᠨ ᠪᠠᠢᠯᠳᠤᠭᠠᠨ ᠳ᠋ᠤ᠌ ᠦᠬᠦᠭᠰᠡᠨ ᠴᠡᠷᠢᠭ ᠦ᠋ᠨ ᠶᠠᠰᠤ ᠠᠭᠤᠯᠠ ᠲᠠᠯ᠎ᠠ ᠳ᠋ᠤᠷ ᠬᠥᠨᠳᠡᠯᠡᠨ ᠭᠤᠯᠳᠤ ᠬᠥᠯ ᠬᠥᠰᠡᠷ ᠦᠭᠡᠢ᠃ 
       ᠲᠡᠳᠦᠢ ᠮᠤᠬᠤᠯᠢ ᠬᠠᠭᠠᠨ ᠳ᠋ᠤᠷ ᠠᠢᠯᠠᠳᠬᠠᠨ ᠲᠣᠭᠲᠠᠭᠠᠵᠤ ᠮᠥᠨ ᠬᠦᠴᠦᠨ ᠳ᠋ᠦ᠍ᠷ ᠤᠷᠢ ᠠᠭᠤᠯᠠᠨ ᠢ᠋ ᠣᠷᠣᠪᠠᠰᠤ ᠵᠣᠬᠢᠮᠤᠢ ᠭᠡᠮᠡᠨ ᠶᠡᠬᠡ ᠴᠡᠷᠢᠭ ᠠᠭᠤᠯᠠᠨ ᠢ᠋ ᠳᠠᠪᠠᠵᠤ ᠲᠦᠷᠭᠡᠨ ᠳᠠᠪᠬᠢᠯᠤᠨ ᠣᠷᠣᠵᠤ ᠢᠷᠡᠭᠰᠡᠨ ᠳ᠋ᠦ᠍ᠷ ᠬᠤ᠌ ᠱᠠ ᠬᠤ᠌ ᠮᠣᠩᠭᠣᠯ ᠤ᠋ᠨ ᠬᠤᠷᠴᠠ ᠠ᠋ᠴᠠ ᠬᠡᠲᠦᠷᠬᠡᠢ ᠠᠶᠤᠭᠰᠠᠨ ᠲᠤᠯᠠ ᠥᠴᠦᠬᠡᠨ ᠴᠦ᠍ ᠪᠠᠢᠯᠳᠤᠵᠤ ᠴᠢᠳᠠᠬᠤ ᠦᠭᠡᠢ᠂ ᠬᠠᠷᠢᠨ ᠮᠣᠩᠭᠣᠯ ᠤ᠋ᠨ ᠴᠡᠷᠢᠭ ᠦ᠋ᠨ ᠡᠮᠦᠨ᠎ᠡ ᠵᠠᠮ ᠤᠳᠤᠷᠢᠳᠬᠤ ᠮᠡᠲᠦ ᠶᠠᠪᠤᠬᠤᠶ᠎ᠠ᠂ ᠬᠣᠢᠨ᠎ᠠ ᠠ᠋ᠴᠠ ᠮᠣᠩᠭᠣᠯ ᠤ᠋ᠨ ᠴᠡᠷᠢᠭ ᠮᠥᠷᠳᠡᠨ ᠬᠥᠭᠡᠭᠡᠵᠦ ᠢᠷᠡᠨ᠂ ᠾᠦᠢ ᠾᠧ ᠪᠦ ᠶ᠋ᠢᠨ ᠭᠠᠵᠠᠷ ᠨᠡᠬᠡᠵᠦ ᠭᠦᠢᠴᠡᠨ᠂ ᠾᠦᠢ ᠾᠧ ᠭᠣᠣᠯ ᠤ᠋ᠨ ᠬᠥᠭᠥᠷᠭᠡ ᠳ᠋ᠦ᠍ᠷ ᠠᠯᠲᠠᠨ ᠤᠯᠤᠰ ᠤ᠋ᠨ ᠴᠡᠷᠢᠭ ᠢ᠋ ᠪᠠᠰᠠ ᠨᠢᠭᠡᠨ ᠵᠡᠷᠭᠡ ᠭᠦᠢᠴᠡᠨ ᠠᠯᠠᠵᠤ᠂ ᠬᠤ᠌ ᠱᠠ ᠬᠤ᠌ ᠶᠡᠬᠡᠯ᠎ᠡ ᠠᠶᠤᠵᠤ ᠤᠷᠢᠳᠠ ᠳᠣᠪᠲᠣᠯᠤᠨ ᠰᠢᠦᠸᠠᠨ ᠳᠧ ᠹᠦ ᠶ᠋ᠢᠨ ᠬᠣᠲᠠᠨ ᠳ᠋ᠤᠷ ᠣᠷᠣᠭᠰᠠᠨ ᠳ᠋ᠤᠷ ᠮᠤᠬᠤᠯᠢ ᠴᠡᠷᠢᠭ ᠢ᠋ ᠨᠢᠭᠡᠨᠲᠡ ᠤᠷᠢᠳᠠ ᠭᠠᠷᠭᠠᠨ ᠰᠢᠦᠸᠠᠨ ᠳᠧ ᠹᠦ ᠶ᠋ᠢᠨ ᠬᠠᠮᠢᠶᠠᠲᠠᠢ ᠠᠨ ᠰᠢᠶᠠᠨ ᠢ᠋ ᠠᠪᠤᠭᠠᠳ ᠪᠠᠰᠠ ᠡᠭᠡᠵᠦ ᠰᠢᠦᠸᠠᠨ ᠳᠧ ᠹᠦ ᠶ᠋ᠢ ᠴᠠᠭᠳᠠᠨ ᠪᠠᠢᠭᠰᠠᠨ ᠲᠤᠯᠠ ᠬᠤ᠌ ᠱᠠ ᠬᠤ᠌ ᠪᠠᠰᠠ ᠪᠤᠷᠤᠭᠤᠯᠠᠨ ᠭᠠᠷᠤᠭᠰᠠᠨ ᠳ᠋ᠤᠷ ᠬᠣᠲᠠ ᠶ᠋ᠢ ᠡᠵᠡᠯᠡᠵᠦ᠂ ᠨᠢᠭᠡᠨᠲᠡᠭᠡᠭᠦᠷ ᠬᠤ᠌ ᠱᠠ ᠬᠤ᠌ ᠶ᠋ᠢ ᠨᠡᠬᠡᠵᠦ᠂ ᠴᠠᠪᠴᠢᠶᠠᠯ ᠪᠣᠭᠣᠮᠲᠠ ᠳ᠋ᠤᠷ ᠬᠦᠷᠴᠦ ᠢᠷᠡᠭᠡᠳ ᠬᠠᠭᠠᠨ ᠤ᠋ ᠭᠡᠭᠡᠨ ᠵᠠᠮᠪᠠᠯ ᠠ᠋ᠴᠠ ᠡᠨᠡ ᠪᠣᠭᠣᠮᠲᠠ ᠶ᠋ᠢ ᠠᠪᠬᠤ ᠠᠷᠭ᠎ᠠ ᠶ᠋ᠢ ᠵᠥᠪᠡᠯᠡᠭᠰᠡᠨ ᠳ᠋ᠦ᠍ᠷ ᠵᠠᠮᠪᠠᠯ ᠠᠢᠯᠠᠳᠬᠠᠷᠤᠨ :《ᠡᠷᠲᠡ᠂ ᠤᠷᠢᠳᠤ ᠰᠠᠢᠳ ᠪᠢ ᠡᠨᠳᠡ ᠠᠬᠤ ᠦᠶ᠎ᠡ ᠳ᠋ᠦ᠍ᠷ ᠡᠨᠡ ᠬᠠᠷᠠᠩᠭᠤᠢ ᠣᠢᠲᠤ ᠠᠭᠤᠯᠠ ᠳ᠋ᠤᠷ ᠠᠨᠤ ᠨᠠᠷᠢᠨ ᠵᠠᠮ ᠢ᠋ᠶ᠋ᠠᠷ ᠣᠷᠣᠳᠠᠭ ᠪᠥᠯᠥᠭᠡ᠃ ᠡᠳᠦᠭᠡ ᠣᠯᠠᠨ ᠴᠡᠷᠢᠭ ᠳᠠᠭᠤᠨ ᠭᠠᠷᠤᠯ ᠦᠭᠡᠢ ᠣᠷᠣᠪᠠᠰᠤ ᠨᠢᠭᠡᠨ ᠰᠥᠨᠢ ᠳ᠋ᠦ᠍ᠷ ᠯᠠᠪ ᠭᠡᠲᠦᠯᠵᠦ ᠪᠣᠯᠬᠤ᠂ ᠨᠢᠭᠡᠨ ᠠᠩᠭᠢ ᠴᠡᠷᠢᠭ ᠢ᠋ ᠭᠠᠳᠠᠨ᠎ᠠ ᠠ᠋ᠴᠠ ᠪᠠᠢᠯᠳᠤᠪᠠᠰᠤ᠂ ᠲᠡᠳᠡ ᠦᠯᠦ ᠰᠡᠵᠢᠭᠯᠡᠮᠦᠢ᠃ 》ᠬᠡᠮᠡᠬᠦᠢ ᠳ᠋ᠦ᠍ᠷ ᠬᠠᠭᠠᠨ ᠤ᠋ ᠭᠡᠭᠡᠨ ᠶᠡᠬᠡᠯ᠎ᠡ ᠪᠠᠶᠠᠷᠯᠠᠵᠤ᠂ ᠥᠪᠡᠷ ᠦ᠋ᠨ ᠪᠡᠶ᠎ᠡ ᠲᠡᠷᠢᠭᠦᠯᠡᠨ ᠣᠯᠠᠨ ᠴᠡᠷᠢᠭ ᠢ᠋ ᠰᠦᠪᠡᠭᠴᠢᠯᠡᠨ ᠠᠪᠴᠤ ᠵᠡᠪᠡ᠂ ᠵᠡᠯᠮ᠎ᠡ ᠶ᠋ᠢ ᠬᠠᠭᠠᠨ ᠤ᠋ ᠰᠢᠳᠠᠷ ᠣᠷᠣᠭᠤᠯᠵᠤ᠂ ᠲᠡᠳᠦᠢ ᠨᠢᠭᠡᠨ ᠰᠥᠨᠢ ᠭᠡᠲᠦᠯᠦᠭᠰᠡᠨ ᠳ᠋ᠦ᠍ᠷ ᠵᠢᠴᠢ ᠡᠳᠦᠷ ᠨᠠᠷᠠᠨ ᠭᠠᠷᠬᠤ ᠦᠶ᠎ᠡ ᠪᠣᠯᠲᠠᠯ᠎ᠠ ᠴᠥᠮ ᠲᠠᠯ᠎ᠠ ᠳ᠋ᠤᠷ ᠪᠠᠭᠤᠵᠤ ᠡᠮᠦᠨᠡᠲᠦ ᠰᠦᠪᠡ ᠪᠡᠷ ᠣᠷᠣᠵᠤ ᠢᠷᠡᠭᠡᠳ ᠨᠢᠭᠡᠨᠲᠡ ᠬᠠᠰᠬᠢᠷᠤᠭᠰᠠᠨ ᠳ᠋ᠤᠷ ᠴᠠᠩ ᠬᠡᠩᠭᠡᠷᠭᠡ ᠶ᠋ᠢᠨ ᠳᠠᠭᠤᠨ ᠲᠡᠭᠷᠢ ᠭᠠᠵᠠᠷ ᠳᠣᠯᠭᠢᠰᠤᠨ᠂ ᠦᠨᠡᠬᠡᠷ ᠣᠭᠲᠠᠷᠭᠤᠢ ᠠ᠋ᠴᠠ ᠪᠠᠭᠤᠭᠰᠠ ᠠᠳᠠᠯᠢ ᠲᠤᠯᠠ ᠠᠯᠲᠠᠨ ᠤᠯᠤᠰ ᠤ᠋ᠨ ᠪᠣᠭᠣᠮᠲᠠ ᠰᠠᠬᠢᠭ᠍ᠰᠠᠨ ᠵᠠᠩᠵᠤᠨ ᠸᠠᠨ ᠶᠠᠨ ᠹᠦ ᠱᠸᠦ ᠵᠢᠷᠦᠬᠡ ᠬᠡᠮᠬᠡᠷᠡᠵᠦ᠂ ᠶᠠᠭᠠᠷᠠᠨ ᠮᠣᠷᠢ ᠤᠨᠤᠨ ᠳᠤᠲᠠᠭᠠᠨ ᠭᠠᠷᠤᠭᠰᠠᠨ᠎ᠠ ᠬᠠᠭᠠᠯᠭ᠎ᠠ ᠰᠠᠬᠢᠭ᠍ᠰᠠᠨ ᠣᠯᠠᠨ ᠴᠡᠷᠢᠭ ᠵᠠᠷ ᠵᠡᠪᠰᠡᠭ ᠢ᠋ᠶ᠋ᠡᠨ ᠭᠡᠭᠡᠵᠦ ᠪᠤᠳᠠᠷᠠᠯᠳᠤᠨ᠂ ᠬᠠᠭᠠᠰ ᠢᠯᠡᠭᠦᠦ ᠳᠤᠲᠠᠭᠠᠨ᠂ ᠦᠯᠡᠭᠰᠡᠨ ᠢᠨᠦ ᠮᠥᠷᠭᠥᠨ ᠳᠠᠭᠠᠵᠤᠬᠤᠢ᠃ ᠲᠡᠳᠦᠢ ᠬᠠᠭᠠᠯᠭ᠎ᠠ ᠨᠡᠭᠡᠭᠡᠵᠦ ᠮᠣᠩᠭᠣᠯ ᠤ᠋ᠨ ᠡᠵᠡᠨ ᠶᠡᠬᠡ ᠴᠡᠷᠢᠭ ᠢ᠋ ᠠᠪᠴᠤ ᠬᠣᠲᠠᠨ ᠳ᠋ᠤᠷ ᠣᠷᠣᠨ ᠵᠡᠪᠡ᠂ ᠵᠡᠯᠮ᠎ᠡ ᠬᠣᠶᠠᠭᠤᠯᠠ ᠸᠠᠨ ᠶᠠᠨ ᠹᠦ ᠱᠸᠦ ᠶ᠋ᠢ ᠲᠠᠯᠪᠢᠯ ᠦᠭᠡᠢ ᠨᠡᠬᠡᠵᠦ ᠡᠴᠢᠪᠡ᠃ ᠳᠠᠭᠠᠯᠳᠤᠭ᠎ᠠ ᠬᠠᠭᠠᠨ ᠤ᠋ ᠭᠡᠭᠡᠨ ᠶᠡᠬᠡ ᠴᠡᠷᠢᠭ ᠢ᠋ ᠠᠪᠴᠤ ᠮᠥᠨ ᠳᠠᠷᠤᠨ ᠣᠷᠣᠵᠤ᠂ ᠠᠯᠲᠠᠨ ᠤᠯᠤᠰ ᠤ᠋ᠨ ᠵᠦᠩ ᠳ᠋ᠦᠩ ᠮᠧᠨ ᠬᠠᠭᠠᠯᠭ᠎ᠠ ᠳ᠋ᠤᠷ ᠣᠷᠣᠵᠤ ᠴᠢᠩᠳᠠᠯᠠᠨ ᠪᠠᠢᠴᠠᠭᠠᠵᠤ ᠠᠲᠠᠯ᠎ᠠ ᠮᠣᠩᠭᠣᠯ ᠤ᠋ᠨ ᠴᠡᠷᠢᠭ ᠤᠰᠤ ᠤᠷᠤᠰᠬᠤ ᠮᠡᠲᠦ ᠬᠦᠷᠴᠦ ᠢᠷᠡᠬᠦᠶ᠎ᠡ ᠠᠯᠲᠠᠨ ᠤᠯᠤᠰ ᠤ᠋ᠨ ᠡᠵᠡᠨ ᠶᠦᠩ ᠵᠢᠢ ᠶᠡᠬᠡᠯ᠎ᠡ ᠤᠬᠢᠯᠠᠨ᠂ ᠣᠯᠠᠨ ᠪᠢᠨ ᠹᠧᠢ ᠪᠡᠨ ᠠᠪᠴᠤ ᠳᠠᠭᠤ ᠲᠠᠯᠪᠢᠭ᠍ᠰᠠᠭᠠᠷ ᠪᠢᠶᠠᠨ ᠵᠢᠩ ᠬᠣᠲᠠᠨ ᠤ᠋ ᠵᠦᠭ ᠵᠣᠷᠢᠵᠤ ᠳᠤᠲᠠᠭᠠᠬᠤᠶ᠎ᠠ᠂ ᠬᠣᠢᠨ᠎ᠠ ᠠ᠋ᠴᠠ ᠮᠣᠩᠭᠣᠯ ᠤ᠋ᠨ ᠵᠡᠪᠡ᠂ ᠵᠡᠯᠮ᠎ᠡ ᠬᠠᠳᠠᠨ ᠴᠡᠷᠢᠭ ᠢ᠋ᠶ᠋ᠡᠨ ᠳᠠᠭᠠᠭᠤᠯᠤᠨ ᠭᠠᠯ ᠮᠡᠲᠦ ᠲᠦᠷᠭᠡᠨ ᠨᠡᠬᠡᠭᠰᠡᠨ ᠳ᠋ᠦ᠍ᠷ ᠠᠯᠲᠠᠨ ᠤᠯᠤᠰ ᠤ᠋ᠨ ᠾᠦᠢ ᠸᠠᠢ ᠶ᠋ᠢᠨ ᠨᠢᠭᠡᠨ ᠠᠩᠭᠢ ᠴᠡᠷᠢᠭ ᠦᠬᠦᠨ ᠪᠠᠢᠯᠳᠤᠵᠤ᠂ ᠸᠧᠢ ᠱᠣᠣ ᠸᠠᠩ ᠢ᠋ ᠭᠠᠷᠭᠠᠨ ᠠᠪᠠᠴᠢᠪᠠ᠃ ᠵᠡᠪᠡ᠂ ᠵᠠᠯᠮ᠎ᠠ ᠬᠣᠶᠠᠭᠤᠯᠠ ᠠᠯᠲᠠᠨ ᠤᠯᠤᠰ ᠤ᠋ᠨ ᠨᠡᠢᠰᠯᠡᠯ ᠬᠣᠲᠠᠨ ᠤ᠋ ᠭᠠᠳᠠᠨ᠎ᠠ ᠪᠦᠬᠦᠢ ᠰᠠᠩ ᠬᠥᠮᠥᠷᠭᠡ᠂ ᠮᠣᠷᠢ ᠮᠠᠯ ᠡᠯ᠎ᠡ ᠵᠦᠢᠯ ᠢ᠋ ᠴᠢᠬᠢᠷᠰᠦ ᠡᠪᠬᠡᠬᠦ ᠮᠡᠲᠦ ᠬᠣᠷᠢᠶᠠᠨ ᠠᠪᠴᠤ ᠭᠤᠷᠪᠠᠨ ᠲᠦᠮᠡᠨ ᠢᠯᠡᠭᠦᠦ ᠲᠡᠷᠭᠡ ᠬᠦᠷᠭᠡᠵᠦ ᠤᠭᠲᠤᠨ ᠠᠪᠤᠪᠠ᠃ ᠮᠤᠬᠤᠯᠢ ᠠᠯᠲᠠᠨ ᠤ᠋ ᠵᠦᠩ ᠳ᠋ᠦ᠍ ᠳᠤᠮᠳᠠᠳᠤ ᠨᠡᠢᠰᠯᠡᠯ ᠢ᠋ ᠠᠪᠰᠤᠭᠠᠢ ᠭᠡᠮᠡᠨ ᠨᠢᠭᠡᠨᠲᠡ ᠲᠡᠮᠦᠷ ᠰᠠᠭᠤᠯᠠᠭ᠎ᠠ ᠮᠡᠲᠦ ᠳᠣᠯᠣᠭᠠᠨ ᠳᠠᠪᠬᠤᠷ ᠪᠦᠰᠡᠯᠡᠵᠦ ᠠᠪᠤᠭᠰᠠᠨ ᠳ᠋ᠤᠷ ᠠᠯᠲᠠᠨ ᠤᠯᠤᠰ ᠤ᠋ᠨ ᠵᠦᠩ ᠳ᠋ᠦ᠍ ᠬᠣᠲᠠ ᠶ᠋ᠢ ᠲᠣᠭᠣᠷᠢᠨ ᠶᠢᠰᠦᠨ ᠬᠠᠭᠠᠯᠭ᠎ᠠ ᠶ᠋ᠢᠨ ᠭᠠᠳᠠᠨ᠎ᠠ ᠵᠣᠪᠠᠯᠠᠩ ᠠ᠋ᠴᠠ ᠵᠠᠢᠯᠠᠨ ᠬᠣᠲᠠᠨ ᠳ᠋ᠤᠷ ᠣᠷᠣᠵᠤ ᠵᠠᠪᠳᠤᠭᠰᠠᠨ ᠦᠭᠡᠢ ᠰᠢᠬᠠᠮᠳᠠᠬᠤᠢ ᠳ᠋ᠠᠭᠠᠨ ᠬᠣᠲᠠᠨ ᠳ᠋ᠤᠷ ᠠᠪᠠᠷᠢᠭ᠍ᠰᠠᠨ ᠢᠷᠭᠡᠳ ᠢ᠋ ᠬᠣᠲᠠ ᠰᠠᠬᠢᠬᠤ ᠲᠦᠰᠢᠮᠡᠯ ᠴᠡᠷᠢᠭ ᠭᠠᠷ ᠬᠥᠯ ᠲᠣᠯᠣᠭᠠᠢ ᠲᠡᠷᠢᠭᠦᠨ ᠢ᠋ ᠲᠠᠰᠤ ᠲᠠᠰᠤ ᠴᠠᠪᠴᠢᠵᠤ ᠤᠨᠠᠭᠠᠵᠤ᠂ ᠬᠥᠭᠰᠢᠨ ᠨᠢᠯᠬ᠎ᠠ ᠶ᠋ᠢᠨ ᠤᠬᠢᠯᠠᠵᠤ ᠤᠰᠤᠨ ᠳ᠋ᠤᠷ ᠬᠠᠬᠠᠵᠤ ᠦᠬᠦᠭᠰᠡᠨ ᠢᠨᠦ ᠮᠠᠰᠢ ᠣᠯᠠᠨ᠃ ᠡᠭᠦᠨ ᠢ᠋ ᠴᠢᠩᠭᠢᠰ ᠬᠠᠭᠠᠨ ᠪᠡᠶ᠎ᠡ ᠪᠡᠷ ᠦᠵᠡᠭᠡᠳ ᠶᠡᠬᠡᠯ᠎ᠡ ᠡᠨᠡᠷᠢᠨ᠂ ᠭᠠᠳᠠᠨ᠎ᠠ ᠬᠣᠴᠣᠷᠤᠭᠰᠠᠨ ᠢᠷᠭᠡᠳ ᠢ᠋ ᠴᠥᠮ ᠭᠡᠷ ᠲᠦ᠍ ᠢᠨᠦ ᠡᠭᠡᠭᠦᠯᠵᠦ᠂ ᠮᠤᠬᠤᠯᠢ ᠡᠭᠡᠨᠡᠭᠲᠡ ᠬᠣᠲᠠᠨ ᠢ᠋ ᠪᠠᠢᠯᠳᠤᠨ ᠠᠪᠰᠤᠭᠠᠢ ᠬᠡᠮᠡᠬᠦᠢ ᠳ᠋ᠦ᠍ᠷ ᠬᠠᠭᠠᠨ ᠵᠠᠷᠯᠢᠭ ᠪᠣᠯᠤᠷᠤᠨ :《ᠠᠶ᠎ᠠ ᠠᠯᠲᠠᠨ ᠤᠯᠤᠰ ᠬᠡᠳᠦᠢ ᠶᠣᠰᠣ ᠦᠭᠡᠢ ᠪᠣᠯᠪᠠᠴᠤ ᠬᠠᠭᠤᠴᠢᠨ ᠤᠯᠤᠰ ᠪᠣᠯᠠᠢ᠂ ᠪᠢ ᠨᠢᠭᠡᠨ ᠥᠷᠯᠥᠭᠡ ᠶ᠋ᠢᠨ ᠵᠠᠭᠤᠷ᠎ᠠ ᠬᠠᠭᠤᠴᠢᠨ ᠤᠯᠤᠰ ᠢ᠋ ᠦᠯᠡᠳᠡᠭᠡᠯ ᠦᠭᠡᠢ ᠠᠷᠢᠯᠭᠠᠬᠤᠢ ᠳ᠋ᠤᠷ ᠳᠣᠲᠣᠷ᠎ᠠ ᠦᠨᠡᠬᠡᠷ ᠲᠦᠪᠳᠡᠬᠦ ᠦᠭᠡᠢ᠃ ᠡᠳᠦᠭᠡ ᠴᠡᠷᠢᠭ ᠬᠡᠷᠪᠡ ᠭ᠍ᠡᠷᠪᠠᠰᠤ ᠠᠯᠲᠠᠨ ᠤ᠋ ᠠᠷᠠᠳ ᠳᠦᠭᠦᠷᠬᠦ ᠪᠣᠯᠠᠢ᠃ ᠲᠡᠷᠡ ᠤᠭ ᠤᠯᠤᠰ ᠪᠠᠭᠤᠷᠠᠬᠤᠶ᠎ᠠ᠂ ᠬᠡᠳᠦᠢ ᠮᠢᠨᠦ ᠳᠡᠯᠡᠬᠡᠢ ᠳ᠋ᠠᠬᠢᠨ ᠪᠣᠯᠤᠭᠰᠠᠨ ᠪᠤᠰᠤ ᠪᠣᠯᠪᠠᠴᠤ ᠡᠳᠦᠭᠡ ᠨᠢᠭᠡᠨ ᠴᠠᠭ ᠤ᠋ᠨ ᠠᠮᠢᠰᠬᠤᠯ ᠲᠣᠭᠲᠠᠨᠢᠪᠠᠰᠤ ᠬᠣᠵᠢᠮ ᠡᠳᠦᠷ ᠮᠢᠨᠦ ᠦᠷ᠎ᠡ ᠠᠴᠢ ᠮᠥᠨ ᠨᠢᠭᠡᠨ ᠠᠮᠠᠨ ᠠᠮᠢᠰᠬᠤᠯ ᠲᠠᠢ ᠪᠤᠯᠬᠤᠢ ᠳ᠋ᠤᠷ ᠰᠠᠢᠨ᠂ ᠬᠠᠷᠢᠨ ᠠᠯᠲᠠᠨ ᠤᠯᠤᠰ ᠤ᠋ᠨ ᠡᠵᠡᠨ ᠰᠡᠳᠬᠢᠯ ᠰᠢᠭᠤᠳᠴᠤ ᠮᠢᠨᠦ ᠲᠦᠰᠢᠮᠡᠯ ᠪᠣᠯᠤᠨ ᠳᠠᠭᠠᠪᠠᠰᠤ ᠪᠠᠷᠠᠪᠠᠢ ‍ᠶ᠎ᠠ᠂ ᠣᠨᠴᠠ ᠲᠡᠭᠦᠨ ᠦ᠌ ᠦᠨᠳᠦᠰᠦᠨ ᠢ᠋ ᠲᠠᠰᠤᠯᠤᠨ ᠠᠷᠢᠯᠭᠠᠵᠤ ᠶᠠᠭᠤ ᠬᠢᠬᠦ ? 》ᠭᠡᠮᠡᠨ ᠴᠡᠷᠢᠭ ᠢ᠋ ᠡᠭᠡᠭᠦᠯᠵᠦ ᠠᠯᠲᠠᠨ ᠤᠯᠤᠰ ᠤ᠋ᠨ ᠬᠣᠢᠲᠤ ᠬᠡᠷᠡᠮ ᠳ᠋ᠦ᠍ᠷ ᠡᠪᠦᠯ ᠢ᠋ ᠥᠩᠭᠡᠷᠡᠭᠦᠯᠪᠡ ① ᠃ ᠮᠥᠨ ᠡᠪᠦᠯ ᠠᠯᠲᠠᠨ ᠤᠯᠤᠰ ᠤ᠋ᠨ ᠯᠢᠦ ᠪᠦᠸᠧ ᠯᠢᠨ᠂ ᠴᠠᠩ ᠺᠦ ᠨᠡᠷᠡᠲᠦ ᠬᠣᠶᠠᠷ ᠽᠦᠩᠳᠦ᠋ ᠲᠦᠰᠢᠮᠡᠯ ᠸᠠᠨ ᠶᠠᠨ ᠬᠤ᠌ ᠱᠠ ᠳ᠋ᠤᠷ ᠬᠠᠰᠢᠭ᠍ᠳᠠᠵᠤ᠂ ᠡᠮ᠎ᠡ ᠦᠷ᠎ᠡ ᠪᠡᠨ ᠠᠪᠤᠨ ᠢᠷᠡᠵᠦ ᠮᠣᠩᠭᠣᠯ ᠤ᠋ᠨ ᠬᠠᠭᠠᠨ ᠳ᠋ᠤᠷ ᠮᠥᠷᠭᠥᠵᠦ ᠳᠠᠭᠠᠪᠠ᠃ 

– – – – 
① ᠲᠠᠢᠽᠦ ᠴᠢᠩᠭᠢᠰ ᠬᠠᠭᠠᠨ ᠡᠨᠡ ᠮᠡᠲᠦ ᠦᠨᠡᠨ ᠥᠷᠥᠰᠢᠶᠡᠯ ᠪᠦᠬᠦᠢ ᠶ᠋ᠢᠨ ᠲᠤᠯᠠ ᠶᠤᠸᠠᠨ ᠤᠯᠤᠰ ᠬᠡᠳᠦᠢ ᠮᠥᠬᠥᠪᠡᠴᠦ ᠨᠢᠭᠡᠨ ᠵᠠᠭᠤᠨ ᠨᠠᠶᠠᠨ ᠬᠡᠳᠦᠨ ᠬᠣᠰᠢᠭᠤ ᠦᠷᠡᠰ ᠢᠨᠦ ᠡᠳᠦᠭᠡ ᠪᠠᠰᠠ ᠬᠦ᠌ ᠮᠣᠩᠭᠣᠯ ᠭᠡᠮᠡᠨ ᠵᠢᠷᠭᠠᠬᠤ ᠠᠨᠤ ᠲᠡᠷᠡ ᠦᠶ᠎ᠡ ᠶ᠋ᠢᠨ ᠬᠠᠭᠠᠨ ᠪᠥᠭᠡᠳ ᠰᠡᠳᠬᠢᠯ ᠢ᠋ᠶ᠋ᠡᠷ ᠢ᠋ᠶ᠋ᠡᠨ ᠶᠡᠷᠦ ᠶ᠋ᠢᠨ ᠬᠥᠮᠦᠨ ᠦ᠌ ᠡᠨᠡᠷᠢᠯ ᠢ᠋ ᠣᠯᠤᠭᠰᠠᠨ ᠰᠠᠢᠨ ᠪᠣᠯᠠᠢ᠃ ᠮᠠᠨ ᠤ᠋ ᠲᠠᠢᠵᠢ ᠨᠠᠷ ᠡᠰᠡ ᠮᠡᠳᠡᠪᠡᠰᠦ ᠦᠯᠦ ᠪᠣᠯᠤᠮᠤᠢ᠃

       ᠲᠡᠳᠦᠢ ᠠᠯᠲᠠᠨ ᠤᠯᠤᠰ ᠤ᠋ᠨ ᠴᠢᠨ ᠵᠧᠦ ᠶ᠋ᠢᠨ ᠼᠢ ᠱᠢ ᠲᠦᠰᠢᠮᠡᠯ ᠶᠤᠸᠠᠨ ᠬᠤ᠌ ᠂ ᠿᠣᠤ ᠴᠢ ᠬᠣᠶᠠᠭᠤᠯᠠ ᠰᠢᠦᠸᠠᠨ ᠮᠧᠨ ᠬᠠᠭᠠᠯᠭ᠎ᠠ ᠶ᠋ᠢᠨ ᠭᠠᠳᠠᠨ᠎ᠠ ᠴᠡᠷᠢᠭ ᠠᠪᠤᠨ ᠪᠠᠭᠤᠳᠠᠯ ᠪᠠᠭᠤᠳᠠᠯᠯᠠᠨ᠂ ᠪᠠᠰᠠ ᠪᠤᠰᠤ ᠴᠡᠷᠢᠭ ᠢ᠋ ᠡᠭᠡᠭᠦᠯᠦᠨ ᠬᠤᠷᠢᠶᠠᠯᠭᠠᠬᠤᠢ ᠳ᠋ᠤᠷ ᠬᠤ᠌ ᠱᠠ ᠬᠤ᠌᠂ ᠵᠶ᠋ᠢ ᠰᠢᠨ ᠪᠠᠢ ᠶ᠋ᠢᠨ ᠬᠣᠢᠲᠤ ᠵᠠᠮ ᠤ᠋ᠨ ᠴᠡᠷᠢᠭ ᠮᠣᠷᠢᠨ ᠢ᠋ ᠪᠣᠯᠪᠠᠰᠤᠷᠠᠭᠤᠯᠤᠷ᠎ᠠ᠂ ᠽᠦᠩ ᠭᠤᠸᠠᠨ ᠲᠦᠰᠢᠮᠡᠯ ᠲᠠᠯᠪᠢᠵᠤ᠂ ᠵᠠᠭᠤᠨ ᠵᠦᠢᠯ ᠦ᠋ᠨ ᠬᠦᠨᠳᠦ ᠴᠠᠭᠠᠵᠠ ᠭᠠᠷᠭᠠᠨ ᠬᠣᠷᠢᠶᠠᠨ ᠡᠭᠡᠪᠡᠴᠦ ᠠᠯᠲᠠᠨ ᠤ᠋ ᠴᠡᠷᠢᠭ ᠢᠷᠭᠡᠨ ᠡᠨᠡ ᠦᠶ᠎ᠡ ᠳ᠋ᠦ᠍ᠷ ᠤᠯᠤᠰ ᠤ᠋ᠨ ᠴᠠᠭᠠᠵᠠ ᠶ᠋ᠢ ᠥᠴᠦᠬᠡᠨ ᠴᠦ᠍ ᠬᠡᠷᠡᠭᠰᠡᠬᠦ ᠦᠭᠡᠢ ᠪᠣᠯᠪᠠ᠃ 《ᠮᠦ᠍ ᠵᠧᠦ ᠪᠢᠴᠢᠭ 》 ᠦ᠋ᠨ ᠳᠣᠲᠣᠷ᠎ᠠ ᠬᠡᠯᠡᠭᠰᠡᠨ ᠢᠨᠦ : 《ᠡᠨᠡ ᠴᠥᠮ ᠡᠬᠢᠨ ᠦ᠌ ᠡᠵᠡᠨ ᠶᠣᠰᠣ ᠦᠭᠡᠢ ᠳ᠋ᠦ᠍ᠷ ᠥᠪᠡᠷ ᠢ᠋ᠶ᠋ᠡᠨ ᠳᠣᠷᠣᠢᠲᠠᠬᠤ ᠶ᠋ᠢ ᠡᠷᠢᠭᠰᠡᠨ ᠪᠤᠶᠤ᠃ ᠲᠠᠪᠢᠨ ᠲᠦᠮᠡᠨ ᠴᠡᠷᠢᠭ ᠢ᠋ ᠡᠭᠡᠨ ᠥᠴᠦᠬᠡᠨ ᠬᠥᠮᠦᠨ ᠢ᠋ ᠲᠡᠩᠬᠡᠷᠡᠭᠦᠯᠦᠨ ᠨᠢᠭᠡᠨ ᠤᠳᠠᠭ᠎ᠠ ᠪᠠᠢᠯᠳᠤᠬᠤᠢ ᠳ᠋ᠤᠷ ᠨᠢᠭᠡᠨ ᠴᠦ᠍ ᠪᠠᠢᠯᠳᠤᠭᠰᠠᠨ ᠦᠭᠡᠢ᠂ ᠨᠢᠭᠡᠨ ᠥᠷᠯᠥᠭᠡ ᠶ᠋ᠢᠨ ᠬᠣᠭᠣᠷᠣᠨᠳᠣ ᠤᠴᠢᠷ ᠦᠭᠡᠢ ᠡᠨᠡ ᠮᠡᠲᠦ ᠳᠠᠷᠤᠭᠳᠠᠬᠤ ᠪᠣᠯᠤᠭᠰᠠᠨ ᠢ᠋ᠶ᠋ᠠᠷ ᠦᠵᠡᠬᠦᠯ᠎ᠡ ᠠᠯᠲᠠᠨ ᠤᠯᠤᠰ ᠮᠥᠬᠥᠬᠦ ᠦᠭᠡᠢ ᠶᠣᠰᠣ ᠪᠣᠢ ᠤᠤ  》ᠬᠡᠮᠡᠵᠦᠬᠦᠢ᠃ 

ᠰᠤᠳᠤᠷᠴᠢ ᠲᠦᠰᠢᠮᠡᠯ ᠦ᠋ᠨ ᠰᠤᠯᠠ ᠰᠢᠯᠦᠭ  ᠢᠨᠦ:    
             ᠪᠣᠭᠳᠠ ᠬᠥᠮᠦᠨ ᠦ᠌ ᠥᠭᠦᠯᠡᠬᠦ ᠥᠴᠢᠬᠦ ᠴᠢᠩ ᠦᠨᠡᠨ ᠦ᠌ ᠲᠤᠯᠠ 
             ᠪᠤᠷᠤᠭᠤ ᠵᠥᠪ ᠢ᠋ ᠢᠯᠭᠠᠬᠤ ᠠᠨᠤ ᠲᠡᠭᠷᠢ ᠮᠡᠲᠦ ᠭᠡᠭᠡᠬᠡᠨ᠂  
             ᠪᠤᠲᠠᠷᠠᠭᠰᠠᠨ ᠠᠯᠲᠠᠨ ᠢ᠋ ᠠᠷᠢᠯᠭᠠᠨ ᠮᠥᠬᠥᠭᠡᠬᠦ ᠭᠠᠷ ᠤ᠋ᠨ ᠳᠣᠲᠣᠷ᠎ᠠ ᠠᠪᠠᠴᠤ  
             ᠪᠣᠳᠣᠯᠭ᠎ᠠ ᠪᠠᠨ ᠮᠤᠰᠬᠢᠵᠦ ᠪᠣᠭᠣᠯ ᠢ᠋ ᠬᠥᠭᠡᠷᠦᠬᠦᠢᠯᠡᠬᠦ ᠭᠠᠵᠠᠷ ᠠ᠋ᠴᠠ ᠵᠤᠵᠠᠭᠠᠨ᠃