ᠬᠥᠬᠡ ᠰᠤᠳᠤᠷ - ᠢᠨᠵᠠᠨᠨᠠᠰᠢ < ᠳᠥᠴᠢᠳᠦᠭᠡᠷ ᠪᠦᠯᠦᠭ > Хөх судар - Инжинаш < Дөчдүгээр бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠳᠥᠴᠢᠳᠦᠭᠡᠷ ᠪᠦᠯᠦᠭ > Хөх судар - Инжинаш < Дөчдүгээр бүлэг >

ᠬᠥᠬᠡ ᠰᠤᠳᠤᠷ - ᠢᠨᠵᠠᠨᠨᠠᠰᠢ < ᠳᠥᠴᠢᠳᠦᠭᠡᠷ ᠪᠦᠯᠦᠭ > Хөх судар - Инжинаш < Дөчдүгээр бүлэг >

ᠠᠩᠭᠢᠯᠠᠯ:ᠲᠡᠦᠬᠡ ᠰᠣᠶᠣᠯ
2023-09-04

258

ᠢᠯᠳᠡᠰᠢ ᠬᠣᠲᠠ ᠳ᠋ᠤᠷ ᠲᠣᠳᠣ ᠶ᠋ᠢ ᠠᠯᠠᠬᠤᠶ᠎ᠠ ᠲᠣᠯᠣᠭᠠᠢ ᠪᠡᠶ᠎ᠡ ᠠᠳᠠᠯᠢ ᠪᠠᠷ ᠬᠣᠣᠷ᠎ᠠ ᠲᠠᠢ

ᠬᠠᠩᠭᠠᠢ ᠶ᠋ᠢᠨ ᠠᠭᠤᠯᠠᠨ ᠳ᠋ᠤᠷ ᠴᠢᠦᠢ ᠴᠦ᠍ ᠯᠢᠤᠢ ᠵᠢ ᠴᠠᠪᠴᠢᠬᠤᠶ᠎ᠠ ᠮᠢᠬ᠎ᠠ ᠴᠢᠰᠤ ᠨᠡᠢᠲᠡ ᠪᠡᠷ ᠬᠡᠷᠡᠭ ᠲᠡᠢ


                   ᠳᠥᠴᠢᠳᠦᠭᠡᠷ ᠪᠦᠯᠦᠭ      
                                   ᠰᠢᠷ᠎ᠠ ᠯᠤᠤ ᠵᠢᠯ ᠂ ᠲᠠᠢᠽᠦ ᠴᠢᠩᠭᠢᠰ ᠬᠠᠭᠠᠨ ᠤ᠋ ᠭᠡᠭᠡᠨ ᠳᠥᠴᠢᠨ ᠳᠣᠯᠣᠭᠠᠨ ᠰᠡᠭᠦᠳᠡᠷ ᠲᠡᠢ ᠂    
                                   ᠡᠨᠡ ᠵᠢᠯ ᠳᠥᠷᠪᠡᠳᠦᠭᠡᠷ ᠲᠠᠢᠽᠢ ᠲᠣᠯᠢ ᠶ᠋ᠢᠨ ᠶᠡᠬᠡ ᠬᠥᠪᠡᠭᠦᠨ ᠮᠥᠩᠬᠡ ᠶ᠋ᠢ ᠲᠥᠷᠥᠪᠡ  
 
              ᠢᠯᠳᠡᠰᠢ ᠬᠣᠲᠠ ᠳ᠋ᠤᠷ ᠲᠣᠳᠣ ᠶ᠋ᠢ ᠠᠯᠠᠬᠤᠶ᠎ᠠ ᠲᠣᠯᠣᠭᠠᠢ ᠪᠡᠶ᠎ᠡ ᠠᠳᠠᠯᠢ ᠪᠠᠷ ᠬᠣᠣᠷ᠎ᠠ ᠲᠠᠢ 
              ᠬᠠᠩᠭᠠᠢ ᠶ᠋ᠢᠨ ᠠᠭᠤᠯᠠᠨ ᠳ᠋ᠤᠷ ᠴᠢᠦᠢ ᠴᠦ᠍ ᠯᠢᠦᠢ ᠶ᠋ᠢ ᠴᠠᠪᠴᠢᠬᠤᠶ᠎ᠠ ᠮᠢᠬ᠎ᠠ ᠴᠢᠰᠤ ᠨᠡᠢᠲᠡ ᠪᠡᠷ ᠬᠡᠷᠡᠭ ᠲᠡᠢ 

       ᠲᠡᠨᠳᠡᠴᠡ ᠰᠢᠷ᠎ᠠ ᠯᠤᠤ ᠵᠢᠯ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠭᠤᠷᠪᠠᠳᠤᠭᠠᠷ ᠣᠨ᠂ ᠰᠥᠩ ᠤᠯᠤᠰ ᠤ᠋ᠨ ᠨᠢᠩᠽᠦ᠋ᠩ ᠬᠠᠭᠠᠨ ᠤ᠋ ᠵᠢᠶᠠ ᠳ᠋ᠢᠩ ᠦ᠋ᠨ ᠲᠡᠷᠢᠭᠦᠨ ᠣᠨ᠂ ᠠᠯᠲᠠᠨ ᠤᠯᠤᠰ ᠤ᠋ᠨ ᠳᠠᠢ ᠾᠧ ᠶ᠋ᠢᠨ ᠨᠠᠢ᠍ᠮᠠᠳᠤᠭᠠᠷ ᠣᠨ᠃ ᠲᠡᠨᠳᠡᠴᠡ ᠨᠠᠢ᠍ᠮᠠᠨ ᠤ᠋ ᠲᠥᠷᠥ ᠶ᠋ᠢᠨ ᠹᠦ ᠮᠠ᠋ ᠠᠯᠲᠠᠨᠱᠠᠭ᠎ᠠ ᠢᠷᠡᠵᠦ᠂ ᠲᠠᠢᠰᠢ᠂ ᠲᠠᠢᠹᠦ᠋᠂ ᠲᠠᠢᠪᠤᠤ ᠨᠠᠷ ᠯᠤᠭ᠎ᠠ ᠵᠥᠪᠯᠡᠵᠦ ᠨᠢᠭᠡᠨ ᠨᠤᠭᠤᠯᠪᠤᠷᠢ ᠠᠢᠯᠠᠳᠬᠠᠪᠠ᠃ ᠲᠡᠭᠦᠨ ᠦ᠌ ᠦᠭᠡ : 《ᠶᠠᠯᠠᠲᠤ ᠰᠠᠢᠳ ᠠᠯᠲᠠᠨᠱᠠᠭ᠎ᠠ ᠮᠢᠨᠦ ᠡᠴᠢᠭᠡ ᠶ᠋ᠢ ᠠᠯᠠᠭᠰᠠᠨ ᠦᠶᠡᠯᠢᠳ ᠠᠬ᠎ᠠ ᠴᠢᠦᠢ ᠴᠦ᠍ ᠯᠢᠦᠢ ᠪᠡᠶ᠎ᠡ ᠪᠡᠨ ᠬᠠᠰ ᠬᠠᠭᠠᠨ ᠭᠡᠮᠡᠨ ᠡᠷᠭᠦᠵᠦ᠂ ᠢᠯᠳᠡᠰᠢ ᠮᠦᠷᠡᠨ᠎ᠡ ᠲᠣᠳᠣ ᠯᠤᠭ᠎ᠠ ᠴᠡᠷᠢᠭ ᠪᠣᠯᠪᠠᠰᠤᠷᠠᠭᠤᠯᠤᠨ᠂ ᠨᠢᠭᠡᠨᠲᠡᠭᠡᠭᠦᠷ ᠪᠠᠰᠠ ᠲᠡᠭᠦᠨ ᠦ᠌ ᠤᠷᠤᠭ ᠬᠢᠳᠠᠨ ᠤᠯᠤᠰ ᠲᠤᠷ ᠡᠯᠴᠢ ᠢᠯᠡᠭᠡᠵᠦ᠂ ᠭᠤᠷᠪᠠᠨ ᠲᠦᠮᠡᠨ ᠴᠡᠷᠢᠭ ᠭᠤᠶᠤᠵᠤ ᠲᠣᠭᠲᠠᠪᠠ᠃ ᠲᠡᠳᠦᠢ ᠤᠷᠢᠳᠠ ᠰᠠᠢᠳ ᠨᠠᠮᠠᠢ ᠠᠷᠢᠯᠭᠠᠵᠤ᠂ ᠳᠠᠭᠠᠯᠳᠤᠭ᠎ᠠ ᠬᠠᠭᠠᠨ ᠯᠤᠭ᠎ᠠ ᠬᠠᠯᠳᠠᠰᠤᠭᠠᠢ ᠬᠡᠮᠡᠬᠦᠢ ᠶ᠋ᠢ ᠰᠠᠢᠳ ᠪᠢ ᠲᠤᠷᠰᠢᠭᠤᠯ ᠠ᠋ᠴᠠ ᠨᠢᠭᠡᠨᠲᠡᠶ᠎ᠡ ᠲᠣᠳᠣᠷᠬᠠᠢ ᠰᠣᠨᠣᠰᠪᠠ᠃ ᠬᠡᠷᠡᠭ ᠨᠢᠭᠡᠨᠲᠡ ᠦᠨᠡᠨ ᠪᠣᠯᠤᠭᠰᠠᠨ ᠲᠤᠯᠠ ᠬᠡᠷᠪᠡ ᠬᠠᠭᠠᠨ ᠤ᠋ ᠭᠡᠭᠡᠨ ᠢᠯᠳᠡᠰᠢ ᠮᠦᠷᠡᠨ᠎ᠡ ᠮᠠᠢᠯᠵᠢ ᠠᠢᠮᠠᠭ ᠤ᠋ᠨ ᠲᠣᠳᠣ᠂ ᠴᠢᠦᠢ ᠴᠦ᠍ ᠯᠢᠦᠢ ᠶ᠋ᠢ ᠳᠠᠢᠯᠠᠷ᠎ᠠ ᠡᠴᠢᠪᠡᠰᠦ ᠰᠠᠢᠳ ᠳᠤᠷᠠᠲᠠᠶ᠎ᠠ ᠡᠮᠦᠨ᠎ᠡ ᠬᠣᠰᠢᠭᠤᠴᠢ ᠪᠣᠯᠬᠤ ᠶ᠋ᠢ ᠬᠦᠰᠡᠵᠦ  ᠭᠤᠶᠤᠮᠤᠢ 》ᠬᠡᠮᠡᠵᠦᠬᠦᠢ᠃ ᠲᠡᠳᠦᠢ ᠬᠠᠭᠠᠨ ᠤ᠋ ᠭᠡᠭᠡᠨ ᠬᠠᠷᠢᠭᠤ ᠵᠠᠷᠯᠢᠭ ᠪᠣᠯᠤᠷᠤᠨ : 《ᠮᠠᠢᠯᠵᠢ ᠠᠢᠮᠠᠭ ᠤ᠋ᠨ ᠲᠣᠳᠣ ᠬᠡᠮᠡᠭᠴᠢ ᠤᠭ ᠠ᠋ᠴᠠ ᠮᠢᠨᠦ ᠥᠨᠳᠥᠷ ᠰᠡᠴᠡᠨ ᠦ᠌ ᠠᠬ᠎ᠠ ᠥᠨᠢ ᠶ᠋ᠢ ᠠᠯᠠᠵᠤ ᠠᠢᠮᠠᠭ ᠢ᠋ ᠠᠨᠤ ᠡᠵᠡᠯᠡᠭᠰᠡᠨ ᠪᠥᠯᠥᠭᠡ᠃ ᠬᠣᠢᠨ᠎ᠠ ᠪᠢ ᠮᠠᠢᠯᠵᠢ ᠠᠢᠮᠠᠭ ᠢ᠋ ᠳᠠᠢᠯᠠᠷ᠎ᠠ ᠡᠴᠢᠬᠦᠢ ᠳ᠋ᠦ᠍ᠷ ᠮᠠᠢᠯᠵᠢ ᠠᠢᠮᠠᠭ ᠤ᠋ᠨ ᠲᠠᠷᠢᠰᠣᠨᠣᠰᠤᠭ᠍ᠴᠢ ᠲᠡᠭᠷᠢ ᠶ᠋ᠢᠨ ᠪᠠᠢᠳᠠᠯ ᠢ᠋ ᠦᠵᠡᠵᠦ ᠨᠠᠳᠠ ᠳ᠋ᠤᠷ ᠳᠠᠭᠠᠭᠰᠠᠨ ᠪᠥᠭᠡᠲᠡᠯ᠎ᠡ ᠲᠣᠳᠣ ᠳᠠᠬᠢᠨ ᠮᠥᠨ ᠨᠢᠭᠡᠨ ᠤᠳᠠᠭ᠎ᠠ ᠲᠠᠪᠴᠢᠯᠠᠭᠰᠠᠨ ᠪᠥᠯᠥᠭᠡ᠃ ᠲᠡᠷᠡ ᠤᠳᠠᠭ᠎ᠠ ᠪᠢ ᠴᠡᠷᠢᠭ ᠡᠭᠡᠵᠦ ᠲᠠᠢᠯᠠᠭᠤᠯᠬᠤᠢ ᠳ᠋ᠤᠷ ᠲᠣᠳᠣ ᠪᠠᠰᠠ ᠳᠤᠲᠠᠭᠠᠨ ᠴᠢᠨᠦ ᠠᠪᠠᠭ᠎ᠠ ᠪᠤᠯᠤᠤ ᠳ᠋ᠤᠷ ᠰᠢᠷᠭᠤᠨ ᠣᠷᠣᠪᠠ᠃ᠡᠳᠦᠭᠡ ᠰᠥᠷᠭᠡᠦ ᠰᠡᠳᠬᠢᠯ ᠦᠯᠦ ᠮᠣᠬᠣᠨ ᠪᠠᠰᠠ ᠬᠦ᠌ ᠡᠨᠡ ᠮᠡᠲᠦ ᠡᠳᠦᠬᠦ ᠲᠤᠯᠠ ᠡᠰᠡ ᠳᠠᠢᠯᠠᠪᠠᠰᠤ ᠪᠣᠯᠬᠤ ᠦᠭᠡᠢ ᠪᠣᠯᠵᠤᠬᠤᠢ᠃ ᠪᠢ ᠡᠳᠦᠭᠡ ᠢᠯᠳᠡᠰᠢ ᠮᠥᠷᠡᠨ᠎ᠡ ᠳᠠᠢᠯᠠᠷ᠎ᠠ ᠡᠴᠢᠪᠡᠰᠦ ᠡᠨᠳᠡ ᠪᠠᠰᠠ ᠬᠢᠳᠠᠨ ᠤᠯᠤᠰ ᠤ᠋ᠨ ᠬᠠᠪᠰᠤᠷᠬᠤ ᠴᠡᠷᠢᠭ ᠪᠣᠢ ᠲᠤᠯᠠ ᠴᠢᠨᠦ ᠪᠡᠶ᠎ᠡ ᠮᠢᠨᠦ ᠬᠣᠶᠠᠷ ᠲᠠᠢᠽᠢ ᠵᠣᠴᠢ᠂ ᠴᠠᠭᠠᠲᠠᠢ᠂ ᠹᠦ ᠮᠠ᠋ ᠴᠡᠴᠡᠭ ᠨᠠᠷ ᠤ᠋ᠨ ᠬᠠᠮᠲᠤ ᠵᠡᠭᠦᠨ ᠡᠲᠡᠭᠡᠳ ᠦ᠋ᠨ ᠶᠤᠸᠠᠨᠱᠤᠸᠠᠢ ᠯᠤᠭ᠎ᠠ ᠤᠯᠤᠰ ᠢ᠋ ᠰᠠᠬᠢᠵᠤ ᠬᠢᠳᠠᠨ ᠢ᠋ ᠰᠡᠷᠭᠡᠢᠯᠡᠵᠦ ᠳᠣᠯ᠂ ᠪᠢ ᠶᠡᠬᠡ ᠴᠡᠷᠢᠭ ᠢ᠋ ᠠᠪᠴᠤ ᠲᠠᠢᠹᠦ᠋ ᠶᠤᠸᠠᠨᠱᠤᠸᠠᠢ ᠯᠤᠭ᠎ᠠ ᠢᠯᠳᠡᠰᠢ ᠮᠥᠷᠡᠨ ᠳ᠋ᠦ᠍ᠷ ᠡᠴᠢᠰᠦᠭᠡᠢ᠃ 》 ᠭᠡᠮᠡᠨ ᠵᠠᠷᠯᠢᠭ ᠪᠠᠭᠤᠯᠭᠠᠨ ᠲᠣᠭᠲᠠᠭᠠᠳ ᠨᠠᠮᠤᠷ ᠤ᠋ᠨ ᠲᠡᠷᠢᠭᠦᠨ ᠰᠠᠷ᠎ᠠ ᠶ᠋ᠢ ᠬᠦᠯᠢᠶᠡᠵᠦ ᠶᠡᠬᠡ ᠴᠡᠷᠢᠭ ᠮᠣᠷᠳᠠᠮᠤᠢ ᠭᠡᠮᠡᠨ ᠵᠠᠷᠯᠠᠪᠠ᠃ 
       ᠲᠡᠨᠳᠡᠴᠡ ᠦᠭᠡ ᠶ᠋ᠢ ᠪᠠᠰᠠ ᠤᠬᠤᠷᠢᠭᠤᠯᠤᠨ ᠥᠭᠦᠯᠡᠬᠦ ᠢᠨᠦ᠂ ᠲᠠᠢᠶᠠᠩ ᠬᠠᠭᠠᠨ ᠤ᠋ ᠠᠬ᠎ᠠ ᠪᠤᠯᠤᠤ ᠪᠡᠶ᠎ᠡ ᠪᠠᠷᠠᠭᠳᠠᠵᠤ ᠬᠥᠪᠡᠭᠦᠨ ᠴᠢᠦᠢ ᠴᠦ᠍ ᠯᠢᠦᠢ ᠪᠡᠶ᠎ᠡ ᠪᠡᠨ ᠮᠥᠨ ᠬᠦ᠌ ᠬᠠᠰ ᠬᠠᠭᠠᠨ ᠭᠡᠮᠡᠨ ᠡᠷᠭᠦᠵᠦ ᠲᠣᠳᠣ ᠯᠤᠭ᠎ᠠ ᠵᠥᠪᠯᠡᠵᠦ᠂ ᠤᠷᠢᠳᠠ ᠲᠡᠭᠦᠨ ᠦ᠌ ᠬᠠᠳᠠᠮ ᠬᠢᠳᠠᠨ ᠤᠯᠤᠰ ᠲᠤᠷ ᠡᠴᠢᠵᠦ ᠤᠯᠤᠰ ᠢ᠋ᠶ᠋ᠠᠨ ᠳᠠᠬᠢᠨ ᠪᠠᠢᠭᠤᠯᠵᠤ ᠡᠴᠢᠭᠡ ᠪᠠ ᠠᠪᠠᠭ᠎ᠠ ᠶ᠋ᠢᠨ ᠦᠰ ᠢ᠋ ᠠᠪᠤᠮᠤᠢ ᠭᠡᠮᠡᠨ ᠭᠤᠶᠤᠴᠢᠯᠠᠨ ᠤᠬᠢᠯᠠᠵᠤ ᠭᠤᠷᠪᠠᠨ ᠲᠦᠮᠡᠨ ᠴᠡᠷᠢᠭ ᠣᠯᠵᠤ ᠪᠡᠯᠡᠳᠦᠭᠡᠳ ᠵᠢᠴᠢ ᠲᠣᠳᠣ ᠯᠤᠭ᠎ᠠ ᠢᠯᠳᠡᠰᠢ ᠮᠥᠷᠡᠨ ᠳ᠋ᠦ᠍ᠷ ᠡᠴᠢᠵᠦ ᠸᠠᠢᠯᠠ ᠠᠢᠮᠠᠭ ᠤ᠋ᠨ ᠬᠤᠪᠢᠲᠤ ᠬᠤᠸᠠ ᠯᠤᠭ᠎ᠠ ᠨᠡᠢᠯᠡᠵᠦ᠂ ᠥᠪᠡᠷ ᠦ᠋ᠨ ᠪᠡᠶ᠎ᠡ ᠪᠡᠨ ᠬᠠᠰ ᠬᠠᠭᠠᠨ ᠭᠡᠮᠡᠨ ᠡᠷᠭᠦᠵᠦ᠂ ᠲᠣᠳᠣ ᠶ᠋ᠢ ᠶᠡᠬᠡ ᠶᠤᠸᠠᠨᠱᠤᠸᠠᠢ᠂ ᠬᠤᠪᠢᠲᠤ ᠬᠤᠸᠠ ᠶ᠋ᠢ ᠴᠧᠩᠰᠢᠶᠠᠩ ᠭᠡᠮᠡᠨ ᠡᠷᠭᠦᠵᠦ᠂ ᠢᠯᠳᠡᠰᠢ ᠮᠥᠷᠡᠨ ᠦ᠌ ᠲᠠᠷᠬᠠᠮᠠᠯ ᠠᠷᠠᠳ ᠢ᠋ ᠬᠤᠷᠢᠶᠠᠵᠤ ᠭᠤᠷᠪᠠᠨ ᠲᠦᠮᠡᠨ ᠪᠣᠯᠭᠠᠵᠤ᠂ ᠪᠠᠰᠠ ᠸᠠᠢᠯᠠ ᠠᠢᠮᠠᠭ ᠤ᠋ᠨ ᠪᠠ ᠮᠠᠢᠯᠵᠢ ᠠᠢᠮᠠᠭ ᠤ᠋ᠨ ᠳᠤᠲᠠᠭᠠᠨ ᠭᠠᠷᠤᠭᠰᠠᠨ ᠠᠷᠠᠳ ᠲᠠᠢ ᠨᠡᠢᠯᠡᠭᠦᠯᠵᠦ ᠨᠡᠢᠲᠡ ᠲᠠᠪᠤᠨ ᠲᠦᠮᠡ ᠪᠣᠯᠭᠠᠵᠤ᠂ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ ᠶ᠋ᠢ ᠤᠯᠤᠰ ᠤ᠋ᠨ ᠵᠠᠬ᠎ᠠ ᠳ᠋ᠤᠷ ᠠᠨᠤ ᠦᠯᠡᠳᠡᠭᠡᠨ ᠮᠣᠩᠭᠣᠯ ᠤᠯᠤᠰ ᠤ᠋ᠨ ᠢᠷᠡᠬᠦ ᠶ᠋ᠢ ᠰᠡᠷᠡᠮᠵᠢᠯᠡᠭᠦᠯᠦᠨ ᠴᠢᠦᠢ ᠴᠦ᠍ ᠯᠢᠦᠢ ᠲᠣᠳᠣ ᠬᠣᠶᠠᠭᠤᠯᠠ ᠢᠯᠳᠡᠰᠢ ᠮᠥᠷᠡᠨ ᠦ᠌ ᠪᠠᠷᠠᠭᠤᠨᠲᠠ ᠬᠣᠲᠣᠩ ᠤᠯᠤᠰ ᠤ᠋ᠨ ᠢᠯᠢ ᠬᠣᠲᠠᠨ ᠳ᠋ᠤᠷ ᠣᠷᠣᠵᠤ ᠠᠰᠢᠭ᠋ ᠵᠣᠪᠠᠯᠠᠩ ᠢ᠋ ᠲᠣᠭᠠᠴᠢᠨ ᠬᠠᠪᠰᠤᠷᠬᠤ ᠴᠡᠷᠢᠭ ᠭᠤᠶᠤᠬᠤᠢ ᠳ᠋ᠤᠷ ᠬᠣᠲᠣᠩ ᠲᠡᠷᠡ ᠴᠠᠭ ᠲᠤᠷ ᠰᠢ ᠢᠦᠢ ᠤᠯᠤᠰ ᠭᠡᠮᠡᠨ ᠪᠠᠢᠬᠤ ᠲᠤᠯᠠ ᠰᠢ ᠢᠦᠢ ᠤᠯᠤᠰ ᠤ᠋ᠨ ᠡᠵᠡᠨ ᠡᠴᠡ ᠪᠡᠨ ᠵᠠᠬᠢᠶ᠎ᠠ ᠡᠷᠢᠬᠦᠢ ᠳ᠋ᠦ᠍ᠷ ᠡᠰᠡ ᠵᠥᠪᠰᠢᠶᠡᠭᠰᠡᠨ ᠢ᠋ᠶ᠋ᠡᠷ ᠬᠡᠷᠡᠭ ᠪᠦᠲᠦᠭᠰᠡᠨ ᠦᠭᠡᠢ ᠳ᠋ᠦ᠍ᠷ ᠳᠠᠷᠤᠢ ᠡᠭᠡᠵᠦ ᠡᠨᠡ ᠲᠠᠪᠤᠨ ᠲᠦᠮᠡᠨ ᠴᠡᠷᠢᠭ ᠦ᠋ᠳ ᠢ᠋ᠶ᠋ᠡᠨ ᠪᠣᠯᠪᠠᠰᠤᠷᠠᠭᠤᠯᠤᠨ ᠣᠨᠴᠠ ᠠᠷᠪᠠᠨ ᠲᠦᠮᠡᠨ ᠳ᠋ᠦ᠍ᠷ ᠬᠦᠷᠴᠦ ᠰᠠᠶᠢ ᠵᠡᠭᠦᠨ ᠡᠮᠦᠨᠡᠰᠢ ᠵᠦᠭ ᠮᠣᠩᠭᠣᠯ ᠤᠯᠤᠰ ᠯᠤᠭ᠎ᠠ ᠬᠠᠯᠳᠠᠰᠤᠭᠠᠢ ᠭᠡᠮᠡᠨ ᠪᠠᠰᠠ ᠵᠦᠭ ᠪᠦᠷᠢ ᠲᠠᠪᠴᠢᠯᠠᠨ ᠶᠠᠪᠤᠬᠤᠢ ᠳ᠋ᠤᠷ ᠡᠨᠡ ᠮᠡᠳᠡᠭᠡ ᠶ᠋ᠢ ᠮᠤᠬᠤᠯᠢ ᠳᠠᠬᠢᠨ ᠲᠤᠷᠰᠢᠭᠤᠯ ᠢᠯᠡᠭᠡᠵᠦ ᠨᠠᠷᠢᠪᠴᠢᠯᠠᠨ ᠣᠯᠵᠤ ᠳᠠᠷᠤᠢ ᠨᠠᠮᠤᠷ ᠤ᠋ᠨ ᠲᠡᠷᠢᠭᠦᠨ ᠰᠠᠷ᠎ᠠ ᠪᠣᠯᠣᠮᠠᠭᠴᠠ ᠶᠡᠬᠡ ᠴᠡᠷᠢᠭ ᠢ᠋ ᠰᠢᠯᠭᠠᠵᠤ ᠣᠯᠠᠨ ᠵᠠᠩᠵᠤᠨ ᠢ᠋ ᠵᠠᠯᠠᠬᠤᠢ ᠳ᠋ᠤᠷ ᠡᠮᠦᠨ᠎ᠡ ᠬᠢᠵᠠᠭᠠᠷ ᠤ᠋ᠨ ᠲᠤᠷᠰᠢᠭᠤᠯ ᠢᠷᠡᠵᠦ ᠮᠡᠳᠡᠭᠦᠯᠦᠷᠦᠨ : 《ᠡᠮᠦᠨ᠎ᠡ ᠰᠥᠩ ᠤᠯᠤᠰ ᠨᠢᠳᠤᠨᠤᠨ ᠠᠯᠲᠠᠨ ᠤᠯᠤᠰ ᠲᠤᠷ ᠴᠡᠷᠢᠭ ᠳᠠᠷᠤᠭᠳᠠᠵᠤ᠂ ᠡᠨᠡ ᠵᠢᠯ ᠡᠯᠴᠢ ᠢᠯᠡᠭᠡᠵᠦ᠂ ᠠᠯᠲᠠᠨ ᠤᠯᠤᠰ ᠤ᠋ᠨ ᠬᠠᠭᠠᠨ  ᠸᠠᠨ ᠶᠠᠨ ᠵᠢᠩ ᠯᠤᠭ᠎ᠠ ᠡᠪᠰᠡᠯᠳᠦᠪᠡᠢ᠃ ᠡᠳᠦᠭᠡ ᠸᠠᠨ ᠶᠠᠨ ᠵᠢᠩ ᠳ᠋ᠦ᠍ᠷ ᠲᠡᠭᠦᠨ ᠦ᠌ ᠤᠭᠰᠠᠭ᠎ᠠ ᠶ᠋ᠢᠨ ᠬᠥᠪᠡᠭᠦᠨ ᠸᠧᠢ ᠸᠠᠩ ᠶᠦᠩ ᠶ᠋ᠢᠢ ᠠᠪᠠ ᠶ᠋ᠢᠨ ᠭᠠᠵᠠᠷ ᠠᠷᠢᠬᠢ ᠳ᠋ᠤᠷ ᠬᠣᠣᠷ᠎ᠠ ᠬᠣᠯᠢᠵᠤ ᠥᠭᠭᠥᠭᠡᠳ ᠸᠠᠨ ᠶᠠᠨ ᠵᠢᠩ ᠦ᠋ᠨ ᠪᠡᠶ᠎ᠡ ᠶ᠋ᠢᠨ ᠡᠪᠡᠳᠴᠢᠨ ᠬᠠᠷᠠᠬᠠᠨ ᠬᠦᠨᠳᠦ ᠪᠣᠢ᠃ 》 ᠭᠡᠮᠡᠨ ᠮᠡᠳᠡᠭᠦᠯᠦᠭᠰᠡᠨ ᠳ᠋ᠦ᠍ᠷ ᠮᠤᠬᠤᠯᠢ ᠥᠴᠦᠬᠡᠨ ᠢᠨᠢᠶᠡᠨ ᠥᠭᠦᠯᠡᠷᠦᠨ : 《ᠰᠥᠩ ᠤᠯᠤᠰ ᠡᠶᠡᠳᠡᠬᠦ ᠪᠠ ᠡᠪᠳᠡᠷᠡᠬᠦ ᠢᠨᠦ ᠮᠠᠭᠤ ᠡᠬᠡᠨᠡᠷ ᠦ᠋ᠨ ᠶᠠᠪᠤᠳᠠᠯ ᠶᠦᠩ ᠵᠢᠢ ᠶ᠋ᠢᠨ ᠠᠪᠠᠭ᠎ᠠ ᠳ᠋ᠤᠷ ᠢ᠋ᠶ᠋ᠠᠨ ᠬᠣᠣᠷ᠎ᠠ ᠥᠭᠬᠦ ᠢᠨᠦ ᠡᠪᠳᠡᠷᠡᠬᠦ ᠤᠯᠤᠰ ᠤ᠋ᠨ ᠵᠦᠢ᠃ 》ᠬᠡᠮᠡᠵᠦ ᠬᠠᠭᠠᠨ ᠳ᠋ᠤᠷ ᠠᠢᠯᠠᠳᠬᠠᠪᠠ᠃   
       ᠲᠡᠳᠦᠢ ᠰᠢᠶᠠ ᠤᠯᠤᠰ ᠲᠤᠷ ᠮᠣᠷᠳᠠᠭᠰᠠᠨ ᠵᠢᠭ᠍ᠰᠠᠭᠠᠯ ᠢ᠋ ᠪᠦᠷᠢᠨ᠎ᠡ ᠬᠡᠷᠡᠭᠯᠡᠵᠦ ᠵᠠᠩᠵᠤᠨ ᠴᠡᠷᠢᠭ ᠢ᠋ ᠮᠥᠨ ᠨᠢᠭᠡᠨ ᠠᠳᠠᠯᠢ ᠪᠠᠷ ᠳᠣᠯᠣᠭᠠᠨ ᠰᠠᠷ᠎ᠠ ᠶ᠋ᠢᠨ ᠠᠷᠪᠠᠨ ᠲᠠᠪᠤᠨ᠎ᠠ ᠬᠠᠭᠠᠨ ᠭᠡᠭᠡᠨ ᠦ᠌ ᠶᠡᠬᠡ ᠴᠡᠷᠢᠭ ᠬᠥᠳᠡᠯᠪᠡ  ᠭᠠᠭᠴᠠ ᠪᠤᠭᠤᠷᠵᠢ᠂ ᠪᠤᠭᠤᠷᠤᠯ ᠬᠣᠶᠠᠭᠤᠯᠠ ᠳ᠋ᠤᠷ ᠤᠯᠤᠰ ᠢ᠋ ᠲᠤᠰᠢᠶᠠᠨ᠂ ᠲᠣᠭᠲᠣᠩᠭᠣ᠌ ᠪᠠᠭᠠᠲᠤᠷ ᠢ᠋ ᠬᠣᠰᠢᠭᠤᠴᠢ ᠪᠣᠯᠭᠠᠨ ᠶᠡᠬᠡ ᠴᠡᠷᠢᠭ ᠪᠠᠷᠠᠭᠤᠨ ᠤᠮᠠᠷ᠎ᠠ ᠵᠦᠭ ᠮᠣᠷᠳᠠᠪᠠ᠃ ᠨᠠᠢ᠍ᠮᠠᠨ ᠤ᠋ ᠠᠯᠲᠠᠨᠱᠠᠭ᠎ᠠ ᠴᠡᠷᠢᠭ ᠢ᠋ᠶ᠋ᠡᠨ ᠰᠢᠯᠭᠠᠵᠤ ᠬᠣᠶᠠᠷ ᠡᠮ᠎ᠡ ᠪᠠ ᠳᠥᠷᠪᠡᠨ ᠵᠠᠩᠵᠤᠨ ᠢ᠋ᠶ᠋ᠠᠨ ᠠᠪᠴᠤ ᠪᠠᠷᠠᠭᠤᠨ ᠡᠮᠦᠨ᠎ᠡ ᠬᠢᠳᠠᠨ ᠤᠯᠤᠰ ᠤ᠋ᠨ ᠵᠠᠬ᠎ᠠ ᠶ᠋ᠢ ᠰᠡᠷᠭᠡᠢᠯᠡᠨ ᠰᠠᠬᠢᠵᠤ᠂ ᠢᠯᠳᠡᠰᠢ ᠤᠯᠤᠰ ᠤ᠋ᠨ ᠬᠢᠳᠠᠨ ᠳ᠋ᠤᠷ ᠢᠷᠡᠬᠦ ᠵᠠᠮ ᠢ᠋ ᠲᠣᠰᠴᠤ ᠰᠠᠭᠤᠪᠠ᠃ ᠲᠡᠨᠳᠡᠴᠡ ᠮᠣᠩᠭᠣᠯ ᠤ᠋ᠨ ᠴᠡᠷᠢᠭ ᠵᠠᠬ᠎ᠠ ᠶ᠋ᠢᠨ ᠳᠣᠲᠣᠷ᠎ᠠ ᠲᠦᠷᠭᠡᠯᠡᠨ ᠶᠠᠪᠤᠵᠤ᠂ ᠬᠡᠵᠢᠶ᠎ᠡ ᠵᠠᠬ᠎ᠠ ᠭᠠᠷᠴᠤ ᠰᠠᠶᠢ ᠴᠡᠷᠢᠭ ᠢ᠋ ᠱᠠᠭᠠᠷᠳᠠᠨ ᠨᠠᠮᠤᠷ ᠤ᠋ᠨ ᠳᠤᠮᠳᠠᠳᠤ ᠰᠠᠷ᠎ᠠ ᠳ᠋ᠤᠷ ᠸᠠᠢᠯᠠ ᠠᠢᠮᠠᠭ ᠤ᠋ᠨ ᠵᠠᠬ᠎ᠠ ᠣᠷᠣᠪᠠ᠃ ᠡᠨᠡ ᠮᠡᠳᠡᠭᠡ ᠶ᠋ᠢ ᠴᠢᠦᠢ ᠴᠦ᠍ ᠯᠢᠦᠢ ᠬᠠᠰ ᠬᠠᠭᠠᠨ ᠪᠠ ᠮᠠᠢᠯᠵᠢ ᠶ᠋ᠢᠨ ᠲᠣᠳᠣ ᠨᠠᠷ ᠬᠡᠳᠦᠢᠨᠡᠢ ᠰᠣᠨᠣᠰᠴᠤ ᠤᠷᠢᠳᠠ ᠸᠠᠢᠯᠠ ᠠᠢᠮᠠᠭ ᠤ᠋ᠨ ᠡᠵᠡᠨ᠂ ᠬᠤᠪᠢᠲᠤ ᠬᠤᠸᠠ ᠳ᠋ᠤᠷ ᠮᠡᠳᠡᠭᠡ ᠢᠯᠡᠭᠡᠵᠦ᠂ ᠬᠣᠶᠠᠷ ᠲᠦᠮᠡᠨ ᠴᠡᠷᠢᠭ ᠢ᠋ ᠸᠠᠢᠯᠠ ᠠᠢᠮᠠᠭ ᠤ᠋ᠨ ᠵᠠᠬ᠎ᠠ ᠳ᠋ᠤᠷ ᠪᠠᠬᠢᠵᠤ ᠬᠦᠯᠢᠶᠡ ᠬᠡᠮᠡᠬᠦᠢ ᠳ᠋ᠦ᠍ᠷ ᠸᠠᠢᠯᠠ ᠠᠢᠮᠠᠭ ᠤ᠋ᠨ ᠡᠵᠡᠨ᠂ ᠴᠢᠦᠢ ᠴᠦ᠍ ᠯᠢᠦᠢ ᠬᠠᠰ ᠬᠠᠭᠠᠨ ᠤ᠋ ᠡᠯᠴᠢ ᠶ᠋ᠢ ᠶᠠᠪᠤᠭᠤᠯᠤᠭᠠᠳ ᠥᠪᠡᠷ ᠦ᠋ᠨ ᠲᠦᠰᠢᠮᠡᠳ ᠦ᠋ᠨ ᠵᠦᠭ ᠥᠭᠦᠯᠡᠷᠦᠨ : 《ᠪᠢ ᠡᠨᠡ ᠰᠥᠨᠢ ᠵᠡᠭᠦᠳᠦᠯᠡᠭᠰᠡᠨ ᠢᠨᠦ᠂ ᠡᠮᠦᠨ᠎ᠡ ᠡᠴᠡ ᠨᠢᠭᠡᠨ ᠯᠤᠤ ᠨᠠᠷᠠᠨ ᠠ᠋ᠴᠠ ᠭᠠᠷᠴᠤ ᠢᠷᠡᠭᠰᠡᠨ ᠳ᠋ᠦ᠍ᠷ ᠪᠢ ᠬᠠᠷᠠᠬᠠᠨ ᠬᠠᠷᠠᠵᠤ ᠪᠥᠬᠥᠶ᠎ᠡ ᠬᠣᠢᠲᠤ ᠠ᠋ᠴᠠ ᠨᠢᠭᠡᠨ ᠬᠠᠷ᠎ᠠ ᠥᠲᠡᠭᠡ ᠡᠰᠡᠷᠭᠦ ᠢᠨᠦ ᠨᠢᠭᠡᠨᠲᠡ ᠳᠡᠪᠬᠡᠯᠦᠨ ᠲᠡᠷᠡ ᠯᠤᠤ ᠨᠢᠭᠡᠨ ᠬᠥᠯ ᠢ᠋ᠶ᠋ᠡᠷ ᠠᠳᠬᠤᠨ ᠠᠪᠴᠤ ᠡᠴᠢᠪᠡ ᠭᠡᠮᠡᠨ ᠵᠡᠭᠦᠳᠦᠯᠡᠪᠡ᠃ ᠡᠨᠡ ᠡᠳᠦᠷ ᠦ᠋ᠨ ᠡᠮᠦᠨ᠎ᠡ ᠮᠣᠩᠭᠣᠯ ᠤᠯᠤᠰ ᠤ᠋ᠨ ᠮᠡᠳᠡᠭᠡ ᠪᠠ ᠬᠣᠢᠲᠤ ᠢᠯᠳᠡᠰᠢ ᠮᠥᠷᠡᠨ ᠦ᠌ ᠦᠭᠡ ᠶ᠋ᠢ ᠦᠵᠡᠬᠦᠯ᠎ᠡ ᠡᠨᠡ ᠵᠡᠭᠦᠳᠦᠨ ᠯᠠᠪ ᠡᠨᠡ ᠬᠡᠷᠡᠭ ᠲᠦ᠍ᠷ ᠲᠣᠬᠢᠶᠠᠯᠳᠤᠵᠤᠬᠤᠢ᠃ ᠡᠨᠡ ᠬᠡᠷᠡᠭ ᠲᠦ᠍ᠷ ᠲᠣᠬᠢᠶᠠᠯᠳᠤᠪᠠᠰᠤ ᠢᠯᠳᠡᠰᠢ ᠶ᠋ᠢᠨ ᠴᠡᠷᠢᠭ ᠲᠦᠮᠡᠨ ᠳ᠋ᠦ᠍ᠷ ᠨᠢᠭᠡᠨ ᠢ᠋ᠶ᠋ᠡᠷ ᠳᠡᠢᠯᠬᠦ ᠶᠣᠰᠣ ᠦᠭᠡᠢ᠂ ᠪᠢᠳᠡ ᠬᠡᠷᠬᠢᠪᠡᠰᠦ ᠰᠠᠢᠨ ? 》ᠳᠣᠣᠷᠠᠬᠢ ᠪᠣᠭᠣᠯᠭ᠎ᠠ ᠰᠡᠴᠡᠨ᠂ ᠲᠣᠷᠪᠠᠢ ᠮᠡᠷᠭᠡᠨ ᠬᠣᠶᠠᠷ ᠰᠡᠴᠡᠨ ᠢᠨᠦ ᠥᠭᠦᠯᠡᠷᠦᠨ :《ᠡᠵᠡᠨ ᠦ᠌ ᠡᠨᠡ ᠴᠣᠬᠣᠮ ᠪᠣᠳᠣᠯᠭ᠎ᠠ᠂ ᠮᠣᠩᠭᠣᠯ ᠤ᠋ᠨ ᠬᠠᠭᠠᠨ ᠴᠢᠩᠭᠢᠰ ᠬᠡᠮᠡᠭᠴᠢ ᠬᠠᠷᠠᠬᠠᠨ ᠪᠢᠴᠢᠬᠠᠨ ᠠ᠋ᠴᠠ ᠡᠩ ᠡᠴᠡ ᠡᠲᠡᠭᠡᠳ ᠤᠯᠤᠰ ᠠ᠋ᠴᠠ ᠣᠨᠴᠠᠭᠠᠢ ᠲᠦᠮᠡᠨ ᠭᠠᠵᠠᠷ ᠴᠥᠮ ᠮᠡᠳᠡᠮᠦᠢ᠃ ᠨᠡᠩ ᠪᠠᠰᠠ ᠲᠡᠭᠦᠨ ᠦ᠌ ᠴᠡᠷᠢᠭ ᠡᠬᠢᠯᠡᠭᠰᠡᠨ ᠡᠴᠡ ᠥᠴᠦᠬᠡᠨ ᠴᠦ᠍ ᠡᠨᠳᠡᠭᠦᠦ ᠭᠠᠷᠬᠤ ᠦᠭᠡᠢ᠃ ᠬᠡᠳᠦᠢ ᠬᠠᠶᠠ ᠪᠠᠭ᠎ᠠ ᠠᠶᠤᠯ ᠭᠠᠷᠤᠭᠰᠠᠨ ᠪᠣᠯᠪᠠᠴᠤ ᠲᠡᠭᠦᠨ ᠦ᠌ ᠪᠡᠶ᠎ᠡ ᠡᠭᠡᠨᠡᠭᠲᠡ ᠦᠬᠦᠬᠦ ᠦᠭᠡᠢ᠃ ᠲᠡᠭᠦᠨ ᠦ᠌ ᠲᠡᠷᠡ ᠮᠡᠲᠦ ᠳᠥᠷᠪᠡᠨ ᠵᠦᠭ ᠦ᠋ᠨ ᠬᠠᠲᠠᠭᠤ ᠵᠥᠭᠡᠯᠡᠨ ᠶᠡᠬᠡ ᠪᠠᠭ᠎ᠠ ᠣᠯᠠᠨ ᠤᠯᠤᠰ ᠢ᠋ ᠳᠠᠢᠯᠠᠨ ᠲᠡᠭᠰᠢᠳᠬᠡᠨ ᠶᠠᠪᠤᠬᠤᠢ ᠳ᠋ᠤᠷ ᠲᠡᠭᠦᠨ ᠦ᠌ ᠡᠰᠡᠷᠭᠦᠴᠡᠯ ᠦ᠋ᠨ ᠵᠠᠭᠤᠨ ᠵᠦᠢᠯ ᠦ᠋ᠨ ᠠᠷᠭ᠎ᠠ ᠮᠡᠬᠡ ᠬᠡᠷᠡᠭᠯᠡᠵᠦ ᠪᠠᠢᠯᠳᠤᠭᠰᠠᠨ ᠢ᠋ᠶ᠋ᠠᠷ ᠦᠵᠡᠬᠦᠯ᠎ᠡ ᠬᠡᠳᠦᠢ ᠨᠢᠭᠡᠨ ᠲᠡᠮᠦᠵᠢᠨ ᠢ᠋ ᠴᠦ᠍ ᠪᠠᠢᠲᠤᠭᠠᠢ ᠲᠦᠮᠡᠨ ᠲᠡᠮᠦᠵᠢᠨ ᠪᠣᠯᠪᠠᠴᠤ ᠮᠥᠨ ᠦᠬᠦᠵᠦ ᠭᠦᠢᠴᠡᠬᠦ ᠦᠭᠡᠢ ᠪᠥᠭᠡᠲᠡᠯ᠎ᠡ ᠡᠳᠦᠭᠡ ᠲᠡᠷᠡ ᠠᠯᠢᠨ ᠳ᠋ᠤᠷ ᠴᠤ᠌ ᠦᠯᠦ ᠠᠯᠵᠠᠨ ᠲᠠᠩᠭᠤᠳ᠂ ᠲᠥᠪᠡᠳ᠂ ᠬᠣᠲᠣᠩ᠂ ᠬᠢᠲᠠᠳ᠂ ᠰᠣᠯᠣᠨ᠂ ᠰᠢᠶᠠ ᠡᠳᠡᠭᠡᠷ ᠤᠯᠤᠰ ᠢ᠋ ᠳᠠᠷᠠᠭ᠎ᠠ ᠳᠠᠷᠠᠭ᠎ᠠ ᠪᠠᠷ ᠣᠷᠣᠭᠤᠯᠤᠨ ᠠᠪᠤᠭᠰᠠᠨ ᠠᠨᠤ ᠡᠳᠡᠭᠡᠷ ᠴᠥᠮ ᠭᠠᠭᠴᠠ ᠬᠥᠮᠦᠨ ᠦ᠌ ᠬᠦᠴᠦᠨ ᠪᠤᠰᠤ᠂ ᠯᠠᠪ ᠲᠡᠭᠷᠢ ᠶ᠋ᠢᠨ ᠰᠠᠨᠠᠭᠠᠨ ᠲᠤᠰᠠᠯᠠᠵᠤᠬᠤᠢ᠃ ᠨᠡᠩ ᠪᠠᠰᠠ ᠣᠢᠷ᠎ᠠ ᠪᠠᠷ ᠠᠪᠴᠤ ᠬᠡᠯᠡᠪᠡᠰᠦ ᠨᠠᠢ᠍ᠮᠠᠨ᠂ ᠬᠡᠷᠡᠢᠳ ᠬᠡᠮᠡᠭᠴᠢ ᠴᠥᠮ ᠳᠤᠮᠳᠠᠳᠤ ᠤᠯᠤᠰ ᠯᠤᠭ᠎ᠠ ᠬᠠᠷᠢᠯᠴᠠᠨ ᠶᠠᠪᠤᠯᠴᠠᠵᠤ ᠳᠠᠩ ᠰᠠᠴᠠᠭᠤ ᠪᠠᠢᠭᠰᠠᠨ ᠤᠯᠤᠰ᠂ ᠠᠷᠭ᠎ᠠ ᠪᠣᠳᠣᠯᠭ᠎ᠠ ᠬᠦᠴᠦᠨ ᠴᠢᠳᠠᠯ ᠴᠥᠮ ᠮᠠᠨ ᠠ᠋ᠴᠠ ᠠᠷᠪᠠᠨ ᠬᠤᠪᠢ ᠢᠯᠡᠭᠦᠦ ᠪᠥᠭᠡᠲᠡᠯ᠎ᠡ ᠬᠠᠭᠠᠨ ᠠᠨᠤ ᠠᠯᠠᠭᠳᠠᠵᠤ ᠤᠯᠤᠰ ᠠᠨᠤ ᠠᠪᠲᠠᠭᠰᠠᠨ ᠢ᠋ ᠦᠵᠡᠪᠡᠰᠦ᠂ ᠡᠳᠦᠭᠡ ᠮᠠᠨ ᠤ᠋ ᠡᠨᠡ ᠮᠡᠲᠦ ᠴᠠᠭ ᠢ᠋ ᠵᠥᠷᠢᠴᠡᠵᠦ ᠣᠮᠣᠭ᠍ᠰᠢᠨ ᠲᠤᠯᠬᠤ ᠠᠨᠤ ᠪᠠᠬᠠᠨ ᠴᠤ᠌ ᠨᠡᠢᠴᠡᠬᠦ ᠦᠭᠡᠢ ᠬᠡᠷᠡᠭ᠃ ᠮᠣᠩᠭᠣᠯ ᠤᠯᠤᠰ ᠤ᠋ᠨ ᠰᠠᠨᠠᠭᠠᠨ ᠶᠡᠬᠡ᠂ ᠪᠤᠷᠤᠭᠤ ᠦᠭᠡᠢ ᠤᠯᠤᠰ ᠢ᠋ ᠦᠯᠦ ᠳᠠᠢᠯᠠᠬᠤ ᠲᠤᠯᠠ ᠮᠠᠨ ᠤ᠋ ᠡᠨᠡ ᠨᠢᠭᠡᠨ ᠠᠢᠮᠠᠭ ᠢ᠋ ᠡᠳᠦᠭᠡ ᠪᠣᠯᠲᠠᠯ᠎ᠠ ᠡᠰᠡ ᠬᠠᠢᠬᠤᠷᠴᠤᠬᠤᠢ᠃ ᠲᠡᠷᠡ ᠬᠡᠷᠪᠡ ᠮᠠᠨ ᠤ᠋ ᠤᠯᠤᠰ ᠤ᠋ᠨ ᠨᠠᠢ᠍ᠮᠠᠨ ᠳ᠋ᠤᠷ ᠲᠤᠰᠠᠯᠠᠭᠰᠠ ᠶ᠋ᠢ ᠮᠡᠳᠡᠪᠡᠰᠦ ᠬᠡᠳᠦᠢᠨᠡᠢ ᠶᠠᠯ᠎ᠠ ᠠᠰᠠᠭᠤᠨ ᠡᠨᠡ ᠦᠶ᠎ᠡ ᠳ᠋ᠦ᠍ᠷ ᠲᠠᠢᠯᠵᠤ ᠲᠦᠪᠰᠢᠳᠬᠡᠭᠰᠡᠨ ᠪᠥᠯᠥᠭᠡ᠃ ᠭᠠᠭᠴᠠ ᠲᠡᠷᠡ ᠲᠤᠬᠠᠢ ᠳ᠋ᠤᠷ ᠨᠠᠢ᠍ᠮᠠᠨ ᠤ᠋ ᠴᠡᠷᠢᠭ ᠣᠯᠠᠨ ᠪᠣᠯᠵᠤ ᠳᠥᠷᠪᠡᠨ ᠵᠦᠭ ᠠᠢᠮᠠᠭ ᠪᠦᠷᠢ ᠶ᠋ᠢᠨ ᠴᠡᠷᠢᠭ ᠮᠠᠰᠢ ᠳᠦᠭᠦᠷᠴᠦ ᠳᠡᠭᠡᠷ᠎ᠡ ᠪᠠᠰᠠ ᠮᠠᠨ ᠤ᠋ ᠴᠡᠷᠢᠭ ᠡᠷᠲᠡᠰᠡ ᠪᠤᠷᠤᠭᠤᠯᠠᠨ ᠭᠠᠷᠤᠭᠰᠠᠨ ᠲᠤᠯᠠ ᠡᠰᠡ ᠤᠪᠠᠢᠯᠠᠵᠤᠬᠤᠢ᠃ ᠲᠡᠷᠡ ᠴᠢᠳᠠᠯ ᠢ᠋ᠶ᠋ᠠᠷ ᠪᠢᠳᠡ ᠡᠳᠦᠭᠡ ᠪᠣᠯᠲᠠᠯ᠎ᠠ ᠠᠮᠤᠷ ᠰᠠᠭᠤᠪᠠ᠃ ᠴᠣᠬᠣᠮ ᠳ᠋ᠤᠷ ᠪᠢᠳᠡ ᠬᠡᠳᠦᠢᠨᠡᠢ ᠳᠠᠷᠤᠢ ᠡᠯᠴᠢ ᠵᠠᠷᠤᠵᠤ ᠠᠯᠪᠠ ᠪᠠᠷᠢᠪᠠᠰᠤ ᠵᠣᠬᠢᠬᠤ ᠪᠥᠯᠥᠭᠡ᠃ ᠡᠳᠦᠭᠡ ᠨᠢᠭᠡᠨᠲᠡ ᠬᠣᠴᠣᠷᠴᠤ ᠨᠤᠲᠤᠭ ᠢ᠋ᠶ᠋ᠠᠨ ᠤᠯᠠᠢᠭᠰᠠᠨ ᠴᠢᠦᠢ ᠴᠦ᠍ ᠯᠢᠦᠢ ᠶ᠋ᠢᠨ ᠦᠭᠡ᠂ ᠠᠢᠮᠠᠭ ᠢ᠋ᠶ᠋ᠠᠨ ᠠᠪᠲᠠᠭᠰᠠᠨ ᠲᠣᠳᠣ ᠶ᠋ᠢᠨ ᠦᠭᠡ ᠳ᠋ᠦ᠍ᠷ ᠣᠷᠣᠵᠤ ᠲᠡᠳᠡᠨ ᠦ᠌ ᠵᠢᠳᠠ ᠶ᠋ᠢᠨ ᠦᠵᠦᠭᠦᠷ ᠰᠤᠮᠤᠨ ᠤ᠋ ᠬᠠᠯᠠᠬᠠᠪᠴᠢ ᠪᠣᠯᠵᠤ ᠠᠶᠤᠮᠰᠢᠭ᠍ᠲᠤ ᠮᠣᠩᠭᠣᠯ ᠤ᠋ᠨ ᠡᠵᠡᠨ ᠯᠦ᠍ᠭᠡ ᠲᠤᠯᠬᠤ ᠠᠨᠤ ᠪᠠᠬᠠᠨ ᠴᠤ᠌ ᠨᠡᠢᠴᠡᠬᠦ ᠦᠭᠡᠢ᠃ ᠡᠨᠡ ᠢᠨᠦ ᠮᠣᠩᠭᠣᠯ ᠤ᠋ᠨ ᠰᠦᠷᠲᠦ ᠬᠡᠴᠡᠭᠦᠦ ᠭᠠᠵᠠᠷ᠃ ᠬᠡᠷᠪᠡ ᠪᠠᠰᠠ ᠮᠣᠩᠭᠣᠯ ᠤ᠋ᠨ ᠡᠵᠡᠨ ᠦ᠌ ᠰᠠᠢᠨ ᠭᠠᠵᠠᠷ ᠢ᠋ ᠲᠣᠭᠠᠴᠢᠪᠠᠰᠤ᠂ ᠮᠣᠩᠭᠣᠯ ᠤ᠋ᠨ ᠡᠵᠡᠨ ᠲᠡᠮᠦᠵᠢᠨ ᠡᠷᠲᠡ ᠳ᠋ᠦ᠍ᠷ ᠲᠡᠷᠡ ᠲᠤᠬᠠᠢᠯᠠᠨ ᠴᠡᠷᠢᠭ ᠪᠠᠢᠭᠤᠯᠵᠤ ᠳᠥᠷᠪᠡᠨ ᠵᠦᠭ ᠢ᠋ ᠳᠠᠢᠴᠢᠯᠠᠨ ᠠᠪᠰᠤᠭᠠᠢ ᠬᠡᠮᠡᠭᠰᠡᠨ ᠪᠤᠰᠤ᠂ ᠳᠠᠷᠤᠢ ᠲᠠᠢᠴᠢᠭᠤᠳ ᠤ᠋ᠨ ᠬᠡᠷᠡᠭ ᠵᠠᠷᠭᠤ ᠳᠠᠬᠢᠨ ᠳᠠᠪᠲᠠᠨ ᠤᠳᠠᠭ᠎ᠠ ᠳᠠᠷᠠᠭ᠎ᠠ ᠲᠠᠪᠴᠢᠯᠠᠨ ᠪᠤᠯᠢᠶᠠᠯᠳᠤᠭᠰᠠᠭᠠᠷ ᠮᠣᠩᠭᠣᠯ ᠤ᠋ᠨ ᠡᠵᠡᠨ ᠰᠠᠶᠢ ᠴᠢᠬᠤᠯᠳᠠᠵᠤ ᠠᠷᠭ᠎ᠠ ᠦᠭᠡᠢ ᠴᠡᠷᠢᠭ ᠪᠠᠢᠭᠤᠯᠤᠨ ᠦᠰ ᠥᠰᠢᠶ᠎ᠡ ᠪᠡᠨ ᠠᠪᠬᠤᠢ ᠳ᠋ᠤᠷ ᠪᠤᠰᠤ ᠤᠯᠤᠰ ᠣᠨᠴᠠ ᠪᠠᠰᠠ ᠲᠡᠭᠦᠨ ᠢ᠋ ᠬᠠᠰᠢᠵᠤ ᠪᠤᠰᠤᠳ ᠢ᠋ ᠡᠳᠦᠭᠰᠡᠭᠡᠷ ᠰᠠᠶᠢ ᠲᠡᠭᠦᠨ ᠳ᠋ᠦ᠍ᠷ ᠬᠤᠷᠢᠶᠠᠭᠳᠠᠭᠰᠠᠨ ᠪᠣᠯᠠᠢ᠃ ᠡᠨᠡ ᠢᠨᠦ ᠲᠡᠭᠷᠢ ᠶ᠋ᠢᠨ ᠰᠠᠨᠠᠭᠠᠨ ᠪᠤᠰᠤ ᠶᠠᠭᠤᠨ? ᠲᠡᠢᠨ ᠪᠥᠭᠡᠲᠡᠯ᠎ᠡ ᠮᠣᠩᠭᠣᠯ ᠤ᠋ᠨ ᠡᠵᠡᠨ ᠪᠠᠰᠠ ᠣᠨᠴᠠ ᠦᠨᠡᠨᠴᠢ ᠥᠷᠥᠰᠢᠶᠡᠯ ᠢ᠋ ᠦᠯᠡᠳᠡᠭᠡᠨ – ᠣᠯᠤᠭᠰᠠᠨ ᠢ᠋ ᠦᠯᠦ ᠠᠯᠠᠨ᠂ ᠳᠠᠭᠠᠭᠰᠠᠨ ᠢ᠋ ᠦᠯᠦ ᠳᠠᠢᠴᠢᠯᠠᠨ᠂ ᠳᠠᠭᠠᠭᠰᠠᠨ ᠤᠯᠤᠰ ᠪᠦᠬᠦᠨ ᠢ᠋ ᠣᠨᠴᠠ ᠤᠯᠤᠰ ᠠᠢᠮᠠᠭ ᠲᠤᠷ ᠠᠨᠤ ᠡᠭᠡᠭᠦᠯᠵᠦ᠂ ᠪᠡᠶ᠎ᠡ ᠦᠬᠦᠭᠰᠡᠨ ᠢ᠋ ᠢᠨᠦ ᠣᠨᠴᠠ ᠲᠡᠭᠦᠨ ᠦ᠌ ᠬᠥᠪᠡᠭᠦᠨ ᠳᠡᠭᠦᠦ ᠨᠠᠷ ᠢ᠋ ᠡᠷᠢᠨ ᠭᠠᠷᠭᠠᠵᠤ᠂ ᠪᠠᠭ᠎ᠠ ᠠᠬ᠎ᠠ ᠪᠣᠯᠪᠠᠰᠤ ᠡᠷᠬᠡᠪᠰᠢ ᠲᠡᠭᠦᠨ ᠦ᠌ ᠦᠨᠳᠦᠰᠦᠨ ᠢ᠋ ᠵᠠᠯᠭᠠᠮᠵᠢᠯᠠᠨ ᠪᠡᠷᠢ ᠠᠪᠴᠤ ᠥᠭᠭᠦᠨ ᠤᠯᠤᠰ ᠲᠤᠷ ᠡᠭᠡᠭᠦᠯᠬᠦ ᠪᠠ ᠨᠡᠩ ᠪᠠᠰᠠ ᠠᠯᠢ ᠤᠯᠤᠰ ᠤ᠋ᠨ ᠡᠵᠡᠳ ᠢᠨᠦ ᠴᠡᠷᠢᠭ ᠲᠦ᠍ᠷ ᠡᠨᠳᠡᠪᠡᠰᠦ ᠡᠷᠬᠡᠪᠰᠢ ᠶᠠᠰᠤᠨ ᠢ᠋ ᠬᠤᠷᠢᠶᠠᠯᠭᠠᠨ᠂ ᠥᠪᠡᠷ ᠦ᠋ᠨ ᠵᠠᠩᠵᠤᠨ ᠴᠡᠷᠢᠭ ᠲᠦ᠍ᠷ ᠵᠠᠷᠯᠠᠨ ᠡᠯ᠎ᠡ ᠤᠯᠤᠰ ᠤ᠋ᠨ ᠡᠵᠡᠨ ᠢ᠋ ᠢᠨᠦ ᠬᠡᠷᠬᠢᠪᠡᠴᠦ ᠠᠯᠠᠬᠤ ᠳ᠋ᠤᠷ ᠪᠦᠦ ᠬᠦᠷᠭᠦᠯ ᠬᠡᠮᠡᠬᠦ ᠢᠨᠦ᠂ ᠡᠳᠡᠭᠡᠷ ᠴᠥᠮ ᠲᠡᠭᠦᠨ ᠦ᠌ ᠲᠤᠢᠯ ᠤ᠋ᠨ ᠦᠨᠡᠨᠴᠢ ᠡᠷᠳᠡᠮ ᠪᠤᠶᠤ᠃ ᠦᠵᠡᠲᠡᠯ᠎ᠡ ᠨᠠᠢ᠍ᠮᠠᠨ ᠬᠡᠷᠡᠢᠳ ᠬᠡᠮᠡᠭᠴᠢ ᠲᠡᠭᠦᠨ ᠦ᠌ ᠵᠡᠷᠭᠡᠯᠡᠳᠡᠭᠡ ᠪᠠᠢᠵᠤ᠂ ᠲᠡᠭᠦᠨ ᠦ᠌ ᠬᠡᠰᠢᠭ ᠢ᠋ ᠦᠲᠡᠭᠡᠷᠦᠨ ᠳᠠᠬᠢᠨ ᠳᠠᠪᠲᠠᠨ ᠳᠠᠷᠤᠭᠰᠠᠨ ᠤᠯᠤᠰ ᠪᠥᠭᠡᠲᠡᠯ᠎ᠡ ᠲᠡᠷᠡ ᠲᠡᠳᠡᠭᠡᠷ ᠤᠭᠰᠠᠭᠠᠲᠠᠨ ᠤ᠋ ᠬᠡᠦᠬᠡᠳ ᠥᠬᠢᠳ ᠢ᠋ ᠦᠷ᠎ᠡ ᠪᠣᠯᠭᠠᠨ ᠣᠨᠴᠠᠭᠠᠢ ᠡᠷᠭᠦᠮᠵᠢᠯᠡᠭᠰᠡᠨ ᠢᠨᠦ᠂ ᠭᠠᠳᠠᠭᠠᠳᠤ ᠤᠯᠤᠰ ᠤ᠋ᠨ ᠠᠰᠠᠷᠠᠨ ᠦᠵᠡᠬᠦ ᠶ᠋ᠢ ᠪᠡᠯᠡᠳᠬᠡᠭᠰᠡᠨ ᠮᠡᠷᠭᠡᠨ ᠪᠣᠢ ᠊ᠢ᠎ᠠ᠂ ᠮᠠᠨ ᠠ᠋ᠴᠠ ᠬᠡᠲᠦᠷᠡᠭᠰᠡᠨ ᠡᠳᠡᠭᠡᠷ ᠵᠦᠢᠯ ᠵᠦᠢᠯ ᠦ᠋ᠨ ᠶᠠᠪᠤᠳᠠᠯ ᠢᠯᠡᠷᠬᠡᠢ ᠪᠦᠬᠦᠢ ᠳ᠋ᠦ᠍ᠷ ᠪᠢᠳᠡ ᠬᠡᠷᠬᠢᠨ ᠨᠢᠭᠡᠨ ᠴᠢᠦᠢ ᠴᠦ᠍ ᠯᠢᠦᠢ᠂ ᠲᠣᠳᠣ ᠨᠠᠷ ᠤ᠋ᠨ ᠦᠭᠡ ᠪᠡᠷ ᠲᠡᠳᠡᠨ ᠯᠦ᠍ᠭᠡ ᠲᠡᠮᠡᠴᠡᠵᠦ ᠪᠣᠯᠬᠤ ? ᠡᠨᠡ ᠢᠨᠦ ᠮᠣᠩᠭᠣᠯ ᠤ᠋ᠨ ᠵᠥᠪᠰᠢᠶᠡᠮᠡᠷ ᠭᠠᠵᠠᠷ ᠡᠳᠡᠭᠡᠷ ᠵᠦᠢᠯ ᠪᠠᠢᠬᠤ ᠲᠤᠯᠠ ᠤᠳᠠᠭ᠎ᠠ ᠳᠠᠷᠠᠭ᠎ᠠ ᠲᠡᠭᠷᠢ ᠲᠡᠭᠦᠨ ᠳ᠋ᠦ᠍ᠷ ᠲᠤᠰᠠᠯᠠᠮᠤᠢ᠃ ᠲᠡᠭᠷᠢ ᠶ᠋ᠢᠨ ᠲᠤᠰᠠᠯᠠᠭᠰᠠᠨ ᠢ᠋ ᠬᠡᠯᠡᠪᠡᠰᠦ ᠲᠡᠷᠢᠭᠦᠨ ᠳ᠋ᠦ᠍ᠷ ᠮᠣᠩᠭᠣᠯ ᠤ᠋ᠨ ᠡᠵᠡᠨ ᠠᠷᠪᠠᠨ ᠭᠤᠷᠪᠠᠨ ᠨᠠᠰᠤ ᠲᠠᠢ ᠳ᠋ᠤᠷ ᠲᠠᠢᠴᠢᠭᠤᠳ ᠨᠢᠭᠡᠨᠲᠡ ᠠᠯᠠᠭᠰᠠᠨ ᠦᠭᠡᠢ᠃ ᠬᠣᠶᠠᠳᠤᠭᠠᠷ ᠲᠤᠷ ᠰᠡᠴᠡᠨ ᠪᠥᠬᠡ ᠶ᠋ᠢᠨ ᠣᠬᠣᠭᠰᠠᠨ ᠨᠦᠬᠡ ᠳ᠋ᠦ᠍ᠷ ᠤᠨᠠᠭᠰᠠᠨ ᠪᠥᠭᠡᠳ ᠪᠠᠰᠠ ᠡᠰᠡ ᠦᠬᠦᠪᠡ ᠃ ᠭᠤᠷᠪᠠᠳᠤᠭᠠᠷ ᠲᠤᠷ ᠬᠣᠣᠷᠠᠲᠤ ᠵᠡᠪᠡ ᠳ᠋ᠦ᠍ᠷ ᠣᠨᠣᠭᠳᠠᠭᠠᠳ ᠪᠠᠰᠠ ᠠᠯᠵᠠᠭᠰᠠᠨ ᠦᠭᠡᠢ ᠃ ᠳᠥᠷᠪᠡᠳᠦᠭᠡᠷ ᠲᠣᠷ ᠲᠠᠲ᠋ᠠᠷ ᠤ᠋ᠨ ᠪᠦᠭᠭᠦᠭᠰᠡᠨ ᠴᠡᠷᠢᠭ ᠦ᠋ᠨ ᠰᠠᠮᠠᠭᠤᠨ ᠵᠡᠪᠡ ᠳ᠋ᠦ᠍ᠷ ᠣᠨᠣᠭᠳᠠᠭᠰᠠᠨ ᠦᠭᠡᠢ᠃ ᠲᠠᠪᠤᠳᠤᠭᠠᠷ ᠲᠤᠷ ᠨᠠᠢ᠍ᠮᠠᠨ ᠤ᠋ ᠴᠢᠦᠢ ᠰᠢᠦᠸᠠᠢ ᠡᠦ ᠶ᠋ᠢᠨ ᠰᠠᠯᠬᠢᠨ ᠰᠢᠭᠤᠷᠭᠠᠨ ᠢ᠋ᠶ᠋ᠠᠷ ᠵᠢᠳᠠᠯᠠᠵᠤ ᠭᠠᠯ ᠢ᠋ᠶ᠋ᠠᠷ ᠪᠠᠢᠯᠳᠤᠵᠤ ᠢᠷᠡᠬᠦᠢ ᠶ᠋ᠢ ᠲᠡᠷᠡ ᠨᠢᠭᠡᠨᠲᠡ ᠵᠠᠩᠳᠠᠵᠤ᠂ ᠳᠠᠷᠤᠢ ᠠᠯᠠᠭᠲᠠᠢ ᠠᠭᠤᠯᠠᠨ ᠤ᠋ ᠬᠠᠳᠠᠨ ᠳᠡᠯᠪᠡᠷᠡᠵᠦ ᠭᠠᠯ ᠭᠠᠷᠤᠨ ᠰᠠᠯᠬᠢᠨ ᠰᠢᠭᠤᠷᠭᠠᠨ ᠤᠷᠪᠠᠵᠤ ᠨᠠᠢ᠍ᠮᠠᠨ ᠢ᠋ ᠳᠠᠷᠤᠪᠠ᠃ ᠵᠢᠷᠭᠤᠳᠤᠭᠠᠷ ᠲᠤᠷ ᠬᠡᠷᠡᠢᠳ ᠢ᠋ ᠲᠠᠢᠯᠠᠬᠤᠢ ᠳ᠋ᠤᠷ ᠭᠠᠯᠠᠭᠤᠲᠤ ᠠᠭᠤᠯᠠᠨ᠎ᠠ ᠬᠠᠪᠤᠷ ᠤ᠋ᠨ ᠴᠠᠭ ᠲᠤᠷ ᠶᠡᠬᠡ ᠦᠶᠡᠷ ᠦᠶᠡᠷᠯᠡᠵᠦ ᠬᠡᠷᠡᠢᠳ ᠢ᠋ ᠳᠠᠷᠤᠪᠠ᠃ ᠳᠣᠯᠣᠳᠤᠭᠠᠷ ᠲᠤᠷ ᠲᠠᠢᠴᠢᠭᠤᠳ ᠤ᠋ᠨ ᠰᠠᠢᠨ ᠪᠥᠬᠡ ᠶ᠋ᠢᠨ ᠠᠪᠠ ᠳ᠋ᠤᠷ ᠣᠬᠣᠭᠰᠠᠨ ᠨᠦᠬᠡ ᠳ᠋ᠦ᠍ᠷ ᠡᠰᠡ ᠤᠨᠠᠪᠠ᠃ ᠨᠠᠢ᠍ᠮᠠᠳᠤᠭᠠᠷ ᠲᠤᠷ ᠳᠣᠬ᠍ᠮᠣᠭ ᠢ᠋ ᠲᠠᠢᠯᠠᠬᠤᠢ ᠳ᠋ᠤᠷ ᠣᠯᠣᠭᠠᠢ ᠠᠭᠤᠯᠠᠨ ᠤ᠋ ᠴᠢᠯᠠᠭᠤᠨ ᠵᠢᠭ᠍ᠰᠠᠭᠠᠯ ᠳ᠋ᠤᠷ ᠠᠯᠲᠠᠨ ᠯᠤᠤ ᠢᠯᠡᠷᠡᠨ ᠬᠠᠳᠠ ᠶ᠋ᠢᠨ ᠴᠢᠯᠠᠭᠤᠨ ᠢ᠋ ᠲᠤᠰᠪᠠ᠃ ᠶᠢᠰᠦᠳᠦᠭᠡᠷ ᠲᠣᠷ ᠬᠣᠲᠣᠩ ᠤᠯᠤᠰ ᠲᠤᠷ ᠨᠢᠭᠡᠨ ᠰᠤᠮᠤ ᠪᠠᠷ ᠰᠢᠷᠠᠮᠤ ᠪᠠᠷ ᠴᠢᠳᠬᠤᠭᠰᠠᠨ ᠬᠠᠭᠤᠷᠮᠠᠭ ᠴᠢᠯᠠᠭᠤ ᠶ᠋ᠢ ᠬᠡᠮᠬᠡ ᠬᠠᠷᠪᠤᠪᠠ᠃ ᠠᠷᠪᠠᠳᠤᠭᠠᠷ ᠲᠤᠷ ᠶᠢᠰᠦᠨ ᠥᠷᠯᠥᠭᠡ ᠲᠡᠭᠷᠢ ᠪᠡᠯᠭᠡ ᠵᠢᠭᠠᠵᠤ ᠬᠠᠭᠠᠨ ᠰᠠᠭᠤᠷᠢᠨ ᠳ᠋ᠤᠷ ᠰᠠᠭᠤᠪᠠ᠃ ᠡᠳᠡᠭᠡᠷ ᠴᠥᠮ ᠨᠡᠢᠲᠡ ᠪᠡᠷ ᠢᠯᠡᠷᠬᠡᠢ ᠦᠵᠡᠭᠰᠡᠨ ᠲᠡᠭᠷᠢ ᠶ᠋ᠢᠨ ᠲᠤᠰᠠᠯᠠᠯ ᠪᠤᠰᠤ ᠤᠤ ? ᠡᠳᠡᠭᠡᠷ ᠢ᠋ ᠢᠯᠡᠷᠬᠡᠢ ᠮᠡᠳᠡᠭᠰᠡᠨ ᠪᠥᠭᠡᠳ ᠣᠨᠴᠠ ᠦᠬᠦᠯ ᠢ᠋ ᠡᠷᠢᠨ ᠲᠡᠭᠦᠨ ᠯᠦ᠍ᠭᠡ ᠪᠠᠢᠯᠳᠤᠬᠤ ᠠᠨᠤ ᠥᠴᠦᠬᠡᠨ ᠴᠦ᠍ ᠦᠯᠦ ᠨᠡᠢᠴᠡᠮᠦᠢ᠃ ᠡᠵᠡᠨ ᠦ᠌ ᠡᠳᠡᠭᠡᠷ ᠢ᠋ ᠮᠡᠳᠡᠵᠦ ᠳᠤᠭᠤᠢ ᠰᠠᠭᠤᠬᠤ ᠠᠨᠤ ᠲᠡᠷᠢᠭᠦᠨ ᠳ᠋ᠦ᠍ᠷ ᠪᠡᠶ᠎ᠡ ᠠᠮᠤᠷ᠂ ᠬᠣᠶᠠᠷ ᠲᠤᠷ ᠣᠯᠠᠨ ᠴᠡᠷᠢᠭ ᠦ᠋ᠨ ᠵᠠᠪᠰᠢᠶᠠᠨ᠂ ᠭᠤᠷᠪᠠᠨ ᠳ᠋ᠤᠷ ᠤᠳᠠᠲᠠᠯ᠎ᠠ ᠵᠢᠷᠭᠠᠬᠤ ᠪᠡᠯᠭᠡ᠂ ᠴᠣᠬᠣᠮ ᠳ᠋ᠤᠷ ᠪᠢᠳᠡ ᠡᠨᠡ ᠦᠭᠡ ᠶ᠋ᠢ ᠬᠡᠯᠡᠬᠦ ᠢᠨᠦ ᠬᠥᠮᠦᠨ ᠦ᠌ ᠲᠦᠰᠢᠮᠡᠯ ᠪᠣᠯᠤᠭᠰᠠᠨ ᠶᠠᠪᠤᠳᠠᠯ ᠪᠤᠰᠤ᠂ ᠭᠠᠭᠴᠠ ᠡᠵᠡᠨ ᠡᠳᠡᠭᠡᠷ ᠢ᠋ ᠥᠪᠡᠷ ᠢ᠋ᠶ᠋ᠡᠨ ᠬᠡᠳᠦᠢᠨᠡᠢ ᠲᠣᠭᠲᠠᠭᠰᠠᠨ ᠲᠤᠯᠠ ᠦᠨᠡᠨ ᠤᠴᠢᠷ ᠢ᠋ ᠭᠠᠷᠭᠠᠵᠤ ᠮᠡᠳᠡᠭᠦᠯᠪᠡ 》ᠬᠡᠮᠡᠭᠰᠡᠨ ᠳ᠋ᠦ᠍ᠷ ᠡᠨᠡ ᠨᠢᠭᠡᠨ ᠵᠡᠷᠭᠡ ᠶ᠋ᠢᠨ ᠦᠭᠡ ᠳ᠋ᠦ᠍ᠷ ᠬᠤᠪᠢᠲᠤ ᠬᠤᠸᠠ ᠶ᠋ᠢᠨ ᠤᠭ ᠰᠡᠳᠬᠢᠯ ᠯᠦ᠍ᠭᠡ ᠮᠠᠰᠢᠳᠠ ᠨᠡᠢᠴᠡᠵᠦ ᠳᠠᠷᠤᠢ ᠳᠠᠭᠠᠬᠤ ᠪᠣᠳᠣᠷᠣᠣᠯ ᠪᠢᠴᠢᠭ ᠪᠢᠴᠢᠭᠦᠯᠦᠨ ᠪᠠᠷᠢᠬᠤ ᠠᠯᠪᠠ ᠶ᠋ᠢ ᠲᠠᠪᠤᠨ ᠵᠠᠭᠤᠨ ᠲᠡᠮᠡᠭᠡᠨ ᠠᠴᠢᠶ᠎ᠠ ᠳ᠋ᠤᠷ ᠠᠴᠢᠭᠤᠯᠵᠤ᠂ ᠪᠢᠴᠢᠭ ᠢ᠋ ᠪᠣᠭᠣᠯᠬ᠎ᠠ ᠰᠡᠴᠡᠨ ᠳ᠋ᠦ᠍ᠷ ᠲᠤᠰᠢᠶᠠᠨ ᠥᠭᠴᠦ ᠮᠣᠩᠭᠣᠯ ᠤ᠋ᠨ ᠴᠡᠷᠢᠭ ᠢ᠋ ᠤᠭᠲᠤᠨ ᠮᠥᠷᠭᠥᠷ᠎ᠡ ᠵᠠᠷᠤᠪᠠ᠃ 
       ᠲᠡᠳᠦᠢ ᠮᠣᠩᠭᠣᠯ ᠤ᠋ᠨ ᠴᠡᠷᠢᠭ ᠰᠠᠶᠢ ᠤᠯᠤᠰ ᠤ᠋ᠨ ᠵᠠᠬ᠎ᠠ ᠳ᠋ᠤᠷ ᠭᠠᠷᠲᠠᠯ᠎ᠠ ᠨᠢᠭᠡᠨ ᠣᠭᠣᠯᠢ ᠰᠢᠪᠠᠭᠤ ᠡᠰᠡᠷᠭᠦ ᠨᠢᠰᠦᠨ ᠢᠷᠡᠵᠦ ᠭᠤᠷᠪᠠᠨᠲᠠ ᠳᠤᠤᠭᠠᠷᠤᠭᠰᠠᠨ ᠳ᠋ᠤᠷ ᠬᠠᠭᠠᠨ ᠤ᠋ ᠭᠡᠭᠡᠨ ᠪᠡᠶᠡᠰᠦᠨ ᠮᠤᠬᠤᠯᠢ ᠶ᠋ᠢᠨ ᠵᠦᠭ ᠵᠠᠷᠯᠢᠭ ᠪᠣᠯᠤᠨ ᠠᠰᠠᠭᠤᠷᠤᠨ : 《ᠵᠢᠨᠦᠩ ᠡᠨᠡ ᠶᠠᠮᠪᠠᠷ ᠪᠡᠯᠭᠡ ᠪᠣᠢ ? 》ᠬᠡᠮᠡᠬᠦᠢ ᠳ᠋ᠦ᠍ᠷ ᠮᠤᠬᠤᠯᠢ ᠠᠢᠯᠠᠳᠬᠠᠷᠤᠨ : 《ᠡᠨᠡ ᠯᠠᠪ ᠰᠡᠮᠡᠬᠡᠷ ᠢᠷᠡᠬᠦ ᠳᠠᠢᠰᠤᠨ ᠪᠣᠢ 》᠂ ᠬᠠᠭᠠᠨ ᠤ᠋ ᠭᠡᠭᠡᠨ ᠮᠦᠰᠢᠶᠡᠨ ᠵᠠᠷᠯᠢᠭ ᠪᠣᠯᠤᠷᠤᠨ :《ᠯᠠᠪ ᠴᠡᠷᠢᠭ ᠲᠦ᠍ᠷ ᠰᠠᠢᠨ ᠪᠡᠯᠭᠡ ᠪᠣᠢ! 》 ᠬᠡᠮᠡᠭᠰᠡᠨ ᠳ᠋ᠦ᠍ᠷ ᠮᠤᠬᠤᠯᠢ ᠤᠴᠢᠷ ᠢ᠋ ᠨᠡᠬᠡᠮᠵᠢᠯᠡᠨ ᠠᠰᠠᠭᠤᠬᠤᠢ ᠳ᠋ᠤᠷ ᠬᠠᠭᠠᠨ ᠵᠠᠷᠯᠢᠭ ᠪᠣᠯᠤᠷᠤᠨ : 《ᠣᠭᠣᠯᠢ ᠬᠡᠮᠡᠭᠴᠢ ᠰᠥᠨᠢ ᠶ᠋ᠢᠨ ᠰᠢᠪᠠᠭᠤ᠂ ᠡᠳᠦᠷ ᠪᠣᠯᠪᠠᠰᠤ ᠨᠢᠳᠦᠨ ᠪᠠᠯᠠᠢ ᠪᠣᠯᠤᠮᠤᠢ᠂ ᠰᠥᠨᠢ ᠶ᠋ᠢᠨ ᠰᠢᠪᠠᠭᠤ ᠡᠳᠦᠷ ᠳᠤᠤᠭᠠᠷᠪᠠᠰᠤ ᠯᠠᠪ ᠮᠠᠭᠤ ᠤᠷᠪᠠᠵᠤ ᠰᠠᠢᠨ ᠬᠤᠪᠢᠯᠤᠮᠤᠢ᠂ ᠡᠳᠦᠷ ᠦ᠋ᠨ ᠰᠠᠢᠨ ᠰᠢᠪᠠᠭᠤ ᠰᠥᠨᠢ ᠳᠤᠤᠭᠠᠷᠪᠠᠰᠤ ᠪᠠᠰᠠ ᠰᠠᠢᠨ ᠬᠤᠪᠢᠯᠵᠤ ᠮᠠᠭᠤ ᠪᠣᠯᠤᠮᠤᠢ᠃ ᠵᠢᠨᠦᠩ ᠴᠢ ᠦᠵᠡᠵᠦ ᠪᠠᠢᠭᠲᠤᠨ᠂ ᠮᠠᠷᠭᠠᠲᠠ ᠶ᠋ᠢᠨ ᠡᠨᠡ ᠦᠶ᠎ᠡ ᠪᠣᠯᠲᠠᠯ᠎ᠠ ᠯᠠᠪ ᠳᠠᠢᠰᠤᠨ ᠤ᠋ ᠡᠲᠡᠭᠡᠳ ᠡᠴᠡ ᠰᠠᠢᠨ ᠮᠡᠳᠡᠭᠡ ᠢᠷᠡᠮᠦᠢ 》ᠬᠡᠮᠡᠪᠡ᠃ ᠦᠨᠡᠬᠡᠷ ᠵᠢᠴᠢ ᠡᠳᠦᠷ ᠦ᠋ᠨ ᠮᠣᠷᠢᠨ ᠴᠠᠭ ᠤ᠋ᠨ ᠦᠶ᠎ᠡ ᠳ᠋ᠦ᠍ᠷ ᠦᠨᠡᠬᠡᠷ ᠸᠠᠢᠯᠠ ᠠᠢᠮᠠᠭ ᠤ᠋ᠨ ᠳᠠᠭᠠᠬᠤ ᠪᠢᠴᠢᠭ ᠪᠠᠷᠢᠬᠤ ᠡᠯᠴᠢ ᠪᠣᠭᠣᠯᠭ᠎ᠠ ᠰᠡᠴᠡᠨ ᠳ᠋ᠦ᠍ᠷ ᠵᠣᠯᠭᠠᠵᠤ᠂ ᠤᠴᠢᠷ ᠢ᠋ ᠬᠢᠨᠠᠨ ᠸᠠᠢᠯᠠ ᠠᠢᠮᠠᠭ ᠤ᠋ᠨ ᠳᠠᠭᠠᠬᠤ ᠤᠴᠢᠷ ᠢ᠋ ᠬᠢᠨᠠᠨ ᠰᠣᠨᠣᠰᠴᠤ ᠮᠤᠬᠤᠯᠢ ᠳᠣᠲᠣᠭᠠᠳᠤ ᠴᠠᠴᠠᠷ ᠲᠤᠷ ᠣᠷᠣᠵᠤ ᠬᠠᠭᠠᠨ ᠳ᠋ᠤᠷ ᠮᠥᠷᠭᠥᠨ ᠠᠢᠯᠠᠳᠬᠠᠷᠤᠨ : 《ᠲᠡᠭᠷᠢ ᠶ᠋ᠢᠨ ᠬᠥᠪᠡᠭᠦᠨ ᠦ᠌ ᠲᠡᠢᠨ ᠮᠠᠲᠠᠯ ᠦᠨᠡᠬᠡᠷ ᠬᠠᠷᠠᠴᠤᠰ ᠪᠣᠭᠣᠯᠴᠤᠳ ᠪᠢᠳᠡ ᠡᠴᠡ ᠥᠪᠡᠷ᠎ᠡ᠂ ᠦᠨᠡᠬᠡᠷ ᠸᠠᠢᠯᠠ ᠠᠢᠮᠠᠭ ᠤ᠋ᠨ ᠳᠠᠭᠠᠬᠤ ᠡᠯᠴᠢ ᠲᠠᠪᠤᠨ ᠵᠠᠭᠤᠨ ᠠᠴᠢᠶ᠎ᠠ ᠪᠡᠯᠡᠭ ᠪᠠᠷᠢᠵᠤ ᠤᠭᠲᠤᠨ ᠳᠠᠭᠠᠷ᠎ᠠ ᠢᠷᠡᠪᠡ᠃ 》ᠬᠡᠮᠡᠭᠰᠡᠨ ᠳ᠋ᠦ᠍ᠷ ᠲᠠᠢᠽᠦ ᠬᠠᠭᠠᠨ ᠮᠦᠰᠢᠶᠡᠵᠦ ᠵᠠᠷᠯᠢᠭ ᠪᠣᠯᠤᠷᠤᠨ :《ᠲᠡᠢᠨ ᠪᠣᠯᠪᠠᠰᠤ ᠦᠨᠡᠨ ᠬᠤᠳᠠᠯ ᠢ᠋ ᠮᠥᠨ ᠬᠢᠨᠠᠬᠤ ᠬᠡᠷᠡᠭᠲᠡᠢ ! 》ᠬᠡᠮᠡᠭᠰᠡᠨ ᠳ᠋ᠦ᠍ᠷ ᠮᠤᠬᠤᠯᠢ ᠰᠥᠭᠥᠳᠦᠭᠰᠡᠭᠡᠷ ᠠᠢᠯᠠᠳᠬᠠᠷᠤᠨ :《ᠰᠠᠢᠳ ᠪᠢ ᠪᠠᠰᠠ ᠰᠡᠵᠢᠭᠯᠡᠵᠦ ᠲᠡᠭᠦᠨ ᠦ᠌ ᠪᠠᠢᠳᠠᠯ ᠲᠥᠯᠥᠪ ᠦᠭᠡ ᠳᠠᠭᠤᠨ ᠢ᠋ ᠦᠵᠡᠪᠡᠰᠦ ᠡᠭᠦᠨ ᠦ᠌ ᠳᠣᠲᠣᠷ᠎ᠠ ᠬᠠᠷᠢᠨ ᠳᠡᠮᠡᠢ ᠥᠪᠡᠷ᠎ᠡ ᠤᠴᠢᠷ ᠦᠭᠡᠢ ᠮᠠᠰᠢ ᠴᠢᠩ ᠦᠨᠡᠨ ᠮᠡᠲᠦ᠃ ᠨᠡᠩ ᠪᠠᠰᠠ ᠮᠠᠰᠢ ᠢᠲᠡᠭᠡᠯᠲᠡᠢ ᠢᠨᠦ ᠲᠡᠭᠦᠨ ᠦ᠌ ᠡᠵᠡᠨ ᠬᠣᠰᠢᠭᠤᠴᠢ ᠪᠣᠯᠬᠤ ᠶ᠋ᠢ ᠬᠦᠰᠡᠮᠦᠢ ᠬᠡᠮᠡᠵᠦᠬᠦᠢ᠃ ᠡᠨᠡ ᠢᠨᠦ ᠣᠯᠬᠤᠶ᠎ᠠ ᠪᠡᠷᠬᠡ ᠲᠣᠬᠢᠶᠠᠯ ᠪᠣᠯᠠᠢ᠃ 》ᠬᠡᠮᠡᠭᠰᠡᠨ ᠳ᠋ᠦ᠍ᠷ ᠬᠠᠭᠠᠨ ᠤ᠋ ᠭᠡᠭᠡᠨ ᠶᠡᠬᠡᠯ᠎ᠡ ᠪᠡᠶᠡᠰᠦᠨ ᠵᠥᠪᠰᠢᠶᠡᠭᠡᠳ ᠸᠠᠢᠯᠠ ᠶ᠋ᠢᠨ ᠡᠯᠴᠢ ᠪᠣᠭᠣᠯᠭ᠎ᠠ ᠰᠡᠴᠡᠨ ᠢ᠋ ᠣᠷᠣᠭᠤᠯᠵᠤ ᠪᠠᠷᠠᠭᠠᠳᠠᠭᠤᠯᠤᠭᠰᠠᠨ ᠳ᠋ᠤᠷ ᠸᠠᠢᠯᠠ ᠶ᠋ᠢᠨ ᠡᠯᠴᠢ ᠪᠣᠭᠣᠯᠭ᠎ᠠ ᠰᠡᠴᠡᠨ ᠣᠷᠣᠵᠤ ᠬᠠᠭᠠᠨ ᠤ᠋ ᠭᠡᠭᠡᠨ ᠢ᠋ ᠦᠵᠡᠮᠡᠭᠴᠡ ᠳᠣᠲᠣᠷ᠎ᠠ ᠢᠭᠲᠦᠯᠵᠦ ᠠᠶᠤᠨ ᠴᠡᠴᠡᠷᠡᠨ ᠪᠣᠳᠣᠷᠣᠣᠯ ᠪᠢᠴᠢᠭ ᠢ᠋ᠶ᠋ᠡᠨ ᠡᠷᠭᠦᠪᠡ᠃ ᠲᠡᠳᠦᠢ ᠲᠡᠷᠡ ᠪᠢᠴᠢᠭ ᠢ᠋ ᠦᠵᠡᠪᠡᠰᠦ ᠲᠡᠭᠦᠨ ᠦ᠌ ᠦᠭᠡ : 《ᠸᠠᠢᠯᠠ ᠠᠢᠮᠠᠭ ᠤ᠋ᠨ ᠵᠠᠬᠢᠷᠤᠭᠴᠢ ᠬᠤᠪᠢᠲᠤ ᠬᠤᠸᠠ ᠪᠢ ᠲᠡᠭᠷᠢ ᠶ᠋ᠢᠨ ᠰᠦᠷ ᠢ᠋ ᠬᠡᠳᠦᠢᠨᠡᠢ ᠰᠣᠨᠣᠰᠴᠤ ᠪᠠᠢᠭᠰᠠᠨ ᠪᠥᠭᠡᠳ ᠨᠠᠷᠠᠨ ᠤ᠋ ᠡᠭᠡᠯᠲᠡ ᠳᠤᠯᠠᠭᠠᠨ ᠢ᠋ ᠡᠷᠢᠨ ᠡᠴᠢᠬᠦ ᠶ᠋ᠢ ᠣᠰᠣᠯᠳᠠᠵᠤ ᠡᠳᠦᠭᠡ ᠪᠣᠯᠵᠤ ᠣᠷᠣᠢᠲᠠᠪᠠ᠃ ᠡᠳᠦᠭᠡ ᠰᠣᠨᠣᠰᠬᠤᠯ᠎ᠠ ᠲᠡᠭᠷᠢ ᠶ᠋ᠢᠨ ᠬᠥᠪᠡᠭᠦᠨ ᠬᠠᠭᠠᠨ ᠡᠵᠡᠨ ᠮᠠᠨ ᠤ᠋ ᠮᠠᠭᠤ ᠠᠢᠮᠠᠭ ᠢ᠋ᠶ᠋ᠠᠷ ᠵᠠᠯᠠᠷᠠᠨ ᠢᠯᠳᠡᠰᠢ ᠮᠦᠷᠡᠨ᠎ᠡ ᠴᠢᠦᠢ ᠴᠦ᠍ ᠯᠢᠦᠢ ᠪᠠ ᠲᠣᠳᠣ ᠶ᠋ᠢ ᠳᠠᠢᠯᠠᠷ᠎ᠠ ᠡᠴᠢᠬᠦᠢ ᠳ᠋ᠦ᠍ᠷ ᠰᠠᠢᠳ ᠮᠢᠨᠦ ᠵᠡᠭᠦᠳᠦᠨ ᠳ᠋ᠦ᠍ᠷ ᠠᠯᠲᠠᠨ ᠯᠤᠤ ᠬᠠᠷ᠎ᠠ ᠥᠲᠡᠭᠡ ᠶ᠋ᠢ ᠪᠠᠷᠢᠭ᠍ᠰᠠᠨ ᠢ᠋ ᠵᠡᠭᠦᠳᠦᠯᠡᠵᠦ᠂ ᠮᠠᠷᠭᠠᠲᠠ ᠠᠨᠤ ᠬᠠᠭᠠᠨ ᠡᠵᠡᠨ ᠦ᠌ ᠮᠡᠳᠡᠭᠡ ᠲᠡᠭᠷᠢ ᠶ᠋ᠢᠨ ᠰᠦᠷ ᠢ᠋ ᠰᠣᠨᠣᠰᠴᠤ ᠰᠠᠢᠳ ᠮᠢᠨᠦ ᠵᠡᠭᠦᠳᠦᠨ ᠯᠦ᠍ᠭᠡ ᠬᠣᠣᠰᠯᠠᠭᠰᠠᠨ ᠲᠤᠯᠠ ᠰᠠᠢᠳ ᠮᠢᠨᠦ ᠳᠣᠣᠷᠠᠬᠢ ᠲᠦᠰᠢᠮᠡᠳ ᠯᠤᠭᠡ ᠪᠡᠨ ᠵᠥᠪᠯᠡᠪᠡᠰᠦ᠂ ᠲᠡᠭᠷᠢ ᠣᠭᠲᠠᠷᠭᠤᠢ ᠨᠠᠷᠠᠨ ᠰᠠᠷᠠᠨ ᠢ᠋ ᠳᠠᠭᠠᠪᠠᠰᠤ ᠵᠠᠪᠰᠢᠶᠠᠨ ᠢ᠋ ᠣᠯᠬᠤ ᠲᠤᠯᠠ ᠴᠢᠩ ᠦᠨᠡᠨ ᠢ᠋ᠶ᠋ᠡᠷ ᠤᠭᠲᠤᠨ ᠳᠠᠭᠠᠷ᠎ᠠ ᠢᠷᠡᠪᠡ᠃ ᠬᠠᠭᠠᠨ ᠡᠵᠡᠨ ᠬᠡᠷᠪᠡ ᠰᠠᠢᠳ ᠮᠢᠨᠦ ᠡᠳᠦᠢ ᠮᠤᠩᠬᠠᠭᠳᠠᠨ ᠪᠠᠢᠵᠤ᠂ ᠬᠠᠭᠠᠨ ᠤ᠋ ᠭᠡᠷᠡᠯ ᠢ᠋ ᠰᠣᠷᠪᠤᠯᠵᠢᠨ ᠡᠰᠡ ᠡᠴᠢᠵᠦ ᠳᠠᠭᠠᠭᠰᠠᠨ ᠲᠦᠮᠡᠨ ᠵᠡᠷᠭᠡ ᠦᠬᠦᠬᠦ ᠶᠠᠯ᠎ᠠ ᠶ᠋ᠢ ᠠᠭᠤᠴᠢᠯᠠᠬᠤ ᠪᠣᠯᠪᠠᠤ ᠭᠡᠮᠡᠨ ᠤᠯᠤᠰ ᠤ᠋ᠨ ᠵᠠᠬ᠎ᠠ ᠳ᠋ᠤᠷ ᠮᠥᠯᠬᠥᠨ ᠣᠳᠴᠤ ᠡᠰᠡ ᠠᠯᠠᠭᠰᠠᠨ ᠬᠡᠰᠢᠭ ᠲᠣᠷ ᠢᠯᠳᠡᠰᠢ ᠮᠦᠷᠡᠨ᠎ᠡ ᠬᠣᠰᠢᠭᠤᠴᠢ ᠪᠣᠯᠤᠨ ᠲᠠᠭᠠᠯᠴᠠᠵᠤ ᠡᠮᠦᠨ᠎ᠡ ᠬᠣᠢᠨ᠎ᠠ ᠭᠦᠶᠦᠨ ᠬᠦᠴᠦ ᠪᠡᠨ ᠡᠷᠭᠦᠰᠦᠭᠡᠢ ᠬᠡᠮᠡᠮᠦᠢ᠃ ᠡᠭᠦᠨ ᠦ᠌ ᠲᠤᠯᠠ ᠤᠷᠢᠳᠠ ᠪᠣᠭᠣᠯᠭ᠎ᠠ ᠰᠡᠴᠡᠨ ᠢ᠋ ᠵᠠᠷᠤᠵᠤ ᠤᠭᠲᠤᠨ ᠮᠥᠷᠭᠥᠭᠦᠯᠵᠦ᠂ ᠥᠴᠦᠬᠡᠨ ᠰᠢᠳᠤᠷᠭᠤ ᠰᠡᠳᠬᠢᠯ ᠢ᠋ᠶ᠋ᠡᠨ ᠠᠢᠯᠠᠳᠬᠠᠪᠠ 》ᠬᠡᠮᠡᠵᠦᠬᠦᠢ᠃ ᠬᠠᠭᠠᠨ ᠪᠣᠳᠣᠷᠣᠣᠯ ᠪᠢᠴᠢᠭ ᠢ᠋ ᠠᠢᠯᠠᠳᠴᠤ ᠪᠠᠷᠠᠭᠠᠳ ᠪᠣᠭᠣᠯᠭ᠎ᠠ ᠰᠡᠴᠡᠨ ᠦ᠌ ᠵᠦᠭ ᠵᠠᠷᠯᠢᠭ ᠪᠣᠯᠤᠷᠤᠨ : 《ᠴᠢᠨᠦ ᠡᠵᠡᠨ ᠤᠭ ᠠ᠋ᠴᠠ ᠨᠠᠳᠠ ᠳ᠋ᠤᠷ ᠥ ᠦᠰ ᠦᠭᠡᠢ᠂ ᠡᠳᠦᠭᠡ ᠪᠠᠰᠠ ᠴᠠᠭ ᠢ᠋ ᠳᠠᠭᠠᠵᠤ ᠨᠠᠳᠠ ᠳ᠋ᠤᠷ ᠲᠤᠰᠠᠯᠠᠬᠤ ᠠᠨᠤ ᠭᠠᠪᠢᠶ᠎ᠠ ᠪᠠᠢᠬᠤ ᠪᠣᠢ ‍ᠶ᠎ᠠ᠂ ᠶᠠᠮᠪᠠᠷ ᠶᠠᠯ᠎ᠠ ᠪᠣᠢ ! ᠠᠢᠮᠠᠭ ᠤᠯᠤᠰ ᠬᠡᠪ ᠢ᠋ᠶ᠋ᠡᠨ ᠰᠠᠬᠢᠭ᠍ᠰᠠᠨ ᠢ᠋ ᠪᠢ ᠶᠡᠷᠦ ᠡᠷᠢᠵᠦ ᠬᠠᠯᠳᠠᠭᠰᠠᠨ ᠭᠠᠵᠠᠷ ᠦᠭᠡᠢ᠃ ᠡᠳᠦᠭᠡ ᠮᠢᠨᠦ ᠣᠯᠠᠨ ᠢ᠋ ᠠᠮᠤᠭᠤᠯᠬᠤ ᠴᠡᠷᠢᠭ ᠢ᠋ ᠲᠤᠰᠬᠤ ᠠᠨᠤ ᠲᠠᠨ ᠤ᠋ ᠡᠵᠡᠨ ᠰᠠᠢᠳ ᠲᠤᠷ ᠡᠷᠭᠢᠨ ᠤᠬᠠᠭᠠᠨᠲᠠᠢ ᠰᠠᠢᠨ ᠭᠠᠵᠠᠷ ᠪᠣᠢ᠂ ᠪᠢ ᠴᠦ᠍ ᠦᠯᠦ ᠰᠡᠵᠢᠭᠯᠡᠮᠦᠢ᠂ ᠶᠠᠭᠤᠨ ᠳ᠋ᠤᠷ ᠡᠨᠡ ᠮᠡᠲᠦ ᠬᠦᠨᠳᠦᠯᠡᠨ ᠳᠣᠷᠣᠢ ᠮᠠᠷᠭᠤ ᠦᠭᠡ ᠪᠢᠴᠢᠪᠡ ? 》ᠬᠡᠮᠡᠭᠰᠡᠨ ᠳ᠋ᠦ᠍ᠷ ᠪᠣᠭᠣᠯᠭ᠎ᠠ ᠰᠡᠴᠡᠨ ᠮᠥᠷᠭᠥᠵᠦ ᠠᠢᠯᠠᠳᠬᠠᠷᠤᠨ :《ᠠᠯᠲᠠᠨ ᠭᠡᠷᠡᠯᠲᠦ ᠬᠠᠭᠠᠨ ᠡᠵᠡᠨ ᠠᠢᠯᠠᠳᠤᠨ ᠥᠷᠥᠰᠢᠶᠡᠬᠦ ᠠᠵᠢᠶᠠᠮᠤ᠂ < ᠬᠡᠢ ᠦᠯᠦ ᠨᠡᠪᠲᠡᠷᠡᠬᠦ ᠬᠡᠷᠡᠮ ᠦᠭᠡᠢ᠂ ᠭᠡᠷᠡᠯ ᠦᠯᠦ ᠣᠷᠣᠬᠤ ᠥᠷᠭᠥᠭᠡ ᠦᠭᠡᠢ > ᠬᠡᠮᠡᠵᠦᠬᠦᠢ᠂ ᠮᠠᠨ ᠤ᠋ ᠡᠵᠡᠨ ᠡᠷᠲᠡ ᠨᠠᠢ᠍ᠮᠠᠨ ᠤ᠋ ᠴᠡᠷᠢᠭ ᠲᠦ᠍ᠷ ᠨᠢᠭᠡᠨ ᠤᠳᠠᠭ᠎ᠠ ᠡᠴᠢᠭᠡᠳ ᠬᠠᠭᠠᠨ ᠤ᠋ ᠲᠡᠭᠷᠢ ᠶ᠋ᠢᠨ ᠴᠡᠷᠢᠭ ᠦ᠋ᠨ ᠰᠦᠷ ᠵᠢᠪᠬᠤᠯᠠᠩ ᠢ᠋ ᠦᠵᠡᠮᠡᠭᠴᠡ ᠲᠡᠳᠦᠢ ᠰᠥᠨᠢ ᠪᠡᠷ ᠤᠷᠭᠤᠵᠤ ᠳᠤᠲᠠᠭᠠᠨ ᠬᠠᠷᠢᠵᠤ ᠢᠷᠡᠪᠡ᠃ ᠨᠠᠢ᠍ᠮᠠᠨ ᠤ᠋ ᠬᠠᠭᠠᠨ ᠮᠥᠬᠥᠪᠡ᠃ ᠡᠳᠦᠭᠡ ᠪᠠᠰᠠ ᠲᠣᠳᠣ᠂ ᠴᠢᠦᠢ ᠴᠦ᠍ ᠯᠢᠦᠢ ᠨᠠᠷ ᠮᠠᠨ ᠤ᠋ ᠤᠯᠤᠰ ᠢ᠋ ᠳᠠᠭᠠᠷᠢᠵᠤ ᠬᠠᠮᠲᠤ ᠨᠡᠢᠯᠡᠰᠦᠭᠡᠢ ᠬᠡᠮᠡᠬᠦᠢ ᠳ᠋ᠦ᠍ᠷ ᠡᠰᠡ ᠳᠠᠭᠠᠪᠠᠰᠤ ᠲᠡᠳᠡᠨ ᠦ᠌ ᠳᠠᠢᠰᠤᠩᠨᠠᠬᠤ ᠠ᠋ᠴᠠ ᠠᠶᠤᠵᠤ ᠠᠶ᠎ᠠ ᠶ᠋ᠢ ᠳᠠᠭᠠᠨ ᠦᠭᠡ ᠶ᠋ᠢ ᠬᠦᠯᠢᠶᠡᠭᠰᠡᠨ ᠪᠥᠯᠥᠭᠡ ᠃ ᠡᠳᠦᠭᠡ ᠰᠠᠨᠠᠮᠰᠠᠷ ᠦᠭᠡᠢ ᠲᠡᠭᠷᠢ ᠶ᠋ᠢᠨ ᠴᠡᠷᠢᠭ ᠬᠦᠷᠴᠦ ᠢᠷᠡᠭᠰᠡᠨ ᠳ᠋ᠦ᠍ᠷ ᠣᠳᠣ ᠡᠰᠡ ᠳᠠᠭᠠᠪᠠᠰᠤ ᠪᠣᠯᠬᠤ ᠦᠭᠡᠢ ᠪᠣᠯᠤᠭᠰᠠᠨ ᠲᠤᠯᠠ ᠤᠷᠢᠳᠤ ᠬᠣᠢᠲᠤ ᠶᠠᠯ᠎ᠠ ᠪᠤᠷᠤᠭᠤ ᠶ᠋ᠢ ᠪᠦᠷᠢᠨ᠎ᠡ ᠭᠠᠷᠭᠠᠵᠤ ᠡᠷᠭᠦᠨ ᠠᠢᠯᠠᠳᠬᠠᠮᠤᠢ᠃ ᠲᠡᠭᠷᠢ ᠡᠵᠡᠨ ᠬᠡᠷᠪᠡ ᠭᠡᠯᠳᠦᠷᠢᠭᠦᠯᠪᠡᠰᠦ ᠪᠢᠳᠡ ᠨᠠᠷ ᠠᠮᠢ ᠪᠠᠨ ᠲᠡᠪᠴᠢᠵᠦ ᠵᠢᠳᠬᠦᠰᠦᠭᠡᠢ !》ᠬᠡᠮᠡᠭᠰᠡᠨ ᠳ᠋ᠦ᠍ᠷ ᠬᠠᠭᠠᠨ ᠮᠦᠰᠢᠶᠡᠵᠦ ᠥᠴᠢᠷᠦᠨ : 《ᠬᠡᠷᠡᠭ ᠨᠢᠭᠡᠨᠲᠡ ᠥᠩᠭᠡᠷᠡᠪᠡ᠃ ᠵᠢᠴᠢ ᠳ᠋ᠦ᠍ᠷ ᠲᠡᠳᠡᠭᠡᠷ ᠤᠯᠤᠰ ᠤ᠋ᠳ ᠢ᠋ ᠪᠣᠯᠪᠠᠴᠤ ᠡᠳᠦᠭᠡ ᠪᠢ ᠴᠥᠮ ᠬᠡᠪ ᠢ᠋ᠶ᠋ᠡᠷ ᠬᠥᠬᠢᠭᠦᠯᠦᠨ ᠲᠡᠵᠢᠭᠡᠵᠦ ᠠᠮᠤᠷ ᠵᠢᠷᠭᠠᠯ ᠢ᠋ᠶ᠋ᠠᠷ ᠠᠵᠤ ᠳᠦᠷᠦᠭᠦᠯᠬᠦᠢ ᠳ᠋ᠦ᠍ᠷ ᠲᠡᠷᠡ ᠡᠷᠢᠨ ᠳᠠᠭᠠᠭᠰᠠᠨ ᠢ᠋ ᠨᠡᠩᠳᠡ ᠶᠠᠭᠤᠨ ᠥᠭᠦᠯᠡᠬᠦ !ᠡᠷᠲᠡ ᠦᠶ᠎ᠡ ᠳ᠋ᠦ᠍ᠷ ᠠᠳᠠᠯᠢ ᠤᠯᠤᠰ ᠬᠠᠷᠢᠯᠴᠠᠨ ᠲᠤᠰᠠᠯᠠᠬᠤ ᠪᠠ ᠡᠳᠦᠭᠡ ᠪᠠᠰᠠ ᠡᠷᠢᠨ ᠳᠠᠭᠠᠷ᠎ᠠ ᠢᠷᠡᠬᠦᠢ ᠳ᠋ᠦ᠍ᠷ ᠠᠷᠭ᠎ᠠ ᠦᠭᠡᠢ ᠬᠡᠷᠡᠭ᠂ ᠡᠭᠦᠨ ᠳ᠋ᠦ᠍ ᠨᠠᠳᠠ ᠳ᠋ᠤᠷ ᠬᠠᠷᠢᠶ᠎ᠠ ᠦᠭᠡᠢ᠂ ᠡᠭᠦᠨ ᠡᠴᠡ ᠬᠣᠵᠢᠮ ᠣᠳᠣ ᠬᠢᠴᠢᠶᠡᠨ ᠳᠠᠭᠠᠪᠠᠰᠤ ᠪᠠᠷᠠᠪᠠ ! 》ᠬᠡᠮᠡᠭᠰᠡᠨ ᠳ᠋ᠦ᠍ᠷ ᠪᠣᠭᠣᠯᠭ᠎ᠠ ᠰᠡᠴᠡᠨ ᠲᠣᠯᠣᠭᠠᠢ ᠪᠠᠨ ᠬᠠᠪᠤᠳᠲᠠᠯ᠎ᠠ ᠮᠥᠷᠭᠥᠵᠦ ᠪᠠᠶᠠᠷᠯᠠᠨ ᠭᠠᠷᠴᠤ ᠬᠠᠭᠠᠨ ᠤ᠋ ᠬᠡᠰᠢᠭ ᠬᠤᠷᠢᠮ ᠳ᠋ᠤᠷ ᠬᠦᠷᠲᠡᠵᠦ᠂ ᠮᠥᠨ ᠰᠥᠨᠢ ᠳᠠᠷᠤᠢ ᠨᠥᠬᠥᠷ ᠰᠡᠯᠲᠡ ᠪᠡᠨ ᠠᠪᠴᠤ ᠤᠷᠢᠳᠠ ᠳᠣᠪᠲᠣᠯᠤᠨ ᠡᠴᠢᠪᠡ᠃ 
       ᠲᠡᠳᠦᠢ ᠮᠣᠩᠭᠣᠯ ᠤ᠋ᠨ ᠴᠡᠷᠢᠭ ᠬᠡᠳᠦᠨ ᠡᠳᠦᠷ ᠶᠠᠪᠤᠵᠤ ᠸᠠᠢᠯᠠ ᠠᠢᠮᠠᠭ ᠲᠤᠷ ᠬᠦᠷᠦᠭᠰᠡᠨ ᠳ᠋ᠦ᠍ᠷ ᠲᠡᠷᠡ ᠠᠢᠮᠠᠭ ᠡᠵᠡᠨ ᠢ᠋ᠶ᠋ᠡᠨ ᠬᠤᠪᠢᠲᠤ ᠬᠤᠸᠠ ᠶ᠋ᠢ ᠶᠠᠯᠠᠲᠤ ᠬᠤᠪᠴᠠᠳ ᠡᠮᠦᠰᠬᠡᠨ᠂ ᠭᠠᠷ ᠢ᠋ ᠬᠦᠯᠢᠵᠦ ᠵᠠᠮ ᠤ᠋ᠨ ᠬᠠᠵᠠᠭᠤᠳᠠ ᠰᠥᠭᠥᠳᠬᠡᠵᠦ ᠮᠥᠷᠭᠥᠨ ᠳᠠᠭᠠᠭᠰᠠᠨ ᠳ᠋ᠤᠷ ᠴᠢᠩᠭᠢᠰ ᠬᠠᠭᠠᠨ ᠥᠪᠡᠷ ᠢ᠋ᠶ᠋ᠡᠨ ᠮᠥᠷᠢᠨ ᠡᠴᠡ ᠪᠠᠭᠤᠵᠤ ᠬᠦᠯᠢᠶᠡᠰᠦᠨ ᠢ᠋ ᠲᠠᠢᠯᠵᠤ ᠲᠡᠳᠬᠦᠨ ᠮᠣᠷᠢ ᠤᠨᠤᠭᠤᠯᠤᠨ ᠵᠡᠷᠭᠡᠴᠡᠨ ᠶᠠᠪᠤᠵᠤ ᠦᠭᠡ ᠠᠰᠠᠭᠤᠬᠤᠢ ᠳ᠋ᠤᠷ ᠸᠠᠢᠯᠠ ᠠᠢᠮᠠᠭ ᠤ᠋ᠨ ᠡᠵᠡᠨ ᠲᠦᠰᠢᠮᠡᠯ ᠴᠡᠷᠢᠭ ᠢᠷᠭᠡᠨ ᠴᠢᠩᠭᠢᠰ ᠬᠠᠭᠠᠨ ᠤ᠋ ᠡᠨᠡ ᠮᠡᠲᠦ ᠲᠦᠮᠡᠨ ᠬᠥᠮᠦᠨ ᠦ᠌ ᠡᠴᠢᠭᠡ ᠡᠬᠡ ᠮᠡᠲᠦ ᠶ᠋ᠢ ᠦᠵᠡᠭᠡᠳ ᠴᠥᠮ ᠰᠡᠳᠬᠢᠯ ᠢᠭᠲᠦᠯᠦᠨ ᠬᠠᠪᠠᠷ ᠪᠤᠷᠬᠢᠷᠠᠵᠤ ᠨᠢᠳᠦᠨ ᠡᠴᠡ ᠨᠢᠯᠪᠤᠰᠤᠨ ᠤᠨᠠᠭᠠᠭᠰᠠᠨ᠎ᠠ ᠴᠢᠩᠭᠢᠰ ᠬᠠᠭᠠᠨ ᠤᠴᠢᠷ ᠢ᠋ ᠠᠰᠠᠭᠤᠭᠰᠠᠨ ᠳ᠋ᠤᠷ ᠸᠠᠢᠯᠠ ᠠᠢᠮᠠᠭ ᠤ᠋ᠨ ᠡᠵᠡᠨ ᠰᠠᠢᠳ ᠬᠠᠮᠲᠤ ᠪᠠᠷ ᠠᠢᠯᠠᠳᠬᠠᠷᠤᠨ : 《ᠪᠢᠳᠡ ᠬᠠᠭᠠᠨ ᠡᠵᠡᠨ ᠦ᠌ ᠬᠠᠢᠷ᠎ᠠ ᠥᠷᠥᠰᠢᠶᠡᠯ ᠦᠨᠡᠬᠡᠷ ᠳᠡᠯᠡᠬᠡᠢ ᠳ᠋ᠠᠬᠢᠨ ᠤ᠋ ᠡᠴᠢᠭᠡ ᠡᠬᠡ ᠮᠡᠲᠦ ᠳ᠋ᠦ᠍ᠷ ᠲᠡᠰᠴᠦ ᠴᠢᠳᠠᠬᠤ ᠦᠭᠡᠢ ᠬᠠᠪᠠᠷ ᠪᠤᠷᠬᠢᠷᠠᠨ ᠨᠢᠯᠪᠤᠰᠤ ᠤᠨᠠᠭᠠᠪᠠ᠂ ᠦᠨᠡᠬᠡᠷ ᠣᠯᠠᠨ ᠤ᠋ ᠬᠡᠯᠡᠯᠴᠡᠬᠦ ᠮᠥᠨ ᠲᠡᠭᠷᠢ ᠶ᠋ᠢᠨ ᠬᠥᠪᠡᠭᠦᠨ ᠬᠡᠮᠡᠭᠰᠡᠨ ᠢ᠋ ᠡᠨᠡ ᠡᠳᠦᠷ ᠰᠠᠶᠢ ᠮᠡᠳᠡᠪᠡ᠂ ᠡᠨᠡ ᠪᠡᠶ᠎ᠡ ᠬᠡᠮᠬᠡᠷᠡᠬᠦ ᠶ᠋ᠢ ᠪᠣᠯᠬᠤ ᠪᠣᠢ ᠊ᠢ᠎ᠠ᠂ ᠡᠨᠡ ᠰᠡᠳᠬᠢᠯ ᠦᠯᠦ ᠬᠤᠪᠢᠯᠤᠮᠤᠢ ! 》 ᠭᠡᠮᠡᠨ ᠮᠥᠷᠭᠥᠭᠰᠡᠨ ᠳ᠋ᠦ᠍ᠷ ᠲᠠᠢᠽᠦ ᠴᠢᠩᠭᠢᠰ ᠬᠠᠭᠠᠨ ᠥᠭᠦᠯᠡᠷᠦᠨ : 《ᠡᠭᠦᠨ ᠳ᠋ᠦ᠍ ᠶᠠᠮᠪᠠᠷ ᠭᠠᠢᠬᠠᠯᠲᠠᠢ ᠭᠠᠵᠠᠷ ᠪᠣᠢ ! ᠬᠠᠭᠠᠨ ᠬᠥᠮᠦᠨ ᠦ᠌ ᠨᠡᠷ᠎ᠡ ᠶ᠋ᠢ ᠡᠭᠦᠷᠦᠭᠰᠡᠨ ᠲᠤᠯᠠ ᠠᠷᠭ᠎ᠠ ᠦᠭᠡᠢ ᠬᠠᠭᠠᠨ ᠬᠥᠮᠦᠨ ᠦ᠌ ᠶᠠᠪᠤᠳᠠᠯ ᠢ᠋ ᠳᠠᠭᠤᠷᠢᠶᠠᠬᠤ ᠪᠣᠯᠠᠢ᠂ ᠨᠠᠳᠠ ᠳ᠋ᠤᠷ ᠶᠠᠭᠤᠨᠠᠢ ᠬᠠᠭᠠᠨ ᠬᠥᠮᠦᠨ ᠦ᠌ ᠦᠨᠡᠨ ᠡᠷᠳᠡᠮ ᠪᠣᠢ ! 》ᠬᠡᠮᠡᠪᠡ᠃ 
       ᠲᠡᠳᠦᠢ ᠬᠤᠪᠢᠲᠤ ᠬᠤᠸᠠ ᠬᠣᠲᠠᠨ ᠳ᠋ᠤᠷ ᠢ᠋ᠶ᠋ᠠᠨ ᠤᠭᠲᠤᠨ ᠣᠷᠣᠭᠤᠯᠵᠤ ᠥᠪᠡᠷ ᠦ᠋ᠨ ᠰᠠᠩ ᠬᠥᠮᠥᠷᠭᠡ ᠪᠡᠨ ᠨᠡᠭᠡᠭᠡᠵᠦ᠂ ᠮᠣᠩᠭᠣᠯ ᠤ᠋ᠨ ᠴᠡᠷᠢᠭ ᠲᠣᠢ ᠬᠦᠨᠳᠦᠳᠡ ᠱᠠᠩ ᠲᠠᠯᠪᠢᠵᠤ᠂ ᠴᠡᠷᠢᠭ ᠢ᠋ ᠬᠡᠳᠦᠨ ᠡᠳᠦᠷ ᠠᠮᠠᠷᠠᠭᠤᠯᠵᠤ᠂ ᠳᠠᠷᠤᠢ ᠲᠡᠭᠦᠨ ᠦ᠌ ᠪᠡᠶ᠎ᠡ ᠡᠮᠦᠨ᠎ᠡ ᠬᠣᠰᠢᠭᠤᠴᠢ ᠪᠣᠯᠵᠤ ᠢᠯᠳᠡᠰᠢ ᠮᠥᠷᠡᠨ ᠦ᠌ ᠵᠦᠭ ᠢᠷᠡᠪᠡ᠃ ᠡᠨᠡ ᠠᠷᠤ ᠭᠠᠵᠠᠷ ᠬᠡᠮᠡᠭᠴᠢ ᠡᠮᠦᠨ᠎ᠡ ᠵᠠᠬ᠎ᠠ ᠬᠣᠢᠲᠤ ᠵᠠᠬ᠎ᠠ ᠳ᠋ᠤᠷ ᠴᠥᠮ ᠣᠯᠠᠨ ᠤᠯᠤᠰ ᠭᠠᠵᠠᠷ ᠬᠠᠲᠠᠭᠤ᠂ ᠭᠠᠭᠴᠠ ᠵᠠᠪᠰᠠᠷ ᠲᠤᠷ ᠠᠨᠤ ᠡᠯᠡᠰᠦ ᠬᠤᠮᠠᠭ᠂ ᠲᠡᠷᠡ ᠬᠡᠳᠦᠨ ᠮᠢᠩᠭᠠᠨ ᠭᠠᠵᠠᠷ ᠤ᠋ᠨ ᠡᠯᠡᠰᠦ ᠬᠤᠮᠠᠭ ᠢ᠋ ᠬᠣᠢᠰᠢ ᠭ᠍ᠡᠷᠪᠠᠰᠤ ᠪᠠᠰᠠ ᠬᠦ᠌ ᠮᠠᠨ ᠤ᠋ ᠡᠮᠦᠨ᠎ᠡ ᠭᠠᠵᠠᠷ ᠤ᠋ᠨ ᠮᠡᠲᠦ ᠬᠣᠲᠠ ᠴᠣᠭᠴᠠᠯᠠᠨ ᠭᠡᠷ ᠪᠠᠷᠢᠵᠤ ᠪᠣᠯᠤᠮᠤᠢ᠃ ᠲᠡᠢᠨ ᠬᠦ᠌ ᠮᠣᠩᠭᠣᠯ ᠤ᠋ᠨ ᠬᠣᠢᠲᠤ ᠵᠠᠬ᠎ᠠ ᠣᠷᠣᠰ ᠤᠯᠤᠰ᠂ ᠡᠮᠦᠨ᠎ᠡ ᠵᠠᠬ᠎ᠠ ᠳ᠋ᠤᠷ ᠴᠥᠮ ᠬᠣᠲᠠ ᠪᠠᠯᠭᠠᠰᠤᠨ ᠪᠠᠢᠬᠤ ᠠᠨᠤ ᠲᠡᠢᠮᠦ ᠰᠢᠯᠲᠠᠭᠠᠨ ᠪᠤᠶᠤ᠃ 
       ᠲᠡᠨᠳᠡᠴᠡ ᠢᠯᠳᠡᠰᠢ ᠮᠥᠷᠡᠨ᠎ᠡ ᠠᠬᠤ ᠴᠢᠦᠢ ᠴᠦ᠍ ᠯᠢᠦᠢ᠂ ᠲᠣᠳᠣ ᠬᠣᠶᠠᠭᠤᠯᠠ ᠸᠠᠢᠯᠠ ᠠᠢᠮᠠᠭ ᠤ᠋ᠨ ᠴᠡᠷᠢᠭ ᠮᠣᠩᠭᠣᠯ ᠢ᠋ ᠤᠭᠲᠤᠵᠤ ᠳᠠᠭᠠᠭᠰᠠᠨ ᠢ᠋ ᠰᠣᠨᠣᠰᠴᠤ ᠶᠡᠬᠡᠯ᠎ᠡ ᠬᠣᠷᠣᠰᠤᠨ ᠠᠭᠤᠷᠯᠠᠵᠤ ᠵᠥᠪᠯᠡᠨ ᠥᠭᠦᠯᠡᠷᠦᠨ : 《ᠡᠭᠦᠨ ᠢ᠋ ᠣᠳᠣ ᠬᠡᠷᠬᠢᠪᠡᠰᠦ ᠰᠠᠢᠨ ? ᠣᠳᠣ ᠮᠠᠨ ᠤ᠋ ᠴᠡᠷᠢᠭ ᠰᠠᠢᠨ ᠮᠠᠭᠤ ᠲᠠᠢ ᠠᠷᠠᠢ ᠭᠡᠵᠦ ᠵᠢᠷᠭᠤᠭᠠᠨ ᠲᠦᠮᠡᠨ ᠦ᠌ ᠲᠡᠳᠦᠢ᠃ ᠡᠳᠦᠭᠡ ᠰᠣᠨᠣᠰᠬᠤᠯ᠎ᠠ᠂ ᠮᠣᠩᠭᠣᠯ ᠤ᠋ᠨ ᠴᠡᠷᠢᠭ ᠠᠷᠪᠠᠨ ᠲᠦᠮᠡ ᠢᠯᠡᠭᠦᠦ ᠬᠡᠮᠡᠮᠦᠢ᠂ ᠪᠢᠳᠡᠨ ᠳ᠋ᠦ᠍ᠷ ᠪᠠᠰᠠ ᠬᠣᠲᠠ ᠦᠭᠡᠢ᠂ ᠡᠨᠡ ᠬᠥᠭᠰᠢᠨ ᠶᠠᠳᠠᠭᠤᠯᠢᠭ᠋ ᠵᠢᠷᠭᠤᠭᠠᠨ ᠲᠦᠮᠡᠨ ᠴᠡᠷᠢᠭ ᠢ᠋ᠶ᠋ᠡᠷ ᠶᠠᠭᠠᠬᠢᠨ ᠮᠣᠩᠭᠣᠯ ᠤ᠋ᠨ ᠰᠢᠯᠭᠠᠳᠠᠭ ᠴᠡᠷᠢᠭ ᠢ᠋ ᠲᠤᠯᠵᠤ ᠴᠢᠳᠠᠮᠤᠢ !ᠨᠡᠩ ᠪᠠᠰᠠ ᠸᠠᠢᠯᠠ ᠠᠢᠮᠠᠭ ᠲᠡᠳᠡᠨ ᠳ᠋ᠦ᠍ᠷ ᠳᠠᠭᠠᠪᠠ ᠭᠡᠮᠡᠨ ᠲᠤᠯᠰᠤᠭᠠᠢ ᠬᠡᠮᠡᠬᠦᠯ᠎ᠡ ᠲᠤᠯᠤᠭᠰᠠᠨ ᠦᠭᠡᠢ ᠡᠴᠡ ᠬᠢᠯᠪᠠᠷ ᠪᠠᠷᠢᠭᠳᠠᠮᠤᠢ᠃ 》ᠬᠡᠮᠡᠬᠦᠢ ᠳ᠋ᠦ᠍ᠷ ᠲᠣᠳᠣ ᠥᠭᠦᠯᠡᠷᠦᠨ : 《ᠦᠬᠦᠬᠦ ᠠᠮᠢᠳᠤᠷᠠᠬᠤ ᠡᠨᠡ ᠤᠳᠠᠭ᠎ᠠ ᠳ᠋ᠤᠷ ᠪᠣᠯᠪᠠ᠃ ᠴᠡᠷᠢᠭ ᠢᠷᠡᠪᠡᠰᠦ ᠲᠤᠯᠬᠤ ᠪᠣᠢ ‍ᠶ᠎ᠠ᠂ ᠳᠤᠲᠠᠭᠠᠬᠤ ᠶᠣᠰᠣ ᠪᠣᠢ ᠤᠤ ?  ᠮᠢᠨᠦ ᠬᠠᠷᠢᠶᠠᠲᠤ ᠴᠡᠷᠢᠭ ᠢ᠋ ᠠᠪᠴᠤ ᠤᠷᠢᠳᠠ ᠢᠯᠢ ᠬᠣᠲᠠᠨ ᠢ᠋ ᠪᠦᠯᠢᠶᠡᠨ ᠠᠪᠴᠤ ᠮᠣᠩᠭᠣᠯ ᠯᠤᠭ᠎ᠠ ᠲᠤᠯᠰᠤᠭᠠᠢ᠂ ᠬᠡᠷᠡᠭ ᠢ᠋ ᠠᠭᠠᠵᠢᠮᠯᠠᠵᠤ ᠪᠣᠯᠬᠤ ᠦᠭᠡᠢ !》ᠭᠡᠮᠡᠨ ᠳᠠᠷᠤᠢ ᠣᠯᠠᠨ ᠴᠡᠷᠢᠭ ᠢ᠋ᠶ᠋ᠡᠨ ᠲᠠᠪᠢ ᠵᠢᠷᠠᠨ ᠢ᠋ᠶ᠋ᠠᠷ ᠰᠠᠯᠭᠠᠵᠤ ᠲᠠᠷᠢᠶᠠᠯᠠᠩ ᠤ᠋ᠨ ᠠᠷᠠᠳ ᠪᠠ ᠠᠷᠠᠯᠵᠢᠶ᠎ᠠ ᠶ᠋ᠢᠨ ᠠᠷᠠᠳ ᠤ᠋ᠨ ᠶᠣᠰᠣᠭᠠᠷ ᠵᠠᠰᠠᠵᠤ ᠬᠤᠶᠠᠭ ᠳᠤᠭᠤᠯᠠᠭ᠎ᠠ ᠵᠠᠷ ᠵᠡᠪᠰᠡᠭ ᠢ᠋ ᠲᠡᠷᠭᠡ ᠳ᠋ᠦ᠍ᠷ ᠨᠢᠭᠤᠵᠤ ᠬᠣᠲᠠᠨ ᠳ᠋ᠤᠷ ᠣᠷᠣᠬᠤᠶ᠎ᠠ᠂ ᠢᠯᠢ ᠬᠣᠲᠠ ᠶ᠋ᠢᠨ ᠪᠠᠪᠤ ᠬᠣᠲᠣᠩ ᠤ᠋ᠨ ᠲᠤᠷᠰᠢᠭᠤᠯ ᠬᠡᠳᠦᠢᠨᠡᠢ ᠢᠯᠳᠡᠰᠢ ᠶ᠋ᠢᠨ ᠴᠡᠷᠢᠭ ᠲᠦ᠍ᠷ ᠪᠠᠢᠭᠰᠠᠨ ᠲᠤᠯᠠ ᠲᠡᠳᠡᠭᠡᠷ ᠠᠷᠠᠳ ᠤ᠋ᠨ ᠣᠷᠣᠬᠤ ᠶ᠋ᠢ ᠬᠦᠯᠢᠶᠡᠨ ᠨᠡᠩᠵᠢᠨ ᠪᠠᠷᠢᠵᠤ ᠠᠯᠠᠬᠤᠢ ᠳ᠋ᠤᠷ ᠰᠡᠭᠦᠯ ᠦ᠋ᠨ ᠠᠷᠠᠳ ᠳᠤᠲᠠᠭᠠᠨ ᠢᠷᠡᠭᠰᠡᠨ᠎ᠡ ᠲᠣᠳᠣ ᠨᠠᠷ ᠠᠷᠭ᠎ᠠ ᠵᠠᠳᠠᠷᠠᠭᠰᠠᠨ ᠳ᠋ᠠᠭᠠᠨ ᠶᠠᠭᠠᠷᠠᠨ ᠴᠡᠷᠢᠭ ᠢ᠋ᠶ᠋ᠡᠨ ᠲᠡᠭᠰᠢᠯᠡᠨ ᠪᠠᠢᠯᠳᠤᠷ᠎ᠠ ᠢᠷᠡᠲᠡᠯ᠎ᠡ ᠢᠯᠢ ᠶ᠋ᠢᠨ ᠴᠡᠷᠢᠭ ᠬᠡᠳᠦᠢᠨᠡᠢ ᠤᠭᠲᠤᠨ ᠭᠠᠷᠴᠤ ᠢᠷᠡᠭᠡᠳ ᠬᠡᠳᠦ ᠬᠡᠳᠦᠨ ᠡᠳᠦᠷ ᠪᠠᠢᠯᠳᠤᠵᠤ ᠬᠠᠷᠠᠬᠠᠨ ᠲᠠᠢᠯᠵᠤ ᠳᠡᠢᠯᠦᠭᠳᠡᠬᠦ ᠢᠯᠭᠠᠷᠠᠬᠤ ᠦᠭᠡᠢ ᠪᠥᠬᠥᠶ᠎ᠡ᠂ ᠮᠣᠩᠭᠣᠯ ᠤ᠋ᠨ ᠴᠡᠷᠢᠭ ᠬᠦᠷᠴᠦ ᠢᠷᠡᠭᠰᠡᠨ ᠳ᠋ᠦ᠍ᠷ ᠴᠢᠦᠢ ᠴᠦ᠍ ᠯᠢᠦᠢ᠂ ᠲᠣᠳᠣ ᠶ᠋ᠢᠨ ᠴᠡᠷᠢᠭ ᠠᠷᠤ ᠥᠪᠥᠷ ᠲᠣᠷ ᠴᠥᠮ ᠳᠠᠢᠰᠤᠨ ᠪᠣᠯᠵᠤ᠂ ᠶᠠᠭᠠᠷᠠᠨ ᠪᠠᠭᠤᠳᠠᠯ ᠢ᠋ᠶ᠋ᠠᠨ ᠡᠪᠳᠡᠵᠦ ᠪᠤᠷᠤᠭᠤᠯᠠᠰᠤᠭᠠᠢ ᠬᠡᠮᠡᠲᠡᠯ᠎ᠡ ᠸᠠᠢᠯᠠ ᠠᠢᠮᠠᠭ ᠤ᠋ᠨ ᠴᠡᠷᠢᠭ ᠲᠡᠷᠢᠭᠦᠯᠡᠨ ᠲᠣᠭᠲᠣᠩᠭᠣ᠌ ᠪᠠᠭᠠᠲᠤᠷ ᠤ᠋ᠨ ᠬᠣᠶᠠᠷ ᠲᠦᠮᠡᠨ ᠴᠡᠷᠢᠭ ᠳᠠᠷᠤᠨ ᠣᠷᠣᠵᠤ ᠢᠷᠡᠭᠰᠡᠨ ᠳ᠋ᠦ᠍ᠷ ᠲᠣᠳᠣ ᠦᠬᠦᠨ ᠪᠠᠢᠯᠳᠤᠵᠤ ᠬᠦᠷᠢᠶ᠎ᠡ ᠪᠡᠨ ᠰᠠᠬᠢᠨ ᠴᠢᠳᠠᠪᠠ᠃ ᠳᠠᠭᠠᠯᠳᠤᠭ᠎ᠠ ᠬᠠᠭᠠᠨ ᠤ᠋ ᠭᠡᠭᠡᠨ ᠦ᠌ ᠶᠡᠬᠡ ᠴᠡᠷᠢᠭ ᠬᠦᠷᠴᠦ ᠢᠷᠡᠭᠡᠳ ᠮᠤᠬᠤᠯᠢ ᠭᠠᠵᠠᠷ ᠤ᠋ᠨ ᠪᠠᠢᠳᠠᠯ ᠢ᠋ ᠬᠡᠮᠨᠡᠨ ᠬᠣᠯᠠ ᠣᠢᠷ᠎ᠠ ᠶ᠋ᠢ ᠰᠢᠨᠵᠢᠨ᠂ ᠤᠰᠤ ᠶ᠋ᠢ ᠬᠠᠷᠠᠵᠤ ᠠᠭᠤᠯᠠ ᠶ᠋ᠢ ᠢᠪᠡᠵᠦ ᠬᠦᠷᠢᠶ᠎ᠡ ᠪᠠᠭᠤᠪᠠ᠃  ᠢᠯᠢ ᠬᠣᠲᠠ ᠶ᠋ᠢᠨ ᠰᠢ ᠢᠦᠢ ᠤᠯᠤᠰ ᠤ᠋ᠨ ᠶᠡᠬᠡ ᠲᠦᠰᠢᠮᠡᠯ ᠪᠠᠪᠤ ᠭᠠᠭᠴᠠ ᠬᠦ᠌ ᠮᠣᠩᠭᠣᠯ ᠤ᠋ᠨ ᠴᠡᠷᠢᠭ ᠦ᠋ᠨ ᠪᠠᠢᠳᠠᠯ ᠢ᠋ ᠦᠵᠡᠭᠡᠳ ᠶᠡᠬᠡᠯ᠎ᠡ ᠭᠠᠢᠬᠠᠵᠤ ᠨᠥᠬᠥᠷ ᠰᠡᠯᠲᠡ ᠶ᠋ᠢᠨ ᠵᠦᠭ ᠥᠭᠦᠯᠡᠷᠦᠨ : 《ᠡᠨᠡ ᠮᠣᠩᠭᠣᠯ ᠤ᠋ᠨ ᠴᠡᠷᠢᠭ ᠦ᠋ᠨ ᠠᠭᠤᠷ ᠠᠮᠢᠰᠬᠤᠯ ᠮᠠᠰᠢ ᠰᠣᠨᠢᠨ ᠪᠠᠢᠨᠠᠮ᠂ ᠲᠡᠭᠦᠨ ᠦ᠌ ᠡᠵᠡᠨ ᠳ᠋ᠦ᠍ᠷ ᠡᠰᠡ ᠠᠭᠤᠯᠵᠠᠪᠠᠰᠤ ᠦᠯᠦ ᠪᠣᠯᠤᠮᠤᠢ᠃ 》ᠭᠡᠮᠡᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ᠂ ᠵᠢᠨᠦᠩ ᠮᠤᠬᠤᠯᠢ ᠳ᠋ᠤᠷ ᠵᠣᠯᠭᠠᠵᠤ᠂ ᠲᠠᠢᠽᠦ ᠬᠠᠭᠠᠨ ᠳ᠋ᠤᠷ ᠵᠣᠯᠭᠠᠬᠤ ᠤᠴᠢᠷ ᠢ᠋ ᠬᠡᠯᠡᠭᠰᠡᠨ ᠳ᠋ᠦ᠍ᠷ ᠮᠤᠬᠤᠯᠢ ᠠᠭᠤᠯᠵᠠᠨ ᠠᠢᠯᠠᠳᠬᠠᠵᠤ ᠵᠠᠷᠯᠢᠭ ᠣᠯᠤᠨ ᠤᠳᠤᠷᠢᠳᠤᠨ ᠬᠠᠭᠠᠨ ᠳ᠋ᠤᠷ ᠪᠠᠷᠠᠭᠠᠳᠠᠭᠤᠯᠤᠭᠰᠠᠨ ᠳ᠋ᠤᠷ ᠪᠠᠪᠤ ᠴᠢᠩᠭᠢᠰ ᠬᠠᠭᠠᠨ ᠤ᠋ ᠨᠢᠭᠤᠷ ᠢ᠋ ᠦᠵᠡᠵᠦ ᠰᠦᠷᠳᠡᠵᠦ ᠰᠥᠭᠥᠳᠦᠭᠡᠳ ᠠᠢᠯᠠᠳᠬᠠᠷᠤᠨ : 《ᠬᠣᠯᠠ ᠤᠯᠤᠰ ᠤ᠋ᠨ ᠪᠢᠲᠡᠭᠦᠯᠢᠭ ᠢᠷᠭᠡᠨ ᠬᠠᠭᠠᠨ ᠡᠵᠡᠨ ᠦ᠌ ᠴᠢᠷᠠᠢ ᠶ᠋ᠢ ᠦᠵᠡᠵᠦ ᠰᠠᠶᠢ ᠯᠠᠪ ᠲᠡᠭᠷᠢ ᠶ᠋ᠢᠨ ᠬᠥᠪᠡᠭᠦᠨ ᠢ᠋ ᠮᠡᠳᠡᠪᠡ᠃ ᠠᠷᠠᠳ ᠮᠢᠨᠦ ᠦᠵᠡᠭᠰᠡᠨ ᠢᠨᠦ ᠬᠣᠵᠢᠮᠳᠠᠭᠰᠠᠨ ᠳ᠋ᠠᠭᠠᠨ ᠦᠨᠡᠬᠡᠷ ᠭᠡᠮᠰᠢᠮᠦᠢ᠂ ᠳᠤᠷᠠᠲᠠᠶ᠎ᠠ ᠲᠠᠭᠠᠨ ᠠᠯᠪᠠ ᠪᠠᠷᠢᠵᠤ᠂ ᠡᠨᠡ ᠤᠳᠠᠭ᠎ᠠ ᠶ᠋ᠢᠨ ᠳᠠᠢᠨ᠎ᠠ ᠲᠤᠰᠠᠯᠠᠬᠤ ᠶ᠋ᠢ ᠬᠦᠰᠡᠮᠦᠢ ! 》ᠭᠡᠮᠡᠨ ᠭᠠᠷᠴᠤ ᠢᠷᠡᠭᠡᠳ ᠬᠠᠭᠠᠨ ᠤ᠋ ᠬᠤᠷᠢᠮ ᠳ᠋ᠤᠷ ᠬᠦᠷᠲᠡᠬᠦᠢ ᠳ᠋ᠦ᠍ᠷ ᠪᠠᠪᠤ ᠵᠢᠨᠦᠩ ᠦ᠋ᠨ ᠵᠦᠭ ᠥᠭᠦᠯᠡᠷᠦᠨ : 《ᠨᠠᠳᠠ ᠳ᠋ᠤᠷ ᠨᠢᠭᠡᠨ ᠠᠷᠭ᠎ᠠ ᠪᠣᠢ᠂ ᠵᠢᠨᠦᠩ ᠰᠣᠨᠣᠰᠴᠤ ᠲᠣᠭᠲᠠᠭ᠎ᠠ ! 》ᠭᠡᠮᠡᠨ ᠰᠤᠯᠠ ᠠᠷᠠᠳ ᠢ᠋ ᠵᠠᠢᠯᠠᠭᠤᠯᠵᠤ ᠬᠡᠳᠦᠨ ᠦᠭᠡ ᠬᠡᠯᠡᠯᠴᠡᠭᠰᠡᠨ ᠳᠠᠷᠤᠢ ᠭᠡᠨᠡᠳᠲᠡ ᠦᠭᠡ ᠪᠤᠯᠢᠶᠠᠯᠳᠤᠨ ᠳᠠᠭᠤᠨ ᠥᠨᠳᠥᠷ ᠪᠣᠯᠤᠭᠰᠠᠨ ᠳ᠋ᠤᠷ ᠴᠡᠷᠢᠭ ᠦ᠋ᠨ ᠰᠤᠯᠠ ᠠᠷᠠᠳ ᠣᠷᠣᠵᠤ ᠢᠷᠡᠪᠡᠰᠦ᠂ ᠪᠠᠪᠤ ᠬᠠᠷᠢᠨ ᠪᠡᠶ᠎ᠡ ᠳ᠋ᠦ᠍ᠷ ᠨᠢᠭᠤᠭᠰᠠᠨ ᠵᠡᠪᠰᠡᠭ ᠢ᠋ᠶ᠋ᠡᠨ ᠭᠠᠷᠭᠠᠵᠤ ᠳᠤᠲᠠᠭᠠᠨ ᠭᠠᠷᠪᠠ᠃ ᠮᠤᠬᠤᠯᠢ ᠭᠠᠭᠴᠠ ᠬᠦ᠌ ᠬᠤᠷᠳᠤᠨ ᠪᠡᠷᠢ ᠬᠡᠮᠡᠬᠦ ᠪᠣᠢ ᠊ᠢ᠎ᠠ᠂ ᠪᠡᠶ᠎ᠡ ᠬᠥᠳᠡᠯᠬᠦ ᠦᠭᠡᠢ᠂ ᠪᠠᠪᠤ ᠮᠣᠷᠢ ᠪᠠᠨ ᠤᠨᠤᠵᠤ ᠵᠠᠪᠳᠤᠭᠠᠳ ᠳᠤᠲᠠᠭᠠᠵᠤ ᠬᠣᠲᠠᠨ ᠳ᠋ᠤᠷ ᠢ᠋ᠶ᠋ᠠᠨ ᠣᠷᠣᠪᠠ᠃ 
       ᠵᠢᠴᠢ ᠡᠳᠦᠷ ᠳᠠᠷᠤᠢ ᠮᠣᠩᠭᠣᠯ ᠤ᠋ᠨ ᠴᠡᠷᠢᠭ ᠬᠣᠢᠨ᠎ᠠ ᠠ᠋ᠴᠠ ᠡᠴᠢᠵᠦ ᠢᠯᠢ ᠬᠣᠲᠠ ᠶ᠋ᠢ ᠬᠠᠭᠠᠭᠰᠠᠨ᠎ᠠ᠂ ᠰᠢ ᠢᠦᠢ ᠶ᠋ᠢᠨ ᠪᠠᠪᠤ ᠶᠠᠭᠠᠷᠠᠨ ᠰᠥᠨᠢ ᠳᠦᠯᠢ ᠲᠣᠳᠣ᠂ ᠴᠢᠦᠢ ᠴᠦ᠍ ᠯᠢᠦᠢ ᠬᠣᠶᠠᠭᠤᠯᠠ ᠶ᠋ᠢᠨ ᠴᠡᠷᠢᠭ ᠯᠦ᠍ᠭᠡ ᠨᠡᠢᠯᠡᠵᠦ ᠲᠡᠳᠡᠨ ᠢ᠋ ᠬᠣᠲᠠ ᠳ᠋ᠤᠷ ᠣᠷᠣᠵᠤ ᠬᠠᠮᠲᠤ ᠬᠣᠲᠠ ᠶ᠋ᠢ ᠰᠠᠬᠢᠰᠤᠭᠠᠢ ᠬᠡᠮᠡᠬᠦᠢ ᠳ᠋ᠦ᠍ᠷ ᠲᠣᠳᠣ ᠮᠥᠨ ᠬᠠᠷᠠᠬᠠᠨ ᠣᠰᠣᠯ ᠠ᠋ᠴᠠ ᠠᠶᠤᠬᠤ ᠴᠠᠭ ᠲᠤᠯᠠ ᠳᠠᠷᠤᠢ ᠬᠦᠯᠢᠶᠡᠨ ᠠᠪᠤᠭᠠᠳ ᠢᠷᠡᠭᠰᠡᠨ ᠡᠯᠴᠢ ᠶ᠋ᠢ ᠡᠭᠡᠭᠦᠯᠦᠭᠰᠡᠨ ᠳ᠋ᠦ᠍ᠷ ᠡᠯᠴᠢ ᠢᠷᠡᠵᠦ ᠤᠴᠢᠷ ᠢ᠋ ᠬᠡᠯᠡᠭᠰᠡᠨ ᠳ᠋ᠦ᠍ᠷ ᠪᠠᠪᠤ ᠬᠣᠲᠠᠨ ᠤ᠋ ᠳᠡᠭᠡᠷ᠎ᠡ ᠭᠠᠷᠴᠤ ᠥᠭᠦᠯᠡᠷᠦᠨ : 《ᠪᠢ ᠤᠭ ᠠ᠋ᠴᠠ ᠲᠠᠨ ᠤ᠋ ᠮᠣᠩᠭᠣᠯ ᠳ᠋ᠤᠷ ᠳᠠᠭᠠᠰᠤᠭᠠᠢ ᠭᠡᠮᠡᠨ ᠰᠠᠨᠠᠭᠰᠠᠨ ᠲᠤᠯᠠ ᠰᠠᠶᠢ ᠡᠴᠢᠭᠰᠡᠨ ᠪᠥᠯᠥᠭᠡ᠂ ᠲᠠᠨ ᠤ᠋ ᠵᠢᠨᠦᠩ ᠬᠠᠷᠢᠨ ᠮᠢᠨᠦ ᠰᠠᠢᠬᠠᠨ ᠰᠠᠨᠠᠭᠠᠨ ᠢ᠋ ᠡᠰᠡ ᠮᠡᠳᠡᠨ ᠨᠠᠮᠠᠢ ᠰᠡᠵᠢᠭᠯᠡᠵᠦ ᠴᠡᠷᠢᠭ ᠦ᠋ᠨ ᠬᠦᠷᠢᠶᠡᠨ ᠦ᠌ ᠳᠣᠲᠣᠷ᠎ᠠ ᠰᠦᠷ ᠢ᠋ᠶ᠋ᠡᠨ ᠭᠠᠷᠭᠠᠵᠤ ᠨᠠᠮᠠᠢ ᠪᠠᠷᠢᠵᠤ ᠠᠯᠠᠰᠤᠭᠠᠢ ᠬᠡᠮᠡᠬᠦᠢ ᠳ᠋ᠦ᠍ᠷ ᠪᠢ ᠰᠠᠶᠢ ᠳᠤᠲᠠᠭᠠᠵᠤ ᠢᠷᠡᠭᠰᠡᠨ ᠪᠥᠯᠥᠭᠡ᠂ ᠨᠠᠳᠠ ᠳ᠋ᠤᠷ ᠤᠭ ᠠ᠋ᠴᠠ ᠶᠡᠬᠡ ᠶᠠᠯ᠎ᠠ ᠦᠭᠡᠢ᠂ ᠲᠠ ᠬᠡᠷᠪᠡ ᠮᠠᠨ ᠤ᠋ ᠤᠯᠤᠰ ᠢ᠋ ᠪᠦᠷᠢᠨ ᠢ᠋ᠶ᠋ᠡᠷ ᠣᠷᠣᠭᠤᠯᠤᠨ ᠠᠪᠰᠤᠭᠠᠢ ᠬᠡᠮᠡᠪᠡᠰᠦ ᠴᠡᠷᠢᠭ ᠢ᠋ᠶ᠋ᠡᠨ ᠤᠬᠤᠷᠢᠵᠤ ᠮᠠᠨ ᠳ᠋ᠤᠷ ᠭᠤᠷᠪᠠᠨ ᠡᠳᠦᠷ ᠦ᠋ᠨ ᠴᠢᠯᠥᠭᠡ ᠥᠭ᠂ ᠪᠢᠳᠡ ᠬᠣᠲᠠᠨ ᠤ᠋ ᠬᠣᠲᠠᠯᠠᠭᠠᠷ ᠵᠥᠪᠯᠡᠨ ᠲᠣᠭᠲᠠᠵᠤ ᠬᠠᠭᠠᠯᠭ᠎ᠠ ᠨᠡᠭᠡᠭᠡᠵᠦ ᠳᠠᠭᠠᠰᠤᠭᠠᠢ ! 》ᠬᠡᠮᠡᠭᠰᠡᠨ ᠳ᠋ᠦ᠍ᠷ ᠮᠤᠬᠤᠯᠢ ᠴᠠᠭᠠᠵᠠ ᠵᠠᠷᠯᠠᠨ ᠤᠬᠤᠷᠢᠵᠤ ᠪᠠᠭᠤᠪᠠ᠃ ᠬᠣᠶᠠᠳᠤᠭᠠᠷ ᠡᠳᠦᠷ ᠦ᠋ᠨ ᠰᠥᠨᠢ ᠳᠦᠯᠢ ᠳ᠋ᠦ᠍ᠷ ᠪᠠᠪᠤ ᠬᠣᠲᠠ ᠶ᠋ᠢ ᠨᠡᠭᠡᠭᠡᠵᠦ ᠴᠢᠦᠢ ᠴᠦ᠍ ᠯᠢᠦᠢ ᠲᠣᠳᠣ ᠨᠠᠷ ᠢ᠋ ᠤᠳᠤᠷᠢᠳᠤᠨ ᠬᠣᠲᠠᠨ ᠳ᠋ᠤᠷ ᠣᠷᠣᠬᠤᠢ ᠳ᠋ᠤᠷ ᠲᠣᠳᠣ ᠴᠡᠷᠢᠭ ᠢ᠋ ᠲᠡᠷᠢᠭᠦᠯᠡᠵᠦ ᠬᠣᠲᠠᠨ ᠤ᠋ ᠬᠣᠢᠲᠤ ᠬᠠᠭᠠᠯᠭ᠎ᠠ ᠪᠠᠷ ᠣᠷᠣᠵᠤ ᠢᠷᠡᠪᠡ᠃ ᠴᠢᠦᠢ ᠴᠦ᠍ ᠯᠢᠦᠢ ᠴᠡᠷᠢᠭ ᠦ᠋ᠨ ᠰᠡᠭᠦᠯ ᠢ᠋ ᠬᠠᠮᠠᠭᠠᠯᠠᠨ ᠶᠠᠪᠤᠬᠤᠶ᠎ᠠ᠂ ᠭᠡᠨᠡᠳᠲᠡ ᠴᠡᠷᠢᠭ ᠬᠠᠭᠠᠰ ᠣᠷᠣᠭᠰᠠᠨ ᠦᠭᠡᠢ ᠳᠠᠷᠤᠢ ᠡᠭᠡᠵᠦ ᠳᠤᠲᠠᠭᠠᠨ ᠬᠣᠲᠠᠨ ᠤ᠋ ᠳᠣᠲᠣᠷ᠎ᠠ ᠭᠠᠯ ᠰᠢᠲᠠᠵᠤ ᠫᠤᠤ ᠳᠠᠭᠤᠷᠢᠰᠪᠠ᠃ ᠴᠢᠦᠢ ᠴᠦ᠍ ᠯᠢᠦᠢ ᠠᠷᠭ᠎ᠠ ᠳ᠋ᠤᠷ ᠤᠨᠠᠭᠰᠠᠨ ᠢ᠋ᠶ᠋ᠠᠨ ᠮᠡᠳᠡᠵᠦ ᠮᠣᠷᠢ ᠪᠠᠨ ᠡᠭᠡᠭᠦᠯᠵᠦ ᠬᠠᠭᠠᠰ ᠴᠡᠷᠢᠭ ᠢ᠋ ᠠᠪᠴᠤ ᠡᠭᠡᠵᠦ ᠢᠷᠡᠬᠦ ᠵᠠᠮ ᠳ᠋ᠤᠷ ᠬᠡᠳᠦᠢᠨᠡᠢ ᠮᠣᠩᠭᠣᠯ ᠤ᠋ᠨ ᠶᠡᠬᠡ ᠴᠡᠷᠢᠭ ᠬᠥᠨᠳᠡᠯᠢᠳᠴᠦ ᠠᠯᠠᠨ ᠭᠠᠷᠤᠭᠰᠠᠨ ᠳ᠋ᠤᠷ ᠴᠢᠦᠢ ᠴᠦ᠍ ᠯᠢᠦᠢ ᠶᠡᠬᠡᠯ᠎ᠡ ᠠᠶᠤᠵᠤ ᠶᠠᠭᠠᠷᠠᠨ ᠬᠦᠨᠳᠦ ᠬᠠᠭᠠᠭᠰᠠᠨ ᠭᠠᠵᠠᠷ ᠢ᠋ ᠴᠣᠬᠢᠨ ᠭᠠᠷᠴᠤ ᠲᠡᠷᠢᠭᠦᠨ ᠡᠭᠡᠵᠦ ᠦᠵᠡᠪᠡᠰᠦ᠂ ᠬᠣᠲᠠᠨ ᠤ᠋ ᠳᠣᠲᠣᠷ᠎ᠠ ᠠ᠋ᠴᠠ ᠪᠠᠰᠠ ᠨᠢᠭᠡᠨ ᠠᠩᠭᠢ ᠴᠡᠷᠢᠭ ᠡᠭᠡᠨ ᠭᠠᠷᠴᠤ ᠢᠷᠡᠪᠡ᠃ ᠦᠵᠡᠪᠡᠰᠦ ᠪᠠᠪᠤ ᠶ᠋ᠢᠨ ᠴᠡᠷᠢᠭ ᠲᠤᠯᠠ ᠶᠠᠭᠠᠷᠠᠨ ᠵᠡᠭᠦᠨ ᠡᠮᠦᠨ᠎ᠡ ᠵᠦᠭ ᠪᠤᠷᠤᠭᠤᠯᠠᠨ ᠡᠴᠢᠬᠦᠶ᠎ᠡ ᠲᠡᠭᠦᠨ ᠦ᠌ ᠴᠡᠷᠢᠭ ᠨᠢᠭᠡᠨᠲᠡ ᠮᠣᠩᠭᠣᠯ ᠤ᠋ᠨ ᠴᠡᠷᠢᠭ ᠲᠦ᠍ᠷ ᠲᠠᠰᠤᠯᠤᠭᠳᠠᠨ ᠶᠡᠬᠡ ᠬᠠᠭᠠᠰ ᠬᠣᠴᠣᠷᠴᠤᠬᠤᠢ᠃  
       ᠲᠡᠳᠦᠢ ᠨᠢᠭᠡᠨ ᠲᠦᠮᠡᠨ ᠴᠡᠷᠢᠭ ᠢ᠋ ᠠᠪᠴᠤ ᠬᠦᠷᠢᠶ᠎ᠡ ᠳ᠋ᠦ᠍ᠷ ᠢᠷᠠᠪᠠᠰᠤ ᠬᠦᠷᠢᠶ᠎ᠡ ᠶ᠋ᠢ ᠬᠡᠳᠦᠢᠨᠡᠢ ᠮᠣᠩᠭᠣᠯ ᠤ᠋ᠨ ᠴᠡᠷᠢᠭ ᠡᠵᠡᠯᠡᠭᠰᠡᠨ ᠳ᠋ᠦ᠍ᠷ ᠪᠡᠶ᠎ᠡ ᠡᠭᠡᠵᠦ ᠪᠠᠰᠠ ᠵᠡᠭᠦᠨ ᠵᠦᠭ ᠳᠤᠲᠠᠭᠠᠨ ᠡᠴᠢᠵᠦ ᠰᠠᠶᠢ ᠬᠥᠪᠴᠢ ᠠᠭᠤᠯᠠ ᠶ᠋ᠢᠨ ᠳᠣᠣᠷ᠎ᠠ ᠬᠦᠷᠲᠡᠯ᠎ᠡ ᠭᠡᠨᠡᠳᠲᠡ ᠫᠤᠤ ᠶ᠋ᠢᠨ ᠳᠠᠭᠤᠨ ᠭᠠᠷᠴᠤ ᠮᠣᠩᠭᠣᠯ ᠤ᠋ᠨ ᠳᠥᠷᠪᠡᠨ ᠵᠠᠩᠵᠤᠨ ᠭᠠᠷᠴᠤ ᠨᠢᠭᠡᠨᠲᠡ ᠬᠠᠰᠬᠢᠷᠤᠨ ᠲᠥᠭᠥᠷᠢᠭᠯᠡᠨ ᠬᠠᠭᠠᠵᠤ ᠪᠠᠢᠯᠳᠤᠬᠤ ᠢᠨᠦ ᠮᠥᠨᠳᠥᠷ ᠣᠷᠣᠬᠤ ᠮᠡᠲᠦ ᠳ᠋ᠦ᠍ᠷ ᠴᠢᠦᠢ ᠴᠦ᠍ ᠯᠢᠦᠢ ᠶᠠᠭᠠᠷᠠᠨ ᠥᠪᠡᠷ ᠦ᠋ᠨ ᠬᠤᠶᠠᠭ ᠳᠤᠭᠤᠯᠠᠭ᠎ᠠ ᠪᠠᠨ ᠲᠠᠶᠠᠭᠳᠠᠵᠤ᠂ ᠰᠤᠯᠠ ᠴᠡᠷᠢᠭ ᠦ᠋ᠨ ᠶᠠᠩᠵᠤ ᠪᠠᠷ ᠴᠢᠮᠡᠵᠦ ᠪᠡᠶ᠎ᠡ ᠶ᠋ᠢᠨ ᠣᠢᠷᠠᠬᠢ ᠮᠢᠩᠭᠠᠨ ᠰᠢᠬᠠᠮ ᠴᠡᠷᠢᠭ ᠢ᠋ ᠠᠪᠴᠤ ᠬᠠᠭᠠᠭᠰᠠᠨ ᠭᠠᠵᠠᠷ ᠠ᠋ᠴᠠ ᠰᠢᠪᠲᠤᠯᠤᠨ ᠭᠠᠷᠴᠤ ᠳᠠᠷᠤᠢ ᠬᠢᠳᠠᠨ ᠤᠯᠤᠰ ᠤ᠋ᠨ ᠵᠦᠭ ᠳᠤᠲᠠᠭᠠᠨ ᠡᠴᠢᠪᠡ᠃ ᠦᠵᠡᠰᠡ ᠡᠨᠡ ᠢᠨᠦ ᠢᠯᠢ ᠶ᠋ᠢᠨ ᠪᠠᠪᠤ ᠶ᠋ᠢᠨ ᠡᠷᠭᠦᠭᠰᠡᠨ ᠠᠷᠭ᠎ᠠ ᠠᠵᠤᠭᠤ᠃ ᠲᠡᠷᠡ ᠮᠤᠬᠤᠯᠢ ᠯᠤᠭ᠎ᠠ ᠠᠷᠭ᠎ᠠ ᠶ᠋ᠢ ᠬᠡᠯᠡᠯᠴᠡᠨ ᠲᠣᠭᠲᠠᠭᠠᠳ ᠵᠣᠷᠢᠮᠠᠭ ᠢ᠋ᠶ᠋ᠠᠷ ᠭᠡᠷᠡᠯᠲᠦᠭᠴᠢ ᠪᠣᠯᠤᠨ ᠮᠤᠬᠤᠯᠢ ᠬᠠᠭᠠᠯᠭ᠎ᠠ ᠰᠠᠬᠢᠬᠤ ᠴᠡᠷᠢᠭ ᠪᠠ ᠪᠠᠪᠤ ᠶ᠋ᠢ ᠰᠢᠳᠠᠷ ᠴᠡᠷᠢᠭ ᠲᠡᠭᠡᠨ ᠰᠡᠮᠡᠬᠡᠷ ᠮᠡᠳᠡᠭᠡ ᠥᠭᠭᠦᠭᠦᠯᠵᠦ᠂ ᠪᠠᠪᠤ ᠶ᠋ᠢ ᠡᠪᠳᠡᠷᠡᠭᠰᠡᠨ ᠮᠡᠲᠦ ᠰᠡᠪ ᠭᠠᠷᠭᠠᠵᠤ ᠬᠣᠲᠠ ᠶ᠋ᠢ ᠬᠠᠭᠠᠭᠰᠠᠨ ᠠᠨᠤ ᠴᠥᠮ ᠴᠢᠦᠢ ᠴᠦ᠍ ᠯᠢᠦᠢ᠂ ᠲᠣᠳᠣ ᠨᠠᠷ ᠢ᠋ ᠢᠲᠡᠭᠡᠮᠵᠢᠯᠡᠭᠦᠯᠦᠭᠰᠡᠨ ᠠᠷᠭ᠎ᠠ ᠠᠵᠤᠭᠤ᠃ ᠬᠣᠢᠨ᠎ᠠ ᠬᠣᠲᠠ ᠶ᠋ᠢ ᠬᠠᠭᠠᠬᠤᠢ ᠳ᠋ᠤᠷ ᠮᠣᠩᠭᠣᠯ ᠤ᠋ᠨ ᠲᠣᠭᠲᠣᠩᠭᠣ᠌ ᠪᠠᠭᠠᠲᠤᠷ᠂ ᠠᠯᠤᠬ᠎ᠠ ᠰᠦᠬᠡ ᠬᠣᠶᠠᠷ ᠵᠠᠩᠵᠤᠨ ᠢ᠋ ᠠᠪᠴᠤ ᠭᠤᠷᠪᠠᠨ ᠵᠠᠭᠤᠨ ᠴᠡᠷᠢᠭ ᠠᠪᠤᠨ ᠰᠥᠨᠢ ᠬᠣᠲᠠᠨ ᠳ᠋ᠤᠷ ᠣᠷᠣᠵᠤ ᠪᠦᠭᠭᠦᠭᠡᠳ ᠲᠣᠳᠣ᠂ ᠴᠢᠦᠢ ᠴᠦ᠍ ᠯᠢᠦᠢ ᠨᠠᠷ ᠢ᠋ ᠰᠡᠵᠢᠭ ᠦᠭᠡᠢ ᠬᠣᠲᠠᠨ ᠳ᠋ᠤᠷ ᠤᠳᠤᠷᠢᠳᠤᠨ ᠣᠷᠣᠭᠤᠯᠤᠭᠠᠳ ᠰᠠᠶᠢ ᠬᠣᠲᠠᠨ ᠤ᠋ ᠳᠤᠮᠳᠠ ᠬᠦᠷᠲᠡᠯ᠎ᠡ ᠫᠤᠤ ᠲᠠᠯᠪᠢᠨ ᠮᠣᠩᠭᠣᠯ ᠤ᠋ᠨ ᠪᠦᠭᠭᠦᠭᠰᠡᠨ ᠴᠡᠷᠢᠭ ᠪᠠ ᠰᠢ ᠢᠦᠢ ᠶ᠋ᠢᠨ ᠴᠡᠷᠢᠭ ᠯᠦ᠍ᠭᠡ ᠬᠠᠮᠲᠤ ᠭᠠᠷᠴᠤ ᠲᠣᠳᠣ ᠶ᠋ᠢ ᠲᠣᠰᠴᠤ ᠲᠣᠭᠲᠣᠩᠭᠣᠣ ᠪᠠᠭᠠᠲᠤᠷ ᠭᠠᠷᠴᠤ ᠪᠠᠢᠯᠳᠤᠨ ᠢᠷᠡᠬᠦᠢ ᠳ᠋ᠦ᠍ᠷ ᠲᠣᠳᠣ ᠫᠤᠤ ᠶ᠋ᠢᠨ ᠳᠠᠭᠤᠨ ᠳ᠋ᠤᠷ ᠶᠡᠬᠡᠯ᠎ᠡ ᠰᠣᠴᠢᠵᠤ ᠶᠠᠭᠠᠷᠠᠨ ᠡᠭᠡᠵᠦ ᠭᠠᠷᠰᠤᠭᠠᠢ ᠬᠡᠮᠡᠲᠡᠯ᠎ᠡ ᠬᠠᠭᠠᠯᠭᠠᠨ ᠤ᠋ ᠳᠡᠭᠡᠷ᠎ᠡ ᠣᠯᠠᠨ ᠴᠡᠷᠢᠭ ᠦᠢᠮᠡᠯᠳᠦᠵᠦ᠂ ᠬᠣᠢᠲᠤ ᠬᠠᠭᠠᠯᠭ᠎ᠠ ᠶ᠋ᠢᠨ ᠶᠡᠬᠡ ᠲᠡᠮᠦᠷ ᠳᠠᠷᠤᠭᠤᠯ ᠤᠨᠠᠵᠤ ᠡᠷᠭᠢᠪᠡ᠃ ᠲᠣᠳᠣ ᠶ᠋ᠢᠨ ᠬᠣᠲᠠᠨ ᠳ᠋ᠤᠷ ᠣᠷᠣᠭᠰᠠᠨ ᠴᠡᠷᠢᠭ ᠬᠡᠳᠦᠨ ᠵᠠᠭᠤᠨ ᠠ᠋ᠴᠠ ᠬᠡᠲᠦᠷᠡᠬᠦ ᠦᠭᠡᠢ ᠲᠤᠯᠠ ᠪᠦᠭᠦᠳᠡᠭᠡᠷ ᠶᠡᠬᠡᠯ᠎ᠡ ᠦᠢᠮᠡᠯᠳᠦᠵᠦ ᠬᠡᠷᠬᠢᠬᠦ ᠪᠡᠨ ᠮᠡᠳᠡᠬᠦ ᠦᠭᠡᠢ ᠪᠥᠬᠥᠶ᠎ᠡ ᠮᠣᠩᠭᠣᠯ ᠤ᠋ᠨ ᠨᠢᠭᠡᠨ ᠶᠡᠬᠡ ᠪᠡᠶ᠎ᠡ ᠲᠡᠢ ᠵᠠᠩᠵᠤᠨ ᠲᠡᠳᠡᠨ ᠦ᠌ ᠡᠵᠡᠨ ᠲᠣᠳᠣ ᠯᠤᠭ᠎ᠠ ᠤᠭᠲᠤᠵᠤ ᠤᠴᠠᠷᠠᠭᠰᠠᠨ ᠳ᠋ᠤᠷ ᠲᠣᠳᠣ ᠯᠠᠪ ᠠᠷᠭ᠎ᠠ ᠳ᠋ᠤᠷ ᠣᠷᠣᠪᠠ ᠭᠡᠮᠡᠨ ᠵᠡᠪᠰᠡᠭ ᠬᠥᠳᠡᠯᠭᠡᠭᠰᠡᠨ᠎ᠡ᠂ ᠲᠣᠭᠲᠣᠩᠭᠣ᠌ ᠪᠠᠭᠠᠲᠤᠷ ᠳᠠᠷᠤᠢ ᠳ᠋ᠠᠮ ᠢᠯᠳᠦ ᠳᠠᠯᠠᠢᠨ ᠣᠷᠣᠵᠤ ᠪᠠᠢᠯᠳᠤᠨ ᠬᠣᠷᠢᠨ ᠤᠳᠠᠭ᠎ᠠ ᠪᠣᠯᠤᠭᠰᠠᠨ ᠦᠭᠡᠢ ᠲᠣᠳᠣ ᠶ᠋ᠢᠨ ᠲᠣᠯᠣᠭᠠᠢ ᠶ᠋ᠢ ᠲᠠᠰᠤ ᠴᠠᠪᠴᠢᠵᠤ᠂ ᠲᠣᠭᠲᠣᠩᠭᠣ᠌ ᠶ᠋ᠢᠨ ᠬᠦᠴᠦᠨ ᠳ᠋ᠦ᠍ᠷ ᠲᠣᠳᠣ ᠶ᠋ᠢᠨ ᠣᠭᠴᠣᠷᠠᠭᠰᠠᠨ ᠲᠣᠯᠣᠭᠠᠢ ᠦᠰᠦᠷᠴᠦ ᠵᠡᠭᠡᠯᠢ ᠶ᠋ᠢᠨ ᠪᠤᠳᠠᠭᠠᠨ ᠭᠡᠷ ᠦ᠋ᠨ ᠡᠬᠡᠨᠡᠷ ᠦ᠋ᠨ ᠳᠡᠭᠡᠷ᠎ᠡ ᠦᠰᠦᠷᠦᠨ ᠲᠣᠰᠴᠤ ᠠᠰᠠᠷ ᠤ᠋ᠨ ᠳᠡᠭᠡᠷ᠎ᠡ ᠰᠠᠭᠤᠵᠤ ᠭᠠᠢᠬᠠᠯ ᠦᠵᠡᠬᠦ ᠨᠢᠭᠡᠨ ᠬᠥᠮᠦᠨ ᠦ᠌ ᠨᠢᠭᠤᠷ ᠢ᠋ ᠤᠨᠤᠵᠤ᠂ ᠲᠡᠷᠡ ᠬᠥᠮᠦᠨ ᠮᠥᠨ ᠤᠨᠠᠪᠠ᠃ ᠡᠭᠦᠨ ᠳ᠋ᠦ᠍ ᠲᠣᠳᠣ ᠶ᠋ᠢᠨ ᠲᠣᠯᠣᠭᠠᠢ ᠦᠭᠡᠢ ᠪᠡᠶ᠎ᠡ ᠮᠣᠷᠢᠨ ᠤ᠋ ᠳᠡᠭᠡᠷ᠎ᠡ ᠰᠢᠷᠢᠯᠳᠦᠵᠦ᠂ ᠭᠠᠷ ᠲᠤ᠌ ᠪᠠᠷᠢᠭ᠍ᠰᠠᠨ ᠵᠡᠪᠰᠡᠭ ᠢ᠋ ᠮᠥᠨ ᠠᠯᠳᠠᠬᠤ ᠵᠠᠪ ᠦᠭᠡᠢ ᠪᠡᠷ ᠥᠪᠡᠷ ᠦ᠋ᠨ ᠴᠡᠷᠢᠭ ᠦ᠋ᠳ ᠦ᠋ᠨ ᠵᠦᠭ ᠳᠤᠲᠠᠭᠠᠨ ᠣᠷᠣᠬᠤᠢ ᠳ᠋ᠤᠷ ᠮᠠᠢᠯᠵᠢ ᠶ᠋ᠢᠨ ᠴᠡᠷᠢᠭ ᠡᠵᠡᠨ ᠢᠨᠦ ᠲᠣᠯᠣᠭᠠᠢ ᠦᠭᠡᠢ ᠪᠡᠶ᠎ᠡ ᠪᠡᠷ ᠬᠦᠷᠴᠦ ᠢᠷᠡᠭᠰᠡᠨ ᠳ᠋ᠦ᠍ᠷ ᠨᠢᠭᠡᠨ ᠡᠬᠡᠨᠡᠷ ᠬᠥᠮᠦᠨ ᠦ᠌ ᠰᠠᠭᠤᠭᠰᠠᠨ ᠲᠡᠷᠭᠡ ᠵᠠᠢᠯᠠᠨ ᠵᠠᠪᠳᠤᠬᠤ ᠦᠭᠡᠢ᠂ ᠬᠠᠷᠠᠬᠠᠨ ᠵᠠᠮ ᠤ᠋ᠨ ᠬᠠᠵᠠᠭᠤᠳᠠ ᠵᠠᠢᠯᠠᠨ ᠵᠣᠭᠰᠣᠬᠤᠢ ᠳ᠋ᠤᠷ ᠡᠨᠡ ᠮᠣᠷᠢ ᠳᠣᠪᠲᠣᠯᠤᠨ ᠡᠨᠡ ᠲᠡᠷᠭᠡ ᠡᠰᠡᠷᠭᠦ ᠣᠷᠣᠵᠤ ᠢᠷᠡᠭᠡᠳ ᠲᠡᠷᠭᠡᠨ ᠦ᠌ ᠠᠷᠠᠯ ᠳ᠋ᠤᠷ ᠬᠥᠯᠦᠭᠰᠡᠨ ᠮᠣᠷᠢ ᠶ᠋ᠢ ᠨᠢᠭᠡᠨᠲᠡ ᠮᠥᠷᠭᠥᠵᠦ ᠵᠣᠭᠰᠣᠭᠰᠠᠨ ᠳ᠋ᠤᠷ ᠲᠣᠯᠣᠭᠠᠢ ᠦᠭᠡᠢ ᠲᠣᠳᠣ ᠶ᠋ᠢᠨ ᠪᠡᠶ᠎ᠡ ᠳᠠᠪᠬᠢᠲᠠᠯ᠎ᠠ ᠲᠡᠷᠡ ᠲᠡᠷᠭᠡᠨ ᠦ᠌ ᠳᠣᠲᠣᠷ᠎ᠠ ᠴᠣᠬᠢᠵᠤ ᠣᠷᠣᠭᠠᠳ ᠲᠡᠷᠡ ᠲᠡᠷᠭᠡᠨ ᠦ᠌ ᠡᠬᠡᠨᠡᠷ ᠢ᠋ ᠨᠢᠭᠡᠨᠲᠡ ᠮᠥᠷᠭᠥᠵᠦ ᠳᠡᠭᠡᠭᠰᠢ ᠬᠠᠨᠲᠠᠷᠤᠭᠤᠯᠤᠨ ᠤᠨᠠᠭᠠᠵᠤ᠂ ᠲᠣᠯᠣᠭᠠᠢ ᠦᠭᠡᠢ ᠲᠣᠳᠣ ᠶ᠋ᠢᠨ ᠪᠡᠶ᠎ᠡ ᠲᠡᠷᠡ ᠡᠬᠡᠨᠡᠷ ᠦ᠋ᠨ ᠳᠡᠭᠡᠷ᠎ᠡ ᠡᠴᠡ ᠳᠠᠷᠤᠵᠤ ᠬᠡᠪᠲᠡᠪᠡ᠃  
      ᠲᠡᠳᠦᠢ ᠳᠣᠭᠲᠣᠩᠭᠣᠣ᠂ ᠠᠯᠤᠬ᠎ᠠ᠂ ᠰᠦᠬᠡ ᠨᠠᠷ ᠴᠢᠦᠢ ᠴᠦ᠍ ᠯᠢᠦᠢ ᠶ᠋ᠢ ᠡᠷᠢᠬᠦᠢ ᠳ᠋ᠦ᠍ᠷ ᠮᠠᠢᠯᠵᠢ ᠶ᠋ᠢᠨ ᠣᠯᠠᠨ ᠴᠡᠷᠢᠭ ᠪᠠᠢᠯᠳᠤᠪᠠᠰᠤ ᠭᠠᠷᠴᠤ ᠴᠢᠳᠠᠬᠤ ᠦᠭᠡᠢ ᠪᠡᠨ ᠮᠡᠳᠡᠭᠡᠳ ᠵᠠᠷ ᠵᠡᠪᠰᠡᠭ ᠢ᠋ᠶ᠋ᠡᠨ ᠣᠷᠬᠢᠵᠤ ᠳᠤᠲᠠᠭᠠᠬᠤᠢ ᠳ᠋ᠤᠷ ᠴᠢᠦᠢ ᠴᠦ᠍ ᠯᠢᠦᠢ ᠶ᠋ᠢ ᠪᠠᠢᠴᠠᠭᠠᠪᠠᠰᠤ ᠴᠡᠷᠢᠭ ᠦ᠋ᠨ ᠰᠡᠭᠦᠯ ᠳ᠋ᠦ᠍ᠷ ᠪᠣᠢ᠂ ᠬᠣᠲᠠᠨ ᠳ᠋ᠤᠷ ᠣᠷᠣᠵᠤ ᠢᠷᠡᠭᠰᠡᠨ ᠦᠭᠡᠢ ᠬᠡᠮᠡᠬᠦᠢ ᠳ᠋ᠦ᠍ᠷ ᠳᠠᠷᠤᠢ ᠬᠣᠲᠠᠨ ᠤ᠋ ᠬᠠᠭᠠᠯᠭ᠎ᠠ ᠨᠡᠭᠡᠭᠡᠨ ᠡᠭᠡᠨ ᠭᠠᠷᠴᠤ ᠢᠷᠡᠲᠡᠯ᠎ᠡ ᠰᠡᠭᠦᠯ ᠦ᠋ᠨ ᠴᠡᠷᠢᠭ ᠬᠡᠳᠦᠢᠨᠡᠢ ᠡᠭᠡᠵᠦ ᠪᠤᠷᠤᠭᠤᠯᠠᠨ᠂ ᠮᠤᠬᠤᠯᠢ ᠶ᠋ᠢᠨ ᠴᠡᠷᠢᠭ ᠲᠦ᠍ᠷ ᠤᠴᠠᠷᠠᠵᠤ ᠭᠤᠷᠪᠠᠨ ᠠᠩᠭᠢ ᠪᠣᠯᠵᠤ ᠬᠠᠷᠠᠬᠠᠨ ᠰᠠᠮᠠᠭᠤᠷᠠᠭᠰᠠᠨ ᠳ᠋ᠤᠷ ᠮᠣᠩᠭᠣᠯ ᠤ᠋ᠨ ᠴᠡᠷᠢᠭ ᠰᠢ ᠢᠦᠢ ᠶ᠋ᠢᠨ ᠴᠡᠷᠢᠭ ᠴᠤᠭᠠᠷ ᠨᠡᠬᠡᠨ ᠡᠴᠢᠵᠦ ᠠᠯᠠᠨ ᠢᠷᠡᠬᠦᠢ ᠳ᠋ᠦ᠍ᠷ ᠴᠢᠦᠢ ᠴᠦ᠍ ᠯᠢᠦᠢ ᠶ᠋ᠢᠨ ᠴᠡᠷᠢᠭ ᠨᠡᠩᠳᠡ ᠰᠠᠮᠠᠭᠤᠷᠠᠨ ᠪᠠᠭ᠎ᠠ ᠬᠠᠭᠠᠰ ᠳᠠᠭᠠᠪᠠ᠃  
       ᠲᠡᠳᠦᠢ ᠭᠦᠪᠢ ᠠᠭᠤᠯᠠᠨ ᠤ᠋ ᠳᠣᠣᠷ᠎ᠠ ᠬᠦᠷᠪᠡᠰᠦ ᠮᠣᠩᠭᠣᠯ ᠤ᠋ᠨ ᠪᠤᠯᠤ᠂ ᠡᠭᠦᠯᠡᠨ ᠴᠡᠷᠪᠢ᠂ ᠬᠦᠳᠡᠷ ᠪᠦᠰᠡ᠂ ᠬᠦᠷᠡᠯ ᠪᠦᠰᠡ ᠶ᠋ᠢᠨ ᠪᠦᠭᠭᠦᠭᠰᠡᠨ ᠴᠡᠷᠢᠭ᠂ ᠴᠢᠦᠢ ᠴᠦ᠍ ᠯᠢᠦᠢ ᠶ᠋ᠢᠨ ᠶᠡᠬᠡ ᠴᠡᠷᠢᠭ ᠢ᠋ ᠬᠠᠭᠠᠭᠰᠠᠨ ᠳ᠋ᠤᠷ ᠳᠠᠷᠤᠢ ᠮᠣᠳᠣ ᠲᠣᠭᠰᠢᠭᠠᠳ ᠰᠠᠮᠠᠭᠤᠨ ᠰᠤᠮᠤ ᠲᠠᠯᠪᠢᠭᠤᠯᠬᠤᠢ ᠳ᠋ᠤᠷ ᠴᠢᠦᠢ ᠴᠦ᠍ ᠯᠢᠦᠢ ᠶ᠋ᠢᠨ ᠣᠯᠠᠨ ᠴᠡᠷᠢᠭ ᠪᠠᠷᠬᠢᠷᠠᠨ ᠥᠭᠦᠯᠡᠷᠦᠨ : 《ᠮᠠᠨ ᠤ᠋ ᠡᠵᠡᠨ ᠬᠡᠳᠦᠢᠨᠡᠢ ᠳᠤᠲᠠᠭᠠᠵᠤ ᠭᠠᠷᠪᠠ᠃ ᠪᠢᠳᠡ ᠡᠳᠦᠭᠡ ᠳᠠᠭᠠᠰᠤᠭᠠᠢ ᠠᠮᠢᠨ ᠢ᠋ ᠭᠡᠯᠳᠦᠷᠢᠭᠦᠯᠦᠮᠦ ! 》 ᠬᠡᠮᠡᠬᠦᠢ ᠳ᠋ᠦ᠍ᠷ ᠮᠤᠬᠤᠯᠢ ᠴᠠᠭᠠᠵᠠ ᠵᠠᠷᠯᠠᠨ ᠮᠠᠢᠯᠵᠢ ᠠᠢᠮᠠᠭ ᠤ᠋ᠨ ᠴᠡᠷᠢᠭ ᠦ᠋ᠨ ᠵᠠᠷ ᠵᠡᠪᠰᠡᠭ ᠢ᠋ ᠬᠤᠷᠢᠶᠠᠯᠭᠠᠨ ᠠᠪᠤᠭᠰᠠᠨ ᠬᠣᠢᠨ᠎ᠠ᠂ ᠵᠢᠴᠢ ᠥᠷᠯᠥᠭᠡ ᠰᠠᠶᠢ ᠳᠠᠭᠠᠭᠤᠯᠵᠤ ᠲᠣᠭ᠎ᠠ ᠶ᠋ᠢ ᠠᠪᠤᠪᠠᠰᠤ ᠳᠥᠷᠪᠡᠨ ᠠᠢᠮᠠᠭ ᠳᠠᠭᠠᠭᠰᠠᠨ ᠠᠨᠤ ᠨᠡᠢᠲᠡ ᠬᠣᠶᠠᠷ ᠲᠦᠮᠡ ᠵᠢᠷᠭᠤᠭᠠᠨ ᠮᠢᠩᠭᠠᠨ ᠢᠯᠡᠭᠦᠦ᠂ ᠬᠤᠶᠠᠭ ᠵᠡᠪᠰᠡᠭ ᠳᠥᠷᠪᠡᠨ ᠲᠦᠮᠡᠨ ᠢᠯᠡᠭᠦᠦ᠃  
       ᠲᠡᠳᠦᠢ ᠴᠠᠭᠠᠵᠠ ᠵᠠᠷᠯᠠᠨ ᠰᠥᠪᠡᠭᠡᠲᠡᠢ᠂ ᠵᠥᠯᠭᠡᠲᠡᠢ᠂ ᠭᠢᠯᠦᠭᠡᠨ᠂ ᠬᠤᠢᠯᠠᠳᠠᠷ ᠳᠥᠷᠪᠡᠨ ᠪᠠᠷᠰ ᠤ᠋ᠨ ᠵᠠᠩᠵᠤᠨ ᠳ᠋ᠤᠷ ᠳᠥᠷᠪᠡᠨ ᠮᠢᠩᠭᠠᠨ ᠪᠣᠯᠣᠳ ᠬᠦᠴᠦᠲᠦ ᠴᠡᠷᠢᠭ ᠥᠭᠴᠦ ᠴᠢᠦᠢ ᠴᠦ᠍ ᠯᠢᠦᠢ ᠶ᠋ᠢᠨ ᠬᠣᠢᠨ᠎ᠠ ᠠ᠋ᠴᠠ ᠨᠡᠭᠡᠭᠦᠯᠦᠨ ᠢᠯᠡᠭᠡᠭᠡᠳ ᠰᠠᠶᠢ ᠶᠡᠬᠡ ᠴᠡᠷᠢᠭ ᠢ᠋ ᠬᠤᠷᠢᠶᠠᠵᠤ ᠲᠡᠭᠰᠢᠯᠡᠨ ᠬᠦᠷᠢᠶ᠎ᠡ ᠳ᠋ᠦ᠍ᠷ ᠡᠭᠡᠵᠦ ᠳᠠᠭᠠᠭᠰᠠᠨ ᠴᠡᠷᠢᠭ ᠢ᠋ ᠬᠤᠪᠢᠶᠠᠨ ᠵᠠᠬᠢᠷᠤᠭᠤᠯᠪᠠ᠃ ᠢᠯᠳᠡᠰᠢ ᠶ᠋ᠢᠨ ᠨᠢᠭᠡᠨ ᠠᠢᠮᠠᠭ ᠤ᠋ᠨ ᠶᠡᠬᠡ ᠪᠠᠭ᠎ᠠ ᠶ᠋ᠢ ᠬᠦᠨᠳᠦ ᠨᠠᠷᠢᠨ ᠢ᠋ ᠪᠤᠯᠲᠤ ᠪᠠᠷ ᠴᠥᠮ ᠣᠯᠵᠤ ᠠᠪᠤᠪᠠ᠃ 
       ᠲᠡᠳᠦᠢ ᠲᠣᠭᠲᠣᠩᠭᠣᠣ ᠪᠠᠭᠠᠲᠤᠷ᠂ ᠲᠣᠳᠣ ᠶ᠋ᠢᠨ ᠡᠬᠡᠨᠡᠷ ᠦ᠋ᠨ ᠳᠡᠭᠡᠷ᠎ᠡ ᠦᠰᠦᠷᠴᠦ ᠭᠠᠷᠤᠭᠰᠠᠨ ᠲᠣᠯᠣᠭᠠᠢ ᠶ᠋ᠢ ᠠᠪᠤᠪᠠᠰᠤ ᠲᠣᠳᠣ ᠶ᠋ᠢᠨ ᠲᠣᠯᠣᠭᠠᠢ ᠳ᠋ᠤᠷ ᠳᠠᠷᠤᠭᠳᠠᠭᠰᠠᠨ ᠲᠡᠷᠡ ᠬᠥᠮᠦᠨ ᠢᠨᠦ ᠦᠬᠦᠵᠦᠬᠦᠢ᠃ ᠬᠣᠢᠨ᠎ᠠ ᠪᠡᠶ᠎ᠡ ᠶ᠋ᠢ ᠢᠨᠦ ᠡᠷᠢᠭᠰᠡᠭᠡᠷ ᠬᠠᠷᠠᠬᠠᠨ ᠲᠡᠷᠭᠡᠨ ᠦ᠌ ᠳᠣᠲᠣᠷ᠎ᠠ ᠨᠢᠭᠡᠨ ᠡᠬᠡᠨᠡᠷ ᠦ᠋ᠨ ᠳᠡᠭᠡᠷ᠎ᠡ ᠡᠴᠡ ᠳᠠᠷᠤᠵᠤ ᠪᠠᠢᠬᠤᠢ ᠶ᠋ᠢ ᠴᠢᠷᠴᠦ ᠭᠠᠷᠭᠠᠪᠠᠰᠤ ᠬᠣᠶᠠᠷ ᠦᠬᠦᠳᠡᠯ ᠪᠣᠯᠵᠤᠬᠤᠢ᠃ ᠦᠵᠡᠪᠡᠰᠦ ᠳᠣᠣᠷ᠎ᠠ ᠠᠨᠤ ᠨᠢᠭᠡᠨ ᠰᠠᠢᠬᠠᠨ ᠡᠬᠡᠨᠡᠷ ᠪᠣᠢ᠃ ᠬᠣᠶᠠᠭᠤᠯᠠ ᠶᠠᠭ ᠵᠢᠭᠤᠷᠠᠯᠳᠤᠨ ᠦᠬᠦᠵᠦᠬᠦᠢ᠃ ᠡᠭᠦᠨ ᠳ᠋ᠦ᠍ ᠣᠯᠠᠨ ᠴᠡᠷᠢᠭ ᠦ᠋ᠨ ᠠᠷᠠᠳ ᠬᠦᠷᠬᠢᠷᠡᠲᠡᠯ᠎ᠡ ᠢᠨᠢᠶᠡᠯᠴᠡᠨ ᠦᠬᠦᠭᠰᠡᠨ ᠡᠬᠡᠨᠡᠷ ᠦ᠋ᠨ ᠬᠡᠭᠦᠷ ᠮᠥᠨ ᠲᠡᠷᠭᠡ ᠳ᠋ᠦ᠍ᠷ ᠬᠢᠵᠦ ᠲᠣᠳᠣ ᠶ᠋ᠢᠨ ᠪᠡᠶ᠎ᠡ ᠶ᠋ᠢ ᠠᠪᠴᠤ ᠡᠴᠢᠪᠡ᠃① 
       ᠲᠡᠳᠦᠢ ᠢᠯᠢ ᠶ᠋ᠢᠨ ᠰᠢ ᠢᠦᠢ ᠶ᠋ᠢᠨ ᠪᠠᠪᠤ ᠲᠡᠷᠢᠭᠦᠨ ᠭᠠᠪᠢᠶ᠎ᠠ ᠪᠣᠯᠵᠤ᠂ ᠡᠨᠡ ᠵᠢᠷᠭᠤᠭᠠᠨ ᠲᠦᠮᠡᠨ ᠦ᠌ ᠶᠡᠬᠡ ᠣᠯᠵᠠ ᠶ᠋ᠢ ᠨᠢᠭᠡᠨ ᠬᠠᠭᠠᠰ ᠢ᠋ ᠪᠠᠪᠤ ᠶ᠋ᠢᠨ ᠴᠡᠷᠢᠭ ᠢᠷᠭᠡᠨ ᠳ᠋ᠦ᠍ᠷ ᠱᠠᠩᠨᠠᠬᠤᠶ᠎ᠠ ᠪᠠᠪᠤ ᠠᠪᠬᠤ ᠦᠭᠡᠢ ᠳ᠋ᠦ᠍ᠷ ᠮᠤᠬᠤᠯᠢ ᠥᠭᠦᠯᠡᠷᠦᠨ : 《ᠡᠨᠡ ᠢᠨᠦ ᠮᠢᠨᠦ ᠬᠠᠭᠠᠨ ᠤ᠋ ᠬᠡᠰᠢᠭ᠂ ᠴᠢ ᠪᠢᠲᠡᠭᠡᠢ ᠮᠠᠷᠭᠤᠭᠲᠤᠨ᠂ ᠴᠢ ᠦᠨᠡᠬᠡᠷ ᠰᠡᠳᠬᠢᠯ ᠢ᠋ᠶ᠋ᠡᠨ ᠭᠦᠢᠴᠡᠳᠬᠡᠰᠦᠭᠡᠢ ᠬᠡᠮᠡᠪᠡᠰᠦ᠂ ᠥᠪᠡᠷ᠎ᠡ ᠪᠡᠯᠡᠭ ᠪᠠᠷᠢᠬᠤᠢ ᠳ᠋ᠤᠷ ᠦᠯᠦ ᠪᠣᠯᠬᠤ ᠶᠠᠪᠤᠳᠠᠯ ᠦᠭᠡᠢ 》ᠬᠡᠮᠡᠭᠰᠡᠨ ᠳ᠋ᠦ᠍ᠷ ᠪᠠᠪᠤ ᠦᠭᠡ ᠳᠠᠭᠠᠵᠤ ᠣᠷᠣᠰ ᠤᠯᠤᠰ ᠤ᠋ᠨ ᠬᠤᠶᠠᠭ ᠳᠡᠪᠡᠯ ᠵᠠᠷ ᠵᠡᠪᠰᠡᠭ ᠢ᠋ ᠲᠠᠪᠢᠨ ᠲᠡᠷᠭᠡ ᠶ᠋ᠢᠨ ᠪᠡᠯᠡᠭ ᠪᠠᠷᠢᠪᠠ᠃ ᠬᠠᠭᠠᠨ ᠦᠯᠦ ᠠᠪᠬᠤᠢ ᠳ᠋ᠤᠷ ᠪᠠᠪᠤ ᠰᠡᠳᠬᠢᠯ ᠭᠦᠢᠴᠡᠬᠦ ᠦᠭᠡᠢ ᠭᠡᠮᠡᠨ ᠳᠠᠬᠢᠨ ᠳᠠᠪᠲᠠᠨ ᠮᠥᠷᠭᠥᠨ ᠭᠤᠶᠤᠬᠤᠢ ᠳ᠋ᠤᠷ ᠬᠠᠭᠠᠨ ᠠᠷᠭ᠎ᠠ ᠦᠭᠡᠢ ᠨᠢᠭᠡᠨ ᠬᠠᠭᠠᠰ ᠢ᠋ ᠠᠪᠴᠤ ᠬᠠᠷᠢᠭᠤ ᠡᠮᠦᠨ᠎ᠡ ᠭᠠᠵᠠᠷ ᠤ᠋ᠨ ᠶᠠᠭᠤᠮ᠎ᠠ ᠪᠠᠷ ᠬᠦᠨᠳᠦᠳᠡ ᠱᠠᠩᠨᠠᠪᠠ ᠃
       ᠲᠡᠳᠦᠢ ᠶᠡᠬᠡ ᠴᠡᠷᠢᠭ ᠪᠦᠷᠢᠨ᠎ᠡ ᠲᠠᠢᠯᠵᠤ᠂ ᠪᠠᠰᠠ ᠸᠠᠢᠯᠠ᠂ ᠢᠯᠢ ᠬᠣᠶᠠᠷ ᠤᠯᠤᠰ ᠢ᠋ ᠳᠠᠭᠠᠭᠤᠯᠤᠨ᠂ ᠳᠠᠷᠤᠢ ᠪᠠᠶᠠᠷ ᠤ᠋ᠨ ᠶᠣᠰᠣᠭᠠᠷ ᠬᠡᠩᠭᠡᠷᠭᠡ ᠳᠡᠯᠡᠳᠦᠨ ᠶᠡᠬᠡ ᠴᠡᠷᠢᠭ ᠡᠭᠡᠵᠦ ᠪᠠᠭᠤᠭᠠᠳ ᠬᠡᠳᠦᠨ ᠡᠳᠦᠷ ᠠᠮᠠᠷᠠᠵᠤ᠂ ᠨᠠᠮᠤᠷ ᠤ᠋ᠨ ᠳᠤᠮᠳᠠᠳᠤ ᠰᠠᠷ᠎ᠠ ᠶ᠋ᠢᠨ ᠠᠷᠪᠠᠨ᠎ᠠ ᠶᠡᠬᠡ ᠴᠡᠷᠢᠭ ᠤᠯᠤᠰ ᠤ᠋ᠨ ᠵᠦᠭ ᠮᠣᠷᠳᠠᠪᠠ᠃ 

– – – – 
① ᠪᠢᠴᠢᠭᠡᠴᠢ ᠪᠢ ᠪᠢᠴᠢᠭᠰᠡᠭᠡᠷ ᠡᠨᠳᠡ ᠬᠦᠷᠴᠦ ᠤᠴᠢᠷ ᠦᠭᠡᠢ ᠢᠨᠢᠶᠡᠳᠦᠨ ᠲᠥᠷᠥᠵᠦ ᠪᠢᠴᠢᠭᠰᠡᠨ ᠢᠨᠦ᠂ ᠡᠨᠡ ᠲᠣᠳᠣ ᠪᠠᠰᠠ ᠰᠣᠨᠢᠨ ᠶᠠᠭᠤᠮ᠎ᠠ᠂ ᠦᠰᠦᠷᠦᠭᠰᠡᠨ ᠲᠣᠯᠣᠭᠠᠢ ᠪᠠ ᠦᠬᠦᠭᠰᠡᠨ ᠪᠡᠶ᠎ᠡ ᠳ᠋ᠦ᠍ᠷ ᠳᠠᠭᠠᠷᠢᠭᠳᠠᠭᠰᠠᠨ ᠪᠦᠬᠦᠨ ᠴᠥᠮ ᠦᠬᠦᠬᠦ ᠢᠨᠦ ᠶᠠᠮᠪᠠᠷ ᠤᠴᠢᠷ ᠪᠣᠢ ?  ᠦᠨᠡᠬᠡᠷ ᠮᠠᠰᠢ ᠭᠠᠢᠬᠠᠯᠲᠠᠢ ᠬᠡᠷᠡᠭ᠃  ᠡᠨᠡ ᠨᠢᠭᠡᠨ ᠡᠷ᠎ᠡ ᠨᠢᠭᠡᠨ ᠡᠬᠡᠨᠡᠷ ᠮᠠᠰᠢ ᠬᠢᠯᠢᠰ ᠪᠣᠯᠠᠢ᠂ ᠡᠰᠡᠬᠦᠯ᠎ᠡ ᠪᠤᠷᠬᠠᠨ ᠤ᠋ ᠨᠣᠮ ᠳ᠋ᠤᠷ ᠥᠭᠦᠯᠡᠭᠰᠡᠨ ᠄ ᠠᠯᠢ ᠴᠠᠭᠯᠠᠰᠢ ᠲᠣᠭᠠᠯᠠᠰᠢ ᠦᠭᠡᠢ ᠦᠢᠯᠡ ᠶ᠋ᠢᠨ ᠦᠷ᠎ᠡ ᠪᠣᠯᠪᠠᠤ ?  ᠡᠨᠡ ᠡᠷ᠎ᠡ ᠡᠬᠡᠨᠡᠷ ᠶᠠᠮᠪᠠᠷ ᠨᠢᠭᠡᠨ ᠨᠢᠭᠤᠴᠠ ᠨᠢᠭᠦᠯ ᠪᠣᠢ ᠪᠣᠯᠪᠠᠤ᠂ ᠶᠠᠭᠤᠲᠠᠢ ᠰᠣᠨᠢᠨ᠃

       ᠲᠡᠨᠳᠡᠴᠡ ᠣᠳᠣ ᠳᠤᠲᠠᠭᠠᠵᠤ ᠡᠴᠢᠭᠰᠡᠨ ᠴᠢᠦᠢ ᠴᠦ᠍ ᠯᠢᠦᠢ ᠶ᠋ᠢᠨ ᠤᠴᠢᠷ ᠢ᠋ ᠬᠡᠯᠡᠬᠦ ᠢᠨᠦ᠂ ᠰᠠᠨᠠᠭᠠᠨ ᠳ᠋ᠤᠷ ᠦᠭᠡᠢ ᠬᠡᠳᠦᠨ ᠣᠨ ᠤ᠋ ᠪᠣᠯᠪᠠᠰᠤᠷᠠᠭᠤᠯᠤᠭᠰᠠᠨ ᠴᠡᠷᠢᠭ ᠢ᠋ᠶ᠋ᠡᠨ ᠴᠥᠮ  ᠪᠤᠯᠢᠶᠠᠭᠳᠠᠵᠤ᠂ ᠨᠥᠬᠥᠷ ᠲᠣᠳᠣ ᠪᠠᠨ ᠪᠠᠰᠠ ᠠᠯᠠᠭᠤᠯᠤᠭᠠᠳ ᠡᠳᠦᠷ ᠰᠥᠨᠢ ᠦᠭᠡᠢ ᠬᠢᠳᠠᠨ ᠤᠯᠤᠰ ᠤ᠋ᠨ ᠵᠦᠭ ᠡᠴᠢᠬᠦᠢ ᠳ᠋ᠦ᠍ᠷ ᠳᠠᠭᠠᠭᠰᠠᠨ – ᠳᠣᠯᠣᠭᠠᠨ ᠮᠢᠩᠭᠠᠨ ᠢᠯᠡᠭᠦᠦ ᠴᠡᠷᠢᠭ ᠬᠠᠭᠤᠷᠠᠢ ᠬᠦᠨᠡᠰᠦ ᠨᠢᠭᠡᠨᠲᠡ ᠪᠠᠷᠠᠵᠤ ᠬᠥᠮᠦᠨ ᠥᠯᠪᠡᠷᠦᠨ ᠮᠣᠷᠢ ᠪᠠᠢᠩᠭᠤᠷᠠᠭᠰᠠᠨ ᠳ᠋ᠤᠷ ᠣᠯᠠᠨ ᠴᠡᠷᠢᠭ ᠰᠡᠳᠬᠢᠯ ᠬᠤᠪᠢᠰᠴᠤ ᠬᠡᠳᠦ ᠬᠡᠳᠦᠨ ᠵᠠᠭᠤ ᠪᠠᠷ ᠬᠣᠴᠣᠷᠤᠨ ᠲᠠᠷᠬᠠᠯᠴᠠᠵᠤ ᠠᠢᠯ ᠢ᠋ ᠳᠡᠭᠡᠷᠡᠮᠳᠡᠨ ᠢᠳᠡᠭᠰᠡᠭᠡᠷ᠂ ᠠᠷᠪᠠᠭᠠᠳ ᠡᠳᠦᠷ ᠶᠠᠪᠤᠵᠤ ᠬᠢᠳᠠᠨ ᠤᠯᠤᠰ ᠤ᠋ᠨ ᠣᠢᠷ᠎ᠠ ᠬᠦᠷᠴᠦ ᠢᠷᠡᠭᠡᠳ ᠴᠡᠷᠢᠭ ᠢ᠋ᠶ᠋ᠡᠨ ᠪᠠᠢᠴᠠᠭᠠᠨ ᠦᠵᠡᠪᠡᠰᠦ ᠳᠣᠯᠣᠭᠠᠨ ᠮᠢᠩᠭᠠᠨ ᠴᠡᠷᠢᠭ ᠰᠠᠶᠢ ᠬᠣᠶᠠᠷ ᠮᠢᠩᠭ᠎ᠠ ᠴᠤ᠌ ᠦᠯᠡᠳᠡᠭᠰᠡᠨ ᠦᠭᠡᠢ ᠳ᠋ᠦ᠍ᠷ ᠶᠡᠬᠡᠯ᠎ᠡ ᠭᠠᠰᠢᠭᠤᠳᠠᠨ ᠬᠥᠯ ᠳᠡᠪᠰᠡᠵᠦ ᠥᠭᠦᠯᠡᠷᠦᠨ : 《ᠡᠨᠡ ᠮᠡᠲᠦ ᠪᠣᠯᠬᠤ ᠶ᠋ᠢ ᠡᠷᠲᠡᠰᠡ ᠮᠡᠳᠡᠭᠰᠡᠨ ᠪᠥᠭᠡᠰᠦ ᠬᠡᠳᠦᠢᠨᠡᠢ ᠡᠴᠢᠭᠡ ᠯᠤᠭᠡ ᠪᠡᠨ ᠮᠣᠩᠭᠣᠯ ᠳ᠋ᠤᠷ ᠳᠠᠭᠠᠬᠤ ᠪᠢᠯᠡ 》① ᠬᠡᠮᠡᠪᠡ ᠃ 

– – – – 
① ᠬᠠᠢᠷᠬᠠᠨ ᠴᠢᠦᠢ ᠴᠦ᠍ ᠯᠢᠦᠢ ᠬᠠᠰ ᠬᠠᠭᠠᠨ ᠡᠨᠡ ᠨᠢᠭᠡᠨ ᠦᠭᠡ ᠪᠡᠷ ᠤᠷᠢᠳᠤ ᠶ᠋ᠢᠨ ᠪᠠᠭᠠᠲᠤᠷ ᠢ᠋ᠶ᠋ᠠᠨ ᠨᠢᠭᠡᠮᠦᠰᠦᠨ ᠪᠠᠷᠠᠪᠠ᠂ ᠶᠠᠭᠤᠲᠠᠢ ᠬᠠᠢᠷᠠᠬᠠᠨ ᠨᠡᠷ᠎ᠡ ᠪᠣᠢ᠂  ᠬᠥᠭᠡᠷᠦᠬᠦᠢ᠂ ᠬᠥᠭᠡᠷᠦᠬᠦᠢ !

       ᠲᠡᠳᠦᠢ ᠠᠷᠭ᠎ᠠ ᠦᠭᠡᠢ ᠴᠡᠷᠢᠭ ᠢ᠋ ᠪᠠᠬᠠᠨ ᠰᠡᠭᠬᠢᠭᠦᠯᠵᠦ᠂ ᠳᠥᠷᠪᠡᠨ ᠵᠦᠭ ᠦ᠋ᠨ ᠨᠡᠭᠦᠳᠡᠯ ᠪᠠᠭᠤᠷᠢ ᠶ᠋ᠢ ᠲᠠᠪᠴᠢᠯᠠᠨ ᠢᠳᠡᠵᠦ᠂ ᠴᠡᠷᠢᠭ ᠢ᠋ ᠰᠡᠭᠬᠢᠭᠦᠯᠵᠦ ᠡᠨᠡ ᠮᠡᠳᠡᠭᠡ ᠶ᠋ᠢ ᠠᠯᠲᠠᠨᠱᠠᠭ᠎ᠠ ᠶ᠋ᠢᠨ ᠲᠤᠷᠰᠢᠭᠤᠯ ᠬᠡᠳᠦᠢᠨᠡᠢ ᠳᠣᠲᠣᠷᠬᠠᠶ᠎ᠠ ᠣᠯᠵᠤ ᠢᠷᠡᠵᠦ ᠮᠡᠳᠡᠭᠦᠯᠦᠭᠰᠡᠨ ᠳ᠋ᠦ᠍ᠷ ᠠᠯᠲᠠᠨᠱᠠᠭ᠎ᠠ ᠨᠢᠭᠡᠨᠲᠡᠭᠡᠭᠦᠷ ᠥᠪᠡᠷ ᠦ᠋ᠨ ᠴᠡᠷᠢᠭ ᠢ᠋ ᠭᠤᠷᠪᠠᠨ ᠠᠩᠭᠢ ᠪᠣᠯᠭᠠᠨ ᠥᠪᠡᠷ ᠢ᠋ᠶ᠋ᠡᠨ ᠬᠣᠶᠠᠷ ᠮᠢᠩᠭᠠᠨ ᠴᠡᠷᠢᠭ ᠠᠪᠴᠤ ᠳᠤᠲᠠᠭᠠᠬᠤ ᠵᠠᠮ ᠢ᠋ ᠰᠠᠬᠢᠵᠤ᠂ ᠢᠳᠡᠷ ᠳᠣᠪᠣ ᠳ᠋ᠤᠷ ᠬᠣᠶᠠᠷ ᠮᠢᠩᠭᠠᠨ ᠴᠡᠷᠢᠭ ᠥᠭᠴᠦ ᠵᠡᠭᠦᠨ ᠵᠠᠮ ᠢ᠋ ᠰᠠᠬᠢᠭᠤᠯᠵᠤ᠂ ᠬᠣᠶᠠᠷ ᠡᠮ᠎ᠡ – ᠰᠣᠯᠤᠩᠭᠤᠸ᠎ᠠ᠂ ᠰᠠᠢᠬᠠᠨ ᠬᠦᠷᠢ ᠳ᠋ᠦ᠍ᠷ ᠬᠣᠶᠠᠷ ᠮᠢᠩᠭᠠᠨ ᠴᠡᠷᠢᠭ ᠥᠭᠴᠦ ᠪᠠᠷᠠᠭᠤᠨ ᠵᠠᠮ ᠢ᠋ ᠰᠠᠬᠢᠭᠤᠯᠵᠤ᠂ ᠨᠢᠭᠡᠨᠲᠡᠭᠡᠭᠦᠷ ᠮᠣᠩᠭᠣᠯ ᠤ᠋ᠨ ᠪᠤᠭᠤᠷᠵᠢ ᠶ᠋ᠢᠨ ᠴᠡᠷᠢᠭ ᠲᠦ᠍ᠷ ᠳᠣᠪᠲᠣᠯᠭᠠᠨ ᠮᠡᠳᠡᠭᠦᠯᠦᠷ᠎ᠡ ᠢᠯᠡᠭᠡᠪᠡ᠃ ᠮᠡᠳᠡᠭᠡᠨ ᠦ᠌ ᠬᠥᠮᠦᠨ ᠮᠣᠩᠭᠣᠯ ᠤ᠋ᠨ ᠬᠣᠲᠠ ᠳ᠋ᠤᠨᠢ ᠢᠷᠡᠵᠦ ᠮᠡᠳᠡᠭᠦᠯᠬᠦᠢ ᠳ᠋ᠦ᠍ᠷ ᠡᠨᠳᠡ ᠪᠠᠰᠠ ᠬᠡᠳᠦᠢᠨᠡᠢ ᠣᠯᠵᠤ ᠰᠣᠨᠣᠰᠤᠭᠠᠳ ᠲᠣᠰᠴᠤ ᠴᠡᠷᠢᠭ ᠭᠠᠷᠤᠭᠰᠠᠨ ᠠᠵᠤᠭᠤ᠃ ᠲᠡᠳᠦᠢ ᠴᠢᠦᠢ ᠴᠦ᠍ ᠯᠢᠦᠢ ᠬᠠᠷᠠᠬᠠᠨ ᠳᠥᠷᠪᠡᠨ ᠵᠦᠭ ᠲᠦ᠍ᠷ ᠪᠤᠯᠢᠶᠠᠨ ᠳᠡᠭᠡᠷᠡᠮᠳᠡᠨ ᠶᠠᠪᠤᠬᠤᠢ ᠳ᠋ᠤᠷ ᠮᠣᠩᠭᠣᠯ ᠤ᠋ᠨ ᠳᠥᠷᠪᠡᠨ ᠪᠠᠷᠰ ᠤ᠋ᠨ ᠵᠠᠩᠵᠤᠨ ᠤ᠋ ᠨᠡᠬᠡᠬᠦ ᠶᠡᠬᠡ ᠴᠡᠷᠢᠭ ᠬᠦᠷᠴᠦ ᠢᠷᠡᠭᠰᠡᠨ᠎ᠡ ᠴᠢᠦᠢ ᠴᠦ᠍ ᠯᠢᠦᠢ ᠬᠠᠰ ᠬᠠᠭᠠᠨ ᠶᠡᠬᠡᠯ᠎ᠡ ᠠᠶᠤᠵᠤ ᠶᠠᠭᠠᠷᠠᠨ ᠪᠠᠰᠠ ᠴᠡᠷᠢᠭ ᠢ᠋ᠶ᠋ᠡᠨ ᠠᠪᠴᠤ ᠬᠢᠳᠠᠨ ᠤᠯᠤᠰ ᠤ᠋ᠨ ᠵᠦᠭ ᠬᠠᠷᠠᠬᠠᠨ ᠳᠤᠲᠠᠭᠠᠵᠤ ᠶᠠᠪᠤᠭᠰᠠᠭᠠᠷ ᠥᠷᠭᠡᠨ ᠮᠥᠷᠡᠨ ᠢ᠋ ᠠᠷᠠᠢ ᠭᠡᠲᠦᠯᠲᠡᠯ᠎ᠡ ᠭᠡᠨᠡᠳᠲᠡ  ᠫᠤᠤ ᠶ᠋ᠢᠨ ᠳᠠᠭᠤᠨ ᠭᠠᠷᠴᠤ ᠨᠢᠭᠡᠨ ᠠᠩᠭᠢ ᠴᠡᠷᠢᠭ ᠬᠠᠭᠠᠵᠤ ᠢᠷᠡᠪᠡ᠃ ᠦᠵᠡᠪᠡᠰᠦ ᠴᠥᠮ ᠤᠯᠠᠭᠠᠨ ᠥᠩᠭᠡ ᠶ᠋ᠢ ᠬᠡᠷᠡᠭᠯᠡᠵᠦᠬᠦᠢ᠃ ᠳᠣᠲᠣᠷ᠎ᠠ ᠠᠨᠤ ᠬᠣᠶᠠᠷ ᠰᠢᠷ᠎ᠠ ᠲᠤᠭ ᠲᠤᠷ ᠮᠣᠩᠭᠣᠯ ᠤ᠋ᠨ ᠳᠡᠳ᠋ ᠲᠠᠢᠽᠢ ᠴ ᠴᠢᠨ ᠸᠠᠩ ᠬᠡᠮᠡᠵᠦᠬᠦᠢ᠃ ᠬᠣᠶᠠᠷ ᠮᠥᠷᠥ ᠳ᠋ᠦ᠍ᠷ ᠰᠢᠷᠢ ᠬᠤᠲᠤᠭ᠂ ᠬᠠᠷ᠎ᠠ ᠬᠢᠷᠤ ᠬᠣᠶᠠᠷ ᠲᠠᠢᠪᠤᠤ ᠬᠥᠮᠦᠨ ᠪᠦᠷᠢ ᠳᠥᠷᠪᠡᠨ ᠪᠠᠭ᠎ᠠ ᠵᠠᠩᠵᠤᠨ ᠢ᠋ ᠠᠪᠴᠤ ᠭᠠᠷᠬᠤ ᠵᠠᠮ ᠢ᠋ ᠬᠥᠨᠳᠡᠯᠢᠳᠪᠡ᠃ ᠴᠢᠦᠢ ᠴᠦ᠍ ᠯᠢᠦᠢ ᠬᠠᠰ ᠬᠠᠭᠠᠨ ᠶᠡᠬᠡᠯ᠎ᠡ ᠠᠶᠤᠨ ᠪᠡᠶ᠎ᠡ ᠶ᠋ᠢᠨ ᠰᠦᠨᠡᠰᠦ ᠪᠡᠶ᠎ᠡ ᠡᠴᠡ ᠰᠠᠷᠨᠢᠨ ᠰᠢᠭᠤᠳ ᠪᠠᠢᠯᠳᠤᠬᠤ ᠴᠤ᠌ ᠦᠭᠡᠢ ᠳᠠᠷᠤᠨ ᠵᠡᠭᠦᠨ ᠡᠮᠦᠨ᠎ᠡ ᠵᠦᠭ ᠰᠢᠪᠲᠤᠷᠠᠨ ᠳᠤᠲᠠᠭᠠᠬᠤᠢ ᠳ᠋ᠤᠷ ᠮᠣᠩᠭᠣᠯ ᠤ᠋ᠨ ᠴᠡᠷᠢᠭ ᠦ᠋ᠨ ᠳᠣᠲᠣᠷ᠎ᠠ ᠶᠡᠬᠡ ᠬᠡᠩᠭᠡᠷᠭᠡ ᠳᠠᠭᠤᠷᠢᠰᠴᠤ ᠬᠣᠢᠨ᠎ᠠ ᠠ᠋ᠴᠠ ᠰᠤᠨᠳᠠᠯᠠᠨ ᠠᠯᠠᠵᠤ ᠭᠤᠴᠢᠨ ᠭᠠᠵᠠᠷ ᠨᠡᠬᠡᠪᠡ᠃ ᠴᠢᠦᠢ ᠴᠦ᠍ ᠯᠢᠦᠢ ᠬᠠᠰ ᠬᠠᠭᠠᠨ ᠤ᠋ ᠴᠡᠷᠢᠭ ᠶᠡᠬᠡ ᠬᠠᠭᠠᠰ ᠬᠣᠬᠢᠷᠠᠪᠠ᠃ ᠡᠭᠦᠨ ᠳ᠋ᠦ᠍ ᠬᠠᠷᠠᠬᠠᠨ ᠳᠣᠪᠲᠣᠯᠤᠨ ᠳᠤᠲᠠᠭᠠᠵᠤ ᠭᠠᠷᠤᠭᠠᠳ ᠬᠠᠷᠠᠩᠭᠤᠢ ᠠᠭᠤᠯᠠᠨ ᠤ᠋ ᠵᠡᠪᠡ ᠳ᠋ᠦ᠍ᠷ ᠣᠷᠣᠵᠤ ᠨᠢᠭᠡᠨ ᠰᠥᠨᠢ ᠬᠣᠨᠣᠵᠤ ᠮᠣᠷᠢ ᠪᠠᠨ ᠠᠯᠠᠵᠤ ᠮᠢᠬ᠎ᠠ ᠶ᠋ᠢ ᠰᠢᠷᠠᠵᠤ ᠢᠳᠡᠭᠡᠳ ᠬᠠᠷᠢᠯᠴᠠᠨ ᠤᠬᠢᠯᠠᠯᠴᠠᠨ ᠬᠠᠰᠬᠢᠷᠤᠯᠴᠠᠮᠤᠢ᠃ 
       ᠡᠭᠦᠨ ᠳ᠋ᠦ᠍ᠷ ᠵᠣᠴᠢ᠂ ᠴᠠᠭᠠᠲᠠᠢ ᠬᠣᠶᠠᠭᠤᠯᠠ ᠴᠡᠷᠢᠭ ᠢ᠋ᠶ᠋ᠡᠨ ᠵᠠᠰᠠᠨ ᠪᠠᠰᠠ ᠨᠡᠬᠡᠨ ᠣᠷᠣᠵᠤ ᠢᠷᠡᠬᠦᠶ᠎ᠡ᠂ ᠬᠣᠢᠨ᠎ᠠ ᠠ᠋ᠴᠠ ᠪᠠᠰᠠ ᠳᠥᠷᠪᠡᠨ ᠪᠠᠷᠰ ᠤ᠋ᠨ ᠵᠠᠩᠵᠤᠨ ᠨᠠᠷ ᠮᠥᠨ ᠨᠡᠬᠡᠨ ᠬᠦᠷᠴᠦ ᠢᠷᠡᠭᠡᠳ ᠬᠠᠷᠢᠯᠴᠠᠨ ᠵᠣᠯᠭᠠᠵᠤ᠂ ᠵᠢᠨᠦᠩ ᠦ᠋ᠨ ᠵᠠᠬᠢᠶ᠎ᠠ : 《ᠬᠡᠳᠦᠢ ᠬᠢᠳᠠᠨ ᠤᠯᠤᠰ ᠲᠤᠷ ᠳᠤᠲᠠᠭᠠᠨ ᠣᠷᠣᠪᠠᠴᠤ ᠨᠡᠬᠡᠵᠦ ᠦᠨᠳᠦᠰᠦᠨ ᠢ᠋ ᠳᠠᠰᠤᠯ᠂ ᠬᠡᠷᠪᠡ ᠵᠠᠪᠳᠤᠵᠤ ᠬᠢᠳᠠᠨ ᠤᠯᠤᠰ ᠤ᠋ᠨ ᠬᠣᠲᠠᠨ ᠳ᠋ᠤᠷ ᠣᠷᠣᠪᠠᠰᠤ ᠤᠯᠤᠰ ᠲᠤᠷ ᠮᠡᠳᠡᠭᠡ ᠢᠯᠡᠭᠡᠵᠦ᠂ ᠤᠯᠤᠰ ᠤ᠋ᠨ ᠠᠮᠤᠷ ᠴᠡᠷᠢᠭ ᠢ᠋ ᠠᠪᠴᠤ ᠬᠢᠳᠠᠨ ᠯᠤᠭ᠎ᠠ ᠬᠠᠮᠲᠤ ᠪᠠᠢᠯᠳᠤᠵᠤ ᠠᠷᠢᠯᠭ᠎ᠠ ᠬᠡᠮᠡᠪᠡ ! 》ᠬᠡᠮᠡᠭᠰᠡᠨ ᠳ᠋ᠦ᠍ᠷ ᠵᠣᠴᠢ᠂ ᠴᠠᠭᠠᠲᠠᠢ ᠬᠣᠶᠠᠷ ᠲᠠᠢᠽᠢ ᠳᠠᠷᠤᠢ ᠬᠠᠮᠲᠤ ᠪᠠᠷ ᠨᠡᠬᠡᠵᠦ ᠣᠷᠣᠪᠠ᠃ ᠲᠡᠳᠦᠢ ᠰᠥᠨᠢ ᠳᠦᠯᠢ ᠳ᠋ᠦ᠍ᠷ ᠴᠢᠦᠢ ᠴᠦ᠍ ᠯᠢᠦᠢ ᠬᠠᠰ ᠬᠠᠭᠠᠨ ᠭᠡᠨᠡᠳᠲᠡ ᠵᠡᠭᠦᠳᠦᠨ ᠳ᠋ᠦ᠍ᠷ ᠲᠠᠢᠶᠠᠩ ᠬᠠᠭᠠᠨ ᠲᠣᠯᠣᠭᠠᠢ ᠠ᠋ᠴᠠ ᠪᠠᠨ ᠴᠢᠰᠤ ᠴᠤᠪᠤᠷᠢᠭᠤᠯᠤᠨ ᠬᠣᠶᠠᠷ ᠨᠢᠳᠦ ᠪᠡᠨ ᠪᠦᠯᠲᠡᠢᠨ ᠬᠠᠷᠠᠭᠠᠳ ᠦᠰᠦ ᠪᠡᠨ ᠲᠠᠯᠪᠢᠨ ᠲᠡᠭᠦᠨ ᠦ᠌ ᠡᠰᠡᠷᠭᠦ ᠴᠠᠪᠴᠢᠨ ᠢᠷᠡᠬᠦᠢ ᠶ᠋ᠢ ᠵᠡᠭᠦᠳᠦᠯᠡᠭᠡᠳ ᠰᠣᠴᠢᠨ ᠰᠠᠷᠢᠪᠠᠰᠤ ᠪᠠᠰᠠ ᠬᠦ᠌ ᠨᠢᠳᠦᠨ ᠳ᠋ᠦ᠍ᠷ ᠦᠵᠡᠭᠳᠡᠬᠦᠢ ᠳ᠋ᠦ᠍ᠷ ᠶᠡᠬᠡᠯ᠎ᠡ ᠪᠠᠷᠬᠢᠷᠠᠨ ᠶᠠᠭᠠᠷᠠᠨ ᠢᠯᠳᠦ ᠪᠠᠷᠢᠨ ᠭᠦᠶᠦᠨ ᠪᠣᠰᠴᠤ ᠨᠢᠭᠡᠨᠲᠡ ᠴᠠᠪᠴᠢᠭ᠍ᠰᠠᠨ ᠳ᠋ᠤᠷ ᠢᠯᠳᠦᠨ ᠬᠣᠭᠣᠰᠣᠨ ᠭᠠᠵᠠᠷ ᠢ᠋ ᠴᠢᠴᠢᠭᠡᠳ ᠬᠦᠴᠦᠨ ᠬᠡᠲᠦᠷᠡᠭᠰᠡᠨ ᠳ᠋ᠦ᠍ᠷ ᠬᠥᠯ ᠦ᠋ᠨ ᠰᠠᠯᠠᠭ᠎ᠠ ᠪᠠᠨ ᠴᠠᠪᠴᠢᠵᠤ ᠴᠢᠰᠤ ᠭᠠᠷᠤᠭᠰᠠᠨ ᠳ᠋ᠤᠷ ᠲᠡᠷᠡ ᠰᠦᠨᠡᠰᠦᠨ ᠦᠵᠡᠭᠳᠡᠬᠦ ᠦᠭᠡᠢ ᠪᠣᠯᠪᠠ᠃ ᠡᠭᠦᠨ ᠳ᠋ᠦ᠍ᠷ ᠴᠢᠩᠨᠠᠪᠠᠰᠤ ᠬᠣᠯᠠ ᠠ᠋ᠴᠠ ᠮᠥᠨ ᠬᠦ᠌ ᠨᠡᠬᠡᠬᠦ ᠴᠡᠷᠢᠭ ᠦ᠋ᠨ ᠦᠢᠮᠡᠭᠡᠨ ᠭᠠᠷᠤᠭᠰᠠᠨ ᠳ᠋ᠤᠷ ᠶᠠᠭᠠᠷᠠᠨ ᠭᠦᠶᠦᠨ ᠪᠣᠰᠴᠤ ᠮᠣᠷᠢ ᠪᠠᠨ ᠤᠨᠤᠵᠤ ᠣᠯᠠᠨ ᠴᠡᠷᠢᠭ ᠢ᠋ ᠬᠠᠷᠠᠬᠠᠨ ᠰᠡᠷᠢᠭᠡᠵᠦ ᠬᠠᠮᠲᠤ ᠳᠤᠲᠠᠭᠠᠰᠤᠭᠠᠢ ᠬᠡᠮᠡᠲᠡᠯ᠎ᠡ ᠤᠨᠤᠭᠰᠠᠨ ᠮᠣᠷᠢ ᠠᠨᠤ ᠬᠠᠪᠠᠷ ᠢ᠋ᠶ᠋ᠡᠨ ᠬᠤᠷᠴᠢᠭᠢᠨᠠᠨ ᠨᠠᠳᠬᠤᠬᠤ ᠶ᠋ᠢ ᠦᠵᠡᠪᠡᠰᠦ᠂ ᠪᠠᠰᠠ ᠲᠠᠢᠶᠠᠩ ᠬᠠᠭᠠᠨ ᠦᠰᠦ ᠪᠡᠨ ᠲᠠᠯᠪᠢᠨ ᠤᠨᠠᠭᠠᠵᠤ᠂ ᠮᠣᠷᠢᠨ ᠤ᠋ ᠲᠣᠯᠣᠭᠠᠢ ᠶ᠋ᠢ ᠬᠠᠯᠬᠠᠯᠠᠬᠤᠢ ᠳ᠋ᠤᠷ ᠴᠢᠦᠢ ᠴᠦ᠍ ᠯᠢᠦᠢ ᠬᠠᠰ ᠬᠠᠭᠠᠨ ᠪᠠᠰᠠ ᠶᠡᠬᠡᠯ᠎ᠡ ᠠᠶᠤᠵᠤ《ᠦᠬᠦᠭᠰᠡᠨ ᠰᠦᠨᠡᠰᠦ ᠬᠡᠨ ᠢ᠋ ᠳᠠᠷᠤᠯᠠᠮᠤᠢ ? 》 ᠭᠡᠮᠡᠨ ᠨᠢᠭᠡᠨᠲᠡ ᠴᠠᠪᠴᠢᠭ᠍ᠰᠠᠨ ᠳ᠋ᠤᠷ ᠤᠨᠤᠭᠰᠠᠨ ᠮᠣᠷᠢᠨ ᠤ᠋ ᠨᠢᠭᠡᠨ ᠴᠢᠬᠢ ᠶ᠋ᠢ ᠴᠠᠪᠴᠢᠵᠤ ᠠᠪᠤᠭᠰᠠᠨ ᠳ᠋ᠤᠷ ᠮᠣᠷᠢ ᠢᠨᠦ ᠲᠣᠢᠯᠠᠵᠤ ᠴᠢᠦᠢ ᠴᠦ᠍ ᠯᠢᠦᠢ ᠮᠣᠷᠢᠨ ᠠ᠋ᠴᠠ ᠪᠠᠨ ᠥᠩᠬᠥᠷᠢᠨ ᠤᠨᠠᠪᠠ᠃ ᠡᠨᠡ ᠴᠢᠳᠬᠥᠷ ᠢ᠋ ᠴᠢᠦᠢ ᠴᠦ᠍ ᠯᠢᠦᠢ ᠬᠠᠰ ᠬᠠᠭᠠᠨ ᠤ᠋ ᠣᠢᠷᠠᠯᠴᠠᠭ᠎ᠠ ᠪᠠᠢᠭᠰᠠᠨ ᠰᠢᠳᠠᠷ ᠠᠷᠠᠳ ᠴᠥᠮ ᠦᠵᠡᠪᠡ᠃ ᠲᠡᠳᠦᠢ ᠪᠦᠭᠦᠳᠡᠭᠡᠷ ᠠᠶᠤᠯᠳᠤᠵᠤ ᠬᠠᠰᠬᠢᠷᠤᠯᠳᠤᠭᠰᠠᠨ᠎ᠠ᠂ ᠲᠡᠷᠡ ᠰᠦᠨᠡᠰᠦ ᠰᠠᠷᠨᠢᠪᠠ᠃ ᠰᠢᠳᠠᠷ ᠠᠷᠠᠳ ᠶᠠᠭᠠᠷᠠᠨ ᠴᠢᠦᠢ ᠴᠦ᠍ ᠯᠢᠦᠢ ᠳ᠋ᠦ᠍ᠷ ᠥᠪᠡᠷ᠎ᠡ ᠮᠣᠷᠢ ᠬᠠᠯᠠᠨ ᠤᠨᠤᠭᠤᠯᠵᠤ ᠵᠡᠭᠦᠨ ᠡᠮᠦᠨ᠎ᠡ ᠵᠦᠭ ᠳᠣᠪᠲᠣᠯᠤᠨ ᠳᠤᠲᠠᠭᠠᠵᠤ ᠡᠴᠢᠪᠡ᠃ 
       ᠡᠨᠡ ᠦᠶ᠎ᠡ ᠳ᠋ᠦ᠍ᠷ ᠠᠯᠲᠠᠨᠱᠠᠭ᠎ᠠ ᠶ᠋ᠢᠨ ᠲᠤᠷᠰᠢᠭᠤᠯ ᠴᠡᠷᠢᠭ ᠦ᠋ᠨ ᠮᠡᠳᠡᠭᠡ ᠪᠡᠷ ᠴᠢᠦᠢ ᠴᠦ᠍ ᠯᠢᠦᠢ ᠣᠢᠷ᠎ᠠ ᠬᠦᠷᠴᠦ ᠢᠷᠡᠭᠰᠡᠨ ᠢ᠋ ᠮᠡᠳᠡᠭᠡᠳ ᠠᠯᠲᠠᠨᠱᠠᠭ᠎ᠠ ᠵᠡᠭᠦᠨ ᠪᠠᠷᠠᠭᠤᠨ ᠬᠣᠶᠠᠷ ᠵᠠᠮ ᠤ᠋ᠨ ᠲᠡᠷᠢᠭᠦᠯᠡᠭᠰᠡᠨ ᠵᠠᠩᠵᠤᠨ ᠳ᠋ᠤᠷ ᠮᠡᠳᠡᠭᠡ ᠢᠯᠡᠭᠡᠵᠦ᠂ ᠭᠤᠷᠪᠠᠨ ᠵᠠᠮ ᠤ᠋ᠨ ᠴᠡᠷᠢᠭ ᠦ᠋ᠨ ᠬᠣᠭᠣᠷᠣᠨᠳᠣ ᠲᠠᠪᠤᠨ ᠭᠠᠵᠠᠷ ᠨᠢᠭᠡᠨ ᠫᠤᠤ ᠪᠠᠷ ᠵᠠᠯᠭᠠᠯᠳᠤᠨ ᠮᠡᠳᠡᠭᠡ ᠶ᠋ᠢᠨ ᠲᠡᠮᠳᠡᠭ ᠪᠣᠯᠭᠠᠪᠠ᠂ ᠵᠢᠴᠢ ᠡᠳᠦᠷ ᠴᠢᠦᠢ ᠴᠦ᠍ ᠯᠢᠦᠢ ᠰᠢᠭᠤᠳ ᠳᠤᠲᠠᠭᠠᠵᠤ ᠵᠠᠮ ᠢ᠋ᠶ᠋ᠠᠷ ᠳᠣᠪᠲᠣᠯᠤᠨ ᠢᠷᠡᠬᠦᠢ ᠳ᠋ᠦ᠍ᠷ ᠠᠯᠲᠠᠨᠱᠠᠭ᠎ᠠ ᠶ᠋ᠢᠨ ᠴᠡᠷᠢᠭ ᠲᠦ᠍ᠷ ᠴᠢᠪ ᠤᠴᠠᠷᠠᠭᠰᠠᠨ᠎ᠠ᠂ ᠠᠯᠲᠠᠨᠱᠠᠭ᠎ᠠ ᠡᠴᠢᠭᠡ ᠪᠡᠨ ᠠᠯᠠᠭᠰᠠᠨ ᠢ᠋ ᠰᠠᠨᠠᠵᠤ ᠨᠢᠳᠦᠨ ᠡᠴᠡ ᠭᠠᠯ ᠭᠠᠷᠴᠤ ᠦᠭᠡ ᠠᠰᠠᠭᠤᠬᠤ ᠴᠢᠯᠥᠭᠡ ᠦᠭᠡᠢ᠂ ᠰᠢᠲᠦ ᠪᠡᠨ ᠬᠠᠪᠢᠷᠤᠨ ᠵᠢᠳᠠ ᠪᠠᠨ ᠮᠤᠰᠬᠢᠨ ᠴᠢᠭᠯᠡᠨ ᠣᠷᠣᠵᠤ ᠢᠷᠡᠬᠦᠢ ᠳ᠋ᠦ᠍ᠷ ᠴᠢᠦᠢ ᠴᠦ᠍ ᠯᠢᠦᠢ ᠶᠡᠬᠡᠯ᠎ᠡ ᠠᠶᠤᠵᠤ᠂ ᠰᠠᠶᠢ ᠪᠡᠶ᠎ᠡ ᠡᠭᠡᠵᠦ ᠪᠠᠷᠠᠭᠤᠨ ᠵᠦᠭ ᠳᠤᠲᠠᠭᠠᠰᠤᠭᠠᠢ ᠬᠡᠮᠡᠲᠡᠯ᠎ᠡ ᠦᠵᠡᠪᠡᠰᠦ ᠨᠢᠭᠡᠨ ᠠᠩᠭᠢ ᠬᠠᠷ᠎ᠠ ᠰᠠᠯᠬᠢᠨ ᠤ᠋ ᠳᠣᠲᠣᠷ᠎ᠠ ᠬᠠᠷᠠᠬᠠᠨ ᠲᠠᠢᠶᠠᠩ ᠬᠠᠭᠠᠨ ᠤ᠋ ᠰᠦᠨᠡᠰᠦ ᠮᠥᠨ ᠬᠦ᠌ ᠦᠰᠦ ᠪᠡᠨ ᠲᠠᠯᠪᠢᠨ ᠬᠠᠷ᠎ᠠ ᠡᠳᠦᠷ ᠢ᠋ᠶ᠋ᠡᠷ ᠢᠷᠡᠬᠦ ᠶ᠋ᠢ ᠦᠵᠡᠭᠡᠳ ᠶᠡᠬᠡᠯ᠎ᠡ ᠠᠶᠤᠨ ᠶᠠᠭᠠᠷᠠᠨ ᠵᠡᠭᠦᠨ ᠵᠦᠭ ᠳᠣᠪᠲᠣᠯᠤᠨ ᠳᠤᠲᠠᠭᠠᠪᠠ᠂ ᠡᠨᠡ ᠦᠶ᠎ᠡ ᠳ᠋ᠦ᠍ᠷ ᠠᠯᠲᠠᠨᠱᠠᠭ᠎ᠠ ᠶ᠋ᠢᠨ ᠲᠡᠮᠳᠡᠭ ᠦ᠋ᠨ ᠫᠤᠤ ᠨᠢᠭᠡᠨᠲᠡ ᠳᠤᠤᠭᠠᠷᠤᠮᠠᠭᠴᠠ ᠵᠡᠭᠦᠨ ᠪᠠᠷᠠᠭᠤᠨ ᠬᠣᠶᠠᠷ ᠵᠠᠮ ᠤ᠋ᠨ ᠴᠡᠷᠢᠭ ᠴᠥᠮ ᠳᠣᠪᠲᠣᠯᠤᠨ ᠬᠦᠷᠴᠦ ᠢᠷᠡᠬᠦᠶ᠎ᠡ᠂ ᠴᠢᠦᠢ ᠴᠦ᠍ ᠯᠢᠦᠢ ᠬᠠᠰ ᠬᠠᠭᠠᠨ ᠴᠢᠯᠠᠭᠤᠲᠤ ᠳᠠᠪᠠᠭᠠᠨ ᠢ᠋ ᠳᠠᠪᠠᠵᠤ ᠬᠠᠷᠠᠬᠠᠨ ᠤᠷᠤᠭᠤ ᠳᠤᠲᠠᠭᠠᠬᠤᠢ ᠳ᠋ᠤᠷ ᠴᠢᠪᠬᠢᠲᠡᠯ᠎ᠡ ᠰᠣᠯᠤᠩᠭᠤᠸ᠎ᠠ᠂ ᠰᠠᠢᠬᠠᠨ ᠬᠦᠷᠢ ᠶ᠋ᠢᠨ ᠨᠢᠭᠡᠨ ᠠᠩᠭᠢ ᠬᠣᠶᠠᠷ ᠮᠢᠩᠭᠠᠨ ᠴᠡᠷᠢᠭ ᠠᠮᠤᠷ ᠴᠡᠷᠢᠭ ᠲᠦ᠍ᠷ ᠤᠴᠠᠷᠠᠵᠤ᠂ ᠬᠡᠩᠭᠡᠷᠭᠡ ᠶ᠋ᠢᠨ ᠳᠠᠭᠤᠨ ᠨᠢᠭᠡᠨᠲᠡ ᠭᠠᠷᠴᠤ ᠴᠢᠦᠢ ᠴᠦ᠍ ᠯᠢᠦᠢ ᠶ᠋ᠢ ᠲᠥᠭᠥᠷᠢᠭᠯᠡᠨ ᠬᠠᠭᠠᠪᠠ᠃ ᠡᠨᠡ ᠦᠶ᠎ᠡ ᠳ᠋ᠦ᠍ᠷ ᠴᠢᠦᠢ ᠴᠦ᠍ ᠯᠢᠦᠢ ᠬᠠᠰ ᠬᠠᠭᠠᠨ ᠤ᠋ ᠴᠡᠷᠢᠭ ᠲᠠᠪᠤᠨ ᠵᠠᠭᠤᠨ ᠬᠦᠷᠬᠦ ᠦᠭᠡᠢ᠂ ᠴᠥᠮ ᠬᠣᠴᠣᠷᠬᠤ ᠠᠨᠤ ᠬᠣᠴᠣᠷᠴᠤ ᠬᠣᠬᠢᠷᠠᠬᠤ ᠠᠨᠤ ᠬᠣᠬᠢᠷᠠᠵᠤᠬᠤᠢ᠃ ᠴᠢᠦᠢ ᠴᠦ᠍ ᠯᠢᠦᠢ ᠬᠠᠰ ᠬᠠᠭᠠᠨ ᠦᠵᠡᠪᠡᠰᠦ ᠴᠡᠷᠢᠭ ᠢ᠋ ᠲᠡᠷᠢᠭᠦᠯᠡᠭᠰᠡ ᠢᠨᠦ ᠲᠡᠭᠦᠨ ᠦ᠌ ᠬᠣᠶᠠᠷ ᠪᠡᠷᠢ ᠲᠤᠯᠠ ᠪᠡᠶ᠎ᠡ ᠶ᠋ᠢᠨ ᠰᠦᠨᠡᠰᠦ ᠪᠡᠶ᠎ᠡ ᠡᠴᠡ ᠠᠩᠭᠢᠵᠢᠷᠠᠵᠤ᠂ ᠠᠶ᠎ᠠ ᠣᠳᠣ ᠬᠡᠷᠬᠢᠶ᠎ᠡ ᠭᠡᠮᠡᠨ ᠰᠠᠶᠢ ᠪᠡᠶ᠎ᠡ ᠪᠡᠨ ᠡᠭᠡᠵᠦ ᠮᠣᠷᠢ ᠪᠠᠨ ᠡᠭᠡᠭᠦᠯᠬᠦᠢ ᠳ᠋ᠦ᠍ᠷ ᠬᠣᠢᠨ᠎ᠠ ᠠᠨᠤ ᠪᠠᠰᠠ ᠲᠠᠢᠶᠠᠩ ᠬᠠᠭᠠᠨ ᠦᠵᠡᠭᠳᠡᠬᠦᠢ ᠳ᠋ᠦ᠍ᠷ ᠶᠠᠭᠠᠷᠠᠨ ᠵᠦᠭ ᠦᠭᠡᠢ ᠰᠠᠮᠠᠭᠤᠷᠠᠨ ᠳᠣᠪᠲᠣᠯᠬᠤᠶ᠎ᠠ ᠰᠣᠯᠤᠩᠭᠤᠸ᠎ᠠ᠂ ᠰᠠᠢᠬᠠᠨ ᠬᠦᠷᠢ ᠬᠣᠶᠠᠭᠤᠯᠠ ᠬᠣᠶᠠᠷ ᠡᠲᠡᠭᠡᠳ ᠡᠴᠡ ᠬᠠᠪᠴᠢᠨ ᠣᠷᠣᠵᠤ ᠢᠷᠡᠨ ᠰᠠᠢᠬᠠᠨ ᠬᠦᠷᠢ ᠨᠠᠷᠢᠨ ᠬᠣᠭᠣᠯᠠᠢ ᠪᠠᠷ ᠨᠢᠭᠡᠨᠲᠡ ᠵᠠᠩᠳᠠᠨ ᠬᠠᠳᠬᠤᠭᠰᠠᠨ᠎ᠠ ᠨᠢᠭᠡᠨ ᠤᠳᠠᠭ᠎ᠠ ᠳ᠋ᠤᠷ ᠳᠠᠷᠤᠢ ᠴᠢᠦᠢ ᠴᠦ᠍ ᠯᠢᠦᠢ ᠬᠠᠰ ᠬᠠᠭᠠᠨ ᠤ᠋ ᠪᠠᠷᠠᠭᠤᠨ ᠮᠥᠷᠥ ᠶ᠋ᠢ ᠰᠡᠳᠡ ᠬᠠᠳᠬᠤᠭᠰᠠᠨ ᠳ᠋ᠤᠷ ᠴᠢᠦᠢ ᠴᠦ᠍ ᠯᠢᠦᠢ ᠬᠠᠰ ᠬᠠᠭᠠᠨ ᠭᠠᠷ ᠲᠤᠷ ᠪᠠᠷᠢᠭ᠍ᠰᠠᠨ ᠵᠡᠪᠰᠡᠭ ᠢ᠋ᠶ᠋ᠡᠨ ᠠᠯᠳᠠᠵᠤ ᠠᠶ᠎ᠠ ᠭᠡᠮᠡᠨ ᠨᠢᠭᠡᠨᠲᠡ ᠬᠠᠰᠬᠢᠷᠤᠨ ᠶᠠᠭᠠᠷᠠᠨ ᠡᠭᠡᠵᠦ ᠪᠤᠷᠤᠭᠤᠯᠠᠬᠤᠢ ᠳ᠋ᠤᠷ ᠦᠵᠡᠪᠡᠰᠦ ᠬᠣᠢᠨ᠎ᠠ ᠮᠣᠷᠢᠨ ᠤ᠋ ᠰᠡᠭᠦᠯ ᠡᠴᠡ ᠲᠠᠢᠶᠠᠩ ᠬᠠᠭᠠᠨ ᠵᠢᠭᠤᠷᠠᠯᠳᠤᠬᠤᠶ᠎ᠠ᠂ ᠬᠠᠷᠠᠬᠠᠨ ᠲᠡᠭᠦᠨ ᠢ᠋ ᠦᠵᠡᠭᠡᠳ ᠤᠷᠪᠠᠵᠤ ᠬᠠᠷᠠᠲᠠᠯ᠎ᠠ ᠪᠠᠰᠠ ᠨᠢᠭᠡᠨ ᠨᠠᠷᠠᠨ ᠲᠤᠭ ᠭᠠᠷᠤᠭᠰᠠᠨ ᠳ᠋ᠤᠷ ᠰᠥᠰᠥ ᠬᠡᠮᠬᠡᠷᠡᠵᠦ ᠰᠠᠶᠢ ᠲᠡᠷᠢᠭᠦᠨ ᠡᠷᠭᠦᠲᠡᠯ᠎ᠡ ᠰᠣᠯᠤᠩᠭᠤᠸ᠎ᠠ ᠨᠢᠰᠬᠦ ᠮᠡᠲᠦ ᠣᠢᠷ᠎ᠠ ᠢᠷᠡᠵᠦ ᠪᠠᠷᠠᠭᠤᠨ ᠭᠠᠷ ᠢ᠋ᠶ᠋ᠠᠨ ᠨᠢᠭᠡᠨᠲᠡ ᠰᠤᠩᠭᠠᠵᠤ ᠰᠤᠭᠤ ᠳ᠋ᠤᠷ ᠬᠡᠳᠦᠢ ᠴᠠᠪᠴᠢᠪᠠᠴᠤ ᠬᠦᠴᠦᠷᠦᠭᠰᠡᠨ ᠦᠭᠡᠢ ᠲᠤᠯᠠ ᠳᠠᠷᠤᠢ ᠮᠣᠷᠢ ᠪᠠᠨ ᠲᠠᠰᠢᠭᠤᠷᠳᠠᠨ ᠭᠦᠢᠴᠡᠨ ᠬᠦᠷᠴᠦ ᠴᠢᠦᠢ ᠴᠦ᠍ ᠯᠢᠦᠢ ᠶ᠋ᠢ ᠰᠢᠭᠤᠳ ᠮᠣᠷᠢᠨ ᠤ᠋ ᠳᠡᠭᠡᠷ᠎ᠡ ᠡᠴᠡ ᠲᠡᠪᠡᠷᠢᠨ ᠠᠪᠴᠤ ᠰᠤᠭᠤᠪᠳᠠᠨ ᠵᠢᠭ᠍ᠰᠠᠭᠠᠯ ᠳ᠋ᠤᠷ ᠡᠭᠡᠬᠦᠶ᠎ᠡ᠂ ᠠᠯᠲᠠᠨᠱᠠᠭ᠎ᠠ ᠮᠥᠨ ᠨᠡᠬᠡᠵᠦ ᠢᠷᠡᠭᠡᠳ ᠳᠠᠪᠠᠭᠠᠨ ᠤ᠋ ᠳᠡᠭᠡᠷ᠎ᠡ ᠡᠴᠡ ᠦᠵᠡᠬᠦᠯ᠎ᠡ ᠡᠮ᠎ᠡ ᠢᠨᠦ ᠰᠣᠯᠤᠩᠭᠤᠸ᠎ᠠ ᠲᠡᠭᠦᠨ ᠦ᠌ ᠠᠬ᠎ᠠ ᠴᠢᠦᠢ ᠴᠦ᠍ ᠯᠢᠦᠢ ᠶ᠋ᠢ ᠰᠤᠭᠤᠪᠳᠠᠵᠤ ᠵᠢᠭ᠍ᠰᠠᠭᠠᠯ ᠤ᠋ᠨ ᠳᠣᠲᠣᠷ᠎ᠠ ᠢᠷᠡᠵᠦ᠂ ᠴᠢᠦᠢ ᠴᠦ᠍ ᠯᠢᠦᠢ ᠶ᠋ᠢ ᠴᠣᠬᠢᠨ ᠥᠭᠴᠦ ᠬᠦᠯᠢᠭᠦᠯᠦᠨ ᠡᠷ᠎ᠡ ᠪᠡᠨ ᠤᠭᠲᠤᠵᠤ ᠬᠣᠶᠠᠷ ᠴᠡᠷᠢᠭ ᠬᠠᠮᠲᠤ ᠨᠡᠢᠯᠡᠵᠦ ᠴᠡᠷᠢᠭ ᠦ᠋ᠨ ᠬᠦᠷᠢᠶ᠎ᠡ ᠳ᠋ᠦ᠍ᠷ ᠢᠷᠡᠪᠡ᠃ ᠬᠠᠢᠷᠠᠬᠠᠨ ᠡᠨᠡ ᠴᠢᠦᠢ ᠴᠦ᠍ ᠯᠢᠦᠢ ᠬᠠᠰ ᠬᠠᠭᠠᠨ ᠶᠠᠭᠠᠬᠢᠨ ᠡᠨᠡ ᠮᠡᠲᠦ ᠨᠢᠭᠡᠨ ᠥᠴᠦᠬᠡᠨ ᠡᠬᠡᠨᠡᠷ ᠦ᠋ᠨ ᠭᠠᠷ ᠲᠠᠢ ᠣᠷᠣᠪᠠ ? ᠤᠷᠢᠳᠠ ᠠᠨᠤ ᠲᠡᠭᠦᠨ ᠦ᠌ ᠪᠢᠴᠢᠭᠴᠢ ᠪᠢ ᠡᠷ᠎ᠡ ᠶ᠋ᠢᠨ ᠳᠦᠷᠢᠮ ᠪᠠᠰᠠ ᠪᠣᠢ ᠭᠡᠮᠡᠨ ᠰᠠᠨᠠᠭᠰᠠᠨ ᠪᠥᠯᠥᠭᠡ᠃ ᠬᠣᠢᠨ᠎ᠠ ᠡᠨᠡ ᠬᠡᠳᠦᠨ ᠤᠳᠠᠭ᠎ᠠ ᠳ᠋ᠤᠷ ᠦᠨᠡᠬᠡᠷ ᠲᠡᠭᠦᠨ ᠦ᠌ ᠬᠥᠮᠦᠨ ᠪᠤᠰᠤ ᠶ᠋ᠢ ᠮᠡᠳᠡᠵᠦᠬᠦᠢ᠃ ᠦᠨᠡᠬᠡᠷ ᠰᠠᠢᠨ ᠡᠷ᠎ᠡ ᠶ᠋ᠢᠨ ᠥᠴᠦᠬᠡᠨ ᠭᠠᠷ ᠠᠵᠤᠭᠤ᠃ ᠵᠠᠮ ᠳ᠋ᠤᠷ ᠢᠳᠡᠷ ᠳᠣᠪᠣ ᠶ᠋ᠢᠨ ᠳᠣᠪᠲᠣᠯᠤᠨ ᠢᠷᠡᠬᠦ ᠳ᠋ᠦ᠍ᠷ ᠤᠴᠠᠷᠠᠭᠠᠳ ᠢᠳᠡᠷ ᠳᠣᠪᠣ ᠭᠠᠭᠴᠠ 《ᠬᠡᠷᠬᠢᠪᠡ ᠬᠡᠷᠬᠢᠪᠡ ?》ᠭᠡᠮᠡᠨ ᠠᠰᠠᠭᠤᠭᠰᠠᠨ ᠳ᠋ᠤᠷ ᠴᠡᠷᠢᠭ ᠦ᠋ᠨ ᠠᠷᠠᠳ ᠪᠠᠷᠢᠪᠠ ᠬᠡᠮᠡᠭᠰᠡᠨ ᠳ᠋ᠦ᠍ᠷ ᠢᠳᠡᠷ ᠳᠣᠪᠣ ᠶᠡᠬᠡᠯ᠎ᠡ ᠪᠠᠷᠬᠢᠷᠠᠨ ᠥᠭᠦᠯᠡᠷᠦᠨ : 《 ᠬᠡᠮᠬᠡ ᠬᠡᠮᠬᠡ ᠪᠠᠯᠪᠠᠴᠢᠶ᠎ᠠ᠂ ᠬᠡᠮᠬᠡ ᠬᠡᠮᠬᠡ ᠪᠠᠯᠪᠠᠴᠢ ! ᠬᠠᠮᠢᠭ᠎ᠠ ᠪᠣᠢ ? 》ᠭᠡᠮᠡᠨ ᠡᠰᠡᠷᠭᠦ ᠢᠨᠦ ᠳᠣᠪᠲᠣᠯᠤᠨ ᠡᠴᠢᠬᠦᠢ ᠳ᠋ᠦ᠍ᠷ ᠠᠯᠲᠠᠨᠱᠠᠭ᠎ᠠ ᠶᠠᠭᠠᠷᠠᠨ ᠬᠠᠯᠠᠯᠠᠨ ᠵᠣᠭᠰᠣᠭᠠᠵᠤ ᠥᠭᠦᠯᠡᠷᠦᠨ : 《ᠬᠥᠶᠢ ᠲᠡᠨᠡᠭ ᠴᠢ ᠬᠠᠮᠢᠭᠠᠰᠢ ᠡᠴᠢᠮᠦᠢ ? ᠴᠢ ᠠᠯᠠᠵᠤ ᠦᠯᠦ ᠪᠣᠯᠬᠤ ᠴᠤ᠌ ᠪᠠᠢᠲᠤᠭᠠᠢ᠂ ᠪᠢ ᠮᠥᠨ ᠦᠯᠦ ᠪᠣᠯᠤᠮᠤᠢ᠃ ᠬᠣᠶᠠᠷ ᠲᠤᠷ ᠲᠡᠭᠦᠨ ᠦ᠌ ᠵᠠᠪᠰᠠᠷ ᠦᠭᠡᠢ ᠶᠠᠯ᠎ᠠ ᠪᠠᠰᠠ ᠬᠦ᠌ ᠲᠡᠷᠡ ᠮᠡᠲᠦ ᠲᠣᠳᠣᠷᠬᠠᠢ ᠢᠯᠡᠷᠬᠡᠢ ᠢᠯᠡᠷᠡᠭᠡᠳᠦᠢ ᠪᠣᠯᠠᠢ᠃ ᠭᠠᠭᠴᠠ ᠬᠠᠭᠠᠨ ᠡᠵᠡᠨ ᠢᠷᠡᠭᠰᠡᠨ ᠴᠠᠭ ᠲᠤ᠌ ᠲᠡᠷᠡ ᠥᠪᠡᠷ ᠢ᠋ᠶ᠋ᠡᠨ ᠢᠯᠡᠷᠡᠮᠦᠢ ! 》ᠬᠡᠮᠡᠭᠰᠡᠨ ᠳ᠋ᠦ᠍ᠷ ᠢᠳᠡᠷ ᠳᠣᠪᠣ ᠰᠠᠶᠢ ᠲᠠᠪᠰᠢᠵᠤ ᠥᠭᠦᠯᠡᠷᠦᠨ : 《ᠠᠶ᠎ᠠ ᠡᠵᠡᠨ ᠢ᠋ ᠮᠢᠨᠦ ᠲᠣᠩᠭᠣᠢᠯᠭᠠᠨ ᠴᠣᠬᠢᠵᠤ ᠤᠨᠠᠭᠠᠭᠰᠠᠨ ᠢ᠋ ᠪᠣᠳᠣᠪᠠᠯ ᠨᠢᠭᠡᠨ ᠴᠠᠭ ᠢ᠋ ᠴᠦ᠍ ᠬᠦᠯᠢᠴᠡᠨ ᠥᠩᠭᠡᠷᠡᠭᠡᠬᠦᠶ᠎ᠡ ᠪᠡᠷᠬᠡ ! 》ᠬᠡᠮᠡᠭᠰᠡᠨ ᠳ᠋ᠦ᠍ᠷ ᠠᠯᠲᠠᠨᠱᠠᠭ᠎ᠠ ᠥᠭᠦᠯᠡᠷᠦᠨ : 《ᠲᠡᠢᠮᠦ ᠪᠥᠭᠡᠰᠦ ᠴᠢ ᠶᠠᠭᠤᠨ ᠳ᠋ᠤᠷ ᠬᠡᠳᠦᠢᠨᠡᠢ ᠦᠯᠦ ᠪᠠᠷᠢᠮᠤᠢ ? ᠶᠠᠭᠤᠨ ᠳ᠋ᠤᠷ ᠬᠠᠭᠠᠨ ᠤ᠋ ᠭᠡᠭᠡᠨ ᠢ᠋ ᠬᠥᠳᠡᠯᠭᠦᠢ ᠳ᠋ᠦ᠍ᠷ ᠬᠦᠷᠭᠡᠮᠦᠢ ! 》ᠬᠡᠮᠡᠭᠰᠡᠨ ᠳ᠋ᠦ᠍ᠷ ᠢᠳᠡᠷ ᠳᠣᠪᠣ ᠰᠠᠶᠢ ᠦᠭᠡ ᠪᠡᠨ ᠬᠤᠷᠢᠶᠠᠵᠤ ᠳᠠᠭᠠᠵᠤ ᠢᠷᠡᠪᠡ᠃ ᠲᠡᠳᠦᠢ ᠠᠯᠲᠠᠨᠱᠠᠭ᠎ᠠ᠂ ᠴᠢᠦᠢ ᠴᠦ᠍ ᠯᠢᠦᠢ ᠶ᠋ᠢ ᠴᠢᠩᠳᠠ ᠬᠣᠷᠢᠵᠤ ᠮᠣᠩᠭᠣᠯ ᠤ᠋ᠨ ᠬᠣᠲᠠᠨ ᠳ᠋ᠤᠷ ᠢᠷᠡᠬᠦᠢ ᠵᠠᠮ ᠳ᠋ᠤᠷ ᠬᠣᠶᠠᠷ ᠳᠠᠭᠠᠭᠰᠠᠨ ᠪᠠᠷᠰ ᠤ᠋ᠨ ᠵᠠᠩᠵᠤᠨ ᠨᠠᠷ ᠤ᠋ᠨ ᠴᠡᠷᠢᠭ ᠲᠦ᠍ᠷ ᠤᠴᠠᠷᠠᠵᠤ ᠬᠠᠷᠢᠯᠴᠠᠨ ᠶᠡᠬᠡᠯ᠎ᠡ ᠪᠠᠶᠠᠷᠯᠠᠯᠴᠠᠪᠠ᠃ ᠰᠠᠶᠢ ᠵᠠᠬ᠎ᠠ ᠣᠷᠣᠲᠠᠯ᠎ᠠ ᠪᠤᠭᠤᠷᠵᠢ ᠥᠪᠡᠷ ᠦ᠋ᠨ ᠪᠡᠶ᠎ᠡ ᠪᠡᠷ ᠢ᠋ᠶ᠋ᠡᠨ ᠨᠢᠭᠡᠨ ᠲᠦᠮᠡᠨ ᠴᠡᠷᠢᠭ ᠠᠪᠴᠤ ᠬᠢᠳᠠᠨ ᠤᠯᠤᠰ ᠲᠤᠷ ᠰᠢᠭᠤᠳ ᠬᠥᠭᠡᠭᠡᠨ ᠡᠴᠢᠰᠦᠭᠡᠢ ᠭᠡᠮᠡᠨ ᠬᠦᠷᠴᠦ ᠢᠷᠡᠭᠰᠡᠨ ᠳ᠋ᠦ᠍ᠷ ᠤᠴᠠᠷᠠᠵᠤ᠂ ᠬᠠᠷᠢᠯᠴᠠᠨ ᠤᠴᠢᠷ ᠰᠢᠯᠲᠠᠭᠠᠨ ᠢ᠋ᠶ᠋ᠠᠨ ᠬᠡᠯᠡᠯᠴᠡᠵᠦ ᠶᠡᠬᠡᠯ᠎ᠡ ᠪᠠᠶᠠᠷᠯᠠᠨ᠂ ᠮᠣᠩᠭᠣᠯ ᠤ᠋ᠨ ᠬᠣᠲᠠᠨ ᠳ᠋ᠤᠷ ᠡᠭᠡᠨ ᠢᠷᠡᠵᠦ ᠴᠡᠷᠢᠭ ᠢ᠋ ᠪᠠᠭᠤᠯᠭᠠᠭᠠᠳ ᠬᠠᠭᠠᠨ ᠤ᠋ ᠲᠡᠷᠢᠭᠦᠨ ᠤᠲᠤᠯᠭᠠᠨ ᠳ᠋ᠤᠷ ᠳᠠᠷᠤᠢ ᠠᠯᠲᠠᠨᠱᠠᠭ᠎ᠠ ᠶ᠋ᠢ ᠶᠠᠪᠤᠭᠤᠯᠪᠠ᠃ ᠳᠠᠭᠠᠯᠳᠤᠭ᠎ᠠ ᠳ᠋ᠤᠷ ᠳᠥᠷᠪᠡᠨ ᠲᠠᠢᠽᠢ᠂ ᠨᠢᠭᠡᠨ ᠹᠦ ᠮᠠ᠋ ᠶ᠋ᠢ ᠶᠠᠪᠤᠭᠤᠯᠪᠠ᠃ ᠭᠤᠷᠪᠠᠳᠤᠭᠠᠷ ᠤᠲᠤᠯᠭᠠᠨ ᠳ᠋ᠤᠷ ᠪᠤᠭᠤᠷᠵᠢ ᠪᠡᠶ᠎ᠡ ᠪᠡᠷ ᠣᠯᠠᠨ ᠵᠠᠩᠵᠤᠨ ᠨᠠᠷ ᠢ᠋ ᠠᠪᠴᠤ ᠤᠭᠲᠤᠪᠠ᠃ ᠬᠣᠲᠠᠨ ᠤ᠋ ᠭᠠᠳᠠᠨ᠎ᠠ ᠲᠠᠢᠰᠢ᠂ ᠭᠦᠸᠧ ᠯᠤᠤ ᠨᠠᠷ ᠤᠭᠲᠤᠬᠤ ᠶ᠋ᠢ ᠪᠡᠯᠡᠳᠬᠡᠪᠡ᠃ ᠭᠤᠷᠪᠠᠨ ᠣᠳᠤᠯᠭ᠎ᠠ ᠶ᠋ᠢᠨ ᠲᠠᠢᠽᠢ᠂ ᠹᠦ ᠮᠠ᠋᠂ ᠲᠠᠢᠰᠢ᠂ ᠲᠠᠢᠪᠤᠤ ᠳᠠᠷᠠᠭ᠎ᠠ ᠳᠠᠷᠠᠭ᠎ᠠ ᠪᠠᠷ ᠵᠣᠭᠰᠣᠵᠤ ᠪᠠᠶᠠᠷ ᠤ᠋ᠨ ᠠᠷᠢᠬᠢ ᠪᠠᠷᠢᠵᠤ ᠮᠥᠷᠭᠥᠨ ᠤᠭᠲᠤᠭᠰᠠᠨ ᠳ᠋ᠤᠷ ᠬᠠᠭᠠᠨ ᠤ᠋ ᠭᠡᠭᠡᠨ ᠬᠣᠲᠠᠨ ᠳ᠋ᠤᠷ ᠪᠠᠭᠤᠵᠤ ᠲᠥᠷᠥ ᠳ᠋ᠦ᠍ᠷ ᠭᠠᠷᠴᠤ ᠰᠠᠭᠤᠬᠤᠶ᠎ᠠ᠂ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠲᠠᠪᠤᠨ ᠲᠠᠢᠰᠢ ᠳᠡᠢᠯᠦᠭᠰᠡᠨ ᠪᠠᠶᠠᠷ ᠤ᠋ᠨ ᠶᠣᠰᠣᠭᠠᠷ ᠬᠠᠭᠠᠨ ᠳ᠋ᠤᠷ ᠪᠠᠶᠠᠷ ᠤ᠋ᠨ ᠠᠷᠢᠬᠢ ᠪᠠᠷᠢᠵᠤ᠂ ᠳᠠᠭᠠᠯᠳᠤᠭ᠎ᠠ ᠪᠠᠰᠠ ᠵᠢᠨᠦᠩ ᠮᠤᠬᠤᠯᠢ ᠳ᠋ᠤᠷ ᠮᠥᠨ ᠠᠷᠢᠬᠢ ᠪᠠᠷᠢᠭ᠍ᠰᠠᠨ ᠳ᠋ᠤᠷ ᠮᠤᠬᠤᠯᠢ ᠠᠷᠭ᠎ᠠ ᠦᠭᠡᠢ ᠬᠦᠯᠢᠶᠡᠨ ᠠᠪᠤᠪᠠ᠃ 
       ᠲᠡᠳᠦᠢ ᠬᠠᠷᠢᠭᠤ ᠠᠷᠢᠬᠢ ᠶ᠋ᠢ ᠬᠦᠷᠲᠡᠭᠡᠵᠦ᠂ ᠪᠠᠰᠠ ᠠᠯᠲᠠᠨᠱᠠᠭ᠎ᠠ ᠶ᠋ᠢ :《ᠡᠴᠢᠭᠡ ᠶᠦ᠍ᠭᠡᠨ ᠠᠯᠠᠭᠰᠠᠨ ᠴᠣᠬᠣᠮ ᠥᠰᠲᠦ ᠬᠥᠮᠦᠨ ᠢ᠋ ᠪᠠᠷᠢᠪᠠ᠃ ᠡᠴᠢᠭᠡ ᠳ᠋ᠦ᠍ᠷ ᠢ᠋ᠶ᠋ᠡᠨ ᠲᠠᠬᠢᠮᠳᠠᠭᠤ᠂ ᠡᠵᠡᠨ ᠳ᠋ᠦ᠍ᠷ ᠢ᠋ᠶ᠋ᠡᠨ ᠰᠢᠳᠤᠷᠭᠤ᠂ ᠴᠡᠷᠢᠭ ᠲᠦ᠍ᠷ ᠢ᠋ᠶ᠋ᠠᠨ ᠴᠢᠭᠢᠷᠠᠭ᠂ ᠬᠡᠷᠡᠭ ᠲᠦ᠍ᠷ ᠢ᠋ᠶ᠋ᠡᠨ ᠨᠠᠷᠢᠨ ! 》ᠭᠡᠮᠡᠨ ᠰᠠᠢᠰᠢᠶᠠᠵᠤ ᠮᠣᠳᠣᠷ ᠢ᠋ᠶ᠋ᠠᠷ ᠠᠷᠢᠬᠢ ᠬᠠᠢᠷᠠᠯᠠᠪᠠ ᠃ ᠲᠡᠳᠦᠢ ᠠᠯᠲᠠᠨᠱᠠᠭ᠎ᠠ ᠨᠢᠯᠪᠤᠰᠤᠨ ᠤᠨᠠᠭᠠᠨ ᠴᠢᠦᠢ ᠴᠦ᠍ ᠯᠢᠦᠢ ᠶ᠋ᠢ ᠲᠦᠯᠬᠢᠨ ᠠᠴᠢᠷᠠᠵᠤ ᠰᠥᠭᠥᠳᠬᠡᠭᠰᠡᠨ ᠳ᠋ᠦ᠍ᠷ ᠬᠠᠭᠠᠨ ᠦᠵᠡᠭᠡᠳ ᠠᠭᠤᠷᠯᠠᠨ ᠥᠭᠦᠯᠡᠷᠦᠨ:《ᠡᠨᠡ ᠪᠣᠭᠣᠯ ᠴᠢ ᠶᠠᠭᠤᠲᠠᠢ ᠰᠣᠨᠢᠨ ᠬᠥᠮᠦᠨ᠂ ᠨᠠᠳᠠ ᠯᠤᠭ᠎ᠠ ᠲᠡᠮᠡᠴᠡᠬᠦ ᠢᠨᠦ ᠴᠢᠨᠦ ᠤᠯᠤᠰ ᠯᠤᠭ᠎ᠠ ᠬᠠᠯᠳᠠᠭᠰᠠᠨ ᠲᠤᠯᠠ ᠪᠣᠯᠲᠤᠭᠠᠢ ᠬᠡᠮᠡᠲᠦᠭᠡᠢ᠂ ᠴᠢᠨᠦ ᠠᠪᠠᠭ᠎ᠠ ᠲᠠᠢᠶᠠᠩ ᠬᠠᠭᠠᠨ ᠡᠩ ᠦ᠋ᠨ ᠡᠳᠦᠷ ᠴᠢᠮ᠎ᠠ ᠳ᠋ᠤᠷ ᠥᠴᠦᠬᠡᠨ ᠮᠠᠭᠤ ᠦᠭᠡᠢ ᠪᠣᠯᠠᠢ᠂ ᠴᠢ ᠶᠠᠭᠤᠨ ᠳ᠋ᠤᠷ ᠡᠳᠦᠵᠦ ᠬᠣᠣᠷᠯᠠᠪᠠ ? 》ᠬᠡᠮᠡᠭᠰᠡᠨ ᠳ᠋ᠦ᠍ᠷ ᠴᠢᠦᠢ ᠴᠦ᠍ ᠯᠢᠦᠢ ᠬᠡᠮᠡᠭᠴᠢ ᠡᠨᠡ ᠦᠶ᠎ᠡ ᠳ᠋ᠦ᠍ᠷ ᠨᠢᠳᠦᠨ ᠳ᠋ᠦ᠍ᠷ ᠲᠠᠢᠶᠠᠩ ᠬᠠᠭᠠᠨ ᠦᠵᠡᠭᠳᠡᠬᠦ ᠦᠭᠡᠢ ᠪᠣᠯᠤᠭᠰᠠᠨ ᠳ᠋ᠤᠷ ᠬᠠᠭᠠᠨ ᠤ᠋ ᠳᠡᠷᠭᠡᠳᠡ ᠣᠷᠣᠭᠠᠳ ᠳᠣᠲᠣᠷ᠎ᠠ ᠶᠡᠬᠡᠯ᠎ᠡ ᠠᠮᠤᠰᠬᠢᠵᠦ᠂ ᠳᠠᠷᠤᠢ ᠦᠨᠡᠨ ᠢ᠋ᠶ᠋ᠡᠷ ᠮᠡᠳᠡᠭᠦᠯᠦᠷᠦᠨ :《ᠲᠡᠷᠡ ᠲᠤᠬᠠᠢ ᠬᠠᠭᠠᠨ ᠤ᠋ ᠪᠤᠭᠤᠷᠵᠢ᠂ ᠪᠤᠭᠤᠷᠤᠯ ᠤ᠋ᠨ ᠲᠠᠪᠤᠨ ᠮᠢᠩᠭᠠᠨ ᠴᠡᠷᠢᠭ ᠮᠠᠨ ᠤ᠋ ᠬᠡᠳᠦᠨ ᠵᠠᠭᠤᠨ ᠴᠡᠷᠢᠭ ᠢ᠋ ᠨᠠᠷᠠᠨ ᠤᠨᠠᠬᠤ ᠳᠠᠪᠠᠭ᠎ᠠ ᠳ᠋ᠤᠷ ᠨᠢᠭᠡᠨᠲᠡ ᠬᠣᠷᠢᠵᠤ ᠠᠪᠤᠭᠰᠠᠨ ᠪᠣᠯᠬᠤᠯ᠎ᠠ ᠮᠠᠨ ᠤ᠋ ᠠᠪᠠᠭ᠎ᠠ ᠪᠠᠰᠠ ᠬᠦ᠌ ᠳᠠᠭᠠᠬᠤ ᠦᠭᠡᠢ ᠭᠡᠮᠡᠨ ᠪᠠᠢᠯᠳᠤᠬᠤᠢ ᠳ᠋ᠤᠷ ᠮᠠᠨ ᠤ᠋ ᠪᠦᠭᠦᠳᠡᠭᠡᠷ ᠯᠠᠪ ᠦᠯᠡᠳᠡᠯ ᠦᠭᠡᠢ ᠴᠥᠮ ᠦᠬᠦᠬᠦ ᠲᠤᠯᠠ ᠠᠷᠭ᠎ᠠ ᠦᠭᠡᠢ ᠲᠡᠭᠦᠨ ᠢ᠋ ᠠᠯᠠᠭᠠᠳ ᠪᠢᠳᠡ ᠳ᠋ᠦ᠍ᠷ ᠳᠠᠭᠠᠵᠤ ᠵᠠᠢ ᠡᠷᠢᠨ ᠳᠤᠲᠠᠭᠠᠨ ᠭᠠᠷᠬᠤ ᠶ᠋ᠢ ᠡᠷᠢᠭᠰᠡᠨ ᠪᠥᠯᠥᠭᠡ᠃ ᠬᠡᠷᠪᠡ ᠲᠡᠭᠦᠨ ᠦ᠌ ᠵᠣᠷᠢᠭ ᠢ᠋ᠶ᠋ᠠᠷ ᠲᠤᠯᠤᠭᠤᠯᠪᠠᠰᠤ ᠮᠠᠨ ᠢ᠋ ᠴᠥᠮ ᠠᠯᠠᠵᠤ ᠪᠠᠷᠠᠭᠠᠳ ᠲᠡᠷᠡ ᠮᠥᠨ ᠥᠪᠡᠷ ᠢ᠋ᠶ᠋ᠡᠨ ᠠᠮᠢᠳᠤᠷᠠᠨ ᠴᠢᠳᠠᠬᠤ ᠦᠭᠡᠢ ᠲᠤᠯᠠ ᠨᠢᠭᠡᠨ ᠬᠥᠮᠦᠨ ᠢ᠋ ᠠᠯᠠᠭᠠᠳ ᠵᠠᠭᠤᠨ ᠬᠥᠮᠦᠨ ᠢ᠋ ᠭᠠᠷᠭᠠᠰᠤᠭᠠᠢ ᠬᠡᠮᠡᠭᠰᠡᠨ ᠪᠥᠯᠥᠭᠡ ! 》ᠬᠡᠮᠡᠬᠦᠢ ᠳ᠋ᠦ᠍ᠷ ᠠᠯᠲᠠᠨᠱᠠᠭ᠎ᠠ  ᠲᠡᠭᠦᠨ ᠦ᠌ ᠬᠡᠯᠡᠬᠦ ᠶ᠋ᠢ ᠰᠣᠨᠣᠰᠴᠤ ᠰᠠᠶᠢ ᠶᠡᠬᠡ ᠳᠠᠭᠤᠨ ᠢ᠋ᠶ᠋ᠠᠷ ᠤᠬᠢᠯᠠᠵᠤ ᠠᠢᠯᠠᠳᠬᠠᠷᠤᠨ :《ᠰᠠᠢᠳ ᠪᠢ ᠡᠨᠡ ᠡᠳᠦᠷ ᠰᠠᠶᠢ ᠨᠠᠷᠠᠨ ᠰᠠᠷᠠᠨ ᠲᠡᠭᠷᠢ ᠭᠠᠵᠠᠷ ᠢ᠋ ᠦᠵᠡᠪᠡ᠃ ᠪᠣᠭᠳᠠ ᠡᠵᠡᠨ ᠥᠷᠥᠰᠢᠶᠡᠬᠦᠯ᠎ᠡ ᠰᠠᠢᠳ ᠮᠢᠨᠦ ᠡᠴᠢᠭᠡ ᠶ᠋ᠢ ᠠᠯᠠᠭᠰᠠᠨ ᠲᠤᠰ ᠦᠰᠲᠡᠨ ᠢ᠋ ᠰᠠᠢᠳ ᠮᠢᠨᠦ ᠡᠴᠢᠭᠡ ᠶ᠋ᠢᠨ ᠬᠡᠭᠦᠷ ᠲᠣᠷ ᠢᠯᠡᠭᠡᠵᠦ ᠴᠠᠭᠠᠵᠠ ᠶ᠋ᠢ ᠴᠢᠬᠡ ᠪᠣᠯᠭᠠᠮᠤ! 》 ᠬᠡᠮᠡᠭᠰᠡᠨ ᠳ᠋ᠦ᠍ᠷ ᠬᠠᠭᠠᠨ ᠤ᠋ ᠭᠡᠭᠡᠨ ᠵᠥᠪᠰᠢᠶᠡᠭᠡᠳ ᠴᠢᠦᠢ ᠴᠦ᠍ ᠯᠢᠦᠢ ᠶ᠋ᠢ ᠲᠦᠯᠬᠢᠯᠡᠨ ᠭᠠᠷᠭᠠᠵᠤ᠂ ᠵᠢᠨᠦᠩ ᠮᠤᠬᠤᠯᠢ ᠶ᠋ᠢᠨ ᠳᠡᠭᠦᠦ ᠳᠠᠢᠰᠤᠨᠳᠠᠷᠤᠭᠴᠢ ᠶ᠋ᠢ ᠴᠠᠭᠠᠵᠠ ᠬᠢᠨᠠᠭᠴᠢ ᠲᠦᠰᠢᠮᠡᠯ ᠪᠣᠯᠭᠠᠨ᠂ ᠴᠢᠦᠢ ᠴᠦ᠍ ᠯᠢᠦᠢ ᠶ᠋ᠢ ᠬᠠᠩᠭᠠᠢ ᠠᠭᠤᠯᠠᠨ ᠤ᠋ ᠨᠠᠷᠠᠨ ᠤᠨᠠᠬᠤ ᠳᠠᠪᠠᠭᠠᠨ ᠳ᠋ᠤᠷ ᠠᠪᠠᠴᠢᠵᠤ ᠠᠩᠬᠠᠨ ᠤ᠋ ᠲᠠᠢᠶᠠᠩ ᠬᠠᠭᠠᠨ ᠤ᠋ ᠬᠡᠭᠦᠷ ᠦ᠋ᠨ ᠡᠮᠦᠨ᠎ᠡ ᠴᠠᠭᠠᠵᠠ ᠪᠠᠷ ᠠᠪᠠᠴᠢ ᠭᠡᠮᠡᠨ ᠲᠤᠰᠢᠶᠠᠨ ᠶᠠᠪᠤᠭᠤᠯᠪᠠ᠃ 
       ᠲᠡᠳᠦᠢ ᠳᠠᠢᠰᠤᠨᠳᠠᠷᠤᠭᠴᠢ ᠭᠤᠷᠪᠠᠨ ᠵᠠᠭᠤᠨ ᠴᠡᠷᠢᠭ ᠢ᠋ᠶ᠋ᠡᠷ ᠴᠢᠦᠢ ᠴᠦ᠍ ᠯᠢᠦᠢ ᠶ᠋ᠢ ᠬᠠᠩᠭᠠᠢ ᠠᠭᠤᠯᠠᠨ ᠤ᠋ ᠨᠠᠷᠠᠨ ᠤᠨᠠᠬᠤ ᠳᠠᠪᠠᠭᠠᠨ ᠳ᠋ᠤᠷ ᠠᠪᠠᠴᠢᠵᠤ᠂ ᠡᠵᠡᠨ ᠦ᠌ ᠵᠦᠭ ᠬᠠᠨᠳᠤᠭᠤᠯᠤᠨ ᠰᠥᠭᠥᠳᠬᠡᠵᠦ ᠴᠠᠪᠴᠢᠬᠤᠢ ᠳ᠋ᠤᠷ ᠠᠯᠲᠠᠨᠱᠠᠭ᠎ᠠ ᠶ᠋ᠢᠨ ᠨᠢᠭᠡᠨ ᠭᠡᠷ ᠢ᠋ᠶ᠋ᠡᠷ ᠬᠡᠳᠦᠢᠨᠡᠢ ᠴᠥᠮ ᠪᠡᠯᠪᠡᠰᠦᠷᠡᠯ ᠡᠮᠦᠰᠴᠦ ᠲᠠᠢᠶᠠᠩ ᠬᠠᠭᠠᠨ ᠤ᠋ ᠬᠡᠭᠦᠷ ᠦ᠋ᠨ ᠡᠮᠦᠨ᠎ᠡ ᠲᠠᠬᠢᠯ ᠪᠡᠯᠡᠳᠴᠦ ᠰᠥᠭᠥᠳᠪᠡ᠃ ᠡᠭᠦᠨ ᠢ᠋ ᠠᠯᠠᠬᠤ ᠲᠤᠬᠠᠢ ᠪᠠᠷᠠᠭᠤᠨ ᠬᠣᠢᠲᠤ ᠨᠢᠭᠡᠨ ᠬᠡᠰᠡᠭ ᠰᠠᠯᠬᠢᠨ ᠳ᠋ᠤᠷ ᠲᠠᠢᠶᠠᠩ ᠬᠠᠭᠠᠨ ᠤ᠋ ᠪᠡᠶ᠎ᠡ ᠢᠯᠡᠷᠡᠵᠦ ᠳᠠᠢᠰᠤᠨᠳᠠᠷᠤᠭᠴᠢ ᠶ᠋ᠢᠨ ᠵᠦᠭ ᠵᠣᠭᠰᠣᠭᠰᠠᠨ ᠢ᠋ ᠣᠯᠠᠨ ᠢ᠋ᠶ᠋ᠠᠷ ᠴᠥᠮ ᠦᠵᠡᠪᠡ᠃ ᠡᠭᠦᠨ ᠳ᠋ᠦ᠍ᠷ ᠢᠳᠡᠷ ᠳᠣᠪᠣ ᠬᠥᠮᠦᠨ ᠠᠯᠠᠬᠤ ᠬᠢᠲᠤᠭ᠎ᠠ ᠶ᠋ᠢ ᠪᠠᠷᠢᠰᠤᠭᠠᠢ ᠬᠡᠮᠡᠬᠦᠢ ᠳ᠋ᠦ᠍ᠷ ᠠᠯᠲᠠᠨᠱᠠᠭ᠎ᠠ ᠲᠣᠯᠣᠭᠠᠢ ᠰᠠᠵᠢᠵᠤ ᠵᠣᠭᠰᠣᠭᠠᠪᠠ᠃ ᠤᠳᠠᠭᠰᠠᠨ ᠦᠭᠡᠢ ᠫᠤᠤ ᠳᠠᠭᠤᠷᠢᠰᠴᠤ ᠴᠢᠦᠢ ᠴᠦ᠍ ᠯᠢᠦᠢ ᠶ᠋ᠢᠨ ᠲᠣᠯᠣᠭᠠᠢ ᠤᠨᠠᠭᠰᠠᠨ ᠳ᠋ᠤᠷ ᠢᠳᠡᠷ ᠳᠣᠪᠣ ᠶᠠᠭᠠᠷᠠᠨ ᠭᠠᠷ ᠢ᠋ᠶ᠋ᠠᠷ ᠴᠢᠰᠤ ᠶ᠋ᠢ ᠪᠢᠲᠡᠭᠦᠯᠡᠨ ᠠᠪᠴᠤ ᠲᠠᠢᠶᠠᠩ ᠬᠠᠭᠠᠨ ᠤ᠋ ᠲᠠᠬᠢᠯ ᠤ᠋ᠨ ᠰᠢᠷᠡᠭᠡᠨ᠎ᠡ ᠰᠠᠴᠤᠵᠤ ᠠᠷᠢᠬᠢ ᠳᠤᠰᠤᠭᠠᠵᠤ ᠶᠡᠬᠡᠯ᠎ᠡ ᠤᠬᠢᠯᠠᠯᠴᠠᠪᠠ᠃ 
       ᠲᠡᠳᠦᠢ ᠨᠠᠢ᠍ᠮᠠᠨ ᠨᠡᠢᠲᠡ ᠪᠡᠷ ᠡᠵᠡᠨ ᠦ᠌ ᠵᠦᠭ ᠬᠠᠨᠳᠤᠨ ᠬᠦᠨᠳᠦ ᠬᠡᠰᠢᠭ ᠲᠣᠷ ᠮᠥᠷᠭᠥᠵᠦ ᠢᠷᠡᠭᠰᠡᠨ ᠡᠯᠴᠢ ᠶ᠋ᠢ ᠬᠦᠨᠳᠦᠯᠡᠵᠦ᠂ ᠴᠢᠦᠢ ᠴᠦ᠍ ᠯᠢᠦᠢ ᠶ᠋ᠢᠨ ᠬᠡᠭᠦᠷ ᠢ᠋ ᠬᠣᠷᠢᠶᠠᠨ᠂ ᠲᠡᠭᠦᠨ ᠦ᠌ ᠡᠴᠢᠭᠡ ᠬᠣᠵᠢᠮ ᠤ᠋ᠨ ᠲᠠᠢᠶᠠᠩ ᠬᠠᠭᠠᠨ ᠪᠤᠯᠤᠤ ᠬᠠᠭᠠᠨ ᠤ᠋ ᠬᠡᠭᠦᠷ ᠦ᠋ᠨ ᠡᠮᠦᠨ᠎ᠡ ᠲᠠᠯᠪᠢᠵᠤ᠂ ᠡᠮᠦᠨ᠎ᠡ ᠠᠨᠤ ᠤᠴᠢᠷ ᠰᠢᠯᠲᠠᠭᠠᠨ ᠢ᠋ ᠰᠡᠢᠯᠵᠦ᠂ ᠬᠥᠰᠢᠶ᠎ᠡ ᠪᠣᠰᠬᠠᠪᠠ ᠬᠡᠮᠡᠮᠦᠢ᠃ ᠴᠢᠦᠢ ᠴᠦ᠍ ᠯᠢᠦᠢ ᠬᠥᠪᠡᠭᠦᠨ ᠦᠭᠡᠢ ᠲᠤᠯᠠ ᠪᠤᠯᠤᠤ ᠶ᠋ᠢᠨ ᠠᠢᠮᠠᠭ ᠲᠠᠰᠤᠷᠠᠪᠠ᠂ ᠲᠡᠳᠦᠢ ᠵᠠᠷᠯᠢᠭ ᠤ᠋ᠨ ᠰᠠᠢᠳ ᠡᠭᠡᠵᠦ ᠵᠠᠷᠯᠢᠭ ᠢ᠋ ᠡᠭᠡᠭᠦᠯᠪᠡ᠃ ᠠᠯᠲᠠᠨᠱᠠᠭ᠎ᠠ ᠶ᠋ᠢ ᠤᠬᠠᠭᠠᠨᠲᠤ ᠨᠠᠷᠢᠨ ᠬᠡᠮᠡᠪᠡᠰᠦ ᠪᠣᠯᠤᠮᠤᠢ᠃ ᠡᠭᠦᠨ ᠡᠴᠡ ᠪᠤᠰᠤ ᠬᠥᠮᠦᠨ ᠪᠣᠯᠪᠠᠰᠤ ᠴᠢᠦᠢ ᠴᠦ᠍ ᠯᠢᠦᠢ ᠶ᠋ᠢ ᠯᠠᠪ ᠥᠪᠡᠷ ᠢ᠋ᠶ᠋ᠡᠨ ᠠᠯᠠᠮᠤᠢ᠂ ᠢᠳᠡᠷ ᠳᠣᠪᠣ ᠶ᠋ᠢ ᠵᠣᠭᠰᠣᠭᠠᠭᠰᠠᠨ ᠠᠨᠤ ᠤᠴᠢᠷ ᠠᠮᠤᠢ᠃ 
       ᠲᠡᠨᠳᠡᠴᠡ ᠡᠮᠦᠨ᠎ᠡ ᠡᠴᠡ ᠬᠣᠶᠠᠷ ᠵᠦᠢᠯ ᠦ᠋ᠨ ᠴᠢᠬᠤᠯᠠ ᠬᠡᠷᠡᠭ ᠮᠡᠳᠡᠭᠦᠯᠬᠦ ᠬᠥᠮᠦᠨ ᠢᠷᠡᠪᠡ᠃ ᠨᠢᠭᠡᠨ ᠢᠨᠦ ᠠᠯᠲᠠᠨ ᠤᠯᠤᠰ ᠤ᠋ᠨ ᠬᠢᠵᠠᠭᠠᠷ ᠤ᠋ᠨ ᠲᠤᠷᠰᠢᠭᠤᠯ ᠮᠡᠳᠡᠭᠦᠯᠬᠦ ᠢᠨᠦ :ᠡᠨᠡ ᠶᠢᠰᠦᠨ ᠰᠠᠷ᠎ᠠ ᠳ᠋ᠤᠷ ᠰᠥᠩ ᠨᠢᠩᠽᠦ᠋ᠩ ᠸᠠᠨ ᠶᠠᠨ ᠵᠢᠩ᠂  ᠸᠧᠢ ᠸᠠᠩ ᠶᠦᠩ ᠵᠢᠢ ᠶ᠋ᠢᠨ ᠬᠣᠣᠷ᠎ᠠ ᠳ᠋ᠤᠷ ᠦᠬᠦᠭᠡᠳ ᠸᠧᠢ ᠸᠠᠩ ᠶᠦᠩ ᠶ᠋ᠢᠢ ᠢᠯᠳᠦ ᠪᠠᠷᠢᠨ ᠲᠥᠷᠥ ᠶ᠋ᠢ ᠡᠵᠡᠷᠬᠡᠵᠦ ᠬᠠᠭᠠᠨ ᠤ᠋ ᠰᠠᠭᠤᠷᠢᠨ ᠢ᠋ ᠪᠤᠯᠢᠶᠠᠵᠤ ᠰᠠᠭᠤᠪᠠ ᠬᠡᠮᠡᠭᠰᠡᠨ ᠳ᠋ᠦ᠍ᠷ ᠴᠢᠩᠭᠢᠰ ᠬᠠᠭᠠᠨ ᠠᠢᠯᠠᠳᠴᠤ ᠰᠢᠳᠠᠷ ᠰᠠᠢᠳ ᠲᠤᠷ ᠵᠠᠷᠯᠢᠭ ᠪᠣᠯᠤᠷᠤᠨ :《ᠲᠡᠷᠡ ᠶᠦᠩ ᠵᠢᠢ ᠬᠡᠳᠦᠢ ᠨᠢᠭᠡᠨ ᠴᠠᠭ ᠲᠤᠷ ᠬᠦᠴᠦᠷᠬᠡᠨ ᠠᠪᠠᠭ᠎ᠠ ᠪᠠᠨ ᠠᠯᠠᠵᠤ ᠰᠠᠭᠤᠷᠢᠨ ᠢ᠋ ᠡᠵᠡᠯᠡᠨ ᠴᠢᠳᠠᠪᠠᠴᠤ ᠬᠣᠵᠢᠮ ᠯᠠᠪ ᠲᠡᠭᠦᠨ ᠡᠴᠡ ᠢᠯᠡᠭᠦᠦ ᠰᠥᠷᠭᠡᠦ ᠪᠡᠷ ᠦᠬᠦᠬᠦ ᠪᠣᠯᠠᠢ᠃ ᠪᠢ ᠦᠵᠡᠪᠡᠰᠦ ᠲᠡᠷᠡ ᠬᠥᠪᠡᠭᠦᠨ ᠦ᠌ ᠪᠠᠢᠳᠠᠯ ᠳ᠋ᠤᠷ ᠬᠡᠷᠬᠢᠪᠡᠴᠦ ᠤᠷᠲᠤ ᠨᠠᠰᠤᠨ ᠤ᠋ ᠪᠠᠢᠳᠠᠯ ᠦᠭᠡᠢ᠂ ᠣᠯᠠᠨ ᠰᠠᠢᠳ ᠲᠠᠨ ᠮᠢᠨᠦ ᠡᠨᠡ ᠦᠭᠡᠰ ᠢ᠋ ᠲᠡᠮᠳᠡᠭᠯᠡᠵᠦ ᠠᠪ ! 》ᠬᠡᠮᠡᠪᠡ᠃ ᠳᠠᠭᠠᠯᠳᠤᠭ᠎ᠠ ᠪᠠᠰᠠ ᠵᠢᠨᠦᠩ ᠮᠤᠬᠤᠯᠢ ᠵᠡᠷᠭᠡ ᠡᠴᠡ ᠭᠠᠷᠴᠤ ᠰᠥᠭᠥᠳᠦᠭᠡᠳ ᠰᠢᠶᠠ ᠤᠯᠤᠰ ᠤ᠋ᠨ ᠳᠠᠬᠢᠨ ᠤᠷᠪᠠᠭᠰᠠᠨ ᠨᠤᠭᠤᠯᠪᠤᠷᠢ ᠶ᠋ᠢ ᠠᠢᠯᠠᠳᠬᠠᠪᠠ ᠃ ᠡᠨᠡ ᠰᠢᠶᠠ ᠤᠯᠤᠰ ᠪᠠᠰᠠ ᠶᠠᠭᠠᠬᠢᠨ ᠳᠠᠬᠢᠵᠤ ᠤᠷᠪᠠᠭᠰᠠᠨ ᠢ᠋ ᠮᠡᠳᠡᠰᠦᠭᠡᠢ ᠬᠡᠮᠡᠪᠡᠰᠦ ᠦᠵᠡᠬᠦ ᠮᠡᠷᠭᠡᠳ ᠰᠤᠳᠤᠷᠴᠢ ᠲᠦᠰᠢᠮᠡᠯ ᠮᠢᠨᠦ ᠡᠬᠡ ᠲᠡᠢ ᠲᠡᠢ ᠶ᠋ᠢᠨ ᠥᠷᠯᠥᠭᠡ ᠶ᠋ᠢᠨ ᠵᠣᠭᠣᠭ ᠢ᠋ ᠪᠠᠷᠢᠭᠠᠳ ᠡᠭᠡᠵᠦ ᠢᠷᠡᠨ ᠮᠠᠯᠠᠭ᠎ᠠ ᠪᠦᠰᠡ ᠶ᠋ᠢ ᠲᠠᠢᠯᠵᠤ᠂ ᠰᠤᠯᠠ ᠠᠭᠤᠳᠠᠮ ᠢ᠋ᠶ᠋ᠠᠷ ᠵᠠᠯᠭᠠᠨ ᠪᠢᠴᠢᠭᠰᠡᠨ ᠳᠣᠣᠷᠠᠲᠤ ᠪᠦᠯᠦᠭ ᠲᠣᠷ ᠢᠯᠭᠠᠨ ᠰᠠᠯᠭᠠᠨ ᠬᠢᠨᠠᠵᠤ ᠦᠵᠡᠭᠳᠡᠬᠦᠢ᠃ 

ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠦ : 
             ᠲᠡᠭᠷᠢ ᠶ᠋ᠢᠨ ᠰᠦᠷ ᠲᠦᠮᠡᠨ ᠭᠠᠵᠠᠷ ᠤ᠋ᠨ ᠲᠦᠪᠡᠭᠳᠡᠭᠰᠡᠨ ᠪᠦᠬᠦᠨ᠎ᠡ ᠪᠢᠰᠢᠷᠡᠯᠲᠡᠢ᠂ 
             ᠲᠡᠷᠡ ᠬᠦ᠌ ᠪᠠᠪᠤ ᠨᠢᠭᠡᠬᠡᠨ ᠦᠵᠡᠮᠡᠭᠴᠡ ᠲᠠᠨᠢᠵᠤ ᠭᠠᠷᠤᠭᠠᠳ ᠳᠠᠭᠠᠵᠤᠬᠤᠢ᠂ 
             ᠲᠡᠨᠡᠭᠷᠡᠭᠡᠭ ᠲᠣᠳᠣ ᠶ᠋ᠢᠨ ᠲᠣᠯᠣᠭᠠᠢ ᠪᠡᠶ᠎ᠡ ᠦᠨᠡᠬᠡᠷ ᠶᠠᠭᠤᠲᠠᠢ ᠢᠨᠢᠶᠡᠯᠲᠡᠢ 
             ᠲᠡᠷᠰᠯᠡᠭᠦᠦ ᠴᠢᠦᠢ ᠴᠦ᠍  ᠯᠢᠦᠢ ᠶ᠋ᠢᠨ ᠪᠡᠷᠢᠶᠡᠳ ᠲᠣᠷ ᠪᠠᠷᠢᠭ᠍ᠳᠠᠭᠰᠠᠨ ᠠᠳᠠᠪᠠᠰᠢ ᠢᠴᠢᠭᠦᠷᠢᠲᠡᠢ !