ᠬᠥᠬᠡ ᠰᠤᠳᠤᠷ - ᠢᠨᠵᠠᠨᠨᠠᠰᠢ < ᠬᠣᠷᠢᠨ ᠨᠠᠢ᠍ᠮᠠᠳᠤᠭᠠᠷ ᠪᠦᠯᠦᠭ > Хөх судар - Инжинаш <Хорин наймдугар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠬᠣᠷᠢᠨ ᠨᠠᠢ᠍ᠮᠠᠳᠤᠭᠠᠷ ᠪᠦᠯᠦᠭ > Хөх судар - Инжинаш <Хорин наймдугар бүлэг >

ᠬᠥᠬᠡ ᠰᠤᠳᠤᠷ - ᠢᠨᠵᠠᠨᠨᠠᠰᠢ < ᠬᠣᠷᠢᠨ ᠨᠠᠢ᠍ᠮᠠᠳᠤᠭᠠᠷ ᠪᠦᠯᠦᠭ > Хөх судар - Инжинаш <Хорин наймдугар бүлэг >

ᠠᠩᠭᠢᠯᠠᠯ:ᠲᠡᠦᠬᠡ ᠰᠣᠶᠣᠯ
2023-08-23

262

ᠬᠡᠷᠡᠢᠳ ᠦ᠋ᠨ ᠠᠢᠮᠠᠭ ᠬᠡᠮᠵᠢᠶ᠎ᠡ ᠲᠡᠭᠦᠰᠴᠦ ᠬᠥᠯᠥᠨ ᠪᠤᠢᠷ ᠲᠤᠷ ᠨᠢᠭᠡᠨ ᠤᠯᠤᠰ ᠮᠥᠬᠥᠪᠡᠢ

ᠪᠸᠲ᠋ᠠ᠋ ᠤᠯᠤᠰ ᠤ᠋ᠨ ᠪᠠᠳᠠᠷᠠᠯ ᠳᠡᠯᠭᠡᠷᠡᠵᠦ ᠲᠠᠬᠢᠮ ᠤ᠋ᠨ ᠭᠣᠣᠯ ᠳ᠋ᠤᠷ ᠶᠢᠰᠦᠨ ᠡᠩ ᠵᠣᠬᠢᠶᠠᠪᠠᠢ


                   ᠬᠣᠷᠢᠨ ᠨᠠᠢ᠍ᠮᠠᠳᠤᠭᠠᠷ ᠪᠦᠯᠦᠭ 
                        ᠰᠥᠩ ᠨᠢᠩᠽᠥ᠋ᠩ ᠦ᠋ᠨ ᠴᠢᠩ ᠶᠤᠸᠠᠨ ᠤ᠋ ᠵᠢᠷᠭᠤᠳᠤᠭᠠᠷ ᠣᠨ᠂ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠴᠧᠩ ᠠᠨ ᠤ᠋ 
                                ᠲᠠᠪᠤᠳᠤᠭᠠᠷ ᠣᠨ ᠂ ᠲᠠᠢᠽᠦ ᠭᠤᠴᠢᠨ ᠶᠢᠰᠦᠨ ᠰᠡᠭᠦᠳᠡᠷ ᠲᠡᠢ ᠂ ᠴᠠᠭᠠᠨ ᠪᠡᠴᠢᠨ ᠵᠢᠯ ᠢ᠋ᠶ᠋ᠡᠷ ᠪᠠᠢᠭᠰᠠᠭᠠᠷ  

          ᠬᠡᠷᠡᠢᠳ ᠦ᠋ᠨ ᠠᠢᠮᠠᠭ ᠬᠡᠮᠵᠢᠶ᠎ᠡ ᠲᠡᠭᠦᠰᠴᠦ ᠬᠥᠯᠥᠨ ᠪᠤᠢᠷ ᠲᠤᠷ ᠨᠢᠭᠡᠨ ᠤᠯᠤᠰ ᠮᠥᠬᠥᠪᠡᠢ 
          ᠪᠸᠲ᠋ᠠ᠋ ᠤᠯᠤᠰ ᠤ᠋ᠨ ᠪᠠᠳᠠᠷᠠᠯ ᠳᠡᠯᠭᠡᠷᠡᠵᠦ ᠲᠠᠬᠢᠮ ᠤ᠋ᠨ ᠭᠣᠣᠯ ᠳ᠋ᠤᠷ ᠶᠢᠰᠦᠨ ᠡᠩ ᠵᠣᠬᠢᠶᠠᠪᠠᠢ 
    
                  ᠴᠢᠬᠡ ᠴᠢᠭᠢᠷᠠᠭ ᠲᠠᠢᠽᠦ ᠪᠣᠭᠳᠠ ᠶ᠋ᠢᠨ ᠪᠤᠶᠠᠨ ᠦᠨᠡᠬᠡᠷ ᠦᠯᠡᠮᠵᠢ 
                  ᠴᠢᠷᠮᠠᠢᠨ ᠵᠢᠳᠬᠦᠬᠦ ᠵᠢᠨᠦᠩ ᠮᠤᠬᠤᠯᠢ ᠶ᠋ᠢᠨ ᠪᠣᠳᠣᠯᠭ᠎ᠠ ᠶᠠᠭᠤᠲᠠᠢ ᠤᠷᠠᠯᠢᠭ᠋ ? 
                  ᠴᠢᠳᠠᠯ ᠦᠭᠡᠢ ᠾᠧ ᠸᠠᠩ ᠲᠣᠭᠣᠷᠢᠯ ᠤ᠋ᠨ ᠦᠬᠦᠯ ᠮᠠᠰᠢ ᠠᠶᠤᠮᠰᠢᠭᠲᠠᠢ 
                  ᠴᠢᠰᠤᠨ ᠨᠢᠯᠪᠤᠰᠤᠲᠤ ᠰᠣᠯᠤᠩᠭᠤᠸ᠎ᠠ ᠬᠡᠦᠬᠡᠨ ᠦ᠌ ᠵᠠᠶᠠᠭ᠎ᠠ ᠠᠳᠠᠪᠠᠰᠢ ᠭᠠᠰᠢᠭᠤᠨ ! 

       ᠲᠡᠨᠳᠡᠴᠡ ᠬᠠᠪᠤᠲᠤ ᠬᠠᠰᠠᠷ ᠬᠡᠳᠦᠢ ᠲᠤᠰᠢᠶᠠᠯ ᠳ᠋ᠤᠷ ᠢ᠋ᠶ᠋ᠠᠨ ᠪᠠᠢᠪᠠᠴᠤ ᠬᠠᠷᠠᠭᠠᠯᠵᠠᠯᠭ᠎ᠠ ᠲᠠᠢ ᠪᠣᠯᠵᠤ᠂ ᠬᠣᠷᠣᠰᠬᠤ ᠦᠭᠡ ᠠᠶᠠᠰ ᠬᠡᠳᠦᠢᠨᠡᠢ ᠬᠡᠷᠡᠢᠳ ᠦ᠋ᠨ ᠴᠡᠷᠢᠭ ᠦ᠋ᠨ ᠬᠦᠷᠢᠶ᠎ᠡ ᠳ᠋ᠦ᠍ᠷ ᠬᠦᠷᠴᠦ ᠲᠠᠢᠽᠢ ᠢᠯᠠᠭᠤ ᠰᠣᠨᠣᠰᠴᠤ ᠶᠡᠬᠡᠯ᠎ᠡ ᠪᠠᠶᠠᠷᠯᠠᠵᠤ ᠥᠭᠦᠯᠡᠷᠦᠨ :《ᠡᠨᠡ ᠪᠣᠷᠵᠢᠭᠢᠳ ᠤ᠋ᠨ ᠪᠤᠷᠤᠭᠤᠳᠠᠯ ᠤ᠋ᠨ ᠴᠠᠭ ᠠᠨᠤ ᠲᠤᠯᠵᠤ ᠢᠷᠡᠪᠡ !》ᠬᠡᠮᠡᠭᠡᠳ ᠬᠣᠣᠷᠭᠣᠰ᠂ ᠪᠥᠭᠰᠡᠷ ᠬᠣᠶᠠᠭᠤᠯᠠ ᠳ᠋ᠤᠷ ᠪᠢᠴᠢᠭ ᠪᠡᠯᠡᠭ ᠪᠠᠷᠢᠭᠤᠯᠤᠨ ᠬᠠᠪᠤᠲᠤ ᠬᠠᠰᠠᠷ ᠢ᠋ ᠵᠠᠯᠠᠷ᠎ᠠ ᠰᠥᠨᠢ ᠳᠦᠯᠢ ᠳ᠋ᠦ᠍ᠷ ᠢᠯᠡᠭᠡᠪᠡ᠃ ᠬᠠᠰᠠᠷ ᠪᠢᠴᠢᠭ ᠢ᠋ ᠨᠡᠭᠡᠭᠡᠵᠦ ᠦᠵᠡᠪᠡᠰᠦ ᠲᠡᠭᠦᠨ ᠦ᠌ ᠦᠭᠡᠰ ᠢᠨᠤ᠂ ᠲᠡᠷᠢᠭᠦᠨ ᠳ᠋ᠦ᠍ᠷ ᠠᠮᠤᠷ ᠮᠡᠨᠳᠦ ᠶ᠋ᠢ ᠠᠰᠠᠭᠤᠬᠤ ᠪᠠᠷ ᠪᠢᠴᠢᠭᠰᠡᠨ ᠢᠨᠤ : 
                ᠡᠷᠭᠢᠨ ᠦ᠌ ᠠᠬ᠎ᠠ ᠲᠡᠮᠦᠵᠢᠨ ᠡᠳᠦᠢᠬᠡᠨ ᠡᠷᠬᠡᠲᠡᠢ ᠪᠣᠯᠣᠮᠠᠭᠴᠠ 
                ᠡᠯᠢᠭᠡ ᠮᠢᠬ᠎ᠠ ᠪᠠᠨ ᠠᠯᠠᠬᠤ ᠡᠢᠮᠦ ᠬᠢᠷᠢ ᠳ᠋ᠦ᠍ᠷ ᠬᠦᠷᠪᠡ᠃ 
                ᠡᠷᠳᠡᠰᠡ ᠡᠰᠡ ᠰᠡᠷᠢᠬᠦᠯ᠎ᠡ ᠡᠴᠦᠰ ᠲᠦ᠍ᠷ ᠲᠡᠭᠦᠨ᠎ᠡ ᠠᠯᠠᠭᠳᠠᠮᠤᠢ 
                ᠡᠨᠡ ᠬᠦ᠌ ᠴᠠᠭ ᠦᠶ᠎ᠡ ᠡᠷᠡᠮᠡᠬᠡᠢ ᠲᠡᠭᠦᠨ ᠢ᠋ ᠠᠯᠠᠭᠠᠳ 
                ᠡᠵᠡᠨ ᠢᠨᠤ ᠪᠣᠯᠤᠭᠠᠳ ᠡᠷᠬᠢᠮ ᠬᠣᠶᠠᠷ ᠤᠯᠤᠰ 
                ᠡᠶ᠎ᠡ ᠨᠠᠢᠷᠲᠠᠢ ᠪᠣᠯᠵᠤ ᠡᠭᠦᠷᠢ ᠴᠡᠩᠭᠡᠯᠳᠦᠪᠡᠰᠦ ᠶᠠᠮᠪᠠᠷ ? 
                ᠡᠮ᠎ᠡ ᠦᠷ᠎ᠡ ᠴᠢᠨᠦ ᠡᠳᠦᠭᠡ ᠮᠠᠨ ᠳ᠋ᠤᠷ ᠪᠣᠢ 
                ᠡᠷᠭᠢᠴᠡᠭᠦᠯᠦᠨ ᠰᠢᠨᠵᠢᠵᠦ ᠦᠵᠡ ᠠᠳᠠᠴᠠ ᠲᠤᠰᠠᠯᠠᠨ ᠲᠡᠳᠬᠦᠰᠦᠭᠡᠢ ᠬᠡᠮᠡᠵᠦᠬᠦᠢ᠃ 
       ᠬᠠᠰᠠᠷ ᠦᠵᠡᠭᠡᠳ ᠬᠣᠣᠷᠭᠣᠰ᠂ ᠪᠥᠭᠰᠡᠷ ᠬᠣᠶᠠᠭᠤᠯᠠ ᠶ᠋ᠢᠨ ᠵᠦᠭ ᠥᠭᠦᠯᠡᠷᠦᠨ:《ᠮᠢᠨᠦ ᠠᠬ᠎ᠠ ᠲᠡᠮᠦᠵᠢᠨ ᠦ᠌ ᠬᠠᠷᠭᠢᠰ ᠲᠣᠭᠰᠢᠨ ᠢ᠋ᠶ᠋ᠠᠷ ᠮᠠᠨ ᠢ᠋ ᠳᠠᠷᠤᠯᠠᠬᠤᠶ᠎ᠠ᠂ ᠪᠢᠳᠡ ᠠᠬ᠎ᠠ ᠳᠡᠭᠦᠦ ᠳᠥᠷᠪᠡᠭᠦᠯᠡ ᠬᠡᠳᠦᠢᠨᠡᠢ ᠡᠴᠡ ᠤᠷᠪᠠᠰᠤᠭᠠᠢ ᠬᠡᠮᠡᠪᠡᠴᠦ ᠬᠦᠴᠦᠨ ᠬᠦᠷᠦᠯᠴᠡᠬᠦ ᠦᠭᠡᠢ ᠳ᠋ᠡᠭᠡᠨ ᠪᠢ ᠵᠠᠢᠯᠠᠨ ᠰᠠᠭᠤᠭᠰᠠᠨ ᠢ᠋ ᠸᠠᠩ ᠤᠴᠢᠷ ᠢ᠋ ᠮᠡᠳᠡᠬᠦ ᠦᠭᠡᠢ ᠪᠡᠷ ᠥᠴᠦᠬᠡᠨ ᠮᠢᠨᠦ ᠡᠮ᠎ᠡ ᠦᠷ᠎ᠡ ᠶ᠋ᠢ ᠬᠣᠷᠢᠶᠠᠨ ᠠᠪᠠᠴᠢᠵᠤᠬᠤᠢ᠃ ᠡᠭᠦᠨ ᠳ᠋ᠦ᠍ᠷ ᠮᠢᠨᠦ ᠠᠬ᠎ᠠ ᠡᠷᠭᠢᠨ ᠲᠠᠨ ᠤ᠋ ᠤᠯᠤᠰ ᠢ᠋ ᠳᠠᠢᠯᠠᠨ ᠲᠠᠪᠴᠢᠯᠠᠬᠤ ᠰᠢᠯᠲᠠᠭ ᠣᠯᠤᠭᠠᠳ ᠮᠠᠭᠤ ᠶ᠋ᠢ ᠮᠢᠨᠦ ᠳᠡᠭᠡᠷ᠎ᠡ ᠨᠥᠮᠥᠷᠭᠡᠵᠦ ᠡᠯᠳᠡᠪ ᠵᠦᠢᠯ ᠦ᠋ᠨ ᠰᠡᠪ ᠡᠷᠢᠵᠦ ᠠᠯᠠᠬᠤᠶ᠎ᠠ ᠵᠠᠪᠳᠤᠭᠰᠠᠨ ᠳ᠋ᠤ᠌ ᠠᠷᠭ᠎ᠠ ᠦᠭᠡᠢ ᠤᠷᠭᠤᠨ ᠭᠠᠷᠴᠤ ᠪᠠᠷᠠᠭᠤᠨ ᠡᠮᠦᠨ᠎ᠡ ᠳᠣᠯᠣᠭᠠᠨ ᠬᠣᠩᠭᠣᠳᠠᠨ᠎ᠠ ᠰᠢᠷᠭᠤᠨ ᠣᠷᠣᠵᠤ ᠠᠮᠢᠳᠤᠷᠠᠰᠤᠭᠠᠢ ᠬᠡᠮᠡᠲᠡᠯ᠎ᠡ ᠬᠠᠷᠢᠨ ᠪᠠᠷᠢᠭᠳᠠᠵᠤ ᠢᠷᠡᠪᠡ᠂ ᠡᠳᠦᠭᠡ ᠲᠤᠩ ᠲᠡᠭᠦᠨ ᠢ᠋ ᠠᠯᠠᠰᠤᠭᠠᠢ ᠭᠡᠪᠡᠴᠦ ᠡᠭᠡᠨᠡᠭᠲᠡ ᠬᠦᠴᠦᠨ ᠬᠦᠷᠬᠦ ᠦᠭᠡᠢ ᠬᠠᠷᠠᠬᠠᠨ ᠠᠭᠠᠰᠢ ᠠᠯᠳᠠᠷᠠᠨ ᠪᠥᠬᠥᠶ᠎ᠡ᠂ ᠶᠡᠬᠡ ᠸᠠᠩ ᠡᠨᠡ ᠮᠡᠲᠦ ᠥᠷᠥᠰᠢᠶᠡᠵᠦ ᠬᠦᠴᠦᠨ ᠲᠤᠰᠠᠯᠠᠵᠤ ᠬᠠᠷᠭᠢᠰ ᠢ᠋ ᠠᠷᠢᠯᠭᠠᠵᠤ᠂ ᠬᠠᠰᠠᠷ ᠨᠠᠮᠠᠶ᠋ᠢ ᠰᠠᠭᠤᠯᠭᠠᠵᠤ ᠬᠠᠲᠤᠳ ᠬᠥᠪᠡᠭᠦᠳ ᠯᠦᠭᠡ ᠵᠢᠷᠭᠠᠭᠤᠯᠤᠶ᠎ᠠ ᠬᠡᠮᠡᠭᠰᠡᠨ ᠢᠨᠤ ᠬᠠᠰᠠᠷ ᠨᠠᠮᠠᠶ᠋ᠢ ᠳᠠᠬᠢᠨ ᠲᠥᠷᠥᠭᠦᠯᠦᠭᠰᠡᠨ ᠬᠡᠰᠢᠭ ᠪᠣᠯᠠᠢ᠃ ᠭᠠᠭᠴᠠ ᠮᠢᠨᠦ ᠨᠢᠭᠡᠬᠡᠨ ᠠᠩᠭᠢ ᠴᠡᠷᠢᠭ ᠢ᠋ᠶ᠋ᠡᠷ ᠬᠡᠳᠦᠢ ᠲᠡᠮᠦᠵᠢᠨ ᠢ᠋ ᠠᠯᠠᠨ ᠴᠢᠳᠠᠪᠠᠴᠤ ᠲᠡᠭᠦᠨ ᠦ᠌ ᠪᠤᠰᠤ ᠠᠩᠭᠢ ᠶ᠋ᠢᠨ ᠴᠡᠷᠢᠭ ᠨᠠᠮᠠᠶ᠋ᠢ ᠠᠯᠠᠬᠤ ᠦᠭᠡᠢ ᠦᠦ ?  ᠲᠡᠢᠨ ᠬᠦ᠌ ᠠᠶᠤᠮᠰᠢᠭ᠋ ᠦᠭᠡᠢ ᠭᠠᠷ ᠬᠥᠳᠡᠯᠦᠨ ᠴᠢᠳᠠᠬᠤ ᠦᠭᠡᠢ ᠪᠣᠢ ᠪᠥᠯᠥᠭᠡ᠃ ᠬᠡᠷᠪᠡ ᠶᠡᠬᠡ ᠸᠠᠩ ᠡᠢᠨ ᠬᠦ᠌ ᠥᠷᠥᠰᠢᠶᠡᠪᠡᠰᠦ ᠨᠢᠭᠡᠨ ᠡᠳᠦᠷ ᠪᠣᠯᠵᠣᠵᠤ ᠰᠥᠨᠢ ᠪᠡᠷ ᠶᠡᠬᠡ ᠸᠠᠩ ᠤ᠋ᠨ ᠲᠡᠭᠷᠢ ᠶ᠋ᠢᠨ ᠴᠡᠷᠢᠭ ᠢ᠋ᠶ᠋ᠡᠨ ᠠᠪᠤᠨ ᠢᠷᠡᠪᠡᠰᠦ ᠳᠣᠲᠣᠷ᠎ᠠ ᠠ᠋ᠴᠠ ᠤᠷᠪᠠᠮᠠᠭᠴᠠ ᠶᠡᠬᠡ ᠦᠢᠯᠡ ᠶ᠋ᠢ ᠪᠦᠲᠦᠭᠡᠪᠡᠰᠦ ᠪᠣᠯᠤᠮᠤᠢ᠃ ᠬᠠᠭᠠᠨ ᠡᠴᠢᠭᠡ᠂ ᠸᠠᠩ ᠡᠵᠡᠨ ᠥᠷᠥᠰᠢᠶᠡᠬᠦᠯ᠎ᠡ ᠪᠣᠯᠵᠣᠭᠠᠨ ᠤ᠋ ᠡᠳᠦᠷ ᠢ᠋ ᠲᠣᠭᠲᠠᠭᠠᠨ᠂ ᠶᠡᠬᠡ ᠴᠡᠷᠢᠭ ᠡᠢᠨ ᠬᠦ᠌ ᠪᠣᠯᠪᠠᠰᠤ ᠰᠠᠶᠢ ᠰᠠᠢᠨ᠃ ᠵᠢᠴᠢ ᠪᠡᠯᠭᠦᠳᠡᠢ ᠠᠬ᠎ᠠ ᠪᠠ ᠣᠴᠢᠭ᠂ ᠭᠠᠴᠤᠭ ᠬᠣᠶᠠᠷ ᠳᠡᠭᠦᠦ ᠶ᠋ᠢᠨ ᠡᠮ᠎ᠡ ᠦᠷ᠎ᠡ ᠴᠥᠮ ᠤᠯᠤᠰ ᠲᠤᠷ ᠪᠠᠢᠪᠠᠴᠤ ᠡᠨᠳᠡᠬᠢ ᠦᠢᠯᠡ ᠨᠢᠭᠡᠨᠲᠡ ᠪᠦᠲᠦᠪᠡᠰᠦ ᠲᠡᠷᠡ ᠶᠠᠷᠠᠭᠳᠠᠭᠠᠨ ᠳᠠᠭᠠᠬᠤ ᠪᠣᠯᠠᠢ᠃ ᠮᠢᠨᠦ ᠡᠮ᠎ᠡ ᠦᠷ᠎ᠡ ᠪᠡᠯᠡᠬᠡᠨ ᠡᠷᠭᠢᠨ ᠦ᠌ ᠤᠯᠤᠰ ᠲᠤᠷ ᠪᠣᠢ ᠲᠤᠯᠠ ᠮᠠᠰᠢ ᠢᠲᠡᠭᠡᠯᠲᠡᠢ ᠪᠠᠷᠢᠮᠲᠠ ᠳᠠᠷᠤᠯᠭ᠎ᠠ ᠮᠥᠨ᠃ ᠪᠢ ᠬᠡᠷᠪᠡ ᠪᠠᠬᠠᠨ ᠬᠤᠳᠠᠯ ᠬᠠᠭᠤᠷᠮᠠᠴᠢ ᠶᠠᠪᠤᠳᠠᠯ ᠠᠪᠠᠰᠤ ᠲᠡᠳᠡᠭᠡᠷ ᠡᠮ᠎ᠡ ᠦᠷ᠎ᠡ ᠥᠨᠳᠡᠭᠡ ᠵᠤᠯᠵᠠᠭ᠎ᠠ ᠮᠢᠨᠦ ᠴᠥᠮ ᠠᠯᠠᠭᠳᠠᠬᠤ ᠦᠭᠡᠢ ᠦᠦ ? ᠡᠳᠡᠭᠡᠷ ᠦᠭᠡᠰ ᠢ᠋ ᠬᠣᠶᠠᠷ ᠲᠦᠰᠢᠮᠡᠯ ᠡᠭᠡᠵᠦ ᠰᠠᠢᠬᠠᠨ ᠮᠡᠳᠡᠭᠦᠯᠦᠮᠦ !》ᠬᠡᠮᠡᠵᠦ᠂ ᠮᠥᠨ ᠬᠦ᠌ ᠥᠪᠡᠷ ᠦ᠋ᠨ ᠴᠡᠷᠢᠭ ᠦ᠋ᠨ ᠴᠠᠭᠳᠠᠭᠤᠯ ᠮᠡᠲᠦ ᠦᠳᠡᠵᠦ ᠶᠠᠪᠤᠭᠤᠯᠪᠠ᠃ ᠲᠡᠷᠡ ᠬᠣᠶᠠᠷ ᠬᠥᠮᠦᠨ ᠡᠭᠡᠵᠦ ᠬᠡᠷᠡᠭ ᠪᠦᠲᠦᠭᠰᠡᠨ ᠢ᠋ ᠬᠡᠯᠡᠭᠰᠡᠨ ᠳ᠋ᠦ᠍ᠷ ᠲᠠᠢᠽᠢ ᠢᠯᠠᠭᠤ ᠶᠡᠬᠡᠯ᠎ᠡ ᠪᠠᠶᠠᠷᠯᠠᠨ᠂ ᠪᠣᠷᠵᠢᠭᠢᠳ ᠣᠳᠣᠬᠠᠨ ᠴᠤ᠌ ᠪᠤᠷᠤᠭᠤᠯᠠᠬᠤ ᠪᠣᠯᠪᠠ ᠭᠡᠮᠡᠨ ᠬᠣᠶᠠᠷ ᠵᠠᠩᠵᠤᠨ ᠳ᠋ᠤᠷ ᠱᠠᠩ ᠬᠤᠷᠢᠮ ᠥᠭᠴᠦ ᠬᠠᠰᠠᠷ ᠯᠤᠭ᠎ᠠ ᠨᠢᠭᠡᠳᠬᠦ ᠶ᠋ᠢ ᠵᠥᠪᠯᠡᠨ ᠲᠣᠭᠲᠠᠵᠤ᠂ ᠡᠷᠬᠡᠲᠡᠨ ᠡᠪᠳᠡᠷᠡᠭᠰᠡᠨ ᠣᠯᠢᠨᠲᠠᠢ ᠭᠣᠯᠢᠨᠲᠠᠢ ᠲᠠᠢᠰᠢ ᠲᠠᠢᠪᠤᠤ ᠬᠣᠶᠠᠭᠤᠯᠠ ᠶ᠋ᠢ ᠮᠥᠨ ᠬᠦ᠌ ᠪᠸᠲ᠋ᠠ᠋ ᠤᠯᠤᠰ ᠤ᠋ᠨ ᠴᠡᠷᠢᠭ ᠦ᠋ᠨ ᠶᠣᠰᠣᠭᠠᠷ ᠴᠢᠮᠡᠭᠯᠡᠭᠦᠯᠵᠦ᠂ ᠬᠠᠰᠠᠷ ᠤ᠋ᠨ ᠬᠦᠷᠢᠶᠡᠨ ᠳ᠋ᠦ᠍ᠷ ᠬᠤᠯᠠᠭᠤᠨ ᠣᠷᠣᠵᠤ᠂ ᠲᠠᠪᠤᠨ ᠰᠠᠷ᠎ᠠ ᠶ᠋ᠢᠨ ᠠᠷᠪᠠᠨ ᠳᠥᠷᠪᠡᠨ ᠦ᠌ ᠦᠳᠡᠰᠢ ᠪᠡᠷ ᠪᠣᠯᠵᠣᠵᠤ ᠲᠣᠭᠲᠠᠭᠠᠳ ᠴᠢᠰᠤᠨ ᠰᠠᠴᠤᠵᠤ ᠲᠠᠩᠭᠠᠷᠢᠭᠯᠠᠰᠤᠭᠠᠢ ᠬᠡᠮᠡᠭᠰᠡᠨ ᠳ᠋ᠦ᠍ᠷ ᠬᠠᠰᠠᠷ ᠥᠭᠦᠯᠡᠷᠦᠨ :《ᠴᠢᠰᠤᠨ ᠤᠤᠭᠤᠵᠤ ᠲᠠᠩᠭᠠᠷᠢᠭᠯᠠᠬᠤ ᠠ᠋ᠴᠠ ᠴᠢᠰᠤᠲᠤ ᠦᠷ᠎ᠡ ᠠᠴᠢᠷ ᠮᠢᠨᠦ ᠲᠡᠨᠳᠡ ᠪᠦᠬᠦᠢ ᠢᠨᠤ ᠲᠠᠩᠭᠠᠷᠢᠭ᠋ ᠠ᠋ᠴᠠ ᠪᠠᠲᠤ ᠦᠭᠡᠢ ᠦᠦ ? 》ᠬᠡᠮᠡᠭᠰᠡᠨ ᠳ᠋ᠦ᠍ᠷ ᠣᠯᠢᠨᠲᠠᠢ᠂ ᠭᠣᠯᠢᠨᠲᠠᠢ ᠬᠣᠶᠠᠷ ᠮᠥᠨ ᠬᠡᠮᠡᠵᠦ ᠪᠣᠯᠵᠣᠭ᠎ᠠ ᠪᠠᠨ ᠲᠣᠭᠲᠠᠵᠤ ᠡᠭᠡᠭᠡᠳ ᠤᠴᠢᠷ ᠰᠢᠯᠲᠠᠭᠠᠨ ᠢ᠋ ᠪᠦᠷᠢᠨ᠎ᠡ ᠮᠡᠳᠡᠭᠦᠯᠦᠭᠰᠡᠨ ᠳ᠋ᠦ᠍ᠷ ᠲᠠᠢᠽᠢ ᠢᠯᠠᠭᠤ ᠶᠡᠬᠡᠯ᠎ᠡ ᠪᠠᠶᠠᠷᠯᠠᠨ ᠲᠡᠭᠷᠢ ᠭᠠᠵᠠᠷ ᠢ᠋ ᠳᠠᠬᠢᠵᠤ᠂ ᠲᠤᠭ ᠲᠤᠷ ᠠᠷᠢᠬᠢ ᠰᠠᠴᠤᠭᠠᠳ ᠴᠡᠷᠢᠭ ᠦ᠋ᠨ ᠬᠦᠷᠢᠶ᠎ᠡ ᠪᠡᠨ ᠣᠷᠣᠭᠰᠢ ᠭᠤᠷᠪᠠᠨ ᠭᠤᠷᠪᠠ ᠶᠢᠰᠦᠨ ᠦ᠌ ᠭᠠᠵᠠᠷ ᠳᠡᠪᠰᠢᠭᠦᠯᠵᠦ᠂ ᠬᠠᠭᠤᠴᠢᠨ ᠬᠦᠷᠢᠶᠡᠨ ᠦ᠌ ᠣᠷᠣ ᠳ᠋ᠤᠷ ᠭᠠᠯ ᠰᠢᠲᠠᠭᠠᠨ ᠠᠷᠪᠠᠨ ᠳᠥᠷᠪᠡᠨ ᠦ᠌ ᠨᠠᠷᠠᠨ ᠤᠨᠠᠮᠠᠭᠴᠠ ᠬᠠᠭᠠᠨ ᠠᠨᠤ ᠲᠡᠷᠢᠭᠦᠯᠡᠨ ᠠᠷᠪᠠᠨ ᠲᠠᠪᠤᠨ ᠲᠦᠮᠡᠨ ᠴᠡᠷᠢᠭ ᠢ᠋ᠶ᠋ᠡᠨ ᠮᠣᠷᠢᠨ ᠤ᠋ ᠬᠣᠩᠬᠣ ᠴᠢᠯᠠᠷ ᠢ᠋ ᠴᠥᠮ ᠠᠪᠴᠤ ᠬᠥᠮᠦᠨ ᠦ᠌ ᠠᠮᠠᠨ ᠳ᠋ᠤᠷ ᠰᠢᠪᠠᠭ᠎ᠠ ᠮᠣᠳᠣ ᠡᠮᠬᠦᠭᠦᠯᠵᠦ᠂ ᠢᠪ ᠴᠢᠪ ᠰᠡᠯᠡᠭᠦᠨ ᠢ᠋ᠶ᠋ᠡᠷ ᠪᠸᠲ᠋ᠡ᠋ ᠤᠯᠤᠰ ᠤ᠋ᠨ ᠴᠡᠷᠢᠭ ᠦ᠋ᠨ ᠬᠦᠷᠢᠶᠡᠨ ᠦ᠌ ᠵᠦᠭ ᠱᠣᠭᠰᠢᠭᠤᠯᠤᠨ ᠬᠥᠳᠡᠯᠪᠡ᠃ ᠡᠨᠡ ᠰᠥᠨᠢ ᠲᠡᠭᠷᠢ ᠮᠥᠨ ᠲᠤᠰᠠᠯᠠᠵᠤ ᠯᠣᠪᠬᠢᠮ᠎ᠠ ᠡᠭᠦᠯᠡᠲᠦᠵᠦ᠂ ᠬᠠᠪ ᠬᠠᠷᠠᠩᠭᠤᠢ ᠳ᠋ᠤᠷ ᠬᠡᠷᠡᠢᠳ ᠦ᠋ᠨ ᠴᠡᠷᠢᠭ ᠶᠡᠬᠡᠯ᠎ᠡ ᠪᠠᠶᠠᠷᠯᠠᠨ ᠶᠠᠪᠤᠭᠰᠠᠭᠠᠷ ᠵᠢᠵᠢᠭᠢᠶᠡᠨᠲᠦ ᠠᠭᠤᠯᠠ᠂ ᠬᠡᠮᠬᠡᠲᠦ ᠠᠭᠤᠯᠠᠨ ᠤ᠋ ᠬᠠᠪᠢᠷᠭ᠎ᠠ ᠳ᠋ᠤᠷ ᠬᠠᠪᠴᠢᠯ ᠵᠠᠮ ᠤ᠋ᠨ ᠬᠣᠷᠢᠨ ᠭᠠᠵᠠᠷ ᠤ᠋ᠨ ᠤᠷᠲᠤ ᠭᠣᠣᠯ ᠳ᠋ᠤᠷ ᠣᠷᠣᠪᠠᠰᠤ ᠬᠣᠶᠠᠷ ᠬᠠᠵᠠᠭᠤ ᠶ᠋ᠢᠨ ᠠᠭᠤᠯᠠᠨ ᠤ᠋ ᠬᠠᠵᠠᠭᠤ ᠳ᠋ᠤᠷ ᠨᠠᠮᠤᠷ ᠤ᠋ᠨ ᠴᠠᠯᠴᠢᠬᠠᠢ ᠬᠣᠷᠣᠬᠠᠢ ᠠᠭᠤᠯᠠ ᠳᠦᠭᠦᠷᠡᠩ ᠵᠢᠷᠭᠢᠬᠦᠶ᠎ᠡ᠂ ᠭᠦᠷᠡᠯᠵᠡᠭᠡᠨ᠎ᠡ ᠴᠧᠩᠰᠢᠶᠠᠩ ᠸᠠᠩ ᠬᠠᠭᠠᠨ ᠤ᠋ ᠵᠦᠭ ᠠᠢᠯᠠᠳᠬᠠᠷᠤᠨ :《ᠲᠦᠮᠡᠨ ᠨᠠᠰᠤᠲᠤ ᠡᠵᠡᠨ ᠦ᠌ ᠲᠦᠭᠡᠮᠡᠯ ᠳᠡᠯᠡᠬᠡᠢ ᠶ᠋ᠢ ᠡᠵᠡᠯᠡᠬᠦ ᠶ᠋ᠢᠨ ᠪᠡᠯᠭᠡ ᠳ᠋ᠦ᠍ᠷ ᠠᠯᠲᠠᠨ ᠤᠯᠤᠰ ᠠᠯᠪᠠᠨ ᠤ᠋ ᠴᠡᠷᠢᠭ ᠢ᠋ᠶ᠋ᠡᠨ ᠢᠯᠡᠭᠡᠵᠦ ᠠᠭᠤᠯᠠᠨ ᠤ᠋ ᠵᠠᠭᠤᠨ ᠵᠦᠢᠯ ᠦ᠋ᠨ ᠬᠣᠷᠣᠬᠠᠢ ᠳᠠᠭᠤᠨ ᠭᠠᠷᠴᠤ ᠤᠭᠲᠤᠮᠤᠢ》ᠬᠡᠮᠡᠭᠰᠡᠨ ᠳ᠋ᠦ᠍ᠷ ᠸᠠᠩ ᠬᠠᠭᠠᠨ ᠰᠠᠢᠨ ᠪᠡᠯᠭᠡ ᠬᠡᠮᠡᠵᠦ᠂ ᠶᠡᠬᠡ ᠴᠡᠷᠢᠭ ᠡᠯᠡᠰᠦᠨ ᠦ᠌ ᠵᠦᠯᠭᠡ ᠳ᠋ᠦ᠍ᠷ ᠶᠠᠪᠤᠵᠤ ᠥᠴᠦᠬᠡᠨ ᠴᠦ᠍ ᠴᠢᠮᠡᠭᠡ ᠦᠭᠡᠢ ᠬᠠᠲᠠᠷᠢᠭ᠍ᠰᠠᠭᠠᠷ ᠬᠥᠯᠥᠨ ᠪᠤᠢᠷ ᠬᠡᠮᠡᠬᠦ ᠭᠠᠵᠠᠷ ᠤ᠋ᠨ ᠵᠡᠷᠭᠡᠯᠭᠡᠨᠲᠦ ᠳᠠᠪᠠᠭᠠᠨ ᠤ᠋ ᠳᠠᠯᠠᠨ ᠪᠤᠯᠠᠭᠲᠤ ᠬᠡᠮᠡᠬᠦ ᠨᠡᠷ᠎ᠡ ᠲᠡᠢ ᠬᠠᠪᠴᠢᠯ ᠤ᠋ᠨ ᠬᠣᠷᠢᠨ ᠭᠠᠵᠠᠷ ᠤ᠋ᠨ ᠤᠷᠲᠤ ᠭᠣᠣᠯ ᠤ᠋ᠨ ᠪᠠᠷᠠᠭᠤᠨ ᠠᠮᠠᠰᠠᠷ ᠢ᠋ ᠬᠦᠷᠪᠡᠰᠦ᠂ ᠭᠣᠣᠯ ᠤ᠋ᠨ ᠴᠢᠨᠠᠳᠤ ᠠᠮᠠᠰᠠᠷ ᠢ᠋ ᠮᠣᠳᠣ ᠴᠢᠯᠠᠭᠤ ᠪᠠᠷ ᠶᠠᠭ ᠪᠥᠭᠯᠡᠭᠡᠳ ᠬᠥᠨᠳᠡᠯᠡᠨ ᠭᠤᠯᠳᠤ ᠮᠣᠷᠢ ᠤᠨᠠᠭᠠᠬᠤ ᠨᠦᠬᠡ ᠶ᠋ᠢ ᠲᠣᠭ᠎ᠠ ᠦᠭᠡᠢ ᠣᠬᠣᠵᠤᠬᠤᠢ᠃ ᠡᠭᠦᠨ ᠳ᠋ᠦ᠍ᠷ ᠸᠠᠩ ᠬᠠᠭᠠᠨ ᠦᠵᠡᠭᠡᠳ ᠶᠡᠬᠡᠯ᠎ᠡ ᠠᠶᠤᠵᠤ ᠮᠠᠭᠤ ᠳᠠᠭᠤᠨ ᠭᠠᠷᠴᠤ ᠵᠠ ᠶᠠᠮᠪᠠᠷ ᠪᠠᠢᠨ᠎ᠠ ? ᠮᠤᠬᠤᠯᠢ ᠶ᠋ᠢᠨ ᠮᠤᠬᠤᠷ ᠠᠷᠭ᠎ᠠ ᠳ᠋ᠤᠷ ᠪᠠᠰᠠ ᠤᠨᠠᠪᠠ᠃ ᠦᠳᠲᠡᠷ ᠬᠣᠢᠲᠤ ᠴᠡᠷᠢᠭ ᠡᠭᠡᠭᠲᠦᠨ ᠬᠡᠮᠡᠬᠦ ᠦᠭᠡ ᠪᠠᠷᠠᠬᠤ ᠶ᠋ᠢᠨ ᠤᠷᠢᠳ᠂ ᠭᠣᠣᠯ ᠤ᠋ᠨ ᠪᠠᠷᠠᠭᠤᠨ ᠠᠮᠠᠰᠠᠷ ᠤ᠋ᠨ ᠪᠥᠭᠯᠡᠭᠰᠡᠨ ᠦ᠌ ᠴᠠᠭᠠᠨ᠎ᠠ ᠦᠬᠡᠷ ᠫᠤᠤ ᠶ᠋ᠢᠨ ᠳᠠᠭᠤᠨ ᠳ᠋ᠤᠷ ᠠᠭᠤᠯᠠ ᠦᠰᠦᠷᠦᠮᠡᠷ ᠲᠤᠤᠭᠠᠷᠤᠨ᠂ ᠠᠭᠤᠯᠠᠨ ᠤ᠋ ᠬᠣᠶᠠᠷ ᠬᠠᠵᠠᠭᠤ ᠪᠠᠷ ᠳᠠᠷᠠᠭᠠᠯᠠᠨ ᠵᠡᠭᠦᠨ ᠠᠮᠠᠰᠠᠷ ᠬᠦᠷᠲᠡᠯ᠎ᠡ ᠵᠠᠯᠭᠠᠯᠳᠤᠨ ᠲᠦᠷᠴᠢᠭᠢᠨᠡᠵᠦ ᠳᠤᠤᠭᠠᠷᠤᠮᠠᠭᠴᠠ ᠭᠣᠣᠯ ᠤ᠋ᠨ ᠪᠠᠷᠠᠭᠤᠨ ᠠᠮᠠ ᠳ᠋ᠤᠷ ᠭᠠᠯ ᠭᠠᠷᠴᠤ ᠭᠣᠣᠯ ᠤ᠋ᠨ ᠬᠣᠶᠠᠷ ᠬᠥᠪᠡᠭᠡ ᠳ᠋ᠦ᠍ᠷ ᠪᠠᠰᠠ ᠳᠠᠷᠠᠭᠠᠯᠠᠨ ᠶᠡᠬᠡ ᠭᠠᠯ ᠰᠢᠲᠠᠭᠠᠨ ᠭᠡᠷᠡᠯ ᠡᠷᠭᠦᠵᠦ᠂ ᠪᠸᠲ᠋ᠠ᠋ ᠤᠯᠤᠰ ᠤ᠋ᠨ ᠴᠡᠷᠢᠭ ᠴᠤᠭᠠᠷ ᠪᠣᠰᠴᠤ ᠬᠡᠩᠭᠡᠷᠭᠡ ᠴᠠᠩ ᠬᠠᠷᠠᠩᠭ᠎ᠠ ᠪᠦᠷᠢᠶ᠎ᠡ ᠬᠠᠮᠲᠤ ᠪᠠᠷ ᠳᠠᠭᠤᠷᠢᠰᠴᠤ ᠬᠠᠰᠬᠢᠷᠤᠭᠰᠠᠨ᠎ᠠ᠂ ᠬᠠᠨ ᠠᠭᠤᠯᠠ ᠬᠠᠷᠭᠤᠵᠤ᠂ ᠬᠠᠳᠠᠨ ᠮᠥᠷᠡᠨ ᠤᠷᠪᠠᠯᠬᠢᠯᠠᠬᠤ ᠮᠡᠲᠦ ᠬᠦᠷᠴᠢᠭᠢᠨᠡᠵᠦ᠂ ᠳᠥᠷᠪᠡᠨ ᠵᠦᠭ ᠨᠠᠢ᠍ᠮᠠᠨ ᠵᠣᠪᠬᠢᠰ ᠵᠠᠪᠰᠠᠷ ᠦᠭᠡᠢ ᠮᠥᠷᠥ ᠵᠡᠷᠭᠡᠴᠡᠨ ᠭᠤᠷᠪᠠᠨ ᠳᠡᠭᠲᠡᠷ ᠢ᠋ᠶ᠋ᠡᠷ ᠬᠠᠭᠠᠵᠤ ᠠᠪᠤᠪᠠ᠃ ᠦᠵᠡᠰᠡ ᠲᠠᠢᠽᠦ᠂ ᠮᠤᠬᠤᠯᠢ᠂ ᠬᠠᠰᠠᠷ ᠭᠤᠷᠪᠠᠭᠤᠯᠠ ᠬᠡᠳᠦᠢᠨᠡᠢ ᠵᠥᠪᠳᠡᠵᠦ ᠵᠣᠷᠢᠮᠠᠭ ᠢ᠋ᠶ᠋ᠠᠷ ᠬᠠᠰᠠᠷ ᠢ᠋ ᠬᠠᠬᠢᠭᠴᠢ ᠪᠣᠯᠭᠠᠨ ᠬᠡᠷᠡᠢᠳ ᠲᠣᠷ ᠰᠣᠨᠣᠰᠬᠠᠵᠤ ᠲᠤᠰᠬᠠᠢᠯᠠᠨ ᠲᠡᠳᠡᠨ ᠢ᠋ ᠡᠯᠰᠡᠷ᠎ᠡ ᠢᠷᠡᠬᠦ ᠪᠡᠷ ᠤᠳᠤᠷᠢᠳᠴᠤ ᠪᠠᠰᠠ ᠬᠠᠰᠠᠷ ᠡᠮ᠎ᠡ ᠦᠷ᠎ᠡ ᠪᠡᠨ ᠴᠥᠮ ᠬᠡᠷᠡᠢᠳ ᠲᠣᠷ ᠪᠠᠢᠬᠤ ᠲᠡᠷᠡ ᠲᠠᠰᠢᠷᠠᠮ ᠢ᠋ ᠬᠡᠷᠡᠭᠯᠡᠵᠦ ᠢᠲᠡᠭᠡᠮᠵᠢ ᠪᠣᠯᠭᠠᠨ ᠤᠳᠤᠷᠢᠳᠤᠨ ᠠᠴᠢᠷᠠᠵᠤ ᠡᠨᠳᠡ ᠬᠣᠷᠢᠵᠤ ᠠᠪᠤᠭᠰᠠᠨ ᠠᠵᠤᠭᠤ᠃ ᠡᠨᠡ ᠦᠶ᠎ᠡ ᠳ᠋ᠦ᠍ᠷ ᠬᠠᠰᠠᠷ᠂ ᠪᠡᠯᠭᠦᠳᠡᠢ᠂ ᠭᠠᠴᠤᠭ ᠲᠤᠷ ᠲᠠᠪᠤᠨ ᠪᠠᠷᠰ ᠤ᠋ᠨ ᠵᠠᠩᠵᠤᠨ ᠢ᠋ ᠥᠭᠴᠦ ᠬᠡᠷᠡᠢᠳ ᠦ᠋ᠨ ᠤᠭ ᠨᠤᠲᠤᠭ ᠢ᠋ ᠬᠠᠭᠠᠯᠭᠠᠷ᠎ᠠ ᠶᠠᠪᠤᠭᠤᠯᠵᠤ᠂ ᠪᠤᠭᠤᠷᠤᠯ ᠤ᠋ᠨ ᠨᠢᠭᠡᠨ ᠰᠠᠯᠠᠭᠠᠨ ᠤ᠋ ᠴᠡᠷᠢᠭ ᠢ᠋ ᠬᠡᠷᠡᠢᠳ ᠦ᠋ᠨ ᠴᠡᠷᠢᠭ ᠦ᠋ᠨ ᠬᠦᠷᠢᠶᠡᠨ ᠦ᠌ ᠬᠣᠢᠨ᠎ᠠ ᠨᠢᠭᠤᠯᠭᠠᠨ ᠪᠦᠭᠭᠦᠭᠦᠯᠵᠦ᠂ ᠲᠠᠢᠽᠦ᠂ ᠮᠤᠬᠤᠯᠢ ᠬᠣᠶᠠᠭᠤᠯᠠ ᠣᠯᠠᠨ ᠢ᠋ ᠠᠪᠴᠤ ᠡᠨᠳᠡ ᠪᠦᠭᠭᠦᠭᠰᠡᠨ ᠪᠥᠯᠥᠭᠡ᠃ ᠲᠡᠭᠦᠨᠴᠡ ᠬᠡᠷᠡᠢᠳ ᠦ᠋ᠨ ᠴᠡᠷᠢᠭ ᠡᠮᠦᠨ᠎ᠡ ᠵᠠᠮ ᠪᠥᠭᠯᠡᠭᠳᠡᠪᠡ ᠭᠡᠮᠡᠨ ᠰᠣᠨᠣᠰᠴᠤ ᠬᠣᠢᠲᠤ ᠴᠡᠷᠢᠭ ᠢ᠋ ᠡᠭᠡᠭᠦᠯᠰᠦᠭᠡᠢ ᠬᠡᠮᠡᠲᠡᠯ᠎ᠡ ᠬᠣᠢᠲᠤ ᠪᠡᠶ᠎ᠡ ᠡᠴᠡ ᠵᠠᠯᠮ᠎ᠠ ᠶ᠋ᠢᠨ ᠴᠡᠷᠢᠭ ᠬᠡᠳᠦᠢᠨᠡᠢ ᠪᠠᠭᠤᠵᠤ ᠬᠠᠭᠠᠵᠤ ᠠᠪᠤᠭᠠᠳ ᠰᠠᠮᠠᠭᠤᠨ ᠰᠤᠮᠤ ᠪᠠᠷ ᠬᠠᠷᠪᠤᠯᠬᠢᠯᠠᠵᠤ ᠠᠢᠰᠤᠢ᠃ ᠬᠡᠷᠡᠢᠳ ᠦ᠋ᠨ ᠴᠡᠷᠢᠭ ᠨᠢᠭᠡᠨᠲᠡ ᠬᠠᠪᠴᠢᠭᠠᠢ ᠭᠣᠣᠯ ᠳ᠋ᠤᠷ ᠬᠠᠪᠴᠢᠭᠳᠠᠨ ᠬᠣᠷᠢᠭᠳᠠᠭᠠᠳ ᠬᠡᠳᠦᠢ ᠴᠢᠳᠠᠯ ᠬᠦᠴᠦᠨ ᠪᠠᠢᠪᠠᠴᠤ ᠬᠡᠷᠡᠭᠯᠡᠬᠦ ᠭᠠᠵᠠᠷ ᠦᠭᠡᠢ ᠪᠣᠯᠵᠤ᠂ ᠴᠡᠷᠢᠭ ᠮᠣᠷᠢᠨ ᠦᠬᠦᠨ ᠴᠢᠬᠢᠯᠳᠦᠵᠦ ᠬᠥᠳᠡᠯᠵᠦ ᠪᠠᠷᠢᠬᠤᠢ ᠳ᠋ᠤᠷ ᠴᠤ᠌ ᠪᠡᠷᠬᠡᠲᠡᠢ ᠪᠣᠯᠤᠭᠠᠳ ᠬᠣᠶᠠᠷ ᠡᠲᠡᠭᠡᠳ ᠡᠴᠡ ᠴᠢᠯᠠᠭᠤ ᠥᠩᠬᠥᠷᠢᠭᠦᠯᠦᠨ ᠵᠡᠪᠡ ᠨᠢᠰᠬᠡᠵᠦ ᠵᠠᠪᠰᠠᠷ ᠦᠭᠡᠢ ᠪᠠᠭᠤᠵᠤ ᠢᠷᠡᠬᠦᠢ ᠳ᠋ᠦ᠍ᠷ ᠬᠡᠷᠡᠢᠳ ᠦ᠋ᠨ ᠴᠡᠷᠢᠭ ᠨᠢᠭᠡᠨᠲᠡ ᠵᠢᠷᠦᠬᠡ ᠬᠡᠮᠬᠡᠷᠡᠭᠰᠡᠨ ᠲᠤᠯᠠ ᠶᠠᠭᠤᠨᠠᠢ ᠪᠠᠢᠯᠳᠤᠨ ᠴᠢᠳᠠᠬᠤ ᠪᠣᠢ ! ᠨᠡᠩ ᠪᠠᠰᠠ ᠠᠭᠤᠯᠠ ᠥᠭᠡᠳᠡ ᠲᠤᠯᠠ ᠥᠴᠦᠬᠡᠨ ᠴᠦ᠍ ᠠᠷᠭ᠎ᠠ ᠦᠭᠡᠢ᠂ ᠣᠯᠠᠨ ᠢ᠋ᠶ᠋ᠠᠷ ᠬᠢᠮᠤᠷᠠᠯᠳᠤᠨ ᠵᠢᠭᠤᠷᠠᠯᠳᠤᠵᠤ ᠶᠡᠬᠡᠯ᠎ᠡ ᠰᠠᠮᠠᠭᠤᠷᠠᠭᠰᠠᠨ᠎ᠠ ᠥᠨᠳᠥᠷ ᠳᠣᠪᠣ ᠳ᠋ᠤᠷ ᠪᠸᠲ᠋ᠠ᠋ ᠤᠯᠤᠰ ᠤ᠋ᠨ ᠵᠢᠨᠦᠩ ᠮᠤᠬᠤᠯᠢ ᠥᠨᠳᠥᠷ ᠭᠠᠯ ᠰᠢᠲᠠᠭᠠᠨ᠂ ᠭᠡᠷᠡᠯ ᠦ᠋ᠨ ᠳᠣᠣᠷ᠎ᠠ ᠲᠡᠮᠳᠡᠭ ᠦ᠋ᠨ ᠲᠤᠭ ᠪᠠᠷᠢᠵᠤ ᠵᠣᠭᠰᠣᠭᠠᠳ ᠳᠣᠬᠢᠶ᠎ᠠ ᠵᠠᠷᠯᠠᠮᠤᠢ᠃ ᠪᠠᠷᠠᠭᠤᠨ ᠡᠲᠡᠭᠡᠳ ᠦ᠋ᠨ ᠵᠡᠷᠭᠡᠯᠭᠡᠨᠲᠦ ᠣᠷᠭᠢᠯ ᠤ᠋ᠨ ᠳᠡᠭᠡᠷ᠎ᠡ ᠲᠠᠢᠽᠦ ᠰᠢᠳᠠᠷ ᠰᠠᠢᠳ ᠢ᠋ ᠠᠪᠴᠤ ᠭᠠᠯ ᠰᠢᠲᠠᠭᠠᠨ ᠭᠡᠷᠡᠯ ᠭᠠᠷᠭᠠᠨ ᠵᠣᠭᠰᠣᠵᠤ ᠪᠠᠢᠯᠳᠤᠬᠤ ᠶ᠋ᠢ ᠦᠵᠡᠮᠦᠢ᠃ 
       ᠲᠡᠭᠦᠨᠴᠡ ᠪᠸᠲ᠋ᠠ᠋ ᠤᠯᠤᠰ ᠤ᠋ᠨ ᠵᠢᠨᠦᠩ ᠦ᠋ᠨ ᠳᠠᠯᠪᠠᠭ᠎ᠠ ᠭᠤᠷᠪᠠᠨ ᠵᠡᠷᠭᠡ ᠳᠠᠷᠤᠭᠰᠠᠨ ᠠᠪᠠᠰᠤ ᠬᠣᠶᠠᠷ ᠬᠠᠵᠠᠭᠤ ᠶ᠋ᠢᠨ ᠴᠡᠷᠢᠭ ᠠᠷᠠᠳ ᠤ᠋ᠨ ᠵᠡᠪᠡ ᠴᠢᠯᠠᠭᠤ ᠬᠠᠮᠲᠤ ᠪᠠᠷ ᠪᠠᠭᠤᠵᠤ ᠬᠠᠰᠬᠢᠷᠬᠤ ᠳᠠᠭᠤᠨ ᠲᠡᠭᠷᠢ ᠳ᠋ᠦ᠍ᠷ ᠲᠤᠯᠤᠭᠠᠳ ᠲᠠᠴᠢᠭᠢᠨᠠᠬᠤ ᠳᠠᠭᠤᠨ ᠳ᠋ᠤ᠌ ᠠᠭᠤᠯᠠ ᠨᠤᠷᠠᠮᠤᠢ᠃ ᠬᠡᠷᠡᠢᠳ ᠦ᠋ᠨ ᠴᠡᠷᠢᠭ ᠦ᠋ᠨ ᠤᠬᠢᠯᠠᠨ ᠳᠠᠭᠤᠳᠠᠯᠴᠠᠬᠤ ᠳᠠᠭᠤᠨ ᠡᠭᠦᠯᠡᠨ ᠳ᠋ᠦ᠍ᠷ ᠨᠡᠪᠲᠡᠷᠡᠵᠦ᠂ ᠭᠠᠰᠠᠯᠤᠨ ᠪᠠᠷᠬᠢᠷᠠᠬᠤ ᠡᠭᠡᠰᠢᠭ ᠭᠣᠣᠯ ᠳ᠋ᠤᠷ ᠳᠦᠭᠦᠷᠦᠭᠰᠡᠨ ᠳ᠋ᠦ᠍ᠷ ᠲᠠᠢᠽᠦ ᠴᠠᠭᠠᠨ ᠬᠢᠭᠢᠷᠢ ᠳᠣᠪᠲᠣᠯᠭᠠᠨ ᠮᠤᠬᠤᠯᠢ ᠳ᠋ᠤᠷ ᠢᠯᠡᠭᠡᠵᠦ᠂ ᠬᠡᠷᠡᠢᠳ ᠦ᠋ᠨ ᠡᠵᠡᠨ ᠾᠧ ᠸᠠᠩ ᠢ᠋ ᠬᠡᠷᠬᠢᠪᠡᠴᠦ ᠠᠯᠠᠬᠤᠢ ᠳ᠋ᠤᠷ ᠪᠢᠲᠡᠭᠡᠢ ᠬᠦᠷᠭᠦᠯ ᠬᠡᠮᠡᠵᠦ ᠵᠠᠬᠢᠭᠰᠠᠨ᠎᠂ ᠵᠢᠨᠦᠩ ᠮᠤᠬᠤᠯᠢ ᠣᠯᠠᠨ ᠴᠡᠷᠢᠭ ᠲᠦ᠍ᠷ ᠵᠠᠷᠯᠠᠵᠤ ᠬᠡᠷᠡᠢᠳ ᠦ᠋ᠨ ᠴᠡᠷᠢᠭ ᠦ᠋ᠨ ᠵᠦᠭ ᠪᠠᠷᠬᠢᠷᠠᠨ ᠬᠡᠯᠡᠭᠦᠯᠬᠦ ᠢᠨᠤ:《ᠲᠠᠨ ᠤ᠋ ᠣᠯᠠᠨ ᠴᠡᠷᠢᠭ ᠦ᠋ᠳ ᠲᠡᠷᠰᠯᠡᠭᠦᠦ ᠰᠥᠷᠭᠡᠦ ᠲᠣᠭᠣᠷᠢᠯ ᠪᠠ ᠢᠯᠠᠭᠤ ᠨᠠᠷ ᠲᠡᠷᠢᠭᠦᠯᠡᠨ ᠬᠠᠭᠤᠷᠮᠠᠭ ᠴᠣᠯᠠᠲᠠᠨ ᠢ᠋ ᠴᠥᠮ ᠪᠠᠷᠢᠵᠤ ᠲᠤᠰᠢᠶᠠᠪᠠᠰᠤ᠂ ᠲᠠᠨ ᠤ᠋ ᠣᠯᠠᠨ ᠴᠡᠷᠢᠭ ᠦ᠋ᠳ ᠢ᠋ ᠨᠢᠭᠡᠴᠦ ᠠᠯᠠᠯ ᠦᠭᠡᠢ ᠪᠡᠷ ᠠᠮᠢᠨ ᠢ᠋ ᠴᠢᠨᠦ ᠭᠡᠯᠳᠦᠷᠢᠭᠦᠯᠵᠦ ᠳᠠᠭᠠᠭᠤᠯᠰᠤᠭᠠᠢ !》ᠬᠡᠮᠡᠭᠰᠡᠨ ᠳ᠋ᠦ᠍ᠷ ᠬᠡᠷᠡᠢᠳ ᠦ᠋ᠨ ᠣᠯᠠᠨ ᠽᠠᠢᠰᠢᠶᠠᠩ᠂ ᠲᠠᠢᠰᠢ᠂ ᠲᠠᠢᠪᠤᠤ ᠨᠠᠷ ᠠᠨᠤ ᠶᠡᠬᠡᠯ᠎ᠡ ᠭᠡᠯᠮᠡᠵᠦ᠂ ᠶᠠᠭᠠᠷᠠᠨ ᠴᠠᠭᠠᠵᠠ ᠵᠠᠷᠯᠠᠨ ᠣᠯᠠᠨ ᠴᠡᠷᠢᠭ ᠢ᠋ ᠥᠭᠡᠳᠡ ᠪᠠᠢᠯᠳᠤ ᠭᠡᠮᠡᠨ ᠬᠡᠩᠭᠡᠷᠭᠡ ᠳᠡᠯᠡᠳᠦᠨ ᠫᠤᠤ ᠲᠠᠯᠪᠢᠭᠤᠯᠤᠨ ᠰᠢᠬᠠᠮᠳᠠᠭᠤᠯᠤᠨ ᠶᠡᠬᠡᠯ᠎ᠡ ᠪᠠᠢᠯᠳᠤᠭᠤᠯᠤᠭᠰᠠᠨ ᠳ᠋ᠤᠷ ᠪᠸᠲ᠋ᠠ᠋ ᠤᠯᠤᠰ ᠤ᠋ᠨ ᠴᠡᠷᠢᠭ ᠭᠠᠯ ᠤ᠋ᠨ ᠳᠡᠭᠡᠷ᠎ᠡ ᠲᠣᠰᠣ ᠴᠢᠳᠬᠤᠭᠰᠠᠨ ᠮᠡᠲᠦ ᠬᠥᠭᠵᠢᠵᠦ᠂ ᠬᠣᠣᠰ ᠵᠡᠪᠡ ᠬᠣᠣᠰ ᠴᠢᠯᠠᠭᠤ ᠪᠠᠷ ᠳᠡᠯᠡᠳᠦᠨ ᠪᠠᠭᠤᠭᠰᠠᠨ ᠳ᠋ᠤᠷ ᠬᠥᠭᠡᠷᠦᠬᠦᠢ ᠬᠡᠷᠡᠢᠳ ᠦ᠋ᠨ ᠴᠡᠷᠢᠭ ᠳᠠᠯᠳᠢᠷᠠᠨ ᠵᠠᠢᠯᠠᠬᠤ ᠭᠠᠵᠠᠷ ᠦᠭᠡᠢ ᠪᠣᠯᠵᠤ᠂ ᠲᠣᠯᠣᠭᠠᠢ ᠬᠠᠭᠠᠷᠠᠵᠤ ᠨᠢᠳᠦ ᠪᠦᠯᠲᠡᠷᠡᠨ ᠬᠠᠷᠢᠯᠴᠠᠨ ᠭᠢᠰᠬᠢᠯᠳᠦᠵᠦ ᠦᠬᠦᠭᠰᠡᠨ ᠢᠨᠦ ᠲᠣᠭᠠᠯᠠᠰᠢ ᠦᠭᠡᠢ᠂ ᠪᠸᠲ᠋ᠠ᠋ ᠤᠯᠤᠰ ᠤ᠋ᠨ ᠴᠡᠷᠢᠭ ᠦ᠋ᠨ ᠠᠯᠠᠨ ᠣᠷᠣᠬᠤ ᠠᠨᠤ ᠲᠡᠷᠭᠡᠨ ᠦ᠌ ᠬᠣᠪᠬᠢᠯ ᠳ᠋ᠤᠷ ᠬᠤᠷᠠᠭᠰᠠᠨ ᠪᠠᠮᠪᠤ ᠶ᠋ᠢ ᠲᠡᠷᠭᠡᠨ ᠦ᠌ ᠬᠦᠷᠳᠦᠨ ᠢ᠋ᠶ᠋ᠡᠷ ᠳᠠᠷᠤᠬᠤ ᠮᠡᠲᠦ ᠳ᠋ᠦ᠍ᠷ ᠬᠡᠷᠡᠢᠳ ᠦ᠋ᠨ ᠴᠡᠷᠢᠭ ᠬᠣᠶᠠᠷ ᠬᠤᠪᠢ ᠬᠣᠬᠢᠷᠠᠵᠤ᠂ ᠦᠬᠦᠭᠰᠡᠨ ᠶᠠᠰᠤ ᠭᠣᠣᠯ ᠳ᠋ᠤᠷ ᠳᠦᠭᠦᠷᠴᠦ ᠮᠣᠷᠢᠨ ᠤ᠋ ᠬᠥᠯ ᠳ᠋ᠦ᠍ᠷ ᠦᠬᠦᠭᠰᠡᠨ ᠦᠬᠦᠳᠡᠯ ᠦ᠋ᠨ ᠳᠣᠣᠷ᠎ᠠ ᠠᠮᠢᠳᠤ ᠴᠡᠷᠢᠭ ᠳᠠᠯᠳᠠᠯᠠᠵᠤ᠂ ᠪᠸᠲ᠋ᠠ᠋ ᠤᠯᠤᠰ ᠤ᠋ᠨ ᠴᠡᠷᠢᠭ ᠦ᠋ᠨ ᠵᠡᠪᠰᠡᠭ ᠴᠢᠯᠠᠭᠤ ᠰᠠᠶᠢ ᠳᠤᠮᠳᠠᠯᠠᠲᠠᠯ᠎ᠠ ᠭᠡᠨᠡᠳᠲᠡ ᠬᠠᠷ᠎ᠠ ᠰᠠᠯᠬᠢᠨ ᠬᠤᠢ ᠬᠦᠷᠴᠦ ᠢᠷᠡᠮᠡᠭᠴᠡ ᠲᠡᠭᠷᠢ ᠠᠶᠤᠩᠭᠠᠯᠠᠨ ᠭᠢᠯᠪᠠᠯᠭᠡᠨ ᠴᠠᠬᠢᠯᠵᠤ ᠶᠡᠬᠡ ᠳᠣᠭᠰᠢᠨ ᠬᠤᠷ᠎ᠠ ᠬᠦᠷᠴᠦ ᠢᠷᠡᠭᠡᠳ ᠳᠡᠮᠡᠢ ᠬᠣᠶᠠᠷ ᠮᠥᠴᠡ ᠴᠢᠳᠬᠤᠭᠰᠠᠨ ᠦᠭᠡᠢ᠂ ᠬᠥᠯᠥᠨ ᠪᠤᠢᠷ ᠤ᠋ᠨ ᠳᠠᠯᠠᠨ ᠪᠤᠯᠠᠭ ᠤ᠋ᠨ ᠤᠷᠲᠤ ᠭᠣᠣᠯ ᠳ᠋ᠤᠷ ᠲᠦᠮᠡᠨ ᠪᠤᠯᠠᠭ ᠳᠡᠪᠦᠯᠦᠨ ᠤᠷᠤᠰᠴᠤ ᠶᠡᠬᠡ ᠦᠶᠡᠷ ᠦ᠋ᠨ ᠤᠰᠤ ᠭᠣᠣᠯ ᠤ᠋ᠨ ᠬᠣᠶᠠᠷ ᠬᠥᠪᠡᠭᠡᠨ ᠲᠤᠯᠲᠠᠯ᠎ᠠ ᠲᠡᠯᠡᠵᠦ ᠪᠠᠭᠤᠨ ᠢᠷᠡᠭᠰᠡᠨ᠎ᠡ᠂ ᠪᠣᠷᠣᠭᠠᠨ ᠵᠣᠭᠰᠣᠮᠠᠭᠴᠠ ᠡᠭᠦᠯᠡ ᠰᠡᠬᠦᠵᠦ ᠤᠨᠢᠶᠠᠷ ᠳᠡᠭᠳᠡᠨ᠂ ᠠᠷᠪᠠᠨ ᠳᠥᠷᠪᠡᠨ ᠦ᠌ ᠲᠡᠷᠭᠡᠯ ᠰᠠᠷᠠᠨ ᠠᠷᠴᠢᠭᠰᠠᠨ ᠲᠣᠯᠢ ᠮᠡᠲᠦ ᠲᠣᠨᠣᠯᠠᠨ ᠭᠠᠷᠴᠤ ᠢᠷᠡᠭᠰᠡᠨ ᠳ᠋ᠦ᠍ᠷ ᠪᠸᠲ᠋ᠠ᠋ ᠤᠯᠤᠰ ᠤ᠋ᠨ ᠴᠡᠷᠢᠭ ᠴᠥᠮ ᠠᠭᠤᠯᠠᠨ ᠤ᠋ ᠬᠠᠵᠠᠭᠤ ᠳ᠋ᠤᠷ ᠪᠠᠢᠭᠰᠠᠨ ᠲᠤᠯᠠ ᠡᠨᠡ ᠦᠶᠡᠷ ᠲᠣᠷ ᠬᠡᠷᠡᠢᠳ ᠦ᠋ᠨ ᠴᠡᠷᠢᠭ ᠢ᠋ ᠬᠠᠭᠠᠵᠤ ᠠᠯᠠᠭᠰᠠᠨ ᠠᠨᠤ᠂ ᠭᠣᠣᠯ ᠤ᠋ᠨ ᠦᠶᠡᠷ ᠴᠢᠰᠤᠨ ᠢ᠋ᠶ᠋ᠠᠷ ᠤᠷᠤᠰᠴᠤ ᠦᠶᠡᠷ ᠦ᠋ᠨ ᠯᠣᠭ ᠬᠥᠮᠦᠨ ᠦ᠌ ᠦᠬᠦᠳᠡᠯ ᠢ᠋ᠶ᠋ᠡᠷ ᠤᠷᠤᠰᠴᠤᠬᠤᠢ᠃ ᠡᠭᠦᠨ ᠳ᠋ᠦ᠍ᠷ ᠮᠤᠬᠤᠯᠢ ᠴᠠᠭᠠᠵᠠ ᠵᠠᠷᠯᠠᠨ ᠭᠣᠣᠯ ᠤ᠋ᠨ ᠠᠮᠠᠨ ᠢ᠋ ᠰᠠᠬᠢᠭᠤᠯᠵᠤ ᠬᠡᠷᠡᠢᠳ ᠦ᠋ᠨ ᠵᠠᠩᠵᠤᠨ ᠴᠡᠷᠢᠭ ᠢ᠋ ᠤᠨᠠᠭᠤᠯ ᠠ᠋ᠴᠠ ᠤᠷᠤᠰᠤᠭᠰᠠᠨ ᠵᠣᠷᠮ᠎ᠠ ᠶ᠋ᠢ ᠱᠦᠭᠦᠬᠦ ᠮᠡᠲᠦ ᠪᠠᠢᠯᠳᠤᠭᠰᠠᠨ᠎ᠠ᠂ ᠬᠡᠷᠡᠢᠳ ᠦ᠋ᠨ ᠦᠯᠡᠭᠰᠡᠨ ᠴᠡᠷᠢᠭ ᠨᠢᠭᠡᠨᠲᠡ ᠭᠡᠲᠦᠯᠬᠦ ᠵᠠᠮ ᠦᠭᠡᠢ ᠪᠣᠯᠤᠭᠰᠠᠨ ᠲᠤᠯᠠ ᠬᠠᠭᠤᠮᠠᠭᠠᠢ ᠴᠣᠯᠠᠲᠠᠨ ᠢ᠋ᠶ᠋ᠠᠨ ᠪᠠᠷᠢᠵᠤ ᠳᠠᠭᠠᠭᠰᠠᠨ ᠠᠨᠤ ᠬᠠᠭᠠᠰ ᠬᠤᠪᠢ ᠢᠯᠡᠭᠦᠦ ᠪᠣᠯᠪᠠ᠃ ᠡᠨᠡ ᠦᠶ᠎ᠡ ᠳ᠋ᠦ᠍ᠷ ᠸᠠᠩ ᠬᠠᠭᠠᠨ᠂ ᠲᠠᠢᠽᠢ ᠢᠯᠠᠭᠤ ᠬᠣᠶᠠᠭᠤᠯᠠ ᠥᠪᠡᠷ ᠦ᠋ᠨ ᠴᠡᠷᠢᠭ ᠲᠦ᠍ᠷ ᠪᠠᠷᠢᠭᠳᠠᠬᠤ ᠠ᠋ᠴᠠ ᠠᠶᠤᠵᠤ ᠬᠠᠭᠠᠨ ᠤ᠋ ᠳᠤᠭᠤᠯᠠᠭ᠎ᠠ᠂ ᠲᠠᠢᠽᠢ ᠶ᠋ᠢᠨ ᠬᠤᠶᠠᠭ ᠢ᠋ᠶ᠋ᠠᠨ ᠬᠡᠳᠦᠢᠨᠡᠢ ᠲᠠᠢᠯᠵᠤ ᠭᠡᠭᠡᠭᠡᠳ ᠦᠬᠦᠭᠰᠡᠨ ᠴᠡᠷᠢᠭ ᠦ᠋ᠨ ᠴᠢᠰᠤᠲᠤ ᠬᠤᠪᠴᠠᠳ ᠢ᠋ ᠲᠠᠢᠯᠤᠨ ᠠᠪᠴᠤ ᠡᠮᠦᠰᠦᠯᠴᠡᠭᠡᠳ ᠬᠠᠷᠠᠬᠠᠨ ᠶᠡᠬᠡ ᠪᠣᠷᠣᠭᠠᠨ ᠴᠢᠳᠬᠤᠬᠤ ᠦᠢᠮᠡᠭᠡᠨ ᠦ᠌ ᠦᠶ᠎ᠡ ᠳ᠋ᠦ᠍ᠷ ᠪᠣᠷᠣᠭᠠᠨ ᠳ᠋ᠤᠷ ᠲᠡᠰᠡᠷᠭᠦᠯᠡᠨ ᠨᠠᠷᠢᠨ ᠰᠤᠵᠠᠭ ᠥᠭᠡᠳᠡ ᠮᠠᠴᠤᠯᠬᠢᠯᠠᠨ ᠬᠡᠳᠦᠨ ᠠᠷᠪᠠᠨ ᠮᠣᠷᠢᠲᠠᠨ ᠢ᠋ ᠠᠪᠴᠤ ᠮᠤᠯᠲᠤᠷᠠᠨ ᠭᠠᠷᠴᠤ ᠥᠪᠡᠷ ᠦ᠋ᠨ ᠬᠦᠷᠢᠶᠡᠨ ᠦ᠌ ᠵᠦᠭ ᠳᠤᠲᠠᠭᠠᠨ ᠢᠷᠠᠪᠠᠰᠤ᠂ ᠪᠸᠲ᠋ᠠ᠋ ᠤᠯᠤᠰ ᠤ᠋ᠨ ᠬᠦᠯᠦᠭ ᠪᠤᠭᠤᠷᠤᠯ ᠬᠡᠳᠦᠢᠨᠡᠢ ᠲᠡᠭᠦᠨ ᠢ᠋ ᠭᠠᠷᠤᠭᠰᠠᠨ ᠳᠠᠷᠤᠢ ᠪᠤᠬᠤᠷ ᠮᠥᠷ ᠢ᠋ᠶ᠋ᠡᠷ ᠲᠡᠭᠡᠨ ᠣᠷᠣᠵᠤ᠂ ᠬᠦᠷᠢᠶ᠎ᠡ ᠶ᠋ᠢ ᠠᠪᠴᠤ ᠵᠠᠩᠵᠤᠨ ᠢ᠋ ᠠᠨᠤ ᠪᠠᠷᠢᠵᠤ ᠴᠡᠷᠢᠭ ᠢ᠋ ᠢᠨᠤ ᠳᠠᠭᠠᠭᠤᠯᠤᠭᠠᠳ ᠲᠤᠭ ᠬᠢᠭᠢᠷᠢ ᠶ᠋ᠢ ᠬᠠᠯᠠᠨ ᠪᠤᠰᠬᠠᠯᠭᠠᠵᠤᠬᠤᠢ᠃ ᠸᠠᠩ ᠬᠠᠭᠠᠨ᠂ ᠲᠠᠢᠽᠢ ᠸᠠᠩ ᠬᠣᠶᠠᠭᠤᠯᠠ ᠬᠦᠷᠢᠶ᠎ᠡ ᠡᠴᠡ ᠪᠡᠨ ᠤᠷᠭᠤᠨ ᠭᠠᠷᠤᠭᠰᠠᠨ ᠴᠡᠷᠢᠭ ᠦ᠋ᠳ ᠲᠣᠷ ᠤᠴᠠᠷᠠᠵᠤ ᠣᠯᠵᠤ ᠰᠣᠨᠣᠰᠤᠭᠠᠳ ᠳᠠᠭᠤ ᠲᠠᠯᠪᠢᠨ ᠤᠬᠢᠯᠠᠭᠰᠠᠭᠠᠷ ᠤᠯᠤᠰ ᠤ᠋ᠨ ᠢ᠋ᠶ᠋ᠠᠨ ᠵᠦᠭ ᠳᠤᠲᠠᠭᠠᠪᠠ᠃ ᠡᠨᠡ ᠦᠶ᠎ᠡ ᠳ᠋ᠦ᠍ᠷ ᠪᠣᠷᠣᠭᠠᠨ ᠥᠩᠭᠡᠷᠡᠵᠦ ᠰᠠᠷᠠᠨ ᠮᠠᠨᠳᠤᠭᠰᠠᠨ ᠲᠤᠯᠠ ᠢᠯᠠᠭᠤ ᠡᠭᠡᠵᠦ ᠦᠵᠡᠪᠡᠰᠦ ᠤᠷᠢᠳ ᠬᠣᠵᠢᠳ ᠲᠠᠢ ᠤᠴᠠᠷᠠᠭᠰᠠᠨ ᠴᠡᠷᠢᠭ ᠬᠣᠶᠠᠷ ᠵᠠᠭᠤᠨ ᠬᠦᠷᠬᠦ ᠦᠭᠡᠢ ᠳ᠋ᠦ᠍ᠷ ᠦᠬᠦᠨ ᠰᠢᠷᠭᠤᠯᠠᠨ ᠳᠣᠪᠲᠣᠯᠤᠭᠰᠠᠭᠠᠷ ᠭᠤᠴᠢᠨ ᠭᠠᠵᠠᠷ ᠭᠠᠷᠴᠤ ᠭᠡᠭᠡᠷᠡᠬᠦ ᠶ᠋ᠢᠨ ᠦᠶ᠎ᠡ ᠳ᠋ᠦ᠍ ᠪᠣᠷᠤᠭᠲᠤ ᠬᠡᠮᠡᠬᠦ ᠲᠠᠯ᠎ᠠ ᠶ᠋ᠢ ᠬᠦᠷᠴᠦ ᠡᠪᠡᠰᠦᠨ᠎ᠡ ᠬᠡᠪᠲᠡᠵᠦ ᠨᠢᠭᠡᠨ ᠡᠳᠦᠷ ᠨᠢᠭᠤᠵᠤ᠂ ᠨᠠᠷᠠᠨ ᠤᠨᠠᠵᠤ ᠰᠠᠷᠠᠨ ᠭᠠᠷᠤᠮᠠᠭᠴᠠ ᠮᠣᠷᠢᠨ ᠤ᠋ ᠲᠦᠭᠦᠬᠡᠢ ᠮᠢᠬ᠎ᠠ ᠶ᠋ᠢ ᠬᠡᠳᠦᠨ ᠡᠮᠬᠦ ᠢᠳᠡᠯᠴᠡᠵᠦ ᠪᠠᠰᠠ ᠳᠣᠪᠲᠣᠯᠤᠨ ᠬᠥᠳᠡᠯᠲᠡᠯ᠎ᠡ ᠡᠰᠡᠷᠭᠦ ᠨᠢᠭᠡᠨ ᠰᠠᠯᠠᠭᠠᠨ ᠤ᠋ ᠴᠡᠷᠢᠭ ᠨᠢᠰᠬᠦ ᠮᠡᠲᠦ ᠳᠣᠪᠲᠣᠯᠤᠨ ᠢᠷᠡᠮᠦᠢ᠃ ᠸᠠᠩ ᠬᠠᠭᠠᠨ ᠯᠠᠪ ᠥᠪᠡᠷ ᠦ᠋ᠨ ᠤᠯᠤᠰ ᠠ᠋ᠴᠠ ᠫᠣᠯᠭᠤᠳᠠᠢ ᠨᠠᠷ ᠢ᠋ᠶ᠋ᠠᠷ ᠴᠡᠷᠢᠭ ᠠᠪᠤᠨ ᠲᠤᠰᠠᠯᠠᠷ᠎ᠠ ᠢᠯᠡᠭᠡᠪᠡᠢ ᠊ᠶ᠎ᠠ ᠭᠡᠮᠡᠨ ᠳᠣᠲᠣᠷ᠎ᠠ ᠰᠠᠶᠢ ᠪᠠᠬᠠᠨ ᠰᠤᠯᠠ ᠪᠣᠯᠵᠤ ᠥᠨᠳᠥᠷ ᠳᠠᠭᠤᠨ ᠢ᠋ᠶ᠋ᠠᠷ ᠤᠬᠢᠯᠠᠵᠤ ᠥᠭᠦᠯᠡᠷᠦᠨ: 
                ᠠᠪ ᠠᠮᠤᠷᠬᠠᠨ ᠪᠠᠢᠭᠰᠠᠨ ᠠᠯᠲᠠᠨ ᠪᠡᠶ᠎ᠡ ᠶ᠋ᠢ ᠮᠢᠨᠦ 
                ᠠᠯᠠᠯᠲᠠᠢ ᠬᠥᠪᠡᠭᠦᠨ ᠠᠯᠪᠠᠳᠠᠵᠤ ᠶᠠᠪᠤᠭᠤᠯᠤᠭᠰᠠᠭᠠᠷ ᠡᠢᠮᠦ ᠪᠣᠯᠭᠠᠪᠠ᠂ 
                ᠵᠥᠪ ᠵᠦᠭᠡᠷᠬᠡᠨ ᠪᠠᠢᠭᠰᠠᠨ ᠵᠥᠭᠡᠯᠡᠬᠡᠨ ᠪᠡᠶ᠎ᠡ ᠮᠢᠨᠦ 
                ᠵᠦᠬᠡᠯᠲᠡᠢ ᠬᠥᠪᠡᠭᠦᠨ ᠵᠥᠭᠡᠵᠦ ᠶᠠᠪᠤᠭᠤᠯᠤᠭᠰᠠᠭᠠᠷ ᠡᠢᠮᠦ ᠪᠣᠯᠭᠠᠪᠠ᠂ 
                ᠳᠠᠯᠠᠨ ᠨᠠᠰᠤ ᠭᠠᠷᠤᠭᠰᠠᠨ ᠲᠠᠭᠠᠷᠢ ᠲᠠᠢ ᠡᠨᠡ ᠪᠡᠶ᠎ᠡ ᠮᠢᠨᠦ 
                ᠳᠠᠪᠲᠠᠨ ᠬᠥᠮᠦᠵᠢᠭᠦᠯᠦᠭᠰᠡᠨ ᠬᠥᠪᠡᠭᠦᠨ ᠢ᠋ᠶ᠋ᠡᠨ ᠰᠠᠢᠨ ᠳ᠋ᠤᠷ ᠡᠢᠮᠦ ᠪᠣᠯᠪᠠ ᠪᠢ᠂ 
                ᠰᠠᠬᠠᠯ ᠦᠰᠦ ᠴᠠᠢᠭᠰᠠᠨ ᠰᠠᠨᠠᠯᠳᠤ ᠡᠨᠡ ᠪᠡᠶ᠎ᠡ ᠮᠢᠨᠦ 
                ᠰᠠᠨᠠᠵᠤ ᠲᠡᠵᠢᠭᠡᠭᠰᠡᠨ ᠬᠥᠪᠡᠭᠦᠨ ᠢ᠋ᠶ᠋ᠡᠨ ᠰᠠᠢᠨ ᠳ᠋ᠤᠷ ᠡᠢᠮᠦ ᠪᠣᠯᠪᠠ ᠪᠢ ! 
ᠭᠡᠮᠡᠨ ᠤᠷᠤᠭᠰᠢᠯᠠᠨ ᠳᠣᠪᠲᠣᠯᠵᠤ ᠤᠭᠲᠤᠨ ᠬᠦᠷᠲᠡᠯ᠎ᠡ ᠲᠡᠷᠡ ᠲᠡᠷᠢᠭᠦᠨ ᠪᠠᠭ ᠤ᠋ᠨ ᠴᠡᠷᠢᠭ ᠡᠴᠡ ᠨᠢᠭᠡᠨ ᠵᠠᠩᠵᠤᠨ ᠤᠬᠤᠰᠬᠢᠨ ᠤᠭᠲᠤᠨ ᠭᠠᠷᠴᠤ ᠢᠷᠡᠭᠡᠳ ᠣᠭᠴᠣᠷᠬᠠᠢ ᠨᠢᠭᠡᠨ ᠮᠠᠭᠤ ᠳᠠᠭᠤᠨ ᠭᠠᠷᠤᠮᠠᠭᠴᠠ ᠣᠨᠳᠣᠢᠨ ᠡᠴᠢᠭᠰᠡᠨ ᠸᠠᠩ ᠬᠠᠭᠠᠨ ᠢ᠋ ᠨᠢᠭᠡᠨᠲᠡ ᠴᠠᠪᠴᠢᠵᠤ ᠬᠣᠶᠠᠷ ᠠᠩᠭᠢ ᠪᠣᠯᠭᠠᠪᠠ᠂ ᠢᠯᠠᠭᠤ ᠶᠠᠭᠠᠷᠠᠨ ᠦᠵᠡᠪᠡᠰᠦ ᠶᠠᠭᠤᠨᠠᠢ ᠲᠡᠭᠦᠨ ᠦ᠌ ᠤᠯᠤᠰ ᠤ᠋ᠨ ᠴᠡᠷᠢᠭ ᠠᠵᠢ ! ᠦᠵᠡᠰᠡ ᠨᠠᠢ᠍ᠮᠠᠨ ᠤ᠋ ᠨᠢᠭᠡᠨ ᠰᠠᠯᠠᠭᠠᠨ ᠢ᠋ ᠴᠢᠦᠢ ᠱᠢ ᠯᠢ᠂ ᠵᠠᠮᠤᠬ᠎ᠠ ᠨᠠᠷ ᠤ᠋ᠨ ᠴᠡᠷᠢᠭ ᠬᠡᠷᠡᠢᠳ ᠦ᠋ᠨ ᠨᠤᠲᠤᠭ ᠲᠤᠷ ᠰᠣᠯᠤᠩᠭᠤᠸ᠎ᠠ ᠶ᠋ᠢ ᠪᠤᠯᠢᠶᠠᠷ᠎ᠠ ᠡᠴᠢᠬᠦ ᠴᠡᠷᠢᠭ ᠵᠠᠮ ᠳ᠋ᠤᠷ ᠴᠢᠪᠬᠢᠲᠡᠯ᠎ᠡ ᠪᠸᠲ᠋ᠠ᠋ ᠤᠯᠤᠰ ᠤ᠋ᠨ ᠳᠥᠷᠪᠡᠨ ᠳᠡᠭᠦᠦ ᠲᠠᠪᠤᠨ ᠪᠠᠷᠰ ᠤ᠋ᠨ ᠨᠢᠭᠡᠨ ᠰᠠᠯᠠᠭᠠᠨ ᠤ᠋ ᠴᠡᠷᠢᠭ ᠲᠦ᠍ᠷ ᠤᠴᠠᠷᠠᠪᠠ ᠃ ᠨᠢᠭᠡᠨ ᠵᠡᠷᠭᠡ ᠶᠡᠬᠡᠯ᠎ᠡ ᠳᠠᠷᠤᠭᠳᠠᠵᠤ ᠡᠭᠡᠵᠦ ᠳᠤᠲᠠᠭᠠᠨ ᠡᠴᠢᠬᠦᠶ᠎ᠡ᠂ ᠲᠣᠭᠲᠣᠩᠭᠣᠣ ᠪᠠᠭᠠᠲᠤᠷ ᠲᠤᠩ ᠲᠠᠯᠪᠢᠯ ᠦᠭᠡᠢ ᠨᠡᠬᠡᠨ ᠢᠷᠡᠬᠦᠢ ᠳ᠋ᠦ᠍ᠷ ᠨᠠᠢ᠍ᠮᠠᠨ ᠤ᠋ ᠴᠡᠷᠢᠭ ᠨᠡᠮᠨᠡᠨ ᠳᠣᠪᠲᠣᠯᠵᠤ ᠪᠤᠷᠤᠭᠤᠯᠠᠬᠤᠶ᠎ᠠ᠂ ᠨᠠᠮ ᠬᠢᠲᠡᠯ᠎ᠡ ᠸᠠᠩ ᠬᠠᠭᠠᠨ ᠳ᠋ᠤᠷ ᠤᠴᠠᠷᠠᠭᠠᠳ ᠨᠠᠢᠷ ᠦᠭᠡᠢ ᠵᠠᠮᠤᠬ᠎ᠠ ᠦᠵᠡᠵᠦ ᠲᠠᠨᠢᠮᠠᠭᠴᠠ ᠶᠠᠰᠤ ᠰᠢᠳᠦ ᠪᠡᠨ ᠬᠠᠭ᠎ᠠ ᠵᠠᠭᠤᠵᠤ《ᠶᠠᠭᠤᠲᠠᠢ ᠰᠠᠢᠬᠠᠨ ᠲᠣᠬᠢᠶᠠᠯ ᠪᠣᠢ ? 》ᠬᠡᠮᠡᠭᠡᠳ ᠶᠡᠬᠡ ᠢᠷᠲᠦ ᠳ᠋ᠠᠮ ᠢᠯᠳᠦᠨ ᠢ᠋ᠶ᠋ᠠᠨ ᠡᠷᠭᠢᠭᠦᠯᠵᠦ᠂ ᠶᠠᠩᠰᠢᠵᠤ ᠪᠠᠢᠭᠰᠠᠨ ᠸᠠᠩ ᠬᠠᠭᠠᠨ ᠢ᠋ ᠨᠢᠭᠡᠨᠲᠡ ᠴᠠᠪᠴᠢᠵᠤ ᠶᠠᠰᠤ ᠮᠢᠬᠠᠲᠦ ᠲᠣᠯᠣᠭᠠᠢ ᠪᠡᠶ᠎ᠡ ᠶ᠋ᠢ ᠬᠣᠶᠠᠷ ᠠᠩᠭᠢ ᠪᠣᠯᠭᠠᠭᠰᠠᠨ ᠠᠵᠤᠭᠤ᠃ ᠡᠭᠦᠨ ᠳ᠋ᠦ᠍ᠷ ᠵᠠᠮᠤᠬ᠎ᠠ ᠶ᠋ᠢᠨ ᠳᠠᠭᠤᠨ ᠢ᠋ ᠢᠯᠠᠭᠤ ᠬᠡᠳᠦᠢᠨᠡᠢ ᠲᠠᠨᠢᠭᠠᠳ ᠶᠠᠰᠤ ᠦᠰᠦ ᠶᠡᠬᠡᠳᠡ ᠤᠮᠲᠠᠷᠠᠵᠤ ᠂《ᠪᠢ !》ᠭᠡᠮᠡᠨ ᠳᠠᠭᠤᠳᠠᠮᠠᠭᠴᠠ ᠶᠠᠵᠢᠭᠢᠨᠠᠲᠠᠯ᠎ᠠ ᠡᠭᠡᠵᠦ ᠳᠣᠪᠲᠣᠯᠤᠨ᠂ ᠪᠠᠷᠠᠭᠤᠨ ᠡᠮᠦᠨ᠎ᠡ ᠵᠦᠭ ᠪᠤᠷᠤᠭᠤᠯᠠᠨ ᠵᠠᠮ ᠳ᠋ᠤᠷ ᠤᠴᠠᠷᠠᠭᠰᠠᠨ ᠥᠪᠡᠷ ᠦ᠋ᠨ ᠬᠡᠳᠦᠨ ᠴᠡᠷᠢᠭ ᠢ᠋ᠶ᠋ᠡᠨ ᠠᠪᠴᠤ ᠪᠠᠢᠭᠠᠳ ᠡᠮᠦᠨ᠎ᠡ ᠪᠦᠬᠦᠢ ᠰᠢᠶᠠ ᠤᠯᠤᠰ ᠲᠤᠷ ᠰᠢᠷᠭᠤᠨ ᠣᠷᠣᠵᠤ ᠡᠴᠢᠭᠡᠳ ᠰᠢᠩᠰᠢᠵᠦ ᠱᠠᠭᠠᠢᠨ ᠶᠠᠪᠤᠬᠤ ᠳᠡᠭᠡᠷᠡᠮ ᠬᠤᠯᠠᠭᠠᠢ ᠪᠣᠯᠪᠠᠢ᠃ 
       ᠡᠭᠦᠨ ᠢ᠋ ᠲᠦᠷ ᠬᠡᠯᠡᠬᠦ ᠦᠭᠡᠢ᠃ ᠲᠡᠭᠦᠨᠴᠡ ᠨᠠᠢ᠍ᠮᠠᠨ ᠤ᠋ ᠴᠡᠷᠢᠭ ᠦ᠋ᠨ ᠬᠣᠢᠨ᠎ᠠ ᠠ᠋ᠴᠠ᠂ ᠪᠸᠲ᠋ᠠ᠋ ᠤᠯᠤᠰ ᠴᠡᠷᠢᠭ ᠨᠡᠬᠡᠵᠦ ᠶᠠᠪᠤᠬᠤ ᠲᠤᠯᠠ ᠢᠯᠠᠭᠤ ᠶ᠋ᠢ ᠨᠡᠬᠡᠬᠦ ᠶ᠋ᠢ ᠴᠦ᠍ ᠪᠠᠢᠲᠤᠭᠠᠢ᠂ ᠾᠧ ᠸᠠᠩ ᠤ᠋ᠨ ᠬᠡᠭᠦᠷ ᠢ᠋ ᠮᠥᠨ ᠠᠪᠬᠤ ᠴᠢᠯᠥᠭᠡ ᠦᠭᠡᠢ ᠭᠣᠳ ᠪᠠᠢᠨ ᠪᠤᠷᠤᠭᠤᠯᠠᠪᠠ᠃ ᠲᠣᠭᠲᠣᠩᠭᠤ ᠪᠠᠭᠠᠲᠤᠷ ᠨᠡᠬᠡᠭᠰᠡᠭᠡᠷ ᠬᠠᠷᠢᠨ ᠾᠧ ᠸᠠᠩ ᠤ᠋ᠨ ᠦᠬᠦᠳᠡᠯ ᠢ᠋ ᠣᠯᠵᠤ ᠲᠣᠯᠣᠭᠠᠢ ᠶ᠋ᠢ ᠣᠭᠲᠣᠯᠤᠨ ᠠᠪᠴᠤ ᠪᠡᠶ᠎ᠡ ᠶ᠋ᠢ ᠪᠥᠲᠡᠭᠡᠯᠭᠡᠨ ᠲᠡᠮᠳᠡᠭ ᠲᠡᠢ ᠪᠡᠷ ᠲᠠᠯᠪᠢᠵᠤ᠂ ᠨᠠᠢ᠍ᠮᠠᠨ ᠤ᠋ ᠴᠡᠷᠢᠭ ᠢ᠋ ᠲᠠᠯᠪᠢᠯ ᠦᠭᠡᠢ ᠨᠡᠬᠡᠵᠦ ᠡᠴᠢᠪᠡ᠃ 
       ᠡᠭᠦᠨ ᠢ᠋ ᠪᠠᠰᠠ ᠲᠦᠷ ᠬᠡᠯᠡᠬᠦ ᠦᠭᠡᠢ᠃ ᠬᠡᠯᠡᠬᠦ ᠢᠨᠤ : ᠳᠠᠯᠠᠨ ᠪᠤᠯᠠᠭ ᠤ᠋ᠨ ᠶᠡᠬᠡ ᠪᠠᠢᠯᠳᠤᠭᠠᠨ ᠢ᠋ ᠥᠭᠦᠯᠡᠰᠦᠭᠡᠢ᠃ ᠲᠡᠨᠳᠡᠴᠡ ᠵᠢᠨᠦᠩ ᠮᠤᠬᠤᠯᠢ ᠬᠡᠷᠡᠢᠳ ᠦ᠋ᠨ ᠠᠷᠪᠠᠨ ᠭᠤᠷᠪᠠᠨ ᠲᠦᠮᠡᠨ ᠴᠡᠷᠢᠭ ᠢ᠋ ᠳᠠᠯᠠᠨ ᠪᠤᠯᠠᠭᠲᠤ ᠭᠣᠣᠯ ᠤ᠋ᠨ ᠳᠣᠲᠣᠷ᠎ᠠ ᠬᠣᠷᠢᠨ ᠬᠤᠶᠠᠭ ᠵᠠᠷ ᠵᠡᠪᠰᠡᠭ᠂ ᠵᠡᠪᠡ ᠴᠢᠯᠠᠭᠤᠨ ᠦᠶᠡᠷ ᠤᠰᠤᠨ ᠢ᠋ᠶ᠋ᠠᠷ ᠵᠢᠴᠢ ᠡᠳᠦᠷ ᠦ᠋ᠨ ᠦᠳᠡ ᠪᠣᠯᠲᠠᠯ᠎ᠠ ᠪᠠᠢᠯᠳᠤᠨ ᠪᠠᠢᠵᠤ ᠴᠥᠮ ᠳᠠᠭᠠᠭᠤᠯᠤᠨ ᠠᠪᠴᠤ ᠠᠩᠭᠢ ᠪᠦᠷᠢ ᠳ᠋ᠦ᠍ᠷ ᠰᠠᠯᠭᠠᠨ ᠵᠠᠬᠢᠷᠤᠭᠤᠯᠵᠤ᠂ ᠲᠠᠢᠽᠦ ᠶ᠋ᠢ ᠤᠳᠤᠷᠢᠳᠤᠨ ᠾᠧ ᠸᠠᠩ ᠤ᠋ᠨ ᠬᠡᠮᠬᠡᠲᠦ ᠠᠭᠤᠯᠠᠨ ᠤ᠋ ᠪᠠᠭᠤᠳᠠᠯ ᠳ᠋ᠤᠷ ᠬᠦᠷᠲᠡᠯ᠎ᠡ ᠪᠤᠭᠤᠷᠤᠯ ᠳᠥᠷᠪᠡᠨ ᠪᠠᠭ᠎ᠠ ᠵᠠᠩᠵᠤᠨ ᠨᠠᠷ ᠢ᠋ ᠠᠪᠴᠤ ᠳᠡᠢᠯᠦᠭᠰᠡᠨ ᠪᠠᠶᠠᠷ ᠤ᠋ᠨ ᠶᠣᠰᠣᠭᠠᠷ ᠮᠥᠷᠭᠥᠨ ᠤᠭᠲᠤᠵᠤ᠂ ᠲᠠᠢᠽᠦ ᠶᠡᠬᠡ ᠴᠠᠴᠠᠷ ᠲᠤᠷ ᠠᠨᠤ ᠣᠷᠣᠵᠤ ᠰᠠᠭᠤᠭᠠᠳ ᠪᠠᠷᠰ ᠤ᠋ᠨ ᠬᠡᠩᠭᠡᠷᠭᠡ ᠳᠡᠯᠡᠳᠦᠭᠦᠯᠦᠨ ᠪᠠᠢᠭᠰᠠᠨ ᠣᠯᠠᠨ ᠵᠠᠩᠵᠤᠨ ᠨᠠᠷ ᠤ᠋ᠨ ᠭᠠᠪᠢᠶ᠎ᠠ ᠵᠢᠳᠬᠦᠯᠭᠡ ᠶ᠋ᠢ ᠪᠠᠢᠴᠠᠭᠠᠬᠤᠶ᠎ᠠ᠂ ᠣᠯᠠᠨ ᠵᠠᠩᠵᠤᠨ ᠨᠠᠷ ᠤ᠋ᠨ ᠲᠤᠰᠢᠶᠠᠬᠤ ᠠᠨᠤ ᠣᠯᠠᠩᠬᠢ ᠨᠢ ᠠᠨᠤ ᠬᠡᠷᠡᠢᠳ ᠦ᠋ᠨ ᠶᠡᠬᠡ ᠴᠣᠯᠠᠲᠠᠨ ᠢ᠋ ᠬᠡᠳᠦᠢᠪᠡᠷ ᠠᠮᠢᠳᠤ ᠪᠠᠷᠢᠭᠰᠠᠨ ᠠᠨᠤ ᠪᠣᠯᠪᠠᠴᠤ ᠲᠠᠢᠽᠦ ᠶ᠋ᠢᠨ ᠪᠠᠰᠠ ᠲᠠᠯᠪᠢᠬᠤ ᠠ᠋ᠴᠠ ᠠᠶᠤᠵᠤ ᠣᠯᠠᠩᠬᠢ ᠶ᠋ᠢ ᠠᠨᠤ ᠴᠥᠮ ᠠᠯᠠᠵᠤ ᠲᠣᠯᠣᠭᠠᠢ ᠶ᠋ᠢ ᠲᠤᠰᠢᠶᠠᠵᠤᠬᠤᠢ᠃ ᠭᠠᠭᠴᠠ ᠬᠦᠯᠦᠭ ᠴᠢᠯᠠᠭᠤᠨ᠂ ᠵᠢᠴᠢ ᠤᠷᠤᠭ ᠵᠠᠯᠮ᠎ᠠ ᠬᠣᠶᠠᠭᠤᠯᠠ ᠶ᠋ᠢᠨ ᠲᠤᠰᠢᠶᠠᠭᠰᠠᠨ ᠠᠨᠤ ᠭᠦᠷᠡᠯᠵᠡᠭᠡᠨ᠎ᠡ ᠴᠧᠩᠰᠢᠶᠠᠩ᠂ ᠣᠯᠢᠨᠲᠠᠢ ᠲᠠᠢᠰᠢ ᠬᠣᠶᠠᠭᠤᠯᠠ ᠶ᠋ᠢ ᠠᠮᠢᠳᠤ ᠲᠤᠰᠢᠶᠠᠭᠰᠠᠨ ᠪᠣᠯᠪᠠᠴᠤ ᠬᠣᠶᠠᠭᠤᠯᠠ ᠶ᠋ᠢᠨ ᠬᠣᠶᠠᠷ ᠭᠠᠷ ᠢ᠋ ᠴᠥᠮ ᠮᠥᠷᠥ ᠪᠡᠷ ᠴᠠᠪᠴᠢᠨ ᠠᠪᠤᠭᠰᠠᠨ ᠲᠤᠯᠠ ᠮᠠᠰᠢ ᠦᠵᠡᠰᠢ ᠦᠭᠡᠢ ᠮᠠᠭᠤᠬᠠᠢ᠂ ᠵᠢᠨᠦᠩ ᠮᠤᠬᠤᠯᠢ ᠤᠮᠤᠰᠬᠢᠲᠠᠯ᠎ᠠ ᠢᠨᠢᠶᠡᠨ ᠠᠯᠳᠠᠪᠠᠢ᠃ ᠬᠦᠯᠦᠭ ᠪᠤᠭᠤᠷᠤᠯ ᠪᠠᠰᠠ ᠬᠡᠳᠦᠨ ᠬᠢᠲᠠᠳ ᠲᠣᠯᠣᠭᠠᠢ ᠲᠤᠰᠢᠶᠠᠪᠠᠢ᠃ ᠪᠠᠢᠴᠠᠭᠠᠪᠠᠰᠤ ᠠᠯᠲᠠᠨ ᠤᠯᠤᠰ ᠤ᠋ᠨ ᠬᠣᠢᠲᠤ ᠬᠢᠵᠠᠭᠠᠷ ᠤ᠋ᠨ ᠴᠢᠶᠠᠨ ᠽᠦᠩ ᠲᠦᠰᠢᠮᠡᠯ ᠵᠧᠦ ᠽᠢ ᠶ᠋ᠢᠨ ᠨᠥᠬᠥᠷ ᠰᠡᠯᠲᠡ ᠶ᠋ᠢ ᠬᠦᠷᠢᠶ᠎ᠡ ᠡᠴᠡ ᠢᠨᠤ ᠪᠠᠷᠢᠭᠠᠳ᠂ ᠲᠡᠷᠢᠭᠦᠯᠡᠭᠰᠡᠨ ᠢ᠋ ᠴᠥᠮ ᠠᠯᠠᠭᠤᠯᠵᠤ ᠴᠡᠷᠢᠭ ᠢ᠋ ᠢᠨᠤ ᠰᠠᠯᠭᠠᠵᠤ ᠬᠣᠷᠢᠭᠤᠯᠤᠭᠰᠠᠨ ᠠᠵᠤᠭᠤ᠃ 
       ᠲᠡᠳᠦᠢ ᠭᠤᠷᠪᠠᠨ ᠡᠳᠦᠷ ᠢᠯᠭᠠᠨ ᠰᠠᠯᠭᠠᠵᠤ ᠱᠠᠩᠨᠠᠨ ᠬᠥᠬᠢᠭᠦᠯᠦᠭᠡᠳ ᠬᠡᠷᠡᠢᠳ ᠦ᠋ᠨ ᠴᠡᠷᠢᠭ ᠢ᠋ ᠪᠠᠢᠴᠠᠭᠠᠪᠠᠰᠤ ᠲᠦᠮᠡᠨ ᠢᠯᠡᠭᠦᠦ ᠬᠣᠬᠢᠷᠠᠵᠤ᠂ ᠬᠣᠶᠠᠷ ᠲᠦᠮᠡᠨ ᠰᠢᠬᠠᠮ ᠰᠠᠷᠨᠢᠭᠠᠳ ᠦᠯᠡᠭᠰᠡᠨ ᠶᠢᠰᠦᠨ ᠲᠦᠮᠡᠨ ᠢᠯᠡᠭᠦᠦ ᠴᠡᠷᠢᠭ ᠲᠦ᠍ᠷ ᠭᠠᠳᠠᠭᠠᠳᠤ ᠤᠯᠤᠰ ᠤ᠋ᠨ ᠴᠡᠷᠢᠭ ᠨᠡᠯᠢᠶᠡᠳ ᠪᠣᠢ ᠲᠤᠯᠠ ᠴᠥᠮ ᠢᠯᠭᠠᠨ ᠭᠠᠷᠭᠠᠵᠤ᠂ ᠲᠡᠷᠢᠭᠦᠯᠡᠭᠰᠡᠳ ᠢ᠋ ᠴᠥᠮ ᠬᠡᠷᠡᠢᠳ ᠦ᠋ᠨ ᠭᠦᠷᠡᠯᠵᠡᠭᠡᠨ᠎ᠡ ᠴᠧᠩᠰᠢᠶᠠᠩ᠂ ᠣᠯᠢᠨᠲᠠᠢ ᠲᠠᠢᠰᠢ ᠯᠤᠭ᠎ᠠ ᠲᠣᠯᠣᠭᠠᠢ ᠶ᠋ᠢ ᠴᠠᠪᠴᠢᠨ ᠠᠯᠠᠭᠤᠯᠵᠤ᠂ ᠴᠡᠷᠢᠭ ᠢ᠋ ᠢᠨᠤ ᠬᠤᠪᠢᠶᠠᠯᠴᠠᠨ ᠵᠠᠬᠢᠷᠤᠭᠤᠯᠤᠨ᠂ ᠶᠡᠬᠡ ᠴᠡᠷᠢᠭ ᠬᠡᠷᠡᠢᠳ ᠦ᠋ᠨ ᠨᠤᠲᠤᠭ ᠬᠡᠷᠦᠯᠦᠨ ᠮᠦᠷᠡᠨ᠎ᠡ ᠢᠷᠡᠬᠦᠶ᠎ᠡ ᠵᠠᠮ ᠳ᠋ᠤᠷ ᠳᠠᠷᠠᠭ᠎ᠠ ᠳᠠᠷᠠᠭ᠎ᠠ ᠪᠠᠷ ᠤᠭᠲᠤᠵᠤ᠂ ᠬᠠᠰᠠᠷ ᠤ᠋ᠨ ᠴᠡᠷᠢᠭ᠂ ᠬᠡᠷᠡᠢᠳ ᠦ᠋ᠨ ᠣᠯᠣᠩᠬᠤ ᠭᠣᠣᠷᠬᠢ ᠬᠣᠶᠠᠭᠤᠯᠠ ᠶ᠋ᠢ ᠬᠡᠳᠦᠢᠨᠡᠢ ᠣᠷᠣᠭᠤᠯᠤᠨ ᠠᠪᠴᠤ ᠵᠥᠪᠯᠡᠨ ᠲᠣᠭᠲᠠᠭᠰᠠᠨ ᠲᠤᠯᠠ ᠣᠯᠣᠩᠬᠤ ᠭᠣᠣᠷᠬᠢ ᠬᠣᠶᠠᠭᠤᠯᠠ ᠬᠡᠷᠡᠢᠳ ᠦ᠋ᠨ ᠴᠡᠷᠢᠭ ᠬᠠᠭᠠᠭᠳᠠᠭᠰᠠᠨ ᠳᠠᠷᠤᠢ ᠮᠤᠬᠤᠯᠢ ᠳ᠋ᠤᠷ ᠮᠥᠷᠭᠥᠵᠦ ᠳᠠᠭᠠᠭᠰᠠᠨ ᠲᠤᠯᠠ ᠮᠤᠬᠤᠯᠢ ᠲᠡᠷᠡ ᠬᠣᠶᠠᠭᠤᠯᠠ ᠶ᠋ᠢ ᠬᠠᠰᠠᠷ ᠤ᠋ᠨ ᠬᠣᠢᠨ᠎ᠠ ᠠ᠋ᠴᠠ ᠢᠯᠡᠭᠡᠵᠦ ᠬᠠᠪᠰᠤᠷᠤᠨ ᠬᠡᠷᠡᠢᠳ ᠢ᠋ ᠬᠤᠷᠢᠶᠠᠮᠵᠢᠯᠠᠨ ᠠᠪ ᠭᠡᠮᠡᠨ ᠢᠯᠡᠭᠡᠭᠰᠡᠨ ᠳ᠋ᠦ᠍ᠷ ᠣᠯᠣᠩᠬᠤ᠂ ᠭᠣᠣᠷᠬᠢ ᠬᠣᠶᠠᠭᠤᠯᠠ ᠬᠠᠭᠠᠨ ᠪᠠ ᠲᠠᠢᠽᠢ ᠴᠥᠮ ᠠᠪᠲᠠᠪᠠ ᠭᠡᠮᠡᠨ ᠰᠣᠯᠤᠩᠭᠤᠸ᠎ᠠ᠂ ᠠᠨᠳᠠ᠂ ᠪᠣᠯᠭᠣᠳᠠᠢ ᠨᠠᠷ ᠢ᠋ ᠮᠡᠬᠡᠯᠡᠨ ᠪᠠᠢᠵᠤ ᠢᠯᠳᠦᠨ ᠳ᠋ᠦ᠍ᠷ ᠴᠢᠰᠤ ᠨᠠᠭᠠᠯᠳᠤᠭᠤᠯᠤᠯ ᠦᠭᠡᠢ ᠪᠡᠷ ᠬᠡᠷᠡᠢᠳ ᠢ᠋ ᠬᠡᠯᠡᠯᠴᠡᠨ ᠳᠠᠭᠠᠭᠤᠯᠵᠤ᠂ ᠬᠠᠰᠠᠷ ᠬᠠᠲᠤᠳ ᠬᠥᠪᠡᠭᠦᠳ ᠲᠣᠷ ᠢ᠋ᠶ᠋ᠠᠨ ᠤᠴᠠᠷᠠᠯᠳᠤᠵᠤ᠂ ᠬᠠᠢᠯᠠᠨ ᠤᠢᠯᠠᠵᠤ ᠵᠣᠯᠭᠠᠯᠳᠤᠭᠰᠠᠨ ᠠᠵᠤᠭᠤ᠃ 
       ᠲᠡᠳᠦᠢ ᠲᠠᠢᠽᠦ ᠶ᠋ᠢᠨ ᠶᠡᠬᠡ ᠴᠡᠷᠢᠭ ᠬᠡᠷᠡᠢᠳ ᠲᠣᠷ ᠬᠦᠷᠴᠦ ᠶᠡᠬᠡ ᠬᠣᠲᠠ ᠬᠦᠷᠢᠶ᠎ᠡ ᠪᠡᠷ ᠪᠠᠭᠤᠳᠠᠯᠯᠠᠵᠤ᠂ ᠳᠥᠷᠪᠡᠨ ᠳᠡᠭᠦᠦ᠂ ᠳᠥᠷᠪᠡᠨ ᠪᠠᠷᠰ᠂ ᠬᠡᠷᠡᠢᠳ ᠦ᠋ᠨ ᠠᠮᠠᠨ ᠢ᠋ ᠠᠪᠴᠤ ᠮᠥᠷᠭᠥᠨ ᠵᠣᠯᠭᠠᠬᠤᠶ᠎ᠠ᠂ ᠭᠠᠭᠴᠠ ᠬᠠᠭᠠᠨ ᠢᠯᠠᠭᠤ ᠶ᠋ᠢᠨ ᠡᠮ᠎ᠡ ᠶ᠋ᠢ ᠬᠦᠯᠢᠵᠦᠬᠦᠢ᠂ ᠪᠤᠰᠤ ᠶ᠋ᠢ ᠠᠨᠤ ᠬᠦᠯᠢᠭᠰᠡᠨ ᠦᠭᠡᠢ᠃ 
       ᠲᠡᠭᠦᠨᠴᠡ ᠰᠣᠯᠤᠩᠭᠤᠸ᠎ᠠ ᠥᠬᠢᠨ ᠭᠡᠵᠢᠭᠡ ᠪᠡᠨ ᠠᠯᠳᠠᠷᠠᠭᠠᠨ ᠲᠠᠯᠪᠢᠵᠤ ᠪᠠᠷᠠᠭᠤᠨ ᠭᠠᠷ ᠲᠠᠭᠠᠨ ᠪᠠᠭ᠎ᠠ ᠳᠡᠭᠦᠦ ᠲᠤᠰᠬᠤ ᠪᠠᠨ ᠬᠥᠲᠥᠯᠦᠭᠡᠳ ᠵᠡᠭᠦᠨ ᠭᠠᠷ ᠲᠠᠭᠠᠨ ᠵᠢᠯᠪᠡᠯᠵᠢᠮ᠎ᠠ ᠪᠢᠴᠢᠬᠠᠨ ᠰᠡᠯᠡᠮ᠎ᠡ ᠪᠠᠷᠢᠵᠤ ᠬᠣᠣᠰ ᠡᠪᠦᠳᠦᠭ ᠢ᠋ᠶ᠋ᠡᠷ ᠭᠠᠵᠠᠷ ᠲᠤᠷ ᠥᠩᠬᠥᠷᠢᠨ ᠰᠥᠭᠥᠳᠴᠦ ᠬᠣᠶᠠᠷ ᠨᠢᠳᠦᠨ ᠡᠴᠡ ᠴᠢᠰᠤᠲᠤ ᠨᠢᠯᠪᠤᠰᠤᠨ ᠴᠤᠪᠤᠷᠢᠭᠤᠯᠵᠤ ᠬᠣᠷᠮᠣᠢ ᠪᠠᠨ ᠬᠤᠮᠪᠢᠨ ᠡᠮᠭᠡᠨᠢᠵᠦ ᠮᠡᠳᠡᠭᠦᠯᠦᠷᠦᠨ᠄《ᠰᠣᠯᠤᠩᠭᠤᠸ᠎ᠠ ᠥᠬᠢᠨ ᠪᠢ ᠰᠣᠨᠣᠰᠬᠤᠯ᠎ᠠ ᠰᠣᠶᠣᠯᠲᠤ ᠬᠥᠮᠦᠨ ᠪᠤᠰᠤᠳ ᠢ᠋ ᠥᠪᠡᠷ ᠲᠣᠷ ᠢ᠋ᠶ᠋ᠠᠨ ᠦᠯᠢᠳᠬᠡᠮᠦᠢ᠂ ᠰᠣᠭᠰᠤᠷᠲᠤ ᠮᠣᠳᠣ ᠡᠪᠦᠯ ᠳ᠋ᠦ᠍ᠷ ᠨᠡᠩ ᠶᠡᠬᠡ ᠬᠥᠬᠡ ᠬᠡᠮᠡᠵᠦᠬᠦᠢ᠃ ᠰᠣᠯᠢᠭᠤ ᠰᠡᠳᠬᠢᠯ ᠦ᠋ᠨ ᠬᠡᠳᠦᠨ ᠦᠭᠡ ᠪᠣᠢ᠂ ᠰᠣᠨᠣᠰᠬᠠᠨ ᠮᠡᠳᠡᠭᠦᠯᠵᠦ ᠪᠣᠯᠬᠤ ᠪᠣᠯᠪᠠᠤ ? 》ᠬᠡᠮᠡᠭᠰᠡᠨ ᠳ᠋ᠦ᠍ᠷ ᠲᠠᠢᠽᠦ ᠵᠠᠬᠢᠷᠤᠨ ᠦᠭᠡ ᠪᠣᠢ ᠪᠥᠭᠡᠰᠦ ᠳᠠᠷᠤᠢ ᠬᠡᠯᠡ ᠬᠡᠮᠡᠪᠡ᠃ ᠰᠣᠯᠤᠩᠭᠤᠸ᠎ᠠ ᠥᠭᠦᠯᠡᠷᠦᠨ᠄《ᠠᠪᠠᠯᠠᠭᠰᠠᠨ ᠠᠩ ᠤ᠋ᠨ ᠴᠢᠰᠤᠨ ᠢ᠋ ᠦᠵᠡᠮᠦᠢ᠂ ᠠᠯᠠᠬᠤ ᠬᠥᠮᠦᠨ ᠦ᠌ ᠦᠭᠡ ᠶ᠋ᠢ ᠠᠪᠤᠮᠤᠢ᠂ ᠠᠮᠢᠳᠤᠷᠠᠪᠠᠴᠤ ᠦᠬᠦᠪᠡᠴᠦ ᠭᠤᠷᠪᠠᠨ ᠭᠤᠶᠤᠳᠠᠯ ᠭᠤᠶᠤᠮᠤᠢ᠂ ᠠᠯᠠᠬᠤ ᠡᠳᠡᠭᠡᠬᠦ ᠶ᠋ᠢ ᠡᠵᠡᠨ ᠮᠡᠳᠡᠨ᠎ᠡ 》᠃ ᠲᠠᠢᠽᠦ ᠥᠭᠦᠯᠡᠷᠦᠨ᠄《ᠭᠤᠶᠤᠳᠠᠯ ᠪᠠᠢᠪᠠᠯ ᠬᠤᠳᠠᠯ ᠦᠭᠡᠢ ᠮᠡᠳᠡᠭᠦᠯ᠂ ᠭᠣᠰᠢᠭᠤᠨ ᠭᠠᠰᠢᠭᠤᠨ ᠬᠡᠨ ᠳ᠋ᠦ᠍ᠷ ᠲᠤᠰᠬᠤ ᠦᠭᠡᠢ ᠪᠣᠢ ᠠᠵᠢ ! 》ᠬᠡᠮᠡᠭᠰᠡᠨ ᠳ᠋ᠦ᠍ᠷ ᠰᠣᠯᠤᠩᠭᠤᠸ᠎ᠠ ᠡᠨᠡᠯᠬᠡᠲᠦ ᠳᠠᠭᠤᠨ ᠢ᠋ᠶ᠋ᠠᠷ ᠡᠪᠬᠡᠷᠡᠨ ᠮᠡᠳᠡᠭᠦᠯᠦᠷᠦᠨ :《ᠡᠴᠢᠭᠡ ᠸᠠᠩ ᠮᠢᠨᠦ ᠣᠭᠣᠴᠢ ᠰᠢᠳᠤᠷᠭᠤ ᠰᠢᠯᠤᠭᠤᠨ ᠰᠡᠳᠬᠢᠯ ᠵᠥᠭᠡᠯᠡᠨ ᠦ᠌ ᠡᠷᠬᠡ ᠪᠡᠷ ᠮᠤᠩᠬᠠᠭ ᠲᠦᠷᠢᠮᠡᠬᠡᠢ ᠰᠥᠷᠭᠡᠦ ᠠᠬ᠎ᠠ ᠢᠯᠠᠭᠤ ᠪᠠ ᠬᠠᠷᠭᠢᠰ ᠲᠡᠷᠰᠯᠡᠭᠦᠦ ᠵᠠᠮᠤᠬ᠎ᠠ ᠬᠣᠶᠠᠭᠤᠯᠠ ᠶ᠋ᠢᠨ ᠠᠷᠭ᠎ᠠ ᠮᠡᠬᠡ ᠳ᠋ᠦ᠍ᠷ ᠮᠡᠬᠡᠯᠡᠭᠳᠡᠨ ᠬᠠᠭᠤᠷᠲᠠᠵᠤ ᠶᠠᠪᠤᠭᠰᠠᠭᠠᠷ᠂ ᠡᠳᠦᠭᠡ ᠤᠯᠤᠰ ᠮᠥᠬᠥᠵᠦ ᠭᠡᠷ ᠪᠦᠷᠢᠯᠦᠨ ᠡᠭᠦᠷ ᠡᠪᠳᠡᠷᠡᠭᠡᠳ ᠥᠨᠳᠡᠭᠡ ᠪᠢᠯᠴᠠᠷᠠᠬᠤᠢ ᠳ᠋ᠤᠷ ᠬᠦᠷᠪᠡ᠃ ᠤᠭ ᠠ᠋ᠴᠠ ᠣᠯᠠᠨ ᠪᠦᠭᠦᠳᠡᠭᠡᠷ ᠪᠸᠲ᠋ᠠ᠋ ᠤᠯᠤᠰ ᠤ᠋ᠨ ᠪᠢᠯᠬᠠᠮᠠᠯ ᠶᠡᠬᠡ ᠥᠷᠥᠰᠢᠶᠡᠯᠳᠦ ᠡᠵᠡᠨ᠂ ︿ ᠤᠨᠤᠭᠰᠠᠨ ᠮᠣᠷᠢ ᠪᠠᠨ ᠪᠤᠰᠤᠳ ᠲᠤᠷ ᠥᠭᠴᠦ ᠤᠨᠤᠭᠤᠯᠤᠨ᠂ ᠡᠮᠦᠰᠦᠭᠰᠡᠨ ᠳᠡᠪᠡᠯ ᠢ᠋ᠶ᠋ᠡᠨ ᠬᠥᠮᠦᠨ ᠳ᠋ᠦ᠍ᠷ ᠲᠠᠢᠯᠤᠨ ᠡᠮᠦᠰᠬᠡᠮᠦᠢ ﹀  ᠬᠡᠮᠡᠳᠡᠭ ᠲᠤᠯᠠ ᠥᠴᠦᠬᠡᠨ ᠥᠬᠢᠨ ᠪᠢ ᠠᠮᠢᠳᠤᠷᠠᠯ ᠤ᠋ᠨ ᠵᠠᠮ ᠪᠣᠢ ᠪᠣᠯᠪᠠᠰᠤ ᠭᠡᠮᠡᠨ ᠰᠠᠨᠠᠮᠤᠢ᠃ ᠪᠢᠳᠡᠨ ᠦ᠌ ᠬᠡᠷᠡᠢᠳ ᠤᠯᠤᠰ ᠬᠡᠳᠦᠢᠴᠢᠨᠡᠭᠡᠨ ᠤᠳᠠᠭ᠎ᠠ ᠶ᠋ᠢᠨ ᠬᠡᠲᠦᠷᠬᠡᠢ ᠠᠴᠢ ᠲᠤᠰᠠ ᠶ᠋ᠢ ᠬᠦᠷᠲᠡᠭᠡᠳ ᠭᠡᠳᠡᠷᠭᠦ ᠬᠠᠷᠢᠨ ᠡᠷᠢᠨ ᠬᠠᠯᠳᠠᠵᠤ᠂ ᠬᠡᠳᠦᠨ ᠵᠢᠯ ᠪᠠᠢᠯᠳᠤᠭᠰᠠᠭᠠᠷ ᠡᠨᠡ ᠬᠢᠷᠢ ᠳ᠋ᠦ᠍ᠷ ᠬᠦᠷᠪᠡ᠃ ᠡᠵᠡᠨ ᠬᠥᠮᠦᠨ ᠦ᠌ ᠡᠨᠡᠷᠢᠯ ᠢ᠋ ᠨᠡᠭᠡᠭᠡᠵᠦ ᠨᠡᠬᠡᠨ ᠬᠠᠢᠷᠠᠯᠠᠬᠤ᠂ ᠡᠪᠬᠡᠷᠡᠨ ᠭᠤᠶᠤᠬᠤ ᠭᠤᠷᠪᠠᠨ ᠭᠤᠶᠤᠳᠠᠯ ᠢ᠋ ᠡᠷᠬᠡᠪᠰᠢ ᠬᠠᠢᠷᠠᠯᠠᠨ ᠠᠮᠢᠳᠤᠷᠠᠭᠤᠯᠬᠤ ᠠᠵᠢᠶᠠᠮᠤ ! 》ᠭᠡᠮᠡᠨ ᠬᠥᠰᠡᠷ ᠭᠠᠵᠠᠷ ᠬᠤᠭᠵᠢᠷᠲᠠᠯ᠎ᠠ ᠮᠥᠷᠭᠥᠬᠦᠢ ᠳ᠋ᠦ᠍ᠷ ᠲᠠᠢᠽᠦ ᠵᠠᠬᠢᠷᠤᠨ᠄《ᠴᠢ ᠳᠤᠭᠤᠢ ᠰᠠᠨᠠᠭᠠᠨ ᠢ᠋ᠶ᠋ᠠᠨ ᠪᠦᠷᠢᠳᠬᠡᠨ ᠮᠡᠳᠡᠭᠦᠯ᠂ ᠪᠢ ᠰᠣᠨᠣᠰᠴᠤ ᠪᠣᠯᠬᠤ ᠪᠣᠯᠪᠠᠰᠤ ᠭᠤᠶᠤᠳᠠᠯ ᠪᠦᠷᠢ ᠶ᠋ᠢ ᠴᠢᠨᠦ ᠪᠦᠷᠢᠨ᠎ᠡ ᠥᠭᠰᠦᠭᠡᠢ᠂ ᠬᠡᠯᠡ ! 》ᠬᠡᠮᠡᠭᠰᠡᠨ ᠳ᠋ᠦ᠍ᠷ ᠰᠣᠯᠤᠩᠭᠤᠸ᠎ᠠ ᠮᠥᠷᠭᠥᠵᠦ ᠮᠡᠳᠡᠭᠦᠯᠦᠷᠦᠨ:《ᠲᠡᠷᠢᠭᠦᠨ ᠨᠢᠭᠡᠨ ᠭᠤᠶᠤᠳᠠᠯ ᠠᠨᠤ᠄ ᠮᠢᠨᠦ ᠡᠴᠢᠭᠡ ᠸᠠᠩ ᠤ᠋ᠨ ᠪᠡᠶ᠎ᠡ ᠠᠮᠢᠳᠤ ᠪᠣᠯᠪᠠᠰᠤ ᠨᠠᠳᠠ ᠳ᠋ᠤᠷ ᠤᠴᠠᠷᠠᠭᠤᠯ᠂ ᠦᠬᠦᠭᠰᠡᠨ ᠪᠥᠭᠡᠰᠦ ᠶᠠᠰᠤᠨ ᠢ᠋ ᠦᠵᠡᠭᠦᠯ ᠪᠢ ᠬᠤᠷᠢᠶᠠᠮᠵᠢᠯᠠᠨ ᠣᠷᠣᠰᠢᠭᠤᠯᠤᠶ᠎ᠠ᠃ ᠬᠣᠶᠠᠳᠤᠭᠠᠷ ᠭᠤᠶᠤᠳᠠᠯ ᠠᠨᠤ ᠄ ᠮᠢᠨᠦ ᠡᠨᠡ ᠪᠢᠴᠢᠬᠠᠨ ᠳᠡᠭᠦᠦ ᠶ᠋ᠢᠨ ᠠᠮᠢᠨ ᠢ᠋ ᠦᠯᠡᠳᠡᠭᠡᠵᠦ᠂ ᠬᠡᠷᠡᠢᠳ ᠦ᠋ᠨ ᠭᠣᠯᠣᠮᠲᠠ ᠶ᠋ᠢ ᠤᠯᠠᠢᠯᠭᠠᠨ ᠦᠨᠳᠦᠰᠦᠨ ᠢ᠋ ᠲᠤᠰᠠᠯᠠᠨ ᠬᠢᠯᠭᠠᠰᠤᠨ ᠲᠡᠳᠦᠢ ᠨᠠᠷᠢᠨ ᠠᠮᠢᠰᠬᠤᠯ ᠢ᠋ ᠦᠯᠡᠳᠡᠭᠡᠨ ᠥᠭᠭᠦᠮᠦ᠃ ᠭᠤᠲᠠᠭᠠᠷ ᠭᠤᠶᠤᠳᠠᠯ ᠠᠨᠤ : ᠮᠢᠨᠦ ᠮᠥᠨ ᠬᠡᠦᠬᠡᠨ ᠪᠡᠶ᠎ᠡ ᠶ᠋ᠢ ᠁ ᠬᠡᠮᠡᠬᠦ ᠦᠭᠡ ᠳ᠋ᠦ᠍ᠷ ᠬᠦᠷᠦᠭᠡᠳ ᠳᠠᠭᠤᠨ ᠬᠠᠭᠠᠭᠳᠠᠵᠤ ᠬᠣᠭᠣᠯᠠᠢ ᠴᠢᠭᠯᠡᠷᠡᠭᠡᠳ ᠪᠦᠲᠡᠵᠦ ᠬᠠᠬᠠᠨ ᠡᠭᠰᠢᠨ ᠪᠥᠭᠰᠢᠵᠦ᠂ ᠦᠭᠡ ᠬᠡᠯᠡᠵᠦ ᠴᠢᠳᠠᠬᠤ ᠦᠭᠡᠢ ᠪᠣᠯᠤᠭᠠᠳ ᠭᠠᠭᠴᠠ ᠡᠨᠡᠯᠦᠨ ᠰᠢᠨᠠᠯᠤᠨ ᠤᠬᠢᠯᠠᠨ ᠡᠭᠦᠰᠬᠡᠭᠰᠡᠨ᠎ᠡ᠂ ᠲᠠᠢᠽᠦ ᠵᠠᠬᠢᠷᠤᠨ᠄《ᠦᠭᠡ ᠠᠪᠠᠰᠤ ᠬᠤᠷᠳᠤᠨ ᠬᠡᠯᠡ᠂ ᠡᠨᠡ ᠦᠶ᠎ᠡ ᠰᠤᠯᠠ ᠴᠠᠭ ᠪᠤᠰᠤ ᠶ᠋ᠢ ᠴᠢ ᠮᠡᠳᠡᠬᠦ ᠦᠭᠡᠢ ᠦᠦ ? 》ᠬᠡᠮᠡᠬᠦᠢ ᠳ᠋ᠦ᠍ᠷ ᠰᠣᠯᠤᠩᠭᠤᠸ᠎ᠠ ᠥᠬᠢᠨ ᠰᠡᠭᠦᠷᠡᠰᠦ ᠠᠯᠳᠠᠵᠤ ᠥᠭᠦᠯᠡᠷᠦᠨ᠄《ᠠᠶ᠎ᠠ ᠭᠤᠷᠪᠠᠳᠤᠭᠠᠷ ᠭᠤᠶᠤᠳᠠᠯ ᠠᠨᠤ ᠮᠢᠨᠦ ᠬᠡᠦᠬᠡᠨ ᠪᠡᠶ᠎ᠡ ᠶ᠋ᠢ ᠪᠢᠲᠡᠭᠡᠢ ᠭᠤᠲᠤᠭᠠᠨ ᠳᠠᠷᠤᠯᠠ᠂ ᠤᠭ ᠭᠤᠶᠤᠵᠤ ᠲᠣᠭᠲᠠᠭᠰᠠᠨ ᠤᠷᠤᠭ ᠠ᠋ᠴᠠ ᠦᠯᠦ ᠰᠠᠯᠭᠠᠵᠤ᠂ ᠡᠨᠡ ᠭᠤᠷᠪᠠᠨ ᠠ᠋ᠴᠠ ᠨᠢᠭᠡᠨ ᠢᠨᠤ ᠳᠤᠲᠠᠭᠳᠠᠪᠠᠰᠤ ᠰᠣᠯᠤᠩᠭᠤᠸ᠎ᠠ ᠪᠢ ᠡᠨᠡ ᠬᠢᠲᠤᠭ᠎ᠠ ᠪᠠᠷ ᠳᠡᠭᠦᠦ ᠪᠡᠨ ᠠᠯᠠᠭᠠᠳ ᠥᠪᠡᠷ ᠦ᠋ᠨ ᠪᠡᠶ᠎ᠡ ᠪᠡᠨ ᠰᠦᠢᠳᠬᠡᠵᠦ᠂ ᠥᠪᠡᠷ ᠬᠥᠮᠦᠨ ᠦ᠌ ᠡᠯᠡᠭ ᠪᠣᠯᠵᠤ᠂ ᠪᠤᠰᠤ ᠬᠥᠮᠦᠨ ᠦ᠌ ᠨᠠᠭᠠᠳᠤᠮ ᠪᠣᠯᠤᠨ ᠭᠤᠲᠤᠭᠠᠨᠳᠠᠨ ᠳᠠᠷᠤᠯᠠᠭᠳᠠᠬᠤ ᠠ᠋ᠴᠠ ᠭᠡᠯᠳᠦᠷᠢᠰᠦᠭᠡᠢ ᠬᠡᠮᠡᠮᠦᠢ !》ᠬᠡᠮᠡᠭᠰᠡᠨ ᠳ᠋ᠦ᠍ᠷ ᠬᠠᠵᠠᠭᠤ ᠎ᠠᠴᠠ ᠪᠡᠯᠭᠦᠳᠡᠢ᠂ ᠵᠢᠨᠦᠩ ᠮᠤᠬᠤᠯᠢ᠂ ᠣᠯᠣᠩᠬᠤ᠂ ᠭᠣᠣᠷᠬᠢ ᠶ᠋ᠢ ᠠᠪᠤᠨ ᠰᠥᠭᠥᠳᠴᠦ ᠭᠤᠶᠤᠬᠤᠶ᠎ᠠ᠂ ᠲᠠᠢᠽᠦ ᠶ᠋ᠢᠨ ᠴᠢᠷᠠᠢ ᠪᠡᠶᠡᠰᠦᠨ᠂ ᠪᠡᠯᠭᠦᠳᠡᠢ ᠡᠴᠡ ᠠᠰᠠᠭᠤᠷᠤᠨ᠄《 ᠪᠡᠯᠭᠦᠳᠡᠢ ᠳᠡᠭᠦᠦ ᠶ᠋ᠢᠨ ᠭᠤᠶᠤᠬᠤ ᠠᠨᠤ ᠶᠠᠮᠪᠠᠷ ᠰᠠᠨᠠᠭᠠᠨ ᠪᠣᠢ ?  ᠬᠠᠰᠠᠷ ᠳᠡᠭᠦᠦ ᠶ᠋ᠢᠨ ᠬᠠᠲᠤᠳ ᠬᠥᠪᠡᠭᠦᠳ ᠢ᠋ ᠰᠣᠯᠤᠩᠭᠤᠸ᠎ᠠ ᠬᠡᠦᠬᠡᠨ ᠬᠠᠷᠠᠭᠠᠯᠵᠠᠪᠠ᠂ ᠠᠯᠤᠬ᠎ᠠ᠂ ᠰᠦᠬᠡ ᠶ᠋ᠢᠨ ᠠᠮᠢᠨ ᠢ᠋ ᠠᠪᠤᠷᠠᠪᠠ᠂ ᠣᠯᠣᠩᠬᠤ᠂ ᠭᠣᠣᠷᠬᠢ ᠬᠠᠭᠤᠴᠢᠨ ᠡᠵᠡᠨ ᠢ᠋ᠶ᠋ᠡᠨ ᠦᠵᠡᠪᠡ᠃ ᠴᠡᠷᠢᠭ ᠦ᠋ᠨ ᠵᠢᠨᠦᠩ ᠴᠢᠬᠡ ᠥᠷᠥᠰᠢᠶᠡᠯ ᠢ᠋ ᠡᠷᠬᠢᠯᠡᠪᠡ᠂ ᠴᠢᠨᠦ ᠭᠤᠶᠤᠬᠤ ᠠᠨᠤ ᠶᠠᠮᠪᠠᠷ ᠤᠴᠢᠷ ᠠᠵᠢ ? 》ᠪᠡᠯᠭᠦᠳᠡᠢ ᠮᠥᠷᠭᠥᠵᠦ ᠮᠡᠳᠡᠭᠦᠯᠦᠷᠦᠨ᠄《ᠡᠢᠨ ᠬᠦ᠌ ᠮᠢᠨᠦ ᠰᠠᠨᠠᠬᠤ ᠠᠨᠤ᠂ ᠠᠬ᠎ᠠ ᠡᠵᠡᠨ ᠢ᠋ᠶ᠋ᠡᠨ ᠠᠯᠲᠠᠨ ᠨᠡᠷ᠎ᠡ ᠠᠯᠤᠰ ᠳᠡᠯᠭᠡᠷᠡᠵᠦ᠂ ᠠᠯᠢᠪᠠ ᠤᠯᠤᠰ ᠢ᠋ ᠪᠢᠰᠢᠷᠡᠭᠦᠯᠦᠨ ᠳᠠᠭᠠᠭᠤᠯᠬᠤᠢ ᠶ᠋ᠢᠨ ᠣᠴᠢᠷ᠎ᠠ ᠠ᠋ !》ᠬᠡᠮᠡᠭᠰᠡᠨ ᠳ᠋ᠦ᠍ᠷ ᠲᠠᠢᠽᠦ ᠪᠡᠯᠭᠦᠳᠡᠢ ᠶ᠋ᠢ ᠭᠦᠨ᠎ᠡ ᠰᠠᠢᠰᠢᠶᠠᠨ ᠶᠡᠬᠡᠳᠡ ᠮᠠᠭᠲᠠᠨ ᠪᠡᠶᠡᠰᠴᠦ ᠰᠣᠯᠤᠩᠭᠤᠸ᠎ᠠ ᠶ᠋ᠢᠨ ᠡᠳᠡᠭᠡᠷ ᠥᠴᠢᠬᠦ ᠢᠨᠤ ᠴᠥᠮ ᠦᠨᠡᠨ ᠦᠭᠡ ᠲᠤᠯᠠ ᠪᠣᠭᠳᠠ ᠬᠥᠮᠦᠨ ᠦ᠌ ᠲᠤᠢᠯ ᠤ᠋ᠨ ᠨᠢᠭᠦᠯᠡᠰᠬᠦᠢ ᠲᠥᠷᠥᠭᠡᠳ ᠰᠣᠯᠤᠩᠭᠤᠸ᠎ᠠ ᠶ᠋ᠢᠨ ᠭᠤᠷᠪᠠᠨ ᠭᠤᠶᠤᠳᠠᠯ ᠢ᠋ ᠪᠦᠷᠢᠨ᠎ᠡ ᠵᠥᠪᠰᠢᠶᠡᠨ ᠬᠦᠯᠢᠶᠡᠨ ᠠᠪᠴᠤ ᠬᠠᠰᠠᠷ ᠤ᠋ᠨ ᠬᠠᠲᠤᠳ ᠬᠥᠪᠡᠭᠦᠳ ᠢ᠋ ᠬᠠᠷᠠᠭᠠᠯᠵᠠᠭᠰᠠᠨ ᠬᠠᠷᠢᠭᠤ ᠳ᠋ᠤᠷ ᠬᠠᠭᠤᠴᠢᠨ ᠲᠦᠰᠢᠮᠡᠯ ᠠᠨᠳᠠ᠂ ᠬᠤᠷᠭ᠎ᠠ᠂ ᠫᠣᠯᠭᠤᠳᠠᠢ᠂ ᠠᠰᠤᠷᠢ᠂ ᠭᠠᠯᠪᠠ ᠨᠠᠷ ᠢ᠋ ᠴᠥᠮ ᠰᠣᠯᠤᠩᠭᠤᠸ᠎ᠠ ᠳ᠋ᠤᠷ ᠲᠤᠰᠢᠶᠠᠨ ᠥᠭᠴᠦ ᠪᠠᠰᠠ ᠪᠤᠰᠤ ᠠᠢᠮᠠᠭ ᠤ᠋ᠨ ᠬᠥᠮᠦᠨ ᠡᠴᠡ ᠬᠣᠶᠠᠷ ᠵᠠᠭᠤᠨ ᠬᠥᠮᠦᠨ ᠥᠭᠴᠦ ᠵᠠᠷᠤᠴᠠᠯᠠᠭᠤᠯ᠃ ᠬᠠᠰᠠᠷ ᠬᠠᠷᠢᠭᠤᠯᠤᠨ ᠬᠠᠷᠠᠭᠠᠯᠵᠠ !》ᠭᠡᠮᠡᠨ ᠲᠤᠰᠢᠶᠠᠨ ᠥᠭᠪᠡ᠃ 
       ᠵᠢᠴᠢ ᠵᠢᠨᠦᠩ ᠮᠤᠬᠤᠯᠢ ᠳ᠋ᠤᠷ ᠵᠠᠬᠢᠵᠤ᠂ ᠠᠷᠪᠠᠨ ᠴᠡᠷᠢᠭ ᠠᠮᠠᠯᠠᠨ ᠭᠠᠷᠭᠠᠨ᠄《ᠾᠧ ᠸᠠᠩ ᠢ᠋ ᠤᠷᠭᠤᠭᠰᠠᠨ ᠪᠥᠭᠡᠰᠦ ᠰᠤᠷᠪᠤᠯᠵᠢᠯᠠᠨ ᠣᠯᠵᠤ ᠢᠷ᠎ᠡ᠂ ᠦᠬᠦᠭᠰᠡᠨ ᠪᠣᠯᠪᠠᠰᠤ ᠬᠡᠭᠦᠷ ᠢ᠋ ᠢᠨᠦ ᠡᠷᠢᠨ ᠠᠪᠴᠢᠷᠠ᠂ ᠡᠳᠦᠭᠡ ᠬᠡᠳᠦᠢ ᠮᠠᠭᠤ ᠰᠥᠷᠭᠡᠦ ᠵᠠᠮᠤᠬ᠎ᠠ ᠪᠠ ᠢᠯᠠᠭᠤ ᠨᠠᠷ ᠤ᠋ᠨ ᠡᠷᠬᠡ ᠪᠡᠷ ᠡᠨᠡ ᠮᠡᠲᠦ ᠪᠣᠯᠤᠭᠰᠠᠨ ᠪᠣᠯᠪᠠᠴᠤ ᠪᠠᠰᠠ ᠬᠦ᠌ ᠤᠷᠢᠳᠤ ᠶ᠋ᠢᠨ ᠰᠠᠢᠨ ᠢ᠋ ᠬᠡᠷᠬᠢᠪᠡᠴᠦ ᠦᠯᠦ ᠲᠡᠪᠴᠢᠮᠦᠢ᠂ ᠠᠷᠭ᠎ᠠ ᠦᠭᠡᠢ ᠮᠢᠨᠦ ᠲᠥᠷᠥᠭᠰᠡᠨ ᠳᠡᠭᠦᠦ ᠶ᠋ᠢᠨ ᠡᠮ᠎ᠡ ᠦᠷ᠎ᠡ ᠶ᠋ᠢ ᠴᠥᠮ ᠬᠣᠷᠢᠭᠰᠠᠨ ᠲᠤᠯᠠ ᠡᠢᠨ ᠬᠦ᠌ ᠪᠣᠯᠪᠠ᠂ ᠪᠤᠰᠤ ᠪᠣᠯᠪᠠᠰᠤ ᠤᠷᠢᠳᠤ ᠡᠳᠦᠷ ᠬᠡᠳᠦᠢᠴᠢᠨᠡᠭᠡᠨ ᠤᠳᠠᠭ᠎ᠠ ᠮᠠᠨ ᠢ᠋ ᠡᠷᠢᠨ ᠳᠠᠷᠤᠯᠠᠲᠠᠯ᠎ᠠ ᠪᠢᠳᠡ ᠶᠡᠷᠦ ᠴᠡᠷᠢᠭᠯᠡᠭᠰᠡᠨ ᠭᠠᠵᠠᠷ ᠦᠭᠡᠢ ᠪᠤᠰᠤ ᠤᠤ ? ᠬᠡᠷᠡᠢᠳ ᠦ᠋ᠨ ᠴᠡᠷᠢᠭ ᠬᠤᠶᠠᠭ ᠢ᠋ ᠲᠠᠪᠤᠨ ᠠᠩᠭᠢ ᠲᠡᠭᠰᠢᠯᠡᠨ ᠨᠠᠢ᠍ᠮᠠᠨ ᠠᠩᠭᠢ ᠰᠠᠯᠭᠠᠵᠤ ᠳᠥᠷᠪᠡᠨ ᠳᠡᠭᠦᠦ ᠳᠥᠷᠪᠡᠨ ᠬᠦᠯᠦᠭ ᠲᠣᠷ ᠲᠤᠷ ᠵᠠᠬᠢᠷᠤᠭᠤᠯᠤᠨ ᠠᠲᠤᠭᠠᠢ᠂ ᠪᠠᠰᠠ ᠠᠯᠲᠠᠨ ᠤᠯᠤᠰ ᠠ᠋ᠴᠠ ᠢᠷᠡᠭᠰᠡᠨ ᠴᠡᠷᠢᠭ ᠡᠵᠡᠨ ᠢᠨᠤ ᠠᠯᠠᠭᠳᠠᠵᠤ᠂ ᠪᠠᠰᠠ ᠲᠡᠭᠦᠨ ᠦ᠌ ᠬᠠᠭᠠᠨ ᠠᠨᠤ ᠮᠡᠳᠡᠬᠦ ᠦᠭᠡᠢ ᠬᠡᠮᠡᠬᠦ ᠲᠤᠯᠠ ᠲᠡᠭᠦᠨ ᠦ᠌ ᠤᠯᠤᠰ ᠲᠤᠷ ᠠᠨᠤ ᠡᠯᠴᠢ ᠢᠯᠡᠬᠡᠨ ᠤᠴᠢᠷ ᠢ᠋ ᠠᠰᠠᠭᠤᠯᠭᠠᠵᠤ᠂ ᠦᠨᠡᠨ ᠪᠣᠯᠪᠠᠰᠤ ᠡᠯᠴᠢ ᠢᠯᠡᠭᠡᠵᠦ᠂ ᠦᠯᠡᠭᠰᠡᠨ ᠴᠡᠷᠢᠭ ᠢ᠋ᠶ᠋ᠡᠨ ᠲᠤᠰᠢᠶᠠᠨ ᠠᠪᠠᠴᠢᠲᠤᠭᠠᠢ᠃ ᠵᠢᠴᠢ ᠰᠢᠶᠠ ᠤᠯᠤᠰ᠂ ᠬᠢᠳᠠᠨ ᠤᠯᠤᠰ᠂ ᠵᠡᠭᠦᠨ ᠯᠢᠶᠣᠤ ᠤᠯᠤᠰ᠂ ᠰᠢ ᠢᠦᠢ ᠶ᠋ᠢᠨ ᠵᠡᠷᠭᠡ ᠤᠯᠤᠰ ᠤ᠋ᠨ ᠴᠡᠷᠢᠭ ᠢ᠋ ᠴᠥᠮ ᠡᠨᠡ ᠶᠣᠰᠣᠭᠠᠷ ᠰᠢᠳᠬᠡ᠂ ᠬᠣᠢᠴᠢ ᠡᠳᠦᠷ ᠬᠡᠷᠡᠭᠲᠡᠢ ᠭᠠᠵᠠᠷ ᠪᠣᠢ ! 》ᠭᠡᠮᠡᠨ ᠲᠤᠰ ᠲᠤᠰ ᠲᠤᠷ ᠬᠤᠪᠢᠶᠠᠨ ᠰᠢᠳᠬᠡᠵᠦ ᠪᠠᠷᠠᠭᠰᠠᠨ ᠬᠣᠢᠨ᠎ᠠ᠂ ᠣᠯᠠᠨ ᠤᠯᠤᠰ ᠤ᠋ᠨ ᠴᠡᠷᠢᠭ ᠦ᠋ᠳ ᠪᠠᠶᠠᠰᠤᠯᠴᠠᠨ ᠳᠠᠭᠤᠳᠠᠬᠤ ᠳᠠᠭᠤᠨ ᠳ᠋ᠤ᠌ ᠬᠡᠭᠡᠷ᠎ᠡ ᠶ᠋ᠢᠨ ᠲᠠᠯ᠎ᠠ ᠭᠠᠩᠭ᠎ᠠ ᠬᠥᠩᠭᠢᠷᠡᠰᠦᠨ ᠳᠠᠭᠤᠷᠢᠰᠤᠮᠤᠢ᠃ ᠢᠯᠠᠭᠤ ᠶ᠋ᠢᠨ ᠡᠮ᠎ᠡ ᠰᠤᠯᠠᠴᠤᠳ ᠢ᠋ ᠴᠥᠮ ᠬᠠᠰᠠᠷ ᠲᠤᠷ ᠪᠣᠭᠣᠯ ᠪᠣᠯᠭᠠᠨ ᠱᠠᠩᠨᠠᠨ ᠥᠭᠪᠡ᠃ ᠬᠠᠰᠠᠷ ᠰᠣᠯᠤᠩᠭᠤᠸ᠎ᠠ ᠶ᠋ᠢᠨ ᠰᠠᠢᠨ ᠢ᠋ ᠪᠣᠳᠣᠵᠤ᠂ ᠢᠯᠠᠭᠤ ᠶ᠋ᠢᠨ ᠡᠮ᠎ᠡ ᠰᠤᠯᠠᠴᠤᠳ ᠢ᠋ ᠠᠰᠠᠷᠠᠨ ᠲᠡᠵᠢᠭᠡᠵᠦ ᠶᠠᠪᠤᠪᠠᠢ᠃ 
       ᠲᠡᠭᠦᠨᠴᠡ ᠬᠡᠷᠦᠯᠦᠨ ᠮᠥᠷᠡᠨ᠎ᠡ ᠳᠠᠢᠰᠤᠨ ᠢ᠋ ᠳᠠᠷᠤᠭᠰᠠᠨ ᠶᠡᠬᠡ ᠬᠤᠷᠢᠮ ᠡᠭᠦᠰᠬᠡᠨ ᠬᠤᠷᠢᠮᠯᠠᠲᠠᠯ᠎ᠠ ᠤᠭᠰᠠᠭ᠎ᠠ ᠶ᠋ᠢᠨ ᠲᠣᠭᠲᠣᠩᠭᠣ᠌ ᠪᠠᠭᠠᠲᠤᠷ ᠨᠠᠢ᠍ᠮᠠᠨ ᠤ᠋ ᠴᠡᠷᠢᠭ ᠢ᠋ ᠵᠠᠬ᠎ᠠ ᠳ᠋ᠤᠷ ᠠᠨᠤ ᠣᠷᠣᠲᠠᠯ᠎ᠠ ᠬᠥᠭᠡᠭᠡᠨ ᠠᠯᠠᠵᠤ᠂ ᠠᠯᠢᠪᠠ ᠬᠥᠰᠬᠡ ᠶ᠋ᠢ ᠴᠥᠮ ᠣᠯᠵᠠᠯᠠᠵᠤ᠂ ᠡᠭᠡᠨ ᠢᠷᠡᠬᠦᠶ᠎ᠡ ᠾᠧ ᠸᠠᠩ ᠢ᠋ ᠰᠤᠷᠠᠨ ᠰᠤᠷᠪᠤᠯᠵᠢᠯᠠᠬᠤ ᠴᠡᠷᠢᠭ ᠲᠦ᠍ᠷ ᠤᠴᠠᠷᠠᠵᠤ᠂ ᠲᠡᠭᠦᠨ ᠦ᠌ ᠪᠡᠶ᠎ᠡ ᠶ᠋ᠢ ᠢᠨᠤ ᠠᠭᠤᠳᠠᠯᠤᠨ ᠠᠪᠴᠤ ᠡᠭᠡᠵᠦ ᠢᠷᠡᠲᠡᠯ᠎ᠡ ᠬᠡᠷᠡᠢᠳ ᠲᠣᠷ ᠮᠥᠨ ᠾᠧ ᠸᠠᠩ᠂ ᠵᠠᠮᠤᠬ᠎ᠠ ᠳ᠋ᠤᠷ ᠠᠯᠠᠭᠳᠠᠵᠤ᠂ ᠲᠣᠭᠲᠣᠩᠭᠣ᠌ ᠪᠠᠭᠠᠲᠤᠷ ᠶᠠᠰᠤᠨ ᠢ᠋ ᠪᠤᠯᠠᠭᠰᠠᠨ ᠢ᠋ ᠬᠡᠳᠦᠢᠨᠡᠢ ᠰᠣᠨᠣᠰᠴᠤ ᠮᠡᠳᠡᠭᠰᠡᠨ ᠲᠤᠯᠠ ᠰᠣᠯᠤᠩᠭᠤᠸ᠎ᠠ ᠳᠡᠭᠦᠦ ᠪᠡᠨ ᠲᠤᠰᠬᠤ ᠶ᠋ᠢ ᠠᠪᠤᠨ ᠤᠭᠲᠤᠵᠤ ᠤᠬᠢᠯᠠᠨ ᠮᠥᠷᠭᠥᠭᠰᠡᠨ᠎ᠡ᠂ ᠲᠣᠭᠲᠣᠩᠭᠣ᠌ ᠪᠠᠭᠠᠲᠤᠷ ᠲᠣᠭᠣᠷᠢᠯ ᠤ᠋ᠨ ᠲᠣᠯᠣᠭᠠᠢ ᠶ᠋ᠢ ᠤᠭᠤᠲᠠ ᠲᠠᠢ ᠪᠠᠷ ᠵᠢᠨᠦᠩ ᠳ᠋ᠦ᠍ᠷ ᠲᠤᠰᠢᠶᠠᠨ ᠲᠠᠢᠽᠦ ᠳ᠋ᠦ᠍ᠷ ᠮᠡᠳᠡᠭᠦᠯᠵᠦ᠂ ᠲᠣᠭᠣᠷᠢᠯ ᠤ᠋ᠨ ᠲᠣᠯᠣᠭᠠᠢ ᠶ᠋ᠢ ᠪᠡᠶ᠎ᠡ ᠯᠦ᠍ᠭᠡ ᠠᠷᠢᠬᠢ ᠪᠠᠷ ᠤᠬᠢᠶᠠᠯᠭᠠᠵᠤ᠂ ᠠᠯᠲᠠᠲᠤ ᠲᠣᠷᠭ᠎ᠠ ᠪᠠᠷ ᠣᠷᠢᠶᠠᠨ ᠠᠪᠰᠠᠨ ᠳ᠋ᠤᠷ ᠬᠢᠵᠦ ᠬᠠᠰᠠᠷ ᠲᠤᠷ ᠥᠭᠴᠦ ᠲᠡᠭᠦᠪᠡᠷ ᠰᠣᠯᠤᠩᠭᠤᠸ᠎ᠠ ᠳ᠋ᠤᠷ ᠬᠦᠷᠭᠡᠯᠭᠡᠨ ᠥᠭᠭᠦᠭᠦᠯᠪᠡ᠃ 
       ᠲᠡᠳᠦᠢ ᠲᠣᠭᠲᠣᠩᠭᠣ᠌ ᠪᠠᠭᠠᠲᠤᠷ ᠲᠤᠷ ᠭᠤᠷᠪᠠᠨ ᠬᠤᠪᠢ ᠬᠦᠨᠳᠦ ᠱᠠᠩ ᠥᠭᠴᠦ ᠪᠠᠷᠠᠭᠤᠨ ᠬᠣᠶᠠᠳᠤᠭᠠᠷ ᠮᠥᠷ ᠦ᠋ᠨ ᠳᠡᠭᠡᠷ᠎ᠡ ᠰᠢᠷᠡᠬᠡᠨ᠎ᠡ ᠰᠠᠭᠤᠯᠭᠠᠵᠤ᠂ ᠵᠣᠪᠠᠭᠰᠠᠨ ᠢ᠋ ᠲᠣᠬᠣᠷᠤᠭᠤᠯᠤᠨ ᠵᠢᠨᠦᠩ ᠭᠠᠷ ᠢ᠋ᠶ᠋ᠠᠷ ᠠᠷᠢᠬᠢ ᠪᠠᠷᠢᠵᠤ ᠥᠯᠵᠡᠢᠲᠦ ᠲᠤᠭ ᠢ᠋ ᠳᠠᠬᠢᠵᠤ ᠭᠤᠷᠪᠠᠨ ᠡᠳᠦᠷ ᠦ᠋ᠨ ᠶᠡᠬᠡ ᠬᠤᠷᠢᠮ ᠬᠤᠷᠢᠮᠯᠠᠪᠠ᠃ ᠲᠡᠭᠦᠨᠴᠡ ᠲᠠᠢᠽᠦ ᠬᠡᠷᠡᠢᠳ ᠦ᠋ᠨ ᠨᠤᠲᠤᠭ ᠤᠰᠤᠨ ᠢ᠋ ᠦᠵᠡᠭᠰᠡᠭᠡᠷ ᠲᠡᠷᠡ ᠵᠢᠯ ᠦ᠋ᠨ ᠵᠥᠭᠡᠯᠡᠨ ᠬᠠᠲᠠᠭᠤ ᠶ᠋ᠢᠨ ᠵᠢᠷᠭᠤᠭᠠᠨ ᠵᠢᠭᠰᠠᠭᠠᠯ ᠢ᠋ ᠬᠡᠯᠡᠯᠴᠡᠵᠦ᠂ ᠬᠡᠷᠦᠯᠦᠨ ᠮᠥᠷᠡᠨ ᠦ᠌ ᠪᠠᠷᠠᠭᠤᠨ ᠬᠣᠢᠲᠤ ᠵᠦᠭ ᠮᠤᠰᠬᠢᠭᠰᠡᠨ ᠨᠤᠭᠤᠯᠤᠭᠠᠰᠤ ᠶ᠋ᠢ ᠵᠢᠭᠠᠵᠤ ᠵᠠᠬᠢᠷᠤᠨ᠄《ᠡᠨᠡ ᠮᠥᠷᠡᠨ ᠦ᠌ ᠡᠨᠡ ᠨᠢᠭᠡᠨ ᠨᠤᠭᠤᠯᠤᠭᠠᠰᠤ ᠥᠭᠡᠳᠡ ᠮᠤᠰᠬᠢᠨ ᠣᠷᠣᠭᠰᠠᠨ ᠢ᠋ ᠾᠧ ᠸᠠᠩ ᠶᠠᠮᠪᠠᠷ ᠰᠠᠢᠨ ᠭᠠᠵᠠᠷ ᠨᠤᠲᠤᠭ ᠪᠣᠯᠭᠠᠨ ᠰᠠᠭᠤᠭᠰᠠᠨ ᠪᠣᠢ?  ᠥᠪᠡᠷ ᠦ᠋ᠨ ᠬᠥᠪᠡᠭᠦᠨ ᠡᠰᠡᠷᠭᠦᠴᠡᠨ ᠪᠣᠭᠣᠯ ᠰᠥᠷᠬᠦ ᠣᠷᠣᠨ ᠪᠣᠯᠠᠢ !》ᠬᠡᠮᠡᠭᠰᠡᠭᠡᠷ ᠭᠡᠨᠡᠳᠲᠡ ᠡᠨᠡ ᠵᠢᠯ ᠦ᠋ᠨ ᠴᠠᠭᠠᠨ ᠰᠠᠷ᠎ᠠ ᠶ᠋ᠢᠨ ᠴᠠᠭᠠᠯᠠᠬᠤ ᠥᠷᠯᠥᠭᠡ ᠪᠡᠯᠭᠡᠯᠡᠬᠦᠢ ᠳ᠋ᠦ᠍ᠷ ᠣᠯᠤᠭᠰᠠᠨ ᠬᠣᠨᠢᠨ ᠳᠠᠯᠤ ᠪᠠ ᠱᠠᠭ᠎ᠠ ᠶ᠋ᠢᠨ ᠲᠥᠯᠭᠡ ᠶ᠋ᠢ ᠰᠠᠨᠠᠭᠠᠨ ᠳ᠋ᠤ᠌ ᠣᠷᠣᠵᠤ᠂ ᠣᠶᠤᠲᠤ ᠰᠡᠴᠡᠨ ᠡᠴᠡ ᠠᠪᠴᠤ ᠦᠵᠡᠪᠡᠰᠦ᠂ ᠳᠣᠲᠣᠷ᠎ᠠ ᠤᠯᠠᠭᠠᠨ ᠪᠣᠳᠣᠭ ᠳᠦᠭᠦᠷᠦᠭᠰᠡᠨ ᠮᠡᠲᠦ ᠥᠩᠭᠡᠰᠢᠨ ᠬᠡᠷᠡᠯᠳᠦᠬᠦᠢ ᠳ᠋ᠦ᠍ᠷ ᠡᠨᠡ ᠲᠥᠯᠭᠡ ᠶᠠᠭᠤᠲᠠᠢ ᠰᠣᠨᠢᠨ ᠵᠢᠭᠲᠡᠢ ᠠᠵᠢ ? ᠬᠡᠮᠡᠵᠦ ᠰᠢᠷᠡᠭᠡᠨ ᠳ᠋ᠦ᠍ᠷ ᠲᠠᠯᠪᠢᠨ ᠬᠦᠵᠢ ᠰᠢᠲᠠᠭᠠᠨ《ᠳᠠᠢᠰᠤᠨ ᠢ᠋ ᠳᠠᠷᠤᠬᠤ ᠶ᠋ᠢ ᠳᠠᠪᠲᠠᠵᠤ ᠮᠡᠳᠡᠭᠰᠡᠨ ᠳᠠᠯᠤ ᠶ᠋ᠢᠨ ᠲᠥᠯᠭᠡ ᠮᠢᠨᠦ᠂ ᠰᠢᠷᠦᠭᠦᠨ ᠢ᠋ ᠰᠢᠯᠢᠬᠦᠢ ᠶ᠋ᠢ ᠰᠢᠨᠵᠢᠵᠦ ᠮᠡᠳᠡᠭᠰᠡᠨ ᠱᠠᠭ᠎ᠠ ᠶ᠋ᠢᠨ ᠲᠥᠯᠭᠡ ᠮᠢᠨᠦ !》ᠬᠡᠮᠡᠵᠦ ᠳᠠᠬᠢᠭᠠᠳ ᠡᠭᠦᠨᠴᠡ ᠲᠠᠢᠽᠦ ᠳ᠋ᠦ᠍ᠷ ᠬᠣᠨᠢᠨ ᠤ᠋ ᠱᠠᠭ᠎ᠠ ᠪᠠ ᠳᠠᠯᠤ ᠶ᠋ᠢᠨ ᠲᠥᠯᠭᠡ ᠪᠡᠯᠭᠡᠲᠡᠢ ᠪᠣᠯᠵᠤ ᠶᠡᠬᠡ ᠪᠠᠶᠠᠷ ᠤ᠋ᠨ ᠬᠤᠷᠢᠮ ᠲᠠᠯᠪᠢᠵᠤ᠂ ᠲᠠᠯ᠎ᠠ ᠳᠦᠭᠦᠷᠡᠩ ᠲᠠᠪᠤᠨ ᠬᠤᠪᠢ ᠱᠠᠪᠠᠩ ᠬᠥᠭᠵᠢᠮ ᠳᠠᠩ ᠳᠦᠭᠦᠷᠡᠩ ᠲᠠᠪᠤᠨ ᠮᠢᠩᠭᠠᠨ ᠤᠷᠤᠯᠳᠤᠭᠠᠨ ᠤ᠋ ᠮᠣᠷᠢ᠂ ᠳᠠᠷᠤᠢ ᠲᠠᠰᠤᠷᠬᠠᠢ ᠮᠡᠷᠭᠡᠳ ᠮᠢᠩᠭᠠᠨ ᠲᠦᠮᠡᠨ ᠮᠡᠯᠵᠢᠭᠡ ᠬᠠᠷᠪᠤᠭᠠᠴᠢ᠂ ᠲᠠᠰᠤᠯᠤᠨ ᠪᠠᠷᠢᠯᠳᠤᠭᠴᠢ ᠶᠢᠰᠦᠨ ᠮᠢᠩᠭᠠᠨ ᠢᠳᠡᠲᠦ ᠪᠥᠬᠡ᠂ ᠳᠥᠷᠪᠡᠨ ᠵᠦᠢᠯ ᠦ᠋ᠨ ᠬᠥᠷ ᠨᠠᠢᠷ ᠢ᠋ᠶ᠋ᠠᠷ ᠬᠥᠷᠬᠢᠨᠡᠲᠡᠯ᠎ᠡ ᠵᠢᠷᠭᠠᠯᠳᠤᠨ᠂ ᠰᠠᠢᠬᠠᠨ ᠨᠠᠢᠷᠠᠭᠰᠠᠨ ᠱᠠᠪᠠᠩ ᠤ᠋ᠨ ᠲᠡᠷᠢᠭᠦᠨ ᠡᠮᠦᠨ᠎ᠡ ᠱᠠᠩᠨᠠᠵᠤ᠂ ᠰᠠᠢᠨ ᠮᠣᠷᠢᠨ ᠤ᠋ ᠴᠣᠯᠠ ᠳᠠᠭᠤᠳᠠᠭᠴᠢᠳ ᠲᠤᠷ ᠬᠦᠷᠲᠡᠭᠡᠳ ᠰᠠᠢᠬᠠᠨ ᠬᠠᠷᠪᠤᠭᠠᠴᠢ ᠮᠡᠷᠭᠡᠨ ᠬᠠᠷᠪᠤᠭᠠᠴᠢ ᠶ᠋ᠢ ᠬᠥᠮᠦᠵᠢᠭᠦᠯᠵᠦ ᠰᠠᠢᠨ ᠪᠠᠷᠢᠯᠳᠤᠭᠴᠢᠳ ᠤ᠋ᠨ ᠲᠡᠷᠢᠭᠦᠨ ᠪᠥᠬᠡ ᠶ᠋ᠢ ᠰᠠᠢᠰᠢᠶᠠᠨ ᠵᠢᠷᠭᠠᠯᠳᠤᠬᠤᠶ᠎ᠠ᠂ ᠬᠡᠷᠡᠢᠳ ᠦ᠋ᠨ ᠬᠦᠷᠢᠶ᠎ᠡ ᠳ᠋ᠦ᠍ᠷ ᠰᠣᠯᠤᠩᠭᠤᠸ᠎ᠠ ᠡᠴᠢᠭᠡ ᠶᠦ᠍ᠭᠡᠨ ᠠᠪᠰᠠ ᠠᠪᠳᠠᠷ᠎ᠠ ᠶ᠋ᠢ ᠦᠵᠡᠪᠡᠰᠦ ᠬᠡᠳᠦᠢᠪᠡᠷ ᠬᠠᠮᠲᠤᠳᠬᠠᠨ ᠣᠶᠣᠵᠤ ᠤᠬᠢᠶᠠᠨ ᠣᠷᠢᠶᠠᠭᠠᠳ ᠥᠩᠭᠡ ᠵᠢᠰᠦ ᠲᠠᠨᠢᠭᠳᠠᠪᠠᠴᠤ ᠡᠭᠡᠨᠡᠭᠲᠡ ᠵᠤᠨ ᠤ᠋ ᠦᠶ᠎ᠡ ᠲᠤᠯᠠ ᠬᠠᠷᠠᠯᠠᠨ ᠬᠥᠭᠡᠭᠡᠵᠦ ᠦᠮᠡᠬᠡᠢᠷᠡᠨ ᠥᠲᠥᠵᠦ᠂ ᠦᠨᠦᠷ ᠲᠠᠨᠤᠷ ᠭᠠᠷᠤᠭᠠᠳ ᠥᠩᠭᠡ ᠵᠢᠰᠦ ᠦᠵᠡᠰᠢ ᠦᠭᠡᠢ ᠪᠣᠯᠤᠭᠰᠠᠨ ᠳ᠋ᠤᠷ ᠰᠣᠯᠤᠩᠭᠤᠸ᠎ᠠ ᠦᠵᠡᠭᠡᠳ ᠥᠨᠳᠥᠷ ᠳᠠᠭᠤᠨ ᠢ᠋ᠶ᠋ᠠᠷ ᠤᠬᠢᠯᠠᠨ ᠬᠠᠷᠠᠩᠭᠤᠳᠴᠤ ᠬᠠᠰ ᠤ᠋ᠨ ᠰᠢᠲᠦ ᠪᠡᠨ ᠬᠠᠪᠢᠷᠴᠤ ᠵᠠᠮᠤᠬ᠎ᠠ ᠳ᠋ᠤᠷ ᠦᠬᠦᠲᠡᠯ᠎ᠡ ᠬᠣᠷᠣᠰᠤᠨ᠂ ᠡᠴᠢᠭᠡ ᠳ᠋ᠡᠭᠡᠨ ᠠᠷᠢᠬᠢ ᠰᠠᠴᠤᠵᠤ ᠤᠬᠢᠯᠠᠨ ᠲᠠᠩᠭᠠᠷᠢᠭᠯᠠᠵᠤ ᠥᠭᠦᠯᠡᠷᠦᠨ : ᠲᠡᠭᠦᠨ ᠦ᠌ ᠦᠭᠡ ᠢᠨᠤ : 
               ᠠᠰᠠᠷᠠᠯᠲᠤ ᠡᠴᠢᠭᠡ ᠸᠠᠩ ᠮᠢᠨᠦ ᠠᠯᠠᠯᠲᠠᠢ ᠵᠠᠮᠤᠬ᠎ᠠ ᠳ᠋ᠤᠷ ᠬᠥᠨᠥᠭᠡᠭᠳᠡᠪᠡ 
               ᠠᠴᠢ ᠦᠭᠡᠢ ᠠᠬ᠎ᠠ ᠮᠢᠨᠦ ᠠᠲᠠᠭᠠᠲᠠᠨ ᠵᠠᠮᠤᠬ᠎ᠠ ᠳ᠋ᠤᠷ ᠮᠡᠬᠡᠯᠡᠭᠳᠡᠪᠡ᠂ 
               ᠠᠮᠢᠳᠤ ᠬᠣᠴᠣᠷᠤᠭᠰᠠᠨ ᠬᠡᠦᠬᠡᠨ ᠴᠢᠨᠦ ᠨᠢᠭᠡᠨ ᠡᠳᠦᠷ ᠠᠮᠢᠳᠤᠷᠠᠪᠠᠰᠤ 
               ᠠᠮᠠᠯᠳᠤᠨ ᠲᠠᠩᠭᠠᠷᠢᠭ᠍ᠯᠠᠵᠤ ᠵᠠᠮᠤᠬ᠎ᠠ ᠪᠣᠭᠣᠯ ᠤ᠋ᠨ ᠤᠯᠠᠭᠠᠨ ᠴᠢᠰᠤ ᠶ᠋ᠢ ᠤᠤᠭᠤᠶ᠎ᠠ ! 
ᠬᠡᠮᠡᠵᠦ ᠭᠠᠰᠠᠯᠠᠩ ᠤ᠋ᠨ ᠶᠣᠰᠣᠨ ᠢ᠋ᠶ᠋ᠠᠨ ᠭᠦᠢᠴᠡᠳᠬᠡᠪᠡ᠃ 
       ᠭᠡᠨᠡᠳᠲᠡ ᠲᠠᠢᠽᠦ ᠶ᠋ᠢᠨ ᠡᠮᠦᠨ᠎ᠡ ᠡᠴᠡ ᠬᠠᠰᠠᠷ ᠢᠷᠡᠵᠦ ᠄《ᠮᠠᠷᠭᠠᠲᠠ ᠦᠷ ᠦ᠋ᠨ ᠬᠢᠷᠠᠭ᠎ᠠ ᠳ᠋ᠤᠷ ᠲᠠᠢᠽᠦ ᠪᠡᠶ᠎ᠡ ᠪᠡᠷ ᠢᠷᠡᠵᠦ ᠠᠷᠢᠬᠢ ᠰᠠᠴᠤᠨ᠂ ᠠᠩᠬᠠᠨ ᠤ᠋ ᠰᠠᠢᠬᠠᠨ ᠢ᠋ ᠭᠦᠢᠴᠡᠳᠬᠡᠵᠦ ᠰᠦᠨᠡᠰᠦᠨ ᠢ᠋ ᠲᠣᠬᠣᠷᠤᠭᠤᠯᠤᠨ ᠰᠦᠯᠳᠡ ᠶ᠋ᠢ ᠢᠨᠤ ᠠᠮᠤᠭᠤᠯᠵᠤ ᠪᠡᠯᠭᠡᠯᠡᠨ ᠥᠴᠢᠵᠦ ᠲᠠᠬᠢᠮᠤᠢ》ᠭᠡᠮᠡᠨ ᠵᠠᠬᠢᠶ᠎ᠠ ᠥᠭᠴᠦ ᠡᠴᠢᠪᠡ᠃ ᠳᠡᠳ᠋ ᠥᠷᠯᠥᠭᠡ ᠦᠨᠡᠬᠡᠷ ᠲᠠᠢᠽᠦ ᠪᠡᠶ᠎ᠡ ᠪᠡᠷ ᠥᠷᠯᠥᠭ ᠰᠠᠢᠳ ᠤ᠋ᠳ ᠢ᠋ᠶ᠋ᠠᠨ ᠳᠠᠭᠠᠭᠤᠯᠤᠨ ᠵᠠᠯᠠᠷᠠᠨ ᠢᠷᠡᠭᠡᠳ ᠮᠠᠯᠠᠭ᠎ᠠ ᠶ᠋ᠢᠨ ᠵᠠᠯᠠᠭ᠎ᠠ ᠶ᠋ᠢ ᠬᠥᠨᠳᠡᠵᠦ᠂ ᠮᠠᠭᠰᠢᠮ᠎ᠠ ᠨᠢᠳᠤᠷᠭ᠎ᠠ ᠶᠤᠭᠠᠨ ᠪᠠᠭᠤᠯᠭᠠᠨ ᠮᠠᠨᠵᠢᠯᠭᠠᠲᠤ ᠪᠦᠰᠡ ᠪᠡᠨ ᠡᠯᠭᠦᠵᠦ᠂ ᠮᠠᠷᠭᠤᠯ ᠦᠭᠡᠢ ᠠᠷᠢᠬᠢ ᠶ᠋ᠢ ᠰᠠᠴᠤᠵᠤ ᠡᠢᠨ ᠭᠡᠮᠡᠨ ᠲᠣᠯᠣᠭᠠᠢ ᠬᠣᠯᠪᠣᠨ ᠵᠠᠬᠢᠷᠤᠨ : 
               ᠵᠠᠯᠠᠭᠤ ᠴᠠᠭ ᠲᠠᠭᠠᠨ ᠵᠠᠭᠠᠨ ᠮᠡᠲᠦ ᠵᠠᠩ ᠲᠠᠢ ᠠᠨᠳᠠ ᠴᠢ ᠪᠡᠷ 
               ᠵᠠᠯᠭᠠᠨ ᠬᠥᠭᠰᠢᠷᠡᠮᠡᠭᠴᠡ ᠵᠠᠩ ᠰᠠᠨᠠᠭᠠᠨ ᠴᠢᠨᠦ ᠬᠤᠪᠢᠯᠪᠠ ᠠᠨᠳᠠ ᠴᠢ᠂ 
               ᠵᠠᠰᠠᠯᠲᠠ ᠦᠭᠡᠢ ᠮᠠᠭᠤ ᠬᠥᠪᠡᠭᠦᠨ ᠢ᠋ᠶ᠋ᠡᠨ ᠵᠢᠭᠠᠨ ᠰᠤᠷᠭᠠᠬᠤ ᠦᠭᠡᠢ ᠶᠠᠪᠤᠭᠰᠠᠭᠠᠷ 
               ᠵᠠᠭᠤᠷᠮ᠎ᠠ ᠳᠣᠷᠭᠣᠨ ᠢ᠋ᠶ᠋ᠠᠷ ᠵᠠᠨᠤᠯᠲᠠᠢ ᠵᠠᠮᠤᠬ᠎ᠠ ᠪᠣᠭᠣᠯ ᠳ᠋ᠤᠷ ᠬᠥᠨᠥᠭᠡᠭᠳᠡᠪᠡ᠃ 
               ᠵᠢᠭᠤᠷᠠᠯᠳᠤᠭᠠᠨ ᠪᠠᠢᠯᠳᠤᠭᠠᠨ᠎ᠠ ᠵᠠᠷᠯᠠᠭᠰᠠᠨ ᠢ᠋ ᠮᠢᠨᠦ ᠳᠠᠭᠠᠵᠤ ᠶᠠᠪᠤᠭᠰᠠᠨ ᠪᠥᠭᠡᠰᠦ 
               ᠵᠠᠮ ᠤ᠋ᠨ ᠵᠠᠭᠤᠷ᠎ᠠ ᠵᠠᠨᠤᠯᠲᠠᠢ ᠵᠠᠮᠤᠬ᠎ᠠ ᠪᠣᠭᠣᠯ ᠳ᠋ᠤᠷ ᠠᠯᠬᠠᠳᠠᠨᠠᠮ ᠬᠡᠮᠡᠮᠦ ? 
               ᠵᠠᠢ ᠶ᠋ᠢ ᠡᠷᠢᠨ ᠵᠠᠰᠠᠪᠤᠷᠢ ᠦᠭᠡᠢ ᠬᠥᠪᠡᠭᠦᠨ ᠢ᠋ᠶ᠋ᠡᠨ ᠳᠠᠭᠠᠵᠤ ᠳᠤᠲᠠᠭᠠᠭᠰᠠᠭᠠᠷ 
               ᠵᠠᠪᠰᠠᠷ ᠦᠭᠡᠢ ᠬᠠᠷᠭᠢᠰ ᠪᠣᠭᠣᠯ ᠵᠠᠮᠤᠬ᠎ᠠ ᠶ᠋ᠢᠨ ᠭᠠᠷ ᠲᠤᠷ ᠦᠬᠦᠪᠡ᠃ 
               ᠵᠠᠭᠤᠷᠠᠳᠤ ᠶᠠᠪᠤᠬᠤ ᠵᠠᠨᠤᠬᠤ ᠰᠦᠨᠡᠰᠦᠨ ᠴᠢᠨᠦ ᠵᠠᠰᠠᠭᠳᠠᠵᠤ ᠠᠮᠤᠷᠯᠢᠭᠲᠤᠨ 
               ᠵᠠᠯᠢᠬᠠᠢ ᠵᠢᠰᠤᠷ ᠵᠠᠮᠤᠬ᠎ᠠ ᠪᠣᠭᠣᠯ ᠢ᠋ ᠶᠠᠭᠠᠬᠢᠪᠠᠴᠤ ᠠᠯᠠᠵᠤ ᠥᠭᠭᠦᠰᠦᠭᠡᠢ᠃ 
               ᠵᠠᠯᠠᠭᠤ ᠡᠮ᠎ᠡ ᠥᠨᠥᠴᠢᠨ ᠬᠡᠦᠬᠡᠨ ᠦᠷᠡᠰ ᠢ᠋ ᠴᠢᠨᠦ ᠨᠡᠢᠲᠡ ᠪᠦᠭᠦᠳᠡ ᠶ᠋ᠢ 
               ᠵᠠᠭᠤᠨ ᠡᠷᠦᠬᠡ ᠶ᠋ᠢ ᠵᠠᠷᠤᠭᠳᠠᠭᠤᠯᠵᠤ ᠵᠠᠯᠭᠠᠮᠵᠢᠯᠠᠨ ᠥᠷᠥᠰᠢᠶᠡᠵᠦ ᠪᠠᠢᠨᠠᠮ᠃ 
               ᠵᠠᠢᠲᠠᠲᠠᠨ ᠶᠠᠪᠤᠬᠤ ᠵᠠᠪᠰᠠᠷ ᠤ᠋ᠨ ᠰᠦᠨᠡᠰᠦᠨ ᠴᠢᠨᠦ ᠵᠠᠰᠠᠷᠠᠵᠤ ᠠᠮᠤᠭᠲᠤᠨ 
               ᠵᠠᠢᠯᠠᠭᠰᠠᠨ ᠵᠠᠮᠤᠬ᠎ᠠ ᠶ᠋ᠢ ᠵᠠᠰᠠᠭ ᠴᠠᠭᠠᠵᠠ ᠪᠠᠷ ᠠᠯᠠᠵᠤ ᠥᠭᠰᠦᠭᠡᠢ ᠪᠢ᠂ 
               ᠵᠠᠰᠠᠳᠠᠭ ᠦᠭᠡᠢ ᠮᠢᠨᠦ ᠦᠨᠡᠨ ᠲᠠᠰᠢᠶ᠎ᠠ ᠪᠠᠷ ᠵᠠᠨᠤᠯ ᠴᠢᠨᠦ ᠬᠠᠨᠤᠮᠤᠢ ᠊ᠶ᠎ᠠ 
               ᠵᠠᠪᠰᠠᠷ ᠦᠭᠡᠢ ᠴᠢᠨᠦ ᠰᠡᠳᠬᠢᠯ ᠰᠠᠨᠠᠭ᠎ᠠ ᠪᠠᠷ ᠵᠠᠢᠯᠠᠯ ᠦᠭᠡᠢ ᠰᠣᠨᠣᠰ ! 
ᠭᠡᠮᠡᠨ ᠭᠤᠷᠪᠠᠨ ᠤᠳᠠᠭ᠎ᠠ ᠠᠷᠢᠬᠢ ᠰᠠᠴᠤᠭᠠᠳ ᠯᠤᠤ ᠶ᠋ᠢᠨ ᠨᠢᠯᠪᠤᠰᠤᠨ ᠢ᠋ ᠤᠨᠠᠭᠠᠭᠰᠠᠨ ᠳ᠋ᠤᠷ ᠰᠣᠯᠤᠩᠭᠤᠸ᠎ᠠ ᠲᠤᠰᠬᠤ ᠥᠬᠢᠨ ᠬᠥᠪᠡᠭᠦᠨ ᠬᠣᠶᠠᠭᠤᠯᠠ ᠠᠨᠤ ᠰᠥᠭᠥᠳᠴᠦ ᠤᠬᠢᠯᠠᠨ ᠮᠥᠷᠭᠥᠵᠦ ᠪᠢᠰᠢᠷᠡᠭᠡᠳ ᠰᠦᠨᠡᠰᠦᠨ ᠨᠥᠬᠥᠴᠡᠯ ᠡᠴᠡ ᠰᠦᠰᠦᠭ ᠪᠢᠰᠢᠷᠡᠯ ᠲᠥᠷᠥᠵᠦ᠂ ᠰᠢᠲᠦᠨ ᠢᠭᠲᠦᠯᠵᠦ ᠤᠶᠠᠷᠠᠭᠠᠳ ᠰᠥᠭᠥᠳᠦᠨ ᠮᠥᠷᠭᠥᠵᠦ ᠮᠣᠷᠳᠠᠭᠤᠯᠪᠠ᠃ 
       ᠲᠡᠳᠦᠢ ᠬᠠᠪᠤᠲᠤ ᠬᠠᠰᠠᠷ ᠬᠠᠪᠰᠤᠷᠤᠨ ᠬᠠᠷᠠᠭᠠᠯᠵᠠᠵᠤ᠂ ᠠᠯᠤᠬ᠎ᠠ᠂ ᠰᠦᠬᠡ ᠠᠯᠢᠪᠠ ᠶ᠋ᠢ ᠠᠩᠬᠠᠷᠤᠨ ᠪᠠᠢᠵᠤ᠂ ᠾᠧ ᠸᠠᠩ ᠤ᠋ᠨ ᠦᠬᠦᠭᠰᠡᠨ ᠬᠡᠭᠦᠷ ᠶᠠᠰᠤᠨ ᠢ᠋ ᠬᠡᠷᠡᠢᠳ ᠦ᠋ᠨ ᠣᠩᠭᠣᠨ ᠳ᠋ᠤᠷ ᠲᠠᠯᠪᠢᠭᠠᠳ ᠣᠩᠭᠣᠯᠠᠨ ᠪᠤᠮᠪᠠᠯᠠᠵᠤ᠂ ᠭᠠᠰᠠᠯᠠᠩ ᠤ᠋ᠨ ᠬᠡᠷᠡᠭ ᠢ᠋ ᠭᠠᠯ ᠢ᠋ᠶ᠋ᠠᠷ ᠬᠤᠢᠬᠠᠯᠠᠵᠤ᠂ ᠬᠡᠷᠡᠢᠳ ᠦ᠋ᠨ ᠨᠡᠢᠲᠡ ᠪᠦᠬᠦᠨ ᠢ᠋ ᠨᠡᠭᠦᠯᠭᠡᠨ ᠠᠪᠴᠤ ᠪᠸᠲ᠋ᠠ᠋ ᠤᠯᠤᠰ ᠤ᠋ᠨ ᠵᠦᠭ ᠢᠷᠡᠪᠡ᠃ 
       ᠲᠡᠨᠳᠡᠴᠡ ᠲᠠᠢᠽᠦ ᠡᠨᠡ ᠤᠳᠠᠬ᠎ᠠ ᠶ᠋ᠢᠨ ᠶᠡᠬᠡ ᠭᠠᠪᠢᠶ᠎ᠠ ᠶ᠋ᠢ ᠢᠯᠠᠭᠠᠬᠤᠶ᠎ᠠ ᠨᠠᠷᠢᠪᠴᠢᠯᠠᠨ ᠪᠠᠢᠴᠠᠭᠠᠪᠠᠰᠤ ᠵᠣᠬᠢᠬᠤ ᠶ᠋ᠢᠨ ᠲᠤᠯᠠ ᠨᠠᠢ᠍ᠮᠠᠨ ᠰᠠᠷ᠎ᠠ ᠳ᠋ᠤ᠌ ᠤᠯᠤᠰ ᠤ᠋ᠨ ᠡᠮᠦᠨ᠎ᠡ ᠵᠠᠬ᠎ᠠ ᠶ᠋ᠢᠨ ᠲᠠᠬᠢᠮ ᠤ᠋ᠨ ᠭᠣᠣᠯ ① ᠬᠡᠮᠡᠬᠦ ᠮᠥᠷᠡᠨ ᠦ᠌ ᠬᠥᠪᠡᠭᠡ ᠳ᠋ᠦ᠍ᠷ ᠶᠡᠬᠡ ᠪᠠᠭᠤᠳᠠᠯ ᠪᠠᠭᠤᠪᠠ᠃ ᠲᠡᠷᠡ ᠭᠠᠵᠠᠷ ᠤ᠋ᠨ ᠪᠠᠢᠳᠠᠯ ᠠᠨᠤ ᠬᠥᠮᠦᠨ ᠦ᠌ ᠲᠠᠬᠢᠮ ᠮᠡᠲᠦ ᠮᠤᠷᠤᠢ ᠲᠤᠯᠠ ᠲᠡᠭᠦᠨ ᠢ᠋ ᠲᠠᠬᠢᠮ ᠤ᠋ᠨ ᠭᠣᠣᠯ ᠭᠡᠮᠡᠨ ᠨᠡᠷᠡᠢᠳᠴᠦᠬᠦᠢ᠃ 
       ᠲᠡᠭᠦᠨᠴᠡ ᠲᠠᠢᠽᠦ ᠲᠠᠬᠢᠮ ᠤ᠋ᠨ ᠭᠣᠣᠯ ᠳ᠋ᠤᠷ ᠳᠥᠷᠪᠡᠨ ᠬᠦᠴᠦᠲᠡᠨ ᠦ᠌ ᠠᠵᠢᠨᠠᠢ ᠮᠣᠷᠢᠨ ᠤ᠋ ᠶᠡᠬᠡ ᠵᠢᠭᠰᠠᠭᠠᠯ ᠢ᠋ᠶ᠋ᠠᠨ ᠪᠣᠯᠪᠠᠰᠤᠷᠠᠭᠤᠯᠤᠨ ᠠᠷᠪᠠᠨ ᠲᠠᠪᠤᠨ ᠲᠦᠮᠡᠨ ᠦ᠌ ᠶᠡᠬᠡ ᠴᠡᠷᠢᠭ ᠢ᠋ᠶ᠋ᠡᠨ ᠨᠠᠷᠢᠨ ᠨᠢᠭᠲᠠ ᠪᠠᠷ ᠢᠯᠭᠠᠨ ᠰᠠᠯᠭᠠᠵᠤ᠂ ᠵᠠᠩᠵᠤᠨ ᠴᠡᠷᠢᠭ ᠢ᠋ᠶ᠋ᠡᠨ ᠭᠠᠪᠢᠶ᠎ᠠ ᠵᠢᠳᠬᠦᠯᠭᠡ ᠶ᠋ᠢ ᠳᠠᠪᠲᠠᠨ ᠡᠷᠭᠦᠮᠵᠢᠯᠡᠵᠦ᠂ ᠱᠠᠩᠨᠠᠨ ᠬᠥᠬᠢᠭᠦᠯᠦᠶ᠎ᠡ᠂ ᠣᠯᠠᠨ ᠴᠡᠷᠢᠭ ᠪᠦᠭᠦᠳᠡᠭᠡᠷ ᠨᠡᠢᠯᠡᠵᠦ ᠳᠠᠢᠰᠤᠨ ᠢ᠋ ᠳᠠᠷᠤᠭᠰᠠᠨ ᠬᠤᠷᠢᠮ ᠪᠠᠷᠢᠰᠤᠭᠠᠢ ᠬᠡᠮᠡᠭᠰᠡᠨ ᠳ᠋ᠦ᠍ᠷ ᠲᠠᠢᠽᠦ ᠵᠥᠪᠰᠢᠶᠡᠵᠦ᠂ ᠬᠤᠷᠢᠮ ᠤ᠋ᠨ ᠰᠦᠢᠳᠬᠡᠯ ᠬᠡᠷᠡᠭᠯᠡᠯ ᠡᠴᠡ ᠬᠡᠲᠦᠷᠡᠲᠡᠯ᠎ᠡ ᠱᠠᠩᠨᠠᠵᠤ ᠨᠢᠭᠡᠨ ᠡᠮᠬᠦ ᠮᠢᠬ᠎ᠠ᠂ ᠨᠢᠭᠡᠨ ᠬᠤᠮᠬ᠎ᠠ ᠠᠷᠢᠬᠢ ᠪᠣᠯᠪᠠᠴᠤ ᠢᠳᠡᠵᠦ᠂ ᠣᠯᠠᠨ ᠴᠡᠷᠢᠭ ᠢ᠋ᠶ᠋ᠡᠨ ᠠᠷᠢᠬᠢ ᠮᠢᠬ᠎ᠠ ᠶ᠋ᠢ ᠪᠦᠭᠦᠳᠡ ᠨᠡᠢᠯᠡᠭᠦᠯᠦᠨ ᠬᠡᠷᠴᠢᠭᠦᠯᠦᠭᠡᠳ ᠶᠡᠬᠡ ᠲᠣᠭᠣᠭ᠎ᠠ ᠳ᠋ᠤᠷ ᠴᠢᠨᠠᠭᠤᠯᠵᠤ᠂ ᠨᠠᠭᠤᠷ ᠤ᠋ᠨ ᠴᠢᠨᠡᠭᠡᠨ ᠠᠷᠢᠬᠢ ᠠ᠋ᠴᠠ ᠭᠤᠷᠪᠠᠨ ᠴᠥᠭᠥᠴᠡ ᠵᠣᠭᠣᠭᠯᠠᠵᠤ᠂ ᠠᠭᠤᠯᠠ ᠶ᠋ᠢᠨ ᠴᠢᠨᠡᠭᠡᠨ ᠮᠢᠬ᠎ᠠ ᠠ᠋ᠴᠠ ᠨᠢᠭᠡᠨ ᠳᠠᠪᠰᠢ ᠠᠪᠤᠭᠠᠳ ᠳᠠᠯᠠᠢ ᠮᠡᠲᠦ ᠱᠥᠯᠥ ᠡᠴᠡ ᠨᠢᠭᠡᠨ ᠠᠶᠠᠭ᠎ᠠ ᠵᠣᠭᠣᠭᠯᠠᠵᠤ᠂ ᠳᠠᠯᠠᠢ ᠮᠡᠲᠦ ᠠᠷᠢᠬᠢ ᠠ᠋ᠴᠠ ᠭᠤᠷᠪᠠᠨ ᠰᠠᠪᠠ ᠠᠪᠴᠤ ᠦᠯᠡᠭᠰᠡᠨ ᠢ᠋ ᠵᠠᠩᠵᠤᠨ ᠴᠡᠷᠢᠭ ᠬᠠᠮᠲᠤ ᠪᠠᠷ ᠤᠤᠭᠤᠯᠴᠠᠨ ᠶᠡᠬᠡᠯ᠎ᠡ ᠬᠤᠷᠢᠮᠯᠠᠬᠤᠶ᠎ᠠ᠂ ᠴᠡᠷᠢᠭ ᠦ᠋ᠨ ᠵᠢᠨᠦᠩ ᠡᠴᠡ ᠡᠬᠢᠯᠡᠨ ᠰᠤᠯᠠ ᠵᠠᠩᠵᠤᠨ ᠰᠢᠨ᠎ᠡ ᠬᠢᠶ᠎ᠡ ᠨᠠᠷ ᠲᠤᠷ ᠲᠤᠯᠲᠠᠯ᠎ᠠ ᠬᠢᠷᠢ ᠬᠢᠷᠢ ᠪᠡᠷ ᠬᠤᠪᠢ ᠭᠠᠷᠭᠠᠵᠤ᠂ ᠣᠯᠠᠨ ᠴᠡᠷᠢᠭ ᠲᠦ᠍ᠷ ᠬᠡᠲᠦᠷᠡᠲᠡᠯ᠎ᠡ ᠬᠣᠶᠠᠷ ᠬᠤᠪᠢ ᠳᠠᠪᠬᠤᠷ ᠱᠠᠩᠨᠠᠭᠠᠳ ᠰᠠᠢᠨ ᠪᠡᠯᠭᠡᠲᠦ ᠢᠷᠦᠭᠡᠳ ᠬᠦᠷᠲᠡᠭᠡᠵᠦ᠂ ᠡᠵᠡᠨ ᠰᠠᠢᠳ ᠴᠡᠷᠢᠭ ᠬᠤᠶᠠᠭ ᠪᠦᠭᠦᠳᠡᠭᠡᠷ ᠨᠠᠭᠤᠷ ᠳᠠᠯᠠᠢ ᠠᠳᠠᠯᠢ ᠶᠡᠬᠡᠯ᠎ᠡ ᠬᠥᠭᠵᠢᠨ ᠬᠤᠷᠢᠮᠯᠠᠬᠤᠶ᠎ᠠ᠂ ᠣᠯᠠᠨ ᠲᠦᠰᠢᠮᠡᠳ ᠡᠨᠡ ᠵᠢᠯ ᠦ᠋ᠨ ᠴᠠᠭᠠᠯᠠᠬᠤ ᠥᠷᠯᠥᠭᠡ ᠶ᠋ᠢᠨ ᠲᠠᠢᠽᠦ ᠵᠢᠨᠦᠩ ᠬᠣᠶᠠᠭᠤᠯᠠ ᠶ᠋ᠢᠨ ᠬᠣᠨᠢᠨ ᠤ᠋ ᠪᠦᠬᠦᠯᠢ ᠪᠡᠷ ᠪᠢᠲᠡᠭᠦᠦ ᠦᠭᠡ ᠶ᠋ᠢ ᠬᠡᠯᠡᠯᠴᠡᠭᠰᠡᠨ ᠢ᠋ ᠡᠰᠢᠯᠡᠨ ᠠᠰᠠᠭᠤᠭᠰᠠᠨ ᠳ᠋ᠤᠷ ᠵᠢᠨᠦᠩ ᠮᠤᠬᠤᠯᠢ ᠰᠠᠶᠢ ᠲᠠᠢᠯᠤᠨ ᠥᠴᠢᠷᠦᠨ ᠄《ᠡᠵᠡᠨ ᠦ᠌ ᠡᠮᠦᠨᠡᠬᠢ ᠶᠢᠰᠦᠨ ᠰᠢᠷᠡᠭᠡ ᠪᠦᠬᠦᠯᠢ ᠢᠳᠡᠭᠡ ᠬᠡᠮᠡᠭᠴᠢ ᠡᠵᠡᠨ ᠦ᠌ ᠶᠢᠰᠦᠨ ᠡᠩ ᠦ᠋ᠨ ᠶᠡᠬᠡ ᠤᠯᠤᠰ ᠮᠡᠲᠦ ᠪᠤᠶᠤ᠃ ᠲᠡᠭᠦᠨᠴᠡ ᠡᠬᠢᠯᠡᠨ ᠡᠪᠳᠡᠭᠰᠡᠨ ᠢᠨᠤ ᠬᠠᠰᠠᠷ ᠨᠣᠶᠠᠨ ᠤ᠋ ᠬᠠᠲᠤᠳ ᠬᠥᠪᠡᠭᠦᠨ ᠢ᠋ ᠬᠡᠷᠡᠢᠳ ᠤᠯᠤᠰ ᠲᠤᠷ ᠪᠠᠢᠯᠳᠤᠨ ᠠᠪᠠᠴᠢᠵᠤ ᠬᠣᠷᠢᠭᠰᠠᠨ ᠢ᠋ ᠦᠯᠢᠳᠬᠡᠭᠰᠡᠨ ᠪᠤᠶᠤ᠃ ᠲᠡᠢᠨ ᠬᠦ᠌ ᠮᠥᠨ ᠮᠥᠷ ᠢ᠋ᠶ᠋ᠡᠷ ᠠᠷᠭ᠎ᠠ ᠬᠡᠷᠡᠭᠯᠡᠶ᠎ᠡ ᠬᠡᠮᠡᠭᠰᠡᠨ ᠦᠭᠡ ᠪᠤᠶᠤ᠃ ᠲᠡᠷᠡ ᠬᠦ᠌ ᠪᠦᠬᠦᠯᠢ ᠬᠣᠨᠢ ᠳ᠋ᠤᠷ ᠪᠠᠰᠠ ᠭᠤᠷᠪᠠᠨ ᠠᠳᠠᠯᠢᠳᠬᠠᠯ ᠪᠣᠢ᠃ ᠲᠡᠷᠢᠭᠦᠨ ᠠᠳᠠᠯᠢᠳᠬᠠᠯ ᠠᠨᠤ᠄ ᠪᠦᠬᠦᠯᠢ ᠬᠣᠨᠢ ᠬᠡᠮᠡᠭᠴᠢ ᠦᠯᠢᠳᠬᠡᠪᠡᠰᠦ ᠮᠠᠨ ᠤ᠋ ᠨᠢᠭᠡᠨ ᠤᠯᠤᠰ ᠮᠡᠲᠦ᠂ ᠪᠠᠷᠠᠭᠤᠨ ᠳᠠᠯᠤ ᠶ᠋ᠢ ᠰᠠᠯᠭᠠᠨ ᠠᠪᠤᠭᠰᠠᠨ ᠠᠨᠤ ᠡᠵᠡᠨ ᠦ᠌ ᠪᠠᠷᠠᠭᠤᠨ ᠮᠥᠷᠥ ᠮᠡᠲᠦ ᠳᠡᠭᠦᠦ ᠬᠠᠰᠠᠷ ᠢ᠋ ᠬᠠᠭᠤᠷᠮᠠᠭ ᠢ᠋ᠶ᠋ᠠᠷ ᠬᠠᠬᠢᠭᠴᠢ ᠪᠣᠯᠤᠨ ᠬᠡᠷᠡᠢᠳ ᠤᠯᠤᠰ ᠢ᠋ ᠡᠳᠦᠭᠡᠵᠦ ᠢᠷᠡᠭᠦᠯᠦᠶ᠎ᠡ ᠬᠡᠮᠡᠭᠰᠡᠨ ᠦᠭᠡ᠃ ᠬᠣᠶᠠᠳᠤᠭᠠᠷ ᠠᠳᠠᠯᠢᠳᠬᠠᠯ ᠠᠨᠤ᠄ ᠪᠠᠰᠠ ᠪᠢᠳᠡᠨ ᠦ᠌ ᠪᠸᠲ᠋ᠠ᠋ ᠤᠯᠤᠰ ᠪᠦᠭᠦᠳᠡᠭᠡᠷ ᠬᠣᠨᠢᠨ ᠤ᠋ ᠪᠠᠷᠠᠭᠤᠨ ᠳᠠᠯᠤ ᠪᠠᠷ ᠬᠡᠰᠢᠭ ᠳᠠᠯᠠᠯᠳᠠᠭ ᠪᠢᠰᠢᠦ ? ᠲᠡᠢᠨᠬᠦ᠌ ᠡᠵᠡᠨ ᠦ᠌ ᠪᠠᠷᠠᠭᠤᠨ ᠭᠠᠷ ᠮᠡᠲᠦ ᠬᠠᠰᠠᠷ ᠳᠡᠭᠦᠦ ᠪᠡᠷ ᠠᠨᠤ ᠬᠡᠷᠡᠢᠳ ᠤᠯᠤᠰ ᠢ᠋ ᠠᠷᠭᠠᠳᠠᠵᠤ ᠠᠴᠢᠷᠠᠨ᠂ ᠠᠷᠭ᠎ᠠ ᠪᠠᠷ ᠡᠪᠳᠡᠰᠦᠭᠡᠢ ᠬᠡᠮᠡᠭᠰᠡᠨ ᠦᠭᠡᠰ ᠪᠤᠶᠤ᠃ ᠭᠤᠷᠪᠠᠳᠤᠭᠠᠷ ᠠᠳᠠᠯᠢᠳᠬᠠᠯ ᠠᠨᠤ᠄ ᠬᠣᠨᠢᠨ ᠤ᠋ ᠳᠠᠯᠤ ᠶ᠋ᠢᠨ ᠳᠠᠯᠤ ᠪᠠ ᠲᠣᠭ᠎ᠠ ᠶ᠋ᠢᠨ ᠳᠡᠯ ᠴᠥᠮ ᠨᠢᠭᠡᠨ ᠠᠳᠠᠯᠢ ᠳᠠᠯᠠ ᠪᠤᠰᠤ ᠤᠤ ?  ᠡᠳᠦᠭᠡ ᠬᠡᠷᠡᠢᠳ ᠢ᠋ ᠬᠡᠷᠪᠢᠵᠦ ᠳᠠᠭᠤᠰᠬᠠᠭᠰᠠᠨ ᠠᠨᠤ᠂ ᠬᠥᠯᠥᠨ ᠪᠤᠢᠷ ᠤ᠋ᠨ ᠳᠠᠯᠠᠨ ᠪᠤᠯᠠᠭ ᠤ᠋ᠨ ᠭᠣᠣᠯ ᠪᠤᠰᠤ ᠤᠤ ? ᠡᠨᠡ ᠭᠤᠷᠪᠠᠭᠤᠯᠠ ᠶ᠋ᠢ ᠨᠡᠢᠯᠡᠭᠦᠯᠦᠨ ᠬᠡᠯᠡᠪᠡᠰᠦ ᠡᠵᠡᠨ ᠦ᠌ ᠪᠠᠷᠠᠭᠤᠨ ᠭᠠᠷ ᠤ᠋ᠨ ᠬᠠᠰᠠᠷ ᠢ᠋ᠶ᠋ᠠᠷ ᠬᠡᠷᠡᠢᠳ ᠦ᠋ᠨ ᠾᠧ ᠸᠠᠩ ᠢ᠋ ᠳᠠᠯᠠᠯᠤᠨ ᠠᠴᠢᠷᠠᠵᠤ᠂ ᠳᠠᠯᠠᠨ ᠪᠤᠯᠠᠭ ᠤ᠋ᠨ ᠭᠣᠣᠯ ᠳ᠋ᠤᠷ ᠳᠠᠷᠤᠶ᠎ᠠ ᠬᠡᠮᠡᠭᠰᠡᠨ ᠦᠭᠡ ᠪᠣᠯᠠᠢ᠃ ᠬᠠᠭᠠᠴᠠᠬᠤ ᠮᠡᠲᠦ ᠪᠡᠷ ᠬᠠᠭᠤᠷᠤᠶ᠎ᠠ᠂ ᠡᠪᠳᠡᠷᠡᠯᠴᠡᠬᠦ ᠠᠳᠠᠯᠢ ᠪᠠᠷ ᠡᠪᠳᠡᠯᠡᠶ᠎ᠡ ᠬᠡᠮᠡᠭᠰᠡᠨ ᠦᠭᠡᠰ ᠪᠤᠶᠤ᠃ ᠡᠬᠢᠯᠡᠭᠰᠡᠨ ᠳᠠᠷᠤᠢ ᠡᠵᠡᠨ ᠬᠡᠳᠦᠢᠨᠡᠢ ᠠᠢᠯᠠᠳᠪᠠᠢ !》ᠬᠡᠮᠡᠭᠰᠡᠨ ᠳ᠋ᠦ᠍ᠷ ᠠᠷᠪᠠᠨ ᠲᠠᠪᠤᠨ ᠲᠦᠮᠡᠨ ᠢ᠋ᠶ᠋ᠡᠷ ᠠᠮᠠᠨ ᠢ᠋ᠶ᠋ᠠᠨ ᠳᠠᠷᠤᠵᠤ ᠱᠠᠭᠰᠢᠨ ᠭᠠᠢᠬᠠᠯᠳᠤᠪᠠᠢ᠃ 

– – – –
① ᠡᠨᠡ ᠲᠠᠬᠢᠮ ᠤ᠋ᠨ ᠭᠣᠣᠯ ᠬᠡᠮᠡᠭᠴᠢ ᠶ᠋ᠢ 《ᠶᠡᠬᠡ ᠵᠦᠽᠢ ᠲᠦᠩ ᠵᠢᠶᠠᠨ ᠭᠠᠩ ᠮᠦ᠍ ᠪᠢᠴᠢᠭ 》ᠲᠣᠷ ᠲᠢᠶᠧ ᠮᠧᠢ ᠬᠠᠢ ᠴᠤᠸᠠᠨ ᠬᠡᠮᠡᠭᠡᠳ ᠬᠡᠷᠦᠯᠦᠨ ᠮᠥᠷᠡᠨ ᠢ᠋ ᠾᠧ ᠯᠢᠨ ᠭᠡᠮᠡᠨ ᠪᠢᠴᠢᠵᠦᠬᠦᠢ ᠃ ᠭᠤᠷᠪᠠᠳᠤᠭᠠᠷ ᠰᠢᠷᠡᠭᠡ ᠶ᠋ᠢᠨ ᠬᠣᠨᠢᠨ ᠪᠦᠬᠦᠯᠢ ᠬᠡᠮᠡᠭᠴᠢ ᠡᠵᠡᠨ ᠦ᠌ ᠭᠤᠷᠪᠠᠳᠤᠭᠠᠷ ᠳᠡᠭᠦᠦ ᠬᠠᠰᠠᠷ ᠢ᠋ ᠦᠯᠢᠳᠬᠡᠭᠰᠡᠨ ᠪᠤᠶᠤ᠃ 

       ᠲᠡᠳᠦᠢ ᠮᠤᠬᠤᠯᠢ᠂ ᠲᠠᠢᠽᠦ ᠶ᠋ᠢᠨ ᠠᠯᠲᠠᠨ ᠴᠥᠭᠥᠴᠡ ᠳ᠋ᠦ᠍ᠷ ᠠᠷᠢᠬᠢ ᠬᠢᠵᠦ ᠪᠠᠷᠢᠭᠠᠳ ᠮᠤᠬᠤᠯᠢ ᠣᠯᠠᠨ ᠢ᠋ ᠠᠪᠴᠤ ᠪᠠᠶᠠᠷ ᠤ᠋ᠨ ᠶᠣᠰᠣᠭᠠᠷ ᠮᠥᠷᠭᠥᠵᠦ᠂ ᠠᠯᠲᠠᠲᠤ ᠲᠣᠷᠭ᠎ᠠ ᠠᠭᠤᠳᠠᠮ ᠲᠠᠯ᠎ᠠ ᠳ᠋ᠤᠷ ᠪᠦᠷᠬᠦᠭᠰᠡᠨ ᠮᠡᠲᠦ ᠰᠥᠭᠥᠳᠦᠯᠴᠡᠭᠡᠳ ᠮᠤᠬᠤᠯᠢ ᠥᠨᠳᠥᠷ ᠳᠠᠭᠤᠨ ᠢ᠋ᠶ᠋ᠠᠷ ᠪᠡᠯᠭᠡᠯᠡᠨ ᠮᠡᠳᠡᠭᠦᠯᠦᠷᠦᠨ : 
                ᠰᠤᠳᠠᠷᠠᠰᠤᠨ ᠤ᠋ ᠪᠠᠯᠭᠠᠰᠤᠨ ᠠ᠋ᠴᠠ ᠢᠷᠡᠭᠰᠡᠨ 
                ᠰᠤᠳᠠᠳᠠᠨᠢ ᠬᠠᠭᠠᠨ ᠤ᠋ ᠦᠨᠳᠦᠰᠦᠨ᠂ 
                ᠰᠥᠨᠢ ᠶ᠋ᠢᠨ ᠵᠡᠭᠦᠳᠦᠨ᠎ᠡ ᠪᠠᠭᠤᠭᠰᠠᠨ 
                ᠰᠦᠯᠳᠡᠲᠦ ᠡᠵᠡᠨ ᠮᠢᠨᠦ ᠠ᠋ ! 
                ᠨᠠᠷᠠᠨ ᠰᠠᠷᠠᠨ ᠠᠳᠠᠯᠢ ᠭᠡᠷᠡᠯᠲᠦ 
                ᠨᠠᠷᠠᠰᠤ ᠮᠠᠢᠯᠠᠰᠤᠨ ᠮᠡᠲᠦ ᠴᠣᠭᠲᠤ᠂ 
                ᠨᠠᠪᠴᠢ ᠴᠡᠴᠡᠭ ᠠᠳᠠᠯᠢ ᠦᠷᠡᠰᠲᠦ 
                ᠨᠠᠭᠤᠷ ᠳᠠᠯᠠᠢ ᠠᠳᠠᠯᠢ ᠤᠯᠤᠰᠲᠤ᠂ 
                ᠠᠭᠤᠯᠠ ᠬᠠᠢᠷᠬᠠᠨ ᠠᠳᠠᠯᠢ ᠥᠷᠥᠰᠢᠶᠡᠯᠳᠦ 
                ᠠᠯᠲᠠᠨ ᠳᠡᠯᠡᠬᠡᠢ ᠠᠳᠠᠯᠢ ᠡᠷᠳᠡᠮᠲᠦ᠂ 
                ᠠᠷᠭ᠎ᠠ ᠪᠢᠯᠢᠭ ᠠᠳᠠᠯᠢ ᠣᠶᠤᠨᠲᠤ 
                ᠠᠭᠠᠷ ᠣᠭᠲᠠᠷᠭᠤᠢ ᠮᠡᠲᠦ ᠠᠰᠠᠷᠠᠯᠲᠤ᠂ 
                ᠣᠳᠣᠨ ᠭᠠᠷᠠᠭ ᠠᠳᠠᠯᠢ ᠳᠡᠭᠦᠦ ᠨᠠᠷᠲᠤ 
                ᠣᠯᠠᠨ ᠣᠳᠣᠳ ᠠᠳᠠᠯᠢ ᠲᠦᠰᠢᠮᠡᠳᠲᠦ᠂ 
                ᠣᠷᠣᠨ ᠰᠢᠷᠣᠢ ᠠᠳᠠᠯᠢ ᠠᠯᠪᠠᠳᠠᠲᠤ 
                ᠤᠷᠲᠤ ᠬᠠᠷᠰᠢ ᠮᠡᠲᠦ ᠤᠯᠤᠰᠲᠤ᠂ 
                ᠬᠣᠷᠮᠣᠢ ᠶ᠋ᠢᠨ ᠲᠣᠭᠣᠰᠣ ᠴᠢᠨᠦ ᠬᠦᠷᠦᠭᠰᠡᠨ ᠭᠠᠵᠠᠷ ᠤ᠋ᠨ 
                ᠬᠣᠭ ᠯᠠᠢ ᠠᠷᠢᠯᠤᠭᠠᠳ᠂ 
                ᠮᠣᠷᠢᠨ ᠤ᠋ ᠲᠤᠭᠤᠷᠠᠢ ᠴᠢᠨᠦ ᠭᠢᠰᠬᠢᠭᠰᠡᠨ ᠣᠷᠣᠨ ᠤ᠋ 
                ᠮᠠᠭᠤ ᠰᠥᠷᠭᠡᠦ ᠰᠥᠨᠥᠪᠡ᠃ 
                ᠭᠤᠲᠤᠯ ᠤ᠋ᠨ ᠲᠣᠭᠣᠰᠣ ᠴᠢᠨᠦ ᠬᠦᠷᠦᠭᠰᠡᠨ ᠭᠠᠵᠠᠷ ᠤ᠋ᠨ 
                ᠭᠣᠣ ᠰᠤᠪᠠᠭ ᠲᠡᠭᠰᠢᠷᠡᠪᠡ᠂ 
                ᠪᠡᠶ᠎ᠡ ᠶ᠋ᠢᠨ ᠭᠡᠷᠡᠯ ᠢ᠋ ᠴᠢᠨᠦ ᠦᠵᠡᠭᠰᠡᠨ ᠤᠯᠤᠰ ᠤ᠋ᠨ 
                ᠪᠡᠷᠬᠡ ᠬᠡᠴᠡᠭᠦᠦ ᠨᠣᠮᠣᠬᠠᠷᠠᠪᠠ᠃ 
                ᠠᠷᠤ ᠭᠠᠵᠠᠷ ᠤ᠋ᠨ ᠠᠯᠢᠪᠠ ᠪᠦᠬᠦᠨ ᠢ᠋ 
                ᠠᠯᠠᠭ᠎ᠠ ᠳ᠋ᠠᠭᠠᠨ ᠠᠳᠬᠤᠪᠠ ᠬᠡᠮᠡᠵᠦ᠂ 
                ᠠᠰᠢᠳᠠ ᠵᠢᠷᠭᠠᠵᠤ ᠠᠪᠠ ᠰᠢᠪᠠᠭᠤᠨ᠎ᠠ 
                ᠠᠰᠤᠷᠤ ᠰᠢᠨᠤᠵᠤ ᠦᠯᠦ ᠪᠣᠯᠤᠮᠤᠢ᠃ 
                ᠬᠣᠢᠲᠤ ᠭᠠᠵᠠᠷ ᠤ᠋ᠨ ᠬᠠᠮᠤᠭ ᠪᠦᠬᠦᠨ ᠢ᠋ 
                ᠬᠣᠷᠮᠣᠢ ᠳ᠋ᠠᠭᠠᠨ ᠬᠤᠮᠪᠢᠪᠠ ᠬᠡᠮᠡᠵᠦ᠂ 
                ᠬᠣᠢᠮᠣᠷ ᠰᠠᠭᠤᠵᠤ ᠬᠣᠣᠷᠠᠵᠠ ᠠᠷᠠᠵᠠᠨ᠎ᠠ 
                ᠬᠣᠮᠣᠬᠠᠯᠵᠠᠨ ᠦᠯᠦ ᠪᠣᠯᠣᠮᠢ᠃ 
                ᠡᠯᠡᠰᠦᠲᠦ ᠭᠠᠵᠠᠷ ᠤ᠋ᠨ ᠡᠩᠭᠡᠷ ᠪᠦᠬᠦᠨ ᠢ᠋ 
                ᠡᠩᠭᠡᠷ ᠲᠡᠭᠡᠨ ᠬᠤᠮᠪᠢᠪᠠ ᠬᠡᠮᠡᠵᠦ᠂ 
                ᠡᠷᠡᠮᠰᠢᠨ ᠰᠠᠨᠠᠵᠤ ᠡᠬᠡᠨᠡᠷ ᠦ᠋ᠨ ᠥᠩᠭᠡ ᠳ᠋ᠦ᠍ᠷ 
                ᠡᠭᠦᠷᠢ ᠰᠢᠨᠤᠵᠤ ᠦᠯᠦ ᠪᠣᠯᠤᠮᠤᠢ᠃ 
                ᠣᠷᠴᠢᠨ ᠲᠣᠭᠣᠷᠢᠭᠰᠠᠨ ᠣᠷᠣᠨ ᠪᠦᠬᠦᠨ ᠢ᠋ 
                ᠣᠯᠪᠣᠭ ᠲᠠᠭᠠᠨ ᠣᠷᠣᠭᠤᠯᠪᠠ ᠬᠡᠮᠡᠵᠦ᠂ 
                ᠣᠮᠣᠭᠰᠢᠨ ᠪᠣᠳᠣᠵᠤ ᠣᠷᠳᠣᠨ ᠭᠡᠷ ᠲᠦ᠍ᠷ 
                ᠣᠷᠣᠢ ᠪᠣᠯᠲᠠᠯ᠎ᠠ ᠨᠣᠢᠷᠰᠤᠵᠤ ᠦᠯᠦ ᠪᠣᠯᠤᠮᠤᠢ᠃ 
                ᠡᠮᠦᠨᠡᠲᠦ ᠶᠡᠬᠡ ᠰᠥᠩ ᠤᠯᠤᠰ ᠲᠤᠷ 
                ᠡᠷᠡᠮᠡᠬᠡᠢ ᠲᠣᠭᠰᠢᠨ ᠠᠯᠲᠠᠨ ᠤᠯᠤᠰ ᠭᠠᠷᠪᠠ᠂ 
                ᠡᠩᠭᠡᠷ ᠨᠡᠢᠭᠡᠮ ᠯᠢᠶᠣᠤ ᠤᠯᠤᠰ ᠲᠤᠷ 
                ᠡᠷᠡᠯᠬᠡᠭ ᠪᠠᠭᠠᠲᠤᠷ ᠬᠢᠳᠠᠨ ᠤᠯᠤᠰ ᠭᠠᠷᠪᠠ᠂ 
                ᠡᠪᠲᠡᠢ ᠰᠠᠢᠬᠠᠨ ᠰᠢᠶᠠ ᠤᠯᠤᠰ ᠲᠤᠷ 
                ᠡᠭᠦᠷᠢ ᠰᠥᠷᠭᠡᠦ ᠰᠢ ᠢᠦᠢ ᠤᠯᠤᠰ ᠭᠠᠷᠪᠠ᠃ 
                ᠡᠳᠦᠭᠡ ᠮᠠᠨ ᠤ᠋ ᠪᠸᠲ᠋ᠠ᠋ ᠤᠯᠤᠰ ᠲᠤᠷ 
                ᠡᠷᠬᠡ ᠰᠦᠷᠲᠦ ᠨᠠᠢ᠍ᠮᠠᠨ ᠤᠯᠤᠰ ᠪᠣᠢ ᠠᠮᠤᠢ᠃ 
                ᠬᠤᠲᠤᠭ ᠬᠡᠰᠢᠭᠲᠦ ᠡᠵᠡᠨ ᠮᠢᠨᠦ ᠠ᠋ 
                ᠬᠤᠷᠠᠭᠰᠠᠨ ᠣᠯᠠᠨ ᠤᠯᠤᠰ ᠠᠯᠪᠠᠲᠤ ᠶ᠋ᠢᠨ ᠢ᠋ᠶ᠋ᠠᠨ 
                ᠬᠤᠷᠴᠠ ᠴᠢᠭᠢᠷᠠᠭ ᠢ᠋ ᠬᠤᠷᠢᠶᠠᠬᠤ ᠶ᠋ᠢᠨ ᠲᠤᠯᠠ 
                ᠬᠤᠪᠢ ᠬᠣᠪᠢᠨ ᠳ᠋ᠤᠷ ᠬᠤᠮᠪᠢᠨ ᠰᠤᠷᠭᠠᠵᠤ᠂ 
                ᠬᠣᠢᠴᠢ ᠡᠳᠦᠷ ᠦ᠋ᠨ ᠲᠡᠢᠨ ᠳᠠᠢᠰᠤᠨ ᠪᠠ 
                ᠬᠣᠣᠷᠲᠤ ᠨᠠᠢ᠍ᠮᠠᠨ ᠤ᠋ ᠬᠤᠳᠠᠷᠭᠠᠯᠠᠷ᠎ᠠ ᠢᠷᠡᠬᠦ ᠶ᠋ᠢ 
                ᠬᠣᠢᠴᠢ ᠦᠭᠡᠢ᠎ᠠ ᠲᠤᠯᠤᠨ ᠪᠠᠢᠯᠳᠤᠬᠤᠢ ᠶ᠋ᠢ 
                ᠬᠣᠴᠣᠷᠤᠯ ᠦᠭᠡᠶ᠎ᠡ ᠪᠡᠯᠡᠳᠬᠡᠪᠡᠰᠦ ᠵᠣᠬᠢᠮᠤᠢ ! 
ᠭᠡᠮᠡᠨ ᠮᠥᠷᠭᠥᠵᠦ ᠮᠡᠳᠡᠭᠦᠯᠦᠭᠰᠡᠨ ᠳ᠋ᠦ᠍ᠷ ᠲᠥᠷᠥ ᠶ᠋ᠢᠨ ᠬᠣᠳᠠᠯᠭᠠᠷ ᠲᠦᠷᠴᠢᠭᠢᠨᠡᠲᠡᠯ᠎ᠡ ᠭᠠᠢᠬᠠᠯᠳᠤᠨ ᠪᠢᠰᠢᠷᠡᠪᠡ᠃ ᠡᠨᠡ ᠦᠶ᠎ᠡ ᠳ᠋ᠦ᠍ᠷ ᠪᠸᠲ᠋ᠠ᠋ ᠤᠯᠤᠰ ᠤ᠋ᠨ ᠬᠠᠷᠢᠶᠠᠲᠤ ᠲᠥᠷᠥᠯ ᠲᠥᠷᠥᠭᠰᠡᠨ᠂ ᠤᠷᠤᠭ ᠰᠠᠳᠤᠨ᠂ ᠤᠯᠤᠰ ᠠᠯᠪᠠᠲᠤ ᠠᠢᠮᠠᠭ ᠠᠩᠭᠢ ᠨᠡᠢᠲᠡ ᠪᠡᠷ ᠴᠥᠮ ᠴᠤᠭᠯᠠᠨ ᠢᠷᠡᠵᠦ᠂ ᠬᠡᠷᠡᠢᠳ ᠢ᠋ ᠮᠥᠬᠥᠭᠡᠭᠰᠡᠨ ᠶᠡᠬᠡ ᠪᠠᠶᠠᠷ ᠲᠤᠷ ᠮᠥᠷᠭᠥᠷ᠎ᠡ ᠢᠷᠡᠵᠦ ᠴᠥᠮ ᠢ᠋ᠶ᠋ᠠᠷ ᠬᠤᠷᠢᠮ ᠳ᠋ᠤᠷ ᠪᠠᠢᠬᠤ ᠲᠤᠯᠠ ᠲᠠᠢᠽᠦ ᠭᠠᠳᠠᠨ᠎ᠠ ᠭᠠᠷᠴᠤ ᠳᠠᠢᠰᠤᠨ ᠢ᠋ ᠳᠠᠷᠤᠭᠰᠠᠨ ᠵᠢᠨᠦᠩ ᠮᠤᠬᠤᠯᠢ ᠪᠠ ᠤᠯᠤᠰ ᠢ᠋ ᠰᠠᠬᠢᠭᠰᠠᠨ ᠬᠦᠯᠦᠭ ᠪᠤᠭᠤᠷᠵᠢ ᠬᠣᠶᠠᠭᠤᠯᠠ ᠳ᠋ᠤᠷ ᠥᠪᠡᠷ ᠦ᠋ᠨ ᠭᠠᠷ ᠢ᠋ᠶ᠋ᠠᠷ ᠬᠣᠣᠰ ᠬᠤᠨᠳᠠᠭ᠎ᠠ ᠶ᠋ᠢᠨ ᠬᠤᠪᠢᠲᠤ ᠬᠣᠣᠷᠠᠵᠠ ᠬᠠᠢᠷᠠᠯᠠᠵᠤ᠂ ᠬᠤᠷᠠᠭᠰᠠᠨ ᠪᠦᠬᠦᠨ ᠦ᠌ ᠵᠦᠭ ᠬᠣᠣᠰᠯᠠᠨ ᠪᠡᠯᠭᠡᠯᠡᠵᠦ ᠴᠥᠭᠥᠴᠡ ᠪᠡᠨ ᠡᠷᠭᠦᠨ ᠪᠠᠷᠢᠭᠠᠳ ᠡᠢᠨ ᠭᠡᠮᠡᠨ ᠵᠠᠬᠢᠷᠤᠨ᠂ ᠲᠡᠭᠦᠨ ᠦ᠌ ᠥᠴᠢᠭᠰᠡᠨ ᠦᠭᠡ ᠢᠨᠤ : 
                ᠲᠡᠭᠷᠢ ᠡᠴᠢᠭᠡ ᠶ᠋ᠢᠨ ᠲᠥᠷᠥᠭᠦᠯᠦᠭᠰᠡᠨ 
                ᠲᠡᠮᠦᠵᠢᠨ ᠨᠠᠳᠠ ᠳ᠋ᠤᠷ ᠲᠤᠰᠠᠯᠠᠭᠤᠯᠤᠭᠰᠠᠨ᠂ 
                ᠲᠡᠭᠦᠰ ᠰᠠᠢᠨ ᠲᠦᠰᠢᠮᠡᠯ ᠦ᠋ᠨ 
                ᠲᠡᠭᠰᠢ ᠪᠠᠭᠠᠲᠤᠷ ᠵᠢᠨᠦᠩ ᠦ᠋ᠨ ᠮᠢᠨᠦ᠂ 
                ᠲᠡᠮᠳᠡᠭᠲᠡᠶ᠎ᠡ ᠰᠡᠷᠭᠦᠭᠡᠨ ᠮᠡᠳᠡᠭᠦᠯᠦᠭᠰᠡᠨ 
                ᠲᠡᠳᠡᠭᠡᠷ ᠢᠳᠬᠠᠯᠳᠤ ᠦᠭᠡᠰ᠂ 
                ᠲᠡᠭᠰᠢᠷᠡᠬᠦ ᠮᠠᠨ ᠤ᠋ ᠤᠯᠤᠰ ᠲᠤᠷ
                ᠲᠡᠩᠴᠡᠰᠢ ᠦᠭᠡᠢ ᠲᠤᠰᠠᠲᠠᠢ ᠪᠠᠢᠨᠠᠮ ! 
                ᠮᠠᠷᠭᠠᠲᠠ ᠡᠳᠦᠷ ᠡᠴᠡ ᠡᠬᠢᠯᠡᠵᠦ 
                ᠮᠠᠨ ᠤ᠋ ᠤᠯᠤᠰ ᠤ᠋ᠨ ᠴᠡᠷᠢᠭ ᠢ᠋ 
                ᠮᠠᠨᠠᠨᠲᠤ ᠲᠠᠬᠢᠮ ᠤ᠋ᠨ ᠭᠣᠣᠯ ᠳ᠋ᠤᠷ 
                ᠮᠠᠩᠨᠤᠭ ᠮᠡᠲᠦ ᠢᠯᠭᠠᠰᠤᠭᠠᠢ᠃ 
                ᠲᠠᠪᠢᠨ ᠡᠳᠦᠷ ᠦ᠋ᠨ ᠠᠪᠠ ᠳ᠋ᠤᠷ 
                ᠲᠠᠭᠠᠯᠴᠠᠭᠰᠠᠨ ᠤᠯᠤᠰ ᠤ᠋ᠨ ᠢ᠋ᠶ᠋ᠠᠨ ᠴᠡᠷᠢᠭ ᠢ᠋ 
                ᠲᠠᠬᠢᠮ ᠤ᠋ᠨ ᠭᠣᠣᠯ ᠤ᠋ᠨ ᠲᠠᠯ᠎ᠠ ᠳ᠋ᠤᠷ 
                ᠲᠠᠰᠤᠷᠬᠠᠢ ᠰᠠᠢᠬᠠᠨ ᠢᠯᠭᠠᠶ᠎ᠠ᠃ 
                ᠬᠠᠮᠤᠭ ᠴᠢᠭᠤᠯᠤᠭᠰᠠᠨ ᠲᠦᠰᠢᠮᠡᠳ 
                ᠬᠠᠮᠲᠤ ᠪᠦᠬᠦᠨ ᠢ᠋ᠶ᠋ᠡᠷ ᠰᠣᠨᠣᠰᠳᠠᠬᠤᠢ ! 
                ᠬᠠᠯᠠᠭᠤᠨ ᠵᠥᠭᠡᠯᠡᠨ ᠦᠭᠡᠰ ᠲᠣᠷ 
                ᠬᠠᠷᠰᠢᠯ ᠬᠥᠨᠥᠭᠡᠯ ᠦᠯᠡᠮᠵᠢ᠂ 
                ᠬᠠᠳᠠᠨ ᠴᠢᠬᠡᠴᠢ ᠢᠳᠬᠠᠯ ᠳ᠋ᠤᠷ 
                ᠬᠠᠮᠠᠭᠠᠯᠠᠯ ᠢᠪᠡᠭᠡᠯ ᠦᠯᠡᠮᠵᠢ᠂ 
                ᠬᠠᠰ ᠰᠠᠢᠬᠠᠨ ᠵᠢᠰᠦᠨ ᠳ᠋ᠦ᠍ᠷ 
                ᠬᠠᠳ ᠤ᠋ᠨ ᠡᠪᠳᠡᠷᠡᠬᠦ ᠦᠯᠡᠮᠵᠢ᠂ 
                ᠬᠠᠲᠠᠭᠤ ᠰᠢᠷᠦᠭᠦᠨ ᠦᠭᠡᠰ ᠲᠣᠷ 
                ᠬᠠᠷᠢᠨ ᠴᠤ᠌ ᠲᠤᠰᠠ ᠦᠯᠡᠮᠵᠢ᠂ 
                ᠬᠠᠪᠤᠷ ᠵᠤᠨ ᠤ᠋ ᠠᠪᠠ ᠳ᠋ᠤᠷ 
                ᠬᠠᠷᠠᠩᠭᠤᠢ ᠨᠢᠭᠦᠯ ᠦᠯᠡᠮᠵᠢ᠂ 
                ᠬᠠᠭᠠᠨ ᠲᠥᠷᠥ ᠶ᠋ᠢᠨ ᠦᠢᠯᠡᠰ ᠲᠣᠷ 
                ᠬᠠᠯᠪᠠᠷᠢᠨ ᠪᠢᠯᠳᠠᠤᠴᠢᠯᠠᠭᠴᠢᠳ ᠦᠯᠡᠮᠵᠢ᠂ 
                ᠬᠠᠯᠲᠠᠷᠢᠯ ᠦᠭᠡᠢ ᠢᠳᠬᠠᠭᠴᠢᠳ ᠲᠤ᠌ 
                ᠬᠠᠷᠠᠩᠭᠤᠢ ᠡᠵᠡᠨ ᠦᠯᠡᠮᠵᠢ᠂ 
                ᠬᠠᠲᠠᠷᠢ ᠦᠭᠡᠢ ᠮᠣᠷᠢᠨ ᠳ᠋ᠤᠷ 
                ᠬᠠᠷᠪᠤᠬᠤ ᠨᠠᠮᠨᠠᠬᠤ ᠦᠯᠡᠮᠵᠢ᠂ 
                ᠬᠠᠭᠤᠷᠮᠠᠭ ᠦᠭᠡᠢ ᠢᠳᠬᠠᠭᠴᠢᠳ ᠤ᠋ᠨ 
                ᠬᠠᠯᠠᠭᠤᠨ ᠵᠢᠷᠤᠮ ᠦᠯᠡᠮᠵᠢ ᠪᠤᠶᠤ᠃ 
                ᠬᠠᠮᠵᠢᠨ ᠬᠠᠰᠢᠬᠤ ᠲᠤᠰᠢᠮᠡᠳ ᠲᠠ 
                ᠬᠠᠯᠭᠤᠤ ᠦᠭᠡᠢ ᠪᠡᠷ ᠬᠡᠯᠡᠭᠰᠡᠨ 
                ᠬᠠᠢᠷᠠᠬᠠᠨ ᠶᠠᠰᠤᠨ ᠦᠯᠡᠮᠵᠢ 
                ᠬᠠᠳᠠᠭᠠᠯᠠᠨ ᠲᠡᠮᠳᠡᠭᠯᠡᠵᠦ ᠠᠪᠲᠤᠭᠠᠢ ! 
ᠬᠡᠮᠡᠭᠰᠡᠨ ᠳ᠋ᠦ᠍ᠷ 
                ᠲᠥᠷᠥ ᠳᠦᠭᠦᠷᠡᠩ ᠲᠦᠰᠢᠮᠡᠳ 
                ᠲᠡᠷᠢᠭᠦᠯᠡᠨ ᠮᠥᠷᠭᠥᠵᠦ ᠪᠢᠰᠢᠷᠡᠭᠡᠳ᠂ 
                ᠲᠡᠦᠬᠡ ᠰᠤᠳᠤᠷ ᠲᠤᠷ ᠲᠡᠮᠳᠡᠭᠯᠡᠭᠡᠳ 
                ᠲᠦᠭᠡᠭᠡᠵᠦ ᠣᠯᠠᠨ ᠳ᠋ᠤᠷ ᠵᠠᠷᠯᠠᠵᠤ ᠲᠠᠷᠬᠠᠪᠠ᠃ 
       ᠰᠤᠳᠤᠷᠴᠢ ᠲᠦᠰᠢᠮᠡᠯ ᠢᠨᠵᠠᠨᠨᠠᠰᠢ ᠪᠢ ᠴᠥᠯᠪᠡᠨ ᠪᠢᠴᠢᠭᠰᠡᠭᠡᠷ ᠡᠨᠳᠡ ᠬᠦᠷᠴᠦ ᠰᠡᠳᠬᠢᠯ ᠰᠢᠳᠦᠨ ᠰᠢᠯᠦᠭ ᠪᠢᠴᠢᠵᠦ ᠲᠡᠮᠳᠡᠭᠯᠡᠪᠡ : 
                ᠲᠡᠭᠷᠢ ᠶ᠋ᠢᠨ ᠬᠥᠪᠡᠭᠦᠨ ᠪᠣᠭᠳᠠ ᠡᠵᠡᠨ ᠦ᠌ 
                ᠲᠥᠷᠥᠯᠬᠢ ᠣᠶᠤᠨ ᠡᠷᠳᠡᠮ ᠢ᠋ 
                ᠲᠡᠩᠴᠡᠭᠦᠯᠦᠨ ᠦᠯᠢᠳᠬᠡᠬᠦ ᠦᠭᠡ ᠦᠭᠡᠢ 
                ᠲᠡᠭᠰᠢ ᠳᠡᠯᠡᠬᠡᠢ ᠡᠴᠡ ᠬᠡᠲᠦᠷᠡᠵᠦᠬᠦᠢ᠃ 
                ᠲᠡᠭᠦᠰ ᠲᠠᠰᠤᠷᠬᠠᠢ ᠰᠤᠷᠲᠠᠯ ᠠᠰᠠᠭᠤᠯᠲᠠᠲᠤ ᠬᠠᠳ ᠢ᠋ ᠣᠯᠠᠨᠲᠠ ᠰᠣᠨᠣᠰᠪᠠ᠂ 
                ᠳᠠᠭ᠌ᠷᠢᠯᠢᠭ᠌ ᠴᠢᠩᠭᠢᠰ ᠲᠣᠷ ᠬᠦᠷᠴᠦ ᠴᠢᠳᠠᠭᠴᠢᠳ ᠠᠳᠠᠪᠠᠰᠢ ᠬᠡᠳᠦ ᠭᠠᠷᠪᠠ ? 
       ᠲᠡᠨᠳᠡᠴᠡ ᠬᠣᠷᠢᠭᠯᠠᠯᠳᠤ ᠬᠤᠷᠢᠮ᠂ ᠢᠳᠬᠠᠯᠳᠤ ᠴᠢᠭᠤᠯᠭᠠᠨ᠂ ᠰᠡᠷᠭᠦᠭᠡᠯᠳᠦ ᠬᠤᠷᠠᠯ᠂ ᠢᠷᠦᠭᠡᠳᠲᠦ ᠪᠠᠶᠠᠷ ᠤ᠋ᠨ ᠳᠣᠯᠣᠭᠠᠨ ᠡᠳᠦᠷ ᠦ᠋ᠨ ᠶᠡᠬᠡ ᠬᠤᠷᠢᠮ ᠳ᠋ᠤᠷ ᠮᠤᠬᠤᠯᠢ᠂ ᠲᠠᠢᠽᠦ ᠳ᠋ᠦ᠍ᠷ ᠤᠯᠠᠭᠠᠨ ᠪᠤᠯᠢᠭᠠᠷᠢ ᠶ᠋ᠢᠨ ᠠᠯᠲᠠᠨ ᠤᠭᠠᠯᠵᠠ ᠵᠢᠷᠤᠭᠰᠠᠨ ᠠᠭᠤᠯᠠ ᠤᠰᠤᠨ ᠤ᠋ ᠮᠠᠩᠨᠤᠭ ᠬᠠᠳᠬᠤᠮᠠᠯᠲᠤ ᠨᠢᠭᠡᠨ ᠥᠷᠥᠭᠡᠰᠦᠨ ᠲᠦᠷᠡᠢᠲᠦ ᠭᠤᠲᠤᠯ ᠠᠴᠢᠷᠠᠵᠤ ᠪᠠᠷᠢᠪᠠ᠃ ᠲᠠᠢᠽᠦ ᠦᠵᠡᠮᠡᠭᠴᠡ ᠰᠡᠴᠡᠨ ᠤᠬᠠᠭᠠᠨ ᠢ᠋ ᠠᠨᠤ ᠮᠡᠳᠡᠭᠡᠳ ᠮᠥᠰᠢᠶᠡᠮᠰᠦᠭᠯᠡᠨ ᠬᠣᠶᠠᠷ ᠭᠠᠷ ᠢ᠋ᠶ᠋ᠡᠷ ᠲᠣᠰᠣᠨ ᠠᠪᠴᠤ ᠄《ᠬᠣᠣᠰ ᠲᠡᠭᠦᠰ ᠪᠣᠯᠤᠭᠰᠠᠨ ᠬᠣᠢᠨ᠎ᠠ᠂ ᠬᠣᠴᠣᠷᠤᠯ ᠦᠭᠡᠢ ᠡᠮᠦᠰᠰᠦᠭᠡᠢ!》ᠭᠡᠮᠡᠨ ᠬᠠᠷᠢᠭᠤ ᠳ᠋ᠤᠷ ᠥᠪᠡᠷ ᠢ᠋ᠶ᠋ᠡᠨ ᠤᠨᠤᠬᠤ ᠰᠠᠯᠬᠢᠨ ᠴᠠᠪ ᠨᠡᠷᠡᠲᠦ ᠬᠦᠯᠦᠭ ᠮᠣᠷᠢᠨ ᠢ᠋ᠶ᠋ᠠᠨ ᠥᠷᠥᠭᠡᠰᠦᠨ ᠮᠥᠩᠭᠥᠨ ᠦ᠌ ᠳᠥᠷᠥᠭᠡ ᠲᠡᠢ᠂ ᠡᠮᠡᠭᠡᠯ ᠬᠠᠵᠠᠭᠠᠷ ᠲᠠᠢ ᠱᠠᠩᠨᠠᠨ ᠥᠭᠪᠡ᠂ ᠭᠠᠭᠴᠠ ᠪᠤᠷᠤᠭᠤ ᠲᠠᠯ᠎ᠠ ᠶ᠋ᠢᠨ ᠳᠥᠷᠥᠭᠡ ᠶ᠋ᠢ ᠲᠠᠢᠯᠤᠨ ᠠᠪᠴᠤᠬᠤᠢ᠃
       ᠮᠤᠬᠤᠯᠢ ᠶᠡᠬᠡᠯ᠎ᠡ ᠪᠠᠶᠠᠷᠯᠠᠨ ᠬᠡᠰᠢᠭ ᠲᠣᠷ ᠮᠥᠷᠭᠥᠵᠦ ᠪᠣᠰᠤᠮᠠᠭᠴᠠ ᠴᠠᠴᠠᠷ ᠠ᠋ᠴᠠ ᠪᠠᠭᠤᠭᠠᠳ ᠲᠡᠷᠡ ᠬᠦ᠌ ᠮᠣᠷᠢᠨ ᠤ᠋ ᠵᠥᠪᠲᠥᠭᠡ ᠳᠥᠷᠥᠭᠡ ᠶ᠋ᠢ ᠪᠠᠰᠠ ᠲᠠᠢᠯᠤᠨ ᠠᠪᠴᠤ ᠪᠠᠷᠠᠭᠤᠨ ᠭᠠᠷ ᠤ᠋ᠨ ᠱᠤ᠌ ᠳ᠋ᠤᠷ ᠢ᠋ᠶ᠋ᠠᠨ ᠬᠢᠭᠡᠳ ᠡᠮᠡᠭᠡᠯ ᠬᠠᠵᠠᠭᠠᠷ ᠢ᠋ ᠠᠨᠤ ᠴᠥᠮ ᠠᠪᠴᠤ ᠠᠷᠤ ᠳ᠋ᠠᠭᠠᠨ ᠤᠶᠠᠵᠤ᠂ ᠵᠠᠢᠳᠠᠩ ᠮᠣᠷᠢ ᠶ᠋ᠢ ᠠᠯᠠᠪᠬᠢᠨ ᠤᠨᠤᠭᠠᠳ ᠠᠯᠠᠭ ᠠᠷᠤᠲᠤ ᠲᠡᠮᠦᠷ ᠨᠤᠮᠤ ᠪᠠᠨ ᠠᠪᠴᠤ ᠠᠷᠪᠠᠨ ᠬᠠᠷ᠎ᠠ ᠥᠳᠥᠲᠦ ᠰᠤᠮᠤ ᠶᠤᠭᠠᠨ ᠰᠤᠢᠷᠠᠨ ᠭᠠᠷᠴᠤ ᠠᠭᠤᠯᠠᠨ ᠤ᠋ ᠥᠭᠡᠳᠡ ᠤᠷᠤᠭᠤ ᠠᠷᠪᠠᠨ ᠬᠡᠳᠦᠨᠲᠡ ᠨᠡᠮᠨᠡᠨ ᠭᠦᠶᠦᠯᠭᠡᠵᠦ᠂ ᠠᠯᠠᠭ ᠠᠩᠭᠢᠷ ᠤ᠋ᠳ ᠢ᠋ ᠠᠷᠪᠠᠨ ᠬᠡᠳᠦᠨ ᠢ᠋ ᠬᠠᠷᠪᠤᠵᠤ ᠠᠴᠢᠷᠠᠪᠠᠢ᠃ 
       ᠡᠭᠦᠨ ᠳ᠋ᠦ᠍ᠷ ᠣᠯᠠᠨ ᠰᠠᠢᠳ ᠲᠦᠰᠢᠮᠡᠳ ᠡᠳᠡᠨ ᠡᠵᠡᠨ ᠲᠦᠰᠢᠮᠡᠯ ᠬᠣᠶᠠᠭᠤᠯᠠ ᠪᠠᠰᠠ ᠪᠢᠲᠡᠭᠦᠦ ᠳᠣᠬᠢᠶ᠎ᠠ ᠪᠠᠷ ᠶᠠᠭᠤᠨ ᠬᠡᠯᠡᠯᠴᠡᠬᠦ ᠶ᠋ᠢ ᠡᠰᠡ ᠮᠡᠳᠡᠪᠡᠢ᠃ ᠭᠠᠭᠴᠠ ᠣᠶᠤᠨ ᠪᠢᠯᠢᠭᠲᠦ ᠤᠬᠠᠭᠠᠨ ᠰᠠᠢᠲᠤ ᠤᠷᠢᠶᠠᠩᠬᠠᠨ ᠤ᠋ ᠵᠡᠯᠮ᠎ᠡ ᠤᠬᠠᠮᠵᠢᠯᠠᠨ ᠣᠯᠤᠭᠠᠳ ᠤᠬᠠᠮᠰᠠᠷ ᠥᠭᠡᠶ᠎ᠡ ᠪᠠᠶᠠᠷᠯᠠᠨ ᠢᠨᠢᠶᠡᠪᠡᠢ᠃ ᠣᠯᠠᠨ ᠪᠦᠭᠦᠳᠡᠭᠡᠷ ᠤᠬᠤᠴᠢᠯᠠᠨ ᠠᠰᠠᠭᠤᠪᠠᠰᠤ ᠄《ᠤᠳᠠᠭᠠᠨ ᠳ᠋ᠠᠭᠠᠨ ᠣᠯᠵᠤ ᠮᠡᠳᠡᠮᠦᠢ ᠂ ᠤᠷᠢᠳᠠᠰᠠ ᠬᠡᠯᠡᠵᠦ ᠦᠯᠦ ᠪᠣᠯᠤᠮᠤᠢ 》ᠬᠡᠮᠡᠪᠡ ᠃ 
       ᠲᠡᠭᠦᠨᠴᠡ ᠵᠢᠨᠦᠩ ᠮᠤᠬᠤᠯᠢ ᠶᠢᠰᠦᠨ ᠡᠳᠦᠷ ᠤᠷᠤᠯᠳᠤᠵᠤ᠂ ᠶᠢᠰᠦᠨ ᠥᠩᠭᠡ ᠶ᠋ᠢᠨ ᠶᠢᠰᠦᠨ ᠮᠡᠩᠭᠡ ᠪᠡᠷ ᠶᠢᠰᠦᠨ ᠡᠩ ᠢ᠋ ᠢᠯᠭᠠᠨ ᠲᠣᠭᠲᠠᠭᠠᠭᠠᠳ ᠰᠤᠷᠭᠠᠵᠤ ᠭᠠᠷᠭᠠᠨ᠂ ᠶᠢᠰᠦᠨ ᠰᠠᠷ᠎ᠠ ᠶ᠋ᠢᠨ ᠰᠢᠨ᠎ᠡ ᠶ᠋ᠢᠨ ᠶᠢᠰᠦᠨ᠎ᠡ ᠲᠠᠢᠽᠦ ᠶ᠋ᠢ ᠶᠢᠰᠦᠨ ᠬᠤᠱᠤᠤᠲᠤ ᠪᠤᠯᠲᠠᠭᠠᠷ ᠳᠣᠪᠣ ᠶ᠋ᠢᠨ ᠳᠡᠭᠡᠷ᠎ᠡ ᠶᠢᠰᠦᠨ ᠥᠩᠭᠡ ᠶ᠋ᠢᠨ ᠠᠯᠠᠭᠯᠠᠨ ᠬᠢᠭᠰᠡᠨ ᠶᠡᠬᠡ ᠣᠶᠣᠭ ᠲᠠᠲᠠᠭᠰᠠᠨ ᠴᠠᠴᠠᠷ ᠲᠤᠷ ᠵᠠᠯᠠᠵᠤ᠂ ᠶᠢᠰᠦᠨ ᠡᠩ ᠢ᠋ᠶ᠋ᠡᠨ ᠪᠠᠢᠴᠠᠭᠠᠨ ᠦᠵᠡᠮᠦ ᠭᠡᠮᠡᠨ ᠮᠡᠳᠡᠭᠦᠯᠪᠡ᠃ ᠲᠠᠢᠽᠦ ᠠᠷᠰᠯᠠᠨᠲᠤ ᠴᠠᠴᠠᠷ ᠲᠤᠷ ᠢ᠋ᠶ᠋ᠠᠨ ᠠᠪᠠᠷᠢᠵᠤ ᠠᠯᠢᠪᠠ ᠪᠦᠬᠦᠨ ᠢ᠋ ᠪᠠᠢᠴᠠᠭᠠᠨ ᠦᠵᠡᠪᠡᠰᠦ᠄ ᠤᠭ ᠲᠤᠯᠭᠤᠷ ᠪᠠᠢᠭᠤᠯᠤᠭᠰᠠᠨ ᠶᠢᠰᠦᠨ ᠡᠩ ᠦ᠋ᠨ ᠲᠡᠷᠢᠭᠦᠯᠡᠭᠰᠡᠨ ᠲᠦᠰᠢᠮᠡᠳ ᠢ᠋ ᠶᠢᠰᠦᠨ ᠮᠡᠩᠭᠡ ᠶ᠋ᠢᠨ ᠥᠩᠭᠡ ᠪᠡᠷ ᠢᠯᠭᠠᠵᠤ᠂ ᠶᠢᠰᠦᠨ ᠥᠩᠭᠡ ᠶ᠋ᠢᠨ ᠶᠡᠬᠡ ᠲᠤᠭ ᠪᠤᠰᠬᠠᠭᠠᠳ ᠳᠠᠷᠠᠭᠠᠯᠠᠨ ᠵᠢᠭᠰᠠᠭᠠᠭᠰᠠᠨ ᠠᠨᠤ᠄ ᠲᠡᠷᠢᠭᠦᠨ ᠡᠩ ᠦ᠋ᠨ ᠲᠤᠭ ᠤ᠋ᠨ ᠳᠣᠣᠷ᠎ᠠ ᠵᠢᠨᠦᠩ ᠮᠤᠬᠤᠯᠢ᠂ ᠬᠦᠷᠭᠡᠨ ᠪᠣᠲ᠋ᠣ᠂ ᠰᠠᠢᠳ ᠮᠡᠩᠭᠡᠯᠢᠭ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠥᠬᠡ ᠲᠤᠭ ᠳᠠᠯᠪᠠᠭ᠎ᠠ ᠬᠥᠬᠡ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠢᠭᠰᠠᠭᠠᠨ ᠵᠣᠭᠰᠣᠵᠤᠬᠤᠢ᠃ ᠬᠣᠶᠠᠳᠤᠭᠠᠷ ᠡᠩ ᠦ᠋ᠨ ᠤᠯᠠᠭᠠᠨ ᠲᠤᠭ ᠤ᠋ᠨ ᠳᠣᠣᠷ᠎ᠠ ᠬᠦᠯᠦᠭ ᠪᠤᠭᠤᠷᠵᠢ᠂ ᠠᠵᠢᠨᠠᠢ ᠮᠡᠷᠭᠡᠨ᠂ ᠬᠤᠷᠴᠠ ᠪᠠᠢᠷᠢ᠂ ᠦᠯᠬᠦ ᠰᠠᠢᠳ᠂ ᠦᠨᠡᠨ ᠲᠥᠷᠥ ᠳᠥᠷᠪᠡᠭᠦᠯᠡ ᠶ᠋ᠢ ᠠᠪᠤᠨ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠤᠯᠠᠭᠠᠨ ᠲᠤᠭ ᠳᠠᠯᠪᠠᠭ᠎ᠠ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠢᠭᠰᠠᠭᠠᠵᠤᠬᠤᠢ᠃ ᠭᠤᠲᠠᠭᠠᠷ ᠡᠩ ᠦ᠋ᠨ ᠰᠢᠷ᠎ᠠ ᠲᠤᠭ ᠤ᠋ᠨ ᠳᠣᠣᠷ᠎ᠠ ᠬᠦᠯᠦᠭ ᠴᠢᠯᠠᠭᠤᠨ᠂ ᠮᠡᠩᠭᠡᠲᠦ᠂ ᠲᠡᠢᠨ ᠰᠠᠩ᠂ ᠠᠯᠤᠬ᠎ᠠ᠂ ᠰᠦᠬᠡ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠰᠢᠷ᠎ᠠ ᠲᠤᠭ ᠳᠠᠯᠪᠠᠭᠠᠲᠤ ᠰᠢᠷ᠎ᠠ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠢᠭᠰᠠᠭᠠᠵᠤᠬᠤᠢ᠃ ᠳᠥᠷᠪᠡᠳᠦᠭᠡᠷ ᠪᠠᠭ ᠤ᠋ᠨ ᠴᠠᠭᠠᠨ ᠲᠤᠭ ᠤ᠋ᠨ ᠳᠣᠣᠷ᠎ᠠ ᠬᠦᠯᠦᠭ ᠪᠤᠭᠤᠷᠤᠯ᠂ ᠲᠣᠭᠲᠣᠩᠭᠣ᠌ ᠪᠠᠭᠠᠲᠤᠷ᠂ ᠬᠤᠳᠠᠷᠭ᠎ᠠ ᠪᠠᠭᠠᠲᠤᠷ᠂ ᠲᠣᠬᠣᠢᠲᠤ ᠶ᠋ᠢᠨ ᠪᠤᠰᠤᠩ᠂ ᠣᠶᠤᠲᠤ ᠰᠡᠴᠡᠨ ᠳᠥᠷᠪᠡᠭᠦᠯᠡ ᠶ᠋ᠢᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠴᠠᠭᠠᠨ ᠲᠤᠭ ᠳᠠᠯᠪᠠᠭ᠎ᠠ᠂ ᠴᠠᠭᠠᠨ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠢᠭᠰᠠᠭᠠᠵᠤᠬᠤᠢ᠃ ᠲᠠᠪᠤᠳᠤᠭᠠᠷ ᠡᠩ ᠦ᠋ᠨ ᠬᠠᠷ᠎ᠠ ᠲᠤᠭ ᠤ᠋ᠨ ᠳᠣᠣᠷ᠎ᠠ ᠤᠷᠤᠭ ᠵᠠᠯᠮ᠎ᠠ᠂ ᠰᠥᠪᠡᠭᠡᠲᠡᠢ ᠪᠠᠭᠠᠲᠤᠷ᠂ ᠣᠶᠤᠨ ᠭᠤᠸ᠎ᠠ᠂ ᠤᠷᠲᠤ ᠪᠣᠳᠣᠯᠭᠠᠲᠤ᠂ ᠤᠬᠠᠭᠠᠨᠲᠤ ᠰᠡᠴᠡᠨ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠠᠷ᠎ᠠ ᠲᠤᠭ ᠳᠠᠯᠪᠠᠭ᠎ᠠ ᠬᠠᠷ᠎ᠠ ᠬᠤᠶᠠᠭ ᠳᠤᠭᠤᠯᠠᠭᠠᠲᠤ ᠴᠡᠷᠢᠭ ᠢ᠋ ᠠᠪᠤᠨ ᠵᠢᠭᠰᠠᠭᠠᠵᠤᠬᠤᠢ᠃ ᠵᠢᠷᠭᠤᠳᠤᠭᠠᠷ ᠡᠩ ᠦ᠋ᠨ ᠬᠥᠬᠡᠮᠳᠦᠭ ᠲᠤᠭ ᠤ᠋ᠨ ᠳᠣᠣᠷ᠎ᠠ ᠰᠠᠢᠳ ᠵᠡᠪᠡ᠂ ᠵᠦᠯᠭᠡᠲᠡᠢ ᠪᠠᠭᠠᠲᠤᠷ᠂ ᠮᠡᠷᠭᠢᠳ ᠦ᠋ᠨ ᠮᠠᠩᠨᠣᠭᠲᠤ᠂ ᠠᠷᠭᠠᠰᠤᠨ ᠤ᠋ ᠬᠣᠷᠭᠣᠯᠵᠢ᠂ ᠲᠡᠭᠦᠰᠴᠣᠭᠲᠤ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠬᠥᠬᠡᠮᠳᠦᠭ ᠲᠤᠭ ᠳᠠᠯᠪᠠᠭ᠎ᠠ᠂ ᠬᠥᠬᠡᠮᠳᠦᠭ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠣᠭᠰᠣᠵᠤᠬᠤᠢ᠃ ᠳᠣᠯᠣᠳᠤᠭᠠᠷ ᠡᠩ ᠦ᠋ᠨ ᠨᠣᠭᠣᠭᠠᠨ ᠲᠤᠭ ᠤ᠋ᠨ ᠳᠣᠣᠷ᠎ᠠ ᠰᠠᠢᠳ ᠴᠤᠤ ᠮᠡᠷᠭᠡᠨ᠂ ᠭᠢᠯᠦᠭᠡᠨ ᠪᠠᠭᠠᠲᠤᠷ᠂ ᠰᠠᠢᠬᠠᠨ ᠰᠤᠷᠲᠠᠯᠲᠤ᠂ ᠪᠤᠯᠤ᠂ ᠡᠭᠦᠯᠡᠨ ᠴᠡᠷᠪᠢ ᠳᠥᠷᠪᠡᠭᠦᠯᠡ ᠶ᠋ᠢ ᠠᠪᠤᠨ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠨᠣᠭᠣᠭᠠᠨ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠣᠭᠰᠣᠵᠤᠬᠤᠢ᠃ ᠨᠠᠢ᠍ᠮᠠᠳᠤᠭᠠᠷ ᠡᠩ ᠦ᠋ᠨ ᠤᠯᠠᠪᠢᠷ ᠲᠤᠭ ᠤ᠋ᠨ ᠳᠣᠣᠷ᠎ᠠ ᠰᠠᠢᠳ ᠰᠢᠷᠢ ᠬᠤᠲᠤᠭ᠂ ᠬᠣᠢᠯᠠᠳᠠᠷ ᠬᠣᠰᠢᠭᠤᠴᠢ᠂ ᠪᠤᠭᠤ ᠡᠷᠳᠡᠨᠢ᠂ ᠪᠠᠶᠠᠨ ᠬᠢᠶ᠎ᠡ᠂ ᠬᠠᠨᠳᠠᠭᠠᠢ ᠲᠦᠰᠢᠮᠡᠯ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠤᠯᠠᠪᠢᠷ ᠲᠤᠭ ᠳᠠᠯᠪᠠᠭ᠎ᠠ ᠤᠯᠠᠪᠢᠷ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠣᠭᠰᠣᠵᠤᠬᠤᠢ᠃ ᠶᠢᠰᠦᠳᠦᠭᠡᠷ ᠡᠩ ᠦ᠋ᠨ ᠰᠢᠷᠠᠩᠭᠤᠢ ᠲᠤᠭ ᠤ᠋ᠨ ᠳᠣᠣᠷ᠎ᠠ ᠬᠠᠷ᠎ᠠ ᠬᠢᠷᠤ᠂ ᠠᠨᠳᠠᠨ ᠴᠢᠩ᠂ ᠪᠣᠷᠣ ᠠᠷᠰᠯᠠᠨ᠂ ᠠᠰᠤᠷᠢ᠂ ᠫᠣᠯᠭᠤᠳᠠᠢ ᠳᠥᠷᠪᠡᠭᠦᠯᠡ ᠶ᠋ᠢ ᠠᠪᠴᠤ ᠨᠢᠭᠡᠨ ᠲᠦᠮᠡᠨ ᠶᠢᠰᠦᠨ ᠮᠢᠩᠭᠠᠨ ᠶᠢᠰᠦᠨ ᠵᠠᠭᠤᠨ ᠶᠡᠷᠡᠨ ᠶᠢᠰᠦᠨ ᠰᠢᠷᠠᠩᠭᠤᠢ ᠲᠤᠭ ᠳᠠᠯᠪᠠᠭ᠎ᠠ᠂ ᠰᠢᠷᠠᠩᠭᠤᠢ ᠬᠤᠶᠠᠭ ᠳᠤᠭᠤᠯᠠᠭᠠᠲᠤ ᠴᠡᠷᠢᠭ ᠢ᠋ ᠠᠪᠴᠤ ᠵᠢᠭᠰᠠᠭᠠᠵᠤᠬᠤᠢ᠃ ᠲᠠᠢᠽᠦ ᠶ᠋ᠢᠨ ᠬᠣᠶᠠᠷ ᠬᠠᠵᠠᠭᠤ ᠳ᠋ᠤᠷ ᠨᠠᠭᠠᠴᠤ ᠯᠢᠳᠠᠷ ᠰᠡᠴᠡᠨ᠂ ᠥᠷᠯᠥᠭᠡ ᠨᠣᠶᠠᠨ᠂ ᠬᠠᠳᠠᠮ ᠲᠠᠢ ᠰᠡᠴᠡᠨ᠂ ᠴᠠᠭᠠᠨ ᠬᠠᠭᠠᠨ᠂ ᠤᠷᠤᠭ ᠵᠠᠷᠴᠢᠭᠤᠲᠠᠢ ᠥᠲᠡᠭᠦᠰ᠂ ᠥᠯᠵᠡᠢᠲᠦ ᠥᠲᠡᠭᠦᠰ᠂ ᠶᠠᠪᠤᠴᠢᠲᠠᠢ ᠡᠪᠦᠭᠡᠨ᠂ ᠤᠭᠰᠠᠭ᠎ᠠ ᠶ᠋ᠢᠨ ᠵᠠᠮᠪᠠᠯ ᠪᠠᠭᠰᠢ᠂ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ᠂ ᠡᠨᠡ ᠶᠢᠰᠦᠨ ᠴᠢᠩ ᠵᠢᠭᠰᠠᠭᠠᠨ ᠵᠣᠭᠰᠣᠵᠤ᠂ ᠡᠮᠦᠨ᠎ᠡ ᠢᠨᠤ ᠪᠦᠬᠦ ᠪᠡᠯᠭᠦᠳᠡᠢ᠂ ᠬᠠᠪᠤᠲᠤ ᠬᠠᠰᠠᠷ᠂ ᠣᠢᠲᠤ ᠣᠴᠢᠭ᠂ ᠤᠷᠠᠨ ᠭᠠᠴᠤᠭ ᠳᠥᠷᠪᠡᠨ ᠳᠡᠭᠦᠦ ᠢᠨᠦ ᠵᠡᠷᠭᠡᠴᠡᠨ ᠵᠣᠭᠰᠣᠵᠤ᠂ ᠠᠷᠤ ᠶ᠋ᠢᠨ ᠬᠣᠢᠨ᠎ᠠ ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠨ ᠬᠥᠪᠡᠭᠦᠨ ᠢᠨᠦ᠂ ᠪᠡᠯᠭᠦᠳᠡᠢ ᠶ᠋ᠢᠨ ᠬᠥᠪᠡᠭᠦᠨ ᠶᠠᠰᠤᠨ ᠪᠥᠬᠡ᠂ ᠬᠠᠰᠠᠷ ᠤ᠋ᠨ ᠬᠥᠪᠡᠭᠦᠨ ᠲᠣᠵᠤ᠂ ᠬᠦᠷᠭᠡᠨ ᠪᠣᠲ᠋ᠣ ᠶ᠋ᠢᠨ ᠬᠥᠪᠡᠭᠦᠨ ᠨᠠᠠᠰᠠᠷ᠂ ᠵᠠᠯᠮ᠎ᠠ ᠶ᠋ᠢᠨ ᠬᠥᠪᠡᠭᠦᠨ ᠴᠡᠴᠡᠭ᠂ ᠠᠵᠢᠨᠠᠢ ᠮᠡᠷᠭᠡᠨ ᠦ᠌ ᠬᠥᠪᠡᠭᠦᠨ ᠪᠣᠯᠭᠠᠳ ᠬᠤᠳᠠᠷᠭ᠎ᠠ ᠪᠠᠭᠠᠲᠤᠷ ᠤ᠋ᠨ ᠬᠥᠪᠡᠭᠦᠨ ᠵᠣᠷᠢᠭᠲᠤ᠂ ᠯᠢᠳᠠᠷ ᠰᠡᠴᠡᠨ ᠦ᠌ ᠬᠥᠪᠡᠭᠦᠨ ᠲᠣᠭᠲᠠᠭᠤ ᠪᠡᠬᠢ᠂ ᠥᠷᠯᠥᠭᠡ ᠨᠣᠶᠠᠨ ᠤ᠋ ᠠᠴᠢ ᠸᠴᠢᠷᠪᠡᠭᠢ᠂ ᠵᠠᠮᠪᠠᠯ ᠪᠠᠭᠰᠢ ᠶ᠋ᠢᠨ ᠠᠴᠢ ᠠᠬᠠᠢ᠂ ᠡᠨᠡ ᠶᠢᠰᠦᠨ ᠲᠥᠷᠥᠯ ᠤᠷᠤᠭ ᠤ᠋ᠨ ᠪᠠᠭ᠎ᠠ ᠨᠣᠶᠠᠳ ᠢ᠋ ᠠᠪᠴᠤ ᠪᠠᠰᠠ ᠶᠢᠰᠦᠨ ᠡᠩ ᠦ᠋ᠨ ᠲᠦᠰᠢᠮᠡᠳ ᠦ᠋ᠨ ᠬᠡᠦᠬᠡᠳ ᠳᠡᠭᠦᠦ ᠨᠠᠷ᠂ ᠲᠣᠷᠭᠠᠨ ᠰᠢᠷ᠎ᠠ ᠶ᠋ᠢᠨ ᠣᠳᠬᠣᠨ ᠬᠥᠪᠡᠭᠦᠨ ᠴᠢᠮᠪᠠᠢ᠂ ᠵᠢᠨᠦᠩ ᠮᠤᠬᠤᠯᠢ ᠶ᠋ᠢᠨ ᠪᠠᠭ᠎ᠠ ᠬᠥᠪᠡᠭᠦᠨ ᠰᠦᠷᠲᠦ᠂ ᠬᠦᠯᠦᠭ ᠴᠢᠯᠠᠭᠤᠨ ᠤ᠋ ᠬᠣᠶᠠᠷ ᠬᠥᠪᠡᠭᠦᠨ ᠸᠴᠢᠷ᠂ ᠠᠯᠮᠠᠰ᠂ ᠬᠦᠯᠦᠭ ᠪᠤᠭᠤᠷᠵᠢ ᠶ᠋ᠢᠨ ᠳᠡᠳ᠋ ᠬᠥᠪᠡᠭᠦᠨ ᠠᠯᠢᠶ᠎ᠠ᠂ ᠬᠦᠯᠦᠭ ᠪᠤᠭᠤᠷᠤᠯ ᠤ᠋ᠨ ᠬᠣᠶᠠᠷ ᠬᠥᠪᠡᠭᠦᠨ ᠪᠣᠳᠤᠯᠤᠩ᠂ ᠤᠭᠤᠲᠠᠢ᠂ ᠮᠡᠩᠭᠡᠲᠦ ᠶ᠋ᠢᠨ ᠬᠥᠪᠡᠭᠦᠨ ᠲᠠᠩᠭᠤᠨ᠂ ᠴᠤᠤ ᠮᠡᠷᠭᠡᠨ ᠦ᠌ ᠬᠣᠶᠠᠷ ᠬᠥᠪᠡᠭᠦᠨ ᠬᠣᠪᠤᠯᠠᠢ᠂ ᠱᠤᠪᠤᠯᠠᠢ᠂ ᠰᠢᠷᠢ ᠬᠤᠲᠤᠭ ᠤ᠋ᠨ ᠬᠣᠶᠠᠷ ᠬᠥᠪᠡᠭᠦᠨ ᠠᠨᠠᠨᠲᠠ᠂ ᠰᠤᠪᠤᠲᠢ᠂ ᠵᠡᠪᠡ ᠶ᠋ᠢᠨ ᠬᠣᠶᠠᠷ ᠬᠥᠪᠡᠭᠦᠨ ᠬᠠᠳᠤ ᠲᠡᠮᠦᠷ᠂ ᠳᠤᠭᠤᠯᠠᠭ᠎ᠠ ᠲᠡᠮᠦᠷ᠂ ᠴᠢᠨᠳᠠᠭᠠᠨ᠎ᠠ ᠰᠡᠴᠡᠨ ᠦ᠌ ᠳᠡᠭᠦᠦ ᠢᠨᠦ ᠠᠯᠢᠵᠠᠩ᠂ ᠬᠤᠳᠠᠭᠠᠨ᠎ᠠ ᠪᠡᠬᠢ ᠶ᠋ᠢᠨ ᠬᠣᠶᠠᠷ ᠬᠥᠪᠡᠭᠦᠨ ᠬᠦᠳᠡᠷ ᠪᠦᠰᠡ᠂ ᠬᠦᠷᠡᠯ ᠪᠦᠰᠡ᠂ ᠬᠠᠷ᠎ᠠ ᠬᠢᠷᠤ ᠶ᠋ᠢᠨ ᠬᠣᠶᠠᠷ ᠬᠥᠪᠡᠭᠦᠨ ᠥᠳᠥ᠂ ᠰᠣᠳᠣ᠂ ᠬᠤᠷᠴᠠ ᠪᠠᠢᠷᠢ ᠶ᠋ᠢᠨ ᠬᠣᠶᠠᠷ ᠬᠥᠪᠡᠭᠦᠨ ᠪᠤᠭᠤᠲᠤ ᠬᠤᠸᠠ᠂ ᠠᠯᠠᠭ ᠲᠤᠭᠤᠯ᠂ ᠥᠨᠳᠥᠷ ᠰᠡᠴᠡᠨ ᠦ᠌ ᠨᠢᠭᠡᠨ ᠬᠡᠪᠡᠯᠢ ᠡᠴᠡ ᠬᠠᠮᠲᠤ ᠴᠤᠭᠠᠷ ᠲᠥᠷᠥᠭᠰᠡᠨ ᠪᠣᠯᠢᠭᠲᠦ ᠪᠠᠷᠰ᠂ ᠰᠢᠯᠢᠭᠲᠦ ᠪᠠᠷᠰ᠂ ᠲᠡᠰᠬᠡᠯ ᠪᠠᠷᠰ ᠭᠤᠷᠪᠠᠭᠤᠯᠠ᠂ ᠣᠶᠤᠨ ᠭᠤᠸ᠎ᠠ ᠶ᠋ᠢᠨ ᠬᠣᠶᠠᠷ ᠬᠥᠪᠡᠭᠦᠨ ᠤᠨᠵᠢᠭᠠᠢ᠂ ᠰᠤᠨᠵᠢᠭᠠᠢ᠂ ᠰᠥᠪᠡᠭᠡᠲᠡᠢ ᠪᠠᠭᠠᠲᠤᠷ ᠤ᠋ᠨ ᠪᠠᠭ᠎ᠠ ᠳᠡᠭᠦᠦ ᠷᠠᠰᠢᠶᠠᠨ᠂ ᠭᠢᠯᠥᠭᠡᠨ ᠪᠠᠭᠠᠲᠤᠷ ᠤ᠋ᠨ ᠪᠠᠭ᠎ᠠ ᠳᠡᠭᠦᠦ ᠲᠣᠨᠳᠤᠢᠴᠠᠷᠪᠢ᠂ ᠤᠷᠤᠭ ᠰᠠᠳᠤᠨ ᠠᠷᠪᠠᠨ ᠭᠤᠷᠪᠠᠨ ᠣᠪᠣᠭ ᠨᠣᠶᠠᠨ᠂ ᠬᠣᠷᠢᠨ ᠨᠠᠢ᠍ᠮᠠᠨ ᠵᠠᠯᠠᠭᠤ ᠵᠠᠩᠵᠤᠨ ᠬᠤᠮᠪᠢᠨ ᠬᠠᠭᠠᠵᠤ ᠵᠣᠭᠰᠣᠭᠠᠳ ᠲᠠᠢᠽᠦ ᠴᠢᠬᠡ ᠭᠣᠣᠯ ᠰᠠᠭᠤᠵᠤ ᠪᠦᠷᠢᠶ᠎ᠡ ᠦᠯᠢᠶᠡᠨ᠂ ᠲᠠᠢᠽᠦ ᠶ᠋ᠢ ᠰᠠᠭᠤᠵᠤ ᠴᠠᠢ ᠵᠣᠭᠣᠭᠯᠠᠭᠰᠠᠨ ᠬᠣᠢᠨ᠎ᠠ᠂ ᠲᠡᠷᠢᠭᠦᠨ ᠫᠤᠤ ᠲᠤᠤᠭᠠᠷᠤᠨ᠂ ᠲᠡᠷᠢᠭᠦᠨ ᠬᠡᠩᠭᠡᠷᠭᠡ ᠬᠦᠷᠴᠢᠭᠢᠨᠡᠵᠦ᠂ ᠲᠡᠮᠳᠡᠭ ᠲᠤᠭ ᠳᠠᠷᠤᠮᠠᠭᠴᠠ ᠶᠢᠰᠦᠨ ᠡᠩ ᠴᠡᠷᠢᠭ ᠨᠢᠭᠡᠨᠲᠡ ᠡᠷᠭᠢᠵᠦ᠂ ᠳᠥᠷᠪᠡᠨ ᠬᠦᠴᠦᠲᠡᠨ ᠦ᠌ ᠬᠥᠯᠲᠦ ᠠᠵᠢᠨᠠᠢ ᠮᠣᠷᠢᠨ ᠤ᠋ ᠵᠢᠭᠰᠠᠭᠠᠯ ᠵᠢᠭᠰᠠᠭᠠᠪᠠ᠃ ᠤᠳᠠᠭᠰᠠᠨ ᠦᠭᠡᠢ ᠬᠣᠶᠠᠳᠤᠭᠠᠷ ᠫᠤᠤ ᠲᠤᠤᠭᠠᠷᠤᠨ᠂ ᠬᠣᠶᠠᠳᠤᠭᠠᠷ ᠬᠡᠩᠭᠡᠷᠭᠡ ᠬᠦᠷᠴᠢᠭᠢᠨᠡᠵᠦ᠂ ᠲᠡᠮᠳᠡᠭ ᠲᠤᠭ ᠡᠷᠭᠦᠮᠡᠭᠴᠡ ᠶᠢᠰᠦᠨ ᠡᠩ ᠴᠡᠷᠢᠭ ᠬᠣᠶᠠᠷᠲᠠ ᠡᠷᠭᠢᠮᠡᠭᠴᠡ ᠭᠤᠴᠢᠨ ᠬᠣᠶᠠᠷ ᠠᠷᠠᠭ᠎ᠠ ᠰᠢᠳᠦᠲᠦ ᠠᠷᠰᠯᠠᠨ ᠤ᠋ ᠠᠮᠠᠨ ᠤ᠋ ᠵᠢᠭᠰᠠᠭᠠᠯ ᠪᠣᠯᠤᠨ ᠵᠢᠭᠰᠠᠭᠠᠪᠠ᠃ ᠭᠤᠷᠪᠠᠳᠤᠭᠠᠷ ᠫᠤᠤ ᠲᠤᠤᠭᠠᠷᠤᠨ ᠭᠤᠲᠠᠭᠠᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠳᠠᠷᠤᠮᠠᠭᠴᠠ ᠶᠢᠰᠦᠨ ᠡᠩ ᠴᠡᠷᠢᠭ᠂ ᠭᠤᠷᠪᠠᠨᠲᠠ ᠮᠤᠰᠬᠢᠮᠠᠭᠴᠠ ᠳᠥᠷᠪᠡᠨ ᠰᠣᠶᠣᠭᠠᠲᠤ ᠬᠤᠷᠴᠠ ᠪᠠᠷᠰ ᠤ᠋ᠨ ᠰᠢᠲᠦᠨ ᠦ᠌ ᠵᠢᠭᠰᠠᠭᠠᠯ ᠪᠣᠯᠤᠨ ᠵᠢᠭᠰᠠᠭᠠᠪᠠ᠃ ᠳᠥᠷᠪᠡᠳᠦᠭᠡᠷ ᠫᠤᠤ ᠲᠤᠤᠭᠠᠷᠤᠨ ᠳᠥᠲᠥᠭᠡᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠬᠠᠷᠠᠢᠯᠠᠮᠠᠭᠴᠠ ᠶᠢᠰᠦᠨ ᠡᠩ ᠴᠡᠷᠢᠭ᠂ ᠳᠥᠷᠪᠡᠨᠲᠡ ᠰᠠᠯᠤᠮᠠᠭᠴᠠ ᠳᠥᠷᠪᠡᠨ ᠬᠤᠪᠢᠯᠭᠠᠨ ᠬᠥᠯᠲᠦ ᠯᠤᠤ ᠶ᠋ᠢᠨ ᠬᠢᠮᠤᠰᠤᠨ ᠤ᠋ ᠵᠢᠭ᠍ᠰᠠᠭᠠᠯ ᠪᠣᠯᠤᠨ ᠬᠤᠪᠢᠯᠪᠠ᠃ ᠲᠠᠪᠤᠳᠤᠭᠠᠷ ᠫᠤᠤ ᠲᠤᠤᠭᠠᠷᠤᠨ ᠲᠠᠪᠤᠳᠤᠭᠠᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠳᠠᠯᠠᠯᠤᠮᠠᠭᠴᠠ ᠶᠢᠰᠦᠨ ᠡᠩ ᠴᠡᠷᠢᠭ ᠲᠠᠪᠤᠨᠲᠠ ᠠᠩᠭᠢᠵᠢᠷᠠᠮᠠᠭᠴᠠ ᠬᠣᠶᠠᠷ ᠲᠡᠮᠦᠷ ᠦ᠋ᠨ ᠵᠢᠭᠦᠷᠲᠦ ᠭᠠᠷᠤᠳᠢ ᠶ᠋ᠢᠨ ᠬᠤᠰᠢᠭᠤᠨ ᠤ᠋ ᠵᠢᠭᠰᠠᠭᠠᠯ ᠪᠣᠯᠤᠨ ᠬᠤᠪᠢᠯᠪᠠ᠃ ᠵᠢᠷᠭᠤᠳᠤᠭᠠᠷ ᠫᠤᠤ ᠲᠤᠤᠭᠠᠷᠤᠨ᠂ ᠵᠢᠷᠭᠤᠳᠤᠭᠠᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠳᠠᠯᠠᠯᠤᠮᠠᠭᠴᠠ ᠶᠢᠰᠦᠨ ᠡᠩ ᠴᠡᠷᠢᠭ ᠶᠢᠰᠦᠨ ᠥᠪᠡᠷ᠎ᠡ ᠪᠤᠲᠠᠷᠠᠭᠰᠠᠨ ᠪᠢᠯᠡ᠃ ᠯᠤᠤ ᠶ᠋ᠢᠨ ᠥᠨᠳᠡᠭᠡ ᠶ᠋ᠢᠨ ᠶᠢᠰᠦᠨ ᠦᠷᠡᠰ ᠦ᠋ᠨ ᠡᠬᠢᠳᠡᠭ ᠵᠢᠭᠰᠠᠭᠠᠯ ᠪᠣᠯᠤᠨ ᠵᠢᠭᠰᠠᠭᠠᠪᠠ᠃ ᠯᠤᠤ ᠶ᠋ᠢᠨ ᠶᠢᠰᠦᠨ ᠵᠦᠢᠯ ᠦ᠋ᠨ ᠦᠷ᠎ᠡ ᠬᠡᠮᠡᠭᠴᠢ ᠶᠢᠰᠦᠨ ᠥᠪᠡᠷ᠎ᠡ ᠪᠠᠢᠳᠠᠯ ᠲᠠᠢ ᠪᠥᠭᠡᠳ ᠶᠢᠰᠦᠨ ᠥᠪᠡᠷ᠎ᠡ ᠴᠢᠳᠠᠯ ᠲᠠᠢ ᠲᠤᠯᠠ ᠶᠢᠰᠦᠨ ᠥᠪᠡᠷ᠎ᠡ ᠬᠡᠷᠡᠭᠯᠡᠮᠦᠢ᠃ ᠰᠦᠷ ᠶᠡᠬᠡᠲᠦ ᠭᠤᠷᠪᠠᠨ ᠢ᠋ ᠠᠨᠤ ᠴᠥᠮ ᠤᠷᠲᠤ ᠬᠠᠷᠰᠢ ᠭᠡᠷ ᠬᠦᠷᠢᠶ᠎ᠡ ᠥᠷᠭᠥᠭᠡ ᠴᠠᠴᠠᠷ ᠤ᠋ᠨ ᠳᠡᠭᠡᠷ᠎ᠡ ᠲᠤᠭ ᠳᠠᠯᠪᠠᠭ᠎ᠠ ᠰᠢᠭᠦᠷ ᠬᠢᠭᠢᠷᠢ ᠶ᠋ᠢᠨ ᠣᠷᠣᠢ ᠳ᠋ᠤᠷ ᠬᠡᠷᠡᠭᠯᠡᠮᠦᠢ ①᠃ ᠳᠣᠯᠣᠳᠤᠭᠠᠷ ᠫᠤᠤ ᠲᠤᠤᠭᠠᠷᠤᠨ ᠳᠣᠯᠣᠳᠤᠭᠠᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠬᠤᠷᠤᠢᠯᠠᠮᠠᠭᠴᠠ ᠶᠢᠰᠦᠨ ᠡᠩ ᠴᠡᠷᠢᠭ ᠶᠢᠰᠦᠨ ᠯᠤᠤ ᠶ᠋ᠢᠨ ᠳᠥᠷᠪᠡᠨ ᠮᠥᠴᠡ᠂ ᠲᠣᠯᠣᠭᠠᠢ ᠰᠡᠭᠦᠯ᠂ ᠳᠥᠴᠢᠨ ᠲᠠᠪᠤᠨ ᠠᠩᠭᠢ ᠵᠢᠭᠰᠠᠭᠠᠯ ᠪᠣᠯᠤᠨ ᠵᠢᠭᠰᠠᠭᠠᠪᠠ᠃ ᠨᠠᠢ᠍ᠮᠠᠳᠤᠭᠠᠷ ᠫᠤᠤ ᠲᠤᠤᠭᠠᠷᠤᠨ ᠨᠠᠢ᠍ᠮᠠᠳᠤᠭᠠᠷ ᠬᠡᠩᠭᠡᠷᠭᠡ ᠬᠥᠩᠭᠢᠷᠡᠰᠴᠦ ᠲᠡᠮᠳᠡᠭ ᠲᠤᠭ ᠳᠠᠯᠠᠯᠤᠮᠠᠭᠴᠠ ᠶᠢᠰᠦᠨ ᠡᠩ ᠴᠡᠷᠢᠭ᠂ ᠭᠤᠴᠢᠨ ᠵᠢᠷᠭᠤᠭᠠᠨ ᠮᠥᠴᠡ ᠶ᠋ᠢᠨ ᠨᠢᠭᠡᠨ ᠵᠠᠭᠤᠨ ᠨᠠᠶᠠᠨ ᠬᠢᠮᠤᠰᠤᠨ ᠬᠠᠮᠲᠤ ᠪᠠᠷ ᠳᠡᠯᠭᠡᠵᠦ᠂ ᠭᠠᠷᠬᠤ ᠵᠢᠭᠰᠠᠭᠠᠯ ᠪᠣᠯᠤᠨ ᠵᠢᠭᠰᠠᠭᠠᠪᠠ᠃ ᠶᠢᠰᠦᠳᠦᠭᠡᠷ  ᠫᠤᠤ  ᠲᠤᠤᠭᠠᠷᠤᠨ ᠶᠢᠰᠦᠳᠦᠭᠡᠷ  ᠬᠡᠩᠭᠡᠷᠭᠡ ᠬᠥᠩᠭᠢᠷᠡᠰᠴᠦ ᠲᠡᠮᠳᠡᠭ ᠲᠤᠭ ᠫᠣᠷᠴᠢᠭᠢᠨᠠᠮᠠᠭᠴᠠ ᠶᠢᠰᠦᠨ ᠡᠩ ᠴᠡᠷᠢᠭ ᠭᠡᠨᠡᠳᠲᠡ ᠨᠡᠢᠯᠡᠵᠦ ᠨᠢᠭᠡᠨ ᠪᠣᠯᠵᠤ ᠠᠶᠤᠩᠭ᠎ᠠ ᠶ᠋ᠢᠨ ᠰᠤᠮᠤ ᠶ᠋ᠢᠨ ᠬᠤᠷᠴᠠ ᠲᠦᠷᠭᠡᠨ ᠭᠠᠯ ᠤ᠋ᠨ ᠵᠢᠭᠰᠠᠭᠠᠯ ᠪᠣᠯᠤᠨ ᠵᠢᠭᠰᠠᠪᠠ᠃ ᠡᠴᠦᠰ ᠦ᠋ᠨ ᠠᠷᠪᠠᠳᠤᠭᠠᠷ ᠫᠤᠤ ᠳᠤᠤᠭᠠᠷᠤᠮᠠᠭᠴᠠ ᠰᠡᠭᠦᠯ ᠦ᠋ᠨ ᠬᠡᠩᠭᠡᠷᠭᠡ ᠬᠦᠷᠴᠢᠭᠢᠨᠡᠨ ᠲᠡᠮᠳᠡᠭ ᠲᠤᠭ ᠨᠢᠭᠡᠨᠲᠡ ᠰᠠᠵᠢᠯᠠᠮᠠᠭᠴᠠ ᠶᠢᠰᠦᠨ ᠡᠩ ᠴᠡᠷᠢᠭ ᠪᠠᠰᠠ ᠤᠷᠪᠠᠵᠤ ᠳᠥᠷᠪᠡᠨ ᠬᠦᠴᠦᠲᠡᠨ ᠦ᠌ ᠬᠦᠨᠳᠦ ᠠᠵᠢᠨᠠᠢ ᠮᠣᠷᠢᠨ ᠤ᠋ ᠵᠢᠭᠰᠠᠭᠠᠯ ᠪᠣᠯᠤᠨ ᠬᠤᠪᠢᠯᠤᠭᠠᠳ ᠨᠢᠭᠡᠨᠲᠡ ᠡᠷᠭᠢᠵᠦ ᠤᠭ ᠶᠣᠰᠣᠭᠠᠷ ᠶᠢᠰᠦᠨ ᠡᠩ ᠴᠡᠷᠢᠭ ᠢ᠋ᠶ᠋ᠡᠷ ᠲᠤᠰ ᠲᠤᠰ ᠢ᠋ᠶ᠋ᠠᠨ ᠬᠤᠪᠢᠶᠠᠨ ᠵᠢᠭᠰᠠᠭᠠᠵᠤ ᠵᠣᠭᠰᠣᠯᠴᠠᠪᠠ᠃ ᠡᠭᠦᠨ ᠳ᠋ᠦ᠍ ᠦᠵᠡᠵᠦ ᠪᠠᠢᠭᠰᠠᠨ ᠶᠢᠰᠦᠨ ᠶᠡᠬᠡᠰ ᠦ᠋ᠨ ᠬᠥᠭᠰᠢᠨ ᠰᠠᠢᠳ᠂ ᠠᠷᠪᠠᠨ ᠭᠤᠷᠪᠠᠨ ᠣᠪᠣᠭ ᠤ᠋ᠨ ᠨᠣᠶᠠᠨ᠂ ᠬᠣᠷᠢᠨ ᠨᠠᠢ᠍ᠮᠠᠨ ᠬᠤᠷᠴᠠ ᠢᠳᠡᠷ ᠦ᠋ᠳ ᠦᠵᠡᠭᠰᠡᠭᠡᠷ ᠴᠥᠮ ᠨᠢᠳᠦᠨ ᠡᠷᠢᠶᠡᠯᠵᠢᠯᠡᠨ᠂ ᠰᠡᠳᠬᠢᠯ ᠪᠢᠰᠢᠷᠡᠵᠦ ᠭᠠᠢᠬᠠᠨ ᠱᠠᠭᠰᠢᠯᠴᠠᠵᠤ ᠬᠥᠭᠵᠢᠨ ᠪᠠᠶᠠᠰᠤᠯᠴᠠᠬᠤ ᠶ᠋ᠢ ᠪᠠᠢᠲᠤᠭᠠᠢ᠂ ᠲᠠᠢᠽᠦ ᠮᠥᠨ ᠡᠭᠦᠨ ᠦ᠌ ᠤᠯᠠᠷᠢᠬᠤ ᠨᠡᠢᠯᠡᠬᠦ᠂ ᠤᠷᠪᠠᠵᠤ ᠬᠥᠷᠪᠡᠬᠦ ᠢᠨᠦ ᠰᠠᠯᠬᠢᠨ ᠭᠠᠯ ᠮᠡᠲᠦ ᠬᠤᠷᠴᠠ᠂ ᠬᠠᠭᠠᠴᠠᠬᠤ ᠬᠠᠮᠲᠤᠳᠬᠤ᠂ ᠳᠠᠭᠠᠷᠢᠬᠤ ᠨᠡᠢᠴᠡᠬᠦ ᠢᠨᠤ ᠬᠤᠪᠢᠯᠭᠠᠨ ᠶᠢᠯᠸᠢ ᠠᠳᠠᠯᠢ ᠮᠣᠬᠣᠰᠢ ᠦᠭᠡᠢ ᠳ᠋ᠦ᠍ᠷ ᠮᠠᠰᠢ ᠶᠡᠬᠡᠳᠡ ᠰᠠᠢᠰᠢᠶᠠᠨ ᠪᠡᠶᠡᠰᠴᠦ ᠮᠠᠭᠲᠠᠨ ᠳᠠᠭᠤᠳᠠᠵᠤ᠂ ᠶᠢᠰᠦᠨ ᠡᠳᠦᠷ ᠦ᠋ᠨ ᠶᠡᠬᠡ ᠬᠤᠷᠢᠮ ᠬᠤᠷᠢᠮᠯᠠᠬᠤᠶ᠎ᠠ᠂ ᠶᠢᠰᠦᠨ ᠡᠩ ᠦ᠋ᠨ ᠲᠦᠰᠢᠮᠡᠳ ᠲᠣᠷ ᠢ᠋ᠶ᠋ᠠᠨ ᠶᠢᠰᠦᠨ ᠮᠥᠷ ᠬᠤᠷᠢᠮ ᠲᠠᠯᠪᠢᠵᠤ᠂ ᠶᠢᠰᠦᠨ ᠡᠩ ᠢ᠋ ᠬᠤᠪᠢᠶᠠᠨ ᠲᠣᠭᠲᠠᠭᠠᠭᠰᠠᠨ ᠠᠷᠭ᠎ᠠ ᠤᠬᠠᠭᠠᠨ᠂ ᠤᠷᠠᠨ ᠨᠠᠷᠢᠨ ᠠᠷᠪᠠᠨ ᠬᠤᠪᠢᠯᠤᠯ ᠠᠨᠤ ᠰᠣᠴᠢᠯᠲᠠᠢ ᠭᠠᠢᠬᠠᠯᠲᠠᠢ ᠭᠡᠮᠡᠨ ᠠᠯᠲᠠᠨ ᠴᠥᠭᠥᠴᠡ ᠳ᠋ᠦ᠍ᠷ ᠠᠷᠠᠵᠠ ᠬᠢᠵᠦ ᠠᠰᠠᠷᠠᠨ ᠬᠦᠷᠲᠡᠭᠡᠵᠦ ᠪᠡᠯᠭᠡᠯᠡᠷᠦᠨ :
                ᠪᠠᠷᠢᠯᠳᠤᠵᠤ ᠨᠠᠭᠠᠳᠬᠤᠶ᠎ᠠ ᠪᠡᠷᠬᠡ ᠪᠠᠭᠠᠲᠤᠷ ᠪᠠᠭᠴᠠᠯᠠᠵᠤ ᠰᠤᠷᠭᠠᠬᠤᠶ᠎ᠠ ᠪᠠᠰᠠ ᠮᠡᠷᠭᠡᠨ᠂ 
                ᠪᠠᠶᠠᠨ ᠬᠥᠮᠦᠨ ᠦ᠌ ᠬᠥᠪᠡᠭᠦᠨ ᠠᠲᠠᠯ᠎ᠠ ᠪᠠᠬᠠᠨ ᠲᠡᠳᠦᠢ ᠴᠦ᠍ ᠪᠠᠷᠳᠠᠮ ᠦᠭᠡᠢ᠂ 
                ᠪᠠᠭᠠᠲᠤᠷ ᠬᠡᠴᠡᠭᠦᠦ ᠪᠠᠷᠰ ᠮᠡᠲᠦ ᠪᠠᠬᠠᠷᠬᠠᠯᠲᠠᠢ ᠤᠬᠠᠭᠠᠨ ᠮᠠᠩᠨᠤᠭ ᠠᠳᠠᠯᠢ᠂ 
                ᠪᠠᠢᠯᠳᠤᠬᠤ ᠳᠠᠢᠯᠠᠬᠤᠶ᠎ᠠ ᠬᠤᠷᠴᠠ ᠭᠡᠷᠡᠯᠲᠡᠢ ᠪᠠᠭᠤᠵᠤ ᠰᠠᠭᠤᠪᠠᠴᠤ ᠪᠣᠳᠣᠯᠭ᠎ᠠ ᠰᠠᠨᠠᠬ᠎ᠠ ᠲᠠᠢ᠃ 
ᠭᠡᠮᠡᠨ ᠮᠠᠭᠲᠠᠵᠤ᠂ ᠶᠢᠰᠦᠨ ᠡᠩ ᠦ᠋ᠨ ᠲᠦᠰᠢᠮᠡᠳ ᠪᠦᠭᠦᠳᠡ ᠳ᠋ᠦ᠍ᠷ ᠴᠥᠮ ᠭᠠᠷ ᠢ᠋ᠶ᠋ᠠᠷ ᠠᠷᠢᠬᠢ ᠬᠦᠷᠲᠡᠭᠡᠨ ᠱᠠᠩᠨᠠᠵᠤ᠂ ᠶᠢᠰᠦᠨ ᠥᠷᠯᠥᠭ ᠦ᠋ᠨ ᠬᠤᠷᠢᠮ ᠲᠡᠭᠦᠰᠴᠦ ᠪᠠᠶᠠᠷ ᠪᠠᠶᠠᠰᠬᠤᠯᠠᠩ ᠲᠠᠢ ᠰᠢᠨ᠎ᠡ ᠬᠠᠭᠤᠴᠢᠨ ᠴᠡᠷᠢᠭ ᠬᠣᠶᠠᠷ ᠲᠤᠷ ᠴᠥᠮ ᠭᠤᠷᠪᠠᠨ ᠬᠤᠪᠢ ᠪᠠᠷ ᠳᠠᠪᠬᠤᠷᠯᠠᠨ ᠱᠠᠩᠨᠠᠵᠤ᠂ ᠶᠡᠬᠡ ᠰᠦᠯᠳᠡ ᠲᠤᠭ ᠢ᠋ ᠶᠢᠰᠦᠨ ᠪᠦᠬᠦᠯᠢ ᠪᠡᠷ ᠳᠠᠬᠢᠵᠤ᠂ ᠲᠠᠢᠽᠦ ᠪᠡᠶ᠎ᠡ ᠪᠡᠷ ᠰᠥᠭᠥᠳᠴᠦ ᠶᠢᠰᠦᠨᠲᠡ ᠮᠥᠷᠭᠥᠵᠦ ᠰᠠᠴᠤᠯᠢ ᠡᠷᠭᠦᠭᠡᠳ ᠤᠯᠤᠰ ᠤ᠋ᠨ ᠵᠦᠭ ᠬᠠᠨᠳᠤᠭᠤᠯᠪᠠ᠃ ᠲᠠᠢᠽᠦ ᠶ᠋ᠢᠨ ᠡᠨᠡ ᠰᠦᠷ᠂ ᠠᠯᠲᠠᠨ ᠤᠯᠤᠰ ᠤ᠋ᠨ ᠡᠦ ᠬᠤᠸᠠᠨ ᠤ᠋ ᠬᠣᠢᠲᠤ ᠳ᠋ᠤᠷ ᠶᠡᠬᠡᠯ᠎ᠡ ᠠᠯᠳᠠᠷᠰᠢᠵᠤ᠂ ᠳᠤᠮᠳᠠᠳᠤ ᠶ᠋ᠢᠨ ᠣᠯᠠᠨ ᠤᠯᠤᠰ ᠤ᠋ᠳ ᠠᠶᠤᠨ ᠰᠣᠴᠢᠯᠴᠠᠵᠤ᠂ ᠡᠮᠦᠨ᠎ᠡ ᠰᠥᠩ ᠤᠯᠤᠰ ᠲᠤᠷ ᠬᠦᠷᠲᠡᠯ᠎ᠡ ᠰᠣᠨᠣᠰᠴᠤ ᠲᠠᠢᠽᠦ ᠶ᠋ᠢᠨ ᠲᠠᠬᠢᠮ ᠤ᠋ᠨ ᠭᠣᠣᠯ ᠳ᠋ᠤᠷ ᠨᠡᠷ᠎ᠡ ᠰᠦᠷ ᠢ᠋ᠶ᠋ᠡᠨ ᠶᠡᠬᠡᠯ᠎ᠡ ᠠᠯᠳᠠᠷᠰᠢᠭᠤᠯᠪᠠ ᠭᠡᠮᠡᠨ《ᠵᠦᠽᠢ ᠲᠦᠩ ᠵᠢᠶᠠᠨ ᠭᠠᠩ ᠮᠦ᠍ ᠪᠢᠴᠢᠭ 》ᠲᠣᠷ ᠲᠡᠮᠳᠡᠭ ᠲᠡᠢ ᠪᠢᠴᠢᠭ ᠪᠢᠴᠢᠵᠦᠬᠦᠢ᠃ 
       ᠲᠡᠨᠳᠡᠴᠡ ᠨᠢᠭᠡᠨ ᠤᠯᠤᠰ ᠢ᠋ ᠣᠷᠣᠭᠤᠯᠵᠤ ᠠᠪᠤᠭᠰᠠᠨ ᠶᠡᠬᠡ ᠪᠠᠶᠠᠷ ᠤ᠋ᠨ ᠶᠣᠰᠣᠭᠠᠷ ᠬᠡᠩᠭᠡᠷᠭᠡ ᠳᠡᠯᠡᠳᠦᠨ᠂ ᠪᠢᠰᠬᠢᠭᠦᠷ ᠢ᠋ ᠦᠯᠢᠶᠡᠨ ᠠᠷᠪᠠᠨ ᠲᠠᠪᠤᠨ ᠲᠦᠮᠡᠨ ᠴᠡᠷᠢᠭ ᠠᠭᠤᠯᠠ ᠲᠠᠯ᠎ᠠ ᠳ᠋ᠤᠷ ᠳᠦᠷᠬᠢᠷᠡᠲᠡᠯ᠎ᠡ ᠳᠠᠭᠤᠯᠠᠭᠰᠠᠭᠠᠷ ᠤᠯᠤᠰ ᠲᠤᠷ ᠢ᠋ᠶ᠋ᠠᠨ ᠡᠭᠡᠵᠦ ᠢᠷᠡᠬᠦᠶ᠎ᠡ᠂ ᠰᠡᠴᠡᠨ ᠵᠦᠰᠦᠨ ᠬᠠᠲᠤᠨ ᠤᠯᠤᠰ ᠲᠤᠷ ᠶᠡᠬᠡᠬᠡᠨ ᠲᠦᠰᠢᠮᠡᠯ ᠦᠭᠡᠢ ᠲᠤᠯᠠ ᠲᠡᠷᠢᠭᠦᠨ ᠤᠳᠤᠯᠭᠠᠨ᠎ᠠ ᠬᠠᠭᠤᠴᠢᠨ ᠲᠦᠰᠢᠮᠡᠯ ᠥᠵᠢᠨ ᠡᠮᠡᠭᠡ ᠶ᠋ᠢᠨ ᠵᠢᠭᠰᠠᠭᠠᠯ ᠤ᠋ᠨ ᠲᠦᠰᠢᠮᠡᠯ ᠰᠢᠭᠦᠷ ᠲᠣᠷ ᠬᠡᠷᠡᠢᠳ ᠦ᠋ᠨ ᠠᠨᠳᠠ ᠂ ᠬᠤᠷᠭ᠎ᠠ ᠬᠣᠶᠠᠭᠤᠯᠠ ᠶ᠋ᠢ ᠥᠭᠴᠦ ᠤᠭᠲᠤᠭᠤᠯᠪᠠ᠃ ᠳᠡᠳ᠋ ᠣᠳᠤᠯᠭᠠᠨ ᠳ᠋ᠤᠷ ᠮᠤᠬᠤᠯᠢ ᠶ᠋ᠢᠨ ᠡᠴᠢᠭᠡ ᠳᠡᠭᠡᠳᠦ ᠪᠠᠶᠠᠨ ᠳ᠋ᠤᠷ ᠵᠠᠮᠤᠬ᠎ᠠ ᠶ᠋ᠢᠨ ᠳᠡᠭᠦᠦ ᠡᠷᠦᠵᠡ᠂ ᠪᠠᠷᠠᠭᠤᠨ ᠬᠠᠷᠠᠭᠤᠯ ᠤ᠋ᠨ ᠶᠠᠪᠤᠭ᠎ᠠ ᠬᠣᠶᠠᠭᠤᠯᠠ ᠶ᠋ᠢ ᠥᠭᠴᠦ ᠤᠭᠲᠤᠭᠤᠯᠪᠠ᠃ ᠭᠤᠲᠠᠭᠠᠷ ᠤᠳᠤᠯᠭᠠᠨ᠎ᠠ ᠪᠤᠭᠤᠷᠵᠢ ᠶ᠋ᠢᠨ ᠡᠴᠢᠭᠡ ᠯᠠᠬᠤ ᠪᠠᠶᠠᠨ ᠳ᠋ᠤᠷ ᠵᠦᠷᠴᠢᠳ ᠦ᠋ᠨ ᠦᠷᠦᠰᠦ ᠬᠥᠮᠡᠢ – ᠲᠠᠢᠽᠦ ᠶ᠋ᠢᠨ ᠬᠠᠯᠠᠭᠰᠠᠨ ᠨᠡᠷ᠎ᠡ ᠣᠷᠣᠰᠢᠭᠴᠢ ᠪᠤᠶᠤ᠃ ᠪᠠᠰᠠ ᠵᠦᠷᠴᠢᠳ ᠦ᠋ᠨ ᠡᠵᠡᠨ ᠤᠷᠠᠨ ᠵᠠᠩᠭᠤᠤ᠂ ᠬᠠᠯᠠᠭᠰᠠᠨ ᠨᠡᠷ᠎ᠡ – ᠬᠢᠴᠢᠶᠡᠩᠭᠦᠢ ᠶ᠋ᠢ ᠳᠠᠭᠠᠭᠤᠯᠤᠨ ᠥᠭᠴᠦ ᠤᠭᠲᠤᠭᠤᠯᠪᠠ᠃ ᠪᠤᠷᠬᠠᠨ ᠭᠠᠯᠳᠤᠨ᠎ᠠ ᠳ᠋ᠤᠷ ᠵᠠᠷᠤᠳ ᠤ᠋ᠨ ᠸᠠᠩᠴᠤᠭ᠂ ᠬᠡᠷᠡᠢᠳ ᠦ᠋ᠨ ᠲᠤᠰᠬᠤ᠂ ᠰᠣᠯᠤᠩᠭᠤᠸ᠎ᠠ ᠬᠣᠶᠠᠭᠤᠯᠠ ᠶ᠋ᠢ ᠠᠪᠴᠤ ᠬᠣᠷᠣᠭ᠎ᠠ ᠬᠦᠷᠢᠶ᠎ᠡ ᠶ᠋ᠢᠨ ᠬᠣᠲᠠᠯᠠᠭᠠᠷ ᠪᠠᠶᠠᠷ ᠤ᠋ᠨ ᠶᠣᠰᠣᠭᠠᠷ ᠮᠥᠷᠭᠥᠨ ᠤᠭᠲᠤᠯᠴᠠᠵᠤ᠂ ᠲᠠᠢᠽᠦ ᠳᠡᠭᠦᠦ ᠶᠦ᠍ᠭᠡᠨ ᠬᠠᠰᠠᠷ ᠤ᠋ᠨ ᠡᠮ᠎ᠡ ᠦᠷ᠎ᠡ ᠶ᠋ᠢ ᠠᠪᠴᠤ ᠥᠭᠡᠯᠦᠨ ᠦᠵᠢᠨ ᠦ᠌ ᠡᠪᠦᠳᠦᠭ ᠢ᠋ ᠲᠡᠪᠡᠷᠢᠨ ᠤᠬᠢᠯᠠᠵᠤ ᠮᠥᠷᠭᠥᠨ ᠵᠣᠯᠭᠠᠵᠤ᠂ ᠰᠡᠴᠡᠨ ᠵᠦᠰᠦᠨ ᠬᠠᠲᠤᠨ ᠯᠤᠭ᠎ᠠ ᠪᠠᠨ ᠭᠠᠷ ᠪᠠᠷᠢᠯᠴᠠᠨ ᠵᠣᠯᠭᠠᠯᠳᠤᠵᠤ᠂ ᠶᠡᠬᠡ ᠲᠤᠭ ᠢ᠋ ᠳᠠᠬᠢᠨ᠂ ᠶᠡᠬᠡ ᠪᠠᠶᠠᠷ ᠤ᠋ᠨ ᠶᠣᠰᠣᠭᠠᠷ ᠭᠠᠵᠠᠷ ᠠᠭᠤᠯᠠ ᠮᠥᠷᠡᠨ᠂ ᠬᠡᠭᠦᠷ ᠮᠣᠩᠭᠤᠨ ᠢ᠋ᠶ᠋ᠠᠨ ᠲᠠᠪᠢᠭᠯᠠᠵᠤ᠂ ᠤᠯᠤᠰ ᠭᠡᠷ ᠢ᠋ ᠦᠯᠡᠳᠡᠵᠦ ᠰᠠᠬᠢᠭᠰᠠᠨ ᠵᠠᠩᠵᠤᠨ ᠴᠡᠷᠢᠭ ᠲᠦ᠍ᠷ ᠬᠣᠶᠠᠷ ᠬᠤᠪᠢ ᠬᠦᠨᠳᠦ ᠱᠠᠩ ᠲᠦᠭᠡᠭᠡᠨ᠂ ᠬᠣᠯᠠ ᠣᠢᠷ᠎ᠠ ᠦᠭᠡᠢ ᠴᠥᠮ ᠬᠤᠷᠢᠮᠯᠠᠨ ᠴᠡᠩᠭᠡᠯᠳᠦᠵᠦ᠂ ᠴᠠᠭᠠᠨ ᠪᠡᠴᠢᠨ ᠵᠢᠯ ᠦ᠋ᠨ ᠰᠡᠭᠦᠯ ᠪᠣᠯᠲᠠᠯ᠎ᠠ ᠨᠠᠢᠷᠯᠠᠵᠤ᠂ ᠤᠯᠤᠰ ᠤ᠋ᠨ ᠬᠣᠲᠠᠯᠠᠭᠠᠷ ᠶᠡᠬᠡᠳᠡ ᠪᠡᠯᠭᠡᠯᠡᠨ ᠮᠥᠷᠭᠥᠵᠦ ᠡᠨᠡ ᠵᠢᠯ ᠡᠨᠳᠡ ᠲᠡᠭᠦᠰᠪᠡᠢ᠃ ᠲᠤᠯᠭᠤᠷ ᠨᠡᠭᠡᠭᠡᠵᠦ ᠤᠯᠤᠰ ᠢ᠋ ᠪᠦᠲᠦᠭᠡᠬᠦᠶ᠎ᠡ ᠮᠠᠰᠢ ᠪᠡᠷᠬᠡ ᠪᠥᠭᠡᠲᠡᠯ᠎ᠡ ᠲᠣᠭ᠎ᠠ ᠲᠡᠭᠦᠰᠴᠦ ᠲᠥᠷᠥ ᠡᠪᠳᠡᠷᠡᠬᠦᠶ᠎ᠡ ᠡᠪᠡᠦ ᠶᠠᠭᠤᠲᠠᠢ ᠬᠢᠯᠪᠠᠷ ! ᠲᠤᠰᠠ ᠪᠦᠲᠦᠭᠡᠭᠴᠢ ᠰᠠᠢᠳ ᠳᠣᠲᠣᠷ᠎ᠠ ᠪᠣᠳᠣᠵᠤ ᠦᠵᠡᠮᠦ ᠲᠣᠭᠠᠯᠠᠰᠢ ᠦᠭᠡᠢ ᠤᠯᠤᠰ ᠲᠥᠷᠥ ᠶ᠋ᠢᠨ ᠠᠯᠢᠨ ᠠᠨᠤ ᠡᠢᠮᠦ ᠦᠭᠡᠢ ?

– – – – 
①  ᠵᠢᠶᠦ᠋ᠨ ᠶᠡᠬᠡ ᠱᠸᠦ᠂ ᠭᠤᠷᠪᠠᠨ ᠤᠷᠤᠭᠤ ᠱᠸᠦ᠂ ᠳᠥᠷᠪᠡᠨ ᠥᠨᠴᠥᠭ ᠦ᠋ᠨ ᠦᠵᠦᠭᠦᠷ ᠪᠥᠭᠡᠷ᠎ᠡ ᠠᠷᠰᠯᠠᠨ ᠮᠡᠲᠦ ᠪᠠᠢᠬᠤ᠂ ᠡᠨᠡ ᠭᠤᠷᠪᠠᠨ ᠵᠦᠢᠯ᠂ ᠠᠯᠠᠬᠤ ᠬᠢᠳᠤᠬᠤᠢ ᠳ᠋ᠤᠷ ᠪᠠᠬᠠᠲᠠᠢ ᠶ᠋ᠢ ᠠᠨᠤ ᠴᠡᠷᠢᠭ ᠦ᠋ᠨ ᠵᠡᠪᠰᠡᠭ ᠢᠯᠳᠦ ᠶ᠋ᠢᠳᠡ ᠫᠤᠤ ᠰᠤᠮᠤ ᠶ᠋ᠢᠨ ᠳᠡᠭᠡᠷ᠎ᠡ ᠬᠡᠷᠡᠭᠯᠡᠮᠦᠢ᠃ ᠳᠠᠭᠤᠨ ᠴᠢᠮᠡᠭᠡ ᠶᠡᠬᠡ ᠶ᠋ᠢ ᠠᠨᠤ ᠵᠦᠩ ᠬᠡᠩᠭᠡᠷᠭᠡ᠂ ᠬᠠᠷᠠᠩᠭ᠎ᠠ ᠪᠦᠷᠢᠶ᠎ᠡ ᠶ᠋ᠢᠨ ᠳᠡᠭᠡᠷ᠎ᠡ ᠬᠡᠷᠡᠭᠯᠡᠵᠦ᠂ ᠥᠩᠭᠡ ᠳ᠋ᠦ᠍ᠷ ᠳᠤᠷᠠᠲᠠᠢ ᠶ᠋ᠢ ᠠᠨᠤ ᠮᠠᠩᠨᠤᠭ ᠲᠠᠵᠢ᠂ ᠲᠠᠮᠠᠭ᠎ᠠ ᠲᠡᠮᠳᠡᠭ ᠦ᠋ᠨ ᠳᠡᠭᠡᠷ᠎ᠡ ᠬᠡᠷᠡᠭᠯᠡᠮᠦᠢ᠃ ᠠᠮᠲᠠ ᠳ᠋ᠤᠷ ᠳᠤᠷᠠᠲᠠᠢ ᠶ᠋ᠢ ᠠᠨᠤ ᠠᠶᠠᠭ᠎ᠠ ᠰᠠᠪᠠ ᠳᠠᠩᠬᠤ ᠬᠦᠬᠦᠷ ᠦ᠋ᠨ ᠳᠡᠭᠡᠷ᠎ᠡ ᠬᠡᠷᠡᠭᠯᠡᠮᠦᠢ᠃ ᠦᠨᠦᠷ ᠲᠣᠷ ᠳᠤᠷᠠᠲᠠᠢ ᠶ᠋ᠢ ᠠᠨᠤ ᠳ᠋ᠢᠩ ᠭᠥᠯᠢᠰ ᠬᠣᠭᠣᠰᠤᠷᠲᠤ ᠭᠥᠯᠢᠰ ᠦ᠋ᠨ ᠳᠡᠭᠡᠷ᠎ᠡ ᠬᠡᠷᠡᠭᠯᠡᠮᠦᠢ᠃ ᠬᠠᠷᠠᠮᠴᠢ ᠵᠠᠩ ᠲᠠᠢ ᠶ᠋ᠢ ᠠᠨᠤ ᠡᠭᠦᠳᠡ ᠬᠠᠭᠠᠯᠭᠠᠨ ᠬᠥᠰᠢᠶ᠎ᠡ ᠴᠢᠯᠠᠭᠤᠨ ᠤ᠋ ᠳᠡᠭᠡᠷ᠎ᠡ ᠵᠠᠷᠤᠮᠤᠢ᠃ ᠪᠥᠬᠡ ᠬᠦᠳᠡᠷ ᠬᠠᠲᠠᠭᠤ ᠪᠡᠬᠢ ᠶ᠋ᠢ ᠢᠨᠦ ᠬᠥᠰᠢᠶ᠎ᠡ ᠴᠢᠯᠠᠭᠤᠨ ᠤ᠋ ᠳᠣᠣᠷ᠎ᠠ ᠪᠠ ᠴᠠᠮᠬᠠᠭ ᠲᠤᠯᠭᠠᠭᠤᠷᠢ ᠪᠠᠭᠠᠨ᠎ᠠ ᠶ᠋ᠢᠨ ᠳᠣᠣᠷ᠎ᠠ ᠰᠠᠭᠤᠷᠢ ᠳ᠋ᠤᠷ ᠬᠡᠷᠡᠭᠯᠡᠮᠦᠢ᠃ ᠶᠢᠰᠦᠭᠦᠯᠡ ᠶ᠋ᠢᠨ ᠮᠣᠩᠭᠣᠯ ᠨᠡᠷ᠎ᠡ ᠶ᠋ᠢ ᠲᠣᠭᠠᠯᠠᠪᠠᠰᠤ ᠄ ᠰᠦᠷᠲᠦ ᠯᠤᠤ᠂ ᠬᠠᠮᠠᠭᠠᠯᠠᠭᠴᠢ ᠯᠤᠤ᠂ ᠳᠠᠷᠤᠩᠭᠤᠢ ᠯᠤᠤ᠂ ᠬᠢᠳᠤᠭᠴᠢ ᠯᠤᠤ᠂ ᠳᠠᠭᠤᠷᠢᠰᠤᠭᠴᠢ ᠯᠤᠤ᠂ ᠭᠡᠢᠭᠦᠯᠦᠭᠴᠢ ᠯᠤᠤ᠂ ᠠᠮᠰᠠᠭᠴᠢ ᠯᠤᠤ᠂ ᠪᠡᠬᠢᠯᠡᠭᠴᠢ ᠯᠤᠤ᠂ ᠢᠳᠡᠪᠯᠡᠭᠴᠢ ᠯᠤᠤ ᠡᠢᠮᠦ ᠶᠢᠰᠦᠨ ᠵᠦᠢᠯ ᠦ᠋ᠨ ᠯᠤᠤ ᠪᠤᠶᠤ᠃ ᠡᠨᠡ ᠶᠢᠰᠦᠭᠦᠯᠡ ᠬᠡᠳᠦᠢ ᠴᠥᠮ ᠯᠤᠤ ᠠ᠋ᠴᠠ ᠡᠭᠦᠰᠪᠡᠴᠦ ᠪᠠᠢᠳᠠᠯ ᠳᠦᠷᠰᠦ ᠢᠨᠦ ᠴᠥᠮ ᠥᠪᠡᠷ᠎ᠡ ᠥᠪᠡᠷ᠎ᠡ ᠶᠠᠩᠵᠤᠲᠠᠢ ᠠᠵᠤᠭᠤ᠃

ᠴᠣᠬᠣᠯᠠᠭᠰᠠᠨ ᠠᠨᠤ 
      ᠠᠶ᠎ᠠ《ᠶᠡᠬᠡ ᠰᠤᠷᠲᠠᠬᠤᠢ ᠪᠢᠴᠢᠭ》ᠲᠣᠷ ᠥᠭᠦᠯᠡᠭᠰᠡᠨ ᠢᠨᠤ :《ᠦᠭᠡ ᠰᠥᠷᠭᠡᠦ ᠭ᠍ᠡᠷᠪᠠᠰᠤ ᠮᠥᠨ ᠬᠦ᠌ ᠰᠥᠷᠭᠡᠦ ᠪᠡᠷ ᠬᠠᠷᠢᠭᠤᠯᠤᠮᠤᠢ᠂ ᠡᠳ᠋ ᠰᠥᠷᠭᠡᠦ ᠪᠡᠷ ᠣᠷᠣᠪᠠᠰᠤ ᠡᠭᠡᠨᠡᠭᠲᠡ ᠰᠥᠷᠭᠡᠦ ᠪᠡᠷ ᠭᠠᠷᠤᠮᠤᠢ》ᠬᠡᠮᠡᠵᠦᠬᠦᠢ᠃ ᠶᠠᠭᠤᠲᠠᠢ ᠬᠡᠴᠡᠭᠦᠦ ᠪᠣᠢ ! ᠡᠨᠡ ᠪᠦᠯᠦᠭ ᠦ᠋ᠨ ᠬᠡᠷᠡᠢᠳ ᠦ᠋ᠨ ᠾᠧ ᠸᠠᠩ ᠠᠯᠠᠭᠳᠠᠵᠤ ᠬᠥᠪᠡᠭᠦᠨ ᠢᠨᠦ ᠣᠷᠭᠣᠭᠠᠳ ᠴᠡᠷᠢᠭ ᠢᠨᠤ ᠮᠥᠬᠥᠵᠦ ᠤᠯᠤᠰ ᠡᠪᠳᠡᠷᠡᠨ ᠭᠡᠷ ᠪᠦᠷᠢᠯᠦᠭᠡᠳ ᠠᠴᠢᠷ ᠦᠷᠡᠰ ᠦ᠋ᠳ ᠬᠥᠮᠦᠨ ᠦ᠌ ᠭᠠᠷ ᠲᠤᠷ ᠪᠠᠷᠢᠭᠳᠠᠵᠤ᠂ ᠬᠦᠵᠦᠭᠦᠨ ᠳ᠋ᠡᠭᠡᠨ ᠬᠢᠲᠤᠭ᠎ᠠ ᠲᠠᠯᠪᠢᠭᠤᠯᠵᠤ ᠬᠥᠮᠦᠨ ᠡᠴᠡ ᠠᠮᠢᠳᠤᠷᠠᠯ ᠢ᠋ ᠭᠤᠶᠤᠨ ᠥᠴᠢᠪᠡᠰᠦ ᠠᠷᠪᠠᠨ ᠬᠤᠪᠢ ᠬᠥᠭᠡᠷᠦᠬᠦᠢᠯᠡᠯᠲᠡᠢ ᠪᠤᠰᠤ ᠤᠤ ? ᠠᠪᠠᠢ ᠡᠨᠡ ᠮᠡᠲᠦ ᠭᠠᠰᠢᠭᠤᠨ ᠪᠣᠯᠤᠭᠰᠠᠨ ᠤ᠋ ᠭᠡᠮ ᠦᠨᠳᠦᠰᠦᠨ ᠬᠠᠮᠢᠭ᠎ᠠ ᠠ᠋ᠴᠠ ᠢᠷᠡᠭᠰᠡᠨ ᠪᠣᠢ ? ᠬᠡᠮᠡᠪᠡᠰᠦ᠄ ᠲᠡᠷᠢᠭᠦᠨ ᠳ᠋ᠦ᠍ᠷ ᠵᠠᠮᠤᠬ᠎ᠠ ᠶ᠋ᠢ ᠠᠬᠤᠭᠤᠯᠤᠭᠰᠠᠨ᠂ ᠬᠣᠶᠠᠷ ᠲᠤᠷ ᠬᠠᠭᠤᠴᠢᠨ ᠲᠦᠰᠢᠮᠡᠯ ᠠᠨᠳᠠ ᠶ᠋ᠢᠨ ᠦᠭᠡ ᠶ᠋ᠢ ᠡᠰᠡ ᠠᠪᠤᠭᠰᠠᠨ᠂ ᠭᠤᠷᠪᠠᠨ ᠳ᠋ᠤᠷ ᠬᠠᠪᠤᠲᠤ ᠬᠠᠰᠠᠷ ᠤ᠋ᠨ ᠭᠡᠷ ᠢ᠋ ᠳᠠᠪᠴᠢᠯᠠᠭᠰᠠᠨ᠂ ᠡᠨᠡ ᠭᠤᠷᠪᠠᠨ ᠵᠦᠢᠯ ᠡᠴᠡ ᠡᠢᠮᠦ ᠲᠦᠷᠭᠡᠨ ᠮᠥᠬᠥᠭᠰᠡᠨ ᠪᠣᠯᠠᠢ᠃ ᠬᠡᠷᠡᠢᠳ ᠦ᠋ᠨ ᠤᠯᠤᠰ ᠮᠥᠬᠥᠵᠦ ᠥᠨᠳᠡᠭᠡ ᠵᠤᠯᠵᠠᠭ᠎ᠠ ᠶ᠋ᠢᠨ ᠭᠠᠰᠢᠭᠤᠨ ᠢ᠋ ᠦᠵᠡᠬᠦ ᠮᠡᠷᠭᠡᠳ ᠬᠥᠭᠡᠷᠦᠬᠦᠢᠯᠡᠪᠡᠰᠦ᠂ ᠬᠠᠰᠠᠷ ᠤ᠋ᠨ ᠬᠠᠲᠤᠳ ᠬᠥᠪᠡᠭᠦᠳ ᠬᠠᠭᠠᠴᠠᠵᠤ ᠰᠠᠯᠤᠭᠰᠠᠨ ᠢ᠋ ᠮᠥᠨ ᠪᠠᠬᠠᠨ ᠡᠭᠡᠭᠦᠯᠦᠨ ᠪᠣᠳᠣᠪᠠᠰᠤ ᠵᠣᠬᠢᠮᠤᠢ᠃ ᠰᠥᠷᠭᠡᠦ ᠪᠡᠷ ᠣᠯᠤᠭᠰᠠᠨ ᠠᠨᠤ ᠨᠢᠭᠡᠬᠡᠨ ᠭᠡᠷ ᠦ᠋ᠨ ᠬᠥᠮᠦᠨ ᠠᠮᠠᠨ ᠪᠥᠭᠡᠲᠡᠯ᠎ᠡ ᠰᠥᠷᠭᠡᠦ ᠭᠠᠷᠤᠭᠰᠠᠨ ᠠᠨᠤ ᠨᠢᠭᠡᠨ ᠤᠯᠤᠰ ᠤ᠋ᠨ ᠠᠭᠤᠯᠠ ᠮᠥᠷᠡᠨ ᠲᠡᠢ ᠴᠥᠮ ᠳᠠᠭᠠᠵᠤᠬᠤᠢ᠃ ᠡᠭᠦᠨ ᠢ᠋ ᠦᠵᠡᠬᠦᠯ᠎ᠡ ᠪᠤᠷᠬᠠᠨ ᠨᠣᠮ ᠤ᠋ᠨ ᠦᠢᠯᠡ ᠶ᠋ᠢᠨ ᠦᠷ᠎ᠡ ᠶ᠋ᠢᠨ ᠥᠷᠢ ᠲᠥᠯᠥᠭᠡᠰᠦ ᠬᠡᠮᠡᠭᠰᠡᠨ᠎ᠡ ᠨᠡᠢᠴᠡᠵᠦᠬᠦᠢ᠃ ᠵᠢᠴᠢ ᠰᠣᠯᠤᠩᠭᠤᠸ᠎ᠠ ᠶ᠋ᠢ ᠡᠷᠲᠡᠨ ᠦ᠌ ᠵᠢᠶᠠᠩ ᠱᠢ᠂ ᠰᠦᠨ ᠱᠢ᠂ ᠳ᠋ᠢᠶᠣᠣ ᠴᠡᠨ᠂ ᠵᠣᠣ ᠵᠢᠶᠦ᠋ᠨ ᠦ᠌ ᠵᠡᠷᠭᠡ ᠶ᠋ᠢᠨ ᠭᠠᠪᠢᠶᠠᠲᠤ ᠡᠬᠡᠨᠡᠷ ᠲᠣᠷ ᠦᠯᠢᠳᠬᠡᠵᠦ ᠡᠰᠡ ᠲᠡᠩᠴᠡᠬᠦ ᠪᠣᠯᠪᠠᠴᠤ ᠡᠷᠲᠡᠨ ᠦ᠌ ᠭᠡᠷ ᠢ᠋ᠶ᠋ᠡᠨ ᠬᠠᠮᠠᠭᠠᠯᠠᠭᠰᠠᠨ ᠭᠤᠷᠪᠠᠨ ᠳᠠᠭᠠᠯᠲᠠ᠂ ᠳᠥᠷᠪᠡᠨ ᠡᠷᠳᠡᠮ ᠪᠦᠷᠢᠳᠦᠭᠰᠡᠨ – ᠭᠤᠷᠪᠠᠨ ᠳᠠᠭᠠᠯᠲᠠ᠂ ᠳᠥᠷᠪᠡᠨ ᠡᠷᠳᠡᠮ ᠬᠡᠮᠡᠭᠴᠢ ᠭᠡᠷ ᠲᠦ᠍ᠷ ᠡᠴᠢᠭᠡ ᠡᠬᠡ ᠶ᠋ᠢᠨ ᠰᠤᠷᠭᠠᠯ ᠢ᠋ ᠠᠪᠬᠤ᠂ ᠭᠠᠵᠠᠷ ᠲᠤᠷ ᠦᠭᠪᠡᠰᠦ ᠡᠷ᠎ᠡ ᠶ᠋ᠢᠨ ᠵᠠᠬᠢᠷᠬᠤ ᠶ᠋ᠢ ᠳᠠᠭᠠᠬᠤ᠂ ᠡᠷ᠎ᠡ ᠦᠭᠡᠢ ᠪᠣᠯᠪᠠᠴᠤ ᠬᠥᠪᠡᠭᠦᠨ ᠦ᠌ ᠰᠠᠨᠠᠭᠤᠯᠬᠤ ᠶ᠋ᠢ ᠰᠣᠨᠣᠰᠬᠤ᠂ ᠡᠨᠡ ᠢᠨᠦ ᠭᠤᠷᠪᠠᠨ ᠳᠠᠭᠠᠯᠲᠠ᠃ ᠡᠴᠢᠭᠡ ᠡᠬᠡ ᠶ᠋ᠢ ᠥᠷᠯᠥᠭᠡ ᠠᠰᠠᠭᠤᠵᠤ ᠲᠣᠬᠣᠷᠤᠭᠤᠯᠬᠤ᠂ ᠡᠪᠦᠯ ᠦ᠋ᠨ ᠴᠠᠭ ᠲᠤᠷ ᠬᠠᠯᠠᠭᠤᠯᠬᠤ᠂ ᠵᠤᠨ ᠤ᠋ ᠦᠶ᠎ᠡ ᠳ᠋ᠦ᠍ᠷ ᠰᠡᠷᠢᠭᠦᠴᠡᠭᠦᠯᠵᠦ᠂ ᠨᠥᠬᠥᠷ ᠢ᠋ ᠬᠦᠨᠳᠦᠯᠡᠬᠦ᠂ ᠥᠪᠡᠷ ᠦ᠋ᠨ ᠠᠯᠪᠠᠲᠤ ᠬᠡᠦᠬᠡᠳ ᠢ᠋ᠶ᠋ᠡᠨ ᠠᠰᠠᠷᠠᠨ ᠲᠡᠵᠢᠭᠡᠬᠦ᠂ ᠨᠢᠯᠬ᠎ᠠ ᠬᠥᠪᠡᠭᠦᠨ ᠢ᠋ ᠠᠩᠬᠠᠷᠤᠨ ᠠᠰᠠᠷᠠᠨ ᠲᠡᠵᠢᠭᠡᠬᠦ᠂ ᠬᠠᠲᠠᠭᠤ ᠵᠣᠷᠢᠭ ᠢ᠋ᠶ᠋ᠠᠷ ᠪᠡᠶ᠎ᠡ ᠪᠡᠨ ᠬᠠᠳᠠᠭᠠᠯᠠᠬᠤ᠂ ᠡᠨᠡ ᠢᠨᠤ ᠳᠥᠷᠪᠡᠨ ᠡᠷᠳᠡᠮ ᠢ᠋ ᠬᠡᠯᠡᠵᠦᠬᠦᠢ᠃ ᠰᠠᠢᠬᠠᠨ ᠬᠥᠮᠦᠨ ᠡᠴᠡ ᠬᠡᠲᠦᠢᠳᠵᠦᠬᠦᠢ᠂ ᠲᠡᠷᠡ ᠢᠨᠤ ᠠᠯᠢ ᠪᠣᠢ ᠬᠡᠮᠡᠪᠡᠰᠦ ᠰᠣᠯᠤᠩᠭᠤᠸ᠎ᠠ ᠶ᠋ᠢᠨ ᠲᠠᠢᠽᠦ ᠠ᠋ᠴᠠ ᠭᠤᠶᠤᠭᠰᠠᠨ ᠭᠤᠷᠪᠠᠨ ᠭᠤᠶᠤᠳᠠᠯ – ᠲᠡᠷᠢᠭᠦᠨ ᠳ᠋ᠦ᠍ᠷ ᠡᠴᠢᠭᠡ ᠡᠬᠡ ᠳ᠋ᠡᠭᠡᠨ ᠡᠯᠪᠡᠷᠢᠯ ᠢ᠋ ᠭᠦᠢᠴᠡᠳᠬᠡᠪᠡ᠂ ᠬᠣᠶᠠᠷ ᠲᠤᠷ ᠦᠨᠳᠦᠰᠦ ᠪᠡᠨ ᠵᠠᠯᠭᠠᠮᠵᠢᠯᠠᠪᠠ᠂ ᠭᠤᠷᠪᠠᠨ ᠳ᠋ᠤᠷ ᠪᠡᠶ᠎ᠡ ᠪᠡᠨ ᠬᠠᠮᠠᠭᠠᠯᠠᠪᠠ᠃ ᠲᠡᠢᠨ ᠬᠦ᠌ ᠬᠡᠷᠡᠢᠳ ᠦ᠋ᠨ ᠵᠠᠭᠤᠨ ᠲᠦᠮᠡᠨ ᠢ᠋ᠶ᠋ᠡᠷ ᠵᠣᠪᠠᠯᠠᠩ ᠠ᠋ᠴᠠ ᠭᠡᠲᠦᠯᠵᠦ ᠨᠢᠭᠡᠨ ᠤᠯᠤᠰ ᠠᠮᠤᠷᠵᠢᠪᠠᠢ᠃ ᠲᠡᠢᠮᠦ ᠰᠡᠴᠡᠨ ᠥᠬᠢᠨ ᠡᠷᠲᠡᠨ ᠡᠴᠡ ᠡᠳᠦᠭᠡ ᠬᠦᠷᠴᠦ ᠢᠷᠡᠲᠡᠯ᠎ᠡ ᠬᠡᠳᠦ ᠭᠠᠷᠪᠠ ? ᠵᠢᠴᠢ ᠡᠭᠦᠨ ᠦ᠌ ᠵᠣᠷᠢᠭ ᠰᠡᠳᠬᠢᠯ ᠢ᠋ ᠬᠣᠢᠨ᠎ᠠ ᠵᠢᠴᠢ ᠦᠵᠡᠭᠳᠡᠬᠦᠢ᠂ ᠭᠠᠭᠴᠠ ᠥᠬᠢᠨ ᠪᠣᠯᠤᠭᠰᠠᠨ ᠢ᠋ᠶ᠋ᠠᠷ ᠤᠯᠤᠰ ᠭᠡᠷ ᠡᠴᠢᠭᠡ ᠠᠬ᠎ᠠ ᠪᠠᠨ ᠪᠦᠷᠢᠨ᠎ᠡ ᠡᠰᠡ ᠬᠠᠮᠠᠭᠠᠯᠠᠨ ᠴᠢᠳᠠᠵᠤᠬᠤᠢ᠃ ᠲᠡᠢᠨ ᠬᠦ᠌ ᠰᠤᠳᠤᠷᠴᠢ ᠪᠢ ᠾᠧ ᠸᠠᠩ ᠤ᠋ᠨ ᠵᠠᠮᠤᠬ᠎ᠠ ᠶ᠋ᠢ ᠳᠠᠭᠠᠭᠤᠯᠤᠭᠰᠠᠨ ᠲᠡᠷᠡ ᠪᠦᠯᠦᠭ ᠲᠣᠷ ᠳᠠᠷᠤᠢ ᠬᠡᠷᠡᠢᠳ ᠤᠯᠤᠰ ᠢ᠋ ᠮᠥᠬᠥᠪᠡ ᠭᠡᠮᠡᠨ ᠴᠣᠬᠣᠯᠠᠵᠤ᠂ ᠪᠠᠰᠠ ᠤᠳᠠᠭ᠎ᠠ ᠳᠠᠷᠠᠭ᠎ᠠ ᠰᠣᠯᠤᠩᠭᠤᠸ᠎ᠠ ᠥᠬᠢᠨ ᠢ᠋ ᠠᠬ᠎ᠠ ᠠ᠋ᠴᠠ ᠪᠠᠨ ᠳᠡᠭᠡᠷ᠎ᠡ᠂ ᠡᠬᠡᠨᠡᠷ ᠦ᠋ᠨ ᠳᠣᠲᠣᠷᠠᠬᠢ ᠡᠷ᠎ᠡ ᠪᠣᠯᠠᠢ ᠬᠡᠮᠡᠭᠰᠡᠨ ᠢᠨᠤ ᠡᠭᠦᠨ ᠳ᠋ᠦ᠍ᠷ ᠪᠣᠯᠠᠢ᠃ ᠵᠢᠴᠢ ᠡᠷᠲᠡᠨ ᠦ᠌ ᠳᠠᠩ ᠤᠯᠤᠰ ᠤ᠋ᠨ ᠮᠢᠩ ᠬᠤᠸᠠᠩ ᠳᠡᠭᠦᠦ ᠨᠠᠷ ᠯᠤᠭᠡ ᠪᠡᠨ ᠨᠢᠭᠡᠨ ᠬᠥᠨᠵᠢᠯᠡ ᠳᠡᠪᠢᠰᠬᠡᠷ ᠲᠣᠷ ᠬᠡᠪᠲᠡᠵᠦ ᠡᠯᠢᠭᠡᠰᠡᠭ ᠠᠮᠠᠷᠠᠭ ᠢ᠋ ᠦᠵᠡᠭᠦᠯᠪᠡᠴᠦ ᠳᠡᠭᠦᠦ ᠢᠨᠤ ᠮᠢᠩ ᠸᠠᠩ᠂ ᠮᠧᠢ ᠹᠧᠢ ᠪᠡᠷᠭᠡᠨ ᠶᠦ᠍ᠭᠡᠨ ᠪᠢᠴᠢᠬᠠᠨ ᠰᠤᠪᠤᠳᠯᠢᠭ᠋ ᠭᠤᠲᠤᠰᠤᠨ ᠢ᠋ ᠭᠢᠰᠬᠢᠵᠦ ᠮᠤᠯᠲᠤᠯᠤᠭᠰᠠᠨ ᠢ᠋ᠶ᠋ᠠᠷ ᠦᠵᠡᠬᠦᠯ᠎ᠡ᠂ ᠠᠬ᠎ᠠ ᠶᠤᠭᠠᠨ ᠰᠢᠲᠦᠭᠰᠡᠨ ᠦᠭᠡᠢ ᠶ᠋ᠢ ᠮᠡᠳᠡᠪᠡᠰᠦ ᠪᠣᠯᠬᠤ ᠪᠣᠯᠠᠢ᠃ ᠲᠠᠢᠽᠦ ᠶ᠋ᠢᠨ ᠳᠡᠭᠦᠦ ᠬᠠᠰᠠᠷ ᠲᠤᠷ ᠬᠡᠷᠬᠢᠨ ᠬᠦᠷᠴᠦ ᠴᠢᠳᠠᠮᠤᠢ !ᠬᠠᠰᠠᠷ ᠬᠡᠳᠦᠢᠪᠡᠷ ᠡᠮ᠎ᠡ ᠦᠷ᠎ᠡ ᠪᠠᠷᠢᠭᠳᠠᠵᠤ ᠪᠠᠢᠬᠤ ᠲᠤᠯᠠ ᠬᠤᠷᠤᠭᠤ ᠪᠠᠨ ᠡᠰᠬᠡᠵᠦ ᠲᠠᠩᠭᠠᠷᠢᠭᠯᠠᠨ ᠭᠠᠷ ᠢ᠋ᠶ᠋ᠠᠨ ᠬᠦᠯᠢᠭᠦᠯᠵᠦ ᠠᠷᠭᠠᠯᠠᠪᠠᠢ ᠊ᠶ᠎ᠠ᠃ ᠭᠡᠪᠡᠴᠦ ᠪᠤᠰᠤ ᠭᠤᠷᠪᠠᠨ ᠳᠡᠭᠦᠦ ᠢᠨᠤ ᠪᠠᠰᠠ ᠨᠢᠭᠡᠨ ᠠᠳᠠᠯᠢ ᠴᠢᠰᠤ ᠭᠠᠷᠭᠠᠭᠰᠠᠨ ᠠᠨᠤ ᠲᠡᠳᠡᠨ ᠦ᠌ ᠡᠮ᠎ᠡ ᠦᠷ᠎ᠡ ᠪᠠᠰᠠ ᠬᠡᠷᠡᠢᠳ ᠲᠣᠷ ᠪᠠᠷᠢᠭᠳᠠᠪᠠᠤ ? ᠠᠶ᠎ᠠ ᠲᠡᠢᠮᠦ ᠪᠤᠰᠤ᠂ ᠲᠡᠳᠡᠭᠡᠷ ᠴᠥᠮ ᠲᠠᠢᠽᠦ ᠶ᠋ᠢᠨ ᠨᠢᠭᠡᠬᠡᠨ ᠪᠤᠯᠠᠩᠭᠢᠷ ᠤᠰᠤᠨ ᠢ᠋ ᠤᠤᠭᠤᠵᠤ᠂ ᠴᠢᠬᠢᠲᠡᠢ ᠶ᠋ᠢᠨ ᠮᠢᠬ᠎ᠠ ᠶ᠋ᠢ ᠢᠳᠡᠭᠰᠡᠨ ᠤᠴᠢᠷ ᠲᠤ᠌ ᠣᠯᠠᠨ ᠤ᠋ ᠰᠡᠳᠬᠢᠯ ᠰᠢᠲᠦᠭᠰᠡᠨ ᠦ᠌ ᠰᠢᠯᠲᠠᠭᠠᠨ ᠪᠣᠢ ᠊ᠶ᠎ᠠ᠃ ᠣᠨᠴᠠ ᠬᠠᠰᠠᠷ ᠤ᠋ᠨ ᠡᠮ᠎ᠡ ᠦᠷ᠎ᠡ ᠪᠠᠷᠢᠭᠳᠠᠭᠰᠠᠨ ᠤ᠋ ᠤᠴᠢᠷ ᠲᠤᠷ ᠪᠤᠰᠤ ᠪᠢᠰᠢ ᠦᠦ ? ᠭᠠᠭᠴᠠ ᠭᠠᠢᠬᠠᠯᠲᠠᠢ ᠪᠥᠭᠡᠳ ᠰᠦᠰᠦᠭᠯᠡᠯᠲᠡᠢ ᠢᠨᠤ᠂ ᠨᠢᠭᠡᠬᠡᠨ ᠲᠠᠢᠽᠦ ᠶ᠋ᠢᠨ ᠳᠡᠭᠦᠦ ᠶ᠋ᠢᠨ ᠲᠥᠯᠥᠭᠡ ᠲᠡᠷᠡ ᠪᠤᠵᠠᠷ ᠤᠰᠤᠨ ᠢ᠋ ᠤᠤᠭᠤᠵᠤ᠂ ᠲᠡᠷᠡ ᠰᠢᠷᠠᠭᠰᠠᠨ ᠮᠢᠬ᠎ᠠ ᠶ᠋ᠢ ᠢᠳᠡᠭᠰᠡᠨ ᠳ᠋ᠦ᠍ᠷ ᠪᠣᠯᠠᠢ᠃ ᠲᠡᠢᠨ ᠬᠦ᠌ ᠭᠠᠭᠴᠠ ᠲᠠᠢᠽᠦ ᠶ᠋ᠢᠨ ᠳᠡᠭᠦᠦ ᠢᠨᠤ᠂ ᠮᠢᠩ ᠬᠤᠸᠠᠩ ᠤ᠋ᠨ ᠳᠡᠭᠦᠦ ᠪᠤᠰᠤ ᠪᠢᠰᠢ ᠦᠦ ! ᠲᠠᠢᠽᠦ ᠶ᠋ᠢᠨ ᠪᠡᠶ᠎ᠡ ᠪᠣᠯᠪᠠᠴᠤ ᠮᠢᠩ ᠬᠤᠸᠠᠩ ᠤ᠋ᠨ ᠪᠡᠶ᠎ᠡ ᠡᠴᠡ ᠳᠡᠭᠡᠷ᠎ᠡ ᠲᠤᠯᠠ ᠡᠳᠡᠨ ᠦ᠌ ᠠᠬ᠎ᠠ ᠳᠡᠭᠦᠦ᠂ ᠨᠠᠢᠷ ᠵᠢᠷᠤᠮ ᠤ᠋ᠨ ᠡᠷᠲᠡᠨ ᠦ᠌ ᠨᠠᠢᠷᠲᠠᠢ ᠠᠮᠠᠷᠠᠭ ᠠᠬ᠎ᠠ ᠳᠡᠭᠦᠦ ᠡᠴᠡ ᠬᠡᠲᠦᠢᠳᠪᠡ ᠬᠡᠮᠡᠪᠡ᠃ ᠮᠢᠩ ᠬᠤᠸᠠᠩ ᠤ᠋ᠨ ᠭᠤᠷᠪᠠᠨ ᠬᠥᠪᠡᠭᠦᠨ ᠢ᠋ᠶ᠋ᠡᠨ ᠬᠠᠮᠲᠤ ᠦᠬᠦᠭᠦᠯᠦᠭᠰᠡᠨ ᠡᠴᠢᠭᠡ ᠳᠡᠭᠦᠦ ᠨᠠᠷ ᠢ᠋ᠶ᠋ᠠᠨ ᠲᠡᠷᠡ ᠮᠡᠲᠦ ᠰᠠᠨᠠᠪᠠ ᠬᠡᠮᠡᠬᠦ ᠶ᠋ᠢ ᠮᠡᠷᠭᠡᠳ ᠲᠠ ᠪᠠᠷ ᠢᠲᠡᠭᠡᠮᠦᠢ ᠦᠦ ᠦᠭᠡᠢ ᠦᠦ ? ᠲᠥᠷᠥᠭᠰᠡᠨ ᠦᠷ᠎ᠡ ᠳ᠋ᠦ᠍ᠷ ᠠᠰᠠᠷᠠᠯ ᠦᠭᠡᠢ ᠡᠴᠢᠭᠡ᠂ ᠲᠦᠪᠡᠭᠳᠡᠭᠰᠡᠨ ᠳᠡᠭᠦᠦ ᠨᠠᠷ ᠲᠠᠭᠠᠨ ᠲᠡᠷᠡ ᠮᠡᠲᠦ ᠡᠯᠢᠭᠡᠰᠡᠭ ᠬᠡᠮᠡᠬᠦ ᠶ᠋ᠢ ᠬᠡᠨ ᠢᠲᠡᠭᠡᠬᠦ ᠪᠣᠢ!  ᠭᠠᠭᠴᠠ ᠬᠠᠭᠤᠷᠮᠠᠭ ᠳᠦᠷᠰᠦ ᠪᠣᠯᠠᠢ᠂ ᠲᠥᠷᠥᠭᠰᠡᠨ ᠠᠬ᠎ᠠ ᠳᠡᠭᠦᠦ ᠳ᠋ᠦ᠍ᠷ ᠬᠠᠭᠤᠷᠮᠠᠭ ᠢ᠋ ᠬᠡᠷᠡᠭᠯᠡᠪᠡᠰᠦ ᠥᠪᠡᠷ᠎ᠡ ᠶ᠋ᠢ ᠨᠡᠩ ᠬᠦᠨᠳᠦ ᠶ᠋ᠢ ᠶᠠᠭᠤᠨ ᠤ᠋ ᠬᠡᠯᠡᠬᠦ ᠠᠵᠢ!  ᠲᠡᠢᠨ ᠬᠦ᠌ ᠶᠠᠭᠤᠨ ᠢ᠋ ᠲᠠᠢᠽᠦ ᠶ᠋ᠢᠨ ᠴᠢᠩ ᠦᠨᠡᠨ ᠳ᠋ᠦ᠍ᠷ ᠬᠦᠷᠴᠦ ᠴᠢᠳᠠᠬᠤ ᠠᠵᠢ ! ᠲᠠᠢᠽᠦ ᠶ᠋ᠢᠨ ᠳᠡᠭᠦᠦ ᠶ᠋ᠢᠨ ᠲᠥᠯᠥᠭᠡ ᠠᠮᠢ ᠪᠠᠨ ᠲᠠᠯᠪᠢᠭᠰᠠᠨ ᠠᠨᠤ ᠭᠠᠭᠴᠠ ᠡᠨᠡ ᠨᠢᠭᠡᠬᠡᠨ ᠤᠳᠠᠭ᠎ᠠ ᠪᠤᠰᠤ᠂ ᠬᠡᠷᠡᠢᠳ ᠦ᠋ᠨ ᠰᠣᠯᠤᠩᠭᠤᠸ᠎ᠠ ᠥᠬᠢᠨ ᠢ᠋ ᠪᠡᠯᠭᠦᠳᠡᠢ ᠳ᠋ᠡᠭᠡᠨ ᠠᠪᠴᠤ ᠥᠭᠰᠦᠭᠡᠢ ᠬᠡᠮᠡᠵᠦ ᠬᠡᠷᠦᠯᠦᠨ ᠦ᠌ ᠬᠤᠷᠢᠮ ᠳ᠋ᠤᠷ ᠡᠴᠢᠭᠰᠡᠨ ᠢ᠋ ᠮᠡᠷᠭᠡᠳ ᠢ᠋ᠶ᠋ᠡᠷ ᠤᠮᠠᠷᠲᠠᠭᠠᠳᠤᠢ ᠪᠣᠢ ᠊ᠶ᠎ᠠ !ᠡᠨᠡ ᠮᠡᠲᠦ ᠳ᠋ᠦ᠍ᠷ ᠲᠥᠷᠥᠭᠰᠡᠨ ᠠᠬ᠎ᠠ ᠳᠡᠭᠦᠦ ᠠᠮᠢ ᠪᠠᠨ ᠲᠠᠯᠪᠢᠬᠤ ᠶ᠋ᠢ ᠴᠦ᠍ ᠪᠠᠢᠲᠤᠭᠠᠢ᠂ ᠲᠦᠮᠡᠨ ᠴᠡᠷᠢᠭ ᠦᠬᠦᠨ ᠵᠢᠳᠬᠦᠯ ᠦᠭᠡᠢ ᠬᠠᠮᠢᠭᠠᠰᠢ ᠡᠴᠢᠮᠦᠢ ? ᠡᠷᠲᠡᠨ ᠦ᠌ ᠱᠠᠩ ᠤᠯᠤᠰ ᠤ᠋ᠨ ᠮᠣᠵᠢ ᠶ᠋ᠢᠨ ᠪᠡᠢᠰᠡ ᠬᠦ᠌ ᠰᠦ᠍ ᠤᠯᠤᠰ ᠤ᠋ᠨ ᠡᠵᠡᠳ ᠮᠦᠸᠧ ᠲᠡᠢ ᠠᠢᠮᠠᠭ ᠲᠤᠷ ᠱᠤ᠌ ᠴᠢ ᠳ᠋ᠦ᠍ ᠡᠰᠡ ᠬᠦᠷᠪᠡᠰᠦ ᠵᠧᠦ ᠤᠯᠤᠰ ᠤ᠋ᠨ ᠡᠦ ᠸᠠᠩ᠂ ᠵᠧᠦ ᠬᠦᠩ᠂ ᠱᠤ᠌ ᠬᠦᠩ ᠡᠨᠡ ᠠᠬ᠎ᠠ ᠳᠡᠭᠦᠦ ᠭᠤᠷᠪᠠᠭᠤᠯᠠ ᠠ᠋ᠴᠠ ᠳᠣᠣᠷ᠎ᠠ ᠦᠭᠡᠢ ᠪᠣᠯᠠᠢ ᠬᠡᠮᠡᠵᠦᠬᠦᠢ᠃