ᠬᠥᠬᠡ ᠰᠤᠳᠤᠷ - ᠢᠨᠵᠠᠨᠨᠠᠰᠢ < ᠬᠣᠷᠢᠨ ᠳᠣᠯᠣᠳᠤᠭᠠᠷ ᠪᠦᠯᠦᠭ > Хөх судар - Инжинаш <Хорин долдугар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠬᠣᠷᠢᠨ ᠳᠣᠯᠣᠳᠤᠭᠠᠷ ᠪᠦᠯᠦᠭ > Хөх судар - Инжинаш <Хорин долдугар бүлэг >

ᠬᠥᠬᠡ ᠰᠤᠳᠤᠷ - ᠢᠨᠵᠠᠨᠨᠠᠰᠢ < ᠬᠣᠷᠢᠨ ᠳᠣᠯᠣᠳᠤᠭᠠᠷ ᠪᠦᠯᠦᠭ > Хөх судар - Инжинаш <Хорин долдугар бүлэг >

ᠠᠩᠭᠢᠯᠠᠯ:ᠲᠡᠦᠬᠡ ᠰᠣᠶᠣᠯ
2023-08-22

254

ᠡᠯᠢᠭᠡᠰᠡᠭ ᠠᠬ᠎ᠠ ᠳᠡᠭᠦᠦ ᠶ᠋ᠢᠨ ᠣᠴᠢᠷ᠎ᠠ ᠬᠣᠶᠠᠷ ᠵᠢᠯ ᠡᠰᠡᠷᠭᠦᠯᠡᠨ ᠪᠠᠢᠯᠳᠤᠭᠰᠠᠭᠠᠷ ᠰᠢᠨᠡᠯᠡᠪᠡ

ᠡᠷᠬᠡᠲᠦ ᠰᠠᠢᠳ ᠡᠵᠡᠨ ᠢᠶᠡᠨ ᠲᠥᠯᠥᠭᠡ ᠭᠤᠷᠪᠠᠨ ᠦᠶ᠎ᠡ ᠡᠯᠳᠡᠪᠴᠢᠯᠡᠨ ᠪᠡᠯᠭᠡᠯᠡᠵᠦ ᠰᠢᠨᠵᠢᠯᠡᠪᠡ

              
                 ᠬᠣᠷᠢᠨ ᠳᠣᠯᠣᠳᠤᠭᠠᠷ ᠪᠦᠯᠦᠭ 
                                 ᠰᠥᠩ ᠨᠢᠩᠽᠦ᠋ᠩ ᠦ᠋ᠨ ᠴᠢᠩ  ᠶᠤᠸᠠᠨ ᠤ᠋ ᠲᠠᠪᠤᠳᠤᠭᠠᠷ ᠣᠨ ᠂ ᠠᠯᠲᠠᠨ ᠤᠯᠤᠰ ᠤ᠋ᠨ  ᠵᠠᠩᠽᠦ᠋ᠩ ᠬᠠᠭᠠᠨ ᠤ᠋ 
                                 ᠴᠧᠩ ᠠᠨ ᠤ᠋ ᠳᠥᠷᠪᠡᠳᠦᠭᠡᠷ ᠣᠨ᠂ ᠲᠠᠢᠽᠦ ᠭᠤᠴᠢᠨ ᠨᠠᠢ᠍ᠮᠠᠨ ᠰᠡᠭᠦᠳᠡᠷ ᠲᠡᠢ᠂ ᠰᠢᠷᠬᠠᠴᠢᠨ ᠬᠣᠨᠢᠨ ᠵᠢᠯ ᠪᠠᠢᠭᠰᠠᠭᠠᠷ

                ᠡᠯᠢᠭᠡᠰᠡᠭ ᠠᠬ᠎ᠠ ᠳᠡᠭᠦᠦ ᠶ᠋ᠢᠨ ᠣᠴᠢᠷ᠎ᠠ ᠬᠣᠶᠠᠷ ᠵᠢᠯ ᠡᠰᠡᠷᠭᠦᠯᠡᠨ ᠪᠠᠢᠯᠳᠤᠭᠰᠠᠭᠠᠷ ᠰᠢᠨᠠᠯᠠᠪᠠ 
            ᠡᠷᠬᠡᠲᠦ ᠰᠠᠢᠳ ᠡᠵᠡᠨ ᠢ᠋ᠶ᠋ᠡᠨ ᠲᠥᠯᠥᠭᠡ ᠭᠤᠷᠪᠠᠨ ᠦᠶ᠎ᠡ ᠡᠯᠳᠡᠪᠴᠢᠯᠡᠨ ᠪᠡᠯᠭᠡᠯᠡᠵᠦ ᠰᠢᠨᠵᠢᠯᠡᠪᠡ  
           
                     ᠡᠷᠳᠡᠮᠲᠦ ᠲᠠᠢᠽᠦ ᠶ᠋ᠢᠨ ᠲᠠᠪᠤᠨ ᠡᠭᠦᠷᠢᠳᠡ ᠶ᠋ᠢᠨ ᠴᠣᠭᠴᠠ ᠪᠡᠶ᠎ᠡ ᠲᠥᠷᠥᠯᠬᠢ 
                     ᠡᠷᠬᠡᠲᠦ ᠮᠤᠬᠤᠯᠢ ᠶ᠋ᠢᠨ ᠠᠷᠭ᠎ᠠ ᠪᠢᠯᠢᠭ ᠦ᠋ᠨ ᠴᠢᠳᠠᠯ ᠤᠬᠠᠭᠠᠨ ᠤᠷᠭᠤᠮᠠᠯ ᠂ 
                     ᠡᠮᠡᠴᠢᠷ ᠲᠤᠭᠤᠷᠢᠯ ᠤ᠋ᠨ ᠬᠡᠯᠪᠡᠢᠭᠦᠦ ᠲᠠᠰᠢᠮᠠᠭᠠᠢ ᠶ᠋ᠢᠨ ᠵᠠᠩ ᠰᠠᠨᠠᠭᠠᠨ ᠵᠢᠭᠰᠢᠭᠦᠷᠢᠲᠡᠢ 
                     ᠡᠪᠳᠡᠷᠬᠡᠢ ᠵᠠᠮᠤᠬ᠎ᠠ ᠶ᠋ᠢᠨ ᠵᠠᠯᠢᠬᠠᠢ ᠵᠢᠰᠤᠷ ᠤ᠋ᠨ ᠮᠡᠬᠡ ᠵᠠᠯᠢ ᠵᠢᠪᠡᠭᠦᠷᠡᠯᠲᠡᠢ ᠃ 

        ᠲᠡᠨᠳᠡᠴᠡ ᠪᠧᠲ᠋ᠠ᠋ ᠠ᠋ᠤᠯᠤᠰ ᠤ᠋ᠨ ᠠᠷᠪᠠᠨ ᠠᠩᠭᠢ ᠴᠡᠷᠢᠭ ᠡᠴᠡ ᠬᠡᠳᠦᠢ ᠥᠨᠳᠥᠷ ᠰᠡᠴᠡᠨ ᠠᠯᠳᠠᠭᠰᠠᠨ ᠪᠣᠯᠪᠠᠴᠤ ᠡᠨᠡ ᠤᠳᠠᠭ᠎ᠠ ᠶ᠋ᠢᠨ ᠣᠯᠵᠠᠯᠠᠭᠰᠠᠨ ᠠᠨᠤ ᠠᠰᠤᠷᠤ ᠣᠯᠠᠨ ᠲᠤᠯᠠ ᠶᠡᠬᠡ ᠴᠡᠷᠢᠭ ᠲᠦ᠍ᠷ ᠲᠦᠭᠡᠭᠡᠨ ᠱᠠᠩᠨᠠᠪᠠᠢ᠃ ᠡᠭᠦᠨ ᠢ᠋ ᠲᠦᠷ ᠵᠣᠭᠰᠣᠵᠤ᠂ ᠡᠷᠭᠢᠵᠦ ᠳᠤᠲᠠᠭᠠᠬᠤ ᠬᠡᠷᠡᠢᠳ ᠢ᠋ ᠬᠡᠯᠡᠬᠦ ᠢᠨᠤ: ᠳᠡᠭᠦᠴᠢᠯᠡᠨ ᠸᠠᠩ ᠬᠠᠭᠠᠨ ᠰᠡᠭᠦᠵᠢ ᠪᠡᠨ ᠰᠡᠲᠡᠯᠦᠭᠳᠡᠭᠡᠳ ᠰᠡᠬᠡᠭᠦᠯᠦᠨ ᠡᠪᠡᠷᠰᠢᠶᠡᠵᠦ᠂ ᠪᠠᠰᠠ ᠣᠯᠠᠨ ᠴᠡᠷᠢᠭ ᠡᠴᠡ ᠵᠠᠮᠤᠬ᠎ᠠ ᠶ᠋ᠢᠨ ᠮᠡᠬᠡᠯᠡᠭᠰᠡᠨ ᠢ᠋ ᠰᠣᠨᠣᠰᠴᠤ ᠶᠡᠬᠡᠯ᠎ᠡ ᠬᠣᠷᠣᠰᠴᠤ ᠲᠠᠰᠢᠭᠤᠷ ᠢ᠋ᠶ᠋ᠠᠨ ᠲᠠᠰᠤ ᠴᠠᠪᠴᠢᠨ ᠲᠠᠩᠭᠠᠷᠢᠭ᠍ᠯᠠᠨ᠂ ᠵᠠᠮᠤᠬ᠎ᠠ ᠶ᠋ᠢ ᠠᠯᠠᠶ᠎ᠠ ᠬᠡᠮᠡᠭᠰᠡᠨ ᠢ᠋ ᠵᠠᠮᠤᠬ᠎ᠠ  ᠯᠤᠭ᠎ᠠ ᠨᠠᠢᠷ ᠲᠠᠢ ᠴᠡᠷᠢᠭ ᠲᠡᠭᠦᠨ ᠳ᠋ᠦ᠍ᠷ ᠬᠡᠯᠡᠵᠦ ᠥᠭᠭᠦᠭᠰᠡᠨ᠎ᠡ᠂ ᠵᠠᠮᠤᠬ᠎ᠠ ᠶᠡᠬᠡᠯ᠎ᠡ ᠠᠶᠤᠵᠤ᠂ ᠡᠷᠲᠡ ᠣᠷᠣᠢ ᠲᠡᠭᠦᠨ ᠳ᠋ᠦ᠍ᠷ ᠠᠯᠠᠭᠳᠠᠬᠤ ᠠ᠋ᠴᠠ ᠡᠷᠳᠡᠰᠡ ᠪᠢ ᠲᠡᠭᠦᠨ ᠢ᠋ ᠠᠯᠠᠬᠤᠢ ᠳ᠋ᠤᠷ ᠬᠦᠷᠬᠦ ᠦᠭᠡᠢ᠂ ᠡᠭᠦᠨ ᠦ᠌ ᠨᠠᠮᠠᠶ᠋ᠢ ᠵᠠᠨᠤᠭᠰᠠᠨ ᠠᠨᠤ ᠨᠢᠭᠡᠬᠡᠨ ᠤᠳᠠᠭ᠎ᠠ ᠪᠤᠰᠤ ! ᠬᠡᠮᠡᠵᠦ ᠭᠡᠨᠡᠳᠲᠡ ᠨᠢᠭᠡᠨ ᠠᠷᠭ᠎ᠠ ᠣᠯᠵᠤ ᠶᠠᠭᠠᠷᠠᠨ ᠠᠷᠳᠠ᠂ ᠬᠤᠰᠠᠭᠤᠷ᠂ ᠳᠡᠯᠵᠢᠲᠠᠢ ᠭᠤᠷᠪᠠᠭᠤᠯᠠ ᠶ᠋ᠢ ᠵᠠᠯᠠᠵᠤ ᠠᠷᠢᠬᠢᠳᠠᠨ ᠥᠭᠦᠯᠡᠷᠦᠨ : 《ᠸᠠᠩ ᠬᠠᠭᠠᠨ ᠪᠢᠳᠡ ᠳᠥᠷᠪᠡᠭᠦᠯᠡ ᠶ᠋ᠢ ᠡᠨᠡ ᠰᠥᠨᠢ ᠪᠠᠷᠢᠵᠤ ᠪᠧᠲ᠋ᠠ᠋ ᠤᠯᠤᠰ ᠲᠤ᠌ ᠬᠦᠷᠭᠡᠬᠦ ᠪᠡᠷ ᠨᠢᠭᠡᠨᠲᠡ ᠲᠣᠭᠲᠠᠪᠠ᠃ ᠣᠳᠣ ᠪᠢᠳᠡ ᠤᠷᠤᠭᠰᠢᠯᠠᠨ ᠭᠠᠷ ᠬᠥᠳᠡᠯᠵᠦ ᠲᠡᠭᠦᠨ ᠢ᠋ ᠠᠯᠠᠭᠠᠳ ᠬᠥᠪᠡᠭᠦᠨ ᠢ᠋ ᠰᠠᠭᠤᠯᠭᠠᠪᠠᠰᠤ᠂ ᠬᠡᠷᠡᠢᠳ ᠤᠯᠤᠰ ᠴᠥᠮ ᠮᠠᠨ ᠤ᠋ ᠪᠣᠯᠬᠤ ᠦᠭᠡᠢ ᠦᠦ ? 》ᠬᠡᠮᠡᠭᠰᠡᠨ᠎ᠡ᠂ ᠲᠡᠷᠡ ᠭᠤᠷᠪᠠᠭᠤᠯᠠ ᠶᠡᠬᠡᠯ᠎ᠡ ᠴᠢᠬᠤᠯᠳᠠᠵᠤ ᠳᠠᠷᠤᠢ ᠬᠠᠷᠢᠶᠠᠲᠤ ᠴᠡᠷᠢᠭ ᠢ᠋ᠶ᠋ᠡᠨ ᠠᠪᠴᠤ ᠰᠢᠭᠤᠳ  ᠲᠠᠢᠽᠢ ᠢᠯᠠᠭᠤ ᠶ᠋ᠢᠨ ᠪᠠᠭᠤᠳᠠᠯ ᠢ᠋ ᠬᠠᠭᠠᠵᠤ ᠥᠭᠦᠯᠡᠷᠦᠨ :《ᠪᠢᠳᠡᠨ ᠢ᠋ ᠤᠭ ᠰᠡᠳᠬᠢᠯ ᠴᠢᠮ᠎ᠠ ᠳ᠋ᠤᠷ ᠪᠥᠯᠥᠭᠡ᠃ ᠡᠳᠦᠭᠡ ᠰᠠᠨᠠᠮᠰᠠᠷ ᠦᠭᠡᠢ ᠬᠠᠷᠠᠩᠭᠤᠢ ᠬᠠᠭᠠᠨ  ᠲᠠᠢᠽᠢ ᠴᠢᠮ᠎ᠠ  ᠯᠤᠭ᠎ᠠ ᠪᠢᠳᠡ ᠲᠠᠪᠤᠭᠤᠯᠠ ᠶ᠋ᠢ ᠬᠠᠮᠲᠤ ᠪᠠᠷᠢᠵᠤ ᠂ ᠪᠧᠲ᠋ᠠ᠋ ᠤᠯᠤᠰ ᠤ᠋ᠨ ᠬᠦᠷᠢᠶ᠎ᠡ ᠳ᠋ᠦ᠍ᠷ ᠬᠦᠷᠭᠡᠵᠦ ᠶᠠᠯ᠎ᠠ ᠬᠦᠯᠢᠶᠡᠮᠦᠢ ᠭᠡᠮᠡᠨ ᠨᠢᠭᠡᠨᠲᠡ ᠲᠣᠭᠲᠠᠪᠠ᠃ ᠴᠢ ᠡᠰᠡ ᠢᠲᠡᠭᠡᠪᠡᠰᠦ  ᠫᠤᠯᠭᠤᠳᠠᠢ ᠶ᠋ᠢᠨ ᠢᠷᠡᠭᠰᠡᠨ ᠢ᠋ ᠦᠵᠡᠬᠦ ᠦᠭᠡᠢ ᠦᠦ ? ᠡᠨᠡ ᠰᠥᠨᠢ ᠪᠢᠳᠡ ᠠᠮᠢᠨ ᠳ᠋ᠦᠷ ᠬᠦᠷᠦᠭᠰᠡᠨ ᠲᠤᠯᠠ ᠬᠠᠷᠠᠩᠭᠤᠢ ᠶ᠋ᠢ ᠠᠷᠢᠯᠭᠠᠵᠤ ᠭᠡᠭᠡᠬᠡᠨ ᠢ᠋ ᠰᠠᠭᠤᠯᠭᠠᠮᠤᠢ ! 》 ᠬᠡᠮᠡᠵᠦ ᠢᠯᠳᠦ ᠰᠤᠭᠤᠯᠤᠭᠰᠠᠨ᠎ᠠ ᠢᠯᠠᠭᠤ ᠠᠩᠬᠠᠨ ᠳ᠋ᠤᠷ ᠲᠡᠭᠦᠨ ᠢ᠋ ᠪᠠᠷᠢᠮᠤᠢ ᠬᠡᠮᠡᠬᠦ ᠶ᠋ᠢ ᠰᠣᠨᠣᠰᠴᠤ᠂ ᠡᠴᠢᠭᠡ ᠪᠡᠨ ᠲᠠᠪᠤᠨ ᠬᠤᠪᠢ ᠠᠯᠠᠬᠤ ᠰᠡᠳᠬᠢᠯ ᠲᠥᠷᠥᠭᠰᠡᠨ ᠪᠥᠯᠥᠭᠡ᠃ ᠳᠤᠮᠳᠠᠳᠤ ᠳ᠋ᠤᠷ ᠲᠡᠭᠦᠨ ᠦ᠌ ᠪᠡᠶ᠎ᠡ ᠶ᠋ᠢ ᠬᠠᠭᠠᠨ ᠰᠠᠭᠤᠯᠭᠠᠮᠤᠢ ᠬᠡᠮᠡᠬᠦᠢ ᠳ᠋ᠦ᠍ᠷ ᠰᠡᠳᠬᠢᠯ ᠠᠷᠪᠠᠨ ᠬᠤᠪᠢ ᠲᠣᠭᠲᠠᠪᠠ᠃ ᠰᠡᠭᠦᠯ ᠳ᠋ᠦ᠍ᠷ ᠪᠠᠰᠠ ᠴᠢ ᠡᠰᠡ ᠬᠦᠯᠢᠶᠡᠪᠡᠰᠦ ᠴᠢᠮᠠᠶ᠋ᠢ  ᠪᠠᠰᠠ ᠠᠯᠠᠭᠠᠳ ᠴᠢᠨᠦ ᠳᠡᠭᠦᠦ ᠲᠤᠰᠬᠤ ᠶ᠋ᠢ ᠰᠠᠭᠤᠯᠭᠠᠮᠤᠢ ᠭᠡᠮᠡᠨ ᠬᠡᠯᠡᠬᠦ ᠶ᠋ᠢ ᠰᠣᠨᠣᠰᠴᠤ ᠰᠡᠳᠬᠢᠯ ᠳ᠋ᠦ᠍ᠷ ᠢᠨᠦ ᠠᠷᠪᠠᠨ ᠬᠤᠪᠢ ᠠᠯᠠᠬᠤ ᠪᠠᠷ ᠲᠣᠭᠲᠠᠵᠤ᠂ ᠢᠨᠢᠶᠡᠨ ᠥᠭᠦᠯᠡᠷᠦᠨ : 《ᠣᠯᠠᠨ ᠤ᠋ ᠰᠡᠳᠬᠢᠯ ᠢ᠋ ᠪᠢ ᠬᠡᠷᠬᠢᠬᠦ ? 》ᠬᠡᠮᠡᠭᠰᠡᠨ ᠳ᠋ᠦ᠍ᠷ ᠵᠠᠮᠤᠬ᠎ᠠ : 《ᠵᠠ ᠂ ᠪᠣᠯᠪᠠ ! 》 ᠬᠡᠮᠡᠭᠡᠳ ᠸᠠᠩ ᠬᠠᠭᠠᠨ ᠢ᠋ ᠠᠯᠠᠷ᠎ᠠ ᠳᠣᠪᠲᠣᠯᠪᠠ᠃ ᠡᠨᠡ ᠦᠶ᠎ᠡ ᠳ᠋ᠦ᠍ᠷ ᠥᠬᠢᠨ ᠰᠣᠯᠤᠩᠭᠤᠸ᠎ᠠ ᠡᠴᠢᠭᠡ ᠪᠡᠨ ᠭᠠᠷᠤᠭᠰᠠᠨ ᠠ᠋ᠴᠠ ᠰᠡᠳᠬᠢᠯ ᠠᠮᠤᠷ ᠦᠭᠡᠢ ᠳᠠᠷᠠᠭ᠎ᠠ ᠪᠠᠷ ᠰᠥᠨᠢ ᠵᠡᠭᠦᠳᠦᠨ ᠳ᠋ᠦ᠍ᠷ ᠡᠴᠢᠭᠡ ᠢᠨᠤ ᠲᠡᠭᠦᠨ ᠦ᠌ ᠬᠠᠭᠠᠰ ᠲᠣᠯᠣᠭᠠᠢ ᠪᠠ ᠪᠡᠶ᠎ᠡ ᠶ᠋ᠢ ᠦᠬᠡᠷ ᠦ᠋ᠨ ᠱᠠᠯᠵᠠ ᠰᠢᠭ᠋ ᠰᠢᠷᠠᠵᠤ ᠢᠳᠡᠮᠦᠢ ᠭᠡᠮᠡᠨ ᠵᠡᠭᠦᠳᠦᠯᠡᠭᠡᠳ ᠶᠡᠬᠡᠯ᠎ᠡ ᠰᠡᠵᠢᠭᠯᠡᠵᠦ᠂ ᠪᠥᠬᠡ ᠣᠩᠭᠣᠳ ᠬᠢᠭᠡᠳ ᠴᠠᠭᠠᠨ ᠡᠯᠢᠶ᠎ᠡ ᠶ᠋ᠢᠨ ᠵᠦᠢᠯ ᠢ᠋ᠶ᠋ᠡᠷ ᠦᠵᠡᠭᠦᠯᠪᠡᠰᠦ ᠴᠥᠮ ᠮᠠᠭᠤ ᠬᠡᠮᠡᠬᠦᠢ ᠳ᠋ᠦ᠍ᠷ ᠴᠡᠷᠢᠭ ᠡᠭᠡᠭᠲᠦᠨ ᠭᠡᠮᠡᠨ ᠢᠳᠬᠠᠯ ᠤ᠋ᠨ ᠪᠢᠴᠢᠭ ᠬᠢᠵᠦ  ᠫᠤᠯᠭᠤᠳᠠᠢ ᠶ᠋ᠢ ᠵᠠᠷᠤᠪᠠᠢ᠃  ᠫᠤᠯᠭᠤᠳᠠᠢ ᠢᠷᠠᠪᠠᠰᠤ ᠴᠢᠪᠬᠢᠲᠡᠯ᠎ᠡ ᠴᠡᠷᠢᠭ ᠳᠠᠷᠤᠭᠳᠠᠵᠤ᠂ ᠪᠣᠢ ᠪᠦᠬᠦᠢ ᠪᠡᠨ ᠴᠥᠮ  ᠪᠤᠯᠢᠶᠠᠭᠳᠠᠨ ᠬᠠᠭᠤᠴᠢᠨ ᠪᠠᠭᠤᠳᠠᠯ ᠳ᠋ᠤᠷ ᠢ᠋ᠶ᠋ᠠᠨ ᠡᠭᠡᠵᠦ ᠢᠷᠡᠪᠡ᠃ ᠮᠤᠩᠳᠠᠴᠢ ᠤᠭ ᠪᠠᠭᠤᠳᠠᠯ ᠢ᠋ ᠠᠪᠴᠤ ᠬᠥᠳᠡᠯᠦᠭᠰᠡᠨ ᠦᠭᠡᠢ᠃ ᠲᠡᠳᠦᠢ  ᠫᠤᠯᠭᠤᠳᠠᠢ ᠰᠡᠷᠭᠦᠯᠡᠩ ᠭᠦᠩᠵᠦ ᠶ᠋ᠢᠨ ᠢᠳᠬᠠᠯ ᠤ᠋ᠨ ᠪᠢᠴᠢᠭ ᠢ᠋ ᠪᠠᠷᠢᠵᠤ ᠤᠬᠢᠯᠠᠨ ᠰᠥᠭᠥᠳᠴᠦ ᠬᠣᠷᠢᠭ᠍ᠯᠠᠨ ᠮᠥᠷᠭᠥᠬᠦᠶ᠎ᠡ᠂ ᠸᠠᠩ ᠬᠠᠭᠠᠨ ᠰᠢᠷᠬ᠎ᠠ ᠪᠠᠨ ᠦᠵᠡᠭᠦᠯᠵᠦ᠂ ᠨᠢᠳᠦᠨ ᠡᠴᠡ ᠨᠢᠯᠪᠤᠰᠤᠨ ᠴᠤᠪᠤᠷᠢᠭᠤᠯᠵᠤ᠂ ᠶᠡᠬᠡᠯ᠎ᠡ ᠡᠮᠭᠡᠨᠢᠨ ᠡᠪᠡᠷᠰᠢᠶᠡᠵᠦ ᠥᠭᠦᠯᠡᠷᠦᠨ :  《ᠠᠶ᠎ᠠ < ᠬᠥᠮᠦᠨ ᠬᠥᠭᠰᠢᠷᠡᠪᠡᠰᠦ ᠬᠡᠦᠬᠡᠳ ᠦ᠋ᠨ ᠨᠠᠭᠠᠳᠤᠮ ᠃ ᠬᠦᠯᠦᠭ ᠬᠥᠭᠰᠢᠷᠡᠪᠡᠰᠦ ᠬᠦᠳᠡᠷ ᠦ᠋ᠨ ᠨᠠᠭᠠᠳᠤᠮ > ᠪᠢ ᠬᠥᠭᠰᠢᠷᠡᠵᠦ ᠰᠠᠬᠠᠯ ᠦᠰᠦ ᠪᠤᠭᠤᠷᠤᠯᠲᠤᠭᠠᠳ ᠰᠠᠢᠨ ᠬᠡᠦᠬᠡᠳ ᠦ᠋ᠨ ᠢ᠋ᠶ᠋ᠡᠨ ᠦᠭᠡ ᠶ᠋ᠢ ᠡᠰᠡ ᠠᠪᠤᠭᠰᠠᠨ ᠢ᠋ᠶ᠋ᠠᠷ ᠰᠠᠬᠠᠯ ᠦᠰᠦ ᠪᠡᠨ ᠬᠣᠶᠠᠷ ᠤᠳᠠᠭ᠎ᠠ ᠰᠢᠲᠠᠭᠠᠭᠳᠠᠨ᠂ ᠰᠡᠭᠦᠵᠢ ᠰᠦᠪᠡᠭᠡ ᠪᠡᠨ ᠰᠡᠳᠡ ᠭᠤᠲᠠ ᠵᠢᠳᠠᠯᠠᠭᠳᠠᠵᠤ᠂ ᠰᠠᠮᠵᠠᠨ ᠤ᠋ ᠵᠤᠯᠵᠠᠭ᠎ᠠ ᠵᠠᠮᠤᠬ᠎ᠠ ᠳ᠋ᠤᠷ ᠮᠡᠬᠡᠯᠡᠭᠳᠡᠵᠦ ᠡᠨᠡ ᠮᠡᠲᠦ ᠪᠣᠯᠪᠠ᠃ ᠪᠢ ᠠᠯᠠᠰᠤᠭᠠᠢ ᠬᠡᠮᠡᠪᠡᠴᠦ ᠬᠥᠮᠦᠨ ᠦᠭᠡᠢ ᠪᠠᠢᠭᠰᠠᠨ ᠪᠥᠯᠥᠭᠡ᠃ ᠴᠢᠨᠦ ᠢᠷᠡᠭᠰᠡᠨ ᠮᠠᠰᠢ ᠰᠠᠢᠨ ᠪᠣᠯᠪᠠ ! 》 ᠬᠡᠮᠡᠬᠦᠢ ᠳ᠋ᠦ᠍ᠷ  ᠫᠤᠯᠭᠤᠳᠠᠢ ᠶᠡᠬᠡᠯ᠎ᠡ ᠠᠭᠤᠷᠯᠠᠵᠤ᠂ ᠰᠡᠮᠡᠬᠡᠷ ᠵᠠᠮᠤᠬ᠎ᠠ ᠶ᠋ᠢᠨ ᠪᠠᠭᠤᠳᠠᠯ ᠢ᠋ ᠬᠦᠷᠴᠦ ᠦᠵᠡᠪᠡᠰᠦ᠂ ᠲᠡᠳᠡᠨ ᠦ᠌ ᠬᠠᠷᠢᠶᠠᠲᠤ ᠴᠡᠷᠢᠭ ᠦ᠋ᠨ ᠠᠮᠢᠰᠬᠤᠯ ᠥᠪᠡᠷ᠎ᠡ ᠪᠣᠯᠤᠭᠠᠳ ᠪᠦᠭᠦᠳᠡᠭᠡᠷ ᠸᠠᠩ ᠬᠠᠭᠠᠨ ᠢ᠋ ᠠᠯᠠᠬᠤ ᠶ᠋ᠢ ᠵᠥᠪᠳᠡᠨ ᠪᠥᠬᠥᠶ᠎ᠡ᠂  ᠫᠤᠯᠭᠤᠳᠠᠢ ᠶᠠᠭᠠᠷᠠᠨ ᠸᠠᠩ ᠳ᠋ᠤᠷ ᠬᠡᠷᠡᠭ ᠴᠢᠬᠤᠯᠠ ᠪᠣᠯᠤᠭᠰᠠᠨ ᠢ᠋ ᠮᠡᠳᠡᠭᠦᠯᠵᠦ᠂ ᠲᠡᠭᠦᠨ ᠢ᠋ ᠪᠤᠰᠤ ᠬᠦᠷᠢᠶ᠎ᠡ ᠳ᠋ᠦ᠍ᠷ ᠨᠡᠭᠦᠯᠭᠡᠵᠦ ᠨᠢᠭᠤᠯᠭᠠᠭᠠᠳ ᠥᠪᠡᠷ ᠢ᠋ᠶ᠋ᠡᠨ ᠸᠠᠩ ᠬᠠᠭᠠᠨ ᠤ᠋ ᠰᠢᠳᠠᠷ ᠴᠡᠷᠢᠭ ᠢ᠋ ᠠᠪᠴᠤ ᠰᠠᠢ ᠭᠠᠷᠴᠤ ᠢᠷᠡᠲᠡᠯ᠎ᠡ ᠴᠢᠪᠬᠢᠲᠡᠯ᠎ᠡ ᠵᠠᠮᠤᠬ᠎ᠠ ᠨᠠᠷ ᠤ᠋ᠨ ᠢᠷᠡᠬᠦ ᠴᠡᠷᠢᠭ ᠲᠦ᠍ᠷ ᠤᠴᠠᠷᠠᠵᠤ᠂ ᠰᠠᠨᠠᠭᠠᠨ ᠳ᠋ᠤ᠌ ᠦᠭᠡᠢ ᠪᠡᠷ ᠪᠠᠢᠯᠳᠤᠨ ᠣᠷᠣᠭᠰᠠᠨ᠎ᠠ᠂ ᠵᠠᠮᠤᠬ᠎ᠠ  ᠰᠠᠢ ᠵᠠᠢᠯᠠᠲᠠᠯ᠎ᠠ ᠵᠠᠮᠤᠬ᠎ᠠ ᠶ᠋ᠢᠨ ᠵᠡᠭᠦᠨ ᠭᠤᠶ᠎ᠠ ᠶ᠋ᠢ ᠴᠤᠤ ᠵᠢᠳᠠᠯᠠᠵᠤ᠂ ᠵᠠᠮᠤᠬ᠎ᠠ ᠶᠠᠬᠢᠷ ᠮᠠᠭᠤ ᠳᠠᠭᠤᠨ ᠭᠠᠷᠴᠤ ᠪᠤᠷᠤᠭᠤᠯᠠᠲᠠᠯ᠎ᠠ ᠠᠷᠳᠠ᠂ ᠬᠤᠰᠠᠭᠤᠷ᠂ ᠳᠡᠯᠵᠢᠲᠠᠢ ᠶᠠᠭᠠᠷᠠᠨ ᠥᠮᠥᠭᠯᠡᠵᠦ ᠣᠷᠣᠭᠰᠠᠨ ᠳ᠋ᠤᠷ ᠫᠤᠯᠭᠤᠳᠠᠢ ᠠᠶᠤᠩᠭ᠎ᠠ ᠮᠡᠲᠦ ᠵᠠᠩᠳᠠᠵᠤ᠂ ᠳᠡᠯᠵᠢᠲᠠᠢ ᠶ᠋ᠢᠨ ᠳᠠᠪᠤᠰᠠᠩ ᠢ᠋ᠶ᠋ᠠᠷ ᠨᠡᠪᠲᠡ ᠵᠢᠳᠠᠯᠠᠵᠤ ᠡᠲᠡᠵᠦ ᠴᠣᠬᠢᠨ ᠢᠯᠡᠭᠡᠪᠡ᠃ ᠠᠷᠳᠠ ᠠᠮᠢ ᠪᠠᠨ ᠬᠠᠮᠠᠭᠠᠯᠠᠵᠤ ᠪᠤᠷᠤᠭᠤᠯᠠᠲᠠᠯ᠎ᠠ ᠠᠷᠤ ᠶ᠋ᠢ ᠪᠠᠰᠠ ᠬᠡᠳᠦ ᠬᠡᠳᠦᠨᠲᠡ ᠵᠢᠳᠠᠯᠠᠭᠰᠠᠨ ᠳ᠋ᠤᠷ ᠠᠪᠤ ! ᠭᠡᠮᠡᠨ ᠪᠠᠷᠬᠢᠷᠠᠵᠤ ᠂ ᠠᠯᠠᠭ ᠮᠣᠷᠢᠨ ᠢ᠋ᠶ᠋ᠠᠨ ᠲᠡᠪᠡᠷᠢᠵᠦ  ᠪᠤᠷᠤᠭᠤᠯᠠᠪᠠ ᠃ ᠬᠤᠰᠠᠭᠤᠷ ᠬᠤᠳᠠᠷᠭ᠎ᠠ ᠳ᠋ᠠᠭᠠᠨ ᠰᠠᠭᠤᠳᠠᠭ ᠲᠤᠯᠠ ᠬᠣᠷᠣᠮᠬᠠᠨ ᠵᠠᠭᠤᠷ᠎ᠠ ᠡᠭᠡᠵᠦ  ᠵᠠᠮᠤᠬ᠎ᠠ  ᠯᠤᠭ᠎ᠠ ᠳᠤᠲᠠᠭᠠᠵᠤ ᠡᠴᠢᠬᠦᠶ᠎ᠡ ᠂ ᠫᠤᠯᠭᠤᠳᠠᠢ ᠲᠠᠯᠪᠢᠯ ᠦᠭᠡᠢ ᠨᠡᠬᠡᠵᠦ ᠠᠯᠠᠨ ᠬᠦᠷᠴᠦ ᠬᠤᠰᠠᠭᠤᠷ ᠤ᠋ᠨ ᠣᠬᠣᠷ ᠰᠡᠭᠦᠯ ᠢ᠋ ᠬᠡᠳᠦ ᠬᠡᠳᠦᠨᠲᠡ ᠵᠢᠳᠠᠯᠠᠵᠤ ᠰᠢᠷᠬᠠᠲᠤᠭᠤᠯᠤᠭᠰᠠᠨ᠎ᠠ᠂ ᠬᠤᠰᠠᠭᠤᠷ ᠬᠤᠭᠤᠷ ᠴᠤᠭᠤᠷ ᠮᠡᠲᠦ ᠠᠶᠠᠯᠭᠤ ᠲᠠᠢ ᠶᠣᠢᠯᠠᠵᠤ ᠳᠤᠲᠠᠭᠠᠲᠠᠯ᠎ᠠ ᠵᠠᠮᠤᠬ᠎ᠠ ᠶ᠋ᠢᠨ ᠶᠡᠬᠡ ᠴᠡᠷᠢᠭ ᠬᠠᠮᠠᠭᠠᠯᠠᠨ ᠠᠪᠴᠤ ᠪᠤᠷᠤᠭᠤᠯᠠᠪᠠ᠃ ᠫᠤᠯᠭᠤᠳᠠᠢ ᠴᠡᠷᠢᠭ ᠦ᠋ᠨ ᠠᠷᠠᠳ ᠢ᠋ ᠴᠦ᠍ ᠠᠨᠤ ᠬᠣᠶᠠᠷ ᠭᠤᠷᠪᠠ ᠶ᠋ᠢ ᠨᠡᠪᠲᠡ ᠵᠢᠳᠠᠯᠠᠵᠤ ᠨᠡᠬᠡᠨ ᠣᠷᠣᠭᠰᠠᠨ᠎ᠠ᠂ ᠭᠡᠨᠡᠳᠲᠡ ᠰᠢᠪᠠᠷᠲᠠᠢ ᠨᠠᠭᠤᠷ ᠲᠤᠷ ᠣᠷᠣᠵᠤ ᠫᠠᠯᠴᠢᠭᠢᠨᠠᠲᠠᠯ᠎ᠠ ᠶᠠᠪᠤᠨ ᠨᠢᠳᠦ ᠨᠡᠬᠡᠭᠡᠱᠢ ᠦᠭᠡᠢ ᠦᠰᠦᠷᠦᠮᠦᠢ᠃ ᠵᠠᠮᠤᠬ᠎ᠠ ᠨᠠᠷ ᠤ᠋ᠨ ᠮᠣᠷᠢ ᠰᠠᠢᠨ ᠲᠤᠯᠠ ᠠᠷᠳᠠ ᠬᠤᠰᠠᠭᠤᠷ ᠬᠣᠶᠠᠭᠤᠯᠠ ᠶ᠋ᠢ ᠠᠪᠴᠤ ᠬᠡᠳᠦᠨ ᠵᠠᠭᠤᠨ ᠴᠡᠷᠢᠭ ᠯᠦ᠍ᠭᠡ ᠪᠡᠨ ᠠᠮᠢ ᠵᠤᠯᠪᠠᠨ ᠭᠠᠷᠴᠤ ᠠᠷᠭ᠎ᠠ ᠦᠭᠡᠢ ᠲᠣᠳᠣ ᠳ᠋ᠤᠷ ᠮᠥᠨ ᠤᠴᠠᠷᠠᠬᠤ ᠨᠢᠭᠤᠷ ᠦᠭᠡᠢ ᠲᠤᠯᠠ ᠨᠠᠢ᠍ᠮᠠᠨ ᠤᠯᠤᠰ ᠲᠤᠷ ᠰᠢᠷᠭᠤᠨ ᠣᠷᠣᠵᠤ ᠡᠴᠢᠪᠡ᠃ ᠸᠠᠩ ᠬᠠᠭᠠᠨ ᠮᠥᠨ ᠰᠥᠨᠢ ᠬᠥᠮᠦᠨ ᠳᠣᠪᠲᠣᠯᠭᠠᠵᠤ ᠵᠠᠮᠤᠬ᠎ᠠ ᠶ᠋ᠢᠨ ᠵᠢᠷᠭᠤᠭᠠᠨ ᠡᠮ᠎ᠡ ᠶ᠋ᠢ ᠴᠥᠮ ᠠᠯᠠᠭᠤᠯᠵᠤ᠂ ᠢᠯᠠᠭᠤ ᠲᠡᠭᠦᠨ ᠦ᠌ ᠳᠣᠲᠣᠷᠠᠬᠢ ᠵᠠᠢᠷᠠᠨ ᠬᠤᠸᠠᠷ᠎ᠠ ᠬᠡᠮᠡᠬᠦ ᠡᠮ᠎ᠡ ᠶ᠋ᠢ ᠢᠨᠦ ᠠᠪᠰᠤᠭᠠᠢ ᠭᠡᠮᠡᠨ ᠬᠥᠮᠦᠨ ᠢᠯᠡᠭᠡᠲᠡᠯ᠎ᠡ ᠬᠡᠳᠦᠢᠨᠡᠢ ᠠᠯᠠᠵᠤ ᠳᠠᠭᠤᠰᠪᠠᠢ᠃ ᠢᠯᠠᠭᠤ ᠬᠥᠯ ᠳᠡᠪᠰᠡᠨ ᠭᠠᠰᠠᠯᠵᠤ ᠶᠡᠬᠡᠯ᠎ᠡ ᠲᠡᠨᠴᠢᠭᠦᠷᠡᠪᠡᠢ᠃ ᠡᠨᠡ ᠦᠨᠡᠬᠡᠷ : 
                ᠥᠴᠦᠬᠡᠨ ᠬᠥᠮᠦᠨ ᠦ᠌ ᠦᠬᠦᠯ ᠦ᠋ᠨ ᠮᠥᠷ 
                ᠥᠷᠯᠥᠭᠡ ᠦᠳᠡᠰᠢ ᠶ᠋ᠢᠨ ᠬᠣᠭᠣᠷᠣᠨᠳᠣ ᠪᠣᠯᠲᠠᠯ᠎ᠠ 
                ᠥᠩᠭᠡᠲᠦ ᠡᠬᠡᠨᠡᠷ ᠦ᠋ᠨ ᠥ ᠬᠡᠮᠡᠭᠴᠢ ᠶ᠋ᠢ 
                ᠦᠯᠦ ᠤᠮᠠᠷᠲᠠᠬᠤ ᠠᠨᠤ ᠦᠨᠡᠬᠡᠷ ᠢᠨᠢᠶᠡᠯᠲᠡᠢ ! 
       ᠲᠡᠨᠳᠡᠴᠡ ᠬᠣᠰᠢᠭᠤᠴᠢ ᠫᠤᠯᠭᠤᠳᠠᠢ ᠵᠠᠮᠤᠬ᠎ᠠ ᠨᠠᠷ ᠢ᠋ ᠨᠢᠭᠡᠨ ᠵᠡᠷᠭᠡ ᠨᠡᠬᠡᠵᠦ ᠠᠯᠠᠭᠠᠳ ᠴᠡᠷᠢᠭ ᠢ᠋ᠶ᠋ᠡᠨ ᠬᠤᠷᠢᠶᠠᠵᠤ ᠡᠭᠡᠭᠡᠳ ᠡᠵᠡᠨ ᠢ᠋ᠶ᠋ᠡᠨ ᠡᠪᠦᠳᠦᠭ ᠢ᠋ ᠲᠡᠪᠡᠷᠢᠨ ᠤᠬᠢᠯᠠᠵᠤ᠂ ᠴᠡᠷᠢᠭ ᠡᠭᠡᠰᠦᠭᠡᠢ ᠬᠡᠮᠡᠲᠡᠯ᠎ᠡ ᠬᠣᠩᠵᠢᠯᠠ ᠠᠢᠮᠠᠭ ᠢ᠋ ᠬᠣᠩᠬᠢᠯᠠᠷ᠎ᠠ ᠢᠷᠡᠭᠰᠡᠨ᠂ ᠸᠠᠢᠯᠠ ᠠᠢᠮᠠᠭ ᠤ᠋ᠨ ᠡᠵᠡᠨ ᠦᠬᠡᠷ ᠪᠠᠳᠤᠨ᠎ᠠ ᠦᠬᠦᠭᠰᠡᠨ ᠦᠭᠡᠢ ᠤᠷᠭᠤᠨ ᠭᠠᠷᠴᠤ ᠣᠯᠠᠨ ᠤᠷᠭᠤᠳᠤᠤᠯ ᠠᠢᠮᠠᠭ ᠤ᠋ᠳ ᠢ᠋ ᠬᠤᠷᠢᠶᠠᠵᠤ ᠪᠠᠰᠠ ᠠᠯᠲᠠᠨ ᠤᠯᠤᠰ ᠤ᠋ᠨ ᠬᠣᠢᠲᠤ ᠬᠢᠵᠠᠭᠠᠷ ᠢ᠋ ᠰᠠᠬᠢᠬᠤ ᠴᠢᠶᠠᠨ ᠽᠦᠩ ᠲᠦᠰᠢᠮᠡᠯ ᠵᠧᠦ ᠰᠧ ᠬᠡᠮᠡᠭᠴᠢ ᠳ᠋ᠦ᠍ᠷ ᠬᠣᠶᠠᠷ ᠵᠠᠭᠤᠨ ᠠᠭᠲᠠ ᠶ᠋ᠢᠨ ᠬᠠᠬᠤᠤᠯᠢ ᠵᠢᠭᠠᠵᠤ᠂ ᠨᠢᠭᠡᠨ ᠮᠢᠩᠭᠠᠨ ᠴᠡᠷᠢᠭ ᠲᠡᠢ ᠠᠪᠴᠤ ᠢᠷᠡᠭᠰᠡᠨ ᠳ᠋ᠦ᠍ᠷ  ᠲᠠᠢᠽᠢ ᠢᠯᠠᠭᠤ ᠶᠡᠬᠡᠯ᠎ᠡ ᠪᠠᠶᠠᠷᠯᠠᠵᠤ᠂ ᠲᠡᠷᠡ ᠲᠠᠰᠢᠷᠠᠮ ᠳ᠋ᠤᠷ ᠳᠠᠷᠤᠢ ᠪᠡᠯᠡᠭ ᠦ᠋ᠨ ᠡᠳ᠋ ᠢ᠋ ᠶᠡᠬᠡᠯ᠎ᠡ ᠪᠡᠯᠡᠳᠴᠦ ᠠᠯᠲᠠᠨ ᠤᠯᠤᠰ ᠤ᠋ᠨ ᠬᠠᠭᠠᠨ ᠸᠠᠨ ᠶᠠᠨ ᠵᠢᠩ ᠢᠯᠡᠭᠡᠪᠡ ᠭᠡᠮᠡᠨ  ᠸᠠᠩ ᠬᠠᠭᠠᠨ ᠢ᠋ᠶ᠋ᠠᠨ ᠮᠡᠬᠡᠯᠡᠵᠦ᠂ ᠪᠠᠰᠠ ᠣᠯᠠᠨ ᠲᠠᠢᠰᠢ᠂ ᠲᠠᠢᠪᠤᠤ᠂ ᠳᠥᠷᠪᠡᠨ ᠪᠠᠷᠰ ᠤ᠋ᠨ ᠵᠠᠩᠵᠤᠨ ᠨᠠᠷ ᠢ᠋ᠶ᠋ᠠᠨ ᠬᠠᠳᠬᠤᠵᠤ ᠴᠡᠷᠢᠭ ᠡᠭᠡᠪᠡᠰᠦ ᠪᠦᠭᠦᠳᠡᠭᠡᠷ ᠲᠠᠷᠬᠠᠮᠤᠢ ᠭᠡᠮᠡᠨ ᠸᠠᠩ ᠬᠠᠭᠠᠨ ᠢ᠋ᠶ᠋ᠠᠨ ᠰᠢᠬᠠᠮᠳᠠᠭᠤᠯᠤᠨ ᠡᠷᠡᠦᠯᠡᠬᠦᠢ ᠳ᠋ᠦ᠍ᠷ ᠸᠠᠩ ᠬᠠᠭᠠᠨ ᠠᠯᠲᠠᠨ ᠤᠯᠤᠰ ᠤ᠋ᠨ ᠪᠡᠯᠡᠭ ᠪᠠ ᠵᠠᠩᠵᠤᠨ ᠴᠡᠷᠢᠭ ᠢ᠋ ᠦᠵᠡᠭᠡᠳ ᠡᠭᠡᠬᠦ ᠰᠡᠳᠬᠢᠯ ᠬᠠᠭᠠᠰ ᠬᠤᠪᠢ ᠬᠤᠭᠤᠷᠠᠵᠤ᠂ ᠡᠳᠦᠭᠡ ᠪᠠᠰᠠ ᠣᠯᠠᠨ ᠲᠤᠰᠢᠮᠡᠳ ᠦ᠋ᠨ ᠲᠠᠷᠬᠠᠬᠤ ᠠ᠋ᠴᠠ ᠠᠶᠤᠵᠤ᠂ ᠪᠠᠰᠠ ᠡᠭᠡᠪᠡᠰᠦ  ᠪᠧᠲ᠋ᠠ᠋ ᠤᠯᠤᠰ ᠤ᠋ᠨ ᠴᠡᠷᠢᠭ ᠬᠤᠳᠠᠷᠭᠠᠯᠠᠨ ᠠᠯᠠᠮᠤᠢ ᠬᠡᠮᠡᠬᠦᠢ ᠳ᠋ᠦ᠍ᠷ ᠡᠨᠡ ᠭᠤᠷᠪᠠᠨ ᠵᠦᠢᠯ ᠳ᠋ᠦ᠍ᠷ ᠭᠠᠴᠢᠭ᠍ᠳᠠᠵᠤ᠂ ᠠᠷᠭ᠎ᠠ ᠦᠭᠡᠢ ᠣᠯᠠᠨ ᠤ᠋ ᠠᠶ᠎ᠠ ᠶ᠋ᠢ ᠳᠠᠭᠠᠪᠠᠢ᠃ ᠫᠤᠯᠭᠤᠳᠠᠢ ᠶ᠋ᠢ ᠠᠪᠠᠴᠢᠵᠤ ᠬᠠᠷᠢᠶᠠᠯ ᠵᠦᠬᠡᠯ ᠲᠠᠯᠪᠢᠨ᠂ ᠬᠠᠴᠠᠷ ᠠᠮᠠᠨ ᠢ᠋ ᠬᠠᠰᠢᠵᠤ ᠬᠥᠭᠡᠭᠡᠵᠦ ᠶᠠᠪᠤᠭᠤᠯᠪᠠ᠃ ᠲᠡᠳᠦᠢ ᠠᠯᠲᠠᠨ ᠤᠯᠤᠰ ᠤ᠋ᠨ ᠲᠦᠰᠢᠮᠡᠯ ᠴᠡᠷᠢᠭ ᠢ᠋ ᠬᠤᠪᠢᠯᠭᠠᠨ ᠰᠠᠬᠢᠭᠤᠯᠰᠤᠨ ᠮᠡᠲᠦ ᠬᠦᠨᠳᠦᠯᠡᠵᠦ᠂ ᠶᠡᠬᠡ ᠴᠡᠷᠢᠭ ᠢ᠋ᠶ᠋ᠡᠨ ᠬᠡᠮᠬᠡᠲᠦ ᠬᠡᠮᠡᠬᠦ ᠠᠭᠤᠯᠠᠨ ᠳ᠋ᠤᠷ ᠨᠡᠭᠦᠯᠭᠡᠨ ᠠᠪᠠᠴᠢᠵᠤ ᠤᠯᠤᠰ ᠠ᠋ᠴᠠ ᠴᠡᠷᠢᠭ ᠦ᠋ᠨ ᠬᠡᠷᠡᠭᠯᠡᠯ ᠢ᠋ ᠠᠴᠢᠷᠠᠭᠤᠯᠪᠠ᠃ 
       ᠲᠡᠨᠳᠡᠴᠡ ᠵᠠᠮᠤᠬ᠎ᠠ᠂ ᠠᠷᠳᠠ᠂ ᠬᠤᠰᠠᠭᠤᠷ ᠭᠤᠷᠪᠠᠭᠤᠯᠠ ᠴᠡᠷᠢᠭ ᠢ᠋ᠶ᠋ᠡᠨ ᠠᠪᠴᠤ ᠨᠠᠢ᠍ᠮᠠᠨ ᠤᠯᠤᠰ ᠤ᠋ᠨ ᠠᠯᠲᠠᠨᠱᠠᠭ᠎ᠠ ᠶ᠋ᠢᠨ ᠳᠣᠣᠷ᠎ᠠ ᠰᠢᠷᠭᠤᠨ ᠣᠷᠣᠵᠤ ᠮᠡᠳᠡᠭᠦᠯᠦᠭᠰᠡᠨ ᠳ᠋ᠦ᠍ᠷ ᠠᠯᠲᠠᠨᠱᠠᠭ᠎ᠠ ᠬᠠᠷᠠᠬᠠᠨ ᠰᠣᠯᠤᠩᠭᠤᠸ᠎ᠠ ᠶ᠋ᠢ ᠮᠥᠷᠥᠭᠡᠳᠬᠦ ᠴᠠᠭ ᠲᠤᠯᠠ ᠳᠠᠷᠤᠢ ᠳᠠᠭᠤᠳᠠᠨ ᠣᠷᠣᠭᠤᠯᠵᠤ ᠵᠣᠯᠭᠠᠭᠠᠳ ᠤᠴᠢᠷ ᠢ᠋ ᠠᠰᠠᠭᠤᠭᠰᠠᠨ ᠳ᠋ᠤᠷ ᠵᠠᠮᠤᠬ᠎ᠠ ᠮᠥᠷᠭᠥᠵᠦ ᠤᠬᠢᠯᠠᠨ ᠮᠡᠳᠡᠭᠦᠯᠦᠷᠦᠨ: 《ᠬᠡᠷᠡᠢᠳ ᠦ᠋ᠨ ᠡᠵᠡᠨ ᠲᠣᠭᠣᠷᠢᠯ᠂ ᠬᠠᠷᠠᠬᠤ ᠨᠢᠳᠦ ᠪᠠᠢᠪᠠᠴᠤ ᠬᠠᠨ ᠠᠭᠤᠯᠠ ᠶ᠋ᠢ ᠲᠠᠨᠢᠬᠤ ᠦᠭᠡᠢ᠂ ᠥᠬᠢᠨ ᠢ᠋ᠶ᠋ᠡᠨ ᠰᠣᠯᠤᠩᠭᠤᠸ᠎ᠠ ᠶ᠋ᠢ ᠲᠠᠢᠽᠢ ᠡᠵᠡᠨ ᠴᠢᠮ᠎ᠠ ᠳ᠋ᠤᠷ ᠨᠢᠭᠡᠨᠲᠡ ᠤᠷᠤᠭᠯᠠᠵᠤ ᠲᠣᠭᠲᠠᠭᠰᠠᠨ ᠪᠥᠭᠡᠲᠡᠯ᠎ᠡ ᠡᠨᠡ ᠤᠳᠠᠭ᠎ᠠ ᠪᠧᠲ᠋ᠠ᠋ ᠤᠯᠤᠰ ᠲᠤᠷ ᠴᠡᠷᠢᠭ ᠳᠠᠷᠤᠭᠳᠠᠭᠠᠳ ᠬᠠᠷᠢᠨ ᠥᠬᠢᠨ ᠢ᠋ᠶ᠋ᠡᠨ ᠲᠡᠮᠦᠵᠢᠨ ᠳ᠋ᠦ᠍ᠷ ᠬᠦᠷᠭᠡᠨ ᠥᠭᠴᠦ ᠡᠶᠡᠳᠡᠮᠦᠢ ! ᠬᠡᠮᠡᠬᠦᠢ ᠳ᠋ᠦ᠍ᠷ ᠪᠢ ᠤᠭ ᠤᠷᠤᠭ ᠲᠤᠷ ᠣᠷᠣᠭᠰᠠᠨ ᠢ᠋ᠶ᠋ᠠᠨ ᠪᠣᠳᠣᠵᠤ᠂ ᠲᠡᠭᠦᠨ ᠦ᠌ ᠠᠬ᠎ᠠ ᠯᠤᠭ᠎ᠠ ᠵᠥᠪᠳᠡᠨ ᠲᠡᠭᠦᠨ ᠦ᠌ ᠥᠬᠢᠨ ᠢ᠋ ᠡᠨᠳᠡ ᠬᠦᠷᠭᠡᠵᠦ ᠢᠷᠡᠨ ᠤᠷᠤᠭ ᠬᠣᠯᠪᠣᠭᠤᠯᠤᠨ᠂ ᠬᠣᠶᠠᠷ ᠤᠯᠤᠰ ᠨᠡᠢᠯᠡᠵᠦ᠂ ᠪᠧᠲ᠋ᠠ᠋ ᠤᠯᠤᠰ ᠢ᠋ ᠲᠤᠯᠰᠤᠭᠠᠢ ᠭᠡᠮᠡᠨ ᠰᠣᠯᠤᠩᠭᠤᠸ᠎ᠠ ᠶ᠋ᠢ ᠮᠡᠬᠡᠯᠡᠨ ᠠᠪᠤᠨ ᠭᠠᠷᠴᠤ ᠢᠷᠡᠭᠡᠳ ᠴᠡᠷᠢᠭ ᠦ᠋ᠨ ᠬᠦᠷᠢᠶᠡᠨ ᠦ᠌ ᠣᠢᠷ᠎ᠠ ᠬᠦᠷᠲᠡᠯ᠎ᠡ ᠾᠧ ᠸᠠᠩ ᠰᠣᠨᠣᠰᠴᠤ  ᠫᠤᠯᠭᠤᠳᠠᠢ ᠳ᠋ᠤᠷ ᠬᠣᠶᠠᠷ ᠮᠢᠩᠭᠠᠨ ᠴᠡᠷᠢᠭ ᠥᠭᠴᠦ ᠮᠠᠨ ᠢ᠋ ᠬᠥᠭᠡᠭᠡᠨ ᠠᠯᠠᠵᠤ ᠥᠬᠢᠨ ᠢᠨᠦ ᠡᠭᠡᠬᠦ ᠳᠤᠷ᠎ᠠ ᠦᠭᠡᠢ ᠪᠠᠢᠲᠠᠯ᠎ᠠ ᠦᠵᠡᠲᠡᠯ᠎ᠡ ᠪᠤᠯᠢᠶᠠᠨ ᠠᠪᠴᠤ ᠡᠴᠢᠬᠦᠶ᠎ᠡ᠂ ᠪᠢᠳᠡᠨ ᠭᠡᠳᠡᠷᠭᠦ  ᠪᠤᠯᠢᠶᠠᠨ ᠠᠴᠢᠷᠠᠵᠤ᠂ ᠲᠠᠢᠽᠢ ᠡᠵᠡᠨ ᠴᠢᠮ᠎ᠠ ᠳ᠋ᠤᠷ ᠬᠣᠯᠪᠣᠭᠤᠯᠰᠤᠭᠠᠢ ᠭᠡᠮᠡᠨ ᠣᠷᠣᠯᠳᠣᠭᠰᠠᠭᠠᠷ ᠲᠡᠳᠡᠨ ᠦ᠌ ᠴᠡᠷᠢᠭ ᠣᠯᠠᠨ ᠲᠤᠯᠠ ᠭᠡᠳᠡᠷᠭᠦ ᠳᠡᠢᠯᠦᠭᠳᠡᠨ ᠮᠢᠨᠦ ᠨᠥᠬᠥᠷ ᠳᠡᠯᠵᠢᠲᠡᠢ ᠠᠯᠠᠭᠳᠠᠵᠤ᠂ ᠵᠢᠴᠢ ᠪᠢᠳᠡ ᠭᠤᠷᠪᠠᠭᠤᠯᠠ ᠴᠥᠮ ᠰᠢᠷᠬᠠᠲᠤᠭᠠᠳ ᠡᠨᠡ ᠮᠡᠲᠦ ᠪᠣᠯᠪᠠ ! 》ᠭᠡᠮᠡᠨ ᠭᠤᠷᠪᠠᠭᠤᠯᠠ ᠰᠢᠷᠬ᠎ᠠ ᠪᠠᠨ ᠦᠵᠡᠭᠦᠯᠵᠦ ᠥᠭᠦᠯᠡᠷᠦᠨ :《ᠸᠠᠩ ᠬᠠᠭᠠᠨ ᠢ᠋ ᠠᠯᠠᠯ ᠦᠭᠡᠢ ᠪᠡᠷ ᠤᠷᠤᠭ ᠪᠦᠲᠦᠬᠦᠶ᠎ᠡ ᠪᠡᠷᠬᠡ᠃ ᠲᠡᠭᠦᠨ ᠦ᠌ ᠬᠥᠪᠡᠭᠦᠨ ᠢᠯᠠᠭᠤ ᠴᠤ᠌ ᠡᠴᠢᠭᠡ ᠶ᠋ᠢᠨ ᠢ᠋ᠶ᠋ᠡᠨ ᠵᠥᠷᠢᠭᠦᠦ ᠳ᠋ᠦ᠍ᠷ ᠬᠣᠷᠣᠰᠴᠤ ᠪᠣᠢ᠂ ᠪᠢᠳᠡ ᠳᠤᠷᠠᠲᠠᠶ᠎ᠠ ᠲᠠᠢᠽᠢ ᠴᠢᠨᠦ ᠡᠮᠦᠨ᠎ᠡ ᠦᠬᠦᠨ ᠵᠢᠳᠬᠦᠵᠦ ᠬᠠᠲᠤᠨ ᠢ᠋ ᠴᠢᠨᠦ ᠠᠪᠴᠤ ᠢᠷᠡᠰᠦᠭᠡᠢ !》ᠬᠡᠮᠡᠭᠰᠡᠨ ᠳ᠋ᠦ᠍ᠷ ᠠᠯᠲᠠᠨᠱᠠᠭ᠎ᠠ ᠲᠡᠷᠢᠭᠦᠨ ᠳᠣᠬᠢᠵᠤ᠂ ᠱᠠᠩ ᠬᠤᠷᠢᠮ ᠥᠭᠴᠦ ᠠᠯᠭᠤᠷ ᠵᠥᠪᠳᠡᠰᠦᠭᠡᠢ ᠭᠡᠮᠡᠨ ᠪᠠᠭᠤᠯᠭᠠᠪᠠ᠃ ᠬᠡᠳᠦᠨ ᠡᠳᠦᠷ ᠪᠣᠯᠤᠭᠰᠠᠨ ᠬᠣᠢᠨ᠎ᠠ ᠵᠠᠮᠤᠬ᠎ᠠ᠂ ᠾᠧ ᠸᠠᠩ ᠲᠡᠭᠦᠨ ᠦ᠌ ᠡᠮ᠎ᠡ ᠦᠷ᠎ᠡ ᠶ᠋ᠢ ᠢᠨᠦ ᠴᠥᠮ ᠠᠯᠠᠭᠤᠯᠪᠠ ᠭᠡᠮᠡᠨ ᠰᠣᠨᠣᠰᠴᠤ ᠬᠠᠷᠠᠩᠭᠤᠳᠤᠨ ᠤᠨᠠᠪᠠ᠃ ᠰᠡᠬᠡᠭᠡᠷᠡᠭᠰᠡᠨ ᠬᠣᠢᠨ᠎ᠠ ᠶᠡᠬᠡ ᠵᠠᠩᠵᠤᠨ ᠴᠢᠦᠢ ᠱᠢ ᠯᠢ ᠶ᠋ᠢᠨ ᠬᠠᠭᠠᠯᠭᠠᠨ᠎ᠠ ᠣᠷᠣᠵᠤ᠂ ᠪᠧᠲ᠋ᠠ᠋ ᠠ᠋ᠤᠯᠤᠰ ᠢ᠋ ᠡᠪᠳᠡᠬᠦ ᠪᠡᠷ ᠤᠳᠤᠷᠢᠳᠤᠨ ᠬᠡᠯᠡᠯᠴᠡᠭᠰᠡᠨ ᠳ᠋ᠦ᠍ᠷ ᠴᠢᠪᠬᠢᠲᠡᠯ᠎ᠡ ᠴᠢᠦᠢ ᠱᠢ ᠯᠢ ᠶ᠋ᠢᠨ  ᠪᠧᠲ᠋ᠠ᠋ ᠤᠯᠤᠰ ᠯᠤᠭ᠎ᠠ ᠡᠴᠢᠭᠡ ᠶ᠋ᠢᠨ ᠥᠰᠢᠶ᠎ᠡ ᠶ᠋ᠢ ᠨᠡᠬᠡᠬᠦ ᠰᠠᠨᠠᠭᠠᠨ ᠳ᠋ᠤᠷ ᠨᠡᠢᠴᠡᠵᠦ᠂ ᠬᠠᠮᠲᠤ ᠠᠯᠠᠲᠠᠨᠱᠠᠭ᠎ᠠ ᠳ᠋ᠤᠷ ᠵᠣᠯᠭᠠᠵᠤ ᠮᠡᠳᠡᠭᠦᠯᠦᠷᠦᠨ : 《ᠪᠢ ᠨᠢᠭᠡᠨ ᠰᠠᠯᠠᠭᠠᠨ ᠤ᠋ ᠬᠢᠵᠠᠭᠠᠷ ᠤ᠋ᠨ ᠴᠡᠷᠢᠭ ᠢ᠋ ᠠᠪᠤᠨ ᠵᠠᠮᠤᠬ᠎ᠠ ᠯᠤᠭ᠎ᠠ ᠡᠴᠢᠵᠦ ᠲᠡᠭᠦᠨ ᠳ᠋ᠦ᠍ᠷ ᠲᠤᠰᠠᠯᠠᠭᠴᠢ ᠪᠣᠯᠤᠨ ᠾᠧ ᠸᠠᠩ ᠢ᠋ ᠠᠯᠠᠭᠠᠳ ᠢᠯᠠᠭᠤ ᠶ᠋ᠢ ᠰᠠᠭᠤᠯᠭᠠᠵᠤ ᠥᠬᠢᠨ ᠳᠡᠭᠦᠦ ᠶ᠋ᠢ ᠬᠦᠷᠭᠡᠯᠭᠡᠨ ᠠᠴᠢᠷᠠᠰᠤᠭᠠᠢ᠃ ᠡᠢᠨ ᠬᠦ᠌ ᠨᠡᠢᠯᠡᠵᠦ  ᠪᠧᠲ᠋ᠠ᠋ ᠤᠯᠤᠰ ᠢ᠋ ᠲᠤᠯᠪᠠᠰᠤ ᠶᠠᠮᠪᠠᠷ ? 》ᠠᠯᠠᠲᠠᠨᠱᠠᠭ᠎ᠠ ᠬᠠᠭᠠᠰ ᠴᠠᠭ ᠪᠣᠳᠣᠭᠠᠳ ᠰᠡᠭᠦᠷᠡᠰᠦ ᠠᠯᠳᠠᠵᠤ ᠥᠭᠦᠯᠡᠷᠦᠨ : 《ᠳᠡᠯᠡᠬᠡᠢ ᠳ᠋ᠠᠬᠢᠨ᠎ᠠ ᠡᠴᠢᠭᠡ ᠶ᠋ᠢ ᠢᠨᠤ ᠠᠯᠠᠵᠤ ᠥᠬᠢᠨ ᠢ᠋ ᠢᠨᠦ ᠠᠪᠬᠤ ᠬᠠᠤᠯᠢ ᠪᠣᠢ ᠤᠤ ? ᠡᠢᠮᠦ ᠪᠣᠯᠪᠠᠰᠤ ᠲᠡᠷᠡ ᠨᠠᠮᠠᠶ᠋ᠢ ᠶᠠᠮᠪᠠᠷ ᠠᠮᠲᠠ ᠪᠠᠷ ᠡᠷ᠎ᠡ ᠭᠡᠮᠡᠨ ᠬᠦᠨᠳᠦᠯᠡᠬᠦ ᠪᠣᠢ ? ᠪᠢ ᠴᠦ᠍ ᠶᠠᠮᠪᠠᠷ ᠰᠠᠨᠠᠭ᠎ᠠ ᠪᠠᠷ ᠲᠡᠭᠦᠨ ᠢ᠋ ᠡᠮ᠎ᠡ ᠭᠡᠵᠦ ᠢᠲᠡᠭᠡᠮᠦᠢ᠂ ᠪᠣᠯᠬᠤ ᠦᠭᠡᠢ ᠪᠣᠯᠠᠢ ! 》 ᠬᠡᠮᠡᠭᠰᠡᠨ ᠳ᠋ᠦ᠍ᠷ ᠵᠠᠮᠤᠬ᠎ᠠ ᠶᠡᠬᠡᠯ᠎ᠡ ᠠᠮᠤᠷ ᠦᠭᠡᠢ ᠪᠣᠯᠵᠤ᠂ ᠭᠡᠨᠡᠳᠲᠡ ᠪᠠᠰᠠ ᠨᠢᠭᠡᠨ ᠮᠡᠬᠡᠯᠡᠬᠦ ᠠᠷᠭ᠎ᠠ ᠣᠯᠵᠤ ᠥᠭᠦᠯᠡᠷᠦᠨ : 《ᠲᠠᠢᠽᠢ ᠡᠵᠡᠨ ᠦ᠌ ᠡᠢᠨ ᠦ᠌ ᠬᠦ᠌ ᠰᠠᠨᠠᠬᠤ ᠠᠨᠤ ᠮᠠᠰᠢ ᠵᠦᠢ᠂ ᠡᠭᠦᠨ ᠡᠴᠡ ᠪᠠᠰᠠ ᠥᠪᠡᠷ᠎ᠡ ᠨᠢᠭᠡᠨ ᠬᠣᠶᠠᠷ ᠲᠤᠷ ᠪᠦᠷᠢᠳᠬᠦ ᠮᠡᠷᠭᠡᠨ ᠠᠷᠭ᠎ᠠ ᠪᠣᠢ᠂ ᠡᠳᠦᠭᠡ ᠬᠡᠷᠡᠢᠳ ᠤᠯᠤᠰ ᠬᠠᠷᠠᠬᠠᠨ ᠪᠧᠲ᠋ᠠ᠋ ᠤᠯᠤᠰ ᠯᠤᠭ᠎ᠠ ᠲᠤᠯᠤᠯᠴᠠᠬᠤ ᠲᠤᠯᠠ ᠲᠠᠢᠽᠢ ᠶ᠋ᠢᠨ ᠡᠨᠳᠡ ᠡᠴᠡ ᠤᠷᠤᠭ ᠲᠤᠷ ᠢ᠋ᠶ᠋ᠠᠨ ᠲᠤᠰᠠᠯᠠᠮᠤᠢ ᠭᠡᠮᠡᠨ ᠶᠡᠬᠡ ᠴᠡᠷᠢᠭ ᠢᠯᠡᠭᠡᠵᠦ᠂ ᠸᠠᠩ ᠬᠠᠭᠠᠨ ᠢ᠋ ᠬᠠᠭᠠᠵᠤ ᠪᠠᠢᠭᠠᠳ ᠨᠢᠭᠡᠨᠲᠡᠭᠡᠭᠦᠷ ᠬᠠᠲᠤᠨ ᠢ᠋ᠶ᠋ᠠᠨ ᠪᠠᠭᠤᠯᠭᠠᠨ ᠠᠪᠴᠤ ᠢᠷᠡᠭᠡᠳ ᠬᠣᠯᠪᠣᠪᠠᠰᠤ ᠴᠥᠮ ᠪᠦᠷᠢᠳᠬᠦ ᠪᠣᠯᠠᠢ ! ᠬᠡᠷᠪᠡ ᠡᠢᠨ ᠬᠦ᠌ ᠡᠰᠡ ᠲᠠᠰᠤᠷᠬᠠᠢ ᠠᠪᠠᠴᠢᠪᠠᠰᠤ ᠯᠠᠪ  ᠪᠧᠲ᠋ᠠ᠋ ᠤᠯᠤᠰ ᠲᠤᠷ ᠠᠪᠲᠠᠮᠤᠢ ! 》 ᠬᠡᠮᠡᠭᠰᠡᠨ ᠳ᠋ᠦ᠍ᠷ  ᠠᠯᠠᠲᠠᠨᠱᠠᠭ᠎ᠠ《ᠡᠨᠡ ᠠᠷᠭ᠎ᠠ ᠪᠣᠯᠤᠮᠤᠢ 》 ᠬᠡᠮᠡᠵᠦ ᠮᠥᠩᠭᠥᠯᠵᠢ ᠪᠠ ᠳ᠋ᠠᠳᠠᠳᠤᠩᠭ᠎ᠠ ᠬᠣᠶᠠᠭᠤᠯᠠ ᠪᠠᠷ ᠡᠴᠢᠭᠡ ᠬᠠᠭᠠᠨ ᠳ᠋ᠤᠷ ᠠᠢᠯᠠᠳᠬᠠᠨ ᠭᠤᠶᠤᠯᠭᠠᠵᠤ ᠵᠥᠪᠰᠢᠶᠡᠭᠰᠡᠨ᠎ᠡ᠂ ᠳᠠᠷᠤᠢ ᠴᠢᠦᠢ ᠱᠢ ᠯᠢ ᠳ᠋ᠦ᠍ᠷ ᠮᠢᠩᠭᠠᠨ ᠴᠡᠷᠢᠭ ᠥᠭᠴᠦ ᠢᠳᠡᠷ ᠳᠣᠪᠣ ᠪᠠᠷ ᠬᠣᠰᠢᠭᠤᠴᠢ ᠪᠣᠯᠭᠠᠨ᠂ ᠵᠠᠮᠤᠬ᠎ᠠ ᠨᠠᠷ ᠵᠠᠮ ᠤᠳᠤᠷᠢᠳᠤᠨ ᠶᠠᠪᠤᠬᠤᠶ᠎ᠠ᠂ ᠳ᠋ᠠᠳᠠᠳᠤᠩᠭ᠎ᠠ ᠮᠥᠩᠭᠥᠯᠵᠢ ᠬᠣᠶᠠᠭᠤᠯᠠ ᠴᠢᠦᠢ ᠱᠢ ᠯᠢ ᠳ᠋ᠦ᠍ᠷ ᠥᠭᠦᠯᠡᠷᠦᠨ :《ᠡᠷᠭᠢᠨ ᠵᠠᠩᠵᠤᠨ ᠬᠡᠷᠬᠢᠪᠡᠴᠦ ᠬᠡᠷᠡᠢᠳ ᠦ᠋ᠨ ᠤᠷᠤᠭ ᠤ᠋ᠨ ᠤᠴᠢᠷ ᠲᠤᠷ ᠴᠡᠷᠢᠭ ᠠᠪᠤᠨ ᠭᠠᠷᠴᠤ ᠥᠰᠢᠶ᠎ᠡ ᠨᠡᠭᠡᠭᠡᠵᠦ ᠪᠧᠲ᠋ᠠ᠋ ᠤᠯᠤᠰ  ᠯᠤᠭ᠎ᠠ ᠬᠠᠯᠳᠠᠭᠲᠤᠨ᠂ ᠬᠡᠷᠪᠡ ᠮᠠᠨ ᠤ᠋ ᠬᠣᠷᠢᠭ᠍ᠯᠠᠯ ᠳ᠋ᠤᠷ ᠡᠰᠡ ᠣᠷᠣᠪᠠᠰᠤ ᠬᠣᠢᠴᠢ ᠡᠳᠦᠷ ᠥᠪᠡᠷ ᠦ᠋ᠨ ᠤᠯᠤᠰ ᠲᠤᠷ ᠡᠷᠬᠡ ᠦᠭᠡᠢ ᠶᠡᠬᠡ ᠵᠣᠪᠠᠯᠠᠩ ᠪᠣᠯᠭᠠᠮᠤᠢ᠃ ᠪᠧᠲ᠋ᠠ᠋ ᠤᠯᠤᠰ ᠤ᠋ᠨ ᠡᠵᠡᠨ ᠠᠯᠲᠠᠨ ᠤᠯᠤᠰ ᠤ᠋ᠨ ᠡᠯᠴᠢ ᠸᠧᠢ ᠸᠠᠩ ᠶᠦᠩ ᠵᠢᠢ ᠶ᠋ᠢ ᠰᠥᠷᠲᠡᠭᠡᠨ ᠡᠭᠡᠭᠦᠯᠦᠭᠰᠡᠨ ᠪᠠ ᠡᠳᠦᠭᠡ ᠪᠠᠰᠠ ᠠᠯᠲᠠᠨ ᠤᠯᠤᠰ ᠯᠤᠭ᠎ᠠ ᠬᠠᠷᠢᠯᠴᠠᠨ ᠶᠣᠰᠣᠲᠤ ᠪᠡᠯᠡᠭ ᠶᠠᠪᠤᠯᠴᠠᠬᠤᠢ ᠳ᠋ᠤᠷ ᠥᠴᠦᠬᠡᠨ ᠴᠦ᠍ ᠪᠢᠯᠳᠠᠤᠴᠢᠯᠠᠬᠤ ᠦᠭᠡᠢ ᠶ᠋ᠢ ᠦᠵᠡᠪᠡᠰᠦ᠂ ᠲᠡᠭᠦᠨ ᠰᠠᠨᠠᠭᠠᠨ ᠠᠭᠤᠳᠠᠮ ᠶᠡᠬᠡ ᠭᠦᠨ ᠬᠣᠯᠠ ᠪᠣᠯᠠᠢ᠃ ᠬᠢᠯᠪᠠᠷ ᠢ᠋ᠶ᠋ᠠᠷ ᠬᠠᠯᠳᠠᠵᠤ ᠦᠯᠦ ᠪᠣᠯᠤᠮᠤᠢ ! ᠲᠠᠯᠠᠭᠠᠷ ᠤᠯᠤᠰ ᠲᠥᠷᠥ ᠳ᠋ᠦ᠍ᠷ ᠲᠦᠭᠰᠢᠯᠳᠦ ᠬᠣᠷᠣᠰᠤᠯ ᠢ᠋ ᠬᠣᠴᠣᠷᠤᠭᠤᠯᠤᠮᠤᠢ᠂ ᠨᠡᠩᠳᠡ ᠲᠡᠷᠡ ᠵᠠᠮᠤᠬ᠎ᠠ ᠬᠡᠮᠡᠭᠴᠢ ᠶᠠᠭᠤᠮ᠎ᠠ ᠶ᠋ᠢ ᠰᠠᠢᠲᠤᠷ ᠰᠡᠷᠡᠮᠵᠢᠯᠡᠬᠦ ᠬᠡᠷᠡᠭᠲᠡᠢ ᠲᠡᠷᠡ ᠬᠡᠮᠡᠭᠴᠢ ᠳᠣᠯᠣᠭᠠᠨ ᠡᠭᠦᠳᠡᠨ ᠳ᠋ᠦ᠍ᠷ ᠳᠣᠮᠨᠣᠭᠳᠠᠵᠤ᠂ ᠨᠠᠢ᠍ᠮᠠᠨ ᠡᠭᠦᠳᠡᠨ ᠳ᠋ᠦ᠍ᠷ ᠨᠡᠮᠨᠡᠭᠳᠡᠭᠰᠡᠨ ᠦᠭᠡᠷᠢ ᠳᠣᠲᠣᠷᠲᠤ ᠦᠮᠡᠬᠡᠢ ᠰᠡᠳᠬᠢᠯᠲᠦ ᠪᠣᠭᠣᠯ ᠪᠠᠢᠨᠠᠮ᠂ ᠬᠡᠷᠬᠢᠪᠡᠴᠦ ᠦᠨᠡᠮᠰᠢᠶᠡᠨ ᠢᠲᠡᠭᠡᠵᠦ ᠦᠯᠦ ᠪᠣᠯᠤᠮᠤᠢ᠂ ᠰᠠᠢᠲᠤᠷ ᠬᠢᠴᠢᠶᠡ ! 》 ᠬᠡᠮᠡᠭᠰᠡᠨ ᠳ᠋ᠦ᠍ᠷ ᠴᠢᠦᠢ ᠱᠢ ᠯᠢ ᠥᠴᠢᠷᠦᠨ : 《ᠪᠢᠳᠡ ᠪᠧᠲ᠋ᠠ᠋ ᠤᠯᠤᠰ ᠲᠤᠷ ᠣᠭᠲᠣ ᠬᠠᠯᠳᠠᠭᠰᠠᠨ ᠦᠭᠡᠢ ᠪᠥᠭᠡᠲᠡᠯ᠎ᠡ ᠲᠡᠷᠡ ᠪᠢᠳᠡᠨ ᠢ᠋ ᠳᠥᠷᠪᠡᠨ ᠤᠳᠠᠭ᠎ᠠ ᠳᠠᠷᠤᠯᠠᠨ ᠲᠠᠪᠴᠢᠯᠠᠪᠠ᠃ ᠴᠣᠬᠣᠮ ᠮᠢᠨᠦ ᠰᠠᠨᠠᠭᠠᠨ ᠢ᠋ᠶ᠋ᠡᠷ ᠪᠣᠯᠪᠠᠰᠤ ᠡᠨᠡ ᠲᠠᠰᠢᠷᠠᠮ ᠳ᠋ᠤᠷ ᠬᠡᠷᠡᠢᠳ ᠴᠡᠷᠢᠭ ᠯᠦ᠍ᠭᠡ ᠨᠡᠢᠯᠡᠵᠦ᠂ ᠪᠧᠲ᠋ᠠ᠋ ᠤᠯᠤᠰ ᠢ᠋ ᠪᠠᠷᠠᠲᠠᠯ᠎ᠠ ᠲᠠᠢᠯᠵᠤ ᠠᠷᠢᠯᠭᠠᠪᠠᠰᠤ ᠰᠠᠢ ᠵᠣᠬᠢᠬᠤ ᠪᠥᠯᠥᠭᠡ᠂ ᠲᠡᠷᠡ ᠬᠡᠷᠪᠡ ᠬᠡᠷᠡᠢᠳ ᠢ᠋ ᠡᠨᠡ ᠤᠳᠠᠭ᠎ᠠ ᠮᠥᠬᠥᠭᠡᠪᠡᠰᠦ᠂ ᠳᠠᠷᠠᠭᠠᠯᠠᠨ ᠳᠠᠷᠤᠢ ᠮᠠᠨ ᠯᠤᠭ᠎ᠠ ᠬᠠᠯᠳᠠᠬᠤ ᠪᠣᠯᠠᠢ᠃ ᠬᠡᠷᠬᠢᠪᠡᠴᠦ ᠬᠡᠯᠲᠦᠷᠢᠭᠦᠯᠬᠦ ᠦᠭᠡᠢ ! 》 ᠬᠡᠮᠡᠭᠰᠡᠨ ᠳ᠋ᠦ᠍ᠷ ᠮᠥᠩᠭᠥᠯᠵᠢ ᠰᠡᠭᠦᠷᠡᠰᠦ ᠠᠯᠳᠠᠵᠤ ᠥᠭᠦᠯᠡᠷᠦᠨ : 《ᠡᠷᠭᠢᠨ ᠵᠠᠩᠵᠤᠨ ᠨᠠᠰᠤ ᠵᠠᠯᠠᠭᠤ ᠴᠢᠰᠤ ᠰᠢᠩᠭᠡᠨ᠂ ᠠᠭᠤᠷ ᠣᠮᠣᠭ ᠤ᠋ᠨ ᠬᠤᠷᠴᠠ ᠴᠢᠭᠢᠷᠠᠭ ᠲᠤᠷ ᠲᠡᠢᠨ ᠰᠠᠨᠠᠬᠤ ᠠᠨᠤ ᠮᠠᠭᠠᠳ ᠪᠣᠯᠠᠢ᠃ ᠬᠡᠳᠦᠢ ᠲᠡᠢᠨ ᠪᠣᠯᠪᠠᠴᠤ  《ᠬᠡᠷᠡᠭ ᠲᠦ᠍ᠷ ᠦᠨᠡᠨ ᠬᠤᠳᠠᠯ ᠤ᠋ᠨ ᠰᠢᠯᠲᠠᠭᠠᠨ ᠠᠮᠤᠢ᠂ ᠦᠢᠯᠡ ᠳ᠋ᠦ᠍ᠷ ᠵᠥᠪ ᠪᠤᠷᠤᠭᠤ ᠶ᠋ᠢᠨ ᠤᠴᠢᠷ ᠪᠣᠢ 》ᠡᠷᠭᠢᠨ ᠦ᠌ ᠡᠴᠢᠭᠡ ᠮᠥᠨ ᠲᠤᠭ ᠢ᠋ ᠠᠯᠳᠠᠵᠤ ᠴᠠᠭ ᠢ᠋ ᠰᠥᠷᠴᠦ ᠵᠥᠷᠢᠴᠡᠨ ᠭᠠᠷᠤᠭᠰᠠᠨ ᠢ᠋ᠶ᠋ᠠᠷ ᠪᠡᠶ᠎ᠡ ᠮᠥᠬᠥᠬᠦ ᠶᠡᠬᠡ ᠵᠣᠪᠠᠯᠠᠩ ᠳ᠋ᠤᠷ ᠤᠴᠠᠷᠠᠪᠠ᠃ ᠡᠳᠦᠭᠡ ᠢᠳᠡᠷ ᠵᠠᠩᠵᠤᠨ ᠣᠳᠣ ᠪᠠᠬᠠᠨ ᠬᠢᠴᠢᠶᠡᠪᠡᠰᠦ ᠵᠣᠬᠢᠮᠤᠢ ! 》 ᠬᠡᠮᠡᠬᠦᠢ ᠳ᠋ᠦ᠍ᠷ ᠴᠢᠦᠢ ᠱᠢ ᠯᠢ ᠡᠴᠢᠭᠡ ᠶᠦ᠍ᠭᠡᠨ ᠠᠯᠳᠠᠭᠰᠠᠨ ᠬᠤᠷᠴᠠ ᠬᠡᠷᠡᠭ ᠢ᠋ ᠳᠤᠷᠠᠳᠬᠤ ᠶ᠋ᠢ ᠰᠣᠨᠣᠰᠤᠨ ᠶᠡᠬᠡᠯ᠎ᠡ ᠬᠢᠯᠢᠩᠯᠡᠵᠦ ᠥᠭᠦᠯᠡᠷᠦᠨ: 《ᠬᠥᠮᠦᠨ ᠬᠡᠮᠡᠵᠦ ᠲᠥᠷᠥᠭᠰᠡᠳ ᠡᠵᠡᠨ ᠡᠴᠢᠭᠡ ᠶ᠋ᠢᠨ ᠲᠥᠯᠥᠭᠡ ᠵᠢᠳᠬᠦᠨ ᠦᠬᠦᠪᠡᠰᠦ ᠵᠣᠬᠢᠮᠤᠢ᠃ ᠮᠢᠨᠦ ᠡᠴᠢᠭᠡ ᠶ᠋ᠢᠨ ᠦᠬᠦᠭᠰᠡᠨ ᠢᠨᠦ ᠡᠵᠡᠨ ᠦ᠌ ᠤᠴᠢᠷ᠂ ᠮᠢᠨᠦ ᠪᠡᠶ᠎ᠡ ᠶ᠋ᠢᠨ ᠬᠣᠷᠣᠰᠬᠤ ᠠᠨᠤ ᠡᠵᠡᠨ ᠡᠴᠢᠭᠡ ᠬᠣᠶᠠᠷ ᠤ᠋ᠨ ᠰᠢᠯᠲᠠᠭᠠᠨ᠂ ᠡᠨᠡ ᠬᠣᠷᠣᠰᠤᠯ ᠢ᠋ ᠶᠠᠭᠠᠬᠢᠨ ᠠᠷᠢᠯᠭᠠᠵᠤ ᠪᠣᠯᠤᠮᠤᠢ ! 》ᠬᠡᠮᠡᠬᠦᠢ ᠳ᠋ᠦ᠍ᠷ ᠬᠠᠵᠠᠭᠤ ᠠ᠋ᠴᠠ ᠬᠠᠭᠤᠴᠢᠨ ᠬᠥᠭᠰᠢᠨ ᠵᠠᠩᠵᠤᠨ ᠬᠣᠯᠠᠰᠤᠪᠴᠢ ᠬᠡᠮᠡᠭᠴᠢ ᠳᠠᠭᠤᠨ ᠠᠯᠳᠠᠵᠤ :《ᠴᠢᠦᠢ ᠱᠢ ᠯᠢ ᠬᠠᠳᠠᠨ ᠪᠠᠭᠠᠲᠤᠷ ᠬᠤᠷᠴᠠ ᠢᠳᠡᠷ ! 》 ᠭᠡᠮᠡᠨ ᠰᠠᠢᠰᠢᠶᠠᠭᠰᠠᠨ ᠳ᠋ᠤᠷ᠂ ᠠᠯᠠᠲᠠᠨᠱᠠᠭ᠎ᠠ ᠥᠭᠦᠯᠡᠷᠦᠨ : 《ᠡᠨᠡ ᠤᠳᠠᠭ᠎ᠠ ᠡᠴᠢᠬᠦ ᠢᠨᠤ ᠤᠷᠤᠭ ᠤ᠋ᠨ ᠤᠴᠢᠷ ᠲᠤᠯᠠ ᠪᠧᠲ᠋ᠠ᠋ ᠤᠯᠤᠰ ᠤ᠋ᠨ ᠥᠰᠢᠶ᠎ᠡ ᠶ᠋ᠢ ᠳ᠋ᠦ᠍ᠷ ᠪᠢᠲᠡᠭᠡᠢ ᠨᠡᠬᠡ᠂ ᠲᠡᠭᠦᠨ ᠢ᠋ ᠡᠳᠦᠢᠬᠡᠨ ᠴᠡᠷᠢᠭ ᠢ᠋ᠶ᠋ᠡᠷ ᠬᠠᠯᠳᠠᠵᠤ ᠦᠯᠦ ᠪᠣᠯᠤᠮᠤᠢ᠃ ᠲᠠᠯᠠᠭᠠᠷ ᠪᠡᠶ᠎ᠡ ᠶ᠋ᠢ ᠰᠠᠭᠠᠲᠠᠭᠤᠯᠵᠤ᠂ ᠪᠧᠲ᠋ᠠ᠋ ᠤᠯᠤᠰ ᠤ᠋ᠨ ᠡᠵᠡᠨ ᠢ᠋ ᠪᠠᠰᠠ ᠲᠡᠭᠷᠢ ᠰᠠᠯᠬᠢᠨ ᠬᠤᠷ᠎ᠠ ᠪᠠᠷ ᠬᠠᠪᠰᠤᠷᠤᠨ ᠲᠤᠰᠠᠯᠠᠵᠤ᠂ ᠲᠡᠭᠦᠨ ᠦ᠌ ᠲᠡᠷᠡ ᠳᠥᠷᠪᠡᠨ ᠬᠦᠯᠦᠭ᠂ ᠲᠠᠪᠤᠨ ᠪᠠᠷᠰ ᠬᠡᠮᠡᠭᠴᠢ ᠴᠥᠮ ᠠᠷᠰᠯᠠᠨ ᠵᠠᠭᠠᠨ ᠮᠡᠲᠦ ᠲᠤᠯᠠ ᠬᠢᠯᠪᠠᠷ ᠢ᠋ᠶ᠋ᠠᠷ ᠪᠢᠲᠡᠭᠡᠢ ᠬᠠᠯᠳᠠᠭᠲᠤᠨ᠃ ᠡᠳᠦᠭᠡ ᠪᠠᠰᠠ ᠬᠠᠳᠠᠨ ᠬᠠᠭᠤᠷᠠᠢ ᠬᠠᠪᠤᠷ ᠤ᠋ᠨ ᠴᠠᠭ ᠪᠥᠭᠡᠳ ᠭᠠᠯᠵᠠᠭᠤ ᠮᠥᠷᠡᠨ ᠲᠡᠷᠡ ᠮᠡᠲᠦ ᠬᠥᠭᠡᠬᠦ ᠶᠣᠰᠣ ᠪᠣᠢ ᠤᠤ ? ᠲᠡᠷᠡ ᠦᠶᠡᠷ ᠤᠰᠤ ᠮᠠᠭᠠᠳ ᠴᠥᠮ ᠲᠡᠭᠷᠢ ᠶ᠋ᠢᠨ ᠲᠤᠰᠠᠯᠠᠯ ᠪᠣᠯᠠᠢ᠃ ᠪᠠᠭᠠᠲᠤᠷ ᠵᠠᠩᠵᠤᠨ ᠮᠢᠨᠦ ᠥᠪᠡᠷ ᠦ᠋ᠨ ᠬᠦᠴᠦᠨ ᠪᠤᠰᠤᠳ ᠤ᠋ᠨ ᠲᠡᠩᠬᠡᠭᠡ ᠶ᠋ᠢ ᠬᠢᠨᠠᠨ ᠪᠣᠳᠣᠪᠠᠰᠤ ᠵᠣᠬᠢᠮᠤᠢ ! 》ᠭᠡᠮᠡᠨ ᠴᠡᠷᠢᠭ ᠮᠣᠷᠳᠠᠬᠤ ᠪᠠᠷ ᠲᠣᠭᠲᠠᠭᠠᠪᠠ᠃ 
       ᠡᠭᠦᠨ ᠢ᠋ ᠲᠦᠷ ᠵᠣᠭᠰᠣᠵᠤ᠂ ᠣᠳᠣ ᠮᠤᠬᠤᠯᠢ ᠪᠠᠷ ᠴᠠᠢᠯᠵᠢ ᠠᠢᠮᠠᠭ ᠤ᠋ᠨ ᠲᠣᠳᠣ ᠶ᠋ᠢ ᠳᠠᠢᠯᠠᠷ᠎ᠠ ᠡᠴᠢᠭᠰᠡᠨ ᠢ᠋ ᠲᠣᠪᠴᠢᠯᠠᠨ ᠬᠡᠯᠡᠬᠦ ᠢᠨᠦ :ᠲᠡᠨᠳᠡᠴᠡ ᠮᠤᠬᠤᠯᠢ ᠲᠠᠪᠤᠨ ᠲᠦᠮᠡ ᠴᠡᠷᠢᠭ ᠢ᠋ ᠠᠪᠴᠤ ᠲᠣᠳᠣ ᠶ᠋ᠢ ᠤᠭᠲᠤᠨ ᠣᠢᠷ᠎ᠠ ᠬᠦᠷᠴᠦ ᠰᠣᠨᠣᠰᠪᠠᠰᠤ᠂ ᠲᠣᠳᠣ ᠶ᠋ᠢᠨ ᠨᠠᠢ᠍ᠮᠠᠨ ᠲᠦᠮᠡᠨ ᠴᠡᠷᠢᠭ ᠢ᠋ᠶ᠋ᠡᠨ ᠶᠡᠬᠡᠯ᠎ᠡ ᠳᠡᠯᠭᠡᠵᠦ ᠢᠷᠡᠮᠦᠢ ᠬᠡᠮᠡᠬᠦᠢ ᠳ᠋ᠦ᠍ᠷ ᠮᠤᠬᠤᠯᠢ ᠥᠴᠦᠭᠦᠬᠡᠨ ᠤᠮᠣᠰᠬᠢᠲᠠᠯ᠎ᠠ ᠢᠨᠢᠶᠡᠨ ᠲᠠᠪᠤᠨ ᠲᠦᠮᠡᠨ ᠴᠡᠷᠢᠭ ᠢ᠋ᠶ᠋ᠡᠨ ᠲᠠᠪᠤᠨ ᠵᠤᠷᠪᠤᠰ ᠪᠣᠯᠭᠠᠨ ᠰᠠᠯᠭᠠᠵᠤ᠂ ᠥᠪᠡᠷ ᠢ᠋ᠶ᠋ᠡᠨ ᠳᠤᠮᠳᠠᠳᠤ ᠴᠡᠷᠢᠭ ᠢ᠋ ᠵᠠᠬᠢᠷᠤᠨ᠂ ᠪᠤᠭᠤᠷᠤᠯ ᠢ᠋ᠶ᠋ᠠᠷ ᠪᠠᠷᠠᠭᠤᠨ ᠮᠥᠷ ᠢ᠋ ᠵᠠᠬᠢᠷᠤᠭᠤᠯᠵᠤ᠂ ᠭᠢᠯᠦᠭᠡᠨ᠂ ᠬᠤᠢᠯᠠᠲᠠᠷ ᠬᠣᠶᠠᠷ ᠪᠠᠭᠠᠲᠤᠷ ᠢ᠋ᠶ᠋ᠠᠷ ᠵᠡᠭᠦᠨ ᠪᠠᠷᠠᠭᠤᠨ ᠳᠡᠳ᠋ ᠮᠥᠷ ᠢ᠋ ᠲᠡᠷᠢᠭᠦᠯᠡᠵᠦ ᠲᠠᠪᠤᠨ ᠵᠤᠷᠪᠤᠰ ᠮᠣᠭᠠᠢ ᠮᠡᠲᠦ ᠪᠣᠯᠭᠠᠵᠤ᠂ ᠴᠡᠷᠢᠭ ᠦ᠋ᠨ ᠬᠦᠨᠳᠦ ᠬᠥᠰᠬᠡ ᠪᠠ ᠬᠦᠨᠡᠰᠦ ᠢᠳᠡᠭᠡᠨ ᠢ᠋ ᠴᠥᠮ ᠡᠯᠡᠰᠦᠨ ᠳ᠋ᠦ᠍ᠷ ᠪᠤᠯᠠᠭᠠᠳ ᠲᠠᠪᠤᠨ ᠠᠩᠭᠢ ᠳ᠋ᠤᠷ : 《ᠣᠭᠲᠠᠷᠭᠤᠢ ᠳ᠋ᠤᠷ ᠨᠢᠰᠦᠭᠴᠢ ᠰᠢᠪᠠᠭᠤ᠂ ᠤᠰᠤᠨ ᠳ᠋ᠤᠷ ᠬᠠᠷᠪᠤᠭᠠᠴᠢ ᠮᠣᠭᠠᠢ ᠳ᠋ᠤᠷ ᠡᠳᠦᠷ ᠪᠦᠷᠢ ᠶ᠋ᠢᠨ ᠢᠳᠡᠬᠦ ᠢᠳᠡᠭᠡᠨ ᠢ᠋ᠶ᠋ᠡᠨ ᠣᠭᠲᠣ ᠡᠰᠡ ᠪᠡᠯᠡᠳᠬᠡᠭᠰᠡᠨ ᠪᠥᠭᠡᠳ ᠪᠠᠰᠠ ᠡᠳᠦᠷ ᠪᠦᠷᠢ ᠠᠮᠢᠳᠤᠷᠠᠨ ᠶᠠᠪᠤᠬᠤ ᠠᠨᠤ᠂ ᠢᠳᠡᠭᠡᠨ ᠡᠷᠢᠬᠦ ᠶ᠋ᠢᠨ ᠲᠤᠯᠠ ᠴᠢᠷᠮᠠᠢᠨ ᠶᠠᠪᠤᠬᠤ ᠤᠴᠢᠷ ᠂ ᠪᠠᠰᠠ ᠡᠳᠦᠷ ᠪᠦᠷᠢ ᠢᠳᠡᠭᠡᠨ ᠣᠯᠵᠤ ᠠᠮᠢᠳᠤᠷᠠᠵᠤᠬᠤᠢ᠃ ᠡᠨᠡ ᠤᠳᠠᠭ᠎ᠠ ᠳᠠᠢᠰᠤᠨ ᠤ᠋ ᠢᠳᠡᠭᠡᠨ ᠢ᠋ ᠢᠳᠡᠵᠦ ᠠᠮᠢᠳᠤᠷᠠᠬᠤ ᠶ᠋ᠢ ᠰᠠᠨᠠᠬᠤ ᠪᠣᠢ ‍ᠶ᠎ᠠ᠂ ᠥᠪᠡᠷ ᠦ᠋ᠨ ᠢᠳᠡᠭᠡᠨ ᠳ᠋ᠦ᠍ᠷ ᠪᠢᠲᠡᠭᠡᠢ ᠳᠤᠷᠠᠰᠢᠶᠠ ᠂ ᠰᠡᠳᠬᠢᠯ ᠢ᠋ ᠲᠠᠰᠤ ᠰᠠᠨᠠᠭᠠᠨ ᠢ᠋ ᠣᠭᠴᠣ ! 》 ᠭᠡᠮᠡᠨ ᠵᠠᠷᠯᠠᠮᠠᠭᠴᠠ ᠫᠤᠤ ᠲᠠᠯᠪᠢᠭᠤᠯᠵᠤ᠂ ᠬᠡᠩᠭᠡᠷᠭᠡ ᠳᠡᠯᠡᠳᠦᠭᠦᠯᠦᠨ ᠲᠠᠪᠢᠨ ᠭᠠᠵᠠᠷ ᠤ᠋ᠨ ᠡᠴᠦᠰ ᠡᠴᠡ ᠨᠢᠭᠡᠨᠲᠡ ᠬᠠᠷᠪᠤᠭᠰᠠᠨ ᠰᠤᠮᠤ ᠮᠡᠲᠦ ᠳᠣᠪᠲᠣᠯᠤᠯᠴᠠᠨ ᠠᠯᠠᠨ ᠣᠷᠣᠪᠠ᠃ ᠡᠭᠦᠨ ᠳ᠋ᠦ᠍ᠷ ᠲᠣᠳᠣ ᠶ᠋ᠢᠨ ᠨᠠᠢ᠍ᠮᠠᠨ ᠲᠦᠮᠡᠨ ᠴᠡᠷᠢᠭ ᠲᠠᠪᠤᠨ ᠠᠩᠭᠢ ᠲᠠᠰᠤᠯᠤᠭᠳᠠᠨ ᠶᠡᠬᠡᠯ᠎ᠡ ᠰᠠᠮᠠᠭᠤᠷᠠᠵᠤ᠂ ᠲᠠᠪᠤᠨ ᠳᠠᠰᠢ ᠰᠠᠯᠪᠠᠷᠠᠨ ᠪᠤᠷᠤᠭᠤᠯᠠᠵᠤ᠂ ᠲᠡᠷᠢᠭᠦᠨ ᠡᠷᠭᠢᠰᠢ ᠦᠭᠡᠢ ᠳᠤᠲᠠᠭᠠᠨ᠂ ᠬᠦᠷᠢᠶ᠎ᠡ ᠪᠠᠭᠤᠳᠠᠯ ᠢ᠋ᠶ᠋ᠠᠨ ᠴᠥᠮ ᠣᠷᠬᠢᠵᠤ ᠡᠴᠢᠭᠰᠡᠨ᠎ᠡ᠂ ᠬᠦᠨᠡᠰᠦ ᠪᠡᠷ ᠢᠨᠤ ᠪᠧᠲ᠋ᠠ᠋ ᠤᠯᠤᠰ ᠤ᠋ᠨ ᠴᠡᠷᠢᠭ ᠬᠦᠨᠡᠰᠦᠯᠡᠵᠦ᠂ ᠬᠠᠭᠠᠰ ᠰᠠᠷ᠎ᠠ ᠶ᠋ᠢᠨ ᠵᠠᠮ ᠨᠡᠬᠡᠨ ᠠᠯᠠᠵᠤ ᠬᠡᠳᠦᠨ ᠮᠢᠩᠭᠠᠨ ᠲᠡᠷᠭᠡ ᠬᠤᠶᠠᠭ ᠵᠡᠪᠰᠡᠭ ᠴᠡᠷᠢᠭ ᠦ᠋ᠨ ᠬᠡᠷᠡᠭᠯᠡᠯ ᠢ᠋ ᠣᠯᠵᠠᠯᠠᠵᠤ᠂ ᠨᠢᠭᠡᠬᠡᠨ ᠤᠳᠠᠭ᠎ᠠ ᠳ᠋ᠦᠷ ᠶᠡᠬᠡᠯ᠎ᠡ ᠳᠠᠷᠤᠭᠠᠳ ᠦᠨᠳᠦᠰᠦᠨ ᠢ᠋ ᠠᠷᠢᠯᠭᠠᠰᠤᠭᠠᠢ ᠭᠡᠮᠡᠨ ᠨᠡᠬᠡᠭᠰᠡᠭᠡᠷ ᠢᠯᠢ ᠭᠠᠵᠠᠷ ᠤ᠋ᠨ ᠬᠣᠢᠲᠤ ᠵᠠᠬ᠎ᠠ ᠳ᠋ᠤᠷ ᠪᠦᠬᠦᠢ ᠴᠠᠰᠤᠲᠤ ᠠᠭᠤᠯᠠ ᠬᠡᠮᠡᠬᠦ ᠶᠡᠬᠡ ᠬᠥᠪᠴᠢ ᠠᠭᠤᠯᠠᠨ᠎ᠠ ᠬᠦᠷᠦᠭᠡᠳ ᠲᠣᠳᠣ ᠶ᠋ᠢᠨ ᠴᠡᠷᠢᠭ ᠲᠡᠷᠡ ᠠᠭᠤᠯᠠᠨ᠎ᠠ ᠰᠢᠷᠭᠤᠯᠠᠨ ᠣᠷᠣᠵᠤ ᠲᠠᠷᠬᠠᠭᠠᠳ ᠠᠭᠤᠯᠠᠨ ᠤ᠋ ᠠᠩ ᠬᠡᠭᠡᠷ᠎ᠡ ᠶ᠋ᠢᠨ ᠬᠦᠷᠦᠭᠡᠳ ᠦ᠋ᠨ ᠮᠢᠬ᠎ᠠ ᠪᠠᠷ ᠠᠮᠢᠳᠤᠷᠠᠯᠴᠠᠵᠤ ᠡᠷᠢᠨ ᠣᠯᠳᠠᠬᠤ ᠦᠭᠡᠢ ᠪᠣᠯᠤᠭᠰᠠᠨ ᠲᠤᠯᠠ ᠮᠤᠬᠤᠯᠢ ᠠᠷᠭ᠎ᠠ ᠦᠭᠡᠢ ᠶᠡᠬᠡ ᠴᠡᠷᠢᠭ ᠢ᠋ᠶ᠋ᠡᠨ ᠠᠪᠴᠤ ᠶᠡᠬᠡᠯ᠎ᠡ ᠣᠯᠵᠠ ᠣᠮᠣᠭᠳᠠᠶ᠎ᠠ ᠨᠠᠮᠤᠷ ᠤ᠋ᠨ ᠲᠡᠷᠢᠭᠦᠨ ᠰᠠᠷ᠎ᠠ ᠳ᠋ᠤᠷ ᠴᠡᠷᠢᠭ ᠡᠭᠡᠵᠦ᠂ ᠡᠪᠦᠯ ᠦ᠋ᠨ ᠲᠡᠷᠢᠭᠦᠨ ᠰᠠᠷ᠎ᠠ ᠪᠠᠷ ᠤᠯᠤᠰ ᠲᠤᠷ ᠢ᠋ᠶ᠋ᠠᠨ ᠬᠦᠷᠴᠦ ᠢᠷᠡᠬᠦᠶ᠎ᠡ᠂ ᠰᠣᠨᠣᠰᠪᠠᠰᠤ ᠲᠠᠢᠽᠦ ᠡᠨᠡ ᠬᠠᠪᠤᠷ ᠬᠠᠯᠵᠢᠨ᠎ᠠ ᠶ᠋ᠢᠨ ᠳᠠᠪᠠᠭᠠᠨ᠎ᠠ ᠬᠡᠷᠡᠢᠳ ᠦ᠋ᠨ ᠠᠷᠪᠠᠨ ᠭᠤᠷᠪᠠᠨ ᠲᠦᠮᠡᠨ ᠴᠡᠷᠢᠭ ᠢ᠋ ᠭᠤᠷᠪᠠᠬᠠᠨ ᠲᠦᠮᠡᠨ ᠢᠯᠡᠭᠦᠦ ᠴᠡᠷᠢᠭ ᠢ᠋ᠶ᠋ᠡᠷ ᠨᠢᠭᠡᠨ ᠵᠡᠷᠭᠡ ᠳᠠᠷᠤᠭᠠᠳ ᠬᠣᠶᠠᠷ ᠴᠡᠷᠢᠭ ᠡᠳᠦᠭᠡ ᠪᠣᠯᠲᠠᠯ᠎ᠠ ᠲᠤᠯᠭᠠᠯᠴᠠᠵᠤ ᠠᠭᠰᠠᠭᠠᠷ ᠬᠡᠮᠡᠬᠦᠢ ᠳ᠋ᠦ᠍ᠷ ᠮᠤᠬᠤᠯᠢ ᠶᠡᠬᠡᠯ᠎ᠡ ᠪᠠᠶᠠᠷᠯᠠᠨ ᠲᠦᠷᠭᠡᠯᠡᠨ ᠢᠷᠡᠬᠦᠶ᠎ᠡ᠂ ᠲᠠᠢᠽᠦ ᠮᠡᠳᠡᠭᠡ ᠰᠣᠨᠣᠰᠴᠤ ᠡᠮᠦᠨ᠎ᠡ ᠡᠴᠡ ᠤᠷᠲᠤ ᠪᠣᠳᠣᠯᠭᠠᠲᠤ᠂ ᠤᠬᠠᠭᠠᠨᠲᠤ ᠷᠢᠨᠴᠢᠨ᠂ ᠵᠢᠴᠢ  ᠣᠷᠢᠶᠠᠩᠬᠠᠨ ᠤ᠋ ᠵᠠᠯᠮ᠎ᠠ ᠭᠤᠷᠪᠠᠭᠤᠯᠠ ᠶ᠋ᠢ ᠳᠡᠰ ᠳᠡᠰ ᠢ᠋ᠶ᠋ᠡᠷ ᠭᠤᠷᠪᠠᠨ ᠤᠳᠤᠯᠭ᠎ᠠ ᠣᠭᠲᠣᠭᠤᠯᠤᠨ᠂ ᠴᠡᠷᠢᠭ ᠦ᠋ᠨ ᠬᠦᠷᠢᠶᠡᠨ ᠦ᠌ ᠡᠮᠦᠨ᠎ᠡ ᠪᠡᠨ ᠳᠥᠷᠪᠡᠨ ᠳᠡᠭᠦᠦ ᠨᠠᠷ ᠣᠯᠠᠨ ᠵᠠᠩᠵᠤᠨ ᠢ᠋ᠶ᠋ᠠᠨ ᠠᠪᠴᠤ ᠤᠭᠲᠤᠭᠠᠳ ᠮᠣᠳᠣᠷ ᠢ᠋ᠶ᠋ᠠᠷ ᠠᠷᠢᠬᠢ ᠬᠠᠢᠷᠠᠯᠠᠨ ᠪᠡᠯᠡᠭ ᠢᠷᠦᠭᠡᠯ ᠢ᠋ ᠲᠠᠯᠪᠢᠭ᠍ᠰᠠᠨ ᠳ᠋ᠤᠷ ᠮᠤᠬᠤᠯᠢ ᠲᠠᠢᠽᠦ ᠶ᠋ᠢ ᠦᠵᠡᠭᠡᠳ ᠡᠪᠦᠳᠦᠭ ᠢ᠋ᠶ᠋ᠡᠷ ᠮᠥᠯᠬᠥᠨ ᠢᠷᠡᠵᠦ ᠮᠥᠷᠭᠥᠨ ᠵᠣᠯᠭᠠᠭᠠᠳ ᠬᠣᠶᠠᠷ ᠳᠠᠢᠰᠤᠨ ᠢ᠋ ᠳᠠᠷᠤᠭᠰᠠᠨ ᠬᠣᠣᠰ ᠪᠠᠶᠠᠷ ᠤ᠋ᠨ ᠶᠣᠰᠣᠭᠠᠷ ᠬᠤᠨᠳᠠᠭ᠎ᠠ ᠪᠠᠷᠢᠵᠤ ᠬᠣᠷᠰᠢᠶ᠎ᠠ ᠲᠦᠰᠢᠮᠡᠳ ᠪᠦᠭᠦᠳᠡᠭᠡᠷ ᠡᠷᠭᠦᠯᠴᠡᠵᠦ᠂ ᠮᠤᠬᠤᠯᠢ ᠡᠢᠨ ᠭᠡᠮᠡᠨ ᠪᠡᠯᠭᠡᠯᠡᠨ ᠮᠡᠳᠡᠭᠦᠯᠦᠷᠦᠨ : 
                ᠠᠯᠳᠠᠯ ᠦᠭᠡᠢ ᠲᠡᠭᠷᠢ ᠶ᠋ᠢᠨ ᠲᠥᠷᠥᠭᠦᠯᠦᠭᠰᠡᠨ ᠡᠵᠡᠨ ᠮᠢᠨᠦ 
                ᠠᠮᠢᠲᠠᠨ ᠪᠦᠬᠦᠨ ᠢ᠋ ᠠᠪᠤᠷᠠᠨ ᠭᠡᠲᠦᠯᠭᠡᠭᠴᠢ ᠡᠵᠡᠨ ᠮᠢᠨᠦ ᠂ 
                ᠠᠳᠠᠪᠠᠰᠢ ᠲᠦᠭᠰᠢᠯᠳᠦ ᠡᠨᠡ ᠠᠭᠤᠯᠠ ᠤᠰᠤᠨ ᠤ᠋ ᠵᠠᠪᠰᠠᠷ᠎ᠠ 
                ᠠᠯᠠᠯᠳᠤᠭᠠᠨ ᠪᠠᠢᠯᠳᠤᠭᠠᠨ ᠢ᠋ ᠬᠡᠷᠬᠢᠨ ᠡᠭᠦᠰᠬᠡᠭᠰᠡᠨ ᠪᠣᠢ ?
                ᠠᠷᠤ ᠳ᠋ᠤᠷ ᠮᠥᠷᠡᠨ ᠥᠪᠥᠷ ᠲᠣᠷ ᠳᠠᠪᠠᠭ᠎ᠠ ᠲᠠᠢ ᠲᠤᠯᠠ 
                ᠠᠮᠢᠰᠬᠤᠷ ᠣᠬᠣᠷ ᠬᠠᠭᠤᠷᠠᠢ ᠴᠢᠪᠭᠡᠭᠦᠨ ᠭᠠᠵᠠᠷ ᠪᠠᠢᠨᠠᠮ᠃ 
                ᠠᠶᠤᠯᠲᠠᠢ ᠡᠨᠡ ᠭᠠᠵᠠᠷ ᠲᠤᠷ ᠠᠯᠠᠯᠳᠤᠨ ᠪᠠᠢᠯᠳᠤᠭᠰᠠᠨ ᠪᠥᠭᠡᠳ 
                ᠠᠪᠠᠢ ᠬᠠᠷᠢᠨ ᠠᠰᠢᠭ ᠣᠯᠵᠤ ᠳᠡᠢᠯᠦᠭᠰᠡᠨ ᠢᠨᠦ᠂ 
                ᠠᠯᠰᠠᠩᠭᠤᠢ ᠦᠭᠡᠢ ᠬᠤᠪᠢᠯᠭᠠᠨ ᠰᠠᠬᠢᠭᠤᠯᠰᠤᠨ ᠨᠡᠬᠡᠵᠦ ᠲᠠᠭᠠᠯᠴᠠᠨ  
                ᠠᠯᠲᠠᠨ ᠡᠵᠡᠨ ᠢ᠋ ᠮᠢᠨᠦ ᠰᠠᠬᠢᠵᠤ ᠢᠪᠡᠭᠡᠵᠦ ᠶᠠᠪᠤᠮᠤᠢ᠃ 
                ᠠᠶᠠᠲᠠᠢ ᠳ᠋ᠤᠷ ᠦᠯᠦ ᠦᠶᠡᠷᠯᠡᠬᠦ ᠭᠠᠯᠵᠠᠭᠤ ᠮᠥᠷᠡᠨ ᠢ᠋ᠶ᠋ᠡᠷ 
                ᠭᠱᠠᠨ ᠪᠣᠷᠤᠭᠠᠨ᠎ᠠ ᠲᠡᠢᠨ ᠬᠦ᠌ ᠦᠶᠡᠷᠯᠡᠬᠦ ᠪᠣᠢ ᠤᠤ ?
                ᠠᠭᠰᠢᠮ᠎ᠠ ᠬᠠᠭᠤᠷᠠᠢ ᠳᠠᠪ ᠲᠡᠭᠰᠢ ᠡᠯᠡᠰᠦ ᠮᠠᠩᠬᠠᠨ᠎ᠠ 
                ᠠᠯᠢ ᠪᠠᠷ ᠢᠷᠡᠬᠦ ᠲᠡᠳᠦᠢᠴᠢᠨᠡᠭᠡᠨ ᠤᠰᠤ ᠪᠠᠢᠬᠤ ᠠᠵᠢ ?
                ᠠᠶ᠎ᠠ ᠬᠣᠬᠣᠢ ᠡᠵᠡᠨ ᠮᠢᠨᠦ ᠰᠦᠯᠳᠡ ᠲᠡᠭᠷᠢ ᠲᠤᠰᠠᠯᠠᠵᠤ 
                ᠠᠯᠢᠪᠠ ᠪᠦᠬᠦᠨ ᠢ᠋ ᠠᠮᠤᠭᠤᠯᠬᠤ ᠶ᠋ᠢᠨ ᠰᠢᠯᠲᠠᠭᠠᠨ ᠮᠥᠨ ᠬᠡᠮᠡᠪᠡᠢ᠃ 
       ᠲᠡᠭᠦᠨᠴᠡ ᠮᠤᠬᠤᠯᠢ ᠲᠡᠷᠢᠭᠦᠯᠡᠨ ᠳᠥᠷᠪᠡᠨ ᠳᠡᠭᠦᠦ ᠯᠦ᠍ᠭᠡ : 《ᠵᠢᠯ ᠦ᠋ᠨ ᠳᠣᠣᠷ᠎ᠠ ᠪᠣᠯᠪᠠ᠂ ᠲᠠᠢᠽᠦ ᠪᠤᠷᠬᠠᠨ ᠭᠠᠯᠳᠤᠨ᠎ᠠ ᠳ᠋ᠤᠷ ᠡᠭᠡᠵᠦ ᠰᠢᠨᠡᠯᠡᠮᠦ ! 》ᠭᠡᠮᠡᠨ ᠭᠤᠶᠤᠨ ᠮᠡᠳᠡᠭᠦᠯᠦᠭᠰᠡᠨ ᠳ᠋ᠦ᠍ᠷ ᠲᠠᠢᠽᠦ ᠲᠡᠷᠢᠭᠦᠨ ᠰᠠᠵᠢᠵᠤ ᠵᠠᠬᠢᠷᠤᠨ : 
                ᠡᠬᠡ ᠡᠴᠡ ᠪᠡᠨ ᠬᠠᠮᠲᠤ ᠲᠥᠷᠥᠭᠰᠡᠨ ᠡᠯᠢᠭᠡ ᠮᠢᠬ᠎ᠠ ᠠᠬ᠎ᠠ ᠳᠡᠭᠦᠦ ᠶᠦ᠍ᠭᠡᠨ  
                ᠡᠮ᠎ᠡ ᠦᠷ᠎ᠡ ᠥᠨᠳᠡᠭᠡ ᠵᠤᠯᠵᠠᠭ᠎ᠠ ᠪᠠᠨ ᠴᠤ᠌ ᠬᠠᠮᠠᠭᠠᠯᠠᠨ ᠡᠰᠡ ᠴᠢᠳᠠᠨ᠂ 
                ᠡᠷᠡᠮᠡᠬᠡᠢ ᠰᠥᠷᠭᠡᠦ ᠬᠡᠷᠡᠢᠳ ᠤᠯᠤᠰ ᠲᠤᠷ ᠴᠥᠮ ᠪᠤᠯᠢᠶᠠᠭᠳᠠᠨ ᠠᠪᠲᠠᠭᠠᠳ 
                ᠡᠨᠡ ᠪᠡᠶ᠎ᠡ ᠶᠠᠮᠪᠠᠷ ᠨᠢᠭᠤᠷ ᠢ᠋ᠶ᠋ᠠᠷ ᠡᠮᠡᠭᠡ ᠥᠵᠢᠨ᠎ᠡ ᠤᠴᠠᠷᠠᠮᠤᠢ ?
                ᠡᠭᠡᠵᠦ ᠬᠠᠷᠢᠬᠤ ᠶ᠋ᠢ ᠪᠢᠲᠡᠭᠡᠢ ᠰᠠᠨᠠ ᠡᠷ᠎ᠡ ᠶ᠋ᠢᠨ ᠵᠣᠷᠢᠭ ᠢ᠋ ᠭᠦᠢᠴᠡᠳᠬᠡᠮᠦᠢ 
                ᠡᠯᠢᠭᠡᠰᠡᠭ ᠳᠡᠭᠦᠦ ᠨᠠᠷ ᠡᠴᠢᠵᠦ ᠡᠬᠡ ᠦᠵᠢᠨ ᠳ᠋ᠦ᠍ ᠪᠡᠯᠭᠡᠯᠡᠨ ᠮᠥᠷᠭᠥ᠂ 
                ᠡᠨᠡᠯᠦᠨ ᠳᠡᠩᠰᠡᠯᠪᠡᠴᠦ ᠡᠯᠡᠵᠦ ᠵᠣᠪᠠᠭᠰᠠᠨ ᠳᠡᠭᠦᠦ ᠶᠦ᠍ᠭᠡᠨ ᠡᠮ᠎ᠡ ᠦᠷ᠎ᠡ ᠶ᠋ᠢ ᠠᠪᠤᠷᠠᠵᠤ 
                ᠡᠩᠭᠡᠷ ᠨᠡᠢᠲᠡ ᠪᠡᠷ ᠡᠭᠡᠵᠦ ᠬᠠᠷᠢᠪᠠᠰᠤ ᠰᠠᠢ ᠪᠣᠯᠬᠤ ᠪᠣᠢ ‍ᠶ᠎ᠠ ! 
ᠭᠡᠮᠡᠨ ᠡᠭᠡᠬᠦ ᠦᠭᠡᠢ ᠳ᠋ᠦ᠍ᠷ ᠣᠯᠠᠨ ᠢ᠋ᠶ᠋ᠠᠷ ᠠᠷᠭ᠎ᠠ ᠦᠭᠡᠢ ᠪᠣᠯᠵᠤ ᠳᠥᠷᠪᠡᠨ ᠳᠡᠭᠦᠦ ᠶ᠋ᠢ ᠡᠭᠡᠭᠦᠯᠵᠦ᠂ ᠥᠭᠡᠯᠦᠨ ᠦᠵᠢᠨ ᠡᠮᠡᠭᠡ ᠶ᠋ᠢᠨ ᠡᠩᠬᠡ ᠮᠡᠨᠳᠦ ᠶ᠋ᠢ ᠡᠷᠢᠭᠦᠯᠦᠷ᠎ᠡ ᠢᠯᠡᠭᠡᠭᠡᠳ ᠲᠠᠢᠽᠦ ᠶ᠋ᠢᠨ ᠶᠡᠬᠡ ᠴᠡᠷᠢᠭ ᠦ᠋ᠨ ᠬᠦᠷᠢᠶ᠎ᠡ ᠶ᠋ᠢ ᠳᠡᠪᠰᠢᠭᠦᠯᠵᠦ ᠳᠦᠭᠦᠯᠡ ᠮᠥᠷᠡᠨ ᠦ᠌ ᠵᠠᠬ᠎ᠠ ᠳ᠋ᠤᠷ ᠪᠠᠭᠤᠯᠭᠠᠵᠤ᠂ ᠵᠢᠯ ᠦ᠋ᠨ ᠰᠡᠭᠦᠯ ᠦ᠋ᠨ ᠶᠣᠰᠣ ᠪᠠᠷ ᠮᠥᠷᠭᠥᠨ ᠬᠤᠷᠢᠮᠯᠠᠵᠤ ᠪᠡᠯᠭᠡᠯᠡᠪᠡᠢ᠃
       ᠰᠢᠷᠬᠠᠴᠢᠨ ᠬᠣᠨᠢᠨ ᠵᠢᠯ ᠡᠨᠳᠡ ᠲᠡᠭᠦᠰᠴᠦ ᠲᠠᠢᠽᠦ ᠣᠯᠠᠨ ᠢ᠋ ᠠᠪᠴᠤ ᠬᠡᠭᠡᠷ᠎ᠡ ᠭᠠᠳᠠᠨ᠎ᠠ ᠰᠢᠨᠡᠯᠡᠬᠦ ᠶ᠋ᠢᠨ ᠶᠣᠰᠣᠨ ᠢ᠋ ᠭᠦᠢᠴᠡᠳᠬᠡᠪᠡ᠃ ᠴᠠᠭᠠᠨ ᠪᠡᠴᠢᠨ ᠵᠢᠯ ᠡᠭᠦᠨ ᠡᠴᠡ ᠡᠬᠢᠯᠡᠵᠦ᠂ ᠲᠠᠢᠽᠦ ᠶ᠋ᠢᠨ ᠪᠡᠶ᠎ᠡ ᠭᠤᠴᠢᠨ ᠶᠢᠰᠦᠨ ᠨᠠᠰᠤᠨ ᠰᠡᠭᠦᠳᠡᠷ ᠲᠡᠢ ᠪᠣᠯᠪᠠ᠃ ᠡᠮᠦᠨ᠎ᠡ ᠰᠥᠩ ᠤᠯᠤᠰ ᠤ᠋ᠨ ᠠᠷᠪᠠᠨ ᠳᠥᠷᠪᠡᠳᠦᠭᠡᠷ ᠡᠵᠡᠨ ᠰᠥᠩ ᠨᠢᠩᠽᠦ᠋ᠩ ᠬᠠᠭᠠᠨ ᠤ᠋ ᠵᠣᠣ ᠺᠦᠸ᠋ᠸ ᠦ᠋ᠨ ᠴᠢᠩ ᠶᠤᠸᠠᠨ ᠤ᠋ ᠵᠢᠷᠭᠤᠳᠤᠭᠠᠷ ᠣᠨ ᠪᠣᠯᠪᠠᠢ᠃ ᠪᠠᠰᠠ ᠳᠤᠮᠳᠠᠳᠤ ᠠᠯᠲᠠᠨ ᠤᠯᠤᠰ ᠤ᠋ᠨ ᠲᠠᠪᠤᠳᠤᠭᠠᠷ ᠡᠵᠡᠨ ᠵᠠᠩᠽᠦ᠋ᠩ ᠬᠠᠭᠠᠨ  ᠸᠠᠨ ᠶᠠᠨ ᠵᠢᠩ ᠦ᠋ᠨ ᠴᠢᠩ ᠠᠨ ᠤ᠋ ᠲᠠᠪᠤᠳᠤᠭᠠᠷ ᠣᠨ ᠪᠣᠯᠪᠠ᠃ ᠡᠭᠦᠨ ᠦ᠌ ᠬᠣᠢᠲᠤ ᠵᠢᠯ ᠰᠥᠩ ᠤᠯᠤᠰ᠂ ᠠᠯᠲᠠᠨ ᠤᠯᠤᠰ ᠬᠣᠶᠠᠭᠤᠯᠠ ᠬᠠᠮᠲᠤ ᠪᠠᠷ ᠣᠨ ᠤ᠋ ᠴᠣᠯᠠ ᠪᠠᠨ ᠬᠠᠯᠠᠪᠠᠢ᠃ ᠬᠠᠳ ᠠᠨᠤ ᠦᠬᠦᠭᠰᠡᠨ ᠪᠤᠰᠤ᠂ ᠴᠠᠭ ᠣᠨ ᠮᠠᠭᠤ᠂ ᠪᠡᠯᠭᠡ ᠢᠷᠣ᠎ᠠ ᠰᠠᠢᠨ ᠦᠭᠡᠢ ᠭᠡᠮᠡᠨ ᠬᠠᠯᠠᠬᠤ ᠪᠣᠯᠠᠢ᠃ ᠲᠠᠢᠽᠦ ᠡᠨᠡ ᠵᠢᠯ ᠲᠡᠢ ᠭᠠᠳᠠᠨ᠎ᠠ ᠬᠣᠶᠠᠷ ᠵᠢᠯ ᠰᠢᠨᠡᠯᠡᠵᠦ ᠣᠨᠴᠠ ᠬᠠᠰᠠᠷ ᠳᠡᠭᠦᠦ ᠶᠦ᠍ᠭᠡᠨ ᠥᠰᠢᠶ᠎ᠡ ᠶ᠋ᠢ ᠠᠪᠴᠤ ᠡᠮ᠎ᠡ ᠦᠷ᠎ᠡ ᠶ᠋ᠢ ᠢᠨᠦ ᠡᠭᠡᠭᠦᠯᠦᠨ ᠣᠯᠤᠭᠰᠠᠨ ᠤ᠋ ᠬᠣᠢᠨ᠎ᠠ ᠰᠠᠢ ᠡᠭᠡᠮᠦᠢ ᠭᠡᠮᠡᠨ ᠡᠨᠡ ᠮᠡᠲᠦ ᠡᠯᠡᠵᠦ ᠵᠣᠪᠠᠭᠰᠠᠨ ᠢ᠋ ᠡᠳᠦᠭᠡ ᠬᠠᠰᠠᠷ ᠬᠠᠨ ᠤ᠋ ᠦᠷᠡᠰ ᠬᠠᠷᠢᠨ ᠣᠭᠲᠣ ᠦᠯᠦ ᠮᠡᠳᠡᠬᠦ ᠪᠡᠷ ᠴᠢᠩᠭᠢᠰ ᠬᠠᠭᠠᠨ ᠤ᠋ ᠦᠷᠡᠰ ᠶᠠᠭᠤ ᠪᠣᠢ ? ᠭᠡᠮᠡᠨ ᠦᠯᠦ ᠳᠠᠭᠠᠯᠠᠬᠤ ᠠᠳᠬᠠᠭᠲᠤ ᠦᠭᠡᠰ ᠭᠠᠷᠤᠭᠴᠢᠳ ᠪᠣᠢ ᠠᠮᠤᠢ᠃ ᠵᠠᠷᠢᠮ ᠠᠨᠤ ᠪᠠᠰᠠ ᠴᠢᠩᠭᠢᠰ ᠬᠠᠭᠠᠨ ᠤ᠋ ᠦᠷᠡᠰ ᠢᠨᠦ ᠪᠢᠳᠡ ᠬᠡᠮᠡᠭᠴᠢ ᠳᠠᠯᠠᠢ ᠶ᠋ᠢᠨ ᠤᠰᠤ ᠮᠡᠲᠦ᠂ ᠬᠠᠰᠠᠷ ᠬᠠᠨ ᠤ᠋ ᠦᠷᠡᠰ ᠬᠡᠮᠡᠭᠴᠢ ᠬᠤᠳᠳᠤᠭ ᠤ᠋ᠨ ᠤᠰᠤ ᠠᠳᠠᠯᠢ ᠭᠡᠮᠡᠨ ᠳᠤᠷᠠᠮᠰᠢᠶᠠᠨ ᠬᠡᠯᠡᠭᠴᠢᠳ ᠪᠣᠢ ᠠᠮᠤᠢ᠃ ᠲᠡᠷᠡ ᠬᠣᠶᠠᠷ ᠴᠥᠮ ᠡᠰᠡ ᠵᠣᠬᠢᠵᠤᠬᠤᠢ᠃ ᠴᠢᠩᠭᠢᠰ ᠬᠠᠭᠠᠨ ᠢ᠋ ᠪᠠᠳᠠᠷᠠᠩᠭᠤᠢ ᠴᠠᠭᠠᠨ ᠰᠦᠯᠳᠡ ᠲᠡᠭᠷᠢ ᠡᠴᠡ ᠣᠯᠤᠭᠰᠠᠨ ᠲᠡᠭᠷᠢ ᠶ᠋ᠢᠨ ᠰᠢᠮ᠎ᠡ ᠬᠡᠮᠡᠬᠦᠢ ᠳ᠋ᠦ᠍ᠷ ᠲᠡᠳᠡ ᠪᠠᠰᠠ ᠳᠡᠳ᠋ ᠤᠳᠠᠭ᠎ᠠ ᠶ᠋ᠢᠨ ᠲᠡᠭᠷᠢ ᠶ᠋ᠢᠨ ᠦᠷᠡᠰ ᠰᠢᠮ᠎ᠡ  ᠪᠣᠳᠣᠨᠴᠠᠷ ᠪᠣᠭᠳᠠ ᠶ᠋ᠢᠨ ᠦᠷᠡᠰ ᠪᠤᠰᠤ ᠤᠤ ? ᠨᠡᠩ ᠪᠠᠰᠠ ᠬᠡᠯᠬᠢᠶ᠎ᠡ ᠳᠦᠷᠢᠮ ᠢᠨᠦ ᠪᠠᠰᠠ ᠬᠦ᠌ ᠨᠢᠭᠡᠨ ᠡᠬᠡ ᠡᠴᠡ ᠲᠥᠷᠥᠭᠰᠡᠨ ᠠᠬ᠎ᠠ ᠳᠡᠭᠦᠦ ᠪᠥᠭᠡᠳ ᠪᠠᠰᠠ ᠬᠦ᠌ ᠳᠥᠷᠪᠡᠨ ᠳᠡᠭᠦᠦ ᠶ᠋ᠢᠨ ᠵᠢᠳᠬᠦᠭᠰᠡᠨ ᠦ᠌ ᠬᠦᠴᠦᠨ ᠳ᠋ᠦ᠍ᠷ  ᠰᠠᠢ ᠭᠠᠳᠠᠭᠠᠳᠤ ᠣᠯᠠᠨ ᠲᠦᠰᠢᠮᠡᠳ ᠢ᠋ ᠣᠯᠵᠤ᠂ ᠰᠠᠢ ᠬᠠᠭᠠᠨ ᠰᠠᠭᠤᠵᠤ ᠴᠢᠳᠠᠭᠰᠠᠨ ᠪᠣᠯᠠᠢ᠃ ᠲᠡᠷᠡ ᠦᠶ᠎ᠡ ᠶ᠋ᠢᠨ ᠠᠬ᠎ᠠ ᠳᠡᠭᠦᠦ ᠨᠠᠷ ᠥᠪᠡᠷ ᠥᠪᠡᠷ ᠢ᠋ᠶ᠋ᠡᠨ ᠡᠰᠡ ᠲᠡᠮᠡᠴᠡᠭᠰᠡᠨ ᠢ᠋ ᠡᠳᠦᠭᠡ ᠪᠢᠳᠡ ᠲᠡᠭᠦᠨ ᠢ᠋ ᠢᠯᠭᠠᠨ ᠲᠡᠮᠡᠴᠡᠵᠦ ᠶᠠᠭᠤ ᠬᠢᠮᠦᠢ ?  ᠲᠡᠳᠡᠭᠡᠷ ᠴᠥᠮ ᠢᠯᠡᠭᠦᠴᠡ ᠦᠮᠡᠬᠡᠢ ᠠᠳᠬᠠᠭ ᠪᠤᠶᠤ᠃ ᠬᠠᠰᠠᠷ ᠤ᠋ᠨ ᠠᠬ᠎ᠠ ᠲᠡᠭᠷᠢ ᠶ᠋ᠢᠨ ᠰᠢᠮ᠎ᠡ ᠪᠥᠭᠡᠳ ᠶᠤᠸᠠᠨ ᠤᠯᠤᠰ ᠤ᠋ᠨ ᠬᠠᠭᠠᠨ ᠪᠣᠯᠬᠤᠢ ᠳ᠋ᠤᠷ ᠬᠠᠰᠠᠷ ᠤ᠋ᠨ ᠦᠷᠡᠰ ᠲᠣᠷ ᠭᠡᠷᠡᠯᠲᠡᠢ ᠨᠡᠷᠡᠲᠡᠢ ᠪᠣᠯᠬᠤ ᠰᠠᠢᠨ ᠭᠠᠵᠠᠷ ᠪᠠᠢᠬᠤ ᠪᠣᠢ  ‍ᠶ᠎ᠠ᠂ ᠶᠠᠭᠤᠨ ᠤ᠋  ᠭᠤᠲᠤᠮᠰᠢᠭ ᠮᠠᠭᠤᠬᠠᠢ ᠶᠠᠪᠤᠳᠠᠯ ᠪᠠᠢᠬᠤ ᠠᠵᠢ ?  ᠪᠢᠳᠡ ᠪᠡᠷ ᠲᠡᠷᠡ ᠦᠶ᠎ᠡ ᠶ᠋ᠢᠨ ᠳᠡᠭᠡᠳᠦᠰ ᠬᠠᠳ ᠤ᠋ᠨ ᠨᠠᠢᠷ ᠵᠢᠷᠤᠮ ᠢ᠋ ᠵᠤᠵᠠᠭᠠᠯᠠᠨ ᠥᠭᠴᠦ ᠦᠯᠦ ᠴᠢᠳᠠᠬᠤ ᠪᠥᠭᠡᠳ ᠭᠡᠳᠡᠷᠭᠦ ᠬᠠᠷᠢᠨ ᠲᠡᠳᠡᠨ ᠦ᠌ ᠠᠬ᠎ᠠ ᠳᠡᠭᠦᠦ ᠨᠠᠷ ᠤ᠋ᠨ ᠡᠯᠢᠭᠡᠰᠡᠭ ᠠᠮᠠᠷᠠᠭ ᠬᠡᠯᠬᠢᠶ᠎ᠡ ᠵᠢᠷᠤᠮ ᠲᠠᠢ ᠶ᠋ᠢ ᠡᠪᠳᠡᠬᠦ ᠢᠨᠦ ᠵᠣᠬᠢᠮᠤᠢ ᠤᠤ ? ᠪᠠᠰᠠ ᠵᠠᠯᠮ᠎ᠠ ᠶ᠋ᠢᠨ ᠦᠷᠡᠰ ᠳᠥᠷᠪᠡᠨ ᠬᠣᠰᠢᠭᠤ ᠲᠠᠪᠤᠨᠠᠩ ᠤ᠋ᠳ ᠲᠤᠷ ᠵᠠᠷᠢᠮ ᠪᠠᠰᠠ ᠴᠢᠩᠭᠢᠰ ᠬᠠᠭᠠᠨ ᠤ᠋ ᠦᠷᠡᠰ ᠢ᠋ ᠦᠯᠦ ᠲᠠᠭᠠᠯᠠᠨ  《ᠲᠠᠨ ᠤ᠋ ᠴᠢᠩᠭᠢᠰ ᠪᠣᠭᠳᠠ ᠴᠢᠨᠦ ᠶᠠᠭᠤ ᠪᠣᠢ ?  ᠲᠡᠷᠡ ᠴᠢᠩᠭᠢᠰ ᠠᠨᠤ ᠬᠠᠭᠠᠨ ᠪᠣᠯᠬᠤᠨ᠎ᠠ ᠶᠠᠭᠤ ᠪᠣᠢ ? ᠪᠢᠳᠡᠨ ᠦ᠌ ᠡᠪᠦᠭᠡ᠂ ᠵᠠᠯᠮ᠎ᠠ ᠲᠦᠰᠢᠮᠡᠯ ᠪᠣᠯᠬᠤᠨ᠎ᠠ ᠶᠠᠭᠤ ᠪᠣᠢ ? 》ᠭᠡᠮᠡᠨ ᠡᠰᠡᠷᠭᠦᠴᠡᠨ ᠲᠡᠮᠡᠴᠡᠨ ᠬᠡᠯᠡᠭᠴᠢᠳ ᠪᠣᠢ ᠠᠮᠤᠢ᠃ ᠲᠡᠳᠡᠭᠡᠷ ᠨᠡᠩ ᠢᠨᠢᠶᠡᠯᠲᠡᠢ ᠦᠭᠡᠢ ᠦᠦ ?  ᠴᠢᠩᠭᠢᠰ ᠬᠠᠭᠠᠨ ᠲᠡᠳᠡᠨ ᠦ᠌ ᠡᠪᠦᠭᠡ ᠳ᠋ᠦ᠍ᠷ ᠬᠡᠲᠦᠷᠬᠡᠶ᠎ᠡ ᠠᠴᠢ ᠲᠤᠰᠠ ᠲᠡᠳᠬᠦᠮᠵᠢ ᠡᠷᠭᠦᠮᠵᠢ ᠪᠠᠢᠬᠤ ᠪᠣᠢ ‍ᠶ᠎ᠠ᠃ ᠳᠠᠷᠤᠯᠠᠨ ᠬᠣᠣᠷᠯᠠᠭᠰᠠᠨ ᠬᠣᠷᠣᠰᠤᠯ  ᠵᠠᠨᠤᠯ ᠣᠭᠲᠣ ᠦᠭᠡᠢ ᠪᠥᠭᠡᠳ ᠲᠡᠷᠡ ᠦᠶ᠎ᠡ ᠳ᠋ᠦ᠍ᠷ  ᠵᠡᠯᠮ᠎ᠡ ᠶ᠋ᠢᠨ ᠬᠥᠪᠡᠭᠦᠨ ᠴᠡᠴᠡᠭ ᠢ᠋ ᠲᠠᠢᠽᠦ ᠴᠢᠩᠭᠢᠰ ᠬᠠᠭᠠᠨ ᠤ᠋ ᠭᠦᠩᠵᠦ ᠰᠡᠴᠡᠨ ᠰᠡᠴᠢᠭᠯᠢᠭ ᠠᠪᠠᠢ ᠳ᠋ᠤᠷ ᠬᠣᠯᠪᠣᠵᠤ  ᠹᠦ ᠮᠠ᠋  ᠲᠠᠪᠤᠨᠠᠩ ᠪᠣᠯᠭᠠᠭᠰᠠᠨ ᠢ᠋ᠶ᠋ᠠᠷ ᠡᠳᠦᠭᠡ ᠦᠷ᠎ᠡ ᠠᠴᠢ ᠠᠨᠤ ᠠᠳᠠᠯᠢ ᠴᠥᠮ ᠳᠥᠲᠥᠭᠡᠷ ᠵᠡᠷᠭᠡ ᠵᠡᠭᠦᠵᠦ ᠲᠠᠪᠤᠨᠠᠩ ᠪᠣᠯᠵᠤ᠂ ᠶᠡᠬᠡ ᠶᠤᠸᠠᠨ ᠤᠯᠤᠰ ᠲᠤᠷ ᠪᠠ ᠪᠠᠰᠠ ᠡᠨᠡ ᠳᠠᠢᠴᠢᠩ ᠤᠯᠤᠰ ᠲᠤᠷ ᠪᠣᠯᠪᠠᠴᠤ ᠥᠨᠳᠥᠷ ᠡᠷᠬᠢᠮ ᠤᠭ ᠡᠷᠳᠡᠮᠲᠡᠨ ᠭᠡᠮᠡᠨ ᠵᠡᠭᠦᠨ ᠰᠢᠷᠡᠭᠡᠨ ᠦ᠌ ᠡᠷᠭᠢᠨ ᠬᠦᠷᠭᠡᠨ  ᠡᠹᠦ᠋  ᠹᠦ ᠮᠠ᠋ ᠲᠠᠪᠤᠨᠠᠩ ᠪᠣᠯᠤᠨ ᠶᠠᠪᠤᠬᠤ ᠪᠥᠭᠡᠳ ᠭᠡᠳᠡᠷᠭᠦ ᠬᠠᠷᠢᠨ ᠥᠷᠥᠰᠢᠶᠡᠯ ᠢ᠋ ᠦᠲᠡᠭᠡᠷᠦᠨ ᠠᠴᠢ ᠶ᠋ᠢ ᠰᠥᠷᠴᠦ ᠪᠢᠳᠡᠨ ᠦ᠌ ᠡᠪᠦᠭᠡ ᠬᠡᠷᠬᠢᠬᠦ ᠳ᠋ᠡᠭᠡᠨ ᠲᠠᠨ ᠤ᠋ ᠡᠪᠦᠭᠡ ᠶ᠋ᠢᠨ ᠲᠦᠰᠢᠮᠡᠯ ᠬᠡᠮᠡᠭᠳᠡᠬᠦ ᠠᠵᠢ ? ᠬᠡᠮᠡᠬᠦ ᠲᠡᠮᠡᠴᠡᠬᠦ ᠦᠭᠡ ᠰᠠᠨᠠᠭᠠᠨ ᠢ᠋ ᠡᠪᠦᠷᠯᠡᠬᠦᠢ ᠳ᠋ᠦ᠍ᠷ ᠦᠨᠡᠬᠡᠷ ᠬᠥᠮᠦᠨ ᠢ᠋ ᠡᠯᠢᠭᠡ ᠬᠥᠰᠢᠲᠡᠯ᠎ᠡ ᠢᠨᠢᠶᠡᠯᠭᠡᠨ ᠦᠬᠦᠭᠦᠯᠬᠦ ᠦᠭᠡᠢ ᠦᠦ ?  ᠲᠠᠢᠽᠦ ᠴᠢᠩᠭᠢᠰ ᠪᠣᠭᠳᠠ ᠪᠠᠷ ᠬᠠᠭᠠᠨ ᠡᠰᠡ ᠰᠠᠭᠤᠭᠰᠠᠨ ᠪᠥᠭᠡᠰᠦ ᠲᠠᠪᠤᠨᠠᠩ ᠬᠡᠮᠡᠭᠴᠢ ᠦᠰᠦᠭ ᠶᠠᠭᠤᠨ ᠠ᠋ᠴᠠ ᠡᠳᠦᠬᠦ ᠪᠣᠢ ? ᠬᠠᠭᠠᠨ ᠬᠥᠮᠦᠨ ᠦ᠌ ᠬᠦᠷᠭᠡᠨ ᠢ᠋ ᠬᠢᠲᠠᠳ ᠢ᠋ᠶ᠋ᠠᠷ  ᠹᠦ ᠮᠠ᠋ ᠬᠡᠮᠡᠮᠦᠢ᠂ ᠮᠣᠩᠭᠣᠯ ᠢ᠋ᠶ᠋ᠠᠷ ᠲᠠᠪᠤᠨᠠᠩ ᠬᠡᠮᠡᠮᠦᠢ᠂ ᠮᠠᠨᠵᠤ ᠪᠠᠷ ᠡᠹᠦ᠋ ᠬᠡᠮᠡᠮᠦᠢ᠂ ᠡᠢᠮᠦ ᠰᠠᠢᠬᠠᠨ ᠨᠡᠷ᠎ᠡ ᠶ᠋ᠢᠨ ᠤᠴᠢᠷ ᠢ᠋ ᠪᠣᠳᠣᠪᠠᠴᠤ ᠨᠡᠩ ᠬᠠᠷᠢᠨ ᠰᠦᠰᠦᠭᠯᠡᠯᠡᠲᠡᠢ ᠪᠥᠭᠡᠲᠡᠯ᠎ᠡ ᠭᠡᠳᠡᠷᠭᠦ ᠬᠠᠷᠢᠨ 《ᠲᠠᠪᠤᠨᠠᠩ ᠤ᠋ᠨ ᠡᠪᠦᠭᠡ ᠬᠡᠷᠬᠢᠬᠦ ᠳ᠋ᠡᠭᠡᠨ ᠲᠠᠢᠵᠢ ᠨᠠᠷ ᠤ᠋ᠨ ᠡᠪᠦᠭᠡ ᠶ᠋ᠢᠨ ᠲᠦᠰᠢᠮᠡᠯ ᠬᠡᠮᠡᠬᠦ ᠪᠣᠢ ? 》ᠭᠡᠮᠡᠨ ᠠᠳᠬᠠᠠᠯᠠᠬᠤ ᠠᠨᠤ ᠶᠠᠮᠪᠠᠷ ᠬᠢᠷᠢ ᠲᠡᠢ ᠡᠯᠢᠭᠡ ᠬᠥᠰᠢᠯᠲᠡᠢ ᠪᠣᠢ ! ᠶᠡᠬᠡ  ᠶᠤᠸᠠᠨ ᠤᠯᠤᠰ ᠤ᠋ᠨ ᠲᠠᠢᠽᠦ ᠬᠠᠭᠠᠨ ᠤ᠋ ᠳᠥᠷᠪᠡᠨ ᠳᠡᠭᠦᠦ᠂ ᠳᠥᠷᠪᠡᠨ ᠬᠥᠪᠡᠭᠦᠨ᠂ ᠳᠥᠷᠪᠡᠨ ᠤᠷᠤᠭ᠂ ᠳᠥᠷᠪᠡᠨ ᠬᠦᠯᠦᠭ ᠢ᠋ ᠬᠣᠢᠨ᠎ᠠ ᠴᠥᠮ ᠳᠥᠷᠪᠡᠨ ᠵᠦᠭ ᠲᠦ᠍ᠷ ᠬᠠᠭᠠᠨ ᠡᠷᠭᠦᠭᠰᠡᠨ ᠪᠣᠯᠠᠢ᠃ ᠲᠡᠢᠨ ᠬᠦ᠌ ᠡᠳᠦᠭᠡ ᠬᠠᠰᠠᠷ ᠬᠠᠨ᠂ ᠵᠡᠯᠮ᠎ᠡ ᠬᠠᠨ ᠬᠡᠮᠡᠵᠦ ᠴᠢᠩᠭᠢᠰ ᠪᠣᠭᠳᠠ ᠶ᠋ᠢᠨ ᠲᠠᠬᠢᠯ ᠤ᠋ᠨ ᠰᠠᠩ ᠰᠤᠳᠤᠷ ᠲᠤᠷ ᠪᠣᠢ ᠪᠣᠯᠠᠢ᠃ ᠲᠡᠷᠡ ᠬᠠᠨ ᠴᠣᠯᠠ ᠴᠤ᠌ ᠬᠡᠨ ᠦ᠌ ᠠᠴᠢ ᠠᠵᠢ ? ᠲᠡᠳᠡᠭᠡᠷ ᠬᠡᠮᠡᠭᠴᠢ ᠴᠥᠮ ᠡᠵᠡᠳ ᠰᠠᠬᠢᠭᠤᠯᠰᠤᠨ ᠣᠳᠣᠨ ᠭᠠᠷᠠᠭ ᠪᠤᠶᠤ᠃ ᠣᠨᠴᠠ ᠲᠡᠭᠦᠨ ᠦ᠌ ᠬᠠᠭᠠᠨ ᠪᠠ ᠲᠦᠰᠢᠮᠡᠯ ᠢ᠋ ᠪᠤᠯᠢᠶᠠᠯᠳᠤᠵᠤ ᠶᠠᠭᠤᠬᠢᠮᠣᠢ ?  ᠲᠠᠢᠽᠦ ᠪᠠ ᠵᠡᠯᠮ᠎ᠡ ᠬᠣᠶᠠᠭᠤᠯᠠ ᠡᠳᠦᠭᠡ ᠨᠢᠭᠡᠨᠲᠡ ᠥᠩᠭᠡᠷᠡᠵᠦᠬᠦᠢ᠃ ᠲᠠᠢᠽᠦ ᠴᠢᠩᠭᠢᠰ ᠢ᠋ ᠲᠦᠰᠢᠮᠡᠯ ᠪᠣᠯᠭᠠᠨ᠂ ᠤᠷᠢᠶᠠᠩᠬᠠᠨ ᠤ᠋  ᠵᠡᠯᠮ᠎ᠡ ᠶ᠋ᠢ ᠨᠢᠭᠡᠨᠲᠡ ᠬᠠᠭᠠᠨ ᠪᠣᠯᠭᠠᠵᠤ ᠪᠣᠯᠬᠤ ᠦᠭᠡᠢ ᠳ᠋ᠦ᠍ᠷ ᠬᠦᠷᠴᠦᠬᠦᠢ᠃ ᠲᠡᠭᠦᠨ ᠦ᠌ ᠬᠠᠭᠠᠨ ᠲᠦᠰᠢᠮᠡᠯ ᠳ᠋ᠦ᠍ᠷ ᠪᠢᠳᠡ ᠠᠳᠬᠠᠭᠯᠠᠵᠤ ᠶᠠᠭᠤ ᠬᠢᠬᠦ ᠠᠵᠢ ? ᠲᠡᠷᠡ ᠴᠥᠮ ᠮᠠᠲᠠᠯ ᠦᠭᠡᠢ ᠮᠠᠭᠤ ᠡᠬᠡᠨᠡᠷ ᠦ᠋ᠨ ᠥᠪᠡᠷ ᠦ᠋ᠨ ᠰᠠᠨᠠᠭᠠᠨ ᠢ᠋ᠶ᠋ᠠᠨ ᠵᠥᠪᠲᠡᠭᠡᠭᠰᠡᠨ ᠥᠴᠦᠬᠡᠨ ᠠᠳᠬᠠᠭᠲᠤ ᠮᠠᠰᠢ ᠵᠢᠭᠰᠢᠮᠡᠷᠲᠡᠢ ᠰᠡᠳᠬᠢᠯ ᠪᠤᠰᠤ ᠤᠤ ? ᠲᠡᠭᠦᠨ ᠢ᠋ ᠬᠥᠭᠡᠭᠡᠴᠡᠯᠳᠦᠵᠦ ᠳᠡᠭᠡᠳᠦᠰ ᠢ᠋ᠶ᠋ᠡᠨ ᠲᠡᠭᠷᠢ ᠭᠠᠵᠠᠷ ᠮᠡᠲᠦ ᠶᠡᠬᠡ ᠥᠷᠥᠰᠢᠶᠡᠯ ᠵᠢᠷᠤᠮ ᠢ᠋ ᠠᠨᠤ ᠪᠢᠲᠡᠭᠡᠢ ᠡᠪᠳᠡᠷᠡᠭᠦᠯ ! ᠴᠢᠩᠭᠢᠰ ᠦ᠋ᠨ ᠦᠷᠡᠰ ᠪᠤᠳᠠᠭ᠎ᠠ ᠭᠤᠶᠤᠭᠴᠢᠳ ᠣᠯᠠᠨᠲᠠ ᠪᠣᠢ᠂ ᠬᠠᠰᠠᠷ ᠤ᠋ᠨ ᠦᠷᠡᠰ ᠮᠠᠯ ᠠᠳᠤᠭᠤᠯᠤᠭᠴᠢᠳ ᠲᠣᠭ᠎ᠠ ᠦᠭᠡᠢ ᠪᠣᠢ᠂ ᠵᠡᠯᠮ᠎ᠡ ᠶ᠋ᠢᠨ ᠦᠷᠡᠰ ᠸᠠᠩ᠂ ᠪᠡᠢᠯᠡ᠂ ᠪᠠᠢᠰᠠ᠂ ᠬᠦᠩ᠂  ᠡᠹᠦ᠋ ᠪᠣᠯᠤᠭᠴᠢᠳ ᠣᠯᠠᠨᠲᠠ ᠪᠣᠢ᠂ ᠡᠳᠦᠭᠡᠬᠢ ᠴᠠᠭ ᠢ᠋ᠶ᠋ᠠᠷ ᠢ᠋ᠶ᠋ᠠᠨ ᠬᠡᠯᠡᠯᠴᠡᠵᠦ ᠶᠠᠪᠤᠪᠠᠰᠤ ᠪᠠᠷᠠᠪᠠᠢ ‍ᠶ᠎ᠠ ! ᠡᠷᠲᠡᠨ ᠦ᠌ ᠡᠷᠬᠢᠮ ᠳᠣᠣᠷᠠᠲᠤ ᠶ᠋ᠢ ᠬᠡᠯᠡᠵᠦ ᠶᠠᠭᠤ ᠬᠢᠮᠦᠢ ?  ᠡᠳᠦᠭᠡ ᠬᠢᠲᠠᠳ ᠤ᠋ᠨ ᠬᠠᠪᠲᠠᠰᠤ ᠶ᠋ᠢᠨ ᠥᠨᠳᠡᠭᠡ᠂ ᠨᠡᠭᠡᠯᠢ ᠶ᠋ᠢᠨ ᠵᠤᠯᠵᠠᠭ᠎ᠠ ᠪᠣᠯᠪᠠᠴᠤ ᠣᠶᠤᠨ ᠠᠪᠠᠰᠤ ᠳᠠᠷᠤᠢ ᠪᠢᠴᠢᠭ ᠰᠢᠯᠭᠠᠵᠤ᠂ ᠽᠠᠢᠰᠢᠶᠠᠩ᠂ ᠵᠦᠩ ᠳᠠᠩ ᠪᠣᠯᠵᠤ ᠪᠣᠯᠬᠤ ᠬᠠᠤᠯᠢ ᠪᠣᠢ᠃ ᠲᠡᠢᠮᠦ ᠨᠢᠭᠡᠨ ᠪᠠᠢᠪᠠᠰᠤ᠂ ᠮᠣᠩᠭᠣᠯ ᠤ᠋ᠨ ᠵᠣᠷᠭᠠᠨ᠎ᠠ ᠥᠴᠦᠬᠡᠨ ᠬᠠᠮᠢᠶᠠᠳᠠᠪᠠᠰᠤ ᠮᠣᠩᠭᠣᠯ ᠤ᠋ᠨ ᠸᠠᠩ ᠬᠦᠩ ᠢ᠋ ᠢᠨᠦ ᠲᠣᠭ᠎ᠠ ᠲᠣᠮᠰᠢ ᠦᠭᠡᠢ᠂ ᠴᠠᠭᠠᠨ ᠰᠦᠨ ᠢ᠋ ᠢᠨᠦ ᠴᠠᠢᠯᠵᠠᠲᠠᠯ᠎ᠠ ᠰᠥᠭᠥᠳᠬᠡᠨ ᠮᠥᠷᠭᠥᠭᠦᠯᠵᠦ ᠪᠣᠢ ᠠᠮᠤᠢ᠃ ᠲᠡᠭᠦᠨ ᠢ᠋ ᠣᠳᠣ ᠶᠠᠭᠤᠨ ᠬᠡᠮᠡᠮᠦᠢ ? ᠲᠡᠷᠡ ᠶᠡᠬᠡ  ᠶᠤᠸᠠᠨ ᠤᠯᠤᠰ ᠤ᠋ᠨ ᠤᠷᠤᠭ ᠰᠠᠳᠤᠨ ᠲᠦᠰᠢᠮᠡᠯ ᠲᠦᠰᠢᠶ᠎ᠡ ᠪᠤᠰᠤ ᠶ᠋ᠢ ᠴᠦ᠍ ᠪᠠᠢᠲᠤᠭᠠᠢ᠂ ᠲᠡᠷᠡ ᠦᠶ᠎ᠡ ᠳ᠋ᠦ᠍ᠷ ᠠᠷᠪᠠᠨ ᠬᠢᠲᠠᠳ ᠤ᠋ᠨ ᠳᠡᠭᠡᠷ᠎ᠡ ᠨᠢᠭᠡᠨ ᠮᠣᠩᠭᠣᠯ ᠤ᠋ᠨ ᠳᠠ ᠳᠠᠭᠠᠭᠠᠮᠤᠢ᠂ ᠴᠥᠮ ᠮᠣᠩᠭᠣᠯ ᠤ᠋ᠨ ᠪᠣᠭᠣᠯ ᠬᠢᠲᠠᠳ ᠪᠥᠯᠥᠭᠡ᠂ ᠬᠢᠲᠠᠳ ᠢ᠋ᠶ᠋ᠠᠷ ᠮᠠᠨ ᠤ᠋ ᠮᠣᠩᠭᠣᠯ ᠢ᠋ ᠳ᠋ᠠᠽ ᠬᠡᠮᠡᠭᠴᠢ ᠲᠡᠷᠡ ᠦᠶ᠎ᠡ ᠶ᠋ᠢᠨ ᠳᠠᠳᠮᠠᠭᠠᠢ ᠦᠭᠡᠰ ᠪᠤᠶᠤ᠂ ᠲᠡᠷᠡ ᠦᠶ᠎ᠡ ᠳ᠋ᠦ᠍ᠷ ᠬᠠᠭᠠᠨ ᠤ᠋ ᠣᠯᠠᠨ ᠬᠥᠪᠡᠭᠦᠨ ᠢ᠋ ᠴᠥᠮ ᠲᠠᠢᠽᠢ ᠨᠠᠷ ᠬᠡᠮᠡᠮᠦᠢ᠃ ᠡᠭᠦᠨ ᠦ᠌ ᠳᠣᠲᠣᠷ᠎ᠠ ᠠ᠋ᠴᠠ ᠨᠢᠭᠡᠨ ᠢᠨᠦ ᠬᠠᠭᠠᠨ ᠰᠠᠭᠤᠪᠠᠰᠤ ᠦᠯᠡᠭᠰᠡᠨ ᠢ᠋ ᠴᠥᠮ  ᠲᠠᠢᠽᠢ ᠨᠠᠷ ᠬᠡᠮᠡᠮᠦᠢ᠃ ᠡᠨᠡ ᠦᠶ᠎ᠡ ᠶ᠋ᠢᠨ ᠳᠠᠢᠴᠢᠩ ᠤᠯᠤᠰ ᠤ᠋ᠨ ᠽᠦᠩ ᠱᠢ ᠨᠠᠷ ᠬᠡᠮᠡᠬᠦ ᠮᠡᠲᠦ ᠮᠣᠩᠭᠣᠯ ᠬᠡᠯᠡ ᠪᠡᠷ ᠦᠭᠡᠢ ᠲᠤᠯᠠ ᠲᠠᠢᠽᠢ ᠨᠠᠷ ᠬᠡᠮᠡᠬᠦ ᠪᠡᠨ ᠴᠥᠮ ᠳᠠᠢᠰ ᠨᠠᠷ ᠪᠣᠯᠭᠠᠵᠤ ᠬᠠᠯᠭᠤᠷᠠᠵᠤᠬᠤᠢ᠃ ᠬᠣᠵᠢᠮ ᠳᠠᠢᠴᠢᠩ ᠤᠯᠤᠰ ᠤ᠋ᠨ ᠬᠠᠭᠠᠨ ᠰᠠᠭᠤᠵᠤ ᠮᠣᠩᠭᠣᠯ ᠢ᠋ ᠣᠷᠣᠭᠤᠯᠤᠭᠠᠳ ᠡᠢᠮᠦ ᠣᠯᠠᠨ ᠳᠠᠢᠰ ᠪᠠᠢᠳᠠᠭ ᠭᠡᠵᠦ ᠭᠡᠮᠡᠨ ᠲᠠᠢᠰ ᠬᠡᠮᠡᠭᠰᠡᠨ ᠦᠰᠦᠭ ᠦ᠋ᠨ ᠰᠠ ᠳᠡᠪᠢᠰᠬᠡᠷ ᠢ᠋ ᠬᠡᠯᠡᠵᠦ᠂ ᠵᠠ ᠵᠧ ᠶ᠋ᠢ ᠶ᠋ᠢᠨ ᠢ᠋ ᠳᠡᠪᠢᠰᠬᠡᠷ ᠢ᠋ ᠲᠠᠯᠪᠢᠵᠤ ᠲᠠᠢᠵᠢ ᠬᠡᠮᠡᠵᠦᠬᠦᠢ᠃ ᠡᠭᠦᠨ ᠢ᠋ ᠡᠰᠡ ᠮᠡᠳᠡᠭᠴᠢ ᠮᠡᠷᠭᠡᠨ ᠲᠥᠷᠥᠯᠬᠢᠲᠡᠨ ᠢᠨᠤ ᠲᠠᠢᠵᠢ ᠬᠡᠮᠡᠭᠴᠢ ᠶ᠋ᠢ ᠡᠩ ᠦ᠋ᠨ ᠦᠭᠡ ᠪᠣᠯᠭᠠᠨ ᠰᠠᠨᠠᠵᠤ᠂ ᠲᠡᠷᠡᠴᠢᠯᠡᠨ 《ᠮᠠᠭᠤ ᠲᠠᠢᠵᠢ ᠨᠠᠷ 》 ᠭᠡᠮᠡᠨ ᠬᠡᠯᠡᠬᠦ ᠪᠠ ᠪᠠᠰᠠ ᠲᠡᠷᠡ ᠲᠠᠢᠵᠢ ᠠᠨᠤ ᠪᠡᠶ᠎ᠡ ᠪᠡᠨ ᠲᠠᠢᠵᠢ ᠭᠡᠮᠡᠨ ᠳᠠᠭᠤᠳᠠᠪᠠ᠂ ᠴᠢᠮ᠎ᠠ ᠳ᠋ᠤᠷ ᠲᠠᠢᠵᠢ ᠪᠠᠨ ᠳᠠᠭᠤᠳᠠᠭᠳᠠᠪᠠ ᠭᠡᠮᠡᠨ ᠠᠭᠤᠷᠯᠠᠬᠤ᠂ ᠪᠠᠰᠠ ᠬᠢᠨᠠᠮᠠᠭᠠᠢ ᠦᠭᠡᠢ ᠬᠢᠲᠠᠳ ᠨᠠᠷ ᠮᠣᠩᠭᠣᠯ ᠢ᠋ ᠳᠣᠷᠣᠮᠰᠢᠶᠠᠨ ᠬᠡᠯᠡᠰᠦᠭᠡᠢ ᠭᠡᠮᠡᠨ  《ᠳ᠋ᠠᠽᠢ 》 ᠬᠡᠮᠡᠬᠦ ᠪᠠ ᠪᠠᠰᠠ ᠮᠣᠩᠭᠣᠯ ᠠᠨᠤ ᠳ᠋ᠠᠽᠢ ᠭᠡᠮᠡᠨ ᠳᠠᠭᠤᠳᠠᠪᠠᠰᠤ ᠮᠠᠨ ᠢ᠋ ᠳᠣᠷᠣᠮᠰᠢᠶᠠᠪᠠ ᠭᠡᠮᠡᠨ ᠠᠭᠤᠷᠯᠠᠬᠤ ᠡᠳᠡᠭᠡᠷ ᠴᠥᠮ ᠢ᠋ᠶ᠋ᠡᠷ ᠮᠠᠰᠢᠳᠠ ᠢᠨᠢᠶᠡᠯᠲᠡᠢ ᠬᠡᠷᠡᠭ ᠪᠣᠯᠠᠢ !ᠲᠡᠳᠡᠭᠡᠷ ᠠᠷᠠᠳ ᠪᠠ ᠬᠢᠲᠠᠳ ᠨᠠᠷ ᠴᠣᠬᠣᠮ ᠬᠠᠭᠤᠴᠢᠨ ᠢ᠋ᠶ᠋ᠠᠨ ᠦᠯᠦ ᠤᠮᠠᠷᠲᠠᠬᠤ ᠵᠢᠷᠤᠮᠲᠤ ᠲᠦᠰᠢᠮᠡᠳ᠂ ᠰᠢᠳᠤᠷᠭᠤ ᠬᠢᠲᠠᠳ ᠨᠠᠷ ᠪᠥᠭᠡᠲᠡᠯ᠎ᠡ ᠪᠠᠶᠠᠷᠯᠠᠪᠠᠰᠤ ᠵᠣᠬᠢᠬᠤ ᠠᠲᠠᠯ᠎ᠠ ᠬᠠᠷᠢᠨ ᠠᠭᠤᠷᠯᠠᠬᠤ ᠠᠨᠤ ᠵᠣᠬᠢᠮᠤᠢ ᠤᠤ ?  ᠶᠤᠸᠠᠨ ᠤᠯᠤᠰ ᠤ᠋ᠨ ᠦᠶ᠎ᠡ ᠳ᠋ᠦ᠍ᠷ ᠳᠠᠢᠰ ᠨᠠᠷ ᠤ᠋ᠨ ᠪᠣᠭᠣᠯ ᠢ᠋《ᠠᠯᠪᠠᠲᠤ 》ᠬᠡᠮᠡᠮᠦᠢ᠂ ᠪᠣᠭᠣᠯ ᠤ᠋ᠨ ᠪᠣᠭᠣᠯ ᠰᠠᠢ ᠬᠢᠲᠠᠳ ᠬᠡᠮᠡᠮᠦᠢ᠃ ᠨᠣᠶᠠᠳ ᠬᠡᠮᠡᠭᠴᠢ ᠶ᠋ᠢ ᠬᠢᠲᠠᠳ ᠪᠣᠯᠪᠠᠴᠤ ᠰᠠᠭᠤᠵᠤ ᠪᠣᠯᠤᠮᠤᠢ᠃ ᠲᠠᠢᠰ ᠲᠠᠪᠤᠨᠠᠩ ᠢ᠋ ᠬᠠᠭᠠᠨ ᠪᠣᠯᠪᠠᠴᠤ ᠲᠠᠢᠰ ᠲᠠᠪᠤᠨᠠᠩ ᠪᠣᠯᠵᠤ ᠪᠣᠯᠬᠤ ᠦᠭᠡᠢ᠂ ᠬᠡᠵᠢᠶ᠎ᠡ ᠲᠥᠷᠥᠯ ᠠᠷᠠᠯᠵᠢᠵᠤ ᠳᠠᠢᠰ ᠲᠠᠪᠤᠨᠠᠩ ᠳ᠋ᠤᠷ ᠣᠷᠣᠵᠤ ᠲᠥᠷᠥᠪᠡᠰᠦ ᠰᠠᠢ ᠪᠣᠯᠤᠮᠤᠢ᠃ ᠮᠠᠨ ᠤ᠋ ᠮᠣᠩᠭᠣᠯ ᠢ᠋ ᠢᠷᠭᠡᠨ ᠢ᠋ᠶ᠋ᠡᠷ 《ᠮᠧ ‍ᠩᠭᠦ 》ᠬᠡᠮᠡᠭᠴᠢ ᠶᠤᠸᠠᠨ ᠤᠯᠤᠰ ᠤ᠋ᠨ ᠬᠠᠭᠤᠴᠢᠨ ᠨᠡᠷ᠎ᠡ ᠪᠤᠶᠤ᠃ ᠳ᠋ᠠᠽᠢ ᠬᠡᠮᠡᠭᠴᠢ ᠲᠠᠭᠠᠮᠠᠯ ᠠ᠋ᠴᠠ ᠬᠡᠮᠡᠭᠰᠡᠨ ᠦᠭᠡᠰ᠂ ᠮᠡᠷᠭᠡᠳ ᠢ᠋ᠶ᠋ᠡᠷ ᠬᠢᠨᠠᠭᠳᠠᠬᠤᠢ᠃ 
       ᠲᠡᠨᠳᠡᠴᠡ ᠲᠠᠢᠽᠦ ᠴᠡᠷᠢᠭ ᠦ᠋ᠨ ᠬᠦᠷᠢᠶ᠎ᠡ ᠳ᠋ᠦ᠍ᠷ ᠰᠢᠨᠡᠯᠡᠵᠦ᠂ ᠵᠦᠭᠴᠢᠯᠡᠨ ᠲᠡᠭᠷᠢ ᠭᠠᠵᠠᠷ ᠪᠠ ᠤᠷᠢᠳᠤᠰ ᠡᠪᠦᠭᠡᠨ ᠬᠢᠭᠡᠳ ᠥᠵᠢᠨ ᠡᠮᠡᠭᠡ ᠳ᠋ᠦ᠍ᠷ ᠮᠥᠷᠭᠥᠵᠦ ᠰᠠᠢ ᠶᠡᠬᠡ ᠴᠠᠴᠠᠷ ᠲᠤᠷ ᠰᠠᠭᠤᠵᠤ᠂ ᠳᠥᠷᠪᠡᠨ ᠬᠥᠪᠡᠭᠦᠨ ᠢᠨᠦ ᠰᠢᠨ᠎ᠡ ᠶ᠋ᠢᠨ ᠠᠮᠤᠷ ᠡᠷᠢᠷ᠎ᠡ ᠢᠷᠡᠭᠰᠡᠨ ᠲᠤᠯᠠ ᠤᠯᠤᠰ ᠤ᠋ᠨ ᠡᠮᠦᠨ᠎ᠡ ᠡᠴᠡ ᠠᠮᠤᠷ ᠡᠷᠢᠬᠦ ᠬᠦᠯᠦᠭ ᠴᠢᠯᠠᠭᠤᠨ᠂ ᠲᠣᠭᠲᠤᠩᠭᠤ ᠨᠠᠷ ᠯᠤᠭ᠎ᠠ ᠪᠦᠭᠦᠳᠡᠭᠡᠷ ᠮᠥᠷᠭᠥᠵᠦ᠂ ᠴᠠᠭᠠᠯᠠᠬᠤ ᠥᠷᠯᠥᠭᠡ ᠶ᠋ᠢᠨ ᠶᠣᠰᠣᠯᠠᠯ ᠲᠡᠭᠦᠰᠴᠦ ᠢᠷᠦᠭᠡᠳ ᠪᠡᠯᠡᠭ ᠳᠦᠭᠦᠷᠦᠭᠰᠡᠨ ᠬᠣᠢᠨ᠎ᠠ᠂ ᠶᠡᠬᠡ ᠬᠤᠷᠢᠮ ᠬᠤᠷᠢᠮᠯᠠᠬᠤᠶ᠎ᠠ ᠮᠤᠬᠤᠯᠢ ᠰᠠᠭᠤᠭᠰᠠᠨ ᠭᠠᠵᠠᠷ ᠠ᠋ᠴᠠ ᠪᠣᠰᠴᠤ ᠶᠢᠰᠦᠨ ᠰᠢᠷᠡᠭᠡ ᠪᠦᠬᠦᠯᠢ ᠢᠳᠡᠭᠡ ᠶ᠋ᠢᠨ ᠡᠮᠦᠨ᠎ᠡ ᠬᠥᠯ ᠳᠠᠷᠤᠨ ᠰᠥᠭᠥᠳᠴᠦ ᠬᠢᠲᠤᠭ᠎ᠠ ᠪᠠᠨ ᠪᠠᠷᠢᠵᠤ ᠮᠡᠳᠡᠭᠦᠯᠦᠷᠦᠨ: 《ᠡᠵᠡᠨ ᠮᠢᠨᠦ ᠡᠷᠬᠢᠮ ᠲᠥᠯᠭᠡ ᠦᠵᠡᠮᠦ ! ᠡᠨᠡ ᠶᠢᠰᠦᠨ ᠪᠦᠬᠦᠯᠢ ᠢᠳᠡᠭᠡ ᠶ᠋ᠢᠨ ᠠᠯᠢ ᠠ᠋ᠴᠠ ᠡᠪᠳᠡᠬᠦ ᠶ᠋ᠢ ᠲᠠᠭᠠᠮᠵᠢᠯᠠᠨ ᠦᠵᠡᠭᠡᠳ ᠡᠷᠳᠡᠨᠢᠰ ᠦ᠋ᠨ ᠠᠶᠠᠭ᠎ᠠ ᠶ᠋ᠢᠨ ᠢᠷᠣᠭᠠᠷ ᠲᠤᠷ ᠤᠯᠠᠭᠠᠨ ᠰᠢᠩᠬᠤᠲᠤ ᠦᠵᠦᠭ ᠢ᠋ᠶ᠋ᠡᠷ ᠲᠡᠮᠳᠡᠭᠯᠡᠨ ᠪᠢᠴᠢᠵᠦ ᠨᠢᠭᠤᠨ ᠲᠠᠯᠪᠢᠭᠲᠤᠨ᠂ ᠪᠣᠭᠣᠯ ᠪᠢ ᠡᠬᠢᠯᠡᠵᠦ ᠬᠥᠰᠬᠥᠯᠡᠶ᠎ᠡ᠂ ᠬᠡᠷᠪᠡ ᠡᠵᠡᠨ ᠦ᠌ ᠰᠠᠨᠠᠭᠠᠨ ᠪᠠ ᠪᠣᠭᠣᠯ ᠮᠢᠨᠦ ᠰᠠᠨᠠᠭᠠᠨ ᠯᠤᠭ᠎ᠠ ᠨᠢᠭᠡᠨ ᠠᠳᠠᠯᠢ ᠪᠣᠯᠪᠠᠰᠤ ᠡᠨᠡ ᠵᠢᠯ ᠯᠠᠪ ᠬᠡᠷᠡᠢᠳ ᠢ᠋ ᠪᠠᠷᠠᠲᠠᠯ᠎ᠠ ᠮᠥᠬᠥᠭᠡᠮᠦᠢ᠃ ᠬᠡᠷᠪᠡ ᠡᠵᠡᠨ ᠦ᠌ ᠪᠢᠴᠢᠭᠰᠡᠨ ᠪᠠ ᠪᠣᠭᠣᠯ ᠡᠬᠢᠯᠡᠵᠦ ᠡᠪᠳᠡᠭᠰᠡᠨ ᠯᠦ᠍ᠭᠡ ᠵᠥᠷᠢᠴᠡᠪᠡᠰᠦ ᠬᠡᠷᠡᠢᠳ ᠦ᠋ᠨ ᠦᠨᠳᠦᠰᠦᠨ ᠪᠠᠰᠠ ᠬᠦ᠌ ᠦᠯᠡᠳᠡᠮᠦᠢ᠃ ᠡᠨᠡ ᠳᠠᠷᠤᠢ ᠡᠵᠡᠨ ᠦ᠌ ᠰᠦᠯᠳᠡ ᠶ᠋ᠢᠨ ᠲᠥᠯᠭᠡ ᠪᠣᠯᠲᠤᠭᠠᠢ ! 》ᠬᠡᠮᠡᠭᠰᠡᠨ ᠳ᠋ᠦ᠍ᠷ ᠲᠠᠢᠽᠦ ᠮᠦᠰᠢᠶᠡᠵᠦ ᠲᠡᠢᠨ ᠬᠦ᠌ ᠪᠣᠯᠲᠤᠭᠠᠢ ᠬᠡᠮᠡᠭᠡᠳ ᠳᠠᠷᠤᠢ ᠣᠶᠤᠲᠤ ᠰᠡᠴᠡᠨ ᠦ᠌ ᠤᠯᠠᠭᠠᠨ ᠦᠵᠦᠭ ᠢ᠋ᠶ᠋ᠡᠷ ᠶᠡᠬᠡ ᠶᠠᠰᠢᠶ᠎ᠠ ᠡᠪᠡᠷ ᠦ᠋ᠨ ᠠᠶᠠᠭ᠎ᠠ ᠶ᠋ᠢ ᠢᠷᠣᠭᠠᠷ ᠲᠣᠷ ᠬᠡᠳᠦᠨ ᠦᠰᠦᠭ ᠪᠢᠴᠢᠵᠦ ᠣᠯᠠᠨ ᠲᠦᠰᠢᠮᠡᠳ ᠦ᠋ᠨ ᠡᠮᠦᠨ᠎ᠡ ᠥᠨᠳᠥᠷ ᠰᠢᠷᠡᠭᠡᠨ ᠦ᠌ ᠳᠡᠭᠡᠷ᠎ᠡ ᠲᠠᠯᠪᠢᠭᠠᠳ ᠮᠤᠬᠤᠯᠢ ᠶ᠋ᠢ ᠡᠬᠢᠯᠡᠵᠦ ᠬᠥᠰᠬᠥᠯᠡᠲᠦᠭᠡᠢ ᠬᠡᠮᠡᠬᠦᠢ ᠳ᠋ᠦ᠍ᠷ ᠵᠢᠨᠦᠩ ᠮᠤᠬᠤᠯᠢ 《ᠡᠵᠡᠨ ᠦ᠌ ᠰᠦᠯᠳᠡ ᠮᠡᠳᠡᠲᠦᠭᠡᠢ ! ᠡᠵᠡᠨ ᠦ᠌ ᠰᠦᠯᠳᠡ ᠬᠡᠮᠡᠭᠴᠢ ᠭᠡᠭᠡᠬᠡᠨ ᠲᠣᠳᠣᠷᠬᠠᠢ᠂ ᠪᠣᠭᠣᠯ ᠤ᠋ᠨ ᠰᠡᠳᠬᠢᠯ ᠦᠨᠡᠨᠴᠢ ᠴᠢᠬᠡᠴᠢ᠂ ᠡᠨᠡ ᠬᠦ᠌ ᠡᠷᠳᠡᠨᠢ ᠶ᠋ᠢᠨ ᠬᠢᠲᠤᠭ᠎ᠠ ᠬᠡᠮᠡᠭᠴᠢ ᠡᠵᠡᠨ ᠦ᠌ ᠮᠢᠨᠦ ᠴᠡᠷᠢᠭ᠂ ᠡᠨᠡ ᠡᠪᠳᠡᠭᠳᠡᠬᠦ ᠢᠳᠡᠭᠡ ᠬᠡᠮᠡᠭᠴᠢ ᠡᠰᠡᠷᠭᠦᠯᠡᠭᠴᠢ ᠳᠠᠢᠰᠤᠨ ᠤ᠋ ᠪᠡᠶ᠎ᠡ ᠮᠥᠨ᠂ ᠡᠷᠬᠡᠪᠰᠢ ᠡᠵᠡᠨ ᠦ᠌ ᠰᠠᠨᠠᠭᠠᠨ ᠳ᠋ᠤᠷ ᠨᠡᠢᠴᠡᠮᠦᠢ᠂ ᠡᠩᠭᠡᠷ ᠬᠠᠮᠲᠤ ᠦᠵᠡᠵᠦ ᠪᠠᠢᠭᠲᠤᠨ ᠨᠠᠮᠠᠶ᠋ᠢ ! 》 ᠬᠡᠮᠡᠮᠡᠭᠴᠡ ᠶᠢᠰᠦᠨ ᠰᠢᠷᠡᠭᠡ ᠪᠦᠬᠦᠯᠢ ᠢᠳᠡᠭᠡ ᠶ᠋ᠢᠨ ᠵᠦᠭ ᠠᠯᠬᠤᠨ ᠬᠦᠷᠴᠦ ᠢᠷᠡᠭᠡᠳ ᠭᠤᠷᠪᠠᠳᠤᠭᠠᠷ ᠰᠢᠷᠡᠭᠡᠨ ᠦ᠌ ᠪᠦᠬᠦᠯᠢ ᠵᠤᠯᠤᠮ᠎ᠠ ᠬᠣᠨᠢᠨ ᠤ᠋ ᠳᠡᠭᠡᠷ᠎ᠡ ᠬᠢᠲᠤᠭ᠎ᠠ ᠳᠠᠷᠤᠮᠠᠭᠴᠠ ᠪᠠᠷᠠᠭᠤᠨ ᠳᠠᠯᠤ ᠶ᠋ᠢ ᠲᠠᠰᠤ ᠳᠠᠷᠤᠵᠤ ᠠᠪᠤᠭᠠᠳ ᠠᠯᠲᠠᠨ ᠤ᠋ ᠳᠠᠪᠰᠢ ᠳ᠋ᠤᠷ ᠬᠢᠵᠦ ᠪᠠᠷᠢᠭ᠍ᠰᠠᠨ᠎ᠠ᠂ ᠲᠠᠢᠽᠦ ᠳᠠᠭᠤᠨ ᠠᠯᠲᠠᠨ ᠰᠠᠢᠰᠢᠶᠠᠵᠤ᠂ ᠡᠷᠳᠡᠨᠢᠰᠲᠦ ᠡᠪᠡᠷ ᠠᠶᠠᠭ᠎ᠠ ᠶ᠋ᠢ ᠠᠪᠴᠤ ᠤᠷᠪᠠᠭᠤᠯᠵᠤ ᠣᠯᠠᠨ ᠳ᠋ᠤᠷ ᠦᠵᠡᠭᠦᠯᠪᠡᠰᠦ 《ᠭᠤᠷᠪᠠᠳᠤᠭᠠᠷ ᠰᠢᠷᠡᠭᠡᠨ ᠦ᠌ ᠶᠣᠯᠦᠮ᠎ᠠ ᠬᠣᠨᠢᠨ ᠤ᠋ ᠪᠠᠷᠠᠭᠤᠨ ᠳᠠᠯᠤ 》 ᠬᠡᠮᠡᠵᠦᠬᠦᠢ᠃ ᠡᠭᠦᠨ ᠳ᠋ᠦ᠍ᠷ ᠬᠤᠷᠢᠮ ᠤ᠋ᠨ ᠬᠣᠲᠠᠯᠠᠭᠠᠷ ᠶᠡᠬᠡᠯ᠎ᠡ ᠭᠠᠢᠬᠠᠯᠳᠤᠬᠤᠢ ᠳ᠋ᠤᠷ ᠮᠤᠬᠤᠯᠢ ᠮᠥᠷᠭᠥᠵᠦ ᠮᠡᠳᠡᠭᠦᠯᠦᠷᠦᠨ :
               ᠳᠣᠲᠣᠷᠬᠠᠶ᠎ᠠ ᠳᠡᠭᠡᠷ᠎ᠡ ᠲᠡᠭᠷᠢ ᠰᠠᠬᠢᠭᠤᠯᠰᠤᠨ ᠬᠤᠪᠢᠯᠭᠠᠨ ᠡᠵᠡᠨ ᠮᠢᠨᠦ ᠠ᠋  
               ᠲᠣᠯᠢᠳᠠᠵᠤ ᠠᠢᠯᠠᠳᠬᠤ ᠶ᠋ᠢ ᠡᠩ ᠦ᠋ᠨ ᠬᠥᠮᠦᠨ ᠦᠯᠦ ᠮᠡᠳᠡᠬᠦ ᠪᠣᠯᠠᠢ᠃ 
               ᠲᠣᠨᠣᠵᠤ ᠳᠡᠭᠡᠷᠡᠮᠳᠡᠬᠦ ᠬᠡᠷᠡᠢᠳ ᠤᠯᠤᠰ ᠤ᠋ᠨ ᠦᠨᠳᠦᠰᠦᠨ ᠢ᠋ ᠬᠡᠢᠰᠬᠡᠬᠦ 
               ᠲᠣᠪᠬᠢᠲᠠᠯ᠎ᠠ ᠡᠨᠡ ᠵᠢᠯ ᠦ᠋ᠨ ᠶᠡᠬᠡ ᠪᠠᠢᠯᠳᠤᠭᠠᠨ᠎ᠠ ᠪᠣᠯᠬᠤ ᠪᠣᠯᠪᠠ ! 
ᠬᠡᠮᠡᠲᠡᠯ᠎ᠡ ᠲᠠᠢᠽᠦ ᠬᠣᠨᠢ ᠶ᠋ᠢ ᠠᠴᠢᠷᠠᠭᠤᠯᠵᠤ᠂ ᠥᠪᠡᠷ ᠦ᠋ᠨ ᠮᠣᠳᠣᠷ ᠢ᠋ᠶ᠋ᠠᠷ ᠲᠡᠷᠡ ᠬᠣᠨᠢᠨ ᠤ᠋ ᠵᠡᠭᠦᠨ ᠳᠠᠯᠤ ᠶ᠋ᠢ ᠬᠠᠰᠢᠵᠤ ᠠᠪᠤᠨ ᠮᠣᠳᠣᠷ ᠢ᠋ᠶ᠋ᠠᠷ ᠮᠤᠬᠤᠯᠢ ᠳ᠋ᠤᠷ ᠱᠠᠩᠨᠠᠭᠠᠳ ᠡᠵᠡᠨ ᠲᠦᠰᠢᠮᠡᠯ ᠬᠣᠶᠠᠭᠤᠯᠠ ᠲᠡᠷᠡ ᠬᠣᠨᠢᠨ ᠤ᠋ ᠬᠣᠶᠠᠷ ᠬᠠᠰᠢᠶᠠᠳᠠᠰᠤ ᠶ᠋ᠢ ᠬᠥᠰᠬᠥᠯᠦᠨ ᠢᠳᠡᠮᠦᠢ᠃ 
       ᠲᠡᠳᠦᠢ ᠡᠵᠡᠨ ᠲᠦᠰᠢᠮᠡᠯ ᠬᠣᠶᠠᠭᠤᠯᠠ ᠬᠡᠯᠡᠯᠴᠡᠨ ᠪᠠᠢᠵᠤ ᠴᠥᠮ ᠵᠣᠭᠣᠭᠯᠠᠭᠠᠳ ᠶᠠᠰᠤ ᠶ᠋ᠢ ᠮᠥᠨ ᠠᠷᠢᠯᠲᠠᠯ᠎ᠠ ᠮᠥᠯᠵᠢᠭᠡᠳ ᠲᠠᠢᠽᠦ ᠪᠠᠰᠠ ᠮᠥᠨ ᠬᠣᠨᠢᠨ ᠤ᠋ ᠬᠣᠶᠠᠷ ᠭᠤᠶ᠎ᠠ ᠶ᠋ᠢ ᠣᠭᠲᠣᠯᠤᠨ ᠠᠪᠴᠤ ᠭᠠᠷ ᠢ᠋ᠶ᠋ᠠᠷ ᠱᠠᠭ᠎ᠠ ᠶ᠋ᠢ ᠠᠨᠤ ᠰᠠᠯᠭᠠᠨ ᠠᠪᠤᠭᠠᠳ ᠨᠢᠭᠤᠨ ᠪᠠᠢᠵᠤ᠂ ᠠᠯᠲᠠᠨ ᠴᠥᠭᠥᠴᠡ ᠶ᠋ᠢᠨ ᠢᠷᠣᠭᠠᠷ ᠬᠥᠮᠥᠷᠢᠭᠡᠳ ᠮᠤᠬᠤᠯᠢ ᠶ᠋ᠢᠨ ᠵᠦᠭ ᠮᠦᠰᠢᠶᠡᠨ ᠵᠠᠬᠢᠷᠤᠨ : 《ᠵᠢᠪᠬᠤᠯᠠᠩᠲᠤ ᠵᠢᠨᠦᠩ ᠮᠢᠨᠦ ᠴᠢ ᠡᠨᠡ ᠴᠥᠭᠥᠴᠡ ᠶ᠋ᠢᠨ ᠳᠣᠣᠷ᠎ᠠ ᠬᠥᠮᠥᠷᠢᠵᠦ ᠪᠦᠬᠦᠢ ᠬᠣᠨᠢᠨ ᠤ᠋ ᠱᠠᠭ᠎ᠠ ᠶ᠋ᠢᠨ ᠴᠢᠭ᠂ ᠪᠥᠭ᠂ ᠠᠯᠴᠤ ᠲᠠᠩᠭᠠᠢ ᠠᠯᠢᠨ ᠠᠨᠤ ᠳᠡᠭᠡᠭᠰᠢ ᠬᠠᠨᠳᠤᠵᠤ ᠪᠠᠢᠬᠤ ᠶ᠋ᠢ ᠲᠣᠭᠣᠵᠤ ᠦᠵᠡ ! 》ᠬᠡᠮᠡᠭᠰᠡᠨ ᠳ᠋ᠦ᠍ᠷ ᠮᠤᠬᠤᠯᠢ ᠥᠨᠥᠬᠡᠨ ᠦ᠌ ᠱᠠᠩᠨᠠᠭᠰᠠᠨ ᠬᠣᠨᠢᠨ ᠤ᠋ ᠨᠥᠬᠥᠭᠡ ᠭᠤᠶ᠎ᠠ ᠶ᠋ᠢᠨ ᠱᠠᠭ᠎ᠠ ᠶ᠋ᠢ ᠠᠨᠤ ᠰᠢᠳᠦ ᠪᠡᠷ ᠲᠠᠰᠤ ᠬᠠᠵᠠᠵᠤ ᠠᠪᠤᠭᠠᠳ 《ᠡᠵᠡᠨ ᠦ᠌ ᠰᠦᠯᠳᠡ ᠲᠣᠳᠣᠷᠬᠠᠢ ᠪᠣᠯᠠᠢ ! 》ᠭᠡᠮᠡᠨ ᠲᠠᠶᠠᠭᠳᠠᠭᠰᠠᠨ ᠳ᠋ᠤᠷ ᠲᠡᠷᠡ ᠱᠠᠭ᠎ᠠ ᠶ᠋ᠢᠨ ᠠᠯᠴᠤ ᠠᠨᠤ ᠳᠡᠭᠡᠭᠰᠢ ᠬᠠᠳᠤᠵᠤ ᠵᠣᠭᠰᠣᠬᠤ ᠲᠤᠯᠠ ᠮᠤᠬᠤᠯᠢ ᠲᠠᠢᠽᠦ ᠳ᠋ᠦ᠍ᠷ ᠮᠥᠷᠭᠥᠵᠦ ᠮᠡᠳᠡᠭᠦᠯᠦᠷᠦᠨ : 《ᠡᠵᠡᠨ ᠦ᠌ ᠴᠥᠭᠥᠴᠡ ᠶ᠋ᠢᠨ ᠳᠣᠣᠷ᠎ᠠ ᠪᠦᠬᠦᠢ ᠱᠠᠭ᠎ᠠ ᠠᠯᠴᠤ ᠠᠨᠤ ᠳᠡᠭᠡᠭᠰᠢ ᠬᠠᠨᠳᠤᠵᠤ ᠪᠣᠢ ᠭᠡᠮᠡᠨ ᠣᠯᠠᠨ ᠯᠤᠭ᠎ᠠ ᠢᠷᠡᠵᠦ ᠠᠯᠲᠠᠨ ᠴᠥᠭᠥᠴᠡ ᠶ᠋ᠢ ᠠᠪᠴᠤ ᠦᠵᠡᠪᠡᠰᠦ᠂ ᠠᠯᠳᠠᠯ ᠦᠭᠡᠢ ᠠᠯᠴᠤ ᠠᠨᠤ ᠳᠡᠭᠡᠭᠰᠢ ᠬᠠᠨᠳᠤᠵᠤ ᠪᠣᠢ ᠲᠤᠯᠠ ᠲᠠᠢᠽᠦ ᠲᠡᠷᠢᠭᠦᠯᠡᠨ ᠲᠥᠷᠥ ᠶ᠋ᠢᠨ ᠬᠣᠲᠠᠯᠠᠭᠠᠷ ᠶᠡᠬᠡᠯ᠎ᠡ ᠭᠠᠢᠬᠠᠯᠳᠤᠨ ᠢᠨᠢᠶᠡᠯᠴᠡᠬᠦᠶ᠎ᠡ᠂ ᠮᠤᠬᠤᠯᠢ ᠰᠠᠭᠤᠳᠠᠯ ᠳ᠋ᠤᠷ ᠡᠭᠡᠵᠦ ᠮᠣᠳᠣᠨ ᠠᠶᠠᠭ᠎ᠠ ᠶ᠋ᠢᠨ ᠳᠣᠣᠷ᠎ᠠ ᠪᠠᠨ ᠥᠨᠥᠬᠡᠨ ᠦ᠌ ᠱᠠᠭ᠎ᠠ ᠶ᠋ᠢ ᠨᠢᠭᠤᠵᠤ ᠬᠥᠮᠥᠷᠢᠭᠡᠳ ᠲᠠᠢᠽᠦ ᠳ᠋ᠦ᠍ᠷ ᠮᠡᠳᠡᠭᠦᠯᠦᠷᠦᠨ : 《ᠪᠤᠶᠠᠨᠲᠤ ᠡᠵᠡᠨ ᠮᠢᠨᠦ ᠱᠠᠭ᠎ᠠ ᠶ᠋ᠢ ᠲᠣᠭᠣᠵᠤ ᠦᠵᠡᠮᠦ ! 》 ᠬᠡᠮᠡᠬᠦᠢ ᠳ᠋ᠦ᠍ᠷ ᠲᠡᠷᠡ ᠬᠣᠶᠠᠷ ᠱᠠᠭ᠎ᠠ ᠶ᠋ᠢᠨ ᠬᠣᠷᠣᠮᠬᠠᠨ᠎ᠠ ᠭᠠᠢᠬᠠᠮᠰᠢᠭ᠍ᠲᠠᠢ ᠪᠣᠯᠤᠭᠰᠠᠨ ᠢ᠋ ᠦᠵᠡᠭᠡᠳ ᠡᠨᠡ ᠥᠷᠥᠭᠡᠰᠦᠨ ᠱᠠᠭ᠎ᠠ ᠶ᠋ᠢ ᠰᠡᠮᠡᠬᠡᠷ ᠭᠠᠷ ᠤ᠋ᠨ ᠳᠣᠲᠣᠷ᠎ᠠ ᠪᠠᠨ ᠬᠣᠶᠠᠷ ᠤᠳᠠᠭ᠎ᠠ ᠬᠠᠶᠠᠵᠤ ᠦᠵᠡᠪᠡᠰᠦ ᠪᠠᠰᠠ ᠬᠦ᠌ ᠠᠯᠴᠤ ᠠᠨᠤ ᠳᠡᠭᠡᠭᠰᠢ ᠬᠠᠨᠳᠤᠨ ᠵᠣᠭᠰᠣᠬᠤᠢ ᠳ᠋ᠤᠷ ᠲᠠᠢᠽᠦ ᠮᠦᠰᠢᠶᠡᠵᠦ ᠵᠠᠬᠢᠷᠤᠨ :《ᠴᠢᠨᠦ ᠱᠠᠭ᠎ᠠ ᠮᠥᠨ ᠬᠦ᠌ ᠠᠯᠴᠤ ᠠᠨᠤ ᠳᠡᠭᠡᠭᠰᠢ ᠬᠠᠨᠳᠤᠵᠤ ᠪᠣᠢ ! 》 ᠬᠡᠮᠡᠭᠰᠡᠨ ᠳ᠋ᠦ᠍ᠷ ᠣᠯᠠᠨ ᠲᠦᠰᠢᠮᠡᠳ ᠴᠤᠭᠯᠠᠨ ᠢᠷᠡᠵᠦ ᠠᠶᠠᠭ᠎ᠠ ᠶ᠋ᠢ ᠠᠪᠴᠤ ᠦᠵᠡᠪᠡᠰᠦ ᠦᠨᠡᠬᠡᠷ ᠠᠯᠴᠤ ᠠᠨᠤ ᠳᠡᠭᠡᠭᠰᠢ ᠬᠠᠨᠳᠤᠵᠤ ᠪᠠᠢᠬᠤ ᠲᠤᠯᠠ ᠪᠦᠭᠦᠳᠡᠭᠡᠷ ᠭᠠᠢᠬᠠᠨ ᠪᠢᠰᠢᠷᠡᠵᠦ᠂ ᠲᠠᠢᠽᠦ ᠳ᠋ᠦ᠍ᠷ ᠮᠥᠷᠭᠥᠵᠦ ᠮᠠᠭᠲᠠᠯᠴᠠᠪᠠᠢ᠃ ᠡᠭᠦᠨ ᠳ᠋ᠦ᠍ᠷ ᠮᠤᠬᠤᠯᠢ ᠪᠠᠰᠠ ᠨᠢᠭᠡᠨ ᠰᠠᠨᠠᠭᠠᠨ ᠣᠯᠵᠤ ᠮᠥᠷᠭᠥᠨ ᠮᠡᠳᠡᠭᠦᠯᠦᠷᠦᠨ : 《ᠡᠨᠡ ᠬᠣᠶᠠᠷ ᠱᠠᠭ᠎ᠠ ᠶ᠋ᠢ ᠡᠵᠡᠨ ᠦ᠌ ᠮᠣᠳᠣᠷ ᠢ᠋ᠶ᠋ᠠᠷ ᠬᠠᠮᠲᠤ ᠪᠠᠷᠢᠵᠤ ᠰᠡᠵᠢᠯᠬᠢᠯᠡᠨ ᠥᠨᠳᠥᠷ ᠡᠴᠡ ᠡᠨᠡ ᠰᠢᠷᠡᠭᠡᠨ ᠳ᠋ᠦ᠍ᠷ ᠲᠠᠶᠠᠭᠳᠠᠵᠤ᠂ ᠡᠨᠡ ᠵᠢᠯ ᠦ᠋ᠨ ᠪᠠᠢᠯᠳᠤᠭᠠᠨ ᠤ᠋ ᠳᠡᠢᠯᠬᠦ ᠳᠡᠢᠯᠦᠭᠳᠡᠬᠦ ᠶ᠋ᠢ ᠳᠠᠬᠢᠨ ᠨᠢᠭᠡᠨᠲᠡ ᠲᠥᠯᠭᠡᠯᠡᠵᠦ ᠦᠵᠡᠶ᠎ᠡ᠂ ᠬᠣᠶᠠᠷ ᠱᠠᠭ᠎ᠠ ᠬᠠᠮᠲᠤ ᠪᠠᠷ ᠴᠢᠭ ᠠᠨᠤ ᠳᠡᠭᠡᠭᠰᠢ ᠬᠠᠨᠳᠤᠪᠠᠰᠤ ᠪᠢᠳᠡ ᠳᠡᠢᠯᠬᠦ ᠪᠣᠯᠪᠠᠴᠤ ᠬᠡᠷᠡᠢᠳ ᠢ᠋ ᠠᠷᠢᠯᠭᠠᠨ ᠦᠯᠦ ᠴᠢᠳᠠᠬᠤ ᠪᠣᠯᠲᠤᠭᠠᠢ᠂ ᠬᠡᠷᠪᠡ ᠬᠣᠶᠠᠷ ᠱᠠᠭ᠎ᠠ ᠬᠠᠮᠲᠤ ᠪᠠᠷ ᠪᠥᠭ ᠢᠨᠦ ᠳᠡᠭᠡᠭᠰᠢ ᠬᠠᠨᠳᠤᠪᠠᠰᠤ ᠪᠢᠳᠡ ᠳᠠᠷᠤᠭᠳᠠᠬᠤ ᠲᠡᠮᠳᠡᠭ ᠪᠣᠯᠲᠤᠭᠠᠢ᠂ ᠬᠡᠷᠪᠡ ᠬᠣᠶᠠᠷ ᠱᠠᠭ᠎ᠠ ᠬᠠᠮᠲᠤ ᠪᠠᠷ ᠲᠠᠩᠭᠠᠢ ᠠᠨᠤ ᠳᠡᠭᠡᠭᠰᠢ ᠬᠠᠨᠳᠤᠪᠠᠰᠤ ᠪᠢᠳᠡ ᠲᠡᠳᠡᠨ ᠳ᠋ᠦ᠍ᠷ ᠮᠥᠬᠥᠭᠡᠭᠳᠡᠬᠦ ᠲᠡᠮᠳᠡᠭ ᠪᠣᠯᠲᠤᠭᠠᠢ᠂ ᠬᠡᠷᠪᠡ ᠬᠣᠶᠠᠷ ᠱᠠᠭ᠎ᠠ ᠬᠠᠮᠲᠤ ᠪᠠᠷ ᠠᠯᠴᠤ ᠠᠨᠤ ᠳᠡᠭᠡᠭᠰᠢ ᠬᠠᠨᠳᠤᠪᠠᠰᠤ ᠪᠢᠳᠡ ᠲᠡᠳᠡᠨ ᠢ᠋ ᠨᠢᠭᠡᠮᠦᠰᠦᠨ ᠮᠥᠬᠥᠭᠡᠬᠦ ᠲᠡᠮᠳᠡᠭ ᠪᠣᠯᠲᠤᠭᠠᠢ᠂ ᠬᠣᠶᠠᠷ ᠱᠠᠭ᠎ᠠ ᠬᠣᠶᠠᠭᠤᠯᠠ ᠥᠪᠡᠷ᠎ᠡ ᠥᠪᠡᠷ᠎ᠡ ᠭ᠍ᠡᠷᠪᠠᠰᠤ ᠲᠥᠯᠭᠡ ᠪᠤᠰᠤ ᠪᠣᠯᠲᠤᠭᠠᠢ᠂ ᠬᠡᠷᠪᠡ ᠬᠣᠣᠰ ᠬᠣᠣᠰ ᠢ᠋ᠶ᠋ᠠᠷ ᠭ᠍ᠡᠷᠪᠠᠰᠤ ᠮᠠᠭᠠᠳ ᠲᠥᠯᠭᠡ ᠪᠣᠯᠲᠤᠭᠠᠢ ! 》ᠬᠡᠮᠡᠭᠰᠡᠨ ᠳ᠋ᠦ᠍ᠷ ᠲᠠᠢᠽᠦ ᠮᠠᠰᠢᠳᠠ ᠵᠥᠪᠰᠢᠶᠡᠨ ᠪᠡᠶᠡᠰᠴᠦ : 《ᠲᠡᠢᠨ ᠪᠣᠯᠲᠤᠭᠠᠢ ! 》 ᠭᠡᠮᠡᠨ ᠲᠡᠷᠡ ᠬᠣᠶᠠᠷ ᠱᠠᠭ᠎ᠠ ᠶ᠋ᠢ ᠬᠠᠮᠲᠤ ᠬᠣᠶᠠᠷ ᠭᠠᠷ ᠢ᠋ᠶ᠋ᠠᠷ ᠪᠢᠲᠡᠭᠦᠯᠡᠨ ᠨᠢᠭᠡᠨ ᠵᠡᠷᠭᠡ ᠬᠥᠳᠡᠯᠭᠡᠵᠦ : 《ᠲᠡᠭᠷᠢ ᠡᠴᠢᠭᠡ ᠮᠡᠳᠡᠲᠦᠭᠡᠢ ! 》ᠭᠡᠮᠡᠨ ᠡᠮᠦᠨ᠎ᠡ ᠪᠦᠬᠦᠢ ᠳᠣᠣᠷ᠎ᠠ ᠰᠢᠷᠡᠬᠡᠨ᠎ᠡ ᠥᠨᠳᠥᠷ ᠡᠴᠡ ᠲᠠᠶᠠᠭᠳᠠᠨ ᠢᠯᠡᠭᠡᠭᠰᠡᠨ ᠳ᠋ᠦ᠍ᠷ ᠬᠣᠶᠠᠷ ᠱᠠᠭ᠎ᠠ ᠲᠢᠰ ᠲᠠᠰᠬᠢᠲᠡᠯ᠎ᠡ ᠬᠣᠶᠠᠷ ᠠᠯᠴᠤ ᠬᠠᠮᠲᠤ ᠪᠠᠷ ᠳᠡᠭᠡᠭᠰᠢ ᠬᠠᠨᠳᠤᠵᠤ ᠵᠣᠭᠰᠣᠪᠠ ᠃ ᠲᠠᠢᠽᠦ ᠠ᠋ᠴᠠ ᠲᠡᠷᠢᠭᠦᠯᠡᠨ ᠪᠦᠭᠦᠳᠡᠭᠡᠷ ᠪᠠᠶᠠᠰᠬᠤᠶ᠎ᠠ᠂ ᠮᠤᠬᠤᠯᠢ ᠪᠠᠰᠠ ᠮᠥᠷᠭᠥᠵᠦ ᠮᠡᠳᠡᠭᠦᠯᠦᠷᠦᠨ : 《ᠲᠥᠯᠭᠡ ᠪᠡᠯᠭᠡ ᠬᠡᠮᠡᠭᠴᠢ ᠨᠢᠭᠡᠬᠡᠨ ᠢ᠋ ᠦᠯᠦ ᠲᠣᠳᠣᠯᠠᠮᠤᠢ ! 》 ᠬᠡᠮᠡᠭᠰᠡᠨ᠎ᠡ ᠲᠠᠢᠽᠦ ᠮᠥᠨ ᠬᠡᠮᠡᠵᠦ ᠳᠠᠬᠢᠨ ᠨᠢᠭᠡᠨᠲᠡ ᠲᠠᠶᠠᠭᠳᠠᠭᠰᠠᠨ ᠳ᠋ᠤᠷ ᠲᠡᠷᠡ ᠱᠠᠭ᠎ᠠ ᠮᠥᠨ ᠬᠦ᠌ ᠬᠠᠭᠤᠴᠢᠨ ᠶᠣᠰᠣᠭᠠᠷ ᠵᠣᠭᠰᠣᠪᠠ᠃ ᠣᠯᠠᠨ ᠪᠦᠬᠦᠨ ᠢ᠋ᠶ᠋ᠡᠷ ᠳᠠᠭᠤᠨ ᠠᠯᠳᠠᠯᠴᠠᠨ ᠱᠠᠭ᠍ᠰᠢᠨ ᠭᠠᠢᠬᠠᠬᠤᠶ᠎ᠠ᠂ ᠮᠤᠬᠤᠯᠢ ᠪᠠᠰᠠ ᠮᠥᠷᠭᠥᠵᠦ ᠮᠡᠳᠡᠭᠦᠯᠦᠷᠦᠨ: 《ᠲᠣᠳᠣᠷᠬᠠᠢ ᠲᠥᠯᠭᠡ ᠬᠡᠮᠡᠭᠴᠢ ᠬᠣᠶᠠᠷ ᠲᠤᠷ ᠦᠯᠦ ᠮᠣᠬᠣᠮᠤᠢ᠃ 》ᠬᠡᠮᠡᠭᠰᠡᠨ ᠳ᠋ᠦ᠍ᠷ ᠲᠠᠢᠽᠦ 《ᠪᠢ ᠴᠦ᠍ ᠲᠡᠢᠨ ᠰᠠᠨᠠᠮᠤᠢ᠃》 ᠬᠡᠮᠡᠭᠡᠳ ᠲᠡᠭᠦᠯᠭᠡᠨ ᠠᠪᠴᠤ ᠳᠠᠬᠢᠨ ᠨᠢᠭᠡᠨᠲᠡ ᠣᠷᠬᠢᠭ᠍ᠰᠠᠨ ᠠᠪᠠᠰᠤ᠂ ᠮᠥᠨ ᠬᠦ᠌ ᠬᠣᠶᠠᠷ ᠠᠯᠴᠤ ᠳᠡᠭᠡᠭᠰᠢ ᠬᠠᠨᠳᠤᠨ ᠵᠣᠭᠰᠣᠭᠰᠠᠨ ᠳ᠋ᠤᠷ ᠲᠠᠢᠽᠦ ᠲᠡᠷᠢᠭᠦᠯᠡᠨ ᠳᠠᠭᠤᠨ ᠭᠠᠷᠴᠤ ᠰᠠᠢᠰᠢᠶᠠᠨ᠂ ᠮᠤᠬᠤᠯᠢ ᠮᠣᠬᠣᠰᠢ ᠦᠭᠡᠢ ᠪᠠᠶᠠᠷᠯᠠᠵᠤ ᠣᠯᠠᠨ ᠢ᠋ ᠠᠪᠤᠨ ᠲᠦᠴᠢᠭᠢᠨᠡᠲᠡᠯ᠎ᠡ ᠮᠥᠷᠭᠥᠵᠦ ᠥᠨᠳᠥᠷ ᠡᠭᠡᠰᠢᠭᠲᠦ ᠢᠷᠠᠭᠤ ᠳᠠᠭᠤᠨ ᠢ᠋ᠶ᠋ᠠᠷ ᠲᠡᠢᠨ ᠭᠡᠮᠡᠨ ᠪᠡᠯᠭᠡᠯᠡᠨ ᠮᠡᠳᠡᠭᠦᠯᠦᠷᠦᠨ : 
               ᠬᠠᠭᠠᠨ ᠵᠠᠶᠠᠭᠠᠲᠤ ᠡᠵᠡᠨ ᠦ᠌ ᠮᠢᠨᠦ ᠬᠠᠰ ᠱᠠᠭ᠎ᠠ ᠶ᠋ᠢᠨ ᠲᠥᠯᠭᠡ ᠪᠣᠯᠪᠠ  
               ᠪᠣᠭᠳᠠ ᠵᠠᠶᠠᠭᠠᠲᠤ ᠡᠵᠡᠨ ᠦ᠌ ᠮᠢᠨᠦ  ᠪᠤᠶᠠᠨᠲᠤ ᠱᠠᠭ᠎ᠠ ᠶ᠋ᠢᠨ ᠲᠥᠯᠭᠡ ᠪᠣᠯᠪᠠ᠂ 
               ᠭᠤᠷᠪᠠᠨ ᠤᠳᠠᠭ᠎ᠠ ᠲᠠᠶᠠᠭᠳᠠᠲᠠᠯ᠎ᠠ ᠬᠤᠳᠠᠯ ᠥᠭᠡᠶ᠎ᠡ ᠠᠳᠠᠯᠢ ᠵᠣᠭᠰᠣᠪᠠ 
               ᠬᠣᠶᠠᠷ ᠤᠳᠠᠭ᠎ᠠ ᠬᠣᠯᠤᠷᠲᠠᠯ᠎ᠠ ᠬᠤᠳᠠᠯ ᠥᠭᠡᠶ᠎ᠡ ᠴᠥᠮ ᠣᠨᠣᠪᠠ᠃ 
               ᠬᠤᠷᠮᠤᠰᠲᠠ ᠲᠡᠭᠷᠢ ᠶ᠋ᠢᠨ ᠬᠣᠴᠢ ᠦᠭᠡᠢ ᠬᠠᠷᠠᠭᠠᠯᠵᠠᠭ᠎ᠠ ᠲᠡᠳᠬᠦᠮᠵᠢ ᠪᠣᠯᠪᠠᠦ ? 
               ᠳᠡᠭᠡᠳᠦ ᠲᠡᠭᠷᠢ ᠶ᠋ᠢᠨ ᠳᠡᠯᠭᠡᠷᠡᠭᠦᠯᠦᠨ ᠬᠥᠮᠦᠵᠢᠭᠦᠯᠬᠦ ᠲᠤᠰᠠᠯᠠᠯ ᠴᠤ᠌ ᠪᠣᠢ ‍ᠶ᠎ᠠ !
               ᠶᠡᠬᠡ ᠪᠡᠯᠭᠡᠲᠦ ᠲᠥᠯᠭᠡ ᠶ᠋ᠢᠨ ᠪᠡᠯᠭᠡ ᠪᠡᠷ ᠪᠢᠳᠡᠨ ᠦ᠌ ᠤᠯᠤᠰ ᠳᠠᠢᠰᠤᠨ ᠢ᠋ ᠳᠠᠷᠤᠭᠠᠳ 
               ᠬᠡᠴᠡᠭᠦᠦ ᠲᠥᠯᠭᠡ ᠶ᠋ᠢᠨ ᠬᠡᠮᠵᠢᠶ᠎ᠡ ᠪᠡᠷ ᠬᠡᠷᠡᠢᠳ ᠤᠯᠤᠰ ᠢ᠋ ᠬᠡᠷᠬᠢᠪᠡᠴᠦ ᠮᠥᠬᠥᠭᠡᠮᠦᠢ᠃ 
ᠭᠡᠮᠡᠨ ᠠᠷᠢᠬᠢ ᠪᠠᠷᠢᠵᠤ ᠮᠥᠷᠭᠥᠭᠰᠡᠨ᠎ᠡ᠂ ᠲᠠᠢᠽᠦ ᠴᠦ᠍ ᠮᠥᠨ ᠰᠣᠨᠢᠷᠬᠠᠨ ᠪᠡᠶᠡᠰᠴᠦ ᠣᠶᠤᠲᠤ ᠰᠡᠴᠡᠨ ᠡᠴᠡ ᠤᠯᠠᠭᠠᠨ ᠰᠢᠩᠬᠤᠲᠤ ᠦᠵᠦᠭ ᠢ᠋ ᠠᠪᠴᠤ ᠲᠡᠷᠡ ᠬᠣᠣᠰ ᠬᠣᠨᠢᠨ ᠱᠠᠭ᠎ᠠ ᠶ᠋ᠢᠨ ᠠᠯᠴᠤ ᠶ᠋ᠢ ᠥᠪᠡᠷ ᠦ᠋ᠨ ᠮᠣᠳᠣᠷ ᠢ᠋ᠶ᠋ᠠᠷ ᠰᠢᠩᠬᠤᠳᠠᠵᠤ ᠥᠭᠦᠯᠡᠷᠦᠨ : 《ᠠᠯᠴᠤ ᠶ᠋ᠢᠨ ᠣᠭᠤᠯᠵᠠ ᠳ᠋ᠤᠷ ᠠᠯᠲᠠᠨ ᠤᠷᠭᠤᠲᠤᠭᠠᠢ᠂ ᠠᠯᠲᠠᠨ ᠤ᠋ ᠤᠷᠭᠤᠮᠠᠯ ᠤᠯᠠᠭᠠᠨ ᠪᠣᠯᠲᠤᠭᠠᠢ ! 》 ᠭᠡᠮᠡᠨ ᠢᠷᠦᠭᠡᠵᠦ ᠤᠯᠠᠭᠠᠨ ᠥᠩᠭᠡ ᠬᠠᠢᠷᠠᠯᠠᠪᠠᠢ᠃ ᠬᠢᠲᠠᠳ ᠢ᠋ᠶ᠋ᠡᠷ 《ᠾᠦᠩ ᡁᠢ  》ᠬᠡᠮᠡᠭᠴᠢ ᠢᠨᠤ ᠳᠠᠷᠤᠢ ᠮᠥᠨ᠃ 
       ᠲᠡᠳᠦᠢ ᠲᠠᠢᠽᠦ ᠡᠨᠡ ᠬᠣᠨᠢᠨ ᠤ᠋ ᠶᠠᠰᠤ ᠶᠠᠭᠤᠲᠠᠢ ᠰᠣᠨᠢᠨ ᠪᠣᠯᠪᠠ ᠭᠡᠮᠡᠨ ᠥᠪᠡᠷ ᠦ᠋ᠨ ᠵᠣᠭᠣᠭᠯᠠᠭᠰᠠᠨ ᠪᠠ ᠮᠤᠬᠤᠯᠢ ᠶ᠋ᠢᠨ ᠢᠳᠡᠭᠰᠡᠨ ᠨᠢᠭᠡᠨ ᠬᠣᠣᠰ ᠬᠣᠨᠢᠨ ᠤ᠋ ᠳᠠᠯᠤ ᠶ᠋ᠢ ᠬᠠᠮᠲᠤ ᠪᠠᠷᠢᠵᠤ᠂ ᠬᠢᠨᠠᠨ ᠦᠵᠡᠭᠰᠡᠭᠡᠷ ᠨᠠᠷᠠᠨ ᠤ᠋ ᠡᠰᠡᠷᠭᠦ ᠪᠠᠷᠢᠵᠤ ᠦᠵᠡᠪᠡᠰᠦ ᠲᠡᠷᠡ ᠳᠠᠯᠤ ᠶ᠋ᠢᠨ ᠨᠢᠮᠭᠡᠬᠡᠨ ᠬᠡᠢᠪᠠᠩ ᠭᠠᠵᠠᠷ ᠲᠤᠷ ᠲᠠᠪᠤᠨ ᠥᠩᠭᠡ ᠶ᠋ᠢᠨ ᠭᠡᠷᠡᠯ ᠪᠦᠷᠢᠳᠦᠭᠰᠡᠨ ᠳ᠋ᠦ᠍ᠷ ᠲᠠᠢᠽᠦ ᠣᠯᠠᠨ ᠲᠤᠰᠢᠮᠡᠳ ᠲᠣᠷ ᠦᠵᠡᠭᠦᠯᠵᠦ᠂ ᠡᠨᠡ ᠬᠣᠨᠢᠨ ᠤ᠋ ᠶᠠᠰᠤ ᠰᠣᠨᠢᠨ ᠵᠢᠭᠲᠡᠢ ᠪᠣᠯᠪᠠ ᠭᠡᠮᠡᠨ ᠪᠤᠰᠤ ᠬᠣᠨᠢᠨ ᠤ᠋ ᠳᠠᠯᠤ ᠶ᠋ᠢᠨ ᠥᠪᠡᠷᠳᠡᠰᠦᠨ ᠢ᠋ ᠲᠦᠯᠡᠭᠦᠯᠵᠦ᠂ ᠡᠨᠡ ᠳᠠᠯᠤ ᠶ᠋ᠢ ᠤᠲᠤᠭᠠᠨ ᠤ᠋ ᠳᠡᠭᠡᠷ᠎ᠡ ᠢᠨᠦ ᠪᠠᠷᠢᠵᠤ ᠳᠠᠬᠢᠨ ᠦᠵᠡᠪᠡᠰᠦ ᠭᠡᠷᠡᠯ ᠢᠨᠦ ᠨᠡᠩ ᠶᠡᠬᠡ ᠪᠣᠯᠤᠭᠰᠠᠨ ᠳ᠋ᠤᠷ ᠲᠠᠢᠽᠦ ᠨᠡᠩ ᠰᠣᠨᠢᠷᠬᠠᠨ ᠭᠠᠢᠬᠠᠨ ᠵᠠᠬᠢᠷᠤᠨ : 
               ᠡᠨᠡ ᠬᠦ᠌ ᠱᠠᠭ᠎ᠠ ᠪᠠ ᠳᠠᠯᠤ ᠬᠣᠶᠠᠭᠤᠯᠠ ᠶ᠋ᠢ ᠰᠠᠢᠬᠠᠨ ᠠᠪᠴᠤ ᠳᠡᠯᠪᠢ 
               ᠡᠷᠡᠮᠡᠬᠡᠢ ᠬᠡᠷᠡᠢᠳ ᠢ᠋ ᠲᠠᠢᠯᠤᠨ ᠥᠩᠭᠡᠷᠡᠭᠰᠡᠨ ᠬᠣᠢᠨ᠎ᠠ ᠮᠡᠳᠡᠶ᠎ᠡ ᠬᠡᠮᠡᠪᠡᠢ᠃ 
       ᠲᠡᠳᠦᠢ ᠣᠶᠤᠲᠤ ᠰᠡᠴᠡᠨ ᠰᠢᠷ᠎ᠠ ᠲᠠᠵᠢ ᠳ᠋ᠤᠷ ᠪᠠᠭᠯᠠᠵᠤ᠂ ᠰᠢᠳᠠᠷ ᠬᠥᠰᠬᠡ ᠳ᠋ᠦ᠍ᠷ ᠬᠠᠳᠠᠭᠠᠯᠠᠪᠠᠢ᠃ ᠡᠨᠡ ᠬᠦ᠌ ᠬᠣᠨᠢᠨ ᠤ᠋ ᠳᠠᠯᠤ ᠶ᠋ᠢᠨ ᠲᠥᠯᠭᠡ ᠪᠠ ᠱᠠᠭ᠎ᠠ ᠶ᠋ᠢᠨ ᠣᠷᠬᠢᠴᠠ ᠶ᠋ᠢ ᠣᠯᠤᠭᠰᠠᠨ ᠵᠢᠯ ᠰᠠᠷ᠎ᠠ ᠡᠳᠦᠷ ᠴᠠᠭ ᠠᠨᠤ᠂ ᠴᠠᠭᠠᠨ ᠪᠡᠴᠢᠨ ᠵᠢᠯ ᠦ᠋ᠨ ᠴᠠᠭᠠᠯᠠᠬᠤ ᠥᠷᠯᠥᠭᠡ ᠶ᠋ᠢᠨ ᠤᠯᠠᠭᠠᠨ ᠪᠠᠷᠰ ᠰᠠᠷ᠎ᠠ ᠪᠥᠭᠡᠳ ᠪᠠᠰᠠ ᠤᠯᠠᠭᠠᠨ ᠪᠠᠷᠰ ᠡᠳᠦᠷ ᠪᠣᠯᠪᠠ᠃ 

ᠴᠣᠬᠣᠯᠠᠭᠰᠠᠨ ᠠᠨᠤ 
       ᠰᠤᠳᠤᠷᠴᠢ ᠲᠦᠰᠢᠮᠡᠯ ᠢᠨᠵᠠᠨᠨᠠᠰᠢ ᠪᠢ ᠪᠢᠴᠢᠭᠰᠡᠭᠡᠷ ᠡᠨᠳᠡ ᠬᠦᠷᠴᠦ ᠡᠷᠲᠡᠨ ᠦ᠌ ᠳᠠᠩ ᠤᠯᠤᠰ ᠤ᠋ᠨ ᠮᠢᠩ ᠬᠤᠸᠠᠩ ᠤ᠋ᠨ ᠬᠤᠪᠠᠬᠠᠢ ᠶᠠᠰᠤᠨ ᠳ᠋ᠤᠷ ᠴᠤ᠌ ᠬᠡᠰᠢᠭ ᠰᠢᠮ᠎ᠡ ᠬᠦᠷᠲᠡᠭᠡᠪᠡ ᠬᠡᠮᠡᠭᠰᠡᠨ ᠢ᠋ ᠰᠠᠨᠠᠭᠠᠯᠵᠠᠵᠤ᠂ ᠬᠡᠳᠦᠨ ᠦᠰᠦᠭ ᠴᠣᠬᠣᠯᠠᠭᠰᠠᠨ ᠠᠨᠤ : ᠳᠠᠩ ᠮᠢᠩ ᠬᠤᠸᠠᠩ ᠤ᠋ᠨ ᠣᠪᠣᠭ ᠯᠢ ᠨᠡᠷ᠎ᠡ ᠯᠦᠩ ᠵᠢᠢ᠂ ᠭᠤᠷᠪᠠᠳᠤᠭᠠᠷ ᠬᠥᠪᠡᠭᠦᠨ ᠲᠤᠯᠠ ᠪᠠᠭ᠎ᠠ ᠳ᠋ᠠᠭᠠᠨ ᠳᠠᠩ ᠰᠠᠨ ᠯᠠᠩ ᠬᠡᠮᠡᠳᠡᠭ ᠪᠥᠯᠥᠭᠡ᠃ ᠲᠥᠷᠥᠯᠬᠢ ᠰᠡᠴᠡᠨ ᠤᠬᠠᠮᠰᠠᠷ᠂ ᠬᠡᠭᠡᠨᠴᠢᠷ ᠦᠵᠡᠰᠬᠦᠯᠡᠩ ᠣᠯᠠᠨ ᠠ᠋ᠴᠠ ᠬᠡᠲᠦᠷᠬᠡᠢ᠂ ᠵᠠᠯᠠᠭᠤ ᠴᠠᠭ ᠲᠤᠷ ᠬᠤᠷᠴᠠ ᠭᠡᠭᠡᠬᠡᠨ ᠪᠠᠭᠠᠲᠤᠷ ᠴᠢᠭᠢᠷᠠᠭ ᠪᠥᠯᠥᠭᠡ᠃ ᠨᠠᠰᠤᠵᠢᠭ᠍ᠰᠠᠨ ᠬᠣᠢᠨ᠎ᠠ ᠬᠠᠩᠭᠠᠢ ᠴᠠᠯᠠᠭᠠᠢ ᠤᠵᠢᠳ ᠨᠥᠷᠢ ᠪᠣᠯᠵᠤ᠂ ᠬᠦᠢ ᠹᠧᠢ - ᠶᠠᠩ ᠲᠠᠢ ᠵᠧᠦ ᠳ᠋ᠦ᠍ᠷ ᠤᠨᠠᠵᠤ ᠵᠢᠪᠦᠭᠡᠳ ᠤᠵᠢᠳ ᠤ᠋ᠨ ᠴᠡᠩᠭᠡᠯ ᠳ᠋ᠦ᠍ᠷ ᠨᠡᠷᠪᠡᠭᠳᠡᠪᠡᠢ᠃ ᠵᠢᠷᠭᠤᠭᠠᠨ ᠤᠵᠢᠳ ᠬᠡᠮᠡᠭᠴᠢ ᠲᠡᠷᠢᠭᠦᠨ ᠳ᠋ᠦ᠍ᠷ ᠠᠷᠢᠬᠢ᠂ ᠳᠡᠳ᠋ ᠲᠣᠷ ᠥᠩᠭᠡ᠂ ᠭᠤᠷᠪᠠᠨ ᠳ᠋ᠤᠷ ᠠᠪᠠ ᠠᠶᠠᠨ᠂ ᠳᠥᠷᠪᠡᠳᠦᠭᠡᠷ ᠢᠨᠦ ᠬᠥᠭ ᠳᠠᠭᠤᠨ᠂ ᠲᠠᠪᠤᠨ ᠳ᠋ᠤᠷ ᠴᠡᠴᠡᠭᠯᠢᠭ ᠬᠦᠷᠢᠶᠡᠯᠡᠩ᠂ ᠵᠢᠷᠭᠤᠭ᠎ᠠ ᠳ᠋ᠤᠷ ᠨᠠᠭᠠᠳᠤᠮ ᠬᠥᠷ ᠡᠨᠡ ᠪᠤᠶᠤ᠃ ᠡᠨᠡ ᠵᠢᠷᠭᠤᠭᠠᠨ ᠵᠦᠢᠯ ᠦ᠋ᠨ ᠤᠵᠢᠳ ᠤ᠋ᠨ ᠨᠢᠭᠡᠨ ᠵᠦᠢᠯ ᠢᠨᠦ ᠬᠥᠮᠦᠨ ᠦ᠌ ᠪᠡᠶ᠎ᠡ ᠳ᠋ᠦ᠍ᠷ ᠠᠪᠠᠰᠤ᠂ ᠤᠯᠤᠰ ᠤ᠋ᠨ ᠬᠠᠭᠠᠨ ᠪᠥᠭᠡᠰᠦ ᠤᠯᠤᠰ ᠢ᠋ᠶ᠋ᠠᠨ ᠠᠯᠳᠠᠮᠤᠢ᠂ ᠭᠡᠷ ᠦ᠋ᠨ ᠡᠵᠡᠳ ᠪᠥᠭᠡᠰᠦ ᠠᠵᠤ ᠲᠥᠷᠥᠬᠦ ᠪᠡᠨ ᠠᠯᠳᠠᠵᠤ ᠬᠣᠬᠢᠷᠠᠮᠤᠢ᠃ᠡᠨᠡ ᠮᠢᠩ ᠬᠤᠸᠠᠩ ᠵᠠᠯᠠᠭᠤ ᠴᠠᠭ ᠲᠤᠷ ᠡᠦ ᠽᠧ ᠲᠢᠶᠠᠨ ᠤ᠋ ᠰᠠᠮᠠᠭᠤᠨ ᠢ᠋ ᠠᠷᠢᠯᠭᠠᠵᠤ᠂ ᠣᠨ ᠤ᠋ ᠨᠡᠷ᠎ᠡ ᠶ᠋ᠢ ᠺᠠᠢ ᠶᠤᠸᠠᠨ ᠭᠡᠮᠡᠨ ᠬᠠᠯᠠᠭᠠᠳ ᠮᠢᠩ ᠬᠤᠸᠠᠩ ᠬᠡᠮᠡᠬᠦ ᠴᠣᠯᠠ ᠣᠯᠵᠤ᠂ ᠰᠠᠨᠠᠭᠠᠨ ᠬᠠᠨᠵᠤ ᠰᠡᠳᠬᠢᠯ ᠴᠠᠯᠠᠭᠠᠢᠷᠠᠭᠠᠳ ᠤᠭᠰᠠᠭ᠎ᠠ ᠶ᠋ᠢᠨ ᠠᠴᠢ᠂ ᠱᠸᠦ ᠸᠠᠩ ᠤ᠋ᠨ ᠬᠠᠲᠤᠨ ᠶᠠᠩ ᠲᠠᠢ ᠵᠸᠠ ᠶ᠋ᠢ ᠡᠬᠡᠨᠡᠷ ᠪᠣᠮᠪᠣ ᠪᠣᠯᠭᠠᠵᠤ ᠨᠡᠷ᠎ᠡ ᠶ᠋ᠢ ᠬᠠᠯᠠᠵᠤ ᠠᠪᠤᠭᠠᠳ ᠵᠠᠭᠤᠨ ᠵᠦᠢᠯ ᠢ᠋ᠶ᠋ᠡᠷ ᠴᠡᠩᠭᠡᠯᠳᠦᠨ ᠵᠢᠷᠭᠠᠬᠤᠶ᠎ᠠ᠂ ᠨᠢᠭᠡᠨ ᠡᠳᠦᠷ ᠶᠠᠩ ᠬᠦᠢ ᠹᠧᠢ ᠯᠦ᠍ᠭᠡ ᠶᠠᠰᠤᠨ ᠳᠥᠷᠪᠡᠯᠵᠢ ᠣᠷᠬᠢᠵᠤ ᠨᠠᠭᠠᠳᠬᠤᠶ᠎ᠠ - ᠳᠥᠷᠪᠡᠯᠵᠢ ᠬᠡᠮᠡᠭᠴᠢ ᠱᠠᠢ ᠽᠢ ᠶ᠋ᠢ ᠬᠡᠯᠡᠮᠦᠢ᠃ ᠲᠥᠪᠡᠳ ᠢ᠋ᠶ᠋ᠡᠷ ᠱᠤ᠌ ᠬᠡᠮᠡᠮᠦᠢ᠃ ᠳᠥᠷᠪᠡᠯᠵᠢ ᠶ᠋ᠢᠨ ᠠᠶᠠᠭ᠎ᠠ ᠶ᠋ᠢ ᠲᠡᠢ ᠵᠢᠶᠠᠨ ᠭᠣᠣ ᠯᠢ ᠱᠢ ᠶ᠋ᠢᠨ ᠨᠢᠷᠤᠭᠤᠨ ᠳᠡᠭᠡᠷ᠎ᠡ ᠲᠠᠯᠪᠢᠵᠤ ᠣᠷᠬᠢᠭ᠍ᠰᠠᠭᠠᠷ᠂ ᠮᠢᠩ ᠬᠤᠸᠠᠩ ᠨᠢᠭᠡᠨᠲᠡ ᠲᠠᠶᠠᠭᠳᠠᠭᠰᠠᠨ ᠳ᠋ᠤᠷ ᠳᠥᠷᠪᠡᠨ ᠳᠥᠷᠪᠡᠯᠵᠢ ᠶ᠋ᠢᠨ ᠭᠤᠷᠪᠠ ᠠᠨᠤ ᠴᠥᠮ ᠳᠥᠷᠪᠡᠨ ᠨᠦᠬᠡ ᠰᠠᠭᠤᠭᠠᠳ ᠭᠠᠭᠴᠠ ᠨᠢᠭᠡᠨ ᠢᠨᠦ ᠠᠶᠠᠭᠠᠨ ᠤ᠋ ᠳᠣᠲᠣᠷ᠎ᠠ ᠪᠠᠬᠢᠷᠠᠵᠤ ᠡᠷᠭᠢᠬᠦᠢ ᠳ᠋ᠦ᠍ᠷ ᠮᠢᠩ ᠬᠤᠸᠠᠩ《ᠳᠥᠷᠪᠡ ᠳᠥᠷᠪᠡ 》ᠭᠡᠮᠡᠨ ᠵᠠᠩᠳᠠᠭᠰᠠᠨ ᠳ᠋ᠤᠷ ᠦᠨᠡᠬᠡᠷ ᠲᠠᠭ ᠭᠡᠲᠡᠯ᠎ᠡ ᠳᠥᠷᠪᠡᠨ ᠨᠦᠬᠡ ᠰᠠᠭᠤᠭᠰᠠᠨ ᠳ᠋ᠤᠷ ᠳᠠᠩ ᠮᠢᠩ ᠬᠤᠸᠠᠩ ᠪᠠᠶᠠᠷᠯᠠᠭᠠᠳ 《ᠬᠤᠪᠠᠬᠠᠢ ᠶᠠᠰᠤ ᠪᠠᠰᠠ ᠵᠠᠷᠯᠢᠭ ᠢ᠋ ᠬᠦᠨᠳᠦᠯᠡᠬᠦ ᠶ᠋ᠢ ᠮᠡᠳᠡᠮᠦᠢ᠃ 》ᠭᠡᠮᠡᠨ ᠥᠪᠡᠷ ᠦ᠋ᠨ ᠮᠣᠳᠣᠷ ᠢ᠋ᠶ᠋ᠠᠷ ᠲᠡᠷᠡ ᠳᠥᠷᠪᠡᠯᠵᠢ ᠶ᠋ᠢᠨ ᠳᠥᠷᠪᠡᠨ ᠨᠦᠬᠡ ᠳ᠋ᠦ᠍ᠷ ᠴᠥᠮ ᠤᠯᠠᠭᠠᠨ ᠰᠢᠩᠬᠤ ᠶ᠋ᠢᠨ ᠥᠩᠭᠡ ᠬᠠᠢᠷᠠᠯᠠᠵᠤ᠂ ᠡᠭᠦᠨᠴᠡ ᠳᠡᠯᠡᠬᠡᠢ ᠳ᠋ᠠᠭᠢᠨ᠎ᠠ ᠳᠡᠯᠭᠡᠷᠡᠭᠰᠡᠨ ᠳ᠋ᠦ᠍ᠷ ᠬᠣᠵᠢᠮ ᠤ᠋ᠨ ᠬᠡᠭᠡᠨᠴᠢᠷ ᠦᠵᠡᠰᠬᠦᠯᠡᠩ ᠳ᠋ᠦ᠍ᠷ ᠪᠠᠬᠠᠲᠠᠢ ᠮᠡᠷᠭᠡᠳ ᠳᠠᠩ ᠮᠢᠩ ᠬᠤᠸᠠᠩ ᠢ᠋ ᠮᠠᠭᠲᠠᠬᠤᠢ ᠳ᠋ᠠᠭᠠᠨ ᠮᠢᠩ ᠬᠤᠸᠠᠩ ᠤ᠋ᠨ ᠬᠡᠰᠢᠭ ᠰᠢᠮ᠎ᠡ ᠬᠤᠪᠠᠬᠠᠢ ᠶᠠᠰᠤᠨ ᠳ᠋ᠤᠷ ᠴᠤ᠌ ᠰᠢᠮᠡᠳᠪᠡᠢ ᠬᠡᠮᠡᠵᠦᠬᠦᠢ᠃ ᠡᠳᠦᠭᠡ ᠰᠤᠳᠤᠷᠴᠢ ᠪᠢ ᠴᠥᠯᠪᠡᠭᠰᠡᠭᠡᠷ ᠡᠨᠡ ᠪᠢᠴᠢᠭ ᠲᠣᠷ ᠪᠠᠰᠠ ᠨᠢᠭᠡᠨ ᠬᠤᠪᠠᠬᠠᠢ ᠶᠠᠰᠤᠨ ᠳ᠋ᠤᠷ ᠬᠣᠣᠰ ᠰᠢᠮ᠎ᠡ ᠬᠦᠷᠲᠡᠭᠡᠭᠰᠡᠨ ᠡᠨᠡ ᠬᠡᠰᠡᠭ ᠭᠠᠷᠴᠤ ᠢᠷᠡᠭᠰᠡᠨ᠎ᠡ᠂ ᠳᠠᠩ ᠮᠢᠩ ᠬᠤᠸᠠᠩ ᠤ᠋ᠨ ᠬᠤᠪᠠᠬᠠᠢ ᠶᠠᠰᠤᠨ᠎ᠠ ᠬᠡᠰᠢᠭ ᠰᠢᠮ᠎ᠡ ᠬᠦᠷᠲᠡᠭᠡᠭᠰᠡᠨ ᠪᠠ  ᠶᠤᠸᠠᠨ ᠲᠠᠢᠽᠦ ᠶ᠋ᠢᠨ ᠬᠣᠨᠢᠨ ᠤ᠋ ᠱᠠᠭ᠎ᠠ ᠳ᠋ᠤᠷ ᠤᠯᠠᠭᠠᠨ ᠥᠩᠭᠡ ᠬᠠᠢᠷᠠᠯᠠᠭᠰᠠᠨ ᠡᠨᠡ ᠬᠣᠶᠠᠷ ᠠᠳᠠᠯᠢ ᠪᠠᠷ ᠴᠥᠮ ᠶᠠᠰᠤᠨ ᠤ᠋ ᠳᠡᠭᠡᠷ᠎ᠡ ᠭᠠᠷᠤᠭᠰᠠᠨ ᠪᠣᠯᠪᠠᠴᠤ ᠤᠴᠠᠷᠠᠯ ᠲᠣᠬᠢᠶᠠᠯ ᠤ᠋ᠨ ᠴᠢᠨᠠᠷ ᠲᠤᠰᠤᠯᠲᠠ ᠶ᠋ᠢ ᠠᠨᠤ ᠪᠣᠳᠣᠪᠠᠰᠤ ᠠᠶ᠎ᠠ ᠶᠠᠭᠤᠲᠠᠢ ᠦᠰᠦᠳ ᠬᠣᠯᠠ ᠥᠪᠡᠷ᠎ᠡ ᠪᠣᠯᠤᠭᠰᠠᠨ ᠪᠣᠢ᠂ ᠨᠢᠭᠡᠨ ᠢᠨᠦ ᠳᠦᠷᠰᠦ ᠦᠭᠡᠢ ᠶ᠋ᠢᠨ ᠲᠤᠢᠯ᠂ ᠨᠢᠭᠡᠨ ᠢᠨᠤ ᠬᠥᠮᠦᠵᠢᠯ ᠴᠢᠷᠮᠠᠢᠯᠭ᠎ᠠ ᠶ᠋ᠢᠨ ᠣᠬᠢ᠂ ᠲᠡᠭᠷᠢ ᠭᠠᠵᠠᠷ ᠬᠣᠯᠠ ᠠᠯᠤᠰᠯᠠᠭᠰᠠᠨ ᠲᠤᠯᠠ ᠡᠨᠡ ᠬᠣᠶᠠᠷ ᠱᠠᠭ᠎ᠠ ᠪᠠ ᠳᠥᠷᠪᠡᠯᠵᠢ ᠶ᠋ᠢᠨ ᠲᠥᠯᠭᠡ ᠳ᠋ᠦ᠍ᠷ ᠰᠡᠭᠦᠷᠡᠰᠦᠨ ᠠᠯᠳᠠᠵᠤ ᠥᠩᠭᠡᠷᠡᠵᠦ ᠡᠴᠢᠭᠰᠡᠨ ᠢ᠋ ᠨᠡᠬᠡᠮᠵᠢᠯᠡᠨ᠂ ᠢᠷᠡᠭᠡᠳᠦᠢ ᠳ᠋ᠦ᠍ᠷ ᠦᠯᠡᠳᠡᠭᠰᠡᠨ ᠬᠡᠳᠦᠨ ᠦᠰᠦᠭ ᠦ᠋ᠨ ᠰᠢᠯᠦᠭ ᠪᠢᠴᠢᠭ ᠲᠡᠮᠳᠡᠭᠯᠡᠭᠰᠡᠨ ᠢ᠋ ᠰᠤᠳᠤᠷᠴᠢ ᠶ᠋ᠢᠨ ᠠᠬ᠎ᠠ ᠰᠦᠩᠸᠠᠢᠳᠠᠨᠵᠢᠨ ᠤ᠋ ᠵᠠᠰᠠᠭᠰᠠᠨ ᠠᠨᠤ : 
                ᠳᠦᠷᠰᠦ ᠦᠭᠡᠢ ᠮᠢᠩ ᠬᠤᠸᠠᠩ ᠹᠧᠢ ᠯᠦ᠍ᠭᠡ ᠨᠠᠭᠠᠳᠬᠤᠶ᠎ᠠ 
                ᠳᠥᠷᠪᠡᠨ ᠳᠥᠷᠪᠡᠯᠵᠢ ᠶ᠋ᠢᠨ ᠳᠥᠷᠪᠡᠨ ᠨᠦᠬᠡ ᠳ᠋ᠦ᠍ᠷ ᠤᠯᠠᠭᠠᠨ ᠥᠩᠭᠡ ᠬᠠᠢᠷᠠᠯᠠᠪᠠᠢ᠂ 
                ᠳᠥᠯᠭᠡᠨ ᠵᠢᠪᠬᠤᠯᠠᠩᠲᠤ ᠲᠠᠢᠽᠦ ᠵᠢᠨᠦᠩ ᠯᠤᠭ᠎ᠠ ᠪᠠᠨ ᠬᠤᠷᠢᠮᠯᠠᠬᠤᠶ᠎ᠠ 
                ᠳᠥᠷᠪᠡᠨ ᠱᠠᠭ᠎ᠠ ᠶ᠋ᠢᠨ ᠬᠣᠶᠠᠷ ᠠᠯᠴᠤ ᠳ᠋ᠤᠷ ᠠᠯᠲᠠᠲᠤ ᠰᠢᠩᠬᠤ ᠬᠦᠷᠲᠡᠭᠡᠪᠡᠢ᠃ 
                ᠳᠦᠷᠢᠮ ᠢ᠋ ᠡᠷᠭᠢᠯᠡᠵᠦᠬᠦᠢ᠂ 
       ᠲᠡᠨᠳᠡᠴᠡ ᠡᠵᠡᠨ ᠰᠠᠢᠳ ᠬᠣᠶᠠᠭᠤᠯᠠ ᠡᠩᠭᠡᠷ ᠨᠡᠢᠲᠡ ᠶ᠋ᠢ ᠠᠪᠴᠤ ᠡᠬᠡᠰᠢᠭ ᠨᠡᠢᠯᠡᠨ ᠬᠤᠷᠢᠮᠯᠠᠵᠤ ᠡᠢᠨ ᠭᠡᠮᠡᠨ ᠵᠠᠬᠢᠷᠤᠨ : 
                ᠬᠣᠣᠷᠲᠤ ᠮᠠᠭᠤ ᠬᠡᠷᠡᠢᠳ ᠢ᠋ ᠡᠨᠡ ᠤᠳᠠᠭ᠎ᠠ ᠳᠠᠢᠯᠠᠬᠤᠢ ᠳ᠋ᠤᠷ 
                ᠬᠤᠷᠳᠤᠨ ᠪᠢᠳᠡ ᠬᠣᠶᠠᠭᠤᠯᠠ ᠶ᠋ᠢᠨ ᠡᠪᠯᠡᠨ ᠬᠡᠯᠡᠯᠴᠡᠭᠰᠡᠨ ᠶᠣᠰᠣᠭᠠᠷ᠂ 
                ᠬᠠᠭᠤᠮᠠᠭᠠᠢ ᠠᠷᠭ᠎ᠠ ᠬᠡᠷᠡᠭᠯᠡᠵᠦ ᠡᠷᠭᠢᠨ ᠲᠣᠭᠣᠷᠢᠨ ᠪᠠᠢᠯᠳᠤᠭᠠᠳ 
                ᠬᠣᠣᠰ ᠱᠠᠭ᠎ᠠ ᠶ᠋ᠢᠨ ᠲᠥᠯᠭᠡ ᠳ᠋ᠦ᠍ᠷ ᠡᠪᠰᠦᠨ ᠬᠠᠪᠰᠤᠨ ᠨᠡᠢᠯᠡᠭᠦᠯᠦᠶ᠎ᠡ! 
ᠬᠡᠮᠡᠭᠡᠳ ᠣᠯᠠᠨ ᠵᠠᠩᠵᠤᠨ ᠲᠦᠰᠢᠮᠡᠳ ᠪᠠ ᠴᠡᠷᠢᠭ ᠬᠤᠶᠠᠭ ᠲᠤᠷ ᠳᠠᠪᠬᠤᠷ ᠬᠤᠪᠢ ᠱᠠᠩᠨᠠᠪᠠᠢ᠃ 
       ᠲᠡᠳᠦᠢ ᠬᠡᠷᠡᠢᠳ ᠤᠯᠤᠰ ᠤ᠋ᠨ ᠴᠡᠷᠢᠭ ᠵᠠᠵᠢᠭᠢᠶᠠᠨᠲᠤ ᠠᠭᠤᠯᠠᠨ ᠤ᠋ ᠴᠠᠭᠠᠨ᠎ᠠ᠂ ᠬᠡᠮᠬᠡᠲᠦ ᠠᠭᠤᠯᠠᠨ ᠤ᠋ ᠥᠪᠥᠷ ᠲᠣᠷ ᠪᠠᠭᠤᠳᠠᠯᠯᠠᠵᠤ᠂ ᠬᠡᠷᠡᠢᠳ ᠤᠯᠤᠰ ᠬᠠᠯᠳᠠᠷ᠎ᠠ ᠢᠷᠡᠬᠦ ᠦᠭᠡᠢ ᠳ᠋ᠦ᠍ᠷ ᠪᠧᠲ᠋ᠠ᠋ ᠤᠯᠤᠰ ᠪᠠᠰᠠ ᠪᠠᠢᠯᠳᠤᠷ᠎ᠠ ᠡᠴᠢᠬᠦ ᠦᠭᠡᠢ᠃ ᠬᠣᠶᠠᠷ ᠡᠲᠡᠭᠡᠳ ᠬᠠᠷᠢᠯᠴᠠᠨ ᠲᠤᠷᠰᠢᠭᠤᠯ ᠲᠡᠩᠰᠡᠭᠦᠯ ᠴᠢᠩᠨᠠᠭᠤᠯ ᠮᠠᠨᠠᠭᠤᠯ ᠲᠠᠯᠪᠢᠵᠤ᠂ ᠡᠴᠢᠵᠦ ᠢᠷᠡᠨ ᠵᠣᠭᠰᠣᠬᠤ ᠦᠭᠡᠢ ᠳ᠋ᠦ᠍ᠷ ᠮᠤᠬᠤᠯᠢ ᠮᠡᠳᠡᠭᠡᠳ ᠡᠨᠡ ᠵᠠᠪ ᠲᠤᠷ ᠠᠷᠪᠠᠨ ᠲᠦᠮᠡᠨ ᠶᠡᠬᠡ ᠴᠡᠷᠢᠭ ᠢ᠋ ᠳᠥᠷᠪᠡᠨ ᠬᠦᠴᠦᠲᠡᠨ ᠦ᠌ ᠬᠥᠯᠲᠦ ᠠᠵᠢᠨᠠᠢ ᠮᠣᠷᠢᠨ ᠤ᠋ ᠵᠢᠭ᠍ᠰᠠᠭᠠᠯ ᠢ᠋ ᠰᠤᠷᠭᠠᠵᠤ ᠢᠯᠭᠠᠨ ᠰᠠᠯᠭᠠᠭᠰᠠᠨ ᠢ᠋ ᠵᠢᠭᠰᠠᠭᠠᠨ ᠲᠣᠭᠠᠴᠢᠭ᠍ᠰᠠᠨ ᠠᠨᠤ : ᠬᠠᠰᠠᠷ ᠤ᠋ᠨ ᠳᠣᠣᠷ᠎ᠠ ᠣᠢᠲᠤ ᠤᠴᠢᠭ᠂ ᠤᠷᠠᠨ ᠭᠠᠴᠣᠭ᠂ ᠬᠦᠷᠭᠡᠨ ᠪᠤᠲ᠋ᠤ᠂ ᠲᠣᠬᠣᠢᠲᠤ ᠶ᠋ᠢᠨ ᠪᠤᠰᠦᠩ ᠳᠥᠷᠪᠡᠭᠦᠯᠡ ᠶ᠋ᠢ ᠥᠭᠴᠦ ᠨᠢᠭᠡᠨ ᠲᠦᠮᠡᠨ ᠳᠥᠷᠪᠡᠨ ᠮᠢᠩᠭᠠᠨ ᠴᠡᠷᠢᠭ ᠵᠠᠬᠢᠷᠤᠭᠤᠯᠵᠤ ᠠᠵᠢᠨᠠᠢ ᠮᠣᠷᠢᠨ ᠤ᠋ ᠡᠮᠦᠨᠡᠲᠦ ᠪᠠᠷᠠᠭᠤᠨ ᠬᠥᠯ ᠪᠣᠯᠭᠠᠪᠠ᠃ ᠪᠡᠯᠭᠦᠳᠡᠢ ᠶ᠋ᠢᠨ ᠳᠣᠣᠷ᠎ᠠ ᠵᠠᠯᠮ᠎ᠠ᠂ ᠵᠡᠪᠡ᠂  ᠠᠯᠤᠬ᠎ᠠ᠂ ᠰᠦᠬᠡ ᠡᠨᠡ ᠳᠥᠷᠪᠡᠭᠦᠯᠡ ᠶ᠋ᠢ ᠥᠭᠴᠦ ᠨᠢᠭᠡᠨ ᠲᠦᠮᠡᠨ ᠳᠥᠷᠪᠡᠨ ᠮᠢᠩᠭᠠᠨ ᠴᠡᠷᠢᠭ ᠵᠠᠬᠢᠷᠤᠭᠤᠯᠵᠤ᠂ ᠠᠵᠢᠨᠠᠢ ᠮᠣᠷᠢᠨ ᠤ᠋ ᠡᠮᠦᠨᠡᠲᠦ ᠵᠡᠭᠦᠨ ᠬᠥᠯ ᠪᠣᠯᠭᠠᠪᠠ᠃ ᠬᠦᠯᠦᠭ ᠴᠢᠯᠠᠭᠤᠨ ᠤ᠋ ᠳᠣᠣᠷ᠎ᠠ᠂ ᠰᠢᠷᠢ ᠬᠤᠲᠤᠭ᠂ ᠬᠠᠷ᠎ᠠ ᠬᠢᠷᠤ᠂ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠳᠥᠷᠪᠡᠭᠦᠯᠡ ᠶ᠋ᠢ ᠥᠭᠴᠦ ᠨᠢᠭᠡᠨ ᠲᠦᠮᠡᠨ ᠳᠥᠷᠪᠡᠨ ᠮᠢᠩᠭᠠᠨ ᠴᠡᠷᠢᠭ ᠵᠠᠬᠢᠷᠤᠭᠤᠯᠵᠤ᠂ ᠠᠵᠢᠨᠠᠢ ᠮᠣᠷᠢᠨ ᠤ᠋ ᠬᠣᠢᠲᠤ ᠵᠡᠭᠦᠨ ᠬᠥᠯ ᠪᠣᠯᠭᠠᠪᠠ᠃ ᠬᠦᠯᠦᠭ ᠪᠤᠭᠤᠷᠤᠯ ᠤ᠋ᠨ ᠳᠣᠣᠷ᠎ᠠ ᠴᠤᠤ ᠮᠡᠷᠭᠡᠨ᠂ ᠬᠤᠷᠴᠠ ᠪᠠᠢᠷᠢ᠂ ᠤᠷᠲᠤ ᠪᠣᠳᠣᠯᠭᠠᠲᠤ᠂ ᠤᠬᠠᠭᠠᠨᠲᠤ  ᠷᠢᠨᠴᠢᠨ ᠳᠥᠷᠪᠡᠭᠦᠯᠡ ᠶ᠋ᠢ ᠥᠭᠴᠦ ᠨᠢᠭᠡᠨ ᠲᠦᠮᠡᠨ ᠳᠥᠷᠪᠡᠨ ᠮᠢᠩᠭᠠᠨ ᠴᠡᠷᠢᠭ ᠵᠠᠬᠢᠷᠤᠭᠤᠯᠵᠤ᠂ ᠠᠵᠢᠨᠠᠢ ᠮᠣᠷᠢᠨ ᠤ᠋ ᠬᠣᠢᠲᠤ ᠪᠠᠷᠠᠭᠤᠨ ᠬᠥᠯ ᠪᠣᠯᠭᠠᠪᠠ᠃ ᠥᠪᠡᠷ ᠦ᠋ᠨ ᠪᠡᠶ᠎ᠡ ᠲᠠᠪᠤᠨ ᠪᠠᠷᠰ ᠤ᠋ᠨ ᠵᠠᠩᠵᠤᠨ ᠨᠠᠷ ᠢ᠋ ᠠᠪᠴᠤ ᠠᠵᠢᠨᠠᠢ ᠮᠣᠷᠢᠨ ᠤ᠋ ᠲᠣᠯᠣᠭᠠᠢ ᠪᠣᠯᠵᠤ᠂ ᠨᠢᠭᠡᠨ ᠲᠦᠮᠡᠨ ᠨᠠᠢ᠍ᠮᠠᠨ ᠮᠢᠩᠭᠠᠨ ᠴᠡᠷᠢᠭ ᠢ᠋ᠶ᠋ᠡᠷ ᠠᠵᠢᠨᠠᠢ ᠮᠣᠷᠢᠨ ᠤ᠋ ᠳᠡᠯ ᠬᠢᠵᠦ᠂ ᠬᠣᠩᠭᠢᠷᠠᠳ ᠤ᠋ᠨ ᠠᠵᠢᠨᠠᠢ ᠮᠡᠷᠭᠡᠨ ᠢ᠋ᠶ᠋ᠡᠷ ᠠᠵᠢᠨᠠᠢ ᠮᠣᠷᠢᠨ ᠤ᠋ ᠮᠤᠨᠳᠠᠭ᠎ᠠ ᠪᠣᠯᠭᠠᠨ᠂ ᠣᠶᠤᠲᠤ ᠰᠡᠴᠡᠨ᠂ ᠣᠶᠣᠩᠭᠤᠸ᠎ᠠ᠂ ᠦᠨᠡᠨ ᠲᠥᠷᠥ᠂ ᠲᠡᠭᠦᠰᠴᠦᠭ᠍ᠲᠦ ᠳᠥᠷᠪᠡᠭᠦᠯᠡ ᠳ᠋ᠦ᠍ᠷ ᠨᠢᠭᠡᠨ ᠲᠦᠮᠡᠨ ᠳᠥᠷᠪᠡᠨ ᠮᠢᠩᠭᠠᠨ ᠴᠡᠷᠢᠭ ᠢ᠋ ᠵᠠᠬᠢᠷᠤᠭᠤᠯᠵᠤ᠂ ᠵᠢᠯᠣᠭᠣ ᠴᠤᠯᠪᠤᠭᠤᠷ᠂ ᠬᠣᠶᠠᠷ ᠳᠥᠷᠥᠭᠡ ᠬᠢᠵᠦ᠂ ᠦᠯᠬᠦ ᠰᠠᠢᠳ ᠢ᠋ᠶ᠋ᠠᠷ ᠡᠮᠡᠭᠡᠯ ᠪᠣᠯᠭᠠᠨ ᠪᠠᠶᠠᠨ ᠬᠢᠶ᠎ᠡ ᠪᠡᠷ ᠲᠠᠰᠢᠭᠤᠷ ᠬᠢᠵᠦ᠂ ᠬᠤᠳᠠᠷᠭ᠎ᠠ ᠪᠠᠭᠠᠲᠤᠷ ᠲᠤᠷ ᠠᠷᠭᠠᠰᠤᠨ ᠤ᠋ ᠬᠣᠷᠭᠣᠯᠵᠢ ᠶ᠋ᠢ ᠬᠠᠪᠰᠤᠷᠤᠭᠤᠯᠵᠤ᠂ ᠲᠠᠢᠽᠦ ᠶ᠋ᠢᠨ ᠳᠥᠷᠪᠡᠨ ᠬᠥᠪᠡᠭᠦᠨ ᠵᠣᠴᠢ᠂ ᠴᠠᠭᠠᠲᠠᠢ᠂ ᠥᠭᠡᠳᠡᠢ᠂ ᠲᠣᠯᠢ ᠳᠥᠷᠪᠡᠭᠦᠯᠡ ᠶ᠋ᠢ ᠠᠪᠴᠤ ᠠᠵᠢᠨᠠᠢ ᠮᠣᠷᠢᠨ ᠤ᠋ ᠬᠣᠢᠲᠤ ᠤᠭᠤᠴᠠ ᠰᠡᠭᠦᠯ ᠪᠣᠯᠵᠤ ᠣᠯᠠᠨ ᠴᠡᠷᠢᠭ ᠢ᠋ ᠵᠠᠬᠢᠷᠤᠭᠠᠳ ᠲᠠᠢᠽᠦ ᠶ᠋ᠢᠨ ᠪᠡᠶ᠎ᠡ ᠴᠢᠬᠡ ᠳᠤᠮᠳᠠ ᠠᠵᠢᠨᠠᠢ ᠮᠣᠷᠢᠨ ᠢ᠋ ᠤᠨᠤᠬᠤ ᠡᠵᠡᠨ ᠪᠣᠯᠵᠤ᠂ ᠠᠵᠢᠨᠠᠢ ᠮᠣᠷᠢᠨ ᠤ᠋ ᠬᠠᠵᠠᠭᠠᠷ ᠤ᠋ᠨ ᠲᠡᠮᠦᠷ ᠡᠰᠢᠲᠦ ᠴᠠᠭᠠᠵᠠᠨ ᠤ᠋ ᠵᠡᠪᠡ ᠶ᠋ᠢ ᠵᠢᠨᠦᠩ ᠮᠤᠬᠤᠯᠢ ᠥᠪᠡᠷ ᠢ᠋ᠶ᠋ᠡᠨ ᠪᠠᠷᠢᠭᠠᠳ ᠨᠢᠭᠡ ᠰᠠᠷ᠎ᠠ ᠢᠯᠡᠭᠦᠦ ᠰᠤᠷᠭᠠᠵᠤ᠂ ᠨᠢᠰᠦᠨ ᠳᠣᠪᠲᠣᠯᠬᠤ ᠮᠡᠲᠦ ᠬᠤᠷᠴᠠ ᠲᠦᠷᠭᠡᠨ ᠪᠣᠯᠪᠠᠰᠤᠷᠠᠭᠤᠯᠤᠭᠠᠳ ᠨᠡᠷ᠎ᠡ ᠥᠭᠭᠦᠭᠰᠡᠨ ᠢᠨᠦ : ᠬᠠᠰᠠᠷ ᠤ᠋ᠨ ᠴᠡᠷᠢᠭ 《ᠯᠤᠤ ᠶ᠋ᠢᠨ ᠬᠢᠮᠤᠰᠤᠨ 》᠂ ᠪᠡᠯᠭᠦᠳᠡᠢ ᠶ᠋ᠢᠨ ᠴᠡᠷᠢᠭ 《ᠠᠷᠰᠯᠠᠨ ᠤ᠋ ᠠᠮᠠ 》᠂ ᠴᠢᠯᠠᠭᠤᠨ ᠤ᠋ ᠴᠡᠷᠢᠭ 《ᠭᠠᠷᠤᠳᠢ ᠶ᠋ᠢᠨ ᠬᠣᠰᠢᠭᠤ 》᠂ ᠪᠤᠭᠤᠷᠤᠯ ᠤ᠋ᠨ ᠴᠡᠷᠢᠭ  《ᠪᠠᠷᠰ ᠤ᠋ᠨ ᠰᠢᠳᠦ 》᠂ ᠮᠤᠬᠤᠯᠢ ᠶ᠋ᠢᠨ ᠴᠡᠷᠢᠭ  ᠠᠶᠤᠩᠭ᠎ᠠ ᠶ᠋ᠢᠨ ᠰᠤᠮᠤ 》 ᠬᠡᠮᠡᠵᠦ᠂ ᠲᠤᠰ ᠲᠤᠰ ᠲᠤᠷ ᠲᠤᠭ ᠪᠠᠢᠭᠤᠯᠵᠤ ᠪᠣᠯᠪᠠᠰᠤᠷᠠᠭᠤᠯᠤᠨ ᠭᠠᠷᠭᠠᠪᠠᠢ᠃ ᠡᠨᠡ ᠦᠶ᠎ᠡ ᠶ᠋ᠢᠨ ᠬᠡᠢ ᠮᠣᠷᠢ ᠭᠡᠮᠡᠨ ᠴᠠᠭᠠᠰᠤᠨ ᠳ᠋ᠦᠷ ᠳᠠᠷᠤᠵᠤ ᠰᠠᠯᠬᠢᠨ᠎ᠠ ᠬᠡᠢᠰᠬᠡᠬᠦ ᠠᠨᠤ ᠲᠡᠷᠡ ᠦᠶ᠎ᠡ ᠶ᠋ᠢᠨ ᠦᠨᠡᠨ ᠡᠭᠦᠰᠬᠡᠯ ᠠᠵᠤᠭᠤ᠃
       ᠲᠡᠭᠦᠨᠴᠡ ᠡᠳᠦᠷ ᠦ᠋ᠨ ᠠᠭᠤᠷ ᠳᠤᠯᠠᠭᠠᠨ ᠪᠣᠯᠵᠤ ᠡᠮᠦᠨᠡᠲᠦ ᠰᠠᠯᠬᠢᠨ᠎ᠠ ᠬᠥᠯᠳᠡᠭᠰᠡᠳ ᠭᠡᠰᠴᠦ ᠬᠣᠷᠣᠬᠠᠢ ᠶ᠋ᠢᠨ ᠲᠣᠯᠣᠭᠠᠢ ᠥᠨᠳᠡᠢᠮᠡᠭᠴᠡ ᠬᠣᠶᠠᠷ ᠰᠠᠷ᠎ᠠ ᠥᠩᠭᠡᠷᠡᠭᠡᠳ ᠭᠤᠷᠪᠠᠨ ᠰᠠᠷ᠎ᠠ ᠬᠡᠲᠦᠷᠡᠵᠦ᠂ ᠬᠥᠬᠡ ᠵᠦᠯᠭᠡ ᠬᠥᠬᠡᠷᠡᠵᠦ᠂ ᠬᠥᠮᠦᠨ ᠠᠮᠢᠳᠠᠨ᠎ᠠ ᠲᠠᠭᠠᠯᠠᠮᠵᠢᠲᠠᠢ᠂ ᠬᠥᠪᠬᠡᠯᠵᠡᠬᠦ ᠳᠥᠷᠪᠡᠨ ᠰᠠᠷ᠎ᠠ ᠬᠦᠷᠴᠦ ᠢᠷᠡᠭᠰᠡᠨ ᠳ᠋ᠦ᠍ᠷ ᠬᠦᠷᠪᠡᠮᠡᠳᠡᠭᠡᠢ ᠤᠷᠪᠠᠮᠠᠲᠠᠭᠠᠢ ᠵᠠᠮᠤᠬ᠎ᠠ ᠪᠠᠰᠠ ᠬᠥᠬᠢᠭᠡᠬᠦ ᠬᠠᠳᠬᠤᠬᠤ ᠠᠷᠭ᠎ᠠ ᠪᠠᠨ ᠬᠡᠷᠡᠭᠯᠡᠵᠦ᠂ ᠨᠠᠢ᠍ᠮᠠᠨ ᠤᠯᠤᠰ ᠤ᠋ᠨ ᠴᠡᠷᠢᠭ ᠢ᠋ ᠠᠪᠤᠨ ᠭᠠᠷᠴᠤ ᠢᠷᠡᠭᠡᠳ ᠰᠥᠨᠢ ᠭᠦᠨ ᠪᠣᠯᠤᠭᠰᠠᠨ ᠬᠣᠢᠨ᠎ᠠ  ᠵᠠᠮᠤᠬ᠎ᠠ ᠭᠡᠨᠡᠳᠲᠡ ᠠᠷᠳᠠ᠂ ᠬᠤᠰᠠᠭᠤᠷ ᠬᠣᠶᠠᠷ ᠢ᠋ ᠪᠠᠭᠤᠳᠠᠯ ᠳ᠋ᠠᠭᠠᠨ ᠠᠪᠴᠢᠷᠠᠵᠤ ᠰᠡᠮᠡᠬᠡᠷ ᠰᠤᠷᠭᠠᠨ ᠥᠭᠦᠯᠡᠷᠦᠨ :《ᠪᠢᠳᠡ ᠨᠠᠢ᠍ᠮᠠᠨ ᠤᠯᠤᠰ ᠠ᠋ᠴᠠ ᠡᠨᠡ ᠨᠢᠭᠡᠨ ᠰᠠᠯᠠᠭᠠᠨ ᠤ᠋ ᠴᠡᠷᠢᠭ ᠢ᠋ ᠮᠡᠬᠡᠯᠡᠨ ᠠᠪᠴᠤ ᠢᠷᠡᠭᠰᠡᠨ ᠢᠨᠤ᠂ ᠡᠭᠡᠨᠡᠭᠲᠡ ᠬᠡᠷᠡᠢᠳ ᠦ᠋ᠨ ᠬᠥᠭᠰᠢᠨ ᠲᠣᠭᠣᠷᠢᠯ ᠢ᠋ ᠠᠯᠠᠰᠤᠭᠠᠢ ᠬᠡᠮᠡᠭᠰᠡᠨ ᠪᠥᠯᠥᠭᠡ᠃ ᠲᠡᠷᠡ ᠮᠢᠨᠦ ᠵᠢᠷᠭᠤᠭᠠᠨ ᠠᠮᠠᠨ ᠢ᠋ ᠨᠢᠭᠡ ᠴᠦ᠍ ᠦᠯᠡᠳᠡᠭᠡᠨ ᠥᠭᠭᠦᠭᠰᠡᠨ ᠦᠭᠡᠢ ᠴᠥᠮ ᠢ᠋ ᠠᠯᠠᠭᠰᠠᠨ ᠳ᠋ᠤᠷ ᠪᠢ ᠲᠡᠭᠦᠨ ᠦ᠌ ᠬᠥᠭᠰᠢᠨ ᠠᠮᠢᠨ ᠢ᠋ ᠬᠡᠷᠬᠢᠨ ᠦᠯᠡᠳᠡᠭᠡᠵᠦ ᠪᠣᠯᠬᠤ ? ᠭᠠᠭᠴᠠ ᠡᠳᠡᠨ ᠢ᠋ ᠡᠰᠡ ᠡᠪᠳᠡᠷᠡᠭᠦᠯᠪᠡᠰᠦ᠂ ᠴᠢᠦᠢ ᠱᠢ ᠯᠢ ᠲᠣᠭᠣᠷᠢᠯ ᠢ᠋ ᠬᠡᠷᠬᠢᠪᠡᠴᠦ ᠠᠯᠠᠬᠤ ᠦᠭᠡᠢ ᠪᠣᠯᠠᠢ᠃ ᠲᠣᠭᠣᠷᠢᠯ ᠪᠠᠢᠭᠰᠠᠨ ᠴᠠᠭ ᠲᠤᠷ ᠬᠡᠷᠬᠢᠪᠡᠴᠦ ᠬᠡᠷᠡᠢᠳ ᠦ᠋ᠨ ᠡᠷᠬᠡ ᠶ᠋ᠢ ᠪᠠᠷᠢᠵᠤ᠂ ᠪᠠᠶᠠᠨ ᠡᠷᠬᠢᠮ ᠢ᠋ ᠡᠳ᠋ᠯᠡᠵᠦ ᠴᠢᠳᠠᠬᠤ ᠦᠭᠡᠢ ᠪᠣᠯᠠᠢ᠃ ᠲᠡᠢᠮᠦ ᠶ᠋ᠢᠨ ᠲᠤᠯᠠ ᠠᠷᠲᠠ ᠴᠢᠨᠦ ᠠᠷᠭ᠎ᠠ ᠵᠠᠯᠢ ᠣᠯᠠᠨ ᠤ᠋ ᠲᠤᠯᠠ ᠡᠨᠡ ᠰᠥᠨᠢ ᠴᠢ ᠳᠠᠷᠤᠢ ᠳᠣᠪᠲᠣᠯᠤᠨ ᠤᠷᠤᠭᠰᠢᠯᠠᠵᠤ᠂ ᠬᠡᠷᠡᠢᠳ ᠦ᠋ᠨ ᠴᠡᠷᠢᠭ ᠦ᠋ᠨ ᠬᠦᠷᠢᠶ᠎ᠡ ᠳ᠋ᠦ᠍ᠷ ᠨᠢᠭᠤᠨ ᠣᠷᠣᠵᠤ ᠢᠯᠠᠭᠤ ᠳ᠋ᠤᠷ ᠵᠣᠯᠭᠠᠵᠤ  ᠪᠧᠲ᠋ᠠ᠋ ᠤᠯᠤᠰ ᠠ᠋ᠴᠠ ᠡᠯᠴᠢ ᠡᠴᠢᠵᠦ ᠨᠠᠢ᠍ᠮᠠᠨ ᠦ ᠲᠠᠢᠶᠠᠩ ᠬᠠᠭᠠᠨ ᠯᠤᠭ᠎ᠠ ᠰᠢᠵᠢᠷ ᠠᠯᠲᠠ᠂ ᠴᠠᠭᠠᠨ ᠮᠥᠩᠭᠥᠨ ᠢ᠋ᠶ᠋ᠡᠷ ᠠᠮᠠᠷᠠᠭᠯᠠᠭᠠᠳ᠂ ᠠᠷᠭ᠎ᠠ ᠬᠡᠷᠡᠭᠯᠡᠵᠦ ᠲᠠᠨ ᠳ᠋ᠤᠷ ᠲᠤᠰᠠᠯᠠᠷ᠎ᠠ ᠢᠷᠡᠮᠦᠢ ᠭᠡᠮᠡᠨ ᠲᠦᠰᠢᠷ᠎ᠡ ᠢᠷᠡᠬᠦ ᠪᠡᠷ ᠨᠢᠭᠡᠨᠲᠡ ᠲᠣᠭᠲᠠᠵᠤ᠂ ᠴᠢᠦᠢ ᠱᠢ ᠯᠢ᠂ ᠢᠳᠡᠷ ᠳᠣᠪᠣ ᠨᠠᠷ ᠨᠢᠭᠡᠨ ᠰᠠᠯᠠᠭᠠᠨ ᠤ᠋ ᠴᠡᠷᠢᠭ ᠭᠠᠷᠴᠤ ᠢᠷᠡᠪᠡ᠃ ᠣᠳᠣ ᠲᠠ ᠠᠷᠭ᠎ᠠ ᠳ᠋ᠤᠷ ᠠᠷᠭ᠎ᠠ ᠬᠡᠷᠡᠭᠯᠡᠨ ᠤᠭᠲᠤᠨ ᠠᠮᠠᠷᠬᠠᠯᠠᠮᠤᠢ ᠭᠡᠮᠡᠨ ᠮᠡᠬᠡᠯᠡᠵᠦ ᠵᠠᠮ ᠲᠣᠰᠴᠤ ᠠᠯᠠᠲᠤᠭᠠᠢ ᠬᠡᠮᠡᠪᠡᠰᠦ ᠢᠯᠠᠭᠤ ᠬᠡᠮᠡᠭᠴᠢ ᠮᠤᠩᠬᠠᠭ ᠪᠤᠳᠤᠯᠢᠶᠠᠨ ᠰᠡᠷᠡᠮᠵᠢ ᠦᠭᠡᠢ ᠠᠮᠢᠲᠠᠨ᠂ ᠯᠠᠪ ᠡᠨᠡ ᠠᠷᠭ᠎ᠠ ᠪᠠᠷ ᠶᠠᠪᠤᠮᠤᠢ᠃ ᠡᠨᠡ ᠬᠣᠶᠠᠷ ᠡᠪᠡᠳᠡᠷᠡᠪᠡᠰᠦ ᠴᠢᠦᠢ ᠱᠢ ᠯᠢ ᠯᠠᠪ ᠲᠡᠳᠡᠨ ᠦ᠌ ᠡᠴᠢᠭᠡ ᠬᠥᠪᠡᠭᠦᠨ ᠢ᠋ ᠠᠯᠠᠮᠤᠢ᠃ ᠡᠨᠡ ᠵᠠᠪᠰᠠᠷ᠎ᠡ ᠪᠢᠳᠡ ᠰᠤᠯᠤᠩᠭᠤᠸ᠎ᠠ ᠶ᠋ᠢ ᠨᠤᠲᠤᠭ ᠠ᠋ᠴᠠ ᠴᠡᠷᠢᠭ ᠢ᠋ᠶ᠋ᠡᠷ ᠪᠤᠯᠢᠶᠠᠨ ᠠᠪᠴᠤ ᠨᠠᠢ᠍ᠮᠠᠨ ᠳ᠋ᠤᠷ ᠬᠦᠷᠭᠡᠪᠡᠰᠦ᠂ ᠬᠡᠷᠡᠢᠳ ᠤᠯᠤᠰ ᠪᠥᠭᠡᠮ ᠢ᠋ᠶ᠋ᠡᠷ ᠮᠠᠨ ᠤ᠋ ᠪᠣᠯᠬᠤ ᠦᠭᠡᠢ ᠦᠦ ? ᠡᠨᠡ ᠢᠨᠦ ᠤᠷᠭ᠎ᠠ ᠵᠢᠭᠡᠯᠡᠨ ᠠᠳᠤᠭᠤᠨ ᠲᠠᠭᠤᠬᠤ ᠠᠷᠭ᠎ᠠ ᠪᠣᠯᠠᠢ !》ᠬᠡᠮᠡᠭᠰᠡᠨ ᠳ᠋ᠦ᠍ᠷ ᠠᠷᠳᠠ᠂ ᠬᠤᠰᠠᠭᠤᠷ ᠬᠣᠶᠠᠭᠤᠯᠠ ᠠᠮᠠ ᠪᠠᠨ ᠪᠠᠷᠢᠵᠤ ᠠᠳᠠᠪᠠᠰᠢ ᠭᠠᠢᠬᠠᠵᠤ ᠳᠠᠷᠤᠢ ᠦᠭᠡ ᠶ᠋ᠢ ᠳᠠᠭᠠᠵᠤ ᠰᠥᠨᠢ ᠪᠡᠷ ᠳᠣᠪᠲᠣᠯᠤᠨ ᠡᠴᠢᠵᠦ ᠢᠯᠠᠭᠤ ᠳ᠋ᠤᠷ ᠵᠣᠯᠭᠠᠭᠰᠠᠨ ᠳ᠋ᠤ᠌ ᠢᠯᠠᠭᠤ ᠶᠡᠬᠡᠯ᠎ᠡ ᠬᠢᠯᠢᠩᠯᠡᠵᠦ ᠮᠥᠨ ᠶᠣᠰᠣᠭᠠᠷ ᠦᠬᠡᠷ ᠪᠠᠳᠤᠨ᠎ᠠ ᠳ᠋ᠤᠷ ᠲᠠᠪᠤᠨ ᠮᠢᠩᠭᠠᠨ ᠴᠡᠷᠢᠭ ᠥᠭᠴᠦ ᠨᠠᠢ᠍ᠮᠠᠨ ᠤ᠋ ᠴᠡᠷᠢᠭ ᠢ᠋ ᠵᠠᠮ ᠲᠣᠰᠴᠤ ᠤᠭᠲᠤᠮᠤᠢ ᠭᠡᠮᠡᠨ ᠭᠡᠨᠡᠳᠡᠭᠦᠯᠦᠷ᠎ᠡ ᠢᠯᠡᠭᠡᠪᠡ᠃ ᠠᠷᠳᠠ᠂ ᠬᠤᠰᠠᠭᠤᠷ ᠤᠷᠢᠳᠠ ᠡᠭᠡᠨ ᠢᠷᠡᠵᠦ ᠬᠡᠷᠡᠭ ᠪᠦᠲᠦᠭᠰᠡᠨ ᠢ᠋ ᠬᠡᠯᠡᠭᠰᠡᠨ ᠳ᠋ᠦ᠍ ᠵᠠᠮᠤᠬ᠎ᠠ ᠶᠡᠬᠡᠯ᠎ᠡ ᠪᠠᠶᠠᠷᠯᠠᠨ᠂ ᠴᠢᠦᠢ ᠱᠢ ᠯᠢ ᠶ᠋ᠢᠨ ᠪᠠᠭᠤᠳᠠᠯ ᠳ᠋ᠤᠷ ᠢᠷᠡᠵᠦ ᠥᠭᠦᠯᠡᠷᠦᠨ : 《ᠮᠢᠨᠦ ᠬᠡᠷᠡᠢᠳ ᠲᠣᠷ ᠪᠦᠬᠦᠢ ᠨᠢᠭᠡᠨ ᠤᠷᠤᠭ ᠤ᠋ᠨ ᠬᠥᠮᠦᠨ ᠦ᠌ ᠬᠡᠯᠡᠵᠦ ᠢᠯᠡᠭᠡᠭᠰᠡᠨ ᠢᠨᠦ᠂ ᠬᠡᠷᠡᠢᠳ ᠦ᠋ᠨ ᠸᠠᠩ ᠬᠠᠭᠠᠨ ᠬᠠᠷᠢᠨ ᠠᠴᠢ ᠶ᠋ᠢ ᠰᠥᠷᠴᠦ ᠥᠷᠥᠰᠢᠶᠡᠯ ᠢ᠋ ᠦᠲᠡᠭᠡᠷᠦᠨ ᠣᠨᠴᠠ ᠰᠣᠯᠤᠩᠭᠤᠸ᠎ᠠ ᠪᠠᠨ  ᠪᠧᠲ᠋ᠠ᠋ ᠤᠯᠤᠰ ᠲᠤᠷ ᠥᠭᠴᠦ ᠡᠶᠡᠳᠡᠮᠦᠢ ᠭᠡᠮᠡᠨ ᠮᠠᠨ ᠤ᠋ ᠴᠡᠷᠢᠭ ᠢ᠋ ᠵᠠᠮ ᠲᠣᠰᠴᠤ ᠠᠷᠭᠠᠳᠠᠷ᠎ᠠ ᠴᠡᠷᠢᠭ ᠭᠠᠷᠭᠠᠪᠠ ᠬᠡᠮᠡᠮᠦᠢ᠃ ᠶᠡᠬᠡ ᠵᠠᠩᠵᠤᠨ ᠬᠢᠴᠢᠶᠡᠨ ᠰᠡᠷᠡᠭᠳᠡᠬᠦᠢ ! 》ᠬᠡᠮᠡᠭᠡᠳ ᠥᠪᠡᠷ ᠦ᠋ᠨ ᠪᠠᠭᠤᠳᠠᠯ ᠳ᠋ᠤᠷ ᠡᠴᠢᠭᠡᠳ ᠬᠦᠷᠢᠶ᠎ᠡ ᠪᠡᠨ ᠡᠪᠳᠡᠵᠦ ᠬᠣᠢᠰᠢ ᠲᠠᠪᠤᠨ ᠭᠠᠵᠠᠷ ᠤ᠋ᠨ ᠦᠵᠦᠭᠦᠷ ᠪᠠᠭᠤᠪᠠ᠃ᠮᠥᠨ ᠰᠥᠨᠢ ᠦᠨᠡᠬᠡᠷ ᠬᠡᠷᠡᠢᠳ ᠡᠴᠡ ᠲᠠᠢᠰᠢ ᠦᠬᠡᠷ ᠪᠠᠳᠤᠨ᠎ᠠ ᠴᠡᠷᠢᠭ ᠢ᠋ᠶ᠋ᠡᠷ ᠤᠭᠲᠤᠷ᠎ᠠ ᠢᠷᠡᠪᠡ ᠬᠡᠮᠡᠬᠦᠢ ᠳ᠋ᠦ᠍ᠷ ᠴᠢᠦᠢ ᠱᠢ ᠯᠢ ᠦᠨᠡᠬᠡᠷ ᠪᠠᠬᠠᠨ ᠰᠡᠵᠢᠭ ᠲᠥᠷᠥᠵᠦ᠂ 《 ᠪᠧᠲ᠋ᠠ᠋ ᠤᠯᠤᠰ ᠶᠠᠮᠪᠠᠷ ᠬᠡᠷᠡᠢᠳ ᠦ᠋ᠨ ᠬᠦᠷᠢᠶ᠎ᠡ ᠶ᠋ᠢ ᠬᠠᠭᠠᠵᠤ ᠪᠠᠢᠬᠤ ᠪᠤᠰᠤ᠂ ᠴᠡᠷᠢᠭ ᠢ᠋ᠶ᠋ᠡᠷ ᠤᠭᠲᠤᠵᠤ ᠶᠠᠭᠠᠬᠢᠮᠤᠢ ? 》 ᠭᠡᠮᠡᠨ ᠰᠠᠢ ᠳᠣᠬᠢᠶ᠎ᠠ ᠲᠠᠯᠪᠢᠭᠤᠯᠵᠤ᠂ ᠴᠡᠷᠢᠭ ᠢ᠋ᠶ᠋ᠡᠨ ᠰᠡᠷᠭᠡᠢᠯᠡᠭᠦᠯᠦᠶ᠎ᠡ ᠬᠡᠮᠡᠲᠡᠯ᠎ᠡ ᠭᠡᠨᠡᠳᠲᠡ ᠶᠢᠰᠦᠨ ᠭᠣᠣᠯ ᠬᠡᠮᠡᠬᠦ ᠠᠭᠤᠯᠠᠨ ᠤ᠋ ᠠᠮᠠᠨ ᠠ᠋ᠴᠠ ᠨᠢᠭᠡᠨ ᠠᠩᠭᠢ ᠴᠡᠷᠢᠭ ᠴᠣᠬᠢᠨ ᠣᠷᠣᠵᠤ ᠨᠠᠢ᠍ᠮᠠᠨ ᠤᠯᠤᠰ ᠤ᠋ᠨ ᠴᠡᠷᠢᠭ ᠦ᠋ᠨ ᠬᠦᠷᠢᠶ᠎ᠡ ᠳ᠋ᠦ᠍ᠷ ᠨᠢᠭᠡᠨᠲᠡ ᠨᠡᠪᠲᠡᠯᠦᠨ ᠣᠷᠣᠵᠤ ᠢᠷᠡᠭᠰᠡᠨ ᠳ᠋ᠦ᠍ᠷ ᠣᠯᠠᠨ ᠴᠡᠷᠢᠭ ᠰᠠᠨᠠᠭᠠᠨ ᠳ᠋ᠤ᠌ ᠦᠭᠡᠢ ᠪᠠᠢᠭᠰᠠᠨ ᠲᠤᠯᠠ ᠶᠡᠬᠡᠯ᠎ᠡ ᠳᠠᠷᠤᠭᠳᠠᠵᠤ᠂ ᠴᠢᠦᠢ ᠱᠢ ᠯᠢ ᠨᠢᠭᠡᠨᠲᠡ ᠵᠠᠪᠳᠤᠬᠤ ᠦᠭᠡᠢ ᠪᠣᠯᠤᠭᠰᠠᠨ᠎ᠠ᠂ ᠳᠠᠷᠤᠢ ᠰᠢᠳᠠᠷ ᠠᠷᠠᠳ ᠢ᠋ᠶ᠋ᠠᠨ ᠠᠪᠴᠤ ᠰᠢᠪᠲᠤᠯᠤᠨ ᠭᠠᠷᠴᠤ ᠬᠣᠢᠰᠢ ᠬᠠᠷᠠᠯ ᠦᠭᠡᠢ ᠳᠤᠲᠠᠭᠠᠬᠤᠶ᠎ᠠ᠂ ᠵᠠᠮᠤᠬ᠎ᠠ ᠬᠠᠷᠢᠨ ᠨᠢᠭᠡᠨ ᠰᠠᠯᠠᠭᠠᠨ ᠤ᠋ ᠴᠡᠷᠢᠭ ᠢ᠋ᠶ᠋ᠡᠨ ᠠᠪᠴᠤ ᠲᠡᠩᠬᠡᠷᠡᠭᠦᠯᠦᠷ᠎ᠡ ᠬᠦᠷᠴᠦ ᠢᠷᠡᠬᠦ ᠶ᠋ᠢ ᠤᠴᠠᠷᠠᠭᠠᠳ ᠴᠢᠦᠢ ᠱᠢ ᠯᠢ : 《ᠦᠨᠡᠬᠡᠷ ᠴᠢᠨᠦ ᠬᠡᠯᠡᠭᠰᠡᠨ ᠡᠴᠡ ᠭᠠᠷᠤᠭᠰᠠᠨ ᠦᠭᠡᠢ ! 》 ᠬᠡᠮᠡᠬᠦᠢ ᠳ᠋ᠦ᠍ᠷ  ᠵᠠᠮᠤᠬ᠎ᠠ :《ᠡᠨᠡ ᠲᠤᠭᠤᠷᠢᠯ ᠢ᠋ ᠡᠰᠡ ᠠᠯᠠᠪᠠᠰᠤ ᠬᠡᠷᠡᠭ ᠪᠦᠲᠦᠬᠦ ᠦᠭᠡᠢ᠂ ᠶᠡᠬᠡ ᠵᠠᠩᠵᠤᠨ ᠲᠦᠷᠭᠡᠨ᠎ᠡ ᠬᠡᠩᠭᠡᠷᠭᠡ ᠳᠡᠯᠡᠳᠦᠭᠦᠯᠵᠦ ᠴᠡᠷᠢᠭ ᠢ᠋ᠶ᠋ᠡᠨ ᠴᠤᠭᠯᠠᠭᠤᠯᠤᠶ᠎ᠠ᠂ ᠲᠡᠷᠡ ᠪᠢᠳᠡᠨ ᠦ᠌ ᠴᠡᠷᠢᠭ ᠦ᠋ᠨ ᠣᠯᠠᠨ ᠴᠥᠭᠡᠨ ᠢ᠋ ᠬᠡᠷᠬᠢᠨ ᠮᠡᠳᠡᠮᠦᠢ᠂ ᠲᠦᠷᠭᠡᠨ᠎ᠡ ᠡᠭᠡᠵᠦ ᠬᠠᠭᠠᠰᠤᠭᠠᠢ !》ᠭᠡᠮᠡᠨ ᠳᠣᠬᠢᠶ᠎ᠠ ᠲᠠᠯᠪᠢᠵᠤ ᠪᠤᠲᠠᠷᠠᠭᠰᠠᠨ ᠴᠡᠷᠢᠭ ᠢ᠋ᠶ᠋ᠡᠨ ᠬᠣᠷᠢᠶᠠᠨ ᠠᠪᠴᠤ ᠡᠭᠡᠵᠦ ᠳᠠᠷᠤᠨ ᠣᠷᠣᠭᠰᠠᠨ ᠳ᠋ᠤᠷ ᠬᠡᠷᠡᠢᠳ ᠦ᠋ᠨ ᠴᠡᠷᠢᠭ ᠬᠠᠭᠠᠰ ᠣᠯᠵᠠᠯᠠᠵᠤ ᠡᠭᠡᠪᠡ᠂ ᠨᠡᠬᠡᠵᠦ ᠬᠦᠷᠲᠡᠯ᠎ᠡ ᠬᠡᠷᠡᠢᠳ ᠦ᠋ᠨ ᠴᠡᠷᠢᠭ ᠶᠢᠰᠦᠨ ᠭᠣᠣᠯ ᠤ᠋ᠨ ᠵᠡᠪᠡ ᠶ᠋ᠢᠨ ᠠᠮᠠᠨ ᠳ᠋ᠤᠷ ᠣᠷᠣᠵᠤ ᠡᠴᠢᠭᠡᠳ ᠵᠡᠪᠡ ᠶ᠋ᠢᠨ ᠠᠮᠠᠨ ᠤ᠋ ᠬᠣᠶᠠᠷ ᠬᠠᠵᠠᠭᠤ ᠳ᠋ᠤᠷ ᠴᠡᠷᠢᠭ ᠪᠦᠭᠭᠦᠵᠦ ᠰᠠᠬᠢᠪᠠ᠃ ᠴᠢᠦᠢ ᠱᠢ ᠯᠢ ᠶᠡᠬᠡᠯ᠎ᠡ ᠲᠡᠨᠴᠢᠭᠦᠷᠡᠨ᠂ ᠵᠢᠴᠢ ᠥᠷᠯᠥᠭᠡ ᠪᠠᠢᠯᠳᠤᠰᠤᠭᠠᠢ ᠬᠡᠮᠡᠲᠡᠯ᠎ᠡ ᠲᠤᠷᠰᠢᠭᠤᠯ ᠤ᠋ᠨ ᠬᠥᠮᠦᠨ ᠮᠡᠳᠡᠭᠦᠯᠦᠷᠦᠨ : 《ᠪᠧᠲ᠋ᠠ᠋ ᠤᠯᠤᠰ᠂ ᠬᠡᠷᠡᠢᠳ ᠤᠯᠤᠰ ᠤ᠋ᠨ ᠵᠠᠵᠢᠬᠢᠶᠠᠨᠲᠦ ᠠᠭᠤᠯᠠᠨ᠂ ᠬᠡᠮᠬᠡᠲᠦ ᠠᠭᠤᠯᠠ ᠬᠣᠶᠠᠷ ᠤ᠋ᠨ ᠵᠠᠪᠰᠠᠷ ᠬᠠᠷᠠᠬᠠᠨ ᠶᠡᠬᠡ ᠪᠠᠢᠯᠳᠤᠭᠠᠨ ᠪᠣᠯᠵᠤ᠂ ᠬᠡᠷᠡᠢᠳ ᠳᠠᠷᠤᠭᠳᠠᠵᠤ ᠬᠡᠷᠡᠢᠳ ᠦ᠋ᠨ ᠳᠤᠲᠠᠭᠠᠨ ᠪᠤᠲᠠᠷᠠᠭᠰᠠᠨ ᠴᠡᠷᠢᠭ ᠳᠥᠷᠪᠡᠨ ᠵᠦᠭ ᠰᠠᠷᠨᠢᠯᠴᠠᠨ ᠳᠤᠲᠠᠭᠠᠯᠴᠠᠮᠤᠢ᠃ ᠦᠬᠡᠷ ᠪᠠᠳᠤᠨ᠎ᠠ ᠬᠡᠳᠦᠢᠨᠡᠢ ᠡᠭᠡᠪᠡ᠃ 》ᠬᠡᠮᠡᠭᠰᠡᠨ ᠳ᠋ᠦ᠍ᠷ ᠵᠡᠪᠡ ᠶ᠋ᠢᠨ ᠠᠮᠠᠨ ᠢ᠋ ᠰᠠᠬᠢᠭ᠍ᠰᠠᠨ ᠲᠤᠭ ᠬᠢᠭᠢᠷᠢ ᠶ᠋ᠢ ᠦᠵᠡᠪᠡᠰᠦ ᠦᠨᠡᠬᠡᠷ ᠬᠣᠭᠣᠰᠣᠨ ᠲᠤᠭ ᠬᠢᠭᠢᠷᠢ ᠲᠤᠯᠠ ᠴᠢᠦᠢ ᠱᠢ ᠯᠢ  ᠵᠠᠮᠤᠬ᠎ᠠ ᠨᠠᠷ ᠶᠡᠬᠡᠯ᠎ᠡ ᠶᠠᠭᠠᠷᠠᠨ ᠣᠳᠣ ᠬᠤᠷᠳᠤᠨ ᠡᠨᠡ ᠵᠠᠪ ᠲᠤᠷ ᠰᠣᠯᠤᠩᠭᠤᠸ᠎ᠠ ᠶ᠋ᠢ ᠠᠪᠤᠷ᠎ᠠ ᠡᠴᠢᠶ᠎ᠡ ᠭᠡᠮᠡᠨ ᠬᠡᠷᠡᠢᠳ ᠤᠯᠤᠰ ᠲᠤᠷ ᠡᠳᠦᠷ ᠰᠥᠨᠢ ᠦᠭᠡᠢ ᠳᠣᠪᠲᠣᠯᠤᠨ ᠣᠷᠣᠵᠤ ᠡᠴᠢᠪᠡ᠃ 
       ᠡᠭᠦᠨ ᠢ᠋ ᠲᠦᠷ ᠬᠡᠯᠡᠬᠦ ᠦᠭᠡᠢ᠃ ᠣᠳᠣ ᠭᠠᠭᠴᠠ  ᠪᠧᠲ᠋ᠠ᠋᠂  ᠬᠡᠷᠡᠢᠳ ᠬᠣᠶᠠᠷ ᠤᠯᠤᠰ ᠬᠡᠷᠬᠢᠨ ᠵᠢᠭᠤᠷᠠᠯᠳᠤᠨ ᠪᠠᠢᠯᠳᠤᠬᠤᠢ ᠳ᠋ᠤᠷ ᠬᠦᠷᠪᠡ ? ᠬᠡᠮᠡᠪᠡᠰᠦ : ᠪᠠᠰᠠ ᠡᠬᠢᠨ ᠡᠴᠡ ᠨᠠᠷᠢᠪᠴᠢᠯᠠᠨ ᠬᠡᠯᠡᠵᠦ ᠢᠷᠡᠰᠦᠭᠡᠢ᠃ ᠪᠧᠲ᠋ᠠ᠋ ᠤᠯᠤᠰ ᠬᠠᠷᠠᠬᠠᠨ ᠳᠥᠷᠪᠡᠨ ᠬᠦᠴᠦᠲᠡᠨ ᠦ᠌ ᠬᠥᠯᠲᠦ ᠠᠵᠢᠨᠠᠢ ᠮᠣᠷᠢᠨ ᠤ᠋ ᠵᠢᠭ᠍ᠰᠠᠭᠠᠯ ᠢ᠋ ᠪᠣᠯᠪᠠᠰᠤᠷᠠᠭᠤᠯᠵᠤ ᠬᠦᠷᠢᠶ᠎ᠡ ᠪᠦᠷᠢ ᠶ᠋ᠢ ᠵᠢᠨᠦᠩ ᠪᠡᠶ᠎ᠡ ᠪᠡᠷ ᠴᠠᠭᠳᠠᠨ ᠶᠠᠪᠤᠭᠰᠠᠭᠠᠷ᠂ ᠬᠠᠪᠤᠲᠤ ᠬᠠᠰᠠᠷ ᠤ᠋ᠨ ᠬᠦᠷᠢᠶᠡᠨ ᠳ᠋ᠦ᠍ᠷ ᠲᠡᠭᠦᠨ ᠦ᠌ ᠴᠡᠷᠢᠭ ᠢ᠋ ᠴᠠᠯᠠᠭᠠᠢ ᠭᠡᠮᠡᠨ ᠲᠡᠷᠡ ᠰᠥᠨᠢ ᠲᠡᠭᠦᠨ ᠦ᠌ ᠪᠠᠭᠤᠳᠠᠯ ᠳ᠋ᠤᠷ ᠪᠤᠳᠠᠭ᠎ᠠ ᠢᠳᠡᠵᠦ ᠶᠠᠭᠠᠷᠠᠨ ᠰᠤᠷᠭᠠᠬᠤᠶ᠎ᠠ᠂ ᠬᠠᠪᠤᠲᠤ ᠬᠠᠰᠠᠷ ᠲᠤᠷ ᠨᠢᠭᠡᠨ ᠬᠤᠨᠳᠠᠭ᠎ᠠ ᠠᠷᠢᠬᠢ ᠪᠠᠷᠢᠵᠤ ᠴᠢᠬᠢᠨ ᠦ᠌ ᠳᠡᠷᠭᠡᠳᠡ ᠨᠡᠯᠢᠶᠡᠳ ᠦᠭᠡ ᠰᠤᠷᠭᠠᠵᠤ  ᠰᠠᠢ ᠡᠭᠡᠪᠡᠢ᠂ ᠯᠠᠪ ᠬᠠᠷᠢᠶᠠᠲᠤ ᠴᠡᠷᠢᠭ ᠢ᠋ᠶ᠋ᠡᠨ ᠰᠤᠷᠭᠠᠬᠤ ᠶ᠋ᠢ ᠬᠡᠯᠡᠪᠡᠢ ‍ᠶ᠎ᠡ᠃ᠲᠡᠳᠦᠢ ᠲᠠᠪᠤᠳᠤᠭᠠᠷ ᠡᠳᠦᠷ᠎ᠡ ᠲᠠᠢᠽᠦ ᠪᠡᠶ᠎ᠡ ᠪᠡᠷ ᠬᠦᠷᠢᠶ᠎ᠡ ᠪᠦᠬᠦᠨ ᠢ᠋ ᠪᠠᠢᠴᠠᠭᠠᠭᠰᠠᠭᠠᠷ᠂ ᠬᠠᠰᠠᠷ ᠤ᠋ᠨ ᠬᠦᠷᠢᠶ᠎ᠡ ᠳ᠋ᠦ᠍ᠷ ᠣᠷᠣᠵᠤ ᠦᠵᠡᠪᠡᠰᠦ ᠴᠡᠷᠢᠭ ᠦ᠋ᠨ ᠠᠩᠭᠢ ᠪᠠᠭ ᠢᠯᠭᠠᠪᠤᠷᠢ ᠦᠭᠡᠢ᠂ ᠡᠬᠢ ᠰᠡᠭᠦᠯ ᠬᠤᠷᠴᠠ ᠦᠭᠡᠢ᠂ ᠳᠣᠬᠢᠶ᠎ᠠ ᠲᠡᠮᠳᠡᠭ ᠣᠯᠢᠤ ᠰᠣᠯᠢᠤ᠂ ᠲᠤᠭ ᠬᠢᠭᠢᠷᠢ ᠣᠷᠣᠭᠰᠢ ᠬᠣᠢᠰᠢ ᠳ᠋ᠤᠷ ᠲᠠᠢᠽᠦ ᠬᠠᠰᠠᠷ ᠢ᠋ ᠳᠠᠭᠤᠳᠠᠵᠤ ᠥᠭᠦᠯᠡᠷᠦᠨ : 《ᠪᠢ ᠬᠣᠶᠠᠷ ᠵᠢᠯ ᠬᠡᠭᠡᠷ᠎ᠡ ᠰᠢᠨᠡᠯᠡᠵᠦ᠂ ᠬᠠᠮᠤᠭ ᠤᠯᠤᠰ ᠵᠣᠪᠠᠨ ᠵᠦᠳᠡᠬᠦ ᠢᠨᠤ ᠴᠥᠮ ᠴᠢᠨᠦ ᠨᠢᠭᠡᠨ ᠬᠥᠮᠦᠨ ᠦ᠌ ᠤᠴᠢᠷ ᠪᠥᠭᠡᠲᠡᠯ᠎ᠡ ᠴᠢ ᠥᠪᠡᠷ ᠢ᠋ᠶ᠋ᠡᠨ ᠬᠠᠷᠢᠨ ᠡᠢᠨ ᠬᠦ᠌ ᠵᠠᠯᠬᠠᠭᠤᠷᠠᠵᠤ ᠴᠡᠷᠢᠭ ᠢ᠋ᠶ᠋ᠡᠨ ᠦᠯᠦ ᠬᠢᠴᠢᠶᠡᠬᠦ ᠢᠨᠦ ᠶᠠᠭᠤᠨ ? 》 ᠬᠡᠮᠡᠭᠰᠡᠨ ᠳ᠋ᠦ᠍ᠷ ᠬᠠᠰᠠᠷ ᠬᠠᠷᠢᠨ ᠠᠷᠢᠬᠢᠨ ᠳ᠋ᠤᠷ ᠰᠣᠭᠲᠣᠭᠠᠳ ᠬᠡᠯᠪᠡᠯᠵᠡᠨ ᠬᠠᠢᠪᠠᠯᠵᠠᠵᠤ᠂ ᠬᠠᠪᠠᠷ ᠢ᠋ᠶ᠋ᠠᠨ ᠱᠠᠩᠨᠠᠢᠵᠤ ᠬᠠᠷᠢᠭᠤ ᠥᠴᠢᠷᠦᠨ: 《ᠬᠣᠶᠠᠷ ᠵᠢᠯ ᠬᠣᠣᠷᠲᠤ ᠬᠠᠷᠭᠢᠰ ᠢ᠋ ᠬᠡᠷᠬᠢᠪᠡ ? ᠬᠠᠮᠤᠭ ᠢ᠋ᠶ᠋ᠠᠷ ᠵᠣᠪᠠᠨ ᠬᠠᠲᠤᠨ ᠬᠥᠪᠡᠭᠦᠳ ᠮᠢᠨᠦ ᠡᠳᠦᠭᠡ ᠬᠠᠮᠢᠬ᠎ᠠ ᠪᠣᠢ ? 》ᠭᠡᠮᠡᠨ ᠬᠠᠷᠢᠭᠤᠴᠠᠨ ᠬᠡᠯᠡᠭᠰᠡᠨ ᠳ᠋ᠦ᠍ᠷ ᠬᠠᠳᠠᠨ ᠬᠢᠯᠢᠩᠲᠦ ᠲᠠᠢᠽᠦ ᠬᠠᠰᠬᠢᠷᠤᠨ ᠶᠡᠬᠡᠯ᠎ᠡ ᠤᠨᠲᠤᠭᠤᠴᠠᠵᠤ ᠠᠶᠤᠩᠭ᠎ᠠ ᠮᠡᠲᠦ ᠵᠠᠩᠳᠤᠷᠤᠨ :《ᠬᠡᠩᠭᠡᠷᠭᠡ ᠳᠡᠯᠡᠳᠦᠭᠦᠯᠵᠦ ᠬᠠᠮᠤᠭ ᠵᠠᠩᠵᠤᠨ ᠨᠠᠷ ᠢ᠋ᠶ᠋ᠠᠨ ᠬᠤᠷᠢᠶᠠᠭᠠᠳ ᠬᠠᠪᠤᠲᠤ ᠬᠠᠰᠠᠷ ᠳᠡᠭᠦᠦ ᠪᠡᠨ ᠬᠠᠭ᠎ᠠ ᠲᠡᠳᠡᠨ ᠬᠦᠯᠢᠭᠦᠯᠵᠦ ᠡᠭᠦᠳᠡᠨ ᠦ᠌ ᠭᠠᠳᠠᠨ᠎ᠠ ᠴᠢᠷᠦᠨ ᠭᠠᠷᠭᠠᠵᠤ ᠠᠯᠠᠭᠠᠳ ᠬᠠᠮᠤᠭ ᠴᠡᠷᠢᠭ ᠦ᠋ᠨ ᠴᠠᠭᠠᠵᠠ ᠶ᠋ᠢ ᠴᠢᠩᠬ᠎ᠠ  ᠪᠣᠯᠭ᠎ᠠ ! 》 ᠭᠡᠮᠡᠨ ᠲᠦᠯᠬᠢᠨ ᠭᠠᠷᠭᠠᠭᠰᠠᠨ ᠳ᠋ᠤᠷ ᠭᠤᠷᠪᠠᠨ ᠳᠡᠭᠦᠦ᠂ ᠭᠤᠷᠪᠠᠨ ᠬᠦᠯᠦᠭ᠂ ᠳᠥᠷᠪᠡᠨ ᠬᠥᠪᠡᠭᠦᠨ᠂ ᠵᠢᠷᠭᠤᠭᠠᠨ ᠰᠠᠢᠳ ᠲᠡᠷᠢᠭᠦᠯᠡᠨ᠂ ᠬᠠᠮᠲᠤ ᠪᠦᠭᠦᠳᠡᠭᠡᠷ ᠬᠠᠭᠠᠯᠭ᠎ᠠ ᠬᠦᠷᠢᠶ᠎ᠡ ᠳᠦᠭᠦᠷᠲᠡᠯ᠎ᠡ ᠬᠠᠷᠠᠯᠠᠨ ᠰᠥᠭᠥᠳᠦᠯᠴᠡᠵᠦ ᠬᠠᠷᠬᠢᠷᠠᠨ ᠬᠤᠷᠬᠢᠷᠠᠨ ᠤᠬᠢᠯᠠᠯᠴᠠᠨ ᠮᠥᠷᠭᠥᠵᠦ ᠭᠤᠶᠤᠨ᠂ ᠮᠤᠬᠤᠯᠢ ᠮᠤᠬᠤᠢᠨ ᠰᠥᠭᠥᠳᠴᠦ ᠮᠡᠳᠡᠭᠦᠯᠦᠷᠦᠨ : 《ᠳᠠᠢᠰᠤᠨ᠎ᠠ ᠲᠤᠯᠭᠠᠯᠴᠠᠬᠤᠶ᠎ᠠ ᠳᠡᠭᠦᠦ ᠶᠦ᠍ᠭᠡᠨ ᠠᠯᠠᠪᠠᠰᠤ ᠡᠰᠡᠷᠭᠦᠴᠡᠯ ᠦ᠋ᠨ ᠡᠲᠡᠭᠡᠳ ᠲᠣᠷ ᠡᠯᠡᠭᠯᠡᠯ ᠪᠣᠯᠤᠮᠤᠢ᠂ ᠡᠳᠦᠭᠡ ᠶᠠᠯ᠎ᠠ ᠶ᠋ᠢ ᠳ᠋ᠦ᠍ᠷ ᠲᠡᠮᠳᠡᠭᠯᠡᠨ ᠡᠷᠭᠦᠮᠵᠢᠯᠡᠯ ᠴᠣᠯᠠ ᠶ᠋ᠢ ᠠᠨᠤ ᠪᠠᠭᠤᠷᠠᠭᠤᠯᠵᠤ᠂ ᠡᠭᠦᠨᠴᠡ ᠬᠢᠴᠢᠶᠡᠯᠭᠡᠨ ᠭᠠᠪᠢᠶ᠎ᠠ ᠪᠠᠢᠭᠤᠯᠵᠤ ᠶᠠᠯ᠎ᠠ ᠶ᠋ᠢ ᠵᠣᠯᠢᠭᠤᠯᠰᠤᠭᠠᠢ ! 》ᠬᠡᠮᠡᠭᠰᠡᠨ ᠳ᠋ᠦ᠍ᠷ ᠲᠠᠢᠽᠦ ᠠᠷᠭ᠎ᠠ ᠦᠭᠡᠢ ᠠᠭᠤᠷ ᠬᠢᠯᠢᠩ ᠢ᠋ᠶ᠋ᠡᠨ ᠳᠠᠷᠤᠵᠤ ᠬᠠᠪᠤᠲᠤ ᠬᠠᠰᠠᠷ ᠢ᠋ ᠬᠠᠭᠠᠯᠭᠠᠨ ᠤ᠋ ᠭᠠᠳᠠᠨ᠎ᠠ ᠠ᠋ᠴᠠ ᠡᠭᠡᠭᠦᠯᠦᠨ ᠠᠴᠢᠷᠠᠭᠤᠯᠵᠤ᠂ ᠠᠯᠢᠪᠠ ᠴᠣᠯᠠ ᠡᠷᠭᠦᠮᠵᠢᠯᠡᠯ ᠢ᠋ ᠴᠥᠮ ᠬᠠᠰᠤᠵᠤ᠂ ᠬᠥᠬᠡ ᠬᠤᠶᠠᠭ ᠪᠣᠯᠭᠠᠨ ᠶᠠᠯᠠᠯᠠᠵᠤ᠂ ᠬᠥᠬᠡ ᠬᠠᠷ᠎ᠠ ᠵᠡᠯᠡᠲᠦ ᠬᠤᠪᠴᠠᠰᠤ ᠡᠮᠦᠰᠬᠡᠵᠦ᠂ ᠲᠤᠰᠢᠶᠠᠯ ᠳ᠋ᠤᠷ ᠠᠬᠤᠭᠤᠯᠵᠤ᠂ ᠭᠠᠪᠢᠶ᠎ᠠ ᠪᠠᠢᠭᠤᠯᠵᠤ ᠶᠠᠯ᠎ᠠ ᠶ᠋ᠢ ᠵᠣᠯᠢᠭᠤᠯ ᠭᠡᠮᠡᠨ ᠵᠢᠨᠦᠩ ᠮᠤᠬᠤᠯᠢ ᠳ᠋ᠤᠷ ᠲᠤᠰᠢᠶᠠᠨ ᠥᠭᠪᠡ᠃ ᠡᠭᠦᠨ ᠳ᠋ᠦ᠍ᠷ ᠬᠠᠰᠠᠷ ᠬᠠᠯᠠᠭᠤᠨ ᠨᠢᠭᠤᠷ ᠬᠠᠭᠠᠷᠠᠲᠠᠯ᠎ᠠ ᠢᠴᠢᠩᠭᠦᠷᠡᠵᠦ᠂ ᠬᠠᠷᠠᠩᠭᠤᠢ ᠰᠥᠨᠢ ᠪᠣᠯᠬᠤ ᠶ᠋ᠢ ᠬᠦᠯᠢᠶᠡᠵᠦ᠂ ᠬᠠᠮᠤᠭ ᠪᠦᠬᠦᠨ ᠢ᠋ᠶ᠋ᠡᠨ ᠰᠡᠮᠡᠬᠡᠷ ᠠᠪᠴᠤ ᠬᠠᠷᠢᠶᠠᠲᠤ ᠴᠡᠷᠢᠭ ᠢ᠋ᠶ᠋ᠡᠨ ᠴᠥᠮ ᠳᠠᠭᠠᠭᠤᠯᠵᠤ ᠬᠠᠲᠠᠷᠢᠭᠤᠯᠤᠨ ᠰᠡᠬᠦᠭᠦᠯᠦᠨ ᠤᠷᠭᠤᠵᠤ ᠳᠣᠯᠣᠭᠠᠨ ᠬᠣᠩᠬᠣᠳᠠᠨ᠎ᠠ ᠬᠣᠨᠣᠷ᠎ᠠ ᠡᠴᠢᠶ᠎ᠡ ᠭᠡᠮᠡᠨ ᠶᠠᠪᠤᠭᠰᠠᠨ ᠢ᠋ ᠬᠠᠭᠠᠯᠭᠠᠨ ᠤ᠋ ᠴᠡᠷᠢᠭ ᠦ᠋ᠳ ᠬᠡᠳᠦᠢᠨᠡᠢ ᠣᠷᠣᠵᠤ ᠵᠢᠨᠦᠩ ᠳ᠋ᠦ᠍ᠷ ᠮᠡᠳᠡᠭᠦᠯᠦᠭᠰᠡᠨ᠎ᠡ᠂ ᠲᠡᠷᠡ ᠦᠶ᠎ᠡ ᠳ᠋ᠦ᠍ᠷ ᠰᠥᠪᠡᠭᠡᠲᠡᠢ ᠪᠠᠭᠠᠲᠤᠷ ᠬᠡᠷᠡᠭ ᠮᠡᠳᠡᠭᠦᠯᠦᠷ᠎ᠡ ᠢᠷᠡᠵᠦ ᠵᠢᠨᠦᠩ ᠮᠤᠬᠤᠯᠢ ᠶ᠋ᠢᠨ ᠬᠠᠵᠠᠭᠤᠳᠠ ᠪᠠᠢᠭᠰᠠᠨ ᠲᠤᠯᠠ ᠮᠤᠬᠤᠯᠢ ᠶᠡᠬᠡᠯ᠎ᠡ ᠠᠭᠤᠷᠯᠠᠨ ᠰᠥᠪᠡᠭᠡᠲᠡᠢ ᠪᠠᠭᠠᠲᠤᠷ ᠭᠠᠷᠤᠳᠢ ᠶ᠋ᠢᠨ ᠬᠣᠰᠢᠭᠤᠲᠤ ᠴᠡᠷᠢᠭ ᠢ᠋ ᠠᠪᠤᠨ ᠡᠴᠢᠵᠦ ᠱᠣᠣ ᠶ᠋ᠢᠨ ᠬᠢᠮᠤᠰᠤᠨ ᠤ᠋ ᠬᠠᠷᠭᠢᠰ ᠬᠠᠰᠠᠷ ᠢ᠋ ᠪᠠᠷᠢᠵᠤ ᠠᠪᠴᠤ ᠢᠷ᠎ᠡ ᠭᠡᠮᠡᠨ ᠬᠦᠯᠦᠭ ᠴᠢᠯᠠᠭᠤᠨ ᠤ᠋ ᠴᠡᠷᠢᠭ ᠢ᠋ ᠵᠠᠬᠢᠷᠤᠭᠤᠯᠤᠨ ᠨᠡᠬᠡᠭᠦᠯᠵᠦ ᠳᠣᠪᠲᠣᠯᠭᠠᠪᠠ᠃ ᠡᠨᠡ ᠮᠡᠳᠡᠭᠡ ᠶ᠋ᠢ ᠲᠠᠢᠽᠦ ᠰᠣᠨᠣᠰᠴᠤ ᠰᠥᠪᠡᠭᠡᠲᠡᠢ ᠪᠠᠭᠠᠲᠤᠷ ᠢ᠋ ᠡᠭᠡᠭᠦᠯᠵᠦ ᠳᠠᠭᠤᠳᠠᠨ ᠵᠠᠬᠢᠬᠤ ᠠᠨᠤ :
                ᠮᠠᠩᠯᠠᠢ ᠶ᠋ᠢᠨ ᠰᠠᠷᠠᠨ ᠮᠡᠲᠦ ᠮᠠᠯᠠᠭ᠎ᠠ ᠶ᠋ᠢᠨ ᠵᠠᠯᠠᠭ᠎ᠠ ᠠᠳᠠᠯᠢ ᠡᠵᠡᠨ ᠢ᠋ᠶ᠋ᠡᠨ ᠵᠠᠬᠢᠶ᠎ᠠ ᠶ᠋ᠢ 
                ᠮᠠᠴᠤ ᠶ᠋ᠢᠨ ᠴᠢᠯᠠᠭᠤ ᠮᠡᠲᠦ ᠴᠢᠩ ᠪᠠᠲᠤ ᠪᠠᠷ ᠰᠠᠬᠢᠵᠤ ᠶᠠᠪᠤᠭᠳᠠᠬᠤᠢ ᠲᠠ᠂ 
                ᠬᠣᠲᠠ ᠮᠡᠲᠦ ᠬᠣᠷᠢᠶᠠᠯᠠᠨ ᠬᠤᠯᠤᠰᠤᠨ ᠠᠳᠠᠯᠢ ᠵᠡᠷᠭᠡᠯᠡᠭᠰᠡᠨ ᠣᠯᠠᠨ ᠴᠡᠷᠢᠭ ᠮᠢᠨᠦ ᠪᠦᠭᠦᠳᠡᠭᠡᠷ
                ᠬᠤᠷᠠᠬᠤ ᠰᠠᠷᠨᠢᠬᠤᠢ ᠳ᠋ᠤ᠌ ᠬᠣᠪᠣᠯ ᠮᠡᠲᠦ ᠬᠠᠯᠢᠰᠤᠲᠠᠢ ᠬᠣᠨᠢ ᠠᠳᠠᠯᠢ ᠰᠦᠷᠦᠭᠯᠡᠭᠲᠦᠨ᠂
                ᠢᠨᠢᠶᠡᠨ ᠨᠠᠭᠠᠳᠬᠤᠶ᠎ᠠ ᠢᠨᠵᠠᠭ᠎ᠠ ᠬᠥᠭᠡᠭᠡᠬᠦ ᠮᠡᠲᠦ  
                ᠢᠳᠡᠯᠡᠬᠦ ᠦᠢᠯᠡ ᠳ᠋ᠦ᠍ᠷ ᠢᠳᠡᠯᠭᠦ ᠰᠢᠪᠠᠭᠤ ᠪᠣᠯᠤᠭᠲᠤᠨ᠂ 
                ᠨᠠᠭᠠᠳᠤᠨ ᠢᠨᠢᠶᠡᠬᠦᠶ᠎ᠡ ᠨᠠᠮ ᠳᠥᠯᠭᠡᠨ ᠪᠣᠯᠵᠤ 
                ᠨᠠᠮᠨᠠᠬᠤ ᠦᠢᠯᠡ ᠳ᠋ᠦ᠍ᠷ ᠨᠠᠴᠢᠨ ᠰᠢᠪᠠᠭᠤ ᠪᠣᠯᠤᠭᠲᠤᠨ ! 
ᠭᠡᠮᠡᠨ ᠵᠠᠬᠢᠭ᠍ᠰᠠᠨ ᠳ᠋ᠤᠷ ᠰᠥᠪᠡᠭᠡᠲᠡᠢ ᠪᠠᠭᠠᠲᠤᠷ ᠰᠥᠭᠥᠳᠴᠦ ᠮᠥᠷᠭᠥᠭᠡᠳ ᠡᠢᠨ ᠭᠡᠮᠡᠨ ᠮᠡᠳᠡᠭᠦᠯᠦᠷᠦᠨ :
                ᠴᠢᠳᠠᠯ ᠬᠦᠴᠦ ᠢ᠋ ᠴᠢᠨᠡᠭᠡ ᠪᠡᠷ ᠴᠢᠳᠠᠨ ᠶᠠᠳᠠᠨ ᠴᠢᠷᠮᠠᠢᠶ᠎ᠠ
                ᠴᠢᠩ ᠬᠢᠴᠢᠶᠡᠯ ᠳ᠋ᠦ᠍ᠷ ᠪᠦᠲᠦᠬᠦ ᠶ᠋ᠢ ᠡᠵᠡᠨ ᠦ᠌ ᠰᠦᠯᠳᠡ ᠮᠡᠳᠡᠲᠦᠭᠡᠢ᠂ 
                ᠬᠡᠬᠦᠳᠡᠭ ᠴᠡᠭᠡᠵᠢᠨ ᠦ᠌ ᠬᠦᠴᠦᠨ ᠢ᠋ᠶ᠋ᠡᠷ ᠬᠢᠴᠢᠶᠡᠨ ᠪᠣᠯᠭᠣᠮᠵᠢᠯᠠᠨ ᠬᠢᠴᠢᠶᠡᠶ᠎ᠡ 
                ᠬᠡᠯᠡ ᠠᠮᠠᠨ ᠢ᠋ᠶ᠋ᠠᠷ ᠪᠦᠲᠦᠭᠡᠬᠦ ᠶ᠋ᠢ ᠡᠵᠡᠨ ᠦ᠌ ᠰᠦᠯᠳᠡ ᠮᠡᠳᠡᠲᠦᠭᠡᠢ ! 
ᠭᠡᠮᠡᠨ ᠴᠡᠷᠢᠭ ᠢ᠋ᠶ᠋ᠡᠷ ᠬᠥᠭᠡᠭᠡᠵᠦ ᠭᠦᠢᠴᠡᠭᠡᠳ ᠰᠥᠪᠡᠬᠡᠲᠡᠢ ᠪᠠᠭᠠᠲᠤᠷ ᠭᠠᠭᠴᠠᠭᠠᠷ ᠤᠷᠤᠭᠰᠢᠯᠠᠨ ᠣᠷᠣᠵᠤ ᠥᠭᠦᠯᠡᠷᠦᠨ : 
                ᠬᠦᠢ ᠡᠯᠢᠭᠡ ᠡᠴᠡ ᠪᠡᠨ ᠬᠠᠭᠠᠴᠠᠪᠠᠰᠤ 
                ᠬᠥᠨᠳᠡᠯᠡᠨ ᠬᠥᠮᠦᠨ ᠦ᠌ ᠢᠳᠡᠰᠢ ᠪᠣᠯᠤᠮᠤᠢ᠂ 
                ᠥᠪᠡᠷ ᠦ᠋ᠨ ᠲᠥᠷᠥᠭᠰᠡᠨ ᠡᠴᠡ ᠪᠡᠨ ᠥᠭᠡᠷᠡᠴᠢᠯᠡᠪᠡᠰᠦ 
                ᠥᠪᠡᠷ᠎ᠡ ᠬᠥᠮᠦᠨ ᠦ᠌ ᠣᠯᠵᠠ ᠪᠣᠯᠤᠮᠤᠢ᠂ 
                ᠲᠦᠮᠡᠨ ᠵᠦᠢᠯ ᠴᠥᠮ ᠣᠯᠳᠠᠵᠤ ᠪᠣᠯᠬᠤ 
                ᠲᠥᠷᠥᠭᠰᠡᠨ ᠡᠯᠢᠭᠡ ᠦᠯᠦ ᠣᠯᠳᠠᠮᠤᠢ 
                ᠠᠯᠪᠠᠲᠤ ᠤᠯᠤᠰ ᠴᠥᠮ ᠣᠯᠳᠠᠵᠤ ᠪᠣᠯᠬᠤ 
                ᠠᠬ᠎ᠠ ᠳᠡᠭᠦᠦ ᠦᠯᠦ ᠣᠯᠳᠠᠮᠤᠢ᠃ 
ᠭᠡᠮᠡᠨ ᠰᠠᠢᠨ ᠦᠭᠡ ᠪᠡᠷ ᠰᠠᠢᠷᠬᠠᠨ ᠬᠡᠯᠡᠵᠦ᠂ ᠰᠠᠮᠠᠭᠤᠨ ᠴᠡᠷᠢᠭ ᠬᠥᠳᠡᠯᠭᠡᠯ ᠦᠭᠡᠢ ᠪᠡᠷ ᠡᠭᠡᠭᠦᠯᠦᠨ ᠠᠴᠢᠷᠠᠵᠤ᠂ ᠲᠠᠢᠽᠦ ᠳ᠋ᠦ᠍ᠷ ᠮᠥᠷᠭᠥᠭᠦᠯᠵᠦ ᠲᠤᠰᠢᠶᠠᠯ ᠳ᠋ᠤᠷ ᠲᠤᠰᠢᠶᠠᠯᠭᠠᠭᠠᠳ ᠲᠤᠱᠠ ᠴᠢᠳᠥᠷ ᠲᠡᠢ ᠪᠣᠯᠪᠠ᠃ ᠡᠨᠡ ᠮᠡᠳᠡᠭᠡ ᠮᠥᠨ ᠰᠥᠨᠢ ᠳ᠋ᠡᠭᠡᠨ ᠬᠡᠷᠡᠢᠳ ᠦ᠋ᠨ ᠬᠦᠷᠢᠶ᠎ᠡ ᠳ᠋ᠦ᠍ᠷ ᠬᠦᠷᠪᠡ᠃ ᠭᠡᠨᠡᠳᠲᠡ ᠪᠠᠢᠭᠰᠠᠭᠠᠷ ᠶᠠᠭᠤᠨ ᠳ᠋ᠤᠷ ᠡᠢᠮᠦ ᠪᠣᠯᠪᠠ ᠬᠡᠮᠡᠭᠰᠡᠨ ᠢ᠋ ᠮᠡᠳᠡᠰᠦᠭᠡᠢ ᠬᠡᠮᠡᠪᠡᠰᠦ ᠰᠤᠳᠤᠷᠴᠢ ᠮᠢᠨᠦ ᠴᠠᠭᠠᠨ ᠨᠢᠭᠤᠭᠳᠠᠯ ᠤ᠋ᠨ ᠶᠡᠬᠡ ᠬᠠᠯᠠᠭᠤᠨ᠎ᠠ᠂ ᠰᠤᠭᠰᠠᠯᠠᠮ᠎ᠠ ᠤᠨᠵᠢᠭᠠᠷ ᠭᠦᠨ ᠰᠡᠭᠦᠳᠡᠷᠯᠢᠭ ᠬᠦᠷᠢᠶᠡᠯᠡᠩ ᠦ᠋ᠨ ᠨᠣᠭᠣᠭᠠᠨ ᠳᠠᠯᠪᠠᠭᠠᠲᠤ ᠯᠦ᠍ ᠭᠤᠸᠠᠨ ᠳᠠᠩ ᠪᠥᠷᠭᠡ ᠳ᠋ᠦ᠍ᠷ ᠭᠠᠪᠢᠷᠠᠲᠤ ᠣᠰᠤᠨ᠎ᠠ ᠪᠡᠶ᠎ᠡ ᠤᠬᠢᠶᠠᠨ ᠰᠡᠷᠢᠭᠦᠴᠡᠭᠡᠳ ᠱᠢ ᠵᠢᠦᠸᠠᠢ ᠰᠢᠦᠸᠠᠨ ᠲᠠᠩᠬᠢᠮ ᠳ᠋ᠤᠷ ᠲᠤᠩᠭᠠᠯᠠᠭ ᠰᠠᠷᠠᠨ᠎ᠠ ᠵᠠᠯᠭᠠᠨ ᠴᠥᠯᠪᠡᠭᠰᠡᠨ ᠢ᠋ ᠦᠵᠡᠭᠳᠡᠬᠦᠢ᠃ 
                ᠡᠯᠢᠭᠡ ᠮᠢᠬ᠎ᠠ ᠡᠶ᠎ᠡ ᠲᠡᠢ ᠶ᠋ᠢ ᠰᠣᠨᠣᠰᠬᠤᠶ᠎ᠠ ᠡᠪᠡᠦ ᠶᠠᠭᠤᠲᠠᠢ ᠲᠠᠭᠠᠯᠠᠮᠵᠢᠲᠠᠢ !
                ᠡᠴᠢᠭᠡ ᠬᠥᠪᠡᠭᠦᠨ ᠡᠪᠳᠡᠷᠡᠯᠴᠡᠬᠦ ᠶ᠋ᠢ ᠦᠵᠡᠪᠡᠰᠦ ᠡᠭᠡᠨᠡᠭᠲᠡ ᠠᠮᠤᠷ ᠦᠭᠡᠢ᠃ 
                ᠡᠷᠬᠢᠮ ᠳᠣᠣᠷᠠᠲᠤ ᠶ᠋ᠢ ᠢᠯᠭᠠᠬᠤ ᠦᠭᠡᠢ ᠡᠶᠡᠯᠰᠡᠭ ᠨᠠᠢᠷᠲᠤ ᠠᠨᠤ ᠰᠠᠢᠬᠠᠨ᠂ 
                ᠡᠷ᠎ᠡ ᠡᠮ᠎ᠡ ᠶ᠋ᠢ ᠦᠯᠦ ᠥᠭᠦᠯᠡᠨ ᠡᠷᠡᠮᠡᠬᠡᠢ ᠰᠥᠷᠭᠡᠦ ᠢᠨᠤ ᠮᠠᠭᠤᠬᠠᠢ ! 

ᠴᠣᠬᠣᠯᠠᠭᠰᠠᠨ ᠠᠨᠤ 
       ᠡᠷᠲᠡ ᠳᠠᠩ ᠤᠯᠤᠰ ᠤ᠋ᠨ ᠳᠡᠳ᠋ ᠡᠵᠡᠨ ᠲᠠᠢᠽᠦ᠋ᠩ ᠬᠠᠭᠠᠨ ᠯᠢ ᠱᠢ ᠮᠢᠨ ᠭᠡᠭᠡᠬᠡᠨ ᠲᠣᠳᠣᠷᠬᠠᠢ ᠡᠷᠡᠯᠬᠡᠭ ᠪᠠᠭᠠᠲᠤᠷ ᠬᠣᠣᠰ ᠦᠭᠡᠢ᠂ ᠦᠨᠡᠬᠡᠷ ᠬᠠᠨ᠂ ᠵᠢᠨ᠂ ᠳᠠᠩ᠂ ᠰᠥᠩ ᠳᠥᠷᠪᠡᠨ ᠤᠯᠤᠰ ᠤ᠋ᠨ ᠬᠠᠳ ᠲᠤᠷ ᠮᠥᠨ ᠲᠡᠷᠢᠭᠦᠨ ᠭᠠᠷᠮᠠᠭᠠᠢ ᠬᠤᠷᠴᠠ ᠡᠵᠡᠨ ᠪᠥᠭᠡᠲᠡᠯ᠎ᠡ ᠵᠢᠶᠠᠨ ᠴᠧᠩ᠂  ᠶᠤᠸᠠᠨ ᠵᠢᠢ ᠠᠬ᠎ᠠ ᠳᠡᠭᠦᠦ ᠪᠡᠨ ᠴᠥᠮ ᠠᠯᠠᠭᠠᠳ ᠪᠠᠰᠠ ᠵᠣᠭᠰᠣᠬᠤ ᠦᠭᠡᠢ᠂ ᠪᠡᠷᠭᠡᠨ ᠪᠠ ᠳᠡᠭᠦᠦ ᠪᠡᠷᠢ ᠪᠡᠨ ᠴᠥᠮ ᠡᠮ᠎ᠡ ᠪᠣᠯᠭᠠᠨ ᠠᠪᠤᠭᠰᠠᠨ ᠠᠨᠤ ᠮᠠᠰᠢ ᠡᠰᠡ ᠵᠣᠬᠢᠴᠠᠵᠤᠬᠤᠢ᠃ ᠵᠢᠶᠠᠨ ᠴᠧᠩ᠂ ᠶᠤᠸᠠᠨ ᠵᠢᠢ ᠲᠡᠭᠦᠨ ᠢ᠋ ᠠᠯᠠᠰᠤᠭᠠᠢ ᠬᠡᠮᠡᠬᠦ ᠢᠨᠤ ᠨᠢᠭᠡᠨ ᠮᠤᠩᠬᠠᠭ  ᠰᠥᠷᠭᠡᠦ ᠳ᠋ᠦ᠍ᠷ ᠲᠦᠮᠡᠨ ᠬᠡᠷᠡᠭ ᠲᠡᠭᠦᠰᠪᠡ᠃ ᠯᠢ ᠱᠢ ᠮᠢᠨ ᠦ᠌ ᠲᠡᠳᠡ ᠬᠣᠶᠠᠭᠤᠯᠠ ᠶ᠋ᠢ ᠠᠯᠠᠭᠰᠠᠨ ᠠᠨᠤ ᠬᠠᠢᠷᠠᠬᠠᠨ ᠮᠡᠷᠭᠡᠨ ᠭᠡᠭᠡᠬᠡᠨ ᠢ᠋ᠶ᠋ᠡᠨ ᠪᠤᠵᠠᠷᠯᠠᠵᠤ ᠦᠭᠡᠢ ᠦᠦ ?  ᠬᠡᠳᠦᠢᠪᠡᠷ ᠲᠡᠳᠡᠨ ᠦ᠌ ᠡᠮᠡᠰ ᠢ᠋ ᠢᠨᠤ ᠠᠪᠴᠤ ᠲᠥᠷᠥᠭᠦᠯᠦᠭᠡᠳ ᠡᠷᠡᠰ ᠡᠷᠡᠰ ᠲᠣᠷ ᠢᠨᠦ ᠦᠷᠡᠵᠢᠭᠦᠯᠵᠦ᠂ ᠲᠠᠬᠢᠯ ᠢ᠋ ᠵᠠᠯᠭᠠᠮᠵᠢᠯᠠᠨ ᠰᠠᠭᠤᠷᠢᠨ ᠢ᠋ ᠠᠨᠤ ᠡᠵᠡᠯᠡᠭᠦᠯᠦᠭᠰᠡᠨ ᠪᠣᠯᠪᠠᠴᠤ ᠡᠭᠡᠨᠡᠭᠲᠡ ᠬᠡᠯᠪᠡᠢᠭᠦᠦ ᠲᠠᠰᠢᠮᠠᠭᠠᠢ ᠠ᠋ᠴᠠ ᠬᠡᠯᠲᠦᠷᠢᠬᠦᠶ᠎ᠡ ᠪᠡᠷᠬᠡ ᠪᠣᠯᠤᠭᠰᠠᠨ ᠪᠤᠰᠤ ᠤᠤ ?  ᠬᠡᠳᠦᠢᠪᠡᠷ ᠤᠯᠤᠰ ᠭᠡᠷ ᠢ᠋ ᠪᠦᠲᠦᠭᠡᠨ ᠣᠯᠠᠨ ᠢᠷᠭᠡᠨ ᠢ᠋ ᠠᠮᠤᠭᠤᠯᠬᠤᠢ ᠳ᠋ᠤᠷ ᠡᠳᠡᠭᠡᠷ ᠵᠡᠷᠭᠡ ᠶ᠋ᠢᠨ ᠥᠴᠦᠬᠡᠨ ᠰᠡᠪ ᠠᠯᠳᠠᠰᠢ ᠶ᠋ᠢ ᠬᠡᠷᠡᠭᠰᠡᠬᠦ ᠦᠭᠡᠢ ᠪᠣᠯᠪᠠᠴᠤ ᠡᠭᠡᠨᠡᠭᠲᠡ ᠨᠢᠭᠡᠨ ᠲᠣᠭᠣᠭ᠎ᠠ ᠠᠷᠢᠭᠤᠨ ᠴᠠᠭᠠᠨ ᠰᠦ ᠶ᠋ᠢᠨ ᠳᠣᠲᠣᠷ᠎ᠠ᠂ ᠨᠢᠭᠡᠨ ᠳᠤᠰᠤᠯ ᠡᠬᠡᠨᠡᠷ ᠦ᠋ᠨ ᠪᠤᠵᠠᠷ ᠴᠢᠰᠤᠨ ᠳᠤᠰᠤᠯᠠᠭᠰᠠᠨ ᠮᠡᠲᠦ ᠡᠴᠡ ᠬᠡᠷᠬᠢᠨ ᠬᠡᠯᠲᠦᠷᠢᠨ ᠴᠢᠳᠠᠮᠤᠢ ?  ᠵᠢᠴᠢ ᠳᠠᠩ ᠮᠢᠩ ᠬᠤᠸᠠᠩ ᠤ᠋ᠨ ᠵᠢᠷᠭᠠᠯ ᠢ᠋ ᠬᠡᠲᠦᠷᠡᠭᠦᠯᠦᠭᠰᠡᠨ ᠢᠨᠤ ᠪᠠᠬᠠᠨ  ᠡᠨᠳᠡᠭᠦᠦ ᠪᠣᠯᠪᠠᠴᠤ ᠬᠠᠨᠵᠤᠨ ᠤ᠋ ᠬᠢᠷᠢ ᠪᠡᠷ ᠤᠷᠲᠤ ᠳᠡᠷ᠎ᠡ ᠳᠡᠪᠢᠰᠬᠡᠷ ᠬᠢᠵᠦ ᠤᠷᠲᠤᠳᠠ ᠣᠯᠠᠨ ᠳᠡᠭᠦᠦ ᠳ᠋ᠦ᠍ᠷ ᠢ᠋ᠶ᠋ᠡᠨ ᠰᠠᠢᠬᠠᠨ ᠹᠧᠢ ᠨᠠᠷ ᠢ᠋ᠶ᠋ᠠᠨ ᠳᠠᠭᠠᠭᠤᠯᠤᠨ ᠠᠷᠢᠬᠢ ᠪᠠᠷᠢᠭᠤᠯᠵᠤ ᠬᠤᠷᠢᠮᠯᠠᠨ ᠰᠥᠨᠢ ᠪᠠᠰᠠ ᠡᠷᠬᠡᠪᠰᠢ ᠨᠢᠯᠬ᠎ᠠ ᠶ᠋ᠢᠨ ᠦᠶ᠎ᠡ ᠶ᠋ᠢᠨ ᠠᠬ᠎ᠠ ᠳᠡᠭᠦᠦ ᠶ᠋ᠢᠨ ᠠᠮᠠᠷᠠᠭ ᠢ᠋ᠶ᠋ᠠᠨ ᠦᠯᠦ ᠤᠮᠠᠷᠲᠠᠨ᠂ ᠲᠡᠷᠡ ᠶᠡᠬᠡ ᠬᠥᠨᠵᠢᠯᠡ ᠳᠡᠪᠢᠰᠬᠡᠷ ᠲᠣᠷ ᠢ᠋ᠶ᠋ᠠᠨ ᠣᠯᠠᠨ ᠳᠡᠭᠦᠦ ᠨᠠᠷ ᠢ᠋ᠶ᠋ᠠᠨ ᠠᠪᠴᠤ ᠬᠡᠪᠲᠡᠭᠦᠯᠦᠨ᠂ ᠲᠥᠷᠥᠭᠰᠡᠨ ᠡᠯᠢᠭᠡ ᠮᠢᠬ᠎ᠠ ᠭᠠᠷ ᠬᠥᠯ ᠦ᠋ᠨ ᠬᠡᠯᠬᠢᠶ᠎ᠡ ᠵᠢᠷᠤᠮ ᠢ᠋ ᠬᠦᠨᠳᠦᠳᠬᠡᠵᠦ᠂ ᠳᠡᠯᠡᠬᠡᠢ ᠳ᠋ᠠᠭᠢᠨ᠎ᠠ ᠮᠥᠷ ᠳᠠᠭᠤᠷᠢᠶᠠᠯᠲᠠ ᠪᠣᠯᠭᠠᠭᠰᠠᠨ ᠠᠨᠤ ᠮᠡᠷᠭᠡᠨ ᠦ᠌ ᠳᠣᠲᠣᠷᠠᠬᠢ ᠭᠡᠭᠡᠬᠡᠨ ᠪᠤᠰᠤ ᠤᠤ ?  ᠡᠷᠭᠡᠲᠡᠢᠬᠡᠨ ᠬᠥᠮᠦᠨ ᠪᠦᠬᠦᠨ ᠢᠯᠡᠭᠦᠦ ᠬᠡᠳᠦᠨ ᠡᠮ᠎ᠡ ᠲᠡᠢ ᠪᠥᠭᠡᠲᠡᠯ᠎ᠡ ᠨᠢᠭᠡᠨ ᠤᠯᠤᠰ ᠤ᠋ᠨ ᠡᠵᠡᠨ ᠬᠠᠭᠠᠨ ᠬᠥᠮᠦᠨ ᠢ᠋ ᠶᠠᠭᠤᠨ ᠥᠭᠦᠯᠡᠬᠦ !ᠡᠷ᠎ᠡ ᠶ᠋ᠢ ᠠᠯᠠᠭᠠᠳ ᠡᠮ᠎ᠡ ᠶ᠋ᠢ ᠢᠨᠦ ᠠᠪᠤᠭᠰᠠᠨ ᠲᠡᠭᠦᠨ ᠦ᠌ ᠡᠪᠦᠭᠡ ᠳ᠋ᠡᠭᠡᠨ ᠦᠯᠢᠳᠬᠡᠪᠡᠰᠦ ᠲᠡᠭᠦᠨ ᠦ᠌ ᠤᠭᠰᠠᠭ᠎ᠠ ᠶ᠋ᠢᠨ ᠦᠶᠡᠯᠢᠳ ᠬᠥᠪᠡᠭᠦᠨ ᠱᠣᠣ ᠸᠠᠩ ᠤ᠋ᠨ ᠡᠮ᠎ᠡ ᠶ᠋ᠢ ᠰᠠᠢᠨ ᠢ᠋ᠶ᠋ᠠᠷ ᠠᠪᠤᠭᠰᠠᠨ ᠠᠨᠤ ᠠᠯᠢᠨ ᠬᠦᠨᠳᠦ ᠠᠯᠢᠨ ᠬᠥᠩᠭᠡᠨ ᠢ᠋ ᠬᠡᠯᠡᠯ ᠦᠭᠡᠢ ᠪᠡᠷ ᠮᠡᠳᠡᠪᠡᠰᠦ ᠪᠣᠯᠬᠤ ᠪᠣᠯᠠᠢ᠃ ᠦᠵᠡᠬᠦ ᠮᠡᠷᠭᠡᠳ ᠨᠠᠮᠠᠶ᠋ᠢ ᠶᠡᠬᠡ ᠶᠤᠸᠠᠨ ᠤ᠋ ᠬᠡᠷᠡᠭ ᠢ᠋ ᠪᠢᠴᠢᠨᠡᠮ ᠪᠥᠭᠡᠳ ᠶᠠᠭᠤᠨ ᠳ᠋ᠤᠷ ᠳᠠᠩ ᠤ᠋ᠨ ᠬᠡᠷᠡᠭ ᠢ᠋ ᠰᠢᠭᠦᠮᠵᠢᠯᠡᠮᠦᠢ ? ᠬᠡᠮᠡᠪᠡᠰᠦ : ᠤᠴᠢᠷ ᠪᠣᠢ᠃ ᠡᠨᠡ ᠪᠦᠯᠦᠭ ᠲᠣᠷ ᠭᠠᠷᠤᠭᠰᠠᠨ ᠬᠡᠷᠡᠭ ᠡᠬᠢᠯᠡᠭᠰᠡᠨ ᠡᠴᠡ ᠲᠡᠭᠦᠰᠲᠡᠯ᠎ᠡ ᠨᠡᠢᠲᠡ ᠪᠡᠷ ᠴᠥᠮ ᠠᠬ᠎ᠠ ᠳᠡᠭᠦᠦ ᠡᠯᠢᠭᠡ ᠮᠢᠬ᠎ᠠ ᠶ᠋ᠢᠨ ᠨᠠᠢᠷ ᠵᠢᠷᠤᠮ ᠲᠤᠯᠠ ᠡᠨᠡ ᠬᠣᠶᠠᠷ ᠤ᠋ᠨ ᠠᠬ᠎ᠠ ᠳᠡᠭᠦᠦ ᠶ᠋ᠢᠨ ᠬᠡᠷᠡᠭ ᠲᠦ᠍ᠷ ᠤᠳᠤᠷᠢᠭᠤᠯᠰᠤᠨ ᠪᠣᠯᠭᠠᠪᠠ᠃ ᠬᠢᠲᠠᠳ ᠤᠯᠤᠰ ᠨᠢᠭᠡᠨᠲᠡ ᠮᠠᠨ ᠤ᠋ ᠮᠣᠩᠭᠣᠯ ᠢ᠋ ᠲᠠᠪᠤᠨ ᠡᠭᠦᠷᠢᠳᠡ ᠦᠭᠡᠢ ᠭᠡᠮᠡᠨ ᠲᠣᠭᠲᠠᠭᠠᠨ ᠰᠠᠨᠠᠭᠰᠠᠨ ᠪᠥᠭᠡᠲᠡᠯ᠎ᠡ ᠶᠠᠭᠤᠨ ᠳ᠋ᠤᠷ ᠬᠠᠷᠢᠨ ᠡᠢᠮᠦ ᠨᠢᠭᠡᠨ ᠲᠠᠢᠽᠦ ᠬᠠᠭᠠᠨ ᠭᠠᠷᠪᠠ ?  ᠲᠡᠳᠡᠨ ᠦ᠌ ᠲᠠᠪᠤᠨ ᠡᠭᠦᠷᠢᠳᠡ ᠭᠤᠷᠪᠠᠨ ᠬᠡᠯᠬᠢᠶ᠎ᠡ᠂ ᠳᠥᠷᠪᠡᠨ ᠶᠡᠬᠡ ᠲᠠᠪᠤᠨ ᠡᠭᠦᠷᠢᠳᠡᠲᠦ᠂ ᠬᠢᠲᠠᠳ ᠤ᠋ᠨ ᠳᠠᠩ ᠤᠯᠤᠰ ᠤ᠋ᠨ ᠰᠠᠢᠨ ᠬᠠᠳ ᠤ᠋ᠳ ᠤ᠋ᠨ ᠬᠢᠭᠰᠡᠨ ᠬᠡᠷᠡᠭ ᠢ᠋ ᠦᠵᠡᠭᠳᠡᠬᠦᠢ᠃ ᠲᠡᠳᠡᠨ ᠦ᠌ ᠭᠤᠷᠪᠠᠨ ᠬᠡᠯᠬᠢᠶ᠎ᠡ᠂ ᠳᠥᠷᠪᠡᠨ ᠶᠡᠬᠡ᠂ ᠲᠠᠪᠤᠨ ᠡᠭᠦᠷᠢᠳᠡ᠂ ᠵᠢᠷᠭᠤᠭᠠᠨ ᠶᠣᠰᠣᠯᠠᠯ ᠲᠠᠢ ᠠᠨᠤ ᠡᠨᠡ ᠪᠤᠶᠤ᠃ ᠪᠢᠳᠠᠭᠤ ᠰᠤᠳᠤᠷᠴᠢ ᠪᠢ ᠡᠨᠡ ᠶᠡᠬᠡ ᠶᠤᠸᠠᠨ ᠤᠯᠤᠰ ᠤ᠋ᠨ ᠠᠷᠪᠠᠨ ᠭᠤᠷᠪᠠᠨ ᠵᠦᠢᠯ ᠦ᠋ᠨ ᠣᠯᠠᠨ ᠰᠤᠳᠤᠷ ᠪᠢᠴᠢᠭ᠂ ᠴᠠᠳᠢᠭ ᠲᠣᠭᠣᠵᠢ ᠶ᠋ᠢᠨ ᠵᠦᠢᠯ ᠳ᠋ᠦ᠍ᠷ ᠦᠵᠡᠪᠡᠰᠦ ᠴᠢᠩᠭᠢᠰ ᠬᠠᠭᠠᠨ ᠤ᠋ ᠬᠥᠮᠦᠨ ᠦ᠌ ᠡᠰᠢ ᠬᠡᠯᠬᠢᠶ᠎ᠡ ᠳ᠋ᠦ᠍ᠷ ᠬᠠᠯᠳᠠᠭᠰᠠᠨ ᠶᠠᠪᠤᠳᠠᠯ ᠦᠰᠦ ᠬᠢᠯᠭᠠᠰᠤᠨ ᠤ᠋ ᠲᠡᠳᠦᠢ ᠴᠦ᠍ ᠦᠭᠡᠢ᠃ ᠬᠡᠷᠪᠡ ᠲᠡᠢᠮᠦ ᠵᠦᠢᠯ ᠪᠠᠬᠠᠨ ᠪᠠᠢᠪᠠᠰᠤ ᠪᠢᠲᠡᠭᠦᠯᠢᠭ ᠮᠣᠩᠭᠣᠯ ᠤ᠋ᠨ ᠰᠤᠳᠤᠷ ᠬᠡᠮᠡᠭᠴᠢ ᠬᠥᠮᠦᠨ ᠦ᠌ ᠪᠠᠭᠠᠰᠤ ᠰᠢᠭᠡᠰᠦ ᠶ᠋ᠢ ᠴᠦ᠍ ᠴᠥᠮ ᠲᠣᠭᠠᠴᠢᠳᠠᠭ ᠪᠥᠭᠡᠳ ᠲᠡᠭᠦᠨ ᠢ᠋ ᠳᠠᠷᠤᠨ ᠳᠠᠯᠳᠠᠯᠠᠬᠤ ᠶᠣᠰᠣ  ᠪᠣᠢ ᠤᠤ ? ᠲᠡᠭᠦᠨ ᠢ᠋ ᠳᠠᠷᠤᠬᠤ ᠤᠬᠠᠭᠠᠨ ᠴᠤ᠌ ᠮᠥᠨ ᠣᠷᠣᠬᠤ ᠦᠭᠡᠢ ᠪᠣᠯᠠᠢ᠃ ᠨᠡᠩ ᠪᠠᠰᠠ ᠬᠢᠲᠠᠳ ᠰᠤᠳᠤᠷᠴᠢ ᠨᠠᠷ ᠥᠴᠦᠬᠡᠨ ᠠᠳᠬᠠᠭ ᠦᠮᠡᠬᠡᠢ ᠰᠡᠳᠬᠢᠯ ᠢ᠋ᠶ᠋ᠡᠷ ᠮᠣᠩᠭᠣᠯ ᠲᠣᠭᠠᠲᠠᠨ ᠢ᠋ ᠮᠠᠭᠤ ᠦᠭᠡᠢ ᠭᠠᠵᠠᠷ ᠠ᠋ᠴᠠ ᠮᠠᠭᠤ ᠡᠷᠢᠨ ᠮᠠᠭᠤᠰᠢᠶᠠᠨ ᠬᠡᠯᠡᠬᠦ ᠪᠥᠭᠡᠲᠡᠯ᠎ᠡ ᠬᠡᠷᠪᠡ ᠲᠡᠢᠮᠦ ᠰᠡᠪ ᠲᠡᠢ ᠭᠠᠵᠠᠷ ᠪᠣᠢ ᠪᠣᠯᠪᠠᠰᠤ ᠡᠷᠡᠦ ᠪᠡᠨ ᠴᠤᠴᠠᠷᠠᠲᠠᠯ᠎ᠠ ᠬᠡᠯᠡᠬᠦ ᠦᠭᠡᠢ ᠦᠦ ? ᠡᠭᠦᠨ ᠢ᠋ᠶ᠋ᠡᠷ ᠦᠵᠡᠬᠦᠯ᠎ᠡ ᠮᠤᠩᠬᠠᠭ ᠮᠣᠩᠭᠣᠯ ᠤ᠋ᠨ ᠦᠨᠡᠨᠴᠢ ᠴᠢᠬᠡᠴᠢ ᠲᠡᠳᠡᠨ ᠦ᠌ ᠮᠡᠷᠭᠡᠨ ᠰᠡᠷᠭᠦᠯᠡᠩ ᠬᠢᠲᠠᠳ ᠠ᠋ᠴᠠ ᠬᠣᠯᠠ ᠳᠠᠪᠠᠵᠤᠬᠤᠢ᠂ ᠡᠨᠡ ᠢᠨᠦ ᠴᠢᠬᠡᠴᠢ ᠶ᠋ᠢᠨ ᠲᠤᠰᠠ ᠶ᠋ᠢ ᠣᠯᠤᠭᠰᠠᠨ ᠪᠣᠢ ‍ᠶ᠎ᠠ᠃ ᠶᠤᠸᠠᠨ ᠤᠯᠤᠰ ᠤ᠋ᠨ ᠲᠠᠢᠽᠦ ᠶ᠋ᠢ ᠲᠡᠢᠨ ᠬᠦ᠌ ᠱᠧᠩ ᠡᠦ ᠬᠣᠲᠠᠩᠲᠢ ᠪᠤᠬ᠎ᠠ ᠪᠠᠭᠠᠲᠤᠷ ᠬᠠᠭᠠᠨ ᠬᠡᠮᠡᠭᠰᠡᠨ ᠠᠵᠤᠭᠤ᠃ ᠵᠢᠴᠢ ᠴᠢᠩᠭᠢᠰ ᠦ᠋ᠨ ᠦᠷᠡᠰ ᠢᠨᠤ᠂ ᠳᠥᠷᠪᠡᠨ ᠳᠡᠭᠦᠦ ᠶ᠋ᠢᠨ ᠦᠷᠡᠰ ᠯᠦ᠍ᠭᠡ ᠤᠷᠤᠭ ᠪᠠᠷᠢᠭ᠍ᠰᠠᠨ ᠠᠨᠤ ᠶᠠᠰᠤ ᠥᠪᠡᠷ᠎ᠡ ᠶ᠋ᠢᠨ ᠤᠴᠢᠷ᠂ ᠲᠠᠢᠽᠦ ᠡᠴᠡ ᠬᠣᠵᠢᠮ ᠲᠠᠪᠤᠨ ᠦᠶ᠎ᠡ ᠥᠩᠭᠡᠷᠡᠭᠰᠡᠨ ᠬᠣᠢᠨ᠎ᠠ ᠰᠠᠢ ᠤᠷᠤᠭ ᠪᠠᠷᠢᠭ᠍ᠰᠠᠨ ᠪᠣᠢ  ‍ᠶ᠎ᠠ᠂ ᠲᠡᠷᠡ ᠦᠶ᠎ᠡ ᠳ᠋ᠦ᠍ ᠣᠭᠲᠣᠬᠠᠨ ᠴᠤ᠌ ᠦᠭᠡᠢ᠃ ᠵᠢᠴᠢ ᠪᠠᠰᠠ ᠵᠠᠯᠮ᠎ᠠ ᠶ᠋ᠢᠨ ᠦᠷᠡᠰ ᠲᠠᠪᠤᠨᠠᠩ ᠤ᠋ᠳ ᠢ᠋ ᠬᠤᠯᠠᠭᠠᠢ ᠶ᠋ᠢᠨ ᠦᠷᠡᠰ ᠭᠡᠮᠡᠨ ᠡᠭᠡᠯ ᠠᠷᠠᠳ ᠤ᠋ᠨ ᠬᠡᠯᠡᠯᠴᠡᠬᠦ ᠶ᠋ᠢ ᠰᠤᠳᠤᠷᠴᠢ ᠪᠢ ᠠᠷᠪᠠᠨ ᠭᠤᠷᠪᠠᠨ ᠠᠢᠮᠠᠭ ᠰᠤᠳᠤᠷ ᠲᠤᠷ ᠢ᠋ᠶ᠋ᠠᠨ ᠦᠵᠡᠪᠡ᠃ ᠲᠡᠢᠮᠦ ᠬᠡᠷᠡᠭ ᠣᠭᠲᠣ ᠦᠭᠡᠢ ᠴᠦ᠍ ᠪᠠᠢᠲᠤᠭᠠᠢ ᠲᠡᠢᠮᠦ ᠣᠷᠣ ᠰᠡᠳᠦᠪ ᠴᠦ᠍ ᠦᠭᠡᠢ᠃ ᠮᠡᠷᠭᠡᠴᠦᠳ ᠲᠡᠢᠮᠦ ᠬᠡᠯᠡᠭᠴᠢᠳ ᠲᠣᠷ ᠤᠴᠠᠷᠠᠪᠠᠰᠤ ᠡᠷᠬᠡᠪᠰᠢ ᠠᠯᠢ ᠰᠤᠳᠤᠷ ᠲᠤᠷ ᠪᠦᠬᠦᠢ ᠶ᠋ᠢ ᠭᠡᠷᠡᠴᠢ ᠪᠠᠷᠢᠮᠲᠠ ᠲᠠᠢ ᠠᠰᠠᠭᠤ᠂ ᠲᠡᠷᠡ ᠬᠡᠷᠪᠡ ᠲᠣᠳᠣᠷᠬᠠᠶ᠎ᠠ ᠵᠢᠭᠠᠨ ᠡᠰᠡ ᠭᠠᠷᠭᠠᠪᠠᠰᠤ ᠣᠳᠣ ᠲᠡᠭᠦᠨ ᠦ᠌ ᠠᠮᠠᠨ ᠢ᠋ ᠮᠠᠭᠤ ᠡᠮᠡᠰ ᠦ᠋ᠨ ᠠᠯᠠᠪᠴᠢ ᠪᠠᠷ ᠳᠡᠯᠡᠳᠪᠡᠰᠦ ᠵᠣᠬᠢᠮᠤᠢ᠃ ᠪᠢ ᠴᠦ᠍ ᠪᠠᠭ᠎ᠠ ᠶ᠋ᠢᠨ ᠴᠠᠭ ᠲᠤᠷ ᠰᠣᠨᠣᠰᠤᠭᠠᠳ ᠪᠢᠲᠡᠭᠦᠯᠢᠭ ᠴᠠᠭ ᠲᠤᠷ ᠭᠠᠷᠤᠭᠰᠠᠨ ᠴᠤ᠌ ᠪᠣᠯᠪᠠᠤ ᠭᠡᠮᠡᠨ ᠰᠡᠵᠢᠭᠯᠡᠵᠦ ᠪᠠᠢᠭᠰᠠᠨ ᠲᠤᠯᠠ ᠡᠨᠡ ᠤᠳᠠᠭ᠎ᠠ ᠨᠡᠷᠢᠨ᠎ᠡ ᠡᠷᠢᠭᠡᠳ ᠰᠠᠢ ᠣᠷᠣ ᠲᠠᠰᠤ ᠦᠭᠡᠢ ᠶ᠋ᠢ ᠣᠯᠵᠤ ᠮᠡᠳᠡᠪᠡᠢ᠂ ᠮᠡᠷᠭᠡᠳ ᠢ᠋ᠶ᠋ᠡᠷ ᠪᠢᠲᠡᠭᠡᠢ ᠪᠤᠰᠤᠳ ᠢ᠋ ᠬᠠᠷᠢᠶᠠᠰᠤᠭᠠᠢ ᠬᠡᠮᠡᠭᠰᠡᠭᠡᠷ ᠥᠪᠡᠷ ᠦ᠋ᠨ ᠠᠮᠠᠨ ᠢ᠋ᠶ᠋ᠠᠨ ᠪᠤᠬᠤᠷ ᠪᠥᠭᠰᠡ ᠠᠳᠠᠯᠢ ᠪᠣᠯᠭᠠᠭᠳᠠᠬᠤᠢ᠃ ᠲᠡᠢᠮᠦ ᠲᠠᠩᠬᠠᠢ ᠦᠭᠡᠰ ᠦ᠋ᠨ ᠤᠯᠠᠮᠵᠢᠯᠠᠯ ᠮᠠᠰᠢ ᠣᠯᠠᠨ ᠪᠣᠢ᠃ ᠰᠤᠳᠤᠷ ᠲᠤᠷ ᠦᠭᠡᠢ ᠶ᠋ᠢ ᠬᠥᠮᠦᠨ ᠦ᠌ ᠡᠰᠡᠷᠭᠦ ᠪᠢᠲᠡᠭᠡᠢ ᠬᠡᠯᠡ᠂ ᠡᠨᠡ ᠪᠦᠯᠦᠭ ᠦ᠋ᠨ ᠠᠬ᠎ᠠ ᠳᠡᠭᠦᠦ ᠶ᠋ᠢᠨ ᠬᠡᠷᠡᠭ ᠲᠡᠭᠦᠰᠦᠭᠡᠳᠦᠢ ᠲᠤᠯᠠ ᠰᠡᠭᠦᠯ ᠦ᠋ᠨ ᠪᠦᠯᠦᠭ ᠲᠣᠷ ᠴᠣᠬᠣᠯᠠᠭᠰᠠᠨ ᠢ᠋ ᠬᠢᠨᠠᠨ ᠦᠵᠡᠭᠳᠡᠬᠦᠢ !