ᠬᠥᠬᠡ ᠰᠤᠳᠤᠷ - ᠢᠨᠵᠠᠨᠨᠠᠰᠢ < ᠳᠥᠴᠢᠨ ᠬᠣᠶᠠᠳᠤᠭᠠᠷ ᠪᠦᠯᠦᠭ > Хөх судар - Инжинаш < Дөчин хоёрдугаар бүлэг >
ᠪᠣᠭᠳᠠ ᠴᠢᠩᠭᠢᠰ ᠨᠢᠭᠡᠨᠲᠡ ᠨᠢᠯᠪᠤᠵᠤ ᠠᠯᠲᠠᠨ ᠤᠯᠤᠰ ᠤ᠋ᠨ ᠤᠭ ᠦᠨᠳᠦᠰᠦᠨ ᠢ᠋ ᠬᠥᠳᠡᠯᠭᠡᠪᠡ
ᠪᠣᠳᠣᠯᠭᠠᠲᠤ ᠰᠠᠢᠳ ᠪᠠᠬᠠᠨ ᠵᠥᠪᠯᠡᠮᠡᠭᠴᠡ ᠳᠤᠮᠳᠠᠳᠤ ᠣᠷᠣᠨ ᠤ᠋ ᠡᠬᠢ ᠡᠴᠦᠰ ᠢ᠋ ᠲᠣᠭᠲᠠᠭᠠᠪᠠ
ᠴᠠᠭᠠᠨ ᠮᠣᠷᠢᠨ ᠵᠢᠯ ᠂ ᠶᠡᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠠᠪᠤᠳᠤᠭᠠᠷ ᠣᠨ ᠂
ᠰᠥᠩ ᠤᠯᠤᠰ ᠤ᠋ᠨ ᠨᠢᠩᠽᠦ᠋ᠩ ᠬᠠᠭᠠᠨ ᠤ᠋ ᠶ᠋ᠢᠶᠠ ᠳ᠋ᠢᠩ ᠦ᠋ᠨ ᠭᠤᠷᠪᠠᠳᠤᠭᠠᠷ ᠣᠨ᠂ ᠠᠯᠲᠠᠨ ᠤᠯᠤᠰ ᠤ᠋ᠨ
ᠶᠦᠩ ᠵᠢᠢ ᠶ᠋ᠢᠨ ᠳᠡ ᠠᠨ ᠤ᠋ ᠬᠣᠶᠠᠳᠤᠭᠠᠷ ᠣᠨ᠂ ᠲᠠᠢᠽᠦ ᠴᠢᠩᠭᠢᠰ ᠬᠠᠭᠠᠨ ᠳᠥᠴᠢᠨ ᠶᠢᠰᠦᠨ ᠰᠡᠭᠦᠳᠡᠷ ᠲᠡᠢ
ᠪᠣᠭᠳᠠ ᠴᠢᠩᠭᠢᠰ ᠨᠢᠭᠡᠨᠲᠡ ᠨᠢᠯᠪᠤᠵᠤ ᠠᠯᠲᠠᠨ ᠤᠯᠤᠰ ᠤ᠋ᠨ ᠤᠭ ᠦᠨᠳᠦᠰᠦᠨ ᠢ᠋ ᠬᠥᠳᠡᠯᠭᠡᠪᠡ
ᠪᠣᠳᠣᠯᠭᠠᠲᠤ ᠰᠠᠢᠳ ᠪᠠᠬᠠᠨ ᠵᠥᠪᠯᠡᠮᠡᠭᠴᠡ ᠳᠤᠮᠳᠠᠳᠤ ᠣᠷᠣᠨ ᠤ᠋ ᠡᠬᠢ ᠡᠴᠦᠰ ᠢ᠋ ᠲᠣᠭᠲᠠᠭᠠᠪᠠ
ᠲᠡᠨᠳᠡᠴᠡ ᠡᠨᠡ ᠵᠢᠯ ᠦ᠋ᠨ ᠴᠠᠭᠠᠨ ᠰᠠᠷ᠎ᠠ ᠳ᠋ᠤᠷ ᠲᠠᠢᠬᠡᠦ ᠵᠠᠷᠯᠢᠭ ᠪᠠᠭᠤᠯᠭᠠᠵᠤ᠂ ᠴᠢᠩᠭᠢᠰ ᠬᠠᠭᠠᠨ ᠢ᠋ ᠡᠨᠡ ᠵᠢᠯ ᠳᠦᠭᠦᠷᠲᠡᠯ᠎ᠡ ᠶᠠᠮᠪᠠᠷᠪᠠ ᠲᠡᠢᠨ ᠳ᠋ᠦ᠍ᠷ ᠪᠢᠲᠡᠭᠡᠢ ᠭᠠᠷ᠂ ᠠᠪᠠ ᠠᠶᠠᠨ ᠢ᠋ ᠨᠡᠩᠳᠡ ᠴᠡᠭᠡᠷᠯᠡ ᠬᠡᠮᠡᠵᠦᠬᠦᠢ᠃ ᠲᠡᠳᠦᠢ ᠴᠢᠩᠭᠢᠰ ᠬᠠᠭᠠᠨ ᠲᠠᠢᠬᠡᠦ ᠶ᠋ᠢᠨ ᠵᠠᠷᠯᠢᠭ ᠢ᠋ ᠬᠢᠴᠢᠶᠡᠨ ᠳᠠᠭᠠᠬᠤ ᠬᠠᠷᠢᠭᠤ ᠵᠠᠷᠯᠢᠭ ᠢ᠋ ᠡᠭᠡᠭᠦᠯᠪᠡ᠃
ᠲᠡᠳᠦᠢ ᠨᠢᠳᠤᠨᠤᠨ ᠤ᠋ ᠰᠢᠶᠠ ᠤᠯᠤᠰ ᠪᠠ ᠰᠠᠷᠲᠠᠭᠴᠢᠨ ᠤᠯᠤᠰ᠂ ᠵᠢᠴᠢ ᠤᠢᠭᠤᠷ ᠤᠯᠤᠰ᠂ ᠡᠨᠡ ᠭᠤᠷᠪᠠᠨ ᠤᠯᠤᠰ ᠤ᠋ᠨ ᠳᠠᠭᠠᠭᠰᠠᠨ ᠪᠠᠶᠠᠰᠬᠤᠯᠠᠩ ᠤ᠋ᠨ ᠶᠣᠰᠣᠨ ᠢ᠋ᠶ᠋ᠠᠷ ᠵᠠᠭᠤᠨ ᠲᠦᠰᠢᠮᠡᠳ ᠮᠥᠷᠭᠥᠵᠦ᠂ ᠪᠠᠰᠠ ᠪᠠᠶᠠᠰᠬᠤᠯᠠᠩ ᠤ᠋ᠨ ᠶᠣᠰᠣᠨ ᠢ᠋ᠶ᠋ᠠᠷ ᠲᠡᠭᠷᠢ ᠭᠠᠵᠠᠷ ᠪᠠ ᠤᠷᠢᠳᠤᠰ ᠡᠪᠦᠭᠡᠳ ᠲᠣᠷ ᠲᠠᠬᠢᠬᠤ ᠶ᠋ᠢ ᠠᠢᠯᠠᠳᠬᠠᠭᠰᠠᠨ ᠳ᠋ᠤᠷ ᠬᠠᠭᠠᠨ ᠵᠥᠪᠰᠢᠶᠡᠵᠦ᠂ ᠮᠥᠨ ᠵᠢᠯ ᠦ᠋ᠨ ᠴᠠᠭᠠᠨ ᠰᠠᠷ᠎ᠠ ᠶ᠋ᠢᠨ ᠠᠷᠪᠠᠨ ᠲᠠᠪᠤᠨ᠎ᠠ ᠲᠣᠬᠢᠶᠠᠯᠳᠤᠭᠤᠯᠤᠨ᠂ ᠶᠡᠬᠡ ᠪᠠᠶᠠᠰᠬᠤᠯᠠᠩ ᠤ᠋ᠨ ᠴᠢᠭᠤᠯᠭᠠᠨ ᠴᠢᠭᠤᠯᠵᠤ᠂ ᠲᠡᠭᠷᠢ ᠭᠠᠵᠠᠷ ᠨᠠᠷᠠᠨ ᠰᠠᠷᠠᠨ ᠤ᠋ ᠮᠠᠨᠳᠠᠯ ᠳ᠋ᠤᠷ ᠮᠥᠷᠭᠥᠵᠦ᠂ ᠤᠷᠢᠳᠤᠰ ᠡᠪᠦᠭᠡᠳ ᠢ᠋ ᠳᠠᠬᠢᠭᠠᠳ ᠲᠠᠢᠬᠡᠦ ᠳ᠋ᠦ᠍ᠷ ᠮᠥᠷᠭᠥᠵᠦ ᠵᠠᠭᠤᠨ ᠲᠦᠰᠢᠮᠡᠳ ᠢ᠋ ᠬᠤᠷᠢᠮᠯᠠᠨ ᠱᠠᠩᠨᠠᠬᠤᠢ ᠳ᠋ᠤᠷ ᠲᠠᠪᠤᠨ ᠥᠲᠡᠭᠦᠰ ᠭᠦᠸᠧ ᠯᠤᠤ ᠪᠠ ᠲᠠᠪᠤᠨ ᠲᠠᠢᠰᠢ᠂ ᠵᠢᠴᠢ ᠣᠯᠠᠨ ᠲᠠᠢᠹᠦ᠋᠂ ᠲᠠᠢᠪᠤᠤ᠂ ᠪᠠᠰᠠ ᠭᠤᠷᠪᠠᠨ ᠵᠡᠷᠭᠡ ᠶ᠋ᠢᠨ ᠲᠠᠢᠹᠦ᠋ ᠲᠦᠰᠢᠮᠡᠳ ᠡᠴᠡ ᠳᠠᠷᠠᠭᠠᠯᠠᠨ ᠴᠡᠷᠢᠭ ᠢᠷᠭᠡᠨ ᠳ᠋ᠦ᠍ᠷ ᠬᠦᠷᠲᠡᠯ᠎ᠡ ᠳᠡᠰ ᠳᠡᠰ ᠢ᠋ᠶ᠋ᠡᠷ ᠡᠷᠭᠦᠮᠵᠢᠯᠡᠨ ᠱᠠᠩᠨᠠᠵᠤ᠂ ᠲᠦᠮᠡᠨ ᠦ᠌ ᠨᠣᠶᠠᠨ᠂ ᠮᠢᠩᠭᠠᠨ ᠤ᠋ ᠨᠣᠶᠠᠨ᠂ ᠵᠠᠭᠤᠨ ᠤ᠋ ᠨᠣᠶᠠᠨ᠂ ᠠᠷᠪᠠᠨ ᠤ᠋ ᠨᠣᠶᠠᠨ ᠵᠡᠷᠭᠡ ᠬᠢᠷᠢ ᠬᠤᠪᠢ ᠶ᠋ᠢ ᠦᠵᠡᠵᠦ ᠡᠷᠭᠦᠬᠦᠶᠡ᠂ ᠭᠠᠭᠴᠠ ᠬᠦᠯᠦᠭ ᠪᠤᠭᠤᠷᠵᠢ ᠶ᠋ᠢ ᠤᠮᠠᠷᠲᠠᠵᠤ ᠥᠴᠦᠬᠡᠨ ᠪᠠᠰᠠ ᠡᠰᠡ ᠳᠤᠷᠠᠳᠤᠭᠰᠠᠨ ᠳ᠋ᠤᠷ ᠮᠤᠬᠤᠯᠢ ᠰᠠᠨᠠᠭᠤᠯᠤᠨ ᠠᠢᠯᠠᠳᠬᠠᠰᠤᠭᠠᠢ ᠬᠡᠮᠡᠭᠡᠳ ᠭᠡᠨᠡᠳᠲᠡ ᠨᠢᠭᠡᠨ ᠰᠠᠨᠠᠭᠠᠨ ᠣᠯᠵᠤ᠂ ᠡᠨᠡ ᠯᠠᠪ ᠡᠵᠡᠨ ᠦ᠌ ᠥᠪᠡᠷ᠎ᠡ ᠨᠢᠭᠡᠨ ᠰᠠᠨᠠᠭᠠᠨ ᠪᠣᠢ ᠪᠣᠯᠪᠠᠤ ᠭᠡᠮᠡᠨ ᠳᠠᠭᠤᠨ ᠭᠠᠷᠤᠭᠰᠠᠨ ᠦᠭᠡᠢ᠃ ᠣᠯᠠᠨ ᠲᠠᠢᠰᠢ ᠨᠠᠷ ᠪᠤᠭᠤᠷᠵᠢ ᠶ᠋ᠢ ᠤᠮᠠᠷᠲᠠᠬᠤ ᠶᠣᠰᠣ ᠪᠣᠢ ᠤᠤ ? ᠭᠡᠮᠡᠨ ᠮᠥᠨ ᠤᠪᠠᠢᠯᠠᠭᠰᠠᠨ ᠦᠭᠡᠢ᠃ ᠪᠠᠭ᠎ᠠ ᠰᠠᠢᠳ ᠬᠡᠳᠦᠢ ᠮᠡᠳᠡᠪᠡᠴᠦ ᠳᠡᠭᠡᠳᠦ ᠰᠠᠢᠳ ᠳᠠᠭᠤᠨ ᠡᠰᠡ ᠭᠠᠷᠤᠭᠰᠠᠨ ᠳ᠋ᠤᠷ ᠤᠴᠢᠷ ᠢ᠋ ᠮᠥᠨ ᠮᠡᠳᠡᠭᠰᠡᠨ ᠦᠭᠡᠢ᠃ ᠵᠠᠭᠤᠨ ᠲᠦᠰᠢᠮᠡᠳ ᠬᠡᠰᠢᠭ ᠲᠣᠷ ᠮᠥᠷᠭᠥᠬᠦᠢ ᠳ᠋ᠦ᠍ᠷ ᠪᠤᠭᠤᠷᠵᠢ ᠮᠥᠨ ᠳᠠᠭᠠᠵᠤ ᠮᠥᠷᠭᠥᠪᠡ᠃ ᠣᠯᠠᠨ ᠬᠥᠮᠦᠨ ᠤᠴᠢᠷ ᠢ᠋ ᠤᠬᠠᠭᠰᠠᠨ ᠦᠭᠡᠢ᠃ ᠵᠠᠭᠤᠨ ᠲᠦᠰᠢᠮᠡᠳ ᠬᠥᠭᠵᠢᠯᠳᠦᠨ ᠬᠤᠷᠢᠮᠯᠠᠬᠤᠢ ᠳ᠋ᠤᠷ ᠬᠠᠭᠠᠨ ᠤ᠋ ᠭᠡᠭᠡᠨ ᠮᠥᠨ ᠪᠠᠶᠠᠰᠬᠤᠯᠠᠩ ᠲᠥᠷᠥᠲᠡᠯᠡ ᠵᠣᠭᠣᠭ ᠬᠢᠪᠡ᠂ ᠰᠥᠨᠢ ᠲᠡᠷᠭᠡᠯ ᠰᠠᠷᠠᠨ ᠳ᠋ᠤᠷ ᠶᠢᠰᠦᠨ ᠵᠦᠢᠯ ᠦ᠋ᠨ ᠱᠠᠪᠠᠩ ᠬᠥᠭᠵᠢᠮ ᠡᠮᠦᠨ᠎ᠡ ᠭᠠᠵᠠᠷ ᠤ᠋ᠨ ᠵᠦᠴᠦᠭᠡ ᠬᠥᠭᠵᠢᠮ ᠴᠥᠮ ᠪᠦᠷᠢᠳᠦᠭᠰᠡᠨ ᠲᠤᠯᠠ ᠡᠨᠡ ᠬᠤᠷᠢᠮ ᠡᠩ ᠦ᠋ᠨ ᠬᠤᠷᠢᠮ ᠳ᠋ᠤᠷ ᠠᠳᠠᠯᠢᠳᠬᠠᠵᠤ ᠦᠯᠦ ᠪᠣᠯᠤᠮᠤᠢ᠂ ᠡᠨᠡ ᠦᠶ᠎ᠡ ᠳ᠋ᠦ᠍ᠷ ᠮᠣᠩᠭᠣᠯ ᠤᠯᠤᠰ ᠲᠤᠷ ᠳᠥᠷᠪᠡᠨ ᠬᠢᠵᠠᠭᠠᠷ ᠤ᠋ᠨ ᠡᠷᠳᠡᠮᠲᠡᠨ ᠪᠠ ᠨᠠᠷᠢᠨ ᠢᠳᠡᠭᠡᠨ ᠪᠦᠷᠢᠳᠦᠭᠰᠡᠨ ᠲᠤᠯᠠ ᠣᠯᠠᠨ ᠮᠣᠩᠭᠣᠯ ᠤ᠋ᠨ ᠦᠯᠦ ᠲᠠᠨᠢᠬᠤ ᠢᠳᠡᠭᠡᠨ ᠤᠮᠳᠠᠭᠠᠨ ᠤ᠋ ᠰᠣᠨᠢᠨ ᠰᠠᠢᠬᠠᠨ ᠢ᠋ ᠣᠯᠠᠨ ᠢ᠋ᠶ᠋ᠠᠷ ᠦᠵᠡᠵᠦ ᠂ ᠦᠨᠡᠬᠡᠷ ᠲᠡᠭᠷᠢ ᠶ᠋ᠢᠨ ᠬᠥᠪᠡᠭᠦᠨ ᠢ᠋ ᠳᠠᠭᠠᠭᠰᠠᠨ ᠢ᠋ᠶ᠋ᠠᠷ ᠲᠡᠭᠷᠢ ᠶ᠋ᠢᠨ ᠢᠳᠡᠭᠡᠨ ᠢ᠋ ᠢᠳᠡᠮᠦᠢ ᠭᠡᠮᠡᠨ ᠭᠠᠢᠬᠠᠯᠳᠤᠮᠤᠢ᠂ ᠲᠡᠳᠦᠢ ᠰᠢᠶᠠ ᠤᠯᠤᠰ ᠤ᠋ᠨ ᠵᠦᠴᠦᠭᠡ ᠪᠡᠷ ᠥᠪᠡᠷ ᠦ᠋ᠨ ᠤᠯᠤᠰ ᠤ᠋ᠨ ᠵᠠᠩᠵᠤᠨ ᠴᠡᠷᠢᠭ ᠦ᠋ᠨ ᠭᠠᠢᠬᠠᠯ ᠦᠵᠡᠮᠵᠢ ᠶ᠋ᠢ ᠳᠠᠭᠤᠯᠠᠭᠤᠯᠤᠨ ᠰᠥᠨᠢ ᠳᠦᠯᠢ ᠪᠣᠯᠵᠤ ᠬᠤᠷᠢᠮ ᠲᠠᠷᠬᠠᠭᠰᠠᠨ ᠳ᠋ᠤᠷ ᠣᠯᠠᠨ ᠬᠥᠮᠦᠨ ᠦᠵᠡᠪᠡᠰᠦ ᠪᠤᠭᠤᠷᠵᠢ ᠪᠡᠶ᠎ᠡ ᠪᠡᠨ ᠤᠮᠠᠷᠲᠠᠪᠠ ᠭᠡᠮᠡᠨ ᠰᠠᠨᠠᠬᠤ ᠶᠠᠪᠤᠳᠠᠯ ᠪᠠᠢᠳᠠᠯ ᠥᠴᠦᠬᠡᠨ ᠴᠦ᠍ ᠦᠭᠡᠢ᠃ ᠭᠠᠭᠴᠠ ᠨᠡᠩ ᠢᠯᠡᠭᠦᠦ ᠠᠷᠢᠬᠢ ᠤᠤᠭᠤᠵᠤ ᠮᠠᠰᠢ ᠰᠣᠭᠲᠣᠭᠰᠠᠨ ᠳ᠋ᠤᠷ ᠬᠠᠭᠠᠨ ᠰᠢᠳᠠᠷ ᠬᠢᠶ᠎ᠡ ᠮᠠᠨᠵᠢᠨ ᠢ᠋ᠶ᠋ᠠᠷ ᠲᠦᠰᠢᠭᠦᠯᠦᠨ ᠬᠦᠷᠭᠡᠭᠦᠯᠪᠡ᠃ ᠲᠡᠳᠦᠢ ᠬᠠᠭᠠᠨ ᠤ᠋ ᠭᠡᠭᠡᠨ ᠯᠤᠤ ᠶ᠋ᠢᠨ ᠵᠤᠯᠠ ᠲᠡᠭᠷᠢ ᠭᠠᠵᠠᠷ ᠭᠡᠢᠲᠡᠯ᠎ᠡ ᠰᠢᠲᠠᠭᠠᠭᠰᠠᠨᠠ ᠬᠠᠷᠰᠢ ᠳ᠋ᠤᠷ ᠰᠠᠭᠤᠵᠤ᠂ ᠨᠢᠭᠡᠨ ᠵᠡᠷᠭᠡ ᠪᠥᠬᠡ ᠪᠠᠭᠠᠲᠤᠳ ᠢ᠋ ᠦᠵᠡᠵᠦ ᠰᠡᠴᠡᠳ ᠰᠠᠢᠳ ᠢ᠋ ᠳᠠᠭᠠᠭᠤᠯᠤᠨ ᠵᠦᠩ ᠬᠡᠩᠭᠡᠷᠭᠡ ᠴᠣᠬᠢᠭᠤᠯᠵᠤ ᠳᠣᠲᠣᠷ᠎ᠠ ᠵᠠᠯᠠᠷᠠᠨ᠂ ᠵᠠᠭᠤᠨ ᠲᠦᠰᠢᠮᠡᠳ ᠰᠠᠷᠠᠨ ᠲᠤᠨᠣᠯᠮᠠ ᠭᠡᠷᠡᠯ ᠳ᠋ᠦ᠍ᠷ ᠲᠠᠷᠬᠠᠯᠴᠠᠨ ᠪᠠᠭᠤᠵᠤ ᠢᠷᠡᠭᠡᠳ ᠵᠦᠭ ᠪᠦᠷᠢ ᠲᠡᠷᠭᠡ ᠮᠣᠷᠢ ᠳ᠋ᠤᠷ ᠢ᠋ᠶ᠋ᠠᠨ ᠭᠠᠷᠴᠤ ᠲᠠᠷᠬᠠᠯᠴᠠᠨ ᠡᠴᠢᠬᠦᠶ᠎ᠡ᠂ ᠤᠨᠤᠨ ᠮᠥᠷᠡᠨ ᠦ᠌ ᠬᠥᠯᠳᠡᠭᠰᠡᠨ ᠮᠥᠰᠥ ᠮᠥᠩᠭᠥᠨ ᠦ᠌ ᠳᠠᠪᠠᠷᠬᠠᠢ ᠮᠡᠲᠦ᠂ ᠲᠡᠭᠰᠢ ᠲᠠᠯ᠎ᠠ ᠠᠨᠤ ᠬᠡᠪᠢᠰ ᠳᠡᠯᠭᠡᠭᠰᠡᠨ ᠠᠳᠠᠯᠢ᠂ ᠵᠠᠭᠤᠨ ᠲᠦᠰᠢᠮᠡᠳ ᠦ᠋ᠨ ᠳᠥᠷᠪᠡᠨ ᠵᠦᠭ ᠮᠣᠷᠢᠯᠠᠨ ᠶᠠᠪᠤᠵᠤ ᠤᠷᠲᠤ ᠡᠬᠡᠰᠢᠭ ᠲᠠᠲᠠᠵᠤ ᠳᠤᠤᠭᠠᠷᠤᠯᠴᠠᠬᠤ ᠠᠨᠤ ᠨᠠᠮᠤᠷ ᠤ᠋ᠨ ᠦᠶ᠎ᠡ ᠭᠠᠯᠠᠭᠤ ᠳᠡᠭᠡᠰᠦᠯᠡᠬᠦ ᠠᠳᠠᠯᠢ᠃ ᠬᠠᠭᠠᠨ ᠤ᠋ ᠣᠷᠳᠣᠨ ᠳ᠋ᠤᠷ ᠬᠥᠭ ᠳᠠᠭᠤᠨ ᠰᠣᠨᠢᠨ ᠡᠭᠡᠰᠢᠭᠯᠡᠬᠦ ᠢᠨᠦ ᠲᠡᠭᠷᠢ ᠶ᠋ᠢᠨ ᠡᠬᠡᠰᠢᠭ ᠮᠡᠲᠦ᠃
ᠲᠡᠳᠦᠢ ᠬᠠᠭᠠᠨ ᠤ᠋ ᠭᠡᠭᠡᠨ ᠳᠣᠲᠣᠭᠠᠳᠤ ᠣᠷᠲᠣᠨ᠎ᠠ ᠵᠠᠯᠠᠷᠠᠨ ᠢᠷᠡᠪᠡᠰᠦ᠂ ᠭᠡᠷᠡᠯᠲᠦ ᠶᠡᠬᠡᠮᠰᠦᠭ ᠬᠤᠸᠠᠩᠬᠡᠦ ᠬᠠᠭᠠᠨ ᠢ᠋ ᠤᠭᠲᠤᠨ ᠭᠠᠷᠴᠤ ᠠᠷᠴᠢ ᠬᠦᠵᠢ ᠽᠠᠨᠳᠠᠨ ᠬᠥᠬᠥ ᠰᠢᠲᠠᠭᠠᠨ᠂ ᠲᠣᠨᠣᠯᠮᠠ ᠰᠠᠷᠠᠨ ᠤ᠋ ᠭᠡᠷᠡᠯ ᠳ᠋ᠦ᠍ᠷ ᠪᠠᠰᠠ ᠵᠠᠭᠤᠨ ᠵᠦᠢᠯ ᠦ᠋ᠨ ᠬᠥᠭᠵᠢᠮ ᠬᠣᠯᠠ ᠰᠣᠨᠣᠰᠳᠠᠵᠤ᠂ ᠬᠤᠸᠠᠩᠬᠡᠦ ᠶ᠋ᠢᠨ ᠠᠰᠠᠷᠲᠤ ᠣᠷᠳᠣᠨ ᠳ᠋ᠤᠷ ᠳᠣᠲᠣᠭᠠᠳᠤ ᠭᠡᠷ ᠦ᠋ᠨ ᠬᠤᠷᠢᠮ ᠪᠡᠯᠡᠳᠬᠡᠨ ᠬᠠᠭᠠᠨ ᠢ᠋ ᠬᠦᠯᠢᠶᠡᠭᠰᠡᠨ ᠠᠵᠤᠭᠤ᠃ ᠬᠣᠢᠨ᠎ᠠ ᠭᠤᠷᠪᠠᠨ ᠹᠧᠢ᠂ ᠶᠢᠰᠦᠨ ᠦᠵᠡᠰᠬᠦᠯᠡᠩ ᠰᠠᠢᠳ ᠴᠥᠮ ᠢᠷᠡᠵᠦ᠂ ᠬᠠᠭᠠᠨ ᠬᠤᠸᠠᠩᠬᠡᠦ ᠬᠣᠶᠠᠭᠤᠯᠠ ᠡᠰᠡᠷᠭᠦᠯᠡᠨ ᠰᠠᠭᠤᠯᠴᠠᠭᠰᠠᠨ ᠬᠣᠢᠨ᠎ᠠ ᠭᠤᠷᠪᠠᠨ ᠹᠧᠢ᠂ ᠣᠯᠠᠨ ᠣᠷᠳᠣᠨ ᠤ᠋ ᠡᠷᠬᠡᠲᠦ ᠰᠠᠢᠳ ᠢ᠋ ᠠᠪᠴᠤ ᠮᠥᠷᠭᠥᠵᠦ᠂ ᠬᠠᠭᠠᠨ ᠶᠣᠰᠣᠨ ᠤ᠋ ᠬᠤᠷᠢᠮ ᠳ᠋ᠤᠷ ᠥᠯᠵᠡᠢᠲᠦ ᠲᠠᠷᠠᠭ᠂ ᠪᠡᠯᠭᠡᠲᠦ ᠲᠣᠰᠣᠨ ᠢ᠋ ᠠᠮᠰᠠᠵᠤ᠂ ᠳᠥᠷᠪᠡᠨ ᠲᠠᠢᠽᠢ ᠪᠡᠷᠢᠶᠡᠳ ᠢᠨᠦ ᠠᠷᠢᠬᠢ ᠪᠠᠷᠢᠵᠤ ᠭᠡᠷ ᠦ᠋ᠨ ᠶᠣᠰᠣᠯᠠᠯ ᠲᠡᠭᠦᠰᠦᠭᠰᠡᠨ ᠬᠣᠢᠨ᠎ᠠ᠂ ᠭᠡᠷᠡᠯᠲᠦ ᠶᠡᠬᠡᠮᠰᠦᠭ ᠬᠤᠸᠠᠩᠬᠡᠦ᠂ ᠬᠠᠭᠠᠨ ᠤ᠋ ᠵᠦᠭ ᠠᠢᠯᠠᠳᠬᠠᠷᠤᠨ᠄
ᠪᠡᠷᠬᠡ ᠭᠠᠰᠢᠭᠤᠨ ᠶᠠᠪᠤᠬᠤ ᠴᠠᠭ ᠲᠤᠷ ᠪᠡᠶ᠎ᠡ ᠶ᠋ᠢᠨ ᠬᠦᠴᠦᠨ ᠢ᠋ᠶ᠋ᠡᠨ ᠥᠭᠭᠦᠭᠰᠡᠨ
ᠳᠠᠷᠤᠯᠬᠠᠲᠠᠨ ᠭᠢᠰᠬᠢᠯᠡᠭᠳᠡᠨ ᠶᠠᠪᠤᠬᠤ ᠴᠠᠭ ᠲᠤᠷ ᠳᠠᠯᠲᠠᠷᠢᠯ ᠦᠭᠡᠢ ᠵᠢᠳᠬᠦᠭᠰᠡᠨ᠂
ᠠᠯᠠᠭᠳᠠᠬᠤ ᠳᠠᠢᠰᠤᠨ᠎ᠠ ᠠᠮᠢ ᠶᠤᠭᠠᠨ ᠲᠡᠪᠴᠢᠵᠦ ᠪᠠᠢᠯᠳᠤᠨ ᠣᠷᠣᠵᠤ
ᠰᠢᠶᠠ ᠤᠯᠤᠰ ᠤ᠋ᠨ ᠭᠤᠷᠪᠠᠨ ᠵᠠᠩᠵᠤᠨ ᠢ᠋ ᠳᠠᠷᠠᠭ᠎ᠠ ᠪᠠᠷ ᠠᠮᠢᠳᠤ ᠪᠠᠷᠢᠭ᠍ᠰᠠᠨ ᠠᠨᠤ᠂
ᠬᠠᠭᠠᠨ ᠡᠵᠡᠨ ᠦ᠌ ᠠᠩᠬ᠎ᠠ ᠤᠴᠠᠷᠠᠭᠰᠠᠨ ᠬᠦᠯᠦᠭ ᠲᠠᠢᠪᠤᠤ ᠪᠤᠭᠤᠷᠵᠢ ᠪᠤᠰᠤ ᠤᠤ ?
ᠬᠠᠮᠤᠭ ᠤ᠋ᠨ ᠪᠣᠭᠳᠠ ᠡᠨᠡ ᠡᠳᠦᠷ ᠬᠡᠰᠢᠭ ᠱᠠᠩ ᠡᠷᠭᠦᠮᠵᠢᠯᠡᠨ ᠬᠦᠷᠲᠡᠭᠡᠬᠦᠢ ᠳ᠋ᠦ᠍ᠷ
ᠬᠠᠯᠠᠬᠠᠢ ᠶᠠᠭᠠᠬᠢᠨ ᠬᠠᠭᠠᠴᠠᠯ ᠦᠭᠡᠢ ᠵᠢᠳᠬᠦᠯᠳᠦ ᠬᠦᠯᠦᠭ ᠪᠤᠭᠤᠷᠵᠢ ᠪᠠᠨ ᠤᠮᠠᠷᠲᠠᠪᠠᠢ ?
ᠬᠠᠰ ᠲᠥᠷᠥ ᠶ᠋ᠢᠨ ᠳᠣᠲᠣᠷ᠎ᠠ ᠭᠠᠳᠠᠨ᠎ᠠ ᠠᠶᠤᠯᠳᠤᠨ ᠪᠤᠷᠬᠢᠷᠠᠯᠳᠤᠨ ᠠᠮᠤᠢ !
ᠬᠡᠮᠡᠭᠰᠡᠨ ᠳ᠋ᠦ᠍ᠷ ᠬᠠᠭᠠᠨ ᠮᠦᠰᠢᠶᠡᠵᠦ ᠵᠠᠷᠯᠢᠭ ᠪᠣᠯᠤᠷᠤᠨ : 《ᠬᠤᠸᠠᠩᠬᠡᠦ ᠴᠢ ᠡᠰᠡ ᠮᠡᠳᠡᠪᠡ᠃ ᠪᠢ ᠶᠠᠭᠤᠨ ᠳ᠋ᠤᠷ ᠲᠡᠭᠦᠨ ᠢ᠋ ᠤᠮᠠᠷᠲᠠᠬᠤ ᠪᠣᠢ ! ᠪᠢ ᠡᠨᠡ ᠡᠳᠦᠷ ᠦ᠋ᠨ ᠬᠤᠷᠢᠮ ᠳ᠋ᠤᠷ ᠣᠨᠴᠠ ᠪᠤᠭᠤᠷᠵᠢ ᠶ᠋ᠢᠨ ᠰᠢᠳᠤᠷᠭᠤ ᠮᠡᠷᠭᠡᠨ ᠡᠷᠳᠡᠮ ᠢ᠋ ᠣᠯᠠᠨ ᠳ᠋ᠤᠷ ᠢᠯᠡᠷᠬᠡᠢᠯᠡᠨ ᠮᠡᠳᠡᠭᠳᠡᠰᠦᠭᠡᠢ ᠬᠡᠮᠡᠭᠰᠡᠨ ᠪᠥᠯᠥᠭᠡ᠃ ᠪᠤᠭᠤᠷᠵᠢ ᠮᠢᠨᠦ ᠦᠯᠦ ᠰᠠᠨᠠᠭᠠᠯᠵᠠᠬᠤᠢ ᠳ᠋ᠤᠷ ᠲᠡᠷᠡ ᠪᠢᠴᠢᠬᠠᠨ ᠴᠤ᠌ ᠦᠯᠦ ᠮᠠᠭᠤ ᠰᠠᠨᠠᠮᠤᠢ᠂ ᠲᠡᠷᠡ ᠡᠰᠡᠬᠦᠯ᠎ᠡ ᠮᠢᠨᠦ ᠨᠢᠭᠡᠨ ᠥᠪᠡᠷ᠎ᠡ ᠰᠠᠨᠠᠭᠠᠨ ᠠᠬᠤ ᠶ᠋ᠢ ᠮᠡᠳᠡᠮᠦᠢ᠂ ᠡᠰᠡᠬᠦᠯ᠎ᠡ ᠡᠵᠡᠨ ᠮᠢᠨᠦ ᠣᠯᠠᠨ ᠬᠡᠷᠡᠭ ᠢ᠋ ᠪᠣᠳᠣᠭᠰᠠᠭᠠᠷ ᠪᠠᠬᠠᠨ ᠰᠠᠭᠠᠲᠠᠪᠠ ᠬᠡᠮᠡᠬᠦ ᠪᠣᠢ ᠶᠠ᠃ ᠲᠡᠷᠡ ᠬᠡᠷᠬᠢᠪᠡᠴᠦ ᠨᠠᠳᠠ ᠳ᠋ᠤᠷ ᠮᠠᠭᠤ ᠦᠯᠦ ᠰᠠᠨᠠᠮᠤᠢ᠂ ᠯᠠᠪ ᠭᠡᠷ ᠲᠡᠭᠡᠨ ᠪᠠᠰᠠ ᠬᠦ᠌ ᠰᠠᠢᠨ ᠦᠭᠡ ᠥᠭᠦᠯᠡᠵᠦ ᠰᠠᠭᠤᠮᠤᠢ᠃ ᠪᠢ ᠰᠢᠳᠠᠷ ᠬᠢᠶ᠎ᠡ ᠮᠠᠨᠵᠢᠨ ᠢ᠋ᠶ᠋ᠠᠷ ᠬᠦᠷᠭᠡᠭᠦᠯᠦᠨ ᠢᠯᠡᠭᠡᠪᠡ᠃ ᠲᠡᠷᠡ ᠡᠨᠡ ᠰᠥᠨᠢ ᠡᠭᠡᠵᠦ ᠢᠷᠡᠮᠦᠢ᠂ ᠯᠠᠪ ᠮᠢᠨᠦ ᠬᠡᠯᠡᠭᠰᠡᠨ ᠡᠴᠡ ᠦᠯᠦ ᠭᠠᠷᠤᠮᠤᠢ ! 》ᠭᠡᠮᠡᠨ ᠯᠤᠤ ᠶ᠋ᠢᠨ ᠰᠢᠷᠡᠭᠡᠨ᠎ᠡ ᠨᠣᠢᠷᠰᠤᠪᠠᠢ᠃
ᠲᠡᠳᠦᠢ ᠬᠢᠶ᠎ᠡ ᠮᠠᠨᠵᠢᠨ ᠲᠠᠢᠪᠤᠤ ᠶ᠋ᠢ ᠲᠦᠰᠢᠵᠦ ᠭᠡᠷ ᠲᠦ᠍ᠷ ᠬᠦᠷᠭᠡᠭᠡᠳ ᠳᠣᠲᠣᠷ᠎ᠠ ᠬᠦᠷᠢᠶ᠎ᠡ ᠳ᠋ᠦ᠍ᠷ ᠡᠭᠡᠵᠦ ᠢᠷᠡᠬᠦᠶ᠎ᠡ᠂ ᠲᠠᠢᠪᠤᠤ ᠪᠤᠭᠤᠷᠵᠢ᠂ ᠬᠠᠭᠠᠨ ᠤ᠋ ᠵᠠᠬᠢᠷᠤᠭᠰᠠᠨ ᠬᠥᠮᠦᠨ ᠳ᠋ᠦ᠍ ᠱᠠᠩ ᠥᠭᠴᠦ ᠪᠣᠯᠬᠤ ᠦᠭᠡᠢ ᠲᠤᠯᠠ ᠲᠠᠯ᠎ᠠ ᠬᠡᠯᠡᠵᠦ ᠡᠭᠡᠭᠦᠯᠪᠡ᠃ ᠮᠠᠨᠵᠢᠨ ᠶᠠᠭᠠᠷᠠᠨ ᠭᠠᠷᠴᠤ ᠢᠷᠡᠨ ᠲᠡᠭᠦᠨ ᠦ᠌ ᠴᠣᠩᠬᠣᠨ ᠤ᠋ ᠳᠣᠣᠷᠠᠬᠢ ᠲᠣᠰᠣ ᠬᠤᠷᠤᠳ ᠤ᠋ᠨ ᠰᠠᠩ ᠳ᠋ᠤᠷ ᠣᠷᠣᠵᠤ ᠰᠠᠭᠤᠨ ᠴᠢᠩᠨᠠᠬᠤᠢ ᠳ᠋ᠤᠷ ᠲᠠᠢᠪᠤᠤ ᠪᠤᠭᠤᠷᠵᠢ ᠶ᠋ᠢᠨ ᠡᠮ᠎ᠡ ᠲᠡᠭᠦᠰ ᠭᠤᠸ᠎ᠠ ᠬᠠᠲᠤᠨ ᠠᠨᠤ ᠤᠭᠲᠤᠵᠤ ᠴᠠᠢ ᠪᠠᠷᠢᠭᠤᠯᠵᠤ ᠦᠭᠡ ᠬᠡᠯᠡᠯᠴᠡᠭᠰᠡᠭᠡᠷ ᠳᠠᠷᠤᠢ ᠠᠰᠠᠭᠤᠷᠤᠨ:《ᠬᠠᠭᠠᠨ ᠡᠵᠡᠨ ᠡᠨᠡ ᠡᠳᠦᠷ ᠤᠯᠤᠰ ᠤ᠋ᠨ ᠰᠠᠢᠳ ᠨᠣᠶᠠᠳ ᠢ᠋ ᠭᠠᠪᠢᠶ᠎ᠠ ᠳ᠋ᠤᠷ ᠡᠷᠭᠦᠮᠵᠢᠯᠡᠮᠦᠢ ᠬᠡᠮᠡᠮᠦ᠂ ᠡᠷᠭᠢᠨ ᠨᠥᠬᠥᠷ ᠢ᠋ ᠶᠠᠭᠤᠨ ᠡᠷᠭᠦᠮᠵᠢᠯᠡᠪᠡ ? ᠪᠢ ᠣᠯᠠᠨ ᠤ᠋ ᠳᠦᠷᠬᠢᠷᠡᠨ ᠬᠡᠯᠡᠯᠴᠡᠬᠦ ᠶ᠋ᠢ ᠰᠣᠨᠣᠰᠪᠠᠰᠤ᠂ ᠡᠨᠡ ᠡᠳᠦᠷ ᠦ᠋ᠨ ᠬᠦᠨᠳᠦ ᠡᠷᠭᠦᠮᠵᠢᠯᠡᠯ ᠳ᠋ᠦ᠍ᠷ ᠡᠷᠭᠢᠨ ᠨᠥᠬᠥᠷ ᠴᠢᠮᠠᠶ᠋ᠢ ᠬᠠᠭᠠᠨ ᠰᠠᠨᠠᠭᠠᠨ ᠳ᠋ᠤᠷ ᠡᠰᠡ ᠣᠷᠣᠵᠤ ᠤᠮᠠᠷᠲᠠᠪᠠ ᠬᠡᠮᠡᠮᠦᠢ᠃ ᠪᠢ ᠪᠣᠳᠣᠪᠠᠰᠤ ᠨᠥᠬᠥᠷ ᠴᠢ ᠬᠠᠭᠠᠨ ᠤ᠋ ᠪᠦᠲᠦᠬᠦᠢ ᠶ᠋ᠢᠨ ᠤᠷᠢᠳᠠ ᠤᠴᠠᠷᠠᠵᠤ᠂ ᠪᠦᠷᠢᠨ ᠲᠥᠷᠥ ᠶ᠋ᠢ ᠢᠨᠤ ᠬᠠᠪᠰᠤᠷᠴᠤ ᠪᠦᠬᠦ ᠦᠢᠯᠡᠰ ᠢ᠋ ᠢᠨᠦ ᠪᠦᠲᠦᠭᠡᠵᠦ᠂ ᠪᠦᠬᠦᠨ ᠡᠴᠡ ᠦᠯᠡᠮᠵᠢ ᠬᠦᠴᠦᠨ ᠢ᠋ᠶ᠋ᠡᠨ ᠦᠭᠯᠦᠭᠡ ᠴᠢ᠂ ᠲᠥᠷᠥᠭᠰᠡᠨ ᠡᠬᠡ ᠶᠦ᠍ᠭᠡᠨ ᠤᠮᠠᠷᠲᠠᠵᠤ᠂ ᠠᠪᠤᠭᠰᠠᠨ ᠡᠮ᠎ᠡ ᠥᠬᠢᠨ ᠦᠷ᠎ᠡ ᠪᠡᠨ ᠣᠷᠬᠢᠵᠤ᠂ ᠡᠵᠡᠨ ᠬᠠᠭᠠᠨ ᠤ᠋ ᠡᠮᠦᠨ᠎ᠡ ᠵᠢᠳᠬᠦᠵᠦ ᠬᠦᠴᠦᠨ ᠢ᠋ᠶ᠋ᠡᠨ ᠥᠭᠴᠦ ᠤᠷᠢᠳᠠ ᠵᠣᠪᠠᠪᠠᠴᠤ ᠬᠣᠢᠨ᠎ᠠ ᠵᠢᠷᠭᠠᠮᠤᠢ ᠬᠡᠮᠡᠭᠰᠡᠨ ᠪᠥᠯᠥᠭᠡ᠃ ᠪᠣᠭᠳᠠ ᠡᠵᠡᠨ ᠡᠨᠡ ᠡᠳᠦᠷ ᠨᠡᠢᠲᠡ ᠪᠦᠭᠦᠳᠡ ᠶ᠋ᠢ ᠡᠷᠭᠦᠨ ᠱᠠᠩᠨᠠᠬᠤ ᠪᠥᠭᠡᠳ ᠦᠬᠦᠲᠡᠯ᠎ᠡ ᠵᠢᠳᠬᠦᠭᠰᠡᠨ ᠨᠥᠬᠥᠷ ᠴᠢᠮᠠᠶ᠋ᠢ ᠶᠠᠭᠠᠬᠢᠨ ᠤᠮᠠᠷᠳᠠᠯ ᠪᠣᠯᠪᠠ ? ᠲᠥᠷᠥ ᠲᠡᠭᠷᠢ ᠲᠦᠮᠡᠨ ᠨᠣᠶᠠᠨ ᠢ᠋ ᠴᠢ ᠬᠡᠷᠬᠢᠨ ᠦᠵᠡᠵᠦ ᠬᠤᠷᠢᠮᠯᠠᠪᠠ ? 》ᠬᠡᠮᠡᠭᠰᠡᠨ ᠳ᠋ᠦ᠍ᠷ ᠪᠤᠭᠤᠷᠵᠢ ᠢᠨᠢᠶᠡᠨ ᠥᠭᠦᠯᠡᠷᠦᠨ :《ᠡᠷᠲᠡᠨ ᠦ᠌ ᠥᠯᠥᠬᠢ ᠦᠭᠡᠨ ᠳ᠋ᠦ᠍ᠷ < ᠡᠮᠬᠦᠬᠦ ᠬᠡᠰᠢᠭ ᠲᠣᠷ ᠦᠯᠦ ᠬᠣᠪᠳᠣᠭᠯᠠᠭᠳᠠᠬᠤᠢ᠂ ᠦᠷᠭᠦᠯᠵᠢ ᠶᠠᠪᠤᠵᠤ ᠬᠦᠴᠦᠨ ᠢ᠋ᠶ᠋ᠡᠨ ᠥᠭᠭᠦᠭᠳᠡᠬᠦᠢ᠃ ᠦᠯᠡᠮᠵᠢ ᠥᠭᠯᠢᠭᠡ ᠳ᠋ᠦ᠍ᠷ ᠦᠯᠦ ᠬᠣᠪᠳᠣᠭᠯᠠᠭᠳᠠᠬᠤᠢ᠂ ᠤᠷᠢᠳᠠ ᠵᠢᠳᠬᠦᠵᠦ ᠬᠦᠴᠦᠨ ᠢ᠋ᠶ᠋ᠡᠨ ᠥᠭᠭᠦᠭᠳᠡᠬᠦᠢ > ᠬᠡᠮᠡᠭᠰᠡᠨᠴᠢᠯᠡᠨ᠂ ᠡᠬᠡᠨᠡᠷ ᠬᠥᠮᠦᠨ ᠦ᠌ ᠵᠢᠯᠣᠭᠣ ᠣᠬᠣᠷ ᠰᠡᠳᠬᠢᠯ ᠴᠢᠬᠤᠯ᠂ ᠡᠷᠬᠡᠲᠦ ᠲᠡᠭᠷᠢ ᠡᠵᠡᠨ ᠦ᠌ ᠮᠢᠨᠦ ᠠᠯᠲᠠᠨ ᠣᠭᠣᠰᠣᠷ ᠪᠠᠲᠤ ᠪᠣᠯᠤᠭᠠᠳ ᠠᠷᠠᠢ ᠶᠡᠬᠡᠰ ᠬᠠᠰ ᠲᠥᠷᠥ ᠢᠨᠦ ᠡᠩᠬᠡ ᠲᠥᠪᠰᠢᠨ᠎ᠡ ᠠᠪᠠᠰᠤ ᠬᠦᠷᠲᠡᠭᠡᠭᠰᠡᠨ ᠬᠡᠰᠢᠭ ᠢ᠋ ᠲᠦᠮᠡᠨ ᠣᠨ ᠳ᠋ᠤᠷ ᠠᠯᠢ ᠡᠳᠦᠷ ᠦᠯᠦ ᠬᠦᠷᠲᠡᠬᠦ ᠪᠣᠢ ? ᠡᠳᠦᠭᠡ ᠮᠥᠨ ᠶᠡᠬᠡ ᠲᠤᠰᠢᠶᠠᠯ ᠢ᠋ᠶ᠋ᠠᠷ ᠡᠨᠡ ᠬᠤᠷᠢᠮ ᠢ᠋ ᠣᠯᠵᠤ ᠬᠦᠷᠲᠡᠭᠰᠡᠨ ᠢᠨᠦ ᠡᠨᠡ ᠳᠠᠷᠤᠢ ᠤᠷᠢᠳᠤ ᠡᠳᠦᠷ ᠦ᠋ᠨ ᠦᠨᠡᠨ ᠡᠵᠡᠨ ᠳ᠋ᠦ᠍ᠷ ᠵᠢᠳᠬᠦᠭᠰᠡᠨ ᠦ᠌ ᠴᠢᠳᠠᠯ ᠪᠤᠰᠤ ᠤᠤ ? ᠡᠭᠦᠨ ᠡᠴᠡ ᠬᠡᠲᠦᠷᠬᠡᠢ ᠪᠠᠰᠠ ᠶᠠᠮᠪᠠᠷ ᠡᠷᠭᠦᠮᠵᠢᠯᠡᠯ ᠢ᠋ ᠬᠦᠰᠡᠬᠦ ? ᠡᠮ᠎ᠡ ᠬᠥᠮᠦᠨ ᠦ᠌ ᠮᠠᠲᠠᠯ ᠭᠦᠶᠦᠬᠡᠨ ᠢᠨᠤ ᠡᠨᠡ ᠳᠠᠷᠤᠢ ᠢᠯᠡᠷᠡᠪᠡᠢ ᠶᠠ᠃ ᠡᠵᠡᠨ ᠬᠠᠭᠠᠨ ᠤ᠋ ᠶᠡᠬᠡᠰ ᠤᠬᠠᠭᠠᠨ ᠢ᠋ ᠴᠢ ᠬᠡᠷᠬᠢᠨ ᠤᠬᠠᠵᠤ ᠮᠡᠳᠡᠬᠦ ᠪᠣᠢ ! 》ᠬᠡᠮᠡᠭᠰᠡᠨ ᠢ᠋ ᠵᠢᠴᠢ ᠥᠷᠯᠥᠭᠡ ᠬᠢᠶ᠎ᠡ ᠮᠠᠨᠵᠢᠨ ᠢᠷᠡᠵᠦ ᠬᠠᠭᠠᠨ ᠳ᠋ᠤᠷ ᠠᠢᠯᠠᠳᠬᠠᠭᠰᠠᠨ ᠳ᠋ᠤᠷ ᠬᠠᠭᠠᠨ ᠬᠤᠸᠠᠩᠬᠡᠦ ᠶ᠋ᠢᠨ ᠵᠦᠭ ᠥᠭᠦᠯᠡᠷᠦᠨ : 《ᠮᠢᠨᠦ ᠬᠡᠯᠡᠭᠰᠡᠨ ᠡᠴᠡ ᠭᠠᠷᠪᠠ ᠤᠤ ? 》ᠬᠡᠮᠡᠭᠰᠡᠨ ᠳ᠋ᠦ᠍ᠷ ᠬᠤᠸᠠᠩᠬᠡᠦ ᠶᠠᠭᠠᠷᠠᠨ: 《ᠬᠠᠭᠠᠨ ᠡᠵᠡᠨ ᠦ᠌ ᠬᠠᠮᠤᠭ ᠢ᠋ ᠠᠢᠯᠠᠳᠬᠤ ᠮᠠᠲᠠᠯ ᠢ᠋ ᠬᠠᠲᠤᠨ ᠬᠡᠷᠬᠡᠢᠳ ᠬᠡᠷᠬᠢᠨ ᠣᠯᠵᠤ ᠮᠡᠳᠡᠬᠦ ? 》ᠭᠡᠮᠡᠨ ᠶᠣᠰᠣᠯᠠᠪᠠ᠃
ᠲᠡᠳᠦᠢ ᠬᠠᠭᠠᠨ ᠳᠠᠷᠠᠭ᠎ᠠ ᠥᠷᠯᠥᠭᠡ᠂ ᠭᠡᠭᠡ ᠶ᠋ᠢᠨ ᠦᠶ᠎ᠡ ᠳ᠋ᠦ᠍ᠷ ᠶᠡᠬᠡ ᠲᠥᠷᠥ ᠳ᠋ᠦ᠍ᠷ ᠭᠠᠷᠴᠤ ᠵᠠᠭᠤᠨ ᠲᠦᠰᠢᠮᠡᠳ ᠮᠥᠷᠭᠥᠵᠦ ᠪᠠᠷᠠᠭᠰᠠᠨ ᠬᠣᠢᠨ᠎ᠠ᠂ ᠬᠠᠭᠠᠨ ᠵᠠᠷᠯᠢᠭ ᠪᠣᠯᠤᠷᠤᠨ :《ᠥᠴᠥᠭᠡᠳᠦᠷ ᠪᠢ ᠵᠠᠭᠤᠨ ᠰᠠᠢᠳ ᠢ᠋ ᠱᠠᠩᠨᠠᠨ ᠡᠷᠭᠦᠮᠵᠢᠯᠡᠬᠦᠢ ᠳ᠋ᠦ᠍ᠷ ᠲᠠᠢᠪᠤᠤ ᠬᠦᠯᠦᠭ ᠪᠤᠭᠤᠷᠵᠢ ᠪᠠᠨ ᠤᠮᠠᠷᠲᠠᠵᠤᠬᠤᠢ᠃ ᠲᠡᠭᠦᠰ ᠬᠤᠷᠢᠮ ᠲᠠᠷᠬᠠᠵᠤ ᠳᠣᠲᠣᠭᠠᠳᠤ ᠣᠷᠲᠣᠨ᠎ᠠ ᠣᠷᠣᠭᠰᠠᠨ ᠳ᠋ᠤᠷ ᠬᠤᠸᠠᠩᠬᠡᠦ ᠬᠠᠷᠢᠨ ᠰᠠᠨᠠᠭᠠᠯᠵᠠᠵᠤ ᠨᠠᠳᠠ ᠳ᠋ᠤᠷ ᠰᠠᠨᠠᠭᠤᠯᠤᠨ ᠠᠢᠯᠠᠳᠬᠠᠭᠰᠠᠨ ᠳ᠋ᠤᠷ ᠮᠡᠬᠦᠰ ᠪᠢ ᠥᠴᠥᠭᠡᠳᠦᠷ ᠠᠯᠭᠠᠰᠠᠩᠭᠤᠢ ᠪᠣᠯᠤᠭᠰᠠᠨ ᠳ᠋ᠤᠷ ᠢ᠋ᠶ᠋ᠠᠨ ᠭᠡᠮᠰᠢᠨ ᠪᠦᠬᠦᠢ ᠳ᠋ᠦ᠍ᠷ ᠥᠴᠥᠭᠡᠳᠦᠷ ᠪᠤᠭᠤᠷᠵᠢ ᠶ᠋ᠢ ᠬᠦᠷᠭᠡᠭᠰᠡᠨ ᠬᠡᠦᠬᠡᠳ ᠲᠡᠭᠦᠨ ᠦ᠌ ᠰᠠᠩ ᠳ᠋ᠤᠷ ᠬᠣᠭᠣᠯᠠ ᠢᠳᠡᠬᠦᠶ᠎ᠡ ᠲᠡᠭᠦᠨ ᠦ᠌ ᠭᠡᠷ ᠦ᠋ᠨ ᠬᠡᠯᠡᠯᠴᠡᠭᠰᠡᠨ ᠦᠭᠡᠰ ᠢ᠋ ᠰᠣᠨᠣᠰᠴᠤ ᠮᠡᠳᠡᠪᠡ᠃ ᠰᠢᠳᠠᠷ ᠬᠢᠶ᠎ᠡ ᠭᠠᠷᠴᠤ ᠣᠯᠠᠨ ᠲᠦᠰᠢᠮᠡᠳ ᠲᠣᠷ ᠲᠠᠢᠪᠤᠤ ᠬᠦᠯᠦᠭ ᠪᠤᠭᠤᠷᠵᠢ ᠶ᠋ᠢᠨ ᠦᠭᠡ ᠶ᠋ᠢ ᠥᠭᠦᠯᠡ ! 》ᠬᠡᠮᠡᠭᠰᠡᠨ ᠳ᠋ᠦ᠍ᠷ ᠬᠢᠶ᠎ᠡ ᠮᠠᠨᠵᠢᠨ ᠵᠠᠷᠯᠢᠭ ᠢ᠋ ᠣᠯᠵᠤ ᠣᠯᠠᠨ ᠰᠠᠢᠳ ᠤ᠋ᠳ ᠤ᠋ᠨ ᠳᠤᠮᠳᠠ ᠥᠴᠥᠭᠡᠳᠦᠷ ᠰᠥᠨᠢ ᠶ᠋ᠢᠨ ᠦᠭᠡᠰ ᠢ᠋ ᠪᠦᠷᠢᠨ᠎ᠡ ᠥᠭᠦᠯᠡᠭᠰᠡᠨ ᠳ᠋ᠦ᠍ᠷ᠂ ᠵᠠᠭᠤᠨ ᠲᠦᠰᠢᠮᠡᠳ ᠭᠠᠢᠬᠠᠯᠳᠤᠨ ᠬᠠᠭᠠᠨ ᠤ᠋ ᠬᠠᠰ ᠮᠡᠲᠦ ᠪᠠᠲᠤ ᠰᠠᠢᠳ ᠳᠣᠲᠣᠷ᠎ᠠ ᠭᠠᠳᠠᠨ᠎ᠠ ᠨᠢᠭᠡᠨ ᠠᠳᠠᠯᠢ ᠪᠠᠷ ᠪᠠᠶᠠᠷᠯᠠᠯᠴᠠᠨ ᠮᠥᠷᠭᠥᠭᠰᠡᠨ ᠳ᠋ᠦ᠍ᠷ ᠬᠠᠭᠠᠨ ᠪᠤᠭᠤᠷᠵᠢ ᠶ᠋ᠢ ᠡᠮᠦᠨ᠎ᠡ ᠪᠡᠨ ᠳᠠᠭᠤᠳᠠᠨ ᠠᠪᠴᠢᠷᠠᠵᠤ ᠮᠣᠳᠣᠷ ᠢ᠋ᠶ᠋ᠠᠷ ᠠᠷᠢᠬᠢ ᠬᠠᠢᠷᠠᠯᠠᠨ ᠡᠢᠨ ᠵᠠᠷᠯᠢᠭ ᠪᠣᠯᠤᠷᠤᠨ :
ᠰᠠᠭᠰᠠᠭᠠᠷ ᠰᠠᠭᠠᠳᠠᠭ ᠢ᠋ᠶ᠋ᠠᠨ ᠰᠠᠯᠪᠠᠷᠠᠨ ᠠᠯᠳᠠᠯ᠎ᠠ
ᠰᠠᠢᠨ ᠦᠭᠡ ᠪᠡᠨ ᠦᠯᠦ ᠵᠣᠭᠰᠣᠬᠤ ᠪᠤᠭᠤᠷᠵᠢ ᠮᠢᠨᠦ᠂
ᠰᠠᠮᠠᠭᠤᠷᠠᠨ ᠶᠠᠪᠤᠬᠤᠶ᠎ᠠ ᠰᠠᠨᠳᠤᠷᠤᠨ ᠪᠥᠭᠡᠲᠡᠯ᠎ᠡ
ᠰᠠᠢᠲᠤᠷ ᠨᠥᠬᠥᠷᠯᠡᠭᠰᠡᠨ ᠢ᠋ᠶ᠋ᠡᠨ ᠦᠯᠦ ᠤᠮᠠᠷᠲᠠᠬᠤ ᠪᠤᠭᠤᠷᠵᠢ ᠮᠢᠨᠦ᠂
ᠥᠳᠥᠲᠦ ᠰᠠᠭᠠᠳᠠᠭ ᠢ᠋ᠶ᠋ᠠᠨ ᠮᠤᠯᠲᠤᠷᠠᠨ ᠠᠲᠠᠯ᠎ᠠ
ᠦᠯᠡᠮᠵᠢ ᠨᠥᠬᠥᠷᠯᠡᠭᠰᠡᠨ ᠢ᠋ᠶ᠋ᠡᠨ ᠦᠯᠦ ᠤᠮᠠᠷᠲᠠᠬᠤ ᠪᠤᠭᠤᠷᠵᠢ ᠮᠢᠨᠦ᠂
ᠦᠬᠦᠯᠳᠦᠨ ᠠᠯᠠᠯᠳᠤᠨ ᠶᠠᠪᠤᠭᠰᠠᠨ ᠠᠲᠠᠯ᠎ᠠ
ᠦᠬᠦᠬᠦᠢ ᠠᠮᠢ ᠪᠠᠨ ᠦᠨᠡᠬᠡᠷ ᠲᠡᠪᠴᠢᠭᠴᠢ ᠪᠤᠭᠤᠷᠵᠢ ᠮᠢᠨᠦ᠂
ᠤᠯᠤᠰ ᠢ᠋ ᠰᠠᠬᠢᠪᠠᠰᠤ ᠳᠥᠷᠪᠡᠨ ᠬᠥᠪᠡᠭᠦᠨ ᠢ᠋ ᠮᠢᠨᠦ ᠬᠠᠷᠠᠭᠠᠯᠵᠠᠭᠴᠢ
ᠣᠷᠣᠢ ᠢᠷᠡᠭᠰᠡᠨ ᠪᠣᠯᠪᠠᠴᠤ ᠭᠤᠷᠪᠠᠨ ᠵᠠᠩᠵᠤᠨ ᠢ᠋ ᠠᠨᠤ ᠪᠠᠷᠢᠭᠴᠢ᠂
ᠤᠬᠠᠭᠠᠨ ᠪᠣᠳᠣᠯᠭ᠎ᠠ ᠪᠦᠷᠢᠨ ᠪᠠᠭᠠᠲᠤᠷ ᠪᠦᠷᠢᠳᠦᠭᠰᠡᠨ
ᠤᠷᠢᠳᠤ ᠡᠷᠲᠡ ᠶ᠋ᠢᠨ ᠠᠨᠳᠠ ᠪᠣᠯᠤᠭᠰᠠᠨ ᠪᠤᠭᠤᠷᠵᠢ ᠬᠦᠯᠦᠭ ᠲᠠᠢᠪᠤᠤ ᠮᠢᠨᠦ !
ᠭᠡᠮᠡᠨ ᠰᠠᠢᠰᠢᠶᠠᠵᠤ ᠥᠪᠡᠷ ᠦ᠋ᠨ ᠡᠮᠦᠰᠦᠭᠰᠡᠨ ᠳᠡᠪᠡᠯ ᠪᠦᠰᠡ ᠪᠡᠨ ᠲᠠᠢᠯᠤᠨ ᠱᠠᠩᠨᠠᠵᠤ ᠵᠠᠷᠯᠢᠭ ᠪᠣᠯᠤᠷᠤᠨ :《ᠶᠢᠰᠦᠨ ᠥᠷᠯᠥᠭ ᠦ᠋ᠨ ᠨᠣᠶᠠᠨ᠂ ᠬᠡᠨ ᠢ᠋ᠶ᠋ᠡᠷ ᠴᠦ᠍ ᠮᠢᠨᠦ ᠪᠤᠭᠤᠷᠵᠢ ᠯᠤᠭ᠎ᠠ ᠠᠳᠠᠯᠢᠳᠬᠠᠵᠤ ᠦᠯᠦ ᠪᠣᠯᠤᠮᠤᠢ᠂ ᠡᠬᠢ ᠰᠡᠭᠦᠯ ᠨᠢᠭᠡᠨ ᠠᠳᠠᠯᠢ ᠵᠠᠩᠲᠤ ᠥᠷᠯᠥᠭᠡ ᠦᠳᠡᠰᠢ ᠬᠦᠴᠦᠨ ᠢ᠋ᠶ᠋ᠡᠨ ᠦᠭᠭᠦᠭᠰᠡᠨ ᠬᠥᠮᠦᠨ ᠥᠪᠡᠷᠮᠢᠴᠡ ᠡᠰᠡ ᠡᠷᠭᠦᠨ ᠭᠠᠷᠭᠠᠪᠠᠰᠤ ᠦᠯᠦ ᠪᠣᠯᠤᠮᠤᠢ᠃ ᠡᠭᠦᠨ ᠡᠴᠡ ᠬᠣᠢᠰᠢ ᠬᠦᠴᠦᠨ ᠢ᠋ᠶ᠋ᠡᠨ ᠥᠭᠭᠦᠭᠴᠢᠳ ᠪᠠ ᠡᠵᠡᠨ ᠬᠥᠮᠦᠨ ᠳ᠋ᠦ᠍ᠷ ᠨᠥᠬᠥᠷᠯᠡᠨ ᠶᠠᠪᠤᠭᠴᠢᠳ ᠲᠤᠷ ᠳᠦᠷᠢᠮ ᠪᠣᠯᠭᠠᠲᠤᠭᠠᠢ᠃ ᠲᠡᠢᠨ ᠬᠦ᠌ ᠪᠤᠭᠤᠷᠵᠢ ᠨᠠᠮᠠᠶ᠋ᠢ ᠬᠡᠳᠦᠢᠨᠡᠢ ᠡᠴᠡ ᠳᠠᠭᠠᠵᠤ ᠦᠷᠭᠦᠯᠵᠢ ᠬᠦᠴᠦᠨ ᠢ᠋ᠶ᠋ᠡᠨ ᠥᠭᠭᠦᠭᠰᠡᠨ ᠦ᠌ ᠲᠤᠯᠠ ᠡᠨᠡ ᠡᠳᠦᠷ ᠪᠢ ᠪᠤᠰᠤᠳ ᠠ᠋ᠴᠠ ᠦᠯᠡᠮᠵᠢ ᠡᠷᠭᠦᠵᠦ ᠭᠠᠷᠭᠠᠬᠤ ᠠᠨᠤ ᠡᠨᠡ ᠪᠣᠯᠠᠢ 》ᠭᠡᠮᠡᠨ ᠵᠠᠷᠯᠢᠭ ᠪᠣᠯᠤᠭᠰᠠᠨ ᠳ᠋ᠤᠷ ᠵᠠᠭᠤᠨ ᠲᠦᠰᠢᠮᠡᠳ ᠮᠥᠷᠭᠥᠵᠦ ᠠᠢᠯᠠᠳᠬᠠᠷᠤᠨ:《ᠰᠠᠢᠳ ᠪᠢᠳᠡ ᠥᠴᠥᠭᠡᠳᠦᠷ ᠦ᠋ᠨ ᠬᠠᠭᠠᠨ ᠤ᠋ ᠭᠡᠭᠡᠨ ᠲᠠᠢᠪᠤᠤ ᠪᠤᠭᠤᠷᠵᠢ ᠶ᠋ᠢᠨ ᠰᠢᠶᠠ ᠤᠯᠤᠰ ᠤ᠋ᠨ ᠭᠤᠷᠪᠠᠨ ᠶᠡᠬᠡ ᠵᠠᠩᠵᠤᠨ ᠢ᠋ ᠪᠠᠷᠢᠭ᠍ᠰᠠᠨ ᠢ᠋ ᠶᠠᠭᠤᠨ ᠳ᠋ᠤᠷ ᠣᠳᠣ ᠦᠯᠦ ᠳᠤᠷᠠᠳᠬᠤ ᠪᠣᠯᠪᠠ᠂ ᠯᠠᠪ ᠬᠠᠭᠠᠨ ᠤ᠋ ᠭᠡᠭᠡᠨ᠎ᠡ ᠥᠪᠡᠷ᠎ᠡ ᠨᠢᠭᠡᠨ ᠵᠦᠢᠯ ᠦ᠋ᠨ ᠰᠠᠨᠠᠭᠠᠨ ᠠᠮᠤᠢ ᠶᠠ ᠭᠡᠮᠡᠨ ᠰᠡᠳᠬᠢᠯᠦᠭᠡ᠂ ᠦᠵᠡᠰᠡ᠂ ᠬᠠᠭᠠᠨ ᠡᠨᠡ ᠮᠡᠲᠦ ᠲᠡᠭᠦᠨ ᠦ᠌ ᠡᠷᠳᠡᠮ ᠢ᠋ ᠠᠢᠯᠠᠳᠤᠭᠰᠠᠨ ᠠᠵᠤᠭᠤ᠂ ᠤᠯᠤᠰ ᠤ᠋ᠨ ᠣᠯᠠᠨ ᠲᠦᠰᠢᠮᠡᠯ ᠶᠠᠮᠪᠠᠷ ᠠᠶᠤᠮᠰᠢᠭ ᠦᠭᠡᠢ ᠬᠠᠭᠠᠨ ᠤ᠋ ᠬᠠᠭᠤᠴᠢᠨ ᠨᠥᠬᠥᠷ ᠰᠠᠢᠳ ᠯᠤᠭ᠎ᠠ ᠠᠲᠠᠭᠠᠷᠬᠠᠵᠤ ᠪᠣᠯᠬᠤ ? ᠡᠨᠡ ᠮᠡᠲᠦ ᠵᠠᠷᠯᠢᠭ ᠠᠨᠤ ᠭᠠᠭᠴᠠ ᠲᠠᠢᠪᠤᠤ ᠪᠤᠭᠤᠷᠵᠢ ᠶ᠋ᠢ ᠥᠷᠥᠰᠢᠶᠡᠭᠰᠡᠨ ᠪᠤᠰᠤ ᠬᠠᠮᠤᠭ ᠪᠦᠭᠦᠳᠡ ᠲᠦᠰᠢᠮᠡᠳ ᠢ᠋ ᠴᠥᠮ ᠥᠷᠥᠰᠢᠶᠡᠭᠰᠡᠨ ᠪᠣᠯᠠᠢ ! 》ᠭᠡᠮᠡᠨ ᠮᠥᠷᠭᠥᠭᠰᠡᠨ ᠳ᠋ᠦ᠍ᠷ ᠲᠡᠳᠦᠢ ᠬᠠᠭᠠᠨ ᠤ᠋ ᠭᠡᠭᠡᠨ ᠪᠤᠭᠤᠷᠵᠢ ᠶ᠋ᠢ ᠡᠷᠭᠦᠵᠦ ᠵᠠᠷᠯᠢᠭ ᠪᠠᠭᠤᠯᠠᠭᠠᠷᠤᠨ: 《ᠲᠠᠢᠪᠤᠤ ᠪᠤᠭᠤᠷᠵᠢ ᠮᠢᠨᠦ ᠤᠯᠤᠰ ᠲᠤᠷ ᠠᠪᠠᠰᠤ ᠶᠡᠬᠡ ᠲᠥᠷᠥ ᠶ᠋ᠢᠨ ᠬᠡᠷᠡᠭ ᠢ᠋ ᠵᠠᠬᠢᠷᠴᠤ᠂ ᠬᠠᠰ ᠲᠥᠷᠥ ᠶ᠋ᠢ ᠮᠢᠨᠦ ᠰᠠᠬᠢᠵᠤ᠂ ᠭᠠᠳᠠᠭᠠᠳᠤ ᠳ᠋ᠤᠷ ᠭ᠍ᠡᠷᠪᠠᠰᠤ ᠲᠠᠪᠤᠨ ᠥᠩᠭᠡ ᠤᠯᠤᠰ ᠢ᠋ ᠮᠢᠨᠦ ᠡᠵᠡᠯᠡᠵᠦ ᠵᠠᠰᠠ᠂ ᠬᠠᠩᠭᠢᠷᠠ ᠶᠡᠬᠡᠲᠦ ᠬᠠᠳᠠᠨ ᠪᠦᠷᠢᠶᠡᠲᠦ ᠮᠢᠨᠦ ᠬᠠᠯᠲᠠᠭᠴᠢ ᠪᠠᠷᠠᠭᠤᠨ ᠶᠢᠰᠦᠨ ᠮᠣᠵᠢ ᠶ᠋ᠢ ᠵᠠᠬᠢᠷᠬᠤ ᠶᠡᠬᠡ ᠨᠣᠶᠠᠨ ᠬᠦᠯᠦᠭ ᠪᠤᠭᠤᠷᠵᠢ ᠮᠢᠨᠦ ! 》ᠭᠡᠮᠡᠨ ᠵᠠᠷᠯᠢᠭ ᠪᠠᠭᠤᠯᠭᠠᠵᠤ ᠬᠠᠭᠤᠯᠤᠨ᠂ ᠪᠠᠰᠠ ᠪᠤᠭᠤᠷᠵᠢ ᠶ᠋ᠢᠨ ᠡᠮ᠎ᠡ ᠲᠡᠭᠦᠰ ᠭᠤᠸ᠎ᠠ ᠶ᠋ᠢ ᠠᠨᠤ ᠪᠤᠶᠠᠨᠲᠤ ᠹᠦᠵᠢᠨ ᠬᠠᠲᠤᠨ ᠭᠡᠮᠡᠨ ᠴᠣᠬᠣᠯᠠᠨ ᠰᠣᠶᠣᠷᠬᠠᠵᠤ ᠡᠷᠭᠦᠮᠵᠢᠯᠡᠯ ᠢ᠋ ᠠᠯᠲᠠᠨ ᠮᠥᠩᠭᠥᠨ ᠶᠡᠬᠡ ᠫᠠᠢ ᠳ᠋ᠤᠷ ᠡᠷᠭᠦᠮᠵᠢᠯᠡᠯ ᠢ᠋ ᠰᠡᠢᠯᠦᠭᠦᠯᠵᠦ ᠥᠭᠪᠡᠢ᠃ ᠪᠤᠭᠤᠷᠵᠢ ᠬᠡᠰᠢᠭ ᠲᠣᠷ ᠮᠥᠷᠭᠥᠵᠦ ᠶᠢᠰᠦᠨ ᠥᠷᠯᠥᠭ ᠲᠣᠷ ᠡᠷᠬᠢᠮ᠂ ᠶᠢᠰᠦᠨ ᠮᠣᠵᠢ ᠶ᠋ᠢᠨ ᠨᠣᠶᠠᠨ ᠪᠣᠯᠪᠠ᠃ ᠲᠡᠳᠦᠢ ᠬᠠᠭᠠᠨ ᠤ᠋ ᠭᠡᠭᠡᠨ ᠪᠤᠭᠤᠷᠵᠢ ᠶ᠋ᠢᠨ ᠰᠢᠶᠠ ᠤᠯᠤᠰ ᠤ᠋ᠨ ᠭᠤᠷᠪᠠᠨ ᠵᠠᠩᠵᠤᠨ ᠢ᠋ ᠠᠮᠢᠳᠤ ᠪᠠᠷᠢᠵᠤ᠂ ᠨᠢᠭᠡᠨ ᠶᠡᠬᠡ ᠤᠯᠤᠰ ᠢ᠋ ᠣᠷᠣᠭᠤᠯᠵᠤ ᠠᠪᠤᠭᠰᠠᠨ ᠭᠠᠪᠢᠶ᠎ᠠ ᠳ᠋ᠤᠷ ᠡᠷᠭᠦᠮᠵᠢᠯᠡᠨ ᠪᠠᠷᠠᠵᠤ ᠵᠠᠭᠤᠨ ᠲᠦᠰᠢᠮᠡᠳ ᠲᠣᠷ ᠵᠠᠷᠯᠢᠭ ᠪᠠᠭᠤᠯᠭᠠᠷᠤᠨ: 《ᠠᠶ᠎ᠠ ᠲᠡᠭᠷᠢ ᠡᠴᠢᠭᠡ ᠮᠢᠨᠦ ᠲᠡᠳᠬᠦᠨ ᠤᠬᠠᠭᠤᠯᠤᠭᠰᠠᠨ ᠵᠠᠷᠯᠢᠭ ᠢ᠋ᠶ᠋ᠠᠷ ᠲᠡᠳᠡᠭᠡᠷ ᠰᠠᠮᠠᠭᠤᠨ ᠪᠠᠢᠭᠰᠠᠨ ᠠᠷᠪᠠᠨ ᠬᠣᠶᠠᠷ ᠬᠠᠭᠠᠨ ᠢ᠋ ᠬᠤᠷᠢᠶᠠᠵᠤ᠂ ᠳᠠᠯᠠᠨ ᠲᠠᠪᠤᠨ ᠪᠠᠭ᠎ᠠ ᠠᠢᠮᠠᠭ ᠤ᠋ᠨ ᠰᠠᠮᠠᠭᠤᠨ ᠢ᠋ ᠠᠷᠢᠯᠭᠠᠵᠤ ᠨᠢᠭᠡᠨ ᠭᠡᠷ ᠡᠩᠬᠡ ᠲᠦᠪᠰᠢᠨ ᠪᠣᠯᠭᠠᠪᠠ᠃ ᠮᠡᠬᠦᠰ ᠬᠥᠮᠦᠨ ᠮᠢᠨᠦ ᠤᠭ ᠰᠠᠨᠠᠭᠠᠨ ᠴᠤ᠌ ᠡᠳᠡᠭᠡᠷ ᠬᠣᠢᠲᠤ ᠭᠠᠵᠠᠷ ᠢ᠋ ᠡᠩᠬᠡᠵᠢᠭᠦᠯᠵᠦ ᠡᠯᠡᠰᠦ ᠮᠠᠩᠬ᠎ᠠ ᠶ᠋ᠢᠨ ᠨᠡᠢᠲᠡ ᠶ᠋ᠢ ᠠᠮᠤᠭᠤᠯᠰᠤᠭᠠᠢ ᠬᠡᠮᠡᠭᠰᠡᠨ ᠪᠦᠯᠥᠭᠡ᠃ ᠡᠳᠦᠭᠡ ᠮᠢᠨᠦ ᠤᠭ ᠬᠦᠰᠡᠯ ᠭᠦᠢᠴᠡᠪᠡ᠃ ᠮᠡᠬᠦᠰ ᠬᠥᠮᠦᠨ ᠪᠢ ᠡᠳᠦᠭᠡ ᠲᠠᠪᠢᠨ ᠨᠠᠰᠤ ᠰᠢᠬᠠᠪᠠ᠂ ᠣᠳᠣ ᠪᠠᠬᠠᠨ ᠪᠡᠶ᠎ᠡ ᠰᠡᠳᠬᠢᠯ ᠢ᠋ᠶ᠋ᠡᠨ ᠲᠡᠵᠢᠭᠡᠵᠦ ᠠᠮᠠᠷᠠᠰᠤᠭᠠᠢ ᠭᠡᠮᠡᠨ ᠰᠠᠨᠠᠮᠤᠢ᠃ ᠡᠳᠦᠭᠡ ᠬᠡᠳᠦᠢ ᠬᠠᠭᠤᠴᠢᠨ ᠰᠥᠩ ᠤᠯᠤᠰ᠂ ᠪᠠᠰᠠ ᠠᠯᠲᠠᠨ ᠤᠯᠤᠰ ᠪᠠᠢᠪᠠᠴᠤ ᠮᠢᠨᠦ ᠬᠡᠦᠬᠡᠳ ᠰᠠᠢᠨ ᠲᠥᠷᠥᠭᠰᠡᠨ ᠪᠥᠭᠡᠰᠦ ᠮᠥᠨ ᠬᠢᠴᠢᠶᠡᠵᠦ ᠪᠣᠯᠬᠤ ᠮᠡᠲᠦ᠃ ᠯᠢᠶᠣᠤ ᠤᠯᠤᠰ᠂ ᠴᠧᠨ ᠤᠯᠤᠰ᠂ ᠲᠡᠷᠡ ᠴᠦ᠍ ᠨᠢᠭᠡᠨ ᠪᠠᠭ᠎ᠠ ᠤᠯᠤᠰ ᠬᠡᠷᠬᠢᠨ ᠴᠢᠳᠠᠬᠤ ? 》ᠬᠡᠮᠡᠭᠰᠡᠨ ᠳ᠋ᠦ᠍ᠷ ᠳᠥᠷᠪᠡᠨ ᠲᠦᠰᠢᠮᠡᠳ ᠶᠠᠭᠠᠷᠠᠨ ᠰᠥᠭᠥᠳᠴᠦ ᠬᠣᠷᠢᠭᠯᠠᠨ ᠠᠢᠯᠠᠳᠬᠠᠷᠤᠨ: 《ᠲᠡᠭᠷᠢ ᠶ᠋ᠢᠨ ᠲᠥᠷᠥᠭᠦᠯᠦᠭᠰᠡᠨ ᠬᠠᠭᠠᠨ ᠡᠵᠡᠨ ᠦ᠌ ᠡᠨᠡ ᠵᠠᠷᠯᠢᠭ ᠮᠠᠰᠢ ᠲᠠᠰᠢᠶᠠᠷᠠᠪᠠ᠃ ᠡᠨᠡ ᠳᠠᠷᠤᠢ ᠳᠡᠯᠡᠬᠡᠢ ᠳ᠋ᠠᠬᠢᠨ ᠤ᠋ ᠶᠣᠰᠣ ᠳ᠋ᠤᠷ ᠬᠣᠷᠣᠮᠵᠢ ᠪᠣᠯᠬᠤ ᠲᠡᠷᠢᠭᠦᠨ ᠨᠢᠭᠡᠨ ᠶᠡᠬᠡ ᠭᠡᠮ ᠶᠡᠬᠡ ᠠᠯᠳᠠᠰᠢ ᠵᠠᠷᠯᠢᠭ ᠪᠣᠯᠪᠠ᠂ ᠬᠣᠢᠴᠢ ᠡᠳᠦᠷ ᠲᠣᠷ ᠪᠠᠰᠠ ᠲᠡᠷᠢᠭᠦᠨ ᠨᠢᠭᠡᠨ ᠰᠤᠷᠲᠠᠯ ᠡᠪᠳᠡᠷᠡᠬᠦ ᠦᠭᠡ ᠵᠠᠷᠯᠢᠭ ᠪᠣᠯᠪᠠ᠃ ᠬᠡᠷᠪᠡ ᠲᠡᠭᠷᠢ ᠶ᠋ᠢᠨ ᠬᠥᠪᠡᠭᠦᠨ ᠡᠴᠡ ᠡᠨᠡ ᠵᠠᠷᠯᠢᠭ ᠭ᠍ᠡᠷᠪᠠᠰᠤ᠂ ᠣᠳᠣ ᠬᠣᠵᠢᠮ ᠤ᠋ᠨ ᠡᠭᠡᠯ ᠡᠷ᠎ᠡ ᠶ᠋ᠢᠨ ᠵᠢᠳᠬᠦᠬᠦ ᠬᠢᠴᠢᠶᠡᠬᠦ ᠰᠡᠳᠬᠢᠯ ᠴᠥᠮ ᠰᠦᠢᠳᠬᠦᠢ ᠳ᠋ᠦ᠍ᠷ ᠬᠦᠷᠦᠮᠦᠢ᠂ ᠨᠡᠩ ᠪᠠᠰᠠ ᠵᠠᠯᠭᠠᠮᠵᠢᠯᠠᠬᠤ ᠲᠦᠮᠡᠨ ᠣᠨ ᠤ᠋ ᠬᠣᠢᠴᠢ ᠶ᠋ᠢᠨ ᠬᠠᠭᠠᠨ ᠶᠠᠭᠠᠬᠢᠨ ᠴᠢᠷᠮᠠᠢᠬᠤ ᠠᠵᠢ ? ᠣᠳᠣ ᠡᠨᠡ ᠲᠡᠭᠷᠢ ᠭᠠᠵᠠᠷ ᠬᠤᠪᠢᠯᠭᠠᠨ ᠰᠠᠬᠢᠭᠤᠯᠰᠤᠨ ᠬᠥᠮᠦᠨ ᠠᠮᠢᠲᠠᠨ ᠠᠷᠢᠶᠠᠲᠠᠨ ᠭᠥᠷᠥᠭᠡᠰᠦ ᠨᠡᠢᠲᠡ ᠪᠡᠷ ᠳᠠᠩᠴᠤ ᠲᠤᠰᠠᠯᠠᠵᠤ ᠪᠠᠢᠬᠤ ᠪᠣᠳᠠᠲᠠᠶ᠎ᠠ ᠲᠡᠭᠷᠢ ᠶ᠋ᠢᠨ ᠬᠥᠪᠡᠭᠦᠨ ᠬᠠᠭᠠᠨ ᠡᠵᠡᠨ ᠬᠡᠷᠪᠡ ᠡᠨᠡ ᠵᠠᠷᠯᠢᠭ ᠢ᠋ ᠭᠠᠷᠭᠠᠵᠤ᠂ ᠡᠨᠡ ᠮᠡᠲᠦ ᠣᠮᠲᠣᠭᠠᠢᠯᠠᠪᠠᠰᠤ ᠣᠳᠣ ᠬᠣᠢᠰᠢ ᠬᠡᠨ ᠡᠨᠡ ᠮᠡᠲᠦ ᠶᠡᠬᠡ ᠦᠢᠯᠡ ᠶ᠋ᠢ ᠪᠦᠲᠦᠭᠡᠵᠦ ᠴᠢᠳᠠᠬᠤ ? ᠬᠠᠭᠠᠨ ᠡᠵᠡᠨ ᠢ᠋ ᠤᠷᠢᠳᠤ ᠶ᠋ᠢᠨ ᠬᠠᠮᠤᠭ ᠵᠠᠷᠯᠢᠭ ᠴᠣᠬᠣᠮ ᠵᠥᠪ ᠮᠥᠨ ᠪᠣᠯᠪᠠᠴᠤ ᠡᠨᠡ ᠵᠠᠷᠯᠢᠭ ᠶᠡᠬᠡᠳᠡ ᠲᠠᠰᠢᠶᠠᠷᠠᠵᠤᠬᠤᠢ᠃ ᠬᠠᠭᠠᠨ ᠡᠵᠡᠨ ᠦ᠌ ᠪᠡᠶ᠎ᠡ ᠲᠠᠪᠢᠨ ᠨᠠᠰᠤᠯᠠᠲᠠᠯ᠎ᠠ ᠴᠢᠰᠤᠨ ᠤ᠋ ᠳᠠᠯᠠᠢ ᠵᠡᠪᠰᠡᠭ ᠦ᠋ᠨ ᠰᠢᠭᠤᠢ ᠳ᠋ᠤᠷ ᠰᠢᠷᠭᠤᠯᠠᠨ ᠶᠠᠪᠤᠭᠰᠠᠨ ᠠᠨᠤ ᠣᠯᠠᠨ ᠤᠯᠤᠰ ᠬᠠᠮᠤᠭ ᠠᠮᠢᠲᠠᠨ ᠤ᠋ ᠲᠤᠯᠠ ᠪᠣᠢ ᠶᠠ᠂ ᠥᠪᠡᠷ ᠦ᠋ᠨ ᠪᠡᠶ᠎ᠡ ᠶ᠋ᠢᠨ ᠡᠷᠬᠢᠮ ᠪᠣᠯᠬᠤ ᠶ᠋ᠢᠨ ᠲᠤᠯᠠ ᠪᠤᠰᠤ ᠪᠥᠭᠡᠲᠡᠯ᠎ᠡ ᠡᠨᠡ ᠡᠳᠦᠷ ᠶᠠᠪᠤᠳᠠᠯ ᠲᠡᠭᠦᠰᠴᠦ ᠰᠡᠳᠬᠢᠯ ᠭᠦᠢᠴᠡᠪᠡ ᠭᠡᠮᠡᠨ ᠵᠠᠷᠯᠢᠭ ᠪᠣᠯᠬᠤ ᠠᠨᠤ ᠮᠠᠰᠢ ᠬᠡᠲᠦᠷᠬᠡᠶ᠎ᠡ ᠲᠠᠰᠢᠶᠠᠷᠠᠨ ᠵᠥᠷᠢᠴᠡᠪᠡ᠃ ᠳᠡᠭᠡᠷ᠎ᠡ ᠲᠠᠢᠬᠡᠦ ᠬᠡᠳᠦᠢ ᠰᠡᠭᠦᠳᠡᠷ ᠥᠨᠳᠥᠷ ᠪᠣᠯᠪᠠ ᠬᠡᠮᠡᠪᠡᠴᠦ ᠡᠬᠡ ᠪᠣᠯᠤᠭᠰᠠᠨ ᠬᠥᠮᠦᠨ ᠳᠡᠯᠡᠬᠡᠢ ᠳ᠋ᠠᠬᠢᠨ ᠢ᠋ ᠡᠵᠡᠯᠡᠬᠦᠢ ᠳ᠋ᠦ᠍ᠷ ᠪᠠᠶᠠᠰᠬᠤ ᠪᠣᠢ ᠶᠠ᠂ ᠵᠢᠷᠭᠠᠨ ᠰᠠᠭᠤᠬᠤᠢ ᠳ᠋ᠤᠷ ᠦᠯᠦ ᠳᠤᠷᠠᠯᠠᠬᠤ ᠶᠣᠰᠣ ᠪᠣᠢ ᠤᠤ ? ᠭᠣᠣᠯ ᠤᠴᠢᠷ ᠴᠤ᠌ ᠡᠴᠢᠭᠡ ᠡᠬᠡ ᠡᠴᠡ ᠰᠢᠮᠡᠳᠦᠨ ᠨᠢᠭᠡᠨ ᠪᠡᠶ᠎ᠡ ᠪᠠ ᠲᠦᠭ ᠲᠦᠮᠡᠨ ᠤᠯᠤᠰ ᠢ᠋ ᠠᠮᠤᠷ ᠪᠣᠯᠭᠠᠬᠤ ᠠᠨᠤ᠂ ᠡᠨᠡ ᠰᠠᠢ ᠡᠴᠢᠭᠡ ᠡᠬᠡ ᠶ᠋ᠢᠨ ᠠᠴᠢ ᠶ᠋ᠢ ᠬᠠᠷᠢᠭᠤᠯᠠᠬᠤ ᠠᠨᠤ ᠪᠣᠯᠠᠢ᠃ ᠲᠡᠢᠨ ᠬᠦ᠌ ᠲᠡᠭᠷᠢ ᠶ᠋ᠢᠨ ᠬᠥᠪᠡᠭᠦᠨ ᠦ᠌ ᠵᠢᠳᠬᠦᠨ ᠶᠠᠪᠤᠵᠤ ᠡᠴᠢᠭᠡ ᠡᠬᠡ ᠶ᠋ᠢᠨ ᠠᠴᠢ ᠬᠠᠷᠢᠭᠤᠯᠠᠬᠤ ᠡᠭᠦᠨ ᠢ᠋ ᠰᠠᠢ ᠲᠡᠷᠢᠭᠦᠨ ᠡᠯᠪᠡᠷᠢᠯ ᠳ᠋ᠦ᠍ᠷ ᠣᠷᠣᠭᠤᠯᠵᠤᠬᠤᠢ᠃ ᠬᠠᠭᠠᠨ ᠡᠵᠡᠨ ᠡᠳᠦᠭᠡ ᠠᠯᠲᠠᠨ ᠰᠤᠪᠤᠷᠭ᠎ᠠ ᠶ᠋ᠢᠨ ᠰᠠᠭᠤᠷᠢ ᠢᠷᠣᠭᠠᠷ ᠢ᠋ ᠴᠥᠮ ᠪᠠᠷᠢᠵᠤ ᠭᠠᠷᠭᠠᠨ ᠣᠷᠣᠢ ᠳ᠋ᠤᠷ ᠬᠦᠷᠬᠦᠶ᠎ᠡ ᠡᠨᠡ ᠵᠠᠷᠯᠢᠭ ᠢ᠋ ᠪᠣᠯᠬᠤ ᠠᠨᠤ ᠮᠠᠰᠢ ᠲᠠᠰᠢᠶᠠᠷᠠᠪᠠ᠃ ᠡᠨᠡ ᠵᠠᠷᠯᠢᠭ ᠢ᠋ ᠬᠡᠷᠬᠢᠨ ᠦᠵᠡᠪᠡᠴᠦ ᠲᠥᠪ ᠲᠣᠷ ᠦᠵᠡᠵᠦ ᠦᠯᠦ ᠪᠣᠯᠤᠮᠤᠢ ! 》ᠬᠡᠮᠡᠬᠦᠢ ᠳ᠋ᠦ᠍ᠷ ᠬᠠᠭᠠᠨ ᠤ᠋ ᠭᠡᠭᠡᠨ ᠳᠣᠲᠣᠭᠠᠳᠤ ᠤᠷᠲᠣᠨ᠎ᠠ ᠵᠠᠯᠠᠷᠠᠵᠤ ᠮᠤᠬᠤᠯᠢ ᠶ᠋ᠢ ᠳᠠᠭᠤᠳᠠᠨ ᠠᠪᠠᠴᠢᠵᠤ ᠵᠠᠷᠯᠢᠭ ᠪᠣᠯᠤᠷᠤᠨ: 《ᠪᠢ ᠡᠨᠡ ᠡᠳᠦᠷ ᠰᠠᠨᠠᠭᠠᠨ ᠳ᠋ᠤᠷ ᠦᠭᠡᠢ ᠪᠡᠷ ᠲᠤᠰᠠ ᠦᠭᠡᠢ ᠵᠠᠷᠯᠢᠭ ᠪᠠᠭᠤᠯᠭᠠᠪᠠ᠃ ᠣᠯᠠᠨ ᠲᠠᠢᠰᠢ ᠲᠠᠢᠪᠤᠤ ᠨᠠᠷ ᠤ᠋ᠨ ᠠᠢᠯᠠᠳᠬᠠᠯ ᠠᠨᠤ ᠮᠠᠰᠢ ᠵᠦᠢ᠂ ᠣᠳᠣ ᠡᠭᠦᠨ ᠢ᠋ ᠬᠡᠷᠬᠢᠪᠡᠰᠦ ᠰᠠᠢᠨ ! 》ᠬᠡᠮᠡᠭᠰᠡᠨ ᠳ᠋ᠦ᠍ᠷ ᠮᠤᠬᠤᠯᠢ ᠠᠢᠯᠠᠳᠬᠠᠷᠤᠨ : 《ᠡᠨᠡ ᠤᠳᠠᠭ᠎ᠠ ᠣᠳᠣ ᠴᠥᠮ ᠡᠵᠡᠨ ᠢ᠋ ᠶᠡᠬᠡ ᠪᠠᠶᠠᠰᠬᠤᠯᠠᠩ ᠤ᠋ᠨ ᠶᠣᠰᠣᠨ ᠢ᠋ᠶ᠋ᠠᠷ ᠪᠤᠷᠤᠭᠤ ᠵᠠᠷᠯᠢᠭ ᠢ᠋ ᠬᠣᠷᠢᠭᠯᠠᠭᠰᠠᠨ ᠲᠦᠰᠢᠮᠡᠳ ᠲᠣᠷ ᠱᠠᠩ ᠪᠠᠭᠤᠯᠭᠠᠨ ᠡᠷᠭᠦᠮᠵᠢᠯᠡᠪᠡᠰᠦ ᠵᠣᠬᠢᠮᠤᠢ᠃ ᠡᠨᠡ ᠤᠳᠠᠭ᠎ᠠ ᠶ᠋ᠢᠨ ᠶᠡᠬᠡ ᠲᠥᠷᠥ ᠳ᠋ᠦ᠍ᠷ ᠲᠥᠪ ᠦᠭᠡ ᠪᠡᠷ ᠬᠣᠷᠢᠭᠯᠠᠨ ᠠᠢᠯᠠᠳᠬᠠᠬᠤ ᠰᠢᠳᠤᠷᠭᠤ ᠴᠢᠬᠡᠴᠢ ᠵᠢᠷᠤᠮ ᠳᠡᠯᠭᠡᠷᠡᠮᠦᠢ᠃ 》ᠬᠡᠮᠡᠭᠰᠡᠨ ᠳ᠋ᠦ᠍ᠷ ᠬᠠᠭᠠᠨ ᠶᠡᠬᠡᠯ᠎ᠡ ᠪᠡᠶᠡᠰᠦᠨ᠂ ᠮᠤᠬᠤᠯᠢ ᠶ᠋ᠢ ᠰᠠᠢᠰᠢᠶᠠᠨ ᠵᠠᠷᠯᠢᠭ ᠪᠣᠯᠤᠷᠤᠨ :
ᠦᠨᠡᠨᠴᠢ ᠥᠭᠡᠲᠦ ᠣᠶᠤᠨᠲᠤ ᠰᠠᠢᠳ ᠮᠢᠨᠦ
ᠥᠴᠦᠬᠡᠨ ᠬᠡᠯᠪᠡᠢᠭᠦᠦ ᠪᠡᠷ ᠳᠠᠭᠠᠭᠤᠯᠬᠤ ᠶ᠋ᠢ ᠦᠯᠦ ᠡᠷᠭᠢᠯᠡᠮᠦᠢ᠂
ᠦᠯᠡᠮᠵᠢ ᠱᠠᠩ ᠢ᠋ ᠡᠳᠦᠭᠡ ᠳᠠᠷᠤᠢ ᠪᠠᠭᠤᠯᠭᠠᠵᠤ
ᠦᠭᠡ ᠠᠯᠳᠠᠭᠰᠠᠨ ᠪᠤᠷᠤᠭᠤ ᠶ᠋ᠢ ᠬᠦᠯᠢᠶᠡᠨ ᠢᠯᠡᠷᠬᠡᠢᠯᠡᠰᠦᠭᠡᠢ !
ᠭᠡᠮᠡᠨ ᠵᠢᠴᠢ ᠡᠳᠦᠷ ᠵᠠᠭᠤᠨ ᠲᠦᠰᠢᠮᠡᠳ ᠦ᠋ᠨ ᠰᠢᠳᠤᠷᠭᠤ ᠪᠠᠷ ᠢᠳᠬᠠᠭᠰᠠᠨ ᠳ᠋ᠤᠷ ᠱᠠᠩ ᠬᠤᠷᠢᠮ ᠬᠦᠷᠲᠡᠭᠡᠮᠦᠢ ᠭᠡᠮᠡᠨ ᠶᠡᠬᠡ ᠴᠢᠭᠤᠯᠭᠠᠨ ᠴᠢᠭᠤᠯᠬᠤᠢ ᠳ᠋ᠤᠷ ᠡᠨᠡ ᠴᠢᠭᠤᠯᠭᠠᠨ ᠤ᠋ ᠨᠡᠷ᠎ᠡ ᠶ᠋ᠢ 《ᠬᠠᠭᠠᠨ ᠤ᠋ ᠡᠨᠳᠡᠭᠦᠦ ᠶ᠋ᠢ ᠬᠦᠯᠢᠶᠡᠭᠰᠡᠨ ᠴᠢᠭᠤᠯᠭᠠᠨ 》ᠭᠡᠮᠡᠨ ᠨᠡᠷᠡᠢᠳᠴᠦ ᠶᠡᠬᠡ ᠱᠠᠩ ᠲᠠᠯᠪᠢᠪᠠ᠃ ᠡᠨᠡ ᠱᠠᠩ ᠳ᠋ᠤᠷ ᠳᠡᠭᠡᠳᠦ ᠲᠠᠢᠰᠢ᠂ ᠲᠠᠢᠪᠤᠤ ᠠ᠋ᠴᠠ ᠡᠬᠢᠯᠡᠨ ᠰᠤᠯᠠ ᠢᠷᠭᠡᠨ ᠳ᠋ᠦ᠍ᠷ ᠬᠦᠷᠲᠡᠯ᠎ᠡ ᠬᠦᠷᠲᠡᠭᠰᠡᠨ ᠳ᠋ᠦ᠍ᠷ ᠲᠣᠭ᠎ᠠ ᠶ᠋ᠢ ᠠᠪᠤᠪᠠᠰᠤ ᠭᠤᠷᠪᠠᠨ ᠤᠯᠤᠰ ᠤ᠋ᠨ ᠠᠯᠪᠠ ᠣᠷᠣᠵᠤᠬᠤᠢ᠃ ᠬᠠᠭᠠᠨ ᠮᠤᠬᠤᠯᠢ ᠶ᠋ᠢ ᠳᠠᠭᠤᠳᠠᠵᠤ ᠵᠠᠷᠯᠢᠭ ᠪᠣᠯᠤᠷᠤᠨ:《ᠡᠨᠡ ᠤᠳᠠᠭ᠎ᠠ ᠶ᠋ᠢᠨ ᠱᠠᠩ ᠳ᠋ᠤᠷ ᠭᠤᠷᠪᠠᠨ ᠤᠯᠤᠰ ᠤ᠋ᠨ ᠠᠯᠪᠠ ᠣᠷᠣᠪᠠ᠂ ᠪᠢ ᠡᠳᠦᠢ ᠣᠷᠣᠬᠤ ᠶ᠋ᠢ ᠡᠰᠡ ᠰᠠᠨᠠᠪᠠ᠃ 》ᠮᠤᠬᠤᠯᠢ ᠮᠥᠷᠭᠥᠵᠦ ᠠᠢᠯᠠᠳᠬᠠᠷᠤᠨ :《ᠰᠠᠢᠳ ᠪᠢ ᠬᠠᠷᠢᠨ ᠪᠠᠭ᠎ᠠ ᠭᠡᠮᠡᠨ ᠴᠢᠮᠠᠯᠠᠮᠤᠢ᠂ ᠴᠣᠬᠣᠮ ᠳ᠋ᠤᠷ ᠶᠢᠰᠦᠨ ᠤᠯᠤᠰ ᠤ᠋ᠨ ᠠᠯᠪᠠ ᠣᠷᠣᠪᠠᠴᠤ ᠦᠯᠦ ᠢᠯᠡᠭᠦᠳᠡᠮᠦᠢ᠃ 》ᠬᠠᠭᠠᠨ ᠤᠴᠢᠷ ᠢ᠋ ᠠᠰᠠᠭᠤᠭᠰᠠᠨ ᠳ᠋ᠤᠷ ᠮᠤᠬᠤᠯᠢ ᠪᠠᠰᠠ ᠮᠥᠷᠭᠥᠵᠦ ᠠᠢᠯᠠᠳᠬᠠᠷᠤᠨ:《ᠪᠣᠭᠳᠠ ᠡᠵᠡᠨ ᠬᠦᠨᠡᠪᠴᠢᠯᠡᠨ ᠠᠢᠯᠠᠳᠤᠮᠤ᠂ ᠪᠣᠭᠳᠠ ᠬᠥᠮᠦᠨ ᠦ᠌ ᠨᠢᠭᠡ ᠦᠭᠡ ᠨᠢᠭᠡᠨ ᠵᠠᠷᠯᠢᠭ ᠲᠤᠷ ᠳᠡᠯᠡᠬᠡᠢ ᠶ᠋ᠢ ᠳᠠᠬᠢᠵᠤ ᠣᠯᠬᠤ ᠠᠯᠳᠠᠬᠤ ᠶ᠋ᠢᠨ ᠦᠨᠳᠦᠰᠦᠨ ᠬᠣᠯᠪᠣᠭᠳᠠᠵᠤᠬᠤᠢ᠃ ᠬᠠᠭᠠᠨ ᠡᠵᠡᠨ ᠦ᠌ ᠨᠢᠭᠡᠨ ᠵᠥᠪ ᠨᠢᠭᠡᠨ ᠪᠤᠷᠤᠭᠤ ᠶ᠋ᠢ ᠤᠯᠤᠰ ᠤ᠋ᠨ ᠬᠥᠮᠦᠨ ᠨᠠᠷᠠᠨ ᠰᠠᠷᠠᠨ ᠭᠬᠢᠷᠲᠦᠬᠦ ᠭᠡᠢᠬᠦ ᠮᠡᠲᠦ ᠦᠵᠡᠮᠦᠢ᠃ ᠪᠣᠭᠳᠠ ᠬᠥᠮᠦᠨ ᠨᠢᠭᠡᠨ ᠪᠤᠷᠤᠭᠤ ᠵᠠᠷᠯᠢᠭ ᠪᠣᠯᠪᠠᠰᠤ ᠨᠢᠭᠡᠨ ᠳᠡᠯᠡᠬᠡᠢ ᠳ᠋ᠠᠬᠢᠨ ᠤ᠋ ᠨᠡᠭᠡᠭᠡᠬᠦ ᠲᠠᠰᠤᠷᠠᠬᠤ ᠶ᠋ᠢᠨ ᠶᠡᠬᠡ ᠬᠡᠷᠡᠭ ᠵᠠᠯᠭᠠᠯᠳᠤᠵᠤ ᠪᠦᠬᠦᠢ ᠪᠥᠭᠡᠲᠡᠯ᠎ᠡ ᠡᠨᠡ ᠭᠤᠷᠪᠠᠨ ᠤᠯᠤᠰ ᠤ᠋ᠨ ᠠᠯᠪᠠ ᠣᠷᠣᠬᠤ ᠶ᠋ᠢ ᠬᠡᠯᠡᠵᠦ ᠪᠣᠯᠤᠮᠤᠢ ᠤᠤ ? ᠡᠢᠨ ᠡᠰᠡ ᠭᠡᠮᠰᠢᠭᠦᠯᠪᠡᠰᠦ ᠲᠡᠭᠷᠢ ᠶ᠋ᠢᠨ ᠬᠥᠪᠡᠭᠦᠨ ᠬᠥᠮᠦᠨ ᠦ᠌ ᠬᠠᠭᠠᠨ ᠢ᠋ ᠬᠡᠨ ᠭᠡᠮᠰᠢᠭᠦᠯᠦᠨ ᠴᠢᠳᠠᠬᠤ ? ᠡᠢᠨ ᠪᠣᠯᠤᠭᠰᠠᠨ ᠳ᠋ᠤᠷ ᠬᠠᠭᠠᠨ ᠥᠪᠡᠷ ᠢ᠋ᠶ᠋ᠡᠨ ᠨᠢᠭᠡᠨ ᠦᠭᠡ ᠨᠢᠭᠡᠨ ᠵᠠᠷᠯᠢᠭ ᠲᠤᠷ ᠴᠤ᠌ ᠬᠢᠴᠢᠶᠡᠬᠦ ᠪᠣᠯᠤᠮᠤᠢ ! 》ᠬᠡᠮᠡᠭᠰᠡᠨ ᠳ᠋ᠦ᠍ᠷ ᠬᠠᠭᠠᠨ ᠬᠡᠲᠦᠷᠬᠡᠶ᠎ᠡ ᠪᠡᠶᠡᠰᠦᠨ᠂ ᠵᠢᠴᠢ ᠰᠡᠭᠦᠯ ᠦ᠋ᠨ ᠡᠳᠦᠷ ᠦ᠋ᠨ ᠬᠤᠷᠢᠮ ᠳ᠋ᠤᠷ ᠮᠤᠬᠤᠯᠢ ᠶ᠋ᠢᠨ ᠡᠳᠡᠭᠡᠷ ᠦᠭᠡ ᠶ᠋ᠢ ᠵᠠᠷᠯᠢᠭ ᠢ᠋ᠶ᠋ᠠᠷ ᠣᠯᠠᠨ ᠳ᠋ᠤᠷ ᠤᠯᠠᠮᠵᠢᠯᠠᠨ :《ᠦᠭᠡ ᠠᠢᠯᠠᠳᠬᠠᠬᠤᠢ ᠳ᠋ᠤᠷ ᠴᠢᠬᠡᠴᠢ ᠦᠨᠡᠨ᠂ ᠡᠭᠦᠷᠢᠳᠡ ᠮᠢᠨᠦ ᠤᠯᠤᠰ ᠲᠥᠷᠥ ᠶ᠋ᠢᠨ ᠲᠤᠯᠠ ᠪᠣᠳᠣᠵᠤ ᠴᠢᠷᠮᠠᠢᠬᠤ ᠠᠨᠤ ᠴᠢᠩ ᠦᠨᠡᠨ! 》 ᠭᠡᠮᠡᠨ ᠡᠷᠭᠦᠵᠦ᠂ ᠮᠥᠨ ᠬᠦ᠌ ᠶᠢᠰᠦᠨ ᠥᠷᠯᠥᠭ ᠦ᠋ᠨ ᠡᠷᠭᠢᠨ᠂ ᠵᠡᠭᠦᠨ ᠶᠢᠰᠦᠨ ᠮᠣᠵᠢ ᠶ᠋ᠢᠨ ᠶᠡᠬᠡ ᠨᠣᠶᠠᠨ ᠡᠷᠭᠦᠵᠦ ᠱᠠᠩᠨᠠᠪᠠ᠃ ᠡᠨᠡ ᠢᠨᠤ ᠬᠠᠭᠠᠨ ᠤ᠋ ᠭᠡᠭᠡᠨ ᠬᠠᠷᠠᠬᠠᠨ ᠬᠠᠭᠠᠨ ᠤ᠋ ᠰᠠᠭᠤᠷᠢᠨ ᠳ᠋ᠤᠷ ᠰᠠᠭᠤᠵᠤ : 《ᠮᠢᠨᠦ ᠣᠰᠣᠯ ᠪᠤᠷᠤᠭᠤ ᠶ᠋ᠢ ᠲᠦᠰᠢᠮᠡᠳ ᠮᠡᠳᠡᠭᠰᠡᠨ ᠭᠠᠵᠠᠷ ᠠᠪᠠᠰᠤ ᠡᠷᠬᠡᠪᠰᠢ ᠥᠷᠯᠥᠭᠡ ᠪᠦᠷᠢ ᠣᠨᠴᠠ ᠠᠢᠯᠠᠳᠬ᠎ᠠ ! 》 ᠬᠡᠮᠡᠭᠰᠡᠨ ᠳ᠋ᠦ᠍ᠷ ᠳᠠᠷᠠᠭ᠎ᠠ ᠬᠡᠳᠦᠨ ᠵᠢᠯ ᠪᠣᠯᠲᠠᠯ᠎ᠠ ᠲᠤᠬᠠᠢᠯᠠᠨ ᠵᠣᠷᠢᠮᠠᠭ ᠢ᠋ᠶ᠋ᠠᠷ ᠡᠨᠡ ᠵᠠᠷᠯᠢᠭ ᠢ᠋ ᠪᠠᠭᠤᠯᠭᠠᠵᠤ ᠵᠠᠭᠤᠨ ᠲᠦᠰᠢᠮᠡᠳ ᠢ᠋ ᠲᠡᠩᠰᠡᠭᠰᠡᠨ ᠠᠵᠤᠭᠤ᠃
ᠲᠡᠳᠦᠢ ᠮᠠᠲᠠᠷ ᠳᠣᠣᠷ᠎ᠠ ᠵᠠᠭᠤᠨ ᠲᠦᠰᠢᠮᠡᠳ ᠪᠤᠷᠤᠭᠤᠰᠢᠶᠠᠨ ᠠᠢᠯᠠᠳᠬᠠᠭᠰᠠᠨ ᠳ᠋ᠤᠷ ᠲᠡᠢᠨ ᠬᠦ᠌ ᠳᠣᠲᠣᠷ᠎ᠠ ᠪᠠᠨ ᠰᠡᠮᠡᠬᠡᠷ ᠪᠠᠶᠠᠷᠯᠠᠭᠰᠠᠨ ᠠᠵᠤᠭᠤ᠃ ᠲᠡᠢᠨ ᠬᠦ᠌ ᠤᠯᠤᠰ ᠠ᠋ᠴᠠ ᠠᠰᠠᠭᠤᠪᠠᠰᠤ ᠪᠠᠰᠠ ᠲᠡᠢᠨ ᠶᠣᠰᠣᠭᠠᠷ ᠠᠢᠯᠠᠳᠬᠠᠬᠤ ᠲᠤᠯᠠ ᠶᠡᠬᠡᠯ᠎ᠡ ᠪᠡᠶᠡᠰᠦᠨ ᠰᠠᠢᠰᠢᠶᠠᠪᠠᠢ᠃ ᠮᠤᠬᠤᠯᠢ ᠬᠡᠰᠢᠭ ᠲᠣᠷ ᠮᠥᠷᠭᠥᠭᠰᠡᠨ ᠬᠣᠢᠨ᠎ᠠ᠂ ᠬᠦᠩ ᠲᠠᠢᠪᠤᠤ ᠴᠢᠯᠠᠭᠤ ᠶ᠋ᠢ ᠳᠠᠭᠤᠳᠠᠵᠤ ᠵᠠᠷᠯᠢᠭ ᠪᠣᠯᠤᠷᠤᠨ:《ᠬᠦᠯᠦᠭ ᠮᠢᠨᠦ ᠴᠢ᠂ ᠪᠢ ᠤᠷᠢᠳᠠ ᠲᠠᠢᠴᠢᠭᠤᠳ ᠲᠤᠷ ᠪᠠᠷᠢᠭ᠍ᠳᠠᠵᠤ ᠤᠷᠭᠤᠨ ᠭᠠᠷᠴᠤ ᠲᠠᠨ ᠤ᠋ ᠢᠰᠡᠭᠡᠢ ᠲᠡᠷᠭᠡ ᠶ᠋ᠢᠨ ᠬᠣᠨᠢᠨ ᠤᠩᠭᠠᠰᠤᠨ ᠳ᠋ᠤᠷ ᠨᠢᠭᠤᠨ ᠭᠠᠷᠴᠤ ᠬᠣᠢᠨ᠎ᠠ ᠴᠢ ᠮᠢᠨᠦ ᠬᠦᠵᠦᠭᠦᠨ ᠦ᠌ ᠬᠡᠨᠵᠢᠨ ᠦ᠌ ᠣᠨᠢᠰᠣ ᠶ᠋ᠢ ᠰᠦᠬᠡ ᠪᠡᠷ ᠬᠡᠮᠬᠡᠴᠢᠨ ᠡᠪᠳᠡᠵᠦ᠂ ᠡᠷᠡᠮᠳᠡᠭ ᠰᠢᠷᠭ᠎ᠠ ᠪᠠᠨ ᠡᠮᠡᠭᠡᠯᠡᠨ ᠥᠭᠴᠦ ᠤᠨᠤᠭᠤᠯᠤᠨ ᠪᠧᠲ᠋ᠠ᠋ ᠤᠯᠤᠰ ᠲᠤᠷ ᠨᠠᠮᠠᠶ᠋ᠢ ᠳ᠋ᠠᠭᠠᠨ ᠡᠴᠢᠬᠦ ᠲᠤᠬᠠᠢ᠂ ᠲᠡᠷᠡ ᠦᠶ᠎ᠡ ᠶ᠋ᠢᠨ ᠰᠠᠨᠠᠭᠠᠨ ᠶᠠᠭᠤᠲᠠᠢ ᠬᠤᠷᠴᠠ ᠲᠦᠷᠭᠡᠨ ? ᠡᠳᠦᠭᠡ ᠪᠢ ᠬᠠᠭᠠᠨ ᠰᠠᠭᠤᠵᠤ᠂ ᠴᠢ ᠲᠠᠢᠪᠤᠤ ᠪᠣᠯᠤᠨ ᠶᠠᠭᠤᠨ ᠳ᠋ᠤᠷ ᠮᠠᠰᠢ ᠨᠣᠮᠣᠬᠠᠨ᠂ ᠮᠠᠰᠢ ᠰᠢᠳᠤᠷᠭᠤ ᠪᠣᠯᠵᠤ᠂ ᠮᠢᠨᠦ ᠡᠰᠡᠷᠭᠦ ᠪᠠᠬᠠᠨ ᠴᠤ᠌ ᠦᠯᠦ ᠴᠢᠩᠳᠠ ᠮᠡᠳᠡᠭᠦᠯᠬᠦ ᠠᠨᠤ ᠶᠠᠭᠤᠨ ? ᠡᠳᠦᠭᠡ ᠪᠢ ᠴᠢᠮ᠎ᠠ ᠠ᠋ᠴᠠ ᠬᠣᠵᠢᠮ ᠳᠠᠭᠠᠭᠰᠠᠨ ᠮᠤᠬᠤᠯᠢ᠂ ᠪᠤᠭᠤᠷᠵᠢ ᠶ᠋ᠢ ᠶᠢᠰᠦᠨ ᠮᠣᠵᠢ ᠶ᠋ᠢᠨ ᠶᠡᠬᠡ ᠰᠠᠢᠳ ᠡᠷᠭᠦᠮᠵᠢᠯᠡᠲᠡᠯᠡ ᠴᠢᠮ᠎ᠠ ᠳ᠋ᠤᠷ ᠪᠢᠴᠢᠬᠠᠨ ᠴᠤ᠌ ᠠᠲᠠᠭᠠᠷᠬᠠᠨ ᠰᠠᠨᠠᠬᠤ ᠪᠠᠢᠳᠠᠯ ᠦᠭᠡᠢ ᠠᠨᠤ ᠶᠠᠭᠤᠨ ? 》ᠬᠡᠮᠡᠭᠰᠡᠨ ᠳ᠋ᠦ᠍ᠷ ᠴᠢᠯᠠᠭᠤ ᠮᠥᠷᠭᠥᠵᠦ ᠠᠢᠯᠠᠳᠬᠠᠷᠤᠨ: 《ᠰᠠᠢᠳ ᠪᠢ ᠤᠭ ᠠ᠋ᠴᠠ ᠲᠠᠢᠴᠢᠭᠤᠳ ᠠᠢᠮᠠᠭ ᠲᠤᠷ ᠬᠠᠪᠴᠢᠭ᠍ᠳᠠᠵᠤ ᠠᠮᠢᠳᠤᠷᠠᠭᠰᠠᠨ ᠨᠢᠭᠡᠨ ᠰᠤᠯᠠ ᠬᠥᠮᠦᠨ ᠪᠥᠯᠥᠭᠡ᠃ ᠰᠠᠨᠠᠮᠰᠠᠷ ᠦᠭᠡᠢ ᠤᠷᠢᠳᠤ ᠲᠥᠷᠥᠯ ᠦ᠋ᠨ ᠥᠴᠦᠬᠡᠨ ᠢᠷᠦᠭᠡᠯ ᠢ᠋ᠶ᠋ᠡᠷ ᠬᠠᠭᠠᠨ ᠡᠵᠡᠨ ᠦ᠌ ᠭᠠᠴᠢᠭ᠍ᠳᠠᠯ ᠤ᠋ᠨ ᠴᠠᠭ ᠲᠤᠷ ᠥᠴᠦᠬᠡᠨ ᠲᠤᠰᠠ ᠪᠣᠯᠤᠭᠰᠠᠨ ᠢ᠋ᠶ᠋ᠠᠷ ᠡᠳᠦᠭᠡ ᠡᠴᠢᠭᠡ ᠮᠡᠲᠦ ᠮᠣᠩᠭᠣᠯ ᠤᠯᠤᠰ ᠤ᠋ᠨ ᠲᠡᠷᠢᠭᠦᠯᠡᠭᠰᠡᠨ ᠡᠷᠭᠢᠨ ᠰᠠᠢᠳ᠂ ᠪᠣᠭᠣᠯ ᠮᠢᠨᠦ ᠪᠡᠶ᠎ᠡ ᠤᠯᠤᠰ ᠤ᠋ᠨ ᠶᠡᠬᠡ ᠲᠠᠢᠪᠤᠤ᠂ ᠪᠣᠭᠣᠯ ᠮᠢᠨᠦ ᠳᠡᠭᠦᠦ ᠴᠢᠮᠪᠢ ᠳᠠᠷᠬᠠᠨ ᠤᠯᠤᠰ ᠤ᠋ᠨ ᠳᠤᠮᠳᠠᠳᠤ ᠲᠠᠢᠹᠦ᠋ ᠲᠦᠰᠢᠮᠡᠯ᠂ ᠪᠣᠭᠣᠯ ᠮᠢᠨᠦ ᠬᠥᠪᠡᠭᠦᠨ ᠠᠯᠮᠠᠰ᠂ ᠳᠡᠭᠦᠦ ᠶ᠋ᠢᠨ ᠬᠥᠪᠡᠭᠦᠨ ᠸᠴᠢᠷ ᠬᠣᠶᠠᠭᠤᠯᠠ ᠤᠯᠤᠰ ᠤ᠋ᠨ ᠳᠣᠣᠷᠠᠲᠤ ᠲᠠᠢᠹᠦ᠋ ᠲᠦᠰᠢᠮᠡᠯ᠂ ᠨᠢᠭᠡᠨ ᠴᠠᠭ ᠤ᠋ᠨ ᠲᠣᠬᠢᠶᠠᠯ ᠢ᠋ᠶ᠋ᠠᠷ ᠡᠳᠦᠭᠡ ᠰᠠᠢᠳ ᠤ᠋ᠨ ᠳᠥᠷᠪᠡᠨ ᠦᠶ᠎ᠡ ᠶ᠋ᠢᠨ ᠭᠡᠷ ᠦ᠋ᠨ ᠬᠣᠲᠠᠯᠠᠭᠠᠷ ᠤᠯᠤᠰ ᠤ᠋ᠨ ᠭᠤᠷᠪᠠᠨ ᠡᠷᠭᠢᠨ ᠰᠠᠢᠳ ᠢ᠋ ᠡᠵᠡᠯᠡᠵᠦ᠂ ᠪᠣᠭᠳᠠ ᠡᠵᠡᠨ ᠦ᠌ ᠶᠡᠬᠡ ᠬᠡᠰᠢᠭ ᠬᠦᠨᠳᠦ ᠬᠠᠢᠷ᠎ᠠ ᠳ᠋ᠤᠷ ᠠᠮᠠᠨ ᠳ᠋ᠤᠷ ᠲᠣᠰᠣ᠂ ᠨᠠᠷᠢᠨ ᠳᠡᠭᠡᠳᠦ ᠠᠮᠲᠠᠲᠠᠢᠬᠠᠨ ᠢ᠋ ᠢᠳᠡᠵᠦ᠂ ᠮᠥᠷᠥ ᠳ᠋ᠦ᠍ᠷ ᠲᠣᠷᠭ᠎ᠠ ᠪᠤᠯᠠᠭ᠎ᠠ ᠶ᠋ᠢᠨ ᠡᠷᠬᠢᠮ ᠦᠨᠡᠲᠡᠢ ᠶ᠋ᠢ ᠡᠮᠦᠰᠴᠦ ᠪᠡᠶ᠎ᠡ ᠲᠠᠵᠢ ᠮᠠᠩᠨᠤᠭ ᠤ᠋ᠨ ᠥᠷᠭᠥᠭᠡ ᠭᠡᠷ ᠲᠦ᠍ᠷ ᠰᠠᠭᠤᠵᠤ᠂ ᠠᠯᠠᠨ ᠳ᠋ᠤᠷ ᠠᠯᠲᠠᠨ ᠬᠠᠰ ᠤ᠋ᠨ ᠡᠮᠡᠭᠡᠯᠲᠦ ᠮᠣᠷᠢ ᠶ᠋ᠢ ᠤᠨᠤᠵᠤ᠂ ᠭ᠍ᠡᠷᠪᠠᠰᠤ ᠨᠢᠭᠡᠨ ᠡᠩ ᠦ᠋ᠨ ᠲᠦᠮᠡᠨ ᠴᠡᠷᠢᠭ ᠡᠮᠦᠨ᠎ᠡ ᠬᠣᠢᠨ᠎ᠠ ᠲᠠᠭᠠᠯᠴᠠᠵᠤ᠂ ᠣᠷᠣᠪᠠᠰᠤ ᠲᠡᠭᠷᠢ ᠶ᠋ᠢᠨ ᠬᠥᠪᠡᠭᠦᠨ ᠦ᠌ ᠰᠢᠳᠠᠷ ᠳᠡᠭᠡᠳᠦ ᠬᠦᠯᠦᠭ ᠪᠣᠯᠭᠠᠨ᠂ ᠭᠡᠷ ᠦ᠋ᠨ ᠳᠥᠷᠪᠡᠨ ᠦᠶ᠎ᠡ ᠪᠡᠷ ᠬᠦᠨᠳᠦ ᠬᠡᠰᠢᠭ ᠲᠣᠷ ᠬᠥᠨᠳᠡᠯᠡᠨ ᠭᠤᠯᠳᠤ ᠪᠠᠷ ᠵᠢᠷᠭᠠᠵᠤ ᠪᠣᠭᠣᠯ ᠵᠠᠷᠤᠳᠠᠰᠤᠨ ᠳ᠋ᠤᠷ ᠬᠦᠷᠲᠡᠯ᠎ᠡ ᠬᠠᠭᠠᠨ ᠡᠵᠡᠨ ᠦ᠌ ᠬᠡᠰᠢᠭ ᠰᠢᠮ᠎ᠡ ᠳ᠋ᠦ᠍ᠷ ᠬᠦᠷᠲᠡᠵᠦ᠂ ᠲᠣᠰᠣ ᠢᠳᠡᠵᠦ ᠲᠣᠷᠭ᠎ᠠ ᠡᠮᠦᠰᠦᠨ᠂ ᠥᠭᠡᠬᠦ ᠡᠮᠬᠦᠨ ᠥᠭᠡᠳᠡᠩ ᠬᠡᠲᠦᠷᠡᠵᠦ᠂ ᠵᠤᠨ ᠰᠡᠷᠢᠭᠦᠨ ᠡᠪᠦᠯ ᠳᠤᠯᠠᠭᠠᠨ᠂ ᠪᠤᠰᠤᠳ ᠲᠤᠷ ᠬᠦᠨᠳᠦᠯᠡᠭᠳᠡᠨ᠂ ᠥᠪᠡᠷ ᠲᠣᠷ ᠢᠨᠢᠶᠡᠳᠦᠮ ᠢᠨᠤ ᠡᠳᠡᠭᠡᠷ ᠴᠥᠮ ᠲᠡᠷᠡ ᠦᠶ᠎ᠡ ᠶ᠋ᠢᠨ ᠨᠢᠭᠡᠨ ᠰᠦᠬᠡ᠂ ᠨᠢᠭᠡᠨ ᠬᠣᠨᠢᠨ ᠤ᠋ ᠬᠤᠷᠠᠭ᠎ᠠ᠂ ᠨᠢᠭᠡᠨ ᠮᠣᠷᠢ᠂ ᠨᠢᠭᠡᠨ ᠶᠠᠪᠤᠳᠠᠯ ᠠ᠋ᠴᠠ ᠪᠣᠯᠤᠨ ᠡᠳᠦᠢᠬᠡᠨ ᠢ᠋ᠶ᠋ᠡᠷ ᠣᠯᠤᠭᠰᠠᠨ ᠠᠭᠤᠯᠠ ᠮᠡᠲᠦ ᠬᠡᠰᠢᠭ ᠲᠣᠷ ᠣᠳᠣ ᠡᠰᠡ ᠬᠠᠩᠬᠤ ᠪᠥᠭᠡᠰᠦ᠂ ᠶᠠᠭᠠᠬᠢᠨ ᠬᠥᠮᠦᠨ ᠦ᠌ ᠲᠥᠷᠥᠯ ᠢ᠋ ᠠᠪᠤᠪᠠ ? ᠬᠡᠮᠡᠮᠦᠢ᠃ ᠰᠠᠢᠳ ᠮᠢᠨᠦ ᠭᠤᠷᠪᠠᠨ ᠦᠶ᠎ᠡ ᠲᠠᠪᠤᠨ ᠬᠥᠮᠦᠨ ᠦ᠌ ᠬᠦᠷᠲᠡᠵᠦ ᠡᠵᠡᠯᠡᠬᠦ ᠠᠯᠢ ᠰᠠᠢᠳ ᠠ᠋ᠴᠠ ᠴᠤ᠌ ᠳᠠᠪᠠᠵᠤᠬᠤᠢ᠃ ᠬᠠᠭᠠᠨ ᠡᠵᠡᠨ ᠢ᠋ᠶ᠋ᠡᠨ ᠬᠦᠨᠳᠦ ᠬᠡᠰᠢᠭ ᠢ᠋ ᠳᠠᠭᠠᠭᠠᠨ ᠬᠦᠴᠦᠷᠭᠦ ᠦᠭᠡᠢ ᠪᠣᠯᠪᠠᠤ ᠭᠡᠮᠡᠨ ᠡᠳᠦᠷ ᠰᠥᠨᠢ ᠦᠭᠡᠢ ᠠᠶᠤᠨ ᠰᠠᠨᠠᠬᠤ ᠪᠥᠭᠡᠲᠡᠯ᠎ᠡ ᠬᠠᠮᠢᠭ᠎ᠠ ᠠ᠋ᠴᠠ ᠠᠲᠠᠭᠠᠷᠬᠠᠨ ᠰᠡᠳᠬᠢᠬᠦ ᠰᠠᠨᠠᠭ᠎ᠠ ᠣᠷᠣᠬᠤ ! 》ᠭᠡᠮᠡᠨ ᠮᠥᠷᠭᠥᠭᠰᠡᠨ ᠳ᠋ᠦ᠍ᠷ ᠬᠠᠭᠠᠨ ᠤ᠋ ᠭᠡᠭᠡᠨ ᠮᠠᠰᠢ ᠶᠡᠬᠡᠳᠡ ᠪᠡᠶᠡᠰᠦᠨ ᠵᠥᠪᠰᠢᠶᠡᠵᠦ ᠵᠠᠷᠯᠢᠭ ᠪᠣᠯᠤᠷᠤᠨ :
ᠪᠣᠳᠣᠯᠭ᠎ᠠ ᠤᠬᠠᠭᠠᠨ ᠠᠨᠤ ᠨᠠᠷᠢᠨ ᠨᠢᠭᠲᠠ
ᠪᠤᠶᠠᠨ ᠠᠨᠤ ᠤᠷᠤᠰᠬᠠᠯ ᠮᠡᠲᠦ ᠵᠦᠬᠡᠭ ᠤᠷᠲᠤ᠂
ᠪᠠᠭᠠᠲᠤᠷ ᠠᠨᠤ ᠴᠠᠬᠢᠯᠭᠠᠨ ᠮᠡᠲᠦ ᠬᠤᠷᠴᠠ ᠴᠢᠩᠭ᠎ᠠ
ᠪᠠᠲᠤ ᠠᠨᠤ ᠴᠢᠯᠠᠭᠤ ᠠᠳᠠᠯᠢ ᠬᠦᠨᠳᠦ ᠴᠢᠬᠢᠮᠠᠢ ᠬᠦᠯᠦᠭ ᠮᠢᠨᠦ !
ᠭᠡᠮᠡᠨ ᠰᠠᠢᠰᠢᠶᠠᠵᠤ᠂ ᠮᠥᠨ ᠬᠦ᠌ ᠤᠷᠢᠳᠤ ᠶᠢᠰᠦᠨ ᠡᠩ ᠦ᠋ᠨ ᠡᠷᠬᠢᠮ᠂ ᠬᠣᠢᠲᠤ ᠶᠢᠰᠦᠨ ᠮᠣᠵᠢ ᠶ᠋ᠢᠨ ᠶᠡᠬᠡ ᠨᠣᠶᠠᠨ ᠡᠷᠭᠦᠮᠵᠢᠯᠡᠪᠡ᠃
ᠲᠡᠳᠦᠢ ᠬᠠᠭᠠᠨ ᠤ᠋ ᠭᠡᠭᠡᠨ ᠬᠦᠯᠦᠭ ᠪᠤᠭᠤᠷᠤᠯ ᠢ᠋ ᠡᠮᠦᠨ᠎ᠡ ᠪᠡᠨ ᠳᠠᠭᠤᠳᠠᠨ ᠠᠴᠢᠷᠠᠭᠰᠠᠨ ᠳ᠋ᠤᠷ ᠬᠦᠯᠦᠭ ᠲᠠᠢᠪᠤᠤ ᠪᠤᠭᠤᠷᠤᠯ ᠲᠣᠯᠣᠭᠠᠢ ᠠᠪᠤᠰᠢ ᠦᠭᠡᠢ ᠮᠥᠷᠭᠥᠵᠦ:《ᠡᠵᠡᠨ ᠮᠢᠨᠦ ᠪᠤᠰᠤ ᠵᠠᠷᠯᠢᠭ ᠢ᠋ ᠦᠯᠦ ᠪᠣᠯᠤᠮᠤ !》ᠬᠡᠮᠡᠬᠦᠢ ᠳ᠋ᠦ᠍ᠷ ᠬᠠᠭᠠᠨ ᠤ᠋ ᠭᠡᠭᠡᠨ ᠲᠡᠷᠡ ᠡᠳᠦᠷ ᠦ᠋ᠨ ᠲᠥᠷᠥ ᠡᠴᠡ ᠪᠠᠭᠤᠵᠤ ᠳᠣᠲᠣᠭᠠᠳᠤ ᠣᠷᠳᠣᠨ ᠳ᠋ᠤᠷ ᠪᠤᠭᠤᠷᠤᠯ ᠢ᠋ ᠳᠠᠭᠤᠳᠠᠨ ᠠᠪᠠᠴᠢᠵᠤ ᠠᠰᠠᠭᠤᠷᠤᠨ:《ᠴᠢ ᠶᠡᠬᠡ ᠲᠥᠷᠥ ᠳ᠋ᠦ᠍ᠷ ᠨᠠᠮᠠᠶ᠋ᠢ ᠪᠤᠰᠤ ᠵᠠᠷᠯᠢᠭ ᠦᠯᠦ ᠪᠣᠯᠤᠮᠤ ᠭᠡᠮᠡᠨ ᠬᠣᠷᠢᠭᠯᠠᠭᠰᠠᠨ ᠶᠠᠭᠤᠨ? ᠪᠢ ᠠᠩᠬ᠎ᠠ ᠤᠳᠠᠭ᠎ᠠ ᠰᠠᠨᠠᠭᠠᠨ ᠳ᠋ᠤᠷ ᠦᠭᠡᠢ ᠨᠢᠭᠡᠨ ᠦᠭᠡ ᠭᠠᠷᠤᠭᠠᠳ ᠵᠠᠭᠤᠨ ᠲᠦᠰᠢᠮᠡᠳ ᠨᠠᠮᠠᠶ᠋ᠢ ᠪᠤᠷᠤᠭᠤᠰᠢᠶᠠᠨ ᠭᠤᠷᠪᠠᠨ ᠤᠯᠤᠰ ᠤ᠋ᠨ ᠠᠯᠪᠠᠨ ᠤ᠋ ᠰᠠᠩ ᠢ᠋ᠶ᠋ᠠᠷ ᠲᠣᠷᠭᠠᠭᠰᠠᠨ ᠲᠤᠯᠠ ᠪᠢ ᠡᠳᠦᠭᠡ ᠭᠡᠨᠡᠳᠲᠡ ᠪᠠᠰᠠ ᠶᠣᠰᠣ ᠳ᠋ᠤᠷ ᠬᠠᠷᠰᠢᠬᠤ ᠦᠭᠡ ᠪᠣᠯᠬᠤ ᠪᠣᠯᠭᠤᠵᠠᠢ ᠭᠡᠮᠡᠨ ᠴᠢᠨᠦ ᠬᠡᠯᠡᠭᠰᠡᠨ ᠢ᠋ᠶ᠋ᠡᠷ ᠪᠤᠰᠤ ᠦᠭᠡ ᠡᠰᠡ ᠥᠴᠢᠪᠡ᠂ ᠴᠢᠨᠦ ᠰᠠᠨᠠᠭᠠᠨ ᠶᠠᠭᠤᠨ ? 》 ᠪᠤᠭᠤᠷᠤᠯ ᠮᠥᠷᠭᠥᠵᠦ ᠠᠢᠯᠠᠳᠬᠠᠷᠤᠨ:《ᠬᠠᠭᠠᠨ ᠡᠵᠡᠨ ᠪᠣᠭᠣᠯ ᠨᠠᠮᠠᠶ᠋ᠢ ᠳᠠᠭᠤᠳᠠᠭᠰᠠᠨ ᠰᠠᠨᠠᠭᠠᠨ ᠤ᠋ ᠵᠠᠷᠯᠢᠭ ᠢ᠋ ᠡᠳᠦᠭᠡ ᠪᠠᠭᠤᠯᠭᠠᠮᠤ ᠃ 》ᠬᠠᠭᠠᠨ ᠵᠠᠷᠯᠢᠭ ᠪᠣᠯᠤᠷᠤᠨ: 《ᠪᠢ ᠰᠠᠢ ᠪᠡᠶ᠎ᠡ ᠪᠦᠲᠦᠵᠦ ᠬᠤᠸᠠᠩᠬᠡᠦ ᠪᠠᠭᠤᠯᠭᠠᠨ ᠠᠪᠤᠭᠰᠠᠨ ᠠ᠋ᠴᠠ ᠴᠢᠮᠠᠶ᠋ᠢ ᠣᠯᠵᠤ᠂ ᠬᠣᠢᠨ᠎ᠠ ᠶᠡᠬᠡ ᠴᠡᠰᠦᠨᠡ ᠮᠢᠨᠦ ᠪᠡᠶ᠎ᠡ ᠳᠠᠭᠠᠷᠢᠭᠳᠠᠬᠤᠢ ᠳ᠋ᠤᠷ ᠴᠢ ᠢᠰᠡᠭᠡᠢ ᠪᠠᠷᠢᠵᠤ ᠶᠠᠪᠤᠭᠰᠠᠨ ᠠ᠋ᠴᠠ ᠡᠨᠡ ᠭᠤᠴᠢᠨ ᠵᠢᠯ ᠦ᠋ᠨ ᠦᠨᠡᠨ ᠬᠦᠴᠦᠨ ᠢ᠋ᠶ᠋ᠡᠷ ᠵᠢᠳᠬᠦᠭᠰᠡᠨ ᠢ᠋ ᠬᠡᠳᠦᠨ ᠦᠭᠡ ᠳ᠋ᠦ᠍ᠷ ᠬᠡᠷᠬᠢᠨ ᠪᠦᠷᠢᠳᠬᠡᠨ ᠲᠣᠭᠠᠴᠢᠵᠤ ᠪᠠᠷᠠᠬᠤ ? ᠲᠡᠢᠨ ᠬᠦ᠌ ᠮᠥᠨ ᠮᠣᠵᠢ ᠶ᠋ᠢᠨ ᠨᠣᠶᠠᠨ ᠡᠷᠭᠦᠰᠦᠭᠡᠢ ᠬᠡᠮᠡᠭᠰᠡᠨ ᠪᠦᠯᠥᠭᠡ᠃》 ᠪᠤᠭᠤᠷᠤᠯ ᠠᠢᠯᠠᠳᠬᠠᠷᠤᠨ : 《ᠪᠣᠭᠣᠯ ᠨᠠᠮᠠᠶ᠋ᠢ ᠲᠡᠷᠡ ᠭᠤᠷᠪᠠᠨ ᠬᠦᠯᠦᠭ ᠯᠦ᠍ᠭᠡ ᠦᠯᠢᠭᠡᠷᠯᠡᠵᠦ ᠦᠯᠦ ᠪᠣᠯᠬᠤ ᠭᠤᠷᠪᠠᠨ ᠵᠦᠢᠯ ᠪᠣᠢ᠃ ᠲᠡᠷᠢᠭᠦᠨ ᠳ᠋ᠦ᠍ᠷ ᠲᠡᠷᠡ ᠭᠤᠷᠪᠠᠭᠤᠯᠠ ᠬᠡᠮᠡᠭᠴᠢ ᠬᠠᠭᠠᠨ ᠢ᠋ ᠬᠠᠷᠠᠬᠠᠨ ᠭᠠᠴᠢᠭ᠍ᠳᠠᠨ ᠳᠠᠷᠤᠭᠳᠠᠨ ᠶᠠᠪᠤᠬᠤ ᠦᠶ᠎ᠡ ᠳ᠋ᠦ᠍ᠷ ᠵᠣᠪᠠᠯᠠᠩ ᠢ᠋ ᠬᠠᠮᠲᠤᠳᠬᠠᠭᠰᠠᠨ ᠰᠠᠢᠳ᠂ ᠪᠣᠭᠣᠯ ᠪᠢ ᠬᠡᠮᠡᠭᠴᠢ ᠬᠠᠭᠠᠨ ᠤ᠋ ᠨᠡᠷ᠎ᠡ ᠰᠦᠷ ᠮᠠᠨᠳᠤᠬᠤ ᠦᠶ᠎ᠡ ᠳ᠋ᠦ᠍ᠷ ᠣᠷᠣᠭᠰᠠᠨ ᠢᠨᠵᠢ᠂ ᠬᠠᠭᠠᠨ ᠲᠡᠷᠡ ᠦᠶ᠎ᠡ ᠳ᠋ᠦ᠍ᠷ ᠳᠥᠷᠪᠡᠨ ᠬᠦᠯᠦᠭ ᠦ᠋ᠨ ᠲᠣᠭᠠᠨ ᠳ᠋ᠤᠷ ᠣᠷᠣᠭᠤᠯᠤᠭᠰᠠᠨ ᠠᠨᠤ ᠦᠨᠡᠬᠡᠷ ᠪᠣᠭᠣᠯ ᠮᠢᠨᠦ ᠪᠡᠶ᠎ᠡ ᠶ᠋ᠢ ᠬᠡᠲᠦᠷᠬᠡᠶ᠎ᠡ ᠥᠷᠥᠰᠢᠶᠡᠭᠰᠡᠨ ᠠᠨᠤ ᠪᠤᠶᠤ᠃ ᠡᠨᠡ ᠨᠢᠭᠡ᠃ ᠬᠣᠶᠠᠷ ᠲᠤᠷ ᠪᠣᠭᠣᠯ ᠮᠢᠨᠦ ᠶᠠᠪᠤᠭᠰᠠᠨ ᠦᠢᠯᠡᠳᠦᠭᠰᠡᠨ ᠴᠥᠮ ᠶᠢᠰᠦᠨ ᠡᠩ ᠦ᠋ᠨ ᠶᠡᠷᠦ ᠶ᠋ᠢᠨ ᠬᠡᠷᠡᠭ᠂ ᠣᠨᠴᠠᠭᠠᠢ ᠭᠠᠷᠤᠭᠰᠠᠨ ᠴᠢᠬᠤᠯᠠ ᠵᠦᠢᠯ ᠦᠭᠡᠢ᠃ ᠡᠨᠡ ᠬᠣᠶᠠᠷ᠃ ᠪᠠᠰᠠ ᠪᠣᠭᠣᠯ ᠠ᠋ᠴᠠ ᠠᠬ᠎ᠠ ᠪᠥᠭᠡᠳ ᠤᠷᠢᠳᠠ ᠳᠠᠭᠠᠭᠰᠠᠨ ᠴᠤᠤ ᠮᠡᠷᠭᠡᠨ᠂ ᠰᠢᠷᠢ ᠬᠤᠲᠤᠭ᠂ ᠴᠢᠨᠳᠠᠭᠠᠨ᠎ᠠ ᠰᠡᠴᠡᠨ᠂ ᠵᠠᠯᠮ᠎ᠠ ᠨᠠᠷ ᠤ᠋ᠨ ᠵᠡᠷᠭᠡ ᠰᠠᠢᠳ ᠠᠯᠢᠨ ᠴᠤ᠌ ᠴᠥᠮ ᠪᠣᠭᠣᠯ ᠯᠤᠭ᠎ᠠ ᠳᠠᠩ ᠰᠠᠴᠠᠭᠤ᠂ ᠭᠠᠪᠢᠶ᠎ᠠ ᠮᠥᠨ ᠪᠠᠭ᠎ᠠ ᠦᠭᠡᠢ᠂ ᠨᠡᠩ ᠪᠠᠰᠠ ᠵᠠᠯᠮ᠎ᠠ ᠬᠡᠮᠡᠭᠴᠢ ᠡᠵᠡᠨ ᠦ᠌ ᠲᠤᠯᠠ ᠪᠡᠶ᠎ᠡ ᠪᠡᠨ ᠴᠠᠪᠴᠢᠭ᠍ᠰᠠᠨ ᠭᠠᠪᠢᠶ᠎ᠠ ᠠᠲᠠᠯ᠎ᠠ ᠬᠡᠷᠬᠢᠨ ᠡᠳᠡᠭᠡᠷ ᠰᠠᠢᠳ ᠢ᠋ ᠡᠷᠭᠦᠬᠦ ᠦᠭᠡᠢ᠂ ᠪᠣᠭᠣᠯ ᠨᠠᠮᠠᠶ᠋ᠢ ᠡᠷᠭᠦᠮᠦᠢ ? ᠪᠣᠭᠣᠯ ᠪᠢ ᠦᠨᠡᠨ ᠳ᠋ᠦ᠍ᠷ ᠡᠷᠬᠢᠮ ᠵᠡᠷᠭᠡ ᠬᠡᠷᠬᠡᠮ ᠳ᠋ᠦ᠍ᠷ ᠦᠯᠦ ᠳᠤᠷᠠᠯᠠᠬᠤ ᠪᠤᠰᠤ᠂ ᠭᠠᠭᠴᠠ ᠬᠠᠭᠠᠨ ᠡᠵᠡᠨ ᠦ᠌ ᠲᠥᠷᠥ ᠳ᠋ᠦ᠍ᠷ ᠬᠡᠯᠪᠡᠢᠭᠦᠦ ᠶᠣᠰᠣ ᠪᠣᠯᠵᠤ᠂ ᠨᠢᠭᠡᠨ ᠪᠣᠭᠣᠯ ᠤ᠋ᠨ ᠲᠤᠯᠠ ᠣᠯᠠᠨ ᠭᠠᠪᠢᠶᠠᠲᠠᠨ ᠤ᠋ ᠰᠡᠳᠬᠢᠯ ᠢ᠋ ᠠᠯᠳᠠᠵᠤ ᠲᠥᠷᠥ ᠳ᠋ᠦ᠍ᠷ ᠲᠤᠰᠠ ᠦᠭᠡᠢ ᠪᠣᠯᠭᠤᠵᠠᠢ ᠭᠡᠮᠡᠨ ᠰᠡᠵᠢᠭᠯᠡᠮᠦᠢ᠂ ᠡᠨᠡ ᠭᠤᠷᠪᠠ᠃ ᠬᠠᠭᠠᠨ ᠡᠵᠡᠨ ᠦ᠌ ᠮᠢᠨᠦ ᠠᠯᠲᠠᠨ ᠬᠠᠰ ᠤ᠋ᠨ ᠴᠣᠭᠴᠠᠰ ᠠᠮᠤᠭᠤᠯᠠᠩ ᠪᠣᠯᠤᠭᠠᠳ ᠬᠠᠮᠤᠭ ᠤᠯᠤᠰ ᠢ᠋ ᠡᠵᠡᠯᠡᠭᠰᠡᠨ ᠬᠠᠭᠠᠨ ᠲᠥᠷᠥ ᠴᠢᠨᠦ ᠡᠪᠲᠡᠢ ᠪᠣᠯᠵᠤ ᠲᠦᠮᠡᠨ ᠣᠨ ᠪᠣᠯᠪᠠᠰᠤ ᠪᠣᠭᠣᠯ ᠪᠢ ᠵᠢᠷᠭᠠᠭᠠᠳ ᠮᠣᠩᠭᠣᠯ ᠤᠯᠤᠰ ᠤ᠋ᠨ ᠶᠡᠬᠡ ᠡᠩ ᠦ᠋ᠨ ᠲᠡᠷᠢᠭᠦᠯᠡᠭᠰᠡᠨ ᠲᠠᠢᠪᠤᠤ ᠲᠦᠰᠢᠮᠡᠯ ᠦ᠋ᠨ ᠡᠷᠬᠢᠮ ᠢ᠋ ᠡᠵᠡᠯᠡᠵᠦ ᠰᠠᠨᠠᠭᠠᠨ ᠬᠠᠨᠵᠤ ᠪᠡᠶᠡᠰᠦᠨ ᠰᠢᠲᠦᠬᠦ ᠪᠣᠯᠠᠢ᠃ ᠣᠨᠴᠠ ᠣᠯᠠᠨ ᠠ᠋ᠴᠠ ᠣᠨᠴᠠᠭᠠᠢ᠂ ᠡᠷᠬᠢᠮ ᠡᠪ ᠦᠭᠡᠢ ᠪᠣᠯᠵᠤ ᠶᠠᠭᠤ ᠬᠢᠬᠦ ? ᠵᠢᠴᠢ ᠮᠤᠬᠤᠯᠢ᠂ ᠪᠤᠭᠤᠷᠵᠢ᠂ ᠴᠢᠯᠠᠭᠤ ᠳ᠋ᠤᠷ ᠪᠤᠰᠤ ᠰᠠᠢᠳ ᠠᠲᠠᠭᠠᠷᠬᠠᠵᠤ ᠦᠯᠦ ᠪᠣᠯᠬᠤ ᠶ᠋ᠢ ᠲᠡᠳᠡᠨ ᠴᠥᠮ ᠥᠪᠡᠷᠲᠡᠭᠡᠨ ᠮᠡᠳᠡᠬᠦ ᠪᠣᠯᠠᠢ᠃ ᠲᠡᠢᠨ ᠬᠦ᠌ ᠪᠣᠭᠣᠯ ᠪᠢ ᠬᠠᠭᠠᠨ ᠡᠵᠡᠨ ᠡᠴᠡ ᠪᠣᠭᠣᠯ ᠨᠠᠮᠠᠶ᠋ᠢ ᠡᠷᠭᠦᠬᠦ ᠵᠠᠷᠯᠢᠭ ᠭᠠᠷᠭᠠᠭᠤᠵᠠᠢ ᠭᠡᠮᠡᠨ ᠠᠶᠤᠵᠤ ᠪᠠᠢᠲᠠᠯ᠎ᠠ ᠴᠢᠪᠬᠢᠲᠡᠯ᠎ᠡ ᠳᠠᠭᠤᠳᠠᠭᠰᠠᠨ ᠳ᠋ᠤᠷ ᠠᠷᠭ᠎ᠠ ᠪᠠᠨ ᠠᠯᠳᠠᠵᠤ ᠠᠶᠤᠮᠰᠢᠭ ᠦᠭᠡᠢ ᠬᠠᠭᠠᠨ ᠤ᠋ ᠵᠠᠷᠯᠢᠭ ᠢ᠋ ᠬᠠᠯᠬᠠᠯᠠᠨ ᠠᠢᠯᠠᠳᠬᠠᠪᠠ᠃ 》ᠬᠡᠮᠡᠭᠰᠡᠨ ᠳ᠋ᠦ᠍ᠷ ᠬᠠᠭᠠᠨ ᠪᠠᠬᠠᠨ ᠪᠣᠳᠣᠵᠤ ᠵᠠᠷᠯᠢᠭ ᠪᠣᠯᠤᠷᠤᠨ: 《ᠵᠠᠯᠮ᠎ᠠ ᠶ᠋ᠢᠨ ᠮᠥᠷᠥ ᠪᠡᠨ ᠴᠠᠪᠴᠢᠭ᠍ᠰᠠᠨ ᠭᠠᠪᠢᠶ᠎ᠠ ᠳ᠋ᠤᠷ ᠪᠢ ᠲᠥᠷᠥᠭᠰᠡᠨ ᠦᠷ᠎ᠡ ᠭᠦᠩᠵᠦ ᠪᠡᠨ ᠥᠭᠴᠦ ᠲᠡᠭᠦᠨ ᠦ᠌ ᠦᠷᠡᠰ ᠢ᠋ ᠲᠦᠮᠡᠨ ᠦᠶ᠎ᠡ ᠮᠢᠨᠦ ᠦᠷᠡᠰ ᠲᠣᠷ ᠠᠳᠠᠯᠢ ᠪᠣᠯᠭᠠᠪᠠ᠃ ᠡᠨᠡ ᠳᠠᠷᠤᠢ ᠲᠤᠢᠯ ᠳ᠋ᠤᠷ ᠭᠥᠷᠦᠭᠦᠯᠪᠡ᠃ ᠮᠢᠨᠦ ᠮᠣᠩᠭᠣᠯ ᠤᠯᠤᠰ ᠬᠡᠳᠦᠢ ᠬᠦᠷᠲᠡᠯ᠎ᠡ ᠲᠡᠭᠷᠢ ᠶ᠋ᠢᠨ ᠳᠣᠣᠷ᠎ᠠ ᠠᠪᠠᠰᠤ ᠲᠡᠭᠦᠨ ᠦ᠌ ᠭᠠᠪᠢᠶ᠎ᠠ ᠲᠡᠷᠡ ᠦᠶ᠎ᠡ ᠳ᠋ᠦ᠍ᠷ ᠬᠦᠷᠲᠡᠯ᠎ᠡ ᠠᠮᠤᠢ᠂ ᠵᠠᠯᠮ᠎ᠠ ᠳ᠋ᠤᠷ ᠭᠣᠮᠣᠳᠠᠬᠤ ᠰᠡᠳᠬᠢᠯ ᠦᠯᠦ ᠲᠥᠷᠥᠮᠦᠢ᠃ ᠵᠢᠴᠢ ᠳ᠋ᠦ᠍ᠷ ᠴᠢ ᠴᠢᠵᠢᠯᠵᠢ ᠤᠯᠤᠰ᠂ ᠢᠳᠢᠨᠡᠷ ᠤᠯᠤᠰ᠂ ᠠᠯᠠᠭ ᠳᠡᠪᠡᠯᠲᠦ ᠤᠯᠤᠰ ᠡᠳᠡᠭᠡᠷ ᠢ᠋ ᠬᠤᠷᠢᠶᠠᠭᠰᠠᠨ ᠶᠡᠬᠡ ᠭᠠᠪᠢᠶ᠎ᠠ ᠪᠣᠢ᠂ ᠶᠠᠭᠤᠨ ᠳ᠋ᠤᠷ ᠣᠨᠴᠠᠭᠠᠢ ᠦᠭᠡᠢ ᠪᠣᠢ ? 》ᠬᠡᠮᠡᠭᠰᠡᠨ ᠳ᠋ᠦ᠍ᠷ ᠪᠤᠭᠤᠷᠤᠯ ᠠᠢᠯᠠᠳᠬᠠᠷᠤᠨ :《ᠬᠠᠭᠠᠨ ᠡᠵᠡᠨ ᠮᠢᠨᠦ ᠬᠦᠨᠡᠪᠴᠢᠯᠡᠨ ᠠᠢᠯᠠᠳᠤᠮᠤ ! ᠡᠨᠡ ᠭᠤᠷᠪᠠᠨ ᠤᠯᠤᠰ ᠢ᠋ ᠪᠣᠭᠣᠯ ᠪᠢ ᠭᠠᠭᠴᠠᠭᠠᠷ ᠬᠡᠯᠡᠯᠴᠡᠵᠦ ᠳᠠᠭᠠᠭᠤᠯᠤᠭᠰᠠᠨ ᠪᠤᠰᠤ ᠪᠣᠯᠠᠢ᠃ ᠵᠡᠯᠮ᠎ᠡ᠂ ᠵᠡᠪᠡ᠂ ᠰᠢᠷᠢ ᠬᠤᠲᠤᠭ᠂ ᠬᠠᠷ᠎ᠠ ᠬᠢᠷᠤ᠂ ᠴᠤᠤ ᠮᠡᠷᠭᠡᠨ᠂ ᠣᠶᠤᠲᠤ ᠰᠡᠴᠡᠨ᠂ ᠣᠶᠤᠨ ᠭᠤᠸ᠎ᠠ᠂ ᠬᠤᠷᠴᠠ ᠪᠠᠢᠷᠢ᠂ ᠰᠠᠢᠬᠠᠨ ᠰᠤᠷᠲᠠᠯᠲᠤ ᠡᠳᠡᠭᠡᠷ ᠴᠥᠮ ᠢ᠋ᠶ᠋ᠡᠷ ᠲᠤᠯᠭᠠᠭᠤᠷᠢ ᠲᠤᠰᠢᠮᠡᠳ ᠪᠣᠯᠤᠨ ᠨᠠᠳᠠ ᠯᠤᠭ᠎ᠠ ᠨᠢᠭᠡᠨ ᠠᠳᠠᠯᠢ ᠪᠣᠯᠠᠢ᠂ ᠬᠠᠭᠠᠨ ᠡᠵᠡᠨ ᠮᠢᠨᠦ ᠠᠢᠯᠠᠳᠤᠨ ᠰᠣᠶᠣᠷᠬ᠎ᠠ ! 》ᠭᠡᠮᠡᠨ ᠠᠢᠯᠠᠳᠬᠠᠵᠤ ᠮᠥᠷᠭᠥᠬᠦᠢ ᠳ᠋ᠦ᠍ᠷ ᠬᠠᠭᠠᠨ ᠤ᠋ ᠭᠡᠭᠡᠨ ᠪᠡᠶᠡᠰᠦᠨ ᠥᠭᠦᠯᠡᠷᠦᠨ :《ᠥᠪᠡᠷ ᠦ᠋ᠨ ᠡᠷᠬᠢᠮ ᠢ᠋ ᠲᠦᠯᠬᠢᠵᠦ ᠮᠢᠨᠦ ᠲᠥᠷᠥ ᠶ᠋ᠢ ᠡᠷᠬᠢᠮ ᠪᠣᠯᠭᠠᠬᠤ ᠠᠨᠤ ᠦᠨᠡᠬᠡᠷ ᠴᠢᠩ ᠦᠨᠡᠨ᠂ ᠰᠠᠢᠬᠠᠨ ᠰᠤᠷᠲᠠᠯᠲᠤ ᠡᠭᠦᠨ ᠦ᠌ ᠡᠳᠡᠭᠡᠷ ᠦᠭᠡ ᠶ᠋ᠢ ᠮᠢᠨᠦ ᠵᠠᠷᠯᠢᠭ ᠪᠣᠯᠤᠭᠰᠠᠨ ᠯᠤᠭ᠎ᠠ ᠬᠣᠯᠪᠣᠵᠤ ᠪᠢᠴᠢᠭᠯᠡᠨ ᠬᠠᠳᠠᠭᠠᠯᠠᠵᠤ᠂ ᠲᠠᠢᠰᠢ ᠲᠠᠢᠪᠤᠤ ᠨᠠᠷ ᠲᠤᠷ ᠠᠪᠠᠴᠢᠵᠤ ᠥᠭᠭᠦᠨ ᠪᠦᠭᠦᠳᠡᠭᠡᠷ ᠲᠥᠪ ᠳᠤᠮᠳᠠ ᠪᠠᠷ ᠵᠥᠪᠯᠡᠨ ᠲᠣᠭᠲᠠᠭᠠᠵᠤ᠂ ᠮᠠᠷᠭᠠᠲᠠ ᠶ᠋ᠢᠨ ᠲᠥᠷᠥ ᠳ᠋ᠦ᠍ᠷ ᠠᠢᠯᠠᠳᠬ᠎ᠠ !》ᠭᠡᠮᠡᠨ ᠵᠠᠷᠯᠢᠭ ᠪᠠᠭᠤᠯᠭᠠᠪᠠ᠃
ᠲᠡᠳᠦᠢ ᠰᠠᠢᠬᠠᠨ ᠰᠤᠷᠲᠠᠯᠲᠤ ᠶᠠᠭᠠᠷᠠᠨ ᠵᠠᠷᠯᠢᠭ ᠢ᠋ ᠪᠢᠴᠢᠵᠦ ᠲᠠᠢᠰᠢ ᠲᠠᠢᠪᠤᠤ ᠨᠠᠷ ᠲᠤᠷ ᠲᠤᠰᠢᠶᠠᠪᠠ᠃ ᠵᠢᠴᠢ ᠥᠷᠯᠥᠭᠡ ᠲᠥᠷᠥ ᠳ᠋ᠦ᠍ᠷ ᠳᠠᠷᠠᠭ᠎ᠠ ᠪᠠᠷ ᠭᠤᠷᠪᠠᠨ ᠨᠤᠭᠤᠯᠪᠤᠷᠢ ᠠᠢᠯᠠᠳᠬᠠᠪᠠ᠃ ᠲᠡᠷᠢᠭᠦᠨ ᠨᠤᠭᠤᠯᠪᠤᠷᠢ᠂ ᠥᠴᠥᠭᠡᠳᠦᠷ ᠬᠠᠭᠠᠨ ᠤ᠋ ᠵᠠᠷᠯᠢᠭ ᠢ᠋ᠶ᠋ᠠᠷ ᠪᠤᠭᠤᠷᠤᠯ ᠤ᠋ᠨ ᠭᠠᠪᠢᠶ᠎ᠠ ᠶ᠋ᠢ ᠬᠡᠯᠡᠭᠰᠡᠨ ᠨᠤᠭᠤᠯᠪᠤᠷᠢ᠂ ᠬᠣᠶᠠᠳᠤᠭᠠᠷ ᠨᠤᠭᠤᠯᠪᠤᠷᠢ : ᠠᠯᠲᠠᠨ ᠤᠯᠤᠰ ᠡᠳᠦᠭᠡ ᠮᠠᠨ ᠤ᠋ ᠤᠯᠤᠰ ᠯᠤᠭ᠎ᠠ ᠬᠠᠯᠳᠠᠬᠤ ᠰᠠᠨᠠᠭᠠᠨ ᠪᠠᠷᠢᠵᠤ ᠬᠣᠢᠲᠤ ᠵᠠᠬ᠎ᠠ ᠳ᠋ᠤᠷ ᠡᠦ ᠰᠠᠨ ᠹᠦ ᠬᠣᠲᠠ ᠴᠣᠭᠴᠠᠯᠠᠨ ᠴᠡᠷᠢᠭ ᠲᠡᠭᠰᠢᠯᠡᠰᠦᠭᠡᠢ ᠭᠡᠵᠦ ᠪᠠᠢᠬᠤ ᠤᠴᠢᠷ᠂ ᠭᠤᠲᠠᠭᠠᠷ ᠨᠤᠭᠤᠯᠪᠤᠷᠢ : ᠬᠠᠭᠠᠨ ᠡᠨᠡ ᠵᠢᠯ ᠴᠡᠷᠢᠭ ᠲᠡᠢᠨ ᠳ᠋ᠦ᠍ᠷ ᠪᠡᠶ᠎ᠡ ᠶ᠋ᠢᠨ ᠭᠡᠭᠡᠨ ᠡᠰᠡ ᠬᠥᠳᠡᠯᠪᠡᠴᠦ ᠬᠥᠩᠭᠡᠨ ᠵᠢᠭ᠍ᠰᠠᠭᠠᠯ ᠢ᠋ᠶ᠋ᠠᠷ ᠤᠯᠤᠰ ᠤ᠋ᠨ ᠬᠢᠵᠠᠭᠠᠷ ᠢ᠋ ᠴᠠᠭᠳᠠᠨ ᠰᠠᠭᠤᠵᠤ᠂ ᠰᠢᠶᠠ ᠤᠯᠤᠰ ᠤ᠋ᠨ ᠴᠡᠷᠢᠭ ᠢ᠋ᠶ᠋ᠡᠷ ᠠᠯᠲᠠᠨ ᠢ᠋ ᠳᠠᠢᠯᠠᠬᠤ ᠵᠠᠷᠯᠠᠯ ᠪᠠᠭᠤᠯᠭᠠᠮᠤ ᠬᠡᠮᠡᠭᠰᠡᠨ ᠨᠤᠭᠤᠯᠪᠤᠷᠢ᠃ ᠬᠠᠭᠠᠨ ᠦᠵᠡᠪᠡᠰᠦ ᠵᠠᠭᠤᠨ ᠲᠦᠰᠢᠮᠡᠳ ᠦ᠋ᠨ ᠵᠥᠪᠳᠡᠨ ᠲᠣᠭᠲᠠᠭᠰᠠᠨ ᠠᠨᠤ : ᠬᠦᠯᠦᠭ ᠲᠠᠢᠪᠤᠤ ᠶ᠋ᠢᠨ ᠬᠡᠯᠡᠭᠰᠡᠨ ᠦᠭᠡ ᠪᠦᠷᠢ ᠴᠣᠬᠣᠮ ᠦᠨᠡᠨ ᠵᠥᠪ ᠴᠥᠮ ᠵᠦᠢ᠂ ᠲᠡᠢᠨ ᠪᠣᠯᠪᠠᠴᠤ ᠬᠠᠭᠠᠨ ᠲᠡᠭᠦᠨ ᠦ᠌ ᠦᠬᠦᠨ ᠵᠢᠳᠬᠦᠭᠰᠡᠨ ᠳ᠋ᠦ᠍ᠷ ᠪᠣᠯᠭᠠᠨ ᠡᠷᠭᠦᠰᠦᠭᠡᠢ ᠭᠡᠬᠦ ᠢᠨᠤ ᠮᠥᠨ ᠶᠡᠬᠡ ᠶᠣᠰᠣ᠂ ᠬᠡᠳᠦᠢ ᠪᠤᠭᠤᠷᠤᠯ ᠤ᠋ᠨ ᠰᠠᠴᠠᠭᠤ ᠰᠠᠢᠳ ᠣᠯᠠᠨ ᠪᠣᠯᠪᠠᠴᠤ ᠲᠣᠯᠣᠭᠠᠢ ᠳ᠋ᠤᠷ ᠰᠤᠮᠤ ᠲᠣᠰᠴᠤ ᠪᠠᠢᠲᠠᠯ᠎ᠠ ᠲᠣᠬᠣᠮ ᠢ᠋ ᠡᠰᠡ ᠠᠯᠳᠠᠭᠰᠠᠨ ᠠᠨᠤ ᠪᠤᠭᠤᠷᠤᠯ ᠪᠣᠯᠠᠢ᠃ ᠬᠠᠭᠠᠨ ᠤ᠋ ᠬᠦᠨᠳᠦ ᠬᠡᠰᠢᠭ ᠢ᠋ ᠭᠥᠷᠳᠡᠬᠦᠢ ᠳ᠋ᠦ᠍ᠷ ᠳᠠᠩ ᠤ᠋ᠨ ᠰᠠᠢᠳ ᠪᠢᠳᠡ ᠠᠲᠠᠭᠠᠷᠬᠠᠵᠤ ᠦᠯᠦ ᠪᠣᠯᠬᠤ᠂ ᠬᠠᠭᠠᠨ ᠡᠵᠡᠨ ᠬᠦᠨᠳᠦ ᠬᠡᠰᠢᠭ ᠢ᠋ ᠵᠠᠯᠭᠠᠨ ᠬᠦᠷᠲᠡᠭᠡᠵᠦ ᠪᠣᠯᠤᠮᠤᠢ ᠭᠡᠮᠡᠨ ᠠᠢᠯᠠᠳᠬᠠᠵᠤᠬᠤᠢ᠃ ᠬᠠᠭᠠᠨ ᠤ᠋ ᠭᠡᠭᠡᠨ ᠵᠠᠷᠯᠢᠭ ᠪᠠᠭᠤᠯᠭᠠᠨ᠂ ᠪᠤᠭᠤᠷᠤᠯ ᠢ᠋ ᠪᠠᠷᠠᠭᠤᠨ ᠬᠣᠢᠲᠤ ᠶ᠋ᠢᠨ ᠶᠢᠰᠦᠨ ᠮᠣᠵᠢ ᠶ᠋ᠢᠨ ᠶᠡᠬᠡ ᠨᠣᠶᠠᠨ ᠪᠣᠯᠭᠠᠨ᠂ ᠶᠢᠰᠦᠨ ᠡᠩ ᠦ᠋ᠨ ᠡᠷᠭᠢᠨ ᠪᠣᠯᠭᠠᠪᠠ᠃ ᠪᠤᠭᠤᠷᠤᠯ ᠠᠷᠭ᠎ᠠ ᠦᠭᠡᠢ ᠬᠡᠰᠢᠭ ᠲᠣᠷ ᠮᠥᠷᠭᠥᠪᠡ᠃ ᠵᠢᠴᠢ ᠠᠯᠲᠠᠨ ᠤ᠋ ᠡᠦ ᠰᠠᠨ ᠹᠦ ᠶ᠋ᠢ ᠪᠠᠷᠢᠬᠤᠢ ᠶ᠋ᠢ ᠠᠢᠯᠠᠳᠬᠠᠭᠰᠠᠨ ᠨᠢᠭᠡᠨ ᠨᠤᠭᠤᠯᠪᠤᠷᠢ ᠶ᠋ᠢᠨ ᠤᠴᠢᠷ ᠵᠠᠷᠯᠠᠭᠰᠠᠨ ᠠᠨᠤ᠂ ᠵᠠᠯᠮ᠎ᠠ᠂ ᠵᠡᠪᠡ ᠬᠣᠶᠠᠷ ᠲᠠᠢᠪᠤᠤ ᠲᠠᠪᠤᠨ ᠪᠠᠷᠰ ᠤ᠋ᠨ ᠰᠠᠢᠳ ᠨᠠᠷ ᠤ᠋ᠨ ᠲᠠᠪᠤᠨ ᠲᠦᠮᠡᠨ ᠪᠣᠯᠣᠳ ᠬᠦᠴᠦᠲᠦ ᠴᠡᠷᠢᠭ ᠢ᠋ ᠡᠴᠢᠭᠦᠯᠵᠦ ᠬᠣᠲᠠ ᠪᠠᠷᠢᠭᠴᠢ ᠴᠡᠷᠢᠭ ᠢᠷᠭᠡᠨ ᠢ᠋ ᠪᠠᠷᠢᠵᠤ ᠠᠴᠢᠷᠠ᠃ ᠵᠢᠴᠢ ᠰᠢᠶᠠ ᠤᠯᠤᠰ ᠤ᠋ᠨ ᠴᠡᠷᠢᠭ ᠢᠷᠭᠡᠨ ᠨᠠᠳᠠ ᠳ᠋ᠤᠷ ᠦᠨᠡᠨ ᠢ᠋ᠶ᠋ᠡᠷ ᠳᠠᠭᠠᠭᠰᠠᠨ ᠲᠤᠯᠠ ᠬᠣᠶᠠᠳᠤᠭᠠᠷ ᠲᠠᠢᠽᠢ ᠴᠠᠭᠠᠲᠠᠢ᠂ ᠶᠡᠬᠡ ᠶᠤᠸᠠᠨᠱᠤᠸᠠᠢ ᠮᠤᠬᠤᠯᠢ ᠯᠤᠭ᠎ᠠ ᠨᠠᠢ᠍ᠮᠠᠨ ᠪᠠᠭ᠎ᠠ ᠵᠠᠩᠵᠤᠨ ᠢ᠋ ᠠᠪᠴᠤ ᠰᠢᠶᠠ ᠤᠯᠤᠰ ᠤ᠋ᠨ ᠴᠡᠷᠢᠭ ᠢ᠋ ᠠᠪᠤᠨ᠂ ᠠᠯᠲᠠᠨ ᠤᠯᠤᠰ ᠤ᠋ᠨ ᠪᠠᠷᠠᠭᠤᠨ ᠬᠣᠢᠲᠤ ᠡᠲᠡᠭᠡᠳ ᠡᠴᠡ ᠶᠠᠯ᠎ᠠ ᠠᠰᠠᠭᠤᠵᠤ ᠪᠠᠢᠯᠳᠤ᠂ ᠶᠡᠬᠡ ᠶᠤᠸᠠᠨᠱᠤᠸᠠᠢ ᠪᠤᠭᠤᠷᠵᠢ᠂ ᠬᠠᠭᠤᠴᠢᠨ ᠰᠠᠢᠳ ᠳᠥᠷᠪᠡᠨ ᠬᠥᠮᠦᠨ᠂ ᠪᠠᠭ᠎ᠠ ᠵᠠᠩᠵᠤᠨ ᠠᠷᠪᠠᠨ ᠬᠥᠮᠦᠨ ᠢ᠋ ᠠᠪᠴᠤ ᠠᠷᠪᠠᠨ ᠲᠦᠮᠡᠨ ᠰᠢᠯᠭᠠᠭᠰᠠᠨ ᠴᠡᠷᠢᠭ ᠢ᠋ ᠠᠪᠤᠨ᠂ ᠮᠢᠨᠦ ᠪᠡᠶ᠎ᠡ ᠶ᠋ᠢ ᠳᠠᠭᠠᠵᠤ ᠡᠮᠦᠨ᠎ᠡ ᠭᠠᠵᠠᠷ ᠢ᠋ ᠪᠠᠢᠴᠠᠭᠠᠨ ᠦᠵᠡᠵᠦ ᠣᠷᠣᠬᠤᠢ ᠳ᠋ᠤᠷ ᠪᠡᠯᠡᠳ᠂ ᠲᠠᠪᠤᠨ ᠲᠠᠢᠰᠢ ᠭᠤᠷᠪᠠᠨ ᠲᠠᠢᠽᠢ ᠤᠯᠤᠰ ᠤ᠋ᠨ ᠶᠡᠬᠡ ᠴᠡᠷᠢᠭ ᠢ᠋ ᠠᠪᠴᠤ ᠤᠯᠤᠰ ᠢ᠋ ᠰᠠᠬᠢ᠃ ᠦᠯᠡᠭᠦᠦ ᠢᠷᠦᠭᠡᠯᠲᠦ ᠲᠠᠢᠬᠡᠦ ᠶ᠋ᠢᠨ ᠵᠠᠷᠯᠢᠭ᠂ ᠡᠨᠡ ᠵᠢᠯ ᠨᠠᠮᠠᠶ᠋ᠢ ᠴᠡᠷᠢᠭ ᠲᠡᠢᠨ ᠪᠠ ᠠᠪᠠ ᠰᠢᠪᠠᠭᠤ ᠳ᠋ᠤᠷ ᠶᠠᠪᠤᠬᠤ ᠶ᠋ᠢ ᠴᠡᠭᠡᠷᠯᠡ ᠬᠡᠮᠡᠭᠰᠡᠨ ᠲᠤᠯᠠ ᠡᠳᠦᠭᠡ ᠨᠠᠮᠠᠶ᠋ᠢ ᠬᠢᠵᠠᠭᠠᠷ ᠤ᠋ᠨ ᠣᠢᠷ᠎ᠠ ᠤᠯᠤᠰ ᠢ᠋ ᠪᠠᠢᠴᠠᠭᠠᠷᠠ ᠭᠠᠷᠬᠤᠢ ᠳ᠋ᠤᠷ ᠯᠠᠪ ᠰᠡᠵᠢᠭᠯᠡᠮᠦᠢ᠃ ᠡᠳᠦᠭᠡ ᠮᠢᠨᠦ ᠪᠡᠶ᠎ᠡ ᠵᠠᠷ ᠵᠡᠪᠰᠡᠭ ᠦ᠋ᠨ ᠴᠡᠷᠢᠭ ᠲᠡᠢᠨ ᠪᠠ ᠠᠯᠠᠬᠤ ᠰᠥᠨᠥᠭᠡᠬᠦ ᠠᠪᠠ ᠠᠶᠠᠨ᠎ᠠ ᠬᠡᠷᠬᠢᠪᠡᠴᠦ ᠦᠯᠦ ᠶᠠᠪᠤᠬᠤ ᠶ᠋ᠢ ᠬᠢᠨᠠᠨ ᠭᠠᠷᠭᠠᠵᠤ ᠲᠠᠢᠬᠡᠦ ᠳ᠋ᠦ᠍ᠷ ᠠᠢᠯᠠᠳᠬᠠᠨ᠂ ᠲᠠᠢᠬᠡᠦ ᠶ᠋ᠢᠨ ᠲᠠᠲᠠᠭᠠᠯᠵᠠᠬᠤ ᠰᠡᠳᠬᠢᠯ ᠢ᠋ ᠠᠮᠤᠭᠤᠯ ! ᠭᠡᠮᠡᠨ ᠨᠢᠭᠡᠳ ᠨᠢᠭᠡᠨ ᠢ᠋ᠶ᠋ᠡᠷ ᠴᠥᠮ ᠲᠠᠰᠤᠯᠤᠨ ᠰᠢᠳᠬᠡᠵᠦ᠂ ᠬᠠᠭᠠᠨ ᠤ᠋ ᠭᠡᠭᠡᠨ ᠬᠥᠭᠵᠢᠮ ᠡᠭᠦᠰᠬᠡᠵᠦ ᠵᠦᠩ ᠬᠡᠩᠭᠡᠷᠭᠡ ᠬᠠᠮᠲᠤ ᠳᠠᠭᠤᠷᠢᠰᠤᠨ᠂ ᠲᠡᠭᠷᠢ ᠶ᠋ᠢᠨ ᠬᠥᠪᠡᠭᠦᠨ ᠣᠷᠳᠣᠨ᠎ᠠ ᠡᠭᠡᠪᠡ᠃ ᠵᠠᠭᠤᠨ ᠲᠦᠰᠢᠮᠡᠳ ᠲᠠᠷᠠᠬᠠᠯᠴᠠᠨ ᠪᠠᠭᠤᠵᠤ ᠲᠤᠰ ᠲᠤᠰ ᠤ᠋ᠨ ᠦᠢᠯᠡ ᠪᠡᠨ ᠬᠢᠷ᠎ᠠ ᠡᠴᠢᠪᠡ᠃
ᠲᠡᠨᠳᠡᠴᠡ ᠠᠯᠲᠠᠨ ᠤᠯᠤᠰ ᠶᠠᠭᠠᠬᠢᠨ ᠪᠠᠰᠠ ᠭᠡᠨᠡᠳᠲᠡ ᠪᠠᠢᠵᠤ ᠡᠦ ᠰᠠᠨ ᠹᠦ ᠬᠣᠲᠠ ᠪᠠᠷᠢᠬᠤ ᠤᠴᠢᠷ ᠭᠠᠷᠪᠠ ? ᠬᠡᠮᠡᠪᠡᠰᠦ : ᠤᠷᠢᠳᠠ ᠠᠯᠲᠠᠨ ᠤᠯᠤᠰ ᠤ᠋ᠨ ᠬᠡᠷᠡᠭ ᠢ᠋ ᠪᠢᠴᠢᠵᠦ ᠭᠠᠷᠭᠠᠬᠤ ᠶ᠋ᠢ ᠰᠣᠨᠣᠰ ! ᠠᠯᠲᠠᠨ ᠤᠯᠤᠰ ᠤ᠋ᠨ ᠶᠦᠩ ᠵᠢᠢ ᠪᠠᠭ᠎ᠠ ᠴᠠᠭ ᠲᠤᠷ ᠠᠯᠲᠠᠨ ᠤ᠋ ᠵᠠᠷᠯᠢᠭ ᠤ᠋ᠨ ᠰᠠᠢᠳ ᠪᠣᠯᠤᠨ ᠪᠧᠲ᠋ᠠ᠋ ᠤᠯᠤᠰ ᠤ᠋ᠨ ᠡᠵᠡᠨ ᠢ᠋《ᠵᠣᠣ ᠲᠤᠤ ᠱᠢ 》 ᠡᠷᠭᠦᠮᠵᠢᠯᠡᠷᠡ ᠢᠷᠡᠨ ᠢᠴᠢᠩᠭᠦᠷᠢ ᠪᠣᠯᠤᠨ ᠡᠭᠡᠭᠰᠡᠨ ᠡᠴᠡ ᠦᠰ ᠡᠪᠦᠷᠯᠡᠨ ᠶᠡᠬᠡᠯ᠎ᠡ ᠠᠳᠬᠠᠭ ᠪᠣᠯᠵᠤ᠂ ᠪᠠᠰᠠ ᠲᠡᠷᠡ ᠵᠢᠯ ᠮᠣᠩᠭᠣᠯ ᠤᠯᠤᠰ ᠮᠥᠨ ᠰᠢᠶᠠ ᠤᠯᠤᠰ ᠢ᠋ ᠳᠠᠢᠯᠠᠨ ᠣᠯᠤᠭᠰᠠᠨ ᠣᠯᠵᠠ ᠪᠠᠨ ᠬᠠᠭᠠᠰ ᠢ᠋ ᠠᠯᠲᠠᠨ ᠤᠯᠤᠰ ᠤ᠋ᠨ ᠬᠠᠭᠠᠨ ᠸᠠᠨ ᠶᠠᠨ ᠵᠢᠩ ᠳ᠋ᠦ᠍ᠷ ᠬᠦᠷᠭᠡᠵᠦ ᠥᠭᠭᠦᠨ ᠬᠠᠭᠤᠴᠢᠨ ᠨᠠᠢᠷ ᠢ᠋ ᠭᠦᠢᠴᠡᠭᠡᠬᠦᠢ ᠳ᠋ᠦ᠍ᠷ ᠸᠠᠨ ᠶᠠᠨ ᠵᠢᠩ ᠪᠠᠰᠠ ᠬᠦ᠌ ᠸᠧᠢ ᠸᠠᠩ ᠶᠦᠩ ᠵᠢᠢ ᠶ᠋ᠢ ᠵᠢᠶᠠᠩ ᠵᠧᠦ ᠬᠣᠲᠠᠨ ᠳ᠋ᠤᠷ ᠮᠣᠩᠭᠣᠯ ᠤ᠋ᠨ ᠴᠢᠩᠭᠢᠰ ᠬᠠᠭᠠᠨ ᠢ᠋ ᠤᠭᠲᠤᠬᠤ ᠪᠠᠷ ᠢᠯᠡᠭᠡᠬᠦ ᠬᠤᠷᠢᠮ ᠬᠤᠷᠢᠮᠯᠠᠨ ᠬᠦᠷᠭᠡᠬᠦ ᠪᠡᠯᠡᠭ ᠢ᠋ ᠬᠦᠯᠢᠶᠡᠨ ᠠᠪᠤᠭᠤᠯᠵᠤ ᠢᠯᠡᠭᠡᠭᠰᠡᠨ᠎ᠡ᠂ ᠴᠢᠩᠭᠢᠰ ᠬᠠᠭᠠᠨ ᠶᠦᠩ ᠵᠢᠢ ᠶ᠋ᠢᠨ ᠳᠦᠷᠰᠦ ᠦᠭᠡᠢ ᠪᠠᠢᠳᠠᠯ ᠳ᠋ᠤᠷ ᠥᠴᠦᠬᠡᠨ ᠴᠦ᠍ ᠬᠦᠨᠳᠦᠯᠡᠭᠰᠡᠨ ᠦᠭᠡᠢ᠂ ᠶᠡᠷᠦ ᠶ᠋ᠢᠨ ᠤᠯᠤᠰ ᠤ᠋ᠨ ᠰᠤᠯᠠ ᠡᠯᠴᠢ ᠶ᠋ᠢᠨ ᠶᠣᠰᠣᠭᠠᠷ ᠳᠠᠭᠤᠳᠠᠨ ᠣᠷᠣᠭᠤᠯᠵᠤ ᠵᠣᠭᠰᠣᠭ᠎ᠠ ᠪᠠᠷ ᠬᠡᠳᠦᠨ ᠦᠭᠡ ᠬᠡᠯᠡᠭᠡᠳ ᠰᠠᠭᠤᠳᠠᠯ ᠴᠤ᠌ ᠥᠭᠭᠦᠭᠰᠡᠨ ᠦᠭᠡᠢ ᠪᠡᠷ ᠭᠠᠷᠭᠠᠭᠰᠠᠨ ᠳ᠋ᠤᠷ ᠸᠧᠢ ᠸᠠᠩ ᠶᠦᠩ ᠵᠢᠢ ᠶᠡᠬᠡᠯ᠎ᠡ ᠢᠴᠢᠩᠭᠦᠷᠢ ᠪᠣᠯᠭᠠᠨ ᠬᠣᠷᠣᠰᠪᠠᠴᠤ ᠵᠢᠷᠦᠬᠡ ᠪᠠᠭ᠎ᠠ ᠲᠤᠯᠠ ᠴᠢᠩᠭᠢᠰ ᠬᠠᠭᠠᠨ ᠤ᠋ ᠡᠮᠦᠨ᠎ᠡ ᠨᠢᠭᠡᠨ ᠦᠭᠡ ᠴᠦ᠍ ᠲᠡᠮᠡᠴᠡᠨ ᠬᠡᠯᠡᠵᠦ ᠴᠢᠳᠠᠭᠰᠠᠨ ᠦᠭᠡᠢ ᠪᠡᠷ ᠭᠠᠷᠴᠤ ᠢᠷᠡᠭᠡᠳ ᠮᠣᠩᠭᠣᠯ ᠤᠯᠤᠰ ᠢ᠋ ᠳᠠᠢᠯᠠᠬᠤ ᠦᠭᠡᠢ ᠪᠣᠯᠪᠠᠰᠤ ᠪᠣᠯᠬᠤ ᠦᠭᠡᠢ ᠪᠣᠯᠪᠠ ᠭᠡᠮᠡᠨ ᠬᠠᠭᠠᠨ ᠳ᠋ᠤᠷ ᠢ᠋ᠶ᠋ᠠᠨ ᠠᠢᠯᠠᠳᠬᠠᠭᠰᠠᠨ ᠳ᠋ᠤᠷ ᠸᠠᠨ ᠶᠠᠨ ᠵᠢᠩ ᠮᠣᠩᠭᠣᠯ ᠤ᠋ᠨ ᠴᠢᠬᠢᠷᠡᠭ ᠡᠴᠡ ᠠᠶᠤᠵᠤ ᠦᠭᠡ ᠡᠰᠡ ᠠᠪᠤᠭᠰᠠᠨ ᠳ᠋ᠤᠷ ᠶᠦᠩ ᠵᠢᠢ ᠬᠣᠷᠣᠰᠤᠯ ᠪᠣᠯᠵᠤ ᠬᠠᠭᠠᠨ ᠳ᠋ᠠᠭᠠᠨ ᠬᠣᠣᠷ᠎ᠠ ᠪᠠᠷᠢᠨ ᠮᠥᠨ ᠵᠢᠯ ᠦ᠋ᠨ ᠶᠢᠰᠦᠨ ᠰᠠᠷ᠎ᠠ ᠳ᠋ᠤ᠌ ᠸᠠᠨ ᠶᠠᠨ ᠵᠢᠩ ᠦᠬᠦᠬᠦ ᠳ᠋ᠡᠭᠡᠨ ᠭᠡᠷᠢᠶᠡᠰᠯᠡᠭᠰᠡᠨ ᠠᠨᠤ : 《ᠹᠠᠨ ᠹᠧᠢ ᠴᠠᠭᠠᠨ ᠰᠠᠷ᠎ᠠ ᠳ᠋ᠤ᠌ ᠨᠢᠷᠠᠢᠯᠠᠮᠤᠢ᠂ ᠵᠢᠶᠠ ᠹᠧᠢ ᠠᠷᠪᠠᠨ ᠨᠢᠭᠡᠨ ᠰᠠᠷ᠎ᠠ ᠳ᠋ᠤᠷ ᠨᠢᠷᠠᠢᠯᠠᠮᠤᠢ᠂ ᠡᠨᠡ ᠬᠣᠶᠠᠷ ᠤ᠋ᠨ ᠨᠢᠭᠡᠨ ᠢ᠋ ᠢᠨᠤ ᠪᠠᠢᠭᠤᠯ ! 》ᠬᠡᠮᠡᠪᠡ᠃ ᠲᠡᠳᠦᠢ ᠵᠠᠩᠽᠦ᠋ᠩ ᠦ᠋ᠨ ᠠᠬᠠᠮᠠᠳ ᠹᠧᠢ ᠯᠢ ᠱᠢ᠂ ᠵᠢᠴᠢ ᠸᠠᠨ ᠵᠸᠠ ᠭᠤᠸᠠᠩ᠂ ᠬᠤ᠌ ᠱᠠ ᠬᠤ᠌᠂ ᠹᠦ ᠰᠠᠨ ᠲᠦᠸᠧ ᠨᠠᠷ ᠵᠥᠪᠯᠡᠯᠳᠦᠵᠦ ᠶᠦᠩ ᠵᠢᠢ ᠶ᠋ᠢ ᠬᠠᠭᠠᠨ ᠰᠠᠭᠤᠯᠭᠠᠪᠠ᠃ ᠡᠭᠦᠨ ᠳ᠋ᠦ᠍ᠷ ᠶᠦᠩ ᠵᠢᠢ ᠢᠯᠳᠦ ᠪᠠᠷᠢᠵᠤ ᠴᠠᠭᠠᠵᠠ ᠵᠠᠷᠯᠠᠨ ᠬᠠᠭᠠᠨ ᠤ᠋ ᠰᠠᠭᠤᠷᠢᠨ ᠢ᠋ ᠡᠵᠡᠯᠡᠭᠡᠳ ᠣᠨ ᠤ᠋ ᠴᠣᠯᠠ ᠶ᠋ᠢ ᠳᠡ ᠠᠨ ᠭᠡᠮᠡᠨ ᠬᠠᠯᠠᠵᠤ ᠳᠠᠷᠤᠢ ᠤᠷᠢᠳᠠ ᠮᠣᠩᠭᠣᠯ ᠢ᠋ ᠳᠠᠢᠯᠠᠬᠤ ᠶ᠋ᠢ ᠵᠥᠪᠯᠡᠬᠦᠢ ᠳ᠋ᠦ᠍ᠷ ᠣᠯᠠᠨ ᠸᠠᠩ ᠤ᠋ᠨ ᠵᠡᠷᠭᠡ ᠶ᠋ᠢᠨ ᠰᠠᠢᠳ ᠤ᠋ᠨ ᠬᠣᠷᠢᠭᠯᠠᠬᠤ ᠦᠭᠡ ᠶ᠋ᠢ ᠡᠰᠡ ᠠᠪᠤᠨ᠂ ᠠᠨᠠᠮᠢ ᠹᠦ ᠰᠠᠨ ᠬᠦᠢ ᠨᠡᠷᠡᠲᠦ ᠬᠣᠶᠠᠷ ᠲᠦᠰᠢᠮᠡᠯ ᠢ᠋ᠶ᠋ᠡᠷ ᠬᠣᠢᠲᠤ ᠮᠣᠩᠭᠣᠯ ᠤᠯᠤᠰ ᠢ᠋ ᠳᠠᠢᠯᠠᠬᠤᠢ ᠳ᠋ᠤᠷ ᠠᠮᠤ ᠡᠪᠡᠰᠦ ᠬᠤᠷᠢᠶᠠᠬᠤ ᠡᠦ ᠰᠠᠨ ᠹᠦ ᠬᠡᠮᠡᠬᠦ ᠬᠣᠲᠠ ᠪᠠᠷᠢᠭᠤᠯᠬᠤ ᠪᠠᠷ ᠶᠠᠪᠤᠭᠤᠯᠪᠠ᠃ ᠳᠠᠭᠠᠯᠳᠤᠭ᠎ᠠ ᠰᠢᠶᠠ ᠤᠯᠤᠰ ᠤ᠋ᠨ ᠯᠢ ᠠᠨ ᠴᠢᠦᠸᠠᠨ ᠮᠣᠩᠭᠣᠯ ᠴᠡᠷᠢᠭ ᠲᠦ᠍ᠷ ᠭᠠᠴᠢᠭᠳᠠᠬᠤᠢ ᠳ᠋ᠤᠷ ᠢ᠋ᠶ᠋ᠠᠨ ᠠᠯᠲᠠᠨ ᠤᠯᠤᠰ ᠯᠤᠭ᠎ᠠ ᠨᠢᠭᠡᠨ ᠵᠢᠯ ᠢᠯᠡᠭᠦᠦ ᠰᠠᠢᠬᠠᠨ ᠶᠠᠪᠤᠭᠰᠠᠨ ᠢ᠋ᠶ᠋ᠠᠨ ᠲᠣᠭᠠᠴᠢᠵᠤ ᠴᠡᠷᠢᠭ ᠭᠤᠶᠤᠷ᠎ᠠ ᠢᠷᠡᠭᠰᠡᠨ ᠲᠡᠷᠡ ᠦᠶ᠎ᠡ ᠳ᠋ᠦ᠍ᠷ ᠸᠧᠢ ᠸᠠᠩ ᠶᠦᠩ ᠵᠢᠢ ᠠᠬ᠎ᠠ ᠶᠤᠭᠠᠨ ᠸᠠᠨ ᠶᠠᠨ ᠵᠢᠩ ᠢ᠋ ᠬᠣᠣᠷᠠᠳᠠᠭᠠᠨ ᠠᠯᠠᠵᠤ᠂ ᠰᠠᠭᠤᠷᠢᠨ ᠢ᠋ ᠪᠤᠯᠢᠶᠠᠨ ᠳᠣᠲᠣᠷ᠎ᠠ ᠠᠮᠤᠷ ᠰᠤᠯᠠ ᠦᠭᠡᠢ ᠪᠦᠬᠦᠢ ᠳ᠋ᠦ᠍ᠷ ᠲᠣᠬᠢᠶᠠᠯᠳᠤᠭᠰᠠᠨ ᠲᠤᠯᠠ ᠴᠡᠷᠢᠭ ᠡᠰᠡ ᠲᠤᠰᠠᠯᠠᠭᠰᠠᠨ ᠢ᠋ᠶ᠋ᠠᠷ ᠰᠢᠶᠠ ᠤᠯᠤᠰ ᠶᠡᠬᠡᠯ᠎ᠡ ᠬᠣᠷᠣᠰᠴᠤ ᠮᠣᠩᠭᠣᠯ ᠤᠯᠤᠰ ᠲᠤᠷ ᠥᠬᠢᠨ ᠢ᠋ᠶ᠋ᠡᠨ ᠬᠦᠷᠭᠡᠵᠦ ᠳᠠᠭᠠᠭᠰᠠᠨ ᠤ᠋ ᠬᠠᠮᠲᠤ᠂ ᠠᠯᠲᠠᠨ ᠤᠯᠤᠰ ᠢ᠋ ᠳᠠᠢᠯᠠᠬᠤ ᠪᠠᠷ ᠬᠡᠯᠡᠯᠴᠡᠨ ᠲᠣᠭᠲᠠᠭᠰᠠᠨ ᠪᠣᠯᠠᠢ᠃ ᠲᠡᠳᠦᠢ ᠶᠦᠩ ᠵᠢᠢ ᠰᠠᠭᠤᠷᠢᠨ ᠳ᠋ᠤᠷ ᠰᠠᠭᠤᠭᠠᠳ ᠤᠷᠢᠳᠤ ᠵᠥᠪᠯᠡᠭᠰᠡᠨ ᠬᠥᠮᠦᠰ ᠢ᠋ ᠰᠡᠵᠢᠭᠯᠡᠵᠦ᠂ ᠪᠠᠰᠠ ᠵᠢᠶᠠ᠂ ᠹᠠᠨ ᠬᠣᠶᠠᠷ ᠹᠧᠢ ᠡᠴᠡ ᠬᠥᠪᠡᠭᠦᠨ ᠲᠦᠷᠦᠪᠡᠰᠦ ᠲᠦᠪᠡᠭ ᠪᠣᠯᠤᠮᠤᠢ ᠭᠡᠮᠡᠨ ᠤᠷᠢᠳᠤ ᠡᠵᠡᠨ ᠸᠠᠨ ᠶᠠᠨ ᠵᠢᠩ ᠦ᠋ᠨ ᠰᠠᠮᠠᠭᠤᠨ ᠰᠤᠯᠠ ᠸᠧᠢ ᠯᠢ ᠱᠢ ᠠᠬᠠᠮᠠᠳ ᠹᠧᠢ ᠯᠢ ᠱᠢ ᠯᠦ᠍ᠭᠡ ᠵᠥᠪᠯᠡᠵᠦ ᠸᠠᠨ ᠶᠠᠨ ᠵᠢᠩ ᠦ᠋ᠨ ᠹᠠᠨ᠂ ᠵᠢᠶᠠ ᠬᠣᠶᠠᠷ ᠡᠮ᠎ᠡ ᠳ᠋ᠦ᠍ᠷ ᠬᠣᠣᠷᠠᠲᠤ ᠳᠠᠷᠠᠰᠤ ᠤᠤᠭᠤᠯᠭᠠᠨ ᠴᠥᠮ ᠤᠷᠤᠭ ᠤᠨᠠᠭᠠᠯᠭᠠᠪᠠ᠃ ᠬᠣᠶᠠᠷ ᠹᠧᠢ ᠶ᠋ᠢᠨ ᠤᠷᠤᠭ ᠢ᠋ ᠤᠨᠠᠭᠠᠯᠭᠠᠭᠰᠠᠨ ᠬᠣᠢᠨ᠎ᠠ᠂ ᠶᠦᠩ ᠵᠢᠢ ᠭᠡᠨᠡᠳᠲᠡ ᠨᠢᠭᠡᠨ ᠰᠠᠨᠠᠭᠠᠨ ᠲᠥᠷᠥᠵᠦ ᠶᠠᠭᠠᠷᠠᠨ ᠣᠷᠳᠣᠨ ᠤ᠋ ᠲᠠᠢᠭᠠᠨ ᠨᠠᠷ ᠢ᠋ᠶ᠋ᠠᠷ ᠸᠧᠢ ᠯᠢ ᠱᠢ ᠶ᠋ᠢ ᠪᠠᠷᠢᠭᠤᠯᠵᠤ ᠠᠯᠠᠭᠠᠳ ᠸᠧᠢ ᠯᠢ ᠱᠢ ᠪᠡᠷ ᠵᠢᠶᠠ᠂ ᠹᠠᠨ ᠬᠣᠶᠠᠷ ᠹᠧᠢ ᠳ᠋ᠦ᠍ᠷ ᠬᠣᠣᠷ᠎ᠠ ᠥᠭᠴᠦ ᠤᠷᠤᠭ ᠤᠨᠠᠭᠠᠯᠭᠠᠨ᠂ ᠤᠷᠢᠳᠤ ᠡᠵᠡᠨ ᠦ᠌ ᠦᠷ᠎ᠡ ᠶ᠋ᠢ ᠲᠠᠰᠤᠯᠤᠭᠰᠠᠨ ᠲᠤᠯᠠ ᠠᠯᠠᠪᠠ ᠭᠡᠮᠡᠨ ᠠᠯᠳᠠᠷᠰᠢᠭᠤᠯᠤᠨ ᠵᠠᠷᠯᠠᠪᠠ᠃ ᠡᠨᠡ ᠢᠨᠦ ᠴᠥᠮ ᠤᠷᠢᠳᠤ ᠵᠢᠯ ᠦ᠋ᠨ ᠬᠡᠷᠡᠭ᠃ ᠡᠳᠡᠭᠡᠷ ᠬᠡᠷᠡᠭ ᠢ᠋ ᠠᠯᠲᠠᠨ ᠤᠯᠤᠰ ᠤ᠋ᠨ ᠬᠠᠪᠴᠢᠭ᠍ᠳᠠᠭᠰᠠᠨ ᠢᠷᠭᠡᠨ ᠢᠷᠡᠵᠦ ᠴᠢᠩᠭᠢᠰ ᠬᠠᠭᠠᠨ ᠳ᠋ᠤᠷ ᠪᠦᠷᠢᠨ᠎ᠡ ᠲᠣᠭᠠᠴᠢᠨ ᠠᠢᠯᠠᠳᠬᠠᠨ ᠵᠠᠭᠠᠯᠳᠤᠭᠰᠠᠨ ᠳ᠋ᠤᠷ ᠴᠢᠩᠭᠢᠰ ᠬᠠᠭᠠᠨ ᠰᠠᠶᠢ ᠶᠠᠯ᠎ᠠ ᠠᠰᠠᠭᠤᠬᠤ ᠴᠡᠷᠢᠭ ᠪᠠᠢᠭᠤᠯᠤᠭᠰᠠᠨ ᠪᠥᠯᠥᠭᠡ᠃ ᠲᠡᠢᠨ ᠬᠦ᠌ ᠴᠢᠩᠭᠢᠰ ᠬᠠᠭᠠᠨ ᠡᠨᠡ ᠵᠢᠯ ᠬᠣᠶᠠᠷ ᠠᠢᠮᠠᠭ ᠢ᠋ ᠳᠠᠢᠯᠠᠨ ᠣᠷᠣᠭᠤᠯᠪᠠ᠃
ᠲᠡᠳᠦᠢ ᠵᠡᠪᠡ᠂ ᠵᠡᠯᠮ᠎ᠡ ᠲᠠᠪᠤᠨ ᠪᠠᠷᠰ ᠤ᠋ᠨ ᠵᠠᠩᠵᠤᠨ ᠲᠦᠮᠡᠨ ᠴᠡᠷᠢᠭ ᠢ᠋ ᠠᠪᠴᠤ ᠡᠦ ᠰᠠᠨ ᠹᠦ ᠳ᠋ᠦ᠍ᠷ ᠢᠷᠡᠵᠦ ᠠᠨᠠᠮᠢ᠂ ᠹᠦ ᠰᠠᠨ ᠬᠦᠢ ᠨᠠᠷ ᠤ᠋ᠨ ᠴᠡᠷᠢᠭ ᠢ᠋ ᠠᠯᠠᠨ ᠰᠠᠷᠨᠢᠭᠤᠯᠵᠤ᠂ ᠲᠡᠳᠡᠨ ᠦ᠌ ᠬᠠᠮᠢᠶᠠᠷᠤᠭᠰᠠᠨ ᠣᠯᠠᠨ ᠴᠡᠷᠢᠭ ᠬᠢᠭᠡᠳ ᠬᠣᠲᠠ ᠴᠣᠭᠴᠠᠯᠠᠬᠤ ᠵᠠᠷ ᠵᠡᠪᠰᠡᠭ᠂ ᠰᠠᠩ ᠬᠥᠮᠥᠷᠭᠡ᠂ ᠮᠠᠢᠬᠠᠨ ᠴᠠᠴᠠᠷ᠂ ᠮᠣᠷᠢ ᠠᠳᠤᠭᠤ ᠡᠯ᠎ᠡ ᠵᠦᠢᠯ ᠳ᠋ᠦ᠍ᠷ ᠬᠦᠷᠲᠡᠯ᠎ᠡ ᠴᠢᠬᠢᠷᠰᠦ ᠡᠪᠬᠡᠬᠦ ᠮᠡᠲᠦ ᠬᠣᠷᠢᠶᠠᠨ ᠠᠪᠴᠤ ᠴᠡᠷᠢᠭ ᠡᠭᠡᠬᠦᠢ ᠳ᠋ᠦ᠍ᠷ ᠠᠨᠠᠮᠢ᠂ ᠹᠦ ᠰᠠᠨ ᠬᠦᠢ ᠨᠠᠷ ᠬᠡᠳᠦᠬᠡᠨ ᠬᠥᠮᠦᠨ ᠢ᠋ ᠠᠪᠴᠤ ᠳᠤᠲᠠᠭᠠᠨ ᠭᠠᠷᠪᠠ᠃ ᠪᠠᠷᠠᠭᠤᠨ ᠬᠣᠢᠲᠤ ᠡᠲᠡᠭᠡᠳ ᠦ᠋ᠨ ᠶᠤᠸᠠᠨᠱᠤᠸᠠᠢ ᠮᠤᠬᠤᠯᠢ᠂ ᠲᠠᠢᠽᠢ ᠴᠠᠭᠠᠲᠠᠢ ᠨᠠᠷ ᠨᠠᠢ᠍ᠮᠠᠨ ᠪᠠᠭ᠎ᠠ ᠵᠠᠩᠵᠤᠨ ᠨᠠᠷ ᠢ᠋ ᠠᠪᠴᠤ ᠪᠠᠰᠠ ᠰᠢᠶᠠ ᠤᠯᠤᠰ ᠤ᠋ᠨ ᠯᠢ ᠠᠨ ᠴᠢᠦᠸᠠᠨ ᠯᠤᠭ᠎ᠠ ᠨᠡᠢᠯᠡᠵᠦ᠂ ᠠᠯᠲᠠᠨ ᠤᠯᠤᠰ ᠤ᠋ᠨ ᠪᠠᠷᠠᠭᠤᠨ ᠬᠣᠢᠲᠤ ᠵᠠᠬ᠎ᠠ – ᠳ᠋ᠤᠸᠠᠨ ᠵᠧᠦ ᠬᠣᠲᠠ ᠶ᠋ᠢ ᠬᠠᠭᠠᠭᠰᠠᠨ ᠳ᠋ᠤᠷ ᠠᠯᠲᠠᠨ ᠤᠯᠤᠰ ᠤ᠋ᠨ ᠰᠠᠬᠢᠭ᠍ᠰᠠᠨ ᠵᠠᠩᠵᠤᠨ ᠯᠢ ᠶᠦᠨ ᠭᠠᠷᠴᠤ ᠳᠤᠲᠠᠭᠠᠬᠤᠢ ᠳ᠋ᠤᠷ ᠮᠤᠬᠤᠯᠢ ᠶ᠋ᠢᠨ ᠬᠥᠪᠡᠭᠦᠨ ᠪᠤᠯᠤ᠂ ᠪᠤᠭᠤᠷᠵᠢ ᠶ᠋ᠢᠨ ᠬᠥᠪᠡᠭᠦᠨ ᠡᠭᠦᠯᠡᠨ ᠴᠡᠷᠪᠢ ᠬᠣᠶᠠᠭᠤᠯᠠ ᠬᠥᠭᠡᠭᠡᠵᠦ ᠪᠠᠢᠯᠳᠤᠬᠤᠢ ᠠᠨᠤ ᠬᠣᠨᠢᠨ ᠰᠦᠷᠦᠭ ᠲᠣᠷ ᠴᠢᠨᠣ᠎ᠠ ᠣᠷᠣᠭᠰᠠᠨ ᠮᠡᠲᠦ᠂ ᠠᠯᠲᠠᠨ ᠤᠯᠤᠰ ᠤ᠋ᠨ ᠴᠡᠷᠢᠭ ᠨᠢᠭᠡᠨ ᠳ᠋ᠦ᠍ᠷ ᠰᠠᠨᠠᠭᠠᠨ ᠳ᠋ᠤᠷ ᠦᠭᠡᠢ᠂ ᠬᠣᠶᠠᠷ ᠲᠤᠷ ᠬᠦᠴᠦᠨ ᠮᠡᠬᠦᠰ ᠴᠡᠷᠢᠭ ᠴᠥᠭᠡᠨ᠂ ᠭᠤᠷᠪᠠᠨ ᠳ᠋ᠤᠷ ᠲᠡᠷᠢᠭᠦᠯᠡᠭᠰᠡᠨ ᠵᠠᠩᠵᠤᠨ ᠠᠶᠤᠨ ᠳᠤᠲᠠᠭᠠᠭᠰᠠᠨᠠ᠂ ᠣᠯᠠᠨ ᠴᠡᠷᠢᠭ ᠰᠥᠰᠥ ᠬᠡᠮᠬᠡᠷᠡᠨ ᠳᠤᠲᠠᠭᠠᠬᠤᠢ ᠳ᠋ᠤᠷ ᠮᠣᠩᠭᠣᠯ ᠤ᠋ᠨ ᠴᠡᠷᠢᠭ ᠦ᠋ᠨ ᠣᠮᠣᠭ ᠰᠦᠷ ᠬᠠᠮᠲᠤ ᠪᠠᠷ ᠪᠠᠳᠠᠷᠠᠵᠤ ᠵᠠᠭᠤᠨ ᠭᠠᠵᠠᠷ ᠢᠯᠡᠭᠦᠦ ᠬᠥᠭᠡᠭᠡᠨ ᠠᠯᠠᠬᠤᠢ ᠳ᠋ᠤᠷ ᠠᠯᠲᠠᠨ ᠤᠯᠤᠰ ᠤ᠋ᠨ ᠵᠠᠩᠵᠤᠨ ᠯᠢ ᠶᠦᠨ ᠮᠣᠷᠢᠨ ᠪᠦᠳᠦᠷᠢᠵᠦ᠂ ᠥᠪᠡᠷ ᠦ᠋ᠨ ᠴᠡᠷᠢᠭ ᠦ᠋ᠨ ᠮᠣᠷᠢᠨ ᠤ᠋ ᠬᠥᠯ ᠳ᠋ᠦ᠍ᠷ ᠭᠢᠰᠬᠢᠯᠡᠭᠳᠡᠵᠦ ᠬᠠᠷᠠᠩᠭᠤᠢᠳᠠᠭᠰᠠᠨ ᠢ᠋ ᠪᠤᠯᠤ᠂ ᠡᠭᠦᠯᠡᠨ ᠴᠡᠷᠪᠢ ᠨᠠᠷ ᠠᠮᠢᠳᠤ ᠪᠠᠷᠢᠨ ᠠᠪᠴᠤ ᠢᠷᠡᠭᠰᠡᠨ᠎ᠡ᠂ ᠲᠠᠢᠽᠢ ᠴᠠᠭᠠᠲᠠᠢ ᠶᠡᠬᠡᠯ᠎ᠡ ᠪᠠᠶᠠᠷᠯᠠᠨ ᠳᠠᠷᠤᠢ ᠬᠣᠲᠠᠨ ᠳ᠋ᠤᠷ ᠣᠷᠣᠵᠤ ᠮᠥᠨ ᠬᠦ᠌ ᠴᠢᠬᠢᠷᠰᠦ ᠡᠪᠡᠭᠡᠬᠦ ᠮᠡᠲᠦ ᠠᠪᠠᠴᠢᠰᠤᠭᠠᠢ ᠬᠡᠮᠡᠬᠦᠢ ᠳ᠋ᠦ᠍ᠷ ᠶᠤᠸᠠᠨᠱᠤᠸᠠᠢ ᠮᠤᠬᠤᠯᠢ ᠮᠡᠳᠡᠭᠦᠯᠦᠷᠦᠨ:《ᠲᠠᠢᠽᠢ ᠲᠡᠷᠡ ᠵᠢᠯ ᠯᠦᠸ᠋ᠸ ᠽᠢ ᠴᠧᠩ ᠢ᠋ ᠬᠤᠷᠢᠶᠠᠭᠰᠠᠨ ᠳ᠋ᠤᠷ ᠪᠣᠭᠳᠠ ᠡᠵᠡᠨ ᠭᠢᠯᠢᠭᠯᠡᠭᠰᠡᠨ ᠪᠥᠯᠥᠭᠡ᠂ ᠡᠳᠦᠭᠡ ᠰᠠᠩ ᠬᠣᠣ ᠶ᠋ᠢ ᠬᠤᠷᠢᠶᠠᠬᠤ ᠠ᠋ᠴᠠ ᠡᠳ᠋ ᠠᠮᠤ ᠲᠦᠭᠡᠭᠡᠨ ᠥᠭᠴᠦ ᠣᠯᠠᠨ ᠢᠷᠭᠡᠨ ᠦ᠌ ᠰᠡᠳᠬᠢᠯ ᠢ᠋ ᠢᠨᠦ ᠠᠪᠤᠪᠠᠰᠤ᠂ ᠡᠳᠡᠭᠡᠷ ᠢᠷᠭᠡᠨ ᠭᠡᠳᠡᠷᠭᠦ ᠬᠠᠷᠢᠨ ᠮᠠᠨ ᠤ᠋ ᠴᠡᠷᠢᠭ ᠢ᠋ ᠬᠦᠰᠡᠬᠦ ᠪᠣᠯᠤᠮᠤᠢ᠃ ᠡᠢᠨ ᠪᠣᠯᠪᠠᠰᠤ ᠨᠡᠢᠲᠡ ᠶ᠋ᠢᠨ ᠰᠡᠳᠬᠢᠯ ᠢ᠋ ᠡᠯᠰᠡᠵᠦ ᠲᠡᠭᠷᠢ ᠶ᠋ᠢᠨ ᠰᠠᠨᠠᠭᠠᠨ ᠢ᠋ ᠪᠦᠲᠦᠭᠡᠵᠦ ᠪᠣᠯᠤᠮᠤᠢ᠃ ᠠᠯᠲᠠᠨ ᠤᠯᠤᠰ ᠤ᠋ᠨ ᠠᠯᠪᠠ ᠠᠪᠴᠤ ᠪᠠᠢᠭᠰᠠᠨ ᠢᠷᠭᠡᠨ ᠳ᠋ᠦ᠍ᠷ ᠪᠢᠳᠡ ᠡᠳᠦᠭᠡ ᠡᠳ᠋ ᠠᠮᠤ ᠲᠦᠭᠡᠭᠡᠵᠦ ᠰᠡᠳᠬᠢᠯ ᠢ᠋ ᠢᠨᠤ ᠠᠪᠤᠪᠠᠰᠤ ᠮᠠᠨ ᠤ᠋ ᠡᠭᠡᠭᠰᠡᠨ ᠬᠣᠢᠨ᠎ᠠ ᠬᠡᠳᠦᠢ ᠠᠯᠲᠠᠨ ᠤᠯᠤᠰ ᠠ᠋ᠴᠠ ᠴᠡᠷᠢᠭ ᠢᠷᠡᠵᠦ ᠬᠣᠲᠠᠨ ᠢ᠋ ᠰᠠᠬᠢᠪᠠᠴᠤ ᠬᠣᠵᠢᠮ ᠮᠠᠨ ᠤ᠋ ᠴᠡᠷᠢᠭ ᠡᠭᠡᠨ ᠢᠷᠡᠬᠦ ᠶ᠋ᠢ ᠰᠣᠨᠣᠰᠪᠠᠰᠤ᠂ ᠠᠳᠠᠬᠢ ᠢᠷᠭᠡᠨ ᠯᠠᠪ ᠥᠪᠡᠷ ᠦ᠋ᠨ ᠴᠡᠷᠢᠭ ᠢ᠋ᠶ᠋ᠡᠨ ᠳᠠᠷᠤᠵᠤ ᠮᠠᠨ ᠤ᠋ ᠴᠡᠷᠢᠭ ᠲᠦ᠍ᠷ ᠲᠤᠰᠠᠯᠠᠮᠤᠢ᠃ ᠡᠢᠨ ᠪᠣᠯᠪᠠᠰᠤ ᠬᠣᠲᠠ ᠳ᠋ᠤᠷ ᠴᠡᠷᠢᠭ ᠦᠯᠡᠳᠡᠭᠡᠨ ᠡᠰᠡ ᠰᠠᠬᠢᠭᠤᠯᠪᠠᠴᠤ ᠰᠠᠭᠢᠭᠤᠯᠤᠭᠰᠠᠨ ᠯᠤᠭ᠎ᠠ ᠠᠳᠠᠯᠢ ᠪᠤᠰᠤ ᠤᠤ ? ᠡᠨᠡ ᠢᠨᠤ ᠠᠯᠲᠠᠨ ᠤᠯᠤᠰ ᠤ᠋ᠨ ᠡᠳ᠋ ᠠᠮᠤ ᠪᠠᠷ ᠠᠯᠲᠠᠨ ᠤᠯᠤᠰ ᠤ᠋ᠨ ᠢᠷᠭᠡᠨ ᠦ᠌ ᠰᠡᠳᠬᠢᠯ ᠢ᠋ ᠠᠪᠬᠤ ᠠᠷᠭ᠎ᠠ᠂ ᠡᠳᠦᠭᠡ ᠬᠡᠷᠪᠡ ᠬᠣᠲᠠᠨ ᠳ᠋ᠤᠷ ᠵᠠᠩᠵᠤᠨ ᠴᠡᠷᠢᠭ ᠦᠯᠡᠳᠡᠭᠡᠪᠡᠰᠦ ᠮᠠᠨ ᠤ᠋ ᠮᠣᠩᠭᠣᠯ ᠠᠰᠤᠷᠤ ᠲᠦᠷᠢᠮᠡᠬᠡᠢ ᠲᠤᠯᠠ ᠬᠣᠲᠠᠨ ᠤ᠋ ᠣᠯᠠᠨ ᠢᠷᠭᠡᠨ ᠦ᠌ ᠰᠡᠳᠬᠢᠯ ᠢ᠋ ᠠᠯᠳᠠᠪᠠᠰᠤ ᠬᠣᠵᠢᠮ ᠳᠠᠢᠯᠠᠬᠤᠢ ᠳ᠋ᠤᠷ ᠮᠠᠰᠢ ᠪᠡᠷᠬᠡ ᠪᠣᠯᠤᠮᠤᠢ ! 》ᠬᠡᠮᠡᠭᠰᠡᠨ ᠳ᠋ᠦ᠍ᠷ ᠴᠠᠭᠠᠲᠠᠢ ᠦᠭᠡ ᠶ᠋ᠢ ᠵᠥᠪᠰᠢᠶᠡᠵᠦ ᠬᠣᠲᠠᠨ ᠤ᠋ ᠳᠣᠲᠣᠷᠠᠬᠢ ᠪᠠᠶᠠᠳ – ᠵᠠᠩ᠂ ᠯᠢ᠂ ᠯᠦ᠍ ᠬᠡᠮᠡᠬᠦ ᠭᠤᠷᠪᠠᠨ ᠢᠷᠭᠡᠨ ᠢ᠋ ᠬᠣᠲᠠᠨ ᠢ᠋ ᠰᠠᠬᠢ ᠭᠡᠮᠡᠨ ᠬᠣᠲᠠᠨ ᠤ᠋ ᠰᠠᠩ ᠬᠥᠮᠥᠷᠭᠡ᠂ ᠬᠤᠶᠠᠭ ᠳᠤᠭᠤᠯᠠᠭ᠎ᠠ᠂ ᠵᠠᠷ ᠵᠡᠪᠰᠡᠭ᠂ ᠲᠣᠷᠭ᠎ᠠ ᠪᠥᠰ᠂ ᠵᠣᠭᠣᠰ ᠮᠥᠩᠭᠥᠨ᠂ ᠰᠠᠪᠠ ᠰᠠᠭᠠᠯᠢ ᠡᠯ᠎ᠡ ᠵᠦᠢᠯ ᠢ᠋ ᠲᠦᠮᠡᠨ ᠲᠡᠷᠭᠡ ᠲᠡᠭᠡᠭᠡᠯᠭᠡᠵᠦ᠂ ᠰᠢᠶᠠ ᠤᠯᠤᠰ ᠲᠤᠷ ᠭᠤᠷᠪᠠᠨ ᠬᠤᠪᠢ ᠶ᠋ᠢᠨ ᠨᠢᠭᠡᠨ ᠢ᠋ ᠬᠤᠪᠢᠶᠠᠨ ᠥᠭᠭᠦᠭᠡᠳ ᠦᠯᠡᠳᠡᠭᠰᠡᠨ ᠬᠣᠶᠠᠷ ᠬᠤᠪᠢ ᠶ᠋ᠢ ᠤᠯᠤᠰ ᠲᠤᠷ ᠢᠯᠡᠭᠡᠵᠦ᠂ ᠰᠠᠩ ᠤ᠋ᠨ ᠠᠮᠤ ᠶ᠋ᠢ ᠪᠠᠷᠠᠲᠠᠯ᠎ᠠ ᠭᠠᠷᠭᠠᠵᠤ᠂ ᠳ᠋ᠤᠸᠠᠨ ᠵᠧᠦ ᠶ᠋ᠢᠨ ᠬᠠᠷᠢᠶᠠᠲᠤ ᠢᠷᠭᠡᠨ ᠳ᠋ᠦ᠍ᠷ ᠲᠦᠭᠡᠭᠡᠨ ᠱᠠᠩᠨᠠᠵᠤ᠂ ᠬᠣᠢᠲᠤ ᠵᠢᠯ ᠦ᠋ᠨ ᠴᠡᠷᠢᠭ ᠢᠷᠡᠬᠦᠢ ᠳ᠋ᠦ᠍ᠷ ᠴᠡᠷᠢᠭ ᠲᠦ᠍ᠷ ᠴᠢᠳᠠᠯ ᠤ᠋ᠨ ᠴᠢᠨᠡᠭᠡ ᠪᠡᠷ ᠲᠤᠰᠠᠯᠠ ᠭᠡᠮᠡᠨ ᠵᠠᠷᠯᠠᠭᠠᠳ ᠶᠡᠬᠡ ᠴᠡᠷᠢᠭ ᠳᠠᠷᠠᠭ᠎ᠠ ᠪᠠᠷ ᠡᠭᠡᠪᠡ᠃ ᠡᠭᠦᠨ ᠳ᠋ᠦ᠍ᠷ ᠳ᠋ᠤᠸᠠᠨ ᠵᠧᠦ ᠶ᠋ᠢᠨ ᠪᠠᠶᠠᠨ ᠦᠭᠡᠢᠭᠦᠦ ᠢᠷᠭᠡᠨ ᠳ᠋ᠦ᠍ᠷ ᠮᠣᠩᠭᠣᠯ ᠤ᠋ᠨ ᠴᠡᠷᠢᠭ ᠭᠡᠷ ᠪᠦᠷᠢ ᠱᠠᠩ ᠪᠠᠭᠤᠯᠭᠠᠭᠠᠳ ᠭᠠᠭᠴᠠ ᠬᠣᠭᠣᠷᠣᠨᠳᠣ ᠶ᠋ᠢᠨ ᠰᠠᠩ ᠬᠥᠮᠥᠷᠭᠡ ᠬᠦᠨᠡᠰᠦ ᠲᠡᠵᠢᠭᠡᠯ ᠢᠨᠦ ᠬᠣᠭᠣᠰᠣᠷᠠᠵᠤ ᠴᠡᠷᠢᠭ ᠦ᠋ᠨ ᠬᠦᠨᠡᠰᠦ ᠦᠭᠡᠢ ᠪᠣᠯᠪᠠ᠃ ᠡᠭᠦᠨ ᠳ᠋ᠦ᠍ᠷ ᠠᠯᠲᠠᠨ ᠤᠯᠤᠰ ᠤ᠋ᠨ ᠬᠣᠢᠲᠤ ᠬᠠᠭᠠᠰ ᠤ᠋ᠨ ᠴᠡᠷᠢᠭ ᠢᠷᠭᠡᠨ ᠮᠣᠩᠭᠣᠯ ᠤ᠋ᠨ ᠴᠡᠷᠢᠭ ᠦ᠋ᠨ ᠬᠦᠴᠦᠷᠬᠡᠭ ᠡᠴᠡ ᠠᠶᠤᠯᠳᠤᠵᠤ ᠶᠡᠬᠡᠯ᠎ᠡ ᠪᠤᠷᠬᠢᠷᠠᠯᠳᠤᠪᠠ᠃
ᠲᠡᠳᠦᠢ ᠴᠠᠭᠠᠲᠠᠢ ᠶ᠋ᠢᠨ ᠴᠡᠷᠢᠭ ᠢᠷᠡᠵᠦ ᠤᠯᠤᠰ ᠤ᠋ᠨ ᠡᠮᠦᠨ᠎ᠡ ᠵᠠᠬ᠎ᠠ ᠳ᠋ᠤᠷ ᠬᠦᠷᠪᠡᠰᠦ ᠬᠠᠭᠠᠨ ᠤ᠋ ᠭᠡᠭᠡᠨ ᠮᠥᠨ ᠴᠡᠷᠢᠭ ᠠᠪᠴᠤ ᠤᠯᠤᠰ ᠤ᠋ᠨ ᠡᠮᠦᠨ᠎ᠡ ᠬᠢᠵᠠᠭᠠᠷ ᠢ᠋ ᠪᠠᠢᠴᠠᠭᠠᠨ ᠶᠠᠪᠤᠬᠤᠢ ᠳ᠋ᠤᠷ ᠤᠴᠠᠷᠠᠵᠤ᠂ ᠠᠯᠲᠠᠨ ᠤ᠋ ᠯᠢ ᠶᠦᠨ ᠢ᠋ ᠪᠠᠷᠢᠪᠠ᠃ ᠬᠠᠭᠠᠨ ᠯᠢ ᠶᠦᠨ ᠡᠴᠡ ᠠᠰᠠᠭᠤᠷᠤᠨ :《ᠲᠠᠨ ᠤ᠋ ᠳᠣᠲᠣᠭᠠᠳᠤ ᠤᠯᠤᠰ ᠡᠷᠲᠡᠨ ᠦ᠌ ᠪᠢᠴᠢᠭ ᠰᠤᠳᠤᠷ ᠢ᠋ ᠦᠯᠡᠮᠵᠢ ᠰᠤᠷᠴᠤ ᠬᠥᠮᠦᠨ ᠦ᠌ ᠲᠠᠪᠤᠨ ᠡᠰᠢ ᠶ᠋ᠢ ᠶᠡᠬᠡᠳᠡ ᠮᠡᠳᠡᠬᠦ ᠪᠥᠭᠡᠲᠡᠯ᠎ᠡ ᠲᠠᠨ ᠤ᠋ ᠡᠨᠡ ᠰᠢᠨ᠎ᠡ ᠡᠵᠡᠨ ᠶᠦᠩ ᠵᠢᠢ ᠶᠠᠭᠤᠨ ᠳ᠋ᠤ᠌ ᠠᠪᠠᠭ᠎ᠠ ᠪᠠᠨ ᠬᠣᠣᠷᠠᠳᠠᠭᠠᠨ ᠠᠯᠠᠭᠠᠳ ᠠᠪᠠᠭ᠎ᠠ ᠡᠬᠡ ᠪᠡᠨ ᠪᠠᠰᠠ ᠬᠣᠣᠷᠠᠳᠠᠭᠠᠨ ᠤᠷᠤᠭ ᠢ᠋ ᠠᠨᠤ ᠤᠨᠠᠭᠠᠯᠭᠠᠨ᠂ ᠸᠠᠨ ᠶᠠᠨ ᠵᠢᠩ ᠦ᠋ᠨ ᠦᠷ᠎ᠡ ᠶ᠋ᠢ ᠲᠠᠰᠤᠯᠤᠭᠠᠳ ᠪᠠᠰᠠ ᠠᠩᠬᠠᠨ ᠤ᠋ ᠡᠵᠡᠨ ᠦ᠌ ᠶᠤᠸᠠᠢ ᠹᠧᠢ ① ( ᠰᠤᠯᠠ ᠬᠠᠲᠤᠨ ᠸᠧᠢ ᠯᠢ ᠱᠢ ᠶ᠋ᠢ ᠬᠡᠯᠡᠵᠦᠬᠦᠢ ) ᠶ᠋ᠢ ᠠᠯᠠᠬᠤ ᠠᠨᠤ ᠶᠠᠮᠪᠠᠷ ᠶᠣᠰᠣ ? 》 ᠭᠡᠮᠡᠨ ᠠᠰᠠᠭᠤᠬᠤᠢ ᠳ᠋ᠤᠷ ᠯᠢ ᠶᠦᠨ᠂ ᠬᠠᠭᠠᠨ ᠤ᠋ ᠡᠳᠡᠭᠡᠷ ᠵᠠᠷᠯᠢᠭ ᠲᠤᠷ ᠯᠠᠪ ᠠᠮᠢ ᠭᠡᠲᠦᠯᠬᠦ ᠠᠷᠭ᠎ᠠ ᠪᠣᠢ ᠭᠡᠮᠡᠨ ᠳᠠᠷᠤᠢ ᠪᠠᠶᠠᠷᠯᠠᠭᠤᠯᠰᠤᠭᠠᠢ ᠭᠡᠮᠡᠨ ᠥᠪᠡᠷ ᠡᠵᠡᠨ ᠦ᠌ ᠨᠢᠭᠡᠨ ᠪᠤᠷᠤᠭᠤ ᠶ᠋ᠢᠨ ᠳᠡᠭᠡᠷ᠎ᠡ ᠠᠷᠪᠠᠨ ᠶᠠᠯ᠎ᠠ ᠨᠡᠮᠡᠵᠦ ᠦᠨᠡᠨ ᠬᠤᠳᠠᠯ ᠦᠭᠡᠢ ᠪᠡᠷ ᠨᠢᠭᠡᠨ ᠵᠡᠷᠭᠡ ᠬᠡᠯᠡᠭᠰᠡᠨ ᠳ᠋ᠦ᠍ᠷ ᠬᠠᠭᠠᠨ ᠤ᠋ ᠭᠡᠭᠡᠨ ᠥᠴᠦᠬᠡᠨ ᠮᠦᠰᠢᠶᠡᠵᠦ ᠵᠠᠷᠯᠢᠭ ᠪᠣᠯᠤᠷᠤᠨ:《ᠦᠶ᠎ᠡ ᠤᠯᠠᠷᠢᠨ ᠠᠯᠲᠠᠨ ᠤᠯᠤᠰ ᠤ᠋ᠨ ᠬᠦᠨᠳᠦ ᠬᠡᠰᠢᠭ ᠲᠣᠷ ᠬᠦᠷᠲᠡᠵᠦ ᠬᠦᠨᠳᠦ ᠲᠤᠰᠢᠶᠠᠯ ᠢ᠋ ᠡᠵᠡᠯᠡᠭᠡᠳ ᠭᠠᠳᠠᠭᠠᠳᠤ ᠤᠯᠤᠰ ᠤ᠋ᠨ ᠴᠡᠷᠢᠭ ᠢᠷᠡᠪᠡᠰᠦ ᠭᠠᠭᠴᠠ ᠥᠪᠡᠷ ᠦ᠋ᠨ ᠠᠮᠢᠨ ᠢ᠋ᠶ᠋ᠠᠨ ᠬᠠᠮᠠᠭᠠᠯᠠᠨ᠂ ᠬᠠᠮᠤᠭ ᠤᠯᠤᠰ ᠢᠷᠭᠡᠨ ᠬᠣᠲᠠ ᠪᠠᠯᠭᠠᠳ ᠢ᠋ ᠴᠥᠮ ᠣᠷᠬᠢᠵᠤ ᠪᠤᠷᠤᠭᠤᠯᠠᠨ ᠪᠠᠷᠢᠭᠳᠠᠨ᠂ ᠪᠠᠰᠠ ᠭᠠᠭᠴᠠ ᠡᠵᠡᠨ ᠢ᠋ᠶ᠋ᠡᠨ ᠪᠤᠷᠤᠭᠤ ᠶ᠋ᠢ ᠲᠣᠭᠠᠴᠢᠨ ᠮᠢᠨᠦ ᠰᠡᠳᠬᠢᠯ ᠳ᠋ᠦ᠍ᠷ ᠨᠡᠢᠴᠡᠭᠦᠯᠵᠦ᠂ ᠥᠪᠡᠷ ᠦ᠋ᠨ ᠠᠮᠢᠨ ᠢ᠋ᠶ᠋ᠠᠨ ᠪᠤᠯᠲᠠᠷᠢᠰᠤᠭᠠᠢ ᠬᠡᠮᠡᠭᠴᠢ ᠡᠨᠡ ᠮᠡᠲᠦ ᠬᠥᠮᠦᠨ ᠥᠴᠦᠬᠡᠨ ᠴᠦ᠍ ᠲᠤᠰᠠ ᠦᠭᠡᠢ᠂ ᠰᠥᠷᠬᠦ ᠵᠠᠯᠢᠬᠠᠢ ᠬᠠᠭᠤᠷᠮᠠᠭ ᠬᠤᠳᠠᠯᠴᠢ ᠶᠠᠭᠤᠮ᠎ᠠ᠂ ᠲᠦᠷᠭᠡᠨ᠎ᠡ ᠭᠠᠷᠭᠠᠵᠤ ᠠᠯᠠ ! 》ᠬᠡᠮᠡᠭᠰᠡᠨ ᠳ᠋ᠦ᠍ᠷ ᠬᠣᠶᠠᠷ ᠡᠲᠡᠭᠡᠳ ᠣᠨ ᠢᠯᠳᠦ ᠰᠦᠬᠡ ᠪᠠᠷᠢᠭᠰᠠᠨ ᠠᠷᠠᠳ ᠲᠦᠯᠬᠢᠨ ᠭᠠᠷᠭᠠᠵᠤ᠂ ᠯᠢ ᠶᠦᠨ ᠦ᠌ ᠲᠣᠯᠣᠭᠠᠢ ᠶ᠋ᠢ ᠲᠠᠰᠤ ᠴᠠᠪᠴᠢᠨ ᠠᠪᠴᠤ ᠵᠢᠷᠤᠮ ᠦᠭᠡᠢ ᠲᠦᠰᠢᠮᠡᠯ ᠭᠡᠮᠡᠨ ᠮᠣᠩᠭᠣᠯ ᠤ᠋ᠨ ᠣᠯᠠᠨ ᠳ᠋ᠤᠷ ᠦᠵᠡᠭᠦᠯᠪᠡᠢ᠃
ᠲᠡᠳᠦᠢ ᠬᠠᠭᠠᠨ ᠤ᠋ ᠭᠡᠭᠡᠨ ᠵᠡᠪᠡ᠂ ᠵᠠᠯᠮ᠎ᠠ ᠪᠠ ᠴᠠᠭᠠᠲᠠᠢ᠂ ᠮᠤᠬᠤᠯᠢ ᠶ᠋ᠢᠨ ᠠᠯᠲᠠᠨ ᠤᠯᠤᠰ ᠲᠤᠷ ᠣᠷᠣᠭᠰᠠᠨ ᠬᠣᠶᠠᠷ ᠠᠩᠭᠢ ᠶ᠋ᠢᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠢᠯᠭᠠᠨ ᠰᠠᠯᠭᠠᠨ ᠱᠠᠩᠨᠠᠨ ᠡᠷᠭᠦᠮᠵᠢᠯᠡᠵᠦ᠂ ᠪᠤᠯᠤ᠂ ᠡᠭᠦᠯᠡᠨ ᠴᠡᠷᠪᠢ ᠬᠣᠶᠠᠭᠤᠯᠠ ᠶ᠋ᠢ ᠡᠮᠦᠨ᠎ᠡ ᠪᠡᠨ ᠳᠠᠭᠤᠳᠠᠨ ᠵᠠᠷᠯᠢᠭ ᠪᠣᠯᠤᠷᠤᠨ :《ᠯᠤᠤ ᠠ᠋ᠴᠠ ᠯᠤᠤ ᠲᠥᠷᠥᠬᠦ᠂ ᠪᠠᠷᠰ ᠠ᠋ᠴᠠ ᠪᠠᠷᠰ ᠲᠥᠷᠥᠬᠦ᠂ ᠲᠠ ᠬᠣᠶᠠᠭᠤᠯᠠ ᠡᠴᠢᠭᠡ ᠨᠠᠷ ᠢ᠋ᠶ᠋ᠠᠨ ᠦᠨᠡᠬᠡᠷ ᠭᠡᠷᠡᠯᠲᠦᠭᠦᠯᠪᠡ ! 》ᠭᠡᠮᠡᠨ ᠥᠪᠡᠷᠮᠢᠴᠡ ᠲᠣᠷᠭ᠎ᠠ ᠮᠠᠩᠨᠤᠭ ᠬᠤᠶᠠᠭ ᠳᠤᠭᠤᠯᠠᠭ᠎ᠠ ᠱᠠᠩᠨᠠᠵᠤ᠂ ᠡᠪᠦᠯ ᠦ᠋ᠨ ᠰᠡᠭᠦᠯ ᠰᠠᠷ᠎ᠠ ᠳ᠋ᠤ᠌ ᠰᠠᠢ ᠴᠡᠷᠢᠭ ᠡᠭᠡᠰᠦᠭᠡᠢ ᠬᠡᠮᠡᠲᠡᠯ᠎ᠡ ᠭᠡᠨᠡᠳᠲᠡ《ᠠᠯᠲᠠᠨ ᠤᠯᠤᠰ ᠠ᠋ᠴᠠ ᠡᠯᠴᠢ ᠢᠷᠡᠪᠡ ᠬᠡᠮᠡᠭᠰᠡᠨ ᠳ᠋ᠦ᠍ᠷ ᠬᠠᠭᠠᠨ ᠤ᠋ ᠭᠡᠭᠡᠨ ᠪᠤᠭᠤᠷᠵᠢ᠂ ᠮᠤᠬᠤᠯᠢ ᠬᠣᠶᠠᠷ ᠲᠠᠢᠪᠤᠤ ᠯᠤᠭ᠎ᠠ ᠵᠥᠪᠯᠡᠯᠳᠦᠨ ᠵᠠᠷᠯᠢᠭ ᠪᠣᠯᠤᠷᠤᠨ:《ᠠᠯᠲᠠᠨ ᠤᠯᠤᠰ ᠠ᠋ᠴᠠ ᠡᠨᠡ ᠡᠯᠴᠢ ᠶᠠᠭᠤᠨ ᠳ᠋ᠤᠷ ᠢᠷᠡᠪᠡ ? ᠡᠨᠡ ᠯᠠᠪ ᠮᠠᠨ ᠤ᠋ ᠬᠣᠶᠠᠷ ᠠᠩᠭᠢ ᠴᠡᠷᠢᠭ ᠬᠥᠳᠡᠯᠦᠭᠰᠡᠨ ᠤᠴᠢᠷ ᠲᠤᠷ ᠪᠤᠷᠤᠭᠤ ᠶ᠋ᠢ ᠮᠠᠨ ᠳ᠋ᠤᠷ ᠨᠥᠮᠥᠷᠭᠡᠵᠦ ᠶᠠᠯ᠎ᠠ ᠠᠰᠠᠭᠤᠷ᠎ᠠ ᠢᠷᠡᠭᠰᠡᠨ ᠪᠣᠯᠠᠢ ! 》ᠬᠡᠮᠡᠬᠦᠢ ᠳ᠋ᠦ᠍ᠷ ᠪᠤᠭᠤᠷᠵᠢ᠂ ᠮᠤᠬᠤᠯᠢ ᠬᠠᠮᠲᠤ ᠪᠠᠷ ᠠᠢᠯᠠᠳᠬᠠᠷᠤᠨ: 《ᠶᠦᠩ ᠶ᠋ᠢᠢ ᠠᠪᠠᠭ᠎ᠠ ᠡᠴᠢᠭᠡ ᠪᠠ ᠠᠪᠠᠭ᠎ᠠ ᠡᠬᠡ ᠪᠡᠨ ᠴᠥᠮ ᠠᠯᠠᠵᠤ ᠪᠣᠯᠬᠤ ᠪᠥᠭᠡᠲᠡᠯ᠎ᠡ ᠪᠢᠳᠡ ᠠᠪᠠᠭ᠎ᠠ ᠡᠴᠢᠭᠡ ᠡᠬᠡ ᠪᠡᠨ ᠠᠯᠠᠭᠰᠠᠨ ᠬᠥᠮᠦᠨ ᠢ᠋ ᠳᠠᠢᠯᠠᠵᠤ ᠦᠯᠦ ᠪᠣᠯᠬᠤ ᠶᠣᠰᠣ ᠪᠣᠢ ᠤᠤ ? ᠵᠢᠴᠢ ᠪᠠᠰᠠ ᠠᠯᠲᠠᠨ ᠤᠯᠤᠰ ᠮᠠᠨ ᠯᠤᠭ᠎ᠠ ᠬᠠᠷᠢᠯᠴᠠᠨ ᠨᠠᠢᠷ ᠬᠢᠬᠦᠢ ᠳ᠋ᠦ᠍ᠷ ᠡᠭᠡᠨᠡᠭᠲᠡ ᠡᠯᠳᠡᠪ ᠵᠦᠢᠯ ᠦ᠋ᠨ ᠶᠠᠩᠵᠤ ᠳᠦᠷᠢᠮ ᠭᠠᠷᠭᠠᠨ᠂ ᠶᠠᠭᠠᠬᠢᠨ ᠲᠡᠷᠡ ᠡᠷᠬᠡᠪᠰᠢ ᠡᠵᠡᠨ ᠦ᠌ ᠪᠠᠢᠳᠠᠯ ᠢ᠋ ᠭᠠᠷᠭᠠᠨ ᠮᠠᠨ ᠢ᠋ ᠲᠡᠭᠦᠨ ᠦ᠌ ᠲᠦᠰᠢᠮᠡᠯ ᠦ᠋ᠨ ᠪᠠᠢᠳᠠᠯ ᠢ᠋ᠶ᠋ᠠᠷ ᠦᠵᠡᠰᠦᠭᠡᠢ ᠬᠡᠮᠡᠮᠦᠢ ? ᠡᠨᠡ ᠤᠳᠠᠭ᠎ᠠ ᠬᠠᠭᠠᠨ ᠡᠵᠡᠨ ᠬᠡᠷᠬᠢᠰᠦᠭᠡᠢ ᠬᠡᠮᠡᠮᠦᠢ ? 》ᠬᠡᠮᠡᠭᠰᠡᠨ ᠳ᠋ᠦ᠍ᠷ ᠬᠠᠭᠠᠨ ᠵᠠᠷᠯᠢᠭ ᠪᠣᠯᠤᠷᠤᠨ:《ᠦᠨᠡᠬᠡᠷ ᠡᠢᠮᠦ ᠪᠣᠯᠪᠠᠴᠤ ᠮᠥᠨ ᠪᠠᠬᠠᠨ ᠨᠠᠢᠷ ᠦᠯᠡᠳᠡᠭᠡᠬᠦ ᠢᠨᠦ ᠴᠣᠬᠣᠮ ᠵᠦᠢ᠂ ᠡᠨᠡ ᠶᠦᠩ ᠶ᠋ᠢᠢ ᠬᠡᠮᠡᠭᠰᠡᠨ ᠬᠥᠮᠦᠨ ᠦ᠌ ᠳᠦᠷᠰᠦᠲᠦ ᠠᠳᠤᠭᠤᠰᠤ ᠶᠠᠭᠤᠨ ᠤ᠋ ᠨᠠᠢᠷ ᠢ᠋ ᠮᠡᠳᠡᠬᠦᠢ 》ᠭᠡᠮᠡᠨ ᠯᠤᠤ ᠶ᠋ᠢᠨ ᠥᠷᠭᠥᠭᠡ ᠳ᠋ᠦ᠍ᠷ ᠰᠠᠭᠤᠵᠤ ᠭᠤᠷᠪᠠᠨ ᠵᠡᠷᠭᠡ ᠬᠥᠭᠵᠢᠮ ᠡᠭᠦᠰᠬᠡᠨ᠂ ᠲᠠᠪᠤᠨ ᠵᠡᠷᠭᠡ ᠬᠡᠩᠭᠡᠷᠭᠡ ᠴᠣᠬᠢᠵᠤ᠂ ᠠᠯᠲᠠᠨ ᠤ᠋ ᠡᠯᠴᠢ ᠶ᠋ᠢ ᠤᠳᠤᠷᠢᠳᠤᠨ ᠶᠡᠷᠦ ᠳᠣᠣᠷᠠᠲᠤ ᠲᠦᠰᠢᠮᠡᠯ ᠦ᠋ᠨ ᠡᠯᠴᠢ ᠮᠡᠲᠦ ᠳᠠᠭᠠᠭᠤᠯᠤᠨ ᠠᠪᠠᠴᠢᠵᠤ ᠯᠤᠤ ᠶ᠋ᠢᠨ ᠦᠷᠭᠦᠭᠡᠨ ᠦ᠌ ᠭᠠᠳᠠᠨ᠎ᠠ ᠪᠤᠭᠤᠷᠵᠢ᠂ ᠮᠤᠬᠤᠯᠢ ᠨᠠᠷ ᠵᠠᠩᠳᠠᠨ ᠰᠥᠭᠥᠳᠬᠡᠵᠦ᠂ ᠲᠡᠭᠦᠨ ᠦ᠌ ᠠᠷᠤ ᠳ᠋ᠤᠷ ᠤᠶᠠᠭᠰᠠᠨ ᠪᠢᠴᠢᠭ ᠢ᠋ ᠴᠦ᠍ ᠠᠪᠬᠤ ᠦᠭᠡᠢ ᠳ᠋ᠦ᠍ᠷ ᠠᠯᠲᠠᠨ ᠤᠯᠤᠰ ᠤ᠋ᠨ ᠡᠯᠴᠢ ᠶᠡᠬᠡᠯ᠎ᠡ ᠴᠢᠬᠤᠯᠳᠠᠨ ᠠᠢᠯᠠᠳᠬᠠᠷᠤᠨ:《ᠤᠭ ᠠ᠋ᠴᠠ ᠮᠠᠨ ᠤ᠋ ᠳᠤᠮᠳᠠᠳᠤ ᠤᠯᠤᠰ ᠤ᠋ᠨ ᠬᠠᠭᠠᠨ ᠤ᠋ ᠵᠠᠷᠯᠢᠭ ᠤ᠋ᠨ ᠰᠠᠢᠳ ᠢ᠋ ᠭᠠᠳᠠᠭᠠᠳᠤ ᠤᠯᠤᠰ ᠤ᠋ᠨ ᠡᠵᠡᠨ ᠴᠥᠮ ᠬᠦᠵᠢᠰ ᠦ᠋ᠨ ᠰᠢᠷᠡᠭᠡ ᠪᠡᠯᠡᠳᠴᠦ ᠰᠥᠭᠥᠳᠦᠨ ᠬᠦᠯᠢᠶᠡᠵᠦ ᠠᠪᠳᠠᠭ ᠪᠥᠯᠥᠭᠡ᠂ ᠡᠨᠡ ᠡᠳᠦᠷ ᠲᠠᠨ ᠤ᠋ ᠤᠯᠤᠰ ᠲᠥᠷᠥ ᠮᠥᠨ ᠶᠡᠬᠡ ᠤᠯᠤᠰ ᠪᠣᠯᠵᠤ᠂ ᠶᠡᠬᠡ ᠤᠯᠤᠰ ᠤ᠋ᠨ ᠬᠠᠤᠯᠢ ᠶ᠋ᠢ ᠮᠡᠳᠡᠬᠦ ᠪᠥᠭᠡᠳ ᠶᠠᠭᠤᠨ ᠳ᠋ᠤᠷ ᠳᠤᠮᠳᠠᠳᠤ ᠤᠯᠤᠰ ᠢ᠋ ᠡᠨᠡ ᠮᠡᠲᠦ ᠳᠣᠷᠣᠮᠵᠢᠯᠠᠨ ᠳᠠᠷᠤᠯᠠᠮᠤᠢ ? 》ᠬᠡᠮᠡᠭᠰᠡᠨ ᠳ᠋ᠦ᠍ᠷ ᠬᠠᠭᠠᠨ ᠤ᠋ ᠭᠡᠭᠡᠨ ᠥᠴᠦᠬᠡᠨ ᠮᠦᠰᠢᠶᠡᠵᠦ ᠵᠠᠷᠯᠢᠭ ᠪᠣᠯᠤᠷᠤᠨ: 《ᠴᠢᠨᠦ ᠡᠵᠡᠨ ᠴᠢᠮᠠᠢ ᠶᠠᠮᠪᠠᠷ ᠤᠴᠢᠷ ᠲᠤᠷ ᠵᠠᠷᠤᠪᠠ ? 》ᠡᠯᠴᠢ ᠥᠭᠦᠯᠡᠷᠦᠨ :《ᠮᠠᠨ ᠤ᠋ ᠳᠤᠮᠳᠠᠳᠤ ᠤᠯᠤᠰ ᠤ᠋ᠨ ᠵᠠᠩᠽᠦ᠋ᠩ ᠬᠠᠭᠠᠨ ᠬᠠᠯᠢᠵᠤ᠂ ᠡᠳᠦᠭᠡ ᠰᠢᠨ᠎ᠡ ᠬᠠᠭᠠᠨ ᠰᠠᠭᠤᠷᠢᠨ ᠳ᠋ᠤ᠌ ᠰᠠᠭᠤᠲᠠᠯ᠎ᠠ ᠲᠠᠨ ᠤ᠋ ᠤᠯᠤᠰ ᠠ᠋ᠴᠠ ᠪᠠᠶᠠᠷ ᠲᠤᠷ ᠮᠥᠷᠭᠥᠷ᠎ᠡ ᠡᠯᠴᠢ ᠡᠴᠢᠭᠰᠡᠨ ᠦᠭᠡᠢ ᠲᠤᠯᠠ ᠤᠴᠢᠷ ᠢ᠋ ᠠᠰᠠᠭᠤᠷ᠎ᠠ ᠢᠷᠡᠪᠡ᠃ 》ᠡᠭᠦᠨ ᠳ᠋ᠦ᠍ᠷ ᠬᠠᠭᠠᠨ ᠤ᠋ ᠭᠡᠭᠡᠨ ᠵᠠᠷᠯᠢᠭ ᠪᠣᠯᠤᠨ ᠠᠰᠠᠭᠤᠷᠤᠨ:《ᠬᠡᠨ ᠤᠯᠤᠰ ᠤ᠋ᠨ ᠬᠠᠭᠠᠨ ᠰᠠᠭᠤᠪᠠ ? 》ᠡᠯᠴᠢ ᠠᠢᠯᠠᠳᠬᠠᠷᠤᠨ :《ᠤᠷᠢᠳᠤ ᠬᠠᠭᠠᠨ ᠤ᠋ ᠳᠡᠭᠦᠦ ᠸᠧᠢ ᠸᠠᠩ ᠶᠦᠩ ᠶ᠋ᠢᠢ ᠬᠠᠭᠠᠨ ᠰᠠᠭᠤᠷᠢᠨ ᠢ᠋ ᠵᠠᠯᠭᠠᠮᠵᠢᠯᠠᠪᠠ᠃ 》ᠴᠢᠩᠭᠢᠰ ᠬᠠᠭᠠᠨ ᠡᠮᠦᠨ᠎ᠡ ᠵᠦᠭ ᠴᠢᠩᠳᠠ ᠨᠢᠯᠪᠤᠵᠤ ᠵᠠᠷᠯᠢᠭ ᠪᠣᠯᠤᠷᠤᠨ : 《ᠪᠢ ᠬᠠᠷᠢᠨ ᠳᠤᠮᠳᠠᠳᠤ ᠤᠯᠤᠰ ᠲᠤᠷ ᠬᠠᠭᠠᠨ ᠰᠠᠭᠤᠬᠤ ᠠᠨᠤ ᠯᠠᠪ ᠲᠡᠭᠷᠢ ᠡᠴᠡ ᠵᠠᠶᠠᠭᠠᠲᠤ ᠬᠥᠮᠦᠨ ᠬᠠᠭᠠᠨ ᠰᠠᠭᠤᠮᠤᠢ ᠶᠠ ᠭᠡᠮᠡᠨ ᠰᠠᠨᠠᠯᠤᠭᠠ᠂ ᠲᠡᠷᠡ ᠮᠡᠲᠦ ᠣᠯᠢᠭ ᠭᠣᠯᠢᠭ ᠡᠭᠡᠯ ᠥᠲᠡᠯ᠎ᠡ ᠪᠥᠭᠡᠳ ᠮᠤᠩᠬᠠᠭ ᠵᠦᠳᠡᠭᠦᠯᠢᠭ ᠶᠦᠩ ᠵᠢᠢ ᠬᠡᠷᠬᠢᠨ ᠳᠤᠮᠳᠠᠳᠤ ᠤᠯᠤᠰ ᠤ᠋ᠨ ᠬᠠᠭᠠᠨ ᠪᠣᠯᠵᠤ ᠪᠣᠯᠬᠤ ? ᠪᠢ ᠴᠡᠷᠢᠭ ᠢᠯᠡᠬᠡᠨ ᠲᠡᠭᠦᠨ ᠢ᠋ ᠳᠠᠢᠯᠠᠨ ᠲᠦᠪᠰᠢᠳᠬᠡᠵᠦ᠂ ᠳᠤᠮᠳᠠᠳᠤ ᠤᠯᠤᠰ ᠤ᠋ᠨ ᠶᠡᠬᠡ ᠰᠠᠭᠤᠷᠢᠨ ᠢ᠋ ᠲᠥᠪ ᠪᠣᠯᠭᠠᠨ ᠵᠠᠰᠠᠪᠠᠰᠤ ᠰᠠᠢ ᠵᠣᠬᠢᠬᠤ ᠪᠥᠭᠡᠲᠡᠯ᠎ᠡ ᠪᠢ ᠲᠡᠭᠦᠨ ᠳ᠋ᠦ᠍ᠷ ᠶᠠᠭᠤᠨ ᠳ᠋ᠤᠷ ᠡᠯᠴᠢ ᠢᠯᠡᠬᠡᠨ ᠪᠠᠶᠠᠷ ᠲᠤᠷ ᠨᠡᠢᠯᠡᠭᠦᠯᠦᠨ ᠮᠥᠷᠭᠥᠭᠦᠯᠦᠮᠦᠢ ? ᠪᠢ ᠡᠨᠳᠡ ᠡᠴᠡ ᠶᠡᠬᠡ ᠴᠡᠷᠢᠭ ᠢ᠋ᠶ᠋ᠡᠷ ᠶᠦᠩ ᠵᠢᠢ ᠶ᠋ᠢ ᠠᠪᠠᠭ᠎ᠠ ᠡᠴᠢᠭᠡ ᠪᠡᠨ ᠬᠣᠣᠷᠠᠳᠠᠭᠠᠨ ᠠᠯᠠᠵᠤ᠂ ᠠᠪᠠᠭ᠎ᠠ ᠡᠬᠡ ᠪᠡᠨ ᠤᠷᠤᠭ ᠢ᠋ ᠤᠨᠠᠭᠠᠯᠭᠠᠵᠤ ᠠᠯᠠᠨ᠂ ᠤᠷᠢᠳᠤ ᠬᠠᠭᠠᠨ ᠢ᠋ᠶ᠋ᠠᠨ ᠦᠷ᠎ᠡ ᠶ᠋ᠢ ᠲᠠᠰᠤᠯᠤᠭᠰᠠᠨ ᠶᠠᠯ᠎ᠠ ᠠᠰᠠᠭᠤᠨ ᠳᠠᠢᠯᠠᠷ᠎ᠠ ᠡᠴᠢᠭᠡᠳᠦᠢ ᠳ᠋ᠦ᠍ᠷ ᠲᠡᠷᠡ ᠬᠠᠷᠢᠨ ᠲᠡᠭᠷᠢ ᠶ᠋ᠢᠨ ᠵᠢᠷᠦᠬᠡ ᠪᠠᠷᠢᠵᠤ ᠨᠠᠳᠠ ᠯᠤᠭ᠎ᠠ ᠬᠠᠯᠳᠠᠷ᠎ᠠ ᠢᠷᠡᠭᠰᠡᠨ ᠲᠤᠯᠠ ᠡᠨᠡ ᠡᠯᠴᠢ ᠶ᠋ᠢ ᠴᠣᠬᠣᠮ ᠳ᠋ᠤᠷ ᠰᠠᠢᠲᠤᠷ ᠲᠠᠰᠢᠭᠤᠷᠳᠠᠨ ᠬᠠᠴᠠᠷ ᠲᠤᠷ ᠶᠠᠯ᠎ᠠ ᠠᠰᠠᠭᠤᠬᠤ ᠪᠢᠴᠢᠭ ᠢ᠋ ᠰᠡᠢᠯᠵᠦ ᠶᠠᠪᠤᠭᠤᠯᠬᠤ ᠪᠥᠯᠥᠭᠡ᠂ ᠭᠠᠭᠴᠠ ᠬᠣᠶᠠᠷ ᠤᠯᠤᠰ ᠤ᠋ᠨ ᠬᠣᠭᠣᠷᠣᠨᠳᠣ ᠥᠴᠦᠬᠡᠨ ᠡᠯᠴᠢ ᠶ᠋ᠢ ᠵᠣᠪᠠᠭᠠᠬᠤ ᠠᠨᠤ ᠶᠡᠬᠡ ᠤᠯᠤᠰ ᠤ᠋ᠨ ᠶᠠᠪᠤᠳᠠᠯ ᠪᠤᠰᠤ ᠲᠤᠯᠠ ᠡᠨᠡ ᠮᠡᠲᠦᠰ ᠦ᠋ᠨ ᠵᠠᠷᠤᠴᠠ ᠶ᠋ᠢ ᠳ᠋ᠦ᠍ᠷ ᠬᠡᠯᠲᠦᠷᠢᠭᠦᠯᠦᠨ ᠪᠠᠬᠠᠨ ᠲᠡᠵᠢᠭᠡᠵᠦ᠂ ᠡᠭᠦᠷᠦᠭᠰᠡᠨ ᠳᠠᠭᠠᠯᠳᠤᠭ᠎ᠠ ᠪᠠᠷ ᠶᠠᠯ᠎ᠠ ᠠᠰᠠᠭᠤᠬᠤ ᠴᠡᠷᠢᠭ ᠢᠯᠡᠭᠡᠮᠦᠢ᠃ ᠴᠢᠨᠦ ᠲᠡᠷᠡ ᠠᠷᠤ ᠳ᠋ᠤᠷ ᠡᠭᠦᠷᠦᠭᠰᠡᠨ ᠨᠣᠬᠠᠢ ᠶ᠋ᠢᠨ ᠤᠩᠭᠤᠰᠤᠨ ᠤ᠋ ᠦᠭᠡᠰ ᠦ᠋ᠨ ᠪᠢᠴᠢᠭ ᠢ᠋ᠶ᠋ᠡᠨ ᠡᠭᠡᠭᠦᠯᠦᠨ ᠠᠪᠠᠴᠢᠵᠤ ᠨᠣᠬᠠᠢ ᠳ᠋ᠤᠷ ᠢ᠋ᠶ᠋ᠠᠨ ᠥᠭ ! 》 ᠭᠡᠮᠡᠨ ᠵᠠᠷᠯᠢᠭ ᠪᠣᠯᠤᠭᠰᠠᠨ ᠳ᠋ᠤᠷ ᠠᠯᠲᠠᠨ ᠤ᠋ ᠡᠯᠴᠢ ᠮᠢᠬ᠎ᠠ ᠶ᠋ᠢ ᠵᠠᠨᠴᠢᠵᠤ ᠶᠠᠯ᠎ᠠ ᠶ᠋ᠢ ᠪᠠᠰᠠ ᠴᠢᠷᠠᠢ ᠳ᠋ᠤᠷ ᠰᠢᠪᠠᠮᠤᠢ ᠬᠡᠮᠡᠬᠦᠢ ᠶ᠋ᠢ ᠰᠣᠨᠣᠰᠴᠤ ᠵᠢᠷᠦᠬᠡ ᠬᠡᠮᠬᠡᠷᠡᠨ ᠶᠠᠭᠠᠷᠠᠨ ᠲᠣᠯᠣᠭᠠᠢ ᠠᠪᠤᠰᠢ ᠦᠭᠡᠢ ᠮᠥᠷᠭᠥᠵᠦ ᠭᠣᠶᠣᠬᠤᠢ ᠳ᠋ᠤᠷ ᠬᠡᠯᠲᠦᠷᠢᠭᠦᠯᠬᠦ ᠵᠠᠷᠯᠢᠭ ᠪᠣᠯᠤᠭᠰᠠᠨ ᠳ᠋ᠤᠷ ᠶᠠᠭᠠᠷᠠᠨ ᠬᠤᠯᠤᠭᠠᠨ᠎ᠠ ᠮᠡᠲᠦ ᠬᠤᠯᠠᠭᠤᠨ ᠭᠠᠷᠴᠤ ᠢᠷᠡᠭᠡᠳ ᠲᠣᠯᠣᠭᠠᠢ ᠪᠠᠨ ᠲᠡᠪᠡᠷᠢᠵᠦ ᠪᠤᠷᠤᠭᠤᠯᠠᠨ ᠡᠴᠢᠪᠡ᠃ ᠴᠢᠩᠭᠢᠰ ᠬᠠᠭᠠᠨ ᠤ᠋ ᠭᠡᠭᠡᠨ ᠣᠯᠠᠨ ᠢ᠋ ᠠᠪᠴᠤ ᠮᠣᠩᠭᠣᠯ ᠤ᠋ᠨ ᠬᠣᠲᠠᠨ ᠳ᠋ᠤᠷ ᠡᠭᠡᠵᠦ ᠵᠠᠯᠠᠷᠠᠪᠠ᠃ ᠲᠡᠭᠦᠨᠴᠡ ᠠᠯᠲᠠᠨ ᠤᠯᠤᠰ ᠤ᠋ᠨ ᠡᠯᠴᠢ ᠪᠤᠴᠠᠵᠤ ᠢᠷᠡᠭᠡᠳ ᠡᠳᠡᠭᠡᠷ ᠢᠴᠢᠭᠦᠷᠢ ᠪᠣᠯᠤᠭᠰᠠᠨ ᠢ᠋ᠶ᠋ᠠᠨ ᠪᠦᠷᠢᠳᠬᠡᠨ ᠤᠬᠢᠯᠠᠨ ᠲᠣᠭᠠᠴᠢᠭ᠍ᠰᠠᠨ ᠳ᠋ᠤᠷ ᠸᠧᠢ ᠸᠠᠩ ᠶᠦᠩ ᠵᠢᠢ ᠶᠡᠬᠡᠯ᠎ᠡ ᠭᠡᠯᠮᠡᠵᠦ ᠥᠭᠦᠯᠡᠷᠦᠨ :《ᠣᠳᠣ ᠵᠥᠭᠡᠯᠡᠨ ᠠᠷᠭ᠎ᠠ ᠬᠡᠷᠡᠭᠯᠡᠨ ᠪᠠᠢᠵᠤ᠂ ᠮᠣᠩᠭᠣᠯ ᠤ᠋ᠨ ᠡᠵᠡᠨ ᠴᠢᠩᠭᠢᠰ ᠬᠠᠭᠠᠨ ᠢ᠋ ᠨᠠᠢᠷ ᠢ᠋ᠶ᠋ᠠᠷ ᠤᠳᠤᠷᠢᠳᠤᠨ ᠠᠴᠢᠷᠠᠵᠤ᠂ ᠬᠣᠶᠠᠷ ᠤᠯᠤᠰ ᠪᠡᠯᠡᠭ ᠬᠦᠷᠭᠡᠬᠦ ᠬᠤᠷᠢᠮ ᠬᠤᠷᠢᠮᠯᠠᠬᠤᠢ ᠭᠡᠮᠡᠨ ᠬᠠᠭᠤᠷᠤᠨ ᠢᠷᠡᠭᠦᠯᠦᠭᠰᠡᠨ ᠬᠣᠢᠨ᠎ᠠ ᠴᠡᠷᠢᠭ ᠪᠦᠭᠭᠦᠵᠦ ᠠᠯᠠᠰᠤᠭᠠᠢ ! 》 ᠭᠡᠮᠡᠨ ᠬᠡᠯᠡᠯᠴᠡᠨ ᠲᠣᠭᠲᠠᠭᠰᠠᠨ ᠢ᠋ ᠬᠤ᠌ ᠱᠠ ᠬᠤ᠌ ᠰᠣᠨᠣᠰᠤᠨ ᠭᠠᠷᠴᠤ ᠢᠷᠡᠭᠡᠳ ᠦᠯᠦ ᠲᠠᠭᠠᠯᠠᠨ ᠦᠭᠦᠯᠡᠯᠳᠦᠬᠦᠢ ᠳ᠋ᠦ᠍ᠷ ᠡᠨᠡ ᠦᠭᠡ ᠵᠠᠳᠠᠷᠠᠵᠤ ᠰᠢᠶᠠ ᠤᠯᠤᠰ ᠤ᠋ᠨ ᠯᠢ ᠠᠨ ᠴᠢᠦᠸᠠᠨ ᠤ᠋ ᠴᠢᠬᠢᠨ ᠳ᠋ᠦ᠍ᠷ ᠣᠷᠣᠵᠤ᠂ ᠲᠡᠷᠡ ᠶᠠᠭᠠᠷᠠᠨ ᠡᠨᠡ ᠮᠡᠳᠡᠭᠡ ᠶ᠋ᠢ ᠬᠠᠭᠠᠨ ᠳ᠋ᠤᠷ ᠳᠣᠪᠲᠣᠯᠭᠠᠨ ᠠᠢᠯᠠᠳᠬᠠᠪᠠ᠃ ᠬᠠᠭᠠᠨ ᠤ᠋ ᠭᠡᠭᠡᠨ ᠮᠦᠰᠢᠶᠡᠨ ᠵᠠᠷᠯᠢᠭ ᠪᠣᠯᠤᠷᠤᠨ: 《ᠥᠴᠦᠬᠡᠨ ᠬᠤᠯᠤᠭᠠᠨ᠎ᠠ ᠬᠡᠷᠬᠢᠨ ᠨᠠᠷᠠᠨ ᠢ᠋ ᠪᠠᠷᠢᠵᠤ ᠴᠢᠳᠠᠬᠤ ? 》ᠭᠡᠮᠡᠨ ᠰᠢᠶᠠ ᠶ᠋ᠢᠨ ᠡᠵᠡᠨ ᠯᠢ ᠠᠨ ᠴᠢᠦᠸᠠᠨ ᠳ᠋ᠤᠷ ᠰᠠᠢᠰᠢᠶᠠᠨ ᠵᠠᠷᠯᠢᠭ ᠪᠠᠭᠤᠯᠭᠠᠨ ᠱᠠᠩ ᠥᠭᠴᠦ ᠠᠯᠲᠠᠨ ᠤᠯᠤᠰ ᠤ᠋ᠨ ᠳ᠋ᠤᠸᠠᠨ ᠵᠧᠦ ᠶ᠋ᠢ ᠱᠠᠩᠨᠠᠨ ᠵᠠᠬᠢᠷᠤᠭᠤᠯᠪᠠ᠃
ᠲᠡᠳᠦᠢ ᠬᠠᠭᠠᠨ ᠤ᠋ ᠭᠡᠭᠡᠨ ᠣᠯᠠᠨ ᠰᠠᠢᠳ ᠲᠤᠰᠢᠮᠡᠳ ᠢ᠋ ᠴᠢᠭᠤᠯᠭᠤᠯᠤᠨ᠂ ᠠᠯᠲᠠᠨ ᠤᠯᠤᠰ ᠠ᠋ᠴᠠ ᠶᠠᠯ᠎ᠠ ᠠᠰᠠᠭᠤᠬᠤ ᠴᠡᠷᠢᠭ ᠪᠠᠢᠭᠤᠯᠵᠤ ᠪᠠᠢᠯᠳᠤᠬᠤ ᠠᠷᠭ᠎ᠠ ᠶ᠋ᠢ ᠵᠥᠪᠯᠡᠬᠦᠢ ᠳ᠋ᠦ᠍ᠷ ᠭᠤᠷᠪᠠᠨ ᠳᠡᠭᠦᠦ ᠸᠠᠩ ᠵᠠᠭᠤᠨ ᠲᠦᠰᠢᠮᠡᠳ ᠢ᠋ ᠡᠰᠡ ᠳᠠᠭᠤᠳᠠᠬᠤ ᠠᠨᠤ ᠦᠭᠡᠢ᠂ ᠴᠥᠮ ᠬᠥᠭᠵᠢᠨ ᠪᠠᠶᠠᠰᠤᠯᠳᠤᠬᠤᠢ ᠳ᠋ᠤᠷ ᠬᠠᠭᠠᠨ ᠤ᠋ ᠭᠡᠭᠡᠨ ᠲᠡᠳᠡ ᠣᠯᠠᠨ ᠤ᠋ ᠰᠠᠨᠠᠭᠠᠨ ᠳ᠋ᠤᠷ ᠨᠡᠢᠴᠡᠬᠦ ᠶ᠋ᠢ ᠠᠢᠯᠠᠳᠴᠤ ᠳᠣᠲᠣᠷ᠎ᠠ ᠪᠠᠨ ᠰᠡᠮᠡᠬᠡᠷ ᠪᠠᠶᠠᠷᠯᠠᠨ᠂ ᠵᠠᠭᠤᠨ ᠲᠦᠰᠢᠮᠡᠳ ᠢ᠋ ᠠᠯᠲᠠᠨ ᠤᠯᠤᠰ ᠢ᠋ ᠳᠠᠢᠯᠠᠵᠤ ᠡᠭᠦᠷᠢᠳᠡ ᠠᠮᠤᠷ ᠪᠣᠯᠬᠤ ᠶ᠋ᠢ ᠵᠥᠪᠯᠡᠵᠦ ᠠᠢᠯᠠᠳᠬ᠎ᠠ ᠭᠡᠮᠡᠨ ᠵᠠᠷᠯᠢᠭ ᠪᠠᠭᠤᠵᠤ᠂ ᠡᠭᠦᠯᠡᠲᠦ ᠣᠷᠳᠣᠨ᠎ᠠ ᠡᠭᠡᠵᠦ ᠵᠠᠯᠠᠷᠠᠪᠠ᠃ ᠵᠠᠭᠤᠨ ᠲᠦᠰᠢᠮᠡᠳ ᠲᠥᠷᠥ ᠡᠴᠡ ᠪᠠᠭᠤᠵᠤ᠂ ᠲᠡᠷᠢᠭᠦᠯᠡᠭᠰᠡᠨ ᠰᠠᠢᠳ ᠬᠠᠮᠲᠤ ᠴᠤᠭᠯᠠᠷᠠᠨ ᠶᠤᠸᠠᠨᠱᠤᠸᠠᠢ ᠶ᠋ᠢᠨ ᠴᠠᠴᠠᠷ ᠲᠤᠷ ᠴᠤᠭᠯᠠᠵᠤ ᠶᠡᠬᠡ ᠵᠠᠰᠠᠭ ᠢ᠋ ᠵᠥᠪᠡᠯᠡᠭᠦᠢ ᠳ᠋ᠦ᠍ᠷ ᠶᠡᠬᠡ ᠶᠤᠸᠠᠨᠱᠤᠸᠠᠢ ᠮᠤᠬᠤᠯᠢ ᠥᠭᠦᠯᠡᠷᠦᠨ :《ᠡᠨᠡ ᠬᠡᠷᠡᠭ ᠬᠡᠮᠡᠭᠴᠢ ᠶᠡᠷᠦ ᠶ᠋ᠢᠨ ᠤᠯᠤᠰ ᠯᠤᠭ᠎ᠠ ᠪᠠᠢᠯᠳᠤᠬᠤᠢ ᠳ᠋ᠤᠷ ᠦᠯᠢᠭᠡᠷᠯᠡᠵᠦ ᠦᠯᠦ ᠪᠣᠯᠤᠮᠤᠢ᠂ ᠡᠷᠬᠡᠪᠰᠢ ᠨᠠᠷᠢᠪᠴᠢᠯᠠᠨ ᠲᠣᠭᠲᠠᠭᠠᠭᠰᠠᠨ ᠬᠣᠢᠨ᠎ᠠ ᠲᠡᠷᠡ ᠪᠣᠳᠣᠯᠭᠠᠨ ᠠ᠋ᠴᠠ ᠡᠰᠡ ᠭᠠᠷᠪᠠᠰᠤ ᠰᠠᠢ ᠡᠭᠦᠷᠢᠳᠡ ᠶ᠋ᠢᠨ ᠦᠨᠳᠦᠰᠦ ᠬᠡᠮᠡᠮᠦᠢ᠂ ᠡᠭᠦᠨ ᠳ᠋ᠦ᠍ᠷ ᠪᠠᠭ᠎ᠠ ᠵᠠᠯᠠᠭᠤ ᠭᠡᠮᠡᠨ ᠦᠯᠦ ᠢᠯᠭᠠᠮᠤᠢ᠂ ᠬᠡᠨ ᠦ᠌ ᠠᠷᠭ᠎ᠠ ᠤᠳᠠᠭᠠᠨ ᠤᠷᠲᠤ ᠪᠣᠯᠪᠠᠰᠤ ᠲᠡᠷᠡ ᠢᠨᠦ ᠲᠡᠷᠢᠭᠦᠯᠡᠪᠡᠰᠦ ᠵᠣᠬᠢᠬᠤ ᠲᠤᠯᠠ ᠭᠤᠷᠪᠠᠨ ᠵᠠᠮ ᠤ᠋ᠨ ᠲᠠᠢᠹᠦ᠋ ᠲᠦᠰᠢᠮᠡᠳ ᠢ᠋ ᠴᠥᠮ ᠤᠷᠢᠪᠠᠰᠤ ᠵᠣᠬᠢᠮᠤᠢ᠃ 》ᠭᠡᠮᠡᠨ ᠳᠡᠭᠡᠳᠦ ᠲᠠᠢᠰᠢ ᠭᠦᠸᠧ ᠯᠤᠤ ᠨᠠᠷ᠂ ᠳᠡᠭᠡᠳᠦ᠂ ᠳᠤᠮᠳᠠᠳᠤ᠂ ᠳᠣᠣᠷᠠᠲᠤ ᠭᠤᠷᠪᠠᠨ ᠵᠠᠮ ᠤ᠋ᠨ ᠲᠠᠢᠹᠦ᠋ ᠲᠦᠰᠢᠮᠡᠳ ᠲᠣᠷ ᠬᠦᠷᠲᠡᠯ᠎ᠡ ᠴᠥᠮ ᠴᠢᠭᠤᠯᠭᠤᠯᠵᠤ ᠭᠤᠷᠪᠠᠨ ᠡᠳᠦᠷ ᠵᠥᠪᠯᠡᠯᠳᠦᠵᠦ᠂ ᠳᠠᠴᠢᠩᠬᠤᠷᠯᠤ᠂ ᠢᠯᠠᠭᠤᠭᠰᠠᠨ᠂ ᠳ᠋ᠠᠳᠠᠳᠤᠩᠭ᠎ᠠ᠂ ᠵᠠᠯᠮ᠎ᠠ᠂ ᠰᠠᠢᠬᠠᠨ ᠰᠤᠷᠲᠠᠯᠲᠤ᠂ ᠵᠠᠮᠪᠠᠯ᠂ ᠣᠶᠤᠲᠤ ᠰᠡᠴᠡᠨ᠂ ᠣᠶᠤᠨ ᠭᠤᠸ᠎ᠠ᠂ ᠴᠢᠨᠳᠠᠭᠠᠨ᠎ᠠ ᠰᠡᠴᠡᠨ᠂ ᠬᠠᠪᠤᠲᠤ ᠬᠠᠰᠠᠷ᠂ ᠣᠢᠲᠤ ᠣᠴᠢᠭ᠂ ᠳᠥᠷᠪᠡᠨ ᠲᠦᠰᠢᠮᠡᠯ ᠨᠠᠷ ᠯᠤᠭ᠎ᠠ ᠬᠠᠮᠲᠤ ᠪᠠᠢᠵᠤ᠂ ᠮᠤᠬᠤᠯᠢ᠂ ᠪᠤᠭᠤᠷᠵᠢ ᠲᠠᠨ ᠲᠡᠷᠢᠭᠦᠯᠡᠨ ᠪᠦᠭᠦᠳᠡᠭᠡᠷ ᠵᠥᠪᠯᠡᠵᠦ᠂ ᠠᠯᠲᠠᠨ ᠤᠯᠤᠰ ᠢ᠋ ᠪᠠᠢᠯᠳᠤᠬᠤ ᠶᠡᠬᠡ ᠲᠥᠯᠥᠪ ᠦ᠋ᠨ ᠨᠤᠭᠤᠯᠪᠤᠷᠢ ᠪᠣᠳᠣᠷᠣᠣᠯ ᠪᠢᠴᠢᠭ ᠬᠢᠵᠦ ᠣᠯᠠᠨ ᠢ᠋ᠶ᠋ᠠᠷ ᠠᠢᠯᠠᠳᠬᠠᠵᠤ᠂ ᠵᠢᠴᠢ ᠡᠳᠦᠷ ᠶᠡᠬᠡ ᠲᠥᠷᠥ ᠳ᠋ᠦ᠍ᠷ ᠯᠤᠤ ᠶ᠋ᠢᠨ ᠰᠢᠷᠡᠬᠡᠨ᠎ᠡ ᠳᠡᠪᠰᠢᠭᠦᠯᠦᠨ ᠠᠢᠯᠠᠳᠬᠠᠭᠰᠠᠨ ᠳ᠋ᠤᠷ ᠬᠠᠭᠠᠨ ᠤ᠋ ᠭᠡᠭᠡᠨ ᠠᠯᠤᠰᠬᠢᠨ ᠪᠡᠶᠡᠰᠴᠦ ᠠᠪᠴᠤ ᠤᠩᠰᠢᠭᠤᠯᠪᠠᠰᠤ ᠲᠡᠭᠦᠨ ᠦ᠌ ᠦᠭᠡ: 《ᠤᠯᠤᠰ ᠤ᠋ᠨ ᠵᠠᠭᠤᠨ ᠲᠦᠰᠢᠮᠡᠳ ᠲᠡᠢ ᠰᠡᠴᠡᠨ᠂ ᠲᠣᠷᠭᠠᠨ ᠰᠢᠷ᠎ᠠ ᠤᠯᠤᠰ ᠪᠦᠷᠢ ᠪᠡᠷ ᠵᠥᠪᠳᠡᠨ ᠲᠣᠭᠲᠠᠵᠤ ᠠᠶᠤᠨ ᠡᠮᠢᠶᠡᠨ ᠠᠢᠯᠠᠳᠬᠠᠨ ᠪᠠᠷᠢᠬᠤ ᠠᠨᠤ᠂ ᠠᠯᠲᠠᠨ ᠤᠯᠤᠰ ᠬᠡᠮᠡᠭᠴᠢ ᠰᠥᠩ ᠂ ᠯᠢᠶᠣᠤ ᠬᠣᠶᠠᠷ ᠤᠯᠤᠰ ᠤ᠋ᠨ ᠭᠠᠵᠠᠷ ᠢ᠋ ᠪᠤᠯᠢᠶᠠᠨ ᠡᠵᠡᠯᠡᠭᠰᠡᠨ ᠢ᠋ᠶ᠋ᠡᠷ ᠰᠢᠮ᠎ᠡ ᠠᠮᠢᠰᠬᠤᠯ ᠬᠠᠳᠠᠨ ᠴᠢᠭᠢᠷᠠᠭ ᠂ ᠪᠠᠰᠠ ᠢᠷᠭᠡᠨ ᠪᠠᠶᠠᠨ ᠦᠪᠡᠳᠡᠭᠰᠢ ᠰᠠᠢᠨ ᠮᠡᠷᠭᠡᠨ ᠰᠡᠴᠡᠳ ᠪᠠᠭᠠᠲᠤᠳ ᠮᠠᠰᠢ ᠣᠯᠠᠨ ᠬᠥᠩᠭᠡᠯᠡᠨ ᠪᠠᠢᠯᠳᠤᠵᠤ ᠦᠯᠦ ᠪᠣᠯᠤᠮᠤᠢ᠃ ᠡᠳᠦᠭᠡ ᠤᠯᠤᠰ ᠠᠨᠤ ᠮᠠᠰᠢ ᠪᠠᠶᠠᠯᠢᠭ ᠪᠣᠯᠪᠠᠴᠤ ᠤᠯᠤᠰ ᠢ᠋ ᠡᠵᠡᠯᠡᠭᠰᠡᠨ ᠬᠠᠭᠠᠨ ᠠᠨᠤ ᠤᠵᠢᠳ ᠰᠠᠮᠠᠭᠤᠨ ᠮᠤᠩᠬᠠᠭ ᠠᠯᠵᠠᠭᠤ ᠪᠣᠯᠤᠭᠰᠠᠨ ᠢ᠋ᠶ᠋ᠠᠷ ᠰᠠᠢ ᠲᠡᠳᠡᠨ ᠦ᠌ ᠤᠯᠤᠰ ᠤ᠋ᠨ ᠮᠥᠬᠥᠬᠦ ᠴᠠᠭ ᠬᠦᠷᠴᠦ ᠢᠷᠡᠭᠰᠡᠨ ᠢ᠋ ᠮᠡᠳᠡᠵᠦ ᠪᠣᠯᠤᠮᠤᠢ᠃ ᠡᠭᠦᠨ ᠳ᠋ᠦ᠍ᠷ ᠮᠠᠨ ᠤ᠋ ᠤᠯᠤᠰ ᠲᠡᠭᠦᠨ ᠯᠦ᠍ᠭᠡ ᠡᠰᠡᠷᠭᠦᠴᠡᠬᠦᠢ ᠳ᠋ᠦ᠍ᠷ ᠴᠢᠬᠤᠯᠠ ᠭᠤᠷᠪᠠᠨ ᠵᠦᠢᠯ ᠦ᠋ᠨ ᠴᠡᠭᠡᠷᠯᠡᠯ ᠪᠣᠢ᠂ ᠪᠠᠰᠠ ᠴᠢᠬᠤᠯᠠ ᠭᠤᠷᠪᠠᠨ ᠵᠦᠢᠯ ᠦ᠋ᠨ ᠬᠢᠴᠢᠶᠡᠯ ᠪᠣᠢ᠂ ᠨᠡᠢᠯᠡᠭᠦᠯᠦᠨ ᠠᠯᠢ ᠵᠢᠷᠭᠤᠭᠠᠨ ᠵᠦᠢᠯ ᠬᠡᠮᠡᠪᠡᠰᠦ : ᠲᠡᠷᠢᠭᠦᠨ ᠳ᠋ᠦ᠍ᠷ ᠴᠡᠷᠢᠭ ᠦ᠋ᠨ ᠲᠣᠭᠠᠨ ᠤ᠋ ᠣᠯᠠᠨ ᠢ᠋ ᠴᠡᠭᠡᠷᠯᠡᠮᠦᠢ᠂ ᠬᠣᠶᠠᠷ ᠲᠤᠷ ᠬᠣᠲᠠ ᠪᠠᠯᠭᠠᠳ ᠲᠤᠷ ᠮᠠᠨ ᠤ᠋ ᠮᠣᠩᠭᠣᠯ ᠤ᠋ᠨ ᠴᠡᠷᠢᠭ ᠢ᠋ ᠣᠯᠠᠨᠲᠠ ᠰᠠᠭᠤᠬᠤ ᠶ᠋ᠢ ᠴᠡᠭᠡᠷᠯᠡᠮᠦᠢ᠂ ᠭᠤᠷᠪᠠᠨ ᠳ᠋ᠤᠷ ᠴᠡᠷᠢᠭ ᠦ᠋ᠨ ᠤᠵᠢᠳ ᠶᠠᠪᠤᠳᠠᠯ ᠢ᠋ ᠴᠡᠭᠡᠷᠯᠡᠮᠦᠢ᠃ ᠭᠤᠷᠪᠠᠨ ᠬᠢᠴᠢᠶᠡᠯ ᠢᠨᠤ ᠲᠡᠷᠢᠭᠦᠨ ᠳ᠋ᠦ᠍ᠷ ᠠᠮᠢ ᠪᠠᠨ ᠲᠠᠯᠪᠢᠨ ᠣᠷᠣᠬᠤ ᠶ᠋ᠢ ᠬᠢᠴᠢᠶᠡᠮᠦᠢ᠂ ᠬᠣᠶᠠᠷ ᠲᠤᠷ ᠬᠣᠲᠠ ᠪᠠᠯᠭᠠᠳ ᠢ᠋ ᠠᠪᠬᠤ ᠠᠷᠭ᠎ᠠ ᠮᠡᠬᠡ ᠳ᠋ᠦ᠍ᠷ ᠬᠢᠴᠢᠶᠡᠮᠦᠢ᠂ ᠭᠤᠷᠪᠠᠨ ᠳ᠋ᠤᠷ ᠠᠯᠲᠠᠨ ᠤ᠋ ᠢᠷᠭᠡᠨ ᠦ᠌ ᠰᠡᠳᠬᠢᠯ ᠢ᠋ ᠡᠳ᠋ ᠮᠠᠯ ᠢ᠋ᠶ᠋ᠠᠷ ᠬᠥᠬᠢᠭᠦᠯᠬᠦ ᠶ᠋ᠢ ᠬᠢᠴᠢᠶᠡᠮᠦᠢ᠃ ᠡᠨᠡ ᠭᠤᠷᠪᠠᠨ ᠬᠢᠴᠢᠶᠡᠯ᠂ ᠭᠤᠷᠪᠠᠨ ᠣᠨ ᠢ᠋ᠶ᠋ᠠᠷ ᠬᠡᠮᠵᠢᠵᠦ ᠠᠯᠲᠠᠨ ᠤᠯᠤᠰ ᠢ᠋ ᠪᠠᠢᠯᠳᠤᠪᠠᠰᠤ᠂ ᠡᠷᠬᠡ ᠦᠭᠡᠢ ᠭᠤᠷᠪᠠᠨ ᠣᠨ ᠤ᠋ ᠳᠣᠲᠣᠷ᠎ᠠ ᠠᠯᠲᠠᠨ ᠤᠯᠤᠰ ᠤ᠋ᠨ ᠴᠡᠷᠢᠭ ᠢᠷᠭᠡᠨ ᠦ᠌ ᠵᠠᠩ ᠰᠠᠨᠠᠭᠠᠨ ᠪᠠ ᠤᠬᠠᠭᠠᠨ ᠰᠡᠳᠬᠢᠯ ᠢ᠋ ᠣᠯᠵᠤ ᠣᠳᠣ ᠲᠡᠨᠳᠡ ᠤᠳᠠᠵᠤ ᠪᠣᠯᠬᠤ ᠦᠨᠳᠦᠰᠦᠨ ᠢ᠋ ᠣᠯᠪᠠᠰᠤ ᠪᠣᠯᠤᠮᠤᠢ᠃ ᠲᠡᠷᠢᠭᠦᠨ ᠴᠡᠭᠡᠷᠯᠡᠯ – ᠴᠡᠷᠢᠭ ᠦ᠋ᠨ ᠣᠯᠠᠨ ᠢ᠋ ᠴᠡᠭᠡᠷᠯᠡᠬᠦ ᠠᠨᠤ ᠂ ᠴᠡᠷᠢᠭ ᠦ᠋ᠨ ᠰᠡᠷᠭᠡᠢᠯᠡᠯ ᠪᠠᠢᠳᠠᠯ ᠢ᠋ ᠢᠯᠡᠷᠬᠡᠢᠯᠡᠨ ᠣᠷᠣᠬᠤᠢ ᠡᠭᠡᠬᠦᠢ ᠳ᠋ᠦ᠍ᠷ ᠬᠤᠷᠴᠠ ᠤᠷᠠᠨ ᠢ᠋ ᠡᠷᠢᠭᠰᠡᠨ ᠬᠡᠷᠡᠭ᠃ ᠬᠣᠶᠠᠳᠤᠭᠠᠷ ᠴᠡᠭᠡᠷᠯᠡᠯ – ᠬᠣᠲᠠ ᠪᠠᠯᠭᠠᠳ ᠢ᠋ ᠮᠠᠨ ᠤ᠋ ᠮᠣᠩᠭᠣᠯ ᠢ᠋ᠶ᠋ᠠᠷ ᠰᠠᠬᠢᠭᠤᠯᠬᠤ ᠦᠭᠡᠢ ᠢᠨᠤ ᠮᠠᠨ ᠤ᠋ ᠮᠣᠩᠭᠣᠯ ᠲᠦᠷᠢᠮᠡᠬᠡᠢ ᠴᠦᠯᠢᠰ᠂ ᠣᠯᠠᠨ ᠢᠷᠭᠡᠨ ᠦ᠌ ᠡᠮᠡᠰ ᠥᠬᠢᠳ ᠢ᠋ ᠳᠠᠷᠤᠯᠠᠨ ᠡᠷᠡᠦᠯᠡᠪᠡᠰᠦ ᠣᠯᠠᠨ ᠢᠷᠭᠡᠨ ᠮᠠᠨ ᠤ᠋ ᠮᠣᠩᠭᠣᠯ ᠢ᠋ ᠬᠠᠷᠢᠨ ᠰᠡᠵᠢᠭᠯᠡᠵᠦ ᠰᠡᠳᠬᠢᠯ ᠢ᠋ ᠠᠯᠳᠠᠮᠤᠢ᠃ ᠡᠨᠡ ᠦᠶ᠎ᠡ ᠶ᠋ᠢᠨ ᠰᠢᠶᠠ ᠤᠯᠤᠰ ᠤ᠋ᠨ ᠣᠯᠠᠨ ᠢᠷᠭᠡᠨ ᠮᠠᠨ ᠤ᠋ ᠮᠣᠩᠭᠣᠯ ᠳ᠋ᠤᠷ ᠳᠤᠷᠠᠯᠠᠬᠤ ᠠᠨᠤ᠂ ᠪᠢᠳᠡ ᠲᠡᠭᠦᠨ ᠦ᠌ ᠠᠯᠪᠠᠨ ᠤ᠋ ᠰᠠᠩ ᠢ᠋ ᠴᠥᠮ ᠢᠷᠭᠡᠨ ᠳ᠋ᠦ᠍ᠷ ᠢᠨᠦ ᠲᠦᠭᠡᠭᠡᠬᠦ ᠶ᠋ᠢᠨ ᠰᠢᠯᠲᠠᠭᠠᠨ ᠪᠣᠯᠠᠢ᠃ ᠲᠡᠳᠡᠨ ᠦ᠌ ᠣᠯᠠᠨ ᠢᠷᠭᠡᠨ ᠳ᠋ᠦ᠍ᠷ ᠵᠠᠪᠰᠢᠶᠠᠨ ᠪᠤᠰᠤ ᠶ᠋ᠢᠨ ᠬᠠᠷᠠᠭ᠎ᠠ ᠪᠣᠯᠠᠢ᠃ ᠭᠤᠷᠪᠠᠳᠤᠭᠠᠷ ᠴᠡᠭᠡᠷᠯᠡᠯ – ᠤᠵᠢᠳ ᠢ᠋ ᠴᠡᠭᠡᠷᠯᠡᠬᠦ ᠢᠨᠤ᠂ ᠮᠠᠨ ᠤ᠋ ᠮᠣᠩᠭᠣᠯ ᠴᠡᠷᠢᠭ ᠬᠢᠲᠠᠳ ᠢᠷᠭᠡᠳ ᠦ᠋ᠨ ᠰᠠᠢᠬᠠᠨ ᠥᠩᠭᠡ ᠶ᠋ᠢ ᠬᠦᠰᠡᠬᠦ ᠢᠨᠤ ᠬᠡᠲᠦᠷᠬᠡᠢ ᠲᠤᠯᠠ ᠬᠡᠷᠪᠡ ᠤᠵᠢᠳ ᠬᠡᠲᠦᠷᠡᠪᠡᠰᠦ ᠲᠡᠭᠷᠢ ᠶ᠋ᠢᠨ ᠬᠥᠪᠡᠭᠦᠨ ᠦ᠌ ᠶᠡᠬᠡ ᠴᠡᠷᠢᠭ ᠪᠤᠰᠤ ᠪᠣᠯᠵᠤ᠂ ᠲᠦᠮᠡᠨ ᠢᠷᠭᠡᠨ ᠦ᠌ ᠬᠦᠰᠡᠬᠦ ᠪᠠᠶᠠᠷᠯᠠᠬᠤ ᠰᠡᠳᠬᠢᠯ ᠢ᠋ ᠠᠯᠳᠠᠵᠤ᠂ ᠬᠣᠵᠢᠮ ᠤ᠋ᠨ ᠡᠳᠦᠷ ᠴᠡᠷᠢᠭ ᠣᠷᠣᠬᠤᠢ ᠳ᠋ᠤᠷ ᠪᠡᠷᠬᠡ ᠪᠣᠯᠬᠤ ᠠ᠋ᠴᠠ ᠠᠶᠤᠮᠤᠢ᠃ ᠡᠳᠦᠭᠡ ᠮᠠᠨ ᠤ᠋ ᠮᠣᠩᠭᠣᠯ ᠤ᠋ᠨ ᠴᠡᠷᠢᠭ ᠯᠠᠪ ᠳᠡᠢᠯᠬᠦ ᠢᠨᠦ᠂ ᠠᠯᠲᠠᠨ ᠤ᠋ ᠢᠷᠭᠡᠨ ᠠᠨᠤ ᠤᠯᠤᠰ ᠤ᠋ᠨ ᠬᠠᠲᠠᠭᠤ ᠠᠯᠪᠠ ᠳ᠋ᠤᠷ ᠬᠣᠣᠷᠳᠠᠭᠳᠠᠭᠰᠠᠨ ᠲᠤᠯᠠ ᠬᠢᠯᠪᠠᠷ ᠪᠣᠯᠤᠭᠰᠠᠨ ᠪᠤᠶᠤ᠃ ᠲᠡᠢᠨ ᠬᠦ᠌ ᠲᠡᠭᠦᠨ ᠦ᠌ ᠲᠤᠰᠢᠮᠡᠯ ᠢᠷᠭᠡᠨ ᠦ᠌ ᠰᠡᠳᠬᠢᠯ ᠢ᠋ ᠡᠰᠡ ᠠᠯᠳᠠᠬᠤᠢ ᠶ᠋ᠢ ᠡᠷᠢᠮᠦᠢ᠂ ᠤᠷᠢᠳᠠ ᠭᠤᠷᠪᠠᠨ ᠵᠢᠯ ᠠᠯᠲᠠᠨ ᠢ᠋ ᠳᠠᠢᠯᠠᠵᠤ ᠠᠪᠬᠤᠢ ᠳ᠋ᠤᠷ ᠡᠷᠬᠡᠪᠰᠢ ᠡᠷᠲᠡᠨ ᠦ᠌ ᠭᠤᠷᠪᠠᠨ ᠤᠯᠤᠰ ᠤ᠋ᠨ ᠠᠩᠬ᠎ᠠ ᠱᠣ ᠤᠯᠤᠰ ᠤ᠋ᠨ ᠡᠮᠦᠨ᠎ᠡ ᠮᠠᠨ ᠤ᠋ ᠤᠯᠤᠰ ᠢ᠋ ᠳᠠᠢᠯᠠᠭᠰᠠᠨ ᠮᠡᠲᠦ᠂ ᠡᠭᠡᠨᠡᠭᠲᠡ ᠪᠢᠰᠢᠷᠡᠭᠦᠯᠦᠨ ᠳᠠᠭᠠᠭᠤᠯᠬᠤ ᠪᠠᠷ ᠣᠷᠣᠯᠳᠣᠪᠠᠰᠤ ᠡᠨᠡ ᠠᠷᠭ᠎ᠠ ᠭᠦᠨ ᠬᠣᠯᠠ ᠪᠥᠭᠡᠳ ᠪᠠᠲᠤ ᠪᠡᠬᠢ᠂ ᠲᠡᠷᠡ ᠦᠶ᠎ᠡ ᠪᠣᠯᠲᠠᠯ᠎ᠠ ᠮᠠᠨ ᠤ᠋ ᠮᠣᠩᠭᠣᠯ ᠪᠠᠰᠠ ᠡᠮᠦᠨ᠎ᠡ ᠮᠣᠵᠢ ᠨᠤᠭᠤᠳ ᠤ᠋ᠨ ᠤᠰᠤ ᠰᠢᠷᠣᠢ ᠢᠳᠡᠭᠡᠨ ᠤᠮᠳᠠᠭᠠᠨ ᠯᠤᠭ᠎ᠠ ᠬᠠᠷᠰᠢᠯᠳᠤᠨ ᠵᠣᠬᠢᠴᠠᠭᠤᠯᠵᠤ ᠡᠰᠡ ᠴᠢᠳᠠᠬᠤ ᠲᠤᠯᠠ ᠮᠥᠨ ᠡᠮᠦᠨ᠎ᠡ ᠭᠠᠵᠠᠷ ᠲᠤᠷ ᠤᠳᠠᠭᠠᠨ ᠪᠠᠢᠵᠤ ᠣᠷᠣᠯᠳᠣᠬᠤᠢ ᠳ᠋ᠤᠷ ᠡᠵᠡᠨ ᠡᠴᠡ ᠰᠤᠯᠠ ᠢᠷᠭᠡᠨ ᠳ᠋ᠦ᠍ᠷ ᠬᠦᠷᠲᠡᠯ᠎ᠡ ᠲᠤᠢᠯ ᠤ᠋ᠨ ᠲᠦᠭᠰᠢᠯ ᠦᠭᠡᠢ ᠪᠣᠯᠭᠠᠮᠤᠢ᠃ ᠡᠴᠦᠰ ᠲᠦ᠍ᠷ ᠡᠮᠦᠨ᠎ᠡ ᠤᠯᠤᠰ ᠲᠤᠷ ᠣᠳᠬᠤ ᠰᠠᠨᠠᠭᠠᠨ ᠢ᠋ ᠡᠳᠦᠭᠡ ᠡᠴᠡ ᠡᠰᠡ ᠪᠠᠷᠢᠪᠠᠰᠤ ᠦᠯᠦ ᠪᠣᠯᠤᠮᠤᠢ᠃ ᠡᠨᠳᠡ ᠤᠳᠠᠲᠠᠯ᠎ᠠ ᠰᠠᠭᠤᠵᠤ ᠡᠮᠦᠨᠡᠰᠢ ᠡᠵᠡᠯᠡᠬᠦ ᠶ᠋ᠢ ᠠᠯᠭᠤᠷᠯᠠᠬᠤ ᠠᠨᠤ ᠵᠣᠬᠢᠬᠤ ᠦᠭᠡᠢ᠂ ᠭᠡᠨᠡᠳᠲᠡ ᠳᠡᠪᠰᠢᠭᠦᠢ ᠳ᠋ᠦ᠍ᠷ ᠤᠰᠤ ᠰᠢᠷᠣᠢ ᠬᠠᠷᠰᠢᠬᠤ ᠪᠣᠯᠪᠠᠴᠤ ᠭᠤᠷᠪᠠᠨ ᠣᠨ ᠡᠴᠢᠵᠦ ᠢᠷᠡᠪᠡᠰᠦ ᠦᠯᠦ ᠳᠠᠳᠬᠤ ᠶᠣᠰᠣ ᠦᠭᠡᠢ᠂ ᠴᠣᠬᠣᠮ ᠳ᠋ᠤᠷ ᠨᠢᠭᠡᠨ ᠬᠣᠲᠠᠨ ᠢ᠋ ᠣᠯᠪᠠᠰᠤ ᠦᠬᠦᠲᠡᠯ᠎ᠡ ᠰᠠᠬᠢᠬᠤ ᠠᠨᠤ ᠴᠣᠬᠣᠮ ᠭᠠᠵᠠᠷ ᠢ᠋ ᠡᠵᠡᠯᠡᠬᠦ ᠶᠡᠬᠡ ᠠᠷᠭ᠎ᠠ᠂ ᠭᠠᠭᠴᠠ ᠮᠠᠨ ᠤ᠋ ᠮᠣᠩᠭᠣᠯ ᠡᠵᠡᠯᠡᠨ ᠦᠯᠦ ᠴᠢᠳᠠᠮᠤᠢ᠃ ᠰᠠᠬᠢᠮᠤᠢ ᠬᠡᠮᠡᠪᠡᠰᠦ ᠬᠡᠲᠦᠷᠬᠡᠢ ᠠᠭᠠᠰᠢᠯᠠᠨ ᠢᠷᠭᠡᠨ ᠦ᠌ ᠰᠡᠳᠬᠢᠯ ᠢ᠋ ᠠᠯᠳᠠᠬᠤ᠂ ᠬᠠᠷᠢᠨ ᠲᠡᠳᠡᠨ ᠦ᠌ ᠲᠦᠰᠢᠮᠡᠯ ᠪᠠ ᠢᠷᠭᠡᠨ ᠦ᠌ ᠰᠠᠨᠠᠭᠠᠨ ᠢ᠋ ᠨᠡᠢᠯᠡᠭᠦᠯᠪᠡᠰᠦ ᠲᠠᠢᠯᠠᠬᠤᠢ ᠳ᠋ᠤᠷ ᠭᠡᠳᠡᠷᠭᠦ ᠪᠡᠷᠬᠡ ᠪᠣᠯᠭᠠᠮᠤᠢ᠃ ᠲᠡᠢᠨ ᠬᠦ᠌ ᠤᠷᠢᠳᠠ ᠭᠤᠷᠪᠠᠨ ᠵᠢᠯ᠂ ᠲᠦᠰᠢᠮᠡᠯ ᠦ᠋ᠨ ᠬᠤᠷᠠᠭᠰᠠᠨ ᠢ᠋ ᠠᠨᠤ ᠢᠷᠭᠡᠨ ᠳ᠋ᠦ᠍ᠷ ᠲᠤᠰᠠ ᠥᠭᠴᠦ ᠣᠯᠠᠨ ᠢᠷᠭᠡᠨ ᠦ᠌ ᠬᠦᠰᠡᠬᠦ ᠰᠡᠳᠬᠢᠯ ᠢ᠋ ᠠᠪᠴᠤ ᠬᠤᠪᠢᠰᠬᠤ ᠦᠭᠡᠢ ᠪᠣᠯᠤᠭᠰᠠᠨ ᠬᠣᠢᠨ᠎ᠠ ᠮᠥᠨ ᠭᠡᠨᠡᠳᠲᠡ ᠣᠷᠣᠵᠤ ᠤᠳᠠᠪᠠᠰᠤ ᠲᠡᠷᠡ ᠦᠶ᠎ᠡ ᠳ᠋ᠦ᠍ᠷ ᠠᠯᠲᠠᠨ ᠤᠯᠤᠰ ᠤ᠋ᠨ ᠢᠷᠭᠡᠨ ᠢᠨᠤ ᠭᠡᠳᠡᠷᠭᠦ ᠡᠭᠡᠵᠦ ᠲᠡᠭᠦᠨ ᠦ᠌ ᠲᠦᠰᠢᠮᠡᠯ ᠣᠯᠠᠨ ᠨᠡᠢᠲᠡ ᠪᠡᠷ ᠬᠦᠴᠦᠨ ᠬᠦᠷᠬᠦ ᠦᠭᠡᠢ ᠪᠣᠯᠤᠮᠤᠢ᠃ ᠡᠢᠮᠦ ᠪᠣᠯᠪᠠᠴᠤ ᠤᠳᠠᠭᠠᠨ ᠤᠷᠲᠤ ᠠᠷᠭ᠎ᠠ ᠪᠣᠯᠪᠠᠤ ᠬᠡᠮᠡᠵᠦᠬᠦᠢ᠃
ᠬᠠᠭᠠᠨ ᠤ᠋ ᠭᠡᠭᠡᠨ ᠡᠭᠦᠨ ᠢ᠋ ᠦᠵᠡᠭᠡᠳ ᠯᠤᠤ ᠶ᠋ᠢᠨ ᠴᠢᠷᠠᠢ ᠳ᠋ᠤᠷ ᠪᠠᠶᠠᠷ ᠤ᠋ᠨ ᠠᠭᠤᠷ ᠢᠯᠡᠷᠡᠵᠦ᠂ ᠵᠥᠪᠰᠢᠶᠡᠯ ᠦ᠋ᠨ ᠰᠠᠢᠳ ᠢ᠋ ᠰᠠᠢᠰᠢᠶᠠᠨ ᠱᠠᠩᠨᠠᠵᠤ ᠬᠤᠷᠢᠮᠯᠠᠪᠠ᠃
ᠰᠤᠳᠤᠷᠴᠢ ᠲᠦᠰᠢᠮᠡᠯ ᠦ᠋ᠨ ᠰᠤᠯᠠ ᠰᠢᠯᠦᠭ ᠢᠨᠤ :
ᠡᠷᠬᠡᠲᠦ ᠲᠡᠭᠷᠢ ᠶ᠋ᠢᠨ ᠱᠠᠩ ᠬᠡᠰᠢᠭ ᠴᠠᠭ ᠤ᠋ᠨ ᠬᠤᠷ᠎ᠠ ᠮᠡᠲᠦ
ᠡᠷᠳᠡᠮᠲᠦ ᠰᠠᠢᠳ ᠤ᠋ᠨ ᠴᠢᠩ ᠰᠡᠳᠬᠢᠯ ᠴᠢᠰᠤᠲᠤ ᠨᠢᠯᠬᠠᠰ ᠠᠳᠠᠯᠢ᠂
ᠡᠮᠦᠨᠡᠰᠢ ᠬᠠᠨᠳᠤᠨ ᠨᠢᠭᠡᠨᠲᠡ ᠨᠢᠯᠪᠤᠭᠰᠠᠨᠠ ᠠᠯᠲᠠᠨ ᠤᠯᠤᠰ ᠡᠪᠳᠡᠷᠡᠭᠡᠳ
ᠡᠷᠭᠦᠭᠰᠡᠨ ᠨᠤᠭᠤᠯᠪᠤᠷᠢ ᠳ᠋ᠤᠷ ᠥᠴᠦᠬᠡᠨ ᠮᠦᠰᠢᠶᠡᠭᠰᠡᠨᠡ ᠮᠣᠩᠭᠣᠯ ᠤ᠋ᠨ ᠲᠥᠷᠥ ᠲᠣᠭᠲᠠᠨᠢᠪᠠ᠃
