ᠬᠥᠬᠡ ᠰᠤᠳᠤᠷ - ᠢᠨᠵᠠᠨᠨᠠᠰᠢ < ᠬᠣᠷᠢᠨ ᠲᠠᠪᠤᠳᠤᠭᠠᠷ ᠪᠦᠯᠦᠭ > Хөх судар - Инжинаш <Хорин тавдугаар бүлэг > ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠬᠡ ᠰᠤᠳᠤᠷ - ᠢᠨᠵᠠᠨᠨᠠᠰᠢ < ᠬᠣᠷᠢᠨ ᠲᠠᠪᠤᠳᠤᠭᠠᠷ ᠪᠦᠯᠦᠭ > Хөх судар - Инжинаш <Хорин тавдугаар бүлэг >

ᠬᠥᠬᠡ ᠰᠤᠳᠤᠷ - ᠢᠨᠵᠠᠨᠨᠠᠰᠢ < ᠬᠣᠷᠢᠨ ᠲᠠᠪᠤᠳᠤᠭᠠᠷ ᠪᠦᠯᠦᠭ > Хөх судар - Инжинаш <Хорин тавдугаар бүлэг >

ᠠᠩᠭᠢᠯᠠᠯ:ᠲᠡᠦᠬᠡ ᠰᠣᠶᠣᠯ
2023-08-20

266

ᠬᠠᠨᠤᠯᠳᠤ ᠲᠠᠢᠽᠦ ᠬᠠᠮᠤᠭ ᠢ᠋ ᠡᠷᠭᠦᠬᠦ ᠬᠠᠭᠠᠨ ᠰᠠᠭᠤᠷᠢᠨ ᠳ᠋ᠤᠷ ᠮᠠᠷᠭᠤᠵᠤ ᠡᠰᠡ ᠰᠠᠭᠤᠪᠠ

ᠬᠠᠪᠤᠲᠤ ᠬᠠᠰᠠᠷ ᠨᠠᠷ ᠬᠠᠮᠲᠤ ᠪᠠᠷ ᠬᠠᠯᠠᠭᠤᠨ ᠴᠢᠰᠤᠨ ᠢ᠋ᠶ᠋ᠠᠨ ᠨᠡᠢᠯᠡᠭᠦᠯᠦᠨ ᠰᠠᠴᠤᠵᠤ ᠲᠠᠩᠭᠠᠷᠢᠭᠯᠠᠪᠠ

              
                  ᠬᠣᠷᠢᠨ ᠲᠠᠪᠤᠳᠤᠭᠠᠷ ᠪᠦᠯᠦᠭ 
                       ᠰᠥᠩ ᠨᠢᠭᠽᠦ᠋ᠩ ᠦ᠋ᠨ ᠴᠢᠩ  ᠶᠤᠸᠠᠨ ᠤ᠋ ᠳᠥᠷᠪᠡᠳᠦᠭᠡᠷ ᠣᠨ ᠂ 
                              ᠠᠯᠲᠠᠨ ᠤᠯᠤᠰ ᠤ᠋ᠨ  ᠵᠠᠩᠽᠦ᠋ᠩ ᠬᠠᠭᠠᠨ ᠤ᠋ ᠴᠧᠩ ᠠᠨ ᠤ᠋ ᠭᠤᠷᠪᠠᠳᠤᠭᠠᠷ ᠣᠨ ᠂ 
                              ᠪᠣᠭᠳᠠ ᠲᠠᠢᠽᠦ ᠭᠤᠴᠢᠨ ᠳᠣᠯᠣᠭᠠᠨ ᠰᠡᠭᠦᠳᠡᠷ ᠲᠡᠢ ᠪᠣᠯᠪᠠ ᠂ ᠰᠢᠷ᠎ᠠ ᠮᠣᠷᠢᠨ ᠵᠢᠯ

           ᠬᠠᠨᠤᠯᠳᠤ  ᠲᠠᠢᠽᠦ ᠬᠠᠮᠤᠭ ᠢ᠋ ᠡᠷᠭᠦᠬᠦ ᠬᠠᠭᠠᠨ ᠰᠠᠭᠤᠷᠢᠨ  ᠳ᠋ᠤᠷ ᠮᠠᠷᠭᠤᠵᠤ ᠡᠰᠡ ᠰᠠᠭᠤᠪᠠ 
           ᠬᠠᠪᠤᠲᠤ ᠬᠠᠰᠠᠷ ᠨᠠᠷ ᠬᠠᠮᠲᠤ ᠪᠠᠷ ᠬᠠᠯᠠᠭᠤᠨ ᠴᠢᠰᠤᠨ ᠢ᠋ᠶ᠋ᠠᠨ ᠨᠡᠢᠯᠡᠭᠦᠯᠦᠨ ᠰᠠᠴᠤᠵᠤ  ᠲᠠᠩᠭᠠᠷᠢᠭᠯᠠᠪᠠ  
                ᠠᠴᠢ ᠶ᠋ᠢᠨ ᠬᠠᠷᠢᠭᠤ ᠥᠰᠢᠶ᠎ᠡ ᠪᠡᠷ ᠬᠠᠷᠢᠭᠤᠯᠬᠠᠴᠢᠳ ᠣᠷᠴᠢᠯᠠᠩ ᠳ᠋ᠤᠷ ᠶᠠᠭᠤᠲᠠᠢ ᠣᠯᠠᠨ ?
                     ᠠᠭᠤᠷ ᠢ᠋ ᠬᠠᠷᠢᠨ ᠢᠨᠢᠶᠡᠳᠦᠮ  ᠢ᠋ᠶ᠋ᠡᠷ ᠥᠩᠭᠡᠷᠡᠭᠦᠯᠦᠭᠰᠡᠳ ᠶᠢᠷᠲᠢᠨᠴᠦ ᠳ᠋ᠦ᠍ᠷ ᠦᠨᠡᠬᠡᠷ ᠴᠥᠭᠡᠨ !
                     ᠠᠢᠳᠠᠩᠭᠤᠢ ᠾᠧ ᠸᠠᠩ ᠤ᠋ᠨ ᠠᠷᠤᠤᠬᠠᠨ ᠰᠢᠮ᠎ᠡ ᠢᠨᠤ ᠬᠠᠷᠢᠨ ᠥᠬᠢᠨ ᠪᠣᠯᠤᠭᠠᠳ 
                     ᠠᠯᠠᠯᠲᠠᠢ ᠲᠤᠭᠤᠷᠢᠯ ᠤ᠋ᠨ ᠠᠳᠠᠭ ᠤ᠋ᠨ ᠰᠢᠭᠡᠰᠦ ᠢᠨᠤ ᠭᠡᠳᠡᠷᠭᠦ ᠬᠥᠪᠡᠭᠦᠨ ᠪᠣᠯᠵᠤᠬᠤᠢ ᠃
 
      ᠲᠡᠨᠳᠡᠴᠡ ᠰᠢᠷ᠎ᠠ ᠮᠣᠷᠢᠨ ᠵᠢᠯ ᠦ᠋ᠨ ᠬᠤᠪᠢ ᠪᠤᠶᠠᠨᠲᠤ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠴᠠᠭᠠᠯᠠᠬᠤ ᠥᠷᠯᠥᠭᠡ ᠦᠬᠡᠷ ᠴᠠᠭ ᠲᠤᠷ ᠲᠠᠢᠽᠦ ᠲᠡᠭᠷᠢ ᠭᠠᠵᠠᠷ ᠢ᠋ ᠳᠠᠬᠢᠵᠤ᠂ ᠤᠷᠢᠳᠤᠰ ᠳᠡᠭᠡᠳᠦᠰ ᠲᠣᠷ ᠮᠥᠷᠭᠥᠵᠦ᠂ ᠥᠵᠢᠨ ᠡᠬᠡ ᠳ᠋ᠡᠭᠡᠨ ᠶᠣᠰᠣᠯᠠᠵᠤ ᠪᠡᠯᠡᠭ ᠢᠷᠦᠭᠡᠳ ᠬᠦᠷᠲᠡᠵᠦ᠂ ᠵᠦᠰᠦᠨ ᠬᠠᠲᠤᠨ ᠯᠤᠬ᠎ᠠ ᠪᠠᠨ ᠪᠡᠯᠭᠡᠯᠡᠨ ᠵᠣᠯᠭᠠᠯᠳᠤᠵᠤ᠂ ᠶᠡᠬᠡ ᠲᠥᠷᠥ ᠳ᠋ᠦ᠍ᠷ ᠭᠠᠷᠴᠤ ᠰᠠᠢᠳ ᠲᠦᠰᠢᠮᠡᠳ ᠢ᠋ᠶ᠋ᠡᠨ ᠮᠥᠷᠭᠥᠬᠦ ᠶ᠋ᠢ ᠬᠦᠯᠢᠶᠡᠨ ᠠᠪᠴᠤ ᠥᠯᠵᠡᠢ ᠪᠡᠯᠭᠡᠲᠦ ᠶᠡᠬᠡ ᠬᠤᠷᠢᠮ ᠬᠤᠷᠢᠮᠯᠠᠪᠠ᠃ ᠨᠠᠷᠠᠨ ᠮᠠᠨᠳᠤᠬᠤ ᠦᠶ᠎ᠡ ᠳ᠋ᠦ᠍ᠷ ᠭᠠᠳᠠᠭᠠᠳᠤ ᠬᠠᠷᠢᠶᠠᠲᠤ ᠠᠢᠮᠠᠭ ᠤ᠋ᠨ ᠣᠯᠠᠨ ᠡᠵᠡᠳ ᠲᠡᠷᠢᠭᠦᠯᠡᠨ ᠳᠣᠲᠣᠭᠠᠳᠤ ᠬᠣᠶᠠᠷ ᠤᠷᠤᠭ ᠪᠠ ᠲᠣᠷᠭᠠᠨ ᠰᠢᠷ᠎ᠠ ᠪᠦᠭᠦᠳᠡᠭᠡᠷ ᠰᠥᠭᠥᠳᠴᠦ ᠲᠠᠢᠽᠦ ᠳ᠋ᠦ᠍ᠷ ᠤᠷᠢᠳᠤᠰ ᠤ᠋ᠨ ᠬᠠᠭᠠᠨ ᠰᠠᠭᠤᠷᠢᠨ ᠢ᠋ᠶ᠋ᠠᠨ ᠵᠠᠯᠭᠠᠮᠵᠢᠯᠠᠨ ᠬᠠᠭᠠᠨ ᠰᠠᠭᠤᠮᠤ ᠭᠡᠮᠡᠨ ᠳᠤᠷᠠᠳᠬᠠᠵᠤ᠂ ᠨᠢᠭᠡᠨ ᠡᠪᠬᠡᠮᠡᠯᠲᠦ ᠪᠢᠴᠢᠭ ᠡᠷᠭᠦᠨ ᠪᠠᠷᠢᠪᠠ᠃  ᠲᠠᠢᠽᠦ ᠪᠢᠴᠢᠭ ᠢ᠋ ᠠᠪᠴᠤ ᠰᠠᠢᠬᠠᠨ ᠰᠤᠷᠲᠠᠯᠲᠤ ᠳ᠋ᠤᠷ ᠥᠭᠴᠦ ᠤᠩᠰᠢᠭᠤᠯᠪᠠᠰᠤ ᠪᠢᠴᠢᠭ ᠦ᠋ᠨ ᠦᠭᠡ :
         ᠳᠣᠲᠣᠭᠠᠳᠤ ᠭᠠᠳᠠᠭᠠᠳᠤ᠂ ᠬᠠᠷᠢᠶᠠᠲᠤ ᠰᠠᠢᠳ ᠲᠦᠰᠢᠮᠡᠳ᠂ ᠲᠥᠷᠥᠯ ᠲᠥᠷᠥᠭᠰᠡᠨ ᠤᠷᠤᠭ ᠰᠠᠳᠤᠨ᠂ ᠠᠯᠪᠠᠲᠤ ᠬᠠᠷᠠᠴᠤᠰ  ᠪᠧᠲ᠋ᠠ᠋ ᠤᠯᠤᠰ ᠤ᠋ᠨ ᠬᠣᠲᠠᠯᠠᠭᠠᠷ ᠠᠶᠤᠨ ᠡᠮᠢᠶᠡᠨ ᠰᠥᠭᠥᠳᠴᠦ ᠠᠢᠯᠠᠳᠬᠠᠨ ᠮᠡᠳᠡᠭᠦᠯᠬᠦ  ᠢᠨᠤ : ᠡᠷᠲᠡᠨ  ᠦ᠌ ᠡᠩ ᠲᠡᠷᠢᠭᠦᠨ ᠲᠡᠭᠷᠢ ᠶ᠋ᠢᠨ ᠬᠥᠪᠡᠭᠦᠨ ᠪᠥᠷᠲᠡ ᠴᠢᠨᠣ᠎ᠠ ᠠ᠋ᠴᠠ ᠠᠷᠪᠠᠨ ᠦᠶ᠎ᠡ ᠳ᠋ᠦ᠍ᠷ ᠳᠡᠳ᠋ ᠤᠳᠠᠭ᠎ᠠ ᠶ᠋ᠢᠨ ᠲᠡᠭᠷᠢ ᠶ᠋ᠢᠨ ᠦᠷᠡᠰ ᠪᠣᠳᠣᠨᠴᠠᠷ ᠪᠣᠭᠳᠠ ᠶ᠋ᠢ ᠮᠡᠨᠳᠦᠯᠡᠵᠦ ᠂ ᠪᠣᠷᠵᠢᠭᠢᠳ ᠣᠪᠣᠭᠲᠤ ᠬᠢᠶᠦᠳ ᠶᠠᠰᠤᠲᠠᠨ ᠪᠣᠯᠤᠭᠠᠳ ᠳᠣᠯᠣᠳᠤᠭᠠᠷ ᠦᠶ᠎ᠡ ᠳ᠋ᠦ᠍ᠷ ᠡᠩ ᠣᠯᠠᠨ ᠤᠯᠤᠰ ᠠᠢᠮᠠᠭ ᠨᠢᠳᠦᠨ ᠢ᠋ᠶ᠋ᠡᠷ ᠦᠵᠡᠨ ᠴᠢᠬᠢᠨ ᠳ᠋ᠦ᠍ᠷ ᠰᠣᠨᠣᠰᠲᠠᠯ᠎ᠠ ᠳᠡᠭᠡᠷ᠎ᠡ ᠲᠡᠭᠷᠢ ᠡᠴᠡ ᠭᠤᠷᠪᠠᠨ ᠵᠦᠢᠯ ᠦ᠋ᠨ ᠪᠡᠯᠭᠡ ᠲᠡᠮᠳᠡᠭ ᠪᠠᠭᠤᠯᠭᠠᠨ᠂ ᠴᠠᠭᠠᠨ ᠭᠡᠷᠡᠯ ᠡᠴᠡ ᠡᠵᠡᠨ ᠦ᠌ ᠪᠡᠶ᠎ᠡ ᠶ᠋ᠢ ᠬᠤᠪᠢᠯᠤᠨ ᠮᠡᠨᠳᠦᠯᠡᠵᠦᠬᠦᠢ᠃ ᠡᠩ ᠲᠡᠷᠢᠭᠦᠨ ᠲᠡᠭᠷᠢ ᠶ᠋ᠢᠨ ᠦᠷᠡᠰ ᠪᠥᠷᠲᠡ ᠴᠢᠨᠣ᠎ᠠ ᠶ᠋ᠢᠨ ᠪᠡᠶ᠎ᠡ ᠡᠴᠡ ᠡᠵᠡᠨ ᠴᠢᠨᠦ ᠪᠡᠶ᠎ᠡ ᠶ᠋ᠢᠨ ᠭᠡᠭᠡᠨ ᠳ᠋ᠦ᠍ᠷ ᠬᠦᠷᠲᠡᠯ᠎ᠡ ᠬᠣᠷᠢᠨ ᠲᠠᠪᠤᠨ ᠦᠶ᠎ᠡ ᠪᠣᠯᠲᠠᠯ᠎ᠠ ᠪᠧᠲ᠋ᠠ᠋ ᠤᠯᠤᠰ ᠲᠠᠭᠠᠨ ᠤᠯᠠᠮ ᠤᠯᠠᠮ ᠢ᠋ᠶ᠋ᠠᠷ ᠬᠠᠭᠠᠨ ᠰᠠᠭᠤᠭᠰᠠᠭᠠᠷ ᠢᠷᠡᠯᠦᠭᠡ᠃ ᠡᠳᠦᠭᠡ ᠡᠵᠡᠨ ᠦ᠌ ᠭᠡᠭᠡᠨ ᠢ᠋ ᠦᠵᠡᠲᠡᠯ᠎ᠡ ᠳᠡᠭᠡᠳᠦ ᠪᠠᠳᠠᠷᠠᠩᠭᠤᠢ ᠴᠠᠭᠠᠨ ᠰᠦᠯᠳᠡ ᠲᠡᠭᠷᠢ ᠲᠡᠳᠬᠦᠨ ᠲᠥᠷᠥᠭᠦᠯᠵᠦ᠂ ᠠᠷᠪᠠᠨ ᠭᠤᠷᠪᠠᠨ ᠨᠠᠰᠤᠨ ᠰᠡᠭᠦᠳᠡᠷ ᠡᠴᠡ ᠡᠬᠢᠯᠡᠨ ᠡᠴᠢᠭᠡ ᠪᠠᠭᠠᠲᠤᠷ ᠡᠵᠡᠨ ᠦ᠌ ᠦᠰ ᠢ᠋ ᠨᠡᠬᠡᠵᠦ᠂ ᠴᠡᠷᠢᠭ ᠪᠠᠢᠭᠤᠯᠤᠨ ᠥᠰᠢᠶ᠎ᠡ ᠬᠠᠷᠢᠭᠤᠯᠠᠵᠤ ᠴᠢᠳᠠᠭᠰᠠᠨ ᠠ᠋ᠴᠠ ᠳᠥᠷᠪᠡᠨ ᠵᠦᠭ ᠲᠦ᠍ᠷ ᠵᠠᠭᠤᠨ ᠵᠦᠢᠯ ᠦ᠋ᠨ ᠭᠠᠰᠢᠭᠤᠨ ᠢ᠋ ᠠᠮᠰᠠᠵᠤ᠂ ᠤᠨᠤᠭᠰᠠᠨ ᠮᠣᠷᠢ ᠠ᠋ᠴᠠ ᠪᠠᠨ ᠪᠠᠭᠤᠨ ᠪᠤᠰᠤᠳ ᠲᠤᠷ ᠤᠨᠤᠭᠤᠯᠵᠤ᠂ ᠡᠮᠦᠰᠦᠭᠰᠡᠨ ᠳᠡᠪᠡᠯ  ᠢ᠋ᠶ᠋ᠡᠨ ᠲᠠᠢᠯᠤᠨ ᠪᠤᠰᠤᠳ ᠲᠤᠷ ᠡᠮᠦᠰᠬᠡᠵᠦ᠂ ᠵᠣᠪᠠᠯᠠᠩ ᠵᠢᠷᠭᠠᠯᠠᠩ ᠢ᠋ ᠬᠠᠮᠲᠤᠳᠬᠠᠨ ᠶᠠᠪᠤᠵᠤ᠂ ᠣᠯᠠᠨ ᠴᠡᠷᠢᠭ ᠲᠦᠰᠢᠮᠡᠳ ᠢ᠋ ᠴᠤᠭᠯᠠᠭᠤᠯᠤᠨ ᠤᠯᠤᠰ ᠠᠢᠮᠠᠭ ᠢ᠋ ᠬᠤᠷᠢᠶᠠᠮᠵᠢᠯᠠᠵᠤ᠂ ᠶᠡᠬᠡ ᠲᠥᠷᠥ ᠶ᠋ᠢ ᠲᠡᠭᠰᠢᠷᠡᠭᠦᠯᠵᠦ᠂ ᠲᠡᠢᠨ ᠳᠠᠢᠰᠤᠨ᠎ᠠ ᠳᠡᠭᠡᠳᠦ ᠲᠡᠭᠷᠢ ᠶ᠋ᠢᠨ ᠢᠪᠡᠭᠡᠯ ᠬᠠᠷᠠᠭᠠᠯᠵᠠᠯᠭ᠎ᠠ ᠳᠠᠬᠢᠨ ᠳᠠᠪᠲᠠᠨ ᠢᠯᠡᠷᠡᠵᠦ᠂ ᠤᠯᠤᠰ ᠤ᠋ᠨ ᠬᠣᠲᠠᠯᠠᠭᠠᠷ ᠲᠤᠷ ᠮᠡᠳᠡᠭᠦᠯᠵᠦ᠂ ᠬᠣᠯᠠ ᠣᠢᠷ᠎ᠠ ᠮᠢᠩᠭᠠᠨ ᠭᠠᠵᠠᠷ ᠢ᠋ ᠬᠤᠷᠢᠶᠠᠯᠭᠠᠨ᠂ ᠬᠡᠳᠦᠢᠪᠡᠷ ᠣᠢᠷᠠᠯᠴᠠᠭ᠎ᠠ ᠬᠡᠷᠡᠢᠳ᠂ ᠨᠠᠢ᠍ᠮᠠᠨ ᠤ᠋ ᠵᠡᠷᠭᠡ ᠶ᠋ᠢᠨ ᠬᠡᠳᠦᠨ ᠥᠴᠦᠬᠡᠨ ᠤᠯᠤᠰ ᠠᠢᠮᠠᠭ  ᠤ᠋ᠳ ᠪᠣᠢ ᠪᠣᠯᠪᠠᠴᠤ ᠡᠵᠡᠨ ᠦ᠌ ᠡᠷᠬᠡ ᠪᠤᠶᠠᠨ ᠳ᠋ᠤᠷ ᠡᠴᠦᠰ ᠲᠦ᠍ᠷ ᠮᠥᠨ ᠬᠤᠷᠢᠶᠠᠭᠳᠠᠬᠤ ᠲᠤᠯᠠ ᠣᠯᠳᠠᠬᠤᠯ᠎ᠠ ᠳᠡᠭᠷᠢᠯᠢᠭ ᠡᠵᠡᠨ ᠤᠷᠢᠳᠤᠰ ᠡᠪᠦᠭᠡᠳ ᠦ᠋ᠨ ᠬᠠᠭᠠᠨ ᠰᠠᠭᠤᠷᠢᠨ ᠢ᠋ᠶ᠋ᠠᠨ ᠵᠠᠯᠭᠠᠮᠵᠢᠯᠠᠨ ᠰᠠᠭᠤᠪᠠᠰᠤ᠂ ᠦᠯᠡᠵᠦ ᠲᠤᠰᠤᠭᠰᠠᠨ ᠥᠴᠦᠬᠡᠨ ᠠᠢᠮᠠᠭ ᠤ᠋ᠳ᠂ ᠣᠷᠬᠢᠵᠤ ᠭᠡᠭᠡᠭᠳᠡᠭᠰᠡᠨ ᠣᠯᠠᠨ ᠤᠯᠤᠰ ᠤ᠋ᠳ ᠢ᠋ ᠬᠤᠷᠢᠶᠠᠮᠵᠢᠯᠠᠬᠤ ᠳ᠋ᠤᠷ ᠬᠢᠯᠪᠠᠷ ᠪᠣᠯᠤᠭᠠᠳ ᠶᠡᠬᠡ ᠲᠥᠷᠥ ᠨᠡᠢᠭᠡᠮ ᠦᠪᠡᠳᠡᠭᠰᠢ ᠪᠣᠯᠤᠮᠤᠢ᠃ ᠡᠢᠮᠦ ᠪᠣᠯᠪᠠᠰᠤ ᠤᠷᠢᠳᠤ ᠶ᠋ᠢᠨ ᠬᠠᠭᠠᠨ ᠡᠪᠦᠭᠡᠳ ᠦ᠋ᠨ ᠰᠠᠨᠠᠭᠠᠨ ᠢ᠋ ᠵᠠᠯᠭᠠᠮᠵᠢᠯᠠᠵᠤ᠂ ᠳᠡᠭᠡᠭᠰᠢᠳᠡ ᠪᠠᠭᠠᠲᠤᠷ ᠡᠵᠡᠨ  ᠦ᠌ ᠮᠤᠭᠣᠨ ᠢ᠋ ᠭᠡᠷᠡᠯᠲᠦᠭᠦᠯᠦᠨ ᠬᠣᠢᠰᠢᠳᠠ ᠦᠷ᠎ᠡ ᠠᠴᠢᠷ ᠰᠠᠭᠤᠷᠢᠨ ᠬᠣᠴᠣᠷᠤᠭᠤᠯᠤᠨ ᠳᠣᠷᠣᠭᠰᠢᠳᠠ ᠤᠯᠤᠰ ᠠᠯᠪᠠᠲᠤ ᠨᠡᠷ᠎ᠡ ᠢᠪᠡᠭᠡᠯ ᠲᠡᠢ ᠪᠣᠯᠬᠤ ᠣᠯᠳᠠᠬᠤᠯ᠎ᠠ ᠤᠷᠢᠳᠤᠰ ᠡᠪᠦᠭᠡᠳ ᠦ᠋ᠨ ᠬᠠᠭᠠᠨ ᠰᠠᠭᠤᠷᠢᠨ ᠢ᠋ ᠵᠠᠯᠭᠠᠮᠵᠢᠯᠠᠨ᠂ ᠲᠡᠭᠷᠢ ᠶ᠋ᠢᠨ ᠬᠥᠪᠡᠭᠦᠨ ᠦ᠌ ᠶᠢᠰᠦᠨ ᠡᠷᠳᠡᠨᠢᠰ ᠦ᠋ᠨ ᠥᠨᠳᠥᠷ ᠰᠢᠷᠡᠭᠡᠨ ᠳ᠋ᠡᠭᠡᠨ ᠰᠠᠭᠤᠵᠤ᠂ ᠳᠡᠭᠡᠷ᠎ᠡ ᠲᠡᠭᠷᠢ ᠳᠣᠣᠷ᠎ᠠ ᠭᠠᠵᠠᠷ᠂ ᠳᠠᠯᠳᠠ ᠰᠦᠯᠳᠡ ᠰᠠᠬᠢᠭᠤᠯᠰᠤᠨ᠂ ᠢᠯᠡ ᠬᠥᠮᠦᠨ ᠠᠮᠢᠲᠠᠨ ᠨᠡᠢᠲᠡ ᠪᠡᠷ ᠦ᠋ᠨ ᠰᠠᠨᠠᠭᠠᠨ ᠳ᠋ᠤᠷ ᠨᠡᠢᠴᠡᠭᠦᠯᠦᠨ ᠬᠦᠰᠡᠬᠦ ᠶ᠋ᠢ ᠢᠨᠤ ᠭᠦᠢᠴᠡᠭᠡᠵᠦ᠂ ᠠᠭᠯᠠᠭ ᠶᠡᠬᠡ ᠠᠯᠲᠠᠨ ᠳᠡᠯᠡᠬᠡᠢ ᠶ᠋ᠢᠨ ᠠᠯᠢᠪᠠ ᠪᠦᠬᠦᠨ ᠢ᠋ ᠨᠡᠢᠭᠡᠮᠯᠡᠨ ᠡᠵᠡᠯᠡᠵᠦ᠂ ᠠᠮᠢ ᠲᠠᠢ ᠪᠦᠬᠦᠨ ᠠᠮᠢᠲᠠᠨ ᠢ᠋ ᠠᠮᠤᠭᠤᠯᠤᠨ ᠵᠢᠷᠭᠠᠭᠤᠯᠵᠤ ᠠᠢᠯᠠᠳᠤᠨ ᠰᠣᠶᠣᠷᠬ᠎ᠠ! ᠠᠯᠢᠪᠠ ᠪᠦᠭᠦᠳᠡᠭᠡᠷ ᠠᠶᠤᠨ ᠴᠡᠴᠡᠷᠡᠨ ᠬᠦᠰᠡᠨ ᠪᠠᠢᠮᠤᠢ ᠬᠡᠮᠡᠵᠦᠬᠦᠢ᠃ 
       ᠲᠠᠢᠽᠦ ᠰᠣᠨᠣᠰᠴᠤ ᠪᠠᠷᠠᠭᠠᠳ ᠪᠠᠬᠠᠨ ᠲᠡᠳᠦᠢ ᠪᠠᠰᠤᠮᠵᠢᠯᠠᠨ ᠮᠦᠰᠢᠶᠡᠭᠡᠳ ᠣᠶᠤᠲᠤ ᠰᠡᠴᠡᠨ ᠢ᠋ᠶ᠋ᠡᠷ ᠤᠯᠠᠭᠠᠨ ᠦᠵᠦᠭ ᠪᠠᠷᠢᠭᠤᠯᠵᠤ᠂ ᠥᠪᠡᠷ ᠦ᠋ᠨ ᠦᠭᠡ ᠪᠡᠷ ᠬᠡᠳᠦᠨ ᠪᠠᠳᠠᠭ ᠴᠣᠬᠣᠯᠠᠨ ᠪᠢᠴᠢᠵᠦ ᠪᠠᠭᠤᠯᠭᠠᠭᠠᠳ ᠬᠥᠭᠵᠢᠮ ᠡᠭᠦᠰᠬᠡᠨ ᠬᠡᠩᠭᠡᠷᠭᠡ ᠳᠠᠭᠤᠷᠢᠰᠴᠤ ᠲᠠᠢᠽᠦ ᠶ᠋ᠢᠨ ᠪᠡᠶ᠎ᠡ ᠲᠠᠪᠠᠲᠠᠢ ᠣᠷᠳᠣᠨ ᠳ᠋ᠠᠭᠠᠨ ᠵᠠᠯᠠᠷᠠᠨ ᠪᠠᠭᠤᠪᠠᠢ᠃ ᠡᠭᠦᠨ ᠳ᠋ᠦ᠍ᠷ ᠲᠥᠷᠥ ᠶ᠋ᠢᠨ ᠣᠯᠠᠨ ᠲᠦᠰᠢᠮᠡᠳ ᠰᠠᠢᠳ ᠪᠠ ᠤᠯᠤᠰ ᠬᠠᠷᠢᠶᠠᠲᠤ  ᠨᠤᠭᠤᠳ ᠪᠦᠭᠦᠳᠡᠭᠡᠷ ᠡᠭᠦᠯᠡᠨ ᠮᠡᠲᠦ ᠨᠡᠭᠦᠯᠡᠨ ᠢᠷᠡᠵᠦ ᠴᠤᠭᠯᠠᠨ ᠦᠵᠡᠪᠡᠰᠦ᠂ ᠴᠣᠬᠣᠯᠠᠭᠰᠠᠨ ᠦᠭᠡᠰ ᠢᠨᠤ :
            ᠬᠠᠭᠠᠨ ᠰᠠᠭᠤᠵᠤ ᠲᠡᠭᠷᠢ  ᠶ᠋ᠢᠨ ᠬᠥᠪᠡᠭᠦᠨ ᠪᠣᠯᠤᠮᠤᠢ ᠬᠡᠮᠡᠭᠴᠢ
            ᠬᠠᠮᠤᠭ ᠪᠦᠬᠦᠨ  ᠦ᠌ ᠡᠴᠢᠭᠡ ᠡᠬᠡ ᠪᠣᠯᠬᠤ ᠠᠨᠤ ᠪᠤᠶᠤ᠂ 
            ᠬᠠᠮᠤᠭ ᠪᠦᠬᠦᠨ ᠢ᠋ ᠥᠪᠡᠷ ᠦ᠋ᠨ ᠦᠷ᠎ᠡ ᠮᠡᠲᠦ ᠥᠷᠥᠰᠢᠶᠡᠵᠦ 
            ᠬᠠᠯᠠᠬᠠᠢ ᠪᠢ ᠦᠨᠡᠬᠡᠷ ᠴᠢᠳᠠᠭᠠᠳᠤᠢ ᠶ᠋ᠢᠨ ᠲᠤᠯᠠᠳᠠ 
            ᠬᠣᠭᠣᠰᠣᠨ ᠨᠡᠷ᠎ᠡ ᠶ᠋ᠢᠨ ᠲᠡᠳᠦᠢ ᠲᠡᠷᠡ ᠬᠦ᠌ ᠬᠠᠭᠠᠨ ᠢ᠋  
            ᠬᠠᠯᠭᠤ ᠪᠢ ᠦᠨᠡᠬᠡᠷ ᠦᠢᠯᠡᠳᠬᠦ ᠦᠭᠡᠢ ᠪᠤᠶᠤ᠃ 
            ᠬᠠᠯᠠᠭᠤᠨ ᠰᠠᠨᠠᠭᠠᠲᠤ ᠰᠠᠢᠳ ᠡᠷᠳᠡᠮᠲᠡᠨ ᠲᠦᠰᠢᠮᠡᠳ ᠲᠠ ᠪᠠᠷ 
            ᠬᠠᠷᠰᠢᠯᠳᠤ ᠡᠨᠡ ᠬᠡᠷᠡᠭ ᠢ᠋ ᠳᠠᠬᠢᠵᠤ ᠪᠢᠲᠡᠭᠡᠢ ᠳᠤᠷᠠᠳᠬ᠎ᠠ ᠬᠡᠮᠡᠵᠦᠬᠦᠢ᠃ 
       ᠵᠢᠨᠦᠩ ᠮᠤᠬᠤᠯᠢ ᠦᠵᠡᠭᠡᠳ ᠣᠯᠠᠨ ᠤ᠋ ᠵᠦᠭ ᠥᠭᠦᠯᠡᠷᠦᠨ᠄ 《 ᠶᠠᠮᠪᠠᠷ ᠪᠠᠢᠨ᠎ᠠ? ᠮᠢᠨᠦ ᠬᠡᠯᠡᠭᠰᠡᠨ ᠡᠴᠡ ᠭᠠᠷᠪᠠᠤ ? 》 ᠬᠡᠮᠡᠪᠡᠢ᠃ ᠤᠭ ᠠ᠋ᠴᠠ ᠡᠨᠡ ᠬᠡᠷᠡᠭ ᠢ᠋ ᠵᠥᠪᠯᠡᠬᠦᠢ ᠳ᠋ᠦ᠍ᠷ ᠮᠤᠬᠤᠯᠢ ᠶ᠋ᠢᠨ ᠬᠡᠯᠡᠭᠰᠡᠨ ᠢᠨᠤ : 《 ᠡᠨᠡ ᠬᠡᠷᠡᠭ ᠬᠡᠷᠬᠢᠪᠡᠴᠦ ᠦᠯᠦ ᠪᠦᠲᠦᠮᠦᠢ᠂ ᠮᠠᠨ ᠤ᠋ ᠡᠵᠡᠨ ᠤᠭ ᠠ᠋ᠴᠠ ᠲᠡᠳᠡᠭᠡᠷ ᠬᠠᠭᠠᠨ ᠨᠡᠷᠡᠯᠡᠭᠰᠡᠨ ᠪᠦᠬᠦᠨ ᠢ᠋ ᠴᠥᠮ ᠮᠠᠰᠢᠳᠠ ᠪᠠᠰᠤᠮᠵᠢᠯᠠᠳᠠᠭ ᠪᠥᠯᠥᠭᠡ᠃ ᠲᠡᠢᠨ ᠬᠦ᠌ ᠡᠨᠡ ᠬᠠᠭᠠᠨ ᠢ᠋ ᠬᠡᠷᠬᠢᠪᠡᠴᠦ ᠦᠯᠦ ᠰᠠᠭᠤᠬᠤ ᠶ᠋ᠢ ᠣᠯᠵᠤ ᠮᠡᠳᠡᠪᠡ᠃ 》 ᠲᠡᠳᠦᠢ ᠣᠯᠠᠨ ᠢ᠋ᠶ᠋ᠠᠷ ᠲᠠᠢᠽᠦ ᠶ᠋ᠢᠨ ᠦᠨᠡᠨᠴᠢ ᠶ᠋ᠢ ᠭᠠᠢᠬᠠᠨ ᠪᠢᠰᠢᠷᠡᠭᠡᠳ ᠬᠠᠳᠠᠨ ᠬᠤᠷᠴᠠ ᠠ᠋ᠴᠠ ᠠᠶᠤᠨ ᠰᠢᠷᠪᠡᠭᠡᠲᠦᠪᠡᠢ᠃ ᠳᠠᠭᠠᠯᠳᠤᠭ᠎ᠠ ᠥᠨᠳᠥᠷ ᠰᠡᠴᠡᠨ ᠢᠷᠡᠵᠦ ᠡᠵᠡᠨ  ᠦ᠌ ᠵᠠᠬᠢᠶ᠎ᠠ ᠶ᠋ᠢ ᠤᠯᠠᠮᠵᠢᠯᠠᠨ ᠵᠠᠬᠢᠷᠤᠨ : 《 ᠡᠵᠡᠨ  ᠦ᠌ ᠵᠠᠬᠢᠶ᠎ᠠ : ᠨᠢᠳᠤᠨᠤᠨ ᠵᠢᠯ ᠦ᠋ᠨ ᠬᠡᠷᠡᠢᠳ ᠦ᠋ᠨ ᠲᠡᠢᠨ ᠡᠴᠡ ᠬᠤᠷᠢᠶᠠᠮᠵᠢᠯᠠᠭᠰᠠᠨ ᠬᠠᠭᠠᠨ ᠬᠥᠮᠦᠨ  ᠦ᠌ ᠭᠡᠷ ᠤᠷᠲᠤ᠂ ᠥᠷᠭᠥᠭᠡ ᠮᠠᠢᠬᠠᠨ᠂ ᠰᠢᠭᠦᠷ ᠬᠠᠯᠬᠠᠪᠴᠢ᠂ ᠲᠤᠭ ᠳᠠᠯᠪᠠᠭ᠎ᠠ ᠪᠠ ᠴᠠᠴᠤᠭ ᠴᠢᠮᠡᠭ᠂ ᠳ᠋ᠠᠳᠠᠷ ᠪᠥᠭᠲᠥᠭᠡ᠂ ᠲᠡᠷᠭᠡ ᠵᠢᠭᠰᠠᠭᠠᠯ᠂ ᠰᠦᠬᠡ ᠪᠢᠯᠠᠭᠤ ᠶ᠋ᠢᠨ ᠵᠦᠢᠯ ᠦ᠋ᠨ ᠵᠠᠭᠤᠨ ᠢᠯᠡᠭᠦᠦ ᠲᠡᠷᠭᠡ ᠶ᠋ᠢᠨ ᠡᠳ᠋ ᠲᠠᠸᠠᠷ ᠰᠠᠪᠠ ᠵᠡᠪᠰᠡᠭ ᠢ᠋ ᠨᠡᠢᠲᠡ ᠪᠡᠷ ᠴᠥᠮ ᠬᠣᠷᠢᠶᠠᠨ ᠲᠠᠯᠪᠢᠵᠤ᠂ ᠰᠠᠩ ᠬᠥᠮᠥᠷᠭᠡ ᠳ᠋ᠦ᠍ᠷ ᠳᠠᠷᠤᠵᠤ ᠬᠤᠷᠢᠶᠠᠭᠲᠤᠨ᠃ ᠮᠢᠨᠦ ᠵᠢᠭᠰᠠᠭᠠᠯ ᠪᠥᠭᠲᠥᠭᠡ ᠳ᠋ᠦ᠍ᠷ ᠲᠡᠳᠡᠭᠡᠷ ᠵᠡᠷᠭᠡ ᠶ᠋ᠢᠨ ᠰᠢᠷ᠎ᠠ ᠯᠤᠤᠲᠤ ᠬᠠᠭᠠᠨ ᠬᠥᠮᠦᠨ ᠦ᠌ ᠬᠡᠷᠡᠭᠯᠡᠯ ᠢ᠋ ᠬᠡᠷᠬᠢᠪᠡᠴᠦ ᠣᠷᠣᠭᠤᠯᠤᠨ ᠬᠡᠷᠡᠭᠯᠡᠵᠦ ᠪᠣᠯᠬᠤ ᠦᠭᠡᠢ᠂ ᠦᠨᠡᠨ ᠬᠠᠭᠠᠨ ᠪᠤᠰᠤ ᠪᠥᠭᠡᠳ ᠬᠠᠭᠠᠨ ᠮᠡᠲᠦ ᠠᠭᠠᠰᠢᠯᠠᠬᠤᠢ ᠶ᠋ᠢ ᠦᠢᠯᠡᠳᠴᠦ ᠪᠣᠯᠬᠤ ᠦᠭᠡᠢ᠃ ᠪᠢ ᠥᠪᠡᠷ ᠦ᠋ᠨ ᠰᠡᠳᠬᠢᠯ ᠡᠴᠡ ᠪᠡᠨ ᠰᠢᠷᠪᠡᠭᠡᠲᠦᠮᠦᠢ ! 》 ᠬᠡᠮᠡᠵᠦᠬᠦᠢ᠃ 
       ᠲᠡᠭᠦᠨᠴᠡ ᠤᠯᠤᠰ ᠤ᠋ᠨ ᠬᠣᠲᠠᠯᠠᠭᠠᠷ ᠲᠠᠢᠽᠦ ᠶ᠋ᠢᠨ ᠬᠣᠯᠠ ᠲᠠᠲᠠᠪᠰᠢ ᠲᠠᠢ ᠶ᠋ᠢ ᠭᠠᠢᠬᠠᠯᠳᠤᠨ ᠰᠦᠰᠦᠭᠯᠡᠪᠡᠢ᠃ ᠳᠡᠳ᠋ ᠡᠳᠦᠷ ᠤᠯᠤᠰ ᠤ᠋ᠨ ᠶᠡᠬᠡ ᠬᠤᠷᠢᠮ ᠳ᠋ᠦᠷ ᠲᠡᠷᠢᠭᠦᠯᠡᠭᠰᠡᠨ ᠲᠦᠰᠢᠮᠡᠯ ᠲᠣᠷᠭᠠᠨ ᠰᠢᠷ᠎ᠠ ᠥᠯᠵᠡᠢᠲᠦ ᠰᠠᠷᠬᠤᠳ ᠪᠠᠷᠢᠵᠤ ᠪᠡᠯᠭᠡᠯᠡᠨ ᠮᠥᠷᠭᠥᠵᠦ ᠪᠠᠷᠠᠭᠰᠠᠨ ᠤ᠋ ᠬᠣᠢᠨ᠎ᠠ᠂ ᠡᠵᠡᠨ ᠰᠠᠢᠳ ᠬᠤᠨᠳᠠᠭ᠎ᠠ ᠡᠷᠭᠦᠨ ᠬᠤᠷᠢᠮᠯᠠᠯᠴᠠᠨ ᠨᠠᠢᠷᠯᠠᠬᠤᠶ᠎ᠠ᠂ ᠲᠣᠷᠭᠠᠨ ᠰᠢᠷ᠎ᠠ ᠴᠥᠭᠥᠴᠡ ᠪᠡᠨ ᠡᠷᠭᠦᠵᠦ᠂ ᠲᠠᠢᠽᠦ ᠶ᠋ᠢᠨ ᠨᠢᠳᠤᠨᠤᠨ ᠵᠢᠯ ᠬᠡᠷᠡᠢᠳ ᠦ᠋ᠨ ᠴᠡᠷᠢᠭ ᠡᠭᠡᠬᠦ ᠲᠤᠬᠠᠢ ᠳ᠋ᠤᠷ ᠵᠢᠨᠦᠩ ᠰᠥᠨᠢ ᠵᠣᠯᠭᠠᠷ᠎ᠠ ᠣᠷᠣᠭᠠᠳ ᠮᠠᠯᠠᠭ᠎ᠠ ᠪᠠᠨ ᠠᠪᠴᠤ ᠮᠠᠭᠰᠢᠵᠤ ᠮᠥᠷᠭᠥᠨ᠂ ᠪᠦᠰᠡ ᠪᠡᠨ ᠪᠠᠷᠢᠵᠤ ᠪᠥᠬᠥᠢᠨ ᠰᠥᠭᠥᠳᠴᠦ ᠬᠣᠷᠮᠣᠢ ᠪᠠᠨ ᠬᠤᠷᠢᠶᠠᠵᠤ ᠬᠣᠶᠠᠷᠲᠠ ᠮᠥᠷᠭᠥᠭᠡᠳ ᠬᠣᠢᠰᠢ ᠤᠬᠤᠷᠢᠭᠠᠳ ᠣᠷᠣᠭᠰᠢ ᠲᠠᠪᠰᠢᠵᠤ ᠵᠣᠭᠰᠣᠭᠰᠠᠨ ᠢ᠋ ᠠᠨᠤ ᠠᠰᠠᠭᠤᠭᠰᠠᠨ ᠳ᠋ᠤᠷ ᠲᠠᠢᠽᠦ ᠮᠦᠰᠢᠶᠡᠵᠦ ᠵᠠᠬᠢᠷᠤᠨ : 《 ᠵᠢᠨᠦᠩ ᠦ᠋ᠨ ᠮᠠᠯᠠᠭ᠎ᠠ ᠪᠠᠨ ᠠᠪᠴᠤ ᠮᠠᠭᠰᠢᠵᠤ ᠮᠥᠷᠭᠥᠭᠰᠡᠨ ᠢᠨᠤ ᠮᠢᠨᠦ ᠪᠡᠶ᠎ᠡ ᠶ᠋ᠢ ᠲᠡᠷᠢᠭᠦᠯᠡᠨ ᠮᠠᠰᠢᠳᠠ ᠠᠶᠤᠭᠰᠠᠨ ᠮᠡᠲᠦ ᠠᠭᠠᠰᠢᠯᠠᠨ ᠳᠤᠲᠠᠭ᠎ᠠ ᠬᠡᠮᠡᠭᠰᠡᠨ ᠦᠭᠡ ᠃ ᠪᠦᠰᠡ ᠪᠡᠨ ᠪᠠᠷᠢᠵᠤ ᠪᠥᠬᠥᠢᠨ ᠰᠥᠭᠥᠳᠦᠭᠰᠡᠨ ᠢᠨᠤ ᠪᠦᠭᠦᠳᠡ ᠲᠦᠰᠢᠮᠡᠳ ᠢ᠋ ᠪᠦᠷᠢᠨ᠎ᠡ ᠳᠠᠭᠠᠭᠤᠯᠵᠤ ᠶᠠᠪᠤ ᠬᠡᠮᠡᠭᠰᠡᠨ ᠰᠠᠨᠠᠭᠠᠨ᠂ ᠬᠣᠷᠮᠣᠢ ᠪᠠᠨ ᠬᠤᠷᠢᠶᠠᠵᠤ ᠬᠣᠶᠠᠷᠲᠠ ᠮᠥᠷᠭᠥᠭᠰᠡᠨ ᠢᠨᠦ ᠬᠣᠷᠣᠭ᠎ᠠ ᠬᠦᠷᠢᠶ᠎ᠡ ᠪᠡᠨ ᠬᠤᠮᠪᠢᠨ ᠠᠪᠴᠤ ᠡᠴᠢᠶ᠎ᠡ ᠬᠡᠮᠡᠬᠦ ᠦᠭᠡ᠂ ᠬᠣᠢᠰᠢ ᠤᠬᠤᠷᠢᠭᠠᠳ ᠣᠷᠣᠭᠰᠢ ᠳᠡᠪᠰᠢᠭᠰᠡᠨ ᠢᠨᠤ ᠬᠠᠭᠤᠷᠴᠤ ᠳᠤᠲᠠᠭᠠᠭᠠᠳ ᠬᠡᠮᠵᠢᠵᠦ ᠬᠥᠭᠡᠭᠡᠶ᠎ᠡ ᠬᠡᠮᠡᠭᠰᠡᠨ ᠰᠠᠨᠠᠭᠠᠨ ᠪᠣᠯᠠᠢ ! 》ᠬᠡᠮᠡᠭᠰᠡᠨ ᠳ᠋ᠦ᠍ᠷ ᠬᠠᠮᠤᠭ ᠲᠥᠷᠥ ᠶ᠋ᠢᠨ ᠬᠣᠲᠠᠯᠠᠭᠠᠷ ᠬᠠᠷᠢᠯᠴᠠᠨ ᠶᠡᠬᠡᠯ᠎ᠡ ᠭᠠᠢᠬᠠᠯᠳᠤᠪᠠᠢ᠃ 
       ᠤᠳᠠᠭᠰᠠᠨ ᠦᠭᠡᠢ ᠬᠠᠪᠤᠷ ᠤ᠋ᠨ ᠠᠭᠤᠷ ᠣᠷᠣᠵᠤ ᠬᠠᠢᠯᠤᠨ ᠭᠡᠰᠴᠦ ᠤᠷᠤᠰᠬᠤ ᠰᠢᠬᠠᠭᠰᠠᠨ᠎ᠠ᠂ ᠬᠠᠷᠠᠭᠤᠯ ᠤ᠋ᠨ ᠬᠥᠮᠦᠨ ᠢᠷᠡᠵᠦ : 《 ᠬᠠᠷᠰᠢᠯᠳᠤ ᠨᠠᠢ᠍ᠮᠠᠨ ᠤᠯᠤᠰ ᠬᠠᠷᠠᠳᠠᠨ ᠴᠡᠷᠢᠭ  ᠢ᠋ᠶ᠋ᠡᠨ ᠰᠢᠯᠭᠠᠵᠤ᠂ ᠬᠠᠮᠢᠭᠠᠰᠢ ᠮᠣᠷᠳᠠᠬᠤ ᠶ᠋ᠢ ᠮᠡᠳᠡᠬᠦ ᠦᠭᠡᠢ᠃ 》 ᠬᠡᠮᠡᠭᠰᠡᠨ ᠳ᠋ᠦ᠍ᠷ ᠵᠢᠨᠦᠩ ᠮᠤᠬᠤᠯᠢ ᠰᠡᠵᠢᠭᠯᠡᠨ ᠵᠠᠶᠠᠭᠠᠲᠤ ᠡᠵᠡᠨ ᠳ᠋ᠦ᠍ᠷ ᠮᠡᠳᠡᠭᠦᠯᠵᠦ᠂ ᠵᠡᠯᠮ᠎ᠡ ᠵᠡᠪᠡ ᠶ᠋ᠢ ᠠᠪᠴᠤ ᠵᠢᠷᠭᠤᠭᠠᠨ ᠮᠢᠩᠭᠠᠨ ᠴᠡᠷᠢᠭ ᠰᠢᠯᠭᠠᠵᠤ᠂ ᠵᠠᠬ᠎ᠠ ᠬᠢᠵᠠᠭᠠᠷ ᠢ᠋ᠶ᠋ᠠᠨ ᠰᠡᠷᠭᠡᠢᠯᠡᠨ ᠰᠠᠬᠢᠷ᠎ᠠ ᠮᠣᠷᠳᠠᠪᠠᠢ᠃ ᠪᠠᠰᠠ ᠶᠠᠭᠠᠬᠢᠨ ᠨᠠᠢ᠍ᠮᠠᠨ ᠤ᠋ ᠴᠡᠷᠢᠭ ᠬᠥᠳᠡᠯᠪᠡ ? ᠬᠡᠮᠡᠪᠡᠰᠦ : ᠦᠵᠡᠰᠡ ᠨᠢᠳᠤᠨᠤᠨ ᠵᠢᠯ ᠵᠠᠮᠤᠬ᠎ᠠ ᠳᠠᠯᠳᠠᠭᠤᠷ ᠨᠠᠢ᠍ᠮᠠᠨ ᠳ᠋ᠤᠷ ᠡᠯᠴᠢ ᠢᠯᠡᠭᠡᠭᠡᠳ ᠬᠡᠷᠪᠡ ᠴᠡᠷᠢᠭ ᠲᠤᠰᠠᠯᠠᠪᠠᠰᠤ ᠰᠣᠯᠤᠩᠭᠤᠸ᠎ᠠ ᠶ᠋ᠢ ᠥᠭᠴᠦ ᠤᠷᠤᠭ ᠪᠠᠷᠢᠰᠤᠭᠠᠢ ᠬᠡᠮᠡᠬᠦᠢ ᠳ᠋ᠦ᠍ᠷ ᠨᠠᠢ᠍ᠮᠠᠨ ᠤ᠋ ᠠᠯᠲᠠᠨᠱᠠᠭ᠎ᠠ ᠶᠠᠭᠤᠨ ᠳ᠋ᠤᠷ ᠤᠷᠤᠭ ᠢ᠋ ᠨᠢᠴᠤᠬᠤ ᠦᠭᠡ ᠭᠠᠷᠪᠠ ᠭᠡᠮᠡᠨ ᠴᠢᠦᠢ ᠱᠢ ᠯᠢ ᠶ᠋ᠢ ᠵᠠᠯᠠᠵᠤ ᠵᠥᠪᠳᠡᠭᠡᠳ ᠴᠡᠷᠢᠭ ᠢ᠋ᠶ᠋ᠡᠷ ᠤᠷᠤᠭ ᠢ᠋ᠶ᠋ᠠᠨ ᠨᠡᠬᠡᠷ᠎ᠡ ᠡᠴᠢᠬᠦᠶ᠎ᠡ᠂ ᠲᠠᠢᠶᠠᠩ ᠬᠠᠭᠠᠨ ᠳ᠋ᠤᠷ ᠬᠡᠷᠡᠢᠳ ᠦ᠋ᠨ ᠤᠷᠢᠳᠤ ᠶ᠋ᠢᠨ ᠦᠰ ᠢ᠋ ᠨᠡᠬᠡᠵᠦ᠂ ᠡᠨᠡ ᠪᠧᠲ᠋ᠠ᠋ ᠤᠯᠤᠰ ᠲᠤᠷ ᠡᠪᠳᠡᠭᠳᠡᠭᠰᠡᠨ ᠦᠶᠡᠰ ᠲᠣᠷ ᠤᠬᠢᠶᠠᠨ ᠠᠷᠢᠯᠭᠠᠰᠤᠭᠠᠢ ᠭᠡᠮᠡᠨ ᠰᠢᠯᠲᠠᠭᠯᠠᠵᠤ᠂ ᠴᠢᠦᠢ ᠱᠢ ᠯᠢ ᠬᠣᠯᠠᠰᠤᠪᠴᠢ᠂ ᠢᠳᠡᠷ ᠳᠣᠪᠣ ᠬᠣᠶᠠᠭᠤᠯᠠ ᠶ᠋ᠢ ᠠᠪᠴᠤ ᠬᠣᠶᠠᠷ ᠲᠦᠮᠡᠨ ᠴᠡᠷᠢᠭ ᠰᠢᠯᠭᠠᠨ ᠰᠠᠶ᠋ᠢ ᠬᠡᠷᠡᠢᠳ ᠦ᠋ᠨ ᠵᠠᠬ᠎ᠠ ᠬᠦᠷᠲᠡᠯ᠎ᠡ ᠵᠠᠮᠤᠬ᠎ᠠ ᠬᠡᠳᠦᠢᠨᠡᠢ ᠲᠤᠷᠰᠢᠵᠤ ᠮᠡᠳᠡᠭᠡᠳ ᠪᠠᠰᠠ ᠳᠠᠯᠳᠠᠭᠤᠷ  ᠤᠭᠲᠤᠨ ᠡᠴᠢᠵᠦ : ᠶᠠᠭᠤᠨ ᠳ᠋ᠤᠷ ᠰᠠᠢᠬᠠᠨ ᠢ᠋ᠶ᠋ᠠᠷ ᠤᠷᠤᠭ ᠦᠯᠦ ᠪᠠᠷᠢᠮᠤᠢ ? ᠡᠨᠡ ᠨᠠᠮᠤᠷ ᠢ᠋ᠶ᠋ᠠᠷ ᠬᠦᠷᠭᠡᠵᠦ ᠡᠴᠢᠨ ᠬᠥᠷ ᠨᠠᠢᠷ ᠲᠠᠢ ᠪᠠᠷ ᠤᠷᠤᠭ ᠪᠠᠷᠢᠰᠤᠭᠠᠢ ! 》 ᠬᠡᠮᠡᠭᠰᠡᠨ ᠳ᠋ᠦ᠍ᠷ ᠴᠢᠦᠢ ᠱᠢ ᠯᠢ ᠨᠠᠷ ᠢᠲᠡᠭᠡᠵᠦ ᠡᠭᠡᠬᠦ ᠵᠠᠮ ᠳ᠋ᠤᠷ ᠢ᠋ᠶ᠋ᠠᠨ ᠴᠢᠦᠢ ᠱᠢ ᠯᠢ ᠡᠴᠢᠭᠡ ᠴᠢᠦᠢ ᠰᠢᠦᠸᠠᠢ ᠡᠥ ᠶ᠋ᠢᠨ ᠬᠣᠷᠣᠰᠤᠯ ᠢ᠋ ᠰᠠᠨᠠᠵᠤ᠂ ᠪᠡᠯᠡᠨ ᠪᠦᠬᠦᠢ ᠴᠡᠷᠢᠭ ᠢ᠋ᠶ᠋ᠡᠷ ᠪᠧᠲ᠋ᠠ᠋ ᠤᠯᠤᠰ ᠢ᠋ ᠰᠠᠨᠠᠮᠰᠠᠷ ᠦᠭᠡᠢ ᠪᠠᠢᠬᠤ ᠳ᠋ᠤᠨᠢ ᠭᠡᠨᠡᠳᠡᠭᠦᠯᠦᠨ ᠣᠷᠣᠵᠤ ᠨᠢᠭᠡᠨ ᠵᠡᠷᠭᠡ ᠰᠠᠢᠲᠤᠷ ᠲᠠᠪᠴᠢᠯᠠᠰᠤᠭᠠᠢ ᠭᠡᠮᠡᠨ ᠪᠧᠲ᠋ᠠ᠋ ᠤᠯᠤᠰ ᠤ᠋ᠨ ᠬᠠᠪᠤᠲᠤ ᠬᠠᠰᠠᠷ ᠤ᠋ᠨ ᠨᠤᠲᠤᠭᠯᠠᠬᠤ ᠭᠠᠯᠠᠭᠤᠲᠤ ᠠᠭᠤᠯᠠᠨ ᠳ᠋ᠤᠷ ᠬᠦᠷᠴᠦ ᠢᠷᠡᠲᠡᠯ᠎ᠡ ᠠᠭᠤᠯᠠᠨ ᠤ᠋ ᠠᠷᠤ ᠠ᠋ᠴᠠ ᠵᠢᠨᠦᠩ ᠮᠤᠬᠤᠯᠢ ᠶ᠋ᠢᠨ ᠴᠡᠷᠢᠭ ᠲᠠᠪᠤᠨ ᠠᠩᠭᠢ ᠪᠠᠷ ᠨᠠᠢ᠍ᠮᠠᠨ ᠤ᠋ ᠴᠡᠷᠢᠭ ᠢ᠋ ᠬᠠᠮᠵᠢᠵᠤ ᠠᠪᠤᠭᠰᠠᠨ ᠳ᠋ᠤᠷ ᠴᠢᠦᠢ ᠱᠢ ᠯᠢ ᠶᠡᠬᠡᠯ᠎ᠡ ᠰᠣᠴᠢᠵᠤ᠂ ᠪᠠᠰᠠ ᠮᠤᠬᠤᠯᠢ ᠶ᠋ᠢᠨ ᠮᠤᠬᠤᠷ ᠠᠷᠭ᠎ᠠ ᠳ᠋ᠤᠷ ᠤᠨᠠᠪᠠ ᠭᠡᠮᠡᠨ ᠬᠠᠷᠠᠩᠭ᠎ᠠ ᠴᠣᠬᠢᠵᠤ ᠴᠡᠷᠢᠭ ᠪᠤᠴᠠᠲᠠᠯ᠎ᠠ ᠴᠢᠪᠬᠢᠲᠡᠯ᠎ᠡ ᠬᠠᠰᠠᠷ ᠤ᠋ᠨ ᠬᠣᠢᠲᠤ ᠭᠣᠣᠯ ᠳ᠋ᠤᠷ ᠪᠦᠭᠭᠦᠭᠰᠡᠨ ᠴᠡᠷᠢᠭ ᠲᠦ᠍ᠷ ᠤᠴᠠᠷᠠᠭᠠᠳ ᠲᠣᠯᠣᠭᠠᠢ ᠰᠡᠭᠦᠯ ᠰᠠᠮᠠᠭᠤᠷᠠᠵᠤ᠂ ᠨᠢᠭᠡᠨ ᠵᠡᠷᠭᠡ ᠳᠠᠷᠤᠭᠳᠠᠨ ᠳᠤᠲᠠᠭᠠᠨ ᠳᠣᠪᠲᠣᠯᠵᠤ ᠲᠠᠪᠢᠨ ᠭᠠᠵᠠᠷ ᠭᠠᠷᠲᠠᠯ᠎ᠠ ᠭᠡᠨᠡᠳᠲᠡ ᠬᠠᠭᠤᠷᠠᠢ ᠬᠤᠯᠤᠰᠤ ᠡᠪᠡᠰᠦᠨ ᠦ᠌ ᠳᠣᠲᠣᠷ᠎ᠠ ᠫᠤᠤ ᠳᠠᠭᠤᠷᠢᠰᠴᠤ ᠵᠡᠯᠮ᠎ᠡ ᠵᠡᠪᠡ ᠬᠣᠶᠠᠭᠤᠯᠠ ᠶ᠋ᠢᠨ ᠴᠡᠷᠢᠭ ᠬᠣᠶᠠᠷ ᠡᠲᠡᠭᠡᠳ ᠡᠴᠡ ᠬᠠᠪᠴᠢᠨ ᠠᠯᠠᠵᠤ᠂ ᠡᠮᠦᠨ᠎ᠡ ᠡᠴᠡ ᠪᠠᠰᠠ ᠴᠢᠯᠠᠭᠤᠨ ᠤ᠋ ᠴᠡᠷᠢᠭ ᠴᠣᠬᠢᠨ ᠣᠷᠣᠭᠰᠠᠨ ᠳ᠋ᠤᠷ ᠴᠢᠦᠢ ᠱᠢ ᠯᠢ ᠶᠡᠬᠡᠯ᠎ᠡ ᠭᠡᠯᠮᠡᠵᠦ᠂ ᠴᠡᠷᠢᠭ ᠢ᠋ ᠰᠠᠶ᠋ᠢ ᠪᠤᠯᠭᠢᠭᠤᠯᠤᠨ ᠡᠭᠡᠭᠦᠯᠲᠡᠯ᠎ᠡ ᠬᠣᠢᠨ᠎ᠠ ᠠ᠋ᠴᠠ ᠬᠠᠪᠤᠲᠤ ᠬᠠᠰᠠᠷ ᠤ᠋ᠨ ᠴᠡᠷᠢᠭ ᠪᠠᠰᠠ ᠭᠦᠢᠴᠡᠨ ᠬᠦᠷᠴᠦ ᠢᠷᠡᠭᠡᠳ ᠰᠡᠭᠦᠯ ᠳᠠᠷᠤᠨ ᠬᠤᠳᠠᠷᠭᠠᠯᠠᠨ ᠠᠯᠠᠨ ᠡᠭᠦᠰᠬᠡᠪᠡ᠃ ᠴᠢᠦᠢ ᠱᠢ ᠯᠢ ᠬᠠᠭᠠᠨᠲᠠᠨ ᠬᠠᠷᠠᠬᠠᠨ ᠴᠢᠬᠤᠯᠳᠠᠵᠤ᠂ ᠠᠯᠢ ᠠᠯᠢᠨ ᠳ᠋ᠤᠷ ᠵᠠᠪᠳᠤᠬᠤ ᠦᠭᠡᠢ ᠪᠥᠬᠥᠶ᠎ᠡ᠂ ᠪᠠᠰᠠ ᠬᠡᠩᠭᠡᠷᠭᠡ ᠶ᠋ᠢᠨ ᠳᠠᠭᠤᠨ ᠨᠡᠮᠡᠨ ᠲᠦᠷᠴᠢᠭᠢᠨᠡᠵᠦ᠂ ᠮᠤᠬᠤᠯᠢ ᠶ᠋ᠢᠨ ᠲᠠᠪᠤᠨ ᠪᠠᠷᠰ ᠤ᠋ᠨ ᠵᠠᠩᠵᠤᠨ ᠤ᠋ ᠶᠡᠬᠡ ᠴᠡᠷᠢᠭ ᠪᠠᠰᠠ ᠡᠪᠬᠡᠨ ᠬᠦᠷᠴᠦ ᠢᠷᠡᠭᠡᠳ ᠴᠢᠦᠢ ᠱᠢ ᠯᠢ ᠶ᠋ᠢᠨ ᠴᠡᠷᠢᠭ ᠢ᠋ ᠶᠡᠬᠡ ᠭᠠᠯᠠᠭᠤᠲᠤ ᠨᠠᠭᠤᠷ ᠤ᠋ᠨ ᠬᠥᠪᠡᠭᠡ ᠳ᠋ᠦ᠍ᠷ ᠭᠡᠯᠢᠨ ᠠᠪᠠᠴᠢᠵᠤ᠂ ᠨᠠᠭᠤᠷ ᠤ᠋ᠨ ᠬᠥᠪᠡᠭᠡᠨ᠎ᠡ ᠰᠢᠷᠢᠯᠳᠦᠵᠦ ᠬᠦᠢᠦᠯᠡᠭᠰᠡᠨ ᠬᠤᠯᠤᠰᠤ ᠡᠪᠡᠰᠦᠨ ᠦ᠌ ᠦᠨᠳᠦᠰᠦᠨ᠎ᠡ ᠮᠣᠷᠢᠨ ᠤ᠋ ᠬᠥᠯ ᠢ᠋ ᠰᠢᠭᠢᠳᠦᠷᠡᠭᠦᠯᠵᠦ ᠤᠨᠠᠭᠠᠮᠠᠭᠴᠠ ᠳᠡᠭᠡᠭᠡ ᠭᠣᠬ᠎ᠠ ᠪᠠᠷᠢᠭᠰᠠᠨ ᠠᠷᠠᠳ ᠭᠠᠷᠴᠤ ᠴᠢᠦᠢ ᠱᠢ ᠯᠢ ᠶ᠋ᠢ ᠳᠠᠷᠤᠵᠤ ᠬᠦᠯᠢᠭᠡᠳ ᠠᠮᠢᠳᠤ ᠪᠠᠷᠢᠪᠠ᠃ ᠬᠤᠯᠠᠰᠤᠪᠴᠢ᠂ ᠢᠳᠡᠷ ᠳᠣᠪᠣ ᠬᠣᠶᠠᠭᠤᠯᠠ ᠦᠬᠦᠨ ᠪᠠᠢᠯᠳᠤᠵᠤ ᠴᠡᠷᠢᠭ ᠢ᠋ᠶ᠋ᠡᠨ ᠠᠪᠴᠤ ᠬᠦᠨᠳᠦ ᠬᠠᠭᠠᠭᠰᠠᠨ ᠢ᠋ ᠰᠢᠪᠲᠤᠯᠤᠨ ᠭᠠᠷᠴᠤ ᠳᠤᠲᠠᠭᠠᠪᠠ᠃ ᠮᠤᠬᠤᠯᠢ ᠨᠡᠬᠡᠭᠰᠡᠨ ᠦᠭᠡᠢ᠂ ᠭᠠᠭᠴᠠ ᠴᠢᠦᠢ ᠱᠢ ᠯᠢ ᠶ᠋ᠢᠨ ᠬᠦᠯᠢᠶᠡᠰᠦᠨ ᠢ᠋ ᠢᠨᠤ ᠥᠪᠡᠷ ᠢ᠋ᠶ᠋ᠡᠨ ᠲᠠᠢᠯᠵᠤ ᠬᠦᠨᠳᠦᠯᠡᠨ ᠬᠤᠷᠢᠮᠯᠠᠵᠤ ᠬᠦᠨᠳᠦ ᠪᠡᠯᠡᠭ ᠥᠭᠴᠦ ᠲᠠᠯᠪᠢᠨ ᠡᠭᠡᠭᠦᠯᠪᠡ᠃ ᠴᠢᠦᠢ ᠱᠢ ᠯᠢ ᠥᠴᠦᠬᠡᠨ ᠴᠦ᠍ ᠲᠠᠯᠠᠷᠬᠠᠬᠤ ᠦᠭᠡᠢ ᠪᠡᠷ ᠴᠡᠷᠢᠭ ᠢ᠋ᠶ᠋ᠡᠨ ᠨᠡᠬᠡᠵᠦ ᠢᠷᠡᠭᠡᠳ ᠨᠢᠭᠡᠨ ᠰᠥᠨᠢ ᠳᠣᠪᠲᠣᠯᠵᠤ᠂ ᠳᠡᠳ᠋ ᠥᠷᠯᠥᠭᠡ ᠴᠡᠷᠢᠭ ᠢ᠋ᠶ᠋ᠡᠨ ᠪᠠᠢᠴᠠᠭᠠᠨ ᠦᠵᠡᠪᠡᠰᠦ ᠠᠷᠪᠠᠨ ᠬᠤᠪᠢ ᠠ᠋ᠴᠠ ᠬᠣᠶᠠᠷ ᠬᠤᠪᠢ ᠬᠣᠬᠢᠷᠠᠵᠤ᠂ ᠪᠠᠰᠠ ᠭᠤᠷᠪᠠᠨ ᠬᠤᠪᠢ ᠰᠢᠷᠬᠠᠲᠤᠵᠤ ᠪᠣᠢ᠃ ᠲᠡᠳᠦᠢ ᠠᠷᠭ᠎ᠠ ᠦᠭᠡᠢ ᠬᠥᠯ ᠳᠡᠪᠰᠡᠨ ᠭᠠᠰᠢᠭᠤᠳᠠᠵᠤ ᠤᠯᠤᠰ ᠲᠤᠷ ᠢ᠋ᠶ᠋ᠠᠨ ᠡᠭᠡᠵᠦ᠂ ᠬᠡᠷᠡᠢᠳ ᠡᠴᠡ ᠠᠯᠪᠠ ᠪᠠᠷᠢᠪᠠ ᠭᠡᠮᠡᠨ ᠡᠳ᠋ ᠭᠠᠷᠭᠠᠵᠤ ᠪᠠᠷᠢᠭᠠᠳ ᠵᠢᠴᠢ ᠪᠧᠲ᠋ᠠ᠋ ᠤᠯᠤᠰ ᠵᠠᠮ ᠲᠣᠰᠴᠤ ᠪᠠᠢᠯᠳᠤᠨ ᠴᠡᠷᠢᠭ ᠢ᠋ ᠬᠣᠬᠢᠷᠠᠭᠤᠯᠪᠠ ᠭᠡᠮᠡᠨ ᠬᠠᠭᠤᠷᠮᠠᠭ  ᠢ᠋ᠶ᠋ᠠᠷ ᠠᠢᠯᠠᠳᠬᠠᠭᠰᠠᠨ᠎ᠠ᠂ ᠲᠠᠢᠶᠠᠩ ᠬᠠᠭᠠᠨ ᠪᠧᠲ᠋ᠠ᠋ ᠤᠯᠤᠰ ᠲᠤᠷ ᠪᠠᠰᠠ ᠦᠰ ᠵᠠᠩᠭᠢᠳᠴᠤ ᠥᠰᠢᠶ᠎ᠡ ᠠᠪᠬᠤ ᠶ᠋ᠢ ᠰᠡᠳᠬᠢᠪᠡᠢ᠃ ᠴᠢᠦᠢ ᠱᠢ ᠯᠢ᠂ ᠡᠴᠢᠭᠡ ᠴᠢᠦᠢ ᠰᠢᠦᠸᠠᠢ ᠡᠦ ᠳ᠋ᠦ᠍ᠷ ᠦᠨᠡᠬᠡᠷ ᠬᠣᠯᠠ ᠬᠦᠷᠬᠦ ᠦᠭᠡᠢ ᠢᠨᠤ ᠡᠨᠡ ᠨᠢᠭᠡᠨ ᠬᠡᠷᠡᠭ ᠲᠦ᠍ᠷ ᠢᠯᠡᠷᠡᠵᠦᠬᠦᠢ᠃ ᠰᠠᠢᠨ ᠡᠷ᠎ᠡ ᠪᠥᠭᠡᠳ ᠶᠠᠭᠤᠨ ᠳ᠋ᠤᠷ ᠬᠤᠳᠠᠯ ᠬᠡᠯᠡᠪᠡ᠃ 
       ᠲᠡᠨᠳᠡᠴᠡ ᠵᠢᠨᠦᠩ ᠮᠤᠬᠤᠯᠢ ᠨᠠᠢ᠍ᠮᠠᠨ ᠢ᠋ ᠨᠢᠭᠡᠨ ᠵᠡᠷᠭᠡ ᠳᠠᠷᠤᠵᠤ ᠡᠭᠡᠭᠦᠯᠦᠭᠡᠳ ᠬᠠᠪᠤᠲᠤ ᠬᠠᠰᠠᠷ ᠤ᠋ᠨ ᠰᠠᠭᠤᠬᠤ ᠭᠠᠵᠠᠷ ᠢ᠋ ᠰᠢᠨᠵᠢᠵᠦ ᠦᠵᠡᠭᠡᠳ ᠰᠤᠷᠭᠠᠨ ᠥᠭᠦᠯᠡᠷᠦᠨ : 《 ᠡᠨᠡ ᠭᠠᠵᠠᠷ ᠬᠡᠷᠡᠢᠳ ᠤᠯᠤᠰ ᠲᠤᠷ ᠣᠢᠷ᠎ᠠ᠂ ᠮᠠᠨ ᠤ᠋ ᠤᠯᠤᠰ ᠠ᠋ᠴᠠ ᠪᠠᠯᠴᠢᠭ ᠰᠢᠪᠠᠷᠲᠤ ᠪᠠᠵᠤᠨᠠᠢ ᠮᠥᠷᠡᠨ ᠠᠯᠤᠰ᠂ ᠮᠠᠰᠢ ᠲᠦᠭᠰᠢᠯᠲᠡᠢ  ᠪᠠᠢᠨᠠᠮ ᠂ ᠬᠢᠴᠢᠶᠡᠨ ᠰᠡᠷᠡᠮᠵᠢᠯᠡᠪᠡᠰᠦ ᠵᠣᠬᠢᠮᠤᠢ᠃ 》 ᠭᠡᠮᠡᠨ ᠰᠡᠷᠭᠦᠭᠡᠨ ᠬᠡᠯᠡᠭᠡᠳ ᠳᠡᠢᠯᠦᠭᠰᠡᠨ ᠵᠠᠩᠵᠤᠨ ᠴᠡᠷᠢᠭ ᠢ᠋ᠶ᠋ᠡᠨ ᠠᠪᠴᠤ ᠪᠤᠷᠬᠠᠨ ᠭᠠᠯᠳᠤᠨ᠎ᠠ ᠳ᠋ᠤᠷ ᠡᠭᠡᠵᠦ ᠢᠷᠡᠪᠡᠰᠦ ᠲᠠᠢᠽᠦ ᠬᠣᠷᠣᠭᠠᠨ᠎ᠠ ᠦᠭᠡᠢ᠃ ᠦᠵᠡᠰᠡ ᠬᠣᠶᠠᠷ ᠬᠥᠪᠡᠭᠦᠨ ᠢ᠋ᠶ᠋ᠡᠨ ᠠᠪᠴᠤ ᠬᠠᠳᠠᠮ ᠬᠣᠩᠭᠢᠷᠠᠳ ᠤ᠋ᠨ ᠬᠣᠩᠵᠢᠯᠠ ᠠᠢᠮᠠᠭ ᠲᠤᠷ ᠬᠠᠭᠠᠭᠳᠠᠭᠰᠠᠨ ᠢ᠋ ᠲᠡᠩᠬᠡᠷᠡᠭᠦᠯᠦᠷ᠎ᠡ ᠳᠣᠪᠲᠣᠯᠤᠭᠰᠠᠨ ᠠᠵᠤᠭᠤ᠃ 
       ᠲᠡᠳᠦᠢ ᠮᠤᠬᠤᠯᠢ ᠨᠠᠢ᠍ᠮᠠᠨ ᠤ᠋ ᠣᠯᠵᠠ ᠶ᠋ᠢ ᠬᠠᠭᠠᠰᠯᠠᠵᠤ ᠬᠠᠰᠠᠷ ᠲᠤᠷ ᠨᠢᠭᠡᠨ ᠬᠤᠪᠢ ᠥᠭᠴᠦ ᠢᠯᠡᠭᠡᠭᠡᠳ ᠥᠪᠡᠷ ᠢ᠋ᠶ᠋ᠡᠨ ᠴᠡᠷᠢᠭ ᠨᠡᠮᠡᠵᠦ ᠰᠢᠯᠭᠠᠨ ᠲᠠᠢᠽᠦ ᠶ᠋ᠢᠨ ᠬᠣᠢᠨ᠎ᠠ ᠠ᠋ᠴᠠ ᠨᠡᠬᠡᠵᠦ ᠳᠣᠪᠲᠣᠯᠪᠠ᠃ ᠡᠨᠡ ᠪᠠᠰᠠ ᠶᠠᠭᠤᠨ ᠠ᠋ᠴᠠ ᠪᠣᠯᠪᠠ ᠬᠡᠮᠡᠪᠡᠰᠦ : ᠪᠠᠰᠠ ᠤᠭ ᠤᠴᠢᠷ ᠢ᠋ ᠲᠣᠭᠠᠴᠢᠨ ᠭᠠᠷᠭᠠᠬᠤ ᠬᠡᠷᠡᠭ ᠲᠡᠢ ᠪᠣᠯᠵᠤᠬᠤᠢ᠃ ᠬᠠᠷᠠᠬᠠᠨ ᠨᠢᠳᠤᠨᠤᠨ ᠵᠢᠯ ᠬᠡᠷᠡᠢᠳ ᠤᠯᠤᠰ ᠬᠢᠷᠢ ᠪᠡᠨ ᠮᠡᠳᠡᠬᠦ ᠦᠭᠡᠢ ᠬᠡᠴᠡᠭᠦᠦ ᠪᠡᠷ ᠠᠭᠠᠰᠢᠯᠠᠨ᠂ ᠪᠧᠲ᠋ᠠ᠋ ᠤᠯᠤᠰ ᠢ᠋ ᠡᠷᠢᠨ ᠬᠠᠯᠳᠠᠭᠠᠳ ᠸᠠᠩ ᠬᠠᠭᠠᠨ ᠲᠤᠭᠤᠷᠢᠯ ᠪᠣᠢ ᠪᠦᠬᠦᠢ ᠪᠡᠨ ᠪᠦᠷᠢᠨ ᠢ᠋ᠶ᠋ᠡᠷ ᠪᠣᠯᠢᠶᠠᠬᠠᠳᠠᠭᠠᠳ ᠪᠤᠭᠤᠷᠤᠯ ᠪᠡᠶ᠎ᠡ ᠨᠢᠭᠡᠨ ᠵᠡᠷᠭᠡ ᠪᠠᠷᠢᠭᠳᠠᠵᠤ ᠪᠤᠬᠤᠷ ᠪᠥᠭᠰᠡ ᠪᠡᠨ ᠪᠣᠷᠣᠯᠠᠲᠠᠯ᠎ᠠ ᠱᠦᠷᠭᠦᠭᠡᠨ ᠬᠣᠯᠭᠣᠵᠤ ᠵᠢᠴᠢ ᠬᠤᠸᠠᠩ ᠲᠠᠢᠽᠢ ᠢᠯᠠᠭᠤ ᠬᠠᠪᠠᠷ ᠢ᠋ᠶ᠋ᠠᠨ ᠬᠠᠭ᠎ᠠ ᠬᠠᠷᠪᠤᠭᠳᠠᠵᠤ᠂ ᠳᠣᠯᠣᠭᠠᠨ ᠲᠦᠮᠡᠨ ᠴᠡᠷᠢᠭ ᠦ᠋ᠨ ᠨᠢᠭᠡᠨ ᠬᠤᠪᠢ ᠬᠣᠬᠢᠷᠠᠵᠤ ᠬᠠᠭᠠᠰ ᠬᠤᠪᠢ ᠰᠢᠷᠬᠠᠲᠤᠭᠠᠳ ᠦᠯᠡᠭᠰᠡᠨ ᠲᠠᠪᠤᠨ ᠬᠤᠪᠢ ᠴᠥᠮ ᠪᠡᠶ᠎ᠡ ᠨᠢᠴᠦᠭᠦᠨ ᠮᠣᠷᠢ ᠵᠠᠢᠳᠠᠩ  ᠢ᠋ᠶ᠋ᠠᠷ ᠤᠯᠤᠰ ᠲᠤᠷ ᠢ᠋ᠶ᠋ᠠᠨ ᠳᠤᠲᠠᠭᠠᠨ ᠣᠷᠣᠬᠤᠶ᠎ᠠ᠂ ᠣᠯᠠᠨ ᠴᠡᠷᠢᠭ ᠡᠴᠢᠬᠦ ᠢᠷᠡᠬᠦᠢ ᠳ᠋ᠦ᠍ᠷ ᠴᠥᠮ ᠰᠡᠭᠡᠭᠡ ᠦᠭᠡᠢ ᠳᠣᠪᠲᠣᠯᠤᠯᠴᠠᠨ ᠨᠢᠭᠡᠨᠲᠡ ᠲᠡᠩᠬᠡᠭᠡ ᠲᠠᠰᠤᠷᠠᠵᠤ ᠰᠢᠷᠪᠥᠰᠥ ᠰᠤᠨᠤᠭᠰᠠᠨ ᠲᠤᠯᠠ ᠳᠠᠢᠪᠠᠯᠵᠠᠨ ᠲᠤᠢᠪᠠᠯᠵᠠᠵᠤ ᠶᠣᠢᠯᠠᠵᠤ ᠶᠣᠪᠰᠢᠨ᠂ ᠸᠠᠩ ᠬᠠᠭᠠᠨ ᠤ᠋ ᠪᠡᠶ᠎ᠡ ᠵᠠᠢᠳᠠᠩ ᠮᠣᠷᠢᠨ ᠳ᠋ᠤᠷ ᠢ᠋ᠶ᠋ᠠᠨ ᠤᠷᠤᠭᠰᠢ ᠬᠣᠢᠰᠢ ᠭᠡᠬᠢᠵᠦ ᠰᠠᠵᠢᠯᠠᠨ ᠣᠢᠯᠠᠵᠤ ᠳᠠᠭᠤᠯᠠᠭᠰᠠᠭᠠᠷ ᠤᠯᠤᠰ ᠲᠤᠷ ᠣᠷᠣᠭᠰᠠᠨ ᠳ᠋ᠤᠷ ᠥᠬᠢᠨ ᠢᠨᠤ ᠰᠡᠷᠭᠦᠯᠡᠩ ᠭᠦᠩᠵᠦ ᠰᠣᠯᠤᠩᠭᠤᠸ᠎ᠠ ᠲᠥᠷᠥ ᠶ᠋ᠢᠨ ᠲᠦᠰᠢᠯᠭᠡ ᠲᠦᠰᠢᠮᠡᠳ ᠢ᠋ᠶ᠋ᠡᠨ ᠠᠪᠴᠤ ᠠᠮᠤᠷ ᠴᠡᠷᠢᠭ ᠢ᠋ᠶ᠋ᠡᠷ ᠢ᠋ᠶ᠋ᠡᠨ ᠤᠭᠲᠤᠨ ᠵᠣᠯᠭᠠᠵᠤ᠂ ᠲᠡᠷᠡ ᠮᠡᠲᠦ ᠦᠵᠡᠰᠢ ᠦᠭᠡᠢ ᠪᠠᠢᠳᠠᠯ ᠳᠦᠷᠢ ᠶ᠋ᠢ ᠦᠵᠡᠭᠡᠳ ᠡᠪᠦᠳᠦᠭ ᠢ᠋ ᠢᠨᠤ ᠲᠡᠪᠡᠷᠢᠵᠦ ᠤᠬᠢᠯᠠᠯᠴᠠᠨ ᠵᠣᠯᠭᠠᠯᠳᠤᠵᠤ ᠰᠠᠶ᠋ᠢ ᠳᠡᠪᠡᠯ ᠡᠮᠦᠰᠬᠡᠨ ᠮᠣᠷᠢ ᠬᠠᠯᠠᠭᠤᠯᠵᠤ᠂ ᠨᠤᠲᠤᠭ ᠲᠤᠷ  ᠢ᠋ᠶ᠋ᠠᠨ ᠬᠦᠷᠪᠡᠢ᠃ ᠬᠠᠢᠷᠠᠬᠠᠨ ᠬᠡᠴᠢᠨᠡᠨ ᠵᠢᠯ ᠬᠡᠳᠦᠢᠴᠢᠨᠡᠭᠡᠨ ᠲᠦᠮᠡᠨ ᠦ᠌ ᠠᠳᠤᠭᠤ ᠪᠠᠷ ᠠᠷᠠᠯᠵᠢᠵᠤ ᠠᠴᠢᠷᠠᠭᠰᠠᠨ ᠬᠠᠨ ᠤ᠋ ᠭᠡᠷ ᠬᠦᠷᠢᠶ᠎ᠡ᠂ ᠡᠳ᠋ ᠠᠭᠤᠷᠠᠰᠤᠨ ᠨᠢᠭᠡᠨ ᠭᠱᠠᠨ᠎ᠠ ᠨᠢᠭᠡᠨᠲᠡ ᠬᠡᠢᠰᠦᠨ ᠵᠠᠪᠬᠠᠵᠤ᠂ ᠸᠠᠩ ᠬᠠᠭᠠᠨ ᠤ᠋ ᠪᠡᠶ᠎ᠡ ᠬᠠᠪᠲᠠᠰᠤ ᠮᠡᠲᠦ ᠴᠢᠷᠠᠮ᠎ᠠ ᠨᠢᠴᠦᠭᠦᠨ ᠪᠣᠯᠵᠤ ᠡᠭᠡᠭᠰᠡᠨ᠎ᠡ᠂ ᠬᠠᠮᠤᠭ ᠪᠦᠭᠦᠳᠡᠭᠡᠷ ᠬᠠᠷᠬᠢᠷᠠᠨ ᠬᠤᠷᠬᠢᠷᠠᠨ ᠰᠡᠭᠦᠷᠡᠰᠦ ᠠᠯᠳᠠᠯᠴᠠᠬᠤᠶ᠎ᠠ᠂ ᠬᠠᠭᠠᠨ ᠪᠣᠯᠤᠭᠰᠠᠨ ᠲᠤᠭᠤᠷᠢᠯ ᠬᠠᠪᠲᠠᠢᠲᠠᠯ᠎ᠠ ᠢᠴᠢᠩᠭᠦᠷᠡᠨ᠂ ᠬᠠᠷᠢᠶᠠᠯ ᠵᠦᠬᠡᠯ ᠢ᠋ᠶ᠋ᠡᠨ ᠲᠠᠯᠪᠢᠵᠤ᠂ ᠬᠠᠷᠭᠢᠰ ᠮᠠᠭᠤ ᠵᠠᠮᠤᠬ᠎ᠠ ᠶ᠋ᠢᠨ ᠬᠣᠩᠰᠢᠶᠠᠷ ᠠᠮᠠᠨ ᠳ᠋ᠤᠷ ᠣᠷᠣᠵᠤ᠂ ᠬᠠᠮᠤᠭ ᠪᠦᠬᠦᠢ ᠪᠡᠨ ᠠᠯᠳᠠᠵᠤ᠂ ᠬᠠᠯᠠᠭᠤᠨ ᠠᠮᠢᠨ ᠠ᠋ᠴᠠ ᠪᠠᠨ ᠬᠠᠭᠠᠴᠠ ᠠᠯᠳᠠᠪᠠ᠂ ᠬᠠᠪᠢᠷᠭ᠎ᠠ ᠪᠠᠨ ᠳᠠᠭᠠᠷᠢᠭᠰᠠᠨ ᠵᠠᠮᠤᠬ᠎ᠠ ᠶ᠋ᠢ ᠠᠯᠠᠵᠤ ᠣᠭᠲᠣᠴᠢᠶ᠎ᠠ ᠭᠡᠮᠡᠨ ᠡᠮᠡᠭᠡᠯ ᠦ᠋ᠨ ᠪᠦᠭᠦᠷᠭᠡ ᠶ᠋ᠢᠨ ᠳᠡᠭᠡᠷ᠎ᠡ ᠪᠡᠨ ᠮᠣᠷᠢᠨ ᠤ᠋ ᠳᠡᠯ ᠢ᠋ᠶ᠋ᠡᠨ ᠲᠠᠰᠤ ᠲᠠᠰᠤ ᠴᠠᠪᠴᠢᠵᠤ ᠲᠠᠩᠭᠠᠷᠢᠭᠯᠠᠠᠬᠤᠶ᠎ᠠ᠂ ᠰᠣᠯᠤᠩᠭᠤᠸ᠎ᠠ ᠰᠣᠴᠢᠨ ᠢᠳᠬᠠᠵᠤ ᠥᠭᠦᠯᠡᠷᠦᠨ : 《 ᠰᠤᠳᠠᠯ ᠮᠠᠭᠤᠲᠤ ᠬᠥᠮᠦᠨ ᠦ᠌ ᠰᠣᠨᠣᠷ ᠴᠢᠬᠢ ᠬᠡᠴᠡᠭᠦᠦ᠂ ᠰᠤᠯᠠ ᠦᠭᠡ ᠶ᠋ᠢ ᠬᠡᠯᠡᠭᠡᠳ ᠰᠤᠨᠳᠠᠯᠠᠨ ᠬᠣᠷᠣᠰᠬᠠᠬᠤ ᠠᠨᠤ ᠰᠤᠮᠤ ᠮᠡᠲᠦ ᠬᠡᠴᠡᠭᠦᠦ᠂ ᠰᠣᠨᠢᠨ ᠬᠤᠪᠢᠰᠬᠠᠯ ᠳᠡᠭᠳᠡᠭᠦᠵᠡᠢ ! 》 ᠭᠡᠮᠡᠨ ᠬᠣᠷᠢᠭᠯᠠᠨ ᠵᠣᠭᠰᠣᠭᠠᠵᠤ᠂ ᠦᠯᠡᠳᠡᠭᠰᠡᠨ ᠥᠷᠭᠥᠭᠡ ᠪᠠᠭᠤᠳᠠᠯ ᠳ᠋ᠤᠷ ᠪᠠᠭᠤᠯᠭᠠᠵᠤ᠂ ᠥᠷᠯᠥᠭᠡ ᠦᠳᠡᠰᠢ ᠲᠣᠬᠣᠷᠤᠭᠤᠯᠤᠨ ᠰᠤᠪᠢᠯᠠᠮᠤᠢ᠃ ᠡᠭᠦᠨ ᠳ᠋ᠦ᠍ᠷ ᠬᠤᠸᠠᠩ ᠲᠠᠢᠽᠢ ᠢᠯᠠᠭᠤ ᠶ᠋ᠢᠨ ᠬᠣᠷᠣᠰᠤᠯ ᠢᠴᠢᠩᠭᠦᠷᠢ ᠨᠡᠩ ᠶᠡᠬᠡᠳᠴᠦ ᠬᠣᠣᠷ ᠬᠦᠷᠳᠦ ᠵᠠᠮᠤᠬ᠎ᠠ ᠯᠤᠬ᠎ᠠ ᠪᠠᠨ ᠵᠥᠪᠯᠡᠪᠡᠰᠦ᠂ ᠵᠠᠮᠤᠬ᠎ᠠ ᠬᠣᠶᠠᠷ ᠭᠤᠷᠪᠠᠨᠲᠠ ᠵᠢᠬᠡᠭᠦᠨ ᠢ᠋ᠶ᠋ᠡᠷ ᠢᠨᠢᠶᠡᠨ ᠥᠭᠦᠯᠡᠷᠦᠨ : 《 ᠵᠣᠷᠢᠭ ᠦᠭᠡᠢ ᠡᠷ᠎ᠡ ᠶ᠋ᠢ ᠵᠤᠷᠠᠮ᠎ᠠ ᠵᠢᠷᠦᠬᠡᠪᠴᠢ ᠮᠡᠲᠦ ᠬᠡᠮᠡᠵᠦᠬᠦᠢ ᠂ ᠵᠣᠭᠰᠣᠯ ᠦᠭᠡᠢ ᠴᠢᠷᠮᠠᠢᠪᠠᠰᠤ ᠵᠠᠭᠤᠨ ᠬᠡᠷᠡᠭ ᠪᠦᠲᠦᠮᠦᠢ ᠬᠡᠮᠡᠵᠦᠬᠦᠢ ! 》 ᠬᠡᠮᠡᠭᠡᠳ ᠪᠠᠰᠠ ᠨᠢᠭᠡᠨ ᠠᠷᠭ᠎ᠠ ᠭᠠᠷᠭᠠᠵᠤ ᠥᠭᠦᠯᠡᠷᠦᠨ : 《 ᠡᠭᠦᠨ ᠢ᠋ ᠣᠳᠣ ᠲᠡᠳᠡᠨ ᠦ᠌ ᠬᠦᠴᠦᠨ ᠢ᠋ ᠢᠨᠤ ᠰᠠᠯᠭᠠᠵᠤ ᠬᠠᠭᠠᠴᠠᠭᠤᠯᠤᠨ ᠭᠡᠨᠡᠳᠲᠡ ᠣᠷᠣᠵᠤ ᠭᠡᠨᠡᠳᠡᠭᠦᠯᠦᠨ ᠪᠠᠢᠯᠳᠤᠰᠤᠭᠠᠢ᠃ ᠬᠣᠩᠵᠢᠯᠠ ᠠᠢᠮᠠᠭ ᠤ᠋ᠨ ᠡᠵᠡᠨ ᠭᠣᠨᠴᠣᠭ ᠬᠡᠮᠡᠭᠴᠢ ᠬᠣᠩᠭᠢᠷᠠᠳ ᠠᠢᠮᠠᠭ ᠲᠤᠷ ᠳᠠᠷᠤᠭᠳᠠᠨ ᠬᠣᠷᠣᠰᠴᠤ ᠰᠠᠭᠤᠪᠠᠴᠤ ᠬᠦᠴᠦ ᠬᠦᠷᠦᠯᠴᠡᠬᠦ ᠦᠭᠡᠢ ᠲᠤᠯᠠ ᠤᠷᠪᠠᠨ ᠭᠠᠷᠴᠤ ᠴᠢᠳᠠᠬᠤ ᠦᠭᠡᠢ᠂ ᠪᠢᠳᠡ ᠱᠤᠤᠪᠦᠣ ᠦᠬᠡᠷ ᠪᠠᠳᠤᠨ᠎ᠠ ᠳ᠋ᠤᠷ ᠨᠢᠭᠡᠨ ᠲᠦᠮᠡᠨ ᠴᠡᠷᠢᠭ ᠥᠭᠴᠦ ᠬᠣᠩᠭᠢᠷᠠᠳ ᠢ᠋ ᠬᠠᠭᠠᠯᠭᠠᠶ᠎ᠠ᠃ ᠮᠤᠬᠤᠯᠢ ᠡᠳᠦᠭᠡ ᠨᠠᠢ᠍ᠮᠠᠨ ᠤ᠋ ᠵᠠᠬ᠎ᠠ ᠳ᠋ᠤᠷ ᠪᠣᠢ ᠲᠤᠯᠠ ᠯᠠᠪ ᠲᠡᠮᠦᠵᠢᠨ ᠥᠪᠡᠷ ᠦ᠋ᠨ ᠪᠡᠶ᠎ᠡ ᠪᠡᠷ ᠬᠠᠳᠠᠮ ᠢ᠋ᠶ᠋ᠠᠨ ᠲᠤᠰᠠᠯᠠᠷ᠎ᠠ ᠡᠴᠢᠮᠦᠢ᠃ ᠡᠨᠡ ᠵᠠᠪᠰᠠᠷ ᠲᠠᠢᠰᠢ ᠲᠠᠢᠪᠤᠤ ᠳ᠋ᠤᠷ ᠪᠠᠰᠠ ᠨᠢᠭᠡᠨ ᠰᠠᠯᠠᠭᠠᠨ ᠤ᠋ ᠴᠡᠷᠢᠭ ᠥᠭᠴᠦ ᠭᠠᠯᠠᠭᠤᠲᠤ ᠠᠭᠤᠯᠠᠨ ᠤ᠋ ᠬᠠᠪᠤᠲᠤ ᠬᠠᠰᠠᠷ ᠤ᠋ᠨ ᠪᠠᠭᠤᠳᠠᠯ ᠢ᠋ ᠬᠠᠭᠠᠪᠠᠰᠤ᠂ ᠯᠠᠪ ᠣᠳᠣ ᠪᠤᠭᠤᠷᠵᠢ ᠨᠠᠷ ᠬᠠᠮᠠᠭᠠᠯᠠᠷ᠎ᠠ ᠢᠷᠡᠮᠦᠢ᠃ ᠡᠢᠮᠦ ᠪᠣᠯᠪᠠᠰᠤ ᠪᠢ ᠣᠯᠠᠨ ᠵᠠᠩᠵᠤᠨ ᠴᠡᠷᠢᠭ ᠢ᠋ ᠠᠪᠤᠨ ᠳᠣᠪᠲᠣᠯᠤᠨ ᠣᠷᠣᠵᠤ᠂ ᠪᠧᠲ᠋ᠠ᠋ ᠤᠯᠤᠰ ᠤ᠋ᠨ ᠡᠭᠦᠷ ᠢ᠋ ᠡᠪᠳᠡᠯᠡᠭᠡᠳ ᠥᠨᠳᠡᠭᠡ ᠶ᠋ᠢ ᠬᠠᠭᠠᠯᠤᠭᠠᠳ ᠡᠮ᠎ᠡ ᠦᠷ᠎ᠡ ᠶ᠋ᠢ ᠢᠨᠤ ᠴᠥᠮ ᠠᠯᠠᠵᠤ᠂ ᠳᠠᠬᠢᠨ ᠲᠡᠮᠦᠵᠢᠨ ᠦ᠌ ᠡᠭᠡᠬᠦᠢ ᠳ᠋ᠦ᠍ᠷ ᠵᠠᠮ ᠲᠣᠰᠴᠤ ᠠᠯᠠᠰᠤᠭᠠᠢ ! 》 ᠭᠡᠮᠡᠨ ᠵᠥᠪᠳᠡᠨ ᠲᠣᠭᠲᠠᠭᠠᠳ ᠳᠠᠷᠤᠢ ᠦᠬᠡᠷ ᠪᠠᠳᠤᠨ᠎ᠠ ᠳ᠋ᠤᠷ ᠨᠢᠭᠡᠨ ᠲᠦᠮᠡᠨ ᠴᠡᠷᠢᠭ ᠥᠭᠴᠦ ᠬᠣᠩᠭᠢᠷᠠᠳ ᠢ᠋ ᠬᠠᠭᠠᠭᠠᠳ ᠡᠨᠳᠡ ᠪᠡᠨ ᠬᠣᠶᠠᠷ ᠰᠠᠯᠠᠭᠠᠨ ᠤ᠋ ᠴᠡᠷᠢᠭ ᠪᠡᠯᠡᠳᠬᠡᠵᠦ ᠳᠣᠪᠲᠣᠯᠤᠨ ᠣᠷᠣᠬᠤᠢ ᠶ᠋ᠢ ᠪᠦᠷᠢᠨ᠎ᠡ ᠪᠡᠯᠡᠳᠬᠡᠭᠰᠡᠨ ᠠᠵᠤᠭᠤ᠃ ᠲᠡᠢᠨ ᠬᠦ᠌ ᠬᠣᠩᠭᠢᠷᠠᠳ ᠲᠤᠷ ᠲᠡᠢᠨ ᠳᠡᠭᠳᠡᠭᠰᠡᠨ᠎ᠡ ᠲᠡᠢ ᠰᠡᠴᠡᠨ ᠬᠣᠶᠠᠷ ᠬᠥᠪᠡᠭᠦᠨ ᠠᠵᠢᠨᠠᠢ ᠮᠡᠷᠭᠡᠨ᠂ ᠬᠤᠳᠠᠷᠭ᠎ᠠ ᠪᠠᠭᠠᠲᠤᠷ ᠲᠤᠷ ᠢ᠋ᠶ᠋ᠠᠨ ᠵᠡᠭᠦᠨ ᠪᠠᠷᠠᠭᠤᠨ ᠬᠣᠶᠠᠷ ᠭᠠᠷ ᠤ᠋ᠨ ᠴᠡᠷᠢᠭ ᠢ᠋ ᠵᠠᠬᠢᠷᠤᠭᠤᠯᠵᠤ᠂ ᠥᠪᠡᠷ  ᠢ᠋ᠶ᠋ᠡᠨ ᠳᠤᠮᠳᠠᠳᠤ ᠴᠡᠷᠢᠭ ᠢ᠋ ᠠᠪᠴᠤ ᠲᠤᠯᠤᠭᠠᠳ ᠪᠠᠰᠠ ᠬᠦᠴᠦᠨ ᠮᠡᠬᠦᠰᠳᠡᠭᠦᠵᠡᠢ ᠭᠡᠮᠡᠨ ᠳᠡᠭᠦᠦ ᠪᠡᠨ ᠸᠴᠢᠷ ᠰᠡᠴᠡᠨ ᠢ᠋ ᠲᠠᠢᠽᠦ ᠳ᠋ᠦ᠍ᠷ ᠢᠯᠡᠬᠡᠨ ᠲᠤᠰᠠᠯᠠᠬᠤ ᠶ᠋ᠢ ᠭᠤᠶᠤᠭᠰᠠᠨ ᠳ᠋ᠤᠷ ᠲᠠᠢᠽᠦ : 《 ᠮᠢᠨᠦ ᠥᠷᠥᠭᠡᠰᠦᠨ ᠪᠡᠶ᠎ᠡ ᠶ᠋ᠢᠨ ᠮᠢᠨᠦ ᠡᠴᠢᠭᠡ ᠪᠠᠢᠨᠠᠮ ! 》 ᠭᠡᠮᠡᠨ ᠦᠳᠲᠡᠷ ᠲᠦᠷᠭᠡᠨ᠎ᠡ ᠰᠢᠳᠠᠷ ᠴᠡᠷᠢᠭ  ᠢ᠋ᠶ᠋ᠡᠨ ᠠᠪᠴᠤ ᠮᠣᠷᠳᠠᠭᠰᠠᠨ᠎ᠠ᠂ ᠦᠬᠡᠷ ᠪᠠᠳᠤᠨ᠎ᠠ᠂ ᠭᠣᠨᠴᠣᠭ ᠬᠣᠶᠠᠭᠤᠯᠠ ᠶ᠋ᠢᠨ ᠴᠡᠷᠢᠭ ᠲᠠᠢᠽᠦ ᠶ᠋ᠢᠨ ᠡᠴᠢᠬᠦ ᠶ᠋ᠢ ᠰᠣᠨᠣᠰᠤᠮᠠᠭᠴᠠ ᠰᠦᠨᠡᠰᠦ ᠰᠠᠷᠨᠢᠵᠤ ᠰᠥᠰᠥ ᠬᠡᠮᠬᠡᠷᠡᠨ᠂ ᠰᠦᠷᠦᠭ ᠰᠦᠷᠦᠭ ᠢ᠋ᠶ᠋ᠡᠷ ᠪᠤᠳᠠᠷᠠᠯᠳᠤᠨ ᠡᠭᠦᠰᠬᠡᠭᠰᠡᠨ ᠳ᠋ᠦ᠍ᠷ ᠦᠬᠡᠷ ᠪᠠᠳᠤᠨ᠎ᠠ᠂ ᠭᠣᠨᠴᠣᠭ ᠬᠣᠶᠠᠭᠤᠯᠠ ᠨᠢᠭᠡᠨᠲᠡ ᠴᠠᠭᠠᠵᠠᠯᠠᠨ ᠪᠠᠷᠢᠮᠲᠠᠯᠠᠵᠤ ᠴᠢᠳᠠᠬᠤ ᠦᠭᠡᠢ ᠪᠣᠯᠤᠭᠠᠳ ᠪᠠᠰᠠ ᠪᠤᠷᠤᠭᠤᠯᠠᠨ ᠡᠴᠢᠬᠦᠶ᠎ᠡ᠂ ᠲᠠᠢᠽᠦ ᠶ᠋ᠢᠨ ᠴᠡᠷᠢᠭ ᠬᠣᠩᠭᠢᠷᠠᠳ ᠤ᠋ᠨ ᠴᠡᠷᠢᠭ ᠬᠠᠮᠲᠤ ᠨᠡᠢᠯᠡᠵᠦ ᠨᠢᠭᠡᠨ ᠵᠡᠷᠭᠡ ᠬᠥᠭᠡᠭᠡᠵᠦ ᠠᠯᠠᠨ ᠶᠡᠬᠡᠳᠡ ᠳᠡᠢᠯᠦᠭᠰᠡᠨ᠎ᠡ᠂ ᠦᠬᠡᠷ ᠪᠠᠳᠤᠨ᠎ᠠ ᠳᠠᠷᠤᠢ ᠳᠤᠲᠠᠭᠠᠵᠤ ᠭᠣᠨᠴᠣᠭ ᠢ᠋  ᠳᠠᠭᠠᠨ ᠬᠣᠩᠵᠢᠯᠠ ᠠᠢᠮᠠᠭ  ᠤ᠋ᠳ ᠲᠤᠷ ᠳᠤᠲᠠᠭᠠᠨ ᠡᠴᠢᠭᠰᠡᠨ ᠳ᠋ᠦ᠍ᠷ ᠲᠠᠢᠽᠦ ᠲᠠᠯᠪᠢᠯ ᠦᠭᠡᠢ ᠨᠡᠬᠡᠨ ᠬᠦᠷᠴᠦ ᠬᠣᠩᠵᠢᠯᠠ ᠠᠢᠮᠠᠭ ᠤ᠋ᠨ ᠵᠠᠬ᠎ᠠ ᠳ᠋ᠤᠷ ᠣᠷᠣᠵᠤ ᠡᠴᠢᠭᠰᠡᠨ ᠳ᠋ᠦ᠍ᠷ ᠭᠣᠨᠴᠣᠭ ᠤ᠋ᠨ ᠳᠡᠭᠦᠦ ᠢᠨᠤ ᠷᠢᠨᠴᠢᠨ ᠬᠡᠮᠡᠭᠴᠢ ᠤᠭ ᠲᠠᠭᠠᠨ ᠯᠢᠶᠣᠤ ᠤᠯᠤᠰ ᠲᠤᠷ ᠲᠦᠰᠢᠮᠡᠯ ᠪᠣᠯᠤᠭᠰᠠᠨ ᠪᠥᠯᠥᠭᠡ᠂ ᠯᠢᠶᠣᠤ ᠤᠯᠤᠰ ᠲᠤᠷ ᠪᠤᠷᠬᠠᠨ ᠤ᠋ ᠱᠠᠰᠢᠨ ᠳᠡᠯᠭᠡᠷᠡᠭᠰᠡᠨ ᠢ᠋ᠶ᠋ᠡᠷ ᠲᠥᠪᠡᠳ ᠨᠡᠷ᠎ᠡ ᠣᠯᠠᠨ ᠪᠥᠯᠥᠭᠡ ᠃ ᠲᠡᠳᠦᠢ ᠡᠨᠡ ᠷᠢᠨᠴᠢᠨ ᠲᠠᠢᠽᠦ ᠶ᠋ᠢ ᠦᠵᠡᠨ ᠪᠢᠰᠢᠷᠡᠵᠦ᠂ ᠬᠠᠭᠠᠰ ᠤᠯᠤᠰ ᠤ᠋ᠨ ᠬᠣᠲᠠᠯᠠᠭᠠᠷ ᠢ᠋ᠶ᠋ᠠᠨ ᠠᠪᠴᠤ ᠤᠭᠲᠤᠵᠤ ᠳᠠᠭᠠᠭᠰᠠᠨ ᠳ᠋ᠤᠷ ᠲᠠᠢᠽᠦ ᠲᠡᠭᠦᠨ ᠳ᠋ᠦ᠍ᠷ ᠤᠬᠠᠭᠠᠲᠤ ᠴᠣᠯᠠ ᠬᠠᠢᠷᠠᠯᠠᠭᠠᠳ ᠲᠡᠭᠦᠨ ᠢ᠋ ᠬᠣᠰᠢᠭᠤᠴᠢ ᠪᠣᠯᠭᠠᠨ ᠰᠠᠶ᠋ᠢ ᠤᠷᠤᠭᠰᠢ ᠣᠷᠣᠰᠤᠭᠠᠢ ᠬᠡᠮᠡᠲᠡᠯ᠎ᠡ ᠵᠢᠨᠦᠩ ᠮᠤᠬᠤᠯᠢ ᠬᠦᠷᠴᠦ ᠢᠷᠡᠭᠰᠡᠨ᠎ᠡ᠂ ᠪᠤᠭᠤᠷᠵᠢ᠂ ᠪᠤᠭᠤᠷᠤᠯ᠂ ᠵᠡᠪᠡ᠂ ᠴᠢᠯᠠᠭᠤᠨ᠂ ᠰᠥᠪᠡᠭᠡᠲᠡᠢ᠂ ᠵᠦᠯᠭᠡᠲᠡᠢ᠂ ᠭᠢᠯᠥᠭᠡᠨ᠂ ᠬᠣᠢᠯᠠᠳᠠᠷ ᠨᠠᠢ᠍ᠮᠠᠭᠤᠯᠠ ᠶ᠋ᠢ ᠠᠪᠴᠤ ᠳᠥᠷᠪᠡᠨ ᠲᠦᠮᠡᠨ ᠴᠡᠷᠢᠭ ᠢ᠋ᠶ᠋ᠡᠷ ᠬᠤᠩᠵᠢᠯᠠ ᠠᠢᠮᠠᠭ ᠪᠠ ᠣᠢᠷᠠᠯᠴᠠᠭ᠎ᠠ ᠰᠦᠯᠪᠡᠭᠡᠯᠡᠭᠰᠡᠨ ᠠᠢᠮᠠᠭ ᠤ᠋ᠳ ᠢ᠋ ᠪᠠᠷᠠᠲᠠᠯ᠎ᠠ ᠳᠠᠢᠯᠠᠵᠤ ᠳᠠᠭᠠᠭᠤᠯ ᠭᠡᠮᠡᠨ ᠮᠣᠷᠳᠠᠭᠤᠯᠤᠭᠠᠳ ᠪᠠᠰᠠ ᠮᠡᠩᠭᠡᠯᠢᠭ ᠦ᠋ᠨ ᠬᠣᠶᠠᠷ ᠬᠥᠪᠡᠭᠦᠨ ᠠᠯᠤᠬ᠎ᠠ ᠰᠦᠬᠡ ᠠᠬ᠎ᠠ ᠳᠡᠭᠦᠦ ᠬᠣᠶᠠᠭᠤᠯᠠ ᠶ᠋ᠢ ᠬᠡᠷᠡᠢᠳ ᠦ᠋ᠨ ᠣᠯᠠᠨ ᠬᠠᠷᠭᠢᠰ ᠢ᠋ ᠲᠣᠭᠠᠴᠢᠨ ᠶᠠᠯ᠎ᠠ ᠠᠰᠠᠭᠤᠯᠭᠠᠷ᠎ᠠ ᠢᠯᠡᠭᠡᠭᠡᠳ ᠲᠠᠢᠽᠦ ᠰᠠᠶ᠋ᠢ ᠰᠢᠳᠠᠷ ᠵᠠᠩᠵᠤᠨ ᠲᠦᠰᠢᠮᠡᠳ ᠢ᠋ᠶ᠋ᠡᠨ ᠠᠪᠴᠤ ᠭᠤᠷᠪᠠᠨ ᠮᠢᠩᠭᠠᠨ ᠴᠡᠷᠢᠭ ᠢ᠋ᠶ᠋ᠡᠷ ᠡᠭᠡᠵᠦ ᠢᠷᠡᠬᠦᠶ᠎ᠡ᠂ ᠵᠠᠮ ᠳ᠋ᠤᠷ ᠭᠡᠨᠡᠳᠲᠡ ᠨᠤᠲᠤᠭ ᠠ᠋ᠴᠠ ᠪᠡᠯᠭᠦᠳᠡᠢ ᠬᠥᠮᠦᠨ ᠵᠠᠷᠤᠵᠤ : 《 ᠬᠠᠪᠤᠲᠤ ᠬᠠᠰᠠᠷ ᠤ᠋ᠨ ᠰᠠᠭᠤᠭᠰᠠᠨ ᠭᠠᠯᠠᠭᠤᠲᠤ ᠠᠭᠤᠯᠠ ᠶ᠋ᠢ ᠬᠡᠷᠡᠢᠳ ᠦ᠋ᠨ ᠴᠡᠷᠢᠭ ᠬᠠᠭᠠᠵᠤ ᠪᠠᠢᠯᠳᠤᠨ ᠥᠷᠯᠥᠭᠡ ᠦᠳᠡᠰᠢ ᠠᠪᠲᠠᠬᠤ ᠰᠢᠬᠠᠪᠠ ! 》 ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠶᠡᠬᠡᠯ᠎ᠡ ᠰᠣᠴᠢᠵᠤ᠂ ᠳᠠᠷᠤᠢ ᠲᠦᠷᠭᠡᠨ ᠬᠥᠯ ᠰᠤᠭᠤᠯᠤᠯ ᠦᠭᠡᠢ ᠪᠡᠷ ᠭᠠᠯᠠᠭᠤᠲᠤ ᠠᠭᠤᠯᠠᠨ ᠤ᠋ ᠵᠦᠭ ᠳᠣᠪᠲᠣᠯᠤᠨ ᠡᠴᠢᠬᠦᠶ᠎ᠡ᠂ ᠨᠢᠭᠡᠨ ᠳᠡᠭᠡᠭᠦᠷ ᠪᠦᠬᠦ ᠪᠡᠯᠭᠦᠳᠡᠢ᠂ ᠣᠢᠲᠤ ᠣᠴᠢᠭ᠂ ᠤᠷᠠᠨ ᠭᠠᠴᠤᠭ᠂ ᠶᠡᠬᠡ ᠬᠥᠪᠡᠭᠦᠨ ᠵᠣᠴᠢ᠂ ᠬᠣᠶᠠᠳᠤᠭᠠᠷ ᠬᠥᠪᠡᠭᠦᠨ ᠴᠠᠭᠠᠲᠠᠢ ᠨᠠᠷ ᠤᠯᠤᠰ ᠤ᠋ᠨ ᠶᠡᠬᠡ ᠴᠡᠷᠢᠭ ᠪᠠ ᠬᠦᠨᠡᠰᠦ ᠶ᠋ᠢ ᠠᠪᠴᠤ ᠬᠣᠢᠨ᠎ᠠ ᠠ᠋ᠴᠠ ᠨᠡᠬᠡᠵᠦ ᠳᠣᠪᠲᠣᠯᠤᠨ ᠭᠦᠢᠴᠡ ᠬᠡᠮᠡᠭᠡᠳ ᠴᠢᠳᠠᠭᠠᠨ᠎ᠠ ᠰᠡᠴᠡᠨ᠂ ᠬᠤᠳᠠᠭᠠᠨ᠎ᠠ ᠪᠡᠬᠢ ᠬᠣᠶᠠᠭᠤᠯᠠ ᠬᠣᠯᠠ ᠪᠦᠬᠦᠢ ᠴᠡᠷᠢᠭ ᠢ᠋ ᠠᠪᠴᠤ ᠪᠠᠰᠠ ᠭᠦᠢᠴᠡᠵᠦ ᠢᠷ᠎ᠡ ᠭᠡᠮᠡᠨ ᠳᠣᠪᠲᠣᠯᠭᠠᠭᠠᠳ ᠥᠪᠡᠷ ᠢ᠋ᠶ᠋ᠡᠨ ᠭᠤᠷᠪᠠᠨ ᠮᠢᠩᠭᠠᠨ ᠴᠡᠷᠢᠭ ᠠᠪᠴᠤ ᠰᠢᠭᠤᠳ ᠭᠠᠯᠠᠭᠤᠲᠤ ᠠᠭᠤᠯᠠ ᠶ᠋ᠢᠨ ᠵᠦᠭ ᠡᠴᠢᠬᠦᠶ᠎ᠡ᠂ ᠵᠠᠮ ᠳ᠋ᠤᠷ ᠭᠤᠷᠪᠠᠨ ᠳᠡᠭᠦᠦ᠂ ᠬᠣᠶᠠᠷ ᠬᠥᠪᠡᠭᠦᠨ ᠶᠡᠬᠡ ᠴᠡᠷᠢᠭ ᠢ᠋ ᠵᠡᠯᠮ᠎ᠡ ᠲᠣᠭᠲᠣᠩᠭᠣ᠌ ᠬᠣᠶᠠᠭᠤᠯᠠ ᠪᠠᠷ ᠪᠠᠭᠴᠠᠯᠠᠨ ᠬᠦᠷᠭᠡᠬᠦ ᠪᠡᠷ ᠬᠡᠯᠡᠯᠴᠡᠵᠦ ᠲᠣᠭᠲᠠᠭᠠᠳ ᠲᠠᠢᠽᠦ ᠶ᠋ᠢᠨ ᠵᠠᠬᠢᠶ᠎ᠠ ᠬᠦᠷᠬᠦ ᠶ᠋ᠢᠨ ᠤᠷᠢᠳ ᠭᠠᠷᠴᠤ ᠢᠷᠡᠭᠡᠳ ᠲᠠᠢᠽᠦ ᠳ᠋ᠦ᠍ᠷ ᠵᠣᠯᠭᠠᠵᠤ ᠤᠴᠢᠷ ᠢ᠋ ᠮᠡᠳᠡᠭᠦᠯᠦᠭᠡᠳ ᠬᠠᠮᠲᠤ ᠨᠡᠢᠯᠡᠵᠦ ᠭᠠᠯᠠᠭᠤᠲᠤ ᠠᠭᠤᠯᠠ ᠶ᠋ᠢᠨ ᠵᠦᠭ ᠰᠡᠬᠦᠭᠦᠯᠪᠡ ᠃ ᠡᠭᠦᠨ ᠢ ᠲᠦᠷ ᠬᠡᠯᠡᠬᠦ ᠦᠭᠡᠢ᠃ 
       ᠵᠢᠴᠢ ᠬᠡᠷᠡᠢᠳ ᠦ᠋ᠨ ᠤᠴᠢᠷ ᠢ᠋ ᠬᠡᠯᠡᠬᠦ ᠢᠨᠤ᠄ ᠲᠡᠭᠦᠨᠴᠡ ᠬᠤᠸᠠᠩ ᠲᠠᠢᠽᠢ ᠢᠯᠠᠭᠤ ᠦᠬᠡᠷ ᠪᠠᠳᠤᠨ᠎ᠠ ᠳ᠋ᠤᠷ ᠨᠢᠭᠡᠨ ᠲᠦᠮᠡᠨ ᠴᠡᠷᠢᠭ ᠥᠭᠴᠦ ᠬᠠᠪᠤᠲᠤ ᠬᠠᠰᠠᠷ ᠢ᠋ ᠬᠠᠭᠠᠯᠭᠠᠷ᠎ᠠ ᠢᠯᠡᠭᠡᠭᠡᠳ ᠪᠠᠰᠠ ᠳᠤᠮᠳᠠᠳᠤ ᠶᠡᠬᠡ ᠠᠯᠲᠠᠨ ᠤᠯᠤᠰ ᠲᠤᠷ ᠨᠡᠷ᠎ᠡ ᠲᠡᠢ ᠰᠠᠢᠨ ᠮᠣᠷᠢ ᠲᠠᠪᠤᠨ ᠵᠠᠭᠤᠨ ᠪᠠᠷᠢᠭᠤᠯᠵᠤ᠂ ᠪᠠᠭ᠎ᠠ ᠰᠠᠭ᠎ᠠ ᠲᠡᠭᠷᠢ ᠶ᠋ᠢᠨ ᠴᠡᠷᠢᠭ ᠬᠠᠢᠷᠠᠯᠠᠨ ᠢᠯᠡᠭᠡᠵᠦ᠂ ᠪᠧᠲ᠋ᠠ᠋ ᠤᠯᠤᠰ ᠢ᠋ ᠮᠥᠬᠥᠭᠡᠨ ᠲᠡᠷᠡ ᠵᠢᠯ ᠦ᠋ᠨ ᠲᠡᠭᠷᠢ ᠶ᠋ᠢᠨ ᠡᠯᠴᠢ ᠶ᠋ᠢ ᠢᠴᠢᠭᠡᠭᠰᠡᠨ ᠥᠰᠢᠶ᠎ᠡ ᠶ᠋ᠢ ᠠᠪᠴᠤ ᠬᠣᠢᠲᠤ ᠭᠠᠵᠠᠷ ᠢ᠋ ᠲᠦᠪᠰᠢᠳᠬᠡᠵᠦ ᠬᠤᠷᠢᠶᠠᠮᠵᠢᠯᠠᠨ ᠠᠪᠤᠮᠤ ᠭᠡᠮᠡᠨ ᠡᠯᠴᠢ ᠢᠯᠡᠭᠡᠭᠡᠳ ᠥᠪᠡᠷ ᠢ᠋ᠶ᠋ᠡᠨ ᠪᠠᠰᠠ ᠤᠯᠤᠰ ᠤ᠋ᠨ ᠳᠣᠲᠣᠷ᠎ᠠ ᠠ᠋ᠴᠠ ᠳᠠᠬᠢᠨ ᠴᠡᠷᠢᠭ ᠡᠯᠰᠡᠵᠦ ᠨᠡᠮᠡᠨ ᠪᠠᠢᠭᠤᠯᠵᠤ᠂ ᠪᠠᠰᠠ ᠲᠡᠷᠡ ᠪᠠᠷᠰ ᠤ᠋ᠨ ᠵᠠᠩᠵᠤᠨ ᠬᠣᠣᠷᠠᠭᠤᠰ ᠪᠥᠭᠰᠡᠷ ᠬᠣᠶᠠᠭᠤᠯᠠ ᠳ᠋ᠤᠷ ᠪᠡᠯᠡᠭ ᠪᠠᠷᠢᠭᠤᠯᠤᠨ ᠵᠡᠭᠦᠨ ᠯᠢᠶᠣᠤ ᠤᠯᠤᠰ ᠤ᠋ᠨ ᠦᠯᠡᠳᠡᠪᠦᠷᠢ ᠲᠥᠷᠥᠯ ᠦ᠋ᠨ ᠶᠧ ᠯᠢᠦᠢ ᠯᠢᠦ ᠭᠧ ᠵᠢᠴᠢ ᠬᠢᠳᠠᠨ ᠤᠯᠤᠰ ᠤ᠋ᠨ ᠡᠵᠡᠨ ᠬᠠᠢ ᠪᠦᠸᠧ ᠵᠢᠶᠦ᠋ᠨ᠂ ᠪᠠᠰᠠ ᠰᠢᠶᠠ ᠤᠯᠤᠰ ᠤ᠋ᠨ ᠡᠵᠡᠨ ᠯᠢ ᠼᠦᠨ ᠰᠢᠦᠢ᠂ ᠪᠠᠰᠠ ᠰᠢ ᠢᠦᠢ ᠤᠯᠤᠰ ᠤ᠋ᠨ ᠡᠵᠡᠨ ᠪᠠᠪᠠᠫᠦ ᠳ᠋ᠦ᠍ᠷ ᠨᠡᠷ᠎ᠡ ᠪᠡᠯᠡᠭ ᠪᠠᠷᠢᠭᠤᠯᠵᠤ᠂ ᠴᠡᠷᠢᠭ ᠭᠤᠶᠤᠨ ᠨᠡᠯᠢᠶᠡᠳ ᠣᠯᠵᠤ ᠢᠷᠡᠭᠡᠳ ᠣᠳᠣ ᠬᠠᠷᠠᠬᠠᠨ ᠪᠧᠲ᠋ᠠ᠋ ᠤᠯᠤᠰ ᠲᠤᠷ ᠳᠠᠬᠢᠨ ᠨᠢᠭᠡᠨ ᠤᠳᠠᠭ᠎ᠠ ᠠᠯᠠᠨ ᠣᠷᠣᠵᠤ ᠦᠬᠦᠨ ᠪᠠᠢᠯᠳᠤᠬᠤ ᠪᠠᠷ ᠲᠣᠭᠲᠠᠵᠤ᠂ ᠠᠷᠭ᠎ᠠ ᠪᠠᠨ ᠵᠥᠪᠳᠡᠨ ᠪᠥᠬᠥᠶ᠎ᠡ᠂ ᠭᠡᠨᠡᠳᠲᠡ ᠪᠧᠲ᠋ᠠ᠋ ᠤᠯᠤᠰ ᠠ᠋ᠴᠠ ᠠᠯᠤᠬ᠎ᠠ ᠰᠦᠬᠡ ᠬᠡᠮᠡᠭᠴᠢ ᠬᠣᠶᠠᠷ ᠡᠯᠴᠢ ᠢᠷᠡᠵᠦ᠂ ᠸᠠᠩ ᠬᠠᠭᠠᠨ ᠳ᠋ᠤᠷ ᠵᠣᠯᠭᠠᠵᠤ ᠳᠠᠭᠠᠬᠤ ᠪᠢᠴᠢᠭ ᠪᠠᠷᠢᠵᠤ ᠡᠶᠡᠳᠡᠮᠦᠢ ᠬᠡᠮᠡᠬᠦᠢ ᠳ᠋ᠦ᠍ᠷ ᠢᠯᠠᠭᠤ᠂ ᠵᠠᠮᠤᠬ᠎ᠠ ᠨᠠᠷ ᠶᠡᠬᠡᠯ᠎ᠡ ᠪᠠᠶᠠᠷᠯᠠᠵᠤ᠂ ᠢᠯᠠᠭᠤ ᠴᠢᠷᠠᠢ ᠳᠦᠭᠦᠷᠡᠩ ᠣᠮᠣᠷᠬᠠᠭ ᠥᠩᠭᠡ ᠭᠠᠷᠭᠠᠵᠤ᠂ ᠸᠠᠩ ᠬᠠᠭᠠᠨ ᠤ᠋ ᠳᠡᠷᠭᠡᠳᠡ ᠢᠨᠤ ᠣᠷᠣᠵᠤ ᠮᠡᠳᠡᠭᠦᠯᠦᠷᠦᠨ : 《  ᠪᠧᠲ᠋ᠠ᠋ ᠤᠯᠤᠰ ᠤ᠋ᠨ ᠡᠵᠡᠨ ᠲᠡᠮᠦᠵᠢᠨ ᠬᠥᠪᠡᠭᠦᠨ ᠮᠠᠨ ᠤ᠋ ᠡᠮᠦᠨ᠎ᠡ ᠠᠯᠲᠠᠨ ᠤᠯᠤᠰ ᠤ᠋ᠨ ᠵᠡᠷᠭᠡ ᠶ᠋ᠢᠨ ᠲᠠᠪᠤᠨ ᠤᠯᠤᠰ ᠯᠤᠬ᠎ᠠ ᠨᠢᠭᠡᠳᠦᠭᠰᠡᠨ ᠢ᠋ ᠰᠣᠨᠣᠰᠴᠤ ᠰᠥᠰᠥ ᠬᠡᠮᠬᠡᠷᠡᠨ ᠡᠷᠢᠨ ᠳᠠᠭᠠᠬᠤ ᠡᠯᠴᠢ ᠢᠯᠡᠭᠡᠪᠡ !》 ᠭᠡᠮᠡᠨ ᠬᠡᠩᠭᠡᠷᠭᠡ ᠳᠡᠯᠡᠳᠦᠭᠦᠯᠦᠨ ᠣᠯᠠᠨ ᠲᠦᠰᠢᠮᠡᠳ ᠢ᠋ᠶ᠋ᠡᠨ ᠴᠤᠭᠯᠠᠭᠤᠯᠵᠤ᠂ ᠪᠠᠰᠠ ᠬᠠᠷᠠᠩᠭ᠎ᠠ ᠴᠣᠬᠢᠭᠤᠯᠵᠤ ᠬᠠᠮᠤᠭ ᠴᠡᠷᠢᠭ ᠢ᠋ ᠬᠤᠷᠢᠶᠠᠵᠤ᠂ ᠶᠡᠬᠡᠯ᠎ᠡ ᠰᠦᠷ ᠲᠠᠯᠪᠢᠨ᠂ᠪᠧᠲ᠋ᠠ᠋ ᠤᠯᠤᠰ ᠤ᠋ᠨ ᠡᠯᠴᠢ ᠠᠯᠤᠬ᠎ᠠ ᠰᠦᠬᠡ ᠬᠣᠶᠠᠭᠤᠯᠠ ᠶ᠋ᠢ ᠪᠠᠷᠠᠲᠠᠯ᠎ᠠ ᠨᠡᠩᠵᠢᠭᠦᠯᠵᠦ ᠳᠠᠭᠠᠭᠤᠯᠤᠨ ᠣᠷᠣᠭᠤᠯᠤᠭᠰᠠᠨ ᠳ᠋ᠤᠷ ᠠᠯᠤᠬ᠎ᠠ ᠠᠵᠢᠭ ᠦᠭᠡᠢ ᠰᠠᠭᠤᠭᠠᠳ 《 ᠠᠯᠠᠲᠤᠭᠠᠢ ᠠᠯᠠᠲᠤᠭᠠᠢ !》 ᠭᠡᠮᠡᠨ ᠪᠠᠷᠬᠢᠷᠠᠬᠤᠢ ᠳ᠋ᠤᠷ ᠸᠠᠩ ᠬᠠᠭᠠᠨ ᠠᠰᠠᠭᠤᠷᠤᠨ : 《 ᠠᠯᠢᠪᠠ ᠤᠯᠤᠰ ᠡᠯᠴᠢ ᠶ᠋ᠢ ᠠᠯᠠᠬᠤ ᠶᠣᠰᠣ ᠪᠣᠢ ᠤᠤ ? 》 ᠠᠯᠤᠬ᠎ᠠ ᠥᠴᠢᠷᠦᠨ : 《 ᠠᠯᠤᠬ᠎ᠠ ᠪᠢ ᠤᠯᠤᠰ ᠲᠤᠷ ᠢ᠋ᠶ᠋ᠠᠨ ᠠᠯᠠᠭᠳᠠᠬᠤ ᠶᠠᠯ᠎ᠠ ᠲᠠᠢ ᠪᠣᠯᠵᠤ ᠲᠤᠬᠠᠢᠯᠠᠨ ᠲᠠᠨ ᠳ᠋ᠤᠷ ᠠᠯᠠᠭᠳᠠᠷ᠎ᠠ ᠢᠷᠡᠪᠡ᠂ ᠡᠰᠡ ᠠᠯᠠᠪᠠᠰᠤ ᠠᠪᠴᠤ ᠢᠷᠡᠭᠰᠡᠨ ᠵᠠᠬᠢᠶ᠎ᠠ ᠪᠠᠨ ᠬᠡᠯᠡᠵᠦ ᠪᠠᠷᠠᠭᠠᠳ ᠠᠯᠠᠭᠳᠠᠶ᠎ᠠ᠂ ᠠᠯᠤᠬ᠎ᠠ ᠨᠠᠮᠠᠶ᠋ᠢ ᠡᠵᠡᠨ ᠮᠢᠨᠦ ᠵᠠᠷᠤᠭᠰᠠᠨ ᠠᠨᠤ ᠬᠠᠮᠲᠤ ᠬᠦᠴᠦᠨ ᠨᠢᠭᠡᠨ ᠡᠶ᠎ᠡ ᠪᠡᠷ ᠪᠣᠯᠵᠤ᠂ ᠲᠠᠨ ᠤ᠋ ᠡᠨᠡ ᠨᠢᠭᠡᠨ ᠤᠳᠠᠭ᠎ᠠ ᠶ᠋ᠢᠨ ᠶᠠᠯ᠎ᠠ ᠶ᠋ᠢ ᠬᠡᠯᠲᠦᠷᠢᠭᠦᠯᠦᠨ ᠠᠭᠤᠴᠢᠯᠠᠰᠤᠭᠠᠢ ᠬᠡᠮᠡᠬᠦ ᠶ᠋ᠢᠨ ᠤᠴᠢᠷ᠂ ᠲᠠᠨ ᠤ᠋ ᠤᠳᠠᠭ᠎ᠠ ᠳᠠᠷᠠᠭ᠎ᠠ ᠶ᠋ᠢᠨ ᠶᠠᠯ᠎ᠠ ᠶ᠋ᠢ ᠪᠦᠷᠢᠳᠬᠡᠨ ᠲᠣᠭᠠᠴᠢᠵᠤ ᠠᠰᠠᠭᠤᠭᠠᠳ ᠬᠡᠷᠪᠡ ᠮᠡᠳᠡᠪᠡᠰᠦ ᠮᠡᠳᠡᠭᠰᠡᠨ ᠢ᠋ᠶ᠋ᠡᠷ ᠬᠡᠯᠡᠯᠴᠡᠶ᠎ᠡ᠂ ᠡᠰᠡ ᠮᠡᠳᠡᠪᠡᠰᠦ ᠡᠰᠡ ᠮᠡᠳᠡᠭᠰᠡᠨ ᠢ᠋ᠶ᠋ᠡᠷ ᠬᠡᠯᠡᠯᠴᠡᠶ᠎ᠡ ᠬᠡᠮᠡᠮᠦᠢ᠃ ᠲᠠ ᠪᠦᠭᠦᠳᠡᠭᠡᠷ ᠰᠠᠢᠬᠠᠨ ᠰᠣᠨᠣᠰ!  ᠮᠢᠨᠦ ᠡᠵᠡᠨ ᠦ᠌ ᠵᠠᠬᠢᠶ᠎ᠠ: ᠡᠩ ᠲᠡᠷᠢᠭᠦᠨ ᠸᠠᠩ ᠬᠠᠨ ᠤ᠋ ᠴᠢᠨᠦ ᠪᠡᠶ᠎ᠡ ᠠᠪᠠᠭ᠎ᠠ ᠳ᠋ᠠᠭᠠᠨ ᠵᠦᠷᠡ ᠳ᠋ᠦ᠍ᠷ ᠠᠯᠢᠪᠠ ᠤᠯᠤᠰ ᠠᠯᠪᠠᠲᠤ ᠬᠠᠷᠢᠶᠠᠲᠤ ᠨᠡᠢᠲᠡ ᠪᠦᠬᠦᠨ ᠢ᠋ᠶ᠋ᠡᠨ ᠴᠥᠮ ᠪᠤᠯᠢᠶᠠᠭᠳᠠᠵᠤ᠂ ᠠᠮᠢᠳᠤᠷᠠᠯ ᠦᠭᠡᠢ ᠪᠣᠯᠤᠭᠠᠳ ᠮᠢᠨᠦ ᠡᠴᠢᠭᠡ ᠪᠠᠭᠠᠲᠤᠷ ᠡᠵᠡᠨ ᠳ᠋ᠦ᠍ᠷ ᠮᠥᠯᠬᠥᠨ ᠬᠦᠷᠴᠦ ᠮᠥᠷᠭᠥᠨ ᠤᠬᠢᠯᠠᠭᠰᠠᠨ᠎ᠠ᠂ ᠮᠢᠨᠦ ᠡᠴᠢᠭᠡ ᠴᠡᠷᠢᠭ ᠠᠪᠴᠤ ᠬᠤᠰᠢ ᠨᠡᠷᠡᠲᠦ ᠭᠠᠵᠠᠷ ᠤ᠋ᠨ ᠭᠠᠯᠠᠭᠤ ᠨᠡᠷᠡᠲᠦ ᠠᠭᠤᠯᠠᠨ᠎ᠠ ᠠᠪᠠᠭ᠎ᠠ ᠶ᠋ᠢᠨ ᠴᠢᠨᠦ ᠵᠦᠷᠡ ᠶ᠋ᠢᠨ ᠴᠡᠷᠢᠭ ᠢ᠋ ᠳᠠᠷᠤᠵᠤ᠂ ᠴᠢᠨᠦ ᠤᠯᠤᠰ ᠠᠯᠪᠠᠲᠤ᠂ ᠡᠮ᠎ᠡ ᠦᠷ᠎ᠡ᠂ ᠭᠠᠵᠠᠷ ᠣᠷᠣᠨ ᠢ᠋ ᠪᠦᠷᠢᠨ ᠴᠥᠮ ᠪᠤᠯᠢᠶᠠᠨ ᠠᠪᠴᠤ ᠴᠢᠮ᠎ᠠ ᠳ᠋ᠤᠷ ᠡᠵᠡᠯᠡᠭᠦᠯᠦᠨ᠂ ᠴᠢᠮᠠᠶ᠋ᠢ ᠡᠮ᠎ᠡ ᠦᠷ᠎ᠡ ᠪᠡᠨ ᠡᠪᠦᠷᠯᠡᠬᠦ ᠭᠡᠷ ᠲᠡᠢ᠂ ᠡᠮᠨᠢᠭ ᠮᠣᠷᠢ ᠪᠠᠨ ᠪᠡᠯᠴᠢᠭᠡᠬᠦ ᠪᠡᠯᠴᠢᠭᠡᠷ ᠲᠡᠢ ᠪᠣᠯᠭᠠᠵᠤ᠂ ᠤᠭ ᠦᠨᠳᠦᠰᠦᠨ ᠢ᠋ ᠴᠢᠨᠦ ᠪᠠᠢᠭᠤᠯᠵᠤ ᠥᠭᠭᠦᠭᠰᠡᠨ ᠡᠨᠡ ᠬᠦ᠌ ᠶᠡᠬᠡ ᠠᠴᠢ ᠲᠤᠰᠠ ᠪᠣᠯᠤᠭᠰᠠᠨ ᠡᠨᠡ ᠨᠢᠭᠡ᠃ ᠬᠣᠢᠨ᠎ᠠ ᠮᠢᠨᠦ ᠦᠶ᠎ᠡ ᠳ᠋ᠦ᠍ᠷ ᠴᠢᠨᠦ ᠪᠡᠶ᠎ᠡ ᠲᠡᠷᠢᠭᠦᠨ ᠤᠳᠠᠭ᠎ᠠ ᠮᠠᠢᠯᠵᠢ ᠠᠢᠮᠠᠭ ᠪᠠ ᠨᠠᠢ᠍ᠮᠠᠨ ᠤᠯᠤᠰ ᠤ᠋ᠨ ᠴᠡᠷᠢᠭ ᠲᠦ᠍ᠷ ᠨᠢᠭᠡᠮᠦᠰᠦᠨ ᠳᠠᠷᠤᠭᠳᠠᠨ ᠤᠯᠤᠰ ᠴᠢᠨᠦ ᠤᠷᠤᠰᠴᠤ ᠠᠢᠮᠠᠭ ᠴᠢᠨᠦ ᠠᠯᠳᠠᠷᠠᠵᠤ᠂ ᠶᠠᠰᠤ ᠮᠢᠬ᠎ᠠ ᠴᠢᠨᠦ ᠵᠦᠭ ᠵᠦᠭ ᠲᠡᠭᠡᠨ ᠪᠤᠲᠠᠷᠠᠯᠴᠠᠨ ᠰᠠᠯᠤᠯᠴᠠᠵᠤ᠂ ᠴᠢᠨᠦ ᠪᠡᠶ᠎ᠡ ᠰᠢᠶᠠ ᠤᠯᠤᠰ ᠲᠤᠷ ᠤᠷᠭᠤᠨ ᠡᠴᠢᠵᠦ᠂ ᠴᠢᠨᠦ ᠳᠡᠭᠦᠦ ᠰᠠᠢᠨ ᠤᠬᠠᠭᠠᠨᠲᠤ ᠠᠯᠲᠠᠨ ᠤᠯᠤᠰ ᠤ᠋ᠨ ᠬᠡᠷᠡᠮ ᠦ᠋ᠨ ᠭᠠᠳᠠᠨ᠎ᠠ ᠬᠢᠲᠠᠳ ᠬᠥᠮᠦᠨ ᠦ᠌ ᠪᠣᠭᠣᠯ ᠪᠣᠯᠵᠤ ᠪᠠᠢᠭᠰᠠᠨ ᠢ᠋ ᠪᠢ ᠵᠦᠭ ᠵᠦᠭ ᠲᠦ᠍ᠷ ᠬᠥᠮᠦᠨ ᠭᠠᠷᠭᠠᠵᠤ ᠴᠤᠭᠯᠠᠭᠤᠯᠤᠨ ᠠᠪᠴᠢᠷᠠᠭᠤᠯᠵᠤ᠂ ᠪᠦᠭᠦᠳᠡᠭᠡᠷ ᠢ᠋ ᠨᠡᠢᠯᠡᠭᠦᠯᠦᠨ᠂ ᠪᠠᠰᠠ ᠴᠢᠨᠦ ᠲᠡᠷᠢᠭᠦᠨ ᠥᠰᠲᠦ ᠮᠠᠢᠯᠵᠢ ᠠᠢᠮᠠᠭ ᠢ᠋ ᠳᠠᠬᠢᠨ ᠢᠷᠡᠵᠦ ᠲᠠᠪᠴᠢᠯᠠᠬᠤᠢ ᠳ᠋ᠤᠷ ᠪᠢ ᠪᠠᠰᠠ ᠠᠬ᠎ᠠ ᠳᠡᠭᠦᠦ ᠮᠡᠲᠦ ᠬᠠᠨᠢᠯᠠᠭᠰᠠᠨ ᠤᠯᠤᠰ ᠤ᠋ᠨ ᠰᠠᠢᠨ ᠪᠥᠬᠡ ᠬᠠᠭᠠᠨ ᠤ᠋ ᠰᠠᠷᠠᠨ ᠪᠥᠷᠭᠡ᠂ ᠰᠠᠢᠠᠳᠠᠮᠲᠤ ᠬᠣᠶᠠᠭᠤᠯᠠ ᠳ᠋ᠤᠷ ᠴᠡᠷᠢᠭ ᠥᠭᠴᠦ ᠮᠠᠢᠯᠵᠢ ᠠᠢᠮᠠᠭ ᠤ᠋ᠨ ᠴᠡᠷᠢᠭ ᠢ᠋ ᠳᠠᠷᠤᠵᠤ᠂ ᠲᠡᠭᠦᠨ ᠦ᠌ ᠬᠠᠭᠠᠰ ᠠᠢᠮᠠᠭ ᠢ᠋ ᠪᠤᠯᠢᠶᠠᠨ ᠠᠪᠴᠤ ᠴᠢᠮ᠎ᠠ ᠳ᠋ᠤᠷ ᠥᠭᠴᠦ ᠬᠡᠦᠬᠡᠳ ᠡᠮ᠎ᠡ ᠴᠢᠨᠦ ᠥᠯᠥᠰᠴᠦ ᠬᠥᠪᠡᠭᠦᠨ ᠥᠬᠢᠳ ᠴᠢᠨᠦ ᠥᠯᠪᠡᠷᠬᠦ ᠶᠡᠬᠡ ᠵᠣᠪᠠᠯᠠᠩ ᠠ᠋ᠴᠠ ᠠᠪᠤᠷᠠᠭᠰᠠᠨ ᠡᠨᠡ ᠬᠦ᠌ ᠶᠡᠬᠡ ᠠᠴᠢ ᠲᠤᠰᠠ ᠪᠣᠯᠤᠭᠰᠠᠨ ᠡᠨᠡ ᠬᠣᠶᠠᠷ᠃ ᠪᠠᠰᠠ ᠴᠢᠨᠦ ᠬᠡᠲᠦᠷᠬᠡᠶ᠎ᠡ ᠣᠯᠠᠨ ᠪᠣᠯᠤᠭᠠᠳ ᠤᠷᠭᠤᠵᠤ ᠪᠣᠰᠤᠭᠰᠠᠨ᠂ ᠴᠢᠨᠦ ᠠᠰᠤᠷᠤ ᠣᠯᠠᠨ ᠪᠣᠯᠵᠤ ᠠᠮᠢᠳᠤᠷᠠᠬᠤᠶ᠎ᠠ ᠮᠡᠩᠳᠡᠨᠢᠨ ᠪᠦᠬᠦᠢ ᠳ᠋ᠦ᠍ᠷ ᠪᠢ ᠪᠡᠶ᠎ᠡ ᠪᠡᠷ ᠢ᠋ᠶ᠋ᠡᠨ ᠴᠡᠷᠢᠭ ᠠᠪᠴᠤ ᠭᠠᠷᠤᠨ᠂ ᠤᠷᠭᠤᠭᠰᠠᠨ ᠤᠷᠪᠠᠭᠰᠠᠨ ᠢ᠋ ᠴᠢᠨᠦ ᠨᠡᠢᠲᠡ ᠪᠡᠷ ᠬᠣᠷᠢᠶᠠᠨ ᠠᠴᠢᠷᠠᠵᠤ ᠴᠢᠮ᠎ᠠ ᠳ᠋ᠤᠷ ᠵᠠᠬᠢᠷᠤᠭᠤᠯᠤᠭᠰᠠᠨ ᠳ᠋ᠤᠷ ᠴᠢ ᠬᠡᠳᠦᠬᠡᠨ ᠰᠠᠷ᠎ᠠ ᠶ᠋ᠢᠨ ᠳᠣᠲᠣᠷ᠎ᠠ ᠥᠯᠪᠡᠷᠦᠭᠰᠡᠳ ᠴᠢᠨᠦ ᠴᠠᠳᠬᠤᠯᠠᠩ ᠪᠣᠯᠵᠤ᠂ ᠡᠴᠡᠭᠰᠡᠳ ᠴᠢᠨᠦ ᠲᠠᠷᠭᠤᠨ ᠪᠣᠯᠤᠭᠠᠳ ᠡᠮ᠎ᠡ ᠭᠡᠷᠭᠡᠢ ᠶ᠋ᠢᠨ ᠢ᠋ᠶ᠋ᠡᠨ ᠡᠰᠡᠷᠭᠦ ᠢᠨᠢᠶᠡᠨ᠂ ᠬᠡᠦᠬᠡᠳ ᠱᠤᠤᠬᠠᠳ ᠢ᠋ᠶ᠋ᠠᠨ ᠲᠠᠭᠠᠯᠠᠨ ᠢᠨᠢᠶᠡᠬᠦ ᠪᠣᠯᠤᠭᠰᠠᠨ᠂ ᠡᠨᠡ ᠬᠦ᠌ ᠶᠡᠬᠡ ᠠᠴᠢ ᠲᠤᠰᠠ ᠪᠣᠯᠤᠭᠰᠠᠨ ᠡᠨᠡ ᠭᠤᠷᠪᠠ᠃ ᠪᠠᠰᠠ ᠴᠢᠨᠦ ᠤᠯᠤᠰ ᠠᠢᠮᠠᠭ ᠭᠠᠵᠠᠷ ᠨᠤᠲᠤᠭ ᠨᠡᠢᠲᠡ ᠪᠦᠬᠦᠨ ᠢ᠋ ᠮᠥᠨ ᠬᠦ᠌ ᠴᠢᠨᠦ ᠭᠤᠲᠠᠭᠠᠷ ᠳᠡᠭᠦᠦ ᠢᠯᠡᠭᠦᠦ ᠬᠠᠷ᠎ᠠ ᠨᠠᠢ᠍ᠮᠠᠨ ᠤᠯᠤᠰ ᠤ᠋ᠨ ᠴᠡᠷᠢᠭ ᠢ᠋ ᠬᠣᠶᠠᠳᠤᠭᠠᠷ ᠤᠳᠠᠭ᠎ᠠ ᠠᠪᠴᠤ ᠢᠷᠡᠨ ᠴᠥᠮ ᠪᠤᠯᠢᠶᠠᠨ ᠡᠵᠡᠯᠡᠭᠰᠡᠨ ᠢ᠋ ᠴᠢ ᠪᠡᠶ᠎ᠡ ᠪᠡᠷ ᠲᠡᠮᠡᠭᠡᠨ ᠦ᠌ ᠪᠦᠬᠦ ᠪᠡᠨ ᠴᠠᠪᠴᠢᠵᠤ ᠴᠢᠰᠤᠨ ᠢ᠋ ᠤᠤᠭᠤᠵᠤ᠂ ᠬᠣᠨᠢ ᠢᠮᠠᠭ᠎ᠠ ᠶ᠋ᠢᠨ ᠰᠦ᠍ ᠶ᠋ᠢ ᠰᠠᠭᠠᠵᠤ ᠢᠳᠡᠭᠰᠡᠭᠡᠷ ᠭᠤᠶᠤᠵᠤ ᠲᠡᠭᠦᠨ᠂ ᠮᠢᠨᠦ ᠤᠯᠤᠰ ᠲᠤᠷ ᠬᠦᠷᠦᠭᠰᠡᠨ ᠢ᠋ ᠪᠢ ᠳᠥᠭᠦᠯᠡ ᠮᠥᠷᠡᠨ ᠦ᠌ ᠵᠠᠬ᠎ᠠ ᠳ᠋ᠤᠷ ᠭᠠᠵᠠᠷ ᠣᠷᠣᠨ ᠥᠭᠴᠦ ᠪᠠᠰᠠ ᠤᠯᠤᠰ ᠠᠯᠪᠠᠲᠤ ᠵᠠᠬᠢᠷᠤᠭᠤᠯᠤᠨ ᠴᠢᠨᠦ ᠥᠷᠥᠪ ᠴᠥᠷᠣᠪ ᠢ᠋ ᠴᠢᠨᠦ ᠪᠦᠪᠡᠢᠯᠡᠨ ᠲᠡᠵᠢᠭᠡᠵᠦ᠂ ᠴᠢᠨᠦ ᠡᠮ᠎ᠡ ᠦᠷ᠎ᠡ ᠶ᠋ᠢ ᠴᠢᠨᠦ ᠥᠷᠥᠰᠢᠶᠡᠨ ᠦᠷᠡᠵᠢᠭᠦᠯᠦᠨ ᠬᠡᠳᠦᠨ ᠵᠢᠯ ᠵᠢᠷᠭᠠᠭᠤᠯᠤᠭᠰᠠᠨ ᠡᠨᠡ ᠬᠦ᠌ ᠶᠡᠬᠡ ᠠᠴᠢ ᠲᠤᠰᠠ ᠪᠣᠯᠤᠭᠰᠠᠨ ᠡᠨᠡ ᠳᠥᠷᠪᠡ᠃ ᠳᠠᠭᠠᠯᠳᠤᠭ᠎ᠠ ᠪᠠᠷ ᠨᠠᠢ᠍ᠮᠠᠨ ᠤᠯᠤᠰ ᠭᠤᠷᠪᠠᠳᠤᠭᠠᠷ ᠤᠳᠠᠭ᠎ᠠ ᠲᠠᠨ ᠢ᠋ ᠨᠡᠬᠡᠨ᠂ ᠦᠨᠳᠦᠰᠦᠨ ᠢ᠋ ᠴᠢᠨᠦ ᠲᠠᠰᠤᠯᠵᠤ᠂ ᠦᠨᠡᠰᠦᠨ ᠢ᠋ ᠴᠢᠨᠦ ᠬᠡᠢᠰᠬᠡᠷ᠎ᠡ ᠢᠷᠡᠵᠦ ᠨᠢᠭᠡᠨᠲᠡ ᠬᠠᠭᠠᠭᠰᠠᠨ ᠢ᠋ ᠪᠢ ᠳᠥᠷᠪᠡᠨ ᠬᠦᠯᠦᠭ ᠲᠣᠷ ᠢ᠋ᠶ᠋ᠠᠨ ᠴᠡᠷᠢᠭ ᠥᠭᠴᠦ ᠢᠯᠡᠬᠡᠨ᠂ ᠴᠢᠨᠦ ᠥᠨᠳᠡᠭᠡ ᠵᠤᠯᠵᠠᠭ᠎ᠠ ᠶ᠋ᠢᠨ ᠬᠡᠮᠬᠡᠷᠡᠨ ᠪᠦᠷᠢᠯᠵᠦ᠂ ᠥᠷᠥᠪ ᠴᠥᠷᠣᠪ ᠴᠢᠨᠦ ᠪᠢᠯᠴᠠᠷᠠᠨ ᠲᠠᠯᠠᠭᠳᠠᠵᠤ ᠰᠠᠷᠨᠢᠬᠤ ᠠ᠋ᠴᠠ ᠠᠪᠤᠷᠠᠵᠤ᠂ ᠪᠠᠰᠠ ᠴᠢᠨᠦ ᠬᠠᠭᠤᠴᠢᠨ ᠨᠤᠲᠤᠭ ᠤ᠋ᠨ ᠬᠡᠷᠡᠢᠳ ᠠᠢᠮᠠᠭ ᠢ᠋ ᠴᠢᠨᠦ ᠢᠯᠡᠭᠦᠦ ᠬᠠᠷ᠎ᠠ ᠠ᠋ᠴᠠ ᠪᠤᠯᠢᠶᠠᠨ ᠠᠪᠴᠤ ᠮᠥᠨ ᠬᠦ᠌ ᠴᠢᠮ᠎ᠠ ᠳ᠋ᠤ᠌ ᠥᠭᠴᠦ᠂ ᠴᠢᠮᠠᠶ᠋ᠢ ᠬᠠᠭᠤᠴᠢᠨ ᠤᠯᠤᠰ ᠲᠤ᠌ ᠴᠢᠨᠦ ᠡᠵᠡᠨ ᠪᠣᠯᠭᠠᠵᠤ᠂ ᠬᠠᠮᠤᠭ ᠢ᠋ ᠴᠢᠨᠦ ᠡᠵᠡᠯᠡᠭᠦᠯᠦᠨ᠂ ᠴᠢᠨᠦ ᠪᠡᠶ᠎ᠡ ᠶ᠋ᠢ ᠡᠷᠬᠢᠮ ᠦᠪᠡᠳᠡᠭᠰᠢ ᠪᠣᠯᠭᠠᠨ᠂ ᠭᠠᠷ ᠭᠠᠵᠠᠷ ᠬᠥᠯ ᠬᠥᠰᠡᠷ ᠠᠮᠤᠷ ᠵᠢᠷᠭᠠᠯᠠᠩ ᠢ᠋ ᠣᠯᠭᠣᠭᠰᠠᠨ ᠡᠨᠡ ᠬᠦ᠌ ᠶᠡᠬᠡ ᠠᠴᠢ ᠲᠤᠰᠠ ᠪᠣᠯᠤᠭᠰᠠᠨ ᠡᠨᠡ ᠲᠠᠪᠤ᠃ ᠪᠠᠰᠠ ᠪᠢ ᠭᠣᠷᠯᠣᠳ ᠤ᠋ᠨ ᠣᠯᠵᠠ ᠪᠠ ᠯᠠᠬᠠᠢᠳ ᠤ᠋ᠨ ᠣᠯᠵᠠ ᠶ᠋ᠢ ᠴᠥᠮ ᠴᠢᠮ᠎ᠠ ᠳ᠋ᠤᠷ ᠬᠤᠪᠢᠶᠠᠨ ᠥᠭᠴᠦ ᠴᠢᠨᠦ ᠤᠯᠤᠰ ᠠᠢᠮᠠᠭ ᠤ᠋ᠨ ᠥᠯᠥᠨ ᠳᠣᠷᠭᠣᠨ ᠢ᠋ ᠲᠡᠩᠬᠡᠷᠡᠭᠦᠯᠦᠨ ᠲᠡᠵᠢᠭᠡᠵᠦ᠂ ᠤᠯᠤᠰ ᠲᠥᠷᠥ ᠶ᠋ᠢ ᠴᠢᠨᠦ ᠡᠩᠬᠡᠵᠢᠭᠦᠯᠵᠦ ᠥᠭᠭᠦᠭᠰᠡᠨ ᠡᠨᠡ ᠬᠦ᠌ ᠠᠴᠢ ᠲᠤᠰᠠ ᠪᠣᠯᠤᠭᠰᠠᠨ ᠶᠠᠪᠤᠳᠠᠯ ᠡᠨᠡ ᠵᠢᠷᠭᠤᠬ᠎ᠠ᠃ ᠪᠠᠰᠠ ᠮᠢᠨᠦ ᠪᠡᠶ᠎ᠡ ᠶ᠋ᠢ ᠠᠯᠠᠷ᠎ᠠ ᠠᠪᠠᠴᠢᠭᠠᠳ ᠴᠢᠨᠦ ᠪᠡᠶ᠎ᠡ ᠶ᠋ᠢ ᠮᠢᠨᠦ ᠲᠦᠰᠢᠮᠡᠳ ᠪᠠᠷᠢᠵᠤ ᠠᠴᠢᠷᠠᠲᠠᠯ᠎ᠠ ᠪᠢ ᠠᠯᠠᠭᠰᠠᠨ ᠦᠭᠡᠢ ᠪᠥᠭᠡᠳ ᠠᠯᠲᠠ ᠲᠣᠷᠭ᠎ᠠ ᠪᠠᠷ ᠬᠠᠷᠢᠭᠤ ᠬᠦᠷᠭᠡᠭᠰᠡᠨ ᠪᠠᠢᠲᠠᠯ᠎ᠠ ᠬᠠᠷᠢᠨ ᠴᠡᠷᠢᠭ ᠠᠪᠤᠨ ᠨᠠᠮᠠᠶ᠋ᠢ ᠠᠯᠠᠷ᠎ᠠ ᠢᠷᠡᠭᠡᠳ ᠪᠠᠰᠠ ᠪᠠᠷᠢᠭᠳᠠᠭᠰᠠᠨ ᠳ᠋ᠤᠷ ᠠᠯᠠᠭᠰᠠᠨ ᠦᠭᠡᠢ ᠬᠠᠷᠢᠭᠤᠯᠪᠠ᠂ ᠡᠨᠡ ᠬᠦ᠌ ᠶᠡᠬᠡ ᠠᠴᠢ ᠲᠤᠰᠠ ᠪᠣᠯᠤᠭᠰᠠᠨ ᠳᠣᠯᠣᠭ᠎ᠠ᠃ ᠮᠢᠨᠦ ᠡᠳᠡᠭᠡᠷ ᠠᠰᠤᠷᠤ ᠶᠡᠬᠡ ᠠᠴᠢ ᠲᠤᠰᠠ ᠶ᠋ᠢ ᠴᠢᠨᠦ ᠪᠡᠶ᠎ᠡ ᠮᠡᠳᠡᠬᠦ ᠶ᠋ᠢ ᠴᠦ᠍ ᠪᠠᠢᠲᠤᠭᠠᠢ᠂ ᠮᠠᠨ ᠤ᠋ ᠬᠣᠢᠲᠤ ᠭᠠᠵᠠᠷ ᠤ᠋ᠨ ᠨᠡᠢᠲᠡ ᠪᠦᠭᠦᠳᠡᠭᠡᠷ ᠲᠣᠪ ᠳᠣᠲᠣᠷᠬᠠᠶ᠎ᠠ ᠮᠡᠳᠡᠬᠦ ᠢᠨᠤ ᠪᠣᠯᠠᠢ! ᠮᠢᠨᠦ ᠡᠳᠡᠭᠡᠷ ᠵᠡᠷᠭᠡ ᠶ᠋ᠢᠨ ᠤᠳᠠᠭ᠎ᠠ ᠳᠠᠷᠠᠭ᠎ᠠ ᠶ᠋ᠢᠨ ᠠᠴᠢ ᠲᠤᠰᠠ ᠪᠣᠯᠤᠭᠰᠠᠨ ᠢ᠋ ᠴᠢ ᠨᠢᠭᠡᠬᠡᠨ ᠴᠦ᠍ ᠬᠠᠷᠢᠭᠤᠯᠠᠭᠰᠠᠨ ᠦᠭᠡᠢ ᠪᠡᠷ ᠦᠯᠦ ᠪᠠᠷᠠᠨ᠂ ᠭᠡᠳᠡᠷᠭᠦ ᠬᠠᠷᠢᠨ ᠤᠳᠠᠭ᠎ᠠ ᠳᠠᠷᠠᠭ᠎ᠠ ᠲᠡᠷᠰᠯᠡᠨ ᠤᠷᠪᠠᠵᠤ ᠥᠰᠢᠶᠡᠯᠡᠨ ᠶᠠᠪᠤᠬᠤ ᠠᠨᠤ ᠶᠠᠭᠤᠨ ᠠᠵᠢ ? ᠲᠠᠨ ᠤ᠋ ᠮᠠᠨ  ᠢ᠋ ᠳᠠᠷᠤᠯᠠᠭᠰᠠᠨ ᠶᠠᠯ᠎ᠠ ᠶ᠋ᠢ ᠬᠤᠷᠤᠭᠤ ᠳᠠᠷᠤᠨ ᠲᠣᠭᠠᠯᠠᠪᠠᠰᠤ : ᠲᠡᠷᠢᠭᠦᠨ ᠳ᠋ᠦ᠍ᠷ ᠮᠠᠨ ᠳ᠋ᠤᠷ ᠳᠠᠭᠠᠭᠰᠠᠨ ᠮᠡᠷᠭᠡᠨ ᠠᠢᠮᠠᠭ ᠤ᠋ᠨ ᠮᠠᠩᠨᠣᠭᠲᠤ ᠶ᠋ᠢᠨ ᠪᠠᠷᠠᠭᠤᠨ ᠭᠠᠷ ᠤ᠋ᠨ ᠣᠯᠠᠨ ᠢ᠋ ᠳᠠᠪᠴᠢᠯᠠᠪᠠ᠃ ᠲᠠᠨ ᠤ᠋ ᠰᠥᠷᠴᠦ ᠲᠡᠷᠰᠯᠡᠭᠰᠡᠨ ᠶᠠᠪᠤᠳᠠᠯ ᠡᠨᠡ ᠨᠢᠭᠡᠳᠦᠭᠡᠷ᠃ ᠪᠢᠳᠡ ᠳᠤᠤᠭᠠᠷᠤᠭᠰᠠᠨ ᠦᠭᠡᠢ᠃ ᠵᠠᠮᠤᠬ᠎ᠠ ᠲᠡᠷᠡ ᠤᠴᠢᠷ ᠲᠤᠷ ᠤᠷᠪᠠᠵᠤ ᠤᠷᠭᠤᠭᠰᠠᠨ ᠪᠥᠯᠥᠭᠡ᠂ ᠳᠠᠷᠠᠭ᠎ᠠ ᠪᠠᠷ ᠭᠣᠷᠯᠣᠳ ᠢ᠋ ᠪᠠᠢᠯᠳᠤᠬᠤ ᠤᠳᠠᠭ᠎ᠠ ᠴᠢ ᠲᠠᠩᠭᠠᠷᠢᠭ ᠠ᠋ᠴᠠ ᠨᠣᠴᠣᠵᠤ᠂ ᠭᠣᠷᠯᠣᠳ ᠤ᠋ᠨ ᠬᠠᠬᠤᠤᠯᠢ ᠶ᠋ᠢ ᠢᠳᠡᠵᠦ᠂ ᠴᠡᠷᠢᠭ ᠢ᠋ᠶ᠋ᠡᠨ ᠲᠠᠲᠠᠵᠤ ᠰᠡᠮᠡᠬᠡᠷ ᠤᠷᠭᠤᠵᠤ ᠪᠢᠳᠡᠨ ᠢ᠋ ᠭᠡᠨᠡᠳᠡᠭᠦᠯᠪᠡ᠃ ᠡᠨᠡ ᠰᠥᠷᠴᠦ ᠲᠡᠷᠰᠯᠡᠭᠰᠡᠨ ᠶᠠᠪᠤᠳᠠᠯ ᠡᠨᠡ ᠬᠣᠶᠠᠷ᠃ ᠪᠢᠳᠡ ᠪᠠᠰᠠ ᠳᠤᠤᠭᠠᠷᠤᠭᠰᠠᠨ ᠦᠭᠡᠢ᠃ ᠪᠠᠰᠠ ᠨᠠᠢ᠍ᠮᠠᠨ ᠤᠯᠤᠰ ᠤ᠋ᠨ ᠴᠢᠦᠢ ᠰᠢᠦᠸᠠᠢ ᠡᠦ ᠴᠡᠷᠢᠭ ᠠᠪᠤᠨ ᠮᠠᠨ ᠢ᠋ ᠳᠠᠷᠤᠯᠠᠵᠤ᠂ ᠳᠠᠯᠠᠭᠠᠳ ᠨᠡᠷᠡᠲᠦ ᠭᠠᠵᠠᠷ᠎ᠠ ᠶᠡᠬᠡ ᠪᠠᠢᠯᠳᠤᠭᠠᠨ ᠪᠣᠯᠵᠤ ᠪᠠᠢᠲᠠᠯ᠎ᠠ ᠳᠠ ᠰᠣᠨᠣᠰᠴᠤ ᠪᠠᠢᠭᠠᠳ ᠲᠤᠰᠠᠯᠠᠬᠤ ᠦᠭᠡᠢ ᠪᠡᠷ ᠦᠯᠦ ᠪᠠᠷᠠᠨ᠂ ᠬᠠᠷᠢᠨ ᠬᠤᠯᠠᠭᠠᠢ ᠴᠡᠷᠢᠭ ᠢ᠋ᠶ᠋ᠡᠷ ᠬᠤᠯᠠᠭᠤᠵᠤ ᠣᠯᠵᠠᠯᠠᠪᠠ᠃ ᠡᠨᠡ ᠵᠢᠷᠤᠮ ᠦᠭᠡᠢ ᠲᠡᠷᠰᠯᠡᠭᠦᠦ ᠡᠨᠡ ᠭᠤᠷᠪᠠ᠃ ᠪᠢᠳᠡ ᠪᠠᠰᠠ ᠳᠤᠤᠭᠠᠷᠤᠭᠰᠠᠨ ᠦᠭᠡᠢ᠃ ᠳᠠᠭᠠᠯᠳᠤᠭ᠎ᠠ ᠮᠢᠨᠦ ᠤᠷᠤᠭᠤᠳᠠᠯ ᠪᠣᠭᠣᠯ ᠵᠠᠮᠤᠬ᠎ᠠ ᠲᠡᠭᠷᠢ ᠶ᠋ᠢ ᠰᠥᠷᠴᠦ ᠬᠠᠭᠠᠨ ᠨᠡᠷᠡᠢᠳᠴᠦ ᠪᠢ ᠳᠠᠢᠯᠠᠨ ᠳᠠᠷᠤᠭᠳᠠᠭᠤᠯᠤᠭᠰᠠᠨ ᠢ᠋ ᠲᠠ ᠪᠠᠷᠢᠭᠰᠠᠨ ᠪᠥᠭᠡᠳ ᠨᠠᠳᠠ ᠳ᠋ᠤᠷ ᠡᠰᠡ ᠲᠤᠰᠢᠶᠠᠬᠤ ᠪᠠᠷ ᠦᠯᠦ ᠪᠠᠷᠠᠨ᠂ ᠲᠡᠷᠡ ᠨᠣᠬᠠᠢ ᠪᠠᠷ ᠨᠠᠳᠠ ᠳ᠋ᠤᠷ ᠬᠠᠯᠳᠠᠵᠤ ᠶᠠᠪᠤᠬᠤ ᠡᠨᠡ ᠵᠢᠷᠤᠮ ᠦᠭᠡᠢ ᠲᠡᠷᠰᠯᠡᠭᠦᠦ ᠶᠠᠪᠤᠳᠠᠯ ᠳᠥᠷᠪᠡ᠃ ᠪᠢᠳᠡ ᠪᠠᠰᠠ ᠳᠤᠤᠭᠠᠷᠤᠭᠰᠠᠨ ᠦᠭᠡᠢ᠃ ᠳᠠᠷᠠᠭ᠎ᠠ ᠪᠠᠰᠠ ᠮᠢᠨᠦ ᠲᠤᠰ ᠥᠰᠢᠶᠡᠲᠡᠨ ᠢ᠋ ᠲᠠᠯᠪᠢᠨ ᠢᠯᠡᠭᠡᠵᠦ᠂ ᠮᠢᠨᠦ ᠳᠦᠭᠦᠯᠡ ᠮᠥᠷᠡᠨ ᠦ᠌ ᠡᠮᠦᠨ᠎ᠡ ᠪᠦᠬᠦᠢ ᠡᠪᠦᠯᠵᠢᠶᠡᠨ ᠦ᠌ ᠨᠤᠲᠤᠭ ᠢ᠋ ᠮᠢᠨᠦ ᠭᠠᠯ ᠲᠠᠯᠪᠢᠭᠤᠯᠤᠨ᠂ ᠮᠢᠨᠦ ᠤᠯᠤᠰ ᠠᠯᠪᠠᠲᠤ ᠶ᠋ᠢᠨ ᠭᠡᠷ ᠨᠤᠲᠤᠭ ᠡᠳ᠋ ᠮᠠᠯ ᠢ᠋ ᠳᠠᠪᠴᠢᠯᠠᠭᠰᠠᠨ ᠡᠨᠡ ᠵᠢᠷᠤᠮ ᠦᠭᠡᠢ ᠶᠠᠪᠤᠳᠠᠯ ᠲᠠᠪᠤ᠃ ᠪᠠᠰᠠ ᠥᠨᠥᠬᠡᠨ ᠮᠢᠨᠦ ᠪᠡᠶ᠎ᠡ ᠶ᠋ᠢ ᠬᠠᠭᠤᠷᠤᠨ ᠠᠪᠠᠴᠢᠵᠤ᠂ ᠵᠥᠭᠡᠯᠡᠨ ᠬᠣᠣᠷ ᠤ᠋ᠨ ᠭᠤᠷᠪᠠᠨ ᠵᠢᠭᠰᠠᠭᠠᠯ᠂ ᠬᠠᠲᠠᠭᠤ ᠳᠠᠢᠰᠤᠨ ᠤ᠋ ᠭᠤᠷᠪᠠᠨ ᠵᠢᠭᠰᠠᠭᠠᠯ ᠪᠡᠯᠡᠳᠬᠡᠵᠦ᠂ ᠵᠢᠷᠭᠤᠭᠠᠨ ᠳᠠᠪᠬᠤᠷ ᠬᠣᠷᠣ ᠬᠠᠷ᠎ᠠ ᠶ᠋ᠢ ᠪᠡᠯᠡᠳᠴᠦ ᠨᠠᠮᠠᠶ᠋ᠢ ᠠᠯᠠᠰᠤᠭᠠᠢ ᠬᠡᠮᠡᠭᠰᠡᠨ ᠡᠨᠡ ᠵᠢᠷᠤᠮ ᠦᠭᠡᠢ ᠲᠡᠷᠰᠯᠡᠭᠦᠦ ᠶᠠᠪᠤᠳᠠᠯ ᠵᠢᠷᠭᠤᠬ᠎ᠠ᠃ ᠪᠢᠳᠡ ᠪᠠᠰᠠ ᠬᠦ᠌ ᠳᠤᠤᠭᠠᠷᠤᠭᠰᠠᠨ ᠦᠭᠡᠢ᠃ ᠡᠳᠦᠭᠡ ᠴᠢ ᠪᠡᠶ᠎ᠡ ᠪᠡᠨ ᠬᠠᠭᠠᠨ ᠭᠡᠮᠡᠨ ᠡᠷᠭᠦᠭᠡᠳ ᠬᠠᠷᠢᠨ ᠭᠡᠳᠡᠷᠭᠦ ᠠᠴᠢᠲᠠᠨ ᠤ᠋ ᠬᠠᠷᠢᠭᠤ ᠠᠯᠠᠬᠤ ᠪᠠᠷ ᠬᠠᠷᠢᠭᠤᠯᠠᠵᠤ᠂ ᠳᠤᠲᠠᠭᠠᠵᠤ ᠪᠠᠢᠬᠤ ᠪᠢᠳᠡᠨ ᠢ᠋ ᠳᠡᠰ ᠠᠭᠤᠯᠠᠨ᠎ᠠ ᠨᠡᠬᠡᠨ ᠬᠦᠷᠴᠦ ᠡᠷᠢᠨ ᠠᠯᠠᠷ᠎ᠠ ᠡᠴᠢᠭᠰᠡᠨ᠂ ᠡᠨᠡ ᠵᠢᠷᠤᠮ ᠦᠭᠡᠢ ᠶᠠᠪᠤᠳᠠᠯ  ᠳᠣᠯᠣᠭ᠎ᠠ᠃ ᠡᠢᠨ ᠬᠦ᠌ ᠤᠳᠠᠭ᠎ᠠ ᠳᠠᠷᠠᠭ᠎ᠠ ᠳᠣᠯᠣᠭᠠᠨ ᠵᠡᠷᠭᠡ ᠶ᠋ᠢᠨ ᠶᠡᠬᠡ ᠠᠴᠢ ᠲᠤᠰᠠ ᠶ᠋ᠢ ᠲᠠ ᠨᠢᠭᠡᠨ ᠤᠳᠠᠭ᠎ᠠ ᠴᠤ᠌ ᠬᠠᠷᠢᠭᠤᠯᠠᠬᠤ ᠦᠭᠡᠢ ᠪᠡᠷ ᠦᠯᠦ ᠪᠠᠷᠠᠨ᠂ ᠭᠡᠳᠡᠷᠭᠦ ᠬᠠᠷᠢᠨ ᠤᠳᠠᠭ᠎ᠠ ᠪᠦᠷᠢ ᠬᠠᠷᠭᠢᠰ ᠰᠥᠷᠭᠡᠦ ᠪᠡᠷ ᠳᠣᠯᠣᠭᠠᠨ ᠵᠡᠷᠭᠡ ᠬᠠᠯᠳᠠᠨ ᠲᠡᠷᠰᠯᠡᠬᠦ ᠢᠨᠤ ᠡᠭᠡᠨᠡᠭᠲᠡ ᠶᠠᠭᠤᠨ ᠤ᠋ ᠦᠰ ᠥᠰᠢᠶ᠎ᠡ ᠪᠠᠢᠬᠤ ᠠᠵᠢ ? ᠮᠣᠷᠢ ᠪᠣᠯᠪᠠᠴᠤ ᠡᠵᠡᠨ ᠳ᠋ᠡᠭᠡᠨ ᠡᠭᠡᠯᠢᠲᠡᠢ ᠭᠠᠵᠠᠷ ᠪᠣᠢ᠂ ᠨᠣᠬᠠᠢ ᠪᠣᠯᠪᠠᠴᠤ ᠡᠷᠦᠬᠡ ᠳ᠋ᠡᠭᠡᠨ ᠡᠯᠢᠭᠡᠰᠢᠶᠡᠬᠦ ᠰᠡᠳᠬᠢᠯ ᠪᠣᠢ ᠪᠥᠭᠡᠲᠡᠯ᠎ᠡ ᠡᠵᠡᠨ ᠬᠠᠭᠠᠨ ᠭᠡᠮᠡᠨ ᠨᠡᠷᠡᠢᠳᠦᠭᠡᠳ ᠢᠩᠭᠢᠵᠦ ᠶᠠᠪᠤᠳᠠᠭ ᠬᠠᠤᠯᠢ ᠪᠣᠢ ᠤᠤ ? ᠡᠳᠦᠭᠡ ᠪᠠᠰᠠ ᠬᠦ᠌ ᠡᠯᠳᠡᠪ ᠭᠠᠵᠠᠷ ᠡᠯ᠎ᠡ ᠤᠯᠤᠰ ᠠ᠋ᠴᠠ ᠴᠡᠷᠢᠭ ᠲᠠᠲᠠᠵᠤ ᠡᠭᠡᠨᠡᠭᠲᠡ ᠬᠡᠷᠬᠢᠰᠦᠭᠡᠢ ᠬᠡᠮᠡᠬᠦ ᠠᠵᠢ !ᠡᠷᠬᠡᠪᠰᠢ ᠨᠠᠮᠠᠶ᠋ᠢ ᠶᠡᠬᠡ ᠴᠡᠷᠢᠭ ᠬᠥᠳᠡᠯᠭᠡᠵᠦ ᠨᠤᠲᠤᠭ ᠢ᠋ᠶ᠋ᠠᠨ ᠤᠯᠠᠢᠲᠠᠯ᠎ᠠ ᠦᠨᠡᠰᠦᠨ ᠢ᠋ᠶ᠋ᠡᠨ ᠬᠡᠢᠰᠲᠡᠯ᠎ᠡ ᠦᠷ᠎ᠡ ᠪᠡᠨ ᠲᠠᠰᠤᠷᠠᠲᠠᠯ᠎ᠠ ᠦᠨᠳᠦᠰᠦᠨ ᠢ᠋ᠶ᠋ᠡᠨ ᠳᠡᠢᠯᠦᠭᠳᠡᠨ ᠮᠥᠬᠥᠭᠡᠭᠳᠡᠬᠦ ᠶ᠋ᠢ ᠬᠦᠯᠢᠶᠡᠮᠦᠢ ᠦᠦ ? ᠡᠳᠦᠭᠡ ᠬᠡᠲᠦᠷᠬᠡᠶ᠎ᠡ ᠮᠤᠩᠬᠠᠭ ᠲᠤᠷ ᠴᠢᠨᠦ ᠡᠨᠡ ᠮᠡᠲᠦ ᠬᠡᠯᠡᠭᠦᠯᠦᠨ ᠢᠯᠡᠬᠡᠨ ᠪᠢᠴᠢᠭ ᠥᠭᠴᠦ ᠪᠠᠢᠲᠠᠯ᠎ᠠ ᠪᠠᠰᠠ ᠬᠦ᠌ ᠰᠡᠩᠬᠡᠷᠡᠨ ᠮᠡᠳᠡᠬᠦ ᠦᠭᠡᠢ᠂ ᠮᠥᠷᠭᠥᠵᠦ ᠳᠠᠭᠠᠷ᠎ᠠ ᠢᠷᠡᠬᠦ ᠦᠭᠡᠢ ᠪᠣᠯᠪᠠᠰᠤ ᠬᠣᠢᠴᠢ ᠡᠳᠦᠷ ᠬᠠᠮᠤᠭ ᠪᠦᠬᠦᠨ ᠢ᠋ᠶ᠋ᠡᠨ ᠴᠥᠮ ᠪᠦᠷᠢᠯᠭᠡᠭᠡᠳ ᠬᠠᠯᠠᠭᠤᠨ ᠠᠮᠢᠨ ᠠ᠋ᠴᠠ ᠬᠠᠭᠠᠴᠠᠨ ᠰᠠᠯᠬᠤ ᠲᠡᠷᠡ ᠴᠠᠭ ᠲᠤᠷ ᠬᠠᠯᠠᠰᠢᠷᠠᠨ ᠭᠡᠮᠰᠢᠵᠦ ᠬᠠᠷᠪᠢᠰᠤ ᠮᠡᠲᠦ ᠬᠠᠷᠭᠢᠰ ᠬᠥᠪᠡᠭᠦᠨ ᠳ᠋ᠡᠭᠡᠨ ᠲᠦᠯᠬᠢᠯᠡᠨ᠂ ᠪᠢᠲᠡᠭᠡᠢ ᠬᠠᠲᠤᠭᠲᠠᠢ ᠬᠥᠮᠦᠨ ᠦ᠌ ᠠᠭᠠᠰᠢ ᠵᠠᠩ ᠭᠠᠷᠭ᠎ᠠ ᠭᠡᠮᠡᠨ ᠠᠯᠤᠬ᠎ᠠ ᠨᠠᠮᠠᠶ᠋ᠢ ᠵᠠᠷᠤᠵᠤ ᠢᠯᠡᠭᠡᠪᠡ᠃ ᠤᠷᠢᠳᠠ ᠲᠠᠨ ᠳ᠋ᠤᠷ ᠳᠠᠭᠠᠬᠤ ᠪᠢᠴᠢᠭ ᠪᠢᠴᠢᠮᠦᠢ ᠬᠡᠮᠡᠭᠰᠡᠨ ᠪᠠ ᠪᠢ ᠣᠷᠣᠵᠤ ᠢᠷᠡᠮᠡᠭᠴᠡ ᠲᠠᠨ ᠢ᠋ ᠲᠡᠩᠰᠡᠵᠦ ᠮᠡᠳᠡᠶ᠎ᠡ ᠬᠡᠮᠡᠭᠰᠡᠨ ᠮᠢᠨᠦ ᠡᠭᠡᠨᠡᠭᠲᠡ ᠡᠳᠡᠭᠡᠷ ᠦᠭᠡ ᠶ᠋ᠢ ᠬᠡᠯᠡᠵᠦ ᠪᠦᠷᠢᠳᠬᠡᠬᠦ ᠴᠢᠯᠥᠭᠡ ᠶ᠋ᠢ ᠡᠷᠢᠭᠰᠡᠨ ᠬᠡᠷᠡᠭ ᠪᠥᠯᠥᠭᠡ᠂ ᠡᠨᠡ ᠪᠢᠴᠢᠭ ᠶᠠᠭᠠᠬᠢᠭᠰᠠᠨ ᠲᠠᠨ ᠳ᠋ᠤᠷ ᠳᠠᠭᠠᠬᠤ ᠪᠢᠴᠢᠭ᠂ ᠭᠡᠳᠡᠷᠭᠦ ᠬᠠᠷᠢᠨ ᠲᠠᠨ ᠢ᠋ ᠳᠠᠭᠠᠭᠤᠯᠬᠤ ᠪᠢᠴᠢᠭ ᠪᠣᠯᠠᠢ᠃ ᠦᠭᠡ ᠪᠠᠷᠠᠭᠰᠠᠨ ᠬᠣᠢᠨ᠎ᠠ ᠲᠠᠨ ᠤ᠋ ᠠᠯᠠᠬᠤ ᠠ᠋ᠴᠠ ᠶᠠᠭᠤᠨ ᠠᠶᠤᠬᠤ ? ᠮᠢᠨᠦ ᠡᠵᠡᠨ ᠬᠠᠭᠠᠨ ᠴᠢᠮᠠᠶ᠋ᠢ ᠳᠣᠯᠣᠭᠠᠨ ᠤᠳᠠᠬ᠎ᠠ ᠠᠪᠤᠷᠠᠭᠰᠠᠨ ᠠᠴᠢ ᠳ᠋ᠤᠷ ᠬᠠᠨ ᠴᠢ ᠣᠳᠣ ᠨᠠᠮᠠᠶ᠋ᠢ ᠨᠢᠭᠡᠬᠡᠨ ᠤᠳᠠᠭ᠎ᠠ ᠠᠯᠠᠵᠤ ᠬᠠᠷᠢᠭᠤᠯᠠᠭᠳᠠᠬᠤᠢ ! ᠪᠢ ᠬᠡᠮᠡᠭᠴᠢ ᠪᠧᠲ᠋ᠠ᠋ ᠤᠯᠤᠰ ᠲᠠᠭᠠᠨ ᠠᠯᠠᠭᠳᠠᠬᠤ ᠶᠠᠯ᠎ᠠ ᠲᠠᠢ ᠲᠤᠯᠠ ᠲᠤᠬᠠᠢᠯᠠᠨ ᠡᠨᠡ ᠭᠠᠵᠠᠷ᠎ᠠ ᠠᠯᠠᠨᠳᠠᠷ᠎ᠠ ᠢᠷᠡᠪᠡᠢ ᠪᠢ ! 》 ᠭᠡᠮᠡᠨ ᠬᠡᠯᠡᠭᠡᠳ ᠦᠵᠡᠪᠡᠰᠦ ᠲᠠᠢᠽᠦ ᠠ᠋ᠴᠠ ᠤᠷᠪᠠᠭᠰᠠᠨ ᠠᠷᠳᠠ᠂ ᠬᠤᠰᠠᠭᠤᠷ᠂ ᠳᠡᠯᠵᠢᠲᠠᠢ ᠭᠤᠷᠪᠠᠭᠤᠯᠠ ᠪᠠᠰᠠ ᠸᠠᠩ ᠬᠠᠭᠠᠨ ᠤ᠋ ᠬᠠᠵᠠᠭᠤᠳᠠ ᠲᠦᠰᠢᠮᠡᠯ ᠦ᠋ᠨ ᠶᠣᠰᠣᠭᠠᠷ ᠵᠣᠭᠰᠣᠵᠤ ᠪᠣᠢ ᠲᠤᠯᠠ ᠠᠯᠤᠬ᠎ᠠ ᠳᠠᠷᠤᠢ ᠬᠤᠷᠤᠭᠤ ᠪᠠᠷ ᠵᠢᠭᠠᠵᠤ ᠥᠭᠦᠯᠡᠷᠦᠨ : 《 ᠡᠵᠡᠨ ᠦ᠌ ᠵᠠᠬᠢᠶ᠎ᠠ᠂ ᠲᠠ ᠭᠤᠷᠪᠠᠭᠤᠯᠠ ᠳ᠋ᠤᠷ ᠵᠠᠬᠢᠵᠤ ᠥᠭ ᠬᠡᠮᠡᠭᠰᠡᠨ ᠢᠨᠤ : ᠡᠷᠲᠡ ᠮᠠᠨ ᠤ᠋  ᠪᠧᠲ᠋ᠠ᠋ ᠤᠯᠤᠰ ᠲᠤᠷ ᠡᠵᠡᠨ ᠡᠬᠢ ᠦᠭᠡᠢ ᠪᠦᠬᠦᠢ ᠴᠠᠭ ᠲᠤᠷ ᠣᠯᠠᠨ ᠢ᠋ᠶ᠋ᠠᠷ ᠨᠠᠮᠠᠶ᠋ᠢ ᠭᠣᠣᠯ ᠰᠠᠯᠠᠬ᠎ᠠ ᠴᠣᠬᠣᠮ ᠦᠨᠳᠦᠰᠦ ᠭᠡᠮᠡᠨ ᠪᠧᠲ᠋ᠠ᠋ ᠤᠯᠤᠰ ᠤ᠋ᠨ ᠡᠵᠡᠨ ᠪᠣᠯᠭᠠᠨ ᠮᠥᠷᠭᠥᠬᠦ ᠴᠠᠭ ᠲᠤᠷ ᠮᠠᠨ ᠤ᠋ ᠤᠯᠤᠰ ᠤ᠋ᠨ ᠠᠬ᠎ᠠ ᠳᠡᠭᠦᠦ ᠪᠣᠯᠬᠤ ᠰᠠᠷᠠᠨ ᠪᠥᠷᠭᠡ᠂ ᠰᠠᠢᠠᠳᠠᠮᠲᠤ ᠨᠠᠷ ᠢ᠋ ᠪᠧᠲ᠋ᠠ᠋ ᠤᠯᠤᠰ ᠢ᠋ ᠬᠠᠪᠰᠤᠷᠤᠨ ᠵᠠᠬᠢᠷᠤᠶ᠎ᠠ ᠭᠡᠮᠡᠨ ᠬᠡᠯᠡᠬᠦᠯ᠎ᠡ ᠲᠡᠳᠡ ᠦᠯᠦ ᠪᠣᠯᠬᠤ ᠶ᠋ᠢᠨ ᠲᠤᠯᠠ ᠪᠢ ᠲᠠᠨ ᠤ᠋ ᠭᠤᠷᠪᠠᠭᠤᠯᠠ ᠶ᠋ᠢ ᠮᠢᠨᠦ ᠲᠥᠷᠥᠯ ᠦ᠋ᠨ ᠶᠠᠰᠤ ᠤᠭᠰᠠᠭ᠎ᠠ ᠭᠡᠮᠡᠨ ᠬᠡᠯᠡᠬᠦᠯ᠎ᠡ ᠲᠠᠨ ᠤ᠋ ᠭᠤᠷᠪᠠᠭᠤᠯᠠ ᠲᠡᠮᠡᠭᠡ ᠶ᠋ᠢᠨ ᠠᠴᠢᠶ᠎ᠠ ᠬᠦᠨᠳᠦ ᠭᠡᠮᠡᠨ ᠡᠰᠡ ᠪᠣᠯᠪᠠ᠃ ᠡᠭᠦᠨ ᠳ᠋ᠦ᠍ᠷ ᠤᠯᠤᠰ ᠲᠤᠷ ᠡᠵᠡᠨ ᠦᠭᠡᠢ ᠦᠯᠦ ᠪᠣᠯᠬᠤ ᠲᠤᠯᠠ ᠪᠧᠲ᠋ᠠ᠋ ᠤᠯᠤᠰ ᠤ᠋ᠨ ᠣᠯᠠᠨ ᠢ᠋ᠶ᠋ᠠᠷ ᠪᠢᠴᠢᠬᠠᠨ ᠠᠲᠠᠯ᠎ᠠ ᠨᠠᠮᠠᠶ᠋ᠢ ᠭᠣᠣᠯ ᠰᠠᠯᠠᠭ᠎ᠠ ᠭᠡᠮᠡᠨ ᠡᠷᠭᠦᠵᠦ ᠡᠵᠡᠯᠡᠭᠦᠯᠦᠭᠰᠡᠨ ᠪᠣᠢ ᠶ᠎ᠡ ᠂ ᠪᠢ ᠥᠪᠡᠷ ᠢ᠋ᠶ᠋ᠡᠨ ᠪᠤᠯᠢᠶᠠᠵᠤ ᠡᠵᠡᠯᠡᠭᠰᠡᠨ ᠢᠨᠤ ᠪᠤᠰᠤ ᠶ᠋ᠢ ᠲᠠ ᠴᠥᠮ ᠮᠡᠳᠡᠬᠦ ᠪᠤᠰᠤ ᠤᠤ ? ᠲᠡᠢᠨ ᠬᠦ᠌ ᠬᠣᠢᠨ᠎ᠠ ᠪᠢ ᠵᠠᠰᠠᠭ ᠴᠠᠭᠠᠵᠠ ᠶ᠋ᠢ ᠲᠡᠭᠰᠢᠳᠬᠡᠵᠦ᠂ ᠴᠡᠷᠢᠭ ᠬᠤᠶᠠᠭ ᠢ᠋ ᠪᠢᠰᠢᠷᠡᠭᠦᠯᠦᠨ ᠬᠡᠷᠡᠭᠯᠡᠬᠦᠶ᠎ᠡ᠂ ᠲᠠ ᠭᠤᠷᠪᠠᠭᠤᠯᠠ ᠮᠢᠨᠦ ᠲᠥᠷᠥᠯ ᠦ᠋ᠨ ᠠᠬᠠᠮᠠᠳ ᠬᠥᠪᠡᠭᠦᠨ ᠪᠥᠭᠡᠳ ᠮᠢᠨᠦ ᠵᠠᠰᠠᠭ ᠴᠠᠭᠠᠵᠠ ᠶ᠋ᠢ ᠰᠥᠷᠬᠦᠢ ᠳ᠋ᠦ᠍ᠷ ᠪᠢ ᠪᠧᠲ᠋ᠠ᠋ ᠤᠯᠤᠰ ᠤ᠋ᠨ ᠬᠣᠲᠠᠯᠠᠭᠠᠷ ᠬᠥᠮᠦᠨ ᠢ᠋ ᠬᠡᠷᠬᠢᠨ ᠵᠠᠰᠠᠭᠯᠠᠨ ᠴᠠᠭᠠᠵᠠᠯᠠᠬᠤ ᠠᠵᠢ ? ᠲᠡᠢᠨ ᠠᠲᠠᠯ᠎ᠠ ᠲᠠ ᠮᠢᠨᠦ ᠵᠠᠰᠠᠭ ᠴᠠᠭᠠᠵᠠ ᠠ᠋ᠴᠠ ᠳᠠᠪᠠᠵᠤ᠂ ᠣᠯᠠᠨ ᠴᠡᠷᠢᠭ ᠯᠦ᠍ᠭᠡ ᠬᠠᠮᠲᠤ ᠣᠯᠵᠠᠯᠠᠭᠰᠠᠨ ᠢ᠋ ᠳᠠᠭ᠎ᠠ ᠳᠠᠭ᠎ᠠ ᠪᠠᠷ ᠥᠮᠴᠢᠯᠡᠨ ᠡᠵᠡᠷᠬᠡᠬᠦᠢ ᠳ᠋ᠦ᠍ᠷ ᠪᠠᠰᠠ ᠪᠢ ᠲᠠᠨ ᠢ᠋ ᠢᠯᠡ ᠵᠠᠰᠠᠭ ᠤ᠋ᠨ ᠴᠠᠭᠠᠵᠠ ᠪᠠᠷ ᠠᠪᠠᠴᠢᠵᠤ ᠰᠢᠳᠬᠡᠪᠡᠰᠦ ᠵᠣᠬᠢᠬᠤ ᠠᠲᠠᠯ᠎ᠠ ᠲᠡᠢᠨ ᠠᠪᠠᠴᠢᠪᠠᠰᠤ ᠲᠥᠷᠥᠯ ᠳ᠋ᠡᠭᠡᠨ ᠲᠥᠷᠥᠯᠰᠡᠭ᠂ ᠡᠯᠢᠭᠡ ᠳ᠋ᠡᠭᠡᠨ ᠡᠶᠡᠯᠰᠡᠭ ᠦᠭᠡᠢ ᠪᠣᠯᠭᠤᠵᠠᠢ ᠭᠡᠮᠡᠨ ᠲᠠᠨ ᠢ᠋ ᠠᠯᠠᠬᠤ ᠶᠠᠯ᠎ᠠ ᠠ᠋ᠴᠠ ᠠᠪᠤᠷᠠᠨ᠂ ᠬᠡᠯᠪᠡᠢᠭᠦᠦ ᠶᠠᠯ᠎ᠠ ᠠ᠋ᠴᠠ ᠬᠡᠯᠲᠦᠷᠢᠭᠦᠯᠦᠨ ᠭᠠᠷᠭᠠᠭᠰᠠᠨ ᠪᠥᠭᠡᠲᠡᠯ᠎ᠡ ᠲᠠ ᠬᠠᠷᠢᠨ ᠰᠢᠲᠦᠬᠦ ᠦᠭᠡᠢ ᠪᠡᠷ ᠦᠯᠦ ᠪᠠᠷᠠᠨ᠂ ᠰᠢᠲᠦ ᠵᠠᠭᠤᠨ ᠨᠠᠮᠠᠶ᠋ᠢ ᠠᠯᠠᠬᠤ ᠳᠠᠢᠰᠤᠨ ᠯᠤᠬ᠎ᠠ ᠳᠣᠲᠣᠭᠤᠷ ᠵᠥᠪᠯᠡᠯ ᠨᠡᠢᠴᠡᠵᠦ ᠪᠠᠢᠲᠠᠯ᠎ᠠ ᠪᠢ ᠪᠠᠰᠠ ᠬᠦ᠌ ᠬᠡᠷᠡᠭᠰᠡᠭᠰᠡᠨ ᠦᠭᠡᠢ ᠪᠥᠬᠥᠶ᠎ᠡ᠂ ᠡᠳᠦᠭᠡ ᠢᠯᠡᠷᠭᠡᠶ᠎ᠡ ᠤᠷᠪᠠᠨ ᠣᠳᠬᠤᠢ ᠳ᠋ᠤᠷ ᠬᠦᠷᠦᠭᠰᠡᠨ ᠢᠨᠦ ᠪᠢ ᠲᠠᠨ ᠢ᠋ ᠦᠲᠡᠭᠡᠷᠦᠨ ᠬᠣᠷᠣᠰᠬᠠᠭᠰᠠᠨ ᠶᠠᠮᠪᠠᠷ ᠭᠠᠵᠠᠷ ᠪᠣᠢ ᠠᠮᠤᠢ ? ᠡᠳᠦᠭᠡ ᠠᠷᠤ ᠭᠠᠵᠠᠷ ᠤ᠋ᠨ ᠡᠨᠡᠬᠦ ᠭᠤᠷᠪᠠᠨ ᠮᠥᠷᠡᠨ ᠬᠡᠮᠡᠭᠴᠢ ᠮᠠᠨ ᠤ᠋ ᠤᠷᠢᠳᠤᠰ ᠡᠪᠦᠭᠡᠳ ᠦ᠋ᠨ ᠬᠠᠭᠠᠨ ᠰᠠᠭᠤᠷᠢᠨ ᠪᠠᠢᠭᠤᠯᠤᠭᠰᠠᠨ ᠠᠭᠤᠯᠠ ᠤᠰᠤ ᠪᠤᠶᠤ᠂ ᠲᠠ ᠲᠡᠭᠦᠨ ᠢ᠋ ᠬᠢᠲᠠᠳ ᠲᠤᠷ ᠪᠢᠲᠡᠭᠡᠢ ᠡᠵᠡᠯᠡᠭᠦᠯ᠂ ᠲᠠ ᠭᠤᠷᠪᠠᠭᠤᠯᠠ ᠸᠠᠩ ᠬᠠᠭᠠᠨ ᠳ᠋ᠤᠷ ᠢ᠋ᠶ᠋ᠠᠨ ᠦᠨᠡᠨ ᠬᠦᠴᠦ ᠪᠡᠨ ᠪᠠᠷᠢᠲᠤᠭᠠᠢ᠂ ᠪᠢᠲᠡᠭᠡᠢ ᠭᠠᠳᠠᠭᠠᠳᠤ ᠤᠯᠤᠰ ᠲᠤᠷ ᠠᠢᠮᠠᠭ ᠢ᠋ ᠠᠨᠤ ᠠᠪᠲᠠᠬᠤᠢ ᠳ᠋ᠤᠷ ᠬᠦᠷᠦᠭᠦᠯᠦᠭᠲᠦᠨ᠂ ᠪᠠᠰᠠ ᠣᠳᠣ ᠬᠡᠷᠬᠢᠪᠡᠴᠦ ᠲᠡᠳᠡᠨ ᠡᠴᠡ ᠤᠷᠪᠠᠵᠤ ᠣᠷᠭᠣᠭᠠᠳ ᠪᠤᠰᠤ ᠬᠢᠲᠠᠳ ᠤᠯᠤᠰ ᠲᠤᠷ ᠪᠣᠭᠣᠯ ᠰᠢᠪᠡᠭᠴᠢᠨ ᠪᠣᠯᠤᠭᠳᠠᠬᠤᠢ ! ᠤᠷᠢᠳᠤᠰ ᠳᠡᠭᠡᠳᠦᠰ ᠦ᠋ᠨ ᠪᠣᠷᠵᠢᠭᠢᠳ ᠠᠢᠮᠠᠭ ᠤ᠋ᠨ ᠬᠢᠶᠦᠳ ᠶᠠᠰᠤᠨ ᠢ᠋ᠶ᠋ᠠᠨ ᠭᠤᠲᠤᠭᠠᠬᠤᠢ ᠳ᠋ᠤᠷ ᠪᠦᠦ ᠬᠦᠷᠭᠦᠯ ! ᠸᠠᠩ ᠬᠠᠭᠠᠨ ᠳ᠋ᠤᠷ ᠬᠠᠷᠢᠨ ᠭᠠᠢᠭᠤᠢ᠂ ᠤᠭ ᠠ᠋ᠴᠠ ᠮᠥᠨ ᠤᠷᠤᠭ ᠰᠠᠳᠤᠨ ᠪᠠᠷᠢᠯᠴᠠᠵᠤ ᠶᠠᠪᠤᠭᠰᠠᠭᠠᠷ ᠪᠥᠯᠥᠭᠡ᠃ ᠭᠠᠭᠴᠠ ᠸᠠᠩ ᠬᠠᠭᠠᠨ ᠤ᠋ ᠬᠥᠮᠦᠨ ᠢᠨᠦ ᠮᠠᠰᠢ ᠢᠲᠡᠭᠡᠮᠵᠢ ᠦᠭᠡᠢ᠂ ᠲᠠᠰᠢᠮᠠᠭᠠᠢ ᠬᠡᠯᠪᠡᠢᠭᠦᠦ᠂ ᠲᠣᠭᠲᠠᠭᠤᠷᠢ ᠦᠭᠡᠢ᠂ ᠠᠮᠲᠠ ᠦᠭᠡᠢ ᠬᠥᠮᠦᠨ ᠪᠠᠢᠨᠠᠮ! ᠳᠣᠯᠣᠭᠠᠨ ᠵᠡᠷᠭᠡ ᠠᠴᠢ ᠲᠤᠰᠠᠲᠤ ᠨᠠᠮᠠᠶ᠋ᠢ ᠴᠤ᠌ ᠦᠲᠡᠭᠡᠷᠦᠨ ᠰᠥᠷᠴᠦ ᠬᠠᠷᠢᠨ ᠳᠣᠯᠣᠭᠠᠨ ᠵᠡᠷᠭᠡ ᠬᠣᠷᠣ ᠬᠠᠷ᠎ᠠ ᠪᠠᠷ ᠬᠠᠷᠢᠭᠤᠯᠠᠭᠰᠠᠨ ᠬᠥᠮᠦᠨ᠂ ᠲᠠᠨ ᠢ᠋ ᠨᠡᠩ ᠶᠠᠭᠤᠨ ᠥᠭᠦᠯᠡᠬᠦ ? ᠨᠡᠩ ᠪᠠᠰᠠ ᠮᠢᠨᠦ ᠠᠤᠭ᠎ᠠ ᠬᠦᠴᠦᠨ ᠲᠡᠭᠦᠨ ᠯᠦ᠍ᠭᠡ ᠲᠡᠩᠴᠡᠬᠦ ᠪᠥᠭᠡᠲᠡᠯ᠎ᠡ ᠪᠠᠰᠠ ᠬᠦ᠌ ᠡᠨᠡ ᠮᠡᠲᠦ ᠳᠠᠷᠤᠯᠠᠨ ᠲᠠᠪᠴᠢᠯᠠᠵᠤ ᠪᠠᠢᠲᠠᠯ᠎ᠠ ᠲᠠᠨ ᠤ᠋ ᠲᠡᠷᠡ ᠮᠡᠲᠦ ᠠᠮᠠᠨ ᠤᠷᠤᠭᠤᠯ ᠠ᠋ᠴᠠ ᠥᠪᠡᠷ᠎ᠡ ᠶᠠᠭᠤᠮ᠎ᠠ ᠦᠭᠡᠢ ᠬᠥᠮᠦᠰ ᠢ᠋ ᠣᠳᠣ ᠨᠡᠩᠳᠡ ᠶᠠᠭᠤᠨ ᠥᠭᠦᠯᠡᠬᠦ ᠠᠵᠢ ? ᠬᠡᠮᠡᠪᠡ᠃ 》 ᠬᠡᠮᠡᠭᠰᠡᠨ ᠨᠢᠭᠡᠨ ᠵᠡᠷᠭᠡ ᠶ᠋ᠢᠨ ᠦᠭᠡᠨ ᠳ᠋ᠦ᠍ᠷ ᠠᠷᠳᠠ᠂ ᠬᠤᠰᠠᠭᠤᠷ᠂ ᠳᠡᠯᠵᠢᠲᠠᠢ ᠨᠢᠭᠡᠬᠡᠨ ᠴᠦ᠍ ᠬᠠᠷᠢᠭᠤ ᠦᠭᠡ ᠦᠭᠡᠢ᠂ ᠠᠯᠤᠬ᠎ᠠ ᠪᠠᠰᠠ ᠥᠭᠦᠯᠡᠷᠦᠨ :《 ᠡᠵᠡᠨ ᠦ᠌ ᠵᠠᠬᠢᠶ᠎ᠠ᠂ ᠲᠠᠨ ᠤ᠋ ᠡᠮ᠎ᠡ ᠦᠷᠡᠰ ᠦ᠋ᠨ ᠲᠥᠯᠥᠭᠡ ᠰᠡᠳᠬᠢᠯ ᠪᠦᠦ ᠵᠣᠪᠠ ᠬᠡᠮᠡᠪᠡ᠂ ᠰᠠᠢᠨ ᠡᠷ᠎ᠡ ᠡᠮ᠎ᠡ ᠬᠡᠦᠬᠡᠳ ᠢ᠋ᠶ᠋ᠡᠷ ᠦᠰ ᠦᠯᠦ ᠠᠪᠤᠮᠤᠢ᠂ ᠪᠢ ᠪᠠᠰᠠ ᠪᠠᠭ᠎ᠠ ᠪᠤᠰᠤ᠂ ᠬᠡᠷᠬᠢᠪᠡᠰᠦ ᠤᠷᠤᠭᠤᠯ ᠤ᠋ᠨ ᠠᠳᠠᠯᠢ ᠦᠯᠦ ᠦᠢᠯᠡᠳᠦᠮᠦᠢ᠂ ᠲᠡᠷᠡ ᠪᠥᠭᠡᠰᠦ ᠡᠴᠢᠭᠡ ᠶ᠋ᠢᠨ ᠦᠰ ᠲᠤᠯᠠ ᠨᠢᠭᠡᠨ ᠲᠡᠭᠷᠢ ᠶ᠋ᠢ ᠰᠢᠲᠦᠬᠦ ᠦᠭᠡᠢ᠃ ᠲᠠ ᠬᠡᠮᠡᠭᠴᠢ ᠶᠠᠰᠤ ᠮᠢᠬ᠎ᠠ᠂ ᠬᠡᠷᠬᠢᠪᠡᠴᠦ ᠦᠯᠦ ᠭᠤᠲᠤᠭᠠᠨ ᠳᠠᠷᠤᠯᠠᠮᠢ᠃ ᠲᠠ ᠬᠡᠷᠪᠡ ᠠᠴᠢᠷᠠᠰᠤᠭᠠᠢ ᠬᠡᠮᠡᠪᠡᠰᠦ ᠪᠠᠰᠠ ᠢᠯᠡᠭᠡᠰᠦᠭᠡᠢ᠂ ᠬᠡᠷᠪᠡ ᠡᠨᠡ ᠭᠠᠵᠠᠷ ᠪᠠᠭᠲᠠᠵᠤ ᠠᠮᠢᠳᠤᠷᠠᠨ ᠡᠰᠡ ᠴᠢᠳᠠᠪᠠᠰᠤ᠂ ᠪᠠᠰᠠ ᠡᠭᠡᠵᠦ ᠠᠮᠢᠳᠤᠷᠠᠬᠤᠢ ᠳ᠋ᠤᠷ ᠰᠠᠢᠨ ᠦᠭᠡᠢ ᠦᠦ ? ᠬᠡᠮᠡᠪᠡ᠃ 》 ᠬᠡᠮᠡᠭᠡᠳ  ᠲᠠᠢᠽᠦ ᠶ᠋ᠢᠨ ᠪᠢᠴᠢᠭ ᠢ᠋ ᠦᠵᠡᠵᠦ ᠥᠭᠦᠯᠡᠷᠦᠨ : 《 ᠪᠢᠴᠢᠭ ᠲᠣᠷ ᠮᠥᠨ ᠡᠨᠡ ᠦᠭᠡ᠂ ᠵᠠ ᠣᠳᠣ ᠮᠢᠨᠦ ᠬᠡᠷᠡᠭ ᠲᠡᠭᠦᠰᠪᠡ᠂ ᠬᠤᠷᠳᠤᠨ ᠠᠯᠠ᠂ ᠬᠤᠷᠳᠤᠨ ᠠᠯᠠ ! 》 ᠬᠡᠮᠡᠬᠦᠢ ᠳ᠋ᠦ᠍ᠷ ᠲᠠᠢᠽᠢ ᠢᠯᠠᠭᠤ ᠵᠥᠷᠢᠭᠦᠦ ᠬᠠᠨᠳᠤᠵᠤ᠂ ᠬᠠᠪᠠᠷ ᠢ᠋ᠶ᠋ᠠᠨ ᠱᠠᠩᠨᠠᠢᠨ ᠠᠭᠤᠷᠯᠠᠨ ᠥᠭᠦᠯᠡᠷᠦᠨ :《 ᠶᠠᠭᠤᠨ ᠬᠡᠯᠡᠵᠦ᠂ ᠶᠠᠭᠠᠬᠢᠨ ᠠᠭᠠᠰᠢᠯᠠᠪᠠᠴᠤ ᠨᠢᠭᠡᠨᠲᠡ ᠦᠢᠯᠡᠳᠦᠨ ᠲᠡᠭᠦᠰᠴᠦ ᠬᠢᠵᠦ ᠪᠠᠷᠠᠪᠠ᠂ ᠲᠡᠳᠦᠢᠴᠢᠨᠡᠭᠡᠨ ᠣᠯᠠᠨᠲᠠ ᠶᠠᠩᠰᠢᠵᠤ ᠶᠠᠭᠤ ᠬᠢᠬᠦ ? ᠶᠠᠭᠤᠲᠠᠢ ᠨᠢᠭᠤᠷ ᠦᠭᠡᠢ ᠠᠳᠤᠭᠤᠰᠤᠨ ᠠᠵᠢ ! ᠡᠳᠦᠭᠡ ᠨᠢᠭᠡᠨᠲᠡ ᠪᠠᠢᠵᠤ ᠦᠯᠦ ᠪᠣᠯᠬᠤ ᠳ᠋ᠤᠷ ᠬᠦᠷᠪᠡ᠃ ᠭᠠᠭᠴᠠ ᠮᠢᠨᠦ ᠵᠣᠷᠢᠭ ᠢ᠋ᠶ᠋ᠠᠷ ᠪᠠᠰᠠ ᠬᠦ᠌ ᠳᠠᠢᠯᠠᠷ᠎ᠠ ᠡᠴᠢᠮᠦᠢ᠃ ᠪᠢᠳᠡ ᠲᠠᠢᠯᠪᠠᠰᠤ ᠲᠠᠨ ᠢ᠋ ᠪᠢᠳᠡ ᠠᠪᠰᠤᠭᠠᠢ᠃ ᠲᠠ ᠳᠡᠢᠯᠪᠡᠰᠦ ᠮᠠᠨ ᠢ᠋ ᠠᠪᠲᠤᠭᠠᠢ᠂ ᠣᠯᠠᠨ ᠦᠭᠡ ᠬᠡᠷᠡᠭ ᠦᠭᠡᠢ ! 》 ᠬᠡᠮᠡᠭᠡᠳ ᠸᠠᠩ ᠬᠠᠭᠠᠨ ᠤ᠋ ᠡᠮᠦᠨ᠎ᠡ ᠪᠠᠢᠬᠤ ᠲᠠᠢᠽᠦ ᠶ᠋ᠢᠨ ᠢᠯᠡᠭᠡᠭᠰᠡᠨ ᠪᠢᠴᠢᠭ ᠢ᠋ ᠠᠪᠴᠤ ᠵᠡᠮᠳᠡᠭ ᠪᠣᠯᠲᠠᠯ᠎ᠠ ᠤᠷᠠᠭᠠᠳ ᠬᠣᠶᠠᠷ ᠬᠠᠵᠠᠭᠤ ᠶ᠋ᠢᠨ ᠢᠯᠳᠦ ᠰᠦᠬᠡ ᠪᠠᠷᠢᠭᠰᠠᠨ ᠠᠷᠠᠳ ᠢ᠋ ᠵᠠᠩᠳᠠᠵᠤ : 《 ᠡᠨᠡ ᠬᠣᠶᠠᠷ ᠡᠯᠴᠢ ᠶ᠋ᠢ ᠴᠢᠷᠦᠨ ᠭᠠᠷᠭᠠᠵᠤ ᠴᠠᠪᠴᠢᠵᠤ ᠠᠯᠬᠠᠳᠤᠨ ! 》ᠬᠡᠮᠡᠪᠡ ᠃ ᠡᠨᠡ ᠦᠶ᠎ᠡ ᠳ᠋ᠦ᠍ᠷ ᠬᠡᠷᠡᠢᠳ ᠦ᠋ᠨ ᠰᠡᠷᠭᠦᠯᠡᠩ ᠭᠦᠩᠵᠦ ᠰᠣᠯᠤᠩᠭᠤᠸ᠎ᠠ ᠳᠠᠯᠠᠢ ᠰᠢᠷ᠎ᠠ ᠬᠡᠮᠡᠬᠦ ᠶᠡᠬᠡ ᠴᠠᠴᠠᠷ ᠤ᠋ᠨ ᠬᠣᠢᠨ᠎ᠠ ᠵᠣᠭᠰᠣᠵᠤ᠂ ᠪᠧᠲ᠋ᠠ᠋ ᠤᠯᠤᠰ ᠤ᠋ᠨ ᠡᠳᠡᠭᠡᠷ ᠲᠣᠭᠠᠴᠢᠭᠰᠠᠨ ᠠᠴᠢ ᠲᠤᠰᠠ ᠪᠠ ᠪᠠᠰᠠ ᠬᠠᠷᠭᠢᠰ ᠲᠡᠷᠰ ᠢ᠋ ᠰᠣᠨᠣᠰᠤᠭᠰᠠᠭᠠᠷ ᠳᠣᠲᠣᠷ᠎ᠠ ᠢᠭᠲᠦᠯᠵᠦ᠂ ᠬᠠᠪᠠᠷ ᠪᠤᠷᠬᠢᠷᠠᠨ ᠨᠢᠯᠪᠤᠰᠤᠨ ᠤᠨᠠᠭᠠᠵᠤ ᠪᠥᠬᠥᠶ᠎ᠡ᠂ ᠡᠳᠦᠭᠡ ᠪᠠᠰᠠ ᠪᠧᠲ᠋ᠠ᠋ ᠤᠯᠤᠰ ᠤ᠋ᠨ ᠡᠯᠴᠢ ᠶ᠋ᠢ ᠴᠢᠷᠦᠨ ᠭᠠᠷᠭᠠᠵᠤ ᠠᠯᠠᠨ ᠬᠡᠮᠡᠬᠦᠢ ᠳ᠋ᠦ᠍ᠷ ᠪᠧᠲ᠋ᠠ᠋ ᠤᠯᠤᠰ ᠲᠡᠭᠦᠨ ᠦ᠌ ᠡᠴᠢᠭᠡ ᠶ᠋ᠢ ᠬᠣᠶᠠᠷ ᠤᠳᠠᠭ᠎ᠠ ᠡᠰᠡ ᠠᠯᠠᠭᠰᠠᠨ ᠠᠴᠢ ᠶ᠋ᠢ ᠰᠠᠨᠠᠭᠠᠯᠵᠠᠵᠤ᠂ ᠬᠡᠷᠬᠢᠵᠦ ᠭᠡᠲᠦᠯᠭᠡᠰᠦᠭᠡᠢ ᠭᠡᠮᠡᠨ ᠭᠡᠨᠡᠳᠲᠡ ᠨᠢᠭᠡᠨ ᠵᠥᠭᠡᠯᠡᠨ ᠠᠷᠭ᠎ᠠ ᠣᠯᠵᠤ᠂ ᠶᠠᠭᠠᠷᠠᠨ ᠪᠡᠶ᠎ᠡ ᠪᠡᠨ ᠡᠵᠡᠯᠡᠰᠢ ᠦᠭᠡᠢ ᠡᠴᠢᠭᠡ ᠶᠦ᠍ᠭᠡᠨ ᠥᠨᠳᠥᠷ ᠬᠠᠭᠠᠨ ᠰᠢᠷᠡᠭᠡᠨ ᠦ᠌ ᠬᠣᠢᠨ᠎ᠠ ᠠ᠋ᠴᠠ ᠭᠠᠷᠴᠤ ᠢᠷᠡᠨ᠂ ᠠᠬ᠎ᠠ ᠪᠠᠨ ᠬᠣᠷᠢᠭᠯᠠᠨ ᠥᠭᠦᠯᠡᠷᠦᠨ :《 ᠲᠠᠢᠽᠢ ᠠᠬ᠎ᠠ ᠶᠠᠭᠤᠨ ᠳ᠋ᠦᠷ ᠡᠢᠮᠦ ᠶᠡᠬᠡ ᠬᠠᠭᠠᠨ ᠰᠠᠭᠤᠷᠢᠨ ᠢ᠋ᠶ᠋ᠠᠨ ᠭᠤᠲᠤᠭᠠᠵᠤ᠂ ᠢᠯᠳᠦ ᠪᠡᠨ ᠪᠤᠵᠠᠷᠯᠠᠵᠤ᠂ ᠪᠧᠲ᠋ᠠ᠋ ᠤᠯᠤᠰ ᠤ᠋ᠨ ᠶᠠᠯᠠᠲᠠᠨ ᠢ᠋ ᠠᠯᠠᠵᠤ ᠥᠭᠬᠦ ᠪᠣᠢ ? 》 ᠬᠡᠮᠡᠬᠦᠢ ᠳ᠋ᠦ᠍ᠷ ᠢᠯᠠᠭᠤ ᠪᠣᠳᠣᠪᠠᠰᠤ ᠦᠭᠡ ᠮᠥᠨ ᠵᠦᠢ ᠲᠤᠯᠠ ᠠᠯᠠᠬᠤ ᠶ᠋ᠢ ᠪᠠᠢᠯᠭᠠᠵᠤ ᠦᠯᠳᠡᠨ ᠭᠠᠷᠭᠠᠬᠤᠶ᠎ᠠ᠂ ᠠᠯᠤᠬ᠎ᠠ ᠶᠡᠬᠡᠯ᠎ᠡ ᠢᠨᠢᠶᠡᠨ ᠥᠭᠦᠯᠡᠷᠦᠨ :《 ᠨᠠᠮᠠᠶ᠋ᠢ ᠵᠦᠭᠡᠷ ᠠᠯᠠᠵᠤ ᠦᠯᠦ ᠴᠢᠳᠠᠮᠤᠢ ᠶ᠎ᠡ ᠂ ᠲᠠᠨ ᠤ᠋ ᠢᠯᠴᠠᠭ ᠬᠡᠮᠡᠭᠴᠢ ᠶ᠋ᠢ ᠪᠢ ᠢᠯᠪᠡᠠ᠋ ᠴᠣᠬᠢᠭᠰᠠᠨ ᠢ᠋ ᠡᠰᠡ ᠰᠣᠨᠣᠰᠪᠠᠤ ? ᠲᠠᠨ ᠤ᠋ ᠲᠡᠷᠡ ᠪᠠᠢᠬᠤ ᠢᠯᠳᠦ ᠰᠦᠬᠡ ᠬᠡᠨ ᠦ᠌ ᠬᠢ ᠪᠣᠯᠬᠤ ᠶ᠋ᠢ ᠬᠡᠨ ᠮᠡᠳᠡᠨ᠎ᠡ ? 》 ᠬᠡᠮᠡᠭᠰᠡᠭᠡᠷ ᠭᠠᠷᠴᠤ ᠢᠷᠡᠭᠡᠳ ᠰᠣᠯᠤᠩᠭᠤᠸ᠎ᠠ ᠶ᠋ᠢᠨ ᠥᠩᠭᠡ ᠡᠷᠳᠡᠮ ᠬᠣᠣᠰ ᠪᠦᠷᠢᠳᠦᠭᠰᠡᠨ ᠢ᠋ ᠰᠡᠮᠡᠬᠡᠷ ᠰᠢᠳᠦᠨ ᠭᠠᠢᠬᠠᠪᠠ ᠃ 
       ᠲᠡᠳᠦᠢ ᠰᠠᠶᠢ ᠪᠣᠭᠣᠳᠠᠯ ᠢ᠋ᠶ᠋ᠠᠨ ᠠᠪᠴᠤ ᠡᠭᠡᠰᠦᠭᠡᠢ ᠬᠡᠮᠡᠲᠡᠯ᠎ᠡ ᠰᠡᠷᠭᠦᠯᠡᠩ ᠭᠦᠩᠵᠦ ᠰᠣᠯᠤᠩᠭᠤᠸ᠎ᠠ ᠠᠬ᠎ᠠ ᠠ᠋ᠴᠠ ᠪᠠᠨ ᠳᠠᠯᠳᠠᠭᠤᠷ ᠫᠤᠯᠭᠤᠲᠠᠢ ᠳ᠋ᠤᠷ ᠴᠠᠯᠮ᠎ᠠ ᠲᠠᠷᠮ᠎ᠠ ᠪᠠᠷᠢᠭᠤᠯᠵᠤ᠂ ᠠᠯᠤᠬ᠎ᠠ᠂ ᠰᠦᠬᠡ ᠠᠬ᠎ᠠ ᠳᠡᠭᠦᠦ ᠬᠣᠶᠠᠭᠤᠯᠠ ᠳ᠋ᠤᠷ ᠥᠭᠭᠦᠨ ᠠᠳᠠᠪᠠᠰᠢ ᠲᠠᠯᠠᠷᠬᠠᠨ ᠬᠡᠯᠡᠪᠡ᠃ ᠲᠡᠳᠡ ᠨᠠᠷ ᠭᠱᠠᠨ᠎ᠠ ᠳᠣᠪᠲᠣᠯᠤᠯᠴᠠᠨ ᠤᠯᠤᠰ ᠲᠤᠷ ᠢ᠋ᠶ᠋ᠠᠨ ᠬᠦᠷᠴᠦ ᠢᠷᠡᠪᠡᠰᠦ᠂ ᠲᠠᠢᠽᠦ ᠳᠡᠭᠦᠦ ᠶᠦ᠍ᠭᠡᠨ ᠬᠠᠪᠤᠲᠤ ᠬᠠᠰᠠᠷ ᠤ᠋ᠨ ᠬᠠᠭᠠᠭᠳᠠᠭᠰᠠᠨ ᠢ᠋ ᠲᠡᠩᠬᠡᠷᠡᠭᠦᠯᠦᠷ᠎ᠡ ᠮᠣᠷᠢᠨ ᠳᠡᠭᠡᠭᠦᠷ ᠨᠢᠰᠦᠨ ᠳᠣᠪᠲᠣᠯᠪᠠ᠃ ᠰᠤᠪᠠᠢ ᠴᠡᠷᠢᠭ ᠬᠦᠨᠡᠰᠦ ᠮᠥᠨ ᠦᠭᠡᠢ ᠬᠡᠮᠡᠬᠦᠶ᠎ᠡ᠂ ᠬᠣᠢᠨ᠎ᠠ ᠠ᠋ᠴᠠ ᠰᠥᠨᠢ ᠳᠦᠯᠢᠨ ᠳᠣᠪᠲᠣᠯᠤᠨ ᠨᠡᠬᠡᠪᠡ᠃ 
       ᠡᠭᠦᠨ ᠢ᠋ ᠲᠦᠷ ᠬᠡᠯᠡᠬᠦ ᠦᠭᠡᠢ᠂ ᠣᠳᠣ ᠭᠠᠭᠴᠠ ᠬᠠᠰᠠᠷ ᠤ᠋ᠨ ᠬᠠᠭᠠᠭᠳᠠᠭᠰᠠᠨ ᠢ᠋ ᠬᠡᠯᠡᠬᠦ ᠢᠨᠤ : ᠬᠠᠰᠠᠷ ᠨᠠᠢ᠍ᠮᠠᠨ ᠤ᠋ ᠴᠡᠷᠢᠭ ᠡᠭᠡᠭᠰᠡᠨ ᠬᠣᠢᠨ᠎ᠠ ᠣᠯᠵᠠ ᠣᠮᠣᠭ ᠲᠠᠢ ᠪᠥᠬᠥᠶ᠎ᠡ᠂ ᠭᠡᠨᠡᠳᠲᠡ ᠰᠠᠨᠠᠭᠠᠨ ᠳ᠋ᠤᠷ ᠦᠭᠡᠢ ᠪᠡᠷ ᠬᠡᠷᠡᠢᠳ ᠦ᠋ᠨ ᠲᠠᠢᠰᠢ ᠲᠠᠢᠪᠤᠤ ᠣᠯᠢᠨᠲᠠᠢ᠂ ᠭᠣᠯᠢᠨᠲᠠᠢ ᠬᠣᠶᠠᠷ ᠤ᠋ᠨ ᠨᠢᠭᠡᠨ ᠲᠦᠮᠡᠨ ᠴᠡᠷᠢᠭ ᠲᠦ᠍ᠷ ᠬᠠᠭᠠᠭᠳᠠᠵᠤ᠂ ᠭᠤᠷᠪᠠᠨ ᠡᠳᠦᠷ ᠴᠦ᠍ ᠪᠣᠯᠤᠭᠰᠠᠨ ᠦᠭᠡᠢ ᠪᠡᠷ ᠨᠢᠭᠡᠨᠲᠡ ᠪᠠᠢᠯᠳᠤᠵᠤ ᠳᠠᠷᠤᠭᠳᠠᠭᠠᠳ ᠨᠤᠲᠤᠭ ᠪᠠᠭᠤᠳᠠᠯ᠂ ᠡᠳ᠋ ᠮᠠᠯ ᠪᠤᠯᠲᠤ ᠪᠦᠬᠦᠨ᠎ᠡ ᠪᠡᠨ ᠴᠥᠮ ᠪᠤᠯᠢᠶᠠᠭᠳᠠᠭᠠᠳ ᠭᠠᠭᠴᠠ ᠲᠤᠵᠣ᠌ ᠨᠡᠷᠡᠲᠦ ᠠᠬᠠᠮᠠᠳ ᠬᠥᠪᠡᠭᠦᠨ ᠢ᠋ᠶ᠋ᠡᠨ ᠰᠤᠨᠳᠠᠯᠠᠨ ᠤᠨᠤᠭᠤᠯᠤᠭᠠᠳ ᠬᠣᠪᠤᠳ ᠳᠦᠭᠦᠷᠡᠩ ᠰᠤᠮᠤ ᠠᠪᠴᠤ ᠭᠠᠭᠴᠠᠭᠠᠷ ᠬᠠᠷᠪᠤᠵᠤ᠂ ᠬᠦᠨᠳᠦ ᠬᠠᠭᠠᠭᠰᠠᠨ ᠢ᠋ ᠰᠢᠪᠲᠤᠯᠤᠨ ᠭᠠᠷᠴᠤ ᠢᠷᠡᠭᠡᠳ ᠡᠴᠢᠭᠡ ᠬᠥᠪᠡᠭᠦᠨ ᠬᠣᠶᠠᠭᠤᠯᠠ ᠳᠠᠩ ᠮᠣᠷᠢ ᠪᠠᠷ ᠪᠤᠷᠬᠠᠨ ᠭᠠᠯᠳᠤᠨ᠎ᠠ ᠶ᠋ᠢᠨ ᠵᠦᠭ ᠳᠣᠪᠲᠣᠯᠬᠤᠶ᠎ᠠ᠂ ᠵᠠᠮ ᠳ᠋ᠤᠷ ᠬᠦᠨᠡᠰᠦ ᠦᠭᠡᠢ ᠲᠤᠯᠠ ᠰᠢᠨ᠎ᠡ ᠵᠤᠰᠠᠯᠠᠩ ᠤ᠋ᠨ ᠭᠠᠯᠠᠭᠤ ᠶ᠋ᠢᠨ ᠥᠨᠳᠡᠭᠡ ᠶ᠋ᠢ ᠲᠡᠭᠦᠵᠦ ᠭᠠᠯ ᠳ᠋ᠦᠷ ᠪᠤᠯᠠᠵᠤ᠂ ᠬᠥᠪᠡᠭᠦᠨ ᠬᠣᠶᠠᠭᠤᠯᠠ ᠪᠠᠨ ᠢᠳᠡᠭᠰᠡᠭᠡᠷ ᠪᠤᠷᠬᠠᠨ ᠭᠠᠯᠳᠤᠨ᠎ᠠ ᠶ᠋ᠢᠨ ᠵᠦᠭ ᠢᠷᠡᠪᠡ᠃ ᠵᠢᠴᠢ ᠵᠠᠮ ᠳ᠋ᠤ᠌ ᠬᠠᠷᠢᠨ ᠪᠠᠯᠴᠢᠭ ᠰᠢᠪᠠᠷ ᠲᠤᠷ ᠮᠣᠷᠢ ᠰᠢᠪᠠᠷᠳᠠᠨ᠂ ᠪᠠᠵᠤᠨᠠᠢ ᠬᠡᠮᠡᠬᠦ ᠮᠦᠷᠡᠨ᠎ᠡ ᠬᠦᠷᠴᠦ ᠢᠷᠡᠭᠡᠳ  ᠲᠠᠢᠽᠦ ᠶ᠋ᠢᠨ ᠬᠡᠳᠦᠬᠡᠨ ᠵᠠᠭᠤᠨ ᠮᠣᠷᠢᠲᠠᠨ ᠢ᠋ᠶ᠋ᠠᠨ ᠠᠪᠴᠤ ᠳᠣᠪᠲᠣᠯᠤᠨ ᠢᠷᠡᠬᠦᠢ ᠳ᠋ᠦ᠍ ᠤᠴᠠᠷᠠᠭᠠᠳ ᠬᠥᠪᠡᠭᠦᠨ ᠢ᠋ᠶ᠋ᠡᠨ ᠠᠪᠴᠤ ᠮᠣᠷᠢᠨ ᠠ᠋ᠴᠠ ᠪᠠᠭᠤᠭᠠᠳ ᠭᠠᠵᠠᠷ ᠲᠤᠷ ᠰᠥᠭᠥᠳᠴᠦ ᠨᠢᠯᠪᠤᠰᠤᠨ ᠴᠤᠪᠤᠷᠢᠭᠤᠯᠵᠤ ᠮᠥᠷᠭᠥᠨ ᠮᠡᠳᠡᠭᠦᠯᠦᠷᠦᠨ : ᠡᠵᠡᠨ ᠠᠬ᠎ᠠ ᠶᠤᠭᠠᠨ ᠡᠷᠳᠡᠰᠡ ᠮᠡᠳᠡᠵᠦ ᠵᠠᠬᠢᠭᠰᠠᠨ ᠵᠠᠬᠢᠶ᠎ᠠ ᠶ᠋ᠢ ᠡᠷᠬᠢᠯᠡᠨ ᠦᠵᠡᠵᠦ ᠬᠢᠴᠢᠶᠡᠨ ᠡᠰᠡ ᠳᠠᠭᠠᠭᠰᠠᠨ ᠢ᠋ᠶ᠋ᠠᠷ ᠪᠢ᠂ ᠡᠮ᠎ᠡ ᠦᠷ᠎ᠡ ᠪᠡᠨ ᠴᠦ᠍ ᠬᠠᠮᠠᠭᠠᠯᠠᠨ ᠡᠰᠡ ᠴᠢᠳᠠᠵᠤ ᠡᠷᠡᠮᠡᠬᠡᠢ ᠬᠠᠷᠭᠢᠰ ᠬᠡᠷᠡᠢᠳ ᠲᠣᠷ ᠴᠥᠮ ᠠᠪᠲᠠᠪᠠ ᠪᠢ᠃ ᠠᠬ᠎ᠠ ᠡᠵᠡᠨ ᠢ᠋ᠶ᠋ᠡᠨ ᠠᠯᠤᠰᠳᠠᠬᠤ ᠮᠡᠳᠡᠵᠦ ᠵᠠᠬᠢᠭᠰᠠᠨ ᠢ᠋ ᠠᠯᠵᠠᠭᠤᠷᠠᠨ ᠵᠠᠯᠬᠠᠭᠤᠷᠠᠵᠤ ᠬᠢᠴᠢᠶᠡᠨ ᠡᠰᠡ ᠳᠠᠭᠠᠭᠰᠠᠨ ᠢ᠋ᠶ᠋ᠠᠷ ᠪᠢ᠂ ᠠᠯᠪᠠᠲᠤ ᠬᠠᠷᠠᠴᠤᠰ ᠢ᠋ᠶ᠋ᠠᠨ ᠴᠤ᠌ ᠬᠠᠮᠠᠭᠠᠯᠠᠨ ᠡᠰᠡ ᠴᠢᠳᠠᠵᠤ ᠠᠶᠤᠯᠲᠠᠢ ᠬᠠᠷᠭᠢᠰ ᠬᠡᠷᠡᠢᠳ ᠲᠦ᠍ ᠴᠥᠮ ᠠᠪᠲᠠᠪᠠ ᠪᠢ᠃ ᠣᠶᠤᠲᠤ ᠡᠵᠡᠨ ᠢ᠋ᠶ᠋ᠡᠨ ᠤᠭᠲᠤᠵᠤ ᠮᠡᠳᠡᠭᠡᠳ ᠵᠠᠬᠢᠭᠰᠠᠨ ᠵᠠᠬᠢᠶ᠎ᠠ ᠶ᠋ᠢ ᠤᠬᠠᠮᠵᠢᠯᠠᠯ ᠦᠭᠡᠢ ᠪᠡᠷ ᠬᠢᠴᠢᠶᠡᠨ ᠡᠰᠡ ᠳᠠᠭᠠᠭᠰᠠᠨ ᠢ᠋ᠶ᠋ᠠᠷ ᠪᠢ᠂ ᠤᠯᠤᠰ ᠠᠯᠪᠠᠲᠤ ᠪᠠᠨ ᠴᠤ᠌ ᠬᠠᠮᠠᠭᠠᠯᠠᠨ ᠡᠰᠡ ᠴᠢᠳᠠᠵᠤ ᠤᠳᠤᠮ ᠮᠠᠭᠤᠲᠤ ᠬᠡᠷᠡᠢᠳ ᠲᠣᠷ ᠴᠥᠮ ᠠᠪᠲᠠᠪᠠ ᠪᠢ᠃ ᠬᠡᠰᠢᠭᠲᠦ ᠡᠵᠡᠨ ᠢ᠋ᠶ᠋ᠡᠨ ᠬᠡᠳᠦᠢᠨᠡᠢ ᠮᠡᠳᠡᠭᠡᠳ ᠵᠠᠬᠢᠭᠰᠠᠨ ᠵᠠᠬᠢᠶ᠎ᠠ ᠶ᠋ᠢ ᠬᠢᠴᠢᠶᠡᠩᠬᠦᠢᠯᠡᠯ ᠦᠭᠡᠢ ᠪᠡᠷ ᠬᠢᠴᠢᠶᠡᠨ ᠡᠰᠡ ᠳᠠᠭᠠᠭᠰᠠᠨ ᠢ᠋ᠶ᠋ᠠᠷ ᠪᠢ᠂ ᠬᠡᠨ ᠪᠦᠬᠦᠨ ᠢ᠋ᠶ᠋ᠡᠨ ᠬᠠᠮᠠᠭᠠᠯᠠᠨ ᠡᠰᠡ ᠴᠢᠳᠠᠵᠤ ᠬᠡᠷᠴᠡᠭᠡᠢ ᠮᠠᠭᠤ ᠬᠡᠷᠡᠢᠳ ᠲᠣᠷ ᠴᠥᠮ ᠢ᠋ᠶ᠋ᠡᠷ ᠠᠪᠲᠠᠪᠠ ᠪᠢ᠃ ᠬᠡᠮᠡᠵᠦ ᠤᠬᠢᠯᠠᠨ ᠮᠥᠷᠭᠥᠬᠦᠶ᠎ᠡ᠂ ᠲᠠᠢᠽᠦ ᠳᠡᠭᠦᠦ ᠪᠡᠨ ᠬᠡᠲᠦᠷᠬᠡᠶ᠎ᠡ ᠦᠷᠦ ᠡᠪᠡᠳᠴᠦ ᠬᠡᠷᠡᠢᠳ ᠢ᠋ ᠬᠡᠷᠬᠢᠪᠡᠴᠦ ᠬᠡᠷᠪᠢᠯ ᠦᠭᠡᠢ ᠦᠯᠦ ᠪᠣᠯᠬᠤ ᠭᠡᠮᠡᠨ ᠬᠢᠯᠢᠩ ᠦ᠋ᠨ ᠭᠠᠯ ᠲᠡᠭᠷᠢ ᠳ᠋ᠦ᠍ᠷ ᠲᠤᠯᠵᠤ᠂ ᠢᠯᠳᠦᠨ ᠦ᠌ ᠡᠷᠳᠡᠨᠢᠰ ᠦ᠋ᠨ ᠬᠤᠢ ᠶ᠋ᠢ ᠪᠠᠯᠪᠠ ᠬᠡᠮᠬᠡ ᠠᠳᠬᠤᠵᠤ᠂ ᠮᠣᠷᠢᠨ ᠠ᠋ᠴᠠ ᠬᠠᠷᠠᠢᠨ ᠪᠠᠭᠤᠬᠤᠢ ᠳ᠋ᠤᠷ ᠰᠠᠨᠠᠮᠰᠠᠷ ᠦᠭᠡᠢ ᠪᠠᠷᠠᠭᠤᠨ ᠭᠠᠷ ᠤ᠋ᠨ ᠳᠤᠮᠳᠠ ᠬᠤᠷᠤᠭᠤᠨ ᠤ᠋ ᠥᠨᠳᠡᠭᠡ ᠶ᠋ᠢ ᠥᠴᠦᠬᠡᠨ ᠡᠰᠬᠡᠵᠦ ᠴᠢᠰᠤ ᠭᠠᠷᠤᠭᠰᠠᠨ᠎ᠠ᠂ ᠶᠠᠭᠠᠷᠠᠨ ᠴᠡᠷᠢᠭ ᠦ᠋ᠨ ᠠᠷᠠᠳ ᠤ᠋ᠨ ᠡᠭᠦᠷᠦᠨ ᠶᠠᠪᠤᠬᠤ ᠠᠷᠠᠴᠠ ᠶ᠋ᠢ ᠡᠷᠳᠡᠨᠢᠰᠲᠦ ᠠᠶᠠᠭᠠᠨ ᠳ᠋ᠤ᠌ ᠬᠢᠯᠭᠡᠵᠦ᠂ ᠳᠡᠭᠡᠷ᠎ᠡ ᠢᠨᠤ ᠬᠤᠷᠤᠭᠤᠨ ᠤ᠋ ᠴᠢᠰᠤ ᠶ᠋ᠢ ᠲᠤᠰᠠᠭᠠᠵᠤ᠂ ᠲᠡᠭᠷᠢ ᠭᠠᠵᠠᠷ ᠤ᠋ᠨ ᠡᠵᠡᠳ ᠠᠭᠤᠯᠠ ᠮᠥᠷᠡᠨ ᠦ᠌ ᠰᠠᠬᠢᠭᠤᠯᠰᠤᠨ ᠳ᠋ᠦᠷ ᠰᠠᠴᠤᠯᠢ ᠰᠠᠴᠤᠵᠤ ᠲᠠᠩᠭᠠᠷᠢᠭᠯᠠᠭᠠᠳ ᠳᠠᠷᠤᠢ ᠪᠠᠵᠤᠨᠠᠢ ᠮᠥᠷᠡᠨ ᠦ᠌ ᠬᠣᠢᠲᠤ ᠬᠥᠪᠡᠭᠡ ᠳ᠋ᠦ᠍ᠷ ᠪᠠᠭᠤᠳᠠᠯ ᠪᠠᠭᠤᠵᠤ ᠬᠣᠴᠣᠷᠤᠭᠰᠠᠨ ᠴᠡᠷᠢᠭ ᠢ᠋ ᠬᠦᠯᠢᠭᠡᠯᠵᠡᠬᠦᠶ᠎ᠡ ᠬᠦᠨᠡᠰᠦ ᠬᠡᠳᠦᠢᠨᠡᠢ ᠲᠠᠰᠤᠷᠠᠭᠠᠳ ᠴᠡᠷᠢᠭ ᠦ᠋ᠨ ᠠᠷᠠᠳ ᠨᠢᠭᠡᠨ ᠡᠳᠦᠷ᠂ ᠨᠢᠭᠡᠨ ᠰᠥᠨᠢ ᠰᠢᠯᠡᠮ᠎ᠡ ᠵᠠᠯᠭᠢᠭᠠᠳᠤᠢ ᠪᠡᠶ᠎ᠡ ᠳ᠋ᠦ᠍ᠷ ᠠᠪᠴᠤ ᠶᠠᠪᠤᠬᠤ ᠪᠠᠭ᠎ᠠ ᠰᠠᠭ᠎ᠠ ᠬᠠᠭᠤᠷᠠᠢ ᠬᠦᠨᠡᠰᠦ ᠴᠦ᠍ ᠬᠡᠳᠦᠢᠨᠡᠢ ᠲᠡᠭᠦᠰᠦᠭᠰᠡᠨ ᠪᠥᠭᠡᠳ ᠶᠡᠬᠡ ᠴᠡᠷᠢᠭ ᠦ᠋ᠨ ᠬᠦᠨᠡᠰᠦᠨ ᠦ᠌ ᠠᠴᠢᠶ᠎ᠠ ᠮᠥᠨ ᠮᠠᠰᠢ ᠬᠣᠯᠠ ᠣᠷᠬᠢᠭᠳᠠᠭᠠᠳ ᠡᠨᠡ ᠣᠷᠴᠢᠮ ᠤ᠋ᠨ ᠤᠰᠤ ᠡᠪᠡᠰᠦ ᠪᠠᠰᠠ ᠠᠰᠤᠷᠤ ᠮᠠᠭᠤ᠂ ᠠᠳᠤᠭᠤ ᠮᠠᠯ ᠳ᠋ᠦᠷ ᠣᠭᠲᠣ ᠲᠠᠷᠭᠤ ᠦᠭᠡᠢ᠂ ᠨᠡᠭᠦᠳᠡᠯ ᠪᠠᠭᠤᠳᠠᠯ ᠮᠥᠨ ᠣᠭᠲᠣ ᠦᠭᠡᠢ᠂ ᠠᠩ ᠬᠦᠷᠦᠭᠡᠳ ᠴᠦ᠍ ᠠᠰᠤᠷᠤ ᠴᠤᠬᠠᠭ ᠲᠤᠯᠠ ᠲᠠᠢᠽᠦ ᠶ᠋ᠢ ᠳᠠᠭᠠᠵᠤ ᠳᠦᠯᠢᠨ ᠳᠣᠪᠲᠣᠯᠵᠤ ᠢᠷᠡᠭᠰᠡᠨ ᠵᠠᠩᠵᠤᠨ ᠴᠡᠷᠢᠭ ᠴᠥᠮ ᠶᠠᠳᠠᠩᠭᠢᠷᠠᠨ ᠥᠯᠪᠡᠷᠴᠦ ᠠᠩᠭᠠᠵᠤᠬᠤᠢ᠃ 
      ᠲᠡᠳᠦᠢ ᠣᠯᠠᠨ  ᠢ᠋ᠶ᠋ᠠᠷ ᠠᠷᠭ᠎ᠠ ᠦᠭᠡᠢ ᠳᠠᠷᠤᠢ ᠡᠨᠡ ᠪᠠᠵᠤᠨᠠᠢ ᠮᠥᠷᠡᠨ ᠦ᠌ ᠪᠤᠯᠠᠩᠭᠢᠷ ᠰᠢᠪᠠᠷᠲᠤ ᠤᠰᠤᠨ ᠢ᠋ ᠤᠤᠭᠤᠯᠴᠠᠵᠤ ᠥᠯᠥᠰᠬᠦᠢ ᠶ᠋ᠢ ᠰᠠᠭᠠᠲᠠᠭᠤᠯᠵᠤ᠂ ᠬᠦᠨᠡᠰᠦᠨ ᠦ᠌ ᠠᠴᠢᠶ᠎ᠠ ᠬᠦᠷᠴᠦ ᠢᠷᠡᠬᠦ ᠶ᠋ᠢ ᠬᠦᠯᠢᠶᠡᠯᠴᠡᠬᠦᠶ᠎ᠡ᠂ ᠲᠠᠢᠽᠦ ᠡᠭᠦᠨ ᠢ᠋ ᠦᠵᠡᠭᠡᠳ ᠣᠯᠠᠨ ᠵᠠᠩᠵᠤᠨ ᠴᠡᠷᠢᠭ  ᠢ᠋ᠶ᠋ᠡᠨ ᠶᠡᠬᠡᠯ᠎ᠡ ᠡᠨᠡᠷᠢᠨ ᠥᠷᠥᠰᠢᠶᠡᠵᠦ᠂ ᠳᠣᠲᠣᠷ᠎ᠠ ᠠᠨᠤ ᠲᠡᠰᠳᠡᠰᠢ ᠦᠭᠡᠢ ᠬᠠᠯᠠᠰᠢᠷᠠᠨ ᠵᠣᠪᠠᠨᠢᠵᠤ᠂ ᠨᠢᠭᠡᠬᠡᠨ ᠠᠳᠬᠤ ᠪᠣᠯᠵᠤ ᠰᠡᠳᠬᠢᠯ ᠶᠡᠬᠡᠳᠡ ᠴᠢᠯᠡᠵᠦ᠂ ᠲᠡᠭᠷᠢ ᠶ᠋ᠢᠨ ᠵᠦᠭ ᠠᠯᠠᠭ᠎ᠠ ᠪᠠᠨ ᠬᠠᠮᠲᠤᠳᠬᠠᠵᠤ ᠨᠠᠮᠠᠨᠴᠢᠯᠠᠨ ᠰᠡᠭᠦᠷᠡᠰᠦ ᠠᠯᠳᠠᠵᠤ ᠥᠴᠢᠷᠦᠨ᠂ ᠲᠡᠭᠦᠨ ᠦ᠌ ᠦᠭᠡ : 
          ᠲᠡᠭᠷᠢ ᠡᠴᠢᠭᠡ ᠲᠡᠮᠦᠵᠢᠨ ᠨᠠᠮᠠᠶ᠋ᠢ ᠲᠡᠳᠬᠦᠨ ᠲᠥᠷᠥᠭᠦᠯᠦᠭᠰᠡᠨ ᠪᠥᠭᠡᠳ 
          ᠲᠡᠵᠢᠭᠡᠨ ᠠᠮᠢᠳᠤᠷᠠᠭᠤᠯᠬᠤ ᠶ᠋ᠢ ᠪᠠᠬᠠᠨ ᠦᠯᠡᠮᠵᠢᠬᠡᠨ ᠦᠯᠡᠳᠡᠭᠡᠬᠦ ᠪᠣᠯᠬᠤᠨ᠎ᠠ ᠴᠢ! 
          ᠲᠡᠰᠬᠡᠯ ᠦᠭᠡᠢ ᠤᠯᠤᠰ ᠠᠯᠪᠠᠲᠤ ᠮᠢᠨᠦ ᠥᠯᠪᠡᠷᠦᠨ ᠥᠯᠥᠰᠬᠦ ᠪᠠᠢᠳᠠᠯ ᠢ᠋  
          ᠲᠡᠮᠦᠵᠢᠨ ᠪᠢ ᠦᠨᠡᠬᠡᠷ ᠦᠵᠡᠵᠦ ᠦᠯᠦ ᠲᠦᠪᠳᠡᠨ ᠦᠭᠰᠢᠷᠡᠨᠡᠮ ᠪᠢ! 
          ᠠᠶ᠎ᠠ ᠠᠯᠤ ᠳ᠋ᠠᠭᠠᠨ ᠤᠨᠤᠵᠤ ᠠᠮᠢ ᠪᠡᠶ᠎ᠡ ᠪᠡᠨ ᠭᠠᠷᠤᠭᠴᠢ ᠂ 
          ᠠᠨᠳᠠ ᠮᠣᠷᠢᠳ  ᠢ᠋ᠶ᠋ᠠᠨ ᠪᠢ ᠠᠪᠠᠢ ᠬᠡᠷᠬᠢᠵᠦ ᠠᠯᠠᠵᠤ ᠢᠳᠡᠭᠦᠯᠦᠶ᠎ᠡ 
ᠬᠡᠮᠡᠬᠦ ᠦᠭᠡ ᠬᠡᠯᠡᠵᠦ ᠪᠠᠷᠠᠬᠤ ᠶ᠋ᠢᠨ ᠤᠷᠢᠳᠠ ᠠᠯᠲᠠᠢ ᠬᠠᠷ᠎ᠠ ᠬᠡᠮᠡᠬᠦ ᠠᠭᠤᠯᠠᠨ ᠤ᠋ ᠠᠷᠤ ᠶ᠋ᠢᠨ ᠬᠣᠢᠨ᠎ᠠ ᠠᠯᠠᠭ᠎ᠠ ᠶ᠋ᠢᠨ ᠲᠡᠳᠦᠢ ᠪᠢᠴᠢᠬᠠᠨ ᠡᠭᠦᠯᠡ ᠳ᠋ᠦ᠍ᠷ ᠲᠡᠭᠷᠢ ᠥᠴᠦᠭᠦᠬᠡᠨ ᠳᠣᠩᠭᠣᠳᠤᠮᠠᠭᠴᠠ ᠭᠡᠨᠡᠳᠲᠡ ᠲᠡᠷᠡ ᠠᠭᠤᠯᠠᠨ ᠤ᠋ ᠠᠷᠤ ᠶ᠋ᠢᠨ ᠬᠣᠢᠨ᠎ᠠ ᠲᠦᠯᠡᠭᠡ ᠡᠴᠡ ᠠᠯᠠᠭ ᠪᠤᠯᠠᠭ ᠲᠠᠪᠤ ᠵᠢᠷᠭᠤᠭᠠᠨ ᠴᠢᠬᠢᠲᠡᠢ ① ᠲᠡᠭᠷᠢ ᠶ᠋ᠢᠨ ᠳᠠᠭᠤᠨ ᠳ᠋ᠤᠷ ᠨᠠᠳᠬᠤᠵᠤ᠂ ᠲᠠᠢᠽᠦ ᠶ᠋ᠢᠨ ᠴᠡᠷᠢᠭ ᠦ᠋ᠨ ᠵᠦᠭ ᠬᠡᠢᠰᠦᠨ ᠨᠢᠰᠬᠦ ᠮᠡᠲᠦ ᠲᠣᠭᠣᠰᠣ ᠪᠤᠲᠠᠷᠠᠭᠤᠯᠤᠨ ᠳᠣᠭᠳᠣᠯᠤᠨ ᠢᠷᠡᠪᠡᠢ᠃ ᠲᠡᠭᠷᠢ ᠴᠥᠮ ᠬᠠᠷᠠᠭᠠᠯᠵᠠᠪᠠ ᠬᠡᠮᠡᠮᠦᠢ᠃ ᠲᠡᠭᠦᠨᠴᠡ ᠲᠠᠢᠽᠦ ᠶ᠋ᠢᠨ ᠴᠡᠷᠢᠭ ᠦᠵᠡᠭᠡᠳ ᠶᠡᠬᠡᠯ᠎ᠡ ᠪᠠᠶᠠᠷᠯᠠᠯᠴᠠᠵᠤ᠂ ᠬᠠᠪᠤᠲᠤ ᠬᠠᠰᠠᠷ ᠪᠡᠯᠭᠦᠳᠡᠢ ᠨᠠᠷ ᠲᠡᠷᠢᠭᠦᠯᠡᠨ ᠪᠦᠭᠦᠳᠡᠭᠡᠷ ᠣᠷᠣᠵᠤ᠂ ᠡᠨᠡ ᠴᠢᠬᠢᠲᠡᠢ ᠶ᠋ᠢ ᠬᠠᠮᠵᠢᠨ ᠰᠤᠮᠤᠳᠠᠵᠤ ᠤᠨᠠᠭᠠᠭᠠᠳ ᠲᠠᠯ᠎ᠠ ᠶ᠋ᠢᠨ ᠡᠪᠡᠰᠦᠨ ᠢ᠋ ᠢᠯᠳᠦᠨ  ᠢ᠋ᠶ᠋ᠡᠷ ᠬᠠᠳᠤᠵᠤ ᠶᠡᠬᠡ ᠭᠠᠯ ᠨᠣᠴᠣᠭᠠᠨ᠂ ᠡᠳᠡᠭᠡᠷ ᠴᠢᠬᠢᠲᠡᠢ ᠶ᠋ᠢ ᠪᠦᠬᠦᠯᠢ ᠪᠡᠷ ᠭᠠᠯ ᠳ᠋ᠤᠷ ᠪᠤᠯᠠᠵᠤ ᠠᠷᠠᠰᠤᠨ ᠤ᠋ ᠳᠣᠲᠣᠷ᠎ᠠ ᠬᠣᠷᠬᠣᠭᠯᠠᠵᠤ ᠪᠣᠯᠭᠣᠪᠠᠢ᠃ ᠡᠨᠡ ᠦᠶ᠎ᠡ ᠳ᠋ᠦ᠍ᠷ ᠴᠡᠷᠢᠭ ᠦ᠋ᠨ ᠲᠣᠭᠣᠬ᠎ᠠ᠂ ᠲᠤᠯᠭ᠎ᠠ ᠴᠥᠮ ᠬᠦᠷᠴᠦ ᠢᠷᠡᠭᠡᠳᠦᠢ᠂ ᠭᠠᠭᠴᠠ  ᠲᠠᠢᠽᠦ ᠶ᠋ᠢᠨ ᠴᠠᠢ ᠰᠠᠷᠬᠤᠳ ᠢ᠋ ᠳᠠᠭᠠᠭᠠᠭᠰᠠᠨ ᠬᠢᠶ᠎ᠡ ᠲᠡᠭᠦᠰᠴᠤᠭᠲᠤ ᠶ᠋ᠢᠨ ᠠᠪᠴᠤ ᠶᠠᠪᠤᠬᠤ ᠠᠷᠢᠭᠤᠨ ᠤᠰᠤ᠂ ᠬᠠᠭᠤᠷᠠᠢ ᠢᠳᠡᠰᠢ ᠳᠠᠭᠠᠵᠤ ᠳᠣᠪᠲᠣᠯᠤᠨ ᠢᠷᠡᠭᠰᠡᠨ ᠲᠤᠯᠠ ᠰᠢᠳᠠᠷ ᠲᠦᠰᠢᠮᠡᠳ ᠲᠠᠢᠽᠦ ᠳ᠋ᠦ᠍ᠷ ᠠᠷᠢᠭᠤᠨ ᠴᠠᠢ᠂ ᠬᠠᠭᠤᠷᠠᠢ ᠬᠤᠷᠤᠳ ᠢ᠋ ᠡᠷᠭᠦᠨ ᠪᠠᠷᠢᠭ᠍ᠰᠠᠨ ᠳ᠋ᠤᠷ ᠲᠠᠢᠽᠦ ᠵᠣᠭᠣᠭᠯᠠᠬᠤ ᠦᠭᠡᠢ ᠪᠡᠷ ᠵᠠᠬᠢᠷᠤᠨ : 
          ᠠᠬ᠎ᠠ ᠳᠡᠭᠦᠦ ᠰᠠᠢᠳ ᠲᠦᠰᠢᠮᠡᠯ ᠵᠠᠩᠵᠤᠨ ᠴᠡᠷᠢᠭ ᠤᠯᠤᠰ 
          ᠠᠯᠪᠠᠲᠤ ᠠᠯᠢᠪᠠ ᠪᠦᠭᠦᠳᠡᠭᠡᠷ ᠦ᠋ᠨ ᠠᠮᠢᠨ ᠳ᠋ᠤᠷ ᠬᠦᠷᠴᠦ ᠥᠯᠪᠡᠷᠦᠨ ᠥᠯᠦᠰᠬᠦᠢ ᠳ᠋ᠡᠭᠡᠨ 
          ᠠᠷᠭ᠎ᠠ ᠦᠭᠡᠢ ᠠᠭᠤᠯᠠᠨ ᠤ᠋ ᠴᠢᠬᠢᠲᠡᠢ ᠶ᠋ᠢ ᠠᠷᠠᠰᠤᠨ ᠳ᠋ᠤᠷ ᠬᠣᠷᠬᠣᠭᠯᠠᠵᠤ ᠢᠳᠡᠬᠦᠶ᠎ᠡ 
          ᠠᠳᠠᠪᠠᠰᠢ ᠪᠢ ᠭᠠᠭᠴᠠᠭᠠᠷ ᠠᠷᠢᠭᠤᠨ ᠴᠠᠢ ᠠᠮᠲᠠᠲᠤ ᠢᠳᠡᠭᠡᠨ ᠢ᠋ ᠭᠡᠷ ᠢᠳᠡᠬᠦ᠂ 
          ᠠᠪᠠᠴᠢ ᠴᠢᠨᠠᠭᠰᠢ ᠠᠮᠤᠭᠤᠯᠠᠩ ᠵᠢᠷᠭᠠᠯᠠᠩ ᠢ᠋ ᠬᠠᠮᠲᠤᠳᠬᠠᠨ ᠡᠰᠡ ᠴᠢᠳᠠᠪᠠᠰᠤ 
          ᠠᠬᠤ ᠪᠦᠭᠦᠳᠡᠭᠡᠷ ᠦ᠋ᠨ ᠡᠵᠡᠨ ᠭᠡᠮᠡᠨ ᠬᠡᠷᠬᠢᠨ ᠶᠠᠪᠤᠵᠤ ᠪᠣᠯᠬᠤ ᠠᠵᠢ ? 
          ᠠᠪᠠᠴᠢᠷ᠎ᠠ ᠲᠡᠭᠦᠨ ᠢ᠋ ᠠᠳᠠᠯᠢ ᠬᠠᠮᠲᠤ ᠪᠠᠷ ᠴᠢᠬᠢᠲᠡᠢ ᠶ᠋ᠢᠨ ᠮᠢᠬ᠎ᠠ ᠶ᠋ᠢ ᠢᠳᠡᠮᠦᠢ ᠪᠢ                                                    ᠠᠶᠤᠬᠤ ᠪᠠᠶᠠᠷᠯᠠᠬᠤ ᠳ᠋ᠤ᠌ ᠣᠯᠠᠨ ᠯᠤᠬ᠎ᠠ ᠪᠠᠨ ᠨᠢᠭᠡᠨ ᠴᠤᠭᠠᠷ ᠡᠳ᠋ᠯᠡᠮᠦᠢ ᠃ 
ᠴᠠᠢ ᠬᠤᠷᠤᠤᠳ ᠢ᠋ ᠢᠳᠡᠬᠦ ᠦᠭᠡᠢ ᠬᠡᠮᠡᠭᠡᠳ ᠮᠣᠳᠣᠷ  ᠢ᠋ᠶ᠋ᠠᠷ ᠬᠢᠲᠤᠭ᠎ᠠ ᠪᠠᠷᠢᠵᠤ ᠮᠠᠭᠤ ᠮᠢᠬ᠎ᠠ ᠶ᠋ᠢ ᠬᠥᠰᠬᠥᠯᠡᠵᠦ᠂ ᠮᠣᠬᠣᠭᠰᠠᠨ ᠴᠡᠷᠢᠭ ᠮᠢᠨᠦ ᠰᠠᠢᠨ ᠢ᠋ ᠠᠨᠤ ᠢᠳᠡᠯᠴᠡ ᠭᠡᠮᠡᠨ ᠮᠤᠬᠤᠯᠴᠠᠷ ᠴᠢᠬᠢᠲᠡᠢ ᠶ᠋ᠢᠨ ᠮᠢᠬ᠎ᠠ ᠶ᠋ᠢ ᠴᠠᠳᠲᠠᠯ᠎ᠠ ᠵᠣᠭᠣᠭᠯᠠᠭᠠᠳ ᠮᠣᠷᠢᠨ ᠤ᠋ ᠰᠢᠯᠪᠢᠭᠰᠡᠨ ᠪᠠᠵᠤᠨᠠᠢ ᠮᠥᠷᠡᠨ  ᠦ᠌ ᠪᠤᠯᠠᠩᠭᠢᠷ ᠰᠢᠪᠠᠷᠲᠤ ᠤᠰᠤᠨ ᠢ᠋ ᠬᠠᠨᠲᠠᠯ᠎ᠠ ᠤᠤᠭᠤᠭᠠᠳ ᠠᠮᠠ ᠪᠠᠨ ᠵᠠᠢᠯᠵᠤ ᠭᠠᠷ  ᠢ᠋ᠶ᠋ᠠᠨ ᠤᠬᠢᠶᠠᠲᠠᠯ᠎ᠠ ᠤᠯᠤᠰ ᠤ᠋ᠨ ᠶᠡᠬᠡ ᠴᠡᠷᠢᠭ ᠴᠥᠮ ᠬᠦᠷᠴᠦ ᠢᠷᠡᠪᠡ᠃ ᠴᠡᠷᠢᠭ ᠦ᠋ᠨ ᠬᠦᠨᠡᠰᠦ ᠰᠠᠶᠢ ᠭᠦᠢᠴᠡᠪᠡᠢ᠃ ᠲᠡᠳᠦᠢ ᠲᠠᠢᠽᠦ ᠳᠠᠷᠤᠢ ᠪᠠᠵᠤᠨᠠᠢ ᠮᠥᠷᠡᠨ ᠦ᠌ ᠬᠣᠢᠲᠤ ᠬᠥᠪᠡᠭᠡ ᠳ᠋ᠦ᠍ᠷ ᠡᠮᠦᠨᠡᠰᠢ ᠬᠠᠲᠤᠨ ᠰᠥᠭᠥᠳᠴᠦ ᠠᠯᠠᠭ᠎ᠠ ᠪᠠᠨ ᠬᠠᠮᠲᠤᠳᠬᠠᠨ ᠳᠡᠭᠡᠳᠦ ᠲᠡᠭᠷᠢ ᠶ᠋ᠢᠨ ᠵᠦᠭ ᠨᠠᠮᠠᠨᠴᠢᠯᠠᠨ ᠥᠨᠳᠥᠷ ᠳᠠᠭᠤᠨ ᠢ᠋ᠶ᠋ᠠᠷ ᠡᠢᠨ ᠭᠡᠮᠡᠨ ᠠᠮᠠᠯᠳᠠᠷᠤᠨ : 
           ᠡᠷᠬᠡᠲᠦ ᠳᠡᠭᠡᠳᠦ ᠲᠡᠭᠷᠢ ᠡᠴᠢᠭᠡ ᠮᠢᠨᠦ ᠲᠡᠷᠢᠭᠦᠯᠡᠵᠦ 
           ᠡᠩᠭᠡᠷᠡᠯᠲᠦ ᠳᠣᠣᠷᠠᠲᠤ ᠭᠠᠵᠠᠷ ᠡᠬᠡ ᠪᠢᠳᠡᠨ ᠲᠠᠨ ᠢ᠋ᠶ᠋ᠠᠷ᠂ 
           ᠡᠯᠪᠡᠷᠢᠯᠲᠦ ᠰᠡᠳᠬᠢᠯᠳᠦ ᠲᠡᠮᠦᠵᠢᠨ ᠬᠥᠪᠡᠭᠦᠨ  ᠢ᠋ᠶ᠋ᠡᠨ ᠮᠢᠨᠦ 
           ᠡᠨᠡᠷᠢᠯᠲᠦ ᠦᠨᠡᠨᠴᠢ ᠪᠡᠷ ᠠᠮᠠᠯᠳᠠᠬᠤ ᠶ᠋ᠢ ᠠᠢᠯᠠᠳᠤᠭᠲᠤᠨ : 
           ᠠᠯᠲᠠᠨ ᠦᠷᠡᠰᠲᠦ ᠬᠢᠶᠦᠳ ᠶᠠᠰᠤᠲᠤ ᠪᠣᠷᠵᠢᠭᠢᠳ ᠠᠢᠮᠠᠭ ᠤ᠋ᠨ 
           ᠠᠪᠤᠷᠠᠯ ᠢᠪᠡᠭᠡᠯᠳᠦ ᠪᠠᠳᠠᠷᠠᠩᠭᠤᠢ ᠲᠡᠭᠷᠢ ᠶ᠋ᠢᠨ ᠦᠷ᠎ᠡ ᠲᠡᠮᠦᠵᠢᠨ ᠪᠢ᠂ 
           ᠠᠰᠠᠷᠠᠭᠴᠢ ᠲᠭ᠌ᠷᠢ ᠶ᠋ᠢᠨ ᠬᠠᠷᠠᠭᠠᠯᠵᠠᠯᠭ᠎ᠠ ᠪᠠᠷ 
           ᠠᠯᠢᠪᠠ ᠪᠦᠬᠦᠨ ᠢ᠋ ᠠᠭᠠᠵᠢᠮ ᠳ᠋ᠠᠭᠠᠨ ᠠᠯᠠᠭ᠎ᠠ ᠳ᠋ᠤᠷ ᠠᠳᠬᠤᠵᠤ᠂ 
           ᠠᠷᠤ ᠥᠪᠥᠷ ᠢ᠋ ᠠᠤᠭ᠎ᠠ ᠰᠦᠷ  ᠢ᠋ᠶ᠋ᠡᠷ ᠬᠣᠷᠢᠶᠠᠨ ᠠᠪᠴᠤ  
           ᠠᠯᠲᠠᠨ ᠳᠡᠯᠡᠬᠡᠢ ᠶ᠋ᠢ ᠨᠢᠭᠡᠨ᠎ᠡ ᠬᠠᠮᠲᠤ ᠨᠡᠢᠲᠡ ᠶ᠋ᠢ ᠡᠵᠡᠯᠡᠬᠦ ᠡᠵᠡᠨ᠂ 
           ᠠᠭᠤᠤ ᠣᠷᠴᠢᠯᠠᠩ ᠢ᠋ ᠬᠠᠮᠲᠤ ᠪᠠᠷ ᠢ᠋ ᠬᠠᠮᠠᠭᠠᠯᠠᠬᠤ ᠬᠠᠭᠠᠨ ᠤ᠋ 
           ᠠᠮᠤᠭᠤᠯᠠᠩ ᠬᠠᠰ ᠶᠡᠬᠡ ᠲᠥᠷᠥ ᠶ᠋ᠢ ᠵᠢᠳᠬᠦᠨ ᠪᠦᠲᠦᠭᠡᠬᠦ ᠪᠣᠯᠬᠤᠯ᠎ᠠ᠂ 
           ᠠᠳᠠᠪᠠᠰᠢ ᠵᠢᠳᠬᠦᠯᠳᠦ ᠰᠠᠢᠳ ᠲᠦᠰᠢᠮᠡᠳ ᠡᠴᠡ ᠲᠡᠷᠢᠭᠦᠯᠡᠵᠦ 
           ᠠᠯᠪᠠᠲᠤ ᠤᠯᠤᠰ ᠬᠠᠷᠠᠴᠤᠰ ᠢᠷᠭᠡᠨ ᠳ᠋ᠡᠭᠡᠨ ᠬᠦᠷᠲᠡᠯ᠎ᠡ ᠪᠢ᠂ 
           ᠠᠮᠢ ᠪᠠᠨ ᠨᠢᠭᠡᠳᠬᠡᠨ ᠪᠠᠶᠠᠨ ᠦᠪᠡᠳᠡᠭᠰᠢ ᠶ᠋ᠢ ᠬᠠᠮᠲᠤᠳᠬᠠᠵᠤ 
           ᠠᠮᠠᠯᠳᠠᠨ ᠲᠠᠩᠭᠠᠷᠢᠭᠯᠠᠵᠤ ᠪᠠᠶᠠᠷ ᠴᠡᠩᠭᠡᠯ ᠢ᠋ ᠴᠤᠭᠠᠷ ᠡᠳ᠋ᠯᠡᠰᠦᠭᠡᠢ ᠪᠢ᠂ 
           ᠠᠶ᠎ᠠ ᠬᠡᠷᠪᠡ ᠲᠠᠩᠭᠠᠷᠢᠭᠯᠠᠭᠰᠠᠨ ᠦᠭᠡᠰ ᠡᠴᠡ ᠪᠡᠨ ᠵᠥᠷᠢᠴᠡᠪᠡᠰᠦ 
           ᠠᠰᠢᠳᠠ ᠪᠤᠯᠠᠩᠭᠢᠷ ᠡᠨᠡ ᠬᠦ᠌ ᠮᠥᠷᠡᠨ ᠦ᠌ ᠤᠰᠤ ᠮᠡᠲᠦ ᠱᠠᠯᠴᠢᠭᠳᠠᠳᠤᠭᠠᠢ᠃ 
           ᠠᠳᠠᠪᠠᠰᠢ ᠵᠢᠭᠰᠢᠯᠲᠡᠢ ᠡᠨᠡ ᠬᠦ᠌ ᠤᠰᠤᠨ ᠮᠡᠲᠦ ᠱᠠᠯᠪᠠᠭᠳᠠᠲᠤᠭᠠᠢ 
           ᠠᠷᠠᠰᠤᠨ᠎ᠠ ᠬᠣᠷᠬᠣᠭᠯᠠᠭᠤᠯᠤᠭᠰᠠᠨ ᠡᠨᠡ ᠴᠢᠬᠢᠲᠡᠢ ᠠᠳᠠᠯᠢ ᠠᠯᠠᠭᠳᠠᠲᠤᠭᠠᠢ᠃ 
           ᠡᠨᠡ ᠬᠦ᠌ ᠤᠰᠤᠨ ᠢ᠋ ᠤᠤᠭᠤᠭᠰᠠᠨ ᠪᠦᠭᠦᠳᠡᠭᠡᠷ ᠴᠡᠷᠢᠭ ᠮᠢᠨᠦ 
           ᠡᠷᠬᠡᠪᠰᠢ ᠨᠠᠳᠠ ᠳ᠋ᠤᠷ ᠡᠭᠦᠷᠢᠳᠡ ᠦᠨᠡᠨ ᠬᠦᠴᠦᠨ ᠢ᠋ᠶ᠋ᠡᠨ ᠥᠭᠲᠡᠬᠦᠢ! 
           ᠡᠨᠡ ᠮᠥᠷᠡᠨ ᠢ᠋ ᠭᠡᠲᠦᠯᠦᠭᠰᠡᠨ ᠪᠦᠬᠦ ᠣᠯᠠᠨ  ᠢ᠋ᠶ᠋ᠠᠷ ᠲᠠ 
           ᠡᠭᠡᠨᠡᠭᠲᠡ ᠨᠠᠳᠠ ᠳ᠋ᠤᠷ ᠡᠴᠦᠰᠲᠡᠯ᠎ᠡ ᠦᠨᠡᠨ ᠬᠦᠴᠦᠨ  ᠢ᠋ᠶ᠋ᠡᠨ ᠥᠭᠲᠡᠬᠦᠢ! 
ᠭᠡᠮᠡᠨ ᠠᠯᠲᠠᠨ ᠠᠮᠠᠨ  ᠢ᠋ᠶ᠋ᠠᠷ ᠠᠮᠠᠯᠠᠵᠤ᠂ ᠠᠯᠤᠰ ᠲᠡᠭᠷᠢ ᠳ᠋ᠦ᠍ᠷ ᠳᠠᠬᠢᠨ ᠮᠥᠷᠭᠥᠵᠦ᠂ ᠠᠬᠤ ᠪᠦᠭᠦᠳᠡᠭᠡᠷ ᠬᠦᠯᠢᠶᠡᠨ ᠡᠳ᠋ᠯᠡᠶ᠎ᠡ ᠭᠡᠮᠡᠨ ᠥᠴᠢᠭᠰᠡᠨ ᠳ᠋ᠦ᠍ᠷ ᠠᠯᠢᠪᠠ ᠪᠦᠭᠦᠳᠡᠭᠡᠷ ᠰᠠᠢᠳ ᠲᠦᠰᠢᠮᠡᠳ ᠵᠠᠩᠵᠤᠨ ᠴᠡᠷᠢᠭ ᠲᠠᠢᠽᠦ ᠶ᠋ᠢᠨ ᠡᠨᠡ ᠮᠡᠲᠦ ᠪᠠᠲᠤ ᠰᠡᠳᠬᠡᠯ  ᠢ᠋ᠶ᠋ᠡᠷ ᠦᠨᠡᠮᠴᠢᠯᠡᠨ ᠥᠷᠥᠰᠢᠶᠡᠬᠦ ᠶ᠋ᠢ ᠦᠵᠡᠭᠡᠳ ᠰᠠᠨᠠᠭᠠᠨ ᠢᠭᠲᠦᠯᠵᠦ ᠳᠣᠲᠣᠷ᠎ᠠ ᠬᠥᠳᠡᠯᠦᠨ᠂ ᠬᠠᠰᠠᠷ᠂ ᠪᠡᠯᠭᠦᠳᠡᠢ᠂ ᠣᠴᠢᠭ᠂ ᠭᠠᠴᠤᠭ ᠳᠥᠷᠪᠡᠭᠦᠯᠡ ᠴᠥᠮ ᠬᠠᠪᠠᠷ ᠪᠤᠷᠬᠢᠷᠠᠨ ᠨᠢᠯᠪᠤᠰᠤᠨ ᠴᠤᠪᠤᠷᠢᠭᠤᠯᠵᠤ᠂ ᠲᠠᠯ᠎ᠠ ᠳᠦᠭᠦᠷᠡᠩ ᠰᠥᠭᠥᠳᠴᠦ ᠬᠠᠰᠠᠷ ᠲᠡᠷᠢᠭᠦᠯᠡᠨ ᠥᠨᠳᠥᠷ ᠳᠠᠭᠤᠨ ᠢ᠋ᠶ᠋ᠠᠷ ᠠᠮᠠᠯᠳᠠᠷᠤᠨ᠂ ᠲᠡᠭᠦᠨ ᠦ᠌ ᠦᠭᠡ : 
           ᠡᠴᠢᠭᠡ ᠲᠡᠭᠷᠢ ᠶ᠋ᠢᠨ ᠪᠠᠭᠤᠯᠭᠠᠵᠤ ᠲᠥᠷᠥᠭᠦᠯᠦᠭᠰᠡᠨ ᠡᠷᠬᠡᠲᠦ ᠡᠵᠡᠨ ᠮᠢᠨᠦ 
           ᠡᠬᠡ ᠭᠠᠵᠠᠷ ᠤ᠋ᠨ ᠬᠠᠷᠠᠭᠠᠯᠵᠠᠵᠤ ᠬᠠᠪᠰᠤᠷᠤᠭᠰᠠᠨ ᠬᠠᠮᠠᠭᠠᠯᠠᠯᠲᠤ ᠬᠠᠨ ᠮᠢᠨᠦ᠂ 
           ᠡᠩᠭᠡᠷ ᠨᠡᠢᠲᠡ ᠶ᠋ᠢᠨ ᠡᠵᠡᠳ ᠰᠠᠬᠢᠭᠤᠯᠰᠤᠨ ᠯᠤᠭ᠎ᠠ ᠡᠨᠡ ᠪᠦᠭᠦᠳᠡᠭᠡᠷ  
           ᠡᠨᠡᠷᠢᠵᠦ ᠲᠠᠩᠭᠠᠷᠢᠭᠯᠠᠬᠤ ᠮᠠᠨ ᠤ᠋ ᠣᠯᠠᠨ ᠢ᠋ ᠦᠵᠡᠵᠦ ᠠᠢᠯᠠᠳᠤᠨ ᠰᠣᠶᠣᠷᠬ᠎ᠠ ! 
           ᠠᠯᠲᠠᠨ ᠥᠩᠭᠡᠲᠦ ᠪᠠᠳᠠᠷᠠᠩᠭᠤᠢ ᠴᠠᠭᠠᠨ ᠲᠡᠭᠷᠢ ᠡᠴᠢᠭᠡ ᠪᠡᠷ 
           ᠠᠷᠢᠭᠤᠨ ᠳᠡᠭᠡᠳᠦ ᠣᠷᠳᠣᠨ ᠴᠠᠭᠠᠨ ᠭᠡᠷ ᠲᠦ᠍ᠷ ᠵᠠᠯᠠᠷᠠᠨ ᠪᠠᠭᠤᠵᠤ ᠢᠷᠡᠭᠡᠳ 
           ᠠᠰᠠᠷᠠᠯ ᠶᠡᠬᠡᠲᠦ ᠥᠭᠡᠯᠦᠨ ᠦᠵᠢᠨ ᠦ᠌ ᠰᠢᠷᠡᠭᠡ ᠰᠠᠨᠳᠠᠯᠢ ᠶ᠋ᠢ ᠪᠦᠷᠬᠦᠭᠰᠡᠨ ᠢ᠋ᠶ᠋ᠡᠷ 
           ᠠᠰᠤᠷᠤ ᠭᠠᠢᠬᠠᠮᠰᠢᠭᠲᠤ ᠲᠡᠭᠷᠢᠯᠢᠭ᠌ ᠡᠵᠡᠨ ᠴᠢᠮᠠᠶ᠋ᠢ ᠮᠡᠨᠳᠦᠯᠡᠭᠰᠡᠨ ᠲᠤᠯᠠ᠂ 
           ᠠᠷᠪᠠᠨ ᠵᠦᠭ ᠦ᠋ᠨ ᠡᠵᠡᠳ ᠬᠤᠪᠢᠯᠭᠠᠨ ᠠᠯᠲᠠᠨ ᠤ᠋ ᠯᠤᠤ ᠪᠠᠷ ᠬᠠᠷᠠᠭᠠᠯᠵᠠᠮᠤᠢ 
           ᠠᠯᠲᠠᠨ ᠳᠡᠯᠡᠬᠡᠢ ᠶ᠋ᠢᠨ ᠬᠥᠮᠦᠨ ᠠᠮᠢᠲᠠᠨ ᠰᠦᠰᠦᠭᠯᠡᠨ ᠪᠢᠰᠢᠷᠡᠵᠦᠬᠦᠢ᠃ 
           ᠠᠴᠢ ᠵᠢᠷᠤᠮᠲᠤ ᠰᠠᠢᠳ ᠲᠦᠰᠢᠮᠡᠳ ᠠᠮᠢ ᠪᠠᠨ ᠲᠠᠯᠪᠢᠵᠤ ᠵᠢᠳᠬᠦᠯᠴᠡᠶ᠎ᠡ 
           ᠠᠰᠠᠷᠬᠠᠳᠠᠨ ᠥᠷᠥᠰᠢᠶᠡᠭᠳᠡᠬᠦᠢ ᠠᠯᠪᠠᠲᠤ ᠤᠯᠤᠰ ᠮᠠᠳᠠᠯᠢ ᠬᠠᠮᠲᠤ ᠵᠢᠳᠬᠦᠶ᠎ᠡ᠂ 
           ᠠᠶ᠎ᠠ ᠬᠡᠨ ᠠᠮᠠᠯᠳᠠᠭᠰᠠᠨ ᠦᠭᠡ ᠡᠴᠡ ᠪᠡᠨ ᠠᠷᠠᠢ ᠲᠡᠳᠦᠢ ᠵᠥᠷᠢᠴᠡᠪᠡᠰᠦ 
           ᠠᠮᠢᠳᠠᠨ᠎ᠠ ᠭᠢᠰᠬᠢᠯᠡᠭᠳᠡᠬᠦ ᠡᠨᠡ ᠮᠥᠷᠡᠨ ᠦ᠌ ᠰᠢᠪᠡᠷ ᠮᠡᠲᠦ ᠰᠢᠯᠵᠠ ᠪᠣᠯᠲᠤᠭᠠᠢ! 
           ᠠᠪᠠᠢ ᠬᠡᠨ ᠲᠠᠩᠭᠠᠷᠢᠭᠯᠠᠭᠰᠠᠨ ᠦᠭᠡᠰ ᠡᠴᠡ ᠪᠡᠨ ᠠᠶᠤᠨ ᠡᠮᠢᠶᠡᠨ ᠨᠢᠴᠤᠪᠠᠰᠤ 
           ᠠᠳᠤᠭᠤᠨ ᠳ᠋ᠦᠷ ᠭᠢᠰᠬᠢᠯᠡᠭᠳᠡᠬᠦ ᠡᠨᠡ ᠮᠥᠷᠡᠨ ᠦ᠌ ᠤᠰᠤᠨ ᠮᠡᠲᠦ ᠱᠠᠯᠪᠡᠷᠠᠬᠤ ᠪᠣᠯᠲᠤᠭᠠᠢ ! 
           ᠠᠭᠴᠢ ᠨᠡᠢᠲᠡ ᠪᠡᠷ ᠠᠮᠠᠨ ᠠᠪᠤᠭᠰᠠᠨ ᠡᠨᠡ ᠦᠭᠡᠰ ᠡᠴᠡ ᠪᠡᠨ ᠨᠢᠴᠤᠪᠠᠰᠤ 
           ᠠᠷᠠᠰᠤ ᠪᠠᠨ ᠱᠠᠭᠠᠯᠠᠭᠳᠠᠭᠰᠠᠨ ᠴᠢᠬᠢᠲᠡᠢ ᠮᠡᠲᠦ ᠠᠰᠢᠳᠠ ᠠᠯᠠᠭᠳᠠᠬᠤ ᠪᠣᠯᠲᠤᠭᠠᠢ ! 
           ᠠᠬᠤᠢ ᠪᠦᠭᠦᠳᠡ ᠪᠡᠷ ᠠᠮᠠ ᠪᠠᠷ ᠥᠴᠢᠭᠰᠡᠨ ᠦᠨᠡᠨ ᠦᠭᠡᠰ ᠡᠴᠡ ᠪᠡᠨ ᠨᠢᠴᠤᠪᠠᠰᠤ 
           ᠠᠷᠠᠰᠤ ᠲᠠᠢ ᠬᠣᠷᠬᠣᠭᠯᠠᠭᠳᠠᠭᠰᠠᠨ ᠴᠢᠬᠢᠲᠡᠢ ᠠᠳᠠᠯᠢ ᠮᠢᠬ᠎ᠠ ᠪᠠᠨ ᠢᠳᠡᠭᠳᠡᠬᠦ ᠪᠣᠯᠲᠤᠭᠠᠢ! 
           ᠡᠯᠪᠡᠷᠢᠯ ᠶᠡᠬᠡᠲᠦ ᠡᠵᠡᠨ ᠴᠢᠨᠦ ᠤᠯᠤᠰ ᠲᠥᠷᠥ ᠶ᠋ᠢᠨ ᠬᠣᠲᠠᠯᠠ ᠪᠦᠭᠦᠳᠡᠭᠡᠷ 
           ᠡᠩᠭᠡᠷ ᠨᠡᠢᠲᠡ ᠪᠡᠷ ᠡᠭᠦᠷᠢᠳᠡ ᠶ᠋ᠢᠨ ᠬᠦᠴᠦᠨ ᠢ᠋ᠶ᠋ᠡᠨ ᠪᠠᠷᠢᠵᠤ ᠵᠢᠳᠬᠦᠯᠴᠡᠶ᠎ᠡ ᠪᠢᠳᠡ᠂ 
           ᠡᠷᠲᠡ ᠶ᠋ᠢᠨ ᠨᠠᠷᠠᠨ ᠤ᠋ ᠭᠡᠷᠡᠯ ᠲᠤᠰᠤᠭᠰᠠᠨ ᠭᠠᠵᠠᠷ ᠪᠦᠬᠦᠨ ᠦ᠌ ᠬᠥᠮᠦᠨ ᠨᠡᠢᠲᠡ ᠪᠡᠷ 
           ᠡᠷᠳᠡᠨᠢ ᠶ᠋ᠢᠨ ᠲᠥᠷᠥ ᠶ᠋ᠢ ᠴᠢᠨᠦ ᠡᠷᠬᠡᠪᠰᠢ ᠵᠢᠳᠬᠦᠵᠦ ᠪᠦᠲᠦᠭᠡᠮᠦᠢ ‍ᠶ᠎ᠠ! 
ᠭᠡᠮᠡᠨ ᠲᠠᠩᠭᠠᠷᠢᠭᠯᠠᠯᠴᠠᠨ ᠮᠥᠷᠭᠥᠪᠡᠢ᠃ ᠡᠨᠡ ᠲᠤᠬᠠᠢ ᠴᠢᠨᠳᠠᠭᠠᠨ᠎ᠠ ᠰᠡᠴᠡᠨ᠂ ᠬᠤᠳᠠᠭᠠᠨ᠎ᠠ ᠪᠡᠬᠢ ᠲᠠᠨ ᠤ᠋ ᠶᠡᠬᠡ ᠴᠡᠷᠢᠭ ᠪᠠ ᠰᠢᠨ᠎ᠡ ᠳᠠᠭᠠᠭᠰᠠᠨ ᠴᠠᠢᠯᠵᠢ ᠠᠢᠮᠠᠭ ᠤ᠋ᠨ ᠤᠷᠲᠤ ᠪᠣᠳᠣᠯᠭᠠᠲᠤ᠂ ᠪᠠᠰᠠ ᠬᠣᠩᠵᠢᠯᠠ ᠠᠢᠮᠠᠭ ᠤ᠋ᠨ ᠤᠬᠠᠭᠠᠨᠲᠤ ᠷᠢᠨᠴᠢᠨ᠂ ᠬᠠᠭᠤᠴᠢᠨ ᠤᠷᠤᠭ ᠢᠵᠢᠯᠵᠢ ᠠᠢᠮᠠᠭ ᠤ᠋ᠨ ᠬᠦᠷᠭᠡᠨ ᠪᠤᠲ᠋ᠤ᠂ ᠪᠠᠰᠠ ᠲᠡᠭᠦᠨ ᠦ᠌ ᠣᠢᠷ᠎ᠠ ᠲᠥᠷᠥᠯ ᠦ᠋ᠨ ᠠᠪᠠᠭ᠎ᠠ᠂ ᠲᠣᠬᠣᠢᠲᠤ ᠬᠡᠮᠡᠬᠦ ᠠᠢᠮᠠᠭ ᠢ᠋ ᠡᠵᠡᠯᠡᠵᠦ ᠪᠠᠢᠭᠰᠠᠨ ᠪᠤᠰᠤᠩ ᠬᠡᠮᠡᠭᠴᠢ ᠶ᠋ᠢ ᠴᠡᠷᠢᠭ  ᠯᠦ᠍ᠭᠡ ᠢᠨᠤ ᠳᠠᠭᠠᠭᠤᠯᠤᠨ ᠠᠪᠴᠤ ᠴᠥᠮ ᠬᠦᠷᠴᠦ ᠢᠷᠡᠭᠰᠡᠨ ᠲᠤᠯᠠ ᠡᠨᠡ ᠲᠠᠩᠭᠠᠷᠢᠭ ᠲᠤᠷ ᠬᠠᠮᠲᠤ ᠪᠠᠷ ᠴᠥᠮ ᠣᠷᠣᠵᠤ ᠲᠠᠩᠭᠠᠷᠢᠭᠯᠠᠵᠤᠬᠤᠢ᠃ ᠡᠭᠦᠨ ᠳ᠋ᠦ᠍ᠷ ᠣᠯᠠᠨ  ᠢ᠋ᠶ᠋ᠠᠷ ᠪᠠᠰᠠ ᠰᠡᠳᠬᠢᠯ ᠭᠦᠢᠴᠡᠬᠦ ᠦᠭᠡᠢ᠂ ᠴᠥᠮ ᠬᠤᠷᠤᠭᠤᠨ ᠤ᠋ ᠴᠢᠰᠤᠨ  ᠢ᠋ᠶ᠋ᠠᠨ ᠠᠷᠢᠭᠤᠨ ᠰᠠᠷᠬᠤᠳ ᠲᠤᠷ ᠳᠤᠰᠤᠭᠠᠵᠤ᠂ ᠲᠡᠭᠷᠢ ᠭᠠᠵᠠᠷ᠂ ᠮᠥᠷᠡᠨ ᠠᠭᠤᠯᠠ ᠲᠠᠯ᠎ᠠ ᠳ᠋ᠤᠷ ᠰᠠᠴᠤᠯᠢ ᠡᠷᠭᠦᠨ ᠲᠡᠮᠳᠡᠭᠯᠡᠬᠦᠶ᠎ᠡ᠂ ᠲᠠᠢᠽᠦ ᠳᠥᠷᠪᠡᠨ ᠳᠡᠭᠦᠦ ᠶᠦ᠍ᠭᠡᠨ ᠴᠢᠰᠤ ᠲᠣᠰᠤᠭᠠᠭᠰᠠᠨ ᠠᠶᠠᠭᠠᠲᠤ ᠠᠷᠢᠬᠢ ᠶ᠋ᠢ ᠠᠴᠢᠷᠠᠭᠤᠯᠵᠤ᠂ ᠥᠨᠥᠬᠡᠨ ᠦ᠌ ᠡᠰᠬᠡᠭᠰᠡᠨ ᠳᠤᠮᠳᠠ ᠬᠤᠷᠤᠭᠤ ᠶ᠋ᠢᠨ ᠣᠷᠢᠶᠠᠭᠰᠠᠨ ᠢ᠋ ᠠᠯᠳᠠᠷᠠᠭᠠᠨ ᠴᠢᠰᠤ ᠶ᠋ᠢ ᠰᠢᠪᠬᠠᠨ ᠭᠠᠷᠭᠠᠵᠤ᠂ ᠲᠡᠷᠡ ᠬᠦ᠌ ᠠᠶᠠᠭᠠᠲᠤ ᠠᠷᠢᠬᠢᠨ᠎ᠠ ᠳᠤᠰᠤᠭᠠᠪᠠᠰᠤ᠂ ᠲᠠᠢᠽᠦ ᠶ᠋ᠢᠨ ᠴᠢᠰᠤᠨ ᠤ᠋ ᠥᠩᠭᠡ ᠭᠡᠭᠡᠬᠡᠨ ᠬᠡᠢᠪᠠᠩ᠂ ᠬᠤᠷᠴᠠ ᠤᠯᠠᠭᠠᠨ ᠴᠢᠰᠤᠨ ᠤ᠋ ᠳᠤᠰᠤᠯ ᠣᠷᠢᠶᠠᠯᠳᠤᠨ ᠪᠥᠮᠪᠥᠷᠢᠵᠦ᠂ ᠠᠷᠢᠬᠢᠨ ᠤ᠋ ᠳᠣᠲᠣᠷ᠎ᠠ ᠥᠪᠡᠷ᠎ᠡ ᠥᠩᠭᠡᠯᠡᠵᠦ᠂ ᠳᠥᠷᠪᠡᠨ ᠳᠡᠭᠦᠦ ᠶ᠋ᠢᠨ ᠴᠢᠰᠤ ᠯᠤᠭ᠎ᠠ ᠬᠡᠷᠬᠢᠪᠡᠴᠦ ᠨᠡᠢᠯᠡᠬᠦ ᠦᠭᠡᠢ ᠪᠣᠯᠤᠭᠰᠠᠨ ᠳ᠋ᠦᠷ ᠲᠠᠢᠽᠦ ᠭᠠᠢᠬᠠᠨ ᠦᠵᠡᠬᠦᠶ᠎ᠡ᠂ ᠣᠯᠠᠨ ᠢ᠋ᠶ᠋ᠠᠷ ᠴᠤᠭᠯᠠᠵᠤ ᠦᠵᠡᠭᠡᠳ ᠶᠡᠬᠡᠯ᠎ᠡ ᠭᠠᠢᠬᠠᠯᠳᠤᠵᠤ᠂ ᠵᠠᠩᠵᠤᠨ ᠴᠡᠷᠢᠭ ᠬᠠᠮᠲᠤ ᠪᠠᠷ ᠦᠵᠡᠯᠴᠡᠵᠦ᠂ ᠰᠦᠰᠦᠭᠯᠡᠨ ᠪᠢᠰᠢᠷᠡᠵᠦ ᠮᠥᠷᠭᠥᠨ ᠮᠡᠳᠡᠭᠦᠯᠦᠷᠦᠨ :
           ᠲᠡᠭᠷᠢᠯᠢᠭ᠌ ᠦ᠋ᠨ ᠴᠢᠰᠤ ᠬᠥᠮᠦᠨ  ᠦ᠌ ᠴᠢᠰᠤ ᠲᠠᠢ ᠬᠡᠷᠬᠢᠪᠡᠴᠦ ᠦᠯᠦ ᠨᠡᠢᠯᠡᠬᠦ ᠶ᠋ᠢ 
           ᠲᠡᠮᠳᠡᠭᠲᠡᠶ᠎ᠡ ᠪᠢᠳᠡ ᠡᠨᠡ ᠡᠳᠦᠷ ᠨᠢᠳᠦ ᠪᠡᠷ ᠣᠯᠵᠤ ᠦᠵᠡᠪᠡ᠂ 
           ᠲᠡᠭᠦᠰ ᠲᠠᠰᠤᠷᠬᠠᠢ ᠲᠡᠭᠷᠢ ᠰᠠᠬᠢᠭᠤᠯᠰᠤᠨ ᠤ᠋ ᠦᠷ᠎ᠡ ᠰᠢᠮᠡᠰ ᠮᠥᠨ ᠢ᠋ 
           ᠲᠡᠮᠳᠡᠭᠯᠡᠨ ᠪᠢᠴᠢᠵᠦ ᠡᠭᠦᠷᠢᠳᠡ ᠬᠣᠴᠣᠷᠤᠭᠤᠯᠪᠠᠰᠤ ᠵᠣᠬᠢᠮᠤᠢ ᠬᠡᠮᠡᠯᠳᠦᠪᠡᠢ᠃ 
      ᠡᠨᠡ ᠮᠡᠲᠦ ᠶᠠᠰᠤ ᠰᠢᠮ᠎ᠡ ᠬᠣᠶᠠᠷ ᠥᠪᠡᠷ᠎ᠡ ᠤᠴᠢᠷ ᠢ᠋ ᠡᠳᠦᠭᠡᠬᠢ ᠬᠥᠮᠦᠨ ᠡᠰᠡ ᠮᠡᠳᠡᠭᠴᠢᠳ ᠮᠠᠰᠢ ᠣᠯᠠᠨ ᠠᠮᠤᠢ᠂ ᠡᠷᠬᠡᠪᠰᠢ ᠣᠨᠴᠠ ᠡᠷᠬᠢᠮ ᠳᠣᠣᠷᠠᠲᠤ ᠬᠡᠮᠡᠭᠰᠡᠨ ᠢᠨᠤ ᠪᠤᠰᠤ᠂ ᠡᠭᠡᠨᠡᠭᠲᠡ ᠲᠡᠭᠦᠨ  ᠦ᠌ ᠦᠨᠡᠨ ᠤᠴᠢᠷ ᠢ᠋ ᠮᠡᠳᠡᠬᠦ ᠬᠡᠷᠡᠭᠲᠡᠢ ᠪᠣᠯᠠᠢ᠃ 

– – – – 
①ᠡᠨᠡ ᠴᠢᠬᠢᠲᠡᠢ ᠶ᠋ᠢ ᠵᠠᠷᠢᠮ ᠰᠤᠳᠤᠷ ᠲᠤᠷ ᠵᠡᠷᠯᠢᠭ ᠮᠣᠷᠢᠨ ᠬᠡᠮᠡᠭᠡᠳ ᠵᠠᠷᠢᠮ ᠰᠤᠳᠤᠷ ᠲᠤᠷ ᠰᠠᠢ ᠴᠣᠬᠣᠮ ᠨᠡᠷ᠎ᠡ ᠪᠡᠷ ᠴᠢᠬᠢᠲᠡᠢ ᠭᠡᠮᠡᠨ ᠪᠢᠴᠢᠵᠦᠬᠦᠢ᠃

ᠴᠣᠬᠣᠯᠠᠭᠰᠠᠨ ᠠᠨᠤ  
      ᠡᠨᠡ ᠪᠦᠯᠦᠭ ᠲᠣᠷ ᠢᠨᠢᠶᠡᠳᠦᠮ ᠲᠥᠷᠦᠯᠲᠡᠢ ᠬᠣᠶᠠᠷ ᠬᠡᠰᠡᠭ᠂ ᠪᠠᠰᠠ ᠰᠡᠭᠦᠷᠡᠰᠦᠨ ᠠᠯᠳᠠᠯᠲᠠᠢ ᠬᠣᠶᠠᠷ ᠬᠡᠰᠡᠭ᠂ ᠭᠠᠢᠬᠠᠨ ᠪᠢᠰᠢᠷᠡᠭᠦᠱᠢᠲᠡᠢ ᠬᠣᠶᠠᠷ ᠬᠡᠰᠡᠭ ᠂ ᠪᠠᠰᠠ ᠠᠶᠤᠵᠤ ᠰᠣᠴᠢᠮᠠᠷ ᠬᠣᠶᠠᠷ ᠬᠡᠰᠡᠭ ᠪᠣᠢ᠃ ᠨᠢᠭᠡᠨ ᠢᠨᠢᠶᠡᠯᠲᠡᠢ ᠢᠨᠦ :  ᠾᠧ ᠸᠠᠩ ᠲᠣᠭᠣᠷᠢᠯ ᠤ᠋ᠨ ᠨᠢᠭᠡᠬᠡᠨ ᠭᠦᠷᠡᠯᠵᠡᠭᠡᠨ᠎ᠡ ᠶ᠋ᠢᠨ ᠳᠠᠭᠤᠨ ᠳ᠋ᠤᠷ ᠬᠦᠯᠢᠴᠡᠨ ᠡᠰᠡ ᠴᠢᠳᠠᠭᠠᠳ ᠵᠠᠭᠤᠨ ᠵᠦᠢᠯ ᠦ᠋ᠨ ᠠᠶᠤᠯ ᠰᠣᠴᠢᠯ ᠢ᠋ ᠠᠮᠰᠠᠵᠤ᠂ ᠠᠮᠢᠨ ᠪᠡᠶ᠎ᠡ ᠪᠡᠨ ᠠᠷᠠᠢ ᠡᠰᠡ ᠠᠯᠳᠠᠵᠤ ᠡᠭᠡᠭᠰᠡᠨ ᠢᠨᠤ ᠠᠶ᠎ᠠ ᠶᠠᠭᠤᠲᠠᠢ ᠪᠢᠴᠢᠬᠠᠨ ᠬᠡᠦᠬᠡᠳ ᠮᠡᠲᠦ ᠲᠡᠨᠡᠭ ᠬᠥᠭᠡᠷᠳᠡᠭ ᠴᠦᠯᠢᠰ ᠥᠴᠦᠬᠡᠨ ᠠᠵᠢ ? ᠬᠣᠶᠠᠳᠤᠭᠠᠷ ᠢᠨᠢᠶᠡᠯᠲᠡᠢ ᠢᠨᠤ : ᠪᠦᠳᠦᠭᠦᠨ ᠦᠭᠡᠨ ᠳ᠋ᠦ᠍ᠷ ᠤᠮᠪᠠᠴᠢ ᠶ᠋ᠢᠨ ᠬᠥᠪᠡᠭᠦᠨ   ᠱᠤᠩᠪᠠᠴᠢ ᠬᠡᠮᠡᠭᠰᠡᠨᠴᠢᠯᠡᠨ᠂ ᠴᠦᠯᠢᠰ ᠦ᠋ᠨ ᠬᠥᠪᠡᠭᠦᠨ ᠴᠢᠯᠲᠠ ᠲᠡᠷᠡ ᠢᠯᠠᠭᠤ ᠶ᠋ᠢᠨ ᠠᠯᠤᠬ᠎ᠠ ᠶ᠋ᠢᠨ ᠲᠤᠰᠠ ᠲᠤᠱᠠ ᠬᠣᠶᠠᠷ ᠳᠣᠯᠣᠭ᠎ᠠ ᠶ᠋ᠢ ᠲᠡᠷᠡ ᠮᠡᠲᠦ ᠠᠰᠠᠭᠤᠵᠤ ᠪᠥᠬᠥᠶ᠎ᠡ ᠢᠴᠢᠩᠭᠦᠷᠡᠨ ᠭᠤᠲᠤᠬᠤ ᠦᠭᠡᠢ ᠪᠡᠷ ᠦᠯᠦ ᠪᠠᠷᠠᠨ᠂ 《 ᠶᠠᠭᠤᠨ ᠪᠣᠯᠪᠠᠴᠤ ᠬᠢᠵᠦ ᠪᠠᠷᠠᠪᠠ᠂ ᠲᠡᠭᠦᠰᠦᠨ ᠳᠦᠭᠦᠷᠪᠡᠢ ! 》 ᠭᠡᠮᠡᠨ ᠴᠢᠷᠦᠨ ᠭᠠᠷᠭᠠᠵᠤ ᠠᠯᠠ ᠬᠡᠮᠡᠭᠰᠡᠨ ᠢᠨᠤ ᠦᠨᠡᠬᠡᠷ ᠶᠠᠭᠤᠲᠠᠢ ᠬᠠᠪᠲᠠᠰᠤ ᠮᠡᠲᠦ ᠨᠢᠭᠤᠷ ᠦᠭᠡᠢ ᠪᠥᠭᠡᠳ ᠴᠢᠨᠣ᠎ᠠ ᠠᠳᠠᠯᠢ ᠡᠯᠢᠭᠡ ᠵᠢᠷᠦᠬᠡᠲᠡᠢ ᠪᠣᠢ ! ᠵᠢᠴᠢ ᠨᠢᠭᠡᠨ ᠰᠡᠭᠦᠷᠡᠰᠦᠨ ᠠᠯᠳᠠᠯᠲᠠᠢ ᠠᠨᠤ ᠡᠨᠡ ᠵᠠᠮᠤᠬ᠎ᠠ ᠪᠣᠭᠣᠯ ᠶᠠᠭᠤᠨ ᠳ᠋ᠤᠷ ᠲᠡᠢᠮᠦ ᠴᠥᠬᠥᠷᠡᠰᠢ ᠦᠭᠡᠢ ᠮᠠᠭᠤ ᠰᠡᠳᠬᠢᠯ ᠲᠡᠢ ᠳ᠋ᠦ᠍ᠷ ᠲᠡᠷᠡ ᠢᠯᠠᠭᠤ ᠪᠠᠷᠠᠭ᠎ᠠ ᠴᠤ᠌ ᠪᠠᠰᠠ ᠶᠠᠭᠤᠲᠠᠢ ᠲᠡᠢᠮᠦ ᠬᠠᠰᠢᠷᠠᠰᠢ ᠦᠭᠡᠢ ᠭᠠᠵᠢᠭᠤ ᠰᠠᠨᠠᠭᠠᠲᠤ ᠠᠵᠢ ? ᠬᠡᠮᠡᠪᠡᠰᠦ᠂ ᠠᠶ᠎ᠠ ᠠᠷᠭ᠎ᠠ ᠦᠭᠡᠢ ᠪᠣᠯᠠᠢ᠃ ᠠᠩᠬᠠᠨ ᠳ᠋ᠤᠷ ᠨᠢᠭᠡᠨ ᠤᠯᠤᠰ ᠢ᠋ ᠡᠵᠡᠯᠡᠨ ᠪᠠᠢᠭᠰᠠᠨ ᠬᠥᠮᠦᠨ ᠪᠤᠰᠤᠳ ᠲᠤᠷ ᠪᠣᠭᠣᠯ ᠪᠣᠯᠰᠤᠭᠠᠢ ᠭᠡᠮᠡᠨ ᠰᠠᠨᠠᠭᠴᠢᠳ ᠦᠭᠡᠢ ᠪᠣᠯᠠᠢ᠃ ᠡᠭᠦᠨ ᠳ᠋ᠦ᠍ᠷ ᠰᠡᠭᠦᠷᠡᠰᠦᠨ ᠠᠯᠳᠠᠯ ᠦᠭᠡᠢ ᠪᠣᠯᠤᠮᠤᠢ ᠤᠤ ? ᠬᠣᠶᠠᠳᠤᠭᠠᠷ ᠰᠡᠭᠦᠷᠡᠰᠦᠨ ᠠᠯᠳᠠᠯᠲᠠᠢ ᠠᠨᠤ ᠨᠠᠢ᠍ᠮᠠᠨ ᠤᠯᠤᠰ ᠤ᠋ᠨ ᠴᠢᠦᠢ ᠰᠢᠦᠸᠠᠢ ᠡᠦ ᠪᠧᠲ᠋ᠠ᠋ ᠤᠯᠤᠰ ᠲᠤᠷ ᠪᠡᠶ᠎ᠡ ᠪᠠᠷᠠᠭᠠᠳ ᠬᠥᠪᠡᠭᠦᠨ ᠴᠢᠦᠢ ᠱᠢ ᠯᠢ ᠡᠴᠢᠭᠡ ᠶ᠋ᠢᠨ ᠦᠰ ᠢ᠋ ᠦᠯᠦ ᠤᠮᠠᠷᠲᠠᠨ᠂ ᠬᠦᠴᠦᠨ ᠡᠰᠡ ᠬᠦᠷᠦᠯᠴᠡᠪᠡᠴᠦ ᠬᠦᠴᠦᠯᠡᠨ ᠠᠯᠠᠯᠳᠤᠬᠤ ᠶ᠋ᠢ ᠡᠷᠢᠬᠦ ᠢᠨᠤ ᠬᠥᠪᠡᠭᠦᠨ ᠪᠣᠯᠤᠭᠰᠠᠨ ᠬᠥᠮᠦᠨ ᠦ᠌ ᠬᠥᠭᠡᠭᠡᠵᠦ ᠶᠠᠪᠤᠬᠤ ᠶᠠᠪᠤᠳᠠᠯ ᠪᠣᠯᠠᠢ᠂ ᠬᠦᠯᠢᠶᠡᠵᠦ ᠪᠠᠷᠢᠬᠤ ᠶ᠋ᠢ ᠴᠦ᠍ ᠪᠠᠢᠲᠤᠭᠠᠢ ᠬᠦᠵᠦᠭᠦᠨ ᠢ᠋ ᠣᠭᠲᠣᠯᠪᠠᠴᠤ ᠦᠯᠦ ᠮᠤᠷᠤᠢᠬᠤ ᠠᠨᠤ ᠬᠥᠪᠡᠭᠦᠨ ᠦ᠌ ᠶᠣᠰᠣ ᠪᠣᠯᠠᠢ᠂ ᠰᠡᠭᠦᠷᠡᠰᠦᠨ ᠠᠯᠳᠠᠯ ᠦᠭᠡᠢ ᠪᠣᠯᠤᠮᠤᠢ ᠤᠤ ? ᠨᠢᠭᠡᠨ ᠭᠠᠢᠬᠠᠯᠲᠠᠢ ᠠᠨᠤ ᠬᠡᠷᠡᠢᠳ ᠦ᠋ᠨ ᠰᠣᠯᠤᠩᠭᠤᠸ᠎ᠠ ᠥᠬᠢᠨ ᠶᠠᠭᠤᠲᠠᠢ ᠰᠡᠴᠡᠨ ᠭᠡᠭᠡᠬᠡᠨ ᠠᠵᠢ !  ᠪᠧᠲ᠋ᠠ᠋ ᠤᠯᠤᠰ ᠤ᠋ᠨ ᠴᠠᠭ ᠲᠤᠷ ᠮᠠᠨᠳᠤᠭᠰᠠᠨ ᠢ᠋ ᠨᠢᠭᠡᠨᠲᠡ ᠮᠡᠳᠡᠵᠦ ᠭᠠᠷᠤᠭᠠᠳ ᠡᠯᠴᠢ ᠶ᠋ᠢ ᠢᠨᠤ ᠠᠪᠤᠷᠠᠬᠤᠶ᠎ᠠ᠂ ᠠᠬ᠎ᠠ  ᠶᠤᠭᠠᠨ ᠣᠮᠣᠷᠬᠠᠭ ᠰᠠᠨᠠᠭᠠᠨ ᠢ᠋ ᠳᠠᠭᠠᠭᠤᠯᠤᠨ ᠬᠡᠳᠦᠬᠡᠨ ᠦᠭᠡ ᠪᠡᠷ ᠠᠯᠤᠬ᠎ᠠ ᠶ᠋ᠢᠨ ᠠᠮᠢᠨ ᠪᠡᠶ᠎ᠡ ᠶ᠋ᠢ ᠠᠪᠤᠷᠠᠨ ᠭᠠᠷᠭᠠᠭᠰᠠᠨ ᠠᠨᠤ᠂ ᠤᠰᠤᠨ ᠴᠢᠨᠠᠷᠲᠤ ᠨᠢᠭᠡᠨ ᠬᠡᠦᠬᠡᠨ ᠬᠥᠮᠦᠨ ᠪᠥᠭᠡᠳ ᠶᠡᠬᠡ ᠡᠷ᠎ᠡ ᠶ᠋ᠢᠨ ᠴᠢᠬᠡᠴᠢ ᠦᠨᠡᠨᠴᠢ ᠵᠢᠷᠤᠮᠲᠤ ᠰᠠᠨᠠᠭᠠᠨ ᠢ᠋ ᠪᠠᠷᠢᠵᠤ᠂ ᠡᠴᠢᠭᠡ ᠪᠠ ᠠᠬ᠎ᠠ ᠶᠤᠭᠠᠨ ᠰᠠᠨᠠᠭᠠᠨ ᠢ᠋ ᠬᠡᠯᠪᠡᠷᠢᠨ ᠦᠯᠦ ᠳᠠᠭᠠᠬᠤ ᠠᠨᠤ ᠭᠠᠢᠬᠠᠯᠲᠠᠢ ᠪᠤᠰᠤ ᠤᠤ ? ᠬᠣᠶᠠᠳᠤᠭᠠᠷ ᠪᠢᠰᠢᠷᠡᠯᠲᠡᠢ ᠠᠨᠤ ᠲᠠᠢᠽᠦ ᠳᠡᠭᠦᠦ ᠶᠦ᠍ᠭᠡᠨ ᠬᠠᠰᠠᠷ ᠤ᠋ᠨ ᠬᠠᠭᠠᠭᠳᠠᠭᠰᠠᠨ ᠢ᠋ ᠰᠣᠨᠣᠰᠤᠮᠠᠭᠴᠠ ᠶᠠᠳᠠᠵᠤ ᠴᠢᠯᠡᠭᠰᠡᠨ ᠪᠡᠶ᠎ᠡ ᠪᠡᠨ ᠤᠮᠠᠷᠲᠠᠵᠤ᠂ ᠮᠣᠷᠢᠨ ᠤ᠋ ᠳᠥᠷᠥᠭᠡ ᠡᠴᠡ ᠬᠥᠯ ᠰᠤᠭᠤᠯᠤᠯ ᠦᠭᠡᠢ ᠪᠡᠷ ᠡᠳᠦᠷ ᠰᠥᠨᠢ ᠦᠭᠡᠢ  ᠳᠣᠪᠲᠣᠯᠤᠨ᠂ ᠬᠦᠨᠡᠰᠦ ᠪᠡᠨ ᠤᠮᠠᠷᠲᠠᠨ ᠪᠠᠵᠤᠨᠠᠢ ᠮᠥᠷᠡᠨ᠎ᠡ ᠤᠷᠤᠭᠰᠢᠯᠠᠨ ᠬᠦᠷᠦᠭᠰᠡᠨ ᠢᠨᠤ ᠭᠠᠷ ᠬᠥᠯ ᠦ᠋ᠨ ᠠᠬ᠎ᠠ ᠳᠡᠭᠦᠦ ᠶ᠋ᠢᠨ ᠨᠠᠢᠷ ᠵᠢᠷᠤᠮ ᠢ᠋ ᠦᠨᠡᠮᠴᠢᠯᠡᠨ ᠰᠠᠬᠢᠵᠤ᠂ ᠶᠠᠰᠤ ᠴᠢᠮᠥᠭᠡ ᠮᠡᠲᠦ ᠥᠴᠦᠬᠡᠨ ᠴᠦ᠍ ᠬᠠᠭᠤᠷᠮᠠᠭ ᠦᠭᠡᠢ ᠨᠢᠭᠡᠨ ᠭᠱᠠᠨ᠎ᠠ ᠭᠠᠯ ᠤᠯᠠᠭᠠᠨ ᠰᠡᠳᠬᠢᠯ  ᠢ᠋ᠶ᠋ᠡᠷ ᠳᠡᠭᠦᠦ ᠪᠡᠨ ᠲᠡᠩᠬᠡᠷᠡᠭᠦᠯᠦᠷ᠎ᠡ ᠡᠴᠢᠭᠰᠡᠨ  ᠢᠨᠤ ᠪᠣᠭᠳᠠ ᠬᠥᠮᠦᠨ ᠦ᠌ ᠡᠯᠢᠭᠡᠰᠡᠭ᠂ ᠢᠨᠠᠭ ᠬᠥᠮᠦᠨ ᠦ᠌ ᠬᠡᠯᠬᠢᠶ᠎ᠡ ᠶ᠋ᠢ ᠪᠠᠳᠠᠷᠠᠭᠤᠯᠤᠭᠰᠠᠨ ᠳ᠋ᠤᠷ ᠬᠡᠨ ᠦᠯᠦ ᠪᠢᠰᠢᠷᠡᠮᠦᠢ ? ᠥᠴᠦᠬᠡᠨ ᠴᠦ᠍ ᠬᠠᠭᠤᠷᠮᠠᠭ ᠦᠭᠡᠢ ᠳ᠋ᠦ᠍ᠷ ᠪᠣᠯᠠᠢ᠂ ᠵᠢᠴᠢ ᠨᠢᠭᠡᠨ ᠠᠶᠤᠯᠲᠠᠢ ᠠᠨᠤ ᠠᠯᠤᠬ᠎ᠠ ᠡᠯᠴᠢ ᠪᠣᠯᠤᠨ ᠬᠡᠷᠡᠢᠳ ᠦ᠋ᠨ ᠲᠥᠷᠥ ᠳ᠋ᠦ᠍ᠷ ᠭᠠᠷᠴᠤ ᠬᠡᠳᠦᠢᠪᠡᠷ ᠦᠭᠡ ᠡᠬᠢᠯᠡᠬᠦ ᠦᠶ᠎ᠡ ᠳ᠋ᠦ᠍ᠷ ᠦᠭᠡ ᠬᠡᠯᠡᠬᠦ ᠵᠠᠢ ᠶ᠋ᠢ ᠦᠯᠡᠳᠡᠭᠡᠨ᠂ ᠵᠥᠪᠯᠡᠨ ᠲᠡᠩᠰᠡᠵᠦ ᠮᠡᠳᠡᠶ᠎ᠡ ᠬᠡᠮᠡᠭᠰᠡᠨ ᠪᠣᠯᠪᠠᠴᠤ ᠬᠡᠯᠡᠭᠰᠡᠭᠡᠷ ᠰᠡᠭᠦᠯ ᠳ᠋ᠦ᠍ᠷ ᠬᠦᠷᠴᠦ ᠳᠣᠯᠣᠭᠠᠨ ᠵᠡᠷᠭᠡ ᠶ᠋ᠢᠨ ᠵᠢᠷᠤᠮ ᠦᠭᠡᠢ ᠶ᠋ᠢ ᠲᠣᠭᠠᠴᠢᠬᠤ ᠦᠶ᠎ᠡ ᠳ᠋ᠦ᠍ᠷ ᠮᠠᠰᠢ ᠲᠦᠭᠰᠢᠯᠲᠡᠢ ᠠᠶᠤᠯᠲᠠᠢ ᠭᠠᠵᠠᠷ ᠪᠣᠯᠠᠢ ! ᠰᠠᠷᠯᠠᠭ ᠤ᠋ᠨ ᠬᠠᠨ ᠢ᠋ ᠠᠯᠠᠭᠰᠠᠨ ᠮᠡᠲᠦ ᠬᠣᠢᠨ᠎ᠠ ᠠ᠋ᠴᠠ ᠠᠨᠤ ᠳᠠᠭᠠᠵᠤ ᠣᠷᠣᠬᠤ ᠵᠠᠩᠵᠤᠨ ᠴᠡᠷᠢᠭ ᠪᠠᠢᠬᠤ ᠪᠤᠰᠤ ᠪᠥᠭᠡᠲᠡᠯ᠎ᠡ ᠲᠡᠷᠡ ᠮᠡᠲᠦ ᠬᠠᠲᠠᠭᠤ ᠪᠠᠷ ᠬᠡᠯᠡᠵᠦ ᠴᠢᠳᠠᠭᠰᠠᠨ ᠠᠨᠤ ᠲᠡᠭᠦᠨ  ᠦ᠌ ᠪᠡᠶ᠎ᠡ ᠠᠶᠤᠯᠲᠠᠢ ᠶ᠋ᠢᠨ ᠳᠡᠭᠡᠷ᠎ᠡ ᠲᠡᠭᠦᠨ  ᠦ᠌ ᠵᠢᠷᠦᠬᠡ ᠰᠥᠰᠥ ᠲᠡᠭᠦᠨ ᠡᠴᠡ ᠨᠡᠩ ᠢᠯᠡᠭᠦᠦ ᠠᠶᠤᠯᠲᠠᠢ ᠬᠠᠳᠠᠨ ᠴᠢᠭᠢᠷᠠᠭ ᠪᠣᠯᠪᠠᠢ᠃ ᠡᠨᠡ ᠬᠣᠶᠠᠷ ᠠᠶᠤᠯᠲᠠᠢ ᠳᠠᠪᠬᠤᠷᠯᠠᠭᠰᠠᠨ ᠳ᠋ᠤᠷ ᠴᠣᠬᠣᠮ ᠠᠶᠤᠯᠲᠠᠢ ᠪᠣᠯᠵᠣᠬᠠᠢ᠃ ᠬᠣᠶᠠᠳᠤᠭᠠᠷ ᠰᠣᠴᠢᠯᠲᠠᠢ ᠠᠨᠤ᠂ ᠡᠨᠡ ᠤᠳᠠᠭ᠎ᠠ ᠶ᠋ᠢᠨ ᠬᠡᠷᠡᠢᠳ ᠦ᠋ᠨ ᠴᠡᠷᠢᠭ ᠪᠠᠢᠭᠤᠯᠤᠭᠰᠠᠨ ᠠᠨᠤ ᠤᠷᠢᠳᠤ ᠶ᠋ᠢᠨ ᠴᠡᠷᠢᠭ ᠪᠠᠢᠭᠤᠯᠬᠤ ᠠ᠋ᠴᠠ ᠥᠪᠡᠷ᠎ᠡ ᠪᠣᠯᠵᠤ᠂ ᠡᠮᠦᠨ᠎ᠡ ᠠᠯᠲᠠᠨ ᠤᠯᠤᠰ᠂ ᠬᠢᠳᠠᠨ ᠤᠯᠤᠰ᠂ ᠬᠠᠭᠤᠴᠢᠨ ᠯᠢᠶᠣᠤ ᠤᠯᠤᠰ᠂ ᠪᠠᠷᠠᠭᠤᠨ ᠰᠢᠶᠠ ᠤᠯᠤᠰ᠂ ᠬᠣᠲᠣᠩ ᠤ᠋ᠨ ᠰᠢ ᠢᠦᠢ ᠤᠯᠤᠰ ᠢ᠋ ᠴᠥᠮ ᠲᠠᠲᠠᠵᠤ ᠬᠥᠳᠡᠯᠭᠡᠨ ᠴᠥᠮ ᠪᠠᠭ᠎ᠠ ᠰᠠᠭ᠎ᠠ ᠴᠡᠷᠢᠭ ᠢᠷᠡᠪᠡ᠂ ᠪᠠᠰᠠ ᠵᠠᠮᠤᠬ᠎ᠠ ᠶ᠋ᠢᠨ ᠬᠡᠷᠡᠭᠯᠡᠭᠰᠡᠨ ᠠᠷᠬ᠎ᠠ ᠪᠠᠷ ᠪᠧᠲ᠋ᠠ᠋ ᠤᠯᠤᠰ ᠮᠥᠷᠳᠡᠵᠦ ᠶᠠᠪᠤᠬᠤ ᠪᠠ ᠪᠠᠰᠠ ᠦᠵᠡᠲᠡᠯ᠎ᠡ ᠬᠠᠰᠠᠷ ᠤ᠋ᠨ ᠵᠦᠭ ᠬᠡᠷᠡᠭᠯᠡᠭᠰᠡᠨ ᠨᠢᠭᠡᠨ ᠠᠩᠭᠢ ᠴᠡᠷᠢᠭ ᠵᠢᠭᠠᠭᠰᠠᠨ ᠶᠣᠰᠣᠭᠠᠷ ᠬᠡᠷᠡᠭ ᠪᠦᠲᠦᠵᠦ᠂ ᠬᠠᠰᠠᠷ ᠤ᠋ᠨ ᠨᠢᠭᠡᠨ ᠠᠢᠮᠠᠭ ᠤ᠋ᠳ ᠴᠥᠮ ᠠᠪᠲᠠᠭᠰᠠᠨ ᠠᠨᠤ ᠲᠡᠷᠡ ᠦᠶ᠎ᠡ ᠳ᠋ᠦ᠍ᠷ ᠰᠣᠴᠢᠯᠲᠠᠢ ᠶ᠋ᠢ ᠴᠦ᠍ ᠪᠠᠢᠲᠤᠭᠠᠢ᠂ ᠡᠨᠡ ᠦᠶ᠎ᠡ ᠶ᠋ᠢᠨ ᠴᠥᠯᠪᠡᠨ ᠪᠢᠴᠢᠭᠴᠢ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠪᠢ ᠴᠦ᠍ ᠮᠥᠨ ᠰᠣᠴᠢᠨ ᠲᠦᠭᠰᠢᠮᠦᠢ᠃ ᠦᠵᠡᠬᠦ ᠮᠡᠷᠭᠡᠳ ᠦ᠋ᠨ ᠰᠣᠴᠢᠬᠤ ᠶ᠋ᠢ ᠬᠡᠷᠬᠢᠨ ᠦᠭᠡᠢ ᠪᠣᠯᠭᠠᠨ ᠴᠢᠳᠠᠮᠤᠢ ? ᠡᠨᠡ ᠪᠦᠯᠦᠭ ᠦ᠋ᠨ ᠭᠠᠰᠢᠭᠤᠨ ᠠᠨᠤ ᠬᠠᠰᠠᠷ᠂ ᠬᠠᠯᠠᠭᠤᠨ ᠠᠨᠤ  ᠲᠠᠢᠽᠦ᠂ ᠢᠰᠬᠦᠯᠡᠩ ᠢᠨᠤ ᠬᠡᠷᠡᠢᠳ᠂ ᠠᠮᠲᠠᠢᠬᠠᠨ ᠠᠨᠤ ᠬᠣᠩᠭᠢᠷᠠᠳ᠂ ᠡᠨᠡ ᠳᠥᠷᠪᠡᠨ ᠵᠦᠢᠯ ᠬᠠᠮᠲᠤ ᠪᠠᠷ ᠨᠢᠭᠡᠨ ᠪᠦᠯᠦᠭ ᠲᠣᠷ ᠴᠤᠭᠯᠠᠷᠠᠭᠰᠠᠨ᠎ᠠ᠂ ᠴᠣᠬᠣᠯᠠᠭᠴᠢ ᠨᠠᠮᠠᠶ᠋ᠢ ᠪᠢᠷ ᠳᠠᠷᠤᠬᠤ ᠭᠠᠵᠠᠷ ᠦᠭᠡᠢ ᠪᠣᠯᠲᠠᠯ᠎ᠠ ᠴᠢᠬᠤᠯᠳᠠᠭᠤᠯᠪᠠ᠂ ᠬᠣᠢᠴᠢ ᠡᠳᠦᠷ ᠦ᠋ᠨ ᠮᠡᠷᠭᠡᠳ ᠰᠠᠢᠳ ᠪᠠᠬᠠᠨ ᠦᠷᠦ ᠡᠪᠡᠳᠪᠡᠰᠦ ᠵᠣᠬᠢᠮᠤᠢ !