ᠪᠠᠭᠠᠷᠢᠨ ᠭᠣᠣᠯ ᠤ᠋ᠨ ᠰᠢᠪᠠᠭᠤ -ᠰᠡ᠊ ·ᠤᠶᠠᠩᠭ᠎ᠠБаарин голын шувуу-Са ·Уянга
ᠪᠠᠭᠠᠷᠢᠨ ᠭᠣᠣᠯ ᠤ᠋ᠨ ᠰᠢᠪᠠᠭᠤ
ᠦᠭᠡ᠄ ᠰ · ᠳᠡᠯᠭᠡᠷ
ᠠᠶ᠎ᠠ᠄ ᠰᠡᠴᠡᠨᠴᠣᠭᠲᠤ
ᠳᠠᠭᠤᠴᠢᠨ᠄ ᠰᠡ᠊ · ᠤᠶᠠᠩᠭ᠎ᠠ
ᠪᠠᠭᠠᠷᠢᠨ ᠭᠣᠣᠯ ᠤ᠋ᠨ ᠰᠢᠪᠠᠭᠤ ᠨᠢ ᠨᠣᠢᠷᠤᠨ ᠳᠤᠮᠳᠠ ᠡᠴᠡ ᠵᠡᠭᠦᠳᠦᠯᠡᠩᠬᠡᠢ
ᠪᠠᠢᠨ ᠪᠠᠢᠨ ᠰᠠᠨᠠᠬᠤ ᠪᠠᠷ ᠢ᠋ᠶ᠋ᠠᠨ ᠬᠠᠢᠷᠠᠨ ᠳᠤᠮᠳᠠ ᠮᠢᠨᠢ ᠡᠷᠬᠡᠯᠡᠩᠬᠡᠢ
ᠲᠩᠷᠢ ᠶ᠋ᠢᠨ ᠴᠡᠭᠡᠯ ᠢ᠋ᠶ᠋ᠡᠷ ᠳᠡᠭᠦᠯᠢᠬᠦ ᠳ᠋ᠡᠭᠡᠨ ᠨᠤᠲᠤᠭ ᠢ᠋ᠶ᠋ᠠᠨ ᠪᠦᠦᠬᠡᠨ ᠮᠠᠷᠲᠠᠭᠠᠷᠠᠢ
ᠲᠡᠮᠡᠦᠯᠦᠨ ᠲᠡᠮᠡᠦᠯᠦᠨ ᠨᠢᠰᠬᠦ ᠪᠡᠷ ᠢ᠋ᠶ᠋ᠡᠨ ᠰᠦᠷᠦᠭ ᠡᠴᠡ ᠪᠡᠨ ᠪᠦᠦᠬᠡᠨ ᠬᠣᠯᠠᠳᠠᠭᠠᠷᠠᠢ
ᠲᠡᠮᠡᠦᠯᠦᠨ ᠲᠡᠮᠡᠦᠯᠦᠨ ᠨᠢᠰᠬᠦ ᠪᠡᠷ ᠢ᠋ᠶ᠋ᠡᠨ ᠰᠦᠷᠦᠭ ᠡᠴᠡ ᠪᠡᠨ ᠪᠦᠦᠬᠡᠨ ᠬᠣᠯᠠᠳᠠᠭᠠᠷᠠᠢ
ᠴᠠᠭᠠᠨ ᠮᠥᠷᠡᠨ ᠦ᠌ ᠰᠢᠪᠠᠭᠤ ᠨᠢ ᠡᠭᠦᠷ ᠢ᠋ᠶ᠋ᠡᠨ ᠡᠷᠢᠨ ᠭᠠᠩᠭᠠᠨᠠᠩᠬᠠᠢ
ᠴᠠᠭ ᠴᠠᠭ ᠤ᠋ᠨ ᠡᠷᠭᠢᠭᠡᠨ ᠳ᠋ᠡᠭᠡᠨ ᠵᠢᠷᠭᠢᠨ ᠵᠢᠷᠭᠢᠨ ᠪᠤᠴᠠᠩᠬᠠᠢ
ᠬᠥᠮᠦᠨ ᠦ᠌ ᠭᠠᠵᠠᠷ ᠢ᠋ ᠲᠤᠭᠤᠯᠬᠤ ᠪᠠᠷ ᠢ᠋ᠶ᠋ᠠᠨ ᠨᠤᠲᠤᠭ ᠤ᠋ᠨ ᠳᠠᠭᠤᠤ ᠪᠠᠨ ᠠᠶᠠᠯᠤᠭᠠᠷᠠᠢ
ᠬᠥᠭᠡᠷᠦᠨ ᠳᠡᠭᠳᠡᠨ ᠨᠢᠰᠬᠦ ᠪᠡᠷ ᠢ᠋ᠶ᠋ᠡᠨ ᠨᠠᠭᠤᠷ ᠢ᠋ᠶ᠋ᠠᠨ ᠰᠠᠨᠠᠨ ᠳᠣᠩᠭᠣᠳᠤᠭᠠᠷᠠᠢ
ᠬᠥᠭᠡᠷᠦᠨ ᠳᠡᠭᠳᠡᠨ ᠨᠢᠰᠬᠦ ᠪᠡᠷ ᠢ᠋ᠶ᠋ᠡᠨ ᠨᠠᠭᠤᠷ ᠢ᠋ᠶ᠋ᠠᠨ ᠰᠠᠨᠠᠨ ᠳᠣᠩᠭᠣᠳᠤᠭᠠᠷᠠᠢ
ᠰᠢᠷ᠎ᠠ ᠮᠥᠷᠡᠨ ᠦ᠌ ᠰᠢᠪᠠᠭᠤ ᠨᠢ ᠵᠢᠷᠦᠬᠡᠨ ᠳ᠋ᠦ᠍ ᠲᠠᠩᠳᠠ ᠪᠠᠨ ᠳᠠᠭᠤᠯᠠᠩᠬᠠᠢ
ᠰᠡᠪᠡᠯᠵᠡᠨ ᠰᠡᠪᠡᠯᠵᠡᠬᠦ ᠰᠠᠯᠬᠢᠨ ᠳ᠋ᠤ᠌ ᠨᠢ ᠨᠤᠲᠤᠭ ᠢ᠋ᠶ᠋ᠠᠨ ᠰᠠᠨᠠᠨ ᠤᠶᠠᠷᠠᠩᠬᠠᠢ
ᠰᠡᠮᠡᠷᠡᠨ ᠰᠡᠮᠡᠷᠡᠬᠦ ᠪᠣᠷᠣᠭᠠᠨ ᠳ᠋ᠤ᠌ ᠨᠢ ᠰᠡᠳᠬᠢᠯ ᠲᠡᠨᠢᠭᠦᠨ ᠳᠡᠭᠦᠯᠢᠭᠡᠷᠡᠢ
ᠰᠠᠢᠬᠠᠨ ᠮᠣᠩᠭᠣᠯ ᠣᠷᠣᠨ ᠤ᠋ ᠪᠠᠨ ᠢᠷᠦᠭᠡᠯ ᠰᠢᠩᠭᠡᠬᠡᠨ ᠨᠢᠰᠦᠭᠡᠷᠡᠢ
ᠰᠠᠢᠬᠠᠨ ᠮᠣᠩᠭᠣᠯ ᠣᠷᠣᠨ ᠤ᠋ ᠪᠠᠨ ᠢᠷᠦᠭᠡᠯ ᠰᠢᠩᠭᠡᠭᠡᠨ ᠨᠢᠰᠦᠭᠡᠷᠡᠢ
ᠰᠠᠢᠬᠠᠨ ᠮᠣᠩᠭᠣᠯ ᠣᠷᠣᠨ ᠤ᠋ ᠪᠠᠨ ᠢᠷᠦᠭᠡᠯ ᠰᠢᠩᠭᠡᠭᠡᠨ ᠨᠢᠰᠦᠭᠡᠷᠡᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
