ᠬᠥᠬᠡ ᠰᠤᠳᠤᠷ - ᠢᠨᠵᠠᠨᠨᠠᠰᠢ < ᠭᠤᠴᠢᠳᠤᠭᠠᠷ ᠪᠦᠯᠦᠭ > Хөх судар - Инжинаш <Гучдугар бүлэг >
ᠪᠣᠳᠣᠯᠭᠠᠲᠤ ᠮᠤᠬᠤᠯᠢ ᠠᠶᠠᠭ᠎ᠠ ᠶ᠋ᠢ ᠬᠥᠮᠥᠷᠢᠵᠦ ᠳᠠᠢᠰᠤᠨ ᠢ᠋ ᠲᠤᠯᠬᠤ ᠠᠷᠭ᠎ᠠ ᠶ᠋ᠢ ᠲᠣᠭᠲᠠᠭᠠᠪᠠᠢ
ᠪᠣᠯᠭᠣᠮᠵᠢᠲᠤ ᠮᠥᠩᠭᠥᠯᠵᠢ ᠦᠰᠦ ᠪᠡᠨ ᠣᠭᠲᠣᠯᠵᠤ ᠴᠡᠷᠢᠭ ᠢ᠋ ᠵᠣᠭᠰᠣᠬᠤ ᠤᠴᠢᠷ ᠢ᠋ ᠲᠣᠭᠠᠴᠢᠪᠠᠢ
ᠭᠤᠴᠢᠳᠤᠭᠠᠷ ᠪᠦᠯᠦᠭ
ᠰᠥᠩ ᠤᠯᠤᠰ ᠤ᠋ᠨ ᠨᠢᠩᠽᠦᠶ᠋ᠩ ᠬᠠᠭᠠᠨ ᠤ᠋ ᠵᠢᠶᠠᠨ ᠲᠠᠢ ᠶ᠋ᠢᠨ ᠲᠡᠷᠢᠭᠦᠨ ᠣᠨ᠂ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠲᠠᠢ ᠾᠧ ᠶ᠋ᠢᠨ ᠪᠠᠰᠠ
ᠲᠡᠷᠢᠭᠦᠨ ᠣᠨ᠂ᠴᠠᠭᠠᠨᠴᠢᠨ ᠲᠠᠬᠢᠶ᠎ᠠ ᠵᠢᠯ ᠪᠠᠢᠭᠰᠠᠭᠠᠷ᠂ᠲᠠᠢᠽᠦ ᠳᠥᠴᠢᠨ ᠰᠡᠭᠦᠳᠡᠷ ᠲᠡᠢ᠂ᠡᠨᠡ ᠵᠢᠯ ᠬᠡᠷᠡᠭ ᠮᠠᠰᠢ ᠣᠯᠠᠨ ᠶᠣᠰᠣᠭᠠᠷ ᠪᠢᠴᠢᠪᠡᠢ
ᠪᠣᠳᠣᠯᠭᠠᠲᠤ ᠮᠤᠬᠤᠯᠢ ᠠᠶᠠᠭ᠎ᠠ ᠶ᠋ᠢ ᠬᠥᠮᠥᠷᠢᠵᠦ ᠳᠠᠢᠰᠤᠨ ᠢ᠋ ᠲᠤᠯᠬᠤ ᠠᠷᠭ᠎ᠠ ᠶ᠋ᠢ ᠲᠣᠭᠲᠠᠭᠠᠪᠠᠢ
ᠪᠣᠯᠭᠣᠮᠵᠢᠲᠤ ᠮᠥᠩᠭᠥᠯᠵᠢ ᠦᠰᠦ ᠪᠡᠨ ᠣᠭᠲᠣᠯᠵᠤ ᠴᠡᠷᠢᠭ ᠢ᠋ ᠵᠣᠭᠰᠣᠬᠤ ᠤᠴᠢᠷ ᠢ᠋ ᠲᠣᠭᠠᠴᠢᠪᠠᠢ
ᠪᠤᠶᠠᠨᠲᠤ ᠶᠡᠬᠡᠲᠡᠢ ᠪᠤᠯᠲᠤ ᠪᠦᠬᠦᠨ ᠪᠤᠷᠤᠭᠤ ᠪᠣᠯᠬᠤᠨ ᠢ᠋ᠶ᠋ᠠᠷ ᠦᠭᠡᠢ
ᠪᠤᠷᠤᠭᠤᠲᠠᠨ ᠪᠦᠷᠢᠯᠬᠦ ᠶ᠋ᠢᠨ ᠪᠣᠳᠣᠯᠭ᠎ᠠ ᠪᠦᠷᠢ ᠪᠤᠰᠤᠴᠢᠷ ᠪᠣᠯᠵᠤ ᠡᠨᠳᠡᠭᠦᠷᠡᠮᠦᠢ᠂
ᠪᠣᠳᠣᠬᠤ ᠤᠬᠠᠬᠤ ᠨᠡᠯᠢᠶᠡᠳ ᠮᠡᠷᠭᠡᠳ ᠲᠠᠢᠶᠠᠩ ᠬᠠᠭᠠᠨ ᠪᠥᠯᠥᠭᠡ
ᠪᠤᠯᠤᠤ ᠸᠠᠩ ᠤ᠋ᠨ ᠪᠤᠯᠠᠩᠭᠢᠷ ᠠᠷᠭ᠎ᠠ ᠳ᠋ᠤᠷ ᠪᠣᠯᠢᠭ᠍ᠳᠠᠨ ᠱᠠᠯᠢᠭ᠍ᠳᠠᠬᠤ ᠶ᠋ᠢ ᠬᠡᠷᠬᠢᠬᠦ ?
ᠲᠡᠨᠳᠡᠴᠡ ᠬᠦᠯᠦᠭ ᠴᠢᠯᠠᠭᠤᠨ ᠴᠡᠷᠢᠭ ᠠᠪᠤᠨ ᠬᠥᠭᠡᠭᠡᠵᠦ᠂ᠵᠠᠮᠤᠬ᠎ᠠ ᠶ᠋ᠢᠨ ᠡᠯᠰᠡᠭᠰᠡᠨ ᠱᠠᠯᠵᠢᠲᠠᠢ ᠠᠢᠮᠠᠭ ᠤ᠋ᠨ ᠨᠢᠭᠡᠨ ᠰᠠᠯᠠᠭᠠᠨ ᠤ᠋ ᠲᠠᠪᠤᠨ ᠵᠠᠭᠤᠨ ᠴᠡᠷᠢᠭ ᠢ᠋ ᠪᠦᠲᠦᠨ᠎ᠡ ᠶ᠋ᠢᠨ ᠡᠯᠴᠢ ᠶ᠋ᠢ ᠳᠡᠭᠡᠷᠡᠮᠳᠡᠭᠰᠡᠨ ᠢ᠋ ᠣᠯᠠᠨ ᠭᠠᠩ ᠬᠡᠮᠡᠬᠦ ᠭᠠᠵᠠᠷ᠎ᠠ ᠭᠦᠢᠴᠡᠨ ᠬᠦᠷᠦᠭᠡᠳ ᠪᠠᠢᠯᠳᠤᠵᠤ ᠵᠠᠭᠤᠨ ᠢᠯᠡᠭᠦᠦ ᠠᠯᠠᠵᠤ᠂ᠳᠥᠴᠢᠭᠡᠳ ᠰᠢᠬᠠᠮ ᠠᠮᠢᠳᠤ ᠪᠠᠷᠢᠭᠠᠳ ᠦᠯᠡᠭᠰᠡᠨ ᠢ᠋ ᠢᠨᠦ ᠴᠥᠮ ᠬᠥᠭᠡᠭᠡᠵᠦ ᠪᠤᠲᠠᠷᠠᠭᠤᠯᠤᠭᠠᠳ ᠪᠣᠢ ᠪᠦᠬᠦᠢ ᠶ᠋ᠢ ᠢᠨᠦ ᠴᠥᠮ ᠪᠤᠯᠢᠶᠠᠨ ᠠᠪᠴᠤ ᠪᠦᠲᠦᠨ᠎ᠡ ᠶ᠋ᠢᠨ ᠡᠯᠴᠢ ᠬᠠᠭᠠᠰ ᠢ᠋ ᠥᠭᠴᠦ ᠢᠯᠡᠭᠡᠭᠡᠳ ᠰᠠᠶᠢ ᠡᠭᠡᠵᠦ ᠵᠢᠨᠦᠩ ᠦ᠋ᠨ ᠵᠠᠬᠢᠶ᠎ᠠ ᠶ᠋ᠢ ᠡᠭᠡᠭᠦᠯᠦᠭᠰᠡᠨ᠎ᠡ᠂ᠵᠢᠨᠦ᠋ᠩ ᠶᠡᠬᠡᠯ᠎ᠡ ᠪᠠᠶᠠᠷᠯᠠᠵᠤ ᠬᠦᠨᠳᠦ ᠬᠤᠷᠢᠮᠯᠠᠵᠤ : 《 ᠱᠠᠯᠵᠢᠲᠠᠢ ᠠ᠋ᠴᠠ ᠪᠠᠷᠢᠵᠤ ᠠᠴᠢᠷᠠᠭᠰᠠᠨ ᠳᠥᠴᠢᠭᠡᠳ ᠬᠥᠮᠦᠨ ᠢ᠋ ᠬᠡᠷᠡᠭᠯᠡᠬᠦ ᠭᠠᠵᠠᠷ ᠪᠣᠢ᠃》ᠭᠡᠮᠡᠨ ᠨᠠᠢ᠍ᠮᠠᠨ ᠤ᠋ ᠪᠠᠷᠢᠭ᠍ᠳᠠᠭᠰᠠᠨ ᠡᠯᠴᠢ ᠬᠤᠸᠠᠷᠠᠭ ᠯᠤᠭ᠎ᠠ ᠬᠠᠮᠲᠤ ᠬᠣᠷᠢᠭᠤᠯᠪᠠ᠃ᠲᠡᠢᠨ ᠬᠦ᠌ ᠨᠠᠢ᠍ᠮᠠᠨ ᠤᠯᠤᠰ ᠪᠦᠲᠦᠨ᠎ᠡ ᠶ᠋ᠢᠨ ᠪᠸᠲ᠋ᠠ᠋ ᠤᠯᠤᠰ ᠯᠤᠭ᠎ᠠ ᠨᠢᠭᠡᠳᠦᠭᠰᠡᠨ ᠢ᠋ ᠡᠰᠡ ᠮᠡᠳᠡᠪᠡᠢ᠃
ᠲᠡᠭᠦᠨᠴᠡ ᠲᠤᠷᠰᠢᠭᠤᠯ ᠤ᠋ᠨ ᠬᠥᠮᠦᠨ ᠳᠠᠷᠠᠭ᠎ᠠ ᠳᠠᠷᠠᠭ᠎ᠠ ᠪᠠᠷ ᠢᠷᠡᠵᠦ :《ᠨᠠᠢ᠍ᠮᠠᠨ ᠤᠯᠤᠰ ᠵᠦᠭ ᠪᠦᠷᠢ ᠡᠴᠡ ᠴᠡᠷᠢᠭ ᠴᠤᠭᠯᠠᠭᠤᠯᠤᠨ᠂ᠬᠣᠷᠢᠨ ᠲᠦᠮᠡᠨ ᠦ᠌ ᠲᠣᠭ᠎ᠠ ᠳ᠋ᠤᠷ ᠭᠥᠷᠦᠭᠦᠯᠬᠦ ᠰᠢᠬᠠᠪᠠ᠃》ᠭᠡᠮᠡᠨ ᠮᠡᠳᠡᠭᠦᠯᠦᠭᠰᠡᠨ ᠳ᠋ᠦ᠍ᠷ ᠵᠢᠨᠦᠩ ᠮᠤᠬᠤᠯᠢ ᠣᠷᠣᠵᠤ ᠲᠠᠢᠽᠦ ᠯᠤᠭ᠎ᠠ ᠳᠠᠢᠰᠤᠨ ᠢ᠋ ᠲᠤᠯᠬᠤ ᠠᠷᠭ᠎ᠠ ᠶ᠋ᠢ ᠵᠥᠪᠯᠡᠬᠦᠶᠡ᠂ᠲᠠᠢᠽᠦ ᠲᠡᠷᠡ ᠲᠤᠬᠠᠢ ᠴᠠᠢ ᠵᠣᠭᠣᠭᠯᠠᠵᠤ ᠪᠠᠢᠭᠰᠠᠨ ᠲᠤᠯᠠ ᠮᠤᠬᠤᠯᠢ ᠶ᠋ᠢᠨ ᠦᠭᠡ ᠶ᠋ᠢ ᠰᠣᠨᠣᠰᠴᠤ ᠴᠠᠢ ᠪᠠᠨ ᠵᠣᠭᠣᠭᠯᠠᠵᠤ ᠪᠠᠷᠠᠭᠠᠳ ᠠᠶᠠᠭ᠎ᠠ ᠪᠠᠨ ᠮᠤᠬᠤᠯᠢ ᠳ᠋ᠤᠷ ᠥᠭᠴᠦ ᠳᠠᠢᠰᠤᠨ ᠢ᠋ ᠲᠤᠯᠬᠤ ᠠᠷᠭ᠎ᠠ ᠪᠠᠨ ᠪᠣᠳᠣᠵᠤ ᠳᠠᠭᠤᠨ ᠦᠭᠡᠢ ᠪᠦᠬᠦᠢ ᠳ᠋ᠦ᠍ᠷ ᠮᠤᠬᠤᠯᠢ ᠲᠠᠢᠽᠦ ᠶ᠋ᠢᠨ ᠪᠣᠳᠣᠯᠬ᠎ᠠ ᠲᠠᠢ ᠶ᠋ᠢ ᠦᠵᠡᠭᠡᠳ ᠲᠠᠢᠽᠦ ᠶ᠋ᠢᠨ ᠡᠷᠳᠡᠨᠢᠲᠦ ᠠᠶᠠᠭ᠎ᠠ – ᠠᠷᠤ ᠭᠠᠵᠠᠷ ᠤ᠋ᠨ ᠪᠠᠶᠠᠨ ᠡᠷᠬᠢᠮ ᠭᠡᠷ ᠢᠨᠦ ᠮᠣᠳᠣᠨ ᠠᠶᠠᠭ᠎ᠠ ᠶ᠋ᠢᠨ ᠳᠣᠲᠣᠷ᠎ᠠ ᠢᠷᠣᠭᠠᠷ ᠲᠤᠷ ᠶᠢᠰᠦᠨ ᠡᠷᠳᠡᠨᠢ ᠶ᠋ᠢᠨ ᠬᠦᠢᠰᠦ ᠰᠢᠭᠢᠳᠬᠡᠵᠦ᠂ᠠᠯᠲᠠᠨ ᠢ᠋ᠶ᠋ᠠᠷ ᠲᠣᠳᠣᠯᠠᠮᠤᠢ᠃ᠥᠷᠭᠥᠭᠡ ᠶ᠋ᠢᠨ ᠳᠣᠲᠣᠷ᠎ᠠ ᠲᠠᠯᠪᠢᠬᠤ ᠬᠠᠩᠭᠠᠢ ᠪᠤᠭᠤ ᠶ᠋ᠢᠨ ᠡᠪᠡᠷ ᠦ᠋ᠨ ᠲᠠᠯᠪᠢᠭᠤᠷ ᠲᠤᠷ ᠲᠠᠩᠭᠠᠢᠯᠭᠠᠨ ᠲᠠᠯᠪᠢᠭᠠᠳ ᠲᠥᠭᠥᠷᠢᠭ ᠰᠠᠷᠠᠨ ᠤ᠋ ᠮᠥᠩᠭᠥᠨ ᠦ᠌ ᠲᠣᠯᠢᠨ ᠤ᠋ ᠡᠰᠡᠷᠭᠦ ᠬᠥᠮᠥᠷᠢᠵᠦ ᠲᠠᠯᠪᠢᠭᠠᠳ ᠲᠠᠢᠽᠦ ᠳ᠋ᠦ᠍ᠷ ᠮᠥᠷᠭᠥᠵᠦ ᠭᠠᠷᠴᠤ ᠡᠴᠢᠪᠡᠢ᠃ᠲᠠᠢᠽᠦ ᠲᠡᠭᠦᠨ ᠢ᠋ ᠦᠵᠡᠭᠡᠳ ᠨᠡᠩ ᠵᠢᠨᠦᠩ ᠮᠢᠨᠦ ᠯᠠᠪ ᠪᠠᠰᠠ ᠨᠠᠳᠠ ᠪᠢᠲᠡᠭᠦᠦ ᠳᠣᠬᠢᠶ᠎ᠠ ᠪᠠᠷᠢᠪᠠᠢ ᠊ᠶ᠎ᠡ ᠭᠡᠮᠡᠨ ᠮᠦᠰᠢᠶᠡᠭᠡᠳ ᠲᠣᠯᠢᠨ ᠤ᠋ ᠳᠡᠷᠭᠡᠳᠡ ᠵᠠᠯᠠᠷᠠᠨ ᠬᠦᠷᠴᠦ ᠠᠶᠠᠭ᠎ᠠ ᠶ᠋ᠢ ᠠᠪᠴᠤ ᠦᠵᠡᠭᠡᠳ ᠪᠠᠰᠠ ᠲᠣᠯᠢᠨ ᠤ᠋ ᠳᠣᠲᠣᠷ᠎ᠠ ᠳᠦᠷᠰᠦ ᠪᠡᠨ ᠦᠵᠡᠮᠡᠭᠴᠡ ᠤᠬᠠᠭᠠᠨ ᠢ᠋ ᠠᠨᠤ ᠣᠯᠵᠤ ᠤᠬᠠᠵᠤ᠂ᠪᠠᠰᠠ ᠳᠠᠪᠬᠤᠷ ᠪᠡᠶᠡᠰᠦᠨ ᠮᠦᠰᠢᠶᠡᠭᠡᠳ ᠳᠠᠷᠤᠢ ᠳᠣᠲᠣᠷ᠎ᠠ ᠵᠠᠯᠠᠷᠠᠨ ᠪᠠᠭᠤᠪᠠᠢ᠃ᠰᠢᠳᠠᠷ ᠰᠠᠢᠳ ᠠᠯᠢᠨ ᠴᠤ᠌ ᠴᠥᠮ ᠣᠯᠵᠤ ᠤᠬᠠᠭᠰᠠᠨ ᠦᠭᠡᠢ᠂ᠪᠦᠭᠦᠳᠡᠭᠡᠷ ᠲᠣᠯᠣᠭᠠᠢ ᠳᠣᠬᠢᠵᠤ ᠱᠠᠭ᠍ᠰᠢᠨ ᠭᠠᠢᠬᠠᠯᠳᠤᠪᠠᠢ᠃ᠳᠡᠳ᠋ ᠡᠳᠦᠷ ᠳᠣᠲᠣᠭᠠᠳᠤ ᠨᠠᠷᠢᠨ ᠵᠥᠭᠡᠯᠡᠨ ᠦ᠌ ᠰᠠᠩ ᠠ᠋ᠴᠠ ᠶᠢᠰᠦᠨ ᠡᠷᠳᠡᠨᠢ ᠶ᠋ᠢᠨ ᠰᠢᠭᠢᠳᠬᠡᠭᠡᠷᠢᠲᠦ ᠰᠢᠵᠢᠷ ᠠᠯᠲᠠᠨ ᠤ᠋ ᠬᠤᠶᠠᠭ ᠳᠤᠭᠤᠯᠠᠭ᠎ᠠ ᠨᠢᠭᠡ ᠬᠤᠪᠢ᠂ᠪᠠᠰᠠ ᠶᠢᠰᠦᠨ ᠵᠦᠢᠯ ᠦ᠋ᠨ ᠡᠷᠳᠡᠨᠢ ᠴᠢᠯᠠᠭᠤᠨ ᠰᠢᠭᠢᠳᠬᠡᠭᠡᠷᠢᠲᠦ ᠰᠢᠵᠢᠷ ᠠᠯᠲᠠᠨ ᠤ᠋ ᠪᠠᠷᠢᠴᠠ ᠮᠥᠩᠭᠥᠨ ᠦ᠌ ᠳᠥᠷᠥᠭᠡᠲᠦ ᠡᠮᠡᠭᠡᠯ ᠬᠠᠵᠠᠭᠠᠷ ᠨᠢᠭᠡᠨ ᠬᠤᠪᠢ᠂ᠡᠮᠦᠨ᠎ᠡ ᠤᠯᠤᠰ ᠤ᠋ᠨ ᠵᠠᠭᠤᠨ ᠵᠦᠢᠯ ᠦ᠋ᠨ ᠣᠯᠪᠣᠭ ᠮᠠᠩᠨᠤᠭ ᠲᠠᠵᠢ ᠲᠣᠷᠭ᠎ᠠ᠂ᠨᠣᠯᠣᠮ ᠥᠩᠭᠡᠲᠦ ᠲᠦᠷᠭᠡ ᠶ᠋ᠢᠨ ᠵᠦᠢᠯ ᠵᠠᠭᠤᠨ ᠪᠠᠭᠴᠠ᠂ᠣᠷᠣᠰ ᠤᠯᠤᠰ ᠤ᠋ᠨ ᠬᠠᠷ᠎ᠠ ᠴᠠᠭᠠᠨ ᠪᠤᠯᠠᠭ᠎ᠠ᠂ᠬᠠᠷ᠎ᠠ ᠴᠠᠭᠠᠨ ᠦᠨᠡᠭᠡᠨ ᠦ᠌ ᠠᠷᠠᠰᠤ ᠲᠠᠪᠢ ᠲᠠᠪᠢ᠂ᠲᠠᠩᠭᠤᠳ ᠤᠯᠤᠰ ᠤ᠋ᠨ ᠠᠷᠢᠬᠢᠨ ᠤ᠋ ᠴᠥᠭᠥᠴᠡ ᠠᠷᠪᠠ᠂ᠠᠯᠲᠠᠨ ᠤᠯᠤᠰ ᠠ᠋ᠴᠠ ᠢᠷᠡᠭᠰᠡᠨ ᠴᠠᠭᠠᠨ ᠬᠠᠰ ᠤ᠋ᠨ ᠲᠥᠷᠥ ᠶ᠋ᠢᠨ ᠪᠦᠰᠡ ᠶ᠋ᠢᠨ ᠲᠣᠯᠢ᠂ᠲᠤᠤᠬᠠᠢ᠂ᠤᠨᠵᠢᠯᠭ᠎ᠠ ᠳᠠᠷᠤᠭᠤᠯ ᠠᠷᠪᠠᠨ ᠬᠤᠪᠢ᠂ᠭᠡᠷᠡᠯᠲᠦ ᠰᠤᠪᠤᠳ ᠤ᠋ᠨ ᠬᠦᠵᠦᠭᠦᠨ ᠦ᠌ ᠡᠷᠢᠭᠡ①ᠶᠡᠬᠡ ᠲᠠᠨ᠎ᠠ ᠪᠣᠢᠰᠢᠯ ᠡᠷᠳᠡᠨᠢ᠂ᠠᠯᠮᠠᠰ ᠡᠷᠳᠡᠨᠢ᠂ᠪᠢᠳᠦᠷᠶ᠎ᠡ ᠡᠷᠳᠡᠨᠢ ᠶ᠋ᠢᠨ ᠰᠢᠵᠢᠷ ᠠᠯᠲᠠᠨ ᠤ᠋ ᠴᠢᠬᠢᠨ ᠦ᠌ ᠴᠢᠮᠡᠭ ②ᠳᠥᠷᠪᠡᠨ ᠬᠣᠣᠰ᠂ᠴᠠᠭᠠᠨ ᠮᠥᠩᠭᠥᠨ ᠬᠣᠷᠢᠨ ᠥᠯᠥᠭᠡᠢ᠂ᠨᠢᠭᠡ ᠮᠢᠩᠭᠠᠨ ᠱᠠᠩ ᠡᠳᠡᠭᠡᠷ ᠢ᠋ ᠣᠶᠤᠲᠤ ᠰᠡᠴᠡᠨ᠂ᠰᠠᠢᠬᠠᠨ ᠰᠤᠷᠲᠠᠯᠲᠤ ᠬᠣᠶᠠᠭᠤᠯᠠ ᠪᠠᠷ ᠵᠢᠨᠦᠩ ᠮᠤᠬᠤᠯᠢ ᠳ᠋ᠤᠷ ᠱᠠᠩᠨᠠᠨ ᠢᠯᠡᠭᠡᠪᠡ᠃
– – – –
①ᠯᠠᠪ ᠵᠢᠩᠰᠡ ᠶ᠋ᠢᠨ ᠡᠷᠢᠭᠡ ᠶ᠋ᠢ ᠲᠡᠢᠨ ᠬᠦ᠌ ᠳᠠᠭᠤᠳᠠᠨ ᠨᠡᠷᠡᠯᠡᠵᠦ ᠬᠡᠯᠡᠬᠦ ᠪᠣᠢ ᠊ᠶ᠎ᠡ᠃ᠲᠡᠷᠡ ᠦᠶ᠎ᠡ ᠳ᠋ᠦ᠍ᠷ ᠪᠠᠢᠭᠰᠠᠨ ᠪᠣᠯᠪᠠᠤ᠃
②ᠲᠡᠷᠡ ᠦᠶ᠎ᠡ ᠳ᠋ᠦ᠍ ᠶᠡᠬᠡᠴᠦᠳ ᠢᠨᠦ ᠴᠥᠮ ᠡᠨᠡ ᠦᠶ᠎ᠡ ᠶ᠋ᠢᠨ ᠪᠤᠷᠬᠠᠨ ᠤ᠋ ᠰᠦᠮ᠎ᠡ ᠳ᠋ᠦ᠍ᠷ ᠬᠠᠭᠠᠯᠭ᠎ᠠ ᠰᠠᠬᠢᠬᠤ ᠳᠥᠷᠪᠡᠨ ᠮᠠᡁᠷᠬ᠍ᠽᠡ ᠶ᠋ᠢᠨ ᠮᠡᠲᠦ ᠴᠢᠬᠢ ᠳ᠋ᠦ᠍ᠷ ᠰᠦᠢᠬᠡ ᠮᠡᠲᠦ ᠰᠤᠭᠤᠨ ᠳ᠋ᠤᠷ ᠬᠦᠷᠲᠡᠯ᠎ᠡ ᠵᠡᠭᠦᠳᠡᠭ ᠠᠵᠤᠭᠤ᠂ᠴᠢᠬᠢ ᠶ᠋ᠢ ᠴᠣᠭᠣᠯᠬᠤ ᠠᠨᠤ ᠪᠤᠰᠤ᠃
ᠲᠡᠳᠦᠢ ᠵᠢᠨᠦᠩ ᠮᠤᠬᠤᠯᠢ᠂ᠪᠠᠭᠤᠳᠠᠯ ᠠ᠋ᠴᠠ ᠪᠠᠨ ᠬᠥᠯ ᠨᠤᠭᠤᠯᠤᠨ ᠰᠥᠭᠥᠳᠴᠦ ᠬᠦᠯᠢᠶᠡᠨ ᠠᠪᠤᠭᠠᠳ ᠪᠠᠶᠠᠷᠯᠠᠭᠰᠠᠭᠠᠷ ᠢᠷᠡᠵᠦ ᠬᠡᠰᠢᠭ ᠲᠣᠷ ᠮᠥᠷᠭᠥᠵᠦ ᠡᠭᠡᠮᠡᠭᠴᠡ ᠡᠵᠡᠨ ᠦ᠌ ᠡᠯᠴᠢ ᠨᠠᠷ ᠢ᠋ ᠬᠤᠷᠢᠮᠯᠠᠨ ᠬᠦᠨᠳᠦᠯᠡᠬᠦᠶᠡ᠂ᠮᠤᠬᠤᠯᠢ ᠥᠭᠦᠯᠡᠷᠦᠨ:《ᠡᠳᠡᠭᠡᠷ ᠡᠳ᠋ ᠡᠷᠳᠡᠨᠢ ᠶ᠋ᠢ ᠪᠢ ᠵᠠᠷᠤᠵᠤ ᠦᠯᠦ ᠲᠡᠩᠴᠡᠮᠦᠢ᠃ᠡᠵᠡᠨ ᠨᠢᠭᠡᠨᠲᠡ ᠨᠠᠳᠠ ᠳ᠋ᠤᠷ ᠬᠦᠷᠲᠡᠭᠡᠭᠰᠡᠨ ᠲᠤᠯᠠ ᠮᠥᠩᠭᠥ ᠡᠴᠡ ᠪᠤᠰᠤᠳ ᠢ᠋ ᠠᠨᠤ ᠪᠢ ᠴᠥᠮ ᠠᠷᠠᠯᠵᠢᠵᠤ᠂ᠦᠨ᠎ᠡ ᠪᠡᠷ ᠢᠨᠦ ᠡᠭᠦᠷᠢᠳᠡ ᠶ᠋ᠢᠨ ᠠᠮᠢᠳᠤᠷᠠᠯ ᠬᠥᠷᠥᠩᠭᠡ ᠪᠣᠯᠭᠠᠰᠤᠭᠠᠢ ᠃》ᠬᠡᠮᠡᠭᠰᠡᠨ ᠳ᠋ᠦ᠍ᠷ ᠣᠶᠤᠲᠤ ᠰᠡᠴᠡᠨ ᠥᠴᠢᠷᠦᠨ : 《ᠵᠢᠨᠦᠩ᠂ᠡᠵᠡᠨ ᠦ᠌ ᠬᠡᠰᠢᠭ ᠢ᠋ ᠥᠪᠡᠷ ᠢ᠋ᠶ᠋ᠡᠨ ᠬᠦᠷᠲᠡᠨ ᠡᠳ᠋ᠯᠡᠪᠡᠰᠦ ᠵᠣᠬᠢᠨᠠᠮ ᠊ᠶ᠎ᠡ᠂ᠬᠤᠳᠠᠯᠳᠤᠨ ᠠᠷᠠᠯᠵᠢᠪᠠᠰᠤ ᠡᠵᠡᠨ ᠦ᠌ ᠭᠡᠭᠡᠨ᠎ᠡ ᠦᠯᠦ ᠨᠡᠢᠴᠡᠨᠡᠮ ᠊ᠶ᠎ᠡ ᠃》ᠬᠡᠮᠡᠬᠦᠢ ᠳ᠋ᠦ᠍ᠷ ᠮᠤᠬᠤᠯᠢ ᠢᠨᠢᠶᠡᠨ ᠥᠭᠦᠯᠡᠷᠦᠨ:《ᠲᠠ ᠦᠯᠦ ᠤᠬᠠᠮᠤᠢ᠂ᠡᠵᠡᠨ ᠦ᠌ ᠬᠡᠰᠢᠭ ᠢ᠋ ᠭᠠᠭᠴᠠᠭᠠᠷ ᠠ᠋ᠴᠠ ᠡᠳ᠋ᠯᠡᠬᠦ ᠡᠴᠡ ᠡᠩᠭᠡᠷ ᠪᠦᠭᠦᠳᠡᠭᠡᠷ ᠡᠳ᠋ᠯᠡᠪᠡᠰᠦ ᠡᠨᠡ ᠴᠣᠬᠣᠮ ᠡᠵᠡᠨ ᠢ᠋ᠶ᠋ᠡᠨ ᠡᠷᠬᠢᠮ ᠬᠡᠰᠢᠭ ᠢ᠋ ᠢᠯᠡᠳᠬᠡᠪᠡ ᠬᠡᠮᠡᠬᠦ ᠪᠣᠯᠠᠢ !》ᠬᠡᠮᠡᠵᠦ᠂ᠤᠷᠤᠭ ᠵᠠᠯᠮ᠎ᠠ ᠶ᠋ᠢ ᠵᠠᠯᠠᠵᠤ᠂ᠵᠢᠴᠢ ᠳᠡᠭᠦᠦ ᠪᠡᠨ ᠲᠡᠢᠨ ᠰᠠᠩ ᠢ᠋ ᠳᠠᠭᠠᠭᠤᠯᠤᠨ ᠥᠭᠴᠦ ᠡᠳᠡᠭᠡᠷ ᠡᠳ᠋ ᠡᠷᠳᠡᠨᠢ ᠶ᠋ᠢ ᠴᠥᠮ ᠲᠤᠰᠢᠶᠠᠨ ᠠᠷᠢᠬᠢ ᠪᠠᠷᠢᠨ ᠭᠤᠶᠤᠨ ᠥᠭᠦᠯᠡᠷᠦᠨ :
ᠵᠢᠰᠦᠯᠡᠭ ᠭᠤᠸ᠎ᠠ ᠵᠡᠯᠮ᠎ᠡ ᠠᠬᠠᠢ ᠴᠢ ᠪᠡᠷ
ᠵᠢᠭᠢ ᠰᠠᠢᠬᠠᠨ ᠰᠡᠴᠡᠨ ᠮᠡᠷᠭᠡᠨ ᠦ᠌ ᠲᠤᠯᠠᠳᠠ ᠴᠢ ᠪᠡᠷ
ᠵᠠᠶᠠᠭᠠᠲᠤ ᠡᠵᠡᠨ ᠦ᠌ ᠣᠷᠣᠰ ᠤ᠋ᠨ ᠬᠤᠳᠠᠯᠳᠤᠭ᠎ᠠ ᠬᠢᠬᠦᠢ ᠳ᠋ᠦ᠍ᠷ
ᠵᠢᠭᠠᠵᠤ ᠣᠨᠴᠠ ᠴᠢᠮᠠᠢ ᠶᠠᠪᠤᠭᠤᠯᠳᠠᠭ ᠤ᠋ᠨ ᠣᠴᠢᠷ᠎ᠠ᠂
ᠡᠵᠡᠨ ᠮᠢᠨᠦ ᠬᠦᠷᠲᠡᠭᠡᠭᠰᠡᠨ ᠡᠳᠡᠭᠡᠷ ᠡᠷᠳᠡᠨᠢ ᠶ᠋ᠢ
ᠡᠷᠬᠡᠪᠰᠢ ᠲᠡᠭᠦᠨ ᠦ᠌ ᠦᠨ᠎ᠡ ᠳ᠋ᠦ᠍ᠷ ᠲᠤᠯᠲᠠᠯ᠎ᠠ ᠠᠷᠠᠯᠵᠢᠭᠠᠳ
ᠡᠭᠡᠳᠡᠭ ᠮᠥᠩᠭᠥ ᠪᠣᠯᠭᠠᠨ ᠠᠴᠢᠷᠠᠬᠤ ᠶ᠋ᠢ ᠭᠤᠶᠤᠮᠤᠢ
ᠠᠩᠭᠢ ᠲᠥᠷᠥᠯ ᠳ᠋ᠦ᠍ᠷ ᠢ᠋ᠶ᠋ᠠᠨ ᠡᠷᠬᠢᠮᠯᠡᠨ ᠲᠦᠭᠡᠭᠡᠰᠦᠭᠡᠢ !
ᠬᠡᠮᠡᠵᠦ ᠮᠥᠩᠭᠥ ᠲᠡᠢ ᠬᠠᠮᠲᠤ ᠥᠭᠴᠦ ᠶᠠᠪᠤᠭᠤᠯᠪᠠ᠂ᠵᠡᠯᠮ᠎ᠡ ᠵᠣᠮᠣᠰᠬᠢᠲᠡᠯᠡ ᠢᠨᠢᠶᠡᠭᠡᠳ ᠵᠢᠷᠭᠤᠭᠠᠨ ᠠᠴᠢᠶ᠎ᠠ ᠬᠦᠨᠳᠦ ᠡᠳ᠋᠂ᠵᠢᠷᠠᠨ ᠮᠣᠷᠢᠲᠤ ᠳᠠᠭᠠᠯᠲᠠ ᠬᠥᠲᠥᠴᠢ ᠪᠡᠨ ᠠᠪᠴᠤ ᠵᠠᠶᠠᠭ᠎ᠠ ᠮᠢᠨᠦ ᠮᠡᠳᠡᠨ᠎ᠡ ᠬᠡᠮᠡᠵᠦ ᠵᠦᠢᠯ ᠪᠦᠷᠢ ᠶ᠋ᠢᠨ ᠠᠰᠢᠭ᠍ᠲᠠᠢ ᠠᠷᠠᠯᠵᠢᠶᠠᠨᠠ ᠮᠣᠷᠳᠠᠵᠤ ᠡᠴᠢᠪᠡ᠃ᠡᠳᠡᠭᠡᠷ ᠤᠴᠢᠷ ᠢ᠋ ᠲᠠᠢᠽᠦ ᠰᠣᠨᠣᠰᠴᠤ ᠲᠡᠷᠢᠭᠦᠨ ᠳᠣᠬᠢᠯᠬᠢᠯᠠᠨ : 《ᠲᠡᠳᠭᠦᠮᠵᠢᠳᠦ ᠵᠢᠨᠦᠩ ᠦ᠋ᠨ ᠮᠢᠨᠦ ᠲᠡᠷᠡ ᠬᠦ᠌ ᠶᠠᠪᠤᠳᠠᠯ ᠮᠥᠨ》ᠭᠡᠮᠡᠨ ᠮᠦᠰᠢᠶᠡᠪᠡᠢ᠃
ᠲᠡᠨᠳᠡᠴᠡ ᠵᠢᠨᠦᠩ ᠮᠤᠬᠤᠯᠢ ᠶᠢᠰᠦᠨ ᠡᠩ ᠡᠴᠡ ᠶᠢᠰᠦᠨ ᠰᠠᠢᠳ ᠠᠮᠠᠯᠠᠨ ᠭᠠᠷᠭᠠᠵᠤ᠂ᠪᠸᠲ᠋ᠠ᠋ ᠤᠯᠤᠰ ᠤ᠋ᠨ ᠣᠢᠷ᠎ᠠ ᠬᠣᠯᠠ ᠬᠠᠷᠢᠶᠠᠲᠤ ᠠᠢᠮᠠᠭ ᠪᠦᠬᠦᠨ ᠢ᠋ ᠬᠠᠭᠠᠰ ᠴᠡᠷᠢᠭ ᠢ᠋ ᠠᠪᠴᠤ ᠪᠢᠳᠡᠨ ᠦ᠌ ᠤᠯᠤᠰ ᠤ᠋ᠨ ᠪᠠᠷᠠᠭᠤᠨ ᠡᠮᠦᠨ᠎ᠡ ᠵᠣᠪᠬᠢᠰ ᠤ᠋ᠨ ᠲᠠᠬᠢᠮ ᠤ᠋ᠨ ᠭᠣᠣᠯ ᠤ᠋ᠨ ᠲᠡᠢᠨ ᠮᠡᠷᠭᠡᠨ ᠤᠰᠤᠨ ᠤ᠋ ᠬᠢᠵᠠᠭᠠᠷ᠎ᠠ ᠶᠡᠬᠡ ᠴᠢᠭᠤᠯᠭᠠᠨ ᠴᠢᠭᠤᠯᠤᠭᠤᠯᠵᠤ : 《ᠳ᠋ᠠᠢ ᠲᠦᠩ ᠹᠦ ᠶ᠋ᠢᠨ ᠰᠠᠢᠨ ᠪᠥᠬᠡ ᠬᠠᠭᠠᠨ ᠤ᠋ ᠴᠡᠷᠢᠭ ᠪᠠ ᠮᠠᠨ ᠤ᠋ ᠥᠪᠡᠷ ᠦ᠋ᠨ ᠶᠢᠰᠦᠨ ᠡᠩ ᠦ᠋ᠨ ᠶᠡᠬᠡ ᠴᠡᠷᠢᠭ ᠢ᠋ ᠬᠦᠯᠢᠶᠡ᠂ᠴᠡᠷᠢᠭ ᠦ᠋ᠨ ᠮᠣᠷᠢ ᠵᠡᠪᠰᠡᠭ ᠢ᠋ ᠬᠤᠷᠴᠠ ᠲᠡᠭᠰᠢ ᠪᠡᠯᠡᠳ᠌ᠡᠬᠡ᠂ᠬᠡᠷᠪᠡ ᠣᠰᠣᠯᠳᠠᠨ ᠣᠮᠲᠣᠭᠠᠢᠯᠠᠪᠠᠰᠤ ᠳᠡᠭᠷᠢᠯᠢᠭ ᠡᠵᠡᠨ ᠦ᠌ ᠲᠡᠭᠰᠢ ᠬᠤᠷᠴᠠ ᠢᠯᠡ ᠵᠠᠰᠠᠭ ᠤ᠋ᠨ ᠴᠠᠭᠠᠵᠠ ᠠ᠋ᠴᠠ ᠬᠡᠯᠲᠦᠷᠢᠬᠦᠶᠡ ᠪᠡᠷᠬᠡ᠃ᠬᠡᠷᠪᠡ ᠴᠡᠷᠢᠭ ᠦ᠋ᠨ ᠡᠷᠡᠰ ᠬᠥᠭᠰᠢᠨ ᠵᠡᠮᠳᠡᠭ᠂ᠬᠦᠯᠦᠭ ᠮᠣᠷᠢ ᠡᠴᠡᠩᠭᠢᠷ ᠳᠤᠷᠠᠩᠬᠢᠷ᠂ᠬᠤᠶᠠᠭ ᠳᠤᠭᠤᠯᠠᠭ᠎ᠠ ᠪᠠᠷᠠᠩᠬᠠᠢ ᠴᠠᠴᠠᠩᠬᠠᠢ᠂ᠵᠠᠷ ᠵᠡᠪᠰᠡᠭ ᠮᠤᠬᠤᠷ ᠲᠠᠬᠢᠷ ᠪᠣᠯᠤᠭᠠᠳ ᠡᠵᠡᠨ ᠦ᠌ ᠪᠠᠢᠴᠠᠭᠠᠬᠤᠢ ᠳ᠋ᠤᠷ ᠦᠵᠡᠭᠳᠡᠵᠦ ᠶᠡᠬᠡ ᠬᠢᠯᠢᠩ ᠢ᠋ ᠲᠥᠷᠥᠭᠦᠯᠦᠭᠰᠡᠨ ᠴᠠᠭ ᠲᠤᠷ᠂ᠴᠡᠷᠢᠭ ᠦ᠋ᠨ ᠴᠢᠩᠭ᠎ᠠ ᠴᠠᠭᠠᠵᠠ ᠳ᠋ᠤᠷ ᠨᠣᠴᠣᠭᠳᠠᠵᠤ᠂ᠡᠵᠡᠨ ᠦ᠌ ᠠᠶᠤᠩᠭ᠎ᠠ ᠶ᠋ᠢᠨ ᠰᠦᠷ ᠲᠣᠷ ᠳᠠᠭᠠᠷᠢᠭᠳᠠᠨ᠂ᠪᠡᠶ᠎ᠡ ᠬᠡᠮᠬᠡᠷᠡᠨ ᠭᠡᠷ ᠪᠤᠰᠠᠨᠢᠬᠤ ᠵᠣᠪᠠᠯᠠᠩ ᠢ᠋ ᠬᠦᠯᠢᠶᠡᠬᠦᠢ ᠳ᠋ᠦ᠍ᠷ ᠪᠢᠲᠡᠭᠡᠢ ᠭᠡᠮᠰᠢᠭᠳᠡᠬᠦᠢ᠃ᠵᠢᠨᠦᠩ ᠮᠤᠬᠤᠯᠢ ᠪᠢ ᠡᠵᠡᠨ ᠦ᠌ ᠢᠯᠡ ᠵᠠᠰᠠᠭ ᠴᠠᠭᠠᠵᠠ ᠪᠠᠷ ᠡᠶ᠎ᠡ ᠨᠠᠢᠷ ᠬᠢᠵᠦ ᠦᠯᠦ ᠴᠢᠳᠠᠳᠠᠭ ᠢ᠋ ᠣᠯᠠᠨ ᠠᠢᠮᠠᠭ ᠤ᠋ᠳ ᠤ᠋ᠨ ᠡᠵᠡᠳ ᠢ᠋ᠶ᠋ᠡᠷ ᠢᠯᠡᠷᠭᠡᠶ᠎ᠡ ᠮᠡᠳᠡᠳᠡᠭ ᠪᠢᠰᠢ ᠦᠦ ? ᠵᠠᠷ ᠵᠠᠬᠢᠶ᠎ᠠ ᠶ᠋ᠢ ᠵᠠᠪᠰᠠᠷ ᠵᠠᠰᠠᠳᠠᠭ ᠦᠭᠡᠢ ᠬᠢᠴᠢᠶᠡᠨ ᠳᠠᠭᠠᠵᠤ ᠶᠠᠪᠤᠭᠲᠤᠨ !》ᠭᠡᠮᠡᠨ ᠲᠠᠷᠬᠠᠭᠠᠨ ᠵᠠᠷᠯᠠᠭᠠᠳ ᠡᠷᠲᠡ ᠡᠴᠡ ᠰᠡᠷᠭᠡᠢᠯᠡᠨ ᠪᠡᠯᠡᠳᠬᠡᠵᠦ ᠠᠪᠤᠪᠠᠢ᠃ᠡᠭᠦᠨ ᠢ᠋ ᠳ᠋ᠦ᠍ᠷ ᠬᠡᠯᠡᠬᠦ ᠦᠭᠡᠢ᠃
ᠣᠳᠣ ᠨᠠᠢ᠍ᠮᠠᠨ ᠤᠯᠤᠰ ᠤ᠋ᠨ ᠤᠭ ᠠ᠋ᠴᠠ ᠢᠨᠠᠭ᠍ᠰᠢ ᠲᠣᠭᠠᠴᠢᠨ ᠬᠡᠯᠡᠬᠦ ᠢᠨᠦ:ᠨᠠᠢ᠍ᠮᠠᠨ ᠤᠯᠤᠰ ᠤ᠋ᠨ ᠳᠠᠢᠶᠠᠩ ᠬᠠᠭᠠᠨ ᠤᠭ ᠠ᠋ᠴᠠ ᠠᠬ᠎ᠠ ᠳᠡᠭᠦᠦ ᠬᠣᠶᠠᠭᠤᠯᠠ ᠪᠥᠯᠥᠭᠡ᠃ᠠᠬ᠎ᠠ ᠶ᠋ᠢᠨ ᠨᠡᠷ᠎ᠡ:ᠢᠨᠦ ᠪᠤᠯᠤᠤ᠂ᠬᠥᠮᠦᠨ ᠢᠨᠦ ᠪᠣᠯᠬᠢ ᠪᠢᠲᠡᠭᠦᠯᠢᠭ᠂ᠰᠡᠳᠬᠢᠯ ᠥᠴᠦᠬᠡᠨ᠂ᠰᠠᠨᠠᠭ᠎ᠠ ᠭᠦᠶᠦᠬᠡᠨ᠂ᠡᠭᠦᠨ ᠦ᠌ ᠬᠥᠪᠡᠭᠦᠨ ᠦ᠌ ᠨᠡᠷ᠎ᠡ ᠴᠢᠦᠢ ᠴᠦ᠍ ᠯᠢᠦᠢ᠂ᠬᠥᠮᠦᠨ ᠢᠨᠦ ᠬᠠᠷᠭᠢᠰ ᠳᠣᠭᠰᠢᠨ ᠲᠡᠷᠰ ᠳᠡᠭᠡᠷᠡᠩᠭᠦᠢ᠃ᠵᠢᠴᠢ ᠳᠡᠭᠦᠦ ᠢᠨᠦ ᠳᠠᠢᠶᠠᠩ ᠬᠠᠭᠠᠨ ᠤ᠋ ᠨᠡᠷ᠎ᠡ ᠪᠣᠯᠣᠢ᠂ᠲᠡᠷᠡ ᠢᠨᠦ ᠶᠡᠬᠡ ᠡᠮ᠎ᠡ ᠶ᠋ᠢᠨ ᠬᠥᠪᠡᠭᠦᠨ ᠪᠥᠭᠡᠳ ᠬᠥᠮᠦᠨ ᠢᠨᠦ ᠰᠡᠴᠡᠨ ᠬᠤᠷᠴᠠ ᠬᠠᠳᠠᠨ ᠴᠢᠭᠢᠷᠠᠭ᠂ᠵᠠᠩ ᠠᠭᠤᠳᠠᠮ ᠶᠠᠪᠤᠳᠠᠯ ᠲᠠᠭᠠᠯᠠᠮᠵᠢᠲᠠᠢ ᠲᠤᠯᠠ ᠡᠴᠢᠭᠡ ᠢᠨᠦ ᠪᠣᠯᠣᠢ ᠶ᠋ᠢ ᠨᠠᠢ᠍ᠮᠠᠨ ᠤ᠋ ᠭᠣᠣᠯ ᠰᠠᠭᠤᠷᠢᠨ ᠢ᠋ ᠡᠵᠡᠯᠡᠭᠦᠯᠦᠭᠰᠡᠨᠡ᠂ᠪᠣᠯᠣᠢ ᠪᠠᠷᠠᠭᠤᠨ ᠯᠢᠶᠣᠤ ᠤᠯᠤᠰ-ᠬᠠᠷ᠎ᠠ ᠬᠢᠳᠠᠨ ᠢ᠋ ᠣᠯᠵᠤ᠂ᠪᠡᠶ᠎ᠡ ᠪᠡᠨ ᠲᠠᠢᠶᠠᠩ ᠭᠡᠮᠡᠨ ᠡᠷᠭᠦᠵᠦ᠂ᠠᠬ᠎ᠠ ᠪᠠᠨ ᠪᠤᠯᠤᠤ ᠶ᠋ᠢ ᠠᠳᠬᠠᠯᠠᠬᠤ ᠶ᠋ᠢ ᠵᠣᠭᠰᠣᠭᠠᠰᠤᠭᠠᠢ ᠭᠡᠮᠡᠨ ᠬᠠᠭᠤᠴᠢᠨ ᠨᠠᠢ᠍ᠮᠠᠨ ᠠᠢᠮᠠᠭ ᠲᠤᠷ ᠢ᠋ᠶ᠋ᠠᠨ ᠸᠠᠩ ᠡᠷᠭᠦᠮᠵᠢᠯᠡᠵᠦᠬᠦᠢ᠃ᠳᠣᠲᠣᠭᠠᠳᠤ ᠰᠠᠮᠠᠭᠤᠨ ᠪᠣᠯᠭᠠᠬᠤ ᠶ᠋ᠢ ᠬᠣᠯᠠ ᠪᠣᠯᠭᠠᠭᠰᠠᠨ ᠪᠥᠯᠥᠭᠡ᠃ᠲᠡᠢᠨ ᠪᠥᠭᠡᠲᠡᠯ᠎ᠡ ᠪᠤᠯᠤᠤ ᠸᠠᠩ ᠡᠭᠡᠨᠡᠭᠲᠡ ᠳᠡᠭᠦᠦ ᠳ᠋ᠡᠭᠡᠨ ᠵᠠᠬᠢᠷᠤᠭᠳᠠᠵᠤ᠂ᠠᠳᠬᠠᠠᠯᠠᠬᠤ ᠰᠡᠳᠬᠢᠯ ᠢ᠋ ᠠᠷᠢᠯᠭᠠᠨ ᠴᠢᠳᠠᠬᠤ ᠦᠭᠡᠢ ᠪᠣᠯᠪᠠᠴᠤ ᠬᠣᠪᠢᠨ ᠳ᠋ᠠᠭᠠᠨ ᠨᠢᠭᠡᠨ ᠵᠣᠪᠬᠢᠰ ᠢ᠋ ᠡᠵᠡᠯᠡᠨ ᠵᠢᠷᠭᠠᠬᠤ ᠲᠤᠯᠠ ᠭᠡᠷ ᠦ᠋ᠨ ᠳᠣᠲᠣᠷ᠎ᠠ ᠳ᠋ᠤᠷ ᠲᠡᠮᠡᠴᠡᠯᠳᠦᠭᠡᠨ ᠦᠭᠡᠢ ᠠᠵᠤᠭᠤ᠃ᠡᠳᠦᠭᠡ ᠳ᠋ᠦ᠍ᠷ ᠬᠦᠷᠴᠦ ᠲᠠᠢᠶᠠᠩ ᠬᠠᠭᠠᠨ ᠬᠣᠶᠠᠷ ᠲᠡᠰᠢ ᠶ᠋ᠢᠨ ᠪᠣᠷᠵᠢᠭᠢᠳ ᠯᠤᠭ᠎ᠠ ᠪᠠᠢᠯᠳᠤᠬᠤ ᠬᠡᠷᠡᠭ ᠭᠠᠷᠴᠤ ᠣᠯᠠᠨ ᠠᠢᠮᠠᠭ ᠤ᠋ᠳ ᠢ᠋ ᠡᠯᠰᠡᠬᠦᠶᠡ᠂ᠪᠦᠲᠦᠨ᠎ᠡ ᠠᠢᠮᠠᠭ ᠤ᠋ᠨ ᠡᠵᠡᠨ ᠢᠯᠠᠭᠤᠭᠰᠠᠨ ᠬᠢᠯᠪᠠᠷ ᠢ᠋ᠶ᠋ᠠᠷ ᠬᠦᠨᠳᠦ ᠪᠡᠯᠡᠭ ᠪᠠᠷᠢᠵᠤ ᠪᠡᠶ᠎ᠡ ᠪᠡᠷ ᠢᠷᠡᠵᠦ ᠳᠠᠭᠠᠭᠰᠠᠨ ᠳ᠋ᠤᠢ ᠬᠦᠨᠳᠦᠳᠡ ᠡᠷᠭᠦᠨ ᠬᠤᠷᠢᠮᠯᠠᠵᠤ ᠪᠣᠯᠵᠣᠵᠤ ᠬᠠᠷᠢᠭᠤᠯᠠᠪᠠ᠃ᠳᠠᠷᠠᠭᠠᠴᠢ ᠪᠠᠷ ᠪᠠᠰᠠ ᠣᠯᠠᠨ ᠠᠢᠮᠠᠭ ᠤ᠋ᠳ ᠢ᠋ ᠡᠯᠰᠡᠷ᠎ᠡ ᠭᠠᠷᠤᠭᠰᠠᠨ ᠵᠠᠮᠤᠬ᠎ᠠ ᠬᠦᠷᠴᠦ ᠢᠷᠡᠭᠡᠳ ᠠᠳᠠᠪᠠᠰᠢ ᠣᠮᠣᠷᠬᠠᠭ ᠴᠢᠷᠠᠢ ᠪᠠᠷ ᠣᠷᠣᠵᠤ ᠲᠠᠢᠶᠠᠩ ᠬᠠᠭᠠᠨ ᠳ᠋ᠤᠷ ᠮᠥᠷᠭᠥᠨ ᠪᠠᠷᠠᠯᠠᠵᠤ ᠡᠯᠰᠡᠵᠦ ᠠᠴᠢᠷᠠᠭᠰᠠᠨ ᠣᠯᠠᠨ ᠠᠢᠮᠠᠭ ᠤ᠋ᠳ ᠠᠨᠤ:ᠶᠡᠬᠡ ᠮᠠᠢᠯᠵᠢ ᠠᠢᠮᠠᠭ ᠤ᠋ᠨ ᠡᠵᠡᠨ ᠲᠣᠳᠣ ᠲᠡᠷᠢᠭᠦᠯᠡᠨ᠂ᠤᠷᠭᠤᠵᠤ ᠭᠠᠷᠤᠭᠰᠠᠨ ᠬᠡᠷᠡᠢᠳ ᠠᠢᠮᠠᠭ ᠤ᠋ᠨ ᠦᠯᠡᠳᠡᠪᠦᠷᠢ ᠶ᠋ᠢ ᠡᠵᠡᠯᠡᠭᠰᠡᠨ ᠨᠢᠭᠡᠨ ᠰᠠᠯᠠᠭᠠᠨ ᠤ᠋ ᠡᠵᠡᠨ ᠡᠯᠢᠶ᠎ᠡ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ᠂ᠪᠠᠶᠠᠴᠢᠷ ᠠᠢᠮᠠᠭ ᠤ᠋ᠨ ᠡᠵᠡᠨ ᠪᠣᠳᠣᠩ᠂ᠬᠠᠳᠠᠴᠢᠨ ᠠᠢᠮᠠᠭ ᠤ᠋ᠨ ᠡᠵᠡᠨ ᠷᠠᠬᠤ᠂ᠱᠠᠯᠵᠢᠲᠠᠢ ᠠᠢᠮᠠᠭ ᠤ᠋ᠨ ᠡᠵᠡᠨ ᠮᠠᠨᠢᠴᠢᠷ᠂ᠳᠥᠷᠪᠡᠳ ᠠᠢᠮᠠᠭ ᠤ᠋ᠨ ᠡᠵᠡᠨ ᠭᠠᠯᠵᠠᠭᠤ ᠪᠤᠬ᠎ᠠ᠂ ᠲᠠᠲ᠋ᠠᠷ ᠠᠢᠮᠠᠭ ᠤ᠋ᠨ ᠦᠯᠡᠳᠡᠪᠦᠷᠢ ᠶ᠋ᠢ ᠡᠵᠡᠯᠡᠭᠰᠡᠨ ᠡᠵᠡᠨ ᠮᠡᠨᠡᠭ᠃ᠡᠨᠡ ᠨᠠᠢ᠍ᠮᠠᠨ ᠠᠢᠮᠠᠭ ᠤ᠋ᠨ ᠡᠵᠡᠳ ᠡᠴᠡ ᠭᠠᠳᠠᠨ᠎ᠠ ᠪᠠᠰᠠ ᠡᠵᠡᠨ ᠦᠭᠡᠢ ᠥᠴᠦᠬᠡᠨ ᠤᠷᠭᠤᠳᠤᠤᠯ ᠲᠠᠷᠬᠠᠮᠠᠯ ᠠᠷᠠᠳ ᠢ᠋ ᠬᠤᠷᠢᠶᠠᠭᠰᠠᠨ ᠲᠠᠢ ᠨᠡᠢᠯᠡᠭᠦᠯᠵᠦ ᠨᠡᠢᠲᠡ ᠵᠢᠷᠭᠤᠭᠠᠨ ᠲᠦᠮᠡᠨ ᠨᠠᠢ᠍ᠮᠠᠨ ᠮᠢᠩᠭᠠᠨ ᠢᠯᠡᠭᠦᠦ᠃ᠵᠢᠴᠢ ᠲᠠᠢᠶᠠᠩ ᠬᠠᠭᠠᠨ ᠤ᠋ ᠬᠣᠯᠠᠰᠤᠪᠴᠢ ᠳ᠋ᠤᠷ ᠬᠦᠨᠳᠦ ᠪᠡᠯᠡᠭ ᠪᠠᠷᠢᠭᠤᠯᠤᠨ᠂ᠠᠯᠲᠠᠨ ᠤᠯᠤᠰ ᠤ᠋ᠨ ᠬᠣᠢᠲᠤ ᠬᠡᠷᠡᠮ ᠬᠢᠵᠠᠭᠠᠷ ᠢ᠋ ᠰᠠᠬᠢᠬᠤ ᠶᠡᠬᠡ ᠵᠠᠩᠵᠤᠨ ᠲᠤᠤ ᠰᠧ ᠵᠦᠩ᠂ᠫᠦ᠍ ᠰᠠᠨ ᠺᠦᠢ ᠬᠣᠶᠠᠭᠤᠯᠠ ᠠ᠋ᠴᠠ ᠭᠤᠶᠤᠵᠤ ᠠᠴᠢᠷᠠᠭᠰᠠᠨ ᠨᠢᠭᠡᠨ ᠲᠦᠮᠡᠨ᠂ᠪᠠᠰᠠ ᠰᠢᠶᠠ ᠤᠯᠤᠰ ᠠ᠋ᠴᠠ ᠭᠤᠶᠤᠵᠤ ᠠᠴᠢᠷᠠᠭᠰᠠᠨ ᠬᠣᠲᠣᠩ ᠴᠡᠷᠢᠭ ᠬᠣᠶᠠᠷ ᠲᠦᠮᠡᠨ ᠳᠥᠷᠪᠡᠨ ᠮᠢᠩᠭᠠᠨ᠂ᠵᠢᠴᠢ ᠥᠪᠡᠷ ᠦ᠋ᠨ ᠴᠡᠷᠢᠭ ᠶᠢᠰᠦᠨ ᠲᠦᠮᠡᠨ ᠲᠠᠪᠤᠨ ᠮᠢᠩᠭᠠᠨ ᠯᠤᠭ᠎ᠠ ᠨᠡᠢᠯᠡᠭᠦᠯᠪᠡᠰᠦ ᠰᠠᠶᠢ ᠠᠷᠪᠠᠨ ᠨᠠᠢ᠍ᠮᠠᠨ ᠲᠦᠮᠡᠨ ᠢᠯᠡᠭᠦᠦ ᠪᠣᠯᠤᠭᠰᠠᠨ ᠤ᠋ ᠲᠤᠯᠠ ᠡᠷᠬᠡᠪᠰᠢ ᠬᠣᠷᠢᠨ ᠲᠦᠮᠡᠨ ᠦ᠌ ᠲᠣᠭᠠᠨ ᠳ᠋ᠤᠷ ᠭᠥᠷᠥᠭᠦᠯᠦᠮᠦᠢ ᠬᠡᠮᠡᠵᠦ ᠬᠥᠪᠡᠭᠦᠨ ᠢ᠋ᠶ᠋ᠡᠨ ᠠᠯᠲᠠᠨᠱᠠᠭ᠎ᠠ ᠶ᠋ᠢ ᠠᠬ᠎ᠠ ᠸᠠᠩ ᠪᠤᠯᠤᠤ ᠳ᠋ᠤᠷ ᠢᠯᠡᠭᠡᠵᠦ᠂ᠲᠡᠭᠦᠨ ᠢ᠋ᠶ᠋ᠡᠷ ᠵᠡᠭᠦᠨ ᠬᠢᠳᠠᠨ ᠤᠯᠤᠰ ᠠ᠋ᠴᠠ ᠴᠡᠷᠢᠭ ᠨᠡᠮᠡᠨ ᠵᠢᠭᠡᠯᠡᠵᠦ᠂ᠥᠪᠡᠷ ᠦ᠋ᠨ ᠴᠡᠷᠢᠭ ᠯᠦ᠍ᠭᠡ ᠴᠢᠬᠤᠯᠠ ᠭᠤᠷᠪᠠᠨ ᠲᠦᠮᠡᠨ ᠪᠣᠯᠭᠠᠵᠤ ᠢᠷᠡᠮᠦ ᠭᠡᠮᠡᠨ ᠵᠠᠷᠤᠭᠰᠠᠨ ᠳ᠋ᠤᠷ ᠠᠯᠲᠠᠨᠱᠠᠭ᠎ᠠ ᠶᠡᠬᠡᠯ᠎ᠡ ᠪᠠᠶᠠᠷᠯᠠᠨ᠂ᠡᠴᠢᠭᠡ ᠪᠡᠨ ᠠᠪᠠᠭ᠎ᠠ ᠪᠠᠷ ᠢ᠋ᠶ᠋ᠠᠨ ᠬᠣᠷᠢᠭ᠍ᠯᠠᠭᠤᠯᠰᠤᠭᠠᠢ ᠭᠡᠮᠡᠨ ᠵᠠᠭᠤᠨ ᠢᠯᠡᠭᠦᠦ ᠮᠣᠷᠢᠲᠠᠨ ᠢ᠋ ᠠᠪᠴᠤ ᠬᠠᠭᠤᠴᠢᠨ ᠨᠠᠢ᠍ᠮᠠᠨ ᠳ᠋ᠤᠷ ᠳᠣᠪᠲᠣᠯᠤᠨ ᠬᠦᠷᠴᠦ ᠠᠪᠠᠭ᠎ᠠ ᠪᠤᠯᠤᠤ ᠸᠠᠩ ᠳ᠋ᠤᠷ ᠤᠴᠠᠷᠠᠵᠤ᠂ᠤᠷᠢᠳᠠ ᠠ᠋ᠴᠠ ᠪᠠᠨ ᠬᠠᠭᠠᠨ ᠶᠤᠭᠠᠨ ᠵᠠᠷᠯᠢᠭ ᠢ᠋ ᠲᠤᠰᠢᠶᠠᠭᠠᠳ ᠬᠣᠢᠨ᠎ᠠ ᠰᠠᠶᠢ ᠥᠪᠡᠷ ᠦ᠋ᠨ ᠪᠸᠲ᠋ᠠ᠋ ᠤᠯᠤᠰ ᠯᠤᠭ᠎ᠠ ᠰᠠᠢᠨ ᠪᠣᠯᠰᠤᠭᠠᠢ ᠭᠡᠮᠡᠨ ᠬᠡᠷᠡᠢᠳ ᠦ᠋ᠨ ᠰᠣᠯᠣᠩᠭᠤᠸ᠎ᠠ ᠶ᠋ᠢ ᠭᠤᠶᠤᠭᠰᠠᠨ ᠤᠴᠢᠷ ᠢ᠋ᠶ᠋ᠠᠨ ᠬᠡᠯᠡᠵᠦ᠂ᠪᠠᠰᠠ ᠬᠠᠭᠠᠨ ᠡᠴᠢᠭᠡ ᠪᠡᠨ ᠬᠡᠷᠬᠢᠨ ᠬᠣᠷᠢᠭ᠍ᠯᠠᠪᠠᠴᠤ ᠦᠭᠡ ᠶ᠋ᠢ ᠠᠪᠬᠤ ᠦᠭᠡᠢ ᠪᠡᠷ ᠦᠯᠦ ᠪᠠᠷᠠᠨ᠂ᠬᠠᠷᠢᠨ ᠶᠡᠬᠡ ᠬᠤᠷᠢᠮ ᠳ᠋ᠤᠷ ᠴᠡᠴᠡᠭ ᠪᠠ ᠴᠡᠷᠢᠭ ᠬᠣᠶᠠᠭᠤᠯᠠ ᠶ᠋ᠢ ᠵᠢᠭ᠍ᠰᠠᠭᠠᠵᠤ ᠪᠡᠶ᠎ᠡ ᠪᠡᠨ ᠢᠴᠢᠭᠡᠵᠦ ᠠᠰᠠᠭᠤᠭᠰᠠᠨ᠂ᠡᠳᠦᠭᠡ ᠳ᠋ᠠᠳᠠᠳᠤᠩᠭ᠎ᠠ ᠮᠥᠩᠭᠥᠯᠵᠢ ᠬᠣᠶᠠᠭᠤᠯᠠ ᠪᠠᠷ ᠬᠠᠭᠠᠨ ᠡᠴᠢᠭᠡ ᠪᠡᠨ ᠬᠣᠷᠢᠭ᠍ᠯᠠᠬᠤ ᠠᠷᠭ᠎ᠠ ᠶ᠋ᠢ ᠵᠥᠪᠳᠡᠵᠦ ᠪᠠᠢᠭᠲᠤᠨ ᠬᠡᠮᠡᠭᠡᠳ ᠡᠳᠦᠭᠡ ᠠᠪᠠᠭ᠎ᠠ ᠸᠠᠩ ᠢ᠋ ᠭᠤᠶᠤᠵᠤ ᠬᠠᠮᠲᠤ ᠪᠠᠷ ᠬᠠᠭᠠᠨ ᠡᠴᠢᠭᠡ ᠪᠡᠨ ᠬᠣᠷᠢᠭ᠍ᠯᠠᠨ ᠢᠳᠬᠠᠵᠤ ᠵᠣᠭᠰᠣᠭᠠᠰᠤᠭᠠᠢ ᠬᠡᠮᠡᠬᠦ ᠰᠠᠨᠠᠭᠠᠨ ᠢ᠋ᠶ᠋ᠠᠨ ᠭᠤᠶᠤᠨ ᠬᠡᠯᠡᠭᠰᠡᠨ ᠳ᠋ᠦ᠍ᠷ ᠡᠨᠡ ᠦᠶ᠎ᠡ ᠠᠯᠲᠠᠨᠱᠠᠭ᠎ᠠ ᠯᠤᠭ᠎ᠠ ᠬᠤᠷᠢᠮᠯᠠᠵᠤ ᠪᠠᠢᠭᠰᠠᠨ ᠲᠤᠯᠠ ᠠᠷᠢᠬᠢᠳᠠᠵᠤ ᠶᠡᠬᠡ ᠯᠡ ᠰᠣᠭᠲᠣᠭᠠᠳ ᠳᠡᠭᠦᠦ ᠪᠡᠨ ᠬᠣᠷᠢᠭ᠍ᠯᠠᠬᠤ ᠦᠭᠡᠢ ᠪᠡᠷ ᠦᠯᠦ ᠪᠠᠷᠠᠨ᠂ᠭᠡᠳᠡᠷᠭᠦ ᠬᠠᠷᠢᠨ ᠦᠶᠡᠯᠢᠳ ᠬᠥᠪᠡᠭᠦᠨ ᠠᠯᠲᠠᠨᠱᠠᠭ᠎ᠠ ᠶ᠋ᠢ: 《ᠬᠥᠮᠦᠨ ᠦ᠌ ᠳᠦᠷᠰᠦ ᠦᠭᠡᠢ ᠠᠮᠢᠲᠠᠨ ᠴᠢ !ᠰᠠᠢᠬᠠᠨ ᠡᠮ᠎ᠡ ᠶ᠋ᠢᠨ ᠪᠤᠬᠤᠷ ᠢ᠋ᠶ᠋ᠠᠷ ᠤᠷᠢᠳᠤᠰ ᠳᠡᠭᠡᠳᠦᠰ ᠦ᠋ᠨ ᠪᠠᠢᠭᠤᠯᠤᠭᠰᠠᠨ ᠤᠯᠤᠰ ᠲᠥᠷᠥ ᠶ᠋ᠢ ᠬᠤᠳᠠᠯᠳᠤᠰᠤᠭᠠᠢ ᠬᠡᠮᠡᠬᠦ ᠴᠢᠨᠦ ᠵᠣᠬᠢᠬᠤ ᠦᠭᠡᠢ᠂ᠴᠢᠨᠦ ᠥᠩᠭᠡ ᠵᠢᠰᠦ ᠰᠠᠢᠬᠠᠨ ᠪᠣᠯᠪᠠᠴᠤ ᠦᠨᠡᠨ ᠵᠢᠷᠦᠬᠡ ᠮᠤᠩᠬᠠᠭ᠂ᠡᠮ᠎ᠡ ᠶ᠋ᠢᠨ ᠪᠤᠬᠤᠷ ᠤ᠋ᠨ ᠣᠴᠢᠷ᠎ᠠ ᠡᠴᠢᠭᠡ ᠬᠠᠭᠠᠨ ᠢ᠋ᠶ᠋ᠠᠨ ᠥᠪᠡᠷ᠎ᠡ ᠤᠯᠤᠰ ᠲᠤᠷ ᠦᠮᠡᠬᠡᠢ ᠪᠣᠭᠣᠯ ᠪᠣᠯᠭᠠᠰᠤᠭᠠᠢ ᠬᠡᠮᠡᠮᠦᠢ ᠦᠦ? ᠬᠡᠷᠪᠡ ᠮᠢᠨᠦ ᠲᠥᠷᠥᠭᠰᠡᠨ ᠬᠥᠪᠡᠭᠦᠨ ᠪᠥᠭᠡᠰᠦ ᠪᠢ ᠴᠢᠮᠠᠢ ᠨᠢᠭᠡᠨ ᠴᠠᠭ ᠴᠤ᠌ ᠠᠮᠢᠳᠤ ᠪᠠᠢᠯᠭᠠᠬᠤ ᠦᠭᠡᠢ᠂ᠮᠠᠭᠤ ᠡᠮᠡᠰ ᠦ᠋ᠨ ᠰᠢᠭᠡᠰᠦᠨ ᠳ᠋ᠦ᠍ᠷ ᠳᠡᠪᠲᠦᠭᠡᠵᠦ ᠠᠯᠠᠭᠠᠳ ᠶᠠᠰᠤᠨ ᠢ᠋ ᠪᠠᠰᠠ ᠪᠠᠯᠪᠠᠴᠢᠮᠤᠢ !》ᠭᠡᠮᠡᠨ ᠠᠯᠲᠠᠨᠱᠠᠭ᠎ᠠ ᠶ᠋ᠢ ᠦᠬᠦᠲᠡᠯ᠎ᠡ ᠢᠴᠢᠭᠡᠨ ᠬᠠᠷᠢᠶᠠᠵᠤ ᠨᠢᠭᠤᠷ ᠲᠤᠷ ᠠᠨᠤ ᠯᠠᠭᠰᠢᠲᠠᠯᠠ ᠨᠢᠯᠪᠤᠭᠰᠠᠨ① ᠳ᠋ᠤᠷ ᠠᠯᠲᠠᠨᠱᠠᠭ᠎ᠠ ᠶᠡᠬᠡᠯ᠎ᠡ ᠢᠴᠢᠩᠭᠦᠷᠡᠨ ᠲᠡᠨᠴᠢᠭᠦᠷᠡᠵᠦ ᠥᠭᠦᠯᠡᠷᠦᠨ:《ᠪᠢ ᠣᠨᠴᠠ ᠪᠸᠲ᠋ᠠ᠋ ᠤᠯᠤᠰ ᠠ᠋ᠴᠠ ᠰᠣᠯᠤᠩᠭᠤᠸ᠎ᠠ ᠶ᠋ᠢ ᠠᠪᠰᠤᠭᠠᠢ ᠭᠡᠮᠡᠨ ᠨᠠᠢᠷᠠᠯᠳᠤᠶᠠ ᠬᠡᠮᠡᠭᠰᠡᠨ ᠢᠨᠦ ᠪᠤᠰᠤ᠂ᠬᠡᠷᠡᠭ ᠦᠭᠡᠢ ᠶᠡᠬᠡ ᠲᠡᠢᠨ ᠳᠡᠭᠳᠡᠭᠡᠭᠡᠳ ᠴᠡᠷᠢᠭ ᠳᠠᠷᠤᠭᠳᠠᠵᠤ ᠤᠯᠤᠰ ᠡᠪᠳᠡᠷᠡᠬᠦ ᠪᠣᠯᠭᠤᠵᠠᠢ ᠭᠡᠮᠡᠨ ᠪᠣᠯᠭᠣᠮᠵᠢᠯᠠᠭᠰᠠᠨ ᠪᠥᠯᠥᠭᠡ᠂ᠤᠷᠢᠳᠠ ᠳ᠋ᠠᠳᠠᠳᠤᠩᠭ᠎ᠠ ᠮᠥᠩᠭᠥᠯᠵᠢ ᠨᠠᠷ ᠭᠠᠰᠢᠭᠤᠨ᠎ᠠ ᠬᠣᠷᠢᠭ᠍ᠯᠠᠵᠤ ᠪᠠᠢᠲᠠᠯ᠎ᠠ ᠪᠢ ᠪᠡᠶ᠎ᠡ ᠪᠡᠷ ᠲᠡᠷᠢᠭᠦᠯᠡᠨ ᠦᠭᠡ ᠠᠪᠤᠭᠰᠠᠨ ᠦᠭᠡᠢ ᠭᠠᠷᠴᠤ ᠠᠯᠠᠬᠠᠳᠠᠢ ᠶ᠋ᠢᠨ ᠭᠠᠵᠠᠷ᠎ᠠ ᠴᠢᠦᠢ ᠶᠤᠸᠠᠨᠱᠤᠸᠠᠢ ᠠᠪᠲᠠᠵᠤ ᠬᠡᠳᠦᠨ ᠵᠠᠩᠵᠤᠨ ᠠᠯᠠᠭᠳᠠᠵᠤ᠂ᠬᠡᠳᠦᠢᠴᠢᠨᠡᠭᠡᠨ ᠴᠡᠷᠢᠭ ᠬᠣᠬᠢᠷᠠᠵᠤ ᠶᠡᠬᠡ ᠵᠣᠪᠠᠯᠠᠩ ᠪᠣᠯᠪᠠ᠂ᠳᠠᠭᠠᠯᠲᠤᠬᠠ ᠴᠢᠦᠢ ᠱᠢ ᠯᠢ ᠡᠴᠢᠭᠡ ᠶᠦ᠍ᠭᠡᠨ ᠦᠰ ᠢ᠋ ᠨᠡᠬᠡᠭᠰᠡᠭᠡᠷ ᠬᠡᠳᠦ ᠬᠡᠳᠦᠨ ᠤᠳᠠᠭ᠎ᠠ ᠳᠠᠷᠤᠭᠳᠠᠪᠠ᠃ᠮᠠᠨ ᠤ᠋ ᠴᠡᠷᠢᠭ ᠪᠸᠲ᠋ᠠ᠋ ᠤᠯᠤᠰ ᠤ᠋ᠨ ᠵᠦᠭ ᠬᠠᠨᠳᠤᠭᠰᠠᠨ ᠪᠦᠷᠢ ᠨᠢᠭᠡᠬᠡᠨ ᠤᠳᠠᠭ᠎ᠠ ᠴᠤ᠌ ᠠᠰᠢᠭ᠋ ᠣᠯᠤᠭᠰᠠᠨ ᠭᠠᠵᠠᠷ ᠦᠭᠡᠢ᠃ᠨᠡᠩ ᠪᠠᠰᠠ ᠪᠸᠲ᠋ᠠ᠋ ᠤᠯᠤᠰ᠂ᠬᠡᠷᠡᠢᠳ ᠤᠯᠤᠰ ᠢ᠋ ᠬᠤᠷᠢᠶᠠᠭᠰᠠᠨ ᠠ᠋ᠴᠠ ᠰᠦᠷ ᠬᠦᠴᠦᠨ ᠨᠡᠩ ᠨᠡᠮᠡᠵᠦ᠂ᠲᠠᠬᠢᠮ ᠤ᠋ᠨ ᠭᠣᠣᠯ ᠳ᠋ᠤᠷ ᠠᠷᠪᠠᠨ ᠲᠠᠪᠤᠨ ᠲᠦᠮᠡᠨ ᠴᠡᠷᠢᠭ ᠰᠢᠯᠭᠠᠭᠰᠠᠨ ᠢ᠋ᠶ᠋ᠠᠨ ᠶᠢᠰᠦᠨ ᠡᠩ ᠪᠣᠯᠭᠠᠨ ᠵᠣᠬᠢᠶᠠᠵᠤ᠂ᠬᠤᠪᠢᠰᠬᠤ ᠤᠷᠪᠠᠬᠤ ᠮᠣᠬᠣᠰᠢ ᠦᠭᠡᠢ ᠬᠡᠮᠡᠮᠦᠢ᠃ᠮᠠᠨ ᠤ᠋ ᠴᠡᠷᠢᠭ ᠬᠡᠳᠦᠢᠪᠡᠷ ᠬᠣᠷᠢᠨ ᠲᠦᠮᠡᠨ ᠰᠢᠯᠭᠠᠪᠠᠴᠤ ᠡᠭᠡᠨᠡᠭᠲᠡ ᠴᠥᠮ ᠪᠤᠰᠤᠳ ᠤ᠋ᠨ ᠴᠡᠷᠢᠭ ᠣᠯᠠᠨ᠂ᠪᠤᠰᠤᠳ ᠤ᠋ᠨ ᠴᠡᠷᠢᠭ ᠬᠡᠷᠬᠢᠨ ᠥᠪᠡᠷ ᠦ᠋ᠨ ᠴᠡᠷᠢᠭ ᠲᠦ᠍ᠷ ᠠᠳᠠᠯᠢ ᠴᠢᠷᠮᠠᠢᠬᠤ ᠠᠵᠢ? ᠪᠸᠲ᠋ᠠ᠋ ᠤᠯᠤᠰ ᠤ᠋ᠨ ᠲᠡᠳᠡᠭᠡᠷ ᠴᠡᠷᠢᠭ ᠴᠥᠮ ᠨᠢᠭᠡᠬᠡᠨ ᠲᠡᠮᠦᠵᠢᠨ ᠦ᠌ ᠴᠡᠷᠢᠭ ᠲᠤᠯᠠ ᠨᠢᠭᠡᠬᠡᠨ ᠰᠠᠨᠠᠭ᠎ᠠ ᠠᠮᠢᠰᠬᠤᠯ᠂ᠮᠠᠨ ᠤ᠋ ᠴᠡᠷᠢᠭ ᠬᠡᠳᠦᠢ ᠣᠯᠠᠨ ᠪᠣᠯᠪᠠᠴᠤ ᠴᠥᠮ ᠥᠪᠡᠷ᠎ᠡ ᠥᠪᠡᠷ᠎ᠡ ᠤᠯᠤᠰ ᠠᠢᠮᠠᠭ ᠤ᠋ᠳ ᠤ᠋ᠨ ᠴᠡᠷᠢᠭ ᠲᠤᠯᠠ ᠶᠠᠭᠤᠨ ᠤ᠋ ᠮᠠᠨ ᠳ᠋ᠤᠷ ᠴᠢᠩ ᠦᠨᠡᠨ ᠢ᠋ᠶ᠋ᠡᠷ ᠦᠬᠦᠨ ᠵᠢᠳᠬᠦᠵᠦ ᠪᠠᠢᠯᠳᠤᠬᠤ ᠠᠵᠢ? ᠡᠢᠮᠦ ᠵᠦᠢᠯ ᠵᠦᠢᠯ ᠦ᠋ᠨ ᠳᠠᠷᠤᠭᠳᠠᠬᠤ ᠰᠢᠯᠲᠠᠭᠠᠨ ᠪᠣᠢ ᠲᠤᠯᠠ ᠠᠴᠢ ᠪᠢ ᠰᠠᠶᠢ ᠴᠡᠷᠢᠭ ᠳᠠᠷᠤᠭᠳᠠᠨ ᠤᠯᠤᠰ ᠡᠪᠳᠡᠷᠡᠬᠦ ᠡᠴᠡ ᠠᠶᠤᠵᠤ᠂ᠸᠠᠩ ᠠᠪᠠᠭ᠎ᠠ ᠶ᠋ᠢ ᠭᠤᠶᠤᠭᠰᠠᠨ ᠳ᠋ᠤᠷ ᠸᠠᠩ ᠠᠪᠠᠭ᠎ᠠ ᠣᠨᠴᠠ ᠶᠠᠭᠤᠨ ᠳ᠋ᠤᠷ ᠡᠮ᠎ᠡ ᠶ᠋ᠢᠨ ᠳᠡᠭᠡᠷ᠎ᠡ ᠬᠡᠯᠡᠬᠦ ᠪᠣᠢ? ᠪᠢ ᠴᠦ᠍ ᠡᠮ᠎ᠡ ᠶ᠋ᠢᠨ ᠤᠴᠢᠷ ᠡᠢᠮᠦ ᠬᠡᠮᠡᠲᠦᠭᠡᠢ᠂ᠮᠠᠨ ᠤ᠋ ᠤᠯᠤᠰ ᠤ᠋ᠨ ᠬᠠᠭᠠᠨ ᠡᠴᠢᠭᠡ ᠶ᠋ᠢᠨ ᠪᠡᠶ᠎ᠡ ᠪᠡᠷ ᠵᠠᠯᠠᠵᠤ ᠠᠴᠢᠷᠠᠨ ᠲᠤᠰᠠᠯᠠᠭᠴᠢ ᠪᠠᠭ᠍ᠰᠢ ᠪᠠᠷᠢᠭ᠍ᠰᠠᠨ ᠳ᠋ᠠᠳᠠᠳᠤᠩᠭ᠎ᠠ ᠵᠢᠴᠢ ᠵᠠᠰᠠᠭ ᠤ᠋ᠨ ᠬᠡᠷᠡᠭ ᠢ᠋ ᠬᠠᠮᠢᠶᠠᠷᠬᠤ ᠰᠠᠢᠳ ᠮᠥᠩᠭᠥᠯᠵᠢ ᠲᠡᠳᠡ ᠬᠣᠶᠠᠭᠤᠯᠠ ᠪᠠᠰᠠ ᠶᠠᠭᠤᠨ ᠤ᠋ ᠲᠤᠯᠠ ᠪᠣᠢ? ᠨᠡᠢᠲᠡ ᠪᠡᠷ ᠴᠥᠮ ᠤᠯᠤᠰ ᠲᠥᠷᠥ ᠶ᠋ᠢᠨ ᠦᠨᠳᠦᠰᠦᠨ ᠲᠤᠷᠭᠢᠬᠤ ᠠ᠋ᠴᠠ ᠪᠣᠯᠭᠣᠮᠵᠢᠯᠠᠭᠰᠠᠨ ᠪᠥᠭᠡᠲᠡᠯ᠎ᠡ ᠸᠠᠩ ᠠᠪᠠᠭ᠎ᠠ ᠵᠥᠪ ᠪᠤᠷᠤᠭᠤ ᠶ᠋ᠢ ᠣᠭᠲᠣ ᠦᠯᠦ ᠢᠯᠭᠠᠨ᠂ᠶᠠᠭᠤᠨ ᠳ᠋ᠤ᠌ ᠡᠨᠡ ᠮᠡᠲᠦ ᠬᠢᠯᠢᠩᠨᠡᠵᠦ ᠪᠤᠷᠲᠠᠭ ᠦᠭᠡ ᠪᠡᠷ ᠭᠦᠵᠢᠷᠯᠡᠨ ᠬᠠᠷᠢᠶᠠᠮᠤᠢ? ᠠᠴᠢ ᠪᠢ ᠬᠠᠷᠢᠨ ᠶᠡᠬᠡ ᠠᠪᠠᠭ᠎ᠠ ᠬᠡᠮᠡᠭᠴᠢ ᠮᠢᠨᠦ ᠬᠠᠭᠠᠨ ᠡᠴᠢᠭᠡ ᠶ᠋ᠢᠨ ᠮᠥᠷᠥ ᠭᠠᠷ ᠮᠡᠲᠦ᠂ᠪᠢᠳᠡᠨ ᠦ᠌ ᠤᠯᠤᠰ ᠡᠪᠳᠡᠷᠡᠪᠡᠰᠦ ᠸᠠᠩ ᠠᠪᠠᠭ᠎ᠠ ᠶ᠋ᠢᠨ ᠬᠠᠷᠢᠶᠠᠲᠤ ᠮᠥᠨ ᠦᠯᠡᠳᠡᠬᠦ ᠦᠭᠡᠢ ᠲᠤᠯᠠ ᠡᠴᠢᠭᠡ ᠬᠠᠭᠠᠨ ᠢ᠋ ᠮᠢᠨᠦ ᠬᠣᠷᠢᠭ᠍ᠯᠠᠨ ᠵᠣᠭᠰᠣᠭᠠᠵᠤ ᠤᠷᠲᠤ ᠤᠳᠠᠭᠠᠨ ᠤᠯᠤᠰ ᠲᠥᠷᠥ ᠪᠡᠨ ᠬᠠᠮᠠᠭᠠᠯᠠᠨ ᠰᠠᠬᠢᠵᠤ ᠲᠠᠮᠢᠷ ᠬᠦᠴᠦᠨ ᠢ᠋ᠶ᠋ᠡᠨ ᠲᠡᠵᠢᠭᠡᠨ ᠲᠡᠩᠬᠡᠷᠡᠭᠦᠯᠦᠭᠡᠳ ᠬᠣᠵᠢᠮ ᠴᠠᠭ ᠦᠶᠡᠰ ᠢ᠋ ᠦᠵᠡᠵᠦ ᠪᠠᠢᠯᠳᠤᠰᠤᠭᠠᠢ ᠬᠡᠮᠡᠭᠰᠡᠨ ᠪᠣᠢ ᠊ᠶ᠎ᠡ᠂ᠪᠢ ᠶᠠᠮᠪᠠᠷ ᠪᠸᠲ᠋ᠠ᠋ ᠤᠯᠤᠰ ᠲᠤᠷ ᠪᠣᠭᠣᠯ ᠪᠣᠯᠤᠨ ᠳᠠᠭᠠᠰᠤᠭᠠᠢ ᠬᠡᠮᠡᠪᠡᠦ? ᠡᠳᠦᠭᠡ ᠤᠳᠠᠯ ᠦᠭᠡᠶ᠎ᠡ ᠠᠯᠲᠠᠨ ᠤᠯᠤᠰ ᠯᠠᠪ ᠪᠸᠲ᠋ᠠ᠋ ᠤᠯᠤᠰ ᠠ᠋ᠴᠠ ᠡᠯᠴᠢ ᠪᠡᠨ ᠢᠴᠢᠭᠡᠭᠰᠡᠨ ᠦᠰ ᠢ᠋ᠶ᠋ᠡᠨ ᠠᠪᠤᠮᠤᠢ᠂ᠲᠡᠷᠡ ᠦᠶ᠎ᠡ ᠶ᠋ᠢ ᠬᠦᠯᠢᠶᠡᠰᠦᠭᠡᠢ ᠬᠡᠮᠡᠭᠰᠡᠨ ᠪᠥᠯᠥᠭᠡ᠃ᠶᠡᠷᠦ ᠶ᠋ᠢᠨ ᠦᠭᠡᠨ ᠳ᠋ᠦ᠍ᠷ< ᠪᠠᠳᠠᠷᠠᠭᠰᠠᠨ ᠭᠠᠯ ᠤ᠋ᠨ ᠳᠡᠭᠡᠷ᠎ᠡ ᠤᠰᠤ ᠪᠢᠲᠡᠭᠡᠢ ᠰᠠᠴᠤ ᠰᠢᠭᠤᠷᠬᠤ ᠰᠠᠯᠬᠢᠨ ᠤ᠋ ᠡᠰᠡᠷᠭᠦ ᠣᠩᠭᠣᠴᠠ ᠶ᠋ᠢ ᠪᠢᠲᠡᠭᠡᠢ ᠶᠠᠪᠤᠭᠤᠯ > ᠬᠡᠮᠡᠵᠦᠬᠦᠢ᠃ᠡᠳᠦᠭᠡ ᠪᠸᠲ᠋ᠠ᠋ ᠤᠯᠤᠰ ᠤ᠋ᠨ ᠡᠵᠡᠨ ᠰᠠᠢᠳ ᠬᠠᠷᠠᠬᠠᠨ ᠬᠥᠭᠵᠢᠨ ᠪᠠᠳᠠᠷᠠᠬᠤ ᠴᠠᠭ᠂ᠳᠡᠭᠡᠷ᠎ᠡ ᠳᠣᠣᠷ᠎ᠠ ᠪᠠᠷ ᠦᠬᠦᠨ ᠴᠢᠷᠮᠠᠢᠬᠤ ᠦᠶ᠎ᠡ ᠳ᠋ᠦ᠍ᠷ ᠪᠢᠳᠡ ᠢᠬᠢᠷ ᠰᠢᠬᠢᠷ ᠪᠤᠰᠤ ᠠᠢᠮᠠᠭ ᠤ᠋ᠳ ᠤ᠋ᠨ ᠴᠡᠷᠢᠭ ᠲᠦ᠍ᠷ ᠢᠲᠡᠭᠡᠵᠦ ᠲᠡᠳᠡ ᠯᠣᠭᠡ ᠬᠡᠷᠬᠢᠨ ᠪᠠᠢᠯᠳᠤᠵᠤ ᠪᠣᠯᠤᠮᠤᠢ ᠤᠤ? ᠲᠡᠢᠨ ᠬᠦ᠌ ᠠᠷᠭ᠎ᠠ ᠪᠠᠨ ᠵᠠᠪᠬᠠᠷᠠᠬᠤᠢ ᠳ᠋ᠠᠭᠠᠨ ᠠᠪᠠᠭ᠎ᠠ ᠴᠢᠮᠠᠢ ᠭᠤᠶᠤᠭᠰᠠᠨ ᠪᠥᠯᠥᠭᠡ᠃ᠸᠠᠩ ᠠᠪᠠᠭ᠎ᠠ ᠡᠰᠡ ᠵᠥᠪᠰᠢᠶᠡᠪᠡᠰᠦ ᠪᠠᠷᠠᠪᠠᠢ ᠊ᠶ᠎ᠡ᠂ᠡᠭᠦᠨ ᠦ᠌ ᠲᠥᠯᠥᠭᠡ ᠡᠨᠡ ᠮᠡᠲᠦ ᠬᠢᠯᠢᠩᠯᠡᠵᠦ᠂ᠬᠡᠯᠬᠢᠶ᠎ᠡ ᠦᠭᠡᠢ ᠦᠭᠡ ᠪᠡᠷ ᠬᠠᠷᠢᠶᠠᠬᠤ ᠬᠡᠷᠡᠭ ᠦᠭᠡᠢ ᠪᠣᠯᠠᠢ !》ᠬᠡᠮᠡᠭᠰᠡᠨ ᠳ᠋ᠦ᠍ᠷ ᠪᠤᠯᠤᠤ ᠸᠠᠩ ᠬᠡᠮᠡᠭᠴᠢ ᠡᠭᠡᠨᠡᠭᠲᠡ ᠪᠤᠳᠤᠩᠭᠤᠢ ᠶᠠᠭᠤᠮ᠎ᠠ ᠲᠤᠯᠠ ᠡᠳᠡᠭᠡᠷ ᠦᠭᠡᠰ ᠢ᠋ ᠰᠣᠨᠣᠰᠴᠤ ᠭᠠᠯ ᠤ᠋ᠨ ᠳᠡᠭᠡᠷ᠎ᠡ ᠲᠣᠰᠣ ᠴᠢᠳᠬᠤᠭᠰᠠᠨ ᠮᠡᠲᠦ ᠪᠣᠯᠵᠤ᠂ᠪᠤᠴᠠᠯᠤᠨ ᠳᠡᠪᠦᠯᠲᠡᠯᠡ ᠬᠢᠯᠢᠩᠯᠡᠵᠦ᠂ᠨᠢᠳᠦ ᠪᠡᠨ ᠲᠥᠭᠥᠷᠢᠭᠯᠡᠨ ᠨᠡᠭᠡᠭᠡᠵᠦ ᠦᠰᠦᠷᠦᠨ ᠪᠣᠰᠴᠤ ᠠᠯᠲᠠᠨ ᠴᠥᠭᠥᠴᠡ ᠪᠡᠷ ᠢ᠋ᠶ᠋ᠡᠨ ᠠᠯᠲᠠᠨᠱᠠᠭ᠎ᠠ ᠶ᠋ᠢᠨ ᠲᠣᠯᠣᠭᠠᠢ ᠶ᠋ᠢ ᠴᠢᠰᠤ ᠦᠰᠦᠷᠲᠡᠯ᠎ᠡ ᠴᠣᠬᠢᠵᠤ ᠤᠨᠠᠭᠠᠭᠠᠳ ᠬᠤᠷᠢᠮ ᠤ᠋ᠨ ᠰᠢᠷᠡᠭᠡ ᠪᠡᠨ ᠠᠯᠲᠠᠨᠱᠠᠭ᠎ᠠ ᠶ᠋ᠢᠨ ᠳᠡᠭᠡᠷ᠎ᠡ ᠤᠷᠪᠠᠭᠤᠯᠤᠨ ᠶᠡᠬᠡᠯ᠎ᠡ ᠬᠠᠰᠬᠢᠷᠤᠨ ᠬᠠᠷᠢᠶᠠᠨ ᠥᠭᠦᠯᠡᠷᠦᠨ:《ᠵᠤᠷᠠᠮ᠎ᠠ ᠲᠠᠤᠯᠠᠢ ᠮᠡᠲᠦ ᠥᠴᠦᠬᠡᠨ ᠠᠳᠤᠭᠤᠰᠤ᠂ᠲᠡᠷᠡ ᠳ᠋ᠠᠳᠠᠳᠤᠩᠭ᠎ᠠ ᠬᠢᠲᠠᠳ ᠤ᠋ᠨ ᠵᠤᠯᠵᠠᠭ᠎ᠠ ᠬᠠᠮᠢᠭ᠎ᠠ ᠠ᠋ᠴᠠ ᠰᠤᠷᠤᠭᠰᠠᠨ ᠲᠡᠳᠦᠢᠴᠢᠨᠡᠭᠡᠨ ᠣᠭᠣᠯᠢ ᠰᠢᠪᠠᠭᠤᠨ ᠤ᠋ ᠤᠭᠠᠯᠵᠠᠲᠤ ᠦᠭᠡᠰ ᠢ᠋ᠶ᠋ᠡᠨ ᠮᠢᠨᠦ ᠡᠰᠡᠷᠭᠦ ᠴᠠᠯᠴᠢᠮᠤᠢ ? ᠮᠢᠨᠦ ᠳᠡᠭᠦᠦ ᠶᠠᠭᠤᠨ ᠳ᠋ᠤᠷ ᠡᠨᠡ ᠨᠣᠬᠠᠢ ᠶ᠋ᠢᠨ ᠣᠩᠭᠣᠰᠤ ᠮᠡᠲᠦ ᠬᠥᠪᠡᠭᠦᠨ ᠢ᠋ᠶ᠋ᠡᠨ ᠢᠯᠡᠭᠡᠵᠦ᠂ᠮᠢᠨᠦ ᠬᠠᠪᠠᠷ ᠢ᠋ ᠤᠳᠤᠮᠤᠢ ? ᠮᠢᠨᠦ ᠬᠥᠪᠡᠭᠦᠨ ᠡᠢᠮᠦ ᠪᠣᠯᠪᠠᠰᠤ ᠪᠢ ᠬᠡᠳᠦᠢᠨᠡᠢ ᠡᠮᠡᠰᠦᠨ ᠠᠯᠠᠨ ᠳ᠋ᠤᠷ ᠬᠠᠪᠴᠢᠭᠤᠯᠵᠤ ᠠᠯᠠᠭᠠᠳ ᠠᠷᠠᠰᠤ ᠶ᠋ᠢ ᠴᠢᠨᠦ ᠱᠠᠭᠠᠯᠤᠭᠠᠳ ᠪᠤᠵᠠᠷ ᠡᠬᠡᠨᠡᠷ ᠦ᠋ᠨ ᠠᠯᠠᠪᠴᠢ ᠬᠢᠯᠭᠡᠮᠦᠢ᠃ᠬᠢᠲᠠᠳ ᠤ᠋ᠨ ᠵᠤᠯᠵᠠᠭ᠎ᠠ ᠪᠣᠭᠣᠯ ᠤ᠋ᠨ ᠦᠷ᠎ᠡ ᠮᠡᠲᠦ ᠵᠠᠩᠲᠠᠢ᠂ᠪᠸᠲ᠋ᠠ᠋ ᠤᠯᠤᠰ ᠤ᠋ᠨ ᠰᠢᠪᠲᠦᠷ ᠰᠢᠭᠡᠰᠦ ᠪᠣᠯᠬᠤ ᠵᠠᠶᠠᠭᠠᠲᠠᠢ᠂ᠶᠠᠮᠪᠠᠷ ᠰᠠᠪᠠᠭ᠎ᠠ ᠦᠭᠡᠢ ᠮᠢᠨᠦ ᠡᠰᠡᠷᠭᠦ ᠮᠥᠴᠡᠭᠡᠷᠬᠡᠨ ᠠᠭᠠᠰᠢᠯᠠᠮᠤᠢ?ᠴᠢᠨᠦ ᠲᠡᠷᠡ ᠬᠠᠭᠠᠨ ᠤ᠋ ᠲᠠᠢᠽᠢ ᠪᠠᠨ ᠲᠡᠷᠡ ᠰᠣᠯᠤᠩᠭᠤᠸ᠎ᠠ ᠮᠠᠯᠠᠭ᠎ᠠ ᠶᠤᠭᠠᠨ ᠠᠯᠠ ᠶ᠋ᠢᠨ ᠬᠣᠭᠣᠷᠣᠨᠳᠣ ᠰᠢᠷᠭᠤᠭᠤᠯ᠂ᠮᠢᠨᠦ ᠡᠨᠳᠡ ᠢᠷᠡᠵᠦ ᠲᠠᠤᠯᠠᠢ ᠶ᠋ᠢᠨ ᠣᠩᠭᠣᠰᠤ ᠠᠯᠳᠠᠬᠤ ᠪᠠᠨ ᠪᠠᠢᠭ᠎ᠠ!》ᠭᠡᠮᠡᠨ᠂ᠥᠴᠦᠬᠡᠨ ᠬᠥᠮᠦᠨ ᠦ᠌ ᠶᠣᠰᠣ ᠪᠤᠰᠤ ᠴᠠᠯᠴᠢᠶ᠎ᠠ ᠦᠭᠡ ᠪᠡᠷ ᠬᠠᠷᠢᠶᠠᠵᠤ᠂ᠪᠠᠢᠨ ᠪᠠᠢᠨ ᠠᠯᠲᠠᠨᠱᠠᠭ᠎ᠠ ᠶ᠋ᠢᠨ ᠨᠢᠭᠤᠷ ᠲᠤᠷ ᠯᠠᠭᠰᠢᠲᠠᠯᠠ ᠨᠢᠯᠪᠤᠬᠤᠢ ᠳ᠋ᠤᠷ ᠠᠷᠠᠵᠠ ᠬᠣᠣᠷᠠᠵᠠ ᠶ᠋ᠢᠨ ᠦᠮᠡᠬᠡᠢ ᠰᠢᠯᠦᠰᠦ ᠠᠯᠲᠠᠨᠱᠠᠭ᠎ᠠ ᠶ᠋ᠢᠨ ᠠᠮᠠ ᠬᠠᠪᠠᠷ ᠲᠤᠷ ᠣᠷᠣᠵᠤ ᠠᠭᠤᠷ ᠴᠢᠭᠯᠡᠷᠡᠨ ᠬᠠᠷᠠᠩᠭᠤᠳᠤᠨ ᠤᠨᠠᠵᠤ ᠬᠡᠪᠲᠡᠭᠰᠡᠨ ᠢ᠋ ᠠᠯᠲᠠᠨᠱᠠᠭ᠎ᠠ ᠶ᠋ᠢᠨ ᠰᠢᠳᠠᠷ ᠬᠠᠮᠵᠢᠭᠴᠢ ᠢᠳᠡᠷ ᠳᠣᠪᠣ ᠶ᠋ᠢᠨ ᠬᠥᠪᠡᠭᠦᠨ ᠦᠨᠡᠨ ᠴᠢᠭᠳᠦ᠂ᠪᠤᠯᠤᠤ ᠸᠠᠩ ᠤ᠋ᠨ ᠬᠥᠪᠡᠭᠦᠨ ᠴᠢᠦᠢ ᠴᠦ᠍ ᠯᠢᠦᠢ ᠨᠠᠷ ᠲᠦᠰᠢᠨ ᠠᠪᠠᠴᠢᠵᠤ ᠬᠡᠪᠲᠡᠭᠦᠯᠬᠦᠯᠡ ᠠᠯᠲᠠᠨᠱᠠᠭ᠎ᠠ ᠨᠢᠭᠡᠨ ᠵᠡᠷᠭᠡ ᠴᠢᠰᠤ ᠪᠠᠷ ᠪᠥᠭᠡᠯᠵᠢᠵᠦ ᠵᠢᠷᠠᠨ ᠬᠣᠨᠣᠭ ᠤ᠋ᠨ ᠬᠦᠨᠳᠦ ᠬᠢᠵᠢᠭ ᠡᠪᠡᠳᠴᠢᠨ᠎ᠡ ᠬᠦᠷᠲᠡᠵᠦ ᠬᠡᠪᠲᠡᠨ ᠮᠤᠩᠬᠠᠭᠤᠷᠠᠪᠠᠢ᠃
– – – –
①ᠡᠨᠡ ᠨᠢᠭᠡᠨ ᠨᠢᠯᠪᠤᠭᠰᠠᠨ ᠢ᠋ ᠦᠵᠡᠬᠦ ᠮᠡᠷᠭᠡᠳ ᠰᠠᠢᠬᠠᠨ ᠲᠡᠮᠳᠡᠭᠯᠡᠵᠦ ᠠᠪᠤᠭᠲᠤᠨ᠂ᠬᠣᠢᠨ᠎ᠠ ᠲᠠᠢᠽᠦ ᠠᠯᠲᠠᠨ ᠤᠯᠤᠰ ᠢ᠋ ᠳᠠᠢᠯᠠᠬᠤ ᠲᠤᠬᠠᠢ ᠪᠠᠰᠠ ᠨᠢᠯᠪᠤᠭᠰᠠᠨ ᠬᠡᠷᠡᠭ ᠪᠣᠢ᠂ᠡᠨᠡ ᠬᠣᠶᠠᠷ ᠨᠢᠯᠪᠤᠭᠰᠠᠨᠠ ᠤᠴᠢᠷ ᠪᠣᠢ ᠪᠣᠯᠠᠢ ᠬᠡᠮᠡᠵᠦᠬᠦᠢ᠃
ᠲᠡᠳᠦᠢ ᠵᠢᠴᠢ ᠥᠷᠯᠥᠭᠡ ᠪᠤᠯᠤᠤ ᠸᠠᠩ ᠠᠷᠢᠬᠢ ᠰᠡᠷᠭᠦᠭᠡᠳ ᠪᠦᠦ ᠡᠴᠢᠰᠦᠭᠡᠢ ᠬᠡᠮᠡᠬᠦᠯ᠎ᠡ ᠥᠴᠥᠭᠡᠳᠦᠷ ᠠᠯᠲᠠᠨᠱᠠᠭ᠎ᠠ ᠶ᠋ᠢ ᠲᠡᠳᠦᠢᠴᠢᠨᠡᠭᠡᠨ ᠵᠠᠬᠢᠲᠠᠯᠠ ᠬᠡᠯᠡᠭᠰᠡᠨ ᠲᠤᠯᠠ ᠡᠷᠭᠢᠬᠦᠶᠡ ᠪᠡᠷᠬᠡ᠂ᠰᠢᠭᠤᠳ ᠡᠴᠢᠰᠦᠭᠡᠢ ᠬᠡᠮᠡᠬᠦᠯ᠎ᠡ ᠪᠠᠰᠠ ᠪᠸᠲ᠋ᠠ᠋ ᠤᠯᠤᠰ ᠤ᠋ᠨ ᠬᠡᠴᠡᠭᠦᠦ ᠡᠴᠡ ᠦᠨᠡᠬᠡᠷ ᠪᠠᠬᠠᠨ ᠲᠠᠲᠠᠭᠠᠯᠵᠠᠨ ᠪᠥᠬᠥᠶ᠎ᠡ᠂ᠬᠥᠪᠡᠭᠦᠨ ᠢᠨᠦ ᠴᠢᠦᠢ ᠴᠦ᠍ ᠯᠢᠦᠢ ᠣᠷᠣᠵᠤ ᠢᠷᠡᠭᠰᠡᠨ᠎ᠡ᠂ᠡᠨᠡ ᠰᠠᠨᠠᠭᠠᠨ ᠢ᠋ᠶ᠋ᠠᠨ ᠬᠡᠯᠡᠭᠰᠡᠨ ᠳ᠋ᠦ᠍ᠷ ᠴᠢᠦᠢ ᠴᠦ᠍ ᠯᠢᠦᠢ ᠬᠥᠮᠥᠰᠬᠡ ᠠᠲᠤᠷᠢᠨ ᠥᠭᠦᠯᠡᠷᠦᠨ:《ᠡᠭᠦᠨ ᠳ᠋ᠦ᠍ᠷ ᠶᠠᠮᠪᠠᠷ ᠲᠠᠲᠠᠭᠠᠵᠠᠯᠠᠬᠤ ᠭᠠᠵᠠᠷ ᠪᠣᠢ?ᠨᠠᠢ᠍ᠮᠠᠨ ᠤᠯᠤᠰ ᠤ᠋ᠨ ᠭᠣᠣᠯ ᠰᠠᠭᠤᠷᠢᠨ ᠳ᠋ᠤᠷ ᠴᠥᠮ ᠡᠴᠢᠭᠡ ᠸᠠᠩ ᠤ᠋ᠨ ᠪᠥᠭᠡᠲᠡᠯ᠎ᠡ ᠮᠠᠨ ᠤ᠋ ᠡᠪᠦᠭᠡ ᠬᠡᠯᠪᠡᠷᠢᠨ ᠲᠠᠰᠢᠵᠤ ᠪᠠᠬ᠎ᠠ ᠠᠪᠠᠭ᠎ᠠ ᠪᠠᠷ ᠡᠵᠡᠯᠡᠭᠦᠯᠪᠡ᠃ᠪᠸᠲ᠋ᠠ᠋ ᠤᠯᠤᠰ ᠳᠡᠢᠯᠦᠭᠳᠡᠪᠡᠰᠦ ᠪᠢᠳᠡ ᠣᠯᠵᠠ ᠣᠯᠤᠮᠤᠢ᠃ᠪᠸᠲ᠋ᠠ᠋ ᠤᠯᠤᠰ ᠲᠠᠢᠯᠪᠠᠰᠤ ᠡᠴᠢᠭᠡ ᠸᠠᠩ ᠬᠠᠭᠠᠨ ᠰᠠᠭᠤᠷᠢᠨ ᠢ᠋ᠶ᠋ᠠᠨ ᠡᠵᠡᠯᠡᠨᠡᠮ ᠊ᠶ᠎ᠡ᠂ᠴᠡᠷᠢᠭ ᠭᠠᠷᠬᠤᠶ᠎ᠠ ᠮᠠᠨ ᠳ᠋ᠤᠷ ᠥᠪᠡᠷ ᠦ᠋ᠨ ᠪᠣᠳᠣᠯᠭ᠎ᠠ ᠦᠭᠡᠢ ᠦᠦ ?》ᠬᠡᠮᠡᠭᠰᠡᠨ ᠳ᠋ᠦ᠍ᠷ ᠪᠤᠯᠤᠤ ᠸᠠᠩ ᠪᠣᠳᠣᠵᠤ ᠣᠯᠤᠭᠠᠳ 《ᠪᠣᠯᠵᠠᠢ ᠪᠣᠯᠵᠠᠢ !》ᠭᠡᠮᠡᠨ ᠥᠪᠡᠷ ᠦ᠋ᠨ ᠤᠯᠤᠰ ᠤ᠋ᠨ ᠲᠥᠯᠥᠭᠡ ᠵᠡᠭᠦᠨ ᠬᠢᠳᠠᠨ ᠤᠯᠤᠰ ᠲᠤᠷ ᠪᠡᠶ᠎ᠡ ᠪᠡᠷ ᠡᠴᠢᠵᠦ᠂ᠨᠢᠭᠡᠨ ᠰᠠᠯᠠᠭᠠᠨ ᠤ᠋ ᠴᠡᠷᠢᠭ ᠭᠤᠶᠤᠵᠤ ᠣᠯᠤᠭᠠᠳ ᠥᠪᠡᠷ ᠦ᠋ᠨ ᠤᠯᠤᠰ ᠤ᠋ᠨ ᠴᠡᠷᠢᠭ ᠯᠦᠭᠡ ᠨᠡᠢᠯᠡᠭᠦᠯᠵᠦ᠂ᠨᠡᠢᠲᠡ ᠭᠤᠷᠪᠠᠨ ᠲᠦᠮᠡᠨ ᠴᠡᠷᠢᠭ ᠪᠣᠯᠭᠠᠵᠤ᠂ᠬᠥᠪᠡᠭᠦᠨ ᠴᠢᠦᠢ ᠴᠦ᠍ ᠯᠢᠦᠢ ᠯᠦ᠍ᠭᠡ ᠬᠤᠪᠢᠶᠠᠨ ᠵᠠᠬᠢᠷᠴᠤ ᠮᠣᠷᠳᠠᠬᠤᠶ᠎ᠠ᠂ᠠᠯᠲᠠᠨᠱᠠᠭ᠎ᠠ ᠶ᠋ᠢᠨ ᠡᠪᠡᠳᠴᠢᠨ ᠤᠯᠠᠮ ᠬᠦᠨᠳᠦ᠂ᠠᠪᠠᠴᠢᠵᠤ ᠪᠣᠯᠬᠤ ᠦᠭᠡᠢ ᠲᠤᠯᠠ ᠦᠵᠡᠷ᠎ᠡ ᠢᠷᠠᠪᠠᠰᠤ ᠠᠯᠲᠠᠨᠱᠠᠭ᠎ᠠ ᠲᠣᠯᠣᠭᠠᠢ ᠥᠨᠳᠡᠢᠵᠦ ᠨᠢᠭᠡᠨ ᠠᠶᠠᠭ᠎ᠠ ᠬᠦᠢᠲᠡᠨ ᠤᠰᠤ ᠤᠤᠭᠤᠭᠠᠳ ᠳᠣᠲᠣᠷ᠎ᠠ ᠪᠠᠬᠠᠨ ᠭᠡᠭᠡᠨ ᠪᠣᠯᠵᠤ᠂ᠦᠶᠡᠯᠢᠳ ᠠᠬ᠎ᠠ ᠴᠢᠦᠢ ᠴᠦ᠍ ᠯᠢᠦᠢ ᠶ᠋ᠢᠨ ᠭᠠᠷ ᠠ᠋ᠴᠠ ᠪᠠᠷᠢᠵᠤ ᠭᠤᠶᠤᠨ ᠥᠭᠦᠯᠡᠷᠦᠨ:《ᠡᠨᠡ ᠤᠳᠠᠭ᠎ᠠ ᠡᠴᠢᠪᠡᠰᠦ᠂ᠶᠠᠭᠠᠬᠢᠨ ᠬᠡᠷᠬᠢᠨ ᠡᠨᠡ ᠴᠡᠷᠢᠭ ᠲᠦ᠍ᠷ ᠬᠠᠭᠠᠨ ᠡᠴᠢᠭᠡ ᠶ᠋ᠢ ᠮᠢᠨᠦ ᠦᠯᠦ ᠭᠠᠷᠭᠠᠮᠤ !ᠭᠡᠮᠡᠨ ᠳ᠋ᠠᠳᠠᠳᠤᠩᠭ᠎ᠠ᠂ᠮᠥᠩᠭᠥᠯᠵᠢ ᠨᠡᠷ᠎ᠡ ᠬᠡᠯᠡᠵᠦ ᠥᠭᠭᠦᠮᠦ᠃ᠮᠢᠨᠦ ᠬᠡᠳᠦᠨ ᠤᠳᠠᠭ᠎ᠠ ᠶ᠋ᠢᠨ ᠵᠡᠭᠦᠳᠦᠨ ᠳ᠋ᠦ᠍ᠷ ᠬᠠᠭᠠᠨ ᠡᠴᠢᠭᠡ ᠶ᠋ᠢ ᠮᠢᠨᠦ ᠠᠷᠤ ᠳ᠋ᠤᠷ ᠰᠠᠷᠠᠨ ᠭᠠᠷᠪᠠ ᠭᠡᠮᠡᠨ ᠵᠡᠭᠦᠳᠦᠯᠡᠪᠡ᠃ᠡᠴᠢᠭᠡ ᠬᠠᠭᠠᠨ ᠤ᠋ ᠨᠠᠷᠠᠨ ᠬᠡᠮᠡᠭᠰᠡᠨ ᠴᠣᠯᠠ ᠳ᠋ᠤᠷ ᠶᠡᠬᠡᠯ᠎ᠡ ᠬᠠᠷᠰᠢᠮᠤᠢ᠂ᠠᠷᠭ᠎ᠠ ᠪᠢᠯᠢᠭ ᠤᠷᠪᠠᠬᠤ ᠶ᠋ᠢᠨ ᠮᠠᠭᠤ ᠢᠷᠣ᠎ᠠ ᠪᠣᠯᠠᠢ!》ᠭᠡᠮᠡᠨ ᠬᠡᠯᠡᠵᠦ ᠪᠠᠷᠠᠬᠤ ᠶ᠋ᠢᠨ ᠤᠷᠢᠳ ᠳᠣᠲᠣᠷ᠎ᠠ ᠪᠠᠰᠠ ᠪᠤᠳᠤᠩᠭᠤᠢᠷᠠᠨ ᠡᠭᠦᠰᠬᠡᠵᠦ ᠤᠨᠠᠵᠤ ᠬᠡᠪᠲᠡᠪᠡᠢ᠃
ᠲᠡᠳᠦᠢ ᠴᠢᠦᠢ ᠴᠦ᠍ ᠯᠢᠦᠢ ᠳᠣᠲᠣᠷ᠎ᠠ ᠪᠠᠨ ᠰᠡᠮᠡᠬᠡᠷ ᠪᠠᠶᠠᠷᠯᠠᠨ᠂ᠦᠭᠡ ᠶ᠋ᠢ ᠬᠦᠯᠢᠶᠡᠨ ᠠᠪᠴᠤ ᠡᠴᠢᠭᠡ ᠯᠦ᠍ᠭᠡ ᠪᠡᠨ ᠴᠡᠷᠢᠭ ᠢ᠋ᠶ᠋ᠡᠨ ᠠᠪᠴᠤ ᠰᠢᠨ᠎ᠡ ᠨᠠᠢ᠍ᠮᠠᠨ ᠳ᠋ᠤᠷ ᠢᠷᠡᠵᠦ ᠣᠢᠷ᠎ᠠ ᠣᠷᠴᠢᠮ ᠰᠢᠬᠠᠮ ᠪᠣᠯᠤᠭᠰᠠᠨ ᠳ᠋ᠤᠷ ᠲᠠᠢᠶᠠᠩ ᠬᠠᠭᠠᠨ ᠶᠡᠬᠡ ᠴᠡᠷᠢᠭ ᠢ᠋ᠶ᠋ᠡᠨ ᠰᠢᠯᠭᠠᠵᠤ ᠪᠡᠯᠡᠨ ᠪᠣᠯᠤᠭᠰᠠᠨ ᠲᠤᠯᠠ ᠥᠪᠡᠷ ᠦ᠋ᠨ ᠪᠡᠶ᠎ᠡ ᠪᠡᠷ ᠠᠬ᠎ᠠ ᠪᠠᠨ ᠤᠭᠲᠤᠨ ᠠᠪᠴᠤ ᠰᠢ ᠯᠢᠶᠣᠤ ᠬᠣᠲᠠ ᠳ᠋ᠠᠭᠠᠨ ᠣᠷᠣᠵᠤ᠂ᠶᠡᠬᠡᠯ᠎ᠡ ᠪᠠᠶᠠᠷᠯᠠᠯᠴᠠᠨ ᠶᠡᠬᠡ ᠬᠤᠷᠢᠮ ᠬᠤᠷᠢᠮᠯᠠᠬᠤᠶ᠎ᠠ᠂ᠪᠤᠯᠤᠤ ᠸᠠᠩ ᠥᠴᠢᠷᠦᠨ: 《ᠠᠴᠢ ᠲᠠᠢᠽᠢ ᠬᠠᠷᠢᠨ ᠨᠠᠳᠠ ᠪᠠᠷ ᠬᠠᠭᠠᠨ ᠴᠢᠮᠠᠢ ᠬᠣᠷᠢᠭ᠍ᠯᠠᠭᠤᠯᠤᠮᠤᠢ ᠭᠡᠮᠡᠨ ᠬᠡᠯᠡᠬᠦᠢ ᠳ᠋ᠦ᠍ᠷ ᠪᠢ ᠲᠡᠭᠦᠨ ᠦ᠌ ᠦᠭᠡ ᠶ᠋ᠢ ᠠᠪᠤᠭᠰᠠᠨ ᠦᠭᠡᠢ᠂ᠬᠡᠳᠦᠨ ᠦᠭᠡ ᠢᠴᠢᠭᠡᠨ ᠬᠡᠯᠡᠪᠡᠰᠦ᠂ᠲᠡᠷᠡ ᠬᠠᠷᠢᠨ ᠬᠠᠯᠠᠭᠤᠨ ᠡᠪᠡᠳᠴᠢᠨ ᠬᠦᠷᠲᠡᠪᠡ ᠭᠡᠮᠡᠨ ᠬᠡᠪᠲᠡᠪᠡ᠃ᠬᠡᠳᠦᠢ ᠪᠠᠬᠠᠨ ᠡᠪᠡᠳᠴᠢᠨ ᠪᠠᠢᠬᠤ ᠪᠣᠯᠪᠠᠴᠤ ᠳᠡᠮᠢ ᠬᠦᠨᠳᠦ ᠪᠤᠰᠤ᠂ᠮᠠᠨ ᠢ᠋ ᠭᠠᠷᠴᠤ ᠢᠷᠡᠬᠦᠢ ᠳ᠋ᠦ᠍ᠷ ᠪᠠᠰᠠ ᠬᠥᠪᠡᠭᠦᠨ ᠴᠢᠦᠢ ᠴᠦ᠍ ᠯᠢᠦᠢ ᠳ᠋ᠦ᠍ᠷ ᠬᠡᠯᠡᠵᠦ ᠳ᠋ᠠᠳᠠᠳᠤᠩᠭ᠎ᠠ᠂ᠮᠥᠩᠭᠥᠯᠵᠢ ᠬᠣᠶᠠᠭᠤᠯᠠ ᠳ᠋ᠤᠷ ᠬᠡᠯᠡᠵᠦ ᠢᠯᠡᠭᠡᠭᠰᠡᠨ ᠢᠨᠦ:ᠬᠠᠭᠠᠨ ᠤ᠋ ᠪᠡᠶ᠎ᠡ ᠶ᠋ᠢ ᠬᠡᠷᠬᠢᠪᠡᠴᠦ ᠴᠡᠷᠢᠭ ᠲᠦ᠍ᠷ ᠪᠢᠲᠡᠭᠡᠢ ᠭᠠᠷᠭ᠎ᠠ᠂ᠲᠡᠷᠡ ᠶᠠᠭᠠᠬᠢᠭ᠍ᠰᠠᠨ ᠬᠠᠭᠠᠨ ᠤ᠋ ᠪᠡᠶ᠎ᠡ ᠳ᠋ᠦ᠍ᠷ ᠰᠠᠷᠠᠨ ᠭᠠᠷᠪᠠ ᠭᠡᠵᠦ ᠵᠡᠭᠦᠳᠦᠯᠡᠪᠡ᠃ᠠᠷᠭ᠎ᠠ ᠪᠢᠯᠢᠭ ᠤᠷᠪᠠᠬᠤ ᠶ᠋ᠢᠨ ᠮᠠᠭᠤ ᠢᠷᠣ᠎ᠠ ᠬᠡᠮᠡᠮᠦ᠃ᠪᠠᠰᠠ ᠵᠡᠭᠦᠳᠦᠨ ᠵᠡᠷᠭᠡᠯᠭᠡᠨ ᠦ᠌ ᠤᠴᠢᠷ ᠶᠡᠬᠡ ᠴᠡᠷᠢᠭ ᠢ᠋ ᠵᠣᠭᠰᠣᠵᠤ ᠪᠣᠯᠬᠤ ᠬᠠᠤᠯᠢ ᠪᠤᠶᠤ᠃》ᠭᠡᠮᠡᠨ ᠬᠠᠷᠠᠬᠠᠨ ᠬᠡᠯᠡᠵᠦ ᠪᠠᠢᠲᠠᠯ᠎ᠠ ᠣᠷᠳᠣᠨ ᠬᠦᠷᠢᠶᠡᠨ ᠦ᠌ ᠵᠡᠭᠦᠨ ᠡᠲᠡᠭᠡᠳ ᠦ᠋ᠨ ᠯᠤᠤ ᠶ᠋ᠢᠨ ᠡᠭᠦᠳᠡ ᠪᠡᠷ ᠮᠥᠩᠭᠥᠯᠵᠢ ᠨᠢᠭᠡᠨ ᠶᠡᠬᠡ ᠰᠠᠷᠯᠤᠭ ᠦᠬᠡᠷ ᠢ᠋ ᠬᠥᠲᠥᠯᠵᠦ ᠣᠷᠣᠵᠤ ᠢᠷᠡᠬᠦᠶ᠎ᠡ᠂ᠣᠷᠳᠣᠨ ᠤ᠋ ᠬᠦᠷᠢᠶ᠎ᠡ ᠶ᠋ᠢᠨ ᠪᠠᠷᠠᠭᠤᠨ ᠡᠲᠡᠭᠡᠳ ᠦ᠋ᠨ ᠯᠤᠤ ᠶ᠋ᠢᠨ ᠡᠭᠦᠳᠡ ᠪᠡᠷ ᠳ᠋ᠠᠳᠠᠳᠤᠩᠭ᠎ᠠ ᠠᠷᠪᠠᠭᠠᠳ ᠬᠣᠨᠢ ᠶ᠋ᠢ ᠴᠥᠮ ᠡᠪᠡᠷ ᠪᠠ ᠬᠦᠵᠦᠭᠦᠨ ᠡᠴᠡ ᠬᠣᠯᠪᠣᠨ ᠤᠶᠠᠭᠠᠳ ᠡᠮᠦᠨ᠎ᠡ ᠡᠴᠡ ᠴᠢᠷᠦᠨ᠂ᠬᠣᠢᠨ᠎ᠠ ᠠ᠋ᠴᠠ ᠬᠥᠭᠡᠭᠡᠯᠭᠡᠨ ᠣᠷᠣᠵᠤ ᠢᠷᠡᠭᠰᠡᠨ ᠳ᠋ᠦ᠍ᠷ ᠳᠠᠢᠶᠠᠩ ᠬᠠᠭᠠᠨ ᠡᠵᠡᠨ ᠲᠡᠷᠢᠭᠦᠯᠡᠨ ᠲᠥᠷᠥ ᠶ᠋ᠢᠨ ᠬᠣᠲᠠᠯᠠᠭᠠᠷ ᠶᠡᠬᠡᠯ᠎ᠡ ᠭᠠᠢᠬᠠᠯᠴᠠᠨ ᠳᠠᠭᠤᠨ ᠠᠯᠳᠠᠯᠴᠠᠨ ᠥᠭᠦᠯᠡᠷᠦᠨ: 《ᠡᠨᠡ ᠢᠨᠦ ᠶᠠᠭᠠᠬᠢᠭ᠍ᠰᠠᠨ ᠪᠣᠢ ?》ᠬᠡᠮᠡᠲᠡᠯ᠎ᠡ ᠮᠥᠩᠭᠥᠯᠵᠢ ᠳ᠋ᠠᠳᠠᠳᠤᠩᠭ᠎ᠠ ᠬᠣᠶᠠᠭᠤᠯᠠ ᠭᠠᠭᠴᠠ ᠰᠠᠷᠯᠤᠭ ᠪᠠ ᠬᠣᠨᠢ ᠶ᠋ᠢ ᠣᠷᠳᠣᠨ ᠤ᠋ ᠬᠦᠷᠢᠶᠡᠨ ᠦ ᠳᠣᠲᠣᠷ᠎ᠠ ᠥᠭᠡᠳᠡ ᠤᠷᠤᠭᠤ ᠬᠥᠲᠥᠯᠬᠦᠶᠡ᠂ᠲᠡᠷᠡ ᠰᠠᠷᠯᠤᠭ ᠠᠨᠤ ᠬᠡᠳᠦᠢ ᠬᠠᠱᠠᠩ ᠪᠣᠯᠪᠠᠴᠤ ᠶᠠᠪᠤᠬᠤ ᠠᠨᠤ ᠪᠠᠬᠠᠨ ᠴᠤ᠌ ᠲᠦᠳᠡᠭᠡᠯᠵᠡᠬᠦ ᠦᠭᠡᠢ ᠪᠡᠷ ᠵᠡᠭᠦᠨ ᠡᠴᠡ ᠪᠠᠷᠠᠭᠤᠨ ᠡᠲᠡᠭᠡᠳ ᠲᠣᠷ ᠣᠷᠣᠪᠠ᠃ᠭᠠᠭᠴᠠ ᠲᠡᠷᠡ ᠠᠷᠪᠠᠭᠠᠳ ᠬᠣᠯᠪᠣᠭᠰᠠᠨ ᠬᠣᠨᠢᠨ ᠤ᠋ ᠬᠥᠯ ᠬᠡᠳᠦᠢᠪᠡᠷ ᠪᠤᠵᠢᠭᠢᠨᠠᠨ ᠪᠥᠭᠰᠢᠪᠡᠴᠦ ᠬᠠᠷᠢᠯᠴᠠᠨ ᠨᠢᠭᠡᠨ ᠨᠢᠭᠡᠨ ᠳ᠋ᠦ᠍ᠷ ᠢ᠋ᠶ᠋ᠡᠨ ᠲᠠᠲᠠᠯᠴᠠᠨ ᠲᠤᠷᠳᠤᠯᠴᠠᠨ ᠦᠰᠦᠷᠬᠢᠯᠡᠵᠦ ᠳᠡᠪᠬᠡᠴᠡᠨ᠂ᠣᠭᠲᠣ ᠰᠠᠢᠬᠠᠨ ᠶᠠᠪᠤᠵᠤ ᠪᠣᠯᠬᠤ ᠦᠭᠡᠢ ᠳ᠋ᠦ᠍ᠷ᠂ᠮᠥᠩᠭᠥᠯᠵᠢ ᠪᠠᠰᠠ ᠲᠡᠷᠡ ᠰᠠᠷᠯᠤᠭ ᠢ᠋ ᠡᠭᠡᠭᠦᠯᠦᠨ ᠬᠥᠲᠥᠯᠵᠦ᠂ᠲᠡᠳᠡᠭᠡᠷ ᠬᠣᠨᠢᠨ ᠤ᠋ ᠰᠦᠷᠦᠭ ᠲᠣᠷ ᠴᠢᠷᠦᠨ ᠣᠷᠣᠭᠤᠯᠤᠭᠰᠠᠨ ᠳ᠋ᠤᠷ ᠬᠡᠳᠦ ᠬᠡᠳᠦᠨ ᠬᠣᠨᠢ ᠦᠬᠡᠷ ᠦ᠋ᠨ ᠬᠥᠯ ᠳ᠋ᠦ᠍ᠷ ᠭᠢᠰᠬᠢᠭᠳᠡᠵᠦ ᠬᠥᠯ ᠰᠢᠭᠢᠷ᠎ᠡ ᠬᠤᠭᠤᠷᠠᠭᠰᠠᠨ ᠪᠠ ᠵᠠᠷᠢᠮ ᠬᠣᠯᠪᠣᠭᠰᠠᠨ ᠳᠡᠭᠡᠰᠦᠨ ᠳ᠋ᠦ᠍ᠷ ᠲᠣᠷᠳᠠᠭᠳᠠᠵᠤ᠂ᠲᠣᠯᠣᠭᠠᠢ ᠬᠦᠵᠦᠭᠦᠦ ᠭᠢᠰᠬᠢᠭᠳᠡᠭᠰᠡᠨ ᠢᠨᠦ ᠮᠥᠨ ᠪᠣᠢ ᠲᠤᠯᠠ ᠲᠡᠳᠦᠢ ᠮᠥᠩᠭᠥᠯᠵᠢ᠂ᠳ᠋ᠠᠳᠠᠳᠤᠩᠭ᠎ᠠ ᠬᠣᠶᠠᠭᠤᠯᠠ ᠰᠠᠷᠯᠤᠭ ᠬᠣᠨᠢ ᠶ᠋ᠢ ᠲᠠᠯᠪᠢᠵᠤ ᠬᠠᠷᠰᠢ ᠳ᠋ᠤᠷ ᠭᠠᠷᠴᠤ ᠰᠥᠭᠥᠳᠦᠨ ᠤᠬᠢᠯᠠᠵᠤ ᠡᠢᠨ ᠠᠢᠯᠠᠳᠬᠠᠷᠤᠨ:《ᠬᠠᠭᠠᠨ ᠡᠵᠡᠨ ᠮᠢᠨᠦ ᠠᠢᠯᠠᠳᠤᠨ ᠦᠵᠡᠬᠦ ᠪᠣᠯᠪᠠᠤ ? ᠪᠸᠲ᠋ᠠ᠋ ᠤᠯᠤᠰ ᠤ᠋ᠨ ᠡᠵᠡᠨ ᠦ᠌ ᠠᠷᠪᠠᠨ ᠲᠦᠮᠡᠨ ᠴᠡᠷᠢᠭ ᠬᠡᠮᠡᠭᠴᠢ ᠨᠢᠭᠡᠬᠡᠨ ᠤᠯᠤᠰ ᠤ᠋ᠨ ᠴᠡᠷᠢᠭ᠂ᠮᠠᠨ ᠤ᠋ ᠬᠣᠷᠢᠨ ᠲᠦᠮᠡᠨ ᠴᠡᠷᠢᠭ ᠬᠡᠮᠡᠭᠴᠢ ᠠᠷᠪᠠᠨ ᠠᠢᠮᠠᠭ ᠤ᠋ᠨ ᠴᠡᠷᠢᠭ᠂ᠦᠵᠡᠲᠡᠯ᠎ᠡ ᠠᠷᠪᠠᠨ ᠬᠣᠨᠢᠨ ᠤ᠋ ᠳᠥᠴᠢᠨ ᠬᠥᠯ ᠣᠯᠠᠨ ᠪᠢᠰᠢ ᠦᠦ ? ᠭᠠᠭᠴᠠ ᠦᠬᠡᠷ ᠦ᠋ᠨ ᠬᠥᠯ ᠳᠦᠷᠪᠡᠭᠡᠨ ᠢ᠋ ᠦᠯᠦ ᠢᠯᠠᠭᠤᠬᠤ ᠶ᠋ᠢ ᠦᠵᠡᠵᠦ ᠪᠣᠢ᠃ᠨᠡᠩ ᠪᠠᠰᠠ ᠪᠸᠲ᠋ᠠ᠋ ᠤᠯᠤᠰ ᠬᠡᠮᠡᠭᠴᠢ ᠬᠠᠭᠤᠴᠢᠨ ᠶᠡᠬᠡ ᠤᠯᠤᠰ ᠪᠥᠭᠡᠳ ᠡᠨᠡ ᠨᠢᠭᠡᠨ ᠦᠶ᠎ᠡ ᠶ᠋ᠢᠨ ᠡᠵᠡᠨ ᠰᠠᠢᠳ ᠴᠣᠯᠭᠣᠷᠠᠨ ᠲᠦᠷᠦᠴᠦᠬᠦᠢ᠃ᠡᠭᠦᠨ ᠢ᠋ ᠬᠢᠯᠪᠠᠷ ᠢ᠋ᠶ᠋ᠠᠷ ᠮᠥᠬᠥᠭᠡᠵᠦ ᠦᠯᠦ ᠪᠣᠯᠤᠮᠤᠢ᠃ᠦᠨᠡᠬᠡᠷ ᠬᠠᠯᠳᠠᠨ ᠪᠠᠢᠯᠳᠤᠰᠤᠭᠠᠢ ᠬᠡᠮᠡᠪᠡᠰᠦ᠂ᠪᠸᠲ᠋ᠠ᠋ ᠤᠯᠤᠰ ᠤ᠋ᠨ ᠰᠠᠨᠠᠭᠠᠨ ᠶᠡᠬᠡ᠂ᠯᠠᠪ ᠠᠯᠲᠠᠨ ᠤᠯᠤᠰ ᠯᠤᠭ᠎ᠠ ᠬᠠᠯᠳᠠᠮᠤᠢ᠃ᠲᠡᠷᠡ ᠦᠶ᠎ᠡ ᠳ᠋ᠦ᠍ᠷ ᠪᠠᠢᠳᠠᠯ ᠢ᠋ ᠦᠵᠡᠵᠦ ᠵᠢᠴᠢ ᠬᠥᠳᠡᠯᠭᠦᠢ ᠳ᠋ᠦ᠍ᠷ ᠣᠷᠣᠢᠲᠠᠬᠤ ᠦᠭᠡᠢ ᠪᠣᠯᠠᠢ᠃ᠡᠳᠦᠭᠡ ᠳ᠋ᠦ᠍ᠷ ᠡᠶ᠎ᠡ ᠨᠠᠢᠷ ᠢ᠋ᠶ᠋ᠠᠷ ᠶᠠᠪᠤᠯᠴᠠᠵᠤ ᠳᠠᠢᠰᠤᠨ ᠢ᠋ ᠨᠢᠴᠤᠭᠤᠯᠤᠨ᠂ᠪᠢᠳᠡ ᠥᠪᠡᠷ ᠦ᠋ᠨ ᠤᠯᠤᠰ ᠤ᠋ᠨ ᠲᠠᠮᠢᠷ ᠬᠦᠴᠦᠨ ᠢ᠋ᠶ᠋ᠡᠨ ᠲᠡᠵᠢᠭᠡᠨ᠂ᠵᠢᠭᠦᠷ ᠰᠣᠳᠣ ᠪᠠᠨ ᠪᠦᠷᠢᠯᠳᠦᠭᠦᠯᠬᠦ ᠢᠨᠦ ᠳᠡᠭᠡᠷ᠎ᠡ᠂ᠡᠰᠡᠬᠦᠯ᠎ᠡ ᠰᠠᠢᠨ ᠪᠥᠬᠡ ᠬᠠᠭᠠᠨ ᠯᠤᠭ᠎ᠠ ᠪᠠᠢᠯᠳᠤᠪᠠᠰᠤ ᠪᠠᠷᠠᠪᠠ᠂ᠪᠸᠲ᠋ᠠ᠋ ᠤᠯᠤᠰ ᠢ᠋ ᠡᠷᠢᠨ ᠬᠠᠯᠳᠠᠵᠤ ᠶᠠᠭᠤ ᠬᠢᠮᠦᠢ? ᠶᠠᠯ᠎ᠠ ᠪᠤᠷᠤᠭᠤ ᠮᠠᠨ ᠳ᠋ᠤᠷ ᠪᠣᠯᠤᠮᠤᠢ᠃ᠡᠨᠡ ᠡᠭᠡᠭᠡ ᠲᠥᠬᠥᠭᠡ ᠦᠭᠡᠢ ᠣᠯᠠᠨ ᠠᠢᠮᠠᠭ ᠤ᠋ᠳ ᠤ᠋ᠨ ᠬᠣᠷᠢᠨ ᠲᠦᠮᠡᠨ ᠴᠡᠷᠢᠭ ᠬᠡᠮᠡᠬᠦ ᠬᠣᠭᠣᠰᠣᠨ ᠨᠡᠷ᠎ᠡ ᠪᠡᠷ ᠳᠠᠢᠰᠤᠨ ᠢ᠋ ᠬᠡᠷᠬᠢᠨ ᠮᠠᠭᠠᠳ ᠳᠡᠢᠯᠬᠦ ᠶ᠋ᠢ ᠪᠠᠲᠤᠯᠠᠪᠠᠰᠤ ᠪᠣᠯᠤᠮᠤᠢ ? ᠨᠢᠭᠡᠬᠡᠨ ᠦᠬᠡᠷ ᠦ᠋ᠨ ᠶᠠᠪᠤᠬᠤ ᠠᠷᠪᠠᠨ ᠬᠣᠨᠢᠨ ᠤ᠋ ᠵᠥᠷᠢᠴᠡᠬᠦ ᠶ᠋ᠢ ᠡᠵᠡᠨ ᠮᠢᠨᠦ ᠠᠢᠯᠠᠳᠤᠨ ᠦᠵᠡᠮᠦ !》ᠬᠡᠮᠡᠭᠰᠡᠨ ᠳ᠋ᠦ᠍ᠷ ᠳᠠᠢᠶᠠᠩ ᠬᠠᠭᠠᠨ ᠢᠨᠢᠶᠡᠵᠦ①ᠥᠭᠦᠯᠡᠷᠦᠨ:《ᠪᠸᠲ᠋ᠠ᠋ ᠤᠯᠤᠰ ᠤ᠋ᠨ ᠠᠷᠪᠠᠨ ᠲᠦᠮᠡᠨ ᠴᠡᠷᠢᠭ ᠮᠥᠨ ᠬᠦ᠌ ᠣᠯᠠᠨ ᠠᠢᠮᠠᠭ ᠤ᠋ᠳ ᠤ᠋ᠨ ᠴᠡᠷᠢᠭ ᠪᠤᠰᠤ ᠤᠤ ?》ᠬᠣᠶᠠᠷ ᠲᠦᠰᠢᠮᠡᠯ ᠵᠡᠷᠭᠡ ᠪᠡᠷ ᠮᠥᠷᠭᠥᠵᠦ ᠠᠢᠯᠠᠳᠬᠠᠷᠤᠨ : 《ᠠᠶ᠎ᠠ ᠲᠡᠭᠦᠨ ᠢ᠋ ᠬᠡᠷᠬᠢᠨ ᠣᠯᠠᠨ ᠠᠢᠮᠠᠭ ᠤ᠋ᠳ ᠤ᠋ᠨ ᠴᠡᠷᠢᠭ ᠬᠡᠮᠡᠵᠦ ᠪᠣᠯᠤᠮᠤᠢ ? ᠨᠢᠭᠡᠨᠲᠡ ᠪᠸᠲ᠋ᠠ᠋ ᠤᠯᠤᠰ ᠪᠣᠯᠤᠭᠠᠳ ᠲᠡᠳᠡᠭᠡᠷ ᠦ᠋ᠨ ᠠᠯᠠᠬᠤ ᠠᠮᠢᠳᠤᠷᠠᠭᠤᠯᠬᠤ ᠡᠷᠬᠡ ᠶ᠋ᠢ ᠴᠥᠮ ᠨᠢᠭᠡᠬᠡᠨ ᠬᠥᠮᠦᠨ ᠪᠠᠷᠢᠭ᠍ᠰᠠᠨ ᠪᠣᠯᠠᠢ᠃ᠮᠠᠨ ᠤ᠋ ᠡᠨᠡ ᠠᠷᠪᠠᠨ ᠠᠢᠮᠠᠭ ᠬᠣᠷᠢᠨ ᠲᠦᠮᠡᠨ ᠬᠡᠮᠡᠭᠴᠢ ᠬᠤᠪᠢ ᠬᠣᠪᠢᠨ ᠳ᠋ᠠᠭᠠᠨ ᠤᠯᠤᠰ ᠲᠠᠢ ᠴᠡᠷᠢᠭ ᠢ᠋ ᠮᠠᠨ ᠤ᠋ ᠵᠠᠰᠠᠭ ᠴᠠᠭᠠᠵᠠ ᠠ᠋ᠴᠠ ᠵᠥᠷᠢᠴᠡᠪᠡᠰᠦ ᠠᠯᠠᠵᠤ ᠪᠣᠯᠤᠮᠤᠢ ᠤᠤ ? ᠵᠢᠴᠢ ᠨᠢᠭᠡᠬᠡᠨ ᠬᠣᠨᠢ ᠪᠣᠯᠪᠠᠴᠤ ᠭᠠᠭᠴᠠᠭᠠᠷ ᠶᠠᠪᠤᠪᠠᠰᠤ ᠶᠢᠰᠦᠨ ᠬᠣᠨᠢ ᠠ᠋ᠴᠠ ᠰᠢᠭᠤᠳᠪᠤᠷᠢ ᠲᠠᠢ ᠪᠣᠯᠠᠢ !》ᠭᠡᠮᠡᠨ ᠠᠷᠪᠠᠨ ᠬᠣᠨᠢᠨ ᠤ᠋ ᠰᠦᠷᠦᠭ ᠡᠴᠡ ᠨᠢᠭᠡᠨ ᠬᠣᠨᠢ ᠶ᠋ᠢ ᠲᠠᠢᠯᠤᠨ ᠠᠪᠴᠤ ᠥᠭᠡᠳᠡ ᠤᠷᠤᠭᠤ ᠬᠥᠲᠥᠯᠦᠭᠦᠯᠪᠡᠰᠦ ᠶᠢᠰᠦᠨ ᠬᠣᠨᠢᠨ ᠤ᠋ ᠶᠠᠪᠤᠬᠤ ᠠᠨᠤ ᠵᠢᠭᠤᠷᠠᠯᠳᠤᠨ ᠵᠠᠩᠭᠠᠢᠴᠤ ᠮᠠᠰᠢ ᠲᠦᠪᠡᠭ ᠤᠳᠠᠭᠠᠨ᠂ᠭᠠᠭᠴᠠ ᠬᠣᠨᠢᠨ ᠦ ᠶᠠᠪᠤᠬᠤ ᠠᠨᠤ ᠰᠠᠪᠠᠭᠠᠨᠠᠨ ᠭᠦᠶᠦᠵᠦ ᠠᠳᠠᠪᠠᠰᠢ ᠲᠦᠷᠭᠡᠨ ᠲᠤᠯᠠ ᠬᠣᠶᠠᠷ ᠰᠠᠢᠳ ᠪᠠᠰᠠ ᠮᠥᠷᠭᠥᠵᠦ ᠠᠢᠯᠠᠳᠬᠠᠷᠤᠨ :《ᠶᠢᠰᠦᠨ ᠬᠣᠨᠢᠨ ᠤ᠋ ᠣᠯᠠᠨ ᠬᠥᠯ ᠨᠢᠭᠡᠬᠡᠨ ᠬᠣᠨᠢᠨ ᠤ᠋ ᠬᠥᠯ ᠡᠴᠡ ᠤᠳᠠᠭᠠᠨ ᠪᠣᠯᠤᠭᠰᠠᠨ ᠠᠨᠤ ᠥᠪᠡᠷ᠎ᠡ ᠥᠪᠡᠷ᠎ᠡ ᠰᠠᠨᠠᠭ᠎ᠠ ᠲᠠᠢ ᠲᠤᠯᠠ ᠬᠠᠷᠢᠯᠴᠠᠨ ᠰᠠᠨᠠᠭ᠎ᠠ ᠵᠥᠷᠢᠯᠴᠡᠳᠦᠵᠦ ᠤᠷᠤᠭ᠍ᠰᠢ ᠬᠣᠢᠰᠢ ᠴᠢᠩᠭᠠᠭᠠᠯᠳᠤᠬᠤᠢ ᠶ᠋ᠢᠨ ᠬᠠᠷᠠᠭ᠎ᠠ ᠪᠣᠯᠠᠢ᠃ᠣᠯᠠᠨ ᠠᠢᠮᠠᠭ ᠤ᠋ᠳ ᠳᠣᠲᠣᠷ᠎ᠠ ᠪᠸᠲ᠋ᠠ᠋ ᠤᠯᠤᠰ ᠯᠤᠭ᠎ᠠ ᠳᠠᠯᠳᠠᠭᠤᠷ ᠨᠢᠭᠡᠳᠦᠭᠰᠡᠳ ᠪᠠᠢᠬᠤ ᠶ᠋ᠢ ᠬᠡᠷᠬᠢᠨ ᠮᠠᠭᠠᠳᠯᠠᠵᠤ ᠪᠣᠯᠤᠮᠤᠢ ?》ᠬᠡᠮᠡᠭᠰᠡᠨ ᠳ᠋ᠦ᠍ᠷ ᠢᠯᠠᠭᠤᠭᠰᠠᠨ ᠤ᠋ ᠪᠦᠬᠦᠯᠢ ᠪᠡᠶ᠎ᠡ ᠴᠠᠭ ᠬᠱᠡᠨᠡ ᠬᠦᠢᠲᠡᠨ ᠬᠥᠯᠥᠰᠥ ᠤᠷᠤᠰᠤᠨ ᠭᠠᠷᠲᠠᠯ᠎ᠠ ᠠᠶᠤᠪᠠᠢ᠃
– – – –
①ᠡᠨᠡ ᠨᠢᠭᠡᠨ ᠢᠨᠢᠶᠡᠳᠦᠮ ᠰᠠᠢᠨ ᠢᠨᠢᠶᠡᠳᠦᠮ ᠪᠤᠰᠤ ᠪᠣᠯᠪᠠ᠃
ᠲᠡᠳᠦᠢ ᠬᠣᠶᠠᠷ ᠰᠠᠢᠳ ᠥᠴᠢᠷᠦᠨ:《ᠡᠵᠡᠨ ᠰᠡᠳᠬᠢᠯ ᠢ᠋ᠶ᠋ᠡᠨ ᠰᠤᠯᠠ ᠲᠠᠯᠪᠢᠵᠤ ᠴᠡᠷᠢᠭ ᠢ᠋ ᠲᠠᠷᠬᠠᠭᠠᠵᠤ᠂ᠤᠯᠤᠰ ᠢᠷᠭᠡᠨ ᠦ ᠬᠦᠴᠦᠨ ᠬᠦᠷᠦᠯᠴᠡᠬᠦ ᠶ᠋ᠢ ᠬᠦᠯᠢᠶᠡᠮᠦ !》 ᠭᠡᠮᠡᠨ ᠮᠥᠷᠭᠥᠬᠦᠢ ᠳ᠋ᠦ᠍ᠷ ᠲᠠᠢᠶᠠᠩ ᠬᠠᠭᠠᠨ ᠪᠣᠳᠣᠪᠠᠰᠤ ᠦᠭᠡ ᠮᠠᠰᠢ ᠵᠦᠢ ᠲᠤᠯᠠ ᠪᠠᠬᠠᠨ ᠲᠦᠳᠡᠭᠡᠯᠵᠡᠨ ᠪᠤᠳᠤᠬᠤᠶ᠎ᠠ᠂ᠬᠠᠵᠠᠭᠤ ᠶ᠋ᠢᠨ ᠪᠣᠭᠣᠨᠢ ᠰᠢᠷᠡᠭᠡᠨ ᠡᠴᠡ ᠪᠤᠯᠤᠤ ᠸᠠᠩ ᠵᠢᠬᠡᠭᠦᠨ ᠢ᠋ᠶ᠋ᠡᠷ ᠢᠨᠢᠶᠡᠵᠦ ᠲᠣᠰᠴᠤ ᠥᠭᠦᠯᠡᠷᠦᠨ:《ᠤᠯᠤᠰ ᠤ᠋ᠨ ᠬᠦᠨᠳᠦ ᠬᠡᠰᠢᠭ ᠲᠣᠷ ᠵᠦᠭᠡᠷ ᠬᠦᠷᠲᠡᠵᠦ ᠬᠥᠭᠵᠢᠮ ᠨᠠᠭᠠᠳᠤᠮ ᠢ᠋ᠶ᠋ᠠᠷ ᠵᠢᠷᠭᠠᠨ᠂ᠴᠡᠴᠡᠭ ᠵᠢᠭᠠᠰᠤ ᠪᠠᠷ ᠳᠤᠷ᠎ᠠ ᠪᠠᠷ ᠰᠡᠷᠭᠦᠭᠡᠨ ᠰᠠᠭᠤᠵᠤ ᠰᠤᠯᠠ ᠠᠮᠤᠷ ᠪᠢᠴᠢᠭ ᠦ᠋ᠨ ᠰᠠᠢᠳ ᠪᠥᠭᠡᠳ ᠣᠨᠴᠠ ᠪᠸᠲ᠋ᠠ᠋ ᠤᠯᠤᠰ ᠤ᠋ᠨ ᠵᠦᠭ ᠵᠥᠪ ᠢ᠋ ᠢᠨᠦ ᠬᠡᠯᠡᠵᠦ᠂ᠥᠪᠡᠷ ᠦ᠋ᠨ ᠤᠯᠤᠰ ᠤ᠋ᠨ ᠪᠤᠷᠤᠭᠤ ᠶ᠋ᠢ ᠲᠣᠭᠠᠴᠢᠨ ᠪᠤᠰᠤᠳ ᠢ᠋ ᠡᠷᠭᠦᠵᠦ᠂ᠥᠪᠡᠷ ᠢ᠋ ᠳᠠᠷᠤᠨ ᠬᠣᠷᠢᠨ ᠲᠦᠮᠡᠨ ᠦ ᠰᠡᠳᠬᠢᠯ ᠢ᠋ ᠠᠯᠳᠠᠭᠤᠯᠤᠨ ᠥᠭᠦᠯᠡᠬᠦ ᠢᠨᠦ ᠶᠠᠮᠪᠠᠷ ᠶᠣᠰᠣ ᠠᠵᠢ ? ᠬᠠᠭᠠᠨ ᠤᠷᠢᠳᠠ ᠪᠠᠷᠠᠭᠤᠨ ᠯᠢᠶᠣᠤ ᠶ᠋ᠢ ᠳᠠᠢᠯᠠᠬᠤᠢ ᠳ᠋ᠤᠷ ᠲᠠ ᠪᠠᠰᠠ ᠬᠦ᠌ ᠠᠶᠤᠭᠰᠠᠨ ᠦᠭᠡᠢ ᠦᠦ ? ᠲᠡᠷᠡ ᠲᠤᠬᠠᠢ ᠲᠠᠨ ᠤ᠋ ᠠᠶᠤᠭᠰᠠᠨ ᠢ᠋ᠶ᠋ᠠᠷ ᠪᠣᠯᠪᠠᠰᠤ ᠶᠠᠭᠠᠬᠢᠨ ᠡᠨᠡ ᠡᠳᠦᠷ ᠪᠠᠢᠬᠤ ᠠᠵᠢ ? ᠲᠡᠷᠡ ᠤᠳᠠᠭ᠎ᠠ ᠶᠠᠭᠠᠬᠢᠨ ᠲᠡᠷᠡ ᠮᠡᠲᠦ ᠭᠠᠪᠢᠶ᠎ᠠ ᠪᠦᠲᠦᠪᠡ ? ᠲᠡᠭᠦᠨ ᠳ᠋ᠦ᠍ᠷ ᠲᠠ ᠣᠳᠣ ᠴᠢᠩᠳᠠ ᠬᠠᠪᠴᠢᠵᠤ ᠪᠠᠶᠠᠷ ᠤ᠋ᠨ ᠠᠷᠢᠬᠢ ᠶ᠋ᠢ ᠤᠤᠭᠤᠵᠤ᠂ᠪᠡᠯᠡᠨ ᠤᠷᠲᠤ ᠬᠠᠷᠰᠢ ᠳ᠋ᠤᠷ ᠰᠠᠭᠤᠵᠤ ᠪᠠᠶᠠᠨ ᠡᠷᠬᠢᠮ ᠢ᠋ ᠡᠵᠡᠯᠡᠪᠡ᠂ᠪᠢ ᠲᠠᠨ ᠢ᠋ ᠬᠡᠳᠦᠢᠨᠡᠢ ᠮᠡᠳᠡᠪᠡ᠂ᠬᠡᠵᠢᠶ᠎ᠡ ᠪᠸᠲ᠋ᠠ᠋ ᠤᠯᠤᠰ ᠡᠭᠦᠳᠡ ᠶ᠋ᠢ ᠬᠠᠭᠠᠵᠤ ᠢᠷᠠᠪᠠᠰᠤ ᠲᠡᠷᠡ ᠴᠠᠭ ᠲᠤᠷ ᠬᠠᠭᠠᠯᠭ᠎ᠠ ᠨᠡᠭᠡᠭᠡᠵᠦ ᠳᠠᠭᠠᠭᠠᠳ ᠮᠥᠨ ᠬᠦ᠌ ᠠᠮᠤᠷ ᠵᠢᠷᠭᠠᠯ ᠢ᠋ ᠡᠷᠢᠬᠦ ᠪᠣᠯᠠᠢ !》ᠬᠡᠮᠡᠲᠡᠯ᠎ᠡ ᠬᠠᠵᠠᠭᠤ ᠠ᠋ᠴᠠ ᠶᠡᠬᠡ ᠶᠤᠸᠠᠨᠱᠤᠸᠠᠢ ᠬᠣᠯᠠᠰᠤᠪᠴᠢ ᠪᠠᠰᠠ ᠥᠭᠦᠯᠡᠷᠦᠨ:《ᠪᠸᠲ᠋ᠠ᠋ ᠤᠯᠤᠰ ᠪᠣᠯᠪᠠᠰᠤ ᠦᠬᠡᠷ᠂ᠪᠢᠳᠡᠨ ᠦ ᠤᠯᠤᠰ ᠪᠣᠯᠪᠠᠰᠤ ᠬᠣᠨᠢ ᠡᠨᠡ ᠶᠠᠭᠤᠲᠠᠢ ᠬᠣᠷᠣᠰᠤᠯᠲᠠᠢ ! ᠨᠡᠩ ᠪᠠᠰᠠ ᠠᠯᠲᠠᠨ ᠤᠯᠤᠰ ᠢ᠋ ᠬᠦᠯᠢᠶᠡᠮᠦᠢ ᠬᠡᠮᠡᠭᠴᠢ ᠨᠡᠩ ᠢᠨᠢᠶᠡᠯᠲᠡᠢ᠃ᠲᠡᠷᠡ ᠪᠸᠲ᠋ᠠ᠋ ᠤᠯᠤᠰ ᠤ᠋ᠨ ᠡᠵᠡᠨ ᠢᠨᠦ ᠦᠬᠦᠭᠰᠡᠨ ᠬᠥᠮᠦᠨ ᠦᠦ ? ᠡᠳᠦᠭᠡ ᠬᠣᠢᠲᠤ ᠮᠠᠢᠯᠵᠢ ᠠᠢᠮᠠᠭ ᠢ᠋ ᠭᠠᠷᠭᠠᠪᠠᠰᠤ ᠲᠣᠭᠠᠴᠠᠵᠤ ᠪᠣᠯᠤᠮᠠᠷ ᠠᠢᠮᠠᠭ ᠦᠭᠡᠢ ᠪᠣᠯᠵᠤᠬᠤᠢ᠃ᠡᠳᠦᠭᠡ ᠪᠢᠳᠡ ᠡᠰᠡ ᠬᠠᠯᠳᠠᠪᠠᠰᠤ ᠲᠡᠷᠡ ᠪᠢᠳᠡᠨ ᠢ᠋ ᠦᠯᠦ ᠲᠠᠯᠪᠢᠬᠤ ᠪᠣᠯᠠᠢ᠃ᠤᠮᠳᠠᠬᠤ ᠭᠠᠵᠠᠷ ᠲᠤᠷ ᠬᠦᠷᠲᠡᠯ᠎ᠡ ᠲᠦᠢᠮᠡᠷ ᠰᠢᠲᠠᠵᠤ ᠪᠠᠢᠲᠠᠯ᠎ᠠ ᠪᠠᠰᠠ ᠬᠦ᠌ ᠲᠦᠪᠰᠢᠨ ᠰᠠᠢᠬᠠᠨ ᠵᠡᠭᠦᠳᠦᠨ ᠢ᠋ᠶ᠋ᠡᠨ ᠬᠠᠢᠷᠠᠯᠠᠮᠤᠢ ᠬᠡᠮᠡᠭᠴᠢ ᠴᠣᠬᠣᠮ ᠡᠭᠦᠨ ᠢ᠋ ᠬᠡᠯᠡᠭᠰᠡᠨ ᠪᠣᠯᠠᠢ!》ᠬᠡᠮᠡᠲᠡᠯ᠎ᠡ ᠳᠠᠭᠠᠯᠳᠤᠭ᠎ᠠ ᠴᠢᠦᠢ ᠱᠢ ᠯᠢ ᠪᠠᠰᠠ ᠲᠣᠰᠴᠤ ᠥᠭᠦᠯᠡᠷᠦᠨ:《ᠬᠣᠶᠠᠷ ᠬᠥᠭᠰᠢᠨ ᠶᠡᠬᠡᠰ ᠰᠠᠢᠳ ᠣᠳᠣ ᠪᠢᠲᠡᠭᠡᠢ ᠣᠯᠠᠨ ᠴᠡᠷᠢᠭ ᠦ᠋ᠨ ᠰᠡᠳᠬᠢᠯ ᠢ᠋ ᠰᠢᠨᠲᠠᠷᠠᠭᠤᠯᠵᠤ᠂ᠴᠡᠷᠢᠭ ᠳᠠᠷᠤᠭᠳᠠᠬᠤᠢ ᠳ᠋ᠤᠷ ᠬᠦᠷᠭᠦᠯ!ᠠᠩᠬ᠎ᠠ ᠤᠳᠠᠭ᠎ᠠ ᠮᠢᠨᠦ ᠡᠴᠢᠭᠡ ᠴᠡᠷᠢᠭ ᠠᠪᠤᠨ ᠭᠠᠷᠬᠤᠢ ᠳ᠋ᠤᠷ ᠮᠥᠨ ᠬᠦ᠌ ᠡᠢᠨ ᠴᠢᠷᠭᠢᠯᠳᠤᠨ᠂ᠮᠠᠭᠤ ᠢᠷᠣ᠎ᠠ ᠡᠳᠦᠭᠰᠡᠭᠡᠷ ᠴᠡᠷᠢᠭ ᠢ᠋ ᠳᠠᠷᠤᠭᠳᠠᠭᠤᠯᠵᠤ ᠡᠴᠢᠭᠡ ᠶᠤᠸᠠᠨᠱᠤᠸᠠᠢ ᠶ᠋ᠢ ᠦᠬᠦᠬᠦ ᠳ᠋ᠦ᠍ᠷ ᠭᠥᠷᠦᠭᠦᠯᠪᠡ!》ᠬᠡᠮᠡᠲᠡᠯ᠎ᠡ ᠳᠣᠣᠷ᠎ᠠ ᠠ᠋ᠴᠠ ᠵᠠᠮᠤᠬ᠎ᠠ ᠪᠠᠰᠠ ᠶᠠᠪᠠᠷᠲᠠᠵᠤ ᠲᠣᠰᠴᠤ ᠥᠭᠦᠯᠡᠷᠦᠨ:《ᠡᠨᠡ ᠦᠶ᠎ᠡ ᠳ᠋ᠦ᠍ᠷ ᠨᠢᠭᠡᠨᠲᠡ ᠵᠣᠭᠰᠣᠵᠤ ᠪᠣᠯᠬᠤ ᠦᠭᠡᠢ ᠳ᠋ᠦ᠍ᠷ ᠬᠦᠷᠪᠡ᠂ᠨᠢᠭᠡᠨᠲᠡ ᠬᠣᠷᠢᠨ ᠲᠦᠮᠡᠨ ᠦ ᠶᠡᠬᠡ ᠴᠡᠷᠢᠭ ᠢ᠋ ᠰᠢᠯᠭᠠᠵᠤ ᠪᠡᠯᠡᠳᠦᠭᠡᠳ ᠡᠳᠦᠭᠡ ᠭᠡᠨᠡᠳᠲᠡ ᠲᠠᠷᠬᠠᠭᠠᠪᠠᠰᠤ ᠡᠨᠡ ᠡᠳᠦᠷ ᠲᠠᠷᠬᠠᠮᠠᠭᠴᠠ ᠮᠠᠷᠭᠠᠲᠠ ᠪᠸᠲ᠋ᠠ᠋ ᠤᠯᠤᠰ ᠤ᠋ᠨ ᠴᠡᠷᠢᠭ ᠢᠷᠡᠵᠦ ᠬᠠᠭᠠᠬᠤ ᠪᠣᠯᠠᠢ᠃ᠡᠨᠡ ᠤᠳᠠᠭ᠎ᠠ ᠳ᠋ᠤᠷ ᠤᠮᠳᠠᠵᠤ ᠪᠠᠢᠭᠰᠠᠨ ᠪᠸᠲ᠋ᠠ᠋ ᠤᠯᠤᠰ ᠢ᠋ ᠰᠣᠴᠢᠭᠠᠨ ᠰᠡᠷᠢᠭᠦᠯᠪᠡ᠃ᠪᠸᠲ᠋ᠠ᠋ ᠤᠯᠤᠰ ᠶᠢᠰᠦᠨ ᠡᠩ ᠳ᠋ᠦ᠍ᠷ ᠢ᠋ᠶ᠋ᠠᠨ ᠬᠡᠳᠦᠢᠨᠡᠢ ᠵᠠᠷᠯᠠᠵᠤ᠂ᠲᠠᠬᠢᠮ ᠤ᠋ᠨ ᠭᠣᠣᠯ ᠳ᠋ᠤᠷ ᠶᠡᠬᠡ ᠴᠢᠭᠤᠯᠭᠠᠨ ᠴᠢᠭᠤᠯᠤᠭᠰᠠᠨ ᠢ᠋ ᠬᠣᠶᠠᠷ ᠡᠷᠭᠢᠨ ᠪᠢᠴᠢᠭ ᠦ᠋ᠨ ᠲᠦᠰᠢᠮᠡᠯ ᠮᠡᠳᠡᠵᠦ ᠪᠠᠢᠲᠠᠯ᠎ᠠ ᠪᠠᠨ ᠶᠠᠭᠤᠨ ᠳ᠋ᠤᠷ ᠬᠠᠭᠠᠨ ᠡᠵᠡᠨ ᠢ᠋ ᠪᠠᠰᠠ ᠨᠠᠰᠤᠨ ᠵᠠᠯᠠᠭᠤ ᠲᠠᠢᠽᠢ ᠯᠤᠭ᠎ᠠ ᠦᠯᠢᠳᠬᠡᠵᠦ᠂ᠥᠩᠭᠡ ᠳᠡᠷᠡᠰᠦᠨ ᠦ᠌ ᠤᠷᠠᠨ ᠦᠭᠡ ᠪᠡᠷ ᠮᠡᠬᠡᠯᠡᠰᠦᠭᠡᠢ ᠬᠡᠮᠡᠮᠦᠢ ?》ᠬᠡᠮᠡᠲᠡᠯ᠎ᠡ ᠪᠤᠯᠤᠤ ᠸᠠᠩ ᠤ᠋ᠨ ᠬᠥᠪᠡᠭᠦᠨ ᠴᠢᠦᠢ ᠴᠦ᠍ ᠯᠢᠦᠢ ᠪᠠᠰᠠ ᠲᠣᠰᠴᠤ ᠵᠢᠬᠡᠭᠦᠨ ᠢ᠋ᠶ᠋ᠡᠷ ᠶᠡᠬᠡᠯ᠎ᠡ ᠢᠨᠢᠶᠡᠨ ᠥᠭᠦᠯᠡᠷᠦᠨ:《ᠪᠢ ᠢᠷᠡᠬᠦ ᠵᠠᠮ ᠵᠢᠳᠦᠪ ᠵᠡᠳᠦᠪ ᠰᠣᠨᠣᠰᠬᠤᠯ᠎ᠠ ᠪᠸᠲ᠋ᠠ᠋ ᠤᠯᠤᠰ ᠤ᠋ᠨ ᠬᠣᠶᠠᠷ ᠬᠥᠮᠦᠨ ᠭᠠᠢᠬᠠᠮᠰᠢᠭ᠍ᠲᠤ ᠡᠷᠳᠡᠨᠢᠰ ᠦ᠋ᠨ ᠵᠦᠢᠯ ᠢ᠋ ᠠᠴᠢᠵᠤ ᠮᠠᠨ ᠤ᠋ ᠤᠯᠤᠰ ᠤ᠋ᠨ ᠵᠠᠬ᠎ᠠ ᠳ᠋ᠤᠷ ᠣᠷᠣᠪᠠ ᠬᠡᠮᠡᠮᠦᠢ᠃ᠡᠨᠡ ᠯᠠᠪ ᠲᠡᠳᠡᠭᠡᠷ ᠡᠷᠳᠡᠨᠢᠰ ᠦ᠋ᠨ ᠬᠦᠴᠦᠨ ᠴᠢᠳᠠᠯ ᠪᠤᠰᠤ ᠬᠡᠮᠡᠮᠦᠢ ᠦᠦ ?》ᠬᠡᠮᠡᠭᠰᠡᠨ ᠳ᠋ᠦ᠍ᠷ ᠮᠥᠩᠭᠥᠯᠵᠢ᠂ᠳ᠋ᠠᠳᠠᠳᠤᠩᠭ᠎ᠠ ᠬᠣᠶᠠᠷ ᠶᠡᠬᠡᠯ᠎ᠡ ᠴᠢᠬᠤᠯᠳᠠᠨ ᠥᠭᠦᠯᠡᠷᠦᠨ:《ᠡᠳᠡᠭᠡᠷ ᠦᠭᠡᠰ ᠴᠥᠮ ᠪᠸᠲ᠋ᠠ᠋ ᠤᠯᠤᠰ ᠤ᠋ᠨ ᠮᠤᠬᠤᠯᠢ ᠶ᠋ᠢᠨ ᠮᠠᠨ ᠢ᠋ ᠵᠠᠪᠰᠠᠷᠳᠠᠭᠤᠯᠬᠤ ᠮᠤᠰᠬᠢᠭᠤ ᠠᠷᠭ᠎ᠠ ᠪᠣᠯᠠᠢ᠃ᠪᠢᠳᠡ ᠡᠵᠡᠨ ᠢ᠋ᠶ᠋ᠡᠨ ᠶᠡᠬᠡ ᠬᠡᠰᠢᠭ ᠲᠣᠷ ᠡᠳ᠋ ᠡᠷᠳᠡᠨᠢ ᠪᠡᠷ ᠬᠠᠨᠵᠤ ᠪᠠᠢᠭᠠᠳ ᠲᠡᠷᠡ ᠡᠳ᠋ ᠢ᠋ ᠠᠪᠴᠤ ᠦᠬᠦᠯ ᠢ᠋ᠶ᠋ᠡᠨ ᠡᠷᠢᠨ ᠡᠴᠢᠬᠦ ᠶᠣᠰᠣ ᠪᠠᠢᠳᠠᠭ ᠭᠡᠵᠢ ᠦᠦ ? ᠬᠡᠨ ᠬᠥᠮᠦᠨ ᠨᠢᠭᠡᠬᠡᠨ ᠡᠭᠦᠳᠡᠨ ᠦ ᠲᠦᠰᠢᠮᠡᠯ ᠪᠣᠯᠬᠤ ᠶ᠋ᠢ ᠦᠯᠦ ᠰᠠᠨᠠᠨ᠂ᠬᠣᠶᠠᠷ ᠭᠡᠷ ᠦ᠋ᠨ ᠦᠨᠡᠰᠦᠨ ᠢ᠋ ᠭᠡᠭᠡᠬᠦ ᠶ᠋ᠢ ᠬᠦᠰᠡᠬᠦ ᠪᠣᠯᠠᠢ !》ᠬᠡᠮᠡᠭᠰᠡᠨ᠎ᠡ᠂ᠴᠢᠦᠢ ᠴᠦ᠍ ᠯᠢᠦᠢ ᠢᠨᠢᠶᠡᠨ ᠥᠭᠦᠯᠡᠷᠦᠨ:《ᠦᠵᠡᠰᠡ ᠬᠠᠭᠠᠨ ᠤ᠋ ᠬᠠᠮᠤᠭ ᠡᠷᠳᠡᠨᠢᠰ ᠢ᠋ ᠡᠳ᠋ᠯᠡᠭᠰᠡᠭᠡᠷ ᠵᠢᠷᠭᠠᠯ ᠢ᠋ ᠣᠷᠬᠢᠨ ᠴᠢᠳᠠᠬᠤ ᠥᠭᠡᠶ᠎ᠡ ᠥᠪᠡᠷ ᠦ᠋ᠨ ᠲᠡᠩᠬᠡᠭᠡ ᠪᠡᠨ ᠪᠠᠷᠠᠲᠠᠯ᠎ᠠ ᠴᠤᠭᠯᠠᠭᠤᠯᠤᠭᠰᠠᠨ ᠬᠣᠷᠢᠨ ᠲᠦᠮᠡᠨ ᠢ᠋ᠶ᠋ᠡᠨ ᠰᠡᠳᠬᠢᠯ ᠢ᠋ ᠰᠠᠴᠤᠷᠠᠭᠤᠯᠤᠨ ᠠᠵᠤᠭᠤ !ᠦᠵᠡᠰᠡ ᠮᠠᠨ ᠤ᠋ ᠲᠠᠢᠽᠢ ᠮᠥᠨ ᠡᠷᠭᠢᠨ ᠬᠣᠶᠠᠷ ᠰᠠᠢᠳ ᠤ᠋ᠨ ᠬᠡᠯᠡᠯᠴᠡᠬᠦ ᠳ᠋ᠦ᠍ᠷ ᠲᠡᠷᠡ ᠮᠡᠲᠦ ᠪᠣᠯᠤᠭᠰᠠᠨ ᠠᠵᠤᠭᠤ!ᠪᠢ ᠲᠠᠢᠽᠢ ᠶ᠋ᠢᠨ ᠦᠭᠡ ᠶ᠋ᠢ ᠳᠠᠷᠤᠪᠠᠰᠤ ᠪᠣᠯᠤᠮᠤᠢ ᠤᠤ ?》ᠬᠡᠮᠡᠭᠡᠳ ᠠᠯᠲᠠᠨᠱᠠᠭ᠎ᠠ ᠶ᠋ᠢᠨ ᠦᠭᠡ ᠶ᠋ᠢ ᠤᠭ ᠶᠣᠰᠣᠭᠠᠷ ᠨᠢᠭᠡᠨ ᠵᠡᠷᠭᠡ ᠬᠡᠯᠡᠭᠡᠳ ᠪᠠᠰᠠ ᠢᠨᠢᠶᠡᠨ ᠥᠭᠦᠯᠡᠷᠦᠨ:《ᠲᠡᠷᠡ ᠪᠸᠲ᠋ᠠ᠋ ᠤᠯᠤᠰ᠂ᠠᠯᠲᠠᠨ ᠤᠯᠤᠰ ᠯᠤᠭ᠎ᠠ ᠪᠠᠢᠯᠳᠤᠲᠠᠯᠠ ᠮᠠᠨ ᠤ᠋ ᠤᠯᠤᠰ ᠢ᠋ ᠶᠠᠭᠤᠨ ᠤ᠋ ᠲᠡᠵᠢᠭᠡᠵᠦ ᠦᠯᠡᠳᠡᠭᠡᠨ ᠪᠠᠢᠬᠤ ᠠᠵᠢ ? ᠡᠨᠡ ᠢᠨᠦ ᠬᠣᠶᠠᠷ ᠡᠷᠭᠢᠨ ᠰᠠᠢᠳ ᠵᠦᠭᠡᠷ ᠡᠳᠦᠷ ᠢ᠋ ᠪᠣᠯᠢᠮᠰᠠᠨ ᠥᠩᠭᠡᠷᠡᠭᠡᠬᠦ ᠪᠢᠰᠢ ᠦᠦ !》ᠬᠡᠮᠡᠲᠡᠯ᠎ᠡ ᠴᠢᠦᠢ ᠱᠢ ᠯᠢ ᠲᠣᠰᠴᠤ ᠥᠭᠦᠯᠡᠷᠦᠨ:《ᠲᠡᠷᠡ ᠴᠦ᠍ ᠪᠠᠢᠲᠤᠭᠠᠢ᠂ᠮᠠᠨ ᠤ᠋ ᠴᠡᠷᠢᠭ ᠯᠠᠪ ᠲᠣᠳᠣᠷᠬᠠᠢ ᠳᠠᠷᠤᠭᠳᠠᠬᠤ ᠶ᠋ᠢ ᠬᠣᠶᠠᠷ ᠡᠷᠭᠢᠨ ᠰᠠᠢᠳ ᠮᠠᠭᠠᠳ ᠮᠡᠳᠡᠭᠰᠡᠨ ᠶᠠᠮᠪᠠᠷ ᠭᠠᠵᠠᠷ ᠪᠣᠢ ᠠᠵᠢ ?》ᠬᠡᠮᠡᠭᠰᠡᠨ᠎ᠡ᠂ᠳ᠋ᠠᠳᠠᠳᠤᠩᠭ᠎ᠠ ᠥᠭᠦᠯᠡᠷᠦᠨ:《ᠠᠶ᠎ᠠ ᠡᠭᠦᠨ ᠢ᠋ ᠲᠣᠭᠠᠯᠠᠪᠠᠰᠤ ᠮᠡᠳᠡᠵᠦ ᠪᠣᠯᠬᠤ ᠮᠠᠰᠢ ᠣᠯᠠᠨ ᠵᠦᠢᠯ ᠠᠮᠤᠢ᠃ᠡᠳᠦᠭᠡ ᠮᠠᠨ ᠤ᠋ ᠤᠯᠤᠰ ᠲᠥᠷᠥ ᠳᠡᠭᠡᠷ᠎ᠡ ᠪᠠ ᠬᠡᠭᠡᠷ᠎ᠡ ᠲᠠᠯ᠎ᠠ ᠳ᠋ᠤᠷ ᠰᠥᠨᠢ ᠶ᠋ᠢᠨ ᠵᠤᠯᠠ ᠶ᠋ᠢᠨ ᠡᠷᠪᠡᠬᠡᠢ᠂ᠡᠳᠦᠷ ᠨᠠᠷᠠᠨ ᠳ᠋ᠤᠷ ᠳᠡᠪᠳᠡᠷᠢᠨ ᠨᠢᠰᠦᠮᠦᠢ᠂ᠡᠨᠡ ᠢᠨᠦ ᠡᠳᠦᠷ ᠨᠠᠷᠠᠨ ᠬᠠᠷᠠᠩᠭᠤᠢ ᠪᠣᠯᠬᠤ ᠢᠷᠣ᠎ᠠ᠃ᠪᠠᠰᠠ ᠬᠣᠲᠠᠨ ᠤ᠋ ᠳᠣᠲᠣᠷ᠎ᠠ ᠭᠠᠳᠠᠨ᠎ᠠ ᠣᠯᠠᠨ ᠬᠡᠦᠬᠡᠳ ᠦ᠋ᠨ ᠢᠷᠣ᠎ᠠ ᠦᠭᠡᠰ ᠲᠣᠷ < ᠠᠯᠲᠠᠨ ᠭᠠᠳᠠᠰᠤ ᠣᠭᠲᠠᠷᠭᠤᠢ ᠳ᠋ᠤᠷ ᠢᠯᠡᠷᠡᠭᠰᠡᠨᠡ᠂ᠠᠪᠢᠽᠢ ᠣᠳᠣᠨ ᠡᠮᠦᠨ᠎ᠡ ᠬᠢᠵᠠᠭᠠᠷ ᠲᠤᠷ ᠳᠠᠪᠰᠢᠮᠤᠢ᠂ᠠᠷᠢᠭᠤᠨ ᠰᠠᠷᠠᠨ ᠵᠡᠭᠦᠨ ᠠᠭᠠᠷ ᠲᠤᠷ ᠮᠠᠨᠳᠤᠭᠰᠠᠨᠠ᠂ᠠᠯᠤᠰ ᠨᠠᠷᠠᠨ ᠪᠠᠷᠠᠭᠤᠨ ᠠᠭᠤᠯᠠᠨ᠎ᠠ ᠰᠢᠩᠭᠡᠪᠡᠢ>ᠭᠡᠮᠡᠨ ᠳᠠᠭᠤᠯᠠᠯᠴᠠᠮᠤᠢ᠃ᠡᠨᠡ ᠢᠨᠦ ᠡᠵᠡᠨ ᠦ ᠡᠷᠭᠦᠮᠵᠢᠯᠡᠯ ᠳᠠᠢᠶᠠᠩ -ᠨᠠᠷᠠᠨ ᠬᠡᠮᠡᠭᠰᠡᠨ ᠳ᠋ᠦ᠍ᠷ ᠶᠡᠬᠡᠯ᠎ᠡ ᠬᠠᠷᠰᠢᠬᠤ ᠮᠠᠭᠤ ᠢᠷᠣ᠎ᠠ᠃ᠪᠠᠰᠠ ᠮᠠᠨ ᠤ᠋ ᠲᠠᠢᠽᠢ ᠶ᠋ᠢᠨ ᠵᠡᠭᠦᠳᠦᠯᠡᠭᠰᠡᠨ ᠲᠡᠷᠡ ᠨᠠᠷᠠᠨ ᠢ᠋ ᠬᠠᠯᠬᠠᠯᠠᠪᠠᠰᠤ ᠠᠷᠭ᠎ᠠ ᠤᠷᠪᠠᠵᠤ ᠪᠢᠯᠢᠭ ᠪᠣᠯᠪᠠᠰᠤ ᠠᠮᠢᠳᠤ ᠬᠥᠮᠦᠨ ᠰᠥᠨᠥᠭᠰᠡᠨ ᠮᠡᠲᠦ᠂ᠨᠠᠷᠠᠨ ᠰᠠᠷᠠᠨ ᠬᠠᠮᠲᠤᠳᠠ ᠡᠪᠰᠡᠵᠦ᠂ᠲᠠᠪᠤᠨ ᠭᠠᠷᠠᠭ ᠴᠤᠭᠯᠠᠷᠠᠨ ᠵᠠᠯᠭᠠᠯᠳᠤᠪᠠᠰᠤ ᠨᠠᠷᠠᠨ ᠠᠨᠤ ᠰᠠᠷᠠᠨ ᠢ᠋ ᠬᠠᠯᠬᠠᠯᠠᠨ ᠮᠠᠨᠳᠤᠪᠠᠰᠤ᠂ᠠᠷᠭ᠎ᠠ ᠶ᠋ᠢᠨ ᠠᠮᠢᠰᠬᠤᠯ ᠳᠡᠭᠳᠡᠵᠦ᠂ᠲᠦᠮᠡᠨ ᠪᠣᠳᠠᠰ ᠵᠥᠪᠰᠢᠶᠡᠮᠦᠷ ᠳᠡᠯᠭᠡᠷᠡᠮᠦᠢ᠂ᠰᠠᠷᠠᠨ ᠠᠨᠤ ᠨᠠᠷᠠᠨ ᠢ᠋ ᠬᠠᠯᠬᠠᠯᠠᠪᠠᠰᠤ ᠪᠢᠯᠢᠭ ᠦ᠋ᠨ ᠠᠮᠢᠰᠬᠤᠯ ᠳᠠᠪᠠᠷᠠᠵᠤ᠂ᠲᠦᠮᠡᠨ ᠦᠢᠯᠡ ᠰᠥᠷᠴᠦ ᠬᠤᠪᠢᠰᠤᠮᠤᠢ᠃ᠡᠳᠡᠭᠡᠷ ᠵᠦᠢᠯ ᠴᠥᠮ ᠢ᠋ᠶ᠋ᠠᠷ ᠬᠠᠭᠠᠨ ᠡᠵᠡᠨ ᠦ ᠪᠡᠶ᠎ᠡ ᠳ᠋ᠦ᠍ᠷ ᠶᠡᠬᠡᠯ᠎ᠡ ᠬᠠᠷᠰᠢᠮᠤᠢ᠃》ᠮᠥᠩᠭᠦᠯᠵᠢ ᠪᠠᠰᠠ ᠥᠴᠢᠷᠦᠨ:《ᠲᠡᠭᠦᠨ ᠢ᠋ ᠴᠦ᠍ ᠪᠠᠢᠲᠤᠭᠠᠢ᠂ᠮᠠᠨ ᠤ᠋ ᠤᠯᠤᠰ ᠤ᠋ᠨ ᠴᠡᠷᠢᠭ᠂ᠪᠸᠲ᠋ᠠ᠋ ᠤᠯᠤᠰ ᠲᠤᠷ ᠡᠴᠢᠭᠡᠳ ᠠᠯᠢ ᠤᠳᠠᠭ᠎ᠠ ᠳ᠋ᠤᠷ ᠠᠰᠢᠭ᠋ ᠣᠯᠤᠭᠰᠠᠨ ᠪᠣᠢ ? ᠲᠡᠢᠨ ᠬᠦ᠌ ᠲᠦᠰᠢᠮᠡᠯ ᠪᠢᠳᠡ ᠳᠤᠷᠠᠲᠠᠶ᠎ᠠ ᠪᠠᠭ᠎ᠠ ᠦᠷ᠎ᠡ ᠯᠦ᠍ᠭᠡ ᠭᠢᠨᠳᠠᠨ ᠳ᠋ᠤᠷ ᠬᠣᠷᠢᠭ᠍ᠳᠠᠵᠤ ᠪᠠᠲᠤᠯᠠᠰᠤᠭᠠᠢ᠃ᠡᠨᠡ ᠤᠳᠠᠭ᠎ᠠ ᠬᠡᠷᠬᠢᠪᠡᠴᠦ ᠪᠸᠲ᠋ᠠ᠋ ᠤᠯᠤᠰ ᠢ᠋ ᠲᠠᠢᠯᠤᠨ ᠴᠢᠳᠠᠬᠤ ᠦᠭᠡᠢ!》ᠬᠡᠮᠡᠬᠦᠢ ᠳ᠋ᠦ᠍ᠷ ᠪᠤᠯᠤᠤ ᠸᠠᠩ ᠲᠡᠷᠢᠭᠦᠯᠡᠨ ᠬᠤᠯᠠᠰᠤᠪᠴᠢ᠂ᠴᠢᠦᠢ ᠴᠦ᠍ ᠯᠢᠦᠢ᠂ᠴᠢᠦᠢ ᠱᠢ ᠯᠢ ᠬᠠᠮᠲᠤ ᠪᠠᠷ ᠥᠭᠦᠯᠡᠷᠦᠨ:《ᠲᠡᠳᠡᠭᠡᠷ ᠢᠷᠣ᠎ᠠ ᠦᠭᠡᠰ ᠬᠡᠮᠡᠭᠴᠢ ᠴᠥᠮ ᠲᠠ ᠥᠪᠡᠷ ᠢ᠋ᠶ᠋ᠡᠨ ᠵᠣᠬᠢᠶᠠᠭᠰᠠᠨ ᠦᠭᠡᠰ᠂ᠪᠢᠳᠡ ᠭᠠᠳᠠᠨ᠎ᠠ ᠣᠭᠲᠣ ᠣᠯᠵᠤ ᠡᠰᠡ ᠰᠣᠨᠣᠰᠪᠠ᠃ᠵᠢᠴᠢ ᠲᠡᠷᠡ ᠵᠤᠯᠠ ᠶ᠋ᠢᠨ ᠡᠷᠪᠡᠬᠡᠢ ᠬᠡᠮᠡᠭᠴᠢ ᠥᠴᠦᠬᠡᠨ ᠳᠤᠯᠠᠭᠠᠨ ᠠᠮᠢᠰᠬᠤᠯ ᠪᠠᠢᠪᠠᠰᠤ ᠳᠠᠷᠤᠢ ᠪᠠᠢᠵᠤ ᠪᠣᠯᠤᠮᠤᠢ᠃ᠪᠠᠰᠠ ᠲᠡᠷᠡ ᠵᠡᠭᠦᠳᠦᠨ ᠵᠡᠷᠭᠡᠯᠭᠡᠨ ᠬᠡᠮᠡᠭᠴᠢ ᠨᠡᠩᠳᠡ ᠬᠤᠳᠠᠯ ᠬᠠᠭᠤᠮᠠᠭᠠᠢ ᠭᠡᠷᠡᠴᠢ ᠪᠠᠷᠢᠮᠲᠠ ᠦᠭᠡᠢ ᠬᠡᠷᠡᠭ᠃ᠵᠢᠴᠢ ᠤᠷᠢᠳᠤ ᠤᠳᠠᠭ᠎ᠠ ᠪᠦᠷᠢ ᠪᠸᠲ᠋ᠠ᠋ ᠤᠯᠤᠰ ᠤ᠋ᠨ ᠵᠦᠭ ᠴᠡᠷᠢᠭ ᠬᠥᠳᠡᠯᠵᠦ ᠠᠰᠢᠭ᠋ ᠪᠣᠯᠤᠭᠰᠠᠨ ᠦᠭᠡᠢ ᠢᠨᠦ ᠡᠭᠡᠨᠡᠭᠲᠡ ᠴᠡᠷᠢᠭ ᠴᠥᠭᠡᠨ ᠦ᠌ ᠤᠴᠢᠷ᠂ᠡᠳᠦᠭᠡ ᠬᠣᠷᠢᠨ ᠲᠦᠮᠡᠨ ᠢ᠋ᠶ᠋ᠡᠷ ᠡᠴᠢᠪᠡᠰᠦ ᠲᠠᠢᠯᠤᠯ ᠦᠭᠡᠢ ᠬᠠᠮᠢᠭᠠᠰᠢ ᠡᠴᠢᠬᠦ ᠪᠣᠢ ? ᠪᠠᠰᠠ ᠬᠡᠦᠬᠡᠳ ᠦ᠋ᠨ ᠦᠭᠡᠰ ᠬᠣᠷᠣᠬᠠᠢ ᠰᠢᠮᠠᠭᠤᠯ ᠵᠡᠭᠦᠳᠦᠨ ᠵᠡᠷᠭᠡᠯᠭᠡᠨ ᠦ ᠤᠴᠢᠷ ᠶᠡᠬᠡ ᠴᠡᠷᠢᠭ ᠵᠣᠭᠰᠣᠬᠤ ᠠᠨᠤ ᠬᠠᠮᠢᠭ᠎ᠠ ᠪᠠᠢᠬᠤ ᠬᠡᠷᠡᠭ ? ᠬᠣᠷᠢᠨ ᠲᠦᠮᠡᠨ ᠦ ᠬᠦᠨᠡᠰᠦ ᠬᠦᠴᠦᠨ ᠢ᠋ ᠰᠦᠢᠳᠬᠡᠭᠡᠳ ᠡᠨᠡ ᠦᠶ᠎ᠡ ᠳ᠋ᠦ᠍ ᠬᠡᠷᠬᠢᠵᠦ ᠵᠣᠭᠰᠣᠮᠤᠢ᠃ᠪᠸᠲ᠋ᠠ᠋ ᠤᠯᠤᠰ ᠤ᠋ᠨ ᠬᠦᠨᠳᠦ ᠡᠳ᠋ ᠢ᠋ ᠣᠯᠤᠭᠰᠠᠨ ᠬᠥᠮᠦᠨ ᠢᠨᠦ ᠣᠯᠪᠠᠢ ᠊ᠶ᠎ᠡ᠃ᠣᠯᠠᠨ ᠴᠡᠷᠢᠭ ᠣᠭᠲᠣ ᠣᠯᠤᠭᠰᠠᠨ ᠦᠭᠡᠢ᠂ᠣᠳᠣ ᠣᠨᠴᠠ ᠪᠸᠲ᠋ᠠ᠋ ᠤᠯᠤᠰ ᠢ᠋ ᠳᠠᠢᠯᠠᠨ ᠮᠥᠬᠥᠭᠡᠪᠡᠰᠦ ᠰᠠᠶᠢ ᠵᠣᠭᠰᠣᠵᠤ ᠪᠣᠯᠤᠨᠠᠮ ᠊ᠶ᠎ᠡ᠃ᠢᠨᠠᠭ᠍ᠰᠢ ᠨᠢᠭᠡᠨᠲᠡ ᠵᠣᠭᠰᠣᠬᠤ ᠭᠠᠵᠠᠷ ᠦᠭᠡᠢ ᠪᠣᠯᠪᠠ !》ᠬᠡᠮᠡᠯᠳᠦᠵᠦ᠂ᠪᠠᠢᠯᠳᠤᠬᠤ ᠶ᠋ᠢ ᠳᠤᠷᠠᠯᠠᠬᠤ ᠠᠨᠤ ᠠᠷᠪᠠᠨ ᠬᠥᠮᠦᠨ᠂ᠪᠠᠢᠯᠳᠤᠬᠤ ᠶ᠋ᠢ ᠵᠣᠭᠰᠣᠭᠠᠬᠤ ᠠᠨᠤ ᠬᠣᠶᠠᠷᠬᠠᠨ ᠰᠠᠢᠳ ᠲᠤᠯᠠ ᠲᠠᠢᠶᠠᠩ ᠬᠠᠭᠠᠨ ᠬᠠᠭᠠᠰ ᠴᠠᠭ ᠪᠣᠳᠣᠵᠤ: 《ᠬᠣᠶᠠᠷ ᠰᠠᠢᠳ ᠤ᠋ᠨ ᠪᠣᠳᠣᠬᠤ ᠠᠨᠤ ᠮᠥᠨ ᠬᠦ᠌ ᠮᠢᠨᠦ ᠲᠥᠯᠥᠭᠡ᠂ᠡᠨᠡ ᠣᠯᠠᠨ ᠤ᠋ ᠴᠢᠷᠮᠠᠢᠬᠤ ᠠᠨᠤ ᠪᠠᠰᠠ ᠮᠢᠨᠦ ᠲᠥᠯᠥᠭᠡ᠃ᠬᠣᠶᠠᠷ ᠲᠣᠢ ᠴᠥᠮ ᠵᠦᠢ ᠪᠣᠢ ᠭᠠᠭᠴᠠ ᠡᠷᠲᠡᠨ ᠦ ᠦᠭᠡᠰ ᠲᠣᠷ <ᠶᠠᠰᠤ ᠪᠠᠨ ᠬᠤᠭᠤᠷᠠᠪᠠᠴᠤ ᠨᠡᠷ᠎ᠡ ᠪᠡᠨ ᠪᠢᠲᠡᠭᠡᠢ ᠬᠤᠰᠤᠭᠳᠠᠬᠤᠢ > ᠬᠡᠮᠡᠵᠦᠬᠦᠢ᠃ᠪᠠᠰᠠ <ᠬᠡᠯᠡ ᠣᠭᠲᠣᠯᠤᠭᠳᠠᠪᠠᠴᠤ ᠦᠭᠡ ᠪᠡᠨ ᠪᠢᠲᠡᠭᠡᠢ ᠪᠤᠴᠠᠭᠳᠠᠬᠤᠢ>ᠬᠡᠮᠡᠵᠦᠬᠦᠢ᠃ᠪᠢ ᠶᠡᠬᠡ ᠪᠠᠬ᠎ᠠ ᠪᠠ ᠨᠢᠭᠡᠨ ᠤᠯᠤᠰ ᠤ᠋ᠨ ᠬᠠᠭᠠᠨ ᠪᠣᠯᠵᠤ ᠬᠠᠭᠠᠰ ᠨᠠᠰᠤᠨ ᠢ᠋ ᠥᠩᠭᠡᠷᠡᠭᠡᠳ ᠡᠳᠦᠭᠡ ᠨᠢᠭᠡᠨᠲᠡ ᠨᠢᠭᠡᠨ ᠦᠭᠡ ᠬᠡᠯᠡᠭᠡᠳ ᠥᠪᠡᠷ ᠪᠠ ᠪᠤᠰᠤᠳ ᠲᠠᠢ ᠬᠣᠷᠢᠨ ᠲᠦᠮᠡᠨ ᠢ᠋ ᠬᠤᠷᠢᠶᠠᠭᠠᠳ ᠡᠳᠦᠭᠡ ᠬᠡᠪ ᠭᠡᠨᠡᠳᠲᠡ ᠶᠠᠭᠤ ᠬᠢᠵᠦ ᠴᠡᠷᠢᠭ ᠵᠣᠭᠰᠣᠵᠤ ᠣᠯᠠᠨ ᠢ᠋ ᠲᠠᠷᠬᠠᠭᠠᠮᠤᠢ ? ᠲᠠᠨ ᠤ᠋ ᠬᠣᠶᠠᠷ ᠡᠷᠭᠢᠨ ᠰᠠᠢᠳ ᠬᠡᠳᠦᠢᠪᠡᠷ ᠬᠡᠳᠦᠢᠨᠡᠢ ᠡᠴᠡ ᠬᠣᠷᠢᠭ᠍ᠯᠠᠭᠰᠠᠭᠠᠷ ᠢᠷᠡᠭᠰᠡᠨ ᠪᠣᠯᠪᠠᠴᠤ ᠡᠳᠡᠭᠡᠷ ᠤᠴᠢᠷ ᠢ᠋ ᠨᠠᠳᠠ ᠳ᠋ᠤᠷ ᠡᠨᠡ ᠮᠡᠲᠦ ᠳᠠᠷᠠᠭᠠᠯᠠᠨ ᠭᠠᠷᠭᠠᠵᠤ ᠬᠡᠯᠡᠭᠰᠡᠨ ᠦᠭᠡᠢ ᠲᠤᠯᠠ ᠪᠢ ᠨᠢᠭᠡᠨᠲᠡ ᠬᠣᠷᠢᠨ ᠲᠦᠮᠡᠨ ᠢ᠋ ᠪᠦᠷᠢᠳᠬᠡᠵᠦ ᠥᠨᠥ ᠮᠠᠨᠠᠭᠠᠷ ᠮᠣᠷᠳᠠᠬᠤ ᠪᠣᠯᠤᠭᠰᠠᠨ ᠢ᠋ ᠡᠨᠡ ᠮᠡᠲᠦ ᠴᠢᠪᠬᠠᠭᠤᠷᠤᠨ ᠬᠣᠷᠢᠭ᠍ᠯᠠᠬᠤ ᠠᠨᠤ ᠡᠭᠡᠨᠡᠭᠲᠡ ᠴᠠᠭ ᠠ᠋ᠴᠠ ᠥᠩᠭᠡᠷᠡᠵᠦᠬᠦᠢ᠃ᠨᠡᠩᠳᠡ ᠣᠯᠠᠨ ᠪᠠᠢᠯᠳᠤᠭᠠᠨ ᠤ᠋ ᠵᠠᠩᠵᠤᠨ ᠨᠠᠷ ᠪᠦᠭᠦᠳᠡᠭᠡᠷ ᠴᠢᠷᠮᠠᠢᠯᠴᠠᠬᠤᠶᠠ᠂ᠲᠠ ᠬᠣᠶᠠᠭᠤᠯᠠ ᠤᠯᠤᠰ ᠲᠤᠷ ᠠᠮᠠᠷᠬᠠᠨ ᠰᠠᠭᠤᠬᠤ ᠰᠠᠢᠳ ᠶᠠᠭᠤᠨ ᠠ᠋ᠴᠠ ᠠᠶᠤᠵᠤ ᠡᠨᠡ ᠮᠡᠲᠦ ᠴᠢᠬᠤᠯᠳᠠᠮᠤᠢ ? ᠰᠡᠳᠬᠢᠯ ᠢ᠋ᠶ᠋ᠡᠨ ᠰᠤᠯᠠ ᠲᠠᠯᠪᠢᠭᠳᠠᠬᠤᠢ !》ᠬᠡᠮᠡᠭᠰᠡᠨ ᠳ᠋ᠦ᠍ᠷ ᠬᠣᠶᠠᠷ ᠰᠠᠢᠳ ᠮᠥᠷᠭᠥᠵᠦ ᠠᠢᠯᠠᠳᠬᠠᠷᠤᠨ:《ᠴᠢᠷᠮᠠᠢᠭᠴᠢ ᠪᠦᠬᠦᠨ ᠢ᠋ ᠴᠥᠮ ᠢᠯᠡᠭᠡᠵᠦ ᠬᠠᠭᠠᠨ ᠤ᠋ ᠪᠡᠶ᠎ᠡ ᠭᠤᠷᠪᠠᠨ ᠲᠦᠮᠡᠨ ᠴᠡᠷᠢᠭ ᠢ᠋ ᠠᠪᠴᠤ ᠤᠯᠤᠰ ᠢ᠋ ᠰᠠᠬᠢᠭ᠍ᠳᠠᠬᠤᠢ᠃》ᠲᠠᠢᠶᠠᠩ ᠬᠠᠭᠠᠨ ᠪᠠᠰᠠ ᠢᠨᠢᠶᠡᠨ①ᠥᠭᠦᠯᠡᠷᠦᠨ:《ᠪᠢ ᠬᠡᠷᠪᠡ ᠰᠠᠭᠠᠷᠠᠪᠠᠰᠤ ᠪᠤᠰᠤᠳ ᠬᠡᠨ ᠮᠠᠨ ᠳ᠋ᠤᠷ ᠤᠷᠤᠭᠰᠢᠯᠠᠬᠤ ᠪᠣᠢ? ᠵᠢᠴᠢ ᠲᠡᠳᠡᠭᠡᠷ ᠢᠷᠣ᠎ᠠ ᠦᠭᠡᠰ᠂ᠥᠴᠦᠬᠡᠨ ᠬᠣᠷᠣᠬᠠᠢ᠂ᠰᠣᠨᠢᠨ ᠵᠢᠭ ᠵᠡᠭᠦᠳᠦᠨ ᠬᠡᠮᠡᠭᠴᠢ ᠪᠦᠷᠢᠨ᠎ᠡ ᠬᠥᠪᠭᠡᠮᠡᠯ ᠰᠤᠯᠠ ᠥᠴᠦᠬᠡᠨ ᠬᠡᠷᠡᠭ᠂ᠨᠡᠩ ᠪᠠᠰᠠ ᠦᠨᠡᠬᠡᠷ ᠮᠢᠨᠦ ᠲᠣᠭ᠎ᠠ ᠲᠡᠭᠦᠰᠴᠦ ᠴᠠᠭ ᠲᠤᠯᠤᠭᠰᠠᠨ ᠪᠥᠭᠡᠰᠦ ᠬᠡᠳᠦᠢ ᠡᠮ᠎ᠡ ᠦᠷ᠎ᠡ ᠪᠡᠨ ᠳᠡᠷᠡᠯᠡᠵᠦ ᠳᠡᠪᠢᠰᠬᠡᠷ ᠬᠥᠨᠵᠢᠯᠡᠨᠡ ᠬᠡᠪᠲᠡᠪᠡᠴᠦ ᠮᠥᠨ ᠦᠬᠦᠬᠦ ᠡᠴᠡ ᠭᠡᠯᠳᠦᠷᠢᠬᠦᠶᠡ ᠪᠡᠷᠬᠡ ᠪᠣᠯᠠᠢ᠃ᠬᠣᠶᠠᠷ ᠲᠤᠷ ᠪᠸᠲ᠋ᠠ᠋ ᠤᠯᠤᠰ ᠦᠨᠡᠬᠡᠷ ᠳᠡᠯᠡᠬᠡᠢ ᠳ᠋ᠠᠬᠢᠨ ᠢ᠋ ᠡᠵᠡᠯᠡᠬᠦᠢ ᠳ᠋ᠦ᠍ᠷ ᠬᠦᠷᠪᠡᠰᠦ᠂ᠪᠢ ᠪᠠᠢᠯᠳᠤᠵᠤ ᠦᠬᠦᠬᠦ ᠶ᠋ᠢ ᠪᠣᠯᠬᠤ ᠪᠣᠢ ᠊ᠶ᠎ᠡ᠂ᠪᠠᠷᠢᠭ᠍ᠳᠠᠵᠤ ᠪᠣᠭᠣᠯ ᠦᠯᠦ ᠪᠣᠯᠤᠮᠤᠢ !》ᠬᠡᠮᠡᠬᠦᠢ ᠳ᠋ᠦ᠍ᠷ ᠬᠣᠶᠠᠷ ᠰᠠᠢᠳ ᠭᠠᠰᠢᠭᠤᠳᠠᠨ ᠤᠬᠢᠯᠠᠵᠤ ᠲᠣᠯᠣᠭᠠᠢ ᠠ᠋ᠴᠠ ᠪᠠᠨ ᠴᠢᠰᠤ ᠭᠠᠷᠲᠠᠯ᠎ᠠ ᠮᠥᠷᠭᠥᠵᠦ ᠬᠣᠷᠢᠭ᠍ᠯᠠᠪᠠᠴᠤ ᠲᠠᠢᠶᠠᠩ ᠬᠠᠭᠠᠨ ᠴᠡᠷᠢᠭ ᠵᠣᠭᠰᠣᠬᠤ ᠪᠠᠢᠳᠠᠯ ᠦᠭᠡᠢ ᠳ᠋ᠦ᠍ᠷ ᠬᠣᠶᠠᠭᠤᠯᠠ ᠪᠠᠰᠠ ᠠᠢᠯᠠᠳᠬᠠᠷᠤᠨ:《ᠬᠠᠭᠠᠨ ᠤ᠋ ᠭᠡᠭᠡᠨ ᠦᠨᠡᠬᠡᠷ ᠡᠴᠢᠬᠦ ᠪᠣᠯᠪᠠᠴᠤ ᠤᠯᠤᠰ ᠲᠤᠷ ᠲᠠᠪᠤᠨ ᠲᠦᠮᠡᠨ ᠴᠡᠷᠢᠭ ᠦᠯᠡᠳᠡᠭᠡᠵᠦ ᠰᠠᠬᠢᠭᠤᠯ !》ᠬᠡᠮᠡᠭᠰᠡᠨ ᠳ᠋ᠦ᠍ᠷ ᠲᠥᠷᠥ ᠶ᠋ᠢᠨ ᠬᠣᠶᠠᠷ ᠠᠢᠮᠠᠭᠯᠠᠨ ᠵᠣᠭᠰᠣᠬᠤ ᠲᠦᠰᠢᠮᠡᠳ ᠴᠥᠮ ᠠᠮᠠ ᠪᠠᠨ ᠳᠠᠷᠤᠵᠤ ᠢᠨᠢᠶᠡᠯᠴᠡᠬᠦᠢ ᠳ᠋ᠦ᠍ᠷ ᠲᠠᠢᠶᠠᠩ ᠬᠠᠭᠠᠨ ᠥᠭᠦᠯᠡᠷᠦᠨ:《ᠮᠠᠨ ᠥᠪᠡᠷ ᠦ᠋ᠨ ᠴᠡᠷᠢᠭ ᠬᠦᠷᠦᠯᠴᠡᠬᠦ ᠦᠭᠡᠢ ᠳ᠋ᠡᠭᠡᠨ ᠭᠠᠳᠠᠨ᠎ᠠ ᠤᠯᠤᠰ ᠠ᠋ᠴᠠ ᠴᠡᠷᠢᠭ ᠭᠤᠶᠤᠨ ᠠᠴᠢᠷᠠᠭᠰᠠᠨ ᠠᠲᠠᠯ᠎ᠠ ᠤᠯᠤᠰ ᠲᠤᠷ ᠲᠠᠪᠤᠨ ᠲᠦᠮᠡᠨ ᠦᠯᠡᠳᠡᠭᠡᠪᠡᠰᠦ ᠳᠠᠢᠰᠤᠨ ᠢ᠋ ᠶᠠᠭᠤᠨ ᠢ᠋ᠶ᠋ᠠᠷ ᠲᠤᠯᠵᠤ ᠪᠠᠢᠯᠳᠤᠮᠢ ? ᠲᠠ ᠬᠣᠶᠠᠭᠤᠯᠠ ᠬᠡᠲᠦᠷᠬᠡᠶ᠎ᠡ ᠠᠶᠤᠬᠤ ᠬᠡᠷᠡᠭ ᠦᠭᠡᠢ᠃ᠲᠠᠨ ᠤ᠋ ᠡᠮᠦᠨ᠎ᠡ ᠮᠢᠨᠦ ᠬᠣᠷᠢᠨ ᠲᠦᠮᠡᠨ ᠴᠡᠷᠢᠭ ᠠᠲᠠᠯ᠎ᠠ ᠳᠠᠢᠰᠤᠨ ᠡᠨᠳᠡ ᠬᠦᠷᠴᠦ ᠦᠯᠦ ᠢᠷᠡᠮᠦᠢ !》ᠬᠡᠮᠡᠲᠡᠯ᠎ᠡ ᠪᠤᠯᠤᠤ ᠸᠠᠩ ᠪᠠᠰᠠ ᠲᠣᠰᠴᠤ ᠶᠡᠬᠡᠯ᠎ᠡ ᠢᠨᠢᠶᠡᠨ ᠥᠭᠦᠯᠡᠷᠦᠨ:《ᠡᠳᠡᠭᠡᠷ ᠣᠯᠠᠨ ᠢ᠋ᠶ᠋ᠠᠷ ᠬᠠᠭᠠᠨ ᠢ᠋ ᠬᠠᠮᠠᠭᠠᠯᠠᠵᠤ ᠬᠦᠷᠦᠯᠴᠡᠬᠦ ᠦᠭᠡᠢ ᠪᠥᠬᠥᠶ᠎ᠡ᠂ᠲᠠᠨ ᠤ᠋ ᠬᠣᠶᠠᠭᠤᠯᠠ ᠶ᠋ᠢ ᠰᠠᠬᠢᠬᠤ ᠴᠡᠷᠢᠭ ᠬᠠᠮᠢᠭ᠎ᠠ ᠪᠣᠢ ?》ᠬᠡᠮᠡᠭᠰᠡᠨ ᠳ᠋ᠦ᠍ᠷ ᠲᠠᠢᠶᠠᠩ ᠬᠠᠭᠠᠨ ᠨᠡᠩ ᠡᠭᠡᠬᠦᠶ᠎ᠡ ᠪᠡᠷᠬᠡ ᠪᠣᠯᠵᠤ ᠦᠭᠡ ᠶ᠋ᠢ ᠠᠪᠬᠤ ᠦᠭᠡᠢ ᠪᠣᠯᠤᠭᠰᠠᠨ ᠳ᠋ᠤᠷ ᠬᠣᠶᠠᠷ ᠰᠠᠢᠳ ᠡᠨᠡ ᠪᠠᠢᠳᠠᠯ ᠢ᠋ ᠦᠵᠡᠭᠡᠳ ᠲᠣᠯᠣᠭᠠᠢ ᠠ᠋ᠴᠠ ᠪᠠᠨ ᠴᠢᠰᠤ ᠴᠤᠪᠤᠷᠢᠭᠤᠯᠤᠨ᠂ᠡᠪᠦᠷ ᠡᠴᠡ ᠪᠡᠨ ᠬᠢᠲᠤᠭ᠎ᠠ ᠭᠠᠷᠭᠠᠵᠤ ᠦᠰᠦ ᠪᠡᠨ ᠣᠭᠲᠣᠯᠵᠤ᠂ᠬᠦᠵᠦᠭᠦᠨ ᠳ᠋ᠡᠭᠡᠨ ᠭᠢᠨᠵᠢ ᠵᠡᠭᠦᠵᠦ᠂ᠥᠨᠳᠥᠷ ᠳᠠᠭᠤᠨ ᠢ᠋ᠶ᠋ᠠᠷ:《ᠡᠵᠡᠨ ᠢ᠋ᠶ᠋ᠡᠨ ᠢᠳᠬᠠᠨ ᠡᠰᠡ ᠢᠯᠠᠭᠰᠠᠨ ᠠᠨᠤ ᠲᠦᠰᠢᠮᠡᠯ ᠪᠢᠳᠡᠨ ᠦ ᠶᠠᠯ᠎ᠠ ᠪᠣᠯᠠᠢ !》ᠭᠡᠮᠡᠨ ᠤᠬᠢᠯᠠᠭᠰᠠᠭᠠᠷ ᠲᠥᠷᠥ ᠡᠴᠡ ᠪᠠᠭᠤᠵᠤ ᠢᠷᠡᠬᠦᠶ᠎ᠡ ᠴᠢᠪᠬᠢᠲᠡᠯ᠎ᠡ ᠠᠯᠲᠠᠨᠱᠠᠭ᠎ᠠ ᠶ᠋ᠢ ᠪᠣᠯᠭᠣᠭᠠᠷᠠ ᠡᠴᠢᠭᠰᠡᠨ ᠢᠳᠡᠷ ᠳᠣᠪᠣ ᠶ᠋ᠢᠨ ᠡᠭᠡᠵᠦ ᠢᠷᠡᠨ ᠲᠥᠷᠥ ᠳ᠋ᠦ᠍ᠷ ᠵᠠᠷᠯᠢᠭ ᠡᠭᠡᠭᠦᠯᠦᠷᠡ ᠭᠠᠷᠬᠤᠢ ᠳ᠋ᠤᠷ ᠤᠴᠠᠷᠠᠭᠠᠳ ᠢᠳᠡᠷ ᠳᠣᠪᠣ ᠶᠡᠬᠡᠯ᠎ᠡ ᠴᠢᠬᠤᠯᠳᠠᠵᠤ ᠲᠥᠷᠥ ᠳ᠋ᠦ᠍ᠷ ᠭᠠᠷᠤᠮᠠᠭᠴᠠ ᠠᠯᠲᠠᠨᠱᠠᠭ᠎ᠠ ᠶ᠋ᠢᠨ ᠡᠪᠡᠳᠴᠢᠨ ᠢ᠋ ᠮᠡᠳᠡᠭᠦᠯᠦᠮᠡᠭᠴᠡ ᠳᠠᠬᠢᠨ ᠮᠥᠷᠭᠥᠵᠦ ᠠᠯᠲᠠᠨᠱᠠᠭ᠎ᠠ ᠶ᠋ᠢᠨ ᠦᠭᠡᠰ ᠢ᠋ ᠣᠭᠲᠣ ᠳᠤᠷᠠᠳᠤᠯ ᠥᠭᠡᠶ᠎ᠡ ᠰᠢᠭᠤᠳ ᠥᠪᠡᠷ ᠦ᠋ᠨ ᠰᠠᠨᠳᠤᠷᠤᠭᠰᠠᠨ ᠰᠠᠨᠠᠭ᠎ᠠ ᠪᠠᠷ ᠠᠢᠯᠠᠳᠬᠠᠷᠤᠨ:《ᠪᠸᠲ᠋ᠠ᠋ ᠤᠯᠤᠰ ᠯᠤᠭ᠎ᠠ ᠪᠠᠢᠯᠳᠤᠬᠤ ᠶ᠋ᠢ ᠪᠠᠢᠪᠠᠰᠤ ᠵᠣᠬᠢᠮᠤᠢ᠂ᠪᠣᠭᠣᠯ ᠪᠢ ᠪᠸᠲ᠋ᠠ᠋ ᠤᠯᠤᠰ ᠲᠤᠷ ᠬᠣᠶᠠᠷ ᠤᠳᠠᠭ᠎ᠠ ᠡᠴᠢᠵᠦ᠂ᠲᠡᠳᠡᠨ ᠦ ᠰᠠᠢᠨ ᠰᠠᠨᠠᠭᠠᠨ ᠢ᠋ ᠨᠡᠪᠲᠡ ᠮᠡᠳᠡᠪᠡ᠂ᠡᠶᠨᠳᠡᠵᠦ ᠶᠠᠪᠤᠪᠠᠰᠤ ᠬᠡᠷᠬᠢᠪᠡᠴᠦ ᠬᠣᠣᠷᠯᠠᠬᠤ ᠦᠭᠡᠢ᠃》ᠭᠡᠮᠡᠨ ᠬᠡᠯᠡᠵᠦ ᠪᠠᠷᠠᠬᠤ ᠶ᠋ᠢᠨ ᠤᠷᠢᠳ᠂ᠲᠠᠢᠶᠠᠩ ᠬᠠᠭᠠᠨ ᠲᠠᠴᠢᠭᠢᠨᠠᠲᠠᠯ᠎ᠠ ᠬᠢᠯᠢᠩᠯᠡᠵᠦ ᠵᠠᠩᠳᠠᠨ ᠥᠭᠦᠯᠡᠷᠦᠨ:《ᠪᠸᠲ᠋ᠠ᠋ ᠤᠯᠤᠰ ᠲᠤᠷ ᠳᠠᠷᠤᠭᠳᠠᠵᠤ᠂ᠪᠢᠳᠡᠨ ᠦ ᠰᠦᠷ ᠢ᠋ ᠪᠠᠷᠠᠭᠰᠠᠨ ᠪᠣᠭᠣᠯ᠂ᠭᠡᠷᠡᠢ᠍ᠢ᠌ᠳ ᠤᠯᠤᠰ ᠲᠤᠷ ᠬᠡᠰᠦᠵᠦ ᠬᠡᠰᠢᠭᠲᠦ ᠨᠠᠢ᠍ᠮᠠᠨ ᠢ᠋ ᠭᠤᠲᠤᠭᠠᠭᠰᠠᠨ ᠰᠢᠪᠲᠦᠷ ᠴᠢᠮ᠎ᠠ ᠳ᠋ᠤᠷ ᠶᠠᠭᠤᠨ ᠤ᠋ ᠴᠢᠷᠮᠠᠢᠨ ᠳᠣᠩᠭᠣᠳᠬᠤ ᠬᠤᠪᠢ ᠪᠣᠢ !》ᠬᠡᠮᠡᠵᠦ ᠰᠢᠷᠡᠭᠡ ᠪᠡᠨ ᠴᠣᠬᠢᠵᠤ:《ᠦᠳᠲᠡᠷ ᠡᠨᠡ ᠪᠣᠭᠣᠯ ᠢ᠋ ᠴᠢᠷᠦᠨ ᠭᠠᠷᠭᠠᠵᠤ ᠠᠯᠠᠭᠠᠳ ᠶᠡᠬᠡ ᠴᠡᠷᠢᠭ ᠦ᠋ᠨ ᠴᠠᠭᠠᠵᠠ ᠶ᠋ᠢ ᠴᠢᠩᠭᠠᠳᠬᠠ !》ᠬᠡᠮᠡᠭᠰᠡᠨ ᠳ᠋ᠦ᠍ᠷ ᠢᠯᠳᠦ ᠰᠦᠬᠡ ᠪᠠᠷᠢᠭ᠍ᠰᠠᠨ ᠠᠷᠠᠳ ᠵᠠ ᠭᠡᠵᠦ᠂ᠢᠳᠡᠷ ᠳᠣᠪᠣ ᠶ᠋ᠢ ᠳᠠᠷᠤᠵᠤ ᠬᠦᠯᠢᠭᠡᠳ ᠠᠪᠠᠴᠢᠬᠤᠶ᠎ᠠ ᠢᠳᠡᠷ ᠳᠣᠪᠣ ᠢᠨᠢᠶᠡᠵᠦ ᠥᠭᠦᠯᠡᠷᠦᠨ:《ᠥᠪᠡᠷ ᠦ᠋ᠨ ᠡᠵᠡᠨ ᠳ᠋ᠡᠭᠡᠨ ᠠᠯᠠᠭᠳᠠᠬᠤ ᠠᠨᠤ ᠥᠪᠡᠷ᠎ᠡ ᠤᠯᠤᠰ ᠲᠤᠷ ᠠᠯᠠᠭᠳᠠᠬᠤ ᠠ᠋ᠴᠠ ᠠᠷᠪᠠᠨ ᠬᠤᠪᠢ ᠳᠡᠭᠡᠷ᠎ᠡ᠂ᠪᠢ ᠬᠠᠷᠢᠨ ᠣᠭᠴᠣ ᠲᠠᠰᠤ ᠪᠠᠷ ᠠᠮᠠᠯᠳᠠᠵᠤ ᠦᠬᠦᠬᠦ ᠶ᠋ᠢ ᠬᠦᠰᠡᠮᠦᠢ᠃ᠥᠪᠡᠷ ᠢ᠋ᠶ᠋ᠡᠨ ᠥᠲᠡᠯᠵᠦ ᠦᠬᠦᠬᠦᠢ ᠳ᠋ᠦ᠍ᠷ ᠠᠮᠢ ᠲᠡᠮᠡᠴᠡᠨ ᠪᠢᠲᠡᠭᠦᠷᠡᠬᠦ ᠶ᠋ᠢ ᠬᠡᠳᠦᠢᠨᠡᠢ ᠡᠴᠡ ᠪᠣᠳᠣᠵᠤ ᠵᠣᠪᠠᠭᠰᠠᠭᠠᠷ ᠪᠢᠯᠡ᠃ᠭᠠᠭᠴᠠ ᠪᠠᠭ᠎ᠠ ᠡᠵᠡᠨ ᠢ᠋ᠶ᠋ᠡᠨ ᠬᠠᠲᠤᠨ ᠢ᠋ ᠠᠨᠤ ᠠᠪᠴᠤ ᠥᠭᠭᠦᠨ ᠵᠠᠪᠳᠤᠭᠰᠠᠨ ᠦᠭᠡᠢ ᠳ᠋ᠦ᠍ᠷ ᠭᠣᠮᠣᠳᠠᠮᠤᠢ !》ᠬᠡᠮᠡᠭᠰᠡᠭᠡᠷ ᠭᠠᠷᠴᠤ ᠢᠷᠡᠬᠦᠶ᠎ᠡ ᠪᠤᠯᠤᠤ ᠸᠠᠩ᠂ᠢᠳᠡᠷ ᠳᠣᠪᠣ ᠶ᠋ᠢᠨ ᠶᠡᠬᠡ ᠥᠬᠢᠨ ᠢ᠋ ᠰᠤᠯᠠ ᠪᠣᠯᠭᠠᠨ ᠠᠪᠤᠭᠰᠠᠨ ᠲᠤᠯᠠ ᠲᠡᠷᠡ ᠨᠠᠢᠷ ᠢ᠋ᠶ᠋ᠠᠷ ᠥᠪᠡᠷ ᠢ᠋ᠶ᠋ᠡᠨ ᠲᠡᠷᠢᠭᠦᠯᠡᠵᠦ ᠣᠯᠠᠨ ᠢ᠋ ᠠᠪᠴᠤ ᠭᠤᠶᠤᠨ ᠥᠭᠦᠯᠡᠷᠦᠨ:《ᠶᠡᠬᠡ ᠴᠡᠷᠢᠭ ᠡᠬᠢᠯᠡᠮᠡᠭᠴᠡ ᠥᠪᠡᠷ ᠦ᠋ᠨ ᠨᠢᠭᠡᠨ ᠵᠠᠩᠵᠤᠨ ᠢ᠋ᠶ᠋ᠠᠨ ᠠᠯᠠᠪᠠᠰᠤ ᠪᠡᠯᠡᠭ ᠲᠣᠷ ᠦᠯᠦ ᠵᠣᠬᠢᠮᠤᠢ᠂ᠠᠯᠠᠬᠤ ᠶᠠᠯ᠎ᠠ ᠶ᠋ᠢ ᠭᠡᠯᠳᠦᠷᠢᠭᠦᠯᠦᠮᠦ !》ᠭᠡᠮᠡᠨ ᠭᠤᠶᠤᠭᠰᠠᠨ ᠳ᠋ᠤᠷ ᠲᠠᠢᠶᠠᠩ ᠬᠠᠭᠠᠨ ᠠᠷᠭ᠎ᠠ ᠦᠭᠡᠢ ᠠᠯᠠᠬᠤ ᠶᠠᠯ᠎ᠠ ᠶ᠋ᠢ ᠬᠡᠯᠲᠦᠷᠢᠭᠦᠯᠵᠦ᠂ᠶᠡᠨᠳᠡᠷ ᠦ᠋ᠨ ᠳᠣᠣᠷ᠎ᠠ ᠠᠪᠠᠴᠢᠨ ᠬᠡᠪᠲᠡᠭᠦᠯᠵᠦ᠂ᠴᠡᠷᠢᠭ ᠦ᠋ᠨ ᠴᠠᠭᠠᠵᠠ ᠪᠠᠷ ᠳᠥᠴᠢᠨ ᠪᠢᠯᠠᠭᠤ ᠵᠠᠨᠴᠢᠭᠤᠯᠬᠤᠢ ᠳ᠋ᠤᠷ ᠢᠳᠡᠷ ᠳᠣᠪᠣ ᠬᠠᠷᠢᠨ ᠮᠠᠰᠢ ᠵᠣᠪᠠᠭᠣᠷᠢᠰᠢᠶᠠᠵᠤ᠂ᠤᠷᠲᠤ ᠰᠡᠭᠦᠷᠡᠰᠦᠨ ᠠᠯᠳᠠᠵᠤ ᠥᠭᠦᠯᠡᠷᠦᠨ:《ᠠᠶ᠎ᠠ ᠪᠢ ᠠᠯᠠᠬᠤ ᠠ᠋ᠴᠠ ᠬᠠᠷᠢᠨ ᠣᠭᠲᠣ ᠠᠶᠤᠬᠤ ᠦᠭᠡᠢ᠂ᠡᠨᠡ ᠵᠠᠨᠴᠢᠬᠤ ᠠ᠋ᠴᠠ ᠦᠨᠡᠬᠡᠷ ᠠᠶᠤᠮᠤᠢ᠂ᠡᠨᠡ ᠳᠥᠴᠢᠨ ᠮᠣᠳᠣ ᠪᠢᠯᠠᠭᠤ ᠵᠠᠨᠴᠢᠵᠤ ᠪᠠᠷᠠᠲᠠᠯ᠎ᠠ ᠳᠥᠴᠢᠨᠲᠡ ᠠᠯᠠᠪᠠᠴᠤ ᠮᠥᠨ ᠠᠯᠠᠵᠤ ᠪᠠᠷᠠᠬᠤ ᠪᠣᠯᠠᠢ᠂ᠡᠨᠡ ᠵᠠᠨᠴᠢᠬᠤ ᠠᠨᠤ ᠬᠡᠵᠢᠶ᠎ᠡ ᠴᠦ᠍ ᠪᠠᠷᠠᠶ᠎ᠠ !》ᠭᠡᠮᠡᠨ ᠥᠮᠥᠳᠥ ᠪᠡᠨ ᠰᠢᠪᠲᠤᠯᠤᠨ ᠪᠠᠢᠵᠤ᠂ᠰᠢᠳᠠᠮ ᠪᠠᠷᠢᠭ᠍ᠰᠠᠨ ᠴᠡᠷᠢᠭ ᠦ᠋ᠨ ᠠᠷᠠᠳ ᠤ᠋ᠨ ᠵᠦᠭ ᠢᠨᠢᠶᠡᠬᠦ ᠴᠢᠷᠠᠢ ᠪᠠᠷ ᠭᠤᠶᠤᠵᠤ ᠦᠬᠦᠯᠡᠷᠦᠮ:《ᠲᠠ ᠬᠡᠳᠦᠨ ᠵᠠᠭᠤᠨᠲᠠ ᠪᠣᠯᠪᠠᠴᠤ ᠭᠠᠭᠴᠠ ᠬᠤᠷᠳᠤᠨ ᠬᠤᠷᠳᠤᠨ ᠳᠡᠯᠡᠳᠦᠭᠡᠴᠢ᠂ᠪᠢ ᠲᠡᠷᠡ ᠵᠠᠨᠴᠢᠬᠤ ᠠ᠋ᠴᠠ ᠪᠠᠰᠠ ᠴᠤ᠌ ᠠᠶᠤᠬᠤ ᠦᠭᠡᠢ᠂ᠭᠠᠭᠴᠠ ᠮᠢᠨᠦ ᠭᠡᠳᠡᠰᠦ ᠶᠡᠬᠡ ᠬᠣᠳᠣᠭᠣᠳᠣ ᠲᠠᠷᠭᠤᠨ ᠲᠤᠯᠠ ᠳᠣᠷᠣᠭ᠍ᠰᠢ ᠬᠠᠨᠳᠤᠨ ᠡᠯᠢᠭᠡ ᠲᠦᠷᠦᠭᠦᠦ ᠬᠡᠪᠲᠡᠪᠡᠰᠦ ᠭᠡᠳᠡᠰᠦ ᠬᠣᠳᠣᠭᠣᠳᠣ ᠭᠠᠵᠠᠷ ᠲᠤᠷ ᠳᠠᠷᠤᠵᠤ᠂ᠠᠮᠢ ᠪᠥᠭᠯᠡᠷᠡᠬᠦ ᠢᠨᠦ ᠮᠠᠰᠢ ᠬᠡᠴᠡᠭᠦᠦ᠃》 ᠬᠡᠮᠡᠭᠡᠳ ᠳᠠᠷᠤᠢ ᠭᠠᠷ ᠢ᠋ᠶ᠋ᠠᠷ ᠲᠤᠯᠵᠤ ᠲᠣᠩᠭᠣᠢᠨ ᠥᠭᠭᠦᠭᠡᠳ 《ᠬᠤᠷᠳᠤᠨ ᠬᠤᠷᠳᠤᠨ !》ᠭᠡᠮᠡᠨ ᠢᠨᠴᠠᠬ᠍ᠭ᠍ᠯᠠᠬᠤᠢ ᠳ᠋ᠤᠷ ᠣᠢᠷᠠᠯᠴᠠᠭ᠎ᠠ ᠪᠠᠢᠭᠰᠠᠨ ᠲᠥᠷᠥ ᠶ᠋ᠢᠨ ᠲᠦᠰᠢᠮᠡᠳ ᠡᠴᠡ ᠳᠠᠷᠠᠭᠠᠯᠠᠨ ᠪᠢᠯᠠᠭᠤ ᠰᠢᠳᠡᠮ ᠪᠠᠷᠢᠭ᠍ᠰᠠᠨ ᠴᠡᠷᠢᠭ ᠦ᠋ᠨ ᠠᠷᠠᠳ ᠲᠤᠷ ᠬᠦᠷᠲᠡᠯ᠎ᠡ ᠴᠥᠮ ᠢᠨᠢᠶᠡᠳᠦ ᠠᠯᠳᠠᠯᠴᠠᠨ᠂ᠠᠮᠠᠨ ᠬᠠᠪᠠᠷ ᠢ᠋ᠶ᠋ᠠᠨ ᠪᠠᠷᠢᠯᠴᠠᠨ ᠪᠤᠷᠤᠭᠤ ᠵᠥᠷᠢᠭᠦᠦ ᠬᠠᠳᠤᠯᠴᠠᠪᠠᠢ᠃
– – – –
①ᠡᠨᠡ ᠭᠤᠷᠪᠠᠨ ᠢᠨᠢᠶᠡᠳᠦᠮ ᠦᠨᠡᠬᠡᠷ ᠶᠠᠭᠤᠲᠠᠢ ᠵᠢᠬᠡᠭᠦᠨ ᠠᠮᠢᠰᠬᠤᠯ ᠲᠠᠢ ᠪᠣᠢ ᠠᠵᠢ᠂ᠡᠭᠦᠨ ᠳ᠋ᠦ᠍ᠷ ᠦᠭᠡ ᠦᠯᠦ ᠠᠪᠬᠤ ᠳᠠᠷᠤᠢ ᠢᠯᠡᠷᠡᠪᠡᠢ᠃
ᠲᠡᠳᠦᠢ ᠢᠳᠡᠷ ᠳᠣᠪᠣ ᠨᠢᠭᠡᠨ ᠰᠢᠲᠠᠮ ᠳᠡᠯᠡᠳᠪᠡᠰᠦ ᠨᠢᠭᠡᠨ ᠤᠳᠠᠭ᠎ᠠ ᠶᠣᠣ ᠶᠣᠬᠤ ᠬᠡᠮᠡᠬᠦ ᠪᠥᠭᠡᠳ ᠵᠠᠪᠰᠠᠷ ᠲᠤᠷ ᠭᠠᠭᠴᠠ 《ᠬᠤᠷᠳᠤᠨ ᠬᠤᠷᠳᠤᠨ ᠲᠤᠰᠬᠠᠭᠲᠤᠨ !》ᠭᠡᠮᠡᠨ ᠱᠠᠭᠠᠷᠳᠠᠵᠤ ᠪᠠᠢᠨ᠂ᠵᠠᠨᠴᠢᠭ᠍ᠳᠠᠵᠤ ᠪᠠᠷᠠᠭᠠᠳ ᠰᠠᠶᠢ ᠪᠣᠰᠴᠤ ᠳᠠᠪᠬᠤᠷ ᠳᠠᠪᠬᠤᠷ ᠤᠬᠢᠯᠠᠨ ᠴᠣᠬᠢᠯᠠᠨ ᠠᠮᠢᠰᠬᠤᠭᠰᠠᠭᠠᠷ ᠢᠷᠡᠵᠦ᠂ᠲᠠᠢᠶᠠᠩ ᠬᠠᠭᠠᠨ ᠳ᠋ᠤᠷ ᠶᠠᠯ᠎ᠠ ᠬᠦᠯᠢᠶᠡᠨ ᠪᠠᠰᠠ ᠬᠡᠰᠢᠭ ᠲᠣᠷ ᠮᠥᠷᠭᠥᠬᠦᠢ ᠳ᠋ᠦ᠍ᠷ ᠲᠠᠢᠶᠠᠩ ᠬᠠᠭᠠᠨ ᠥᠭᠦᠯᠡᠷᠦᠨ:《ᠴᠢ ᠦᠬᠦᠬᠦ ᠡᠴᠡ ᠠᠶᠤᠬᠤ ᠦᠭᠡᠢ ᠪᠣᠯᠪᠠᠰᠤ ᠪᠸᠲ᠋ᠠ᠋ ᠤᠯᠤᠰ ᠲᠤᠷ ᠪᠠᠢᠯᠳᠤᠬᠤ ᠶ᠋ᠢ ᠲᠣᠭᠲᠠᠭᠠᠷᠠ ᠡᠴᠢ !》ᠬᠡᠮᠡᠬᠦᠢ ᠳ᠋ᠦ᠍ᠷ ᠢᠳᠡᠷ ᠳᠣᠪᠣ ᠠᠢᠯᠠᠳᠬᠠᠷᠤᠨ:《ᠪᠣᠭᠣᠯ ᠪᠢ ᠡᠴᠢᠬᠦ ᠦᠭᠡᠢ᠂ᠮᠤᠩᠬᠠᠭ ᠪᠣᠭᠣᠯ ᠦᠬᠦᠬᠦ ᠡᠴᠡ ᠡᠰᠡ ᠠᠶᠤᠪᠠᠴᠤ ᠢᠴᠢᠩᠭᠦᠷᠡᠬᠦ ᠡᠴᠡ ᠠᠶᠤᠮᠤᠢ᠂ᠪᠣᠭᠣᠯ ᠮᠢᠨᠦ ᠪᠤᠬᠤᠷ ᠬᠡᠳᠦᠢ ᠪᠥᠬᠡ ᠪᠣᠯᠪᠠᠴᠤ ᠨᠢᠭᠤᠷ ᠮᠢᠨᠦ ᠬᠡᠪᠡᠷᠡᠭ᠂ᠭᠠᠭᠴᠠ ᠡᠵᠡᠨ ᠥᠪᠡᠷ᠎ᠡ ᠨᠢᠭᠡᠨ ᠨᠢᠭᠤᠷ ᠪᠥᠬᠡᠬᠡᠨ ᠬᠥᠮᠦᠨ ᠢ᠋ ᠢᠯᠡᠭᠡᠵᠦ ᠪᠣᠭᠣᠯ ᠨᠠᠮᠠᠶ᠋ᠢ ᠪᠤᠰᠤ ᠠᠯᠠᠭᠳᠠᠬᠤ ᠪᠠᠢᠯᠳᠤᠭᠠᠨ ᠤ᠋ ᠠᠯᠪᠠᠨ᠎ᠠ ᠵᠠᠷᠤᠬᠤ ᠪᠣᠯᠪᠠᠤ !》ᠲᠠᠢᠶᠠᠩ ᠬᠠᠭᠠᠨ ᠥᠭᠦᠯᠡᠷᠦᠨ:《ᠡᠨᠡ ᠳᠠᠷᠤᠢ ᠠᠯᠠᠭᠳᠠᠬᠤ ᠠᠯᠪᠠ ᠮᠥᠨ 》᠂ᠢᠳᠡᠷ ᠳᠣᠪᠣ ᠢᠨᠴᠡᠷᠬᠢᠯᠡᠨ ᠠᠢᠯᠠᠳᠬᠠᠷᠤᠨ : 《 ᠬᠡᠳᠦᠢᠴᠢᠨᠡᠭᠡᠨ ᠤᠳᠠᠭ᠎ᠠ ᠢᠯᠡᠭᠡᠲᠡᠯ᠎ᠡ ᠣᠭᠲᠣ ᠠᠯᠠᠬᠤ ᠦᠭᠡᠢ᠂ᠵᠦᠭᠡᠷ ᠬᠠᠷᠢᠨ ᠠᠷᠢᠬᠢ ᠮᠢᠬ᠎ᠠ ᠢᠳᠡᠭᠦᠯᠦᠨ᠂ᠠᠭᠲᠠ ᠮᠣᠷᠢ ᠱᠠᠩᠨᠠᠮᠤᠢ᠂ᠡᠭᠡᠵᠦ ᠢᠷᠡᠪᠡᠰᠦ ᠡᠵᠡᠨ ᠳ᠋ᠦ᠍ᠷ ᠶᠠᠭ ᠵᠠᠨᠴᠢᠭ᠍ᠳᠠᠬᠤᠢ ᠳ᠋ᠤᠷ ᠳᠣᠲᠣᠷ᠎ᠠ ᠠᠰᠤᠷᠤ ᠪᠢᠲᠡᠭᠦᠷᠡᠨ ᠴᠢᠬᠤᠯᠳᠠᠮᠤᠢ᠂ᠡᠵᠡᠨ ᠮᠢᠨᠦ ᠥᠪᠡᠷ᠎ᠡ ᠬᠥᠮᠦᠨ ᠢ᠋ ᠢᠯᠡᠭᠡᠲᠦᠭᠡᠢ᠂ᠪᠣᠭᠣᠯ ᠪᠢ ᠡᠵᠡᠨ ᠦ ᠡᠮᠦᠨ᠎ᠡ ᠣᠨᠴᠠ ᠠᠯᠠᠭᠳᠠᠬᠤ ᠵᠢᠭ᠍ᠰᠠᠭᠠᠯ ᠢ᠋ ᠰᠢᠪᠲᠤᠯᠵᠤ ᠠᠯᠠᠭᠳᠠᠰᠤᠭᠠᠢ᠂ᠲᠡᠷᠡ ᠢᠨᠦ ᠣᠭᠴᠣ ᠲᠠᠰᠤ !》ᠬᠡᠮᠡᠬᠦᠢ ᠳ᠋ᠦ᠍ᠷ ᠲᠠᠢᠶᠠᠩ ᠬᠠᠭᠠᠨ ᠴᠤ᠌ ᠪᠠᠰᠠ ᠪᠠᠬᠠᠨ ᠢᠨᠢᠶᠡᠳᠦᠮ ᠲᠥᠷᠥᠵᠦ:《ᠣᠯᠠᠨ ᠦᠭᠡ ᠬᠡᠷᠡᠭ ᠦᠭᠡᠢ᠂ᠪᠠᠢᠯᠳᠤᠭᠠᠨ ᠤ᠋ ᠪᠢᠴᠢᠭ ᠢ᠋ ᠡᠷᠬᠡᠪᠰᠢ ᠪᠠᠰᠠ ᠴᠢ ᠬᠦᠷᠭᠡᠵᠦ ᠠᠪᠠᠴᠢ᠃ᠲᠡᠳᠡᠨ ᠦᠨᠡᠬᠡᠷ ᠡᠰᠡ ᠠᠯᠠᠪᠠᠰᠤ ᠮᠢᠨᠦ ᠡᠮᠦᠨ᠎ᠡ ᠮᠠᠩᠯᠠᠢᠯᠠᠨ ᠪᠠᠢᠯᠳᠤᠬᠤ ᠬᠣᠰᠢᠭᠤᠴᠢ ᠪᠣᠯ !》 ᠬᠡᠮᠡᠬᠦᠢ ᠳ᠋ᠦ᠍ᠷ ᠢᠳᠡᠷ ᠳᠣᠪᠣ ᠪᠠᠰᠠ ᠲᠠᠪᠰᠢᠵᠤ ᠠᠢᠯᠠᠳᠬᠠᠷᠤᠨ:《ᠪᠣᠭᠣᠯ ᠪᠢ ᠡᠭᠡᠵᠦ ᠢᠷᠡᠪᠡᠰᠦ᠂ᠪᠠᠰᠠ ᠨᠢᠭᠡᠨ ᠳᠥᠴᠢᠨ ᠮᠣᠳᠣᠨ ᠤ᠋ ᠶᠠᠯ᠎ᠠ ᠪᠣᠢ ᠲᠤᠯᠠ ᠡᠭᠡᠵᠦ ᠢᠷᠡᠨ ᠢᠷᠡᠲᠡᠯ᠎ᠡ ᠠᠮᠤᠷ ᠦᠭᠡᠢ᠂ᠡᠵᠡᠨ ᠮᠢᠨᠦ ᠡᠳᠦᠭᠡ ᠳᠠᠷᠤᠢ ᠵᠠᠨᠴᠢᠵᠤ ᠶᠠᠯ᠎ᠠ ᠶ᠋ᠢ ᠪᠠᠷᠠᠪᠠᠰᠤ ᠪᠣᠭᠣᠯ ᠪᠢ ᠨᠢᠭᠡᠨ ᠵᠠᠮ ᠠᠮᠠᠷᠬᠠᠨ ᠡᠴᠢᠵᠦ ᠢᠷᠡᠰᠦᠭᠡᠢ !》ᠬᠡᠮᠡᠭᠰᠡᠨ ᠳ᠋ᠦ᠍ᠷ ᠲᠥᠷᠥ ᠶ᠋ᠢᠨ ᠬᠣᠲᠠᠯᠠᠭᠠᠷ ᠴᠥᠮ ᠲᠡᠰᠦᠨ ᠴᠢᠳᠠᠭᠰᠠᠨ ᠦᠭᠡᠢ᠂ᠢᠨᠢᠶᠡᠳᠦᠮ ᠠᠯᠳᠠᠭᠰᠠᠨ ᠳ᠋ᠤᠷ ᠳᠠᠢᠶᠠᠩ ᠬᠠᠭᠠᠨ ᠵᠠᠩᠳᠠᠨ ᠭᠠᠷᠭᠠᠭᠰᠠᠨ ᠳ᠋ᠤᠷ ᠢᠳᠡᠷ ᠳᠣᠪᠣ ᠠᠷᠭ᠎ᠠ ᠦᠭᠡᠢ ᠵᠣᠪᠠᠭᠣᠷᠢᠰᠢᠶᠠᠭᠰᠠᠭᠠᠷ ᠭᠠᠷᠴᠤ ᠢᠷᠡᠭᠡᠳ ᠪᠠᠢᠯᠳᠤᠬᠤ ᠪᠢᠴᠢᠭ ᠢ᠋ᠶ᠋ᠡᠨ ᠠᠪᠴᠤ ᠪᠸᠲ᠋ᠠ᠋ ᠤᠯᠤᠰ ᠤ᠋ᠨ ᠵᠦᠭ ᠮᠣᠷᠢᠨ ᠤ᠋ ᠳᠡᠭᠡᠷ᠎ᠡ ᠲᠣᠩᠭᠣᠢᠨ ᠪᠥᠬᠥᠢᠵᠦ ᠳᠣᠪᠲᠣᠯᠪᠠ᠂ᠰᠤᠳᠤᠷᠴᠢ ᠲᠦᠰᠢᠮᠡᠯ ᠰᠤᠳᠤᠷᠯᠠᠨ ᠪᠢᠴᠢᠭᠰᠡᠭᠡᠷ ᠡᠨᠳᠡ ᠬᠦᠷᠴᠦ ᠰᠡᠭᠦᠷᠡᠰᠦᠨ ᠠᠯᠳᠠᠵᠤ ᠰᠢᠯᠦᠭ ᠢ᠋ᠶ᠋ᠡᠷ ᠲᠡᠮᠳᠡᠭᠯᠡᠭᠰᠡᠨ ᠢᠨᠦ :
ᠦᠨᠡᠨᠴᠢ ᠶ᠋ᠢᠨ ᠦᠨᠡᠨ ᠦᠨᠡᠬᠡᠷ ᠢᠳᠡᠷ ᠳᠣᠪᠣ ᠳ᠋ᠤᠷ ᠪᠦᠷᠢᠳᠴᠦᠬᠦᠢ
ᠦᠷᠭᠦ ᠲᠥᠷᠬᠦ ᠥᠪᠡᠷ᠎ᠡ ᠰᠡᠳᠬᠢᠯ ᠦᠰᠦᠨ ᠦ ᠲᠡᠳᠦᠢ ᠴᠦ᠍ ᠦᠭᠡᠢ᠂
ᠦᠬᠦᠬᠦ ᠲᠥᠷᠥᠬᠦ ᠶ᠋ᠢ ᠥᠷᠯᠥᠭᠡ ᠶ᠋ᠢᠨ ᠵᠡᠭᠦᠳᠦᠨ ᠮᠡᠲᠦ ᠦᠵᠡᠵᠦ ᠴᠢᠳᠠᠪᠠ
ᠦᠷᠭᠦᠯᠵᠢ ᠲᠡᠨᠡᠭ ᠬᠠᠷᠢᠨ ᠥᠨᠳᠥᠷ ᠮᠡᠷᠭᠡᠳ ᠡᠴᠡ ᠬᠡᠲᠦᠢᠳᠴᠦᠬᠦᠢ᠃
ᠲᠡᠨᠳᠡᠴᠡ ᠢᠳᠡᠷ ᠳᠣᠪᠣ ᠪᠸᠲ᠋ᠠ᠋ ᠤᠯᠤᠰ ᠤ᠋ᠨ ᠵᠠᠬ᠎ᠠ ᠶ᠋ᠢᠨ ᠬᠠᠷᠠᠭᠤᠯ ᠳ᠋ᠤᠷ ᠬᠦᠷᠴᠦ ᠬᠠᠮᠲᠤ ᠪᠤᠷᠬᠠᠨ ᠭᠠᠯᠳᠤᠨ᠎ᠠ ᠳ᠋ᠤᠷ ᠬᠦᠷᠴᠦ ᠵᠢᠨᠦᠩ ᠮᠤᠬᠤᠯᠢ ᠤᠳᠤᠷᠢᠳᠤᠨ ᠲᠠᠢᠽᠦ ᠳ᠋ᠦ᠍ᠷ ᠵᠣᠯᠭᠠᠭᠤᠯᠤᠨ ᠪᠠᠢᠯᠳᠤᠬᠤ ᠪᠢᠴᠢᠭ ᠢ᠋ ᠪᠠᠷᠢᠭᠤᠯᠪᠠ᠃
ᠲᠡᠳᠦᠢ ᠢᠳᠡᠷ ᠳᠣᠪᠣ ᠬᠡᠬᠦᠯᠵᠡᠨ ᠵᠣᠭᠰᠣᠵᠤ ᠥᠨᠳᠥᠷ ᠳᠠᠭᠤᠨ ᠢ᠋ᠶ᠋ᠠᠷ ᠥᠭᠦᠯᠡᠷᠦᠨ:《ᠲᠠ ᠬᠡᠷᠪᠡ ᠨᠠᠮᠠᠶ᠋ᠢ ᠠᠯᠠᠪᠠᠰᠤ ᠪᠢ ᠬᠠᠷᠢᠨ ᠬᠦᠨᠳᠦᠯᠡᠵᠦ ᠰᠥᠭᠥᠳᠦᠨ ᠬᠡᠳᠦᠨ ᠦᠭᠡ ᠮᠡᠳᠡᠭᠦᠯᠰᠦᠭᠡᠢ᠂ᠬᠡᠷᠪᠡ ᠨᠠᠮᠠᠶ᠋ᠢ ᠪᠠᠰᠠ ᠠᠯᠠᠬᠤ ᠦᠭᠡᠢ ᠪᠣᠯᠪᠠᠰᠤ᠂ᠪᠢ ᠣᠳᠣ ᠪᠠᠷᠬᠢᠷᠠᠨ ᠬᠠᠷᠢᠶᠠᠵᠤ ᠡᠬᠢᠯᠡᠮᠦᠢ !》ᠬᠡᠮᠡᠭᠰᠡᠨ ᠳ᠋ᠦ᠍ᠷ ᠮᠤᠬᠤᠯᠢ ᠲᠡᠭᠦᠨ ᠤ ᠤᠬᠠᠭᠠᠨ ᠢ᠋ ᠮᠡᠳᠡᠭᠡᠳ:《ᠭᠠᠢ ᠦᠭᠡᠢ ᠴᠢᠮᠠᠶ᠋ᠢ ᠠᠯᠠᠪᠠᠰᠤ ᠪᠠᠷᠠᠪᠠ !》ᠬᠡᠮᠡᠭᠰᠡᠨ ᠳ᠋ᠦ᠍ᠷ ᠢᠳᠡᠷ ᠳᠣᠪᠣ ᠰᠠᠶᠢ ᠰᠥᠭᠥᠳᠴᠦ ᠲᠠᠢᠽᠦ ᠳ᠋ᠦ᠍ᠷ ᠮᠥᠷᠭᠥᠵᠦ ᠮᠡᠳᠡᠭᠦᠯᠦᠷᠦᠨ:《ᠡᠵᠡᠨ ᠳᠠᠢᠶᠠᠩ ᠬᠠᠭᠠᠨ᠂ᠪᠸᠲ᠋ᠠ᠋ ᠤᠯᠤᠰ ᠤ᠋ᠨ ᠲᠡᠮᠦᠵᠢᠨ ᠴᠢᠮᠠᠶ᠋ᠢ ᠲᠤᠯᠭᠠᠭᠤᠷᠢ ᠪᠣᠢ ᠪᠣᠯᠪᠠᠰᠤ ᠲᠣᠯᠣᠭᠠᠢ ᠪᠠᠨ ᠬᠦᠷᠭᠡᠵᠦ ᠢᠷ᠎ᠡ !》ᠭᠡᠮᠡᠨ ᠮᠡᠳᠡᠭᠦᠯᠦᠭᠰᠡᠨ ᠳ᠋ᠦ᠍ᠷ ᠲᠠᠢᠽᠦ ᠥᠴᠦᠬᠡᠨ ᠮᠦᠰᠢᠶᠡᠵᠦ ᠵᠠᠬᠢᠷᠤᠨ:《ᠨᠠᠢ᠍ᠮᠠᠨ ᠠ᠋ᠴᠠ ᠤᠷᠤᠭ ᠭᠣᠶᠣᠷ᠎ᠠ ᠢᠷᠡᠭᠰᠡᠨ ᠢᠨᠦ ᠴᠢ ᠪᠤᠰᠤ ᠤᠤ ?》ᠢᠳᠡᠷ ᠳᠣᠪᠣ ᠢᠨᠴᠠᠭᠳᠠᠶᠠ ᠢᠨᠢᠶᠡᠵᠦ ᠥᠭᠦᠯᠡᠷᠦᠨ:《ᠠᠮᠠᠷᠠᠭᠯᠠᠬᠤ ᠠᠯᠠᠯᠳᠤᠬᠤ ᠬᠣᠶᠠᠷ ᠲᠤᠷ ᠶᠠᠪᠤᠭᠰᠠᠨ ᠠᠨᠤ ᠴᠥᠮ ᠪᠢ ᠮᠥᠨ᠃》 ᠲᠠᠢᠽᠦ ᠠᠰᠠᠭᠤᠷᠤᠨ:《ᠠᠮᠠᠷᠠᠭᠯᠠᠮᠠᠭᠴᠠ ᠠᠯᠠᠯᠳᠤᠬᠤ ᠪᠠᠷ ᠢᠷᠡᠬᠦᠢ ᠳ᠋ᠦ᠍ᠷ ᠴᠢ ᠢᠴᠢᠬᠦ ᠦᠭᠡᠢ ᠦᠦ ?》ᠢᠳᠡᠷ ᠳᠣᠪᠣ ᠥᠴᠢᠷᠦᠨ:《ᠢᠴᠢᠩᠭᠦᠷᠡᠬᠦ ᠲᠤᠯᠠ ᠰᠠᠶᠢ ᠠᠯᠠᠭᠳᠠᠬᠤ ᠶ᠋ᠢ ᠡᠷᠢᠬᠦ ᠪᠣᠯᠠᠢ᠃ᠠᠩᠬ᠎ᠠ ᠤᠳᠠᠭ᠎ᠠ ᠠᠯᠬᠠᠲᠠᠢ ᠶ᠋ᠢᠨ ᠭᠠᠵᠠᠷ ᠤ᠋ᠨ ᠶᠡᠬᠡ ᠪᠠᠢᠯᠳᠤᠭᠠᠨ᠎ᠠ ᠲᠠ ᠨᠠᠮᠠᠶ᠋ᠢ ᠡᠰᠡ ᠠᠯᠠᠭᠰᠠᠨ ᠢ᠋ᠶ᠋ᠠᠷ ᠡᠭᠡᠵᠦ ᠡᠴᠢᠮᠡᠭᠴᠡ ᠴᠢᠦᠢ ᠶᠤᠸᠠᠨᠱᠤᠸᠠᠢ ᠳ᠋ᠤᠷ ᠵᠠᠭᠤᠨ ᠵᠦᠢᠯ ᠢ᠋ᠶ᠋ᠡᠷ ᠡᠷᠭᠦᠳᠡᠭᠳᠡᠪᠡ᠃ᠡᠨᠡ ᠤᠳᠠᠭ᠎ᠠ ᠲᠠ ᠪᠠᠰᠠ ᠡᠰᠡ ᠠᠯᠠᠪᠠᠰᠤ ᠡᠭᠡᠵᠦ ᠡᠴᠢᠪᠡᠰᠦ ᠣᠳᠣ ᠪᠠᠰᠠᠨ ᠵᠠᠨᠴᠢᠭ᠍ᠳᠠᠮᠣᠢ᠃ᠪᠢ ᠠᠯᠠᠭᠳᠠᠬᠤ ᠠ᠋ᠴᠠ ᠠᠶᠤᠬᠤ ᠦᠭᠡᠢ ᠪᠣᠯᠪᠠᠴᠤ ᠠᠮᠠᠨ ᠬᠦᠵᠦᠭᠦᠦ ᠰᠢᠬᠠᠭᠳᠠᠬᠤ ᠠ᠋ᠴᠠ ᠠᠰᠤᠷᠤ ᠬᠠᠰᠢᠷᠠᠵᠤᠬᠤᠢ᠃ᠰᠦᠷ ᠪᠤᠶᠠᠨᠲᠤ ᠡᠵᠡᠨ ᠴᠢ ᠨᠠᠮᠠᠶ᠋ᠢ ᠠᠯᠠᠭᠠᠳ ᠲᠣᠯᠣᠭᠠᠢ ᠶ᠋ᠢ ᠮᠢᠨᠦ ᠢᠯᠡᠭᠡᠲᠦᠭᠡᠢ᠂ᠪᠢ ᠨᠢᠭᠡᠨ ᠰᠠᠢᠨ ᠡᠷ᠎ᠡ ᠶ᠋ᠢᠨ ᠨᠡᠷ᠎ᠡ ᠪᠡᠨ ᠣᠯᠰᠤᠭᠠᠢ᠃ᠪᠢ ᠡᠨᠡ ᠠᠮᠠᠨ ᠪᠥᠭᠯᠡᠭᠳᠡᠵᠦ ᠢᠴᠢᠩᠭᠦᠷᠡᠬᠦ ᠪᠠ ᠠᠪᠤᠨ ᠠᠪᠤᠨ ᠵᠠᠨᠴᠢᠭ᠍ᠳᠠᠬᠤᠢ ᠳ᠋ᠤᠷ ᠠᠳᠠᠪᠠᠰᠢ ᠮᠠᠰᠢ ᠪᠢᠲᠡᠭᠦᠷᠡᠮᠦᠢ᠂ᠠᠤᠭ᠎ᠠ ᠬᠦᠴᠦᠲᠦ ᠡᠵᠡᠨ ᠴᠢ᠂ᠠᠯᠠᠭᠠᠰᠠᠯ ᠥᠭᠡᠶ᠎ᠡ ᠠᠯᠠᠵᠤ ᠬᠠᠢᠷᠠᠯᠠᠮᠤ!》ᠭᠡᠮᠡᠨ ᠭᠣᠶᠣᠬᠤᠢ ᠳ᠋ᠤᠷ ᠲᠠᠢᠽᠦ ᠠ᠋ᠴᠠ ᠲᠡᠷᠢᠭᠦᠯᠡᠨ ᠲᠥᠷᠥ ᠶ᠋ᠢᠨ ᠬᠣᠲᠠᠯᠠᠭᠠᠷ ᠴᠥᠮ ᠢᠨᠢᠶᠡᠳᠦᠮ ᠲᠥᠷᠥᠵᠦ᠂ᠲᠡᠭᠦᠨ ᠦ᠌ ᠡᠵᠡᠨ ᠣᠨᠴᠠ ᠲᠡᠭᠦᠨ ᠢ᠋ ᠶᠠᠭᠤᠨ ᠳ᠋ᠤᠷ ᠡᠢᠨ ᠬᠦ᠌ ᠴᠥᠯᠡᠬᠦ ᠶ᠋ᠢ ᠠᠰᠠᠭᠤᠭᠰᠠᠨ ᠳ᠋ᠤᠷ ᠢᠳᠡᠷ ᠳᠣᠪᠣ ᠠᠷᠭ᠎ᠠ ᠦᠭᠡᠢ᠂ᠥᠪᠡᠷ ᠦ᠋ᠨ ᠤᠯᠤᠰ ᠤ᠋ᠨ ᠬᠡᠷᠡᠭ ᠢ᠋ᠶ᠋ᠡᠨ ᠪᠦᠷᠢᠳᠬᠡᠨ ᠲᠣᠭᠠᠴᠢᠵᠤ ᠨᠠᠷᠢᠪᠴᠢᠯᠠᠨ ᠬᠡᠯᠡᠵᠦ᠂ᠪᠠᠰᠠ ᠪᠤᠯᠤᠤ ᠸᠠᠩ ᠢ᠋ ᠵᠥᠭᠡᠵᠦ ᠥᠭᠦᠯᠡᠷᠦᠨ:《ᠬᠠᠮᠤᠭ ᠲᠡᠷᠡ ᠪᠤᠷᠤᠭᠤᠳᠠᠭᠰᠠᠨ ᠪᠤᠯᠤᠤ ᠸᠠᠩ ᠤ᠋ᠨ ᠪᠤᠴᠠᠭᠤᠯᠤᠭᠰᠠᠨ ᠢ᠋ᠶ᠋ᠠᠷ ᠪᠢ ᠡᠨᠡ ᠮᠡᠲᠦ ᠢᠴᠢᠩᠭᠦᠷᠡᠯ ᠢ᠋ ᠣᠯᠪᠠ᠂ᠪᠤᠰᠤ ᠪᠣᠯᠪᠠᠰᠤ ᠲᠡᠷᠡ ᠤᠳᠠᠭ᠎ᠠ ᠳ᠋ᠤᠷ ᠳᠠᠷᠤᠢ ᠪᠤᠶᠠᠨ ᠶᠡᠬᠡᠲᠦ ᠥᠪᠡᠷ ᠦ᠋ᠨ ᠡᠵᠡᠨ ᠳ᠋ᠡᠭᠡᠨ ᠪᠤᠲᠠᠷᠠᠲᠠᠯ᠎ᠠ ᠠᠯᠠᠭᠳᠠᠭᠠᠳ ᠪᠤᠴᠠᠯ ᠦᠭᠡᠢ ᠰᠠᠢᠨ ᠨᠡᠷ᠎ᠡ ᠪᠡᠨ ᠬᠡᠳᠦᠢᠨᠡᠢ ᠣᠯᠵᠤ ᠴᠢᠳᠠᠭᠰᠠᠨ ᠪᠥᠯᠥᠭᠡ᠃ᠡᠳᠦᠭᠡ ᠲᠡᠮᠦᠵᠢᠨ ᠴᠢ ᠨᠠᠮᠠᠶ᠋ᠢ ᠪᠠᠰᠠ ᠠᠯᠠᠯ ᠦᠭᠡᠢ ᠪᠡᠷ ᠬᠠᠷᠢᠭᠤᠯᠪᠠᠰᠤ᠂ᠠᠶ᠎ᠠ ᠪᠢ ᠠᠯᠭᠠᠰᠠᠯ ᠦᠭᠡᠢ ᠪᠠᠰᠠ ᠵᠠᠨᠴᠢᠭ᠍ᠳᠠᠵᠤ ᠪᠢᠲᠡᠭᠦᠷᠡᠮᠦᠢ᠂ᠲᠦᠷᠭᠡᠨ᠎ᠡ ᠠᠯᠠ᠂ᠲᠦᠷᠭᠡᠨ ᠠᠯᠠ! ᠭᠠᠭᠴᠠ ᠮᠢᠨᠦ ᠨᠢᠭᠡᠨ ᠰᠡᠳᠬᠢᠯ ᠦ᠋ᠨ ᠭᠣᠮᠣᠳᠠᠯ ᠪᠠᠢᠬᠤ ᠠᠨᠤ᠂ᠮᠢᠨᠦ ᠪᠠᠭ᠎ᠠ ᠡᠵᠡᠨ ᠦ᠌ ᠬᠠᠲᠤᠨ ᠡᠨᠳᠡ ᠪᠠᠢᠭᠰᠠᠭᠠᠷ ᠡᠨᠡ ᠤᠳᠠᠭ᠎ᠠ ᠲᠠᠢᠯᠵᠤ ᠳᠡᠢᠯᠦᠭᠳᠡᠪᠡᠴᠦ ᠣᠨᠴᠠ ᠡᠵᠡᠨ ᠦ᠌ ᠮᠢᠨᠦ ᠤᠷᠤᠭ ᠢ᠋ ᠠᠨᠤ ᠦᠯᠦ ᠲᠠᠰᠤᠯᠤᠮᠤ!》ᠬᠡᠮᠡᠭᠰᠡᠨ ᠳ᠋ᠦ᠍ᠷ ᠲᠠᠢᠽᠦ ᠰᠡᠭᠦᠷᠡᠰᠦᠨ ᠠᠯᠳᠠᠵᠤ ᠵᠠᠬᠢᠷᠤᠨ:《ᠦᠨᠡᠬᠡᠷ ᠲᠡᠨᠡᠭ ᠴᠢᠬᠡᠴᠢ ᠡᠷ᠎ᠡ ᠪᠠᠢᠨᠠᠮ᠂ᠬᠠᠢᠷᠬᠠᠨ ᠰᠠᠢᠨ ᠡᠵᠡᠨ ᠢ᠋ ᠣᠯᠤᠭᠰᠠᠨ ᠦᠭᠡᠢ !》ᠬᠡᠮᠡᠬᠦᠢ ᠳ᠋ᠦ᠍ᠷ ᠢᠳᠡᠷ ᠳᠣᠪᠣ ᠴᠢᠷᠠᠢ ᠬᠤᠪᠢᠯᠤᠨ᠂ᠭᠦᠶᠦᠨ ᠪᠣᠰᠴᠤ ᠠᠭᠰᠤᠷᠬᠢᠯᠠᠨ ᠥᠭᠦᠯᠡᠷᠦᠨ:《ᠮᠢᠨᠦ ᠡᠵᠡᠨ ᠲᠡᠮᠦᠵᠢᠨ ᠴᠢᠮ᠎ᠠ ᠠ᠋ᠴᠠ ᠲᠦᠮᠡᠨ ᠬᠤᠪᠢ ᠳᠡᠭᠡᠷ᠎ᠡ᠂ᠲᠡᠮᠦᠵᠢᠨ ᠴᠢ ᠨᠢᠳᠦ ᠦᠭᠡᠢ ᠪᠣᠯᠪᠠ᠂ᠮᠢᠨᠦ ᠨᠢᠭᠤᠷ ᠲᠤᠷ ᠮᠢᠨᠦ ᠡᠵᠡᠨ ᠢ᠋ ᠪᠢᠲᠡᠭᠡᠢ ᠳᠣᠷᠣᠮᠵᠢᠯᠠ !》ᠬᠡᠮᠡᠬᠦᠢ ᠳ᠋ᠦ᠍ᠷ ᠲᠠᠢᠽᠦ ᠨᠡᠩ ᠪᠡᠶᠡᠰᠦᠨ ᠰᠠᠢᠰᠢᠶᠠᠵᠤ ᠱᠠᠩ ᠬᠡᠰᠢᠭ ᠥᠭᠴᠦ ᠭᠠᠷᠭᠠᠬᠤᠶ᠎ᠠ᠂ᠢᠳᠡᠷ ᠳᠣᠪᠣ ᠡᠷᠬᠡᠪᠰᠢ ᠪᠡᠶ᠎ᠡ ᠪᠡᠨ ᠠᠯᠠᠵᠤ᠂ᠪᠠᠰᠠ ᠮᠢᠨᠦ ᠪᠠᠭ᠎ᠠ ᠡᠵᠡᠨ ᠦ᠌ ᠬᠠᠲᠤᠨ ᠢ᠋ ᠠᠨᠤ ᠥᠭ ᠬᠡᠮᠡᠬᠦᠢ ᠳ᠋ᠦ᠍ᠷ ᠲᠠᠢᠽᠦ ᠵᠠᠬᠢᠷᠤᠨ:《ᠪᠢ ᠪᠢᠴᠢᠬᠠᠨ ᠬᠡᠦᠬᠡᠳ ᠦ᠋ᠨ ᠵᠠᠩ ᠢ᠋ᠶ᠋ᠠᠷ ᠦᠯᠦ ᠶᠠᠪᠤᠮᠤᠢ !》ᠢᠳᠡᠷ ᠳᠣᠪᠣ ᠶᠡᠬᠡᠯ᠎ᠡ ᠪᠠᠶᠠᠷᠯᠠᠨ ᠥᠭᠦᠯᠡᠷᠦᠨ:《ᠵᠠ ᠡᠨᠡ ᠰᠠᠶᠢ ᠳᠠᠭ᠌ᠷᠢᠯᠢᠭ᠌ ᠤ᠋ᠨ ᠬᠥᠪᠡᠭᠦᠨ ᠮᠥᠨ ! ᠮᠢᠨᠦ ᠪᠠᠭ᠎ᠠ ᠡᠵᠡᠨ ᠲᠠᠢᠽᠢ ᠡᠪᠡᠳᠴᠦ ᠪᠣᠢ᠂ᠪᠠᠢᠯᠳᠤᠭᠠᠨ᠎ᠠ ᠢᠷᠡᠵᠦ ᠴᠢᠳᠠᠬᠤ ᠦᠭᠡᠢ᠃ᠮᠢᠨᠦ ᠪᠠᠭ᠎ᠠ ᠡᠵᠡᠨ ᠠᠮᠢᠳᠤ ᠪᠠᠢᠭᠰᠠᠨ ᠴᠠᠭ ᠲᠤ᠌ ᠬᠠᠲᠤᠨ ᠡᠵᠡᠨ ᠢ᠋ ᠮᠢᠨᠦ ᠦᠯᠡᠳᠡᠭᠡᠵᠦ ᠪᠠᠢᠭᠲᠤᠨ᠃ᠬᠡᠷᠪᠡ ᠮᠢᠨᠦ ᠪᠠᠭ᠎ᠠ ᠡᠵᠡᠨ ᠦᠬᠦᠪᠡᠰᠦ ᠴᠢ ᠳᠠᠷᠤᠢ ᠠᠯᠠᠲᠤᠭᠠᠢ᠃ᠵᠠ ᠣᠳᠣ ᠨᠠᠳᠠ ᠳ᠋ᠤᠷ ᠥᠴᠦᠬᠡᠨ ᠴᠦ᠍ ᠭᠣᠮᠣᠳᠠᠯ ᠦᠭᠡᠢ !》ᠭᠡᠮᠡᠨ 《ᠣᠳᠣ ᠨᠠᠮᠠᠶ᠋ᠢ ᠠᠯᠠᠲᠤᠭᠠᠢ !》ᠭᠡᠮᠡᠨ ᠵᠢᠭᠤᠷᠠᠬᠤᠢ ᠳ᠋ᠤᠷ ᠮᠤᠬᠤᠯᠢ ᠢᠨᠢᠶᠡᠨ ᠥᠭᠦᠯᠡᠷᠦᠨ:《ᠴᠢᠮᠠᠶ᠋ᠢ ᠠᠯᠠᠪᠠᠰᠤ ᠴᠢᠨᠦ ᠪᠠᠭ᠎ᠠ ᠡᠵᠡᠨ ᠦ᠌ ᠬᠠᠲᠤᠨ ᠢ᠋ ᠥᠭᠬᠦ ᠪᠠᠲᠤ ᠶ᠋ᠢ ᠬᠡᠨ ᠳ᠋ᠦ᠍ᠷ ᠦᠵᠡᠭᠦᠯᠦᠮᠦᠢ᠃ᠴᠢ ᠣᠳᠣ ᠡᠵᠡᠨ ᠦ᠌ ᠬᠡᠰᠢᠭ ᠲᠣᠷ ᠮᠥᠷᠭᠥᠵᠦ ᠡᠭᠡᠲᠦᠭᠡᠢ !》ᠬᠡᠮᠡᠭᠰᠡᠨ ᠳ᠋ᠦ᠍ᠷ ᠢᠳᠡᠷ ᠳᠣᠪᠣ ᠬᠠᠭᠠᠰ ᠴᠠᠭ ᠪᠣᠳᠣᠵᠤ ᠮᠥᠨ ᠭᠡᠮᠡᠨ ᠮᠥᠷᠭᠥᠵᠦ:《ᠦᠭᠡ ᠪᠡᠨ ᠯᠠᠪᠯᠠ !》ᠬᠡᠮᠡᠵᠦ ᠰᠠᠶᠢ ᠭᠠᠷᠪᠠᠢ᠃
ᠲᠡᠳᠦᠢ ᠬᠤᠷᠢᠮ ᠬᠦᠷᠲᠡᠵᠦ᠂ᠤᠯᠤᠰ ᠲᠤᠷ ᠢ᠋ᠶ᠋ᠠᠨ ᠡᠭᠡᠵᠦ ᠢᠷᠡᠭᠰᠡᠨ᠎ᠡ ᠲᠠᠢᠶᠠᠩ ᠡᠴᠢᠭᠰᠡᠨ ᠤᠴᠢᠷ ᠢ᠋ ᠠᠰᠠᠭᠤᠭᠰᠠᠨ ᠳ᠋ᠤᠷ ᠢᠳᠡᠷ ᠳᠣᠪᠣ ᠪᠠᠰᠠ ᠴᠥᠮ ᠦᠨᠡᠨ ᠢ᠋ᠶ᠋ᠡᠨ ᠬᠡᠯᠡᠭᠰᠡᠨ ᠳ᠋ᠦ᠍ᠷ ᠲᠠᠢᠶᠠᠩ ᠬᠠᠭᠠᠨ :《ᠮᠢᠨᠦ ᠤᠯᠤᠰ ᠤ᠋ᠨ ᠨᠠᠷᠢᠨ ᠨᠢᠭᠲᠠ ᠶ᠋ᠢ ᠵᠠᠳᠠᠷᠠᠭᠤᠯᠪᠠ》ᠭᠡᠮᠡᠨ ᠦᠨᠡᠬᠡᠷ ᠪᠠᠰᠠ ᠳᠥᠴᠢᠨ ᠮᠠᠨᠴᠤᠷᠭ᠎ᠠ ᠵᠠᠨᠴᠢᠵᠤ᠂ᠡᠮᠦᠨ᠎ᠡ ᠴᠡᠷᠢᠭ ᠦ᠋ᠨ ᠮᠠᠩᠯᠠᠢᠯᠠᠨ ᠪᠠᠢᠯᠳᠤᠬᠤᠢ ᠳ᠋ᠤᠷ ᠲᠤᠰᠢᠶᠠᠪᠠ᠃ᠢᠳᠡᠷ ᠳᠣᠪᠣ ᠢᠨᠴᠠᠭᠯᠠᠨ ᠳᠣᠭᠣᠯᠤᠭᠰᠠᠭᠠᠷ ᠭᠠᠷᠴᠤ ᠢᠷᠡᠭᠡᠳ ᠴᠡᠷᠢᠭ ᠢ᠋ᠶ᠋ᠡᠨ ᠰᠢᠯᠭᠠᠵᠤ ᠪᠡᠯᠡᠳᠬᠡᠭᠡᠳ ᠪᠠᠭ᠎ᠠ ᠡᠵᠡᠨ ᠠᠯᠲᠠᠨᠱᠠᠭ᠎ᠠ ᠳ᠋ᠤᠷ ᠤᠷᠤᠭ ᠦᠯᠦ ᠪᠤᠴᠠᠬᠤ ᠶ᠋ᠢ ᠬᠡᠯᠡᠵᠦ ᠢᠯᠡᠭᠡᠪᠡ᠃ᠠᠶ᠎ᠠ ᠡᠨᠡ ᠦᠨᠡᠬᠡᠷ᠄
ᠰᠢᠳᠤᠷᠭᠤ ᠰᠠᠢᠳ ᠴᠠᠪᠴᠢᠭ᠍ᠳᠠᠨ ᠠᠯᠠᠭᠳᠠᠪᠠᠴᠤ
ᠰᠢᠳᠤᠷᠭᠤ ᠰᠡᠳᠬᠢᠯ ᠪᠣᠢ᠂
ᠰᠥᠷᠭᠡᠦ ᠪᠣᠭᠣᠯ ᠰᠥᠭᠥᠳᠴᠦ ᠬᠦᠨᠳᠦᠯᠡᠪᠡᠴᠦ
ᠰᠦᠰᠦᠭᠯᠡᠬᠦ ᠰᠠᠨᠠᠭᠠᠨ ᠦᠭᠡᠢ᠃
ᠬᠡᠮᠡᠭᠴᠢ ᠣᠳᠣ ᠴᠣᠬᠣᠮ ᠡᠨᠡ ᠪᠤᠶᠤ᠃
ᠲᠡᠨᠳᠡᠴᠡ ᠪᠸᠲ᠋ᠠ᠋ ᠨᠠᠢ᠍ᠮᠠᠨ ᠤᠯᠤᠰ ᠬᠠᠰᠢ ᠶᠠᠰᠢ ᠰᠢᠨᠡᠯᠡᠮᠡᠭᠴᠡ ᠳᠠᠷᠤᠢ ᠬᠣᠶᠠᠷ ᠰᠠᠷ᠎ᠠ ᠳ᠋ᠤᠷ ᠶᠡᠬᠡ ᠴᠡᠷᠢᠭ ᠬᠥᠳᠡᠯᠪᠡ᠃ᠤᠷᠢᠳᠤ ᠣᠨ ᠤ᠋ ᠣᠯᠠᠨ ᠵᠦᠢᠯ ᠦ᠋ᠨ ᠤᠷᠰᠢᠭ᠋ ᠶᠠᠷᠰᠢᠭ᠍ᠲᠤ ᠴᠠᠭᠠᠨᠴᠢᠨ ᠲᠠᠬᠢᠶ᠎ᠠ ᠵᠢᠯ ᠡᠨᠳᠡ ᠲᠡᠭᠦᠰᠴᠦ ᠪᠸᠲ᠋ᠠ᠋ ᠤᠯᠤᠰ ᠴᠡᠷᠢᠭ ᠢ᠋ᠶ᠋ᠡᠨ ᠬᠡᠳᠦᠢᠨᠡᠢ ᠪᠦᠷᠢᠳᠬᠡᠵᠦ᠂ᠲᠠᠬᠢᠮ ᠤ᠋ᠨ ᠭᠣᠣᠯ ᠳ᠋ᠤᠷ ᠴᠢᠭᠤᠯᠪᠠ᠃
ᠬᠠᠷ᠎ᠠ ᠨᠣᠬᠠᠢ ᠵᠢᠯ ᠡᠭᠦᠨ ᠡᠴᠡ ᠡᠬᠢᠯᠡᠵᠦ ᠨᠠᠢ᠍ᠮᠠᠨ ᠤᠯᠤᠰ ᠤ᠋ᠨ ᠴᠡᠷᠢᠭ ᠨᠢᠭᠡᠨᠲᠡ ᠮᠣᠷᠳᠠᠵᠤ᠂ᠬᠠᠩᠭᠠᠢ ᠠᠭᠤᠯᠠ ᠶ᠋ᠢ ᠵᠣᠷᠢᠪᠠ᠃ᠲᠠᠢᠽᠦ ᠳᠥᠴᠢᠨ ᠨᠢᠭᠡᠨ ᠨᠠᠰᠤᠨ ᠰᠡᠭᠦᠳᠡᠷ ᠲᠡᠢ ᠪᠣᠯᠪᠠ᠃ᠰᠥᠩ ᠤᠯᠤᠰ ᠤ᠋ᠨ ᠨᠢᠩᠽᠦᠶ᠋ᠩ ᠬᠠᠭᠠᠨ ᠤ᠋ ᠵᠢᠶᠠ ᠲᠠᠢ ᠶ᠋ᠢᠨ ᠬᠣᠶᠠᠳᠤᠭᠠᠷ ᠣᠨ᠂ᠳᠤᠮᠳᠠᠳᠤ ᠠᠯᠲᠠᠨ ᠤᠯᠤᠰ ᠤ᠋ᠨ ᠵᠠᠩᠽᠦᠶ᠋ᠩ ᠬᠠᠭᠠᠨ ᠤ᠋ ᠲᠠᠢ ᠾᠧ ᠬᠡᠮᠡᠬᠦᠢ ᠶ᠋ᠢᠨ ᠬᠣᠶᠠᠳᠤᠭᠠᠷ ᠣᠨ ᠪᠣᠯᠪᠠ᠃
ᠲᠡᠨᠳᠡᠴᠡ ᠨᠠᠢ᠍ᠮᠠᠨ ᠤ᠋ ᠲᠠᠢᠶᠠᠩ ᠬᠠᠭᠠᠨ ᠬᠣᠷᠢᠨ ᠲᠦᠮᠡᠨ ᠴᠡᠷᠢᠭ ᠢ᠋ᠶ᠋ᠡᠨ ᠨᠡᠢᠲᠡ ᠨᠠᠢ᠍ᠮᠠᠨ ᠵᠠᠮ ᠪᠣᠯᠭᠠᠨ ᠵᠣᠬᠢᠶᠠᠵᠤ᠂ᠲᠡᠷᠢᠭᠦᠨ ᠠᠩᠭᠢ ᠳ᠋ᠤᠷ ᠢᠳᠡᠷ ᠳᠣᠪᠣ ᠶ᠋ᠢ ᠬᠣᠰᠢᠭᠤᠴᠢ ᠪᠣᠯᠭᠠᠨ᠂ᠳᠡᠭᠡᠷ᠎ᠡ ᠢᠨᠦ ᠶᠡᠬᠡ ᠶᠤᠸᠠᠨᠱᠤᠸᠠᠢ ᠬᠣᠯᠠᠰᠤᠪᠴᠢ᠂ᠵᠢᠴᠢ ᠴᠢᠦᠢ ᠱᠢ ᠯᠢ ᠵᠠᠬᠢᠷᠪᠠ᠃ᠬᠣᠶᠠᠳᠤᠭᠠᠷ ᠠᠩᠭᠢ ᠰᠦᠷᠯᠡᠬᠡᠭ᠂ᠡᠳᠡᠷᠮᠦᠳᠡ᠂ᠵᠢᠭᠡ ᠭᠤᠷᠪᠠᠭᠤᠯᠠ ᠵᠠᠬᠢᠷᠪᠠ᠃ᠭᠤᠷᠪᠠᠳᠤᠭᠠᠷ ᠠᠩᠭᠢ ᠶ᠋ᠢ ᠲᠠᠢᠶᠠᠩ ᠬᠠᠭᠠᠨ ᠤ᠋ ᠪᠡᠶ᠎ᠡ᠂ᠠᠬ᠎ᠠ ᠪᠤᠯᠤᠤ ᠸᠠᠩ᠂ᠠᠴᠢ ᠴᠢᠦᠢ ᠴᠦ᠍ ᠯᠢᠦᠢ ᠭᠤᠷᠪᠠᠭᠤᠯᠠ ᠵᠠᠬᠢᠷᠪᠠ᠃ᠳᠥᠷᠪᠡᠳᠦᠭᠡᠷ ᠠᠩᠭᠢ ᠶ᠋ᠢ ᠬᠡᠷᠡᠢᠳ ᠦ᠋ᠨ ᠡᠯᠢᠶ᠎ᠡ᠂ᠵᠠᠢᠯᠠ ᠶ᠋ᠢᠨ ᠬᠤᠪᠢᠲᠤ ᠬᠤᠸᠠ ᠨᠠᠷ ᠵᠠᠬᠢᠷᠪᠠ᠃ᠲᠠᠪᠤᠳᠤᠭᠠᠷ ᠠᠩᠭᠢ ᠶ᠋ᠢ ᠪᠠᠶᠠᠴᠢᠷ ᠤ᠋ᠨ᠂ᠪᠣᠳᠣᠩ᠂ᠳᠥᠷᠪᠡᠳ ᠦ᠋ᠨ ᠭᠠᠯᠵᠠᠭᠤ ᠪᠤᠬ᠎ᠠ ᠵᠠᠬᠢᠷᠪᠠ᠃ᠵᠢᠷᠭᠤᠳᠤᠭᠠᠷ ᠠᠩᠭᠢ ᠶ᠋ᠢ ᠲᠠᠲ᠋ᠠᠷ ᠤ᠋ᠨ ᠮᠡᠨᠡᠭ᠂ᠬᠠᠳᠠᠴᠢᠨ ᠤ᠋ ᠷᠠᠬᠤ ᠵᠠᠬᠢᠷᠪᠠ᠃ᠳᠣᠯᠣᠳᠤᠭᠠᠷ ᠠᠩᠭᠢ ᠶ᠋ᠢ ᠱᠠᠯᠵᠢᠲᠠᠢ ᠶ᠋ᠢᠨ ᠮᠠᠨᠠᠢᠷ᠂ᠪᠦᠲᠦᠨ᠎ᠡ ᠶ᠋ᠢᠨ ᠢᠯᠠᠭᠤᠭᠰᠠᠨ ᠬᠣᠶᠠᠭᠤᠯᠠ ᠵᠠᠬᠢᠷᠪᠠ᠃ᠨᠠᠢ᠍ᠮᠠᠳᠤᠭᠠᠷ ᠠᠩᠭᠢ ᠶ᠋ᠢ ᠮᠠᠢᠯᠵᠢ ᠶ᠋ᠢᠨ ᠲᠣᠳᠣ᠂ᠭᠣᠷᠯᠣᠳ ᠤ᠋ᠨ ᠵᠠᠮᠤᠬ᠎ᠠ ᠵᠠᠬᠢᠷᠪᠠ᠃ᠪᠠᠭ ᠪᠦᠷᠢ ᠳ᠋ᠦ᠍ᠷ ᠬᠣᠶᠠᠷ ᠲᠦᠮᠡᠨ ᠨᠠᠢ᠍ᠮᠠᠨ ᠮᠢᠩᠭᠠᠨ ᠨᠠᠢ᠍ᠮᠠᠨ ᠵᠠᠭᠤᠨ ᠨᠠᠶᠠᠨ ᠨᠠᠢ᠍ᠮᠠᠨ ᠴᠡᠷᠢᠭ ᠪᠣᠯᠭᠠᠵᠤ ᠵᠣᠬᠢᠶᠠᠵᠤ᠂ᠳᠠᠷᠠᠭ᠎ᠠ ᠳᠠᠷᠠᠭ᠎ᠠ ᠪᠠᠷ ᠬᠥᠳᠡᠯᠵᠦ᠂ᠬᠠᠩᠭᠠᠢ ᠠᠭᠤᠯᠠᠨ᠎ᠠ ᠢᠷᠠᠪᠠᠰᠤ ᠪᠸᠲ᠋ᠠ᠋ ᠤᠯᠤᠰ ᠤ᠋ᠨ ᠴᠡᠷᠢᠭ ᠬᠡᠳᠦᠢᠨᠡᠢ ᠢᠷᠡᠵᠦ᠂ᠪᠠᠰᠠ ᠲᠠᠬᠢᠮ ᠤ᠋ᠨ ᠭᠣᠣᠯ ᠠ᠋ᠴᠠ ᠲᠠᠪᠰᠢᠵᠤ᠂ᠮᠥᠨ ᠬᠦ᠌ ᠠᠯᠠᠭᠲᠠᠢ ᠶ᠋ᠢᠨ ᠠᠭᠤᠯᠠᠨ᠎ᠠ ᠪᠠᠭᠤᠳᠠᠯᠯᠠᠵᠤ ᠬᠡᠪ ᠢ᠋ᠶ᠋ᠡᠷ ᠶᠢᠰᠦᠨ ᠡᠩ ᠢ᠋ᠶ᠋ᠡᠷ ᠬᠤᠪᠢᠶᠠᠨ ᠬᠦᠯᠢᠶᠡᠭᠰᠡᠨ ᠠᠵᠤᠭᠤ᠃ᠬᠣᠶᠠᠷ ᠤᠯᠤᠰ ᠬᠣᠶᠠᠷ ᠰᠠᠷ᠎ᠠ ᠶ᠋ᠢᠨ ᠰᠡᠭᠦᠯ ᠪᠣᠯᠲᠠᠯ᠎ᠠ ᠲᠤᠯᠭᠠᠯᠴᠠᠨ ᠪᠠᠭᠤᠵᠤ᠂ᠪᠠᠢᠯᠳᠤᠬᠤ ᠦᠭᠡᠢ ᠪᠥᠬᠥᠶ᠎ᠡ᠂ᠪᠠᠷᠠᠭᠤᠨ ᠰᠢᠶᠠ ᠤᠯᠤᠰ ᠸᠧᠢ ᠯᠢᠩ ᠬᠦᠩ ᠬᠡᠮᠡᠭᠴᠢ ᠶ᠋ᠢ ᠬᠠᠭᠤᠷᠮᠠᠭ ᠢ᠋ᠶ᠋ᠠᠷ ᠪᠸᠲ᠋ᠠ᠋ ᠤᠯᠤᠰ᠂ᠨᠠᠢ᠍ᠮᠠᠨ ᠤᠯᠤᠰ ᠢ᠋ ᠡᠶᠡᠳᠡᠭᠦᠯᠲᠦᠭᠡᠢ ᠭᠡᠮᠡᠨ ᠬᠥᠮᠦᠨ ᠵᠠᠷᠤᠭᠰᠠᠨ ᠳ᠋ᠤᠷ ᠲᠠᠢᠽᠦ ᠰᠠᠨᠠᠭᠠᠨ ᠣᠯᠵᠤ᠂ᠶᠢᠰᠦᠨ ᠡᠩ ᠦ᠋ᠨ ᠣᠯᠠᠨ ᠰᠠᠢᠳ ᠢ᠋ ᠰᠠᠨᠠᠭ᠎ᠠ ᠰᠠᠨᠠᠭ᠎ᠠ ᠪᠠᠨ ᠨᠢᠭᠤᠨ ᠪᠢᠴᠢᠵᠦ ᠪᠡᠷᠢ ᠭᠡᠮᠡᠨ ᠪᠠᠷᠢᠭᠤᠯᠵᠤ᠂ᠣᠯᠠᠨ ᠤ᠋ ᠰᠠᠨᠠᠭᠠᠨ ᠢ᠋ ᠨᠡᠢᠯᠡᠭᠦᠯᠦᠨ ᠦᠵᠡᠪᠡᠰᠦ᠂ᠠᠷᠪᠠᠨ ᠬᠤᠪᠢ ᠠ᠋ᠴᠠ ᠨᠠᠢ᠍ᠮᠠᠨ ᠬᠤᠪᠢ ᠠᠨᠤ ᠳᠠᠢᠯᠠᠬᠤ ᠶ᠋ᠢ ᠬᠦᠰᠡᠵᠦ᠂ᠬᠣᠶᠠᠷᠬᠠᠨ ᠬᠤᠪᠢ ᠠᠨᠤ ᠬᠠᠪᠤᠷ ᠤ᠋ᠨ ᠮᠣᠷᠢᠨ ᠤ᠋ ᠬᠦᠴᠦᠨ ᠮᠠᠭᠤ ᠳ᠋ᠤᠷ ᠰᠢᠯᠲᠠᠵᠤ ᠪᠣᠢ᠃ᠡᠭᠦᠨ ᠳ᠋ᠦ᠍ᠷ ᠲᠠᠢᠽᠦ ᠲᠡᠷᠢᠭᠦᠨ ᠭᠡᠬᠢᠵᠦ ᠳᠥᠷᠪᠡᠨ ᠳᠡᠭᠦᠦ ᠨᠠᠷ ᠢ᠋ᠶ᠋ᠠᠨ ᠨᠢᠭᠡ ᠨᠢᠭᠡᠨ ᠢ᠋ᠶ᠋ᠡᠷ ᠳᠠᠭᠤᠳᠠᠵᠤ ᠬᠠᠪᠤᠷ ᠤ᠋ᠨ ᠴᠠᠭ ᠤ᠋ᠨ ᠮᠣᠷᠢᠨ ᠤ᠋ ᠬᠦᠴᠦᠨ ᠮᠠᠭᠤ ᠬᠡᠮᠡᠭᠰᠡᠨ ᠢ᠋ ᠬᠡᠯᠡᠵᠦ᠂ᠳᠠᠢᠯᠠᠬᠤ ᠪᠠ ᠵᠣᠭᠰᠣᠬᠤ ᠶ᠋ᠢ ᠵᠥᠪᠳᠡᠨ ᠠᠰᠠᠭᠤᠪᠠᠰᠤ ᠪᠦᠬᠦ ᠪᠡᠯᠭᠦᠳᠡᠢ ᠶ᠋ᠢᠨ ᠦᠭᠡ ᠢᠨᠦ:《ᠨᠠᠢ᠍ᠮᠠᠨ ᠤ᠋ ᠲᠠᠢᠶᠠᠩ ᠬᠠᠭᠠᠨ ᠪᠣᠯᠣᠢ᠂ᠡᠮᠦᠨ᠎ᠡ ᠤᠮᠠᠷ᠎ᠠ ᠶ᠋ᠢᠨ ᠠᠷᠪᠠᠭᠠᠳ ᠤᠯᠤᠰ ᠢ᠋ ᠴᠤᠭᠯᠠᠭᠤᠯᠵᠤ ᠮᠠᠨ ᠤ᠋ ᠭᠠᠭᠴᠠᠬᠠᠨ ᠤᠯᠤᠰ ᠢ᠋ ᠪᠠᠢᠯᠳᠤᠬᠤ ᠠᠨᠤ ᠬᠡᠲᠦᠷᠬᠡᠶ᠎ᠡ ᠳᠠᠷᠤᠯᠠᠵᠤᠬᠤᠢ᠃ᠡᠷᠲᠡ ᠡᠴᠡ ᠮᠠᠨ ᠤ᠋ ᠪᠠᠷᠠᠭᠤᠨ ᠵᠣᠪᠬᠢᠰ ᠢ᠋ ᠳᠠᠪᠴᠢᠯᠠᠭᠰᠠᠭᠠᠷ ᠢᠷᠡᠵᠦᠬᠦᠢ᠃ᠡᠳᠦᠭᠡ ᠮᠠᠨ ᠤ᠋ ᠥᠷᠥᠰᠢᠶᠡᠯ ᠢ᠋ ᠦᠲᠡᠭᠡᠷᠴᠦ ᠬᠣᠷᠢᠨ ᠲᠦᠮᠡᠨ ᠦ᠌ ᠣᠯᠠᠨ ᠢ᠋ᠶ᠋ᠠᠷ ᠬᠠᠯᠳᠠᠨ ᠪᠠᠢᠯᠳᠤᠷ᠎ᠠ ᠢᠷᠡᠭᠰᠡᠨ ᠢᠨᠦ ᠲᠤᠢᠯ ᠳ᠋ᠤᠷ ᠲᠤᠯᠲᠠᠯ᠎ᠠ ᠪᠠᠰᠤᠮᠵᠢᠯᠠᠭᠰᠠᠨ ᠤ᠋ ᠳᠤᠯᠳᠠ ᠪᠢᠳᠡ ᠡᠨᠡ ᠤᠳᠠᠭ᠎ᠠ᠂ᠨᠢᠭᠡᠨ ᠬᠦᠴᠦᠨ ᠢ᠋ᠶ᠋ᠡᠷ ᠬᠠᠮᠲᠤ ᠠᠮᠢ ᠪᠠᠨ ᠲᠠᠯᠪᠢᠵᠤ ᠦᠬᠦᠨ ᠪᠠᠢᠯᠳᠤᠪᠠᠰᠤ ᠵᠣᠬᠢᠮᠤᠢ᠃ᠲᠠᠢᠶᠠᠩ ᠬᠠᠭᠠᠨ ᠯᠠᠪ ᠲᠡᠭᠦᠨ ᠦ᠌ ᠴᠤᠭᠯᠠᠭᠤᠯᠤᠭᠰᠠᠨ ᠤ᠋ ᠬᠣᠷᠢᠨ ᠲᠦᠮᠡᠨ ᠳ᠋ᠦ᠍ᠷ ᠢ᠋ᠶ᠋ᠠᠨ ᠡᠷᠡᠮᠰᠢᠨ ᠰᠡᠳᠬᠢᠯ ᠢᠨᠦ ᠮᠠᠭᠠᠳ ᠣᠰᠣᠯ ᠰᠤᠯᠠ᠂ ᠣᠮᠣᠷᠬᠠᠨ ᠰᠠᠨᠠᠮᠤᠢ᠃ᠡᠨᠡ ᠲᠠᠰᠢᠷᠠᠮ ᠢ᠋ ᠠᠯᠳᠠᠪᠠᠰᠤ ᠦᠯᠦ ᠪᠣᠯᠤᠮᠤᠢ᠃ᠮᠣᠷᠢᠨ ᠤ᠋ ᠲᠤᠷᠠᠩᠬᠠᠢ ᠳ᠋ᠤᠷ ᠴᠡᠷᠢᠭ ᠢ᠋ ᠬᠡᠷᠬᠢᠨ ᠵᠣᠭᠰᠣᠵᠤ ᠪᠣᠯᠬᠤ !》ᠬᠡᠮᠡᠮᠦᠢ᠃ᠬᠠᠪᠤᠲᠤ ᠬᠠᠰᠠᠷ ᠤ᠋ᠨ ᠥᠴᠢᠬᠦ ᠢᠨᠦ:《ᠠᠯᠢᠪᠠ ᠦᠢᠯᠡ ᠳ᠋ᠦ᠍ᠷ ᠰᠢᠮᠳᠠᠨ ᠬᠦᠴᠦᠯᠡᠪᠡᠰᠦ ᠶᠠᠮᠪᠠᠷᠪᠠ ᠦᠢᠯᠡᠰ ᠦᠯᠦ ᠪᠦᠲᠦᠬᠦ ᠶᠣᠰᠣ ᠦᠭᠡᠢ᠃ᠮᠣᠷᠢᠨ ᠤ᠋ ᠬᠦᠴᠦᠨ ᠮᠠᠭᠤ ᠳ᠋ᠤᠷ ᠰᠢᠯᠲᠠᠵᠤ ᠪᠣᠯᠬᠤ ᠤᠤ? ᠴᠠᠭ ᠦᠶᠡᠰ ᠢ᠋ ᠠᠯᠳᠠᠪᠠᠰᠤ ᠦᠯᠦ ᠪᠣᠯᠣᠮᠢ !》ᠬᠡᠮᠡᠮᠦᠢ ᠣᠢᠲᠤ ᠣᠴᠢᠭ ᠤ᠋ᠨ ᠥᠴᠢᠬᠦ ᠢᠨᠦ:《ᠡᠨᠡ ᠤᠳᠠᠭ᠎ᠠ ᠶ᠋ᠢᠨ ᠮᠠᠨ ᠤ᠋ ᠴᠡᠷᠢᠭ ᠦ᠋ᠨ ᠢᠷᠣ᠎ᠠ ᠪᠡᠯᠭᠡ ᠳ᠋ᠦ᠍ᠷ ᠨᠢᠭᠡᠨ ᠵᠦᠢᠯ ᠦ᠋ᠨ ᠰᠣᠨᠢᠨ ᠰᠠᠢᠬᠠᠨ ᠠᠭᠤᠷ ᠠᠮᠢᠰᠬᠤᠯ ᠪᠦᠬᠦᠢ ᠶ᠋ᠢ ᠡᠵᠡᠨ ᠠᠬ᠎ᠠ ᠯᠠᠪ ᠠᠢᠯᠠᠳᠪᠠᠢ ᠊ᠶ᠎ᠡ ? ᠴᠡᠷᠢᠭ ᠵᠣᠭᠰᠣᠬᠤ ᠬᠠᠤᠯᠢ ᠪᠣᠢ ᠤᠤ ?》ᠬᠡᠮᠡᠭᠰᠡᠨ ᠳ᠋ᠦ᠍ᠷ ᠲᠠᠢᠽᠦ ᠪᠡᠶᠡᠰᠴᠦ ᠲᠡᠷᠢᠭᠦᠨ ᠲᠣᠬᠢᠪᠠᠢ᠃ᠪᠠᠰᠠ ᠤᠳᠬᠤᠨ ᠳᠡᠭᠦᠦ ᠤᠷᠠᠨ ᠭᠠᠴᠤᠭ ᠤ᠋ᠨ ᠦᠭᠡ ᠢᠨᠦ:《ᠨᠠᠢ᠍ᠮᠠᠨ ᠤ᠋ ᠬᠣᠷᠢᠨ ᠲᠦᠮᠡᠨ ᠢ᠋ ᠪᠡᠷᠬᠡ ᠬᠠᠪᠴᠢᠯ᠂ᠬᠡᠳᠡᠷ ᠭᠦᠨ ᠠᠭᠤᠯᠡᠨᠠ ᠣᠷᠣᠭᠤᠯᠵᠤ᠂ᠠᠷᠭᠠᠳᠠᠨ ᠪᠠᠢᠯᠳᠤᠪᠠᠰᠤ ᠮᠠᠭᠠᠳ ᠳᠡᠢᠯᠪᠡᠰᠦ ᠪᠣᠯᠬᠤ ᠠᠲᠠᠯ᠎ᠠ ᠴᠡᠷᠢᠭ ᠢ᠋ ᠶᠠᠭᠤᠨ ᠳ᠋ᠤᠷ ᠵᠣᠭᠰᠣᠬᠤ ᠶ᠋ᠢ ᠬᠡᠯᠡᠯᠴᠡᠮᠦᠢ ?》ᠬᠡᠮᠡᠪᠡ᠃ᠡᠨᠡ ᠦᠶ᠎ᠡ ᠳ᠋ᠦ᠍ᠷ ᠵᠢᠨᠦᠩ ᠮᠤᠬᠤᠯᠢ ᠲᠠᠢᠽᠦ ᠶ᠋ᠢᠨ ᠬᠠᠵᠠᠭᠤᠳᠠ ᠪᠠᠢᠭᠰᠠᠨ ᠲᠤᠯᠠ ᠡᠨᠡ ᠦᠭᠡᠨ ᠳ᠋ᠦ᠍ᠷ ᠲᠠᠢᠽᠦ ᠬᠠᠷᠠᠵᠤ ᠦᠵᠡᠪᠡ᠃ᠲᠡᠳᠦᠢ ᠲᠠᠢᠽᠦ ᠶᠡᠬᠡ ᠠᠷᠰᠠᠯᠠᠲᠤ ᠴᠠᠴᠠᠷ ᠲᠤᠷ ᠰᠠᠭᠤᠵᠤ᠂ᠣᠯᠠᠨ ᠲᠦᠰᠢᠮᠡᠳ ᠢ᠋ᠶ᠋ᠡᠨ ᠴᠤᠭᠯᠠᠭᠤᠯᠵᠤ ᠵᠠᠬᠢᠷᠤᠨ:《ᠪᠢ ᠦᠵᠡᠪᠡᠰᠦ ᠮᠠᠨ ᠤ᠋ ᠡᠵᠡᠨ ᠲᠦᠰᠢᠮᠡᠯ ᠦ᠋ᠨ ᠰᠡᠳᠬᠢᠯ ᠴᠥᠮ ᠨᠢᠭᠡᠨ ᠪᠣᠯᠪᠠ᠃ᠡᠨᠡ ᠴᠡᠷᠢᠭ ᠢ᠋ ᠪᠠᠢᠯᠳᠤᠪᠠᠰᠤ ᠪᠣᠯᠤᠮᠤᠢ᠃ᠰᠢᠶᠠ ᠤᠯᠤᠰ ᠬᠡᠳᠦᠢ ᠨᠠᠢ᠍ᠮᠠᠨ ᠯᠤᠭ᠎ᠠ ᠨᠢᠭᠡᠳᠦᠭᠰᠡᠨ ᠪᠣᠯᠪᠠᠴᠤ ᠡᠭᠡᠨᠡᠭᠲᠡ ᠢᠯᠡ ᠦᠭᠡᠢ ᠲᠤᠯᠠ ᠨᠠᠢ᠍ᠮᠠᠨ ᠤ᠋ ᠪᠠᠢᠯᠳᠤᠬᠤ ᠪᠢᠴᠢᠭ ᠢ᠋ ᠦᠵᠡᠭᠦᠯᠵᠦ᠂ᠪᠢᠳᠡ ᠡᠷᠢᠨ ᠬᠠᠯᠳᠠᠭᠰᠠᠨ ᠪᠤᠰᠤ ᠭᠡᠮᠡᠨ ᠰᠠᠢᠨ ᠦᠭᠡ ᠪᠡᠷ ᠬᠡᠯᠡᠵᠦ ᠬᠠᠷᠢᠭᠤᠯ!》ᠬᠡᠮᠡᠭᠡᠳ ᠵᠡᠪᠡ ᠴᠢᠯᠠᠭᠤᠨ ᠬᠣᠶᠠᠭᠤᠯᠠ ᠳ᠋ᠤᠷ ᠪᠠᠭ᠎ᠠ ᠵᠠᠩᠵᠤᠨ ᠬᠣᠪᠤᠯᠠᠢ᠂ᠱᠤᠪᠤᠯᠠᠢ᠂ ᠠᠯᠤᠬ᠎ᠠ᠂ᠰᠦᠬᠡ ᠳᠥᠷᠪᠡᠭᠦᠯᠡ ᠶ᠋ᠢ ᠥᠭᠴᠦ ᠬᠣᠶᠠᠷ ᠲᠦᠮᠡᠨ ᠴᠡᠷᠢᠭ ᠵᠠᠬᠢᠷᠤᠭᠤᠯᠵᠤ᠂ᠬᠠᠩᠭᠠᠢ ᠠᠭᠤᠯᠠᠨ ᠤ᠋ ᠪᠠᠷᠠᠭᠤᠨ ᠬᠣᠷᠢᠨ ᠭᠠᠵᠠᠷ ᠤ᠋ᠨ ᠵᠠᠳᠠᠭᠠᠢ ᠨᠡᠷᠡᠲᠦ ᠠᠭᠤᠯᠠ ᠳ᠋ᠤᠷ ᠪᠠᠭᠤᠯᠭᠠᠵᠤ᠂ᠵᠠᠳᠠᠭᠠᠢ ᠠᠭᠤᠯᠠᠨ ᠤ᠋ ᠳᠣᠲᠣᠷ᠎ᠠ ᠵᠢᠨᠦᠩ ᠮᠤᠬᠤᠯᠢ᠂ᠶᠢᠰᠦᠨ ᠡᠩ ᠦ᠋ᠨ ᠣᠯᠠᠨ ᠵᠠᠩᠵᠤᠨ ᠪᠠ ᠬᠣᠷᠢᠨ ᠨᠠᠢ᠍ᠮᠠᠨ ᠪᠠᠭ᠎ᠠ ᠵᠠᠩᠵᠤᠨ ᠨᠠᠷ ᠢ᠋ ᠨᠡᠢᠲᠡ ᠭᠤᠴᠢᠨ ᠵᠢᠷᠭᠤᠭᠠᠨ ᠠᠩᠭᠢ ᠪᠣᠯᠭᠠᠨ ᠲᠡᠭᠰᠢᠯᠡᠨ ᠵᠣᠬᠢᠶᠠᠵᠤ᠂ᠠᠭᠤᠯᠠᠨ ᠤ᠋ ᠠᠮᠠ ᠶ᠋ᠢ ᠲᠥᠪ ᠳᠤᠮᠳᠠ ᠲᠠᠢᠽᠦ ᠶ᠋ᠢᠨ ᠰᠢᠬᠦᠷ ᠳᠠᠯᠪᠠᠭ᠎ᠠ ᠶ᠋ᠢ ᠶᠡᠬᠡᠯ᠎ᠡ ᠪᠣᠰᠬᠠᠯᠭᠠᠵᠤ᠂ᠪᠦᠬᠦ ᠪᠡᠯᠭᠦᠳᠡᠢ ᠬᠠᠪᠤᠲᠤ ᠬᠠᠰᠠᠷ ᠬᠣᠶᠠᠭᠤᠯᠠ ᠳ᠋ᠤᠷ ᠲᠥᠪ ᠦ᠋ᠨ ᠶᠡᠬᠡ ᠴᠡᠷᠢᠭ ᠢ᠋ ᠵᠠᠬᠢᠷᠤᠭᠤᠯᠵᠤ᠂ᠪᠠᠰᠠ ᠪᠤᠭᠤᠷᠴᠢ ᠪᠤᠭᠤᠷᠤᠯ ᠬᠣᠶᠠᠷ ᠬᠦᠯᠦᠭ ᠲᠣᠷ ᠨᠠᠢ᠍ᠮᠠᠨ ᠪᠠᠭ᠎ᠠ ᠵᠠᠩᠵᠤᠨ ᠶᠢᠰᠦᠨ ᠮᠢᠩᠭᠠᠨ ᠴᠡᠷᠢᠭ ᠥᠭᠴᠦ ᠬᠠᠩᠭᠠᠢ ᠠᠭᠤᠯᠠᠨ ᠤ᠋ ᠪᠠᠷᠠᠭᠤᠨ ᠬᠣᠢᠲᠤ ᠨᠠᠷᠠᠨ ᠰᠢᠩᠭᠡᠬᠦ ᠬᠡᠮᠡᠭᠴᠢ ᠨᠡᠷᠡᠲᠦ ᠳᠠᠪᠠᠭᠠᠨ ᠤ᠋ ᠠᠷᠤ ᠳ᠋ᠤᠷ ᠪᠦᠭᠭᠦᠭᠦᠯᠵᠦ᠂ᠨᠠᠢ᠍ᠮᠠᠨ ᠤ᠋ ᠴᠡᠷᠢᠭ ᠣᠯᠭᠣᠰᠤᠯᠠᠨ ᠳᠤᠲᠠᠭᠠᠬᠤ ᠶ᠋ᠢ ᠲᠣᠰᠴᠤ ᠬᠦᠨᠳᠦᠳᠡ ᠬᠠᠭᠠᠵᠤ ᠴᠢᠩᠳᠠᠯᠠ᠃ᠲᠠᠢᠶᠠᠩ ᠬᠠᠭᠠᠨ ᠢ᠋ ᠠᠮᠢᠳᠤ ᠪᠡᠷᠢ ᠭᠡᠮᠡᠨ ᠴᠢᠩᠳᠠᠯᠠᠨ ᠲᠤᠰᠢᠶᠠᠭᠠᠳ ᠴᠢᠮᠪᠠᠢ ᠲᠡᠮᠦᠷ ᠬᠣᠶᠠᠭᠤᠯᠠ ᠬᠠᠷᠢᠶᠠᠲᠤ ᠴᠡᠷᠢᠭ ᠢ᠋ᠶ᠋ᠡᠨ ᠠᠪᠴᠤ ᠨᠡᠮᠡᠨ ᠦ᠌ ᠴᠡᠷᠢᠭ ᠢ᠋ ᠥᠳᠥᠭᠡᠵᠦ ᠬᠠᠩᠭᠠᠢ ᠠᠭᠤᠯᠠᠨ᠎ᠠ ᠪᠠᠷᠠᠭᠤᠨ ᠪᠦᠷᠭᠦᠭᠲᠦ ᠵᠡᠪᠡ ᠳ᠋ᠦ᠍ᠷ ᠣᠷᠣᠭᠤᠯᠤᠮᠠᠭᠴᠠ ᠠᠭᠤᠯᠠᠨ ᠤ᠋ ᠠᠮᠠ ᠶ᠋ᠢ ᠴᠢᠩᠳᠠᠯᠠᠨ ᠬᠠᠭᠠᠵᠤ ᠨᠠᠢ᠍ᠮᠠᠨ ᠤ᠋ ᠴᠡᠷᠢᠭ ᠢ᠋ ᠬᠡᠷᠬᠢᠪᠡᠴᠦ ᠭᠠᠷᠭᠠᠵᠤ ᠪᠣᠯᠬᠤ ᠦᠭᠡᠢ ᠭᠡᠮᠡᠨ ᠶᠠᠪᠤᠭᠤᠯᠤᠭᠠᠳ ᠭᠢᠯᠥᠭᠡᠨ ᠬᠣᠢᠯᠠᠳᠠᠷ ᠬᠣᠶᠠᠷ ᠪᠠᠭᠠᠲᠤᠷ ᠢ᠋ ᠬᠠᠷᠢᠶᠠᠲᠤ ᠴᠡᠷᠢᠭ ᠢ᠋ᠶ᠋ᠡᠨ ᠠᠪᠴᠤ ᠪᠦᠷᠭᠦᠭᠲᠦ ᠵᠡᠪᠡ ᠶ᠋ᠢᠨ ᠭᠣᠣᠯ ᠤ᠋ᠨ ᠡᠬᠢᠨ᠎ᠡ ᠪᠦᠭᠭᠦᠭᠦᠯᠵᠦ᠂ᠨᠠᠢ᠍ᠮᠠᠨ ᠤ᠋ ᠴᠡᠷᠢᠭ ᠲᠡᠨᠳᠡ ᠬᠦᠷᠦᠭᠰᠡᠨ ᠬᠣᠢᠨ᠎ᠠ ᠨᠢᠳᠦ ᠴᠠᠪᠴᠢᠮ᠎ᠠ ᠪᠠᠷ ᠴᠣᠬᠢᠨ ᠭᠠᠷᠴᠤ ᠠᠯᠬᠠᠳᠤᠨ᠃ᠲᠠᠨ ᠠ᠋ᠴᠠ ᠠᠮᠢᠳᠤ ᠶ᠋ᠢ ᠠᠪᠬᠤ ᠦᠭᠡᠢ᠂ᠨᠢᠭᠡᠨ ᠬᠥᠮᠦᠨ ᠦ᠌ ᠲᠣᠯᠣᠭᠠᠢ ᠳ᠋ᠤᠷ ᠨᠢᠭᠡᠨ ᠬᠣᠨᠢ ᠱᠠᠩᠨᠠᠮᠤᠢ ᠭᠡᠮᠡᠨ ᠶᠠᠪᠤᠭᠤᠯᠵᠤ᠂ᠵᠢᠴᠢ ᠰᠢᠷᠢ ᠬᠤᠲᠤᠭ᠂ᠬᠠᠷ᠎ᠠ ᠬᠢᠷᠤ᠂ᠴᠢᠨᠳᠠᠭᠠᠨ᠎ᠠ ᠰᠡᠴᠡᠨ᠂ᠬᠤᠳᠠᠭᠠᠨ᠎ᠠ ᠪᠡᠬᠢ ᠳᠥᠷᠪᠡᠨ ᠶᠡᠬᠡ ᠵᠠᠩᠵᠤᠨ ᠢ᠋ ᠬᠠᠷᠢᠶᠠᠲᠤ ᠴᠡᠷᠢᠭ ᠢ᠋ᠶ᠋ᠡᠨ ᠠᠪᠴᠤ ᠬᠠᠩᠭᠠᠢ ᠠᠭᠤᠯᠠᠨ ᠤ᠋ ᠴᠠᠭᠠᠨ᠎ᠠ ᠭᠤᠴᠢᠨ ᠭᠠᠵᠠᠷ ᠤ᠋ᠨ ᠦᠵᠦᠭᠦᠷ ᠦ᠋ᠨ ᠳᠠᠷᠢ ᠭᠠᠩ ᠭᠡᠭᠴᠢ ᠳ᠋ᠦ᠍ᠷ ᠪᠦᠭᠭᠦᠵᠦ᠂ᠨᠠᠢ᠍ᠮᠠᠨ ᠤ᠋ ᠦᠯᠡᠭᠰᠡᠨ ᠴᠡᠷᠢᠭ ᠢ᠋ ᠬᠠᠭᠠᠵᠤ ᠬᠣᠷᠢᠶᠠᠨ ᠠᠴᠢᠷᠠ ᠭᠡᠮᠡᠨ ᠶᠠᠪᠤᠭᠤᠯᠤᠭᠠᠳ ᠬᠦᠷᠭᠡᠨ ᠪᠣᠳᠣ ᠵᠢᠴᠢ ᠪᠤᠰᠤᠩ᠂ᠤᠷᠤᠭ ᠠᠵᠢᠨᠠᠢ ᠮᠡᠷᠭᠡᠨ᠂ᠬᠤᠳᠠᠷᠭ᠎ᠠ ᠪᠠᠭᠠᠲᠤᠷ ᠳᠥᠷᠪᠡᠨ ᠶᠠᠩᠵᠤᠨ ᠬᠠᠷᠢᠶᠠᠲᠤ ᠵᠠᠩᠵᠤᠨ ᠴᠡᠷᠢᠭ ᠢ᠋ᠶ᠋ᠡᠨ ᠠᠪᠴᠤ ᠰᠢᠭᠤᠳ ᠨᠠᠢ᠍ᠮᠠᠨ ᠤ᠋ ᠵᠠᠬ᠎ᠠ ᠳ᠋ᠤᠷ ᠬᠤᠯᠠᠭᠤᠨ ᠣᠷᠣᠵᠤ᠂ᠡᠵᠡᠨ ᠦ᠌ ᠪᠠᠭᠤᠳᠠᠯ ᠢ᠋ ᠪᠡᠯᠡᠳᠭᠡ᠂ᠨᠠᠢ᠍ᠮᠠᠨ ᠤ᠋ ᠦᠯᠡᠭᠰᠡᠨ ᠴᠡᠷᠢᠭ ᠢ᠋ ᠵᠠᠮ ᠲᠣᠰᠴᠤ ᠪᠠᠢᠯᠳᠤᠨ ᠳᠠᠭᠠᠭᠤᠯ ! ᠭᠡᠮᠡᠨ ᠢᠯᠡᠭᠡᠵᠦ᠂ᠪᠠᠰᠠ ᠲᠠᠷᠭᠤᠨ ᠤ᠋ ᠬᠤᠷᠴᠠ ᠪᠠᠢᠷᠢ᠂ᠵᠦᠷᠭᠢᠨ ᠦ᠌ ᠵᠥᠯᠭᠡᠲᠡᠢ ᠪᠠᠭᠠᠲᠤᠷ᠂ᠤᠷᠲᠤ ᠪᠣᠳᠣᠯᠭᠠᠲᠤ᠂ᠤᠬᠠᠭᠠᠨᠲᠤ ᠷᠢᠨᠴᠢᠨ ᠳᠥᠷᠪᠡᠭᠦᠯᠡ ᠶ᠋ᠢ ᠬᠠᠷᠢᠶᠠᠲᠤ ᠴᠡᠷᠢᠭ ᠢ᠋ᠶ᠋ᠡᠨ ᠠᠪᠴᠤ ᠨᠠᠢ᠍ᠮᠠᠨ ᠤ᠋ ᠴᠡᠷᠢᠭ ᠦ᠋ᠨ ᠬᠦᠷᠢᠶᠡᠨ ᠦ᠌ ᠴᠠᠭᠠᠨ᠎ᠠ ᠪᠦᠭᠭᠦᠵᠦ᠂ᠮᠠᠨ ᠤ᠋ ᠴᠡᠷᠢᠭ ᠲᠦ᠍ᠷ ᠬᠠᠭᠠᠭᠳᠠᠮᠠᠭᠴᠠ ᠨᠠᠢ᠍ᠮᠠᠨ ᠤ᠋ ᠬᠦᠷᠢᠶᠡᠨ ᠢ᠋ ᠪᠤᠯᠢᠶᠠᠨ ᠠᠪ ! ᠭᠡᠮᠡᠨ ᠶᠠᠪᠤᠭᠤᠯᠵᠤ᠂ᠤᠭᠰᠠᠭ᠎ᠠ ᠶ᠋ᠢᠨ ᠲᠣᠭᠲᠣᠩᠭᠣ᠌ ᠪᠠᠭᠠᠲᠤᠷ᠂ᠵᠠᠮᠪᠠᠯ ᠪᠠᠭ᠍ᠰᠢ ᠬᠣᠶᠠᠭᠤᠯᠠ ᠳ᠋ᠤᠷ ᠶᠡᠬᠡ ᠵᠠᠩᠵᠤᠨ ᠤ᠋ ᠲᠤᠭ ᠥᠭᠴᠦ ᠰᠣᠯᠣᠩᠭᠣᠰ᠂ᠵᠦᠷᠴᠢᠳ᠂ᠮᠠᠩᠭᠣᠰᠲᠤ ᠳᠥᠷᠪᠡᠨ ᠠᠢᠮᠠᠭ ᠤ᠋ᠨ ᠵᠠᠩᠵᠤᠨ ᠴᠡᠷᠢᠭ ᠢ᠋ ᠠᠪᠴᠤ ᠸᠠᠩᠭᠦᠪ ᠠᠢᠮᠠᠭ ᠤ᠋ᠨ ᠳᠠᠴᠢᠩᠬᠤᠷᠯᠤ ᠶ᠋ᠢ ᠬᠣᠰᠢᠭᠤᠴᠢ ᠪᠣᠯᠭᠠᠨ᠂ᠰᠠᠢᠨ ᠪᠥᠬᠡ ᠬᠠᠭᠠᠨ ᠤ᠋ ᠴᠡᠷᠢᠭ ᠯᠦ᠍ᠭᠡ ᠨᠡᠢᠯᠡᠵᠦ᠂ᠪᠠᠭ᠎ᠠ ᠵᠠᠩᠵᠤᠨ ᠫᠤᠯᠭᠤᠨ᠂ᠠᠨᠳᠠᠨ ᠴᠢᠩ ᠯᠦ᠍ᠭᠡ ᠬᠠᠢᠭᠤᠯ ᠪᠣᠯᠵᠤ᠂ᠰᠢᠭᠤᠳ ᠨᠠᠢ᠍ᠮᠠᠨ ᠤ᠋ ᠰᠢ ᠯᠢᠶᠣᠤ ᠬᠣᠲᠠ ᠶ᠋ᠢ ᠠᠨᠤ ᠪᠠᠢᠯᠳᠤᠵᠤ ᠠᠪ ! ᠭᠡᠮᠡᠨ ᠰᠥᠨᠢ ᠳᠦᠯᠢᠨ ᠳᠣᠪᠲᠣᠯᠭᠠᠭᠠᠳ ᠲᠠᠢᠽᠦ᠂ᠮᠤᠬᠤᠯᠢ ᠡᠵᠡᠨ ᠰᠠᠢᠳ ᠬᠠᠭᠤᠴᠢᠨ ᠵᠠᠩᠵᠤᠨ ᠴᠡᠷᠢᠭ ᠢ᠋ ᠬᠤᠪᠢᠶᠠᠨ ᠵᠠᠬᠢᠷᠴᠤ ᠳᠥᠷᠪᠡᠨ ᠪᠠᠭ᠎ᠠ ᠡᠵᠡᠳ ᠵᠣᠴᠢ᠂ᠴᠠᠭᠠᠲᠠᠢ᠂ᠥᠭᠡᠳᠡᠢ᠂ᠲᠣᠯᠢ᠂ᠳᠥᠷᠪᠡᠭᠦᠯᠡ ᠠᠷᠪᠠᠨ ᠭᠤᠷᠪᠠᠨ ᠣᠪᠣᠭ ᠤ᠋ᠨ ᠨᠣᠶᠠᠳ ᠬᠣᠷᠢᠨ ᠨᠠᠢ᠍ᠮᠠᠨ ᠪᠠᠭ᠎ᠠ ᠵᠠᠩᠵᠤᠨ ᠨᠠᠷ ᠢ᠋ ᠠᠪᠴᠤ ᠲᠠᠢᠽᠦ ᠶ᠋ᠢ ᠬᠠᠮᠠᠭᠠᠯᠠᠨ ᠳᠠᠭᠠᠬᠤ ᠪᠠᠷ ᠪᠡᠯᠡᠳᠬᠡᠪᠡ᠃
ᠲᠡᠳᠦᠢ ᠪᠠᠷᠠᠭᠤᠨ ᠬᠠᠷᠠᠭᠤᠯ ᠤ᠋ᠨ ᠶᠠᠪᠤᠭ᠎ᠠ ᠶ᠋ᠢ ᠡᠯᠴᠢ ᠪᠣᠯᠭᠠᠨ᠂ᠭᠤᠷᠪᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠢ᠋ ᠪᠠᠢᠯᠳᠤᠬᠤ ᠡᠳᠦᠷ ᠪᠣᠯᠭᠠᠨ ᠰᠠᠶᠢ ᠵᠠᠬᠢᠶ᠎ᠠ ᠥᠭᠲᠡᠯ᠎ᠡ ᠵᠢᠨᠦᠩ ᠦ᠋ᠨ ᠳᠡᠭᠦᠦ ᠲᠡᠢᠨ ᠰᠠᠩ ᠢᠷᠡᠵᠦ ᠮᠡᠳᠡᠭᠦᠯᠦᠷᠦᠨ :《ᠤᠷᠤᠭ ᠵᠠᠯᠮ᠎ᠠ᠂ᠵᠢᠨᠦᠩ ᠦ᠋ᠨ ᠡᠳ᠋ ᠡᠷᠳᠡᠨᠢᠰ ᠪᠠ ᠭᠡᠷ ᠦ᠋ᠨ ᠠᠮᠠᠨ ᠢ᠋ᠶ᠋ᠠᠨ ᠴᠥᠮ ᠠᠪᠴᠤ ᠨᠠᠢ᠍ᠮᠠᠨ ᠤᠯᠤᠰ ᠲᠤᠷ ᠤᠷᠪᠠᠨ ᠣᠳᠴᠤᠬᠤᠢ !》ᠬᠡᠮᠡᠭᠰᠡᠨ ᠳ᠋ᠦ᠍ᠷ ᠲᠠᠢᠽᠦ ᠶᠡᠬᠡᠯ᠎ᠡ ᠬᠢᠯᠢᠩᠯᠡᠨ ᠵᠡᠯᠮ᠎ᠡ ᠶ᠋ᠢᠨ ᠬᠥᠪᠡᠭᠦᠨ ᠴᠡᠴᠡᠭ ᠢ᠋ ᠪᠠᠷᠢᠵᠤ ᠬᠠᠳᠠᠭᠠᠯᠠᠭᠤᠯᠪᠠᠢ᠃ᠡᠨᠡ ᠮᠡᠳᠡᠭᠡ ᠶ᠋ᠢ ᠪᠸᠲ᠋ᠠ᠋ ᠤᠯᠤᠰ ᠤ᠋ᠨ ᠶᠢᠰᠦᠨ ᠡᠩ ᠦ᠋ᠨ ᠴᠡᠷᠢᠭ ᠦ᠋ᠨ ᠬᠦᠷᠢᠶ᠎ᠡ ᠳ᠋ᠦ᠍ᠷ ᠲᠦᠷᠬᠢᠯᠡᠨ ᠬᠡᠯᠡᠯᠴᠡᠨ ᠡᠭᠦᠰᠬᠡᠪᠡ᠃
ᠲᠡᠳᠦᠢ ᠮᠤᠬᠤᠯᠢ ᠬᠦᠷᠢᠶᠡᠨ ᠳ᠋ᠦ᠍ᠷ ᠢ᠋ᠶ᠋ᠡᠨ ᠢᠷᠡᠪᠡᠰᠦ ᠳ᠋ᠡᠷᠭᠡᠢ ᠳᠠᠭᠤᠨ᠂ᠭᠣᠴᠣᠭ ᠠᠨᠤ ᠤᠭᠲᠤᠵᠤ ᠮᠡᠳᠡᠭᠦᠯᠦᠷᠦᠨ:《ᠬᠣᠷᠢᠭᠤᠯ ᠳᠠᠭᠠᠭᠠᠭᠰᠠᠨ ᠲᠦᠰᠢᠮᠡᠯ ᠷᠠᠰᠢᠶᠠᠨ᠂ᠬᠦᠯᠦᠭ ᠴᠢᠯᠠᠭᠤᠨ ᠤ᠋ ᠪᠠᠷᠢᠭ᠍ᠰᠠᠨ ᠱᠠᠯᠵᠢᠲᠠᠢ ᠠᠢᠮᠠᠭ ᠤ᠋ᠨ ᠳᠥᠴᠢᠨ ᠴᠡᠷᠢᠭ ᠡᠴᠡ ᠨᠢᠭᠡᠨ ᠬᠥᠮᠦᠨ᠂ᠵᠢᠴᠢ ᠳᠠᠴᠢᠩᠬᠤᠷᠯᠤ ᠶ᠋ᠢᠨ ᠪᠠᠷᠢᠵᠤ ᠬᠦᠷᠭᠡᠭᠰᠡᠨ ᠨᠠᠢ᠍ᠮᠠᠨ ᠤ᠋ ᠡᠯᠴᠢ ᠬᠤᠸᠠᠷᠠᠭ ᠲᠠᠢ ᠬᠣᠶᠠᠷ ᠬᠥᠮᠦᠨ ᠢ᠋ ᠠᠯᠳᠠᠵᠤ ᠭᠠᠷᠭᠠᠨ ᠮᠠᠨ ᠤ᠋ ᠴᠡᠷᠢᠭ ᠦ᠋ᠨ ᠮᠣᠷᠢᠳ ᠠ᠋ᠴᠠ ᠬᠣᠶᠠᠷ ᠢ᠋ ᠰᠢᠭᠦᠷᠡᠨ ᠤᠨᠤᠵᠤ ᠨᠠᠢ᠍ᠮᠠᠨ ᠤ᠋ ᠴᠡᠷᠢᠭ ᠦ᠋ᠨ ᠬᠦᠷᠢᠶ᠎ᠡ ᠳ᠋ᠦ᠍ᠷ ᠳᠣᠪᠲᠣᠯᠤᠨ ᠡᠴᠢᠪᠡ》ᠭᠡᠮᠡᠨ ᠮᠡᠳᠡᠭᠦᠯᠪᠡ᠃ᠡᠨᠡ ᠤᠳᠠᠭ᠎ᠠ ᠶ᠋ᠢᠨ ᠪᠠᠢᠯᠳᠤᠭᠠᠨ ᠶᠠᠮᠪᠠᠷ ᠪᠣᠯᠬᠤ ᠶ᠋ᠢ ᠮᠡᠳᠡᠬᠦ ᠦᠭᠡᠢ? ᠦᠵᠡᠬᠦ ᠮᠡᠷᠭᠡᠳ ᠶᠠᠭᠠᠷᠠᠪᠠᠰᠤ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠮᠢᠨᠦ ᠡᠬᠡ ᠲᠡᠢ ᠵᠢᠶᠦ᠋ᠨ ᠦ᠌ ᠥᠷᠯᠥᠭᠡ ᠶ᠋ᠢᠨ ᠠᠮᠤᠭᠤᠯᠠᠩ ᠢ᠋ ᠡᠷᠢᠵᠦ ᠢᠷᠡᠭᠡᠳ ᠮᠠᠯᠠᠭ᠎ᠠ ᠪᠦᠰᠡ ᠪᠡᠨ ᠲᠠᠢᠯᠵᠤ᠂ᠰᠤᠯᠠ ᠠᠭᠤᠳᠠᠮ ᠢ᠋ᠶ᠋ᠠᠷ ᠰᠠᠭᠤᠵᠤ ᠱᠠ ᠴᠣᠩᠬᠣᠨ ᠤ᠋ ᠴᠡᠴᠡᠭ ᠦ᠋ᠨ ᠴᠠᠷ᠎ᠠ ᠶ᠋ᠢ ᠳᠡᠪᠰᠢᠭᠦᠯᠦᠭᠦᠯᠵᠦ᠂ᠡᠨᠡ ᠡᠳᠦᠷ ᠪᠠᠰᠠ ᠳᠣᠯᠣᠭᠠᠨ ᠰᠠᠷ᠎ᠠ ᠶ᠋ᠢᠨ ᠤᠰᠤᠨ ᠳᠠᠷᠬᠠᠢ ᠥᠬᠢᠨ᠂ᠦᠭᠡᠨᠴᠡ ᠦᠬᠡᠷᠲᠦ ᠬᠥᠪᠡᠭᠦᠨ ᠦ᠌ ᠬᠡᠩᠭᠡᠷᠭᠡ᠂ᠬᠡᠳᠡᠷᠭᠡ ᠬᠣᠶᠠᠷ ᠣᠳᠣᠨ ᠤ᠋ ᠤᠴᠠᠷᠠᠯᠳᠤᠬᠤ ᠤᠯᠠᠷᠢᠯ ᠢᠷᠡᠵᠦ᠂ᠬᠣᠶᠠᠷ ᠹᠦ ᠶ᠋ᠢᠨ ᠥᠬᠢᠨ ᠬᠡᠦᠬᠡᠳ ᠠᠭᠡ ᠭᠡᠭᠡ ᠨᠠᠷ ᠭᠤᠸ᠎ᠠ ᠵᠢᠮᠢᠰ ᠲᠡᠪᠡᠷᠢᠯᠴᠡᠨ ᠤᠷᠠᠨ ᠭᠤᠶᠤᠬᠤ ᠶ᠋ᠢ ᠪᠡᠯᠡᠳᠬᠡᠵᠦ ᠣᠭᠲᠣ ᠠᠮᠤᠷᠵᠢᠭᠤᠯᠬᠤ ᠦᠭᠡᠢ ᠲᠤᠯᠠ ᠲᠡᠳᠡᠨ ᠦ᠌ ᠬᠤᠷᠠᠯ ᠨᠠᠭᠠᠳᠤᠮ ᠪᠠ ᠰᠡᠭᠦᠳᠡᠷᠯᠢᠭ ᠳᠠᠭᠤᠯᠠᠬᠤ ᠶ᠋ᠢ ᠦᠵᠡᠨ᠂ᠪᠠᠬᠠᠨ ᠰᠡᠭᠬᠢᠨ ᠰᠢᠨ᠎ᠡ ᠶ᠋ᠢᠨ ᠠᠷᠪᠠᠨ ᠤ᠋ ᠪᠦᠲᠦᠭᠡᠭᠴᠢ ᠨᠡᠷᠡᠲᠦ ᠰᠠᠢᠨ ᠡᠳᠦᠷ᠎ᠡ ᠳᠣᠣᠷᠠᠲᠤ ᠳᠡᠪᠲᠡᠷ ᠦ᠋ᠨ ᠡᠬᠢᠨ ᠦ᠌ ᠵᠠᠯᠭᠠᠨ ᠪᠢᠴᠢᠭᠰᠡᠨ ᠳ᠋ᠦ᠍ᠷ ᠦᠵᠡᠭᠳᠡᠬᠦᠢ᠃
ᠪᠠᠳᠠᠷᠠᠬᠤ ᠲᠥᠷᠥ ᠶ᠋ᠢᠨ ᠡᠵᠡᠨ ᠰᠠᠢᠳ ᠨᠢᠭᠡᠬᠡᠨ ᠬᠠᠷᠠᠯᠲᠠ ᠳ᠋ᠤᠷ ᠨᠡᠪᠲᠡᠷᠡᠯᠴᠡᠭᠡᠳ
ᠪᠠᠷᠠᠭᠳᠠᠬᠤ ᠤᠯᠤᠰ ᠤ᠋ᠨ ᠬᠠᠭᠠᠨ ᠲᠦᠰᠢᠮᠡᠳ ᠲᠦᠮᠡᠨ ᠦᠭᠡᠰ ᠲᠣᠷ ᠴᠦ᠍ ᠢᠯᠡᠭᠦᠯᠡ᠂
ᠪᠠᠬᠠᠷᠬᠠᠯᠲᠤ ᠮᠥᠩᠭᠥᠯᠵᠢ ᠪᠠᠭᠲᠠᠭᠠᠮᠵᠢᠲᠠᠢ ᠳ᠋ᠠᠳᠠᠳᠤᠩᠭ᠎ᠠ ᠦᠨᠡᠨ ᠢ᠋ᠶ᠋ᠡᠷ ᠴᠦ᠍ ᠰᠢᠳᠤᠷᠭᠤ ᠵᠢᠷᠤᠮᠲᠠᠨ
ᠪᠠᠭᠠᠲᠤᠷ ᠦᠨᠡᠨᠴᠢ ᠢᠳᠡᠷ ᠳᠣᠪᠣ ᠪᠠᠯᠠᠷᠠᠰᠢ ᠦᠭᠡᠢ ᠴᠢᠬᠡᠴᠢ ᠪᠠᠢᠨᠠᠮ !
ᠴᠣᠬᠣᠯᠠᠭᠰᠠᠨ ᠠᠨᠤ
ᠡᠪᠡᠦ ᠬᠠᠯᠠᠬᠠᠢ !《ᠶᠡᠬᠡ ᠰᠤᠷᠲᠠᠬᠤᠢ ᠪᠢᠴᠢᠭ》ᠲᠣᠷ ᠳᠡᠭᠡᠳᠦ ᠱᠠᠰᠲᠢᠷ ᠤ᠋ᠨ ᠰᠡᠳᠬᠢᠯ ᠢ᠋ ᠲᠥᠪ ᠪᠣᠯᠭᠠᠨ ᠪᠡᠶ᠎ᠡ ᠶ᠋ᠢ ᠵᠠᠰᠠᠬᠤ ᠳᠣᠯᠣᠳᠤᠭᠠᠷ ᠪᠦᠯᠦᠭ ᠲᠣᠷ ᠲᠠᠢᠯᠤᠭᠰᠠᠨ ᠠᠨᠤ:ᠭᠡᠷ ᠢ᠋ ᠲᠡᠭᠰᠢᠯᠡᠬᠦ ᠢᠨᠦ ᠪᠠᠭ᠎ᠠ ᠶ᠋ᠢ ᠵᠠᠰᠠᠬᠤᠢ ᠳ᠋ᠤᠷ ᠪᠣᠢ ᠬᠡᠮᠡᠭᠴᠢ ᠬᠥᠮᠦᠨ ᠥᠪᠡᠷ ᠦ᠋ᠨ ᠢᠨᠠᠭ ᠠᠮᠠᠷᠠᠭ ᠲᠤᠷ ᠬᠡᠯᠪᠡᠷᠢᠮᠦᠢ᠂ᠳᠣᠷᠣᠮᠵᠢᠯᠠᠬᠤ ᠵᠢᠭᠰᠢᠬᠦᠢ ᠳ᠋ᠦ᠍ᠷ ᠢ᠋ᠶ᠋ᠡᠨ ᠬᠡᠯᠪᠡᠷᠢᠮᠦᠢ᠂ᠥᠪᠡᠷ ᠦ᠋ᠨ ᠠᠶᠤᠬᠤ ᠪᠣᠯᠭᠣᠮᠵᠢᠯᠠᠬᠤᠢ ᠳ᠋ᠤᠷ ᠢ᠋ᠶ᠋ᠠᠨ ᠬᠡᠯᠪᠡᠷᠢᠮᠦᠢ᠂ᠥᠪᠡᠷ ᠦ᠋ᠨ ᠥᠷᠥᠰᠢᠶᠡᠬᠦ ᠨᠢᠭᠦᠯᠡᠰᠬᠦᠢ ᠳ᠋ᠦ᠍ᠷ ᠢ᠋ᠶ᠋ᠡᠨ ᠬᠡᠯᠪᠡᠷᠢᠮᠦᠢ᠂ᠥᠪᠡᠷ ᠦ᠋ᠨ ᠣᠮᠣᠷᠬᠠᠬᠤ ᠵᠠᠯᠬᠠᠭᠤᠷᠠᠬᠤ ᠳ᠋ᠤᠷ ᠢ᠋ᠶ᠋ᠠᠨ ᠬᠡᠯᠪᠡᠷᠢᠮᠦᠢ᠃ᠲᠡᠢᠮᠦ ᠶ᠋ᠢᠨ ᠲᠤᠯᠠ ᠲᠡᠭᠦᠨ ᠦ᠌ ᠰᠠᠢᠨ ᠢ᠋ ᠰᠠᠢᠰᠢᠶᠠᠨᠠᠮ ᠪᠥᠭᠡᠳ ᠲᠡᠭᠦᠨ ᠦ᠌ ᠮᠠᠭᠤ ᠭᠠᠵᠠᠷ ᠢ᠋ ᠤᠬᠠᠵᠤ ᠮᠡᠳᠡᠬᠦ᠂ᠲᠡᠭᠦᠨ ᠦ᠌ ᠮᠠᠭᠤ ᠶ᠋ᠢ ᠵᠢᠭᠰᠢᠨᠡᠮ ᠪᠥᠭᠡᠳ ᠲᠡᠭᠦᠨ ᠦ᠌ ᠰᠠᠢᠨ ᠭᠠᠵᠠᠷ ᠢ᠋ ᠮᠡᠳᠡᠭᠴᠢᠳ ᠢᠨᠦ ᠳᠡᠯᠡᠬᠡᠢ ᠳ᠋ᠠᠬᠢᠨ᠎ᠠ ᠴᠥᠭᠡᠨ ᠪᠣᠯᠠᠢ ᠬᠡᠮᠡᠵᠦᠬᠦᠢ᠃ᠡᠨᠡ ᠪᠦᠯᠦᠭ ᠲᠣᠷ ᠡᠭᠦᠨ ᠢ᠋ ᠲᠠᠲᠠᠭᠰᠠᠨ ᠠᠨᠤ ᠤᠴᠢᠷ ᠪᠣᠢ᠃ᠡᠨᠡ ᠪᠢᠴᠢᠭ ᠦ᠋ᠨ ᠨᠠᠢ᠍ᠮᠠᠨ ᠤᠯᠤᠰ ᠬᠡᠮᠡᠭᠴᠢ ᠬᠣᠢᠲᠤ ᠬᠢᠵᠠᠭᠠᠷ ᠤ᠋ᠨ ᠳᠣᠲᠣᠷᠠᠬᠢ ᠣᠯᠠᠨ ᠤᠯᠤᠰ ᠲᠤᠷ ᠢ᠋ᠶ᠋ᠠᠨ ᠦᠯᠢᠳᠬᠡᠪᠡᠰᠦ᠂ᠲᠠᠬᠢᠯᠭ᠎ᠠ ᠶ᠋ᠢᠨ ᠰᠦᠮ᠎ᠡ ᠪᠠ ᠶᠣᠰᠣᠯᠠᠯ ᠬᠥᠭᠵᠢᠮᠲᠡᠢ ᠶᠡᠬᠡ ᠤᠯᠤᠰ ᠪᠥᠯᠥᠭᠡ᠃ᠡᠵᠡᠨ ᠴᠦ᠍ ᠮᠥᠨ ᠪᠣᠯᠤᠮᠠᠷ ᠡᠵᠡᠨ᠂ᠰᠠᠢᠳ ᠴᠤ᠌ ᠮᠥᠨ ᠪᠣᠯᠤᠮᠠᠷ ᠰᠠᠢᠳ᠂ᠬᠥᠪᠡᠭᠦᠨ ᠬᠦᠨᠳᠦᠯᠡᠮᠡᠲᠡᠭᠡᠢ᠂ᠵᠠᠩᠵᠤᠨ ᠴᠢᠬᠡᠴᠢ ᠠᠯᠢ ᠵᠦᠢᠯ ᠢ᠋ᠶ᠋ᠡᠷ ᠴᠦ᠍ ᠪᠣᠯᠤᠮᠠᠷ ᠤᠯᠤᠰ ᠪᠤᠶᠤ᠃ᠲᠠᠢᠶᠠᠩ ᠬᠠᠭᠠᠨ ᠴᠤ᠌ ᠴᠢᠭᠢᠷᠠᠭ ᠴᠢᠳᠠᠪᠤᠷᠢᠲᠠᠢ ᠲᠥᠪ ᠴᠢᠬᠡᠴᠢ ᠡᠵᠡᠨ ᠪᠤᠶᠤ ᠭᠠᠭᠴᠠ ᠲᠡᠭᠷᠢ ᠶ᠋ᠢᠨ ᠵᠦᠢ ᠶ᠋ᠢ ᠲᠣᠳᠣᠷᠬᠠᠢ ᠮᠡᠳᠡᠵᠦ ᠴᠢᠳᠠᠭᠰᠠᠨ ᠮᠡᠷᠭᠡᠨ ᠦᠭᠡᠢ ᠶ᠋ᠢᠨ ᠲᠡᠳᠦᠢ ᠯᠡ ᠪᠠᠢᠪᠠ᠃ᠪᠤᠰᠤ ᠶᠡᠬᠡ ᠭᠠᠵᠢᠭᠤ ᠶᠡᠬᠡ ᠰᠥᠷᠬᠦ ᠭᠡᠮ ᠶᠠᠯ᠎ᠠ ᠦᠭᠡᠢ ᠪᠣᠯᠠᠢ᠃ᠨᠢᠭᠡᠨ ᠤᠯᠤᠰ ᠤ᠋ᠨ ᠡᠵᠡᠨ ᠪᠣᠯᠤᠭᠰᠠᠨ ᠬᠥᠮᠦᠨ᠂ᠳᠠᠢᠶᠠᠩ ᠬᠠᠭᠠᠨ ᠤ᠋ ᠲᠡᠷᠡ ᠪᠣᠳᠣᠯᠭ᠎ᠠ᠂ᠲᠡᠷᠡ ᠰᠠᠨᠠᠭᠠᠨ ᠢ᠋ ᠴᠦ᠍ ᠮᠥᠨ ᠪᠠᠷᠢᠯ ᠦᠭᠡᠢ ᠴᠦ᠍ ᠠᠷᠭ᠎ᠠ ᠦᠭᠡᠢ ᠪᠣᠯᠠᠢ᠃ᠦᠨᠡᠬᠡᠷ ᠲᠡᠭᠷᠢ ᠶ᠋ᠢᠨ ᠴᠠᠭ ᠢ᠋ ᠮᠡᠳᠡᠪᠡᠴᠦ ᠮᠥᠨ ᠬᠥᠮᠦᠨ ᠦ᠌ ᠪᠣᠭᠣᠯ ᠪᠣᠯᠬᠤ ᠶ᠋ᠢ ᠬᠡᠷᠬᠢᠨ ᠶᠠᠪᠤᠵᠤ ᠪᠣᠯᠬᠤ?ᠭᠠᠭᠴᠠ ᠨᠢᠭᠡᠬᠡᠨ ᠵᠦᠢᠯ ᠦ᠋ᠨ ᠠᠯᠳᠠᠰᠢ ᠪᠣᠯᠤᠭᠰᠠᠨ ᠠᠨᠤ ᠤᠷᠢᠳᠠ ᠪᠸᠲ᠋ᠠ᠋ ᠤᠯᠤᠰ ᠢ᠋ ᠡᠷᠢᠨ ᠬᠠᠯᠳᠠᠭᠰᠠᠨ ᠠᠨᠤ ᠪᠠᠬᠠᠨ ᠠᠯᠳᠠᠰᠢ ᠪᠣᠯᠤᠭᠰᠠᠨ ᠪᠣᠯᠪᠠᠴᠤ ᠠᠷᠭᠠᠳᠠᠯ ᠦᠭᠡᠢ ᠬᠡᠷᠡᠭ ᠪᠣᠯᠠᠢ᠃ᠬᠡᠨ ᠬᠠᠷᠠᠭᠰᠠᠭᠠᠷ ᠪᠠᠢᠵᠤ ᠪᠤᠰᠤᠳ ᠤ᠋ᠨ ᠪᠣᠭᠣᠯ ᠪᠣᠯᠰᠤᠭᠠᠢ ᠭᠡᠮᠡᠨ ᠰᠠᠨᠠᠬᠤ ᠠᠵᠢ ! ᠲᠡᠢᠨ ᠬᠦ᠌ ᠲᠠᠢᠶᠠᠩ ᠬᠠᠭᠠᠨ ᠤᠮᠳᠠᠵᠤ ᠬᠡᠪᠲᠡᠪᠡᠴᠦ ᠠᠮᠤᠷ ᠦᠭᠡᠢ ᠪᠣᠯᠵᠤ᠂ᠪᠸᠲ᠋ᠠ᠋ ᠤᠯᠤᠰ ᠨᠢᠭᠡᠨ ᠡᠳᠦᠷ ᠪᠠᠢᠪᠠᠰᠤ ᠨᠢᠭᠡᠨ ᠡᠳᠦᠷ ᠠᠮᠤᠬᠤ ᠦᠭᠡᠢ᠂ᠠᠶᠤᠨ ᠪᠣᠯᠭᠣᠮᠵᠢᠯᠠᠭᠰᠠᠭᠠᠷ ᠰᠠᠶᠢ ᠲᠡᠳᠡᠭᠡᠷ ᠣᠯᠠᠨ ᠠᠢᠮᠠᠭ ᠤ᠋ᠨ ᠬᠣᠷᠢᠨ ᠲᠦᠮᠡᠨ ᠢ᠋ ᠴᠤᠭᠯᠠᠭᠤᠯᠬᠤᠢ ᠳ᠋ᠤᠷ ᠬᠦᠷᠦᠭᠰᠡᠨ ᠢᠨᠦ ᠪᠠᠰᠠ ᠴᠤ᠌ ᠴᠥᠭᠡᠨ ᠪᠣᠯᠪᠠᠰᠤ ᠲᠤᠯᠵᠤ ᠦᠯᠦ ᠢᠯᠠᠮᠤᠢ ᠊ᠶ᠎ᠡ ᠭᠡᠮᠡᠨ ᠪᠠᠰᠠ ᠠᠶᠤᠨ ᠪᠣᠯᠭᠣᠮᠵᠢᠯᠠᠬᠤ ᠠ᠋ᠴᠠ ᠡᠳᠦᠵᠦᠬᠦᠢ᠂ᠡᠷᠲᠡ ᠡᠴᠡ ᠡᠷᠢᠨ ᠬᠠᠯᠳᠠᠵᠤ ᠠᠷᠢᠯᠭᠠᠰᠤᠭᠠᠢ ᠭᠡᠮᠡᠨ ᠰᠡᠳᠬᠢᠯ ᠰᠢᠭᠤᠳᠤᠭᠰᠠᠨ ᠪᠣᠯᠪᠠᠴᠤ ᠬᠤᠢᠷᠴᠢ ᠡᠳᠦᠷ ᠨᠡᠩ ᠬᠦᠴᠦᠷᠡᠭᠳᠡᠬᠦ ᠦᠭᠡᠢ ᠪᠣᠯᠵᠤ᠂ᠪᠡᠶ᠎ᠡ ᠪᠡᠨ ᠪᠣᠭᠣᠯ ᠪᠣᠯᠭᠤᠵᠠᠢ ᠭᠡᠮᠡᠨ ᠮᠥᠨ ᠠᠶᠤᠨ ᠪᠣᠯᠭᠣᠮᠵᠢᠯᠠᠬᠤ ᠳ᠋ᠠᠭᠠᠨ ᠰᠠᠶᠢ ᠡᠢᠨ ᠬᠦ᠌ ᠪᠠᠢᠯᠳᠤᠬᠤ ᠶ᠋ᠢ ᠡᠷᠢᠵᠦᠬᠦᠢ᠃ᠡᠪᠡᠦ ᠬᠠᠯᠠᠬᠠᠢ!ᠡᠷᠲᠡᠨ ᠦ᠌ ᠰᠤᠯᠠ ᠦᠭᠡᠰ ᠦ᠋ᠨ ᠲᠠᠢᠯᠪᠤᠷᠢ ᠳ᠋ᠤᠷ ᠬᠢᠲᠠᠳ ᠤ᠋ᠨ 《ᠬᠥᠮᠦᠨ 》 ᠬᠡᠮᠡᠭᠰᠡᠨ ᠿᠧᠨ 《人》ᠬᠡᠮᠡᠬᠦ ᠦᠰᠦᠭ ᠦ᠋ᠨ ᠠᠷᠭ᠎ᠠ ᠠᠨᠤ ᠵᠣᠭᠰᠣᠵᠤ ᠴᠢᠳᠠᠭᠠᠳ ᠳᠣᠣᠷ᠎ᠠ ᠠᠨᠤ ᠪᠢᠯᠢᠭ ᠢᠨᠦ ᠲᠤᠯᠤᠨ ᠬᠦᠴᠦᠷᠡᠪᠡᠰᠦ ᠡᠭᠦᠨ ᠢ᠋ ᠰᠠᠶᠢ ᠬᠥᠮᠦᠨ ᠪᠣᠯᠤᠨ ᠴᠢᠳᠠᠪᠠ ᠬᠡᠮᠡᠵᠦᠬᠦᠢ᠃ᠬᠥᠮᠦᠨ ᠪᠣᠯᠤᠭᠠᠳ ᠲᠦᠮᠡᠨ ᠬᠥᠮᠦᠨ ᠢ᠋ ᠭᠠᠭᠴᠠᠭᠠᠷ ᠡᠵᠡᠯᠡᠨ ᠴᠢᠳᠠᠪᠠᠰᠤ ᠲᠡᠭᠦᠨ ᠢ᠋ ᠰᠠᠶᠢ ᠶᠡᠬᠡ ᠬᠡᠮᠡᠴᠦᠬᠦᠢ᠃ᠲᠡᠢᠨ ᠬᠦ᠌ ᠬᠢᠲᠠᠳ ᠤ᠋ᠨ 《人》ᠬᠡᠮᠡᠬᠦ ᠦᠰᠦᠭ ᠦ᠋ᠨ ᠳᠡᠭᠡᠷ᠎ᠡ ᠨᠢᠭᠡᠨ ᠬᠣᠶᠠᠷ ᠤ᠋ᠨ ᠨᠢᠭᠡᠨ ᠬᠡᠮᠡᠬᠦ ᠶ᠋ᠢ ᠲᠠᠯᠪᠢᠪᠠᠰᠤ 《ᠶᠡᠬᠡ》ᠬᠡᠮᠡᠬᠦ ᠳᠡ 《大》ᠦᠰᠦᠭ ᠪᠣᠯᠤᠮᠤᠢ᠂ᠪᠠᠰᠠ ᠳᠡᠭᠡᠷ᠎ᠡ ᠲᠡᠭᠷᠢ ᠶ᠋ᠢ ᠲᠤᠯᠵᠤ ᠳᠣᠣᠷ᠎ᠠ ᠭᠠᠵᠠᠷ ᠵᠣᠭᠰᠣᠬᠤ᠂ᠳᠤᠮᠳᠠᠳᠤ ᠳ᠋ᠤᠷ ᠬᠥᠮᠦᠨ ᠢ᠋ ᠨᠡᠪᠲᠡᠯᠦᠨ ᠴᠢᠳᠠᠵᠤ᠂ᠭᠤᠷᠪᠠᠨ ᠡᠷᠳᠡᠮ ᠪᠦᠷᠢᠳᠦᠨ ᠴᠢᠳᠠᠪᠠᠰᠤ ᠲᠡᠭᠦᠨ ᠢ᠋ 《ᠭᠤᠷᠪᠠᠨ》 ᠤ᠋ ᠰᠠᠨ ᠬᠡᠮᠡᠬᠦ ᠦᠰᠦᠭ ᠢ᠋ ᠨᠡᠪᠲᠡᠯᠦᠨ ᠴᠢᠳᠠᠪᠠ ᠭᠡᠮᠡᠨ ᠭᠤᠷᠪᠠᠨ ᠤ᠋ ᠰᠠᠨ ᠬᠡᠮᠡᠬᠦ 《三》ᠦᠰᠦᠭ ᠢ᠋ ᠴᠢᠬᠡ ᠳᠤᠮᠳᠠ ᠪᠠᠷ ᠨᠡᠪᠲᠡ ᠲᠠᠲᠠᠪᠠᠰᠤ ᠬᠥᠮᠦᠨ ᠦ᠌ ᠡᠵᠡᠨ ᠦ᠌ ᠸᠠᠩ 《王》ᠬᠡᠮᠡᠬᠦ ᠦᠰᠦᠭ ᠪᠣᠯᠤᠮᠤᠢ᠃ᠬᠥᠮᠦᠨ ᠦ᠌ ᠡᠵᠡᠨ ᠸᠠᠩ ᠪᠣᠯᠤᠭᠠᠳ ᠣᠳᠣ ᠬᠡᠷᠬᠢᠨ ᠤᠷᠪᠠᠵᠤ᠂ᠬᠥᠮᠦᠨ ᠦ᠌ ᠪᠣᠭᠣᠯ ᠪᠤᠯᠬᠤᠢ ᠳ᠋ᠤᠷ ᠬᠦᠷᠦᠭᠡᠳ ᠠᠳᠠᠭ ᠲᠠᠭᠠᠨ ᠬᠥᠮᠦᠨ ᠦ᠌ 《ᠿᠸᠨ 》ᠦᠰᠦᠭ ᠢ᠋ᠶ᠋ᠡᠨ ᠴᠦ᠍ ᠬᠦᠷᠦᠯᠴᠡᠨ ᠴᠢᠳᠠᠬᠤ ᠦᠭᠡᠢ ᠪᠣᠯᠤᠮᠤᠢ᠃ᠪᠠᠰᠠ ᠤᠯᠤᠰ ᠤ᠋ᠨ 《ᠭᠦᠸᠧ》ᠬᠡᠮᠡᠬᠦ ᠦᠰᠦᠭ ᠦ᠋ᠨ ᠳᠣᠲᠣᠭᠠᠳᠤ ᠦᠰᠦᠭ ᠢ᠋ ᠲᠠᠢᠯᠤᠨ ᠬᠡᠯᠡᠪᠡᠰᠦ 《 ᠵᠠᠷᠢᠮᠤᠳ 》 ᠬᠡᠮᠡᠬᠦ ᠦᠰᠦᠭ ᠦᠭᠡ : 《ᠵᠠᠷᠢᠮᠤᠳ 》ᠬᠡᠮᠡᠭᠴᠢ ᠦᠭᠡᠰ ᠦ᠋ᠨ ᠤᠴᠢᠷ ᠢ᠋ ᠬᠡᠯᠡᠪᠡᠴᠦ ᠣᠯᠠᠨ ᠨᠡᠢᠲᠡ ᠶ᠋ᠢ ᠥᠭᠦᠯᠡᠵᠦᠬᠦᠢ᠃ᠪᠠᠰᠠ ᠭᠦᠸᠧ ᠬᠡᠮᠡᠬᠦ ᠦᠰᠦᠭ ᠢ᠋ ᠳᠥᠭᠥᠮᠴᠢᠯᠡᠨ ᠪᠢᠴᠢᠬᠦ ᠪᠥᠭᠡᠰᠦ ᠬᠦᠷᠢᠶᠡᠨ ᠦ᠌ ᠸᠧᠢ 《口》ᠦᠰᠦᠭ ᠦ᠋ᠨ ᠳᠣᠲᠣᠷ᠎ᠠ ᠡᠵᠡᠨ ᠦ᠌ ᠸᠠᠩ 《王 》 ᠬᠡᠮᠡᠬᠦ ᠦᠰᠦᠭ ᠢ᠋ ᠪᠢᠴᠢᠪᠡᠰᠦ᠂ᠮᠥᠨ ᠬᠦ᠌ ᠤᠯᠤᠰ ᠬᠡᠮᠡᠬᠦ ᠦᠰᠦᠭ ᠪᠣᠯᠬᠤ ᠶ᠋ᠢᠨ ᠲᠤᠯᠠ ᠤᠯᠤᠰ ᠢ᠋ ᠡᠵᠡᠯᠡᠭᠰᠡᠨ ᠨᠢᠭᠡᠨ ᠶᠡᠬᠡ ᠬᠥᠮᠦᠨ᠂ᠬᠥᠮᠦᠨ ᠦ᠌ ᠸᠠᠩ᠂ᠤᠯᠤᠰ ᠤ᠋ᠨ ᠡᠵᠡᠨ ᠪᠥᠭᠡᠳ ᠬᠡᠷᠬᠢᠨ ᠬᠥᠮᠦᠨ ᠦ᠌ ᠪᠣᠭᠣᠯ ᠪᠣᠯᠵᠤ ᠪᠣᠯᠬᠤ ? ᠲᠡᠢᠨ ᠬᠦ᠌ ᠲᠠᠢᠶᠠᠩ ᠬᠠᠭᠠᠨ ᠤ᠋ ᠡᠳᠦᠷ ᠰᠥᠨᠢ ᠦᠭᠡᠢ ᠠᠶᠤᠨ ᠪᠣᠯᠭᠣᠮᠵᠢᠯᠠᠭᠰᠠᠨ ᠠᠨᠤ ᠵᠦᠢ ᠪᠣᠯᠠᠢ᠃ᠲᠡᠢᠨ ᠬᠦ᠌ ᠳᠠᠢᠶᠠᠩ ᠬᠠᠭᠠᠨ ᠬᠠᠷᠢᠨ ᠥᠪᠡᠷ ᠦ᠋ᠨ ᠠᠶᠤᠨ ᠪᠣᠯᠭᠣᠮᠵᠢᠯᠠᠬᠤᠢ ᠳ᠋ᠤᠷ ᠢ᠋ᠶ᠋ᠠᠨ ᠬᠡᠯᠪᠡᠷᠢᠵᠦᠬᠦᠢ᠃ᠠᠶ᠎ᠠ ᠬᠥᠮᠦᠨ ᠴᠣᠯᠭᠣᠷᠠᠬᠤ ᠬᠡᠲᠦᠷᠡᠬᠦ ᠶ᠋ᠢ ᠴᠢᠳᠠᠮᠤᠢ ᠊ᠶ᠎ᠡ᠂ᠳᠤᠮᠳᠠ ᠬᠡᠪ ᠢ᠋ ᠶᠠᠪᠤᠵᠤ ᠦᠯᠦ ᠴᠢᠳᠠᠮᠤᠢ ᠬᠡᠮᠡᠵᠦᠬᠦᠢ᠃ᠲᠠᠢᠶᠠᠩ ᠬᠠᠭᠠᠨ ᠤ᠋ ᠡᠷᠲᠡᠨ ᠦ᠌ ᠲᠡᠭᠷᠢ ᠶ᠋ᠢᠨ ᠴᠠᠭ ᠲᠤᠷ ᠲᠤᠯᠤᠨ ᠡᠰᠡ ᠴᠢᠳᠠᠭᠰᠠᠨ ᠴᠢᠭᠢᠷᠠᠭ ᠬᠠᠳ ᠪᠤᠶᠤ ᠰᠦᠨ ᠽᠧ᠂ᠵᠧᠦ ᠢᠦᠢ ᠵᠡᠷᠭᠡ ᠶ᠋ᠢᠨ ᠬᠠᠳ ᠲᠤᠷ ᠰᠠᠢᠳ ᠲᠤᠷ ᠦᠯᠢᠳᠬᠡᠵᠦ ᠪᠣᠯᠤᠯᠲᠠᠢ ᠮᠡᠲᠦ᠃ᠲᠡᠭᠷᠢ ᠶ᠋ᠢᠨ ᠴᠠᠭ ᠢ᠋ ᠬᠡᠷᠬᠢᠬᠦ ᠠᠵᠢ ! ᠠᠯᠲᠠᠨᠱᠠᠭ᠎ᠠ᠂ᠮᠥᠩᠭᠥᠯᠵᠢ᠂ᠳ᠋ᠠᠳᠠᠳᠤᠩᠭ᠎ᠠ ᠭᠤᠷᠪᠠᠨ ᠬᠥᠮᠦᠨ ᠦ᠌ ᠲᠡᠳᠡᠭᠡᠷ ᠦᠭᠡ ᠶ᠋ᠢ ᠲᠠᠢᠶᠠᠩ ᠬᠠᠭᠠᠨ ᠬᠡᠷᠬᠢᠨ ᠬᠡᠯᠡᠵᠦ ᠪᠣᠯᠬᠤ ᠠᠵᠢ!ᠰᠠᠢᠳ ᠬᠣᠷᠢᠭ᠍ᠯᠠᠪᠠᠰᠤ ᠪᠣᠯᠬᠤ ᠪᠣᠢ ᠊ᠶ᠎ᠡ᠂ᠡᠵᠡᠨ ᠥᠪᠡᠷ ᠢ᠋ᠶ᠋ᠡᠨ ᠶᠠᠭᠠᠬᠢᠨ ᠬᠡᠯᠡᠪᠡᠰᠦ ᠪᠣᠯᠬᠤ᠃ᠲᠡᠢᠨ ᠬᠦ᠌ ᠲᠠᠢᠶᠠᠩ ᠬᠠᠭᠠᠨ ᠢ᠋ ᠴᠢᠭᠢᠷᠠᠭ ᠡᠵᠡᠨ ᠴᠠᠭ ᠲᠤᠯᠵᠤ ᠮᠥᠬᠥᠪᠡᠢ ᠊ᠶ᠎ᠡ᠂ᠥᠪᠡᠷ ᠢ᠋ᠶ᠋ᠡᠨ ᠶᠡᠬᠡ ᠰᠥᠷᠭᠡᠦ ᠭᠠᠵᠢᠭᠤ ᠪᠠᠷ ᠮᠥᠬᠥᠭᠰᠡᠨ ᠢᠨᠦ ᠪᠤᠰᠤ ᠪᠣᠯᠠᠢ᠃ᠮᠠᠭᠲᠠᠨ ᠬᠡᠯᠡᠪᠡᠰᠦ ᠬᠠᠷᠢᠨ ᠡᠷᠲᠡᠨ ᠦ᠌ ᠶᠦᠨ ᠴᠠᠩ ᠪᠣᠭᠳᠠ ᠶ᠋ᠢᠨ ᠰᠠᠯᠬᠢᠨ ᠤ᠋ ᠦᠨᠦᠷ ᠨᠡᠯᠢᠶᠡᠳ ᠪᠣᠢ ᠮᠡᠲᠦ᠃ᠲᠡᠭᠦᠨ ᠦ᠌ ᠪᠤᠷᠤᠭᠤ ᠠᠨᠤ ᠠᠶᠤᠨ ᠪᠣᠯᠭᠣᠮᠵᠢᠯᠠᠭᠰᠠᠨ ᠠ᠋ᠴᠠ ᠪᠤᠰᠤ ᠳᠡᠮᠡᠢ ᠬᠦᠨᠳᠦ ᠪᠤᠷᠤᠭᠤ ᠦᠭᠡᠢ ᠶ᠋ᠢ ᠢᠷᠡᠭᠡᠳᠦᠢ ᠴᠠᠭ ᠤ᠋ᠨ ᠮᠡᠷᠭᠡᠳ ᠰᠠᠢᠳ ᠢ᠋ᠶ᠋ᠠᠷ ᠰᠤᠳᠤᠷᠴᠢ ᠮᠢᠨᠦ ᠡᠨᠡ ᠦᠭᠡᠰ ᠢ᠋ ᠠᠯᠭᠤᠷ ᠠᠢᠯᠠᠳᠬᠤ ᠠᠵᠢᠶᠠᠮᠤ᠂ᠲᠦᠮᠡᠨ ᠪᠡᠯᠭᠡ ᠮᠢᠩᠭᠠᠨ ᠥᠯᠵᠡᠢ ᠪᠣᠯᠲᠤᠭᠠᠢ!
