ᠡᠷᠬᠡ ᠪᠤᠶᠠᠨᠲᠤ ᠲᠠᠢᠽᠦ ᠪᠣᠭᠳᠠ ᠬᠡᠷᠡᠢᠳ ᠨᠠᠢ᠍ᠮᠠᠨ ᠤ᠋ ᠬᠣᠣᠰ ᠬᠣᠯᠪᠣᠭᠠᠨ ᠢ᠋ ᠲᠣᠭᠲᠠᠭᠠᠯᠭᠠᠪᠠᠢ
ᠡᠷᠳᠡᠮ ᠤᠬᠠᠭᠠᠨᠲᠤ ᠵᠢᠨᠦᠩ ᠮᠤᠬᠤᠯᠢ ᠸᠠᠩᠬᠦᠪ ᠪᠦᠲᠦᠨ᠎ᠡ ᠶ᠋ᠢᠨ ᠬᠣᠶᠠᠷ ᠠᠢᠮᠠᠭ ᠢ᠋ ᠳᠠᠭᠠᠭᠤᠯᠪᠠᠢ
ᠬᠣᠷᠢ ᠶᠢᠰᠦᠳᠦᠭᠡᠷ ᠪᠦᠯᠦᠭ
ᠰᠥᠩ ᠨᠢᠩᠽᠦ᠋ᠩ ᠦ᠋ᠨ ᠵᠢᠶᠠ ᠲᠠᠢ ᠶ᠋ᠢᠨ ᠲᠡᠷᠢᠭᠦᠨ ᠣᠨ᠂ ᠠᠯᠲᠠᠨ ᠤᠯᠤᠰ ᠤ᠋ᠨ ᠵᠠᠩᠽᠦ᠋ᠩ ᠬᠠᠭᠠᠨ ᠤ᠋
ᠲᠠᠢ ᠾᠧ ᠶ᠋ᠢᠨ ᠪᠠᠰᠠ ᠲᠡᠷᠢᠭᠦᠨ ᠣᠨ᠂ ᠰᠥᠩ ᠠᠯᠲᠠᠨ ᠬᠣᠶᠠᠷ ᠤᠯᠤᠰ ᠣᠨ ᠤ᠋ ᠨᠡᠷ᠎ᠡ ᠪᠡᠨ ᠬᠠᠮᠲᠤ ᠪᠠᠷᠬᠠᠯᠠᠪᠠᠢ᠃
ᠲᠠᠢᠽᠦ ᠳᠥᠴᠢᠨ ᠰᠡᠭᠦᠳᠡᠷ ᠲᠡᠢ᠂ ᠴᠠᠭᠠᠭᠴᠢᠨ ᠲᠠᠬᠢᠶ᠎ᠠ ᠵᠢᠯ ᠪᠣᠯᠪᠠ᠂ ᠡᠨᠡ ᠵᠢᠯ ᠦ᠋ᠨ ᠬᠡᠷᠡᠭ ᠮᠠᠰᠢ ᠣᠯᠠᠨ ᠲᠤᠯᠠ ᠳᠥᠲᠡᠯᠡᠪᠡᠢ
ᠡᠷᠬᠡ ᠪᠤᠶᠠᠨᠲᠤ ᠲᠠᠢᠽᠦ ᠪᠣᠭᠳᠠ ᠬᠡᠷᠡᠢᠳ ᠨᠠᠢ᠍ᠮᠠᠨ ᠤ᠋ ᠬᠣᠣᠰ ᠬᠣᠯᠪᠣᠭᠠᠨ ᠢ᠋ ᠲᠣᠭᠲᠠᠭᠠᠯᠭᠠᠪᠠᠢ
ᠡᠷᠳᠡᠮ ᠤᠬᠠᠭᠠᠨᠲᠤ ᠵᠢᠨᠦᠩ ᠮᠤᠬᠤᠯᠢ ᠸᠠᠩᠬᠦᠪ ᠪᠦᠲᠦᠨ᠎ᠡ ᠶ᠋ᠢᠨ ᠬᠣᠶᠠᠷ ᠠᠢᠮᠠᠭ ᠢ᠋ ᠳᠠᠭᠠᠭᠤᠯᠪᠠᠢ
ᠡᠴᠢᠭᠡ ᠡᠬᠡ ᠡᠴᠡ ᠡᠭᠦᠰᠴᠦ ᠲᠥᠷᠥᠭᠰᠡᠨ ᠡᠳᠦᠷ ᠴᠠᠭ ᠤ᠋ᠨ ᠡᠷᠬᠢᠮ ᠢ᠋
ᠡᠷᠬᠡᠲᠦ ᠲᠠᠢᠽᠦ ᠠ᠋ᠴᠠ ᠡᠬᠢᠯᠡᠵᠦ ᠰᠠᠶᠢ ᠡᠷᠬᠢᠯᠡᠨ ᠦᠵᠡᠵᠦ ᠬᠦᠨᠳᠦᠳᠬᠡᠪᠡᠢ᠂
ᠡᠯᠡᠵᠦ ᠵᠣᠪᠠᠬᠤ ᠥᠨᠥᠴᠢᠨ ᠪᠡᠯᠪᠡᠰᠦᠨ ᠢ᠋ ᠥᠷᠥᠰᠢᠶᠡᠨ ᠨᠢᠭᠦᠯᠡᠰᠬᠦ ᠶᠣᠰᠣᠨ ᠢ᠋
ᠡᠷᠳᠡᠮᠲᠦ ᠪᠣᠭᠳᠠ ᠠ᠋ᠴᠠ ᠡᠭᠦᠷᠢ ᠳᠡᠯᠭᠡᠷᠡᠭᠦᠯᠦᠨ ᠡᠳᠦᠭᠡ ᠪᠣᠯᠲᠠᠯ᠎ᠠ ᠳᠠᠭᠤᠷᠢᠶᠠᠯᠴᠠᠪᠠᠢ᠃
ᠲᠡᠨᠳᠡᠴᠡ ᠡᠨᠡ ᠴᠠᠭᠠᠭᠴᠢᠨ ᠲᠠᠬᠢᠶ᠎ᠠ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠦ᠌ ᠴᠠᠭᠠᠯᠠᠬᠤ ᠥᠷᠯᠥᠭᠡ ᠳ᠋ᠦ᠍ᠷ ᠪᠧᠲ᠋ᠠ᠋ ᠤᠯᠤᠰ ᠤ᠋ᠨ ᠬᠣᠯᠠ ᠣᠢᠷ᠎ᠠ ᠪᠠᠷ ᠲᠠᠢᠽᠦ ᠬᠠᠲᠤᠨ ᠬᠣᠶᠠᠭᠤᠯᠠ ᠶ᠋ᠢ ᠲᠥᠪ ᠳᠥᠴᠢᠨ ᠰᠡᠭᠦᠳᠡᠷᠯᠡᠪᠡ ᠬᠡᠮᠡᠵᠦ᠂ ᠨᠡᠢᠲᠡ ᠪᠡᠷ ᠬᠤᠷᠠᠵᠤ᠂ ᠥᠭᠡᠯᠦᠨ ᠥᠵᠢᠨ ᠡᠮᠡᠭᠡ ᠳ᠋ᠦ᠍ᠷ ᠮᠥᠷᠭᠥᠵᠦ᠂ ᠲᠠᠢᠽᠦ ᠬᠠᠲᠤᠨ ᠬᠣᠶᠠᠭᠤᠯᠠ ᠳ᠋ᠤᠷ ᠮᠥᠷᠭᠥᠵᠦ ᠪᠡᠯᠭᠡᠯᠡᠭᠰᠡᠨ ᠬᠣᠢᠨ᠎ᠠ᠂ ᠲᠣᠷᠭᠠᠨ ᠰᠢᠷ᠎ᠠ᠂ ᠮᠤᠬᠤᠯᠢ ᠨᠠᠷ ᠤᠯᠤᠰ ᠲᠤᠷ ᠶᠡᠬᠡ ᠥᠷᠯᠥᠭ ᠪᠠᠭᠤᠯᠭᠠᠨ ᠭᠡᠮ ᠶᠠᠯᠠᠲᠠᠨ ᠢ᠋ ᠬᠣᠷᠢᠭᠤᠯ ᠠ᠋ᠴᠠ ᠭᠠᠷᠭᠠᠵᠤ᠂ ᠶᠡᠬᠡ ᠪᠠᠶᠠᠷ ᠤ᠋ᠨ ᠶᠣᠰᠣᠭᠠᠷ ᠮᠥᠷᠡᠨ ᠲᠠᠯ᠎ᠠ ᠳ᠋ᠤᠷ ᠬᠤᠷᠢᠮᠯᠠᠶᠠ ᠭᠡᠮᠡᠨ ᠮᠡᠳᠡᠭᠦᠯᠦᠭᠰᠡᠨ᠎ᠡ᠂ ᠲᠠᠢᠽᠦ ᠵᠠᠬᠢᠷᠤᠨ :《ᠮᠢᠨᠦ ᠲᠥᠪ ᠳᠥᠴᠢᠨ ᠨᠠᠰᠤᠨ᠎ᠠ ᠤᠯᠤᠰ ᠤ᠋ᠨ ᠭᠡᠮ ᠬᠣᠣᠷᠲᠠᠨ ᠢ᠋ ᠲᠠᠯᠪᠢᠶ᠎ᠠ ᠬᠡᠮᠡᠬᠦ ᠢᠨᠦ ᠬᠡᠳᠦᠢ ᠮᠥᠨ ᠪᠣᠯᠪᠠᠴᠤ ᠲᠡᠭᠦᠨ ᠦ᠌ ᠭᠡᠮ ᠳ᠋ᠦ᠍ᠷ ᠭᠡᠨᠡᠳᠡᠭᠳᠡᠭᠰᠡᠨ ᠲᠡᠭᠦᠨ ᠦ᠌ ᠬᠣᠣᠷ ᠲᠤᠷ ᠬᠣᠣᠷᠯᠠᠭᠳᠠᠭᠰᠠᠨ ᠰᠠᠢᠨ ᠠᠷᠠᠳ ᠬᠢᠯᠢᠰᠳᠡᠬᠦ ᠦᠭᠡᠢ ᠦᠦ ? ᠬᠥᠮᠦᠨ ᠠᠯᠠᠭᠰᠠᠨ ᠠ᠋ᠴᠠ ᠪᠤᠰᠤ ᠶᠠᠯᠠᠲᠠᠨ ᠢ᠋ ᠲᠠᠯᠪᠢᠨ ᠭᠠᠷᠭ᠎ᠠ᠂ ᠬᠥᠮᠦᠨ ᠠᠯᠠᠭᠰᠠᠳ ᠢ᠋ ᠪᠢᠲᠡᠭᠡᠢ ᠳᠡᠯᠪᠢ᠃ ᠵᠢᠴᠢ ᠤᠯᠤᠰ ᠤ᠋ᠨ ᠬᠣᠲᠠᠯᠠᠭᠠᠷ ᠨᠥᠬᠥᠷ ᠡᠮ᠎ᠡ ᠪᠢᠳᠡ ᠬᠣᠶᠠᠭᠤᠯᠠ ᠳ᠋ᠤᠷ ᠮᠥᠷᠭᠥᠬᠦ ᠬᠤᠷᠢᠮᠯᠠᠬᠤ ᠬᠡᠷᠡᠭ ᠢ᠋ ᠮᠢᠨᠦ ᠡᠩ ᠲᠡᠷᠢᠭᠦᠨ ᠡᠬᠡ ᠶ᠋ᠢᠨ ᠬᠡᠪᠡᠯᠢ ᠡᠴᠡ ᠤᠨᠠᠵᠤ ᠢᠷᠡᠭᠡᠳ ᠡᠴᠢᠭᠡ ᠲᠡᠭᠷᠢ᠂ ᠡᠬᠡ ᠭᠠᠵᠠᠷ ᠪᠠ ᠨᠠᠷᠠᠨ ᠰᠠᠷᠠᠨ ᠢ᠋ ᠦᠵᠡᠭᠰᠡᠨ᠂ ᠡᠵᠢ ᠠᠪᠤ ᠶᠤᠭᠠᠨ ᠪᠠᠶᠠᠰᠬᠠᠵᠤ ᠡᠨᠡ ᠨᠡᠷ᠎ᠡ ᠪᠡᠨ ᠣᠯᠤᠭᠰᠠᠨ᠂ ᠡᠪᠯᠡᠭᠰᠡᠨ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠲᠥᠷᠥᠭᠰᠡᠨ ᠡᠳᠦᠷ ᠢ᠋ ᠮᠢᠨᠦ ᠬᠦᠯᠢᠶᠡ ! 》ᠬᠡᠮᠡᠵᠦ ᠬᠠᠭᠤᠯᠤᠨ ᠪᠠᠭᠤᠯᠭᠠᠪᠠ᠃ ᠣᠯᠠᠨ ᠢ᠋ᠶ᠋ᠠᠷ ᠢ᠋ᠶ᠋ᠠᠨ ᠵᠠᠬᠢᠶ᠎ᠠ ᠣᠯᠵᠤ ᠮᠥᠷᠭᠥᠵᠦ ᠪᠠᠶᠠᠰᠤᠯᠴᠠᠨ ᠲᠠᠷᠠᠬᠠᠯᠴᠠᠪᠠ᠃ ᠡᠨᠡ ᠵᠢᠯ ᠥᠭᠡᠯᠦᠨ ᠥᠵᠢᠨ ᠡᠮᠡᠭᠡ ᠲᠠᠪᠢᠨ ᠨᠠᠢ᠍ᠮᠠᠨ ᠰᠡᠭᠦᠳᠡᠷ ᠲᠡᠢ ᠪᠣᠯᠪᠠ᠃ ᠬᠥᠬᠡ ᠬᠤᠯᠤᠭᠠᠨ᠎ᠠ ᠵᠢᠯ ᠲᠡᠢ ᠪᠥᠯᠥᠭᠡ᠃ ᠲᠠᠢᠽᠦ ᠬᠠᠲᠤᠨ ᠬᠣᠶᠠᠭᠤᠯᠠ ᠲᠥᠪ ᠳᠥᠴᠢᠨ ᠨᠠᠰᠤᠨ ᠤ᠋ ᠰᠡᠭᠦᠳᠡᠷ ᠪᠣᠯᠪᠠ᠃ ᠬᠣᠶᠠᠭᠤᠯᠠ ᠠᠳᠠᠯᠢ ᠬᠠᠷ᠎ᠠ ᠮᠣᠷᠢᠨ ᠵᠢᠯ ᠲᠡᠢ᠂ ᠬᠣᠶᠠᠳᠤᠭᠠᠷ ᠳᠡᠭᠦᠦ ᠪᠡᠯᠭᠦᠳᠡᠢ ᠭᠤᠴᠢᠨ ᠶᠢᠰᠦᠨ ᠨᠠᠰᠤᠯᠠᠪᠠ᠃ ᠲᠠᠢᠽᠦ ᠡᠴᠡ ᠨᠢᠭᠡᠨ ᠨᠠᠰᠤᠨ ᠳᠡᠭᠦᠦ᠂ ᠬᠠᠷᠠᠭ᠍ᠴᠢᠨ ᠬᠣᠨᠢᠨ ᠵᠢᠯ ᠲᠡᠢ᠂ ᠭᠤᠷᠪᠠᠳᠤᠭᠠᠷ ᠳᠡᠭᠦᠦ ᠬᠠᠪᠤᠲᠤ ᠬᠠᠰᠠᠷ ᠭᠤᠴᠢᠨ ᠨᠠᠢ᠍ᠮᠠᠨ ᠨᠠᠰᠤᠯᠠᠪᠠ᠂ ᠲᠠᠢᠽᠦ ᠠ᠋ᠴᠠ ᠬᠣᠶᠠᠷ ᠨᠠᠰᠤ ᠳᠡᠭᠦᠦ᠂ ᠬᠥᠬᠡ ᠪᠡᠴᠢᠨ ᠵᠢᠯ ᠲᠡᠢ᠃ ᠳᠥᠷᠪᠡᠳᠦᠭᠡᠷ ᠳᠡᠭᠦᠦ ᠣᠢᠲᠤ ᠤᠴᠢᠭ ᠭᠤᠴᠢᠨ ᠵᠢᠷᠭᠤᠭᠠᠨ ᠨᠠᠰᠤᠯᠠᠪᠠ᠂ ᠲᠠᠢᠽᠦ ᠠ᠋ᠴᠠ ᠳᠥᠷᠪᠡᠨ ᠨᠠᠰᠤ ᠳᠡᠭᠦᠦ᠂ ᠤᠯᠠᠭᠠᠨ ᠨᠣᠬᠠᠢ ᠵᠢᠯ ᠲᠡᠢ᠃ ᠲᠠᠪᠤᠳᠤᠭᠠᠷ ᠳᠡᠭᠦᠦ ᠤᠷᠠᠨ ᠭᠠᠴᠤᠭ ᠭᠤᠴᠢᠨ ᠳᠥᠷᠪᠡᠨ ᠨᠠᠰᠤᠯᠠᠪᠠ᠂ ᠲᠠᠢᠽᠦ ᠠ᠋ᠴᠠ ᠵᠢᠷᠭᠤᠭᠠᠨ ᠨᠠᠰᠤ ᠳᠡᠭᠦᠦ᠂ ᠰᠢᠷ᠎ᠠ ᠬᠤᠯᠤᠭᠠᠨ᠎ᠠ ᠵᠢᠯ ᠲᠡᠢ᠂ ᠤᠳᠬᠠᠨ ᠬᠡᠦᠬᠡᠨ ᠳᠡᠭᠦᠦ ᠲᠤᠨᠤᠮᠠᠯ ᠲᠠᠵᠢ ᠠᠪᠠᠬᠠᠢ ᠭᠤᠴᠢᠨ ᠭᠤᠷᠪᠠᠨ ᠨᠠᠰᠤᠯᠠᠪᠠ᠂ ᠲᠠᠢᠽᠦ ᠠ᠋ᠴᠠ ᠳᠣᠯᠣᠭᠠᠨ ᠨᠠᠰᠤ ᠳᠡᠭᠦᠦ᠂ ᠰᠢᠷᠬᠠᠨᠴᠢᠨ ᠦᠬᠡᠷ ᠵᠢᠯ ᠲᠡᠢ᠃ ᠲᠠᠢᠽᠦ ᠶ᠋ᠢᠨ ᠶᠡᠬᠡ ᠬᠥᠪᠡᠭᠦᠨ ᠵᠣᠷᠢᠭ᠍ᠲᠤ ᠵᠣᠴᠢ ᠬᠣᠷᠢᠨ ᠬᠣᠶᠠᠷ ᠨᠠᠰᠤᠯᠠᠪᠠ᠃ ᠴᠠᠭᠠᠨ ᠬᠤᠯᠤᠭᠠᠨ᠎ᠠ ᠵᠢᠯ ᠲᠡᠢ᠂ ᠠᠷᠪᠠᠨ ᠶᠢᠰᠦᠨ ᠨᠠᠰᠤᠨ ᠳ᠋ᠤᠷ ᠣᠯᠪᠠ᠂ ᠬᠣᠶᠠᠳᠤᠭᠠᠷ ᠬᠥᠪᠡᠭᠦᠨ ᠴᠠᠭᠠᠵᠠᠲᠤ ᠴᠠᠭᠠᠲᠠᠢ ᠬᠣᠷᠢᠨ ᠨᠠᠰᠤᠯᠠᠪᠠ᠂ ᠬᠠᠷ᠎ᠠ ᠪᠠᠷᠰ ᠵᠢᠯ ᠲᠡᠢ᠂ ᠲᠠᠢᠽᠦ ᠬᠣᠷᠢᠨ ᠨᠢᠭᠡᠨ ᠨᠠᠰᠤᠨ ᠳ᠋ᠤᠷ ᠣᠯᠪᠠ᠃ ᠭᠠᠭᠴᠠ ᠥᠬᠢᠨ ᠰᠡᠴᠢᠭᠯᠢᠭ ᠠᠪᠠᠬᠠᠢ ᠠᠷᠪᠠᠨ ᠳᠣᠯᠣᠭᠠᠨ ᠨᠠᠰᠤᠯᠠᠪᠠ᠂ ᠬᠥᠬᠡᠭᠴᠢᠨ ᠮᠣᠭᠠᠢ ᠵᠢᠯ ᠲᠡᠢ᠃ ᠲᠠᠢᠽᠦ ᠬᠣᠷᠢᠨ ᠳᠥᠷᠪᠡᠲᠡᠢ ᠣᠯᠪᠠ᠃ ᠭᠤᠷᠪᠠᠳᠤᠭᠠᠷ ᠬᠥᠪᠡᠭᠦᠨ ᠦᠭᠯᠢᠭᠲᠦ ᠥᠭᠡᠳᠡᠢ ᠠᠷᠪᠠᠨ ᠵᠢᠷᠭᠤᠭᠠᠨ ᠨᠠᠰᠤᠯᠠᠪᠠ᠂ ᠤᠯᠠᠭᠠᠨ ᠮᠣᠷᠢᠨ ᠵᠢᠯ ᠲᠡᠢ᠂ ᠲᠠᠢᠽᠦ ᠬᠣᠷᠢᠨ ᠲᠠᠪᠤᠨ ᠨᠠᠰᠤᠨ ᠳ᠋ᠤᠷ ᠣᠯᠪᠠ᠃ ᠳᠥᠷᠪᠡᠳᠦᠭᠡᠷ ᠬᠥᠪᠡᠭᠦᠨ ᠳᠣᠭᠰᠢᠨ ᠲᠣᠯᠢ ᠠᠷᠪᠠᠨ ᠲᠠᠪᠤᠨ ᠨᠠᠰᠤᠯᠠᠪᠠ᠂ ᠣᠯᠠᠬ᠍ᠭ᠍ᠴᠢᠨ ᠬᠣᠨᠢᠨ ᠵᠢᠯ ᠲᠡᠢ᠂ ᠲᠠᠢᠽᠦ ᠶ᠋ᠢᠨ ᠬᠣᠷᠢᠨ ᠵᠢᠷᠭᠤᠭᠠᠨ ᠨᠠᠰᠤᠨ᠎ᠠ ᠣᠯᠪᠠ᠃ ᠬᠦᠯᠦᠭ ᠪᠤᠭᠤᠷᠤᠯ ᠳᠥᠴᠢᠨ ᠲᠠᠪᠤᠨ ᠨᠠᠰᠤᠯᠠᠪᠠ᠂ ᠰᠢᠷ᠎ᠠ ᠪᠠᠷᠰ ᠵᠢᠯ ᠲᠡᠢ᠂ ᠬᠦᠯᠦᠭ ᠴᠢᠯᠠᠭᠤᠨ ᠲᠠᠢᠽᠦ ᠯᠤᠭ᠎ᠠ ᠴᠢᠴᠠᠤ᠂ ᠬᠦᠯᠦᠭ ᠪᠤᠭᠤᠷᠵᠢ ᠲᠠᠢᠽᠦ ᠠ᠋ᠴᠠ ᠨᠢᠭᠡᠨ ᠨᠠᠰᠤ ᠳᠡᠭᠦᠦ᠂ ᠭᠤᠴᠢᠨ ᠶᠢᠰᠦᠨ ᠨᠠᠰᠤᠯᠠᠪᠠ᠃ ᠬᠠᠷᠠᠭ᠍ᠴᠢᠨ ᠬᠣᠨᠢᠨ ᠵᠢᠯ ᠲᠡᠢ᠂ ᠴᠡᠷᠢᠭ ᠦ᠋ᠨ ᠵᠢᠨᠦᠩ ᠬᠦᠯᠦᠭ ᠮᠤᠬᠤᠯᠢ ᠴᠢᠩᠭᠢᠰ ᠬᠠᠭᠠᠨ ᠠ᠋ᠴᠠ ᠳᠣᠯᠣᠭᠠᠨ ᠨᠠᠰᠤ ᠳᠡᠭᠦᠦ᠂ ᠭᠤᠴᠢᠨ ᠭᠤᠷᠪᠠᠲᠠᠢ᠂ ᠰᠢᠷᠬᠠᠴᠢᠨ ᠦᠬᠡᠷ ᠵᠢᠯ ᠲᠡᠢ᠃ ᠲᠠᠢᠽᠦ ᠶ᠋ᠢᠨ ᠬᠥᠪᠡᠭᠦᠨ ᠦ᠌ ᠴᠣᠯᠠ ᠣᠯᠤᠭᠰᠠᠨ ᠠᠨᠤ᠂ ᠵᠣᠴᠢ ᠶ᠋ᠢᠨ ᠵᠠᠭᠤᠳᠠᠯ ᠵᠣᠷᠢᠭ ᠬᠡᠮᠡᠭᠴᠢ ᠬᠠᠲᠠᠭᠤ ᠲᠤᠯᠠ ᠵᠣᠷᠢᠭ᠍ᠲᠤ ᠬᠡᠮᠡᠪᠡ᠃ ᠴᠠᠭᠠᠲᠠᠢ ᠶ᠋ᠢᠨ ᠴᠠᠭᠠᠵᠠ ᠬᠠᠤᠯᠢ ᠠᠰᠤᠷᠤ ᠬᠤᠷᠴᠠ ᠲᠤᠯᠠ ᠴᠠᠭᠠᠵᠠᠲᠤ ᠬᠡᠮᠡᠪᠡ᠃ ᠥᠭᠡᠳᠡᠢ ᠶ᠋ᠢᠨ ᠥᠭᠯᠢᠭᠡ ᠬᠡᠰᠢᠭ ᠠᠰᠢᠳᠠ ᠡᠯᠪᠡᠭ ᠲᠤᠯᠠ ᠥᠭᠯᠢᠭᠲᠦ ᠬᠡᠮᠡᠪᠡ᠃ ᠭᠠᠭᠴᠠ ᠡᠨᠡ ᠲᠣᠯᠢ ᠠᠨᠤ ᠠᠷᠪᠠᠨ ᠭᠤᠷᠪᠠᠬᠠᠨ ᠨᠠᠰᠤᠨ ᠳ᠋ᠠᠭᠠᠨ ᠨᠢᠭᠡᠨ ᠡᠳᠦᠷ ᠲᠣᠷ ᠠᠷᠪᠠᠨ ᠭᠤᠷᠪᠠᠨ ᠳᠣᠭᠰᠢᠨ ᠡᠮᠨᠢᠭ ᠮᠣᠷᠢ ᠶ᠋ᠢ ᠲᠤᠢᠯᠠᠭᠤᠯᠵᠤ ᠴᠥᠮ ᠴᠠᠢᠯᠵᠠᠭᠤᠯᠤᠨ ᠤᠨᠠᠭᠠᠭᠰᠠᠨ ᠳ᠋ᠤᠷ ᠣᠯᠠᠨ ᠢ᠋ᠶ᠋ᠠᠷ ᠶᠡᠬᠡᠯ᠎ᠡ ᠭᠠᠢᠬᠠᠨ ᠳᠣᠭᠰᠢᠨ ᠭᠠᠯᠵᠠᠭᠤ ᠲᠣᠯᠢ ᠪᠠᠭᠠᠲᠤᠷ ᠬᠡᠮᠡᠵᠦᠬᠦᠢ᠃ ᠡᠭᠦᠨ ᠦ᠌ ᠶᠡᠬᠡ ᠬᠥᠪᠡᠭᠦᠨ ᠮᠥᠩᠬᠡ᠂ ᠳᠥᠷᠪᠡᠳᠦᠭᠡᠷ ᠬᠥᠪᠡᠭᠦᠨ ᠬᠤᠪᠢᠯᠠᠢ ᠰᠡᠴᠡᠨ ᠬᠣᠶᠠᠭᠤᠯᠠ ᠬᠣᠢᠨ᠎ᠠ ᠴᠥᠮ ᠶᠡᠬᠡ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠲᠤᠯᠠ ᠡᠨᠡ ᠲᠣᠯᠢ ᠡᠵᠡᠨ ᠢ᠋ ᠿᠦᠢᠽᠦ᠋ᠩ ᠭᠡᠮᠡᠨ ᠨᠡᠬᠡᠵᠦ ᠡᠷᠭᠦᠮᠵᠢᠯᠡᠭᠰᠡᠨ ᠪᠥᠯᠥᠭᠡ᠃ ᠲᠣᠯᠢ ᠶ᠋ᠢᠨ ᠪᠡᠶ᠎ᠡ ᠬᠠᠭᠠᠨ ᠰᠠᠭᠤᠭᠰᠠᠨ ᠪᠤᠰᠤ ᠲᠠᠢᠽᠦ ᠶ᠋ᠢ ᠬᠠᠯᠢᠭ᠍ᠰᠠᠨ ᠲᠡᠷᠡ ᠬᠣᠶᠠᠷ ᠵᠢᠯ ᠳ᠋ᠦ᠍ᠷ ᠪᠤᠰᠤ ᠲᠠᠢᠽᠦ ᠨᠠᠷ ᠴᠥᠮ ᠭᠠᠳᠠᠭᠠᠳᠤ ᠤᠯᠤᠰ ᠢ᠋ ᠳᠠᠢᠯᠠᠷ᠎ᠠ ᠭᠠᠷᠴᠤ ᠤᠯᠤᠰ ᠲᠤᠷ ᠢ᠋ᠶ᠋ᠠᠨ ᠦᠭᠡᠢ ᠲᠤᠯᠠ ᠤᠯᠤᠰ ᠢ᠋ ᠲᠡᠭᠰᠢᠯᠡᠨ ᠡᠵᠡᠯᠡᠵᠦ ᠬᠡᠷᠡᠭ ᠢ᠋ ᠰᠢᠳᠬᠡᠵᠦ᠂ ᠠᠬ᠎ᠠ ᠶᠤᠭᠠᠨ ᠥᠭᠡᠳᠡᠢ ᠶ᠋ᠢ ᠬᠦᠯᠢᠶᠡᠵᠦ ᠤᠯᠤᠰ ᠢ᠋ ᠠᠨᠤ ᠰᠠᠬᠢᠵᠤ ᠥᠭᠭᠦᠭᠰᠡᠨ ᠪᠥᠯᠥᠭᠡ᠃ ᠠᠬ᠎ᠠ ᠪᠠᠨ ᠢᠷᠡᠭᠰᠡᠨ ᠳ᠋ᠦ᠍ᠷ ᠱᠠᠭᠠᠷᠳᠠᠨ ᠪᠠᠢᠵᠤ ᠶᠡᠬᠡ ᠰᠠᠭᠤᠷᠢᠨ ᠳ᠋ᠤᠷ ᠠᠨᠤ ᠡᠷᠭᠦᠨ ᠰᠠᠭᠤᠯᠭᠠᠭᠰᠠᠨ ᠪᠤᠶᠤ᠃ ᠲᠥᠷᠥᠯᠬᠢ ᠦᠨᠡᠨᠴᠢ ᠴᠢᠬᠡᠴᠢ ᠬᠤᠷᠴᠠ ᠪᠠᠭᠠᠲᠤᠷ ᠪᠥᠯᠥᠭᠡ᠃ ᠡᠨᠡ ᠵᠢᠯ ᠡᠮᠦᠨ᠎ᠡ ᠰᠥᠩ ᠤᠯᠤᠰ ᠤ᠋ᠨ ᠠᠷᠪᠠᠨ ᠭᠤᠷᠪᠠᠳᠤᠭᠠᠷ ᠡᠵᠡᠨ ᠰᠥᠩ ᠨᠢᠩᠽᠦ᠋ᠩ ᠬᠠᠭᠠᠨ ᠵᠣᠣ ᠺᠦᠸ᠋ᠸ ᠴᠢᠩ ᠶᠤᠸᠠᠨ ᠬᠡᠮᠡᠭᠰᠡᠨ ᠣᠨ ᠤ᠋ ᠴᠣᠯᠠ ᠪᠠᠨ ᠴᠠᠭ ᠣᠨ ᠮᠠᠭᠤ᠂ ᠴᠡᠷᠢᠭ ᠲᠡᠢᠨ ᠰᠠᠮᠠᠭᠤᠨ ᠬᠡᠮᠡᠵᠦ ᠵᠢᠶᠠ ᠲᠠᠢ ᠭᠡᠮᠡᠨ ᠬᠠᠯᠠᠵᠤ᠂ ᠵᠢᠶᠠ ᠲᠠᠢ ᠶ᠋ᠢᠨ ᠲᠡᠷᠢᠭᠦᠨ ᠣᠨ ᠬᠡᠮᠡᠭᠰᠡᠨ ᠳ᠋ᠦ᠍ᠷ ᠳᠤᠮᠳᠠᠳᠤ ᠠᠯᠲᠠᠨ ᠤᠯᠤᠰ ᠤ᠋ᠨ ᠲᠠᠪᠤᠳᠤᠭᠠᠷ ᠡᠵᠡᠨ ᠵᠠᠩᠽᠦ᠋ᠩ ᠬᠠᠭᠠᠨ ᠸᠠᠨ ᠶᠠᠨ ᠵᠢᠩ ᠪᠠᠰᠠ ᠤᠷᠢᠳᠤ ᠶ᠋ᠢᠨ ᠴᠧᠩ ᠠᠨ ᠬᠡᠮᠡᠭᠰᠡᠨ ᠣᠨ ᠤ᠋ ᠴᠣᠯᠠ ᠪᠠᠨ ᠪᠠᠰᠠ ᠬᠠᠯᠠᠵᠤ ᠲᠠᠢ ᠾᠧ ᠶ᠋ᠢᠨ ᠲᠡᠷᠢᠭᠦᠨ ᠣᠨ ᠬᠡᠮᠡᠪᠡ ᠃ ᠬᠣᠶᠠᠷ ᠤᠯᠤᠰ ᠤ᠋ᠨ ᠡᠵᠡᠨ ᠢᠨᠦ ᠴᠥᠮ ᠬᠠᠯᠠᠭᠰᠠᠨ ᠪᠤᠰᠤ ᠪᠣᠯᠠᠢ᠃
ᠲᠡᠭᠦᠨᠴᠡ ᠪᠧᠲ᠋ᠠ᠋ ᠤᠯᠤᠰ ᠲᠤᠷ ᠳᠡᠮᠡᠢ ᠬᠡᠷᠡᠭ ᠦᠭᠡᠢ ᠠᠮᠤᠷ ᠡᠩᠬᠡ ᠵᠢᠷᠭᠠᠯ ᠲᠠᠢ ᠪᠣᠯᠵᠤ᠂ ᠲᠠᠭᠠᠯᠠᠮᠵᠢᠲᠠᠢ ᠠᠮᠢᠰᠬᠤᠯ ᠠᠯᠭᠤᠷ ᠮᠠᠨᠳᠤᠵᠤ᠂ ᠳᠤᠯᠠᠭᠠᠨ ᠨᠠᠷᠠᠨ ᠤᠳᠠᠭᠠᠨ ᠶᠠᠪᠤᠨ᠂ ᠠᠭᠲᠠ ᠤᠨᠤᠭ᠎ᠠ ᠨᠣᠭᠣᠭᠠᠨ ᠵᠦᠯᠭᠡ ᠲᠠᠯ᠎ᠠ ᠳᠦᠭᠦᠷᠡᠩ ᠭᠦᠶᠦᠯᠳᠦᠵᠦ᠂ ᠬᠡᠭᠡᠷ᠎ᠡ ᠶ᠋ᠢᠨ ᠭᠠᠯᠠᠭᠤ ᠪᠠᠰᠠ ᠡᠭᠡᠵᠦ ᠢᠷᠡᠭᠡᠳ ᠤᠳᠠᠭᠰᠠᠨ ᠦᠭᠡᠢ ᠪᠠᠰᠠ ᠬᠣᠶᠠᠷ ᠰᠠᠷ᠎ᠠ ᠬᠣᠴᠣᠷᠤᠨ ᠡᠴᠢᠭᠡᠳ ᠭᠤᠷᠪᠠᠨ ᠰᠠᠷ᠎ᠠ ᠪᠠᠰᠠ ᠭᠤᠯᠭᠤᠵᠤ ᠥᠩᠭᠡᠷᠡᠨ᠂ ᠳᠥᠷᠪᠡᠨ ᠰᠠᠷ᠎ᠠ ᠲᠦᠷᠬᠢᠷᠡᠨ ᠢᠷᠡᠭᠡᠳ ᠠᠷᠪᠠᠨ ᠵᠢᠷᠭᠤᠭᠠᠨ ᠤ᠋ ᠲᠠᠢᠽᠦ ᠶ᠋ᠢᠨ ᠮᠡᠨᠳᠦᠯᠡᠭᠰᠡᠨ ᠡᠳᠦᠷ ᠬᠦᠷᠴᠦ ᠢᠷᠡᠭᠡᠳ ᠬᠡᠷᠦᠯᠦᠨ ᠮᠥᠷᠡᠨ᠂ ᠤᠨᠤᠨ ᠮᠥᠷᠡᠨ ᠦ᠌ ᠬᠣᠶᠠᠷ ᠤ᠋ᠨ ᠶᠡᠬᠡ ᠲᠠᠯ᠎ᠠ ᠳ᠋ᠤ᠌ ᠪᠧᠲ᠋ᠠ᠋ ᠤᠯᠤᠰ ᠤ᠋ᠨ ᠵᠠᠭᠤᠨ ᠲᠦᠮᠡᠨ ᠪᠦᠬᠦᠨ ᠢ᠋ᠶ᠋ᠡᠷ ᠬᠤᠷᠠᠵᠤ ᠥᠭᠡᠯᠦᠨ ᠦᠵᠢᠨ ᠡᠮᠡᠭᠡ ᠶ᠋ᠢᠨ ᠪᠠᠶᠠᠷ ᠲᠤᠷ ᠮᠥᠷᠭᠥᠵᠦ᠂ ᠲᠠᠢᠽᠦ ᠬᠠᠲᠤᠨ ᠬᠣᠶᠠᠭᠤᠯᠠ ᠶ᠋ᠢᠨ ᠪᠦᠬᠦᠯᠢ ᠳᠥᠴᠢᠨ ᠨᠠᠰᠤᠨ ᠰᠡᠭᠦᠳᠡᠷ ᠢ᠋ ᠪᠡᠯᠭᠡᠯᠡᠨ ᠮᠥᠷᠭᠥᠵᠦ᠂ ᠳᠡᠭᠡᠷ᠎ᠡ ᠡᠴᠡ ᠱᠠᠩ ᠬᠤᠷᠢᠮ ᠪᠠᠭᠤᠯᠭᠠᠨ ᠣᠯᠠᠨ ᠬᠠᠷᠢᠶᠠᠲᠤ ᠤᠯᠤᠰ ᠠᠢᠮᠠᠭ ᠤ᠋ᠳ ᠴᠥᠮ ᠴᠢᠭᠤᠯᠤᠭᠰᠠᠨ ᠳ᠋ᠤᠷ ᠵᠠᠭᠤᠨ ᠭᠠᠵᠠᠷ ᠤ᠋ᠨ ᠬᠡᠭᠡᠷ᠎ᠡ ᠲᠠᠯ᠎ᠠ ᠳ᠋ᠤᠷ ᠪᠠᠭᠤᠳᠠᠯ ᠳᠦᠭᠦᠷᠦᠭᠡᠳ ᠳᠠᠯᠠᠢ ᠶ᠋ᠢᠨ ᠳᠠᠪᠠᠯᠭᠠᠨ ᠵᠡᠷᠭᠡᠯᠡᠵᠦᠬᠦᠢ᠃ ᠡᠨᠡ ᠪᠠᠶᠠᠷ ᠤ᠋ᠨ ᠴᠡᠩᠭᠡᠯ ᠨᠠᠢᠷ ᠬᠤᠷᠢᠮ ᠨᠡᠢᠭᠡᠮ ᠬᠤᠷᠠᠯ ᠳ᠋ᠤᠷ ᠲᠦᠮᠡᠨ ᠣᠷᠣᠯᠳᠣᠯᠭ᠎ᠠ᠂ ᠮᠢᠩᠭᠠᠨ ᠪᠠᠷᠢᠯᠳᠤᠭ᠎ᠠ᠂ ᠵᠠᠭᠤᠨ ᠵᠦᠢᠯ ᠦ᠋ᠨ ᠱᠠᠪᠠᠩ ᠬᠥᠭᠵᠢᠮ ᠬᠥᠭ ᠳᠠᠭᠤᠨ ᠲᠠᠯ᠎ᠠ ᠳᠦᠭᠦᠷᠡᠩ ᠬᠦᠩᠭᠢᠨᠡᠵᠦ᠂ ᠡᠨᠡ ᠳᠣᠯᠣᠭᠠᠨ ᠡᠳᠦᠷ ᠦ᠋ᠨ ᠶᠡᠬᠡ ᠬᠤᠷᠢᠮ ᠤ᠋ᠨ ᠬᠥᠷ ᠨᠠᠢᠷ ᠦᠢᠮᠡᠭᠡᠨ ᠲᠦᠢᠪᠡᠭᠡᠨ ᠢ᠋ ᠨᠢᠭᠡᠨ ᠦᠭᠡᠨ ᠳ᠋ᠦ᠍ᠷ ᠪᠦᠷᠢᠳᠬᠡᠬᠦᠶᠡ ᠪᠡᠷᠬᠡ᠃ ᠴᠢᠬᠡ ᠳᠤᠮᠳᠠ ᠲᠠᠢᠽᠦ ᠶ᠋ᠢᠨ ᠨᠠᠶᠠᠨ ᠨᠢᠭᠡᠨ ᠠᠯᠬᠤᠮ ᠤ᠋ᠨ ᠶᠡᠬᠡ ᠠᠭᠤᠳᠠᠮ ᠳᠠᠯᠠᠢ ᠬᠥᠬᠡ ᠨᠡᠷᠡᠲᠡᠢ ᠠᠷᠰᠯᠠᠨᠲᠤ ᠴᠠᠴᠠᠷ ᠪᠤᠰᠬᠠᠭᠰᠠᠨᠠ᠂ ᠬᠣᠯᠠ ᠠ᠋ᠴᠠ ᠦᠵᠡᠪᠡᠰᠦ ᠳᠠᠪᠠᠯᠭᠠᠲᠤ ᠳᠠᠯᠠᠢ ᠶ᠋ᠢᠨ ᠳᠣᠲᠣᠷ᠎ᠠ ᠨᠢᠭᠡᠨ ᠶᠡᠬᠡ ᠵᠢᠰᠦᠨ ᠥᠩᠭᠡ ᠶ᠋ᠢᠨ ᠬᠠᠢᠷᠠᠬᠠᠨ ᠠᠭᠤᠯᠠ ᠤᠷᠭᠤᠭᠰᠠᠨ ᠮᠡᠲᠦ ᠳᠣᠪᠣᠢᠵᠤ ᠭᠦᠳᠦᠢᠭᠡᠳ ᠳᠤᠮᠳᠠ ᠬᠥᠮᠦᠨ ᠦ᠌ ᠳᠠᠭᠤᠯᠠᠬᠤ᠂ ᠮᠠᠭᠰᠢᠬᠤ᠂ ᠪᠡᠯᠭᠡᠯᠡᠬᠦ ᠮᠠᠭᠲᠠᠯᠴᠠᠬᠤ ᠠᠶᠠᠰ ᠲᠠᠲᠠᠬᠤ ᠴᠢᠪᠠᠭᠳᠠᠬᠤ ᠬᠤᠭᠤᠷ ᠬᠥᠭᠵᠢᠮ ᠦ᠋ᠨ ᠡᠭᠡᠰᠢᠭ ᠪᠠ ᠪᠠᠰᠠ ᠦᠯᠢᠶᠡᠬᠦ᠂ ᠳᠡᠯᠡᠳᠬᠦ ᠪᠦᠷᠢᠶ᠎ᠡ ᠪᠢᠰᠬᠢᠭᠦᠷ ᠬᠡᠩᠭᠡᠷᠭᠡ ᠬᠠᠷᠠᠩᠭ᠎ᠠ ᠶ᠋ᠢᠨ ᠳᠠᠭᠤᠨ ᠬᠢᠭᠡᠳ ᠬᠠᠷᠪᠤᠬᠤ ᠨᠠᠮᠨᠠᠬᠤ᠂ ᠫᠤᠤ ᠵᠡᠪᠰᠡᠭ᠂ ᠭᠣᠳᠣᠯᠢ ᠪᠤᠷ᠎ᠠ ᠶ᠋ᠢᠨ ᠴᠢᠮᠡᠭᠡᠨ ᠪᠦᠭᠦᠳᠡᠭᠡᠷ ᠬᠥᠭᠵᠢᠵᠦ ᠨᠠᠢᠷᠯᠠᠭᠠᠳ ᠠᠷᠪᠠᠨ ᠭᠠᠵᠠᠷ ᠤ᠋ᠨ ᠠᠯᠤᠰ ᠭᠠᠷᠲᠠᠯ᠎ᠠ ᠠᠰᠤᠷᠤ ᠰᠠᠢᠬᠠᠨ ᠬᠦᠩᠭᠢᠨᠡᠨ᠂ ᠬᠥᠮᠦᠨ ᠦ᠌ ᠢᠨᠢᠶᠡᠯᠴᠡᠬᠦ᠂ ᠮᠣᠷᠢᠨ ᠤ᠋ ᠢᠨᠴᠠᠭᠠᠬᠤ᠂ ᠠᠭᠲᠠ ᠶ᠋ᠢᠨ ᠲᠣᠭᠯᠠᠯᠴᠠᠬᠤ ᠦᠨᠡᠬᠡᠷ ᠳᠠᠯᠠᠢ ᠳᠡᠪᠡᠯᠬᠢᠯᠡᠨ ᠮᠥᠷᠡᠨ ᠣᠷᠭᠢᠯᠬᠤ ᠮᠡᠲᠦ ᠦᠢᠮᠡᠭᠡᠨ ᠲᠦᠢᠪᠡᠭᠡᠨ ᠲᠡᠢ᠂ ᠡᠯᠡᠰᠦ ᠬᠤᠮᠠᠭ ᠤ᠋ᠨ ᠡᠨᠡ ᠦᠢᠮᠡᠭᠡᠨ ᠳ᠋ᠦ᠍ᠷ ᠢᠨᠢᠶᠡᠳᠦᠮ ᠲᠥᠷᠥᠵᠦ ᠬᠡᠯᠡᠬᠦ ᠢᠨᠦ :
ᠡᠭᠡᠷᠡᠮ᠎ᠡ ᠨᠡᠯᠦᠢᠮᠡ ᠡᠯᠡᠰᠦ ᠮᠠᠩᠬᠠᠨ᠎ᠠ ᠭᠠᠩᠰᠠ ᠪᠠᠨ ᠡᠷᠲᠡᠢᠯᠭᠡᠨ ᠵᠠᠭᠤᠵᠤ
ᠡᠷᠡᠭᠡ ᠦᠭᠡᠢ ᠬᠤᠷᠢᠮ ᠢ᠋ ᠡᠷᠢᠵᠦ ᠡᠷᠡᠮᠡᠭ ᠴᠠᠭ᠎ᠠ ᠪᠠᠨ ᠤᠤᠭᠤ᠂
ᠡᠮᠨᠢᠭ ᠳᠠᠭ᠎ᠠ ᠶ᠋ᠢᠨ ᠡᠭᠡᠭᠡ ᠲᠥᠬᠥᠭᠡ ᠦᠭᠡᠢ ᠠᠮᠢ ᠪᠠᠨ ᠭᠡᠭᠡᠨ ᠳᠣᠪᠲᠣᠯᠭᠠᠵᠤ
ᠡᠰᠬᠡᠷᠦᠨ ᠱᠣᠭᠰᠢᠭᠤᠯᠵᠤ ᠲᠠᠮᠪᠠᠭᠠ ᠭᠤᠶᠤᠬᠤ ᠶ᠋ᠢ ᠸᠠᠵᠢᠭᠢᠶᠠᠨ ᠶᠠᠭᠤᠲᠠᠢ ᠢᠨᠢᠶᠡᠯᠲᠡᠢ !
ᠲᠡᠭᠦᠨᠴᠡ ᠳᠣᠯᠣᠭᠠᠨ ᠡᠳᠦᠷ ᠦ᠋ᠨ ᠪᠠᠶᠠᠷ ᠬᠤᠷᠢᠮ ᠲᠡᠭᠦᠰᠴᠦ《ᠰᠠᠢᠬᠠᠨ ᠴᠠᠭ ᠤ᠋ᠨ ᠥᠩᠭᠡᠷᠡᠬᠦ ᠬᠤᠷᠳᠤᠨ᠂ ᠰᠠᠢᠬᠠᠨ ᠬᠤᠷᠢᠮ ᠤ᠋ᠨ ᠲᠠᠷᠬᠠᠬᠤ ᠲᠦᠷᠭᠡᠨ 》ᠬᠡᠮᠡᠭᠰᠡᠨᠴᠢᠯᠡᠨ᠂ ᠤᠳᠠᠭᠰᠠᠨ ᠦᠭᠡᠢ ᠪᠠᠰᠠ ᠰᠢᠮᠠᠭᠤᠯ ᠪᠠᠲᠠᠭᠠᠨᠠᠲᠤ ᠬᠠᠯᠠᠭᠤᠨ ᠵᠤᠨ ᠥᠩᠭᠡᠷᠡᠭᠡᠳ ᠱᠣᠷᠬᠢᠷᠠᠬᠤ ᠨᠠᠮᠤᠷ ᠤ᠋ᠨ ᠬᠣᠩᠭᠣᠷ ᠰᠠᠯᠬᠢᠨ ᠬᠦᠷᠴᠦ ᠢᠷᠡᠭᠡᠳ ᠠᠷᠤ ᠭᠠᠵᠠᠷ ᠠᠳᠤᠭᠤ ᠤᠷᠭᠠᠯᠠᠬᠤ ᠦᠶ᠎ᠡ ᠪᠣᠯᠵᠤ᠂ ᠮᠤᠬᠤᠯᠢ ᠨᠠᠢ᠍ᠮᠠᠨ ᠵᠠᠭᠤᠨ ᠭᠣᠣᠯ ᠠᠳᠤᠭᠤᠨ ᠤ᠋ ᠳᠣᠲᠣᠷ᠎ᠠ ᠠ᠋ᠴᠠ ᠬᠠᠷᠠᠬᠠᠨ ᠡᠷᠡᠲᠡᠢ ᠮᠣᠷᠢ ᠶ᠋ᠢ ᠰᠣᠩᠭᠣᠯᠠᠨ ᠪᠥᠬᠥᠶ᠎ᠡ᠂ ᠬᠣᠯᠠᠬᠢ ᠬᠠᠷᠠᠭᠤᠯ ᠠ᠋ᠴᠠ ᠪᠠᠰᠠ ᠮᠠᠨ ᠤ᠋ ᠤᠯᠤᠰ ᠲᠤᠷ ᠨᠠᠢ᠍ᠮᠠᠨ ᠤ᠋ ᠡᠯᠴᠢ ᠠᠢᠰᠤᠢ ᠬᠡᠮᠡᠪᠡ᠃
ᠡᠨᠡ ᠨᠠᠢ᠍ᠮᠠᠨ ᠤᠯᠤᠰ ᠠ᠋ᠴᠠ ᠶᠠᠭᠤᠨ ᠤ᠋ ᠡᠯᠴᠢ ᠢᠷᠡᠬᠦ ᠪᠣᠢ ? ᠬᠡᠮᠡᠪᠡᠰᠦ᠄ ᠪᠠᠰᠠ ᠤᠭ ᠠ᠋ᠴᠠ ᠨᠠᠷᠢᠪᠴᠢᠯᠠᠨ ᠡᠬᠢᠨ ᠡᠴᠡ ᠬᠡᠯᠡᠬᠦ ᠬᠡᠷᠡᠭᠲᠡᠢ᠃ ᠨᠢᠳᠤᠨᠤᠨ ᠵᠢᠯ ᠴᠢᠦᠢ ᠱᠢ ᠯᠢ᠂ ᠵᠠᠮᠤᠬ᠎ᠠ ᠨᠠᠷ ᠬᠡᠷᠡᠢᠳ ᠡᠴᠡ ᠰᠣᠯᠣᠩᠭᠤᠸ᠎ᠠ ᠶ᠋ᠢ ᠠᠪᠤᠷᠠ ᠢᠷᠡᠭᠡᠳ ᠨᠢᠭᠡᠨ ᠠᠯᠴᠠᠮ ᠬᠣᠴᠣᠷᠴᠤ ᠵᠠᠮᠤᠬ᠎ᠠ ᠨᠠᠷ ᠭᠡᠳᠡᠷᠭᠦ ᠲᠣᠭᠲᠣᠩᠭᠣ᠌ ᠪᠠᠭᠠᠲᠤᠷ ᠤ᠋ᠨ ᠴᠡᠷᠢᠭ ᠲᠦ᠍ᠷ ᠶᠡᠬᠡᠯ᠎ᠡ ᠳᠠᠷᠤᠭᠳᠠᠨ ᠴᠡᠷᠢᠭ ᠦ᠋ᠨ ᠬᠦᠨᠳᠦ ᠬᠥᠰᠬᠡ ᠪᠡᠨ ᠴᠥᠮ ᠪᠤᠯᠢᠶᠠᠭᠳᠠᠭᠠᠳ ᠤᠯᠤᠰ ᠲᠤᠷ ᠢ᠋ᠶ᠋ᠠᠨ ᠡᠭᠡᠨ ᠣᠷᠣᠵᠤ ᠤᠴᠢᠷ ᠲᠤᠬᠠᠢ ᠪᠠᠨ ᠲᠣᠳᠣᠷᠬᠠᠢᠯᠠᠨ ᠥᠴᠢᠵᠦ ᠮᠡᠳᠡᠭᠦᠯᠬᠦᠶᠡ᠂ ᠴᠢᠦᠢ ᠱᠢ ᠯᠢ ᠪᠧᠲ᠋ᠠ᠋ ᠤᠯᠤᠰ ᠲᠤᠷ ᠰᠢᠲᠦ ᠬᠠᠪᠢᠷᠤᠨ ᠬᠣᠷᠣᠰᠴᠤ ᠪᠦᠬᠦᠢ ᠳ᠋ᠦ᠍ᠷ ᠳᠠᠭᠠᠯᠳᠤᠭ᠎ᠠ ᠪᠠᠰᠠ ᠪᠧᠲ᠋ᠠ᠋ ᠤᠯᠤᠰ᠂ ᠬᠡᠷᠡᠢᠳ ᠤᠯᠤᠰ ᠢ᠋ ᠴᠥᠮ ᠬᠤᠷᠢᠶᠠᠵᠤ᠂ ᠪᠠᠰᠠ ᠲᠠᠬᠢᠮ ᠤ᠋ᠨ ᠭᠣᠣᠯ ᠳ᠋ᠤᠷ ᠶᠢᠰᠦᠨ ᠡᠩ ᠦ᠋ᠨ ᠴᠡᠷᠢᠭ ᠵᠣᠬᠢᠶᠠᠵᠤ᠂ ᠠᠵᠢᠨᠠᠢ ᠮᠣᠷᠢᠨ ᠤ᠋ ᠵᠢᠭ᠍ᠰᠠᠭᠠᠯ ᠰᠤᠷᠭᠠᠪᠠ ᠬᠡᠮᠡᠬᠦ ᠶᠡᠬᠡ ᠰᠦᠷ ᠢ᠋ ᠰᠣᠨᠣᠰᠴᠤ ᠨᠡᠩ ᠠᠮᠤᠷ ᠦᠭᠡᠢ ᠪᠣᠯᠵᠤ᠂ ᠲᠠᠢᠶᠠᠩ ᠬᠠᠭᠠᠨ ᠴᠤ᠌ ᠪᠣᠳᠣᠯᠭ᠎ᠠ ᠲᠠᠢ ᠪᠣᠯᠤᠭᠰᠠᠨ ᠳ᠋ᠤᠷ ᠴᠢᠦᠢ ᠱᠢ ᠯᠢ ᠶᠡᠬᠡ ᠵᠠᠩᠵᠤᠨ ᠬᠣᠯᠠᠰᠤᠪᠴᠢ ᠲᠠᠢ ᠨᠠᠷᠢᠨ ᠵᠥᠪᠳᠡᠬᠦᠢ ᠳ᠋ᠦ᠍ᠷ ᠬᠤᠯᠠᠰᠤᠪᠴᠢ ᠳᠡᠳ᠋ ᠥᠷᠯᠥᠭᠡ ᠶ᠋ᠢᠨ ᠲᠥᠷᠥ ᠳ᠋ᠦ᠍ᠷ ᠲᠠᠢᠶᠠᠩ ᠬᠠᠭᠠᠨ ᠤ᠋ ᠡᠮᠦᠨ᠎ᠡ ᠵᠠᠮᠤᠬ᠎ᠠ ᠶ᠋ᠢ ᠳᠠᠭᠤᠳᠠᠵᠤ᠂ ᠪᠧᠲ᠋ᠠ᠋ ᠤᠯᠤᠰ ᠢ᠋ ᠣᠳᠣ ᠬᠡᠷᠬᠢᠨ ᠲᠤᠯᠬᠤ ᠶ᠋ᠢ ᠠᠰᠠᠭᠤᠭᠰᠠᠨ᠎ᠠ ᠵᠠᠮᠤᠬ᠎ᠠ ᠠᠷᠭᠠᠳᠠᠯ ᠦᠭᠡᠢ ᠪᠠᠰᠠ ᠨᠢᠭᠡᠨ ᠠᠷᠭ᠎ᠠ ᠣᠯᠵᠤ ᠠᠢᠯᠠᠳᠬᠠᠷᠤᠨ :《ᠮᠠᠨ ᠤ᠋ ᠬᠣᠢᠲᠤ ᠭᠠᠵᠠᠷ ᠤ᠋ᠨ ᠣᠯᠠᠨ ᠪᠠᠭ᠎ᠠ ᠪᠠᠭ᠎ᠠ ᠤᠯᠤᠰ ᠤ᠋ᠨ ᠠᠢᠮᠠᠭ ᠤ᠋ᠳ ᠳᠠᠯᠠᠨ ᠲᠠᠪᠤᠨ ᠠᠩᠭᠢ ᠠ᠋ᠴᠠ ᠪᠧᠲ᠋ᠠ᠋ ᠤᠯᠤᠰ ᠬᠡᠳᠦᠢᠪᠡᠷ ᠨᠠᠢ᠍ᠮᠠᠨ ᠬᠤᠪᠢ ᠶ᠋ᠢ ᠳᠠᠭᠠᠭᠤᠯᠪᠠ ᠬᠡᠮᠡᠪᠡᠴᠦ ᠳᠠᠯᠠᠨ ᠲᠠᠪᠤᠨ ᠠᠢᠮᠠᠭ ᠪᠦᠷᠢ ᠡᠴᠡ ᠪᠢᠯᠬᠠᠵᠤ ᠭᠠᠷᠤᠭᠰᠠᠨ᠂ ᠤᠷᠭᠤᠵᠤ ᠣᠳᠤᠭᠰᠠᠨ᠂ ᠰᠠᠯᠵᠤ ᠰᠠᠯᠪᠠᠷᠠᠭᠰᠠᠨ᠂ ᠣᠷᠬᠢᠵᠤ ᠭᠡᠭᠡᠭᠳᠡᠭᠰᠡᠨ ᠢᠨᠦ ᠮᠥᠨ ᠮᠠᠰᠢ ᠣᠯᠠᠨ ᠪᠣᠢ ᠠᠮᠤᠢ᠃ ᠬᠠᠭᠠᠨ ᠡᠵᠡᠨ ᠥᠴᠦᠬᠡᠨ ᠨᠠᠳᠠ ᠳ᠋ᠤᠷ ᠮᠢᠩᠭᠠᠨ ᠴᠡᠷᠢᠭ ᠥᠭᠪᠡᠰᠦ ᠵᠠᠮᠤᠬ᠎ᠠ ᠪᠢ ᠥᠪᠡᠷ ᠦ᠋ᠨ ᠴᠡᠷᠢᠭ ᠯᠣᠭᠡ ᠪᠡᠨ ᠨᠡᠢᠯᠡᠭᠦᠯᠦᠨ ᠠᠪᠤᠨ ᠭᠠᠷᠴᠤ ᠡᠳᠡᠭᠡᠷ ᠰᠠᠯᠠᠭ᠎ᠠ ᠶ᠋ᠢᠨ ᠴᠡᠷᠢᠭ ᠦ᠋ᠳ ᠢ᠋ ᠴᠥᠮ ᠬᠣᠷᠢᠶᠠᠨ ᠠᠴᠢᠷᠠᠪᠠᠰᠤ ᠪᠧᠲ᠋ᠠ᠋ ᠤᠯᠤᠰ ᠢ᠋ ᠪᠠᠷᠲᠠᠭᠠᠪᠠᠷ ᠰᠥᠨᠥᠭᠡᠵᠦ ᠪᠣᠯᠤᠮᠤᠢ᠃ ᠨᠡᠩ ᠪᠠᠰᠠ ᠪᠤᠰᠤ ᠬᠦᠴᠦᠲᠡᠢᠬᠡᠨ ᠤᠯᠤᠰ ᠠᠢᠮᠠᠭ ᠤ᠋ᠳ ᠢ᠋ ᠢᠯᠳᠡᠰᠢ ᠶ᠋ᠢᠨ ᠮᠠᠢᠯᠵᠢ ᠠᠢᠮᠠᠭ ᠤ᠋ᠨ ᠲᠣᠳᠣ ᠠ᠋ᠴᠠ ᠳᠠᠷᠠᠭᠠᠯᠠᠨ ᠲᠣᠭᠠᠯᠠᠪᠠᠰᠤ ᠬᠡᠷᠡᠢᠳ ᠦ᠋ᠨ ᠦᠯᠡᠳᠡᠪᠦᠷᠢ ᠤᠷᠭᠤᠳᠤᠤᠯ ᠢ᠋ ᠰᠣᠨᠣᠰᠬᠤᠯ᠎ᠠ ᠭᠡᠷᠡᠢ᠍ᠢ᠌ᠳ ᠦ᠋ᠨ ᠲᠥᠷᠥᠯ ᠡᠯᠢᠶ᠎ᠡ ᠬᠡᠮᠡᠭᠴᠢ ᠬᠣᠷᠢᠶᠠᠨ ᠠᠪᠴᠤ ᠭᠣᠷᠯᠣᠰ ᠤ᠋ᠨ ᠵᠠᠬ᠎ᠠ ᠳ᠋ᠤᠷ ᠪᠣᠢ ᠬᠡᠮᠡᠮᠦᠢ᠃ ᠵᠡᠭᠦᠨ ᠸᠠᠢᠯᠠ ᠠᠢᠮᠠᠭ ᠤ᠋ᠨ ᠡᠵᠡᠨ ᠬᠤᠪᠢᠲᠤ ᠬᠤᠸᠠ᠂ ᠪᠠᠶᠠᠨᠴᠢᠷ ᠠᠢᠮᠠᠭ ᠤ᠋ᠨ ᠡᠵᠡᠨ ᠪᠣᠳᠣᠩ᠂ ᠪᠠᠰᠠ ᠳᠥᠷᠪᠡᠳ ᠦ᠋ᠨ ᠡᠵᠡᠨ ᠭᠠᠯᠵᠠᠭᠤ ᠪᠤᠬ᠎ᠠ᠂ ᠪᠠᠰᠠ ᠲᠠᠲ᠋ᠠᠷ ᠠᠢᠮᠠᠭ ᠠ᠋ᠴᠠ ᠳᠤᠲᠠᠭᠠᠵᠤ ᠭᠠᠷᠤᠭᠰᠠᠨ ᠮᠡᠨᠡᠭ᠂ ᠪᠠᠰᠠ ᠬᠠᠲᠠᠭᠢᠨ ᠠᠢᠮᠠᠭ ᠤ᠋ᠨ ᠡᠵᠡᠨ ᠷᠠᠬᠤ᠂ ᠪᠠᠰᠠ ᠰᠠᠯᠵᠢᠭᠤᠳ ᠠᠢᠮᠠᠭ ᠤ᠋ᠨ ᠰᠠᠯᠵᠤ ᠭᠠᠷᠤᠭᠰᠠᠨ ᠰᠠᠯᠠᠭ᠎ᠠ ᠤᠯᠤᠰ ᠤ᠋ᠨ ᠡᠵᠡᠨ ᠮᠠᠨᠢᠷ᠂ ᠪᠠᠰᠠ ᠵᠡᠭᠦᠨ ᠡᠮᠦᠨ᠎ᠡ ᠪᠦᠲᠦᠨ᠎ᠡ ᠠᠢᠮᠠᠭ ᠤ᠋ᠨ ᠡᠵᠡᠨ ᠢᠯᠠᠭᠤᠭᠰᠠᠨ᠂ ᠪᠠᠰᠠ ᠪᠠᠷᠠᠭᠤᠨ ᠡᠮᠦᠨ᠎ᠡ ᠸᠠᠩᠬᠦᠪ ᠠᠢᠮᠠᠭ ᠤ᠋ᠨ ᠡᠵᠡᠨ ᠳᠠᠴᠢᠩᠬᠤᠷᠯᠤ ᠂ ᠪᠠᠰᠠ ᠡᠵᠡᠨ ᠦ᠌ ᠬᠠᠭᠤᠴᠢᠨ ᠨᠠᠢ᠍ᠮᠠᠨ ᠤᠯᠤᠰ ᠢ᠋ ᠡᠵᠡᠯᠡᠬᠦ ᠬᠠᠭᠠᠨ ᠡᠵᠡᠨ ᠦ᠌ ᠠᠬ᠎ᠠ ᠪᠤᠯᠤᠤ ᠸᠠᠩ᠂ ᠡᠳᠡᠭᠡᠷ ᠤᠯᠤᠰ ᠤ᠋ᠨ ᠴᠡᠷᠢᠭ ᠢ᠋ ᠪᠦᠷᠢᠨ᠎ᠡ ᠴᠤᠭᠯᠠᠭᠤᠯᠪᠠᠰᠤ ᠮᠠᠭᠠᠳ ᠪᠠᠷᠲᠠᠭᠠᠪᠠᠷ ᠠᠷᠢᠯᠭᠠᠵᠤ ᠴᠢᠳᠠᠮᠤᠢ᠃ ᠡᠳᠡᠭᠡᠷ ᠪᠠᠭ᠎ᠠ ᠪᠠᠭ᠎ᠠ ᠠᠢᠮᠠᠭ ᠤ᠋ᠳ ᠡᠳᠦᠭᠡ ᠪᠧᠲ᠋ᠠ᠋ ᠤᠯᠤᠰ ᠤ᠋ᠨ ᠲᠠᠬᠢᠮ ᠤ᠋ᠨ ᠭᠣᠣᠯ ᠳ᠋ᠤᠷ ᠨᠡᠷ᠎ᠡ ᠰᠦᠷ ᠠᠯᠳᠠᠷᠰᠢᠭᠤᠯᠤᠨ᠂ ᠶᠢᠰᠦᠨ ᠡᠩ ᠦ᠋ᠨ ᠶᠡᠬᠡ ᠴᠡᠷᠢᠭ ᠵᠣᠬᠢᠶᠠᠭᠰᠠᠨ ᠢ᠋ ᠦᠵᠡᠯᠴᠡᠭᠡᠳ ᠴᠥᠮ ᠢ᠋ᠶ᠋ᠠᠷ ᠶᠡᠬᠡᠯ᠎ᠡ ᠠᠶᠤᠯᠳᠤᠵᠤ ᠠᠮᠤᠢ᠃ ᠴᠢᠳᠠᠬᠤᠯ᠎ᠠ ᠬᠠᠭᠠᠨ ᠡᠵᠡᠨ ᠴᠢᠨᠦ ᠬᠠᠮᠠᠭᠠᠯᠠᠯ ᠢ᠋ᠶ᠋ᠠᠷ ᠭᠡᠲᠦᠯᠰᠦᠭᠡᠢ ᠬᠡᠮᠡᠮᠦᠢ᠃ ᠡᠳᠡᠭᠡᠷ ᠤᠯᠤᠰ ᠴᠥᠮ ᠬᠣᠷᠢᠶᠠᠨ ᠠᠪᠤᠪᠠᠰᠤ ᠪᠧᠲ᠋ᠠ᠋ ᠤᠯᠤᠰ ᠤ᠋ᠨ ᠬᠣᠷᠢᠨ ᠵᠢᠯ ᠦ᠋ᠨ ᠬᠤᠷᠢᠶᠠᠵᠤ ᠬᠣᠮᠪᠢᠭ᠍ᠰᠠᠨ ᠪᠦᠷᠢᠨ᠎ᠡ ᠬᠤᠲᠤᠭᠲᠤ ᠪᠠᠷ ᠡᠵᠡᠨ ᠦ᠌ ᠪᠣᠯᠬᠤ ᠦᠭᠡᠢ ᠬᠠᠮᠢᠭᠠᠰᠢ ᠡᠴᠢᠮᠦᠢ᠃ 》ᠬᠡᠮᠡᠭᠰᠡᠨ ᠳ᠋ᠦ᠍ᠷ ᠲᠠᠢᠶᠠᠩ ᠬᠠᠭᠠᠨ ᠬᠡᠳᠦᠢ ᠵᠠᠮᠤᠬ᠎ᠠ ᠶ᠋ᠢᠨ ᠬᠡᠳᠦᠨ ᠤᠯᠤᠰ ᠢ᠋ ᠬᠡᠰᠦᠵᠦ ᠲᠣᠭᠣᠷᠢᠭ᠍ᠰᠠᠨ ᠢ᠋ ᠵᠢᠪᠭᠦᠷᠡᠪᠡᠴᠦ ᠲᠡᠷᠡ ᠮᠥᠨ ᠤᠯᠤᠰ ᠲᠥᠷᠥ ᠳ᠋ᠦ᠍ᠷ ᠲᠤᠰᠠᠲᠠᠢ ᠦᠢᠯᠡ ᠶ᠋ᠢ ᠬᠡᠯᠡᠬᠦ ᠲᠤᠯᠠ ᠲᠡᠷᠢᠭᠦᠨ ᠳᠣᠬᠢᠵᠤ ᠵᠥᠪᠰᠢᠶᠡᠭᠡᠳ ᠨᠢᠭᠡ ᠮᠢᠩᠭᠠᠨ ᠴᠡᠷᠢᠭ ᠥᠭᠴᠦ ᠣᠯᠠᠨ ᠠᠢᠮᠠᠭ ᠤ᠋ᠳ ᠢ᠋ ᠡᠯᠰᠡᠷ᠎ᠡ ᠶᠠᠪᠤᠭᠤᠯᠪᠠ᠃ ᠡᠭᠦᠨ᠎ᠡ ᠳ᠋ᠠᠳᠠᠳᠤᠩᠭ᠎ᠠ ᠮᠥᠩᠭᠥᠯᠵᠢ ᠬᠣᠶᠠᠭᠤᠯᠠ ᠮᠥᠷᠭᠥᠵᠦ ᠮᠡᠳᠡᠭᠦᠯᠦᠨ ᠬᠣᠷᠢᠭ᠍ᠯᠠᠬᠤ ᠠᠨᠤ : 《ᠬᠠᠭᠠᠨ ᠡᠵᠡᠨ ᠬᠠᠵᠠᠭᠠᠢ ᠬᠤᠢᠬᠤᠷ ᠵᠠᠮᠤᠬ᠎ᠠ ᠶ᠋ᠢᠨ ᠦᠭᠡᠰ ᠢ᠋ ᠪᠦᠦ ᠰᠣᠨᠣᠰ᠂ ᠪᠧᠲ᠋ᠠ᠋ ᠤᠯᠤᠰ ᠬᠡᠮᠡᠭᠴᠢ ᠮᠠᠨ ᠤ᠋ ᠬᠣᠢᠲᠤ ᠤᠯᠤᠰ ᠤ᠋ᠨ ᠤᠭ ᠦᠨᠳᠦᠰᠦᠨ ᠤᠯᠤᠰ ᠪᠤᠶᠤ᠂ ᠪᠧᠲ᠋ᠠ᠋ ᠤᠯᠤᠰ ᠲᠡᠮᠦᠵᠢᠨ ᠦ᠌ ᠪᠡᠶ᠎ᠡ ᠳ᠋ᠦ᠍ᠷ ᠬᠦᠷᠲᠡᠯ᠎ᠡ ᠬᠣᠷᠢᠨ ᠲᠠᠪᠤᠨ ᠦᠶ᠎ᠡ ᠤᠯᠠᠮᠵᠢᠯᠠᠵᠤᠬᠠᠤᠢ᠃ ᠪᠤᠰᠤ ᠤᠯᠤᠰ ᠠᠢᠮᠠᠭ ᠤ᠋ᠳ ᠴᠥᠮ ᠢ᠋ᠶ᠋ᠠᠷ ᠪᠧᠲ᠋ᠠ᠋ ᠤᠯᠤᠰ ᠠ᠋ᠴᠠ ᠰᠠᠯᠵᠤ ᠭᠠᠷᠤᠭᠰᠠᠨ ᠪᠥᠭᠡᠲᠡᠯ᠎ᠡ ᠤᠭ ᠦᠨᠳᠦᠰᠦᠨ ᠦ᠌ ᠪᠧᠲ᠋ᠠ᠋ ᠤᠯᠤᠰ ᠢ᠋ ᠲᠠᠰᠤᠯᠤᠨ ᠮᠥᠬᠥᠭᠡᠶ᠎ᠡ ᠬᠡᠮᠡᠬᠦ ᠢᠨᠦ ᠵᠣᠬᠢᠮᠤᠢ ᠤᠤ ? ᠳᠡᠯᠡᠬᠡᠢ ᠳ᠋ᠠᠬᠢᠨ ᠬᠡᠮᠡᠭᠴᠢ ᠨᠢᠭᠡᠬᠡᠨ ᠬᠥᠮᠦᠨ ᠦ᠌ ᠳᠡᠯᠡᠬᠡᠢ ᠳ᠋ᠠᠬᠢᠨ ᠪᠤᠰᠤ ᠶ᠋ᠢᠨ ᠲᠤᠯᠠᠳᠠ ᠪᠢᠳᠡ ᠥᠪᠡᠷ ᠦ᠋ᠨ ᠤᠯᠤᠰ ᠤ᠋ᠨ ᠵᠠᠬ᠎ᠠ ᠬᠢᠵᠠᠭᠠᠷ ᠢ᠋ᠶ᠋ᠠᠨ ᠪᠡᠬᠢᠯᠡᠨ ᠰᠠᠬᠢᠵᠤ ᠪᠢᠯᠬᠠᠮᠠᠯ ᠪᠤᠶᠠᠨ ᠳ᠋ᠤᠷ ᠢ᠋ᠶ᠋ᠡᠨ ᠪᠠᠶᠠᠷᠯᠠᠨ ᠵᠢᠷᠭᠠᠨ ᠰᠠᠭᠤᠬᠤ ᠠᠨᠤ ᠡᠷᠬᠢᠮ᠃ ᠪᠧᠲ᠋ᠠ᠋ ᠤᠯᠤᠰ ᠦᠨᠡᠬᠡᠷ ᠬᠠᠰᠢ ᠨᠢᠭᠡᠨᠲᠡ ᠲᠡᠭᠷᠢ ᠶ᠋ᠢᠨ ᠪᠣᠱᠣᠭ ᠵᠠᠷᠯᠢᠭ ᠪᠠᠢᠭᠠᠳ ᠳᠡᠯᠡᠬᠡᠢ ᠳ᠋ᠠᠬᠢᠨ ᠢ᠋ ᠨᠡᠢᠭᠡᠮᠯᠡᠬᠦᠢ᠃ ᠪᠢᠳᠡ ᠪᠠᠰᠠ ᠰᠠᠢᠨ ᠢ᠋ᠶ᠋ᠠᠷ ᠬᠡᠯᠡᠯᠴᠡᠵᠦ ᠤᠷᠤᠭ ᠰᠠᠳᠤᠨ ᠪᠣᠯᠵᠤ᠂ ᠪᠠᠭ᠎ᠠ ᠰᠠᠭ᠎ᠠ ᠠᠯᠪᠠ ᠪᠡᠯᠡᠭ ᠢ᠋ᠶ᠋ᠡᠨ ᠪᠠᠷᠢᠪᠠᠰᠤ ᠪᠠᠰᠠ ᠬᠦ᠌ ᠬᠡᠪ ᠢ᠋ᠶ᠋ᠡᠷ ᠨᠢᠭᠡᠨ ᠵᠣᠪᠬᠢᠰ ᠢ᠋ᠶ᠋ᠠᠨ ᠡᠵᠡᠯᠡᠵᠦ ᠡᠩᠬᠡ ᠠᠮᠤᠷ ᠢ᠋ᠶ᠋ᠠᠷ ᠵᠢᠷᠭᠠᠮᠤᠢ᠃ ᠨᠢᠳᠦᠨ ᠡᠮᠦᠨ᠎ᠡ ᠦᠵᠡᠵᠦ ᠪᠠᠢᠬᠤ ᠰᠣᠯᠣᠩᠭᠣᠰ ᠤ᠋ᠨ ᠪᠤᠬ᠎ᠠ ᠴᠠᠭᠠᠨ ᠬᠠᠭᠠᠨ ᠪᠠᠢᠨᠠᠮ᠃ ᠲᠡᠷᠡ ᠡᠶ᠎ᠡ ᠨᠠᠢᠷ ᠢ᠋ᠶ᠋ᠠᠷ ᠨᠡᠢᠯᠡᠭᠡᠳ ᠡᠳᠦᠭᠡ ᠶᠠᠮᠪᠠᠷ ᠬᠢᠷᠢ ᠲᠡᠢ ᠡᠷᠬᠢᠮ ᠳᠡᠭᠡᠳᠦ ᠠᠮᠤᠷ ᠢ᠋ ᠣᠯᠵᠤ ᠵᠢᠷᠭᠠᠯᠲᠠᠢ ᠪᠣᠢ ᠠᠵᠢ ? ᠬᠡᠷᠡᠢᠳ ᠤᠯᠤᠰ ᠤᠭ ᠠ᠋ᠴᠠ ᠪᠧᠲ᠋ᠠ᠋ ᠤᠯᠤᠰ ᠯᠤᠭ᠎ᠠ ᠨᠠᠢᠷᠲᠠᠢ ᠰᠠᠢᠬᠠᠨ ᠠᠲᠠᠯ᠎ᠠ ᠡᠪᠳᠡᠷᠡᠯ ᠢ᠋ ᠡᠷᠢᠨ ᠡᠰᠡᠷᠭᠦᠴᠡᠨ ᠶᠠᠪᠤᠭᠰᠠᠭᠠᠷ ᠡᠳᠦᠭᠡ ᠡᠭᠦᠷ ᠡᠪᠳᠡᠷᠡᠨ ᠥᠨᠳᠡᠭᠡ ᠬᠠᠭᠠᠷᠠᠨ ᠦᠷ᠎ᠡ ᠠᠨᠤ ᠪᠣᠭᠣᠯ ᠪᠣᠯᠵᠤ ᠪᠠᠢᠬᠤ ᠶ᠋ᠢ ᠡᠵᠡᠨ ᠠᠢᠯᠠᠳᠴᠤ ᠦᠯᠦ ᠮᠡᠳᠡᠨ᠎ᠡ ᠤᠤ ? ᠨᠡᠩ ᠪᠠᠰᠠ ᠲᠡᠷᠡ ᠪᠧᠲ᠋ᠠ᠋ ᠤᠯᠤᠰ ᠤ᠋ᠨ ᠡᠵᠡᠨ ᠲᠡᠮᠦᠵᠢᠨ ᠦ᠌ ᠲᠦᠰᠢᠮᠡᠳ ᠰᠠᠢᠳ ᠢ᠋ᠶ᠋ᠠᠨ ᠵᠠᠷᠤᠬᠤ ᠶ᠋ᠢ ᠦᠵᠡᠬᠦᠯ᠎ᠡ ᠬᠣᠢᠲᠤ ᠭᠠᠵᠠᠷ ᠤ᠋ᠨ ᠪᠢᠲᠡᠭᠦᠯᠢᠭ ᠳᠦᠷᠢᠮ ᠦᠭᠡᠢ᠂ ᠲᠡᠭᠦᠨ ᠦ᠌ ᠴᠡᠷᠢᠭ ᠬᠥᠳᠡᠯᠦᠭᠰᠡᠨ ᠤᠳᠠᠭ᠎ᠠ ᠪᠦᠷᠢ ᠳ᠋ᠦ᠍ᠷ ᠭᠠᠪᠢᠶ᠎ᠠ ᠵᠢᠳᠬᠦᠯ ᠲᠡᠢ ᠪᠦᠬᠦᠨ ᠳ᠋ᠦ᠍ᠷ ᠬᠦᠨᠳᠦ ᠱᠠᠩ ᠬᠦᠷᠲᠡᠭᠡᠵᠦ᠂ ᠶᠠᠯ᠎ᠠ ᠲᠠᠢ ᠪᠦᠬᠦᠨ ᠢ᠋ ᠴᠢᠩᠬ᠎ᠠ ᠴᠠᠭᠠᠵᠠ ᠪᠠᠷ ᠰᠢᠳᠬᠡᠵᠦ᠂ ᠰᠦᠷ ᠬᠡᠰᠢᠭ ᠭᠡᠭᠡᠬᠡᠨ ᠬᠤᠷᠴᠠ ᠥᠲᠡᠯ᠎ᠡ ᠪᠤᠰᠤ᠃ ᠨᠡᠩᠳᠡ ᠲᠡᠭᠦᠨ ᠦ᠌ ᠴᠡᠷᠢᠭ ᠦ᠋ᠨ ᠵᠢᠨᠦᠩ ᠮᠤᠬᠤᠯᠢ ᠬᠡᠮᠡᠭᠴᠢ ᠶ᠋ᠢ ᠦᠵᠡᠬᠦᠯ᠎ᠡ ᠡᠩ ᠡᠴᠡ ᠡᠲᠡᠭᠡᠳ ᠣᠯᠠᠨ ᠠ᠋ᠴᠠ ᠣᠨᠴᠠᠭᠠᠢ᠂ ᠤᠬᠠᠭᠠᠨ ᠰᠠᠨᠠᠭ᠎ᠠ ᠰᠦᠷ ᠪᠠᠢᠳᠠᠯ ᠲᠠᠢ ᠲᠦᠷᠦᠵᠦᠬᠦᠢ᠃ ᠡᠵᠡᠨ ᠲᠡᠭᠦᠨ ᠦ᠌ ᠪᠠᠢᠯᠳᠤᠬᠤ ᠳᠠᠢᠯᠠᠬᠤᠢ ᠳ᠋ᠤᠷ ᠬᠡᠷᠡᠭᠯᠡᠭᠰᠡᠨ ᠠᠷᠭ᠎ᠠ ᠮᠡᠬᠡ ᠶ᠋ᠢ ᠦᠵᠡᠭᠳᠡᠬᠦᠢ᠂ ᠴᠥᠮ ᠬᠤᠪᠢᠯᠭᠠᠨ ᠴᠢᠳᠬᠥᠷ ᠴᠦ᠍ ᠮᠡᠳᠡᠵᠦ ᠴᠢᠳᠠᠬᠤ ᠦᠭᠡᠢ ᠪᠡᠷ ᠬᠡᠷᠡᠭᠯᠡᠵᠦᠬᠦᠢ᠃ ᠡᠵᠡᠨ ᠮᠢᠨᠦ ᠡᠷᠲᠡᠬᠡᠨ ᠬᠢᠴᠢᠶᠡᠨ ᠰᠡᠷᠡᠪᠡᠰᠦ ᠵᠣᠬᠢᠮᠤᠢ᠂ ᠵᠥᠪ ᠵᠦᠭᠡᠷ ᠪᠠᠢᠭᠰᠠᠭᠠᠷ ᠵᠥᠭᠡᠢ ᠶ᠋ᠢᠨ ᠡᠭᠦᠷ ᠪᠧᠲ᠋ᠠ᠋ ᠤᠯᠤᠰ ᠢ᠋ ᠬᠠᠯᠳᠠᠭᠠᠳ ᠵᠣᠭᠰᠣᠵᠤ ᠪᠣᠯᠬᠤ ᠦᠭᠡᠢ ᠪᠡᠷ ᠦᠯᠦ ᠪᠠᠷᠠᠨ᠂ ᠪᠡᠶ᠎ᠡ ᠳ᠋ᠦ᠍ᠷ ᠬᠣᠣᠷ ᠣᠯᠵᠤ᠂ ᠵᠢᠴᠢ ᠪᠠᠰᠠ ᠶᠡᠬᠡ ᠲᠡᠢᠨ ᠳᠠᠢᠰᠤᠨ ᠢ᠋ ᠡᠳ᠋ᠯᠡᠭᠡᠳ ᠤᠯᠤᠰ ᠲᠥᠷᠥ ᠶ᠋ᠢᠨ ᠣᠯᠠᠨ ᠢᠷᠭᠡᠨ ᠢ᠋ᠶ᠋ᠡᠨ ᠦᠨᠡᠰᠦ ᠨᠡᠭᠦᠷᠡᠰᠦ ᠪᠣᠯᠭᠠᠬᠤ ᠵᠣᠪᠠᠯᠠᠩ ᠳ᠋ᠤᠷ ᠣᠷᠣᠭᠤᠯᠬᠤ ᠠᠨᠤ ᠡᠭᠡᠨᠡᠭᠲᠡ ᠰᠠᠢᠨ ᠬᠡᠷᠡᠭ ᠪᠤᠰᠤ᠃ ᠬᠡᠳᠦᠢ ᠮᠠᠨ ᠤ᠋ ᠲᠠᠢᠽᠢ ᠶ᠋ᠢᠨ ᠭᠤᠶᠤᠭᠰᠠᠨ ᠬᠠᠲᠤᠨ ᠢ᠋ ᠪᠧᠲ᠋ᠠ᠋ ᠤᠯᠤᠰ ᠬᠤᠷᠢᠶᠠᠮᠵᠢᠯᠠᠪᠠ ᠭᠡᠪᠡᠴᠦ ᠪᠧᠲ᠋ᠠ᠋ ᠤᠯᠤᠰ ᠤ᠋ᠨ ᠡᠵᠡᠨ ᠡᠨᠡ ᠤᠳᠠᠭ᠎ᠠ ᠭᠡᠷᠡᠢ᠍ᠢ᠌ᠳ ᠢ᠋ ᠳᠠᠢᠯᠠᠭᠠᠳ ᠾᠧ ᠸᠠᠩ ᠤ᠋ᠨ ᠬᠡᠭᠦᠷ ᠢ᠋ ᠳᠠᠭᠢᠭ᠍ᠰᠠᠨ ᠪᠠ ᠤᠷᠢᠳᠠ ᠪᠠᠰᠠ ᠮᠠᠨ ᠤ᠋ ᠶᠡᠬᠡ ᠵᠠᠩᠵᠤᠨ ᠤ᠋ ᠶᠠᠰᠤ ᠶ᠋ᠢ ᠬᠦᠷᠭᠡᠵᠦ ᠢᠷᠡᠭᠰᠡᠨ ᠬᠢᠭᠡᠳ ᠲᠠᠢᠽᠢ ᠶᠢᠨ ᠭᠤᠶᠤᠭᠰᠠᠨ ᠬᠠᠲᠤᠨ ᠤ᠋ ᠭᠤᠷᠪᠠᠨ ᠭᠤᠶᠤᠳᠠᠯ ᠢ᠋ ᠬᠦᠯᠢᠶᠡᠭᠰᠡᠨ ᠢ᠋ ᠦᠵᠡᠬᠦᠯ᠎ᠡ ᠬᠡᠷᠬᠢᠪᠡᠴᠦ ᠥᠴᠦᠬᠡᠨ ᠠᠷᠠᠳ ᠤ᠋ᠨ ᠪᠢᠴᠢᠬᠠᠨ ᠬᠠᠷ᠎ᠠ ᠬᠥᠷ ᠢ᠋ᠶ᠋ᠡᠷ ᠦᠯᠦ ᠶᠠᠪᠤᠮᠤᠢ᠂ ᠥᠨᠥᠬᠡᠨ ᠬᠡᠷᠡᠢᠳ ᠦ᠋ᠨ ᠤᠷᠤᠭ ᠰᠠᠳᠤᠨ ᠢ᠋ᠶ᠋ᠡᠨ ᠳᠠᠭᠠᠵᠤ ᠢᠷᠡᠭᠰᠡᠨ ᠪᠤᠲᠠᠷᠠᠭᠰᠠᠨ ᠴᠡᠷᠢᠭ ᠦ᠋ᠨ ᠠᠷᠠᠳ ᠠ᠋ᠴᠠ ᠰᠣᠨᠣᠰᠪᠠᠰᠤ᠂ ᠮᠠᠨ ᠤ᠋ ᠲᠠᠢᠽᠢ ᠶ᠋ᠢᠨ ᠭᠤᠶᠤᠭᠰᠠᠨ ᠬᠠᠲᠤᠨ ᠰᠣᠯᠤᠩᠭᠤᠸ᠎ᠠ ᠠᠪᠠᠬᠠᠢ ᠪᠠᠰᠠ ᠥᠪᠡᠷ ᠦ᠋ᠨ ᠪᠡᠶ᠎ᠡ ᠪᠡᠨ < ᠤᠭ ᠬᠣᠯᠪᠣᠭᠠᠨ ᠠ᠋ᠴᠠ ᠦᠯᠦ ᠰᠠᠯᠭᠠᠮᠤ > ᠭᠡᠮᠡᠨ ᠭᠤᠶᠤᠭᠰᠠᠨ ᠢ᠋ ᠮᠥᠨ ᠬᠦᠯᠢᠶᠡᠪᠡ ᠬᠡᠮᠡᠮᠦᠢ᠃ ᠡᠳᠦᠭᠡ ᠪᠢᠳᠡ ᠪᠡᠯᠡᠭ ᠪᠠᠷᠢᠭᠤᠯᠤᠨ ᠡᠯᠴᠢ ᠢᠯᠡᠭᠡᠪᠡᠰᠦ ᠯᠠᠪ ᠪᠧᠲ᠋ᠠ᠋ ᠤᠯᠤᠰ ᠥᠭᠭᠦᠮᠦᠢ᠂ ᠡᠢᠨ ᠪᠣᠯᠪᠠᠰᠤ ᠬᠣᠶᠠᠷ ᠤᠯᠤᠰ ᠶᠠᠷᠠᠭᠳᠠᠭᠠᠨ ᠡᠷ᠎ᠡ ᠨᠠᠢᠷᠲᠠᠢ ᠪᠣᠯᠬᠤ ᠦᠭᠡᠢ ᠦᠦ ? 》 ᠬᠡᠮᠡᠬᠦᠢ ᠳ᠋ᠦ᠍ᠷ ᠬᠠᠵᠠᠭᠤ ᠠ᠋ᠴᠠ ᠶᠡᠬᠡ ᠶᠤᠸᠠᠨᠱᠤᠸᠠᠢ ᠬᠤᠯᠠᠰᠤᠪᠴᠢ᠂ ᠵᠠᠯᠠᠭᠤ ᠵᠠᠩᠵᠤᠨ ᠴᠢᠦᠢ ᠱᠢ ᠯᠢ ᠬᠠᠮᠲᠤ ᠪᠠᠷ ᠥᠭᠦᠯᠡᠷᠦᠨ : 《ᠡᠨᠡ ᠦᠭᠡ ᠬᠡᠳᠦᠢ ᠮᠥᠨ ᠪᠣᠯᠪᠠᠴᠤ ᠪᠠᠰᠠ ᠨᠢᠭᠡᠨ ᠵᠦᠢᠯ ᠦ᠋ᠨ ᠪᠡᠷᠬᠡ ᠶᠠᠪᠤᠳᠠᠯ ᠪᠣᠢ᠂ ᠶᠠᠭᠤᠨ ? ᠬᠡᠮᠡᠪᠡᠰᠦ : ᠪᠧᠲ᠋ᠠ᠋ ᠤᠯᠤᠰ ᠤ᠋ᠨ ᠡᠵᠡᠨ ᠳ᠋ᠦ᠍ᠷ ᠬᠥᠮᠦᠨ ᠢ᠋ ᠨᠠᠢᠷ ᠲᠠᠯᠪᠢᠨ ᠪᠠᠢᠭᠠᠳ ᠥᠪᠡᠷ ᠦ᠋ᠨ ᠡᠷᠬᠡ ᠳ᠋ᠦ᠍ᠷ ᠢ᠋ᠶ᠋ᠡᠨ ᠣᠷᠣᠭᠤᠯᠤᠨ ᠠᠪᠴᠤ ᠨᠢᠭᠡᠨ ᠵᠦᠢᠯ ᠦ᠋ᠨ ᠤᠷᠠᠨ ᠠᠷᠭ᠎ᠠ ᠮᠡᠬᠡ ᠪᠣᠢ ᠪᠥᠯᠥᠭᠡ᠃ ᠲᠡᠷᠡ ᠤᠷᠢᠳᠠ ᠮᠠᠨ ᠤ᠋ ᠡᠯ᠎ᠡ ᠵᠦᠢᠯ ᠢ᠋ ᠴᠥᠮ ᠳᠠᠭᠠᠭᠠᠳ ᠬᠣᠢᠨ᠎ᠠ ᠠᠨᠤ ᠮᠠᠨ ᠤ᠋ ᠡᠵᠡᠨ ᠢ᠋ ᠪᠡᠶ᠎ᠡ ᠳ᠋ᠡᠭᠡᠨ ᠳᠠᠭ᠎ᠠ ᠭᠡᠮᠡᠨ ᠬᠡᠯᠡᠪᠡᠰᠦ ᠣᠳᠣ ᠬᠡᠷᠬᠢᠮᠦᠢ ? 》 ᠮᠥᠩᠭᠥᠯᠵᠢ ᠳ᠋ᠠᠳᠠᠳᠤᠩᠭ᠎ᠠ ᠢᠨᠢᠶᠡᠨ ᠥᠭᠦᠯᠡᠷᠦᠨ : 《ᠪᠧᠲ᠋ᠠ᠋ ᠤᠯᠤᠰ ᠤ᠋ᠨ ᠡᠵᠡᠨ ᠬᠥᠮᠦᠨ ᠢ᠋ ᠲᠡᠢᠨ ᠬᠦ᠌ ᠳᠠᠷᠤᠯᠠᠬᠤ ᠵᠠᠩ ᠦᠭᠡᠢ᠂ ᠦᠵᠡᠬᠦᠯ᠎ᠡ ᠬᠡᠷᠡᠢᠳ ᠤᠯᠤᠰ ᠢ᠋ ᠬᠡᠳᠦᠢᠴᠢᠨᠡᠭᠡᠨ ᠤᠳᠠᠭ᠎ᠠ ᠠᠪᠤᠷᠠᠨ ᠬᠡᠯᠲᠦᠷᠢᠭᠦᠯᠦᠭᠰᠡᠨ ᠦᠭᠡᠢ ᠦᠦ ? ᠬᠠᠮᠤᠭ ᠤ᠋ᠨ ᠰᠡᠭᠦᠯ ᠳ᠋ᠦ᠍ᠷ ᠴᠦ᠍ ᠮᠥᠨ ᠠᠯᠠᠬᠤ ᠰᠠᠨᠠᠭᠠᠨ ᠦᠭᠡᠢ ᠶ᠋ᠢ ᠲᠠ ᠴᠥᠮ ᠰᠣᠨᠣᠰᠤᠭᠰᠠᠨ ᠪᠢᠰᠢ ᠦᠦ ? 》ᠴᠢᠦᠢ ᠱᠢ ᠯᠢ ᠥᠭᠦᠯᠡᠷᠦᠨ : 《 ᠲᠡᠢᠨ ᠪᠥᠭᠡᠳ ᠶᠠᠭᠤᠨ ᠳ᠋ᠤᠷ ᠳᠠᠢᠯᠠᠪᠠ ? ᠦᠨᠡᠬᠡᠷ ᠲᠡᠢᠮᠦ ᠰᠠᠢᠨ ᠪᠣᠯᠪᠠᠰᠤ ᠾᠧ ᠸᠠᠩ ᠤ᠋ᠨ ᠬᠣᠶᠠᠳᠤᠭᠠᠷ ᠬᠥᠪᠡᠭᠦᠨ ᠲᠤᠰᠬᠤ ᠶ᠋ᠢ ᠾᠧ ᠸᠠᠩ ᠤ᠋ᠨ ᠣᠷᠣ ᠪᠠᠢᠭᠤᠯᠪᠠᠰᠤ ᠰᠠᠶᠢ ᠪᠢᠰᠢᠷᠡᠮᠦᠢ 》᠂ ᠳ᠋ᠠᠳᠠᠳᠤᠩᠭ᠎ᠠ ᠢᠨᠢᠶᠡᠨ ᠥᠭᠦᠯᠡᠷᠦᠨ :《ᠲᠡᠭᠦᠨ ᠢ᠋ ᠮᠠᠭᠠᠳ ᠦᠯᠦ ᠡᠷᠭᠦᠮᠵᠢᠯᠡᠬᠦ ᠶ᠋ᠢ ᠳᠣᠲᠣᠷᠬᠠᠶ᠎ᠠ ᠮᠡᠳᠡᠭᠰᠡᠨ ᠭᠠᠵᠠᠷ ᠪᠣᠢ᠃ 》ᠬᠣᠯᠠᠰᠤᠪᠴᠢ ᠲᠣᠰᠴᠤ ᠥᠴᠢᠷᠦᠨ :《ᠬᠣᠵᠢᠮ ᠡᠷᠭᠦᠮᠵᠢᠯᠡᠬᠦ ᠶ᠋ᠢ ᠮᠡᠷᠭᠡᠨ ᠰᠠᠢᠳ ᠴᠢ ᠪᠠᠰᠠ ᠯᠠᠪᠲᠠᠢ ᠮᠡᠳᠡᠭᠰᠡᠨ ᠭᠠᠵᠠᠷ ᠪᠣᠢ ᠤᠤ ? ᠰᠠᠢᠳ ᠲᠠ ᠭᠠᠭᠴᠠ ᠡᠳᠦᠷ ᠰᠠᠷ᠎ᠠ ᠶ᠋ᠢ ᠥᠩᠭᠡᠷᠡᠭᠦᠯᠵᠦ᠂ ᠭᠠᠯ ᠤ᠋ᠨ ᠳᠡᠭᠡᠷ᠎ᠡ ᠣᠪᠣᠭᠠᠯᠠᠭᠰᠠᠨ ᠡᠪᠡᠰᠦᠨ ᠦ᠌ ᠳᠡᠭᠡᠷ᠎ᠡ ᠬᠡᠪᠲᠡᠵᠦ ᠴᠠᠭ ᠵᠠᠭᠤᠷ᠎ᠠ ᠶ᠋ᠢᠨ ᠥᠴᠦᠬᠡᠨ ᠠᠮᠤᠷ ᠢ᠋ ᠡᠷᠢᠬᠦ ᠶ᠋ᠢ ᠡᠷᠬᠢᠯᠡᠪᠡ᠃ 》 ᠬᠡᠮᠡᠬᠦᠢ ᠳ᠋ᠦ᠍ᠷ ᠮᠥᠩᠭᠥᠯᠵᠢ ᠳ᠋ᠠᠳᠠᠳᠤᠩᠭ᠎ᠠ ᠬᠣᠶᠠᠭᠤᠯᠠ ᠰᠡᠭᠦᠷᠡᠰᠦ ᠠᠯᠲᠠᠨ ᠥᠭᠦᠯᠡᠷᠦᠨ :《ᠡᠷᠭᠢᠨ ᠴᠢ ᠭᠠᠭᠴᠠ ᠡᠪᠡᠰᠦᠨ ᠦ᠌ ᠳᠣᠣᠷ᠎ᠠ ᠭᠠᠯ ᠪᠠᠢᠬᠤ ᠶ᠋ᠢ ᠮᠡᠳᠡᠪᠡᠴᠦ ᠭᠠᠯ ᠬᠥᠭᠵᠢᠭᠡᠬᠦ ᠰᠠᠯᠬᠢᠨ ᠤᠷᠢᠬᠤ ᠶ᠋ᠢ ᠪᠠᠰᠠ ᠡᠰᠡ ᠮᠡᠳᠡᠵᠦᠬᠦᠢ᠃ ᠨᠡᠩᠳᠡ ᠨᠣᠢᠲᠠᠨ ᠬᠥᠬᠡ ᠡᠪᠡᠰᠦ ᠪᠡᠷ ᠭᠠᠯ ᠳᠠᠷᠤᠪᠠᠰᠤ ᠭᠠᠯ ᠬᠠᠷᠢᠨ ᠨᠢᠭᠡᠮᠦᠰᠦᠨ ᠤᠮᠳᠠᠷᠠᠬᠤ ᠶ᠋ᠢ ᠨᠡᠩ ᠡᠰᠡ ᠤᠬᠠᠵᠤᠬᠤᠢ᠃ 》ᠭᠡᠮᠡᠨ ᠪᠢᠴᠢᠭ ᠴᠡᠷᠢᠭ ᠦ᠋ᠨ ᠰᠠᠢᠳ ᠬᠣᠶᠠᠷ ᠲᠠᠰᠢ ᠪᠤᠯᠢᠶᠠᠯᠳᠤᠨ ᠵᠣᠭᠰᠣᠬᠤ ᠦᠭᠡᠢ ᠳ᠋ᠦ᠍ᠷ ᠳᠠᠢᠶᠠᠩ ᠬᠠᠭᠠᠨ ᠬᠣᠶᠠᠷ ᠠᠩᠭᠢ ᠶ᠋ᠢ ᠴᠥᠮ ᠪᠤᠷᠤᠭᠤᠰᠢᠶᠠᠭᠰᠠᠨ ᠦᠭᠡᠢ :《ᠨᠡᠢᠲᠡ ᠪᠡᠷ ᠮᠢᠨᠦ ᠤᠯᠤᠰ ᠲᠥᠷᠥ ᠶ᠋ᠢᠨ ᠲᠥᠯᠥᠭᠡ ᠬᠡᠯᠡᠯᠴᠡᠬᠦ ᠦᠭᠡ᠂ ᠲᠡᠢᠨ ᠪᠣᠯᠪᠠᠴᠤ ᠮᠢᠨᠦ ᠤᠯᠤᠰ ᠲᠤᠷ ᠴᠡᠷᠢᠭ ᠢᠷᠭᠡᠨ ᠣᠯᠠᠨ ᠪᠣᠯᠬᠤᠢ ᠳ᠋ᠤᠷ ᠰᠠᠢᠨ ᠢ᠋ᠶ᠋ᠠᠷ ᠪᠠᠢᠬᠤ ᠪᠣᠢ ᠶᠠ᠂ ᠮᠠᠭᠤ ᠪᠠᠷ ᠦᠭᠡᠢ ᠲᠤᠯᠠ ᠵᠠᠮᠤᠬ᠎ᠠ ᠶ᠋ᠢ ᠪᠤᠲᠠᠷᠠᠭᠰᠠᠨ ᠣᠯᠠᠨ ᠲᠦᠰᠢᠮᠡᠳ ᠠᠢᠮᠠᠭ ᠤ᠋ᠳ ᠢ᠋ ᠬᠤᠷᠢᠶᠠᠷᠠ ᠢᠯᠡᠭᠡᠬᠦᠢ ᠳ᠋ᠦ᠍ᠷ ᠶᠠᠭᠤ ᠪᠣᠢ᠂ ᠡᠯᠰᠡᠵᠦ ᠣᠯᠤᠭᠰᠠᠨ ᠬᠣᠢᠨ᠎ᠠ ᠪᠧᠲ᠋ᠠ᠋ ᠤᠯᠤᠰ ᠯᠤᠭ᠎ᠠ ᠡᠰᠡ ᠪᠠᠢᠯᠳᠤᠬᠤᠢ ᠳ᠋ᠤᠷ ᠪᠣᠯᠬᠤ ᠦᠭᠡᠢ ᠦᠦ ? ᠵᠠᠮᠤᠬ᠎ᠠ ᠡᠴᠢᠬᠦ ᠪᠡᠷ ᠢᠨᠦ ᠡᠴᠢᠲᠦᠭᠡᠢ᠂ ᠬᠥᠪᠡᠭᠦᠨ ᠦ᠌ ᠪᠡᠷᠢ ᠶ᠋ᠢ ᠮᠥᠩᠭᠥᠯᠵᠢ᠂ ᠳ᠋ᠠᠳᠠᠳᠤᠩᠭ᠎ᠠ ᠬᠣᠶᠠᠭᠤᠯᠠ ᠪᠠᠭ᠎ᠠ ᠡᠵᠡᠨ ᠯᠣᠭᠡ ᠪᠡᠨ ᠵᠥᠪᠳᠡᠨ ᠵᠣᠬᠢᠰ ᠢ᠋ ᠦᠵᠡᠨ ᠬᠡᠯᠡᠯᠴᠡᠭᠦᠯᠦᠷ᠎ᠡ ᠢᠯᠡᠭᠡᠲᠦᠭᠡᠢ᠃ 》ᠭᠡᠮᠡᠨ ᠲᠠᠰᠤᠯᠤᠨ ᠰᠢᠳᠬᠡᠭᠡᠳ ᠠᠯᠲᠠᠨ ᠵᠦᠩ᠂ ᠬᠠᠰ ᠴᠠᠩ ᠳᠠᠭᠤᠷᠢᠰᠴᠤ ᠨᠠᠷᠢᠨ ᠬᠥᠭᠵᠢᠮ ᠡᠭᠦᠰᠬᠡᠨ ᠳᠣᠲᠣᠭᠠᠳᠤ ᠣᠷᠳᠣᠨ ᠳ᠋ᠠᠭᠠᠨ ᠣᠷᠣᠪᠠᠢ᠃
ᠲᠡᠭᠦᠨᠴᠡ ᠡᠴᠡ ᠠᠯᠲᠠᠨᠱᠠᠭ᠎ᠠ ᠶᠡᠬᠡᠯ᠎ᠡ ᠪᠠᠶᠠᠷᠯᠠᠨ ᠮᠥᠩᠭᠥᠯᠵᠢ᠂ ᠳ᠋ᠠᠳᠠᠳᠤᠩᠭ᠎ᠠ ᠯᠤᠭ᠎ᠠ ᠵᠥᠪᠳᠡᠨ ᠪᠠᠢᠵᠤ ᠮᠥᠨ ᠬᠦ᠌ ᠢᠳᠡᠷ ᠳᠣᠪᠣ ᠶ᠋ᠢᠨ ᠵᠢᠭᠡ ᠬᠡᠮᠡᠬᠦ ᠨᠢᠭᠡᠨ ᠲᠦᠰᠢᠮᠡᠯ ᠢ᠋ ᠬᠠᠪᠰᠤᠷᠤᠭᠤᠯᠤᠨ ᠥᠭᠴᠦ ᠵᠠᠭᠤᠭᠠᠳ ᠮᠣᠷᠢᠲᠠᠨ ᠢ᠋ ᠳᠠᠭᠠᠭᠤᠯᠤᠨ᠂ ᠰᠢᠵᠢᠷ ᠠᠯᠲᠠ᠂ ᠡᠷᠳᠡᠨᠢ ᠬᠠᠰ᠂ ᠥᠩᠭᠡᠲᠦ ᠲᠠᠵᠢ᠂ ᠴᠠᠭᠠᠨ ᠮᠥᠩᠭᠥᠨ ᠦ᠌ ᠵᠡᠷᠭᠡ ᠶ᠋ᠢᠨ ᠬᠦᠨᠳᠦ ᠪᠡᠯᠡᠭ ᠠᠴᠢᠶ᠎ᠠ ᠥᠭᠴᠦ ᠪᠧᠲ᠋ᠠ᠋ ᠤᠯᠤᠰ ᠯᠤᠭ᠎ᠠ ᠰᠠᠢᠨ ᠢ᠋ᠶ᠋ᠠᠷ ᠡᠶᠡᠳᠡᠵᠦ ᠨᠠᠢᠷᠠᠯᠳᠤᠨ ᠤᠷᠤᠭ ᠪᠠᠷᠢᠯᠳᠤᠮᠤ ᠭᠡᠮᠡᠨ ᠭᠤᠶᠤᠨ ᠵᠠᠷᠤᠭᠰᠠᠨ ᠳ᠋ᠤ᠌ ᠦᠨᠡᠨᠴᠢ ᠴᠢᠬᠡᠴᠢ ᠢᠳᠡᠷ ᠳᠣᠪᠣ ᠦᠬᠦᠵᠦ ᠡᠳᠡᠭᠡᠬᠦ ᠪᠡᠨ ᠦᠯᠦ ᠪᠣᠳᠣᠨ ᠶᠡᠬᠡᠯ᠎ᠡ ᠪᠠᠶᠠᠷᠯᠠᠨ᠂ ᠲᠡᠨᠡᠭ ᠮᠤᠨᠤᠭ ᠢ᠋ᠶ᠋ᠠᠷ ᠰᠡᠬᠦᠭᠦᠯᠦᠨ ᠪᠧᠲ᠋ᠠ᠋ ᠤᠯᠤᠰ ᠤ᠋ᠨ ᠵᠠᠬ᠎ᠠ ᠳ᠋ᠤᠷ ᠣᠷᠣᠵᠤ ᠬᠠᠷᠠᠭᠤᠯ ᠤ᠋ᠨ ᠬᠥᠮᠥᠨ᠎ᠡ ᠤᠴᠢᠷ ᠢ᠋ᠶ᠋ᠠᠨ ᠮᠡᠳᠡᠭᠦᠯᠵᠦ ᠬᠠᠮᠲᠤ ᠪᠤᠷᠬᠠᠨ ᠭᠠᠯᠳᠤᠨ᠎ᠠ ᠳ᠋ᠤᠷ ᠢᠷᠡᠭᠡᠳ ᠤᠷᠢᠳᠠ ᠵᠢᠨᠦᠩ ᠦ᠋ᠨ ᠴᠠᠴᠠᠷ ᠲᠤᠷ ᠮᠡᠳᠡᠭᠡ ᠪᠠᠷᠢᠭ᠍ᠰᠠᠨ ᠳ᠋ᠤᠷ ᠵᠢᠨᠦᠩ ᠮᠤᠬᠤᠯᠢ ᠤᠮᠤᠰᠬᠢᠨ ᠪᠠᠶᠠᠷᠯᠠᠵᠤ : 《ᠨᠢᠭᠡᠬᠡᠨ ᠥᠬᠢᠨ ᠢ᠋ᠶ᠋ᠡᠷ ᠤᠯᠤᠰ ᠤ᠋ᠨ ᠰᠡᠳᠬᠢᠯ ᠢ᠋ ᠰᠢᠲᠦᠭᠦᠯᠵᠦ ᠨᠡᠢᠴᠡᠭᠦᠯᠬᠦ ᠢᠨᠦ ᠮᠠᠨ ᠤ᠋ ᠤᠯᠤᠰ ᠲᠤᠷ ᠠᠰᠢᠭ᠋ ᠪᠣᠯᠬᠤ ᠪᠠᠭ᠎ᠠ ᠦᠭᠡᠢ᠃ 》ᠬᠡᠮᠡᠭᠡᠳ ᠲᠠᠢᠽᠦ ᠳ᠋ᠦ᠍ᠷ ᠢᠷᠡᠵᠦ ᠮᠡᠳᠡᠭᠦᠯᠦᠭᠰᠡᠨ ᠳ᠋ᠦ᠍ᠷ ᠲᠠᠢᠽᠦ : 《ᠪᠢ ᠤᠭ ᠠ᠋ᠴᠠ ᠲᠡᠷᠡ ᠰᠣᠯᠤᠩᠭᠤᠸ᠎ᠠ ᠥᠬᠢᠨ ᠦ᠌ ᠭᠤᠷᠪᠠᠨ ᠭᠤᠶᠤᠳᠠᠯ ᠢ᠋ ᠳᠠᠭᠠᠭᠠᠭᠰᠠᠨ ᠪᠥᠯᠥᠭᠡ᠃ ᠲᠡᠢᠨ ᠪᠣᠯᠪᠠᠴᠤ ᠵᠢᠨᠦᠩ ᠴᠢ ᠪᠡᠶ᠎ᠡ ᠶ᠋ᠢᠨ ᠬᠦᠴᠦᠨ ᠢ᠋ᠶ᠋ᠡᠨ ᠥᠭᠭᠦᠭᠰᠡᠨ ᠪᠡᠯᠭᠦᠳᠡᠢ ᠳᠡᠭᠦᠦ ᠡᠴᠡ ᠮᠢᠨᠦ ᠳᠠᠬᠢᠨ ᠨᠢᠭᠡᠨ ᠤᠳᠠᠭ᠎ᠠ ᠯᠠᠪᠯᠠᠨ ᠠᠰᠠᠭᠤᠵᠤ ᠲᠣᠭᠲᠠᠭᠠᠲᠤᠭᠠᠢ ! 》ᠬᠡᠮᠡᠭᠰᠡᠨ ᠳ᠋ᠦ᠍ᠷ ᠵᠢᠨᠦᠩ ᠮᠤᠬᠤᠯᠢ ᠮᠡᠳᠡᠭᠦᠯᠦᠷᠦᠨ : 《ᠡᠵᠡᠨ ᠦ᠌ ᠳᠡᠭᠦᠦ ᠪᠡᠯᠭᠦᠳᠡᠢ ᠴᠦ᠍ ᠡᠵᠡᠨ ᠠᠬ᠎ᠠ ᠶᠤᠭᠠᠨ ᠶᠡᠬᠡ ᠤᠯᠤᠰ ᠲᠥᠷᠥ ᠪᠦᠲᠦᠬᠦ ᠶ᠋ᠢᠨ ᠲᠥᠯᠥᠭᠡ ᠤᠭ ᠠ᠋ᠴᠠ ᠪᠣᠳᠣᠬᠤ ᠠᠨᠤ ᠬᠦᠨᠳᠦ᠂ ᠯᠠᠪ ᠤᠷᠢᠳᠤ ᠬᠠᠲᠤᠨ ᠠᠮᠤᠢ᠃ ᠬᠡᠷᠪᠡ ᠣᠨᠴᠠ ᠲᠤᠢᠯ ᠤ᠋ᠨ ᠰᠠᠢᠬᠠᠨ ᠵᠢᠰᠦ ᠲᠡᠢ ᠶ᠋ᠢ ᠠᠪᠰᠤᠭᠠᠢ ᠬᠡᠮᠡᠪᠡᠰᠦ ᠮᠠᠨ ᠤ᠋ ᠤᠯᠤᠰ ᠤ᠋ᠨ ᠶᠢᠰᠦᠨ ᠡᠩ ᠦ᠋ᠨ ᠵᠠᠭᠤᠨ ᠲᠦᠰᠢᠮᠡᠳ ᠪᠠ ᠵᠠᠭᠤᠨ ᠲᠦᠮᠡᠨ ᠠᠷᠠᠳ ᠲᠤᠷ ᠰᠣᠯᠤᠩᠭᠤᠸ᠎ᠠ ᠮᠡᠲᠦ ᠰᠠᠢᠬᠠᠨ ᠲᠥᠷᠥᠭᠰᠡᠳ ᠶᠠᠭᠤᠨᠨᠠᠢ ᠣᠯᠳᠠᠬᠤ ᠦᠭᠡᠢ ᠠᠵᠢ ? ᠲᠡᠭᠦᠨ ᠦ᠌ ᠵᠣᠷᠢᠭ ᠢ᠋ᠶ᠋ᠠᠷ ᠰᠣᠩᠭᠣᠭᠤᠯᠤᠨ ᠠᠪᠤᠭᠤᠯᠰᠤᠭᠠᠢ᠂ ᠡᠳᠦᠭᠡ ᠲᠦᠰᠢᠮᠡᠯ ᠪᠢ ᠡᠴᠢᠵᠦ ᠳᠠᠬᠢᠨ ᠨᠢᠭᠡᠨ ᠤᠳᠠᠭ᠎ᠠ ᠲᠡᠩᠰᠡᠵᠦ᠂ ᠲᠡᠭᠦᠨ ᠦ᠌ ᠦᠨᠡᠨ ᠰᠠᠨᠠᠭᠠᠨ ᠢ᠋ ᠳᠠᠪᠲᠠᠵᠤ ᠦᠵᠡᠰᠦᠭᠡᠢ᠃ 》ᠬᠡᠮᠡᠵᠦ᠂ ᠲᠠᠢᠽᠦ ᠶ᠋ᠢᠨ ᠳᠡᠷᠭᠡᠳᠡ ᠡᠴᠡ ᠤᠬᠤᠷᠢᠨ ᠭᠠᠷᠴᠤ ᠪᠡᠯᠭᠦᠳᠡᠢ ᠳ᠋ᠦ᠍ᠷ ᠡᠳᠡᠭᠡᠷ ᠤᠴᠢᠷ ᠢ᠋ ᠪᠦᠷᠢᠨ᠎ᠡ ᠬᠡᠯᠡᠭᠰᠡᠨ ᠳ᠋ᠦ᠍ᠷ ᠪᠡᠯᠭᠦᠳᠡᠢ ᠶᠡᠬᠡᠯ᠎ᠡ ᠪᠠᠶᠠᠷᠯᠠᠨ ᠥᠭᠦᠯᠡᠷᠦᠨ : 《ᠮᠢᠨᠦ ᠡᠵᠡᠨ ᠠᠬ᠎ᠠ ᠰᠣᠯᠤᠩᠭᠤᠸ᠎ᠠ ᠶ᠋ᠢ ᠳᠠᠭᠠᠭᠤᠯᠬᠤ ᠦᠶ᠎ᠡ ᠳ᠋ᠦ᠍ᠷ ᠪᠢ ᠳᠠᠷᠤᠢ ᠲᠡᠭᠦᠨ ᠦ᠌ ᠭᠤᠶᠤᠳᠠᠯ ᠢ᠋ ᠰᠣᠨᠣᠰᠤᠮᠠᠭᠴᠠ ᠰᠠᠨᠠᠭᠠᠨ ᠢ᠋ ᠮᠡᠳᠡᠭᠡᠳ ᠡᠵᠡᠨ ᠠᠬ᠎ᠠ ᠶ᠋ᠢᠨ ᠥᠷᠥᠰᠢᠶᠡᠯ ᠵᠢᠷᠤᠮ ᠢ᠋ ᠣᠯᠠᠨ ᠢ᠋ᠶ᠋ᠠᠷ ᠪᠢᠰᠢᠷᠡᠲᠦᠭᠡᠢ ᠭᠡᠮᠡᠨ ᠪᠢᠳᠡ ᠬᠠᠮᠲᠤ ᠣᠷᠣᠵᠤ ᠭᠤᠶᠤᠭᠰᠠᠨ ᠦᠭᠡᠢ ᠦᠦ ? ᠲᠡᠷᠡ ᠦᠶ᠎ᠡ ᠡᠴᠡ ᠪᠢ ᠳᠠᠷᠤᠢ ᠲᠡᠭᠦᠨ ᠢ᠋ ᠠᠪᠰᠤᠭᠠᠢ ᠬᠡᠮᠡᠭᠰᠡᠨ ᠰᠠᠨᠠᠭᠠᠨ ᠢ᠋ ᠲᠠᠰᠤᠯᠤᠭᠰᠠᠨ ᠪᠣᠯᠠᠢ᠃ ᠡᠳᠦᠭᠡ ᠡᠵᠡᠨ ᠠᠬ᠎ᠠ ᠮᠢᠨᠦ ᠪᠠᠰᠠ ᠶᠢᠰᠦᠨ ᠡᠩ ᠦ᠋ᠨ ᠤᠯᠤᠰ ᠠ᠋ᠴᠠ ᠪᠠᠨ ᠰᠣᠩᠭᠣᠨ ᠠᠪ ᠬᠡᠮᠡᠬᠦ ᠢᠨᠦ ᠪᠠᠰᠠ ᠬᠦ᠌ ᠳᠡᠭᠦᠦ ᠪᠡᠨ ᠨᠠᠮᠠᠢ ᠬᠡᠲᠦᠷᠬᠡᠶ᠎ᠡ ᠥᠷᠥᠰᠢᠶᠡᠭᠰᠡᠨ ᠬᠡᠷᠡᠭ ᠪᠣᠯᠠᠢ᠃ ᠡᠳᠦᠭᠡ ᠪᠢ ᠮᠥᠨ ᠨᠠᠰᠤᠨ ᠳᠤᠮᠳᠠ ᠬᠦᠷᠴᠦ ᠰᠠᠢᠬᠠᠨ ᠥᠩᠭᠡ ᠡᠴᠡ ᠨᠡᠯᠢᠶᠡᠳ ᠠᠯᠤᠰ ᠪᠣᠯᠪᠠ᠃ ᠪᠢ ᠨᠢᠭᠡᠨ ᠰᠠᠢᠬᠠᠨ ᠡᠬᠡᠨᠡᠷ ᠠᠪᠤᠭᠰᠠᠨ ᠢ᠋ᠶ᠋ᠠᠷ ᠶᠠᠭᠤᠨ ᠪᠣᠯᠬᠤ ? ᠪᠧᠲ᠋ᠠ᠋ ᠤᠯᠤᠰ ᠤ᠋ᠨ ᠶᠡᠬᠡ ᠲᠥᠷᠥ ᠪᠦᠲᠦᠪᠡᠰᠦ ᠪᠠᠷᠠᠪᠠᠢ ᠶᠠ᠃ ᠡᠵᠡᠨ ᠠᠬ᠎ᠠ ᠶ᠋ᠢᠨ ᠮᠢᠨᠦ ᠶᠡᠬᠡ ᠶᠢᠰᠦᠨ ᠡᠩ ᠤᠯᠤᠰ ᠲᠥᠷᠥ ᠰᠠᠢᠬᠠᠨ ᠪᠠᠢᠭᠰᠠᠨ ᠴᠠᠭ ᠲᠤᠷ ᠶᠠᠮᠪᠠᠷ ᠵᠡᠷᠭᠡ ᠶ᠋ᠢᠨ ᠥᠬᠢᠳ ᠡᠬᠡᠨᠡᠷ ᠦᠭᠡᠢ ᠠᠵᠢ ? ᠮᠢᠨᠦ ᠡᠵᠡᠨ ᠠᠬ᠎ᠠ ᠶ᠋ᠢᠨ ᠮᠢᠨᠦ ᠤᠯᠤᠰ ᠲᠥᠷᠥ ᠰᠠᠶᠢ ᠲᠣᠭᠲᠠᠨᠢᠨ ᠣᠯᠠᠨ ᠤ᠋ ᠰᠡᠳᠬᠢᠯ ᠢ᠋ ᠬᠤᠷᠢᠶᠠᠮᠵᠢᠯᠠᠬᠤᠶ᠎ᠠ᠂ ᠪᠢ ᠡᠳᠦᠭᠡ ᠶᠢᠰᠦᠨ ᠡᠩ ᠣᠯᠠᠨ ᠠ᠋ᠴᠠ ᠥᠬᠢᠳ ᠰᠣᠩᠭᠣᠮᠤᠢ ᠬᠡᠮᠡᠪᠡᠰᠦ ᠣᠯᠠᠨ ᠤ᠋ ᠰᠡᠳᠬᠢᠯ ᠢ᠋ ᠠᠯᠳᠠᠵᠤ ᠤᠯᠤᠰ ᠲᠥᠷᠥ ᠳ᠋ᠡᠭᠡᠨ ᠬᠠᠷᠰᠢᠯ ᠪᠣᠯᠭᠠᠪᠠᠰᠤ ᠶᠠᠭᠤᠨ ᠤ᠋ ᠲᠤᠰᠠ ? 》ᠬᠡᠮᠡᠭᠰᠡᠨ ᠳ᠋ᠦ᠍ᠷ ᠵᠢᠨᠦᠩ ᠮᠤᠬᠤᠯᠢ ᠶᠡᠬᠡᠯ᠎ᠡ ᠪᠠᠶᠠᠷᠯᠠᠨ ᠭᠦᠨ᠎ᠡ ᠶᠣᠰᠣᠯᠠᠭᠠᠳ ᠳᠠᠷᠤᠢ ᠪᠡᠯᠭᠦᠳᠡᠢ ᠯᠦ᠍ᠭᠡ ᠲᠠᠢᠽᠦ ᠶ᠋ᠢᠨ ᠳᠡᠷᠭᠡᠳᠡ ᠢᠷᠡᠵᠦ ᠡᠳᠡᠭᠡᠷ ᠤᠴᠢᠷ ᠢ᠋ ᠮᠡᠳᠡᠭᠦᠯᠦᠭᠰᠡᠨ ᠳ᠋ᠦ᠍ᠷ ᠲᠠᠢᠽᠦ ᠮᠠᠰᠢ ᠰᠠᠢᠰᠢᠶᠠᠨ ᠪᠡᠶᠡᠰᠴᠦ ᠪᠡᠯᠭᠦᠳᠡᠢ ᠶ᠋ᠢ ᠮᠠᠭᠲᠠᠵᠤ ᠵᠠᠬᠢᠷᠤᠨ :
ᠪᠣᠷᠵᠢᠭᠢᠳᠠᠢ ᠮᠡᠷᠭᠡᠨ ᠡᠪᠦᠭᠡ ᠶ᠋ᠢᠨ ᠡᠷᠳᠡᠮ ᠢ᠋ ᠵᠠᠯᠭᠠᠮᠵᠢᠯᠠᠭᠰᠠᠨ
ᠪᠣᠷᠵᠢᠭᠢᠳ ᠣᠪᠣᠭᠲᠤ ᠶ᠋ᠢᠨ ᠬᠢᠶᠦᠳ ᠶᠠᠰᠤᠲᠠᠨ ᠢ᠋ᠶ᠋ᠠᠨ ᠭᠡᠢᠭᠦᠯᠦᠭᠰᠡᠨ᠂
ᠪᠤᠷᠤᠭᠤ ᠥᠩᠭᠡᠨ ᠳ᠋ᠦ᠍ᠷ ᠪᠤᠯᠢᠭᠳᠠᠨ ᠦᠯᠦ ᠭᠣᠷᠢᠯᠠᠨ ᠵᠢᠪᠬᠦ
ᠪᠣᠳᠣᠯᠬ᠎ᠠ ᠪᠠᠭᠠᠲᠤᠷ ᠬᠣᠣᠰ ᠪᠦᠷᠢᠳᠦᠭᠰᠡᠨ ᠳᠡᠭᠦᠦ ᠮᠢᠨᠦ !
ᠭᠡᠮᠡᠨ ᠰᠠᠢᠰᠢᠶᠠᠵᠤ ᠬᠤᠷᠢᠮ ᠬᠤᠷᠢᠮᠯᠠᠨ᠂ ᠬᠦᠨᠳᠦ ᠱᠠᠩ ᠬᠠᠢᠷᠠᠯᠠᠵᠤ ᠥᠭᠦᠯᠡᠷᠦᠨ : 《ᠰᠠᠢᠬᠠᠨ ᠥᠩᠭᠡ ᠨᠢᠳᠦᠨ ᠢ᠋ ᠪᠠᠶᠠᠰᠠᠭᠪᠠᠴᠤ ᠪᠠᠰᠠ ᠰᠢᠮ᠎ᠡ ᠶ᠋ᠢ ᠬᠣᠷᠣᠭᠳᠠᠭᠤᠯᠤᠮᠤᠢ᠂ ᠠᠮᠲᠠᠲᠤ ᠠᠷᠢᠬᠢ ᠠᠮᠠᠨ ᠳ᠋ᠤᠷ ᠠᠮᠲᠠᠲᠠᠢ ᠪᠣᠯᠪᠠᠴᠤ ᠠᠮᠢᠨ ᠢ᠋ ᠬᠣᠣᠷᠠᠳᠠᠭᠠᠮᠤᠢ᠃ ᠪᠡᠯᠭᠦᠳᠡᠢ ᠳᠡᠭᠦᠦ ᠮᠢᠨᠦ ᠡᠭᠦᠨ ᠢ᠋ ᠮᠡᠳᠡᠭᠰᠡᠨ ᠠᠵᠤᠭᠤ ! 》 ᠬᠡᠮᠡᠵᠦ :《ᠨᠢᠭᠡᠨᠲᠡ ᠳᠡᠭᠦᠦ ᠳ᠋ᠦ᠍ᠷ ᠮᠢᠨᠦ ᠡᠨᠡ ᠮᠡᠲᠦ ᠭᠦᠨ᠎ᠡ ᠪᠣᠳᠣᠯᠭ᠎ᠠ ᠡᠷᠳᠡᠮ ᠪᠠᠢᠪᠠᠰᠤ᠂ ᠡᠳᠦᠭᠡ ᠳᠠᠷᠤᠢ ᠪᠡᠶ᠎ᠡ ᠪᠡᠷ ᠡᠴᠢᠵᠦ ᠨᠠᠢ᠍ᠮᠠᠨ ᠤᠯᠤᠰ ᠠ᠋ᠴᠠ ᠤᠷᠤᠭ ᠪᠠᠷᠢᠷ᠎ᠠ ᠢᠷᠡᠭᠰᠡᠨ ᠢ᠋ ᠳᠠᠷᠤᠢ ᠬᠡᠷᠡᠢᠳ ᠦ᠋ᠨ ᠲᠦᠰᠢᠮᠡᠳ ᠠᠨᠲᠤ᠂ ᠫᠣᠯᠭᠣᠳᠠᠢ᠂ ᠬᠤᠷᠭ᠎ᠠ᠂ ᠠᠰᠤᠷᠢ ᠨᠠᠷ ᠯᠤᠭ᠎ᠠ ᠵᠥᠪᠳᠡᠵᠦ᠂ ᠰᠣᠯᠤᠩᠭᠤᠸ᠎ᠠ ᠠ᠋ᠴᠠ ᠳᠤᠷ᠎ᠠ ᠶ᠋ᠢ ᠠᠨᠤ ᠠᠰᠠᠭᠤᠯᠭ᠎ᠠ᠂ ᠡᠢᠮᠦ ᠪᠣᠯᠪᠠᠰᠤ ᠲᠡᠳᠡ ᠭᠠᠭᠴᠠ ᠮᠢᠨᠦ ᠬᠡᠰᠢᠭ ᠢ᠋ ᠰᠢᠲᠦᠬᠦ ᠪᠤᠰᠤ᠂ ᠴᠢᠨᠦ ᠡᠷᠳᠡᠮ ᠳ᠋ᠦ᠍ᠷ ᠮᠥᠨ ᠢᠭᠲᠦᠯᠬᠦ ᠪᠥᠭᠡᠳ ᠪᠢᠳᠡ ᠠᠬ᠎ᠠ ᠳᠡᠭᠦᠦ ᠨᠠᠷ ᠤ᠋ᠨ ᠵᠢᠷᠤᠮᠲᠤ ᠨᠡᠷ᠎ᠡ ᠬᠠᠮᠲᠤ ᠪᠠᠷ ᠳᠡᠯᠭᠡᠷᠡᠬᠦ ᠪᠣᠯᠠᠢ᠃ 》 ᠬᠡᠮᠡᠭᠰᠡᠨ ᠳ᠋ᠦ᠍ᠷ ᠪᠡᠯᠭᠦᠳᠡᠢ ᠶᠡᠬᠡᠯ᠎ᠡ ᠪᠠᠶᠠᠷᠯᠠᠨ᠂ ᠡᠵᠡᠨ ᠦ᠌ ᠬᠡᠰᠢᠭ ᠲᠣᠷ ᠮᠥᠷᠭᠥᠨ ᠭᠠᠷᠴᠤ ᠢᠷᠡᠭᠡᠳ ᠰᠣᠯᠤᠩᠭᠤᠸ᠎ᠠ ᠶ᠋ᠢᠨ ᠪᠠᠭᠤᠳᠠᠯᠯᠠᠭᠰᠠᠨ ᠲᠣᠬᠣᠢᠲᠤ ᠨᠠᠭᠤᠷ ᠤ᠋ᠨ ᠪᠠᠭᠤᠳᠠᠯ ᠳ᠋ᠤᠷ ᠢᠷᠡᠵᠦ᠂ ᠠᠨᠲᠤ᠂ ᠬᠤᠷᠭ᠎ᠠ᠂ ᠠᠰᠤᠷᠢ᠂ ᠫᠣᠯᠭᠣᠳᠠᠢ᠂ ᠭᠠᠯᠪᠠ᠂ ᠣᠯᠣᠩᠬᠤ᠂ ᠭᠣᠣᠷᠬᠢ ᠨᠠᠷ ᠢ᠋ ᠴᠢᠭᠤᠯᠤᠭᠤᠯᠤᠨ᠂ ᠲᠠᠢᠽᠦ ᠶ᠋ᠢᠨ ᠵᠠᠬᠢᠶ᠎ᠠ ᠶ᠋ᠢ ᠪᠦᠷᠢᠨ᠎ᠡ ᠵᠠᠬᠢᠵᠤ ᠥᠭᠭᠦᠭᠰᠡᠨ ᠳ᠋ᠦ᠍ᠷ ᠬᠡᠷᠡᠢᠳ ᠦ᠋ᠨ ᠲᠦᠰᠢᠮᠡᠳ ᠨᠠᠷ ᠨᠢᠳᠦᠨ ᠡᠴᠡ ᠨᠢᠯᠪᠤᠰᠤᠨ ᠤᠨᠠᠭᠠᠵᠤ᠂ ᠲᠠᠢᠽᠦ ᠪᠠ ᠪᠡᠯᠭᠦᠳᠡᠢ ᠮᠤᠬᠤᠯᠢ ᠨᠠᠷ ᠤ᠋ᠨ ᠬᠡᠰᠢᠭ ᠲᠣᠷ ᠬᠦᠨᠳᠦᠳᠡ ᠢᠭᠲᠦᠯᠦᠨ ᠮᠥᠷᠭᠥᠵᠦ᠂ ᠪᠠᠶᠠᠷᠯᠠᠨ ᠢᠨᠢᠶᠡᠯᠴᠡᠵᠦ᠂ ᠰᠣᠯᠤᠩᠭᠤᠸ᠎ᠠ ᠠᠪᠠᠬᠠᠢ ᠪᠠ ᠲᠤᠰᠬᠤ ᠬᠢᠭᠡᠳ ᠨᠠᠷᠠᠨ ᠲᠤᠶᠠᠭ᠎ᠠ ᠬᠠᠲᠤᠨ ᠡᠵᠡᠨ ᠢ᠋ᠶ᠋ᠡᠨ ᠮᠡᠳᠡᠭᠦᠯᠦᠨ ᠵᠥᠪᠳᠡᠷᠡ ᠣᠷᠣᠪᠠ᠃ ᠰᠤᠳᠤᠷᠴᠢ ᠲᠦᠰᠢᠮᠡᠯ᠂ ᠰᠤᠳᠤᠷᠯᠠᠵᠤ ᠪᠢᠴᠢᠭᠰᠡᠭᠡᠷ ᠰᠣᠴᠢᠨ ᠭᠠᠢᠬᠠᠨ ᠰᠤᠯᠠ ᠦᠭᠡ ᠪᠢᠴᠢᠭᠰᠡᠨ ᠢᠨᠣ᠄
ᠨᠢᠭᠡᠨ ᠤᠯᠤᠰ ᠤ᠋ᠨ ᠲᠭ᠌ᠷᠢ ᠶ᠋ᠢᠨ ᠬᠦᠪᠡᠭᠦᠨᠡ ᠨᠢᠭᠡᠨ ᠤᠯᠤᠰ ᠤ᠋ᠨ ᠲᠦᠰᠢᠮᠡᠯ ᠲᠡᠢ᠂
ᠨᠢᠭᠤᠴᠠ ᠪᠤᠶᠠᠨᠲᠤ ᠬᠥᠮᠥᠨ᠎ᠡ ᠨᠢᠭᠤᠴᠠ ᠪᠤᠶᠠᠨᠲᠤ ᠳᠡᠭᠦᠦ ᠲᠡᠢ᠂
ᠨᠢᠯᠪᠤᠰᠤᠲᠤ ᠪᠡᠶᠡᠲᠦ ᠰᠣᠯᠤᠩᠭᠤᠸ᠎ᠠ ᠥᠬᠢᠨ ᠨᠢᠯᠪᠤᠰᠤᠲᠤ ᠰᠡᠳᠬᠢᠯ ᠳ᠋ᠦ᠍ᠷ ᠰᠢᠲᠦᠯᠲᠡᠢ᠂
ᠨᠢᠴᠤᠯ ᠦᠭᠡᠢ ᠡᠷᠢᠨ ᠭᠣᠶᠣᠭᠰᠠᠨᠠ ᠨᠢᠴᠤᠯ ᠦᠭᠡᠢ ᠰᠠᠢᠳ ᠲᠠᠢ !
ᠲᠡᠨᠳᠡᠴᠡ ᠰᠣᠯᠤᠩᠭᠤᠸ᠎ᠠ ᠥᠬᠢᠨ ᠨᠢᠳᠤᠨᠤᠨ ᠵᠢᠯ ᠬᠠᠷᠠᠬᠠᠨ ᠤᠯᠤᠰ ᠮᠥᠬᠥᠵᠦ ᠭᠡᠷ ᠡᠪᠳᠡᠷᠡᠭᠡᠳ ᠴᠡᠷᠢᠭ ᠳᠠᠷᠤᠭᠳᠠᠨ᠂ ᠪᠡᠶ᠎ᠡ ᠪᠠᠷᠢᠭ᠍ᠳᠠᠵᠤ ᠪᠧᠲ᠋ᠠ᠋ ᠤᠯᠤᠰ ᠲᠤᠷ ᠢᠷᠡᠭᠰᠡᠨ ᠡᠴᠡ ᠢᠨᠠᠭ᠍ᠰᠢ ᠬᠡᠳᠦᠢᠪᠡᠷ ᠲᠠᠢᠽᠦ ᠶ᠋ᠢᠨ ᠬᠡᠰᠢᠭ ᠲᠣᠷ ᠬᠣᠶᠠᠷ ᠵᠠᠭᠤᠨ ᠡᠷᠦᠬᠡ ᠶ᠋ᠢ ᠡᠭᠡᠯᠵᠢᠯᠡᠨ ᠵᠠᠷᠤᠴᠠᠯᠠᠵᠤ ᠵᠢᠷᠭᠠᠨ ᠰᠠᠭᠤᠪᠠᠴᠤ ᠶᠠᠭᠤᠨ ᠤ᠋ ᠥᠪᠡᠷ ᠦ᠋ᠨ ᠬᠡᠷᠡᠢᠳ ᠤᠯᠤᠰ ᠤ᠋ᠨ ᠣᠯᠠᠨ ᠲᠦᠰᠢᠮᠡᠳ ᠦ᠋ᠨ ᠳᠡᠭᠡᠷ᠎ᠡ ᠪᠡᠨ ᠤᠬᠠᠭᠠᠨᠲᠤ ᠰᠡᠷᠭᠦᠯᠡᠩ ᠭᠦᠩᠵᠦ ᠬᠡᠮᠡᠬᠦᠢ ᠳ᠋ᠦ᠍ᠷ ᠬᠦᠷᠬᠦ ᠡᠷᠬᠢᠮ ᠳᠡᠭᠡᠳᠦ ᠡᠷᠬᠡ ᠵᠢᠷᠭᠠᠯᠲᠠᠢ ᠠᠵᠢ ! ᠠᠶ᠎ᠠ ᠠᠢᠮᠠᠭ ᠲᠠᠭᠠᠨ ᠠᠬᠤ ᠴᠠᠭ ᠲᠤᠷ ᠠᠯᠠᠭ ᠵᠢᠷᠣᠭ᠎ᠠ ᠮᠣᠷᠢ ᠪᠠᠨ ᠠᠯᠬᠤᠯᠠᠨ ᠭᠢᠰᠬᠢᠭᠦᠯᠦᠨ ᠠᠩ ᠬᠦᠷᠦᠭᠡᠰᠦᠨᠡ ᠠᠪᠠᠯᠠᠵᠤ᠂ ᠨᠠᠭᠤᠷ ᠤ᠋ᠨ ᠵᠢᠭᠠᠰᠤᠨᠠ ᠲᠣᠣᠷ ᠣᠷᠬᠢᠨ ᠨᠠᠭᠠᠳᠬᠤ᠂ ᠲᠠᠯ᠎ᠠ ᠶ᠋ᠢᠨ ᠭᠠᠯᠠᠭᠤᠨᠠ ᠰᠤᠮᠤ ᠮᠥᠷᠥᠢᠴᠡᠨ ᠮᠡᠯᠵᠢᠬᠦ ᠳ᠋ᠦ᠍ᠷ ᠬᠦᠷᠴᠦ ᠲᠠᠪᠠ ᠵᠣᠷᠢᠭ ᠢ᠋ᠶ᠋ᠠᠷ ᠪᠠᠢᠬᠤ ᠠᠵᠢ ! ᠤᠳᠠᠭᠰᠠᠨ ᠦᠭᠡᠢ ᠪᠠᠰᠠ ᠨᠢᠭᠡᠨ ᠵᠢᠯ ᠪᠣᠯᠤᠭᠠᠳ ᠬᠠᠯᠠᠭᠤᠨ ᠵᠤᠨ ᠢ᠋ ᠬᠠᠰᠢ ᠶᠠᠰᠢ ᠥᠩᠭᠡᠷᠡᠵᠦ᠂ ᠬᠠᠷᠠᠭᠰᠠᠭᠠᠷ ᠪᠠᠰᠠ ᠬᠠᠩᠭᠢᠨᠠᠮ᠎ᠠ ᠨᠠᠮᠤᠷ ᠬᠦᠷᠴᠦ ᠢᠷᠡᠭᠰᠡᠨ᠎ᠡ᠂ ᠬᠠᠢᠷᠠᠬᠠᠨ ᠬᠥᠭᠡᠷᠦᠬᠦᠢ ᠰᠣᠯᠣᠩᠭᠤᠸ᠎ᠠ ᠥᠬᠢᠨ ᠬᠠᠮᠤᠭ ᠪᠦᠭᠦᠳᠡ ᠥᠬᠢᠳ ᠬᠡᠦᠬᠡᠳ ᠢ᠋ᠶ᠋ᠡᠨ ᠠᠪᠴᠤ ᠪᠤᠷᠬᠠᠨ ᠭᠠᠯᠳᠤᠨ᠎ᠠ ᠶ᠋ᠢᠨ ᠵᠡᠭᠦᠨ ᠡᠮᠦᠨ᠎ᠡ ᠥᠪᠡᠷ ᠦ᠋ᠨ ᠪᠠᠭᠤᠳᠠᠯ ᠤ᠋ᠨ ᠬᠣᠢᠨ᠎ᠠ ᠪᠦᠬᠦᠢ ᠲᠣᠪ ᠲᠤᠩᠭᠠᠯᠠᠭ ᠲᠣᠬᠣᠢᠲᠤ ᠨᠠᠭᠤᠷ ᠤ᠋ᠨ ᠬᠥᠪᠡᠭᠡᠨ᠎ᠡ ᠵᠣᠭᠰᠣᠵᠤ ᠦᠵᠡᠪᠡᠰᠦ ᠴᠢᠪᠬᠢᠲᠡᠯ᠎ᠡ ᠲᠡᠷᠡ ᠬᠦᠢᠲᠡᠨ ᠰᠢᠭᠦᠳᠡᠷᠢ ᠡᠷᠲᠡ ᠴᠠᠷᠴᠠᠭᠠᠳ ᠬᠥᠬᠡ ᠡᠪᠡᠰᠦᠨ ᠴᠡᠯᠡᠮᠡᠭᠬᠡᠨ ᠥᠩᠭᠡᠯᠡᠭᠡᠳ ᠬᠣᠢᠨ᠎ᠠ ᠠ᠋ᠴᠠ ᠬᠣᠩᠭᠣᠷ ᠰᠠᠯᠬᠢᠨ ᠬᠤᠷ ᠬᠠᠷ ᠰᠠᠯᠬᠢᠯᠠᠵᠤ᠂ ᠬᠤᠨ ᠭᠠᠯᠠᠭᠤ ᠬᠣᠣᠰ ᠬᠣᠣᠰ ᠢ᠋ᠶ᠋ᠠᠷ ᠵᠠᠯᠭᠠᠯᠳᠤᠨ ᠰᠦᠷᠦᠭ ᠰᠦᠷᠦᠭ ᠬᠡᠯᠬᠢᠶᠡᠯᠡᠭᠡᠳ ᠳᠣᠷᠣᠨ᠎ᠠ ᠡᠮᠦᠨ᠎ᠡ ᠵᠦᠭ ᠨᠢᠰᠦᠨ ᠡᠴᠢᠬᠦᠶ᠎ᠡ ᠨᠤᠲᠤᠭ ᠤᠰᠤᠨ ᠳ᠋ᠤᠷ ᠢ᠋ᠶ᠋ᠠᠨ ᠲᠠᠲᠠᠭᠳᠠᠨ᠂ ᠵᠤᠯᠵᠠᠭ᠎ᠠ ᠭᠠᠯᠠᠭᠤ ᠵᠣᠪᠠᠭᠣᠷᠢᠰᠢᠶᠠᠨ ᠡᠷᠭᠢᠴᠡᠬᠦ ᠪᠠᠢᠳᠠᠯ ᠪᠥᠬᠥᠶ᠎ᠡ᠂ ᠭᠡᠨᠡᠳᠲᠡ ᠣᠭᠲᠠᠷᠭᠤᠢ ᠶ᠋ᠢᠨ ᠬᠥᠬᠡ ᠨᠠᠭᠤᠷ ᠤ᠋ᠨ ᠬᠢᠵᠠᠭᠠᠷ᠎ᠠ ᠨᠢᠭᠡᠨ ᠤᠷᠠᠨ ᠬᠠᠵᠢᠨ ᠵᠤᠯᠵᠠᠭ᠎ᠠ ᠭᠠᠯᠠᠭᠤ ᠰᠦᠷᠦᠭ ᠡᠴᠡ ᠰᠠᠯᠤᠭᠠᠳ ᠭᠠᠨᠢ ᠭᠠᠭᠴᠠᠭᠠᠷ ᠬᠣᠭᠣᠰᠣᠨ ᠣᠭᠲᠠᠷᠠᠭᠤᠢ ᠳ᠋ᠤᠷ ᠡᠷᠭᠢᠴᠡᠨ ᠲᠤᠤᠭᠠᠷᠤᠨ ᠲᠥᠭᠡᠷᠢᠭᠡᠳ ᠡᠨᠡᠯᠭᠡᠲᠡᠶᠡ ᠳᠣᠩᠭᠣᠳᠴᠤ ᠡᠢᠨ ᠲᠡᠢᠨ ᠨᠢᠰᠬᠦᠶᠡ᠂ ᠰᠣᠯᠤᠩᠭᠤᠸ᠎ᠠ ᠡᠪᠬᠡᠷᠡᠵᠦ ᠵᠣᠪᠠᠨ ᠬᠠᠷᠠᠭᠰᠠᠭᠠᠷ ᠡᠪᠬᠢᠲᠡᠯᠡ ᠡᠨᠡ ᠭᠠᠯᠠᠭᠤ ᠡᠴᠢᠭᠡ ᠡᠬᠡ ᠡᠴᠡ ᠪᠡᠨ ᠬᠠᠭᠠᠴᠠᠵᠤ ᠰᠠᠯᠤᠭᠠᠳ ᠭᠠᠰᠠᠯᠵᠤ ᠪᠠᠢᠬᠤ ᠠᠨᠤ ᠲᠡᠭᠦᠨ ᠦ᠌ ᠥᠨᠥᠴᠢᠨ ᠪᠡᠶ᠎ᠡ ᠳ᠋ᠦ᠍ᠷ ᠠᠳᠠᠯᠢ ᠪᠣᠯᠤᠭᠰᠠᠨ ᠲᠤᠯᠠ ᠭᠡᠨᠡᠳᠲᠡ ᠭᠡᠳᠡᠰᠦ ᠮᠤᠰᠬᠢᠨ ᠴᠡᠭᠡᠵᠢ ᠴᠢᠭᠯᠡᠷᠡᠭᠡᠳ ᠵᠥᠭᠡᠯᠡᠨ ᠰᠡᠳᠬᠢᠯ ᠤᠶᠠᠷᠠᠵᠤ ᠰᠠᠮᠰᠠ ᠤᠷᠤᠭᠤ ᠪᠤᠷᠬᠢᠷᠠᠨ᠂ ᠰᠠᠨᠠᠮᠰᠠᠷ ᠦᠭᠡᠢ ᠨᠢᠳᠦᠨ ᠦ᠌ ᠨᠢᠯᠪᠤᠰᠤᠨ ᠬᠡᠯᠬᠢᠶ᠎ᠡ ᠲᠠᠰᠤᠷᠠᠭᠰᠠᠨ ᠰᠤᠪᠤᠳ ᠮᠡᠲᠦ ᠪᠥᠮᠪᠥᠷᠢᠨ ᠤᠨᠠᠵᠤ᠂ ᠳᠡᠪᠡᠯ ᠦ᠋ᠨ ᠡᠩᠭᠡᠷ ᠢ᠋ ᠨᠣᠷᠭᠠᠪᠠᠢ᠃
ᠲᠡᠳᠦᠢ ᠰᠣᠯᠤᠩᠭᠤᠸ᠎ᠠ ᠳᠣᠲᠣᠷ᠎ᠠ ᠪᠠᠨ ᠰᠡᠳᠬᠢᠷᠦᠨ : 《ᠡᠨᠡ ᠥᠬᠢᠨ ᠪᠡᠶ᠎ᠡ ᠡᠳᠦᠭᠡ ᠨᠢᠭᠡᠨᠲᠡ ᠬᠥᠮᠦᠨ ᠦ᠌ ᠭᠠᠷ ᠲᠤᠷ ᠣᠷᠣᠭᠠᠳ ᠬᠡᠳᠦᠢ ᠪᠡᠯᠭᠦᠳᠡᠢ ᠳ᠋ᠦ᠍ᠷ ᠠᠪᠤᠮᠤᠢ ᠬᠡᠮᠡᠬᠦ ᠦᠭᠡ ᠭᠠᠷᠬᠤ ᠦᠭᠡᠢ ᠪᠣᠯᠪᠠᠴᠤ ᠡᠭᠡᠨᠡᠭᠲᠡ ᠪᠤᠰᠤᠳ ᠤ᠋ᠨ ᠭᠠᠷ ᠲᠤᠷ ᠪᠤᠰᠤᠳ ᠤ᠋ᠨ ᠡᠷᠬᠡ ᠳ᠋ᠦ᠍ᠷ ᠶᠠᠪᠤᠬᠤ ᠲᠤᠯᠠ ᠬᠡᠵᠢᠶᠡᠳᠡ ᠬᠤᠪᠢᠰᠬᠠᠯ ᠳᠡᠭᠳᠡᠬᠦ ᠶ᠋ᠢ ᠪᠣᠯᠵᠣᠪᠠᠰᠤ ᠮᠠᠭᠠᠳ ᠦᠭᠡᠢ ᠪᠣᠯᠤᠭᠠᠳ ᠨᠡᠩᠳᠡ ᠨᠠᠢ᠍ᠮᠠᠨ ᠤ᠋ ᠠᠯᠲᠠᠨᠱᠠᠭ᠎ᠠ ᠳ᠋ᠤᠷ ᠠᠭᠤᠯᠵᠠᠬᠤ ᠠᠨᠤ ᠲᠡᠭᠷᠢ ᠡᠴᠡ ᠬᠣᠯᠠ ᠪᠣᠯᠤᠭᠰᠠᠨ ᠢ᠋ᠶ᠋ᠠᠷ ᠡᠨᠡ ᠲᠥᠷᠥᠯ ᠳ᠋ᠦ᠍ᠷ ᠬᠡᠷᠬᠢᠨ ᠤᠴᠠᠷᠠᠵᠤ ᠴᠢᠳᠠᠬᠤ ᠠᠵᠢ ? 》 ᠭᠡᠮᠡᠨ ᠡᠯᠢᠭᠡ ᠵᠢᠷᠦᠬᠡ ᠶ᠋ᠢ ᠲᠦᠮᠡᠨ ᠵᠡᠪᠡ ᠪᠡᠷ ᠰᠢᠪᠲᠤᠴᠢᠬᠤ ᠮᠡᠲᠦ ᠪᠣᠯᠵᠤ᠂ ᠨᠠᠮᠤᠷ ᠤ᠋ᠨ ᠰᠠᠯᠬᠢᠨ᠎ᠠ ᠭᠤᠨᠢᠶᠠᠷᠯᠠᠵᠤ᠂ ᠨᠠᠭᠤᠷ ᠪᠢᠯᠬᠠᠮᠠᠯ ᠤ᠋ᠨ ᠨᠢᠯᠪᠤᠰᠤᠨ ᠳᠠᠪᠬᠤᠷ ᠳᠠᠪᠬᠤᠷ ᠪᠥᠮᠪᠥᠷᠢᠬᠦᠶᠡ᠂ ᠬᠡᠷᠡᠢᠳ ᠦ᠋ᠨ ᠡᠬᠡᠨᠡᠷ ᠥᠬᠢᠳ ᠬᠥᠭᠰᠢᠨ ᠨᠢᠯᠬ᠎ᠠ ᠦᠭᠡᠢ ᠴᠥᠮ ᠭᠠᠵᠠᠷ ᠨᠤᠲᠤᠭ ᠢ᠋ᠶ᠋ᠠᠨ ᠰᠠᠨᠠᠵᠤ᠂ ᠪᠦᠭᠦᠳᠡᠭᠡᠷ ᠬᠠᠷᠢᠨ ᠨᠠᠭᠤᠷ ᠤ᠋ᠨ ᠣᠰᠤᠨ᠎ᠠ ᠨᠡᠮᠡᠷᠢᠯᠡᠬᠦ ᠮᠡᠲᠦ ᠱᠣᠭᠰᠢᠨ ᠤᠬᠢᠯᠠᠯᠴᠠᠵᠤ᠂ ᠠᠷᠭ᠎ᠠ ᠦᠭᠡᠢ ᠠᠪᠠᠬᠠᠢ ᠶᠤᠭᠠᠨ ᠡᠨᠡ ᠲᠡᠷᠡ ᠬᠡᠮᠡᠯᠳᠦᠨ ᠬᠣᠷᠢᠭ᠍ᠯᠠᠬᠤᠶᠠ ᠬᠥᠭᠡᠷᠦᠬᠦᠢ ᠬᠡᠦᠬᠡᠨ ᠲᠥᠷᠥᠭᠰᠡᠨ ᠰᠣᠯᠤᠩᠭᠤᠸ᠎ᠠ ᠬᠡᠬᠦᠳᠡᠭ ᠢ᠋ᠶ᠋ᠡᠨ ᠢᠯᠪᠢᠵᠦ ᠬᠡᠪᠡᠯᠢ ᠳᠦᠭᠦᠷᠡᠩ ᠪᠣᠳᠣᠭᠰᠠᠨ ᠢ᠋ᠶ᠋ᠠᠨ ᠭᠠᠷᠭᠠᠵᠤ ᠭᠢᠩᠰᠢᠵᠦ ᠬᠡᠯᠡᠬᠦ ᠢᠨᠦ :
ᠬᠡᠷᠡᠢᠳ ᠦ᠋ᠨ ᠤᠯᠤᠰ ᠤ᠋ᠨ ᠬᠡᠪᠡᠷᠡᠭ ᠪᠤᠯᠪᠠᠷᠢ ᠠᠪᠠᠬᠠᠢ ᠮᠢᠨᠦ ᠪᠡᠶ᠎ᠡ
ᠬᠡᠭᠡᠷ᠎ᠡ ᠶ᠋ᠢᠨ ᠭᠠᠯᠠᠭᠤ ᠶ᠋ᠢᠨ ᠣᠷᠬᠢᠭ᠍ᠳᠠᠵᠤ ᠲᠥᠭᠡᠷᠢᠭᠰᠡᠨ ᠵᠤᠯᠵᠠᠭ᠎ᠠ ᠮᠡᠲᠦ ᠪᠢ᠂
ᠬᠡᠲᠦᠷᠬᠡᠶ᠎ᠡ ᠠᠮᠠᠷᠠᠭ ᠾᠧ ᠸᠠᠩ ᠡᠴᠢᠭᠡ ᠮᠢᠨᠦ ᠬᠠᠮᠢᠭᠠᠰᠢ ᠡᠴᠢᠭᠰᠡᠨ ᠪᠣᠯᠪᠠ ?
ᠬᠡᠷᠬᠢᠨ ᠬᠠᠷᠠᠪᠠᠴᠤ ᠨᠢᠳᠦᠨ ᠳ᠋ᠦ᠍ ᠮᠢᠨᠦ ᠦᠵᠡᠭᠳᠡᠬᠦ ᠦᠭᠡᠢ ᠪᠣᠯᠵᠤᠬᠤᠢ !
ᠬᠥᠷ ᠨᠠᠢᠷ ᠬᠡᠷᠡᠢᠳ ᠤᠯᠤᠰ ᠤ᠋ᠨ ᠨᠤᠲᠤᠭ ᠤᠰᠤᠨ ᠠᠨᠤ ᠬᠠᠮᠢᠭ᠎ᠠ ᠪᠠᠢᠬᠤ ᠪᠣᠯᠪᠠ ?
ᠬᠦᠰᠡᠵᠦ ᠬᠠᠷᠠᠪᠠᠴᠤ ᠨᠢᠳᠦᠨ ᠳ᠋ᠦ᠍ ᠦᠵᠡᠭᠳᠡᠬᠦ ᠦᠭᠡᠢ ᠪᠣᠢ ᠶᠠ !
ᠬᠡᠦᠬᠡᠨ ᠪᠡᠶ᠎ᠡ ᠬᠣᠷᠢᠨ ᠨᠠᠰᠤ ᠭᠠᠷᠴᠤ ᠬᠥᠮᠦᠨ ᠦ᠌ ᠭᠠᠵᠠᠷ ᠬᠦᠯᠢᠭᠳᠡᠵᠦ ᠬᠣᠷᠢᠭ᠍ᠳᠠᠪᠠ᠂
ᠬᠥᠭᠡᠷᠦᠬᠦᠢ ᠬᠡᠦᠬᠡᠨ ᠮᠢᠨᠦ ᠪᠡᠶ᠎ᠡ ᠶ᠋ᠢ ᠬᠡᠨ ᠬᠠᠷᠠᠭᠠᠯᠵᠠᠬᠤ ᠠᠵᠢ !
ᠬᠡᠮᠡᠭᠡᠳ ᠡᠭᠰᠢᠨ ᠪᠥᠭᠰᠢᠵᠦ ᠤᠬᠢᠯᠠᠬᠤᠶ᠎ᠠ᠂ ᠣᠯᠠᠨ ᠥᠬᠢᠳ ᠡᠬᠡᠨᠡᠷ ᠡᠨᠡ ᠳᠠᠭᠤᠨ ᠳ᠋ᠤᠷ ᠨᠡᠩ ᠲᠡᠰᠴᠦ ᠴᠢᠳᠠᠬᠤ ᠦᠭᠡᠢ ᠪᠣᠯᠤᠭᠠᠳ ᠪᠦᠭᠦᠳᠡᠭᠡᠷ ᠬᠠᠷᠢᠨ ᠬᠣᠭᠣᠯᠠᠢ ᠲᠡᠳᠡᠨ ᠤᠬᠢᠯᠠᠯᠴᠠᠨ ᠡᠭᠦᠰᠪᠡᠢ᠃ ᠡᠨᠡ ᠦᠨᠡᠬᠡᠷ ᠰᠤᠳᠤᠷᠴᠢ ᠲᠦᠰᠢᠮᠡᠯ ᠪᠠᠭ᠍ᠰᠢ ᠰᠤᠳᠤᠷᠯᠠᠨ ᠪᠢᠴᠢᠭᠰᠡᠭᠡᠷ ᠡᠨᠳᠡ ᠬᠦᠷᠴᠦ ᠰᠣᠯᠤᠩᠭᠤᠸ᠎ᠠ ᠳ᠋ᠤᠷ ᠦᠷᠦ ᠡᠪᠡᠳᠴᠦ ᠰᠤᠯᠠ ᠦᠭᠡᠰ ᠬᠡᠳᠦᠨ ᠦᠰᠦᠭ ᠦ᠋ᠨ ᠰᠢᠯᠦᠭ ᠪᠢᠴᠢᠵᠦ ᠴᠣᠬᠣᠯᠠᠭᠰᠠᠨ ᠦᠭᠡ ᠢᠨᠦ :
ᠰᠥᠷᠥᠭᠲᠦ ᠰᠢᠪᠠᠭᠤᠨ ᠮᠥᠨᠲᠥᠷᠡ ᠳᠠᠭᠠᠷᠢᠭ᠍ᠳᠠᠨ ᠡᠮᠦᠨ᠎ᠡ ᠤᠮᠠᠷ᠎ᠠ ᠪᠤᠲᠠᠷᠠᠭᠰᠠᠨᠠ
ᠰᠦᠭ ᠦ᠋ᠨ ᠪᠢᠯᠵᠤᠤᠬᠠᠢ ᠭᠠᠭᠴᠠᠭᠠᠷ ᠬᠣᠴᠣᠷᠤᠨ ᠬᠣᠷᠢᠭᠤᠯ ᠳᠣᠲᠣᠷ᠎ᠠ ᠤᠬᠢᠯᠠᠮᠤᠢ᠂
ᠰᠥᠨᠥᠵᠦ ᠮᠥᠬᠥᠭᠰᠡᠨ ᠾᠧ ᠸᠠᠩ ᠦᠶᠡᠰ ᠢ᠋ ᠦᠯᠦ ᠮᠡᠳᠡᠬᠦ ᠶ᠋ᠢᠨ ᠲᠤᠯᠠ
ᠰᠥᠳᠥ ᠦᠷ᠎ᠡ ᠪᠡᠨ ᠡᠨᠡ ᠮᠡᠲᠦ ᠭᠠᠰᠢᠭᠤᠨ ᠪᠣᠯᠭᠠᠭᠰᠠᠨ ᠠᠨᠤ ᠬᠥᠭᠡᠷᠦᠬᠦᠢ !
ᠲᠡᠨᠳᠡᠴᠡ ᠮᠡᠯᠮᠡᠯᠵᠡᠮᠡ ᠨᠠᠭᠤᠷ ᠤ᠋ᠨ ᠬᠥᠪᠡᠭᠡᠨ᠎ᠡ ᠰᠣᠯᠤᠩᠭᠤᠸ᠎ᠠ ᠲᠡᠷᠢᠭᠦᠯᠡᠨ ᠪᠦᠭᠦᠳᠡᠭᠡᠷ ᠤᠬᠢᠯᠠᠨ ᠪᠥᠬᠥᠶ᠎ᠡ᠂ ᠬᠣᠢᠨ᠎ᠠ ᠠ᠋ᠴᠠ ᠠᠨᠤ ᠫᠣᠯᠭᠣᠳᠠᠢ ᠶ᠋ᠢᠨ ᠡᠮ᠎ᠡ ᠣᠷᠠᠨᠬᠣ ᠡᠬᠡᠨᠡᠷ ᠢᠨᠢᠶᠡᠭᠰᠡᠭᠡᠷ ᠢᠷᠡᠭᠡᠳ ᠡᠳᠡᠨ ᠦ᠌ ᠤᠬᠢᠯᠠᠬᠤ ᠶ᠋ᠢ ᠦᠵᠡᠵᠦ ᠢᠨᠢᠶᠡᠨ ᠥᠭᠦᠯᠡᠷᠦᠨ : 《ᠠᠶ᠎ᠠ ᠠᠪᠠᠬᠠᠢ ᠶᠠᠭᠤᠨ ᠳ᠋ᠤᠷ ᠡᠨᠡ ᠮᠡᠲᠦ ᠰᠡᠳᠬᠢᠯ ᠦ᠋ᠨ ᠳᠤᠷ᠎ᠠ ᠪᠠᠷ ᠤᠶᠠᠷᠠᠨ ᠭᠤᠸ᠎ᠠ ᠪᠡᠶ᠎ᠡ ᠪᠡᠨ ᠡᠢᠨ ᠬᠦ᠌ ᠵᠣᠪᠠᠭᠠᠮᠤᠢ ? ᠡᠳᠦᠭᠡ ᠡᠮᠦᠨ᠎ᠡ ᠨᠠᠢ᠍ᠮᠠᠨ ᠤᠯᠤᠰ ᠤ᠋ᠨ ᠡᠯᠴᠢ ᠢᠷᠡᠵᠦ ᠡᠨᠳᠡᠬᠢ ᠡᠵᠡᠨ ᠡᠴᠡ ᠠᠪᠠᠬᠠᠢ ᠴᠢᠮᠠᠢ ᠭᠤᠶᠤᠯᠭᠠᠭᠰᠠᠨᠠ ᠡᠷᠬᠡᠲᠦ ᠡᠵᠡᠨ ᠡᠷᠭᠦᠮᠵᠢ ᠶᠡᠬᠡ ᠥᠷᠥᠰᠢᠶᠡᠯ ᠢ᠋ᠶ᠋ᠡᠷ ᠤᠭ ᠵᠠᠬᠢᠭ᠍ᠰᠠᠨ ᠵᠠᠬᠢᠶ᠎ᠠ ᠶ᠋ᠢᠨ ᠶᠣᠰᠣᠭᠠᠷ ᠠᠪᠠᠬᠠᠢ ᠴᠢᠮᠠᠢ ᠨᠠᠢ᠍ᠮᠠᠨ ᠤ᠋ ᠠᠯᠲᠠᠨᠱᠠᠭ᠎ᠠ ᠳ᠋ᠤᠷ ᠤᠷᠤᠭᠯᠠᠭᠤᠯᠰᠤᠭᠠᠢ ᠭᠡᠮᠡᠨ ᠳᠡᠭᠦᠦ ᠪᠡᠨ ᠪᠡᠯᠭᠦᠳᠡᠢ ᠶ᠋ᠢ ᠵᠠᠭᠤᠴᠢ ᠪᠣᠯᠭᠠᠨ ᠳᠤᠷ᠎ᠠ ᠶ᠋ᠢ ᠠᠰᠠᠭᠤᠯᠭᠠᠷ᠎ᠠ ᠵᠠᠷᠤᠵᠤᠬᠤᠢ᠃ ᠠᠨᠳᠠ ᠠᠪᠤᠭᠠᠢ᠂ ᠬᠤᠷᠭ᠎ᠠ ᠠᠬᠠᠢ ᠮᠢᠨᠦ ᠨᠥᠬᠥᠷ ᠲᠠᠨ ᠢᠷᠡᠵᠦ ᠠᠪᠠᠬᠠᠢ ᠴᠢᠨᠦ ᠠᠮᠠᠨ ᠭᠠᠷᠬᠤ ᠶ᠋ᠢ ᠬᠦᠯᠢᠶᠡᠵᠦ ᠪᠣᠢ ᠪᠦᠬᠦᠢ ᠶ᠋ᠢ ᠮᠡᠳᠡᠭᠦᠯᠦᠮᠦᠢ ᠬᠡᠮᠡᠵᠦ ᠪᠣᠢ !》ᠬᠡᠮᠡᠭᠰᠡᠨ ᠳ᠋ᠦ᠍ᠷ ᠰᠣᠯᠤᠩᠭᠤᠸ᠎ᠠ ᠦᠳᠨᠲᠡᠷ ᠠᠯᠤᠰᠬᠢᠨ ᠪᠠᠶᠠᠷᠯᠠᠵᠤ᠂ ᠠᠯᠤᠰ ᠴᠠᠭᠠᠨ᠎ᠠ ᠪᠠᠨ ᠬᠠᠭᠠᠰ ᠰᠡᠵᠢᠭᠯᠡᠵᠦ ᠬᠠᠭᠠᠰ ᠦᠨᠡᠮᠰᠢᠶᠡᠨ᠂ ᠪᠠᠰᠠ ᠵᠡᠭᠦᠳᠦᠨ ᠵᠡᠷᠭᠡᠯᠭᠡᠨ ᠴᠦ᠍ ᠪᠣᠯᠪᠠᠤ ᠭᠡᠮᠡᠨ ᠴᠢᠷᠠᠢ ᠳ᠋ᠤᠷ ᠪᠠᠶᠠᠷᠯᠠᠬᠤ ᠪᠠᠢᠳᠠᠯ ᠢ᠋ᠶ᠋ᠠᠨ ᠦᠯᠦ ᠮᠡᠳᠡᠭᠳᠡᠨ᠂ ᠠᠯᠭᠤᠷ ᠠᠭᠠᠵᠢᠮ ᠢ᠋ᠶ᠋ᠠᠷ ᠨᠢᠯᠪᠤᠰᠤᠨ ᠢ᠋ᠶ᠋ᠠᠨ ᠠᠷᠴᠢᠵᠤ ᠨᠠᠮ ᠳᠥᠯᠭᠡᠨ ᠢ᠋ᠶ᠋ᠡᠷ ᠥᠬᠢᠳ ᠢ᠋ᠶ᠋ᠡᠨ ᠳᠠᠭᠠᠭᠤᠯᠤᠨ ᠡᠭᠡᠵᠦ ᠢᠷᠠᠪᠠᠰᠤ᠂ ᠬᠣᠢᠲᠤ ᠡᠬᠡ ᠢᠨᠦ ᠨᠠᠷᠠᠨ ᠲᠤᠶᠠᠭ᠎ᠠ ᠬᠠᠲᠤᠨ ᠬᠣᠰᠢᠭᠤ ᠪᠠᠨ ᠬᠠᠮᠬᠢᠰᠢ ᠦᠭᠡᠢ ᠬᠣᠰᠢᠪᠠᠯᠵᠠᠨ ᠪᠠᠶᠠᠷᠯᠠᠵᠤ ᠢᠨᠢᠶᠡᠨ᠂ ᠡᠳᠡᠭᠡᠷ ᠤᠴᠢᠷ ᠢ᠋ ᠬᠡᠦᠬᠡᠨ ᠳ᠋ᠡᠭᠡᠨ ᠪᠦᠷᠢᠨ ᠬᠡᠯᠡᠭᠰᠡᠨ ᠳ᠋ᠦ᠍ᠷ ᠰᠣᠯᠤᠩᠭᠤᠸ᠎ᠠ ᠤᠷᠲᠤ ᠰᠡᠭᠦᠷᠡᠰᠦ ᠠᠯᠳᠠᠵᠤ ᠥᠭᠦᠯᠡᠷᠦᠨ : 《ᠡᠨᠡ ᠬᠡᠷᠡᠭ ᠢ᠋ ᠡᠴᠢᠭᠡ ᠸᠠᠩ ᠪᠠᠢᠬᠤ ᠦᠶ᠎ᠡ ᠳ᠋ᠦ᠍ᠷ ᠨᠢᠭᠡᠨᠲᠡ ᠲᠣᠭᠲᠠᠭᠰᠠᠨ ᠢ᠋ ᠮᠥᠨ ᠬᠦ᠌ ᠠᠨᠳᠠ᠂ ᠫᠣᠯᠭᠣᠳᠠᠢ ᠨᠠᠷ ᠨᠠᠢ᠍ᠮᠠᠨ ᠤ᠋ ᠪᠡᠯᠡᠭ ᠢ᠋ ᠬᠦᠯᠢᠶᠡᠨ ᠠᠪᠤᠭᠰᠠᠨ ᠪᠥᠯᠥᠭᠡ ᠃ ᠬᠡᠳᠦᠢ ᠲᠡᠢᠮᠦ ᠪᠣᠯᠪᠠᠴᠤ ᠠᠳᠡᠬᠢ ᠡᠵᠡᠨ ᠥᠴᠦᠬᠡᠨ ᠨᠠᠮᠠᠶ᠋ᠢ ᠡᠷᠲᠡᠨ ᠦ᠌ ᠵᠠᠬᠢᠶ᠎ᠠ ᠶᠤᠭᠠᠨ ᠶᠣᠰᠣᠭᠠᠷ ᠥᠬᠢᠨ ᠪᠡᠶ᠎ᠡ ᠶ᠋ᠢ ᠮᠢᠨᠦ ᠦᠷᠡᠴᠢᠯᠡᠨ ᠦᠵᠡᠵᠦ᠂ ᠬᠡᠦᠬᠡᠨ ᠪᠡᠶ᠎ᠡ ᠶ᠋ᠢ ᠮᠢᠨᠦ ᠬᠥᠪᠡᠭᠦᠨᠴᠢᠯᠡᠨ ᠥᠷᠥᠰᠢᠶᠡᠬᠦ ᠡᠨᠡ ᠮᠡᠲᠦ ᠬᠦᠨᠳᠦ ᠬᠡᠰᠢᠭ ᠬᠠᠢᠷ᠎ᠠ ᠳ᠋ᠤᠷ ᠮᠥᠷᠭᠥᠵᠦ ᠬᠦᠯᠢᠶᠡᠬᠦ ᠪᠣᠢ ᠶᠠ᠂ ᠥᠪᠡᠷ᠎ᠡ ᠶᠠᠭᠤᠨ ᠥᠴᠢᠬᠦ ᠭᠠᠵᠠᠷ ᠪᠣᠢ ! ᠭᠠᠭᠴᠠ ᠡᠭᠦᠨ ᠦ᠌ ᠳᠣᠲᠣᠷ᠎ᠠ ᠥᠷᠥᠰᠢᠶᠡᠯᠲᠦ ᠡᠵᠡᠨ ᠦᠯᠦ ᠮᠡᠳᠡᠨ ᠥᠪᠡᠷ᠎ᠡ ᠶ᠋ᠢ ᠡᠭᠦᠰᠬᠡᠵᠦ ᠬᠠᠭᠤᠷᠮᠠᠭ ᠭᠡᠨᠡᠳᠡᠭᠦᠯᠬᠦ ᠬᠠᠷᠭᠢᠰ ᠭᠡᠮ ᠪᠠᠢᠬᠤ ᠪᠣᠯᠭᠤᠵᠠᠢ᠂ ᠳᠡᠭᠦᠦ ᠲᠤᠰᠬᠤ ᠶ᠋ᠢ ᠢᠯᠡᠭᠡᠵᠦ᠂ ᠡᠵᠡᠨ ᠦ᠌ ᠬᠦᠨᠳᠦ ᠬᠡᠰᠢᠭ ᠪᠠ ᠵᠢᠷᠤᠮ ᠥᠷᠥᠰᠢᠶᠡᠯ ᠳ᠋ᠦ᠍ᠷ ᠢᠯᠡᠷᠬᠡᠢᠯᠡᠨ ᠠᠢᠯᠠᠳᠬᠠᠨ ᠮᠥᠷᠭᠥᠵᠦ᠂ ᠪᠠᠰᠠ ᠵᠢᠨᠦᠩ ᠦ᠋ᠨ ᠬᠠᠷᠠᠭᠠᠯᠵᠠᠭᠰᠠᠨ ᠬᠡᠰᠢᠭ ᠲᠣᠷ ᠲᠠᠯ᠎ᠠ ᠬᠢᠬᠦ ᠪᠡᠷ ᠡᠴᠢ᠂ ᠡᠢᠮᠦ ᠪᠣᠯᠪᠠᠰᠤ ᠳᠣᠲᠣᠷ᠎ᠠ ᠥᠪᠡᠷ᠎ᠡ ᠭᠡᠮ ᠬᠣᠣᠷ ᠦᠯᠦ ᠭᠠᠷᠤᠮᠤᠢ ! 》ᠬᠡᠮᠡᠭᠰᠡᠨ ᠳ᠋ᠦ᠍ᠷ ᠬᠥᠭᠰᠢᠨ ᠠᠨᠲᠤ ᠲᠦᠰᠢᠮᠡᠯ ᠮᠡᠳᠡᠭᠦᠯᠦᠷᠦᠨ᠂ ᠠᠪᠠᠬᠠᠢ ᠡᠭᠦᠨ ᠢ᠋ ᠪᠢᠲᠡᠭᠡᠢ ᠰᠡᠵᠢᠭᠯᠡᠨ ᠲᠠᠲᠠᠭᠠᠯᠵᠠᠲᠤᠭᠠᠢ᠂ ᠨᠠᠢ᠍ᠮᠠᠨ ᠤᠯᠤᠰ ᠤ᠋ᠨ ᠤᠭ ᠵᠠᠭᠤᠴᠢ ᠢᠳᠡᠷ ᠳᠣᠪᠣ ᠶ᠋ᠢᠨ ᠪᠡᠶ᠎ᠡ ᠲᠡᠷᠢᠭᠦᠯᠡᠨ ᠢᠷᠡᠵᠦᠬᠦᠢ ! 》 ᠬᠡᠮᠡᠭᠰᠡᠨ ᠳ᠋ᠦ᠍ᠷ ᠰᠣᠯᠤᠩᠭᠤᠸ᠎ᠠ ᠴᠢᠷᠠᠢ ᠢᠰᠪᠡᠯᠵᠡᠨ ᠲᠡᠷᠢᠭᠦᠨ ᠳᠣᠬᠢᠪᠠ᠃
ᠲᠡᠳᠦᠢ ᠪᠡᠯᠭᠦᠳᠡᠢ ᠨᠠᠷ ᠲᠤᠰᠬᠤ ᠶ᠋ᠢ ᠳᠠᠭᠠᠭᠤᠯᠤᠨ ᠣᠯᠠᠨ ᠲᠦᠰᠢᠮᠡᠳ ᠢ᠋ ᠢᠨᠣ ᠠᠪᠴᠤ ᠲᠠᠢᠽᠦ ᠳ᠋ᠦ᠍ᠷ ᠮᠥᠷᠭᠥᠵᠦ ᠲᠣᠭᠲᠠᠭᠰᠠᠨ ᠤᠴᠢᠷ ᠢ᠋ ᠲᠣᠳᠣᠷᠬᠠᠢᠯᠠᠨ ᠮᠡᠳᠡᠭᠦᠯᠵᠦ᠂ ᠬᠦᠨᠳᠦ ᠬᠡᠰᠢᠭ ᠲᠣᠷ ᠮᠥᠷᠭᠥᠭᠦᠯᠦᠭᠰᠡᠨᠡ᠂ ᠲᠠᠢᠽᠦ ᠨᠠᠢ᠍ᠮᠠᠨ ᠤᠯᠤᠰ ᠠ᠋ᠴᠠ ᠬᠦᠷᠭᠡᠵᠦ ᠢᠷᠡᠭᠰᠡᠨ ᠠᠯᠲᠠᠨ ᠬᠠᠰ᠂ ᠰᠤᠪᠤᠳ ᠡᠷᠳᠡᠨᠢ᠂ ᠮᠠᠩᠨᠤᠭ ᠲᠠᠵᠢ᠂ ᠮᠠᠯ ᠮᠥᠩᠭᠥᠨ ᠦ᠌ ᠬᠦᠨᠳᠦ ᠪᠡᠯᠭ ᠦ᠋ᠨ ᠵᠦᠢᠯ ᠢ᠋ ᠦᠰᠦᠨ ᠦ᠌ ᠲᠡᠳᠦᠢ ᠠᠪᠤᠭᠰᠠᠨ ᠦᠭᠡᠢ᠂ ᠤᠭ ᠡᠯᠴᠢ ᠢᠳᠡᠷ ᠳᠣᠪᠣ ᠳ᠋ᠤᠷ ᠡᠭᠡᠭᠦᠯᠦᠨ ᠥᠭᠴᠦ ᠴᠥᠮ ᠬᠡᠷᠡᠢᠳ ᠦ᠋ᠨ ᠲᠤᠰᠬᠤ᠂ ᠠᠨᠲᠤ᠂ ᠬᠤᠷᠭ᠎ᠠ᠂ ᠠᠰᠤᠷᠢ᠂ ᠫᠣᠯᠭᠣᠳᠠᠢ ᠨᠠᠷ ᠲᠤᠷ ᠲᠣᠳᠣᠷᠬᠠᠢᠯᠠᠨ ᠲᠤᠰᠢᠶᠠᠯᠭᠠᠭᠠᠳ ᠬᠡᠷᠡᠢᠳ ᠦ᠋ᠨ ᠲᠤᠰᠬᠤ ᠳ᠋ᠤᠷ ᠰᠤᠮᠤᠨ ᠪᠡᠯᠡᠭ ᠲᠠᠯᠪᠢᠬᠤᠢ ᠶ᠋ᠢᠨ ᠬᠤᠷᠢᠮ ᠤ᠋ᠨ ᠪᠡᠯᠡᠭ ᠪᠣᠯᠭ᠎ᠠ ᠬᠡᠮᠡᠪᠡ᠃ ᠡᠭᠦᠨ ᠳ᠋ᠦ᠍ᠷ ᠨᠠᠢ᠍ᠮᠠᠨ ᠪᠠ ᠬᠡᠷᠡᠢᠳ ᠬᠣᠶᠠᠷ ᠤᠯᠤᠰ ᠤ᠋ᠨ ᠣᠯᠠᠨ ᠢ᠋ᠶ᠋ᠠᠷ ᠤᠬᠢᠯᠠᠨ ᠰᠢᠲᠦᠵᠦ ᠮᠠᠭᠲᠠᠨ ᠭᠠᠢᠬᠠᠯᠳᠤᠵᠤ ᠳᠠᠭᠤᠳᠠᠯᠴᠠᠬᠤ ᠠᠨᠤ ᠵᠦᠩ ᠬᠡᠩᠭᠡᠷᠭᠡ ᠳᠠᠭᠤᠷᠢᠰᠬᠤ ᠮᠡᠲᠦ ᠬᠥᠩᠭᠢᠷᠡᠰᠪᠡᠢ᠃
ᠲᠡᠳᠦᠢ ᠬᠠᠪᠤᠲᠤ ᠬᠠᠰᠠᠷ᠂ ᠪᠦᠬᠦ ᠪᠡᠯᠭᠦᠳᠡᠢ ᠬᠣᠶᠠᠭᠤᠯᠠ ᠲᠤᠰᠬᠤ ᠶ᠋ᠢ ᠠᠪᠴᠤ ᠨᠣᠶᠠᠨ ᠬᠣᠲᠠ ᠪᠣᠯᠵᠤ᠂ ᠠᠯᠤᠬ᠎ᠠ ᠰᠦᠬᠡ ᠬᠣᠶᠠᠭᠤᠯᠠ᠂ ᠠᠨᠲᠤ᠂ ᠬᠤᠷᠭ᠎ᠠ ᠨᠠᠷ ᠢ᠋ ᠠᠪᠴᠤ ᠲᠦᠰᠢᠮᠡᠯ ᠬᠣᠲᠠ ᠪᠣᠯᠤᠨ ᠪᠦᠭᠦᠳᠡᠭᠡᠷ ᠬᠠᠪᠰᠤᠷᠤᠨ ᠨᠠᠢ᠍ᠮᠠᠨ ᠤ᠋ ᠡᠯᠴᠢ ᠶ᠋ᠢ ᠤᠳᠤᠷᠢᠳᠤᠨ ᠣᠷᠣᠭᠤᠯᠵᠤ ᠬᠡᠷᠡᠢᠳ ᠦ᠋ᠨ ᠭᠠᠯ ᠭᠣᠯᠣᠮᠲᠠ ᠶ᠋ᠢ ᠠᠨᠤ ᠲᠠᠬᠢᠭᠤᠯᠵᠤ᠂ ᠬᠠᠯᠢᠮᠠ ᠲᠤᠰᠬᠠᠨ᠂ ᠵᠤᠯᠠ ᠰᠡᠲᠡᠷ ᠲᠣᠷ ᠢᠨᠦ ᠰᠠᠴᠤᠯᠢ ᠡᠷᠭᠦᠨ᠂ ᠬᠦᠵᠢ ᠵᠤᠯᠠ ᠰᠢᠲᠠᠭᠠᠨ ᠰᠠᠶᠢ ᠾᠧ ᠸᠠᠩ ᠤ᠋ᠨ ᠬᠠᠲᠤᠨ ᠨᠠᠷᠠᠨ ᠲᠤᠶᠠᠭ᠎ᠠ ᠳ᠋ᠤᠷ ᠮᠥᠷᠭᠥᠭᠦᠯᠵᠦ᠂ ᠠᠷᠢᠬᠢ ᠰᠢᠭᠦᠰᠦ ᠶ᠋ᠢ ᠲᠣᠭᠲᠠᠭᠠᠯᠭᠠᠨ ᠶᠡᠬᠡ ᠰᠤᠮᠤᠨ ᠤ᠋ ᠪᠡᠯᠡᠭ ᠲᠠᠯᠪᠢᠭᠤᠯᠵᠤ᠂ ᠶᠡᠬᠡ ᠬᠤᠷᠢᠮ ᠬᠤᠷᠢᠮᠯᠠᠬᠤᠶ᠎ᠠ᠂ ᠰᠡᠴᠡᠨ ᠵᠦᠰᠦᠨ ᠬᠠᠲᠤᠨ ᠤ᠋ ᠡᠮᠦᠨ᠎ᠡ ᠡᠴᠡ ᠬᠠᠰᠠᠷ ᠤ᠋ᠨ ᠬᠠᠲᠤᠨ ᠪᠠ ᠰᠢᠳᠠᠷ ᠡᠷᠬᠡᠲᠡᠢ ᠬᠡᠦᠬᠡᠳ ᠬᠣᠩᠭᠣᠷ ᠵᠤᠯᠠ ᠬᠣᠶᠠᠭᠤᠯᠠ ᠶ᠋ᠢ ᠬᠤᠷᠢᠮ ᠳ᠋ᠤᠷ ᠭᠡᠷᠡᠯ ᠬᠦᠷᠲᠡᠭᠡᠨ ᠢᠯᠡᠭᠡᠵᠦ᠂ ᠭᠠᠳᠠᠨ᠎ᠠ ᠬᠡᠳᠦᠨ ᠮᠢᠩᠭᠠᠨ ᠤᠷᠠᠯᠴᠢᠨ ᠲᠣᠬᠣᠢᠲᠤ ᠨᠠᠭᠤᠷ ᠤ᠋ᠨ ᠲᠤᠰᠲᠣ᠌ ᠲᠠᠯ᠎ᠠ ᠳ᠋ᠤᠷ ᠳᠦᠭᠦᠷᠴᠦ ᠠᠯᠤᠬ᠎ᠠ᠂ ᠰᠦᠬᠡ᠂ ᠠᠨᠲᠤ᠂ ᠬᠤᠷᠭ᠎ᠠ ᠨᠠᠷ ᠢ᠋ ᠨᠠᠢ᠍ᠮᠠᠨ ᠤ᠋ ᠲᠦᠰᠢᠮᠡᠯ ᠬᠣᠲᠠ ᠢᠳᠡᠷ ᠳᠣᠪᠣ᠂ ᠵᠢᠭᠡ ᠨᠠᠷ ᠢ᠋ ᠶᠡᠬᠡᠳᠡ ᠳᠠᠢᠴᠢᠯᠠᠨ ᠬᠤᠷᠢᠮᠯᠠᠵᠤ᠂ ᠬᠠᠷᠢᠭᠤ ᠬᠦᠨᠳᠦ ᠪᠡᠯᠡᠭ ᠪᠠᠷᠢᠭᠤᠯᠤᠨ ᠡᠭᠡᠭᠦᠯᠪᠡᠢ᠃
ᠲᠡᠭᠦᠨᠴᠡ ᠢᠳᠡᠷ ᠳᠣᠪᠣ᠂ ᠵᠢᠭᠡ ᠬᠣᠶᠠᠭᠤᠯᠠ ᠰᠠᠨᠠᠭᠰᠠᠨ ᠠ᠋ᠴᠠ ᠢᠯᠡᠭᠦᠦ ᠰᠠᠢᠬᠠᠨ ᠨᠢᠭᠤᠷ ᠢ᠋ ᠣᠯᠵᠤ ᠪᠠᠶᠠᠷᠯᠠᠭᠰᠠᠭᠠᠷ ᠨᠠᠢ᠍ᠮᠠᠨ ᠤᠯᠤᠰ ᠲᠤᠷ ᠢ᠋ᠶ᠋ᠡᠨ ᠬᠦᠷᠴᠦ ᠠᠯᠲᠠᠨᠱᠠᠭ᠎ᠠ ᠳ᠋ᠤᠷ ᠰᠠᠨᠠᠭᠰᠠᠨ ᠬᠡᠷᠡᠭ ᠰᠠᠢᠬᠠᠨ ᠪᠦᠲᠦᠭᠰᠡᠨ ᠢ᠋ ᠮᠥᠷᠭᠥᠵᠦ ᠮᠡᠳᠡᠭᠦᠯᠦᠭᠰᠡᠨ᠎ᠡ᠂ ᠠᠯᠲᠠᠨᠱᠠᠭ᠎ᠠ᠂ ᠳ᠋ᠠᠳᠠᠳᠤᠩᠭ᠎ᠠ᠂ ᠮᠥᠩᠭᠥᠯᠵᠢ ᠨᠠᠷ ᠶᠡᠬᠡᠯ᠎ᠡ ᠪᠠᠶᠠᠷᠯᠠᠪᠠ᠃ ᠭᠠᠭᠴᠠ ᠶᠡᠬᠡ ᠵᠠᠩᠵᠤᠨ ᠬᠣᠯᠠᠰᠤᠪᠴᠢ᠂ ᠵᠠᠯᠠᠭᠤ ᠴᠢᠦᠢ ᠱᠢ ᠯᠢ ᠨᠠᠷ ᠡᠰᠡ ᠳᠠᠭᠠᠯᠠᠪᠠᠢ᠃ ᠡᠨᠡ ᠵᠠᠪᠰᠠᠷ ᠨᠠᠢ᠍ᠮᠠᠨ ᠤᠯᠤᠰ ᠲᠤᠷ ᠪᠠᠰᠠ ᠨᠢᠭᠡᠨ ᠬᠡᠷᠡᠭ ᠭᠠᠷᠴᠤ ᠪᠧᠲ᠋ᠠ᠋ ᠤᠯᠤᠰ ᠯᠤᠭ᠎ᠠ ᠲᠡᠢᠨ ᠳᠡᠭᠲᠡᠭᠡᠯ ᠦᠭᠡᠢ ᠦᠯᠦ ᠪᠣᠯᠬᠤ ᠳ᠋ᠤᠷ ᠬᠦᠷᠪᠡ᠃ ᠶᠠᠮᠪᠠᠷ ᠬᠡᠷᠡᠭ ? ᠬᠡᠮᠡᠪᠡᠰᠦ ᠳᠡᠪᠲᠡᠷ ᠦ᠋ᠨ ᠤᠭ ᠡᠬᠢᠨ᠎ᠡ ᠭᠠᠷᠤᠭᠰᠠᠨ ᠲᠠᠢᠽᠦ ᠶ᠋ᠢᠨ ᠣᠢᠷ᠎ᠠ ᠲᠥᠷᠥᠯ ᠦ᠋ᠨ ᠠᠪᠠᠬ᠎ᠠ ᠰᠠᠢᠨ ᠪᠥᠬᠡ ᠬᠠᠭᠠᠨ᠂ ᠠᠯᠲᠠᠨ ᠤᠯᠤᠰ ᠤ᠋ᠨ ᠴᠠᠭᠠᠨ ᠬᠡᠷᠡᠮ ᠦ᠋ᠨ ᠴᠢᠭᠤᠯᠤᠯᠲᠤ ᠬᠠᠭᠠᠯᠭᠠᠨ ᠤ᠋ ᠭᠠᠳᠠᠨ᠎ᠠ᠂ ᠬᠢᠲᠠᠳ ᠤ᠋ᠨ ᠱᠠᠨᠰᠢ ᠮᠣᠵᠢ ᠶ᠋ᠢᠨ ᠣᠢᠷ᠎ᠠ᠂ ᠳ᠋ᠠᠢ ᠲᠤᠩ ᠨᠡᠷᠡᠲᠦ ᠭᠠᠵᠠᠷ ᠲᠤᠷ ᠬᠣᠲᠠ ᠴᠣᠭᠴᠠᠯᠠᠨ᠂ ᠮᠥᠨ ᠬᠡᠳᠦᠨ ᠵᠠᠭᠤᠨ ᠲᠦᠮᠡᠨ ᠢ᠋ ᠡᠵᠡᠯᠡᠵᠦ ᠬᠠᠭᠠᠨ ᠭᠡᠮᠡᠨ ᠰᠠᠭᠤᠵᠤ᠂ ᠪᠠᠭ᠎ᠠ ᠥᠬᠢᠨ ᠢ᠋ᠶ᠋ᠡᠨ ᠣᠷᠢᠶᠠᠩᠬᠠᠨ ᠤ᠋ ᠵᠡᠯᠮ᠎ᠡ ᠳ᠋ᠦ᠍ᠷ ᠥᠭᠴᠦ ᠪᠠᠰᠠ ᠪᠠᠬ᠎ᠠ ᠬᠥᠪᠡᠭᠦᠨ ᠢ᠋ᠶ᠋ᠡᠨ ᠵᠠᠮᠪᠠᠯ ᠢ᠋ ᠬᠠᠭᠤᠴᠢᠨ ᠪᠧᠲ᠋ᠠ᠋ ᠤᠯᠤᠰ ᠤ᠋ᠨ ᠡᠵᠡᠨ ᠳ᠋ᠦ᠍ᠷ ᠬᠠᠪᠰᠤᠷᠤᠭᠤᠯᠤᠨ ᠥᠭᠴᠦ ᠠᠯᠲᠠᠨ ᠤᠯᠤᠰ ᠤ᠋ᠨ ᠭᠠᠵᠠᠷ ᠤ᠋ᠨ ᠠᠷᠠᠯᠵᠢᠶ᠎ᠠ ᠮᠠᠢᠮᠠᠢ ᠬᠢᠯᠭᠡᠬᠦᠢ ᠳ᠋ᠦ᠍ᠷ ᠴᠥᠮ ᠲᠡᠭᠦᠨ ᠦ᠌ ᠶᠠᠪᠤᠭᠤᠯᠳᠠᠭ ᠪᠥᠯᠥᠭᠡ᠃ ᠡᠨᠡ ᠢᠨᠦ ᠰᠠᠢᠨ ᠪᠥᠬᠡ ᠬᠠᠭᠠᠨ ᠤ᠋ ᠬᠢᠲᠠᠳ ᠤ᠋ᠨ ᠵᠠᠬ᠎ᠠ ᠳ᠋ᠤᠷ ᠣᠢᠷ᠎ᠠ ᠰᠠᠭᠤᠭᠰᠠᠨ ᠲᠤᠯᠠ ᠠᠯᠲᠠᠨ ᠤᠯᠤᠰ ᠲᠤᠷ ᠳᠠᠷᠤᠯᠠᠭᠳᠠᠬᠤ ᠠ᠋ᠴᠠ ᠠᠶᠤᠵᠤ᠂ ᠤᠭ ᠤᠯᠤᠰ ᠲᠤᠷ ᠨᠢᠭᠡᠨ ᠬᠥᠪᠡᠭᠦᠨ ᠢ᠋ᠶ᠋ᠡᠨ ᠰᠠᠭᠤᠯᠭᠠᠵᠤ᠂ ᠠᠯᠲᠠᠨ ᠤᠯᠤᠰ ᠳᠠᠷᠤᠯᠠᠪᠠᠰᠤ ᠴᠡᠷᠢᠭ ᠲᠠᠲᠠᠬᠤ ᠪᠠᠨ ᠪᠡᠯᠡᠳᠬᠡᠭᠰᠡᠨ ᠠᠵᠤᠭᠤ᠃ ᠤᠷᠢᠳᠤ ᠵᠢᠯ ᠲᠠᠢᠽᠦ ᠵᠡᠭᠦᠨ ᠰᠣᠯᠣᠩᠭᠣᠰ ᠤᠯᠤᠰ ᠢ᠋ ᠳᠠᠢᠯᠠᠬᠤ ᠲᠤᠬᠠᠢ ᠨᠠᠢ᠍ᠮᠠᠨ ᠤ᠋ ᠳᠠᠢᠶᠠᠩ ᠬᠠᠭᠠᠨ ᠢ᠋ ᠬᠠᠯᠳᠠᠷ᠎ᠠ ᠢᠷᠡᠬᠦ ᠪᠣᠯᠭᠤᠵᠠᠢ ᠭᠡᠮᠡᠨ ᠳᠠᠷᠤᠢ ᠰᠠᠢᠨ ᠪᠥᠬᠡ ᠬᠠᠭᠠᠨ ᠳ᠋ᠤᠷ ᠬᠡᠯᠡᠵᠦ ᠢᠯᠡᠬᠡᠨ᠂ ᠨᠠᠢ᠍ᠮᠠᠨ ᠢ᠋ ᠠᠷᠤ ᠡᠲᠡᠭᠡᠳ ᠡᠴᠡ ᠪᠠᠢᠯᠳᠤᠮᠤᠢ ᠭᠡᠮᠡᠨ ᠴᠤᠤ ᠦᠭᠡ ᠲᠠᠯᠪᠢᠭᠤᠯᠵᠤ ᠰᠡᠵᠢᠭᠯᠡᠭᠦᠯᠦᠭᠰᠡᠨ ᠲᠤᠯᠠ ᠨᠠᠢ᠍ᠮᠠᠨ ᠤᠯᠤᠰ ᠦᠰ ᠪᠣᠯᠵᠤ ᠪᠠᠢᠭᠰᠠᠨ ᠪᠥᠯᠥᠭᠡ᠃ ᠡᠳᠦᠭᠡ ᠬᠦᠷᠴᠦ ᠨᠠᠢ᠍ᠮᠠᠨ ᠤᠯᠤᠰ ᠤ᠋ᠨ ᠶᠡᠬᠡ ᠵᠠᠩᠵᠤᠨ ᠬᠣᠯᠠᠰᠤᠪᠴᠢ᠂ ᠰᠢᠶᠠ ᠤᠯᠤᠰ ᠤ᠋ᠨ ᠯᠢᠶᠠᠩ ᠵᠧᠦ ᠬᠣᠲᠠ ᠳ᠋ᠤᠷ ᠴᠡᠷᠢᠭ ᠢ᠋ᠶ᠋ᠡᠷ ᠲᠤᠰᠠᠯᠠᠷ᠎ᠠ ᠡᠴᠢᠭᠡᠳ ᠡᠭᠡᠬᠦᠢ ᠳ᠋ᠡᠭᠡᠨ ᠰᠠᠢᠨ ᠪᠥᠬᠡ ᠬᠠᠭᠠᠨ ᠤ᠋ ᠲᠠᠪᠤᠨ ᠲᠦᠮᠡᠨ ᠠᠳᠤᠭᠤᠨ ᠢ᠋ ᠴᠡᠷᠢᠭ ᠢ᠋ᠶ᠋ᠡᠷ ᠪᠤᠯᠢᠶᠠᠨ ᠬᠥᠭᠡᠭᠡᠨ ᠠᠴᠢᠷᠠᠭᠠᠳ ᠰᠠᠢᠨ ᠪᠥᠬᠡ ᠬᠠᠭᠠᠨ ᠤ᠋ ᠬᠥᠭᠡᠭᠡᠵᠦ ᠢᠷᠡᠭᠰᠡᠨ ᠤᠷᠤᠭ ᠰᠠᠳᠤᠨ ᠢ᠋ ᠴᠥᠮ ᠠᠯᠠᠭᠰᠠᠨ ᠳ᠋ᠤᠷ ᠰᠠᠢᠨ ᠪᠥᠬᠡ ᠬᠠᠭᠠᠨ ᠨᠢᠭᠡᠨᠲᠡᠭᠡᠭᠦᠷ ᠥᠪᠡᠷ ᠦ᠋ᠨ ᠴᠡᠷᠢᠭ ᠢ᠋ᠶ᠋ᠡᠨ ᠡᠯᠰᠡᠵᠦ᠂ ᠨᠢᠭᠡᠨᠲᠡᠭᠡᠭᠦᠷ ᠲᠠᠢᠽᠦ ᠶ᠋ᠢ ᠲᠤᠰᠠᠯᠠᠵᠤ ᠥᠰᠢᠶ᠎ᠡ ᠠᠪᠴᠤ ᠥᠭᠭᠦᠮᠦ ᠭᠡᠮᠡᠨ ᠳᠣᠪᠲᠣᠯᠭᠠᠭᠰᠠᠨ ᠢ᠋ ᠨᠠᠢ᠍ᠮᠠᠨ ᠤ᠋ ᠬᠣᠯᠠᠳᠠᠬᠢ ᠲᠤᠷᠰᠢᠭᠤᠯ ᠤ᠋ᠨ ᠬᠥᠮᠦᠨ ᠬᠡᠳᠦᠢᠨᠡᠢ ᠢᠷᠡᠵᠦ ᠮᠡᠳᠡᠭᠦᠯᠦᠭᠰᠡᠨ ᠳ᠋ᠦ᠍ᠷ ᠶᠡᠬᠡ ᠵᠠᠩᠵᠤᠨ ᠬᠣᠯᠠᠰᠤᠪᠴᠢ ᠲᠥᠷᠥ ᠳ᠋ᠦ᠍ᠷ ᠭᠠᠷᠴᠤ ᠬᠠᠭᠠᠨ ᠯᠤᠭ᠎ᠠ ᠪᠠᠨ ᠵᠥᠪᠳᠡᠨ ᠠᠢᠯᠠᠳᠬᠠᠷᠤᠨ : 《ᠪᠠᠷᠠᠭᠤᠨ ᠡᠲᠡᠭᠡᠳ ᠦ᠋ᠨ ᠸᠠᠩᠬᠦᠪ ᠬᠡᠮᠡᠬᠦ ᠠᠢᠮᠠᠭ ᠤ᠋ᠨ ᠡᠵᠡᠨ ᠠᠯᠠᠭ ᠦᠰᠦ᠂ ᠨᠡᠷ᠎ᠡ ᠳᠠᠴᠢᠩᠬᠤᠷᠯᠤ᠂ ᠬᠠᠭᠤᠴᠢᠨ ᠯᠢᠶᠣᠤ ᠤᠯᠤᠰ ᠤ᠋ᠨ ᠶᠡᠬᠡ ᠵᠠᠩᠵᠤᠨ᠂ ᠡᠳᠦᠭᠡ ᠠᠭᠤᠯᠠ ᠶ᠋ᠢ ᠡᠵᠡᠯᠡᠨ ᠬᠣᠲᠠ ᠴᠣᠭᠴᠠᠯᠠᠵᠤ ᠭᠣᠣᠯ ᠢ᠋ ᠤᠬᠤᠵᠤ ᠬᠡᠷᠡᠮ ᠪᠣᠯᠭᠠᠭᠠᠳ ᠬᠠᠳᠠ ᠶ᠋ᠢ ᠴᠠᠪᠴᠢᠵᠤ ᠪᠣᠭᠣᠮᠲᠠ ᠪᠣᠯᠭᠠᠨ᠂ ᠬᠠᠪᠴᠢᠯ ᠢ᠋ ᠪᠠᠷᠢᠵᠤ ᠬᠠᠭᠠᠯᠭ᠎ᠠ ᠬᠢᠵᠦ ᠠᠮᠤ ᠡᠪᠡᠰᠦ ᠴᠤᠭᠯᠠᠭᠤᠯᠤᠨ᠂ ᠮᠣᠷᠢ ᠵᠡᠪᠡ ᠪᠡᠯᠡᠳᠬᠡᠵᠦ᠂ ᠬᠤᠷᠴᠠ ᠰᠢᠯᠢᠳᠡᠭ ᠭᠤᠷᠪᠠᠨ ᠲᠦᠮᠡᠨ ᠴᠡᠷᠢᠭ ᠢ᠋ ᠲᠡᠵᠢᠭᠡᠵᠦ᠂ ᠭᠣᠣᠯ ᠲᠠᠯ᠎ᠠ ᠳ᠋ᠤᠷ ᠶᠡᠬᠡᠯ᠎ᠡ ᠲᠠᠷᠢᠶᠠᠯᠠᠨ ᠭᠠᠵᠠᠷ ᠤ᠋ᠨ ᠠᠰᠢᠭ᠋ ᠢ᠋ ᠶᠡᠬᠡᠯ᠎ᠡ ᠣᠯᠵᠤ᠂ ᠨᠠᠷᠢᠨ ᠨᠢᠭᠲᠠ ᠤᠷᠲᠤ ᠬᠠᠷᠰᠢ᠂ ᠥᠩᠭᠡ ᠭᠡᠷᠡᠯᠲᠡᠢ ᠬᠠᠰ ᠰᠤᠪᠤᠳ ᠢ᠋ᠶ᠋ᠠᠷ ᠶᠡᠬᠡᠯ᠎ᠡ ᠵᠢᠷᠭᠠᠯᠳᠤᠨ ᠰᠠᠭᠤᠮᠤᠢ᠃ ᠲᠡᠭᠦᠨ ᠦ᠌ ᠬᠥᠮᠦᠨ ᠢᠨᠣ ᠮᠠᠰᠢ ᠴᠢᠳᠠᠪᠤᠷᠢ ᠲᠡᠩᠬᠡᠭᠡ ᠲᠡᠢ᠂ ᠬᠠᠭᠠᠨ ᠡᠵᠡᠨ ᠲᠡᠭᠦᠨ ᠳ᠋ᠦ᠍ᠷ ᠡᠯᠴᠢ ᠢᠯᠡᠭᠡᠵᠦ ᠮᠠᠨ ᠤ᠋ ᠬᠣᠶᠠᠳᠤᠭᠠᠷ ᠲᠠᠢᠽᠢ ᠮᠥᠩᠭᠥᠨ ᠲᠣᠯᠢ ᠳ᠋ᠤᠷ ᠲᠡᠳᠡᠨ ᠦ᠌ ᠥᠬᠢᠨ ᠢ᠋ ᠭᠤᠶᠤᠵᠤ ᠤᠷᠤᠭ ᠪᠠᠷᠢᠵᠤ ᠠᠮᠠᠷᠠᠭᠯᠠᠭᠠᠳ ᠬᠠᠮᠲᠤ ᠬᠦᠴᠦᠨ ᠢ᠋ᠶ᠋ᠡᠷ ᠪᠧᠲ᠋ᠠ᠋ ᠤᠯᠤᠰ ᠤ᠋ᠨ ᠡᠵᠡᠨ ᠲᠡᠮᠦᠵᠢᠨ ᠬᠢᠭᠡᠳ ᠳ᠋ᠠᠢ ᠲᠤᠩ ᠹᠦ ᠶ᠋ᠢᠨ ᠰᠠᠢᠨ ᠪᠥᠬᠡ ᠬᠠᠭᠠᠨ ᠢ᠋ ᠲᠤᠯᠰᠤᠭᠠᠢ ! 》 ᠬᠡᠮᠡᠭᠰᠡᠨ ᠳ᠋ᠦ᠍ᠷ ᠲᠠᠢᠶᠠᠩ ᠬᠠᠭᠠᠨ ᠵᠥᠪᠰᠢᠶᠡᠵᠦ᠂ ᠳᠠᠷᠤᠢ ᠬᠤᠯᠠᠰᠤᠪᠴᠢ᠂ ᠴᠢᠦᠢ ᠱᠢ ᠯᠢ ᠬᠣᠶᠠᠭᠤᠯᠠ ᠳ᠋ᠤᠷ ᠬᠦᠨᠳᠦ ᠪᠡᠯᠡᠭ ᠪᠠᠷᠢᠭᠤᠯᠵᠤ ᠢᠯᠡᠭᠡᠪᠡ᠃
ᠲᠡᠳᠦᠢ ᠬᠣᠶᠠᠷ ᠵᠠᠩᠵᠤᠨ ᠨᠥᠬᠥᠷ ᠰᠡᠯᠲᠡ ᠪᠡᠨ ᠠᠪᠴᠤ ᠸᠠᠩᠬᠦᠪ ᠠᠢᠮᠠᠭ ᠲᠤᠷ ᠬᠦᠷᠴᠦ ᠲᠠᠴᠢᠩᠬᠤᠷᠯᠤ ᠳ᠋ᠤᠷ ᠵᠣᠯᠭᠠᠵᠤ᠂ ᠲᠡᠭᠦᠨ ᠦ᠌ ᠳ᠋ᠦᠩ ᠮᠠ᠋ ᠨᠡᠷᠡᠲᠦ ᠬᠡᠦᠬᠡᠨ ᠢ᠋ ᠥᠪᠡᠷ ᠦ᠋ᠨ ᠤᠯᠤᠰ ᠤ᠋ᠨ ᠳᠡᠳ᠋ ᠲᠠᠢᠽᠢ ᠮᠥᠩᠭᠥᠨ ᠲᠣᠯᠢ ᠬᠡᠮᠡᠬᠦ ᠳ᠋ᠦ᠍ᠷ ᠢ᠋ᠶ᠋ᠡᠨ ᠭᠤᠶᠤᠵᠤ ᠤᠷᠤᠭ ᠪᠠᠷᠢᠭᠠᠳ ᠪᠧᠲ᠋ᠠ᠋ ᠤᠯᠤᠰ ᠢ᠋ ᠪᠠᠢᠯᠳᠤᠬᠤ ᠶ᠋ᠢ ᠨᠠᠷᠢᠪᠴᠢᠯᠠᠨ ᠬᠡᠯᠡᠭᠰᠡᠨ ᠳ᠋ᠦ᠍ᠷ ᠳᠠᠴᠢᠩᠬᠤᠷᠯᠤ ᠳᠡᠭᠡᠭᠰᠢ ᠬᠠᠨᠳᠤᠵᠤ ᠠᠯᠠᠭ ᠰᠠᠬᠠᠯ ᠢ᠋ᠶ᠋ᠠᠨ ᠰᠢᠪᠳᠤᠷᠤᠨ ᠤᠷᠲᠤ ᠰᠡᠭᠦᠷᠡᠰᠦᠨ ᠠᠯᠳᠠᠵᠤ ᠥᠭᠦᠯᠡᠷᠦᠨ : 《ᠪᠧᠲ᠋ᠠ᠋ ᠤᠯᠤᠰ ᠤ᠋ᠨ ᠡᠵᠡᠨ ᠲᠡᠮᠦᠵᠢᠨ ᠬᠡᠮᠡᠭᠴᠢ ᠤᠭ ᠠ᠋ᠴᠠ ᠬᠠᠭᠠᠨ ᠢᠵᠠᠭᠤᠷᠲᠠᠨ ᠪᠥᠭᠡᠳ ᠨᠡᠩ ᠲᠡᠭᠦᠨ ᠦ᠌ ᠲᠥᠷᠥᠭᠰᠡᠨ ᠪᠠᠢᠳᠠᠯ ᠠᠷᠰᠯᠠᠨ ᠤ᠋ ᠬᠡᠬᠦᠳᠡᠭ᠂ ᠯᠤᠤ ᠶ᠋ᠢᠨ ᠨᠢᠳᠦ᠂ ᠪᠠᠷᠰ ᠤ᠋ᠨ ᠴᠡᠭᠡᠵᠢ᠂ ᠭᠠᠯᠠᠭᠤ ᠶ᠋ᠢᠨ ᠠᠯᠬᠤᠪᠴᠢ ᠲᠠᠢ᠂ ᠠᠷᠪᠠᠨ ᠠᠯᠲᠠ ᠶ᠋ᠢᠨ ᠭᠠᠳᠠᠨ᠎ᠠ ᠰᠦᠷ ᠭᠡᠷᠡᠯ ᠪᠠᠳᠠᠷᠠᠨ ᠠᠶᠤᠬᠤ ᠮᠡᠲᠦ ᠲᠡᠭᠷᠢ ᠶ᠋ᠢᠨ ᠬᠥᠪᠡᠭᠦᠨ ᠦ᠌ ᠪᠠᠢᠳᠠᠯ ᠲᠠᠢ᠂ ᠶᠠᠪᠤᠳᠠᠯ ᠠᠨᠤ ᠦᠨᠡᠨᠴᠢ ᠴᠢᠬᠡᠴᠢ᠂ ᠰᠡᠳᠬᠢᠯ ᠢᠨᠦ ᠥᠷᠥᠰᠢᠶᠡᠯ ᠵᠢᠷᠤᠮ ᠲᠠᠢ᠂ ᠵᠠᠩ ᠠᠨᠤ ᠪᠠᠭᠠᠲᠤᠷ ᠴᠢᠭᠢᠷᠠᠭ᠂ ᠦᠭᠡᠰ ᠢᠨᠦ ᠨᠤᠲᠠ ᠢᠲᠡᠭᠡᠮᠵᠢᠲᠡᠢ᠃ ᠦ ᠬᠤᠸᠠᠨ ᠤ᠋ ᠬᠣᠢᠲᠤᠬᠢ ᠠ᠋ᠴᠠ ᠣᠯᠠᠨ ᠤ᠋ ᠰᠡᠳᠬᠢᠯ ᠢ᠋ ᠶᠡᠬᠡᠯ᠎ᠡ ᠣᠯᠵᠤ᠂ ᠡᠮᠦᠰᠦᠭᠰᠡᠨ ᠳᠡᠪᠡᠯ ᠢ᠋ᠶ᠋ᠡᠨ ᠪᠤᠰᠤᠳ ᠲᠤᠷ ᠲᠠᠢᠯᠤᠨ ᠡᠮᠦᠰᠬᠡᠵᠦ᠂ ᠤᠨᠤᠭᠰᠠᠨ ᠮᠣᠷᠢ ᠪᠠᠨ ᠬᠥᠮᠦᠨ ᠳ᠋ᠦ᠍ᠷ ᠪᠠᠭᠤᠵᠤ ᠣᠨᠣᠭᠤᠯᠤᠭᠰᠠᠨ ᠨᠡᠷ᠎ᠡ ᠠᠯᠳᠠᠷ ᠠᠯᠲᠠᠨ ᠤᠯᠤᠰ ᠢ᠋ ᠳᠠᠪᠠᠵᠤ᠂ ᠡᠮᠦᠨ᠎ᠡ ᠰᠥᠩ ᠤᠯᠤᠰ ᠲᠤᠷ ᠬᠦᠷᠲᠡᠯ᠎ᠡ ᠠᠯᠳᠠᠷᠰᠢᠨ ᠳᠠᠭᠤᠷᠢᠰᠴᠤ ᠦᠯᠦ ᠠᠶᠤᠨ ᠰᠢᠷᠪᠡᠭᠡᠲᠦᠬᠦ ᠤᠯᠤᠰ ᠦᠭᠡᠢ᠃ ᠬᠣᠢᠰᠢ ᠡᠳᠦᠷ ᠲᠡᠷᠡ ᠯᠠᠪ ᠳᠡᠯᠡᠬᠡᠢ ᠳ᠋ᠠᠬᠢᠨ ᠢ᠋ ᠨᠡᠢᠭᠡᠮ ᠡᠵᠡᠯᠡᠬᠦ ᠶᠡᠬᠡ ᠬᠠᠭᠠᠨ ᠪᠣᠯᠤᠮᠤᠢ᠃ ᠨᠡᠩ ᠪᠠᠰᠠ ᠲᠡᠭᠦᠨ ᠦ᠌ ᠳᠣᠣᠷᠠᠬᠢ ᠴᠡᠷᠢᠭ ᠦ᠋ᠨ ᠡᠵᠡᠨ ᠵᠢᠨᠦᠩ ᠮᠤᠬᠤᠯᠢ ᠬᠡᠮᠡᠭᠴᠢ ᠡᠴᠡ ᠳᠠᠷᠠᠭᠠᠯᠠᠨ ᠳᠥᠷᠪᠡᠨ ᠳᠡᠭᠦᠦ᠂ ᠳᠥᠷᠪᠡᠨ ᠬᠦᠯᠦᠭ᠂ ᠳᠥᠷᠪᠡᠨ ᠤᠷᠤᠭ᠂ ᠳᠥᠷᠪᠡᠨ ᠬᠥᠪᠡᠭᠦᠨ᠂ ᠵᠢᠷᠭᠤᠭᠠᠨ ᠰᠠᠢᠳ᠂ ᠶᠢᠰᠦᠨ ᠡᠩ ᠦ᠋ᠨ ᠵᠡᠷᠭᠡ ᠶ᠋ᠢᠨ ᠣᠯᠠᠨ ᠴᠥᠮ ᠵᠠᠬ᠎ᠠ ᠳᠠᠷᠠᠭᠠᠯᠠᠨ ᠨᠡᠢᠲᠡ ᠪᠡᠷ ᠣᠭᠲᠠᠷᠭᠤᠢ ᠶ᠋ᠢᠨ ᠣᠳᠣᠨ ᠭᠠᠵᠠᠷ ᠤ᠋ᠨ ᠭᠠᠷᠠᠭ ᠴᠤᠭᠯᠠᠷᠠᠨ ᠲᠥᠷᠥᠭᠡᠳ ᠠᠷᠭ᠎ᠠ ᠮᠡᠬᠡ ᠤᠬᠠᠭᠠᠨ ᠰᠠᠨᠠᠭ᠎ᠠ ᠬᠠᠮᠲᠤ ᠪᠠᠷ ᠪᠦᠷᠢᠳᠴᠦ ᠪᠠᠰᠠ ᠲᠡᠭᠦᠨ ᠦ᠌ ᠶᠢᠰᠦᠨ ᠡᠩ ᠦ᠋ᠨ ᠠᠷᠪᠠᠨ ᠲᠠᠪᠤᠨ ᠲᠦᠮᠡᠨ ᠴᠡᠷᠢᠭ ᠦ᠋ᠨ ᠤᠷᠪᠠᠬᠤ ᠬᠥᠷᠪᠡᠬᠦ ᠪᠤᠰᠢᠭᠤ᠂ ᠲᠦᠷᠭᠡᠨ ᠢᠨᠦ ᠠᠷᠰᠯᠠᠨ ᠭᠠᠷᠤᠳᠢ ᠮᠡᠲᠦ ᠬᠤᠷᠴᠠ᠂ ᠡᠵᠡᠨ ᠲᠡᠭᠦᠨ ᠯᠦ᠍ᠭᠡ ᠲᠡᠩᠴᠡᠵᠦ ᠦᠯᠦ ᠴᠢᠳᠠᠮᠤᠢ᠃ ᠬᠠᠷᠢᠨ ᠲᠡᠭᠦᠨ ᠯᠦ᠍ᠭᠡ ᠨᠡᠢᠯᠡᠨ ᠵᠣᠬᠢᠴᠠᠪᠠᠰᠤ ᠡᠷᠬᠢᠮ᠂ ᠪᠢ ᠲᠡᠮᠦᠵᠢᠨ ᠦ᠌ ᠲᠠᠬᠢᠮ ᠤ᠋ᠨ ᠭᠣᠣᠯ ᠳ᠋ᠤᠷ ᠶᠢᠰᠦᠨ ᠡᠩ ᠵᠣᠬᠢᠶᠠᠭᠰᠠᠨ ᠢ᠋ ᠭᠠᠢᠬᠠᠨ ᠦᠵᠡᠬᠦᠯ᠎ᠡ᠂ ᠲᠡᠷᠡ ᠶᠢᠰᠦᠨ ᠡᠩ ᠦ᠋ᠨ ᠬᠤᠪᠢᠰᠬᠤ ᠤᠯᠠᠷᠢᠬᠤ ᠳ᠋ᠤᠷ ᠬᠤᠪᠢᠯᠭᠠᠨ ᠴᠢᠳᠬᠥᠷ ᠴᠦ᠍ ᠲᠡᠩᠴᠡᠬᠦ ᠦᠭᠡᠢ᠂ ᠭᠠᠯ ᠰᠠᠯᠬᠢᠨ ᠮᠡᠲᠦ ᠲᠦᠷᠭᠡᠨ᠂ ᠪᠢ ᠪᠠᠭ᠎ᠠ ᠴᠠᠭ ᠠ᠋ᠴᠠ ᠡᠮᠦᠨ᠎ᠡ ᠰᠥᠩ ᠤᠯᠤᠰ ᠠ᠋ᠴᠠ ᠳᠠᠷᠠᠭᠠᠯᠠᠨ ᠠᠯᠲᠠᠨ ᠤᠯᠤᠰ᠂ ᠰᠢᠶᠠ ᠤᠯᠤᠰ᠂ ᠮᠠᠨ ᠤ᠋ ᠥᠪᠡᠷ ᠦ᠋ᠨ ᠬᠠᠭᠤᠴᠢᠨ ᠯᠢᠶᠣᠤ ᠤᠯᠤᠰ ᠬᠢᠭᠡᠳ ᠰᠢ ᠢᠦᠢ᠂ ᠰᠢ ᠴᠢᠶᠠᠩ᠂ ᠬᠢᠳᠠᠨ᠂ ᠤᠢᠭᠤᠷ ᠵᠡᠷᠭᠡ ᠣᠯᠠᠨ ᠤᠯᠤᠰ ᠢ᠋ ᠴᠥᠮ ᠲᠣᠭᠣᠷᠢᠵᠤ ᠦᠵᠡᠲᠡᠯ᠎ᠡ ᠡᠢᠨ ᠬᠦ᠌ ᠴᠡᠷᠢᠭ ᠬᠡᠷᠡᠭᠯᠡᠬᠦ ᠶ᠋ᠢ ᠣᠯᠵᠤ ᠦᠵᠡᠭᠰᠡᠨ ᠦᠭᠡᠢ᠃ ᠲᠠᠨ ᠤ᠋ ᠡᠷᠭᠢᠨ ᠶᠡᠬᠡ ᠤᠯᠤᠰ ᠬᠡᠷᠪᠡ ᠨᠠᠳᠠ ᠯᠤᠭ᠎ᠠ ᠤᠷᠤᠭ ᠪᠠᠷᠢᠶ᠎ᠠ ᠬᠡᠮᠡᠪᠡᠰᠦ ᠬᠠᠷᠢᠨ ᠪᠧᠲ᠋ᠠ᠋ ᠤᠯᠤᠰ ᠯᠤᠭ᠎ᠠ ᠡᠶᠡᠳᠡᠵᠦ ᠨᠠᠢᠷᠠᠯᠳᠤᠨ᠂ ᠬᠣᠵᠢᠮ ᠤ᠋ᠨ ᠵᠣᠪᠠᠯᠠᠩ ᠢ᠋ ᠠᠷᠢᠯᠭᠠᠪᠠᠰᠤ ᠪᠢ ᠬᠠᠷᠢᠨ ᠳᠤᠷᠠᠲᠠᠶ᠎ᠠ ᠤᠷᠤᠭ ᠪᠠᠷᠢᠮᠤᠢ᠃ ᠬᠡᠷᠪᠡ ᠲᠡᠳᠡᠨ ᠯᠦ᠍ᠭᠡ ᠬᠠᠯᠳᠠᠬᠤᠢ ᠶ᠋ᠢᠨ ᠲᠤᠯᠠ ᠨᠠᠳᠠ ᠯᠤᠭ᠎ᠠ ᠤᠷᠤᠭ ᠪᠠᠷᠢᠪᠠᠰᠤ ᠪᠢ ᠥᠬᠢᠨ ᠢ᠋ᠶ᠋ᠡᠨ ᠥᠭᠬᠦ ᠦᠭᠡᠢ᠂ ᠥᠭᠪᠡᠰᠦ ᠬᠠᠷᠢᠨ ᠲᠠᠨ ᠳ᠋ᠤᠷ ᠬᠣᠣᠷ ᠣᠯᠭᠣᠭᠤᠯᠤᠮᠤᠢ᠂ ᠲᠠ ᠮᠡᠳᠡᠬᠦ ᠦᠭᠡᠢ ᠪᠠᠢᠮᠤᠢ᠃ ᠲᠡᠭᠷᠢ ᠭᠠᠵᠠᠷ ᠤ᠋ᠨ ᠠᠭᠤᠷ ᠬᠡᠮᠵᠢᠶ᠎ᠡ ᠪᠠ ᠢᠷᠣ᠎ᠠ ᠪᠡᠯᠭᠡ ᠳ᠋ᠦ᠍ᠷ ᠴᠥᠮ ᠮᠡᠳᠡᠵᠦ ᠪᠣᠯᠬᠤ ᠭᠠᠵᠠᠷ ᠪᠣᠢ ᠪᠣᠯᠠᠢ᠃ ᠡᠮᠦᠨ᠎ᠡ ᠰᠥᠩ ᠤᠯᠤᠰ ᠤ᠋ᠨ ᠱᠣᠣ ᠬᠠᠩ ᠵᠢᠶ᠋ᠸ ᠬᠡᠮᠡᠭᠴᠢ ᠶᠠᠨ ᠤ᠋ ᠭᠠᠵᠠᠷ ᠤ᠋ᠨ ᠲᠢᠶᠠᠨ ᠤ᠋ ᠳ᠋ᠤᠷ ᠢᠷᠡᠵᠦ᠂ ᠳᠠᠭᠤᠲᠤ ᠵᠠᠳᠠᠤᠯᠠᠢ ᠶ᠋ᠢᠨ ᠳᠠᠭᠤᠨ ᠢ᠋ ᠰᠣᠨᠣᠰᠴᠤ ᠥᠪᠡᠷ ᠦ᠋ᠨ ᠰᠥᠩ ᠤᠯᠤᠰ ᠤ᠋ᠨ ᠰᠠᠮᠠᠭᠤᠨ ᠪᠣᠯᠵᠤ ᠳᠣᠷᠣᠢᠲᠠᠬᠤ ᠪᠠ ᠭᠠᠯ ᠤ᠋ᠨ ᠠᠮᠢᠰᠬᠤᠯ ᠬᠣᠢᠰᠢ ᠶᠠᠪᠤᠬᠤ ᠶ᠋ᠢ ᠮᠡᠳᠡᠵᠦ᠂ ᠳᠡᠯᠡᠬᠡᠢ ᠳ᠋ᠠᠬᠢᠨ ᠰᠠᠮᠠᠭᠤᠷᠠᠬᠤ ᠶ᠋ᠢ ᠤᠬᠠᠭᠰᠠᠨ ᠪᠥᠯᠥᠭᠡ ᠬᠡᠮᠡᠲᠡᠯ᠎ᠡ ᠠᠯᠲᠠᠨ ᠤᠯᠤᠰ ᠭᠠᠷᠴᠤ ᠰᠥᠩ ᠤᠯᠤᠰ ᠡᠮᠦᠨᠡᠰᠢ ᠳᠤᠲᠠᠭᠠᠪᠠ᠃ ᠡᠳᠦᠭᠡ ᠳᠠᠭᠤᠨ ᠡᠷᠭᠦᠯᠴᠡᠨ ᠤᠷᠪᠠᠵᠤ ᠂ ᠬᠣᠢᠲᠤ ᠤᠰᠤᠨ ᠮᠠᠬᠠᠪᠣᠳ ᠬᠥᠭᠵᠢᠵᠦ ᠬᠦᠢᠲᠡᠨ ᠠᠮᠢᠰᠬᠤᠯ ᠡᠮᠦᠨ᠎ᠡ ᠡᠴᠡ ᠭᠠᠷᠤᠮᠤᠢ᠃ ᠰᠥᠩ ᠤᠯᠤᠰ᠂ ᠠᠯᠲᠠᠨ ᠤᠯᠤᠰ ᠤ᠋ᠨ ᠡᠲᠡᠭᠡᠳ ᠮᠠᠭᠤ ᠢᠷᠣ᠎ᠠ ᠵᠠᠯᠭᠠᠯᠳᠤᠭ᠎ᠠ ᠪᠠᠷ ᠭᠠᠷᠴᠤ ᠬᠣᠢᠲᠤ ᠭᠠᠵᠠᠷ ᠬᠠᠷᠢᠨ ᠡᠯᠳᠡᠪ ᠵᠦᠢᠯ ᠦ᠋ᠨ ᠰᠠᠢᠨ ᠪᠡᠯᠭᠡ ᠢᠯᠡᠷᠡᠨ᠂ ᠡᠮᠦᠨ᠎ᠡ ᠰᠥᠩ ᠤᠯᠤᠰ ᠤ᠋ᠨ ᠴᠦᠨ ᠰᠢ ᠶ᠋ᠢᠨ ᠠᠷᠪᠠᠳᠤᠭᠠᠷ ᠣᠨ᠂ ᠪᠠᠰᠠ ᠠᠯᠲᠠᠨ ᠤᠯᠤᠰ ᠤ᠋ᠨ ᠳᠠ ᠳ᠋ᠢᠩ ᠦ᠋ᠨ ᠵᠢᠷᠭᠤᠳᠤᠭᠠᠷ ᠣᠨ᠂ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ ᠤ᠋ ᠮᠣᠷᠢᠨ ᠴᠠᠭ ᠠ᠋ᠴᠠ ᠡᠬᠢᠯᠡᠵᠦ ᠬᠣᠢᠲᠤ ᠡᠲᠡᠭᠡᠳ ᠡᠴᠡ ᠴᠠᠭᠠᠨ ᠭᠡᠷᠡᠯ ᠮᠠᠨᠳᠤᠵᠤ᠂ ᠲᠡᠭᠷᠢ ᠳ᠋ᠦ᠍ᠷ ᠲᠤᠯᠤᠨ ᠭᠤᠷᠪᠠᠨ ᠡᠳᠦᠷ ᠭᠤᠷᠪᠠᠨ ᠰᠥᠨᠢ ᠡᠳᠦᠷ ᠨᠠᠷᠠᠨ ᠳ᠋ᠤᠷ ᠪᠣᠯᠪᠠᠴᠤ ᠦᠵᠡᠭᠳᠡᠨ ᠰᠠᠴᠤᠷᠠᠪᠠ᠃ ᠲᠡᠷᠡ ᠲᠤᠬᠠᠢ ᠪᠢ ᠡᠮᠦᠨ᠎ᠡ ᠰᠥᠩ ᠤᠯᠤᠰ ᠤ᠋ᠨ ᠵᠠᠬ᠎ᠠ ᠳ᠋ᠤᠷ ᠪᠠᠢᠭᠰᠠᠨ ᠲᠤᠯᠠ ᠣᠯᠵᠤ ᠰᠣᠨᠣᠰᠤᠭᠰᠠᠨ ᠠᠨᠤ : ᠲᠡᠷᠡ ᠵᠢᠯ ᠦ᠋ᠨ ᠰᠣᠯᠣᠩᠭ᠎ᠠ ᠡᠮᠦᠨ᠎ᠡ ᠰᠥᠩ ᠤᠯᠤᠰ᠂ ᠠᠯᠲᠠᠨ ᠤᠯᠤᠰ ᠲᠤᠷ ᠴᠥᠮ ᠰᠠᠢᠨ ᠦᠭᠡᠢ ᠭᠡᠮᠡᠨ ᠰᠧ ᠲᠢᠶᠠᠨ ᠲᠠᠢ ᠶᠠᠮᠤᠨ ᠠ᠋ᠴᠠ ᠠᠨᠤ ᠠᠢᠯᠠᠳᠬᠠᠵᠤᠬᠤᠢ᠃ ᠬᠣᠢᠨ᠎ᠠ ᠪᠢ ᠡᠨᠳᠡ ᠢᠷᠡᠪᠡᠰᠦ ᠲᠡᠷᠡ ᠵᠢᠯ ᠦ᠋ᠨ ᠰᠣᠯᠣᠩᠭ᠎ᠠ ᠴᠢᠪᠬᠢᠲᠡᠯ᠎ᠡ ᠪᠧᠲ᠋ᠠ᠋ ᠤᠯᠤᠰ ᠤ᠋ᠨ ᠡᠵᠡᠨ ᠲᠡᠮᠦᠵᠢᠨ ᠢ᠋ ᠲᠦᠷᠦᠬᠦᠢ ᠳ᠋ᠦ᠍ᠷ ᠲᠡᠭᠦᠨ ᠢ᠋ ᠲᠥᠷᠥᠭᠰᠡᠨ ᠳᠡᠯᠢᠭᠦᠨ ᠪᠣᠯᠳᠠᠭ ᠤ᠋ᠨ ᠠᠭᠤᠯᠠᠨ ᠠ᠋ᠴᠠ ᠭᠠᠷᠴᠤᠬᠤᠢ ᠬᠡᠮᠡᠬᠦᠢ ᠳ᠋ᠦ᠍ᠷ ᠮᠢᠨᠦ ᠲᠡᠮᠳᠡᠭᠯᠡᠭᠰᠡᠨ ᠵᠢᠯ ᠣᠨ ᠰᠠᠷ᠎ᠠ ᠡᠳᠦᠷ ᠴᠠᠭ ᠮᠥᠴᠡ ᠯᠣᠭᠡ ᠨᠡᠢᠴᠡᠪᠡᠢ᠃ ᠨᠡᠩ ᠡᠨᠡ ᠬᠣᠢᠲᠤ ᠭᠠᠵᠠᠷ ᠤ᠋ᠨ ᠨᠡᠢᠲᠡ ᠪᠡᠷ ᠬᠡᠯᠡᠯᠴᠡᠬᠦ ᠢᠨᠦ ᠪᠧᠲ᠋ᠠ᠋ ᠤᠯᠤᠰ ᠤ᠋ᠨ ᠡᠵᠡᠨ ᠢ᠋ ᠲᠡᠭᠦᠨ ᠦ᠌ ᠡᠬᠡ ᠥᠭᠡᠯᠦᠨ ᠦᠵᠢᠨ ᠢᠨᠦ ᠤᠯᠬᠤᠢ ᠳ᠋ᠤᠷ ᠣᠭᠲᠠᠷᠭᠤᠢ ᠶ᠋ᠢᠨ ᠴᠠᠭᠠᠨ ᠭᠡᠷᠡᠯ ᠪᠡᠶ᠎ᠡ ᠶ᠋ᠢ ᠢᠨᠦ ᠪᠦᠷᠬᠦᠵᠦ ᠰᠢᠯᠲᠠᠭᠠᠨ ᠲᠠᠢ ᠪᠣᠯᠪᠠ ᠂ ᠢᠯᠡ ᠲᠡᠭᠷᠢ ᠶ᠋ᠢᠨ ᠬᠥᠪᠡᠭᠦᠨ ᠬᠡᠮᠡᠯᠳᠦᠮᠦᠢ᠃ ᠪᠢ ᠡᠷᠲᠡᠨ ᠦ᠌ ᠣᠯᠠᠨ ᠵᠦᠢᠯ ᠦ᠋ᠨ ᠪᠢᠴᠢᠭ ᠰᠤᠳᠤᠷ ᠲᠤᠷ ᠦᠵᠡᠬᠦᠯ᠎ᠡ ᠡᠯ᠎ᠡ ᠤᠯᠤᠰ ᠤ᠋ᠨ ᠲᠡᠷᠢᠭᠦᠯᠡᠭᠰᠡᠨ ᠡᠵᠡᠳ ᠪᠠ ᠲᠤᠯᠭᠤᠷ ᠲᠥᠷᠥ ᠨᠡᠭᠡᠭᠡᠭᠰᠡᠨ ᠬᠠᠳ ᠣᠯᠠᠩᠬᠢ ᠨᠢ ᠴᠥᠮ ᠲᠡᠢᠮᠦ ᠨᠢᠭᠡᠨ ᠵᠦᠢᠯ ᠦ᠋ᠨ ᠰᠣᠨᠢᠨ ᠭᠠᠢᠬᠠᠮᠰᠢᠭ᠍ᠲᠤ ᠭᠠᠵᠠᠷ ᠪᠣᠢ ᠪᠥᠯᠥᠭᠡ᠃ ᠵᠢᠴᠢ ᠪᠠᠰᠠ ᠡᠳᠦᠭᠡ ᠲᠡᠷᠡ ᠲᠡᠮᠦᠵᠢᠨ ᠦ᠌ ᠶᠠᠪᠤᠳᠠᠯ ᠦᠵᠡᠯ ᠢ᠋ ᠢᠨᠦ ᠦᠵᠡᠬᠦᠯ᠎ᠡ ᠴᠡᠭᠡᠷ ᠢᠴᠢᠭᠦᠷᠢ ᠶ᠋ᠢ ᠦᠯᠦ ᠮᠡᠳᠡᠬᠦ ᠡᠯᠡᠰᠦ ᠮᠠᠩᠬᠠᠨ᠎ᠠ ᠲᠥᠷᠥᠭᠰᠡᠨ ᠪᠥᠭᠡᠲᠡᠯ᠎ᠡ ᠦᠢᠯᠡᠳᠬᠦ ᠡᠭᠦᠳᠬᠦ ᠢᠨᠦ ᠡᠮᠦᠨ᠎ᠡ ᠭᠠᠵᠠᠷ ᠤ᠋ᠨ ᠶᠣᠰᠣ ᠰᠤᠷᠲᠠᠯᠲᠤ ᠬᠠᠳ ᠠ᠋ᠴᠠ ᠴᠤ᠌ ᠬᠡᠲᠦᠷᠡᠵᠦᠬᠦᠢ᠃ ᠡᠨᠡ ᠢᠨᠦ ᠲᠡᠭᠦᠨ ᠦ᠌ ᠲᠥᠷᠥᠯᠬᠢ ᠳᠥᠷᠪᠡᠨ ᠶᠡᠬᠡ ᠲᠠᠪᠤᠨ ᠡᠭᠦᠷᠢᠳᠡ ᠲᠡᠢ ᠢᠨᠦ ᠪᠤᠶᠤ᠃ ᠲᠡᠢᠨ ᠬᠦ᠌ ᠪᠢ ᠬᠣᠢᠲᠤ ᠵᠦᠭ ᠨᠡᠭᠦᠨ ᠢᠷᠡᠭᠰᠡᠨ ᠡᠴᠡ ᠡᠨᠡ ᠲᠡᠮᠦᠵᠢᠨ ᠯᠦ᠍ᠭᠡ ᠡᠶᠡᠯᠡᠬᠦ ᠨᠠᠢᠷᠯᠠᠬᠤ ᠶ᠋ᠢ ᠡᠳᠦᠭᠡ ᠬᠠᠷᠠᠬᠠᠨ ᠡᠷᠢᠬᠦ ᠠᠷᠭ᠎ᠠ ᠦᠭᠡᠢ ᠪᠥᠬᠥᠶ᠎ᠡ ᠶᠠᠭᠤᠨ ᠳ᠋ᠤᠷ ᠲᠡᠭᠦᠨ ᠯᠦ᠍ᠭᠡ ᠡᠰᠡᠷᠭᠦᠴᠡᠨ ᠬᠠᠯᠳᠠᠵᠤ ᠵᠣᠪᠠᠯᠠᠩ ᠢ᠋ ᠢᠷᠡᠭᠦᠯᠬᠦ ᠪᠣᠢ ? ᠡᠷᠲᠡᠨ ᠦ᠌ ᠦᠭᠡᠨ ᠳ᠋ᠦ᠍ᠷ < ᠲᠡᠭᠷᠢ ᠶ᠋ᠢ ᠳᠠᠭᠠᠭ᠍ᠨᠴᠢᠳ ᠮᠠᠨᠳᠤᠵᠤ ᠪᠠᠳᠠᠷᠠᠮᠤᠢ᠂ ᠲᠡᠭᠷᠢ ᠶ᠋ᠢ ᠰᠥᠷᠦᠭᠴᠢᠳ ᠮᠥᠬᠥᠵᠦ ᠪᠤᠰᠠᠨᠢᠮᠤᠢ > ᠬᠡᠮᠡᠵᠦᠬᠦᠢ᠃ ᠪᠢ ᠬᠡᠷᠬᠢᠪᠡᠴᠦ ᠲᠡᠭᠷᠢ ᠶ᠋ᠢ ᠲᠡᠷᠰᠯᠡᠨ ᠴᠠᠭ ᠢ᠋ ᠦᠲᠡᠭᠡᠷᠬᠦ ᠶ᠋ᠢ ᠦᠯᠦ ᠦᠢᠯᠡᠳᠦᠮᠦᠢ᠃ ᠡᠷᠭᠢᠨ ᠡᠯᠴᠢ ᠡᠭᠦᠨ ᠳ᠋ᠦ᠍ᠷ ᠪᠢᠲᠡᠭᠡᠢ ᠬᠢᠯᠢᠩᠯᠡ᠂ ᠮᠢᠨᠦ ᠡᠨᠡ ᠦᠭᠡ ᠴᠣᠬᠣᠮ ᠲᠤᠰᠠ ᠦᠯᠡᠮᠵᠢ ᠭᠠᠪᠢᠶ᠎ᠠ ᠶᠡᠬᠡ ᠦᠭᠡ᠂ ᠡᠭᠡᠵᠦ ᠡᠴᠢᠪᠡᠰᠦ ᠶᠡᠬᠡ ᠬᠠᠭᠠᠨ ᠳ᠋ᠤᠷ ᠡᠳᠡᠭᠡᠷ ᠤᠴᠢᠷ ᠢ᠋ ᠰᠠᠢᠬᠠᠨ ᠲᠠᠢᠯᠵᠤ ᠨᠢᠭᠡᠨ ᠶᠡᠬᠡ ᠤᠯᠤᠰ ᠤ᠋ᠨ ᠵᠣᠪᠠᠯᠠᠩ ᠭᠠᠮᠰᠢᠭ᠋ ᠠ᠋ᠴᠠ ᠲᠡᠩᠬᠡᠷᠡᠭᠦᠯ 》 ᠬᠡᠮᠡᠭᠡᠳ ᠬᠦᠨᠳᠦᠳᠡ ᠡᠷᠭᠦᠮᠵᠢᠯᠡᠨ ᠬᠦᠨᠳᠦᠯᠡᠵᠦ ᠳᠠᠢᠯᠠᠭᠠᠳ᠄ 《ᠲᠡᠷᠡ ᠬᠡᠷᠪᠡ ᠪᠧᠲ᠋ᠠ᠋ ᠤᠯᠤᠰ ᠯᠤᠭ᠎ᠠ ᠬᠠᠯᠳᠠᠬᠤ ᠦᠭᠡᠢ ᠪᠥᠭᠡᠰᠦ᠂ ᠮᠢᠨᠦ ᠳᠣᠣᠷᠠᠲᠤ ᠥᠬᠢᠨ ᠢ᠋ ᠲᠠᠨ ᠤ᠋ ᠶᠡᠬᠡ ᠤᠯᠤᠰ ᠲᠤᠷ ᠥᠭᠴᠦ ᠤᠷᠤᠭ ᠪᠠᠷᠢᠬᠤ ᠠᠨᠤ ᠮᠢᠨᠦ ᠬᠦᠰᠡᠬᠦ ᠬᠡᠷᠡᠭ ᠪᠥᠯᠥᠭᠡ ! 》ᠭᠡᠮᠡᠨ ᠬᠦᠨᠳᠦ ᠪᠠᠯᠠᠩ ᠢ᠋ ᠲᠣᠭᠲᠠᠭᠠᠭᠰᠠᠨ ᠦᠭᠡᠢ ᠪᠡᠷ ᠰᠠᠢᠨ ᠮᠣᠷᠢᠨ ᠢ᠋ ᠬᠠᠷᠢᠭᠤ ᠪᠡᠯᠡᠭ ᠪᠠᠷᠢᠵᠤ ᠡᠭᠡᠭᠦᠯᠦᠭᠡᠳ ᠲᠡᠳᠡᠨ ᠦ᠌ ᠳᠠᠢᠯᠠᠷ᠎ᠠ ᠢᠷᠡᠬᠦ ᠡᠴᠡ ᠪᠣᠯᠭᠣᠮᠵᠢᠯᠠᠨ᠂ ᠠᠭᠤᠯᠠ ᠬᠠᠪᠴᠢᠯ ᠪᠠ ᠪᠣᠭᠣᠮᠲᠠ ᠠᠮᠠᠨ ᠢ᠋ᠶ᠋ᠠᠨ ᠰᠠᠢᠲᠤᠷ ᠪᠠᠲᠤᠯᠠᠨ ᠰᠠᠬᠢᠭᠤᠯᠤᠭᠠᠳ ᠴᠡᠷᠢᠭ ᠢ᠋ᠶ᠋ᠡᠨ ᠬᠤᠷᠴᠠ ᠪᠡᠯᠡᠳᠬᠡᠨ᠂ ᠡᠮᠦᠨ᠎ᠡ ᠤᠯᠤᠰ ᠪᠠ ᠥᠪᠡᠷ ᠦ᠋ᠨ ᠭᠠᠵᠠᠷ ᠤ᠋ᠨ ᠨᠠᠷᠢᠨ ᠨᠢᠭᠲᠠ᠂ ᠬᠦᠨᠳᠦ ᠵᠥᠭᠡᠯᠡᠨ ᠡᠳ᠋ ᠲᠠᠸᠠᠷ ᠬᠢᠭᠡᠳ ᠪᠠᠰᠠ ᠥᠪᠡᠷ ᠦ᠋ᠨ ᠭᠠᠵᠠᠷ ᠤ᠋ᠨ ᠠᠮᠤ ᠪᠠᠷ ᠨᠡᠷᠡᠭᠰᠡᠨ ᠬᠠᠷ᠎ᠠ ᠠᠷᠢᠬᠢ ᠵᠢᠷᠭᠤᠭᠠᠨ ᠲᠡᠮᠦᠷ ᠲᠡᠷᠭᠡ ᠲᠡᠭᠡᠭᠡᠵᠦ᠂ ᠵᠠᠭᠤᠨ ᠮᠣᠷᠢᠲᠠᠨ ᠢ᠋ ᠠᠪᠴᠤ ᠪᠧᠲ᠋ᠠ᠋ ᠤᠯᠤᠰ ᠲᠤᠷ ᠡᠴᠢᠰᠦᠭᠡᠢ ᠭᠡᠮᠡᠨ ᠰᠠᠶᠢ ᠭᠠᠷᠴᠤ ᠢᠷᠡᠲᠡᠯ᠎ᠡ ᠨᠠᠢ᠍ᠮᠠᠨ ᠤᠯᠤᠰ ᠤ᠋ᠨ ᠪᠠᠰᠠ ᠨᠢᠭᠡᠨ ᠬᠤᠸᠠᠷᠠᠭ ᠬᠡᠮᠡᠭᠴᠢ ᠨᠡᠷᠡᠲᠡᠢ ᠡᠯᠴᠢ ᠳ᠋ᠦ᠍ᠷ ᠪᠢᠴᠢᠭ ᠪᠠᠷᠢᠭᠤᠯᠵᠤ ᠢᠯᠡᠭᠡᠭᠰᠡᠨ ᠳ᠋ᠦ᠍ᠷ ᠪᠢᠴᠢᠭ ᠢ᠋ ᠦᠵᠡᠪᠡᠰᠦ ᠬᠠᠷᠢᠨ ᠴᠡᠷᠢᠭ ᠲᠡᠢᠨ ᠢ᠋ᠶ᠋ᠠᠷ ᠠᠶᠤᠯᠭᠠᠬᠤ ᠵᠡᠷᠭᠡ ᠦᠭᠡᠰ ᠲᠤᠯᠠ ᠪᠠᠬᠠᠨ ᠢᠨᠢᠶᠡᠭᠡᠳ 《ᠵᠤᠨ ᠤ᠋ ᠬᠠᠯᠠᠭᠤᠨ ᠳ᠋ᠤᠷ ᠲᠥᠷᠥᠭᠰᠡᠨ ᠬᠣᠷᠣᠬᠠᠢ ᠳ᠋ᠤᠷ ᠡᠪᠦᠯ ᠦ᠋ᠨ ᠬᠦᠢᠲᠡᠨ ᠦ᠌ ᠮᠥᠯᠰᠥ ᠶ᠋ᠢ ᠬᠡᠯᠡᠵᠦ ᠥᠭᠪᠡᠴᠦ ᠦᠯᠦ ᠮᠡᠳᠡᠬᠦ ᠶ᠋ᠢ ᠬᠡᠷᠬᠢᠶᠡ ! 》 ᠬᠡᠮᠡᠭᠡᠳ ᠨᠠᠢ᠍ᠮᠠᠨ ᠤ᠋ ᠡᠯᠴᠢ ᠬᠤᠸᠠᠷᠠᠭ ᠢ᠋ ᠬᠣᠶᠠᠷ ᠭᠠᠷ ᠢ᠋ ᠬᠦᠯᠢᠭᠦᠯᠵᠦ ᠪᠧᠲ᠋ᠠ᠋ ᠤᠯᠤᠰ ᠤ᠋ᠨ ᠵᠦᠭ ᠵᠣᠷᠢᠵᠤ᠂ ᠤᠷᠢᠳᠠ ᠬᠥᠮᠦᠨ ᠢᠯᠡᠭᠡᠵᠦ ᠬᠠᠷᠠᠭᠤᠯ ᠳ᠋ᠤᠷ ᠬᠡᠯᠡᠭᠦᠯᠦᠭᠡᠳ ᠳᠠᠭᠠᠯᠳᠤᠭ᠎ᠠ ᠥᠪᠡᠷ ᠦ᠋ᠨ ᠪᠡᠶ᠎ᠡ ᠪᠤᠷᠬᠠᠨ ᠭᠠᠯᠳᠤᠨ᠎ᠠ ᠳ᠋ᠤᠷ ᠬᠦᠷᠲᠡᠯ᠎ᠡ ᠵᠢᠨᠦᠩ ᠮᠤᠬᠤᠯᠢ ᠡᠮᠦᠨ᠎ᠡ ᠡᠴᠡ ᠪᠡᠨ ᠤᠷᠤᠭ ᠵᠠᠯᠮ᠎ᠠ ᠶ᠋ᠢ ᠢᠯᠡᠭᠡᠵᠦ ᠣᠭᠲᠣᠭᠣᠯᠣᠨ ᠬᠦᠷᠢᠶᠡᠨ ᠦ᠌ ᠭᠠᠳᠠᠨ᠎ᠠ ᠣᠯᠠᠨ ᠢ᠋ᠶ᠋ᠠᠨ ᠠᠪᠴᠤ ᠣᠳᠣᠳ ᠤ᠋ᠨ ᠴᠢᠭᠤᠯᠭᠠᠨ ᠮᠡᠲᠦ ᠤᠭᠲᠤᠨ ᠵᠣᠯᠭᠠᠵᠤ᠂ ᠶᠡᠬᠡᠯ᠎ᠡ ᠪᠠᠶᠠᠰᠤᠯᠴᠠᠨ ᠮᠣᠷᠢᠨ ᠲᠣᠭᠣᠰᠣᠨ ᠢ᠋ ᠭᠦᠪᠢᠬᠦ ᠬᠤᠷᠢᠮ ᠬᠤᠷᠢᠮᠯᠠᠵᠤ ᠢᠷᠡᠭᠰᠡᠨ ᠤᠴᠢᠷ ᠢ᠋ ᠨᠠᠷᠢᠪᠴᠢᠯᠠᠨ ᠰᠣᠨᠣᠰᠴᠤ ᠰᠥᠨᠢ ᠲᠠᠢᠽᠦ ᠳ᠋ᠦ᠍ᠷ ᠵᠣᠯᠭᠠᠨ ᠤᠴᠢᠷ ᠢ᠋ ᠮᠡᠳᠡᠭᠦᠯᠦᠭᠡᠳ ᠳᠡᠳ᠋ ᠥᠷᠯᠥᠭᠡ ᠳᠠᠴᠢᠩᠬᠤᠷᠯᠤ ᠶ᠋ᠢ ᠤᠳᠤᠷᠢᠳᠤᠨ ᠣᠷᠣᠭᠤᠯᠤᠭᠰᠠᠨᠠ ᠳᠠᠴᠢᠩᠬᠤᠷᠯᠤ ᠲᠠᠢᠽᠦ ᠶ᠋ᠢ ᠦᠵᠡᠮᠡᠭᠴᠡ ᠵᠢᠷᠦᠬᠡᠨ ᠦ᠌ ᠦᠨᠡᠨ ᠰᠡᠳᠬᠢᠯ ᠰᠦᠰᠦᠭ ᠲᠥᠷᠥᠭᠡᠳ ᠮᠥᠷᠭᠥᠨ ᠵᠣᠯᠭᠠᠵᠤ ᠨᠠᠢ᠍ᠮᠠᠨ ᠤᠯᠤᠰ ᠤ᠋ᠨ ᠤᠴᠢᠷ ᠰᠢᠯᠲᠠᠭᠠᠨ ᠢ᠋ ᠨᠠᠷᠢᠪᠴᠢᠯᠠᠨ ᠮᠡᠳᠡᠭᠦᠯᠵᠦ᠂ ᠨᠠᠢ᠍ᠮᠠᠨ ᠤ᠋ ᠡᠯᠴᠢ ᠲᠡᠷᠢᠭᠦᠯᠡᠨ ᠥᠪᠡᠷ ᠦ᠋ᠨ ᠨᠠᠷᠢᠨ ᠪᠡᠯᠡᠭ ᠦ᠋ᠨ ᠡᠳ᠋ ᠪᠠ ᠵᠢᠷᠭᠤᠭᠠᠨ ᠲᠡᠷᠭᠡ ᠠᠷᠢᠬᠢ ᠪᠠᠨ ᠡᠷᠭᠦᠨ ᠪᠠᠷᠢᠭ᠍ᠰᠠᠨ᠎ᠠ᠂ ᠲᠠᠢᠽᠦ ᠰᠠᠢᠰᠢᠶᠠᠨ ᠬᠥᠬᠢᠭᠦᠯᠵᠦ᠂ ᠳᠣᠣᠷ᠎ᠠ ᠪᠠᠨ ᠰᠠᠭᠤᠳᠠᠯ ᠬᠠᠢᠷᠠᠯᠠᠨ ᠬᠤᠷᠢᠮ ᠬᠦᠷᠲᠡᠭᠡᠵᠦ᠂ ᠳᠥᠷᠪᠡᠨ ᠬᠦᠯᠦᠭ ᠵᠢᠷᠭᠤᠭᠠᠨ ᠰᠠᠢᠳ ᠢ᠋ᠶ᠋ᠠᠷ ᠢ᠋ᠶ᠋ᠠᠨ ᠲᠠᠢᠯᠠᠭᠤᠯᠵᠤ᠂ ᠨᠠᠢ᠍ᠮᠠᠨ ᠤᠯᠤᠰ ᠤ᠋ᠨ ᠵᠥᠪ ᠵᠦᠭᠡᠷ ᠪᠠᠢᠭᠰᠠᠭᠠᠷ ᠡᠷᠢᠨ ᠬᠠᠯᠳᠠᠬᠤ ᠶ᠋ᠢ ᠬᠡᠯᠡᠯᠴᠡᠬᠦᠢ ᠳ᠋ᠦ᠍ᠷ ᠲᠠᠢᠽᠦ ᠰᠡᠭᠦᠷᠡᠰᠦᠨ ᠠᠯᠳᠠᠵᠤ ᠡᠢᠨ ᠥᠴᠢᠷᠦᠨ : 《ᠪᠢᠳᠡ ᠪᠤᠰᠤᠳ ᠢ᠋ ᠡᠷᠢᠨ ᠦᠯᠦ ᠬᠠᠯᠳᠠᠬᠤ ᠠᠨᠤ ᠮᠠᠰᠢ ᠬᠢᠯᠪᠠᠷ᠂ ᠭᠠᠭᠴᠠ ᠪᠢᠳᠡᠨ ᠢ᠋ ᠪᠤᠰᠤᠳ ᠡᠷᠢᠨ ᠬᠠᠯᠳᠠᠬᠤᠢ ᠳ᠋ᠤᠷ ᠡᠰᠡ ᠬᠠᠷᠢᠭᠤᠯᠠᠬᠤ ᠠᠨᠤ ᠦᠨᠡᠬᠡᠷ ᠪᠡᠷᠬᠡ᠂ ᠨᠠᠢ᠍ᠮᠠᠨ ᠤᠯᠤᠰ ᠮᠠᠨ ᠤ᠋ ᠤᠯᠤᠰ ᠢ᠋ ᠬᠡᠳᠦᠢᠴᠢᠨᠡᠭᠡᠨ ᠳᠠᠷᠤᠯᠠᠲᠠᠯᠠ ᠪᠢ ᠲᠡᠭᠦᠨ ᠢ᠋ ᠵᠡᠷᠭᠡᠯᠡᠳᠡᠭᠡ ᠤᠯᠤᠰ ᠭᠡᠮᠡᠨ ᠨᠠᠢᠷ ᠦᠯᠡᠳᠡᠭᠡᠵᠦ᠂ ᠨᠢᠭᠡᠬᠡᠨ ᠤᠳᠠᠭ᠎ᠠ ᠶᠠᠯ᠎ᠠ ᠠᠰᠠᠭᠤᠬᠤ ᠴᠡᠷᠢᠭ ᠪᠠᠢᠭᠤᠯᠤᠭᠰᠠᠨ ᠦᠭᠡᠢ ᠪᠡᠷ ᠦᠯᠦ ᠪᠠᠷᠠᠨ᠂ ᠪᠠᠰᠠ ᠲᠡᠭᠦᠨ ᠦ᠌ ᠬᠥᠪᠡᠭᠦᠨ ᠳ᠋ᠡᠭᠡᠨ ᠬᠡᠷᠡᠢᠳ ᠦ᠋ᠨ ᠾᠧ ᠸᠠᠩ ᠤ᠋ᠨ ᠥᠬᠢᠨ ᠢ᠋ ᠭᠤᠶᠤᠮᠤᠢ ᠬᠡᠮᠡᠭᠰᠡᠨ ᠳ᠋ᠦ᠍ᠷ ᠪᠢᠳᠡ ᠦᠰᠦᠨ ᠦ᠌ ᠲᠡᠳᠦᠢ ᠪᠠᠯᠠᠩ ᠠᠪᠤᠭᠰᠠᠨ ᠦᠭᠡᠢ ᠪᠡᠷ ᠥᠭᠴᠦ ᠪᠠᠢᠲᠠᠯ᠎ᠠ ᠬᠥᠮᠦᠨ ᠦ᠌ ᠨᠠᠢᠷ ᠵᠢᠷᠤᠮ ᠢ᠋ ᠦᠯᠦ ᠮᠡᠳᠡᠨ᠂ ᠡᠨᠡ ᠮᠡᠲᠦ ᠮᠠᠨ ᠢ᠋ ᠡᠷᠢᠨ ᠳᠠᠪᠴᠢᠯᠠᠬᠤ ᠠᠨᠤ ᠶᠠᠭᠤᠨ ᠠᠵᠢ ? ᠵᠥᠪ ᠵᠦᠭᠡᠷ ᠡᠪ ᠡᠩᠬᠡ ᠪᠠᠢᠭᠰᠠᠭᠠᠷ ᠬᠣᠶᠠᠷ ᠤᠯᠤᠰ ᠤ᠋ᠨ ᠣᠯᠠᠨ ᠲᠦᠰᠢᠮᠡᠳ ᠤᠯᠤᠰ ᠢ᠋ ᠦᠨᠡᠰᠦ ᠲᠣᠭᠣᠰᠣ ᠪᠣᠯᠭᠠᠨ ᠡᠯᠡᠭᠡᠨ ᠵᠣᠪᠠᠭᠠᠵᠤ᠂ ᠴᠡᠷᠢᠭ ᠲᠡᠢᠨ ᠳᠡᠭᠳᠡᠭᠦᠯᠬᠦ ᠢᠨᠦ ᠨᠠᠢ᠍ᠮᠠᠨ ᠤ᠋ ᠲᠠᠢᠶᠠᠩ ᠬᠠᠭᠠᠨ ᠶᠠᠭᠤᠨ ᠳ᠋ᠤ᠌ ᠡᠢᠮᠦ ᠬᠥᠭᠰᠢᠷᠡᠬᠦᠢ ᠳ᠋ᠡᠭᠡᠨ ᠬᠡᠦᠬᠡᠳ ᠦ᠋ᠨ ᠵᠠᠩ ᠲᠠᠢ ᠪᠣᠯᠤᠭᠰᠠᠨ ᠠᠵᠢ ! 》ᠬᠡᠮᠡᠵᠦ ᠂ ᠳᠠᠴᠢᠩᠬᠤᠷᠯᠤ ᠶ᠋ᠢᠨ ᠰᠡᠳᠬᠢᠯ ᠢ᠋ ᠰᠢᠲᠦᠭᠦᠯᠦᠨ᠂ ᠲᠡᠭᠦᠨ ᠢ᠋ ᠦᠯᠦ ᠰᠡᠵᠢᠭᠯᠡᠬᠦ ᠪᠡᠨ ᠦᠵᠡᠭᠦᠯᠵᠦ᠂ ᠡᠭᠦᠷᠢᠳᠡ ᠰᠦᠰᠦᠭᠯᠡᠭᠦᠯᠰᠦᠭᠡᠢ ᠭᠡᠮᠡᠨ ᠲᠡᠭᠦᠨ ᠦ᠌ ᠠᠴᠢᠷᠠᠭᠰᠠᠨ ᠬᠠᠷ᠎ᠠ ᠠᠷᠢᠬᠢ ᠶ᠋ᠢ ᠭᠤᠷᠪᠠᠨ ᠬᠤᠨᠳᠠᠭ᠎ᠠ ᠵᠣᠭᠣᠭᠯᠠᠭᠠᠳ ᠵᠠᠬᠢᠷᠤᠨ :《ᠠᠷᠢᠬᠢ ᠳᠠᠷᠠᠰᠤ ᠬᠡᠮᠡᠭᠴᠢ ᠶ᠋ᠢ ᠥᠴᠦᠬᠡᠨ ᠤᠤᠭᠤᠪᠠᠰᠤ ᠦᠯᠡᠮᠵᠢ ᠪᠠᠶᠠᠰᠤᠯ ᠤ᠋ᠨ ᠰᠡᠳᠬᠢᠯ ᠢ᠋ ᠲᠥᠷᠥᠭᠦᠯᠦᠮᠦᠢ᠂ ᠦᠷᠭᠦᠯᠵᠢ ᠬᠡᠲᠦᠷᠡᠲᠡᠯ᠎ᠡ ᠤᠤᠭᠤᠪᠠᠰᠤ ᠦᠭᠡ ᠰᠠᠨᠠᠭᠠᠨ ᠢ᠋ ᠰᠠᠮᠠᠭᠤᠷᠠᠭᠤᠯᠤᠮᠤᠢ 》ᠬᠡᠮᠡᠭᠰᠡᠨ ᠢ᠋ ᠣᠶᠤᠲᠤ ᠰᠡᠴᠡᠨ ᠰᠢᠩᠬᠤᠲᠤ ᠦᠵᠦᠭ ᠢ᠋ᠶ᠋ᠡᠷ ᠬᠥᠬᠡ ᠳᠠᠪᠲᠠᠷᠠ ᠲᠡᠮᠳᠡᠭᠯᠡᠪᠡ᠃ ᠲᠡᠳᠦᠢ ᠲᠠᠢᠽᠦ ᠳᠠᠴᠢᠩᠬᠤᠷᠯᠤ ᠶ᠋ᠢᠨ ᠵᠦᠭ ᠵᠠᠬᠢᠷᠤᠨ ᠴᠢᠨᠦ ᠨᠤᠲᠤᠭ ᠤᠰᠤᠨ ᠳ᠋ᠤᠷ ᠴᠥᠮ ᠲᠠᠷᠢᠶᠠᠯᠠᠩ ᠪᠣᠯᠤᠭᠰᠠᠨ ᠢ᠋ᠶ᠋ᠠᠷ ᠠᠳᠤᠭᠤ ᠮᠠᠯ ᠴᠥᠭᠡᠬᠡᠨ ᠬᠡᠮᠡᠮᠦ ! 》 ᠬᠡᠮᠡᠭᠡᠳ ᠳᠠᠴᠢᠩᠬᠤᠷᠯᠤ ᠳ᠋ᠤᠷ ᠵᠠᠭᠤᠨ ᠰᠠᠢᠨ ᠠᠨᠭ᠍ᠲᠠ ᠮᠣᠷᠢ᠂ ᠭᠤᠷᠪᠠᠨ ᠵᠠᠭᠤᠨ ᠦᠬᠡᠷ᠂ ᠨᠢᠭᠡᠨ ᠮᠢᠩᠭᠠᠨ ᠬᠣᠨᠢ ᠱᠠᠩᠨᠠᠵᠤ᠂ ᠭᠤᠷᠪᠠᠨ ᠡᠳᠦᠷ ᠬᠤᠷᠢᠮᠯᠠᠭᠠᠳ ᠨᠠᠢ᠍ᠮᠠᠨ ᠤ᠋ ᠪᠠᠢᠯᠳᠤᠬᠤ ᠶ᠋ᠢ ᠬᠡᠯᠡᠯᠴᠡᠵᠦ ᠲᠣᠭᠲᠠᠭᠠᠳ ᠲᠠᠴᠢᠩᠬᠤᠷᠯᠤ᠂ ᠲᠠᠢᠽᠦ ᠶ᠋ᠢᠨ ᠬᠤᠪᠢᠯᠭᠠᠨ ᠮᠠᠲᠠᠯ ᠭᠠᠢᠬᠠᠮᠰᠢᠭ᠋ ᠰᠦᠷ ᠪᠠ ᠥᠭᠯᠢᠭᠡ ᠬᠡᠰᠢᠭ ᠦ᠋ᠨ ᠬᠦᠨᠳᠦ ᠵᠤᠵᠠᠭᠠᠨ ᠢ᠋ ᠦᠵᠡᠭᠡᠳ ᠪᠢᠰᠢᠷᠡᠨ ᠲᠠᠩᠭᠠᠷᠢᠭ᠍ᠯᠠᠵᠤ ᠮᠥᠷᠭᠥᠨ᠂ ᠨᠢᠯᠪᠤᠰᠤᠨ ᠤᠨᠠᠭᠠᠵᠤ ᠠᠶᠠᠷᠯᠠᠨ ᠰᠠᠯᠤᠭᠠᠳ ᠥᠪᠡᠷ ᠦ᠋ᠨ ᠶᠠᠪᠤᠳᠠᠯ ᠶᠡᠬᠡᠳᠡ ᠤᠨᠤᠭᠰᠠᠨ ᠳ᠋ᠤᠷ ᠢ᠋ᠶ᠋ᠠᠨ ᠪᠠᠶᠠᠷᠲᠠᠢ ᠨᠤᠲᠤᠭ ᠲᠠᠭᠠᠨ ᠡᠭᠡᠵᠦ ᠂ ᠨᠠᠢ᠍ᠮᠠᠨ ᠤᠯᠤᠰ ᠢ᠋ ᠰᠡᠷᠭᠡᠢᠯᠡᠷᠡ ᠡᠴᠢᠪᠡ᠃
ᠲᠡᠨᠳᠡᠴᠡ ᠨᠠᠢ᠍ᠮᠠᠨ ᠤᠯᠤᠰ ᠤ᠋ᠨ ᠳᠡᠳ᠋ ᠤᠳᠠᠭ᠎ᠠ ᠶ᠋ᠢᠨ ᠡᠯᠴᠢ ᠬᠤᠸᠠᠷᠠᠭ ᠢ᠋ ᠳᠠᠭᠠᠭᠰᠠᠨ ᠠᠷᠠᠳ ᠡᠭᠡᠵᠦ ᠡᠵᠡᠨ ᠢ᠋ᠶ᠋ᠡᠨ ᠪᠠᠷᠢᠭ᠍ᠰᠠᠨ ᠢ᠋ ᠠᠢᠯᠠᠳᠬᠠᠭᠰᠠᠨ ᠳ᠋ᠤᠷ ᠲᠠᠢᠶᠠᠩ ᠬᠠᠭᠠᠨ ᠶᠡᠬᠡᠯ᠎ᠡ ᠤᠨᠲᠤᠭᠤᠴᠠᠨ 《ᠠᠬᠢᠷᠭᠠ ᠪᠠᠨ ᠭᠠᠷᠤᠭᠰᠠᠨ ᠠᠯᠠᠭ ᠦᠰᠦᠲᠦ ᠠᠳᠤᠭᠤᠰᠤ᠂ ᠳᠠᠯᠬᠢᠭ᠍ᠳᠠᠬᠤ ᠪᠠᠨ ᠡᠷᠢᠭᠰᠡᠨ ᠳᠠᠴᠢᠩᠬᠤᠷᠯᠤ ᠪᠣᠭᠣᠯ᠂ ᠶᠠᠮᠪᠠᠷ ᠠᠶᠤᠮᠰᠢᠭ᠋ ᠦᠭᠡᠢ ᠡᠨᠡ ᠮᠡᠲᠦ ᠳᠡᠭᠡᠷᠡᠮᠡᠬᠡᠢᠯᠡᠮᠦᠢ ? ᠡᠰᠡ ᠠᠷᠢᠯᠭᠠᠪᠠᠰᠤ ᠪᠣᠯᠬᠤ ᠦᠭᠡᠢ ! 》ᠭᠡᠮᠡᠨ ᠠᠭᠤᠷᠯᠠᠭᠰᠠᠨ ᠢ᠋ ᠠᠯᠲᠠᠨᠱᠠᠭ᠎ᠠ ᠰᠣᠨᠣᠰᠤᠭᠠᠳ ᠬᠣᠶᠠᠷ ᠤᠳᠠᠭ᠎ᠠ ᠶ᠋ᠢᠨ ᠬᠡᠷᠡᠭ ᠢ᠋ ᠴᠥᠮ ᠮᠡᠳᠡᠬᠦ ᠦᠭᠡᠢ ᠲᠤᠯᠠ ᠬᠣᠶᠠᠷ ᠤᠳᠠᠭ᠎ᠠ ᠡᠴᠢᠭᠰᠡᠨ ᠡᠯᠴᠢ ᠶ᠋ᠢ ᠳᠠᠭᠠᠭᠰᠠᠨ ᠠᠷᠠᠳ ᠢ᠋ ᠳᠠᠭᠤᠳᠠᠨ ᠠᠪᠠᠴᠢᠵᠤ ᠳᠠᠴᠢᠩᠬᠤᠷᠯᠤ ᠶ᠋ᠢᠨ ᠲᠡᠳᠡᠭᠡᠷ ᠦᠭᠡᠰ ᠢ᠋ ᠴᠥᠮ ᠠᠰᠠᠭᠤᠨ ᠮᠡᠳᠡᠭᠡᠳ ᠡᠨᠡ ᠳᠠᠴᠢᠩᠬᠤᠷᠯᠤ ᠶ᠋ᠢᠨ ᠦᠭᠡ ᠮᠥᠨ ᠪᠣᠯᠠᠢ ᠭᠡᠮᠡᠨ ᠰᠤᠯᠠ ᠴᠠᠭ ᠲᠤ᠌ ᠡᠴᠢᠭᠡ ᠪᠡᠨ ᠬᠡᠳᠦᠨ ᠤᠳᠠᠭ᠎ᠠ ᠢᠳᠬᠠᠨ ᠬᠣᠷᠢᠭ᠍ᠯᠠᠭᠰᠠᠨᠠ᠂ ᠲᠠᠢᠶᠠᠩ ᠬᠠᠭᠠᠨ《ᠴᠢᠨᠦ ᠪᠧᠲ᠋ᠠ᠋ ᠤᠯᠤᠰ ᠤ᠋ᠨ ᠲᠡᠨᠳᠡ ᠡᠴᠡ ᠭᠤᠶᠤᠭᠰᠠᠨ ᠡᠮ᠎ᠡ ᠪᠠᠢᠬᠤ ᠲᠤᠯᠠ ᠡᠢᠨ ᠬᠦ᠌ ᠬᠡᠯᠡᠬᠦ ᠪᠣᠯᠠᠢ ! 》 ᠬᠡᠮᠡᠭᠡᠳ ᠨᠢᠭᠡᠨ ᠡᠳᠦᠷ ᠲᠦᠰᠢᠮᠡᠳ ᠯᠦ᠍ᠭᠡ ᠬᠤᠷᠢᠮᠯᠠᠬᠤ ᠳ᠋ᠤᠷ ᠵᠠᠭᠤᠨ ᠵᠦᠢᠯ ᠦ᠋ᠨ ᠴᠡᠴᠡᠭ ᠦ᠋ᠨ ᠴᠠᠷ᠎ᠠ ᠵᠡᠷᠭᠡᠴᠡᠭᠦᠯᠵᠦ᠂ ᠴᠠᠷ᠎ᠠ ᠪᠦᠷᠢ ᠶ᠋ᠢᠨ ᠬᠠᠵᠠᠭᠤᠳᠠ ᠨᠢᠭᠡᠨ ᠬᠠᠷ᠎ᠠ ᠪᠣᠷᠣᠪᠲᠤᠷ ᠮᠠᠭᠤᠬᠠᠢ ᠲᠥᠷᠥᠭᠰᠡᠨ ᠴᠡᠷᠢᠭ ᠦ᠋ᠨ ᠠᠷᠠᠳ ᠢ᠋ ᠵᠣᠭᠰᠣᠭᠠᠵᠤ᠂ ᠬᠥᠪᠡᠭᠦᠨ ᠡᠴᠡ ᠡᠢᠨ ᠭᠡᠮᠡᠨ ᠢᠨᠢᠶᠡᠨ ᠠᠰᠠᠭᠤᠷᠤᠨ : 《ᠡᠨᠡ ᠴᠡᠷᠢᠭ ᠪᠠ ᠴᠡᠴᠡᠭ ᠬᠣᠶᠠᠭᠤᠯᠠ ᠶ᠋ᠢᠨ ᠠᠯᠢᠨ ᠠᠨᠤ ᠡᠷᠬᠢᠮ ? 》ᠡᠭᠦᠨ ᠳ᠋ᠦ᠍ᠷ ᠠᠯᠲᠠᠱᠠᠭᠠ ᠲᠡᠭᠦᠨ ᠦ᠌ ᠤᠬᠠᠭᠠᠨ ᠢ᠋ ᠬᠡᠳᠦᠢᠨᠡᠢ ᠮᠡᠳᠡᠭᠡᠳ ᠬᠢᠴᠢᠶᠡᠩᠭᠦᠢᠯᠡᠨ ᠠᠢᠯᠠᠳᠬᠠᠷᠤᠨ :《ᠬᠥᠮᠦᠨ ᠡᠷᠬᠢᠮ ! 》 ᠬᠡᠮᠡᠭᠡᠳ ᠠᠯᠳᠠᠭᠰᠠᠭᠠ ᠶᠡᠬᠡᠯ᠎ᠡ ᠢᠴᠢᠩᠭᠦᠷᠡᠨ ᠶᠠᠭᠠᠷᠠᠨ ᠰᠥᠭᠥᠳᠴᠦ ᠤᠬᠢᠯᠠᠨ ᠮᠥᠷᠭᠥᠵᠦ ᠠᠢᠯᠠᠳᠬᠠᠷᠤᠨ : 《ᠡᠴᠢᠭᠡ ᠶᠠᠭᠤᠨ ᠳ᠋ᠤᠷ ᠡᠢᠨ ᠬᠦ᠌ ᠠᠢᠯᠠᠳᠤᠮᠤᠢ ? 》 ᠬᠡᠮᠡᠭᠰᠡᠨ ᠢ᠋ᠶ᠋ᠡᠷ ᠲᠠᠢᠶᠠᠩ ᠬᠠᠭᠠᠨ ᠰᠡᠭᠦᠷᠡᠰᠦᠨ ᠠᠯᠳᠠᠵᠤ ᠥᠭᠦᠯᠡᠷᠦᠨ : 《ᠥᠴᠦᠭᠦᠬᠡᠨ ᠡᠮ᠎ᠡ ᠶ᠋ᠢᠨ ᠥᠩᠭᠡ ᠵᠢᠰᠦᠨ ᠦ᠌ ᠣᠴᠢᠷ᠎ᠠ ᠦᠯᠡᠮᠵᠢ ᠦᠨᠳᠦᠰᠦᠲᠦ ᠤᠯᠤᠰ ᠢ᠋ᠶ᠋ᠠᠨ ᠪᠢᠲᠡᠭᠡᠢ ᠦᠲᠡᠭᠡᠷᠦᠭᠲᠦᠨ ! 》ᠬᠡᠮᠡᠭᠰᠡᠨ ᠳ᠋ᠦ᠍ᠷ ᠠᠯᠳᠠᠭᠱᠠᠭ᠎ᠠ ᠠᠭᠠᠰᠢ ᠪᠠᠨ ᠵᠠᠪᠬᠠᠷᠠᠵᠤ ᠦᠭᠡᠰ ᠬᠠᠭᠠᠭᠳᠠᠵᠤ ᠡᠭᠡᠪᠡᠢ᠃ ᠰᠤᠳᠤᠷᠴᠢ ᠲᠦᠰᠢᠮᠡᠯ ᠪᠠᠭ᠍ᠰᠢ ᠶ᠋ᠢᠨ ᠰᠢᠯᠦᠭᠯᠡᠭᠰᠡᠨ ᠢᠨᠦ :
ᠦᠶᠡᠰ ᠢ᠋ ᠠᠯᠳᠠᠪᠠᠰᠤ ᠦᠯᠢᠳᠬᠡᠰᠢ ᠦᠭᠡᠢ ᠵᠣᠪᠠᠯᠠᠩ
ᠦᠨᠡᠨ ᠢ᠋ ᠰᠥᠷᠪᠡᠰᠦ ᠦᠷᠭᠦᠯᠵᠢ ᠡᠭᠦᠷᠢ ᠶ᠋ᠢᠨ ᠭᠠᠰᠠᠯᠠᠩ᠂
ᠦᠷ᠎ᠡ ᠠᠴᠢ ᠬᠡᠳᠦᠢ ᠪᠡᠶ᠎ᠡ ᠡᠴᠡ ᠰᠢᠮᠡᠳᠪᠡᠴᠦ
ᠥᠪᠡᠷ᠎ᠡ ᠥᠪᠡᠷ᠎ᠡ ᠮᠡᠳᠡᠭᠰᠡᠨ ᠭᠠᠵᠠᠷ ᠠᠮᠤᠢ ᠶᠠ !
ᠲᠡᠨᠳᠡᠴᠡ ᠲᠠᠢᠶᠠᠩ ᠬᠠᠭᠠᠨ ᠡᠭᠡᠨᠡᠭᠲᠡ ᠨᠢᠭᠡᠨ ᠬᠠᠳᠠᠨ ᠴᠢᠭᠢᠷᠠᠭ ᠡᠷᠡᠮᠡᠬᠡᠢ ᠪᠠᠭᠠᠲᠤᠷ ᠬᠥᠮᠦᠨ ᠲᠤᠯᠠ ᠪᠧᠲ᠋ᠠ᠋ ᠤᠯᠤᠰ ᠡᠷᠲᠡ ᠣᠷᠣᠢ ᠪᠢᠳᠡᠨ ᠢ᠋ ᠴᠥᠮ ᠬᠤᠷᠢᠶᠠᠮᠤᠢ ᠬᠡᠮᠡᠵᠦ ᠪᠠᠢᠯᠳᠤᠬᠤ ᠰᠡᠳᠬᠢᠯ ᠲᠣᠭᠲᠠᠨ᠂ ᠵᠡᠭᠦᠨ ᠡᠮᠦᠨ᠎ᠡ ᠪᠦᠬᠦᠢ ᠬᠠᠭᠤᠴᠢᠨ ᠯᠢᠶᠣᠤ ᠤᠯᠤᠰ ᠤ᠋ᠨ ᠲᠦᠰᠢᠮᠡᠯ ᠶᠠᠪᠤᠭᠰᠠᠨ – ᠨᠡᠷ᠎ᠡ ᠢᠯᠠᠭᠤᠭᠰᠠᠨ ᠬᠡᠮᠡᠭᠴᠢ ᠵᠡᠭᠦᠨ ᠵᠦᠭ ᠦ᠋ᠨ ᠪᠦᠲᠦᠨ᠎ᠡ ᠬᠡᠮᠡᠬᠦ ᠨᠡᠷᠡᠲᠡᠢ ᠠᠢᠮᠠᠭ ᠢ᠋ ᠡᠵᠡᠯᠡᠵᠦ᠂ ᠮᠠᠰᠢ ᠤᠷᠠᠨ ᠨᠠᠷᠢᠨ ᠨᠤᠲᠠ ᠪᠡᠬᠢ ᠪᠡᠷ ᠬᠡᠳᠦᠨ ᠲᠦᠮᠡᠨ ᠴᠡᠷᠢᠭ ᠢ᠋ ᠵᠠᠬᠢᠷᠤᠨ᠂ ᠮᠠᠰᠢ ᠬᠦᠴᠦᠲᠡᠢ ᠵᠢᠷᠭᠠᠨ ᠰᠠᠭᠤᠬᠤ ᠲᠤᠯᠠ ᠲᠡᠭᠦᠨ ᠦ᠌ ᠠᠬᠠᠮᠠᠳ ᠬᠥᠪᠡᠭᠦᠨ ᠨᠡᠷ᠎ᠡ ᠬᠠᠵᠢᠨ ᠰᠢᠷ᠎ᠠ ᠬᠡᠮᠡᠭᠴᠢ ᠳ᠋ᠦ᠍ᠷ ᠶᠤᠸᠠᠨ ᠸᠠᠩ ᠤ᠋ᠨ ᠪᠤᠶᠤ ᠥᠪᠡᠷ ᠦ᠋ᠨ ᠤᠳᠬᠠᠳ ᠥᠬᠢᠨ ᠬᠠᠰᠳᠤᠶᠠᠭ᠎ᠠ ᠨᠡᠷᠡᠲᠦ ᠬᠥᠨᠩᠵᠦ ᠪᠡᠨ ᠥᠭᠴᠦ ᠤᠷᠤᠭ ᠪᠠᠷᠢᠭᠠᠳ ᠵᠡᠭᠦᠨ ᠵᠣᠪᠬᠢᠰ ᠲᠤᠷ ᠪᠡᠶ᠎ᠡ ᠪᠡᠨ ᠬᠠᠭᠠᠨ ᠭᠡᠮᠡᠨ ᠡᠷᠭᠦᠭᠰᠡᠨ ᠪᠧᠲ᠋ᠠ᠋ ᠤᠯᠤᠰ ᠤ᠋ᠨ ᠲᠡᠮᠦᠵᠢᠨ ᠢ᠋ ᠳᠠᠢᠯᠠᠨ ᠠᠷᠢᠯᠭᠠᠰᠤᠭᠠᠢ ᠭᠡᠮᠡᠨ : 《ᠣᠭᠲᠠᠷᠭᠤᠢ ᠳ᠋ᠤᠷ ᠬᠣᠶᠠᠷ ᠨᠠᠷᠠᠨ ᠦᠭᠡᠢ ᠪᠥᠭᠡᠲᠡᠯ᠎ᠡ ᠣᠷᠴᠢᠯᠠᠩ ᠳ᠋ᠤᠷ ᠬᠣᠶᠠᠷ ᠬᠠᠭᠠᠨ ᠬᠡᠷᠬᠢᠨ ᠪᠠᠢᠵᠤ ᠪᠣᠯᠬᠤ ! 》 ᠭᠡᠮᠡᠨ ᠶᠡᠬᠡ ᠵᠠᠩᠵᠤᠨ ᠬᠣᠯᠠᠰᠤᠪᠴᠢ ᠳ᠋ᠤᠷ ᠬᠦᠨᠳᠦ ᠪᠡᠯᠡᠭ ᠢ᠋ ᠪᠠᠷᠢᠭᠤᠯᠵᠤ᠂ ᠡᠨᠡ ᠲᠤᠬᠠᠢ ᠳ᠋ᠤ᠌ ᠸᠠᠩᠬᠦᠪ ᠠᠢᠮᠠᠭ ᠤ᠋ᠨ ᠡᠵᠡᠨ ᠳᠠᠴᠢᠩᠬᠤᠷᠯᠤ ᠶ᠋ᠢᠨ ᠠᠬᠠᠮᠠᠳ ᠬᠥᠪᠡᠭᠦᠨ – ᠠᠯᠲᠠᠨ ᠤᠯᠤᠰ ᠤ᠋ᠨ ᠸᠠᠨ ᠶᠠᠨ ᠰᠢᠶᠠᠩ ᠬᠡᠮᠡᠭᠴᠢ ᠴᠢᠩᠰᠢᠶᠡᠩ ᠡᠴᠡ ᠰᠢᠯᠢᠶᠡᠮᠪᠦ ᠨᠡᠷ᠎ᠡ ᠣᠯᠤᠭᠰᠠᠨ ᠳᠠᠷᠠᠭ᠎ᠠ ᠪᠠᠷ ᠴᠢᠪᠬᠢᠲᠡᠯ᠎ᠡ ᠪᠦᠲᠦᠨ᠎ᠡ ᠠᠢᠮᠠᠭ ᠤ᠋ᠨ ᠡᠵᠡᠨ ᠢᠯᠠᠭᠤᠭᠰᠠᠨ ᠤ᠋ ᠬᠥᠪᠡᠭᠦᠨ ᠬᠠᠵᠢᠨ ᠰᠢᠷ᠎ᠠ ᠯᠤᠭ᠎ᠠ ᠵᠢᠷᠤᠮ ᠤ᠋ᠨ ᠠᠬ᠎ᠠ ᠳᠡᠭᠦᠦ ᠪᠠᠷᠢᠯᠴᠠᠵᠤ ᠲᠡᠨᠳᠡ ᠪᠠᠢᠭᠰᠠᠨ ᠲᠤᠯᠠ ᠢᠯᠠᠭᠤᠭᠰᠠᠨ ᠲᠡᠭᠦᠨᠴᠡ ᠨᠠᠢ᠍ᠮᠠᠨ ᠤ᠋ ᠤᠴᠢᠷ ᠢ᠋ ᠨᠠᠷᠢᠪᠴᠢᠯᠠᠨ ᠰᠣᠨᠣᠰᠤᠭᠰᠠᠨ ᠲᠤᠯᠠ ᠶᠠᠭᠠᠷᠠᠨ ᠨᠠᠢ᠍ᠮᠠᠨ ᠤ᠋ ᠡᠯᠴᠢ ᠬᠣᠯᠠᠰᠤᠪᠴᠢ ᠶ᠋ᠢ ᠬᠣᠯᠠ ᠠ᠋ᠴᠠ ᠤᠭᠲᠤᠭᠤᠯᠵᠤ᠂ ᠵᠠᠷᠯᠢᠭ ᠢ᠋ ᠠᠨᠤ ᠮᠥᠷᠭᠥᠨ ᠬᠦᠯᠢᠶᠡᠨ ᠠᠪᠴᠤ ᠡᠯ᠎ᠡ ᠵᠠᠬᠢᠳᠠᠯ ᠢ᠋ ᠴᠥᠮ ᠪᠠᠶᠠᠷᠯᠠᠨ ᠳᠠᠭᠠᠵᠤ᠂ ᠶᠡᠬᠡ ᠬᠤᠷᠢᠮ ᠢ᠋ᠶ᠋ᠠᠷ ᠬᠦᠨᠳᠦᠯᠡᠨ ᠤᠳᠠᠯ ᠦᠭᠡᠢ ᠣᠯᠠᠨ ᠢ᠋ᠶ᠋ᠠᠨ ᠠᠪᠴᠤ ᠳᠠᠭᠠᠷ᠎ᠠ ᠡᠴᠢᠮᠦᠢ ᠭᠡᠮᠡᠨ ᠬᠠᠷᠢᠭᠤ ᠮᠥᠨ ᠬᠦᠨᠳᠦ ᠪᠡᠯᠡᠭ ᠪᠠᠷᠢᠭᠤᠯᠵᠤ ᠮᠣᠷᠳᠠᠭᠤᠯᠤᠭᠠᠳ ᠥᠪᠡᠷ ᠦ᠋ᠨ ᠤᠯᠤᠰ ᠲᠤᠷ ᠴᠤ᠌ ᠨᠠᠢ᠍ᠮᠠᠨ ᠤᠯᠤᠰ ᠲᠤᠷ ᠳᠠᠭᠠᠪᠠ ᠭᠡᠮᠡᠨ ᠵᠠᠷᠯᠠᠭᠠᠳ ᠶᠠᠭᠠᠷᠠᠨ ᠡᠮᠦᠨ᠎ᠡ ᠭᠠᠵᠠᠷ ᠤ᠋ᠨ ᠪᠥᠰ᠂ ᠲᠣᠷᠭ᠎ᠠ ᠠᠷᠪᠠᠨ ᠠᠴᠢᠶ᠎ᠠ᠂ ᠰᠠᠢᠨ ᠲᠡᠮᠦᠷ ᠲᠠᠪᠤᠨ ᠲᠦᠮᠡᠨ ᠵᠢᠩ ᠢ᠋ ᠠᠴᠢᠷᠠᠭᠤᠯᠵᠤ᠂ ᠠᠯᠲᠠᠨ ᠤᠯᠤᠰ ᠤ᠋ᠨ ᠠᠷᠠᠯᠵᠢᠶᠠᠨ ᠤ᠋ ᠬᠥᠮᠦᠨ ᠦ᠌ ᠶᠠᠩᠵᠤ ᠪᠠᠷ ᠴᠢᠮᠡᠭᠯᠡᠵᠦ᠂ ᠪᠧᠲ᠋ᠠ᠋ ᠤᠯᠤᠰ ᠤ᠋ᠨ ᠲᠠᠢᠽᠦ ᠳ᠋ᠦ᠍ᠷ ᠢᠷᠡᠵᠦ ᠮᠥᠷᠭᠥᠨ ᠳᠠᠭᠠᠬᠤᠶᠠ᠂ ᠮᠤᠬᠤᠯᠢ ᠨᠠᠷ ᠶᠡᠬᠡᠯ᠎ᠡ ᠪᠠᠶᠠᠷᠯᠠᠨ᠂ ᠸᠠᠩᠬᠦᠪ ᠠᠢᠮᠠᠭ ᠤ᠋ᠨ ᠳᠠᠴᠢᠩᠬᠤᠷᠯᠤ ᠶ᠋ᠢ ᠳᠠᠢᠯᠠᠭᠰᠠᠨ ᠶᠣᠰᠣᠭᠠᠷ ᠬᠦᠨᠳᠦᠯᠡᠨ ᠬᠥᠬᠢᠭᠦᠯᠵᠦ ᠬᠤᠷᠢᠮ ᠲᠠᠯᠪᠢᠨ ᠶᠡᠬᠡ ᠱᠠᠩ ᠥᠭᠴᠦ ᠮᠤᠬᠤᠯᠢ ᠰᠤᠷᠭᠠᠨ ᠥᠭᠦᠯᠡᠷᠦᠨ : 《ᠴᠢᠨᠦ ᠡᠨᠡ ᠬᠠᠷᠢᠨ ᠳᠠᠴᠢᠩᠬᠤᠷᠯᠤ ᠶ᠋ᠢᠨ ᠠᠷᠭ᠎ᠠ ᠠ᠋ᠴᠠ ᠤᠷᠠᠨ ᠣᠨᠣᠴᠢᠲᠠᠢ᠂ ᠴᠢ ᠡᠳᠡᠭᠡᠷ ᠪᠡᠯᠡᠭ ᠢ᠋ ᠤᠷᠢᠳᠠ ᠪᠠᠷ ᠲᠠᠢᠶᠠᠩ ᠬᠠᠭᠠᠨ ᠳ᠋ᠤᠷ ᠬᠦᠷᠭᠡᠵᠦ ᠳᠠᠭᠠᠭᠲᠤᠨ᠂ ᠪᠢᠳᠡᠨ ᠲᠡᠳᠡᠨ ᠢ᠋ ᠳᠠᠢᠯᠠᠬᠤ ᠦᠶ᠎ᠡ ᠳ᠋ᠦ᠍ᠷ ᠴᠢ ᠳᠠᠷᠤᠢ ᠨᠢᠭᠡᠨ ᠮᠥᠷᠥ ᠶ᠋ᠢᠨ ᠲᠤᠰᠠ ᠪᠣᠯ᠂ ᠮᠢᠨᠦ ᠱᠠᠩ ᠤ᠋ᠨ ᠠᠭᠲᠠ ᠮᠣᠷᠢ ᠮᠠᠯ ᠠᠳᠤᠭᠤᠨ ᠢ᠋ ᠴᠢ ᠳᠠᠷᠤᠢ ᠲᠠᠪᠴᠢᠯᠠᠨ ᠣᠯᠪᠠ ᠭᠡᠮᠡᠨ ᠵᠠᠮ ᠳ᠋ᠤᠷ ᠠᠯᠳᠠᠷᠰᠢᠭᠤᠯ ! 》ᠭᠡᠮᠡᠨ ᠨᠠᠷᠢᠨ ᠨᠢᠭᠲᠠ ᠠᠷᠬ᠎ᠠ ᠶ᠋ᠢ ᠵᠥᠪᠳᠡᠨ ᠲᠣᠭᠲᠠᠭᠠᠭᠠᠳ ᠲᠠᠩᠭᠠᠷᠢᠭ᠋ ᠨᠡᠢ᠍ᠢ᠌ᠯᠡᠵᠦ ᠮᠣᠷᠳᠠᠭᠤᠯᠪᠠ᠃
ᠲᠡᠳᠦᠢ ᠳᠠᠷᠠᠭ᠎ᠠ ᠪᠠᠷ ᠨᠢᠭᠡᠨ ᠰᠠᠯᠠᠭᠠᠨ ᠤ᠋ ᠴᠡᠷᠢᠭ ᠢ᠋ᠶ᠋ᠡᠷ ᠵᠣᠷᠢᠮᠠᠭ ᠨᠡᠬᠡᠭᠦᠯᠵᠦ᠂ ᠲᠡᠭᠦᠨ ᠦ᠌ ᠵᠠᠬ᠎ᠠ ᠳ᠋ᠤᠷ ᠬᠦᠷᠴᠦ ᠭᠦᠢᠴᠡᠭᠰᠡᠨ ᠦᠭᠡᠢ ᠡᠭᠡᠪᠡ ᠭᠡᠮᠡᠨ ᠠᠯᠳᠠᠷᠰᠢᠭᠤᠯᠪᠠ᠃ ᠠᠶ᠎ᠠ ᠡᠭᠦᠨ ᠳ᠋ᠦ᠍ᠷ ᠪᠠᠰᠠ ᠬᠥᠭᠡᠷᠦᠬᠦᠢ ᠰᠣᠯᠤᠩᠭᠤᠸ᠎ᠠ ᠬᠡᠦᠬᠡᠨ ᠦ᠌ ᠬᠣᠯᠪᠣᠵᠤ ᠬᠣᠣᠰᠯᠠᠬᠤ ᠰᠠᠢᠬᠠᠨ ᠬᠡᠷᠡᠭ ᠢᠨᠦ ᠰᠠᠭᠠᠲᠠᠪᠠᠢ᠃
ᠲᠡᠭᠦᠨᠴᠡ ᠬᠡᠳᠦᠨ ᠡᠳᠦᠷ ᠪᠣᠯᠤᠭᠰᠠᠨ ᠦᠭᠡᠢ ᠪᠦᠲᠦᠨ᠎ᠡ ᠠᠢᠮᠠᠭ ᠤ᠋ᠨ ᠢᠯᠠᠭᠤᠭᠰᠠᠨ ᠤ᠋ ᠴᠡᠷᠢᠭ ᠢᠷᠭᠡᠨ ᠢ᠋ᠶ᠋ᠡᠨ ᠲᠣᠭ᠎ᠠ ᠳᠠᠩᠰᠠ ᠶ᠋ᠢ ᠪᠠᠷᠢᠭᠤᠯᠵᠤ ᠨᠢᠭᠤᠨ ᠬᠦᠷᠭᠡᠵᠦ ᠢᠷᠡᠪᠡ᠃ ᠮᠤᠬᠤᠯᠢ ᠶᠡᠬᠡᠯ᠎ᠡ ᠪᠠᠶᠠᠷᠯᠠᠵᠤ᠂ ᠢᠷᠡᠭᠰᠡᠨ ᠡᠯᠴᠢ ᠳ᠋ᠦ᠍ᠷ ᠬᠦᠨᠳᠦᠳᠡ ᠱᠠᠩᠨᠠᠵᠤ ᠡᠭᠡᠭᠦᠯᠲᠡᠯ᠎ᠡ ᠲᠤᠷᠰᠢᠭᠤᠯ ᠤ᠋ᠨ ᠬᠥᠮᠦᠨ ᠢᠷᠡᠵᠦ ᠮᠡᠳᠡᠭᠦᠯᠦᠷᠦᠨ : 《ᠨᠠᠢ᠍ᠮᠠᠨ ᠤᠯᠤᠰ ᠠ᠋ᠴᠠ ᠵᠠᠮᠤᠬ᠎ᠠ ᠶ᠋ᠢ ᠭᠠᠷᠭᠠᠵᠤ ᠂ ᠣᠯᠠᠨ ᠠᠢᠮᠠᠭ ᠤ᠋ᠳ ᠢ᠋ ᠡᠯᠰᠡᠭᠦᠯᠵᠦ ᠴᠢᠭᠤᠯᠤᠭᠤᠯᠬᠤᠶᠠ᠂ ᠨᠢᠭᠡᠨ ᠰᠠᠯᠠᠭᠠᠨ ᠤ᠋ ᠴᠡᠷᠢᠭ ᠪᠦᠲᠦᠨ᠎ᠡ ᠶ᠋ᠢᠨ ᠡᠯᠴᠢ ᠶ᠋ᠢ ᠵᠠᠮ ᠲᠣᠰᠴᠤ ᠪᠠᠷᠢᠪᠠ᠃ 》 ᠬᠡᠮᠡᠭᠰᠡᠨ ᠳ᠋ᠦ᠍ᠷ ᠮᠤᠬᠤᠯᠢ ᠠᠷᠭ᠎ᠠ ᠰᠡᠷᠡᠭᠳᠡᠪᠡ ᠭᠡᠮᠡᠨ ᠮᠡᠩᠳᠡᠨ ᠰᠡᠩᠳᠡᠨ ᠬᠦᠯᠦᠭ ᠴᠢᠯᠠᠭᠤᠨ ᠳ᠋ᠤᠷ ᠬᠤᠢᠯᠠᠳᠠᠷ ᠬᠣᠰᠢᠭᠤᠴᠢ ᠶ᠋ᠢ ᠥᠭᠴᠦ ᠲᠠᠪᠤᠨ ᠵᠠᠭᠤᠨ ᠪᠣᠯᠣᠳ ᠬᠦᠴᠦᠲᠦ ᠴᠡᠷᠢᠭ ᠵᠠᠬᠢᠷᠤᠭᠤᠯᠤᠨ ᠨᠢᠰᠦᠨ ᠳᠣᠪᠲᠣᠯᠭᠠᠷᠠ ᠮᠣᠷᠳᠠᠭᠤᠯᠪᠠ᠃ ᠡᠨᠡ ᠴᠣᠬᠣᠮ ᠬᠠᠮᠢᠭᠠᠰᠢ ᠪᠣᠯᠬᠤ ᠶ᠋ᠢ ᠮᠡᠳᠡᠬᠦ ᠦᠭᠡᠢ᠂ ᠦᠵᠡᠬᠦ ᠮᠡᠷᠭᠡᠳ ᠶᠠᠭᠠᠷᠠᠪᠠᠰᠤ ᠰᠤᠳᠤᠷᠴᠢ ᠲᠦᠰᠢᠮᠡᠯ ᠲᠠᠢᠵᠢ ᠢᠨᠵᠠᠨᠨᠠᠰᠢ ᠮᠢᠨᠦ ᠲᠠᠪᠤᠳᠤᠭᠠᠷ ᠠᠬ᠎ᠠ ᠶ᠋ᠢᠨ ᠬᠠᠰ ᠲᠤᠶᠠᠭ᠎ᠠ ᠬᠡᠮᠡᠬᠦ ᠨᠡᠷᠡᠲᠡᠢ ᠦᠶᠡᠯᠢᠳ ᠬᠡᠦᠬᠡᠨ ᠮᠢᠨᠦ ᠨᠡᠢᠰᠯᠡᠯ ᠦ᠋ᠨ ᠴᠧᠩ ᠵᠢᠶᠦ᠋ᠨ ᠸᠠᠩ ᠤ᠋ᠨ ᠭᠦᠪᠢᠭᠦᠷ ᠲᠣᠷ ᠪᠢᠴᠢᠭᠰᠡᠨ《ᠠᠯᠢ ᠭᠠᠵᠠᠷ᠎ᠠ ᠨᠠᠮᠤᠷ ᠤ᠋ᠨ ᠮᠡᠳᠡᠭᠡ ᠡᠷᠲᠡ 》ᠬᠡᠮᠡᠭᠰᠡᠨ ᠬᠣᠷᠢᠨ ᠨᠠᠢ᠍ᠮᠠᠨ ᠠᠩᠭᠢ ᠰᠢᠯᠦᠭ ᠢ᠋ ᠪᠣᠯᠪᠠᠰᠤᠷᠠᠭᠤᠯᠤᠨ ᠤᠩᠰᠢᠵᠤ ᠴᠡᠭᠡᠵᠢᠯᠡᠬᠦᠶᠡ ᠲᠡᠭᠦᠨ ᠢ᠋ ᠬᠡᠳᠦᠨ ᠦᠭᠡᠰ ᠢ᠋ ᠵᠢᠭᠠᠵᠤ ᠥᠭᠭᠦᠭᠡᠳ ᠪᠡᠶ᠎ᠡ ᠤᠬᠢᠶᠠᠨ ᠰᠡᠷᠢᠭᠦᠴᠡᠭᠡᠳ ᠠᠯᠭᠤᠷ ᠠᠭᠠᠵᠢᠮ ᠢ᠋ᠶ᠋ᠠᠷ ᠵᠠᠯᠭᠠᠨ ᠪᠢᠴᠢᠭᠰᠡᠨ ᠳᠣᠣᠷᠠᠲᠤ ᠪᠦᠯᠦᠭ ᠲᠣᠷ ᠦᠵᠡᠭᠳᠡᠬᠦᠢ᠃
ᠲᠠᠢᠶᠠᠩ ᠬᠠᠭᠠᠨ ᠤ᠋ ᠲᠠᠬᠢᠯᠭ᠎ᠠ ᠪᠠᠨ ᠪᠣᠳᠣᠬᠤ ᠴᠣᠬᠣᠮ ᠶᠣᠰᠣ ᠭᠡᠬᠦᠯ᠎ᠡ
ᠲᠠᠩᠰᠤᠭ ᠬᠥᠪᠡᠭᠦᠨ ᠦ᠌ ᠲᠠᠯᠬᠠᠯᠠᠭᠳᠠᠬᠤ ᠠ᠋ᠴᠠ ᠠᠶᠤᠬᠤ ᠪᠠᠰᠠ ᠴᠤ᠌ ᠵᠦᠢ ᠪᠣᠯᠠᠢ᠂
ᠲᠠᠷᠢᠶᠠᠯᠠᠭᠴᠢ ᠳᠠᠴᠢᠩᠬᠤᠷᠯᠤ ᠶ᠋ᠢᠨ ᠳᠠᠭᠠᠮᠵᠢᠯᠠᠭᠰᠠᠨ ᠰᠢᠭᠦᠮᠵᠢ ᠦᠨᠡᠬᠡᠷ ᠶᠠᠭᠤᠲᠠᠢ ᠪᠦᠷᠢᠨ᠎ᠡ ᠣᠨᠣᠪᠴᠢᠲᠠᠢ
ᠲᠠᠯᠠᠷᠬᠠᠭᠴᠢ ᠢᠯᠠᠭᠤᠭᠰᠠᠨ ᠤ᠋ ᠲᠠᠰᠤᠷᠬᠠᠶᠠ ᠲᠣᠭᠲᠠᠭᠠᠭᠰᠠᠨ ᠠᠷᠭ᠎ᠠ ᠪᠣᠳᠣᠯᠭ᠎ᠠ ᠠᠳᠠᠪᠠᠰᠢ ᠨᠠᠢᠪᠴᠠᠲᠠᠢ᠃
ᠴᠣᠬᠣᠯᠠᠭᠰᠠᠨ ᠠᠨᠤ
ᠠᠶ᠎ᠠ ᠳᠥᠷᠪᠡᠨ ᠪᠢᠴᠢᠭ ᠦ᠋ᠨ ᠳᠣᠲᠣᠷᠠᠬᠢ 《ᠳᠤᠮᠳᠠ ᠬᠡᠪ 》 ᠦ᠋ᠨ ᠳᠡᠭᠡᠳᠦ ᠠᠷᠪᠠᠳᠤᠭᠠᠷ ᠪᠦᠯᠦᠭ ᠲᠣᠷ ᠹᠦᠽᠢ ᠶ᠋ᠢᠨ ᠱᠠᠪᠢ ᠽᠢ ᠯᠦ᠍᠂ ᠹᠦᠽᠢ ᠡᠴᠡ ᠴᠢᠭᠢᠷᠠᠭ ᠢ᠋ ᠠᠰᠠᠭᠤᠭᠰᠠᠨ ᠳ᠋ᠤᠷ ᠹᠦᠽᠢ ᠥᠭᠦᠯᠡᠷᠦᠨ :《ᠡᠮᠦᠨ᠎ᠡ ᠭᠠᠵᠠᠷ ᠤ᠋ᠨ ᠴᠢᠬᠢᠷᠡᠭ ᠪᠤᠶᠤ᠂ ᠬᠣᠢᠲᠤ ᠭᠠᠵᠠᠷ ᠤ᠋ᠨ ᠴᠢᠭᠢᠷᠠᠭ ᠪᠤᠶᠤ᠂ ᠡᠰᠡᠬᠦᠯ᠎ᠡ ᠴᠢᠨᠦ ᠥᠪᠡᠷ ᠦ᠋ᠨ ᠪᠡᠶ᠎ᠡ ᠶ᠋ᠢᠨ ᠴᠢᠭᠢᠷᠠᠭ ᠪᠤᠶᠤ᠂ ᠠᠭᠤᠳᠠᠮ ᠵᠥᠭᠡᠯᠡᠨ ᠢ᠋ᠶ᠋ᠡᠷ ᠵᠢᠭᠠᠨ ᠰᠤᠷᠭᠠᠵᠤ ᠶᠣᠰᠣ ᠦᠭᠡᠢ ᠪᠥᠭᠡᠲᠡᠯ᠎ᠡ ᠦᠯᠦ ᠬᠠᠷᠢᠭᠤᠴᠠᠬᠤ ᠠᠨᠤ ᠡᠮᠦᠨ᠎ᠡ ᠭᠠᠵᠠᠷ ᠤ᠋ᠨ ᠴᠢᠬᠢᠷᠡᠭ ᠪᠣᠯᠠᠢ᠃ ᠲᠡᠭᠦᠨ ᠦ᠌ ᠳᠣᠲᠣᠷ᠎ᠠ ᠡᠷᠳᠡᠮᠲᠡᠨ ᠰᠠᠢᠳ ᠪᠣᠢ ᠠᠮᠤᠢ᠂ ᠲᠡᠮᠦᠷ ᠦ᠋ᠨ ᠢᠷ᠂ ᠰᠢᠷᠢ ᠶ᠋ᠢᠨ ᠲᠡᠭᠡᠰᠦᠨᠡ ᠥᠩᠬᠥᠷᠢᠨ ᠶᠠᠪᠤᠵᠤ ᠦᠬᠦᠨ ᠠᠲᠠᠯ᠎ᠠ ᠴᠢᠷᠠᠢ ᠦᠯᠦ ᠬᠤᠪᠢᠰᠬᠤ ᠠᠨᠤ ᠬᠣᠢᠲᠤ ᠭᠠᠵᠠᠷ ᠤ᠋ᠨ ᠴᠢᠭᠢᠷᠠᠭ ᠪᠤᠶᠤ᠃ ᠡᠭᠦᠨ ᠦ᠌ ᠳᠣᠲᠣᠷ᠎ᠠ ᠦᠨᠡᠬᠡᠷ ᠲᠦᠷᠢᠮᠡᠬᠡᠢ ᠴᠢᠭᠢᠷᠠᠭ ᠪᠣᠢ ᠠᠮᠤᠢ᠃ ᠲᠡᠢᠮᠦ ᠶ᠋ᠢᠨ ᠲᠤᠯᠠ ᠡᠷᠳᠡᠮᠲᠡᠨ ᠰᠠᠢᠳ ᠨᠠᠢᠷᠠᠮᠳᠠᠭᠤ ᠡᠶᠡᠯᠰᠡᠭ ᠪᠥᠭᠡᠳ ᠬᠣᠴᠣᠷᠤᠨ ᠰᠠᠭᠠᠷᠠᠬᠤ ᠦᠭᠡᠢ ᠶ᠋ᠢᠨ ᠲᠤᠯᠠ ᠨᠤᠲᠠᠳᠠ ᠴᠢᠭᠢᠷᠠᠭ᠂ ᠳᠤᠮᠳᠠᠳᠤ ᠳ᠋ᠤᠷ ᠵᠣᠭᠰᠣᠵᠤ ᠦᠯᠦ ᠬᠡᠯᠪᠡᠷᠢᠬᠦᠢ ᠶ᠋ᠢᠨ ᠤᠴᠢᠷ ᠡᠭᠦᠷᠢᠳᠡ ᠴᠢᠭᠢᠷᠠᠭ ᠬᠡᠮᠡᠵᠦᠬᠦᠢ᠃ ᠪᠠᠰᠠ ᠤᠯᠤᠰ ᠲᠤᠷ ᠶᠣᠰᠣ ᠠᠪᠠᠰᠤ ᠪᠣᠭᠣᠭᠳᠠᠨ ᠳᠠᠷᠤᠭᠳᠠᠪᠠᠴᠤ ᠦᠯᠦ ᠬᠤᠪᠢᠰᠬᠤ ᠶ᠋ᠢᠨ ᠲᠤᠯᠠ ᠨᠤᠲᠠᠳᠠ ᠴᠢᠭᠢᠷᠠᠭ ᠬᠡᠮᠡᠵᠦᠬᠦᠢ᠃ ᠪᠠᠰᠠ ᠤᠯᠤᠰ ᠲᠤᠷ ᠶᠣᠰᠣ ᠦᠭᠡᠢ ᠠᠪᠠᠰᠤ᠂ ᠪᠠᠰᠠ ᠬᠦ᠌ ᠦᠬᠦᠨ ᠦᠬᠦᠲᠡᠯ᠎ᠡ ᠦᠯᠦ ᠬᠤᠪᠢᠰᠬᠤ ᠶ᠋ᠢᠨ ᠲᠤᠯᠠᠳᠠ ᠡᠨᠡ ᠪᠠᠰᠠ ᠴᠤ᠌ ᠨᠤᠲᠠᠳᠠ ᠴᠢᠭᠢᠷᠠᠭ ᠪᠤᠶᠤ 》ᠬᠡᠮᠡᠵᠦᠬᠦᠢ᠃ ᠠᠪᠠᠬᠠᠢ ᠬᠠᠯᠠᠬᠠᠢ ! ᠪᠣᠭᠳᠠ ᠬᠥᠮᠦᠨ ᠦ᠌ ᠦᠭᠡᠰ ᠲᠦᠮᠡᠨ ᠦᠶ᠎ᠡ ᠲᠥᠭᠡᠷᠢᠰᠢ ᠦᠭᠡᠢ ᠬᠡᠮᠡᠭᠴᠢ ᠴᠣᠬᠣᠮ ᠡᠨᠡ ᠪᠣᠢ ᠶᠠ᠃ ᠡᠨᠡ ᠪᠦᠯᠦᠭ ᠲᠣᠷ ᠥᠨᠥᠬᠡᠨ ᠦ᠌ ᠡᠨᠡ ᠬᠣᠶᠠᠷ ᠠᠩᠭᠢ ᠶ᠋ᠢᠨ ᠳᠥᠷᠪᠡᠨ ᠥᠪᠡᠷ᠎ᠡ ᠴᠢᠭᠢᠷᠠᠭ ᠪᠦᠷᠢᠳᠦᠨ ᠭᠠᠷᠤᠭᠰᠠᠨ ᠢ᠋ ᠲᠠᠢᠯᠤᠨ ᠭᠠᠷᠭᠠᠪᠠᠰᠤ᠂ ᠬᠠᠷᠢᠨ ᠴᠤ᠌ ᠪᠠᠬᠠᠨ ᠢᠨᠢᠶᠡᠯ ᠲᠡᠢ ᠭᠠᠵᠠᠷ ᠪᠣᠢ ᠠᠮᠤᠢ᠃ ᠠᠯᠢ ᠳᠥᠷᠪᠡᠨ ᠵᠦᠢᠯ ᠬᠡᠮᠡᠪᠡᠰᠦ : ᠪᠧᠲ᠋ᠠ᠋ ᠤᠯᠤᠰ ᠤ᠋ᠨ ᠲᠠᠢᠽᠦ ᠪᠣᠭᠳᠠ᠂ ᠨᠠᠢ᠍ᠮᠠᠨ ᠠᠢᠮᠠᠭ ᠤ᠋ᠨ ᠲᠠᠢᠶᠠᠩ ᠬᠠᠭᠠᠨ ᠬᠡᠳᠦᠢᠴᠢᠨᠡᠭᠡᠨ ᠤᠳᠠᠭ᠎ᠠ ᠬᠠᠯᠳᠠᠵᠤ ᠪᠠᠢᠲᠠᠯ᠎ᠠ ᠬᠠᠷᠢᠭᠤ ᠶᠠᠯ᠎ᠠ ᠠᠰᠭ᠋ᠤᠬᠤ ᠴᠡᠷᠢᠭ ᠦᠯᠦ ᠪᠠᠢᠭᠤᠯᠤᠨ᠂ ᠪᠠᠰᠠ ᠬᠠᠷᠢᠨ ᠡᠮ᠎ᠡ ᠦᠷ᠎ᠡ ᠭᠡᠷᠭᠡᠢ ᠶ᠋ᠢ ᠢᠨᠦ ᠤᠷᠤᠭ ᠪᠠᠷᠢᠭᠤᠯᠤᠨ ᠢᠨᠢᠶᠡᠮᠰᠦᠭ ᠶᠣᠰᠣᠯᠠᠯ ᠢ᠋ᠶ᠋ᠠᠷ ᠤᠳᠤᠷᠢᠳᠤᠨ ᠵᠢᠯᠣᠭᠣᠳᠬᠤ ᠠᠨᠤ ᠠᠭᠤᠳᠠᠮ ᠵᠥᠭᠡᠯᠡᠨ ᠢ᠋ᠶ᠋ᠡᠷ ᠵᠢᠭᠠᠨ ᠰᠤᠷᠭᠠᠵᠤ᠂ ᠶᠣᠰᠣ ᠦᠭᠡᠢ ᠪᠥᠭᠡᠲᠡᠯ᠎ᠡ ᠦᠯᠦ ᠬᠠᠷᠢᠭᠤᠴᠠᠬᠤ ᠡᠮᠦᠨ᠎ᠡ ᠭᠠᠵᠠᠷ ᠤ᠋ᠨ ᠴᠢᠬᠢᠷᠡᠭ ᠪᠣᠯᠤᠭᠰᠠᠨ ᠦᠭᠡᠢ ᠦᠦ ? ᠵᠢᠴᠢ ᠨᠠᠢ᠍ᠮᠠᠨ ᠠᠢᠮᠠᠭ ᠤ᠋ᠨ ᠲᠠᠢᠶᠠᠩ ᠬᠠᠭᠠᠨ ᠪᠧᠲ᠋ᠠ᠋ ᠤᠯᠤᠰ ᠤ᠋ᠨ ᠲᠠᠢᠽᠦ ᠪᠣᠭᠳᠠ ᠶ᠋ᠢᠨ ᠡᠯ᠎ᠡ ᠰᠠᠢᠨ ᠵᠦᠢᠯ ᠢ᠋ ᠡᠭᠡᠨᠡᠭᠲᠡ ᠪᠣᠳᠣᠬᠤ ᠦᠭᠡᠢ᠂ ᠣᠨᠴᠠ ᠲᠡᠭᠦᠨ ᠦ᠌ ᠤᠯᠤᠰ ᠲᠥᠷᠥ ᠪᠡᠨ ᠠᠪᠲᠠᠭᠤᠵᠠᠢ ᠭᠡᠮᠡᠨ ᠬᠥᠪᠡᠭᠦᠨ ᠦ᠌ ᠠᠮᠠᠷᠠᠭ ᠪᠠ ᠬᠦᠨᠳᠦ ᠪᠡᠶ᠎ᠡ ᠶᠦ᠍ᠭᠡᠨ ᠵᠣᠪᠠᠭᠤᠷᠢ ᠶ᠋ᠢ ᠴᠥᠮ ᠣᠷᠬᠢᠭᠠᠳ ᠬᠦᠴᠦᠨ ᠡᠰᠡ ᠬᠦᠷᠦᠯᠴᠡᠪᠡᠰᠦ ᠬᠥᠮᠦᠭᠡ ᠲᠤᠯᠲᠠᠯ᠎ᠠ ᠪᠠᠢᠯᠳᠤᠬᠤ ᠰᠠᠨᠠᠭᠠᠨ ᠲᠣᠭᠲᠠᠭᠰᠠᠨ ᠲᠡᠮᠦᠷ ᠦ᠋ᠨ ᠢᠷ ᠰᠢᠷᠢ ᠶ᠋ᠢᠨ ᠲᠡᠭᠡᠰᠦᠨᠡ ᠥᠩᠬᠥᠷᠢᠨ ᠶᠠᠪᠤᠵᠤ᠂ ᠦᠬᠦᠨ ᠦᠬᠦᠲᠡᠯ᠎ᠡ ᠦᠯᠦ ᠬᠤᠪᠢᠰᠬᠤ ᠬᠣᠢᠲᠤ ᠭᠠᠵᠠᠷ ᠤ᠋ᠨ ᠴᠢᠬᠢᠷᠡᠭ ᠪᠣᠯᠤᠭᠰᠠᠨ ᠦᠭᠡᠢ ᠦᠦ ? ᠵᠢᠴᠢ ᠪᠧᠲ᠋ᠠ᠋ ᠤᠯᠤᠰ ᠤ᠋ᠨ ᠵᠢᠨᠦᠩ ᠮᠤᠬᠤᠯᠢ ᠶ᠋ᠢᠨ ᠸᠠᠩᠬᠦᠪ ᠠᠢᠮᠠᠭ ᠪᠠ ᠪᠦᠲᠦᠨ᠎ᠡ ᠠᠢᠮᠠᠭ ᠤ᠋ᠨ ᠡᠵᠡᠨ ᠢ᠋ ᠬᠦᠨᠳᠦᠳᠡ ᠬᠦᠨᠳᠦᠯᠡᠨ ᠬᠥᠬᠢᠭᠦᠯᠵᠦ᠂ ᠤᠷᠠᠨ ᠠᠷᠭ᠎ᠠ ᠶ᠋ᠢ ᠵᠢᠭᠠᠵᠤ ᠰᠤᠷᠭᠠᠵᠤ ᠪᠠᠰᠠ ᠨᠠᠢ᠍ᠮᠠᠨ ᠠᠢᠮᠠᠭ ᠤ᠋ᠨ ᠴᠡᠷᠢᠭ ᠪᠦᠲᠦᠨ᠎ᠡ ᠶ᠋ᠢᠨ ᠡᠯᠴᠢ ᠶ᠋ᠢ ᠳᠡᠭᠡᠷᠡᠮᠳᠡᠪᠡ ᠭᠡᠮᠡᠨ ᠰᠣᠨᠣᠰᠤᠮᠠᠭᠴᠠ ᠰᠠᠭᠠᠷᠠᠯ ᠦᠭᠡᠢ ᠣᠮᠲᠣᠭᠠᠢᠯᠠᠯ ᠦᠭᠡᠢ ᠪᠡᠷ ᠴᠡᠷᠢᠭ ᠢᠯᠡᠭᠡᠭᠰᠡᠨ ᠢᠨᠦ᠂ ᠡᠷᠳᠡᠮᠲᠡᠨ ᠰᠠᠢᠳ ᠠᠨᠤ ᠨᠠᠢᠷᠠᠮᠳᠠᠭᠤ ᠡᠶᠡᠯᠰᠡᠭ ᠪᠥᠭᠡᠳ ᠰᠠᠭᠠᠷᠠᠨ ᠬᠣᠴᠣᠷᠬᠤ ᠦᠭᠡᠢ ᠨᠤᠲᠠᠳᠠ ᠴᠢᠭᠢᠷᠠᠭ ᠬᠡᠮᠡᠭᠰᠡᠨ – ᠲᠡᠷᠡ ᠴᠢᠭᠢᠷᠠᠭ ᠪᠣᠯᠤᠭᠰᠠᠨ ᠦᠭᠡᠢ ᠦᠦ ? ᠵᠢᠴᠢ ᠨᠠᠢ᠍ᠮᠠᠨ ᠠᠢᠮᠠᠭ ᠤ᠋ᠨ ᠵᠠᠩᠵᠤᠨ ᠬᠤᠯᠠᠰᠤᠪᠴᠢ ᠶ᠋ᠢᠨ ᠥᠪᠡᠷ ᠦ᠋ᠨ ᠡᠵᠡᠨ ᠪᠠ ᠥᠪᠡᠷ ᠦ᠋ᠨ ᠤᠯᠤᠰ ᠢ᠋ᠶ᠋ᠠᠨ ᠡᠷᠬᠡᠪᠰᠢ ᠣᠯᠠᠨ ᠠ᠋ᠴᠠ ᠬᠡᠲᠦᠷᠡᠭᠦᠯᠵᠦ᠂ ᠨᠡᠢᠲᠡ ᠶ᠋ᠢ ᠡᠵᠡᠯᠡᠭᠦᠯᠦᠨ ᠳᠠᠢᠶᠠᠩ ᠬᠠᠭᠠᠨ ᠤ᠋ ᠲᠡᠭᠦᠨ ᠦ᠌ ᠪᠡᠶ᠎ᠡ ᠶ᠋ᠢ ᠥᠷᠥᠰᠢᠶᠡᠭᠰᠡᠨ ᠬᠡᠰᠢᠭ ᠲᠣᠷ ᠦᠬᠦᠨ ᠬᠠᠷᠢᠭᠤᠯᠠᠰᠤᠭᠠᠢ ᠭᠡᠮᠡᠨ ᠥᠪᠡᠷ ᠦ᠋ᠨ ᠡᠵᠡᠨ ᠢ᠋ᠶ᠋ᠡᠨ ᠵᠠᠭᠤᠨ ᠵᠦᠢᠯ ᠢ᠋ᠶ᠋ᠡᠷ ᠥᠪᠡᠷᠴᠢᠯᠡᠨ ᠦᠵᠡᠵᠦ᠂ ᠭᠠᠳᠠᠭᠠᠳᠤ ᠤᠯᠤᠰ ᠨᠠᠷ ᠢ᠋ ᠡᠯᠰᠡᠨ ᠬᠤᠮᠪᠢᠬᠤ ᠠᠨᠤ᠂ ᠡᠵᠡᠨ ᠦ᠌ ᠡᠯ᠎ᠡ ᠵᠦᠢᠯ ᠲᠡᠭᠦᠨ ᠦ᠌ ᠰᠡᠳᠬᠢᠯ ᠢ᠋ᠶ᠋ᠡᠷ ᠪᠤᠷᠤᠭᠤ ᠦᠯᠦ ᠰᠠᠨᠠᠭᠳᠠᠨ ᠴᠥᠮ ᠶᠣᠰᠣᠲᠠᠢ ᠬᠡᠮᠡᠵᠦ ᠪᠣᠳᠣᠭᠳᠠᠬᠤ ᠠᠨᠤ ᠡᠵᠡᠨ ᠳ᠋ᠡᠭᠡᠨ ᠵᠢᠷᠤᠮᠲᠠᠢ ᠰᠠᠢᠳ ᠪᠣᠯᠠᠢ᠃ ᠬᠦᠴᠦᠨ ᠦᠯᠦ ᠬᠦᠷᠦᠯᠴᠡᠪᠡᠴᠦ ᠡᠵᠡᠨ ᠢ᠋ᠶ᠋ᠡᠨ ᠡᠩᠭᠡᠷ ᠢ᠋ ᠡᠵᠡᠯᠡᠭᠦᠯᠰᠦᠭᠡᠢ ᠬᠡᠮᠡᠭᠰᠡᠨ ᠢᠨᠦ᠂ ᠤᠯᠤᠰ ᠲᠤᠷ ᠶᠣᠰᠣ ᠠᠪᠠᠰᠤ ᠬᠡᠳᠦᠢᠪᠡᠷ ᠪᠣᠭᠣᠭᠳᠠᠨ ᠳᠠᠷᠤᠭᠳᠠᠪᠠᠴᠤ ᠦᠯᠦ ᠬᠤᠪᠢᠰᠬᠤ ᠶ᠋ᠢᠨ ᠨᠤᠲᠠᠳᠠ ᠴᠢᠭᠢᠷᠠᠭ ᠪᠣᠯᠤᠭᠰᠠᠨ ᠪᠤᠰᠤ ᠤᠤ ? ᠵᠢᠴᠢ ᠨᠠᠢ᠍ᠮᠠᠨ ᠤ᠋ ᠮᠥᠩᠭᠥᠯᠵᠢ ᠰᠠᠢᠳ᠂ ᠳ᠋ᠠᠲᠠᠳᠣᠩᠭᠠ᠂ ᠪᠠᠰᠠ ᠸᠠᠩᠬᠦᠪ ᠦ᠋ᠨ ᠳᠠᠴᠢᠩᠬᠤᠷᠯᠤ᠂ ᠪᠦᠲᠦᠨ᠎ᠡ ᠶ᠋ᠢᠨ ᠢᠯᠠᠭᠤᠭᠰᠠᠨ ᠡᠨᠡ ᠳᠥᠷᠪᠡᠨ ᠬᠥᠮᠦᠨ ᠦ᠌ ᠪᠣᠯᠭᠣᠮᠵᠢ ᠰᠡᠷᠡᠮᠵᠢ ᠲᠥᠪ ᠤᠬᠠᠭᠠᠨ ᠲᠠᠢ ᠠᠨᠤ ᠳᠤᠮᠳᠠᠳᠤ ᠪᠠᠷ ᠵᠣᠭᠰᠣᠵᠤ ᠦᠯᠦ ᠬᠡᠯᠪᠡᠷᠢᠬᠦ ᠡᠭᠦᠷᠢᠳᠡ ᠶ᠋ᠢᠨ ᠴᠢᠭᠢᠷᠠᠭ ᠲᠤᠷ ᠪᠠᠭᠲᠠᠵᠤᠬᠤᠢ᠃ ᠭᠠᠭᠴᠠ ᠡᠭᠦᠨ ᠦ᠌ ᠳᠣᠲᠣᠷ᠎ᠠ ᠮᠠᠰᠢ ᠢᠨᠢᠶᠡᠯᠲᠡᠢ ᠬᠣᠶᠠᠷ ᠴᠢᠭᠢᠷᠠᠭ ᠢ᠋ ᠴᠥᠮ ᠴᠢᠳᠠᠭᠰᠠᠨ ᠬᠣᠶᠠᠷ ᠬᠥᠮᠦᠨ ᠪᠣᠢ᠃ ᠡᠮᠦᠨ᠎ᠡ ᠤᠮᠠᠷ᠎ᠠ ᠶ᠋ᠢᠨ ᠬᠣᠶᠠᠷ ᠴᠢᠭᠢᠷᠠᠭ ᠢ᠋ ᠠᠯᠢ ᠬᠣᠶᠠᠷ ᠬᠥᠮᠦᠨ ᠴᠥᠮ ᠴᠢᠳᠠᠪᠠ ? ᠬᠡᠮᠡᠪᠡᠰᠦ : ᠡᠷ᠎ᠡ ᠡᠴᠡ ᠨᠠᠢ᠍ᠮᠠᠨ ᠤ᠋ ᠢᠳᠡᠷ ᠳᠣᠪᠣ ᠲᠡᠨᠡᠭ ᠨᠢᠭᠡ᠂ ᠡᠬᠡᠨᠡᠷ ᠡᠴᠡ ᠬᠡᠷᠡᠢᠳ ᠦ᠋ᠨ ᠰᠣᠯᠤᠩᠭᠤᠸ᠎ᠠ ᠥᠬᠢᠨ ᠨᠢᠭᠡ ᠃ ᠬᠣᠶᠠᠷ ᠬᠥᠮᠦᠨ ᠤᠯᠤᠰ ᠲᠤᠷ ᠶᠣᠰᠣᠲᠠᠢ ᠴᠤ᠌ ᠶᠣᠰᠣ ᠦᠭᠡᠢ ᠴᠦ᠍ ᠴᠥᠮ ᠡᠰᠡ ᠬᠤᠪᠢᠰᠪᠠ᠃ ᠠᠭᠤᠳᠠᠮ ᠵᠥᠭᠡᠯᠡᠨ ᠢ᠋ᠶ᠋ᠡᠷ ᠵᠢᠭᠠᠨ ᠰᠤᠷᠭᠠᠬᠤ ᠪᠠ ᠲᠡᠮᠦᠷ ᠦ᠋ᠨ ᠢᠷ᠂ ᠰᠢᠷᠢ ᠳᠡᠭᠡᠰᠦ ᠶ᠋ᠢᠨ ᠲᠦᠭᠰᠢᠯ ᠡᠨᠡ ᠬᠣᠶᠠᠷ ᠤ᠋ᠨ ᠠᠯᠢᠨ ᠳ᠋ᠤ᠌ ᠴᠤ᠌ ᠴᠥᠮ ᠬᠤᠪᠢᠰᠤᠭᠰᠠᠨ ᠦᠭᠡᠢ᠂ ᠪᠣᠭᠣᠭᠳᠠᠨ ᠳᠠᠷᠤᠭᠳᠠᠬᠤ ᠶ᠋ᠢ ᠨᠡᠩ ᠬᠡᠯᠡᠯᠴᠡᠬᠦ ᠡᠴᠡ ᠭᠠᠳᠠᠨ᠎ᠠ᠂ ᠡᠮᠦᠨ᠎ᠡ ᠤᠮᠠᠷ᠎ᠠ ᠶ᠋ᠢᠨ ᠴᠢᠭᠢᠷᠠᠭ ᠢ᠋ ᠴᠥᠮ ᠪᠦᠷᠢᠳᠬᠡᠵᠦᠬᠦᠢ᠃ ᠰᠣᠯᠤᠩᠭᠤᠸ᠎ᠠ ᠥᠬᠢᠨ ᠡᠮᠦᠨ᠎ᠡ ᠴᠢᠭᠢᠷᠠᠭ ᠢ᠋ ᠡᠵᠡᠯᠡᠪᠡ᠃ ᠢᠳᠡᠷ ᠳᠣᠪᠣ ᠬᠣᠢᠲᠤ ᠴᠢᠭᠢᠷᠠᠭ ᠢ᠋ ᠡᠷᠬᠢᠯᠡᠵᠦᠬᠦᠢ᠃ ᠰᠣᠯᠤᠩᠭᠤᠸ᠎ᠠ ᠥᠬᠢᠨ ᠳᠤᠮᠳᠠᠳᠤ ᠳ᠋ᠤᠷ ᠵᠣᠭᠰᠣᠵᠤ ᠦᠯᠦ ᠬᠡᠯᠪᠡᠷᠢᠨ ᠨᠤᠲᠠᠳᠠ ᠴᠢᠭᠢᠷᠠᠭ ᠢ᠋ᠶ᠋ᠠᠷ ᠠᠯᠲᠠᠨᠱᠠᠭ᠎ᠠ ᠬᠦᠷᠭᠡᠨ ᠢ᠋ᠶ᠋ᠡᠨ ᠬᠦᠯᠢᠶᠡᠪᠡ᠃ ᠢᠳᠡᠷ ᠳᠣᠪᠣ ᠲᠡᠮᠦᠷ ᠢᠷ ᠲᠣᠷ ᠥᠩᠬᠥᠷᠢᠵᠦ ᠲᠦᠷᠢᠮᠡᠬᠡᠢ ᠴᠢᠭᠢᠷᠠᠭ ᠢ᠋ᠶ᠋ᠠᠷ ᠤᠯᠤᠰ ᠲᠥᠷᠥ ᠳ᠋ᠦ᠍ᠷ ᠢ᠋ᠶ᠋ᠡᠨ ᠵᠢᠳᠬᠦᠪᠡ᠃ ᠰᠡᠴᠡᠨ ᠮᠡᠷᠭᠡᠳ ᠦ᠋ᠨ ᠡᠰᠡ ᠴᠢᠳᠠᠬᠤ ᠶ᠋ᠢ ᠲᠡᠨᠡᠭ ᠴᠢᠬᠡᠴᠢ ᠬᠠᠷᠢᠨ ᠴᠢᠳᠠᠵᠤᠬᠤᠢ᠃ ᠢᠨᠢᠶᠡᠯᠲᠡᠢ ᠰᠣᠨᠢᠨ ᠪᠢᠰᠢ ᠦᠦ ? ᠬᠡᠮᠡᠪᠡᠢ᠃