ᠣᠨᠢᠰᠤᠭ᠎ᠠ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ < ᠪᠥᠬᠥ ᠲᠡᠪᠲᠡᠷ > Оньсого - Чо ᠂ Дугаржав эмхэтгэн найруулав < Бөх дэвтэр>
ᠣᠨᠢᠰᠤᠭ᠎ᠠ - < ᠪᠥᠬᠥ ᠲᠡᠪᠲᠡᠷ >
ᠪᠠᠷᠭᠤ ᠰᠣᠶᠣᠯ ᠴᠤᠪᠤᠷᠠᠯ ᠪᠢᠴᠢᠭ ①
ᠣᠨᠢᠰᠣᠭ᠎ᠠ
ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ
ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ
ᠡᠮᠦᠨᠡᠬᠢ ᠦᠭᠡ
ᠥᠩᠭᠡᠷᠡᠭᠰᠡᠨ ᠳ᠋ᠦ᠍ ᠪᠠᠷᠭᠤᠴᠤᠳ ᠡᠳᠦᠷ ᠦ᠋ᠨ ᠠᠵᠢᠯ ᠢ᠋ᠶ᠋ᠠᠨ ᠳᠠᠭᠤᠰᠴᠤ ᠣᠷᠣᠢ ᠶ᠋ᠢᠨ ᠬᠣᠭᠣᠯᠠ ᠪᠠᠨ ᠢᠳᠡᠭᠡᠳ᠂ ᠤᠨᠲᠠᠬᠤ ᠦᠶ᠎ᠡ ᠳ᠋ᠡᠭᠡᠨ ᠪᠦᠬᠦ ᠭᠡᠷ ᠦ᠋ᠨ ᠬᠡᠦᠬᠡᠳ ᠬᠥᠭᠰᠢᠳ ᠪᠦᠭᠦᠳᠡᠭᠡᠷ ᠢ᠋ᠶ᠋ᠡᠨ ᠬᠣᠨᠣᠭᠰᠠᠨ ᠠᠢᠯᠴᠢᠨ ᠲᠠᠢ ᠪᠠᠨ ᠬᠠᠮᠲᠤ ᠪᠠᠷ ᠦᠯᠢᠭᠡᠷ ᠣᠨᠢᠰᠣᠭ᠎ᠠ ᠬᠡᠯᠡᠯᠴᠡᠨ ᠮᠥᠷᠥᠢᠴᠡᠳᠡᠭ ᠪᠢᠯᠡ᠃
ᠣᠨᠢᠰᠣᠭ᠎ᠠ ᠬᠡᠯᠡᠯᠴᠡᠬᠦ ᠳ᠋ᠡᠭᠡᠨ ᠲᠠᠢᠯᠵᠤ ᠴᠢᠳᠠᠬᠤ ᠦᠭᠡᠢ ᠪᠣᠯ ᠣᠨᠢᠰᠣᠭ᠎ᠠ ᠪᠠᠷ ᠰᠣᠯᠢᠭ᠎ᠠ ᠬᠢᠬᠦ ᠪᠤᠶᠤ ᠡᠴᠦᠰ ᠦ᠋ᠨ ᠳ᠋ᠦᠩ ᠳ᠋ᠦ᠍ ᠳᠡᠢᠯᠦᠭᠰᠡᠨ ᠨᠢ ᠳᠡᠢᠯᠦᠭᠳᠡᠭᠰᠡᠨ ᠢ᠋ᠶ᠋ᠡᠨ《ᠭᠣᠨᠵᠢᠯᠠᠳᠠᠭ》 ᠪᠢᠯᠡ᠃
ᠣᠳᠣ᠂ ᠣᠯᠠᠨ ᠰᠠᠢᠬᠠᠨ ᠣᠨᠢᠰᠣᠭ᠎ᠠ ᠬᠡᠯᠡᠬᠦ ᠬᠥᠮᠦᠨ ᠦᠭᠡᠢ ᠪᠣᠯᠤᠭᠠᠳ ᠮᠠᠯᠴᠢᠨ ᠠᠷᠠᠳ ᠤ᠋ᠨ ᠣᠶᠤᠨ ᠪᠢᠯᠢᠭ ᠦ᠋ᠨ ᠴᠡᠴᠡᠨ ᠴᠡᠮᠴᠡᠭᠡᠷ ᠢ᠋ ᠭᠠᠢᠬᠠᠭᠤᠯᠤᠭᠰᠠᠨ ᠣᠨᠢᠰᠣᠭ᠎ᠠ ᠨᠤᠭᠤᠳ ᠮᠠᠷᠲᠠᠭᠳᠠᠵᠤ ᠣᠷᠬᠢᠭᠳᠠᠵᠠᠢ᠃ ᠮᠣᠩᠭᠣᠯ ᠰᠣᠶᠣᠯ ᠤ᠋ᠨ ᠪᠠᠶᠠᠨ ᠥᠪ ᠦ᠋ᠨ ᠪᠦᠷᠢᠯᠳᠦᠬᠦᠨ ᠪᠣᠯᠤᠭᠰᠠᠨ ᠣᠨᠢᠰᠣᠭ᠎ᠠ ᠶ᠋ᠢ ᠦᠷ᠎ᠡ ᠬᠣᠢᠴᠢ ᠳ᠋ᠠᠭᠠᠨ ᠥᠪᠯᠡᠵᠦ ᠦᠯᠡᠳᠡᠭᠡᠬᠦ ᠵᠣᠷᠢᠯᠭ᠎ᠠ ᠪᠠᠷ᠂ ᠥᠪᠡᠷ ᠦ᠋ᠨ ᠤᠳᠠᠭᠠᠨ ᠣᠨ ᠴᠤᠭᠯᠠᠭᠤᠯᠤᠭᠰᠠᠨ ᠣᠨᠢᠰᠣᠭ᠎ᠠ ᠨᠤᠭᠤᠳ ᠤ᠋ᠨ ᠳᠡᠭᠡᠷ᠎ᠡ ᠲᠣᠷᠵᠢᠫᠠᠯᠮᠡ᠂ ᠨ ᠂ ᠵᠣᠨᠲᠣᠢ ᠨᠠᠷ ᠤ᠋ᠨ ᠴᠤᠭᠯᠠᠭᠤᠯᠭ᠎ᠠ ᠶ᠋ᠢ ᠨᠡᠮᠡᠭᠡᠳ ᠡᠨᠡ ᠬᠦ᠌ ᠵᠢᠵᠢᠭ ᠲᠣᠪᠬᠢᠮᠠᠯ ᠢ᠋《ᠪᠠᠷᠭᠤ ᠰᠣᠶᠣᠯ ᠴᠤᠪᠤᠷᠠᠯ ᠪᠢᠴᠢᠭ》 ᠦ᠋ᠨ ᠨᠢᠭᠡ ᠪᠣᠯᠭᠠᠨ ᠬᠡᠪᠯᠡᠭᠦᠯᠪᠡ᠃
ᠡᠨᠳᠡ ᠣᠨᠴᠠᠯᠠᠨ ᠳᠤᠷᠠᠳᠬᠤ ᠨᠢᠭᠡᠨ ᠶᠠᠪᠤᠳᠠᠯ ᠭᠡᠪᠡᠯ᠂ ᠬᠥᠯᠥᠨ ᠪᠤᠢᠷ ᠳᠡᠭᠡᠳᠦ ᠰᠤᠷᠭᠠᠭᠤᠯᠢ ᠶ᠋ᠢᠨ《ᠨᠡᠭᠦᠳᠡᠯ ᠰᠣᠶᠣᠯ ᠰᠤᠳᠤᠯᠬᠤ ᠭᠠᠵᠠᠷ》 ᠨᠢ ᠪᠠᠷᠭᠤ ᠰᠣᠶᠣᠯ ᠤ᠋ᠨ ᠪᠠᠶᠠᠯᠢᠭ ᠥᠪ ᠢ᠋ ᠴᠤᠭᠯᠠᠭᠤᠯᠵᠤ ᠡᠮᠬᠢᠳᠬᠡᠬᠦ᠂ ᠰᠤᠳᠤᠯᠵᠤ ᠲᠠᠨᠢᠯᠴᠠᠭᠤᠯᠬᠤ᠂ ᠬᠡᠪᠯᠡᠭᠦᠯᠵᠦ ᠲᠠᠷᠬᠠᠭᠠᠬᠤ ᠶ᠋ᠢ ᠰᠤᠳᠤᠯᠬᠤ ᠭᠠᠵᠠᠷ ᠤ᠋ᠨ ᠢ᠋ᠶ᠋ᠠᠨ ᠴᠢᠬᠤᠯᠠ ᠨᠢᠭᠡᠨ ᠠᠵᠢᠯ ᠤ᠋ᠨ ᠴᠢᠭᠯᠡᠯ ᠪᠣᠯᠭᠠᠵᠤ᠂ ᠨᠠᠮᠠᠶ᠋ᠢ ᠰᠤᠳᠤᠯᠬᠤ ᠭᠠᠵᠠᠷ ᠲᠠᠭᠠᠨ ᠣᠨᠴᠠ ᠤᠷᠢᠭᠰᠠᠨ ᠰᠤᠳᠤᠯᠤᠭᠴᠢ ᠪᠠᠷ ᠵᠠᠯᠠᠭᠰᠠᠨ ᠤ᠋ ᠬᠠᠮᠲᠤ ᠲᠤᠰ ᠴᠤᠪᠤᠷᠠᠯ ᠪᠢᠴᠢᠭ ᠦ᠋ᠨ ᠬᠡᠪᠯᠡᠭᠳᠡᠬᠦ ᠳ᠋ᠦ᠍ ᠣᠯᠠᠨ ᠲᠠᠯ᠎ᠠ ᠶ᠋ᠢᠨ ᠲᠤᠰᠠᠯᠠᠮᠵᠢ ᠦᠵᠡᠭᠦᠯᠦᠭᠰᠡᠨ ᠪᠠᠢᠨ᠎ᠠ᠃
ᠴᠣ᠂ ᠳᠤᠭᠠᠷᠵᠠᠪ
2004 ᠣᠨ ᠤ᠋ 4 ᠰᠠᠷ᠎ᠠ
– – – – ᠨᠣᠮ ᠤᠨ ᠠᠷᠤ ᠬᠠᠭᠤᠳᠠᠰᠤ
ᠪᠠᠷᠭᠤ ᠰᠣᠶᠣᠯ ᠴᠤᠪᠤᠷᠠᠯ ᠪᠢᠴᠢᠭ ①
ᠣᠨᠢᠰᠣᠭ᠎ᠠ
ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ
ᠥᠪᠥᠷ ᠮᠣᠩᠭᠣᠯ ᠤ᠋ᠨ ᠰᠣᠶᠣᠯ ᠤ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠲᠠᠷᠬᠠᠭᠠᠪᠠ
ᠲᠦᠩᠯᠢᠶᠣᠣ ᠳ᠋ᠠᠬᠢ ᠵᠡᠭᠦᠨ ᠬᠣᠢᠲᠤ ᠶ᠋ᠢᠨ ᠨᠡᠭᠦᠷᠡᠰᠦ ᠭᠠᠵᠠᠷ ᠰᠢᠨᠵᠢᠯᠡᠭᠡᠨ ᠦ᠌
ᠮᠡᠷᠭᠡᠵᠢᠯ ᠦ᠋ᠨ ᠰᠤᠷᠭᠠᠭᠤᠯᠢ ᠶ᠋ᠢᠨ ᠬᠡᠪᠯᠡᠬᠦ ᠦᠢᠯᠡᠳᠪᠦᠷᠢ ᠬᠡᠪᠯᠡᠪᠡ
ᠬᠠᠷᠢᠭᠤᠴᠠᠭᠰᠠᠨ ᠨᠠᠢᠷᠠᠭᠤᠯᠤᠭᠴᠢ᠄ ᠪᠣᠷᠤᠨᠤᠳ ᠳᠣᠷᠵᠢ
ᠬᠠᠪᠢᠰᠤ ᠶ᠋ᠢ ᠤᠷᠠᠯᠠᠨ ᠴᠢᠮᠡᠭᠴᠢ᠄ ᠬᠤ᠌ ᠰᠢᠦ ᠵᠢᠶᠧ
2004 ᠣᠨ ᠤ᠋ 6 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
2004 ᠣᠨ ᠤ᠋ 6 ᠰᠠᠷ᠎ᠠ ᠳ᠋ᠤ᠌ ᠠᠩᠬ᠎ᠠ ᠤᠳᠠᠭ᠎ᠠ ᠬᠡᠪᠯᠡᠪᠡ
ᠬᠡᠪᠯᠡᠭᠦᠯᠦᠭᠰᠡᠨ ᠲᠣᠭ᠎ᠠ᠄ 1 — 1000 ᠳᠡᠪᠲᠡᠷ
ISBN7—80675—277—3/I·128
– – – – – –
ᠦᠰᠦᠭ ᠠᠮᠢᠯᠠᠭᠤᠯᠤᠭᠴᠢ᠄ ᠣᠷᠢᠶᠠᠩᠬᠠᠨ ᠡᠩᠬᠡᠪᠠᠲᠤ
ᠬᠢᠨᠠᠭᠴᠢ᠄ ᠪᠠᠶᠠᠷᠴᠡᠴᠡᠭ ᠪᠠᠭᠰᠢ
2024 04 20 ~ 29















