ᠣᠨᠢᠰᠤᠭ᠎ᠠ – ᠢ‍ ᠂ ᠣ ᠂ ᠤ  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – И᠂О᠂Угийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠢ‍ ᠂ ᠣ ᠂ ᠤ  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – И᠂О᠂Угийн аймаг - Чо ᠂ Дугаржав эмхэтгэн найруулав

ᠣᠨᠢᠰᠤᠭ᠎ᠠ – ᠢ‍ ᠂ ᠣ ᠂ ᠤ  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – И᠂О᠂Угийн аймаг - Чо ᠂ Дугаржав эмхэтгэн найруулав

ᠠᠩᠭᠢᠯᠠᠯ:ᠣᠨᠢᠰᠤᠭ᠎ᠠ
2024-04-21

2239


          ᠢ‍
 ᠢᠩ ᠠᠪᠳᠠᠷ᠎ᠠ ᠭᠦᠨ ᠴᠣᠣᠵᠢ ᠲᠠᠢ   
      ( ᠬᠥᠮᠦᠨ ᠦ᠌ ᠰᠠᠨᠠᠭ᠎ᠠ )  

 ᠢᠰᠡᠭᠡᠢ ᠲᠣᠯᠣᠭᠠᠢ ᠲᠠᠢ ᠬᠦᠦ 
 ᠡᠴᠢᠭᠡ ᠶ᠋ᠢᠨ ᠢ᠋ᠶ᠋ᠡᠨ ᠭᠡᠳᠡᠰᠦ ᠶ᠋ᠢ ᠠᠯᠠᠭᠠᠳᠠᠨ᠎ᠠ 
      ( ᠬᠡᠩᠭᠡᠷᠭᠡ ᠴᠣᠬᠢᠬᠤ )  

 ᠢᠳᠡᠳᠡᠭ ᠨᠢ ᠢᠷᠭᠡ ᠰᠡᠷᠬᠡ 
 ᠬᠣᠨᠣᠳᠠᠭ ᠨᠢ ᠬᠣᠩᠬᠢᠶ᠎ᠠ    
      ( ᠬᠢᠲᠤᠭ᠎ᠠ )  

 ᠢᠳᠡᠪᠡᠴᠦ ᠠᠮᠠ ᠪᠠᠨ ᠬᠡᠷᠡᠭᠯᠡᠬᠦ ᠦᠭᠡᠢ 
 ᠶᠠᠳᠠᠷᠠᠪᠠᠴᠤ ᠬᠥᠯ ᠢ᠋ᠶ᠋ᠡᠨ ᠬᠥᠳᠡᠯᠭᠡᠬᠦ ᠦᠭᠡᠢ 
 ᠭᠣᠣᠯ ᠪᠣᠯᠪᠠᠴᠤ ᠤᠰᠤ ᠦᠭᠡᠢ 
 ᠭᠣᠮᠣᠳᠠᠯ ᠲᠠᠢ ᠪᠣᠯᠪᠠᠴᠤ ᠨᠢᠯᠪᠤᠰᠤ ᠦᠭᠡᠢ  
      ( ᠬᠢᠲᠠᠳ ᠰᠢᠲᠠᠷ᠎ᠠ )  

 ᠢᠷᠡᠭᠰᠡᠨ ᠭᠡᠢᠴᠢᠨ ᠰᠢᠲᠦ ᠦᠭᠡᠢ 
 ᠲᠠᠯᠪᠢᠭᠰᠠᠨ ᠮᠢᠬ᠎ᠠ ᠶᠠᠰᠤ ᠦᠭᠡᠢ     
      ( ᠨᠢᠯᠬ᠎ᠠ ᠬᠡᠦᠬᠡᠳ᠂ ᠮᠥᠮᠥ)     

        ᠣ 4 
 ᠣᠭᠲᠠᠷᠭᠤᠢ ᠠ᠋ᠴᠠ ᠡᠯᠭᠦᠭᠰᠡᠨ 
 ᠣᠭᠣᠰᠣᠷ ᠦᠭᠡᠢ ᠬᠥᠰᠢᠭᠡ 
 ᠣᠯᠠᠨ ᠶᠠᠩᠵᠤ ᠪᠠᠷ ᠬᠤᠪᠢᠷᠠᠳᠠᠭ  
 ᠤᠷᠠᠯᠠᠭᠰᠠᠨ ᠦᠭᠡᠢ ᠵᠢᠷᠤᠭ     
      ( ᠡᠭᠦᠯᠡ )  

 ᠣᠯᠠᠨ ᠲᠡᠮᠡᠭᠡᠨ ᠳᠣᠲᠣᠷ᠎ᠠ 
 ᠣᠩᠭᠣᠷᠬᠠᠢ ᠬᠠᠷ᠎ᠠ ᠪᠤᠤᠷ᠎ᠠ     
      ( ᠲᠣᠭᠣᠨᠣ)  

 ᠣᠯᠣᠭᠠᠢ ᠮᠤᠬᠤᠷ ᠡᠬᠡ ᠲᠡᠢ 
 ᠣᠷᠣᠭᠴᠢᠨ ᠭᠠᠷᠤᠭᠴᠢᠨ ᠡᠴᠢᠭᠡ ᠲᠡᠢ 
 ᠣᠯᠠᠨ ᠰᠢᠷ᠎ᠠ ᠬᠡᠦᠬᠡᠳ ᠲᠡᠢ  
      ( ᠣᠭᠣᠷ᠂ ᠰᠦᠬᠡ᠂ ᠴᠠᠢ)  

 ᠣᠳᠣᠢᠯᠠᠢ ᠮᠣᠳᠣᠨ ᠳ᠋ᠤ᠌ 
 ᠲᠣᠳᠣᠢᠯᠠᠢ ᠰᠢᠪᠠᠭᠤ   
      ( ᠬᠤᠷᠤᠭᠤᠪᠴᠢ)  

 ᠣᠷᠣᠢ ᠳᠡᠭᠡᠷ᠎ᠡ ᠸᠴᠢᠷ᠂ 
 ᠸᠴᠢᠷ ᠬᠠᠨ ᠤ᠋ ᠳᠡᠪᠢᠭᠦᠷ 
 ᠪᠡᠭᠡᠵᠢᠩ ᠬᠣᠶᠠᠷ ᠴᠣᠩᠬᠣ᠂ 
 ᠪᠢᠯᠢᠭ ᠦ᠋ᠨ ᠬᠣᠶᠠᠷ ᠳᠠᠯᠠᠪᠴᠢ᠂ 
 ᠣᠶᠣᠳᠠᠯ ᠦᠭᠡᠢ ᠳᠡᠪᠡᠯ᠂ 
 ᠵᠠᠯᠭᠠᠭ᠎ᠠ ᠦᠭᠡᠢ ᠳᠡᠭᠡᠰᠦ 
 ᠵᠠᠳᠠᠭᠠᠢ ᠬᠠᠢᠯᠠᠰᠤᠨ ᠲᠠᠰᠢᠭᠤᠷ   
      ( ᠦᠬᠡᠷ ᠦ᠋ᠨ ᠡᠪᠡᠷ᠂ ᠴᠢᠬᠢ᠂ ᠨᠢᠳᠦ᠂ ᠬᠠᠮᠠᠷ ᠤ᠋ᠨ ᠨᠦᠬᠡ᠂ ᠠᠷᠠᠰᠤ᠂ ᠦᠰᠦ᠂ ᠰᠡᠭᠦᠯ )  

        ᠣ 5  
 ᠤᠤᠬᠠᠢ ᠲᠤᠤᠬᠠᠢ ᠪᠠᠭᠠᠲᠤᠷ 
 ᠤᠭᠤᠴᠠ ᠳᠤᠮᠳᠠᠭᠤᠷ ᠢ᠋ᠶ᠋ᠠᠨ ᠲᠠᠰᠤᠷᠬᠠᠢ ᠪᠠᠭᠠᠲᠤᠷ 
 ᠬᠠᠳᠠᠨ ᠳ᠋ᠤ᠌ ᠬᠠᠯᠲᠤᠷᠢᠬᠤ ᠦᠭᠡᠢ ᠪᠠᠭᠠᠲᠤᠷ 
 ᠬᠠᠷᠪᠤᠬᠤ ᠳ᠋ᠤ᠌ ᠣᠨᠣᠭᠳᠠᠬᠤ ᠦᠭᠡᠢ ᠪᠠᠭᠠᠲᠤᠷ    
      ( ᠰᠢᠷᠭᠤᠯᠵᠢ )  

 ᠣᠨᠢ ᠦᠭᠡᠢ ᠭᠡᠷ  ᠲᠤ
 ᠤᠲᠤᠭ᠎ᠠ ᠦᠭᠡᠢ ᠭᠠᠯ    
      ( ᠤᠯᠠ )  

 ᠤᠬᠢᠶᠠᠬᠤ ᠦᠭᠡᠢ ᠪᠣᠯ ᠤᠤᠭᠤᠵᠤ ᠪᠣᠯᠤᠨ᠎ᠠ 
 ᠤᠬᠢᠶᠠᠪᠠᠯ ᠤᠤᠭᠤᠵᠤ ᠪᠣᠯᠬᠤ ᠦᠭᠡᠢ 
 ᠤᠬᠢᠶᠠᠬᠤ ᠦᠭᠡᠢ ᠪᠣᠯ ᠠᠷᠢᠭᠤᠨ 
 ᠤᠬᠢᠶᠠᠪᠠᠯ ᠪᠤᠵᠠᠷ       
      ( ᠤᠰᠤ )  

 ᠤᠯᠠᠭᠠᠨ ᠨᠢᠳᠦ ᠲᠡᠢ 
 ᠣᠬᠣᠷ ᠰᠡᠭᠦᠯ ᠲᠡᠢ 
 ᠤᠷᠲᠤ ᠴᠢᠬᠢ ᠲᠡᠢ 
 ᠴᠠᠭᠠᠨ ᠳᠡᠪᠡᠯ ᠲᠡᠢ       
      ( ᠲᠠᠤᠯᠠᠢ)  

 ᠤᠯᠠᠭᠠᠨ ᠢᠮᠠᠭ᠎ᠠ ᠮᠠᠢ ᠮᠠᠢ 
 ᠤᠯᠬ᠎ᠡ ᠰᠢᠷᠭ᠎ᠠ ᠢ ᠣ   
      ( ᠯᠠᠮᠠ᠂ ᠴᠠᠩ )  

 ᠤᠯᠠᠭᠠᠨ ᠲᠤᠭᠤᠯ ᠤᠷᠤᠭᠤᠳᠠᠵᠤ ᠭᠦᠶᠦᠭᠡᠳ 
 ᠠᠭᠤᠯᠠᠨ ᠵᠡᠪᠡ ᠳ᠋ᠦ᠍ ᠣᠴᠢᠭᠠᠳ ᠲᠣᠭᠲᠠᠨ᠎ᠠ  
      ( ᠭᠤᠲᠤᠯ ᠡᠮᠦᠰᠬᠦ )  

 ᠤᠯᠠᠭᠠᠨ ᠲᠣᠷᠭᠠᠨ ᠳᠣᠲᠣᠷ ᠲᠠᠢ 
 ᠦᠵᠦᠮ ᠦ᠋ᠨ ᠰᠠᠢᠬᠠᠨ ᠠᠮᠲᠠ ᠲᠠᠢ 
 ᠬᠣᠷᠭᠣᠯ ᠬᠠᠷ᠎ᠠ ᠦᠷ᠎ᠡ ᠲᠡᠢ      
      ( ᠲᠠᠷᠪᠤᠰ )  

 ᠤᠯᠠᠭᠠᠨ ᠲᠠᠬᠢᠶ᠎ᠠ ᠨᠣᠭᠣᠭᠠᠨ ᠥᠷᠪᠡᠯᠭᠡ ᠲᠡᠢ    
      ( ᠮᠠᠩᠭᠢᠷ )  

 ᠤᠯᠠᠭᠠᠨ ᠦᠬᠡᠷ ᠬᠠᠷ᠎ᠠ ᠦᠬᠡᠷ ᠢ᠋ᠶ᠋ᠡᠨ ᠳᠣᠯᠢᠶᠠᠨ᠎ᠠ    
      ( ᠭᠠᠯ ᠲᠣᠭᠣᠭ᠎ᠠ )  

 ᠤᠯᠠᠭᠠᠨ ᠪᠢᠷᠠᠭᠤ ᠴᠠᠭᠠᠨ ᠬᠦᠵᠦᠭᠦᠪᠴᠢ ᠲᠡᠢ   
      ( ᠵᠢᠷᠦᠬᠡ )  

 ᠤᠯᠠᠭᠠᠨ ᠥᠷᠭᠥᠭᠡ ᠴᠠᠭᠠᠨ ᠬᠠᠶᠠᠭᠠᠪᠴᠢ ᠲᠠᠢ       
      (  ᠵᠢᠷᠦᠬᠡ )  

 ᠤᠯᠠᠭᠠᠨ ᠲᠣᠷᠭᠠᠨ ᠮᠠᠯᠠᠭᠠᠢ ᠲᠠᠢ 
 ᠤᠭᠤᠴᠠᠨ ᠳᠡᠭᠡᠷ᠎ᠡ ᠪᠡᠨ ᠰᠠᠨᠵᠢᠯᠭ᠎ᠠ ᠲᠠᠢ 
 ᠴᠠᠭᠠᠨ ᠬᠢᠯᠢᠩ ᠬᠤᠪᠴᠠᠰᠤ ᠲᠠᠢ 
 ᠴᠠᠭᠠᠰᠢ ᠨᠠᠭᠠᠰᠢ ᠨᠠᠬᠢᠯᠵᠠᠳᠠᠭ       
      ( ᠭᠠᠯᠠᠭᠤ )  

 ᠤᠯᠠᠭᠠᠨ ᠳᠠᠭ᠎ᠠ ᠪᠠᠷ ᠤᠭᠲᠤᠭᠤᠯᠵᠤ 
 ᠴᠠᠭᠠᠨ ᠳᠠᠭ᠎ᠠ ᠪᠠᠷ ᠴᠠᠪᠴᠢᠭᠤᠯᠵᠤ 
 ᠳᠠ ᠯᠠᠮᠠ ᠪᠠᠷ ᠲᠠᠭᠠᠷᠢᠭᠤᠯᠤᠭᠠᠳ 
 ᠲᠠᠢᠰᠠ ᠪᠦᠰᠡ ᠪᠡᠷ ᠰᠢᠷᠭᠤᠭᠤᠯᠤᠭᠠᠳ ᠬᠣᠷᠢᠨ ᠲᠣᠬᠣᠢ    
 ᠲᠣᠭᠣᠷᠢᠭᠤᠯᠤᠭᠠᠳ ᠬᠣᠢᠲᠤ ᠴᠣᠩᠬᠣ ᠪᠠᠷ ᠬᠠᠶᠠᠪᠠ  
      ( ᠬᠣᠭᠣᠯᠠ ᠢᠳᠡᠬᠦ᠂ ᠰᠢᠩᠭᠡᠭᠡᠬᠦ ᠢᠯᠭᠠᠷᠠᠭᠤᠯᠬᠤ)  

 ᠤᠯᠠᠭᠠᠨ ᠯᠠᠮᠠ ᠰᠢᠷ᠎ᠠ ᠯᠠᠮᠠ ᠪᠠᠨ ᠪᠠᠷᠢᠵᠤ ᠢᠳᠡᠨ᠎ᠡ  
      ( ᠵᠤᠯᠠ )  

 ᠤᠯᠠᠭᠠᠨ ᠪᠢᠷᠠᠭᠤ ᠶᠠᠰᠤᠨ ᠬᠣᠳᠣᠭᠣᠳᠣ ᠲᠠᠢ     
      ( ᠴᠢᠪᠠᠭ᠎ᠠ )  

 ᠤᠳᠤᠮ ᠢ᠋ᠶ᠋ᠠᠷ ᠢ᠋ᠶ᠋ᠠᠨ ᠣᠷᠣᠭ᠎ᠠ 
 ᠤᠨᠠᠭ᠎ᠠ ᠪᠠᠷ ᠢ᠋ᠶ᠋ᠠᠨ ᠵᠢᠷᠣᠭ᠎ᠠ   
      ( ᠢᠳᠤᠭᠤ )  

 ᠤᠶᠠᠬᠠᠨ ᠳᠠᠭᠤ ᠲᠠᠢ 
 ᠤᠲᠠᠰᠤᠨ ᠬᠣᠭᠣᠯᠠᠢ ᠲᠠᠢ   
      ( ᠬᠤᠭᠤᠷ )  

 ᠤᠷᠲᠤ ᠠ᠋ᠴᠠ ᠢᠷᠡᠭᠰᠡᠨ ᠤᠯᠠᠭᠠᠨ ᠨᠣᠶᠠᠨ  
 ᠤᠷᠲᠤ ᠬᠥᠯ ᠨᠢ ᠲᠠᠲᠠᠭᠤ ᠨᠣᠶᠠᠨ 
 ᠬᠣᠢᠨ᠎ᠠ ᠠ᠋ᠴᠠ ᠢᠷᠡᠭᠰᠡᠨ ᠬᠣᠪᠤᠨ ᠨᠣᠶᠠᠨ 
 ᠬᠣᠢᠲᠤ ᠬᠥᠯ ᠨᠢ ᠲᠠᠲᠠᠭᠤ ᠨᠣᠶᠠᠨ      
      ( ᠬᠦᠬᠦᠷ )  

 ᠤᠷᠭᠤᠬᠤ ᠨᠢ ᠨᠠᠷᠠᠨ ᠳ᠋ᠤ᠌ 
 ᠤᠨᠠᠬᠤ ᠨᠢ ᠰᠠᠯᠬᠢᠨ ᠳ᠋ᠤ᠌ 
 ᠦᠳᠡᠰᠢᠯᠡᠬᠦ ᠨᠢ ᠡᠷᠭᠢᠨ ᠳ᠋ᠦ᠍  
 ᠦᠬᠦᠬᠦ ᠨᠢ ᠭᠣᠣ ᠳ᠋ᠤ᠌       
      ( ᠬᠠᠮᠬᠤᠤᠯ )  

 ᠤᠷᠭᠤᠭ᠎ᠠ ᠮᠣᠳᠣᠨ ᠳ᠋ᠤ᠌ ᠡᠭᠦᠷᠯᠡᠳᠡᠭ ᠬᠠᠷ᠎ᠠ 
 ᠤᠴᠢᠷ ᠶᠠᠪᠤᠳᠠᠯ ᠳ᠋ᠤ᠌ ᠳᠤᠷᠠᠲᠠᠢ ᠬᠠᠷ᠎ᠠ 
 ᠤᠷᠤᠭᠤᠯ ᠠᠮᠠ ᠨᠢ ᠪᠤᠵᠠᠷ ᠬᠠᠷ᠎ᠠ 
 ᠤᠯᠠᠢ ᠦᠵᠡᠬᠦ ᠶ᠋ᠢ ᠬᠦᠰᠡᠳᠡᠭ ᠬᠠᠷ᠎ᠠ        
      ( ᠬᠡᠷᠢᠶ᠎ᠡ )  

 ᠤᠷᠲᠤ ᠰᠠᠢᠬᠠᠨ ᠤᠯᠢᠶᠠᠰᠤ 
 ᠤᠷᠠᠨ ᠰᠠᠢᠬᠠᠨ ᠰᠢᠨᠳᠠᠰᠤ 
 ᠳᠡᠪᠢᠭᠦᠷ ᠰᠠᠢᠲᠠᠢ ᠬᠠᠷᠴᠠᠭᠠᠢ 
 ᠳᠥᠷᠪᠡᠨ ᠬᠥᠯ ᠲᠡᠢ ᠰᠢᠷᠡᠭᠡ 
      ( ᠮᠣᠷᠢ ᠤᠷᠭᠠᠯᠠᠬᠤ )  

 ᠤᠷᠲᠤ ᠰᠠᠢᠬᠠᠨ ᠰᠣᠯᠣᠩᠭ᠎ᠠ 
 ᠤᠷᠭᠤᠮᠠᠯ ᠰᠠᠢᠬᠠᠨ ᠴᠡᠴᠡᠭ 
 ᠭᠠᠩ ᠭᠠᠯᠵᠠᠭᠤᠲᠤ ᠡᠷᠳᠡᠨᠢ 
 ᠭᠠᠢᠬᠠᠵᠤ ᠪᠣᠯᠬᠤ ᠦᠭᠡᠢ ᠲᠡᠨᠡᠭ   
      ( ᠠᠷᠭᠠᠮᠵᠢᠶ᠎ᠠ ᠭᠠᠳᠠᠰᠤ᠂ ᠮᠣᠷᠢ᠂ ᠯᠠᠩᠲᠤᠤ )  

      ᠦᠰᠦᠭ ᠠᠮᠢᠯᠠᠭᠤᠯᠤᠭᠴᠢ᠄ ᠡᠩᠬᠡᠪᠠᠲᠤ 
          ᠦᠰᠦᠭ ᠬᠢᠨᠠᠭᠴᠢ᠄ ᠪᠠᠶᠠᠷᠴᠡᠴᠡᠭ  
              2024  04  19