ᠣᠨᠢᠰᠤᠭ᠎ᠠ – ᠴᠠ᠂ ᠵᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Ча Жагийн аймаг - Чо ᠂ Дугаржав эмхэтгэн найруулав
ᠴᠠ ᠶ᠋ᠢᠨ ᠠᠢᠮᠠᠭ
ᠴᠢᠨᠠᠭᠰᠢ ᠢᠨᠠᠭᠰᠢ ᠲᠦᠯᠬᠢᠯᠡ
ᠬᠣᠯᠠ ᠮᠣᠷᠢ ᠬᠤᠳᠬᠤᠯᠠ
ᠬᠤᠳᠳᠤᠭ ᠤᠷᠤᠭᠤ ᠶ᠋ᠢᠨ ᠠᠨ ᠲᠦᠯᠬᠢᠯᠡ
( ᠬᠣᠭᠣᠯᠠ ᠢᠳᠡᠬᠦ )
ᠴᠢ ᠴᠢᠭᠢᠶᠡᠲᠦᠷᠦᠦ ᠪᠢ ᠴᠢᠭᠢᠶᠡᠲᠦᠷᠦᠦ
ᠤᠷᠲᠤ ᠤᠷᠲᠤ ᠠ᠋ᠴᠠ ᠪᠠᠨ ᠬᠠᠷᠠᠬᠤ ᠪᠠᠨ ᠪᠣᠯᠢᠶ᠎ᠠ
( ᠡᠮᠡᠭᠡᠯ ᠦ᠋ᠨ ᠪᠦᠭᠦᠷᠭᠡ )
ᠴᠢ ᠵᠡᠭᠦᠨᠰᠢ ᠪᠡᠨ ᠶᠠᠪᠤ
ᠪᠢ ᠪᠠᠷᠠᠭᠤᠨᠰᠢ ᠪᠠᠨ ᠶᠠᠪᠤᠶ᠎ᠠ
ᠪᠢᠯᠡᠭᠦᠲᠦ ᠶ᠋ᠢᠨ ᠭᠣᠣᠯ ᠳᠡᠭᠡᠷ᠎ᠡ ᠠᠭᠤᠯᠵᠠᠶ᠎ᠠ
( ᠪᠦᠰᠡᠯᠡᠭᠦᠷ )
ᠴᠢ ᠴᠢᠭᠢᠶᠡᠲᠦᠷᠦᠦ ᠪᠢ ᠴᠢᠭᠢᠶᠡᠲᠦᠷᠦᠦ
ᠪᠢᠯᠡᠭᠦᠲᠦ ᠶ᠋ᠢᠨ ᠭᠣᠣᠯ ᠳᠡᠭᠡᠷ᠎ᠡ ᠠᠭᠤᠯᠵᠠᠶ᠎ᠠ
( ᠪᠦᠰᠡᠯᠡᠭᠦᠷ ᠦ᠋ᠨ ᠦᠵᠦᠭᠦᠷ)
ᠴᠢᠩᠨᠠᠭᠴᠢ ᠶ᠋ᠢᠨ ᠭᠠᠳᠠᠨ᠎ᠠ ᠰᠢᠷᠭ᠎ᠠ ᠳᠠᠭ᠎ᠠ
( ᠴᠢᠬᠢᠨ ᠦ᠌ ᠭᠠᠷᠠᠬ᠎ᠠ )
ᠴᠢᠮ᠎ᠠ ᠠ᠋ᠴᠠ ᠵᠢᠭᠠᠬᠠᠨ ᠬᠡᠦᠬᠡᠳ
ᠴᠢᠮ᠎ᠠ ᠶ᠋ᠢ ᠮᠣᠷᠳᠠᠭᠤᠯᠪᠠ
( ᠳᠥᠷᠥᠭᠡ )
ᠴᠢᠮ᠎ᠠ ᠠ᠋ᠴᠠ ᠵᠢᠭᠠᠬᠠᠨ ᠬᠡᠦᠬᠡᠳ
ᠴᠢᠮ᠎ᠠ ᠶ᠋ᠢ ᠮᠠᠨᠠᠪᠠ
( ᠣᠨᠢᠰᠣ )
ᠴᠢᠮ᠎ᠠ ᠠ᠋ᠴᠠ ᠵᠢᠭᠠᠬᠠᠨ ᠬᠡᠦᠬᠡᠳ
ᠴᠢᠮ᠎ᠠ ᠶ᠋ᠢ ᠰᠢᠭᠠᠬᠤ ᠭᠡᠵᠦ ᠪᠠᠢᠨ᠎ᠠ
( ᠬᠠᠨ᠎ᠠ ᠶ᠋ᠢᠨ ᠦᠳᠡᠭᠡᠷᠢ )
ᠴᠣᠪᠣᠭᠣ ᠤᠯᠠᠭᠠᠨ ᠳᠠᠭ᠎ᠠ
ᠴᠣᠷᠵᠢ ᠶ᠋ᠢᠨ ᠬᠤᠳᠳᠤᠭ ᠲᠤ ᠤᠰᠤ ᠤᠤᠭᠤᠭᠠᠳ
ᠭᠠᠩᠭᠠᠩ ᠪᠡᠢᠰᠡ ᠶ᠋ᠢᠨ ᠬᠤᠰᠢᠭᠤᠨ ᠳ᠋ᠤ᠌
ᠭᠠᠭᠴᠠᠭᠠᠷ ᠢ᠋ᠶ᠋ᠠᠨ ᠲᠤᠭᠤᠯᠵᠤ ᠭᠠᠷᠤᠯ᠎ᠠ
( ᠴᠣᠷᠭᠢᠭᠤᠯ )
ᠵᠠ ᠶ᠋ᠢᠨ ᠠᠢᠮᠠᠭ
ᠵᠠᠩ ᠪᠠᠢᠬᠢ ᠶ᠋ᠢᠨ ᠭᠣᠣᠯ
ᠶᠠᠪᠤᠵᠤ ᠪᠣᠯᠬᠤ ᠦᠭᠡᠢ ᠰᠢᠪᠠᠷ
ᠢᠯᠭᠠᠵᠤ ᠪᠣᠯᠬᠤ ᠦᠭᠡᠢ ᠳᠡᠭᠡᠰᠦ
( ᠭᠡᠳᠡᠰᠦ ᠠᠷᠴᠢᠬᠤ )
ᠵᠠᠮ ᠳᠡᠭᠡᠷ᠎ᠡ ᠽᠠᠨᠳᠠᠨ ᠠᠶᠠᠭ᠎ᠠ
( ᠠᠷᠭᠠᠯ )
ᠵᠠᠵᠢᠯᠬᠤ ᠠᠮᠠ ᠲᠠᠢ
ᠵᠠᠯᠭᠢᠬᠤ ᠬᠣᠭᠣᠯᠠᠢ ᠦᠭᠡᠢ
( ᠬᠠᠢᠴᠢ )
ᠵᠠᠷᠠᠭ᠎ᠠ ᠰᠢᠷᠦᠭᠦᠨ ᠳᠡᠪᠡᠯ ᠲᠡᠢ
ᠵᠠᠯᠠᠭᠤᠷ ᠰᠢᠷᠦᠭᠦᠨ ᠪᠡᠶ᠎ᠡ ᠲᠡᠢ
ᠬᠠᠲᠠᠭᠤ ᠪᠦᠬᠦᠨ ᠳ᠋ᠦ᠍ ᠬᠠᠷᠰᠢᠯᠠᠳᠠᠭ
ᠬᠠᠭᠠᠨ ᠤ᠋ ᠲᠣᠭᠰᠢᠨ ᠵᠠᠷᠤᠯᠭ᠎ᠠ
( ᠬᠠᠤᠷᠠᠢ )
ᠵᠢᠩ ᠲᠣᠷᠭ᠎ᠠ ᠵᠠᠬ᠎ᠠ ᠦᠭᠡᠢ
ᠵᠢᠵᠢᠭ ᠱ᠌ᠢᠷᠦ ᠨᠦᠬᠡ ᠦᠭᠡᠢ
( ᠲᠩᠷᠢ᠂ ᠣᠳᠣ )
ᠵᠢᠷᠠᠨ ᠨᠢᠭᠡᠨ ᠵᠢᠯᠠᠭ᠎ᠠ᠂
ᠵᠢᠯᠠᠭ᠎ᠠ ᠪᠣᠯᠭᠠᠨ ᠪᠠᠭᠤᠴᠠ ᠲᠠᠢ
ᠪᠠᠭᠤᠴᠠ ᠪᠣᠯᠭᠠᠨ ᠠᠷᠭᠠᠯ ᠲᠠᠢ᠂
ᠠᠷᠭᠠᠯ ᠪᠣᠯᠭᠠᠨ ᠬᠠᠭᠤᠷᠠᠢ
( ᠰᠠᠷᠬᠢᠨᠠᠭ )
ᠵᠢᠷᠠᠨ ᠳᠥᠷᠪᠡᠨ ᠪᠠᠭᠤᠳᠠᠯ ᠲᠠᠢ
ᠵᠢᠷᠠᠭᠠᠬᠠᠢ ᠴᠣᠬᠣᠷ ᠮᠣᠷᠢ
( ᠰᠢᠳᠡᠷ᠎ᠡ᠂ ᠬᠥᠯᠭᠡ )
ᠵᠢᠷᠠᠨ ᠬᠡᠦᠬᠡᠳ
ᠵᠢᠯᠠᠭ᠎ᠠ ᠤᠷᠤᠭᠤ ᠭᠦᠶᠦᠪᠡ
( ᠣᠨᠢ )
ᠵᠣᠭᠣᠰ ᠰᠢᠭ᠋ ᠲᠥᠭᠥᠷᠢᠭ ᠬᠡᠯᠪᠡᠷᠢ ᠲᠡᠢ
ᠵᠠᠭᠤᠨ ᠨᠠᠢ᠍ᠮᠠᠨ ᠡᠯᠴᠢ ᠲᠡᠢ
( ᠲᠣᠭᠣᠨᠣ )
ᠵᠤᠨ ᠠᠯᠳᠠᠭᠠᠳ ᠡᠪᠦᠯ ᠣᠯᠤᠨ᠎ᠠ
( ᠮᠢᠴᠢ ᠣᠳᠣᠨ )
ᠵᠤᠰᠠᠭ ᠢᠮᠠᠭ᠎ᠠ ᠵᠢᠷᠭᠤᠭᠠᠨ ᠡᠪᠡᠷ ᠲᠡᠢ
ᠵᠤᠳ ᠪᠣᠯᠪᠠᠯ ᠬᠣᠶᠠᠷ ᠡᠪᠡᠷ ᠲᠡᠢ
( ᠬᠠᠪᠴᠢᠭ ᠵᠡᠭᠦᠬᠦ )
ᠵᠦᠢᠳᠡᠯ ᠦᠭᠡᠢ ᠥᠯᠥᠭᠡᠢ ᠳ᠋ᠦ᠍
ᠵᠦᠭ ᠦᠭᠡᠢ ᠬᠡᠦᠬᠡᠳ ᠪᠦᠪᠡᠢᠯᠡᠬᠦ ᠳ᠋ᠦ᠍
ᠥᠪᠡᠷ ᠢ᠋ᠶ᠋ᠡᠨ ᠥᠰᠬᠦ ᠦᠭᠡᠢ
ᠥᠯᠥᠭᠡᠢ ᠨᠢ ᠥᠰᠦᠨ᠎ᠡ
( ᠭᠤᠯᠢᠷ ᠡᠯᠳᠡᠬᠦ )
ᠵᠦᠭᠦᠭ ᠶᠦᠭᠦᠭ ᠬᠣᠶᠠᠷ
( ᠡᠪᠦᠯ᠂ ᠵᠤᠨ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 29
