ᠣᠨᠢᠰᠤᠭ᠎ᠠ – ᠮᠠ᠂ ᠯᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Ма ᠂ Лагийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠮᠠ᠂ ᠯᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Ма ᠂ Лагийн аймаг - Чо ᠂ Дугаржав эмхэтгэн найруулав

ᠣᠨᠢᠰᠤᠭ᠎ᠠ – ᠮᠠ᠂ ᠯᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Ма ᠂ Лагийн аймаг - Чо ᠂ Дугаржав эмхэтгэн найруулав

ᠠᠩᠭᠢᠯᠠᠯ:ᠣᠨᠢᠰᠤᠭ᠎ᠠ
2024-04-28

2472

ᠮᠠ ᠶᠢᠨ ᠠᠢᠮᠠᠭ


 ᠮᠠᠨ ᠤ᠋ ᠬᠡᠦᠬᠡᠳ ᠮᠢᠬᠠᠨ ᠳ᠋ᠤ᠌ ᠳᠤᠷᠠᠲᠠᠢ 
 ᠮᠠᠩᠭᠤᠰ ᠤ᠋ᠨ ᠬᠡᠦᠬᠡᠳ ᠰᠢᠷᠣᠢ ᠳ᠋ᠤ᠌ ᠳᠤᠷᠠᠲᠠᠢ  
      ( ᠬᠠᠨ᠎ᠠ ᠶ᠋ᠢᠨ ᠲᠣᠯᠣᠭᠠᠢ᠂ ᠰᠢᠭᠢᠷ᠎ᠡ) 

 ᠮᠠᠩᠬᠠᠨ ᠳᠡᠭᠡᠷ᠎ᠡ ᠮᠠᠭ ᠮᠠᠭ 
 ᠮᠠᠷᠭᠠᠰᠢ ᠥᠷᠯᠥᠭᠡ ᠲᠡᠭ ᠲᠡᠭ        
      ( ᠠᠯᠠᠭᠳᠠᠭ᠎ᠠ ) 

 ᠮᠠᠩᠬᠠᠲᠠᠢ ᠮᠢᠬ᠎ᠠ ᠡᠮᠬᠦᠪᠡ 
 ᠰᠣᠩᠬᠤᠲᠠᠢ ᠰᠢᠷᠣᠢ ᠡᠮᠬᠦᠪᠡ   
      ( ᠬᠠᠨ᠎ᠠ ᠶ᠋ᠢᠨ ᠲᠣᠯᠣᠭᠠᠢ᠂ ᠰᠢᠭᠢᠷ᠎ᠡ) 

 ᠮᠠᠩᠵᠠ ᠮᠠᠩᠵᠠ ᠮᠢᠬᠠᠨ ᠳ᠋ᠤ᠌ ᠳᠤᠷᠠᠲᠠᠢ 
 ᠮᠠᠨ ᠤ᠋ ᠬᠡᠦᠬᠡᠨ ᠪᠤᠳᠠᠭᠠᠨ ᠳ᠋ᠤ᠌ ᠳᠤᠷᠠᠲᠠᠢ  
      ( ᠬᠢᠲᠤᠭ᠎ᠠ᠂ ᠬᠠᠯᠪᠠᠭ᠎ᠠ ) 

 ᠮᠠᠯᠲᠠᠭᠠᠳ ᠪᠠᠢᠪᠠᠯ ᠤᠷᠲᠤᠳᠠᠨ᠎ᠠ 
 ᠱᠤᠯᠤᠭᠠᠳ ᠪᠠᠢᠪᠠᠯ ᠪᠦᠳᠦᠭᠦᠷᠡᠨ᠎ᠡ  
      ( ᠬᠤᠳᠳᠤᠭ ᠮᠠᠯᠲᠠᠬᠤ ) 

 ᠮᠡᠯᠡᠬᠡᠢ ᠪᠡᠶ᠎ᠡ ᠲᠡᠢ 
 ᠱᠠᠭᠠᠵᠠᠭᠠᠢ ᠬᠣᠩᠰᠢᠶᠠᠷ ᠲᠠᠢ       
      ( ᠬᠠᠢᠴᠢ ) 

 ᠮᠡᠳᠡᠬᠦ ᠳ᠋ᠦ᠍ ᠮᠡᠷᠭᠡᠨ ᠴᠣᠬᠣᠷ 
 ᠮᠡᠳᠡᠬᠦ ᠦᠭᠡᠢ ᠳ᠋ᠦ᠍ ᠡᠷᠢᠶᠡᠨ ᠴᠣᠬᠣᠷ     
      ( ᠪᠢᠴᠢᠭ ) 

 ᠮᠢᠩᠭ᠎ᠠ ᠮᠢᠩᠭ᠎ᠠ ᠪᠠᠷ ᠰᠠᠭᠰᠠᠯᠵᠠᠨ᠎ᠠ 
 ᠮᠠᠶᠢᠭ ᠨᠠᠮᠪᠠ ᠲᠠᠢ ᠰᠠᠭᠰᠠᠯᠵᠠᠨ᠎ᠠ   
      ( ᠮᠣᠷᠢᠨ ᠤ᠋ ᠰᠡᠭᠦᠯ ) 

 ᠮᠢᠬᠠᠨ ᠠᠭᠤᠯᠠ ᠶ᠋ᠢ 
 ᠲᠡᠮᠦᠷ ᠱᠠᠲᠤ ᠪᠠᠷ ᠳᠠᠪᠠᠨ᠎ᠠ    
      ( ᠮᠣᠷᠢ ᠤᠨᠤᠬᠤ ) 

 ᠮᠢᠴᠢ ᠮᠢᠴᠢ ᠵᠢᠷᠭᠤᠭᠤᠯᠠ ᠪᠠᠨ 
 ᠮᠡᠷᠭᠡᠨ ᠰᠤᠮᠤ ᠳᠥᠷᠪᠡᠭᠦᠯᠡ ᠪᠡᠨ 
 ᠠᠳᠪᠠᠩ ᠵᠤᠳᠪᠠᠩ ᠬᠣᠶᠠᠭᠤᠯᠠ ᠪᠠᠨ 
 ᠠᠯᠠᠭ ᠪᠣᠱᠣᠭᠣ ᠭᠠᠭᠴᠠᠭᠠᠷ ᠢ᠋ᠶ᠋ᠠᠨ  
      ( ᠬᠣᠨᠢᠨ ᠤ᠋ 6 ᠠᠯᠲᠠᠷᠭ᠎ᠠ᠂ 4 ᠥᠨᠳᠥᠷ᠂ ᠳᠠᠯᠤ᠂ ᠠᠳᠬᠤᠭᠠᠯ ᠪᠣᠭᠲᠣᠭᠣᠰᠣ) 

 ᠮᠢᠶᠠᠳ ᠨᠣᠭᠣᠭ᠎ᠠ ᠬᠬᠢᠷ ᠦᠭᠡᠢ 
 ᠮᠢᠩᠭᠠᠨ ᠠᠳᠤᠭᠤ ᠮᠥᠷ ᠦᠭᠡᠢ  
      ( ᠵᠠᠮᠠᠭ᠂ ᠵᠢᠷᠠᠭᠠᠬᠠᠢ ) 

 ᠮᠣᠭᠠᠢ ᠡᠷᠢᠶᠡᠨ ᠪᠡᠶ᠎ᠡ ᠲᠡᠢ 
 ᠮᠣᠳᠣᠨ ᠭᠤᠷᠪᠠᠨ ᠬᠢᠮᠤᠰᠤ ᠲᠠᠢ    
      ( ᠴᠢᠳᠥᠷ ) 

 ᠮᠣᠳᠣᠨ ᠮᠠᠯᠠᠭᠠᠢ ᠲᠠᠢ 
 ᠲᠡᠮᠦᠷ ᠱᠠᠬᠠᠢ ᠲᠠᠢ 
 ᠰᠤᠷ ᠪᠦᠰᠡ ᠪᠦᠰᠡᠯᠡᠭᠡᠳ 
 ᠰᠦᠷᠴᠢᠭᠢᠨᠡᠨ ᠡᠷᠭᠢᠵᠦ  
 ᠰᠤᠷᠬᠢᠷᠠᠨ ᠨᠠᠭᠠᠳᠤᠨ᠎ᠠ       
      ( ᠦᠷᠦᠮ ) 

 ᠮᠥᠩᠭᠥᠨ ᠴᠠᠭᠠᠨ ᠴᠡᠴᠡᠭ 
 ᠦᠷ᠎ᠡ ᠰᠠᠴᠤᠬᠤ ᠦᠭᠡᠢ 
 ᠪᠠᠢᠲᠠᠯ᠎ᠠ ᠪᠠᠨ 
 ᠡᠪᠦᠯ ᠴᠠᠭ ᠲᠤ ᠳᠡᠯᠭᠡᠷᠡᠨ᠎ᠡ      
      ( ᠴᠠᠰᠤ ) 

 ᠮᠥᠰᠥᠨ ᠳᠡᠭᠡᠷ᠎ᠡ 
 ᠮᠥᠩᠭᠥᠨ ᠠᠶᠠᠭ᠎ᠠ          
      ( ᠰᠠᠷᠠ )      

ᠯᠠ ᠶᠢᠨ ᠠᠢᠮᠠᠭ

 
 ᠯᠠᠮᠠ ᠶᠤᠮ ᠤᠤ ᠭᠡᠬᠦ ᠳ᠋ᠦ᠍ ᠪᠤᠢᠯᠠ ᠲᠠᠢ 
 ᠲᠡᠮᠡᠭᠡ ᠶᠦᠮ ᠤᠤ ᠭᠡᠬᠦ ᠳ᠋ᠦ᠍ ᠵᠠᠩᠴᠢ ᠲᠠᠢ   
      ( ᠬᠣᠳᠣᠭᠣᠳᠣ ᠲᠠᠢ ᠴᠢᠰᠤ)      

       ᠦᠰᠦᠭ ᠠᠮᠢᠯᠠᠭᠤᠯᠤᠭᠴᠢ᠄ ᠡᠩᠬᠡᠪᠠᠲᠤ  
          ᠬᠢᠨᠠᠭᠴᠢ᠄ ᠪᠠᠶᠠᠷᠴᠡᠴᠡᠭ    
            2024   04   27