ᠣᠨᠢᠰᠤᠭ᠎ᠠ – ᠶᠠ᠂ ᠽᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Я Загийн аймаг - Чо ᠂ Дугаржав эмхэтгэн найруулав
ᠶᠠ ᠶᠢᠨ ᠠᠢᠮᠠᠭ
ᠶᠠᠰᠤ ᠤᠷᠤᠰᠤᠨ᠎ᠠ
( ᠨᠣᠬᠠᠢ ᠶᠠᠰᠤ ᠢᠳᠡᠬᠦ )
ᠶᠠᠮᠪᠠ ᠨᠢ ᠶᠡᠬᠡ
ᠶᠠᠰᠤ ᠨᠢ ᠵᠥᠭᠡᠯᠡᠨ
( ᠬᠦᠵᠢ )
ᠶᠠᠩᠭᠢᠷ ᠢᠮᠠᠭ᠎ᠠ
ᠶᠠᠰᠤᠨ ᠭᠦᠵᠡᠭᠡ ᠲᠡᠢ
( ᠴᠢᠪᠠᠭ᠎ᠠ )
ᠶᠠᠨᠳᠠᠨ ᠴᠠᠭᠠᠨ ᠮᠣᠷᠢ
ᠶᠠᠭᠠᠬᠢᠬᠤ ᠶ᠋ᠢᠨ ᠠᠷᠭ᠎ᠠ ᠦᠭᠡᠢ ᠲᠡᠩᠨᠡᠭᠡ ᠲᠡᠢ
( ᠲᠣᠭᠣᠭᠠᠨ ᠤ᠋ ᠵᠢᠩᠨᠡᠭᠦᠷ )
ᠶᠠᠪᠤᠬᠤ ᠦᠭᠡᠢ ᠮᠥᠷᠲᠡᠭᠡᠨ ᠳᠥᠷᠪᠡᠨ ᠬᠥᠯ ᠲᠡᠢ
ᠢᠳᠡᠬᠦ ᠦᠭᠡᠢ ᠮᠥᠷᠲᠡᠭᠡᠨ ᠶᠡᠬᠡ ᠭᠡᠳᠡᠰᠦ ᠲᠡᠢ
( ᠦᠬᠡᠭ )
ᠶᠠᠭ ᠨᠤᠮᠤ
ᠶᠠᠰᠤᠨ ᠬᠥᠪᠴᠢ
( ᠪᠣᠭᠲᠣᠭᠣᠰᠣ )
ᠶᠠᠭᠤ ᠴᠣᠭᠣᠯᠪᠠ
ᠰᠢᠪᠠᠭᠤ ᠴᠤᠭᠤᠯᠪᠠ
ᠶᠠᠭᠤ ᠪᠠᠷ ᠪᠥᠭᠯᠡᠪᠡ
ᠪᠦ᠋ᠯᠬᠢ ᠪᠡᠷ ᠪᠥᠭᠯᠡᠪᠡ
( ᠬᠠᠨ᠎ᠠ ᠶ᠋ᠢᠨ ᠨᠦᠬᠡ᠂ ᠦᠳᠡᠭᠡᠷᠢ)
ᠶᠠᠰᠤᠨ ᠬᠣᠪᠢᠯ ᠡᠵᠢ ᠲᠡᠢ
ᠶᠠᠭᠠᠬᠢᠭᠰᠠᠨ ᠬᠥᠭᠡᠷᠦᠬᠦᠨ ᠬᠡᠦᠬᠡᠳ ᠪᠣᠢ
ᠶᠠᠭᠠᠬᠢᠵᠤ ᠬᠦᠷᠴᠦ ᠲᠠᠭᠠᠯᠠᠬᠤ ᠪᠣᠢ
(ᠴᠢᠮᠥᠭᠡ)
ᠶᠠᠳᠠᠮᠠᠭ ᠡᠮᠡᠭᠡᠨ
ᠴᠢᠳᠠᠮᠠᠭ ᠰᠢᠪᠦᠭᠡ ᠲᠡᠢ
( ᠰᠢᠮᠠᠭᠤᠯ )
ᠶᠠᠳᠠᠭᠰᠠᠨ ᠢᠮᠠᠭ᠎ᠠ
ᠬᠠᠲᠠᠭᠰᠠᠨ ᠴᠢᠳᠥᠷ ᠲᠡᠢ
( ᠠᠷᠤᠭ )
ᠶᠡᠬᠡ ᠠᠪᠤᠭᠠᠢ ᠮᠡᠷᠭᠡᠨ
ᠪᠠᠭ᠎ᠠ ᠠᠪᠤᠭᠠᠢ ᠲᠠᠷᠭᠤᠨ
ᠪᠢ ᠪᠣᠬᠢᠷ ᠮᠥᠷᠲᠡᠭᠡᠨ ᠶᠠᠭᠢᠷ
( ᠳᠠᠯᠤ᠂ ᠠᠳᠬᠤᠭᠠᠯ᠂ ᠬᠠᠷᠢᠲᠤ)
ᠶᠡᠬᠡ ᠭᠡᠷ ᠲᠦ᠍ ᠪᠠᠭ᠎ᠠ ᠭᠡᠷ
ᠪᠠᠭ᠎ᠠ ᠭᠡᠷ ᠲᠦ᠍ ᠪᠠᠯᠴᠢᠷ ᠬᠡᠦᠬᠡᠳ
( ᠭᠤᠲᠤᠯ᠂ ᠣᠢᠮᠣᠰᠤ᠂ ᠬᠥᠯ)
ᠽᠠ ᠶᠢᠨ ᠠᠢᠮᠠᠭ
ᠽᠠᠨᠳᠠᠨ ᠮᠣᠳᠣᠨ ᠤ᠋ ᠡᠩᠭᠡᠷ ᠲᠦ᠍
ᠵᠠᠪᠢᠯᠠᠵᠤ ᠰᠠᠭᠤᠬᠤ ᠨᠢ ᠢᠯᠡᠬᠡᠨ
ᠵᠠᠶᠠᠭ᠎ᠠ ᠲᠠᠢ ᠬᠥᠮᠦᠨ ᠢ᠋ᠶ᠋ᠡᠨ ᠢᠷᠡᠬᠦᠯᠡᠷ
ᠵᠠᠢᠯᠠᠭᠠᠳ ᠥᠭᠬᠦ ᠨᠢ ᠲᠦᠷᠭᠡᠨ
( ᠴᠣᠣᠵᠢ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 29
