ᠣᠨᠢᠰᠤᠭ᠎ᠠ – ᠥ ᠂ ᠦ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Ө᠂Үгийн аймаг - Чо ᠂ Дугаржав эмхэтгэн найруулав
ᠥ ᠂ ᠦ ᠶᠢᠨ ᠠᠢᠮᠠᠭ
ᠥ᠊ 6 ᠂ ᠦ7
ᠥᠨᠳᠥᠷ ᠡᠴᠡ ᠥᠨᠳᠥᠷ
ᠡᠪᠡᠰᠦᠨ ᠡᠴᠡ ᠪᠣᠭᠣᠨᠢ
(ᠬᠤᠳᠳᠤᠭ )
ᠥᠨᠳᠥᠷ ᠴᠠᠭᠠᠨ ᠰᠢᠩᠭᠡᠯᠢᠭ ᠲᠦ᠍
ᠥᠩᠭᠡ ᠥᠩᠭᠡ ᠶ᠋ᠢᠨ ᠬᠡᠦᠬᠡᠳ
( ᠬᠠᠪᠴᠢᠭ ᠤ᠋ᠨ ᠲᠣᠯᠣᠭᠠᠢ)
ᠥᠨᠳᠥᠷ ᠡᠮᠡᠭᠡᠨ
ᠥᠰᠥᠭᠡᠢ ᠳ᠋ᠡᠭᠡᠨ ᠭᠠᠷᠠᠬ᠎ᠠ ᠲᠠᠢ
(ᠣᠨᠢ᠂ ᠰᠠᠭᠠᠯᠳᠤᠷᠭ᠎ᠠ )
ᠥᠨᠳᠥᠷ ᠮᠣᠳᠣᠨ ᠤ᠋ ᠥᠷᠥᠭᠡᠯ ᠦ᠋ᠨ ᠥᠷᠥᠭᠡᠯ
ᠦᠶᠡᠷ ᠤᠰᠤᠨ ᠤ᠋ ᠥᠷᠥᠭᠡᠯ ᠦ᠋ᠨ ᠥᠷᠥᠭᠡᠯ
ᠦᠬᠡᠷ ᠦ᠋ᠨ ᠠᠷᠠᠰᠤᠨ ᠤ᠋ ᠥᠷᠥᠭᠡᠯ ᠦ᠋ᠨ ᠥᠷᠥᠭᠡᠯ
( ᠬᠤᠳᠳᠤᠭ᠂ ᠬᠣᠪᠣᠭᠣ)
ᠥᠨᠳᠥᠷ ᠵᠠᠢᠰᠠᠩ
ᠥᠷᠥᠭᠡᠰᠦᠨ ᠴᠢᠬᠢ ᠲᠡᠢ
( ᠳᠣᠮᠪᠣ᠂ ᠭᠥᠨᠵᠢᠶᠡ )
ᠦᠨᠳᠦᠰᠦ ᠦᠭᠡᠢ ᠮᠣᠳᠣᠨ ᠳᠡᠭᠡᠷ᠎ᠡ
ᠰᠦᠨᠡᠰᠦ ᠦᠭᠡᠢ ᠰᠢᠪᠠᠭᠤ
( ᠰᠡᠩᠰᠡ )
ᠥᠭᠡᠬᠦᠨ ᠪᠣᠮᠪᠣ ᠠᠷᠠᠭ ᠰᠠᠭᠰᠢ
( ᠪᠥᠭᠡᠷ᠎ᠡ )
ᠥᠭᠡᠯᠡᠳ ᠦ᠋ᠨ ᠦᠬᠡᠷ
ᠥᠷᠯᠥᠭᠡ ᠪᠦᠷᠢ ᠨᠡᠢᠯᠡᠨ᠎ᠡ
( ᠲᠣᠪᠴᠢ ᠲᠣᠪᠴᠢᠯᠠᠬᠤ )
ᠥᠭᠡᠯᠡᠳ ᠦ᠋ᠨ ᠦᠬᠡᠷ ᠦ᠋ᠨ
ᠡᠪᠴᠢᠭᠦᠦ ᠨᠢ ᠴᠤᠭᠤᠷᠬᠠᠢ
( ᠢᠰᠡᠭᠡᠢ ᠳᠡᠷᠡ )
ᠥᠯᠵᠡᠢᠲᠦ ᠶ᠋ᠢᠨ ᠬᠣᠨᠢ
ᠥᠷᠯᠥᠭᠡ ᠪᠦᠬᠦᠨ ᠨᠡᠢᠯᠡᠵᠦ
ᠦᠳᠡᠰᠢ ᠪᠣᠯᠭᠠᠨ ᠢᠯᠭᠠᠨ᠎ᠠ
( ᠳᠡᠪᠡᠯ ᠲᠣᠪᠴᠢᠯᠠᠬᠤ᠂ ᠲᠠᠢᠯᠬᠤ)
ᠥᠷᠯᠥᠭᠡ ᠪᠦᠷᠢ
ᠥᠯᠥᠨ ᠪᠤᠬ᠎ᠠ ᠮᠥᠭᠡᠷᠡᠨ᠎ᠡ
( ᠴᠠᠢ ᠨᠦᠳᠦᠬᠦ )
ᠥᠷᠯᠥᠭᠡ ᠶ᠋ᠢᠨ ᠬᠣᠨᠢ
ᠬᠣᠢᠰᠢ ᠪᠠᠨ ᠪᠡᠯᠴᠢᠨ᠎ᠡ
ᠦᠳᠡᠰᠢ ᠶ᠋ᠢᠨ ᠬᠣᠨᠢ
ᠤᠷᠤᠭᠰᠢ ᠪᠠᠨ ᠪᠡᠯᠴᠢᠨ᠎ᠡ
( ᠡᠷᠦᠬᠡ )
ᠦᠢᠮᠡᠭᠡᠨ ᠳᠣᠲᠣᠷ᠎ᠠ
ᠦᠩᠬᠦᠯᠴᠡᠭ ᠪᠠᠭᠠᠲᠤᠷ
( ᠰᠢᠨᠠᠭ᠎ᠠ )
ᠦᠬᠦᠭᠰᠡᠨ ᠮᠣᠷᠢ
ᠬᠠᠲᠠᠭᠰᠠᠨ ᠴᠢᠳᠥᠷ ᠲᠡᠢ
( ᠠᠷᠤᠭ )
ᠦᠯᠢᠭᠡᠷ ᠮᠡᠳᠡᠬᠦ ᠦᠭᠡᠢ
ᠥᠮᠥᠢᠭᠰᠡᠨ ᠰᠣᠬᠣᠷ
ᠣᠨᠢᠰᠣᠭ᠎ᠠ ᠮᠡᠳᠡᠬᠦ ᠦᠭᠡᠢ
ᠣᠨᠢᠢᠭᠰᠠᠨ ᠰᠣᠬᠣᠷ
ᠣᠯᠣᠰᠣ ᠳᠡᠭᠡᠰᠦ ᠪᠡᠷ
ᠪᠣᠭᠣᠯᠲᠠ ᠲᠠᠢ ᠰᠣᠬᠣᠷ
( ᠬᠣᠳᠣᠭᠣᠳᠣ ᠲᠠᠢ ᠴᠢᠰᠤ)
ᠦᠯᠭᠡᠨ ᠰᠠᠯᠭᠠᠨ ᠪᠡᠶ᠎ᠡ ᠲᠡᠢ
ᠦᠨᠡᠭᠡᠨ ᠰᠡᠭᠦᠯ ᠦ᠋ᠨ ᠮᠠᠯᠠᠭᠠᠢ ᠲᠠᠢ
( ᠳᠠᠷᠠᠰᠤ )
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
2024 04 20
