ᠣᠨᠢᠰᠤᠭ᠎ᠠ – ᠬᠡ‍ ᠂ ᠬᠢ‍ ᠂ ᠬᠣ ᠂ ᠬᠤ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Хэ Хи Хо Хугийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠬᠡ‍ ᠂ ᠬᠢ‍ ᠂ ᠬᠣ ᠂ ᠬᠤ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Хэ Хи Хо Хугийн аймаг - Чо ᠂ Дугаржав эмхэтгэн найруулав

ᠣᠨᠢᠰᠤᠭ᠎ᠠ – ᠬᠡ‍ ᠂ ᠬᠢ‍ ᠂ ᠬᠣ ᠂ ᠬᠤ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Хэ Хи Хо Хугийн аймаг - Чо ᠂ Дугаржав эмхэтгэн найруулав

ᠠᠩᠭᠢᠯᠠᠯ:ᠣᠨᠢᠰᠤᠭ᠎ᠠ
2024-04-25

3172

ᠬᠡ‍ ᠂ ᠬᠢ‍ ᠂ ᠬᠣ ᠂ ᠬᠤ ᠶᠢᠨ ᠠᠢᠮᠠᠭ


        ᠬᠡ‍ 
 ᠬᠡᠭᠡᠷ ᠮᠣᠷᠢ ᠨᠢ ᠬᠥᠪᠦᠨ ᠵᠢᠷᠣᠭ᠎ᠠ 
 ᠬᠥᠪᠦᠭᠰᠡᠨ ᠭᠥᠯᠢᠮ ᠨᠢ ᠳ᠋ᠡᠭᠡᠨ ᠵᠢᠷᠣᠭ᠎ᠠ 
 ᠨᠠᠢ᠍ᠮᠠᠨ ᠭᠠᠨᠵᠤᠭ᠎ᠠ ᠨᠢ ᠨᠠᠩᠬᠠᠨ ᠵᠢᠷᠣᠭ᠎ᠠ 
 ᠨᠠᠷᠢᠨ ᠲᠠᠰᠢᠭᠤᠷ ᠨᠢ ᠳ᠋ᠡᠭᠡᠨ ᠵᠢᠷᠣᠭ᠎ᠠ  
      ( ᠭᠤᠷᠭᠤᠤᠯ ) 

 ᠬᠡᠦᠬᠡᠳ ᠪᠠᠢᠬᠤ ᠠ᠋ᠴᠠ ᠵᠡᠭᠦᠭᠰᠡᠨ ᠬᠣᠩᠬᠤᠨ᠎ᠡ 
 ᠬᠥᠮᠦᠨ ᠪᠣᠯᠭᠠᠨ ᠳ᠋ᠤ᠌ ᠮᠢᠨᠦ ᠰᠤᠷᠠᠭ ᠢ᠋ ᠭᠠᠷᠭᠠᠨ᠎ᠠ   
      ( ᠨᠡᠷ᠎ᠡ ) 

 ᠬᠡᠯᠡ ᠪᠦᠬᠦᠨ ᠢ᠋ᠶ᠋ᠡᠷ ᠶᠠᠷᠢᠳᠠᠭ 
 ᠬᠡᠨ ᠪᠦᠬᠦᠨ ᠢ᠋ ᠳᠠᠭᠤᠷᠢᠶᠠᠳᠠᠭ   
      ( ᠴᠤᠤᠷᠢᠶ᠎ᠠ ) 

 ᠬᠡᠷᠡᠮ ᠳᠡᠭᠡᠷ᠎ᠡ ᠬᠡᠪᠲᠡᠭᠡ ᠯᠤᠤ   
      ( ᠬᠥᠮᠥᠰᠬᠡ ) 

 ᠬᠡᠷᠦᠯᠦᠨ ᠭᠣᠣᠯ ᠤ᠋ᠨ ᠬᠥᠪᠡᠭᠡᠨ ᠳᠡᠭᠡᠷ᠎ᠡ 
 ᠬᠦᠷᠡᠩ ᠰᠢᠪᠠᠭᠤ ᠥᠨᠳᠡᠭᠡᠯᠡᠪᠡ 
 ᠬᠥᠮᠦᠨ ᠠᠮᠢᠲᠠᠨ ᠬᠠᠪᠢᠳᠠᠬᠤ ᠦᠭᠡᠢ 
 ᠬᠣᠶᠠᠷ ᠬᠤᠤᠱᠠᠩ ᠯᠠ ᠬᠠᠪᠢᠳᠠᠪᠠ  
      ( ᠭᠠᠯ ᠤ᠋ᠨ ᠬᠠᠢᠴᠢ ) 

       ᠬᠢ‍ 
 ᠬᠢᠲᠠᠳ ᠡᠮᠴᠢ ᠬᠢᠯᠭᠠᠰᠤᠨ ᠬᠠᠨᠠᠭᠤᠷ ᠲᠠᠢ   
      ( ᠰᠢᠮᠠᠭᠤᠯ ) 

       ᠬᠣ 4
 ᠬᠣᠢᠨ᠎ᠠ ᠠ᠋ᠴᠠ ᠢᠷᠡᠭᠰᠡᠨ ᠬᠣᠢᠪᠤᠭ᠎ᠡ ᠨᠣᠶᠠᠨ 
 ᠬᠣᠶᠠᠷ ᠬᠥᠯ ᠨᠢ ᠵᠢᠷᠣᠭ᠎ᠠ ᠨᠣᠶᠠᠨ   
      ( ᠠᠯᠠᠭᠳᠠᠭ᠎ᠠ ) 

 ᠬᠣᠢᠨ᠎ᠠ ᠠ᠋ᠴᠠ ᠢᠷᠡᠭᠰᠡᠨ ᠳᠥᠷᠪᠡᠨ ᠨᠣᠶᠠᠨ ᠤ᠋ 
 ᠬᠣᠶᠠᠷ ᠨᠢ ᠳᠠᠬᠤ ᠲᠠᠢ ᠬᠣᠶᠠᠷ ᠨᠢ ᠳᠠᠬᠤ ᠦᠭᠡᠢ     
       ( ᠴᠢᠬᠢ᠂ ᠡᠪᠡᠷ ) 

 ᠬᠣᠢᠨ᠎ᠠ ᠠ᠋ᠴᠠ ᠢᠷᠡᠭᠰᠡᠨ ᠬᠣᠪᠴᠢ ᠨᠣᠶᠠᠨ 
 ᠬᠣᠶᠠᠷ ᠬᠥᠯ ᠨᠢ ᠵᠢᠷᠣᠭ᠎ᠠ ᠨᠣᠶᠠᠨ    
      ( ᠱᠠᠭᠠᠵᠠᠭᠠᠢ ) 

 ᠬᠣᠢᠨ᠎ᠠ ᠠ᠋ᠴᠠ ᠢᠷᠡᠭᠰᠡᠨ ᠬᠣᠪᠳᠣᠭ ᠲᠠᠢᠵᠢ 
 ᠬᠣᠶᠠᠷ ᠴᠢᠬᠢ ᠨᠢ ᠳᠡᠯᠳᠡᠩ ᠲᠠᠢᠵᠢ 
 ᠡᠨᠡ ᠬᠠᠭᠠᠨ ᠳ᠋ᠤ᠌ ᠪᠠᠢᠳᠠᠭ ᠦᠭᠡᠢ ᠲᠠᠢᠵᠢ 
 ᠡᠷᠯᠢᠭ ᠬᠠᠭᠠᠨ ᠳ᠋ᠤ᠌ ᠨᠡᠷᠡᠲᠡᠢ ᠲᠠᠢᠵᠢ          
      ( ᠴᠢᠨᠣ᠎ᠠ ) 

 ᠬᠣᠨᠢ ᠨᠢ ᠬᠠᠷ᠎ᠠ ᠬᠣᠲᠠ ᠨᠢ ᠴᠠᠭᠠᠨ  
      ( ᠦᠰᠦᠭ᠂ ᠴᠠᠭᠠᠰᠤ ) 

 ᠬᠣᠩ ᠬᠣᠩ ᠳᠠᠭᠤ ᠲᠠᠢ 
 ᠬᠣᠨᠳᠣᠯᠠᠢ ᠳᠡᠭᠡᠷ᠎ᠡ ᠪᠡᠨ ᠰᠠᠭᠠᠳᠠᠭ ᠲᠠᠢ       
      ( ᠨᠣᠬᠠᠢ ) 

 ᠬᠣᠩᠬᠣᠷ ᠤ᠋ᠨ ᠬᠣᠨᠢ ᠶ᠋ᠢ 
 ᠪᠣᠩᠬᠣᠷ ᠬᠤᠴᠠ ᠪᠤᠲᠠ ᠮᠥᠷᠭᠥᠪᠡ     
      ( ᠴᠠᠢ ᠨᠦᠳᠦᠬᠦ ) 

 ᠬᠣᠭᠣᠯᠠᠢ ᠦᠭᠡᠢ ᠪᠠᠢᠭᠠᠳ ᠳᠠᠭᠤ ᠲᠠᠢ 
 ᠰᠣᠨᠣᠰᠬᠤ ᠦᠭᠡᠢ ᠪᠠᠢᠭᠠᠳ ᠴᠢᠬᠢ ᠲᠡᠢ 
 ᠰᠣᠬᠣᠷ ᠪᠠᠢᠭᠠᠳ ᠨᠢᠳᠦ ᠲᠡᠢ 
 ᠰᠤᠮᠤ ᠦᠭᠡᠢ ᠪᠠᠢᠭᠠᠳ ᠨᠤᠮᠤ ᠲᠠᠢ  
      ( ᠮᠣᠷᠢᠨ ᠬᠤᠭᠤᠷ ) 

 ᠬᠣᠲᠠ ᠢᠷᠡᠪᠡ ᠰᠢᠳᠦ ᠦᠭᠡᠢ 
 ᠬᠤᠷᠠᠭ᠎ᠠ ᠠᠯᠠᠪᠠ ᠶᠠᠰᠤ ᠦᠭᠡᠢ  
      ( ᠬᠡᠦᠬᠡᠳ᠂ ᠮᠥᠮᠥ ) 

 ᠬᠣᠲᠠ ᠨᠢ ᠬᠣᠩᠬᠣᠷ 
 ᠬᠣᠨᠢ ᠨᠢ ᠢᠷᠵᠠᠭᠠᠷ 
 ᠬᠤᠴᠠ ᠨᠢ ᠮᠥᠷᠭᠥᠯᠳᠦᠳᠡᠭ     
      ( ᠴᠠᠢ ᠨᠦᠳᠦᠬᠦ ) 

 ᠬᠣᠲᠠᠨ ᠳᠣᠲᠣᠷ᠎ᠠ 
 ᠬᠣᠶᠠᠷ ᠮᠥᠩᠭᠥᠨ ᠭᠠᠳᠠᠰᠤ     
      ( ᠬᠣᠨᠢᠨ ᠤ᠋ ᠬᠥᠬᠥ ) 

 ᠬᠣᠲᠠᠨ ᠳᠣᠲᠣᠷ᠎ᠠ ᠬᠣᠷᠴᠢᠭᠢᠷ ᠰᠠᠭᠠᠳᠠᠭ  
      (  ᠬᠣᠨᠢᠨ ᠤ᠋ ᠡᠪᠡᠷ ) 

 ᠬᠣᠳᠤᠭᠤᠢᠳᠦ ᠶ᠋ᠢᠨ ᠦᠬᠡᠷ ᠬᠣᠨᠳᠣᠯᠠᠢ ᠴᠠᠭᠠᠨ 
 ᠡᠲᠡᠭᠡᠳ ᠦ᠋ᠨ ᠦᠬᠡᠷ ᠡᠯᠢᠭᠡ ᠴᠠᠭᠠᠨ     
      ( ᠭᠥᠷᠥᠭᠡᠰᠦ ) 

 ᠬᠣᠶᠠᠷ ᠠᠢᠯ ᠨᠢᠭᠡ ᠰᠢᠯᠡᠭᠡᠪᠦᠷ ᠲᠡᠢ   
      ( ᠦᠬᠡᠷ ᠦ᠋ᠨ ᠬᠡᠯᠡ᠂ ᠬᠠᠮᠠᠷ) 

 ᠬᠣᠶᠠᠷ ᠬᠤᠳᠳᠤᠭ ᠠᠳᠠᠯᠢᠬᠠᠨ ᠭᠦᠨ 
 ᠬᠠᠷᠠᠢᠭᠠᠳ ᠣᠷᠣᠪᠠᠯ ᠪᠦᠰᠡᠯᠡᠭᠦᠷ ᠴᠢᠨᠡᠭᠡ  
       ( ᠥᠮᠥᠳᠥ ᠡᠮᠦᠰᠬᠦ ) 

 ᠬᠣᠶᠠᠷ ᠠᠭᠤᠯᠠ ᠶ᠋ᠢᠨ ᠬᠣᠭᠣᠷᠣᠨᠳᠣ 
 ᠬᠣᠷᠭᠣᠯ ᠤ᠋ᠨ ᠫᠤᠤ ᠪᠠᠷ ᠫᠤᠤᠳᠠᠯᠴᠠᠪᠠ 
 ᠬᠣᠷᠴᠢᠨ ᠸᠠᠩ ᠤ᠋ᠨ ᠲᠡᠭᠡᠭᠡᠨ 
 ᠨᠠᠷᠪᠠᠭᠠᠨ ᠨᠠᠷᠪᠠᠭᠠᠨ ᠴᠣᠬᠢᠭᠤᠯᠪᠠ   
      ( ᠳᠠᠮᠠᠷᠤ ᠳᠠᠮᠠᠷᠤᠳᠠᠬᠤ ) 

 ᠬᠣᠶᠠᠷ ᠯᠠᠮᠠ ᠲᠢᠶᠠᠨ ᠳ᠋ᠤ᠌ ᠰᠠᠭᠤᠪᠠ 
 ᠨᠢᠭᠡ ᠯᠠᠮᠠ ᠢᠯᠠᠭ᠎ᠠ ᠦᠷᠭᠦᠭᠡᠪᠡ 
 ᠳᠥᠷᠪᠡᠨ ᠯᠠᠮᠠ ᠰᠢᠪᠡᠷ ᠨᠤᠬᠤᠪᠠ   
      ( ᠲᠡᠮᠡᠭᠡᠨ ᠦ᠌ ᠪᠦᠬᠦ᠂ ᠰᠡᠭᠦᠯ᠂ ᠲᠠᠪᠠᠭ) 

 ᠬᠣᠶᠠᠷ ᠪᠠᠢᠰᠢᠩ ᠨᠢᠭᠡ ᠲᠤᠯᠭᠠᠭᠤᠷᠢ ᠲᠠᠢ   
      ( ᠬᠠᠮᠠᠷ ) 

 ᠬᠣᠶᠠᠷ ᠮᠣᠭᠠᠢ ᠨᠢᠭᠡ ᠨᠦᠬᠡ ᠪᠡᠷ 
 ᠬᠣᠶᠠᠷ ᠲᠠᠢᠰᠢ ᠪᠠᠨ ᠭᠤᠯᠭᠤᠨ᠎ᠠ  
      ( ᠭᠤᠲᠤᠯ ᠤᠯᠠᠯᠠᠬᠤ ) 

 ᠬᠣᠶᠠᠷ ᠤᠯᠠᠭᠠᠨ ᠪᠢᠷᠠᠭᠤ 
 ᠬᠣᠯᠪᠣᠭ᠎ᠠ ᠲᠠᠢ ᠮᠥᠷᠲᠡᠭᠡᠨ ᠨᠡᠮᠨᠡᠭᠡ ᠲᠡᠢ        
      ( ᠪᠥᠭᠡᠷ᠎ᠡ ) 

 ᠬᠤᠷ ᠬᠤᠷ ᠬᠤᠷᠳᠤᠨ 
 ᠬᠤᠪᠠᠬᠠᠢ ᠶᠠᠨᠳᠠᠨ 
 ᠬᠡᠭᠡᠷ᠎ᠡ ᠶ᠋ᠢᠨ ᠴᠢᠳᠬᠥᠷ 
 ᠬᠥᠭᠡᠷᠦᠬᠦᠢ ᠪᠦᠯᠲᠡᠭᠡᠷ      
      ( ᠲᠠᠤᠯᠠᠢ ) 

 ᠬᠤᠷ ᠰᠢᠷ ᠴᠢᠮᠡᠭᠡ ᠲᠡᠢ 
 ᠬᠣᠶᠠᠷ ᠲᠠᠯ᠎ᠠ ᠳ᠋ᠠᠭᠠᠨ ᠴᠢᠬᠢ ᠲᠡᠢ 
 ᠣᠴᠢᠵᠤ ᠢᠷᠡᠬᠦ ᠨᠢ ᠲᠦᠷᠭᠡᠨ 
 ᠡᠯᠢᠭᠡ ᠪᠡᠷ ᠢ᠋ᠶ᠋ᠡᠨ ᠢᠳᠡᠳᠡᠭ 
 ᠨᠢᠷᠤᠭᠤ ᠪᠠᠷ ᠢ᠋ᠶ᠋ᠠᠨ ᠪᠠᠭᠠᠳᠠᠭ     
      ( ᠬᠠᠷᠤᠭᠤᠯ ) 

 ᠬᠣᠷᠢᠨ ᠬᠣᠨᠢ ᠬᠣᠯᠪᠣᠭ᠎ᠠ ᠲᠠᠢ 
 ᠬᠣᠲᠣᠭᠣᠷ ᠤᠯᠠᠭᠠᠭᠴᠢᠨ ᠰᠣᠢᠯᠲᠠ ᠲᠠᠢ   
      ( ᠰᠢᠲᠦ᠂ ᠪᠤᠢᠯᠠ ) 

 ᠬᠣᠷᠭᠣᠯ ᠤ᠋ᠨ ᠴᠢᠨᠡᠭᠡᠨ ᠲᠣᠭᠣᠭᠠᠨ ᠳ᠋ᠤ᠌ 
 ᠬᠣᠣᠷ ᠪᠤᠴᠠᠯᠭᠠᠨ᠎ᠠ    
      ( ᠭᠠᠩᠰᠠ ᠪᠠᠷ ᠲᠠᠮᠠᠬᠢ ᠲᠠᠲᠠᠬᠤ) 

       ᠬᠤ 5 
 ᠬᠤᠯᠤᠰᠤᠨ ᠳᠤᠭᠠᠩ ᠳᠣᠲᠣᠷ᠎ᠠ 
 ᠬᠤᠯᠤᠩᠰᠤ ᠲᠠᠢ ᠯᠠᠮᠠ ᠨᠠᠷ 
 ᠬᠤᠷᠠᠯ ᠬᠤᠷᠠᠨ᠎ᠠ    
      ( ᠪᠤᠤᠰᠠ ᠵᠢᠩᠨᠡᠬᠦ ) 

 ᠬᠤᠳᠳᠤᠭ ᠳᠡᠭᠡᠷ᠎ᠡ ᠬᠣᠪ ᠴᠢᠳᠬᠥᠷ    
      ( ᠬᠣᠪᠣᠭᠣ ) 

 ᠬᠤᠳᠳᠤᠭ ᠳᠡᠭᠡᠷ᠎ᠡ ᠬᠤᠭᠳᠠᠬᠠᠢ 
 ᠬᠤᠷᠤᠭᠤ ᠴᠠᠭᠠᠨ ᠳᠡᠭᠳᠡᠭᠡᠬᠡᠢ 
 ᠨᠤᠲᠤᠭ ᠳᠡᠭᠡᠭᠦᠷ ᠨᠤᠭᠳᠠᠬᠠᠢ 
 ᠨᠢᠷᠤᠭᠤ ᠴᠠᠭᠠᠨ ᠳᠡᠭᠳᠡᠭᠡᠬᠡᠢ    
      ( ᠠᠯᠠᠭᠳᠠᠭ᠎ᠠ ) 

 ᠬᠤᠶᠠᠭ ᠪᠠᠢᠭᠠᠳ ᠳᠤᠭᠤᠯᠠᠭ᠎ᠠ ᠦᠭᠡᠢ  
 ᠨᠢᠳᠦ ᠪᠠᠢᠭᠠᠳ ᠬᠥᠮᠥᠰᠬᠡ ᠦᠭᠡᠢ  
 ᠵᠢᠭᠦᠷ ᠪᠠᠢᠭᠠᠳ ᠨᠢᠰᠬᠦ ᠦᠭᠡᠢ 
 ᠬᠥᠯ ᠦᠭᠡᠢ ᠪᠠᠢᠭᠠᠳ ᠭᠦᠶᠦᠵᠦ ᠴᠢᠳᠠᠨ᠎ᠠ  
      ( ᠵᠢᠭᠠᠰᠤ) 

 ᠬᠤᠸᠠᠭᠴᠢ ᠭᠡᠭᠦᠦ ᠮᠣᠳᠣᠨ ᠬᠠᠰᠢᠶ᠎ᠠ ᠲᠠᠢ   
      ( ᠬᠡᠯᠡ᠂ ᠰᠢᠳᠦ) 


   ᠦᠰᠦᠭ ᠠᠮᠢᠯᠠᠭᠤᠯᠤᠭᠴᠢ᠄ ᠡᠩᠬᠡᠪᠠᠲᠤ 
      ᠬᠢᠨᠠᠭᠴᠢ᠄ ᠪᠠᠶᠠᠷᠴᠡᠴᠡᠭ  
          2024 04 23