ᠣᠨᠢᠰᠤᠭ᠎ᠠ – ᠠ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠢᠷᠠᠭᠤᠯᠪᠠ Оньсого – Агийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠠ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠢᠷᠠᠭᠤᠯᠪᠠ Оньсого – Агийн аймаг - Чо ᠂ Дугаржав эмхэтгэн найруулав

ᠣᠨᠢᠰᠤᠭ᠎ᠠ – ᠠ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠢᠷᠠᠭᠤᠯᠪᠠ Оньсого – Агийн аймаг - Чо ᠂ Дугаржав эмхэтгэн найруулав

ᠠᠩᠭᠢᠯᠠᠯ:ᠣᠨᠢᠰᠤᠭ᠎ᠠ
2024-04-19

8813

ᠠ‍  ᠶᠢᠨ ᠠᠢᠮᠠᠭ


 ᠠᠢᠯ ᠤ᠋ᠨ ᠭᠠᠳᠠᠨ᠎ᠠ 
 ᠳᠠᠯᠢ ᠰᠢᠪᠠᠭᠤ    
       ( ᠬᠡᠢ ᠮᠣᠷᠢ)  

 ᠠᠢᠯ ᠨᠢᠭᠡᠲᠦ ᠶ᠋ᠢᠨ ᠠᠮᠠ ᠨᠢᠭᠡ 
 ᠠᠮᠠ ᠨᠢᠭᠡᠲᠦ ᠶ᠋ᠢᠨ ᠬᠥᠯ ᠬᠣᠶᠠᠷ  
       ( ᠥᠮᠥᠳᠥ )  

 ᠠᠢᠮᠠᠭ ᠵᠠᠢᠮᠠᠭ ᠲᠡᠮᠡᠭᠡᠨ ᠠᠮᠠ 
 ᠠᠢᠵᠢᠷ ᠪᠢᠵᠢᠷ ᠢᠰᠢᠭᠡᠨ ᠠᠮᠠ  
 ᠠᠷᠢᠭᠤᠨ ᠰᠠᠢᠬᠠᠨ ᠮᠣᠷᠢᠨ ᠠᠮᠠ 
 ᠬᠣᠶᠠᠷ ᠰᠠᠢᠬᠠᠨ ᠬᠣᠨᠢᠨ ᠠᠮᠠ  
       ( ᠮᠣᠩᠭᠣᠯ ᠳᠡᠪᠡᠯ ) 
 
 ᠠᠢᠮᠠᠭ ᠢ᠋ᠶ᠋ᠠᠷ ᠢ᠋ᠶ᠋ᠠᠨ ᠪᠣᠷᠣ 
 ᠠᠵᠢᠷᠭ᠎ᠠ ᠪᠠᠷ ᠢ᠋ᠶ᠋ᠠᠨ ᠵᠢᠷᠣᠭ᠎ᠠ  
       ( ᠢᠲᠤᠭᠤ )
  
 ᠠᠩᠭᠠᠢ ᠲᠠᠩᠭᠠᠢ ᠮᠣᠳᠣ 
 ᠠᠯᠠᠭ ᠳᠠᠬᠢ ᠶ᠋ᠢᠨ ᠠᠷᠠᠰᠤ 
 ᠵᠠᠭᠤᠨ ᠪᠤᠭᠤ ᠶ᠋ᠢᠨ ᠪᠠᠭᠤᠳᠠᠯ 
 ᠵᠤᠰᠠᠯᠠᠩ ᠬᠡᠭᠡᠷ᠎ᠡ ᠶ᠋ᠢᠨ ᠲᠠᠯ᠎ᠠ    
       ( ᠬᠡᠩᠭᠡᠷᠭᠡ ) 
 
 ᠠᠪᠤ ᠶ᠋ᠢᠨ ᠪᠦᠰᠡ ᠶ᠋ᠢ ᠠᠯᠳᠠᠯᠠᠵᠤ ᠪᠣᠯᠬᠤ ᠦᠭᠡᠢ 
 ᠡᠵᠢ ᠶ᠋ᠢᠨ ᠳᠡᠪᠡᠯ ᠢ᠋ ᠡᠪᠬᠡᠵᠦ ᠪᠣᠯᠬᠤ ᠦᠭᠡᠢ 
       ( ᠰᠣᠯᠣᠩᠭ᠎ᠠ᠂ ᠡᠭᠦᠯᠡ )  

 ᠠᠪᠳᠠᠷ᠎ᠠ ᠳᠡᠭᠡᠷ᠎ᠡ ᠠᠯᠲᠠᠨ ᠠᠶᠠᠭ᠎ᠠ  
       ( ᠨᠠᠷᠠ )  

 ᠠᠪᠤ ᠶ᠋ᠢᠨ ᠲᠠᠮᠤᠭᠰᠠᠨ ᠳᠡᠭᠡᠰᠦ ᠶ᠋ᠢ 
 ᠠᠯᠳᠠᠯᠠᠭᠠᠳ ᠠᠯᠲᠠᠯᠠᠭᠠᠳ ᠪᠠᠷᠠᠬᠤ ᠦᠭᠡᠢ 
 ᠡᠵᠢ ᠶ᠋ᠢᠨ ᠣᠶᠣᠭᠰᠠᠨ ᠬᠥᠨᠵᠢᠯᠡ ᠶ᠋ᠢ 
 ᠡᠪᠬᠡᠭᠡᠳ ᠡᠪᠬᠡᠭᠡᠳ ᠳᠠᠭᠤᠰᠬᠤ ᠦᠭᠡᠢ  
       ( ᠵᠠᠮ᠂ ᠣᠭᠲᠠᠷᠭᠤᠢ)  

 ᠠᠪᠤ ᠶ᠋ᠢᠨ ᠳᠡᠪᠡᠯ ᠢ᠋ ᠠᠯᠳᠠᠯᠠᠵᠤ ᠪᠣᠯᠬᠤ ᠦᠭᠡᠢ 
 ᠡᠵᠢ ᠶ᠋ᠢᠨ ᠳᠡᠪᠡᠯ ᠢ᠋ ᠡᠪᠬᠡᠵᠦ ᠪᠣᠯᠬᠤ ᠦᠭᠡᠢ  
       ( ᠲᠩᠷᠢ᠂ ᠭᠠᠵᠠᠷ )  

 ᠠᠪᠤ ᠶ᠋ᠢᠨ ᠠᠷᠪᠠᠨ ᠬᠦᠦ ᠠᠵᠢᠯ ᠲᠠᠢ 
 ᠡᠵᠢ ᠶ᠋ᠢᠨ ᠠᠷᠪᠠᠨ ᠬᠦᠦ ᠡᠷᠬᠡ ᠲᠡᠢ  
       ( ᠭᠠᠷ ᠬᠥᠯ ᠦ᠋ᠨ ᠬᠤᠷᠤᠭᠤ)  

 ᠠᠪᠤ ᠶ᠋ᠢᠨ ᠰᠤᠮᠤ ᠶ᠋ᠢ ᠲᠣᠭᠠᠯᠠᠭᠠᠳ ᠪᠠᠷᠠᠬᠤ ᠦᠭᠡᠢ 
 ᠡᠵᠢ ᠶ᠋ᠢᠨ ᠬᠥᠨᠵᠢᠯᠡ ᠶ᠋ᠢ ᠡᠪᠬᠡᠭᠡᠳ ᠪᠠᠷᠠᠬᠤ ᠦᠭᠡᠢ  
       ( ᠣᠳᠣ᠂ ᠲᠩᠷᠢ ) 

 ᠠᠬ᠎ᠠ ᠳᠡᠭᠦᠦ ᠠᠷᠪᠠᠭᠤᠯᠠ 
 ᠠᠷᠤ ᠶ᠋ᠢᠨ ᠬᠣᠩᠬᠣᠷ ᠲᠤ ᠨᠣᠴᠣᠯᠳᠤᠨ᠎ᠠ  
       ( ᠭᠠᠷ ᠤᠬᠢᠶᠠᠬᠤ )  

 ᠠᠬ᠎ᠠ ᠳᠡᠭᠦᠦ ᠠᠷᠪᠠᠭᠤᠯᠠ 
 ᠡᠳᠦᠷ ᠨᠡᠢᠯᠡᠵᠦ ᠦᠳᠡᠰᠢ ᠰᠠᠯᠤᠨ᠎ᠠ 
       ( ᠳᠡᠪᠡᠯ ᠦ᠋ᠨ ᠲᠣᠪᠴᠢ )  

 ᠠᠬ᠎ᠠ ᠳᠡᠭᠦᠦ ᠠᠷᠪᠠᠭᠤᠯᠠ 
 ᠨᠢᠭᠡ ᠯᠡ ᠳᠡᠷ᠎ᠡ ᠲᠡᠢ 
       ( ᠪᠠᠢᠰᠢᠩ ᠤ᠋ᠨ ᠨᠢᠷᠤᠭᠤ)  

 ᠠᠬ᠎ᠠ ᠳᠡᠭᠦᠦ ᠬᠣᠶᠠᠷ ᠨᠢᠭᠡ ᠨᠠᠰᠤ ᠪᠠᠷ ᠢ᠋ᠶ᠋ᠠᠨ 
 ᠨᠢᠭᠤᠷ ᠨᠢᠭᠤᠷ ᠢ᠋ᠶ᠋ᠠᠨ ᠦᠵᠡᠬᠦ ᠦᠭᠡᠢ 
       ( ᠡᠮᠡᠭᠡᠯ ᠦ᠋ᠨ ᠪᠦᠭᠦᠷᠭᠡ)  

 ᠠᠬ᠎ᠠ ᠨᠢ ᠠᠵᠢᠯᠯᠠᠬᠤ ᠳ᠋ᠠᠭᠠᠨ ᠮᠠᠯᠠᠭᠠᠢ ᠪᠠᠨ ᠠᠪᠤᠨ᠎ᠠ 
 ᠳᠡᠭᠦᠦ ᠨᠢ ᠠᠵᠢᠯᠯᠠᠬᠤ ᠳ᠋ᠠᠭᠠᠨ ᠰᠠᠬᠠᠯ ᠢ᠋ᠶ᠋ᠠᠨ ᠬᠤᠰᠤᠨ᠎ᠠ 
 ᠡᠭᠡᠴᠢ ᠨᠢ ᠠᠵᠢᠯᠯᠠᠬᠤ ᠳ᠋ᠠᠭᠠᠨ ᠦᠰᠦ ᠪᠡᠨ ᠤᠬᠢᠶᠠᠨ᠎ᠠ 
 ᠥᠬᠢᠨ ᠳᠡᠭᠦᠦ ᠨᠢ ᠠᠵᠢᠯᠯᠠᠬᠤ ᠳ᠋ᠠᠭᠠᠨ ᠣ ᠲᠦᠷᠬᠢᠨ᠎ᠡ 
       ( ᠦᠰᠦᠨ ᠪᠢᠷ᠂ ᠬᠠᠷᠠᠨᠳᠠ᠂ ᠪᠣᠯᠣᠳ ᠪᠢᠷ᠂ ᠣ ᠶ᠋ᠢᠨ ᠪᠢᠷ)  

 ᠠᠬ᠎ᠠ ᠶ᠋ᠢᠨ ᠡᠭᠦᠳᠡ ᠬᠠᠭᠠᠭᠠᠰᠤᠲᠠᠢ 
 ᠳᠡᠭᠦᠦ ᠶ᠋ᠢᠨ ᠡᠭᠦᠳᠡ ᠨᠡᠬᠡᠭᠡᠰᠦᠲᠡᠢ 
       ( ᠬᠣᠨᠢ᠂ ᠢᠮᠠᠭᠠᠨ ᠤ᠋ ᠰᠡᠭᠦᠯ)  

 ᠠᠭᠠᠯ ᠪᠠᠯ ᠤ᠋ᠨ ᠬᠠᠲᠤᠨ 
 ᠠᠷᠪᠠᠨ ᠬᠣᠶᠠᠷ ᠳᠠᠭᠠᠯᠲᠠ ᠲᠠᠢ 
 ᠬᠣᠶᠠᠷ ᠳᠤᠷᠳᠤᠩ ᠠᠯᠴᠢᠭᠤᠷ ᠲᠠᠢ 
 ᠨᠢᠭᠡ ᠮᠥᠩᠭᠥᠨ ᠬᠠᠯᠪᠠᠭ᠎ᠠ ᠲᠠᠢ   
       ( ᠬᠣᠨᠢᠨ ᠡᠪᠴᠢᠭᠦᠦ )  

 ᠠᠭᠠᠯᠵᠢ ᠬᠠᠭᠠᠨ ᠤ᠋ ᠬᠠᠲᠤᠨ 
 ᠠᠷᠪᠠᠨ ᠬᠣᠶᠠᠷ ᠵᠡᠭᠦᠪᠴᠢ ᠲᠡᠢ 
 ᠨᠢᠭᠡ ᠮᠥᠩᠭᠥᠨ ᠬᠠᠯᠪᠠᠭ᠎ᠠ ᠲᠠᠢ   
       ( ᠡᠪᠴᠢᠭᠦᠦ )  

 ᠠᠭᠤᠢ ᠳᠣᠲᠣᠷ᠎ᠠ ᠠᠯᠠᠭ ᠪᠥᠮᠪᠥᠭᠡ 
       ( ᠨᠢᠳᠦ )  

 ᠠᠭᠤᠯᠠᠨ ᠠ᠋ᠴᠠ ᠥᠨᠳᠥᠷ 
 ᠡᠪᠡᠰᠦᠨ ᠡᠴᠡ ᠠᠯᠴᠠᠭᠠᠷ   
       ( ᠵᠠᠮ )  

 ᠠᠭᠤᠯᠠ ᠲᠣᠭᠣᠷᠢᠭᠰᠠᠨ 
 ᠤᠯᠠᠭᠠᠨ ᠪᠢᠷᠠᠭᠤ 
       ( ᠲᠠᠲᠠᠭᠤᠷ ᠤ᠋ᠨ ᠱ᠌ᠢᠷᠦ)  

 ᠠᠭᠤᠯᠠ ᠶ᠋ᠢᠨ ᠠᠷᠤ ᠳ᠋ᠤ᠌  
 ᠲᠠᠤᠯᠠᠢ ᠶ᠋ᠢᠨ ᠬᠡᠪᠲᠡᠷᠢ 
       ( ᠰᠢᠯᠢᠨ ᠦ᠌ ᠬᠣᠩᠬᠣᠷᠬᠠᠢ)  

 ᠠᠯᠠᠭ ᠪᠢᠷᠠᠭᠤ 
 ᠠᠷᠭᠠᠯ ᠤ᠋ᠨ ᠬᠣᠭ ᠳᠠᠭᠠᠭᠠᠬᠤ ᠦᠭᠡᠢ 
       ( ᠨᠢᠳᠦ )  

 ᠠᠯᠢᠶ᠎ᠠ ᠪᠠᠨᠳᠢ  
 ᠠᠯᠠ ᠪᠠᠷ ᠢ᠋ᠶ᠋ᠠᠨ ᠨᠠᠭᠠᠳᠤᠨ᠎ᠠ 
       ( ᠬᠣᠩᠬᠣ )  

 ᠠᠯᠲᠠ ᠶ᠋ᠢ ᠨᠢ ᠠᠪᠤᠭᠠᠳ 
 ᠠᠪᠳᠠᠷ᠎ᠠ ᠶ᠋ᠢ ᠨᠢ ᠬᠠᠶᠠᠪᠠ 
       ( ᠴᠢᠮᠥᠭᠡ ᠢᠳᠡᠬᠦ )  

 ᠠᠯᠲᠠᠨ ᠲᠡᠮᠡᠭᠡ ᠠᠩᠭᠠᠰ ᠬᠢᠨ᠎ᠡ 
 ᠠᠷᠭᠠᠮᠵᠢᠶ᠎ᠠ ᠶ᠋ᠢᠨ ᠦᠵᠦᠭᠦᠷ ᠭᠢᠯᠠᠰ ᠬᠢᠨ᠎ᠡ  
       ( ᠭᠢᠯᠪᠠᠭ᠎ᠠ )  

 ᠠᠯᠲᠠᠢ ᠬᠠᠩᠭᠠᠢ ᠶ᠋ᠢᠨ ᠳᠠᠪᠠᠭᠠᠨ ᠳᠡᠭᠡᠷ᠎ᠡ 
 ᠠᠷᠪᠠᠨ ᠠᠳᠤᠭᠤ ᠪᠠᠢᠨ᠎ᠠ 
 ᠲᠣᠭ᠎ᠠ ᠶ᠋ᠢ ᠨᠢ ᠠᠪᠤᠭᠰᠠᠨ ᠳᠣᠯᠣᠭ᠎ᠠ ᠪᠠᠢᠨ᠎ᠠ 
 ᠲᠣᠪᠴᠢᠯᠠᠭᠰᠠᠨ ᠨᠢ ᠭᠤᠷᠪᠠ ᠪᠠᠢᠨ᠎ᠠ 
       ( ᠳᠣᠬᠢᠭᠤᠷ ᠳᠣᠯᠣᠭ᠎ᠠ᠂ ᠭᠤᠷᠪᠠᠨ ᠨᠣᠬᠠᠢ᠂ ᠣᠳᠣ)  

 ᠠᠯᠲᠠᠯᠠᠬᠤ ᠳ᠋ᠤ᠌ ᠠᠷᠪᠠᠨ ᠬᠣᠶᠠᠷ ᠠᠯᠲᠠ 
 ᠠᠮᠠᠯᠠᠬᠤ ᠳ᠋ᠤ᠌ ᠭᠤᠷᠪᠠᠨ ᠵᠠᠭᠤᠨ ᠵᠢᠷᠠᠨ ᠠᠯᠲᠠ 
       ( ᠵᠢᠯ᠂ ᠰᠠᠷ᠎ᠠ᠂ ᠡᠳᠦᠷ )   

 ᠠᠯᠴᠠᠢᠬᠤ ᠳ᠋ᠤ᠌ ᠪᠤᠯᠲᠠᠢᠨ᠎ᠠ 
       ( ᠳᠡᠪᠡᠯ ᠲᠣᠪᠴᠢᠯᠠᠬᠤ )  

 ᠠᠯᠴᠠᠩ ᠠᠯᠴᠠᠩ ᠠᠯᠬᠤᠳᠠᠯ ᠲᠠᠢ 
 ᠠᠯᠲᠠᠨ ᠬᠠᠯᠪᠠᠭ᠎ᠠ ᠠᠮᠠ ᠲᠠᠢ 
 ᠠᠯᠠᠭ ᠡᠷᠢᠶᠡᠨ ᠬᠦᠵᠦᠭᠦᠦ ᠲᠡᠢ 
 ᠠᠯᠠᠭ᠎ᠠ ᠨᠢ ᠪᠢᠲᠡᠭᠦᠦ ᠲᠠᠪᠠᠭ ᠲᠠᠢ   
       ( ᠨᠤᠭᠤᠰᠤ )  

 ᠠᠯᠴᠠᠭᠠᠷ ᠡᠪᠦᠭᠡᠨ 
 ᠠᠯᠠ ᠪᠠᠷ ᠢ᠋ᠶ᠋ᠠᠨ ᠪᠠᠷᠬᠢᠷᠠᠨ᠎ᠠ 
       ( ᠬᠣᠩᠬᠣ )  

 ᠠᠮᠠ ᠳᠥᠷᠪᠡᠯᠵᠢᠨ ᠪᠡᠶ᠎ᠡ ᠲᠡᠢ 
 ᠠᠯᠲᠠ ᠰᠢᠬᠠᠮ ᠰᠡᠭᠦᠯ ᠲᠡᠢ    
       ( ᠬᠦᠷᠵᠡ )  

 ᠠᠮᠠ ᠦᠭᠡᠢ ᠪᠠᠢᠲᠠᠯ᠎ᠠ ᠪᠠᠨ ᠰᠢᠳᠦ ᠲᠡᠢ 
 ᠬᠥᠯ ᠦᠭᠡᠢ ᠪᠠᠢᠲᠠᠯ᠎ᠠ ᠪᠠᠨ ᠭᠠᠷ ᠲᠠᠢ   
       ( ᠬᠢᠷᠥᠭᠡ )  

 ᠠᠮᠲᠠ ᠦᠭᠡᠢ ᠶᠠᠭᠤᠮ᠎ᠠ ᠶ᠋ᠢ ᠠᠯᠪᠠ ᠪᠠᠷ ᠤᠤᠭᠤᠨ᠎ᠠ 
 ᠠᠭᠠᠰᠢᠯᠠᠭᠠᠳ ᠤᠤᠭᠤᠬᠤ ᠦᠭᠡᠢ ᠪᠣᠯ ᠠᠮᠢᠨ ᠳ᠋ᠤ᠌ ᠠᠶᠤᠯ ᠪᠣᠯᠤᠨ᠎ᠠ 
       ( ᠡᠮ ᠤᠤᠭᠤᠬᠤ )  

 ᠠᠲᠠᠨ ᠲᠡᠮᠡᠭᠡ ᠠᠩᠭᠠᠰ ᠬᠢᠨ᠎ᠡ 
 ᠠᠯᠤᠰ ᠬᠣᠯᠠ ᠬᠦᠯᠢᠰ ᠬᠢᠨ᠎ᠡ  
       ( ᠰᠤᠮᠤ ᠬᠠᠷᠪᠤᠬᠤ)  

 ᠠᠳᠬᠤᠨ ᠳ᠋ᠤ᠌ ᠪᠠᠭᠲᠠᠨ᠎ᠠ 
 ᠠᠪᠳᠠᠷ᠎ᠠ ᠳ᠋ᠤ᠌ ᠪᠠᠭᠲᠠᠬᠤ ᠦᠭᠡᠢ  
       ( ᠤᠷᠭ᠎ᠠ )  

 ᠠᠳᠬᠤᠬᠤ ᠳ᠋ᠤ᠌ ᠠᠳᠬᠤ ᠳᠦᠭᠦᠷᠬᠦ ᠦᠭᠡᠢ 
 ᠲᠠᠯᠪᠢᠪᠠᠯ ᠲᠠᠯ᠎ᠠ ᠳᠦᠭᠦᠷᠦᠨ᠎ᠡ   
       ( ᠨᠢᠳᠦ )  

 ᠠᠷᠵᠠᠭᠠᠲᠠᠢ ᠡᠪᠦᠭᠡᠨ ᠵᠠᠳᠠᠭᠠᠯᠠᠭᠠᠳ 
 ᠠᠷᠪᠠᠨ ᠬᠥᠮᠦᠨ ᠢ᠋ ᠮᠣᠷᠳᠠᠭᠤᠯᠪᠠ 
 ᠱᠣᠨᠳᠤᠳᠠᠢ ᠪᠥᠬᠡ ᠶ᠋ᠢ ᠠᠪᠴᠢᠷᠠᠭᠠᠳ 
 ᠰᠢᠪᠲᠤ ᠨᠡᠪᠲᠡ ᠬᠠᠳᠬᠤᠪᠠ 
       ( ᠰᠢᠳᠦ ᠰᠢᠭᠢᠴᠢᠯᠡᠬᠦ )  

 ᠠᠷᠢᠭᠤᠨ ᠴᠠᠭᠠᠨ ᠪᠡᠶ᠎ᠡ ᠲᠡᠢ 
 ᠠᠰᠬᠠᠨ ᠲᠥᠷᠥᠭᠰᠡᠨ ᠨᠢᠭᠡ ᠵᠠᠯᠠᠭᠤ 
 ᠤᠴᠢᠷ ᠦᠭᠡᠢ ᠪᠡᠷ ᠪᠤᠰᠤᠳ ᠤ᠋ᠨ ᠲᠥᠯᠥᠭᠡ 
 ᠤᠬᠢᠯᠠᠭᠰᠠᠭᠠᠷ ᠨᠢᠭᠡ ᠨᠠᠰᠤ ᠪᠠᠷᠠᠪᠠ  
       ( ᠯᠠ )  

 ᠠᠷᠪᠠᠨ ᠯᠠᠮᠠ ᠠᠮᠠᠰᠠᠷ ᠢ᠋ ᠪᠠᠷᠢᠨ᠎ᠠ 
 ᠲᠠᠪᠤᠨ ᠯᠠᠮᠠ ᠳᠣᠲᠣᠷ᠎ᠠ ᠬᠦᠷᠦᠨ᠎ᠡ 
       ( ᠣᠢᠮᠣᠰᠤ ᠡᠮᠦᠰᠬᠦ )  

 ᠠᠷᠪᠠᠨ ᠬᠥᠮᠦᠨ ᠠᠷᠵᠠᠭᠠᠲᠠᠢ ᠶ᠋ᠢ ᠮᠣᠷᠳᠠᠭᠤᠯᠪᠠ 
 ᠬᠣᠷᠢᠨ ᠬᠥᠮᠦᠨ ᠬᠣᠷᠴᠢᠭᠠᠲᠠᠢ ᠶ᠋ᠢ ᠮᠣᠷᠳᠠᠭᠤᠯᠪᠠ 
       ( ᠮᠠᠯᠠᠭᠠᠢ ᠭᠤᠲᠤᠯ ᠡᠮᠦᠰᠬᠦ)  

 ᠠᠷᠪᠠᠨ ᠬᠣᠶᠠᠷ ᠥᠷᠲᠡᠭᠡ ᠲᠡᠢ 
 ᠥᠷᠲᠡᠭᠡ ᠪᠦᠷᠢ ᠨᠢ ᠬᠡᠮᠵᠢᠶ᠎ᠡ ᠲᠡᠢ 
 ᠠᠯᠪᠠᠨ ᠤ᠋ ᠬᠣᠶᠠᠷ ᠡᠯᠴᠢ ᠲᠡᠢ 
 ᠡᠯᠴᠢ ᠪᠦᠷᠢ ᠲᠤᠰᠢᠶᠠᠯ ᠲᠠᠢ   
       ( ᠴᠠᠭ )  

 ᠠᠷᠪᠠᠨ ᠬᠣᠶᠠᠷ ᠠᠳᠤᠭᠤ 
 ᠬᠣᠶᠠᠷ ᠠᠵᠢᠷᠭ᠎ᠠ ᠲᠠᠢ 
 ᠬᠣᠶᠠᠷ ᠠᠵᠢᠷᠭ᠎ᠠ ᠶ᠋ᠢᠨ 
 ᠪᠥᠭᠡᠷ᠎ᠡ ᠨᠢ ᠴᠣᠭᠣᠷᠬᠠᠢ 
 ᠬᠣᠶᠠᠷ ᠨᠢ ᠬᠠᠷ᠎ᠠ ᠰᠤᠪᠠᠢ 
 ᠨᠠᠢ᠍ᠮᠠ ᠨᠢ ᠬᠡᠭᠡᠯ ᠲᠡᠢ  
       ( ᠬᠣᠨᠢᠨ ᠤ᠋ 12 ᠮᠥᠴᠢ)  

 ᠠᠷᠪᠠᠢ ᠳᠠᠷᠪᠠᠢ ᠮᠠᠲᠠᠷ ᠲᠠᠢ 
 ᠠᠷᠰᠢ ᠶ᠋ᠢᠨ ᠱᠦᠭᠦᠷ ᠦᠨᠦᠷ ᠲᠡᠢ 
 ᠠᠯᠢ ᠭᠠᠵᠠᠷ ᠤ᠋ᠨ ᠴᠣᠢᠵᠢᠨ ᠪᠣᠢ    
       ( ᠦᠮᠡᠬᠡᠢ ᠴᠣᠬᠣ )  

 ᠢᠷᠪᠠᠢ ᠨᠢ ᠵᠢᠷᠪᠠᠢ ᠳ᠋ᠠᠭᠠᠨ ᠥᠭᠪᠡ 
 ᠵᠢᠷᠪᠠᠢ ᠨᠢ ᠨᠢᠴᠦᠭᠦᠨ ᠳ᠋ᠡᠭᠡᠨ ᠥᠭᠪᠡ 
 ᠨᠢᠴᠦᠭᠦᠨ ᠨᠢ ᠨᠦᠬᠡᠨ ᠳ᠋ᠡᠭᠡᠨ ᠬᠢᠪᠡ  
       ( ᠬᠣᠭᠣᠯᠠ ᠢᠳᠡᠬᠦ )  

     ᠦᠰᠦᠭ ᠠᠮᠢᠯᠠᠭᠤᠯᠤᠭᠴᠢ᠄ ᠡᠩᠬᠡᠪᠠᠲᠤ  
       ᠬᠢᠨᠠᠭᠴᠢ᠄ ᠪᠠᠶᠠᠷᠴᠡᠴᠡᠭ    
         2024 04 18