ᠣᠨᠢᠰᠤᠭ᠎ᠠ – ᠡ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Эгийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠡ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Эгийн аймаг - Чо ᠂ Дугаржав эмхэтгэн найруулав

ᠣᠨᠢᠰᠤᠭ᠎ᠠ – ᠡ‍  ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Эгийн аймаг - Чо ᠂ Дугаржав эмхэтгэн найруулав

ᠠᠩᠭᠢᠯᠠᠯ:ᠣᠨᠢᠰᠤᠭ᠎ᠠ
2024-04-20

2885

ᠡ‍  ᠶᠢᠨ ᠠᠢᠮᠠᠭ


 ᠡᠩ ᠬᠠᠷ᠎ᠠ ᠪᠠᠷ ᠡᠭᠡᠳᠡᠭᠦᠯᠦᠭᠡᠳ 
 ᠡᠷᠳᠡᠨᠢ ᠶ᠋ᠢᠨ ᠨᠠᠪᠴᠢ ᠪᠠᠷ ᠳᠠᠷᠤᠭᠤᠯᠪᠠ 
 ᠴᠤᠯᠭᠤᠢ ᠴᠠᠭᠠᠨ ᠢ᠋ᠶ᠋ᠠᠷ ᠥᠩᠭᠡᠯᠡᠭᠡᠳ 
 ᠴᠥᠴᠥᠭᠡᠢ ᠶ᠋ᠢᠨ ᠰᠢᠷ᠎ᠠ ᠪᠠᠷ ᠴᠠᠪᠠᠤᠳᠠᠪᠠ  
        ( ᠰᠢᠷ᠎ᠠ ᠲᠣᠰᠣ᠂ ᠰᠦ ᠲᠡᠢ ᠴᠠᠢ)  

 ᠡᠩ ᠦᠭᠡᠢ ᠶᠡᠬᠡ   
 ᠳᠠᠩ ᠦᠭᠡᠢ ᠬᠥᠬᠡ    
      ( ᠲᠩᠷᠢ )  

 ᠡᠨᠳᠡ ᠫᠠᠳ᠂ ᠲᠡᠨᠳᠡ ᠫᠠᠳ 
 ᠡᠷᠯᠢᠭ ᠦ᠋ᠨ ᠡᠭᠦᠳᠡᠨ ᠳ᠋ᠦ᠍ ᠤᠮᠪᠤᠷᠤᠨ ᠫᠠᠳ  
      ( ᠦᠬᠡᠷ ᠪᠠᠭᠠᠬᠤ )  

 ᠡᠪᠦᠭᠡᠨ ᠪᠢᠰᠢ ᠪᠠᠢᠭᠠᠳ ᠰᠠᠬᠠᠯ ᠲᠠᠢ 
 ᠡᠪᠦᠯ ᠪᠣᠯᠤᠭ᠎ᠠ ᠦᠭᠡᠢ ᠪᠠᠢᠬᠤ ᠳ᠋ᠤ᠌ ᠳᠠᠬᠤ ᠲᠠᠢ   
       ( ᠢᠮᠠᠭ᠎ᠠ )  

 ᠡᠪᠡᠰᠦ ᠦᠭᠡᠢ ᠬᠣᠩᠬᠣᠷ ᠲᠤ 
 ᠡᠭᠦᠯᠡ ᠦᠭᠡᠢ ᠪᠣᠷᠣᠭ᠎ᠠ ᠣᠷᠣᠪᠠ   
      ( ᠲᠣᠭᠣᠭᠠᠨ ᠳ᠋ᠤ᠌ ᠤᠰᠤ ᠬᠢᠬᠦ)  

 ᠡᠪᠡᠷ ᠶᠡᠬᠡᠲᠡᠢ ᠡᠷᠳᠡᠨᠢ ᠬᠠᠭᠠᠨ 
 ᠰᠠᠬᠠᠯ ᠶᠡᠬᠡᠲᠡᠢ ᠰᠠᠩᠵᠢᠳ ᠬᠠᠭᠠᠨ   
      ( ᠢᠮᠠᠭ᠎ᠠ )  

 ᠡᠬᠡ ᠨᠢ ᠡᠩᠭᠡᠷ ᠳᠠᠭᠠᠵᠤ 
 ᠬᠦᠦ ᠨᠢ ᠬᠥᠮᠦᠨ ᠳᠠᠭᠠᠨ᠎ᠠ  
      (ᠴᠣᠣᠵᠢ ᠲᠦᠯᠬᠢᠭᠦᠷ )  

 ᠡᠭᠡᠷᠡᠮ᠎ᠡ ᠨᠤᠲᠤᠭ ᠤ᠋ᠨ ᠮᠠᠩᠭᠤᠰ 
 ᠡᠷ᠎ᠡ ᠡᠮ᠎ᠡ ᠦᠭᠡᠢ ᠰᠠᠬᠠᠯ ᠲᠠᠢ     
      ( ᠢᠮᠠᠭ᠎ᠠ )  

 ᠡᠭᠦᠯᠡ ᠦᠭᠡᠢ ᠪᠣᠷᠣᠭᠠᠨ 
 ᠤᠨᠲᠠᠷᠠᠰᠢ ᠦᠭᠡᠢ ᠵᠤᠯᠠ  
      ( ᠰᠢᠭᠦᠳᠡᠷᠢ᠂ ᠨᠠᠷᠠ )  

 ᠡᠭᠦᠯᠡᠨ ᠬᠠᠷ᠎ᠠ ᠥᠳᠥ ᠲᠡᠢ 
 ᠦᠵᠦᠭᠦᠷ ᠰᠠᠯᠠᠭ᠎ᠠ ᠰᠡᠭᠦᠯ ᠲᠡᠢ  
 ᠡᠪᠡᠰᠦ ᠰᠢᠪᠠᠷ ᠤ᠋ᠨ ᠭᠡᠷ ᠲᠡᠢ 
 ᠥᠳᠥ ᠬᠣᠷᠣᠬᠠᠢ ᠶ᠋ᠢᠨ ᠢᠳᠡᠰᠢ ᠲᠡᠢ     
      ( ᠬᠠᠷᠴᠠᠭᠠᠢ )  

 ᠡᠭᠦᠳᠡ ᠦᠭᠡᠢ ᠭᠡᠷ ᠲᠦ᠍  
 ᠦᠢ ᠲᠦᠮᠡᠨ ᠴᠡᠷᠢᠭ   
      ( ᠭᠤᠸᠠ ᠶ᠋ᠢᠨ ᠦᠷ᠎ᠡ )  

 ᠡᠳᠦᠷ ᠭᠤᠷᠪᠠᠯᠵᠢᠨ ᠰᠥᠨᠢ ᠳᠥᠷᠪᠡᠯᠵᠢᠨ   
      ( ᠡᠷᠦᠬᠡ )  

 ᠡᠷᠡᠦ ᠦᠭᠡᠢ ᠲᠡᠮᠡᠭᠡ  
 ᠡᠪᠡᠰᠦ ᠪᠠᠷᠠᠨ᠎ᠠ   
      ( ᠲᠦᠢᠮᠡᠷ )  

 ᠡᠷᠡᠬᠡᠢ ᠶ᠋ᠢᠨ ᠴᠢᠨᠡᠭᠡᠨ ᠪᠡᠶ᠎ᠡ ᠲᠡᠢ 
 ᠡᠷ᠎ᠡ ᠬᠣᠩᠭᠣᠷ ᠳᠠᠭᠤ ᠲᠠᠢ    
      ( ᠵᠥᠭᠡᠢ )  

 ᠡᠷᠡᠮᠡᠭ ᠴᠠᠭᠠᠭᠴᠢᠨ ᠠ᠋ᠴᠠ ᠡᠷ᠎ᠡ ᠬᠠᠷ᠎ᠠ ᠤᠨᠠᠭ᠎ᠠ ᠭᠠᠷᠪᠠ 
 ᠡᠭᠦᠨ ᠢ᠋ ᠤᠨᠤᠭᠰᠠᠨ ᠬᠥᠮᠦᠨ ᠡᠷᠭᠢᠭᠦᠦ ᠳᠦᠢᠷᠡᠩ ᠪᠣᠯᠪᠠ   
      ( ᠰᠠᠭᠠᠯᠢ ᠶ᠋ᠢᠨ ᠠᠷᠢᠬᠢ )  

 ᠡᠷᠢᠶᠡᠨ ᠪᠠᠢᠨ᠎ᠠ ᠪᠠᠷᠰ ᠴᠤ᠌ ᠶᠤᠮ ᠤᠤ 
 ᠡᠪᠡᠷ ᠲᠡᠢ ᠪᠠᠢᠨ᠎ᠠ ᠪᠤᠭᠤ ᠴᠤ᠌ ᠶᠤᠮ ᠤᠤ 
 ᠨᠣᠭᠣᠭᠠᠨ ᠪᠠᠢᠨ᠎ᠠ ᠲᠣᠷᠭ᠎ᠠ ᠴᠤ᠌ ᠶᠤᠮ ᠤᠤ 
 ᠯᠣᠩᠬᠣ ᠲᠠᠢ ᠪᠠᠢᠨ᠎ᠠ ᠠᠷᠢᠬᠢ ᠴᠤ᠌ ᠶᠤᠮ ᠤᠤ       
      ( ᠭᠣᠯᠢᠶ᠎ᠠ )  

 ᠡᠷᠬᠡ ᠰᠢᠷ᠎ᠠ ᠳᠠᠭ᠎ᠠ 
 ᠡᠷ᠎ᠡ ᠶ᠋ᠢᠨ ᠭᠤᠷᠪᠠᠨ ᠰᠢᠨᠵᠢ ᠲᠡᠢ    
      ( ᠱᠠᠭᠠᠢ )   

 ᠡᠷᠭᠢ ᠳᠡᠭᠡᠷ᠎ᠡ ᠡᠷᠪᠡᠭᠡᠷ ᠡᠪᠡᠰᠦ    
      ( ᠰᠠᠬᠠᠯ ) 

     ᠦᠰᠦᠭ ᠠᠮᠢᠯᠠᠭᠤᠯᠤᠭᠴᠢ᠄ ᠡᠩᠬᠡᠪᠠᠲᠤ  
        ᠬᠢᠨᠠᠭᠴᠢ᠄ ᠪᠠᠶᠠᠷᠴᠡᠴᠡᠭ    
         2024 04 19