ᠣᠨᠢᠰᠤᠭ᠎ᠠ – ᠳ᠋ᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Дагийн аймаг - Чо ᠂ Дугаржав эмхэтгэн найруулав
ᠳ᠋ᠠ ᠶᠢᠨ ᠠᠢᠮᠠᠭ
ᠴᠠᠢ ᠦᠭᠡᠢ ᠮᠥᠷᠲᠡᠭᠡᠨ ᠬᠣᠶᠠᠷ ᠳᠣᠮᠪᠣ ᠲᠠᠢ
ᠪᠤᠷᠬᠠᠨ ᠦᠭᠡᠢ ᠮᠥᠷᠲᠡᠭᠡᠨ ᠨᠠᠢ᠍ᠮᠠᠨ ᠲᠠᠬᠢᠯ ᠲᠠᠢ
ᠮᠣᠷᠢ ᠦᠭᠡᠢ ᠮᠥᠷᠲᠡᠭᠡᠨ ᠨᠢᠭᠡ ᠲᠠᠰᠢᠭᠤᠷ ᠲᠠᠢ
( ᠦᠬᠡᠷ ᠦ᠋ᠨ ᠡᠪᠡᠷ᠂ ᠴᠢᠬᠢ᠂ ᠲᠤᠭᠤᠷᠠᠢ᠂ ᠰᠡᠭᠦᠯ)
ᠳᠠᠩ ᠳᠠᠪᠠᠭ᠎ᠠ ᠳᠠᠪᠬᠤᠷ ᠳᠠᠪᠠᠭ᠎ᠠ
ᠬᠥᠨᠳᠡᠢ ᠳᠠᠪᠠᠭ᠎ᠠ ᠬᠦᠰᠡᠯ ᠳᠠᠪᠠᠭ᠎ᠠ
ᠮᠥᠩᠭᠥᠨ ᠠᠶᠠᠭ᠎ᠠ ᠮᠥᠰᠥᠨ ᠰᠢᠬᠢᠷ
( ᠠᠢᠷᠠᠭ ᠪᠦᠯᠢᠬᠦ )
ᠳᠠᠭᠠᠨ ᠴᠠᠭᠠᠨ ᠮᠣᠷᠢ
ᠳᠠᠯᠠᠨ ᠳᠠᠪᠬᠤᠷ ᠲᠣᠬᠣᠮ ᠲᠠᠢ
( ᠬᠤᠰᠤ )
ᠳᠠᠯᠠᠢ ᠯᠠᠮᠠ ᠶ᠋ᠢᠨ ᠳᠠᠪᠲᠠᠨ ᠬᠢᠭᠰᠡᠨ
ᠳᠠᠷᠬᠠᠨ ᠬᠠᠮᠪᠤ ᠶ᠋ᠢᠨ ᠰᠢᠲᠦᠨ ᠬᠢᠭᠰᠡᠨ
ᠬᠣᠶᠠᠷ ᠴᠠᠭᠠᠨ ᠳᠠᠯᠠᠪᠴᠢ
( ᠴᠠᠩ )
ᠳᠠᠯᠠᠢ ᠶ᠋ᠢᠨ ᠵᠢᠭᠠᠰᠤ ᠴᠣᠯᠭᠢᠨ᠎ᠠ
ᠳᠠᠯᠠᠪᠴᠢ ᠦᠭᠡᠢ ᠭᠠᠷᠤᠳᠢ ᠰᠢᠭᠦᠷᠡᠨ᠎ᠡ
( ᠪᠤᠳᠠᠭ᠎ᠠ ᠱᠦᠭᠦᠬᠦ )
ᠳᠠᠯᠠᠢ ᠳ᠋ᠤ᠌ ᠳᠠᠭ᠎ᠠ ᠤᠨᠠᠭᠠᠳ
ᠳᠠᠭ᠎ᠠ ᠨᠢ ᠵᠣᠪᠠᠬᠤ ᠦᠭᠡᠢ
ᠳᠠᠯᠠᠢ ᠵᠣᠪᠠᠨ᠎ᠠ
( ᠨᠢᠳᠦᠨ ᠳ᠋ᠦ᠍ ᠬᠣᠭ ᠣᠷᠣᠬᠤ)
ᠳᠠᠯᠤ ᠰᠢᠭ᠋ ᠶᠠᠩᠵᠤᠲᠠᠢ
ᠳᠠᠪᠬᠤᠷ ᠬᠣᠶᠠᠷ ᠠᠮᠠ ᠲᠠᠢ
ᠲᠠᠯᠤᠨ ᠳᠡᠭᠡᠷ᠎ᠡ ᠪᠡᠨ ᠴᠦ ᠲᠡᠢ
( ᠴᠢᠮᠬᠢᠭᠦᠷ )
ᠲᠠᠲᠠᠷ ᠲᠠᠲᠠᠷ ᠰᠢᠪᠠᠭᠤ
ᠲᠠᠯᠤᠨ ᠳᠡᠭᠡᠷ᠎ᠡ ᠪᠡᠨ ᠪᠢᠴᠢᠭ ᠲᠡᠢ
ᠳᠠᠯᠠᠢ ᠯᠠᠮᠠ ᠶ᠋ᠢᠨ ᠪᠠᠨᠳᠢ
ᠬᠡᠯᠡᠨ ᠳᠡᠭᠡᠷ᠎ᠡ ᠪᠡᠨ ᠪᠢᠴᠢᠭ ᠲᠡᠢ
( ᠳᠠᠷᠴᠤᠭ )
ᠳᠡᠭᠡᠪᠦᠷ ᠢᠰᠡᠭᠡᠢ
ᠳᠡᠯᠡᠬᠡᠢ ᠶ᠋ᠢ ᠪᠦᠲᠡᠭᠡᠨᠡ
( ᠴᠠᠰᠤ )
ᠳᠡᠭᠡᠷ᠎ᠡ ᠰᠠᠭᠤᠭᠰᠠᠨ ᠲᠡᠩᠭᠡᠬᠡᠷ ᠲᠠᠢᠵᠢ
ᠳᠡᠷᠭᠡᠳᠡ ᠰᠠᠭᠤᠭᠰᠠᠨ ᠪᠦᠷᠭᠦᠳ ᠲᠠᠢᠵᠢ
ᠳᠣᠣᠷ᠎ᠠ ᠰᠠᠭᠤᠭᠰᠠᠨ ᠳᠣᠩᠬᠣᠷ ᠲᠠᠢᠵᠢ
ᠳᠣᠷᠣᠭᠰᠢ ᠪᠠᠨ ᠬᠠᠷᠠᠭᠰᠠᠨ ᠰᠢᠭᠡᠷᠡᠩ ᠲᠠᠢᠵᠢ
( ᠠᠷᠢᠬᠢ ᠨᠡᠷᠡᠬᠦ᠂ ᠪᠦᠷᠬᠦᠬᠡᠷ᠂ ᠲᠣᠰᠣᠭᠤᠷ᠂ ᠲᠣᠭᠣᠭ᠎ᠠ᠂ ᠵᠡᠯᠢᠪᠴᠢ)
ᠳᠡᠭᠡᠷ᠎ᠡ ᠳᠡᠩᠬᠡᠩ ᠳᠣᠣᠷ᠎ᠠ ᠪᠤᠩᠬᠤᠨ
( ᠣᠭᠣᠷ ᠰᠦᠬᠡ )
ᠳᠡᠭᠡᠷ᠎ᠡ ᠪᠡᠨ ᠳ᠋ᠧᠩ ᠴᠠᠭᠠᠨ
ᠳᠤᠮᠳᠠ ᠪᠠᠨ ᠲᠤᠩ ᠴᠠᠭᠠᠨ
ᠳᠣᠣᠷ᠎ᠠ ᠪᠠᠨ ᠠᠵᠠᠢ ᠪᠤᠭᠤᠷᠤᠯ
( ᠥᠷᠥᠮ᠎ᠡ᠂ ᠰᠦ᠂ ᠬᠤᠰᠤᠮ)
ᠳᠡᠭᠦᠦᠳᠡᠢ ᠳᠡᠭᠦᠦᠳᠡᠢ ᠳᠥᠷᠪᠡᠭᠦᠯᠡ
ᠳᠥᠴᠢᠨ ᠨᠠᠴᠢᠨ ᠬᠣᠶᠠᠭᠤᠯᠠ
ᠠᠩᠭᠠᠳᠠᠢ ᠮᠡᠷᠭᠡᠨ ᠭᠠᠭᠴᠠᠭᠠᠷ ᠢ᠋ᠶ᠋ᠠᠨ
ᠠᠳᠤᠭᠤᠴᠢᠨ ᠬᠥᠪᠡᠭᠦᠨ ᠲᠣᠰᠢᠶᠠᠯᠢ
( ᠲᠡᠮᠡᠭᠡ )
ᠳᠠᠮ ᠰᠠᠢᠲᠠᠢ ᠪᠦᠷᠭᠦᠳ
ᠳᠠᠯᠤ ᠰᠠᠢᠲᠠᠢ ᠬᠠᠷᠴᠠᠭᠠᠢ
ᠤᠷᠲᠤ ᠰᠠᠢᠬᠠᠨ ᠴᠠᠯᠮ᠎ᠠ
ᠤᠷᠠᠨ ᠰᠠᠢᠬᠠᠨ ᠠᠷᠭ᠎ᠠ
( ᠮᠣᠷᠢ ᠤᠷᠭᠠᠯᠠᠬᠤ )
ᠳᠣᠪᠣ ᠲᠣᠭᠣᠷᠢᠭᠰᠠᠨ ᠳᠣᠯᠣᠭᠠᠨ ᠨᠦᠬᠡ
( ᠨᠢᠳᠦ᠂ ᠴᠢᠬᠢ᠂ ᠬᠠᠮᠠᠷ᠂ ᠠᠮᠠ)
ᠳᠣᠭᠣᠯᠠᠩ ᠡᠮᠡᠭᠡᠨ ᠳᠣᠪᠣ ᠲᠣᠭᠣᠷᠢᠨ᠎ᠠ
( ᠦᠨᠡᠰᠦ ᠬᠠᠮᠤᠬᠤ )
ᠲᠤᠯᠤᠨ ᠨᠠᠭᠤᠷ ᠤ᠋ᠨ ᠠᠳᠤᠭᠤ
ᠲᠣᠭᠰᠢᠨ ᠴᠤ᠌ ᠭᠡᠳᠡᠭ ᠨᠢ ᠠᠷᠭ᠎ᠠ ᠦᠭᠡᠢ
ᠲᠣᠨᠲᠣᠭ ᠶᠣᠨᠳᠤᠭ ᠬᠣᠶᠠᠷ ᠤ᠋ᠨ
ᠤᠷᠭᠠᠯᠠᠭᠠᠴᠢ ᠭᠡᠳᠡᠭ ᠨᠢ ᠠᠷᠭ᠎ᠠ ᠦᠭᠡᠢ
( ᠬᠠᠢᠴᠢ ᠪᠠᠷ ᠠᠷᠭᠠᠯ ᠬᠠᠪᠴᠢᠬᠤ)
ᠲᠤᠩ ᠭᠡᠳᠡᠭ ᠠᠭᠤᠯᠠ ᠶ᠋ᠢᠨ ᠡᠩᠭᠡᠷ ᠲᠤ
ᠲᠤᠩ ᠴᠠᠭᠠᠨ ᠥᠷᠭᠥᠭᠡ ᠪᠠᠷᠢᠭᠠᠳ
ᠳᠤᠮᠳᠠ ᠠ᠋ᠴᠠ ᠨᠢ ᠤᠯᠠᠭᠠᠨ ᠮᠢᠨᠳᠠᠰᠤ ᠤᠨᠵᠢᠭᠤᠯᠬᠤ ᠳ᠋ᠤ᠌
ᠴᠢ ᠨᠠᠮᠠᠶ᠋ᠢ ᠶᠠᠭᠠᠬᠢᠳᠠᠭ ᠶᠤᠮ
ᠳ᠋ᠧᠩ ᠢ᠋ ᠴᠢᠨᠢ ᠤᠨᠲᠠᠷᠠᠭᠠᠭᠠᠳ
ᠳᠡᠷᠭᠡᠳᠡᠬᠢ ᠶ᠋ᠢ ᠴᠢᠨᠢ ᠮᠤᠯᠲᠤ ᠴᠣᠬᠢᠬᠤ ᠳ᠋ᠤ᠌
ᠴᠢ ᠨᠠᠮᠠᠶ᠋ᠢ ᠶᠠᠭᠠᠬᠢᠳᠠᠭ ᠶᠤᠮ
( ᠬᠡᠷᠡᠯᠳᠦᠬᠦ )
ᠳᠤᠭᠤᠢ ᠴᠠᠭᠠᠨ ᠡᠷᠭᠢᠨ ᠳᠡᠭᠡᠷ᠎ᠡ
ᠳᠣᠮᠪᠣ ᠴᠠᠭᠠᠨ ᠴᠡᠴᠡᠭ ᠦᠵᠡᠭᠳᠡᠨ᠎ᠡ
( ᠵᠤᠯᠠ )
ᠳᠤᠷᠠᠨ ᠤ᠋ ᠮᠣᠷᠢ ᠲᠤᠭᠤᠷᠠᠢ ᠦᠭᠡᠢ
ᠳᠣᠷᠣᠨᠠᠲᠤ ᠶ᠋ᠢᠨ ᠲᠠᠯ᠎ᠠ ᠨᠣᠭᠣᠭ᠎ᠠ ᠦᠭᠡᠢ
( ᠰᠢᠷᠡᠭᠡ )
ᠳᠥᠰᠢ ᠳᠡᠭᠡᠷ᠎ᠡ ᠳᠥᠷᠪᠡᠨ ᠭᠠᠯᠠᠭᠤ
( ᠦᠨᠢᠶᠡᠨ ᠦ᠌ ᠬᠥᠬᠥ )
ᠳᠥᠴᠢᠨ ᠪᠥᠰ ᠢ᠋ᠶ᠋ᠡᠷ ᠳᠡᠪᠡᠯ ᠬᠢᠪᠡ
ᠳᠥᠷᠪᠡᠨ ᠲᠡᠰᠢᠶ᠎ᠡ ᠳᠤᠲᠠᠪᠠ
( ᠱᠡᠵᠢᠭᠡᠢ )
ᠳᠥᠷᠪᠡᠨ ᠬᠥᠮᠦᠨ ᠨᠢᠭᠡ ᠮᠠᠯᠠᠭᠠᠢ ᠲᠠᠢ
( ᠰᠢᠷᠡᠭᠡ )
ᠳᠥᠷᠪᠡᠨ ᠵᠠᠩ ᠪᠠᠢᠰᠢᠩ
ᠠᠷᠪᠠᠨ ᠬᠣᠶᠠᠷ ᠲᠤᠯᠭᠠᠭᠤᠷᠢ ᠲᠠᠢ
ᠭᠤᠷᠪᠠᠨ ᠵᠠᠭᠤᠨ ᠵᠢᠷᠠᠨ ᠲᠠᠪᠤᠨ ᠴᠣᠩᠬᠣ ᠲᠠᠢ
( ᠤᠯᠠᠷᠢᠯ᠂ ᠰᠠᠷ᠎ᠠ᠂ ᠡᠳᠦᠷ)
ᠳᠥᠷᠪᠡᠨ ᠡᠮᠡᠭᠡᠨ ᠡᠯᠢᠭᠡ ᠪᠡᠨ ᠡᠭᠡᠭᠡᠪᠡ
( ᠲᠤᠯᠭ᠎ᠠ ᠶ᠋ᠢᠨ ᠲᠣᠲᠣᠭᠣ )
ᠳᠥᠷᠪᠡᠨ ᠯᠠᠮᠠ ᠰᠢᠪᠠᠷ ᠨᠤᠬᠤᠪᠠ
ᠨᠢᠭᠡ ᠯᠠᠮᠠ ᠵᠢᠮᠢᠰ ᠲᠡᠭᠦᠪᠡ
ᠬᠣᠶᠠᠷ ᠯᠠᠮᠠ ᠳᠢᠶᠠᠨᠴᠢ ᠰᠠᠭᠤᠪᠠ
ᠨᠢᠭᠡ ᠯᠠᠮᠠ ᠢᠯᠠᠭ᠎ᠠ ᠦᠷᠭᠦᠭᠡᠪᠡ
( ᠲᠡᠮᠡᠭᠡ )
ᠳᠥᠷᠪᠡᠨ ᠭᠠᠯᠠᠭᠤ ᠳᠦᠢᠭᠡᠭᠡᠳ ᠢᠷᠡᠪᠡ
ᠳᠥᠷᠳᠡᠢ ᠮᠠᠩᠬᠠᠨ ᠲᠣᠰᠤᠭᠠᠳ ᠣᠴᠢᠪᠠ
( ᠦᠨᠢᠶ᠎ᠡ ᠰᠠᠭᠠᠬᠤ )
ᠳᠥᠷᠪᠡᠯᠵᠢᠨ ᠪᠡᠶ᠎ᠡ ᠳ᠋ᠡᠭᠡᠨ
ᠲᠥᠷᠥ ᠪᠤᠯᠢᠶᠠᠯᠳᠤᠨ᠎ᠠ
ᠲᠥᠷᠥᠭᠰᠡᠨ ᠪᠡᠶ᠎ᠡ ᠳ᠋ᠡᠭᠡᠨ
ᠤᠬᠠᠭᠠᠨ ᠪᠤᠯᠢᠶᠠᠯᠳᠤᠨ᠎ᠠ
( ᠰᠢᠲᠠᠷ᠎ᠠ ᠨᠠᠭᠠᠳᠬᠤ )
ᠳᠥᠷᠪᠡᠨ ᠴᠢᠪᠠᠭᠠᠨᠴᠠ
ᠨᠢᠭᠡ ᠨᠦᠬᠡᠨ ᠳ᠋ᠦ᠍ ᠰᠢᠭᠡᠨ᠎ᠡ
( ᠦᠨᠢᠶ᠎ᠡ ᠰᠠᠭᠠᠬᠤ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ ᠄ ᠪᠠᠶᠠᠷᠴᠡᠴᠡᠭ
2024 4 28
