ᠣᠨᠢᠰᠤᠭ᠎ᠠ – ᠨᠠ ᠂ ᠪᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – На᠂Багийн аймаг - Чо ᠂ Дугаржав эмхэтгэн найруулав
ᠨᠠ ᠂ ᠪᠠ ᠶᠢᠨ ᠠᠢᠮᠠᠭ
ᠨᠠ᠊
ᠨᠠᠭᠠᠯ ᠨᠠᠭᠠᠯ ᠮᠣᠳᠣ
ᠨᠠᠢ᠍ᠮᠠᠨ ᠲᠦᠮᠡᠨ ᠮᠥᠴᠢᠷ ᠲᠡᠢ
ᠮᠥᠴᠢᠷ ᠪᠦᠬᠦᠨ ᠨᠢ ᠵᠠᠯᠠᠭ᠎ᠠ ᠲᠠᠢ
ᠵᠠᠯᠠᠭ᠎ᠠ ᠪᠦᠬᠦᠨ ᠨᠢ ᠠᠭᠤᠷᠬᠠᠢ ᠲᠠᠢ
ᠠᠭᠤᠷᠬᠠᠢ ᠪᠦᠬᠦᠨ ᠨᠢ ᠥᠨᠳᠡᠭᠡ ᠲᠡᠢ
( ᠪᠤᠳᠠᠭᠠᠨ ᠲᠠᠷᠢᠶ᠎ᠠ )
ᠨᠠᠭᠠᠭ ᠨᠠᠭᠠᠭ ᠭᠡᠨ᠎ᠡ
ᠨᠠᠢ᠍ᠮᠠᠨ ᠠᠢᠮᠠᠭ ᠴᠢᠩᠨᠠᠭ ᠭᠡᠨ᠎ᠡ
ᠬᠥᠨᠳᠡᠢ ᠪᠣᠯᠭᠠᠨ ᠬᠥᠭᠡᠰᠦ ᠭᠡᠨ᠎ᠡ
ᠬᠥᠭᠰᠢᠨ ᠪᠤᠷᠬᠠᠨ ᠭᠥᠭᠦᠭ ᠬᠢᠨ᠎ᠡ
( ᠦᠬᠡᠷ ᠪᠦᠷᠢᠶ᠎ᠡ )
ᠨᠠᠮ ᠨᠠᠮ ᠭᠦᠶᠦᠳᠡᠯ ᠲᠡᠢ
ᠨᠠᠪᠴᠢᠨ ᠰᠢᠷ᠎ᠠ ᠳᠡᠪᠡᠯ ᠲᠡᠢ
( ᠦᠨᠡᠭᠡ )
ᠨᠠᠷᠠᠨ ᠤ᠋ ᠳᠣᠣᠭᠤᠷ ᠨᠠᠭᠠᠳᠴᠤ ᠪᠠᠢᠬᠤ ᠰᠢᠭ᠋
ᠨᠠᠪᠴᠢ ᠴᠡᠴᠡᠭ ᠳᠡᠯᠭᠡᠷᠡᠵᠦ ᠪᠠᠢᠬᠤ ᠰᠢᠭ᠋
ᠪᠥᠵᠥᠩ ᠲᠠᠤᠯᠠᠢ ᠪᠥᠮᠪᠥᠷᠢᠵᠦ ᠪᠠᠢᠬᠤ ᠰᠢᠭ᠋
ᠪᠥᠭᠡᠷ᠎ᠡ ᠵᠢᠷᠦᠬᠡ ᠳᠣᠭᠳᠣᠯᠵᠤ ᠪᠠᠢᠬᠤ ᠰᠢᠭ᠋
( ᠵᠡᠷᠭᠡᠯᠭᠡᠨ )
ᠨᠠᠷᠢᠨ ᠬᠡᠪ ᠦ᠋ᠨ ᠠᠮᠠ ᠲᠠᠢ
ᠨᠠᠢ᠍ᠮᠠᠨ ᠰᠠᠢᠬᠠᠨ ᠪᠠᠳᠮ᠎ᠠ ᠲᠠᠢ
ᠬᠤᠯᠤᠰᠤ ᠳᠡᠷᠡᠰᠦᠨ ᠬᠣᠰᠢᠭᠤ ᠲᠠᠢ
ᠬᠣᠶᠠᠷ ᠳᠠᠪᠬᠤᠷ ᠵᠢᠩᠰᠡ ᠲᠡᠢ
( ᠪᠢᠰᠬᠢᠭᠦᠷ )
ᠨᠠᠷᠢᠨ ᠭᠣᠣᠯ ᠤ᠋ᠨ ᠵᠠᠬ᠎ᠠ ᠳ᠋ᠤ᠌ ᠨᠠᠢ᠍ᠮᠠᠨ ᠴᠢᠪᠠᠭᠠᠨᠴᠠ
ᠨᠠᠭᠠᠰᠢ ᠴᠠᠭᠠᠰᠢ ᠪᠠᠨ ᠨᠠᠮᠵᠢᠨ ᠴᠢᠪᠠᠭᠠᠨᠴᠠ
ᠨᠠᠳᠠ ᠳ᠋ᠤ᠌ ᠬᠠᠢᠷᠠᠲᠠᠢ ᠰᠸᠩᠭᠡ ᠴᠢᠪᠠᠭᠠᠨᠴᠠ
( ᠯᠢᠮᠪᠦ )
ᠨᠠᠷᠭᠢᠯ ᠨᠠᠷᠭᠢᠯ ᠮᠣᠳᠣ
ᠨᠠᠶᠠᠨ ᠨᠠᠢ᠍ᠮᠠᠨ ᠮᠥᠴᠢᠷ ᠲᠡᠢ
ᠮᠥᠴᠢᠷ ᠪᠦᠬᠦᠨ ᠳ᠋ᠦ᠍ ᠡᠭᠦᠷ ᠲᠡᠢ
ᠡᠭᠦᠷ ᠪᠦᠬᠦᠨ ᠳ᠋ᠦ᠍ ᠥᠨᠳᠡᠭᠡ ᠲᠡᠢ
( ᠲᠣᠭᠣᠨᠣ ᠬᠤᠷᠤᠭᠤ᠂ ᠣᠨᠢ᠂ ᠰᠠᠭᠠᠯᠳᠤᠷᠭ᠎ᠠ )
ᠨᠡᠢᠯᠡᠮᠡᠯ ᠬᠥᠯ ᠲᠡᠢ
ᠨᠡᠪᠴᠢᠢᠭᠰᠡᠨ ᠤᠷᠤᠭᠤᠯ ᠲᠠᠢ
ᠤᠷᠤᠯᠳᠤᠭᠠᠨ ᠳ᠋ᠤ᠌ ᠮᠠᠭᠤ ᠴᠤ᠌
ᠤᠮᠪᠠᠬᠤ ᠳ᠋ᠠᠭᠠᠨ ᠰᠠᠢᠨ
( ᠨᠤᠭᠤᠰᠤ )
ᠨᠢᠭᠤᠷ ᠪᠠᠢᠭᠠᠳ ᠠᠮᠠ ᠦᠭᠡᠢ
ᠬᠥᠯ ᠪᠠᠢᠭᠠᠳ ᠭᠠᠷ ᠦᠭᠡᠢ
ᠰᠠᠢᠨ ᠬᠣᠭᠣᠯᠠ ᠠ᠋ᠴᠠ ᠬᠣᠴᠣᠷᠬᠤ ᠦᠭᠡᠢ
ᠰᠠᠢᠨ ᠠᠷᠢᠬᠢᠨ ᠠ᠋ᠴᠠ ᠭᠡᠭᠡᠭᠳᠡᠬᠦ ᠦᠭᠡᠢ
( ᠪᠤᠳᠠᠭᠠᠨ ᠤ᠋ ᠰᠢᠷᠡᠭᠡ )
ᠨᠢᠶᠠᠭ ᠮᠡᠯᠡᠬᠡᠢ ᠨᠠᠢ᠍ᠮᠠᠨ ᠰᠢᠨᠳᠠᠰᠤ ᠲᠠᠢ
( ᠡᠮᠡᠭᠡᠯ ᠦ᠋ᠨ ᠭᠠᠨᠵᠤᠭ᠎ᠠ )
ᠨᠣᠷᠭᠠᠭᠠᠳ ᠨᠣᠬᠠᠢ ᠶ᠋ᠢᠨ ᠪᠥᠭᠰᠡ ᠪᠡᠷ ᠰᠢᠷᠭᠤᠭᠤᠯᠪᠠ
( ᠵᠡᠭᠦᠦ ᠰᠦᠪᠡᠯᠡᠬᠦ )
ᠨᠦᠬᠡ ᠪᠡᠨ ᠠᠪᠤᠭᠠᠳ ᠭᠠᠳᠠᠰᠤ ᠪᠠᠨ ᠬᠠᠶᠠᠪᠠ
( ᠭᠠᠳᠠᠭᠠᠯᠠᠬᠤ )
ᠪᠠ᠊
ᠪᠠᠢᠷᠢ ᠪᠠᠢᠷᠢ ᠶ᠋ᠢᠨ ᠬᠤᠸᠠᠭᠴᠢᠨ
ᠪᠠᠰᠠ ᠨᠢᠭᠡ ᠬᠤᠸᠠᠭᠴᠢᠨ
ᠵᠦᠢᠷ ᠵᠦᠢᠷ ᠦ᠋ᠨ ᠬᠤᠸᠠᠭᠴᠢᠨ
ᠵᠢᠰᠦ ᠨᠢᠭᠡᠲᠡᠢ ᠬᠤᠸᠠᠭᠴᠢᠨ
( ᠭᠥᠷᠥᠭᠡᠰᠦ )
ᠪᠠᠭᠠᠲᠤᠷ ᠪᠢᠰᠢ ᠪᠠᠢᠭᠠᠳ ᠠᠳᠠᠲᠠᠢ
ᠪᠠᠭᠰᠢ ᠪᠢᠰᠢ ᠪᠠᠢᠭᠠᠳ ᠨᠣᠮ ᠲᠠᠢ
ᠪᠠᠷᠰ ᠪᠢᠰᠢ ᠪᠠᠢᠭᠠᠳ ᠡᠷᠢᠶᠡᠨ ᠲᠡᠢ
ᠪᠠᠶᠠᠨ ᠪᠢᠰᠢ ᠪᠠᠢᠭᠠᠳ ᠡᠳ᠋ ᠲᠡᠢ
( ᠵᠥᠭᠡᠢ )
ᠪᠠᠭᠯᠠᠷᠠᠭᠰᠠᠨ ᠤᠯᠠᠭᠠᠨ ᠴᠡᠴᠡᠭ ᠢ᠋ᠶ᠋ᠡᠨ
ᠮᠠᠯᠠᠭᠠᠢ ᠳᠡᠭᠡᠷ᠎ᠡ ᠪᠡᠨ ᠬᠠᠲᠠᠭᠰᠠᠨ
ᠵᠠᠩᠵᠤᠨ ᠤ᠋ ᠪᠠᠷᠬᠢᠷᠠᠭᠰᠠᠨ ᠳᠠᠭᠤᠨ ᠨᠢ
ᠮᠢᠩᠭᠠᠨ ᠡᠭᠦᠳᠡ ᠶ᠋ᠢ ᠨᠡᠭᠡᠭᠡᠯ᠎ᠡ
( ᠡᠷᠡᠭᠴᠢᠨ ᠲᠠᠬᠢᠶ᠎ᠠ )
ᠪᠠᠷᠠᠭᠤᠨᠲᠠᠢ ᠠ᠋ᠴᠠ ᠢᠷᠡᠭᠰᠡᠨ
ᠪᠠᠨᠳᠢ ᠶ᠋ᠢᠨ ᠡᠷᠡᠦ ᠳᠤᠲᠠᠭᠤ
( ᠳᠣᠮᠪᠣ )
ᠪᠠᠷᠠᠭᠤᠨᠲᠠᠢ ᠠ᠋ᠴᠠ ᠢᠷᠡᠭᠰᠡᠨ
ᠪᠠᠷᠬᠢᠷᠠᠭ᠎ᠠ ᠴᠠᠭᠠᠨ ᠪᠣᠲᠣᠭᠣ
( ᠲᠤᠩ)
ᠪᠠᠷᠠᠭᠤᠨᠲᠠᠢ ᠠ᠋ᠴᠠ ᠢᠷᠡᠭᠰᠡᠨ
ᠪᠠᠢᠵᠢ ᠲᠠᠢᠵᠢ ᠶ᠋ᠢᠨ ᠬᠥᠪᠡᠭᠦᠨ
ᠪᠠᠨᠴᠢᠨ ᠰᠤᠤᠰᠠᠷ ᠮᠠᠯᠠᠭᠠᠢ ᠲᠠᠢ
ᠬᠡᠢ ᠬᠣᠶᠠᠷ ᠬᠥᠯ ᠲᠡᠢ
ᠬᠢᠮᠡᠯ ᠳᠥᠷᠪᠡᠨ ᠤᠲᠤᠭ᠎ᠠ ᠲᠠᠢ
ᠬᠡᠢᠰᠦᠮᠡ ᠨᠠᠢ᠍ᠮᠠᠨ ᠵᠠᠯᠠᠭ᠎ᠠ ᠲᠠᠢ
( ᠥᠪᠥᠭᠡᠯᠵᠢ )
ᠪᠡᠷᠬᠡᠲᠦ ᠶ᠋ᠢᠨ ᠭᠤᠷᠪᠠᠨ ᠳᠠᠪᠠᠭ᠎ᠠ
ᠨᠠᠪᠴᠢᠨ ᠭᠤᠷᠪᠠᠨ ᠴᠡᠴᠡᠭ
ᠪᠠᠶᠠᠨ ᠭᠤᠷᠪᠠᠨ ᠬᠠᠩᠭᠠᠢ
ᠬᠦᠢᠲᠡᠨ ᠭᠤᠷᠪᠠᠨ ᠬᠥᠨᠳᠡᠢ
( ᠬᠠᠪᠤᠷ᠂ ᠵᠤᠨ᠂ ᠨᠠᠮᠤᠷ᠂ ᠡᠪᠦᠯ)
ᠪᠠᠷᠰ ᠤ᠋ᠨ ᠡᠷᠢᠶᠡᠨ ᠬᠦᠷᠮ᠎ᠡ ᠲᠡᠢ
ᠪᠠᠨᠴᠢᠨ ᠰᠤᠤᠰᠠᠷ ᠮᠠᠯᠠᠭᠠᠢ ᠲᠠᠢ
ᠭᠠᠤᠯᠢᠨ ᠪᠦᠷᠢᠶ᠎ᠡ ᠪᠢᠰᠬᠢᠭᠦᠷ ᠲᠡᠢ
ᠭᠤᠷᠪᠠᠨ ᠴᠠᠭ ᠤ᠋ᠨ ᠬᠤᠷᠠᠯ ᠲᠠᠢ
( ᠥᠪᠥᠭᠡᠯᠵᠢ )
ᠪᠡᠷᠬᠡ ᠪᠡᠷ ᠳᠠᠪᠠᠵᠤ
ᠪᠡᠯᠡᠨ ᠨᠦᠬᠡ ᠪᠡᠷ ᠣᠷᠣᠵᠤ
ᠪᠦᠯᠡᠬᠡ ᠪᠡᠷ ᠲᠠᠭᠯᠠᠨ᠎ᠠ
( ᠭᠤᠲᠤᠯ ᠤᠯᠠᠯᠠᠬᠤ )
ᠪᠡᠷᠢᠶᠡᠳ ᠠᠢᠯᠴᠢᠯᠠᠵᠤ ᠶᠠᠪᠤᠭᠠᠳ
ᠪᠡᠯᠡᠭ ᠢ᠋ᠶ᠋ᠡᠨ ᠭᠡᠭᠡᠴᠢᠬᠡᠪᠡ
( ᠦᠬᠡᠷ ᠪᠠᠭᠠᠬᠤ )
ᠪᠢ ᠮᠠᠯᠲᠠᠨ᠎ᠠ
ᠪᠥᠵᠥᠩ ᠬᠡᠪᠲᠡᠨ᠎ᠡ
( ᠭᠠᠯ ᠮᠠᠨᠠᠬᠤ )
ᠪᠢᠯᠳᠠᠭᠰᠠᠨ ᠰᠢᠷ᠎ᠠ
ᠪᠢᠯᠳᠠᠤᠴᠢ ᠰᠢᠷ᠎ᠠ
ᠡᠯᠭᠦᠵᠦ ᠪᠠᠢᠭᠠᠳ ᠵᠠᠨᠴᠢᠬᠤ ᠳ᠋ᠤ᠌
ᠥᠨᠳᠥᠷ ᠳᠠᠭᠤ ᠪᠠᠷ ᠳᠠᠭᠤᠯᠠᠨ᠎ᠠ
( ᠬᠠᠷᠠᠩᠭ᠎ᠠ )
ᠪᠢᠲᠡᠭᠦᠦ ᠬᠣᠶᠠᠷ ᠬᠠᠩᠹᠸᠩ
ᠪᠥᠭᠲᠥᠷ ᠬᠤᠸᠠ ᠬᠣᠰᠢᠭᠤ
ᠬᠣᠯᠪᠣᠭ᠎ᠠ ᠬᠣᠶᠠᠷ ᠨᠠᠭᠤᠷ
ᠬᠣᠶᠠᠷ ᠮᠥᠩᠭᠥᠨ ᠬᠠᠯᠪᠠᠭ᠎ᠠ
( ᠬᠠᠮᠠᠷ᠂ ᠨᠢᠳᠦ᠂ ᠴᠢᠬᠢ )
ᠪᠢᠳᠡᠷ ᠪᠤᠷᠮ᠎ᠠ ᠶ᠋ᠢᠨ ᠠᠷᠠᠰᠤ ᠶ᠋ᠢ
ᠪᠢᠳᠡ ᠪᠦᠭᠦᠳᠡ ᠢᠳᠡᠭᠡᠳ ᠪᠠᠷᠠᠬᠤ ᠦᠭᠡᠢ
ᠬᠠᠷᠢᠨ ᠨᠠᠴᠢᠨ ᠱᠣᠩᠬᠣᠷ
ᠭᠠᠭᠴᠠᠭᠠᠷ ᠢ᠋ᠶ᠋ᠠᠨ ᠢᠳᠡᠭᠡᠳ ᠪᠠᠷᠠᠴᠢᠬᠠᠪᠠ
( ᠴᠠᠰᠤ ᠬᠠᠢᠯᠬᠤ )
ᠪᠣᠷᠣ ᠬᠣᠨᠢ ᠪᠤᠵᠢᠭᠢᠨᠠᠭᠰᠠᠭᠠᠷ ᠲᠠᠷᠭᠤᠯᠠᠪᠠ
( ᠤᠲᠠᠰᠤ ᠡᠭᠡᠷᠡᠬᠦ )
ᠪᠤᠭᠤᠷᠤᠯ ᠮᠣᠷᠢ ᠪᠤᠤᠨ ᠬᠢᠪᠡ
ᠪᠤᠷᠬᠠᠨ ᠲᠩᠷᠢ ᠨᠢᠳ ᠬᠢᠪᠡ
( ᠫᠤᠤ ᠫᠤᠤᠳᠠᠬᠤ )
ᠪᠤᠮᠪᠠᠭᠠᠷ ᠠᠭᠤᠯᠠ ᠶ᠋ᠢᠨ ᠣᠷᠣᠢ ᠳ᠋ᠤ᠌
ᠪᠤᠮ ᠲᠦᠮᠡᠨ ᠪᠤᠷᠭᠠᠰᠤ ᠲᠠᠢ
( ᠭᠡᠵᠢᠭᠡ )
ᠪᠤᠲᠠᠨ ᠲᠣᠭᠣᠭ᠎ᠠ ᠨᠡᠷᠡᠭᠡᠳ ᠢᠷᠡᠬᠦ ᠳ᠋ᠦ᠍
ᠪᠤᠯᠠᠭᠠᠨ ᠮᠠᠯᠠᠭᠠᠢ ᠰᠡᠬᠦᠭᠡᠳ ᠢᠷᠡᠪᠡ
( ᠪᠤᠮᠪᠠ )
ᠪᠤᠵᠢᠯ ᠪᠤᠵᠢᠯᠳᠠᠭ ᠪᠤᠵᠢᠯ ᠨᠤᠭᠤᠯᠳᠠᠭ
ᠣᠷᠬᠢᠨ ᠲᠠᠯᠪᠢᠨ ᠰᠢᠬᠠᠨ ᠨᠤᠬᠤᠯᠳᠠᠭ
( ᠢᠰᠡᠭᠡᠢ ᠡᠯᠳᠡᠬᠦ )
ᠪᠤᠵᠠᠷ ᠠ᠋ᠴᠠ ᠪᠤᠵᠠᠷ
ᠪᠤᠮ ᠰᠠᠶ᠎ᠠ ᠶ᠋ᠢᠨ ᠨᠦᠬᠡ ᠲᠡᠢ
( ᠰᠢᠷᠢᠮᠡᠯ ᠰᠢᠷᠲᠡᠭ )
ᠪᠤᠷᠢᠶᠠᠳ ᠤ᠋ᠨ ᠦᠬᠡᠷ
ᠪᠤᠯᠲᠤ ᠪᠠᠷ ᠢ᠋ᠶ᠋ᠠᠨ ᠲᠥᠷᠥ ᠲᠡᠢ
(ᠣᠨᠢ ᠶ᠋ᠢᠨ ᠰᠠᠭᠠᠯᠳᠤᠷᠭ᠎ᠠ)
ᠪᠤᠷᠤᠭᠤ ᠬᠠᠵᠠᠭᠤ ᠳ᠋ᠤ᠌ ᠨᠤᠲᠤᠭ ᠲᠠᠢ
ᠪᠤᠷᠬᠠᠨ ᠪᠠᠭᠰᠢ ᠶ᠋ᠢᠨ ᠰᠠᠭᠤᠳᠠᠯ ᠲᠠᠢ
ᠲᠩᠷᠢ ᠶ᠋ᠢᠨ ᠴᠣᠯᠮᠣᠨ ᠨᠢᠳᠦ ᠲᠡᠢ
ᠲᠡᠮᠡᠭᠡᠨ ᠬᠠᠯᠢᠭᠤᠨ ᠵᠢᠰᠦ ᠲᠡᠢ
( ᠪᠠᠷᠰ )
ᠪᠤᠷᠬᠠᠨ ᠤ᠋ ᠭᠡᠷ ᠲᠦ᠍ ᠣᠷᠣᠵᠤ ᠪᠣᠯᠬᠤ ᠦᠭᠡᠢ
ᠪᠤᠭᠤᠳᠠᠢ ᠶ᠋ᠢᠨ ᠭᠤᠯᠢᠷ ᠢᠳᠡᠵᠦ ᠪᠣᠯᠬᠤ ᠦᠭᠡᠢ
( ᠭᠠᠯ᠂ ᠦᠨᠡᠰᠦ )
ᠪᠤᠷᠬᠠᠨ ᠤ᠋ ᠤᠷᠢᠲᠠᠢ
ᠪᠣᠨᠲᠣᠭᠣᠷ ᠪᠠᠯᠢᠩ
( ᠬᠠᠮᠠᠷ )
ᠪᠦᠬᠦ ᠪᠡᠶ᠎ᠡ ᠳ᠋ᠦ᠍ᠨᠢ ᠦᠰᠦ ᠲᠡᠢ
ᠪᠦᠭᠦᠳᠡ ᠳᠥᠷᠪᠡᠨ ᠭᠠᠷ ᠲᠠᠢ
ᠪᠥᠬᠥᠢᠨ ᠵᠣᠭᠰᠣᠪᠠᠯ ᠬᠥᠮᠦᠨ ᠰᠢᠭ
ᠪᠥᠭᠴᠥᠢᠨ ᠰᠠᠭᠤᠪᠠᠯ ᠨᠣᠬᠠᠢ ᠰᠢᠭ᠋
( ᠰᠠᠷᠮᠠᠭᠴᠢᠨ )
ᠪᠥᠬᠥᠢᠪᠡᠯ ᠪᠥᠭᠡᠯᠵᠢᠵᠦ ᠭᠡᠳᠡᠢᠪᠡᠯ ᠬᠡᠬᠡᠷᠡᠨᠡ
( ᠳᠡᠪᠦᠷ᠎ᠡ )
ᠪᠥᠮᠪᠥᠭᠡᠯᠢ ᠪᠥᠮᠪᠥᠭᠡᠯᠢ ᠬᠠᠮᠢᠭ᠎ᠠ ᠠ᠋ᠴᠠ ᠢᠷᠡᠪᠡ
ᠲᠣᠰᠣᠲᠤ ᠶ᠋ᠢᠨ ᠭᠣᠣᠯ ᠠ᠋ᠴᠠ ᠢᠷᠡᠯ᠎ᠡ
ᠲᠣᠰᠣ ᠶᠠᠭᠠᠬᠢᠭᠠᠳ ᠬᠠᠯᠳᠠᠭᠰᠠᠨ ᠦᠭᠡᠢ ᠪᠣᠢ
ᠮᠠᠨ ᠤ᠋ ᠭᠠᠵᠠᠷ ᠤ᠋ᠨ ᠵᠠᠩ
( ᠬᠣᠨᠢᠨ ᠤ᠋ ᠬᠣᠷᠭᠣᠯ )
ᠪᠦᠷᠭᠦᠳ ᠪᠦᠰᠡ ᠪᠡᠨ ᠭᠡᠭᠡᠪᠡ
ᠲᠣᠭᠣᠳᠠᠭ ᠲᠣᠯᠢ ᠪᠠᠨ ᠭᠡᠭᠡᠪᠡ
( ᠵᠠᠮ᠂ ᠪᠠᠭᠤᠴᠠ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 20
