ᠣᠨᠢᠰᠤᠭ᠎ᠠ – ᠬᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Хагийн аймаг - Чо ᠂ Дугаржав эмхэтгэн найруулав
ᠬᠠ ᠶᠢᠨ ᠠᠢᠮᠠᠭ
ᠬᠠ
ᠬᠠᠢᠷᠠᠲᠠᠢ ᠬᠦᠦ ᠶ᠋ᠢᠨ ᠢ᠋ᠶ᠋ᠡᠨ ᠬᠤᠪᠴᠠᠰᠤ ᠲᠠᠢᠯᠬᠤ ᠳ᠋ᠤ᠌ ᠬᠠᠷ᠎ᠠ ᠨᠢᠳᠦᠨ ᠦ᠌ ᠨᠢᠯᠪᠤᠰᠤ ᠭᠣᠭᠣᠵᠢᠨᠠ
( ᠰᠣᠩᠭᠢᠨ᠎ᠠ ᠠᠷᠢᠯᠭᠠᠬᠤ )
ᠬᠠᠨ ᠲᠡᠮᠦᠷ ᠠᠪᠤ ᠲᠠᠢ
ᠬᠠᠷᠪᠤᠭ ᠱᠣᠷᠪᠣᠭ ᠡᠵᠢ ᠲᠡᠢ
ᠪᠤᠭᠤᠳᠠᠢ ᠴᠠᠭᠠᠨ ᠬᠡᠦᠬᠡᠨ ᠲᠡᠢ
ᠶᠠᠨᠳᠠᠨ ᠬᠠᠷ᠎ᠠ ᠬᠦᠷᠭᠡᠨ ᠲᠡᠢ
( ᠲᠣᠭᠣᠭ᠎ᠠ᠂ ᠭᠠᠯ᠂ ᠦᠨᠡᠰᠦ᠂ ᠰᠢᠯᠡᠭᠡᠪᠦᠷ )
ᠬᠠᠭᠰᠢ ᠨᠠᠭᠰᠢ ᠬᠣᠶᠠᠷ
( ᠬᠠᠪᠤᠷ᠂ ᠨᠠᠮᠤᠷ )
ᠬᠠᠪᠲᠠᠭᠠᠢ ᠳᠥᠷᠪᠡᠯᠵᠢᠨ ᠪᠡᠶ᠎ᠡ ᠲᠡᠢ
ᠬᠠᠷ᠎ᠠ ᠪᠠᠷᠠᠭᠠᠨ ᠵᠢᠰᠦ ᠲᠡᠢ
ᠨᠣᠭᠣᠭ᠎ᠠ ᠢᠳᠡᠬᠦ ᠡᠴᠡ ᠪᠢᠰᠢ
ᠪᠤᠳᠠᠭ᠎ᠠ ᠢᠳᠡᠬᠦ ᠦᠭᠡᠢ
ᠮᠢᠬ᠎ᠠ ᠢᠳᠡᠬᠦ ᠡᠴᠡ ᠪᠢᠰᠢ
ᠠᠷᠢᠬᠢ ᠤᠤᠭᠤᠬᠤ ᠦᠭᠡᠢ
( ᠪᠣᠣᠳᠤᠤ )
ᠬᠠᠪᠲᠠᠭᠠᠢ ᠳᠥᠷᠪᠡᠯᠵᠢᠨ ᠪᠡᠶ᠎ᠡ ᠲᠡᠢ
ᠬᠠᠳᠠᠮᠠᠯ ᠢᠰᠡᠭᠡᠢ ᠨᠢᠭᠤᠷ ᠲᠠᠢ
ᠬᠥᠯ ᠦᠭᠡᠢ ᠪᠠᠢᠲᠠᠯ᠎ᠠ ᠪᠠᠨ ᠶᠠᠪᠤᠴᠢᠬᠠᠨ᠎ᠠ
ᠬᠦᠷᠪᠡᠯ ᠨᠢᠭᠤᠷ ᠢ᠋ ᠴᠢᠨᠢ ᠠᠷᠴᠢᠴᠢᠬᠠᠨᠠ
( ᠰᠠᠮᠪᠠᠷ᠎ᠠ ᠶ᠋ᠢᠨ ᠵᠦᠯᠭᠦᠭᠦᠷ)
ᠬᠠᠭᠠᠨ ᠤ᠋ ᠭᠠᠳᠠᠨ᠎ᠠ ᠬᠠᠩᠭᠢᠰ ᠬᠢᠨ᠎ᠡ
ᠬᠠᠷ᠎ᠠ ᠢᠰᠡᠭᠡᠢ ᠨᠠᠪᠲᠠᠰ ᠬᠢᠨ᠎ᠡ
ᠲᠠᠤᠯᠠᠢ ᠶ᠋ᠢᠨ ᠨᠢᠷᠤᠭᠤ ᠲᠣᠩᠭᠣᠰ ᠬᠢᠨ᠎ᠡ
ᠲᠤᠭᠤᠯ ᠤ᠋ᠨ ᠰᠡᠭᠦᠯ ᠭᠣᠳᠣᠰ ᠬᠢᠨ᠎ᠡ
( ᠡᠮᠡᠭᠡᠯ ᠲᠣᠬᠣᠬᠤ )
ᠬᠠᠭᠠᠨ ᠡᠷᠦᠬᠡ ᠪᠡᠨ ᠰᠡᠬᠦᠬᠦᠯᠡᠷ
ᠵᠠᠭᠠᠨ ᠠᠳᠤᠭᠤ ᠪᠠᠨ ᠬᠤᠷᠢᠶᠠᠨ᠎ᠠ
( ᠦᠷ ᠴᠠᠢᠬᠤ )
ᠬᠠᠭᠠᠨ ᠤ᠋ ᠬᠠᠲᠤᠨ ᠬᠠᠩᠭᠢᠰ
ᠬᠠᠷ᠎ᠠ ᠲᠣᠷᠭ᠎ᠠ ᠨᠠᠮᠢᠰ
( ᠲᠣᠭᠣᠭ᠎ᠠ ᠬᠦᠯᠡᠬᠦ )
ᠬᠠᠭᠠᠯᠭᠠᠨ ᠤ᠋ ᠠᠷᠤ ᠳ᠋ᠤ᠌ ᠬᠣᠨᠣᠭ ᠲᠠᠢ
ᠬᠠᠮᠤᠭ ᠪᠡᠶ᠎ᠡ ᠨᠢ ᠪᠤᠵᠠᠷ ᠲᠠᠢ
ᠠᠯᠬᠤᠵᠤ ᠲᠣᠭᠣᠷᠢᠭᠰᠠᠨ ᠭᠠᠵᠠᠷ ᠨᠢ
ᠠᠷᠢᠭᠤᠨ ᠴᠡᠪᠡᠷ ᠪᠣᠯᠳᠠᠭ
( ᠲᠤᠤᠵᠤᠤ )
ᠬᠠᠮᠠᠷ ᠦᠭᠡᠢ ᠠᠮᠠ
ᠬᠠᠪᠢᠷᠭ᠎ᠠ ᠦᠭᠡᠢ ᠨᠢᠷᠤᠭᠤ
ᠬᠣᠭᠣᠰᠣᠨ ᠠᠷᠠᠰᠤ
ᠬᠣᠷᠢᠨ ᠳᠥᠷᠪᠡᠨ ᠬᠥᠯ
( ᠮᠠᠢᠬᠠᠨ )
ᠬᠠᠲᠠᠭᠤ ᠬᠠᠷᠠᠭᠴᠢᠨ
ᠬᠠᠪᠢᠭᠠᠷ ᠬᠠᠯᠢᠭᠤᠭᠴᠢᠨ
ᠬᠠᠢᠷᠠᠲᠠᠢ ᠤᠯᠠᠭᠠᠭᠴᠢᠨ
( ᠭᠤᠲᠤᠯ᠂ ᠣᠢᠮᠣᠰᠤ᠂ ᠬᠥᠯ)
ᠬᠠᠵᠠᠬᠤ ᠠᠮᠠ ᠲᠠᠢ ᠵᠠᠯᠭᠢᠬᠤ ᠬᠣᠭᠣᠯᠠᠢ ᠦᠭᠡᠢ
( ᠬᠠᠢᠴᠢ )
ᠬᠠᠵᠠᠭᠤ ᠳᠡᠭᠡᠷ᠎ᠡ ᠬᠠᠪᠲᠠᠭᠠᠢ ᠲᠡᠪᠰᠢ
( ᠴᠢᠬᠢ )
ᠬᠠᠵᠠᠭᠤ ᠳᠡᠭᠡᠷ᠎ᠡ ᠬᠠᠢᠪᠠᠩ ᠲᠣᠭᠣᠭ᠎ᠠ
( ᠴᠢᠬᠢ )
ᠬᠠᠶᠠᠭᠰᠠᠨ ᠢ᠋ᠶ᠋ᠠᠨ ᠡᠷᠢᠭᠰᠡᠨ ᠰᠢᠭ ᠡᠷᠭᠢᠯᠳᠦᠨ᠎ᠡ
ᠬᠠᠨᠢᠶᠠᠳᠤ ᠬᠦᠷᠦᠭᠰᠡᠨ ᠰᠢᠭ ᠱᠤᠤᠭᠢᠯᠳᠤᠨ᠎ᠠ
( ᠭᠠᠬᠠᠢ )
ᠬᠠᠷᠠᠭᠴᠢ ᠦᠨᠢᠶ᠎ᠡ ᠬᠠ ᠦᠭᠡᠢ
( ᠤᠭᠤᠵᠢ )
ᠬᠠᠷᠠᠬᠤ ᠳ᠋ᠤ᠌ ᠬᠥᠮᠦᠨ ᠰᠢᠭ
ᠬᠠᠩᠭᠢᠨᠠᠬᠤ ᠨᠢ ᠲᠡᠮᠦᠷ ᠰᠢᠭ᠋
ᠠᠢ ᠵᠢᠭᠲᠡᠢ ᠠᠯᠢ ᠳᠠᠷᠬᠠᠨ ᠬᠢᠪᠡ
( ᠲᠣᠯᠢ )
ᠬᠠᠷᠠᠬᠤ ᠳ᠋ᠤ᠌ ᠬᠦᠢᠲᠡᠨ ᠪᠠᠷᠢᠬᠤ ᠳ᠋ᠤ᠌ ᠳᠤᠯᠠᠭᠠᠨ
( ᠡᠪᠡᠷ )
ᠬᠠᠷᠠᠬᠤ ᠳ᠋ᠤ᠌ ᠣᠢᠷᠠᠬᠠᠨ ᠬᠠᠵᠠᠬᠤ ᠳ᠋ᠤ᠌ ᠬᠣᠯᠠ
( ᠠᠯᠠᠭᠠᠨ ᠤ᠋ ᠬᠣᠩᠬᠣᠷᠬᠠᠢ)
ᠬᠠᠷᠠᠬᠤ ᠨᠢᠳᠦ ᠦᠭᠡᠢ ᠬᠠᠵᠠᠬᠤ ᠰᠢᠳᠦ ᠲᠡᠢ
( ᠪᠡᠬᠢ )
ᠬᠠᠷ᠎ᠠ ᠪᠤᠤᠷ᠎ᠠ ᠬᠠᠩᠭᠢᠰ ᠬᠢᠨ᠎ᠡ
ᠬᠠᠵᠠᠭᠤ ᠶ᠋ᠢᠨ ᠡᠪᠡᠰᠦ ᠨᠤᠷᠠᠰ ᠬᠢᠨ᠎ᠡ
( ᠦᠰᠦ ᠠᠪᠬᠤ )
ᠬᠠᠷ᠎ᠠ ᠯᠠᠮᠠ ᠬᠠᠨᠵᠤᠨ ᠳᠡᠭᠡᠷ᠎ᠡ
ᠬᠠᠮᠤᠭ ᠬᠥᠮᠦᠨ ᠦ᠌ ᠰᠠᠨᠠᠭ᠎ᠠ ᠲᠡᠭᠦᠨ ᠳ᠋ᠦ᠍
( ᠲᠣᠭᠣᠭ᠎ᠠ ᠲᠠᠢ ᠬᠣᠭᠣᠯᠠ)
ᠬᠠᠷ᠎ᠠ ᠦᠬᠡᠷ ᠬᠠᠪᠢᠷᠭ᠎ᠠ ᠪᠠᠷ ᠢ᠋ᠶ᠋ᠠᠨ ᠰᠢᠭᠡᠨ᠎ᠡ
( ᠳᠡᠪᠦᠷ᠎ᠡ )
ᠬᠠᠷ᠎ᠠ ᠮᠣᠷᠢ ᠨᠢ ᠬᠠᠲᠠᠷᠢᠶ᠎ᠠ ᠲᠠᠢ
ᠬᠠᠷᠴᠠᠭᠠᠢ ᠰᠢᠪᠠᠭᠤ ᠨᠢ ᠤᠬᠢᠯᠠᠩᠬᠠᠢ
( ᠥᠯᠥᠭᠡᠢ ᠲᠡᠢ ᠬᠡᠦᠬᠡᠳ)
ᠬᠠᠷ᠎ᠠ ᠦᠬᠡᠷ ᠬᠠᠵᠠᠭᠤ ᠳ᠋ᠤ᠌ ᠬᠡᠪᠲᠡᠪᠡ
ᠬᠠᠮᠤᠭ ᠬᠥᠮᠦᠨ ᠪᠣᠰᠬᠠᠵᠤ ᠶᠠᠳᠠᠪᠠ
ᠰᠢᠭᠡᠵᠡᠢ ᠶ᠋ᠢᠨ ᠴᠢᠨᠡᠭᠡᠨ ᠬᠡᠦᠬᠡᠳ
ᠴᠢᠪ ᠬᠢᠯᠭᠡᠭᠡᠳ ᠪᠣᠰᠬᠠᠪᠠ
( ᠴᠣᠣᠵᠢ᠂ ᠲᠦᠯᠬᠢᠭᠦᠷ )
ᠬᠠᠷ᠎ᠠ ᠮᠣᠷᠢ ᠲᠡᠮᠦᠷ ᠲᠤᠭᠤᠷᠠᠢ ᠲᠠᠢ
( ᠣᠭᠣᠯᠢ )
ᠬᠠᠷ᠎ᠠ ᠠᠵᠢᠷᠭᠠᠨ ᠤ᠋
ᠳᠡᠯ ᠨᠢ ᠳᠡᠭᠳᠡᠭᠡᠳ
ᠲᠤᠭᠤᠷᠠᠢ ᠨᠢ ᠬᠤᠷᠤᠢᠯᠵᠠᠨᠠ
( ᠬᠤᠢ ᠰᠠᠯᠬᠢ )
ᠬᠠᠷ᠎ᠠ ᠬᠤᠷᠠᠭ᠎ᠠ ᠶᠠᠰᠤᠨ ᠪᠥᠭᠡᠷ᠎ᠡ ᠲᠡᠢ
( ᠮᠣᠢᠯ )
ᠬᠠᠷ᠎ᠠ ᠡᠯᠵᠢᠭᠡ ᠶᠠᠰᠤᠨ ᠬᠣᠳᠣᠭᠣᠳᠣ ᠲᠠᠢ
( ᠮᠣᠢᠯ )
ᠬᠠᠷᠴᠠᠭᠠᠢ ᠶ᠋ᠢᠨ ᠬᠠᠭᠠᠨ
ᠬᠠᠷᠠᠢᠯᠭᠠᠨ ᠶᠠᠪᠤᠭᠠᠳ
ᠬᠠᠷ᠎ᠠ ᠬᠡᠵᠢᠮ ᠢ᠋ᠶ᠋ᠡᠨ ᠬᠡᠭᠡᠪᠡ
( ᠲᠦᠢᠮᠡᠷ )
ᠬᠡᠭᠡᠷ ᠮᠣᠷᠢ ᠬᠡᠯᠪᠡᠯᠵᠡᠨ᠎ᠡ
ᠬᠡᠵᠢᠮ ᠲᠣᠬᠣᠮ ᠨᠠᠮᠢᠯᠵᠠᠨ᠎ᠠ
ᠭᠠᠭᠴᠠ ᠮᠣᠳᠣ ᠨᠠᠢᠭᠤᠪᠠ
ᠭᠠᠯ ᠤ᠋ᠨ ᠪᠤᠷᠬᠠᠨ ᠭᠠᠢᠬᠠᠪᠠ
( ᠠᠢᠷᠠᠭ ᠪᠦᠯᠢᠬᠦ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 22
