ᠣᠨᠢᠰᠤᠭ᠎ᠠ – ᠬᠥ᠋ ᠂ ᠬᠦ᠋ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Хө ᠂ Хүгийн аймаг - Чо ᠂ Дугаржав эмхэтгэн найруулав
ᠬᠥ᠋ ᠂ ᠬᠦ᠋ ᠶᠢᠨ ᠠᠢᠮᠠᠭ
ᠬᠥᠨᠳᠡᠢ ᠮᠣᠳᠣᠨ ᠰᠠᠬᠢᠭᠤᠯ
ᠬᠥᠮᠦᠨ ᠢᠷᠡᠬᠦ ᠳ᠋ᠦ᠍ ᠬᠥᠳᠡᠯᠬᠦ ᠦᠭᠡᠢ
ᠦᠨᠡᠨ ᠡᠵᠡᠨ ᠨᠢ ᠢᠷᠡᠪᠡᠯ
ᠥᠨᠳᠡᠰᠬᠢᠭᠡᠳ ᠪᠣᠰᠤᠨ᠎ᠠ
( ᠣᠨᠢᠰᠣ )
ᠬᠥᠨᠳᠡᠢ ᠮᠣᠳᠣᠨ ᠳ᠋ᠤ᠌
ᠬᠥᠬᠡ ᠴᠢᠨᠣ᠎ᠠ
( ᠬᠢᠲᠤᠭ᠎ᠠ )
ᠬᠥᠬᠡ ᠦᠨᠡᠭᠡᠨ ᠮᠠᠯᠠᠭᠠᠢ ᠪᠠᠨ ᠰᠡᠬᠦᠨ ᠰᠡᠬᠦᠨ ᠢᠨᠢᠶᠡᠪᠡ
ᠬᠦᠵᠦᠭᠦᠦ ᠰᠡᠭᠡᠷ ᠬᠣᠶᠠᠷ ᠢ᠋ᠶ᠋ᠠᠨ ᠴᠣᠬᠢᠨ ᠴᠣᠬᠢᠨ ᠢᠨᠢᠶᠡᠪᠡ
ᠰᠢᠷ᠎ᠠ ᠦᠨᠡᠭᠡᠨ ᠮᠠᠯᠠᠭᠠᠢ ᠪᠠᠨ ᠰᠡᠬᠦᠨ ᠰᠡᠬᠦᠨ ᠢᠨᠢᠶᠡᠪᠡ
ᠴᠢᠷᠠᠢ ᠬᠦᠵᠦᠭᠦᠦ ᠬᠣᠶᠠᠷ ᠢ᠋ᠶ᠋ᠠᠨ ᠴᠣᠬᠢᠨ ᠴᠣᠬᠢᠨ ᠢᠨᠢᠶᠡᠪᠡ
( ᠰᠢᠷ᠎ᠠ ᠰᠢᠪᠠᠭᠤ )
ᠬᠥᠬᠡ ᠲᠩᠷᠢ ᠬᠦᠮᠪᠡᠯᠵᠡᠭᠡᠳ
ᠬᠥᠨᠳᠡᠢ ᠮᠣᠳᠣ ᠨᠠᠬᠢᠯᠵᠠᠪᠠ
( ᠵᠠᠪᠢ )
ᠬᠥᠬᠡ ᠢᠮᠠᠭᠠᠨ ᠳᠠᠬᠤ ᠲᠠᠢ
ᠬᠥᠬᠡ ᠪᠤᠷᠴᠠᠭ ᠨᠢᠳᠦ ᠲᠡᠢ
( ᠲᠠᠭᠲᠠᠭ᠎ᠠ )
ᠬᠥᠬᠡ ᠪᠤᠬᠠᠨ ᠳᠡᠭᠡᠷ᠎ᠡ
ᠲᠦᠮᠡᠨ ᠴᠡᠴᠡᠭ ᠠᠴᠢᠭᠠᠳ
ᠲᠣᠪᠳᠤᠨ ᠭᠡᠷᠡᠯ ᠨᠢ ᠬᠥᠲᠥᠯᠦᠭᠡ
ᠰᠠᠩᠵᠠᠢ ᠭᠡᠷᠡᠯ ᠨᠢ ᠳᠠᠭᠠᠭ᠎ᠠ
( ᠲᠩᠷᠢ᠂ ᠣᠳᠣ᠂ ᠨᠠᠷᠠ᠂ ᠰᠠᠷ᠎ᠠ)
ᠬᠥᠬᠡ ᠬᠣᠨᠢ
ᠬᠡᠪᠲᠡᠭᠡ ᠪᠡᠷ ᠢ᠋ᠶ᠋ᠡᠨ ᠲᠠᠷᠭᠤᠯᠠᠨ᠎ᠠ
( ᠦᠨᠡᠰᠦ )
ᠬᠥᠬᠥ ᠶ᠋ᠢ ᠨᠢ ᠮᠥᠮᠥᠭᠡᠳ
ᠬᠦᠢᠰᠦ ᠶ᠋ᠢ ᠨᠢ ᠰᠢᠷᠠᠨ᠎ᠠ
( ᠭᠠᠩᠰᠠ ᠪᠠᠷ ᠲᠠᠮᠠᠬᠢ ᠲᠠᠲᠠᠬᠤ)
ᠬᠥᠭᠡᠷᠦᠬᠦᠨ ᠬᠡᠦᠬᠡᠨ
ᠬᠥᠪᠥᠩ ᠪᠣᠭᠣᠳᠠᠯ ᠲᠠᠢ
( ᠪᠥᠭᠡᠷ᠎ᠡ )
ᠬᠥᠯ ᠦᠭᠡᠢ ᠪᠠᠢᠭᠠᠳ ᠶᠠᠪᠤᠳᠠᠭ
ᠨᠢᠳᠦ ᠦᠭᠡᠢ ᠪᠠᠢᠭᠠᠳ ᠤᠬᠢᠯᠠᠳᠠᠭ
( ᠡᠭᠦᠯᠡ᠂ ᠪᠣᠷᠣᠭᠠᠨ )
ᠬᠥᠯ ᠦᠭᠡᠢ ᠭᠦᠶᠦᠭᠴᠢ
ᠬᠦᠷᠵᠡ ᠦᠭᠡᠢ ᠮᠠᠯᠲᠠᠭᠴᠢ
( ᠦᠶᠡᠷ )
ᠬᠥᠯ ᠦᠭᠡᠢ ᠲᠠᠬᠢᠶ᠎ᠠ
ᠬᠥᠰᠡᠷ ᠬᠡᠪᠲᠡᠨ᠎ᠡ
ᠬᠦᠢᠲᠡᠨ ᠤᠰᠤ ᠤᠤᠭᠤᠭᠠᠳ
ᠪᠤᠴᠠᠯᠤᠭᠰᠠᠨ ᠤᠰᠤ ᠪᠠᠷ ᠪᠥᠭᠡᠯᠵᠢᠨᠡ
( ᠳᠡᠪᠦᠷ᠎ᠡ )
ᠬᠥᠮᠦᠨ ᠪᠦᠭᠦᠳᠡ ᠶ᠋ᠢᠨ ᠭᠡᠳᠡᠰᠦ
ᠤᠷᠲᠤ ᠪᠠᠨ ᠪᠠᠢᠬᠤ ᠳ᠋ᠤ᠌
ᠵᠤᠩᠬᠤᠷ ᠵᠣᠢᠨᠠ ᠶ᠋ᠢᠨ ᠭᠡᠳᠡᠰᠦ
ᠠᠷᠤ ᠳ᠋ᠠᠭᠠᠨ
( ᠬᠥᠯ ᠦ᠋ᠨ ᠪᠤᠯᠴᠢᠩ )
ᠬᠥᠮᠦᠨ ᠬᠥᠮᠦᠨ ᠬᠦᠷᠢᠶᠡᠯᠡᠪᠡ
ᠬᠦᠷᠡᠩ ᠠᠵᠢᠷᠭ᠎ᠠ ᠵᠢᠷᠣᠭᠠᠯᠠᠪᠠ
( ᠴᠠᠢ ᠪᠤᠴᠠᠯᠬᠤ )
ᠬᠥᠮᠦᠨ ᠰᠢᠭ ᠮᠢᠬ᠎ᠠ ᠢᠳᠡᠭᠡᠳ
ᠬᠦᠷᠡᠯ ᠰᠢᠭ ᠨᠦᠬᠡᠨ ᠳ᠋ᠦ᠍ ᠣᠷᠣᠨ᠎ᠠ
( ᠬᠢᠲᠤᠭ᠎ᠠ )
ᠬᠥᠮᠦᠨ ᠭᠡᠬᠦ ᠳ᠋ᠦ᠍ ᠬᠦᠵᠦᠭᠦᠦ ᠦᠭᠡᠢ
ᠬᠦᠬᠦᠷ ᠭᠡᠬᠦ ᠳ᠋ᠦ᠍ ᠢᠷᠣᠭᠠᠯ ᠦᠭᠡᠢ
( ᠳᠡᠪᠡᠯ )
ᠬᠥᠮᠥᠰᠬᠡ ᠶ᠋ᠢ ᠨᠢ ᠲᠠᠲᠠᠵᠤ
ᠨᠢᠳᠦ ᠶ᠋ᠢ ᠨᠢ ᠣᠩᠭᠣᠢᠯᠭᠠᠬᠤ
( ᠱᠦᠭᠦᠢ ᠨᠡᠭᠡᠭᠡᠬᠦ )
ᠬᠥᠳᠡᠭᠡ ᠭᠠᠭᠴᠠ ᠭᠠᠷᠬᠢ
( ᠪᠠᠭᠤᠴᠠ )
ᠬᠥᠳᠡᠭᠡ ᠳ᠋ᠦ᠍ ᠬᠥᠬᠡ ᠲᠣᠭᠣᠷᠢᠮ
( ᠨᠠᠭᠤᠷ )
ᠬᠦ᠊ 7
ᠬᠦᠨᠡᠰᠦ ᠦᠭᠡᠢ ᠴᠡᠷᠢᠭ
ᠰᠦᠨᠡᠰᠦ ᠦᠭᠡᠢ ᠳᠠᠢᠯᠠᠯᠳᠤᠨᠠ
( ᠰᠢᠳᠡᠷ᠎ᠡ ᠲᠠᠯᠪᠢᠬᠤ )
ᠬᠦᠵᠦᠭᠦᠦ ᠦᠭᠡᠢ ᠲᠡᠮᠡᠭᠡ
ᠲᠠᠯ᠎ᠠ ᠶ᠋ᠢᠨ ᠡᠪᠡᠰᠦ ᠪᠠᠷᠠᠨ᠎ᠠ
( ᠲᠦᠢᠮᠡᠷ )
ᠬᠦᠷᠡᠩ ᠮᠣᠷᠢ ᠬᠦᠳᠡᠷ ᠴᠢᠳᠥᠷ ᠲᠡᠢ
( ᠴᠣᠣᠵᠢ ᠲᠠᠢ ᠠᠪᠳᠠᠷ᠎ᠠ )
ᠬᠦᠷᠡᠩ ᠦᠬᠡᠷ ᠬᠦᠳᠡᠰ ᠬᠢᠨ᠎ᠡ
ᠬᠦᠵᠦᠭᠦᠦ ᠰᠡᠭᠡᠷ ᠢ᠋ᠶ᠋ᠡᠨ ᠠᠭᠵᠠᠰ ᠬᠢᠨ᠎ᠡ
ᠠᠪᠤ ᠶ᠋ᠢᠨ ᠬᠦᠦ ᠠᠯᠴᠠᠰ ᠬᠢᠨ᠎ᠡ
ᠠᠯᠠᠨ ᠳᠣᠣᠷ᠎ᠠ ᠪᠠᠨ ᠴᠠᠪᠴᠢᠰ ᠬᠢᠨ᠎ᠡ
(ᠲᠠᠷᠢᠶ᠎ᠠ ᠲᠠᠷᠢᠬᠤ )
ᠬᠦᠷᠡᠭᠴᠢ ᠦᠨᠢᠶ᠎ᠡ
ᠥᠷᠯᠥᠭᠡ ᠪᠣᠯᠭᠠᠨ ᠨᠡᠢᠯᠡᠨ᠎ᠡ
( ᠲᠣᠪᠴᠢ ᠲᠣᠪᠴᠢᠯᠠᠬᠤ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 23
