ᠣᠨᠢᠰᠤᠭ᠎ᠠ – ᠲᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Тагийн аймаг - Чо ᠂ Дугаржав эмхэтгэн найруулав
ᠲᠠᠢ ᠲᠠᠢ ᠳᠠᠭᠰᠢᠨᠠ
ᠲᠠᠪᠤᠨ ᠬᠤᠷᠤᠭᠤ ᠮᠤᠭᠰᠢᠨᠡ
ᠬᠥᠮᠦᠨ ᠬᠥᠮᠦᠨ ᠬᠦᠷᠢᠶᠡᠯᠡᠨ᠎ᠡ
ᠬᠦᠷᠡᠩ ᠠᠵᠢᠷᠭ᠎ᠠ ᠵᠢᠷᠣᠭᠠᠯᠠᠨᠠ
( ᠤᠲᠠᠰᠤ ᠡᠭᠡᠷᠡᠬᠦ )
ᠲᠠᠢᠵᠢ ᠶ᠋ᠢᠨ ᠲᠡᠮᠡᠭᠡ
ᠲᠠᠯ᠎ᠠ ᠥᠭᠡᠳᠡ ᠪᠡᠨ ᠴᠤᠪᠤᠨ᠎ᠠ
ᠲᠠᠪᠤᠨᠠᠩ ᠤ᠋ᠳ ᠤ᠋ᠨ ᠬᠡᠦᠬᠡᠳ
ᠨᠢᠭᠡ ᠨᠢᠭᠡ ᠪᠡᠷ ᠢ᠋ᠶ᠋ᠡᠨ ᠤᠨᠤᠨ᠎ᠠ
( ᠭᠡᠷ ᠮᠣᠳᠣᠯᠠᠬᠤ )
ᠲᠠᠩᠭᠤᠳ ᠯᠠᠮᠠ ᠲᠠᠯᠪᠢᠭᠰᠠᠭᠠᠷ ᠶᠠᠪᠤᠭᠠᠳ
ᠲᠠᠮᠤ ᠳ᠋ᠤ᠌ ᠤᠨᠠᠴᠢᠬᠠᠪᠠ
( ᠬᠠᠮᠬᠤᠤᠯ )
ᠲᠠᠩᠭᠤᠳ ᠤ᠋ᠨ ᠲᠠᠪᠤᠨ ᠰᠢᠷ᠎ᠠ ᠨᠣᠬᠠᠢ
ᠡᠳᠦᠷ ᠤᠶᠠᠭ᠎ᠠ ᠲᠠᠢ ᠰᠥᠨᠢ ᠲᠠᠯᠪᠢᠭ᠎ᠠ ᠲᠠᠢ
( ᠲᠣᠪᠴᠢ )
ᠲᠠᠪᠬᠠᠭᠠᠷ ᠤᠯᠠᠭᠠᠭᠴᠢᠨ
ᠲᠠᠪᠤᠨ ᠨᠢᠳᠦᠲᠡᠢ
( ᠢᠰᠡᠭᠡᠢ ᠳᠡᠷᠡ )
ᠲᠠᠪᠤᠨ ᠲᠡᠮᠡᠭᠡ ᠠᠯᠳᠠᠭᠰᠠᠭᠠᠷ ᠲᠦᠳᠡ
ᠲᠠᠢᠵᠢ ᠶ᠋ᠢᠨ ᠬᠣᠵᠢᠭᠢᠷ ᠨᠡᠬᠡᠭᠰᠡᠭᠡᠷ ᠲᠦᠳᠡ
( ᠬᠥᠯ ᠦ᠋ᠨ ᠬᠤᠷᠤᠭᠤ᠂ ᠥᠰᠥᠭᠡᠢ)
ᠲᠠᠪᠤᠨ ᠬᠥᠮᠦᠨ ᠢ᠋ᠶ᠋ᠡᠷ ᠳᠠᠮᠵᠢᠭᠤᠯᠵᠤ
ᠲᠠᠨᠢᠬᠤ ᠦᠭᠡᠢ ᠬᠥᠮᠦᠨ ᠢ᠋ᠶ᠋ᠡᠷ ᠲᠠᠭᠠᠯᠠᠭᠤᠯᠪᠠ
( ᠬᠦᠬᠦᠷ ᠢ᠋ᠶ᠋ᠡᠷ ᠲᠠᠮᠠᠬᠢᠯᠠᠬᠤ)
ᠲᠠᠪᠤᠨ ᠲᠠᠩᠭᠤᠳ ᠤ᠋ᠨ ᠬᠣᠢᠨ᠎ᠠ ᠠ᠋ᠴᠠ
ᠨᠢᠭᠡ ᠲᠠᠩᠭᠤᠳ ᠬᠥᠭᠡᠭᠡᠭᠡᠳ
ᠥᠨᠥ ᠪᠣᠯᠲᠠᠯ᠎ᠠ ᠭᠦᠢᠴᠡᠭᠡ ᠦᠭᠡᠢ
( ᠬᠥᠯ ᠦ᠋ᠨ ᠬᠤᠷᠤᠭᠤ᠂ ᠥᠰᠥᠭᠡᠢ)
ᠲᠠᠭ ᠳᠡᠭᠡᠷ᠎ᠡ ᠲᠠᠪᠤᠨ ᠢᠯᠠᠭ᠎ᠠ
( ᠬᠢᠮᠤᠰᠤ )
ᠲᠠᠯ᠎ᠠ ᠳᠡᠭᠡᠷ᠎ᠡ ᠲᠠᠩᠰᠤᠭ ᠢᠳᠡᠭᠡ
ᠲᠠᠪᠤᠨ ᠬᠤᠷᠤᠭᠤ ᠪᠠᠷ ᠪᠠᠷᠢᠰᠢ ᠦᠭᠡᠢ ᠢᠳᠡᠭᠡ
( ᠬᠥᠬᠥ ᠶ᠋ᠢᠨ ᠰᠦ )
ᠲᠠᠯ᠎ᠠ ᠳᠡᠭᠡᠷᠡᠬᠢ
ᠲᠠᠪᠤᠨ ᠥᠩᠭᠡ ᠶ᠋ᠢᠨ ᠲᠣᠷᠭ᠎ᠠ ᠶ᠋ᠢ
ᠴᠢ ᠴᠤ᠌ ᠠᠪᠴᠤ ᠳᠡᠢᠯᠬᠦ ᠦᠭᠡᠢ
ᠪᠢ ᠴᠤ᠌ ᠠᠪᠴᠤ ᠳᠡᠢᠯᠬᠦ ᠦᠭᠡᠢ
( ᠰᠣᠯᠣᠩᠭ᠎ᠠ )
ᠲᠠᠯ᠎ᠠ ᠳᠡᠭᠡᠷ᠎ᠡ ᠲᠠᠭᠰᠢᠨᠠ
ᠲᠠᠪᠤᠨ ᠬᠤᠷᠤᠭᠤ ᠯᠤᠭᠰᠢᠨ᠎ᠠ
ᠮᠡᠨᠳᠦ ᠮᠡᠳᠡᠨ᠎ᠡ
ᠮᠡᠭᠰᠢᠨ ᠲᠠᠲᠠᠨ᠎ᠠ
( ᠯᠢᠮᠪᠦᠳᠡᠬᠦ )
ᠲᠠᠯ᠎ᠠ ᠶ᠋ᠢᠨ ᠠᠳᠤᠭᠤ ᠶ᠋ᠢ
ᠲᠠᠬᠢᠷ ᠠᠵᠢᠷᠭ᠎ᠠ ᠪᠠᠷ ᠬᠤᠷᠢᠶᠠᠪᠠ
( ᠠᠷᠭᠠᠯ ᠲᠡᠭᠦᠬᠦ )
ᠲᠠᠯ᠎ᠠ ᠳᠡᠭᠡᠭᠦᠷ ᠳᠠᠢᠪᠠᠩ ᠳᠠᠢᠪᠠᠩ
ᠲᠠᠰᠢᠭᠤᠷ ᠦᠭᠡᠢ ᠭᠤᠢᠪᠢᠩ ᠭᠤᠢᠪᠢᠩ
( ᠬᠠᠮᠬᠤᠤᠯ )
ᠲᠠᠯ᠎ᠠ ᠶ᠋ᠢᠨ ᠠᠳᠤᠭᠤ ᠳᠠᠷᠬᠢᠵᠤ ᠲᠤᠷᠭᠢᠭᠠᠳ ᠶᠠᠪᠤᠪᠠ
ᠲᠠᠷᠭᠤᠨ ᠴᠠᠭᠠᠭᠴᠢᠨ ᠪᠠᠢᠭᠠᠳ ᠬᠣᠴᠣᠷᠪᠠ
( ᠠᠭᠠᠷᠴᠠ ᠱᠦᠭᠦᠬᠦ )
ᠲᠠᠰᠢᠭᠤᠷ ᠤ᠋ᠨ ᠴᠢᠨᠡᠭᠡᠨ ᠭᠡᠷ ᠲᠤ
ᠲᠠᠪᠤᠨ ᠬᠥᠮᠦᠨ ᠪᠠᠭᠲᠠᠨ᠎ᠠ
( ᠴᠠᠭᠠᠨ ᠮᠢᠬ᠎ᠠ )
ᠲᠡᠨᠳᠡ ᠪᠠᠢᠬᠤ ᠳ᠋ᠤ᠌ ᠲᠡᠮᠡᠭᠡ ᠰᠢᠭ
ᠲᠩᠷᠢ ᠶ᠋ᠢᠨ ᠨᠠᠭᠠᠭᠤᠷ ᠢᠮᠠᠭ᠎ᠠ ᠰᠢᠭ᠋
ᠪᠥᠵᠥᠩ ᠲᠠᠤᠯᠠᠢ ᠶ᠋ᠢᠨ ᠪᠥᠭᠡᠭᠡ ᠰᠢᠭ
ᠪᠥᠭᠲᠥᠷ ᠴᠢᠨᠣ᠎ᠠ ᠶ᠋ᠢᠨ ᠴᠣᠭᠭᠢᠶ᠎ᠠ ᠰᠢᠭ᠋
( ᠵᠡᠷᠭᠡᠯᠭᠡᠨ )
ᠲᠡᠭᠰᠢ ᠳᠥᠷᠪᠡᠯᠵᠢᠨ ᠪᠡᠶ᠎ᠡ ᠲᠡᠢ
ᠲᠩᠷᠢ ᠶ᠋ᠢᠨ ᠴᠠᠬᠢᠯᠭᠠᠨ ᠬᠦᠯᠦᠭ ᠲᠡᠢ
ᠲᠥᠷᠥ ᠲᠦᠮᠡᠨ ᠦ᠌ ᠶᠠᠪᠤᠳᠠᠯ ᠢ᠋
ᠴᠠᠭ ᠲᠤᠬᠠᠢ ᠳ᠋ᠤᠨᠢ ᠮᠡᠳᠡᠭᠡᠯᠡᠳᠡᠭ
( ᠷᠠᠳᠢᠣ᠋ )
ᠲᠡᠮᠦᠷ ᠪᠥᠭᠰᠡ ᠮᠣᠳᠣᠨ ᠴᠡᠭᠡᠵᠢ
ᠲᠣᠯᠣᠭᠠᠢ ᠶ᠋ᠢ ᠨᠢ ᠴᠣᠬᠢᠪᠠᠯ ᠬᠥᠯ ᠨᠢ ᠮᠠᠯᠲᠠᠨ᠎ᠠ
( ᠴᠦᠴᠡ )
ᠲᠡᠮᠦᠷ ᠪᠠᠭᠠᠨ᠎ᠠ ᠲᠩᠷᠢ ᠳ᠋ᠦ᠍ ᠲᠤᠯᠤᠨ᠎ᠠ
( ᠤᠲᠤᠭ᠎ᠠ )
ᠲᠡᠮᠦᠷ ᠱᠠᠲᠤ ᠪᠠᠷ ᠶᠠᠪᠤᠭᠠᠳ
ᠮᠣᠳᠣᠨ ᠳᠠᠪᠠᠭ᠎ᠠ ᠳᠠᠪᠠᠪᠠ
( ᠮᠣᠷᠳᠠᠬᠤ )
ᠲᠡᠭᠡᠷ᠎ᠡ ᠲᠠᠩᠳᠠ ᠳᠡᠭᠡᠯᠡᠢ
ᠲᠩᠷᠢ ᠭᠠᠵᠠᠷ ᠨᠠᠭᠠᠯᠢ
ᠬᠤᠯᠤᠰᠤ ᠮᠡᠳᠡᠨ ᠮᠠᠲᠠᠭᠠᠯᠢ
( ᠨᠤᠮᠤ ᠳᠡᠯᠢᠬᠦ )
ᠲᠡᠬᠡᠷ᠎ᠡ ᠲᠡᠨᠳᠡ ᠲᠡᠮᠡᠭᠡ ᠰᠢᠭ
ᠲᠩᠷᠢ ᠶ᠋ᠢᠨ ᠨᠠᠭᠠᠨ᠎ᠠ ᠢᠮᠠᠭ᠎ᠠ ᠰᠢᠭ᠋
ᠨᠠᠷᠠᠨ ᠳᠣᠣᠭᠤᠷ ᠨᠠᠭᠠᠳᠤᠮ ᠰᠢᠭ᠋
ᠨᠠᠴᠢᠨ ᠱᠣᠩᠬᠣᠷ ᠰᠢᠪᠠᠭᠤ ᠰᠢᠭ᠋
( ᠵᠡᠷᠭᠡᠯᠭᠡᠨ )
ᠲᠡᠬᠡᠷ᠎ᠡ ᠲᠡᠨᠳᠡ ᠡᠴᠡ ᠬᠠᠷᠠᠬᠤ ᠳ᠋ᠤ᠌ ᠲᠡᠮᠡᠭᠡ ᠰᠢᠭ
ᠲᠡᠷᠭᠡᠨ ᠳᠡᠭᠡᠷ᠎ᠡ ᠡᠴᠡ ᠬᠠᠷᠠᠬᠤ ᠳ᠋ᠤ᠌ ᠢᠮᠠᠭ᠎ᠠ ᠰᠢᠭ᠋
ᠬᠠᠭᠠᠨ ᠤ᠋ ᠬᠥᠪᠡᠭᠦᠨ ᠬᠠᠷᠪᠤᠬᠤ ᠰᠢᠭ᠋
ᠬᠠᠷᠴᠠᠭᠠᠢ ᠰᠢᠪᠠᠭᠤ ᠨᠢᠰᠬᠦ ᠰᠢᠭ
( ᠵᠡᠷᠭᠡᠯᠭᠡᠨ )
ᠲᠤᠢᠯᠠᠭᠠ ᠬᠥᠬᠡ ᠲᠡᠮᠡᠭᠡᠨ ᠡᠴᠡ
ᠲᠤᠩ ᠴᠠᠭᠠᠨ ᠨᠣᠣᠰᠣ ᠤᠨᠠᠨ᠎ᠠ
( ᠴᠠᠰᠤ ᠣᠷᠣᠬᠤ )
ᠲᠣᠭᠣᠨᠣᠨ ᠳᠡᠭᠡᠷ᠎ᠡ
ᠲᠣᠮᠣ ᠤᠯᠠᠭᠠᠨ ᠱᠠᠭᠠᠢ
( ᠮᠠᠯᠠᠭᠠᠢ ᠶ᠋ᠢᠨ ᠭᠠᠲᠢ )
ᠲᠣᠭᠣᠨᠣ ᠦᠭᠡᠢ ᠭᠡᠷ ᠲᠤ
ᠲᠣᠯᠣᠭᠠᠢ ᠦᠭᠡᠢ ᠬᠡᠦᠬᠡᠳ
( ᠥᠨᠳᠡᠭᠡ )
ᠲᠣᠰᠣ ᠦᠭᠡᠢ ᠪᠠᠢᠭᠠᠳ ᠨᠣᠴᠣᠨ᠎ᠠ
ᠭᠠᠯ ᠦᠭᠡᠢ ᠪᠠᠢᠭᠠᠳ ᠭᠡᠷᠡᠯᠲᠦᠨ᠎ᠡ
ᠲᠦᠯᠬᠢᠪᠡᠯ ᠢᠷᠡᠵᠦ
ᠲᠠᠲᠠᠪᠠᠯ ᠶᠠᠪᠤᠴᠢᠬᠠᠨ᠎ᠠ
( ᠴᠠᠬᠢᠯᠭᠠᠨ ᠳ᠋ᠧᠩ )
ᠲᠣᠯᠣᠭᠠᠢ ᠨᠢ ᠪᠡᠶ᠎ᠡ ᠳ᠋ᠡᠭᠡᠨ ᠳᠠᠢᠰᠤᠨ
( ᠴᠦᠢᠳᠡᠩ )
ᠲᠣᠯᠣᠭᠠᠢ ᠡᠪᠡᠳᠬᠦ ᠳ᠋ᠦ᠍
ᠲᠣᠭᠣᠷᠴᠣᠭ ᠡᠮᠦᠰᠬᠦ
( ᠬᠤᠷᠤᠭᠤᠪᠴᠢ )
ᠲᠣᠯᠣᠭᠠᠢ ᠨᠢ ᠭᠠᠳᠠᠭ᠎ᠠ
ᠪᠡᠶ᠎ᠡ ᠨᠢ ᠨᠦᠬᠡᠨ ᠳ᠋ᠦ᠍
( ᠬᠠᠳᠠᠭᠠᠰᠤ )
ᠲᠣᠰᠣ ᠶ᠋ᠢ ᠠᠪᠴᠤ
ᠲᠣᠷᠬ᠎ᠠ ᠶ᠋ᠢ ᠬᠠᠶᠠᠬᠤ
( ᠰᠠᠮᠤᠷ ᠴᠥᠮᠥᠬᠦ )
ᠲᠤᠰᠬᠤ ᠨᠢ ᠭᠠᠵᠠᠷ ᠲᠤ
ᠲᠣᠳᠣᠷᠠᠬᠤ ᠨᠢ ᠣᠭᠲᠠᠷᠭᠤᠢ ᠳ᠋ᠤ᠌
( ᠭᠠᠯ )
ᠲᠣᠷᠭᠠᠨ ᠳᠡᠭᠡᠭᠦᠷ ᠭᠦᠶᠦᠪᠡᠴᠦ
ᠲᠣᠷᠭ᠎ᠠ ᠡᠮᠦᠰᠬᠦ ᠦᠭᠡᠢ ᠬᠡᠦᠬᠡᠳ
( ᠵᠡᠭᠦᠦ )
ᠲᠤᠤᠵᠤᠤ ᠲᠤᠤᠵᠤᠤ ᠬᠠᠮᠢᠭ᠎ᠠ ᠠ᠋ᠴᠠ ᠢᠷᠡᠪᠡ
ᠲᠣᠰᠣᠲᠤ ᠶ᠋ᠢᠨ ᠭᠣᠣᠯ ᠠ᠋ᠴᠠ ᠢᠷᠡᠪᠡ
ᠲᠣᠰᠣ ᠥᠭᠡᠬᠦ ᠶᠠᠭᠠᠬᠢᠭᠠᠳ ᠬᠠᠯᠳᠠᠭᠠ ᠦᠭᠡᠢ ᠪᠣᠢ
ᠮᠠᠨ ᠤ᠋ ᠭᠠᠵᠠᠷ ᠤ᠋ᠨ ᠵᠠᠩᠰᠢᠯ
( ᠬᠣᠷᠭᠣᠯ )
ᠲᠤᠭᠠᠷ ᠶᠠᠪᠤᠭᠰᠠᠨ ᠪᠣᠯ
ᠲᠤᠭ ᠮᠣᠳᠣ ᠬᠦᠷᠬᠦ ᠰᠠᠨ
ᠥᠷᠯᠥᠭᠡᠭᠦᠷ ᠶᠠᠪᠤᠭᠰᠠᠨ ᠪᠣᠯ
ᠥᠨᠳᠥᠷ ᠮᠣᠳᠣ ᠬᠦᠷᠬᠦ ᠰᠠᠨ
ᠭᠠᠢ ᠲᠠᠢ ᠭᠤᠷᠪᠠᠨ ᠪᠣᠽᠤᠤ
ᠰᠠᠭᠠᠳ ᠬᠢᠴᠢᠬᠡᠯ᠎ᠡ
( ᠴᠢᠳᠥᠷ )
ᠲᠥᠭᠡ ᠬᠦᠷᠬᠦ ᠦᠭᠡᠢ ᠪᠡᠶ᠎ᠡ ᠲᠡᠢ
ᠲᠥᠷᠥᠯᠬᠢ ᠴᠠᠭᠠᠨ ᠴᠢᠷᠠᠢ ᠲᠠᠢ
ᠲᠥᠷᠥᠭᠰᠡᠨ ᠪᠡᠶ᠎ᠡ ᠪᠡᠨ ᠦᠷᠡᠭᠰᠡᠨ ᠴᠤ᠌
ᠲᠦᠮᠡᠨ ᠳ᠋ᠡᠭᠡᠨ ᠬᠦᠷᠢᠶᠡᠯᠡᠯ ᠲᠡᠢ
( ᠣ ᠶ᠋ᠢᠨ ᠪᠢᠷ )
ᠲᠥᠭᠡ ᠴᠢᠨᠡᠭᠡᠨ ᠪᠡᠶ᠎ᠡ ᠲᠡᠢ
ᠲᠦᠮᠡᠨ ᠳᠠᠪᠬᠤᠷ ᠬᠤᠶᠠᠭ ᠲᠠᠢ
ᠲᠦᠩ ᠭᠡᠵᠦ ᠳᠤᠤᠭᠠᠷᠤᠮᠠᠭᠴᠠ
ᠲᠥᠷᠥᠭᠰᠡᠨ ᠪᠡᠶ᠎ᠡ ᠪᠡᠨ ᠰᠦᠢᠳᠬᠡᠳᠡᠭ
( ᠫᠤᠤᠵᠢᠩ )
ᠳᠦᠮᠪᠦᠭᠡ ᠨᠡᠷᠡᠲᠡᠢ ᠠᠭᠤᠯᠠᠨ ᠳ᠋ᠤ᠌
ᠳ᠋ᠡᠳᠢ ᠨᠡᠷᠡᠲᠡᠢ ᠭᠥᠷᠥᠭᠡᠰᠦ
( ᠲᠣᠯᠣᠭᠠᠢ ᠶ᠋ᠢᠨ ᠪᠥᠭᠡᠰᠦ)
ᠲᠦᠮᠡᠨ ᠬᠠᠷ᠎ᠠ ᠬᠣᠨᠢ ᠪᠠᠨ
ᠲᠡᠮᠦᠷ ᠰᠢᠯᠡᠭᠡᠪᠦᠷ ᠢ᠋ᠶ᠋ᠡᠷ ᠬᠤᠷᠢᠶᠠᠨ᠎ᠠ
( ᠪᠤᠳᠠᠭ᠎ᠠ ᠠᠶᠠᠭᠠᠯᠠᠬᠤ )
ᠲᠦᠮᠡᠨ ᠬᠣᠨᠢᠨ ᠤ᠋ ᠳᠤᠮᠳᠠ
ᠲᠦᠨᠲᠦᠭᠡᠷ ᠴᠠᠭᠠᠨ ᠬᠤᠴᠠ
( ᠰᠠᠷ᠎ᠠ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 28
