ᠣᠨᠢᠰᠤᠭ᠎ᠠ – ᠭᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Гагийн аймаг - Чо ᠂ Дугаржав эмхэтгэн найруулав
ᠭᠠ ᠶᠢᠨ ᠠᠢᠮᠠᠭ
ᠭᠠᠩ ᠰᠠᠢᠲᠠᠢ ᠬᠠᠨᠠᠭᠤᠷ ᠢ᠋ᠶ᠋ᠠᠨ ᠡᠮᠦᠨ᠎ᠡ ᠪᠡᠨ ᠪᠠᠷᠢᠵᠤ
ᠭᠠᠢ ᠲᠠᠢ ᠴᠢᠰᠤᠨ ᠲᠤᠯᠤᠮ ᠢ᠋ᠶ᠋ᠠᠨ ᠠᠷᠤ ᠳ᠋ᠠᠭᠠᠨ ᠡᠭᠦᠷᠴᠦ
ᠭᠠᠰᠠᠯᠠᠩ ᠤ᠋ᠨ ᠭᠤᠨᠢᠭᠲᠤ ᠳᠠᠭᠤᠤ ᠪᠠᠨ ᠭᠢᠩᠰᠢᠨ ᠳᠠᠭᠤᠯᠠᠵᠤ
ᠭᠠᠯᠪᠠ ᠶ᠋ᠢᠨ ᠬᠥᠮᠦᠨ ᠠᠮᠢᠲᠠᠨ ᠢ᠋ ᠠᠮᠤᠷ ᠪᠠᠢᠯᠭᠠᠳᠠᠭ ᠦᠭᠡᠢ
( ᠰᠢᠮᠠᠭᠤᠯ )
ᠭᠠᠩᠭᠠᠩ ᠪᠡᠶ᠎ᠡ ᠲᠡᠢ
ᠭᠠᠵᠠᠷ ᠳᠣᠣᠭᠤᠷ ᠨᠤᠲᠤᠭ ᠲᠠᠢ
ᠴᠠᠭᠠᠨ ᠪᠦᠷᠬᠡ ᠮᠠᠯᠠᠭᠠᠢ ᠲᠠᠢ
ᠰᠠᠮᠫᠠᠨ ᠤᠯᠠᠭᠠᠨ ᠵᠠᠯᠠᠭ᠎ᠠ ᠲᠠᠢ
( ᠰᠣᠩᠭᠢᠨ᠎ᠠ )
ᠭᠠᠭᠴᠠ ᠮᠣᠳᠣ ᠭᠠᠨᠢᠷ ᠭᠠᠨᠢᠷ
ᠭᠠᠵᠠᠷ ᠤᠰᠤ ᠨᠢᠷ ᠨᠢᠷ
( ᠠᠢᠷᠠᠭ ᠪᠦᠯᠢᠬᠦ )
ᠭᠠᠯ ᠳ᠋ᠤ᠌ ᠣᠷᠣᠪᠠᠴᠤ ᠰᠢᠲᠠᠬᠤ ᠦᠭᠡᠢ
ᠤᠰᠤᠨ ᠳ᠋ᠤ᠌ ᠣᠷᠣᠪᠠᠴᠤ ᠨᠣᠷᠬᠤ ᠦᠭᠡᠢ
( ᠰᠡᠭᠦᠳᠡᠷ )
ᠭᠠᠯ ᠳ᠋ᠤ᠌ ᠰᠢᠲᠠᠬᠤ ᠦᠭᠡᠢ
ᠤᠰᠤᠨ ᠳ᠋ᠤ᠌ ᠵᠢᠪᠡᠷᠡᠳᠡᠭ ᠦᠭᠡᠢ
( ᠮᠥᠰᠥ )
ᠭᠠᠯᠪᠠ ᠳ᠋ᠤ᠌ ᠦᠭᠡᠢ ᠬᠤᠯᠠᠭᠠᠢᠴᠢ
ᠭᠠᠵᠠᠷ ᠲᠤ ᠨᠦᠬᠡᠨ ᠭᠡᠷ ᠲᠡᠢ
ᠭᠠᠩ ᠳᠥᠷᠪᠡᠨ ᠰᠣᠶᠣᠭᠠᠨ ᠳ᠋ᠤᠨᠢ
ᠭᠠᠮᠰᠢᠭ ᠲᠠᠷᠢᠬᠤ ᠡᠷᠳᠡᠮ ᠲᠡᠢ
( ᠬᠤᠯᠤᠭᠠᠨ᠎ᠠ )
ᠭᠠᠵᠠᠷ ᠤ᠋ᠨ ᠭᠠᠳᠠᠰᠤ
ᠭᠠᠭᠴᠠ ᠬᠥᠯ ᠲᠡᠢ ᠶᠤᠸᠠᠮᠪᠤᠤ
( ᠮᠥᠭᠥ )
ᠭᠠᠵᠠᠷ ᠳᠣᠣᠷ᠎ᠠ
ᠨᠣᠣᠰᠣᠨ ᠲᠦᠯᠬᠢᠭᠦᠷ
( ᠬᠤᠯᠤᠭᠠᠨ᠎ᠠ )
ᠭᠠᠷ ᠢ᠋ᠶ᠋ᠠᠷ ᠲᠠᠢᠯᠤᠭᠳᠠᠬᠤ ᠦᠭᠡᠢ
ᠭᠠᠢᠬᠠᠮᠰᠢᠭᠲᠤ ᠲᠣᠣᠷ
( ᠠᠭᠠᠯᠵᠢ ᠶ᠋ᠢᠨ ᠲᠣᠣᠷ )
ᠭᠠᠷᠬᠤ ᠨᠢ ᠭᠠᠵᠠᠷ ᠠ᠋ᠴᠠ
ᠭᠠᠯᠵᠠᠭᠤᠷᠠᠬᠤ ᠨᠢ ᠲᠩᠷᠢ ᠡᠴᠡ
ᠦᠭᠡᠢᠷᠡᠬᠦ ᠨᠢ ᠲᠦᠢᠮᠡᠷ ᠡᠴᠡ
ᠦᠬᠦᠯ ᠨᠢ ᠬᠤᠳᠳᠤᠭ ᠠ᠋ᠴᠠ
( ᠬᠠᠮᠬᠤᠤᠯ )
ᠭᠡᠯᠦᠩ ᠦ᠋ᠨ ᠡᠭᠦᠳᠡ ᠭᠡᠷ ᠳᠡᠭᠡᠷ᠎ᠡ
ᠭᠡᠰᠡᠷ ᠦ᠋ᠨ ᠡᠭᠦᠳᠡ ᠪᠠᠭᠤᠯᠭᠠᠰᠤᠲᠠᠢ
( ᠢᠮᠠᠭᠠᠨ ᠤ᠋ ᠰᠡᠭᠦᠯ᠂ ᠬᠣᠨᠢᠨ ᠤ᠋ ᠰᠡᠭᠦᠯ)
ᠭᠡᠮ ᠦᠭᠡᠢ ᠪᠠᠶᠠᠨ
ᠬᠡᠯᠡ ᠦᠭᠡᠢ ᠰᠡᠴᠡᠨ
( ᠰᠤᠸᠠᠮᠫᠠᠨ )
ᠭᠡᠷ ᠭᠡᠷ ᠦ᠋ᠨ ᠣᠷᠣᠢ ᠳᠡᠭᠡᠷ᠎ᠡ
ᠬᠥᠬᠡ ᠯᠤᠤ ᠲᠣᠭᠯᠠᠨ᠎ᠠ
( ᠤᠲᠤᠭ᠎ᠠ )
ᠭᠡᠷ ᠳᠦᠭᠦᠷᠡᠩ
ᠭᠡᠯᠦᠩ ᠦ᠋ᠨ ᠳᠡᠯᠪᠡᠭ
( ᠬᠠᠨ᠎ᠠ ᠶ᠋ᠢᠨ ᠨᠢᠳᠦ )
ᠭᠡᠷ ᠦ᠋ᠨ ᠠᠷᠤ ᠳ᠋ᠤ᠌ ᠭᠡᠲᠡᠩ ᠭᠣᠳᠣᠩ
ᠬᠡᠳᠡᠷᠭᠡ ᠰᠥᠭᠡᠷᠭᠦ ᠬᠠᠶᠠᠨ ᠭᠣᠳᠣᠩ
( ᠡᠷᠦᠬᠡ ᠶ᠋ᠢᠨ ᠣᠭᠣᠰᠣᠷ)
ᠭᠣᠳ ᠭᠣᠳ ᠳᠠᠭᠤ ᠲᠠᠢ
ᠭᠣᠶᠣ ᠡᠷᠢᠶᠡᠨ ᠳᠠᠬᠤ ᠲᠠᠢ
ᠬᠥᠪᠴᠢ ᠣᠢ ᠳ᠋ᠤ᠌ ᠨᠤᠲᠤᠭ ᠲᠠᠢ
ᠬᠥᠨᠳᠡᠢ ᠵᠢᠯᠠᠭ᠎ᠠ ᠳ᠋ᠤ᠌ ᠪᠠᠭᠤᠳᠠᠯ ᠲᠠᠢ
( ᠭᠤᠷᠭᠤᠤᠯ )
ᠭᠣᠶᠣ ᠨᠢ ᠨᠠᠭᠠᠨ᠎ᠠ ᠪᠠᠨ
ᠭᠣᠨᠵᠣᠭᠣᠷ ᠨᠢ ᠴᠠᠭᠠᠨ᠎ᠠ ᠪᠠᠨ
( ᠢᠰᠡᠭᠡᠢ ᠳᠡᠷᠡ )
ᠭᠤᠨᠠᠨ ᠪᠡᠢᠰᠡ ᠶ᠋ᠢᠨ ᠬᠡᠦᠬᠡᠨ
ᠭᠤᠷᠪᠠᠨ ᠥᠩᠭᠡ ᠶ᠋ᠢᠨ ᠳᠤᠷᠳᠤᠩ
( ᠴᠠᠭᠠᠨ ᠮᠢᠬ᠎ᠠ )
ᠭᠤᠨᠠᠨ ᠦᠬᠡᠷ ᠦ᠋ᠨ ᠬᠠ ᠶ᠋ᠢ
ᠭᠤᠷᠪᠠᠨ ᠵᠢᠯ ᠢᠳᠡᠭᠡᠳ ᠪᠠᠷᠠᠭᠰᠠᠨ ᠦᠭᠡᠢ
( ᠬᠢᠲᠤᠭ᠎ᠠ ᠪᠢᠯᠡᠭᠦᠳᠡᠬᠦ )
ᠭᠦᠨ ᠠᠪᠳᠠᠷ᠎ᠠ
ᠶᠸᠩ ᠴᠣᠣᠵᠢ ᠲᠠᠢ
( ᠬᠥᠮᠦᠨ ᠦ᠌ ᠰᠠᠨᠠᠭ᠎ᠠ )
ᠭᠦᠨ ᠬᠤᠳᠳᠤᠭ ᠲᠤ
ᠭᠦᠷᠦᠮᠡᠯ ᠮᠣᠭᠠᠢ
( ᠴᠢᠭᠲᠠᠭ᠎ᠠ )
ᠭᠦᠨ ᠬᠤᠳᠳᠤᠭ ᠲᠤ
ᠬᠥᠩᠬᠥᠷ ᠤᠯᠠᠭᠠᠨ ᠰᠢᠪᠠᠭᠤ
( ᠵᠢᠷᠦᠬᠡ )
ᠭᠦᠶᠦᠨ ᠭᠦᠶᠦᠨ ᠰᠢᠷᠠᠭᠴᠢᠨ
ᠭᠦᠢᠴᠡᠭᠳᠡᠬᠦ ᠦᠭᠡᠢ ᠰᠢᠷᠠᠭᠴᠢᠨ
ᠪᠠᠷ᠎ᠠ ᠶᠡᠬᠡᠲᠡᠢ ᠰᠢᠷᠠᠭᠴᠢᠨ
ᠪᠠᠷᠢᠭᠳᠠᠬᠤ ᠦᠭᠡᠢ ᠰᠢᠷᠠᠭᠴᠢᠨ
( ᠵᠡᠷᠭᠡᠯᠭᠡᠨ )
ᠭᠦᠶᠦᠬᠦ ᠦᠭᠡᠢ ᠴᠡᠯᠴᠡᠭᠡ
ᠭᠦᠵᠡᠭᠡ ᠦᠭᠡᠢ ᠴᠡᠯᠴᠡᠭᠡ
ᠶᠠᠪᠤᠬᠤ ᠦᠭᠡᠢ ᠴᠡᠯᠴᠡᠭᠡ
ᠶᠠᠰᠤ ᠦᠭᠡᠢ ᠴᠡᠯᠴᠡᠭᠡ
( ᠬᠤᠪᠢᠯᠵᠠ )
ᠭᠦᠶᠦᠮᠡᠯ ᠰᠢᠷᠡᠭᠡ ᠰᠠᠭᠤᠮᠠᠯ ᠪᠤᠷᠬᠠᠨ
( ᠮᠣᠷᠢᠲᠠᠢ ᠬᠥᠮᠦᠨ )
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠪᠠᠶᠠᠷᠴᠡᠴᠡᠭ
2024 04 25
