ᠣᠨᠢᠰᠤᠭ᠎ᠠ – ᠰᠠ᠂ ᠱᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Са ᠂ Шагийн аймаг - Чо ᠂ Дугаржав эмхэтгэн найруулав ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨᠢᠰᠤᠭ᠎ᠠ – ᠰᠠ᠂ ᠱᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Са ᠂ Шагийн аймаг - Чо ᠂ Дугаржав эмхэтгэн найруулав

ᠣᠨᠢᠰᠤᠭ᠎ᠠ – ᠰᠠ᠂ ᠱᠠ ᠶᠢᠨ ᠠᠢᠮᠠᠭ - ᠴᠣ᠂ ᠳᠤᠭᠠᠷᠵᠠᠪ ᠡᠮᠬᠢᠳᠬᠡᠨ ᠨᠠᠢᠷᠠᠭᠤᠯᠪᠠ Оньсого – Са ᠂ Шагийн аймаг - Чо ᠂ Дугаржав эмхэтгэн найруулав

ᠠᠩᠭᠢᠯᠠᠯ:ᠣᠨᠢᠰᠤᠭ᠎ᠠ
2024-04-29

2310

ᠰᠠ  ᠶᠢᠨ ᠠᠢᠮᠠᠭ


 ᠰᠠᠬᠠᠯ ᠢ᠋ ᠨᠢ ᠰᠢᠪᠲᠤᠷᠠᠪᠠᠯ 
 ᠰᠠᠨᠠᠭ᠎ᠠ ᠶ᠋ᠢ ᠨᠢ ᠮᠡᠳᠡᠨ᠎ᠡ    
      ( ᠵᠢᠩᠨᠡᠭᠦᠷ ) 

 ᠰᠠᠭᠤᠪᠠᠯ ᠶᠠᠨᠳᠠᠨ 
 ᠵᠣᠭᠰᠣᠪᠠᠯ ᠪᠠᠨᠳᠠᠨ   
      ( ᠨᠣᠬᠠᠢ ) 

 ᠰᠠᠭᠤᠵᠤ ᠪᠠᠢᠬᠤ ᠨᠢ ᠰᠢᠪᠠᠭᠤ ᠰᠢᠭ᠋ 
 ᠰᠤᠨᠢᠶᠠᠵᠤ ᠪᠠᠢᠬᠤ ᠨᠢ ᠴᠢᠨᠣ᠎ᠠ ᠰᠢᠭ᠋     
      ( ᠰᠢᠮᠠᠭᠤᠯ )  

 ᠰᠢᠩ ᠴᠢᠯᠠᠭᠤ ᠰᠢᠬᠢᠷ ᠪᠤᠯᠤ 
 ᠮᠣᠷᠢᠨ ᠤ᠋ ᠵᠢᠯᠣᠭᠣ ᠮᠣᠳᠣᠨ ᠭᠠᠳᠠᠰᠤ 
 ᠣᠭᠣᠨᠣ ᠶ᠋ᠢᠨ ᠡᠪᠡᠷ ᠣᠷᠣᠩᠭᠣ ᠶ᠋ᠢᠨ ᠰᠣᠶᠣᠭ᠎ᠠ      
      ( ᠫᠤᠤ ) 

 ᠰᠢᠩᠭᠡᠯᠢᠭ ᠳᠡᠭᠡᠭᠦᠷ 
 ᠴᠢᠮᠡᠭᠡ ᠦᠭᠡᠢ ᠨᠡᠭᠦᠳᠡᠯ      
      ( ᠤᠲᠤᠭ᠎ᠠ ) 

  ᠰᠢᠪᠠᠷᠲᠤ ᠶ᠋ᠢᠨ ᠠᠷᠤ ᠳ᠋ᠤ᠌ 
 ᠱᠠᠭᠠᠢᠲᠤ ᠶ᠋ᠢᠨ ᠣᠷᠣᠢ ᠳᠡᠭᠡᠷ᠎ᠡ 
 ᠮᠠᠰᠢ ᠳᠥᠷᠪᠡᠨ ᠬᠥᠯ ᠲᠡᠢ 
 ᠮᠠᠭᠠᠳ ᠳᠥᠷᠪᠡᠨ ᠨᠡᠷ᠎ᠡ ᠲᠡᠢ        
      ( ᠱᠠᠭᠠᠢ ) 

 ᠰᠢᠪᠦᠭᠡ ᠶ᠋ᠢᠨ ᠦᠵᠦᠭᠦᠷ ᠢ᠋ᠶ᠋ᠡᠷ 
 ᠱᠥᠯᠥ ᠤᠤᠭᠤᠨ᠎ᠠ   
      ( ᠲᠠᠮᠠᠬᠢ ᠲᠠᠲᠠᠬᠤ ) 

 ᠰᠢᠯᠢ ᠳᠡᠭᠡᠭᠦᠷ 
 ᠴᠢᠮᠡᠭᠡ ᠦᠭᠡᠢ ᠨᠡᠭᠦᠳᠡᠯ     
      ( ᠵᠡᠷᠭᠡᠯᠭᠡᠨ )  

 ᠰᠢᠮᠡᠳᠡᠭ ᠦ᠋ᠨ ᠠᠮᠠ ᠨᠣᠣᠰᠣ ᠲᠠᠢ 
 ᠱᠠᠮᠰᠢᠳᠠᠭ ᠤ᠋ᠨ ᠠᠮᠠ ᠲᠣᠰᠣ ᠲᠠᠢ  
      ( ᠲᠤᠭᠤᠯ ᠬᠥᠬᠥᠬᠦ ) 

 ᠰᠢᠳᠢ ᠶ᠋ᠢ ᠣᠯᠤᠭᠠᠳ ᠨᠢᠰᠬᠦ ᠠᠯᠳᠠᠪᠠ 
 ᠰᠢᠳᠡᠮᠡᠰᠦ ᠪᠡᠷ ᠤᠶᠠᠭᠠᠳ ᠦᠬᠦᠬᠦ ᠠᠯᠳᠠᠪᠠ 
      ( ᠦᠯᠢᠶᠡᠭᠰᠡᠨ ᠭᠦᠵᠡᠭᠡ )  

 ᠰᠢᠷ᠎ᠠ ᠬᠦᠦ ᠪᠡᠶ᠎ᠡ ᠪᠡᠨ ᠢᠳᠡᠨ᠎ᠡ      
      ( ᠬᠦᠵᠢ ) 

 ᠰᠤᠭᠤ ᠰᠠᠭᠠᠷᠠᠯ ᠢ᠋ ᠰᠤᠷᠭᠠᠵᠤ ᠪᠣᠯᠬᠤ ᠦᠭᠡᠢ 
 ᠰᠤᠬᠠᠢ ᠲᠠᠰᠢᠭᠤᠷ ᠢ᠋ ᠪᠠᠷᠢᠵᠤ ᠪᠣᠯᠳᠠᠭ ᠦᠭᠡᠢ    
      ( ᠴᠢᠨᠣ᠎ᠠ᠂ ᠮᠣᠭᠠᠢ ) 

ᠱᠠ ᠶᠢᠨ ᠠᠢᠮᠠᠭ


 ᠱᠥᠯᠥ ᠶ᠋ᠢ ᠨᠢ ᠤᠤᠭᠤᠭᠠᠳ 
 ᠮᠢᠬ᠎ᠠ ᠶ᠋ᠢ ᠨᠢ ᠢᠳᠡᠬᠦ ᠦᠭᠡᠢ     
      ( ᠴᠠᠢ )  

   ᠦᠰᠦᠭ ᠠᠮᠢᠯᠠᠭᠤᠯᠤᠭᠴᠢ᠄ ᠡᠩᠬᠡᠪᠠᠲᠤ  
      ᠬᠢᠨᠠᠭᠴᠢ᠄ ᠪᠠᠶᠠᠷᠴᠡᠴᠡᠭ    
          2024   04   27