ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ< ᠪᠥᠬᠥ ᠨᠣᠮ> Долоон усны түүх – [орос] Бартулд зохиов<бүх ном> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ< ᠪᠥᠬᠥ ᠨᠣᠮ> Долоон усны түүх – [орос] Бартулд зохиов<бүх ном>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ< ᠪᠥᠬᠥ ᠨᠣᠮ> Долоон усны түүх – [орос] Бартулд зохиов<бүх ном>

ᠠᠩᠭᠢᠯᠠᠯ:ᠲᠡᠦᠬᠡ ᠰᠣᠶᠣᠯ
2026-02-05

434

ᠳᠣᠯᠣᠭᠠᠨ ᠤᠰᠤᠨ ᠤ᠋ ᠳᠣᠮᠣᠭ


     《ᠭᠠᠳᠠᠭᠠᠳᠤ ᠶ᠋ᠢᠨ ᠮᠣᠩᠭᠣᠯᠴᠢ ᠡᠷᠳᠡᠮᠲᠡᠳ ᠦ᠋ᠨ ᠪᠦᠲᠦᠭᠡᠯ ᠦ᠋ᠨ ᠴᠢᠭᠤᠯᠭᠠᠨ》 ᠤ᠋ 
                                     ᠨᠠᠢᠷᠠᠭᠤᠯᠬᠤ ᠺᠣᠮᠢᠰ  

ᠵᠥᠪᠯᠡᠭᠴᠢ᠄ ᠴᠢᠮᠡᠳᠳᠣᠷᠵᠢ  
ᠡᠷᠬᠢᠯᠡᠭᠴᠢ᠄ ᠵᠢᠷᠤᠮᠲᠤ  
ᠳᠡᠳ᠋ ᠡᠷᠬᠢᠯᠡᠭᠴᠢ᠄ ᠭᠦᠸᠧ ᠭᠠᠩ᠂ ᠬᠦᠢ ᠷᠦᠩ  
ᠶᠡᠷᠦᠩᠬᠡᠢ ᠲᠥᠰᠥᠪᠯᠡᠭᠴᠢ᠄ ᠬᠦᠢ ᠷᠦᠩ  
ᠲᠥᠰᠦᠪᠯᠡᠭᠴᠢ᠄ ᠰᠸᠷᠡᠩᠨᠣᠷᠪᠤ᠂ ᠨᠠᠷᠠᠰᠤ  
ᠭᠣᠣᠯ ᠨᠠᠢᠷᠠᠭᠤᠯᠤᠭᠴᠢ᠄ ᠬᠦᠢ ᠷᠦᠩ  
ᠭᠦᠢᠴᠡᠳᠬᠡᠭᠴᠢ ᠭᠣᠣᠯ ᠨᠠᠢᠷᠠᠭᠤᠯᠤᠭᠴᠢ᠄ ᠰᠸᠷᠡᠩᠨᠣᠷᠪᠤ᠂ ᠨᠠᠷᠠᠰᠤ  
ᠭᠡᠰᠢᠭᠦᠨ᠄ (ᠴᠠᠭᠠᠨ ᠲᠣᠯᠣᠭᠠᠢ ᠶ᠋ᠢᠨ ᠳᠠᠷᠠᠭᠠᠯᠠᠯ ᠢ᠋ᠶ᠋ᠠᠷ ᠵᠢᠭᠰᠠᠭᠠᠪᠠ)  
        ᠤᠷᠭᠤᠮᠠᠯ᠂ ᠨᠠᠷᠠᠰᠤ᠂ ᠨᠠᠷᠠᠰᠤ(ᠡᠮᠡᠭᠲᠡᠢ)᠂ ᠪᠣᠯᠣᠷᠮ᠎ᠠ᠂ ᠬᠥᠭᠵᠢᠯᠲᠦ᠂
        ᠬᠦᠢ ᠷᠦᠩ᠂ ᠭᠦᠸᠧ ᠭᠠᠩ᠂ ᠯᠢ ᠬᠠᠢ ᠶᠢᠩ᠂ ᠰᠠᠢᠨᠴᠣᠭᠲᠣ᠂ 
        ᠰᠡᠴᠡᠨᠪᠢᠯᠢᠭ᠂ ᠰᠸᠷᠡᠩᠨᠣᠷᠪᠤ᠂ ᠰᠡᠷᠭᠦᠯᠡᠩ᠂ ᠰᠢᠦ ᠰᠢᠶᠠ᠂ ᠲᠠᠨ᠎ᠠ᠂ 
        ᠵᠠᠩ ᠯᠢᠩ ᠯᠢ᠂ ᠵᠢᠷᠤᠮᠲᠤ᠂ ᠠ‍·ᠵᠢᠷᠤᠮᠲᠤ             

             ᠬᠡᠪᠯᠡᠭᠦᠯᠦᠭᠴᠢ ᠶ᠋ᠢᠨ ᠲᠣᠳᠣᠷᠬᠠᠢᠯᠠᠯ      

       ᠮᠣᠩᠭᠣᠯᠴᠤᠳ ᠠᠽᠢᠶ᠎ᠠ ᠧᠦ᠋ᠷᠣᠫᠠ ᠶ᠋ᠢ ᠲᠣᠪᠴᠢᠯᠠᠵᠤ ᠬᠥᠮᠦᠨ ᠲᠥᠷᠥᠯᠬᠢᠲᠡᠨ ᠦ᠌ ᠰᠣᠶᠣᠯ ᠢᠷᠭᠡᠨᠰᠢᠯ ᠢ᠋ ᠨᠥᠯᠥᠭᠡᠯᠡᠭᠰᠡᠨ ᠲᠡᠷᠡ ᠯᠠ ᠦᠶ᠎ᠡ ᠡᠴᠡ ᠨᠠᠭᠠᠰᠢ ᠮᠣᠩᠭᠣᠯᠴᠤᠳ ᠪᠠ ᠮᠣᠩᠭᠣᠯ ᠣᠷᠣᠨ ᠳ᠋ᠤ᠌ ᠥᠷᠭᠡᠨ ᠢ᠋ᠶ᠋ᠡᠷ ᠪᠢᠴᠢᠭ ᠲᠡᠮᠳᠡᠭᠯᠡᠯ ᠳᠡᠯᠡᠬᠡᠢ ᠶ᠋ᠢᠨ ᠬᠡᠯᠡᠨ ᠳ᠋ᠦ᠍ ᠥᠷᠭᠡᠨ ᠢ᠋ᠶ᠋ᠡᠷ ᠪᠢᠴᠢᠭᠲᠡᠨ ᠦᠯᠡᠳᠡᠭᠰᠡᠨ ᠪᠠ ᠢᠯᠠᠩᠭᠤᠶ᠎ᠠ19 ᠳ᠋ᠦ᠍ᠭᠡᠷ ᠵᠠᠭᠤᠨ ᠳ᠋ᠤ᠌ ᠮᠣᠩᠭᠣᠯ ᠰᠤᠳᠤᠯᠤᠯ ᠨᠢ ᠪᠡᠶ᠎ᠡ ᠪᠡᠨ ᠳᠠᠭᠠᠭᠠᠭᠰᠠᠨ ᠲᠤᠰᠠᠭᠠᠷ ᠡᠷᠳᠡᠮ ᠰᠢᠨᠵᠢᠯᠡᠭᠡᠨ ᠦ᠌ ᠰᠠᠯᠠᠭ᠎ᠠ ᠪᠣᠯᠤᠨ ᠬᠥᠭᠵᠢᠭᠰᠡᠨ ᠢ᠋ᠶ᠋ᠡᠷ ᠬᠣᠶᠠᠷ ᠵᠠᠭᠤᠨ ᠢᠯᠡᠭᠦᠦ ᠵᠢᠯ ᠦ᠋ᠨ ᠲᠤᠷᠰᠢ ᠦᠶ᠎ᠡ ᠶ᠋ᠢᠨ ᠦᠶ᠎ᠡ ᠰᠢᠯᠭᠠᠷᠠᠭᠰᠠᠨ ᠮᠣᠩᠭᠣᠯᠴᠢ ᠡᠷᠳᠡᠮᠲᠡᠳ ᠦ᠋ᠨ ᠮᠣᠩᠭᠣᠯ ᠰᠤᠳᠤᠯᠤᠯ ᠤ᠋ᠨ ᠰᠣᠳᠣᠨ ᠰᠢᠯᠢᠳᠡᠭ ᠪᠦᠲᠦᠭᠡᠯ ᠵᠠᠯᠭᠠᠭ᠎ᠠ ᠪᠠᠷ ᠮᠡᠨᠳᠦᠯᠡᠵᠦ᠂ ᠮᠣᠩᠭᠣᠯᠴᠤᠳ ᠤ᠋ᠨ ᠡᠷᠲᠡᠨ ᠡᠳᠦᠭᠡ ᠶ᠋ᠢᠨ ᠲᠠᠯ᠎ᠠ ᠪᠦᠬᠦᠨ ᠳ᠋ᠦ᠍ ᠬᠣᠯᠪᠣᠭᠳᠠᠭᠰᠠᠨ ᠠᠰᠤᠷᠤ ᠶᠡᠬᠡ ᠡᠷᠳᠡᠨᠢᠰ ᠦ᠋ᠨ ᠬᠥᠮᠥᠷᠭᠡ ᠴᠣᠭᠴᠠᠯᠠᠭᠳᠠᠭᠰᠠᠨ ᠪᠠᠢᠨ᠎ᠠ᠃ 
       ᠳᠤᠮᠳᠠᠳᠤ ᠤᠯᠤᠰ ᠲᠤ᠂ ᠭᠠᠳᠠᠭᠠᠳᠤ ᠬᠡᠯᠡᠨ ᠳ᠋ᠦ᠍ ᠪᠢᠴᠢᠭᠳᠡᠭᠰᠡᠨ ᠮᠣᠩᠭᠣᠯ ᠰᠤᠳᠤᠯᠤᠯ ᠤ᠋ᠨ ᠰᠤᠷᠪᠤᠯᠵᠢ ᠪᠢᠴᠢᠭ ᠪᠠ ᠡᠷᠳᠡᠮ ᠰᠢᠨᠵᠢᠯᠡᠭᠡᠨ ᠦ᠌ ᠪᠦᠲᠦᠭᠡᠯ ᠢ᠋ ᠮᠣᠩᠭᠣᠯ ᠬᠡᠯᠡᠨ ᠳ᠋ᠦ᠍ ᠣᠷᠴᠢᠭᠤᠯᠤᠨ ᠬᠡᠪᠯᠡᠭᠦᠯᠬᠦ20 ᠳ᠋ᠤᠭᠠᠷ ᠵᠠᠭᠤᠨ ᠳ᠋ᠤ᠌ ᠣᠷᠴᠢᠨ ᠦᠶ᠎ᠡ ᠶ᠋ᠢᠨ ᠮᠣᠩᠭᠣᠯ ᠨᠣᠮ ᠬᠡᠪᠯᠡᠯ ᠦ᠋ᠨ ᠦᠢᠯᠡᠰ ᠡᠭᠦᠰᠴᠦ ᠬᠥᠭᠵᠢᠬᠦ ᠶ᠋ᠢ ᠳᠠᠭᠠᠯᠳᠤᠨ ᠤᠯᠠᠮ ᠢ᠋ᠶ᠋ᠠᠷ ᠪᠣᠢ ᠪᠣᠯᠵᠤ᠂ ᠦᠶ᠎ᠡ ᠶ᠋ᠢᠨ ᠦᠶ᠎ᠡ ᠨᠡᠯᠢᠶᠡᠳ ᠶᠠᠪᠤᠭᠳᠠᠭᠰᠠᠭᠠᠷ ᠢᠷᠡᠭᠰᠡᠨ ᠶᠦᠮ᠃ ᠥᠨᠥᠳᠥᠷ ᠪᠣᠯᠬᠤ ᠳ᠋ᠤ᠌ ᠭᠠᠳᠠᠭᠠᠳᠤ ᠶ᠋ᠢᠨ ᠮᠣᠩᠭᠣᠯᠴᠢ ᠡᠷᠳᠡᠮᠲᠡᠳ ᠦ᠋ᠨ ᠪᠦᠲᠦᠭᠡᠯ ᠦ᠋ᠳ ᠦ᠋ᠨ ᠮᠣᠩᠭᠣᠯ ᠣᠷᠴᠢᠭᠤᠯᠭ᠎ᠠ ᠨᠢ ᠮᠠᠨ ᠤ᠋ ᠦᠨᠳᠦᠰᠦᠲᠡᠨ ᠦ᠌ ᠮᠠᠰᠢ ᠴᠢᠬᠤᠯᠠ ᠬᠡᠪᠯᠡᠯ ᠦ᠋ᠨ ᠡᠬᠢ ᠪᠠᠶᠠᠯᠢᠭ ᠪᠣᠯᠵᠤ᠂ ᠠᠷᠠᠳ ᠣᠯᠠᠨ ᠤ᠋ ᠠᠮᠢᠳᠤᠷᠠᠯ ᠤ᠋ᠨ ᠣᠷᠴᠢᠨ ᠨᠥᠬᠥᠴᠡᠯ ᠬᠢᠭᠡᠳ ᠰᠣᠶᠣᠯ ᠭᠡᠭᠡᠷᠡᠯ ᠦ᠋ᠨ ᠱᠠᠭᠠᠷᠳᠠᠯᠭ᠎ᠠ ᠳᠡᠭᠡᠭᠰᠢᠯᠡᠬᠦ ᠶ᠋ᠢ ᠳᠠᠭᠠᠯᠳᠤᠨ ᠤᠩᠰᠢᠨ ᠰᠣᠨᠢᠷᠬᠠᠬᠤ᠂ ᠰᠤᠳᠤᠯᠤᠨ ᠰᠢᠨᠵᠢᠯᠡᠬᠦ ᠪᠠ ᠬᠣᠷᠢᠶᠠᠨ ᠬᠠᠳᠠᠭᠠᠯᠠᠬᠤ ᠦᠨ᠎ᠡ ᠴᠠᠨ᠎ᠠ ᠨᠢ ᠤᠯᠠᠮ ᠪᠦᠷ ᠥᠰᠦᠭᠰᠡᠭᠡᠷ ᠪᠠᠢᠭ᠎ᠠ ᠪᠢᠯᠡ᠃ ᠭᠡᠪᠡᠴᠦ ᠲᠡᠳᠡᠭᠡᠷ ᠨᠢ ᠣᠯᠠᠨ ᠵᠢᠯ ᠦ᠋ᠨ ᠲᠤᠷᠰᠢ ᠳᠠᠩ ᠳᠡᠪᠲᠡᠷ ᠢ᠋ᠶ᠋ᠡᠷ ᠪᠤᠶᠤ ᠪᠠᠭ᠎ᠠ ᠬᠡᠮᠵᠢᠶᠡᠨ ᠦ᠌ ᠴᠤᠪᠤᠷᠠᠯ ᠪᠢᠴᠢᠭ ᠦ᠋ᠨ ᠬᠡᠯᠪᠡᠷᠢ ᠪᠡᠷ ᠬᠡᠪᠯᠡᠭᠳᠡᠨ ᠲᠠᠷᠬᠠᠭᠠᠭᠳᠠᠵᠤ ᠪᠠᠢᠭᠰᠠᠨ ᠪᠣᠯᠬᠣᠷ ᠠᠰᠢᠭᠯᠠᠬᠤ ᠪᠠ ᠬᠠᠳᠠᠭᠠᠯᠠᠬᠤ ᠳ᠋ᠤ᠌ ᠳᠥᠭᠥᠮ ᠦᠭᠡᠢ ᠶ᠋ᠢ ᠪᠠᠢᠲᠤᠭᠠᠢ ᠣᠨ ᠵᠢᠯ ᠤᠳᠠᠭᠰᠠᠨ ᠠ᠋ᠴᠠ ᠵᠠᠷᠢᠮ ᠨᠢ ᠣᠯᠳᠠᠬᠤ ᠪᠠᠨ ᠪᠣᠯᠢᠭᠰᠠᠨ ᠨᠢ ᠡᠷᠳᠡᠮ ᠨᠣᠮ ᠤ᠋ᠨ ᠠᠶᠠᠨ ᠳ᠋ᠤ᠌ ᠡᠬᠢᠯᠡᠨ ᠮᠣᠷᠳᠠᠵᠤ ᠪᠠᠢᠭ᠎ᠠ ᠵᠠᠯᠭᠠᠮᠵᠢ ᠦᠶ᠎ᠡ ᠶ᠋ᠢᠨ ᠬᠢᠨ ᠳ᠋ᠦ᠍ ᠨᠡᠩ ᠴᠦ᠍ ᠶᠡᠬᠡ ᠲᠦᠪᠡᠭ ᠠᠪᠴᠢᠷᠠᠭᠰᠠᠨ ᠪᠠᠢᠨ᠎ᠠ᠃ ᠡᠢᠮᠦ ᠪᠠᠢᠳᠠᠯ ᠳ᠋ᠤ᠌ ᠴᠢᠭᠯᠡᠭᠦᠯᠦᠨ ᠮᠠᠨ ᠤ᠋ ᠬᠣᠷᠢᠶ᠎ᠠ ᠡᠷᠳᠡᠮᠲᠡᠨ ᠮᠡᠷᠭᠡᠵᠢᠯᠲᠡᠳ ᠬᠢᠭᠡᠳ ᠤᠩᠰᠢᠭᠴᠢ ᠲᠦᠮᠡᠨ ᠦ᠌ ᠪᠡᠨ ᠬᠡᠷᠡᠭᠴᠡᠭᠡᠨ ᠳ᠋ᠦ᠍ ᠵᠣᠷᠢᠭᠤᠯᠤᠨ ᠬᠡᠪᠯᠡᠯ ᠦ᠋ᠨ ᠡᠬᠢ ᠪᠠᠶᠠᠯᠢᠭ ᠢ᠋ᠶ᠋ᠠᠨ ᠰᠢᠨ᠎ᠡ ᠪᠡᠷ ᠡᠮᠬᠢᠯᠡᠨ ᠵᠣᠬᠢᠴᠠᠭᠤᠯᠵᠤ᠂ ᠥᠩᠭᠡᠷᠡᠭᠰᠡᠨ ᠳ᠋ᠦ᠍ ᠮᠣᠩᠭᠣᠯᠴᠢᠯᠠᠭᠳᠠᠨ ᠬᠡᠪᠯᠡᠭᠳᠡᠭᠰᠡᠨ ᠪᠠ ᠡᠳᠦᠭᠡ ᠰᠢᠨ᠎ᠡ ᠪᠡᠷ ᠮᠣᠩᠭᠣᠯᠴᠢᠯᠠᠨ ᠬᠡᠪᠯᠡᠭᠦᠯᠵᠦ ᠪᠦᠬᠦᠢ ᠭᠠᠳᠠᠭᠠᠳᠤ ᠶ᠋ᠢᠨ ᠮᠣᠩᠭᠣᠯᠴᠢ ᠡᠷᠳᠡᠮᠲᠡᠳ ᠦ᠋ᠨ ᠮᠣᠩᠭᠣᠯ ᠰᠤᠳᠤᠯᠤᠯ ᠤ᠋ᠨ ᠰᠣᠳᠣᠨ ᠰᠢᠯᠢᠳᠡᠭ ᠪᠦᠲᠦᠭᠡᠯ ᠦ᠋ᠳ ᠢ᠋ ᠨᠢᠭᠡᠨ ᠰᠡᠳᠦᠪ ᠲᠦ᠍ ᠬᠣᠷᠢᠶᠠᠨ《ᠭᠠᠳᠠᠭᠠᠳᠤ ᠶ᠋ᠢᠨ ᠮᠣᠩᠭᠣᠯᠴᠢ ᠡᠷᠳᠡᠮᠲᠡᠳ ᠦ᠋ᠨ ᠪᠦᠲᠦᠭᠡᠯ ᠦ᠋ᠨ ᠴᠢᠭᠤᠯᠭᠠᠨ》 ᠬᠡᠮᠡᠬᠦ ᠡᠨᠡ ᠬᠦ᠌ ᠴᠤᠪᠤᠷᠠᠯ ᠪᠢᠴᠢᠭ ᠢ᠋ ᠰᠠᠨᠠᠭᠠᠴᠢᠯᠠᠨ ᠲᠥᠰᠦᠪᠯᠡᠵᠦ᠂ ᠢᠵᠢ ᠪᠦᠷᠢᠳᠦᠭᠦᠯᠦᠨ ᠨᠠᠢᠷᠠᠭᠤᠯᠤᠨ ᠬᠡᠪᠯᠡᠭᠦᠯᠦᠯ᠎ᠡ᠃ 
       ᠭᠠᠳᠠᠭᠠᠳᠤ ᠳ᠋ᠠᠬᠢ ᠮᠣᠩᠭᠣᠯ ᠰᠤᠳᠤᠯᠤᠯ ᠤ᠋ᠨ ᠣᠷᠣᠢ ᠶ᠋ᠢᠨ ᠴᠢᠮᠡᠭ ᠪᠣᠯᠬᠤᠢᠴᠠ ᠣᠯᠠᠨ ᠰᠠᠢᠬᠠᠨ ᠪᠦᠲᠦᠭᠡᠯ ᠢ᠋ ᠤᠩᠰᠢᠨ ᠠᠰᠢᠭᠯᠠᠨ ᠰᠤᠳᠤᠯᠬᠤ ᠶ᠋ᠢᠨ ᠤᠯᠠᠮ ᠢ᠋ᠶ᠋ᠠᠷ ᠦᠨᠳᠦᠰᠦ ᠤᠭᠰᠠᠭ᠎ᠠ ᠪᠠᠷ ᠢ᠋ᠶ᠋ᠠᠨ ᠪᠠᠬᠠᠷᠬᠠᠵᠤ᠂ ᠡᠷᠳᠡᠮ ᠰᠣᠶᠣᠯ ᠢ᠋ᠶ᠋ᠠᠷ ᠭᠡᠢᠭᠡᠨ ᠮᠠᠨᠳᠤᠬᠤ ᠶ᠋ᠢᠨ ᠰᠠᠢᠬᠠᠨ ᠢᠷᠦᠭᠡᠯ ᠮᠣᠩᠭᠣᠯ ᠲᠣᠭᠣᠷᠭᠠᠲᠠᠳ ᠲᠤ ᠲᠣᠭᠲᠠᠬᠤ ᠪᠣᠯᠲᠤᠭᠠᠢ᠃  

— — — —
        ᠦᠰᠦᠭ ᠠᠮᠢᠯᠠᠭᠤᠯᠤᠭᠴᠢ᠄ ᠬᠠᠢ ᠶᠢᠩ᠂ ᠮᠣᠩᠭᠣᠯ ᠰᠣᠶᠣᠯ᠂ ᠪᠣᠷᠵᠢᠭᠢᠨ ᠰᠡᠴᠡᠨᠬᠦᠦ᠂ 
                                ᠴᠠᠭᠰᠤᠯᠮ᠎ᠠ᠂ ᠪᠤᠤ ᠶ᠋ᠢᠨ ᠷᠦᠩ᠂ ᠯᠢᠶᠠᠩ ᠵᠢᠶᠸᠰᠸᠷ᠂ 
                                ᠪᠢᠯᠢᠬᠦᠨᠳᠠᠯᠠᠢ᠂ ᠪᠠᠶᠠᠷ᠂ ᠰᠣᠶᠣᠯᠪᠠᠭᠠᠲᠤᠷ  
            ᠦᠰᠦᠭ ᠬᠢᠨᠠᠭᠴᠢ᠄ ᠪᠤᠤ ᠰᠠᠷᠠᠨ᠎ᠠ᠂ ᠳᠠᠯᠠᠢᠪᠠᠶᠠᠷ᠂ ᠮᠥᠴᠢᠷ