ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠨᠠᠢ᠍ᠮᠠ᠂ᠬᠠᠯᠢᠮᠠᠭ (ᠵᠡᠭᠦᠭᠠᠷ) ᠤ᠋ᠨ ᠲᠣᠪᠴᠢ ᠲᠡᠦᠬᠡ> Долоон усны түүх – [орос] Бартулд <8᠂Халимаг (зүүнгар) он товч түүх> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠨᠠᠢ᠍ᠮᠠ᠂ᠬᠠᠯᠢᠮᠠᠭ (ᠵᠡᠭᠦᠭᠠᠷ) ᠤ᠋ᠨ ᠲᠣᠪᠴᠢ ᠲᠡᠦᠬᠡ> Долоон усны түүх – [орос] Бартулд <8᠂Халимаг (зүүнгар) он товч түүх>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠨᠠᠢ᠍ᠮᠠ᠂ᠬᠠᠯᠢᠮᠠᠭ (ᠵᠡᠭᠦᠭᠠᠷ) ᠤ᠋ᠨ ᠲᠣᠪᠴᠢ ᠲᠡᠦᠬᠡ> Долоон усны түүх – [орос] Бартулд <8᠂Халимаг (зүүнгар) он товч түүх>

ᠠᠩᠭᠢᠯᠠᠯ:ᠲᠡᠦᠬᠡ ᠰᠣᠶᠣᠯ
2026-02-04

295

ᠨᠠᠢ᠍ᠮᠠ ᠂ ᠬᠠᠯᠢᠮᠠᠭ (ᠵᠡᠭᠦᠭᠠᠷ) ᠤ᠋ᠨ ᠲᠣᠪᠴᠢ ᠲᠡᠦᠬᠡ


       16 ᠳ᠋ᠤᠭᠠᠷ ᠵᠠᠭᠤᠨ ᠤ᠋ ᠰᠡᠭᠦᠯᠴᠢ ᠬᠠᠭᠠᠰ ᠢ᠋ᠶ᠋ᠠᠷ ᠮᠣᠩᠭᠣᠯ ᠡᠵᠡᠷᠬᠡᠭᠴᠢᠳ ᠬᠠᠮᠤᠭ ᠤ᠋ᠨ ᠡᠴᠦᠰ ᠲᠦ᠍ ᠳᠣᠯᠣᠭᠠᠨ ᠤᠰᠤᠨ ᠤ᠋ ᠨᠤᠲᠤᠭ ᠠ᠋ᠴᠠ ᠤᠬᠤᠷᠢᠨ ᠭᠠᠷᠤᠭᠰᠠᠨ ᠪᠠᠢᠳᠠᠯ ᠤ᠋ᠨ ᠲᠤᠬᠠᠢ ᠲᠡᠦᠬᠡᠨ ᠮᠠᠲ᠋ᠧᠷᠢᠶᠠᠯ ᠳ᠋ᠤ᠌ ᠳᠤᠰᠬᠠᠭᠰᠠᠨ ᠨᠢ ᠲᠤᠩ ᠬᠣᠪᠣᠷ᠃ ᠣᠷᠴᠢᠮᠬᠠᠨ ᠢᠯᠡᠷᠡᠭᠦᠯᠦᠭᠰᠡᠨ᠂ ᠬᠣᠲᠣᠩ ᠲᠣᠭᠠᠯᠠᠯ ᠤ᠋ᠨ 990 ᠣᠨ᠂ ᠢᠰᠥ᠋ᠰ ᠲᠣᠭᠠᠯᠠᠯ ᠤ᠋ᠨ 1582 ᠣᠨ ᠳ᠋ᠤ᠌ ᠲᠥᠷᠥᠭ ᠬᠡᠯᠡ ᠪᠡᠷ ᠪᠢᠴᠢᠭᠰᠡᠨ᠂ ᠬᠥᠮᠦᠨ ᠦ᠌ ᠤᠷᠮ᠎ᠠ ᠶ᠋ᠢ ᠲᠠᠲᠠᠮ᠎ᠠ ᠨᠢᠭᠡ ᠮᠠᠲ᠋ᠧᠷᠢᠶᠠᠯ ᠤ᠋ᠨ ᠴᠣᠷ ᠤ᠋ᠨ ᠭᠠᠭᠴᠠ ᠤᠭ ᠡᠬᠡ ᠨᠢ ᠣᠳᠣ ᠬᠣᠯᠠᠨᠳ᠋ ᠤ᠋ᠨ ᠯᠠᠢᠳᠠᠨ ᠶᠡᠬᠡ ᠰᠤᠷᠭᠠᠭᠤᠯᠢ ᠶ᠋ᠢᠨ ᠨᠣᠮ ᠤ᠋ᠨ ᠰᠠᠩ ᠳ᠋ᠤ᠌ ᠬᠠᠳᠠᠭᠠᠯᠠᠭᠳᠠᠵᠤ ᠪᠠᠢᠭ᠎ᠠ ᠪᠥᠭᠡᠳ ᠣᠳᠣ ᠪᠣᠯᠲᠠᠯ᠎ᠠ ᠨᠠᠷᠢᠨ ᠰᠤᠳᠤᠯᠭ᠎ᠠ ᠬᠢᠭᠡ ᠦᠭᠡᠢ ᠪᠠᠢᠭᠰᠠᠭᠠᠷ᠃ ᠵᠣᠬᠢᠶᠠᠭᠴᠢ ᠰᠠᠢᠹᠸᠢ ᠶ᠋ᠢᠨ ᠬᠡᠯᠡᠬᠦ ᠪᠡᠷ᠂ ᠲᠤᠬᠠᠢ ᠶ᠋ᠢᠨ ᠦᠶ᠎ᠡ ᠳ᠋ᠦ᠍ ᠬᠠᠯᠢᠮᠠᠭᠴᠤᠳ ᠳᠤᠮᠳᠠᠳᠤ ᠠᠽᠢᠶ᠎ᠠ ᠳ᠋ᠤ᠌ ᠨᠤᠲᠤᠭ ᠨᠡᠭᠡᠭᠡᠨ ᠥᠷᠭᠡᠳᠬᠡᠭᠰᠡᠭᠡᠷ ᠪᠠᠢᠪᠠ᠃ ᠲᠡᠷᠡ ᠪᠡᠷ ᠲᠡᠳᠡᠨ ᠦ᠌ ᠠᠬᠠᠯᠠᠭᠴᠢ ᠨᠢ ᠠᠯᠲᠠᠨ ᠬᠠᠨ ᠭᠡᠵᠦ ᠦᠵᠡᠭᠰᠡᠨ ᠪᠠᠢᠨ᠎ᠠ᠃ ᠡᠨᠡ ᠬᠥᠮᠦᠨ ᠪᠣᠯ ᠲᠦᠮᠡᠳ ᠠᠢᠮᠠᠭ ᠤ᠋ᠨ ᠬᠦᠴᠦᠲᠦ ᠨᠣᠶᠠᠯᠠᠭᠴᠢ᠂ ᠥᠭᠡᠯᠡᠳ (ᠣᠢᠷᠠᠳ) ᠢ᠋ ᠳᠠᠢᠯᠠᠨ ᠳᠠᠭᠠᠭᠤᠯᠵᠤ᠂ ᠲᠥᠷᠺᠢᠰᠲ᠋ᠠᠨ ᠤ᠋ ᠵᠡᠭᠦᠨ ᠬᠡᠰᠡᠭ ᠲᠦ᠍ ᠨᠢᠭᠡᠨ ᠲᠣᠮᠣ ᠤᠯᠤᠰ ᠢ᠋ ᠪᠠᠢᠭᠤᠯᠪᠠ᠃ ᠬᠠᠰᠠᠭ ᠬᠠᠨ ᠼᠠᠢᠺᠸᠷ ᠪᠣᠯ ᠰᠢᠭᠠᠢ ᠶ᠋ᠢᠨ ᠬᠥᠪᠡᠭᠦᠨ ᠲᠠᠬᠢᠷ ᠤ᠋ᠨ ᠠᠴᠢ ᠪᠣᠯᠤᠨ᠎ᠠ᠂ ᠡᠨᠡ ᠬᠥᠮᠦᠨ ᠬᠠᠯᠢᠮᠠᠭᠴᠤᠳ ᠤ᠋ᠨ ᠨᠤᠲᠤᠭ ᠢ᠋ ᠲᠠᠯᠬᠢᠳᠠᠭᠰᠠᠨ ᠪᠠᠢᠪᠠ᠃ ᠡᠭᠦᠨ ᠡᠴᠡ ᠪᠣᠯᠵᠤ ᠢᠵᠢᠯᠢ ᠪᠤᠰᠤ ᠱᠠᠰᠢᠨᠲᠠᠳ ᠬᠠᠰᠠᠭ ᠤ᠋ᠨ ᠭᠠᠵᠠᠷ ᠲᠤ᠌ ᠲᠦᠷᠢᠨ ᠣᠷᠣᠭᠠᠳ᠂ ᠮᠥᠨ ᠬᠦ᠌ ᠪᠤᠯᠢᠶᠠᠨ ᠳᠡᠭᠡᠷᠡᠮᠳᠡᠯᠭᠡ ᠬᠢᠭᠰᠡᠨ ᠪᠠᠢᠨ᠎ᠠ᠃ ᠼᠠᠢᠺᠸᠷ ᠲᠠᠱᠺᠸᠨ᠋ᠲ᠋ ᠲᠤ᠌ ᠳᠤᠲᠠᠭᠠᠨ ᠣᠴᠢᠪᠠ᠃ ᠲᠡᠨᠳᠡ ᠨᠥᠯᠡᠢᠰ ᠮᠥᠨ ᠬᠠᠨ ᠰᠠᠭᠤᠷᠢᠨ ᠳ᠋ᠠᠭᠠᠨ ᠪᠠᠢᠭᠰᠠᠭᠠᠷ ᠪᠠᠢᠪᠠ (1556 ᠣᠨ)᠃ ᠼᠠᠢᠺᠸᠷ ᠲᠡᠭᠦᠨ ᠯᠦᠭᠡ ᠬᠣᠯᠪᠣᠭᠠᠯᠠᠨ ᠳᠠᠢᠰᠤᠨ ᠢ᠋ ᠴᠣᠬᠢᠰᠤᠭᠠᠢ ᠭᠡᠵᠦ ᠱᠠᠭᠠᠷᠳᠠᠭᠰᠠᠨ ᠳ᠋ᠤ᠌ ᠨᠦᠯᠠᠢᠰ· ᠠᠬᠠᠮᠠᠳ᠋ ᠬᠠᠷᠢᠭᠤ ᠥᠭᠬᠦ ᠳ᠋ᠡᠭᠡᠨ᠄《ᠴᠢᠮᠠᠶ᠋ᠢ ᠰᠢᠭ᠋ ᠡᠢᠮᠦᠷᠬᠦᠦ ᠤᠯᠤᠰ ᠤ᠋ᠨ ᠸᠠᠩ ᠠᠷᠪᠠ ᠪᠠᠢᠯ᠎ᠠ ᠭᠡᠳ ᠬᠠᠯᠢᠮᠠᠭᠴᠤᠳ ᠲᠠᠢ ᠦᠵᠡᠯᠴᠡᠬᠦ ᠶ᠋ᠢ ᠪᠢᠲᠡᠭᠡᠢ ᠰᠠᠨᠠ》 ᠭᠡᠪᠡ᠃  
       ᠲᠤᠰ ᠮᠠᠲ᠋ᠧᠷᠢᠶᠠᠯ ᠤ᠋ᠨ ᠤᠤᠯ ᠵᠣᠬᠢᠶᠠᠭᠴᠢ ᠨᠢ ᠭᠢᠷᠭᠢᠰᠴᠦᠳ ᠪᠣᠯᠤᠨ ᠬᠠᠰᠠᠭᠴᠤᠳ ᠢ᠋ ᠴᠢᠨᠠᠭᠰᠢᠳᠠ ᠳᠥᠬᠥᠮᠬᠡᠨ ᠢ᠋ᠶ᠋ᠡᠷ ᠳᠦᠷᠰᠦᠯᠡᠨ ᠪᠢᠴᠢᠪᠡ᠄《ᠭᠢᠷᠭᠢᠰᠴᠤᠳ ᠬᠢᠭᠡᠳ ᠮᠣᠩᠭᠣᠯᠴᠤᠳ ᠪᠣᠯ ᠰᠠᠳᠤᠨ ᠲᠥᠷᠥᠯ ᠦ᠋ᠨ ᠬᠠᠷᠢᠴᠠᠭ᠎ᠠ ᠲᠠᠢ ᠶᠤᠮ᠃ ᠲᠡᠳᠡ ᠨᠠᠷ ᠲᠤ᠌ ᠤᠯᠤᠰ ᠤ᠋ᠨ ᠸᠠᠩ ᠭᠡᠵᠦ ᠪᠠᠢᠬᠤ ᠦᠭᠡᠢ᠂〈ᠪᠡᠬᠢ〉 ᠭᠡᠵᠦ ᠯᠡ ᠪᠠᠢᠳᠠᠭ᠂ ᠨᠤᠲᠤᠭ ᠤ᠋ᠨ ᠬᠡᠯᠡ ᠪᠡᠷ᠂〈ᠭᠠᠱᠤᠭ〉 ᠭᠡᠵᠦ ᠬᠡᠯᠡᠨ᠎ᠡ᠃ ᠭᠢᠷᠭᠢᠰᠴᠦᠳ ᠪᠣᠯ ᠢᠰᠯᠠᠮ ᠤ᠋ᠨ ᠱᠠᠰᠢᠨᠲᠠᠨ ᠪᠢᠰᠢ᠂ ᠢᠵᠢᠯᠢ ᠪᠤᠰᠤ ᠱᠠᠰᠢᠨᠲᠠᠨ ᠴᠤ᠌ ᠪᠢᠰᠢ᠃ ᠲᠡᠳᠡ ᠨᠠᠷ ᠭᠦᠨ ᠠᠭᠤᠯᠠᠨ ᠳ᠋ᠤ᠌ ᠰᠠᠭᠤᠵᠤ ᠪᠣᠢ᠂ ᠬᠠᠪᠴᠢᠯ ᠠᠮᠠ ᠪᠣᠯᠭᠠᠨ ᠨᠢ ᠭᠠᠳᠠᠭᠰᠢ ᠨᠡᠪᠲᠡᠷᠡᠳᠡᠭ᠃ ᠠᠯᠢ ᠨᠢᠭᠡᠨ ᠤᠯᠤᠰ ᠤ᠋ᠨ ᠸᠠᠩ ᠴᠡᠷᠢᠭ ᠠᠪᠴᠤ ᠲᠡᠳᠡᠨᠦᠰ ᠢ᠋ ᠳᠠᠭᠠᠷᠢᠨ ᠳᠣᠪᠲᠣᠯᠪᠠᠯ᠂ ᠲᠡᠳᠡ ᠨᠠᠷ ᠭᠡᠷ ᠪᠦᠯᠢ ᠶ᠋ᠢᠨ ᠬᠥᠮᠦᠰ ᠢ᠋ᠶ᠋ᠡᠨ ᠠᠭᠤᠯᠠ ᠶ᠋ᠢᠨ ᠭᠦᠨ ᠠᠭᠯᠠᠭ ᠲᠤ᠌ ᠠᠪᠠᠴᠢᠵᠤ ᠲᠠᠯᠪᠢᠭᠠᠳ᠂ ᠬᠠᠪᠴᠢᠯ ᠠᠮᠠ ᠪᠣᠯᠭᠠᠨ ᠢ᠋ᠶ᠋ᠠᠨ ᠪᠡᠬᠢᠯᠡᠨ ᠰᠠᠬᠢᠳᠠᠭ ᠲᠤᠯᠠ ᠭᠠᠳᠠᠨᠠᠬᠢ ᠬᠦᠴᠦ ᠲᠦᠷᠢᠨ ᠣᠷᠣᠵᠤ ᠴᠢᠳᠠᠬᠤ ᠦᠭᠡᠢ᠃ ᠲᠡᠳᠡ ᠨᠠᠷ ᠨᠢᠭᠡ ᠵᠦᠢᠯ ᠦ᠋ᠨ ᠤᠪᠠᠳᠢᠰ ᠲᠠᠢ ᠴᠢᠯᠠᠭᠤ ᠶ᠋ᠢ ᠬᠡᠷᠡᠭᠯᠡᠨ᠎ᠡ᠂ ᠨᠤᠲᠤᠭ ᠤ᠋ᠨ ᠬᠡᠯᠡ ᠪᠡᠷ ᠨᠢ 〈ᠶᠠᠳ〉 ᠭᠡᠳᠡᠭ᠂ ᠰᠠᠯᠬᠢ ᠳᠠᠭᠤᠳᠠᠨ ᠪᠣᠷᠣᠭᠠᠨ ᠤᠷᠢᠵᠤ᠂ ᠴᠠᠰᠤ ᠣᠷᠣᠭᠤᠯᠵᠤ ᠴᠢᠳᠠᠳᠠᠭ ᠲᠤᠯᠠ ᠳᠠᠢᠰᠤᠨ ᠤ᠋ ᠴᠡᠷᠢᠭ ᠦ᠋ᠨ ᠬᠥᠯ ᠭᠠᠷ ᠢ᠋ ᠬᠥᠯᠳᠡᠭᠡᠵᠦ ᠣᠷᠬᠢᠨ᠎ᠠ᠃ ① ᠲᠡᠭᠡᠭᠡᠳ ᠲᠡᠳᠡ ᠨᠠᠷ ᠳᠠᠭᠠᠷᠢᠯᠲᠠ ᠬᠢᠵᠦ᠂ ᠳᠠᠢᠰᠤᠨ ᠢ᠋ᠶ᠋ᠠᠨ ᠳᠡᠢᠯᠦᠨ᠎ᠡ᠃ ᠲᠡᠳᠡ ᠨᠠᠷ ᠤ᠋ᠨ ᠵᠠᠩᠰᠢᠯ ᠶᠣᠰᠣ ᠪᠠᠷ ᠪᠣᠯ ᠲᠠᠯᠢ᠌ᠭᠰᠠᠳ ᠢ᠋ᠶ᠋ᠠᠨ ᠪᠤᠯᠠᠵᠤ ᠣᠷᠣᠰᠢᠭᠤᠯᠬᠤ ᠦᠭᠡᠢ᠂ ᠬᠠᠷᠢᠨ ᠠᠪᠰᠠ ᠪᠠᠨ ᠮᠣᠳᠣᠨ ᠰᠠᠯᠠᠭᠠᠨ ᠳᠡᠭᠡᠷ᠎ᠡ ᠠᠪᠠᠴᠢᠵᠤ ᠲᠠᠯᠪᠢᠨ᠎ᠠ᠂ ᠲᠡᠢᠨ ᠬᠦ᠌ ᠶᠠᠰᠤ ᠦᠰᠦ ᠨᠢ ᠢᠯᠵᠢᠷᠡᠭᠡᠳ ᠪᠤᠲᠠᠷᠠᠵᠤ ᠤᠨᠠᠨ᠎ᠠ᠃ ᠭᠢᠷᠭᠢᠰᠴᠦᠳ ᠬᠢᠭᠡᠳ ᠬᠠᠰᠠᠭᠴᠤᠳ ᠪᠣᠯ ᠬᠥᠷᠰᠢ ᠵᠡᠷᠭᠡᠯᠡᠳᠡᠭᠡ ᠤᠯᠤᠰ ᠶᠤᠮ᠃ ᠬᠠᠰᠠᠭᠴᠤᠳ ᠪᠠᠷᠤᠭ ᠬᠣᠷᠢᠨ ᠲᠦᠮᠡᠨ ᠡᠷᠦᠬᠡ ᠲᠡᠢ᠂ ᠲᠡᠳᠡ ᠨᠠᠷ ᠪᠣᠯ ᠢᠰᠯᠠᠮ ᠤ᠋ᠨ ᠱᠠᠰᠢᠨᠲᠠᠨ ᠶᠤᠮ᠂ ᠲᠡᠷᠡᠴᠢᠯᠡᠨ ᠢᠮᠠᠮ· ᠠᠽᠠᠮ( ᠠᠪ· ᠬᠠᠨᠢᠹᠠ ) ᠶ᠋ᠢᠨ ᠪᠦᠯᠦᠭ ᠦ᠋ᠨ ᠶᠣᠰᠣᠯᠠᠯ ᠢ᠋ ᠵᠢᠷᠤᠮᠯᠠᠨ᠎ᠠ᠃ ᠲᠡᠳᠡ ᠮᠤᠨᠳᠠᠭ ᠶᠡᠬᠡ ᠬᠡᠪᠴᠢᠶᠡᠨ ᠦ᠌ ᠬᠣᠨᠢᠨ ᠰᠦᠷᠦᠭ ᠪᠠ ᠲᠡᠮᠡᠭᠡᠨ ᠰᠦᠷᠦᠭ ᠲᠡᠢ᠃ ᠲᠡᠷᠭᠡᠨ ᠳᠡᠭᠡᠷ᠎ᠡ ᠪᠡᠨ ᠬᠣᠨᠣᠭᠯᠠᠳᠠᠭ᠃ ᠬᠤᠪᠴᠠᠰᠤ ᠬᠤᠨᠠᠷ ᠢ᠋ᠶ᠋ᠠᠨ ᠬᠣᠨᠢᠨ ᠨᠣᠣᠰᠣ ᠪᠠᠷ ᠬᠢᠨ᠎ᠡ᠂ ᠨᠣᠣᠰᠣᠨ ᠰᠢᠷᠬᠡᠭ ᠢ᠋ᠶ᠋ᠡᠨ ᠶᠠᠩᠵᠤ ᠶᠠᠩᠵᠤ ᠶ᠋ᠢᠨ ᠥᠩᠭᠡ ᠪᠡᠷ ᠪᠣᠳᠣᠨ᠎ᠠ᠂ ᠨᠡᠬᠡᠵᠦ ᠭᠠᠷᠭᠠᠭᠰᠠᠨ ᠤ᠋ ᠳᠠᠷᠠᠭ᠎ᠠ ᠲᠣᠷᠭ᠎ᠠ ᠰᠢᠭ᠋ ᠭᠣᠶᠣ ᠪᠣᠯᠴᠢᠬᠠᠳᠠᠭ᠃ ᠡᠳᠡᠭᠡᠷ ᠬᠤᠪᠴᠠᠰᠤ ᠵᠠᠰᠠᠯ ᠢ᠋ᠶ᠋ᠠᠨ ᠪᠤᠬᠠᠷ ᠲᠤ᠌ ᠠᠪᠠᠴᠢᠵᠤ ᠬᠤᠳᠠᠯᠳᠤᠨ᠎ᠠ᠂ ᠦᠨ᠎ᠡ ᠬᠠᠩᠰᠢ ᠨᠢ ᠲᠣᠷᠭ᠎ᠠ ᠲᠠᠢ ᠠᠳᠠᠯᠢᠬᠠᠨ᠂ ᠭᠣᠶᠣᠮᠰᠣᠭ ᠨᠠᠷᠢᠯᠢᠭ ᠤ᠋ᠨ ᠲᠠᠯ᠎ᠠ ᠪᠠᠷ ᠢ᠋ᠶ᠋ᠠᠨ ᠴᠤ᠌  ᠲᠣᠷᠭ᠎ᠠ ᠠ᠋ᠴᠠ ᠲᠣᠯᠢᠳᠠᠬᠤ ᠦᠭᠡᠢ᠃ ᠪᠣᠷᠣᠭᠠᠨ ᠤ᠋ ᠨᠥᠮᠥᠷᠭᠡ ᠪᠡᠨ ᠴᠦ᠍ ᠬᠣᠨᠢᠨ ᠤ᠋ ᠨᠣᠣᠰᠣ ᠪᠠᠷ ᠬᠢᠨ᠎ᠡ᠃ ᠡᠨᠡ ᠬᠦ᠌ ᠪᠦᠲᠦᠭᠡᠭᠳᠡᠬᠦᠨ ᠨᠢ ᠪᠣᠷᠣᠭᠠᠨ ᠳ᠋ᠤ᠌ ᠶᠡᠷᠦ ᠨᠡᠪᠲᠡᠷᠡᠬᠦ ᠦᠭᠡᠢ᠃ ᠴᠢᠨᠠᠷ ᠴᠢᠨᠰᠠᠭ᠎ᠠ ᠨᠢ ᠶᠠᠭᠠᠬᠢᠭᠠᠳ ᠡᠢᠮᠦ ᠰᠠᠢᠨ ᠪᠣᠢ ᠭᠡᠪᠡᠯ᠂ ᠬᠣᠨᠢ ᠨᠢ ᠣᠨᠴᠠᠭᠠᠢ ᠨᠢᠭᠡ ᠵᠦᠢᠯ ᠦ᠋ᠨ ᠠᠩᠬᠢᠯᠤᠮ᠎ᠠ ᠡᠪᠡᠰᠦ ᠶ᠋ᠢ ᠢᠳᠡᠭᠰᠡᠨ ᠡᠴᠡ ᠪᠣᠯᠤᠭᠰᠠᠨ ᠭᠡᠨ᠎ᠡ᠃ 》 
       1594 ᠣᠨ ᠳ᠋ᠤ᠌᠂ ᠼᠡᠢᠺᠸᠷ ᠮᠣᠰᠺᠸᠠ ᠳ᠋ᠤ᠌ ᠡᠯᠴᠢᠳ ᠦ᠋ᠨ ᠪᠦᠯᠬᠦᠮ ᠲᠣᠮᠢᠯᠠᠵᠤ᠂ ᠴᠠᠭᠠᠨ ᠬᠠᠭᠠᠨ ᠹᠸᠢ᠌ᠳᠠᠷ ᠯᠤᠭ᠎ᠠ ᠠᠢᠮᠠᠭ ᠤ᠋ᠨ ᠬᠣᠯᠪᠣᠭ᠎ᠠ ᠪᠠᠢᠭᠤᠯᠤᠶ᠎ᠠ ᠭᠡᠵᠦ ᠱᠠᠭᠠᠷᠳᠠᠪᠠ᠃ ᠡᠯᠴᠢᠳ ᠲᠡᠭᠡᠨ ᠪᠠᠷᠢᠭᠤᠯᠤᠭᠰᠠᠨ ᠪᠢᠴᠢᠭ ᠲᠡᠭᠡᠨ ᠥᠪᠡᠷ ᠢ ᠪᠡᠨ《ᠬᠠᠰᠠᠭ ᠪᠣᠯᠤᠨ ᠬᠠᠯᠢᠮᠠᠭ ᠤ᠋ᠨ ᠸᠠᠩ》 ᠬᠡᠮᠡᠪᠡ᠃ ᠡᠭᠦᠨ ᠡᠴᠡ ᠨᠢᠭᠡ ᠪᠦᠯᠦᠭ ᠬᠠᠯᠢᠮᠠᠭᠴᠤᠳ ᠲᠡᠭᠦᠨ ᠳ᠋ᠦ᠍ ᠪᠠᠭᠤᠨ ᠥᠭᠭᠦᠭᠰᠡᠨ ᠢ᠋ ᠲᠥᠰᠦᠭᠡᠯᠡᠨ ᠮᠡᠳᠡᠵᠦ ᠪᠣᠯᠤᠨ᠎ᠠ᠃1598 ᠣᠨ ᠳ᠋ᠤ᠌ ᠨᠠᠰᠤ ᠪᠠᠷᠠᠬᠤ ᠠ᠋ᠴᠠ ᠪᠠᠨ ᠡᠮᠦᠨ᠎ᠡ ᠼᠡᠢᠺᠸᠷ ᠢ᠋ᠶ᠋ᠡᠷ ᠲᠠᠱᠺᠸᠨ᠋ᠲ ᠪᠣᠯᠤᠨ ᠶᠠᠰᠢ ᠶ᠋ᠢ ᠡᠵᠡᠯᠡᠨ ᠠᠪᠤᠪᠠ᠃ ᠡᠨᠡ ᠬᠣᠶᠠᠷ ᠬᠣᠲᠠ1723 ᠣᠨ ᠪᠣᠯᠲᠠᠯ᠎ᠠ ᠬᠠᠰᠠᠭᠴᠤᠳ ᠤ᠋ᠨ ᠨᠣᠶᠠᠷᠬᠠᠯ ᠳᠣᠣᠷ᠎ᠠ ᠪᠠᠢᠭᠠᠳ ᠪᠠᠢᠭᠰᠠᠨ ᠶᠤᠮ᠃ ᠸᠧᠢ᠌ᠯᠢᠶᠠ· ᠮᠢᠨᠨᠣᠫᠴᠸᠼᠨᠣᠹ ᠤ᠋ᠨ ᠲᠡᠮᠳᠡᠭᠯᠡᠯ ᠢ᠋ ᠦᠨᠳᠦᠰᠦᠯᠡᠪᠡᠯ᠂ ᠬᠠᠰᠠᠭᠴᠤᠳ ᠭᠤᠷᠪᠠᠨ ᠪᠦᠯᠦᠭ ᠲᠦ᠍ ᠬᠤᠪᠢᠶᠠᠭᠳᠠᠭᠰᠠᠨ ᠨᠢ ᠡᠨᠡ ᠤᠴᠢᠷ ᠲᠠᠢ ᠬᠣᠯᠪᠣᠭ᠎ᠠ ᠲᠠᠢ ᠪᠠᠢᠵᠤ ᠮᠡᠳᠡᠨ᠎ᠡ᠃17 ᠳ᠋ᠤᠭᠠᠷ ᠵᠠᠭᠤᠨ ᠳ᠋ᠤ᠌᠂ ᠶᠠᠰᠢ ᠪᠣᠯᠤᠨ ᠲᠠᠱᠺᠸᠨ᠋ᠲ ᠨᠢ ᠬᠠᠰᠠᠭᠴᠤᠳ ᠤ᠋ᠨ ᠬᠣᠶᠠᠷ ᠲᠥᠪ ᠪᠣᠯᠤᠭᠰᠠᠭᠠᠷ ᠢᠷᠡᠭᠰᠡᠨ ᠶᠦᠮ᠃ ᠭᠡᠪᠡᠴᠦ ᠮᠥᠨ ᠶᠠᠭ ᠰᠠᠢᠬᠠᠨ ᠡᠨᠡ ᠦᠶ᠎ᠡ ᠳ᠋ᠦ᠍᠂ ᠲᠡᠳᠡ ᠨᠠᠷ ᠬᠠᠯᠢᠮᠠᠭᠴᠤᠳ ᠲᠤ᠌ ᠢᠳᠡᠭ ᠢᠳᠡᠭ ᠢ᠋ᠶ᠋ᠡᠷ ᠬᠥᠭᠡᠭᠡᠭᠳᠡᠨ ᠳᠣᠯᠣᠭᠠᠨ ᠤᠰᠤᠨ ᠠ᠋ᠴᠠ ᠰᠠᠯᠵᠠᠢ᠃17 ᠳ᠋ᠤᠭᠠᠷ ᠵᠠᠭᠤᠨ ᠤ᠋ ᠡᠬᠢᠨ ᠦ᠌ ᠦᠶ᠎ᠡ ᠳ᠋ᠦ᠍᠂ ᠬᠠᠯᠢᠮᠠᠭᠴᠤᠳ ᠬᠣᠷᠧᠽᠮ ᠢ᠋ ᠡᠵᠡᠯᠡᠨ ᠠᠪᠤᠭᠠᠳ ᠸᠣᠯᠭ᠎ᠠ ᠮᠥᠷᠡᠨ ᠦ᠌ ᠬᠥᠪᠡᠭᠡᠨ ᠳ᠋ᠦ᠍ ᠬᠦᠷᠦᠭᠰᠡᠨ ᠪᠠᠢᠪᠠ᠃ ᠡᠭᠦᠨ ᠦ᠌ ᠵᠡᠷᠭᠡᠴᠡᠭᠡ ᠪᠡᠷ᠂ ᠴᠣᠷᠣᠰ ᠤ᠋ᠨ ᠬᠠᠨ ᠬᠠᠷᠠᠬᠥ᠋ᠯ ᠠᠯᠢ ᠴᠢᠳᠠᠬᠤ ᠪᠠᠷ ᠥᠭᠡᠯᠦᠨ(ᠣᠢᠷᠠᠳ) ᠤ᠋ᠨ ᠬᠠᠭᠤᠴᠢᠨ ᠪᠦᠯᠦᠭ ᠢ᠋ᠶ᠋ᠡᠨ ᠳᠠᠬᠢᠨ ᠪᠦᠯᠬᠦᠮᠳᠡᠭᠦᠯᠵᠦ ᠠᠪᠬᠤ ᠶ᠋ᠢ ᠰᠠᠨᠠᠵᠤ ᠪᠠᠢᠵᠠᠢ᠃ ᠨᠠᠰᠤ ᠪᠠᠷᠠᠬᠤ ᠠ᠋ᠴᠠ ᠪᠠᠨ ᠡᠮᠦᠨᠡᠬᠡᠨ᠂ ᠲᠡᠷᠡ ᠪᠡᠷ᠂ ᠵᠠᠷᠢᠮ ᠹᠧᠣᠳᠠᠯ ᠸᠠᠩ ᠬᠦᠩ(《ᠲᠠᠢᠵᠢ》) ᠤ᠋ᠳ ᠤ᠋ᠨ ᠮᠤᠵᠢᠭᠤᠳᠠ ᠡᠰᠡᠷᠭᠦᠴᠡᠯ ᠢ᠋ ᠦᠭᠡᠢ ᠪᠣᠯᠭᠠᠵᠤ᠂ ᠵᠣᠷᠢᠯᠭ᠎ᠠ ᠳ᠋ᠠᠭᠠᠨ ᠬᠦᠷᠴᠦ ᠴᠢᠳᠠᠭᠰᠠᠨ ᠪᠠᠢᠨ᠎ᠠ᠃1634 ᠣᠨ ᠳ᠋ᠤ᠌᠂ ᠲᠡᠭᠦᠨ ᠦ᠌ ᠬᠥᠪᠡᠭᠦᠨ ᠪᠠᠭᠠᠲᠤᠷ ᠨᠢ《ᠬᠣᠩ ᠲᠠᠢᠵᠢ》 ᠴᠣᠯᠠ ᠶ᠋ᠢ ᠣᠯᠪᠠ᠃ ᠶᠠᠭ ᠡᠨᠡ ᠬᠥᠮᠦᠨ ᠦ᠌ ᠭᠠᠷ ᠢ᠋ᠶ᠋ᠠᠷ ᠥᠭᠡᠯᠦᠨ(ᠣᠢᠷᠠᠳ) ᠤ᠋ᠨ ᠣᠯᠠᠨ ᠠᠢᠮᠠᠭ ᠪᠤᠶᠤ ᠡᠰᠡᠬᠦᠯ᠎ᠡ ᠵᠡᠭᠦᠨᠭᠠᠷᠴᠤᠳ ᠨᠢᠭᠡᠳᠦᠯᠲᠡᠢ ᠵᠣᠬᠢᠶᠠᠨ ᠪᠠᠢᠭᠤᠯᠤᠯᠲᠠ ᠲᠠᠢ ᠪᠣᠯᠬᠤ ᠳ᠋ᠤ᠌ ᠣᠢᠷᠠᠲᠤᠭᠰᠠᠨ ᠪᠠᠢᠨ᠎ᠠ᠃1610 ᠣᠨ ᠳ᠋ᠤ᠌᠂ ᠲᠡᠷᠡ ᠪᠡᠷ ᠥᠪᠡᠷ ᠦ᠋ᠨ ᠢ᠋ᠶ᠋ᠡᠨ ᠶᠡᠬᠡ ᠤᠷᠲᠤ ᠳ᠋ᠠᠭᠠᠨ ᠬᠤᠷᠠᠯᠲᠠᠢ ᠬᠤᠷᠠᠯᠳᠤᠭᠤᠯᠤᠭᠰᠠᠨ ᠳ᠋ᠤ᠌ ᠣᠷᠣᠰ ᠤ᠋ᠨ ᠬᠢᠯᠢ ᠳ᠋ᠦ᠍ ᠣᠷᠣᠵᠤ ᠣᠴᠢᠭᠠᠳ ᠪᠠᠢᠭᠰᠠᠨ ᠨᠣᠶᠠᠳ ᠤ᠋ᠳ ᠨᠢ ᠴᠦ᠍ ᠢᠷᠡᠵᠦ ᠬᠤᠷᠠᠯ ᠳ᠋ᠤ᠌ ᠣᠷᠣᠯᠴᠠᠭᠰᠠᠨ ᠪᠠᠢᠨ᠎ᠠ᠃ ᠡᠨᠡ ᠤᠳᠠᠭ᠎ᠠ ᠶ᠋ᠢᠨ ᠶᠡᠬᠡ ᠬᠤᠷᠠᠯ ᠳᠡᠭᠡᠷ᠎ᠡ᠂ ᠨᠡᠷ᠎ᠡ ᠳ᠋ᠦ᠍ ᠭᠠᠷᠤᠭᠰᠠᠨ ᠬᠠᠯᠢᠮᠠᠭᠴᠤᠳ ᠤ᠋ᠨ《ᠲᠠᠯ᠎ᠠ ᠨᠤᠲᠤᠭ ᠤ᠋ᠨ ᠦᠨᠳᠦᠰᠦᠨ ᠬᠠᠤᠯᠢ》 ᠶ᠋ᠢ ᠲᠤᠩᠬᠠᠭᠯᠠᠭᠰᠠᠨ ᠪᠠᠢᠨ᠎ᠠ᠃《ᠬᠣᠩ ᠲᠠᠢᠵᠢ》 ᠶ᠋ᠢᠨ ᠪᠡᠯᠴᠢᠭᠡᠷ ᠨᠤᠲᠤᠭ ᠨᠢ ᠤᠤᠯ ᠳ᠋ᠠᠭᠠᠨ ᠡᠷᠴᠢᠰ ᠭᠣᠣᠯ ᠤ᠋ᠨ ᠳᠡᠭᠡᠳᠦ ᠤᠷᠤᠰᠬᠠᠯ ᠤ᠋ᠨ ᠵᠠᠢᠰᠠᠩ ᠨᠠᠭᠤᠷ ᠤ᠋ᠨ ᠠᠷᠤ ᠳ᠋ᠤ᠌ ᠪᠠᠢᠭᠰᠠᠨ ᠶᠤᠮ᠃ ᠪᠠᠭᠠᠲᠤᠷ ᠢ᠋ᠶ᠋ᠠᠷ ᠼᠠᠢ᠌ᠺᠸᠷ ᠤ᠋ᠨ ᠠᠬ᠎ᠠ ᠪᠥᠭᠡᠳ ᠵᠠᠯᠭᠠᠮᠵᠢᠯᠠᠭᠴᠢ— ᠬᠠᠰᠠᠭ ᠬᠠᠨ ᠢᠰᠢᠮ ᠲᠡᠢ ᠵᠣᠭᠰᠣᠯ ᠦᠭᠡᠢ ᠲᠡᠢᠨ ᠬᠢᠵᠦ᠂ ᠵᠣᠬᠢᠬᠤ ᠬᠡᠮᠵᠢᠶᠡᠨ ᠦ᠌ ᠢᠯᠠᠯᠲᠠ ᠣᠯᠤᠭᠰᠠᠨ ᠪᠠᠢᠨ᠎ᠠ᠃ 
       1653 ᠣᠨ᠎ᠠ᠂ ᠪᠠᠭᠠᠲᠤᠷ ᠨᠠᠰᠤ ᠨᠥᠭᠴᠢᠭᠰᠡᠨ ᠡᠴᠡ ᠪᠣᠯᠵᠤ ᠥᠭᠡᠯᠦᠨ ᠦ᠌ ᠬᠣᠯᠪᠣᠭᠠᠨ ᠤ᠋ ᠨᠢᠭᠡᠳᠦᠯ ᠰᠤᠯᠠᠷᠠᠪᠠ᠃ ᠣᠷᠣᠰ ᠬᠡᠯᠡᠨ ᠦ᠌ ᠮᠠᠲ᠋ᠧᠷᠢᠶᠠᠯ ᠢ᠋ ᠦᠨᠳᠦᠰᠦᠯᠡᠪᠡᠯ᠂ ᠲᠡᠭᠦᠨ ᠦ᠌ ᠬᠥᠪᠡᠭᠦᠨ ᠰᠡᠩᠭᠡ ᠰᠠᠭᠤᠷᠢᠨ ᠢ᠋ ᠨᠢ ᠵᠠᠯᠭᠠᠮᠵᠢᠯᠠᠵᠠᠢ᠃ ᠭᠡᠪᠡᠴᠦ ᠠ· ᠮ᠊· ᠫᠦᠽᠳ᠋ᠶᠸᠨᠸᠸ ᠦ᠋ᠨ ᠬᠡᠯᠡᠬᠦ ᠪᠡᠷ᠄《ᠲᠡᠷᠡ ᠪᠡᠷ ᠡᠴᠢᠭᠡ ᠲᠡᠢ ᠪᠡᠨ ᠪᠦᠷ ᠠᠳᠠᠯᠢ ᠦᠭᠡᠢ᠂ ᠶᠡᠷᠦ ᠡᠴᠡ ᠥᠭᠡᠯᠦᠨ ᠦ᠌ ᠬᠣᠯᠪᠣᠭᠠᠨ ᠤ᠋ ᠡᠵᠡᠨ ᠪᠣᠯᠵᠤ ᠴᠢᠳᠠᠭᠰᠠᠨ ᠦᠭᠡᠢ᠃ ᠪᠠᠭᠠᠲᠤᠷ〈ᠬᠣᠩ ᠲᠠᠢᠵᠢ〉 ᠦᠬᠦᠭᠰᠡᠨ ᠦ᠌ ᠳᠠᠷᠠᠭ᠎ᠠ ᠵᠢᠷᠭᠤᠭ᠎ᠠ᠂ ᠳᠣᠯᠣᠭᠠᠨ ᠵᠢᠯ ᠦ᠋ᠨ ᠳᠣᠲᠣᠷ᠎ᠠ ᠲᠡᠷᠡ ᠪᠡᠷ ᠵᠡᠭᠦᠨᠭᠠᠷ ᠠᠢᠮᠠᠭ ᠤ᠋ᠨ ᠨᠣᠶᠠᠯᠠᠭᠴᠢ ᠪᠠᠢᠭᠰᠠᠨ ᠪᠣᠯᠪᠠᠴᠤ ᠡᠨᠡ ᠬᠦ᠌ ᠪᠠᠢᠷᠢ ᠠ᠋ᠴᠠ ᠪᠠᠨ ᠳᠡᠭᠡᠭᠰᠢᠯᠡᠵᠦ ᠶᠡᠷᠦ ᠳᠡᠢᠯᠦᠭᠡ ᠦᠭᠡᠢ》᠃ ᠪᠤᠰᠤᠳ ᠬᠡᠳᠦᠨ ᠸᠠᠩ ᠨᠠᠷ ᠴᠤ᠌ ᠰᠡᠩᠭᠡ ᠰᠢᠭ《ᠬᠣᠩ ᠲᠠᠢᠵᠢ》 ᠴᠣᠯᠠ ᠠᠪᠤᠪᠠ᠃ ᠪᠠᠭᠠᠲᠤᠷ ᠤ᠋ᠨ ᠠᠬᠠᠮᠠᠳ ᠬᠥᠪᠡᠭᠦᠨ ᠰᠡᠴᠡᠨ ᠡᠷᠴᠢᠰ ᠭᠣᠣᠯ ᠣᠷᠴᠢᠮ ᠨᠡᠭᠦᠳᠡᠯᠯᠡᠨ ᠮᠠᠯᠵᠢᠵᠤ ᠠᠮᠢᠳᠤᠷᠠᠭᠰᠠᠭᠠᠷ ᠢᠷᠡᠭᠰᠡᠨ ᠪᠠᠢᠪᠠ᠃ 
       1671 ᠣᠨ ᠳ᠋ᠤ᠌ ᠰᠡᠩᠭᠡ ᠬᠣᠣᠷᠯᠠᠭᠳᠠᠪᠠ᠃ ᠲᠡᠭᠦᠨ ᠦ᠌ ᠳᠡᠭᠦᠦ ᠭᠠᠯᠳᠠᠨ ᠪᠣᠱᠣᠭᠲᠤ ᠲᠥᠪᠡᠳ ᠡᠴᠡ ᠬᠠᠷᠢᠵᠤ ᠢᠷᠡᠭᠡᠳ ᠳᠠᠷᠤᠢᠬᠠᠨ ᠠᠬ᠎ᠠ ᠰᠡᠴᠡᠨ ᠲᠡᠢ ᠪᠡᠨ ᠳᠠᠢᠰᠤᠩᠨᠠᠯᠳᠤᠬᠤ ᠬᠦᠴᠦ ᠶ᠋ᠢ ᠪᠣᠢ ᠪᠣᠯᠭᠠᠪᠠ᠃ 1676 ᠣᠨ ᠳ᠋ᠤ᠌᠂ ᠰᠡᠴᠡᠨ ᠬᠠᠨ ᠲᠠᠷᠭᠤ ᠶ᠋ᠢᠨ ᠬᠠᠪᠴᠢᠯ ᠪᠣᠯᠤᠨ ᠰᠠᠷᠠᠢᠨ ᠨᠠᠭᠤᠷ ᠣᠷᠴᠢᠮ ᠢᠯᠠᠭᠳᠠᠭᠠᠳ ᠠᠷᠭ᠎ᠠ ᠪᠤᠰᠤ ᠭᠠᠯᠳᠠᠨ ᠳ᠋ᠤ᠌ ᠪᠠᠭᠤᠵᠤ ᠥᠭᠪᠡ᠃ ᠭᠠᠯᠳᠠᠨ ᠴᠤ᠌ ᠠᠬ᠎ᠠ ᠳᠡᠭᠡᠳᠦᠰ ᠬᠠᠳ ᠨᠠᠷ ᠲᠠᠢ ᠪᠠᠨ ᠠᠳᠠᠯᠢ ᠪᠠᠷ ᠬᠠᠰᠠᠭᠴᠤᠳ ᠪᠤᠯᠠ ᠬᠢᠷᠬᠢᠰᠴᠤᠳ ᠲᠠᠢ ᠲᠡᠢᠨ ᠬᠢᠪᠡ᠃ 1681 ᠣᠨ ᠪᠣᠯᠤᠨ 1683 ᠣᠨ ᠳ᠋ᠤ᠌᠂ ᠲᠡᠷᠡ ᠪᠡᠷ ᠰᠠᠷᠠᠢᠨ ᠨᠠᠭᠤᠷ ᠣᠷᠴᠢᠮ ᠳᠠᠢᠯᠠᠪᠠ᠂ 1682 ᠣᠨ᠂ 1684 ᠣᠨ ᠪᠣᠯᠤᠨ 1685 ᠣᠨ ᠳ᠋ᠤ᠌ ᠲᠡᠷᠡ ᠪᠡᠷ ᠬᠢᠷᠬᠢᠰᠴᠤᠳ ᠪᠣᠯᠤᠨ ᠳᠠ ᠶᠤᠸᠠᠨ ᠣᠷᠣᠨ ᠢ᠋ ᠳᠠᠢᠯᠠᠪᠠ᠃ 1684 ᠣᠨ ᠳ᠋ᠤ᠌ ᠰᠠᠷᠠᠢᠨ ᠬᠣᠲᠠ ᠶ᠋ᠢ ᠡᠪᠳᠡᠨ ᠡᠵᠡᠯᠡᠪᠡ᠃ ᠲᠡᠭᠦᠨ ᠦ᠌ ᠵᠠᠩᠵᠤᠨ ᠯᠣᠪᠳᠤᠨ ᠡᠨᠡ ᠬᠣᠲᠠ ᠶ᠋ᠢ ᠲᠠᠯᠬᠢᠳᠠᠵᠤ ᠬᠠᠶᠠᠭᠰᠠᠨ ᠪᠠᠢᠨ᠎ᠠ᠃ ᠲᠡᠭᠦᠨ ᠡᠴᠡ ᠠᠪᠤᠭᠠᠳ ᠬᠠᠯᠢᠮᠠᠭᠴᠤᠳ ᠳᠣᠯᠣᠭᠠᠨ ᠤᠰᠤᠨ ᠤ᠋ ᠨᠤᠲᠤᠭ ᠲᠤ᠌ ᠳᠠᠬᠢᠭᠠᠳ ᠲᠡᠢᠨ ᠳ᠋ᠦ᠍ ᠣᠷᠣᠯᠴᠠᠭ᠎ᠠ ᠦᠭᠡᠢ᠃ ᠲᠡᠳᠡ ᠨᠠᠷ ᠬᠠᠰᠠᠭᠴᠤᠳ᠂ ᠮᠣᠩᠭᠣᠯᠴᠤᠳ᠂ ᠬᠢᠲᠠᠳᠴᠤᠳ ᠯᠤᠭ᠎ᠠ ᠲᠣᠭᠠᠯᠠᠰᠢ ᠦᠭᠡᠢ ᠣᠯᠠᠨ ᠤᠳᠠᠭᠠᠨ ᠤ᠋ ᠲᠡᠢᠨ ᠢ᠋ ᠬᠢᠭᠰᠡᠨ ᠪᠣᠯᠪᠠᠴᠤ ᠳᠣᠯᠣᠭᠠᠨ ᠤᠰᠤ ᠲᠠᠢ ᠣᠭᠲᠣᠬᠠᠨ  ᠴᠤ᠌ ᠬᠣᠯᠪᠣᠭ᠎ᠠ ᠭᠠᠷᠤᠭ᠎ᠠ ᠦᠭᠡᠢ᠃ ᠭᠠᠯᠳᠠᠨ ᠪᠣᠯ ᠬᠠᠯᠢᠮᠠᠭᠴᠤᠳ ᠤ᠋ᠨ ᠳᠣᠲᠣᠷᠠᠬᠢ ᠬᠠᠮᠤᠭ ᠤ᠋ᠨ ᠲᠣᠮᠣ ᠤᠷᠲᠤ ᠪᠠᠨ ᠢᠯᠢ ᠭᠣᠣᠯ ᠤ᠋ᠨ ᠳᠡᠨᠵᠢᠨ ᠳ᠋ᠦ᠍ ᠪᠤᠰᠬᠠᠳᠠᠭ ᠬᠠᠹ ᠨᠠᠷ ᠤ᠋ᠨ ᠨᠢᠭᠡ ᠨᠢ ᠪᠠᠢᠪᠠ᠃ ᠡᠪᠦᠯ ᠪᠣᠯᠪᠠᠯ ᠲᠡᠷᠡ ᠵᠠᠷᠢᠮ ᠳ᠋ᠠᠭᠠᠨ ᠡᠷᠴᠢᠰ ᠮᠥᠷᠡᠨ ᠦ᠌ ᠬᠥᠪᠡᠭᠡᠨ ᠳ᠋ᠦ᠍ ᠣᠴᠢᠵᠤ ᠡᠪᠦᠯᠵᠢᠳᠡᠭ᠃ ᠶᠠᠭ ᠡᠨᠡ ᠦᠶ᠎ᠡ ᠡᠴᠡ ᠯᠡ ᠡᠬᠢᠯᠡᠭᠡᠳ ᠯᠡ ᠣᠳᠣ ᠶ᠋ᠢᠨ ᠢᠯᠢ ᠨᠤᠲᠤᠭ ᠪᠣᠯᠤᠨ ᠬᠥᠯ ᠬᠠᠷᠬᠤᠰᠤ ᠨᠤᠲᠤᠭ《ᠬᠣᠩ ᠲᠠᠢᠵᠢ》 ᠶ᠋ᠢᠨ ᠬᠠᠷᠢᠶᠠᠨ ᠤ᠋ ᠨᠤᠲᠤᠭ ᠪᠣᠯᠤᠭᠰᠠᠨ ᠪᠠᠢᠵᠤ ᠮᠡᠳᠡᠨ᠎ᠡ᠃ ᠸᠠᠩᠺᠤᠹᠰᠺᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ 18 ᠳ᠋ᠤᠭᠠᠷ ᠵᠠᠭᠤᠨ ᠳ᠋ᠤ᠌᠂ ᠪᠦᠷᠦᠳᠴᠤᠳ᠂ (ᠭᠢᠷᠭᠢᠰᠴᠤᠳ) ᠯᠠ ᠢᠰᠠᠢᠺᠺᠦ᠋ᠯ ᠨᠠᠭᠤᠷ ᠣᠷᠴᠢᠮ ᠨᠡᠭᠦᠳᠡᠯᠯᠡᠨ ᠮᠠᠯᠵᠢᠵᠤ ᠠᠮᠢᠳᠤᠷᠠᠵᠤ ᠪᠠᠢᠭᠰᠠᠨ ᠴᠣᠷ ᠤ᠋ᠨ ᠭᠠᠭᠴᠠ ᠲᠥᠷᠥᠭ ᠬᠥᠮᠦᠰ ᠮᠥᠨ ᠪᠠᠢᠵᠠᠢ᠃   
       ᠭᠠᠯᠳᠠᠨ ᠤᠯᠤᠰ ᠢ᠋ᠶ᠋ᠠᠨ ᠨᠢᠭᠡᠳᠬᠡᠨ ᠵᠠᠰᠠᠬᠤ ᠶ᠋ᠢᠨ ᠲᠥᠯᠥᠭᠡ ᠬᠡᠳᠦᠨ ᠲᠥᠷᠥᠯ ᠰᠠᠳᠤᠨ ᠤ᠋ ᠪᠠᠨ ᠠᠮᠢ ᠶ᠋ᠢ ᠬᠣᠷᠣᠭᠠᠪᠠ᠃ ᠲᠡᠭᠦᠨ ᠦ᠌ ᠠᠴᠢ ᠴᠠᠸᠠᠩᠷᠠᠪᠳᠠᠨ ᠭᠠᠭᠴᠠᠭᠠᠷ ᠢ᠋ᠶ᠋ᠠᠨ 1678 ᠣᠨ ᠳ᠋ᠤ᠌ ᠲᠥᠷᠫᠡᠨ ᠳ᠋ᠦ᠍ ᠳᠤᠲᠠᠭᠠᠨ ᠣᠳᠴᠠᠢ᠃ 1688 ᠣᠨ ᠳ᠋ᠤ᠌᠂ ᠭᠠᠯᠳᠠᠨ ᠠᠯᠤᠰ ᠬᠣᠯᠠ ᠶ᠋ᠢᠨ ᠭᠠᠳᠠᠭᠠᠳᠤ ᠮᠣᠩᠭᠣᠯ ᠢ᠋ ᠳᠠᠢᠯᠠᠬᠤ ᠦᠶ᠎ᠡ ᠳ᠋ᠦ᠍᠂ᠴᠠᠸᠠᠩᠷᠠᠪᠳᠠᠨ ᠲᠤᠬᠠᠢ ᠶ᠋ᠢᠨ ᠵᠢᠯ ᠳ᠋ᠦ᠍ ᠪᠤᠶᠤ ᠳᠠᠷᠠᠭ᠎ᠠ ᠵᠢᠯ ᠳ᠋ᠦ᠍ᠨᠢ ᠨᠢᠭᠡ ᠨᠤᠲᠤᠭ ᠲᠠᠭᠠᠨ ᠪᠤᠴᠠᠪᠠ᠃ ᠲᠡᠷᠡ ᠪᠡᠷ ᠤᠷᠢᠳ ᠢ᠋ᠶ᠋ᠠᠷ ᠪᠣᠷᠣᠲᠠᠯ᠎ᠠ ᠳ᠋ᠤ᠌ ᠰᠠᠭᠤᠷᠢᠰᠢᠭᠠᠳ᠂ ᠬᠦᠴᠦ ᠪᠡᠨ ᠢᠳᠡᠭ ᠢᠳᠡᠭ ᠢ᠋ᠶ᠋ᠡᠷ ᠪᠦᠬᠦ ᠬᠢᠯᠢ ᠳᠣᠲᠣᠷ᠎ᠠ ᠪᠠᠨ ᠥᠷᠭᠡᠳᠬᠡᠪᠡ᠃ ᠭᠠᠯᠳᠠᠨ ᠳᠠᠬᠢᠵᠤ ᠪᠤᠴᠠᠵᠤ ᠢᠷᠡᠭᠡ ᠦᠭᠡᠢ᠂ ᠲᠡᠷᠡ ᠮᠣᠩᠭᠣᠯ ᠨᠤᠲᠤᠭ ᠲᠤ᠌ ᠴᠡᠷᠢᠭ ᠦ᠋ᠨ ᠶᠠᠪᠤᠳᠠᠯ ᠤ᠋ᠨ ᠳᠠᠩᠴᠤ ᠬᠦᠨᠳᠦ ᠨᠤᠭᠤᠷᠠᠯ ᠳ᠋ᠤ᠌ ᠤᠴᠠᠷᠠᠵᠤ᠂ 1697 ᠣᠨ᠎ᠠ ᠠᠮᠢ ᠪᠠᠨ ᠬᠣᠷᠣᠭᠠᠪᠠ᠃ 
       ᠭᠠᠯᠳᠠᠨ ᠤ᠋ ᠦᠬᠦᠭᠰᠡᠨ ᠦ᠌ ᠳᠠᠷᠠᠭ᠎ᠠ᠂ ᠴᠠᠸᠠᠩᠷᠠᠪᠳᠠᠨ ᠴᠣᠷ ᠤ᠋ᠨ ᠭᠠᠭᠴᠠ ᠨᠣᠶᠠᠯᠠᠭᠴᠢ ᠪᠣᠯᠪᠠ᠃ ᠲᠤᠬᠠᠢ ᠶ᠋ᠢᠨ ᠵᠢᠯ ᠳ᠋ᠦ᠍ ᠰᠠᠭᠤᠷᠢᠨ ᠳ᠋ᠤ᠌ ᠪᠠᠢᠭᠰᠠᠨ ᠠᠪᠠᠭ᠎ᠠ ᠲᠠᠢ ᠪᠠᠨ ᠠᠳᠠᠯᠢ ᠪᠠᠷ ᠲᠡᠷᠡ ᠪᠠᠰᠠ ᠳᠤᠮᠳᠠᠳᠤ ᠤᠯᠤᠰ ᠤ᠋ᠨ ᠬᠦᠴᠦᠲᠦ ᠳᠠᠢᠰᠤᠨ ᠪᠣᠯᠤᠭᠰᠠᠨ ᠪᠠᠢᠨ᠎ᠠ᠃ 1714 ᠣᠨ ᠠ᠋ᠴᠠ ᠡᠮᠦᠨ᠎ᠡ᠂ ᠥᠩᠭᠡᠨ ᠳᠡᠭᠡᠷ᠎ᠡ ᠪᠡᠨ ᠳᠤᠮᠳᠠᠳᠤ ᠤᠯᠤᠰ ᠲᠠᠢ ᠡᠶ᠎ᠡ ᠨᠠᠢᠷᠠᠮᠳᠠᠯ ᠲᠠᠢ ᠪᠠᠢᠵᠠᠢ᠃ 1714 ᠣᠨ ᠳ᠋ᠤ᠌᠂ ᠴᠠᠸᠠᠩᠷᠠᠪᠳᠠᠨ ᠭᠡᠨᠡᠳᠲᠡ ᠬᠠᠮᠢᠯ ᠢ᠋ ᠳᠣᠪᠲᠣᠯᠪᠠ᠃ ᠲᠤᠰ ᠵᠢᠯ ᠳ᠋ᠦ᠍ ᠡᠩᠬᠡ ᠠᠮᠤᠭᠤᠯᠠᠩ ᠬᠠᠭᠠᠨ ᠨᠢᠭᠡᠨ ᠬᠤᠪᠢ ᠵᠠᠷᠯᠢᠭ ᠤ᠋ᠨ ᠪᠢᠴᠢᠭ ᠪᠠᠭᠤᠯᠭᠠᠪᠠ᠂ ᠵᠠᠷᠯᠢᠭ ᠤ᠋ᠨ ᠪᠢᠴᠢᠭ ᠲᠡᠭᠡᠨ ᠴᠠᠸᠠᠩᠷᠠᠪᠳᠠᠨ ᠤ᠋ ᠤᠳᠠᠭ᠎ᠠ ᠳᠠᠷᠠᠭᠠᠯᠠᠨ ᠬᠢᠭᠰᠡᠨ ᠶᠠᠯ᠎ᠠ ᠶ᠋ᠢ ᠲᠣᠭᠠᠴᠢᠵᠤ᠂ ᠲᠡᠭᠦᠨ ᠢ᠋ ᠵᠡᠭᠦᠨᠭᠠᠷ ᠤ᠋ᠨ ᠸᠠᠩ ᠨᠠᠷ ᠠ᠋ᠴᠠ ᠪᠤᠯᠢᠶᠠᠨ ᠠᠪᠠᠴᠢᠭᠰᠠᠨ ᠬᠠᠷᠢᠶ᠎ᠠ ᠨᠤᠲᠤᠭ ᠪᠠ ᠡᠷᠬᠡ ᠶ᠋ᠢ ᠨᠢ ᠪᠤᠴᠠᠭᠠᠵᠤ ᠥᠭᠭᠦᠭᠲᠦᠨ ᠭᠡᠪᠡ᠃ ᠡᠭᠦᠨ ᠢ᠋ ᠭᠦᠢᠴᠡᠳᠬᠡᠬᠦ ᠶ᠋ᠢᠨ ᠲᠥᠯᠥᠭᠡ ᠴᠠᠸᠠᠩᠷᠠᠪᠳᠠᠨ ᠨᠢᠭᠡ ᠤᠳᠠᠭᠠᠨ ᠤ᠋ ᠸᠠᠩ ᠬᠦᠩ ᠨᠠᠷ ᠤ᠋ᠨ ᠬᠤᠷᠠᠯ ᠢ᠋ ᠬᠤᠷᠠᠯᠳᠤᠭᠤᠯᠬᠤ ᠪᠠᠷ ᠵᠥᠪᠰᠢᠶᠡᠷᠡᠭᠰᠡᠨ ᠳ᠋ᠦ᠍ ᠴᠢᠩ ᠤᠯᠤᠰ ᠲᠥᠯᠥᠭᠡᠯᠡᠭᠴᠢ ᠲᠣᠮᠢᠯᠠᠨ ᠣᠷᠣᠯᠴᠠᠭᠤᠯᠪᠠ᠃ ᠡᠩᠬᠡ ᠠᠮᠤᠭᠤᠯᠠᠩ ᠬᠠᠭᠠᠨ ᠠᠷᠠᠭ (ᠠᠷᠠᠳᠤ) ᠶ᠋ᠢᠨ ᠪᠡᠯᠴᠢᠭᠡᠷ ᠢ᠋ ᠬᠣᠢᠳ ᠠᠢᠮᠠᠭ ᠲᠤ᠌ ᠡᠷᠬᠡᠪᠰᠢ ᠪᠤᠴᠠᠭᠠᠭᠲᠤᠨ ᠭᠡᠵᠦ ᠱᠠᠭᠠᠷᠳᠠᠵᠤ᠂《ᠬᠣᠩ ᠲᠠᠢᠵᠢ》 ᠳ᠋ᠤ᠌ ᠡᠷᠴᠢᠰ ᠭᠣᠣᠯ ᠬᠠᠪᠢ ᠶ᠋ᠢᠨ ᠵᠢᠵᠢᠭᠬᠡᠨ ᠬᠡᠰᠡᠭ ᠭᠠᠵᠠᠷ ᠢ᠋ ᠯᠡ ᠥᠭᠴᠡᠢ᠃ ᠶᠠᠷᠢᠶᠠᠨ ᠦᠭᠡᠢ ᠴᠠᠸᠠᠩᠷᠠᠪᠳᠠᠨ ᠡᠨᠡ ᠬᠦ᠌ ᠵᠠᠷᠯᠢᠭ ᠢ᠋ ᠬᠦᠯᠢᠶᠡᠨ ᠠᠪᠴᠤ ᠴᠢᠳᠠᠬᠤ ᠦᠭᠡᠢ ᠶᠦᠮ᠃ ᠲᠡᠢᠨ ᠬᠦ᠌ ᠳᠠᠬᠢᠭᠠᠳ ᠯᠠ ᠲᠡᠢᠨ ᠳᠠᠵᠢᠨ ᠪᠣᠯᠵᠤ ᠡᠬᠢᠯᠡᠪᠡ᠃ ᠴᠢᠩ ᠤᠯᠤᠰ ᠬᠠᠯᠢᠮᠠᠭᠴᠤᠳ ᠤ᠋ᠨ ᠤᠯᠤᠰ ᠤ᠋ᠨ ᠳᠣᠲᠣᠭᠠᠳᠤ ᠶ᠋ᠢᠨ ᠬᠢᠨᠢ ᠡᠮᠵᠡᠭ ᠲᠠᠯ᠎ᠠ ᠶ᠋ᠢ ᠶᠡᠬᠡ ᠰᠠᠢᠨ ᠣᠢᠯᠠᠭᠠᠵᠤ ᠪᠠᠢᠪᠠ᠂ ᠲᠡᠷᠡᠴᠢᠯᠡᠨ ᠬᠠᠯᠢᠮᠠᠭᠴᠤᠳ ᠦᠷᠭᠦᠯᠵᠢ ᠬᠠᠰᠠᠭᠴᠤᠳ ᠪᠣᠯᠤᠨ ᠪᠦᠷᠦᠳᠴᠦᠳ (ᠭᠢᠷᠭᠢᠰᠴᠤᠳ) ᠤ᠋ᠨ ᠰᠦᠷᠳᠡᠭᠦᠯᠦᠯ ᠳ᠋ᠦ᠍ ᠤᠴᠠᠷᠠᠳᠠᠭ ᠢ᠋  ᠴᠦ᠍ ᠰᠠᠢᠨ ᠮᠡᠳᠡᠵᠦ ᠪᠠᠢᠵᠠᠢ᠃ ᠲᠡᠢᠨ ᠬᠦ᠌ ᠴᠢᠩ ᠤᠯᠤᠰ ᠤ᠋ᠨ ᠴᠡᠷᠢᠭ ᠦ᠋ᠨ ᠬᠠᠮᠤᠭ ᠤ᠋ᠨ ᠬᠦᠴᠦᠷᠬᠡᠭ ᠬᠦᠴᠦ ᠪᠡᠨ ᠵᠣᠷᠢᠭᠤᠳᠠ ᠬᠠᠰᠠᠭᠴᠤᠳ ᠪᠣᠯᠤᠨ ᠪᠦᠷᠦᠳᠴᠦᠳ ᠦ᠋ᠨ ᠬᠢᠯᠢ ᠳᠡᠭᠡᠷ᠎ᠡ ᠠᠪᠠᠴᠢᠵᠤ ᠪᠠᠢᠷᠢᠯᠠᠭᠤᠯᠪᠠ᠃ ᠴᠢᠩ ᠤᠯᠤᠰ ᠤ᠋ᠨ ᠪᠠᠢᠴᠠᠭᠠᠭᠴᠢ ᠲᠦᠰᠢᠮᠡᠳ ᠦ᠋ᠨ ᠠᠢᠯᠠᠳᠬᠠᠯ ᠳ᠋ᠤ᠌ ᠬᠡᠯᠡᠬᠦ ᠳ᠋ᠡᠭᠡᠨ ᠣᠯᠠᠨ ᠬᠠᠯᠢᠮᠠᠭᠴᠤᠳ ᠴᠢᠩ ᠤᠯᠤᠰ ᠤ᠋ᠨ ᠴᠡᠷᠢᠭ ᠦ᠋ᠨ ᠳᠣᠪᠲᠣᠯᠬᠤ ᠠ᠋ᠴᠠ ᠠᠶᠤᠭᠠᠳ ᠢᠯᠢ ᠭᠣᠣᠯ ᠢ᠋ ᠳᠠᠭᠠᠵᠤ ᠪᠠᠷᠠᠭᠤᠨᠰᠢ ᠳᠤᠲᠠᠭᠠᠵᠤ ᠪᠠᠢᠨ᠎ᠠ ᠭᠡᠵᠡᠢ᠃  
       ᠣᠷᠣᠰ ᠤ᠋ᠨ ᠵᠠᠰᠠᠭ ᠤ᠋ᠨ ᠭᠠᠵᠠᠷ ᠬᠠᠯᠢᠮᠠᠭᠴᠤᠳ ᠤ᠋ᠨ ᠲᠦᠭᠰᠢᠯ ᠢ᠋ ᠠᠰᠢᠭᠯᠠᠨ᠂ ᠲᠡᠳᠡ ᠨᠠᠷ ᠢ᠋ ᠣᠷᠣᠰ ᠤ᠋ᠨ ᠬᠣᠯᠪᠣᠭ᠎ᠠ ᠳ᠋ᠤ᠌ ᠲᠠᠲᠠᠵᠤ ᠠᠪᠴᠢᠷᠠᠬᠤ ᠪᠠᠷ ᠭᠣᠷᠢᠳᠠᠪᠠ᠃ ᠺᠣᠵᠠᠺᠢ ᠶ᠋ᠢᠨ ᠠᠬᠠᠯᠠᠭᠴᠢ ᠢᠹᠠᠨ· ᠴᠸᠯᠸᠳᠣᠹ 1719 ᠣᠨ᠎ᠠ ᠬᠠᠯᠢᠮᠠᠭ ᠲᠤ᠌ ᠠᠢᠯᠴᠢᠯᠠᠬᠤ ᠳ᠋ᠠᠭᠠᠨ ᠡᠨᠡ ᠰᠠᠨᠠᠭ᠎ᠠ ᠶ᠋ᠢ ᠨᠢ ᠬᠡᠯᠡᠵᠦ ᠥᠭᠴᠡᠢ᠃ ᠲᠦᠷᠦᠭᠦᠬᠡᠨ 1717 ᠣᠨ ᠳ᠋ᠤ᠌᠂ ᠳᠦᠪᠣ ᠦᠨᠳᠦᠰᠦᠲᠡᠨ ᠦ᠌ ᠢᠵᠠᠭᠤᠷᠲᠠᠨ ᠸᠢᠯᠶᠠᠩᠨᠣᠪ ᠢ᠋ᠶ᠋ᠠᠷ ᠬᠠᠵᠢᠷ ᠭᠣᠣᠯ ᠤ᠋ᠨ ᠬᠥᠪᠡᠭᠡᠨ ᠦ᠌ ᠮᠦᠵᠠᠲ ᠨᠤᠲᠤᠭ ᠠ᠋ᠴᠠ ᠴᠠᠸᠠᠩᠷᠠᠪᠳᠠᠨ ᠳ᠋ᠤ᠌ ᠮᠡᠨᠳᠦᠴᠢᠯᠡᠯ ᠳᠡᠪᠰᠢᠭᠦᠯᠪᠡ᠃ ᠳᠠᠷᠠᠭ᠎ᠠ ᠵᠢᠯ ᠨᠢ《ᠬᠣᠩ ᠲᠠᠢᠵᠢ》 ᠶ᠋ᠢᠨ ᠶᠡᠬᠡ ᠤᠷᠲᠤ ᠦᠷᠭᠦᠯᠵᠢ ᠶ᠋ᠢᠨ ᠡᠪᠦᠯᠵᠢᠶᠡᠨ ᠦ᠌ ᠭᠠᠵᠠᠷ ᠲᠠᠷᠠᠭ ᠤ᠋ᠨ ᠠᠭᠤᠯᠠ ᠶ᠋ᠢᠨ ᠪᠠᠯ ᠳ᠋ᠠᠬᠢ ᠺᠦᠷᠺᠦᠰ ᠲᠦ᠍ ᠪᠠᠭᠤᠭᠠᠳ ᠪᠠᠢᠭᠰᠠᠨ ᠦᠶ᠎ᠡ ᠳ᠋ᠦ᠍ ᠸᠢᠯᠶᠠᠩᠨᠣᠪ ᠠᠶᠠᠷᠯᠠᠨ ᠮᠣᠷᠳᠠᠪᠠ᠃ ᠸᠠᠩᠺᠣᠹᠰᠺᠢ ᠶ᠋ᠢᠨ ᠡᠯᠴᠢᠯᠡᠭᠰᠡᠨ ᠲᠡᠮᠳᠡᠭᠯᠡᠯ ᠡᠴᠡ ᠡᠨᠡ ᠲᠤᠬᠠᠢ ᠨᠡᠩ ᠣᠯᠠᠨ ᠪᠠᠢᠳᠠᠯ ᠢ᠋ ᠣᠢᠯᠠᠭᠠᠵᠤ ᠪᠣᠯᠤᠨ᠎ᠠ᠃ 1722 ᠣᠨ ᠤ᠋ 11 ᠰᠠᠷ᠎ᠠ ᠳ᠋ᠤ᠌ ᠡᠨᠡ ᠬᠦ᠌ ᠴᠡᠷᠢᠭ ᠦ᠋ᠨ ᠨᠣᠶᠠᠨ《ᠬᠣᠩ ᠲᠠᠢᠵᠢ》 ᠶ᠋ᠢᠨ ᠢᠯᠢ ᠭᠣᠣᠯ ᠤ᠋ᠨ ᠡᠮᠦᠨ᠎ᠡ ᠡᠷᠭᠢᠨ ᠳ᠋ᠦ᠍ ᠪᠠᠭᠤᠳᠠᠯᠯᠠᠵᠤ ᠪᠠᠢᠭᠰᠠᠨ ᠶᠡᠬᠡ ᠤᠷᠲᠤ ᠳ᠋ᠤ᠌ ᠬᠦᠷᠴᠦ ᠢᠷᠡᠪᠡ᠂ ᠡᠨᠳᠡ ᠡᠴᠡ ᠵᠡᠭᠦᠨᠰᠢ᠂ ᠺᠠᠷᠤᠨ ᠭᠣᠣᠯ ᠬᠡᠳᠦᠬᠡᠨ ᠭᠠᠵᠠᠷ ᠤ᠋ᠨ ᠵᠠᠢᠲᠠᠢ᠃ 1723 ᠣᠨ ᠤ᠋ 9 ᠰᠠᠷ᠎ᠠ ᠠ᠋ᠴᠠ ᠡᠮᠦᠨ᠎ᠡ ᠪᠣᠯᠲᠠᠯ᠎ᠠ ᠲᠡᠷᠡ ᠪᠡᠷ ᠬᠠᠯᠢᠮᠠᠭᠴᠤᠳ ᠤ᠋ᠨ ᠨᠣᠶᠠᠯᠠᠭᠴᠢ ᠶ᠋ᠢᠨ ᠲᠥᠷᠥ ᠳ᠋ᠦ᠍ ᠪᠠᠢᠵᠤ ᠪᠠᠢᠭᠰᠠᠨ ᠪᠥᠭᠡᠳ ᠲᠡᠳᠡ ᠨᠠᠷ ᠢ᠋ ᠳᠠᠭᠠᠵᠤ᠂ ᠳᠦᠫᠣ ᠭᠣᠣᠯ ᠪᠣᠯᠤᠨ ᠵᠠᠭᠠᠯᠠᠨ ᠭᠣᠣᠯ ᠢ᠋ ᠳᠠᠭᠠᠵᠤ ᠬᠦᠷᠢᠶ᠎ᠡ ᠪᠠᠭᠤᠳᠠᠭ ᠪᠠᠢᠪᠠ᠃ ᠡᠨᠡ ᠬᠦ᠌ ᠡᠯᠴᠢ ᠤᠯᠤᠰ ᠲᠥᠷᠥ ᠶ᠋ᠢᠨ ᠲᠠᠯ᠎ᠠ ᠪᠠᠷ ᠳᠡᠮᠡᠢ ᠶᠡᠬᠡ ᠪᠦᠲᠦᠭᠡᠯ ᠭᠠᠷᠭᠠᠵᠤ ᠴᠢᠳᠠᠭᠰᠠᠨ ᠦᠭᠡᠢ᠃ ᠣᠨᠴᠠᠭᠠᠢᠯᠠᠨ 1722 ᠣᠨ ᠳ᠋ᠤ᠌ ᠡᠩᠬᠡ ᠠᠮᠤᠭᠤᠯᠠᠩ ᠬᠠᠭᠠᠨ ᠨᠠᠰᠤ ᠪᠠᠷᠠᠭᠰᠠᠨ ᠠ᠋ᠴᠠ ᠪᠣᠯᠵᠤ᠂ ᠴᠢᠩ ᠤᠯᠤᠰ ᠤ᠋ᠨ ᠲᠠᠯ᠎ᠠ ᠠ᠋ᠴᠠ ᠢᠷᠡᠬᠦ ᠰᠦᠷᠳᠡᠭᠦᠯᠦᠯ ᠤᠯᠠᠮ ᠪᠠᠭᠠᠳᠠᠭᠰᠠᠨ ᠪᠠᠢᠨ᠎ᠠ᠃ ᠡᠭᠦᠨ ᠡᠴᠡ ᠭᠠᠳᠠᠨ᠎ᠠ᠂ 1723 ᠣᠨ ᠳ᠋ᠤ᠌ ᠬᠠᠯᠢᠮᠠᠭᠴᠤᠳ ᠬᠠᠰᠠᠭᠴᠤᠳ ᠲᠠᠢ ᠬᠢᠭᠰᠡᠨ ᠲᠡᠢᠨ ᠳ᠋ᠦ᠍ ᠶᠡᠬᠡ ᠢᠯᠠᠯᠲᠠ ᠣᠯᠵᠤ᠂ ᠰᠠᠢᠷᠠᠨ᠂ ᠲᠡᠱᠺᠸᠨ᠋ᠲ ᠪᠣᠯᠤᠨ ᠶᠠᠰᠢ ᠶ᠋ᠢ ᠡᠵᠡᠯᠡᠨ ᠠᠪᠤᠪᠠ᠃ 
       ᠸᠠᠩᠺᠦᠹᠰᠺᠢ ᠶ᠋ᠢᠨ ᠮᠡᠳᠡᠭᠦᠯᠦᠯᠲᠡ ᠶ᠋ᠢ ᠦᠨᠳᠦᠰᠦᠯᠡᠪᠡᠯ᠂ ᠬᠠᠯᠢᠮᠠᠭᠴᠤᠳ ᠠᠷᠪᠠᠨ ᠲᠦᠮᠡᠨ ᠴᠡᠷᠢᠭ ᠲᠠᠲᠠᠵᠤ ᠳᠡᠢᠯᠦᠨ᠎ᠡ᠃《ᠬᠣᠩ ᠲᠠᠢᠵᠢ》 ᠠᠷᠠᠳ ᠤ᠋ᠨ ᠢ᠋ᠶ᠋ᠠᠨ ᠳᠤᠮᠳᠠ ᠶᠡᠬᠡ ᠢᠲᠡᠭᠡᠯ ᠬᠦᠨᠳᠦ ᠲᠡᠢ ᠪᠠᠢᠵᠠᠢ᠂ ᠲᠡᠢᠨ ᠬᠦ᠌ ᠲᠡᠷᠡ ᠪᠡᠷ ᠥᠭᠡᠷ᠎ᠡ ᠠᠢᠮᠠᠭ ᠪᠦᠯᠦᠭ ᠦ᠋ᠨ ᠵᠠᠢᠰᠠᠩ ᠨᠠᠷ ᠠ᠋ᠴᠠ ᠶᠠᠭᠤ ᠴᠤ᠌ ᠰᠤᠷᠠᠵᠤ ᠠᠰᠠᠭᠤᠳᠠᠭ ᠦᠭᠡᠢ ᠪᠠᠢᠪᠠ᠃《ᠬᠣᠩ ᠲᠠᠢᠵᠢ》 ᠶ᠋ᠢᠨ ᠦᠶᠡᠯᠢᠳ ᠠᠬ᠎ᠠ ᠴᠠᠷᠢᠩᠳᠣᠨᠳᠣᠪ ᠪᠣᠯ《ᠵᠠᠢᠰᠠᠩ》᠂ ᠯᠠᠢᠫᠦᠴᠢ ᠭᠣᠣᠯ ᠪᠣᠯᠤᠨ ᠬᠠᠯᠲᠠᠷ ᠭᠣᠣᠯ ᠤ᠋ᠨ ᠡᠷᠭᠢᠨ ᠳ᠋ᠦ᠍ ᠤᠷᠲᠤ ᠪᠠᠭᠤᠳᠠᠭ ᠪᠠᠢᠪᠠ᠃ ᠭᠤᠴᠢᠭᠠᠳ ᠵᠢᠯ ᠦ᠋ᠨ ᠡᠮᠦᠨ᠎ᠡ᠂ ᠬᠠᠯᠢᠮᠠᠭᠴᠤᠳ ᠶᠡᠷᠦ ᠡᠴᠡ ᠲᠠᠷᠢᠶᠠᠯᠠᠳᠠᠭ ᠦᠭᠡᠢ ᠪᠠᠢᠪᠠ᠂ ᠭᠡᠪᠡᠴᠦ ᠸᠠᠩᠺᠦᠹᠰᠺᠢ ᠶ᠋ᠢ ᠠᠢᠯᠴᠢᠯᠠᠨ ᠬᠦᠷᠬᠦ ᠳ᠋ᠦ᠍᠂ ᠣᠯᠵᠠᠯᠠᠵᠤ ᠠᠪᠴᠢᠷᠠᠭᠰᠠᠨ ᠪᠤᠬᠠᠷᠴᠤᠳ(《ᠰᠠᠷᠲᠠᠭᠤᠯ》ᠴᠤ᠌ ᠭᠡᠳᠡᠭ) ᠢ᠋ᠶ᠋ᠡᠷ ᠪᠠᠷᠠᠬᠤ ᠦᠭᠡᠢ᠂ ᠬᠠᠯᠢᠮᠠᠭᠴᠤᠳ ᠬᠦᠷᠲᠡᠯ᠎ᠡ ᠲᠠᠷᠢᠶ᠎ᠠ ᠲᠠᠷᠢᠳᠠᠭ ᠪᠣᠯᠤᠭᠰᠠᠨ ᠪᠥᠭᠡᠳ ᠲᠠᠷᠢᠰᠢᠨ ᠭᠠᠵᠠᠷ ᠨᠢ ᠵᠣᠭᠰᠣᠯ ᠦᠭᠡᠢ ᠥᠷᠭᠡᠳᠴᠦ ᠪᠠᠢᠪᠠ᠃ ᠰᠠᠷᠲᠠᠭᠤᠯᠴᠤᠳ ᠺᠦ᠋ᠷᠺᠦᠰ ᠠᠭᠤᠯᠠ ᠶ᠋ᠢᠨ ᠠᠮᠠᠨ ᠳ᠋ᠤ᠌ ᠥᠪᠡᠷᠰᠡᠳ ᠦ᠋ᠨ ᠢ᠋ᠶ᠋ᠡᠨ ᠨᠢᠭᠡ ᠪᠠᠯᠭᠠᠰᠤ ᠬᠣᠲᠠ ᠲᠠᠢ ᠪᠠᠢᠪᠠ᠃ ᠲᠡᠳᠡ ᠨᠠᠷ ᠬᠠᠯᠢᠮᠠᠭ᠂ ᠣᠷᠣᠰ᠂ ᠬᠢᠲᠠᠳ(ᠡᠩᠬᠡ ᠲᠠᠢᠪᠤᠩ ᠦᠶ᠎ᠡ ᠶ᠋ᠢᠨ)᠂ ᠲᠠᠩᠭᠤᠳ᠂ ᠡᠨᠡᠳᠬᠡᠭ ᠪᠣᠯᠤᠨ ᠲᠠᠷᠠᠨᠰᠣᠠᠠᠰᠢᠨ᠋ᠨ ᠣᠷᠣᠨ ᠤ᠋ ᠬᠥᠮᠦᠰ ᠲᠡᠢ ᠠᠷᠠᠯᠵᠢᠶ᠎ᠠ ᠶ᠋ᠢᠨ ᠶᠠᠪᠤᠯᠴᠠᠭ᠎ᠠ ᠬᠠᠷᠢᠴᠠᠭ᠎ᠠ ᠲᠠᠢ ᠪᠠᠢᠵᠠᠢ᠃  
       1715 ~ 1716 ᠣᠨ ᠤ᠋ ᠬᠣᠭᠣᠷᠣᠨᠳᠣ ᠡᠷᠴᠢᠰ ᠭᠣᠣᠯ ᠤ᠋ᠨ ᠰᠠᠪᠠ ᠭᠠᠵᠠᠷ ᠲᠤ᠌ ᠢᠷᠡᠭᠰᠡᠨ ᠪᠠᠷᠲᠠᠭ᠎ᠠ ᠰᠢᠨᠵᠢᠯᠡᠭᠴᠢᠳ ᠦ᠋ᠨ ᠠᠩᠭᠢ ᠶ᠋ᠢᠨ ᠳᠣᠲᠣᠷ᠎ᠠ ᠯᠧᠨᠠ ᠭᠡᠳᠡᠭ ᠰᠸᠸᠳ᠋ᠸᠨ ᠨᠤᠲᠤᠭ ᠲᠤ᠌ ᠨᠢᠭᠡ ᠴᠡᠷᠢᠭ ᠦ᠋ᠨ ᠳᠠᠷᠤᠭ᠎ᠠ ᠪᠠᠢᠵᠠᠢ᠂ ᠲᠡᠳᠡ ᠨᠠᠷ ᠬᠠᠯᠢᠮᠠᠭᠴᠤᠳ ᠲᠤ᠌ ᠣᠯᠵᠠᠯᠠᠭᠳᠠᠪᠠ᠃ ᠡᠨᠡ ᠬᠥᠮᠦᠨ ᠴᠡᠷᠢᠭ ᠦ᠋ᠨ ᠶᠠᠪᠤᠳᠠᠯ ᠪᠠ ᠰᠣᠶᠣᠯ ᠤ᠋ᠨ ᠲᠠᠯ᠎ᠠ ᠪᠠᠷ ᠬᠠᠯᠢᠮᠠᠭᠴᠤᠳ ᠢ᠋ ᠶᠡᠬᠡ ᠪᠡᠷ ᠬᠠᠪᠰᠤᠷᠪᠠ᠃ ᠯᠧᠨᠠ 1733 ᠣᠨ ᠪᠣᠯᠲᠠᠯ᠎ᠠ ᠬᠠᠯᠢᠮᠠᠭᠴᠤᠳ ᠤ᠋ᠨ ᠳᠤᠮᠳᠠ ᠪᠠᠢᠭᠰᠠᠨ ᠢ᠋ᠶ᠋ᠠᠨ ᠰᠠᠯᠵᠤ ᠣᠳᠪᠠ᠃ ᠲᠡᠷᠡ ᠪᠡᠷ ᠬᠠᠯᠢᠮᠠᠭᠴᠤᠳ ᠲᠤ᠌ ᠫᠤᠤ ᠫᠤᠤᠳᠠᠬᠤ ᠮᠡᠷᠭᠡᠵᠢᠯ ᠪᠠ ᠪᠤᠰᠤᠳ ᠮᠡᠷᠭᠡᠵᠢᠯ ᠦ᠋ᠳ ᠢ᠋ ᠵᠢᠭᠠᠵᠤ ᠥᠭᠪᠡ᠃ ᠲᠡᠷᠡᠴᠢᠯᠡᠨ ᠨᠢᠭᠡ ᠬᠡᠪᠯᠡᠬᠦ ᠦᠢᠯᠡᠳᠪᠦᠷᠢ ᠪᠠᠢᠭᠤᠯᠪᠠ᠃ ᠤᠯᠤᠰ ᠲᠠᠭᠠᠨ ᠪᠤᠴᠠᠭᠰᠠᠨ ᠤ᠋ ᠳᠠᠷᠠᠭ᠎ᠠ᠂ ᠲᠡᠷᠡ ᠨᠢᠭᠡ ᠬᠤᠪᠢ ᠵᠡᠭᠦᠨᠭᠠᠷ ᠤ᠋ᠨ ᠭᠠᠵᠠᠷ ᠤ᠋ᠨ ᠵᠢᠷᠤᠭ ᠢ᠋ ᠵᠢᠷᠤᠵᠤ ᠪᠦᠲᠦᠭᠡᠪᠡ᠃ ᠡᠨᠡ ᠵᠢᠷᠤᠭ ᠲᠤ᠌ ᠨᠡᠭᠦᠳᠡᠯᠴᠢᠳ ᠦ᠋ᠨ ᠴᠠᠴᠠᠷ ᠪᠣᠰᠬᠠᠭᠰᠠᠨ ᠭᠠᠵᠠᠷ ᠪᠣᠯᠭᠠᠨ ᠢ᠋ ᠨᠠᠷᠢᠨ ᠲᠡᠮᠳᠡᠭᠯᠡᠵᠡᠢ᠃ ᠡᠳᠡᠭᠡᠷ ᠭᠠᠵᠠᠷ ᠤ᠋ᠨ ᠣᠯᠠᠩᠬᠢ ᠨᠢ ᠠᠭᠤᠯᠠ ᠶ᠋ᠢᠨ ᠬᠥᠯ ᠭᠣᠣᠯ ᠤ᠋ᠨ ᠡᠬᠢᠨ ᠳ᠋ᠦ᠍ ᠪᠠᠢᠳᠠᠭ ᠪᠠᠢᠵᠠᠢ᠃ ᠳᠣᠯᠣᠭᠠᠨ ᠤᠰᠤᠨ ᠳ᠋ᠤ᠌ ᠲᠡᠳᠡᠨᠦᠰ ᠦ᠋ᠨ ᠴᠠᠴᠠᠷ ᠪᠤᠰᠬᠠᠭᠰᠠᠨ ᠭᠠᠵᠠᠷ ᠤ᠋ᠳ ᠭᠡᠪᠡᠯ᠄ (ᠨᠢᠭᠡ) ᠠᠷᠠᠳᠤ ᠭᠣᠣᠯ ᠪᠣᠯᠤᠨ ᠪᠠᠯᠬᠠᠱ ᠨᠠᠭᠤᠷ ᠤᠷᠤᠭᠤ ᠤᠷᠤᠰᠬᠤ ᠭᠣᠣᠯ ᠪᠣᠯᠭᠠᠨ ᠤ᠋ ᠳᠡᠭᠡᠳᠦ ᠤᠷᠤᠰᠬᠠᠯ᠃ (ᠬᠣᠶᠠᠷ) ᠠᠯᠲᠢᠨ· ᠡᠮᠢᠯ ᠪᠣᠯᠤᠨ ᠭᠦᠪᠢᠨ ᠦ᠌ ᠬᠣᠭᠣᠷᠣᠨᠳᠣ᠂ ᠢᠯᠢ ᠭᠣᠣᠯ ᠤ᠋ᠨ ᠬᠣᠢᠲᠤ ᠡᠷᠭᠢ᠂ ᠺᠦᠭᠳᠠ ᠠ᠋ᠴᠠ ᠺᠣᠳᠠᠢᠯ ᠤ᠋ᠨ ᠬᠣᠭᠣᠷᠣᠨᠳᠣ᠃ (ᠭᠤᠷᠪᠠ) ᠺᠡᠭᠡᠨ ᠭᠣᠣᠯ ᠤ᠋ᠨ ᠬᠣᠢᠲᠤ ᠡᠷᠭᠢ᠂ ᠺᠠᠷᠳ ᠭᠣᠣᠯ ᠠ᠋ᠴᠠ ᠵᠡᠭᠦᠨᠰᠢ᠂ ᠺᠠᠢᠲ᠋ᠮᠠᠨ ᠠᠭᠤᠯᠠ ᠨᠢᠷᠤᠭᠤᠨ ᠤ᠋ ᠬᠣᠢᠲᠤ ᠳᠠᠪᠠᠭ᠎ᠠ᠃ (ᠳᠥᠷᠪᠡ) ᠵᠢᠯᠢ ᠭᠣᠣᠯ ᠤ᠋ᠨ ᠳᠡᠭᠡᠳᠦ ᠤᠷᠤᠰᠬᠠᠯ ᠪᠠ ᠲᠡᠭᠦᠨ ᠦ᠌ ᠰᠠᠯᠪᠤᠷᠢ ᠤᠷᠤᠰᠬᠠᠯ ᠳᠠᠭᠠᠤ; (ᠲᠠᠪᠤ) ᠲᠦᠫᠦ ᠭᠣᠯ ᠤ᠋ᠨ ᠪᠠᠷᠠᠭᠤᠨ ᠡᠷᠭᠢ ᠪᠣᠯᠤᠨ ᠢᠰᠠᠢᠺᠺᠦ᠋ᠯ ᠨᠠᠭᠤᠷ ᠤ᠋ᠨ ᠡᠮᠦᠨᠡᠲᠦ ᠡᠷᠭᠢ ᠪᠠ ᠨᠠᠭᠤᠷ ᠳᠠᠭᠠᠤ ᠪᠠᠷᠠᠭᠤᠨ ᠥᠨᠴᠥᠭ᠂ ᠤᠮᠠᠷᠠᠲᠤ ᠡᠷᠭᠢ ᠶ᠋ᠢᠨ ᠬᠦᠦᠰ ᠭᠣᠣᠯ ᠬᠢᠭᠡᠳ ᠠᠺᠰᠤ ᠭᠣᠣᠯ ᠤ᠋ᠨ ᠬᠣᠭᠣᠷᠣᠨᠳᠣ;(ᠵᠢᠷᠭᠤᠭ᠎ᠠ) ᠶᠡᠬᠡ ᠺᠠᠪᠢᠨ ᠭᠣᠣᠯ ᠤ᠋ᠨ ᠵᠢᠯᠠᠭ᠎ᠠ᠂ ᠵᠢᠴᠢ ᠴᠦ ᠭᠣᠣᠯ ᠤᠷᠤᠭᠤ ᠤᠷᠤᠰᠬᠤ ᠪᠠᠭ᠎ᠠ ᠭᠣᠣᠯ ᠳᠠᠭᠠᠤ ᠡᠷᠭᠢ ᠪᠠ ᠬᠠᠷ᠎ᠠ ᠬᠠᠳᠠ ᠬᠦᠷᠲᠡᠯ᠎ᠡ᠃ ᠯᠧᠨᠠ ᠪᠠᠷ(ᠬᠣᠩ ᠲᠠᠢᠵᠢ) ᠶ᠋ᠢᠨ ᠭᠣᠣᠯ ᠴᠠᠴᠠᠷ ᠢ᠋ ᠲᠠᠷᠴᠢ ᠶ᠋ᠢᠨ ᠬᠠᠪᠴᠢᠯ ᠠᠮᠠᠨ ᠳ᠋ᠤ᠌ ᠵᠡᠭᠦᠨ ᠡᠮᠦᠨ᠎ᠡ᠂ ᠣᠳᠣ ᠶ᠋ᠢᠨ ᠬᠦᠷᠳ᠋ᠵᠡ ᠣᠷᠴᠢᠮ ᠪᠠᠢᠬᠤ ᠪᠠᠷ ᠵᠢᠷᠤᠭᠯᠠᠨ ᠪᠦᠲᠦᠭᠡᠵᠡᠢ᠃  
       ᠴᠠᠸᠠᠩᠷᠠᠪᠳᠠᠨ ᠢ᠋ ᠦᠬᠦᠭᠰᠡᠨ ᠦ᠌ ᠳᠠᠷᠠᠭ᠎ᠠ᠂ ᠲᠡᠭᠦᠨ ᠦ᠌ ᠬᠥᠪᠡᠭᠦᠨ ᠭᠠᠯᠳᠠᠨᠴᠠᠷᠢᠩ(1727—1745) ᠰᠠᠭᠤᠷᠢᠨ ᠵᠠᠯᠭᠠᠮᠵᠢᠯᠠᠪᠠ᠃ ᠡᠨᠡ ᠬᠥᠮᠦᠨ ᠦᠷᠭᠦᠯᠵᠢᠯᠡᠨ ᠴᠢᠩ ᠤᠯᠤᠰ ᠲᠠᠢ ᠪᠠᠢᠯᠳᠤᠭᠰᠠᠨ ᠪᠣᠯᠪᠠᠴᠤ1732 ᠣᠨ ᠤ᠋ ᠬᠡᠯᠡᠯᠴᠡᠭᠡᠷ ᠢ᠋ ᠲᠣᠭᠲᠠᠭᠰᠠᠨ ᠠ᠋ᠴᠠ ᠬᠣᠢᠰᠢ ᠬᠠᠭᠠᠰ ᠬᠢᠷᠢ ᠬᠠᠷᠢᠶᠠᠲᠤ ᠨᠤᠲᠤᠭ ᠢ᠋ᠶ᠋ᠠᠨ ᠠᠯᠳᠠᠭᠰᠠᠨ ᠪᠠᠢᠪᠠ᠃ ᠲᠤᠬᠠᠢ ᠶ᠋ᠢᠨ ᠦᠶ᠎ᠡ ᠳ᠋ᠦ᠍ ᠬᠠᠰᠠᠭᠴᠤᠳ ᠨᠡᠷ᠎ᠡ ᠳᠡᠭᠡᠷ᠎ᠡ ᠪᠡᠨ ᠣᠷᠣᠰ ᠤ᠋ᠨ ᠢᠷᠭᠡᠨ ᠪᠣᠯᠴᠢᠬᠠᠭᠰᠠᠨ ᠪᠣᠯᠪᠠᠴᠤ ᠲᠡᠷᠡ ᠪᠡᠷ ᠬᠠᠰᠠᠭ ᠤᠷᠤᠭᠤ ᠬᠦᠴᠦ ᠪᠡᠨ ᠶᠡᠬᠡ ᠪᠦᠲᠦᠮᠵᠢᠲᠡᠢ ᠥᠷᠭᠡᠳᠬᠡᠵᠡᠢ᠃ ᠬᠠᠰᠠᠭᠴᠤᠳ ᠤ᠋ᠨ ᠬᠠᠮᠢᠶ᠎ᠠ ᠪᠦᠬᠦᠢ ᠬᠡᠷᠡᠭ ᠢ᠋ ᠰᠢᠢᠳᠪᠦᠷᠢᠯᠡᠬᠦ ᠶ᠋ᠢᠨ ᠲᠥᠯᠥᠭᠡ᠂ ᠣᠷᠣᠰ ᠤᠯᠤᠰ ᠣᠯᠠᠨ ᠤᠳᠠᠭ᠎ᠠ ᠡᠯᠴᠢ ᠲᠣᠮᠢᠯᠠᠨ ᠭᠠᠯᠳᠠᠨᠴᠠᠷᠢᠩ ᠤ᠋ᠨ ᠲᠡᠨᠳᠡ ᠣᠴᠢᠭᠤᠯᠤᠭᠰᠠᠨ ᠶᠤᠮ᠃ ᠲᠡᠳᠡ ᠨᠠᠷ ᠳᠣᠲᠣᠷᠠᠬᠢ ᠨᠢᠭᠡ ᠪᠣᠯᠬᠤ ᠰᠠᠯᠪᠤᠷᠢ ᠠᠩᠭᠢ ᠶ᠋ᠢᠨ ᠳᠠᠷᠤᠭ᠎ᠠ ᠦᠬᠯᠢᠨᠦᠹ (1732—1733) ᠭᠠᠯᠳᠠᠨᠴᠡᠷᠢᠩ ᠢ᠋ ᠳᠠᠭᠠᠵᠤ ᠴᠠᠴᠠᠷ ᠬᠤᠸᠠᠷᠠᠨ ᠨᠤᠭᠤᠳ ᠢ᠋ ᠪᠠᠢᠴᠠᠭᠠᠨ ᠦᠵᠡᠳᠡᠭ ᠪᠠᠢᠪᠠ᠃ ᠳᠥᠷᠪᠡ᠂ ᠲᠠᠪᠤᠳᠤᠭᠠᠷ ᠰᠠᠷ᠎ᠠ ᠳ᠋ᠤ᠌ ᠲᠡᠳᠡ ᠨᠠᠷ ᠬᠡᠴᠢᠭᠡᠷ ᠠᠭᠤᠯᠠ ᠶ᠋ᠢ ᠳᠠᠭᠠᠵᠤ ᠢᠯᠢ ᠭᠣᠣᠯ ᠢ᠋ ᠤᠷᠤᠭᠤᠳᠠᠨ ᠪᠠᠭᠤᠨ᠎ᠠ᠃ ᠲᠠᠪᠤᠨ ᠰᠠᠷ᠎ᠠ ᠶ᠋ᠢᠨ ᠰᠡᠭᠦᠯᠴᠢ ᠪᠠ ᠵᠤᠨ ᠤ᠋ ᠤᠯᠠᠷᠢᠯ ᠳ᠋ᠤ᠌ ᠲᠡᠳᠡ ᠨᠠᠷ ᠲᠠᠮᠢᠯᠢᠺ᠂ ᠺᠠᠢᠱ᠂ ᠬᠠᠯᠬᠠᠯ᠂ ᠲᠠᠺᠡᠢ ᠠᠭᠤᠯᠠᠰ ᠢ᠋ᠶ᠋ᠠᠷ ᠨᠡᠭᠦᠳᠡᠯᠯᠡᠨ ᠮᠡᠯᠵᠢᠨ᠎ᠡ᠃ ᠶᠢᠰᠦᠨ ᠰᠠᠷ᠎ᠠ ᠠ᠋ᠴᠠ ᠳᠠᠷᠠᠭ᠎ᠠ ᠵᠢᠯ ᠦ᠋ᠨ ᠬᠢᠨᠢ ᠭᠤᠷᠪᠠᠨ ᠰᠠᠷ᠎ᠠ ᠶ᠋ᠢᠨ ᠰᠡᠭᠦᠯᠴᠢ ᠪᠣᠯᠲᠠᠯ᠎ᠠ ᠳᠠᠬᠢᠨ ᠢᠯᠢ ᠭᠣᠣᠯ ᠢ᠋ ᠳᠠᠭᠠᠵᠤ᠂《 ᠤᠷᠢᠳ ᠢ᠋ᠶ᠋ᠠᠷ ᠤᠷᠤᠰᠬᠠᠯ ᠤᠷᠤᠭᠤᠳᠠᠨ ᠪᠠᠭᠤᠵᠤ᠂ ᠳᠠᠷᠠᠭ᠎ᠠ ᠨᠢ ᠤᠷᠤᠰᠬᠠᠯ ᠥᠭᠰᠥᠨ ᠬᠥᠳᠡᠯᠵᠦ᠂ ᠳᠠᠬᠢᠭᠠᠳ ᠬᠡᠴᠢᠭᠡᠷ ᠲᠦ᠍ ᠬᠦᠷᠦᠨ᠎ᠡ᠂ ᠡᠨᠳᠡ ᠢᠷᠡᠭᠡᠳ ᠵᠤᠷᠰᠢᠯ ᠶᠣᠰᠣᠭᠠᠷ ᠢ᠋ᠶ᠋ᠠᠨ ᠲᠠᠪᠤᠨ ᠰᠠᠷ᠎ᠠ ᠪᠣᠯᠲᠠᠯ᠎ᠠ ᠰᠠᠭᠤᠨ᠎ᠠ》᠃   
       ᠭᠠᠯᠳᠠᠨᠴᠡᠷᠢᠩ ᠢ᠋ ᠨᠠᠰᠤ ᠪᠠᠷᠠᠭᠰᠠᠨ ᠤ᠋ ᠳᠠᠷᠠᠭ᠎ᠠ᠂ ᠬᠥᠪᠡᠭᠦᠨ ᠨᠢ ᠴᠠᠸᠠᠩᠳᠠᠷᠵᠢ(1745—1750) ᠰᠠᠭᠤᠷᠢᠨ ᠵᠠᠯᠭᠠᠮᠵᠢᠯᠠᠪᠠ᠂ ᠲᠡᠷᠡ ᠪᠡᠷ ᠳᠡᠭᠦᠦ ᠯᠠᠮᠠᠳᠠᠷᠵᠢ ᠳ᠋ᠠᠭᠠᠨ ᠠᠯᠠᠭᠳᠠᠭᠰᠠᠨ ᠪᠠᠢᠨ᠎ᠠ᠃ ᠡᠭᠦᠨ ᠡᠴᠡ ᠬᠣᠢᠰᠢᠬᠢ ᠳᠣᠲᠣᠭᠠᠳᠤ ᠶ᠋ᠢᠨ ᠵᠢᠭᠤᠷᠠᠭᠠᠨ ᠤ᠋ ᠳᠤᠮᠳᠠ᠂ ᠭᠠᠯᠳᠠᠨᠴᠷᠢᠩ ᠤ᠋ᠨ ᠠᠴᠢ ᠬᠦᠦ ᠠᠮᠤᠷᠰᠠᠨᠠᠭ᠎ᠠ ᠥᠨᠳᠥᠷ ᠰᠠᠭᠤᠷᠢᠨ᠎ᠠ ᠳᠠᠪᠰᠢᠪᠠ᠃ ᠲᠡᠷᠡ ᠪᠡᠷ ᠬᠠᠰᠠᠭᠴᠤᠳ ᠤ᠋ᠨ ᠬᠠᠪᠰᠤᠷᠤᠯᠭ᠎ᠠ ᠳ᠋ᠤ᠌ ᠳᠥᠰᠢᠨ᠂ ᠡᠮᠢᠯ ᠭᠣᠣᠯ ᠪᠣᠯᠤᠨ ᠡᠷᠴᠢᠰ ᠭᠣᠣᠯ ᠤ᠋ᠨ ᠳᠡᠭᠡᠳᠦ ᠤᠷᠤᠰᠬᠠᠯ ᠢ᠋ ᠡᠵᠡᠯᠡᠨ ᠠᠪᠴᠠᠢ᠃1754 ᠣᠨ ᠳ᠋ᠤ᠌᠂ ᠲᠡᠷᠡ ᠴᠢᠩ ᠤᠯᠤᠰ ᠲᠤ᠌ ᠪᠠᠭᠤᠨ ᠥᠭᠭᠦᠭᠡᠳ ᠦᠰᠲᠡᠨ ᠳᠠᠢᠰᠤᠨ ᠢ᠋ᠶ᠋ᠠᠨ ᠠᠷᠭᠠᠴᠠᠬᠤ ᠶ᠋ᠢᠨ ᠲᠥᠯᠥᠭᠡ ᠴᠢᠩ ᠤᠯᠤᠰ ᠠ᠋ᠴᠠ ᠲᠤᠰᠠᠯᠠᠮᠵᠢ ᠭᠤᠶᠤᠪᠠ᠃1755 ᠣᠨ ᠳ᠋ᠤ᠌᠂ ᠴᠢᠩ ᠤᠯᠤᠰ ᠤ᠋ᠨ ᠬᠣᠶᠠᠷ ᠵᠠᠮ ᠤ᠋ᠨ ᠶᠡᠬᠡ ᠴᠡᠷᠢᠭ ᠢ᠋ᠶ᠋ᠡᠷ ᠪᠠᠷᠠᠭᠤᠨᠰᠢ ᠳᠠᠢᠯᠠᠵᠤ ᠥᠴᠦᠬᠡᠨ ᠴᠦ᠍ ᠴᠢᠰᠤ ᠤᠷᠤᠰᠬᠠᠯ ᠦᠭᠡᠢ ᠪᠡᠷ ᠬᠠᠯᠢᠮᠠᠭ ᠸᠠᠩᠲᠤ ᠤᠯᠤᠰ ᠤ᠋ᠨ ᠪᠦᠬᠦ ᠨᠤᠲᠤᠭ ᠢ᠋ ᠲᠦᠪᠰᠢᠳᠬᠡᠪᠡ᠃ ᠲᠤᠰ ᠵᠢᠯ ᠳ᠋ᠦ᠍ᠨᠢ ᠠᠮᠤᠷᠰᠠᠨᠠᠭ᠎ᠠ ᠴᠡᠷᠢᠭ ᠳᠠᠭᠠᠭᠤᠯᠤᠨ ᠴᠢᠩ ᠦ᠋ᠨ ᠲᠥᠷᠥ ᠡᠴᠡ ᠤᠷᠪᠠᠨ ᠪᠣᠰᠤᠭᠰᠠᠨ ᠪᠣᠯᠪᠠᠴᠤ ᠢᠯᠠᠭᠳᠠᠭᠠᠳ ᠬᠠᠰᠠᠭ ᠲᠤ᠌ ᠳᠤᠲᠠᠭᠠᠨ ᠣᠴᠢᠪᠠ᠃1757 ᠣᠨ ᠤ᠋ ᠨᠢᠭᠡᠨ ᠲᠤᠢᠯ ᠤ᠋ᠨ ᠣᠬᠣᠷ ᠬᠤᠭᠤᠴᠠᠭᠠᠨ ᠳ᠋ᠤ᠌ ᠲᠡᠷᠡ ᠳᠠᠬᠢᠨ ᠢᠯᠢ ᠭᠣᠣᠯ ᠳ᠋ᠤ᠌ ᠬᠦᠷᠴᠦ ᠢᠷᠡᠪᠡ᠃ ᠭᠡᠪᠡᠴᠦ ᠬᠠᠰᠠᠭ ᠬᠠᠨ ᠠᠪᠣᠯᠠᠢ ᠴᠢᠩ ᠤᠯᠤᠰ ᠲᠤ᠌ ᠨᠢᠭᠤᠴᠠ ᠪᠠᠷ ᠮᠡᠳᠡᠭᠦᠯᠦᠭᠰᠡᠨ ᠲᠤᠯᠠ ᠠᠷᠭ᠎ᠠ ᠪᠤᠰᠤ ᠳᠤᠲᠠᠭᠠᠵᠤ ᠶᠠᠪᠤᠪᠠ᠃ ᠲᠡᠷᠡ ᠬᠠᠮᠤᠭ ᠤ᠋ᠨ ᠡᠴᠦᠰ ᠲᠦ᠍ ᠣᠷᠣᠰ ᠤ᠋ᠨ ᠬᠢᠯᠢ ᠪᠡᠷ ᠲᠡᠨᠦᠭᠦᠴᠢᠯᠡᠵᠦ᠂ ᠬᠡᠳᠦᠨ ᠵᠢᠯ ᠦ᠋ᠨ ᠳᠠᠷᠠᠭ᠎ᠠ ᠴᠡᠴᠡᠭ ᠡᠪᠡᠳᠴᠢᠨ ᠳ᠋ᠦ᠍ ᠪᠠᠷᠢᠭᠳᠠᠭᠠᠳ ᠨᠠᠰᠤ ᠪᠠᠷᠠᠪᠠ᠃ ᠡᠢᠨ ᠬᠦ᠌ ᠳᠤᠮᠳᠠᠳᠤ ᠠᠽᠢᠶ᠎ᠠ ᠳ᠋ᠠᠬᠢ ᠬᠠᠮᠤᠭ ᠤ᠋ᠨ ᠰᠡᠭᠦᠯᠴᠢ ᠶ᠋ᠢᠨ ᠨᠢᠭᠡ ᠨᠡᠭᠦᠳᠡᠯ ᠬᠠᠨᠳᠤ ᠤᠯᠤᠰ ᠮᠥᠬᠥᠭᠰᠡᠨ ᠪᠠᠢᠨ᠎ᠠ᠃ 1758 ᠣᠨ ᠳ᠋ᠤ᠌᠂ ᠴᠢᠩ ᠦ᠋ᠨ ᠲᠥᠷᠥ ᠳᠠᠬᠢᠨ ᠨᠢᠭᠡ ᠤᠳᠠᠭ᠎ᠠ ᠴᠡᠷᠢᠭ ᠲᠣᠮᠢᠯᠠᠨ᠂ ᠬᠠᠯᠢᠮᠠᠭᠴᠤᠳ ᠲᠤ᠌ ᠲᠤᠢᠯ ᠤ᠋ᠨ ᠬᠡᠷᠴᠡᠭᠡᠢ ᠶᠡᠬᠡ ᠬᠢᠳᠤᠯᠲᠠ ᠬᠢᠪᠡ᠃ 
       ᠵᠡᠭᠦᠨᠭᠠᠷ ᠬᠠᠨᠳᠤ ᠤᠯᠤᠰ ᠮᠥᠬᠥᠭᠰᠡᠨ ᠦ᠌ ᠳᠠᠷᠠᠭ᠎ᠠ᠂ ᠬᠠᠰᠠᠭᠴᠤᠳ ᠬᠢᠭᠡᠳ ᠬᠢᠷᠬᠢᠰᠴᠤᠳ ᠳᠣᠯᠣᠭᠠᠨ ᠤᠰᠤᠨ ᠤ᠋ ᠨᠤᠲᠤᠭ ᠲᠤ᠌ ᠳᠠᠬᠢᠨ ᠪᠤᠴᠠᠵᠤ ᠢᠷᠡᠪᠡ᠃ ᠲᠤᠢᠯ ᠤ᠋ᠨ ᠤᠷᠲᠤ ᠨᠢᠭᠡ ᠬᠤᠭᠤᠴᠠᠭᠠᠨ᠎ᠠ᠂ ᠲᠡᠳᠡ ᠨᠠᠷ ᠢ᠋ ᠳᠠᠢᠴᠢᠩ ᠭᠦᠷᠦᠨ ᠦ᠌ ᠠᠷᠠᠳ ᠭᠡᠵᠦ ᠦᠵᠡᠳᠡᠭ ᠪᠠᠢᠵᠠᠢ᠃ ᠲᠤᠬᠠᠢ ᠶ᠋ᠢᠨ ᠦᠶ᠎ᠡ ᠳ᠋ᠦ᠍᠂ ᠴᠢᠩ ᠤᠯᠤᠰ ᠤ᠋ᠨ ᠲᠠᠲᠠᠭᠰᠠᠨ ᠤᠯᠤᠰ ᠤ᠋ᠨ ᠬᠢᠯᠢ ᠶ᠋ᠢᠨ ᠱᠤᠭᠤᠮ ᠨᠢ ᠶᠡᠬᠡ ᠲᠥᠯᠥᠪ ᠥᠨᠥᠳᠥᠷ ᠦ᠋ᠨ ᠳᠤᠮᠳᠠᠳᠤ᠂ ᠣᠷᠣᠰ ᠤ᠋ᠨ ᠬᠢᠯᠢ ᠶ᠋ᠢ ᠲᠣᠬᠢᠷᠠᠯᠴᠠᠨ᠎ᠠ᠃ ᠰᠡᠭᠦᠯᠡᠷ ᠨᠢ ᠣᠷᠣᠰ ᠤᠯᠤᠰ ᠳᠣᠯᠣᠭᠠᠨ ᠤᠰᠤᠨ ᠳ᠋ᠤ᠌ ᠭᠣᠣᠯ ᠡᠷᠭᠢ ᠶ᠋ᠢ ᠪᠠᠢᠭᠤᠯᠤᠭᠰᠠᠨ ᠤ᠋ ᠳᠠᠷᠠᠭ᠎ᠠ᠂ ᠬᠠᠰᠠᠭᠴᠤᠳ ᠬᠢᠭᠡᠳ ᠬᠢᠷᠬᠢᠰᠴᠤᠳ ᠰᠠᠶᠢ ᠦᠨᠡᠨ ᠬᠦ᠌ ᠥᠪᠡᠷ ᠦ᠋ᠨ ᠡᠷᠬᠡ ᠮᠠᠲᠠᠯ ᠲᠠᠢ ᠪᠣᠯᠵᠤ ᠴᠢᠳᠠᠪᠠ᠃ 



ᠳᠣᠯᠣᠭᠠᠨ ᠤᠰᠤᠨ ᠤ᠋ ᠲᠡᠦᠬᠡ 
  —  ᠵᠣᠬᠢᠶᠠᠭᠴᠢ᠄ [ ᠣᠷᠣᠰ] ᠪᠠᠷᠲ᠋ᠣᠯᠳ᠋   
        ᠬᠢᠲᠠᠳᠴᠢᠯᠠᠭᠴᠢ᠄ ᠵᠣᠣ ᠯᠢ ᠱᠧᠩ  
        ᠮᠣᠩᠭᠣᠯᠴᠢᠯᠠᠭᠴᠢ᠄ ᠨᠣ·ᠰᠠᠢᠨᠴᠣᠭᠲᠣ  
 ᠬᠠᠷᠢᠭᠤᠴᠠᠭᠰᠠᠨ ᠨᠠᠢᠷᠠᠭᠤᠯᠤᠭᠴᠢ᠄ ᠰᠸᠷᠠᠩᠨᠣᠷᠪᠤ ᠰᠢᠦ ᠰᠢᠶᠠ 
 ᠬᠠᠪᠢᠰᠤ ᠤᠷᠠᠯᠠᠭᠴᠢ᠄ ᠪᠡᠰᠦᠲᠡᠢ ᠬᠠᠰᠪᠢᠯᠢᠭ᠌   
 ᠬᠡᠪᠯᠡᠭᠦᠯᠦᠨ ᠲᠠᠷᠬᠠᠭᠠᠭᠰᠠᠨ ᠨᠢ᠄ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ  
 ᠬᠡᠪᠯᠡᠨ ᠳᠠᠷᠤᠮᠠᠯᠯᠠᠭᠰᠠᠨ ᠨᠢ᠄ ᠥᠪᠥᠷ ᠮᠣᠩᠭᠣᠯ ᠤ᠋ᠨ ᠠᠰᠢᠳᠠ ᠨᠡᠷᠡᠮᠵᠢᠲᠦ ᠰᠤᠷᠭᠠᠨ ᠬᠥᠮᠦᠵᠢᠯ ᠦ᠋ᠨ ᠬᠡᠪᠯᠡᠬᠦ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ  
 ᠴᠠᠭᠠᠰᠤᠨ ᠤ᠋ ᠬᠡᠮᠵᠢᠶ᠎ᠡ᠄ 710×1000 1/16   
 ᠬᠡᠪᠯᠡᠯ ᠦ᠋ᠨ ᠬᠠᠭᠤᠳᠠᠰᠤ᠄ 8.75   
 ᠦᠰᠦᠭ ᠦ᠋ᠨ ᠲᠣᠭ᠎ᠠ᠄ 100 ᠮᠢᠩᠭ᠎ᠠ   
 ᠬᠡᠪ ᠬᠢᠭᠰᠡᠨ ᠤᠳᠠᠭ᠎ᠠ᠄ 2016 ᠣᠨ ᠤ᠋ 6 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ  
 ᠬᠡᠪᠯᠡᠭᠰᠡᠨ ᠤᠳᠠᠭ᠎ᠠ᠄ 2020 ᠣᠨ ᠤ᠋ 11 ᠰᠠᠷ᠎ᠠ ᠳ᠋ᠤ᠌ ᠬᠣᠶᠠᠳᠤᠭᠠᠷ ᠤᠳᠠᠭ᠎ᠠ ᠬᠡᠪᠯᠡᠪᠡ   
 ᠬᠡᠪᠯᠡᠭᠰᠡᠨ ᠲᠣᠭ᠎ᠠ᠄ 2001— 5000   
 ᠨᠣᠮ ᠤ᠋ᠨ ᠨᠣᠮᠧᠷ᠄ lSBN 978 — 7 — 204 — 14121 — 0   
 ᠦᠨ᠎ᠡ᠄ 30.00 ᠲᠥᠭᠥᠷᠢᠭ