ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠭᠤᠷᠪᠠ᠂ ᠺᠠᠷᠯᠤᠭ ᠤ᠋ᠨ ᠲᠣᠪᠴᠢ ᠲᠡᠦᠬᠡ> Долоон усны түүх – [орос] Бартулд <3᠂ Карлогийн товч түүх> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠭᠤᠷᠪᠠ᠂ ᠺᠠᠷᠯᠤᠭ ᠤ᠋ᠨ ᠲᠣᠪᠴᠢ ᠲᠡᠦᠬᠡ> Долоон усны түүх – [орос] Бартулд <3᠂ Карлогийн товч түүх>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠭᠤᠷᠪᠠ᠂ ᠺᠠᠷᠯᠤᠭ ᠤ᠋ᠨ ᠲᠣᠪᠴᠢ ᠲᠡᠦᠬᠡ> Долоон усны түүх – [орос] Бартулд <3᠂ Карлогийн товч түүх>

ᠠᠩᠭᠢᠯᠠᠯ:ᠲᠡᠦᠬᠡ ᠰᠣᠶᠣᠯ
2026-01-21

196

ᠭᠤᠷᠪᠠ᠂ ᠺᠠᠷᠯᠤᠭ ᠤ᠋ᠨ ᠲᠣᠪᠴᠢ ᠲᠡᠦᠬᠡ ①


       ᠳᠤᠮᠳᠠᠳᠤ ᠤᠯᠤᠰ ᠤ᠋ᠨ᠂ ᠠᠷᠠᠪ ᠤ᠋ᠨ ᠪᠠ ᠫᠧᠷᠰ ᠦ᠋ᠨ ᠲᠡᠦᠬᠡᠨ ᠮᠠᠲ᠋ᠧᠷᠢᠶᠠᠯ ᠤ᠋ᠨ ᠢᠷᠡᠯᠲᠡ ᠶ᠋ᠢ ᠦᠨᠳᠦᠰᠦᠯᠡᠨ᠂ ᠪᠢᠳᠡ ᠪᠠᠷᠠᠭᠤᠨ ᠲᠥᠷᠥᠭ ᠮᠥᠬᠥᠭᠰᠡᠨ ᠦ᠌ ᠳᠠᠷᠠᠭ᠎ᠠ᠂ ᠲᠥᠷᠥᠭ ᠦ᠋ᠨ ᠠᠢᠮᠠᠭ ᠪᠦᠯᠦᠭ ᠦ᠋ᠳ ᠦ᠋ᠨ ᠳᠠᠬᠢᠨ ᠵᠣᠬᠢᠶᠠᠨ ᠪᠠᠢᠭᠤᠯᠤᠯᠴᠠᠭᠰᠠᠨ ᠲᠤᠬᠠᠢ ᠬᠠᠷᠢᠴᠠᠩᠭᠤᠢ ᠪᠠᠷ ᠲᠣᠳᠣ ᠲᠣᠳᠣᠷᠠᠭᠠᠳ ᠨᠢᠭᠡ ᠵᠢᠷᠤᠭ ᠢ᠋ ᠵᠢᠷᠤᠨ ᠭᠠᠷᠭᠠᠵᠤ ᠪᠣᠯᠤᠨ᠎ᠠ᠃ ᠵᠡᠭᠦᠨᠰᠢᠬᠢ ᠨᠢ ᠴᠦ᠍ ᠲᠡᠷᠡ᠂ ᠪᠠᠷᠠᠭᠤᠨᠰᠢᠬᠢ ᠨᠢ ᠴᠦ᠍ ᠲᠡᠷᠡ᠂《ᠲᠥᠷᠥᠭ》 ᠭᠡᠳᠡᠭ ᠡᠨᠡ ᠬᠦ᠌ ᠶᠡᠷᠦᠩᠬᠡᠢ ᠨᠡᠷᠡᠢᠳᠦᠯ ᠡᠴᠡ ᠭᠠᠳᠠᠨ᠎ᠠ᠂ ᠪᠠᠰᠠ《ᠣᠭᠣᠰ》 ᠪᠤᠶᠤ《ᠶᠢᠰᠦᠨ ᠣᠪᠣᠭ ᠤ᠋ᠨ ᠣᠭᠣᠰ》 ᠭᠡᠰᠡᠨ ᠨᠡᠷᠡᠢᠳᠦᠯ ᠪᠠᠢᠭ᠎ᠠ ᠶᠤᠮ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠢ᠋ ᠦᠨᠳᠦᠰᠦᠯᠡᠪᠡᠯ᠂ ᠪᠠᠷᠠᠭᠤᠨ ᠲᠥᠷᠥᠭ ᠠᠷᠪᠠᠨ ᠣᠪᠣᠭ ᠲᠤ᠌ ᠬᠤᠪᠢᠶᠠᠭᠳᠠᠳᠠᠭ᠃ ᠱᠠ ᠲᠦᠸᠧ ᠠᠢᠮᠠᠭ ᠤ᠋ᠨ ᠲᠦᠷᠦᠭᠴᠤᠳ(《ᠲᠠᠯ᠎ᠠ ᠨᠤᠲᠤᠭ ᠤ᠋ᠨ ᠲᠥᠷᠦᠭᠴᠤᠳ》ᠭᠡᠰᠡᠨ ᠰᠠᠨᠠᠭ᠎ᠠ ᠲᠠᠢ) ᠪᠣᠯ ᠵᠡᠭᠦᠨ ᠲᠦᠷᠺᠢᠰᠲ᠋ᠠᠨ ᠤ᠋ ᠬᠠᠮᠤᠭ ᠠ᠋ᠴᠠ ᠬᠣᠯᠠ ᠭᠠᠵᠠᠷ ᠲᠤ᠌ ᠨᠢᠭᠡ ᠤᠯᠤᠰ ᠪᠠᠢᠭᠤᠯᠤᠭᠰᠠᠨ ᠶᠤᠮ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠲᠡᠳᠡᠨ ᠢ᠋ ᠪᠠᠷᠠᠭᠤᠨ ᠲᠥᠷᠥᠭ ᠡᠴᠡ ᠡᠭᠦᠰᠦᠯ ᠭᠠᠷᠤᠯᠲᠠᠢ ᠭᠡᠵᠦ ᠲᠡᠮᠳᠡᠭᠯᠡᠵᠡᠢ᠃ ᠠᠷᠠᠪᠴᠤᠳ ᠤ᠋ᠨ ᠤᠯᠠᠮᠵᠢᠯᠠᠯᠲᠤ ᠶᠠᠷᠢᠶ᠎ᠠ ᠶ᠋ᠢ ᠦᠨᠳᠦᠰᠦᠯᠡᠪᠡᠯ᠂ ᠡᠨᠡ ᠬᠡᠰᠡᠭ ᠲᠥᠷᠦᠭᠴᠤᠳ ᠪᠣᠯ ᠣᠯᠠᠨ ᠤ᠋ ᠮᠡᠳᠡᠵᠦ ᠪᠠᠢᠭ᠎ᠠ《ᠶᠢᠰᠦᠨ ᠣᠪᠣᠭ ᠤ᠋ᠨ ᠣᠭᠣᠰ》 ᠪᠣᠯᠤᠨ᠎ᠠ᠃ ᠡᠨᠡ ᠬᠡᠰᠡᠭ ᠤᠭᠤᠰᠴᠤᠳ(ᠤᠢᠭᠤᠷ) ᠤ᠋ᠨ ᠥᠭᠡᠷ᠎ᠡ ᠨᠢᠭᠡ ᠰᠠᠯᠠᠭ᠎ᠠ ᠨᠢ ᠪᠠᠷᠠᠭᠤᠨᠰᠢ ᠨᠡᠭᠦᠵᠦ᠂ ᠰᠢᠷ ᠮᠥᠷᠡᠨ ᠦ᠌ ᠳᠣᠣᠷᠠᠲᠤ ᠤᠷᠤᠰᠬᠠᠯ ᠬᠠᠪᠢ ᠪᠠᠷ ᠲᠥᠪ ᠪᠣᠯᠭᠠᠵᠤ᠂ ᠨᠢᠭᠡ ᠤᠯᠤᠰ ᠪᠠᠢᠭᠤᠯᠪᠠ᠃ ᠡᠨᠡ ᠰᠠᠯᠠᠭ᠎ᠠ ᠤᠭᠤᠰᠴᠤᠳ ᠤ᠋ᠨ ᠳᠣᠯᠣᠭᠠᠨ ᠤᠰᠤᠨ ᠳ᠋ᠤ᠌ ᠨᠤᠲᠤᠭᠯᠠᠨ ᠰᠠᠭᠤᠷᠢᠰᠢᠭᠰᠠᠨ ᠲᠤᠬᠠᠢ ᠡᠷᠭᠢᠴᠡᠭᠦᠯᠦᠯ ᠳ᠋ᠦ᠍ ᠨᠢᠭᠡᠨ ᠳᠣᠮᠣᠭ ᠶᠠᠷᠢᠶ᠎ᠠ ᠦᠯᠡᠳᠡᠭᠳᠡᠵᠦ ᠪᠠᠢᠨ᠎ᠠ᠂ ᠶᠠᠽᠠᠨ ᠤ᠋ ᠬᠥᠪᠡᠭᠦᠨ ᠢᠰᠡᠢᠺᠺᠥ᠋ᠯ ᠨᠠᠭᠤᠷ ᠤ᠋ᠨ ᠬᠥᠪᠡᠭᠡᠨ ᠳ᠋ᠦ᠍ ᠨᠤᠲᠤᠭᠯᠠᠨ ᠰᠠᠭᠤᠷᠢᠰᠢᠭᠰᠠᠨ ᠲᠤᠬᠠᠢ ᠡᠨᠡ ᠳᠣᠮᠣᠭ ᠲᠤ᠌ ᠬᠦᠦᠷᠨᠢᠵᠦ ᠪᠠᠢᠨ᠎ᠠ᠃  
       ᠲᠦ ᠴᠢ ᠱᠢ ᠠᠢᠮᠠᠭ ᠭᠠᠭᠴᠠ ᠪᠠᠷ ᠢ᠋ᠶ᠋ᠠᠨ ᠳᠣᠯᠣᠭᠠᠨ ᠤᠰᠤᠨ ᠤ᠋ ᠨᠤᠲᠤᠭ ᠲᠤ᠌ ᠦᠯᠡᠳᠡᠨ ᠬᠣᠴᠣᠷᠴᠠᠢ᠃ ᠲᠡᠳᠡ ᠬᠣᠶᠠᠷ ᠠᠢᠮᠠᠭ ᠲᠤ᠌ ᠬᠤᠪᠢᠶᠠᠭᠳᠠᠪᠠ᠂ ᠲᠤᠬᠠᠢᠯᠠᠪᠠᠯ᠂ ᠲᠦᠭᠡᠰᠢ ᠠᠢᠮᠠᠭ ᠪᠣᠯᠤᠨ ᠠᠵᠢ ᠠᠢᠮᠠᠭ(ᠠᠵᠢ ᠠᠢᠮᠠᠭ ᠤ᠋ᠨ ᠲᠤᠬᠠᠢ ᠠᠪᠢᠶᠠᠯᠠᠯᠭ᠎ᠠ ᠳ᠋ᠤ᠌ ᠰᠡᠵᠢᠭ ᠦᠯᠡᠳᠡᠭᠰᠡᠭᠡᠷ ᠪᠠᠢᠭ᠎ᠠ᠂ ᠣᠷᠬᠣᠨ ᠭᠣᠣᠯ ᠣᠷᠴᠢᠮ ᠤ᠋ᠨ ᠬᠥᠰᠢᠶᠡᠨ ᠰᠡᠢᠯᠦᠮᠡᠯ ᠳ᠋ᠦ᠍ ᠯᠡ《ᠠᠽᠢ》 ᠭᠡᠳᠡᠭ ᠦᠰᠦᠭ ᠲᠡᠮᠳᠡᠭᠯᠡᠭᠳᠡᠵᠦ ᠪᠠᠢᠨ᠎ᠠ᠂ ᠡᠭᠦᠨ ᠢ᠋ᠶ᠋ᠡᠷ ᠭᠡᠷᠡᠴᠢᠯᠡᠵᠦ ᠪᠣᠯᠤᠨ᠎ᠠ) ᠪᠣᠯᠤᠨ᠎ᠠ᠃ 8 ᠳ᠋ᠤᠭᠠᠷ ᠵᠠᠭᠤᠨ ᠤ᠋ ᠳᠤᠮᠳᠠᠴᠢ ᠪᠠᠷ᠂ ᠳᠣᠯᠣᠭᠠᠨ ᠤᠰᠤᠨ ᠢ᠋ ᠨᠣᠶᠠᠷᠬᠠᠬᠤ ᠡᠷᠬᠡ ᠺᠡᠷᠯᠤᠭᠴᠤᠳ ᠤ᠋ᠨ ᠭᠠᠷ ᠲᠤ᠌ ᠣᠷᠣᠪᠠ᠃ ᠲᠤᠬᠠᠢ ᠶ᠋ᠢᠨ ᠦᠶ᠎ᠡ ᠳ᠋ᠦ᠍ ᠡᠨᠡ ᠤᠭᠰᠠᠭᠠᠨ ᠤ᠋ ᠭᠣᠣᠯ ᠬᠦᠴᠦ ᠨᠢ ᠠᠯᠲᠠᠢ ᠠᠭᠤᠯᠠᠨ ᠠ᠋ᠴᠠ ᠰᠠᠯᠤᠭᠠᠳ ᠪᠠᠢᠪᠠ᠂ ᠮᠥᠨ ᠲᠤᠰ ᠵᠠᠭᠤᠨ ᠤ᠋ ᠡᠬᠢ ᠪᠡᠷ ᠬᠣᠰᠢᠭᠤᠴᠢ ᠴᠡᠷᠢᠭ ᠨᠢ ᠠᠮᠤ ᠮᠥᠷᠡᠨ ᠦ᠌ ᠡᠷᠭᠢ ᠳ᠋ᠦ᠍ ᠬᠦᠷᠴᠢᠬᠡᠭᠰᠡᠨ ᠪᠠᠢᠪᠠ᠃ 766ᠣᠨ ᠳ᠋ᠤ᠌᠂ ᠺᠡᠷᠯᠤᠭᠴᠤᠳ ᠰᠦᠢ ᠶᠧ ᠶ᠋ᠢ ᠡᠵᠡᠯᠡᠵᠦ᠂ ᠡᠨᠳᠡ ᠨᠡᠢᠰᠯᠡᠯ ᠢ᠋ᠶ᠋ᠡᠨ ᠪᠠᠢᠭᠤᠯᠪᠠ᠃ ᠨᠣᠶᠠᠷᠬᠠᠭᠴᠢ ᠶ᠋ᠢ ᠨᠢ《ᠶᠡᠬᠦ》 ᠭᠡᠳᠡᠭ᠂ ᠡᠨᠡ ᠦᠰᠦᠭ ᠣᠷᠬᠣᠨ ᠤ᠋ ᠬᠥᠰᠢᠶᠡᠨ ᠰᠡᠢᠯᠦᠮᠡᠯ ᠳ᠋ᠦ᠍ ᠦᠷᠭᠦᠯᠵᠢ ᠭᠠᠷᠳᠠᠭ᠃  
        ᠡᠢᠮᠦ ᠡᠴᠡ ᠪᠠᠷᠠᠭᠤᠨ ᠲᠥᠷᠥᠭ ᠬᠠᠨᠳᠤ ᠤᠯᠤᠰ ᠨᠢᠭᠡᠨᠲᠡ ᠮᠥᠬᠥᠴᠢᠬᠡᠭᠰᠡᠨ ᠪᠣᠯᠪᠠᠴᠤ ᠳᠣᠯᠣᠭᠠᠨ ᠤᠰᠤᠨ ᠤ᠋ ᠨᠤᠲᠤᠭ ᠮᠥᠨ ᠲᠥᠷᠥᠭ ᠦ᠋ᠨ ᠠᠢᠮᠠᠭ ᠪᠦᠯᠦᠭ ᠲᠦ᠍ ᠡᠵᠡᠯᠡᠭᠳᠡᠭᠰᠡᠭᠡᠷ ᠪᠠᠢᠪᠠ᠃ ᠲᠤᠬᠠᠢᠯᠠᠪᠠᠯ᠂ ᠠᠷᠠᠪᠴᠤᠳ ᠲᠤ᠌ ᠡᠵᠡᠯᠡᠭᠳᠡᠭᠡ ᠦᠭᠡᠢ᠂ ᠳᠤᠮᠳᠠᠳᠤ ᠤᠯᠤᠰ ᠲᠤ᠌ ᠴᠦ᠍ ᠡᠵᠡᠯᠡᠭᠳᠡᠭᠡ ᠦᠭᠡᠢ᠃ ᠬᠢᠲᠠᠳᠴᠤᠳ ᠨᠢᠭᠡᠨ ᠦᠶ᠎ᠡ ᠪᠠᠷᠠᠭᠤᠨ ᠲᠥᠷᠺᠢᠰᠲ᠋ᠠᠨ ᠳ᠋ᠤ᠌ ᠭᠠᠷ ᠲᠥᠷᠥᠵᠦ ᠥᠩᠭᠡᠷᠡᠪᠡ ②᠂ ᠭᠡᠪᠡᠴᠦ ᠲᠡᠳᠡ ᠠᠷᠠᠪ ᠤ᠋ᠨ ᠵᠠᠩᠵᠤᠨ ᠵᠠᠶᠠ᠂ ᠢᠪᠣᠨ᠂ᠰᠠᠯᠢ ᠳ᠋ᠤ᠌ ᠴᠣᠬᠢᠭᠳᠠᠨ ᠢᠯᠠᠭᠳᠠᠭᠠᠳ ᠳᠠᠬᠢᠨ ᠭᠠᠷ ᠲᠥᠷᠥᠵᠦ ᠴᠢᠳᠠᠬᠤ ᠪᠠᠨ ᠪᠣᠯᠢᠪᠠ᠃ ᠠᠷᠠᠪᠴᠤᠳ(ᠳ᠋ᠠᠰᠢᠴᠤᠳ) ᠺᠷᠯᠣᠭᠴᠤᠳ ᠢ᠋ ᠳᠡ ᠶᠤᠸᠠᠨ ᠣᠷᠣᠨ ᠠ᠋ᠴᠠ ᠬᠥᠭᠡᠭᠡᠵᠦ ᠭᠠᠷᠭᠠᠭᠰᠠᠨ ᠠ᠋ᠴᠠ ᠥᠭᠡᠷ᠎ᠡ ᠶᠠᠭᠤᠮ᠎ᠠ ᠬᠢᠵᠦ ᠴᠢᠳᠠᠭ᠎ᠠ ᠦᠭᠡᠢ᠃ ᠪᠠᠷᠠᠭᠤᠨ ᠬᠣᠢᠰᠢ᠂ ᠣᠯᠠᠨ ᠤ᠋ ᠰᠠᠢᠨ ᠮᠡᠳᠡᠵᠦ ᠪᠠᠢᠭ᠎ᠠ ᠢᠰᠯᠠᠮ ᠤ᠋ᠨ ᠱᠠᠰᠢᠨᠲᠠᠳ ᠤ᠋ᠨ ᠳᠠᠢᠯᠠᠨ ᠳᠠᠭᠠᠭᠤᠯᠤᠭᠴᠢᠳ ᠶᠡᠷᠦ ᠡᠴᠡ ᠳ᠋ᠠᠯᠠᠰ ᠭᠣᠣᠯ ᠢ᠋ ᠳᠠᠪᠠᠵᠤ ᠳᠡᠢᠯᠦᠭᠡ ᠦᠭᠡᠢ᠃ ᠲᠥᠷᠥᠭ ᠦ᠋ᠨ ᠠᠢᠮᠠᠭ ᠤᠭᠰᠠᠭ᠎ᠠ ᠶ᠋ᠢᠨ ᠲᠡᠦᠬᠡᠨ ᠳᠡᠭᠡᠷ᠎ᠡ᠂ ᠠᠷᠠᠯᠵᠢᠶᠠᠨ ᠤ᠋ ᠬᠠᠷᠢᠴᠠᠭ᠎ᠠ ᠪᠠᠷ ᠨᠡᠪᠴᠢᠷᠡᠨ ᠣᠷᠣᠵᠤ ᠢᠷᠡᠭᠰᠡᠨ ᠢᠰᠯᠠᠮ ᠤ᠋ᠨ ᠪᠣᠯᠪᠠᠰᠤᠨ ᠤ᠋ ᠨᠥᠯᠥᠭᠡ ᠨᠢ ᠢᠰᠯᠠᠮᠴᠤᠳ ᠤ᠋ᠨ ᠴᠡᠷᠢᠭ ᠦ᠋ᠨ ᠭᠠᠪᠢᠶ᠎ᠠ ᠪᠦᠲᠦᠭᠡᠯ ᠡᠴᠡ ᠬᠠᠪᠢ ᠦᠭᠡᠢ ᠴᠢᠬᠤᠯᠠ ᠪᠠᠢᠭ᠎ᠠ᠃ ᠲᠷᠠᠨᠰᠤᠭᠰᠢᠨᠠ ᠣᠷᠣᠨ ᠤ᠋ ᠰᠠᠭᠤᠭᠠᠯᠢ ᠠᠷᠠᠳ ᠠᠷᠠᠯᠵᠢᠶ᠎ᠠ ᠬᠤᠳᠠᠯᠳᠤᠭ᠎ᠠ ᠬᠢᠬᠦ ᠠᠤᠭ᠎ᠠ ᠵᠣᠷᠢᠭ ᠢ᠋ ᠡᠪᠦᠷᠯᠡᠭᠡᠳ ᠤᠳᠠᠭᠰᠠᠨ᠂ ᠠᠯᠢ ᠡᠷᠲᠡ ᠢᠰᠯᠠᠮ ᠤ᠋ᠨ ᠱᠠᠰᠢᠨ ᠣᠷᠣᠵᠤ ᠢᠷᠡᠬᠦ ᠡᠴᠡ ᠡᠮᠦᠨ᠎ᠡ᠂ ᠳᠤᠮᠳᠠᠳᠤ ᠠᠽᠢᠶ᠎ᠠ ᠶ᠋ᠢᠨ ᠡᠯ᠎ᠡ ᠭᠠᠵᠠᠷ ᠲᠤ᠌ ᠲᠡᠳᠡ ᠨᠠᠷ ᠵᠦᠢᠯ ᠵᠦᠢᠯ ᠦ᠋ᠨ ᠦᠢᠯᠡᠳᠪᠦᠷᠢ ᠪᠠ ᠦᠢᠯᠡᠳᠬᠡᠯ ᠦ᠋ᠨ ᠭᠠᠵᠠᠷ ᠪᠠᠢᠭᠤᠯᠤᠭᠠᠳ ᠪᠠᠢᠪᠠ᠃ ᠵᠡᠭᠦᠨ ᠲᠦᠷᠺᠢᠰᠲ᠋ᠠᠨ ᠤ᠋ ᠪᠠᠷᠠᠭᠤᠨ ᠬᠥᠪᠡᠭᠡᠨ ᠦ᠌《ᠶᠢᠰᠦᠨ ᠣᠪᠣᠭ ᠤ᠋ᠨ ᠤᠢᠭᠤᠷᠴᠤᠳ》 ᠤ᠋ᠨ ᠰᠠᠭᠤᠭᠠᠯᠢ ᠨᠤᠲᠤᠭ ᠲᠤ᠌ ᠠᠯᠢ ᠬᠡᠳᠦᠢᠨ ᠰᠤᠭᠲᠠᠴᠤᠳ ᠤ᠋ᠨ ᠺᠣᠯᠣᠨᠢ ᠣᠷᠣᠨ ᠪᠣᠢ ᠪᠣᠯᠤᠭᠠᠳ ᠪᠠᠢᠭᠰᠠᠨ ᠶᠤᠮ᠃ ᠰᠤᠭᠲᠠᠴᠤᠳ ᠳᠣᠯᠣᠭᠠᠨ ᠤᠰᠤᠨ ᠳ᠋ᠤ᠌ ᠨᠥᠯᠥᠭᠡ ᠭᠠᠷᠭᠠᠭᠰᠠᠨ ᠶᠠᠪᠤᠳᠠᠯ ᠢ᠋ 10 ᠳ᠋ᠤᠭᠠᠷ ᠵᠠᠭᠤᠨ ᠤ᠋ ᠫᠧᠷᠰ ᠦ᠋ᠨ ᠨᠢᠭᠡ ᠭᠠᠵᠠᠷ ᠵᠦᠢ ᠶ᠋ᠢᠨ ᠤᠬᠠᠭᠠᠨᠲᠠᠨ ᠤ᠋ ᠮᠡᠳᠡᠭᠦᠯᠦᠯᠲᠡ ᠪᠡᠷ ᠨᠤᠲᠠᠯᠠᠵᠤ ᠪᠣᠯᠤᠨ᠎ᠠ᠃ ᠡᠨᠡ ᠮᠡᠳᠡᠭᠦᠯᠦᠯᠲᠡ ᠳ᠋ᠦ᠍ ᠶᠠᠷᠢᠬᠤ ᠳ᠋ᠠᠭᠠᠨ᠂ ᠭᠠᠰᠤᠲᠠᠢ ᠬᠠᠪᠴᠢᠯ ᠤ᠋ᠨ ᠠᠷᠤ ᠳ᠋ᠤ᠌ ᠪᠧᠯᠢ ᠭᠡᠳᠡᠭ ᠲᠣᠰᠬᠣᠨ ᠪᠣᠢ᠂ ᠪᠠᠰᠠ ᠨᠢᠭᠡ ᠨᠡᠷ᠎ᠡ ᠨᠢ ᠪᠸᠯᠢᠯ ᠲᠣᠰᠬᠣᠨ᠃ ᠰᠤᠭᠲᠠᠴᠤᠳ ᠡᠨᠡ ᠲᠣᠰᠬᠣᠨ ᠢ᠋ ᠰᠠᠮᠨᠠᠨ ᠭᠡᠵᠦ ᠳᠠᠭᠤᠳᠠᠳᠠᠭ᠃ ᠠᠷᠠᠯᠵᠢᠶᠠᠴᠢᠳ ᠤ᠋ᠨ ᠬᠦᠷᠦᠭᠰᠡᠨ ᠭᠠᠵᠠᠷ ᠪᠣᠯᠭᠠᠨ ᠳ᠋ᠤ᠌ ᠵᠦᠢᠯ ᠵᠦᠢᠯ ᠦ᠋ᠨ ᠱᠠᠰᠢᠨ ᠤ᠋ ᠰᠤᠷᠲᠠᠯᠴᠢᠯᠠᠭᠴᠢᠳ ᠳᠠᠭᠠᠵᠤ ᠣᠴᠢᠳᠠᠭ᠃ ᠡᠳᠡᠭᠡᠷ ᠬᠥᠮᠦᠰ ᠦ᠋ᠨ ᠣᠯᠠᠩᠬᠢ ᠨᠢ ᠲᠷᠠᠨᠰᠤᠭᠰᠢᠨᠠ ᠣᠷᠣᠨ ᠳ᠋ᠤ᠌ ᠲᠤᠰᠢᠶᠠᠯ ᠡᠭᠦᠷᠭᠡᠯᠡᠳᠡᠭ ᠪᠠᠢᠪᠠ᠃ ᠨᠢᠰᠲ᠋ᠣᠷᠢ ᠶ᠋ᠢᠨ ᠾᠷᠢᠰᠲ᠋ᠤᠰᠴᠤᠳ ᠴᠦ᠍ ᠪᠠᠭᠲᠠᠯᠴᠠᠵᠤ ᠪᠠᠢᠪᠠ᠃ ᠢᠰᠡᠢ᠌ᠺᠺᠥ᠋ᠯ ᠨᠠᠭᠤᠷ ᠣᠷᠴᠢᠮ ᠨᠤᠲᠤᠭᠯᠠᠵᠤ ᠪᠠᠢᠭᠰᠠᠨ ᠺᠢᠺᠢᠷᠴᠤᠳ ᠬᠡᠮᠡᠬᠦ ᠨᠡᠭᠦᠳᠡᠯᠴᠢᠨ ᠠᠢᠮᠠᠭ ᠤ᠋ᠨ ᠳᠣᠲᠣᠷ᠎ᠠ ᠾᠷᠢᠰᠲ᠋ᠣᠰ ᠤ᠋ᠨ ᠱᠠᠰᠢᠨᠲᠠᠳ ᠪᠠᠢᠭᠰᠠᠨ ᠭᠡᠨ᠎ᠡ᠃ 
       ᠢᠰᠯᠠᠮ ᠤ᠋ᠨ ᠱᠠᠰᠢᠨᠲᠠᠨ ᠤ᠋ ᠵᠣᠬᠢᠶᠠᠯᠴᠢᠳ ᠪᠠᠷᠠᠭᠤᠨ ᠠᠽᠢᠶ᠎ᠠ ᠠ᠋ᠴᠠ ᠳᠤᠮᠳᠠᠳᠤ ᠤᠯᠤᠰ ᠤᠷᠤᠭᠤ ᠨᠡᠪᠲᠡᠷᠡᠬᠦ ᠠᠷᠠᠯᠵᠢᠶᠠᠨ ᠤ᠋ ᠵᠠᠮ ᠳᠣᠯᠣᠭᠠᠨ ᠤᠰᠤᠨ ᠤ᠋ ᠨᠤᠲᠤᠭ ᠢ᠋ᠶ᠋ᠠᠷ ᠬᠡᠷᠬᠢᠨ ᠥᠩᠭᠡᠷᠡᠳᠡᠭ ᠲᠤᠬᠠᠢ ᠲᠤᠢᠯ ᠤ᠋ᠨ ᠨᠠᠷᠢᠨ ᠳᠦᠷᠰᠦᠯᠡᠨ ᠲᠣᠭᠠᠴᠢᠵᠠᠢ᠃ ᠲᠡᠷᠡᠴᠢᠯᠡᠨ ᠡᠨᠡ ᠵᠠᠮ ᠢ᠋ ᠳᠠᠭᠠᠭᠰᠠᠨ ᠬᠡᠳᠦᠨ ᠬᠣᠲᠠ ᠪᠠᠯᠭᠠᠰᠤᠨ ᠤ᠋ ᠨᠡᠷ᠎ᠡ ᠶ᠋ᠢ ᠳᠤᠷᠠᠳᠪᠠ᠂ ᠭᠡᠪᠡᠴᠦ ᠡᠨᠡ ᠬᠡᠳᠦᠨ ᠬᠣᠲᠠ ᠪᠠᠯᠭᠠᠳ ᠤ᠋ᠨ ᠨᠡᠷ᠎ᠡ ᠶ᠋ᠢᠨ ᠠᠪᠢᠶᠠᠯᠠᠯᠭ᠎ᠠ ᠶ᠋ᠢᠨ ᠲᠠᠯ᠎ᠠ ᠪᠠᠷ ᠰᠡᠵᠢᠭᠯᠡᠯ ᠣᠷᠣᠰᠢᠭᠰᠠᠭᠠᠷ ᠪᠠᠢᠭ᠎ᠠ᠃ ᠵᠦᠷ ᠬᠣᠲᠠ(ᠡᠨᠡ ᠦᠭᠡ《ᠲᠠᠯ᠎ᠠ ᠨᠤᠲᠤᠭ》 ᠭᠡᠰᠡᠨ ᠰᠠᠨᠠᠭ᠎ᠠ ᠲᠠᠢ ᠲᠥᠷᠥᠭ ᠬᠡᠯᠡᠨ ᠦ᠌《ᠴᠦᠯ》 ᠭᠡᠰᠡᠨ ᠦᠭᠡ ᠪᠠᠢᠵᠤ ᠮᠡᠳᠡᠨ᠎ᠡ) ᠨᠢ ᠫᠢᠱᠪᠣᠺ ᠬᠣᠲᠠ ᠣᠷᠴᠢᠮ ᠪᠣᠢ᠂ ᠠᠯᠮᠠᠳ᠋ᠢᠨ ᠲᠣᠰᠬᠣᠨ ᠤ᠋ ᠣᠷᠣᠨ ᠳ᠋ᠤ᠌ ᠪᠠᠢᠭᠰᠠᠨ ᠴᠦ᠍ ᠪᠠᠢᠵᠤ ᠮᠡᠳᠡᠨ᠎ᠡ᠃ ᠲᠠᠯᠠᠽᠢ(ᠲᠠᠯᠠᠰ ᠪᠤᠶᠤ ᠣᠯᠢᠶᠠ᠂ ᠠᠳᠠ ᠴᠦ᠋ ᠭᠡᠵᠦ ᠤᠩᠰᠢᠳᠠᠭ) ᠠ᠋ᠴᠠ ᠢᠷᠡᠭᠰᠡᠨ ᠵᠠᠮ ᠪᠣᠯᠤᠨ ᠠᠬᠠᠰᠢᠭ᠎ᠠ ᠠ᠋ᠴᠠ ᠭᠠᠯᠺᠦ᠋ᠯ ᠬᠠᠪᠴᠢᠯ ᠢ᠋ ᠳᠠᠪᠠᠵᠤ ᠢᠷᠡᠬᠦ ᠵᠠᠮ ᠨᠢ ᠨᠡᠢᠯᠡᠳᠡᠭ ᠪᠠᠢᠪᠠ᠃ ᠨᠠᠸᠠᠭ᠎ᠠ ᠬᠣᠲᠠ ᠪᠤᠶᠤ ᠨᠠᠸᠢᠭ᠎ᠠ ᠬᠣᠲᠠ ᠪᠣᠯ ᠴᠦ ᠭᠣᠣᠯ ᠤ᠋ᠨ ᠰᠠᠪᠠ ᠳ᠋ᠠᠬᠢ ᠮᠤᠨᠳᠠᠭ ᠲᠣᠮᠣ ᠠᠷᠠᠯᠵᠢᠶᠠᠨ ᠤ᠋ ᠲᠥᠪ ᠪᠣᠯᠤᠨ᠎ᠠ᠃ ᠡᠨᠳᠡ ᠡᠴᠡ ᠬᠣᠶᠠᠷ ᠵᠠᠮ ᠰᠠᠯᠪᠤᠷᠢᠯᠠᠵᠤ᠂ ᠨᠢᠭᠡ ᠵᠠᠮ ᠨᠢ ᠺᠢᠷ᠂ ᠠᠯᠢᠺ ᠠᠭᠤᠯᠠᠨ ᠠᠮᠠ ᠪᠠᠷ ᠥᠩᠭᠡᠷᠡᠵᠦ ᠢᠠᠰᠠᠢᠺᠺᠥ᠋ᠯ ᠨᠠᠭᠤᠷ ᠤ᠋ᠨ ᠬᠥᠪᠡᠭᠦᠨ ᠳ᠋ᠦ᠍ ᠬᠦᠷᠦᠨ᠎ᠡ᠂ ᠨᠢᠭᠡ ᠵᠠᠮ ᠨᠢ ᠤᠮᠠᠷᠠᠰᠢ ᠰᠦᠢ ᠶᠧ ᠬᠣᠲᠠ ᠳ᠋ᠤ᠌ ᠨᠡᠪᠲᠡᠷᠡᠨ᠎ᠡ᠃ ᠵᠦᠷ ᠬᠣᠲᠠ ᠪᠣᠯᠤᠨ ᠨᠠᠸᠠᠭ᠎ᠠ ᠬᠣᠲᠠ ᠶ᠋ᠢᠨ ᠬᠣᠭᠣᠷᠣᠨᠳᠣᠬᠢ ᠵᠠᠢ ᠨᠢ ᠠᠷᠪᠠᠨ ᠲᠠᠪᠤᠨ ᠬᠣᠲᠣᠩ ᠭᠠᠵᠠᠷ᠂ ᠲᠤᠬᠠᠢᠯᠠᠪᠠᠯ ᠲᠠᠪᠢᠨ ᠮᠢᠯ᠃ ᠡᠭᠦᠨ ᠡᠴᠡ ᠨᠠᠸᠠᠭ᠎ᠠ ᠬᠣᠲᠠ ᠪᠣᠯ ᠭᠠᠯᠠᠪᠦ᠋ᠯ ᠳ᠋ᠦ᠍ ᠬᠦᠷᠬᠦ ᠵᠠᠮ ᠤ᠋ᠨ ᠠᠭᠤᠯᠵᠠᠷ ᠠ᠋ᠴᠠ ᠴᠦ ᠭᠣᠣᠯ ᠤ᠋ᠨ ᠵᠡᠭᠦᠨ ᠡᠷᠭᠢ ᠳ᠋ᠦ᠍ ᠬᠦᠷᠬᠦ ᠰᠠᠯᠠᠭ᠎ᠠ ᠵᠠᠮ ᠳᠡᠭᠡᠷ᠎ᠡ ᠪᠠᠢᠭᠰᠠᠨ ᠭᠡᠵᠦ ᠲᠥᠰᠦᠭᠡᠯᠡᠵᠦ ᠪᠣᠯᠤᠨ᠎ᠠ᠃ ᠡᠨᠡ ᠪᠦᠬᠦ ᠣᠷᠣᠨ ᠨᠢ ᠺᠠᠷᠯᠣᠭ ᠤ᠋ᠨ ᠬᠠᠷᠢᠶ᠎ᠠ ᠳ᠋ᠤ᠌ ᠪᠠᠭᠲᠠᠨ᠎ᠠ᠂ ᠢᠰᠠᠢᠺᠺᠥ᠋ᠯ ᠨᠠᠭᠤᠷ ᠤ᠋ᠨ ᠡᠷᠭᠢ ᠳᠠᠭᠠᠤ ᠭᠠᠵᠠᠷ ᠨᠢ ᠭᠣᠣᠯᠳᠠᠭᠤ ᠺᠢᠺᠢᠷᠴᠦᠳ ᠲᠦ᠍ ᠡᠷᠬᠡᠰᠢᠶᠡᠭᠳᠡᠵᠦ ᠪᠠᠢᠪᠠ᠂ ᠡᠳᠡᠭᠡᠷ ᠬᠥᠮᠦᠰ ᠴᠦ᠍ ᠤᠤᠯ ᠳ᠋ᠠᠭᠠᠨ ᠺᠠᠷᠯᠣᠭᠴᠤᠳ ᠠ᠋ᠴᠠ ᠰᠠᠯᠵᠤ ᠭᠠᠷᠴᠤ ᠢᠷᠡᠭᠰᠡᠨ ᠶᠦᠮ᠃ ᠨᠠᠸᠠᠭ᠎ᠠ ᠬᠣᠲᠠ ᠪᠣᠯᠤᠨ ᠠᠭᠤᠯᠠᠨ ᠠᠮᠠ ᠶ᠋ᠢᠨ ᠬᠣᠭᠣᠷᠣᠨᠳᠣ ᠪᠠᠰᠠ ᠨᠢᠭᠡᠨ ᠠᠷᠠᠯᠵᠢᠶᠠᠨ ᠤ᠋ ᠲᠥᠪ — ᠺᠷᠮᠢᠨᠺᠠ (ᠥᠭᠡᠷ᠎ᠡ ᠨᠢᠭᠡ ᠳᠠᠭᠤᠳᠠᠯᠭ᠎ᠠ ᠨᠢ ᠺᠦᠩᠪᠠᠷᠺᠠ) ᠭᠡᠵᠦ ᠪᠠᠢᠳᠠᠭ᠂ ᠺᠠᠷᠯᠤᠭ ᠤ᠋ᠨ ᠥᠭᠡᠷ᠎ᠡ ᠨᠢᠭᠡ ᠰᠠᠯᠠᠭ᠎ᠠ ᠯᠠᠪᠠᠨᠴᠤᠳ ᠲᠤ᠌ ᠬᠠᠷᠢᠶᠠᠯᠠᠭᠳᠠᠨ᠎ᠠ᠃ ᠨᠣᠶᠠᠷᠬᠠᠭᠴᠢ ᠨᠢ《ᠺᠥ᠋ᠲ᠋ᠺᠢᠨ᠂ ᠯᠠᠪᠠᠨ》 ᠭᠡᠰᠡᠨ ᠴᠣᠯᠠ ᠲᠠᠢ᠃ ᠡᠨᠡ ᠬᠦ᠌ ᠠᠭᠤᠯᠠᠨ ᠠᠮᠠ ᠶ᠋ᠢ ᠣᠳᠣ ᠪᠣᠯᠲᠠᠯ᠎ᠠ ᠺᠢᠷ ᠭᠡᠳᠡᠭ᠃ ᠲᠡᠦᠬᠡ ᠶ᠋ᠢᠨ ᠡᠷᠳᠡᠮᠲᠡᠨ ᠭᠠᠯᠳᠢᠵᠢ ᠶ᠋ᠢᠨ ᠬᠡᠯᠡᠯᠭᠡ ᠪᠡᠷ ᠪᠣᠯ ᠡᠨᠡ ᠭᠠᠵᠠᠷ ᠤ᠋ᠨ ᠨᠡᠷ᠎ᠡ ᠶ᠋ᠢᠨ ᠤᠭ ᠰᠠᠨᠠᠭ᠎ᠠ ᠨᠢ《ᠢᠪᠴᠤᠤ ᠪᠥᠭᠡᠳ ᠪᠠᠷᠲᠠᠭ᠎ᠠ ᠲᠠᠢ》 ᠭᠡᠰᠡᠨ ᠦᠭᠡ ᠭᠡᠨ᠎ᠡ᠃ ᠡᠨᠡ ᠬᠦ᠌ ᠠᠭᠤᠯᠠᠨ ᠠᠮᠠ ᠠ᠋ᠴᠠ ᠡᠮᠦᠨᠡᠰᠢ ᠠᠷᠪᠠᠨ ᠬᠣᠶᠠᠷ ᠬᠣᠲᠣᠩ ᠭᠠᠵᠠᠷ ᠲᠤ᠌ ᠶᠠᠯ ᠭᠡᠳᠡᠭ ᠬᠣᠲᠠ ᠪᠠᠢᠵᠠᠢ᠂ ᠰᠠᠭᠤᠭᠠᠯᠢ ᠠᠷᠠᠳ ᠠ᠋ᠴᠠ ᠨᠢ ᠭᠤᠷᠪᠠᠨ ᠮᠢᠩᠭᠠᠨ ᠴᠡᠷᠢᠭ ᠲᠠᠲᠠᠵᠤ ᠳᠡᠢᠯᠦᠨ᠎ᠡ᠃ ᠺᠢᠺᠢᠷᠴᠦᠳ ᠦ᠋ᠨ ᠨᠣᠶᠠᠷᠬᠠᠭᠴᠢ ᠶ᠋ᠢᠨ ᠬᠢᠨᠢ ᠴᠣᠯᠠ ᠨᠢ《ᠳ᠋ᠠᠰᠢᠨ》᠂ ᠨᠡᠢᠰᠯᠡᠯ ᠢ᠋ᠶ᠋ᠡᠨ ᠲᠤᠰ ᠬᠣᠲᠠ ᠳ᠋ᠤ᠌ ᠪᠠᠢᠭᠤᠯᠵᠠᠢ᠃ ᠵᠠᠮ ᠵᠠᠢ ᠠ᠋ᠴᠠ ᠨᠢ ᠲᠥᠰᠥᠭᠡᠯᠡᠪᠡᠯ ᠡᠨᠡ ᠬᠣᠲᠠ ᠢᠰᠠᠢᠺᠺᠥ᠋ᠯ ᠨᠠᠭᠤᠷ ᠤ᠋ᠨ ᠬᠥᠪᠡᠭᠦᠨ ᠳ᠋ᠦ᠍ ᠪᠠᠢᠭᠰᠠᠨ ᠪᠠᠢᠬᠤ ᠶᠣᠰᠣᠲᠠᠢ᠃ ᠶᠠᠯ ᠬᠣᠲᠠᠨ ᠠ᠋ᠴᠠ ᠲᠠᠪᠤᠨ ᠬᠣᠲᠣᠩ ᠭᠠᠵᠠᠷ ᠲᠤ᠌ ᠵᠠᠢᠲᠠᠢ ᠭᠠᠵᠠᠷ ᠳ᠋ᠣᠨ ᠬᠣᠲᠠ ᠪᠣᠢ᠃ ᠡᠨᠡ ᠬᠣᠲᠠ ᠳᠠᠭᠤᠳᠠᠯᠭ᠎ᠠ ᠶ᠋ᠢᠨ ᠲᠠᠯ᠎ᠠ ᠪᠠᠷ ᠵᠢᠭᠠᠬᠠᠨ ᠣᠨᠳᠣᠣ ᠵᠢᠵᠢᠭ ᠭᠣᠣᠯ ᠤ᠋ᠨ ᠰᠠᠪᠠ ᠳ᠋ᠤ᠌ ᠪᠣᠢ᠂ ᠣᠳᠣ ᠪᠣᠯᠲᠠᠯ᠎ᠠ ᠵᠠᠷᠢᠮ ᠤᠯᠠ ᠣᠷᠣᠮ ᠨᠢ ᠪᠠᠢᠭᠰᠠᠭᠠᠷ᠃ ᠳ᠋ᠣᠨ ᠬᠣᠲᠠ ᠠ᠋ᠴᠠ ᠭᠤᠷᠪᠠᠨ ᠡᠳᠦᠷ ᠦ᠋ᠨ ᠵᠠᠮ ᠤ᠋ᠨ ᠭᠠᠳᠠᠨ᠎ᠠ ᠪᠠᠷᠰᠬᠠᠨ ᠬᠣᠲᠠ ᠭᠡᠵᠦ ᠪᠣᠢ᠃ ᠳ᠋ᠣᠨ ᠬᠣᠲᠠ ᠪᠣᠯᠤᠨ ᠪᠠᠷᠰᠬᠠᠨ ᠬᠣᠲᠠ ᠶ᠋ᠢᠨ ᠬᠣᠭᠣᠷᠣᠨᠳᠣ ᠺᠢᠺᠢᠷᠴᠦᠳ ᠦ᠋ᠨ ᠴᠠᠴᠠᠷ ᠮᠠᠢᠬᠠᠨ ᠯᠠ ᠬᠠᠷᠠᠭᠳᠠᠳᠠᠭ᠃ ᠡᠨᠡ ᠬᠣᠲᠠ ᠶ᠋ᠢᠨ ᠨᠡᠷ᠎ᠡ ᠪᠷᠰᠺᠦ‍ᠨ ᠭᠡᠳᠡᠭ ᠵᠢᠵᠢᠭ ᠭᠣᠣᠯ ᠠ᠋ᠴᠠ ᠢᠷᠡᠯᠲᠡᠢ ᠪᠠᠢᠵᠤ ᠮᠡᠳᠡᠨ᠎ᠡ᠃ ᠭᠠᠵᠠᠷ ᠵᠦᠢ ᠶ᠋ᠢᠨ ᠡᠷᠳᠡᠮᠲᠡᠨ ᠺᠥ᠋ᠳᠠᠮᠠ ᠶ᠋ᠢᠨ ᠲᠡᠮᠳᠡᠭᠯᠡᠭᠰᠡᠨ ᠢ᠋ᠶ᠋ᠡᠷ᠂ ᠪᠷᠰᠬᠠᠨ ᠬᠣᠲᠠ ᠨᠢ ᠶᠡᠬᠡ ᠣᠯᠠᠨ ᠬᠣᠲᠠ ᠲᠣᠰᠬᠣᠨ ᠨᠤᠭᠤᠳ ᠢ᠋ᠶ᠋ᠠᠷ ᠪᠦᠷᠢᠯᠳᠦᠭᠰᠡᠨ ᠪᠠᠢᠨ᠎ᠠ᠂ ᠲᠤᠬᠠᠢᠯᠠᠪᠠᠯ ᠳᠥᠷᠪᠡᠨ ᠶᠡᠬᠡ ᠲᠣᠰᠬᠣᠨ ᠪᠣᠯᠤᠨ ᠲᠠᠪᠤᠨ ᠪᠠᠭ᠎ᠠ ᠲᠣᠰᠬᠣᠨ ᠲᠠᠢ᠃ ᠡᠨᠳᠡᠬᠢ ᠨᠣᠶᠠᠷᠬᠠᠭᠴᠢ ᠶ᠋ᠢ ᠨᠢ《ᠮᠡᠨᠡᠭ》 ᠭᠡᠳᠡᠭ᠃ ᠵᠠᠷᠢᠮ ᠮᠠᠲ᠋ᠧᠷᠢᠶᠠᠯ ᠳ᠋ᠤ᠌ ᠪᠠᠰᠠ《ᠲᠠᠪᠢᠨ· ᠪᠷᠰᠬᠠᠨ》 ᠭᠡᠵᠦ ᠲᠡᠮᠳᠡᠭᠯᠡᠵᠦ ᠪᠣᠢ᠃ ᠡᠨᠳᠡ ᠡᠴᠡ ᠵᠢᠷᠭᠤᠭᠠᠨ ᠮᠢᠩᠭᠠᠨ ᠴᠡᠷᠢᠭ ᠲᠠᠲᠠᠵᠤ ᠳᠡᠢᠯᠦᠨ᠎ᠡ᠃《ᠾᠦᠩᠨᠦ ᠲᠥᠷᠥᠭ ᠦ᠋ᠨ ᠲᠡᠮᠳᠡᠭᠯᠡᠯ》 ᠢ᠋ ᠦᠨᠳᠦᠰᠦᠯᠡᠪᠡᠯ᠂ ᠪᠷᠰᠬᠠᠨ ᠤ᠋ ᠬᠠᠨ ᠨᠢ ᠺᠠᠷᠯᠣᠭ ᠤᠭᠰᠠᠭᠠᠨ ᠤ᠋ ᠬᠢ ᠪᠣᠯᠪᠠᠴᠤ ᠰᠠᠭᠤᠭᠠᠯᠢ ᠠᠷᠠᠳ ᠨᠢ《ᠶᠢᠰᠦᠨ ᠣᠪᠣᠭ ᠤ᠋ᠨ ᠤᠭᠤᠰᠴᠤᠳ》 ᠪᠠᠢᠪᠠ᠃ ᠡᠨᠡ ᠬᠦ᠌ ᠬᠣᠲᠠ ᠨᠢ ᠵᠡᠭᠦᠨ᠂ ᠪᠠᠷᠠᠭᠤᠨ ᠬᠣᠶᠠᠷ ᠲᠦᠷᠺᠢᠰᠲ᠋ᠠᠨ ᠤ᠋ ᠬᠣᠭᠣᠷᠣᠨᠳᠣ ᠵᠠᠮ ᠬᠠᠷᠢᠯᠴᠠᠭᠠᠨ ᠤ᠋ ᠵᠠᠩᠭᠢᠯᠠᠭ᠎ᠠ ᠪᠣᠭᠣᠮᠲᠠ ᠶ᠋ᠢᠨ ᠴᠢᠬᠤᠯᠠ ᠪᠠᠢᠷᠢᠨ ᠳ᠋ᠤ᠌ ᠣᠷᠣᠰᠢᠵᠤ ᠪᠠᠢᠪᠠ᠃ ᠲᠦᠷᠦᠭᠴᠦᠳ ᠲᠡᠳᠡ ᠨᠠᠷ ᠤ᠋ᠨ ᠤᠳᠤᠮ ᠤᠭᠰᠠᠭ᠎ᠠ ᠶ᠋ᠢ ᠤᠯᠠᠮᠵᠢᠯᠠᠨ ᠶᠠᠷᠢᠬᠤ ᠳ᠋ᠠᠭᠠᠨ᠂ ᠲᠦᠷᠦᠭᠴᠤᠳ ᠤ᠋ᠨ ᠨᠢᠭᠡ ᠬᠣᠢᠴᠢᠰ ᠨᠢ ᠪᠠᠷᠰᠬᠠᠨ ᠭᠡᠰᠡᠨ ᠴᠣᠯᠠ ᠲᠠᠢ ᠪᠠᠢᠭᠰᠠᠨ ᠭᠡᠪᠡ᠃
       ᠳᠡ ᠶᠤᠸᠠᠨ ᠠ᠋ᠴᠠ ᠪᠠᠷᠰᠬᠠᠨ ᠬᠦᠷᠲᠡᠯ᠎ᠡ ᠪᠠᠰᠠ ᠨᠢᠭᠡᠨ ᠰᠢᠭᠤᠳ ᠵᠠᠮ ᠪᠠᠢᠳᠠᠭ᠂ ᠡᠨᠡ ᠵᠠᠮ ᠨᠢ ᠦᠼᠢᠭᠠᠨ ᠢ᠋ᠶ᠋ᠠᠷ ᠳᠠᠭᠠᠷᠢᠵᠤ᠂ ᠶᠠᠰᠢ ᠬᠠᠪᠴᠢᠯ᠂ ᠠᠷᠪᠠ ᠠᠭᠤᠯᠠ ᠶ᠋ᠢᠨ ᠵᠢᠯᠠᠭ᠎ᠠ ᠪᠣᠯᠤᠨ ᠺᠠᠯᠠᠭᠺᠠᠨ ᠭᠣᠣᠯ᠂ ᠠᠪᠠᠱ ᠭᠣᠣᠯ᠂ ᠨᠠᠯᠢᠨ ᠭᠣᠣᠯ ᠤ᠋ᠨ ᠰᠠᠪᠠ ᠶ᠋ᠢ ᠥᠩᠭᠡᠷᠡᠳᠡᠭ᠃ ᠠᠪᠠᠱ ᠭᠣᠣᠯ ᠪᠣᠯᠤᠨ ᠺᠠᠯᠠᠭᠺᠠᠨ ᠭᠣᠣᠯ ᠤ᠋ᠨ ᠠᠭᠤᠯᠵᠠᠷ ᠠ᠋ᠴᠠ ᠣᠢᠷᠠᠬᠠᠨ ᠨᠢᠭᠡᠨ ᠳᠣᠪᠣ ᠳᠡᠭᠡᠷ᠎ᠡ᠂ ᠠᠪᠠᠱ ᠬᠣᠲᠠ(ᠣᠳᠣ ᠶ᠋ᠢᠨ ᠭᠣᠱᠤ᠂ ᠵᠦᠷᠭᠠᠨ ᠤ᠋ ᠪᠠᠭᠤᠷᠠᠢ) ᠪᠠᠢᠷᠢᠯᠠᠵᠤ ᠪᠠᠢᠪᠠ᠃ ᠡᠨᠡ ᠬᠣᠲᠠ ᠳᠠ ᠶᠤᠸᠠᠨ᠂ ᠪᠠᠷᠰᠬᠠᠨ ᠤ᠋ ᠵᠡᠭᠦᠨ ᠂ ᠲᠦᠷᠺᠢᠰᠲ᠋ᠠᠨ ᠤ᠋ ᠲᠦᠷᠫᠡᠨ ᠦ᠌ ᠬᠠᠷᠢᠶ᠎ᠠ ᠨᠤᠲᠤᠭ ᠤ᠋ᠨ ᠡᠮᠦᠨ᠎ᠡ ᠲᠠᠯ᠎ᠠ ᠳ᠋ᠤ᠌ ᠣᠷᠣᠰᠢᠳᠠᠭ᠃ ᠲᠦᠷᠫᠠᠨ ᠤ᠋ ᠨᠤᠲᠤᠭ ᠲᠤ᠌ ᠨᠡᠪᠲᠡᠷᠡᠬᠦ ᠲᠡᠷᠡ ᠵᠠᠮ ᠡᠷᠬᠡᠪᠰᠢ ᠳᠣᠯᠣᠭᠠᠲᠤ ᠶ᠋ᠢᠨ ᠬᠠᠪᠴᠢᠯ ᠢ᠋ ᠥᠩᠭᠡᠷᠡᠬᠦ ᠬᠡᠷᠡᠭᠲᠡᠢ ᠪᠠᠢᠵᠠᠢ᠃ ᠠᠪᠠᠱ ᠪᠣᠯᠤᠨ ᠪᠠᠷᠰᠬᠠᠨ ᠤ᠋ ᠬᠣᠭᠣᠷᠣᠨᠳᠣ ᠭᠠᠭᠴᠠ ᠴᠦ᠍ ᠲᠣᠰᠬᠣᠨ ᠪᠠᠢᠭ᠎ᠠ ᠦᠭᠡᠢ᠃ ᠳᠣᠯᠣᠭᠠᠨ ᠤᠰᠤᠨ ᠤ᠋ ᠡᠮᠦᠨ᠎ᠡ ᠬᠡᠰᠡᠭ ᠨᠢ ᠺᠠᠷᠯᠤᠭᠴᠤᠳ(ᠶᠢᠰᠦᠨ ᠣᠪᠣᠭ ᠤ᠋ᠨ ᠤᠭᠤᠰ ᠤ᠋ᠨ ᠳᠣᠲᠣᠷᠠᠬᠢ ᠬᠠᠮᠤᠭ ᠡᠮᠦᠨ᠎ᠡ ᠨᠢᠭᠡ ᠰᠠᠯᠠᠭ᠎ᠠ) ᠳ᠋ᠤ᠌ ᠡᠵᠡᠯᠡᠭᠳᠡᠪᠡ᠂ ᠺᠠᠱᠭᠠᠷ ᠴᠦ᠍ ᠡᠨᠡ ᠠᠢᠮᠠᠭ ᠲᠤ᠌ ᠬᠠᠷᠢᠶᠠᠯᠠᠭᠳᠠᠨ᠎ᠠ᠃ ᠨᠠᠯᠢᠨ ᠭᠣᠣᠯ ᠢ᠋ ᠶᠡᠷᠦ ᠡᠴᠡ ᠺᠠᠷᠯᠤᠭᠴᠤᠳ ᠪᠣᠯᠤᠨ ᠶᠠᠭᠯᠠᠺᠴᠤᠳ ᠤ᠋ᠨ ᠬᠣᠭᠣᠷᠣᠨᠳᠣᠬᠢ ᠬᠢᠯᠢ ᠵᠠᠬ᠎ᠠ ᠭᠡᠵᠦ ᠦᠵᠡᠭᠰᠡᠭᠡᠷ ᠢᠷᠡᠪᠡ᠃  
       ᠬᠠᠮᠤᠭ ᠤ᠋ᠨ ᠡᠴᠦᠰ ᠲᠦ᠍᠂ ᠨᠠᠸᠠᠭ᠎ᠠ ᠬᠣᠲᠠ ᠠ᠋ᠴᠠ ᠰᠦᠢ ᠶᠧ ᠳ᠋ᠦ᠍ ᠬᠦᠷᠬᠦ ᠮᠤᠷᠤᠢ ᠵᠠᠮ ᠴᠦ᠍ ᠪᠠᠷᠰᠬᠠᠨ ᠬᠣᠲᠠ ᠲᠠᠢ ᠬᠣᠯᠪᠣᠯᠳᠤᠵᠤ ᠪᠠᠢᠳᠠᠭ᠃ ᠰᠦᠢ ᠶᠧ ᠬᠣᠲᠠ ᠴᠦ ᠭᠣᠣᠯ ᠤ᠋ᠨ ᠤᠮᠠᠷ᠎ᠠ ᠡᠷᠭᠢ ᠳ᠋ᠦ᠍᠂  ᠲᠤ ᠴᠢ ᠱᠢ ᠶ᠋ᠢᠨ ᠨᠤᠲᠤᠭ ᠨᠠᠸᠠᠭ᠎ᠠ ᠠ᠋ᠴᠠ ᠭᠤᠷᠪᠠᠨ ᠬᠣᠲᠣᠩ ᠭᠠᠵᠠᠷ ᠤ᠋ᠨ ᠵᠠᠢ ᠲᠠᠢ ᠠᠭᠤᠯᠠᠨ ᠤ᠋ ᠬᠥᠯ ᠳ᠋ᠦ᠍ ᠪᠠᠢᠷᠢᠯᠠᠵᠤ ᠪᠠᠢᠭᠰᠠᠨ᠃ ᠥᠭᠡᠷ᠎ᠡ ᠪᠡᠷ ᠬᠡᠯᠡᠪᠡᠯ᠂ ᠣᠳᠣ ᠶ᠋ᠢᠨ ᠬᠠᠷ᠎ᠠ ᠪᠤᠯᠠᠭ ᠤ᠋ᠨ ᠪᠠᠢᠷᠢᠨ ᠳ᠋ᠤ᠌ ᠣᠷᠣᠰᠢᠵᠤ ᠪᠠᠢᠭᠰᠠᠨ ᠨᠢ ᠢᠯᠡᠷᠬᠡᠢ᠃ ᠨᠣᠶᠠᠯᠠᠭᠴᠢ ᠨᠢ ᠲᠥᠷᠥᠭ ᠦ᠋ᠨ ᠣᠯᠠᠨ ᠬᠠᠳ ᠤ᠋ᠨ ᠨᠢᠭᠡ ᠠᠬ᠎ᠠ ᠳᠡᠭᠦᠦ᠂ ᠭᠡᠪᠡᠴᠦ ᠲᠡᠷᠡ ᠢᠰᠯᠠᠮ ᠮᠠᠶᠢᠭ ᠤ᠋ᠨ《ᠶᠠᠯᠠᠨᠱᠠ》 ᠭᠡᠳᠡᠭ ᠴᠣᠯᠠ ᠲᠠᠢ ᠪᠠᠢᠪᠠ᠂《ᠪᠠᠭᠠᠲᠤᠷ ᠸᠠᠩ》 ᠭᠡᠰᠡᠨ ᠦᠭᠡ᠃ ᠡᠨᠡ ᠬᠣᠲᠠ ᠠ᠋ᠴᠠ ᠬᠣᠶᠠᠷ ᠲᠦᠮᠡᠨ ᠴᠡᠷᠢᠭ ᠲᠠᠲᠠᠵᠤ ᠳᠡᠢᠯᠦᠨ᠎ᠡ᠃ ᠰᠦᠢ ᠶᠧ ᠬᠦᠷᠬᠦ ᠵᠠᠮ ᠳᠡᠭᠡᠷ᠎ᠡ᠂ ᠨᠠᠸᠠᠭ᠎ᠠ ᠠ᠋ᠴᠠ ᠨᠢᠭᠡ ᠬᠣᠲᠣᠩ ᠭᠠᠵᠠᠷ ᠵᠠᠢᠲᠠᠢ ᠭᠠᠵᠠᠷ ᠲᠤ᠌ ᠫᠠᠨᠵᠢᠭ᠎ᠠ ᠬᠣᠲᠠ ᠭᠡᠵᠦ ᠪᠠᠢᠳᠠᠭ᠂ ᠡᠨᠳᠡ ᠡᠴᠡ ᠨᠠᠢ᠍ᠮᠠᠨ ᠮᠢᠩᠭᠠᠨ ᠴᠡᠷᠢᠭ ᠢ᠋ ᠠᠰᠠᠭᠤᠳᠠᠯ ᠦᠭᠡᠢ ᠲᠠᠲᠠᠵᠤ ᠳᠡᠢᠯᠦᠨ᠎ᠡ᠃ ᠰᠦᠢ ᠶᠧ ᠣᠷᠴᠢᠮ ᠭᠤᠷᠪᠠᠨ ᠲᠣᠰᠬᠣᠨ ᠪᠣᠢ᠂ ᠲᠤᠰ ᠲᠤᠰ ᠲᠠᠭᠠᠨ ᠨᠢᠭᠡ ᠨᠢᠭᠡᠨ ᠢ᠋ᠶ᠋ᠡᠨ ᠦᠯᠦ ᠬᠠᠯᠳᠠᠬᠤ ᠨᠣᠶᠠᠷᠬᠠᠭᠴᠢ ᠲᠠᠢ᠃ ᠭᠠᠰᠤᠲᠠᠢ ᠬᠠᠪᠴᠢᠯ ᠲᠠᠢ ᠲᠡᠷᠡ ᠠᠭᠤᠯᠠ ᠶ᠋ᠢ ᠲᠥᠷᠥᠭᠴᠢᠳ ᠳᠠᠷᠬᠠᠨ ᠪᠣᠭᠳᠠ ᠠᠭᠤᠯᠠ ᠭᠡᠵᠦ ᠦᠵᠡᠳᠡᠭ ᠪᠠᠢᠵᠠᠢ᠃ ᠲᠡᠳᠡ ᠨᠠᠷ ᠡᠨᠳᠡ ᠰᠠᠬᠢᠭᠤᠯᠰᠤᠨ ᠣᠷᠣᠰᠢᠵᠤ ᠪᠠᠢᠭ᠎ᠠ ᠭᠡᠵᠦ ᠢᠲᠡᠭᠡᠳᠡᠭ ᠪᠠᠢᠪᠠ᠃ ᠬᠠᠪᠴᠢᠯ ᠪᠣᠭᠣᠮᠲᠠ ᠶ᠋ᠢᠨ ᠠᠷᠤ ᠲᠠᠯ᠎ᠠ ᠳ᠋ᠤ᠌ ᠪᠸᠯᠢᠯ ᠬᠣᠲᠠ ᠪᠣᠢ᠂ ᠨᠢᠭᠡᠨ ᠮᠠᠲ᠋ᠧᠷᠢᠶᠠᠯ ᠢ᠋ ᠦᠨᠳᠦᠰᠦᠯᠡᠪᠡᠯ᠂ ᠡᠨᠡ ᠬᠣᠲᠠ ᠶ᠋ᠢᠨ ᠨᠣᠶᠠᠯᠠᠭᠴᠢ ᠶ᠋ᠢᠨ ᠴᠣᠯᠠ ᠶ᠋ᠢ《ᠪᠠᠳ᠋ᠠᠨᠰᠠᠩᠬᠦ》 ᠭᠡᠳᠡᠭ᠂ ᠥᠭᠡᠷ᠎ᠡ ᠨᠢᠭᠡ ᠲᠥᠷᠥᠭ ᠮᠠᠶᠢᠭ ᠤ᠋ᠨ ᠴᠣᠯᠠ ᠶ᠋ᠢ ᠨᠢ《ᠢᠨᠠᠲ᠋ᠺᠢᠨ》 ᠭᠡᠳᠡᠭ ᠪᠠᠢᠵᠠᠢ᠃ ᠡᠨᠡ ᠸᠠᠩ ᠭᠤᠷᠪᠠᠨ ᠮᠢᠩᠭᠠᠨ ᠴᠡᠷᠢᠭ ᠲᠡᠢ᠂ ᠲᠡᠢᠮᠦ ᠮᠥᠷᠲᠡᠭᠡᠨ ᠬᠣᠲᠠ ᠶ᠋ᠢᠨ ᠳᠣᠲᠣᠷᠠᠬᠢ ᠰᠠᠭᠤᠭᠠᠯᠢ ᠠᠷᠠᠳ ᠠ᠋ᠴᠠ ᠪᠠᠰᠠ ᠳᠣᠯᠣᠭᠠᠨ ᠮᠢᠩᠭᠠᠨ ᠴᠡᠷᠢᠭ ᠲᠠᠲᠠᠵᠤ ᠳᠡᠢᠯᠦᠨ᠎ᠡ᠃ ᠰᠦᠢ ᠶᠧ ᠡᠴᠡ ᠪᠠᠷᠰᠬᠠᠨ ᠬᠦᠷᠲᠡᠯ᠎ᠡ ᠠᠷᠠᠯᠵᠢᠶᠠᠨ ᠤ᠋ ᠠᠩᠭᠢ ᠠᠷᠪᠠᠨ ᠲᠠᠪᠤᠨ ᠡᠳᠦᠷ ᠦ᠋ᠨ ᠵᠠᠮ ᠢ᠋ ᠬᠥᠭᠡᠭᠡᠨ᠎ᠡ᠂ ᠲᠥᠷᠥᠭ ᠦ᠋ᠨ ᠥᠷᠲᠡᠭᠡ ᠤᠯᠠᠭ᠎ᠠ ᠪᠠᠷ ᠶᠠᠪᠤᠪᠠᠯ ᠭᠤᠷᠪᠠᠬᠠᠨ ᠡᠳᠦᠷ ᠬᠡᠷᠡᠭᠰᠡᠨ᠎ᠡ᠃ ᠭᠠᠰᠣᠲᠠᠢ ᠬᠠᠪᠴᠢᠯ ᠢ᠋ᠶ᠋ᠠᠷ ᠥᠩᠭᠡᠷᠡᠨ᠂ ᠸᠣᠷᠨᠢ (ᠠᠯᠠᠮᠲᠤ) ᠪᠠᠷ ᠳᠡᠮᠵᠢᠵᠦ᠂ ᠢᠯᠢ ᠭᠣᠣᠯ ᠤ᠋ᠨ ᠬᠣᠢᠲᠤ ᠡᠷᠭᠢ ᠳᠠᠪᠠᠭ᠎ᠠ ᠶ᠋ᠢ ᠳᠠᠭᠠᠵᠤ᠂ ᠺᠢᠵᠢᠷ᠂ ᠭᠠᠶᠨ ᠬᠠᠪᠴᠢᠯ(ᠰᠠᠨᠲ᠋ᠠᠱ ᠤ᠋ᠨ ᠥᠨᠳᠥᠷᠯᠢᠭ) ᠢ᠋ ᠳᠠᠪᠠᠭᠠᠳ ᠰᠠᠶᠢ ᠬᠠᠯᠺᠦ᠋ᠯ ᠳ᠋ᠦ᠍ ᠬᠦᠷᠬᠦ ᠠᠶᠠᠨ ᠤ᠋ ᠴᠠᠭ ᠨᠢ ᠳᠠᠩᠴᠤ ᠤᠷᠲᠤ ᠪᠣᠯᠴᠢᠬᠠᠵᠠᠢ᠃ ᠢᠰᠠᠢ᠌ᠺᠺᠦ᠋ᠯ ᠦ᠋ᠨ ᠬᠣᠢᠲᠤ ᠡᠷᠭᠢ ᠳ᠋ᠡᠬᠢ ᠺᠢᠺᠢᠷᠴᠤᠳ ᠤ᠋ᠨ ᠨᠤᠲᠤᠭ ᠪᠣᠯᠤᠨ ᠺᠡᠷᠯᠤᠭᠴᠤᠳ ᠤ᠋ᠨ ᠬᠠᠷᠢᠶ᠎ᠠ ᠨᠤᠲᠤᠭ ᠤ᠋ᠨ ᠵᠠᠬ᠎ᠠ ᠬᠠᠪᠢ ᠪᠠᠷ ᠰᠺᠦᠯ ᠭᠡᠰᠡᠨ ᠮᠤᠨᠳᠠᠭ ᠲᠣᠮᠣ ᠠᠷᠠᠯᠵᠢᠶᠠᠨ ᠤ᠋ ᠬᠣᠲᠠ ᠪᠠᠢᠭᠰᠠᠨ᠂ ᠡᠨᠡ ᠨᠡᠷ᠎ᠡ ᠢᠰᠡᠢᠺᠺᠦ᠋ᠯ ᠭᠡᠰᠡᠨ ᠨᠡᠷ᠎ᠡ ᠡᠴᠡ ᠬᠤᠪᠢᠷᠠᠭᠰᠠᠨ ᠪᠠᠢᠵᠤ ᠮᠡᠳᠡᠨ᠎ᠡ᠂ ᠲᠡᠮᠦᠷ ᠦ᠋ᠨ ᠦᠶ᠎ᠡ ᠪᠣᠯᠲᠠᠯ᠎ᠠ ᠡᠨᠡ ᠬᠣᠲᠠ ᠣᠷᠣᠰᠢᠭᠰᠠᠭᠠᠷ ᠪᠠᠢᠭᠰᠠᠨ᠃  
       ᠲᠥᠷᠥᠭ ᠦ᠋ᠨ ᠪᠦᠬᠦ ᠣᠪᠣᠭ ᠤᠭᠰᠠᠭᠠᠨ ᠤ᠋ ᠳᠣᠲᠣᠷ᠎ᠠ᠂ ᠺᠡᠷᠯᠣᠭᠴᠤᠳ ᠪᠣᠯ ᠢᠰᠯᠠᠮ ᠤ᠋ᠨ ᠱᠠᠰᠢᠨ ᠤ᠋ ᠪᠣᠯᠪᠠᠰᠤᠨ ᠤ᠋ ᠨᠥᠯᠥᠭᠡ ᠶ᠋ᠢ ᠲᠤᠢᠯ ᠤ᠋ᠨ ᠢᠳᠡᠪᠬᠢᠲᠡᠢ ᠬᠦᠯᠢᠶᠡᠨ ᠠᠪᠤᠭᠰᠠᠨ ᠪᠢᠯᠡ᠃ ᠺᠡᠷᠯᠤᠭ ᠤ᠋ᠨ ᠬᠠᠨ ᠶᠡᠬᠦ ᠢᠰᠯᠠᠮ ᠤ᠋ᠨ ᠱᠠᠰᠢᠨ ᠤ᠋ ᠸᠠᠩ ᠮᠠᠬᠠᠲ᠋ᠶ᠋ᠷ (775—785) ᠤ᠋ ᠦᠶ᠎ᠡ ᠳ᠋ᠦ᠍ ᠰᠢᠲᠦᠯᠭᠡ ᠪᠡᠨ ᠬᠠᠯᠠᠵᠤ ᠢᠰᠯᠠᠮ ᠤ᠋ᠨ ᠱᠠᠰᠢᠨ ᠢ᠋ ᠰᠢᠲᠦᠬᠦ ᠪᠣᠯᠪᠠ ᠭᠡᠰᠡᠨ ᠢᠰᠯᠠᠮ ᠤ᠋ᠨ ᠱᠠᠰᠢᠨ ᠤ᠋ ᠮᠠᠲ᠋ᠧᠷᠢᠶᠠᠯ ᠢ᠋ ᠢᠲᠡᠭᠡᠬᠦᠶ᠎ᠡ ᠪᠡᠷᠬᠡ ᠪᠣᠯᠪᠠᠴᠤ10 ᠳ᠋ᠤᠭᠠᠷ ᠵᠠᠭᠤᠨ ᠤ᠋ ᠦᠶ᠎ᠡ ᠳ᠋ᠦ᠍ ᠳ᠋ᠠᠯᠠᠰ ᠠ᠋ᠴᠠ ᠵᠡᠭᠦᠨᠰᠢᠬᠢ ᠬᠣᠲᠠ ᠪᠠᠯᠭᠠᠳ ᠲᠤ᠌ ᠶᠡᠬᠡ ᠬᠡᠪᠴᠢᠶᠡᠨ ᠦ᠌ ᠢᠰᠯᠠᠮ ᠤ᠋ᠨ ᠱᠠᠰᠢᠨ ᠤ᠋ ᠰᠦᠮ᠎ᠡ ᠪᠠᠢᠭᠤᠯᠤᠭᠳᠠᠭᠠᠳ ᠪᠠᠢᠭᠰᠠᠨ ᠨᠢ ᠪᠠᠲᠤᠲᠠᠢ᠃ ᠢᠰᠯᠠᠮ ᠤ᠋ᠨ ᠱᠠᠰᠢᠨ ᠤ᠋ ᠪᠣᠯᠪᠠᠰᠤᠨ ᠨᠢ ᠺᠡᠷᠯᠤᠭᠴᠤᠳ ᠤ᠋ᠨ ᠡᠩ ᠦ᠋ᠨ ᠠᠮᠢᠳᠤᠷᠠᠯ ᠤ᠋ᠨ ᠬᠡᠯᠪᠡᠷᠢ ᠶ᠋ᠢ ᠨᠥᠯᠥᠭᠡᠯᠡᠪᠡ᠂ ᠡᠭᠦᠨ ᠦ᠌ ᠤᠴᠢᠷ ᠢ᠋ ᠬᠡᠯᠡᠪᠡᠯ᠂ ᠺᠡᠷᠯᠤᠭᠴᠤᠳ ᠤ᠋ᠨ ᠳᠤᠮᠳᠠ ᠠᠩᠴᠢᠨ ᠡᠷᠦᠬᠡ ᠯᠡ ᠪᠠᠢᠭᠰᠠᠨ ᠢ᠋ᠶ᠋ᠠᠷ ᠪᠠᠷᠠᠬᠤ ᠦᠭᠡᠢ᠂ ᠮᠠᠯᠴᠢᠨ ᠬᠢᠭᠡᠳ ᠲᠠᠷᠢᠶᠠᠴᠢᠳ ᠴᠤ᠌ ᠪᠠᠢᠭᠰᠠᠨ ᠶᠤᠮ᠃ ᠺᠡᠷᠯᠤᠭᠴᠤᠳ ᠦᠷᠭᠦᠯᠵᠢ ᠪᠤᠰᠤᠳ ᠲᠥᠷᠥᠭ ᠠᠢᠮᠠᠭ ᠤ᠋ᠨ ᠲᠦᠢᠪᠡᠭᠡᠯᠭᠡ ᠳ᠋ᠦ᠍ ᠤᠴᠠᠷᠠᠳᠠᠭ ᠪᠠᠢᠪᠠ᠂ ᠡᠨᠳᠡ ᠣᠨᠴᠠᠭᠠᠢᠯᠠᠨ ᠶᠢᠰᠦᠨ ᠣᠪᠣᠭ ᠤ᠋ᠨ ᠣᠭᠤᠰᠴᠤᠳ ᠢ᠋ ᠳᠤᠷᠠᠳᠬᠤ ᠬᠡᠷᠡᠭᠲᠡᠢ᠂ ᠡᠨᠡ ᠠᠢᠮᠠᠭ 10 ᠵᠠᠭᠤᠨ ᠦᠶ᠎ᠡ ᠶ᠋ᠢᠨ ᠲᠥᠷᠦᠭᠴᠤᠳ ᠤ᠋ᠨ ᠳᠣᠲᠣᠷᠠᠬᠢ ᠬᠠᠮᠤᠭ ᠤ᠋ᠨ ᠬᠦᠴᠦᠷᠬᠡᠭ ᠨᠢ ᠪᠠᠢᠯ᠎ᠠ ᠭᠡᠭᠳᠡᠵᠦ ᠪᠠᠢᠨ᠎ᠠ᠃ ᠶᠢᠰᠦᠨ ᠣᠪᠣᠭ ᠤ᠋ᠨ ᠣᠭᠤᠰᠴᠤᠳ ᠤ᠋ᠨ ᠣᠯᠠᠩᠬᠢ ᠨᠢ᠂ ᠴᠠᠭᠠᠰᠢᠯᠠᠭᠠᠳ ᠬᠠᠨ ᠸᠠᠩ ᠨᠢ ᠬᠦᠷᠲᠡᠯ᠎ᠡ ᠮᠠᠨᠢ ᠶ᠋ᠢᠨ ᠱᠠᠰᠢᠨ ᠢ᠋ ᠰᠢᠲᠦᠳᠡᠭ ᠪᠠᠢᠪᠠ᠂ ᠭᠡᠬᠦ ᠳ᠋ᠡᠭᠡᠨ ᠲᠡᠳᠡᠨ ᠦ᠌ ᠳᠤᠮᠳᠠ ᠾᠷᠢᠰᠲ᠋ᠣᠰ ᠤ᠋ᠨ ᠱᠠᠰᠢᠨᠲᠠᠨ᠂ ᠪᠤᠷᠬᠠᠨ ᠤ᠋ ᠱᠠᠰᠢᠨᠲᠠᠨ ᠪᠣᠯᠤᠨ ᠢᠰᠯᠠᠮ ᠤ᠋ᠨ ᠱᠠᠰᠢᠨᠲᠠᠨ ᠴᠤ᠌ ᠶᠡᠬᠡ ᠣᠯᠠᠨ ᠪᠠᠢᠭᠰᠠᠨ᠃ ᠪᠠᠷᠰᠬᠠᠨ ᠬᠣᠲᠠ ᠨᠢᠭᠡ ᠦᠶ᠎ᠡ ᠺᠡᠷᠯᠤᠭ ᠲᠤ᠌ ᠬᠠᠷᠢᠶᠠᠯᠠᠭᠳᠠᠵᠤ ᠪᠠᠢᠭᠰᠠᠨ ᠢ᠋ᠶ᠋ᠠᠨ 10 ᠳ᠋ᠤᠭᠠᠷ ᠵᠠᠭᠤᠨ ᠤ᠋ ᠦᠶ᠎ᠡ ᠳ᠋ᠦ᠍ ᠶᠢᠰᠦᠨ ᠣᠪᠣᠭ ᠤ᠋ᠨ ᠣᠭᠤᠰ ᠲᠤ᠌ ᠬᠠᠷᠢᠶᠠᠯᠠᠭᠳᠠᠬᠤ ᠪᠣᠯᠤᠭᠰᠠᠨ ᠢ᠋ ᠲᠡᠦᠬᠡ ᠶ᠋ᠢᠨ ᠮᠠᠲ᠋ᠧᠷᠢᠶᠠᠯ ᠠ᠋ᠴᠠ ᠲᠣᠳᠣᠷᠬᠠᠢ ᠣᠯᠵᠤ ᠬᠠᠷᠠᠵᠤ ᠪᠣᠯᠤᠨ᠎ᠠ᠃ ᠵᠢᠱ᠌ᠢᠶᠡᠯᠡᠪᠡᠯ᠂ ᠪᠠᠨᠱᠦ ᠬᠣᠲᠠ(ᠡᠨᠡ ᠬᠣᠲᠠ ᠶ᠋ᠢᠨ ᠨᠡᠷ᠎ᠡ ᠶ᠋ᠢᠨ ᠠᠪᠢᠶᠠᠯᠠᠭ᠎ᠠ ᠰᠡᠵᠢᠭᠯᠡᠯᠲᠡᠢ)᠂ ᠥᠭᠡᠷ᠎ᠡ ᠪᠡᠷ ᠬᠡᠯᠡᠪᠡᠯ ᠣᠳᠣ ᠶ᠋ᠢᠨ ᠠᠺᠰᠦ ᠬᠣᠲᠠ ᠶ᠋ᠢ ᠺᠡᠷᠯᠤᠭ ᠲᠤ᠌ ᠬᠠᠷᠢᠶᠠᠯᠠᠭᠳᠠᠨ᠎ᠠ ᠭᠡᠵᠦ ᠮᠠᠲ᠋ᠧᠷᠢᠶᠠᠯ ᠳ᠋ᠤ᠌ ᠲᠡᠮᠳᠡᠭᠯᠡᠪᠡ᠃ ᠭᠡᠪᠡᠴᠦ ᠲᠡᠭᠦᠨ ᠢ᠋ ᠨᠣᠶᠠᠯᠠᠭᠴᠢ ᠨᠢ ᠶᠢᠰᠦᠨ ᠣᠪᠣᠭ ᠤ᠋ᠨ ᠣᠭᠤᠰ ᠲᠤ᠌ ᠬᠠᠷᠢᠶᠠᠯᠠᠭᠳᠠᠵᠤ ᠪᠣᠢ᠃ ᠰᠡᠭᠦᠯᠡᠷ ᠨᠢ ᠡᠨᠡ ᠬᠣᠲᠠ ᠺᠢᠷᠺᠢᠰᠴᠦᠳ ᠲᠦ᠍ ᠡᠵᠡᠯᠡᠭᠳᠡᠪᠡ᠃ ᠲᠤᠬᠠᠢ ᠶ᠋ᠢᠨ ᠦᠶ᠎ᠡ ᠳ᠋ᠦ᠍ ᠭᠢᠷᠭᠢᠰᠴᠦᠳ ᠶᠧᠨᠢᠰᠧᠢ ᠭᠣᠣᠯ ᠤ᠋ᠨ ᠳᠡᠭᠡᠳᠦ ᠤᠷᠤᠰᠬᠠᠯ ᠤ᠋ᠨ ᠰᠠᠪᠠ ᠣᠷᠴᠢᠮ ᠪᠠᠢᠵᠠᠢ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠤ᠋ᠨ ᠲᠡᠮᠳᠡᠭᠯᠡᠯ ᠢ᠋ ᠦᠨᠳᠦᠰᠦᠯᠡᠪᠡᠯ᠂ ᠠᠷᠠᠪ ᠤ᠋ᠨ ᠠᠷᠠᠯᠵᠢᠶᠠᠴᠢᠳ ᠭᠤᠷᠪᠠᠨ ᠵᠢᠯ ᠳ᠋ᠦ᠍ ᠨᠢᠭᠡ ᠤᠳᠠᠭ᠎ᠠ ᠺᠥ᠋ᠴᠡ(ᠺᠦᠽᠢ) ᠡᠴᠡ ᠲᠡᠳᠡ ᠨᠠᠷ ᠲᠤ᠌ ᠲᠣᠷᠭ᠎ᠠ ᠳᠤᠷᠳᠤᠩ ᠬᠦᠷᠭᠡᠵᠦ ᠣᠴᠢᠳᠠᠭ ᠪᠠᠢᠵᠠᠢ᠃ ᠠᠷᠠᠯᠵᠢᠶ᠎ᠠ ᠬᠤᠳᠠᠯᠳᠤᠭ᠎ᠠ ᠨᠢ ᠭᠢᠷᠭᠢᠰᠴᠦᠳ ᠬᠢᠭᠡᠳ ᠠᠷᠠᠪᠴᠤᠳ᠂ ᠮᠥᠨ ᠴᠦ᠍ ᠺᠠᠷᠯᠣᠭᠴᠤᠳ ᠪᠣᠯᠤᠨ ᠲᠥᠷᠫᠠᠨᠴᠤᠳ ᠤ᠋ᠨ ᠬᠣᠭᠣᠷᠣᠨᠳᠣᠬᠢ ᠬᠠᠷᠢᠴᠠᠭ᠎ᠠ ᠶ᠋ᠢ ᠣᠢᠷᠠᠲᠤᠭᠤᠯᠪᠠ᠃ ᠺᠢᠷᠺᠢᠰᠴᠦᠳ ᠬᠢᠭᠡᠳ ᠺᠠᠷᠯᠣᠭᠴᠤᠳ ᠬᠣᠯᠪᠣᠭ᠎ᠠ ᠪᠠᠢᠭᠤᠯᠵᠤ᠂ ᠶᠢᠰᠦᠨ ᠣᠪᠣᠭ ᠤ᠋ᠨ ᠣᠭᠤᠰᠴᠤᠳ ᠤ᠋ᠨ ᠡᠵᠡᠯᠡᠵᠦ ᠪᠠᠢᠭᠰᠠᠨ ᠳᠣᠯᠣᠭᠠᠨ ᠤᠰᠤᠨ ᠤ᠋ ᠨᠢᠭᠡ ᠬᠡᠰᠡᠭ ᠭᠠᠵᠠᠷ ᠢ᠋ ᠡᠵᠡᠯᠡᠨ ᠠᠪᠤᠭᠰᠠᠨ ᠪᠣᠯᠤᠮᠵᠢ ᠶᠡᠬᠡ ᠪᠠᠢᠨ᠎ᠠ᠂ ᠣᠳᠣ ᠪᠣᠯᠲᠠᠯ᠎ᠠ ᠲᠡᠳᠡᠨ ᠦ᠌ ᠨᠤᠲᠤᠭ ᠪᠠᠢᠭᠰᠠᠭᠠᠷ᠃ ᠶᠡᠷᠦᠩᠬᠡᠢ ᠳ᠋ᠦ᠍ᠨᠢ ᠠᠪᠴᠤ ᠬᠡᠯᠡᠪᠡᠯ᠂ ᠬ᠌ᠢᠷᠬ᠌ᠢᠰᠴᠤᠳ ᠤ᠋ᠨ ᠭᠣᠣᠯ ᠬᠦᠴᠦ ᠳᠣᠯᠣᠭᠠᠨ ᠤᠰᠤᠨ ᠤ᠋ ᠨᠤᠲᠤᠭ ᠲᠤ᠌ ᠣᠷᠣᠵᠤ ᠰᠠᠭᠤᠭᠰᠠᠨ ᠨᠢ ᠨᠡᠯᠢᠶᠡᠳ ᠬᠣᠵᠢᠮ ᠤ᠋ᠨ ᠦᠶ᠎ᠡ ᠶ᠋ᠢᠨ ᠤᠴᠢᠷ ᠪᠣᠯᠬᠤ ᠨᠢ ᠳᠠᠮᠵᠢᠭ ᠦᠭᠡᠢ᠃ ᠬᠡᠷᠪᠡ ᠺᠠᠷᠠᠬᠠᠨ ᠤᠯᠤᠰ ᠤ᠋ᠨ ᠦᠶ᠎ᠡ ᠳ᠋ᠦ᠍ ᠲᠡᠳᠡ ᠨᠢᠭᠡᠨᠲᠡ ᠳᠣᠯᠣᠭᠠᠨ ᠤᠰᠤᠨ ᠤ᠋ ᠨᠤᠲᠤᠭ ᠲᠤ᠌ ᠣᠷᠣᠵᠤ ᠰᠠᠭᠤᠭᠠᠳ ᠪᠠᠢᠭᠰᠠᠨ ᠪᠣᠯ10 ᠂11 ᠳ᠋ᠦ᠍ᠭᠡᠷ ᠵᠠᠭᠤᠨ ᠤ᠋ ᠦᠶ᠎ᠡ ᠳ᠋ᠦ᠍ ᠢᠰᠯᠠᠮ ᠤ᠋ᠨ ᠱᠠᠰᠢᠨ ᠢ᠋ ᠰᠢᠲᠦᠬᠦ ᠪᠣᠯᠴᠢᠬᠠᠭᠰᠠᠨ ᠪᠠᠢᠬᠤ ᠶᠣᠰᠣᠲᠠᠢ᠃ ᠭᠡᠲᠡᠯ᠎ᠡ ᠬᠡᠷᠡᠭ ᠳᠡᠭᠡᠷ᠎ᠡ ᠪᠡᠨ ᠲᠡᠳᠡ ᠨᠠᠷ16 ᠳ᠋ᠤᠭᠠᠷ ᠵᠠᠭᠤᠨ ᠤ᠋ ᠦᠶ᠎ᠡ ᠳ᠋ᠦ᠍ ᠴᠦ᠍ ᠭᠠᠵᠢᠭᠤ ᠱᠠᠰᠢᠨᠲᠠᠨ ᠢ᠋ᠶ᠋ᠠᠷ ᠦᠵᠡᠭᠳᠡᠳᠡᠭ ᠪᠠᠢᠪᠠ᠃ 
       ᠡᠨᠡ ᠬᠦ᠌ ᠴᠦ ᠭᠣᠣᠯ ᠤ᠋ᠨ ᠰᠠᠪᠠ ᠭᠠᠵᠠᠷ ᠪᠣᠯ ᠺᠠᠷᠯᠣᠭ ᠤ᠋ᠨ ᠭᠠᠵᠠᠷ ᠨᠤᠲᠤᠭ ᠤ᠋ᠨ ᠲᠥᠪ ᠪᠠᠢᠭᠰᠠᠨ᠂ ᠰᠡᠭᠦᠯᠡᠷ ᠨᠢ ᠬᠠᠰᠢ ᠯᠠ ᠳᠠᠢᠰᠤᠨ ᠤ᠋ ᠭᠠᠷ ᠲᠤ᠌ ᠣᠷᠣᠪᠠ᠃ ᠪᠠᠷᠤᠭ 940 ᠣᠨ ᠤ᠋ ᠦᠶ᠎ᠡ ᠪᠡᠷ᠂ ᠨᠢᠭᠡ ᠬᠡᠰᠡᠭ《ᠭᠠᠵᠢᠭᠤ ᠱᠠᠰᠢᠨ ᠢ᠋ ᠰᠢᠲᠦᠳᠡᠭ ᠲᠥᠷᠦᠭᠴᠦᠳ 》 ᠪᠠᠯᠠᠱᠭᠥ᠋ᠨ ᠢ᠋ ᠡᠵᠡᠯᠡᠨ ᠠᠪᠤᠪᠠ᠃ 11᠂12 ᠳ᠋ᠤᠭᠠᠷ ᠵᠠᠭᠤᠨ ᠤ᠋ ᠦᠶ᠎ᠡ ᠳ᠋ᠦ᠍᠂ ᠡᠨᠡ ᠬᠦ᠌ ᠬᠣᠲᠠ ᠶ᠋ᠢᠨ ᠨᠡᠷ᠎ᠡ ᠶᠡᠬᠡ ᠮᠠᠨᠳᠤᠭᠰᠠᠨ ᠪᠠᠢᠪᠠ᠃ ᠮᠦᠺᠠᠳᠠᠰᠢ ᠪᠣᠯ ᠡᠨᠡ ᠬᠣᠲᠠ ᠶ᠋ᠢ ᠳᠤᠷᠠᠳᠴᠤ ᠭᠠᠷᠭᠠᠭᠰᠠᠨ 10 ᠳ᠋ᠤᠭᠠᠷ ᠵᠠᠭᠤᠨ ᠤ᠋ ᠴᠣᠷ ᠤ᠋ᠨ ᠭᠠᠭᠴᠠ ᠭᠠᠵᠠᠷ ᠵᠦᠢ ᠶ᠋ᠢᠨ ᠡᠷᠳᠡᠮᠲᠡᠨ ᠶᠦᠮ᠃ ᠲᠡᠷᠡ ᠪᠡᠷ《ᠭᠠᠵᠠᠷ ᠠᠭᠤᠳᠠᠮ᠂ ᠠᠷᠠᠳ ᠶᠡᠬᠡᠲᠡᠢ᠂ ᠪᠠᠶᠠᠨ ᠴᠢᠨᠡᠭᠡᠯᠢᠭ 》 ᠭᠡᠵᠦ ᠳᠦᠷᠰᠦᠯᠡᠨ ᠪᠢᠴᠢᠵᠡᠢ᠃ ᠪᠠᠯᠠᠱᠺᠥ᠋ᠨ ᠬᠣᠲᠠ ᠶ᠋ᠢᠨ ᠪᠠᠢᠷᠢᠰᠢᠯ ᠤ᠋ᠨ ᠲᠤᠬᠠᠢ ᠨᠠᠷᠢᠨ ᠣᠨᠣᠪᠴᠢᠲᠠᠢ ᠭᠡᠷᠡᠴᠢ ᠪᠠᠷᠢᠮᠲᠠ ᠣᠯᠳᠠᠭ᠎ᠠ ᠦᠭᠡᠢ ᠪᠠᠢᠭᠰᠠᠭᠠᠷ᠂ ᠭᠡᠪᠡᠴᠦ ᠪᠢ ᠡᠨᠡ ᠬᠣᠲᠠ ᠶ᠋ᠢ ᠴᠦ ᠭᠣᠣᠯ ᠤ᠋ᠨ ᠰᠠᠪᠠ ᠭᠠᠵᠠᠷ ᠲᠤ᠌ ᠪᠠᠢᠭᠰᠠᠨ ᠭᠡᠵᠦ ᠪᠠᠲᠤ ᠢᠲᠡᠭᠡᠵᠦ ᠪᠠᠢᠨ᠎ᠠ᠃ ᠴᠦ ᠭᠣᠣᠯ ᠤ᠋ᠨ ᠰᠠᠪᠠ ᠭᠠᠵᠠᠷ ᠢ᠋ ᠡᠵᠡᠯᠡᠭᠰᠡᠳ ᠪᠣᠯ ᠺᠠᠷᠠᠬᠠᠨ ᠤᠯᠤᠰ ᠢ᠋ ᠪᠠᠢᠭᠤᠯᠤᠭᠰᠠᠨ ᠬᠥᠮᠦᠰ ᠪᠣᠯᠤᠨ᠎ᠠ᠃ ᠶᠠᠭ ᠰᠠᠢᠬᠠᠨ ᠡᠨᠡ ᠬᠦ᠌ ᠠᠢᠮᠠᠭ ᠤᠭᠰᠠᠭ᠎ᠠ ᠶ᠋ᠢᠨ ᠬᠢᠨ ᠦ᠌ ᠨᠣᠶᠠᠷᠬᠠᠯ ᠳᠣᠣᠷ᠎ᠠ᠂ ᠳᠤᠮᠳᠠᠳᠤ ᠠᠽᠢᠶ᠎ᠠ ᠶ᠋ᠢᠨ ᠪᠠᠷᠠᠭᠤᠨ ᠬᠠᠭᠠᠰ ᠬᠡᠰᠡᠭ10 ᠳ᠋ᠤᠭᠠᠷ ᠵᠠᠭᠤᠨ ᠤ᠋ ᠦᠶ᠎ᠡ ᠳ᠋ᠦ᠍ ᠨᠢᠭᠡᠳᠬᠡᠭᠳᠡᠭᠰᠡᠨ ᠪᠠᠢᠨ᠎ᠠ᠃

— — — — 
 ① ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠠ᠋ᠴᠠ ᠵᠥᠪᠬᠡᠨ8 ᠳ᠋ᠤᠭᠠᠷ ᠵᠠᠭᠤᠨ ᠤ᠋ ᠵᠠᠷᠢᠮ ᠤᠴᠢᠷ ᠤ᠋ᠳ ᠤ᠋ᠨ ᠣᠨ ᠰᠠᠷ᠎ᠠ ᠶ᠋ᠢ ᠯᠡ ᠲᠥᠰᠦᠭᠡᠯᠡᠵᠦ ᠪᠣᠯᠤᠨ᠎ᠠ᠃ 9᠂10 ᠳ᠋ᠤᠭᠠᠷ ᠵᠠᠭᠤᠨ ᠤ᠋ ᠳᠣᠯᠣᠭᠠᠨ ᠤᠰᠤᠨ ᠤ᠋ ᠭᠠᠵᠠᠷ ᠨᠤᠲᠤᠭ ᠤ᠋ᠨ ᠪᠠᠢᠳᠠᠯ ᠤ᠋ᠨ ᠲᠤᠬᠠᠢ ᠮᠠᠲ᠋ᠧᠷᠢᠶᠠᠯ ᠢ᠋ ᠠᠷᠠᠪ ᠤ᠋ᠨ ᠬᠡᠳᠦᠨ ᠭᠠᠵᠠᠷ ᠵᠦᠢ ᠶ᠋ᠢᠨ ᠡᠷᠳᠡᠮᠲᠡᠨ ᠦ᠌ ᠪᠦᠲᠦᠭᠡᠯ ᠡᠴᠡ ᠤᠩᠰᠢᠵᠤ ᠪᠣᠯᠤᠨ᠎ᠠ᠂ ᠬᠣᠯᠠᠨᠳ᠋ ᠤ᠋ᠨ ᠲᠣᠷᠥᠨ᠎ᠡ ᠳ᠋ᠠᠬᠢᠨ ᠰᠤᠳᠤᠯᠤᠯ ᠤ᠋ᠨ ᠡᠷᠳᠡᠮᠲᠡᠨ ᠭᠣᠶᠸ (deGoeje) ᠲᠤᠭᠤᠷᠪᠢᠪᠠ᠃ ᠪᠤᠰᠤᠳ ᠵᠣᠬᠢᠶᠠᠯ ᠪᠦᠲᠦᠭᠡᠯ ᠦ᠋ᠳ᠂ ᠵᠢᠱ᠌ᠢᠶᠡᠯᠡᠪᠡᠯ ᠵᠦᠸᠠᠢ᠌ᠨᠢ ᠶ᠋ᠢᠨ ᠵᠢᠷᠭᠤᠭᠠᠨ ᠪᠣᠳᠢ ᠭᠠᠵᠠᠷ ᠵᠦᠢ ᠶ᠋ᠢᠨ ᠨᠣᠮ ᠪᠣᠯᠤᠨ ᠢᠪᠣᠨ· ᠾᠣᠷᠳᠠᠪ ᠤ᠋ᠨ ᠤᠭ ᠵᠣᠬᠢᠶᠠᠯ ᠤ᠋ᠳ ᠪᠦᠷ ᠠᠯᠳᠠᠭᠳᠠᠵᠠᠢ᠃ ᠭᠡᠪᠡᠴᠦ ᠠᠭᠤᠯᠭ᠎ᠠ ᠨᠤᠭᠤᠳ ᠢ᠋ ᠨᠢ ᠫᠧᠷᠰ ᠦ᠋ᠨ ᠡᠷᠳᠡᠮᠲᠡᠳ ᠡᠰᠢᠯᠡᠨ ᠠᠰᠢᠭᠯᠠᠪᠠ᠃ ᠵᠢᠱ᠌ᠢᠶᠡᠯᠡᠪᠡᠯ ᠲᠦᠮᠡᠨᠰᠺᠢ ᠶ᠋ᠢᠨ ᠪᠤᠬᠠᠷ ᠲᠤ᠌ ᠣᠯᠳᠠᠭᠰᠠᠨ10 ᠳ᠋ᠤᠭᠠᠷ ᠵᠠᠭᠤᠨ ᠤ᠋ ᠲᠤᠬᠠᠢ ᠨᠡᠷ᠎ᠡ ᠶ᠋ᠢ ᠨᠢ ᠦᠯᠦ ᠮᠡᠳᠡᠬᠦ ᠵᠣᠬᠢᠶᠠᠯᠴᠢ ᠶ᠋ᠢᠨ ᠵᠣᠬᠢᠶᠠᠯ(ᠲᠦᠮᠡᠨᠰᠺᠢ ᠶ᠋ᠢᠨ ᠵᠣᠬᠢᠶᠠᠯ ᠤ᠋ᠨ ᠨᠡᠷ᠎ᠡ ᠨᠢ《ᠬᠣᠲᠠ᠂ ᠠᠷ᠂ ᠠᠯᠠ》᠂ ᠪᠠᠷᠲ᠋ᠤᠯᠳ᠋ ᠤ᠋ᠨ ᠳᠠᠷᠤᠮᠠᠯᠠᠯ ᠡᠬᠡ ᠪᠠ ᠮᠢᠨᠨᠤᠷᠰᠺᠢ ᠶ᠋ᠢᠨ ᠠᠩᠭ᠌ᠯᠢ ᠣᠷᠴᠢᠭᠤᠯᠭ᠎ᠠ ᠶ᠋ᠢᠨ ᠡᠬᠡ ᠪᠣᠢ) ᠪᠣᠯᠤᠨ᠎ᠠ᠃(ᠤᠤᠯ ᠲᠠᠢᠯᠪᠤᠷᠢ)᠃ 《ᠰᠥᠩ ᠦ᠋ᠨ ᠲᠡᠦᠬᠡ》 ᠳ᠋ᠦ᠍《割禄》 ᠭᠡᠵᠦ ᠲᠡᠮᠳᠡᠭᠯᠡᠪᠡ᠃(ᠬᠢᠲᠠᠳᠴᠢᠯᠠᠭᠴᠢ ᠶ᠋ᠢᠨ ᠲᠠᠢᠯᠪᠤᠷᠢ)
 ② ᠳᠠᠩ ᠤᠯᠤᠰ ᠤ᠋ᠨ ᠲᠢᠶᠠᠨ ᠪᠤᠤ ᠶ᠋ᠢᠨ ᠠᠷᠪᠠᠳᠤᠭᠠᠷ ᠣᠨ (751) ᠳ᠋ᠦ᠍ ᠭᠣᠣ ᠰᠢᠶᠠᠨ ᡁᠢ ᠪᠠᠷᠠᠭᠤᠨ ᠣᠷᠣᠨ ᠢ᠋ ᠳᠠᠢᠯᠠᠭᠰᠠᠨ ᠤᠴᠢᠷ ᠢ᠋ ᠵᠢᠭᠠᠵᠤ ᠪᠠᠢᠨ᠎ᠠ᠃( ᠬᠢᠲᠠᠳᠴᠢᠯᠠᠭᠴᠢ ᠶ᠋ᠢᠨ ᠲᠠᠢᠯᠪᠤᠷᠢ)