ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠬᠣᠶᠠᠷ᠂ ᠲᠥᠷᠥᠭ ᠦ᠋ᠨ ᠲᠣᠪᠴᠢ ᠲᠡᠦᠬᠡ > Долоон усны түүх – [орос] Бартулд <2᠂ Түрэгийн товч түүх> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠬᠣᠶᠠᠷ᠂ ᠲᠥᠷᠥᠭ ᠦ᠋ᠨ ᠲᠣᠪᠴᠢ ᠲᠡᠦᠬᠡ > Долоон усны түүх – [орос] Бартулд <2᠂ Түрэгийн товч түүх>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠬᠣᠶᠠᠷ᠂ ᠲᠥᠷᠥᠭ ᠦ᠋ᠨ ᠲᠣᠪᠴᠢ ᠲᠡᠦᠬᠡ > Долоон усны түүх – [орос] Бартулд <2᠂ Түрэгийн товч түүх>

ᠠᠩᠭᠢᠯᠠᠯ:ᠲᠡᠦᠬᠡ ᠰᠣᠶᠣᠯ
2026-01-18

127

ᠬᠣᠶᠠᠷ᠂ ᠲᠥᠷᠥᠭ ᠦ᠋ᠨ ᠲᠣᠪᠴᠢ ᠲᠡᠦᠬᠡ


       ᠣᠨ ᠲᠣᠭᠠᠯᠠᠯ ᠤ᠋ᠨ6 ᠳ᠋ᠤᠭᠠᠷ ᠵᠠᠭᠤᠨ ᠳ᠋ᠤ᠌᠂ ᠨᠢᠭᠡᠨ ᠰᠢᠨ᠎ᠡ ᠨᠡᠭᠦᠳᠡᠯ ᠬᠠᠨᠳᠤ ᠤᠯᠤᠰ ᠳᠤᠮᠳᠠᠳᠤ ᠠᠽᠢᠶ᠎ᠠ ᠳ᠋ᠤ᠌ ᠪᠠᠢᠭᠤᠯᠤᠭᠳᠠᠪᠠ᠃ ᠲᠥᠷᠥᠭᠴᠦᠳ ᠠᠯᠲᠠᠢ ᠠᠭᠤᠯᠠᠨ ᠠ᠋ᠴᠠ ᠢᠷᠡᠵᠡᠢ᠃ ᠲᠤᠩ ᠣᠢᠷᠠᠬᠠᠨ ᠬᠤᠭᠤᠴᠠᠭᠠᠨ᠎ᠠ᠂ ᠵᠡᠭᠦᠨᠰᠢ ᠨᠣᠮᠣᠬᠠᠨ ᠳᠠᠯᠠᠢ ᠬᠦᠷᠲᠡᠯᠡᠬᠢ ᠪᠠᠷᠠᠭᠤᠨᠰᠢ ᠺᠠᠰᠫᠢ ᠲᠠᠩᠭᠢᠰ ᠲᠤᠯᠲᠠᠯᠠᠬᠢ ᠥᠷᠭᠡᠨ ᠠᠭᠤᠳᠠᠮ ᠭᠠᠵᠠᠷ ᠨᠤᠲᠤᠭ ᠤ᠋ᠨ ᠡᠯ᠎ᠡ ᠦᠨᠳᠦᠰᠦᠲᠡᠨ ᠦ᠌ ᠠᠷᠠᠳ ᠢᠷᠭᠡᠳ ᠢ᠋ ᠡᠷᠬᠡᠰᠢᠶᠡᠯ ᠳ᠋ᠡᠭᠡᠨ ᠣᠷᠣᠭᠤᠯᠵᠠᠢ᠃ ᠬᠠᠨᠳᠤ ᠤᠯᠤᠰ ᠢ᠋ ᠴᠣᠭᠴᠠᠯᠠᠨ ᠪᠠᠢᠭᠤᠯᠤᠭᠴᠢ ᠢᠯᠢ ᠬᠠᠨ ᠲᠦᠮᠡᠨ553 ᠣᠨ ᠳ᠋ᠤ᠌ ᠨᠠᠰᠤ ᠨᠥᠭᠴᠢᠪᠡ᠃ 581 ᠣᠨ ᠳ᠋ᠤ᠌ ᠲᠠᠪᠦ᠋ ᠶ᠋ᠢ ᠦᠬᠦᠭᠰᠡᠨ ᠡᠴᠡ ᠬᠣᠢᠰᠢ᠂ ᠬᠠᠨᠳᠤ ᠤᠯᠤᠰ ᠨᠢ ᠵᠡᠭᠦᠨ ᠪᠠᠷᠠᠭᠤᠨ ᠲᠥᠷᠥᠭ ᠤᠯᠤᠰ ᠪᠣᠯᠵᠤ ᠬᠠᠭᠠᠴᠠᠪᠠ᠃ ᠤᠤᠯ ᠤ᠋ᠨ ᠦᠰᠦᠨ ᠦ᠌ ᠨᠤᠲᠤᠭ ᠪᠠᠢᠭᠰᠠᠨ ᠳᠣᠯᠣᠭᠠᠨ ᠤᠰᠤᠨ ᠤ᠋ ᠭᠠᠵᠠᠷ ᠨᠢ ᠲᠥᠷᠥᠭ ᠦ᠋ᠨ ᠲᠥᠪ ᠨᠤᠲᠤᠭ ᠪᠣᠯᠤᠭᠰᠠᠨ ᠪᠠᠢᠨ᠎ᠠ᠃ ᠡᠭᠦᠨ ᠦ᠌ ᠤᠯᠠᠮ ᠠ᠋ᠴᠠ ᠬᠣᠵᠢᠮ ᠨᠢ ᠳᠤᠮᠳᠠᠳᠤ ᠠᠽᠢᠶ᠎ᠠ ᠶ᠋ᠢᠨ ᠪᠠᠷᠠᠭᠤᠨ ᠬᠡᠰᠡᠭ ᠲᠦ᠍ ᠤᠷᠢᠳ ᠬᠣᠵᠢᠳ ᠪᠣᠢ ᠪᠣᠯᠤᠭᠰᠠᠨ ᠨᠡᠭᠦᠳᠡᠯ ᠤᠯᠤᠰ ᠤ᠋ᠳ ᠤ᠋ᠨ ᠲᠥᠪ ᠭᠠᠵᠠᠷ ᠪᠣᠯᠪᠠ᠃ ᠲᠥᠷᠥᠭ ᠦ᠋ᠨ ᠡᠵᠡᠯᠡᠵᠦ ᠪᠠᠢᠭᠰᠠᠨ ᠴᠠᠭ ᠦᠶ᠎ᠡ ᠨᠢ ᠳᠣᠯᠣᠭᠠᠨ ᠤᠰᠤᠨ ᠤ᠋ ᠭᠠᠵᠠᠷ ᠣᠷᠣᠨ ᠤ᠋ ᠲᠡᠦᠬᠡᠨ ᠳ᠋ᠦ᠍ ᠴᠢᠬᠤᠯᠠ ᠪᠠᠢᠷᠢ ᠶ᠋ᠢ ᠡᠵᠡᠯᠡᠳᠡᠭ ᠶᠦᠮ᠃ ᠡᠨᠡ ᠬᠦ᠌ ᠨᠡᠭᠦᠳᠡᠯ ᠤᠯᠤᠰ ᠤ᠋ᠨ ᠲᠥᠪ ᠨᠤᠲᠤᠭ ᠨᠢ ᠡᠯ᠎ᠡ ᠤᠯᠤᠰ ᠤ᠋ᠨ ᠠᠷᠠᠯᠵᠢᠶᠠᠴᠢᠳ ᠤ᠋ᠨ ᠠᠩᠬᠠᠷᠤᠯ ᠢ᠋ ᠲᠤᠢᠯ ᠤ᠋ᠨ ᠶᠡᠬᠡ ᠪᠡᠷ ᠲᠠᠲᠠᠳᠠᠭ ᠭᠠᠵᠠᠷ ᠪᠠᠢᠵᠠᠢ᠃ ᠲᠡᠳᠡ ᠨᠠᠷ ᠤ᠋ᠨ ᠪᠠᠷᠠᠭ᠎ᠠ ᠲᠠᠸᠠᠷ ᠤ᠋ᠨ ᠬᠠᠮᠤᠭ ᠤ᠋ᠨ ᠰᠠᠢᠨ ᠵᠠᠬ᠎ᠠ ᠳᠡᠯᠭᠡᠭᠦᠷ ᠨᠢ ᠡᠨᠳᠡ ᠪᠠᠢᠭᠰᠠᠨ ᠶᠤᠮ᠃ ᠣᠨᠴᠠᠭᠠᠢᠯᠠᠨ ᠨᠡᠬᠡᠮᠡᠯ ᠦ᠋ᠨ ᠡᠳ᠋᠂ ᠡᠨᠡ ᠪᠣᠯ ᠳᠤᠮᠳᠠᠳᠤ ᠤᠯᠤᠰ ᠪᠣᠯᠤᠨ ᠪᠠᠷᠠᠭᠤᠨ ᠠᠽᠢᠶ᠎ᠠ ᠠ᠋ᠴᠠ ᠨᠡᠭᠦᠳᠡᠯᠴᠢᠳ ᠦ᠋ᠨ ᠣᠷᠣᠨ ᠳ᠋ᠤ᠌ ᠣᠷᠣᠭᠤᠯᠬᠤ ᠭᠣᠣᠯ ᠲᠠᠸᠠᠷ ᠪᠣᠯᠤᠨ᠎ᠠ᠃ ᠡᠨᠡ ᠬᠦ᠌ ᠨᠡᠬᠡᠮᠡᠯ ᠦ᠋ᠨ ᠡᠳ᠋ ᠦ᠋ᠨ ᠬᠡᠷᠡᠭᠴᠡᠭᠡ ᠨᠢ7 ᠳ᠋ᠤᠭᠠᠷ ᠵᠠᠭᠤᠨ᠎ᠠ ᠳᠠ ᠶᠤᠸᠠᠨ ᠣᠷᠣᠨ ᠳ᠋ᠤ᠌ ᠪᠣᠢ ᠪᠣᠯᠤᠭᠰᠠᠨ ᠬᠤᠪᠢᠰᠤᠯ ᠰᠠᠮᠠᠭᠤᠷᠠᠯ ᠢ᠋ ᠳᠠᠭᠠᠯᠳᠤᠨ᠂ ᠪᠠᠷᠠᠭᠤᠨ ᠠᠽᠢᠶ᠎ᠠ ᠠ᠋ᠴᠠ ᠳᠤᠮᠳᠠᠳᠤ ᠤᠯᠤᠰ ᠲᠤ᠌ ᠨᠡᠪᠲᠡᠷᠡᠬᠦ ᠠᠷᠠᠯᠵᠢᠶᠠᠨ ᠤ᠋ ᠵᠠᠮ ᠢ᠋ ᠤᠮᠠᠷᠠᠰᠢ ᠰᠢᠯᠵᠢᠬᠦ ᠳ᠋ᠦ᠍ ᠬᠦᠷᠦᠭᠦᠯᠦᠭᠰᠡᠨ ᠪᠠᠢᠨ᠎ᠠ᠃ ᠠᠷᠠᠯᠵᠢᠶᠠᠴᠢᠳ ᠳᠠ ᠶᠤᠸᠠᠨ ᠪᠣᠯᠤᠨ ᠺᠠᠱᠭᠠᠷ ᠤ᠋ᠨ ᠵᠠᠮ ᠢ᠋ ᠨᠡᠭᠡᠭᠡᠵᠦ᠂ ᠰᠠᠮᠠᠷᠺᠠᠨᠳ᠋ ᠢ᠋ᠶ᠋ᠠᠷ ᠳᠠᠮᠵᠢᠨ ᠵᠡᠭᠦᠨ ᠬᠣᠢᠰᠢ ᠠᠶᠠᠯᠠᠨ᠂ ᠲᠠᠱᠺᠧᠨ᠋ᠲ᠋ ᠪᠣᠯᠤᠨ ᠡᠯᠢᠶᠠ᠂ ᠠᠲ᠋ᠠ ᠪᠠᠷ ᠳᠣᠯᠣᠭᠠᠨ ᠤᠰᠤᠨ ᠤ᠋ ᠨᠤᠲᠤᠭ ᠲᠤ᠌ ᠣᠷᠣᠭᠠᠳ ᠴᠦ ᠭᠣᠣᠯ ᠤ᠋ᠨ ᠡᠷᠭᠢᠨ ᠳ᠋ᠦ᠍ ᠬᠦᠷᠳᠡᠭ ᠪᠣᠯᠪᠠ᠃ ᠲᠡᠭᠡᠭᠡᠳ ᠲᠡᠳᠡ ᠨᠠᠷ ᠢᠰᠠᠢ᠋ᠺᠺᠦ᠋ᠯ ᠨᠠᠭᠤᠷ ᠤ᠋ᠨ ᠡᠮᠦᠨ᠎ᠡ ᠡᠷᠭᠢ ᠶ᠋ᠢ ᠳᠠᠭᠠᠵᠤ᠂ ᠪᠠᠢᠳᠠ ᠶ᠋ᠢᠨ ᠪᠡᠷᠬᠡ ᠬᠠᠪᠴᠢᠯ ᠢ᠋ ᠳᠠᠪᠠᠨ᠂ ᠠᠺᠰᠤ ᠳ᠋ᠤ᠌ ᠬᠦᠷᠦᠨ᠎ᠡ᠃ ᠮᠠᠨ ᠤ᠋ ᠮᠡᠳᠡᠵᠦ ᠪᠠᠢᠬᠤ ᠪᠠᠷ᠂ ᠡᠨᠡ ᠠᠷᠠᠯᠵᠢᠶᠠᠨ ᠤ᠋ ᠵᠠᠮ ᠢ᠋ ᠬᠠᠮᠤᠭ ᠤ᠋ᠨ ᠠᠩᠬᠠᠨ᠎ᠠ7 ᠳ᠋ᠤᠭᠠᠷ ᠵᠠᠭᠤᠨ ᠳ᠋ᠤ᠌ ᠲᠠᠩᠰᠤᠭ ᠯᠠᠮᠠ ᠰᠢᠦᠸᠠᠨ ᠽᠠᠩ ᠪᠣᠯᠤᠨ《ᠰᠢᠨ᠎ᠡ ᠳᠠᠩ ᠤᠯᠤᠰ ᠤ᠋ᠨ ᠪᠢᠴᠢᠭ》 ᠲᠦ᠍ ᠳᠤᠷᠠᠳᠴᠠᠢ᠃《ᠰᠢᠨ᠎ᠡ ᠳᠠᠩ ᠤᠯᠤᠰ ᠤ᠋ᠨ ᠪᠢᠴᠢᠭ》11 ᠳ᠋ᠦ᠍ᠭᠡᠷ ᠵᠠᠭᠤᠨ ᠳ᠋ᠤ᠌ ᠮᠡᠨᠳᠦᠯᠡᠪᠡ᠂ ᠭᠡᠪᠡᠴᠦ ᠡᠨᠡ ᠪᠢᠴᠢᠭ ᠲᠡᠬᠢ ᠪᠠᠷᠠᠭᠤᠨ ᠣᠷᠣᠨ ᠤ᠋ ᠲᠤᠬᠠᠢ ᠮᠠᠲ᠋ᠧᠷᠢᠶᠠᠯ ᠤ᠋ᠨ ᠡᠰᠢ ᠪᠠᠷᠢᠮᠲᠠ ᠨᠢ7᠂8 ᠳ᠋ᠤᠭᠠᠷ ᠵᠠᠭᠤᠨ ᠤ᠋ ᠬᠢ ᠪᠠᠢᠪᠠ᠃ ᠳᠤᠮᠳᠠᠳᠤ ᠤᠯᠤᠰ ᠤ᠋ᠨ ᠣᠨ ᠳᠠᠷᠠᠭᠠᠯᠠᠭᠰᠠᠨ ᠲᠡᠦᠬᠡ ᠶ᠋ᠢ ᠪᠢᠴᠢᠭᠴᠢᠳ ᠳᠣᠯᠣᠭᠠᠨ ᠤᠰᠤᠨ ᠤ᠋ ᠨᠤᠲᠤᠭ ᠢ᠋ᠶ᠋ᠠᠷ ᠥᠩᠭᠡᠷᠡᠬᠦ ᠡᠨᠡ ᠬᠦ᠌ ᠲᠣᠮᠣ ᠵᠠᠮ ᠤ᠋ᠨ ᠲᠤᠬᠠᠢ ᠶᠡᠷᠦ ᠡᠴᠡ ᠨᠠᠷᠢᠨ ᠲᠣᠭᠠᠴᠢᠭ᠎ᠠ ᠦᠭᠡᠢ᠃ ᠭᠡᠪᠡᠴᠦ7 ᠳ᠋ᠤᠭᠠᠷ ᠵᠠᠭᠤᠨ ᠳ᠋ᠤ᠌ ᠶᠠᠳᠠᠬᠤ ᠳ᠋ᠠᠭᠠᠨ ᠳᠣᠯᠣᠭᠠᠨ ᠤᠰᠤᠨ ᠣᠷᠣᠨ ᠳ᠋ᠤ᠌ ᠨᠢᠭᠡᠨᠲᠡ ᠲᠠᠷᠢᠶᠠᠯᠠᠩ ᠪᠣᠢ ᠪᠣᠯᠤᠭᠠᠳ ᠪᠠᠢᠭᠰᠠᠨ ᠢ᠋ ᠪᠢᠳᠡ ᠢᠲᠡᠭᠡᠵᠦ ᠪᠣᠯᠤᠨ᠎ᠠ᠃ ᠡᠭᠦᠨ ᠢ᠋ ᠲ᠋ᠷᠠᠨᠰᠤᠭᠰᠢᠨᠠ(ᠠᠮᠤ ᠮᠥᠷᠡᠨ ᠪᠣᠯᠤᠨ ᠰᠢᠷ ᠮᠥᠷᠡᠨ ᠦ᠌ ᠬᠣᠭᠣᠷᠣᠨᠳᠣᠬᠢ ᠥᠩ ᠰᠢᠮᠡᠯᠢᠭ ᠭᠠᠵᠠᠷ ᠨᠤᠲᠤᠭ) ᠤ᠋ᠨ ᠨᠡᠭᠦᠳᠡᠯ ᠢᠷᠭᠡᠳ ᠣᠷᠣᠭᠤᠯᠵᠤ ᠠᠪᠴᠢᠷᠠᠭᠰᠠᠨ ᠶᠤᠮ᠃ ᠡᠨᠡ ᠨᠢ ᠬᠣᠵᠢᠮ ᠨᠢ ᠬᠤᠤᠬᠠᠨ ᠬᠠᠨᠯᠢᠭ ᠤᠯᠤᠰ ᠤ᠋ᠨ ᠨᠡᠭᠦᠳᠡᠯᠴᠢ ᠢᠷᠭᠡᠳ ᠳᠠᠬᠢᠨᠲᠠ ᠣᠷᠣᠭᠤᠯᠵᠤ ᠠᠪᠴᠢᠷᠠᠭᠰᠠᠨ ᠲᠠᠢ ᠠᠳᠠᠯᠢᠬᠠᠨ ᠭᠡᠳᠡᠭ ᠢ᠋ ᠪᠢᠳᠡ ᠪᠠᠲᠤᠲᠠᠢ ᠢᠲᠡᠭᠡᠵᠦ ᠪᠣᠯᠤᠨ᠎ᠠ᠃ ᠰᠢᠦᠸᠠᠨ ᠽᠠᠩ ᠬᠤᠸᠠᠷᠠᠭ ᠢ᠋ ᠬᠢᠯᠢ ᠳᠠᠪᠠᠬᠤ ᠦᠶ᠎ᠡ ᠳ᠋ᠦ᠍᠂ ᠠᠮᠤ ᠮᠥᠷᠡᠨ ᠪᠣᠯᠤᠨ ᠰᠢᠷ ᠮᠥᠷᠡᠨ ᠦ᠌ ᠬᠣᠭᠣᠷᠣᠨᠳᠣᠬᠢ ᠨᠤᠲᠤᠭ ᠤ᠋ᠨ ᠰᠣᠶᠣᠯ ᠨᠢ ᠨᠢᠭᠡᠳᠦᠯᠲᠡᠢ ᠪᠠᠢᠭᠰᠠᠨ᠂ ᠲᠤᠬᠠᠢᠯᠠᠪᠠᠯ ᠬᠤᠪᠴᠠᠰᠤ ᠵᠠᠰᠠᠯ᠂ ᠦᠭᠡ ᠬᠡᠯᠡ ᠦᠰᠦᠭ ᠪᠢᠴᠢᠭ ᠨᠢ ᠪᠦᠷ ᠠᠳᠠᠯᠢᠬᠠᠨ ᠪᠠᠢᠵᠠᠢ᠃ ᠭᠣᠣᠯ ᠱᠠᠰᠢᠨ ᠨᠢ ᠮᠠᠨᠢ ᠶ᠋ᠢᠨ ᠱᠠᠰᠢᠨ ᠪᠠᠢᠭᠰᠠᠨ ᠮᠠᠭᠠᠳ᠃ ᠦᠰᠦᠭ ᠦ᠋ᠨ ᠴᠠᠭᠠᠨ ᠲᠣᠯᠣᠭᠠᠢ ᠨᠢ ᠰᠢᠷᠢᠶ᠎ᠡ ᠡᠴᠡ ᠢᠷᠡᠯᠲᠡᠢ ᠪᠠᠢᠵᠤ ᠮᠡᠳᠡᠨ᠎ᠡ᠃32 ᠴᠠᠭᠠᠨ ᠲᠣᠯᠣᠭᠠᠢ ᠲᠠᠢ᠃ ᠪᠣᠰᠤᠭ᠎ᠠ ᠪᠠᠷ ᠪᠢᠴᠢᠨ᠎ᠡ᠃ ᠲᠤᠬᠠᠢ ᠶ᠋ᠢᠨ ᠦᠶ᠎ᠡ ᠳ᠋ᠦ᠍ ᠨᠢᠭᠡᠨᠲᠡ ᠲᠡᠦᠬᠡᠨ ᠵᠣᠬᠢᠶᠠᠯ ᠲᠠᠢ ᠪᠣᠯᠵᠠᠢ(《ᠦᠰᠦᠭ ᠦ᠋ᠨ ᠢᠷᠡᠯᠲᠡ ᠨᠢ ᠲᠣᠳᠣ ᠦᠭᠡᠢ᠂ ᠭᠤᠴᠢᠨ ᠬᠡᠳᠦᠨ ᠴᠠᠭᠠᠨ ᠲᠣᠯᠣᠭᠠᠢ ᠲᠠᠢ ᠲᠠᠪᠤᠨ ᠮᠠᠬᠠᠪᠣᠳ ᠤ᠋ᠨ ᠤᠬᠠᠭᠠᠨ ᠲᠠᠢ》᠂《ᠪᠢᠴᠢᠭ ᠲᠡᠮᠳᠡᠭᠯᠡᠯ ᠲᠡᠢ᠂ ᠦᠰᠦᠭ ᠢ᠋ ᠨᠢ ᠪᠣᠰᠤᠭ᠎ᠠ ᠪᠠᠷ ᠤᠩᠰᠢᠮᠤᠢ》)᠃ ᠬᠥᠮᠦᠨ ᠵᠤᠨ ᠤ᠋ ᠬᠢᠨᠢ ᠭᠠᠳᠠᠷ ᠲᠥᠷᠬᠦ ᠶ᠋ᠢ ᠲᠡᠮᠳᠡᠭᠯᠡᠬᠦ ᠳ᠋ᠡᠭᠡᠨ《ᠦᠰᠦᠨ ᠢ᠋ᠶ᠋ᠡᠨ ᠤᠷᠲᠤ ᠲᠠᠯᠪᠢᠵᠤ᠂ ᠲᠡᠷᠢᠭᠦᠨ ᠢ᠋ᠶ᠋ᠡᠨ ᠣᠷᠢᠶᠠᠯᠭᠠᠵᠤᠬᠤᠢ᠂ ᠭᠠᠭᠴᠠ ᠲᠣᠯᠣᠭᠠᠢ ᠶ᠋ᠢᠨ ᠣᠷᠣᠢ ᠶ᠋ᠢ ᠬᠤᠰᠤᠵᠤ᠂ ᠲᠣᠷᠭ᠎ᠠ ᠪᠠᠷ ᠮᠠᠩᠨᠠᠢ ᠪᠠᠨ ᠪᠦᠲᠡᠭᠡᠵᠦᠬᠦᠢ》 ᠭᠡᠪᠡ᠃ ᠰᠠᠭᠤᠭᠠᠯᠢ ᠠᠷᠠᠳ ᠤ᠋ᠨ ᠬᠠᠭᠠᠰ ᠨᠢ ᠲᠠᠷᠢᠶᠠᠯᠠᠵᠤ᠂ ᠬᠠᠭᠠᠰ ᠨᠢ ᠠᠷᠠᠯᠵᠢᠶ᠎ᠠ ᠮᠠᠢᠮᠠᠢ ᠬᠢᠳᠡᠭ᠃ ᠠᠷᠠᠯᠵᠢᠶᠠᠨ ᠤ᠋ ᠲᠥᠪ ᠨᠢ ᠤᠰᠤᠨ ᠬᠣᠲᠠ ᠲᠣᠭᠮᠣᠺ᠂ ᠰᠦᠢ ᠶᠧ ᠬᠣᠲᠠ ᠴᠦ᠍ ᠭᠡᠳᠡᠭ᠃ ᠢᠰᠯᠠᠮ ᠤ᠋ᠨ ᠱᠠᠰᠢᠨ ᠤ᠋ ᠪᠢᠴᠢᠭ ᠮᠠᠲ᠋ᠧᠷᠢᠶᠠᠯ ᠳ᠋ᠤ᠌ ᠴᠦ᠍ ᠡᠨᠡ ᠨᠡᠷ᠎ᠡ ᠲᠡᠮᠳᠡᠭᠯᠡᠭᠳᠡᠵᠦ ᠪᠣᠢ᠂ ᠭᠠᠰᠤᠲᠠᠢ ᠬᠠᠪᠴᠢᠯ ᠤ᠋ᠨ ᠡᠮᠦᠨ᠎ᠡ ᠪᠠᠢᠷᠢᠯᠠᠳᠠᠭ ᠭᠡᠨ᠎ᠡ᠃7 ᠳ᠋ᠤᠭᠠᠷ ᠵᠠᠭᠤᠨ ᠠ᠋ᠴᠠ ᠢᠨᠠᠭᠰᠢ᠂ ᠡᠯ᠎ᠡ ᠤᠯᠤᠰ ᠤ᠋ᠨ ᠠᠷᠠᠯᠵᠢᠶᠠᠴᠢᠳ ᠰᠦᠢ ᠶᠧ ᠬᠣᠲᠠ ᠳ᠋ᠤ᠌ ᠬᠤᠷᠠᠨ ᠴᠤᠭᠯᠠᠷᠠᠬᠤ ᠪᠣᠯᠪᠠ᠃ ᠰᠦᠢ ᠶᠧ ᠬᠣᠲᠠ ᠠ᠋ᠴᠠ ᠪᠠᠷᠠᠭᠤᠨᠰᠢ《ᠬᠡᠳᠦᠨ ᠠᠷᠪᠠᠨ ᠥᠨᠥᠴᠢᠨ ᠬᠣᠲᠠ ᠪᠣᠢ᠂ ᠬᠣᠲᠠ ᠪᠦᠷᠢ ᠳ᠋ᠡᠭᠡᠨ ᠠᠬᠠᠯᠠᠭᠴᠢ ᠲᠠᠢ᠂ ᠬᠠᠷᠢᠯᠴᠠᠨ ᠵᠠᠷᠯᠢᠭ ᠵᠠᠬᠢᠶ᠎ᠠ ᠪᠠᠭᠤᠯᠭᠠᠬᠤ ᠦᠭᠡᠢ ᠪᠣᠯᠪᠠᠴᠤ ᠴᠥᠮ ᠢ᠋ᠶ᠋ᠡᠷ ᠲᠥᠷᠥᠭ ᠲᠦ᠍ ᠬᠠᠷᠢᠶᠠᠯᠠᠭᠳᠠᠮᠤᠢ》᠃   
       ᠰᠦᠢ ᠶᠧ ᠬᠣᠲᠠ ᠶ᠋ᠢᠨ ᠲᠡᠭᠦᠷᠭᠡ ᠣᠷᠴᠢᠮ ᠦᠷᠭᠦᠯᠵᠢ ᠪᠠᠷᠠᠭᠤᠨ ᠲᠥᠷᠥᠭ ᠦ᠋ᠨ ᠬᠠᠨ ᠤ᠋ ᠶᠡᠬᠡ ᠴᠠᠴᠠᠷ ᠬᠠᠷᠠᠭᠳᠠᠳᠠᠭ᠃ ᠰᠢᠦᠸᠠᠨ ᠽᠠᠩ ᠢ᠋ᠶ᠋ᠠᠷ ᠲᠥᠷᠥᠭ ᠦ᠋ᠨ ᠨᠢᠭᠡ ᠬᠠᠨ ᠲᠠᠢ ᠡᠨᠳᠡ ᠠᠭᠤᠯᠵᠠᠨ ᠵᠣᠯᠭᠠᠵᠠᠢ᠃ ᠬᠠᠨ ᠠᠨᠤ᠂ ᠨᠣᠭᠣᠭᠠᠨ ᠲᠡᠷᠯᠢᠭ ᠡᠮᠦᠰᠴᠦ᠂ ᠨᠤᠲᠤᠭ ᠤ᠋ᠨ ᠶᠣᠰᠣᠭᠠᠷ ᠭᠡᠵᠢᠭᠡ ᠪᠡᠨ ᠣᠷᠢᠶᠠᠯᠭᠠᠨ ᠡᠪᠬᠡᠵᠦ ᠠᠷᠪᠠᠨ ᠬᠡᠳᠦᠨ ᠲᠣᠬᠣᠢ ᠤᠷᠲᠤ ᠲᠣᠷᠭᠠᠨ ᠪᠥᠰ ᠢ᠋ᠶ᠋ᠡᠷ ᠳᠠᠷᠤᠭᠤᠯᠤᠨ ᠣᠷᠢᠶᠠᠵᠤᠬᠤᠢ᠃ ᠬᠠᠨ ᠤ᠋ ᠳᠠᠭᠠᠭᠰᠠᠳ ᠤ᠋ᠨ ᠭᠡᠵᠢᠭᠡ ᠶ᠋ᠢᠨ ᠶᠠᠩᠵᠤ ᠨᠢ ᠦᠰᠦᠳ ᠣᠨᠳᠣᠣ᠂ ᠤᠷᠲᠤ ᠭᠡᠵᠢᠭᠡ ᠬᠥᠷᠥᠵᠦᠬᠦᠢ᠃ ᠬᠠᠨ ᠢ᠋ᠶ᠋ᠠᠷ ᠨᠢᠭᠡᠨ ᠶᠡᠬᠡ ᠴᠠᠴᠠᠷ ᠲᠤ᠌ ᠰᠠᠭᠤᠵᠤ ᠪᠣᠢ᠂ ᠴᠠᠴᠠᠷ ᠤ᠋ᠨ ᠳᠣᠲᠣᠷ᠎ᠠ ᠠᠯᠲᠠᠨ ᠡᠳ᠋ᠯᠡᠯ ᠳᠦᠭᠦᠷᠡᠩ ᠥᠷᠥᠵᠡᠢ᠃ ᠴᠠᠴᠠᠷ ᠤ᠋ᠨ ᠳᠣᠲᠣᠷ᠎ᠠ ᠸᠠᠩ ᠬᠦᠩ ᠡᠷᠬᠢᠮ ᠢᠵᠠᠭᠤᠷᠲᠠᠳ ᠲᠣᠷᠭᠠᠨ ᠪᠦᠰᠡ ᠪᠡᠷ ᠲᠣᠯᠣᠭᠠᠢ ᠪᠠᠨ ᠣᠷᠢᠶᠠᠵᠤ᠂ ᠬᠡᠪᠢᠰ ᠦ᠋ᠨ ᠳᠡᠭᠡᠷ᠎ᠡ ᠮᠥᠷᠯᠡᠨ ᠰᠠᠭᠤᠯᠴᠠᠪᠠ᠂ ᠠᠷᠤ ᠳ᠋ᠤᠨᠢ ᠬᠠᠮᠠᠭᠠᠯᠠᠭᠴᠢᠳ ᠨᠢ ᠵᠣᠭᠰᠣᠪᠠ᠃《ᠬᠡᠳᠦᠢ ᠪᠡᠷ ᠨᠢᠭᠡᠨ ᠢᠰᠡᠭᠡᠢ ᠴᠠᠴᠠᠷ ᠤ᠋ᠨ ᠳᠣᠲᠣᠷᠠᠬᠢ ᠵᠡᠷᠯᠢᠭ ᠸᠠᠩ ᠪᠣᠯᠪᠠᠴᠤ ᠠᠭᠤᠯᠵᠠᠭᠰᠠᠨ ᠬᠥᠮᠦᠨ ᠢ᠋ ᠡᠷᠬᠡ ᠦᠭᠡᠢ ᠪᠢᠰᠢᠷᠡᠯ ᠲᠥᠷᠥᠭᠦᠯᠦᠮᠦᠢ》᠃ ᠰᠢᠦᠸᠠᠨ ᠽᠠᠩ ᠬᠤᠸᠠᠷᠠᠭ ᠶᠡᠬᠡ ᠴᠠᠴᠠᠷ ᠠ᠋ᠴᠠ ᠬᠣᠷᠢᠨ ᠠᠯᠬᠤᠮ ᠣᠢᠷᠠᠲᠤᠨ ᠢᠷᠡᠬᠦ ᠳ᠋ᠦ᠍ ᠬᠠᠨ ᠨᠢ ᠭᠠᠷᠴᠤ ᠢᠷᠡᠭᠡᠳ ᠤᠭᠲᠤᠨ ᠮᠡᠨᠳᠦᠴᠢᠯᠡᠪᠡ᠂ ᠬᠡᠳᠦᠨ ᠦᠭᠡ ᠠᠰᠠᠭᠤᠭᠰᠠᠨ ᠢ᠋ ᠨᠢ ᠬᠡᠯᠡᠮᠦᠷᠴᠢ ᠨᠢ ᠣᠷᠴᠢᠭᠤᠯᠵᠤ ᠥᠭᠭᠦᠭᠰᠡᠨ ᠦ᠌ ᠳᠠᠷᠠᠭ᠎ᠠ᠂ ᠨᠢᠭᠡᠨ ᠲᠡᠮᠦᠷ ᠰᠠᠨᠳᠠᠯᠢ ᠠᠪᠴᠢᠷᠠᠭᠤᠯᠵᠤ᠂ ᠰᠢᠦᠸᠠᠨ ᠽᠠᠩ ᠢ᠋ ᠰᠠᠭᠤᠯᠭᠠᠪᠠ᠃ ᠲᠥᠷᠥᠭᠴᠤᠳ ᠶᠡᠷᠦ ᠡᠴᠡ ᠮᠣᠳᠣᠨ ᠰᠠᠨᠳᠠᠯᠢ ᠬᠡᠷᠡᠭᠯᠡᠬᠦ ᠦᠭᠡᠢ᠂ ᠰᠢᠦᠸᠠᠨ ᠽᠠᠩ ᠡᠭᠦᠨ ᠢ᠋《ᠭᠠᠯ ᠬᠡᠮᠡᠭᠴᠢ ᠮᠣᠳᠣᠨ ᠠ᠋ᠴᠠ ᠡᠭᠦᠰᠦᠭᠰᠡᠨ》 ᠲᠤᠯᠠ ᠭᠠᠯ ᠢ᠋ ᠳᠡᠭᠡᠳᠦᠯᠡᠨ ᠮᠣᠳᠣᠨ ᠰᠠᠨᠳᠠᠯᠢ ᠳ᠋ᠤ᠌ ᠦᠯᠦ ᠰᠠᠭᠤᠮᠤᠢ ᠭᠡᠵᠦ ᠲᠠᠢᠯᠪᠤᠷᠢᠯᠠᠪᠠ᠃ ᠴᠣᠭ ᠰᠠᠭᠤᠭᠰᠠᠳ ᠤ᠋ᠨ ᠳᠣᠲᠣᠷ᠎ᠠ ᠳᠠᠩ ᠤᠯᠤᠰ ᠪᠣᠯᠤᠨ ᠭᠣᠣ ᠴᠠᠩ ᠤᠯᠤᠰ ᠠ᠋ᠴᠠ ᠢᠷᠡᠭᠰᠡᠨ ᠡᠯᠴᠢ ᠪᠠᠢᠯᠴᠠᠪᠠ(ᠭᠣᠣ ᠴᠠᠩ ᠤᠯᠤᠰ ᠨᠢ ᠣᠳᠣ ᠶ᠋ᠢᠨ ᠦᠷᠦᠮᠴᠢ᠂ ᠲᠦᠷᠫᠠᠨ᠂ ᠬᠠᠮᠢᠯ ᠣᠷᠴᠢᠮ ᠢ᠋ᠶ᠋ᠠᠷ ᠪᠠᠢᠵᠠᠢ)᠃ ᠨᠠᠢᠷ ᠡᠬᠢᠯᠡᠬᠦ ᠳ᠋ᠦ᠍ ᠬᠥᠭᠵᠢᠮ ᠡᠭᠦᠰᠬᠡᠪᠡ᠃ ᠵᠠᠩ ᠳᠠᠳᠬᠠᠯ ᠨᠢ ᠵᠡᠷᠯᠢᠭ ᠪᠣᠯᠪᠠᠴᠤ ᠬᠥᠭᠵᠢᠮ ᠳᠠᠭᠤᠤ ᠨᠢ《ᠨᠢᠳᠦ ᠴᠢᠬᠢ ᠶ᠋ᠢ ᠪᠠᠶᠠᠰᠬᠠᠨ᠂ ᠰᠡᠳᠬᠢᠯ ᠢ᠋ ᠠᠷᠢᠭᠤᠰᠬᠠᠮᠤᠢ 》᠃ ᠵᠣᠴᠢᠳ ᠪᠦᠭᠦᠳᠡᠭᠡᠷ ᠮᠢᠬ᠎ᠠ ᠢᠳᠡᠨ ᠠᠷᠢᠬᠢ ᠤᠤᠭᠤᠨ᠎ᠠ᠂ ᠰᠢᠦᠸᠠᠨ ᠽᠠᠩ ᠬᠤᠸᠠᠷᠠᠭ ᠪᠠᠴᠠᠭᠯᠠᠬᠤ ᠲᠤᠯᠠ ᠠᠢᠷᠠᠭ ᠤᠤᠭᠤᠪᠠ᠃ ᠨᠠᠢᠷ ᠳᠠᠭᠤᠰᠤᠭᠰᠠᠨ ᠤ᠋ ᠳᠠᠷᠠᠭ᠎ᠠ᠂ ᠬᠠᠨ ᠨᠢ ᠰᠢᠦᠸᠠᠨ ᠽᠠᠩ ᠢ᠋ ᠵᠠᠯᠠᠵᠤ ᠨᠣᠮ ᠤᠩᠰᠢᠭᠤᠯᠪᠠ᠂ ᠰᠢᠦᠸᠠᠨ ᠽᠠᠩ ᠨᠣᠮ ᠪᠠᠷᠢᠨ ᠤᠩᠰᠢᠨ ᠳᠠᠭᠤᠰᠤᠭᠰᠠᠨ ᠤ᠋ ᠳᠠᠷᠠᠭ᠎ᠠ᠂ ᠬᠠᠨ ᠨᠢ ᠬᠣᠶᠠᠷ ᠭᠠᠷ ᠢ᠋ᠶ᠋ᠠᠨ ᠡᠷᠭᠦᠨ ᠬᠥᠰᠡᠷ ᠰᠥᠭᠥᠳᠴᠦ᠂ ᠱᠠᠰᠢᠨ ᠳ᠋ᠤ᠌ ᠣᠷᠣᠭᠰᠠᠨ ᠦᠨᠡᠨᠴᠢ ᠰᠠᠨᠠᠭ᠎ᠠ ᠪᠠᠨ ᠢᠯᠡᠷᠬᠡᠢᠯᠡᠪᠡ᠃ ᠨᠣᠮ ᠤ᠋ᠨ ᠪᠠᠭᠰᠢᠲᠠᠨ ᠢ᠋ ᠠᠶᠠᠷᠯᠠᠨ ᠮᠣᠷᠳᠠᠬᠤ ᠳ᠋ᠤ᠌ ᠬᠠᠨ ᠨᠢ ᠨᠢᠭᠡᠨ ᠵᠠᠯᠠᠭᠤ ᠬᠥᠪᠡᠭᠦᠨ ᠢ᠋ᠶ᠋ᠡᠷ ᠵᠠᠮᠴᠢᠯᠠᠭᠤᠯᠪᠠ᠂ ᠡᠨᠡ ᠵᠠᠯᠠᠭᠤ ᠴᠠᠩ ᠠᠨ ᠬᠣᠲᠠ(ᠣᠳᠣ ᠶ᠋ᠢᠨ ᠰᠢ ᠠᠨ ᠬᠣᠲᠠ) ᠳ᠋ᠤ᠌ ᠬᠡᠳᠦᠨ ᠵᠢᠯ ᠰᠠᠭᠤᠭᠰᠠᠨ ᠲᠤᠯᠠ ᠬᠢᠲᠠᠳ ᠬᠡᠯᠡᠨ ᠳ᠋ᠦ᠍ ᠶᠡᠬᠡᠳᠡ ᠴᠠᠭᠠᠷᠠᠪᠠ᠃ ① ᠱᠠ ᠪᠦᠸᠧ ᠯᠦᠸᠧ ᡁᠢ ᠯᠢ ᠱᠢ ᠬᠠᠨ ᠢ᠋ ᠰᠠᠭᠤᠷᠢᠨ ᠳ᠋ᠤ᠌ ᠪᠠᠢᠭᠰᠠᠨ ᠦᠶ᠎ᠡ( 634 ~ 638 ) ᠪᠠᠷᠠᠭᠤᠨ ᠲᠥᠷᠥᠭ ᠠᠷᠪᠠᠨ ᠣᠪᠣᠭᠲᠠᠨ ᠪᠠᠢᠵᠠᠢ᠃ ᠴᠦ ᠭᠣᠣᠯ(ᠪᠠᠰᠠ ᠨᠢᠭᠡ ᠨᠡᠷ᠎ᠡ ᠨᠢ ᠴᠦᠢ ᠭᠣᠣᠯ) ᠠ᠋ᠴᠠ ᠪᠠᠷᠠᠭᠤᠨᠰᠢ ᠲᠠᠪᠤᠨ ᠣᠪᠣᠭᠲᠠᠨ᠂ ᠵᠡᠭᠦᠨᠰᠢ ᠲᠠᠪᠤᠨ ᠣᠪᠣᠭᠲᠠᠨ ᠪᠠᠢᠪᠠ᠃ ᠪᠠᠷᠠᠭᠤᠨ ᠲᠠᠯ᠎ᠠ ᠶ᠋ᠢᠨ ᠬᠢᠨᠢ ᠨᠦ᠍ ᠱᠢ ᠪᠢ ᠣᠪᠣᠭᠲᠠᠨ᠂ ᠵᠡᠭᠦᠨ ᠲᠠᠯ᠎ᠠ ᠶ᠋ᠢᠨ ᠬᠢᠨᠢ ᠳ᠋ᠦᠸᠧ ᠯᠦ᠍ ᠣᠪᠣᠭᠲᠠᠨ᠃ ᠤᠳᠠᠯ ᠦᠭᠡᠢ ᠪᠠᠷᠠᠭᠤᠨ ᠲᠥᠷᠥᠭ ᠬᠣᠶᠠᠷ ᠤᠯᠤᠰ ᠪᠣᠯᠤᠨ ᠵᠠᠳᠠᠷᠠᠪᠠ᠂ ᠲᠤᠰ ᠲᠤᠰ ᠢᠯᠢ ᠭᠣᠣᠯ ᠤ᠋ᠨ ᠨᠢᠭᠡ ᠡᠷᠭᠢ ᠶ᠋ᠢ ᠡᠵᠡᠯᠡᠪᠡ᠃ ᠨᠣᠶᠠᠷᠬᠠᠭᠴᠢ ᠤᠭᠰᠠᠭ᠎ᠠ ᠶ᠋ᠢᠨ ᠬᠢᠨ ᠦ᠌ ᠳᠣᠲᠣᠷ᠎ᠠ ᠪᠠᠢᠨ ᠪᠠᠢᠨ ᠰᠠᠮᠠᠭᠤᠷᠠᠯ ᠡᠭᠦᠰᠴᠦ ᠪᠠᠢᠭᠰᠠᠨ ᠤ᠋ ᠳᠡᠭᠡᠷ᠎ᠡ᠂ ᠳᠠᠩ ᠤᠯᠤᠰ ᠴᠦ᠍ ᠳᠤᠮᠳᠠ ᠨᠢ ᠭᠠᠷ ᠲᠥᠷᠥᠳᠡᠭ ᠪᠠᠢᠪᠠ᠃ ᠣᠨᠴᠠ ᠵᠠᠷᠢᠮ ᠬᠠᠳ ᠨᠢ ᠳᠣᠲᠣᠭᠠᠳᠤ ᠪᠠᠨ ᠨᠢᠭᠡᠳᠬᠡᠵᠦ ᠥᠩᠭᠡᠷᠡᠭᠰᠡᠨ᠂ ᠭᠡᠪᠡᠴᠦ ᠬᠤᠭᠤᠴᠠᠭ᠎ᠠ ᠨᠢ ᠳᠠᠩᠴᠤ ᠣᠬᠣᠷ᠃ ᠵᠢᠱ᠌ᠢᠶᠡᠯᠡᠪᠡᠯ᠂651 ᠣᠨ ᠤ᠋ ᠠᠱᠨᠠ᠂ ᠾᠧᠯᠦ᠃ ᠣᠨ ᠲᠣᠭᠠᠯᠠᠯ ᠤ᠋ᠨ657 ᠣᠨ ᠳ᠋ᠤ᠌᠂ ᠳᠠᠩ ᠤᠯᠤᠰ ᠬᠣᠷᠢᠨ ᠲᠠᠪᠤᠨ ᠵᠢᠯ ᠦ᠋ᠨ ᠡᠮᠦᠨ᠎ᠡ ᠵᠡᠭᠦᠨ ᠲᠦᠷᠺᠢᠰᠲ᠋ᠠᠨ ᠢ᠋ ᠡᠷᠬᠡᠰᠢᠶᠡᠭᠰᠡᠨ ᠲᠡᠢ ᠠᠳᠠᠯᠢ ᠪᠠᠷ ᠡᠳᠦᠭᠡ ᠪᠠᠷᠠᠭᠤᠨ ᠲᠥᠷᠥᠭ ᠢ᠋ ᠡᠷᠬᠡᠰᠢᠶᠡᠯ ᠳ᠋ᠡᠭᠡᠨ ᠣᠷᠣᠭᠤᠯᠪᠠ᠃ ᠲᠡᠳᠡ ᠨᠠᠷ ᠤ᠋ᠨ ᠸᠠᠩ ᠬᠦᠩ ᠳ᠋ᠦ᠍ ᠳᠠᠩ ᠤᠯᠤᠰ ᠠ᠋ᠴᠠ ᠬᠡᠷᠬᠡᠮ ᠡᠷᠭᠦᠮᠵᠢᠯᠡᠪᠡ᠃ ᠵᠠᠷᠢᠮ ᠸᠠᠩ ᠬᠦᠩ ᠨᠢ ᠳᠦ ᠳᠦ ᠵᠡᠷᠭᠡ ᠶ᠋ᠢᠨ ᠲᠤᠰᠢᠶᠠᠯ ᠢ᠋ ᠬᠠᠪᠰᠤᠷᠭᠠᠨ ᠬᠠᠷᠢᠭᠤᠴᠠᠳᠠᠭ ᠪᠠᠢᠪᠠ᠃ ᠵᠠᠷᠢᠮ ᠪᠠᠷᠠᠭᠤᠨ ᠲᠥᠷᠥᠭ ᠦ᠋ᠨ ᠸᠠᠩ ᠬᠦᠩ ᠴᠦ᠍ ᠳᠠᠩ ᠤᠯᠤᠰ ᠠ᠋ᠴᠠ ᠲᠡᠷᠰᠯᠡᠵᠦ ᠬᠡᠷᠡᠭ ᠡᠭᠦᠰᠬᠡᠳᠡᠭ ᠪᠠᠢᠪᠠ᠂ ᠲᠡᠳᠡ ᠨᠠᠷ ᠲᠤᠬᠠᠢ ᠶ᠋ᠢᠨ ᠦᠶ᠎ᠡ ᠳ᠋ᠦ᠍ ᠵᠡᠭᠦᠨ ᠲᠦᠷᠺᠢᠰᠲ᠋ᠠᠨ ᠤ᠋ ᠲᠤᠩ ᠶᠡᠬᠡ ᠭᠠᠵᠠᠷ ᠨᠤᠲᠤᠭ ᠢ᠋ ᠡᠵᠡᠯᠡᠭᠰᠡᠨ ᠲᠦᠷᠫᠠᠨᠴᠤᠳ ᠲᠠᠢ ᠬᠣᠯᠪᠣᠭ᠎ᠠ ᠪᠠᠢᠭᠤᠯᠪᠠ᠃704 ᠣᠨ ᠳ᠋ᠤ᠌᠂ ᠠᠱᠨᠠ᠂ ᠬᠤᠸᠠᠢᠳᠤᠤ ᠪᠠᠷ ᠨᠢᠭᠡᠨ ᠦᠶ᠎ᠡ ᠠᠷᠪᠠᠨ ᠣᠪᠣᠭ ᠤ᠋ᠨ ᠠᠬᠠᠯᠠᠭᠴᠢ ᠪᠣᠯᠪᠠ᠃ ᠡᠨᠡ ᠬᠠᠨ ᠤ᠋ ᠬᠥᠪᠡᠭᠦᠨ ᠠᠱᠨᠠ· ᠰᠢᠨ740 ᠣᠨ ᠤ᠋ ᠺᠦᠯᠠᠨ ᠪᠠᠯᠭᠠᠰᠤᠨ② ᠳ᠋ᠤ᠌ ᠬᠣᠣᠷᠯᠠᠭᠳᠠᠭᠰᠠᠨ ᠠ᠋ᠴᠠ ᠬᠣᠢᠰᠢ᠂ ᠪᠠᠷᠠᠭᠤᠨ ᠲᠥᠷᠥᠭ ᠤᠯᠤᠰ ᠡᠴᠦᠰᠯᠡᠭᠰᠡᠨ ᠪᠠᠢᠨ᠎ᠠ᠃ 
       ᠲᠡᠭᠦᠨ ᠡᠴᠡ ᠬᠣᠢᠰᠢ᠂ ᠳ᠋ᠦᠸᠧ ᠯᠦᠸᠧ ᠠᠢᠮᠠᠭ ᠤ᠋ᠨ ᠲᠠᠪᠤᠨ ᠣᠪᠣᠭ ᠤ᠋ᠨ ᠬᠢᠨ ᠦ᠌ ᠨᠢᠭᠡᠨ ᠪᠣᠯᠬᠤ ᠳ᠋ᠤ᠌ ᠴᠢ ᠱᠢ ᠠᠢᠮᠠᠭ ᠴᠦ ᠭᠣᠣᠯ ᠪᠣᠯᠤᠨ ᠢᠯᠢ ᠭᠣᠣᠯ ᠤ᠋ᠨ ᠬᠣᠭᠣᠷᠣᠨᠳᠣ ᠨᠢᠭᠡᠨ ᠨᠡᠭᠦᠳᠡᠯᠴᠢᠳ ᠦ᠋ᠨ ᠬᠦᠴᠦ ᠶ᠋ᠢ ᠪᠠᠢᠭᠤᠯᠤᠭᠠᠳ᠂ ᠨᠢᠭᠡᠨ ᠦᠶ᠎ᠡ ᠶᠡᠬᠡ ᠬᠦᠴᠦᠷᠬᠡᠭᠵᠢᠭᠰᠡᠨ ᠶᠦᠮ᠃ ᠸᠠᠩ ᠬᠦᠩ ᠨᠠᠷ ᠤ᠋ᠨ ᠢ᠋ᠶ᠋ᠠᠨ ᠴᠠᠴᠠᠷ ᠢ᠋ ᠰᠦᠢ ᠶᠧ ᠬᠣᠲᠠ ᠳ᠋ᠤ᠌ ᠪᠣᠰᠬᠠᠨ᠂ ᠳᠡᠳ᠋ᠯᠡᠬᠦ ᠴᠠᠴᠠᠷ ᠤ᠋ᠳ ᠢ᠋ ᠢᠯᠢ ᠭᠣᠣᠯ ᠤ᠋ᠨ ᠡᠷᠭᠢ ᠳᠡᠭᠡᠷ᠎ᠡ ᠪᠤᠰᠬᠠᠪᠠ᠃ ᠲᠦ ᠴᠢ ᠱᠢ ᠠᠢᠮᠠᠭ ᠬᠠᠮᠤᠭ ᠬᠦᠴᠦᠷᠬᠡᠭ ᠪᠠᠢᠭᠰᠠᠨ ᠦᠶ᠎ᠡ ᠶ᠋ᠢᠨ ᠸᠠᠩ ᠪᠣᠯ ᠰᠦᠯᠦ( 738 ᠣᠨ ) ᠪᠣᠯᠤᠨ᠎ᠠ᠂ ᠲᠤᠬᠠᠢ ᠶ᠋ᠢᠨ ᠦᠶ᠎ᠡ ᠳ᠋ᠦ᠍ ᠲᠡᠭᠦᠨ ᠦ᠌ ᠬᠠᠳᠠᠮ ᠡᠴᠢᠭᠡ — ᠪᠠᠷᠠᠭᠤᠨ ᠲᠥᠷᠥᠭ ᠦ᠋ᠨ ᠠᠱᠨᠠ᠂ ᠬᠤᠸᠠᠢᠳᠣᠣ ᠶᠡᠬᠡ ᠬᠠᠨ ᠤ᠋ ᠰᠠᠭᠤᠳᠠᠯ ᠳ᠋ᠤ᠌ ᠪᠠᠢᠭᠰᠠᠨ ᠪᠣᠯᠪᠠᠴᠤ ᠡᠷᠬᠡ ᠬᠦᠴᠦ ᠨᠢ ᠰᠦᠯᠦ ᠳ᠋ᠦ᠍ ᠬᠦᠷᠬᠦ ᠦᠭᠡᠢ ᠪᠠᠢᠵᠠᠢ᠃ ᠰᠦᠯᠦ ᠪᠡᠷ ᠵᠡᠭᠦᠨ ᠲᠥᠷᠺᠢᠰᠲ᠋ᠠᠨ ᠪᠣᠯᠤᠨ ᠲᠥᠷᠫᠠᠨᠴᠤᠳ ᠲᠠᠢ ᠴᠦ᠍ ᠤᠷᠤᠭ ᠤ᠋ᠨ ᠬᠣᠯᠪᠣᠭ᠎ᠠ ᠪᠠᠢᠭᠤᠯᠪᠠ᠃738 ᠣᠨ ᠳ᠋ᠤ᠌᠂ ᠲᠡᠷᠡ ᠪᠡᠷ ᠮᠦᠬᠠᠳᠠᠭᠠᠨ ᠭᠡᠳᠡᠭ ᠲᠦ᠍ ᠴᠢ ᠱᠢ ᠠᠢᠮᠠᠭ ᠤ᠋ᠨ ᠸᠠᠩ ᠳ᠋ᠤ᠌ ᠠᠯᠠᠭᠳᠠᠭᠰᠠᠨ ᠲᠤᠯᠠ ᠰᠦᠯᠦ ᠶ᠋ᠢᠨ ᠬᠥᠪᠡᠭᠦᠨ ᠢ᠋ ᠲᠡᠳᠬᠦᠨ ᠬᠠᠨ ᠰᠠᠭᠤᠷᠢᠨ ᠳ᠋ᠤ᠌ ᠰᠠᠭᠤᠯᠭᠠᠪᠠ᠃ ᠮᠦᠬᠠᠳᠠᠭᠠᠨ ᠲᠠᠱᠺᠸᠨ᠋ᠲ ᠪᠣᠯᠤᠨ ᠪᠠᡁᠠᠠᠨᠠ(ᠳᠠ ᠶᠤᠸᠠᠨ ᠤ᠋ ᠬᠠᠭᠤᠴᠢᠨ ᠨᠤᠲᠤᠭ) ᠤ᠋ᠨ ᠨᠣᠶᠠᠷᠬᠠᠭᠴᠢᠳ ᠲᠠᠢ ᠬᠣᠯᠪᠣᠭᠠᠯᠠᠵᠤ᠂ ᠰᠦᠢ ᠶᠧ ᠭᠣᠣᠯ ᠳ᠋ᠤ᠌ ᠰᠦᠯᠦ ᠶ᠋ᠢᠨ ᠬᠥᠪᠡᠭᠦᠨ ᠢ᠋ ᠪᠠᠢᠯᠳᠤᠨ ᠲᠠᠢᠯᠵᠤ᠂ ᠣᠯᠵᠠᠯᠠᠪᠠ᠃740 ᠣᠨ ᠳ᠋ᠤ᠌᠂ ᠮᠦᠬᠠᠳᠠᠭᠠᠨ ᠢ᠋ᠶ᠋ᠠᠷ ᠲᠤ᠌ ᠴᠢ ᠱᠢ ᠠᠢᠮᠠᠭ ᠤ᠋ᠨ ᠨᠣᠶᠠᠷᠬᠠᠭᠴᠢ ᠪᠣᠯᠵᠤ᠂ ᠵᠠᠷᠯᠢᠭ ᠪᠠᠭᠤᠯᠭᠠᠨ ᠤᠤᠯ ᠤ᠋ᠨ ᠪᠠᠷᠠᠭᠤᠨ ᠲᠥᠷᠥᠭ ᠦ᠋ᠨ ᠬᠠᠳ ᠢ᠋ ᠪᠦᠬᠦᠨ ᠢ᠋ ᠠᠯᠠᠭᠤᠯᠪᠠ᠃ ᠭᠡᠪᠡᠴᠦ ᠲᠡᠭᠦᠨ ᠦ᠌ ᠨᠣᠶᠠᠷᠬᠠᠯ ᠨᠢ ᠴᠦ᠍ ᠣᠬᠣᠷᠬᠠᠨ ᠬᠤᠭᠤᠴᠠᠭᠠᠨ ᠳ᠋ᠤ᠌ ᠳᠠᠭᠤᠰᠴᠠᠢ᠂ ᠠᠵᠠ ᠲᠠᠪᠢᠯᠠᠩ ᠨᠢ ᠴᠦ᠍ ᠲᠡᠢᠮᠦ ᠰᠠᠢᠨ ᠪᠢᠰᠢ᠃ 748 ᠣᠨ(ᠳᠠᠩ ᠤᠯᠤᠰ ᠤ᠋ᠨ ᠲᠢᠶᠠᠨ ᠪᠤᠤ ᠶ᠋ᠢᠨ ᠳᠣᠯᠣᠳᠤᠭᠠᠷ ᠣᠨ) ᠳ᠋ᠤ᠌ ᠳᠠᠩ ᠤᠯᠤᠰ ᠤ᠋ᠨ ᠳᠦ ᠬᠤ᠌ ᠲᠦᠰᠢᠮᠡᠯ ᠸᠠᠩ ᠵᠧᠩ ᠵᠢᠶᠠᠨ ᠢ᠋ᠶ᠋ᠠᠷ ᠰᠦᠢ ᠶᠧ ᠶ᠋ᠢ ᠡᠵᠡᠯᠡᠵᠦ᠂ ᠪᠦᠬᠦ ᠬᠣᠲᠠ ᠶ᠋ᠢ ᠡᠪᠳᠡᠨ ᠰᠦᠢᠷᠡᠭᠦᠯᠪᠡ᠃ ᠲᠡᠭᠦᠨ ᠡᠴᠡ ᠬᠣᠢᠰᠢᠬᠢ ᠠᠷᠪᠠᠨ ᠵᠢᠯ ᠦ᠋ᠨ ᠳᠣᠲᠣᠷ᠎ᠠ᠂ ᠳ᠋ᠤ᠌ ᠴᠢ ᠱᠢ ᠶ᠋ᠢᠨ ᠨᠣᠶᠠᠷᠬᠠᠯ ᠤ᠋ᠨ ᠤᠯᠠ ᠮᠥᠷ ᠣᠷᠣ ᠲᠠᠰᠤ ᠠᠷᠢᠯᠵᠤ ᠳᠠᠭᠤᠰᠪᠠ᠃ ᠳᠣᠯᠣᠭᠠᠨ ᠤᠰᠤᠨ ᠤ᠋ ᠨᠤᠲᠤᠭ ᠤ᠋ᠨ ᠪᠠᠷᠠᠭᠤᠨ ᠬᠡᠰᠡᠭ ᠨᠢ ᠳ᠋ᠠᠯᠠᠰ ᠤ᠋ᠨ ᠬᠠᠷᠢᠶ᠎ᠠ ᠭᠠᠵᠠᠷ ᠪᠣᠯᠪᠠ᠂ ᠳ᠋ᠠᠯᠠᠰ ᠨᠢ ᠲᠠᠱᠺᠸᠨ᠋ᠲ ᠢ᠋ ᠡᠵᠡᠯᠡᠭᠰᠡᠨ ᠨᠢᠭᠡ ᠨᠣᠶᠠᠨ ᠳ᠋ᠤ᠌ ᠬᠠᠷᠢᠶᠠᠯᠠᠭᠳᠠᠳᠠᠭ᠃ ᠳᠤᠮᠳᠠᠳᠤ ᠤᠯᠤᠰ ᠤ᠋ᠨ ᠨᠢᠭᠡᠨ ᠣᠨ ᠳᠠᠷᠠᠭᠠᠯᠠᠭᠰᠠᠨ ᠲᠡᠦᠬᠡ ᠳ᠋ᠦ᠍ ᠲᠡᠷᠡ ᠦᠶ᠎ᠡ ᠶ᠋ᠢᠨ ᠲᠤᠬᠠᠢ ᠶ᠋ᠢᠨ ᠭᠠᠵᠠᠷ ᠤ᠋ᠨ ᠠᠷᠠᠳ ᠢᠷᠭᠡᠳ ᠦ᠋ᠨ ᠵᠣᠭᠰᠣᠯ ᠦᠭᠡᠢ ᠠᠯᠠᠯᠳᠤᠨ ᠳᠠᠢᠯᠠᠯᠳᠤᠭᠰᠠᠨ ᠪᠠᠢᠳᠠᠯ ᠳᠣᠣᠷᠠᠬᠢ ᠬᠠᠷᠠᠰᠠᠯᠲᠤ ᠪᠠᠢᠳᠠᠯ ᠢ᠋ ᠲᠡᠮᠳᠡᠭᠯᠡᠬᠦ ᠳ᠋ᠡᠭᠡᠨ《ᠲᠠᠷᠢᠶᠠᠴᠢᠨ ᠠᠷᠠᠳ ᠬᠤᠶᠠᠭ ᠳᠤᠭᠤᠯᠠᠭ᠎ᠠ ᠬᠡᠳᠡᠷᠴᠦ᠂ ᠬᠥᠮᠦᠨ ᠵᠤᠨ ᠬᠠᠷᠢᠯᠴᠠᠨ ᠬᠢᠳᠤᠯᠴᠠᠮᠤᠢ 》 ᠭᠡᠪᠡ᠃  
       ᠪᠠᠷᠠᠭᠤᠨ ᠲᠥᠷᠥᠭ ᠬᠠᠨᠳᠤ ᠤᠯᠤᠰ ᠤ᠋ᠨ ᠵᠠᠳᠠᠷᠠᠭᠰᠠᠨ ᠶᠠᠪᠤᠳᠠᠯ ᠨᠢ ᠠᠷᠠᠪᠴᠤᠳ ᠤ᠋ᠨ ᠲ᠋ᠷᠠᠨᠰᠤᠭᠰᠢᠨᠠ ᠳ᠋ᠤ᠌ ᠣᠷᠣᠵᠤ ᠰᠠᠭᠤᠬᠤ ᠳ᠋ᠤ᠌ ᠲᠤᠩ ᠠᠰᠢᠭᠲᠠᠢ ᠪᠣᠯᠪᠠ᠃ ᠠᠷᠠᠪ ᠤ᠋ᠨ ᠣᠨ ᠳᠠᠷᠠᠭᠠᠯᠠᠭᠰᠠᠨ ᠲᠡᠦᠬᠡ ᠶ᠋ᠢ ᠲᠤᠭᠤᠷᠪᠢᠭᠴᠢᠳ ᠴᠦ᠍ ᠡᠨᠡ ᠤᠴᠢᠷ ᠢ᠋ ᠮᠡᠳᠡᠷᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠠᠢᠪᠠ᠃ ᠲᠡᠳᠡ ᠨᠠᠷ ᠲᠥᠷᠥᠭ ᠬᠠᠨᠳᠤ ᠤᠯᠤᠰ ᠤ᠋ᠨ ᠮᠥᠬᠥᠭᠰᠡᠨ ᠣᠨ ᠢ᠋119 ᠣᠨ(ᠬᠣᠲᠣᠩ ᠲᠣᠭᠠᠯᠠᠯ ) ᠪᠣᠯᠤᠨ 737 ᠣᠨ(ᠢᠰᠦ᠋ᠰ ᠲᠣᠭᠠᠯᠠᠯ ) ᠭᠡᠵᠦ ᠬᠤᠪᠢᠶᠠᠨ ᠲᠡᠮᠳᠡᠭᠯᠡᠵᠡᠢ᠃ ᠠᠷᠠᠪᠴᠤᠳ ᠤ᠋ᠨ ᠲᠡᠮᠳᠡᠭᠯᠡᠯ ᠢ᠋ ᠦᠨᠳᠦᠰᠦᠯᠡᠪᠡᠯ᠂ ᠵᠡᠭᠦᠨ ᠲᠥᠷᠥᠭ ᠦ᠋ᠨ ᠬᠠᠨ ᠨᠢ ᠴᠦ ᠭᠣᠣᠯ ᠤ᠋ᠨ ᠵᠢᠯᠠᠭ᠎ᠠ᠂ ᠲᠣᠭᠮᠣᠺ ᠠ᠋ᠴᠠ ᠵᠡᠭᠦᠨᠰᠢᠬᠢ ᠨᠠᠸᠠᠺ ᠪᠠᠯᠭᠠᠰᠤᠨ ᠳ᠋ᠤ᠌ ᠰᠠᠭᠤᠵᠤ ᠪᠠᠢᠵᠠᠢ᠂ ᠡᠨᠡ ᠣᠷᠴᠢᠮ ᠲᠡᠷᠡ ᠬᠤᠪᠢ ᠶ᠋ᠢᠨ ᠪᠡᠯᠴᠢᠭᠡᠷ ᠪᠠ ᠬᠣᠷᠢᠭ᠎ᠠ ᠲᠠᠢ ᠠᠭᠤᠯᠠ ᠲᠠᠢ ᠪᠠᠢᠪᠠ᠂ ᠬᠡᠨ ᠴᠦ᠍ ᠭᠡᠳ ᠠᠶᠤᠮᠰᠢᠭ ᠦᠭᠡᠢ ᠣᠷᠣᠳᠠᠭ ᠦᠭᠡᠢ᠃ ᠡᠨᠡ ᠬᠦ᠌ ᠬᠣᠷᠢᠭ᠎ᠠ ᠲᠠᠢ ᠭᠠᠵᠠᠷ ᠲᠤ᠌ ᠠᠳᠤᠭᠤᠯᠠᠵᠤ ᠪᠠᠢᠭ᠎ᠠ ᠠᠳᠤᠭᠤᠨ ᠰᠦᠷᠦᠭ ᠪᠣᠯᠤᠨ ᠬᠣᠷᠢᠭ᠎ᠠ ᠲᠠᠢ ᠠᠭᠤᠯᠤᠨ᠎ᠠ ᠠᠪᠠ ᠬᠣᠮᠣᠷᠭ᠎ᠠ ᠬᠢᠬᠦ ᠶᠠᠪᠤᠳᠠᠯ ᠨᠢ ᠪᠦᠷ ᠲᠡᠢᠨ ᠦ᠌ ᠪᠡᠯᠡᠳᠬᠡᠯ ᠬᠢᠬᠦ ᠨᠢᠭᠡ ᠵᠦᠢᠯ ᠦ᠋ᠨ ᠠᠷᠭ᠎ᠠ ᠪᠠᠷᠢᠯ ᠪᠠᠢᠵᠠᠢ᠃ ᠲᠤᠰ ᠬᠠᠨ ᠠᠷᠠᠪᠴᠤᠳ ᠠ᠋ᠴᠠ ᠦᠷᠭᠦᠯᠵᠢ ᠦ ᠡᠷᠢᠳᠡᠭ ᠲᠤᠯᠠ ᠠᠷᠠᠪᠴᠤᠳ ᠲᠡᠭᠦᠨ ᠳ᠋ᠦ᠍ ᠠᠪ᠂ ᠮᠦᠵᠠᠰᠢᠨ ᠭᠡᠳᠡᠭ ᠴᠣᠯᠠ ᠥᠭᠴᠡᠢ(ᠤᠰᠤᠨ ᠦᠬᠡᠷ ᠪᠤᠶᠤ ᠵᠠᠭᠠᠨ᠎ᠠ ᠰᠢᠭ᠋ ᠬᠥᠮᠦᠨ ᠢ᠋ ᠬᠠᠳᠤᠷᠳᠠᠭ ᠠᠮᠢᠲᠠᠨ ᠭᠡᠰᠡᠨ ᠤᠳᠬ᠎ᠠ ᠲᠠᠢ)᠃ ᠭᠡᠪᠡᠴᠦ ᠲᠥᠷᠦᠭᠴᠦᠳ ᠡᠴᠦᠰ ᠲᠡᠭᠡᠨ ᠲᠣᠬᠠᠷᠠᠰᠲ᠋ᠨ᠌ᠨ᠋ ᠮᠣᠵᠢ(ᠠᠮᠤ ᠮᠥᠷᠡᠨ ᠦ᠌ ᠡᠮᠦᠨ᠎ᠡ᠂ ᠪᠠᠯᠬᠠᠱ ᠨᠠᠭᠤᠷ ᠤ᠋ᠨ ᠵᠡᠭᠦᠨ) ᠦ᠌ ᠨᠢᠭᠡ ᠤᠳᠠᠭᠠᠨ ᠤ᠋ ᠲᠡᠢᠨ ᠳ᠋ᠦ᠍ ᠠᠷᠠᠪᠴᠤᠳ ᠲᠤ᠌ ᠴᠣᠬᠢᠭᠳᠠᠨ ᠢᠯᠠᠭᠳᠠᠵᠠᠢ᠃ ᠡᠨᠡ ᠬᠠᠨ ᠨᠤᠲᠤᠭ ᠵᠦᠭ ᠢ᠋ᠶ᠋ᠡᠨ ᠪᠤᠴᠠᠬᠤ ᠵᠠᠮ ᠳ᠋ᠠᠭᠠᠨ ᠥᠰᠢᠶ᠎ᠡ ᠠᠪᠬᠤ ᠪᠠᠷ ᠢᠷᠡᠭᠰᠡᠨ ᠳ᠋ᠦ᠍ ᠴᠢ ᠱᠢ ᠠᠢᠮᠠᠭ ᠤ᠋ᠨ ᠴᠢᠦᠢ ᠰᠢᠦᠢ ᠭᠡᠳᠡᠭ ᠸᠠᠩ ᠳ᠋ᠤ᠌ ᠠᠯᠠᠭᠳᠠᠪᠠ᠃ ᠡᠭᠦᠨ ᠡᠴᠡ ᠠᠪᠤᠭᠠᠳ ᠲᠥᠷᠥᠭ ᠬᠠᠨᠳᠤ ᠤᠯᠤᠰ ᠪᠦᠷᠢᠮᠦᠰᠦᠨ ᠶᠠᠳᠠᠷᠠᠪᠠ᠃ 739 ᠣᠨ ᠳ᠋ᠤ᠌᠂ ᠴᠢᠦᠢ ᠰᠢᠦᠢ ᠨᠠᠰᠤ ᠠᠭᠰᠢᠷᠠᠭᠠᠳ ᠪᠠᠢᠭᠰᠠᠨ ᠦᠶ᠎ᠡ ᠳ᠋ᠡᠭᠡᠨ ᠰᠢᠷ ᠮᠥᠷᠡᠨ ᠦ᠌ ᠬᠥᠪᠡᠭᠡᠨ ᠳ᠋ᠦ᠍ ᠠᠷᠠᠪᠴᠤᠳ ᠲᠤ᠌ ᠣᠯᠵᠠᠯᠠᠭᠳᠠᠪᠠ᠃ ᠲᠡᠷᠡ ᠪᠡᠷ ᠮᠢᠩᠭᠠᠨ ᠠᠳᠤᠭᠤ᠂ ᠮᠢᠩᠭᠠᠨ ᠲᠡᠮᠡᠭᠡ ᠥᠭᠴᠦ ᠠᠮᠢ ᠭᠠᠷᠬᠤ ᠪᠠᠷ ᠣᠷᠣᠯᠳᠣᠭᠰᠠᠨ ᠪᠣᠯᠪᠠᠴᠤ ᠠᠷᠠᠪ ᠤ᠋ᠨ ᠶᠡᠷᠦᠩᠬᠡᠢ ᠵᠠᠬᠢᠷᠤᠭᠴᠢ ᠨᠠᠰᠠᠷ ᠵᠠᠷᠯᠢᠭ ᠪᠠᠭᠤᠯᠭᠠᠨ ᠠᠮᠢ ᠶ᠋ᠢ ᠨᠢ ᠬᠣᠷᠣᠭᠠᠵᠠᠢ᠃ ᠲᠡᠭᠡᠭᠡᠳ ᠲᠥᠷᠦᠭᠴᠦᠳ ᠳᠠᠭᠠᠷᠢᠨ ᠢᠷᠡᠵᠦ ᠶᠠᠰᠤ ᠶ᠋ᠢ ᠨᠢ ᠪᠤᠯᠢᠶᠠᠨ ᠠᠪᠠᠴᠢᠬᠤ ᠠ᠋ᠴᠠ ᠪᠣᠯᠭᠣᠮᠵᠢᠯᠠᠨ ᠬᠡᠭᠦᠷ ᠪᠡᠶ᠎ᠡ ᠶ᠋ᠢ ᠨᠢ ᠦᠨᠡᠰᠦ ᠪᠣᠯᠲᠠᠯ᠎ᠠ ᠰᠢᠲᠠᠭᠠᠵᠤ ᠣᠷᠬᠢᠪᠠ᠃ ᠳ᠋ᠠᠪᠠᠯᠢ ᠶ᠋ᠢᠨ ᠲᠡᠮᠳᠡᠭᠯᠡᠯ ᠳ᠋ᠦ᠍ ᠲᠡᠮᠳᠡᠭᠯᠡᠬᠦ ᠳ᠋ᠡᠭᠡᠨ ᠡᠨᠡ ᠶᠠᠪᠤᠳᠠᠯ ᠴᠢᠦᠢ ᠰᠢᠦᠢ ᠶ᠋ᠢᠨ ᠦᠬᠦᠭᠰᠡᠨ ᠡᠴᠡ ᠬᠣᠯᠠ ᠢᠯᠡᠭᠦᠦ ᠲᠥᠷᠦᠭᠴᠦᠳ ᠢ᠋ ᠭᠠᠰᠢᠭᠤᠳᠠᠭᠤᠯᠵᠠᠢ ᠭᠡᠪᠡ᠃ ᠳᠤᠮᠳᠠᠳᠤ ᠤᠯᠤᠰ ᠤ᠋ᠨ ᠦᠰᠦᠭ ᠪᠢᠴᠢᠭ ᠦ᠋ᠨ ᠮᠠᠲ᠋ᠧᠷᠢᠶᠠᠯ ᠪᠣᠯᠤᠨ ᠠᠷᠠᠪ ᠤ᠋ᠨ ᠦᠰᠦᠭ ᠪᠢᠴᠢᠭ ᠦ᠋ᠨ ᠮᠠᠲ᠋ᠧᠷᠢᠶᠠᠯ ᠵᠢᠴᠢ ᠲᠠᠰᠤᠭ ᠪᠤᠰᠠᠭ ᠲᠡᠮᠳᠡᠭᠯᠡᠯ ᠪᠤᠶᠤ ᠵᠠᠷᠢᠮ ᠰᠡᠵᠢᠭᠯᠡᠯᠲᠡᠢ ᠶᠠᠪᠤᠳᠠᠯ ᠢ᠋ ᠦᠨᠳᠦᠰᠦᠯᠡᠨ ᠡᠨᠡ ᠲᠤᠬᠠᠢ ᠮᠠᠲ᠋ᠧᠷᠢᠶᠠᠯ ᠤ᠋ᠳ ᠢ᠋ ᠬᠠᠷᠢᠴᠠᠭᠤᠯᠤᠨ ᠨᠢᠭᠲᠠᠯᠠᠬᠤ ᠳ᠋ᠤ᠌ ᠲᠤᠩ ᠪᠡᠷᠬᠡᠲᠡᠢ ᠪᠢᠯᠡ᠃

— — — — 
 ① 《 ᠶᠡᠬᠡ ᠡᠨᠡᠷᠢᠩᠭᠦᠢ ᠰᠦᠮ᠎ᠡ ᠶ᠋ᠢᠨ ᠨᠣᠮ ᠤ᠋ᠨ ᠪᠠᠭᠰᠢ ᠰᠢᠦᠸᠠᠨ ᠽᠠᠩ ᠤ᠋ᠨ ᠨᠠᠮᠲᠠᠷ 》 ᠤ᠋ᠨ ᠬᠣᠶᠠᠳᠤᠭᠠᠷ ᠪᠣᠳᠢ ᠳ᠋ᠤ᠌ ᠦᠵᠡ᠃ 
 ② ᠵᠥᠪᠯᠡᠯᠲᠦ ᠶ᠋ᠢᠨ ᠬᠢᠯᠢ ᠳ᠋ᠡᠬᠢ ᠰᠢᠷ ᠮᠥᠷᠡᠨ ᠮᠣᠵᠢ ᠶ᠋ᠢᠨ ᠳ᠋ᠠᠷᠲ ᠥᠷᠲᠡᠭᠡ ᠣᠷᠴᠢᠮ᠃(ᠤᠤᠯ ᠲᠠᠢᠯᠪᠤᠷᠢ) ᠣᠳᠣ ᠶ᠋ᠢᠨ ᠬᠠᠰᠠᠭᠰᠲ᠋ᠠᠨ ᠤ᠋ ᠵᠢᠩᠭᠠᠪᠤᠷ ᠤ᠋ᠨ ᠵᠡᠭᠦᠨ ᠯᠦᠭᠶᠦᠢ ᠣᠷᠴᠢᠮ᠃ ᠲᠠᠩᠰᠤᠭ ᠯᠠᠮᠠ ᠠᠨ ᠰᠢ ᠳᠦ ᠬᠤ᠌ ᠹᠦ ᠳ᠋ᠦ᠍ ᠬᠠᠷᠢᠶᠠᠯᠠᠭᠳᠠᠳᠠᠭ ᠪᠠᠢᠵᠠᠢ᠃(ᠨᠠᠢᠷᠠᠭᠤᠯᠤᠭᠴᠢ ᠶ᠋ᠢᠨ ᠲᠠᠢᠯᠪᠤᠷᠢ)