ᠵᠢᠷᠭᠤᠭᠠ᠂ᠮᠣᠩᠭᠣᠯ ᠤ᠋ᠨ ᠴᠠᠭᠠᠲᠠᠢ ᠬᠠᠨᠳᠤ ᠤᠯᠤᠰ ᠤ᠋ᠨ ᠲᠣᠪᠴᠢ ᠲᠡᠦᠬᠡ -2
ᠠᠯᠬᠤ ᠲᠦᠷᠺᠢᠰᠲ᠋ᠠᠨ ᠤ᠋ ᠠᠵᠢᠯ ᠳ᠋ᠠᠭᠠᠨ ᠶᠡᠬᠡ ᠴᠢᠷᠮᠠᠢᠪᠠ᠂ ᠭᠡᠪᠡᠴᠦ ᠠᠷᠢᠬᠪᠥ᠋ᠬᠡ ᠳ᠋ᠦ᠍ ᠲᠡᠢᠮᠦ ᠶᠡᠬᠡ ᠠᠰᠢᠭ ᠲᠤᠰᠠ ᠬᠦᠷᠭᠡᠵᠦ ᠴᠢᠳᠠᠭᠰᠠᠨ ᠦᠭᠡᠢ᠃ ᠠᠯᠬᠤ᠂ ᠴᠠᠭᠠᠲᠠᠢ ᠶ᠋ᠢᠨ ᠰᠢᠭᠤᠳ ᠬᠠᠷᠢᠶᠠᠨ ᠤ᠋ ᠲᠥᠷᠥᠯ ᠤᠭᠰᠠᠭᠠ ᠪᠣᠯᠤᠨ ᠳᠣᠣᠷᠠᠬᠢ ᠬᠥᠮᠦᠰ ᠢ᠋ᠶ᠋ᠡᠨ ᠪᠦᠬᠦᠨ ᠢ᠋ ᠪᠡᠶᠡ ᠳ᠋ᠡᠭᠡᠨ ᠲᠠᠲᠠᠵᠤ ᠠᠪᠴᠢᠷᠠᠪᠠ᠃ ᠬᠠᠪᠠᠱ· ᠠᠮᠢᠳ᠋ ᠤ᠋ᠨ ᠬᠥᠪᠡᠭᠦᠨ ᠰᠤᠯᠠᠢᠮᠠᠨ᠂ ᠪᠸᠺ ᠬᠦᠷᠲᠡᠯᠡ ᠲᠡᠭᠦᠨ ᠳ᠋ᠦ᠍ ᠦᠢᠯᠡᠴᠢᠯᠡᠬᠦ ᠪᠣᠯᠪᠠ᠃ ᠣᠷᠬᠣᠨᠠ ᠴᠤ᠌ ᠠᠷᠢᠬᠪᠥ᠋ᠬᠡ ᠲᠡᠢ ᠬᠠᠮᠰᠠᠬᠤ ᠪᠠᠨ ᠪᠣᠯᠢᠪᠠ᠃ ᠠᠯᠬᠤ᠂ ᠴᠠᠭᠠᠲᠠᠢ ᠶ᠋ᠢᠨ ᠬᠠᠷᠢᠶᠠᠲᠤ ᠨᠤᠲᠤᠭ ᠤ᠋ᠨ ᠪᠠᠷᠠᠭᠤᠨ ᠵᠠᠬᠠ ᠳ᠋ᠤ᠌ ᠪᠠᠢᠭᠰᠠᠨ ᠵᠥᠴᠢ ᠶ᠋ᠢᠨ ᠤᠭᠰᠠᠭᠠ ᠶ᠋ᠢᠨ ᠬᠢᠨ ᠦ᠌ ᠲᠣᠮᠢᠯᠠᠨ ᠲᠠᠯᠪᠢᠭᠰᠠᠨ ᠨᠣᠶᠠᠳ ᠢ᠋ ᠬᠥᠭᠡᠭᠡᠵᠦ ᠶᠠᠪᠤᠭᠤᠯᠤᠭᠠᠳ ᠨᠤᠲᠤᠭ ᠳᠡᠪᠢᠰᠬᠡᠷ ᠢ᠋ᠶ᠋ᠡᠨ ᠴᠠᠭᠠᠲᠠᠢ ᠶ᠋ᠢᠨ ᠰᠢᠭᠤᠳ ᠬᠠᠷᠢᠶᠠᠨ ᠤ᠋ ᠬᠥᠮᠦᠰ ᠦ᠋ᠨ ᠶᠡᠷᠦ ᠡᠴᠡ ᠬᠦᠷᠴᠦ ᠴᠢᠳᠠᠭᠰᠠᠨ ᠦᠭᠡᠢ ᠭᠠᠵᠠᠷ ᠬᠦᠷᠲᠡᠯᠡ ᠥᠷᠭᠡᠳᠬᠡᠪᠡ᠃ ᠵᠢᠱ᠌ᠢᠶᠡᠯᠡᠭᠡᠳ ᠬᠡᠯᠡᠪᠡᠯ᠂ ᠬᠣᠷᠧᠽᠮ ᠪᠣᠯᠤᠨ ᠠᠹᠭᠠᠨᠢᠰᠲ᠋ᠠᠨ ᠤ᠋ ᠤᠮᠠᠷᠠ ᠬᠢᠵᠠᠭᠠᠷ ᠪᠣᠯᠤᠨᠠ᠃ ᠳᠡᠮᠡᠢ ᠤᠳᠠᠯ ᠦᠭᠡᠢ ᠲᠡᠷᠡ ᠠᠷᠢᠬᠪᠥ᠋ᠬᠡ ᠶ᠋ᠢ ᠮᠣᠩᠭᠣᠯ ᠤ᠋ᠨ ᠨᠤᠲᠤᠭ ᠠ᠋ᠴᠠ ᠬᠥᠭᠡᠭᠡᠨ ᠭᠠᠷᠭᠠᠭᠰᠠᠨ ᠪᠠᠢᠪᠠ᠃ ᠠᠷᠢᠬᠪᠥ᠋ᠬᠡ ᠣᠳᠣ ᠠᠷᠤ ᠥᠪᠥᠷ ᠡᠴᠡ ᠪᠡᠨ ᠳᠠᠭᠠᠷᠢᠯᠲᠠ ᠳ᠋ᠤ᠌ ᠤᠴᠠᠷᠠᠭᠰᠠᠨ ᠲᠤᠯᠠ ᠠᠷᠭᠠ ᠪᠤᠰᠤ ᠶᠧᠨᠢᠰᠧᠢ ᠮᠥᠷᠡᠨ ᠤᠷᠤᠭᠤ ᠤᠬᠤᠷᠢᠪᠠ᠃ ᠤᠯᠤᠰ ᠤ᠋ᠨ ᠳᠣᠲᠣᠭᠠᠳᠤ ᠳ᠋ᠤᠨᠢ ᠰᠠᠮᠠᠭᠤᠷᠠᠯ ᠭᠠᠷᠤᠭᠰᠠᠨ ᠲᠤᠯᠠ ᠬᠤᠪᠢᠯᠠᠢ ᠴᠡᠷᠢᠭ ᠬᠥᠳᠡᠯᠭᠡᠬᠦ ᠪᠡᠨ ᠲᠦᠷ ᠴᠠᠭ ᠵᠣᠭᠰᠣᠪᠠ᠂ ᠡᠢᠨ ᠬᠦ᠌ ᠠᠷᠢᠬᠪᠥ᠋ᠬᠡ ᠠᠯᠬᠤ ᠶ᠋ᠢ ᠬᠠᠷᠢᠭᠤ ᠴᠣᠬᠢᠬᠤ ᠲᠣᠬᠢᠶᠠᠯ ᠲᠠᠢ ᠪᠣᠯᠪᠠ᠂1262 ᠣᠨ ᠳ᠋ᠤ᠌ ᠠᠯᠬᠤ ᠰᠠᠢᠷᠠᠮ ᠨᠠᠭᠤᠷ ᠤ᠋ᠨ ᠬᠥᠪᠡᠭᠡᠨ ᠳ᠋ᠦ᠍ ᠠᠷᠢᠬᠪᠥ᠋ᠬᠡ ᠶ᠋ᠢᠨ ᠬᠣᠰᠢᠭᠤᠴᠢ ᠴᠡᠷᠢᠭ ᠢ᠋ ᠳᠠᠭᠠᠷᠢᠨ ᠢᠯᠠᠪᠠ᠂ ᠭᠡᠪᠡᠴᠦ ᠳᠠᠷᠠᠭᠠ ᠵᠢᠯ(1263) ᠤ᠋ ᠬᠢᠨᠢ ᠬᠠᠪᠤᠷ ᠠᠯᠬᠤ ᠢᠯᠢ ᠭᠣᠣᠯ ᠤ᠋ᠨ ᠬᠥᠪᠡᠭᠡᠨ ᠳ᠋ᠦ᠍ ᠢᠯᠠᠭᠳᠠᠪᠠ᠃ ᠲᠡᠢᠨ ᠬᠦ᠌ ᠠᠷᠭᠠ ᠪᠤᠰᠤ ᠵᠡᠭᠦᠨ ᠲᠦᠷᠺᠢᠰᠲ᠋ᠠᠨ ᠳ᠋ᠤ᠌ ᠣᠴᠢᠵᠤ ᠰᠠᠭᠤᠪᠠ᠃ ᠠᠷᠢᠬᠪᠥ᠋ᠬᠡ ᠶ᠋ᠢᠨ ᠴᠡᠷᠢᠭ ᠭᠦᠷᠳ᠋ᠵᠠ ᠶ᠋ᠢᠨ ᠬᠦᠢᠲᠡᠨ ᠡᠴᠡ ᠵᠠᠢᠯᠠᠬᠤ ᠭᠠᠵᠠᠷ ᠲᠤ᠌ ᠲᠦᠷᠢᠨ ᠣᠷᠣᠪᠠ᠃ ᠪᠦᠬᠦᠢ ᠯᠡ ᠳᠣᠯᠣᠭᠠᠨ ᠤᠰᠤᠨ ᠤ᠋ ᠨᠤᠲᠤᠭ ᠢ᠋ ᠴᠦ᠍ ᠡᠵᠡᠯᠡᠭᠰᠡᠨ ᠪᠠᠢᠵᠤ ᠮᠡᠳᠡᠨᠡ᠂ ᠤᠴᠢᠷ ᠨᠢ ᠤᠷᠬᠤᠨᠠ ᠨᠢᠭᠡ ᠦᠶᠡ ᠠᠷᠢᠬᠪᠥ᠋ᠬᠡ ᠶ᠋ᠢᠨ ᠨᠠᠮᠲᠠᠨ ᠪᠣᠯᠵᠤ ᠪᠠᠢᠭᠰᠠᠨ ᠶᠤᠮ᠃ ᠲᠡᠢᠨ ᠬᠦ᠌1263 ᠣᠨ ᠤ᠋ ᠵᠤᠨ ᠠᠪᠠᠰᠢ ᠳᠠᠪᠠᠭᠠᠨ ᠳ᠋ᠤ᠌ ᠵᠤᠰᠠᠭᠰᠠᠨ ᠪᠠᠢᠪᠠ᠃
ᠠᠷᠢᠬᠪᠥ᠋ᠬᠡ ᠶ᠋ᠢᠨ ᠴᠡᠷᠢᠭ ᠪᠠᠶᠠᠨ ᠲᠠᠩᠰᠤᠭ ᠢᠯᠢ ᠭᠣᠣᠯ ᠤ᠋ᠨ ᠰᠠᠪᠠ ᠭᠠᠵᠠᠷ ᠠ᠋ᠴᠠ ᠶᠡᠬᠡ ᠬᠡᠮᠵᠢᠶᠡᠨ ᠦ᠌ ᠠᠮᠤ ᠪᠤᠳᠠᠭᠠ ᠳᠡᠭᠡᠷᠡᠮᠳᠡᠵᠦ ᠣᠯᠤᠭᠠᠳ ᠡᠪᠦᠯ ᠲᠤᠵᠢ ᠴᠡᠷᠢᠭ ᠦ᠋ᠨ ᠠᠭᠲᠠ ᠪᠠᠨ ᠲᠠᠪᠤᠨ ᠲᠠᠷᠢᠶᠠᠨ ᠤ᠋ ᠠᠮᠤ ᠪᠠᠷ ᠲᠡᠵᠢᠭᠡᠪᠡ᠃ ᠡᠢᠮᠦᠷᠬᠦᠦ ᠳᠡᠭᠡᠷᠡᠮᠳᠡᠯᠭᠡ ᠨᠢ ᠲᠤᠬᠠᠢ ᠶ᠋ᠢᠨ ᠭᠠᠵᠠᠷ ᠲᠤ᠌ ᠲᠤᠢᠯ ᠤ᠋ᠨ ᠠᠶᠤᠮᠰᠢᠭᠲᠠᠢ ᠥᠯᠥᠰᠬᠦᠯᠡᠩ ᠢ᠋ ᠪᠣᠢ ᠪᠣᠯᠭᠠᠭᠰᠠᠨ ᠪᠥᠭᠡᠳ ᠴᠡᠷᠢᠭ ᠨᠢ ᠴᠦ᠍ ᠠᠯᠤᠰ ᠤ᠋ᠨ ᠠᠶᠠᠨ ᠤ᠋ ᠲᠡᠢᠨ ᠢ᠋ ᠬᠢᠵᠦ ᠴᠢᠳᠠᠬᠤ ᠪᠠᠨ ᠪᠣᠯᠢᠪᠠ᠃1264 ᠣᠨ ᠤ᠋ ᠬᠠᠪᠤᠷ᠂ ᠲᠠᠪᠤᠨ ᠲᠠᠷᠢᠶᠠᠨ ᠤ᠋ ᠠᠮᠤ ᠢᠳᠡᠵᠦ ᠳᠠᠰᠤᠭᠰᠠᠨ ᠮᠣᠷᠢᠳ ᠨᠢ ᠬᠥᠬᠡ ᠡᠪᠡᠰᠦ ᠢᠳᠡᠩᠭᠦᠲᠡ ᠡᠮᠭᠡᠭ ᠲᠣᠰᠤᠭᠠᠳ ᠶᠡᠬᠡ ᠬᠡᠮᠵᠢᠶᠡ ᠪᠡᠷ ᠦᠬᠦᠨ ᠰᠦᠢᠳᠪᠡ᠃ ᠡᠢᠮᠦᠷᠬᠦᠦ ᠪᠠᠢᠳᠠᠯ ᠳᠣᠣᠷᠠ᠂ ᠠᠷᠢᠬᠪᠥ᠋ᠬᠡ ᠶ᠋ᠢᠨ ᠭᠠᠷ ᠳᠣᠣᠷᠠᠬᠢ ᠴᠡᠷᠢᠭ ᠦ᠋ᠨ ᠨᠣᠶᠠᠳ ᠨᠢ ᠴᠦ᠍ ᠲᠡᠭᠦᠨ ᠦ᠌ ᠪᠠᠯᠠᠮᠠᠳ ᠬᠡᠷᠴᠡᠭᠡᠢ ᠠᠯᠠᠯᠭᠠ ᠳ᠋ᠤ᠌ ᠳᠤᠷᠠ ᠦᠭᠡᠢᠴᠡᠨ᠂ ᠲᠡᠭᠦᠨ ᠢ᠋ ᠣᠭᠣᠷᠴᠠᠢ᠃ ᠡᠭᠦᠨ ᠦ᠌ ᠳᠡᠭᠡᠷᠡ᠂ ᠵᠡᠭᠦᠨ ᠲᠠᠯᠠ ᠠ᠋ᠴᠠ ᠠᠯᠬᠤ ᠴᠡᠷᠢᠭ ᠳᠠᠭᠠᠭᠤᠯᠤᠨ ᠳᠠᠢᠯᠠᠷᠠ ᠢᠷᠡᠬᠦ ᠭᠡᠵᠦ ᠪᠠᠢᠭᠠ ᠲᠤᠯᠠ ᠠᠷᠢᠬᠪᠥ᠋ᠬᠡ ᠠᠷᠭᠠ ᠪᠤᠰᠤ ᠬᠤᠪᠢᠯᠠᠢ ᠳ᠋ᠤ᠌ ᠪᠠᠭᠤᠵᠤ ᠥᠭᠪᠡ᠃ ᠡᠭᠦᠨ ᠦ᠌ ᠬᠠᠮᠲᠤ ᠤᠷᠬᠤᠨᠠ ᠶ᠋ᠢ ᠠᠯᠬᠤ ᠳ᠋ᠤ᠌ ᠬᠦᠷᠭᠡᠨ ᠥᠭᠭᠦᠭᠰᠡᠨ ᠳ᠋ᠦ᠍ ᠤᠷᠬᠤᠨᠠ ᠠᠯᠬᠤ ᠳ᠋ᠤ᠌ ᠮᠣᠷᠳᠠᠭᠰᠠᠨ ᠪᠠᠢᠨᠠ᠃
ᠬᠤᠪᠢᠯᠠᠢ ᠨᠡᠷᠡ ᠳᠡᠭᠡᠷᠡ ᠪᠡᠨ ᠪᠦᠬᠦᠢ ᠯᠡ ᠬᠠᠭᠠᠨᠲᠤ ᠭᠦᠷᠦᠨ ᠦ᠌ ᠪᠡᠨ ᠶᠡᠬᠡ ᠬᠠᠭᠠᠨ ᠪᠠᠢᠭᠰᠠᠨ ᠪᠣᠯᠪᠠᠴᠤ ᠪᠣᠳᠠᠲᠤ ᠶᠠᠪᠤᠳᠠᠯ ᠬᠡᠷᠡᠭ ᠳᠡᠭᠡᠷᠡ ᠪᠡᠨ ᠥᠭᠡᠷᠡ ᠪᠠᠢᠭᠰᠠᠨ ᠶᠤᠮ᠃ ᠬᠥᠯᠡᠬᠦ ᠫᠧᠷᠰ ᠲᠦ᠍᠂ ᠠᠯᠬᠤ ᠳᠤᠮᠳᠠᠳᠤ ᠠᠽᠢᠶᠠ ᠳ᠋ᠤ᠌᠂ ᠪᠡᠷᠬᠡ(ᠪᠠᠲᠤ ᠶ᠋ᠢᠨ ᠳᠡᠭᠦᠦ) ᠵᠥᠴᠢ ᠶ᠋ᠢᠨ ᠤᠯᠤᠰ ᠲᠤ᠌ ᠲᠤᠰ ᠲᠤᠰ ᠲᠠᠭᠠᠨ ᠪᠡᠶᠡ ᠪᠡᠨ ᠳᠠᠭᠠᠭᠠᠵᠤ ᠨᠣᠶᠠᠯᠠᠵᠤ ᠪᠠᠢᠵᠠᠢ᠃ ᠬᠦᠯᠡᠬᠦ ᠪᠣᠯᠤᠨ ᠠᠯᠬᠤ ᠭᠠᠷ ᠬᠣᠯᠪᠣᠨ ᠪᠡᠷᠬᠡ ᠲᠡᠢ ᠦᠵᠡᠯᠴᠡᠭᠰᠡᠨ ᠪᠣᠯᠪᠠᠴᠤ ᠪᠡᠷᠬᠡ ᠳᠤᠮᠳᠠᠳᠤ ᠠᠽᠢᠶᠠ ᠳ᠋ᠤ᠌ ᠥᠭᠡᠷᠡ ᠨᠢᠭᠡᠨ ᠬᠣᠯᠪᠣᠭᠠᠲᠠᠨ ᠲᠠᠢ ᠪᠠᠢᠵᠠᠢ᠂ ᠡᠨᠡ ᠬᠥᠮᠦᠨ ᠪᠣᠯ ᠥᠭᠡᠳᠡᠢ ᠶ᠋ᠢᠨ ᠣᠮᠪᠣᠯᠣ ᠬᠠᠢᠳᠤ ᠪᠣᠯᠤᠨᠠ᠃
ᠬᠠᠢᠳᠤ ᠭᠡᠳᠡᠭ ᠡᠨᠡ ᠬᠥᠮᠦᠨ ᠢ᠋ ᠨᠢᠭᠡ ᠨᠠᠰᠤᠨ ᠤ᠋ ᠬᠢᠨᠢ ᠠᠵᠢᠯᠯᠠᠭᠠ ᠪᠠᠷ ᠦᠨᠡᠯᠡᠪᠡᠯ᠂ ᠡᠰᠡᠬᠦᠯᠡ ᠢᠰᠯᠠᠮ ᠤ᠋ᠨ ᠱᠠᠰᠢᠨ ᠤ᠋ ᠲᠡᠦᠬᠡᠴᠢᠳ ᠦ᠋ᠨ ᠲᠡᠭᠦᠨ ᠦ᠌ ᠵᠠᠩ ᠴᠢᠨᠠᠷ ᠦᠢᠯᠡ ᠠᠵᠢᠯᠯᠠᠭᠠ ᠶ᠋ᠢᠨ ᠲᠤᠬᠠᠢ ᠪᠢᠴᠢᠭᠰᠡᠨ ᠲᠡᠮᠳᠡᠭᠯᠡᠯ ᠢ᠋ ᠦᠨᠳᠦᠰᠦᠯᠡᠪᠡᠯ᠂ ᠲᠡᠭᠦᠨ ᠢ᠋ ᠮᠣᠩᠭᠣᠯ ᠤ᠋ᠨ ᠨᠣᠶᠠᠷᠬᠠᠭᠴᠢᠳ ᠤ᠋ᠨ ᠳᠣᠲᠣᠷᠠᠬᠢ ᠰᠣᠳᠣᠨ ᠰᠢᠯᠢᠳᠡᠭ ᠬᠥᠮᠦᠨ ᠭᠡᠵᠦ ᠬᠡᠯᠡᠵᠦ ᠪᠣᠯᠤᠨᠠ᠃ ᠲᠡᠭᠦᠨ ᠦ᠌ ᠠᠮᠢᠳᠤᠷᠠᠯ ᠪᠠ ᠨᠣᠶᠠᠷᠬᠠᠯ ᠤ᠋ᠨ ᠲᠤᠬᠠᠢ ᠮᠠᠨ ᠳ᠋ᠤ᠌ ᠣᠯᠳᠠᠭᠰᠠᠨ ᠮᠠᠲ᠋ᠧᠷᠢᠶᠠᠯ ᠲᠤᠩ ᠬᠣᠪᠣᠷᠬᠠᠨ ᠪᠠᠢᠭᠠ ᠮᠠᠨᠢ ᠬᠠᠷᠠᠮᠰᠠᠯᠲᠠᠢ᠃ ᠵᠠᠮᠠᠢᠯ᠂ ᠭᠠᠯᠱ ᠤ᠋ᠨ ᠲᠡᠮᠳᠡᠭᠯᠡᠯ ᠢ᠋ ᠦᠨᠳᠦᠰᠦᠯᠡᠪᠡᠯ᠂ ᠬᠠᠢᠳᠤ1235 ᠣᠨ ᠳ᠋ᠤ᠌ ᠲᠥᠷᠥᠪᠡ᠂ ᠡᠴᠢᠭᠡ ᠬᠠᠢᠰᠢ ᠨᠢ ᠵᠠᠯᠠᠭᠤ ᠠ᠋ᠴᠠ ᠪᠠᠨ ᠠᠷᠢᠬᠢᠨ ᠳ᠋ᠤ᠌ ᠳᠠᠩᠴᠤ ᠰᠢᠨᠤᠭᠰᠠᠨ ᠲᠤᠯᠠ ᠬᠠᠢᠳᠤ ᠶ᠋ᠢ ᠡᠨᠡ ᠶᠢᠷᠲᠢᠨᠴᠦ ᠳ᠋ᠦ᠍ ᠢᠷᠡᠬᠦ ᠡᠴᠡ ᠡᠮᠦᠨᠡ ᠨᠠᠰᠤ ᠪᠠᠷᠠᠴᠢᠬᠠᠭᠰᠠᠨ ᠪᠠᠢᠵᠠᠢ᠃᠂ ᠬᠠᠢᠳᠤ ᠥᠭᠡᠳᠡᠢ ᠬᠠᠭᠠᠨ ᠤ᠋ ᠶᠡᠬᠡ ᠤᠷᠲᠤ ᠳ᠋ᠤ᠌ ᠡᠷᠭᠦᠭᠳᠡᠨ ᠪᠣᠢᠵᠢᠭᠰᠠᠨ ᠶᠤᠮ᠃ ᠡᠬᠡ ᠨᠢ ᠪᠡᠭᠡᠷᠢᠨ ᠣᠪᠣᠭᠲᠠᠨ(《ᠮᠡᠭᠡᠷᠢᠨ》 ᠴᠦ᠍ ᠭᠡᠳᠡᠭ) ᠦ᠋ᠨ ᠬᠣᠢᠴᠢᠰ᠂ ᠠᠭᠤᠯᠠᠨ ᠭᠠᠵᠠᠷ ᠲᠤ᠌ ᠲᠥᠷᠥᠪᠡ᠂ ᠴᠢᠰᠤᠨ ᠤᠳᠤᠮ ᠨᠢ ᠲᠣᠳᠣ ᠦᠭᠡᠢ᠃ ᠷᠠᠰᠢᠳ᠋— ᠠᠳ᠋— ᠳ᠋ᠶ᠋ᠨ᠌ ᠪᠡᠭᠡᠷᠢᠨ ᠣᠪᠣᠭᠲᠠᠨ ᠢ᠋ ᠲᠡᠮᠳᠡᠭᠯᠡᠬᠦ ᠳ᠋ᠡᠭᠡᠨ ᠲᠡᠳᠡ ᠨᠠᠷ《 ᠮᠣᠩᠭᠣᠯ ᠴᠤ᠌ ᠪᠢᠰᠢ᠂ ᠤᠢᠭᠤᠷ ᠴᠤ᠌ ᠪᠢᠰᠢ》 ᠭᠡᠪᠡ᠃ ᠲᠥᠷᠥᠵᠦ ᠪᠠᠷᠢᠭᠰᠠᠨ ᠠ᠋ᠴᠠ ᠨᠢ ᠦᠵᠡᠬᠦ ᠳ᠋ᠦ᠍ ᠬᠠᠢᠳᠤ ᠪᠣᠯ ᠶᠣᠰᠣᠲᠠᠢ ᠴᠣᠯ ᠴᠡᠪᠡᠷ ᠮᠣᠩᠭᠣᠯ ᠬᠥᠮᠦᠨ ᠭᠡᠵᠦ ᠷᠠᠰᠢᠳ᠋— ᠠᠳ᠋— ᠳ᠋ᠶ᠋ᠨ᠌ ᠲᠣᠳᠣᠷᠬᠠᠢ ᠲᠡᠮᠳᠡᠭᠯᠡᠭᠰᠡᠨ ᠪᠥᠭᠡᠳ ᠲᠡᠳᠡ ᠨᠠᠷ ᠡᠷᠡᠦ ᠳ᠋ᠡᠭᠡᠨ ᠶᠢᠰᠦᠬᠡᠨ ᠰᠢᠷᠬᠡᠭ ᠰᠠᠬᠠᠯ ᠲᠠᠢ ᠭᠡᠵᠦ ᠬᠡᠯᠡᠪᠡ᠃
1260 ᠣᠨ ᠠ᠋ᠴᠠ1264 ᠣᠨ ᠬᠦᠷᠲᠡᠯᠡᠬᠢ ᠡᠨᠡ ᠬᠦ᠌ ᠪᠡᠷᠬᠡᠰᠢᠶᠡᠯᠲᠦ ᠣᠨ ᠰᠠᠷᠠ ᠨᠤᠭᠤᠳ ᠲᠤ᠌᠂ ᠬᠠᠢᠳᠤ ᠠᠷᠢᠬᠪᠥ᠋ᠬᠡ ᠶ᠋ᠢᠨ ᠴᠡᠷᠢᠭ ᠲᠦ᠍ ᠲᠤᠰᠢᠶᠠᠯ ᠬᠠᠷᠢᠭᠤᠴᠠᠵᠤ ᠪᠠᠢᠪᠠ᠃ ᠠᠷᠢᠬᠪᠥ᠋ᠬᠡ ᠬᠤᠪᠢᠯᠠᠢ ᠳ᠋ᠤ᠌ ᠪᠠᠭᠤᠵᠤ ᠥᠭᠭᠦᠭᠰᠡᠨ ᠳ᠋ᠦ᠍ ᠬᠠᠢᠳᠤ ᠳᠠᠭᠠᠵᠤ ᠣᠴᠢᠭᠠ ᠦᠭᠡᠢ᠂ ᠲᠡᠷᠡ ᠳᠤᠮᠳᠠᠳᠤ ᠠᠽᠢᠶᠠ ᠳ᠋ᠤ᠌ ᠦᠯᠡᠳᠡᠭᠰᠡᠨ ᠪᠠᠢᠪᠠ᠃ ᠲᠡᠷᠡ ᠥᠪᠡᠷ ᠢ᠋ ᠪᠡᠨ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠬᠤ ᠳ᠋ᠤ᠌ ᠬᠤᠪᠢᠯᠠᠢ ᠠ᠋ᠴᠠ ᠬᠣᠯᠠ ᠢᠯᠡᠭᠦᠦ ᠬᠢᠷᠢ ᠭᠡᠮ ᠲᠡᠢ ᠭᠡᠵᠦ ᠪᠣᠳᠣᠳᠠᠭ ᠪᠠᠢᠪᠠ᠃ ᠡᠨᠡ ᠲᠤᠬᠠᠢ ᠮᠣᠩᠭᠣᠯᠴᠤᠳ ᠤ᠋ᠨ ᠨᠢᠭᠡ ᠤᠯᠠᠮᠵᠢᠯᠠᠯᠲᠤ ᠶᠠᠷᠢᠶᠠ ᠶᠡᠬᠡ ᠬᠦᠴᠦ ᠲᠡᠢ ᠭᠡᠷᠡᠴᠢ ᠪᠣᠯᠵᠤ ᠥᠭᠳᠡᠭ᠃᠂ ᠴᠢᠩᠭᠢᠰ ᠬᠠᠭᠠᠨ ᠦᠷᠡ ᠬᠣᠢᠴᠢᠰ ᠲᠠᠭᠠᠨ ᠲᠤᠩ ᠰᠢᠭᠤᠷᠬᠠᠢ ᠭᠡᠷᠢᠶᠡᠰ ᠦᠯᠡᠳᠡᠭᠡᠬᠦ ᠳ᠋ᠡᠭᠡᠨ᠂ ᠥᠭᠡᠳᠡᠢ ᠶ᠋ᠢᠨ ᠤᠭᠰᠠᠭᠠᠨ ᠤ᠋ ᠦᠷᠡ ᠬᠣᠢᠴᠢᠰ ᠭᠠᠭᠴᠠᠬᠠᠨ ᠬᠥᠮᠦᠨ ᠦᠯᠡᠳᠡᠵᠦ ᠪᠠᠢᠭᠰᠠᠨ ᠴᠤ᠌ ᠥᠭᠡᠷᠡ ᠬᠥᠮᠦᠨ ᠶᠡᠬᠡ ᠰᠠᠭᠤᠷᠢᠨ ᠳ᠋ᠤ᠌ ᠰᠠᠭᠤᠵᠤ ᠪᠣᠯᠬᠤ ᠦᠭᠡᠢ ᠭᠡᠵᠦ ᠬᠡᠯᠡᠭᠰᠡᠨ ᠭᠡᠨᠡ᠃ ᠬᠠᠢᠳᠤ ᠳ᠋ᠤ᠌ ᠡᠪᠦᠭᠡ ᠶ᠋ᠢᠨ ᠢ᠋ᠶ᠋ᠡᠨ ᠰᠢᠭ ᠲᠡᠢᠮᠦ ᠣᠯᠠᠨ ᠥᠪᠡᠷ ᠦ᠋ᠨ ᠰᠠᠨᠠᠭᠠ ᠪᠠᠷ ᠢ᠋ᠶ᠋ᠠᠨ ᠵᠠᠬᠢᠷᠴᠤ ᠵᠢᠯᠣᠭᠣᠳᠬᠤ ᠴᠡᠷᠢᠭ ᠦᠭᠡᠢ᠃ ᠲᠡᠷᠡ ᠡᠷᠬᠡᠪᠰᠢ ᠨᠢᠭᠡᠨ ᠰᠠᠯᠠᠭᠠ ᠴᠡᠷᠢᠭ ᠵᠣᠬᠢᠶᠠᠨ ᠪᠠᠢᠭᠤᠯᠬᠤ ᠬᠡᠷᠡᠭᠲᠡᠢ ᠪᠠᠢᠪᠠ᠃ ᠡᠨᠡ ᠲᠠᠯᠠ ᠪᠠᠷ ᠲᠡᠷᠡ ᠲᠤᠩ ᠭᠠᠷᠮᠠᠭᠠᠢ ᠪᠦᠲᠦᠭᠡᠯ ᠲᠡᠢ ᠪᠠᠢᠯᠠ᠂ ᠲᠡᠭᠦᠨ ᠦ᠌ ᠴᠡᠷᠢᠭ ᠦ᠋ᠨ ᠡᠷᠡᠯᠬᠡᠭ ᠪᠠᠭᠠᠲᠤᠷ ᠪᠥᠭᠡᠳ ᠰᠢᠯᠢᠳᠡᠭ ᠰᠠᠢᠨ ᠪᠣᠯᠪᠠᠰᠤᠷᠠᠯ ᠲᠠᠢ ᠪᠠᠢᠭᠠ ᠶ᠋ᠢ ᠬᠡᠨ ᠴᠦ᠍ ᠪᠦᠷ ᠮᠡᠳᠡᠨᠡ᠃᠂ ᠬᠥᠮᠦᠨ ᠪᠣᠯᠭᠠᠨ ᠶᠠᠷᠢᠨᠠ᠃ ᠬᠠᠢᠳᠤ ᠪᠣᠯ ᠴᠡᠷᠢᠭ ᠦ᠋ᠨ ᠶᠠᠪᠤᠳᠠᠯ ᠤ᠋ᠨ ᠴᠢᠳᠠᠪᠤᠷᠢᠲᠠᠨ ᠢ᠋ᠶ᠋ᠠᠷ ᠦᠯᠦ ᠪᠠᠷᠠᠨ᠂ ᠰᠣᠳᠣᠨ ᠴᠢᠳᠠᠮᠠᠭᠠᠢ ᠵᠠᠰᠠᠭ ᠵᠠᠬᠢᠷᠭᠠᠨ ᠤ᠋ ᠨᠣᠶᠠᠨ ᠪᠠᠢᠭᠰᠠᠨ ᠶᠤᠮ᠃ ᠲᠡᠷᠡ ᠪᠡᠷ ᠪᠤᠰᠤᠳᠴᠢ ᠨᠥᠬᠥᠴᠡᠯ ᠢ᠋ ᠬᠤᠷᠴᠠ ᠰᠡᠷᠭᠡᠭ ᠢ᠋ᠶ᠋ᠡᠷ ᠦᠵᠡᠨ ᠭᠠᠷᠴᠤ᠂ ᠠᠰᠢᠭᠲᠠᠢ ᠬᠦᠴᠦᠨ ᠢ᠋ ᠲᠠᠲᠠᠵᠤ ᠠᠪᠳᠠᠭ᠃ ᠲᠡᠷᠡ ᠴᠡᠷᠢᠭ ᠦ᠋ᠨ ᠢ᠋ᠶ᠋ᠡᠨ ᠠᠰᠢᠭ ᠲᠤᠰᠠ ᠶ᠋ᠢᠨ ᠲᠥᠯᠥᠭᠡ ᠰᠠᠭᠤᠭᠠᠯᠢ ᠠᠷᠠᠳ ᠤ᠋ᠨ ᠠᠰᠢᠭ ᠲᠤᠰᠠ ᠶ᠋ᠢ ᠦᠷᠡᠭᠳᠡᠭᠦᠯᠳᠡᠭ ᠦᠭᠡᠢ᠂ ᠲᠡᠭᠦᠨ ᠢ᠋ ᠨᠣᠶᠠᠯᠠᠵᠤ ᠪᠠᠢᠭᠰᠠᠨ ᠬᠤᠭᠤᠴᠠᠭᠠᠨ ᠳ᠋ᠤ᠌᠂ ᠰᠠᠭᠤᠭᠠᠯᠢ ᠠᠷᠠᠳ ᠤ᠋ᠨ ᠠᠮᠢᠳᠤᠷᠠᠯ ᠤ᠋ᠨ ᠲᠦᠪᠰᠢᠨ ᠲᠤᠢᠯ ᠤ᠋ᠨ ᠥᠨᠳᠥᠷ ᠲᠦᠪᠰᠢᠨ ᠳ᠋ᠦ᠍ ᠬᠦᠷᠦᠭᠰᠡᠨ ᠪᠠᠢᠪᠠ᠃ ᠠᠩᠬᠠᠷᠤᠭᠤᠰᠢᠲᠠᠢ ᠨᠢᠭᠡ ᠶᠠᠪᠤᠳᠠᠯ ᠭᠡᠪᠡᠯ᠂ ᠲᠡᠭᠦᠨ ᠦ᠌ ᠡᠪᠦᠭᠡ ᠪᠠ ᠡᠴᠢᠭᠡ ᠨᠢ ᠠᠷᠢᠬᠢᠨ ᠳ᠋ᠤ᠌ ᠬᠡᠳᠦ ᠰᠢᠨᠤᠭᠰᠠᠨ ᠪᠣᠯᠪᠠᠴᠤ ᠲᠡᠷᠡ ᠨᠢᠭᠡ ᠨᠠᠰᠤᠨ ᠳ᠋ᠠᠭᠠᠨ ᠠᠷᠢᠬᠢ ᠶ᠋ᠢ ᠪᠡᠶᠡ ᠳ᠋ᠡᠭᠡᠨ ᠬᠠᠯᠠᠭᠠᠭᠰᠠᠨ ᠦᠭᠡᠢ᠂ ᠴᠡᠬᠡ(《 ᠺᠦᠮᠢᠰ》) ᠢ᠋ ᠬᠦᠷᠲᠡᠯᠡ ᠤᠤᠭᠤᠳᠠᠭ ᠦᠭᠡᠢ ᠬᠥᠮᠦᠨ ᠪᠠᠢᠵᠠᠢ᠃
ᠬᠠᠢᠲᠦ ᠶᠠᠭᠤᠨ ᠤ᠋ ᠤᠷᠢᠳ ᠡᠬᠡ ᠶ᠋ᠢᠨ ᠢ᠋ᠶ᠋ᠡᠨ ᠲᠥᠷᠬᠥᠮ ᠦ᠋ᠨ ᠤᠭᠰᠠᠭᠠ — ᠪᠡᠭᠡᠷᠢᠨ ᠣᠪᠣᠭᠲᠠᠨ ᠢ᠋ ᠨᠢᠭᠡᠳᠬᠡᠵᠦ ᠠᠪᠤᠪᠠ᠂ ᠡᠨᠡ ᠣᠪᠣᠭ ᠤ᠋ᠨ ᠬᠢᠨ ᠠᠭᠤᠯᠠᠨ ᠭᠠᠵᠠᠷ ᠲᠡᠢᠨ ᠬᠢᠬᠦ ᠳ᠋ᠡᠭᠡᠨ ᠴᠢᠳᠠᠮᠠᠭᠠᠢ ᠪᠠᠷ ᠢ᠋ᠶ᠋ᠠᠨ ᠨᠡᠷᠡ ᠭᠠᠷᠴᠠᠢ᠂ ᠬᠣᠶᠠᠳᠤᠭᠠᠷ ᠠᠯᠬᠤᠮ ᠳ᠋ᠠᠭᠠᠨ ᠠᠯᠬᠤ ᠪᠣᠯᠤᠨ ᠪᠡᠷᠬᠡ ᠶ᠋ᠢᠨ ᠳᠠᠢᠯᠠᠯᠳᠤᠭᠠᠨ ᠤ᠋ ᠳᠤᠮᠳᠠ ᠪᠡᠷᠬᠡ ᠶ᠋ᠢᠨ ᠲᠠᠯᠠ ᠳ᠋ᠤ᠌ ᠵᠣᠭᠰᠣᠭᠰᠠᠨ ᠪᠠᠢᠨᠠ᠂ ᠡᠭᠦᠨ ᠡᠴᠡ ᠨᠢᠭᠡ ᠬᠡᠰᠡᠭ ᠠᠰᠢᠭ ᠣᠯᠵᠤ ᠬᠦᠷᠲᠡᠪᠡ᠃ ᠪᠡᠷᠬᠡ ᠣᠳᠣᠨ ᠵᠢᠷᠤᠬᠠᠢᠴᠢ ᠲᠠᠢ ᠪᠠᠨ ᠶᠠᠷᠢᠯᠴᠠᠬᠤ ᠳ᠋ᠠᠭᠠᠨ ᠵᠢᠷᠤᠬᠠᠢᠴᠢ ᠨᠠᠷ ᠨᠢ ᠬᠠᠢᠲᠦ ᠭᠡᠭᠴᠢ ᠲᠤᠢᠯ ᠤ᠋ᠨ ᠡᠷᠬᠢᠮ ᠬᠥᠮᠦᠨ ᠭᠡᠵᠦ ᠬᠡᠯᠡᠪᠡ᠃ ᠵᠥᠴᠢ ᠶ᠋ᠢᠨ ᠤᠭᠰᠠᠭᠠ ᠶ᠋ᠢᠨ ᠬᠦᠴᠦᠨ ᠦ᠌ ᠬᠠᠪᠰᠤᠷᠤᠯᠭᠠ ᠪᠠᠷ᠂ ᠬᠠᠢᠲᠦ ᠨᠢᠭᠡ ᠵᠢᠵᠢᠭ ᠡᠷᠭᠦᠮᠵᠢ ᠶ᠋ᠢᠨ ᠭᠠᠵᠠᠷ ᠪᠠᠢᠭᠤᠯᠤᠭᠠᠳ ᠠᠯᠬᠤ ᠶ᠋ᠢᠨ ᠴᠡᠷᠢᠭ ᠢ᠋ ᠴᠣᠬᠢᠨ ᠢᠯᠠᠪᠠ᠃ ᠠᠯᠬᠤ ᠶᠡᠬᠡ ᠴᠡᠷᠢᠭ ᠲᠣᠮᠢᠯᠠᠨ ᠢᠷᠡᠭᠦᠯᠵᠦ᠂ ᠳᠠᠬᠢᠨᠲᠠ ᠲᠡᠢᠨ ᠬᠢᠵᠦ ᠬᠠᠢᠲᠦ ᠶ᠋ᠢ ᠲᠠᠢᠯᠪᠠ᠂ ᠭᠡᠪᠡᠴᠦ ᠶᠠᠭ ᠡᠨᠡ ᠦᠶᠡ ᠳ᠋ᠦ᠍ ᠠᠯᠬᠤ ᠨᠠᠰᠤ ᠪᠠᠷᠠᠭᠰᠠᠨ ᠲᠤᠯᠠ ᠬᠠᠢᠲᠦ ᠤᠰᠠᠳᠬᠤ ᠳ᠋ᠤ᠌ ᠬᠦᠷᠦᠭᠰᠡᠨ ᠦᠭᠡᠢ᠃
ᠠᠯᠬᠤ 1265 ᠣᠨ ᠤ᠋ ᠰᠡᠭᠦᠯᠴᠢ᠂ 1266 ᠣᠨ ᠤ᠋ ᠡᠬᠢ ᠪᠡᠷ ᠨᠠᠰᠤ ᠪᠠᠷᠠᠪᠠ᠃ 1266 ᠣᠨ ᠤ᠋3 ᠰᠠᠷᠠ ᠳ᠋ᠤ᠌ ᠬᠠᠷᠠ ᠦᠯᠠ ᠣᠷᠬᠤᠨᠠ ᠶ᠋ᠢᠨ ᠬᠥᠪᠡᠭᠦᠨ ᠮᠦᠪᠠᠯᠠ ᠸᠠᠩ ᠲᠠᠢ ᠬᠣᠯᠪᠣᠭᠠᠯᠠᠨ ᠠᠬᠠᠩᠭᠠᠷ (ᠲᠠᠱᠺᠧᠨ᠋ᠲ ᠣᠷᠴᠢᠮ ) ᠳ᠋ᠤ᠌ ᠬᠠᠨ ᠰᠠᠭᠤᠷᠢᠨ ᠳ᠋ᠤ᠌ ᠭᠠᠷᠤᠭᠰᠠᠨ ᠢ᠋ᠶ᠋ᠠᠨ ᠲᠤᠩᠬᠠᠬᠠᠭᠯᠠᠪᠠ᠃ ᠲᠡᠷᠡ ᠪᠣᠯ ᠴᠠᠭᠠᠲᠠᠢ ᠤᠯᠤᠰ ᠤ᠋ᠨ ᠳᠣᠲᠣᠷᠠ ᠠ᠋ᠴᠠ ᠬᠠᠮᠤᠭ ᠤ᠋ᠨ ᠠᠩᠬᠠ ᠤᠳᠠᠭᠠ ᠢᠰᠯᠠᠮ ᠤ᠋ᠨ ᠱᠠᠰᠢᠨ ᠳ᠋ᠤ᠌ ᠣᠷᠣᠭᠰᠠᠨ ᠶᠤᠮ᠃ ᠲᠡᠷᠡ ᠪᠠᠰᠠ ᠶᠡᠬᠡ ᠬᠠᠭᠠᠨ ᠤ᠋ ᠡᠷᠭᠦᠮᠵᠢᠯᠡᠯ ᠢ᠋ ᠬᠦᠯᠢᠶᠡᠯ ᠦᠭᠡᠢ ᠪᠡᠷ ᠥᠪᠡᠷ ᠦ᠋ᠨ ᠳᠤᠷᠠ ᠪᠠᠷ ᠢ᠋ᠶ᠋ᠠᠨ ᠬᠠᠨ ᠰᠠᠭᠤᠷᠢᠨ ᠳ᠋ᠤ᠌ ᠰᠠᠭᠤᠭᠰᠠᠨ ᠠᠩᠬᠠᠳᠠᠭᠴᠢ ᠮᠣᠩᠭᠣᠯ ᠨᠣᠶᠠᠯᠠᠭᠴᠢ ᠪᠣᠯᠤᠨᠠ᠃ ᠬᠤᠪᠢᠯᠠᠢ ᠡᠢᠮᠦᠷᠬᠦᠦ ᠣᠨᠴᠠᠭᠠᠢ ᠠᠪᠳᠠᠯ ᠳ᠋ᠤ᠌ ᠳᠤᠷᠠ ᠦᠭᠡᠢ ᠲᠤᠯᠠ ᠲᠦᠷᠺᠢᠰᠲ᠋ᠠᠨ ᠳ᠋ᠤ᠌ ᠴᠠᠭᠠᠲᠠᠢ ᠶ᠋ᠢᠨ ᠤᠭᠰᠠᠭᠠᠨ ᠤ᠋ ᠥᠭᠡᠷᠡ ᠨᠢᠭᠡ ᠸᠠᠩ — ᠮᠦᠪᠠᠯᠠ ᠶ᠋ᠢᠨ ᠦᠶᠡᠯᠢᠳ ᠳᠡᠭᠦᠦ ᠪᠡᠯᠡ ᠶ᠋ᠢ ᠲᠣᠮᠢᠯᠠᠪᠠ᠂ ᠪᠡᠯᠡ ᠡᠬᠢᠯᠡᠩᠭᠦᠲᠡ ᠪᠡᠨ ᠬᠤᠪᠢᠯᠠᠢ ᠶ᠋ᠢᠨ ᠲᠡᠭᠦᠨ ᠳ᠋ᠦ᠍ ᠥᠭᠭᠦᠭᠰᠡᠨ ᠬᠠᠭᠠᠨ ᠤ᠋ ᠵᠠᠷᠯᠢᠭ ᠢ᠋ ᠨᠢᠭᠤᠨ ᠳᠠᠯᠳᠠᠯᠠᠭᠠᠳ ᠲᠡᠨᠦᠭᠦᠯᠴᠢ ᠪᠡᠷ ᠣᠪᠯᠠᠵᠤ ᠲᠦᠷᠺᠢᠰᠲ᠋ᠠᠨ ᠳ᠋ᠤ᠌ ᠣᠷᠣᠪᠠ᠃ ᠲᠡᠷᠡ ᠮᠦᠪᠠᠯᠠ ᠸᠠᠩ ᠤ᠋ᠨ ᠵᠥᠪᠰᠢᠶᠡᠷᠡᠯ ᠢ᠋ ᠣᠯᠵᠤ᠂ ᠨᠢᠭᠡ ᠲᠥᠷᠥᠭᠰᠡᠨ ᠳᠡᠭᠦᠦ ᠲᠡᠢ ᠪᠡᠨ ᠰᠦᠷ ᠭᠣᠣᠯ ᠤ᠋ᠨ ᠰᠠᠪᠠ ᠭᠠᠵᠠᠷ ᠣᠷᠴᠢᠮ ᠤ᠋ᠨ ᠡᠷᠭᠦᠮᠵᠢ ᠶ᠋ᠢᠨ ᠭᠠᠵᠠᠷ ᠤ᠋ᠨ ᠢ᠋ᠶ᠋ᠠᠨ ᠬᠠᠷᠢᠶᠠᠲᠤ ᠠᠷᠠᠳ ᠢ᠋ᠶ᠋ᠠᠨ ᠴᠤᠭᠯᠠᠭᠤᠯᠪᠠ᠃ ᠮᠦᠪᠠᠯᠠ ᠸᠠᠩ ᠮᠣᠩᠭᠣᠯ ᠤ᠋ᠨ ᠮᠥᠷᠭᠥᠯᠳᠦᠭᠡᠨ ᠦ᠌ ᠳᠤᠮᠳᠠ ᠶᠡᠷᠦ ᠡᠴᠡ ᠢᠰᠯᠠᠮ ᠠᠷᠠᠳ ᠤ᠋ᠨ ᠲᠠᠯᠠ ᠳ᠋ᠤ᠌ ᠵᠣᠭᠰᠣᠳᠠᠭ ᠲᠤᠯᠠ ᠪᠡᠯᠡ ᠢᠳᠡᠭ ᠢᠳᠡᠭ ᠢ᠋ᠶ᠋ᠡᠷ ᠴᠡᠷᠢᠭ ᠦ᠋ᠨ ᠳᠣᠲᠣᠷᠠᠬᠢ ᠮᠣᠩᠭᠣᠯ ᠬᠦᠴᠦ ᠶ᠋ᠢ ᠥᠪᠡᠷ ᠦ᠋ᠨ ᠢ᠋ᠶ᠋ᠡᠨ ᠳᠣᠣᠷᠠ ᠲᠡᠳᠡᠨ ᠠᠪᠴᠢᠷᠠᠪᠠ᠃ 1266 ᠣᠨ ᠤ᠋9 ᠰᠠᠷᠠ ᠳ᠋ᠤ᠌᠂ ᠮᠦᠪᠠᠯᠠ ᠸᠠᠩ ᠢᠯᠠᠭᠳᠠᠭᠠᠳ ᠦᠬᠡᠨᠴᠢ ᠬᠣᠲᠠ ᠣᠷᠴᠢᠮ ᠣᠯᠵᠠᠯᠠᠭᠳᠠᠪᠠ᠃ ᠡᠨᠡ ᠦᠶᠡ ᠳ᠋ᠦ᠍ ᠪᠡᠯᠡ ᠦᠼᠢᠭᠠᠨ ᠳ᠋ᠤ᠌ ᠬᠠᠨ ᠰᠠᠭᠤᠷᠢᠨᠠ ᠰᠠᠭᠤᠭᠰᠠᠨ ᠢ᠋ᠶ᠋ᠠᠨ ᠲᠤᠩᠬᠠᠭᠯᠠᠭᠠᠳ ᠠᠯᠬᠤ ᠪᠣᠯᠤᠨ ᠤᠷᠬᠤᠨᠠ ᠶ᠋ᠢᠨ ᠬᠤᠪᠢ ᠶ᠋ᠢᠨ ᠡᠳ᠋ ᠬᠥᠷᠥᠩᠭᠡ ᠶ᠋ᠢ ᠪᠦᠬᠦᠨ ᠢ᠋ ᠥᠪᠡᠷ ᠦ᠋ᠨ ᠢ᠋ᠶ᠋ᠡᠨ ᠪᠣᠯᠭᠠᠪᠠ᠃ ᠬᠤᠪᠢᠯᠠᠢ ᠪᠡᠯᠡ ᠥᠪᠡᠷ ᠲᠤᠨᠢ ᠰᠢᠳᠤᠷᠭᠤ ᠵᠢᠳᠬᠦᠬᠦ ᠦᠭᠡᠢ ᠪᠠᠢᠬᠤ ᠶ᠋ᠢ ᠮᠡᠳᠡᠭᠡᠳ ᠴᠡᠷᠢᠭ ᠢᠯᠡᠬᠡᠨ ᠪᠡᠯᠡ ᠶ᠋ᠢ ᠴᠣᠬᠢᠭᠤᠯᠪᠠ᠂ ᠭᠡᠪᠡᠴᠦ ᠪᠡᠯᠡ ᠵᠡᠭᠦᠨ ᠲᠦᠷᠺᠢᠰᠲ᠋ᠠᠨ ᠳ᠋ᠤ᠌ ᠡᠨᠡ ᠬᠡᠰᠡᠭ ᠳᠠᠢᠰᠤᠨ ᠢ᠋ᠶ᠋ᠠᠨ ᠠᠷᠭᠠᠴᠠᠬᠤ ᠳ᠋ᠤ᠌ ᠲᠡᠳᠦᠢ ᠬᠦᠴᠢᠷᠳᠡᠭᠡ ᠦᠭᠡᠢ ᠪᠠᠢᠵᠠᠢ᠃ ᠡᠳᠡᠭᠡᠷ ᠵᠢᠭᠤᠷᠠᠯᠳᠤᠭᠠᠨ ᠢ᠋ ᠲᠣᠬᠢᠶᠠᠯᠳᠤᠭᠤᠯᠵᠤ ᠬᠠᠢᠲᠤ ᠳᠣᠯᠣᠭᠠᠨ ᠤᠰᠤᠨ ᠤ᠋ ᠨᠤᠲᠤᠭ ᠪᠣᠯᠤᠨ ᠰᠢᠷ ᠮᠥᠷᠡᠨ ᠦ᠌ ᠵᠡᠭᠦᠨ ᠬᠡᠰᠡᠭ ᠢ᠋ ᠡᠵᠡᠯᠡᠨ ᠠᠪᠤᠪᠠ᠃ ᠲᠤᠬᠠᠢ ᠶ᠋ᠢᠨ ᠭᠠᠵᠠᠷ ᠤ᠋ᠨ ᠰᠠᠭᠤᠭᠠᠯᠢ ᠠᠷᠠᠳ ᠢ᠋ ᠪᠡᠯᠡ ᠶ᠋ᠢᠨ ᠴᠡᠷᠢᠭ ᠦ᠋ᠨ ᠳᠡᠭᠡᠷᠡᠮᠳᠡᠬᠦ ᠡᠴᠡ ᠬᠠᠮᠠᠭᠠᠯᠠᠬᠤ ᠶ᠋ᠢᠨ ᠲᠥᠯᠥᠭᠡ ᠲᠡᠷᠡ ᠪᠡᠯᠡ ᠶ᠋ᠢᠨ ᠳᠣᠣᠷᠠᠬᠢ ᠴᠡᠷᠢᠭ ᠦ᠋ᠳ ᠲᠡᠢ ᠦᠷᠭᠦᠯᠵᠢ ᠮᠥᠷᠭᠥᠯᠳᠦᠭᠡᠨ ᠪᠣᠯᠳᠠᠭ ᠪᠠᠢᠪᠠ᠃ ᠷᠠᠰᠢᠳ᠋ — ᠠᠳ᠋ — ᠳ᠋ᠢᠨ ᠦ᠌ ᠲᠡᠮᠳᠡᠭᠯᠡᠭᠰᠡᠨ ᠢ᠋ ᠦᠨᠳᠦᠰᠦᠯᠡᠪᠡᠯ᠂1268 ᠣᠨ ᠳ᠋ᠤ᠌ ᠬᠠᠢᠲᠤ ᠰᠢᠷ ᠮᠥᠷᠡᠨ ᠳ᠋ᠦ᠍ ᠳᠠᠢᠰᠤᠨ ᠢ᠋ᠶ᠋ᠠᠨ ᠴᠣᠬᠢᠨ ᠲᠠᠢᠯᠪᠠ᠂ ᠡᠨᠡ ᠪᠣᠯ ᠵᠥᠴᠢ ᠶ᠋ᠢᠨ ᠤᠭᠰᠠᠭᠠᠨ ᠤ᠋ ᠬᠣᠢᠴᠢᠰ ᠤ᠋ᠨ ᠸᠠᠩ ᠮᠣᠩᠭᠣᠯ ᠲᠡᠮᠦᠷ ᠦ᠋ᠨ ᠳᠡᠮᠵᠢᠯᠭᠡ ᠪᠡᠷ ᠳᠠᠮᠵᠢᠨ ᠣᠯᠤᠭᠰᠠᠨ ᠢᠯᠠᠯᠲᠠ ᠶᠤᠮ᠃ ᠲᠡᠷᠡ ᠪᠡᠯᠡ ᠶ᠋ᠢ ᠨᠡᠬᠡᠮᠵᠢᠯᠡᠨ ᠴᠣᠬᠢᠭᠠ ᠦᠭᠡᠢ᠂ ᠬᠠᠷᠢᠨ ᠪᠡᠯᠡ ᠶ᠋ᠢ ᠤᠷᠢᠵᠤ ᠳᠠᠷᠠᠭᠠ ᠵᠢᠯ ᠦ᠋ᠨ ᠬᠠᠪᠤᠷ ᠤ᠋ᠨ ᠬᠤᠷᠠᠯᠳᠠᠢ ᠳ᠋ᠤ᠌ ᠣᠷᠣᠯᠴᠠᠨ ᠠᠯᠢᠪᠠ ᠠᠰᠠᠭᠤᠳᠠᠯ ᠢ᠋ ᠨᠠᠢᠷᠠᠮᠳᠠᠯ ᠢ᠋ᠶ᠋ᠠᠷ ᠰᠢᠢᠳᠪᠦᠷᠢᠯᠡᠶᠡ ᠭᠡᠪᠡ᠃1269 ᠣᠨ ᠤ᠋ ᠬᠠᠪᠤᠷ᠂ ᠳᠤᠮᠳᠠᠳᠤ ᠠᠽᠢᠶᠠ ᠶ᠋ᠢᠨ ᠠᠩᠬᠠᠳᠤᠭᠠᠷ ᠤᠳᠠᠭᠠᠨ ᠤ᠋ ᠬᠤᠷᠠᠯᠳᠠᠢ ᠲᠠᠯᠠᠰ ᠭᠣᠣᠯ ᠤ᠋ᠨ ᠬᠥᠪᠡᠭᠡᠨ ᠳ᠋ᠦ᠍ ᠶᠠᠪᠤᠭᠳᠠᠪᠠ᠃ ᠬᠠᠢᠲᠤ ᠶ᠋ᠢᠨ ᠡᠷᠭᠢᠯᠡᠭᠡ ᠪᠡᠷ᠂ ᠳᠤᠮᠳᠠᠳᠤ ᠠᠽᠢᠶᠠ ᠳ᠋ᠠᠬᠢ ᠮᠣᠩᠭᠣᠯ ᠸᠠᠩ ᠬᠦᠩ ᠨᠠᠷ ᠬᠡᠯᠡᠯᠴᠡᠭᠡᠷ ᠲᠣᠭᠲᠠᠪᠠ᠃ ᠬᠠᠢᠲᠤ ᠬᠢᠭᠡᠳ ᠪᠡᠯᠡ ᠲᠡᠭᠦᠨ ᠡᠴᠡ ᠬᠣᠢᠰᠢ(ᠠᠨᠳᠠ) ᠪᠣᠯᠤᠯᠴᠠᠪᠠ᠃ ᠪᠡᠯᠡ ᠶ᠋ᠢᠨ ᠵᠤᠨ ᠵᠤᠰᠠᠵᠤ ᠡᠪᠦᠯ ᠡᠪᠦᠯᠵᠢᠬᠦ ᠵᠤᠰᠠᠯᠠᠩ ᠪᠠ ᠡᠪᠦᠯᠵᠢᠶᠡᠨ ᠦ᠌ ᠪᠡᠯᠴᠢᠭᠡᠷ ᠦ᠋ᠨ ᠵᠠᠭᠠᠭ ᠬᠢᠵᠠᠭᠠᠷ ᠢ᠋ ᠲᠣᠳᠣᠷᠬᠠᠢ ᠲᠣᠭᠲᠠᠭᠠᠪᠠ᠃ ᠮᠣᠩᠭᠣᠯ ᠸᠠᠩ ᠬᠦᠩ ᠨᠠᠷ ᠠᠭᠤᠯᠠ ᠪᠠ ᠲᠠᠯᠠ ᠳ᠋ᠤ᠌ ᠣᠴᠢᠵᠤ ᠰᠦᠷᠦᠭ ᠢ᠋ᠶ᠋ᠡᠨ ᠪᠡᠯᠴᠢᠭᠡᠨᠡ᠂ ᠲᠠᠷᠢᠶᠠ ᠲᠥᠮᠥᠰᠥ ᠲᠡᠢ ᠭᠠᠵᠠᠷ ᠢ᠋ ᠡᠵᠡᠯᠡᠬᠦ ᠦᠭᠡᠢ ᠭᠡᠵᠦ ᠰᠠᠨᠠᠯ ᠨᠢᠭᠡᠲᠡᠢ ᠵᠥᠪᠰᠢᠶᠡᠷᠡᠭᠰᠡᠨ ᠪᠥᠭᠡᠳ ᠬᠠᠤᠯᠢ ᠪᠠᠷ ᠲᠣᠭᠲᠠᠭᠰᠠᠨ ᠤᠯᠤᠰ ᠤ᠋ᠨ ᠭᠠᠢᠯᠢ ᠪᠠ ᠣᠨ ᠤ᠋ ᠮᠥᠩᠭᠥ ᠡᠴᠡ ᠥᠭᠡᠷᠡ ᠲᠤᠬᠠᠢ ᠶ᠋ᠢᠨ ᠭᠠᠵᠠᠷ ᠤ᠋ᠨ ᠠᠷᠠᠳ ᠪᠠ ᠤᠷᠠᠴᠤᠳ ᠠ᠋ᠴᠠ ᠪᠠᠨ ᠪᠤᠰᠤᠳ ᠶᠠᠭᠤᠮᠠ ᠬᠢᠬᠠᠵᠤ ᠠᠪᠬᠤ ᠦᠭᠡᠢ ᠭᠡᠪᠡ᠃
ᠡᠨᠡ ᠮᠡᠲᠦ ᠪᠡᠷ ᠲᠠᠷᠠᠬᠠᠢ ᠪᠤᠲᠠᠷᠬᠠᠢ ᠳᠤᠮᠳᠠᠳᠤ ᠠᠽᠢᠶᠠ ᠶ᠋ᠢᠨ ᠮᠣᠩᠭᠣᠯ ᠬᠠᠭᠠᠨᠲᠤ ᠭᠦᠷᠦᠨ ᠪᠣᠢ ᠪᠣᠯᠤᠭᠰᠠᠨ ᠪᠥᠭᠡᠳ ᠲᠤᠬᠠᠢ ᠶ᠋ᠢᠨ ᠭᠠᠵᠠᠷ ᠤ᠋ᠨ ᠰᠠᠭᠤᠭᠠᠯᠢ ᠠᠷᠠᠳ ᠢ᠋ ᠬᠠᠮᠠᠭᠠᠯᠠᠬᠤ ᠣᠨᠴᠠᠭᠠᠢ ᠲᠥᠷᠥ ᠶ᠋ᠢᠨ ᠪᠣᠳᠣᠯᠭᠠ ᠵᠡᠷᠭᠡ ᠶ᠋ᠢ ᠬᠡᠷᠡᠭᠵᠢᠭᠦᠯᠪᠡ᠃ ᠬᠠᠢᠲᠤ ᠶᠡᠬᠡ ᠤᠷᠲᠤ ᠪᠠᠨ ᠬᠠᠮᠢᠭᠠ ᠪᠣᠰᠬᠠᠭᠰᠠᠨ ᠢ᠋ ᠪᠢᠴᠢᠭ ᠲᠡᠮᠳᠡᠭᠯᠡᠯ ᠢ᠋ᠶ᠋ᠡᠷ ᠨᠤᠲᠠᠯᠠᠬᠤ ᠳ᠋ᠤ᠌ ᠪᠡᠷᠬᠡ᠂ ᠭᠡᠪᠡᠴᠦ ᠲᠡᠭᠦᠨ ᠢ᠋ ᠨᠠᠰᠤ ᠨᠥᠭᠴᠢᠭᠰᠡᠨ ᠦ᠌ ᠳᠠᠷᠠᠭᠠ ᠴᠦ ᠭᠣᠣᠯ ᠪᠣᠯᠤᠨ ᠢᠯᠢ ᠭᠣᠣᠯ ᠤ᠋ᠨ ᠬᠣᠭᠣᠷᠣᠨᠳᠣ ᠣᠷᠣᠰᠢᠭᠤᠯᠪᠠ ᠭᠡᠰᠡᠨ ᠪᠣᠳᠠᠲᠤ ᠬᠡᠷᠡᠭ ᠡᠴᠡ ᠲᠤᠬᠠᠢ ᠶ᠋ᠢᠨ ᠵᠢᠯ ᠦ᠋ᠨ ᠶᠡᠬᠡ ᠤᠷᠲᠤ ᠪᠠᠨ ᠴᠤ᠌ ᠳᠣᠯᠣᠭᠠᠨ ᠭᠣᠣᠯ ᠳ᠋ᠤ᠌ ᠪᠣᠰᠬᠠᠵᠤ ᠪᠠᠢᠯᠠ ᠭᠡᠰᠡᠨ ᠢ᠋ ᠲᠣᠳᠣᠯᠠᠵᠤ ᠪᠣᠯᠤᠨᠠ᠃ ᠢᠰᠯᠠᠮ ᠤ᠋ᠨ ᠱᠠᠰᠢᠨ ᠤ᠋ ᠵᠣᠬᠢᠶᠠᠭᠴᠢᠳ ᠬᠠᠢᠲᠤ ᠶ᠋ᠢᠨ ᠲᠥᠪ ᠭᠣᠣᠯᠴᠢ ᠪᠠᠷ ᠢᠰᠯᠠᠮ ᠤ᠋ᠨ ᠱᠠᠰᠢᠨ ᠢ᠋ ᠬᠠᠮᠠᠭᠠᠯᠠᠭᠰᠠᠨ ᠶᠠᠪᠤᠳᠠᠯ ᠢ᠋ ᠮᠠᠭᠲᠠᠨ ᠳᠠᠭᠤᠯᠠᠳᠠᠭ᠃ ᠸᠠᠰᠠᠹ ᠲᠤᠢᠯ ᠢ᠋ᠶ᠋ᠠᠷ ᠭᠡᠯᠮᠡᠨ ᠭᠠᠢᠬᠠᠵᠤ ᠪᠢᠴᠢᠭᠰᠡᠨ ᠨᠢ᠂ ᠬᠠᠢᠲᠤ ᠲᠤᠢᠯ ᠤ᠋ᠨ ᠰᠢᠯᠢᠳᠡᠭ ᠬᠤᠷᠴᠠ ᠴᠡᠷᠢᠭ ᠢ᠋ ᠰᠣᠷᠢᠨ ᠪᠣᠯᠪᠠᠰᠤᠷᠠᠭᠤᠯᠪᠠ᠂ ᠭᠡᠪᠡᠴᠦ ᠶᠡᠷᠦ ᠡᠴᠡ ᠪᠤᠰᠤᠳ ᠤᠯᠤᠰ ᠢ᠋ ᠲᠦᠷᠢᠮᠡᠬᠡᠢᠯᠡᠬᠦ ᠦᠭᠡᠢ᠂ ᠥᠪᠡᠷ ᠦ᠋ᠨ ᠬᠠᠷᠢᠶᠠ ᠭᠠᠵᠠᠷ ᠢ᠋ᠶ᠋ᠠᠨ ᠯᠠ ᠬᠠᠮᠠᠭᠠᠯᠠᠵᠤ᠂ ᠪᠤᠰᠤᠳ ᠭᠤᠷᠪᠠᠨ ᠮᠣᠩᠭᠣᠯ ᠬᠠᠭᠠᠨᠲᠤ ᠤᠯᠤᠰ ᠲᠠᠭᠠᠨ ᠲᠦᠷᠢᠮᠡᠬᠡᠢᠯᠡᠭᠳᠡᠬᠦ ᠦᠭᠡᠢ ᠪᠣᠯ ᠪᠣᠯᠴᠢᠬᠠᠨᠠ᠃ ᠡᠨᠡ ᠤᠳᠠᠭᠠᠨ ᠤ᠋ ᠲᠡᠮᠡᠴᠡᠯ ᠳ᠋ᠦ᠍᠂ ᠲᠡᠷᠡ ᠢᠯᠠᠯᠲᠠ ᠣᠯᠤᠭᠰᠠᠨ ᠶᠤᠮ᠂ ᠣᠨᠴᠠᠭᠠᠢᠯᠠᠨ ᠲᠡᠳᠡ ᠴᠠᠭᠠᠲᠠᠢ ᠶ᠋ᠢᠨ ᠤᠭᠰᠠᠭᠠᠨ ᠤ᠋ ᠣᠯᠠᠨ ᠸᠠᠩ ᠨᠠᠷ ᠤ᠋ᠨ ᠲᠡᠮᠡᠴᠡᠯᠳᠦᠭᠡᠨ ᠦ᠌ ᠳᠤᠮᠳᠠ ᠥᠪᠡᠷ ᠦ᠋ᠨ ᠢ᠋ᠶ᠋ᠡᠨ ᠬᠠᠷᠢᠶᠠ ᠭᠠᠵᠠᠷ ᠤ᠋ᠨ ᠢ᠋ᠶ᠋ᠠᠨ ᠡᠮᠬᠢ ᠵᠠᠮᠪᠠᠷᠠᠭᠠ ᠶ᠋ᠢ ᠰᠡᠷᠭᠦᠭᠡᠵᠦ ᠴᠢᠳᠠᠭᠰᠠᠨ ᠪᠠᠢᠨᠠ᠃1269 ᠣᠨ ᠤ᠋ ᠬᠤᠷᠠᠯᠳᠠᠢ ᠠ᠋ᠴᠠ ᠬᠣᠢᠰᠢ᠂ ᠪᠡᠯᠡ ᠤᠤᠯ ᠤ᠋ᠨ ᠬᠢᠳᠡᠯ ᠢ᠋ᠶ᠋ᠡᠨ ᠬᠤᠪᠢᠷᠠᠭᠤᠯᠤᠭᠠ ᠦᠭᠡᠢ᠂ ᠲᠡᠭᠦᠨ ᠢ᠋ ᠦᠬᠦᠭᠰᠡᠨ (1271) ᠦ᠌ ᠳᠠᠷᠠᠭᠠᠬᠢ ᠵᠢᠭᠤᠷᠠᠭᠠᠨ ᠨᠢ ᠲᠤᠬᠠᠢ ᠶ᠋ᠢᠨ ᠭᠠᠵᠠᠷ ᠤ᠋ᠨ ᠰᠠᠭᠤᠭᠠᠯᠢ ᠠᠷᠠᠳ ᠲᠤ᠌ ᠨᠡᠩ ᠶᠡᠬᠡ ᠬᠣᠣᠷ ᠬᠥᠨᠥᠭᠡᠯ ᠤᠴᠠᠷᠠᠭᠤᠯᠤᠭᠰᠠᠨ ᠪᠠᠢᠨᠠ᠃
ᠬᠠᠢᠲᠣ᠂ ᠴᠠᠭᠠᠲᠠᠢ ᠶ᠋ᠢᠨ ᠪᠡᠯᠴᠢᠭᠡᠷ ᠲᠦ᠍ ᠲᠥᠷᠥ ᠵᠠᠰᠠᠭ ᠪᠠᠢᠭᠤᠯᠤᠭᠰᠠᠨ ᠳ᠋ᠤ᠌ ᠴᠠᠭᠠᠲᠠᠢ ᠶ᠋ᠢᠨ ᠤᠭᠰᠠᠭᠠᠨ ᠤ᠋ ᠠᠩᠬᠠᠳᠠᠭᠴᠢ ᠦᠶᠡ ᠶ᠋ᠢᠨ ᠸᠠᠩ ᠨᠠᠷ ᠶᠠᠭᠠᠬᠢᠬᠤ ᠶ᠋ᠢᠨ ᠴᠦ᠍ ᠠᠷᠭᠠ ᠦᠭᠡᠢ ᠪᠠᠢᠪᠠ᠃ ᠬᠣᠵᠢᠮ ᠨᠢ ᠬᠠᠢᠲᠣ ᠪᠡᠯᠡ ᠶ᠋ᠢᠨ ᠬᠥᠪᠡᠭᠦᠨ᠂ ᠶᠡᠬᠡ ᠡᠷᠳᠡᠮ ᠴᠢᠳᠠᠪᠤᠷᠢᠲᠠᠢ ᠳᠤᠸᠠ ᠶ᠋ᠢ ᠦᠵᠡᠵᠦ ᠲᠣᠭᠣᠭᠰᠠᠨ ᠢ᠋ᠶ᠋ᠠᠷ ᠬᠡᠷᠡᠭ ᠶᠠᠪᠤᠳᠠᠯ ᠰᠠᠶᠢ ᠨᠡᠩ ᠲᠣᠭᠲᠠᠭᠤᠨ ᠪᠣᠯᠵᠤ ᠴᠢᠳᠠᠭᠰᠠᠨ ᠪᠠᠢᠨᠠ᠃ ᠬᠠᠢᠲᠣ ᠶ᠋ᠢ ᠰᠠᠭᠤᠷᠢᠨ ᠳ᠋ᠤ᠌ ᠪᠠᠢᠭᠰᠠᠨ ᠵᠢᠯ ᠦ᠋ᠳ ᠲᠦ᠍ ᠳᠤᠸᠠ ᠲᠡᠭᠦᠨ ᠦ᠌ ᠰᠢᠳᠤᠷᠭᠤ ᠬᠣᠯᠪᠣᠭᠠᠲᠠᠨ ᠨᠢ ᠪᠠᠢᠭᠰᠠᠨ ᠶᠤᠮ᠃ ᠲᠡᠷᠡᠴᠢᠯᠡᠨ ᠲᠡᠭᠦᠨ ᠲᠡᠢ ᠬᠠᠮᠲᠤ ᠪᠤᠰᠤᠳ ᠮᠣᠩᠭᠣᠯ ᠤᠯᠤᠰ ᠲᠠᠢ ᠪᠠᠨ ᠪᠠᠢᠯᠳᠤᠳᠠᠭ ᠪᠠᠢᠪᠠ᠃ ᠬᠤᠪᠢᠯᠠᠢ ᠲᠠᠢ ᠬᠢᠭᠰᠡᠨ ᠲᠡᠢᠨ ᠦ᠌ ᠣᠯᠠᠩᠬᠢ ᠨᠢ ᠮᠣᠩᠭᠣᠯ ᠣᠷᠣᠨ ᠳ᠋ᠤ᠌ ᠶᠠᠪᠤᠭᠳᠠᠭᠰᠠᠨ ᠶᠤᠮ᠃ ᠳᠣᠯᠣᠭᠠᠨ ᠤᠰᠤᠨ ᠳ᠋ᠤ᠌ ᠠᠪᠴᠤ ᠬᠡᠯᠡᠪᠡᠯ ᠬᠠᠮᠤᠭ ᠤ᠋ᠨ ᠴᠢᠬᠤᠯᠠ ᠨᠢ ᠬᠠᠰᠢ ᠯᠠ ᠵᠥᠴᠢ ᠶ᠋ᠢᠨ ᠤᠭᠰᠠᠭᠠ ᠲᠠᠢ ᠬᠢᠭᠰᠡᠨ ᠲᠡᠢᠨ ᠪᠠᠢᠭᠰᠠᠨ ᠶᠤᠮ᠃ ᠭᠣᠣᠯᠳᠠᠭᠤ ᠣᠷᠣᠳᠠ ᠶ᠋ᠢᠨ ᠠᠴᠢ ᠣᠮᠪᠣᠯᠣ ᠪᠠᠶᠠᠨ ᠭᠡᠳᠡᠭ ᠡᠨᠡ ᠬᠦ᠌ ᠨᠡᠯᠢᠶᠡᠳ ᠵᠡᠭᠦᠨᠰᠢᠯᠡᠭᠰᠡᠨ ᠨᠢᠭᠡ ᠰᠠᠯᠠᠭᠠ ᠶ᠋ᠢᠨ ᠬᠢᠨ ᠲᠡᠢ ᠬᠢᠭᠰᠡᠨ ᠲᠡᠢᠨ ᠪᠣᠯᠤᠨᠠ᠃ ᠴᠠᠭᠠᠨ ᠤᠷᠲᠤ(《ᠬᠥᠬᠡ ᠤᠷᠲᠤ》ᠴᠤ᠌ ᠭᠡᠳᠡᠭ) ᠦ᠋ᠨ ᠣᠯᠠᠨ ᠬᠠᠳ ᠨᠠᠷ ᠪᠦᠷᠢᠮᠦᠰᠦᠨ ᠪᠡᠶᠡ ᠪᠡᠨ ᠳᠠᠭᠠᠭᠠᠵᠤ ᠲᠤᠰᠠᠭᠠᠷᠯᠠᠭᠰᠠᠨ ᠪᠠᠢᠪᠠ᠂ ᠥᠩᠭᠡᠨ ᠳᠡᠭᠡᠷᠡ ᠪᠡᠨ ᠥᠪᠡᠷᠰᠡᠳ ᠢ᠋ ᠪᠡᠨ《 ᠠᠯᠲᠠᠨ ᠤᠷᠲᠤ》 ᠳ᠋ᠤ᠌ ᠬᠠᠷᠢᠶᠠᠯᠠᠭᠳᠠᠨᠠ ᠭᠡᠳᠡᠭ ᠪᠣᠯᠪᠠᠴᠤ ᠦᠨᠡᠨ ᠳ᠋ᠡᠭᠡᠨ《 ᠠᠯᠲᠠᠨ ᠤᠷᠲᠤ》 ᠶ᠋ᠢᠨ ᠬᠠᠳ ᠨᠠᠷ ᠤ᠋ᠨ ᠬᠤᠷᠠᠯᠳᠠᠢ ᠳ᠋ᠤ᠌ ᠣᠷᠣᠯᠴᠠᠳᠠᠭ ᠦᠭᠡᠢ᠃ ᠪᠠᠶᠠᠨ ᠤ᠋ ᠬᠣᠶᠠᠳᠤᠭᠠᠷ ᠦᠶᠡᠯᠢᠳ ᠠᠬᠠ ᠬᠦᠯᠦᠭ ᠤᠷᠪᠠᠨ ᠪᠣᠰᠤᠭᠠᠳ ᠬᠠᠢᠲᠣ ᠪᠣᠯᠤᠨ ᠳᠤᠸᠠ ᠶ᠋ᠢᠨ ᠳᠡᠮᠵᠢᠯᠭᠡ ᠪᠡᠷ ᠪᠠᠶᠠᠨ ᠢ᠋ ᠬᠥᠭᠡᠭᠡᠵᠦ ᠶᠠᠪᠤᠭᠤᠯᠪᠠ᠃ ᠪᠠᠶᠠᠨ ᠵᠥᠴᠢ ᠶ᠋ᠢᠨ ᠤᠭᠰᠠᠭᠠᠨ ᠤ᠋ ᠲᠦᠷᠦᠭᠦᠦ ᠲᠣᠭᠲᠠᠭᠠ (1290~1312) ᠠ᠋ᠴᠠ ᠲᠤᠰᠠᠯᠠᠮᠵᠢ ᠭᠤᠶᠤᠭᠰᠠᠨ ᠳ᠋ᠤ᠌ ᠲᠣᠭᠲᠠᠭᠠ ᠲᠡᠭᠦᠨ ᠢ᠋ ᠲᠤᠰᠠᠯᠠᠬᠤ ᠲᠡᠩᠬᠡᠭᠡ ᠪᠠᠢᠭᠰᠠᠨ ᠦᠭᠡᠢ᠂ ᠶᠠᠭᠤ ᠭᠡᠪᠡᠯ ᠲᠣᠭᠲᠠᠭᠠ ᠭᠠᠷ ᠳᠣᠣᠷᠠᠬᠢ ᠤᠷᠪᠠᠭᠰᠠᠨ ᠵᠠᠩᠵᠤᠨ ᠨᠣᠬᠠᠢ ᠶ᠋ᠢ ᠠᠷᠭᠠᠴᠠᠭᠠᠬᠤ ᠬᠡᠷᠡᠭᠲᠡᠢ ᠪᠠᠢᠭᠰᠠᠨ ᠲᠤᠯᠠ ᠪᠠᠶᠠᠨ ᠳ᠋ᠤ᠌ ᠨᠢᠭᠡ ᠬᠤᠪᠢ ᠵᠠᠷᠯᠢᠭ ᠤ᠋ᠨ ᠵᠠᠬᠢᠳᠠᠯ ᠢᠯᠡᠭᠡᠵᠦ᠂ ᠣᠷᠣᠳᠠ ᠶ᠋ᠢᠨ ᠤᠤᠯ ᠤ᠋ᠨ ᠪᠡᠯᠴᠢᠭᠡᠷ ᠢ᠋ ᠲᠡᠭᠦᠨ ᠳ᠋ᠦ᠍ ᠥᠭᠪᠡ᠃ ᠡᠭᠦᠨ ᠡᠴᠡ ᠭᠠᠳᠠᠨᠠ᠂ ᠲᠡᠷᠡ ᠪᠠᠰᠠ ᠬᠠᠢᠲᠣ ᠪᠣᠯᠤᠨ ᠳᠤᠸᠠ ᠶ᠋ᠢᠨ ᠲᠡᠨᠳᠡ ᠢᠯᠴᠢ ᠢᠯᠡᠬᠡᠨ ᠬᠦᠯᠦᠭ ᠢ᠋ ᠨᠠᠳᠠ ᠲᠤᠰᠢᠶᠠᠭᠲᠤᠨ ᠭᠡᠰᠡᠨ ᠳ᠋ᠦ᠍ ᠬᠠᠢᠲᠣ ᠵᠥᠪᠰᠢᠶᠡᠷᠡᠭᠰᠡᠨ ᠦᠭᠡᠢ᠃ 14 ᠳ᠋ᠦ᠍ᠭᠡᠷ ᠵᠠᠭᠤᠨ ᠪᠣᠯᠲᠠᠯᠠ᠂ ᠪᠠᠶᠠᠨ ᠶᠡᠷᠦ ᠡᠴᠡ ᠵᠣᠭᠰᠣᠯ ᠦᠭᠡᠢ ᠬᠦᠯᠦᠭ ᠪᠣᠯᠤᠨ ᠬᠠᠢᠲᠣ ᠂ ᠳᠤᠸᠠ ᠶ᠋ᠢᠨ ᠬᠣᠯᠪᠣᠭᠠᠲᠤ ᠴᠡᠷᠢᠭ ᠯᠦ᠍ᠭᠡ ᠲᠡᠢᠨ ᠬᠢᠭᠰᠡᠭᠡᠷ ᠪᠠᠢᠪᠠ᠃ 14 ᠳ᠋ᠦ᠍ᠭᠡᠷ ᠵᠠᠭᠤᠨ ᠡᠬᠢᠯᠡᠭᠰᠡᠨ ᠬᠡᠳᠦᠬᠡᠨ ᠵᠢᠯ ᠦ᠋ᠨ ᠳᠣᠲᠣᠷᠠ᠂ ᠲᠡᠳᠡ ᠬᠣᠭᠣᠷᠣᠨᠳᠣ ᠪᠠᠨ ᠠᠷᠪᠠᠨ ᠨᠠᠢ᠍ᠮᠠᠨ ᠤᠳᠠᠭᠠ ᠳᠠᠢᠯᠠᠯᠳᠤᠭᠰᠠᠨ ᠪᠠᠢᠨᠠ᠃ 13 ᠳ᠋ᠤᠭᠠᠷ ᠵᠠᠭᠤᠨ ᠳᠠᠭᠤᠰᠤᠮᠠᠷ ᠪᠠᠢᠬᠤ ᠦᠶᠡ ᠳ᠋ᠦ᠍ ᠬᠠᠢᠲᠣ ᠂ ᠳᠤᠸᠠ ᠳᠤᠮᠳᠠᠳᠤ ᠤᠯᠤᠰ ᠲᠤ᠌ ᠡᠯᠴᠢ ᠢᠯᠡᠬᠡᠨ ᠬᠤᠪᠢᠯᠠᠢ ᠶ᠋ᠢᠨ ᠵᠠᠯᠭᠠᠮᠵᠢᠯᠠᠭᠴᠢ ᠲᠡᠮᠦᠷ ᠬᠠᠭᠠᠨ(ᠶᠤᠸᠠᠨ ᠤᠯᠤᠰ ᠤ᠋ᠨ ᠽᠸᠩᠽᠦᠩ ᠬᠠᠭᠠᠨ) ᠳ᠋ᠤ᠌ ᠪᠠᠷᠠᠯᠬᠠᠵᠤ᠂ᠬᠣᠶᠠᠷ ᠤᠯᠤᠰ ᠢ᠋ᠶ᠋ᠠᠷ ᠢ᠋ᠶ᠋ᠠᠨ ᠬᠣᠯᠪᠤᠭᠠᠯᠠᠰᠤᠭᠠᠷ ᠭᠡᠵᠦ ᠱᠠᠭᠠᠷᠳᠠᠪᠠ᠃ ᠲᠡᠳᠡ ᠥᠪᠡᠷᠰᠡᠳ ᠢ᠋ ᠪᠡᠨ ᠳᠥᠷᠪᠡᠨ ᠲᠠᠯᠠ ᠶ᠋ᠢᠨ ᠴᠡᠷᠢᠭ ᠲᠦ᠍ ᠴᠣᠬᠢᠭᠤᠯᠤᠨᠠ ᠭᠡᠵᠦ ᠪᠣᠳᠣᠭᠰᠠᠨ ᠪᠠᠢᠵᠠᠢ᠂ ᠲᠤᠬᠠᠢᠯᠠᠪᠠᠯ᠂ ᠪᠠᠷᠠᠭᠤᠨ ᠬᠣᠢᠨᠠ ᠠ᠋ᠴᠠ ᠲᠣᠭᠲᠠᠭᠠ ᠪᠣᠯᠤᠨ ᠪᠠᠶᠠᠨ ᠤ᠋ ᠴᠡᠷᠢᠭ ᠢᠷᠡᠨᠡ᠂ ᠪᠠᠷᠠᠭᠤᠨ ᠡᠮᠦᠨᠡ ᠡᠴᠡ ᠫᠧᠷᠰ ᠦ᠋ᠨ ᠨᠣᠶᠠᠯᠠᠭᠴᠢ ᠭᠠᠴᠠ ᠶ᠋ᠢᠨ ᠴᠡᠷᠢᠭ ᠢᠷᠡᠨᠡ᠂ ᠵᠡᠭᠦᠨ ᠡᠮᠦᠨᠡ ᠡᠴᠡ ᠪᠠᠲᠠᠭᠱᠠᠨ ᠬᠠᠪᠢ ᠶ᠋ᠢᠨ ᠨᠣᠶᠠᠯᠠᠭᠴᠢ ᠶ᠋ᠢᠨ ᠴᠡᠷᠢᠭ ᠢᠷᠡᠨᠡ᠂ ᠶᠠᠭ ᠵᠡᠭᠦᠨ ᠡᠴᠡ ᠳᠤᠮᠳᠠᠳᠤ ᠤᠯᠤᠰ ᠤ᠋ᠨ ᠬᠠᠭᠠᠨ ᠤ᠋ ᠴᠡᠷᠢᠭ ᠢᠷᠡᠨᠡ᠃ ᠡᠬᠡ ᠬᠠᠲᠤᠨ ᠤ᠋ ᠪᠠᠨ ᠢᠳᠬᠠᠯᠭᠠ ᠶ᠋ᠢ ᠰᠣᠨᠣᠰᠤᠭᠰᠠᠨ ᠲᠡᠮᠦᠷ ᠬᠠᠭᠠᠨ ᠲᠡᠳᠡ ᠨᠠᠷ ᠲᠤ᠌ ᠶᠠᠮᠠᠷ ᠴᠤ᠌ ᠬᠠᠷᠢᠭᠤᠯᠲᠠ ᠥᠭᠭᠦᠭᠰᠡᠨ ᠦᠭᠡᠢ᠃
ᠴᠢᠩᠭᠢᠰ ᠬᠠᠭᠠᠨ ᠢ᠋ᠶ᠋ᠠᠷ ᠬᠡᠪ ᠳᠠᠭᠤᠷᠢᠶᠠᠯ ᠪᠣᠯᠭᠠᠵᠤ᠂ ᠬᠠᠢᠲᠣ ᠭᠠᠷ ᠳᠣᠣᠷᠠᠬᠢ ᠴᠡᠷᠢᠭ ᠦ᠋ᠨ ᠡᠷᠬᠡ ᠪᠡᠨ ᠬᠡᠳᠦᠨ ᠬᠥᠪᠡᠭᠦᠨ ᠳ᠋ᠡᠭᠡᠨ ᠲᠤᠰᠢᠶᠠᠵᠤ ᠥᠭᠴᠡᠢ᠃ ᠦᠳᠡᠯᠦᠭᠡ ᠨᠠᠰᠤᠨ ᠳ᠋ᠠᠭᠠᠨ ᠬᠡᠳᠦᠨ ᠬᠥᠪᠡᠭᠦᠨ ᠳ᠋ᠡᠭᠡᠨ ᠠᠳᠠᠯᠢ ᠪᠤᠰᠤ ᠤᠯᠤᠰ ᠤ᠋ᠨ ᠬᠢᠯᠢ ᠳᠡᠭᠡᠷᠡᠬᠢ ᠰᠡᠷᠭᠡᠢᠯᠡᠬᠦ ᠠᠵᠢᠯ ᠢ᠋ ᠳᠠᠭᠠᠭᠠᠯᠭᠠᠪᠠ᠃ ᠦᠷᠦᠰ ᠳᠤᠮᠳᠠᠳᠤ ᠤᠯᠤᠰ ᠤ᠋ᠨ ᠬᠢᠯᠢ ᠳᠡᠭᠡᠷᠡᠬᠢ ᠰᠡᠷᠭᠡᠢᠯᠡᠬᠦ ᠠᠵᠢᠯ ᠢ᠋ ᠬᠠᠷᠢᠭᠤᠴᠠᠪᠠ᠃ ᠪᠤᠶᠠᠭᠴᠢ ᠵᠥᠴᠢ ᠶ᠋ᠢᠨ ᠬᠢᠯᠢ ᠳᠡᠭᠡᠷᠡᠬᠢ ᠰᠡᠷᠭᠡᠢᠯᠡᠬᠦ ᠠᠵᠢᠯ ᠢ᠋ ᠬᠠᠷᠢᠭᠤᠴᠠᠪᠠ᠃ ᠰᠡᠷᠪᠡᠩ ᠠᠹᠭᠠᠨᠢᠰᠲ᠋ᠠᠨ ᠤ᠋ ᠬᠢᠯᠢ ᠳᠡᠭᠡᠷᠡᠬᠢ ᠰᠡᠷᠭᠡᠢᠯᠡᠬᠦ ᠠᠵᠢᠯ ᠢ᠋ ᠬᠠᠷᠢᠭᠤᠴᠠᠪᠠ᠂ ᠲᠡᠨᠳᠡ ᠬᠠᠢᠲᠣ᠂ ᠳᠤᠸᠠ ᠶ᠋ᠢᠨ ᠬᠣᠯᠪᠣᠭᠠᠲᠤ ᠴᠡᠷᠢᠭ ᠬᠦᠯᠡᠬᠦ ᠶ᠋ᠢᠨ ᠴᠡᠷᠢᠭ ᠢ᠋ ᠢᠳᠡᠭ ᠢᠳᠡᠭ ᠢ᠋ᠶ᠋ᠡᠷ ᠬᠥᠭᠡᠭᠡᠵᠦ ᠶᠠᠪᠤᠭᠤᠯᠪᠠ᠃ ᠬᠠᠢᠲᠣ ᠶ᠋ᠢᠨ ᠤᠤᠭᠠᠨ ᠬᠥᠪᠡᠭᠦᠨ ᠪᠥᠭᠡᠳ ᠵᠠᠯᠭᠠᠮᠵᠢᠯᠠᠭᠴᠢ ᠴᠡᠪᠡᠷ ᠦ᠋ᠨ ᠬᠠᠢᠲᠣ ᠶ᠋ᠢ ᠠᠮᠢᠳᠤ ᠪᠠᠢᠭᠰᠠᠨ ᠦᠶᠡ ᠶ᠋ᠢᠨ ᠠᠵᠢᠯᠯᠠᠭᠠ ᠶ᠋ᠢᠨ ᠲᠤᠬᠠᠢ ᠪᠢᠳᠡ ᠪᠠᠷᠤᠭ ᠮᠡᠳᠡᠮᠡᠷ ᠵᠦᠢᠯ ᠠᠯᠠᠭᠠ᠃ ᠬᠠᠢᠲᠣ ᠶ᠋ᠢᠨ ᠥᠬᠢᠨ ᠬᠣᠲᠤᠯᠤᠨ ᠴᠠᠪᠢ ᠴᠦ ᠭᠣᠣᠯ ᠤ᠋ᠨ ᠰᠠᠪᠠ ᠵᠢᠯᠠᠭᠠ ᠬᠠᠪᠢ ᠪᠠᠷ ᠰᠠᠭᠤᠵᠤ ᠪᠠᠢᠪᠠ᠂ ᠲᠤᠬᠠᠢ ᠶ᠋ᠢᠨ ᠦᠶᠡ ᠳ᠋ᠦ᠍ ᠡᠨᠳᠡ ᠰᠠᠭᠤᠭᠠᠯᠢ ᠠᠷᠠᠳ ᠶᠡᠬᠡ ᠣᠯᠠᠨ ᠪᠠᠢᠵᠠᠢ᠃ ᠡᠴᠢᠭᠡ ᠨᠢ ᠨᠠᠰᠤ ᠪᠠᠷᠠᠭᠰᠠᠨ ᠤ᠋ ᠳᠠᠷᠠᠭᠠ ᠲᠡᠷᠡ ᠪᠤᠩᠬᠤᠨ ᠢ᠋ ᠨᠢ ᠰᠠᠬᠢᠭᠴᠢ ᠪᠣᠯᠪᠠ᠃ ᠡᠨᠡ ᠬᠦ᠌ ᠬᠠᠳᠠᠨ ᠵᠣᠷᠢᠭᠲᠤ ᠪᠠᠭᠠᠲᠤᠷ ᠥᠬᠢᠨ ᠠᠪᠤ ᠶ᠋ᠢᠨ ᠢ᠋ᠶ᠋ᠡᠨ ᠬᠢᠭᠰᠡᠨ ᠪᠦᠬᠦ ᠠᠶᠠᠨ ᠲᠡᠢᠨ ᠳ᠋ᠦ᠍ ᠣᠷᠣᠯᠴᠠᠵᠤ ᠶᠠᠪᠤᠭᠰᠠᠨ ᠪᠣᠯᠪᠠᠴᠤ ᠬᠠᠷᠢ ᠳ᠋ᠤ᠌ ᠮᠣᠷᠳᠠᠳᠠᠭ ᠦᠭᠡᠢ ᠪᠠᠢᠪᠠ᠃ ᠲᠡᠢᠨ ᠬᠦ᠌ ᠡᠯᠳᠡᠪ ᠦ᠋ᠨ ᠴᠤᠤ ᠳᠡᠭᠳᠡᠵᠦ᠂ ᠬᠠᠢᠲᠣ ᠶ᠋ᠢᠨ ᠥᠬᠢᠨ ᠢ᠋ᠶ᠋ᠡᠨ ᠬᠠᠢᠷᠠᠯᠠᠬᠤ ᠬᠠᠢᠷᠠ ᠨᠢ ᠡᠴᠢᠭᠡ ᠶ᠋ᠢᠨ ᠬᠠᠢᠷᠠ ᠠ᠋ᠴᠠ ᠳᠠᠪᠠᠴᠢᠬᠠᠭᠰᠠᠨ᠂ ᠲᠡᠭᠡᠭᠡᠳ ᠲᠡᠷᠡ ᠥᠬᠢᠨ ᠢ᠋ᠶ᠋ᠡᠨ ᠬᠠᠷᠢ ᠳ᠋ᠤ᠌ ᠮᠣᠷᠳᠠᠭᠤᠯᠬᠤ ᠦᠭᠡᠢ ᠪᠠᠢᠨᠠ ᠭᠡᠬᠦ ᠵᠡᠷᠭᠡ ᠬᠡᠯᠡ ᠶᠠᠷᠢᠶᠠ ᠡᠭᠦᠰᠴᠡᠢ᠃ ᠰᠡᠭᠦᠯᠡᠷ ᠨᠢ ᠬᠠᠢᠲᠣ ᠥᠬᠢᠨ ᠢ᠋ᠶ᠋ᠡᠨ ᠬᠦᠷᠭᠡᠨ ᠰᠣᠩᠭᠣᠭᠤᠯᠤᠭᠰᠠᠨ ᠪᠠᠢᠨᠠ᠃ ᠡᠨᠡ ᠥᠬᠢᠨ ᠢ᠋ ᠠᠯᠢ ᠡᠷᠲᠡ ᠫᠧᠷᠰ ᠦ᠋ᠨ ᠸᠠᠩ ᠬᠠᠰᠠᠨ ᠳ᠋ᠤ᠌ ᠪᠡᠷᠢ ᠪᠣᠯᠭᠠᠵᠤ ᠥᠭᠬᠦ ᠪᠡᠷ ᠲᠣᠭᠲᠠᠭᠠᠳ ᠪᠠᠢᠭᠰᠠᠨ ᠶᠤᠮ᠂ ᠭᠡᠪᠡᠴᠦ ᠡᠨᠡ ᠥᠬᠢᠨ ᠡᠴᠢᠭᠡ ᠶ᠋ᠢᠨ ᠢ᠋ᠶ᠋ᠡᠨ ᠨᠢᠭᠡ ᠨᠡᠷᠡᠲᠦ ᠲᠣᠭᠣᠭᠠᠴᠢ ᠳ᠋ᠤ᠌ ᠮᠣᠷᠳᠠᠵᠠᠢ᠃ ᠡᠨᠡ ᠬᠥᠮᠦᠨ ᠬᠢᠲᠠᠳ ᠤᠳᠤᠮ ᠲᠠᠢ᠃
ᠬᠠᠢᠲᠣ ᠶ᠋ᠢᠨ ᠨᠠᠰᠤ ᠪᠠᠷᠠᠭᠰᠠᠨ ᠲᠤᠬᠠᠢ ᠲᠡᠮᠳᠡᠭᠯᠡᠯ ᠦ᠋ᠳ ᠬᠣᠭᠣᠷᠣᠨᠳᠣ ᠪᠠᠨ ᠵᠥᠷᠢᠶᠡ ᠲᠡᠢ ᠪᠠᠢᠭᠠ᠃ ᠷᠠᠰᠢᠳ᠋ — ᠠᠳ᠋ — ᠳ᠋ᠢᠨ ᠦ᠌ ᠲᠡᠮᠳᠡᠭᠯᠡᠯ ᠢ᠋ ᠦᠨᠳᠦᠰᠦᠯᠡᠪᠡᠯ᠂1303 ᠣᠨ ᠳ᠋ᠤ᠌ ᠫᠧᠷᠰ ᠲᠦ᠍ ᠬᠦᠷᠴᠦ ᠢᠷᠡᠭᠰᠡᠨ ᠴᠢᠮᠡᠭᠡᠨ ᠳ᠋ᠦ᠍ ᠲᠦᠷᠦᠭᠦᠬᠡᠨ ᠬᠠᠢᠲᠣ᠂ ᠳᠤᠸᠠ ᠶ᠋ᠢᠨ ᠴᠡᠷᠢᠭ ᠶᠤᠸᠠᠨ ᠤᠯᠤᠰ ᠤ᠋ᠨ ᠴᠡᠷᠢᠭ ᠲᠦ᠍ ᠳᠡᠢᠯᠦᠭᠳᠡᠭᠡᠳ᠂ ᠬᠠᠢᠲᠣ ᠲᠡᠢᠨ ᠦ᠌ ᠲᠠᠯᠠᠪᠤᠷ ᠲᠤ᠌ ᠪᠡᠶᠡ ᠦᠷᠡᠭᠳᠡᠨ᠂ ᠳᠤᠸᠠ ᠬᠦᠨᠳᠦ ᠰᠢᠷᠬᠠ ᠣᠯᠵᠤ ᠨᠠᠰᠤᠨ ᠤ᠋ ᠵᠡᠮᠳᠡᠭ ᠪᠣᠯᠤᠭᠰᠠᠨ ᠭᠡᠨᠡ ᠭᠡᠪᠡ᠃ ᠡᠭᠦᠨ ᠲᠡᠢ ᠠᠳᠠᠯᠢ ᠪᠤᠰᠤ ᠲᠡᠮᠳᠡᠭᠯᠡᠯ ᠭᠡᠪᠡᠯ ᠵᠠᠮᠠᠢᠯ· ᠭᠠᠯᠱ — ᠡᠨᠡ ᠬᠥᠮᠦᠨ ᠲᠤᠰ ᠬᠡᠷᠡᠭ ᠢ᠋ ᠭᠠᠷᠬᠤ ᠦᠶᠡ ᠪᠡᠷ ᠳᠤᠮᠳᠠᠳᠤ ᠠᠽᠢᠶᠠ ᠳ᠋ᠤ᠌ ᠠᠮᠢᠳᠤᠷᠠᠵᠤ ᠪᠠᠢᠪᠠ᠂ ᠲᠡᠷᠡ ᠪᠡᠷ ᠬᠠᠢᠲᠣ1301 ᠣᠨ ᠤ᠋ ᠨᠠᠮᠤᠷ ᠨᠠᠰᠤ ᠪᠠᠷᠠᠪᠠ ᠭᠡᠵᠦ ᠬᠡᠯᠡᠭᠰᠡᠨ ᠪᠠᠢᠨᠠ᠃ ᠡᠢᠨ ᠬᠦ᠌ ᠡᠨᠡ ᠴᠢᠮᠡᠭᠡ ᠳᠤᠮᠳᠠᠳᠤ ᠠᠽᠢᠶᠠ ᠠ᠋ᠴᠠ ᠫᠧᠷᠰ ᠬᠦᠷᠴᠦ ᠢᠷᠡᠲᠡᠯᠡ ᠵᠢᠯ ᠬᠠᠭᠠᠰ ᠤ᠋ᠨ ᠴᠠᠭ ᠵᠠᠷᠤᠴᠠᠭᠤᠯᠤᠭᠰᠠᠨ ᠪᠠᠢᠨᠠ᠃ ᠡᠨᠡ ᠪᠠᠢᠳᠠᠯ ᠠ᠋ᠴᠠ ᠷᠠᠰᠢᠳ᠋ — ᠠᠳ᠋ — ᠳ᠋ᠢᠨ ᠦ᠌ ᠬᠡᠯᠡᠭᠰᠡᠨ ᠦᠯᠢᠭᠡᠷ ᠦ᠋ᠨ ᠵᠥᠪ ᠡᠰᠡᠬᠦ ᠶ᠋ᠢ ᠲᠥᠰᠦᠭᠡᠯᠡᠨ ᠮᠡᠳᠡᠵᠦ ᠪᠣᠯᠤᠨᠠ᠃ ᠸᠠᠰᠠᠹ ᠬᠠᠷᠢᠨ ᠬᠠᠢᠲᠣ ᠶ᠋ᠢᠨ ᠦᠬᠦᠭᠰᠡᠨ ᠲᠤᠬᠠᠢ ᠦᠰᠦᠳ ᠥᠭᠡᠷᠡ ᠶᠠᠩᠵᠤ ᠪᠠᠷ ᠶᠠᠷᠢᠭᠰᠠᠨ ᠪᠠᠢᠪᠠ᠄ ᠬᠠᠢᠲᠣ ᠶᠡᠬᠡ ᠬᠠᠭᠠᠨ ᠤ᠋ ᠴᠡᠷᠢᠭ ᠢ᠋ ᠴᠣᠬᠢᠨ ᠢᠯᠠᠵᠠᠢ᠂ ᠰᠡᠭᠦᠯᠡᠷ ᠨᠢ ᠡᠪᠡᠳᠴᠢᠨ ᠳ᠋ᠦ᠍ ᠪᠠᠷᠢᠭᠳᠠᠭᠠᠳ ᠬᠥᠪᠡᠭᠦᠨ ᠦᠷᠦᠰ ᠢ᠋ᠶ᠋ᠡᠨ ᠴᠡᠷᠢᠭ ᠢ᠋ᠶ᠋ᠡᠨ ᠳᠠᠭᠠᠭᠤᠯᠵᠤ ᠤᠰᠤ ᠪᠡᠯᠴᠢᠭᠡᠷ ᠰᠠᠢᠨ ᠭᠠᠵᠠᠷ ᠲᠤ᠌ ᠣᠴᠢ ᠭᠡᠵᠦ ᠭᠡᠷᠢᠶᠡᠰᠦᠯᠡᠪᠡ᠃ ᠭᠤᠷᠪᠠᠳᠤᠭᠠᠷ ᠰᠠᠷᠠ ᠳ᠋ᠤᠨᠢ ᠬᠠᠢᠲᠣ ᠨᠠᠰᠤ ᠪᠠᠷᠠᠪᠠ᠃ ᠳᠤᠸᠠ ᠪᠣᠯ ᠬᠠᠢᠲᠣ ᠶ᠋ᠢ ᠠᠮᠢᠳᠤ ᠰᠡᠷᠡᠭᠦᠨ ᠪᠠᠢᠭᠰᠠᠨ ᠦᠶᠡ ᠶ᠋ᠢᠨ ᠴᠡᠷᠢᠭ ᠵᠠᠬᠢᠷᠳᠠᠭ ᠨᠠᠢᠵᠠ ᠨᠢ ᠪᠣᠯᠤᠨᠠ᠃ ᠣᠳᠣ ᠡᠷᠬᠡ ᠬᠦᠴᠦ ᠲᠡᠢ ᠬᠥᠮᠦᠨ ᠪᠣᠯᠵᠠᠢ᠃ ᠸᠠᠰᠠᠹ ᠤ᠋ᠨ ᠬᠡᠯᠡᠬᠦ ᠪᠡᠷ᠂ ᠬᠠᠢᠲᠤ ᠠᠮᠢᠳᠤ ᠪᠠᠢᠬᠤ ᠳ᠋ᠠᠭᠠᠨ ᠬᠥᠪᠡᠭᠦᠨ ᠦᠷᠦᠰ ᠲᠡᠭᠡᠨ ᠬᠡᠵᠢᠶᠡᠳᠡ ᠳᠤᠸᠠ ᠶ᠋ᠢᠨ ᠦᠭᠡ ᠶ᠋ᠢ ᠰᠣᠨᠣᠰᠴᠤ ᠶᠠᠪᠤ ᠭᠡᠵᠦ ᠭᠡᠷᠢᠶᠡᠰᠦᠯᠡᠭᠰᠡᠨ ᠪᠠᠢᠨᠠ᠃ ᠬᠠᠢᠲᠣ ᠶ᠋ᠢᠨ ᠤᠭᠰᠠᠭᠠᠨ ᠤ᠋ ᠸᠠᠩ ᠬᠦᠩ ᠨᠠᠷ ᠢ᠋ ᠳᠠᠭᠤᠳᠠᠨ ᠴᠤᠭᠯᠠᠭᠤᠯᠵᠤ᠂ ᠬᠠᠢᠲᠣ ᠶ᠋ᠢᠨ ᠠᠪᠰᠠ ᠶ᠋ᠢᠨ ᠡᠮᠦᠨᠡ ᠳᠤᠸᠠ ᠪᠠᠷ ᠲᠡᠷᠡ ᠨᠠᠷ ᠢ᠋ ᠬᠠᠢᠲᠣ ᠶ᠋ᠢᠨ ᠶᠡᠬᠡ ᠬᠥᠪᠡᠭᠦᠨ ᠦ᠌ ᠦᠭᠡ ᠶ᠋ᠢ ᠰᠣᠨᠣᠰᠤᠭᠲᠤᠨ ᠭᠡᠵᠦ ᠪᠢᠰᠢᠷᠡᠭᠦᠯᠪᠡ(ᠲᠤᠬᠠᠢ ᠶ᠋ᠢᠨ ᠦᠶᠡ ᠳ᠋ᠦ᠍ ᠬᠠᠮᠤᠭ ᠤ᠋ᠨ ᠶᠡᠬᠡ ᠡᠷᠬᠡ ᠮᠡᠳᠡᠭᠴᠢ ᠴᠡᠪᠡᠷ ᠬᠠᠮᠲᠤ ᠪᠠᠢᠭᠰᠠᠨ ᠦᠭᠡᠢ)᠃ ᠬᠠᠢᠲᠣ ᠶ᠋ᠢᠨ ᠬᠡᠭᠦᠷ ᠢ᠋ ᠬᠠᠷᠢᠶᠠ ᠨᠤᠲᠤᠭ ᠲᠤᠨᠢ ᠠᠪᠠᠴᠢᠵᠤ᠂ ᠢᠯᠢ ᠭᠣᠣᠯ ᠪᠣᠯᠤᠨ ᠴᠦ ᠭᠣᠣᠯ ᠤ᠋ᠨ ᠬᠣᠭᠣᠷᠣᠨᠳᠣᠬᠢ ᠥᠨᠳᠥᠷᠯᠢᠭ ᠲᠦ᠍ ᠣᠷᠣᠰᠢᠭᠤᠯᠪᠠ᠃ ᠴᠡᠪᠡᠷ ᠦ᠋ᠨ ᠠᠮᠢᠳᠤᠷᠠᠯ ᠤ᠋ᠨ ᠲᠤᠬᠠᠢ ᠮᠠᠨ ᠤ᠋ ᠣᠯᠵᠤ ᠮᠡᠳᠡᠭᠰᠡᠨ ᠵᠦᠢᠯ ᠲᠤᠩ ᠬᠣᠪᠣᠷ᠃ ᠷᠠᠰᠢᠳ᠋— ᠠᠳ᠋— ᠳ᠋ᠢᠨ ᠦ᠌ ᠬᠡᠯᠡᠬᠦ ᠪᠡᠷ᠂ ᠭᠠᠳᠠᠷ ᠲᠥᠷᠬᠦ ᠶ᠋ᠢ ᠨᠢ ᠬᠠᠷᠠᠬᠤ ᠳ᠋ᠤ᠌ ᠣᠷᠣᠰ ᠬᠥᠮᠦᠨ ᠪᠤᠶᠤ ᠲᠠᠵᠢᠺ ᠬᠥᠮᠦᠨ ᠰᠢᠭ᠃ ᠡᠨᠡ ᠬᠥᠮᠦᠨ ᠪᠦᠷᠢᠮᠦᠰᠦᠨ ᠳᠤᠸᠠ ᠶ᠋ᠢᠨ ᠨᠥᠯᠦᠭᠡᠨ ᠳᠣᠣᠷᠠ ᠪᠠᠢᠭᠰᠠᠨ ᠭᠡᠨᠡ᠃ ᠲᠡᠭᠡᠬᠦ ᠳ᠋ᠦ᠍ ᠷᠠᠰᠢᠳ᠋— ᠠᠳ᠋— ᠳ᠋ᠢᠨ ᠢ᠋ᠶ᠋ᠡᠷ ᠡᠪᠡᠳᠴᠢᠨ ᠬᠠᠭᠤᠴᠢᠨ ᠲᠠᠢ ᠳᠤᠸᠠ ᠶ᠋ᠢᠨ ᠪᠡᠶᠡ ᠪᠣᠯᠤᠨ ᠡᠷᠡᠯᠬᠡᠭ ᠲᠣᠭᠰᠢᠨ ᠴᠡᠪᠡᠷ ᠦ᠋ᠨ ᠠᠵᠢᠯᠯᠠᠭᠠ ᠶ᠋ᠢ ᠪᠦᠷᠢᠨ ᠲᠣᠳᠣ ᠲᠡᠮᠳᠡᠭᠯᠡᠵᠡᠢ᠃ ᠵᠠᠮᠠᠢᠯ᠂ ᠭᠠᠯᠱ ᠬᠡᠯᠡᠬᠦ ᠳ᠋ᠡᠭᠡᠨ ᠳᠤᠸᠠ ᠪᠣᠯ ᠴᠡᠪᠡᠷ ᠦ᠋ᠨ ᠠᠷᠤ ᠲᠦᠰᠢᠭ ᠮᠥᠨ ᠭᠡᠵᠡᠢ᠃ ᠬᠠᠢᠲᠣ ᠶ᠋ᠢ ᠨᠠᠰᠤ ᠨᠥᠭᠴᠢᠭᠰᠡᠨ ᠦ᠌ ᠳᠠᠷᠠᠭᠠ ᠡᠭᠦᠰᠦᠭᠰᠡᠨ ᠵᠢᠭᠤᠷᠠᠯᠳᠤᠭᠠᠨ ᠠ᠋ᠴᠠ ᠪᠣᠯᠵᠤ᠂ ᠤᠯᠤᠰ ᠤ᠋ᠨ ᠳᠣᠲᠣᠭᠠᠳᠤ ᠳ᠋ᠤᠨᠢ ᠶᠡᠬᠡ ᠬᠣᠬᠢᠷᠠᠯ ᠭᠠᠷᠪᠠ᠃ ᠵᠥᠴᠢ ᠶ᠋ᠢᠨ ᠤᠭᠰᠠᠭᠠᠨ ᠤ᠋ ᠲᠣᠭᠲᠠᠭᠠ ᠪᠠᠢᠨ ᠪᠠᠢᠨ ᠳᠠᠭᠠᠷᠢᠨ ᠢᠷᠡᠵᠦ ᠬᠦᠯᠦᠭ ᠢ᠋ ᠲᠤᠰᠢᠶᠠᠭᠲᠤᠨ ᠭᠡᠵᠦ ᠱᠠᠭᠠᠷᠳᠠᠨᠠ᠂ ᠡᠰᠡ ᠵᠥᠪᠰᠢᠶᠡᠷᠡᠪᠡᠯ ᠬᠣᠶᠠᠷ ᠲᠦᠮᠡᠨ ᠴᠡᠷᠢᠭ ᠢᠯᠡᠭᠡᠵᠦ ᠪᠠᠶᠠᠨ ᠢ᠋ ᠲᠤᠰᠠᠯᠠᠭᠤᠯᠵᠤ᠂ ᠳᠤᠸᠠ᠂ ᠴᠡᠪᠡᠷ ᠲᠡᠢ ᠥᠰᠢᠶᠡᠷᠬᠡᠨᠡ᠃1303 ᠣᠨ ᠤ᠋2 ᠰᠠᠷᠠ ᠳ᠋ᠤ᠌᠂ ᠪᠠᠶᠠᠨ ᠡᠯᠴᠢ ᠲᠣᠮᠢᠯᠠᠨ ᠪᠠᠭᠳ᠋ᠠᠳ᠋ ᠲᠤ᠌ ᠣᠴᠢᠭᠤᠯᠵᠤ᠂ ᠮᠠᠨ ᠤ᠋ ᠡᠵᠡᠨ ᠡᠨᠡ ᠵᠢᠯ ᠦ᠋ᠨ ᠳᠣᠲᠣᠷᠠ᠂ ᠳᠤᠮᠳᠠᠳᠤ ᠤᠯᠤᠰ ᠤ᠋ᠨ ᠶᠡᠬᠡ ᠬᠠᠭᠠᠨ ᠤ᠋ ᠴᠡᠷᠢᠭ ᠲᠡᠢ ᠬᠠᠮᠵᠢᠯᠴᠠᠨ ᠳᠤᠸᠠ᠂ ᠴᠡᠪᠡᠷ ᠢ᠋ ᠴᠡᠷᠢᠭᠯᠡᠬᠦ ᠭᠡᠵᠦ ᠪᠠᠢᠨᠠ ᠭᠡᠵᠦ ᠬᠡᠯᠡᠭᠦᠯᠪᠡ᠃ ᠡᠢᠮᠦᠷᠬᠦᠦ ᠬᠢᠮᠤᠷᠠᠯ ᠠ᠋ᠴᠠ ᠰᠡᠷᠭᠡᠢᠯᠡᠬᠦ ᠶ᠋ᠢᠨ ᠲᠥᠯᠥᠭᠡ᠂ ᠬᠠᠢᠲᠣ ᠠᠮᠢᠳᠤ ᠪᠠᠢᠬᠤ ᠳ᠋ᠠᠭᠠᠨ ᠬᠥᠪᠡᠭᠦᠨ ᠪᠤᠶᠠᠭᠴᠢ ᠪᠣᠯᠤᠨ ᠱᠠᠭᠠ ᠶ᠋ᠢ ᠲᠣᠮᠢᠯᠠᠨ ᠮᠥᠩᠬᠡ ᠶ᠋ᠢᠨ ᠣᠮᠪᠣᠯᠣ ᠳᠣᠲᠣᠲᠡᠮᠦᠷ᠂ ᠠᠷᠢᠬᠪᠥ᠋ᠬᠡ ᠶ᠋ᠢᠨ ᠬᠥᠪᠡᠭᠦᠨ ᠮᠠᠯᠢᠺ᠂ ᠲᠡᠮᠦᠷ ᠲᠡᠢ ᠬᠣᠯᠪᠣᠭᠠᠲᠤ ᠴᠡᠷᠢᠭ ᠪᠠᠢᠭᠤᠯᠤᠭᠰᠠᠨ ᠶᠤᠮ᠃ ᠪᠠᠭᠳᠠᠳ᠋ ᠲᠤ᠌ ᠢᠷᠡᠭᠰᠡᠨ ᠡᠯᠴᠢ ᠬᠡᠯᠡᠭᠰᠡᠨ ᠨᠢ᠂ ᠪᠠᠶᠠᠨ ᠣᠷᠣᠳᠠ ᠶ᠋ᠢᠨ ᠡᠷᠭᠦᠮᠵᠢᠳᠦ ᠭᠠᠵᠠᠷ ᠤ᠋ᠨ ᠨᠢᠭᠡ ᠬᠡᠰᠡᠭ ᠢ᠋ ᠡᠵᠡᠯᠡᠭᠰᠡᠭᠡᠷ ᠪᠠᠢᠭᠠ᠂ ᠬᠦᠯᠦᠭ ᠢ᠋ ᠮᠥᠨ ᠯᠡ ᠬᠥᠨᠳᠡᠬᠦ ᠶ᠋ᠢᠨ ᠠᠷᠭᠠ ᠦᠭᠡᠢ᠃ ᠭᠡᠪᠡᠴᠦ ᠵᠢᠯ ᠳᠠᠷᠠᠭᠠᠯᠠᠨ ᠳᠣᠲᠣᠷᠠ ᠵᠠᠭᠤᠷᠠ ᠪᠠᠨ ᠳᠠᠢᠯᠠᠯᠳᠤᠭᠰᠠᠭᠠᠷ ᠪᠠᠢᠭᠠᠳ ᠪᠠᠶᠠᠨ ᠤ᠋ ᠴᠡᠷᠢᠭ ᠴᠦ᠍ ᠪᠠᠢᠯᠳᠤᠬᠤ ᠬᠦᠴᠦ ᠪᠡᠨ ᠠᠯᠳᠠᠵᠠᠢ᠃ ᠴᠡᠷᠢᠭ ᠪᠣᠯᠭᠠᠨ ᠤᠨᠤᠬᠤ ᠮᠣᠷᠢ ᠲᠠᠢ ᠪᠠᠢᠬᠤ ᠶ᠋ᠢ ᠪᠠᠲᠤᠯᠠᠬᠤ ᠶ᠋ᠢᠨ ᠠᠷᠭᠠ ᠦᠭᠡᠢ ᠪᠣᠯᠪᠠ᠃ ᠡᠭᠦᠨ ᠦ᠌ ᠳ᠋ᠦᠩ ᠳ᠋ᠦ᠍ ᠣᠷᠣᠳᠠ ᠶ᠋ᠢᠨ ᠶᠡᠬᠡ ᠤᠷᠲᠤ13 ᠳ᠋ᠤᠭᠠᠷ ᠵᠠᠭᠤᠨ ᠤ᠋ ᠳᠤᠮᠳᠠᠴᠢ ᠦᠶᠡ ᠶ᠋ᠢᠨ ᠰᠠᠭᠤᠭᠠᠯᠢ ᠨᠤᠲᠤᠭ ᠳᠣᠯᠣᠭᠠᠨ ᠤᠰᠤᠨ ᠤ᠋ ᠤᠮᠠᠷᠠ ᠬᠡᠰᠡᠭ ᠡᠴᠡ ᠰᠠᠯᠵᠤ ᠰᠢᠷ ᠮᠥᠷᠡᠨ ᠦ᠌ ᠳᠣᠣᠷᠠᠲᠤ ᠤᠷᠤᠰᠬᠠᠯ ᠳ᠋ᠤ᠌ ᠨᠡᠭᠦᠬᠦ ᠦᠭᠡᠢ ᠪᠠᠢᠬᠤ ᠶ᠋ᠢᠨ ᠠᠷᠭᠠ ᠦᠭᠡᠢ ᠪᠣᠯᠵᠠᠢ᠃
ᠳᠡᠭᠡᠷᠡᠬᠢ ᠤᠴᠢᠷ ᠤ᠋ᠳ ᠭᠠᠷᠴᠤ ᠪᠠᠢᠭᠰᠠᠨ ᠣᠨ ᠵᠢᠯ ᠦ᠋ᠳ ᠲᠦ᠍᠂ ᠳᠤᠸᠠ ᠬᠣᠯᠪᠣᠭᠠᠯᠠᠭᠰᠠᠨ ᠬᠡᠯᠪᠡᠷᠢ ᠪᠡᠷ ᠮᠣᠩᠭᠣᠯ ᠶᠡᠬᠡ ᠬᠠᠭᠠᠨᠲᠤ ᠭᠦᠷᠦᠨ ᠢ᠋ ᠳᠠᠬᠢᠨ ᠴᠣᠭᠴᠠᠯᠠᠬᠤ ᠶ᠋ᠢ ᠰᠠᠨᠠᠭᠠᠴᠢᠯᠠᠪᠠ᠃ ᠲᠤᠬᠠᠢ ᠶ᠋ᠢᠨ ᠦᠶᠡ ᠶ᠋ᠢᠨ ᠪᠠᠢᠳᠠᠯ ᠳᠣᠣᠷᠠ ᠢᠩᠭᠢᠬᠦ ᠡᠴᠡ ᠥᠭᠡᠷᠡ ᠠᠷᠭᠠ ᠦᠭᠡᠢ ᠪᠠᠢᠪᠠ᠃ ᠳᠠᠭᠠᠭᠤᠯᠢ ᠮᠣᠩᠭᠣᠯ ᠤᠯᠤᠰ ᠤ᠋ᠳ ᠤ᠋ᠨ ᠲᠦᠷᠦᠭᠦᠴᠦᠳ ᠳᠤᠮᠳᠠᠳᠤ ᠤᠯᠤᠰ ᠤ᠋ᠨ ᠶᠡᠬᠡ ᠬᠠᠭᠠᠨ ᠤ᠋ ᠨᠡᠷᠡ ᠶ᠋ᠢᠨ ᠳᠣᠣᠷᠠ᠂ ᠬᠠᠷᠢᠯᠴᠠᠨ ᠨᠠᠢᠷᠠᠮᠳᠠᠯ ᠢ᠋ᠶ᠋ᠠᠷ ᠣᠷᠣᠰᠢᠬᠤ ᠶ᠋ᠢ ᠪᠠᠲᠤᠯᠠᠬᠤ ᠪᠦᠬᠦᠢ ᠯᠡ ᠬᠠᠭᠠᠨᠲᠤ ᠭᠦᠷᠦᠨ ᠦ᠌ ᠬᠡᠪᠴᠢᠶᠡᠨ ᠳ᠋ᠦ᠍ ᠠᠷᠠᠯᠵᠢᠶᠠ ᠶ᠋ᠢ ᠪᠦᠷᠢᠮᠦᠰᠦᠨ ᠴᠢᠯᠥᠭᠡᠲᠡᠢ ᠪᠣᠯᠭᠠᠬᠤ ᠶ᠋ᠢ ᠮᠡᠳᠡᠷᠡᠪᠡ᠃ ᠡᠨᠡ ᠬᠦ᠌ ᠲᠥᠯᠥᠪᠯᠡᠯᠭᠡ ᠪᠡᠨ ᠶᠠᠭᠤᠨ ᠤ᠋ ᠤᠷᠢᠳ ᠶᠡᠬᠡ ᠬᠠᠭᠠᠨ ᠳ᠋ᠠᠭᠠᠨ ᠡᠷᠭᠦᠨ ᠳᠡᠪᠰᠢᠭᠦᠯᠦᠭᠰᠡᠨ ᠳ᠋ᠦ᠍ ᠶᠡᠬᠡ ᠬᠠᠭᠠᠨ ᠵᠥᠪᠬᠡᠨ ᠠᠯᠪᠠᠨ ᠪᠤᠰᠤ ᠶᠣᠰᠣᠭᠠᠷ ᠵᠥᠪᠰᠢᠶᠡᠷᠡᠪᠡ᠃1304 ᠣᠨ ᠤ᠋8 ᠰᠠᠷᠠ ᠳ᠋ᠤ᠌᠂ ᠶᠡᠬᠡ ᠬᠠᠭᠠᠨ ᠤ᠋ ᠡᠯᠴᠢ ᠬᠢᠭᠡᠳ ᠳᠤᠸᠠ᠂ ᠴᠡᠪᠡᠷ ᠦ᠋ᠨ ᠡᠯᠴᠢ ᠬᠠᠮᠲᠤ ᠳ᠋ᠠᠭᠠᠨ ᠫᠧᠷᠰ ᠲᠦ᠍ ᠬᠦᠷᠴᠦ ᠢᠷᠡᠪᠡ᠃ ᠳᠤᠸᠠ ᠶ᠋ᠢᠨ ᠡᠨᠡ ᠲᠥᠯᠥᠪᠯᠡᠯᠭᠡ ᠨᠢ ᠵᠥᠴᠢ ᠶ᠋ᠢᠨ ᠤᠭᠰᠠᠭᠠᠨ ᠤ᠋ ᠬᠢᠨ ᠲᠡᠨᠳᠡᠬᠢ ᠲᠡᠢ ᠠᠳᠠᠯᠢ ᠪᠠᠷ ᠬᠥᠯᠡᠬᠦ ᠶ᠋ᠢᠨ ᠤᠭᠰᠠᠭᠠᠨ ᠤ᠋ ᠬᠢᠨ ᠡᠨᠳᠡ ᠴᠦ᠍ ᠡᠰᠡᠷᠭᠦᠴᠡᠭᠳᠡᠭᠡ ᠦᠭᠡᠢ᠃ ᠬᠡᠯᠡᠯᠴᠡᠭᠡᠷ ᠢᠩᠭᠢᠭᠡᠳ ᠲᠣᠭᠲᠠᠭᠰᠠᠨ ᠪᠣᠯᠪᠠᠴᠤ ᠳᠤᠮᠳᠠᠳᠤ ᠠᠽᠢᠶᠠ ᠳ᠋ᠤ᠌ ᠬᠣᠵᠢᠮ ᠨᠢ ᠪᠣᠯᠤᠭᠰᠠᠨ ᠤᠴᠢᠷ ᠤ᠋ᠳ ᠠ᠋ᠴᠠ ᠪᠣᠯᠵᠤ᠂ ᠡᠨᠡ ᠬᠡᠯᠡᠯᠴᠡᠭᠡᠷ ᠨᠢ ᠨᠢᠭᠡ ᠬᠡᠰᠡᠭ ᠬᠣᠭᠣᠰᠣᠨ ᠴᠠᠭᠠᠰᠤ ᠲᠡᠳᠦᠢ ᠪᠣᠯᠤᠭᠰᠠᠨ ᠪᠠᠢᠨᠠ᠃
1305 ᠣᠨ ᠳ᠋ᠤ᠌ ᠴᠡᠪᠡᠷ ᠦ᠋ᠨ ᠴᠡᠷᠢᠭ ᠲᠷᠠᠨᠰᠤᠭᠰᠢᠨᠠ ᠳ᠋ᠤ᠌ ᠴᠠᠭᠠᠲᠠᠢ ᠶ᠋ᠢᠨ ᠤᠭᠰᠠᠭᠠᠨ ᠤ᠋ ᠬᠣᠢᠴᠢ ᠦᠶᠡ ᠶ᠋ᠢᠨ ᠸᠠᠩ ᠨᠠᠷ ᠲᠠᠢ ᠮᠥᠷᠭᠥᠯᠳᠦᠭᠡᠨ ᠪᠣᠯᠵᠤ᠂ ᠴᠠᠭᠠᠲᠠᠢ ᠶ᠋ᠢᠨ ᠤᠭᠰᠠᠭᠠᠨ ᠤ᠋ ᠸᠠᠩ ᠨᠠᠷ ᠢᠯᠠᠭᠳᠠᠪᠠ᠃ ᠳᠤᠸᠠ ᠲᠥᠯᠥᠭᠡᠯᠡᠭᠴᠢ ᠲᠣᠮᠢᠯᠠᠨ ᠴᠡᠪᠡᠷ ᠦ᠋ᠨ ᠲᠡᠨᠳᠡ ᠣᠴᠢᠭᠤᠯᠵᠤ᠂ ᠬᠥᠩᠭᠡᠨ ᠬᠠᠭᠤᠳᠠᠮ ᠢ᠋ᠶ᠋ᠠᠷ ᠬᠡᠷᠡᠭ ᠡᠳᠦᠭᠰᠡᠨ ᠴᠡᠷᠢᠭ ᠦ᠋ᠨ ᠨᠣᠶᠠᠨ ᠤ᠋ ᠡᠮᠦᠨᠡ ᠡᠴᠡ ᠶᠠᠯᠠ ᠬᠦᠯᠢᠶᠡᠵᠦ᠂ ᠵᠥᠪ ᠪᠤᠷᠤᠭᠤ ᠶ᠋ᠢ ᠢᠯᠭᠠᠨ ᠲᠣᠳᠣᠯᠠᠬᠤ ᠬᠤᠷᠠᠯ ᠬᠢᠶᠡ ᠭᠡᠵᠦ ᠰᠠᠨᠠᠭᠤᠯᠭᠠ ᠭᠠᠷᠭᠠᠪᠠ᠃ ᠡᠨᠡ ᠰᠠᠨᠠᠭᠤᠯᠭᠠ ᠶ᠋ᠢ ᠬᠦᠯᠢᠶᠡᠨ ᠠᠪᠣᠵᠠᠭᠠᠭᠰᠠᠨ ᠪᠥᠭᠡᠳ ᠬᠣᠶᠠᠷ ᠲᠠᠯᠠ ᠪᠠᠷ ᠢ᠋ᠶ᠋ᠠᠨ ᠭᠡᠷᠡᠴᠢᠯᠡᠭᠴᠢ ᠲᠣᠮᠢᠯᠠᠨ ᠲᠠᠱᠺᠧᠨ᠋ᠲ ᠲᠦ᠍ ᠣᠴᠢᠭᠤᠯᠪᠠ᠃ ᠭᠡᠪᠡᠴᠦ ᠡᠨᠡ ᠤᠳᠠᠭᠠᠨ ᠤ᠋ ᠲᠡᠢᠨ ᠵᠣᠭᠰᠣᠬᠤ ᠬᠤᠷᠠᠯ ᠨᠢ ᠪᠠᠰᠠ ᠡᠪᠳᠡᠭᠳᠡᠵᠡᠢ᠂ ᠶᠠᠭᠤ ᠭᠡᠪᠡᠯ ᠴᠠᠭᠠᠲᠠᠢ ᠶ᠋ᠢᠨ ᠤᠭᠰᠠᠭᠠ ᠪᠠ ᠥᠭᠡᠳᠡᠢ ᠶ᠋ᠢᠨ ᠤᠭᠰᠠᠭᠠᠨ ᠤ᠋ ᠦᠯᠦ ᠪᠢᠰᠢᠷᠡᠬᠦ ᠸᠠᠩ ᠬᠦᠩ ᠨᠠᠷ ᠲᠣᠭᠪᠠᠯᠠᠢ ᠳ᠋ᠤ᠌ ᠴᠡᠪᠡᠷ ᠦ᠋ᠨ ᠳᠡᠭᠦᠦ ᠱᠠᠭᠠ ᠶ᠋ᠢ ᠭᠡᠨᠡᠳᠡᠭᠦᠯᠦᠨ ᠳᠣᠪᠲᠣᠯᠪᠠ᠃ ᠱᠠᠭᠠ ᠳᠠᠢᠰᠤᠨ ᠤ᠋ ᠴᠡᠷᠢᠭ ᠣᠯᠠᠨ ᠪᠠᠢᠬᠤ ᠶ᠋ᠢ ᠣᠯᠵᠤ ᠮᠡᠳᠡᠭᠡᠳ᠂ ᠠᠷᠤ ᠠ᠋ᠴᠠ ᠨᠢ ᠲᠠᠰᠤᠳᠠᠨ ᠳᠠᠭᠠᠷᠢᠬᠤ ᠪᠠᠷ ᠰᠢᠭᠤᠳᠪᠠ᠃ ᠭᠡᠪᠡᠴᠦ ᠶᠠᠭ ᠡᠨᠡ ᠬᠦ᠌ ᠴᠢᠬᠤᠯᠠ ᠵᠠᠩᠭᠢᠯᠠᠭᠠ ᠶ᠋ᠢᠨ ᠦᠶᠡ ᠳ᠋ᠦ᠍ ᠳᠤᠸᠠ ᠶ᠋ᠢᠨ ᠭᠠᠷ ᠳᠣᠣᠷᠠᠬᠢ ᠴᠡᠷᠢᠭ ᠲᠡᠭᠦᠨ ᠢ᠋ ᠥᠭᠡᠷᠡ ᠨᠢᠭᠡ ᠲᠠᠯᠠ ᠠ᠋ᠴᠠ ᠳᠠᠭᠠᠷᠢᠵᠤ ᠢᠷᠡᠪᠡ᠃ ᠡᠳᠡᠭᠡᠷ ᠴᠡᠷᠢᠭ ᠨᠢ ᠶᠠᠭ ᠰᠠᠢᠬᠠᠨ ᠳᠣᠯᠣᠭᠠᠨ ᠤᠰᠤᠨ ᠤ᠋ ᠡᠮᠦᠨᠡ ᠬᠡᠰᠡᠭ ᠦ᠋ᠨ ᠠᠯᠪᠠ ᠭᠣᠣᠯ ᠤ᠋ᠨ ᠰᠠᠪᠠ ᠵᠢᠯᠠᠭᠠ ᠳ᠋ᠤ᠌ ᠡᠪᠦᠯᠵᠢᠵᠦ ᠪᠠᠢᠵᠠᠢ᠃ ᠱᠠᠭᠠ ᠦᠯᠡᠳᠡᠵᠦ ᠲᠤᠰᠤᠭᠰᠠᠨ ᠳᠠᠯᠠᠨ ᠬᠥᠮᠦᠨ ᠢ᠋ᠶ᠋ᠡᠨ ᠳᠠᠭᠠᠭᠤᠯᠤᠨ ᠳᠤᠲᠠᠭᠠᠵᠤ᠂ ᠠᠬᠠ ᠪᠤᠶᠠᠭᠴᠢ ᠪᠠᠨ ᠡᠷᠢᠵᠦ ᠣᠴᠢᠪᠠ᠃ ᠢᠯᠠᠭᠰᠠᠳ ᠨᠢ ᠲᠠᠯᠠᠰ ᠭᠣᠣᠯ ᠤ᠋ᠨ ᠰᠠᠪᠠ ᠵᠢᠯᠠᠭᠠ ᠳ᠋ᠠᠬᠢ ᠱᠠᠭᠠ ᠶ᠋ᠢᠨ《ᠠᠯᠲᠠᠨ ᠤᠷᠲᠤ》 ᠶ᠋ᠢ ᠬᠣᠭᠣᠰᠣᠷᠠᠲᠠᠯᠠ ᠴᠥᠯᠪᠡᠵᠦ᠂ ᠣᠷᠴᠢᠨ ᠲᠣᠭᠣᠷᠢᠨ ᠤ᠋ ᠬᠣᠲᠠ ᠪᠠᠯᠭᠠᠳ ᠢ᠋ ᠴᠦ᠍ ᠳᠡᠭᠡᠷᠡᠮᠳᠡᠪᠡ᠃ ᠡᠨᠡ ᠦᠶᠡ ᠳ᠋ᠦ᠍ ᠴᠡᠪᠡᠷ ᠶᠠᠭ ᠰᠠᠢᠬᠠᠨ ᠡᠷᠴᠢᠰ ᠭᠣᠣᠯ ᠪᠣᠯᠤᠨ ᠠᠯᠲᠠᠢ ᠠᠭᠤᠯᠠ ᠬᠠᠪᠢ ᠪᠠᠷ ᠳᠤᠸᠠ ᠳ᠋ᠤ᠌ ᠠᠭᠤᠷ ᠢ᠋ᠶ᠋ᠠᠨ ᠭᠠᠷᠭᠠᠬᠤ ᠪᠠᠷ ᠢᠷᠡᠭᠰᠡᠨ ᠳᠤᠮᠳᠠᠳᠤ ᠤᠯᠤᠰ ᠤ᠋ᠨ ᠶᠡᠬᠡ ᠬᠠᠭᠠᠨ ᠤ᠋ ᠭᠠᠷ ᠳᠣᠣᠷᠠᠬᠢ ᠵᠠᠩᠵᠤᠨ ᠨᠠᠷ ᠲᠠᠢ ᠪᠠᠢᠯᠳᠤᠵᠤ ᠪᠠᠢᠪᠠ᠃ ᠲᠡᠭᠦᠨ ᠦ᠌ ᠴᠡᠷᠢᠭ ᠪᠠ ᠸᠠᠩ ᠬᠦᠩ ᠨᠠᠷ ᠨᠢ ᠲᠡᠭᠦᠨ ᠡᠴᠡ ᠤᠷᠪᠠᠭᠰᠠᠨ ᠲᠤᠯᠠ ᠴᠡᠪᠡᠷ ᠠᠷᠭᠠ ᠪᠤᠰᠤ ᠭᠤᠷᠪᠠᠨ ᠵᠠᠭᠤᠨ ᠰᠢᠳᠤᠷᠭᠤ ᠮᠣᠷᠢᠲᠤ ᠴᠡᠷᠢᠭ ᠢ᠋ᠶ᠋ᠡᠨ ᠳᠠᠭᠠᠭᠤᠯᠵᠤ᠂ ᠳᠤᠸᠠ ᠶ᠋ᠢ ᠡᠷᠢᠵᠦ ᠣᠴᠢᠪᠠ᠃ ᠳᠤᠸᠠ ᠲᠡᠭᠦᠨ ᠢ᠋ ᠶᠡᠬᠡ ᠬᠠᠯᠠᠭᠤᠮᠰᠤᠭ ᠤᠭᠲᠤᠵᠤ ᠠᠪᠤᠭᠰᠠᠨ ᠪᠥᠭᠡᠳ ᠲᠡᠭᠦᠨ ᠳ᠋ᠦ᠍ ᠣᠨᠴᠠᠭᠠᠢ ᠬᠠᠷᠢᠶᠠ ᠨᠤᠲᠤᠭ ᠣᠯᠭᠣᠪᠠ᠃ ᠴᠡᠪᠡᠷ ᠦ᠋ᠨ ᠠᠬᠠ ᠳᠡᠭᠦᠦ ᠨᠠᠷ ᠨᠢ ᠪᠦᠷ ᠢᠯᠠᠭᠰᠠᠳ ᠲᠠᠭᠠᠨ ᠪᠠᠭᠤᠨ ᠥᠭᠴᠡᠢ᠃ ᠴᠡᠪᠡᠷ ᠦ᠋ᠨ ᠤᠤᠯ ᠤ᠋ᠨ ᠡᠷᠭᠦᠮᠵᠢ ᠶ᠋ᠢᠨ ᠨᠤᠲᠤᠭ ᠢ᠋ ᠪᠤᠶᠠᠭᠴᠢ ᠳ᠋ᠤ᠌ ᠥᠭᠪᠡ᠃ ᠭᠦᠶᠦᠭ ᠬᠠᠭᠠᠨ ᠤ᠋ ᠠᠴᠢ ᠣᠮᠪᠣᠯᠣ ᠲᠦᠭᠮᠡ ᠡᠯᠦᠨᠴᠡ ᠡᠪᠦᠭᠡ ᠶ᠋ᠢᠨ ᠢ᠋ᠶ᠋ᠡᠨ ᠤᠤᠯ ᠡᠷᠭᠦᠮᠵᠢ ᠶ᠋ᠢᠨ ᠨᠤᠲᠤᠭ ᠢ᠋ ᠡᠵᠡᠯᠡᠨ ᠠᠪᠤᠪᠠ᠃ ᠬᠠᠢᠲᠣ ᠶ᠋ᠢᠨ ᠦᠯᠡᠳᠡᠭᠰᠡᠨ ᠴᠡᠷᠢᠭ ᠦ᠋ᠳ ᠦ᠋ᠨ ᠨᠢᠭᠡ ᠪᠦᠯᠦᠭ ᠨᠢ ᠬᠡᠳᠦᠢᠨ ᠶᠡᠬᠡ ᠬᠠᠭᠠᠨ ᠳ᠋ᠤ᠌ ᠪᠠᠭᠤᠵᠤ ᠥᠭᠭᠦᠭᠰᠡᠨ ᠡᠴᠡ ᠭᠠᠳᠠᠨᠠ᠂ ᠦᠯᠡᠳᠡᠭᠰᠡᠨ ᠬᠡᠰᠡᠭ ᠢ᠋ ᠨᠢ ᠮᠠᠯᠢᠺ ᠲᠡᠮᠦᠷ ᠦ᠋ᠨ ᠴᠡᠷᠢᠭ ᠦ᠋ᠨ ᠬᠠᠮᠲᠤ ᠲᠦᠭᠡᠮ᠂ ᠪᠤᠶᠠᠭᠴᠢ ᠪᠣᠯᠤᠨ ᠱᠠᠭᠠ ᠭᠤᠷᠪᠠᠭᠤᠯᠠ ᠬᠤᠪᠢᠶᠠᠨ ᠠᠪᠤᠪᠠ᠂ ᠭᠤᠷᠪᠠᠭᠤᠯᠠ ᠶ᠋ᠢᠨ ᠳᠤᠮᠳᠠ ᠠ᠋ᠴᠠ ᠱᠠᠭᠠ ᠳ᠋ᠤ᠌ ᠣᠨᠴᠠ ᠬᠠᠷᠠᠭᠠᠯᠵᠠᠯ ᠬᠦᠷᠲᠡᠭᠡᠪᠡ᠃ ᠸᠠᠰᠠᠹ ᠤ᠋ᠨ ᠲᠡᠮᠳᠡᠭᠯᠡᠯ ᠳ᠋ᠦ᠍᠂ ᠳᠡᠭᠡᠷᠡᠬᠢ ᠶᠠᠪᠤᠳᠠᠯ ᠤ᠋ᠳ ᠨᠢᠭᠡ ᠯᠡ ᠵᠢᠯ ᠳ᠋ᠦ᠍ ᠭᠠᠷᠤᠭᠰᠠᠨ ᠪᠥᠭᠡᠳ 1307 ᠣᠨ ᠳ᠋ᠤ᠌ ᠲᠦᠸᠠ ᠮᠠᠨᠠᠷᠠᠬᠤ ᠡᠪᠡᠳᠴᠢᠨ ᠳ᠋ᠦ᠍ ᠨᠡᠷᠪᠡᠭᠳᠡᠵᠦ ᠨᠠᠰᠤ ᠪᠠᠷᠠᠪᠠ ᠭᠡᠵᠡᠢ᠂ ᠲᠡᠭᠡᠬᠦ ᠳ᠋ᠦ᠍ ᠷᠠᠰᠢᠳ᠋ — ᠠᠳ᠋ — ᠳ᠋ᠶ᠋ᠨ᠋ ᠦ᠌ ᠲᠡᠮᠳᠡᠭᠯᠡᠯ ᠳ᠋ᠦ᠍ ᠳᠤᠸᠠ ᠲᠣᠯᠣᠭᠠᠢ ᠶ᠋ᠢᠨ ᠦᠷᠪᠢᠰᠦᠯ ᠢ᠋ᠶ᠋ᠡᠷ ᠨᠠᠰᠤ ᠪᠠᠷᠠᠪᠠ᠂ ᠨᠠᠰᠤ ᠪᠠᠷᠠᠭᠰᠠᠨ ᠴᠢᠮᠡᠭᠡ ᠨᠢ 1306 ᠣᠨ ᠤ᠋ ᠵᠢᠯ ᠦ᠋ᠨ ᠰᠡᠭᠦᠯᠴᠢ ᠪᠡᠷ ᠫᠧᠷᠰ ᠲᠦ᠍ ᠬᠦᠷᠴᠦ ᠢᠷᠡᠪᠡ ᠭᠡᠵᠡᠢ᠃ ᠲᠡᠭᠦᠨ ᠦ᠌ ᠣᠷᠣ ᠶ᠋ᠢ ᠨᠢ ᠵᠠᠯᠭᠠᠮᠵᠢᠯᠠᠭᠰᠠᠨ ᠬᠥᠪᠡᠭᠦᠨ ᠭᠦᠨᠵᠡ ᠶ᠋ᠢ ᠨᠢ ᠪᠠᠷᠰ ᠨᠠᠭᠤᠷ ᠤ᠋ᠨ ᠬᠥᠪᠡᠭᠡᠨ ᠡᠴᠡ ᠡᠷᠢᠨ ᠠᠪᠴᠢᠷᠠᠪᠠ᠂ ᠡᠨᠡ ᠬᠥᠪᠡᠭᠦᠨ ᠨᠢ ᠠᠯᠢᠮᠠᠯ ᠣᠷᠴᠢᠮ ᠤ᠋ᠨ ᠰᠠᠢᠬᠠᠨᠪᠡᠯ ᠳ᠋ᠦ᠍ ᠰᠠᠭᠤᠷᠢᠨᠠ ᠰᠠᠭᠤᠪᠠ᠃ 1308 ᠣᠨ ᠳ᠋ᠤ᠌ ᠡᠨᠡ ᠬᠥᠪᠡᠭᠦᠨ ᠨᠢ ᠶᠦᠯᠲᠦ ᠳ᠋ᠦ᠍ ᠨᠠᠰᠤ ᠪᠠᠷᠠᠪᠠ᠃ ᠲᠡᠭᠦᠨ ᠢ᠋ ᠨᠣᠶᠠᠷᠬᠠᠵᠤ ᠪᠠᠢᠭᠰᠠᠨ ᠦᠶᠡ ᠳ᠋ᠦ᠍ ᠣᠯᠠᠨ ᠸᠠᠩ ᠨᠠᠷ ᠣᠷᠣᠨ ᠳ᠋ᠤ᠌ ᠪᠠᠨ ᠣᠷᠣᠬᠤ ᠵᠠᠪ ᠦᠭᠡᠢ ᠲᠡᠮᠡᠴᠡᠯᠳᠦᠵᠦ ᠪᠠᠢᠵᠠᠢ᠃ ᠪᠠᠯᠪᠠᠰᠢ ᠶ᠋ᠢᠨ ᠲᠡᠢᠨ ᠳ᠋ᠦ᠍᠂ ᠬᠡᠷᠡᠭ ᠡᠳᠦᠭᠴᠢᠳ ᠡᠬᠢᠯᠡᠩᠭᠦᠲᠡ ᠲᠠᠢᠯᠵᠤ ᠪᠠᠢᠭᠰᠠᠨ ᠶᠤᠮ᠂ ᠰᠡᠭᠦᠯᠡᠷ ᠨᠢ ᠴᠡᠷᠢᠭ ᠦ᠋ᠳ ᠨᠢ ᠤᠷᠪᠠᠭᠰᠠᠨ ᠠ᠋ᠴᠠ ᠪᠣᠯᠵᠤ ᠢᠯᠠᠭᠳᠠᠪᠠ᠃ ᠰᠠᠮᠠᠭᠤᠨ ᠴᠡᠷᠢᠭ ᠦ᠋ᠨ ᠲᠦᠷᠦᠭᠦᠦ(ᠥᠭᠡᠳᠡᠢ ᠶ᠋ᠢᠨ ᠤᠭᠰᠠᠭᠠᠨ ᠤ᠋ ᠬᠣᠢᠴᠢᠰ) ᠳᠤᠲᠠᠭᠠᠵᠤ ᠪᠠᠢᠭᠠᠳ ᠠᠯᠠᠭᠳᠠᠪᠠ᠃
ᠸᠠᠩ ᠤ᠋ᠨ ᠣᠷᠣ ᠲᠠᠷᠬᠤ ᠶ᠋ᠢᠨ ᠬᠢ ᠪᠣᠯᠪᠠ᠃ ᠡᠨᠡ ᠬᠥᠮᠦᠨ ᠪᠣᠯ 1251 ᠣᠨ ᠳ᠋ᠤ᠌ ᠠᠯᠠᠭᠳᠠᠭᠰᠠᠨ ᠪᠦᠷᠢ ᠶ᠋ᠢᠨ ᠣᠮᠪᠣᠯᠣ᠂ ᠨᠢᠭᠡᠨ ᠨᠠᠰᠤ ᠠᠬᠢᠭᠰᠠᠨ ᠬᠥᠮᠦᠨ ᠪᠠᠢᠵᠠᠢ᠃ ᠡᠬᠡ ᠨᠢ ᠶᠦᠷᠮᠡᠨ ᠦ᠌ ᠢᠵᠠᠭᠤᠷᠲᠠᠨ ᠤ᠋ ᠬᠣᠢᠴᠢᠰ ᠪᠣᠯᠬᠣᠷ ᠲᠡᠷᠡ ᠢᠰᠯᠠᠮ ᠤ᠋ᠨ ᠱᠠᠰᠢᠨ ᠢ᠋ ᠰᠢᠲᠦᠳᠡᠭ ᠪᠠᠢᠪᠠ᠂ ᠱᠠᠰᠢᠨ ᠤ᠋ ᠨᠡᠷᠡ ᠨᠢ ᠮᠥᠰᠤᠯ᠃ ᠡᠨᠡ ᠬᠥᠮᠦᠨ ᠮᠣᠩᠭᠣᠯ ᠸᠠᠩ ᠬᠦᠩ ᠨᠠᠷ ᠲᠤ᠌ ᠮᠠᠭᠤ ᠨᠥᠯᠥᠭᠡ ᠥᠭᠴᠡᠢ᠃ ᠨᠢᠭᠡ ᠳ᠋ᠦ᠍ ᠲᠡᠷᠡ ᠢᠰᠯᠠᠮ ᠤ᠋ᠨ ᠱᠠᠰᠢᠨ ᠢ᠋ ᠳᠡᠩᠳᠡᠭᠦᠦ ᠬᠠᠮᠠᠭᠠᠯᠠᠳᠠᠭ ᠪᠠᠢᠪᠠ᠂ ᠬᠣᠶᠠᠷ ᠲᠤ᠌ ᠳᠤᠸᠠ ᠶ᠋ᠢᠨ ᠬᠣᠢᠴᠢ ᠦᠶᠡ ᠬᠢᠭᠡᠳ ᠭᠠᠷ ᠳᠣᠣᠷᠠᠬᠢ ᠢᠰᠯᠠᠮ ᠤ᠋ᠨ ᠱᠠᠰᠢᠨᠲᠠᠳ ᠤ᠋ᠨ ᠨᠤᠲᠤᠭ ᠤ᠋ᠨ ᠡᠷᠬᠡᠲᠡᠨ ᠢ᠋ ᠡᠰᠡᠷᠭᠦᠴᠡᠳᠡᠭ ᠪᠠᠢᠪᠠ᠃ ᠥᠭᠡᠷᠡ ᠤᠯᠤᠰ ᠤ᠋ᠨ ᠨᠢᠳᠦᠨ ᠳ᠋ᠦ᠍ ᠳᠤᠸᠠ ᠶ᠋ᠢᠨ ᠬᠣᠢᠴᠢ ᠨᠠᠷ ᠨᠡᠩ ᠢᠯᠡᠭᠦᠦ ᠸᠠᠩ ᠤ᠋ᠨ ᠰᠠᠭᠤᠷᠢᠨ ᠳ᠋ᠤ᠌ ᠰᠠᠭᠤᠬᠤ ᠶᠣᠰᠣᠲᠠᠢ ᠭᠡᠵᠦ ᠬᠠᠷᠠᠭᠳᠠᠳᠠᠭ ᠪᠠᠢᠪᠠ᠃ ᠡᠰᠡᠷᠭᠦᠴᠡᠭᠰᠡᠳ ᠦ᠋ᠨ ᠲᠠᠯᠠ ᠳ᠋ᠠᠬᠢ ᠬᠥᠮᠦᠰ ᠦ᠋ᠨ ᠳᠣᠲᠣᠷᠠ ᠪᠦᠷᠢ ᠶ᠋ᠢᠨ ᠥᠭᠡᠷᠡ ᠨᠢᠭᠡ ᠣᠮᠪᠣᠯᠣ ᠶᠦᠯᠦ ᠬᠢᠭᠡᠳ ᠴᠡᠪᠡᠷ ᠦ᠋ᠨ ᠳᠡᠭᠦᠦ ᠱᠠᠭᠠ ᠪᠠᠢᠯᠴᠠᠪᠠ᠃ ᠴᠢᠨᠠᠭᠰᠢᠯᠠᠭᠠᠳ ᠴᠡᠪᠡᠷ ᠥᠪᠡᠰᠦᠪᠡᠨ ᠲᠡᠳᠡᠨ ᠦ᠌ ᠠᠷᠤ ᠲᠦᠰᠢᠭ ᠪᠣᠯᠵᠤ ᠪᠠᠢᠭᠰᠠᠨ ᠭᠡᠰᠡᠨ ᠴᠤᠤ ᠶᠠᠷᠢᠶᠠ ᠳᠡᠭᠳᠡᠵᠦ ᠪᠠᠢᠵᠠᠢ᠃ ᠲᠠᠷᠬᠤ ᠨᠢᠭᠡ ᠤᠳᠠᠭᠠ《ᠬᠤᠷᠢᠮ ᠤ᠋ᠨ ᠨᠠᠢᠷ》 ᠪᠠᠵᠠᠭᠠᠵᠤ ᠂ ᠣᠯᠠᠨ ᠸᠠᠩ ᠬᠦᠩ ᠨᠠᠷ ᠢ᠋ ᠤᠷᠢᠭᠰᠠᠨ ᠳ᠋ᠤ᠌ ᠶᠥᠯᠦ ᠪᠣᠯᠤᠨ ᠱᠠᠭᠠ ᠢᠷᠡᠭᠰᠡᠨ ᠦᠭᠡᠢ ᠮᠥᠷᠲᠡᠭᠡᠨ ᠴᠡᠷᠢᠭ ᠳᠠᠢᠴᠢᠯᠠᠨ ᠤᠷᠪᠠᠯᠭᠠ ᠭᠠᠷᠭᠠᠪᠠ᠃ ᠶᠥᠯᠦ ᠠᠪᠤ ᠬᠦᠦ ᠬᠣᠶᠠᠭᠤᠯᠠ ᠲᠡᠢᠨ ᠳ᠋ᠦ᠍ ᠦᠷᠡᠭᠳᠡᠵᠦ᠂ ᠱᠠᠭᠠ ᠣᠯᠵᠠᠯᠠᠭᠳᠠᠪᠠ᠃ ᠲᠠᠷᠬᠤ ᠶ᠋ᠢᠨ ᠴᠡᠷᠢᠭ ᠪᠤᠰᠤᠳ ᠤᠷᠪᠠᠯᠭᠠ ᠭᠠᠷᠭᠠᠭᠴᠢᠳ ᠢ᠋ ᠲᠦᠪᠰᠢᠳᠬᠡᠬᠦ ᠳ᠋ᠡᠭᠡᠨ ᠴᠦ᠍ ᠢᠯᠠᠯᠲᠠ ᠣᠯᠤᠭᠰᠠᠨ ᠪᠠᠢᠨᠠ᠃ ᠲᠡᠭᠦᠨ ᠢ᠋ ᠢᠯᠡ ᠪᠡᠷ ᠡᠰᠡᠷᠭᠦᠴᠡᠭᠡᠳ ᠳᠡᠢᠯᠬᠦ ᠦᠭᠡᠢ ᠭᠡᠳᠡᠭ ᠢ᠋ ᠣᠯᠵᠤ ᠮᠡᠳᠡᠭᠰᠡᠨ ᠳᠤᠸᠠ ᠶ᠋ᠢᠨ ᠬᠣᠢᠴᠢ ᠦᠶᠡ ᠶ᠋ᠢᠨ ᠬᠢᠨ ᠦ᠌ ᠣᠨᠴᠠᠭᠠᠢ ᠨᠢᠭᠡ ᠴᠡᠷᠢᠭ ᠠᠩᠭᠢ 《ᠬᠤᠷᠢᠮ ᠤ᠋ᠨ ᠨᠠᠢᠷ》 ᠲᠤ᠌ ᠣᠷᠣᠯᠴᠠᠷᠠ ᠢᠷᠡᠭᠡᠳ ᠪᠠᠰᠢᠷ ᠠᠷᠭᠠ ᠪᠠᠷ ᠲᠡᠭᠦᠨ ᠢ᠋ ᠬᠣᠣᠷᠯᠠᠬᠤ ᠪᠠᠷ ᠰᠢᠢᠳᠪᠡ᠃ ᠳᠤᠸᠠ ᠶ᠋ᠢᠨ ᠬᠥᠪᠡᠭᠦᠨ ᠬᠡᠪᠡᠭ ᠰᠥᠨᠢ ᠪᠡᠷ ᠭᠤᠷᠪᠠᠨ ᠵᠠᠭᠤᠨ ᠮᠣᠷᠢᠲᠤ ᠴᠡᠷᠢᠭ ᠳᠠᠭᠠᠭᠤᠯᠤᠨ ᠭᠡᠨᠡᠳᠲᠡ ᠲᠠᠷᠬᠤ ᠶ᠋ᠢᠨ ᠶᠡᠬᠡ ᠤᠷᠲᠤ ᠳ᠋ᠤ᠌ ᠳᠠᠭᠠᠷᠢᠨ ᠣᠷᠣᠭᠠᠳ ᠠᠮᠢ ᠶ᠋ᠢ ᠨᠢ ᠬᠣᠷᠣᠭᠠᠵᠤ ᠣᠷᠬᠢᠪᠠ᠃ ᠸᠠᠰᠠᠹ ᠤ᠋ᠨ ᠲᠡᠮᠳᠡᠭᠯᠡᠯ ᠢ᠋ ᠦᠨᠳᠦᠰᠦᠯᠡᠪᠡᠯ᠂ ᠡᠨᠡ ᠬᠡᠷᠡᠭ ᠬᠣᠲᠣᠩ ᠲᠣᠭᠠᠯᠠᠯ ᠤ᠋ᠨ708 ᠣᠨ᠂ ᠢᠰᠦ᠋ᠰ ᠲᠣᠭᠠᠯᠠᠯ ᠤ᠋ᠨ1308 ~ 1309 ᠣᠨ ᠳ᠋ᠤ᠌ ᠭᠠᠷᠴᠠᠢ᠃ ᠭᠡᠲᠡᠯᠡ ᠮᠣᠩᠭᠣᠯ ᠤ᠋ᠨ ᠭᠡᠷ ᠤᠭᠰᠠᠭᠠᠨ ᠤ᠋ ᠲᠡᠦᠬᠡ ᠶ᠋ᠢ ᠪᠢᠴᠢᠭᠡᠴᠢᠳ ᠲᠠᠷᠬᠤ ᠶ᠋ᠢ ᠬᠣᠲᠣᠩ ᠲᠣᠭᠠᠯᠠᠯ ᠤ᠋ᠨ709 ᠣᠨ᠂ ᠢᠰᠦ᠋ᠰ ᠲᠣᠭᠠᠯᠠᠯ ᠤ᠋ᠨ 1309 ~ 1310 ᠣᠨ ᠳ᠋ᠤ᠌ ᠰᠠᠭᠤᠷᠢᠨᠠ ᠰᠠᠭᠤᠵᠤ᠂ ᠬᠣᠲᠣᠩ ᠲᠣᠭᠠᠯᠠᠯ ᠤ᠋ᠨ710 ᠣᠨ ᠳ᠋ᠤ᠌ ᠦᠬᠦᠪᠡ ᠭᠡᠵᠦ ᠲᠡᠮᠳᠡᠭᠯᠡᠭᠰᠡᠨ ᠪᠠᠢᠨᠠ᠃
ᠴᠠᠭᠠᠲᠠᠢ ᠶ᠋ᠢᠨ ᠤᠭᠰᠠᠭᠠ ᠶ᠋ᠢᠨ ᠬᠢᠨ ᠦ᠌ ᠳᠣᠲᠣᠷᠠ ᠵᠠᠭᠤᠷᠠᠬᠢ ᠵᠢᠭᠤᠷᠠᠯᠳᠤᠭᠠᠨ ᠨᠢ ᠴᠡᠪᠡᠷ ᠦ᠋ᠨ ᠳᠠᠬᠢᠨ ᠪᠣᠰᠬᠤ ᠳ᠋ᠤ᠌ ᠲᠣᠬᠢᠶᠠᠯ ᠣᠯᠭᠤᠵᠠᠢ᠃ ᠲᠡᠷᠡ᠃ ᠲᠥᠭᠮᠠ ᠪᠣᠯᠤᠨ ᠪᠤᠶᠠᠭᠴᠢ ᠵᠢᠴᠢ ᠦᠷᠦᠰ ᠦ᠋ᠨ ᠬᠥᠪᠡᠭᠦᠳ ᠲᠡᠢ ᠬᠣᠯᠪᠣᠭᠠᠲᠤ ᠴᠡᠷᠢᠭ ᠪᠠᠢᠭᠤᠯᠤᠨ᠂ ᠬᠡᠪᠡᠭ ᠢ᠋ ᠭᠡᠨᠡᠳᠡᠭᠦᠯᠦᠨ ᠴᠣᠬᠢᠪᠠ᠃ ᠭᠡᠪᠡᠴᠦ ᠢᠯᠠᠭᠳᠠᠭᠠᠳ ᠢᠯᠢ ᠶ᠋ᠢᠨ ᠡᠮᠦᠨᠡ ᠬᠡᠰᠡᠭ ᠲᠦ᠍ ᠤᠬᠤᠷᠢᠨ ᠣᠴᠢᠪᠠ᠃ ᠲᠦᠭᠮᠡ ᠶ᠋ᠢᠨ ᠵᠥᠪᠰᠢᠶᠡᠷᠡᠯ ᠢ᠋ ᠣᠯᠤᠭᠰᠠᠨ ᠤ᠋ ᠳᠠᠷᠠᠭᠠ᠂ ᠴᠡᠪᠡᠷ ᠢᠯᠢ ᠭᠣᠣᠯ ᠢ᠋ ᠭᠡᠲᠦᠯᠵᠦ ᠲᠦᠭᠮᠡ ᠶ᠋ᠢᠨ ᠡᠷᠭᠦᠮᠵᠢ ᠶ᠋ᠢᠨ ᠨᠤᠲᠤᠭ ᠲᠤ᠌ ᠣᠷᠣᠪᠠ᠃ ᠭᠡᠪᠡᠴᠦ ᠳᠡᠮᠡᠢ ᠤᠳᠠᠭᠰᠠᠨ ᠦᠭᠡᠢ ᠬᠣᠶᠠᠭᠤᠯᠠ ᠪᠠᠨ ᠲᠠᠭᠠᠷᠠᠯᠴᠠᠬᠤ ᠪᠠᠨ ᠪᠣᠯᠢᠪᠠ᠂ ᠴᠡᠪᠡᠷ ᠲᠦᠭᠮᠡ ᠶ᠋ᠢ ᠴᠣᠬᠢᠨ ᠳᠡᠢᠯᠦᠭᠡᠳ ᠲᠦᠭᠮᠡ ᠶ᠋ᠢᠨ ᠡᠷᠭᠦᠮᠵᠢ ᠶ᠋ᠢᠨ ᠨᠤᠲᠤᠭ ᠢ᠋ ᠪᠤᠯᠢᠶᠠᠨ ᠳᠡᠭᠡᠷᠡᠮᠳᠡᠵᠦ᠂ ᠴᠡᠷᠢᠭ ᠢ᠋ᠶ᠋ᠡᠨ ᠳᠠᠭᠠᠭᠤᠯᠤᠨ ᠵᠡᠭᠦᠨᠰᠢᠯᠡᠵᠦ᠂ ᠶᠡᠬᠡ ᠬᠠᠭᠠᠨ ᠳ᠋ᠤ᠌ ᠪᠠᠭᠤᠵᠤ ᠥᠭᠬᠦ ᠪᠡᠷ ᠪᠠᠵᠠᠭᠠᠪᠠ᠃ ᠲᠦᠭᠮᠡ ᠤᠷᠭᠤᠨ ᠳᠤᠲᠠᠭᠠᠬᠤ ᠵᠠᠮ ᠳ᠋ᠠᠭᠠᠨ ᠬᠡᠪᠡᠭ ᠦ᠋ᠨ ᠴᠡᠷᠢᠭ ᠲᠡᠢ ᠳᠠᠭᠠᠷᠢᠯᠳᠤᠵᠤ᠂ ᠪᠠᠢᠯᠳᠤᠵᠤ ᠡᠬᠢᠯᠡᠮᠡᠭᠴᠡ ᠲᠡᠷᠡ ᠳᠣᠣᠷᠠ ᠪᠠᠨ ᠠᠯᠠᠭᠳᠠᠪᠠ᠃ ᠡᠨᠡ ᠬᠠᠪᠢ ᠶ᠋ᠢᠨ ᠠᠢᠯ ᠲᠣᠰᠬᠣᠨ ᠨᠤᠭᠤᠳ ᠲᠠᠷᠢᠶᠠᠯᠠᠩ ᠪᠤᠶᠤ ᠠᠷᠠᠯᠵᠢᠶᠠ ᠬᠤᠳᠠᠯᠳᠤᠭᠠᠨ ᠤ᠋ ᠲᠠᠯᠠ ᠪᠠᠷ ᠪᠦᠷ ᠬᠦᠨᠳᠦ ᠰᠦᠷᠡᠬᠡᠢ ᠡᠪᠳᠡᠯᠡᠭᠡ ᠳ᠋ᠦ᠍ ᠤᠴᠠᠷᠠᠭᠰᠠᠨ ᠪᠠᠢᠨᠠ᠃ ᠬᠡᠪᠡᠭ ᠣᠯᠠᠨ ᠸᠠᠩ ᠬᠦᠩ ᠨᠠᠷ ᠢ᠋ ᠳᠠᠬᠢᠨᠲᠠ ᠳᠠᠭᠤᠳᠠᠨ ᠶᠡᠬᠡ ᠬᠤᠷᠠᠯᠳᠠᠢ ᠬᠢᠪᠡ᠃(ᠸᠠᠰᠠᠹ ᠤ᠋ᠨ ᠲᠡᠮᠳᠡᠭᠯᠡᠭᠰᠡᠨ ᠢ᠋ᠶ᠋ᠡᠷ ᠪᠣᠯ ᠬᠣᠲᠣᠩ ᠲᠣᠭᠠᠯᠠᠯ ᠤ᠋ᠨ709 ᠣᠨ) ᠬᠤᠷᠠᠯ ᠳᠡᠭᠡᠷᠡ ᠣᠯᠠᠨ ᠢ᠋ᠶ᠋ᠠᠷ ᠢ᠋ᠶ᠋ᠠᠨ ᠬᠡᠪᠡᠭ ᠦ᠋ᠨ ᠠᠬᠠ᠂ ᠵᠡᠭᠦᠨᠰᠢ ᠶᠡᠬᠡ ᠬᠠᠭᠠᠨ ᠤ᠋ ᠬᠠᠷᠢᠶᠠ ᠨᠤᠲᠤᠭ ᠲᠤ᠌ ᠪᠠᠢᠭᠠ ᠶᠢᠰᠣᠨᠪᠦ᠋ᠬᠡ ᠶ᠋ᠢ ᠶᠡᠬᠡ ᠬᠠᠭᠠᠨ ᠤ᠋ ᠰᠠᠭᠤᠷᠢᠨ ᠳ᠋ᠤ᠌ ᠭᠠᠷᠭᠠᠬᠤ ᠪᠠᠷ ᠲᠣᠭᠲᠠᠪᠠ᠃ ᠣᠳᠣ ᠪᠣᠯᠬᠤ ᠳ᠋ᠤ᠌ ᠥᠭᠡᠳᠡᠢ ᠶ᠋ᠢᠨ ᠤᠭᠰᠠᠭᠠᠨ ᠤ᠋ ᠰᠡᠭᠦᠯᠴᠢ ᠶ᠋ᠢᠨ ᠦᠶᠡ ᠶ᠋ᠢᠨ ᠸᠠᠩ ᠪᠣᠯᠬᠤ ᠬᠠᠢᠲᠤ ᠶ᠋ᠢᠨ ᠬᠠᠷᠢᠶᠠ ᠭᠠᠵᠠᠷ ᠤ᠋ᠨ ᠶᠡᠬᠡᠩᠬᠢ ᠬᠡᠰᠡᠭ ᠨᠢ ᠴᠠᠭᠠᠲᠠᠢ ᠶ᠋ᠢᠨ ᠤᠭᠰᠠᠭᠠᠨ ᠤ᠋ ᠸᠠᠩ ᠬᠦᠩ ᠨᠠᠷ ᠤ᠋ᠨ ᠭᠠᠷ ᠲᠤ᠌ ᠣᠷᠣᠪᠠ᠃ ᠬᠠᠢᠲᠤ ᠶ᠋ᠢᠨ ᠣᠯᠠᠨ ᠬᠥᠪᠡᠭᠦᠳ ᠦ᠋ᠨ ᠳᠣᠲᠣᠷᠠ ᠠ᠋ᠴᠠ ᠭᠠᠭᠴᠠᠬᠠᠨ ᠱᠠᠭᠠ ᠯᠠ ᠮᠢᠩᠭᠠᠨ ᠬᠥᠮᠦᠨ ᠪᠠ ᠵᠢᠵᠢᠭᠬᠡᠨ ᠨᠢᠭᠡ ᠬᠡᠰᠡᠭ ᠭᠠᠵᠠᠷ ᠲᠠᠢ ᠯᠠ ᠦᠯᠡᠳᠡᠪᠡ᠃
ᠶᠢᠰᠣᠨᠪᠦ᠋ᠬᠡ ᠥᠪᠡᠷ ᠦ᠋ᠨ ᠢ᠋ᠶ᠋ᠡᠨ ᠬᠢᠵᠠᠭᠠᠷ ᠨᠤᠲᠤᠭ ᠳᠣᠲᠣᠷᠠ ᠪᠠᠨ ᠡᠩᠬᠡ ᠲᠠᠢᠪᠤᠩ ᠤ᠋ᠨ ᠡᠮᠬᠢ ᠵᠠᠮᠪᠠᠷᠠᠭᠠ ᠶ᠋ᠢ ᠨᠡᠯᠢᠶᠡᠳ ᠪᠦᠲᠦᠮᠵᠢᠲᠡᠢ ᠰᠡᠷᠭᠦᠭᠡᠭᠡᠳ ᠪᠠᠢᠭᠰᠠᠨ ᠶᠤᠮ᠃ ᠭᠡᠪᠡᠴᠦ ᠬᠢᠯᠢ ᠶ᠋ᠢᠨ ᠭᠠᠳᠠᠨᠠᠬᠢ ᠲᠡᠢᠨ ᠦ᠌ ᠬᠣᠣᠷ ᠬᠥᠨᠥᠭᠡᠯ ᠡᠴᠡ ᠪᠣᠯᠵᠤ ᠲᠡᠭᠦᠨ ᠢ᠋ ᠰᠠᠭᠤᠷᠢᠨ ᠳ᠋ᠤ᠌ ᠪᠠᠢᠭᠰᠠᠨ ᠬᠤᠭᠤᠴᠠᠭᠠᠨ ᠳ᠋ᠤ᠌ ᠬᠢᠯᠢ ᠳᠣᠲᠣᠷᠠ ᠨᠢ ᠪᠠᠢᠨ ᠪᠠᠢᠨ ᠡᠪᠳᠡᠯᠡᠭᠡ ᠬᠣᠬᠢᠷᠠᠯ ᠭᠠᠷᠴᠤ ᠪᠠᠢᠵᠠᠢ᠃ ᠵᠢᠱ᠌ᠢᠶᠡᠯᠡᠪᠡᠯ ᠨᠢᠭᠡ ᠤᠳᠠᠭᠠ ᠶᠡᠬᠡ ᠬᠠᠭᠠᠨ ᠤ᠋ ᠴᠡᠷᠢᠭ (ᠡᠨᠡ ᠰᠠᠯᠠᠭᠠ ᠴᠡᠷᠢᠭ ᠬᠣᠪᠲᠣ ᠳ᠋ᠤ᠌ ᠡᠪᠦᠯᠵᠢᠵᠦ᠂ ᠡᠷᠴᠢᠰ ᠮᠥᠷᠡᠨ ᠦ᠌ ᠰᠠᠯᠪᠤᠷᠢ ᠤᠷᠤᠰᠬᠠᠯ ᠪᠣᠯᠬᠤ ᠶᠢᠰᠦᠨ ᠮᠥᠷᠡᠨ ᠳ᠋ᠦ᠍ ᠵᠤᠰᠠᠳᠠᠭ ᠪᠠᠢᠪᠠ) ᠲᠠᠢ ᠢᠯᠡ ᠪᠡᠷ ᠲᠡᠢᠨ ᠪᠣᠯᠪᠠ᠃ ᠶᠡᠬᠡ ᠬᠠᠭᠠᠨ ᠤ᠋ ᠴᠡᠷᠢᠭ ᠵᠢᠯᠣᠭᠣ ᠲᠠᠯᠪᠢᠨ ᠭᠤᠷᠪᠠᠨ ᠰᠠᠷᠠ ᠶ᠋ᠢᠨ ᠠᠶᠠᠨ ᠤ᠋ ᠭᠠᠵᠠᠷ ᠤ᠋ᠨ ᠭᠠᠵᠠᠷ ᠨᠤᠲᠤᠭ ᠢ᠋ ᠲᠠᠯᠬᠢᠳᠠᠪᠠ᠂ ᠶᠡᠬᠡ ᠬᠠᠭᠠᠨ ᠤ᠋ ᠥᠭᠡᠷᠡ ᠨᠢᠭᠡ ᠰᠠᠯᠠᠭᠠ ᠴᠡᠷᠢᠭ ᠨᠢ ᠳᠥᠴᠢᠨ ᠡᠳᠦᠷ ᠦ᠋ᠨ ᠠᠶᠠᠨ ᠤ᠋ ᠭᠠᠵᠠᠷ ᠤ᠋ᠨ ᠭᠠᠵᠠᠷ ᠨᠤᠲᠤᠭ ᠢ᠋ ᠲᠠᠯᠬᠢᠭᠳᠠᠪᠠ᠃ ᠶᠢᠰᠣᠨᠪᠦ᠋ᠬᠡ ᠶ᠋ᠢᠨ ᠡᠪᠦᠯ ᠦ᠋ᠨ ᠤᠷᠲᠤ ᠨᠢ ᠢᠰᠠᠢᠺᠺᠥ᠋ᠯ ᠨᠠᠭᠤᠷ ᠤ᠋ᠨ ᠬᠥᠪᠡᠭᠡᠨ ᠳ᠋ᠦ᠍ ᠪᠠᠢᠳᠠᠭ᠃ ᠵᠤᠨ ᠪᠣᠯᠪᠠᠯ ᠳᠡᠯᠡᠰ ᠭᠣᠣᠯ ᠣᠷᠴᠢᠮ ᠨᠡᠭᠦᠨᠡ— ᠡᠨᠡ ᠬᠣᠶᠠᠷ ᠶᠡᠬᠡ ᠤᠷᠲᠤ ᠴᠤ᠌ ᠪᠦᠷᠢᠨ ᠡᠪᠳᠡᠭᠳᠡᠭᠰᠡᠨ ᠪᠠᠢᠨᠠ᠃ ᠶᠢᠰᠣᠨᠪᠦ᠋ᠬᠡ ᠵᠥᠴᠢ ᠶ᠋ᠢᠨ ᠤᠭᠰᠠᠭᠠᠨ ᠤ᠋1312 ᠣᠨ ᠠ᠋ᠴᠠ ᠢᠨᠠᠭᠰᠢ ᠠᠬᠠᠯᠠᠭᠴᠢ ᠪᠣᠯᠤᠭᠰᠠᠨ ᠦᠽᠪᠧᠺ ᠬᠠᠨ ᠲᠠᠢ ᠬᠣᠯᠪᠣᠭᠠᠯᠠᠨ ᠶᠡᠬᠡ ᠬᠠᠭᠠᠨ ᠢ᠋ ᠠᠷᠭᠠᠴᠠᠭᠠᠬᠤ ᠶ᠋ᠢ ᠰᠠᠨᠠᠭᠰᠠᠨ ᠪᠣᠯᠪᠠᠴᠤ ᠡᠨᠡ ᠭᠣᠷᠢᠳᠠᠯᠭᠠ ᠨᠢ ᠴᠦ᠍ ᠪᠦᠲᠦᠭᠰᠡᠨ ᠦᠭᠡᠢ᠃1315 ᠣᠨ ᠳ᠋ᠤ᠌᠂ ᠲᠡᠳᠡ ᠨᠠᠷ ᠫᠧᠷᠰ ᠦ᠋ᠨ ᠨᠣᠶᠠᠯᠠᠭᠴᠢ ᠥᠯᠵᠡᠢᠲᠦ ᠳ᠋ᠦ᠍ ᠬᠣᠷᠣᠰᠳᠠᠭ ᠪᠠᠢᠭᠰᠠᠨ ᠲᠤᠯᠠ ᠬᠠᠷᠢᠯᠴᠠᠨ ᠨᠢᠭᠡ ᠨᠢᠭᠡ ᠶ᠋ᠢ ᠪᠡᠨ ᠠᠭᠤᠴᠢᠯᠠᠪᠠ᠃ ᠴᠠᠭᠠᠲᠠᠢ ᠶ᠋ᠢᠨ ᠤᠭᠰᠠᠭᠠᠨ ᠤ᠋ ᠬᠢᠨ ᠫᠧᠷᠰ ᠲᠦ᠍ ᠶᠠᠮᠠᠷ ᠴᠣ ᠠᠰᠢᠭ ᠣᠯᠵᠤ ᠬᠦᠷᠲᠡᠭᠰᠡᠨ ᠦᠭᠡᠢ᠂ ᠡᠭᠦᠨ ᠦ᠌ ᠰᠢᠯᠲᠠᠭᠠᠨ ᠨᠢ ᠶᠠᠰᠠᠸᠠ ᠸᠠᠩ ᠤᠷᠪᠠᠭᠰᠠᠨ ᠳ᠋ᠤ᠌ ᠪᠠᠢᠨᠠ᠃
ᠲᠡᠦᠬᠡᠴᠢᠳ ᠶᠢᠰᠣᠨᠪᠦ᠋ᠬᠡ ᠶ᠋ᠢᠨ ᠨᠠᠰᠤ ᠪᠠᠷᠠᠭᠰᠠᠨ ᠲᠣᠳᠣᠷᠬᠠᠢ ᠣᠨ ᠵᠢᠯ ᠢ᠋ ᠣᠳᠣ ᠪᠣᠯᠲᠠᠯᠠ ᠲᠣᠳᠣᠯᠠᠵᠤ ᠴᠢᠳᠠᠭᠠ ᠦᠭᠡᠢ᠃ ᠲᠡᠷᠡ1318 ᠣᠨ ᠳ᠋ᠤ᠌ ᠨᠠᠰᠤ ᠨᠥᠭᠴᠢᠭᠰᠡᠨ ᠪᠣᠯᠤᠯᠲᠠᠢ᠃ ᠶᠠᠭᠤ ᠭᠡᠪᠡᠯ ᠡᠷᠲᠡᠨ ᠦ᠌ ᠵᠣᠭᠣᠰ ᠰᠤᠳᠤᠯᠤᠯ ᠤ᠋ᠨ ᠲᠠᠯᠠ ᠪᠠᠷ ᠬᠢ ᠪᠠᠷᠢᠮᠲᠠ ᠶ᠋ᠢ ᠦᠨᠳᠦᠰᠦᠯᠡᠪᠡᠯ᠂ ᠲᠡᠭᠦᠨ ᠦ᠌ ᠬᠠᠨ ᠰᠠᠭᠤᠷᠢᠨ ᠢ᠋ ᠵᠠᠯᠭᠠᠮᠵᠢᠯᠠᠭᠰᠠᠨ ᠳᠡᠭᠦᠦ ᠬᠡᠪᠡᠭ ᠨᠢ ᠨᠠᠢ᠍ᠮᠠᠨ ᠵᠢᠯ ᠨᠣᠶᠠᠷᠬᠠᠵᠤ᠂ ᠬᠣᠲᠣᠩ ᠲᠣᠭᠠᠯᠠᠯ ᠤ᠋ᠨ726 ᠣᠨ᠂ ᠢᠰᠦ᠋ᠰ ᠲᠣᠭᠠᠯᠠᠯ ᠤ᠋ᠨ1326 ᠣᠨ ᠳ᠋ᠤ᠌ ᠨᠠᠰᠤ ᠪᠠᠷᠠᠭᠰᠠᠨ ᠪᠠᠢᠪᠠ᠃1333 ᠣᠨ ᠳ᠋ᠤ᠌ ᠠᠷᠠᠪ ᠤ᠋ᠨ ᠵᠢᠭᠤᠯᠴᠢᠨ ᠢᠪᠣᠨ᠂ ᠪᠡᠳᠲ᠋ᠣᠲ᠋ᠠ ᠳᠤᠮᠳᠠᠳᠤ ᠠᠽᠢᠶᠠ ᠳ᠋ᠤ᠌ ᠬᠦᠷᠴᠦ ᠢᠷᠡᠭᠡᠳ ᠬᠡᠪᠡᠭ ᠦ᠋ᠨ ᠲᠤᠬᠠᠢ ᠶᠠᠷᠢᠶᠠ ᠨᠤᠭᠤᠳ ᠢ᠋ ᠣᠯᠵᠤ ᠰᠣᠨᠣᠰᠪᠠ᠂ ᠬᠥᠮᠦᠰ ᠬᠡᠪᠡᠭ ᠢ᠋ ᠲᠥᠪ ᠭᠣᠣᠯᠴᠢ ᠮᠡᠷᠭᠡᠨ ᠸᠠᠩ ᠪᠣᠯᠭᠠᠨ ᠳᠦᠷᠰᠦᠯᠡᠨ ᠶᠠᠷᠢᠳᠠᠭ ᠪᠠᠢᠪᠠ᠂ ᠬᠡᠪᠡᠭ ᠥᠪᠡᠷ ᠢ᠋ᠶ᠋ᠡᠨ ᠪᠥᠬᠡ ᠶ᠋ᠢᠨ ᠱᠠᠰᠢᠨ ᠢ᠋ ᠰᠢᠲᠦᠳᠡᠭ ᠪᠣᠯᠪᠠᠴᠤ ᠬᠥᠮᠦᠨ ᠠᠷᠠᠳ ᠤ᠋ᠨ ᠵᠣᠪᠠᠯ ᠵᠦᠳᠡᠯ ᠳ᠋ᠦ᠍ ᠰᠠᠨᠠᠭᠠ ᠲᠠᠯᠪᠢᠵᠤ᠂ ᠢᠰᠯᠠᠮ ᠤ᠋ᠨ ᠱᠠᠰᠢᠨ ᠢ᠋ ᠬᠠᠮᠠᠭᠠᠯᠠᠳᠠᠭ᠂ ᠲᠡᠦᠬᠡᠴᠢᠳ ᠬᠡᠪᠡᠭ ᠦ᠋ᠨ ᠠᠷᠠᠳ ᠤ᠋ᠨ ᠠᠰᠢᠭ ᠠᠰᠠᠷᠠᠮᠵᠢ ᠶ᠋ᠢ ᠠᠩᠬᠠᠷᠤᠨ ᠬᠠᠷᠠᠭᠠᠯᠵᠠᠬᠤ ᠶᠠᠪᠤᠳᠠᠯ ᠢ᠋ ᠳᠤᠷᠠᠳᠳᠠᠭ᠂ ᠮᠦᠰᠡᠸᠢ ᠡᠨᠡ ᠲᠠᠯᠠ ᠪᠠᠷ ᠲᠡᠭᠦᠨ ᠢ᠋ ᠶᠢᠰᠣᠨᠪᠦ᠋ᠬᠡ ᠲᠡᠢ ᠡᠰᠡᠷᠭᠦ ᠳᠦᠷᠢ ᠲᠡᠢ ᠪᠣᠯᠭᠠᠭᠰᠠᠨ ᠪᠠᠢᠨᠠ᠃ ᠡᠢᠮᠦᠷᠬᠦᠦ ᠮᠠᠭᠲᠠᠨ ᠳᠠᠭᠤᠯᠠᠬᠤ ᠰᠡᠳᠬᠢᠯᠭᠡ ᠨᠢ ᠤᠳᠠᠯ ᠦᠭᠡᠢ ᠲᠷᠠᠨᠰᠤᠭᠰᠢᠨᠠ ᠪᠣᠯᠤᠨ ᠠᠹᠭᠠᠨᠢᠰᠲ᠋ᠠᠨ ᠳ᠋ᠤ᠌ ᠤᠯᠠᠮᠵᠢᠯᠠᠭᠳᠠᠨ ᠬᠦᠷᠴᠡᠢ᠃ ᠬᠡᠪᠡᠭ ᠨᠡᠢᠰᠯᠡᠯ ᠢ᠋ᠶ᠋ᠡᠨ ᠨᠠᠬᠠᠱ ᠲᠤ᠌ ᠪᠠᠢᠭᠤᠯᠪᠠ᠂ ᠲᠡᠷᠡ ᠲᠤᠰ ᠪᠠᠯᠭᠠᠰᠤ ᠣᠷᠴᠢᠮ ᠣᠷᠳᠣᠨ ᠬᠠᠷᠰᠢ ᠪᠠᠷᠢᠭᠤᠯᠪᠠ᠂ ᠲᠡᠭᠦᠨ ᠡᠴᠡ ᠬᠣᠢᠰᠢ ᠡᠨᠡ ᠭᠠᠵᠠᠷ ᠢ᠋ ᠬᠠᠷᠰᠢ ᠭᠡᠵᠦ ᠨᠡᠷᠡᠯᠡᠬᠦ ᠪᠣᠯᠪᠠ᠃
ᠶᠡᠬᠡ ᠣᠯᠠᠨ ᠲᠡᠦᠬᠡᠴᠢᠳ ᠬᠡᠪᠡᠭ ᠢ᠋ ᠥᠲᠡᠯᠦᠭᠡᠳ ᠨᠠᠰᠤ ᠪᠠᠷᠠᠪᠠ ᠭᠡᠵᠦ ᠬᠡᠯᠡᠳᠡᠭ᠂ ᠭᠡᠪᠡᠴᠦ ᠢᠪᠣᠨ᠂ ᠪᠠᠳᠲ᠋ᠣᠲ᠋ᠠ ᠬᠠᠷᠢᠨ ᠲᠡᠭᠦᠨ ᠢ᠋ ᠳᠡᠭᠦᠦ ᠲᠠᠷᠠᠮᠠᠰᠢᠷᠢ ᠳ᠋ᠠᠭᠠᠨ ᠠᠯᠠᠭᠳᠠᠵᠠᠢ ᠭᠡᠵᠦ ᠬᠦᠴᠦᠯᠡᠨ ᠵᠣᠷᠢᠳᠠᠭ᠃ ᠬᠡᠷᠡᠭ ᠳᠡᠭᠡᠷᠡ ᠪᠡᠨ ᠬᠡᠪᠡᠭ ᠢ᠋ ᠨᠠᠰᠤ ᠪᠠᠷᠠᠭᠰᠠᠨ ᠤ᠋ ᠳᠠᠷᠠᠭᠠ᠂ ᠲᠠᠷᠠᠮᠠᠰᠢᠷᠢ ᠶ᠋ᠢ ᠬᠠᠨ ᠰᠠᠭᠤᠷᠢᠨ ᠰᠠᠭᠤᠬᠤ ᠪᠣᠯᠲᠠᠯᠠ ᠳᠤᠸᠠ ᠶ᠋ᠢᠨ ᠬᠣᠶᠠᠷ ᠬᠥᠪᠡᠭᠦᠨ ᠢᠨᠵᠠᠭᠠᠲᠠᠢ ᠬᠢᠭᠡᠳ ᠳᠤᠯᠠᠢ ᠲᠡᠮᠦᠷ ᠬᠣᠢᠨᠠ ᠡᠮᠦᠨᠡ ᠬᠠᠨ ᠰᠠᠭᠤᠷᠢᠨ ᠳ᠋ᠤ᠌ ᠰᠠᠭᠤᠵᠤ ᠥᠩᠭᠡᠷᠡᠭᠰᠡᠨ ᠶᠦᠮ᠃ ᠢᠨᠵᠠᠭᠠᠳᠠᠢ ᠶ᠋ᠢ ᠨᠣᠶᠠᠷᠬᠠᠵᠤ ᠪᠠᠢᠭᠰᠠᠨ ᠬᠤᠭᠤᠴᠠᠭᠠᠨ ᠳ᠋ᠤ᠌᠂ ᠺᠠᠲ᠋ᠣᠯᠢᠭ ᠱᠠᠰᠢᠨ ᠤ᠋ ᠳ᠋ᠤᠮᠢᠨᠢᠺᠠ ᠱᠠᠰᠢᠨ ᠤ᠋ ᠪᠦᠯᠦᠭ ᠦ᠋ᠨ ᠬᠠᠷᠠ ᠬᠤᠪᠴᠠᠰᠤᠲᠤ ᠱᠠᠰᠢᠨ ᠰᠤᠷᠲᠠᠯᠴᠢᠯᠠᠭᠴᠢ ᠲᠠᠩᠮᠠᠰ᠂ ᠮᠠᠩᠺᠰᠤᠯ ᠳᠤᠮᠳᠠᠳᠤ ᠠᠽᠢᠶᠠ ᠳ᠋ᠤ᠌ ᠺᠠᠲ᠋ᠣᠯᠢᠭ ᠱᠠᠰᠢᠨ ᠢ᠋ ᠶᠡᠬᠡ ᠪᠡᠷ ᠰᠤᠷᠲᠠᠯᠴᠢᠯᠠᠬᠤ ᠠᠵᠢᠯᠯᠠᠭᠠ ᠶ᠋ᠢ ᠲᠤᠩ ᠪᠦᠲᠦᠮᠵᠢᠲᠡᠢ ᠥᠷᠨᠢᠭᠦᠯᠦᠭᠰᠡᠨ ᠶᠦᠮ᠃1329 ᠣᠨ ᠳ᠋ᠤ᠌᠂ ᠲᠠᠩᠮᠠᠰ ᠠᠸᠢᠨᠤᠨ ᠳ᠋ᠤ᠌ ᠪᠤᠴᠠᠪᠠ᠃ ᠱᠠᠰᠢᠨ ᠤ᠋ ᠬᠠᠭᠠᠨ ᠶᠤᠬᠠᠨ ᠠᠷᠪᠠᠨ ᠬᠣᠶᠠᠳᠤᠭᠠᠷ ᠲᠡᠭᠦᠨ ᠢ᠋ ᠳᠠᠬᠢᠨ ᠳᠤᠮᠳᠠᠳᠤ ᠠᠽᠢᠶᠠ ᠳ᠋ᠤ᠌ ᠣᠴᠢᠭᠤᠯᠵᠤ᠂ ᠰᠠᠮᠠᠷᠺᠠᠨᠳ᠋ ᠤ᠋ᠨ ᠱᠠᠰᠢᠨ ᠤ᠋ ᠭᠣᠣᠯ ᠲᠦᠷᠦᠭᠦᠦ ᠪᠣᠯᠭᠠᠵᠤ᠂ ᠢᠨᠵᠠᠭᠠᠳᠠᠢ ᠳ᠋ᠤ᠌ ᠨᠢᠭᠡ ᠬᠤᠪᠢ ᠵᠠᠬᠢᠳᠠᠯ ᠢᠯᠡᠭᠡᠪᠡ᠃ ᠡᠷᠲᠡᠨ ᠦ᠌ ᠵᠣᠭᠣᠰ ᠰᠤᠳᠤᠯᠤᠯ ᠤ᠋ᠨ ᠨᠤᠲᠠᠯᠠᠯᠲᠠ ᠶ᠋ᠢ ᠦᠨᠳᠦᠰᠦᠯᠡᠪᠡᠯ᠂ ᠡᠨᠡ ᠵᠠᠬᠢᠳᠠᠯ ᠢ᠋ ᠬᠦᠷᠬᠦ ᠦᠶᠡ ᠳ᠋ᠦ᠍ ᠢᠨᠵᠠᠭᠠᠲᠠᠢ ᠬᠡᠳᠦᠢᠨ ᠨᠠᠰᠤ ᠪᠠᠷᠠᠴᠢᠬᠠᠭᠰᠠᠨ ᠪᠠᠢᠬᠤ ᠶᠣᠰᠣᠲᠠᠢ᠃
ᠲᠤᠯᠠᠢ ᠲᠡᠮᠦᠷ ᠬᠠᠨ ᠰᠠᠭᠤᠷᠢᠨ ᠳ᠋ᠤ᠌ ᠰᠠᠭᠤᠬᠤ ᠠ᠋ᠴᠠ ᠪᠠᠨ ᠡᠮᠦᠨᠡ᠂ ᠵᠡᠭᠦᠨ ᠬᠠᠪᠢ ᠶ᠋ᠢᠨ ᠮᠣᠵᠢ ᠳ᠋ᠤ᠌ ᠥᠪᠡᠷ ᠦ᠋ᠨ ᠢ᠋ᠶ᠋ᠡᠨ ᠡᠷᠭᠦᠮᠵᠢ ᠶ᠋ᠢᠨ ᠬᠣᠲᠠ ᠲᠠᠢ ᠪᠠᠢᠭᠰᠠᠨ ᠶᠤᠮ᠂ ᠳᠤᠮᠳᠠᠳᠤ ᠤᠯᠤᠰ ᠤ᠋ᠨ ᠲᠡᠮᠳᠡᠭᠯᠡᠯ ᠢ᠋ ᠦᠨᠳᠦᠰᠦᠯᠡᠪᠡᠯ᠂1315 ᠣᠨᠠ ᠪᠠᠷᠠᠭᠤᠨ ᠣᠷᠣᠨ ᠶᠡᠬᠡ ᠭᠠᠩ ᠪᠣᠯᠤᠭᠰᠠᠨ ᠲᠤᠯᠠ ᠳᠤᠮᠳᠠᠳᠤ ᠤᠯᠤᠰ ᠠ᠋ᠴᠠ ᠵᠣᠭᠣᠰ ᠮᠥᠩᠭᠥᠨ ᠦ᠌ ᠲᠤᠰᠠᠯᠠᠮᠵᠢ ᠬᠦᠷᠭᠡᠪᠡ ᠭᠡᠵᠦ ᠪᠣᠢ᠃
ᠲᠠᠷᠠᠮᠠᠰᠢᠷᠢ 1326 ᠣᠨ ᠳ᠋ᠤ᠌ ᠰᠠᠭᠤᠷᠢᠨ ᠳ᠋ᠤ᠌ ᠰᠠᠭᠤᠭᠰᠠᠨ ᠪᠣᠯᠤᠮᠵᠢ ᠶᠡᠬᠡ ᠪᠠᠢᠨᠠ᠂ ᠲᠡᠷᠡ ᠢᠰᠯᠠᠮ ᠤ᠋ᠨ ᠱᠠᠰᠢᠨ ᠢ᠋ ᠰᠢᠲᠦᠳᠡᠭ ᠪᠥᠭᠡᠳ《ᠠᠨᠯᠠ — ᠠᠳ᠋ — ᠳ᠋ᠢᠨ 》(《ᠠᠭᠤᠤ ᠶᠡᠬᠡ ᠮᠥᠷᠭᠥᠯᠲᠡᠨ 》) ᠦ᠌ ᠴᠣᠯᠠ ᠶ᠋ᠢ ᠬᠦᠷᠲᠡᠭᠰᠡᠨ ᠶᠦᠮ᠃ ᠲᠡᠭᠦᠨ ᠦ᠌ ᠢᠰᠯᠠᠮ ᠤ᠋ᠨ ᠱᠠᠰᠢᠨ ᠳ᠋ᠤ᠌ ᠣᠷᠣᠵᠤ᠂ ᠲᠤᠬᠠᠢ ᠶ᠋ᠢᠨ ᠭᠠᠵᠠᠷ ᠤ᠋ᠨ ᠵᠠᠩ ᠳᠠᠳᠬᠠᠯ ᠢ᠋ ᠳᠠᠭᠠᠭᠰᠠᠨ ᠶᠠᠪᠤᠳᠠᠯ ᠨᠢ ᠮᠣᠩᠭᠣᠯᠴᠤᠳ ᠤ᠋ᠨ ᠳᠤᠷᠠ ᠦᠭᠡᠢᠴᠡᠯ ᠢ᠋ ᠬᠦᠷᠭᠡᠪᠡ᠃ ᠲᠠᠷᠠᠮᠠᠰᠢᠷᠢ ᠵᠢᠯ ᠪᠦᠷᠢ ᠨᠢᠭᠡ ᠤᠳᠠᠭᠠᠨ ᠤ᠋《ᠬᠤᠷᠢᠮ ᠤ᠋ᠨ ᠨᠠᠢᠷ》 ᠢ᠋ᠶ᠋ᠠᠨ ᠬᠢᠵᠦ ᠴᠢᠳᠠᠬᠤ ᠪᠠᠨ ᠪᠣᠯᠢᠪᠠ᠃ ᠲᠡᠷᠡ ᠠᠹᠭᠠᠨᠢᠰᠲ᠋ᠠᠨ ᠵᠦᠭ ᠴᠡᠷᠢᠭᠯᠡᠵᠦ᠂ ᠠᠯᠤᠰ ᠬᠣᠯᠠ ᠶ᠋ᠢᠨ ᠡᠨᠡᠳᠬᠡᠭ ᠢ᠋ ᠳᠠᠢᠯᠠᠭᠰᠠᠨ ᠪᠣᠯᠪᠠᠴᠤ ᠵᠡᠭᠦᠨ ᠵᠠᠭᠤᠨ ᠬᠡᠰᠡᠭ ᠦ᠋ᠨ ᠮᠣᠵᠢ ᠨᠤᠭᠤᠳ ᠢ᠋ ᠣᠢᠰᠢᠶᠠᠳᠠᠭ ᠦᠭᠡᠢ ᠪᠠᠢᠪᠠ᠃ ᠨᠣᠶᠠᠯᠠᠵᠤ ᠪᠠᠢᠭᠰᠠᠨ ᠳᠥᠷᠪᠡᠨ ᠵᠢᠯ ᠳ᠋ᠡᠭᠡᠨ ᠠᠯᠢᠮᠠᠯ ᠪᠣᠯᠤᠨ ᠵᠡᠭᠦᠨ ᠬᠡᠰᠡᠭ ᠦ᠋ᠨ ᠮᠣᠵᠢ ᠨᠤᠭᠤᠳ ᠲᠤ᠌ ᠭᠠᠭᠴᠠ ᠬᠦ᠌ ᠤᠳᠠᠭᠠ ᠢᠷᠡᠭᠰᠡᠨ ᠦᠭᠡᠢ᠃ ᠳᠡᠭᠡᠷᠡ ᠳᠤᠷᠠᠳᠤᠭᠰᠠᠨ ᠮᠦᠪᠡᠷᠡᠭᠱᠠᠭ ᠪᠣᠯᠤᠨ ᠪᠤᠰᠤᠳ ᠢᠰᠯᠠᠮ ᠤ᠋ᠨ ᠱᠠᠰᠢᠨ ᠤ᠋ ᠸᠠᠩ ᠨᠠᠷ ᠤ᠋ᠨ ᠲᠤᠬᠠᠢ ᠵᠠᠳᠠᠯᠤᠯᠲᠠ ᠬᠢᠵᠦ ᠦᠵᠡᠪᠡᠯ᠂ ᠮᠣᠩᠭᠣᠯᠴᠤᠳ ᠡᠳᠡᠭᠡᠷ ᠢᠰᠯᠠᠮ ᠤ᠋ᠨ ᠱᠠᠰᠢᠨ ᠤ᠋ ᠸᠠᠩ ᠨᠠᠷ ᠤ᠋ᠳ ᠤ᠋ᠨ ᠢᠰᠯᠠᠮ ᠰᠣᠶᠣᠯ ᠢ᠋ ᠴᠢᠬᠤᠯᠠᠴᠢᠯᠠᠬᠤ ᠳ᠋ᠤ᠌ ᠳᠤᠷᠠ ᠦᠭᠡᠢᠴᠡᠳᠡᠭ ᠨᠢ ᠨᠡᠭᠦᠳᠡᠯᠴᠢᠳ ᠬᠢᠭᠡᠳ ᠰᠠᠭᠤᠷᠢᠰᠢᠵᠤ ᠠᠮᠢᠳᠤᠷᠠᠭᠰᠠᠳ ᠤ᠋ᠨ ᠬᠣᠭᠣᠷᠣᠨᠳᠣᠬᠢ ᠠᠵᠤ ᠠᠬᠤᠢ ᠶ᠋ᠢᠨ ᠵᠥᠷᠢᠶᠡ ᠲᠡᠢ ᠶᠡᠬᠡ ᠬᠣᠯᠪᠣᠭᠳᠠᠯ ᠲᠠᠢ ᠭᠡᠳᠡᠭ ᠢ᠋ ᠮᠡᠳᠡᠵᠦ ᠪᠣᠯᠤᠨᠠ᠃ 1334 ᠣᠨ ᠳ᠋ᠤ᠌ ᠲᠠᠷᠠᠮᠠᠰᠢᠷᠢ ᠶ᠋ᠢ ᠡᠰᠡᠷᠭᠦᠴᠡᠬᠦ ᠪᠣᠰᠤᠯᠭᠠ ᠭᠠᠷᠴᠤ᠂ ᠲᠡᠭᠦᠨ ᠢ᠋ ᠮᠣᠩᠭᠣᠯ ᠤ᠋ᠨ ᠨᠡᠢᠲᠡ ᠶ᠋ᠢᠨ ᠬᠠᠤᠯᠢ《ᠵᠠᠰᠠᠭ》 ᠠ᠋ᠴᠠ ᠲᠡᠷᠰᠯᠡᠯᠡ ᠭᠡᠵᠦ ᠵᠢᠮᠡᠯᠡᠪᠡ᠃ ᠪᠣᠰᠤᠯᠭᠠ ᠶ᠋ᠢ ᠲᠤᠯᠠᠢ ᠲᠡᠮᠦᠷ ᠦ᠋ᠨ ᠬᠥᠪᠡᠭᠦᠨ ᠪᠦᠰᠡᠨ ᠳᠠᠭᠠᠭᠤᠯᠵᠤ ᠬᠢᠪᠡ᠃ ᠢᠪᠣᠨ ᠪᠠᠳᠲ᠋ᠣᠲ᠋ᠠ ᠶ᠋ᠢᠨ ᠲᠡᠮᠳᠡᠭᠯᠡᠭᠰᠡᠨ ᠢ᠋ᠶ᠋ᠡᠷ᠂ ᠪᠦᠰᠡᠨ ᠪᠠᠰᠠ ᠢᠰᠯᠠᠮ ᠤ᠋ᠨ ᠱᠠᠰᠢᠨᠲᠠᠨ ᠶᠤᠮ᠃ ᠭᠡᠪᠡᠴᠦ ᠲᠡᠷᠡ ᠣᠯᠠᠨ ᠨᠡᠢᠲᠡ ᠶ᠋ᠢᠨ ᠵᠠᠩ ᠳᠠᠳᠬᠠᠯ ᠢ᠋ ᠶᠡᠬᠡ ᠬᠦᠨᠳᠦᠳᠬᠡᠵᠦ ᠦᠵᠡᠳᠡᠭ᠃ ᠲᠠᠷᠠᠮᠠᠰᠢᠷᠢ ᠰᠢᠬᠠᠮᠳᠠᠭᠳᠠᠭᠠᠳ ᠬᠢᠯᠢ ᠣᠷᠴᠢᠮ ᠤ᠋ᠨ ᠬᠠᠨᠢ ᠵᠦᠭ ᠳᠤᠲᠠᠭᠠᠭᠰᠠᠨ ᠪᠣᠯᠪᠠᠴᠤ ᠵᠠᠮ ᠳ᠋ᠠᠭᠠᠨ ᠬᠡᠪᠡᠭ ᠦ᠋ᠨ ᠵᠠᠩᠭᠢ ᠳ᠋ᠤ᠌ ᠪᠠᠷᠢᠭᠳᠠᠪᠠ᠂ ᠪᠦᠰᠡᠨ ᠦ᠌ ᠲᠡᠨᠳᠡ ᠬᠦᠷᠭᠡᠵᠦ ᠥᠭᠭᠦᠭᠰᠡᠨ ᠳ᠋ᠦ᠍ ᠠᠮᠢ ᠶ᠋ᠢ ᠨᠢ ᠬᠣᠷᠣᠭᠠᠪᠠ᠃
ᠢᠪᠣᠨ᠂ ᠪᠠᠳᠲ᠋ᠣᠲ᠋ᠠ ᠶ᠋ᠢᠨ ᠬᠡᠯᠡᠬᠦ ᠪᠡᠷ᠂ ᠪᠦᠰᠡᠨ ᠪᠣᠯ ᠭᠠᠵᠢᠭᠤ ᠮᠠᠭᠤ ᠨᠣᠶᠠᠯᠠᠭᠴᠢ᠂ ᠲᠡᠷᠡ ᠢᠰᠯᠠᠮ ᠤ᠋ᠨ ᠠᠷᠠᠳ ᠣᠯᠠᠨ ᠢ᠋ ᠳᠠᠷᠤᠯᠠᠵᠤ᠂ ᠬᠠᠷᠢᠨ ᠶᠦᠳᠠᠢᠰᠮ ᠱᠠᠰᠢᠨ ᠪᠣᠯᠤᠨ ᠾᠷᠢᠰᠲ᠋ᠣᠰ ᠤ᠋ᠨ ᠱᠠᠰᠢᠨ ᠤ᠋ ᠰᠦᠮᠡ ᠪᠠᠢᠭᠤᠯᠬᠤ ᠶ᠋ᠢ ᠵᠥᠪᠰᠢᠶᠡᠷᠡᠳᠡᠭ᠃ ᠱᠠᠷᠠᠹ — ᠠᠳ᠋ — ᠳ᠋ᠢᠨ ᠪᠣᠯᠤᠨ ᠮᠦᠰᠠᠸᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ ᠲᠡᠷᠡ ᠪᠡᠷ ᠲᠤᠩ ᠣᠯᠠᠨ ᠮᠣᠩᠭᠣᠯ ᠸᠠᠩ ᠬᠦᠩ ᠪᠣᠯᠤᠨ ᠢᠰᠯᠠᠮ ᠤ᠋ᠨ ᠱᠠᠰᠢᠨ ᠤ᠋ ᠬᠡᠷᠬᠡᠮᠲᠡᠳ ᠢ᠋ ᠠᠯᠠᠭᠰᠠᠨ ᠪᠠᠢᠨᠠ᠃ ᠡᠷᠲᠡᠨ ᠦ᠌ ᠵᠣᠭᠣᠰ ᠢ᠋ ᠦᠨᠳᠦᠰᠦᠯᠡᠨ ᠨᠤᠲᠠᠯᠠᠵᠤ ᠦᠵᠡᠬᠦ ᠳ᠋ᠦ᠍ ᠲᠡᠭᠦᠨ ᠦ᠌ ᠰᠠᠭᠤᠷᠢᠨ ᠳ᠋ᠤ᠌ ᠪᠠᠢᠭᠰᠠᠨ ᠴᠠᠭ ᠨᠢ ᠲᠤᠩ ᠣᠬᠣᠷ᠂ ᠮᠥᠨ ᠵᠢᠯ( 1334 ) ᠳ᠋ᠡᠭᠡᠨ ᠳᠤᠸᠠ ᠶ᠋ᠢᠨ ᠣᠮᠪᠣᠯᠣ᠂ ᠶᠠᠪᠤᠵᠢᠨ ᠤ᠋ ᠬᠥᠪᠡᠭᠦᠨ ᠵᠢᠩᠺᠰᠢ ᠳ᠋ᠦ᠍ ᠰᠠᠭᠤᠷᠢᠨ ᠢ᠋ᠶ᠋ᠠᠨ ᠪᠤᠯᠢᠶᠠᠭᠳᠠᠪᠠ᠃ ᠵᠢᠩᠺᠰᠢ ᠴᠦ᠍ ᠢᠰᠯᠠᠮ ᠤ᠋ᠨ ᠱᠠᠰᠢᠨ ᠤ᠋ ᠨᠠᠢᠵᠠ ᠪᠢᠰᠢ᠂ ᠮᠦᠰᠠᠸᠢ ᠬᠡᠯᠡᠭᠰᠡᠨ ᠨᠢ᠂ ᠲᠡᠷᠡ ᠪᠣᠯ ᠪᠤᠷᠬᠠᠨ ᠱᠠᠰᠢᠨᠲᠠᠨ ᠤ᠋ ᠬᠠᠮᠠᠭᠠᠯᠠᠭᠴᠢ᠂ ᠰᠠᠭᠤᠷᠢᠨ ᠳ᠋ᠤ᠌ ᠭᠠᠷᠬᠤ ᠠ᠋ᠴᠠ ᠪᠠᠨ ᠡᠮᠦᠨᠡ᠂ ᠲᠡᠷᠡ ᠶᠤᠸᠠᠨ ᠤᠯᠤᠰ ᠤ᠋ᠨ ᠵᠠᠰᠠᠭ ᠤ᠋ᠨ ᠭᠠᠵᠠᠷ ᠯᠤᠭᠠ ᠬᠠᠷᠢᠴᠠᠭᠠ ᠲᠠᠢ ᠪᠣᠯᠤᠭᠰᠠᠨ ᠪᠠᠢᠪᠠ᠃ ᠲᠡᠷᠡ ᠵᠢᠯ᠂ ᠲᠡᠷᠡ172 ᠨᠡᠷᠡ ᠣᠷᠣᠰ ᠨᠤᠲᠤᠭ ᠲᠠᠢ ᠶᠠᠯᠠᠲᠠᠨ ᠢ᠋ ᠳᠤᠮᠳᠠᠳᠤ ᠤᠯᠤᠰ ᠲᠤ᠌ ᠬᠦᠷᠭᠡᠵᠦ ᠥᠭᠭᠦᠭᠡᠳ ᠵᠣᠭᠣᠰ ᠮᠥᠩᠭᠥᠨ ᠦ᠌ ᠱᠠᠩ ᠬᠦᠷᠲᠡᠪᠡ᠃ ᠡᠨᠡ ᠬᠦ᠌ ᠮᠣᠩᠭᠣᠯ ᠬᠠᠨ ᠵᠣᠩᠬᠢᠯᠠᠬᠤ ᠣᠯᠠᠨ ᠴᠠᠭ ᠲᠠᠭᠠᠨ ᠠᠯᠢᠮᠠᠯᠢᠭ ᠲᠤ᠌ ᠰᠠᠭᠤᠵᠤ ᠪᠠᠢᠵᠠᠢ᠃ ᠲᠡᠭᠦᠨ ᠢ᠋ ᠨᠣᠶᠠᠯᠠᠵᠤ ᠪᠠᠢᠭᠰᠠᠨ ᠬᠤᠭᠤᠴᠠᠭᠠᠨ ᠳ᠋ᠤ᠌ ᠺᠠᠲ᠋ᠣᠯᠢᠭ ᠱᠠᠰᠢᠨ ᠢ᠋ ᠰᠤᠷᠲᠠᠯᠴᠢᠯᠠᠬᠤ ᠠᠵᠢᠯᠯᠠᠭᠠ ᠡᠨᠡ ᠬᠣᠲᠠ ᠳ᠋ᠤ᠌ ᠬᠦᠷᠴᠦ ᠢᠷᠡᠪᠡ᠃ ᠹᠷᠠᠨᠰᠢᠰ ᠪᠦᠯᠦᠭ ᠦ᠋ᠨ ᠱᠠᠰᠢᠨ ᠰᠤᠷᠲᠠᠯᠴᠢᠯᠠᠭᠴᠢ᠂ ᠨᠢᠺᠦᠯᠠᠰ ᠳᠤᠮᠳᠠᠳᠤ ᠤᠯᠤᠰ ᠲᠤ᠌ ᠣᠴᠢᠬᠤ ᠱᠠᠰᠢᠨ ᠤ᠋ ᠭᠣᠣᠯ ᠲᠦᠷᠦᠭᠦᠦ ᠪᠡᠷ ᠲᠣᠮᠢᠯᠠᠭᠳᠠᠪᠠ᠂ ᠲᠡᠷᠡ ᠪᠡᠷ ᠵᠢᠩᠺᠰᠢ ᠶ᠋ᠢᠨ ᠲᠥᠷᠥ ᠳ᠋ᠦ᠍ ᠲᠤᠩ ᠰᠠᠢᠬᠠᠨ ᠵᠣᠴᠢᠯᠠᠭᠳᠠᠵᠠᠢ᠃ ᠬᠡᠷᠭᠡᠮᠲᠡᠨ ᠺᠠᠯᠠᠰᠮᠠᠨ ᠬᠢᠭᠡᠳ ᠢᠶᠠᠩᠨᠠᠨ(ᠨᠢᠰᠲ᠋ᠣᠷᠢ ᠪᠦᠯᠦᠭ ᠦ᠋ᠨ ᠮᠦᠷᠭᠦᠯᠲᠡᠳ ᠪᠣᠯᠬᠤ ᠨᠢ ᠢᠯᠡᠷᠬᠡᠢ) ᠡᠨᠡ ᠬᠦ᠌ ᠱᠠᠰᠢᠨ ᠤ᠋ ᠬᠠᠭᠠᠨ ᠤ᠋ ᠲᠣᠮᠢᠯᠠᠭᠰᠠᠨ ᠱᠠᠰᠢᠨ ᠤ᠋ ᠲᠦᠷᠦᠭᠦᠦ ᠳ᠋ᠦ᠍ ᠠᠯᠢᠮᠠᠯᠢᠭ ᠣᠷᠴᠢᠮ ᠤ᠋ᠨ ᠨᠢᠭᠡᠨ ᠲᠣᠮᠣ ᠲᠠᠷᠢᠶᠠ ᠵᠢᠮᠢᠰ ᠦ᠋ᠨ ᠬᠦᠷᠢᠶᠡᠯᠡᠩ ᠢ᠋ ᠪᠡᠯᠡᠭᠯᠡᠪᠡ᠃ ᠬᠦᠷᠢᠶᠡᠯᠡᠩ ᠳ᠋ᠦ᠍ᠨᠢ ᠲᠤᠩ ᠰᠠᠢᠬᠠᠨ ᠱᠠᠰᠢᠨ ᠤ᠋ ᠰᠦᠮᠡ ᠪᠠᠢᠭᠤᠯᠵᠤ ᠥᠭᠴᠡᠢ᠃ ᠲᠡᠭᠦᠨ ᠡᠴᠡ ᠰᠡᠭᠦᠯᠡᠷ ᠳᠡᠮᠡᠢ ᠤᠳᠠᠯ ᠦᠭᠡᠢ ᠳ᠋ᠦᠭᠨᠢ ᠶ᠋ᠢᠨ ᠲᠦᠷᠦᠭᠦᠦ ᠯᠠᠮᠠ ᠷᠢᠴᠠᠳ᠋᠂ ᠠᠯᠸᠺᠰᠠᠨᠳ᠋ᠸᠷ ᠬᠣᠲᠠ ᠶ᠋ᠢᠨ ᠬᠤᠸᠠᠷᠠᠭ ᠹᠷᠠᠨᠰᠢᠰ᠂ ᠯᠣᠹᠰ ᠪᠣᠯᠤᠨ ᠷᠢᠤ᠌ᠮᠣᠨᠳ᠋ ᠨᠠᠷ ᠬᠦᠷᠦᠯᠴᠡᠨ ᠢᠷᠡᠪᠡ᠃ ᠢᠰᠫᠠᠨᠢ ᠶ᠋ᠢᠨ ᠱᠠᠰᠢᠨ ᠰᠤᠷᠲᠠᠯᠴᠢᠯᠠᠭᠴᠢᠳ ᠬᠠᠨ ᠤ᠋ ᠡᠪᠡᠳᠴᠢᠨ ᠢ᠋ ᠵᠠᠰᠠᠭᠠᠳ ᠰᠠᠢᠨ ᠪᠣᠯᠭᠠᠭᠰᠠᠨ ᠲᠤᠯᠠ ᠬᠠᠨ ᠬᠦᠦ ᠪᠡᠨ ᠱᠠᠰᠢᠨ ᠤ᠋ ᠤᠬᠢᠶᠠᠯᠭᠠ ᠳ᠋ᠤ᠌ ᠬᠦᠯᠢᠶᠡᠯᠭᠡᠪᠡ᠃1338 ᠣᠨ ᠳ᠋ᠤ᠌᠂ ᠪᠠᠰᠺᠠᠢᠷ ᠲᠠᠪᠤᠨ ᠰᠠᠷᠠ ᠶ᠋ᠢᠨ ᠴᠠᠭ ᠵᠠᠷᠤᠴᠠᠭᠤᠯᠵᠤ ᠪᠠᠢᠭᠠᠳ ᠺᠦᠨᠠ ᠣᠷᠭᠠᠭᠴᠢ ᠠ᠋ᠴᠠ ᠠᠯᠢᠮᠠᠯᠢᠭ ᠲᠤ᠌ ᠬᠦᠷᠴᠦ ᠢᠷᠡᠪᠡ᠂ ᠵᠠᠮ ᠲᠤᠵᠢ ᠲᠤᠩ ᠲᠠᠢᠪᠤᠭᠤᠨ ᠪᠤᠰᠤ ᠪᠠᠢᠵᠠᠢ᠂ ᠠᠷᠠᠳ ᠢᠷᠭᠡᠳ ᠲᠤᠢᠯ ᠢ᠋ᠶ᠋ᠠᠷ ᠵᠣᠪᠠᠯᠠᠩ ᠠᠮᠰᠠᠵᠤ ᠪᠠᠢᠪᠠ᠃ ᠶᠠᠭ ᠡᠨᠡ ᠦᠶᠡ ᠳ᠋ᠦ᠍ ᠵᠢᠩᠺᠰᠢ ᠳᠡᠭᠦᠦ ᠳ᠋ᠡᠭᠡᠨ ᠬᠣᠣᠷᠯᠠᠭᠳᠠᠭᠰᠠᠨ ᠪᠠᠢᠨᠠ᠃ ᠮᠦᠰᠠᠸᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ ᠵᠢᠩᠺᠰᠢ ᠶ᠋ᠢ ᠰᠥᠨᠢ ᠳᠦᠯᠢ ᠶ᠋ᠢᠨ ᠦᠶᠡ ᠪᠡᠷ ᠨᠢᠭᠡ ᠨᠡᠷᠡ ᠶ᠋ᠢ ᠨᠢ ᠦᠯᠦ ᠮᠡᠳᠡᠬᠦ ᠵᠢᠷᠤᠮᠲᠤ ᠪᠠᠭᠠᠲᠤᠷ ᠢᠷᠡᠵᠦ ᠬᠣᠷᠣᠭᠠᠭᠰᠠᠨ ᠪᠠᠢᠨᠠ᠃ ᠭᠡᠪᠡᠴᠦ ᠦᠯᠦᠭᠪᠸᠺ ᠦ᠋ᠨ ᠨᠤᠲᠠᠯᠠᠭᠰᠠᠨ ᠪᠠᠰᠺᠠᠢᠷ ᠤ᠋ᠨ ᠬᠡᠯᠡᠯᠭᠡ ᠪᠡᠷ ᠪᠣᠯ ᠵᠢᠩᠺᠰᠢ ᠳᠡᠭᠦᠦ ᠶᠢᠰᠦᠨᠲᠡᠮᠦᠷ ᠲᠡᠭᠡᠨ ᠠᠯᠠᠭᠳᠠᠭᠰᠠᠨ ᠪᠠᠢᠨᠠ᠃ ᠬᠥᠮᠦᠨ ᠠᠯᠠᠭᠰᠠᠨ ᠬᠥᠮᠦᠨ ᠭᠡᠮᠰᠢᠬᠦ ᠳ᠋ᠡᠭᠡᠨ ᠰᠣᠯᠢᠶᠠ ᠡᠪᠡᠳᠴᠢᠲᠡᠢ ᠪᠣᠯᠤᠭᠠᠳ ᠡᠨᠡ ᠬᠦ᠌ ᠶᠠᠯᠠᠲᠤ ᠬᠡᠷᠡᠭ ᠢ᠋ ᠥᠳᠥᠭᠡᠭᠰᠡᠨ ᠡᠬᠡ ᠶ᠋ᠢᠨ ᠢ᠋ᠶ᠋ᠡᠨ ᠡᠪᠴᠢᠭᠦᠦ ᠶ᠋ᠢ ᠤᠬᠤᠵᠤ ᠬᠠᠶᠠᠭᠰᠠᠨ ᠭᠡᠨᠡ᠃
ᠪᠠᠰᠺᠠᠢᠷ ᠴᠤ᠌ ᠲᠡᠷᠡ᠂ ᠪᠤᠰᠤᠳ ᠲᠡᠦᠬᠡᠨ ᠮᠠᠲ᠋ᠧᠷᠢᠶᠠᠯ ᠳ᠋ᠤ᠌ ᠴᠤ᠌ ᠲᠡᠷᠡ᠂ ᠬᠠᠯᠳᠠᠪᠤᠷᠢᠲᠤ ᠬᠢᠵᠢᠭ ᠦ᠋ᠨ ᠲᠤᠬᠠᠢ ᠶᠡᠷᠦ ᠡᠴᠡ ᠳᠤᠷᠠᠳᠤᠭᠠ ᠦᠭᠡᠢ᠃ ᠭᠡᠪᠡᠴᠦ ᠨᠸᠰᠲ᠋ᠣᠷᠢ ᠶ᠋ᠢᠨ ᠱᠠᠰᠢᠨᠲᠠᠳ ᠤ᠋ᠨ ᠬᠥᠰᠢᠶᠡ ᠰᠡᠢᠯᠦᠮᠡᠯ ᠢ᠋ ᠦᠨᠳᠦᠰᠦᠯᠡᠪᠡᠯ᠂1338 ᠣᠨ ᠠ᠋ᠴᠠ1339 ᠣᠨ ᠪᠣᠯᠲᠠᠯᠠ ᠳᠣᠯᠣᠭᠠᠨ ᠤᠰᠤᠨ ᠤ᠋ ᠨᠤᠲᠤᠭ ᠬᠠᠯᠳᠠᠪᠤᠷᠢᠲᠤ ᠬᠢᠵᠢᠭ ᠡᠴᠡ ᠪᠣᠯᠵᠤ ᠤᠷᠤᠭᠤᠳᠠᠭᠰᠠᠨ ᠪᠠᠢᠨᠠ᠃
ᠶᠢᠰᠣᠨᠳᠠᠮᠣᠷ ᠴᠤ᠌ ᠥᠭᠡᠳᠡᠢ ᠶ᠋ᠢᠨ ᠬᠣᠢᠴᠢᠰ ᠠᠯᠢ ᠰᠤᠯᠲᠠᠨ ᠳ᠋ᠤ᠌ ᠣᠷᠣ ᠪᠠᠨ ᠪᠤᠯᠢᠶᠠᠭᠳᠠᠪᠠ᠃ ᠲᠡᠭᠦᠨ ᠢ᠋ ᠨᠣᠶᠠᠯᠠᠵᠤ ᠪᠠᠢᠭᠰᠠᠨ ᠬᠤᠭᠤᠴᠠᠭᠠᠨ ᠳ᠋ᠠᠭᠠᠨ ᠾᠷᠢᠰᠲ᠋ᠣᠰ ᠤ᠋ᠨ ᠱᠠᠰᠢᠨᠲᠠᠨ ᠢ᠋ ᠲᠤᠢᠯ ᠤ᠋ᠨ ᠬᠡᠷᠴᠡᠭᠡᠢ ᠪᠡᠷ ᠠᠯᠠᠵᠤ ᠬᠢᠳᠤᠪᠠ᠃ ᠡᠨᠡ ᠤᠳᠠᠭᠠᠨ ᠤ᠋ ᠬᠢᠳᠤᠯᠲᠠ ᠳ᠋ᠤ᠌ ᠢᠰᠯᠠᠮ ᠤ᠋ᠨ ᠰᠠᠰᠢᠨᠲᠠᠳ ᠴᠤ᠌ ᠣᠷᠣᠯᠴᠠᠭᠰᠠᠨ ᠪᠠᠢᠨᠠ᠃1339 ᠣᠨ ᠳ᠋ᠤ᠌᠂ ᠳᠡᠭᠡᠷᠡ ᠳᠤᠷᠠᠳᠴᠤ ᠥᠩᠭᠡᠷᠡᠭᠰᠡᠨ ᠺᠠᠲ᠋ᠣᠯᠢᠭ ᠱᠠᠰᠢᠨ ᠤ᠋ ᠪᠦᠬᠦ ᠰᠤᠷᠲᠠᠯᠴᠢᠯᠠᠭᠴᠢᠳ ᠴᠥᠮ ᠢ᠋ᠶ᠋ᠡᠷ ᠢ᠋ᠶ᠋ᠡᠨ ᠱᠠᠰᠢᠨ ᠤ᠋ ᠶᠣᠰᠣᠭᠠᠷ ᠪᠡᠶᠡ ᠪᠡᠨ ᠦᠷᠡᠭᠳᠡᠭᠦᠯᠪᠡ᠃ ᠳᠣᠯᠣᠭᠠᠨ ᠤᠰᠤᠨ ᠤ᠋ ᠺᠠᠲ᠋ᠣᠯᠢᠭ ᠱᠠᠰᠢᠨᠲᠠᠳ᠂ ᠵᠠᠰᠠᠭ ᠵᠠᠬᠢᠷᠭᠠᠨ ᠤ᠋ ᠥᠨᠳᠥᠷ ᠪᠠᠢᠷᠢ ᠳ᠋ᠤ᠌ ᠪᠠᠢᠭᠠ ᠴᠥᠭᠡᠨ ᠪᠤᠰᠤ ᠬᠥᠮᠦᠰ ᠴᠦ᠍ ᠡᠨᠡ ᠤᠳᠠᠭᠠᠨ ᠤ᠋ ᠬᠢᠳᠤᠯᠭᠠ ᠳ᠋ᠤ᠌ ᠬᠣᠯᠪᠣᠭᠳᠠᠭᠰᠠᠨ ᠪᠠᠢᠨᠠ᠃ ᠠᠯᠢ ᠰᠤᠯᠲᠠᠨ ᠤ᠋ ᠪᠠᠯᠠᠮᠠᠳ ᠠᠵᠢᠯᠯᠠᠭᠠ ᠾᠷᠢᠰᠲ᠋ᠣᠰ ᠤ᠋ᠨ ᠱᠠᠰᠢᠨᠲᠠᠨ ᠢ᠋ ᠰᠢᠢᠳᠬᠡᠬᠦ ᠬᠡᠪᠴᠢᠶᠡ ᠡᠴᠡ ᠪᠦᠷ ᠳᠠᠪᠠᠭᠰᠠᠨ ᠪᠠᠢᠪᠠ᠂ ᠶᠠᠭᠤ ᠭᠡᠪᠡᠯ ᠢᠰᠯᠠᠮ ᠤ᠋ᠨ ᠱᠠᠰᠢᠨ ᠤ᠋ ᠵᠣᠬᠢᠶᠠᠭᠴᠢᠳ ᠬᠦᠷᠲᠡᠯᠡ ᠲᠡᠭᠦᠨ ᠢ᠋ ᠬᠥᠮᠦᠨ ᠦ᠌ ᠦᠨᠦᠷ ᠦᠭᠡᠢ ᠬᠡᠷᠴᠡᠭᠡᠢ ᠬᠠᠨ ᠭᠡᠵᠦ ᠦᠵᠡᠳᠡᠭ ᠪᠠᠢᠪᠠ᠃ ᠲᠡᠭᠦᠨ ᠦ᠌ ᠣᠷᠣ ᠶ᠋ᠢ ᠵᠠᠯᠭᠠᠮᠵᠢᠯᠠᠭᠰᠠᠨ ᠬᠥᠮᠦᠨ ᠪᠣᠯ ᠬᠠᠰᠠᠨ ᠪᠣᠯᠤᠨᠠ᠃
ᠢᠪᠣᠨ·ᠪᠠᠳᠲ᠋ᠤᠲ᠋ᠠ ᠡᠳᠡᠭᠡᠷ ᠬᠠᠳ ᠤ᠋ᠨ ᠨᠡᠷᠡ ᠶ᠋ᠢ ᠶᠡᠷᠦ ᠡᠴᠡ ᠳᠤᠷᠠᠳᠤᠭᠠ ᠦᠭᠡᠢ᠃ ᠲᠡᠷᠡ ᠪᠡᠷ ᠫᠧᠷᠰ ᠲᠦ᠍ ᠣᠷᠣᠵᠤ ᠥᠭᠭᠦᠭᠰᠡᠨ ᠮᠣᠩᠭᠣᠯ ᠸᠠᠩ ᠶᠠᠰᠠᠸᠠ ᠶ᠋ᠢᠨ ᠬᠥᠪᠡᠭᠦᠨ ᠬᠠᠯᠢᠯ ᠢ᠋ ᠯᠡ ᠳᠤᠷᠠᠳᠪᠠ᠃ ᠡᠨᠡ ᠬᠥᠮᠦᠨ ᠬᠠᠷᠠᠽᠢ ᠤᠯᠤᠰ ᠤ᠋ᠨ ᠸᠠᠩ ᠮᠡᠯᠢᠺ·ᠬᠣᠰᠠᠠ ᠶ᠋ᠢᠨ ᠬᠠᠪᠰᠤᠷᠤᠯᠭᠠ ᠪᠠᠷ ᠪᠦᠰᠡᠨ ᠬᠠᠨ ᠠ᠋ᠴᠠ ᠤᠷᠪᠠᠭᠰᠠᠨ ᠪᠠᠢᠨᠠ᠃ ᠬᠠᠯᠢᠯ ᠤ᠋ᠨ《ᠣᠢᠷᠠ ᠵᠠᠷᠭᠤᠴᠢ》 ᠬᠢᠭᠡᠳ ᠲᠤᠰᠠᠯᠠᠭᠴᠢ ᠨᠢ ᠲᠢᠯᠮᠢᠳ᠋ ᠦ᠋ᠨ ᠠᠯ·ᠠᠯᠮᠦ᠋ᠯ· ᠬᠤᠳᠠᠸᠠᠩ·ᠵᠠᠳᠠ ᠪᠣᠯᠤᠨᠠ᠃ ᠳᠠᠢᠯᠠᠯᠳᠤᠭᠠᠨ ᠤ᠋ ᠳᠤᠮᠳᠠ᠂ ᠪᠦᠰᠡᠨ ᠦ᠌ ᠭᠠᠷ ᠳᠣᠣᠷᠠᠬᠢ ᠬᠥᠮᠦᠰ ᠨᠢ ᠤᠷᠪᠠᠨ ᠲᠡᠷᠰᠯᠡᠭᠡᠳ᠂ ᠲᠡᠭᠦᠨ ᠢ᠋ ᠳᠠᠢᠰᠤᠨ ᠳ᠋ᠠᠭᠠᠨ ᠳᠠᠷᠤᠨ ᠠᠪᠠᠴᠢᠵᠤ ᠥᠭᠭᠦᠭᠰᠡᠨ ᠳ᠋ᠦ᠍ ᠲᠡᠭᠦᠨ ᠢ᠋ ᠠᠯᠠᠪᠠ᠃ ᠬᠠᠯᠢᠯ ᠲᠷᠠᠨᠰᠤᠭᠰᠢᠨᠠ ᠶ᠋ᠢ ᠡᠵᠡᠯᠡᠭᠡᠳ ᠠᠯᠢᠮᠠᠯᠢᠭ ᠤᠷᠤᠭᠤ ᠴᠡᠷᠢᠭ ᠳᠠᠪᠰᠢᠪᠠ᠃ ᠲᠠᠲ᠋ᠠᠷᠴᠤᠳ① ᠥᠪᠡᠷᠰᠡᠳ ᠦ᠋ᠨ ᠢ᠋ᠶ᠋ᠡᠨ ᠬᠠᠨ ᠢ᠋ ᠡᠷᠭᠦᠮᠵᠢᠯᠡᠵᠦ᠂ ᠴᠡᠷᠢᠭ ᠳᠠᠢᠴᠢᠯᠠᠨ ᠬᠠᠯᠢᠯ ᠢ᠋ ᠴᠣᠬᠢᠬᠤ ᠪᠠᠷ ᠢᠷᠡᠭᠰᠡᠨ ᠪᠣᠯᠪᠠᠴᠤ ᠢᠯᠠᠭᠳᠠᠪᠠ᠃ ᠬᠠᠯᠢᠯ ᠢ᠋ᠶ᠋ᠠᠷ ᠠᠯᠢᠮᠠᠯᠢᠭ ᠢ᠋ ᠡᠵᠡᠯᠡᠨ᠂ ᠳᠤᠮᠳᠠᠳᠤ ᠤᠯᠤᠰ ᠤ᠋ᠨ ᠬᠢᠯᠢ ᠳ᠋ᠦ᠍ ᠬᠦᠷᠦᠭᠡᠳ ᠬᠠᠷᠠᠬᠣᠷᠣᠮ ᠪᠣᠯᠤᠨ ᠪᠢᠱᠪᠠᠯᠢᠭ ᠢ᠋ ᠡᠵᠡᠯᠡᠨ ᠠᠪᠤᠪᠠ᠃ ᠳᠤᠮᠳᠠᠳᠤ ᠤᠯᠤᠰ ᠤ᠋ᠨ ᠶᠤᠸᠠᠨ ᠤ᠋ ᠲᠥᠷᠥ ᠶ᠋ᠢᠨ ᠶᠡᠬᠡ ᠬᠠᠭᠠᠨ ᠴᠡᠷᠢᠭ ᠲᠣᠮᠢᠯᠠᠨ ᠬᠠᠯᠢᠯ ᠢ᠋ ᠴᠣᠬᠢᠭᠤᠯᠤᠭᠰᠠᠨ ᠢ᠋ᠶ᠋ᠠᠨ ᠬᠣᠵᠢᠮ ᠨᠢ ᠬᠣᠶᠠᠷ ᠲᠠᠯᠠ ᠪᠠᠷ ᠢ᠋ᠶ᠋ᠠᠨ ᠡᠪᠰᠡᠯᠳᠦᠪᠡ᠃ ᠬᠠᠯᠢᠯ ᠢ᠋ᠶ᠋ᠠᠷ ᠬᠤᠳᠠᠸᠠᠩ·ᠵᠠᠳᠠ ᠳ᠋ᠤ᠌ ᠬᠦᠨᠳᠦ ᠴᠡᠷᠢᠭ ᠥᠭᠴᠦ ᠪᠢᠱᠪᠠᠯᠢᠭ ᠢ᠋ ᠰᠠᠬᠢᠭᠤᠯᠤᠭᠠᠳ᠂ ᠥᠪᠡᠷ ᠢ᠋ᠶ᠋ᠡᠨ ᠰᠠᠮᠠᠷᠺᠠᠨᠳ᠋ ᠲᠤ᠌ ᠬᠠᠷᠢᠵᠤ ᠢᠷᠡᠪᠡ᠃ ᠵᠠᠯᠢᠬᠠᠢ ᠬᠥᠮᠦᠨ ᠦᠭᠡ ᠡᠳᠦᠨ ᠬᠠᠳᠬᠤᠭᠰᠠᠨ ᠳ᠋ᠤ᠌ ᠬᠠᠯᠢᠯ ᠰᠡᠵᠢᠭ ᠲᠥᠷᠥᠵᠦ ᠬᠤᠳᠠᠸᠠᠩ·ᠵᠠᠳᠠ ᠶ᠋ᠢ ᠳᠠᠭᠤᠳᠠᠨ ᠠᠪᠴᠢᠷᠠᠭᠠᠳ ᠠᠯᠠᠭᠤᠯᠪᠠ᠃ ᠡᠭᠦᠨ ᠡᠴᠡ ᠪᠣᠯᠵᠤ ᠬᠠᠯᠢᠯ ᠬᠢᠭᠡᠳ ᠮᠠᠯᠢᠺ·ᠬᠤᠰᠠᠨ ᠬᠠᠷᠢᠯᠴᠠᠨ ᠠᠭᠤᠴᠢᠯᠠᠬᠤ ᠪᠠᠨ ᠪᠣᠯᠢᠪᠠ᠃ ᠬᠠᠯᠢᠯ ᠡᠴᠦᠰ ᠲᠡᠭᠡᠨ ᠳᠡᠢᠯᠦᠭᠳᠡᠪᠡ᠂ ᠲᠡᠭᠦᠨ ᠢ᠋ ᠬᠠᠷᠠᠽᠢ ᠤᠯᠤᠰ ᠤ᠋ᠨ ᠸᠠᠩ ᠤ᠋ᠨ ᠡᠮᠦᠨᠡ ᠬᠦᠷᠭᠡᠵᠦ ᠠᠪᠠᠴᠢᠭᠰᠠᠨ ᠳ᠋ᠤ᠌ ᠤᠯᠤᠰ ᠤ᠋ᠨ ᠸᠠᠩ ᠲᠡᠭᠦᠨ ᠢ᠋ ᠠᠯᠠᠭᠰᠠᠨ ᠦᠭᠡᠢ ᠪᠥᠭᠡᠳ ᠨᠡᠯᠢᠶᠡᠳ ᠰᠠᠢᠨ ᠣᠨ ᠤ᠋ ᠴᠠᠯᠢᠩ ᠣᠯᠭᠣᠪᠠ᠃1347 ᠣᠨ ᠳ᠋ᠤ᠌ ᠢᠪᠣᠨ᠂ ᠪᠠᠳᠲ᠋ᠤᠲ᠋ᠠ ᠡᠨᠡᠳᠬᠡᠭ ᠡᠴᠡ ᠪᠤᠴᠠᠬᠤ ᠵᠠᠮ ᠳ᠋ᠠᠭᠠᠨ ᠬᠠᠷᠠᠽᠢ ᠳ᠋ᠤ᠌ ᠭᠦᠷᠦᠭᠰᠡᠨᠡ᠂ ᠬᠠᠯᠢᠯ ᠲᠡᠨᠳᠡ ᠠᠮᠢᠳᠤᠷᠠᠵᠤ ᠪᠠᠢᠪᠠ᠃
ᠤᠷᠪᠠᠭᠠᠨ ᠬᠥᠷᠪᠡᠭᠡᠨ ᠲᠡᠢ ᠡᠳᠡᠭᠡᠷ ᠦᠯᠢᠭᠡᠷ ᠦ᠋ᠳ ᠦ᠋ᠨ ᠳᠣᠲᠣᠷᠠ ᠦᠨᠡᠨ ᠶᠣᠰᠣ ᠴᠣᠬᠣᠮ ᠬᠢᠷᠢ ᠵᠡᠷᠭᠡ ᠪᠠᠭᠲᠠᠭᠳᠠᠵᠤ ᠪᠠᠢᠭᠠ ᠶ᠋ᠢ ᠲᠣᠳᠣᠷᠬᠠᠢ ᠶᠠᠷᠢᠬᠤᠶᠠ ᠪᠡᠷᠬᠡ᠃
ᠳᠡᠭᠡᠷᠡᠬᠢ ᠪᠠᠢᠳᠠᠯ ᠠ᠋ᠴᠠ ᠦᠵᠡᠬᠦ ᠳ᠋ᠦ᠍᠂ ᠬᠠᠯᠢᠯ ᠬᠢᠭᠡᠳ ᠬᠠᠰᠠᠨ ᠨᠢᠭᠡ ᠬᠥᠮᠦᠨ ᠪᠢᠰᠢ ᠰᠢᠭ᠃ ᠲᠡᠦᠬᠡᠨ ᠮᠠᠲ᠋ᠧᠷᠢᠶᠠᠯ ᠳ᠋ᠤ᠌ ᠬᠠᠰᠠᠨ ᠢ᠋ ᠶᠡᠷᠦ ᠡᠴᠡ ᠳᠤᠷᠠᠳᠤᠭᠠ ᠦᠭᠡᠢ᠂ ᠭᠡᠪᠡᠴᠦ ᠬᠣᠲᠣᠩ ᠲᠣᠭᠠᠯᠠᠯ ᠤ᠋ᠨ743 ᠣᠨ᠂ ᠢᠰᠦ᠋ᠰ ᠲᠣᠭᠠᠯᠠᠯ ᠤ᠋ᠨ1342 ᠣᠨ ᠪᠣᠯᠤᠨ ᠬᠣᠲᠣᠩ ᠲᠣᠭᠠᠯᠠᠯ ᠤ᠋ᠨ744 ᠣᠨ᠂ ᠢᠰᠦ᠋ᠰ ᠲᠣᠭᠠᠯᠠᠯ ᠤ᠋ᠨ1344 ᠣᠨ ᠤ᠋ ᠡᠨᠡ ᠬᠣᠶᠠᠷ ᠵᠢᠯ ᠦ᠋ᠨ ᠴᠢᠳᠬᠤᠭᠰᠠᠨ ᠵᠣᠭᠣᠰᠤᠨ ᠳᠡᠭᠡᠷᠡ ᠬᠠᠷᠢᠨ ᠲᠡᠭᠦᠨ ᠦ᠌ ᠨᠡᠷᠡ ᠶ᠋ᠢ ᠴᠢᠳᠬᠤᠭᠰᠠᠨ ᠪᠠᠢᠨᠠ᠃ ᠲᠡᠷᠡ ᠬᠣᠰᠠᠨ ᠲᠠᠢ ᠮᠥᠷᠭᠥᠯᠳᠦᠭᠡᠳ ᠳᠠᠬᠢᠨ ᠡᠪᠰᠡᠭᠰᠡᠨ ᠶᠠᠪᠤᠳᠠᠯ ᠪᠣᠯ ᠬᠠᠭᠤᠴᠢᠨ ᠲᠥᠷᠥᠭ ᠸᠠᠩ ᠬᠠᠵᠠᠯ ᠬᠠᠨ ᠤ᠋ ᠵᠠᠪᠰᠠᠷᠳᠠᠭᠤᠯᠤᠭᠠ ᠠ᠋ᠴᠠ ᠪᠣᠯᠵᠠᠢ ᠭᠡᠵᠦ ᠳᠡᠳᠬᠡᠴᠢᠳ ᠦᠵᠡᠵᠦ ᠪᠠᠢᠨᠠ᠃
ᠬᠠᠰᠠᠨ ᠰᠠᠯᠵᠤ ᠪᠤᠲᠠᠷᠠᠭᠰᠠᠨ ᠮᠣᠩᠭᠣᠯ ᠬᠠᠨ ᠤ᠋ ᠡᠷᠬᠡ ᠶ᠋ᠢ ᠳᠠᠬᠢᠨᠲᠠ ᠪᠠᠢᠭᠤᠯᠬᠤ ᠶ᠋ᠢ ᠰᠠᠨᠠᠵᠤ᠂ ᠬᠠᠭᠤᠴᠢᠨ ᠲᠥᠷᠥᠭ ᠦ᠋ᠨ ᠸᠠᠩ ᠨᠠᠷ ᠤ᠋ᠨ ᠲᠡᠮᠡᠴᠡᠯ ᠦ᠋ᠨ ᠳᠤᠮᠳᠠ ᠣᠷᠣᠭᠰᠠᠨ ᠪᠣᠯᠪᠠᠴᠤ ᠠᠮᠵᠢᠯᠲᠠ ᠭᠠᠷᠭᠠᠵᠤ ᠳᠡᠢᠯᠦᠭᠰᠡᠨ ᠦᠭᠡᠢ᠃1347 ᠣᠨ ᠳ᠋ᠤ᠌ ᠪᠣᠯᠤᠭᠰᠠᠨ ᠬᠠᠵᠠᠯ ᠬᠠᠨ ᠯᠤᠭᠠ ᠶ᠋ᠢᠨ ᠲᠡᠢᠨ ᠳ᠋ᠦ᠍ ᠠᠯᠠᠭᠳᠠᠭᠰᠠᠨ ᠪᠠᠢᠨᠠ᠃ ᠲᠡᠭᠦᠨ ᠡᠴᠡ ᠬᠣᠢᠰᠢ ᠲᠷᠠᠨᠰᠤᠭᠰᠢᠨᠠ ᠬᠠᠪᠢ ᠶ᠋ᠢᠨ ᠮᠣᠩᠭᠣᠯ ᠸᠠᠩ ᠨᠠᠷ ᠮᠠᠨᠤᠤᠯ ᠲᠡᠳᠦᠢ ᠯᠡ ᠪᠣᠯᠤᠭᠠᠳ ᠪᠣᠳᠠᠲᠤ ᠡᠷᠬᠡ ᠪᠦᠷᠢᠮᠦᠰᠦᠨ ᠬᠠᠭᠤᠴᠢᠨ ᠲᠥᠷᠥᠭ ᠦ᠋ᠨ ᠸᠠᠩ ᠬᠦᠩ ᠨᠠᠷ ᠤ᠋ᠨ ᠭᠠᠷ ᠲᠤ᠌ ᠰᠢᠯᠵᠢᠭᠰᠡᠨ ᠪᠠᠢᠨᠠ᠃
① ᠡᠨᠳᠡ ᠬᠡᠯᠡᠵᠦ ᠪᠠᠢᠭᠠ《ᠲᠠᠲ᠋ᠠᠷᠴᠤᠳ》 ᠭᠡᠳᠡᠭ ᠨᠢ ᠴᠢᠩᠭᠢᠰ ᠬᠠᠭᠠᠨ ᠢ᠋ ᠴᠡᠷᠢᠭ ᠳᠠᠢᠴᠢᠯᠠᠨ ᠮᠣᠷᠳᠠᠬᠤ ᠳ᠋ᠤ᠌ ᠤᠤᠯ ᠤ᠋ᠨ ᠮᠣᠩᠭᠣᠯ ᠤ᠋ᠨ ᠥᠨᠳᠥᠷᠯᠢᠭ ᠳᠠᠬᠢ ᠠᠶᠠᠨ ᠳ᠋ᠤ᠌ ᠮᠣᠷᠳᠠᠬᠤ ᠠ᠋ᠴᠠ ᠡᠮᠦᠨᠡᠬᠢ ᠮᠣᠩᠭᠣᠯᠴᠤᠳ ᠢ᠋ ᠵᠢᠭᠠᠵᠤ ᠪᠠᠢᠨᠠ᠃
ᠳᠠᠭᠠᠯᠳᠤᠭᠤᠯᠤᠯ
ᠮᠣᠩᠭᠣᠯᠴᠤᠳ ᠳᠣᠯᠣᠭᠠᠨ ᠤᠰᠤᠨ ᠢ᠋ 130 ᠵᠢᠯ ᠨᠣᠶᠠᠷᠬᠠᠭᠰᠠᠨ ᠣᠨ ᠵᠢᠯ ᠦ᠋ᠳ ᠦ᠋ᠨ ᠶᠡᠬᠡ ᠬᠡᠷᠡᠭ ᠦ᠋ᠳ ᠦ᠋ᠨ ᠲᠤᠬᠠᠢ ᠳᠥᠭᠥᠮ ᠬᠦᠰᠦᠨᠦᠭᠲᠦ
1218 ᠣᠨ ᠳ᠋ᠤ᠌ ᠮᠣᠩᠭᠣᠯᠴᠤᠳ ᠳᠣᠯᠣᠭᠠᠨ ᠤᠰᠤᠨ ᠢ᠋ ᠡᠵᠡᠯᠡᠪᠡ᠃
1219 ᠣᠨ ᠳ᠋ᠤ᠌ ᠶᠸᠯᠢᠦᠢ ᠴᠦᠽᠠᠢ ᠡᠨᠡᠭᠦᠷ ᠠᠶᠠᠯᠠᠵᠤ ᠥᠩᠭᠡᠷᠡᠪᠡ᠃
1220 ᠣᠨ ᠳ᠋ᠤ᠌ ᠠᠯᠲᠠᠨ ᠤᠯᠤᠰ ᠤ᠋ᠨ ᠡᠯᠴᠢ ᠦᠬᠦᠰᠳ ᠡᠨᠡᠭᠦᠷ ᠠᠶᠠᠯᠠᠵᠤ ᠥᠩᠭᠡᠷᠡᠪᠡ᠃
1221~1223 ᠣᠨ ᠳ᠋ᠤ᠌ ᠳᠤᠮᠳᠠᠳᠤ ᠤᠯᠤᠰ ᠤ᠋ᠨ ᠴᠠᠩ ᠴᠦᠨ ᠵᠸᠨ ᠿᠧᠨ ᠪᠣᠮᠪᠣ ᠡᠨᠡᠭᠦᠷ ᠠᠶᠠᠯᠠᠵᠤ ᠥᠩᠭᠡᠷᠡᠪᠡ᠃
1227 ᠣᠨ ᠳ᠋ᠤ᠌ ᠴᠢᠩᠭᠢᠰ ᠬᠠᠭᠠᠨ ᠨᠠᠰᠤ ᠪᠠᠷᠠᠪᠠ᠃
1229~1241 ᠣᠨ ᠳ᠋ᠤ᠌ ᠥᠭᠡᠳᠡᠢ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠪᠠ᠃
1242 ᠣᠨ ᠳ᠋ᠤ᠌ ᠴᠠᠭᠠᠲᠠᠢ ᠨᠠᠰᠤ ᠪᠠᠷᠠᠪᠠ᠃
1242~1246 ᠣᠨ ᠳ᠋ᠤ᠌ ᠬᠠᠷᠠ ᠦᠯᠡ ᠴᠠᠭᠠᠲᠠᠢ ᠶ᠋ᠢᠨ ᠤᠭᠰᠠᠭᠠᠲᠠᠨ ᠤ᠋ ᠬᠠᠨ ᠪᠣᠯᠪᠠ᠃
1246~1248 ᠣᠨ ᠳ᠋ᠤ᠌ ᠭᠦᠶᠦᠭ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠪᠠ᠃
1246~1251 ᠣᠨ ᠳ᠋ᠤ᠌ ᠣᠨ ᠳ᠋ᠤ᠌ ᠶᠢᠰᠣᠨᠮᠦ᠋ᠩᠬᠡ ᠴᠠᠭᠠᠲᠠᠢ ᠶ᠋ᠢᠨ ᠤᠭᠰᠠᠭᠠᠨ ᠤ᠋ ᠬᠠᠨ ᠪᠣᠯᠪᠠ᠃
1246 ᠣᠨ ᠳ᠋ᠤ᠌ ᠱᠠᠰᠢᠨ ᠤ᠋ ᠡᠯᠴᠢ ᠫᠯᠠᠨᠣ᠋ ᠺᠠᠷᠫᠢᠨᠢ ᠡᠨᠡᠭᠦᠷ ᠠᠶᠠᠯᠠᠵᠤ ᠥᠩᠭᠡᠷᠡᠪᠡ᠃
1248 ᠣᠨ ᠳ᠋ᠤ᠌ ᠪᠠᠲᠤ ᠳᠣᠯᠣᠭᠠᠨ ᠤᠰᠤᠨ ᠳ᠋ᠤ᠌ ᠬᠦᠷᠴᠦ ᠢᠷᠡᠪᠡ᠃
1251~1259 ᠣᠨ ᠳ᠋ᠤ᠌ ᠮᠥᠩᠬᠡ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠪᠠ᠃
1253 ᠣᠨ ᠳ᠋ᠤ᠌ ᠹᠷᠠᠨᠼᠢ ᠶ᠋ᠢᠨ ᠡᠯᠴᠢ ᠷᠦᠪᠷᠥ᠋ᠺ ᠡᠨᠡᠭᠦᠷ ᠠᠶᠠᠯᠠᠵᠤ ᠥᠩᠭᠡᠷᠡᠪᠡ᠃
1254~1255 ᠣᠨ ᠳ᠋ᠤ᠌ ᠬᠦᠯᠡᠬᠦ ᠠᠯᠤᠰ ᠬᠣᠯᠠ ᠶ᠋ᠢᠨ ᠫᠧᠷᠰ ᠢ᠋ ᠳᠠᠢᠯᠠᠬᠤ ᠵᠠᠮ ᠳ᠋ᠠᠭᠠᠨ ᠡᠨᠡᠭᠦᠷ ᠠᠶᠠᠯᠠᠵᠤ ᠥᠩᠭᠡᠷᠡᠪᠡ᠃
1255 ᠣᠨ ᠳ᠋ᠤ᠌ ᠠᠷᠮᠸᠨᠢᠶᠠ ᠸᠠᠩ ᠬᠠᠢᠲ᠋ᠣᠠ ᠨᠢᠭᠡᠳᠦᠭᠡᠷ ᠡᠨᠡᠭᠦᠷ ᠠᠶᠠᠯᠠᠵᠤ ᠥᠩᠭᠡᠷᠡᠪᠡ᠃
1259 ᠣᠨ ᠳ᠋ᠤ᠌ ᠶᠤᠸᠠᠨ ᠤᠯᠤᠰ ᠤ᠋ᠨ ᠡᠯᠴᠢ ᠴᠠᠩ ᠳᠧ ᠡᠨᠡᠭᠦᠷ ᠠᠶᠠᠯᠠᠵᠤ ᠥᠩᠭᠡᠷᠡᠪᠡ᠃
1260 ᠣᠨ ᠳ᠋ᠤ᠌ ᠬᠤᠪᠢᠯᠠᠢ ᠪᠣᠯᠤᠨ ᠠᠷᠢᠬᠪᠦ᠋ᠬᠡ ᠴᠤᠭᠭᠠᠷ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠪᠠ᠃
1260~1265 ᠣᠨ ᠳ᠋ᠤ᠌ ᠠᠯᠬᠤ ᠳᠤᠮᠳᠠᠳᠤ ᠠᠽᠢᠶᠠ ᠶ᠋ᠢᠨ ᠨᠢᠭᠡ ᠬᠦᠴᠦᠨ ᠪᠣᠯᠪᠠ᠃
1266 ᠣᠨ ᠳ᠋ᠤ᠌ ᠪᠡᠯᠡ ᠬᠦᠷᠴᠦ ᠢᠷᠡᠪᠡ᠃
1268 ᠣᠨ ᠳ᠋ᠤ᠌ ᠬᠠᠢᠲᠣ ᠰᠢᠷ ᠮᠥᠷᠡᠨ ᠳ᠋ᠦ᠍ ᠪᠡᠯᠡ ᠶ᠋ᠢ ᠪᠠᠢᠯᠳᠤᠨ ᠢᠯᠠᠪᠠ᠃
1269 ᠣᠨ ᠳ᠋ᠤ᠌ ᠳᠡᠯᠡᠰ ᠭᠣᠣᠯ ᠤ᠋ᠨ ᠬᠥᠪᠡᠭᠡᠨ ᠳ᠋ᠦ᠍ ᠬᠤᠷᠠᠯᠲᠠᠢ ᠪᠣᠯᠪᠠ᠃
1271 ᠣᠨ ᠳ᠋ᠤ᠌ ᠪᠡᠯᠡ ᠨᠠᠰᠤ ᠪᠠᠷᠠᠪᠠ᠃
1301 ᠣᠨ ᠳ᠋ᠤ᠌ ᠬᠠᠢᠲᠣ ᠨᠠᠰᠤ ᠪᠠᠷᠠᠪᠠ᠃
1303 ᠣᠨ ᠳ᠋ᠤ᠌ ᠴᠡᠪᠡᠷ ᠳᠤᠮᠳᠠᠳᠤ ᠠᠽᠢᠶᠠ ᠶ᠋ᠢᠨ ᠬᠠᠨ ᠣᠷᠣᠨ ᠳ᠋ᠤ᠌ ᠰᠠᠭᠤᠪᠠ᠃
1304 ᠣᠨ ᠳ᠋ᠤ᠌ ᠮᠣᠩᠭᠣᠯ ᠤ᠋ᠨ ᠣᠯᠠᠨ ᠤᠯᠤᠰ ᠤ᠋ᠳ ᠲᠡᠢᠨ ᠵᠣᠭᠰᠣᠬᠤ ᠬᠡᠯᠡᠯᠴᠡᠭᠡᠷ ᠬᠢᠪᠡ᠃
1305 ᠣᠨ ᠳ᠋ᠤ᠌ ᠴᠡᠪᠡᠷ ᠳᠤᠸᠠ ᠲᠠᠢ ᠪᠠᠢᠯᠳᠤᠪᠠ᠃
1306~1307 ᠣᠨ ᠳ᠋ᠤ᠌ ᠳᠤᠸᠠ ᠨᠠᠰᠤ ᠪᠠᠷᠠᠪᠠ᠃
1308~1309 ᠣᠨ ᠳ᠋ᠤ᠌ ᠲᠡᠷᠬᠣ ᠳᠤᠮᠳᠠᠳᠤ ᠠᠽᠢᠶᠠ ᠶ᠋ᠢᠨ ᠬᠠᠨ ᠪᠣᠯᠪᠠ᠃
1310~1318 ᠣᠨ ᠳ᠋ᠤ᠌ ᠶᠢᠰᠣᠨᠪᠦ᠋ᠬᠡ ᠬᠠᠨ ᠪᠣᠯᠪᠠ᠃
1318~1326 ᠣᠨ ᠳ᠋ᠤ᠌ ᠬᠡᠪᠡᠭ ᠬᠠᠨ ᠪᠣᠯᠪᠠ᠃
1326 ᠣᠨ ᠳ᠋ᠤ᠌ ᠺᠠᠲ᠋ᠣᠯᠢᠭ ᠱᠠᠰᠢᠨ ᠳᠤᠮᠳᠠᠳᠤ ᠠᠽᠢᠶᠠ ᠳ᠋ᠤ᠌ ᠳᠡᠯᠭᠡᠷᠡᠪᠡ᠃
1326~1334 ᠣᠨ ᠳ᠋ᠤ᠌ ᠲᠡᠷᠡᠮᠡᠰᠢᠷᠢ ᠬᠠᠨ ᠪᠣᠯᠪᠠ᠃
1333 ᠣᠨ ᠳ᠋ᠤ᠌ ᠠᠷᠠᠪ ᠤ᠋ᠨ ᠲᠡᠦᠬᠡᠴᠢ ᠢᠪᠣᠨ᠂ ᠪᠠᠳᠲ᠋ᠣᠲ᠋ᠠ ᠡᠨᠡᠭᠦᠷ ᠠᠶᠠᠯᠠᠵᠤ ᠥᠩᠭᠡᠷᠡᠪᠡ᠃
1334 ᠣᠨ ᠳ᠋ᠤ᠌ ᠪᠦᠰᠡᠨ ᠬᠠᠨ ᠪᠣᠯᠪᠠ᠃
1338~1339 ᠣᠨ ᠳ᠋ᠤ᠌ ᠳᠣᠯᠣᠭᠠᠨ ᠤᠰᠤᠨ ᠳ᠋ᠤ᠌ ᠬᠠᠯᠳᠠᠪᠤᠷᠢᠲᠤ ᠬᠢᠵᠢᠭ ᠶᠡᠬᠡ ᠪᠡᠷ ᠳᠡᠯᠭᠡᠷᠡᠪᠡ᠃
1339 ᠣᠨ ᠳ᠋ᠤ᠌ ᠺᠠᠲ᠋ᠣᠯᠢᠭ ᠱᠠᠰᠢᠨᠲᠠᠨ ᠢ᠋ ᠶᠡᠬᠡ ᠪᠡᠷ ᠬᠢᠳᠤᠪᠠ᠃
1347 ᠣᠨ ᠳ᠋ᠤ᠌ ᠴᠠᠭᠠᠲᠠᠢ ᠶ᠋ᠢᠨ ᠤᠭᠰᠠᠭᠠᠨ ᠤ᠋ ᠬᠠᠳ ᠨᠠᠷ ᠤ᠋ᠨ ᠬᠦᠴᠦ ᠦᠨᠳᠦᠰᠦᠨ ᠳ᠋ᠡᠭᠡᠨ ᠰᠦᠢᠷᠡᠪᠡ᠃