ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠵᠣᠬᠢᠶᠠᠭᠴᠢ ᠶᠢᠨ ᠲᠠᠨᠢᠯᠴᠠᠭᠤᠯᠭ᠎ᠠ> Долоон усны түүх – [орос] Бартулд зохиов <зохиогчийн танилцуулга> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠵᠣᠬᠢᠶᠠᠭᠴᠢ ᠶᠢᠨ ᠲᠠᠨᠢᠯᠴᠠᠭᠤᠯᠭ᠎ᠠ> Долоон усны түүх – [орос] Бартулд зохиов <зохиогчийн танилцуулга>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠵᠣᠬᠢᠶᠠᠭᠴᠢ ᠶᠢᠨ ᠲᠠᠨᠢᠯᠴᠠᠭᠤᠯᠭ᠎ᠠ> Долоон усны түүх – [орос] Бартулд зохиов <зохиогчийн танилцуулга>

ᠠᠩᠭᠢᠯᠠᠯ:ᠲᠡᠦᠬᠡ ᠰᠣᠶᠣᠯ
2026-01-11

225

ᠵᠣᠬᠢᠶᠠᠭᠴᠢ ᠶ᠋ᠢᠨ ᠲᠠᠨᠢᠯᠴᠠᠭᠤᠯᠭ᠎ᠠ①


       ᠪᠠᠷᠲ᠋ᠣᠯᠳ᠋(1869 — 1930) ᠪᠣᠯ ᠮᠦᠰᠯᠢᠮ ᠰᠤᠳᠤᠯᠤᠯ᠂ ᠳᠣᠷᠣᠨ᠎ᠠ ᠳ᠋ᠠᠬᠢᠨ ᠰᠤᠳᠤᠯᠤᠯ ᠤ᠋ᠨ ᠠᠭᠤᠤ ᠶᠡᠬᠡ ᠲᠡᠦᠬᠡᠴᠢ᠂ ᠨᠡᠷᠡᠲᠦ ᠬᠥᠮᠦᠨ᠃1930 ᠣᠨ ᠤ᠋8 ᠰᠠᠷ᠎ᠠ ᠶ᠋ᠢᠨ26 ᠤ᠋ ᠡᠳᠦᠷ ᠦ᠋ᠨ ᠯᠣᠨᠳᠣᠨ ᠤ᠋《ᠲᠢᠮᠧᠰ ᠰᠣᠨᠢᠨ》 ᠤ᠋ ᠭᠠᠰᠢᠭᠤᠳᠠᠯ ᠤ᠋ᠨ ᠮᠡᠳᠡᠭᠡ ᠳ᠋ᠦ᠍ ᠲᠡᠭᠦᠨ ᠢ᠋《ᠲᠦᠷᠺᠢᠰᠲ᠋ᠠᠨ ᠰᠤᠳᠤᠯᠤᠯ ᠤ᠋ᠨ ᠭᠢᠪᠪᠦᠨ②》 ᠭᠡᠵᠦ ᠨᠠᠷᠠᠯᠠᠪᠠ᠃ ᠡᠨᠡ ᠬᠦ᠌ ᠨᠡᠷᠡᠢᠳᠦᠯ ᠦ᠋ᠨ ᠭᠣᠣᠯᠳᠠᠯᠭ᠎ᠠ ᠨᠢ ᠪᠠᠷᠲ᠋ᠣᠯᠳ᠋ ᠤ᠋ᠨ ᠺᠠᠰᠫᠢ ᠲᠠᠩᠭᠢᠰ ᠠ᠋ᠴᠠ ᠠᠪᠤᠭᠠᠳ ᠮᠣᠩᠭᠣᠯ ᠪᠣᠯᠤᠨ ᠳᠤᠮᠳᠠᠳᠤ ᠤᠯᠤᠰ ᠬᠦᠷᠲᠡᠯᠡᠬᠢ ᠥᠷᠭᠡᠨ ᠠᠭᠤᠳᠠᠮ ᠭᠠᠵᠠᠷ ᠨᠤᠲᠤᠭ ᠲᠤ᠌ ᠬᠢᠭᠰᠡᠨ ᠰᠤᠳᠤᠯᠭᠠᠨ ᠤ᠋ ᠠᠵᠢᠯ ᠤ᠋ᠨ ᠴᠢᠬᠤᠯᠠ ᠴᠢᠨᠠᠷ ᠢ᠋ ᠵᠢᠭᠠᠵᠤ ᠭᠠᠷᠭᠠᠭᠰᠠᠨ ᠳ᠋ᠤ᠌ ᠣᠷᠣᠰᠢᠨ᠎ᠠ᠃ ᠲᠡᠷᠡᠴᠢᠯᠡᠨ ᠲᠡᠷᠡ ᠬᠦ᠌ ᠭᠠᠵᠠᠷ ᠣᠷᠣᠨ ᠠ᠋ᠴᠠ ᠭᠠᠳᠠᠨ᠎ᠠ᠂ ᠲᠤᠢᠯ ᠤ᠋ᠨ ᠠᠯᠤᠰ ᠬᠣᠯᠠ ᠶ᠋ᠢᠨ ᠭᠠᠵᠠᠷ ᠤ᠋ᠳ ᠳᠠᠬᠢ ᠢᠰᠯᠠᠮ ᠤ᠋ᠨ ᠲᠡᠦᠬᠡ ᠰᠤᠳᠤᠯᠤᠯ ᠤ᠋ᠨ ᠤᠷᠤᠰᠬᠠᠯ ᠤ᠋ᠳ ᠲᠤ᠌ ᠴᠤ᠌ ᠲᠡᠭᠦᠨ ᠦ᠌ ᠬᠦᠴᠦ ᠬᠥᠳᠡᠯᠮᠦᠷᠢ ᠶ᠋ᠢᠨ ᠤᠯᠠ ᠮᠥᠷ ᠲᠠᠮᠠᠭᠠᠯᠠᠭᠳᠠᠵᠤ ᠪᠠᠢᠭ᠎ᠠ ᠶᠤᠮ᠃ ᠲᠡᠭᠦᠨ ᠦ᠌ ᠲᠤᠭᠤᠷᠪᠢᠭᠰᠠᠨ ᠪᠦᠲᠦᠭᠡᠯ ᠦ᠋ᠳ ᠢ᠋ ᠳᠤᠷᠠᠳᠪᠠᠯ᠂《ᠢᠷᠡᠨ ᠦ᠌ ᠲᠡᠦᠬᠡᠨ ᠪᠠᠢᠷᠢ ᠰᠠᠭᠤᠷᠢ》᠂ 《ᠪᠠᠷᠠᠭᠤᠨ ᠧᠦ᠋ᠷᠣᠫᠠ ᠪᠣᠯᠤᠨ ᠣᠷᠣᠰ ᠤ᠋ᠨ ᠳᠣᠷᠣᠨ᠎ᠠ ᠳ᠋ᠠᠬᠢᠨ ᠳ᠋ᠤ᠌ ᠬᠠᠨᠳᠤᠭᠰᠠᠨ ᠲᠡᠦᠬᠡ ᠶ᠋ᠢᠨ ᠰᠤᠳᠤᠯᠤᠯ》᠂ ᠢᠰᠯᠠᠮ ᠤᠯᠤᠰ ᠤ᠋ᠳ ᠤ᠋ᠨ ᠬᠣᠶᠠᠷ ᠶᠡᠬᠡ ᠲᠤᠯᠭᠠᠭᠤᠷᠢ ᠶ᠋ᠢᠨ ᠰᠤᠳᠤᠯᠤᠯ ᠪᠣᠯᠬᠤ《ᠬᠠᠯᠢᠹᠠ ᠬᠢᠭᠡᠳ ᠰᠦᠯᠲ᠋ᠠᠨ》᠂ ᠵᠢᠴᠢ ᠢᠰᠯᠠᠮ ᠬᠢᠭᠡᠳ ᠢᠰᠯᠠᠮ ᠤ᠋ᠨ ᠪᠣᠯᠪᠠᠰᠤᠨ ᠤ᠋ ᠲᠤᠬᠠᠢ ᠨᠣᠮ ᠤ᠋ᠳ ᠪᠣᠢ᠃ ᠡᠭᠦᠨ ᠡᠴᠡ ᠭᠠᠳᠠᠨ᠎ᠠ ᠪᠠᠰᠠ ᠢᠰᠯᠠᠮ ᠤ᠋ᠨ ᠪᠣᠯᠪᠠᠰᠤᠨ᠂ ᠲᠡᠦᠬᠡ᠂ ᠭᠠᠵᠠᠷ ᠵᠦᠢ᠂ ᠨᠠᠮᠲᠠᠷ ᠪᠣᠯᠤᠨ ᠰᠢᠭᠦᠮᠵᠢ ᠵᠡᠷᠭᠡ ᠶᠡᠬᠡ ᠣᠯᠠᠨ ᠴᠢᠬᠤᠯᠠ ᠴᠢᠬᠤᠯᠠ ᠥᠭᠦᠯᠡᠯ ᠦ᠋ᠳ ᠪᠣᠢ᠂ ᠡᠭᠦᠨ ᠦ᠌ ᠳᠣᠲᠣᠷᠠᠬᠢ ᠵᠠᠷᠢᠮ ᠪᠦᠲᠦᠭᠡᠯ ᠦ᠋ᠳ ᠨᠢ ᠥᠪ ᠦᠨᠡᠨ ᠬᠦ᠌ ᠣᠢ ᠤᠬᠠᠭᠠᠨ ᠪᠠ ᠡᠷᠳᠡᠮ ᠮᠡᠳᠡᠯᠭᠡ ᠶ᠋ᠢᠨ ᠦᠨᠡᠲᠦ ᠡᠷᠳᠡᠨᠢ ᠪᠣᠯᠬᠤ ᠶᠤᠮ᠃ ᠪᠠᠷᠲ᠋ᠤᠯᠳ᠋ ᠤ᠋ᠨ ᠵᠣᠬᠢᠶᠠᠯ ᠪᠦᠲᠦᠭᠡᠯ ᠢ᠋ ᠭᠠᠷᠴᠠᠭᠯᠠᠪᠠᠯ ᠳᠥᠷᠪᠡᠨ ᠵᠠᠭᠤ ᠢᠯᠡᠭᠦᠦ ᠵᠦᠢᠯ ᠦ᠋ᠨ ᠰᠡᠳᠦᠪ ᠪᠣᠢ᠂ ᠲᠡᠭᠦᠨᠴᠢᠯᠡᠨ ᠬᠣᠵᠢᠮ ᠤ᠋ᠨ ᠬᠥᠮᠦᠰ ᠦ᠋ᠨ ᠰᠢᠨᠲᠠᠷᠠᠯ ᠦᠭᠡᠢ ᠰᠤᠳᠤᠯᠭ᠎ᠠ ᠪᠠᠷ ᠳᠠᠮᠵᠢᠨ᠂ ᠲᠡᠭᠦᠨ ᠦ᠌ ᠠᠯᠢ ᠴᠤ᠌ ᠪᠦᠲᠦᠭᠡᠯ ᠨᠢ ᠭᠡᠳ ᠪᠠᠢᠬᠤ ᠶᠣᠰᠣᠲᠠᠢ ᠦᠨ᠎ᠡ ᠴᠠᠨ᠎ᠠ ᠬᠢᠭᠡᠳ ᠰᠣᠨᠢᠷᠬᠠᠯ ᠢ᠋ᠶ᠋ᠠᠨ ᠠᠯᠳᠠᠬᠤ ᠶᠣᠰᠣ ᠦᠭᠡᠢ ᠭᠡᠵᠦ ᠪᠢᠳᠡ ᠪᠦᠷᠢᠨ ᠢᠲᠡᠭᠡᠯ ᠲᠡᠢ ᠬᠡᠯᠡᠵᠦ ᠪᠣᠯᠤᠨ᠎ᠠ᠃ 
       ᠪᠠᠷᠲ᠋ᠤ᠌ᠯᠳ᠋1869 ᠣᠨ᠎ᠠ ᠫᠸᠲ᠋ᠸᠷᠪᠦ᠋ᠷᠡᠭ ᠦ᠋ᠨ ᠨᠢᠭᠡᠨ ᠭᠧᠷᠮᠠᠨ ᠤᠳᠤᠮ ᠲᠠᠢ ᠪᠠᠶᠠᠨ ᠭᠡᠷ ᠲᠦ᠍ ᠮᠡᠨᠳᠦᠯᠡᠵᠡᠢ᠃ ᠱᠠᠰᠢᠨ ᠤ᠋ ᠨᠡᠷ᠎ᠡ ᠨᠢ ᠸᠢᠯᠢᠶᠡᠮ᠂ ᠭᠡᠪᠡᠴᠦ ᠤᠳᠠᠯ ᠦᠭᠡᠢ ᠪᠦᠷᠢᠨ ᠣᠷᠣᠰᠵᠢᠭᠰᠠᠨ ᠨᠡᠷ᠎ᠡ ᠬᠢᠭᠡᠳ ᠡᠴᠢᠭᠡ ᠶ᠋ᠢᠨ ᠨᠡᠷ᠎ᠡ《ᠸᠠᠰᠢᠯᠢ᠂ᠸᠯᠠᠳᠢᠮᠢᠷᠤᠸᠢᠴ》 ᠢ᠋ ᠳᠤᠷᠠᠲᠠᠶ᠎ᠠ ᠬᠦᠯᠢᠶᠡᠨ ᠠᠪᠴᠠᠢ᠃ ᠣᠷᠣᠰ ᠬᠡᠯᠡ ᠪᠠᠷᠲ᠋ᠤ᠌ᠯᠳ᠋ ᠤ᠋ᠨ ᠡᠬᠡ ᠬᠡᠯᠡ ᠪᠣᠯᠤᠭᠰᠠᠨ ᠪᠠᠢᠨ᠎ᠠ᠃ ᠨᠢᠭᠡ ᠤᠳᠠᠭ᠎ᠠ ᠲᠡᠷᠡ ᠭᠠᠳᠠᠭᠠᠳᠤ ᠶ᠋ᠢᠨ ᠰᠣᠨᠣᠰᠤᠭᠴᠢᠳ ᠲᠤ᠌ ᠥᠪᠡᠷ ᠦ᠋ᠨ ᠭᠧᠷᠮᠠᠨ ᠬᠡᠯᠡ ᠪᠡᠷ ᠪᠢᠴᠢᠭᠰᠡᠨ ᠥᠭᠦᠯᠡᠯ ᠢ᠋ᠶ᠋ᠡᠨ ᠤᠩᠰᠢᠬᠤ ᠳ᠋ᠠᠭᠠᠨ ᠨᠠᠢᠵᠠ ᠨᠥᠬᠥᠳ ᠢ᠋ᠶ᠋ᠡᠨ ᠤᠷᠢᠵᠤ᠂ ᠵᠠᠰᠠᠭᠤᠯᠵᠤ ᠪᠠᠢᠭᠰᠠᠨ ᠢ᠋ᠶ᠋ᠠᠨ ᠰᠢᠳᠤᠷᠭᠤ ᠮᠡᠳᠡᠷᠡᠵᠦ ᠪᠠᠢᠭᠰᠠᠨ ᠪᠢᠯᠡ᠃ ᠲᠡᠷᠡ ᠪᠡᠷ ᠰᠠᠨᠲ ᠫᠸᠲ᠋ᠸᠷᠪᠦ᠋ᠷᠡᠭ ᠶᠡᠬᠡ ᠰᠤᠷᠭᠠᠭᠤᠯᠢ ᠳ᠋ᠤ᠌ ᠣᠷᠣᠵᠤ ᠰᠤᠷᠤᠯᠴᠠᠭᠰᠠᠨ ᠪᠥᠭᠡᠳ1896 ᠣᠨ ᠠ᠋ᠴᠠ ᠡᠬᠢᠯᠡᠨ ᠲᠤᠰ ᠰᠤᠷᠭᠠᠭᠤᠯᠢ ᠳ᠋ᠤ᠌ ᠪᠠᠭᠰᠢᠯᠠᠪᠠ᠃1912 ᠣᠨ ᠳ᠋ᠤ᠌ ᠣᠷᠣᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠠᠺᠠᠳᠧᠮᠢᠴᠢ ᠪᠡᠷ ᠰᠣᠩᠭᠣᠭᠳᠠᠪᠠ᠂ ᠡᠨᠡ ᠬᠦ᠌ ᠲᠤᠰᠢᠶᠠᠯ ᠢ᠋ᠶ᠋ᠠᠨ1930 ᠣᠨ ᠤ᠋8 ᠰᠠᠷ᠎ᠠ ᠶ᠋ᠢᠨ19 ᠦ᠌ ᠡᠳᠦᠷ ᠨᠠᠰᠤ ᠪᠠᠷᠠᠬᠤ ᠪᠣᠯᠲᠠᠯ᠎ᠠ ᠪᠠᠨ ᠡᠭᠦᠷᠭᠡᠯᠡᠵᠡᠢ᠃ ᠲᠡᠭᠦᠨ ᠦ᠌ ᠶᠡᠬᠡ ᠰᠤᠷᠭᠠᠭᠤᠯᠢ ᠪᠣᠯᠤᠨ ᠰᠢᠨᠵᠢᠯᠡᠬᠦ ᠤᠬᠠᠭᠠᠨ ᠤ᠋ ᠬᠦᠷᠢᠶᠡᠯᠡᠩ ᠲᠡᠢ ᠨᠢᠭᠲᠠ ᠬᠠᠷᠢᠴᠠᠭ᠎ᠠ ᠲᠠᠢ ᠪᠠᠢᠭᠰᠠᠨ ᠶᠠᠪᠤᠳᠠᠯ ᠨᠢ ᠤᠷᠤᠭ ᠤ᠋ᠨ ᠬᠠᠷᠢᠴᠠᠭᠠᠨ ᠳ᠋ᠤᠨᠢ ᠴᠤ᠌ ᠲᠤᠰᠬᠠᠭᠳᠠᠭᠰᠠᠨ ᠶᠤᠮ᠃ ᠪᠦᠰᠡᠭᠦᠢ ᠨᠢ ᠲᠤᠬᠠᠢ ᠶ᠋ᠢᠨ ᠦᠶ᠎ᠡ ᠶ᠋ᠢᠨ ᠨᠡᠷᠡᠲᠦ ᠫᠧᠷᠰ ᠰᠤᠳᠤᠯᠤᠯ ᠤ᠋ᠨ ᠡᠷᠳᠡᠮᠲᠡᠨV.A. ᠷᠦ᠋ᠺᠦᠸᠰᠺᠢ(1858~1918)   ᠶᠢᠨ ᠥᠬᠢᠨ ᠳᠡᠭᠦᠦ ᠪᠣᠯᠤᠨ᠎ᠠ᠃ ᠷᠦ᠋ᠺᠦᠸᠰᠺᠢ ᠶ᠋ᠢᠨ ᠥᠭᠡᠷ᠎ᠡ ᠨᠢᠭᠡᠨ ᠥᠬᠢᠨ ᠳᠡᠭᠦᠦ ᠨᠢN.Y. ᠮᠡᠷ ᠫᠷᠣᠹᠧᠰᠰᠣᠷ ᠲᠤ᠌ ᠮᠣᠷᠳᠠᠵᠠᠢ᠃ 
       ᠪᠠᠷᠲ᠋ᠤᠯᠳ᠋ ᠪᠣᠯ ᠰᠤᠺᠷᠠᠲ᠋ᠧᠰ ᠮᠠᠶᠢᠭ ᠤ᠋ᠨ ᠲᠥᠪᠯᠡᠭᠦᠨ ᠰᠦᠷᠯᠢᠭ ᠳᠦᠷᠢ ᠲᠥᠷᠬᠦ ᠲᠡᠢ ᠬᠥᠮᠦᠨ᠂ ᠰᠤᠷᠤᠭᠴᠢᠳ ᠲᠠᠭᠠᠨ ᠱᠣᠣᠯᠠᠭᠳᠠᠬᠤ ᠠ᠋ᠴᠠ ᠦᠬᠦᠨ ᠠᠶᠤᠳᠠᠭ᠃ ᠭᠡᠪᠡᠴᠦ ᠬᠢᠴᠢᠶᠡᠯ ᠦ᠋ᠨ ᠲᠠᠢᠰᠠᠨ ᠠ᠋ᠴᠠ ᠪᠠᠨ ᠰᠠᠯᠤᠮᠠᠭᠴᠠ ᠬᠠᠢᠷ᠎ᠠ ᠨᠥᠬᠥᠷᠯᠡᠯ ᠢ᠋ᠶ᠋ᠡᠨ ᠪᠤᠰᠤᠳ ᠲᠤ᠌ ᠡᠷᠭᠦᠨ ᠵᠣᠷᠢᠭᠤᠯᠳᠠᠭ᠃ ᠲᠡᠷᠡᠴᠢᠯᠡᠨ ᠵᠢᠩᠬᠢᠨᠢ ᠡᠷᠳᠡᠮ ᠮᠡᠳᠡᠯᠭᠡ ᠲᠡᠢ ᠪᠥᠭᠡᠳ ᠠᠵᠢᠯ ᠦᠢᠯᠡᠰ ᠦ᠋ᠨ ᠢ᠋ᠶ᠋ᠡᠨ ᠲᠥᠯᠥᠭᠡ ᠰᠢᠳᠤᠷᠭᠤ ᠴᠢᠷᠮᠠᠢᠨ ᠳᠠᠪᠰᠢᠳᠠᠭ ᠬᠥᠮᠦᠨ ᠢ᠋ ᠰᠠᠨᠠᠭᠠᠴᠢᠯᠠᠭ᠎ᠠ ᠲᠠᠢ ᠵᠣᠷᠢᠭᠵᠢᠭᠤᠯᠳᠠᠭ᠃ ᠭᠡᠬᠦ ᠳ᠋ᠡᠭᠡᠨ ᠵᠠᠷᠢᠮ ᠬᠥᠮᠦᠨ ᠭᠦᠢᠬᠡᠨ ᠳᠤᠯᠢᠮᠠᠭ ᠦᠵᠡᠯᠲᠡ ᠪᠠᠨ ᠦᠨᠡᠨ ᠶᠣᠰᠣ ᠪᠣᠯᠭᠠᠬᠤ ᠭᠡᠵᠦ ᠣᠷᠣᠯᠳᠣᠬᠤ ᠦᠶ᠎ᠡ ᠳ᠋ᠦ᠍᠂ ᠪᠠᠷᠲ᠋ᠣᠯᠳ᠋ ᠲᠡᠳᠡᠭᠡᠷ ᠭᠦᠢᠬᠡᠨ ᠳᠤᠯᠢᠮᠠᠭ ᠪᠦᠲᠦᠭᠡᠯ ᠢ᠋ ᠨᠢ ᠬᠠᠢᠷ᠎ᠠ ᠨᠠᠢᠷ ᠦᠭᠡᠢ ᠰᠡᠭᠴᠢᠨ ᠤᠷᠠᠵᠤ ᠣᠷᠬᠢᠳᠠᠭ᠃ ᠲᠡᠭᠦᠨ ᠦ᠌ ᠣᠷᠴᠢᠨ ᠳ᠋ᠤ᠌ ᠲᠡᠭᠦᠨ ᠡᠴᠡ ᠠᠶᠤᠬᠤ ᠮᠥᠷᠲᠡᠭᠡᠨ ᠬᠦᠨᠳᠦᠳᠬᠡᠬᠦ ᠲᠣᠭᠣᠷᠢᠭ ᠪᠣᠢ ᠪᠣᠯᠵᠠᠢ᠃ ᠳᠣᠷᠣᠨ᠎ᠠ ᠳ᠋ᠠᠬᠢᠨ ᠰᠤᠳᠤᠯᠤᠯ ᠤ᠋ᠨ ᠡᠷᠳᠡᠮᠲᠡᠳ ᠦᠵᠦᠭ ᠬᠥᠳᠡᠯᠭᠡᠨ ᠥᠭᠦᠯᠡᠯ ᠪᠢᠴᠢᠬᠦ ᠳ᠋ᠡᠭᠡᠨ《ᠪᠠᠷᠲ᠋ᠣᠯᠳ᠋ ᠶᠠᠭᠠᠬᠢᠵᠤ ᠦᠵᠡᠳᠡᠭ ᠪᠣᠯ?》 ᠭᠡᠵᠦ ᠥᠪᠡᠷ ᠦ᠋ᠨ ᠡᠷᠬᠡ ᠦᠭᠡᠢ ᠡᠷᠡᠭᠡᠯᠵᠡᠨ ᠪᠣᠳᠣᠯᠭᠠᠰᠢᠷᠠᠳᠠᠭ᠃ ᠲᠤᠬᠠᠢ ᠶ᠋ᠢᠨ ᠦᠶ᠎ᠡ ᠳ᠋ᠦ᠍ ᠨᠢᠭᠡ ᠵᠣᠬᠢᠶᠠᠯᠴᠢ ᠭᠧᠷᠮᠠᠨ ᠤ᠋ ᠠᠭᠤᠤ ᠶᠡᠬᠡ ᠡᠷᠳᠡᠮᠲᠡᠨJ· ᠮᠠᠷᠺᠡᠷᠲ(1864—1930) ᠤ᠋ ᠨᠠᠮᠲᠠᠷ ᠭᠡᠰᠡᠨ ᠵᠣᠬᠢᠶᠠᠯ ᠢ᠋ᠶ᠋ᠠᠨ ᠶᠠᠭᠠᠷᠠᠤ ᠰᠠᠨᠳᠤᠷᠤᠤ ᠨᠡᠢᠲᠡᠯᠡᠭᠦᠯᠵᠡᠢ᠃ ᠮᠠᠷᠺᠡᠷᠲ ᠦ᠋ᠨ ᠶᠡᠬᠡ ᠣᠯᠠᠨ ᠦᠵᠡᠯᠲᠡ ᠶ᠋ᠢ ᠪᠠᠷᠲ᠋ᠣᠯᠳ᠋ ᠶᠡᠷᠦ ᠡᠴᠡ ᠲᠠᠭᠠᠰᠢᠶᠠᠬᠤ ᠦᠭᠡᠢ ᠪᠠᠢᠭᠰᠠᠨ ᠪᠢᠯᠡ᠃ ᠪᠠᠷᠲ᠋ᠣᠯᠳ᠋ ᠲᠤᠰ ᠵᠣᠬᠢᠶᠠᠯ ᠤ᠋ᠨ ᠭᠠᠷᠴᠠᠭ ᠢ᠋ ᠤᠩᠰᠢᠩᠭᠤᠲᠠ ᠬᠡᠳᠦ ᠬᠡᠳᠦᠨ ᠣᠮᠲᠣᠭᠠᠢᠯᠠᠭᠰᠠᠨ ᠵᠦᠢᠯ ᠪᠠ ᠲᠠᠰᠢᠶᠠᠷᠠᠭᠰᠠᠨ ᠵᠤᠷᠪᠤᠰ ᠢ᠋ ᠣᠯᠵᠤ ᠮᠡᠳᠡᠭᠡᠳ ᠪᠠᠭᠲᠠᠷᠠᠲᠠᠯ᠎ᠠ ᠠᠭᠤᠷᠯᠠᠵᠤ᠂ ᠤᠩᠰᠢᠭᠴᠢᠳ ᠤ᠋ᠨ ᠵᠠᠬᠢᠳᠠᠯ ᠤ᠋ᠨ ᠬᠤᠪᠢ ᠪᠠᠷ ᠶᠡᠬᠡ ᠪᠡᠷ ᠳᠣᠩᠭᠣᠳᠤᠨ ᠰᠢᠭᠦᠮᠵᠢᠯᠡᠪᠡ᠂ ᠲᠡᠭᠡᠬᠦ ᠳ᠋ᠦ᠍ ᠪᠡᠨ ᠥᠪᠡᠷ ᠦ᠋ᠨ ᠨᠡᠷ᠎ᠡ ᠪᠡᠨ ᠪᠢᠴᠢᠬᠦ ᠪᠡᠨ ᠮᠠᠷᠲᠠᠴᠢᠬᠠᠭᠰᠠᠨ ᠪᠠᠢᠪᠠ᠃ ᠡᠨᠡ ᠪᠣᠯ ᠲᠤᠢᠯ ᠤ᠋ᠨ ᠠᠴᠢ ᠲᠤᠰᠠ ᠲᠠᠢ ᠰᠤᠷᠭᠠᠮᠵᠢ ᠪᠣᠯᠬᠤ ᠶᠤᠮ᠃ ᠪᠢ ᠪᠠᠷᠲ᠋ᠣᠯᠳ᠋ ᠤ᠋ᠨ ᠪᠦᠲᠦᠭᠡᠯ ᠦ᠋ᠳ ᠢ᠋ ᠭᠠᠷᠴᠠᠭᠯᠠᠵᠤ ᠪᠠᠢᠭᠰᠠᠨ ᠳ᠋ᠤ᠌ ᠮᠠᠷᠺᠠᠷᠲ ᠤ᠋ᠨ ᠱᠠᠪᠢ ᠨᠠᠷ ᠪᠣᠯᠤᠨ ᠨᠠᠮᠲᠠᠷ ᠪᠢᠴᠢᠭᠡᠴᠢᠳ ᠶᠡᠬᠡ ᠣᠯᠠᠨ ᠪᠠᠶᠠᠷ ᠤ᠋ᠨ ᠵᠠᠬᠢᠳᠠᠯ ᠢᠷᠡᠭᠦᠯᠪᠡ᠂ ᠭᠡᠪᠡᠴᠦ ᠪᠢ ᠠᠯᠳᠠᠰᠢ ᠭᠠᠷᠭᠠᠬᠤ ᠦᠭᠡᠢ ᠶ᠋ᠢ ᠪᠠᠲᠤᠯᠠᠬᠤ ᠶ᠋ᠢᠨ ᠲᠥᠯᠥᠭᠡ ᠳᠠᠬᠢᠨ ᠳᠠᠪᠲᠠᠨ ᠪᠣᠯᠪᠠᠰᠤᠷᠠᠭᠤᠯᠪᠠ᠃ ᠣᠨ ᠰᠠᠷ᠎ᠠ ᠶ᠋ᠢᠨ ᠥᠩᠭᠡᠷᠡᠬᠦ ᠶ᠋ᠢ ᠳᠠᠭᠠᠯᠳᠤᠨ ᠨᠠᠰᠤ ᠲᠤᠷᠰᠢᠯᠭ᠎ᠠ ᠨᠢ ᠨᠡᠮᠡᠭᠳᠡᠬᠦ ᠳᠣᠳᠣᠮ ᠪᠠᠷᠲ᠋ᠣᠯᠳ᠋ ᠤ᠋ᠨ ᠵᠠᠩ ᠠᠭᠠᠰᠢ ᠨᠢ ᠨᠣᠮᠣᠬᠠᠨ ᠳᠥᠯᠭᠡᠨ ᠪᠣᠯᠵᠤ ᠢᠷᠡᠵᠡᠢ᠃《ᠲᠠᠨ ᠤ᠋ ᠬᠡᠯᠡᠭᠰᠡᠨ ᠴᠢᠨᠢ ᠵᠥᠪ ᠪᠠᠢᠵᠤ ᠲᠠᠭᠠᠷᠠᠨ᠎ᠠ᠂ ᠭᠡᠪᠡᠴᠦ ᠨᠠᠳᠠ ᠳ᠋ᠤ᠌ ᠠᠪᠴᠤ ᠬᠡᠯᠡᠪᠡᠯ᠂ ᠬᠡᠷᠡᠭ ᠪᠣᠳᠠᠰ ᠤ᠋ᠨ ᠡᠰᠡᠷᠭᠦ ᠲᠠᠯ᠎ᠠ ᠨᠢ ᠪᠣᠳᠣᠭᠰᠠᠨ ᠠ᠋ᠴᠠ ᠴᠢᠨᠢ ᠬᠣᠯᠠ ᠬᠤᠷᠴᠠ ᠰᠢᠷᠦᠭᠦᠨ ᠪᠣᠯᠵᠤ ᠢᠯᠡᠷᠡᠳᠡᠭ᠂ ᠡᠭᠦᠨ ᠡᠴᠡ ᠪᠣᠯᠵᠤ ᠪᠢ ᠪᠤᠰᠤᠳ ᠬᠥᠮᠦᠨ ᠦ᠌ ᠬᠥᠳᠡᠯᠮᠦᠷᠢ ᠭᠠᠪᠢᠶ᠎ᠠ ᠶ᠋ᠢ ᠮᠡᠳᠡᠷᠡᠬᠦ ᠶᠠᠪᠤᠳᠠᠯ ᠳ᠋ᠤ᠌ ᠨᠢᠣᠯᠲᠣ ᠳᠣᠷᠣᠢ ᠪᠣᠯᠴᠢᠬᠠᠳᠠᠭ ᠪᠢᠯᠡ᠃ ᠁ ᠪᠢ ᠪᠠᠭᠰᠢV·I· ᠸᠢᠰᠢᠶᠣᠣᠯᠸᠰᠺᠢ ᠶ᠋ᠢᠨ ᠵᠣᠬᠢᠶᠠᠯ ᠢ᠋ ᠦᠨᠡᠯᠡᠨ ᠰᠢᠭᠦᠮᠵᠢᠯᠡᠬᠦ ᠳ᠋ᠡᠭᠡᠨ ᠠᠯᠢ ᠴᠢᠳᠠᠬᠤ ᠪᠠᠷ ᠰᠠᠢᠬᠠᠨ ᠦᠭᠡ ᠬᠡᠯᠡᠬᠦ ᠶ᠋ᠢ ᠪᠣᠳᠣᠭᠰᠠᠨ ᠶᠤᠮ᠂ ᠭᠡᠪᠡᠴᠦ ᠪᠤᠰᠤᠳ ᠬᠥᠮᠦᠨ ᠡᠭᠦᠨ ᠢ᠋ ᠤᠩᠰᠢᠭᠠᠳ ᠳᠠᠩᠴᠤ ᠠᠮᠠᠨ ᠲᠠᠪᠠ ᠪᠠᠷ ᠢ᠋ᠶ᠋ᠠᠨ ᠶᠠᠷᠢᠭᠰᠠᠨ ᠬᠠᠷᠢᠶᠠᠯ ᠭᠣᠳᠣᠭᠠᠯ ᠪᠣᠯᠵᠠᠢ ᠭᠡᠵᠦ ᠣᠢᠯᠠᠭᠠᠳᠠᠭ ᠪᠠᠢᠪᠠ᠃ ᠡᠨᠡ ᠬᠡᠷᠡᠭ ᠢ᠋ ᠪᠣᠳᠣᠬᠤ ᠪᠦᠷᠢ ᠪᠢ ᠲᠤᠢᠯ ᠢ᠋ᠶ᠋ᠠᠷ ᠬᠠᠷᠠᠮᠰᠠᠳᠠᠭ᠃》(1929 ᠣᠨ ᠤ᠋7 ᠰᠠᠷ᠎ᠠ ᠶ᠋ᠢᠨ2 ᠤ᠋ ᠡᠳᠦᠷ ᠦ᠋ᠨ ᠵᠠᠬᠢᠳᠠᠯ ᠴᠢᠮᠡᠭᠡ)  
       1893 ᠣᠨ ᠳ᠋ᠤ᠌ ᠪᠠᠷᠲ᠋ᠣᠯᠳ᠋ ᠠᠩᠬ᠎ᠠ ᠤᠳᠠᠭ᠎ᠠ ᠳᠣᠯᠣᠭᠠᠨ ᠤᠰᠤᠨ ᠮᠣᠵᠢ ᠳ᠋ᠤ᠌ ᠣᠴᠢᠵᠤ ᠪᠠᠢᠴᠠᠭᠠᠯᠲᠠ ᠶ᠋ᠢᠨ ᠠᠶᠠᠨ ᠬᠢᠬᠦ ᠳ᠋ᠡᠭᠡᠨ ᠠᠵᠠ ᠪᠤᠰᠤ ᠪᠠᠷ ᠬᠥᠯ ᠢ᠋ᠶ᠋ᠡᠨ ᠬᠤᠭᠤᠯᠵᠠᠢ᠃ ᠲᠡᠷᠡ ᠪᠡᠷ ᠲᠠᠱᠺᠸᠨᠲ ᠲᠤ᠌ ᠪᠤᠴᠠᠵᠤ ᠡᠮᠨᠡᠭᠦᠯᠦᠭᠰᠡᠨ ᠢ᠋ᠶ᠋ᠡᠨ ᠳᠠᠷᠠᠭ᠎ᠠ ᠵᠢᠯ ᠦ᠋ᠨ ᠬᠢᠨᠢ ᠬᠠᠪᠤᠷ ᠣᠭᠲᠣᠬᠠᠨ ᠴᠤ᠌ ᠲᠠᠲᠠᠭᠠᠯᠵᠠᠯ ᠦᠭᠡᠢ ᠪᠡᠷ ᠠᠶᠠᠯᠠᠯ ᠢ᠋ᠶ᠋ᠠᠨ ᠳᠠᠭᠤᠰᠬᠠᠭᠰᠠᠨ ᠪᠢᠯᠡ᠃ ᠲᠡᠭᠦᠨ ᠦ᠌ ᠡᠷᠳᠡᠮ ᠮᠡᠳᠡᠯᠭᠡ ᠶ᠋ᠢ ᠬᠥᠭᠡᠭᠡᠴᠡᠯᠳᠦᠬᠦ ᠬᠦᠰᠡᠯ ᠳᠤᠷᠠᠰᠢᠯ ᠨᠢ ᠪᠤᠰᠤᠳ ᠶᠠᠮᠠᠷ ᠴᠤ᠌ ᠪᠣᠳᠣᠯ ᠠ᠋ᠴᠠ ᠨᠢ ᠳᠠᠪᠠᠳᠠᠭ ᠪᠠᠢᠵᠠᠢ᠃ ᠨᠢᠭᠡᠨ ᠡᠳᠦᠷ᠂ ᠲᠡᠷᠡ ᠵᠢᠭᠡ ᠮᠡᠷ ᠲᠡᠭᠡᠨ᠄《ᠪᠢᠳᠡ ᠠᠮᠧᠷᠢᠺᠠ ᠳ᠋ᠤ᠌ ᠵᠤᠭᠠᠴᠠᠬᠤ ᠪᠠᠷ ᠣᠴᠢᠶ᠎ᠠ》 ᠭᠡᠵᠦ ᠬᠡᠯᠡᠪᠡ᠃ ᠲᠡᠭᠡᠭᠡᠳ ᠬᠣᠶᠠᠭᠤᠯᠠ ᠪᠠᠨ ᠬᠥᠯᠭᠡ ᠣᠩᠭᠣᠴᠠᠨ ᠳ᠋ᠤ᠌ ᠰᠠᠭᠤᠭᠠᠳ ᠨᠢᠦ᠋ ᠶᠣᠷᠺ ᠲᠤ᠌ ᠬᠦᠷᠴᠡᠢ᠃ ᠪᠠᠷᠲ᠋ᠤᠯᠳ᠋ ᠧᠦ᠋ᠷᠣᠫᠠ ᠶ᠋ᠢᠨ ᠶᠡᠬᠡ ᠣᠯᠠᠨ ᠨᠣᠮ ᠤ᠋ᠨ ᠰᠠᠩ ᠳ᠋ᠤ᠌ ᠤᠷᠲᠤ ᠬᠤᠭᠤᠴᠠᠭ᠎ᠠ ᠪᠠᠷ ᠠᠵᠢᠯᠯᠠᠵᠤ ᠥᠩᠭᠡᠷᠡᠪᠡ᠃ ᠢᠰᠲ᠋ᠨᠨᠪᠥ᠋ᠯ ᠪᠣᠯᠤᠨ ᠺᠠᠢᠷᠦ᠌ ᠳ᠋ᠦ᠍ ᠪᠠᠢᠬᠤ ᠳ᠋ᠠᠭᠠᠨ ᠴᠤ᠌ ᠠᠳᠠᠯᠢᠬᠠᠨ ᠬᠡᠵᠢᠶᠡᠳᠡ ᠰᠤᠳᠤᠯᠭ᠎ᠠ ᠪᠠ ᠢᠯᠡᠷᠡᠭᠦᠯᠵᠦ ᠪᠦᠬᠦᠢ ᠦᠷ᠎ᠡ ᠪᠦᠲᠦᠭᠡᠯ ᠢ᠋ᠶ᠋ᠡᠨ ᠲᠤᠩ ᠬᠢᠨᠠᠭᠤᠷ ᠬᠢᠴᠢᠶᠡᠩᠭᠦᠢ ᠰᠢᠨᠵᠢᠯᠡᠨ ᠲᠣᠭᠲᠠᠭᠠᠳᠠᠭ ᠪᠠᠢᠪᠠ᠃ ᠲᠡᠷᠡ ᠵᠢᠯ ᠪᠦᠷᠢ ᠨᠢᠭᠡ ᠤᠳᠠᠭ᠎ᠠ ᠲᠦᠷᠭᠢᠰᠲ᠋ᠠᠨ ᠳ᠋ᠤ᠌ ᠣᠴᠢᠵᠤ《ᠮᠥᠷᠭᠥᠯ ᠬᠢᠳᠡᠭ》᠃ ᠲᠡᠨᠳᠡᠬᠢ ᠡᠷᠳᠡᠮᠲᠡᠨ ᠪᠦᠬᠦᠨ ᠲᠡᠢ ᠲᠠᠨᠢᠯᠴᠠᠳᠠᠭ᠂ ᠲᠡᠷᠡᠴᠢᠯᠡᠨ ᠬᠤᠪᠢ ᠬᠥᠮᠦᠨ ᠦ᠌ ᠬᠠᠳᠠᠭᠠᠯᠠᠭᠰᠠᠨ ᠲᠡᠦᠬᠡ ᠶ᠋ᠢᠨ ᠳᠤᠷᠠᠰᠬᠠᠯᠲᠤ ᠪᠣᠳᠠᠰ᠂ ᠴᠠᠭᠠᠰᠢᠯᠠᠭᠠᠳ ᠬᠣᠪᠣᠷᠬᠠᠨ ᠲᠣᠬᠢᠶᠠᠯᠳᠤᠳᠠᠭ ᠨᠢᠭᠡ ᠳᠡᠪᠲᠡᠷ ᠨᠣᠮ ᠢ᠋ ᠬᠦᠷᠲᠡᠯ᠎ᠡ ᠲᠤᠩ ᠰᠠᠢᠨ ᠮᠡᠳᠡᠳᠡᠭ ᠪᠠᠢᠪᠠ᠃ ᠪᠠᠷᠲ᠋ᠤᠯᠳ᠋ ᠤ᠋ᠨ ᠲᠤᠬᠠᠢ ᠬᠥᠮᠦᠰ ᠦ᠋ᠨ ᠳᠤᠷᠠᠰᠬᠠᠭᠤᠰᠢᠲᠠᠢ ᠨᠢᠭᠡ ᠤᠴᠢᠷ ᠭᠡᠪᠡᠯ᠂ ᠣᠷᠣᠰ ᠪᠣᠯᠤᠨ ᠮᠦᠰᠯᠢᠮ ᠦ᠋ᠨ ᠡᠷᠳᠡᠮᠲᠡᠳ᠂ ᠨᠣᠶᠠᠳ᠂ ᠪᠠᠭᠰᠢ ᠨᠠᠷ᠂ ᠡᠮᠴᠢ ᠨᠠᠷ ᠪᠣᠯᠤᠨ ᠢᠨᠵᠧᠨᠧᠷ ᠦ᠋ᠨ ᠳᠤᠮᠳᠠ ᠭᠠᠵᠠᠷ ᠣᠷᠣᠨ ᠤ᠋ ᠲᠡᠦᠬᠡ ᠪᠠ ᠡᠷᠲᠡᠨ ᠦ᠌ ᠳᠤᠷᠠᠰᠬᠠᠯᠲᠤ ᠪᠣᠳᠠᠰ ᠤ᠋ᠨ ᠲᠤᠬᠠᠢ ᠰᠣᠨᠢᠷᠬᠠᠯ ᠢ᠋ ᠡᠭᠦᠰᠬᠡᠭᠰᠡᠨ ᠶᠠᠪᠤᠳᠠᠯ ᠪᠣᠯᠤᠨ᠎ᠠ᠃ ᠲᠡᠷᠡ ᠪᠡᠷ ᠬᠠᠭᠤᠴᠢᠰ ᠰᠤᠳᠤᠯᠤᠯ ᠤ᠋ᠨ ᠠᠩᠭᠢ ᠶ᠋ᠢᠨ ᠢ᠋ᠶ᠋ᠡᠨ ᠭᠣᠣᠯ ᠵᠣᠬᠢᠶᠠᠨ ᠪᠠᠢᠭᠤᠯᠤᠭᠴᠢ ᠪᠣᠯᠪᠠ᠃ ᠲᠡᠷᠡ ᠦᠷᠭᠦᠯᠵᠢ ᠣᠯᠠᠨ ᠲᠠᠢ ᠪᠠᠨ ᠵᠠᠬᠢᠳᠠᠯ ᠴᠢᠮᠡᠭᠡ ᠪᠡᠷ ᠬᠣᠯᠪᠣᠭ᠎ᠠ ᠪᠠᠷᠢᠨ᠎ᠠ᠂ ᠭᠠᠵᠠᠷ ᠣᠷᠣᠨ ᠤ᠋ ᠰᠣᠨᠢᠨ ᠳ᠋ᠤ᠌ ᠳᠠᠷᠤᠢᠬᠠᠨ ᠵᠣᠬᠢᠶᠠᠯ ᠪᠢᠴᠢᠵᠦ ᠥᠭᠭᠦᠨ᠎ᠡ᠃ ᠲᠤᠬᠠᠢ ᠶ᠋ᠢᠨ ᠲᠠᠯᠠᠪᠠᠢ ᠳ᠋ᠤ᠌ ᠪᠠᠢᠭᠰᠠᠨ ᠬᠥᠮᠦᠰ ᠦ᠋ᠨ ᠳᠤᠷᠠᠳᠤᠭᠰᠠᠨ ᠰᠣᠨᠢᠷᠬᠠᠯ ᠢ᠋ ᠲᠠᠲᠠᠬᠤ ᠪᠣᠯᠣᠮᠵᠢᠲᠠᠢ ᠣᠨᠴᠠᠭᠠᠢ ᠠᠰᠠᠭᠤᠳᠠᠯ ᠪᠦᠬᠦᠨ ᠳ᠋ᠦ᠍ ᠪᠠᠢᠴᠠᠭᠠᠨ ᠰᠤᠳᠤᠯᠤᠯᠲᠠ ᠬᠢᠨ᠎ᠡ᠃ ᠲᠡᠭᠦᠨ ᠦ᠌《ᠳᠣᠯᠣᠭᠠᠨ ᠤᠰᠤᠨ ᠤ᠋ ᠲᠡᠦᠬᠡ》 ᠳ᠋ᠦ᠍ ᠪᠢᠴᠢᠵᠦ ᠥᠭᠭᠦᠭᠰᠡᠨ ᠡᠮᠬᠢᠳᠬᠡᠯ ᠨᠢ ᠲᠡᠭᠦᠨ ᠦ᠌ ᠰᠣᠩᠭᠣᠭᠰᠠᠨ ᠬᠠᠷᠠᠯᠲᠠ ᠪᠠ ᠪᠣᠳᠠᠲᠤ ᠦᠢᠯᠡᠳᠦᠯᠭᠡ ᠶ᠋ᠢᠨ ᠬᠢᠨᠢ ᠬᠠᠮᠤᠭ ᠤ᠋ᠨ ᠰᠠᠢᠨ ᠭᠡᠷᠡᠴᠢ ᠪᠣᠯᠬᠤ ᠶᠤᠮ᠃  
       ᠪᠠᠷᠲ᠋ᠤᠯᠳ᠋ ᠪᠣᠯ ᠭᠤᠷᠪᠠᠨ ᠲᠥᠷᠥᠯ ᠦ᠋ᠨ ᠮᠦᠰᠯᠢᠮ ᠬᠡᠯᠡ— ᠠᠷᠠᠪ ᠬᠡᠯᠡ᠂ ᠫᠧᠷᠰ ᠬᠡᠯᠡ᠂ ᠪᠣᠯᠤᠨ ᠲᠦᠷᠻ ᠬᠡᠯᠡᠨ ᠦ᠌ ᠡᠷᠳᠡᠮᠲᠡᠨ ᠪᠣᠯᠬᠤ ᠪᠥᠭᠡᠳ ᠡᠨᠡ ᠭᠤᠷᠪᠠᠨ ᠬᠡᠯᠡ ᠪᠡᠷ ᠵᠣᠬᠢᠶᠠᠯ ᠨᠡᠢᠲᠡᠯᠡᠭᠦᠯᠵᠦ ᠥᠩᠭᠡᠷᠡᠪᠡ᠃ ᠲᠡᠭᠦᠨ ᠦ᠌ ᠬᠠᠮᠤᠭ ᠤ᠋ᠨ ᠭᠣᠣᠯ ᠣᠨᠴᠠᠯᠢᠭ ᠭᠡᠪᠡᠯ᠂ ᠨᠢᠭᠡᠨ ᠳᠣᠷᠣᠨ᠎ᠠ ᠳ᠋ᠠᠬᠢᠨ ᠤ᠋ ᠬᠡᠯᠡ ᠰᠤᠳᠤᠯᠤᠯ ᠤ᠋ᠨ ᠡᠷᠳᠡᠮᠲᠡᠨ ᠦ᠌ ᠬᠤᠪᠢ ᠪᠠᠷ ᠲᠡᠦᠬᠡ ᠰᠤᠳᠤᠯᠤᠯ ᠳ᠋ᠤ᠌ ᠮᠤᠰᠬᠢᠨ ᠣᠷᠣᠭᠰᠠᠨ ᠶᠠᠪᠤᠳᠠᠯ ᠳ᠋ᠤ᠌ ᠪᠠᠢᠬᠤ ᠪᠢᠰᠢ᠂ ᠨᠡᠩ ᠴᠢᠬᠤᠯᠠ ᠨᠢ ᠳᠣᠷᠣᠨ᠎ᠠ ᠳ᠋ᠠᠬᠢᠨ ᠤ᠋ ᠬᠡᠯᠡ ᠶ᠋ᠢ ᠪᠦᠷᠢᠨ ᠡᠵᠡᠮᠰᠢᠭᠰᠡᠨ ᠲᠡᠦᠬᠡ ᠶ᠋ᠢᠨ ᠡᠷᠳᠡᠮᠲᠡᠨ ᠪᠣᠯᠤᠭᠰᠠᠨ ᠳ᠋ᠤ᠌ ᠣᠷᠣᠰᠢᠨ᠎ᠠ᠃ ᠲᠡᠭᠦᠨ ᠦ᠌ ᠥᠭᠦᠯᠡᠯ ᠦ᠋ᠳ ᠲᠦ᠍᠂ ᠣᠨᠴᠠᠭᠠᠢᠯᠠᠨ ᠲᠡᠭᠦᠨ ᠦ᠌ ᠨᠢᠭᠡ ᠨᠠᠰᠤᠨ ᠤ᠋ ᠡᠴᠦᠰ ᠦ᠋ᠨ ᠦᠶ᠎ᠡ ᠳ᠋ᠦ᠍᠂ ᠲᠡᠭᠦᠨ ᠦ᠌ ᠪᠦᠬᠦᠢ ᠯᠡ ᠲᠡᠦᠬᠡ ᠶ᠋ᠢᠨ ᠰᠤᠷᠪᠤᠯᠵᠢ ᠪᠢᠴᠢᠭ ᠦ᠋ᠨ ᠲᠠᠯ᠎ᠠ ᠪᠠᠷ ᠬᠡᠴᠢᠨᠡᠨ ᠪᠣᠯᠪᠠᠰᠤᠷᠠᠵᠤ ᠴᠠᠭᠠᠷᠠᠭᠰᠠᠨ᠂ ᠨᠡᠭᠦᠳᠡᠯ ᠢᠷᠭᠡᠨ᠂ ᠹᠧᠣᠳᠠᠯ ᠦᠵᠡᠯ᠂ ᠴᠠᠷᠯᠢᠮᠠᠨ ᠬᠠᠭᠠᠨ ᠪᠣᠯᠤᠨ ᠬᠠᠯᠢᠹᠠ ᠶ᠋ᠢᠨ ᠵᠠᠬᠢᠳᠠᠯ ᠴᠢᠮᠡᠭᠡᠨ ᠦ᠌ ᠲᠤᠬᠠᠢ ᠣᠯᠠᠨ ᠣᠯᠠᠨ ᠠᠰᠠᠭᠤᠳᠠᠯ ᠢ᠋ ᠰᠢᠭᠦᠮᠵᠢᠯᠡᠨ ᠶᠠᠷᠢᠬᠤ ᠳ᠋ᠠᠭᠠᠨ ᠬᠡᠴᠢᠨᠡᠭᠡᠨ ᠨᠠᠷᠢᠨ ᠮᠡᠳᠡᠵᠦ ᠪᠠᠢᠭᠰᠠᠨ ᠢ᠋ ᠮᠠᠨᠤᠰ ᠣᠯᠵᠤ ᠬᠠᠷᠠᠵᠤ ᠪᠣᠯᠤᠨ᠎ᠠ᠃ ᠪᠠᠷᠲ᠋ᠤᠯᠳ᠋ ᠲᠤ᠌ ᠠᠪᠴᠤ ᠬᠡᠯᠡᠪᠡᠯ《ᠳᠠᠮᠵᠢᠭᠳᠠᠵᠤ ᠢᠷᠡᠭᠰᠡᠨ》 ᠮᠠᠲ᠋ᠧᠷᠢᠶᠠᠯ ᠭᠡᠵᠦ ᠪᠠᠢᠬᠤ ᠦᠭᠡᠢ᠃ ᠥᠪ ᠦᠨᠡᠨ ᠬᠦ᠌ ᠲᠡᠦᠬᠡ ᠶ᠋ᠢᠨ ᠡᠷᠳᠡᠮᠲᠡᠨ ᠪᠣᠯᠤᠭᠰᠠᠨ ᠤ᠋ ᠬᠤᠪᠢ ᠳ᠋ᠤ᠌᠂ ᠲᠡᠷᠡ ᠪᠡᠷ ᠠᠩᠬᠠᠨ ᠤ᠋ ᠮᠠᠲ᠋ᠧᠷᠢᠶᠠᠯ ᠤ᠋ᠨ ᠳᠤᠮᠳᠠ ᠥᠰᠴᠦ ᠪᠣᠢᠵᠢᠭᠰᠠᠨ ᠶᠤᠮ᠃ ᠵᠢᠯ ᠪᠦᠷᠢ ᠮᠠᠲ᠋ᠧᠷᠢᠶᠠᠯ ᠢ᠋ᠶ᠋ᠠᠨ ᠡᠬᠢᠨ ᠡᠴᠡ ᠨᠢ ᠳᠠᠬᠢᠨᠲᠠ ᠡᠬᠢᠯᠡᠨ ᠲᠢᠭᠯᠡᠨ᠎ᠡ᠃ ᠠᠩᠬᠠᠳᠤᠭᠠᠷ ᠤᠳᠠᠭᠠᠨ ᠤ᠋ ᠳᠡᠯᠡᠬᠡᠢ ᠶ᠋ᠢᠨ ᠶᠡᠬᠡ ᠲᠡᠢᠨ ᠦ᠌ ᠳᠤᠮᠳᠠ᠂ ᠳᠤᠮᠳᠠᠳᠤ ᠵᠠᠭᠤᠨ ᠤ᠋ ᠲᠦᠷᠺ ᠬᠡᠯᠡ ᠪᠡᠷ ᠳᠥᠭᠥᠮᠴᠢᠯᠡᠨ ᠪᠢᠴᠢᠭᠰᠡᠨ ᠺᠠᠱᠭᠠᠯ ᠤ᠋ᠨ ᠲᠣᠯᠢ ᠪᠢᠴᠢᠭ ᠢ᠋ ᠲᠦᠷᠺ ᠲᠦ᠍ ᠢᠯᠡᠷᠡᠭᠦᠯᠦᠭᠡᠳ ᠳᠡᠮᠡᠢ ᠤᠳᠠᠭ᠎ᠠ ᠦᠭᠡᠢ ᠪᠠᠢᠭᠰᠠᠨ ᠦᠶ᠎ᠡ ᠳ᠋ᠦ᠍᠂ ᠣᠷᠣᠰ ᠲᠤ᠌ ᠬᠤᠪᠢᠰᠬᠠᠯ ᠥᠷᠨᠢᠭᠡᠳ ᠪᠠᠢᠭᠰᠠᠨ ᠶᠤᠮ᠃ ᠭᠡᠪᠡᠴᠦ ᠪᠠᠷᠲ᠋ᠦᠯᠳ᠋ ᠠᠷᠠᠪ ᠬᠡᠯᠡ ᠶ᠋ᠢᠨ ᠬᠠᠲᠠᠭᠤᠵᠢᠯᠲᠠᠢ ᠣᠷᠣᠯᠳᠣᠯᠭ᠎ᠠ ᠪᠠᠷ ᠡᠨᠡ ᠬᠦ᠌ ᠮᠤᠨᠳᠠᠭ ᠲᠣᠮᠣ ᠪᠦᠲᠦᠭᠡᠯ ᠢ᠋ ᠲᠤᠭᠤᠷᠠᠲᠠᠯ᠎ᠠ ᠤᠩᠰᠢᠭᠰᠠᠨ ᠪᠢᠯᠡ᠃ ᠲᠡᠷᠡᠴᠢᠯᠡᠨ ᠡᠭᠦᠨ ᠡᠴᠡ ᠲᠡᠦᠬᠡ ᠶ᠋ᠢᠨ ᠮᠠᠲ᠋ᠧᠷᠢᠶᠠᠯ ᠢ᠋ ᠰᠣᠩᠭᠣᠵᠤ ᠠᠪᠤᠪᠠ᠃ ᠲᠡᠷᠡ ᠪᠡᠷ ᠰᠢᠨ᠎ᠡ ᠪᠡᠷ ᠢᠯᠡᠷᠡᠭᠦᠯᠦᠭᠰᠡᠨ ᠮᠠᠲ᠋ᠧᠷᠢᠶᠠᠯ ᠪᠦᠬᠦᠨ ᠦ᠌ ᠭᠠᠷᠤᠯ ᠢᠷᠡᠯ᠂ ᠤᠳᠠᠭ᠎ᠠ ᠪᠦᠷᠢ ᠶ᠋ᠢᠨ ᠭᠠᠵᠠᠷ ᠵᠦᠢ ᠶ᠋ᠢᠨ ᠪᠠᠷᠲᠠᠭ᠎ᠠ ᠪᠠᠢᠴᠠᠭᠠᠯᠲᠠ᠂ ᠬᠠᠭᠤᠴᠢᠰ ᠰᠤᠳᠤᠯᠤᠯ ᠤ᠋ᠨ ᠰᠢᠨ᠎ᠡ ᠢᠯᠡᠷᠡᠭᠦᠯᠦᠯᠲᠡ ᠪᠦᠬᠦᠨ ᠳ᠋ᠦ᠍ ᠢᠩᠭᠢᠵᠦ ᠬᠠᠨᠳᠤᠳᠠᠭ ᠪᠢᠯᠡ᠃ ᠳᠣᠷᠣᠨ᠎ᠠ ᠳ᠋ᠠᠬᠢᠨ ᠰᠤᠳᠤᠯᠤᠯ ᠤ᠋ᠨ ᠮᠠᠲ᠋ᠧᠷᠢᠶᠠᠯ ᠢ᠋ ᠠᠯᠢ ᠨᠢᠭᠡᠨ ᠡᠳᠦᠷ ᠢᠯᠡᠷᠡᠭᠦᠯᠦᠭᠡᠳ ᠳᠠᠭᠤᠰᠴᠢᠬᠠᠭᠰᠠᠨ ᠪᠠᠢᠵᠤ ᠮᠡᠳᠡᠨ᠎ᠡ᠂ ᠭᠡᠪᠡᠴᠦ ᠪᠠᠷᠲ᠋ᠥᠯᠳ᠋ ᠬᠡᠵᠢᠶ᠎ᠡ ᠢᠮᠠᠭᠲᠠ ᠠᠵᠤ ᠠᠬᠤᠢ ᠶ᠋ᠢᠨ ᠰᠢᠯᠲᠠᠭᠠᠨ ᠤ᠋ ᠨᠥᠯᠥᠭᠡ ᠶ᠋ᠢᠨ ᠲᠠᠯ᠎ᠠ ᠪᠠᠷ᠂ ᠬᠠᠤᠯᠢ ᠴᠠᠭᠠᠵᠠ ᠶ᠋ᠢᠨ ᠲᠠᠯ᠎ᠠ ᠪᠠᠷ᠂ ᠠᠷᠠᠯᠵᠢᠶᠠᠨ ᠤ᠋ ᠵᠠᠮ ᠨᠡᠪᠲᠡᠷᠡᠭᠦᠯᠭᠡ ᠶ᠋ᠢᠨ ᠲᠠᠯ᠎ᠠ ᠪᠠᠷ ᠤᠷᠠᠯᠢᠭ ᠤ᠋ᠨ ᠲᠠᠯ᠎ᠠ ᠪᠠᠷ᠂ ᠵᠢᠴᠢ ᠬᠦᠨᠳᠦᠳᠬᠡᠵᠦ ᠦᠵᠡᠭᠦᠰᠢᠲᠡᠢ ᠪᠤᠰᠤᠳ ᠡᠯᠧᠮᠧᠨ᠋ᠲ ᠪᠦᠬᠦᠨ ᠢ᠋ ᠪᠦᠷ ᠨᠠᠷᠢᠨ ᠠᠵᠢᠭᠯᠠᠳᠠᠭ᠃ ᠡᠨᠡ ᠲᠠᠯ᠎ᠠ ᠪᠠᠷ ᠬᠢ ᠬᠠᠮᠤᠭ ᠤ᠋ᠨ ᠭᠢᠯᠠᠯᠵᠠᠭᠰᠠᠨ ᠵᠢᠱ᠌ᠢᠶ᠎ᠡ ᠭᠡᠪᠡᠯ᠂ ᠲᠡᠭᠦᠨ ᠦ᠌ ᠲᠤᠭᠤᠷᠪᠢᠭᠰᠠᠨ ᠲᠡᠦᠬᠡ ᠰᠤᠳᠤᠯᠤᠯ ᠤ᠋ᠨ ᠲᠣᠮᠣ ᠪᠦᠲᠦᠭᠡᠯ—《ᠮᠣᠩᠭᠣᠯ ᠡᠵᠡᠷᠬᠡᠵᠦ ᠪᠠᠢᠭᠰᠠᠨ ᠦᠶ᠎ᠡ ᠶ᠋ᠢᠨ ᠲᠦᠷᠺᠢᠰᠲ᠋ᠠᠨ》 ᠭᠡᠳᠡᠭ ᠨᠣᠮ ᠢ᠋ᠶ᠋ᠠᠷ ᠳᠠᠮᠵᠢᠭᠤᠯᠵᠤ᠂《ᠠᠷᠪᠠᠨ ᠲᠠᠪᠤᠨ ᠲᠤᠰᠬᠠᠢ ᠰᠡᠳᠦᠪ》 ᠦ᠋ᠨ ᠰᠢᠨᠵᠢᠯᠡᠯ ᠰᠤᠳᠤᠯᠤᠯ ᠤ᠋ᠨ ᠡᠭᠦᠷᠭᠡ ᠶ᠋ᠢ ᠲᠦᠯᠬᠢᠨ ᠠᠬᠢᠭᠤᠯᠤᠭᠰᠠᠨ ᠶᠠᠪᠤᠳᠠᠯ ᠪᠣᠯᠤᠨ᠎ᠠ᠃  

— — — — 
 ① ᠡᠨᠡ ᠪᠣᠯ ᠠᠩᠭᠯᠢᠴᠢᠯᠠᠭᠴᠢⅤ· ᠮᠢᠨᠨᠤᠷᠰᠺᠢ ᠶ᠋ᠢᠨ《ᠳᠤᠮᠳᠠᠳᠤ ᠠᠽᠢᠶ᠎ᠠ ᠶ᠋ᠢᠨ ᠲᠡᠦᠬᠡ ᠰᠤᠳᠤᠯᠤᠯ ᠳᠥᠷᠪᠡᠨ ᠵᠦᠢᠯ》 ᠳ᠋ᠦ᠍ ᠪᠢᠴᠢᠵᠦ ᠥᠭᠭᠦᠭᠰᠡᠨ ᠤᠳᠤᠷᠢᠳᠬᠠᠯ ᠪᠣᠯᠤᠨ᠎ᠠ᠃ 
 ② ᠭᠢᠪᠪᠦᠨ ᠪᠣᠯ ᠨᠡᠷ᠎ᠡ ᠮᠠᠨᠳᠤᠭᠰᠠᠨ《ᠷᠣᠮᠠ ᠬᠠᠭᠠᠨᠲᠤ ᠤᠯᠤᠰ ᠤ᠋ᠨ ᠤᠷᠤᠭᠤᠳᠠᠵᠤ ᠮᠥᠬᠥᠭᠰᠡᠨ ᠲᠡᠦᠬᠡ》 ᠶ᠋ᠢᠨ ᠵᠣᠬᠢᠶᠠᠭᠴᠢ᠃ 

        1928 ᠣᠨ ᠳ᠋ᠤ᠌᠂ ᠲᠡᠭᠦᠨ ᠦ᠌ ᠡᠨᠡ ᠬᠦ᠌《ᠴᠠᠭ ᠦᠶ᠎ᠡ ᠶ᠋ᠢ ᠵᠠᠭᠠᠭᠯᠠᠭᠰᠠᠨ》 ᠪᠦᠲᠦᠭᠡᠯ ᠨᠢ H·A·R ᠭᠢᠫ ᠫᠷᠣᠹᠧᠰᠰᠣᠷ ᠪᠣᠯᠤᠨ ᠷᠣᠰ ᠬᠡᠷᠭᠡᠮᠲᠡᠨ(ᠡᠨᠡ ᠬᠥᠮᠦᠨ ᠫᠧᠲ᠋ᠧᠷᠪᠥ᠋ᠷᠡᠭ ᠲᠦ᠍ ᠪᠠᠷᠲ᠋ᠤᠯᠳ᠋ ᠤ᠋ᠨ ᠬᠢᠴᠢᠶᠡᠯ ᠢ᠋ ᠰᠣᠨᠣᠰᠴᠤ ᠥᠩᠭᠡᠷᠡᠵᠡᠢ) ᠬᠣᠶᠠᠷ ᠤ᠋ᠨ ᠴᠢᠷᠮᠠᠢᠯᠭ᠎ᠠ ᠡᠷᠬᠢᠯᠡᠭᠡ ᠪᠡᠷ ᠠᠩᠭ᠌ᠯᠢ ᠬᠡᠯᠡᠨ ᠳ᠋ᠦ᠍ ᠣᠷᠴᠢᠭᠤᠯᠤᠭᠳᠠᠪᠠ᠃ ᠲᠡᠷᠡᠴᠢᠯᠡᠨ ᠬᠢᠫ ᠠᠪᠤᠭᠠᠢ ᠶ᠋ᠢ ᠳᠤᠷᠠᠰᠬᠠᠬᠤ ᠴᠤᠪᠤᠷᠠᠯ ᠪᠢᠴᠢᠭ ᠲᠦ᠍ ᠪᠠᠭᠲᠠᠨ ᠬᠡᠪᠯᠡᠭᠳᠡᠪᠡ᠃ ᠡᠨᠡᠳᠬᠡᠭ ᠦ᠋ᠨ ᠰᠠᠢᠳ᠋᠂ ᠰᠣᠬᠣᠷᠠᠸᠠᠳ᠋ ᠳ᠋ᠣᠺᠲ᠋ᠣᠷ ᠴᠤ᠌ ᠲᠡᠭᠦᠨ ᠦ᠌ ᠢᠰᠯᠠᠮ ᠤ᠋ᠨ ᠪᠣᠯᠪᠠᠰᠤᠨ ᠤ᠋ ᠲᠤᠬᠠᠢ ᠨᠢᠭᠡ ᠨᠣᠮ ᠢ᠋ ᠣᠷᠴᠢᠭᠤᠯᠤᠭᠠᠳ ᠺᠠᠯᠬᠦᠲ᠋ᠠ ᠳ᠋ᠤ᠌ ᠬᠡᠪᠯᠡᠭᠦᠯᠪᠡ(1934)᠃ ᠲᠡᠭᠦᠨ ᠦ᠌ ᠪᠤᠰᠤᠳ ᠵᠣᠬᠢᠶᠠᠯ ᠪᠦᠲᠦᠭᠡᠯ ᠦ᠋ᠳ ᠨᠢ ᠴᠦ᠍ ᠹᠷᠠᠨᠼᠢ ᠬᠡᠯᠡ᠂ ᠭᠧᠷᠮᠠᠨ ᠬᠡᠯᠡ᠂ ᠠᠷᠠᠪ ᠬᠡᠯᠡ ᠪᠣᠯᠤᠨ ᠫᠧᠷᠰ ᠬᠡᠯᠡᠨ ᠳ᠋ᠦ᠍ ᠣᠷᠴᠢᠭᠤᠯᠤᠭᠳᠠᠵᠠᠢ᠃ ᠲᠡᠭᠦᠨ ᠦ᠌ ᠵᠣᠬᠢᠶᠠᠯ ᠪᠦᠲᠦᠭᠡᠯ ᠦ᠋ᠳ ᠢ᠋ ᠭᠤᠷᠪᠠᠨ ᠬᠤᠪᠢ ᠭᠠᠷᠴᠠᠭᠯᠠᠭᠠᠳ ᠪᠠᠢᠨ᠎ᠠ᠂ ᠬᠡᠷᠮᠠᠨ ᠤ᠋ ᠡᠷᠳᠡᠮᠲᠡᠳ ᠪᠠᠷᠲ᠋ᠤᠯᠳ᠋ ᠤ᠋ᠨ ᠵᠣᠬᠢᠶᠠᠯ ᠪᠦᠲᠦᠭᠡᠯ ᠢ᠋ ᠢᠳᠡᠪᠬᠢᠲᠡᠢ ᠣᠷᠴᠢᠭᠤᠯᠵᠤ᠂ ᠣᠬᠢ ᠰᠢᠮ᠎ᠡ ᠶ᠋ᠢ ᠨᠢ ᠰᠢᠩᠭᠡᠬᠡᠨ ᠠᠪᠤᠪᠠ᠂ ᠵᠢᠵᠢᠭ ᠰᠠᠵᠢᠭ ᠵᠣᠬᠢᠶᠠᠯ ᠢ᠋ ᠨᠢ ᠴᠦ᠍ ᠥᠯᠳᠡᠭᠡᠭᠰᠡᠨ ᠦᠭᠡᠢ ᠪᠢᠯᠡ᠃ 
       ᠪᠠᠷᠲ᠋ᠥᠯᠳ᠋ ᠡᠷᠳᠡᠮ ᠰᠢᠨᠵᠢᠯᠡᠭᠡᠨ ᠦ᠌ ᠠᠰᠠᠭᠤᠳᠠᠯ ᠤ᠋ᠨ ᠲᠠᠯ᠎ᠠ ᠪᠠᠷ ᠬᠢ ᠥᠪᠡᠷ ᠦ᠋ᠨ ᠢ᠋ᠶ᠋ᠡᠨ ᠪᠡᠶ᠎ᠡ ᠪᠡᠨ ᠳᠠᠭᠠᠭᠠᠭᠰᠠᠨ ᠦᠵᠡᠯᠲᠡ ᠪᠡᠨ ᠨᠠᠰᠤᠨ ᠲᠤᠷᠰᠢᠳᠠ ᠪᠠᠷᠢᠮᠲᠠᠯᠠᠭᠰᠠᠭᠠᠷ ᠢᠷᠡᠵᠡᠢ᠃ ᠬᠤᠪᠢᠰᠬᠠᠯ ᠠ᠋ᠴᠠ ᠡᠮᠦᠨᠡᠬᠡᠨ᠂ ᠲᠡᠷᠡ ᠪᠡᠷ ᠣᠷᠣᠰ ᠤ᠋ᠨ ᠳᠣᠷᠣᠨ᠎ᠠ ᠳ᠋ᠠᠬᠢᠨ ᠰᠤᠳᠤᠯᠤᠯ ᠤ᠋ᠨ ᠠᠯᠬᠤᠮ ᠤᠳᠠᠭᠠᠰᠢᠷᠠᠵᠤ ᠪᠠᠢᠨ᠎ᠠ ᠭᠡᠵᠦ ᠬᠡᠯᠡᠭᠡᠳ ᠶᠡᠬᠡ ᠦᠢᠮᠡᠭᠡᠨ ᠳᠡᠭᠳᠡᠭᠡᠭᠰᠡᠨ ᠪᠢᠯᠡ᠃ ᠲᠡᠭᠦᠨ ᠦ᠌ ᠥᠪᠡᠷ ᠢ᠋ᠶ᠋ᠡᠨ ᠡᠷᠬᠢᠯᠡᠨ ᠪᠦᠲᠦᠭᠡᠭᠰᠡᠨ《ᠢᠰᠯᠠᠮ ᠤ᠋ᠨ ᠳᠡᠯᠡᠬᠡᠢ》 ᠭᠡᠳᠡᠭ ᠰᠡᠳᠬᠦᠯ ᠨᠢ ᠰᠠᠨᠠᠭᠠᠨ ᠳ᠋ᠤ᠌ ᠦᠭᠡᠢ ᠤᠴᠢᠷ ᠠ᠋ᠴᠠ ᠪᠣᠯᠵᠤ ᠨᠢᠭᠡ ᠤᠳᠠᠭ᠎ᠠ ᠬᠢᠷᠢ ᠬᠡᠮᠵᠢᠶ᠎ᠡ ᠨᠢ ᠵᠢᠭᠠᠬᠠᠨ ᠳᠣᠷᠣᠭᠰᠢᠯᠠᠭᠰᠠᠨ ᠪᠠᠢᠨ᠎ᠠ᠂ ᠲᠡᠭᠡᠬᠦ ᠳ᠋ᠦ᠍ ᠲᠡᠷᠡ ᠲᠤᠰ ᠰᠡᠳᠬᠦᠯ ᠦ᠋ᠨ ᠨᠠᠢᠷᠠᠭᠤᠯᠬᠤ ᠺᠣᠮᠢᠰ ᠠ᠋ᠴᠠ ᠭᠠᠷᠪᠠ᠃ ᠶᠡᠬᠡ ᠬᠤᠪᠢᠰᠬᠠᠯ ᠤ᠋ᠨ ᠳᠠᠷᠠᠭ᠎ᠠ᠂ ᠲᠡᠭᠦᠨ ᠦ᠌ ᠹᠧᠣᠳᠠᠯ ᠶᠣᠰᠣᠨ ᠤ᠋ ᠲᠤᠬᠠᠢ ᠵᠠᠷᠢᠮ ᠦᠵᠡᠯᠲᠡ ᠨᠢ《ᠰᠢᠨ᠎ᠡ ᠳᠣᠷᠣᠨᠠᠲᠤ》(HOBbIN BOVTOK) ᠰᠡᠳᠬᠦᠯ ᠳ᠋ᠦ᠍ ᠨᠡᠢᠲᠡᠯᠡᠭᠳᠡᠭᠡᠳ ᠰᠢᠷᠦᠭᠦᠨ ᠮᠠᠷᠭᠤᠯᠳᠤᠭᠠᠨ ᠡᠭᠦᠰᠬᠡᠪᠡ᠂ ᠭᠡᠪᠡᠴᠦ ᠡᠴᠦᠰ ᠲᠡᠭᠡᠨ ᠲᠡᠭᠦᠨ ᠢ᠋ ᠶᠠᠭᠠᠬᠢᠵᠤ ᠴᠤ᠌ ᠴᠢᠳᠠᠭᠰᠠᠨ ᠦᠭᠡᠢ᠃ ᠪᠠᠢᠳᠠᠯ ᠲᠤᠢᠯ ᠤ᠋ᠨ ᠪᠠᠯᠠᠷᠬᠠᠢ ᠪᠤᠶᠤ ᠰᠠᠮᠠᠭᠤᠨ ᠪᠠᠢᠭᠰᠠᠨ ᠦᠶ᠎ᠡ ᠳ᠋ᠦ᠍ ᠴᠤ᠌ ᠪᠠᠷᠲ᠋ᠣᠯᠳ᠋ ᠲᠡᠦᠬᠡᠴᠢ ᠪᠠ ᠭᠦᠨ ᠤᠬᠠᠭᠠᠲᠠᠨ ᠤ᠋ ᠥᠨᠳᠥᠷ ᠲᠦ᠍ ᠵᠣᠭᠰᠣᠨ ᠠᠯᠤᠰ ᠢ᠋ ᠪᠠᠷᠠᠯᠠᠬᠤ ᠣᠪᠣᠷ ᠢ᠋ᠶ᠋ᠠᠨ ᠴᠢᠩᠭ᠎ᠠ ᠪᠠᠷᠢᠮᠲᠠᠯᠠᠪᠠ᠂ ᠡᠳᠡᠭᠡᠷ ᠨᠢ ᠲᠡᠭᠦᠨ ᠦ᠌ ᠪᠦᠲᠦᠭᠡᠯ《ᠮᠢᠷ᠂ ᠠᠯᠢ᠂ ᠰᠢᠷ》 ᠨᠣᠮ ᠤ᠋ᠨ ᠲᠡᠭᠦᠰᠬᠡᠯ ᠦ᠋ᠨ ᠬᠡᠰᠡᠭ ᠲᠦ᠍ ᠢᠯᠡᠷᠡᠵᠦ ᠪᠠᠢᠨ᠎ᠠ᠃  
       ᠪᠠᠷᠲ᠋ᠣᠯᠳ᠋ ᠤ᠋ᠨ ᠡᠷᠬᠡ ᠰᠦᠷ ᠰᠦᠨᠳᠡᠷᠯᠡᠭᠰᠡᠨ ᠬᠡᠪ ᠢ᠋ᠶ᠋ᠡᠷ ᠢ᠋ᠶ᠋ᠡᠨ᠃ ᠶᠡᠬᠡ ᠬᠤᠪᠢᠰᠬᠠᠯ ᠤ᠋ᠨ ᠳᠠᠷᠠᠭ᠎ᠠ᠂ ᠲᠦᠷᠺᠢᠰᠲ᠋ᠠᠨ ᠳ᠋ᠤ᠌ ᠨᠢᠭᠡᠨ ᠦᠶ᠎ᠡ ᠬᠡᠳᠦ ᠦᠨᠳᠦᠰᠦᠲᠡᠨ ᠦ᠌ ᠦᠵᠡᠯ ᠦ᠋ᠨ ᠰᠠᠮᠠᠭᠤᠷᠠᠯ ᠭᠠᠷᠴᠤ᠂ ᠬᠥᠮᠦᠰ《ᠪᠢᠳᠡ ᠥᠪᠡᠷᠲᠡᠭᠡᠨ ᠰᠢ᠌ᠳᠪᠦᠷᠢᠯᠡᠨ᠎ᠡ》 ᠭᠡᠳᠡᠭ ᠵᠠᠷᠴᠢᠮ ᠢ᠋ ᠰᠡᠳᠬᠢᠯ ᠳᠣᠭᠳᠣᠯᠤᠨ ᠳᠡᠮᠵᠢᠬᠦ ᠪᠣᠯᠪᠠ᠃ ᠪᠣᠳᠠᠲᠤ ᠤᠴᠢᠷ ᠤ᠋ᠳ ᠡᠢᠮᠦ ᠪᠠᠢᠭᠰᠠᠨ ᠪᠥᠭᠡᠳ ᠴᠠᠭᠠᠨ ᠲᠣᠯᠣᠭᠠᠢ ᠪᠠᠨ ᠴᠤ᠌ ᠬᠠᠯᠠᠬᠤ ᠭᠡᠵᠦ ᠣᠷᠣᠯᠳᠣᠪᠠ᠃ ᠡᠢᠮᠦᠷᠬᠦᠦ ᠡᠳᠦᠷ ᠰᠠᠷ᠎ᠠ ᠨᠤᠭᠤᠳ ᠴᠤ᠌ ᠲᠦᠷᠺᠮᠸᠨ ᠬᠢᠭᠡᠳ ᠬᠢᠷᠭᠢᠰ ᠦ᠋ᠨ ᠠᠯᠪᠠᠨ ᠤ᠋ ᠲᠠᠯ᠎ᠠ ᠶ᠋ᠢᠨ ᠬᠢᠨ ᠵᠤᠷᠰᠢᠯ ᠶᠣᠰᠣᠭᠠᠷ ᠫᠠᠷᠲ᠋ᠣᠯᠳ᠋ ᠢ᠋ ᠤᠷᠢᠵᠤ᠂ ᠨᠡᠢᠭᠡᠮ ᠦ᠋ᠨ ᠲᠡᠦᠬᠡ ᠪᠡᠨ ᠪᠢᠴᠢᠭᠦᠯᠳᠡᠭ ᠪᠠᠢᠪᠠ᠃ ᠲᠦᠷᠺ ᠦ᠋ᠨ ᠮᠥᠰᠲ᠋ᠠᠹᠠ᠂ ᠺᠸᠮᠠᠯ ᠤ᠋ᠨ ᠰᠢᠨ᠎ᠡ ᠵᠠᠰᠠᠭ ᠤ᠋ᠨ ᠣᠷᠳᠣᠨ ᠤ᠋ ᠤᠷᠢᠯᠭ᠎ᠠ ᠪᠠᠷ᠂ ᠲᠡᠷᠡ ᠢᠰᠲ᠋ᠠᠨᠪᠥ᠋ᠯ ᠳ᠋ᠦ᠍ ᠲᠦᠷᠺ ᠦ᠋ᠨ ᠲᠡᠦᠬᠡ ᠰᠤᠳᠤᠯᠤᠯ ᠤ᠋ᠨ ᠲᠤᠬᠠᠢ ᠡᠷᠳᠡᠮ ᠰᠢᠨᠵᠢᠯᠡᠭᠡᠨ ᠦ᠌ ᠶᠠᠷᠢᠶ᠎ᠠ ᠢᠯᠡᠳᠬᠡᠯ ᠬᠢᠭᠰᠡᠨ ᠪᠥᠭᠡᠳ ᠬᠣᠵᠢᠮ ᠨᠢ ᠲᠦᠷᠺ ᠲᠦ᠍ ᠲᠡᠭᠦᠪᠦᠷᠢᠯᠡᠭᠳᠡᠨ ᠬᠡᠪᠯᠡᠭᠳᠡᠭᠰᠡᠨ ᠪᠠᠢᠨ᠎ᠠ᠃ 
       ᠨᠠᠰᠤᠨ ᠤ᠋ ᠬᠢᠨᠢ ᠬᠠᠨᠢ ᠮᠥᠷᠲᠡᠭᠡᠨ ᠰᠢᠳᠤᠷᠭᠤ ᠲᠤᠰᠠᠯᠠᠭᠴᠢ ᠪᠠᠢᠭᠰᠠᠨ ᠪᠦᠰᠡᠭᠦᠢ ᠨᠢ ᠨᠠᠰᠤ ᠪᠠᠷᠠᠭᠰᠠᠨ ᠶᠠᠪᠤᠳᠠᠯ ᠪᠠᠷᠲ᠋ᠣᠯᠳ᠋ ᠲᠤ᠌ ᠲᠤᠩ ᠬᠦᠨᠳᠦ ᠴᠣᠬᠢᠯᠲᠠ ᠪᠣᠯᠪᠠ᠃ ᠲᠡᠢᠮᠦ ᠮᠥᠷᠲᠡᠭᠡᠨ ᠲᠤᠬᠠᠢ ᠶ᠋ᠢᠨ ᠦᠶ᠎ᠡ ᠳ᠋ᠦ᠍ ᠲᠡᠭᠦᠨ ᠦ᠌ ᠬᠢᠴᠢᠶᠡᠯ ᠵᠢᠭᠠᠬᠤ ᠪᠠ ᠵᠣᠬᠢᠶᠠᠯ ᠪᠢᠴᠢᠬᠦ ᠡᠭᠦᠷᠭᠡ ᠨᠢ ᠶᠠᠭ ᠰᠠᠢᠬᠠᠨ ᠨᠡᠮᠡᠭᠳᠡᠵᠦ ᠪᠠᠢᠪᠠ᠃《ᠮᠢᠨᠦ ᠡᠳᠦᠷ ᠳᠣᠳᠣᠮ ᠤ᠋ᠨ ᠠᠵᠢᠯ ᠳ᠋ᠤ᠌ ᠥᠨᠢ ᠡᠭᠦᠷᠢᠳᠡ ᠠᠮᠠᠷᠠᠯᠲᠠ ᠪᠠᠢᠬᠤ ᠦᠭᠡᠢ᠂ ᠣᠷᠣᠰᠢᠭᠤᠯᠭ᠎ᠠ ᠶ᠋ᠢ ᠳᠠᠭᠤᠰᠬᠠᠮᠠᠭᠴᠠ ᠪᠠᠨ ᠪᠢ ᠡᠷᠬᠡᠪᠰᠢ ᠠᠵᠢᠯᠯᠠᠬᠤ ᠬᠡᠷᠡᠭᠲᠡᠢ ᠪᠠᠢᠪᠠ᠃》(1928 ᠣᠨ ᠤ᠋5 ᠰᠠᠷ᠎ᠠ ᠶ᠋ᠢᠨ16 ᠤ᠋ ᠡᠳᠦᠷ ᠦ᠋ᠨ ᠵᠠᠬᠢᠳᠠᠯ ᠮᠡᠳᠡᠭᠡ) ᠥᠭᠡᠷ᠎ᠡ ᠨᠢᠭᠡ ᠵᠠᠬᠢᠳᠠᠯ ᠳ᠋ᠠᠭᠠᠨ ᠲᠡᠷᠡ᠄《ᠡᠨᠡ ᠨᠠᠰᠤᠨ ᠳ᠋ᠠᠭᠠᠨ ᠪᠢ ᠣᠳᠣᠬᠢ ᠰᠢᠭ᠋ ᠢᠩᠭᠢᠵᠦ ᠬᠦᠴᠦᠯᠡᠵᠦ ᠠᠵᠢᠯᠯᠠᠵᠤ ᠦᠵᠡᠭᠡ ᠦᠭᠡᠢ》 ᠭᠡᠵᠦ ᠪᠢᠴᠢᠵᠡᠢ᠃ ᠶᠡᠬᠡ ᠬᠤᠪᠢᠰᠬᠠᠯ ᠤ᠋ᠨ ᠳᠠᠷᠠᠭ᠎ᠠ᠂ ᠨᠡᠢᠲᠡ ᠶ᠋ᠢᠨ ᠣᠨ ᠲᠣᠭᠠᠯᠠᠯ ᠤ᠋ᠨ982 ᠣᠨ ᠳ᠋ᠤ᠌ ᠪᠢᠴᠢᠭᠳᠡᠭᠰᠡᠨ ᠫᠧᠷᠰ ᠦ᠋ᠨ ᠭᠠᠵᠠᠷ ᠨᠤᠲᠤᠭ ᠤ᠋ᠨ ᠲᠡᠦᠬᠡ《ᠬᠣᠲᠠ᠂ ᠠᠷ᠂ ᠵᠠᠯᠠᠨ》 ᠭᠡᠬᠦ ᠡᠨᠡ ᠬᠦ᠌ ᠬᠣᠷᠸ᠎ᠠ ᠳ᠋ᠤ᠌ ᠬᠣᠣᠰ ᠦᠭᠡᠢ ᠨᠣᠮ ᠤ᠋ᠨ ᠡᠬᠡ ᠣᠷᠣᠰ ᠤ᠋ᠨ ᠶᠡᠬᠡ ᠨᠤᠲᠤᠭ ᠠ᠋ᠴᠠ ᠰᠠᠯᠬᠤ ᠪᠣᠯᠪᠠ᠂ ᠭᠡᠪᠡᠴᠦ ᠲᠤᠬᠠᠢ ᠶ᠋ᠢᠨ ᠦᠶ᠎ᠡ ᠶ᠋ᠢᠨ ᠵᠣᠬᠢᠶᠠᠯᠴᠢᠳ ᠫᠠᠷᠢᠰ ᠲᠤ᠌ ᠣᠴᠢᠵᠤ ᠡᠨᠡ ᠨᠣᠮ ᠢ᠋ ᠬᠠᠭᠤᠯᠤᠨ ᠪᠠᠭᠤᠯᠭᠠᠵᠤ ᠠᠪᠤᠭᠠᠳ ᠫᠸᠲ᠋ᠸᠷᠪᠥ᠋ᠷᠡᠭ  ᠲᠦ᠍ ᠠᠪᠴᠢᠷᠠᠪᠠ᠃ ᠪᠠᠷᠲ᠋ᠣᠯᠳ᠋ ᠤ᠋ᠨ ᠨᠢᠭᠡ ᠨᠠᠰᠤᠨ ᠤ᠋ ᠡᠴᠦᠰ ᠦ᠋ᠨ ᠪᠦᠲᠦᠭᠡᠯ ᠪᠣᠯ ᠡᠨᠡ ᠬᠦ᠌ ᠬᠠᠭᠤᠯᠪᠤᠷᠢ ᠡᠬᠡ ᠶ᠋ᠢ ᠠᠰᠢᠭᠯᠠᠨ᠂ ᠤᠤᠯ ᠮᠦᠰᠯᠢᠮ ᠦ᠋ᠨ ᠭᠠᠵᠠᠷ ᠨᠤᠲᠤᠭ ᠤ᠋ᠨ ᠲᠡᠦᠬᠡ ᠶ᠋ᠢᠨ ᠵᠣᠬᠢᠶᠠᠭᠴᠢ ᠳ᠋ᠤ᠌ ᠠᠯᠳᠠᠷᠲᠤ《ᠤᠳᠤᠷᠢᠳᠬᠠᠯ》 ᠪᠢᠴᠢᠵᠦ ᠥᠭᠭᠦᠭᠰᠡᠨ ᠶᠠᠪᠤᠳᠠᠯ ᠪᠣᠯᠤᠨ᠎ᠠ᠃ ᠡᠨᠡ ᠬᠦ᠌《ᠤᠳᠤᠷᠢᠳᠬᠠᠯ》 ᠨᠢ ᠡᠷᠳᠡᠮᠲᠡᠨ ᠪᠠᠷᠲ᠋ᠣᠯᠳ᠋  ᠤ᠋ᠨ ᠨᠠᠰᠤᠨ ᠲᠤᠷᠰᠢᠳᠠ ᠰᠢᠷᠭᠠᠭᠤ ᠠᠵᠢᠯᠯᠠᠬᠤ ᠳᠤᠮᠳᠠ ᠪᠠᠨ ᠠᠵᠢᠯᠰᠠᠭ ᠬᠥᠳᠡᠯᠮᠦᠷᠢᠴᠢ ᠪᠡᠷ ᠬᠢᠨᠠᠭᠤᠷ ᠬᠢᠴᠢᠶᠡᠩᠭᠦᠢ ᠡᠮᠬᠢᠯᠡᠨ ᠴᠤᠭᠯᠠᠭᠤᠯᠵᠤ᠂ ᠬᠤᠷᠠᠮᠳᠤᠭᠤᠯᠤᠭᠰᠠᠨ ᠪᠣᠳᠠᠲᠤ ᠶᠠᠪᠤᠳᠠᠯ ᠢ᠋ ᠪᠦᠷᠢᠨ ᠡᠵᠡᠮᠰᠢᠭᠰᠡᠨ ᠰᠠᠭᠤᠷᠢᠨ ᠳᠡᠭᠡᠷ᠎ᠡ ᠪᠢᠴᠢᠭᠳᠡᠭᠰᠡᠨ ᠶᠦᠮ᠃ ᠵᠣᠬᠢᠶᠠᠭᠴᠢ ᠮᠢᠨᠢ ᠠᠮᠢᠳᠤ ᠰᠡᠷᠡᠭᠦᠨ ᠪᠠᠢᠬᠤ ᠳ᠋ᠠᠭᠠᠨ ᠡᠨᠡ ᠬᠦ᠌ ᠳᠠᠷᠤᠮᠠᠯᠠᠯ ᠡᠬᠡ ᠶ᠋ᠢ ᠣᠯᠵᠤ ᠤᠩᠰᠢᠵᠤ ᠴᠢᠳᠠᠭ᠎ᠠ ᠦᠭᠡᠢ ᠨᠢ ᠬᠠᠷᠠᠮᠰᠠᠯᠲᠠᠢ ᠪᠢᠯᠡ᠃  
       ᠪᠠᠷᠲ᠋ᠣᠯᠳ᠋ ᠲᠤ᠌ ᠪᠢᠴᠢᠭᠰᠡᠨ ᠣᠯᠠᠨ ᠣᠯᠠᠨ ᠭᠠᠰᠢᠭᠤᠳᠠᠯ ᠤ᠋ᠨ ᠦᠭᠡ ᠶ᠋ᠢᠨ ᠳᠤᠮᠳᠠ᠂ ᠫᠡᠥ᠋ᠯ᠂ ᠫᠸᠯᠯᠢᠣ᠌ᠲ᠋ ᠤ᠋ᠨ ᠨᠢᠭᠡ ᠵᠣᠬᠢᠶᠠᠯ ᠢ᠋ ᠣᠨᠴᠠᠭᠠᠢᠯᠠᠨ ᠬᠦᠨᠳᠦᠳᠬᠡᠭᠦᠰᠢᠲᠡᠢ ᠶᠦᠮ᠃ ᠡᠨᠡ ᠬᠦ᠌ ᠠᠯᠳᠠᠷ ᠴᠤᠤ ᠮᠠᠨᠳᠤᠭᠰᠠᠨ ᠣᠳᠣ ᠦᠶ᠎ᠡ ᠶ᠋ᠢᠨ ᠹᠷᠠᠨᠼᠢ ᠶ᠋ᠢᠨ ᠳᠣᠷᠣᠨ᠎ᠠ ᠳ᠋ᠠᠬᠢᠨ ᠰᠤᠳᠤᠯᠤᠯ ᠤ᠋ᠨ ᠡᠷᠳᠡᠮᠲᠡᠨ(1945 ᠣᠨ ᠤ᠋10 ᠰᠠᠷ᠎ᠠ ᠶ᠋ᠢᠨ26 ᠤ᠋ ᠡᠳᠦᠷ ᠨᠠᠰᠤ ᠪᠠᠷᠠᠪᠠ) ᠢᠩᠭᠢᠵᠦ ᠪᠢᠴᠢᠵᠡᠢ᠄《ᠡᠷᠳᠡᠮ ᠮᠡᠳᠡᠯᠭᠡ ᠶ᠋ᠢᠨ ᠥᠷᠭᠡᠴᠡ ᠪᠠ ᠭᠦᠨᠴᠡ᠂ ᠡᠰᠡᠬᠦᠯ᠎ᠡ ᠰᠢᠭᠦᠮᠵᠢᠯᠡᠯ ᠬᠢᠬᠦ ᠣᠨᠣᠴᠠ ᠶ᠋ᠢᠨ ᠬᠡᠮᠵᠢᠶ᠎ᠡ ᠶ᠋ᠢᠨ ᠠᠯᠢ ᠲᠠᠯ᠎ᠠ ᠠ᠋ᠴᠠ ᠠᠪᠴᠤ ᠬᠡᠯᠡᠭᠰᠡᠨ ᠴᠦ᠍ ᠪᠠᠷᠲ᠋ᠣᠯᠳ᠋ ᠤ᠋ᠨ ᠵᠣᠬᠢᠶᠠᠯ ᠪᠦᠲᠦᠭᠡᠯ ᠨᠢᠭᠡ ᠵᠦᠢᠯ ᠦ᠋ᠨ ᠬᠠᠲᠠᠭᠤ ᠪᠡᠬᠢ ᠮᠥᠷᠲᠡᠭᠡᠨ ᠣᠨᠴᠠ ᠭᠠᠢᠬᠠᠮᠰᠢᠭᠲᠠᠢ ᠣᠯᠠᠨ ᠶᠠᠩᠵᠤᠲᠤ ᠴᠢᠨᠠᠷ ᠢ᠋ ᠢᠯᠡᠷᠡᠭᠦᠯᠵᠦ ᠪᠠᠢᠨ᠎ᠠ᠃ ᠡᠨᠡ ᠠᠭᠤᠤ ᠶᠡᠬᠡ ᠡᠷᠳᠡᠮᠲᠡᠨ ᠣᠳᠣ ᠬᠣᠭᠣᠰᠣᠨ ᠣᠷᠣ ᠶ᠋ᠢ ᠭᠠᠷᠭᠠᠵᠤ ᠣᠷᠬᠢᠵᠠᠢ᠂ ᠡᠭᠦᠨ ᠢ᠋ ᠨᠥᠬᠥᠵᠦ ᠴᠢᠳᠠᠬᠤ ᠬᠥᠮᠦᠨ ᠠᠯᠠᠭ᠎ᠠ᠃ ᠲᠡᠭᠦᠨ ᠦ᠌ ᠦᠨᠡᠨᠴᠢ ᠰᠢᠳᠤᠷᠭᠤ᠂ ᠭᠣᠶᠠᠴᠢ ᠦᠭᠡᠢ ᠪᠥᠭᠡᠳ ᠵᠣᠷᠢᠭ ᠰᠥᠰᠥ ᠶ᠋ᠢ ᠰᠠᠨᠠᠬᠤ ᠪᠦᠷᠢ ᠲᠡᠭᠦᠨ ᠦ᠌ ᠪᠡᠶ᠎ᠡ ᠳᠡᠭᠡᠷ᠎ᠡ ᠡᠷᠳᠡᠮᠲᠡᠨ ᠪᠦᠬᠦᠨ ᠦ᠌ ᠡᠷᠬᠢᠮ ᠵᠦᠢᠯ ᠲᠥᠪᠯᠡᠷᠡᠵᠦ ᠪᠠᠢᠭ᠎ᠠ ᠶ᠋ᠢ ᠬᠥᠮᠦᠰ ᠤᠬᠠᠭᠠᠷᠠᠨ ᠮᠡᠳᠡᠷᠡᠵᠦ ᠪᠣᠯᠤᠨ᠎ᠠ᠃》
       ᠪᠠᠷᠲ᠋ᠣᠯᠳ᠋ ᠤ᠋ᠨ ᠦᠯᠡᠳᠡᠭᠡᠭᠰᠡᠨ ᠪᠦᠲᠦᠭᠡᠯ ᠦ᠋ᠳ ᠦ᠋ᠨ ᠳᠣᠲᠣᠷ᠎ᠠ ᠠ᠋ᠴᠠ ᠪᠢᠳᠡ ᠲᠤᠰᠬᠠᠢᠯᠠᠨ ᠡᠨᠡ ᠳᠥᠷᠪᠡᠨ ᠲᠤᠰᠬᠠᠢ ᠥᠭᠦᠯᠡᠯ ᠢ᠋ ᠰᠣᠩᠭᠣᠨ ᠠᠩᠭᠯᠢᠴᠢᠯᠠᠪᠠ᠃ ᠮᠠᠨ ᠤ᠋ ᠵᠣᠷᠢᠯᠭ᠎ᠠ ᠪᠣᠯ ᠲᠦᠷᠭᠢᠰᠲ᠋ᠠᠨ ᠤ᠋ ᠲᠡᠦᠬᠡ ᠪᠠ ᠳᠣᠯᠣᠭᠠᠨ ᠤᠰᠤᠨ ᠤ᠋ ᠭᠠᠵᠠᠷ ᠣᠷᠣᠨ ᠤ᠋ ᠲᠡᠦᠬᠡᠨ ᠳ᠋ᠡᠬᠢ ᠨᠢᠭᠡᠨ ᠶᠡᠷᠦᠩᠬᠡᠢ ᠶᠠᠪᠤᠴᠠ ᠶ᠋ᠢ ᠲᠣᠳᠣᠷᠬᠠᠢᠯᠠᠬᠤ ᠳ᠋ᠤ᠌ ᠣᠷᠣᠰᠢᠨ᠎ᠠ᠃ ᠡᠨᠳᠡ᠂ ᠲᠤᠰ ᠨᠣᠮ ᠤ᠋ᠨ ᠨᠠᠢᠷᠠᠭᠤᠯᠤᠭᠴᠢ ᠤᠤᠯ ᠵᠣᠬᠢᠶᠠᠭᠴᠢ ᠶ᠋ᠢᠨ ᠪᠢᠴᠢᠭᠰᠡᠨ ᠣᠨ ᠵᠢᠯ ᠦ᠋ᠨ ᠳᠠᠷᠠᠭᠠᠯᠠᠯ ᠢ᠋ ᠦᠨᠳᠦᠰᠦᠯᠡᠭᠰᠡᠨ ᠪᠢᠰᠢ᠂ ᠬᠠᠷᠢᠨ ᠡᠨᠡ ᠬᠦ᠌ ᠳᠥᠷᠪᠡᠨ ᠲᠤᠰᠬᠠᠢ ᠥᠭᠦᠯᠡᠯ ᠦ᠋ᠨ ᠠᠭᠤᠯᠭ᠎ᠠ ᠶ᠋ᠢᠨ ᠣᠨ ᠵᠢᠯ ᠦ᠋ᠨ ᠳᠠᠷᠠᠭᠠᠯᠠᠯ ᠢ᠋ ᠦᠨᠳᠦᠰᠦᠯᠡᠭᠰᠡᠨ ᠢ᠋ ᠡᠷᠬᠡᠪᠰᠢ ᠳᠤᠷᠠᠳᠬᠤ ᠬᠡᠷᠡᠭᠲᠡᠢ᠃ ᠡᠭᠦᠨ ᠡᠴᠡ ᠭᠠᠳᠠᠨ᠎ᠠ᠂ ᠡᠨᠡ ᠬᠦ᠌ ᠳᠥᠷᠪᠡᠨ ᠲᠤᠰᠬᠠᠢ ᠥᠭᠦᠯᠡᠯ ᠦ᠋ᠨ ᠪᠢᠴᠢᠭᠳᠡᠭᠰᠡᠨ ᠣᠨ ᠵᠢᠯ ᠨᠢ ᠬᠣᠭᠣᠷᠣᠨᠳᠣ ᠪᠠᠨ ᠶᠡᠬᠡ ᠵᠠᠢᠲᠠᠢ ᠪᠣᠯᠬᠤ ᠪᠠᠷ ᠥᠭᠦᠯᠡᠯ ᠪᠦᠷᠢ ᠨᠢ ᠨᠥᠭᠦᠭᠡ ᠭᠤᠷᠪᠠᠨ ᠥᠭᠦᠯᠡᠯ ᠦ᠋ᠨ ᠢ᠋ᠶ᠋ᠡᠨ ᠳᠡᠰ ᠳᠠᠷᠠᠭᠠᠯᠠᠯ ᠲᠠᠢ ᠵᠢᠭᠠᠬᠠᠨ ᠠᠳᠠᠯᠢ ᠦᠭᠡᠢ ᠪᠣᠯᠪᠠ᠂ ᠠᠳᠠᠯᠢᠬᠠᠨ ᠬᠡᠷᠡᠭ ᠢ᠋ ᠳᠤᠷᠠᠳᠬᠤ ᠦᠶ᠎ᠡ ᠳ᠋ᠦ᠍ ᠳᠠᠪᠲᠠᠭᠰᠠᠨ ᠤᠴᠢᠷ ᠪᠠᠢᠭ᠎ᠠ ᠨᠢ ᠳᠠᠮᠵᠢᠭ ᠦᠭᠡᠢ᠃ ᠡᠳᠡᠭᠡᠷ ᠥᠭᠦᠯᠡᠯ ᠢ᠋ ᠦᠭᠡᠷᠴᠢᠯᠡᠵᠦ ᠨᠠᠢᠷᠠᠭᠤᠯᠬᠤ ᠳ᠋ᠠᠭᠠᠨ ᠪᠢᠳᠡ ᠲᠤᠩᠭᠠᠨ ᠪᠣᠳᠣᠯᠬᠢᠯᠠᠭᠰᠠᠨ ᠤ᠋ ᠡᠴᠦᠰ ᠲᠦ᠍᠂ ᠳᠠᠪᠲᠠᠭᠳᠠᠭᠰᠠᠨ ᠬᠡᠰᠡᠭ ᠢ᠋ ᠬᠠᠰᠤᠵᠤ ᠬᠠᠶᠠᠬᠤ ᠨᠢ ᠵᠣᠬᠢᠮᠵᠢ ᠦᠭᠡᠢ ᠭᠡᠵᠦ ᠪᠣᠳᠣᠪᠠ᠂ ᠲᠡᠭᠡᠬᠦ ᠳ᠋ᠦ᠍ ᠬᠦᠷᠪᠡᠯ ᠵᠣᠬᠢᠶᠠᠯ ᠪᠦᠲᠦᠭᠡᠯ ᠳ᠋ᠡᠬᠢ ᠥᠪᠡᠷᠮᠢᠴᠡ ᠯᠣᠭᠢᠭ ᠢ᠋ ᠡᠪᠳᠡᠬᠦ ᠳ᠋ᠦ᠍ ᠬᠦᠷᠦᠨ᠎ᠡ᠃ ᠳᠠᠬᠢᠭᠠᠳ ᠬᠡᠯᠡᠪᠡᠯ᠂ ᠵᠣᠬᠢᠶᠠᠭᠴᠢᠳ ᠪᠠᠷᠲ᠋ᠣᠯᠳ᠋ ᠤ᠋ᠨ《ᠴᠣᠮᠣᠳᠬᠠᠬᠤ ᠬᠡᠪ ᠨᠠᠮᠪᠠ》 ᠶ᠋ᠢᠨ ᠣᠨᠴᠠᠯᠢᠭ ᠢ᠋ ᠪᠦᠷᠢᠨ ᠣᠢᠯᠠᠭᠠᠭᠰᠠᠨ ᠤ᠋ ᠳᠠᠷᠠᠭ᠎ᠠ᠂ ᠡᠳᠡᠭᠡᠷ ᠲᠠᠢᠯᠪᠤᠷᠢ ᠶ᠋ᠢ ᠳᠤᠷ᠎ᠠ ᠪᠠᠬ᠎ᠠ ᠲᠠᠢ ᠨᠠᠷᠢᠪᠴᠢᠯᠠᠨ ᠤᠩᠰᠢᠬᠤ ᠨᠢ ᠯᠠᠪᠲᠠᠢ᠂ ᠲᠡᠭᠡᠬᠦ ᠳ᠋ᠡᠭᠡᠨ ᠡᠳᠡᠭᠡᠷ ᠲᠠᠢᠯᠪᠤᠷᠢ ᠨᠢ ᠨᠥᠭᠦᠭᠡ ᠭᠤᠷᠪᠠᠨ ᠥᠭᠦᠯᠡᠯ ᠳ᠋ᠦ᠍ᠨᠢ ᠪᠠᠢᠭ᠎ᠠ ᠦᠭᠡᠢ ᠶᠦ᠍ᠮ᠃ 
        ᠳᠣᠣᠷ᠎ᠠ ᠪᠢᠳᠡ ᠡᠨᠡ ᠬᠦ᠌ ᠳᠥᠷᠪᠡᠨ ᠲᠤᠰᠬᠠᠢ ᠥᠭᠦᠯᠡᠯ ᠢ᠋ ᠨᠢᠭᠡ ᠨᠢᠭᠡ ᠪᠡᠷ ᠲᠠᠨᠢᠯᠴᠠᠭᠤᠯᠪᠠᠯ ᠪᠣᠳᠠᠲᠤ ᠪᠠᠢᠳᠠᠯ ᠢ᠋ ᠲᠣᠳᠣᠷᠬᠠᠢ ᠣᠢᠯᠠᠭᠠᠵᠤ ᠪᠣᠯᠤᠨ᠎ᠠ᠃  
        (ᠨᠢᠭᠡ)《ᠲᠦᠷᠺᠢᠰᠲ᠋ᠨ᠌ᠨ ᠦ᠌ ᠲᠣᠪᠴᠢ ᠲᠡᠦᠬᠡ》᠃
       ᠡᠨᠡ ᠪᠣᠯ ᠪᠠᠷᠲ᠋ᠣᠯᠳ᠋ ᠤ᠋ᠨ1920—1921 ᠣᠨ ᠳ᠋ᠤ᠌ ᠰᠢᠨ᠎ᠡ ᠪᠡᠷ ᠨᠡᠭᠡᠭᠡᠭᠰᠡᠨ ᠲᠦᠷᠺᠢᠰᠲ᠋ᠠᠨ ᠶᠡᠬᠡ ᠰᠤᠷᠭᠠᠭᠤᠯᠢ ᠳ᠋ᠤ᠌ ᠬᠢᠭᠰᠡᠨ ᠢᠯᠡᠳᠬᠡᠯ ᠦ᠋ᠨ ᠬᠢᠨᠢ ᠨᠢᠭᠡ ᠬᠡᠰᠡᠭ ᠪᠣᠯᠤᠨ᠎ᠠ᠃ 1922ᠣᠨ ᠲᠠᠱᠺᠸᠨ᠋ᠲ᠋ ᠲᠤ᠌ ᠬᠡᠪᠡᠯᠡᠭᠳᠡᠪᠡ᠃ ᠡᠢᠨ ᠬᠦ᠌ ᠵᠡᠭᠦᠯᠲᠡ ᠲᠠᠢᠯᠪᠤᠷᠢ ᠲᠤᠩ ᠴᠥᠭᠡᠨ᠂ ᠨᠥᠭᠦᠭᠡ ᠭᠤᠷᠪᠠᠨ ᠥᠭᠦᠯᠡᠯ ᠲᠡᠢ ᠨᠢ ᠬᠠᠷᠢᠴᠠᠭᠤᠯᠪᠠᠯ ᠦᠭᠡ ᠦᠰᠦᠭ ᠨᠢ ᠬᠤᠷᠴᠠ ᠠᠪᠰᠠᠷᠬᠠᠨ᠃ ᠡᠨᠡ ᠵᠣᠬᠢᠶᠠᠯ ᠨᠢ ᠪᠠᠷᠲ᠋ᠣᠯᠳ᠋ ᠤ᠋ᠨ ᠠᠯᠳᠠᠷᠲᠤ ᠪᠦᠲᠦᠭᠡᠯ《ᠮᠣᠩᠭᠣᠯ ᠡᠵᠡᠷᠬᠡᠵᠦ ᠪᠠᠢᠭᠰᠠᠨ ᠦᠶ᠎ᠡ ᠶ᠋ᠢᠨ ᠲᠦᠷᠺᠢᠰᠲ᠋ᠨ᠌ᠨ》(1900ᠣᠨ ᠳ᠋ᠤ᠌ ᠬᠡᠪᠯᠡᠭᠦᠯᠪᠡ ) ᠲᠡᠢ ᠬᠡᠪ ᠨᠠᠮᠪᠠ ᠶ᠋ᠢᠨ ᠲᠠᠯ᠎ᠠ ᠪᠠᠷ ᠦᠰᠦᠳ ᠥᠭᠡᠷ᠎ᠡ᠃ ᠲᠤᠢᠯ ᠤ᠋ᠨ ᠴᠢᠨᠠᠷᠯᠢᠭ ᠠᠪᠰᠠᠷᠬᠠᠨ ᠬᠡᠯᠪᠡᠷᠢ ᠪᠡᠷ ᠪᠢᠴᠢᠵᠡᠢ᠃ ᠭᠡᠬᠦ ᠳ᠋ᠡᠭᠡᠨ ᠡᠨᠡ ᠬᠦ᠌《ᠲᠣᠪᠴᠢ ᠲᠡᠦᠬᠡ 》 ᠶ᠋ᠢᠨ ᠠᠭᠤᠯᠭ᠎ᠠ ᠳ᠋ᠤ᠌ ᠲᠤᠩ ᠤᠷᠲᠤ ᠲᠡᠦᠬᠡᠨ ᠱᠠᠲᠤ ᠦᠶ᠎ᠡ ᠶ᠋ᠢ ᠪᠠᠭᠲᠠᠭᠠᠪᠠ᠃ ᠡᠷᠭᠢᠴᠡᠭᠦᠯᠬᠦ ᠶ᠋ᠢᠨ ᠠᠷᠭ᠎ᠠ ᠦᠭᠡᠢ ᠴᠠᠭ ᠦᠶ᠎ᠡ ᠡᠴᠡ ᠠᠪᠤᠭᠠᠳ ᠣᠷᠣᠰᠴᠤᠳ ᠲᠡᠳᠡᠨ ᠢ᠋ ᠲᠦᠷᠢᠮᠡᠬᠡᠢᠯᠡᠭᠰᠡᠨ ᠲᠡᠦᠬᠡ ᠬᠦᠷᠲᠡᠯ᠎ᠡ ᠬᠠᠮᠤᠷᠤᠭᠳᠠᠵᠤ ᠪᠠᠢᠨ᠎ᠠ᠃ ᠲᠤᠰ ᠵᠣᠬᠢᠶᠠᠯ ᠤ᠋ᠨ ᠣᠯᠠᠨ ᠣᠯᠠᠨ ᠠᠭᠤᠯᠭ᠎ᠠ ᠶ᠋ᠢ ᠬᠠᠮᠤᠷᠤᠭᠰᠠᠨ ᠣᠨᠴᠠᠯᠢᠭ ᠠ᠋ᠴᠠ ᠨᠢ ᠠᠪᠴᠤ ᠬᠡᠯᠡᠪᠡᠯ᠂ ᠡᠨᠡ ᠬᠦ᠌ ᠳᠥᠷᠪᠡᠨ ᠥᠭᠦᠯᠡᠯ ᠦ᠋ᠨ ᠢ᠋ᠶ᠋ᠡᠨ ᠤᠳᠤᠷᠢᠳᠬᠠᠯ ᠪᠣᠯᠵᠤ ᠪᠣᠯᠬᠤ ᠶᠤᠮ᠃ ᠡᠭᠦᠨ ᠦ᠌ ᠳᠣᠲᠣᠷᠠᠬᠢ ᠣᠯᠠᠨ ᠤ᠋ ᠳᠤᠷ᠎ᠠ ᠰᠣᠨᠢᠷᠬᠠᠯ ᠢ᠋ ᠲᠠᠲᠠᠬᠤ ᠦᠵᠡᠯᠲᠡ ᠶ᠋ᠢ ᠣᠨᠴᠠᠯᠠᠨ ᠲᠡᠮᠳᠡᠭᠯᠡᠬᠦ ᠶ᠋ᠢᠨ ᠲᠥᠯᠥᠭᠡ᠂ ᠪᠢ ᠲᠤᠰ ᠵᠣᠬᠢᠶᠠᠯ ᠤ᠋ᠨ ᠵᠡᠭᠦᠯᠲᠡ ᠲᠡᠮᠳᠡᠭᠯᠡᠯ ᠳ᠋ᠦ᠍ ᠪᠠᠷᠲ᠋ᠣᠯᠳ᠋ ᠤ᠋ᠨ ᠬᠢᠭᠰᠡᠨ《ᠠᠷᠪᠠᠨ ᠲᠠᠪᠤᠨ ᠰᠡᠳᠦᠪ 》 ᠢ᠋ ᠵᠢᠭᠰᠠᠭᠠᠪᠠ᠂ ᠮᠢᠨᠦ ᠪᠣᠳᠣᠬᠤ ᠪᠠᠷ ᠬᠡᠷᠡᠭ ᠦᠭᠡᠢ ᠪᠢᠰᠢ ᠶᠦ᠍ᠮ ᠃ ᠡᠨᠡ ᠬᠦ᠌ ᠠᠷᠪᠠᠨ ᠲᠠᠪᠤ ᠰᠡᠳᠦᠪ ᠦ᠋ᠨ ᠴᠢᠬᠤᠯᠠ ᠬᠡᠰᠡᠭ ᠲᠦ᠍ ᠪᠠᠷᠲ᠋ᠣᠯᠳ᠋ ᠥᠪᠡᠷ ᠦ᠋ᠨ ᠢ᠋ᠶ᠋ᠡᠨ ᠭᠣᠣᠯ ᠳ᠋ᠦᠩᠨᠡᠯᠲᠡ ᠪᠡᠨ ᠬᠤᠷᠢᠶᠠᠩᠭᠤᠢᠯᠠᠭᠰᠠᠨ ᠶᠤᠮ᠂ ᠡᠢᠨ ᠬᠦ᠌ ᠡᠭᠦᠨ ᠢ᠋ ᠠᠩᠭ᠌ᠯᠢ ᠬᠡᠯᠡ ᠳᠡᠭᠡᠷ᠎ᠡ ᠣᠷᠴᠢᠭᠤᠯᠪᠠᠯ᠂ ᠲᠤᠰ ᠨᠣᠮ ᠤ᠋ᠨ ᠤᠩᠰᠢᠭᠴᠢᠳ ᠲᠤ᠌ ᠲᠤᠰᠠ ᠪᠣᠯᠬᠤ ᠪᠠᠷ ᠦᠯᠦ ᠪᠠᠷᠠᠨ᠂ 1928 ᠣᠨ ᠤ᠋(ᠲᠦᠷᠺᠢᠰᠲ᠋ᠨ᠌ᠨ)ᠭᠡᠳᠡᠭ ᠨᠣᠮ ᠤ᠋ᠨ ᠠᠩᠭ᠌ᠯᠢ ᠣᠷᠴᠢᠭᠤᠯᠭ᠎ᠠ ᠶ᠋ᠢᠨ ᠤᠩᠰᠢᠭᠴᠢᠳ ᠲᠤ᠌ ᠴᠤ᠌ ᠠᠰᠢᠭ ᠲᠠᠢ ᠶᠤᠮ᠃ 
       (ᠬᠣᠶᠠᠷ)《ᠳᠣᠯᠣᠭᠠᠨ ᠤᠰᠤᠨ ᠤ᠋ ᠲᠡᠦᠬᠡ》᠃
       1893 ᠣᠨ ᠳ᠋ᠤ᠌ ᠸᠣᠷᠨᠢ(ᠣᠳᠣ ᠶ᠋ᠢᠨ ᠠᠯᠠᠮᠲᠤ) ᠳ᠋ᠤ᠌ ᠬᠡᠪᠯᠡᠭᠳᠡᠪᠡ᠃ ᠡᠨᠡ ᠨᠣᠮ ᠢ᠋ᠶ᠋ᠠᠨ ᠪᠠᠷᠲ᠋ᠣᠯᠳ᠋ ᠨᠢᠭᠡ ᠨᠠᠰᠤ ᠪᠠᠨ ᠲᠦᠷᠺᠢᠰᠲ᠋ᠠᠨ ᠤ᠋ ᠲᠡᠦᠬᠡ ᠶ᠋ᠢᠨ ᠰᠤᠳᠤᠯᠭ᠎ᠠ ᠳ᠋ᠤ᠌ ᠵᠣᠷᠢᠭᠤᠯᠬᠤ ᠪᠠᠷ ᠰᠢᠢᠳᠬᠦ ᠡᠴᠡ ᠳᠣᠯᠣᠭᠠᠨ ᠵᠢᠯ ᠦ᠋ᠨ ᠡᠮᠦᠨ᠎ᠡ ᠪᠢᠴᠢᠵᠡᠢ᠃ ᠬᠠᠮᠤᠭ ᠤ᠋ᠨ ᠠᠩᠬᠠᠨ ᠤ᠋ ᠡᠨᠡ ᠪᠦᠲᠦᠭᠡᠯ ᠨᠢ ᠣᠳᠣ ᠨᠢᠭᠡᠨᠲᠡ ᠬᠠᠭᠠᠰ ᠵᠠᠭᠤᠨ ᠢ᠋ ᠥᠩᠭᠡᠷᠡᠭᠦᠯᠵᠡᠢ᠃ ᠭᠡᠪᠡᠴᠦ ᠣᠳᠣ ᠠᠪᠴᠤ ᠦᠵᠡᠭᠰᠡᠨ ᠴᠦ᠍ ᠵᠡᠭᠦᠨ ᠲᠦᠷᠺᠢᠰᠲ᠋ᠠᠨ ᠬᠢᠭᠡᠳ ᠰᠢᠪᠧᠷᠢᠶ᠎ᠡ ᠶ᠋ᠢᠨ ᠬᠣᠭᠣᠷᠣᠨᠳᠣᠬᠢ ᠡᠨᠡ ᠬᠦ᠌ ᠨᠤᠲᠤᠭ ᠳᠡᠪᠢᠰᠬᠡᠷ ᠳᠡᠭᠡᠷᠡᠬᠢ ᠳᠡᠯᠡᠬᠡᠢ ᠳ᠋ᠠᠬᠢᠨ᠎ᠠ ᠮᠡᠳᠡᠭᠳᠡᠭᠡ ᠦᠭᠡᠢ ᠲᠡᠦᠬᠡᠨ ᠬᠡᠷᠡᠭ ᠤᠴᠢᠷ ᠤ᠋ᠳ ᠢ᠋ ᠰᠢᠭᠦᠨ ᠡᠮᠬᠢᠯᠡᠭᠰᠡᠨ ᠲᠠᠯ᠎ᠠ ᠪᠠᠷ ᠢ᠋ᠶ᠋ᠠᠨ ᠳᠡᠯᠡᠬᠡᠢ ᠳ᠋ᠦ᠍ ᠭᠠᠭᠴᠠᠬᠠᠨ ᠪᠠᠢᠭ᠎ᠠ ᠶᠤᠮ᠃ Semirechy`e (ᠱᠶ᠋ᠶᠧᠮᠢᠯᠢᠶᠧᠴᠢ) ᠭᠡᠬᠦ ᠡᠨᠡ ᠬᠦ᠌ ᠣᠷᠣᠰ ᠦᠰᠦᠭ᠂ ᠲᠤᠬᠠᠢᠯᠠᠪᠠᠯ ᠲᠦᠷᠺ ᠬᠡᠯᠡᠨ ᠦ᠌ jiti —su( ᠵᠢᠲ᠋ᠢᠰᠦ) ᠪᠣᠯ《ᠳᠣᠯᠣᠭᠠᠨ ᠤᠰᠤᠨ》 ᠭᠡᠰᠡᠨ ᠤᠳᠬ᠎ᠠ ᠲᠠᠢ᠂ ᠡᠨᠳᠡ ᠵᠢᠭᠠᠵᠤ ᠪᠠᠢᠭ᠎ᠠ ᠡᠨᠡ ᠬᠦ᠌ ᠲᠠᠯ᠎ᠠ ᠨᠤᠲᠤᠭ ᠨᠢ ᠢᠰᠠᠢᠺᠺᠣᠯ ᠨᠠᠭᠤᠷ ᠪᠣᠯᠤᠨ ᠪᠠᠯᠬᠠᠱ ᠨᠠᠭᠤᠷ ᠤ᠋ᠨ ᠬᠣᠭᠣᠷᠣᠨᠳᠣ ᠬᠥᠨᠳᠡᠯᠢᠳᠦᠭᠰᠡᠨ ᠨᠤᠲᠤᠭ ᠪᠣᠯᠤᠨ ᠲᠡᠭᠦᠨ ᠡᠴᠡ ᠪᠠᠷᠠᠭᠤᠨᠰᠢᠬᠢ ᠬᠡᠰᠡᠭ ᠭᠠᠵᠠᠷ ᠢ᠋ ᠬᠡᠯᠡᠵᠦ ᠪᠠᠢᠨ᠎ᠠ᠃ ᠤᠤᠯ ᠤ᠋ᠨ ᠳᠣᠯᠣᠭᠠᠨ ᠤᠰᠤᠨ ᠤ᠋ ᠨᠤᠲᠤᠭ ᠨᠢ ᠣᠳᠣ ᠵᠥᠪᠯᠡᠯᠲᠦ ᠬᠣᠯᠪᠣᠭᠠᠲᠤ ᠤᠯᠤᠰ① ᠵᠠᠳᠠᠷᠠᠭᠰᠠᠨ ᠤ᠋ ᠳᠠᠷᠠᠭ᠎ᠠ ᠬᠤᠪᠢᠶᠠᠭᠳᠠᠭᠠᠳ ᠬᠠᠰᠠᠭᠰᠲ᠋ᠠᠨ ᠪᠣᠯᠤᠨ ᠭᠢᠷᠭᠢᠰᠲ᠋ᠠᠨ ᠪᠣᠯᠵᠠᠢ᠃ ᠪᠠᠷᠲ᠋ᠣᠯᠳ᠋ ᠤ᠋ᠨ ᠠᠪᠤᠷᠭᠤ ᠪᠦᠲᠦᠭᠡᠯ《ᠲᠦᠷᠺᠢᠰᠲ᠋ᠠᠨ》 ᠳ᠋ᠤ᠌《 ᠳᠣᠯᠣᠭᠠᠨ ᠤᠰᠤᠨ ᠤ᠋ ᠲᠡᠦᠬᠡ》 ᠶ᠋ᠢ ᠣᠯᠠᠨᠲᠠ ᠳᠤᠷᠠᠳᠴᠠᠢ᠂ ᠭᠡᠪᠡᠴᠦ ᠣᠷᠣᠰ ᠲᠤ᠌ ᠴᠤ᠌ ᠡᠨᠡ ᠨᠣᠮ ᠣᠯᠳᠠᠬᠤᠶ᠎ᠠ ᠪᠡᠷᠬᠡ ᠪᠣᠯᠪᠠ᠃ ᠣᠢᠷᠠᠬᠠᠨ ᠪᠣᠯᠵᠤ ᠢᠷᠡᠭᠡᠳ ᠣᠳᠣ ᠦᠶ᠎ᠡ ᠶ᠋ᠢᠨ ᠪᠠᠷᠲᠠᠭ᠎ᠠ ᠬᠠᠢᠬᠴᠢᠳ ᠪᠣᠯᠤᠨ ᠲᠤᠬᠠᠢ ᠶ᠋ᠢᠨ ᠭᠠᠵᠠᠷ ᠤ᠋ᠨ ᠰᠣᠶᠣᠯ ᠤ᠋ᠨ ᠳᠤᠷᠠᠰᠬᠠᠯᠲᠤ ᠪᠣᠳᠠᠰ ᠢ᠋ ᠬᠠᠳᠠᠭᠠᠯᠠᠭᠴᠢ ᠳ᠋ᠣᠺᠲ᠋ᠣᠷ ᠪᠸᠷᠨ᠋ᠲ᠋ᠠᠮ(A·N·Bberntam) ‍ᠤᠨ ᠬᠢᠨᠠᠯᠲᠠ ᠵᠢᠯᠣᠭᠣᠳᠤᠯᠭ᠎ᠠ ᠶ᠋ᠢᠨ ᠳᠣᠣᠷ᠎ᠠ᠂ ᠪᠦᠭᠦᠳᠡ ᠨᠠᠢᠷᠠᠮᠳᠠᠬᠤ ᠭᠢᠷᠭᠢᠰᠲ᠋ᠠᠨ ᠤᠯᠤᠰ ᠤ᠋ᠨ ᠹᠷᠣᠨᠽᠸ ᠬᠣᠲᠠ ᠳ᠋ᠤ᠌ ᠬᠡᠪᠯᠡᠭᠦᠯᠪᠡ(1943 ᠣᠨ)᠃ ᠲᠤᠰ ᠨᠣᠮ ᠢ᠋ ᠬᠢᠲᠠᠳᠴᠢᠯᠠᠬᠤ ᠳ᠋ᠤ᠌ ᠺᠠᠮᠪᠷᠢᠵ ᠶᠡᠬᠡ ᠰᠤᠷᠭᠠᠭᠤᠯᠢ ᠶ᠋ᠢᠨ ᠫᠷᠣᠹᠧᠰᠰᠣᠷ ᠾᠡᠯᠦᠥ᠋ᠨ(G·Haloun) ᠨᠠᠮᠠᠶ᠋ᠢ ᠶᠡᠬᠡ ᠲᠤᠰᠠᠯᠠᠭᠰᠠᠨ ᠶᠤᠮ᠃  
       (ᠭᠤᠷᠪᠠ)《 ᠦᠯᠦᠭᠪᠸᠺ》᠃
       1915 ᠣᠨ ᠳ᠋ᠤ᠌ ᠪᠢᠴᠢᠵᠦ᠂1918 ᠣᠨ ᠳ᠋ᠤ᠌ ᠬᠡᠪᠯᠡᠭᠦᠯᠪᠡ᠃ ᠡᠨᠡ ᠪᠣᠯ ᠪᠠᠷᠲ᠋ᠣᠯᠳ᠋ ᠤ᠋ᠨ ᠲᠡᠦᠬᠡ ᠶ᠋ᠢᠨ ᠤᠯᠠ ᠮᠥᠷ ᠲᠦ᠍ ᠰᠢᠷᠭᠠᠭᠤ ᠪᠠᠢᠴᠠᠭᠠᠯᠲᠠ ᠬᠢᠭᠰᠡᠨ ᠦᠯᠢᠭᠡᠷ ᠬᠡᠪ ᠮᠥᠨ᠃ ᠡᠨᠡ ᠬᠦ᠌ ᠲᠤᠰᠬᠠᠢ ᠪᠦᠲᠦᠭᠡᠯ ᠨᠢ ᠡᠮᠦᠨᠡᠬᠢ ᠬᠣᠶᠠᠷ ᠪᠦᠲᠦᠭᠡᠯ ᠦ᠋ᠨ ᠢ᠋ᠶ᠋ᠡᠨ ᠶᠡᠷᠦᠩᠬᠡᠢ ᠲᠥᠯᠥᠪᠵᠢᠭᠦᠯᠭᠡ ᠶ᠋ᠢ ᠪᠠᠷᠢᠮᠲᠠᠯᠠᠨ ᠭᠦᠨᠵᠡᠭᠡᠢᠷᠡᠭᠦᠯᠵᠦ᠂《ᠲᠦᠷᠺᠢᠰᠲ᠋ᠠᠨ》 ᠨᠣᠮ ᠳ᠋ᠤ᠌ ᠦᠯᠡᠳᠡᠭᠡᠭᠰᠡᠨ ᠮᠣᠩᠭᠣᠯ ᠤ᠋ᠨ ᠡᠵᠡᠷᠬᠡᠵᠦ ᠪᠠᠢᠭᠰᠠᠨ ᠦᠶ᠎ᠡ ᠶ᠋ᠢᠨ ᠦᠵᠡᠯ ᠱᠤᠭᠤᠮ ᠢ᠋ ᠳᠠᠬᠢᠨᠲᠠ ᠡᠯᠭᠦᠨ ᠠᠪᠤᠭᠰᠠᠨ ᠪᠠᠢᠨ᠎ᠠ᠃《 ᠦᠯᠦᠭᠪᠸᠺ》 ᠭᠡᠬᠦ ᠡᠨᠡ ᠬᠦ᠌ ᠲᠤᠰᠬᠠᠢ ᠪᠦᠲᠦᠭᠡᠯ ᠳ᠋ᠦ᠍ ᠦᠨᠳᠦᠰᠦᠯᠡᠭᠰᠡᠨ ᠦᠨᠡᠨ ᠪᠣᠳᠠᠲᠠᠢ ᠮᠠᠲ᠋ᠧᠷᠢᠶᠠᠯ ᠤ᠋ᠨ ᠡᠬᠢ ᠰᠤᠷᠪᠤᠯᠵᠢ ᠶ᠋ᠢᠨ ᠲᠠᠯ᠎ᠠ ᠪᠠᠷ᠂ ᠲᠡᠭᠦᠨ ᠦ᠌ ᠣᠳᠣ ᠦᠶ᠎ᠡ ᠳ᠋ᠦ᠍ ᠬᠢᠭᠰᠡᠨ ᠪᠠᠢᠴᠠᠭᠠᠯᠲᠠ ᠶ᠋ᠢᠨ ᠠᠵᠢᠯ ᠤ᠋ᠨ ᠣᠨᠣᠴᠠ ᠶ᠋ᠢᠨ ᠲᠠᠯ᠎ᠠ ᠪᠠᠷ᠂ ᠳᠤᠮᠳᠠᠳᠤ ᠠᠽᠢᠶ᠎ᠠ ᠶ᠋ᠢᠨ ᠲᠡᠦᠬᠡᠨ ᠳ᠋ᠡᠬᠢ ᠡᠭᠡᠳᠡᠷᠡᠭᠡ ᠪᠤᠳᠤᠯᠢᠶᠠᠨᠲᠠᠢ ᠠᠰᠠᠭᠤᠳᠠᠯ ᠤ᠋ᠳ ᠤ᠋ᠨ ᠳᠣᠲᠣᠷᠠᠬᠢ ᠲᠡᠮᠦᠷ ᠬᠠᠭᠠᠨᠲᠤ ᠤᠯᠤᠰ(1400 ~ 1450) ᠤ᠋ ᠳᠠᠩᠴᠤ ᠤᠷᠲᠤ ᠪᠤᠰᠤ ᠲᠡᠦᠬᠡ ᠶ᠋ᠢᠨ ᠰᠤᠳᠤᠯᠭᠠᠨ ᠳ᠋ᠤ᠌ ᠨᠢᠭᠡᠨ ᠵᠤᠷᠪᠤᠰ ᠭᠡᠷᠡᠯ ᠭᠡᠭᠡ ᠶ᠋ᠢ ᠠᠪᠴᠢᠷᠠᠵᠤ ᠥᠭᠴᠡᠢ᠃  
       (ᠳᠥᠷᠪᠡ)( ᠮᠢᠷ᠂ ᠠᠯᠢ᠂ ᠰᠢᠷ)᠃ 
       ᠡᠨᠡ ᠪᠣᠯ《ᠳᠥᠷᠪᠡᠨ ᠥᠭᠦᠯᠡᠯ》 ᠦ᠋ᠨ ᠳᠣᠲᠣᠷ᠎ᠠ ᠬᠠᠮᠤᠭ ᠤ᠋ᠨ ᠰᠡᠭᠦᠯ ᠳ᠋ᠦ᠍ ᠪᠢᠴᠢᠭᠳᠡᠭᠰᠡᠨ ᠥᠭᠦᠯᠡᠯ ᠪᠣᠯᠤᠨ᠎ᠠ᠃1928 ᠣᠨ ᠳ᠋ᠤ᠌ ᠬᠡᠪᠯᠡᠭᠳᠡᠪᠡ᠃ ᠵᠥᠪᠯᠡᠯᠲᠦ ᠬᠣᠯᠪᠣᠭᠠᠲᠤ ᠤᠯᠤᠰ ᠤ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠡᠴᠡ ᠨᠠᠢᠷᠠᠭᠤᠯᠤᠭᠰᠠᠨ ᠳᠤᠮᠳᠠᠳᠤ ᠠᠽᠢᠶ᠎ᠠ ᠳ᠋ᠤ᠌ ᠬᠠᠮᠤᠭ ᠤ᠋ᠨ ᠡᠴᠦᠰ ᠲᠦ᠍ ᠪᠣᠢ ᠪᠣᠯᠤᠭᠰᠠᠨ ᠲᠡᠮᠦᠷ ᠬᠠᠭᠠᠨᠲᠤ ᠤᠯᠤᠰ ᠤ᠋ᠨ ᠡᠨᠡ ᠬᠦ᠌ ᠬᠠᠮᠤᠭ ᠠ᠋ᠴᠠ ᠨᠡᠷ᠎ᠡ ᠳ᠋ᠦ᠍ ᠭᠠᠷᠤᠭᠰᠠᠨ ᠤᠯᠤᠰ ᠲᠥᠷᠥᠴᠢᠨ ᠪᠥᠭᠡᠳ ᠵᠣᠬᠢᠶᠠᠯᠴᠢ ᠶ᠋ᠢᠨ ᠮᠡᠨᠳᠦᠯᠡᠭᠰᠡᠨ500 ᠵᠢᠯ ᠦ᠋ᠨ ᠣᠢ ᠶ᠋ᠢ ᠳᠤᠷᠠᠰᠬᠠᠬᠤ ᠶ᠋ᠢᠨ ᠲᠥᠯᠥᠭᠡ ᠳᠠᠷᠤᠮᠠᠯᠯᠠ ᠲᠠᠷᠬᠠᠭᠠᠭᠰᠠᠨ ᠴᠤᠪᠤᠷᠠᠯ ᠪᠢᠴᠢᠭ ᠲᠦ᠍ ᠰᠣᠩᠭᠣᠭᠳᠠᠵᠠᠢ᠃ ᠬᠡᠷᠪᠡ《 ᠦᠯᠦᠭᠪᠸᠺ》 ᠦ᠋ᠨ ᠦᠯᠢᠭᠡᠷ ᠨᠢ ᠰᠠᠮᠠᠷᠺᠠᠠᠳ᠋ ᠢ᠋ᠶ᠋ᠠᠷ ᠭᠣᠣᠯ ᠪᠣᠯᠭᠠᠯ᠎ᠠ ᠭᠡᠪᠡᠯ᠂《 ᠮᠢᠷ᠂ ᠠᠯᠢ᠂ ᠰᠢᠷ》 ᠨᠢ ᠣᠳᠣ ᠶ᠋ᠢᠨ ᠠᠹᠭᠠᠨᠢᠰᠲ᠋ᠠᠨ ᠤ᠋ ᠪᠠᠷᠠᠭᠤᠨ ᠬᠣᠢᠲᠤ ᠬᠢᠯᠢ ᠳ᠋ᠡᠬᠢ ᠾᠸᠷᠠᠲ( Herat ) ᠶ᠋ᠢᠡᠷ ᠭᠣᠣᠯ ᠪᠣᠯᠭᠠᠭᠰᠠᠨ ᠪᠠᠢᠨ᠎ᠠ᠃ ᠡᠨᠡ ᠬᠣᠶᠠᠷ ᠠᠳᠠᠯᠢᠬᠠᠨ ᠨᠠᠷᠢᠯᠢᠭ ᠲᠤᠰᠬᠠᠢ ᠪᠦᠲᠦᠭᠡᠯ ᠨᠢ ᠲᠡᠮᠦᠷ ᠬᠠᠭᠠᠨᠲᠤ ᠤᠯᠤᠰ ᠤ᠋ᠨ ᠰᠡᠭᠦᠯᠴᠢ ᠦᠶ᠎ᠡ(1450 ~ 1500 ) ᠤ᠋ ᠥᠭᠡᠷ᠎ᠡ ᠨᠢᠭᠡᠨ ᠣᠷᠣᠨ ᠵᠠᠢ ᠶ᠋ᠢ ᠢᠯᠡᠳᠬᠡᠵᠦ ᠪᠠᠢᠭ᠎ᠠ᠃  
       ᠪᠠᠷᠲ᠋ᠣᠯᠳ᠋ ᠤ᠋ᠨ ᠦᠭᠡ ᠥᠭᠦᠯᠡᠪᠦᠷᠢ ᠭᠦᠨ᠂ ᠤᠩᠰᠢᠵᠤ ᠣᠢᠯᠠᠭᠠᠬᠤ ᠳ᠋ᠤ᠌ ᠬᠦᠴᠢᠷᠳᠡᠨ᠎ᠡ᠂ ᠣᠷᠴᠢᠭᠤᠯᠬᠤ ᠳ᠋ᠤ᠌ ᠴᠤ᠌ ᠲᠡᠢᠮᠦ ᠠᠮᠠᠷᠬᠠᠨ ᠪᠢᠰᠢ᠃ ᠪᠠᠷᠲ᠋ᠣᠯᠳ᠋ ᠵᠣᠬᠢᠶᠠᠯ ᠲᠤᠭᠤᠷᠪᠢᠬᠤ ᠳ᠋ᠠᠭᠠᠨ ᠡᠨᠡ ᠬᠦ᠌ ᠣᠶᠤᠨ ᠤ᠋ ᠬᠦᠨᠡᠰᠦ ᠬᠦᠷᠲᠡᠭᠡᠯ ᠢ᠋ ᠨᠢ ᠤᠩᠰᠢᠭᠴᠢᠳ ᠬᠡᠷᠬᠢᠨ ᠣᠢᠯᠠᠭᠠᠬᠤ ᠤᠴᠢᠷ ᠢ᠋ ᠳᠡᠮᠡᠢ ᠪᠣᠳᠣᠯᠬᠢᠯᠠᠭᠰᠠᠨ ᠦᠭᠡᠢ ᠪᠠᠢᠵᠤ ᠮᠡᠳᠡᠨ᠎ᠡ᠂ ᠳᠠᠬᠢᠨ ᠳᠠᠬᠢᠨ ᠤᠩᠰᠢᠭᠰᠠᠨ ᠴᠤ᠌ ᠪᠣᠯᠤᠨ᠎ᠠ᠂ ᠵᠠᠷᠢᠮ ᠬᠡᠰᠡᠭ ᠢ᠋ ᠨᠢ ᠣᠷᠬᠢᠭᠳᠠᠭᠤᠯᠤᠭᠰᠠᠨ ᠴᠤ᠌ ᠪᠠᠢᠵᠤ ᠪᠣᠯᠤᠨ᠎ᠠ᠂ ᠰᠢᠨᠵᠢᠯᠡᠬᠦ ᠤᠬᠠᠭᠠᠨ ᠮᠡᠷᠭᠡᠵᠢᠯ ᠦ᠋ᠨ ᠨᠣᠮ ᠤ᠋ᠳ ᠢ᠋ ᠣᠶᠤᠲᠠᠳ ᠬᠦᠴᠦ ᠣᠶᠤᠨ ᠢ᠋ᠶ᠋ᠠᠨ ᠲᠥᠪᠯᠡᠷᠡᠭᠦᠯᠦᠨ ᠴᠢᠷᠮᠠᠢᠨ ᠤᠩᠰᠢᠬᠤ ᠬᠡᠷᠡᠭᠲᠡᠢ᠃ ᠣᠷᠴᠢᠭᠤᠯᠤᠭᠴᠢᠳ ᠣᠯᠠᠨ ᠲᠠᠯ᠎ᠠ ᠪᠠᠷ ᠴᠢᠷᠮᠠᠢᠵᠤ᠂ ᠤᠤᠯ ᠵᠣᠬᠢᠶᠠᠯ ᠤ᠋ᠨ ᠬᠦᠨᠳᠦ ᠬᠦᠴᠢᠷᠲᠡᠢ ᠪᠦᠲᠦᠴᠡ ᠶ᠋ᠢ ᠪᠠᠭᠠᠰᠬᠠᠬᠤ ᠪᠤᠶᠤ ᠳᠥᠭᠥᠮᠴᠢᠯᠡᠬᠦ ᠪᠡᠷ ᠬᠦᠴᠦᠯᠡᠪᠡ᠂ ᠭᠡᠪᠡᠴᠦ ᠲᠡᠳᠡ ᠨᠠᠷ ᠤᠷᠤᠰᠤᠮ᠎ᠠ ᠰᠠᠢᠬᠠᠨ ᠠᠩᠭ᠌ᠯᠢ ᠬᠡᠯᠡ ᠪᠣᠯᠭᠠᠬᠤ ᠶ᠋ᠢᠨ ᠳᠠᠭᠠᠤ《 ᠥᠭᠡᠷᠡᠴᠢᠯᠡᠵᠦ ᠪᠢᠴᠢᠬᠦ》 ᠡᠷᠬᠡ ᠪᠠᠢᠨ᠎ᠠ ᠤᠤ ᠦᠭᠡᠢ ᠤᠤ ᠭᠡᠳᠡᠭ ᠠᠰᠠᠭᠤᠳᠠᠯ ᠳ᠋ᠤ᠌ ᠰᠡᠳᠬᠢᠯ ᠵᠣᠪᠠᠨᠢᠨ᠎ᠠ᠃ ᠢᠩᠭᠢᠬᠦ ᠳ᠋ᠦ᠍ ᠬᠦᠷᠪᠡᠯ ᠵᠣᠬᠢᠶᠠᠭᠴᠢ ᠶ᠋ᠢᠨ ᠤᠭ ᠰᠠᠨᠠᠭ᠎ᠠ ᠶ᠋ᠢ ᠥᠭᠡᠷᠡᠳᠡᠭᠦᠯᠵᠦ ᠮᠡᠳᠡᠬᠦ ᠶᠦᠮ᠃ 
       ᠡᠨᠡ ᠬᠦ᠌ ᠳᠥᠷᠪᠡᠨ ᠪᠦᠲᠦᠭᠡᠯ ᠳ᠋ᠦ᠍ ᠳᠣᠷᠣᠨ᠎ᠠ ᠳ᠋ᠠᠬᠢᠨ ᠤ᠋ ᠣᠯᠠᠨ ᠨᠡᠷ᠎ᠡ ᠦᠭᠡ᠂ ᠦᠰᠦᠭ ᠲᠡᠮᠳᠡᠭ ᠢ᠋ᠶ᠋ᠡᠷ ᠳᠦᠭᠦᠷᠴᠡᠢ᠃ ᠲᠥᠷᠥᠭ ᠮᠣᠩᠭᠣᠯ ᠤ᠋ᠨ ᠬᠢ᠂ ᠬᠢᠲᠠᠳ ᠤ᠋ᠨ ᠬᠢ᠂ ᠠᠷᠠᠪ ᠤ᠋ᠨ ᠬᠢ᠂ ᠫᠧᠷᠰ ᠦ᠋ᠨ ᠬᠢ ᠮᠡᠲᠦ᠃ ᠡᠮᠦᠨᠡᠬᠢ ᠬᠣᠶᠠᠷ ᠬᠡᠯᠡ ᠨᠢ ᠠᠪᠢᠶᠠᠴᠢᠯᠠᠭᠰᠠᠨ ᠬᠡᠯᠡ᠂ ᠬᠣᠢᠨᠠᠬᠢ ᠭᠤᠷᠪᠠᠨ ᠬᠡᠯᠡᠨ ᠦ᠌ ᠪᠠᠢᠳᠠᠯ ᠳᠣᠣᠷ᠎ᠠ᠂ ᠵᠣᠬᠢᠶᠠᠭᠴᠢ ᠠ᠋ᠴᠠ ᠡᠷᠬᠡᠪᠰᠢ ᠶᠡᠬᠡ ᠴᠦ᠍ ᠭᠡᠰᠡᠨ ᠪᠠᠭ᠎ᠠ ᠴᠤ᠌ ᠭᠡᠰᠡᠨ ᠤᠤᠯ ᠦᠰᠦᠭ ᠦ᠋ᠨ ᠲᠢᠭ ᠢ᠋ ᠪᠠᠷᠢᠮᠲᠠᠯᠠᠭᠰᠠᠨ ᠪᠠᠢᠨ᠎ᠠ᠂ ᠡᠭᠦᠨ ᠡᠴᠡ ᠪᠣᠯᠵᠤ ᠡᠨᠡ ᠲᠠᠯ᠎ᠠ ᠶ᠋ᠢᠨ ᠰᠤᠳᠤᠯᠭᠠᠨ ᠤ᠋ ᠡᠷᠳᠡᠮᠲᠡᠳ ᠤᠤᠯ ᠬᠡᠪ ᠢ᠋ ᠬᠠᠭᠤᠯᠤᠨ ᠬᠡᠷᠡᠭᠯᠡᠭᠰᠡᠨ ᠦ᠌ ᠰᠠᠭᠤᠷᠢᠨ ᠳᠡᠭᠡᠷ᠎ᠡ ᠰᠠᠶᠢ ᠬᠥᠷᠪᠡᠭᠦᠯᠦᠨ ᠣᠷᠴᠢᠭᠤᠯᠬᠤ ᠳ᠋ᠤ᠌ ᠬᠦᠷᠦᠭᠰᠡᠨ ᠪᠠᠢᠨ᠎ᠠ᠃  
       ᠣᠳᠣᠬᠢ ᠡᠨᠡ ᠨᠣᠮ ᠢ᠋ ᠣᠷᠴᠢᠭᠤᠯᠬᠤ ᠳ᠋ᠠᠭᠠᠨ ᠠᠪᠢᠶᠠᠨ ᠤ᠋ ᠲᠡᠮᠳᠡᠭ ᠳᠠᠩᠴᠤ ᠣᠯᠠᠨ ᠠ᠋ᠴᠠ ᠪᠣᠯᠵᠤ ᠠᠭᠤᠯᠭ᠎ᠠ ᠨᠢ ᠪᠤᠳᠤᠯᠢᠶᠠᠨᠲᠠᠢ ᠪᠣᠯᠴᠢᠬᠠᠬᠤ ᠠ᠋ᠴᠠ ᠠᠯᠢ ᠴᠢᠳᠠᠬᠤ ᠪᠠᠷ ᠬᠢᠴᠢᠶᠡᠪᠡ᠃ ᠨᠡᠷᠡᠲᠡᠢ ᠬᠥᠮᠦᠨ ᠦ᠌ ᠨᠡᠷ᠎ᠡ ᠪᠠ ᠭᠠᠵᠠᠷ ᠤ᠋ᠨ ᠨᠡᠷ᠎ᠡ ᠶ᠋ᠢ ᠡᠩ ᠦ᠋ᠨ ᠬᠡᠯᠪᠡᠷᠢ ᠪᠡᠷ ᠨᠢ ᠪᠢᠴᠢᠪᠡ᠃ᠵᠢᠱ᠌ᠢᠶᠡᠯᠡᠪᠡᠯ《ᠺᡁᠸᠠᠵᠠ》(Khwaja) ᠭᠡᠳᠡᠭ ᠨᠡᠷᠡᠢᠳᠦᠯ ᠢ᠋ ᠪᠢᠳᠡ ᠳᠤᠮᠳᠠᠳᠤ ᠠᠽᠢᠶ᠎ᠠ ᠶ᠋ᠢᠨ ᠠᠪᠢᠶᠠᠯᠠᠬᠤ ᠬᠡᠯᠪᠡᠷᠢ ᠪᠡᠷ《ᠾᠣ᠌ᠵᠠ》(ᠪᠣᠭᠳᠠ ᠶ᠋ᠢᠨ ᠬᠣᠢᠴᠢᠰ᠂ ᠬᠡᠷᠭᠡᠮᠲᠡᠨ ᠭᠡᠰᠡᠨ ᠦᠭᠡ)ᠭᠡᠵᠦ ᠠᠪᠤᠪᠠ᠃ ᠨᠡᠩ ᠭᠦᠨ ᠬᠡᠮᠵᠢᠶᠡᠨ ᠳ᠋ᠦ᠍ ᠨᠢᠭᠡ ᠦᠭᠡ ᠠᠩᠬ᠎ᠠ ᠤᠳᠠᠭ᠎ᠠ ᠲᠣᠬᠢᠶᠠᠯᠳᠤᠬᠤ ᠦᠶ᠎ᠡ ᠳ᠋ᠦ᠍᠂ᠪᠢᠳᠡ ᠠᠪᠢᠶ᠎ᠠ ᠶ᠋ᠢ ᠣᠨᠣᠴᠠᠲᠠᠢ ᠲᠠᠢᠯᠪᠤᠷᠢᠯᠠᠬᠤ ᠶ᠋ᠢ ᠬᠢᠴᠢᠶᠡᠪᠡ᠂ ᠳᠠᠬᠢᠭᠠᠳ ᠲᠣᠬᠢᠶᠠᠯᠳᠤᠬᠤ ᠦᠶ᠎ᠡ ᠳ᠋ᠦ᠍ ᠠᠩᠬᠠᠷᠤᠭᠤᠯᠪᠠᠯ ᠪᠣᠯᠴᠢᠬᠠᠨ᠎ᠠ᠃ ᠳᠠᠩᠴᠤ ᠬᠥᠩᠭᠡᠨ ᠬᠥᠪᠰᠥᠭᠡᠷ ᠭᠡᠵᠦ ᠬᠡᠯᠡᠭᠳᠡᠬᠦ ᠡᠴᠡ ᠦᠯᠦ ᠵᠢᠷᠦᠬᠡᠰᠢᠨ᠂ ᠣᠷᠴᠢᠭᠤᠯᠤᠭᠴᠢᠳ ᠮᠠᠨᠢ ᠴᠢᠳᠠᠬᠤ ᠶ᠋ᠢᠨ ᠬᠢᠷᠢ ᠪᠡᠷ ᠤᠩᠰᠢᠭᠴᠢᠳ ᠤ᠋ᠨ ᠣᠢᠯᠠᠭᠠᠬᠤ ᠳ᠋ᠤ᠌ ᠠᠮᠠᠷ ᠢ᠋ ᠪᠣᠳᠣᠯᠬᠢᠯᠠᠪᠠ᠂ ᠤᠤᠯ ᠵᠣᠬᠢᠶᠠᠯ ᠳ᠋ᠠᠬᠢ ᠳᠣᠷᠣᠨ᠎ᠠ ᠳ᠋ᠠᠬᠢᠨ ᠤ᠋ ᠬᠡᠯᠡ ᠳ᠋ᠦ᠍ ᠬᠢᠭᠰᠡᠨ ᠵᠡᠭᠦᠯᠲᠡ ᠲᠠᠢᠯᠪᠤᠷᠢ ᠶ᠋ᠢ ᠨᠢᠭᠡᠳ ᠨᠢᠭᠡ ᠪᠡᠷ ᠠᠩᠭ᠌ᠯᠢ ᠬᠡᠯᠡ ᠪᠡᠷ ᠣᠷᠴᠢᠭᠤᠯᠤᠨ ᠲᠠᠢᠯᠪᠤᠷᠢᠯᠠᠪᠠ᠃  

                            1974 ᠣᠨ ᠤ᠋12 ᠰᠠᠷ᠎ᠠ ᠶ᠋ᠢᠨ25 ᠤ᠋ ᠡᠳᠦᠷ᠂ 
                                                     ᠺᠠᠮᠪᠷᠢᠵ ᠲᠤ᠌

— — — — 
 ① ᠲᠤᠬᠠᠢ ᠶ᠋ᠢᠨ ᠦᠶ᠎ᠡ ᠶ᠋ᠢᠨ ᠵᠥᠪᠯᠡᠯᠲᠦ ᠬᠣᠯᠪᠣᠭᠠᠲᠤ ᠤᠯᠤᠰ ᠵᠠᠳᠠᠷᠠᠭ᠎ᠠ ᠦᠭᠡᠢ ᠪᠠᠢᠵᠠᠢ᠃ (ᠨᠠᠢᠷᠠᠭᠤᠯᠤᠭᠴᠢ ᠠ᠋ᠴᠠ)