ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠨᠢᠭᠡ᠂ᠦᠰᠦᠨ ᠦ᠌ ᠲᠣᠪᠴᠢ ᠲᠡᠦᠬᠡ> Долоон усны түүх – [орос] Бартулд <1᠂ Үсний товч түүх>
ᠨᠢᠭᠡ᠂ ᠦᠰᠦᠨ ᠦ᠌ ᠲᠣᠪᠴᠢ ᠲᠡᠦᠬᠡ
ᠳᠣᠯᠣᠭᠠᠨ ᠤᠰᠤᠨ ᠤ᠋ ᠭᠠᠵᠠᠷ ᠨᠤᠲᠤᠭ ᠤ᠋ᠨ ᠬᠠᠮᠤᠭ ᠤ᠋ᠨ ᠠᠩᠬᠠᠨ ᠤ᠋ ᠲᠡᠦᠬᠡᠨ ᠲᠡᠮᠳᠡᠭᠯᠡᠯ ᠪᠣᠯ ᠳᠤᠮᠳᠠᠳᠤ ᠤᠯᠤᠰ ᠤ᠋ᠨ ᠲᠡᠦᠬᠡᠨ ᠪᠢᠴᠢᠭ ᠡᠴᠡ ᠢᠷᠡᠭᠰᠡᠨ ᠶᠦ᠍ᠮ᠃ ᠡᠷᠲᠡᠨ ᠦ᠌ ᠭᠷᠧᠭ᠂ ᠷᠣᠮᠠ ᠶ᠋ᠢᠨ ᠵᠣᠬᠢᠶᠠᠭᠴᠢᠳ ᠰᠢᠷ ᠮᠥᠷᠡᠨ ᠡᠴᠡ ᠵᠡᠭᠦᠨᠰᠢ ᠨᠤᠲᠤᠭᠯᠠᠵᠤ ᠪᠠᠢᠭᠰᠠᠨ ᠤᠭᠰᠠᠭᠠᠲᠠᠨ ᠨᠤᠭᠤᠳ ᠤ᠋ᠨ ᠬᠡᠳᠦᠬᠡᠨ ᠨᠡᠷ᠎ᠡ ᠶ᠋ᠢ ᠳᠤᠷᠠᠳᠴᠤ ᠥᠩᠭᠡᠷᠡᠪᠡ᠂ ᠭᠡᠬᠦ ᠳ᠋ᠡᠭᠡᠨ ᠲᠡᠳᠡ ᠨᠠᠷ ᠤ᠋ᠨ ᠵᠢᠩᠬᠢᠨᠢ ᠪᠣᠳᠠᠲᠠᠢ ᠨᠤᠲᠤᠭ ᠬᠢᠵᠠᠭᠠᠷ ᠢ᠋ ᠨᠢ ᠵᠢᠭᠠᠵᠤ ᠭᠠᠷᠭᠠᠭ᠎ᠠ ᠦᠭᠡᠢ᠃ ᠳᠤᠮᠳᠠᠳᠤ ᠤᠯᠤᠰ ᠲᠤ᠌ ᠠᠪᠴᠤ ᠬᠡᠯᠡᠭᠰᠡᠨ ᠴᠦ᠍᠂ ᠨᠡᠢᠲᠡ ᠶ᠋ᠢᠨ ᠣᠨ ᠲᠣᠭᠠᠯᠠᠯ ᠠ᠋ᠴᠠ ᠡᠮᠦᠨᠡᠬᠢ2 ᠳ᠋ᠤᠭᠠᠷ ᠵᠠᠭᠤᠨ ᠤ᠋ ᠦᠶ᠎ᠡ ᠳ᠋ᠦ᠍᠂ ᠬᠦᠴᠦᠷᠬᠡᠭ ᠴᠢᠩᠬ᠎ᠠ ᠾᠦᠩᠨᠦ ᠶ᠋ᠢ ᠡᠰᠡᠷᠭᠦᠴᠡᠨ᠂ ᠤᠯᠤᠰ ᠣᠷᠣᠨ ᠢ᠋ᠶ᠋ᠠᠨ ᠬᠥᠭᠵᠢᠭᠡᠨ ᠮᠠᠨᠳᠤᠭᠤᠯᠬᠤ ᠶ᠋ᠢᠨ ᠲᠥᠯᠥᠭᠡ᠂ ᠡᠯᠴᠢ ᠲᠣᠮᠢᠯᠠᠨ᠂ ᠪᠠᠷᠠᠭᠤᠨ ᠣᠷᠣᠨ᠎ᠠ ᠣᠴᠢᠭᠤᠯᠵᠠᠢ᠃ ᠾᠦᠩᠨᠦ ᠶ᠋ᠢᠨ ᠳᠠᠢᠯᠠᠨ ᠳᠠᠭᠠᠭᠤᠯᠤᠭᠰᠠᠨ ᠤᠯᠤᠰ ᠭᠦᠷᠦᠨ ᠨᠦ᠍ᠭᠦᠳ ᠦ᠋ᠨ ᠳᠣᠲᠣᠷ᠎ᠠ ᠦᠰᠦᠨ ᠤᠯᠤᠰ ᠪᠠᠭᠲᠠᠵᠤ ᠪᠣᠢ᠃ ᠬᠥᠮᠦᠨ ᠠᠷᠠᠳ ᠠᠨᠤ ᠡᠮᠦᠨ᠎ᠡ ᠠᠭᠤᠯᠠ(ᠴᠢ ᠯᠢᠶᠠᠨ ᠱᠠᠨ) ᠬᠢᠭᠡᠳ ᠪᠤᠯᠠᠩᠭᠢᠷ ᠭᠣᠣᠯ(ᠡᠵᠡᠨ᠎ᠡ ᠭᠣᠣᠯ) ᠤ᠋ᠨ ᠬᠣᠭᠣᠷᠣᠨᠳᠣ ᠠ᠋ᠴᠠ ᠢᠷᠡᠪᠡ᠂ ᠤᠤᠯ ᠨᠢ ᠮᠠᠯᠵᠢᠵᠤ ᠠᠮᠢᠳᠤᠷᠠᠵᠤ ᠪᠠᠢᠵᠠᠢ᠃ ᠤᠯᠤᠰ ᠤ᠋ᠨ ᠸᠠᠩ ᠨᠢ ᠾᠦᠩᠨᠦ ᠳ᠋ᠦ᠍ ᠠᠯᠠᠭᠳᠠᠪᠠ᠃ ᠾᠦᠩᠨᠦ ᠸᠠᠩ ᠢ᠋ᠶ᠋ᠠᠷ ᠦᠰᠦᠨ ᠸᠠᠩ ᠤ᠋ᠨ ᠨᠢᠯᠬ᠎ᠠ ᠬᠥᠪᠡᠭᠦᠨ ᠢ᠋ ᠡᠷᠭᠦᠨ ᠲᠡᠵᠢᠭᠡᠪᠡ᠃ ᠡᠨᠡ ᠨᠢᠯᠬ᠎ᠠ ᠬᠥᠪᠡᠭᠦᠨ ᠥᠭᠡᠯᠡᠢ ᠲᠣᠮᠣ ᠪᠣᠯᠤᠭᠰᠠᠨ ᠤ᠋ ᠳᠠᠷᠠᠭ᠎ᠠ᠂ ᠾᠦᠩᠨᠦ ᠸᠠᠩ ᠵᠠᠷᠯᠢᠭ ᠪᠠᠭᠤᠯᠭᠠᠨ ᠡᠴᠢᠭᠡ ᠶ᠋ᠢᠨ ᠢ᠋ᠶ᠋ᠡᠨ ᠬᠠᠷᠢᠶ᠎ᠠ ᠨᠤᠲᠤᠭ ᠢ᠋ ᠬᠤᠷᠢᠶᠠᠵᠤ ᠠᠪᠤᠭᠲᠤᠨ ᠬᠡᠮᠡᠪᠡ᠃ ᠦᠰᠦᠨᠴᠦᠳ ᠤᠤᠯ ᠤ᠋ᠨ ᠵᠡᠷᠭᠡᠯᠡᠳᠡᠭᠡ ᠬᠥᠷᠰᠢ— ᠷᠦᠵᠢ (rouzhi) ᠠᠢᠮᠠᠭ ᠢ᠋ ᠬᠥᠭᠡᠭᠡᠵᠦ ᠶᠠᠪᠤᠭᠤᠯᠪᠠ ᠂ ᠡᠨᠡ ᠠᠢᠮᠠᠭ ᠨᠢ ᠴᠢᠶᠠᠩ ᠤᠭᠰᠠᠭᠠᠲᠠᠨ ① ᠪᠠᠢᠵᠤ ᠮᠡᠳᠡᠨ᠎ᠡ᠂ ᠡᠳᠡ ᠨᠠᠷ ᠴᠦ᠍ ᠾᠦᠩᠨᠦ ᠳ᠋ᠦ᠍ ᠢᠯᠠᠭᠳᠠᠭᠰᠠᠨ ᠶᠤᠮ᠃ ᠦᠰᠦᠨᠴᠦᠳ ᠪᠠᠷᠠᠭᠤᠨᠰᠢ ᠨᠡᠭᠦᠬᠦ ᠶᠠᠪᠤᠴᠠ ᠳ᠋ᠠᠭᠠᠨ ᠰᠡᠺᠡᠴᠤᠳ ᠢ᠋ ᠴᠦ᠍ ᠳᠣᠯᠣᠭᠠᠨ ᠤᠰᠤᠨ ᠤ᠋ ᠨᠤᠲᠤᠭ ᠠ᠋ᠴᠠ ᠦᠯᠳᠡᠨ ᠬᠥᠭᠡᠭᠡᠪᠡ᠃ ᠡᠨᠡ ᠨᠡᠷ᠎ᠡ ᠳᠤᠮᠳᠠᠳᠤ ᠠᠽᠢᠶ᠎ᠠ ᠶ᠋ᠢᠨ ᠲᠤᠬᠠᠢ ᠡᠷᠲᠡᠨ ᠦ᠌ ᠻᠷᠸᠭ᠌ ᠪᠣᠯᠤᠨ ᠷᠣᠮᠠ ᠶ᠋ᠢᠨ ᠰᠤᠷᠪᠤᠯᠵᠢ ᠪᠢᠴᠢᠭ ᠲᠦ᠍ ᠦᠷᠭᠦᠯᠵᠢ ᠬᠠᠷᠠᠭᠳᠠᠳᠠᠭ᠃ ᠲᠤᠰ ᠨᠤᠲᠠᠯᠠᠯᠲᠠ ᠨᠢ ᠭᠣᠣᠯᠳᠠᠭᠤ ᠡᠨᠡ ᠬᠣᠶᠠᠷ ᠬᠡᠯᠡᠨ ᠦ᠌ ᠠᠪᠢᠶ᠎ᠠ ᠨᠢ ᠲᠤᠢᠯ ᠤ᠋ᠨ ᠲᠥᠰᠦᠭᠡᠲᠡᠢ ᠪᠠᠢᠬᠤ ᠤᠴᠢᠷ ᠲᠤ᠌ ᠰᠠᠭᠤᠷᠢᠯᠠᠵᠠᠢ᠃ ᠬᠣᠵᠢᠮ ᠨᠢ ᠳᠤᠮᠳᠠᠳᠤ ᠤᠯᠤᠰ ᠡᠯᠴᠢ ᠲᠣᠮᠢᠯᠠᠨ ᠪᠠᠷᠠᠭᠤᠨ ᠣᠷᠣᠨ ᠲᠠᠢ ᠬᠠᠷᠢᠯᠴᠠᠬᠤ ᠦᠶ᠎ᠡ ᠳ᠋ᠦ᠍᠂ ᠷᠦᠵᠢᠴᠦᠳ ᠨᠢ ᠦᠰᠦᠨᠴᠦᠳ ᠲᠦ᠍ ᠬᠥᠭᠡᠭᠡᠭᠳᠡᠨ ᠰᠠᠯᠵᠠᠢ᠂ ᠨᠢᠭᠡ ᠬᠡᠰᠡᠭ ᠰᠡᠺᠡᠴᠤᠳ ᠪᠣᠯᠤᠨ ᠷᠦᠵᠢ ᠨᠠᠷ ᠯᠠ ᠨᠤᠲᠤᠭ ᠲᠠᠭᠠᠨ ᠦᠯᠡᠳᠡᠨ ᠰᠠᠭᠤᠷᠢᠰᠢᠪᠠ᠃ ② ᠳᠣᠯᠣᠭᠠᠨ ᠤᠰᠤᠨ ᠤ᠋ ᠨᠤᠲᠤᠭ ᠲᠠᠢ ᠦᠰᠦᠨ ᠤᠯᠤᠰ ᠤ᠋ᠨ ᠸᠠᠩ — ᠯᠢᠶᠧ ᠵᠢᠶᠣᠤ ᠮᠢ ᠶ᠋ᠢᠨ ᠴᠣᠯᠠ ᠨᠢ《ᠺᠦᠨᠮᠦ᠋》 ᠭᠡᠳᠡᠭ ᠪᠠᠢᠵᠠᠢ᠂ ᠢᠳᠡᠭ ᠢᠳᠡᠭ ᠢ᠋ᠶ᠋ᠡᠷ ᠬᠦᠴᠦᠷᠬᠡᠭᠵᠢᠭᠡᠳ ᠾᠦᠩᠨᠦ ᠶ᠋ᠢᠨ ᠦᠭᠡ ᠶ᠋ᠢ ᠰᠣᠨᠣᠰᠬᠤ ᠪᠠᠨ ᠪᠣᠯᠢᠪᠠ᠃ ᠦᠰᠦᠨ ᠦ᠌ ᠵᠡᠭᠦᠨ ᠵᠠᠬ᠎ᠠ ᠨᠢ ᠾᠦᠩᠨᠦ ᠲᠡᠢ ᠬᠢᠯᠢ ᠵᠠᠯᠭᠠᠳᠠᠭ ᠪᠠᠢᠵᠠᠢ᠂ ᠭᠡᠪᠡᠴᠦ ᠳᠤᠮᠳᠠᠳᠤ ᠤᠯᠤᠰ ᠤ᠋ᠨ ᠲᠡᠦᠬᠡᠨ ᠪᠢᠴᠢᠭ ᠲᠦ᠍ ᠡᠭᠦᠨ ᠦ᠌ ᠲᠤᠬᠠᠢ ᠨᠠᠷᠢᠨ ᠲᠡᠮᠳᠡᠭᠯᠡᠯ ᠪᠠᠢᠬᠤ ᠦᠭᠡᠢ᠃ ᠦᠰᠦᠨ ᠦ᠌ ᠡᠮᠦᠨ᠎ᠡ ᠲᠠᠯ᠎ᠠ ᠳ᠋ᠤ᠌ ᠣᠳᠣᠬᠢ ᠰᠢᠨᠵᠢᠶᠠᠩ ᠤ᠋ᠨ ᠬᠢᠯᠢ ᠳ᠋ᠦ᠍ ᠦᠷᠭᠦᠯᠵᠢ ᠰᠠᠭᠤᠷᠢᠰᠢᠳᠠᠭ《ᠤᠯᠤᠰ》 ᠤ᠋ᠳ ᠪᠠᠢᠪᠠ᠃ ᠵᠡᠭᠦᠨ ᠡᠮᠦᠨ᠎ᠡ ᠲᠠᠯ᠎ᠠ ᠨᠢ ᠳᠡ ᠶᠤᠸᠠᠨ ᠤᠯᠤᠰ᠂ ᠪᠠᠷᠠᠭᠤᠨ ᠲᠠᠯ᠎ᠠ ᠨᠢ 《ᠨᠡᠭᠦᠳᠡᠯ ᠤᠯᠤᠰ》 ᠺᠠᠩ ᠵᠢᠦᠢ ᠤᠯᠤᠰ ᠪᠠᠢᠵᠠᠢ᠃ ᠦᠰᠦᠨ ᠤᠯᠤᠰ ᠨᠢ ᠳᠡ ᠶᠤᠸᠠᠨ ᠤ᠋ ᠵᠡᠭᠦᠨ ᠬᠣᠢᠲᠤ ᠲᠠᠯ᠎ᠠ ᠳ᠋ᠤ᠌ ᠪᠠᠢᠷᠢᠯᠠᠳᠠᠭ ᠪᠥᠭᠡᠳ ᠺᠠᠩ ᠵᠢᠦᠢ ᠤᠯᠤᠰ ᠨᠢ ᠳᠡ ᠶᠤᠸᠠᠨ ᠤ᠋ ᠪᠠᠷᠠᠭᠤᠨ ᠬᠣᠢᠲᠤ ᠲᠠᠯ᠎ᠠ ᠳ᠋ᠤ᠌ ᠪᠠᠢᠳᠠᠭ ᠪᠣᠯᠬᠣᠷ᠂ ᠡᠨᠡ ᠬᠣᠶᠠᠷ ᠤᠯᠤᠰ ᠤ᠋ᠨ ᠬᠢᠯᠢ ᠵᠠᠬ᠎ᠠ ᠨᠢ ᠣᠳᠣ ᠶ᠋ᠢᠨ ᠳᠣᠯᠣᠭᠠᠨ ᠤᠰᠤᠨ ᠮᠣᠵᠢ ᠬᠢᠭᠡᠳ ᠰᠢᠷ ᠭᠣᠣᠯ ᠮᠣᠵᠢ ᠶ᠋ᠢᠨ ᠵᠠᠬ᠎ᠠ ᠬᠢᠵᠠᠭᠠᠷ ᠲᠤ᠌ ᠨᠡᠢᠯᠡᠵᠦ ᠪᠠᠢᠭᠰᠠᠨ ᠪᠠᠢᠬᠤ ᠶᠣᠰᠣᠲᠠᠢ᠃ ᠦᠰᠦᠨᠴᠦᠳ ᠦ᠋ᠨ ᠤᠭᠰᠠᠭ᠎ᠠ ᠭᠠᠷᠤᠯ ᠤ᠋ᠨ ᠲᠤᠬᠠᠢ ᠭᠡᠪᠡᠯ᠂ ᠲᠡᠳᠡ ᠨᠠᠷ ᠤ᠋ᠨ ᠦᠭᠡ ᠬᠡᠯᠡᠨ ᠳ᠋ᠡᠬᠢ ᠵᠠᠷᠢᠮ ᠬᠥᠮᠦᠨ ᠦ᠌ ᠨᠡᠷ᠎ᠡ ᠪᠣᠯᠤᠨ ᠴᠣᠯᠠ ᠨᠡᠷᠡᠢᠳᠦᠯ ᠨᠢ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠠ᠋ᠴᠠ ᠤᠯᠠᠮᠵᠢᠯᠠᠭᠳᠠᠨ ᠢᠷᠡᠵᠡᠢ᠃ ᠡᠨᠡ ᠲᠤᠬᠠᠢ ᠬᠡᠯᠡᠨ ᠦ᠌ ᠡᠷᠳᠡᠮᠲᠡᠨ ᠰᠤᠳᠤᠯᠭ᠎ᠠ ᠬᠢᠭᠡ ᠦᠭᠡᠢ ᠪᠠᠢᠭᠰᠠᠭᠠᠷ᠂ ᠮᠠᠨᠤᠰ ᠤ᠋ᠨ ᠡᠨᠳᠡ ᠵᠢᠭᠠᠵᠤ ᠭᠠᠷᠭᠠᠵᠤ ᠴᠢᠳᠠᠬᠤ ᠦᠭᠡ ᠭᠡᠪᠡᠯ ᠲᠡᠳᠡ ᠨᠠᠷ ᠤ᠋ᠨ ᠬᠥᠮᠦᠨ ᠦ᠌ ᠨᠡᠷ᠎ᠡ ᠶ᠋ᠢᠨ ᠡᠴᠦᠰ ᠲᠦ᠍《ᠮᠢ》 ᠭᠡᠳᠡᠭ ᠠᠪᠢᠶ᠎ᠠ ᠵᠠᠯᠭᠠᠳᠠᠭ ᠶᠠᠪᠤᠳᠠᠯ ᠪᠣᠯᠤᠨ᠎ᠠ᠃ ᠲᠡᠳᠡ ᠨᠠᠷ ᠤ᠋ᠨ ᠭᠠᠳᠠᠷ ᠲᠥᠷᠬᠦ ᠶ᠋ᠢᠨ ᠲᠤᠬᠠᠢ ᠪᠢᠳᠡ ᠪᠦᠷ ᠰᠡᠭᠦᠯᠴᠢ ᠶ᠋ᠢᠨ ᠦᠶ᠎ᠡ(ᠣᠨ ᠲᠣᠭᠠᠯᠠᠯ ᠤ᠋ᠨ 7 ᠳ᠋ᠤᠭᠠᠷ ᠵᠠᠭᠤᠨ) ᠶᠢᠨ ᠳᠤᠮᠳᠠᠳᠤ ᠤᠯᠤᠰ ᠤ᠋ᠨ ᠵᠣᠬᠢᠶᠠᠭᠴᠢ ᠶᠠᠨ ᠱᠢ ᠬᠦ ᠶ᠋ᠢᠨ ᠲᠡᠮᠳᠡᠭᠯᠡᠯ ᠢ᠋ ᠦᠨᠳᠦᠰᠦᠯᠡᠵᠦ ᠪᠠᠢᠨ᠎ᠠ᠄《ᠦᠰᠦᠨᠴᠦᠳ ᠪᠣᠯᠪᠠᠰᠤ ᠪᠠᠷᠠᠭᠤᠨ ᠣᠷᠣᠨ ᠤ᠋ ᠣᠯᠠᠨ ᠠᠢᠮᠠᠭ ᠤ᠋ᠨ ᠳᠣᠲᠣᠷ᠎ᠠ ᠵᠢᠰᠦ ᠲᠥᠷᠬᠦ ᠨᠢ ᠡᠲᠡᠭᠡᠳ ᠥᠭᠡᠷ᠎ᠡ᠃ ᠣᠳᠣ ᠶ᠋ᠢᠨ ᠾᠥ᠋ᠩᠨᠦᠴᠦᠳ ᠪᠣᠯᠪᠠᠰᠤ ᠬᠥᠬᠡ ᠨᠢᠳᠦᠲᠦ᠂ ᠤᠯᠠᠭᠠᠨ ᠴᠢᠷᠠᠢᠲᠤ ᠪᠥᠭᠡᠳ ᠪᠡᠴᠢᠨ ᠦ᠌ ᠳᠦᠷᠰᠦᠲᠦ ᠪᠥᠯᠥᠭᠡ᠂ ᠦᠨᠡᠨ ᠳ᠋ᠡᠭᠡᠨ ᠦᠰᠦᠨᠴᠦᠳ ᠦ᠋ᠨ ᠤᠭᠰᠠᠭ᠎ᠠ ᠪᠤᠶᠤ᠃ 》 ᠦᠰᠦᠨᠴᠦᠳ ᠴᠣᠬᠣᠮ ᠬᠦ᠌ ᠶᠡᠬᠡ ᠡᠷᠲᠡᠨ ᠦ᠌ ᠳᠣᠷᠣᠨ᠎ᠠ ᠳ᠋ᠠᠬᠢᠨ ᠰᠤᠳᠤᠯᠤᠯ ᠤ᠋ᠨ ᠡᠷᠳᠡᠮᠲᠡᠨ ᠠᠪᠠᠢᠷ᠂ ᠯᠠᠢᠮᠢᠰᠤᠰᠠ ᠪᠣᠯᠤᠨ ᠺᠯᠠᠫᠣᠯᠲ᠋ ᠤ᠋ᠨ ᠲᠥᠰᠦᠭᠡᠯᠡᠭᠰᠡᠨ ᠠᠷᠢᠶᠠᠨᠴᠤᠳ ᠲᠠᠢ ᠠᠳᠠᠯᠢᠬᠠᠨ ᠶᠤᠮ ᠤᠤ᠂ ᠡᠰᠡᠬᠦᠯ᠎ᠡ ᠨᠡᠯᠢᠶᠡᠳ ᠰᠡᠭᠦᠯᠴᠢ ᠦᠶ᠎ᠡ ᠶ᠋ᠢᠨ ᠲᠥᠷᠥᠭ ᠲᠡᠦᠬᠡ ᠶ᠋ᠢᠨ ᠡᠷᠳᠡᠮᠲᠡᠨ ᠷᠠᠲᠯᠤᠸ ᠪᠣᠯᠤᠨ ᠠᠷᠢᠰᠲ᠋ᠣᠸ ᠤ᠋ᠨ ᠬᠡᠯᠡᠭᠰᠡᠨᠴᠢᠯᠡᠨ ᠲᠥᠷᠥᠭᠴᠦᠳ ᠶᠦᠮ ᠤᠤ ᠭᠡᠬᠦ ᠲᠠᠯ᠎ᠠ ᠪᠠᠷ ᠮᠠᠨᠤᠰ ᠲᠤ᠌ ᠣᠯᠳᠠᠭᠰᠠᠨ ᠨᠤᠲᠠᠯᠠᠬᠤ ᠮᠠᠲ᠋ᠧᠷᠢᠶᠠᠯ ᠲᠤᠩ ᠭᠦᠢᠴᠡᠳ ᠦᠭᠡᠢ ᠪᠠᠢᠨ᠎ᠠ᠃
ᠦᠰᠦᠨᠴᠦᠳ ᠦ᠋ᠨ ᠪᠡᠯᠴᠢᠭᠡᠷ ᠭᠣᠣᠯᠳᠠᠬᠤ ᠳᠣᠯᠣᠭᠠᠨ ᠤᠰᠤᠨ ᠤ᠋ ᠨᠤᠲᠤᠭ ᠲᠤ᠌ ᠪᠠᠢᠵᠠᠢ᠂ ᠡᠨᠡ ᠲᠤᠬᠠᠢ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠡᠨᠡ ᠨᠤᠲᠤᠭ ᠢ᠋《ᠭᠠᠵᠠᠷ ᠠᠨᠤ ᠠᠭᠯᠠᠭ ᠲᠡᠭᠰᠢ 》᠂《ᠬᠤᠷ᠎ᠠ ᠪᠣᠷᠣᠭᠠᠨ ᠶᠡᠬᠡ ᠪᠥᠭᠡᠳ ᠬᠦᠢᠲᠡᠨ 》᠂《ᠠᠭᠤᠯᠠ ᠣᠯᠠᠨ ᠨᠠᠷᠠᠰᠤᠨ ᠰᠢᠭᠤᠢ ᠡᠯᠪᠡᠭ 》᠂《ᠠᠷᠪᠠᠨ ᠬᠣᠶᠠᠷ ᠲᠦᠮᠡᠨ ᠡᠷᠦᠬᠡ᠂ ᠬᠥᠮᠦᠨ ᠠᠮᠠ ᠠᠨᠤ ᠵᠢᠷᠠᠨ ᠭᠤᠷᠪᠠᠨ ᠲᠦᠮᠡ᠂ ᠰᠢᠯᠢᠳᠡᠭ ᠴᠡᠷᠢᠭ ᠠᠷᠪᠠᠨ ᠨᠠᠢ᠍ᠮᠠᠨ ᠲᠦᠮᠡ ᠨᠠᠢ᠍ᠮᠠᠨ ᠮᠢᠩᠭ᠎ᠠ ᠨᠠᠢ᠍ᠮᠠᠨ ᠵᠠᠭᠤᠨ ᠬᠥᠮᠦᠨ ᠪᠠᠢᠮᠤᠢ 》 ᠭᠡᠵᠦ ᠲᠡᠮᠳᠡᠭᠯᠡᠵᠦ ᠪᠠᠢᠨ᠎ᠠ᠃ ᠨᠡᠢᠰᠯᠡᠯ ᠬᠣᠲᠠ ᠶ᠋ᠢ ᠨᠢ ᠲᠡᠳᠡ ᠨᠠᠷ ᠤ᠋ᠨ ᠭᠣᠣᠯ ᠴᠠᠴᠠᠷ ᠪᠠᠢᠭᠰᠠᠨ ᠤᠯᠠᠭᠠᠨ ᠵᠢᠯᠠᠭ᠎ᠠ ᡂᠢ ᠬᠦ ᠴᠧᠩ ᠬᠣᠲᠠ ᠳ᠋ᠤ᠌ ᠪᠠᠢᠯ᠎ᠠ ᠭᠡᠵᠦ ᠬᠡᠯᠡᠬᠦ ᠶ᠋ᠢᠨ ᠣᠷᠣᠨ ᠳ᠋ᠤ᠌ ᠣᠳᠣ ᠶ᠋ᠢᠨ ᠢᠰᠠᠢᠺᠺᠥ᠋ᠯ ᠨᠠᠭᠤᠷ ᠤ᠋ᠨ ᠵᠡᠭᠦᠨ ᠡᠮᠦᠨᠡᠲᠦ ᠡᠷᠭᠢ ᠣᠷᠴᠢᠮ ᠪᠠᠢᠯ᠎ᠠ ᠭᠡᠪᠡᠯ ᠨᠡᠩ ᠵᠣᠬᠢᠰᠲᠠᠢ᠃ ᠳᠤᠮᠳᠠᠳᠤ ᠤᠯᠤᠰ ᠤ᠋ᠨ ᠬᠥᠮᠦᠨ ᠲᠡᠭᠦᠨ ᠢ᠋ ᠳᠦᠷᠰᠦᠯᠡᠨ ᠲᠣᠭᠠᠴᠢᠬᠤ ᠳ᠋ᠠᠭᠠᠨ ᠠᠺᠰᠤ ᠠ᠋ᠴᠠ ᠪᠠᠷᠠᠭᠤᠨ ᠬᠣᠢᠰᠢ610 ᠭᠠᠵᠠᠷ᠂ ᠳᠠ ᠶᠤᠸᠠᠨ ᠠ᠋ᠴᠠ ᠵᠡᠭᠦᠨ ᠬᠣᠢᠰᠢ2000 ᠭᠠᠵᠠᠷ᠂ ᠳᠤᠮᠳᠠᠳᠤ ᠤᠯᠤᠰ ᠤ᠋ᠨ ᠬᠢᠯᠢ ᠡᠴᠡ5000 ᠭᠠᠵᠠᠷ ᠵᠠᠢᠲᠠᠢ ᠭᠡᠵᠡᠢ᠃7 ᠳ᠋ᠤᠭᠠᠷ ᠵᠠᠭᠤᠨ ᠤ᠋ ᠳᠤᠮᠳᠠᠳᠤ ᠤᠯᠤᠰ ᠤ᠋ᠨ ᠵᠢᠭᠤᠯᠴᠢᠯᠠᠭᠴᠢᠳ ᠤ᠋ᠨ ᠲᠡᠮᠳᠡᠭᠯᠡᠯ ᠳ᠋ᠦ᠍ ᠲᠡᠭᠦᠨ ᠢ᠋ ᠪᠠᠰᠠ ᠪᠡᠷᠬᠡ ᠪᠣᠭᠣᠮᠲᠠ ᠠ᠋ᠴᠠ50 ᠭᠠᠵᠠᠷ ᠤ᠋ᠨ ᠳᠡᠭᠡᠷ᠎ᠡ ᠲᠠᠯ᠎ᠠ ᠳ᠋ᠤ᠌ ᠪᠣᠢ ᠭᠡᠵᠦ ᠲᠡᠮᠳᠡᠭᠯᠡᠪᠡ᠂ ᠭᠡᠪᠡᠴᠦ ᠡᠳᠡᠭᠡᠷ ᠠᠶᠠᠨ ᠤ᠋ ᠲᠡᠮᠳᠡᠭᠯᠡᠯ ᠨᠢ ᠣᠭᠲᠣᠬᠠᠨ ᠴᠦ᠍ ᠨᠠᠢᠳᠠᠪᠤᠷᠢ ᠦᠭᠡᠢ ᠶᠦᠮ᠃ ᠡᠨᠡ ᠲᠠᠯ᠎ᠠ ᠪᠠᠷ ᠬᠢᠲᠠᠳᠴᠢ ᠡᠷᠳᠡᠮᠲᠡᠳ ᠦ᠋ᠨ ᠳᠠᠬᠢᠨ ᠬᠢᠨᠠᠨ ᠵᠠᠰᠠᠯᠲᠠ ᠬᠡᠷᠡᠭ ᠲᠡᠢ᠃ ᠠᠷᠢᠰᠲ᠋ᠣᠸ ᠶᠠᠭᠤ ᠶ᠋ᠢ ᠦᠨᠳᠦᠰᠦᠯᠡᠵᠦ ᠤᠯᠠᠭᠠᠨ ᠵᠢᠯᠠᠭ᠎ᠠ ᡂᠢ ᠬᠦ ᠶ᠋ᠢ ᠺᠽᠠᠯᠰᠤ ᠭᠣᠣᠯ ᠤ᠋ᠨ ᠡᠷᠭᠢ ᠳᠡᠭᠡᠷ᠎ᠡ ᠪᠠᠢᠨ᠎ᠠ ᠭᠡᠵᠦ ᠬᠡᠯᠡᠭᠰᠡᠨ ᠢ᠋ ᠪᠢᠳᠡ ᠮᠡᠳᠡᠬᠦ ᠦᠭᠡᠢ᠂ ᠭᠡᠪᠡᠴᠦ ᠲᠡᠭᠦᠨ ᠦ᠌ ᠡᠨᠡ ᠰᠠᠨᠠᠯ ᠢ᠋ ᠵᠥᠪᠰᠢᠶᠡᠷᠡᠨ᠎ᠡ᠂ ᠲᠤᠬᠠᠢᠯᠠᠪᠠᠯ᠂ ᠦᠰᠦᠨᠴᠳᠳ ᠰᠢᠭ ᠡᠢᠮᠦᠷᠬᠦᠦ《ᠨᠡᠭᠦᠳᠡᠯ ᠤᠯᠤᠰ》 ᠤ᠋ᠨ ᠭᠡᠷ ᠪᠠᠷᠢᠯᠭ᠎ᠠ ᠶ᠋ᠢᠨ ᠪᠠᠭᠤᠷᠢ ᠦᠯᠡᠳᠡᠭᠳᠡᠯ ᠢ᠋ ᠡᠷᠢᠬᠦ ᠶᠠᠪᠤᠳᠠᠯ ᠪᠣᠯ ᠠᠴᠢ ᠬᠣᠯᠪᠣᠭᠳᠠᠯ ᠦᠭᠡᠢ ᠶᠦ᠍ᠮ ᠃ ᠢᠰᠡᠢᠺᠺᠥ᠋ᠯ ᠨᠠᠭᠤᠷ ᠤ᠋ᠨ ᠡᠷᠭᠢ ᠪᠠ ᠢᠷᠣᠭᠠᠷ ᠠ᠋ᠴᠠ ᠮᠠᠯᠲᠠᠵᠤ ᠭᠠᠷᠭᠠᠭᠰᠠᠨ ᠬᠥᠰᠢᠶ᠎ᠡ ᠲᠡᠮᠳᠡᠭᠯᠡᠯ ᠢ᠋ ᠠᠰᠢᠭᠯᠠᠨ ᠨᠤᠲᠠᠯᠠᠭᠰᠠᠨ(ᠣᠳᠣ ᠪᠣᠯᠲᠠᠯ᠎ᠠ ᠵᠠᠷᠢᠮ ᠬᠥᠮᠦᠨ ᠢᠩᠭᠢᠵᠦ ᠬᠢᠭᠰᠡᠭᠡᠷ) ᠴᠦ᠍ ᠤᠳᠬ᠎ᠠ ᠦᠭᠡᠢ ᠶᠦ᠍ᠮ᠃ ᠢᠰᠡᠢᠺᠺᠥ᠋ᠯ ᠨᠠᠭᠤᠷ ᠤ᠋ᠨ ᠬᠥᠪᠡᠭᠡᠨ ᠦ᠌ ᠬᠣᠲᠠ ᠴᠠᠢᠵᠠ ᠶ᠋ᠢᠨ ᠪᠠᠭᠤᠷᠢ ᠦᠯᠡᠳᠡᠭᠳᠡᠯ ᠪᠣᠯ ᠦᠰᠦᠨ ᠭᠡᠳᠡᠭ ᠡᠨᠡ ᠦᠭᠡ ᠠᠯᠢ ᠡᠷᠲᠡ ᠬᠥᠮᠦᠰ ᠲᠦ᠍ ᠮᠠᠷᠲᠠᠭᠳᠠᠴᠢᠬᠠᠭᠰᠠᠨ ᠲᠡᠷᠡ ᠦᠶ᠎ᠡ ᠪᠡᠷ ᠰᠠᠶᠢ ᠪᠠᠢᠭᠤᠯᠤᠭᠳᠠᠭᠰᠠᠨ ᠭᠡᠳᠡᠭ ᠢ᠋ ᠪᠢᠳᠡ ᠲᠣᠳᠣᠷᠬᠠᠢ ᠮᠡᠳᠡᠬᠦ ᠬᠡᠷᠡᠭᠲᠡᠢ᠃
ᠨᠡᠢᠲᠡ ᠶ᠋ᠢᠨ ᠣᠨ ᠲᠣᠭᠠᠯᠠᠯ ᠠ᠋ᠴᠠ ᠡᠮᠦᠨᠡᠬᠢ 105 ᠣᠨ ᠳ᠋ᠤ᠌᠂ ᠳᠤᠮᠳᠠᠳᠤ ᠤᠯᠤᠰ ᠵᠠᠩ ᠴᠢᠶᠠᠨ ᠢ᠋ ᠡᠯᠴᠢ ᠪᠣᠯᠭᠠᠨ ᠦᠰᠦᠨ ᠢ᠋ ᠵᠡᠭᠦᠨᠰᠢ ᠬᠠᠭᠤᠴᠢᠨ ᠨᠤᠲᠤᠭ ᠲᠠᠭᠠᠨ ᠨᠡᠭᠦᠵᠦ᠂ ᠳᠤᠮᠳᠠᠳᠤ ᠤᠯᠤᠰ ᠲᠠᠢ ᠠᠬ᠎ᠠ ᠳᠡᠭᠦᠦ ᠪᠣᠯᠤᠯᠴᠠᠨ᠂ ᠾᠦᠩᠨᠦ ᠶ᠋ᠢ ᠳᠠᠷᠤᠰᠤᠭᠠᠢ ᠭᠡᠵᠦ ᠢᠳᠬᠠᠭᠰᠠᠨ ᠪᠣᠯᠪᠠᠴᠤ ᠦᠰᠦᠨᠴᠦᠳ ᠡᠳᠡᠭᠡᠷ ᠡᠯᠴᠢᠳ ᠢ᠋ ᠣᠢᠰᠢᠶᠠᠭᠰᠠᠨ ᠦᠭᠡᠢ᠂ ᠲᠡᠢᠨ ᠬᠦ᠌ ᠵᠠᠩ ᠴᠢᠶᠠᠨ ᠤ᠋ ᠲᠥᠯᠥᠪᠯᠡᠭᠡ ᠪᠦᠲᠦᠵᠦ ᠴᠢᠳᠠᠭᠰᠠᠨ ᠦᠭᠡᠢ᠃ ᠬᠣᠵᠢᠮ ᠨᠢ ᠦᠰᠦᠨ ᠦ᠌ ᠡᠯᠴᠢ ᠵᠠᠩ ᠴᠢᠶᠠᠨ ᠢ᠋ ᠳᠠᠭᠠᠵᠤ ᠬᠠᠨ ᠤᠯᠤᠰ ᠲᠤ᠌ ᠬᠦᠷᠦᠭᠡᠳ ᠰᠠᠶᠢ ᠬᠠᠨ ᠤᠯᠤᠰ ᠤ᠋ᠨ 《ᠬᠥᠮᠦᠨ ᠣᠯᠠᠨ ᠤᠯᠤᠰ ᠪᠠᠶᠠᠨ》ᠪᠠᠢᠬᠤ ᠶ᠋ᠢ ᠮᠡᠳᠡᠵᠦ ᠂ ᠤᠯᠤᠰ ᠲᠠᠭᠠᠨ ᠪᠤᠴᠠᠭᠰᠠᠨ ᠤ᠋ ᠳᠠᠷᠠᠭ᠎ᠠ ᠠᠢᠯᠠᠳᠬᠠᠨ ᠮᠡᠳᠡᠭᠦᠯᠦᠭᠰᠡᠨ ᠢ᠋ᠶ᠋ᠡᠷ ᠬᠠᠨ ᠤᠯᠤᠰ ᠤ᠋ᠨ ᠨᠡᠷ᠎ᠡ ᠰᠦᠷ ᠵᠢᠭᠠᠬᠠᠨ ᠮᠠᠨᠳᠤᠪᠠ᠃ᠵᠠᠩ ᠴᠢᠶᠠᠨ ᠠ᠋ᠴᠠ ᠰᠡᠭᠦᠯᠡᠷ ᠂ᠬᠠᠨ ᠤᠯᠤᠰ ᠤ᠋ᠨ ᠡᠯᠴᠢ ᠶᠡᠷᠦ ᠡᠴᠡ ᠲᠠᠰᠤᠷᠠᠭ᠎ᠠ ᠦᠭᠡᠢ᠂ ᠭᠡᠪᠡᠴᠦ ᠳᠡ ᠶᠤᠸᠠᠨ ᠤᠯᠤᠰ ᠲᠤᠷ ᠣᠴᠢᠬᠤ ᠠᠨᠤ ᠣᠯᠠᠨ᠂ ᠦᠰᠤᠨᠴᠤᠳ ᠳᠡᠮᠡᠢ ᠶᠠᠭᠤᠮ᠎ᠠ ᠣᠯᠵᠤ ᠬᠦᠷᠲᠡᠭᠰᠡᠨ ᠦᠭᠡᠢ᠃ ᠲᠡᠢᠨ ᠬᠦ᠌ ᠺᠦᠨᠮᠥ᠋ ᠪᠡᠷ ᠡᠯᠴᠢ ᠢᠯᠡᠬᠡᠨ ᠠᠭᠲᠠ ᠪᠡᠯᠡᠭᠯᠡᠵᠦ᠂ ᠬᠠᠨ ᠤᠯᠤᠰ ᠤ᠋ᠨ ᠭᠦᠩᠵᠦ ᠶ᠋ᠢ ᠪᠣᠭᠲᠣᠯᠠᠨ ᠠᠪᠰᠤᠭᠠᠢ ᠭᠡᠮᠡᠨ ᠮᠢᠩᠭᠠᠨ ᠠᠭᠲᠠ ᠶ᠋ᠢᠨ ᠪᠡᠯᠡᠭ ᠪᠠᠷᠢᠪᠠ᠃ ᠬᠠᠨ ᠤᠯᠤᠰ ᠬᠦᠰᠡᠭᠰᠡᠨ ᠢᠨᠦ ᠬᠦᠯᠢᠶᠡᠨ ᠠᠪᠤᠭᠰᠠᠨ᠎ᠠ᠂ ᠺᠦᠨᠮᠥ᠋ ᠪᠡᠷ ᠬᠠᠨ ᠤᠯᠤᠰ ᠤ᠋ᠨ ᠭᠦᠩᠵᠦ ᠶ᠋ᠢ ᠪᠠᠷᠠᠭᠤᠨ ᠣᠷᠳᠣᠨ ᠤ᠋ ᠬᠠᠲᠤᠨ ᠪᠣᠯᠭᠠᠵᠤ᠂ ᠾᠦᠩᠨᠦ ᠶ᠋ᠢᠨ ᠴᠠᠨ ᠢᠦᠢ ᠶ᠋ᠢᠨ ᠥᠬᠢᠨ ᠢ᠋ ᠵᠡᠭᠦᠨ ᠣᠷᠳᠣᠨ ᠤ᠋ ᠬᠠᠲᠤᠨ ᠪᠣᠯᠭᠠᠪᠠ᠃ ᠭᠦᠩᠵᠦ ᠪᠡᠷ ᠵᠠᠩ ᠳᠠᠳᠬᠠᠯ ᠦᠰᠦᠳ ᠥᠭᠡᠷ᠎ᠡ ᠪᠥᠭᠡᠳ ᠦᠭᠡ ᠬᠡᠯᠡ ᠨᠡᠪᠲᠡᠷᠡᠬᠦ ᠦᠭᠡᠢ ᠠᠯᠤᠰ ᠬᠣᠯᠠ ᠬᠠᠷᠢ ᠤᠯᠤᠰ ᠤ᠋ᠨ ᠦᠰᠦᠨ ᠸᠠᠩ ᠳ᠋ᠤ᠌ ᠮᠣᠷᠳᠠᠭᠰᠠᠨ ᠳ᠋ᠠᠭᠠᠨ ᠡᠮᠭᠡᠨᠢᠨ ᠵᠣᠪᠠᠵᠤ ᠰᠢᠯᠦᠭ ᠵᠣᠬᠢᠶᠠᠪᠠ᠃ 《ᠢᠰᠡᠭᠡᠢ ᠬᠠᠨ᠎ᠠ ᠲᠠᠢ ᠴᠠᠴᠠᠷ ᠮᠠᠢᠬᠠᠨ ᠳ᠋ᠤ᠌ ᠰᠠᠭᠤᠮᠤᠢ ᠂ ᠢᠳᠡᠵᠦ ᠤᠤᠭᠤᠬᠤ ᠠᠨᠤ ᠮᠢᠬ᠎ᠠ ᠰᠦ ᠪᠤᠶᠤ》᠃
ᠺᠦᠨᠮᠥ᠋ ᠥᠲᠡᠯᠵᠦ᠂ ᠨᠠᠰᠤ ᠪᠠᠷᠠᠬᠤ ᠦᠶ᠎ᠡ ᠳ᠋ᠡᠭᠡᠨ ᠬᠠᠨ ᠤᠯᠤᠰ ᠤ᠋ᠨ ᠭᠦᠩᠵᠦ ᠶ᠋ᠢ ᠥᠪᠡᠷ ᠦ᠋ᠨ ᠣᠮᠪᠣᠯᠣ ᠵᠢᠶᠦ᠋ᠨ ᠰᠢᠦᠢ ᠮᠢ ᠳ᠋ᠦ᠍ ᠪᠣᠭᠲᠣᠯᠠᠨ ᠥᠭᠰᠦᠭᠡᠢ ᠭᠡᠰᠡᠨ ᠳ᠋ᠦ᠍ ᠭᠦᠩᠵᠦ ᠪᠡᠷ ᠦᠭᠡ ᠶ᠋ᠢ ᠨᠢ ᠳᠠᠭᠠᠬᠤ ᠦᠭᠡᠢ ᠲᠤᠯᠠ ᠬᠠᠨ ᠤᠯᠤᠰ ᠤ᠋ᠨ ᠬᠠᠭᠠᠨ ᠭᠦᠩᠵᠦ ᠪᠡᠨ ᠦᠰᠦᠨ ᠤᠯᠤᠰ ᠤ᠋ᠨ ᠵᠠᠩ ᠵᠤᠷᠰᠢᠯ ᠢ᠋ ᠳᠠᠭᠠᠭᠲᠤᠨ ᠭᠡᠵᠦ ᠢᠳᠬᠠᠪᠠ᠃ ᠵᠢᠶᠦ᠋ᠨ ᠰᠢᠦᠢ ᠮᠢ ᠶ᠋ᠢᠨ ᠨᠣᠶᠠᠨ ᠴᠣᠯᠠ《ᠼᠸᠠ ᠽᠧᠦ》᠂ ᠾᠦᠩᠨᠦ ᠪᠦᠰᠡᠭᠦᠢ ᠡᠴᠡ ᠨᠢ ᠲᠥᠷᠥᠭᠰᠡᠨ ᠬᠥᠪᠡᠭᠦᠨ ᠦ᠌ ᠬᠢᠨᠢ ᠨᠡᠷ᠎ᠡ ᠨᠢᠮᠢ᠃ 《ᠼᠸᠠ ᠽᠧᠦ》 ᠶ᠋ᠢ ᠨᠠᠰᠤ ᠪᠠᠷᠠᠬᠤ ᠦᠶ᠎ᠡ ᠳ᠋ᠦ᠍ ᠨᠢᠮᠢ ᠪᠠᠭ᠎ᠠ ᠪᠠᠢᠭᠰᠠᠨ ᠲᠤᠯᠠ ᠤᠯᠤᠰ ᠤ᠋ᠨ ᠡᠷᠬᠡ ᠶ᠋ᠢ ᠲᠦᠷ《 ᠼᠸᠠ ᠽᠧᠦ》 ᠶ᠋ᠢᠨ ᠪᠠᠭ᠎ᠠ ᠠᠪᠠᠭ᠎ᠠ ᠶ᠋ᠢᠨ ᠬᠥᠪᠡᠭᠦᠨ ᠸᠧᠩ ᠬᠦᠢ ᠮᠢ ᠳ᠋ᠦ᠍ ᠲᠤᠰᠢᠶᠠᠪᠠ᠃ ᠲᠡᠷᠡ ᠦᠶ᠎ᠡ ᠳ᠋ᠦ᠍ ᠵᠢᠶᠠᠩ ᠳᠦ ᠭᠦᠩᠵᠦ ᠬᠡᠳᠦᠢᠨ ᠨᠠᠰᠤ ᠪᠠᠷᠠᠴᠢᠬᠠᠭᠰᠠᠨ ᠪᠠᠢᠨ᠎ᠠ᠃ ᠬᠠᠨ ᠤᠯᠤᠰ ᠳᠠᠬᠢᠨᠲᠠ ᠴᠦ ᠭᠦᠩᠵᠦ ᠶ᠋ᠢ《ᠽᠧᠨ ᠽᠧᠦ》 ᠳ᠋ᠦ᠍ ᠡᠬᠡᠨᠡᠷ ᠪᠣᠯᠭᠠᠨ ᠥᠭᠪᠡ᠃ ᠸᠧᠩ ᠬᠦᠢ ᠮᠢ ᠰᠠᠭᠤᠷᠢᠨ ᠢ᠋ ᠵᠠᠯᠭᠠᠮᠵᠢᠯᠠᠭᠰᠠᠨ ᠤ᠋ ᠳᠠᠷᠠᠭ᠎ᠠ ᠴᠦ ᠭᠦᠩᠵᠦ ᠶ᠋ᠢ ᠡᠬᠡᠨᠡᠷ ᠪᠣᠯᠭᠠᠨ ᠠᠪᠤᠪᠠ᠃ ᠸᠧᠩ ᠬᠦᠢ ᠮᠢ ᠤᠯᠤᠰ ᠢ᠋ ᠵᠠᠰᠠᠬᠤ ᠴᠢᠳᠠᠪᠤᠷᠢᠲᠠᠢ ᠬᠥᠮᠦᠨ ᠠᠵᠤᠭᠤ᠂ ᠳᠣᠲᠣᠭᠠᠳᠤ ᠪᠠᠨ ᠠᠮᠤᠷᠵᠢᠭᠤᠯᠵᠤ᠂ ᠭᠠᠳᠠᠭᠠᠳᠤ ᠳ᠋ᠤ᠌ ᠴᠢᠩᠭ᠎ᠠ ᠬᠠᠨᠳᠤᠬᠤ ᠬᠦᠴᠦᠨ ᠲᠡᠢ ᠪᠠᠢᠪᠠ᠃ ᠣᠨ ᠲᠣᠭᠠᠯᠠᠯ ᠠ᠋ᠴᠠ ᠡᠮᠦᠨᠡᠬᠢ71 ᠣᠨ ᠳ᠋ᠤ᠌ ᠸᠧᠩ ᠬᠦᠢ ᠮᠢ ᠪᠡᠷ ᠬᠠᠨ ᠤᠯᠤᠰ ᠲᠠᠢ ᠬᠣᠯᠪᠣᠭᠠᠯᠠᠨ᠂ ᠾᠦᠩᠨᠦ ᠶ᠋ᠢ ᠴᠣᠬᠢᠵᠤ ᠳᠥᠷᠪᠡᠨ ᠮᠢᠩᠭᠠᠨ ᠲᠡᠷᠢᠭᠦᠨ ᠢ᠋ ᠴᠠᠪᠴᠢᠵᠤ᠂ ᠮᠣᠷᠢ᠂ ᠦᠬᠡᠷ᠂ ᠬᠣᠨᠢ᠂ ᠡᠯᠵᠢᠭᠡ᠂ ᠲᠡᠮᠡᠭᠡ ᠳᠣᠯᠣᠭᠠᠨ ᠲᠦᠮᠡ ᠶ᠋ᠢ ᠣᠯᠵᠠᠯᠠᠪᠠ᠃③ ᠲᠡᠭᠦᠨ ᠡᠴᠡ ᠬᠣᠢᠰᠢ᠂ ᠺᠦᠨᠮᠦ᠋ ᠪᠠᠰᠠ ᠢᠳᠡᠭ ᠢᠳᠡᠭ ᠢ᠋ᠶ᠋ᠡᠷ ᠫᠠᠮᠢᠷ ᠤ᠋ᠨ ᠥᠨᠳᠥᠷᠯᠢᠭ ᠡᠴᠡ ᠵᠡᠭᠦᠨᠰᠢᠬᠢ ᠬᠡᠷᠡᠭ ᠲᠦ᠍ ᠭᠠᠷ ᠲᠥᠷᠥᠬᠦ ᠪᠣᠯᠪᠠ᠃ ᠬᠣᠶᠠᠳᠤᠭᠠᠷ ᠬᠥᠪᠡᠭᠦᠨ ᠨᠢ ᠶᠠᠷᠤᠺᠠᠨᠳ᠋( ᠱᠠ ᠴᠧ ᠸᠠᠩ) ᠸᠠᠩ ᠪᠣᠯᠪᠠ᠃ ᠶᠡᠬᠡ ᠥᠬᠢᠨ ᠨᠢ ᠺᠦᠴᠠ(ᠺᠦᠴᠢᠨᠠᠨ) ᠸᠠᠩ ᠳ᠋ᠤ᠌ ᠮᠣᠷᠳᠠᠪᠠ᠃ ᠣᠨ ᠲᠣᠭᠠᠯᠠᠯ ᠠ᠋ᠴᠠ ᠡᠮᠦᠨᠡᠬᠢ60 ᠣᠨ ᠳ᠋ᠤ᠌᠂ ᠸᠧᠩ ᠬᠦᠢ ᠮᠢ ᠨᠠᠰᠤ ᠨᠥᠭᠴᠢᠪᠡ᠂《ᠽᠧᠨ ᠽᠧᠦ》 ᠶ᠋ᠢᠨ ᠬᠥᠪᠡᠭᠦᠨ ᠨᠢᠮᠢ ᠰᠠᠭᠤᠷᠢᠨ ᠳ᠋ᠤ᠌ ᠭᠠᠷᠴᠤ᠂《ᠺᠤᠸᠠᠩ ᠸᠠᠩ》 ᠬᠡᠮᠡᠭᠳᠡᠪᠡ᠃
ᠺᠤᠸᠠᠩ ᠸᠠᠩ ᠢ᠋ᠶ᠋ᠠᠷ ᠴᠦ ᠭᠦᠩᠵᠦ ᠶ᠋ᠢ ᠡᠬᠡᠨᠡᠷ ᠪᠣᠯᠭᠠᠨ ᠠᠪᠤᠪᠠ᠂ ᠭᠦᠩᠵᠦ ᠨᠠᠰᠤᠨ ᠠᠬᠢᠭᠰᠠᠨ(ᠲᠠᠪᠢ ᠭᠠᠷᠤᠢ ᠨᠠᠰᠤᠲᠠᠢ) ᠪᠣᠯᠪᠠᠴᠤ ᠨᠢᠭᠡᠨ ᠬᠥᠪᠡᠭᠦᠨ ᠲᠥᠷᠥᠭᠦᠯᠪᠡ᠃ ᠺᠤᠸᠠᠩ ᠸᠠᠩ ᠢ᠋ᠶ᠋ᠠᠷ ᠴᠦ ᠭᠦᠩᠵᠦ ᠯᠦ᠍ᠭᠡ ᠠᠶ᠎ᠠ ᠡᠪᠳᠡᠷᠡᠭᠰᠡᠨ ᠪᠥᠭᠡᠳ ᠵᠠᠩ ᠠᠨᠤ ᠬᠡᠷᠴᠡᠭᠡᠢ ᠳᠣᠭᠰᠢᠨ ᠲᠤᠯᠠ ᠣᠯᠠᠨ ᠤ᠋ ᠰᠡᠳᠬᠢᠯ ᠢ᠋ ᠠᠯᠳᠠᠪᠠ᠃ ᠬᠠᠨ ᠤᠯᠤᠰ ᠤ᠋ᠨ ᠡᠯᠴᠢ ᠬᠦᠷᠴᠦ ᠢᠷᠡᠭᠰᠡᠨ᠎ᠡ᠂ ᠭᠦᠩᠵᠦ ᠪᠡᠷ ᠡᠯᠴᠢᠳ ᠯᠦ᠍ᠭᠡ ᠵᠥᠪᠯᠡᠯᠳᠦᠨ ᠠᠷᠢᠬᠢᠨ ᠰᠢᠷᠡᠭᠡ ᠵᠠᠰᠠᠵᠤ᠂ ᠺᠤᠸᠠᠩ ᠸᠠᠩ ᠢ᠋ ᠠᠯᠠᠰᠤᠭᠠᠢ ᠬᠡᠮᠡᠪᠡ᠃ ᠰᠡᠯᠡᠮ᠎ᠡ ᠢᠨᠦ ᠡᠰᠡ ᠤᠨᠤᠭᠰᠠᠨ ᠳ᠋ᠤᠷ ᠺᠤᠸᠠᠩ ᠸᠠᠩ ᠰᠣᠴᠢᠨ ᠪᠣᠰᠴᠤ᠂ ᠮᠣᠷᠢᠨ ᠳ᠋ᠠᠭᠠᠨ ᠮᠣᠷᠳᠠᠨ ᠳᠤᠲᠠᠭᠠᠪᠠ᠃ ᠺᠤᠸᠠᠩ ᠸᠠᠩ ᠤ᠋ᠨ ᠬᠥᠪᠡᠭᠦᠨ ᠰᠢ ᠱᠧᠨ ᠱᠧᠦ ᠴᠡᠷᠢᠭ ᠳᠠᠢᠴᠢᠯᠠᠨ ᡂᠢ ᠬᠦ ᠬᠣᠲᠠ ᠶ᠋ᠢ ᠪᠦᠰᠡᠯᠡᠵᠦ ᠬᠠᠭᠠᠭᠰᠠᠨ ᠳ᠋ᠤ᠌ ᠬᠠᠨ ᠤᠯᠤᠰ ᠤ᠋ᠨ ᠡᠯᠴᠢ ᠪᠣᠯᠤᠨ ᠭᠦᠩᠵᠦ ᠨᠠᠷ ᠬᠣᠲᠠ ᠶ᠋ᠢᠨ ᠳᠣᠲᠣᠷ᠎ᠠ ᠪᠦᠰᠡᠯᠡᠭᠳᠡᠪᠡ᠃ ᠡᠨᠡ ᠣᠴᠢᠷ᠎ᠠ ᠬᠠᠨ ᠤᠯᠤᠰ ᠣᠰᠣᠯ ᠬᠦᠯᠢᠶᠡᠨ᠂ ᠡᠯᠴᠢ ᠸᠧᠢ ᠾᠧ ᠢ᠂ ᠷᠧᠨ ᠴᠠᠩ ᠢ᠋ ᠬᠣᠲᠠᠨ᠎ᠠ ᠳᠠᠷᠤᠨ ᠠᠪᠴᠢᠷᠠᠵᠤ᠂ ᠴᠠᠪᠴᠢᠨ ᠠᠯᠠᠪᠠ᠃ ᠵᠦᠩ ᠯᠠᠩ ᠵᠠᠩᠵᠤᠨ ᠢ᠋ ᠲᠣᠮᠢᠯᠠᠨ᠂ ᠡᠮ ᠥᠭᠴᠦ ᠺᠤᠸᠠᠩ ᠸᠠᠩ ᠤ᠋ᠨ ᠪᠡᠶ᠎ᠡ ᠶ᠋ᠢ ᠡᠮᠨᠡᠭᠦᠯᠵᠦ᠂ ᠠᠯᠲᠠ ᠲᠣᠷᠭ᠎ᠠ ᠪᠡᠯᠡᠭᠯᠡᠪᠡ᠃ ᠭᠦᠩᠵᠦ ᠶ᠋ᠢ ᠦᠯᠡᠳᠡᠭᠡᠨ᠂ ᠶᠠᠯ᠎ᠠ ᠡᠰᠡ ᠬᠡᠯᠡᠯᠴᠡᠪᠡ᠃ ᠸᠧᠩ ᠬᠦᠢ ᠮᠢ ᠶ᠋ᠢᠨ ᠬᠥᠪᠡᠭᠦᠨ ᠡᠦ ᠵᠢᠦ ᠲᠦ ᠪᠡᠷ ᠾᠦᠩᠨᠦ ᠭᠦᠩᠵᠦ ᠡᠴᠡ ᠲᠥᠷᠥᠭᠰᠡᠨ ᠪᠥᠯᠥᠭᠡ᠂ ᠺᠤᠸᠠᠩ ᠸᠠᠩ ᠢ᠋ᠶ᠋ᠠᠷ ᠬᠥᠮᠦᠨ ᠦ᠌ ᠰᠡᠳᠬᠢᠯ ᠢ᠋ ᠠᠯᠳᠠᠭᠰᠠᠨ ᠲᠣᠬᠢᠶᠠᠯ ᠢ᠋ ᠳᠠᠯᠢᠮᠳᠠᠭᠤᠯᠤᠨ ᠤᠮᠠᠷᠠᠲᠤ ᠠᠭᠤᠯᠤᠨ᠎ᠠ(ᠠᠯᠲᠠᠢ ᠠᠭᠤᠯᠠ) ᠣᠷᠣᠵᠤ᠂ ᠡᠬᠡ ᠶ᠋ᠢᠨ ᠮᠢᠨᠢ ᠲᠥᠷᠬᠥᠮ ᠾᠦᠩᠨᠦ ᠶ᠋ᠢᠨ ᠴᠡᠷᠢᠭ ᠨᠠᠳᠠ ᠶ᠋ᠢ ᠲᠤᠰᠠᠯᠠᠬᠤ ᠪᠠᠷ ᠢᠷᠡᠬᠦ ᠭᠡᠵᠦ ᠪᠣᠢ ᠭᠡᠮᠡᠨ ᠴᠤᠤ ᠠᠯᠳᠠᠷᠰᠢᠭᠤᠯᠤᠭᠰᠠᠨ ᠳ᠋ᠤ᠌ ᠬᠥᠮᠦᠰ ᠲᠡᠭᠦᠨ ᠢ᠋ ᠳᠠᠭᠠᠪᠠ᠃ ᠡᠦ ᠵᠢᠦ ᠳ᠋ᠦ᠍ ᠬᠣᠵᠢᠮ ᠨᠢ ᠺᠤᠸᠠᠩ ᠸᠠᠩ ᠢ᠋ ᠠᠯᠠᠵᠤ᠂ ᠰᠠᠭᠤᠷᠢᠨ ᠢ᠋ ᠠᠨᠤ ᠡᠵᠡᠯᠡᠪᠡ᠃ ᠾᠥ᠋ᠩᠨᠦᠴᠦᠳ ᠦ᠋ᠨ ᠤᠬᠠᠭᠠᠯᠠᠭᠰᠠᠨ ᠲᠥᠷᠥ ᠶ᠋ᠢᠨ ᠬᠤᠪᠢᠰᠤᠯ ᠪᠦᠲᠦᠭᠰᠡᠨ ᠶᠠᠪᠤᠳᠠᠯ ᠬᠠᠨ ᠤᠯᠤᠰ ᠤ᠋ᠨ ᠰᠠᠨᠠᠭᠠᠨ ᠠ᠋ᠴᠠ ᠭᠠᠳᠠᠭᠤᠷ ᠪᠣᠯᠪᠠ᠂ ᠲᠡᠢᠨ ᠬᠦ᠌ ᠬᠤᠳᠳᠤᠭ ᠮᠠᠯᠲᠠᠨ᠂ ᠰᠤᠪᠠᠭ ᠲᠠᠲᠠᠵᠤ᠂ ᠠᠮᠤ ᠬᠠᠳᠠᠭᠠᠯᠠᠨ᠂ ᠳᠣᠯᠣᠭᠠᠨ ᠤᠰᠤᠨ ᠤ᠋ ᠭᠠᠵᠠᠷ ᠤ᠋ᠨ ᠬᠤᠪᠢᠰᠤᠯ ᠢ᠋ ᠰᠡᠷᠭᠡᠢᠯᠡᠪᠡ᠃ ᠲᠤᠬᠠᠢ ᠶ᠋ᠢᠨ ᠦᠶ᠎ᠡ ᠳ᠋ᠦ᠍ ᠵᠣᠯ ᠢ᠋ᠶ᠋ᠠᠷ ᠴᠦ ᠭᠦᠩᠵᠦ ᠶ᠋ᠢᠨ ᠰᠢᠪᠡᠭᠴᠢᠨ ᠹᠧᠩ ᠯᠢᠶᠣᠣ᠂ ᠲᠤᠬᠠᠢᠯᠠᠪᠠᠯ ᠹᠧᠩ ᠬᠠᠲᠤᠨ ᠪᠠᠢᠳᠠᠯ ᠢ᠋ ᠠᠷᠭᠠᠯᠠᠨ ᠡᠪᠰᠡᠭᠦᠯᠪᠡ᠃ ᠡᠦ ᠵᠢᠦ ᠲᠦ ᠶ᠋ᠢ ᠪᠠᠭ᠎ᠠ ᠺᠦᠨᠮᠢ ᠬᠡᠮᠡᠵᠦ᠂ ᠸᠧᠩ ᠬᠦᠢ ᠮᠢ ᠶ᠋ᠢᠨ ᠬᠥᠪᠡᠭᠦᠨ ᠶᠤᠸᠠᠨ ᠬᠦᠢ ᠮᠢ ᠶ᠋ᠢ ᠶᠡᠬᠡ ᠺᠥᠨᠮᠢ(《ᠺᠦᠨ᠌ᠮᠥ᠋》 ᠶ᠋ᠢ ᠬᠣᠵᠢᠮ ᠨᠢ《ᠺᠥ᠋ᠨᠮᠢ》 ᠭᠡᠵᠦ ᠨᠡᠷᠡᠯᠡᠬᠦ ᠪᠣᠯᠪᠠ) ᠬᠡᠮᠡᠪᠡ᠃ ᠶᠡᠬᠡ ᠺᠥ᠋ᠨᠮᠢ ᠵᠢᠷᠭᠤᠭᠠᠨ ᠲᠦᠮᠡ ᠢᠯᠡᠭᠦᠦ ᠡᠷᠦᠬᠡ ᠶ᠋ᠢ ᠳᠠᠭᠠᠭᠤᠯᠵᠤ᠂ ᠪᠠᠭ᠎ᠠ ᠺᠥ᠋ᠨᠮᠢ ᠳᠥᠷᠪᠡᠨ ᠮᠢᠩᠭ᠎ᠠ ᠢᠯᠡᠭᠦᠦ ᠡᠷᠦᠬᠡ ᠶ᠋ᠢ ᠳᠠᠭᠠᠭᠤᠯᠪᠠ᠃ ᠡᠦ ᠵᠢᠦ ᠳ᠋ᠦ᠍ ᠾᠦᠩᠨᠦ ᠯᠦ᠍ᠭᠡ ᠪᠠᠢᠯᠳᠤᠭᠰᠠᠨ ᠪᠣᠯᠪᠠᠴᠤ ᠠᠰᠢᠭ ᠣᠯᠵᠤ ᠴᠢᠳᠠᠭᠰᠠᠨ ᠦᠭᠡᠢ᠂ ᠬᠠᠨ ᠤᠯᠤᠰ ᠤ᠋ᠨ ᠡᠯᠴᠢ ᠯᠦ᠍ᠭᠡ ᠶᠠᠪᠤᠯᠴᠠᠭᠠᠳ ᠶᠡᠬᠡ ᠡᠪ ᠲᠡᠢ ᠪᠣᠯᠪᠠ᠃
ᠶᠡᠬᠡ ᠪᠠᠭ᠎ᠠ ᠺᠥ᠋ᠨᠮᠢ ᠭᠡᠵᠦ ᠢᠯᠭᠠᠭᠰᠠᠨ ᠠ᠋ᠴᠠ ᠪᠣᠯᠵᠤ᠂ ᠥᠷᠢᠰᠦᠯᠳᠦᠬᠦ ᠳ᠋ᠦ᠍ ᠠᠮᠠᠷ ᠪᠣᠯᠪᠠ᠃ ᠶᠤᠸᠠᠨ ᠬᠦᠢ ᠮᠢ ᠶ᠋ᠢᠨ ᠣᠮᠪᠣᠯᠣ ᠼᠢ ᠯᠢ ᠮᠢ ᠶᠡᠬᠡ ᠺᠥ᠋ᠨᠮᠢ ᠪᠣᠯᠤᠭᠰᠠᠨ ᠤ᠋ ᠳᠠᠷᠠᠭ᠎ᠠ᠂ ᠤᠯᠤᠰ ᠠᠨᠤ ᠬᠦᠴᠦᠷᠬᠡᠭᠵᠢᠵᠦ᠂ ᠠᠷᠠᠳ ᠠᠨᠤ ᠠᠮᠤᠭᠤᠯᠠᠩ ᠪᠣᠯᠵᠤ᠂ ᠸᠧᠩ ᠬᠦᠢ ᠮᠢ ᠶ᠋ᠢᠨ ᠦᠶ᠎ᠡ ᠡᠴᠡ ᠳᠠᠪᠠᠪᠠ᠃ ᠼᠢ ᠯᠢ ᠮᠢ ᠵᠠᠷᠯᠢᠭ ᠪᠠᠭᠤᠯᠭᠠᠨ᠂ ᠠᠷᠠᠳ ᠢ᠋ᠶ᠋ᠠᠨ ᠮᠠᠯ ᠤᠨᠤᠭ᠎ᠠ ᠪᠠᠨ ᠺᠥ᠋ᠨᠮᠢ ᠶ᠋ᠢᠨ ᠪᠡᠯᠴᠢᠭᠡᠷ ᠲᠦ᠍ ᠣᠷᠣᠭᠤᠯᠵᠤ ᠪᠣᠯᠬᠤ ᠦᠭᠡᠢ᠂ ᠵᠢᠭᠤᠷᠠᠯᠳᠤᠭᠠᠨ ᠡᠭᠦᠰᠬᠦ ᠶ᠋ᠢ ᠰᠡᠷᠭᠡᠢᠯᠡᠬᠦ ᠬᠡᠷᠡᠭᠲᠡᠢ ᠬᠡᠮᠡᠪᠡ᠃ ᠦᠰᠦᠨ ᠤᠯᠤᠰ ᠲᠤ᠌ ᠲᠤᠬᠠᠢ ᠶ᠋ᠢᠨ ᠦᠶ᠎ᠡ ᠳ᠋ᠦ᠍ ᠨᠢᠭᠡᠨᠲᠡ ᠬᠤᠪᠢ ᠶ᠋ᠢᠨ ᠪᠡᠯᠴᠢᠭᠡᠷ ᠪᠣᠢ ᠪᠣᠯᠤᠭᠠᠳ ᠪᠠᠢᠭᠰᠠᠨ ᠢ᠋ ᠡᠨᠡ ᠤᠴᠢᠷ ᠭᠡᠷᠡᠴᠢᠯᠡᠵᠦ ᠪᠠᠢᠨ᠎ᠠ᠃ ᠡᠨᠡ ᠨᠢ ᠰᠡᠭᠦᠯᠴᠢ ᠶ᠋ᠢᠨ ᠦᠶ᠎ᠡ ᠶ᠋ᠢᠨ ᠲᠥᠷᠥᠭᠴᠢᠳ ᠪᠠ ᠮᠣᠩᠭᠣᠯᠴᠤᠳ ᠤ᠋ᠨ ᠬᠡᠯᠡᠳᠡᠭ《ᠺᠠᠯᠺᠠ》 ᠲᠠᠢ ᠠᠳᠠᠯᠢᠬᠠᠨ᠃ ᠪᠠᠭ᠎ᠠ ᠺᠥ᠋ᠨᠮᠢ ᠠᠯᠠᠭᠤᠷᠴᠢᠨ ᠲᠣᠮᠢᠯᠠᠵᠤ᠂ ᠶᠡᠬᠡ ᠺᠥ᠋ᠨᠮᠢ ᠶ᠋ᠢ ᠨᠢᠭᠤᠴᠠ ᠪᠠᠷ ᠬᠣᠷᠣᠭᠠᠪᠠ᠃ ᠬᠠᠨ ᠤᠯᠤᠰ ᠳᠠᠬᠢᠨ ᠬᠠᠨ ᠤᠯᠤᠰ ᠤ᠋ᠨ ᠭᠦᠩᠵᠦ ᠶ᠋ᠢᠨ ᠣᠮᠪᠣᠯᠣ ᠡᠢ ᡁᠢ ᠮᠢ ᠶ᠋ᠢ ᠶᠡᠬᠡ ᠺᠥ᠋ᠨᠮᠢ ᠪᠣᠯᠭᠠᠪᠠ᠃ ᠶᠡᠬᠡ ᠪᠠᠭ᠎ᠠ ᠬᠣᠶᠠᠷ ᠺᠥ᠋ᠨᠮᠢ ᠶ᠋ᠢᠨ ᠲᠡᠮᠡᠴᠡᠯᠳᠦᠭᠡᠨ ᠦ᠌ ᠳᠤᠮᠳᠠ᠂ ᠬᠠᠨ ᠤᠯᠤᠰ ᠤ᠋ᠨ ᠡᠯᠴᠢ ᠢᠳᠡᠭ ᠢᠳᠡᠭ ᠢ᠋ᠶ᠋ᠡᠷ ᠪᠠᠭ᠎ᠠ ᠺᠥ᠋ᠨᠮᠢ ᠲᠡᠢ ᠬᠣᠯᠪᠣᠭᠳᠠᠬᠤ ᠪᠣᠯᠪᠠ᠃ ᠪᠠᠭ᠎ᠠ ᠺᠥ᠋ᠨᠮᠢ ᠠᠨ ᠯᠢ ᠮᠢ ᠾᠦᠩᠨᠦ ᠳ᠋ᠦ᠍ ᠬᠣᠣᠷᠯᠠᠭᠳᠠᠭᠰᠠᠨ ᠢ᠋ ᠬᠠᠨ ᠤᠯᠤᠰ ᠤ᠋ᠨ ᠡᠯᠴᠢ ᠤᠷᠢᠳᠴᠢᠯᠠᠨ ᠣᠯᠵᠤ ᠮᠡᠳᠡᠭᠡᠳ᠂ ᠣᠷᠣᠨ ᠳ᠋ᠤᠨᠢ ᠬᠠᠨ ᠤᠯᠤᠰ ᠤ᠋ᠨ ᠳᠦ ᠬᠤ᠌ ᠲᠦᠰᠢᠮᠡᠯ ᠢ᠋ ᠲᠣᠮᠢᠯᠠᠪᠠ(ᠣᠨ ᠲᠣᠭᠠᠯᠠᠯ ᠠ᠋ᠴᠠ ᠡᠮᠦᠨ᠎ᠡ11 ᠣᠨ)᠃ ᠠᠨ ᠯᠢ ᠮᠢ ᠶ᠋ᠢᠨ ᠪᠠᠭ᠎ᠠ ᠠᠪᠠᠭ᠎ᠠ ᠪᠧᠢ ᠶᠤᠸᠠᠨ ᡁᠢ ᠨᠠᠢ᠍ᠮᠠᠨ ᠲᠦᠮᠡᠨ ᠡᠷᠦᠬᠡ ᠳᠠᠭᠠᠭᠤᠯᠤᠨ ᠨᠡᠭᠦᠵᠦ᠂ ᠬᠣᠶᠠᠷ ᠺᠦᠨᠮᠢ ᠶ᠋ᠢ ᠨᠡᠢᠯᠡᠭᠦᠯᠬᠦ ᠭᠡᠰᠡᠨ ᠳ᠋ᠦ᠍ ᠬᠠᠨ ᠤᠯᠤᠰ ᠪᠣᠯᠤᠨ ᠬᠣᠶᠠᠷ ᠺᠦᠨᠮᠢ ᠶ᠋ᠢᠨ ᠬᠣᠭᠣᠷᠣᠨᠳᠣᠬᠢ ᠬᠠᠷᠢᠴᠠᠭ᠎ᠠ ᠨᠢᠭᠡ ᠦᠶ᠎ᠡ ᠪᠠᠴᠢᠮ ᠪᠣᠯᠪᠠ᠃ ᠣᠨ ᠲᠣᠭᠠᠯᠠᠯ ᠠ᠋ᠴᠠ ᠡᠮᠦᠨ᠎ᠡ ᠨᠢᠭᠡ ᠣᠨ ᠳ᠋ᠤ᠌᠂ ᠡᠢ ᡁᠢ ᠮᠢ ᠪᠣᠯᠤᠨ ᠾᠦᠩᠨᠦ ᠶ᠋ᠢᠨ ᠴᠡᠨ ᠢᠦᠢ ᠬᠠᠮᠲᠤ ᠪᠠᠷ ᠬᠠᠨ ᠤᠯᠤᠰ ᠲᠤ᠌ ᠣᠷᠣᠵᠤ ᠥᠭᠭᠦᠭᠰᠡᠨ᠎ᠡ ᠬᠠᠨ ᠤᠯᠤᠰ ᠶᠡᠬᠡᠲᠡᠨ ᠣᠮᠣᠭᠰᠢᠪᠠ᠃ ᠰᠡᠭᠦᠯᠡᠷ ᠨᠢ ᠬᠠᠨ ᠤᠯᠤᠰ ᠤ᠋ᠨ ᠳᠦ ᠬᠤ᠌ ᠪᠠᠷ ᠪᠧᠢ ᠶᠤᠸᠠᠨ ᡁᠢ ᠶ᠋ᠢ ᠠᠯᠠᠪᠠ᠃ ᠣᠨ ᠲᠣᠭᠠᠯᠠᠯ ᠤ᠋ᠨ8 ᠣᠨ ᠤ᠋ ᠦᠶ᠎ᠡ ᠪᠡᠷ᠂ ᠵᠡᠭᠦᠨ ᠲᠦᠷᠺᠢᠰᠲ᠋ᠠᠨ ᠴᠤ᠌ ᠾᠦᠩᠨᠦ ᠳ᠋ᠦ᠍ ᠡᠵᠡᠯᠡᠭᠳᠡᠪᠡ᠃ ᠡᠭᠦᠨ ᠡᠴᠡ ᠳᠤᠮᠳᠠᠳᠤ ᠣᠷᠣᠨ ᠬᠢᠭᠡᠳ《ᠪᠠᠷᠠᠭᠤᠨ ᠣᠷᠣᠨ》 ᠤ᠋ ᠬᠠᠷᠢᠴᠠᠭ᠎ᠠ ᠲᠠᠰᠤᠷᠠᠭᠠᠳ ᠣᠨ ᠲᠣᠭᠠᠯᠠᠯ ᠤ᠋ᠨ73 ᠣᠨ ᠳ᠋ᠤ᠌ ᠰᠠᠶᠢ ᠬᠠᠷᠢᠴᠠᠭ᠎ᠠ ᠰᠡᠷᠭᠦᠪᠡ᠃ ᠣᠨ ᠲᠣᠭᠠᠯᠠᠯ ᠤ᠋ᠨ97 ᠣᠨ ᠳ᠋ᠤ᠌᠂ ᠵᠡᠭᠦᠨ ᠬᠠᠨ ᠤᠯᠤᠰ ᠤ᠋ᠨ ᠵᠠᠩᠵᠤᠨ ᠢ᠋ᠶ᠋ᠠᠨ ᠴᠤᠤ ᠨᠢᠭᠡᠨ ᠰᠠᠯᠠᠭ᠎ᠠ ᠴᠡᠷᠢᠭ ᠳᠠᠭᠠᠭᠤᠯᠵᠤ᠂ ᠪᠠᠷᠠᠭᠤᠨ ᠬᠢᠵᠠᠭᠠᠷ ᠲᠤ᠌ ᠭᠦᠨ᠎ᠡ ᠣᠷᠣᠵᠤ᠂ ᠠᠯᠤᠰ ᠬᠣᠯᠠ ᠶ᠋ᠢᠨ ᠺᠠᠰᠫᠢ ᠲᠠᠩᠭᠢᠰ ᠤ᠋ᠨ ᠬᠥᠪᠡᠭᠡᠨ ᠳ᠋ᠦ᠍ ᠬᠦᠷᠦᠭᠰᠡᠨ ᠪᠠᠢᠪᠠ᠃ ᠭᠡᠪᠡᠴᠦ ᠡᠨᠡ ᠶᠠᠪᠤᠳᠠᠯ ᠨᠢ ᠳᠣᠯᠣᠭᠠᠨ ᠤᠰᠤᠨ ᠤ᠋ ᠨᠤᠲᠤᠭ ᠲᠠᠢ ᠬᠣᠯᠪᠣᠭ᠎ᠠ ᠦᠭᠡᠢ᠂ ᠤᠴᠢᠷ ᠨᠢ ᠡᠨᠡ ᠦᠶ᠎ᠡ ᠪᠡᠷ ᠳᠣᠯᠣᠭᠠᠨ ᠤᠰᠤᠨ ᠤ᠋ ᠨᠤᠲᠤᠭ ᠯᠤᠭ᠎ᠠ ᠬᠠᠷᠢᠴᠠᠭ᠎ᠠ ᠪᠦᠬᠦᠢ ᠶᠠᠮᠠᠷ ᠴᠦ᠍ ᠬᠡᠷᠡᠭ ᠲᠤᠭᠤᠯᠳᠠᠭ᠎ᠠ ᠦᠭᠡᠢ᠃ ᠲᠡᠦᠬᠡᠨ ᠮᠠᠲ᠋ᠧᠷᠢᠶᠠᠯ ᠳ᠋ᠤ᠌2 ᠳ᠋ᠤᠭᠠᠷ ᠵᠠᠭᠤᠨ ᠤ᠋ ᠦᠶ᠎ᠡ ᠳ᠋ᠦ᠍ ᠦᠰᠦᠨ ᠨᠢᠭᠡᠨᠲᠡ ᠳᠤᠮᠳᠠᠳᠤ ᠤᠯᠤᠰ ᠯᠤᠭ᠎ᠠ《 ᠪᠦᠷᠢᠮᠦᠰᠦᠨ ᠬᠠᠭᠠᠴᠠᠭᠰᠠᠨ》 ᠢ᠋ ᠯᠡ ᠳᠤᠷᠠᠳᠴᠠᠢ᠃ ᠾᠥ᠋ᠩᠨᠤᠴᠤᠳ ᠤ᠋ᠨ ᠮᠣᠩᠭᠣᠯ ᠤ᠋ᠨ ᠭᠠᠵᠠᠷ ᠨᠤᠲᠤᠭ ᠳᠡᠭᠡᠷ᠎ᠡ ᠡᠴᠡ ᠪᠠᠷᠠᠭᠤᠨᠰᠢ ᠨᠡᠭᠦᠵᠦ᠂ ᠳᠣᠯᠣᠭᠠᠨ ᠤᠰᠤᠨ ᠤ᠋ ᠨᠤᠲᠤᠭ ᠢ᠋ᠶ᠋ᠠᠷ ᠥᠩᠭᠡᠷᠡᠬᠦ ᠦᠶ᠎ᠡ ᠶ᠋ᠢᠨ ᠪᠠᠢᠳᠠᠯ ᠢ᠋ ᠴᠦ᠍ ᠮᠡᠳᠡᠬᠦ ᠶ᠋ᠢᠨ ᠠᠷᠭ᠎ᠠ ᠦᠭᠡᠢ᠃2 ᠳ᠋ᠤᠭᠠᠷ ᠵᠠᠭᠤᠨ ᠤ᠋ ᠰᠡᠭᠦᠯᠴᠢ ᠪᠣᠯᠬᠤ ᠳ᠋ᠤ᠌ ᠨᠡᠭᠦᠭᠰᠡᠨ ᠬᠥᠮᠦᠨ ᠦ᠌ ᠲᠣᠭ᠎ᠠ ᠶᠡᠬᠡ ᠣᠯᠠᠨ ᠪᠣᠯᠤᠯ᠎ᠠ ᠭᠡᠳᠡᠭ ᠢ᠋ ᠯᠡ ᠮᠡᠳᠡᠵᠦ ᠪᠠᠢᠨ᠎ᠠ᠃2 ᠳ᠋ᠤᠭᠠᠷ ᠵᠠᠭᠤᠨ ᠤ᠋ ᠳᠤᠮᠳᠠᠴᠢ ᠦᠶ᠎ᠡ ᠪᠡᠷ ᠳᠤᠮᠳᠠᠳᠤ ᠤᠯᠤᠰ ᠲᠤ᠌ ᠬᠡᠷᠡᠭ ᠤᠴᠢᠷ ᠲᠠᠰᠤᠷᠠᠬᠤ ᠪᠠᠨ ᠪᠣᠯᠢᠵᠤ᠂ ᠪᠠᠷᠠᠭᠤᠨ ᠣᠷᠣᠨ ᠯᠤᠭ᠎ᠠ ᠶᠠᠪᠤᠯᠴᠠᠬᠤ ᠪᠠᠨ ᠪᠣᠯᠢᠪᠠ᠃5 ᠳ᠋ᠤᠭᠠᠷ ᠵᠠᠭᠤᠨ ᠬᠦᠷᠦᠭᠡᠳ ᠰᠠᠶᠢ ᠶᠠᠪᠤᠯᠴᠠᠬᠤ ᠪᠣᠯᠪᠠ᠃
ᠤᠤᠯ ᠤ᠋ᠨ ᠮᠣᠩᠭᠣᠯ ᠤ᠋ᠨ ᠭᠠᠵᠠᠷ ᠨᠤᠲᠤᠭ ᠳᠡᠭᠡᠷ᠎ᠡ᠂ ᠰᠢᠶᠠᠨᠪᠢᠴᠤᠳ ᠾᠦᠩᠨᠦ ᠶ᠋ᠢ ᠣᠷᠣᠯᠠᠪᠠ᠃ ᠰᠢᠶᠠᠨᠪᠢ ᠶ᠋ᠢᠨ ᠡᠬᠢ ᠡᠭᠦᠰᠦᠯ ᠨᠢ ᠳ᠋ᠦᠩᠬᠣ (ᠲᠦᠩᠬᠦᠰᠴᠤᠳ) ᠪᠠᠢᠵᠤ ᠮᠡᠳᠡᠨ᠎ᠡ᠂ ᠰᠢᠶᠠᠨᠪᠢ ᠶ᠋ᠢᠨ ᠲᠦᠷᠦᠭᠦᠦ ᠲᠠᠨ ᠱᠢ ᠺᠦᠢ(181 ᠣᠨ) ᠪᠠᠷᠠᠭᠤᠨᠰᠢ ᠦᠰᠦᠨ ᠦ᠌ ᠨᠤᠲᠤᠭ ᠬᠦᠷᠲᠡᠯᠡᠬᠢ ᠭᠠᠵᠠᠷ ᠢ᠋ ᠡᠵᠡᠯᠡᠪᠡ᠃4 ᠳ᠋ᠦ᠍ᠭᠡᠷ ᠵᠠᠭᠤᠨ ᠤ᠋ ᠰᠡᠭᠦᠯᠴᠢ ᠡᠴᠡ6 ᠳ᠋ᠤᠭᠠᠷ ᠵᠠᠭᠤᠨ ᠤ᠋ ᠳᠤᠮᠳᠠᠴᠢ ᠪᠣᠯᠲᠠᠯ᠎ᠠ᠂ ᠳᠤᠮᠳᠠᠳᠤ ᠠᠽᠢᠶ᠎ᠠ ᠶ᠋ᠢᠨ ᠨᠣᠶᠠᠷᠬᠠᠬᠤ ᠡᠷᠬᠡ ᠶ᠋ᠢ ᠿᠸᠤᠷᠠᠨᠴᠤᠳ ᠡᠵᠡᠮᠳᠡᠵᠦ ᠪᠠᠢᠪᠠ᠃ ᠿᠸᠤᠷᠠᠨ ᠢ᠋ ᠪᠠᠰᠠ ᠳ᠋ᠦᠩᠬᠣ(ᠲᠦᠩᠭᠦᠰ) ᠦ᠋ᠨ ᠨᠢᠭᠡᠨ ᠰᠠᠯᠠᠭ᠎ᠠ ᠭᠡᠵᠦ ᠦᠵᠡᠳᠡᠭ᠂ ᠿᠸᠤᠷᠠᠨ ᠤ᠋ ᠰᠢᠬᠠᠯᠲᠠ ᠠ᠋ᠴᠠ ᠪᠣᠯᠵᠤ ᠦᠰᠤᠨᠴᠤᠳ ᠲᠡᠭᠰᠢ ᠲᠠᠯ᠎ᠠ ᠪᠠᠨ ᠣᠷᠬᠢᠭᠠᠳ ᠲᠩᠷᠢ ᠠᠭᠤᠯᠠ ᠶ᠋ᠢᠨ ᠠᠭᠯᠠᠭ ᠵᠢᠯᠠᠭ᠎ᠠ ᠳ᠋ᠤ᠌ ᠣᠷᠣᠵᠤ ᠰᠠᠭᠤᠷᠢᠰᠢᠪᠠ᠃ ᠤᠮᠠᠷᠠᠲᠤ ᠸᠧᠢ ᠤᠯᠤᠰ(ᠪᠤᠶᠤ ᠶᠤᠸᠠᠨ ᠸᠧᠢ ᠤᠯᠤᠰ) ᠪᠠᠢᠭᠤᠯᠤᠭᠳᠠᠭᠰᠠᠨ ᠤ᠋ ᠳᠠᠷᠠᠭ᠎ᠠ᠂ ᠲᠤᠬᠠᠢᠯᠠᠪᠠᠯ ᠣᠨ ᠲᠣᠭᠠᠯᠠᠯ ᠤ᠋ᠨ425 ᠣᠨ ᠠ᠋ᠴᠠ ᠪᠠᠷᠠᠭᠤᠨ ᠣᠷᠣᠨ ᠤ᠋ ᠤᠯᠤᠰ ᠤ᠋ᠳ ᠬᠠᠷᠢᠯᠴᠠᠨ ᠡᠯᠴᠢ ᠲᠣᠮᠢᠯᠠᠬᠤ ᠪᠣᠯᠪᠠ᠃ ᠡᠭᠦᠨ ᠡᠴᠡ ᠠᠪᠤᠭᠠᠳ ᠳᠤᠮᠳᠠᠳᠤ ᠣᠷᠣᠨ ᠪᠣᠯᠤᠨ ᠪᠠᠷᠠᠭᠤᠨ ᠣᠷᠣᠨ ᠤ᠋ ᠶᠠᠪᠤᠯᠴᠠᠭ᠎ᠠ ᠳᠠᠬᠢᠨ ᠰᠡᠷᠭᠦᠵᠡᠢ᠃ ᠣᠨ ᠲᠣᠭᠠᠯᠠᠯ ᠤ᠋ᠨ436 ᠣᠨ ᠳ᠋ᠤ᠌ ᠳᠤᠮᠳᠠᠳᠤ ᠤᠯᠤᠰ ᠤ᠋ᠨ ᠡᠯᠴᠢ ᠦᠰᠦᠨ ᠳ᠋ᠦ᠍ ᠬᠦᠷᠴᠦ ᠢᠷᠡᠪᠡ᠃④ ᠡᠭᠦᠨ ᠡᠴᠡ ᠦᠰᠦᠨ ᠵᠢᠯ ᠪᠦᠷᠢ ᠡᠯᠴᠢ ᠲᠣᠮᠢᠯᠠᠨ ᠡᠷᠭᠦᠴᠡ ᠡᠷᠭᠦᠬᠦ ᠪᠣᠯᠪᠠ᠃
ᠲᠡᠭᠦᠨ ᠡᠴᠡ ᠬᠣᠢᠰᠢ᠂《ᠦᠰᠦᠨ》 ᠭᠡᠳᠡᠭ ᠡᠨᠡ ᠨᠡᠷ᠎ᠡ ᠪᠠᠷ᠎ᠠ ᠪᠠᠨ ᠳᠠᠭᠠᠭᠠᠭᠰᠠᠨ ᠠᠢᠮᠠᠭ ᠤᠭᠰᠠᠭ᠎ᠠ ᠶ᠋ᠢᠨ ᠨᠡᠷ᠎ᠡ ᠶ᠋ᠢᠨ ᠬᠤᠪᠢ ᠪᠠᠷ ᠲᠡᠦᠬᠡᠨ ᠲᠠᠪᠴᠠᠩ ᠠ᠋ᠴᠠ ᠠᠷᠢᠯᠵᠤ ᠣᠳᠴᠠᠢ᠃ ᠡᠨᠡ ᠦᠭᠡ ᠣᠳᠣ ᠬᠢᠷᠭᠢᠰ — ᠬᠠᠰᠠᠭ ᠬᠡᠯᠡᠨ ᠦ᠌ ᠶᠡᠬᠡ《ᠴᠠᠴᠠᠷ》(ᠦᠰᠦᠨ) ᠭᠡᠰᠡᠨ ᠦᠭᠡᠨ ᠳ᠋ᠦ᠍ ᠯᠡ ᠦᠯᠡᠳᠡᠭᠳᠡᠵᠦ ᠪᠠᠢᠭ᠎ᠠ ᠶ᠋ᠢ ᠪᠢᠳᠡ ᠰᠠᠢᠨ ᠮᠡᠳᠡᠵᠦ ᠪᠠᠢᠨ᠎ᠠ᠃
— — — —
① ᠡᠨᠡ ᠶᠠᠪᠤᠳᠠᠯ ᠲᠤᠩ ᠰᠡᠵᠢᠭᠯᠡᠯᠲᠡᠢ —— ᠮᠢᠨᠨᠤᠷᠰᠺᠢ᠃(ᠣᠷᠴᠢᠭᠤᠯᠭ᠎ᠠ ᠶ᠋ᠢᠨ ᠲᠠᠢᠯᠪᠤᠷᠢ)
② ᠰᠡᠻᠡᠴᠤᠳ ᠨᠡᠢᠲᠡ ᠭᠤᠷᠪᠠᠨ ᠤᠯᠤᠰ ᠲᠠᠢ᠃ ᠬᠢᠲᠠᠳ ᠲᠡᠦᠬᠡᠨ ᠪᠢᠴᠢᠭ ᠲᠦ᠍ ᠵᠢᠢ ᠪᠢᠨ(罽宾)(ᠺᠠᠱᠮᠢᠷ)᠂ ᠰᠢᠦ ᠰᠢᠶᠦ᠋ᠨ(休循)᠂ ᠵᠢᠦᠸᠠᠨ ᠳᠦ(捐毒) ᠭᠡᠵᠦ ᠨᠠᠷᠠᠯᠠᠪᠠ᠃ ᠡᠨᠡ ᠭᠤᠷᠪᠠᠨ ᠤᠯᠤᠰ ᠳᠣᠯᠣᠭᠠᠨ ᠤᠰᠤᠨ ᠪᠣᠯᠤᠨ ᠰᠢᠨᠵᠢᠶᠠᠩ ᠤ᠋ᠨ ᠳᠤᠮᠳᠠ ᠪᠠᠢᠭ᠎ᠠ ᠦᠭᠡᠢ᠂ ᠬᠠᠷᠢᠨ ᠾᠢ᠍ᠨᠳᠤᠺᠦ᠋ᠱ ᠠᠭᠤᠯᠠ ᠪᠣᠯᠤᠨ ᠭᠣᠣ ᠹᠦ ᠶ᠋ᠢᠨ ᠭᠣᠣ ᠵᠠᠯᠭ᠎ᠠ ᠪᠠᠷ ᠨᠤᠲᠤᠭᠯᠠᠵᠤ ᠪᠠᠢᠭᠰᠠᠨ᠃ ᠻᠷᠸᠭ᠌ ᠦ᠋ᠨ ᠲᠡᠦᠬᠡᠴᠢᠳ ᠡᠳᠡᠭᠡᠷ ᠬᠥᠮᠦᠰ ᠢ᠋ ᠡᠨᠡᠳᠬᠡᠭ᠂ ᠰᠠᠬᠢᠶᠠᠨ ᠬᠥᠮᠦᠨ ᠭᠡᠵᠦ ᠨᠠᠷᠠᠯᠠᠪᠠ᠃ ᠡᠢᠨ ᠬᠦ᠌ ᠰᠡᠻᠡᠴᠤᠳ ᠪᠣᠯ ᠰᠠᠬᠢᠶᠠᠨᠴᠤᠳ ᠪᠣᠯᠤᠨ᠎ᠠ ᠭᠡᠵᠦ ᠬᠡᠯᠡᠬᠦ ᠳ᠋ᠦ᠍ ᠰᠡᠵᠢᠭᠯᠡᠬᠦ ᠶᠠᠪᠤᠳᠠᠯ ᠠᠯᠠᠭ᠎ᠠ᠃ (ᠤᠤᠯ ᠲᠠᠢᠯᠪᠤᠷᠢ)
③ 《ᠬᠠᠨ ᠤᠯᠤᠰ ᠤ᠋ᠨ ᠪᠢᠴᠢᠭ》 ᠦ᠋ᠨ ᠤᠤᠯ ᠡᠬᠡ ᠳ᠋ᠦ᠍ ᠳᠥᠷᠪᠡᠨ ᠲᠦᠮᠡᠨ ᠲᠡᠷᠢᠭᠦᠨ ᠢ᠋ ᠴᠠᠪᠴᠢᠵᠤ᠂ ᠦᠬᠡᠷ ᠬᠣᠨᠢ ᠲᠡᠷᠢᠭᠦᠲᠡᠨ ᠢ᠋ ᠳᠠᠯᠠᠨ ᠬᠡᠳᠦᠨ ᠲᠦᠮᠡ ᠣᠯᠵᠠᠯᠠᠪᠠ ᠭᠡᠵᠦ ᠲᠡᠮᠳᠡᠭᠯᠡᠵᠦ ᠪᠣᠢ᠃ ᠡᠨᠡ ᠪᠣᠯ ᠬᠣᠯᠪᠣᠭᠠᠲᠤ ᠴᠡᠷᠢᠭ ᠦ᠋ᠨ ᠣᠯᠵᠠᠯᠠᠭᠰᠠᠨ ᠪᠦᠬᠦ ᠲᠣᠭ᠎ᠠ ᠪᠣᠯᠤᠨ᠎ᠠ᠃ ᠲᠤᠰ ᠵᠣᠬᠢᠶᠠᠯ ᠤ᠋ᠨ ᠵᠣᠬᠢᠶᠠᠭᠴᠢ ᠡᠨᠡ ᠲᠣᠭᠠᠨ ᠤ᠋ ᠠᠷᠪᠠᠨ ᠤ᠋ ᠨᠢᠭᠡ ᠶ᠋ᠢ ᠯᠡ ᠲᠡᠮᠳᠡᠭᠯᠡᠪᠡ᠃ ᠶᠠᠭᠤ ᠠ᠋ᠴᠠ ᠡᠰᠢᠯᠡᠭᠰᠡᠨ ᠢ᠋ ᠨᠢ ᠦᠯᠦ ᠮᠡᠳᠡᠨ᠎ᠡ᠃(ᠬᠢᠲᠠᠳᠴᠢᠯᠠᠭᠴᠢ ᠶ᠋ᠢᠨ ᠲᠠᠢᠯᠪᠤᠷᠢ)
④ ᠤᠮᠠᠷᠠᠲᠤ ᠸᠧᠢ ᠤᠯᠤᠰ ᠤ᠋ᠨ ᠲᠠᠢ ᠡᠦ ᠳᠢ ᠬᠠᠭᠠᠨ ᠲᠦᠸᠧ ᠪᠠ ᠱᠧᠦ ᠶ᠋ᠢᠨ ᠲᠣᠮᠢᠯᠠᠭᠰᠠᠨ ᠡᠯᠴᠢ— ᠰᠠᠨ ᠴᠢ ᠴᠠᠩ ᠱᠢ ᠲᠦᠰᠢᠮᠡᠯ ᠳ᠋ᠦᠩ ᠸᠠᠨ ᠨᠠᠷ ᠢ᠋ ᠬᠡᠯᠡᠵᠦ ᠪᠠᠢᠨ᠎ᠠ᠃ (ᠬᠢᠲᠠᠳᠴᠢᠯᠠᠭᠴᠢ ᠶ᠋ᠢᠨ ᠲᠠᠢᠯᠪᠤᠷᠢ)
