ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠳᠥᠷᠪᠡ᠂ ᠺᠠᠷᠠᠬᠠᠨ ᠤᠯᠤᠰ ᠤ᠋ᠨ ᠲᠣᠪᠴᠢ ᠲᠡᠦᠬᠡ> Долоон усны түүх – [орос] Бартулд <4᠂ Караахан улсын товч түүх>
ᠳᠥᠷᠪᠡ᠂ ᠺᠠᠷᠠᠬᠠᠨ① ᠤᠯᠤᠰ ᠤ᠋ᠨ ᠲᠣᠪᠴᠢ ᠲᠡᠦᠬᠡ
ᠬᠣᠲᠣᠩ ᠲᠣᠭᠠᠯᠠᠯ ᠤ᠋ᠨ408 ᠣᠨ᠂ ᠢᠰᠦ᠋ᠰ ᠲᠣᠭᠠᠯᠠᠯ ᠤ᠋ᠨ 1017~1018 ᠣᠨ ᠳ᠋ᠤ᠌ ᠳᠣᠯᠣᠭᠠᠨ ᠤᠰᠤᠨ ᠤ᠋ ᠨᠤᠲᠤᠭ ᠲᠤ᠌ ᠠᠯᠤᠰ ᠳᠣᠷᠣᠨᠠᠲᠤ ᠠ᠋ᠴᠠ ᠨᠢᠭᠡ ᠪᠦᠯᠦᠭ ᠨᠡᠭᠦᠳᠡᠯᠴᠢᠳ ᠲᠦᠷᠢᠨ ᠣᠷᠣᠵᠤ ᠢᠷᠡᠪᠡ᠃ ᠭᠣᠣᠯᠳᠠᠭᠤ ᠬᠢᠲᠠᠨᠴᠤᠳ ᠪᠣᠯᠤᠨ᠎ᠠ᠂ ᠲᠤᠬᠠᠢ ᠶ᠋ᠢᠨ ᠦᠶ᠎ᠡ ᠳ᠋ᠦ᠍ ᠬᠢᠲᠠᠨᠴᠤᠳ ᠳᠤᠮᠳᠠᠳᠤ ᠤᠯᠤᠰ ᠤ᠋ᠨ ᠤᠮᠠᠷ᠎ᠠ ᠬᠡᠰᠡᠭ ᠬᠢᠭᠡᠳ ᠳᠤᠮᠳᠠᠳᠤ ᠠᠽᠢᠶ᠎ᠠ ᠶ᠋ᠢᠨ ᠬᠠᠮᠤᠭ ᠤ᠋ᠨ ᠵᠡᠭᠦᠨ ᠬᠡᠰᠡᠭ ᠢ᠋ ᠨᠣᠶᠠᠷᠬᠠᠵᠤ ᠪᠠᠢᠪᠠ᠃ ᠣᠯᠠᠨ ᠤ᠋ ᠮᠡᠳᠡᠵᠦ ᠪᠠᠢᠭ᠎ᠠ ᠡᠨᠡ ᠬᠦ᠌《 ᠲᠩᠷᠢ ᠶ᠋ᠢᠨ ᠲᠥᠷᠥ》 ᠬᠣᠵᠢᠮ ᠨᠢ ᠪᠠᠰᠠ ᠰᠣᠯᠢᠭᠳᠠᠭᠰᠠᠨ ᠪᠠᠢᠨ᠎ᠠ᠃ ᠭᠠᠵᠢᠭᠤ ᠱᠠᠰᠢᠲᠠᠳ ᠪᠠᠯᠠᠱᠭᠥ᠋ᠨ ᠡᠴᠡ ᠨᠠᠢ᠍ᠮᠠᠬᠠᠨ ᠡᠳᠦᠷ ᠦ᠋ᠨ ᠵᠠᠮ ᠬᠢᠷᠢᠲᠡᠢ ᠣᠢᠷᠠᠲᠤᠨ ᠢᠷᠡᠪᠡ᠂ ᠲᠡᠳᠡᠨᠦᠰ ᠲᠦᠭᠠᠨ ᠬᠠᠨ ᠶᠡᠬᠡ ᠴᠡᠷᠢᠭ ᠳᠠᠭᠠᠭᠤᠯᠤᠨ ᠨᠡᠬᠡᠨ ᠠᠢᠰᠤᠢ ᠭᠡᠵᠦ ᠰᠣᠨᠣᠰᠤᠭᠠᠳ ᠭᠡᠨᠡᠳᠲᠡ ᠬᠣᠢᠰᠢ ᠤᠬᠤᠷᠢᠪᠠ᠃ ᠲᠦᠭᠠᠨ ᠬᠠᠨ ᠲᠡᠳᠡᠨᠦᠰ ᠢ᠋ ᠭᠤᠷᠪᠠᠨ ᠰᠠᠷ᠎ᠠ ᠨᠡᠬᠡᠮᠵᠢᠯᠡᠵᠦ᠂ ᠨᠡᠬᠡᠵᠦ ᠭᠦᠢᠴᠡᠭᠡᠳ ᠬᠢᠶᠠᠷᠠᠲᠠᠯ᠎ᠠ ᠴᠣᠬᠢᠪᠠ᠃
ᠥᠪᠢ ᠶ᠋ᠢᠨ ᠲᠡᠮᠳᠡᠭᠯᠡᠭᠰᠡᠨ ᠢ᠋ᠶ᠋ᠡᠷ᠂ ᠲᠦᠭᠠᠨ ᠬᠠᠨ ᠡᠨᠡ ᠤᠳᠠᠭᠠᠨ ᠤ᠋ ᠲᠡᠢᠨ ᠡᠴᠡ ᠰᠡᠭᠦᠯᠡᠷ ᠳᠡᠮᠡᠢ ᠤᠳᠠᠯ ᠦᠭᠡᠢ ᠨᠠᠰᠤ ᠪᠠᠷᠠᠪᠠ᠂ ᠳᠡᠭᠦᠦ ᠠᠷᠰᠯᠠᠨ ᠨᠢ ᠬᠠᠨ ᠰᠠᠭᠤᠷᠢᠨ ᠢ᠋ ᠨᠢ ᠵᠠᠯᠭᠠᠮᠵᠢᠯᠠᠪᠠ᠃ ᠭᠡᠪᠡᠴᠦ ᠲᠦᠭᠠᠨ ᠬᠠᠨ ᠤ᠋ ᠨᠣᠶᠠᠷᠬᠠᠯ 1025 ᠣᠨ ᠪᠣᠯᠲᠠᠯ᠎ᠠ ᠶᠠᠪᠤᠭᠳᠠᠵᠠᠢ ᠭᠡᠵᠦ ᠵᠣᠬᠢᠶᠠᠯᠴᠢ ᠪᠠᠢᠬᠠᠴᠢ ᠨᠤᠲᠠᠯᠠᠨ ᠶᠠᠷᠢᠪᠠ᠃ ᠡᠷᠲᠡᠨ ᠦ᠌ ᠵᠣᠭᠣᠰ ᠢ᠋ᠶ᠋ᠠᠷ ᠭᠡᠷᠡᠴᠢ ᠪᠠᠷᠢᠮᠲᠠ ᠪᠣᠯᠭᠠᠨ ᠦᠵᠡᠬᠦ ᠳ᠋ᠦ᠍ ᠲᠡᠭᠦᠨ ᠦ᠌ ᠨᠡᠷ᠎ᠡ ᠶ᠋ᠢ ᠴᠢᠳᠬᠤᠭᠰᠠᠨ ᠵᠣᠭᠣᠰ ᠪᠤᠬᠠᠷ ᠲᠤ᠌ ᠲᠠᠷᠬᠠᠭᠠᠭᠳᠠᠵᠦ ᠪᠠᠢᠭᠰᠠᠨ ᠪᠣᠯᠪᠠᠴᠤ ᠦᠨᠡᠨ ᠳ᠋ᠡᠭᠡᠨ ᠠᠷᠰᠯᠠᠨ ᠬᠠᠨ ᠮᠥᠬᠠᠮᠠᠳ᠋᠂ ᠠᠯᠢ ᠭᠣᠣᠯᠳᠠᠭᠤ ᠣᠳᠣ ᠶ᠋ᠢᠨ ᠰᠢᠷ ᠮᠣᠵᠢ ᠶ᠋ᠢᠨ ᠵᠡᠭᠦᠨ ᠬᠣᠢᠲᠤ ᠬᠡᠰᠡᠭ ᠢ᠋ ᠡᠵᠡᠯᠡᠵᠦ ᠪᠠᠢᠵᠠᠢ᠃
1025 ᠣᠨ ᠳ᠋ᠤ᠌᠂ ᠺᠠᠳᠢᠯ ᠬᠠᠨ ᠶᠦᠰᠤᠹ ᠪᠣᠯᠤᠨ ᠰᠤᠯᠲᠠᠨ ᠮᠠᠬᠠᠮᠤᠳ᠋ ᠬᠣᠶᠠᠭᠤᠯᠠ ᠴᠣᠭ ᠲᠠᠭᠠᠨ ᠲᠷᠠᠨᠰᠤᠭᠰᠢᠨᠠ ᠳ᠋ᠤ᠌ ᠲᠦᠷᠢᠮᠡᠬᠡᠢᠯᠡᠨ ᠣᠷᠣᠪᠠ᠂ ᠡᠨᠡ ᠭᠠᠵᠠᠷ ᠤ᠋ᠨ ᠤᠤᠯ ᠤ᠋ᠨ ᠨᠣᠶᠠᠷᠬᠠᠭᠴᠢ ᠪᠣᠯ ᠠᠯᠢᠺᠢᠠ(ᠨᠠᠰᠠᠷ ᠤ᠋ᠨ ᠳᠡᠭᠦᠦ)᠂ ᠲᠦᠭᠠᠨ ᠬᠠᠨ ᠬᠢᠭᠡᠳ ᠠᠷᠰᠯᠠᠨ ᠬᠠᠨ ᠪᠣᠯᠤᠨ᠎ᠠ᠃ ᠺᠠᠷᠠᠬᠠᠨ ᠤᠯᠤᠰ ᠤ᠋ᠨ ᠸᠠᠩ ᠨᠠᠷ ᠬᠢᠭᠡᠳ ᠰᠤᠯᠲᠠᠨ ᠰᠠᠮᠠᠷᠺᠠᠨᠳ᠋ ᠲᠤ᠌ ᠬᠤᠷᠠᠯᠳᠤᠭᠠᠨ ᠪᠣᠯᠤᠭᠰᠠᠨ ᠶᠠᠪᠤᠳᠠᠯ ᠢ᠋ ᠭᠠᠯᠳᠢᠵᠢ ᠶᠡᠬᠡ ᠨᠠᠷᠢᠨ ᠳᠦᠷᠰᠦᠯᠡᠨ ᠲᠣᠭᠠᠴᠢᠪᠠ᠃ ᠬᠣᠶᠠᠷ ᠲᠠᠯ᠎ᠠ ᠶ᠋ᠢᠨ ᠵᠢᠶᠦ᠋ᠨ ᠸᠠᠩ ᠨᠠᠷ ᠲᠤᠢᠯ ᠤ᠋ᠨ ᠴᠢᠩᠭ᠎ᠠ ᠨᠢᠮᠪᠠᠢ ᠶᠣᠰᠣᠯᠠᠯ ᠢ᠋ ᠵᠢᠷᠤᠮᠯᠠᠨ ᠮᠡᠨᠳᠦᠴᠢᠯᠡᠵᠦ᠂ ᠬᠣᠶᠠᠷ ᠲᠠᠯ᠎ᠠ ᠪᠠᠷ ᠢ᠋ᠶ᠋ᠠᠨ ᠪᠦᠷᠢᠨ ᠡᠷᠬᠡ ᠲᠡᠭᠰᠢ᠂ ᠲᠤᠩ ᠬᠢᠴᠢᠶᠡᠩᠭᠦᠢ ᠨᠢᠮᠪᠠᠢ ᠳᠦᠷᠢᠮ ᠢ᠋ᠶ᠋ᠡᠷ ᠠᠵᠢᠯᠯᠠᠳᠠᠭ ᠪᠠᠢᠪᠠ᠃ ᠲᠥᠷᠥᠭ ᠬᠠᠨ ᠢ᠋ᠶ᠋ᠠᠷ ᠮᠠᠬᠠᠮᠣᠳ᠋ ᠠ᠋ᠴᠠ ᠴᠦ᠍ ᠢᠯᠡᠭᠦᠦ ᠢᠰᠯᠠᠮ ᠤ᠋ᠨ ᠱᠠᠰᠢᠨ ᠤ᠋ ᠶᠣᠰᠣ ᠶ᠋ᠢ ᠵᠢᠷᠤᠮᠯᠠᠵᠤ ᠪᠠᠢᠭ᠎ᠠ ᠪᠠᠨ ᠢᠯᠡᠳᠬᠡᠬᠦ ᠶ᠋ᠢᠨ ᠲᠥᠯᠥᠭᠡ ᠠᠷᠢᠬᠢ ᠤᠤᠭᠤᠳᠠᠭ ᠦᠭᠡᠢ ᠪᠠᠢᠭᠰᠠᠨ ᠤᠴᠢᠷ ᠢ᠋ ᠣᠨᠴᠠᠭᠠᠢ ᠠᠩᠬᠠᠷᠤᠭᠤᠰᠢᠲᠠᠢ ᠶᠤᠮ᠃ ᠬᠣᠶᠠᠷ ᠲᠠᠯ᠎ᠠ ᠪᠠᠷ ᠢ᠋ᠶ᠋ᠠᠨ ᠬᠡᠯᠡᠯᠴᠡᠭᠡᠷ ᠢ᠋ᠶ᠋ᠡᠷ ᠳᠠᠮᠵᠢᠨ᠂ ᠮᠠᠬᠠᠮᠣᠳ᠋ ᠤ᠋ᠨ ᠥᠬᠢᠨ ᠨᠢ ᠺᠠᠳᠢᠯ ᠬᠠᠨ ᠤ᠋ ᠬᠣᠶᠠᠳᠤᠭᠠᠷ ᠬᠥᠪᠡᠭᠦᠨ ᠶᠠᠭᠠᠨᠲ᠋ᠺᠢᠨ ᠳ᠋ᠤ᠌ ᠮᠣᠷᠳᠠᠵᠤ᠂ ᠺᠠᠳᠢᠯ ᠬᠠᠨ ᠤ᠋ ᠥᠬᠢᠨ ᠨᠢ ᠮᠠᠬᠠᠮᠣᠳ᠋ ᠤ᠋ᠨ ᠬᠥᠪᠡᠭᠦᠨ ᠮᠦᠬᠠᠮᠮᠠᠳ᠋ ᠲᠤ᠌ ᠮᠣᠷᠳᠠᠬᠤ ᠪᠠᠷ ᠪᠣᠯᠪᠠ᠃ ᠮᠠᠬᠠᠮᠣᠳ᠋ ᠢ᠋ᠶ᠋ᠠᠷ ᠶᠠᠭᠠᠨᠲ᠋ᠺᠢᠨ ᠢ᠋ ᠬᠠᠪᠰᠤᠷᠴᠤ ᠠᠯᠢᠲ᠋ᠺᠢᠨ ᠤ᠋ ᠭᠠᠷ ᠠ᠋ᠴᠠ ᠲᠷᠠᠨᠰᠤᠭᠰᠢᠨᠠ ᠶ᠋ᠢ ᠪᠤᠯᠢᠶᠠᠨ ᠠᠪᠴᠤ ᠥᠭᠭᠦᠶ᠎ᠡ ᠭᠡᠵᠦ ᠠᠮᠠᠯᠠᠵᠠᠢ᠃ ᠭᠡᠪᠡᠴᠦ ᠮᠠᠬᠠᠮᠣᠳ᠋ ᠠᠯᠤᠰ ᠬᠣᠯᠠ ᠶ᠋ᠢᠨ ᠡᠨᠡᠳᠬᠡᠭ ᠢ᠋ ᠳᠠᠢᠯᠠᠬᠤ ᠤᠴᠢᠷ ᠢ᠋ᠶ᠋ᠠᠷ ᠰᠢᠯᠲᠠᠭ ᠪᠣᠯᠭᠠᠵᠤ᠂ ᠠᠮᠠᠯᠠᠭᠰᠠᠨ ᠢ᠋ᠶ᠋ᠠᠨ ᠭᠦᠢᠴᠡᠳᠬᠡᠭᠰᠡᠨ ᠦᠭᠡᠢ᠂ ᠲᠡᠢᠨ ᠬᠦ᠌ ᠬᠡᠯᠡᠯᠴᠡᠭᠡᠷ ᠲᠦ᠍ ᠳᠤᠷᠠᠳᠤᠭᠰᠠᠨ ᠰᠣᠯᠢᠭ᠎ᠠ ᠤᠷᠤᠭ ᠨᠢ ᠴᠦ᠍ ᠪᠦᠲᠦᠭᠡ ᠦᠭᠡᠢ᠃ ᠠᠮᠢᠲ᠋ᠺᠢᠨ ᠲᠷᠠᠨᠰᠤᠭᠰᠢᠨᠠ ᠶ᠋ᠢ ᠡᠵᠡᠯᠡᠭᠰᠡᠨ ᠬᠡᠪ ᠢ᠋ᠶ᠋ᠡᠷ ᠢ᠋ᠶ᠋ᠡᠨ᠃ ᠭᠡᠪᠡᠴᠦ ᠲᠡᠭᠦᠨ ᠦ᠌ ᠠᠬ᠎ᠠ ᠳᠡᠭᠦᠦ ᠲᠦᠭᠠᠨ ᠬᠠᠨ ᠨᠢ ᠺᠠᠳᠢᠯ ᠬᠠᠨ ᠤ᠋ ᠴᠡᠷᠢᠭ ᠲᠦ᠍ ᠦᠯᠳᠡᠭᠳᠡᠨ ᠬᠥᠭᠡᠭᠡᠭᠳᠡᠵᠦ᠂ ᠪᠠᠯᠠᠱᠭᠦ᠋ᠨ ᠡᠴᠡ ᠰᠠᠯᠵᠤ ᠶᠠᠪᠤᠵᠠᠢ᠃
ᠺᠠᠳᠢᠯ ᠬᠠᠨ ᠶᠦᠰᠦᠹ ᠦ᠋ᠨ ᠬᠠᠷᠢᠶ᠎ᠠ ᠨᠤᠲᠤᠭ ᠨᠢ1031 ᠣᠨ ᠪᠤᠶᠤ1032 ᠣᠨ ᠳ᠋ᠤ᠌ ᠲᠡᠭᠦᠨ ᠢ᠋ ᠨᠠᠰᠤ ᠪᠠᠷᠠᠬᠤ ᠪᠣᠯᠲᠠᠯ᠎ᠠ᠂ ᠵᠡᠭᠦᠨ ᠲᠦᠷᠺᠢᠰᠲ᠋ᠠᠨ ᠠ᠋ᠴᠠ ᠭᠠᠳᠠᠨ᠎ᠠ᠂ ᠳᠣᠯᠣᠭᠠᠨ ᠤᠰᠤᠨ ᠤ᠋ ᠨᠤᠲᠤᠭ ᠬᠢᠭᠡᠳ ᠰᠢᠷ ᠮᠥᠷᠡᠨ ᠮᠣᠵᠢ ᠶ᠋ᠢᠨ ᠵᠡᠭᠦᠨ ᠬᠡᠰᠡᠭ ᠢ᠋ ᠴᠦ᠍ ᠪᠠᠭᠲᠠᠭᠠᠵᠤ ᠪᠠᠢᠵᠠᠢ᠃ ᠵᠢᠱ᠌ᠢᠶᠡᠯᠡᠪᠡᠯ᠂ ᠤᠯᠢᠶᠠ᠂ ᠺᠧᠳᠠ ᠣᠷᠣᠨ ᠬᠢᠭᠡᠳ ᠴᠢᠮᠤᠭᠠᠨ ᠪᠣᠯᠤᠨ᠎ᠠ᠃ ᠨᠡᠢᠰᠯᠡᠯ ᠬᠣᠲᠠ ᠪᠠᠨ ᠺᠠᠱᠭᠠᠷ ᠲᠤ᠌ ᠪᠠᠢᠭᠤᠯᠪᠠ᠃ ᠲᠡᠭᠦᠨ ᠢ᠋ ᠨᠠᠰᠤ ᠪᠠᠷᠠᠭᠰᠠᠨ ᠤ᠋ ᠳᠠᠷᠠᠭ᠎ᠠ᠂ ᠵᠡᠭᠦᠨ ᠲᠦᠷᠺᠢᠰᠲ᠋ᠠᠨ ᠪᠣᠯᠤᠨ ᠳᠣᠯᠣᠭᠠᠨ ᠤᠰᠤᠨ ᠤ᠋ ᠨᠤᠲᠤᠭ ᠢ᠋ ᠤᠤᠭᠠᠨ ᠬᠥᠪᠡᠭᠦᠨ ᠪᠦᠯᠠᠲ᠋ᠺᠢᠨ ᠰᠦᠯᠠᠢᠮᠠᠨ ᠳ᠋ᠤ᠌ ᠬᠤᠪᠢᠶᠠᠨ ᠥᠭᠴᠦ᠂ ᠠᠷᠰᠯᠠᠨ ᠬᠠᠨ ᠭᠡᠵᠦ ᠴᠣᠯᠠᠯᠠᠪᠠ᠃ ᠳ᠋ᠠᠯᠠᠰ(ᠣᠳᠣ ᠶ᠋ᠢᠨ ᠤᠯᠢᠶᠠ·ᠠᠳᠠ) ᠪᠣᠯᠤᠨ ᠢᠰᠹᠢᠶᠠ(ᠣᠳᠣ ᠶ᠋ᠢᠨ ᠬᠦᠯᠡᠨ᠂ ᠴᠢᠮᠤᠭᠠᠨ ᠣᠷᠴᠢᠮ ᠪᠣᠢ) ᠬᠣᠶᠠᠷ ᠨᠤᠲᠤᠭ ᠢ᠋ ᠬᠣᠶᠠᠳᠤᠭᠠᠷ ᠬᠥᠪᠡᠭᠦᠨ ᠶᠠᠭᠠᠨᠲ᠋ᠺᠢᠨ·ᠮᠦᠬᠠᠮᠮᠡᠳ᠋ ᠲᠦ᠍ ᠬᠤᠪᠢᠯᠠᠨ ᠥᠭᠴᠡᠢ᠃ ᠬᠣᠵᠢᠮ ᠤ᠋ᠨ ᠬᠥᠮᠦᠨ ᠲᠡᠭᠦᠨ ᠢ᠋ ᠪᠦᠯᠡ ᠬᠠᠨ ᠭᠡᠵᠦ ᠴᠣᠯᠠᠯᠠᠨ ᠳᠠᠭᠤᠳᠠᠬᠤ ᠪᠣᠯᠪᠠ᠃ ᠠᠬ᠎ᠠ ᠳᠡᠭᠦᠦ ᠬᠣᠶᠠᠭᠤᠯᠠ ᠪᠠᠨ ᠪᠦᠷ ᠮᠠᠬᠠᠮᠣᠳ᠋ ᠤ᠋ᠨ ᠬᠥᠪᠡᠭᠦᠨ ᠭᠠᠨᠠᠸᠢ ᠰᠤᠯᠲᠠᠨ ᠮᠠᠰᠤᠰ ᠲᠠᠢ ᠬᠠᠷᠢᠴᠠᠭ᠎ᠠ ᠰᠠᠢᠨ ᠪᠠᠢᠵᠠᠢ᠃ ᠬᠥᠮᠦᠰ ᠠᠯᠢᠲ᠋ᠺᠢᠨ ᠤ᠋ ᠭᠠᠷ ᠠ᠋ᠴᠠ ᠲᠷᠠᠨᠰᠤᠭᠰᠢᠨᠠ ᠶ᠋ᠢ ᠪᠤᠯᠢᠶᠠᠨ ᠠᠪᠴᠤ᠂ ᠪᠦᠯᠡ ᠬᠠᠭᠠᠨ ᠳ᠋ᠤ᠌ ᠥᠭᠬᠦ ᠪᠡᠷ ᠭᠣᠷᠢᠳᠠᠭᠰᠠᠨ ᠪᠣᠯᠪᠠᠴᠤ ᠳᠠᠬᠢᠨᠲᠠ ᠢᠯᠠᠭᠳᠠᠵᠠᠢ᠃ ᠲᠡᠦᠬᠡᠨ ᠮᠠᠲ᠋ᠧᠷᠢᠶᠠᠯ ᠳ᠋ᠤ᠌ ᠯᠠᠰᠠᠺ ᠬᠠᠨ ᠭᠡᠳᠡᠭ ᠬᠥᠮᠦᠨ ᠳᠤᠷᠠᠳᠤᠭᠳᠠᠪᠠ᠂ ᠲᠡᠭᠦᠨ ᠢ᠋ ᠰᠠᠺᠮᠠᠨ ᠣᠷᠣᠨ ᠤ᠋ ᠨᠣᠶᠠᠯᠠᠭᠴᠢ ᠭᠡᠵᠦ ᠪᠣᠢ᠂ ᠡᠨᠡ ᠬᠦ᠌ ᠭᠠᠵᠠᠷ ᠤ᠋ᠨ ᠨᠡᠷ᠎ᠡ ᠨᠢ ᠰᠠᠮᠠᠨᠠ(ᠰᠣᠭᠳᠠ ᠬᠡᠯᠡᠨ ᠦ᠌ ᠨᠡᠷ᠎ᠡ ᠨᠢ《ᠪᠸᠯᠢ》) ᠲᠡᠢ ᠲᠣᠬᠢᠷᠠᠯᠴᠠᠬᠤ ᠳ᠋ᠤ᠌ ᠲᠤᠩ ᠪᠡᠷᠬᠡ᠃
ᠠᠷᠰᠯᠠᠨ ᠬᠠᠨ ᠠᠬ᠎ᠠ ᠳᠡᠭᠦᠦ ᠬᠣᠶᠠᠷ ᠤ᠋ᠨ ᠬᠠᠷᠢᠴᠠᠭ᠎ᠠ ᠤᠳᠠᠯ ᠦᠭᠡᠢ ᠮᠠᠭᠤᠳᠠᠪᠠ᠃ ᠬᠣᠲᠣᠩ ᠲᠣᠭᠠᠯᠠᠯ ᠤ᠋ᠨ435 ᠣᠨ᠂ ᠢᠰᠦᠢᠰ ᠲᠣᠭᠠᠯᠠᠯ ᠤ᠋ᠨ1043~1044 ᠣᠨ ᠳ᠋ᠤ᠌ ᠠᠷᠰᠯᠠᠨ ᠬᠠᠨ ᠬᠠᠷᠢᠶ᠎ᠠ ᠭᠠᠵᠠᠷ ᠢ᠋ᠶ᠋ᠠᠨ ᠪᠦᠬᠦᠨ ᠢ᠋ ᠲᠥᠷᠥᠯ ᠰᠠᠳᠤᠨ ᠳ᠋ᠠᠭᠠᠨ ᠬᠤᠪᠢᠶᠠᠨ ᠥᠭᠭᠦᠭᠡᠳ᠂ ᠺᠠᠱᠭᠠᠷ ᠪᠣᠯᠤᠨ ᠪᠠᠯᠠᠱᠭᠦ᠋ᠨ ᠢ᠋ ᠯᠡ ᠦᠯᠡᠳᠡᠭᠡᠪᠡ᠂ ᠭᠡᠪᠡᠴᠦ ᠡᠯ᠎ᠡ ᠭᠠᠵᠠᠷ ᠢ᠋ ᠡᠷᠬᠡᠰᠢᠶᠡᠬᠦ ᠡᠷᠬᠡ ᠪᠡᠨ ᠪᠠᠷᠢᠭᠰᠠᠭᠠᠷ ᠪᠠᠢᠪᠠ᠃《ᠥᠵᠢᠷ》 ᠳᠦᠷᠢᠮ ᠶᠠᠪᠤᠭᠳᠠᠭᠠᠳ ᠨᠢᠭᠡᠨᠲᠡ ᠬᠠᠭᠠᠰ ᠢᠯᠡᠭᠦᠦ ᠵᠠᠭᠤᠨ ᠪᠣᠯᠤᠭᠰᠠᠨ ᠢ᠋ ᠪᠢᠳᠡ ᠮᠡᠳᠡᠵᠦ ᠪᠠᠢᠨ᠎ᠠ᠂ ᠭᠡᠪᠡᠴᠦ ᠬᠠᠨᠳᠤ ᠤᠯᠤᠰ ᠤ᠋ᠨ ᠲᠦᠷᠦᠭᠦᠦ ᠶ᠋ᠢᠨ ᠡᠷᠬᠡ ᠰᠦᠷ ᠨᠢ ᠠᠷᠰᠯᠠᠨ ᠬᠠᠨ ᠤ᠋ ᠳᠤᠮᠳᠠᠴᠢ ᠦᠶ᠎ᠡ ᠪᠡᠷ ᠠᠯᠳᠠᠭᠳᠠᠭᠰᠠᠨ ᠨᠢ ᠢᠯᠡᠷᠬᠡᠢ᠃1056 ᠣᠨ ᠤ᠋ ᠤᠷᠢᠳ ᠬᠣᠵᠢᠳ᠂ ᠪᠦᠯᠡ ᠬᠠᠨ ᠢ᠋ᠶ᠋ᠠᠷ ᠠᠷᠰᠯᠠᠨ ᠬᠠᠭᠠᠨ ᠢ᠋ ᠪᠠᠷᠢᠵᠤ ᠬᠣᠷᠢᠭᠠᠳ ᠬᠠᠷᠢᠶ᠎ᠠ ᠨᠤᠲᠤᠭ ᠢ᠋ ᠨᠢ ᠵᠠᠯᠭᠢᠪᠠ᠃15 ᠰᠠᠷ᠎ᠠ ᠶ᠋ᠢᠨ ᠳᠠᠷᠠᠭ᠎ᠠ᠂ ᠪᠦᠯᠡ ᠬᠠᠨ ᠤ᠋ ᠡᠬᠡᠨᠡᠷ ᠨᠢ ᠪᠦᠯᠡ ᠬᠠᠨ ᠳ᠋ᠤ᠌ ᠬᠣᠣᠷᠲᠤ ᠠᠷᠢᠬᠢ ᠤᠤᠭᠤᠯᠭᠠᠵᠤ᠂ ᠠᠮᠢ ᠶ᠋ᠢ ᠨᠢ ᠬᠣᠷᠣᠭᠠᠪᠠ᠃ ᠢᠪᠣᠨ᠂ ᠠᠯ᠂ ᠠᠲ᠋ᠢᠯ ᠤ᠋ᠨ ᠲᠡᠮᠳᠡᠭᠯᠡᠭᠰᠡᠨ ᠢ᠋ᠶ᠋ᠡᠷ᠂ ᠪᠦᠯᠡ ᠬᠠᠨ ᠬᠣᠲᠣᠩ ᠲᠣᠭᠠᠯᠠᠯ ᠤ᠋ᠨ439 ᠣᠨ᠂ ᠢᠰᠦᠢᠰ ᠲᠣᠭᠠᠯᠠᠯ ᠤ᠋ᠨ1047—1048 ᠣᠨ ᠳ᠋ᠤ᠌ ᠦᠬᠦᠵᠡᠢ᠂ ᠭᠡᠪᠡᠴᠦ ᠡᠨᠡ ᠬᠡᠷᠡᠭ ᠢ᠋ ᠭᠠᠷᠬᠤ ᠦᠶ᠎ᠡ ᠳ᠋ᠦ᠍ ᠠᠮᠢᠳᠤᠷᠠᠵᠤ ᠪᠠᠢᠭᠰᠠᠨ ᠪᠠᠢᠬᠠᠴᠢ ᠪᠠᠷ ᠡᠨᠡ ᠬᠡᠷᠡᠭ ᠢ᠋ ᠠᠷᠪᠠᠨ ᠵᠢᠯ ᠦ᠋ᠨ ᠳᠠᠷᠠᠭ᠎ᠠ ᠭᠠᠷᠴᠠᠢ ᠭᠡᠵᠦ ᠨᠤᠲᠠᠯᠠᠪᠠ᠃ ᠪᠦᠯᠡ ᠬᠠᠨ ᠠᠬᠠᠮᠠᠳ ᠬᠥᠪᠡᠭᠦᠨ ᠵᠠᠭᠠᠷ᠂ ᠲᠠᠺᠢᠨ᠂ ᠬᠦᠰᠡᠨ ᠢ᠋ᠶ᠋ᠡᠷ ᠬᠠᠨ ᠰᠠᠭᠤᠷᠢᠨ ᠢ᠋ᠶ᠋ᠠᠨ ᠵᠠᠯᠭᠠᠮᠵᠢᠯᠠᠭᠤᠯᠬᠤ ᠰᠠᠨᠠᠭ᠎ᠠ ᠲᠠᠢ ᠪᠠᠢᠵᠠᠢ᠃ ᠶᠠᠭ ᠡᠨᠡ ᠤᠴᠢᠷ ᠠ᠋ᠴᠠ ᠪᠣᠯᠵᠤ ᠨᠢᠭᠤᠴᠠ ᠪᠠᠷ ᠬᠣᠣᠷᠯᠠᠭᠳᠠᠭᠰᠠᠨ ᠪᠠᠢᠨ᠎ᠠ᠃ ᠤᠴᠢᠷ ᠨᠢ ᠪᠦᠰᠡᠭᠦᠢ ᠸᠠᠩ ᠢ᠋ᠶ᠋ᠠᠷ ᠥᠪᠡᠷ ᠦ᠋ᠨ ᠲᠥᠷᠥᠭᠰᠡᠨ ᠬᠥᠪᠡᠭᠦᠨ ᠢᠪᠣᠯᠬᠢᠮ ᠢ᠋ ᠰᠣᠩᠭᠣᠬᠤ ᠶ᠋ᠢ ᠬᠦᠰᠡᠵᠦ ᠪᠠᠢᠵᠠᠢ᠃ ᠡᠨᠡ ᠪᠦᠰᠡᠭᠦᠢ ᠶ᠋ᠢᠨ ᠲᠥᠷᠥᠭᠰᠡᠨ ᠬᠥᠪᠡᠭᠦᠨ ᠨᠢ ᠨᠡᠭᠡᠷᠡᠨ ᠬᠠᠨ ᠰᠠᠭᠤᠷᠢᠨ ᠢ᠋ ᠵᠠᠯᠭᠠᠮᠵᠢᠯᠠᠪᠠ᠂ ᠭᠡᠪᠡᠴᠦ ᠤᠳᠠᠯ ᠦᠭᠡᠢ ᠪᠠᠷᠰᠬᠠᠨ ᠤ᠋ ᠨᠣᠶᠠᠯᠠᠭᠴᠢ ᠢᠨᠨᠠᠲ᠋ᠺᠢᠨ ᠲᠠᠢ ᠬᠢᠭᠰᠡᠨ ᠲᠡᠢᠨ ᠳ᠋ᠦ᠍ ᠠᠯᠠᠭᠳᠠᠪᠠ᠃ ᠲᠡᠭᠦᠨ ᠡᠴᠡ ᠬᠣᠢᠰᠢ16 ᠵᠢᠯ ᠦ᠋ᠨ ᠲᠤᠷᠰᠢ ᠬᠣᠲᠣᠩ ᠲᠣᠭᠠᠯᠠᠯ ᠤ᠋ᠨ451—467 ᠣᠨ᠂ ᠢᠰᠦᠢᠰ ᠲᠣᠭᠠᠯᠠᠯ ᠤ᠋ᠨ1059—1074᠂1075 ᠣᠨ ᠳ᠋ᠤ᠌ ᠺᠠᠱᠭᠠᠷ ᠬᠢᠭᠡᠳ ᠪᠠᠯᠠᠱᠺᠥ᠋ᠨ ᠢ᠋ ᠺᠠᠳᠢᠯ ᠬᠠᠨ ᠤ᠋ ᠬᠣᠶᠠᠷ ᠬᠥᠪᠡᠭᠦᠨ— ᠲᠣᠭᠯᠢᠷ᠂ ᠺᠠᠷᠠ ᠬᠠᠨ ᠶᠦᠰᠣᠹ ᠪᠣᠯᠤᠨ ᠲᠡᠭᠦᠨ ᠦ᠌ ᠳᠡᠭᠦᠦ ᠪᠦᠯᠡ ᠬᠠᠨ ᠬᠠᠷᠠᠨ ᠨᠣᠶᠠᠯᠠᠵᠤ ᠪᠠᠢᠪᠠ᠃ ᠡᠨᠡ ᠠᠬ᠎ᠠ ᠳᠡᠭᠦᠦ ᠬᠣᠶᠠᠭᠤᠯᠠ ᠵᠢᠯ ᠪᠦᠷᠢ ᠲᠷᠠᠨᠰᠤᠭᠰᠢᠨᠠ ᠶ᠋ᠢᠨ ᠨᠣᠶᠠᠯᠠᠭᠴᠢ ᠱᠠ᠂ ᠠᠯᠮᠣᠺ᠂ ᠨᠠᠰᠠᠷ(ᠠᠩᠬᠠᠳᠠᠭᠴᠢ《ᠢᠷᠠᠺ》 ᠨᠠᠰᠠᠷ ᠤ᠋ᠨ ᠬᠥᠪᠡᠭᠦᠨ) ᠲᠡᠢ ᠲᠡᠢᠨ ᠬᠢᠳᠡᠭ ᠪᠠᠢᠵᠠᠢ᠃ ᠭᠡᠪᠡᠴᠦ ᠳᠠᠢᠯᠠᠯᠳᠤᠭᠠᠨ ᠨᠢ ᠡᠪᠰᠡᠯ ᠢ᠋ᠶ᠋ᠡᠷ ᠰᠡᠭᠦᠯ ᠬᠤᠷᠢᠶᠠᠳᠠᠭ ᠪᠠᠢᠪᠠ᠃ ᠲᠡᠢᠨ ᠬᠦ᠌ ᠲᠷᠠᠨᠰᠤᠭᠰᠢᠨᠠ ᠪᠣᠯᠤᠨ ᠺᠠᠷᠠᠬᠠᠨ ᠤᠯᠤᠰ ᠤ᠋ᠨ ᠬᠣᠭᠣᠷᠣᠨᠳᠣᠬᠢ ᠬᠢᠯᠢ ᠨᠢ ᠬᠤᠽᠠᠨ ᠭᠡᠳᠡᠭ ᠭᠠᠵᠠᠷ ᠢ᠋ᠶ᠋ᠠᠷ ᠲᠣᠭᠲᠠᠭᠠᠭᠳᠠᠪᠠ᠃ ᠥᠭᠡᠷ᠎ᠡ ᠪᠡᠷ ᠬᠡᠯᠡᠪᠡᠯ ᠰᠢᠷ ᠮᠥᠷᠡᠨ ᠢ᠋ᠶ᠋ᠡᠷ ᠬᠢᠯᠢ ᠶ᠋ᠢᠨ ᠵᠠᠭᠠᠭ ᠪᠣᠯᠭᠠᠵᠠᠢ᠃ ᠲᠣᠭᠯᠢᠷ᠂ ᠲᠠᠺᠢᠨ ᠰᠠᠭᠤᠷᠢᠨ ᠢ᠋ ᠵᠠᠯᠭᠠᠮᠵᠢᠯᠠᠭᠠᠳ ᠬᠣᠶᠠᠷ ᠰᠠᠷ᠎ᠠ ᠶ᠋ᠢᠨ ᠳᠠᠷᠠᠭ᠎ᠠ ᠰᠠᠭᠤᠷᠢᠨ ᠠ᠋ᠴᠠ ᠪᠠᠨ ᠬᠥᠭᠡᠭᠡᠭᠳᠡᠪᠡ᠂ ᠲᠡᠭᠦᠨ ᠡᠴᠡ ᠰᠡᠭᠦᠯᠡᠷ ᠪᠦᠯᠡ ᠬᠠᠨ ᠬᠠᠷᠠᠨ29 ᠵᠢᠯ ᠦ᠋ᠨ ᠲᠤᠷᠰᠢ ᠺᠠᠱᠭᠠᠷ᠂ ᠪᠠᠯᠠᠱᠭᠦ᠋ᠨ ᠪᠣᠯᠤᠨ ᠾᠧ ᠲᠢᠶᠠᠨ ᠢ᠋ ᠨᠣᠶᠠᠯᠠᠭᠰᠠᠨ ᠪᠠᠢᠨ᠎ᠠ᠃ ᠡᠨᠡ ᠬᠣᠶᠠᠷ ᠲᠥᠷᠥᠭᠰᠡᠨ ᠠᠬ᠎ᠠ ᠳᠡᠭᠦᠦ ᠬᠣᠶᠠᠷ ᠸᠠᠩ ᠤ᠋ᠨ ᠬᠣᠯᠪᠣᠭᠠᠯᠠᠭᠰᠠᠨ ᠨᠣᠶᠠᠷᠬᠠᠯ ᠢ᠋ ᠮᠠᠭᠲᠠᠨ ᠳᠠᠭᠤᠯᠠᠬᠤ ᠶ᠋ᠢᠨ ᠲᠥᠯᠥᠭᠡ᠂ ᠨᠡᠷ᠎ᠡ ᠮᠠᠨᠳᠤᠭᠰᠠᠨ ᠤᠷᠲᠤ ᠰᠢᠯᠦᠭ《ᠬᠤᠲᠤᠭ ᠪᠢᠯᠢᠭ》(Kutaghu—bilik)③ ᠬᠡᠮᠡᠬᠦ ᠲᠥᠷᠥᠭ ᠬᠡᠯᠡᠨ ᠦ᠌ ᠤᠷᠠᠨ ᠵᠣᠬᠢᠶᠠᠯ ᠤ᠋ᠨ ᠪᠦᠲᠦᠭᠡᠯ ᠬᠣᠲᠣᠩ ᠲᠣᠭᠠᠯᠠᠯ ᠤ᠋ᠨ462 ᠣᠨ᠂ ᠢᠰᠦᠢᠰ ᠲᠣᠭᠠᠯᠠᠯ ᠤ᠋ᠨ1069 ᠣᠨ᠎ᠠ ᠪᠢᠴᠢᠭᠳᠡᠭᠰᠡᠨ ᠪᠠᠢᠨ᠎ᠠ᠃ ᠰᠢᠯᠦᠭ ᠦ᠋ᠨ ᠵᠣᠬᠢᠶᠠᠭᠴᠢ ᠨᠢ ᠪᠠᠯᠠᠱᠭᠦ᠋ᠨ ᠬᠥᠮᠦᠨ᠂ ᠺᠠᠱᠭᠠᠷ ᠲᠤ᠌ ᠪᠢᠴᠢᠪᠡ᠃
1089 ᠣᠨ ᠳ᠋ᠤ᠌᠂ ᠰᠧᠯᠵᠦᠭ ᠰᠤᠯᠲᠠᠨ ᠮᠠᠯᠢᠺᠱᠠ ᠰᠠᠮᠠᠷᠺᠠᠨᠳ᠋ ᠢ᠋ ᠡᠵᠡᠯᠡᠭᠡᠳ᠂ ᠰᠢᠭᠤᠳ ᠴᠡᠷᠢᠭ ᠳᠠᠪᠰᠢᠨ ᠦᠽᠢᠭᠠᠨ ᠳ᠋ᠤ᠌ ᠣᠷᠣᠪᠠ᠃ ᠺᠠᠱᠭᠠᠷ ᠤ᠋ᠨ ᠬᠠᠨ ᠸᠠᠩ(ᠬᠠᠷᠠᠨ ᠪᠠᠢᠵᠤ ᠮᠡᠳᠡᠨ᠎ᠡ) ᠰᠢᠬᠠᠮᠳᠠᠭᠳᠠᠭᠠᠳ ᠠᠷᠭ᠎ᠠ ᠪᠤᠰᠤ ᠳᠠᠭᠠᠪᠠ᠃ ᠮᠠᠯᠢᠺᠱᠠ ᠴᠡᠷᠢᠭ ᠢ᠋ᠶ᠋ᠡᠨ ᠲᠠᠲᠠᠭᠰᠠᠨ ᠤ᠋ ᠳᠠᠷᠠᠭ᠎ᠠ᠂ ᠲᠦᠷᠦᠭᠴᠤᠳ ᠤ᠋ᠨ ᠬᠥᠯᠥᠰᠥᠯᠡᠵᠦ ᠪᠠᠢᠭᠰᠠᠨ ᠺᠢᠺᠢᠷ ᠤᠳᠤᠮ ᠲᠠᠢ ᠴᠡᠷᠢᠭ ᠦ᠋ᠳ ᠰᠠᠮᠠᠷᠺᠠᠨᠳ᠋ ᠲᠤ᠌ ᠪᠣᠰᠤᠯᠭ᠎ᠠ ᠭᠠᠷᠭᠠᠪᠠ᠂ ᠺᠢᠺᠢᠷᠴᠤᠳ ᠤ᠋ᠨ ᠤᠷᠪᠠᠭᠰᠠᠨ ᠴᠡᠷᠢᠭ ᠦ᠋ᠳ ᠺᠠᠱᠭᠠᠷ ᠬᠠᠨ ᠤ᠋ ᠠᠬ᠎ᠠ ᠳᠡᠭᠦᠦ᠂ ᠠᠪᠠᠱ ᠤ᠋ᠨ ᠨᠣᠶᠠᠯᠠᠭᠴᠢ ᠶᠠᠺᠣᠲ᠋ᠺᠢᠨ ᠢ᠋ ᠡᠷᠭᠦᠨ ᠬᠦᠷᠢᠶᠡᠯᠡᠪᠡ᠃ ᠶᠠᠺᠣᠲ᠋ᠺᠢᠨ ᠰᠠᠮᠠᠷᠺᠠᠨᠳ᠋ ᠢ᠋ ᠡᠵᠡᠯᠡᠨ ᠠᠪᠤᠭᠰᠠᠨ ᠳ᠋ᠤ᠌ ᠮᠠᠯᠢᠺᠱᠠ ᠳᠠᠬᠢᠨᠲᠠ ᠳᠠᠭᠠᠷᠢᠨ ᠢᠷᠡᠪᠡ᠂ ᠶᠡᠺᠦᠲ᠋ᠺᠢᠠ ᠠᠪᠠᠱ ᠳᠤᠲᠠᠭᠠᠵᠤ ᠬᠠᠷᠢᠭᠠᠳ᠂ ᠬᠣᠶᠠᠷ ᠲᠠᠯ᠎ᠠ ᠶ᠋ᠢᠨ ᠳᠠᠢᠰᠤᠨ ᠤ᠋ ᠳᠠᠭᠠᠷᠢᠯᠲᠠ ᠳ᠋ᠤ᠌ ᠤᠴᠠᠷᠠᠪᠠ᠃ ᠲᠡᠷᠡ ᠪᠡᠷ ᠠᠬ᠎ᠠ ᠳᠡᠭᠦᠦ ᠶ᠋ᠢᠨ ᠢ᠋ᠶ᠋ᠡᠨ ᠳᠠᠭᠠᠷᠢᠯᠲᠠ ᠳ᠋ᠤ᠌ ᠤᠴᠠᠷᠠᠭᠰᠠᠨ ᠪᠠᠢᠵᠠᠢ᠃ ᠠᠪᠠᠱ ᠬᠣᠲᠠ ᠺᠠᠱᠭᠠᠷ ᠠ᠋ᠴᠠ ᠢᠷᠡᠭᠰᠡᠨ ᠴᠡᠷᠢᠭ ᠲᠦ᠍ ᠲᠠᠯᠭᠢᠬᠳᠠᠭᠳᠠᠪᠠ᠂ ᠶᠠᠺᠣᠲ᠋ᠺᠢᠨ ᠴᠦ᠍ ᠪᠠᠷᠢᠭᠳᠠᠨ ᠬᠣᠷᠢᠭᠳᠠᠪᠠ᠃ ᠮᠠᠯᠢᠺᠠᠱᠠ ᠬᠣᠶᠠᠳᠠᠬᠢ ᠤᠳᠠᠭ᠎ᠠ ᠦᠼᠢᠭᠠᠨ ᠳ᠋ᠤ᠌ ᠬᠦᠷᠴᠦ᠂ ᠶᠠᠺᠣᠲ᠋ᠺᠢᠨ ᠢ᠋ ᠨᠠᠳᠠ ᠳ᠋ᠤ᠌ ᠲᠤᠰᠢᠶᠠᠭᠲᠤᠨ ᠭᠡᠵᠦ ᠬᠠᠨ ᠸᠠᠩ ᠳ᠋ᠤ᠌ ᠵᠠᠬᠢᠪᠠ᠃ ᠬᠠᠨ ᠸᠠᠩ ᠨᠡᠷ᠎ᠡ ᠨᠢᠭᠤᠷ ᠢ᠋ᠶ᠋ᠠᠨ ᠪᠣᠳᠣᠵᠤ᠂ ᠡᠷᠡᠭᠡᠯᠵᠡᠨ ᠲᠠᠲᠠᠭᠠᠯᠵᠠᠭᠠᠳ ᠮᠠᠯᠢᠺᠱᠠ ᠶ᠋ᠢᠨ ᠵᠠᠬᠢᠶ᠎ᠠ ᠶ᠋ᠢ ᠭᠦᠢᠴᠡᠳᠬᠡᠭᠰᠡᠨ ᠦᠭᠡᠢ᠃ ᠡᠴᠦᠰ ᠲᠡᠭᠡᠨ ᠠᠷᠭ᠎ᠠ ᠪᠤᠰᠤ ᠬᠥᠪᠡᠭᠦᠨ ᠢ᠋ᠶ᠋ᠡᠨ ᠲᠣᠮᠢᠯᠠᠨ ᠱᠠᠨᠠᠯᠢ ᠳ᠋ᠤ᠌ ᠣᠴᠢᠭᠤᠯᠵᠤ᠂ ᠶᠠᠺᠣᠲ᠋ᠺᠢᠨ ᠢ᠋ ᠳᠠᠷᠤᠨ ᠠᠪᠴᠢᠭᠤᠯᠵᠤ᠂ ᠨᠢᠳᠦ ᠶ᠋ᠢ ᠨᠢ ᠤᠬᠤᠭᠤᠯᠤᠭᠠᠳ ᠭᠢᠨᠳᠠᠨ ᠬᠣᠲᠠ ᠳ᠋ᠤ᠌ ᠬᠣᠷᠢᠭᠤᠯᠪᠠ᠃ ᠭᠡᠪᠡᠴᠦ ᠰᠤᠯᠲᠠᠨ ᠮᠠᠯᠢᠺᠱᠠ ᠶ᠋ᠢᠨ ᠰᠠᠨᠠᠭᠠᠨ ᠳ᠋ᠤ᠌ ᠬᠦᠷᠦᠭᠰᠡᠨ ᠦᠭᠡᠢ ᠲᠤᠯᠠ ᠴᠢᠨ ᠸᠠᠩ ᠢ᠋ᠶ᠋ᠠᠷ ᠠᠷᠭ᠎ᠠ ᠪᠤᠰᠤ ᠶᠠᠺᠣᠲ᠋ᠺᠢᠨ ᠢ᠋ ᠦᠼᠢᠭᠠᠨ ᠳ᠋ᠤ᠌ ᠳᠠᠷᠤᠨ ᠬᠥᠷᠭᠡᠭᠦᠯᠪᠡ᠃ ᠡᠭᠦᠨ ᠦ᠌ ᠵᠡᠷᠭᠡᠴᠡᠭᠡ ᠪᠡᠷ ᠺᠠᠱᠭᠠᠷ ᠲᠤ᠌ ᠲᠥᠷᠥ ᠶ᠋ᠢᠨ ᠬᠤᠪᠢᠰᠤᠯ ᠭᠠᠷᠴᠤ᠂ ᠢᠨᠠᠨ ᠬᠠᠨ ᠤ᠋ ᠬᠥᠪᠡᠭᠦᠨ ᠲᠣᠭᠯᠢᠷ ᠲᠥᠷᠥ ᠶ᠋ᠢᠨ ᠡᠷᠬᠡ ᠶ᠋ᠢ ᠠᠳᠬᠤᠪᠠ᠂ ᠡᠨᠡ ᠬᠥᠮᠦᠨ ᠺᠠᠱᠭᠠᠷ ᠠ᠋ᠴᠠ ᠨᠠᠶᠠᠨ ᠬᠣᠲᠣᠩ ᠭᠠᠵᠠᠷ(300 ᠮᠢᠯ) ᠦ᠋ᠨ ᠵᠠᠢᠲᠠᠢ ᠭᠠᠵᠠᠷ ᠲᠤ᠌ ᠪᠠᠢᠵᠠᠢ᠃ ᠡᠨᠡ ᠬᠦ᠌ ᠲᠣᠭᠯᠢᠷ ᠬᠡᠮᠡᠭᠴᠢ ᠪᠠᠷᠰᠬᠠᠨ ᠤ᠋ ᠨᠣᠶᠠᠯᠠᠭᠴᠢ ᠪᠠᠢᠭᠰᠠᠨ ᠪᠣᠯᠤᠮᠵᠢ ᠲᠤᠩ ᠶᠡᠬᠡ᠂ ᠳᠡᠭᠡᠷ᠎ᠡ ᠳᠤᠷᠠᠳᠴᠤ ᠥᠩᠭᠡᠷᠡᠭᠰᠡᠨ ᠢᠨᠨᠠᠲ᠋ᠺᠢᠠ ᠶ᠋ᠢᠨ ᠬᠥᠪᠡᠭᠦᠨ᠃ ᠤᠤᠯ ᠤ᠋ᠨ ᠺᠠᠱᠭᠠᠷ ᠸᠠᠩ ᠬᠠᠷᠠᠨ ᠪᠠᠷᠢᠪᠴᠢᠯᠠᠭᠳᠠᠨ ᠬᠣᠷᠢᠭᠳᠠᠭᠰᠠᠨ ᠴᠢᠮᠡᠭᠡ ᠬᠥᠪᠡᠭᠦᠨ ᠪᠠ ᠲᠦᠰᠢᠮᠡᠳ ᠦ᠋ᠨ ᠬᠢᠨᠢ ᠴᠢᠬᠢᠨ ᠳ᠋ᠦ᠍ ᠬᠦᠷᠦᠭᠰᠡᠨ ᠳ᠋ᠦ᠍ ᠶᠠᠺᠣᠲ᠋ᠺᠢᠨ ᠪᠢᠲᠡᠭᠡᠢ ᠬᠠᠮᠢᠶᠠᠷ ᠭᠡᠵᠦ ᠣᠯᠠᠨ ᠢ᠋ ᠢᠳᠬᠠᠪᠠ᠃ ᠮᠠᠯᠢᠺᠱᠠ ᠪᠠᠷ ᠶᠠᠺᠣᠲ᠋ᠺᠢᠨ ᠲᠠᠢ ᠭᠡᠷ᠎ᠡ ᠲᠣᠭᠲᠠᠵᠤ᠂ ᠦᠼᠢᠭᠠᠨ ᠠ᠋ᠴᠠ ᠴᠡᠷᠢᠭ ᠢ᠋ᠶ᠋ᠡᠨ ᠲᠠᠲᠠᠵᠤ᠂ ᠶᠠᠺᠣᠲ᠋ᠺᠢᠨ ᠪᠣᠯᠤᠨ ᠺᠠᠱᠭᠠᠷ ᠲᠤ᠌ ᠰᠢᠨ᠎ᠡ ᠪᠡᠷ ᠲᠠᠢᠰᠠᠨ ᠳ᠋ᠤ᠌ ᠭᠠᠷᠤᠭᠰᠠᠨ ᠲᠣᠬᠯᠢᠷ ᠢ᠋ ᠪᠠᠢᠯᠳᠤᠭᠤᠯᠪᠠ᠃ ᠡᠴᠦᠰ ᠦ᠋ᠨ ᠳ᠋ᠦᠩ ᠨᠢ ᠶᠠᠮᠠᠷᠬᠠᠨ ᠪᠣᠯᠤᠭᠰᠠᠨ ᠢ᠋ ᠲᠡᠦᠬᠡ ᠶ᠋ᠢᠨ ᠮᠠᠲ᠋ᠧᠷᠢᠶᠠᠯ ᠳ᠋ᠤ᠌ ᠲᠣᠳᠣᠷᠬᠠᠢ ᠲᠡᠮᠳᠡᠭᠯᠡᠭᠰᠡᠨ ᠦᠭᠡᠢ᠃ ᠤᠤᠯ ᠤ᠋ᠨ ᠬᠠᠨ ᠸᠠᠩ ᠬᠠᠷᠠᠨ ᠥᠪᠡᠷ ᠢ᠋ ᠪᠡᠨ ᠴᠢᠯᠥᠭᠡᠯᠡᠵᠦ᠂ ᠳᠠᠬᠢᠨ ᠡᠷᠬᠡ ᠴᠢᠯᠥᠭᠡ ᠣᠯᠤᠭᠰᠠᠨ ᠪᠣᠯᠤᠮᠵᠢ ᠶᠡᠬᠡ ᠪᠠᠢᠨ᠎ᠠ᠃ ᠶᠠᠭᠤ ᠭᠡᠪᠡᠯ᠂ ᠲᠡᠦᠬᠡ ᠶ᠋ᠢᠨ ᠮᠠᠲ᠋ᠧᠷᠢᠶᠠᠯ ᠠ᠋ᠴᠠ ᠦᠵᠡᠬᠦ ᠳ᠋ᠦ᠍᠂ ᠲᠡᠷᠡ ᠪᠡᠷ ᠺᠠᠱᠭᠠᠷ ᠢ᠋12 ᠳ᠋ᠤᠭᠠᠷ ᠵᠠᠭᠤᠨ ᠤ᠋ ᠡᠬᠢᠨ ᠪᠣᠯᠲᠠᠯ᠎ᠠ ᠨᠣᠶᠠᠷᠬᠠᠵᠤ ᠪᠠᠢᠭᠰᠠᠨ ᠪᠠᠢᠨ᠎ᠠ᠃
1102 ᠣᠨ ᠳ᠋ᠤ᠌᠂ ᠪᠦᠯᠡ ᠬᠠᠨ ᠬᠠᠷᠠᠨ ᠢ᠋ ᠦᠬᠦᠭᠡᠳ ᠳᠡᠮᠡᠢ ᠤᠳᠠᠭᠰᠠᠨ ᠦᠭᠡᠢ ᠲᠷᠠᠨᠰᠤᠭᠰᠢᠨᠠ ᠣᠷᠣᠨ ᠨᠢ ᠪᠠᠯᠠᠱᠭᠦ᠋ᠨ ᠪᠣᠯᠤᠨ ᠳ᠋ᠠᠯᠠᠰ ᠤ᠋ᠨ ᠨᠣᠶᠠᠷᠬᠠᠭᠴᠢ ᠳ᠋ᠤ᠌ ᠡᠵᠡᠯᠡᠭᠳᠡᠪᠡ᠃ ᠡᠨᠡ ᠬᠥᠮᠦᠨ ᠢ᠋ ᠵᠢᠪᠣᠯᠠᠶᠢ ᠭᠡᠨ᠎ᠡ᠂ ᠴᠣᠯᠠ ᠨᠢ ᠺᠠᠳᠢᠯ᠂ ᠺᠠᠷᠠ ᠬᠠᠨ ᠤᠮᠠᠷ ᠤ᠋ᠨ ᠬᠥᠪᠡᠭᠦᠨ᠂ ᠪᠦᠯᠡ ᠬᠠᠨ ᠮᠦᠬᠠᠮᠮᠠᠳ᠋ ᠤ᠋ᠨ ᠣᠮᠪᠣᠯᠣ᠃ ᠺᠷᠳᠢᠯ ᠬᠠᠨ ᠤ᠋ ᠴᠡᠷᠢᠭ ᠲᠦ᠍ ᠢᠰᠯᠠᠮ ᠤ᠋ᠨ ᠱᠠᠰᠢᠨᠲᠠᠨ ᠪᠠ ᠱᠠᠰᠢᠨ ᠰᠢᠲᠦᠳᠡᠭ ᠦᠭᠡᠢ ᠬᠥᠮᠦᠰ ᠴᠦ᠍ ᠪᠠᠢᠯᠴᠠᠪᠠ᠃ ᠲᠡᠷᠡ ᠪᠡᠷ ᠨᠤᠲᠤᠭ ᠳᠡᠪᠢᠰᠬᠡᠷ ᠢ᠋ᠶ᠋ᠡᠨ ᠠᠮᠤ ᠮᠥᠷᠡᠨ ᠬᠦᠷᠲᠡᠯ᠎ᠡ ᠥᠷᠭᠡᠳᠬᠡᠵᠡᠢ᠃ ᠭᠡᠬᠦ ᠳ᠋ᠡᠭᠡᠨ ᠶᠠᠭ ᠰᠠᠢᠬᠠᠨ ᠡᠨᠡ ᠮᠥᠷᠡᠨ ᠦ᠌ ᠬᠥᠪᠡᠭᠦᠨ ᠳ᠋ᠦ᠍ ᠰᠧᠯᠵᠦᠭ ᠰᠤᠯᠲᠠᠨ ᠰᠡᠩᠬᠡᠷ ᠲᠦ᠍ ᠢᠯᠠᠭᠳᠠᠪᠠ᠃ ᠲᠡᠷᠡ ᠪᠡᠷ ᠣᠯᠵᠠᠯᠠᠭᠳᠠᠨ ᠠᠯᠠᠭᠳᠠᠭᠰᠠᠨ ᠪᠠᠢᠨ᠎ᠠ᠃ ᠲᠡᠭᠦᠨ ᠡᠴᠡ ᠬᠣᠢᠰᠢ᠂ ᠬᠠᠷ᠎ᠠ ᠬᠢᠳᠠᠨᠴᠤᠳ(ᠪᠠᠷᠠᠭᠤᠨ ᠯᠢᠶᠣᠣ) ᠶ᠋ᠢᠨ ᠳᠣᠯᠣᠭᠠᠨ ᠤᠰᠤᠨ ᠤ᠋ ᠨᠤᠲᠤᠭ ᠲᠤ᠌ ᠲᠦᠷᠢᠨ ᠣᠷᠣᠭᠰᠠᠨ ᠲᠤᠬᠠᠢ ᠮᠡᠳᠡᠭᠡ ᠵᠠᠩᠭᠢ ᠮᠠᠨ ᠳ᠋ᠤ᠌ ᠳᠠᠬᠢᠨ ᠣᠯᠳᠠᠭ᠎ᠠ ᠦᠭᠡᠢ᠃ ᠺᠠᠷᠠᠬᠠᠨ ᠤᠯᠤᠰ ᠤ᠋ᠨ ᠡᠯ᠎ᠡ ᠲᠥᠷᠥ ᠶ᠋ᠢᠨ ᠳᠣᠲᠣᠭᠠᠳᠤ ᠪᠠᠢᠳᠠᠯ ᠤ᠋ᠨ ᠲᠤᠬᠠᠢ ᠦᠯᠡᠳᠡᠭᠳᠡᠵᠦ ᠪᠠᠢᠭ᠎ᠠ ᠮᠠᠲ᠋ᠧᠷᠢᠶᠠᠯ ᠴᠦ᠍ ᠲᠤᠩ ᠬᠣᠪᠣᠷ᠃ ᠺᠠᠷᠠᠬᠠᠨ ᠤᠯᠤᠰ ᠪᠣᠯ ᠲᠥᠷᠥᠭ ᠦ᠋ᠨ ᠨᠤᠲᠤᠭ ᠳᠡᠪᠢᠰᠬᠡᠷ ᠳᠡᠭᠡᠷ᠎ᠡ ᠬᠠᠮᠤᠭ ᠤ᠋ᠨ ᠠᠩᠬ᠎ᠠ ᠢᠰᠯᠠᠮ ᠤ᠋ᠨ ᠱᠠᠰᠢᠨ ᠢ᠋ ᠰᠢᠲᠦᠭᠰᠡᠨ ᠲᠥᠷᠥ ᠪᠣᠯᠬᠤ ᠶᠤᠮ᠃ ᠲᠡᠷᠡ ᠪᠡᠷ ᠢᠰᠯᠠᠮ ᠤ᠋ᠨ ᠱᠠᠰᠢᠨ ᠤ᠋ ᠰᠤᠷᠭᠠᠯ ᠢ᠋ ᠳᠡᠯᠭᠡᠷᠡᠭᠦᠯᠬᠦ ᠳ᠋ᠦ᠍ ᠲᠤᠢᠯ ᠤ᠋ᠨ ᠶᠡᠬᠡ ᠬᠤᠪᠢ ᠨᠡᠮᠡᠷᠢ ᠦᠵᠡᠭᠦᠯᠦᠭᠰᠡᠨ ᠨᠢ ᠯᠠᠪᠲᠠᠢ᠃ ᠡᠨᠡ ᠪᠣᠯ ᠲᠡᠳᠡᠨᠦᠰ ᠦ᠋ᠨ ᠳᠤᠮᠳᠠᠳᠤ ᠠᠽᠢᠶ᠎ᠠ ᠶ᠋ᠢᠨ ᠭᠠᠵᠠᠷ ᠨᠤᠲᠤᠭ ᠢ᠋ ᠡᠵᠡᠯᠡᠵᠦ ᠴᠢᠳᠠᠭᠰᠠᠨ ᠤ᠋ ᠴᠢᠬᠤᠯᠠ ᠨᠥᠬᠥᠴᠡᠯ ᠦ᠋ᠨ ᠬᠢᠨᠢ ᠨᠢᠭᠡ ᠶᠦᠮ᠃ ᠢᠪᠣᠨ᠂ ᠠᠯ᠂ ᠠᠲ᠋ᠢᠯ ᠤ᠋ᠨ ᠲᠡᠮᠳᠡᠭᠯᠡᠭᠰᠡᠨ ᠢ᠋ ᠦᠨᠳᠦᠰᠦᠯᠡᠪᠡᠯ᠂ ᠬᠣᠲᠣᠩ ᠲᠣᠭᠠᠯᠠᠯ ᠤ᠋ᠨ 349 ᠣᠨ᠂ ᠢᠰᠦᠢᠰ ᠲᠣᠭᠠᠯᠠᠯ ᠤ᠋ᠨ 960 ᠣᠨ ᠳ᠋ᠤ᠌ ᠬᠣᠷᠢᠨ ᠲᠦᠮᠡᠨ ᠴᠠᠴᠠᠷ ᠲᠥᠷᠥᠭᠴᠤᠳ ᠢᠰᠯᠠᠮ ᠤ᠋ᠨ ᠱᠠᠰᠢᠨ ᠢ᠋ ᠰᠢᠲᠦᠬᠦ ᠪᠣᠯᠤᠭᠰᠠᠨ ᠪᠠᠢᠨ᠎ᠠ᠃ ᠡᠨᠡ ᠲᠣᠭ᠎ᠠ ᠨᠢ ᠳᠣᠯᠣᠭᠠᠨ ᠤᠰᠤᠨ ᠤ᠋ ᠨᠤᠲᠤᠭ ᠢ᠋ ᠵᠢᠭᠠᠵᠤ ᠪᠠᠢᠭ᠎ᠠ ᠪᠣᠯᠤᠮᠵᠢ ᠲᠤᠢᠯ ᠤ᠋ᠨ ᠶᠡᠬᠡ᠂ ᠡᠰᠡᠬᠦᠯ᠎ᠡ ᠵᠡᠭᠦᠨ ᠲᠥᠷᠥᠭᠴᠦᠳ ᠢ᠋ ᠵᠢᠭᠠᠭᠰᠠᠨ ᠪᠠᠢᠵᠤ ᠴᠦ᠍ ᠮᠡᠳᠡᠨ᠎ᠡ᠃ ᠭᠡᠪᠡᠴᠦ ᠡᠮᠦᠨᠡᠬᠢ ᠶ᠋ᠢᠨ ᠬᠢᠨᠢ ᠪᠣᠯᠤᠮᠵᠢ ᠨᠡᠩ ᠶᠡᠬᠡ᠂ ᠶᠠᠭᠤ ᠭᠡᠪᠡᠯ ᠵᠡᠭᠦᠨ ᠲᠦᠷᠺᠢᠰᠲ᠋ᠠᠨ ᠤ᠋ ᠮᠠᠯᠴᠢᠳ ᠤ᠋ᠨ ᠪᠦᠯᠦᠭᠯᠡᠯ ᠤᠤᠯ ᠠ᠋ᠴᠠ ᠪᠠᠨ ᠲᠡᠢᠮᠦ ᠶᠡᠬᠡ ᠪᠢᠰᠢ᠃1043 ᠣᠨ ᠤ᠋ ᠨᠠᠮᠤᠷ ᠪᠣᠯᠬᠤ ᠳ᠋ᠤ᠌᠂ ᠣᠷᠴᠢᠨ ᠦᠶ᠎ᠡ ᠶ᠋ᠢᠨ ᠬᠢᠷᠭᠢᠰ (ᠣᠳᠣ ᠶ᠋ᠢᠨ ᠬᠠᠰᠠᠭ) ᠤ᠋ᠨ ᠲᠠᠯ᠎ᠠ ᠨᠤᠲᠤᠭ ᠤ᠋ᠨ ᠨᠡᠭᠦᠳᠡᠯᠴᠢ ᠲᠥᠷᠥᠭᠴᠦᠳ ᠴᠦ᠍ ᠢᠰᠯᠠᠮ ᠤ᠋ᠨ ᠱᠠᠰᠢᠨ ᠢ᠋ ᠰᠢᠲᠦᠬᠦ ᠪᠣᠯᠤᠭᠰᠠᠨ ᠪᠠᠢᠨ᠎ᠠ᠃ ᠡᠳᠡᠭᠡᠷ ᠲᠥᠷᠥᠭᠴᠦᠳ ᠨᠢᠭᠡ ᠲᠦᠮᠡᠨ ᠴᠠᠴᠠᠷ ᠲᠠᠢ᠂ ᠵᠤᠨ ᠤ᠋ ᠴᠠᠭ ᠪᠤᠬᠠᠷ ᠬᠠᠪᠢ ᠪᠠᠷ ᠵᠤᠰᠠᠳᠠᠭ᠂ ᠡᠪᠦᠯ ᠪᠣᠯᠪᠠᠯ ᠪᠠᠯᠠᠱᠭᠦ᠋ᠨ ᠬᠠᠪᠢ ᠪᠠᠷ ᠡᠪᠦᠯᠵᠢᠨ᠎ᠡ᠃ ᠲᠡᠦᠬᠡ ᠶ᠋ᠢᠨ ᠡᠷᠳᠡᠮᠲᠡᠳ ᠮᠠᠨᠢ ᠢᠰᠯᠠᠮ ᠤ᠋ᠨ ᠱᠠᠰᠢᠨ ᠤ᠋ ᠪᠣᠯᠪᠠᠰᠤᠨ ᠪᠣᠯᠤᠨ ᠢᠵᠢᠯ ᠪᠤᠰᠤ ᠱᠠᠰᠢᠨ ᠤ᠋ ᠪᠣᠯᠪᠠᠰᠤᠨ ᠤ᠋ ᠬᠣᠭᠣᠷᠣᠨᠳᠣᠬᠢ ᠲᠡᠮᠡᠴᠡᠯ ᠦ᠋ᠨ ᠲᠠᠯ᠎ᠠ ᠪᠠᠷ ᠶᠠᠮᠠᠷ ᠴᠦ᠍ ᠲᠤᠰᠬᠠᠯ ᠭᠠᠷᠭᠠᠭᠰᠠᠨ ᠦᠭᠡᠢ ᠨᠢ ᠲᠤᠩ ᠬᠠᠷᠠᠮᠰᠠᠯᠲᠠᠢ᠃ ᠵᠡᠭᠦᠨ ᠲᠦᠷᠺᠢᠰᠲ᠋ᠠᠨ ᠨᠢ ᠤᠳᠠᠭᠠᠨ ᠵᠢᠯ ᠢ᠋ᠶ᠋ᠡᠷ ᠳᠤᠮᠳᠠᠳᠤ ᠤᠯᠤᠰ ᠤ᠋ᠨ ᠪᠣᠯᠪᠠᠰᠤᠨ ᠤ᠋ ᠨᠥᠯᠥᠭᠡ ᠳᠣᠣᠷ᠎ᠠ ᠣᠷᠣᠰᠢᠭᠰᠠᠭᠠᠷ ᠪᠠᠢᠪᠠ᠃ ᠪᠦᠷ ᠰᠡᠭᠦᠯᠴᠢ ᠶ᠋ᠢᠨ 11 ᠳ᠋ᠦ᠍ᠭᠡᠷ ᠵᠠᠭᠤᠨ ᠤ᠋ ᠡᠮᠦᠨ᠎ᠡ ᠬᠠᠭᠠᠰ ᠦᠶ᠎ᠡ ᠪᠡᠷ᠂ ᠲᠷᠠᠨᠰᠤᠭᠰᠢᠨᠠ ᠣᠷᠣᠨ ᠢ᠋ ᠪᠠᠭᠲᠠᠭᠠᠭᠰᠠᠨ ᠺᠠᠷᠰᠬᠠᠨ ᠲᠥᠷᠥ ᠶ᠋ᠢᠨ ᠨᠣᠶᠠᠷᠬᠠᠭᠴᠢᠳ《ᠲᠠᠪᠣᠭ ᠬᠠᠨ》 ᠪᠤᠶᠤ《ᠲᠠᠮᠤᠭ ᠬᠠᠨ》 ᠭᠡᠬᠦ ᠴᠣᠯᠠ ᠶ᠋ᠢ ᠠᠪᠬᠤ ᠪᠣᠯᠪᠠ᠂8 ᠳ᠋ᠤᠭᠠᠷ ᠵᠠᠭᠤᠨ ᠳ᠋ᠤ᠌ ᠣᠷᠬᠣᠨ ᠭᠣᠣᠯ ᠤ᠋ᠨ ᠬᠥᠰᠢᠶ᠎ᠡ ᠰᠡᠢᠯᠦᠮᠡᠯ ᠳ᠋ᠦ᠍ ᠢᠯᠡᠷᠡᠭᠰᠡᠨ ᠡᠨᠡ ᠴᠣᠯᠠ ᠶ᠋ᠢ ᠳᠤᠮᠳᠠᠳᠤ ᠤᠯᠤᠰ ᠤ᠋ᠨ ᠬᠠᠭᠠᠨ ᠨᠡᠷᠡᠯᠡᠭᠰᠡᠨ ᠪᠢᠯᠡ᠃ ᠬᠣᠲᠣᠩ ᠲᠣᠭᠠᠯᠠᠯ ᠤ᠋ᠨ 459 ᠣᠨ᠂ ᠢᠰᠦᠢᠰ ᠲᠣᠭᠠᠯᠠᠯ ᠤ᠋ᠨ 1067 ᠣᠨ ᠠ᠋ᠴᠠ ᠨᠠᠭᠠᠰᠢ᠂ ( ᠮᠠᠯᠢᠺᠠ᠂ ᠠᠯᠮᠠᠱᠯᠢ᠂ ᠸᠠ· ᠠᠯ — ᠴᠢᠨ ) (《ᠵᠡᠭᠦᠨ ᠬᠡᠰᠡᠭ ᠪᠠ ᠳᠤᠮᠳᠠᠳᠤ ᠶ᠋ᠢᠨ ᠸᠠᠩ》 ᠭᠡᠰᠡᠨ ᠤᠳᠬ᠎ᠠ ᠲᠠᠢ) ᠭᠡᠰᠡᠨ ᠨᠡᠷ᠎ᠡ ᠴᠣᠯᠠ ᠺᠠᠷᠠᠬᠠᠨ ᠤᠯᠤᠰ ᠤ᠋ᠨ ᠴᠢᠳᠬᠤᠭᠰᠠᠨ ᠵᠣᠭᠣᠰᠤᠨ ᠳᠡᠭᠡᠷ᠎ᠡ ᠢᠯᠡᠷᠡᠪᠡ᠃ ᠡᠭᠦᠨ ᠢ᠋ ᠳᠤᠮᠳᠠᠳᠤ ᠤᠯᠤᠰ ᠤ᠋ᠨ ᠪᠣᠯᠪᠠᠰᠤᠨ ᠪᠠ ᠳᠤᠮᠳᠠᠳᠤ ᠤᠯᠤᠰ ᠤ᠋ᠨ ᠸᠠᠩᠲᠤ ᠲᠥᠷᠥ ᠶ᠋ᠢᠨ ᠨᠥᠯᠥᠭᠡ ᠨᠢᠭᠡᠨᠲᠡ ᠡᠨᠳᠡ ᠬᠦᠷᠴᠦ ᠢᠷᠡᠭᠡᠳ ᠪᠠᠢᠵᠠᠢ ᠭᠡᠵᠦ ᠯᠡ ᠲᠠᠢᠯᠪᠤᠷᠢᠯᠠᠨ᠎ᠠ᠃ ᠲᠤᠬᠠᠢᠯᠠᠪᠠᠯ᠂ ᠵᠡᠭᠦᠨ ᠲᠦᠷᠺᠢᠰᠲ᠋ᠠᠨ ᠤ᠋ ᠵᠡᠭᠦᠨ ᠬᠡᠰᠡᠭ ᠦ᠋ᠨ ᠳᠤᠮᠳᠠᠳᠤ ᠤᠯᠤᠰ ᠯᠤᠭ᠎ᠠ ᠬᠥᠷᠰᠢᠯᠡᠬᠦ ᠭᠣᠣᠯ ᠨᠤᠲᠤᠭ᠂ ᠵᠢᠱ᠌ᠢᠶᠡᠯᠡᠪᠡᠯ ᠦᠷᠦᠮᠴᠢ᠂ ᠲᠦᠷᠫᠠᠨ᠂ ᠬᠠᠮᠢᠯ ᠵᠡᠷᠭᠡ ᠬᠣᠲᠠ ᠨᠤᠭᠤᠳ ᠶᠡᠷᠦ ᠡᠴᠡ ᠺᠠᠷᠠᠬᠠᠨ ᠲᠥᠷᠥ ᠳ᠋ᠦ᠍ ᠬᠠᠷᠢᠶᠠᠯᠠᠭᠳᠠᠵᠤ ᠦᠵᠡᠭᠡ ᠦᠭᠡᠢ᠂ ᠳᠤᠮᠳᠠᠳᠤ ᠤᠯᠤᠰ ᠤ᠋ᠨ ᠨᠤᠲᠤᠭ ᠳᠡᠭᠡᠷᠡᠬᠢ ᠶ᠋ᠢ ᠨᠢ ᠬᠡᠯᠡᠭᠰᠡᠨ ᠤᠴᠢᠷ ᠨᠡᠩ ᠠᠯᠠᠭ᠎ᠠ᠃ ᠡᠭᠦᠨ ᠦ᠌ ᠰᠢᠯᠲᠠᠭᠠᠨ ᠨᠢ ᠢᠰᠯᠠᠮ ᠤ᠋ᠨ ᠱᠠᠰᠢᠨ 15 ᠳ᠋ᠤᠭᠠᠷ ᠵᠠᠭᠤᠨ ᠠ᠋ᠴᠠ ᠡᠮᠦᠨ᠎ᠡ᠂ ᠳᠡᠭᠡᠷ᠎ᠡ ᠳᠤᠷᠠᠳᠤᠭᠰᠠᠨ ᠭᠠᠵᠠᠷ ᠲᠤ᠌ ᠶᠡᠷᠦ ᠡᠴᠡ ᠳᠡᠯᠭᠡᠷᠡᠭᠡ ᠦᠭᠡᠢ ᠳ᠋ᠦ᠍ ᠣᠷᠣᠰᠢᠨ᠎ᠠ᠃ ᠺᠠᠷᠠᠬᠠᠨ ᠲᠥᠷᠥ ᠳ᠋ᠦ᠍ ᠭᠦᠢᠯᠭᠡᠭᠳᠡᠵᠦ ᠪᠠᠢᠭᠰᠠᠨ ᠵᠣᠭᠣᠰᠤᠨ ᠳ᠋ᠤ᠌ ᠴᠢᠳᠬᠤᠭᠰᠠᠨ ᠦᠰᠦᠭ ᠡᠴᠡ ᠦᠵᠡᠬᠦ ᠳ᠋ᠦ᠍᠂ ᠤᠢᠭᠤᠷ ᠴᠠᠭᠠᠨ ᠲᠣᠯᠣᠭᠠᠢ ᠵᠡᠷᠭᠡ ᠳ᠋ᠡᠭᠡᠨ ᠬᠡᠷᠡᠭᠯᠡᠭᠳᠡᠵᠦ ᠪᠠᠢᠵᠠᠢ᠃ ᠤᠢᠭᠤᠷ ᠦᠰᠦᠭ ᠪᠣᠯ ᠰᠢᠷᠢᠶ᠎ᠡ ᠦᠰᠦᠭ ᠡᠴᠡ ᠤᠯᠠᠷᠢᠵᠤ ᠢᠷᠡᠭᠰᠡᠨ ᠶᠦᠮ᠃ ᠨᠸᠷᠰᠲ᠋ᠣᠷᠢᠶᠠᠨ ᠱᠠᠰᠢᠨᠲᠠᠳ ᠳᠤᠮᠳᠠᠳᠤ ᠠᠽᠢᠶ᠎ᠠ ᠳ᠋ᠤ᠌ ᠣᠷᠣᠭᠤᠯᠵᠤ ᠠᠪᠴᠢᠷᠠᠭᠰᠠᠨ ᠢ᠋ ᠬᠣᠵᠢᠮ ᠨᠢ ᠨᠡᠢᠳᠡᠮ ᠳ᠋ᠡᠭᠡᠨ ᠬᠦᠯᠢᠶᠡᠵᠦ ᠠᠪᠤᠭᠰᠠᠨ ᠪᠠᠢᠨ᠎ᠠ᠃《ᠬᠤᠲᠤᠭ ᠪᠢᠯᠢᠭ》 ᠪᠣᠯᠤᠨ ᠬᠣᠵᠢᠮ ᠤ᠋ᠨ ᠦᠶ᠎ᠡ ᠶ᠋ᠢᠨ ᠮᠣᠩᠭᠣᠯᠴᠤᠳ ᠤ᠋ᠨ ᠬᠡᠷᠡᠭᠯᠡᠭᠰᠡᠨ ᠦᠰᠦᠭ ᠦ᠋ᠨ ᠳᠣᠲᠣᠷ᠎ᠠ᠂ ᠺᠠᠷᠠᠬᠠᠨ ᠲᠥᠷᠥ ᠶ᠋ᠢᠨ ᠦᠶ᠎ᠡ ᠶ᠋ᠢᠨ ᠬᠥᠮᠦᠰ ᠪᠠ ᠮᠣᠩᠭᠣᠯ ᠨᠣᠶᠠᠷᠬᠠᠵᠤ ᠪᠠᠢᠭᠰᠠᠨ ᠦᠶ᠎ᠡ ᠶ᠋ᠢᠨ ᠬᠥᠮᠦᠰ ᠤᠢᠭᠤᠷ ᠬᠡᠯᠡᠨ ᠡᠴᠡ ᠣᠯᠠᠨ ᠦᠭᠡᠰ ᠢ᠋ ᠣᠷᠣᠭᠤᠯᠵᠤ ᠠᠪᠴᠢᠷᠠᠭᠰᠠᠨ ᠨᠢ ᠰᠡᠵᠢᠭᠯᠡᠰᠢ ᠦᠭᠡᠢ ᠶᠦᠮ᠃ ᠮᠣᠩᠭᠣᠯ ᠨᠣᠶᠠᠷᠬᠠᠵᠤ ᠪᠠᠢᠭᠰᠠᠨ ᠦᠶ᠎ᠡ ᠶ᠋ᠢᠨ ᠾᠷᠢᠰᠲ᠋ᠣᠰ ᠤ᠋ᠨ ᠱᠠᠰᠢᠨ ᠢ᠋ ᠰᠢᠲᠦᠬᠦ ᠪᠠ ᠪᠤᠷᠬᠠᠨ ᠤ᠋ ᠱᠠᠰᠢᠨ ᠢ᠋ ᠰᠢᠲᠦᠬᠦ ᠤᠢᠭᠤᠷᠴᠤᠳ ᠨᠢ ᠢᠰᠯᠠᠮ ᠤ᠋ᠨ ᠱᠠᠰᠢᠨᠲᠠᠨ ᠤ᠋ ᠲᠣᠭᠰᠢᠨ ᠳᠠᠢᠰᠤᠨ ᠪᠠᠢᠭᠰᠠᠨ ᠢ᠋ ᠳᠠᠷᠠᠭ᠎ᠠ ᠪᠠᠷ ᠪᠢᠳᠡ ᠣᠯᠵᠤ ᠤᠩᠰᠢᠬᠤ ᠪᠣᠯᠤᠨ᠎ᠠ᠃ ᠰᠢᠭᠤᠳ ᠭᠡᠷᠡᠴᠢ ᠪᠠᠷᠢᠮᠲᠠ ᠪᠠᠷ ᠳᠤᠲᠠᠮᠠᠭ ᠪᠠᠢᠭᠰᠠᠨ ᠴᠦ᠍ ᠳᠤᠮᠳᠠᠳᠤ ᠠᠽᠢᠶ᠎ᠠ ᠶ᠋ᠢᠨ ᠡᠢᠮᠦᠷᠬᠦᠦ ᠠᠳᠠᠯᠢ ᠪᠤᠰᠤ ᠱᠠᠰᠢᠨ ᠤ᠋ ᠬᠣᠭᠣᠷᠣᠨᠳᠣᠬᠢ ᠡᠰᠡᠷᠭᠦᠴᠡᠯᠳᠦᠭᠰᠡᠨ ᠪᠠᠢᠳᠠᠯ ᠨᠢ ᠪᠦᠷ ᠡᠷᠲᠡᠨ ᠡᠴᠡ ᠣᠷᠣᠰᠢᠵᠤ ᠪᠠᠢᠭᠰᠠᠨ ᠨᠢ ᠯᠠᠪᠲᠠᠢ ᠶᠤᠮ᠃
— — — —
①《ᠺᠠᠷᠠᠬᠠᠨ》 ᠭᠡᠳᠡᠭ ᠡᠨᠡ ᠦᠭᠡ ᠶ᠋ᠢ ᠣᠷᠣᠰ ᠤ᠋ᠨ ᠲᠡᠦᠬᠡᠴᠢ ᠭᠷᠢᠭᠤᠷᠢᠶᠸᠹ ᠲᠣᠭᠲᠠᠭᠠᠪᠠ᠃(ᠬᠢᠲᠠᠳᠴᠢᠯᠠᠭᠴᠢ ᠠ᠋ᠴᠠ)
②《ᠦᠵᠢᠷ》 ᠭᠡᠳᠡᠭ ᠪᠣᠯ ᠡᠷᠲᠡ ᠢᠵᠠᠭᠤᠷ ᠤ᠋ᠨ ᠣᠷᠣᠰ ᠦᠭᠡ᠂ ᠡᠴᠢᠭᠡ ᠳᠡᠭᠡᠳᠦᠰ ᠦ᠋ᠨ ᠢ᠋ᠶ᠋ᠡᠨ ᠥᠪ ᠬᠥᠷᠥᠩᠭᠡ ᠶ᠋ᠢ ᠦᠷ᠎ᠡ ᠬᠣᠢᠴᠢᠰ ᠨᠢ ᠬᠤᠪᠢᠲᠠᠨ ᠬᠤᠪᠢᠶᠠᠨ᠎ᠠ ᠭᠡᠰᠡᠨ ᠤᠳᠬ᠎ᠠ ᠲᠠᠢ᠃(ᠤᠤᠯ ᠲᠠᠢᠯᠪᠤᠷᠢ)
③ ᠶᠠᠩ ᠪᠢᠩ ᠴᠧᠨ ᠦ᠌ ᠬᠢᠲᠠᠳᠴᠢᠯᠠᠭᠰᠠᠨ ᠳᠡᠪᠲᠡᠷ ᠪᠣᠢ᠂ ᠲᠥᠪ ᠦ᠋ᠨ ᠦᠨᠳᠦᠰᠦᠲᠡᠨ ᠦ᠌ ᠳᠡᠭᠡᠳᠦ ᠰᠤᠷᠭᠠᠭᠤᠯᠢ ᠶ᠋ᠢᠨ ᠰᠤᠳᠤᠯᠬᠤ ᠬᠡᠯᠲᠡᠰ(ᠣᠳᠣ ᠶ᠋ᠢᠨ ᠲᠥᠪ ᠦ᠋ᠨ ᠦᠨᠳᠦᠰᠦᠲᠡᠨ ᠦ᠌ ᠶᠡᠬᠡ ᠰᠤᠷᠭᠠᠭᠤᠯᠢ ᠶ᠋ᠢᠨ ᠤᠭᠰᠠᠭᠠᠲᠠᠨ ᠵᠦᠢ ᠪᠠ ᠨᠡᠢᠭᠡᠮ ᠵᠦᠢ ᠶ᠋ᠢᠨ ᠳᠡᠭᠡᠳᠦ ᠰᠤᠷᠭᠠᠭᠤᠯᠢ ᠶ᠋ᠢᠨ ᠤᠤᠯ ᠬᠡᠯᠲᠡᠰ ᠦ᠋ᠨ ᠨᠢᠭᠡ) ᠳ᠋ᠦ᠍ ᠬᠠᠳᠠᠭᠠᠯᠠᠵᠤ ᠪᠠᠢᠨ᠎ᠠ᠃(ᠬᠢᠲᠠᠳᠴᠢᠯᠠᠭᠴᠢ ᠠ᠋ᠴᠠ)
