ᠳᠣᠯᠣᠭ᠎ᠠ ᠂ ᠲᠡᠮᠦᠷ ᠬᠠᠨᠳᠤ ᠤᠯᠤᠰ (ᠮᠣᠭᠣᠯᠰᠲ᠋ᠠᠠ)① ᠤ᠋ᠨ ᠲᠣᠪᠴᠢ ᠲᠡᠦᠬᠡ
ᠲᠦᠷᠺᠢᠰᠲ᠋ᠠᠨ ᠤ᠋ ᠪᠠᠷᠠᠭᠤᠨ ᠬᠡᠰᠡᠭ ᠦ᠋ᠨ ᠲᠥᠷᠥᠭ ᠤᠭᠰᠠᠭᠠᠨ (ᠢᠰᠯᠠᠮ ᠤ᠋ᠨ ᠱᠠᠰᠢᠨ ᠤ᠋ ᠰᠢᠰᠲ᠋ᠧᠮ ᠦ᠋ᠨ ᠬᠢ) ᠶ᠋ᠢᠨ ᠸᠠᠩ ᠬᠦᠩ ᠨᠠᠷ ᠲᠤᠢᠯᠪᠤᠷᠢᠲᠠᠢ ᠢᠯᠠᠯᠲᠠ ᠣᠯᠤᠭᠰᠠᠨ ᠠ᠋ᠴᠠ ᠪᠣᠯᠵᠤ᠂ ᠵᠡᠭᠦᠨ ᠬᠡᠰᠡᠭ ᠦ᠋ᠨ ᠮᠣᠩᠭᠣᠯ ᠤᠭᠰᠠᠭᠠᠨ ᠤ᠋ ᠸᠠᠩ ᠬᠦᠩ ᠦ᠋ᠳ ᠨᠢᠭᠡᠨ ᠬᠠᠨ ᠭᠠᠷᠭᠠᠵᠤ᠂ ᠰᠠᠭᠤᠷᠢᠨ ᠳ᠋ᠤ᠌ ᠰᠠᠭᠤᠯᠭᠠᠬᠤ ᠦᠭᠡᠢ ᠪᠣᠯᠬᠤ ᠦᠭᠡᠢ ᠪᠣᠯᠪᠠ᠃ ᠮᠣᠩᠭᠣᠯ ᠤᠭᠰᠠᠭᠠᠨ ᠤ᠋ ᠸᠠᠩ ᠬᠦᠩ ᠦ᠋ᠨ ᠳᠣᠲᠣᠷ᠎ᠠ ᠬᠠᠮᠤᠭ ᠤ᠋ᠨ ᠡᠷᠬᠡ ᠰᠦᠷ ᠲᠡᠢ ᠬᠥᠮᠦᠨ ᠪᠣᠯ ᠫᠦᠯᠡᠵᠢ ᠪᠣᠯᠤᠨ᠎ᠠ᠂ ᠲᠡᠭᠦᠨ ᠦ᠌ ᠡᠷᠭᠦᠮᠵᠢ ᠶ᠋ᠢᠨ ᠨᠤᠲᠤᠭ ᠨᠢ ᠶᠠᠭ ᠰᠠᠢᠬᠠᠨ ᠲᠥᠷᠥᠭ ᠤᠭᠰᠠᠭᠠᠨ ᠤ᠋ ᠸᠠᠩ ᠬᠦᠩ ᠦ᠋ᠨ ᠨᠤᠲᠤᠭ ᠲᠠᠢ ᠬᠥᠷᠰᠢᠯᠡᠵᠦ ᠪᠠᠢᠭ᠎ᠠ《ᠮᠠᠩᠯᠠᠢ ᠰᠦᠪᠡ》(《ᠡᠮᠦᠨ᠎ᠡ ᠬᠠᠷᠠᠭᠤᠯ ᠮᠣᠵᠢ》 ᠭᠡᠰᠡᠨ ᠤᠳᠬ᠎ᠠ ᠲᠠᠢ) ᠭᠡᠳᠡᠭ ᠭᠠᠵᠠᠷ ᠪᠣᠯᠤᠨ᠎ᠠ᠃ ᠡᠨᠡ ᠬᠡᠰᠡᠭ ᠭᠠᠵᠠᠷ ᠲᠤ᠌ ᠵᠡᠭᠦᠨ ᠲᠦᠷᠺᠢᠰᠲ᠋ᠠᠨ ᠤ᠋ ᠨᠢᠭᠡ ᠬᠡᠰᠡᠭ᠂ ᠺᠠᠱᠭᠠᠷ ᠠ᠋ᠴᠠ ᠺᠦᠴᠠ (ᠡᠷᠲᠡᠨ ᠦ᠌ ᠺᠦᠴᠢᠨᠠ) ᠬᠦᠷᠲᠡᠯᠡᠬᠢ ᠭᠠᠵᠠᠷ ᠪᠠ ᠳᠣᠯᠣᠭᠠᠨ ᠤᠰᠤᠨ ᠤ᠋ ᠢᠰᠠᠢᠺᠺᠥ᠋ᠯ ᠨᠠᠭᠤᠷ ᠤ᠋ᠨ ᠡᠮᠦᠨ᠎ᠡ ᠡᠷᠭᠢ ᠬᠦᠷᠲᠡᠯᠡᠬᠢ ᠨᠢᠭᠡ ᠬᠡᠰᠡᠭ ᠢ᠋ ᠪᠠᠭᠲᠠᠭᠠᠨ᠎ᠠ᠃1348 ᠣᠨ ᠳ᠋ᠤ᠌᠂ ᠲᠡᠷᠡ ᠪᠡᠷ ᠲᠣᠭᠯᠣᠭ ᠲᠡᠮᠦᠷ ᠭᠡᠳᠡᠭ ᠠᠷᠪᠠᠨ ᠨᠠᠢ᠍ᠮᠠᠨ ᠨᠠᠰᠤᠲᠠᠢ ᠪᠠᠭ᠎ᠠ ᠸᠠᠩ ᠢ᠋ ᠰᠤᠷᠠᠨ ᠣᠯᠵᠤ᠂ ᠬᠦᠷᠳ᠋ᠵᠡ ᠡᠴᠡ ᠠᠺᠰᠤ ᠳ᠋ᠤ᠌ ᠠᠪᠴᠢᠷᠠᠨ᠂ ᠡᠨᠡ ᠬᠥᠮᠦᠨ ᠪᠣᠯ ᠳᠤᠸᠠ ᠶ᠋ᠢᠨ ᠣᠮᠪᠣᠯᠣ᠂ ᠣᠯᠠᠨ ᠢ᠋ᠶ᠋ᠠᠷ ᠢ᠋ᠶ᠋ᠠᠨ ᠲᠡᠭᠦᠨ ᠢ᠋ ᠬᠠᠨ ᠭᠡᠵᠦ ᠬᠦᠨᠳᠦᠳᠬᠡᠨ ᠮᠡᠳᠡᠷᠡᠲᠦᠭᠡᠢ ᠭᠡᠵᠦ ᠲᠤᠩᠬᠠᠭᠯᠠᠪᠠ᠃ ᠲᠤᠬᠠᠢ ᠶ᠋ᠢᠨ ᠦᠶ᠎ᠡ ᠶ᠋ᠢᠨ ᠬᠥᠮᠦᠰ ᠲᠣᠭᠯᠣᠭ ᠲᠡᠮᠦᠷ ᠪᠣᠯ ᠮᠣᠩᠭᠣᠯ ᠸᠠᠩ ᠤ᠋ᠨ ᠬᠥᠪᠡᠭᠦᠨ ᠭᠡᠳᠡᠭ ᠢ᠋ ᠮᠡᠳᠡᠳᠡᠭ ᠪᠠᠢᠪᠠ᠂ ᠣᠳᠣ ᠪᠦᠷ ᠲᠣᠳᠣᠷᠬᠠᠢ ᠪᠣᠯᠵᠠᠢ᠂ ᠤᠤᠯ ᠨᠢ ᠲᠡᠭᠦᠨ ᠦ᠌ ᠡᠬᠡ ᠨᠢ ᠤᠷᠢᠳ ᠢ᠋ᠶ᠋ᠠᠷ ᠳᠤᠸᠠ ᠶ᠋ᠢᠨ ᠬᠥᠪᠡᠭᠦᠨ ᠲᠦᠮᠢᠷ ᠾᠣᠵᠠ ᠳ᠋ᠤ᠌ ᠮᠣᠷᠳᠠᠭᠰᠠᠨ ᠪᠠᠢᠪᠠ᠂ ᠵᠢᠷᠮᠦᠰᠦᠨ ᠪᠣᠯᠤᠭᠰᠠᠨ ᠤ᠋ ᠬᠢᠨᠢ ᠳᠠᠷᠠᠭ᠎ᠠ᠂ ᠾᠤᠵᠠ ᠨᠠᠰᠤ ᠪᠠᠷᠠᠴᠢᠬᠠᠭᠰᠠᠨ ᠪᠠᠢᠪᠠ᠃ ᠲᠡᠷᠡ ᠥᠭᠡᠷ᠎ᠡ ᠡᠷ᠎ᠡ ᠳ᠋ᠦ᠍ ᠮᠣᠷᠳᠠᠭᠠᠳ ᠲᠡᠷᠡ ᠡᠷ᠎ᠡ ᠶ᠋ᠢᠨ ᠢ᠋ᠶ᠋ᠡᠨ ᠭᠡᠷ ᠲᠦ᠍ ᠲᠣᠭᠯᠣᠭ ᠲᠡᠮᠦᠷ ᠢ᠋ ᠲᠥᠷᠥᠪᠡ᠃ ᠡᠢᠨ ᠬᠦ᠌ ᠬᠥᠮᠦᠰ ᠲᠡᠭᠦᠨ ᠢ᠋ ᠬᠣᠢᠲᠤ ᠡᠴᠢᠭᠡ ᠶ᠋ᠢᠨ ᠢ᠋ᠶ᠋ᠡᠨ ᠬᠥᠪᠡᠭᠦᠨ ᠭᠡᠵᠦ ᠦᠵᠡᠳᠡᠭ ᠪᠠᠢᠪᠠ᠃ ᠬᠠᠨ ᠰᠠᠭᠤᠷᠢᠨ ᠳ᠋ᠤ᠌ ᠡᠷᠭᠦᠨ ᠰᠠᠭᠤᠯᠭᠠᠭᠰᠠᠨ ᠡᠨᠡ ᠬᠦ᠌ ᠪᠠᠬ᠎ᠠ ᠸᠠᠩ ᠤ᠋ᠨ ᠴᠢᠰᠤᠨ ᠤᠳᠤᠮ ᠨᠢ ᠲᠤᠬᠠᠢ ᠶ᠋ᠢᠨ ᠦᠶ᠎ᠡ ᠳ᠋ᠦ᠍ ᠶᠡᠬᠡ ᠰᠡᠵᠢᠭ ᠲᠡᠢ ᠪᠠᠢᠭᠰᠠᠨ ᠪᠣᠯᠪᠠᠴᠤ ᠡᠨᠡ ᠤᠳᠠᠭᠠᠨ ᠤ᠋ ᠰᠣᠩᠭᠣᠯᠲᠠ ᠨᠢ ᠶᠡᠬᠡ ᠠᠵᠠ ᠲᠠᠢ ᠬᠡᠷᠡᠭ ᠪᠣᠯᠤᠭᠰᠠᠨ ᠢ᠋ ᠬᠣᠵᠢᠮ ᠤ᠋ᠨ ᠤᠴᠢᠷ ᠭᠡᠷᠡᠴᠢᠯᠡᠵᠡᠢ᠃1360 ᠣᠨ ᠳ᠋ᠤ᠌ ᠲᠣᠭᠯᠣᠭ ᠲᠡᠮᠦᠷ ᠲᠥᠷᠥᠭ ᠤᠭᠰᠠᠭᠠᠨ ᠤ᠋ ᠸᠠᠩ ᠬᠦᠩ ᠦ᠋ᠳ ᠢ᠋ ᠬᠦᠷᠲᠡᠯ᠎ᠡ ᠳᠠᠢᠯᠠᠨ ᠳᠠᠭᠠᠭᠤᠯᠤᠭᠰᠠᠨ ᠪᠠᠢᠨ᠎ᠠ᠃ ᠭᠡᠪᠡᠴᠦ ᠲᠡᠭᠦᠨ ᠢ᠋ ᠨᠠᠰᠤ ᠪᠠᠷᠠᠮᠠᠭᠴᠠ᠂ ᠬᠣᠲᠣᠩ ᠲᠣᠭᠠᠯᠠᠯ ᠤ᠋ᠨ 746 ᠣᠨ᠂ ᠢᠰᠦ᠋ᠰ ᠲᠣᠭᠠᠯᠠᠯ ᠤ᠋ᠨ 1362 ~ 1363 ᠣᠨ ᠤ᠋ ᠦᠶ᠎ᠡ ᠪᠡᠷ᠂ ᠲᠡᠭᠦᠨ ᠦ᠌ ᠬᠥᠪᠡᠭᠦᠨ ᠢᠯᠢᠶᠠᠰ· ᠾᠣᠵᠨ ᠤ᠋ ᠴᠡᠷᠢᠭ ᠨᠢ ᠲᠷᠠᠨᠰᠤᠭᠰᠢᠨᠠ ᠠ᠋ᠴᠠ ᠬᠥᠭᠡᠭᠡᠭᠳᠡᠭᠰᠡᠨ ᠪᠠᠢᠨ᠎ᠠ᠃ ᠲᠣᠭᠯᠣᠭ ᠲᠡᠮᠦᠷ ᠢ᠋ ᠨᠠᠰᠤ ᠪᠠᠷᠠᠭᠰᠠᠨ ᠤ᠋ ᠳᠠᠷᠠᠭ᠎ᠠ᠂ ᠠᠯᠢᠮᠠᠯᠢᠭ ᠲᠤ᠌ ᠣᠷᠣᠰᠢᠭᠤᠯᠵᠠᠢ᠂ ᠡᠨᠡ ᠪᠤᠩᠬᠤᠨ ᠣᠳᠣ ᠪᠣᠯᠲᠠᠯ᠎ᠠ ᠠᠯᠢᠮᠠᠯᠢᠭ ᠠ᠋ᠴᠠ ᠳᠥᠷᠪᠡᠨ ᠮᠢᠯ ᠵᠠᠢ ᠲᠠᠢ ᠭᠠᠵᠠᠷ ᠲᠤ᠌ ᠬᠣᠷᠭᠣᠳᠠᠭᠰᠠᠭᠠᠷ ᠪᠠᠢᠨ᠎ᠠ᠂ ᠲᠤᠬᠠᠢᠯᠠᠪᠠᠯ ᠬᠠᠤᠯᠢᠨ ᠮᠠᠵᠠᠷ ᠠ᠋ᠴᠠ ᠨᠢᠭᠡ ᠮᠢᠯ ᠬᠦᠷᠬᠦ ᠦᠭᠡᠢ ᠭᠠᠵᠠᠷ ᠲᠤ᠌ ᠪᠠᠢᠭ᠎ᠠ᠃
ᠵᠡᠭᠦᠨ ᠲᠦᠷᠺᠢᠰᠲ᠋ᠠᠨ ᠤ᠋ ᠵᠠᠬ᠎ᠠ ᠳ᠋ᠤ᠌᠂ ᠫᠦᠯᠠᠵᠢ ᠪᠣᠯᠤᠨ ᠲᠣᠭᠯᠣᠭ ᠲᠡᠮᠦᠷ ᠦ᠋ᠨ ᠪᠠᠢᠭᠤᠯᠤᠭᠰᠠᠨ ᠡᠨᠡ ᠬᠦ᠌ ᠤᠯᠤᠰ ᠤ᠋ᠨ ᠭᠠᠵᠠᠷ ᠨᠤᠲᠤᠭ ᠨᠢ ᠦᠰᠦᠭ ᠪᠢᠴᠢᠭ ᠦ᠋ᠨ ᠲᠡᠮᠳᠡᠭᠯᠡᠯ ᠦᠭᠡᠢ ᠣᠨ ᠵᠢᠯ ᠦ᠋ᠳ ᠡᠴᠡ ᠪᠦᠷ ᠡᠮᠦᠨ᠎ᠡ ᠪᠣᠯᠪᠠᠰᠤᠨ ᠣᠷᠣᠨ ᠪᠣᠯᠤᠭᠠᠳ ᠪᠠᠢᠭᠰᠠᠨ ᠶᠤᠮ᠃ ᠡᠨᠡ ᠣᠷᠣᠨ ᠳ᠋ᠤ᠌ ᠤᠮᠠᠷ᠎ᠠ ᠠ᠋ᠴᠠ ᠡᠮᠦᠨᠡᠰᠢ᠂ ᠵᠡᠭᠦᠨ ᠡᠴᠡ ᠪᠠᠷᠠᠭᠤᠨᠰᠢ ᠳᠣᠯᠣᠭ᠎ᠠ ᠨᠠᠢ᠍ᠮᠠᠨ ᠰᠠᠷ᠎ᠠ ᠶ᠋ᠢᠨ ᠠᠶᠠᠨ ᠤ᠋ ᠭᠠᠵᠠᠷ ᠨᠤᠲᠤᠭ᠂ ᠡᠷᠴᠢᠰ ᠮᠥᠷᠡᠨ ᠪᠣᠯᠤᠨ ᠠᠮᠢᠯ ᠭᠣᠣᠯ ᠠ᠋ᠴᠠ ᠲᠩᠷᠢ ᠠᠭᠤᠯᠠ ᠬᠦᠷᠲᠡᠯ᠎ᠡ᠂ ᠪᠠᠷᠺᠥ᠋ᠯ ᠡᠴᠡ ᠳᠡ ᠶᠤᠸᠠᠨ (ᠪᠾᠠᠨᠠᠨ)᠂ ᠪᠠᠯᠬᠠᠱ ᠨᠠᠭᠤᠷ ᠬᠦᠷᠲᠡᠯᠡᠬᠢ ᠴᠥᠮ ᠢ᠋ᠶ᠋ᠡᠷ ᠢ᠋ᠶ᠋ᠡᠨ ᠨᠡᠭᠦᠳᠡᠯᠴᠢᠳ ᠦ᠋ᠨ ᠤᠤᠭᠠᠯ ᠪᠠᠢᠭᠰᠠᠨ ᠨᠤᠲᠤᠭ ᠤ᠋ᠳ ᠪᠠᠭᠲᠠᠨ᠎ᠠ᠃ ᠪᠠᠯᠬᠠᠱ ᠨᠠᠭᠤᠷ ᠢ᠋ ᠲᠡᠷᠡ ᠦᠶ᠎ᠡ ᠳ᠋ᠦ᠍ ᠴᠣᠵᠠ ᠲᠠᠩᠭᠢᠰ ᠭᠡᠳᠡᠭ ᠪᠠᠢᠭᠰᠠᠨ ᠪᠥᠭᠡᠳ ᠮᠣᠭᠣᠯᠰᠲ᠋ᠠᠨ(ᠴᠠᠭᠠᠲᠠᠢ ᠶ᠋ᠢᠨ ᠰᠡᠭᠦᠯᠴᠢ ᠶ᠋ᠢᠨ ᠦᠶ᠎ᠡ ᠶ᠋ᠢᠨ ᠸᠠᠩ ᠤ᠋ᠨ ᠨᠤᠲᠤᠭ ᠤ᠋ᠨ ᠵᠠᠭᠤᠨ ᠬᠠᠭᠠᠰ ᠬᠡᠰᠡᠭ) ᠪᠣᠯᠤᠨ ᠦᠽᠪᠸᠺᠢᠰᠲ᠋ᠠᠨ(ᠵᠥᠴᠢ ᠶ᠋ᠢᠨ ᠰᠡᠭᠦᠯᠴᠢ ᠶ᠋ᠢᠨ ᠦᠶ᠎ᠡ ᠶ᠋ᠢᠨ ᠸᠠᠩ ᠤ᠋ᠨ ᠨᠤᠲᠤᠭ) ᠤ᠋ᠨ ᠬᠢᠯᠢ ᠵᠠᠭᠠᠭ ᠪᠠᠢᠭᠰᠠᠨ ᠬᠡᠮᠡᠭᠳᠡᠵᠦ ᠪᠣᠢ᠃ ᠤᠭᠰᠠᠭ᠎ᠠ ᠵᠦᠢ ᠶ᠋ᠢᠨ ᠡᠭᠦᠳᠡᠨ ᠡᠴᠡ ᠡᠨᠡ ᠬᠡᠰᠡᠭ ᠭᠠᠵᠠᠷ (ᠮᠣᠭᠣᠯᠰᠲ᠋ᠠᠨ) ᠬᠢᠭᠡᠳ ᠬᠠᠭᠤᠴᠢᠨ ᠴᠠᠭᠠᠲᠠᠢ ᠬᠠᠨᠳᠤ ᠤᠯᠤᠰ ᠤ᠋ᠨ ᠪᠠᠷᠠᠭᠤᠨ ᠬᠠᠭᠠᠰ ᠬᠣᠶᠠᠷ ᠤ᠋ᠨ ᠬᠣᠭᠣᠷᠣᠨᠳᠣᠬᠢ ᠵᠥᠷᠢᠶ᠎ᠡ ᠶ᠋ᠢ ᠦᠵᠡᠵᠦ ᠭᠠᠷᠬᠤ ᠳ᠋ᠤ᠌ ᠲᠤᠩ ᠪᠡᠷᠬᠡ᠃ ᠡᠨᠳᠡᠬᠢ ᠮᠣᠩᠭᠣᠯᠴᠤᠳ ᠲᠥᠷᠥᠭ ᠤᠭᠰᠠᠭᠠᠨ ᠤ᠋ ᠡᠯᠧᠮᠧᠨ᠋ᠲ ᠯᠦ᠍ᠭᠡ ᠶᠠᠮᠠᠷ ᠬᠡᠮᠵᠢᠶᠡᠨ ᠳ᠋ᠦ᠍ ᠬᠦᠷᠲᠡᠯ᠎ᠡ ᠠᠭᠤᠰᠤᠯᠳᠤᠯᠠ ᠭᠡᠵᠦ ᠬᠡᠯᠡᠵᠦ ᠭᠠᠷᠬᠤ ᠳ᠋ᠤ᠌ ᠴᠤ᠌ ᠲᠤᠩ ᠪᠡᠷᠬᠡ᠃ ᠶᠠᠮᠠᠷ ᠪᠣᠯᠤᠭᠰᠠᠨ ᠴᠤ᠌ ᠵᠡᠭᠦᠨ ᠬᠠᠭᠠᠰ ᠬᠡᠰᠡᠭ ᠦ᠋ᠨ ᠨᠡᠭᠦᠳᠡᠯᠴᠢ ᠠᠮᠢᠳᠤᠷᠠᠯ ᠤ᠋ᠨ ᠬᠡᠯᠪᠡᠷᠢ ᠬᠢᠭᠡᠳ ᠪᠠᠷᠠᠭᠤᠨ ᠬᠠᠭᠠᠰ ᠬᠡᠰᠡᠭ ᠦ᠋ᠨ ᠢᠰᠯᠠᠮ ᠤ᠋ᠨ ᠱᠠᠰᠥᠨᠲᠠᠳ ᠤ᠋ᠨ ᠰᠠᠭᠤᠷᠢᠰᠢᠯ ᠠᠮᠢᠳᠤᠷᠠᠯ ᠤ᠋ᠨ ᠬᠡᠯᠪᠡᠷᠢ ᠶ᠋ᠢᠨ ᠬᠣᠭᠣᠷᠣᠨᠳᠣᠬᠢ ᠵᠥᠷᠢᠶ᠎ᠡ ᠨᠢ ᠶᠠᠭᠠᠬᠢᠬᠤ ᠶ᠋ᠢᠨ ᠠᠷᠭ᠎ᠠ ᠦᠭᠡᠢ ᠶᠡᠬᠡ ᠪᠠᠢᠭᠰᠠᠨ ᠤ᠋ ᠤᠷᠰᠢᠭ ᠢ᠋ᠶ᠋ᠠᠷ ᠲᠡᠮᠦᠷ ② ᠮᠡᠲᠦ ᠶ᠋ᠢᠨ ᠡᠢᠮᠦᠷᠬᠦᠦ ᠰᠦᠷᠡᠬᠡᠢ ᠬᠠᠨ ᠴᠤ᠌ ᠤᠤᠯ ᠤ᠋ᠨ ᠴᠠᠭᠠᠲᠠᠢ ᠶ᠋ᠢᠨ ᠤᠭᠰᠠᠭᠠᠨ ᠤ᠋ ᠬᠠᠭᠤᠴᠢᠨ ᠨᠤᠲᠤᠭ ᠳᠡᠭᠡᠷ᠎ᠡ ᠶᠡᠬᠡ ᠨᠢᠭᠡᠳᠦᠯ ᠢ᠋ ᠳᠠᠬᠢᠨ ᠪᠠᠢᠭᠤᠯᠵᠤ ᠴᠢᠳᠠᠭᠰᠠᠨ ᠦᠭᠡᠢ ᠪᠢᠯᠡ᠃ ᠮᠣᠩᠭᠣᠯ ᠠᠷᠠᠳ ᠤ᠋ᠨ ᠢᠰᠯᠠᠮ ᠤ᠋ᠨ ᠱᠠᠰᠢᠨ ᠪᠣᠯᠤᠨ ᠢᠰᠯᠠᠮ ᠤ᠋ᠨ ᠱᠠᠰᠢᠨ ᠤ᠋ ᠪᠣᠯᠪᠠᠰᠤᠨ ᠳ᠋ᠤ᠌ ᠳᠤᠷ᠎ᠠ ᠦᠭᠡᠢᠴᠡᠬᠦ ᠪᠣᠳᠣᠯ ᠨᠢ ᠨᠣᠶᠠᠯᠠᠭᠴᠢᠳ ᠠ᠋ᠴᠠ ᠪᠠᠨ ᠬᠣᠯᠠ ᠬᠡᠴᠡᠭᠦᠦ ᠪᠠᠢᠪᠠ᠃ ᠲᠣᠭᠯᠣᠭ ᠲᠡᠮᠦᠷ ᠠᠯᠢ ᠡᠷᠲᠡ ᠢᠰᠯᠠᠮ ᠤ᠋ᠨ ᠱᠠᠰᠢᠨ ᠳ᠋ᠤ᠌ ᠣᠷᠣᠴᠢᠬᠠᠭᠰᠠᠨ ᠪᠣᠯᠬᠣᠷ ᠦᠷ᠎ᠡ ᠬᠣᠢᠴᠢᠰ ᠨᠢ ᠪᠦᠷ ᠢᠰᠯᠠᠮ ᠮᠠᠶᠢᠭ ᠤ᠋ᠨ ᠨᠡᠷ᠎ᠡ ᠠᠪᠬᠤ ᠪᠣᠯᠵᠠᠢ᠃ ᠭᠡᠪᠡᠴᠦ ᠵᠣᠩᠬᠢᠯᠠᠬᠤ ᠣᠯᠠᠨ ᠲᠣᠭᠠᠨ ᠤ᠋ ᠮᠠᠯᠴᠢᠳ ᠱᠠᠰᠢᠨ ᠦᠯᠦ ᠰᠢᠲᠦᠬᠦ ᠣᠪᠣᠷ ᠢ᠋ᠶ᠋ᠠᠨ ᠪᠠᠷᠢᠮᠲᠠᠯᠠᠭᠰᠠᠭᠠᠷ ᠪᠠᠢᠭᠰᠠᠨ ᠶᠤᠮ᠃ 15 ᠳ᠋ᠤᠭᠠᠷ ᠵᠠᠭᠤᠨ ᠤ᠋ ᠰᠡᠭᠦᠯᠴᠢ ᠪᠣᠯᠤᠭᠠᠳ ᠡᠳᠡᠭᠡᠷ ᠬᠥᠮᠦᠰ ᠰᠠᠶᠢ ᠪᠠᠷᠠᠭᠤᠨ ᠬᠥᠷᠰᠢ ᠶ᠋ᠢᠨ ᠢ᠋ᠶ᠋ᠡᠨ ᠢᠰᠯᠠᠮ ᠤ᠋ᠨ ᠱᠠᠰᠢᠨᠲᠠᠳ ᠲᠠᠭᠠᠨ ᠬᠠᠢᠯᠤᠭᠳᠠᠭᠰᠠᠨ ᠪᠠᠢᠨ᠎ᠠ᠃ ᠲᠡᠮᠦᠷ ᠬᠢᠭᠡᠳ ᠲᠡᠭᠦᠨ ᠦ᠌ ᠬᠣᠢᠴᠢᠰ ᠤ᠋ᠨ ᠨᠣᠶᠠᠯᠠᠵᠤ ᠪᠠᠢᠭᠰᠠᠨ ᠦᠶ᠎ᠡ ᠳ᠋ᠦ᠍᠂ ᠬᠥᠮᠦᠰ ᠬᠠᠷᠢᠶᠠᠬᠤ ᠤᠳᠬ᠎ᠠ ᠪᠦᠬᠦᠢ (ᠵᠠᠳᠠ) ᠳᠡᠭᠡᠷᠡᠮ ᠭᠡᠰᠡᠨ ᠦᠭᠡ ᠪᠡᠷ ᠮᠣᠭᠣᠯᠰᠲ᠋ᠠᠨ ᠣᠷᠣᠨ ᠤ᠋ ᠠᠷᠠᠳ ᠢ᠋ ᠳᠦᠷᠰᠦᠯᠡᠳᠡᠭ ᠪᠠᠢᠪᠠ᠃《ᠵᠠᠳᠠ ᠣᠷᠣᠨ》 ᠭᠡᠳᠡᠭ ᠢ᠋ ᠲᠡᠦᠬᠡ ᠲᠡᠮᠳᠡᠭᠯᠡᠭᠴᠢᠳ ᠦᠷᠭᠦᠯᠵᠢ ᠮᠣᠭᠣᠯᠰᠲ᠋ᠠᠨ ᠭᠡᠳᠡᠭ ᠦᠭᠡ ᠲᠡᠢ ᠠᠳᠠᠯᠢᠬᠠᠨ ᠤᠳᠬ᠎ᠠ ᠪᠠᠷ ᠬᠡᠷᠡᠭᠯᠡᠳᠡᠭ ᠪᠠᠢᠪᠠ᠃
ᠫᠦᠯᠨᠵᠢ ᠪᠡᠷ ᠲᠣᠭᠯᠣᠭ ᠲᠡᠮᠦᠷ ᠡᠴᠡ ᠤᠷᠢᠳ ᠨᠠᠰᠤ ᠪᠠᠷᠠᠵᠠᠢ᠃ ᠫᠦᠯᠠᠵᠢ ᠶ᠋ᠢ ᠨᠠᠰᠤ ᠪᠠᠷᠠᠭᠰᠠᠨ ᠤ᠋ ᠳᠠᠷᠠᠭ᠎ᠠ᠂ ᠲᠡᠭᠦᠨ ᠦ᠌ ᠨᠢᠯᠬ᠎ᠠ ᠬᠥᠪᠡᠭᠦᠨ ᠬᠣᠲᠠᠢᠳᠠ ᠣᠷᠣ ᠶ᠋ᠢ ᠨᠢ ᠵᠠᠯᠭᠠᠮᠵᠢᠯᠠᠪᠠ᠃ ᠲᠣᠭᠯᠣᠭ ᠲᠡᠮᠦᠷ ᠢ᠋ ᠨᠠᠰᠤ ᠪᠠᠷᠠᠭᠰᠠᠨ ᠤ᠋ ᠳᠠᠷᠠᠭ᠎ᠠ᠂ ᠢᠯᠢᠶᠡᠰ· ᠾᠣᠵᠠ ᠣᠷᠣ ᠶ᠋ᠢ ᠨᠢ ᠵᠠᠯᠭᠠᠮᠵᠢᠯᠠᠪᠠ᠃ ᠭᠡᠲᠡᠯ᠎ᠡ ᠫᠦᠯᠠᠵᠢ ᠶ᠋ᠢᠨ ᠭᠠᠮᠠᠯ· ᠠᠯᠠᠨᠳᠢᠨ ᠭᠡᠳᠡᠭ ᠠᠬ᠎ᠠ ᠨᠢ ᠴᠡᠷᠢᠭ ᠳᠠᠢᠴᠢᠯᠠᠨ ᠤᠷᠪᠠᠯᠭ᠎ᠠ ᠭᠠᠷᠭᠠᠵᠤ᠂ ᠢᠯᠢᠶᠠᠰ· ᠾᠣᠵᠠ ᠶ᠋ᠢ ᠠᠯᠠᠭᠰᠠᠨ ᠪᠠᠢᠨ᠎ᠠ᠃ ᠮᠣᠩᠭᠣᠯ ᠤ᠋ᠨ ᠵᠤᠷᠰᠢᠯ ᠶᠣᠰᠣᠭᠠᠷ ᠪᠣᠯ ᠣᠷᠣᠨ ᠵᠠᠯᠭᠠᠮᠵᠢᠯᠠᠵᠤ ᠰᠠᠭᠤᠭᠰᠠᠨ ᠴᠠᠭ ᠢ᠋ ᠳᠠᠩᠴᠤ ᠣᠬᠣᠷ ᠪᠣᠯᠪᠠᠯ ᠨᠡᠷ᠎ᠡ ᠶ᠋ᠢ ᠨᠢ ᠴᠦ᠍ ᠳᠤᠷᠠᠳᠬᠤ ᠪᠠᠨ ᠪᠣᠯᠢᠴᠢᠬᠠᠳᠠᠭ᠃ ᠭᠠᠮᠠᠯ· ᠠᠯᠠᠨᠳᠢᠨ ᠡᠷᠬᠡ ᠠᠳᠬᠤᠭᠰᠠᠨ ᠤ᠋ ᠳᠠᠷᠠᠭ᠎ᠠ᠂ ᠳᠣᠭᠯᠣᠭ ᠤ᠋ᠨ ᠦᠷ᠎ᠡ ᠬᠣᠢᠴᠢᠰ ᠢ᠋ ᠦᠨᠳᠦᠰᠦ ᠪᠡᠷ ᠨᠢ ᠬᠦᠢᠰᠦ ᠲᠡᠮᠲᠡᠷᠢᠬᠦ ᠪᠡᠷ ᠰᠢᠢᠳᠪᠡ᠃ ᠡᠨᠡ ᠬᠦ᠌ ᠰᠠᠮᠠᠭᠤᠨ ᠢ᠋ ᠵᠠᠪᠳᠤᠵᠤ᠂ ᠤᠤᠯ ᠨᠢ ᠴᠠᠭᠠᠲᠠᠢ ᠬᠠᠨᠳᠤ ᠤᠯᠤᠰ ᠤ᠋ᠨ ᠪᠠᠷᠠᠭᠤᠨ ᠬᠡᠰᠡᠭ ᠣᠷᠣᠨ ᠢ᠋ ᠡᠵᠡᠯᠡᠭᠡᠳ ᠪᠠᠢᠭᠰᠠᠨ ᠥᠭᠡᠷ᠎ᠡ ᠨᠢᠭᠡᠨ ᠸᠠᠩ ᠲᠡᠮᠦᠷ ᠬᠡᠮᠡᠭᠴᠢ ᠸᠠᠩ ᠴᠡᠷᠢᠭ ᠳᠠᠭᠠᠭᠤᠯᠤᠨ ᠢᠷᠡᠭᠡᠳ ᠮᠣᠭᠣᠯᠰᠲ᠋ᠠᠨ ᠢ᠋ ᠳᠠᠢᠯᠠᠨ ᠳᠠᠭᠠᠭᠤᠯᠪᠠ᠃ ᠮᠦᠰᠠᠸᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ ᠲᠡᠮᠦᠷ ᠬᠣᠲᠣᠩ ᠲᠣᠭᠠᠯᠠᠯ ᠤ᠋ᠨ 772 ᠣᠨ᠂ ᠢᠰᠦ᠋ᠰ ᠲᠣᠭᠠᠯᠠᠯ ᠤ᠋ᠨ 1370 ᠣᠨ ᠳ᠋ᠤ᠌ ᠬᠡᠳᠦᠢᠨ ᠭᠦᠴᠢᠺᠠᠷ ᠢ᠋ ᠡᠵᠡᠯᠡᠨ ᠠᠪᠤᠭᠰᠠᠨ ᠪᠠᠢᠪᠠ᠃1375 ᠣᠨ ᠳ᠋ᠤ᠌ ᠲᠡᠷᠡ ᠰᠠᠢᠷᠠᠨ ᠠ᠋ᠴᠠ ᠮᠣᠷᠳᠠᠵᠤ᠂ ᠺᠠᠯᠤᠨ ᠭᠣᠣᠯ ᠳ᠋ᠤ᠌ ᠬᠦᠷᠦᠭᠰᠡᠨ ᠳ᠋ᠦ᠍ ᠭᠠᠮᠡᠯ· ᠠᠯᠠᠨᠲᠢᠨ ᠤ᠋ ᠴᠠᠴᠠᠷ ᠨᠢ ᠲᠢᠺᠲᠡᠢ ᠠᠭᠤᠯᠠᠨ ᠤ᠋ ᠪᠥᠬᠥᠭ ᠲᠦ᠍ ᠪᠠᠢᠵᠠᠢ᠃ ᠠᠯᠠᠨᠳᠢᠨ ᠪᠠᠢᠯᠺᠠᠢ ᠬᠦᠷᠢᠶᠡᠨ ᠵᠦᠭ ᠴᠡᠷᠢᠭ ᠢ᠋ᠶ᠋ᠡᠨ ᠲᠠᠲᠠᠪᠠ᠂ ᠶᠠᠭᠤ ᠭᠡᠪᠡᠯ ᠬᠦᠷᠢᠶᠡᠨ ᠦ᠌ ᠭᠠᠵᠠᠷ ᠤ᠋ᠨ ᠪᠠᠢᠴᠠ ᠪᠤᠳᠤᠯᠢᠶᠠᠨᠲᠠᠢ᠂ ᠭᠤᠷᠪᠠᠨ ᠬᠠᠪᠴᠢᠯ ᠵᠢᠯᠠᠭ᠎ᠠ ᠪᠣᠢ᠂ ᠲᠡᠭᠦᠨ ᠡᠴᠡ ᠭᠤᠷᠪᠠᠨ ᠶᠡᠬᠡ ᠭᠣᠣᠯ ᠤᠷᠤᠰᠤᠨ ᠭᠠᠷᠴᠤ ᠢᠷᠡᠳᠡᠭ ᠲᠤᠯᠠ ᠳᠠᠢᠰᠤᠨ ᠤ᠋ ᠴᠡᠷᠢᠭ ᠣᠢᠷᠠᠳᠬᠤ ᠳ᠋ᠤ᠌ ᠲᠤᠩ ᠪᠡᠷᠬᠡ᠃ ᠭᠡᠪᠡᠴᠦ ᠡᠢᠮᠦᠷᠬᠦᠦ ᠭᠠᠵᠠᠷ ᠲᠤ᠌ ᠲᠡᠷᠡ ᠪᠠᠰᠠ ᠯᠠ ᠲᠡᠮᠦᠷ ᠲᠦ᠍ ᠢᠯᠠᠭᠳᠠᠭᠰᠠᠨ ᠪᠠᠢᠪᠠ᠃ ᠲᠡᠮᠦᠷ ᠡᠨᠡ ᠭᠠᠵᠠᠷ ᠢ᠋ ᠡᠵᠡᠯᠡᠭᠡᠳ ᠪᠠᠢᠳᠠ ᠬᠠᠪᠴᠢᠯ ᠠᠮᠠ ᠵᠦᠭ ᠴᠡᠷᠢᠭ ᠣᠷᠣᠪᠠ᠃ ᠲᠡᠭᠦᠨ ᠦ᠌ ᠵᠠᠷᠯᠢᠭ ᠢ᠋ᠶ᠋ᠠᠷ ᠭᠤᠷᠪᠠᠨ ᠸᠠᠩ ᠴᠡᠷᠢᠭ ᠳᠠᠭᠠᠭᠤᠯᠤᠨ ᠢᠯᠢ ᠭᠣᠣᠯ ᠢ᠋ ᠭᠦᠪᠡᠭᠡᠯᠡᠨ ᠳᠠᠢᠰᠤᠨ ᠤ᠋ ᠴᠡᠷᠢᠭ ᠢ᠋ ᠨᠡᠬᠡᠮᠵᠢᠯᠡᠵᠡᠢ᠃ ᠲᠡᠮᠦᠷ ᠥᠪᠡᠰᠦᠪᠡᠨ ᠪᠠᠢᠳᠠ ᠬᠠᠪᠴᠢᠯ ᠤ᠋ᠨ ᠠᠮᠠᠨ ᠳ᠋ᠤ᠌ ᠲᠠᠪᠢᠨ ᠭᠤᠷᠪᠠᠨ ᠬᠣᠨᠣᠭ ᠴᠡᠷᠢᠭ ᠪᠠᠭᠤᠳᠠᠯᠯᠠᠪᠠ᠃ ᠡᠭᠦᠨ ᠦ᠌ ᠬᠠᠮᠲᠤ ᠲᠡᠭᠦᠨ ᠦ᠌ ᠬᠥᠪᠡᠭᠦᠨ ᠵᠠᠺᠡᠨᠭᠵᠢᠯ ᠴᠡᠷᠢᠭ ᠳᠠᠭᠠᠭᠤᠯᠤᠨ ᠠᠭᠤᠯᠠᠰ ᠤ᠋ᠨ ᠳᠣᠲᠣᠷ᠎ᠠ ᠳᠦᠷᠺᠢᠰᠲ᠋ᠠᠨ ᠤ᠋ ᠥᠴᠢ· ᠹᠢᠯᠮᠠ ᠲᠠᠢ ᠴᠤᠭᠭᠠᠷ ᠭᠠᠮᠠᠯ· ᠠᠯᠠᠨᠳᠢᠨ ᠢ᠋ ᠨᠡᠬᠡᠮᠵᠢᠯᠡᠨ ᠴᠣᠬᠢᠵᠤ᠂ ᠴᠡᠷᠢᠭ ᠢ᠋ ᠨᠢ ᠬᠡᠰᠡᠭ ᠬᠡᠰᠡᠭ ᠢ᠋ᠶ᠋ᠡᠷ ᠰᠥᠨᠥᠭᠡᠪᠡ᠃ ᠵᠡᠺᠡᠨᠭᠵᠢᠯ ᠴᠢᠨᠠᠭᠰᠢᠯᠠᠭᠠᠳ ᠠᠯᠠᠨᠳᠢᠨ ᠤ᠋ ᠡᠬᠡᠨᠡᠷ ᠬᠡᠦᠬᠡᠨ ᠢ᠋ ᠨᠢ ᠣᠯᠵᠠᠯᠠᠪᠠ᠃ ᠡᠨᠡ ᠦᠶ᠎ᠡ ᠳ᠋ᠦ᠍ ᠲᠡᠮᠦᠷ ᠥᠪᠡᠰᠦᠪᠡᠨ ᠪᠠᠢᠳᠠ ᠬᠠᠪᠴᠢᠯ ᠤ᠋ᠨ ᠠᠮᠠᠨ ᠠ᠋ᠴᠠ ᠬᠠᠷ᠎ᠠ ᠭᠠᠰᠤᠮᠠᠺ (ᠭᠠᠰᠤᠲᠠᠢ ᠴᠤ᠌ ᠭᠡᠳᠡᠭ) ᠬᠠᠪᠴᠢᠯ ᠤ᠋ᠨ ᠠᠮᠠ ᠶ᠋ᠢ ᠥᠩᠭᠡᠷᠡᠨ᠂ ᠠᠯᠪᠠ ᠭᠣᠣᠯ ᠤ᠋ᠨ ᠰᠠᠪᠠ ᠳ᠋ᠠᠬᠢ ᠠᠪᠠᠱ ᠲᠤ᠌ ᠬᠦᠷᠴᠡᠢ᠂ ᠡᠨᠳᠡ ᠲᠡᠷᠡ ᠭᠠᠮᠠᠯ· ᠠᠯᠠᠨᠳᠢᠨ ᠤ᠋ ᠥᠬᠢᠨ ᠢ᠋ ᠡᠬᠡᠨᠡᠷ ᠪᠣᠯᠭᠠᠨ ᠠᠪᠬᠤ ᠬᠤᠷᠢᠮ ᠤ᠋ᠨ ᠶᠣᠰᠣᠯᠠᠯ ᠬᠢᠭᠰᠡᠨ ᠦ᠌ ᠳᠠᠷᠠᠭ᠎ᠠ᠂ ᠶᠠᠰᠢ ᠬᠠᠪᠴᠢᠯ ᠤ᠋ᠨ ᠠᠮᠠ ᠶ᠋ᠢ ᠳᠠᠪᠠᠨ᠂ ᠥᠼᠢᠭᠠᠠ ᠳ᠋ᠤ᠌ ᠪᠤᠴᠠᠪᠠ᠃
ᠳᠠᠷᠠᠭ᠎ᠠ ᠵᠢᠯ (1376) ᠨᠢ᠂ ᠲᠡᠮᠦᠷ ᠢ᠋ ᠪᠠᠷᠠᠭᠤᠨᠰᠢ ᠬᠣᠷᠧᠽᠮ ᠢ᠋ ᠳᠠᠢᠯᠠᠵᠤ ᠪᠠᠢᠭᠰᠠᠨ ᠢ᠋ ᠳᠠᠯᠢᠮᠳᠠᠭᠤᠯᠤᠨ᠂ ᠭᠠᠮᠠᠯ· ᠠᠯᠠᠨᠳᠢᠨ ᠳᠠᠬᠢᠨ ᠳᠠ ᠶᠤᠸᠠᠨ (ᠪᠾᠨᠨᠨᠠ) ᠳ᠋ᠤ᠌ ᠲᠦᠷᠢᠵᠦ ᠣᠷᠣᠪᠠ᠃ ᠭᠡᠪᠡᠴᠦ ᠲᠡᠮᠦᠷ ᠢ᠋ ᠴᠡᠷᠢᠭ ᠳᠠᠭᠠᠭᠤᠯᠤᠨ ᠠᠢᠰᠤᠢ ᠭᠡᠵᠦ ᠰᠣᠨᠣᠰᠤᠮᠠᠭᠴᠠ ᠳᠣᠣᠷ᠎ᠠ ᠪᠠᠨ ᠠᠪᠠᠱ ᠲᠤ᠌ ᠤᠬᠤᠷᠢᠵᠤ ᠬᠠᠷᠢᠪᠠ᠃ ᠲᠡᠮᠦᠷ ᠲᠡᠭᠦᠨ ᠢ᠋ ᠨᠡᠬᠡᠮᠵᠢᠯᠡᠨ ᠴᠣᠬᠢᠭᠰᠠᠨ ᠳ᠋ᠤ᠌ ᠭᠠᠮᠠᠯ· ᠠᠯᠠᠨᠳᠢᠨ ᠪᠦᠭᠭᠦᠨ ᠴᠣᠬᠢᠬᠤ ᠠᠷᠭ᠎ᠠ ᠪᠠᠷ ᠪᠠᠢᠯᠳᠤᠭᠰᠠᠨ ᠪᠣᠯᠪᠠᠴᠤ ᠢᠯᠠᠭᠳᠠᠪᠠ᠂ ᠲᠡᠷᠡᠴᠢᠯᠡᠨ ᠰᠡᠴᠢ ᠢᠭᠠᠱ (《ᠨᠠᠢ᠍ᠮᠠᠨ ᠮᠣᠳᠣ》 ᠭᠡᠰᠡᠨ ᠤᠳᠬ᠎ᠠ ᠲᠠᠢ) ᠭᠡᠳᠡᠭ ᠭᠠᠵᠠᠷ ᠲᠤ᠌ ᠰᠢᠷᠬᠠᠲᠤᠪᠠ᠃ ᠲᠡᠮᠦᠷ ᠡᠢᠨ ᠬᠦ᠌ ᠳᠠᠢᠳᠤᠨ ᠳᠡᠢᠯᠦᠭᠰᠡᠨ ᠦ᠌ ᠳᠠᠷᠠᠭ᠎ᠠ᠂ ᠠᠳᠠᠺᠥ᠋ᠨ ᠢ᠋ᠶ᠋ᠡᠷ ᠠᠮᠤ ᠮᠥᠷᠡᠨ ᠦ᠌ ᠬᠥᠪᠡᠭᠡᠨ ᠳ᠋ᠦ᠍ ᠬᠦᠷᠦᠭᠡᠳ ᠰᠠᠮᠠᠷᠺᠠᠨᠳ᠋ ᠲᠤ᠌ ᠪᠤᠴᠠᠪᠠ᠃
1377 ᠣᠨ ᠳ᠋ᠤ᠌᠂ ᠲᠡᠮᠦᠷ ᠳᠠᠬᠢᠨᠲᠠ ᠴᠡᠷᠢᠭ ᠬᠥᠳᠡᠯᠭᠡᠵᠦ᠂ ᠠᠯᠠᠨᠳᠢᠨ ᠢ᠋ ᠳᠠᠢᠯᠠᠪᠠ᠃ ᠲᠡᠭᠡᠭᠡᠳ ᠬᠥᠯᠲᠦ ᠶ᠋ᠢᠨ ᠲᠠᠯ᠎ᠠ ᠳ᠋ᠤ᠌ ᠤᠴᠠᠷᠠᠯᠳᠤᠭᠠᠳ ᠲᠡᠭᠦᠨ ᠢ᠋ ᠳᠠᠬᠢᠨᠲᠠ ᠳᠡᠢᠯᠵᠡᠢ᠃ ᠮᠥᠨ ᠵᠢᠯ ᠳ᠋ᠦ᠍᠂ ᠲᠡᠮᠦᠷ ᠨᠢᠭᠡᠨ ᠰᠠᠯᠠᠭ᠎ᠠ ᠵᠢᠭᠦᠷ ᠦ᠋ᠨ ᠴᠡᠷᠢᠭ ᠢᠯᠡᠭᠡᠵᠦ ᠳᠣᠯᠣᠭᠠᠨ ᠤᠰᠤᠨ ᠢ᠋ ᠡᠵᠡᠯᠡᠭᠦᠯᠪᠡ᠃ ᠬᠣᠰᠢᠭᠤᠴᠢ ᠴᠡᠷᠢᠭ ᠨᠢ ᠠᠯᠠᠨᠳᠢᠨ ᠢ᠋ ᠪᠠᠨᠮᠤ ᠠᠭᠤᠯᠠ ᠶ᠋ᠢᠨ ᠬᠠᠪᠴᠢᠯ ᠬᠦᠷᠲᠡᠯ᠎ᠡ ᠨᠡᠬᠡᠮᠵᠢᠯᠡᠪᠡ᠃ ᠲᠡᠮᠦᠷ ᠭᠦᠴᠢᠺᠡᠷ ᠲᠦ᠍ ᠬᠦᠷᠴᠦ᠂ ᠡᠨᠡᠭ ᠭᠡᠳᠡᠭ ᠭᠠᠵᠠᠷ ᠢ᠋ᠶ᠋ᠠᠷ ᠥᠩᠭᠡᠷᠡᠨ᠂ ᠦᠼᠢᠭᠠᠨ ᠳ᠋ᠤ᠌ ᠪᠤᠴᠠᠪᠠ᠃
ᠲᠡᠮᠦᠷ ᠳᠠᠷᠠᠭ᠎ᠠ ᠤᠳᠠᠭᠠᠨ ᠤ᠋ ᠲᠡᠢᠨ ᠢ᠋ᠶ᠋ᠡᠨ 1382 ᠣᠨ ᠳ᠋ᠤ᠌ ᠬᠢᠵᠡᠢ᠃ ᠬᠡᠳᠦᠨ ᠰᠠᠯᠠᠭ᠎ᠠ ᠴᠡᠷᠢᠭ ᠢ᠋ ᠳᠣᠯᠣᠭᠠᠨ ᠤᠰᠤᠨ ᠤ᠋ ᠨᠤᠲᠤᠭ ᠲᠤ᠌ ᠲᠣᠮᠢᠯᠠᠭᠰᠠᠨ ᠳ᠋ᠤ᠌᠂ ᠬᠣᠰᠢᠭᠤᠴᠢ ᠴᠡᠷᠢᠭ ᠨᠢ ᠭᠣᠣᠯ ᠬᠦᠴᠦᠨ ᠦ᠌ ᠴᠡᠷᠢᠭ ᠢ᠋ᠶ᠋ᠡᠨ ᠬᠦᠷᠴᠦ ᠢᠷᠡᠬᠦ ᠡᠴᠡ ᠡᠮᠦᠨ᠎ᠡ ᠳᠠᠢᠰᠤᠨ ᠢ᠋ᠶ᠋ᠠᠨ ᠴᠣᠬᠢᠨ ᠰᠠᠷᠨᠢᠭᠤᠯᠤᠭᠠᠳ ᠠᠳᠠᠺᠥ᠋ᠨ ᠳ᠋ᠦ᠍ ᠪᠤᠴᠠᠴᠢᠬᠠᠭᠰᠠᠨ ᠪᠠᠢᠪᠠ᠃ ᠬᠣᠰᠢᠭᠤᠴᠢ ᠴᠡᠷᠢᠭ ᠪᠣᠯᠤᠨ ᠭᠣᠣᠯ ᠬᠦᠴᠦᠨ ᠦ᠌ ᠴᠡᠷᠢᠭ ᠨᠢ ᠨᠡᠢᠯᠡᠭᠡᠳ ᠢᠰᠠᠢᠺᠺᠥ᠋ᠯ ᠨᠠᠭᠤᠷ ᠤ᠋ᠨ ᠤᠮᠠᠷ᠎ᠠ ᠳ᠋ᠠᠬᠢ ᠠᠭᠤᠯᠠᠰ ᠤ᠋ᠨ ᠳᠤᠮᠳᠠ ᠲᠦᠷᠢᠨ ᠣᠷᠣᠭᠰᠠᠨ ᠪᠣᠯᠪᠠᠴᠤ ᠠᠯᠠᠨᠳ᠋ᠢᠨ ᠤ᠋ ᠭᠣᠣᠯ ᠬᠦᠴᠦ ᠶ᠋ᠢ ᠡᠷᠢᠵᠦ ᠣᠯᠤᠭᠰᠠᠨ ᠦᠭᠡᠢ ᠲᠤᠯᠠ ᠳᠠᠬᠢᠭᠠᠳ ᠰᠠᠮᠠᠷᠺᠠᠨᠳ᠋ ᠲᠠᠭᠠᠨ ᠪᠤᠴᠠᠪᠠ᠃
ᠭᠠᠮᠠᠯ᠂ ᠠᠯᠠᠨᠳᠢᠨ ᠣᠯᠠᠨ ᠤᠳᠠᠭ᠎ᠠ ᠢᠯᠠᠭᠳᠠᠭᠠᠳ ᠬᠦᠴᠦ ᠨᠢ ᠥᠪᠡᠷ ᠦ᠋ᠨ ᠡᠷᠬᠡ ᠦᠭᠡᠢ ᠪᠠᠭᠤᠷᠠᠪᠠ᠃ ᠲᠡᠭᠦᠨ ᠦ᠌ ᠠᠴᠢ ᠬᠥᠪᠡᠭᠦᠨ ᠬᠣᠳᠠᠢᠳᠠ ᠺᠠᠱᠭᠠᠷ ᠢ᠋ ᠨᠣᠶᠠᠷᠬᠠᠭᠰᠠᠭᠠᠷ ᠪᠠᠢᠵᠠᠢ᠃ ᠲᠡᠷᠡ ᠪᠡᠷ ᠠᠯᠠᠨᠳᠢᠨ ᠤ᠋ ᠬᠡᠷᠬᠢᠭᠰᠡᠨ ᠴᠦ᠍ ᠲᠣᠭᠯᠤᠭ ᠲᠡᠮᠦᠷ ᠦ᠋ᠨ ᠬᠣᠢᠴᠢᠰ ᠢ᠋ ᠬᠦᠢᠰᠦ ᠲᠡᠮᠲᠡᠷᠢᠬᠦ ᠭᠡᠰᠡᠨ ᠬᠦᠢᠲᠡᠨ ᠰᠦᠷ ᠡᠴᠡ ᠠᠶᠤᠯ ᠦᠭᠡᠢ ᠪᠡᠷ ᠲᠣᠭᠯᠤᠭ ᠲᠡᠮᠦᠷ ᠦ᠋ᠨ ᠨᠢᠭᠡ ᠬᠥᠪᠡᠭᠦᠨ ᠭᠢᠳᠠᠷ ᠾᠣᠵᠠ ᠶ᠋ᠢ ᠰᠡᠮᠡᠬᠡᠷ ᠨᠢᠭᠤᠨ ᠳᠠᠯᠳᠠᠯᠠᠪᠠ᠃ ᠡᠨᠡ ᠬᠥᠮᠦᠨ ᠡᠴᠢᠭᠡ ᠪᠡᠨ ᠠᠯᠳᠠᠬᠤ ᠦᠶ᠎ᠡ ᠳ᠋ᠦ᠍ ᠮᠠᠨᠴᠤᠢ ᠳ᠋ᠠᠭᠠᠨ ᠪᠠᠢᠭᠰᠠᠨ ᠪᠢᠯᠡ᠃ ᠭᠠᠮᠠᠯ᠂ ᠠᠯᠠᠨᠳᠢᠨ ᠤ᠋ ᠬᠦᠴᠦ ᠣᠷᠭᠢᠯ ᠳ᠋ᠠᠭᠠᠨ ᠲᠤᠯᠵᠤ ᠪᠠᠢᠭᠰᠠᠨ ᠦᠶ᠎ᠡ ᠳ᠋ᠦ᠍᠂ ᠡᠨᠡ ᠬᠦ᠌ ᠵᠢᠵᠢᠭ ᠸᠠᠩ ᠤ᠋ᠨ ᠬᠥᠪᠡᠭᠦᠨ ᠺᠠᠱᠭᠠᠷ ᠪᠣᠯᠤᠨ ᠪᠠᠳᠠᠭ ᠠᠭᠤᠯᠠ ᠶ᠋ᠢᠨ ᠬᠣᠭᠣᠷᠣᠨᠳᠣᠬᠢ ᠠᠭᠤᠯᠠᠰ ᠤ᠋ᠨ ᠳᠤᠮᠳᠠ ᠳᠠᠯᠳᠠᠯᠠᠵᠤ ᠪᠠᠢᠵᠠᠢ᠃ ᠰᠡᠭᠦᠯᠴᠢ ᠶ᠋ᠢᠨ ᠠᠷᠪᠠᠨ ᠬᠣᠶᠠᠷ ᠵᠢᠯ ᠦ᠋ᠨ ᠳᠣᠲᠣᠷ᠎ᠠ᠂ ᠲᠡᠭᠦᠨ ᠢ᠋ ᠤᠯᠤᠰ ᠤ᠋ᠨ ᠬᠢᠯᠢ ᠶ᠋ᠢᠨ ᠬᠠᠮᠤᠭ ᠤ᠋ᠨ ᠪᠠᠷᠠᠭᠤᠨ ᠡᠮᠦᠨ᠎ᠡ ᠬᠡᠰᠡᠭ ᠲᠦ᠍ ᠰᠢᠯᠵᠢᠭᠦᠯᠪᠡ᠃ ᠡᠨᠡ ᠬᠠᠪᠢ ᠨᠢ ᠯᠣᠪ ᠨᠠᠭᠤᠷ ᠠ᠋ᠴᠠ ᠲᠤᠩ ᠣᠢᠷᠠᠬᠠᠨ ᠪᠠᠢᠪᠠ᠃ ᠡᠨᠡ ᠤᠴᠢᠷ ᠤ᠋ᠨ ᠲᠤᠬᠠᠢ ᠪᠢᠳᠡ ᠪᠠᠲᠤᠲᠠᠢ ᠲᠥᠰᠦᠭᠡᠯᠡᠯᠲᠡ ᠬᠢᠵᠦ ᠴᠢᠳᠠᠭ᠎ᠠ ᠦᠭᠡᠢ ᠪᠠᠢᠭᠰᠠᠭᠠᠷ᠂ ᠡᠢᠮᠦ ᠨᠢᠭᠡᠨ ᠤᠯᠠᠮᠵᠢᠯᠠᠯ ᠶᠠᠷᠢᠶ᠎ᠠ ᠠ᠋ᠴᠠ ᠴᠤ᠌ ᠵᠠᠢᠯᠠᠬᠤᠶᠠ ᠪᠡᠷᠬᠡ᠃ ᠭᠢᠳᠠᠷ ᠾᠣᠵᠠ ᠶ᠋ᠢ ᠬᠣᠲᠠᠢᠳᠠ ᠣᠯᠵᠤ ᠠᠪᠤᠭᠰᠠᠨ ᠨᠢ ᠲᠤᠬᠠᠢ ᠶ᠋ᠢᠨ ᠵᠢᠯ ᠳ᠋ᠦ᠍ ᠬᠣᠲᠠᠢᠳᠠ ᠶ᠋ᠢᠨ ᠡᠴᠢᠭᠡ ᠫᠦᠯᠡᠵᠢ ᠪᠡᠷ ᠾᠣᠵᠠ ᠶ᠋ᠢᠨ ᠡᠴᠢᠭᠡ ᠲᠣᠭᠯᠤᠺ ᠲᠡᠮᠦᠷ ᠢ᠋ ᠣᠯᠵᠤ ᠠᠪᠤᠭᠰᠠᠨ ᠲᠠᠢ ᠠᠳᠠᠯᠢᠬᠠᠨ ᠪᠠᠢᠵᠠᠢ᠃ ᠶᠠᠭᠤ ᠪᠣᠯᠤᠭᠰᠠᠨ ᠴᠤ᠌ ᠲᠡᠷᠡ ᠪᠡᠷ1389 ᠣᠨ ᠳ᠋ᠤ᠌ ᠡᠨᠡ ᠬᠦ᠌ ᠵᠢᠵᠢᠭ ᠸᠠᠩ ᠤ᠋ᠨ ᠬᠥᠪᠡᠭᠦᠨ ᠢ᠋ ᠬᠠᠨ ᠰᠠᠭᠤᠷᠢᠨ ᠳ᠋ᠤ᠌ ᠰᠠᠭᠤᠯᠭᠠᠵᠠᠢ᠃
1389 ᠣᠨ ᠳ᠋ᠤ᠌ ᠲᠡᠮᠦᠷ ᠳᠠᠬᠢᠨᠲᠠ ᠮᠣᠭᠣᠯᠰᠲ᠋ᠠᠨ ᠳ᠋ᠤ᠌ ᠴᠡᠷᠢᠭᠯᠡᠪᠡ᠃ ᠲᠡᠷᠡ ᠠᠯᠠᠨ ᠬᠥᠰᠢᠨ ᠢ᠋ᠶ᠋ᠡᠷ ᠳᠠᠮᠵᠢᠨ᠂ ᠪᠢᠯᠪᠠᠱ ᠪᠣᠯᠤᠨ ᠲᠢᠪᠯᠢᠭ ᠬᠠᠷ᠎ᠠ ᠶ᠋ᠢ ᠳᠠᠪᠠᠵᠤ᠂ ᠠᠷᠨᠠᠭ(《 ᠠᠽᠨᠠᠭ》ᠴᠤ᠌ ᠭᠡᠳᠡᠭ) ᠠᠭᠤᠯᠠᠨ ᠠᠮᠠᠨ ᠳ᠋ᠤ᠌ ᠬᠦᠷᠴᠡᠢ᠃ ᠲᠡᠭᠦᠨ ᠡᠴᠡ ᠬᠣᠢᠰᠢ ᠲᠡᠭᠦᠨ ᠦ᠌ ᠣᠴᠢᠵᠤ ᠥᠩᠭᠡᠷᠡᠭᠰᠡᠨ ᠭᠠᠵᠠᠷ ᠤ᠋ᠳ ᠭᠡᠪᠡᠯ᠄ ᠠᠭᠢ ᠶ᠋ᠢᠨ ᠰᠥᠯ(ᠡᠨᠳᠡ ᠵᠤᠨ ᠤ᠋ ᠬᠠᠯᠠᠭᠤᠨ ᠳ᠋ᠤ᠌ ᠴᠤ᠌ ᠮᠥᠩᠬᠡ ᠴᠠᠰᠤ ᠲᠠᠢ)᠂ ᠳᠠᠭ᠎ᠠ ᠶ᠋ᠢᠨ ᠠᠲᠠᠷ᠂ ᠠᠵᠢᠷᠭᠠᠨ ᠵᠡᠯ᠎ᠡ ᠲᠠᠯ᠎ᠠ᠂ ᠤᠯᠠᠭᠠᠨ ᠴᠡᠯ ᠲᠠᠯ᠎ᠠ᠂ ᠺᠠᠪᠠᠷ ᠠᠵᠢᠷᠭ᠎ᠠ ᠵᠡᠷᠭᠡ ᠪᠣᠢ᠃ ᠡᠨᠡ ᠬᠠᠪᠢ ᠳ᠋ᠤ᠌ ᠬᠢᠳᠡᠷ ᠾᠣᠵᠠ ᠶ᠋ᠢᠨ ᠵᠠᠩᠵᠤᠨ ᠠᠩᠭᠠᠳ᠋ᠢᠷ ᠤ᠋ᠨ ᠵᠢᠯᠣᠭᠣᠳᠤᠭᠰᠠᠨ ᠮᠣᠩᠭᠣᠯ ᠮᠣᠷᠢᠲᠤ ᠴᠡᠷᠢᠭ ᠴᠣᠬᠢᠭᠳᠠᠨ ᠰᠠᠷᠨᠢᠪᠠ᠃ ᠠᠩᠭᠠᠳᠢᠷ ᠤ᠋ᠨ ᠴᠡᠷᠢᠭ ᠢ᠋ ᠤᠯᠠᠭᠠᠨ ᠵᠡᠯ᠎ᠡ ᠳ᠋ᠦ᠍ ᠪᠠᠢᠬᠤ ᠦᠶ᠎ᠡ ᠳ᠋ᠦ᠍ ᠂ ᠲᠡᠮᠦᠷ ᠬᠡᠳᠦᠢᠨ ᠬᠣᠰᠢᠭᠤᠴᠢ ᠴᠡᠷᠢᠭ ᠢ᠋ᠶ᠋ᠡᠨ ᠲᠡᠷᠡ ᠵᠦᠭ ᠮᠣᠷᠳᠠᠭᠤᠯᠤᠭᠠᠳ ᠪᠠᠢᠭᠰᠠᠨ ᠶᠤᠮ᠃ ᠳᠠᠷᠠᠭ᠎ᠠ ᠡᠳᠦᠷ ᠨᠢ ᠲᠡᠮᠦᠷ ᠦ᠋ᠨ ᠭᠣᠣᠯ ᠬᠦᠴᠦᠨ ᠦ᠌ ᠴᠡᠷᠢᠭ ᠵᠠᠮ ᠪᠤᠷᠤᠭᠤᠳᠠᠭᠰᠠᠨ ᠢ᠋ᠶ᠋ᠠᠨ ᠮᠡᠳᠡᠭᠡᠳ ᠬᠢᠶᠠᠨ ᠭᠠᠵᠢ ᠶ᠋ᠢ ᠳᠠᠪᠠᠭᠰᠠᠨ ᠤ᠋ ᠳᠠᠷᠠᠭ᠎ᠠ ᠵᠥᠪ ᠵᠠᠮ ᠢ᠋ᠶ᠋ᠠᠨ ᠡᠯᠭᠦᠵᠦ ᠠᠪᠤᠪᠠ᠃ ᠲᠤᠰ ᠰᠥᠨᠢ ᠳ᠋ᠡᠭᠡᠨ ᠬᠥᠬᠡ ᠰᠠᠭᠠᠷᠢ ᠳ᠋ᠤ᠌ ᠬᠦᠷᠴᠦ᠂ ᠳᠠᠷᠠᠭ᠎ᠠ ᠡᠳᠦᠷ ᠨᠢ ᠠᠢᠬᠤ ᠳ᠋ᠤ᠌ ᠬᠦᠷᠴᠡᠢ᠃ ᠭᠤᠷᠪᠠᠨ ᠡᠳᠦᠷ ᠰᠠᠭᠠᠳᠠᠴᠢᠬᠠᠭᠰᠠᠨ ᠪᠣᠯᠬᠣᠷ ᠳᠠᠢᠰᠤᠨ ᠤ᠋ ᠴᠡᠷᠢᠭ ᠯᠠᠪᠲᠠᠢ ᠲᠣᠬᠢᠶᠠᠯ ᠢ᠋ ᠵᠠᠪᠳᠤᠭᠠᠳ ᠤᠷᠭᠤᠴᠢᠬᠠᠭᠰᠠᠨ ᠪᠠᠢᠬ᠎ᠠ ᠭᠡᠵᠦ ᠲᠡᠮᠦᠷ ᠪᠣᠳᠣᠵᠠᠢ᠃ ᠲᠡᠢᠨ ᠬᠦ᠌ ᠴᠡᠷᠢᠭ ᠢ᠋ᠶ᠋ᠡᠨ ᠬᠣᠶᠠᠷ ᠵᠠᠮ ᠬᠤᠪᠢᠶᠠᠪᠠ᠃ ᠲᠡᠷᠡ ᠥᠪᠡᠷ ᠢ᠋ᠶ᠋ᠡᠨ ᠱᠠᠯ ᠰᠢᠪᠠᠷᠲᠤ᠂ ᠭᠦᠢᠮᠡᠯ᠂ ᠭᠦᠯᠭᠠᠨ᠂ ᠪᠣᠢᠷᠯᠠᠬᠤ ᠪᠠᠷ ᠳᠠᠮᠵᠢᠨ ᠬᠠᠷ᠎ᠠ ᠬᠥᠲᠥᠯ(ᠡᠨᠡ ᠨᠡᠷ᠎ᠡ ᠶ᠋ᠢ ᠯᠧᠨᠠ ᠶ᠋ᠢᠨ ᠵᠢᠷᠤᠵᠤ ᠪᠦᠲᠦᠭᠡᠭᠰᠡᠨ ᠭᠠᠵᠠᠷ ᠤ᠋ᠨ ᠵᠢᠷᠤᠭ ᠳᠡᠭᠡᠷ᠎ᠡ ᠲᠠᠷᠪᠠᠭᠠᠲᠠᠢ ᠠᠭᠤᠯᠠ ᠶ᠋ᠢᠨ ᠪᠠᠷᠠᠭᠤᠨ ᠲᠠᠯ᠎ᠠ ᠳ᠋ᠤ᠌ ᠣᠷᠣᠨ ᠪᠠᠢᠷᠢ ᠶ᠋ᠢ ᠨᠢ ᠲᠣᠭᠲᠠᠭᠠᠵᠠᠢ) ᠳ᠋ᠤ᠌ ᠬᠦᠷᠪᠡ᠃ ᠲᠡᠭᠦᠨ ᠦ᠌ ᠬᠥᠪᠡᠭᠦᠨ ᠤᠮᠠᠷ ᠱᠡᠬᠠ ᠥᠭᠡᠷ᠎ᠡ ᠨᠢᠭᠡ ᠰᠠᠯᠠᠭ᠎ᠠ ᠴᠡᠷᠢᠭ ᠳᠠᠭᠠᠭᠤᠯᠤᠨ ᠬᠥᠪ ᠨᠠᠭᠤᠷ ᠤ᠋ᠨ ᠡᠷᠭᠢᠨ ᠳᠡᠭᠡᠷ᠎ᠡ ᠠᠩᠭᠠᠳᠢᠷ ᠢ᠋ ᠬᠥᠭᠡᠭᠡᠵᠦ ᠭᠦᠢᠴᠡᠭᠡᠳ᠂ ᠴᠣᠬᠢᠨ ᠢᠯᠠᠪᠠ᠃ ᠠᠩᠭᠠᠳᠢᠷ ᠭᠠᠺᠠᠮ ᠪᠦᠯᠴᠤ ᠤᠷᠤᠭᠤ ᠵᠢᠭᠤᠲᠠᠨ ᠳᠤᠲᠠᠭᠠᠪᠠ᠃ ᠤᠮᠠᠷ ᠱᠠᠬ᠎ᠠ ᠪᠠᠷ ᠠᠬᠠᠳᠠ ᠳ᠋ᠢᠲ᠋ᠣᠯ ᠭᠡᠳᠡᠭ ᠭᠠᠵᠠᠷ ᠲᠤ᠌ ᠲᠡᠮᠦᠷ ᠦ᠋ᠨ ᠶᠡᠬᠡ ᠴᠡᠷᠢᠭ ᠲᠡᠢ ᠨᠡᠢᠯᠡᠪᠡ᠃ ᠲᠡᠮᠦᠷ ᠦᠷᠭᠦᠯᠵᠢᠯᠡᠨ ᠤᠷᠤᠭᠰᠢᠯᠠᠵᠤ᠂ ᠠᠯᠬᠥ᠋ᠯ ᠦ᠋ᠨ ᠲᠠᠯ᠎ᠠ(ᠡᠨᠡ ᠭᠠᠵᠠᠷ ᠤ᠋ᠨ ᠴᠣᠯᠠ ᠨᠢ《ᠨᠣᠬᠠᠢ ᠳᠣᠯᠢᠶᠠᠬᠤ ᠦᠭᠡᠢ》 ᠭᠡᠳᠡᠭ) ᠢ᠋ ᠳᠤᠭᠤᠯᠤᠭᠠᠳ ᠬᠠᠷ᠎ᠠ ᠬᠥᠲᠥᠯ ᠳ᠋ᠦ᠍ ᠪᠤᠴᠠᠪᠠ᠃ ᠡᠨᠳᠡ᠂ ᠲᠡᠮᠦᠷ ᠴᠡᠷᠢᠭ ᠪᠠᠭᠤᠨ ᠠᠮᠠᠷᠠᠬᠤ ᠶ᠋ᠢᠨ ᠳᠠᠭᠤ ᠪᠠᠰᠠ ᠨᠢᠭᠡᠨ ᠰᠠᠯᠠᠭ᠎ᠠ ᠴᠡᠷᠢᠭ ᠢ᠋ᠶ᠋ᠡᠨ ᠡᠷᠴᠢᠰ ᠭᠣᠣᠯ ᠤᠷᠤᠭᠤ ᠢᠯᠡᠭᠡᠪᠡ᠃ ᠣᠯᠵᠠᠯᠠᠭᠳᠠᠭᠰᠠᠨ ᠳᠠᠢᠰᠤᠨ ᠤ᠋ ᠴᠡᠷᠢᠭ ᠢ᠋ ᠪᠦᠬᠦᠨ ᠢ᠋ ᠰᠠᠮᠠᠷᠺᠡᠨᠳ᠋ ᠲᠦ᠍ ᠬᠦᠷᠭᠡᠭᠦᠯᠪᠡ᠃ ᠲᠡᠮᠦᠷ ᠥᠪᠡᠷ ᠢ᠋ᠶ᠋ᠡᠨ ᠡᠮᠢᠯ ᠬᠥᠲᠥᠯ ᠢ᠋ ᠳᠠᠪᠠᠵᠤ᠂ ᠶᠡᠬᠡ ᠬᠠᠨ ᠤ᠋ ᠴᠠᠴᠠᠷ ᠪᠠᠢᠭ᠎ᠠ ᠰᠠᠯᠠᠢ ᠤᠷᠲᠤ ᠶ᠋ᠢᠨ ᠵᠡᠭᠦᠨ ᠲᠠᠯ᠎ᠠ ᠳ᠋ᠤ᠌ ᠬᠦᠷᠴᠦ ᠠᠮᠠᠷᠠᠪᠠ᠃ ᠲᠡᠷᠡ ᠡᠮᠢᠯ ᠡᠴᠡ ᠵᠠᠷᠯᠢᠭ ᠲᠠᠷᠬᠠᠭᠠᠨ᠂ ᠪᠦᠬᠦ ᠴᠡᠷᠢᠭ ᠢ᠋ᠶ᠋ᠡᠨ ᠪᠦᠭᠦᠳᠡᠭᠡᠷ ᠮᠣᠭᠤᠯᠰᠲ᠋ᠠᠨ ᠤ᠋ ᠡᠮᠦᠨ᠎ᠡ ᠬᠡᠰᠡᠭ ᠵᠦᠭ ᠴᠡᠷᠢᠭᠯᠡᠵᠦ ᠶᠦᠷᠳᠣᠽᠢ ᠳ᠋ᠤ᠌ ᠴᠤᠭᠯᠠᠭᠲᠤᠨ ᠭᠡᠪᠡ᠃ ᠲᠡᠷᠡ ᠥᠪᠡᠷ ᠢ᠋ᠶ᠋ᠡᠨ ᠴᠦ᠍ ᠶᠦᠷᠳᠣᠽᠢ ᠵᠦᠭ ᠤᠷᠤᠭᠰᠢᠯᠠᠵᠤ ᠪᠠᠢᠵᠠᠢ᠃ ᠲᠦᠷᠺᠢᠰᠲ᠋ᠠᠨ ᠳ᠋ᠤ᠌ ᠪᠠᠭᠤᠳᠠᠯᠯᠠᠭᠰᠠᠨ ᠸᠠᠩ ᠬᠦᠩ ᠦ᠋ᠳ ᠶᠠᠭ ᠰᠠᠢᠬᠠᠨ ᠮᠣᠩᠭᠣᠯ ᠨᠤᠲᠤᠭ ᠪᠣᠯᠤᠨ ᠦᠽᠪᠧᠺ ᠨᠤᠲᠤᠭ ᠤ᠋ᠨ ᠠᠭᠤᠯᠵᠠᠷ ᠲᠤ᠌ ᠬᠦᠷᠦᠭᠡᠳ ᠵᠣᠭᠰᠣᠭᠠᠳ ᠪᠠᠢᠪᠠ᠃ ᠲᠡᠨᠳᠡ ᠬᠦᠷᠬᠦ ᠳ᠋ᠦ᠍ ᠥᠯ ᠦ᠋ᠨ ᠳᠠᠪᠠᠭ᠎ᠠ ᠠᠭᠤᠯᠠᠨ ᠬᠠᠪᠴᠢᠯ᠂ ᠢᠯᠢ ᠭᠣᠣᠯ᠂ ᠰᠣᠭᠲᠠᠺᠦ᠋ᠯ ᠨᠠᠭᠤᠷ᠂ ᠵᠢᠴᠢ ᠴᠡᠴᠡᠷᠯᠢᠭ ᠪᠣᠯᠤᠨ ᠪᠠᠯᠠᠢᠬᠠᠰ ᠵᠡᠷᠭᠡ ᠭᠠᠵᠠᠷ ᠢ᠋ᠶ᠋ᠠᠷ ᠥᠩᠭᠡᠷᠡᠬᠦ ᠬᠡᠷᠡᠭᠲᠡᠢ᠃ ᠲᠡᠮᠦᠷ ᠦ᠋ᠨ ᠶᠡᠬᠡ ᠴᠡᠷᠢᠭ ᠶᠦᠷᠳᠣᠽᠢ ᠵᠦᠭ ᠲᠠᠪᠰᠢᠬᠤ ᠵᠠᠮ ᠳ᠋ᠠᠭᠠᠨ ᠭᠢᠳᠠᠷ ᠾᠣᠵᠠ ᠶ᠋ᠢᠨ ᠴᠡᠷᠢᠭ ᠲᠡᠢ ᠤᠴᠠᠷᠠᠯᠳᠤᠪᠠ᠃ ᠬᠣᠶᠠᠷ ᠡᠳᠦᠷ ᠡᠷᠭᠢᠨ ᠲᠣᠭᠣᠷᠢᠨ ᠪᠠᠢᠯᠳᠤᠭᠰᠠᠨ ᠢ᠋ᠶ᠋ᠠᠨ ᠬᠣᠶᠠᠷ ᠲᠠᠯ᠎ᠠ ᠪᠠᠷ ᠢ᠋ᠶ᠋ᠠᠨ ᠬᠡᠯᠡᠯᠴᠡᠭᠡᠷ ᠲᠣᠭᠲᠠᠭᠠᠳ ᠰᠠᠯᠵᠤ ᠶᠠᠪᠤᠪᠠ᠃ ᠡᠮᠢᠯ ᠡᠴᠡ ᠮᠣᠷᠳᠠᠭᠰᠠᠨ ᠤ᠋ ᠳᠠᠷᠠᠭ᠎ᠠ᠂ ᠲᠡᠮᠦᠷ ᠴᠡᠷᠢᠭ ᠢ᠋ᠶ᠋ᠡᠨ ᠳᠠᠭᠠᠭᠤᠯᠤᠨ ᠥᠷᠯᠥᠭ ᠭᠦᠯᠦ(《ᠰᠠᠭᠤᠭ᠎ᠠ ᠴᠡᠷᠢᠭ ᠦ᠋ᠨ ᠵᠠᠬᠢᠷᠭ᠎ᠠ》 ᠭᠡᠰᠡᠨ ᠰᠠᠨᠠᠭ᠎ᠠ ᠲᠠᠢ)᠂ ᠰᠡᠳᠡᠭᠡᠨ ᠳᠠᠪᠠᠭ᠎ᠠ(《ᠬᠤᠯᠤᠭᠠᠨ᠎ᠠ ᠶ᠋ᠢᠨ ᠬᠠᠭᠠᠯᠭ᠎ᠠ》 ᠭᠡᠰᠡᠨ ᠰᠠᠨᠠᠭ᠎ᠠ ᠲᠠᠢ) ᠶ᠋ᠢᠨ ᠬᠠᠪᠴᠢᠯ ᠠᠮᠠ ᠪᠠᠷ ᠥᠩᠭᠡᠷᠡᠵᠦ᠂ ᠳᠠᠬᠢᠭᠠᠳ ᠬᠥᠩᠭᠠᠢ ᠭᠣᠣᠯ ᠢ᠋ ᠭᠡᠲᠦᠯᠦᠨ ᠶᠦᠷᠳᠣᠴᠢ ᠳ᠋ᠤ᠌ ᠬᠦᠷᠴᠡᠢ᠃ ᠡᠨᠳᠡ ᠡᠴᠡ ᠲᠡᠷᠡ ᠪᠠᠰᠠ ᠬᠠᠷᠱᠠᠷ( ᠶᠠᠨ ᠴᠢ) ᠢ᠋ ᠳᠠᠪᠠᠨ ᠬᠢᠳᠠᠷ ᠾᠣᠵᠠ ᠶ᠋ᠢ ᠨᠢᠭᠡᠨ ᠵᠡᠷᠭᠡ ᠨᠡᠬᠡᠮᠵᠢᠯᠡᠪᠡ᠃ ᠡᠭᠦᠨ ᠦ᠌ ᠬᠠᠮᠲᠤ ᠶᠠᠭ ᠰᠠᠢᠬᠠᠨ ᠲᠦᠷᠫᠠᠨ ᠤ᠋ ᠬᠠᠷ᠎ᠠ ᠾᠣᠵᠠ ᠳ᠋ᠤ᠌ ᠪᠠᠢᠭᠰᠠᠨ ᠤᠮᠠᠷ ᠱᠠᠬ᠎ᠠ ᠶ᠋ᠢ ᠵᠡᠭᠦᠨ ᠲᠦᠷᠺᠢᠰᠲ᠋ᠠᠨ ᠠ᠋ᠴᠠ ᠰᠠᠯᠵᠤ ᠳᠠ ᠶᠤᠸᠠᠨ( ᠪᠠᠾᠨᠨᠨᠠ) ᠳ᠋ᠤ᠌ ᠪᠤᠴᠠᠨ ᠴᠡᠷᠢᠭ ᠨᠡᠢᠯᠡᠭᠲᠦᠨ ᠭᠡᠵᠦ ᠵᠠᠷᠯᠢᠭ ᠥᠭᠪᠡ᠃ ᠲᠡᠭᠦᠨ ᠦ᠌ ᠳᠠᠷᠠᠭ᠎ᠠ1389 ᠣᠨ ᠤ᠋8 ᠰᠠᠷ᠎ᠠ ᠶ᠋ᠢᠨ8 ᠤ᠋ ᠡᠳᠦᠷ᠂ ᠲᠡᠷᠡ ᠶᠡᠬᠡ ᠶᠦᠷᠳᠣᠽᠢ ᠠ᠋ᠴᠠ ᠴᠡᠷᠢᠭ ᠮᠣᠷᠳᠠᠨ᠂ ᠲᠤᠰ ᠰᠠᠷ᠎ᠠ ᠶ᠋ᠢᠨ30 ᠤ᠋ ᠡᠳᠦᠷ ᠰᠠᠮᠠᠷᠺᠠᠨᠳ᠋ ᠲᠤ᠌ ᠪᠤᠴᠠᠵᠤ ᠢᠷᠡᠪᠡ᠃ ᠡᠨᠡ ᠬᠡᠰᠡᠭ ᠵᠠᠮ ᠢ᠋ ᠠᠷᠠᠯᠵᠢᠶᠠᠨ ᠤ᠋ ᠠᠩᠭᠢ ᠶᠠᠪᠤᠪᠠᠯ ᠬᠣᠶᠠᠷ ᠰᠠᠷ᠎ᠠ ᠶ᠋ᠢᠨ ᠴᠠᠭ ᠬᠡᠷᠡᠭᠰᠡᠳᠡᠭ᠃
1390 ᠣᠨ ᠳ᠋ᠤ᠌᠂ ᠲᠡᠮᠦᠷ ᠠᠯᠢ ᠬᠡᠳᠦᠢᠨ ᠡᠷᠴᠢᠰ ᠭᠣᠣᠯ ᠤ᠋ᠨ ᠲᠡᠷᠲᠡᠭᠡ ᠡᠷᠭᠢ ᠳ᠋ᠦ᠍ ᠳᠤᠲᠠᠭᠠᠵᠤ ᠣᠳᠤᠭᠰᠠᠨ ᠭᠠᠮᠠᠯ᠂ ᠠᠯᠠᠨᠳᠢᠨ ᠢ᠋ ᠨᠡᠬᠡᠮᠵᠢᠯᠡᠨ ᠪᠠᠷᠢᠪᠴᠢᠯᠠᠬᠤ ᠨᠡᠷ᠎ᠡ ᠪᠡᠷ ᠳᠠᠬᠢᠨᠲᠠ ᠴᠡᠷᠢᠭ ᠮᠣᠷᠳᠠᠨ ᠮᠣᠭᠤᠯᠰᠲ᠋ᠠᠨ ᠤ᠋ ᠨᠤᠲᠤᠭ ᠢ᠋ ᠪᠤᠯᠢᠶᠠᠨ ᠡᠵᠡᠯᠡᠪᠡ᠃ ᠶᠡᠬᠡ ᠴᠡᠷᠢᠭ ᠨᠢ ᠲᠠᠱᠺᠸᠨᠲ ᠠ᠋ᠴᠠ ᠮᠣᠷᠳᠠᠨ ᠢᠰᠠᠢᠺᠺᠦ᠋ᠯ ᠨᠠᠭᠤᠷ ᠬᠦᠷᠦᠭᠰᠡᠨ ᠦ᠌ ᠳᠠᠷᠠᠭ᠎ᠠ᠂ ᠳᠢᠭᠲᠡᠢ ᠠᠭᠤᠯᠠᠰ ᠤ᠋ᠨ ᠳᠣᠲᠣᠷ᠎ᠠ ᠣᠷᠣᠵᠤ᠂ ᠠᠯᠵᠠᠲᠤ(《 ᠬᠠᠪᠤᠷ ᠳᠤᠯᠠᠭᠠᠨ ᠪᠣᠭᠣᠮᠲᠠ》) ᠶ᠋ᠢᠨ ᠬᠠᠪᠴᠢᠯ ᠠᠮᠠ ᠪᠠᠷ ᠥᠩᠭᠡᠷᠡᠵᠦ ᠠᠯᠢᠮᠠᠯᠢᠭ( ᠠᠯᠮᠠᠲᠤ ᠴᠤ᠌ ᠭᠡᠳᠡᠭ) ᠲᠦ᠍ ᠬᠦᠷᠦᠭᠡᠳ ᠲᠡᠭᠡᠨ ᠢᠯᠢ ᠭᠣᠣᠯ ᠪᠣᠯᠤᠨ ᠭᠠᠯᠲᠠᠷ ᠭᠣᠣᠯ ᠢ᠋ ᠭᠡᠲᠦᠯᠵᠦ᠂ ᠡᠴᠦᠰ ᠲᠡᠭᠡᠨ ᠢᠴᠢᠨᠢ᠂᠂ ᠪᠦᠴᠢᠨᠢ ᠶ᠋ᠢᠨ ᠲᠠᠯ᠎ᠠ ᠬᠢᠭᠡᠳ ᠶᠦᠺᠧᠷ ᠴᠢᠳᠠᠴᠢ ᠶ᠋ᠢᠨ ᠲᠠᠯ᠎ᠠ ᠳ᠋ᠤ᠌ ᠬᠦᠷᠪᠡ᠃ ᠶᠡᠬᠡ ᠴᠡᠷᠢᠭ ᠨᠢ ᠡᠷᠴᠢᠰ ᠭᠣᠣᠯ ᠬᠦᠷᠬᠦ ᠦᠶ᠎ᠡ ᠳ᠋ᠦ᠍᠂ ᠭᠠᠮᠠᠯ᠂ ᠠᠯᠠᠠᠲᠢᠨ ᠤᠯᠠᠮ ᠬᠣᠢᠰᠢ ᠳᠤᠲᠠᠭᠠᠵᠤ᠂ ᠠᠯᠲᠠᠢ ᠠᠭᠤᠯᠠ ᠶ᠋ᠢᠨ ᠲᠤᠤᠯᠠ ᠭᠣᠣᠯ ᠬᠠᠪᠢ ᠳ᠋ᠤ᠌ ᠰᠢᠷᠭᠤᠨ ᠣᠷᠣᠪᠠ᠃ ᠲᠡᠨᠳᠡᠬᠢ ᠬᠠᠷ᠎ᠠ ᠪᠤᠯᠠᠭ᠎ᠠ ᠪᠣᠯᠤᠨ ᠮᠥᠩᠭᠥᠨ ᠪᠤᠯᠠᠭ᠎ᠠ ᠶᠡᠬᠡ ᠨᠡᠷᠡᠲᠡᠢ ᠶᠦᠮ᠃ ᠴᠡᠷᠢᠭ ᠪᠤᠴᠠᠬᠤ ᠳ᠋ᠠᠭᠠᠨ ᠠᠯᠲᠠᠨ ᠴᠣᠯᠭᠢ ᠪᠣᠯᠤᠨ ᠶᠡᠬᠡ ᠪᠠᠯᠬᠠᠱ ᠨᠠᠭᠤᠷ ᠢ᠋ᠶ᠋ᠠᠷ ᠥᠩᠭᠡᠷᠡᠪᠡ᠃
ᠣᠯᠠᠨ ᠳᠠᠬᠢᠨ ᠳᠠᠢᠳᠤᠭᠰᠠᠨ ᠤ᠋ ᠳᠠᠷᠠᠭ᠎ᠠ᠂ ᠭᠠᠮᠠᠯ᠂ ᠠᠯᠠᠨᠳᠢᠨ ᠮᠣᠭᠣᠯᠰᠲ᠋ᠠᠨ ᠳ᠋ᠤ᠌ ᠳᠠᠬᠢᠨ ᠬᠠᠷᠢᠵᠤ ᠢᠷᠡᠭᠰᠡᠨ ᠦᠭᠡᠢ᠃ᠮᠣᠩᠭᠣᠯᠴᠤᠳ ᠤ᠋ᠨ ᠤᠯᠠᠮᠵᠢᠯᠠᠯ ᠶᠠᠷᠢᠶ᠎ᠠ ᠪᠠᠷ ᠪᠣᠯ ᠲᠡᠷᠡ ᠦᠳᠡᠯᠦᠭᠡ ᠨᠠᠰᠤᠨ ᠳ᠋ᠠᠭᠠᠨ ᠤᠰᠤᠨ ᠬᠠᠪᠤᠳᠠᠷᠲᠤ ᠡᠪᠡᠳᠴᠢᠨ ᠳ᠋ᠦ᠍ ᠨᠡᠷᠪᠡᠭᠳᠡᠭᠰᠡᠨ ᠪᠠᠢᠵᠠᠢ᠂ ᠨᠢᠭᠡ ᠤᠳᠠᠭ᠎ᠠ ᠲᠡᠮᠦᠷ ᠲᠦᠷᠢᠮᠡᠬᠡᠢᠯᠡᠵᠦ ᠢᠷᠡᠭᠰᠡᠨ ᠳ᠋ᠦ᠍ ᠠᠬᠠᠯᠠᠭ ᠠᠭᠤᠯᠠᠨ ᠤ᠋ ᠬᠠᠷ᠎ᠠ ᠰᠢᠭᠤᠢ ᠳ᠋ᠤ᠌ ᠰᠢᠷᠭᠤᠨ ᠣᠷᠣᠭᠰᠠᠨ ᠠ᠋ᠴᠠ ᠠᠪᠤᠭᠠᠳ ᠳᠠᠬᠢᠵᠤ ᠬᠠᠷᠠᠭᠳᠠᠭ᠎ᠠ ᠦᠭᠡᠢ᠃ ᠲᠡᠮᠦᠷ ᠢ᠋ ᠪᠠᠷᠠᠭᠤᠨᠰᠢ ᠳᠠᠯᠠᠢᠬᠤ ᠵᠠᠪ ᠲᠤ᠌ ᠬᠢᠳᠡᠷ ᠾᠣᠵᠠ ᠳᠠᠬᠢᠨᠲᠠ ᠮᠣᠭᠣᠯᠰᠲ᠋ᠠᠨ ᠤ᠋ ᠨᠤᠲᠤᠭ ᠲᠤ᠌ ᠬᠥᠯ ᠲᠣᠭᠲᠠᠪᠠ᠃ 1397 ᠣᠨ ᠳ᠋ᠤ᠌᠂ ᠬᠢᠳᠠᠷ ᠾᠣᠵᠠ ᠠᠬᠠᠮᠠᠳ ᠬᠥᠪᠡᠭᠦᠨ ᠱᠠᠮᠢᠷᠴᠠᠭᠠᠨ(《ᠳᠡᠯᠡᠬᠡᠢ ᠶ᠋ᠢᠨ ᠭᠡᠷᠡᠯ》 ᠭᠡᠰᠡᠨ ᠰᠠᠨᠠᠭ᠎ᠠ ᠲᠠᠢ) ᠪᠠᠨ ᠡᠯᠴᠢ ᠪᠣᠯᠭᠠᠨ ᠲᠡᠮᠦᠷ ᠲᠡᠢ ᠪᠠᠷᠠᠳᠠᠨ ᠵᠣᠯᠭᠠᠭᠤᠯᠪᠠ᠃ ᠲᠡᠮᠦᠷ ᠢ᠋ᠶ᠋ᠡᠷ ᠱᠠᠮᠢᠷᠴᠠᠭᠠᠨ ᠤ᠋ ᠡᠭᠡᠴᠢ ᠲᠠᠸᠠᠭ ᠠᠭ᠎ᠠ ᠶ᠋ᠢ ᠪᠠᠭ᠎ᠠ ᠡᠬᠡᠨᠡᠷ ᠢ᠋ᠶ᠋ᠡᠨ ᠪᠣᠯᠭᠠᠵᠤ ᠠᠪᠤᠨ᠎ᠠ ᠭᠡᠵᠦ ᠱᠠᠭᠠᠷᠳᠠᠭᠰᠠᠨ ᠳ᠋ᠤ᠌ ᠬᠢᠳᠠᠷ ᠾᠣᠵᠠ ᠥᠬᠢᠨ ᠢ᠋ᠶ᠋ᠡᠨ ᠬᠦᠷᠭᠡᠵᠦ ᠥᠭᠪᠡ᠃ ᠡᠨᠡ ᠪᠦᠰᠡᠭᠦᠢ ᠲᠡᠮᠦᠷ ᠦ᠋ᠨ ᠲᠥᠷᠥ ᠳ᠋ᠦ᠍《ᠬᠣᠶᠠᠳᠤᠭᠠᠷ ᠰᠤᠯᠠ ᠬᠠᠲᠤᠨ》 (ᠮᠣᠩᠭᠣᠯ ᠢ᠋ᠶ᠋ᠠᠷ《ᠵᠢᠵᠢᠭ ᠠᠨᠤ》 ᠭᠡᠳᠡᠭ) ᠭᠡᠰᠡᠨ ᠴᠣᠯᠠ ᠲᠠᠢ ᠪᠠᠢᠪᠠ᠃
1399 ᠣᠨ ᠳ᠋ᠤ᠌ ᠬᠢᠳᠠᠷ ᠨᠠᠰᠤ ᠪᠠᠷᠠᠪᠠ᠃ ᠲᠡᠭᠦᠨ ᠢ᠋ ᠨᠠᠰᠤ ᠪᠠᠷᠠᠭᠰᠠᠨ ᠤ᠋ ᠳᠠᠷᠠᠭ᠎ᠠ ᠳᠥᠷᠪᠡᠨ ᠬᠥᠪᠡᠭᠦᠨ ᠨᠢ ᠤᠯᠤᠰ ᠢ᠋ᠶ᠋ᠠᠨ ᠰᠠᠮᠠᠭᠤᠷᠠᠭᠤᠯᠪᠠ᠃ ᠳᠥᠷᠪᠡᠨ ᠬᠥᠪᠡᠭᠦᠨ ᠦ᠌ ᠬᠢᠨᠢ ᠨᠡᠷ᠎ᠡ ᠶ᠋ᠢ ᠳᠤᠷᠠᠳᠪᠠᠯ : ᠱᠠᠮᠢᠷᠴᠠᠭᠠᠨ᠂ ᠮᠦᠬᠠᠮᠮᠠᠳ᠋᠂ ᠣᠭᠣᠷᠠᠨ ᠂ ᠰᠢᠷ᠂ ᠠᠯᠢ᠂ ᠬᠣᠱ᠂ ᠴᠠᠭᠠᠨ ᠪᠣᠯᠤᠨ᠎ᠠ᠃ ᠡᠨᠡ ᠨᠢ ᠤᠮᠠᠷ ᠱᠠᠬ᠎ᠠ ᠶ᠋ᠢᠨ ᠬᠥᠪᠡᠭᠦᠨ ᠮᠢᠯᠵᠠ᠂ ᠢᠰᠺᠠᠨᠳ᠋ (ᠲᠡᠮᠦᠷ ᠦ᠋ᠨ ᠣᠮᠪᠣᠯᠣ) ᠳ᠋ᠤ᠌ ᠠᠪᠴᠤ ᠬᠡᠯᠡᠪᠡᠯ ᠶᠡᠬᠡ ᠠᠰᠢᠭᠲᠠᠢ ᠤᠴᠢᠷ ᠪᠣᠯᠤᠭᠰᠠᠨ ᠪᠠᠢᠨ᠎ᠠ᠃ ᠲᠡᠷᠡ ᠪᠡᠷ ᠲᠣᠬᠢᠶᠠᠯ ᠢ᠋ ᠵᠠᠪᠰᠢᠨ ᠵᠡᠭᠦᠨ ᠲᠥᠷᠺᠢᠰᠲ᠋ᠠᠨ ᠳ᠋ᠤ᠌ ᠲᠦᠷᠢᠨ ᠣᠷᠣᠪᠠ᠃ ᠲᠡᠭᠡᠭᠡᠳ ᠠᠺᠰᠤ᠂ ᠬᠣᠲᠠ ᠶ᠋ᠢ ᠪᠦᠰᠡᠯᠡᠨ ᠠᠪᠤᠭᠰᠠᠨ ᠳ᠋ᠤ᠌ ᠬᠣᠲᠠ ᠶ᠋ᠢᠨ ᠠᠷᠠᠳ ᠳᠤᠮᠳᠠᠳᠤ ᠤᠯᠤᠰ ᠤ᠋ᠨ ᠪᠠᠶᠠᠨ ᠠᠷᠠᠯᠵᠢᠶᠠᠴᠢᠨ ᠬᠢᠭᠡᠳ ᠪᠦᠬᠦ ᠡᠳ᠋ ᠬᠥᠷᠥᠩᠭᠡ ᠶ᠋ᠢ ᠨᠢ ᠡᠷᠭᠦᠨ ᠪᠠᠷᠢᠶ᠎ᠠ᠂ ᠴᠡᠷᠢᠭ ᠢ᠋ᠶ᠋ᠡᠨ ᠲᠠᠲᠠᠬᠤ ᠪᠣᠯᠪᠠ ᠤᠤ ᠭᠡᠵᠦ ᠭᠤᠶᠤᠴᠢᠯᠠᠪᠠ᠃ ᠴᠠᠭ ᠲᠥᠷᠥ ᠶ᠋ᠢᠨ ᠨᠥᠬᠥᠴᠡᠯ ᠬᠡᠴᠢᠨᠡᠨ ᠪᠡᠷᠬᠡᠰᠢᠶᠡᠯᠲᠡᠢ ᠪᠠᠢᠭᠰᠠᠨ ᠴᠤ᠌ ᠳᠣᠷᠣᠨ᠎ᠠ ᠳ᠋ᠠᠬᠢᠨ ᠤ᠋ ᠭᠠᠳᠠᠭᠠᠳᠤ ᠠᠷᠠᠯᠵᠢᠶ᠎ᠠ ᠲᠠᠰᠤᠷᠠᠯ ᠦᠭᠡᠢ ᠶᠠᠪᠤᠭᠳᠠᠵᠤ ᠪᠠᠢᠭᠰᠠᠨ ᠢ᠋ ᠡᠨᠡ ᠶᠠᠪᠤᠳᠠᠯ ᠭᠡᠷᠡᠴᠢᠯᠡᠵᠦ ᠪᠠᠢᠨ᠎ᠠ᠃
ᠲᠡᠮᠦᠷ ᠬᠢᠭᠡᠳ ᠬᠢᠳᠡᠷ ᠾᠣᠵᠠ ᠶ᠋ᠢᠨ ᠳᠥᠷᠪᠡᠨ ᠬᠥᠪᠡᠭᠦᠨ ᠦ᠌ ᠬᠣᠭᠣᠷᠣᠨᠳᠣᠬᠢ ᠬᠠᠷᠢᠴᠠᠭᠠᠨ ᠤ᠋ ᠲᠤᠬᠠᠢ ᠮᠠᠨ ᠳ᠋ᠤ᠌ ᠮᠡᠳᠡᠬᠦ ᠵᠦᠢᠯ ᠠᠯᠠᠭ᠎ᠠ(ᠵᠠᠷᠢᠮ ᠲᠡᠮᠳᠡᠭᠯᠡᠯ ᠳ᠋ᠦ᠍ ᠬᠢᠳᠠᠷ ᠾᠣᠵᠠ ᠲᠡᠮᠦᠷ ᠡᠴᠡ ᠰᠡᠭᠦᠯ ᠳ᠋ᠦ᠍ ᠨᠠᠰᠤ ᠪᠠᠷᠠᠪᠠ ᠭᠡᠵᠦ ᠲᠡᠮᠳᠡᠭᠯᠡᠵᠦ ᠪᠣᠢ)᠃ ᠬᠢᠳᠠᠷ ᠢ᠋ ᠨᠠᠰᠤ ᠪᠠᠷᠠᠭᠰᠠᠨ ᠤ᠋ ᠳᠠᠷᠠᠭ᠎ᠠ᠂ ᠮᠣᠭᠣᠯᠰᠲ᠋ᠠᠨ ᠤ᠋ ᠨᠢᠭᠡ ᠬᠡᠰᠡᠭ ᠨᠢ ᠳᠠᠬᠢᠭᠠᠳ ᠲᠡᠮᠦᠷ ᠲᠦ᠍ ᠣᠷᠣᠵᠤ ᠦᠭᠭᠦᠭᠰᠡᠨ ᠰᠢᠭ ᠪᠠᠢᠨ᠎ᠠ᠃ ᠲᠡᠮᠦᠷ ᠢ᠋ᠶ᠋ᠡᠷ ᠪᠠᠭ᠎ᠠ ᠠᠽᠢᠶ᠎ᠠ ᠠ᠋ᠴᠠ ᠣᠯᠵᠠᠯᠠᠵᠤ ᠠᠪᠴᠢᠷᠠᠭᠰᠠᠨ ᠬᠠᠷ᠎ᠠ ᠲᠠᠲ᠋ᠠᠷᠴᠤᠳ ᠢ᠋ ᠢᠰᠠᠢᠺᠺᠦ᠋ᠯ ᠨᠠᠭᠤᠷ ᠤ᠋ᠨ ᠡᠷᠭᠢᠨ ᠳ᠋ᠦ᠍ ᠰᠠᠭᠤᠯᠭᠠᠪᠠ᠃ ᠭᠡᠪᠡᠴᠦ ᠲᠡᠮᠦᠷ ᠢ᠋ ᠦᠬᠦᠩᠭᠦᠲᠡ ᠲᠡᠳᠡᠭᠡᠷ ᠬᠥᠮᠦᠰ ᠳᠠᠷᠤᠢᠬᠠᠨ ᠤᠷᠭᠤᠨ ᠳᠤᠲᠠᠭᠠᠵᠠᠢ᠃ ᠲᠡᠮᠦᠷ ᠡᠨᠡ ᠭᠠᠵᠠᠷ ᠲᠤ᠌ ᠨᠢᠭᠡ ᠲᠣᠮᠣ ᠨᠣᠶᠠᠨ ᠲᠣᠮᠢᠯᠠᠭᠰᠠᠨ ᠶᠤᠮ᠂ ᠭᠡᠪᠡᠴᠦ ᠰᠠᠢᠨ ᠠᠵᠢᠯᠯᠠᠵᠤ ᠴᠢᠳᠠᠭᠰᠠᠨ ᠦᠭᠡᠢ᠃ 1404 ᠣᠨ ᠳ᠋ᠤ᠌᠂ ᠲᠡᠷᠡ ᠪᠡᠷ ᠳᠤᠮᠳᠠᠳᠤ ᠤᠯᠤᠰ ᠢ᠋ ᠳᠠᠢᠯᠠᠬᠤ③ ᠪᠠᠷ ᠪᠡᠯᠡᠳᠬᠡᠵᠦ ᠪᠠᠢᠬᠤ ᠳ᠋ᠠᠭᠠᠨ᠂ ᠮᠣᠭᠣᠯᠰᠲ᠋ᠠᠨ ᠤ᠋ ᠤᠮᠠᠷᠠᠲᠤ ᠬᠡᠰᠡᠭ ᠢ᠋ ᠰᠢᠭᠤᠳ ᠲᠠᠱᠺᠸᠨᠲ ᠲᠤ᠌ ᠬᠤᠪᠢᠶᠠᠨ ᠥᠭᠴᠦ ᠬᠠᠮᠢᠶᠠᠷᠤᠭᠤᠯᠤᠭᠰᠠᠨ ᠪᠠᠢᠪᠠ᠃ ᠥᠭᠡᠷ᠎ᠡ ᠪᠡᠷ ᠬᠡᠯᠡᠪᠡᠯ ᠥᠪᠡᠷ ᠦ᠋ᠨ ᠢ᠋ᠶ᠋ᠡᠨ ᠣᠮᠪᠣᠯᠣ ᠥᠯᠦᠭᠪᠸᠺ ᠦ᠋ᠨ ᠢ᠋ᠶ᠋ᠡᠨ ᠰᠢᠭᠤᠳ ᠬᠠᠷᠢᠶᠠᠨ ᠳ᠋ᠤ᠌ ᠣᠷᠣᠭᠤᠯᠤᠭᠰᠠᠨ ᠪᠠᠢᠨ᠎ᠠ᠃ ᠥᠪᠡᠷ ᠦ᠋ᠨ ᠬᠠᠷᠢᠶᠠᠨ ᠳ᠋ᠠᠬᠢ ᠵᠡᠭᠦᠨ ᠲᠦᠷᠺᠢᠰᠲ᠋ᠠᠨ ᠤ᠋ ᠭᠠᠵᠠᠷ ᠢ᠋ ᠴᠦ᠍ ᠳᠡ ᠶᠤᠸᠠᠨ(ᠪᠠᡁᠠᠨᠠᠨ) ᠳ᠋ᠤ᠌ ᠬᠠᠷᠢᠶᠠᠯᠠᠭᠤᠯᠪᠠ᠃
ᠲᠡᠮᠦᠷ ᠢ᠋ ᠦᠬᠦᠭᠰᠡᠨ ᠦ᠌ ᠳᠠᠷᠠᠭ᠎ᠠ᠂ ᠬᠢᠲᠠᠷ ᠾᠣᠵᠠ ᠶ᠋ᠢᠨ ᠠᠬᠠᠮᠠᠳ ᠬᠥᠪᠡᠭᠦᠨ ᠱᠠᠮᠢᠷᠴᠠᠭᠠᠨ ᠳᠤᠮᠳᠠᠳᠤ ᠤᠯᠤᠰ ᠲᠤ᠌ ᠡᠯᠴᠢ ᠢᠯᠡᠬᠡᠨ ᠲᠤᠰᠠᠯᠠᠮᠵᠢ ᠭᠤᠶᠤᠵᠤ᠂ ᠲ᠋ᠷᠠᠨᠰᠣᠠᠠᠰᠢᠨ᠋ᠨ ᠢ᠋ ᠡᠵᠡᠯᠡᠨ ᠠᠪᠬᠤ ᠰᠠᠨᠠᠭ᠎ᠠ ᠪᠠᠨ ᠬᠡᠯᠡᠪᠡ᠃ ᠡᠨᠡ ᠬᠡᠷᠡᠭ 1407 ᠣᠨ ④ ᠳ᠋ᠤ᠌ ᠭᠠᠷᠴᠠᠢ᠃ ᠲᠡᠷᠡ ᠪᠡᠷ ᠳᠠᠷᠠᠭ᠎ᠠ ᠵᠢᠯ ᠳ᠋ᠦ᠍ᠨᠢ ᠨᠠᠰᠤ ᠪᠠᠷᠠᠴᠢᠬᠠᠭᠰᠠᠨ ᠪᠠᠢᠪᠠ᠃ ᠳᠡᠭᠦᠦ ᠮᠦᠬᠠᠮᠮᠠᠳ᠋ ᠨᠢ ᠰᠠᠭᠤᠷᠢᠨ ᠢ᠋ ᠨᠢ ᠵᠠᠯᠭᠠᠮᠵᠢᠯᠠᠪᠠ᠃ ᠰᠢᠨ᠎ᠡ ᠬᠠᠨ ᠰᠠᠭᠤᠷᠢᠨ ᠳ᠋ᠤ᠌ ᠭᠠᠷᠤᠮᠠᠭᠴᠠ ᠲᠡᠮᠦᠷ ᠦ᠋ᠨ ᠬᠥᠪᠡᠭᠦᠨ ᠱᠠᠬᠠᠯᠤ ᠶ᠋ᠢᠨ ᠲᠡᠨᠳᠡ ᠡᠯᠴᠢ ᠢᠯᠡᠬᠡᠨ ᠣᠷᠣᠵᠤ ᠥᠭᠬᠦ ᠰᠠᠨᠠᠭ᠎ᠠ ᠪᠠᠨ ᠢᠯᠡᠳᠬᠡᠪᠡ᠃ ᠭᠡᠬᠦ ᠳ᠋ᠡᠭᠡᠨ ᠲᠡᠷᠡ ᠨᠢᠭᠡ ᠲᠠᠯ᠎ᠠ ᠪᠠᠷ ᠣᠷᠣᠵᠤ ᠥᠭᠬᠦ ᠰᠠᠨᠠᠭ᠎ᠠ ᠪᠠᠨ ᠢᠯᠡᠳᠬᠡᠬᠦ ᠶ᠋ᠢᠨ ᠳᠠᠭᠠᠤ ᠨᠥᠭᠥᠭᠡ ᠲᠠᠯ᠎ᠠ ᠪᠠᠷ ᠮᠥᠨ ᠯᠡ ᠲ᠋ᠷᠠᠨᠰᠣᠠᠠᠰᠢᠨ᠋ᠨ ᠤ᠋ ᠳᠣᠲᠣᠭᠠᠳᠤ ᠶ᠋ᠢᠨ ᠰᠠᠮᠠᠭᠤᠷᠠᠯ ᠳ᠋ᠤ᠌ ᠭᠠᠷ ᠲᠥᠷᠥᠵᠦ᠂ ᠲᠤᠰ ᠣᠷᠣᠨ ᠤ᠋ ᠵᠠᠷᠢᠮ ᠸᠠᠩ ᠬᠦᠩ ᠢ᠋ ᠳᠡᠮᠵᠢᠵᠦ ᠪᠠᠢᠪᠠ᠃ ᠢᠩᠭᠢᠵᠦ ᠬᠢᠭᠰᠡᠨ ᠦ᠌ ᠤᠷᠰᠢᠭ ᠢ᠋ᠶ᠋ᠠᠷ ᠲᠡᠷᠡ 1416 ᠣᠨ ᠳ᠋ᠤ᠌ ᠺᠡᠰᠢ ᠶ᠋ᠢ ᠠᠯᠳᠠᠭᠰᠠᠨ ᠪᠠᠢᠨ᠎ᠠ᠃ ᠮᠦᠬᠠᠮᠮᠠᠳ᠋᠂ ᠬᠡᠢᠲᠡᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ ᠡᠨᠡ ᠬᠦ᠌ ᠮᠦᠬᠠᠮᠮᠠᠳ᠋ ᠭᠡᠳᠡᠭ ᠬᠠᠨ ᠤᠯᠤᠰ ᠤ᠋ᠨ ᠢ᠋ᠶ᠋ᠠᠨ ᠳᠣᠲᠣᠷ᠎ᠠ ᠢᠰᠯᠠᠮ ᠤ᠋ᠨ ᠱᠠᠰᠢᠨ ᠤ᠋ ᠰᠤᠷᠭᠠᠯ ᠢ᠋ ᠴᠢᠨᠡᠭᠡ ᠮᠡᠳᠡᠨ ᠳᠡᠯᠭᠡᠷᠡᠭᠦᠯᠦᠭᠰᠡᠨ ᠪᠠᠢᠪᠠ᠃ ᠮᠣᠩᠭᠣᠯ ᠬᠥᠮᠦᠨ ᠪᠣᠯᠭᠠᠨ ᠢ᠋ ᠲᠣᠯᠣᠭᠠᠢ ᠳ᠋ᠠᠭᠠᠨ ᠢᠰᠯᠠᠮ ᠮᠠᠶᠢᠭ ᠤ᠋ᠨ ᠠᠯᠴᠢᠭᠤᠷ ᠣᠷᠢᠶᠠᠬᠤ ᠬᠡᠷᠡᠭᠲᠡᠢ ᠭᠡᠵᠦ ᠱᠠᠭᠠᠷᠳᠠᠨ᠂ ᠡᠰᠡᠷᠭᠦᠴᠡᠭᠰᠡᠳ ᠢ᠋ ᠠᠳᠤᠭᠤ ᠪᠠᠷ ᠭᠢᠰᠬᠢᠭᠦᠯᠵᠦ᠂ ᠲᠣᠯᠣᠭᠠᠢ ᠶ᠋ᠢ ᠨᠢ ᠬᠡᠮᠬᠡᠴᠢᠵᠦ ᠠᠯᠠᠭᠤᠯᠳᠠᠭ ᠪᠠᠢᠪᠠ᠃ ᠺᠡᠲᠢᠯ ᠨᠠᠭᠤᠷ ᠤ᠋ᠨ ᠤᠮᠠᠷ᠎ᠠ ᠡᠷᠭᠢ ᠳᠡᠭᠡᠷᠡᠬᠢ《ᠯᠠᠪ》 ᠭᠡᠳᠡᠭ ᠪᠠᠷᠢᠯᠭ᠎ᠠ ᠶ᠋ᠢ ᠲᠡᠭᠦᠨ ᠳ᠋ᠦ᠍ ᠪᠠᠢᠭᠤᠯᠵᠤ ᠥᠭᠭᠦᠭᠰᠡᠨ ᠭᠡᠨ᠎ᠡ᠃
1416 ᠣᠨ ᠳ᠋ᠤ᠌᠂ ᠱᠠᠮᠢᠷᠴᠠᠭᠠᠨ ᠤ᠋ ᠬᠥᠪᠡᠭᠦᠨ ᠨᠠᠬᠠᠰᠢᠴᠠᠭᠠᠨ ᠬᠠᠨ ᠰᠠᠭᠤᠷᠢᠨ ᠳ᠋ᠤ᠌ ᠰᠠᠭᠤᠵᠤ᠂ ᠱᠠᠬᠠᠯᠤ ᠶ᠋ᠢᠨ ᠲᠡᠨᠳᠡ ᠪᠣᠯᠤᠨ ᠳᠤᠮᠳᠠᠳᠤ ᠤᠯᠤᠰ ᠤ᠋ᠨ ᠡᠯᠴᠢ ᠲᠣᠮᠢᠯᠠᠪᠠ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠮᠥᠬᠠᠮᠠᠳ᠋ ᠤ᠋ᠨ ᠦᠬᠦᠭᠰᠡᠨ ᠣᠨ ᠢ᠋ ᠮᠥᠨ ᠡᠨᠡ ᠣᠨ ᠢ᠋ᠶ᠋ᠠᠷ ᠲᠡᠮᠳᠡᠭᠯᠡᠵᠡᠢ᠃ ᠭᠡᠪᠡᠴᠦ ᠠᠪᠤᠳ᠋᠂ ᠠᠯ᠂ ᠯᠠᠵᠠᠺ ᠤ᠋ᠨ ᠲᠡᠮᠳᠡᠭᠯᠡᠯ ᠢ᠋ ᠦᠨᠳᠦᠰᠦᠯᠡᠪᠡᠯ᠂ ᠨᠢᠭᠡ ᠵᠢᠯ ᠦ᠋ᠨ ᠡᠮᠦᠨ᠎ᠡ᠂ ᠥᠭᠡᠷ᠎ᠡ ᠪᠡᠷ ᠬᠡᠯᠡᠪᠡᠯ 1415 ᠣᠨ ᠪᠠᠢᠵᠠᠢ᠃1418 ᠣᠨ ᠳ᠋ᠤ᠌᠂ ᠨᠠᠬᠠᠰᠢᠴᠠᠭᠠᠨ ᠬᠠᠨ ᠬᠢᠲᠠᠷ ᠾᠣᠵᠠ ᠶ᠋ᠢᠨ ᠭᠤᠷᠪᠠᠳᠤᠭᠠᠷ ᠬᠥᠪᠡᠭᠦᠨ ᠰᠢᠷ᠂ ᠠᠯᠢ ᠶ᠋ᠢᠨ ᠬᠦᠦ ᠸᠡᠢᠰ ᠬᠠᠨ ᠳ᠋ᠤ᠌ ᠠᠯᠠᠭᠳᠠᠪᠠ᠃ 1420 ᠣᠨ᠂ ᠮᠣᠭᠣᠯᠰᠲ᠋ᠠᠨ ᠤ᠋ ᠨᠤᠲᠤᠭ ᠳᠡᠭᠡᠷ᠎ᠡ ᠸᠡᠢᠰ ᠬᠠᠨ ᠬᠢᠭᠡᠳ ᠰᠢᠷ ᠮᠥᠬᠠᠮᠮᠡᠳ᠋ ᠤᠭᠤᠷᠠᠨ ᠤ᠋ ᠬᠣᠭᠣᠷᠣᠨᠳᠣ ᠪᠣᠯᠤᠭᠰᠠᠨ ᠰᠢᠷᠦᠭᠦᠨ ᠲᠡᠢᠨ ᠡᠭᠦᠰᠴᠡᠢ᠃ ᠮᠣᠩᠭᠣᠯ ᠸᠠᠩ ᠬᠦᠩ ᠦ᠋ᠳ ᠦ᠋ᠨ ᠲᠦᠷᠦᠭᠦᠦ ᠬᠣᠳᠠᠢᠳᠠ ᠠᠯᠢ ᠲᠠᠯ᠎ᠠ ᠳ᠋ᠤᠨᠢ ᠵᠣᠭᠰᠣᠭᠰᠠᠨ ᠢ᠋ ᠲᠣᠳᠣᠷᠬᠠᠢᠯᠠᠵᠤ ᠴᠢᠳᠠᠭ᠎ᠠ ᠦᠭᠡᠢ ᠪᠠᠢᠭᠰᠠᠭᠠᠷ᠃ ᠶᠠᠭᠠᠬᠢᠵᠤ ᠬᠡᠯᠡᠭᠰᠡᠨ ᠴᠦ᠍ ᠬᠣᠳᠠᠢᠳᠠ ᠬᠢᠭᠡᠳ ᠦᠯᠤᠭ᠌ᠪᠸᠺ ᠬᠣᠶᠠᠷ ᠬᠠᠷᠢᠯᠴᠠᠳᠠᠭ ᠪᠠᠢᠭᠰᠠᠨ ᠶᠤᠮ᠃ ᠡᠨᠡ ᠦᠶ᠎ᠡ ᠳ᠋ᠦ᠍ ᠦᠯᠣᠭ᠌ᠪᠸᠺ ᠡᠴᠢᠭᠡ ᠶ᠋ᠢᠨ ᠢ᠋ᠶ᠋ᠡᠨ ᠨᠡᠷ᠎ᠡ ᠪᠡᠷ ᠲ᠋ᠷᠠᠨᠰᠣᠠᠠᠰᠢᠨ᠋ᠨ ᠢ᠋ ᠨᠣᠶᠠᠷᠬᠠᠵᠤ ᠪᠠᠢᠵᠠᠢ᠃ ᠦᠯᠤᠭ᠌ᠪᠸᠺ ᠮᠤᠭᠤᠯᠰᠲ᠋ᠠᠨ ᠤ᠋ ᠨᠤᠲᠤᠭ ᠲᠤ᠌ ᠳᠠᠬᠢᠨᠲᠠ ᠴᠡᠷᠢᠭᠯᠡᠭᠰᠡᠨ ᠨᠢ ᠬᠣᠳᠠᠢᠳᠠ ᠶ᠋ᠢᠨ ᠥᠳᠥᠭᠡᠯᠭᠡ ᠡᠴᠡ ᠰᠢᠯᠲᠠᠭᠠᠯᠠᠭᠳᠠᠭᠰᠠᠨ ᠪᠠᠢᠵᠤ ᠮᠡᠳᠡᠨ᠎ᠡ᠃ ᠵᠠᠮ ᠤ᠋ᠨ ᠳᠤᠮᠳᠠ᠂ ᠮᠣᠩᠭᠣᠯ ᠸᠠᠩ ᠬᠦᠩ ᠦ᠋ᠳ ᠲᠡᠭᠦᠨ ᠢ᠋ ᠤᠭᠲᠤᠨ ᠠᠪᠴᠤ᠂ ᠪᠠᠭᠤᠨ ᠥᠭᠴᠦ ᠳᠠᠭᠠᠬᠤ ᠪᠠᠨ ᠢᠯᠡᠷᠬᠡᠢᠯᠡᠭᠰᠡᠨ ᠳ᠋ᠦ᠍ ᠲᠡᠷᠡ ᠴᠡᠷᠢᠭ ᠢ᠋ᠶ᠋ᠡᠨ ᠲᠠᠲᠠᠪᠠ᠃ ᠮᠥᠨ ᠲᠤᠰ ᠵᠢᠯ ᠳ᠋ᠦ᠍ ᠱᠠᠬᠠᠯᠣ ᠶᠡᠬᠡ ᠨᠡᠷ᠎ᠡ ᠲᠡᠢ ᠡᠯᠴᠢᠳ ᠦ᠋ᠨ ᠪᠦᠯᠬᠦᠮ ᠢ᠋ᠶ᠋ᠡᠨ ᠳᠤᠮᠳᠠᠳᠤ ᠤᠯᠤᠰ ᠲᠤ᠌ ᠢᠯᠡᠭᠡᠪᠡ᠃ ᠲᠠᠪᠤᠨ ᠰᠠᠷ᠎ᠠ ᠶ᠋ᠢᠨ ᠡᠬᠢ ᠪᠡᠷ ᠡᠯᠴᠢᠳ ᠨᠢ ᠮᠤᠭᠤᠯᠰᠲ᠋ᠠᠨ ᠳ᠋ᠤ᠌ ᠬᠦᠷᠴᠦ ᠢᠷᠡᠪᠡ᠃ ᠲᠤᠬᠠᠢ ᠶ᠋ᠢᠨ ᠦᠶ᠎ᠡ ᠳ᠋ᠦ᠍ ᠸᠠᠢᠰ ᠬᠠᠨ ᠬᠢᠭᠡᠳ ᠰᠢᠷ ᠮᠦᠬᠠᠮᠮᠠᠳ᠋ ᠤ᠋ᠨ ᠬᠣᠢᠴᠢᠰ ᠤ᠋ᠨ ᠬᠣᠭᠣᠷᠣᠨᠳᠣᠬᠢ ᠲᠡᠮᠡᠴᠡᠯᠳᠦᠭᠡᠨ ᠵᠣᠭᠰᠣᠭ᠎ᠠ ᠦᠭᠡᠢ ᠶᠠᠪᠤᠭᠳᠠᠭᠰᠠᠭᠠᠷ ᠪᠠᠢᠵᠠᠢ᠃ ᠲᠡᠢᠨ ᠬᠦ᠌ ᠡᠯᠴᠢᠳ ᠨᠢ ᠪᠡᠶ᠎ᠡ ᠶ᠋ᠢᠨ ᠢ᠋ᠶ᠋ᠡᠨ ᠠᠮᠤᠷ ᠲᠦᠪᠰᠢᠨ ᠦ᠌ ᠲᠥᠯᠥᠭᠡ ᠶᠡᠬᠡ ᠵᠣᠪᠠᠵᠤ ᠪᠠᠢᠪᠠ᠃ ᠭᠡᠪᠡᠴᠦ ᠲᠡᠳᠡ ᠨᠠᠷ ᠸᠠᠢᠰ ᠬᠠᠨ ᠤ᠋ ᠲᠡᠨᠳᠡ ᠣᠴᠢᠬᠤ ᠵᠠᠮ ᠳᠤᠮᠳᠠ ᠪᠠᠨ ᠬᠣᠳᠠᠢᠳᠠ ᠲᠠᠢ ᠤᠴᠠᠷᠠᠭᠠᠳ ᠠᠶᠤᠨ ᠭᠡᠯᠮᠡᠬᠦ ᠪᠣᠳᠣᠯ ᠨᠢ ᠨᠡᠯᠢᠶᠡᠳ ᠨᠠᠮᠳᠠᠪᠠ᠃ ᠵᠢᠷᠭᠤᠭᠠᠨ ᠰᠠᠷ᠎ᠠ ᠶ᠋ᠢᠨ ᠳᠥᠷᠪᠡᠨ ᠦ᠌ ᠡᠳᠦᠷ ᠡᠯᠴᠢᠳ ᠦ᠋ᠨ ᠪᠦᠯᠬᠦᠮ ᠨᠢ ᠭᠦᠩᠭᠠᠢ ᠭᠣᠣᠯ ᠢ᠋ ᠭᠡᠲᠦᠯᠦᠭᠡᠳ ᠲᠠᠪᠤᠨ ᠤ᠋ ᠡᠳᠦᠷ ᠮᠥᠬᠠᠮᠮᠡᠳ᠋᠂ ᠪᠸᠺ ᠭᠡᠳᠡᠭ ᠣᠷᠣᠨ ᠨᠤᠲᠤᠭ ᠤ᠋ᠨ ᠨᠣᠶᠠᠨ ᠲᠠᠢ ᠤᠴᠠᠷᠠᠪᠠ᠂ ᠨᠠᠢ᠍ᠮᠠᠨ ᠤ᠋ ᠡᠳᠦᠷ ᠶᠦᠷᠳᠣᠽᠢ ᠳ᠋ᠤ᠌ ᠬᠦᠷᠴᠡᠢ᠃ ᠬᠣᠷᠢᠨ ᠤ᠋ ᠡᠳᠦᠷ᠂ ᠲᠡᠳᠡ ᠮᠥᠬᠠᠮᠮᠡᠳ᠋᠂ ᠪᠸᠺ ᠦ᠋ᠨ ᠬᠥᠪᠡᠭᠦᠨ ᠨᠢ ᠰᠠᠶᠢᠬᠠᠨ ᠸᠠᠢᠰ ᠬᠠᠨ ᠤ᠋ ᠨᠢᠭᠡ ᠡᠯᠴᠢᠳ ᠦ᠋ᠨ ᠪᠦᠯᠬᠦᠮ ᠢ᠋ ᠲᠣᠨᠣᠭᠰᠠᠨ ᠴᠢᠮᠡᠭᠡ ᠶ᠋ᠢ ᠣᠯᠵᠤ ᠰᠣᠨᠣᠰᠤᠭᠠᠳ ᠶᠠᠭᠠᠷᠠᠪᠴᠢᠯᠠᠨ ᠵᠠᠮ ᠢ᠋ᠶ᠋ᠠᠨ ᠬᠥᠭᠡᠭᠡᠪᠡ᠃ ᠮᠤᠭᠤᠯᠰᠲ᠋ᠠᠨ ᠤ᠋ ᠨᠤᠲᠤᠭ ᠲᠤ᠌ ᠪᠣᠯᠤᠭᠰᠠᠨ ᠡᠨᠡ ᠳᠠᠢᠯᠠᠯᠳᠤᠭᠠᠨ ᠡᠴᠦᠰ ᠲᠦ᠍ ᠰᠢᠷ᠂ ᠮᠥᠬᠠᠮᠮᠠᠳ᠋ ᠰᠠᠮᠠᠷᠻᠨ᠌ᠠᠳ᠋ ᠵᠦᠭ ᠪᠤᠷᠤᠭᠤᠯᠠᠪᠠ᠃ ᠲᠡᠭᠡᠭᠡᠳ ᠲᠡᠨᠳᠡ ᠬᠣᠷᠢᠭᠳᠠᠭᠰᠠᠨ ᠪᠠᠢᠨ᠎ᠠ᠃ ᠠᠷᠪᠠᠳᠤᠭᠠᠷ ᠰᠠᠷ᠎ᠠ ᠳ᠋ᠤ᠌ ᠲᠡᠷᠡ ᠤᠷᠭᠤᠨ ᠳᠤᠲᠠᠭᠠᠬᠤ ᠪᠠᠷ ᠣᠷᠣᠯᠳᠣᠭᠰᠠᠨ ᠪᠣᠯᠪᠠᠴᠤ ᠳᠡᠢᠯᠦᠭᠰᠡᠨ ᠦᠭᠡᠢ᠃ ᠠᠷᠪᠠᠨ ᠬᠣᠶᠠᠳᠤᠭᠠᠷ ᠰᠠᠷ᠎ᠠ ᠳ᠋ᠤ᠌᠂ ᠦᠯᠡᠭ᠌ᠪᠸᠺ ᠲᠡᠭᠦᠨ ᠢ᠋ ᠲᠠᠯᠪᠢᠵᠤ ᠶᠠᠪᠤᠭᠤᠯᠪᠠ᠃ ᠲᠡᠢᠨ ᠬᠦ᠌ ᠲᠡᠷᠡ ᠪᠡᠷ ᠮᠤᠭᠤᠯᠰᠲ᠋ᠠᠨ ᠳ᠋ᠤ᠌ ᠬᠠᠷᠢᠵᠤ ᠳᠡᠢᠯᠦᠭᠰᠡᠨ ᠪᠠᠢᠨ᠎ᠠ᠃1421 ᠣᠨ ᠳ᠋ᠤ᠌ ᠲᠡᠷᠡ ᠡᠴᠦᠰ ᠲᠡᠭᠡᠨ ᠳᠠᠢᠰᠤᠨ ᠢ᠋ᠶ᠋ᠠᠨ ᠢᠯᠠᠵᠤ ᠴᠢᠳᠠᠭᠠᠳ ᠲᠤᠰ ᠣᠷᠣᠨ ᠤ᠋ ᠭᠠᠭᠴᠠ ᠲᠦᠷᠦᠭᠦᠦ ᠪᠣᠯᠪᠠ᠃ ᠲᠡᠷᠡ ᠪᠡᠷ ᠦᠯᠤᠭ᠌ᠪᠸᠺ ᠲᠤ᠌ ᠪᠠᠭᠤᠨ ᠥᠭᠭᠦᠨ᠎ᠡ ᠭᠡᠵᠦ ᠢᠯᠡᠷᠬᠡᠢᠯᠡᠬᠦ ᠦᠭᠡᠢ ᠲᠤᠯᠠ1425 ᠣᠨ ᠳ᠋ᠤ᠌ ᠥᠯᠤᠭ᠌ᠪᠸᠺ ᠴᠡᠷᠢᠭ ᠳᠠᠢᠴᠢᠯᠠᠨ ᠳᠣᠯᠣᠭᠠᠨ ᠤᠰᠤᠨ ᠳ᠋ᠤ᠌ ᠣᠷᠣᠵᠤ᠂ ᠠᠺᠰᠤ ᠭᠣᠣᠯ(ᠴᠦ ᠭᠣᠣᠯ ᠤ᠋ᠨ ᠰᠠᠯᠪᠤᠷᠢ ᠤᠷᠤᠰᠬᠠᠯ) ᠤ᠋ᠨ ᠬᠥᠪᠡᠭᠦᠨ ᠳ᠋ᠦ᠍ ᠮᠣᠩᠭᠣᠯ ᠤ᠋ᠨ ᠸᠠᠩ ᠬᠦᠩ ᠦ᠋ᠳ ᠢ᠋ ᠴᠣᠬᠢᠨ ᠰᠠᠷᠨᠢᠭᠤᠯᠪᠠ᠃ ᠦᠯᠤᠭ᠌ᠪᠸᠺ ᠢ᠋ ᠺᠡᠯᠤᠨ ᠭᠣᠣᠯ ᠢ᠋ ᠭᠡᠲᠦᠯᠬᠦ ᠦᠶ᠎ᠡ ᠳ᠋ᠦ᠍ ᠬᠣᠳᠠᠢᠳᠠ ᠢᠷᠡᠵᠦ ᠪᠠᠭᠤᠵᠤ ᠥᠭᠬᠦ ᠪᠡᠨ ᠢᠯᠡᠷᠬᠡᠢᠯᠡᠪᠡ᠃ ᠲᠠᠪᠤᠳᠤᠭᠠᠷ ᠰᠠᠷ᠎ᠠ ᠳ᠋ᠤ᠌᠂ ᠮᠥᠨ ᠡᠨᠡ ᠨᠤᠲᠤᠭ ᠲᠤ᠌ ᠰᠢᠷ᠂ ᠮᠥᠬᠠᠮᠮᠡᠳ᠋ ᠦ᠋ᠨ ᠴᠡᠷᠢᠭ ᠢ᠋ ᠴᠣᠬᠢᠨ ᠰᠠᠷᠨᠢᠭᠤᠯᠤᠭᠠᠳ ᠵᠣᠭᠰᠣᠯ ᠦᠭᠡᠢ ᠨᠡᠬᠡᠮᠵᠢᠯᠡᠨ ᠢᠯᠢ ᠭᠣᠣᠯ ᠤ᠋ᠨ ᠳᠡᠨᠵᠢᠨ ᠳ᠋ᠦ᠍ ᠬᠦᠷᠪᠡ᠃ ᠥᠯᠤᠭ᠌ᠪᠸᠺ ᠶᠦᠷᠳᠣᠽᠢ ᠳ᠋ᠤ᠌ ᠣᠷᠣᠪᠠ᠂ ᠡᠨᠡ ᠪᠣᠯ ᠮᠤᠭᠤᠯᠰᠲ᠋ᠠᠨ ᠤ᠋ ᠨᠤᠲᠤᠭ ᠲᠠᠬᠢ ᠵᠤᠰᠠᠯᠠᠩ ᠪᠣᠯᠤᠨ᠎ᠠ᠃ ᠴᠡᠷᠢᠭ ᠪᠤᠴᠠᠬᠤ ᠵᠠᠮ ᠳ᠋ᠠᠭᠠᠨ ᠦᠯᠤᠭ᠌ᠪᠸᠺ ᠢ᠋ᠶ᠋ᠠᠷ ᠬᠠᠷᠰᠢ ᠭᠡᠳᠡᠭ ᠭᠠᠵᠠᠷ ᠠ᠋ᠴᠠ ᠲᠡᠮᠦᠷ ᠦ᠋ᠨ ᠰᠠᠮᠠᠷᠺᠨᠨᠲ᠋ ᠲᠤ᠌ ᠨᠡᠭᠦᠯᠭᠡᠨ ᠠᠪᠠᠴᠢᠬᠤ ᠭᠡᠳ ᠡᠰᠡ ᠳᠡᠢᠯᠦᠭᠰᠡᠨ ᠲᠡᠷᠡ ᠬᠡᠰᠡᠭ ᠲᠣᠮᠣ ᠬᠥᠬᠡ ᠴᠢᠯᠠᠭᠤ(《ᠬᠥᠬᠡ ᠲᠠᠱ》) ᠢ᠋ ᠡᠷᠢᠵᠦ ᠣᠯᠪᠠ᠃(ᠡᠨᠡ ᠴᠢᠯᠠᠭᠤ ᠶ᠋ᠢ ᠣᠳᠣ ᠲᠡᠮᠦᠷ ᠦ᠋ᠨ ᠪᠤᠯᠠᠰᠢᠨ ᠳᠡᠭᠡᠷ᠎ᠡ ᠪᠤᠰᠬᠠᠭᠠᠳ ᠪᠠᠢᠨ᠎ᠠ) ᠮᠦᠬᠠᠮᠮᠠᠳ᠋·ᠬᠡᠢᠲᠡᠷ ᠦ᠋ᠨ ᠲᠡᠮᠳᠡᠭᠯᠡᠯ ᠢ᠋ ᠦᠨᠳᠦᠰᠦᠯᠡᠪᠡᠯ᠂ ᠰᠢᠷ·ᠮᠦᠬᠠᠮᠮᠠᠳ᠋ ᠶᠡᠬᠡ ᠤᠷᠲᠤ ᠨᠠᠰᠤᠯᠠᠭᠠᠳ ᠨᠠᠰᠤ ᠪᠠᠷᠠᠵᠠᠢ᠂ ᠲᠡᠭᠦᠨ ᠢ᠋ ᠨᠠᠰᠤ ᠪᠠᠷᠠᠭᠰᠠᠨ ᠤ᠋ ᠳᠠᠷᠠᠭ᠎ᠠ᠂ ᠸᠠᠢᠰ ᠬᠠᠨ ᠳᠠᠬᠢᠨᠲᠠ ᠨᠢᠭᠡᠨ ᠦᠶ᠎ᠡ ᠡᠷᠬᠡ ᠪᠠᠷᠢᠪᠠ᠃ ᠭᠡᠪᠡᠴᠦ1428 ᠣᠨ ᠳ᠋ᠤ᠌ ᠢᠰᠠᠢᠺᠺᠥ᠋ᠯ ᠨᠠᠭᠤᠷ ᠤ᠋ᠨ ᠡᠷᠭᠢ ᠳ᠋ᠦ᠍ ᠱᠠᠲ᠋ᠤᠺ ᠬᠠᠨ ᠲᠠᠢ ᠬᠢᠭᠰᠡᠨ ᠲᠡᠢᠨ ᠳ᠋ᠦ᠍ ᠠᠯᠠᠭᠳᠠᠪᠠ᠃ ᠡᠨᠡ ᠬᠦ᠌ ᠱᠡᠲ᠋ᠣᠺ ᠬᠠᠨ ᠬᠡᠮᠡᠭᠴᠢ ᠪᠣᠯ《ᠰᠠᠮᠠᠷᠺᠡᠨᠳ᠋ ᠦ᠋ᠨ ᠬᠠᠨ》 ᠴᠣᠯᠠ ᠲᠠᠢ ᠶᠤᠮ᠃ ᠭᠡᠬᠦ ᠳ᠋ᠡᠭᠡᠨ ᠰᠠᠮᠠᠷᠺᠠᠨᠳ᠋ ᠤ᠋ᠨ ᠵᠢᠩᠬᠢᠨᠢ ᠡᠷᠬᠡ ᠶ᠋ᠢ ᠦᠯᠥᠭᠪᠸᠺ ᠡᠵᠡᠮᠰᠢᠵᠦ ᠪᠠᠢᠵᠠᠢ᠃ ᠡᠴᠦᠰ ᠲᠦ᠍ ᠸᠠᠢᠰ ᠬᠠᠨ ᠢ᠋ ᠦᠯᠦᠭᠪᠧᠺ ᠵᠡᠷᠭᠡ ᠴᠣᠯᠠ ᠶ᠋ᠢ ᠨᠢ ᠮᠤᠯᠲᠤᠯᠤᠭᠠᠳ ᠮᠣᠭᠤᠯᠰᠲ᠋ᠠᠨ ᠳ᠋ᠤ᠌ ᠪᠤᠴᠠᠭᠠᠯᠭᠠᠪᠠ᠃ ᠸᠠᠢᠰ ᠬᠠᠨ ᠢ᠋ ᠨᠣᠶᠠᠷᠬᠠᠵᠤ ᠪᠠᠢᠭᠰᠠᠨ ᠬᠤᠭᠤᠴᠠᠭᠠᠨ ᠳ᠋ᠤ᠌᠂ ᠮᠣᠭᠤᠯᠰᠲ᠋ᠠᠨ ᠨᠢ ᠱᠠᠰᠢᠨ ᠦᠯᠦ ᠰᠢᠲᠦᠬᠦ ᠵᠡᠭᠦᠨ ᠮᠣᠩᠭᠣᠯᠴᠤᠳ ᠤ᠋ᠨ ᠲᠦᠢᠪᠡᠭᠡᠯᠭᠡ ᠳ᠋ᠦ᠍ ᠤᠴᠠᠷᠠᠳᠠᠭ ᠪᠠᠢᠪᠠ᠃14 ᠳ᠋ᠦ᠍ᠭᠡᠷ ᠵᠠᠭᠤᠨ ᠳ᠋ᠤ᠌᠂ ᠴᠣᠷᠣᠰ⑤᠂ ᠬᠣᠱᠤᠳ᠂ ᠳᠥᠷᠪᠡᠳ᠂ ᠬᠣᠢᠳ⑥ ᠳᠥᠷᠪᠡᠨ ᠠᠢᠮᠠᠭ ᠤ᠋ᠨ ᠬᠣᠯᠪᠣᠭ᠎ᠠ ᠪᠣᠢ ᠪᠣᠯᠪᠠ᠃1399 ᠣᠨ ᠳ᠋ᠤ᠌ ᠥᠭᠡᠯᠡᠳ ᠦ᠋ᠨ ᠠᠬᠠᠯᠠᠭᠴᠢ ᠬᠠᠱᠠᠭ ᠢ᠋ᠶ᠋ᠠᠷ ᠮᠣᠩᠭᠣᠯ ᠸᠠᠩ ᠡᠯᠪᠡ ᠶ᠋ᠢ ᠠᠯᠠᠪᠠ᠃ ᠣᠷᠴᠢᠨ ᠦᠶ᠎ᠡ ᠶ᠋ᠢᠨ ᠮᠣᠩᠭᠣᠯ ᠲᠡᠦᠬᠡ ᠶ᠋ᠢᠨ ᠡᠷᠳᠡᠮᠲᠡᠨD·ᠪᠦᠭᠳᠢᠯᠣᠹ ᠢ᠋ᠶ᠋ᠠᠷ ᠡᠨᠡ ᠤᠴᠢᠷ ᠢ᠋ᠶ᠋ᠠᠷ ᠪᠡᠯᠭᠡ ᠲᠡᠮᠳᠡᠭ ᠪᠣᠯᠭᠠᠵᠤ ᠥᠭᠡᠯᠡᠳ ᠮᠣᠩᠭᠣᠯᠴᠤᠳ ᠡᠷᠡᠮᠡᠬᠡᠢᠯᠡᠨ ᠪᠣᠰᠴᠠᠢ ᠭᠡᠵᠦ ᠦᠵᠡᠪᠡ᠃1408 ᠣᠨ ᠳ᠋ᠤ᠌ ᠰᠢᠨ᠎ᠡ ᠮᠣᠩᠭᠣᠯ ᠬᠠᠨ ᠡᠷᠵᠡᠲᠡᠮᠦᠷ ᠢ᠋ ᠪᠢᠱᠪᠠᠯᠢᠭ ᠲᠤ᠌ ᠬᠠᠨ ᠰᠠᠭᠤᠷᠢᠨ ᠳ᠋ᠤ᠌ ᠰᠠᠭᠤᠯᠭᠠᠪᠠ᠃ ᠡᠨᠡ ᠬᠦ᠌ ᠬᠠᠨ ᠣᠷᠣᠨ ᠨᠢ ᠡᠩ ᠦ᠋ᠨ ᠶᠣᠰᠣᠭᠠᠷ ᠬᠡᠯᠡᠪᠡᠯ ᠪᠠᠷᠠᠭᠤᠨ ᠲᠠᠯ᠎ᠠ ᠶ᠋ᠢᠨ ᠮᠣᠭᠣᠯᠰᠲ᠋ᠠᠨ ᠤ᠋ ᠤᠭᠰᠠᠭ᠎ᠠ ᠶ᠋ᠢᠨ ᠬᠢ ᠶᠦᠮ᠂ ᠭᠡᠪᠡᠴᠦ ᠬᠡᠷᠡᠭ ᠳᠡᠭᠡᠷ᠎ᠡ ᠪᠡᠨ ᠵᠡᠭᠦᠨ ᠲᠠᠯ᠎ᠠ ᠶ᠋ᠢᠨ ᠮᠣᠩᠭᠣᠯ ᠤᠭᠰᠠᠭ᠎ᠠ⑦ ᠳ᠋ᠤ᠌ ᠬᠠᠷᠢᠶᠠᠯᠠᠭᠳᠠᠭᠰᠠᠨ ᠪᠠᠢᠵᠤ ᠮᠡᠳᠡᠨ᠎ᠡ᠃ ᠠᠯᠢ ᠡᠷᠲᠡ ᠰᠢᠷ· ᠮᠦᠬᠠᠮᠮᠡᠳ᠋ ᠦ᠋ᠨ ᠦᠶ᠎ᠡ ᠳ᠋ᠦ᠍ ᠮᠣᠭᠣᠯᠰᠲ᠋ᠠᠨ ᠤ᠋ ᠬᠥᠮᠦᠰ ᠰᠠᠢᠨ ᠪᠡᠯᠡᠳᠬᠡᠯ ᠬᠢᠵᠦ ᠥᠭᠡᠯᠡᠳ ᠮᠣᠩᠭᠣᠯᠴᠤᠳ(ᠢᠰᠯᠠᠮ ᠤ᠋ᠨ ᠱᠠᠰᠢᠨᠲᠠᠳ ᠤ᠋ᠨ ᠬᠡᠯᠡᠯᠭᠡ ᠪᠡᠷ ᠪᠣᠯ《ᠬᠠᠯᠢᠮᠠᠭᠴᠤᠳ》) ᠲᠠᠢ ᠳᠠᠢᠯᠠᠯᠳᠤᠬᠤ ᠪᠠᠷ ᠪᠠᠢᠪᠠ᠃ ᠬᠠᠯᠢᠮᠠᠭᠴᠤᠳ ᠳᠤᠮᠳᠠᠳᠤ ᠤᠯᠤᠰ ᠤ᠋ᠨ ᠮᠢᠩ ᠦ᠋ᠨ ᠲᠥᠷᠥ ᠡᠴᠡ ᠲᠤᠰᠠᠯᠠᠮᠵᠢ ᠭᠤᠶᠤᠭᠰᠠᠨ ᠳ᠋ᠤ᠌ ᠮᠢᠩ ᠤᠯᠤᠰ ᠡᠯᠴᠢ ᠲᠣᠮᠢᠯᠠᠨ ᠢᠷᠡᠭᠦᠯᠵᠦ ᠰᠢᠷ·ᠮᠦᠬᠠᠮᠮᠡᠳ᠋ ᠢ᠋ ᠪᠢᠲᠡᠭᠡᠢ ᠬᠥᠳᠡᠯᠦᠭᠲᠦᠨ ᠭᠡᠵᠦ ᠢᠳᠬᠠᠪᠠ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠲᠡᠮᠳᠡᠭᠯᠡᠭᠰᠡᠨ ᠢ᠋ ᠦᠨᠳᠦᠰᠦᠯᠡᠪᠡᠯ᠂ ᠸᠠᠢᠰ ᠬᠠᠨ ᠭᠣᠣᠯ ᠴᠠᠴᠠᠷ ᠢ᠋ᠶ᠋ᠠᠨ ᠵᠡᠭᠦᠨ ᠲᠦᠷᠺᠢᠰᠲ᠋ᠠᠨ ᠠ᠋ᠴᠠ ᠪᠠᠷᠠᠭᠤᠨᠰᠢ ᠢᠯᠢᠪᠡᠯᠢ ᠳ᠋ᠦ᠍ ᠨᠡᠭᠦᠯᠭᠡᠭᠰᠡᠨ ᠪᠠᠢᠨ᠎ᠠ᠃ ᠥᠭᠡᠷ᠎ᠡ ᠪᠡᠷ ᠬᠡᠯᠡᠪᠡᠯ ᠨᠢᠭᠡᠨᠲᠡ ᠢᠯᠢ ᠭᠣᠣᠯ ᠤ᠋ᠨ ᠡᠷᠭᠢ᠂ ᠳᠣᠯᠣᠭᠠᠨ ᠤᠰᠤᠨ ᠤ᠋ ᠨᠤᠲᠤᠭ ᠲᠤ᠌ ᠨᠡᠭᠦᠭᠡᠳ ᠢᠷᠡᠴᠢᠬᠡᠯ᠎ᠡ ᠭᠡᠰᠡᠨ ᠦᠭᠡ᠃ ᠡᠨᠡ ᠦᠶ᠎ᠡ ᠶ᠋ᠢᠨ ᠳᠤᠮᠳᠠᠳᠤ ᠤᠯᠤᠰ ᠤ᠋ᠨ ᠵᠢᠭᠤᠯᠴᠢᠯᠠᠭᠴᠢ⑧ ᠶ᠋ᠢᠨ ᠡᠨᠡ ᠣᠷᠣᠨ ᠤ᠋ ᠲᠤᠬᠠᠢ ᠳᠦᠷᠰᠦᠯᠡᠯ ᠨᠢ13 ᠳ᠋ᠤᠭᠠᠷ ᠵᠠᠭᠤᠨ ᠤ᠋ ᠵᠢᠭᠤᠯᠴᠢᠯᠠᠭᠴᠢᠳ ᠤ᠋ᠨ ᠣᠯᠵᠤ ᠬᠠᠷᠠᠭᠰᠠᠨ ᠰᠢᠭ᠋ ᠲᠡᠢᠮᠦᠷᠬᠦᠦ ᠬᠣᠲᠠ ᠪᠠᠯᠭᠠᠳ ᠨᠢ ᠬᠥᠭᠵᠢᠨ ᠴᠡᠴᠡᠭᠯᠡᠭᠰᠡᠨ ᠪᠠᠢᠳᠠᠯ ᠨᠢᠭᠡᠨᠲᠡ ᠠᠯᠠᠭ᠎ᠠ ᠪᠣᠯᠵᠠᠢ᠃15 ᠳ᠋ᠤᠭᠠᠷ ᠵᠠᠭᠤᠨ ᠤ᠋ ᠳᠣᠯᠣᠭᠠᠨ ᠤᠰᠤᠨ ᠤ᠋ ᠨᠤᠲᠤᠭ ᠲᠤ᠌ ᠨᠡᠭᠦᠳᠡᠯᠴᠢᠳ ᠡᠴᠡ ᠪᠤᠰᠤᠳ ᠵᠦᠢᠯ ᠦ᠋ᠨ ᠬᠥᠮᠦᠰ ᠪᠠᠢᠭ᠎ᠠ ᠦᠭᠡᠢ᠃ ᠡᠳᠡᠭᠡᠷ ᠬᠥᠮᠦᠰ ᠢᠰᠡᠭᠡᠢ ᠭᠡᠷ ᠲᠦ᠍ ᠰᠠᠭᠤᠵᠤ᠂ ᠮᠢᠬ᠎ᠠ ᠢᠳᠡᠵᠦ ᠴᠡᠬᠡ ᠤᠤᠭᠤᠨ᠎ᠠ᠃ ᠬᠤᠪᠴᠠᠰᠤ ᠵᠠᠰᠠᠯ ᠤ᠋ᠨ ᠲᠠᠯ᠎ᠠ ᠪᠠᠷ᠂ ᠬᠠᠭᠠᠰ ᠬᠢᠷᠢᠲᠡᠢ ᠨᠢ ᠥᠭᠡᠯᠡᠳ ᠬᠥᠮᠦᠨ ᠰᠢᠭ᠂ ᠬᠠᠭᠠᠰ ᠬᠢᠷᠢᠲᠡᠢ ᠨᠢ ᠢᠰᠯᠠᠮ ᠤ᠋ᠨ ᠱᠠᠰᠢᠨᠲᠠᠨ ᠰᠢᠭ᠋᠃ ᠢᠯᠢ ᠭᠣᠣᠯ ᠤ᠋ᠨ ᠬᠣᠶᠠᠷ ᠡᠷᠭᠢᠨ ᠳ᠋ᠦ᠍ ᠸᠠᠢᠰ ᠬᠠᠨ ᠦᠷᠭᠦᠯᠵᠢ ᠥᠭᠡᠯᠡᠳ ᠮᠣᠩᠭᠣᠯ ᠤ᠋ᠨ ᠤᠳᠤᠷᠢᠳᠤᠭᠴᠢ ᠳᠠᠶᠠᠨ ᠬᠠᠨ ᠤ᠋ ᠬᠥᠪᠡᠭᠦᠨ ᠶᠢᠰᠦᠨ ᠲᠠᠢᠵᠢ ᠲᠠᠢ ᠪᠠᠢᠯᠳᠤᠳᠠᠭ ᠪᠠᠢᠪᠠ᠃ ᠸᠠᠢᠰ ᠬᠠᠨ ᠵᠡᠭᠦᠨᠭᠠᠷᠴᠤᠳ ᠲᠠᠢ ᠵᠢᠷᠠᠨ ᠨᠢᠭᠡᠨ ᠤᠳᠠᠭ᠎ᠠ ᠪᠠᠢᠯᠳᠤᠭᠠᠳ ᠨᠢᠭᠡ ᠤᠳᠠᠭ᠎ᠠ ᠢᠯᠠᠵᠤ ᠥᠩᠭᠡᠷᠡᠪᠡ᠃ ᠲᠡᠷᠡ ᠪᠡᠷ ᠬᠣᠶᠠᠷ ᠤᠳᠠᠭ᠎ᠠ ᠪᠠᠢᠯᠳᠤᠭᠠᠳ ᠨᠢᠭᠡ ᠤᠳᠠᠭ᠎ᠠ ᠲᠡᠢᠨ ᠦ᠌ ᠳᠤᠮᠳᠠ ᠠ᠋ᠴᠠ ᠣᠯᠵᠠᠯᠠᠭᠳᠠᠵᠤ᠂ ᠥᠪᠡᠷ ᠦ᠋ᠨ ᠬᠦᠰᠡᠯ ᠵᠣᠷᠢᠭ ᠠ᠋ᠴᠠ ᠪᠠᠨ ᠲᠡᠷᠰᠯᠡᠨ ᠨᠢᠭᠡ ᠥᠬᠢᠨ ᠳᠡᠭᠦᠦ ᠪᠡᠨ ᠶᠢᠰᠦᠨ ᠲᠠᠢᠵᠢ ᠳ᠋ᠤ᠌ ᠲᠠᠲᠠᠪᠤᠷᠢ ᠪᠣᠯᠭᠠᠨ ᠥᠭᠴᠡᠢ᠃
ᠱᠠᠲ᠋ᠣᠺ ᠬᠠᠨ ᠴᠤ᠌ ᠮᠣᠭᠣᠯᠰᠲ᠋ᠠᠨ ᠤ᠋ ᠭᠠᠵᠠᠷ ᠲᠤ᠌ ᠵᠠᠰᠠᠭ ᠲᠥᠷᠥ ᠪᠠᠢᠭᠤᠯᠬᠤ ᠪᠠᠷ ᠭᠣᠷᠢᠳᠠᠭᠰᠠᠨ ᠪᠣᠯᠪᠠᠴᠤ ᠳᠡᠮᠡᠢ ᠤᠳᠠᠭᠰᠠᠨ ᠦᠭᠡᠢ ᠺᠠᠱ ᠲᠤ᠌ ᠬᠣᠣᠷᠯᠠᠭᠳᠠᠪᠠ᠃ ᠲᠡᠭᠦᠨ ᠢ᠋ ᠦᠬᠦᠭᠰᠡᠨ ᠦ᠌ ᠳᠠᠷᠠᠭ᠎ᠠ᠂ ᠮᠣᠩᠭᠣᠯ ᠸᠠᠩ ᠬᠦᠩ ᠦ᠋ᠳ ᠬᠣᠶᠠᠷ ᠪᠦᠯᠦᠭ ᠪᠣᠯᠤᠨ ᠵᠠᠳᠠᠷᠠᠪᠠ᠂ ᠨᠢᠭᠡ ᠪᠦᠯᠦᠭ ᠨᠢ ᠸᠠᠢᠰ ᠬᠠᠨ ᠤ᠋ ᠠᠬᠠᠮᠠᠳ ᠬᠥᠪᠡᠭᠦᠨ ᠶᠦᠨᠦᠰ ᠢ᠋ ᠬᠦᠷᠢᠶᠡᠯᠡᠨ ᠳᠡᠮᠵᠢᠵᠦ᠂ ᠨᠢᠭᠡ ᠪᠦᠯᠦᠭ ᠨᠢ ᠬᠣᠶᠠᠳᠤᠭᠠᠷ ᠬᠥᠪᠡᠭᠦᠨ ᠶᠢᠰᠣᠨᠪᠦ᠋ᠬᠡ ᠶ᠋ᠢ ᠬᠦᠷᠢᠶᠡᠯᠡᠨ ᠳᠡᠮᠵᠢᠪᠡ᠃ ᠡᠨᠡ ᠬᠣᠶᠠᠷ ᠬᠥᠪᠡᠭᠦᠨ ᠨᠢ ᠪᠦᠷ ᠬᠡᠦᠬᠡᠳ ᠨᠠᠰᠤᠨ ᠳ᠋ᠠᠭᠠᠨ ᠪᠠᠢᠵᠠᠢ᠃ ᠶᠢᠰᠣᠨᠪᠦ᠋ᠬᠡ ᠶ᠋ᠢᠨ ᠨᠠᠮᠲᠠᠳ ᠨᠢ ᠳᠠᠪᠠᠭᠤ ᠪᠠᠢᠷᠢ ᠶ᠋ᠢ ᠡᠵᠡᠯᠡᠭᠰᠡᠨ ᠲᠤᠯᠠ ᠶᠦᠨᠣᠰ ᠤ᠋ᠨ ᠭᠠᠷ ᠳᠣᠣᠷᠠᠬᠢ ᠬᠥᠮᠦᠰ ᠨᠢ ᠶᠦ᠋ᠨᠣᠰ ᠢ᠋ ᠲᠷᠠᠨᠰᠤᠭᠰᠢᠨᠠ ᠬᠦᠷᠭᠡᠵᠦ ᠣᠴᠢᠭᠰᠠᠨ ᠳ᠋ᠤ᠌ ᠦᠯᠦᠭ᠌ᠪᠸᠺ ᠲᠡᠭᠦᠨ ᠢ᠋ ᠫᠧᠷᠰ ᠲᠦ᠍ ᠰᠤᠷᠤᠯᠴᠠᠭᠤᠯᠬᠤ ᠪᠠᠷ ᠶᠠᠪᠤᠭᠤᠯᠪᠠ᠃ ᠪᠠᠪᠤᠷ ᠤ᠋ᠨ ᠲᠡᠮᠳᠡᠭᠯᠡᠯ ᠢ᠋ ᠦᠨᠳᠦᠰᠦᠯᠡᠪᠡᠯ᠂ ᠡᠨᠡ ᠬᠡᠷᠡᠭ1434 ᠣᠨ ᠳ᠋ᠤ᠌ ᠭᠠᠷᠤᠭᠰᠠᠨ ᠪᠠᠢᠪᠠ᠃ ᠪᠠᠭ᠎ᠠ ᠨᠠᠰᠤᠨ ᠤ᠋ ᠶᠢᠰᠣᠨᠪᠦ᠋ᠬᠡ ᠮᠣᠩᠭᠣᠯ ᠸᠠᠩ ᠨᠠᠷ ᠤ᠋ᠨ ᠳᠣᠲᠣᠷ᠎ᠠ ᠲᠡᠳᠦᠢ ᠶᠡᠬᠡ ᠢᠲᠡᠭᠡᠯ ᠬᠦᠨᠳᠦ ᠦᠭᠡᠢ ᠪᠠᠢᠵᠠᠢ᠂ ᠲᠡᠭᠦᠨ ᠢ᠋ ᠨᠣᠶᠠᠯᠠᠵᠤ ᠪᠠᠢᠭᠰᠠᠨ ᠠᠩᠬᠠᠨ ᠤ᠋ ᠬᠤᠭᠤᠴᠠᠭᠠᠨ ᠳ᠋ᠤ᠌ ᠲᠡᠳᠡᠭᠡᠷ ᠸᠠᠩ ᠬᠦᠩ ᠦ᠋ᠳ ᠪᠦᠷᠢᠮᠦᠰᠦᠨ ᠪᠡᠶ᠎ᠡ ᠪᠡᠨ ᠳᠠᠭᠠᠭᠠᠵᠤ ᠥᠪᠡᠷ ᠥᠪᠡᠷᠰᠡᠳ ᠦ᠋ᠨ ᠢ᠋ᠶ᠋ᠡᠨ ᠮᠣᠵᠢ ᠣᠷᠣᠨ ᠢ᠋ᠶ᠋ᠠᠨ ᠨᠣᠶᠠᠷᠬᠠᠵᠤ ᠪᠠᠢᠪᠠ᠃ ᠡᠢᠮᠦᠷᠬᠦᠦ ᠸᠠᠩ ᠬᠦᠩ ᠦ᠋ᠳ ᠦ᠋ᠨ ᠨᠢᠭᠡ ᠪᠣᠯ ᠡᠮᠢᠯ᠂ ᠮᠦᠬᠠᠮᠮᠠᠳ᠋᠂ ᠱᠠ ᠪᠣᠯᠤᠨ᠎ᠠ᠃ ᠡᠨᠡ ᠬᠥᠮᠦᠨ ᠪᠣᠯ ᠠᠪᠠᠱ ᠨᠤᠲᠤᠭ ᠤ᠋ᠨ ᠬᠣᠳᠠᠢᠳᠠ ᠶ᠋ᠢᠨ ᠬᠥᠪᠡᠭᠦᠨ ᠪᠣᠯᠤᠨ᠎ᠠ᠃ ᠡᠢᠮᠦᠷᠬᠦᠦ ᠸᠠᠩ ᠬᠦᠩ ᠦ᠋ᠳ ᠦ᠋ᠨ ᠬᠣᠶᠠᠳᠠᠬᠢ ᠬᠥᠮᠦᠨ ᠪᠣᠯ ᠮᠢᠯ᠂ ᠺᠠᠯᠢᠮ᠂ ᠪᠠᠢᠯᠳ᠋ ᠪᠣᠯᠤᠨ᠎ᠠ᠃ ᠲᠡᠷᠡ ᠪᠡᠷ ᠠᠯᠪᠤᠬᠠ ᠣᠷᠣᠨ ᠳ᠋ᠤ᠌ ᠨᠢᠭᠡ ᠬᠣᠲᠠ ᠪᠠᠢᠭᠤᠯᠤᠭᠠᠳ᠂ ᠡᠨᠡ ᠬᠣᠲᠠ ᠪᠠᠷ ᠢ᠋ᠶ᠋ᠠᠨ ᠰᠠᠭᠤᠷᠢᠨ ᠭᠠᠵᠠᠷ ᠪᠣᠯᠭᠠᠵᠤ᠂ ᠳᠠ ᠶᠤᠸᠠᠨ(ᠪᠠᡁᠨ᠌ᠨ᠌ᠨᠠ) ᠶ᠋ᠢ ᠲᠠᠰᠤᠷᠠᠯ ᠦᠭᠡᠢ ᠳᠣᠪᠲᠣᠯᠳᠠᠭ ᠪᠠᠢᠪᠠ᠃ ᠡᠢᠮᠦᠷᠬᠦᠦ ᠸᠠᠩ ᠬᠦᠩ ᠦ᠋ᠳ ᠦ᠋ᠨ ᠭᠤᠷᠪᠠᠳᠠᠬᠢ ᠬᠥᠮᠦᠨ ᠪᠣᠯ ᠮᠢᠯ᠂ ᠬᠠᠷᠺ᠂ ᠪᠠᠢᠯᠳ᠋᠂ ᠪᠠᠴᠢᠴᠸᠺ ᠪᠣᠯᠤᠨ᠎ᠠ᠃ ᠲᠡᠷᠡ ᠪᠡᠷ ᠢᠰᠡᠢᠺᠺᠦ᠋ᠯ ᠨᠠᠭᠤᠷ ᠤ᠋ᠨ ᠨᠢᠭᠡᠨ ᠵᠢᠵᠢᠭ ᠠᠷᠠᠯ ᠳᠡᠭᠡᠷᠡᠬᠢ ᠬᠦᠢᠰᠦ ᠭᠡᠳᠡᠭ ᠭᠠᠵᠠᠷ ᠲᠤ᠌ ᠪᠡᠬᠢᠯᠡᠯᠲᠡ ᠴᠠᠢᠵᠠ ᠪᠠᠢᠭᠤᠯᠤᠭᠠᠳ ᠭᠡᠷ ᠦ᠋ᠨ ᠬᠥᠮᠦᠰ ᠢ᠋ᠶ᠋ᠡᠨ ᠡᠨᠳᠡ ᠰᠠᠭᠤᠯᠭᠠᠵᠤ ᠂ ᠬᠠᠯᠢᠮᠠᠭᠴᠤᠳ ᠢ᠋ ᠳᠠᠭᠠᠷᠢᠵᠤ ᠢᠷᠡᠬᠦ ᠡᠴᠡ ᠰᠡᠷᠭᠡᠢᠯᠡᠪᠡ᠃ ᠥᠪᠡᠷ ᠢ᠋ᠶ᠋ᠡᠨ ᠴᠡᠷᠢᠭ ᠳᠠᠢᠴᠢᠯᠠᠨ ᠲᠦᠷᠺᠢᠰᠲ᠋ᠠᠨ ᠪᠣᠯᠤᠨ ᠰᠡᠢᠷᠡᠨ ᠢ᠋ ᠲᠠᠰᠤᠷᠠᠯ ᠦᠭᠡᠢ ᠳᠠᠢᠯᠠᠨ ᠳᠣᠪᠲᠣᠯᠳᠠᠭ ᠪᠠᠢᠪᠠ᠃ ᠬᠣᠲᠠᠢᠲᠠ ᠶ᠋ᠢᠨ ᠣᠮᠪᠣᠯᠣ ᠰᠠᠢᠳ᠋·ᠠᠯᠢ ᠨᠢ ᠲᠡᠮᠦᠷ ᠦ᠋ᠨ ᠰᠡᠭᠦᠯᠴᠢ ᠶ᠋ᠢᠨ ᠸᠠᠩ ᠤ᠋ᠨ ᠭᠠᠷ ᠠ᠋ᠴᠠ ᠺᠠᠱᠠᠭᠠᠷ ᠢ᠋ ᠪᠦᠯᠢᠶᠡᠨ ᠠᠪᠴᠠᠢ᠃
ᠬᠠᠯᠢᠮᠠᠭᠴᠤᠳ ᠠᠯᠢ ᠡᠷᠲᠡᠨ ᠡᠴᠡ ᠢᠰᠡᠢᠺᠺᠦ᠋ᠯ ᠨᠠᠭᠤᠷ ᠤ᠋ᠨ ᠡᠷᠭᠢ ᠬᠠᠪᠢ ᠪᠠᠷ ᠳᠠᠭᠠᠷᠢᠯᠲᠠ ᠬᠢᠳᠡᠭ ᠪᠠᠢᠵᠠᠢ᠃ ᠬᠡᠳᠦᠨ ᠵᠢᠯ ᠦ᠋ᠨ ᠳᠠᠷᠠᠭ᠎ᠠ᠂ ᠲᠡᠳᠡᠨ ᠦ᠌ ᠬᠣᠰᠢᠭᠤᠴᠢ ᠴᠡᠷᠢᠭ ᠨᠢ ᠰᠢᠷ ᠮᠥᠷᠡᠨ ᠮᠣᠵᠢ ᠳ᠋ᠤ᠌ ᠣᠷᠣᠵᠤ ᠣᠴᠢᠭᠰᠠᠨ ᠪᠠᠢᠨ᠎ᠠ᠃ 1455 ᠣᠨ ᠳ᠋ᠤ᠌᠂ ᠶᠢᠰᠦᠨ ᠲᠠᠢᠵᠢ ᠶ᠋ᠢ ᠨᠠᠰᠤ ᠪᠠᠷᠠᠭᠰᠠᠨ ᠤ᠋ ᠳᠠᠷᠠᠭ᠎ᠠ᠂ ᠥᠭᠡᠯᠡᠳ(ᠣᠢᠷᠠᠳ) ᠮᠣᠩᠭᠣᠯᠴᠤᠳ ᠤ᠋ᠨ ᠵᠡᠭᠦᠨ ᠬᠡᠰᠡᠭ ᠦ᠋ᠨ ᠬᠦᠴᠦ ᠨᠢ ᠨᠢᠭᠡᠨ ᠦᠶ᠎ᠡ ᠪᠠᠭᠤᠷᠠᠪᠠ ᠃ ᠪᠠᠷᠤᠭ ᠬᠣᠶᠠᠷ ᠵᠠᠭᠤᠨ ᠤ᠋ ᠲᠤᠷᠰᠢ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠬᠠᠯᠢᠮᠠᠭ ᠭᠡᠳᠡᠭ ᠢ᠋ ᠳᠤᠷᠠᠳᠬᠤ ᠪᠠᠨ ᠪᠣᠯᠢᠪᠠ᠃ᠢᠰᠯᠠᠮ ᠤ᠋ᠨ ᠮᠠᠲ᠋ᠧᠷᠢᠶᠠᠯ ᠳ᠋ᠤ᠌ ᠶᠢᠰᠦᠨ ᠦ᠌ ᠬᠥᠪᠡᠭᠦᠨ ᠠᠮᠠᠰᠠᠨᠵᠢ ᠲᠠᠢᠵᠢ ᠬᠢᠭᠡᠳ ᠥᠭᠡᠷ᠎ᠡ ᠨᠢᠭᠡ ᠠᠬᠠᠯᠠᠭᠴᠢ ᠣᠰᠣᠳᠡᠮᠣᠷ ᠲᠠᠢᠵᠢ ᠶ᠋ᠢ ᠲᠡᠮᠳᠡᠭᠯᠡᠵᠦ ᠪᠠᠢᠨ᠎ᠠ᠃ ᠣᠰᠣᠳᠣᠮᠣᠷ ᠲᠠᠢᠵᠢ 1452 ᠣᠨ ᠪᠣᠯᠤᠨ 1455 ᠣᠨ ᠤ᠋ ᠬᠣᠭᠣᠷᠣᠨᠳᠣ ᠰᠢᠷ ᠮᠣᠷᠢᠨ ᠤ᠋ ᠬᠥᠪᠡᠭᠡᠨ ᠳ᠋ᠦ᠍ ᠦᠽᠪᠧᠺᠴᠦᠳ ᠢ᠋ ᠴᠣᠬᠢᠨ ᠢᠯᠠᠪᠠ᠃ ᠥᠭᠡᠷ᠎ᠡ ᠨᠢᠭᠡᠨ ᠮᠠᠲ᠋ᠧᠷᠢᠶᠠᠯ ᠢ᠋ ᠦᠨᠳᠦᠰᠦᠯᠡᠪᠡᠯ᠂ ᠡᠨᠡ ᠨᠢ1457 ᠣᠨ ᠤ᠋ ᠤᠴᠢᠷ ᠪᠠᠢᠵᠠᠢ(ᠡᠨᠡ ᠮᠠᠲ᠋ᠧᠷᠢᠶᠠᠯ ᠳ᠋ᠤ᠌ ᠬᠡᠯᠡᠭᠰᠡᠨ ᠨᠢ᠂ ᠰᠤᠴᠡᠨ· ᠮᠠᠬᠠᠮᠣᠳ᠋ ᠭᠡᠳᠡᠭ ᠸᠠᠩ ᠢ᠋ ᠬᠠᠯᠢᠮᠠᠭᠴᠤᠳ ᠪᠠᠷᠢᠵᠤ ᠠᠪᠴᠢᠷᠠᠪᠠ᠂ ᠲᠡᠷᠡ ᠦᠶ᠎ᠡ ᠳ᠋ᠦ᠍ ᠭᠤᠷᠪᠠᠬᠠᠨ ᠨᠠᠰᠤᠲᠠᠢ ᠪᠠᠢᠵᠠᠢ᠂ ᠬᠠᠯᠢᠮᠠᠭᠴᠤᠳ ᠤ᠋ᠨ ᠲᠡᠨᠳᠡ ᠳᠣᠯᠣᠭ᠎ᠠ ᠨᠠᠢ᠍ᠮᠠᠨ ᠵᠢᠯ ᠪᠠᠢᠪᠠ)᠃ 1459 ᠣᠨ ᠳ᠋ᠤ᠌᠂ ᠰᠣᠴᠠᠨ ᠠᠪ· ᠰᠠᠢᠳ᠋ ᠢ᠋ᠶ᠋ᠠᠷ ᠬᠠᠷᠲ ᠲᠤ᠌ ᠬᠠᠯᠢᠮᠠᠭ ᠤ᠋ᠨ ᠨᠢᠭᠡ ᠡᠯᠴᠢ ᠶ᠋ᠢ ᠬᠦᠯᠢᠶᠡᠨ ᠠᠪᠴᠤ ᠠᠭᠤᠯᠵᠠᠪᠠ᠃
ᠡᠭᠦᠨ ᠡᠴᠡ ᠡᠮᠦᠨᠡᠬᠡᠨ᠂ 15 ᠳ᠋ᠤᠭᠠᠷ ᠵᠠᠭᠤᠨ ᠤ᠋ ᠳᠥᠴᠢᠭᠡᠳ ᠣᠨ ᠳ᠋ᠤ᠌ ᠶᠢᠰᠣᠨᠪᠦ᠋ᠬᠡ ᠳᠠᠬᠢᠨᠲᠠ ᠡᠷᠬᠡ ᠪᠠᠷᠢᠭᠰᠠᠨ ᠶᠤᠮ᠃ ᠲᠡᠷᠡ ᠡᠯᠪᠡᠷᠢᠯᠳᠦ ᠵᠠᠰᠠᠭ ᠶᠠᠪᠤᠭᠤᠯᠬᠤ ᠨᠡᠷ᠎ᠡ ᠪᠡᠷ ᠬᠥᠮᠦᠰ ᠦ᠋ᠨ ᠰᠡᠳᠬᠢᠯ ᠢ᠋ ᠣᠯᠪᠠ᠃ ᠲᠡᠮᠦᠷ ᠦ᠋ᠨ ᠰᠡᠭᠦᠯᠴᠢ ᠦᠶ᠎ᠡ ᠶ᠋ᠢᠨ ᠸᠠᠩ ᠨᠠᠷ ᠲᠤ᠌ ᠠᠪᠴᠤ ᠬᠡᠯᠡᠪᠡᠯ᠂ ᠡᠨᠡ ᠬᠥᠮᠦᠨ ᠪᠣᠯ ᠠᠷᠭᠠᠴᠠᠭᠠᠬᠤ ᠳ᠋ᠤ᠌ ᠬᠡᠴᠡᠭᠦᠦ ᠬᠥᠷᠰᠢ ᠰᠠᠭᠠᠬᠠᠯᠲᠠ ᠪᠠᠢᠵᠠᠢ᠃ ᠡᠨᠡ ᠬᠥᠮᠦᠨ ᠦᠷᠭᠦᠯᠵᠢ ᠲᠡᠳᠡ ᠨᠠᠷ ᠢ᠋ ᠲᠦᠢᠪᠡᠭᠡᠳᠡᠭ ᠪᠠᠢᠪᠠ᠂ ᠡᠴᠦᠰ ᠲᠦ᠍ ᠠᠪ· ᠰᠠᠢᠳ᠋ ᠰᠤᠴᠠᠨ ᠴᠡᠷᠢᠭ ᠳᠠᠢᠴᠢᠯᠠᠨ ᠮᠣᠭᠣᠯᠰᠲ᠋ᠠᠨ ᠳ᠋ᠤ᠌ ᠲᠦᠷᠢᠨ ᠣᠷᠣᠭᠠᠳ᠂ ᠳ᠋ᠠᠯᠠᠰ ᠭᠣᠣᠯ ᠤ᠋ᠨ ᠬᠥᠪᠡᠭᠡᠨ ᠳ᠋ᠦ᠍ ᠮᠣᠩᠭᠣᠯ ᠸᠠᠩ ᠨᠠᠷ ᠤ᠋ᠨ ᠴᠡᠷᠢᠭ ᠢ᠋ ᠴᠣᠬᠢᠨ ᠳᠠᠢᠯᠠᠪᠠ᠃ ᠲᠡᠷᠡ ᠪᠡᠷ ᠫᠧᠷᠰ ᠲᠦ᠍ ᠠᠷᠪᠠᠨ ᠳᠣᠯᠣᠭ᠎ᠠ ᠨᠠᠢ᠍ᠮᠠᠨ ᠵᠢᠯ ᠰᠠᠭᠤᠭᠰᠠᠨ ᠶᠦᠨᠣᠰ ᠢ᠋ ᠳᠠᠭᠤᠳᠠᠨ ᠠᠪᠴᠢᠷᠠᠭᠠᠳ ᠶᠦᠨᠣᠰ ᠢ᠋ᠶ᠋ᠠᠷ ᠲᠷᠠᠨᠰᠤᠭᠰᠢᠨᠠ ᠳ᠋ᠤ᠌ ᠶᠠᠮᠠᠷ ᠴᠤ᠌ ᠵᠡᠷᠯᠢᠭ ᠰᠠᠨᠠᠭ᠎ᠠ ᠡᠪᠦᠷᠯᠡᠬᠦ ᠦᠭᠡᠢ ᠭᠡᠵᠦ ᠠᠮᠠᠯᠠᠭᠤᠯᠤᠭᠰᠠᠨ ᠤ᠋ ᠳᠠᠷᠠᠭ᠎ᠠ᠂ ᠲᠡᠭᠦᠨ ᠢ᠋ ᠮᠣᠭᠣᠯᠰᠲ᠋ᠠᠨ ᠳ᠋ᠤ᠌ ᠬᠦᠷᠭᠡᠵᠦ ᠣᠴᠢᠪᠠ᠃ ᠵᠠᠷᠢᠮ ᠸᠠᠩ ᠬᠦᠩ᠂ ᠵᠢᠱ᠌ᠢᠶᠡᠯᠡᠪᠡᠯ ᠮᠢᠯ· ᠺᠠᠯᠢᠮ· ᠪᠡᠢᠯᠳ᠋ ᠬᠢᠭᠡᠳ ᠮᠢᠯ· ᠢᠪᠣᠯᠠᠰᠢᠨ(ᠬᠠᠺ· ᠪᠠᠢᠯᠳ᠋ ᠤ᠋ᠨ ᠵᠠᠯᠭᠠᠮᠵᠢᠯᠠᠭᠴᠢ) ᠵᠡᠷᠭᠡ ᠸᠠᠩ ᠨᠠᠷ ᠶᠦᠨᠣᠰ ᠢ᠋ ᠡᠶᠡᠯᠳᠡᠨ ᠳᠠᠭᠠᠭᠰᠠᠨ ᠪᠠᠢᠨ᠎ᠠ᠃ ᠭᠡᠪᠡᠴᠦ ᠡᠳᠡᠭᠡᠷ ᠬᠥᠮᠦᠰ ᠪᠡᠶ᠎ᠡ ᠪᠡᠨ ᠳᠠᠭᠠᠭᠠᠵᠤ ᠣᠷᠣᠰᠢᠭᠠᠳ ᠳᠠᠳᠴᠢᠬᠠᠭᠰᠠᠨ ᠪᠣᠯᠬᠣᠷ ᠶᠦᠨᠣᠰ ᠤ᠋ᠨ ᠦᠭᠡᠨ ᠳ᠋ᠦ᠍ ᠲᠡᠳᠦᠢ ᠣᠷᠣᠳᠠᠭ ᠦᠭᠡᠢ ᠪᠠᠢᠪᠠ᠃ ᠰᠡᠭᠦᠯᠡᠷ ᠨᠢ ᠶᠦᠨᠣᠰ ᠨᠢᠭᠡ ᠤᠳᠠᠭᠠᠨ ᠤ᠋ ᠲᠡᠢᠨ ᠳ᠋ᠦ᠍ ᠢᠯᠠᠭᠳᠠᠭᠠᠳ ᠬᠢᠳᠬᠠᠨ ᠬᠣᠲᠠ ᠳ᠋ᠤ᠌ ᠤᠬᠤᠷᠢᠨ ᠰᠠᠭᠤᠪᠠ᠃ ᠡᠨᠡ ᠬᠣᠲᠠ ᠳᠠ ᠶᠤᠸᠠᠨ(ᠪᠠᠾᠨᠨᠨᠠ) ᠪᠣᠯᠤᠨ ᠳᠣᠯᠣᠭᠠᠨ ᠤᠰᠤᠨ ᠤ᠋ ᠬᠣᠭᠣᠷᠣᠨᠳᠣ ᠪᠣᠢ᠂ ᠠᠪ· ᠰᠠᠢᠳ᠋ ᠲᠡᠭᠦᠨ ᠢ᠋ ᠡᠨᠳᠡ ᠰᠠᠭᠤᠯᠭᠠᠭᠰᠠᠨ ᠶᠤᠮ᠃
ᠶᠢᠰᠣᠨᠪᠦ᠋ᠬᠡ1462 ᠣᠨ ᠳ᠋ᠤ᠌ ᠨᠠᠰᠤ ᠪᠠᠷᠠᠪᠠ᠃ ᠲᠡᠭᠦᠨ ᠦ᠌ ᠨᠣᠶᠠᠯᠠᠵᠤ ᠪᠠᠢᠭᠰᠠᠨ ᠬᠤᠭᠤᠴᠠᠭᠠᠨ ᠳ᠋ᠤ᠌ ᠭᠠᠷᠤᠭᠰᠠᠨ ᠨᠢᠭᠡ ᠶᠡᠬᠡ ᠶᠠᠪᠤᠳᠠᠯ ᠭᠡᠪᠡᠯ ᠬᠠᠰᠠᠭᠴᠤᠳ ᠳᠣᠯᠣᠭᠠᠨ ᠤᠰᠤᠨ ᠤ᠋ ᠨᠤᠲᠤᠭ ᠲᠤ᠌ ᠣᠨᠴᠠᠭᠠᠢᠯᠠᠨ ᠴᠦ ᠭᠣᠣᠯ ᠤ᠋ᠨ ᠪᠠᠷᠠᠭᠤᠨ ᠡᠷᠭᠢ ᠳ᠋ᠦ᠍ ᠠᠩᠬ᠎ᠠ ᠢᠯᠡᠷᠡᠭᠰᠡᠨ ᠤᠴᠢᠷ ᠪᠣᠯᠤᠨ᠎ᠠ᠃ ᠣᠳᠣ᠂ ᠬᠠᠰᠠᠭᠴᠤᠳ ᠡᠨᠡ ᠨᠤᠲᠤᠭ ᠤ᠋ᠨ ᠰᠠᠭᠤᠭᠠᠯᠢ ᠠᠷᠠᠳ ᠤ᠋ᠨ ᠵᠣᠩᠬᠢᠯᠠᠬᠤ ᠣᠯᠠᠨ ᠲᠣᠭ᠎ᠠ ᠶ᠋ᠢ ᠡᠵᠡᠯᠡᠵᠦ ᠪᠠᠢᠨ᠎ᠠ(ᠣᠷᠣᠰ ᠤ᠋ᠨ ᠬᠤᠪᠢᠰᠬᠠᠯ ᠠ᠋ᠴᠠ ᠡᠮᠦᠨ᠎ᠡ᠂ ᠡᠨᠡ ᠤᠭᠰᠠᠭᠠᠨ ᠤ᠋ ᠬᠥᠮᠦᠰ ᠢ᠋《ᠬᠢᠷᠭᠢᠰ᠂ ᠬᠠᠰᠠᠭ》 ᠭᠡᠵᠦ ᠳᠠᠭᠤᠳᠠᠵᠤ ᠪᠠᠢᠵᠠᠢ᠂ ᠡᠨᠡ ᠬᠦ᠌ ᠳᠠᠭᠤᠳᠠᠯᠭ᠎ᠠ ᠨᠢ ᠵᠣᠬᠢᠰ ᠦᠭᠡᠢ ᠶᠦᠮ)᠃ ᠲᠡᠦᠬᠡᠴᠢ ᠮᠦᠬᠠᠮᠮᠠᠳ᠋· ᠬᠡᠢᠲᠡᠷ ᠢ᠋ᠶ᠋ᠡᠷ ᠲᠡᠳᠡᠨᠦᠰ ᠦ᠋ᠨ ᠬᠥᠮᠦᠨ ᠠᠮᠠ ᠶ᠋ᠢᠨ ᠲᠣᠭ᠎ᠠ ᠶ᠋ᠢ ᠬᠣᠷᠢᠨ ᠲᠦᠮᠡ ᠭᠡᠵᠦ ᠲᠥᠰᠦᠭᠡᠯᠡᠪᠡ᠃ ᠲᠡᠳᠡ ᠨᠠᠷ ᠤ᠋ᠨ ᠠᠬᠠᠯᠠᠭᠴᠢ ᠭᠢᠯᠸᠲ᠋ ᠪᠣᠯᠤᠨ ᠴᠠᠷᠨᠢᠪᠸᠺ ᠨᠢ ᠦᠽᠪᠧᠺ ᠦ᠋ᠨ ᠬᠠᠨ ᠠᠪᠬᠠᠢᠷ ᠲᠠᠢ ᠲᠠᠭᠠᠷᠠᠯᠴᠠᠬᠤ ᠦᠭᠡᠢ ᠲᠤᠯᠠ ᠡᠨᠡ ᠬᠣᠶᠠᠷ ᠬᠥᠮᠦᠨ ᠢ᠋ ᠶᠢᠰᠣᠨᠪᠦ᠋ᠬᠡ ᠲᠠᠭᠠᠰᠢᠶᠠᠳᠠᠭ ᠪᠠᠢᠪᠠ᠃
ᠶᠢᠰᠣᠨᠪᠦ᠋ᠬᠡ ᠶ᠋ᠢ ᠦᠬᠦᠭᠰᠡᠨ ᠦ᠌ ᠳᠠᠷᠠᠭ᠎ᠠ᠂ ᠮᠣᠭᠤᠯᠰᠲ᠋ᠠᠨ ᠤ᠋ ᠪᠠᠷᠠᠭᠤᠨ ᠬᠡᠰᠡᠭ ᠢ᠋ ᠴᠦ᠍ ᠶᠦᠨᠣᠰ ᠨᠣᠶᠠᠯᠠᠬᠤ ᠪᠣᠯᠪᠠ᠃ ᠠᠺᠰᠦ ᠬᠣᠲᠠ ᠪᠣᠯᠤᠨ ᠲᠡᠭᠦᠨ ᠡᠴᠡ ᠪᠠᠷᠠᠭᠤᠨᠰᠢᠬᠢ ᠨᠢᠭᠡ ᠬᠡᠰᠡᠭ ᠭᠠᠵᠠᠷ ᠢ᠋ ᠶᠢᠰᠣᠨᠪᠦ᠋ᠬᠡ ᠶ᠋ᠢᠨ ᠬᠥᠪᠡᠭᠦᠨ ᠨᠣᠶᠠᠯᠠᠬᠤ ᠪᠣᠯᠪᠠ᠃ ᠭᠡᠪᠡᠴᠦ ᠲᠡᠭᠦᠨ ᠢ᠋ ᠦᠬᠦᠭᠰᠡᠨ ᠦ᠌ ᠳᠠᠷᠠᠭ᠎ᠠ᠂ ᠠᠺᠰᠣ ᠬᠣᠲᠠ ᠴᠤ᠌ ᠶᠦᠨᠣᠰ ᠤ᠋ᠨ ᠬᠠᠷᠢᠶᠠᠨ ᠳ᠋ᠤ᠌ ᠣᠷᠣᠪᠠ᠃ ᠳ᠋ᠦᠰᠲ· ᠮᠦᠬᠠᠮᠮᠠᠳ᠋ ᠤ᠋ᠨ ᠬᠥᠪᠡᠭᠦᠨ ᠲᠣᠪ ᠰᠤᠴᠠᠨ ᠲᠦᠷᠫᠠᠨ ᠳ᠋ᠤ᠌ ᠳᠤᠲᠠᠭᠠᠵᠤ ᠣᠴᠢᠭᠠᠳ ᠳᠥᠷᠪᠡᠨ ᠵᠢᠯ ᠨᠣᠶᠠᠯᠠᠪᠠ᠃ ᠰᠡᠭᠦᠯᠡᠷ ᠨᠢ ᠲᠡᠷᠡ ᠠᠷᠠᠳ ᠲᠠᠭᠠᠨ ᠠᠯᠠᠭᠠᠳᠠᠭᠠᠳ ᠲᠡᠷᠢᠭᠦᠨ ᠢ᠋ ᠨᠢ ᠶᠦᠨᠣᠰ ᠤ᠋ᠨ ᠳᠡᠷᠭᠡᠳᠡ ᠬᠦᠷᠭᠡᠵᠦ ᠢᠷᠡᠭᠰᠡᠨ ᠪᠠᠢᠨ᠎ᠠ᠃
1472 ᠣᠨ ᠪᠣᠯᠬᠤ ᠳ᠋ᠤ᠌᠂ ᠶᠦᠨᠣᠰ ᠵᠣᠬᠢᠬᠤ ᠬᠡᠮᠵᠢᠶᠡᠨ ᠦ᠌ ᠨᠢᠭᠡᠳᠦᠯ ᠢ᠋ ᠪᠦᠲᠦᠭᠡᠵᠦ ᠴᠢᠳᠠᠪᠠ᠃ ᠲᠡᠷᠡ ᠪᠡᠷ ᠠᠷᠠᠳ ᠲᠦᠮᠡᠨ ᠦ᠌ ᠪᠡᠨ ᠳᠤᠮᠳᠠ ᠤᠷᠢᠳᠤᠬᠢ ᠬᠡᠳᠦᠨ ᠬᠠᠳ ᠨᠠᠷ ᠠ᠋ᠴᠠ ᠪᠠᠨ ᠵᠢᠭᠠᠬᠠᠨ ᠰᠠᠢᠨ ᠨᠥᠯᠥᠭᠡ ᠲᠡᠢ ᠪᠠᠢᠭᠰᠠᠨ ᠪᠣᠯᠪᠠᠴᠤ ᠮᠥᠨ ᠯᠡ ᠡᠪ ᠲᠦᠢ ᠪᠡᠨ ᠣᠯᠬᠤ ᠦᠭᠡᠢ ᠪᠠᠢᠪᠠ᠃ ᠲᠡᠷᠡ ᠬᠣᠲᠣᠩ ᠲᠣᠭᠠᠯᠠᠯ ᠤ᠋ᠨ818 ᠣᠨ ᠪᠤᠶᠤ819 ᠣᠨ(ᠢᠰᠦ᠋ᠰ ᠲᠣᠭᠠᠯᠠᠯ ᠤ᠋ᠨ1415~1417) ᠳ᠋ᠤ᠌ ᠲᠥᠷᠥᠵᠡᠢ᠃ ᠲᠡᠷᠡ ᠫᠧᠷᠰ ᠲᠦ᠍ ᠰᠤᠷᠤᠯᠴᠠᠵᠤ ᠪᠠᠢᠬᠤ ᠳ᠋ᠠᠭᠠᠨ ᠠᠯᠳᠠᠷᠲᠤ ᠲᠡᠦᠬᠡ ᠶ᠋ᠢᠨ ᠡᠷᠳᠡᠮᠲᠡᠨ ᠱᠠᠯᠠᠫ· ᠠᠯᠠᠨᠳᠢᠨ· ᠶᠠᠵᠢ ᠶ᠋ᠢᠨ ᠵᠢᠯᠣᠭᠣᠳᠤᠯᠭ᠎ᠠ ᠳᠣᠣᠷ᠎ᠠ ᠢᠰᠯᠠᠮ ᠤ᠋ᠨ ᠱᠠᠰᠢᠨᠲᠠᠨ ᠤ᠋ ᠰᠤᠷᠭᠠᠯ ᠢ᠋ ᠬᠦᠷᠲᠡᠪᠡ᠃ ᠲᠷᠠᠨᠰᠤᠭᠰᠢᠨᠠ ᠠ᠋ᠴᠠ ᠢᠷᠡᠭᠰᠡᠨ ᠨᠢᠭᠡ ᠬᠠᠤᠯᠢᠴᠢ ᠶᠦᠨᠣᠰ ᠲᠠᠢ ᠵᠣᠯᠭᠠᠬᠤ ᠲᠣᠬᠢᠶᠠᠯ ᠣᠯᠤᠭᠰᠠᠨ ᠶᠤᠮ᠃ ᠲᠡᠷᠡ ᠪᠡᠷ《ᠰᠠᠬᠠᠯ ᠬᠤᠤᠵᠠ ᠦᠭᠡᠢ᠂ ᠡᠯᠡᠰᠦ ᠮᠠᠩᠬᠠᠨ ᠤ᠋ ᠨᠤᠲᠤᠭ ᠲᠠᠬᠢ ᠲᠥᠷᠥᠭ ᠬᠥᠮᠦᠨ ᠦ᠌ ᠳᠦᠷᠢ》 ᠶ᠋ᠢ ᠬᠠᠷᠠᠬᠤ ᠶ᠋ᠢ ᠰᠠᠨᠠᠭᠰᠠᠨ ᠪᠠᠢᠵᠠᠢ᠂ ᠭᠡᠪᠡᠴᠦ ᠵᠢᠪ ᠵᠢᠩᠬᠢᠨᠢ ᠣᠯᠵᠤ ᠠᠭᠤᠯᠵᠠᠭᠰᠠᠨ ᠬᠥᠮᠦᠨ ᠨᠢ《ᠪᠦᠷᠢᠮᠦᠰᠦᠨ ᠲᠠᠵᠢᠺ ᠮᠠᠶᠢᠭ ᠤ᠋ᠨ ᠬᠤᠪᠴᠠᠰᠤ ᠵᠠᠰᠠᠯ ᠲᠠᠢ᠂ ᠠᠭᠠᠯᠢ ᠲᠥᠷᠬᠦ ᠨᠢ ᠬᠡᠭᠡᠨᠴᠢᠷ᠂ ᠬᠥᠳᠡᠯᠵᠦ ᠪᠠᠷᠢᠬᠤ ᠨᠢ ᠡᠷᠬᠢᠮᠰᠦᠭ᠂ ᠲᠠᠵᠢᠺᠴᠤᠳ ᠤ᠋ᠨ ᠳᠣᠲᠣᠷ᠎ᠠ ᠴᠤ᠌ ᠬᠣᠪᠣᠷᠬᠠᠨ ᠲᠣᠬᠢᠶᠠᠯᠳᠤᠳᠠᠭ ᠬᠥᠮᠦᠨ》 ᠪᠠᠢᠵᠠᠢ᠃ ᠡᠢᠮᠦᠷᠬᠦᠦ ᠡᠷᠬᠢᠮᠰᠦᠭ ᠬᠥᠮᠦᠨ ᠢ᠋ ᠨᠡᠭᠦᠳᠡᠯᠴᠢᠳ ᠦ᠋ᠨ ᠳᠤᠮᠳᠠ ᠣᠴᠢᠭᠤᠯᠬᠤ ᠨᠢ ᠳᠠᠩᠴᠤ ᠠᠵᠠ ᠪᠤᠷᠤᠭᠤᠳᠠᠭᠰᠠᠨ ᠬᠡᠷᠡᠭ ᠪᠣᠯᠬᠤ ᠠᠵᠢ᠃ ᠶᠦᠨᠣᠰ ᠢᠮᠠᠭᠲᠠ ᠰᠠᠭᠤᠷᠢᠰᠢᠨ ᠲᠣᠭᠲᠠᠨᠢᠬᠤ ᠭᠠᠵᠠᠷ ᠢ᠋ ᠲᠥᠰᠦᠪᠯᠡᠵᠦ ᠪᠠᠢᠭᠰᠠᠨ ᠪᠥᠭᠡᠳ ᠨᠢᠭᠡ ᠪᠦᠯᠦᠭ ᠠᠷᠠᠳ ᠢ᠋ᠶ᠋ᠠᠨ ᠴᠤ᠌ ᠨᠠᠳᠠ ᠶ᠋ᠢ ᠳᠠᠭᠤᠷᠢᠶᠠᠭᠲᠤᠨ ᠭᠡᠵᠦ ᠬᠡᠯᠡᠵᠦ ᠪᠢᠰᠢᠷᠡᠭᠦᠯᠦᠭᠰᠡᠨ ᠪᠠᠢᠪᠠ᠃ ᠮᠦᠬᠠᠮᠮᠠᠳ᠋·ᠬᠡᠢᠳᠡᠷ ᠦ᠋ᠨ ᠲᠡᠮᠳᠡᠭᠯᠡᠯ ᠢ᠋ ᠦᠨᠳᠦᠰᠦᠯᠡᠪᠡᠯ᠂ ᠲᠡᠭᠦᠨ ᠦ᠌ ᠵᠠᠷᠢᠮ ᠬᠥᠳᠡᠯᠦᠯ ᠪᠠᠷᠢᠯ ᠨᠢ ᠲᠡᠷᠡ ᠪᠣᠯ ᠬᠠᠭᠠᠰ ᠱᠠᠰᠢᠨᠲᠠᠨ ᠮᠥᠨ ᠭᠡᠳᠡᠭ ᠢ᠋ ᠢᠯᠡᠳᠬᠡᠵᠦ ᠪᠠᠢᠭ᠎ᠠ ᠶᠤᠮ᠂ ᠶᠠᠭᠤ ᠭᠡᠪᠡᠯ ᠲᠡᠷᠡ ᠪᠡᠷ《ᠲᠠᠷᠢᠶᠠᠯᠠᠬᠤ ᠣᠷᠣᠨ ᠳ᠋ᠤ᠌ ᠰᠠᠭᠤᠷᠢᠰᠢᠬᠤ ᠠᠮᠢᠳᠤᠷᠠᠯ ᠢ᠋ ᠰᠣᠩᠭᠣᠬᠤ ᠦᠭᠡᠢ》 ᠶᠦᠮ ᠪᠣᠯ ᠵᠢᠩᠬᠢᠨᠢ ᠢᠰᠯᠠᠮ ᠤ᠋ᠨ ᠱᠠᠰᠢᠨᠲᠠᠨ ᠪᠣᠯᠵᠤ ᠴᠢᠳᠠᠬᠤ ᠦᠭᠡᠢ ᠶᠦᠮ ᠭᠡᠵᠦ ᠭᠦᠨ᠎ᠡ ᠢᠲᠡᠭᠡᠳᠡᠭ ᠪᠠᠢᠵᠠᠢ᠃ ᠲᠡᠭᠦᠨ ᠦ᠌ ᠡᠳᠡᠭᠡᠷ ᠴᠢᠷᠮᠠᠢᠯᠭ᠎ᠠ ᠨᠢ ᠡᠴᠦᠰ ᠲᠡᠭᠡᠨ ᠲᠠᠯᠠᠭᠠᠷ ᠪᠣᠯᠤᠭᠰᠠᠨ ᠪᠠᠢᠪᠠ᠂ ᠶᠠᠭᠤ ᠭᠡᠪᠡᠯ ᠮᠣᠩᠭᠣᠯᠴᠤᠳ ᠲᠤ᠌ ᠠᠪᠴᠤ ᠬᠡᠯᠡᠪᠡᠯ ᠬᠣᠲᠠ ᠪᠠᠯᠭᠠᠳ ᠤ᠋ᠨ ᠰᠠᠭᠤᠷᠢᠰᠢᠮᠠᠯ ᠠᠮᠢᠳᠤᠷᠠᠯ ᠢ᠋ ᠬᠢᠬᠦ ᠨᠢ ᠭᠢᠨᠳᠠᠨ ᠳ᠋ᠤ᠌ ᠰᠠᠭᠤᠬᠤ ᠠ᠋ᠴᠠ ᠴᠤ᠌ ᠵᠣᠪᠠᠯᠠᠩ ᠲᠠᠢ ᠠᠵᠤ ᠪᠣᠯᠬᠤ ᠶᠤᠮ᠃ ᠲᠡᠷᠡ ᠳᠠᠬᠢᠨ ᠳᠠᠬᠢᠨ ᠬᠣᠲᠠ ᠠ᠋ᠴᠠ ᠪᠠᠨ ᠰᠠᠯᠤᠭᠠᠳ ᠲᠠᠯ᠎ᠠ ᠨᠤᠲᠤᠭ ᠲᠤ᠌ ᠣᠴᠢᠭᠰᠠᠨ ᠪᠣᠯᠪᠠᠴᠤ ᠬᠠᠰᠢ ᠯᠠ ᠠᠷᠠᠳ ᠲᠦᠮᠡᠨ ᠳ᠋ᠡᠭᠡᠨ ᠣᠭᠣᠷᠤᠭᠳᠠᠭᠰᠠᠨ ᠪᠠᠢᠨ᠎ᠠ᠃
1472 ᠣᠨ ᠳ᠋ᠤ᠌᠂᠂ ᠳᠣᠯᠣᠭᠠᠨ ᠤᠰᠤᠨ ᠤ᠋ ᠨᠤᠲᠤᠭ ᠢ᠋ ᠨᠢᠭᠡᠨ ᠤᠳᠠᠭ᠎ᠠ ᠬᠠᠯᠢᠮᠠᠭᠴᠤᠳ ᠤ᠋ᠨ ᠴᠡᠷᠢᠭ ᠦ᠋ᠨ ᠲᠦᠷᠦᠭᠦᠦ ᠠᠮᠠᠰᠡᠨᠵᠢ ᠲᠠᠢᠵᠢ ᠲᠦᠷᠢᠮᠡᠬᠡᠢᠯᠡᠵᠦ ᠥᠩᠭᠡᠷᠡᠭᠰᠡᠨ ᠶᠠᠪᠤᠳᠠᠯ ᠢ᠋ ᠳᠡᠭᠡᠷ᠎ᠡ ᠳᠤᠷᠠᠳᠤᠭᠰᠠᠨ ᠪᠢᠯᠡ᠃ ᠡᠨᠡ ᠬᠥᠮᠦᠨ ᠪᠣᠯ ᠳᠣᠲᠣᠷ᠎ᠠ ᠵᠠᠭᠤᠷᠠᠬᠢ ᠮᠥᠷᠭᠥᠯᠳᠦᠭᠡᠨ ᠡᠴᠡ ᠪᠣᠯᠵᠤ ᠬᠥᠭᠡᠭᠡᠭᠳᠡᠵᠦ ᠭᠠᠷᠴᠤ ᠢᠷᠡᠭᠰᠡᠨ ᠶᠦᠮ᠃ ᠶᠦᠨᠣᠰ ᠢᠯᠢ ᠭᠣᠣᠯ ᠤ᠋ᠨ ᠬᠥᠪᠡᠭᠡᠨ ᠳᠡᠭᠡᠷ᠎ᠡ ᠡᠨᠡ ᠴᠡᠷᠢᠭ ᠲᠦ᠍ ᠳᠡᠢᠯᠦᠭᠳᠡᠭᠡᠳ ᠰᠢᠷ ᠮᠥᠷᠡᠨ ᠵᠦᠭ ᠲᠦ᠍ ᠳᠤᠲᠠᠭᠠᠵᠤ᠂ ᠲᠡᠨᠳᠡ ᠪᠡᠨ ᠡᠪᠦᠯᠵᠢᠪᠡ᠃ ᠡᠨᠳᠡ ᠲᠡᠷᠡ ᠪᠡᠷ ᠦᠽᠪᠧᠺ ᠬᠠᠨ ᠪᠦᠷᠦᠴᠢ᠂ ᠦᠷᠡᠨ ᠢ᠋ ᠳᠡᠢᠯᠦᠭᠰᠡᠨ ᠶᠦᠮ᠃ ᠭᠡᠪᠡᠴᠦ ᠳᠠᠷᠠᠭ᠎ᠠ ᠵᠢᠯ ᠨᠢ ᠲᠡᠷᠡ ᠲᠠᠱᠺᠸᠨᠲ ᠤ᠋ᠨ ᠶᠡᠷᠦᠩᠬᠡᠢ ᠵᠠᠬᠢᠷᠤᠭᠴᠢ ᠳ᠋ᠤ᠌ ᠣᠯᠵᠠᠯᠠᠭᠳᠠᠪᠠ᠃ ᠨᠢᠭᠡ ᠵᠢᠯ ᠦ᠋ᠨ ᠳᠠᠷᠠᠭ᠎ᠠ᠂ ᠲᠡᠷᠡ ᠬᠦ᠌ ᠶᠡᠷᠦᠩᠬᠡᠢ ᠵᠠᠬᠢᠷᠤᠭᠴᠢ ᠨᠢ ᠠᠯᠠᠭᠳᠠᠭᠰᠠᠨ ᠲᠤᠯᠠ ᠶᠦᠨᠣᠰ ᠳᠠᠬᠢᠨ ᠡᠷᠬᠡ ᠴᠢᠯᠥᠭᠡ ᠣᠯᠵᠤ᠂ ᠮᠣᠭᠤᠯᠰᠲ᠋ᠠᠨ ᠳ᠋ᠤ᠌ ᠬᠦᠷᠭᠡᠭᠳᠡᠪᠡ᠃ ᠲᠡᠷᠡ ᠦᠶ᠎ᠡ ᠳ᠋ᠦ᠍ ᠲᠦᠷᠢᠮᠡᠬᠡᠢᠯᠡᠨ ᠣᠷᠣᠵᠤ ᠢᠷᠡᠭᠰᠡᠨ ᠬᠠᠯᠢᠮᠠᠭᠴᠤᠳ ᠬᠡᠳᠦᠢᠨ ᠴᠡᠷᠢᠭ ᠢ᠋ᠶ᠋ᠡᠨ ᠲᠠᠲᠠᠴᠢᠬᠠᠭᠰᠠᠨ ᠪᠠᠢᠪᠠ᠃
ᠠᠯᠢ ᠡᠷᠲᠡ1469 ᠣᠨ ᠳ᠋ᠤ᠌᠂ ᠠᠪ᠂ ᠰᠠᠢᠳ᠋ ᠢ᠋ ᠦᠬᠦᠬᠦ ᠡᠴᠡ ᠡᠮᠦᠨ᠎ᠡ᠂ ᠶᠦᠨᠣᠰ ᠲᠡᠮᠦᠷ ᠬᠠᠨᠳᠤ ᠤᠯᠤᠰ ᠤ᠋ᠨ ᠬᠠᠭᠤᠴᠢᠨ ᠨᠤᠲᠤᠭ ᠢ᠋ ᠲᠦᠷᠢᠮᠡᠬᠡᠢᠯᠡᠨ᠂ ᠳᠡ ᠶᠤᠸᠠᠨ ᠢ᠋ ᠡᠵᠡᠯᠡᠨ ᠠᠪᠬᠤ ᠶ᠋ᠢ ᠰᠠᠨᠠᠵᠤ ᠪᠠᠢᠭᠰᠠᠨ ᠶᠤᠮ᠃ ᠰᠡᠭᠦᠯᠡᠷ ᠨᠢ ᠲᠡᠷᠡ ᠠᠪ· ᠰᠠᠢᠳ᠋ ᠤ᠋ᠨ ᠬᠣᠶᠠᠷ ᠬᠥᠪᠡᠭᠦᠨ— ᠠᠬᠠᠮᠠᠳ᠋᠂ ᠮᠢᠯᠵᠠ ᠪᠣᠯᠤᠨ ᠤᠮᠠᠷ·ᠱᠠᠶᠢᠬᠠ ᠶ᠋ᠢᠨ ᠮᠥᠷᠭᠥᠯᠳᠦᠭᠡᠨ ᠦ᠌ ᠳᠤᠮᠳᠠ ᠭᠠᠷ ᠲᠥᠷᠥᠬᠦ ᠪᠡᠷ ᠭᠣᠷᠢᠳᠠᠪᠠ᠃ ᠲᠡᠭᠦᠨ ᠦ᠌ ᠣᠯᠤᠭᠰᠠᠨ ᠠᠰᠢᠭ ᠭᠡᠪᠡᠯ ᠲᠠᠱᠺᠸᠨᠲ ᠢ᠋ ᠨᠢᠭᠡᠳᠬᠡᠵᠦ ᠠᠪᠤᠭᠰᠠᠨ ᠶᠠᠪᠤᠳᠠᠯ ᠪᠣᠯᠤᠨ᠎ᠠ᠃1492 ᠣᠨ ᠳ᠋ᠤ᠌ ᠰᠡᠢᠷᠡᠨ ᠬᠦᠷᠲᠡᠯ᠎ᠡ ᠨᠢᠭᠡᠳᠬᠡᠵᠦ ᠠᠪᠤᠪᠠ᠃ ᠡᠨᠡ ᠬᠠᠨ ᠬᠣᠲᠠ ᠶ᠋ᠢᠨ ᠠᠮᠢᠳᠤᠷᠠᠯ ᠳ᠋ᠤ᠌ ᠡᠢᠮᠦ ᠶᠡᠬᠡ ᠳᠤᠷ᠎ᠠ ᠲᠠᠢ ᠪᠠᠢᠭᠰᠠᠨ ᠪᠠᠢᠵᠢ᠂ ᠲᠡᠷᠡ ᠢᠮᠠᠭᠲᠠ ᠲᠷᠠᠨᠰᠤᠭᠰᠢᠨᠠ ᠣᠷᠣᠨ ᠤ᠋ ᠬᠣᠲᠠᠳ ᠢ᠋ᠶ᠋ᠠᠷ ᠰᠠᠭᠤᠵᠤ ᠪᠠᠢᠭᠰᠠᠨ ᠶᠤᠮ᠃ ᠲᠡᠢᠨ ᠬᠦ᠌ ᠲᠡᠭᠦᠨ ᠦ᠌ ᠵᠣᠩᠬᠢᠯᠠᠬᠤ ᠣᠯᠠᠨ ᠬᠠᠷᠢᠶᠠᠲᠤ ᠠᠷᠠᠳ ᠨᠢ ᠲᠡᠭᠦᠨ ᠡᠴᠡ ᠰᠠᠯᠤᠭᠠᠳ᠂ ᠲᠡᠭᠦᠨ ᠦ᠌ ᠲᠠᠯ᠎ᠠ ᠨᠤᠲᠤᠭ ᠲᠤ᠌ ᠥᠰᠴᠦ ᠪᠣᠢᠵᠢᠭᠰᠠᠨ ᠬᠣᠶᠠᠳᠤᠭᠠᠷ ᠬᠥᠪᠡᠭᠦᠨ ᠠᠬᠠᠮᠠᠢᠳ᠋ ᠢ᠋ ᠡᠷᠭᠦᠨ ᠬᠦᠨᠳᠦᠯᠡᠬᠦ ᠪᠣᠯᠪᠠ᠃ ᠵᠡᠭᠦᠨ ᠲᠦᠷᠺᠢᠰᠲ᠋ᠠᠨ ᠳ᠋ᠤ᠌ ᠮᠣᠩᠭᠣᠯ ᠸᠠᠩ ᠪᠠᠬᠠᠯ ᠨᠢᠭᠡᠨ ᠲᠤᠰᠠᠭᠠᠷ ᠸᠠᠩᠲᠤ ᠤᠯᠤᠰ ᠢ᠋ ᠪᠠᠢᠭᠤᠯᠤᠭᠰᠠᠨ ᠶᠤᠮ᠂ ᠶᠦᠨᠣᠰ ᠲᠡᠭᠦᠨ ᠢ᠋ ᠦᠷᠭᠦᠯᠵᠢ ᠵᠡᠭᠦᠨ ᠲᠠᠯ᠎ᠠ ᠠ᠋ᠴᠠ ᠨᠢ ᠲᠦᠢᠪᠡᠭᠡᠳᠡᠭ ᠪᠣᠯᠪᠠᠴᠤ ᠲᠡᠷᠡ ᠪᠡᠷ ᠬᠠᠷᠢᠭᠤᠴᠠᠨ ᠲᠤᠯᠵᠤ ᠳᠡᠢᠯᠳᠡᠭ ᠪᠠᠢᠪᠠ᠃
ᠶᠦᠨᠣᠰ1487 ᠣᠨ ᠳ᠋ᠤ᠌ ᠰᠠ ᠡᠪᠡᠳᠴᠢᠨ ᠳ᠋ᠦ᠍ ᠳᠠᠭᠠᠷᠢᠭᠳᠠᠭᠠᠳ ᠨᠠᠰᠤ ᠪᠠᠷᠠᠪᠠ᠃ ᠲᠡᠭᠦᠨ ᠦ᠌ ᠠᠬᠠᠮᠠᠳ ᠬᠥᠪᠡᠭᠦᠨ ᠮᠠᠬᠠᠮᠤᠳ᠋(ᠬᠣᠲᠣᠩ ᠲᠣᠭᠠᠯᠠᠯ ᠤ᠋ᠨ868 ᠣᠨ᠂ ᠢᠰᠦ᠋ᠰ ᠲᠣᠭᠠᠯᠠᠯ ᠤ᠋ᠨ1463—1464 ᠣᠨ ᠳ᠋ᠤ᠌ ᠲᠥᠷᠥᠪᠡ) ᠰᠠᠭᠤᠷᠢᠨ ᠢ᠋ ᠨᠢ ᠵᠠᠯᠭᠠᠮᠵᠢᠯᠠᠵᠤ᠂ ᠲᠷᠠᠨᠰᠤᠭᠰᠢᠨᠠ ᠶ᠋ᠢᠨ ᠪᠠᠷᠠᠭᠤᠨ ᠬᠡᠰᠡᠭ ᠦ᠋ᠨ ᠨᠣᠶᠠᠯᠠᠭᠴᠢ᠂ ᠨᠡᠷ᠎ᠡ ᠳᠡᠭᠡᠷ᠎ᠡ ᠪᠡᠨ ᠪᠦᠬᠦ ᠤᠯᠤᠰ ᠤ᠋ᠨ ᠡᠵᠡᠨ ᠪᠣᠯᠪᠠ᠃ ᠡᠨᠡ ᠬᠥᠮᠦᠨ ᠴᠦ᠍ ᠡᠴᠢᠭᠡ ᠲᠡᠢ ᠪᠡᠨ ᠠᠳᠠᠯᠢ ᠪᠢᠴᠢᠭ ᠦ᠋ᠨ ᠬᠥᠮᠦᠨ ᠪᠠᠢᠵᠠᠢ᠃ ᠪᠠᠭ᠎ᠠ ᠰᠠᠭ᠎ᠠ ᠰᠢᠯᠦᠭ ᠪᠢᠴᠢᠨ᠎ᠡ᠂ ᠭᠡᠪᠡᠴᠦ ᠲᠥᠷᠥᠭ ᠬᠡᠯᠡᠨ ᠦ᠌ ᠭᠡᠮ ᠵᠣᠬᠢᠴᠠᠯ ᠢ᠋ ᠯᠡ ᠪᠠᠭ᠎ᠠ ᠰᠠᠭ᠎ᠠ ᠮᠡᠳᠡᠳᠡᠭ ᠲᠡᠳᠦᠢ᠂ ᠰᠢᠯᠦᠭ ᠨᠢ ᠲᠡᠢᠮᠦ ᠰᠠᠢᠬᠠᠨ ᠪᠢᠰᠢ᠃ ᠲᠡᠦᠬᠡᠴᠢ ᠪᠠᠪᠤᠷ ᠲᠡᠭᠦᠨ ᠦ᠌ ᠣᠯᠠᠨ ᠣᠯᠠᠨ ᠰᠠᠢᠨ ᠲᠠᠯ᠎ᠠ ᠶ᠋ᠢ ᠨᠢ ᠶᠡᠬᠡ ᠪᠡᠷ ᠡᠷᠭᠦᠨ ᠮᠠᠭᠲᠠᠵᠠᠢ᠂ ᠭᠡᠪᠡᠴᠦ ᠴᠡᠷᠢᠭ ᠦ᠋ᠨ ᠶᠠᠪᠤᠳᠠᠯ ᠤ᠋ᠨ ᠲᠠᠯ᠎ᠠ ᠪᠠᠷ ᠶᠠᠮᠠᠷ ᠴᠤ᠌ ᠴᠢᠳᠠᠪᠤᠷᠢ ᠦᠭᠡᠢ ᠶ᠋ᠢ ᠨᠢ ᠮᠡᠳᠡᠷᠡᠳᠡᠭ ᠪᠠᠢᠪᠠ᠃ ᠤᠯᠤᠰ ᠢ᠋ᠶ᠋ᠠᠨ ᠵᠠᠰᠠᠵᠤ ᠠᠷᠠᠳ ᠢ᠋ᠶ᠋ᠠᠨ ᠠᠮᠤᠷᠤᠭᠤᠯᠬᠤ ᠲᠠᠯ᠎ᠠ ᠪᠠᠷ ᠴᠦ᠍ ᠠᠪᠢᠶᠠᠰ ᠦᠭᠡᠢ ᠪᠠᠢᠵᠠᠢ᠃
ᠮᠠᠬᠠᠮᠣᠳ᠋ ᠲᠷᠠᠨᠰᠤᠭᠰᠢᠨᠠ ᠳ᠋ᠤ᠌ ᠲᠤᠵᠢ ᠰᠠᠭᠤᠳᠠᠭ ᠪᠥᠭᠡᠳ ᠠᠷᠭ᠎ᠠ ᠪᠦᠬᠦᠨ ᠢ᠋ ᠰᠦᠪᠡᠭᠴᠢᠯᠡᠨ ᠨᠤᠲᠤᠭ ᠳᠡᠪᠢᠰᠬᠡᠷ ᠢ᠋ᠶ᠋ᠡᠨ ᠥᠷᠭᠡᠳᠬᠡᠬᠦ ᠶ᠋ᠢ ᠰᠠᠨᠠᠳᠠᠭ ᠪᠠᠢᠪᠠ᠃ ᠡᠬᠢᠯᠡᠩᠭᠦᠲᠡ ᠵᠢᠭᠠᠬᠠᠨ ᠦᠷ᠎ᠡ ᠪᠦᠲᠦᠮᠵᠢ ᠲᠡᠢ ᠪᠠᠢᠵᠠᠢ᠃1500 ᠣᠨ ᠪᠣᠯᠬᠤ ᠳ᠋ᠤ᠌ ᠦᠽᠪᠧᠺ ᠦ᠋ᠨ ᠬᠠᠨ᠂ ᠠᠪᠬᠠᠷ ᠤ᠋ᠨ ᠣᠮᠪᠣᠯᠣ ᠮᠦᠬᠠᠮᠮᠠᠳ᠋·ᠰᠢᠪᠡᠨᠢ ᠲᠤᠩ ᠲᠦᠷᠭᠡᠨ ᠬᠦᠴᠦᠷᠬᠡᠭᠵᠢᠨ ᠪᠣᠰᠪᠠ᠃ ᠮᠦᠬᠠᠮᠮᠠᠳ᠋·ᠬᠡᠢᠳᠡᠷ ᠦ᠋ᠨ ᠲᠡᠮᠳᠡᠭᠯᠡᠯ ᠢ᠋ ᠦᠨᠳᠦᠰᠦᠯᠡᠪᠡᠯ᠂ ᠮᠠᠬᠠᠮᠣᠳ᠋ ᠬᠠᠨ ᠡᠬᠢᠯᠡᠩᠭᠦᠲᠡ ᠪᠡᠨ ᠰᠢᠪᠡᠨᠢ ᠶ᠋ᠢ ᠳᠡᠮᠵᠢᠵᠦ ᠪᠠᠢᠭᠰᠠᠨ ᠪᠥᠭᠡᠳ1488 ᠣᠨ ᠳ᠋ᠤ᠌ ᠲᠦᠷᠺᠢᠰᠲ᠋ᠠᠨ ᠤ᠋ ᠨᠤᠲᠤᠭ ᠠ᠋ᠴᠠ ᠪᠠᠨ ᠨᠢᠭᠡ ᠬᠡᠰᠡᠭ ᠢ᠋ ᠬᠡᠰᠡᠭᠯᠡᠨ ᠥᠭᠭᠦᠭᠰᠡᠨ ᠪᠠᠢᠪᠠ᠃ ᠡᠭᠦᠨ ᠡᠴᠡ ᠪᠣᠯᠵᠤ ᠲᠡᠷᠡ ᠬᠠᠰᠠᠭᠴᠤᠳ ᠲᠠᠢ ᠨᠠᠢᠷ ᠡᠪᠳᠡᠷᠡᠵᠡᠢ᠃1500 ᠣᠨ ᠳ᠋ᠤ᠌᠂ ᠲᠡᠷᠡ ᠰᠢᠪᠠᠨᠢ ᠶ᠋ᠢ ᠬᠠᠪᠰᠤᠷᠤᠨ ᠪᠤᠬᠠᠷ ᠬᠢᠭᠡᠳ ᠰᠠᠮᠠᠷᠺᠠᠨᠳ᠋ ᠢ᠋ ᠡᠵᠡᠯᠡᠨ ᠠᠪᠤᠭᠤᠯᠪᠠ᠂ ᠭᠡᠪᠡᠴᠦ ᠲᠡᠭᠦᠨ ᠦ᠌ ᠡᠨᠡ ᠰᠢᠨ᠎ᠡ ᠨᠠᠢᠵᠠ ᠨᠢ ᠲᠡᠭᠦᠨ ᠢ᠋ ᠭᠡᠳᠡᠷᠭᠦ ᠳᠠᠭᠠᠷᠢᠵᠤ ᠢᠷᠡᠭᠰᠡᠨ ᠲᠤᠯᠠ ᠠᠷᠭ᠎ᠠ ᠪᠤᠰᠤ ᠡᠨᠡ ᠬᠦ᠌ ᠳᠡᠭᠦᠦ ᠡᠴᠡ ᠪᠡᠨ ᠲᠤᠰᠠᠯᠠᠮᠵᠢ ᠭᠤᠶᠤᠪᠠ᠃
ᠲᠡᠭᠦᠨ ᠦ᠌ ᠳᠡᠭᠦᠦ ᠠᠬᠠᠮᠠᠢᠳ᠋(ᠬᠣᠲᠣᠩ ᠲᠣᠭᠠᠯᠠᠯ ᠤ᠋ᠨ870 ᠣᠨ᠂ ᠢᠰᠦ᠋ᠰ ᠲᠣᠭᠠᠯᠠᠯ ᠤ᠋ᠨ1465~1466 ᠣᠨ ᠳ᠋ᠤ᠌ ᠲᠥᠷᠥᠪᠡ) ᠨᠢ ᠲᠡᠭᠦᠨ ᠲᠡᠢ ᠣᠭᠲᠣ ᠠᠳᠠᠯᠢ ᠦᠭᠡᠢ ᠪᠠᠢᠪᠠ᠃ ᠲᠡᠭᠦᠨ ᠦ᠌ ᠠᠴᠢ ᠬᠥᠪᠡᠭᠦᠨ ᠪᠠᠭᠠᠲᠤᠷ ᠨᠢ ᠠᠪᠠᠭ᠎ᠠ ᠪᠠᠨ ᠳᠦᠷᠰᠦᠯᠡᠨ ᠶᠠᠷᠢᠬᠤ ᠳ᠋ᠠᠭᠠᠨ᠂ ᠲᠡᠷᠡ ᠪᠣᠯ ᠲᠠᠯ᠎ᠠ ᠨᠤᠲᠤᠭ ᠤ᠋ᠨ ᠵᠢᠪ ᠵᠢᠩᠬᠢᠨᠢ ᠰᠠᠢᠨ ᠡᠷ᠎ᠡ᠂ ᠲᠤᠢᠯ ᠤ᠋ᠨ ᠬᠦᠴᠦ ᠪᠢᠷ᠎ᠠ ᠲᠠᠢ ᠬᠥᠮᠦᠨ᠂ ᠲᠤᠢᠯ ᠤ᠋ᠨ ᠡᠷᠡᠰ ᠴᠢᠩᠭ᠎ᠠ ᠡᠷᠡᠯᠬᠡᠭ ᠪᠠᠭᠠᠲᠤᠷᠯᠢᠭ ᠪᠠᠢᠯᠳᠤᠭᠴᠢ ᠶᠤᠮ ᠭᠡᠵᠡᠢ᠃ ᠲᠡᠷᠡ ᠬᠢᠲᠤᠭ᠎ᠠ ᠰᠡᠯᠡᠮ᠎ᠡ ᠳ᠋ᠦ᠍ ᠲᠤᠩ ᠪᠠᠬᠠᠲᠠᠢ᠃ ᠲᠡᠷᠡ ᠮᠣᠩᠭᠣᠯ ᠬᠤᠪᠴᠠᠰᠤ ᠪᠠᠷ ᠢ᠋ᠶ᠋ᠠᠨ ᠭᠣᠶᠣᠯᠠᠳᠠᠭ ᠪᠥᠭᠡᠳ ᠠᠳᠬᠤᠨ ᠵᠡᠪᠰᠡᠭ ᠠᠭᠲᠠ ᠬᠦᠯᠦᠭ ᠢ᠋ᠶ᠋ᠡᠨ ᠮᠣᠩᠭᠣᠯ ᠶᠣᠰᠣᠭᠠᠷ ᠵᠠᠰᠠᠨ ᠭᠣᠶᠣᠳᠠᠭ᠃ ᠠᠬᠠᠮᠠᠢᠳ᠋ ᠬᠣᠶᠠᠷ ᠤᠳᠠᠭᠠᠨ ᠤ᠋ ᠳᠠᠢᠯᠠᠯᠳᠤᠭᠠᠨ ᠳ᠋ᠤ᠌ ᠬᠠᠯᠢᠮᠠᠭ ᠤ᠋ᠨ ᠤᠳᠤᠷᠢᠳᠤᠭᠴᠢ ᠶᠢᠰᠦᠨ ᠲᠠᠢᠵᠢ ᠶ᠋ᠢ ᠴᠣᠬᠢᠨ ᠢᠯᠠᠭᠰᠠᠨ ᠪᠥᠭᠡᠳ ᠬᠠᠯᠢᠮᠠᠭᠴᠤᠳ ᠲᠤ᠌ ᠲᠤᠢᠯ ᠤ᠋ᠨ ᠠᠢᠬᠤᠪᠲᠤᠷ ᠬᠥᠮᠦᠨ ᠭᠡᠰᠡᠨ ᠰᠠᠭᠤᠭᠳᠠᠯ ᠦᠯᠡᠳᠡᠭᠡᠵᠡᠢ᠃ ᠲᠡᠢᠨ ᠬᠦ᠌ ᠬᠠᠯᠢᠮᠠᠭᠴᠤᠳ ᠲᠡᠭᠦᠨ ᠳ᠋ᠦ᠍《ᠬᠥᠮᠦᠨ ᠠᠯᠠᠳᠠᠭ ᠮᠠᠩᠭᠤᠰ》—《ᠠᠯᠠᠭᠠᠴᠢ》 ᠭᠡᠰᠡᠨ ᠴᠣᠯᠠ ᠥᠭᠴᠡᠢ᠃ ᠲᠡᠷᠡ ᠪᠡᠷ ᠤᠷᠪᠠᠨ ᠲᠡᠷᠰᠯᠡᠭᠰᠡᠨ ᠸᠠᠩ ᠬᠦᠩ ᠦ᠋ᠳ ᠢ᠋ ᠳᠠᠢᠯᠠᠨ ᠳᠣᠪᠲᠣᠯᠵᠤ᠂ ᠠᠬ᠎ᠠ ᠠ᠋ᠴᠠ ᠨᠢ ᠤᠷᠪᠠᠵᠤ᠂ ᠠᠬ᠎ᠠ ᠶ᠋ᠢ ᠨᠢ ᠬᠣᠶᠠᠷ ᠤᠳᠠᠭᠠᠨ ᠤ᠋ ᠲᠡᠢᠨ ᠳ᠋ᠦ᠍ ᠳᠡᠢᠯᠦᠭᠰᠡᠨ ᠬᠠᠰᠠᠭᠴᠤᠳ ᠢ᠋ ᠳᠠᠢᠯᠠᠨ ᠳᠣᠪᠲᠣᠯᠪᠠ᠃ ᠠᠬᠠᠮᠠᠢᠳ᠋ ᠬᠠᠰᠠᠭᠴᠤᠳ ᠢ᠋ ᠭᠤᠷᠪᠠ ᠤᠳᠠᠭ᠎ᠠ ᠴᠣᠬᠢᠨ ᠢᠯᠠᠵᠠᠢ᠃ ᠲᠡᠭᠦᠨ ᠳ᠋ᠦ᠍ ᠲᠠᠭᠠᠷᠠᠭᠰᠠᠨ ᠴᠣᠷ ᠤ᠋ᠨ ᠭᠠᠭᠴᠠ ᠣᠷᠣᠭᠰᠢ ᠦᠭᠡᠢ ᠶᠠᠪᠤᠳᠠᠯ ᠭᠡᠪᠡᠯ ᠺᠠᠱᠭᠠᠷ ᠪᠣᠯᠤᠨ ᠶᠠᠷᠺᠠᠨᠳ᠋ ᠢ᠋ ᠳᠠᠢᠯᠠᠨ ᠳᠠᠭᠠᠭᠤᠯᠬᠤ ᠭᠡᠳ ᠡᠰᠡ ᠳᠡᠢᠯᠦᠭᠰᠡᠨ ᠤᠴᠢᠷ ᠪᠣᠯᠤᠨ᠎ᠠ᠃
ᠠᠬᠠᠮᠠᠢᠳ᠋ ᠠᠬ᠎ᠠ ᠶ᠋ᠢᠨ ᠢ᠋ᠶ᠋ᠡᠨ ᠲᠤᠰᠠᠯᠠᠬᠤ ᠶ᠋ᠢ ᠭᠤᠶᠤᠭᠰᠠᠨ ᠬᠦᠰᠡᠯ ᠢ᠋ ᠬᠦᠯᠢᠶᠡᠨ ᠠᠪᠴᠤ᠂ ᠠᠷᠪᠠ ᠶᠢᠰᠦᠲᠡᠢ ᠬᠥᠪᠡᠭᠦᠨ ᠮᠠᠨᠱᠦ᠋ᠢ ᠪᠡᠨ ᠮᠤᠭᠤᠯᠰᠲ᠋ᠠᠨ ᠳ᠋ᠤ᠌ ᠦᠯᠡᠳᠡᠭᠡᠭᠡᠳ᠂ ᠪᠤᠰᠤᠳ ᠬᠣᠶᠠᠷ ᠬᠥᠪᠡᠭᠦᠨ ᠢ᠋ᠶ᠋ᠡᠨ ᠳᠠᠭᠠᠭᠤᠯᠵᠤ ᠲᠠᠱᠺᠸᠨ᠋ᠲ ᠲᠤ᠌ ᠣᠴᠢᠪᠠ᠃1503 ᠣᠨ ᠳ᠋ᠤ᠌ ᠦᠽᠪᠧᠺ ᠬᠠᠨ ᠰᠢᠪᠠᠨᠢ ᠭᠡᠨᠡᠳᠲᠡ ᠶ᠋ᠢᠨ ᠳᠠᠭᠠᠷᠢᠯᠲᠠ ᠬᠢᠵᠦ᠂ ᠬᠣᠶᠠᠷ ᠬᠠᠨ ᠢ᠋ ᠪᠠᠷᠢᠵᠤ ᠠᠪᠠᠴᠢᠪᠠ᠃ ᠭᠡᠪᠡᠴᠦ ᠰᠢᠪᠠᠨᠢ ᠲᠡᠳᠡ ᠬᠣᠶᠠᠭᠤᠯᠠ ᠶ᠋ᠢ ᠳᠠᠬᠢᠭᠠᠳ ᠲᠠᠯᠪᠢᠭᠠᠳ ᠶᠠᠪᠤᠭᠤᠯᠴᠢᠬᠠᠭᠰᠠᠨ ᠪᠠᠢᠪᠠ᠃ ᠲᠡᠭᠡᠭᠡᠳ ᠮᠠᠬᠠᠮᠥᠳ᠋ ᠦ᠋ᠨ ᠭᠠᠷ ᠠ᠋ᠴᠠ ᠲᠠᠱᠺᠸᠨ᠋ᠲ ᠪᠣᠯᠤᠨ ᠰᠡᠢᠷᠡᠨ ᠢ᠋ ᠪᠤᠯᠢᠶᠠᠨ ᠠᠪᠴᠠᠢ᠃ ᠮᠠᠬᠠᠮᠣᠳ᠋᠂ ᠠᠬᠠᠮᠠᠢᠳ᠋ ᠠᠬ᠎ᠠ ᠳᠡᠭᠦᠦ ᠬᠣᠶᠠᠭᠤᠯᠠ ᠠᠺᠰᠤ ᠳ᠋ᠤ᠌ ᠡᠪᠦᠯᠵᠢᠭᠡᠳ᠂ ᠠᠬᠠᠮᠠᠢᠳ᠋ ᠰᠠ ᠡᠪᠡᠳᠴᠢᠨ ᠳ᠋ᠦ᠍ ᠳᠠᠭᠠᠷᠢᠭᠳᠠᠨ ᠨᠠᠰᠤ ᠪᠠᠷᠠᠪᠠ᠃ ᠮᠠᠬᠠᠮᠣᠳ᠋ ᠠᠺᠰᠣ ᠪᠣᠯᠤᠨ ᠮᠣᠭᠣᠯᠰᠲ᠋ᠠᠨ ᠤ᠋ ᠵᠡᠭᠦᠨ ᠬᠡᠰᠡᠭ ᠢ᠋ ᠬᠣᠶᠠᠷ ᠠᠴᠢ ᠳ᠋ᠠᠭᠠᠨ ᠦᠯᠡᠳᠡᠭᠡᠵᠦ ᠥᠭᠭᠦᠭᠡᠳ᠂ ᠥᠪᠡᠷ ᠢ᠋ᠶ᠋ᠡᠨ ᠬᠢᠳᠭᠠᠨ ᠳ᠋ᠤ᠌ ᠤᠬᠤᠷᠢᠨ ᠰᠠᠭᠤᠪᠠ᠃ ᠬᠣᠶᠠᠷ ᠠᠴᠢ ᠶ᠋ᠢᠨ ᠬᠢᠨᠢ ᠨᠢᠭᠡ ᠪᠣᠯᠬᠤ ᠮᠠᠨᠱᠦ᠋ᠢ ᠠᠺᠰᠤ ᠳ᠋ᠤ᠌ ᠦᠷᠭᠦᠯᠵᠢᠳᠡ ᠰᠠᠭᠤᠭᠰᠠᠨ ᠪᠥᠭᠡᠳ ᠨᠥᠭᠥᠭᠡ ᠬᠠᠯᠢᠯ ᠬᠠᠨ ᠳᠠᠬᠢᠭᠠᠳ ᠳᠣᠯᠣᠭᠠᠨ ᠤᠰᠤᠨ ᠳ᠋ᠤ᠌ ᠪᠤᠴᠠᠵᠤ᠂ ᠬᠢᠷᠭᠢᠰ (ᠡᠨᠡ ᠪᠣᠯ ᠵᠢᠩᠬᠢᠨᠢ ᠬᠢᠷᠭᠢᠰ ᠪᠣᠯᠤᠨ᠎ᠠ᠂ ᠣᠷᠣᠰ ᠤ᠋ᠨ ᠬᠤᠪᠢᠰᠬᠠᠯ ᠠ᠋ᠴᠠ ᠡᠮᠦᠨ᠎ᠡ ᠡᠳᠡᠭᠡᠷ ᠡᠳᠡᠭᠡᠷ ᠬᠥᠮᠦᠰ ᠢ᠋《ᠬᠠᠷ᠎ᠠ ᠬᠢᠷᠭᠢᠰ》 ᠭᠡᠳᠡᠭ ᠪᠠᠢᠪᠠ) ᠶ᠋ᠢᠨ ᠲᠦᠷᠦᠭᠦᠦ ᠪᠣᠯᠪᠠ᠃
ᠮᠠᠨ ᠤ᠋ ᠡᠵᠡᠮᠳᠡᠵᠦ ᠪᠦᠬᠦᠢ ᠵᠠᠷᠢᠮ ᠮᠠᠲ᠋ᠧᠷᠢᠶᠠᠯ ᠢ᠋ ᠦᠨᠳᠦᠰᠦᠯᠡᠨ᠂ ᠨᠢᠭᠡ ᠪᠦᠯᠦᠭ ᠭᠢᠷᠭᠢᠰᠴᠦᠳ ᠦ᠋ᠨ ᠠᠯᠢ ᠡᠷᠲᠡ10 ᠳ᠋ᠤᠭᠠᠷ ᠵᠠᠭᠤᠨ ᠠ᠋ᠴᠠ ᠡᠮᠦᠨ᠎ᠡ ᠡᠨᠡ ᠨᠤᠲᠤᠭ ᠲᠤ᠌ ᠣᠷᠣᠵᠤ ᠢᠷᠡᠭᠰᠡᠨ ᠶᠠᠪᠤᠳᠠᠯ ᠢ᠋ ᠪᠦᠷᠢᠮᠦᠰᠦᠨ ᠲᠣᠳᠣᠷᠬᠠᠢᠯᠠᠵᠤ ᠴᠢᠳᠠᠬᠤ ᠪᠣᠯᠪᠠᠴᠤ ᠡᠨᠡ ᠭᠢᠷᠭᠢᠰᠴᠦᠳ(《ᠬᠠᠷ᠎ᠠ ᠬᠢᠷᠭᠢᠰ》) ᠦ᠋ᠨ ᠥᠨᠥᠳᠥᠷ ᠦ᠋ᠨ ᠡᠨᠡ ᠨᠤᠲᠤᠭ ᠲᠤ᠌ ᠠᠮᠢᠳᠤᠷᠠᠵᠤ ᠪᠠᠢᠭᠰᠠᠨ ᠬᠠᠮᠤᠭ ᠤ᠋ᠨ ᠠᠩᠬᠠᠨ ᠤ᠋ ᠲᠡᠦᠬᠡᠨ ᠲᠡᠮᠳᠡᠭᠯᠡᠯ ᠪᠠᠢᠵᠤ ᠮᠡᠳᠡᠨ᠎ᠡ᠃ ᠲᠡᠦᠬᠡᠴᠢ ᠮᠣᠬᠠᠮᠮᠠᠳ᠋·ᠬᠡᠢᠲᠡᠷ ᠦ᠋ᠨ ᠬᠡᠯᠡᠬᠦ ᠪᠡᠷ ᠪᠣᠯ ᠬᠢᠷᠭᠢᠰ ᠬᠥᠮᠦᠨ ᠬᠢᠭᠡᠳ ᠮᠣᠩᠭᠣᠯ ᠬᠥᠮᠦᠨ ᠦ᠌ ᠳᠤᠮᠳᠠ ᠠ᠋ᠴᠠ ᠶᠠᠮᠠᠷ ᠴᠤ᠌ ᠦᠨᠳᠦᠰᠦᠲᠡᠨ ᠤᠭᠰᠠᠭᠠᠲᠠᠨ ᠤ᠋ ᠢᠯᠭᠠᠭ᠎ᠠ ᠶ᠋ᠢ ᠣᠯᠵᠤ ᠬᠠᠷᠠᠬᠤ ᠦᠭᠡᠢ᠃ ᠲᠡᠭᠦᠨ ᠦ᠌ ᠦᠵᠡᠬᠦ ᠪᠡᠷ᠂ ᠬᠢᠷᠭᠢᠰ ᠬᠥᠮᠦᠨ ᠪᠣᠯ ᠮᠣᠩᠭᠣᠯ ᠤ᠋ᠨ ᠪᠦᠲᠦᠨ ᠴᠣᠭᠴᠠ ᠠ᠋ᠴᠠ ᠰᠡᠢᠯᠪᠦᠷᠢᠯᠡᠵᠦ ᠭᠠᠷᠴᠤ ᠢᠷᠡᠭᠰᠡᠨ ᠨᠢᠭᠡ ᠰᠠᠯᠠᠭ᠎ᠠ ᠲᠡᠳᠦᠢ᠃ ᠲᠡᠷᠡ ᠪᠡᠷ ᠬᠢᠷᠭᠢᠰ ᠬᠥᠮᠦᠨ ᠪᠣᠯᠤᠨ ᠮᠣᠩᠭᠣᠯ ᠬᠥᠮᠦᠨ ᠦ᠌ ᠨᠢᠭᠡ ᠨᠢᠭᠡᠨ ᠢ᠋ ᠪᠡᠨ ᠬᠣᠷᠣᠰᠬᠤ ᠶᠠᠪᠤᠳᠠᠯ ᠢ᠋ ᠲᠠᠢᠯᠪᠤᠷᠢᠯᠠᠬᠤ ᠳ᠋ᠠᠭᠠᠨ ᠮᠣᠩᠭᠣᠯᠴᠤᠳ ᠬᠡᠳᠦᠢᠨ ᠢᠰᠯᠠᠮ ᠤ᠋ᠨ ᠱᠠᠰᠢᠨ ᠳ᠋ᠤ᠌ ᠣᠷᠣᠭᠠᠳ ᠭᠢᠷᠭᠢᠰᠴᠦᠳ ᠬᠠᠷᠢᠨ ᠱᠠᠰᠢᠨ ᠰᠢᠲᠦᠬᠦ ᠦᠭᠡᠢ ᠡᠴᠡ ᠪᠣᠯᠵᠠᠢ ᠭᠡᠪᠡ᠃
ᠠᠬᠠᠮᠠᠢᠳ᠋ ᠤ᠋ᠨ ᠥᠭᠡᠷ᠎ᠡ ᠨᠢᠭᠡ ᠬᠥᠪᠡᠭᠦᠨ ᠢ᠋ ᠨᠢ ᠰᠠᠢᠳ᠋ ᠭᠡᠳᠡᠭ᠂ ᠲᠤᠬᠠᠢ ᠶ᠋ᠢᠨ ᠦᠶ᠎ᠡ ᠳ᠋ᠦ᠍ ᠡᠨᠡ ᠬᠥᠪᠡᠭᠦᠨ ᠢ᠋ᠶ᠋ᠡᠨ ᠲᠷᠠᠨᠰᠤᠭᠰᠢᠨᠠ ᠳ᠋ᠤ᠌ ᠦᠯᠡᠳᠡᠭᠡᠪᠡ᠂ ᠰᠡᠭᠦᠯᠡᠷ ᠨᠢ ᠦᠽᠪᠧᠺᠴᠦᠳ ᠦ᠋ᠨ ᠭᠠᠷ ᠠ᠋ᠴᠠ ᠳᠤᠲᠠᠭᠠᠨ ᠭᠠᠷᠴᠤ ᠢᠷᠡᠭᠡᠳ ᠬᠠᠯᠢᠯ ᠲᠠᠢ ᠪᠠᠨ ᠨᠡᠢᠯᠡᠪᠡ᠃ ᠲᠡᠷᠡ ᠪᠡᠷ ᠬᠢᠣᠨᠭᠠᠨ ᠢ᠋ᠶ᠋ᠠᠷ ᠥᠩᠭᠡᠷᠡᠬᠦ ᠳ᠋ᠡᠭᠡᠨ ᠶᠡᠬᠡ ᠠᠪᠠᠭ᠎ᠠ ᠮᠠᠬᠠᠮᠣᠳ᠋ ᠲᠠᠢ ᠪᠠᠨ ᠨᠢᠭᠡᠨ ᠦᠶ᠎ᠡ ᠴᠣᠭ ᠰᠠᠭᠤᠪᠠ᠃ ᠭᠡᠪᠡᠴᠦ ᠲᠡᠷᠡ ᠶᠡᠬᠡ ᠠᠪᠠᠭ᠎ᠠ ᠶ᠋ᠢᠨ ᠢ᠋ᠶ᠋ᠡᠨ ᠶᠠᠪᠤᠭᠤᠯᠵᠤ ᠪᠦᠬᠦᠢ ᠬᠠᠷᠭᠢᠰ ᠵᠠᠰᠠᠭ ᠲᠤ᠌ ᠲᠤᠢᠯ ᠢ᠋ᠶ᠋ᠠᠷ ᠳᠤᠷ᠎ᠠ ᠦᠭᠡᠢᠴᠡᠨ᠂ ᠠᠬ᠎ᠠ ᠶ᠋ᠢᠨ ᠢ᠋ᠶ᠋ᠡᠨ ᠲᠡᠨᠳᠡ ᠳᠤᠲᠠᠭᠠᠨ ᠣᠴᠢᠪᠠ᠃ ᠰᠠᠢᠳ᠋ ᠪᠣᠯᠤᠨ ᠬᠠᠯᠢᠯ ᠬᠣᠶᠠᠭᠤᠯᠠ ᠪᠠᠨ ᠳᠥᠷᠪᠡᠨ ᠵᠢᠯ ᠬᠠᠮᠲᠤ ᠰᠠᠭᠤᠪᠠ᠃ ᠡᠨᠡ ᠬᠤᠭᠤᠴᠠᠭᠠᠨ ᠳ᠋ᠤ᠌ ᠲᠡᠳᠡ ᠬᠣᠶᠠᠭᠤᠯᠠ ᠶᠡᠬᠡ ᠠᠪᠠᠭ᠎ᠠ ᠪᠠᠨ ᠢᠯᠡ ᠪᠡᠷ ᠳᠠᠢᠰᠤᠩᠨᠠᠬᠤ ᠪᠣᠯᠪᠠ᠃ ᠡᠳᠡ ᠨᠠᠷ ᠢ᠋ᠶ᠋ᠠᠨ ᠡᠪᠰᠡᠭᠦᠯᠬᠦ ᠶ᠋ᠢᠨ ᠲᠥᠯᠥᠭᠡ᠂ ᠮᠡᠨᠱᠦ᠋ᠢ ᠮᠣᠭᠣᠯᠰᠲ᠋ᠠᠨ ᠠ᠋ᠴᠠ ᠬᠦᠷᠦᠯᠴᠡᠨ ᠢᠷᠡᠵᠦ ᠠᠪᠠᠭ᠎ᠠ ᠪᠠ ᠠᠴᠢ ᠨᠠᠷ ᠢ᠋ ᠠᠭᠤᠯᠵᠠᠭᠤᠯᠤᠨ ᠬᠤᠷᠠᠯ ᠬᠢᠪᠡ᠃ ᠭᠡᠪᠡᠴᠦ ᠬᠤᠷᠠᠯ ᠤ᠋ᠨ ᠳᠠᠷᠠᠭ᠎ᠠ ᠳᠣᠲᠣᠷ᠎ᠠ ᠵᠠᠭᠤᠷ᠎ᠠ ᠪᠠᠨ ᠳᠠᠬᠢᠭᠠᠳ ᠮᠥᠷᠭᠥᠯᠳᠦᠭᠡᠨ ᠡᠭᠦᠰᠴᠡᠢ᠃ ᠮᠠᠬᠠᠮᠣᠳ᠋ ᠲᠤ᠌ ᠤᠴᠠᠷᠠᠭᠰᠠᠨ ᠤᠯᠤᠰ ᠲᠥᠷᠥ ᠶ᠋ᠢᠨ ᠳᠠᠢᠰᠤᠨ ᠤ᠋ ᠳᠠᠷᠤᠯᠲᠠ ᠨᠢ ᠳᠠᠩᠴᠤ ᠶᠡᠬᠡ ᠪᠠᠢᠪᠠ᠃ ᠲᠡᠷᠡ ᠠᠷᠭ᠎ᠠ ᠪᠤᠰᠤ《ᠨᠢᠭᠡ ᠯᠡ ᠵᠦᠭ ᠲᠦ᠍ ᠬᠡᠯᠪᠡᠢᠭᠡᠳ》᠂ ᠲᠷᠠᠨᠰᠤᠭᠰᠢᠨᠠ ᠳ᠋ᠤ᠌ ᠳᠠᠬᠢᠨ ᠣᠴᠢᠵᠤ᠂ ᠰᠢᠪᠠᠨᠢ ᠶ᠋ᠢ ᠲᠦᠰᠢᠪᠡ᠃1508 ᠣᠨ ᠳ᠋ᠤ᠌᠂ ᠰᠢᠪᠠᠨᠢ ᠵᠠᠷᠯᠢᠭ ᠪᠠᠭᠤᠯᠭᠠᠨ ᠮᠠᠬᠠᠮᠣᠳ᠋ ᠢ᠋ ᠬᠥᠪᠡᠭᠦᠨ ᠲᠡᠢ ᠨᠢ ᠬᠠᠮᠲᠤ ᠰᠢᠷ ᠮᠥᠷᠡᠨ ᠦ᠌ ᠡᠷᠭᠢᠨ ᠳᠡᠭᠡᠷ᠎ᠡ ᠠᠮᠢ ᠶ᠋ᠢ ᠨᠢ ᠬᠣᠷᠣᠭᠠᠪᠠ᠃ ᠡᠢᠮᠦ ᠤᠴᠢᠷ ᠭᠠᠷᠤᠭᠰᠠᠨ ᠠ᠋ᠴᠠ ᠪᠣᠯᠵᠤ ᠮᠠᠨᠱᠦ᠋ᠷ ᠢ᠋ᠶ᠋ᠡᠷ ᠠᠬ᠎ᠠ ᠳᠡᠭᠦᠦ ᠬᠣᠶᠠᠷ ᠲᠠᠭᠠᠨ ᠴᠡᠷᠢᠭᠯᠡᠵᠦ᠂ ᠠᠯᠠᠮᠲᠤ ᠳ᠋ᠤ᠌ ᠲᠡᠳᠡᠨ ᠢ᠋ ᠴᠣᠬᠢᠨ ᠲᠠᠢᠯᠪᠠ᠃ ᠬᠠᠯᠢᠯ ᠳᠠ ᠶᠤᠸᠠᠨ ᠳ᠋ᠤ᠌ ᠳᠤᠲᠠᠭᠠᠨ ᠣᠴᠢᠭᠠᠳ ᠦᠽᠪᠧᠺᠴᠦᠳ ᠦ᠋ᠨ ᠶᠡᠷᠦᠩᠬᠡᠢ ᠺᠡᠨᠢᠫᠤ ᠳ᠋ᠤ᠌ ᠠᠯᠠᠭᠳᠠᠪᠠ᠃ ᠰᠠᠢᠳ᠋ ᠨᠠᠷᠢᠨ ᠭᠣᠣᠯ ᠣᠷᠴᠢᠮ ᠤ᠋ᠨ ᠣᠢ ᠰᠢᠭᠤᠢ ᠳ᠋ᠤ᠌ ᠬᠡᠳᠦᠨ ᠰᠠᠷ᠎ᠠ ᠠᠮᠢᠳᠤᠷᠠᠪᠠ᠃ ᠡᠭᠦᠨ ᠢ᠋ ᠭᠠᠢᠬᠠᠮᠠᠷ ᠤᠴᠢᠷ ᠠᠯᠠᠭ᠎ᠠ᠂ ᠶᠠᠭᠤ ᠭᠡᠪᠡᠯ ᠮᠣᠩᠭᠣᠯ ᠬᠥᠮᠦᠨ ᠦ᠌ ᠣᠢᠯᠠᠭᠠᠭᠳᠠᠬᠤᠨ ᠢ᠋ᠶ᠋ᠠᠷ ᠪᠣᠯ ᠪᠠᠭᠠᠲᠤᠷ ᠡᠷ᠎ᠡ ᠵᠠᠯᠠᠭᠤ ᠨᠠᠰᠤᠨ ᠳ᠋ᠠᠭᠠᠨ ᠪᠠᠷᠲᠠᠭᠠᠲᠤ ᠠᠭᠤᠯᠠ ᠠᠭᠯᠠᠭ ᠣᠢ ᠳ᠋ᠤ᠌ ᠣᠴᠢᠵᠤ᠂ ᠬᠥᠮᠦᠨ ᠬᠠᠷ᠎ᠠ ᠲᠠᠢ ᠭᠠᠵᠠᠷ ᠠ᠋ᠴᠠ ᠨᠢᠭᠡ ᠬᠣᠶᠠᠷ ᠰᠠᠷ᠎ᠠ ᠶ᠋ᠢᠨ ᠵᠠᠢᠲᠠᠢ ᠡᠵᠡᠭᠦᠢ ᠭᠠᠵᠠᠷ ᠢ᠋ᠶ᠋ᠠᠷ ᠲᠡᠨᠦᠵᠦ᠂ ᠠᠩ ᠬᠦᠷᠦᠭᠡ ᠬᠢᠵᠦ ᠠᠮᠢᠳᠤᠷᠠᠬᠤ ᠬᠡᠷᠡᠭᠲᠡᠢ᠃ ᠰᠠᠢᠳ᠋ ᠤ᠋ᠨ ᠰᠣᠩᠭᠣᠭᠰᠠᠨ ᠡᠨᠡ ᠭᠠᠵᠠᠷ ᠨᠢ ᠲᠦᠷᠦᠭᠦᠬᠡᠨ ᠺᠡᠱᠭᠠᠷ ᠤ᠋ᠨ ᠠᠪ· ᠪᠡᠺᠡᠷ ᠦ᠋ᠨ ᠲᠡᠨᠳᠡ ᠡᠴᠡ ᠲᠣᠮᠢᠯᠠᠭᠰᠠᠨ ᠲᠦᠷᠢᠮᠡᠬᠡᠢ ᠴᠡᠷᠢᠭ ᠲᠦ᠍ ᠠᠢᠬᠤᠪᠲᠤᠷ ᠲᠠᠯᠬᠢᠭᠤᠯᠤᠭᠠᠳ ᠪᠠᠢᠵᠠᠢ᠃ ᠰᠠᠢᠳ᠋ ᠰᠡᠭᠦᠯᠡᠷ ᠨᠢ ᠭᠠᠷ ᠳᠣᠣᠷᠠᠬᠢ ᠬᠥᠮᠦᠰ ᠦ᠋ᠨ ᠢ᠋ᠶ᠋ᠡᠨ ᠥᠳᠥᠭᠡᠯᠭᠡ ᠳ᠋ᠦ᠍ ᠣᠷᠣᠵᠤ᠂ ᠥᠪᠡᠷ ᠦ᠋ᠨ ᠰᠠᠨᠠᠭ᠎ᠠ ᠠ᠋ᠴᠠ ᠪᠠᠨ ᠲᠡᠷᠰᠯᠡᠨ᠂ ᠳᠡ ᠶᠤᠸᠠᠨ ᠳ᠋ᠤ᠌ ᠣᠴᠢᠭᠰᠠᠨ ᠪᠠᠢᠨ᠎ᠠ᠃ ᠲᠡᠨᠳᠡ ᠬᠦᠷᠦᠭᠰᠡᠨ ᠴᠠᠭ ᠨᠢ ᠶᠠᠭ ᠰᠠᠢᠬᠠᠨ ᠮᠠᠬᠠᠮᠣᠳ᠋ ᠨᠠᠰᠤ ᠪᠠᠷᠠᠭᠤᠨ ᠬᠣᠶᠠᠷ ᠰᠠᠷ᠎ᠠ ᠪᠣᠯᠵᠤ ᠪᠠᠢᠭᠰᠠᠨ ᠦᠶ᠎ᠡ᠂ ᠬᠠᠯᠢᠯ ᠦᠬᠦᠬᠦ ᠡᠴᠡ ᠡᠮᠦᠨᠡᠬᠢ ᠨᠢᠭᠡ ᠰᠠᠷ᠎ᠠ ᠶ᠋ᠢᠨ ᠦᠶ᠎ᠡ ᠪᠣᠯᠤᠨ᠎ᠠ᠃ ᠰᠠᠢᠳ᠋ ᠴᠤ᠌ ᠪᠠᠷᠢᠭᠳᠠᠨ ᠬᠣᠷᠢᠭᠳᠠᠭᠰᠠᠨ ᠪᠣᠯᠪᠠᠴᠤ ᠰᠡᠭᠦᠯᠡᠷ ᠨᠢ ᠳᠤᠲᠠᠭᠠᠨ ᠭᠠᠷᠴᠤ᠂ ᠠᠮᠤᠷ ᠮᠡᠨᠳᠦ ᠪᠡᠷ ᠺᠡᠪᠦ᠋ᠯ ᠳ᠋ᠦ᠍ ᠬᠦᠷᠴᠡᠢ᠃ ᠲᠤᠰ ᠵᠢᠯ(1508) ᠤ᠋ ᠰᠡᠭᠦᠯᠴᠢ ᠪᠡᠷ ᠲᠡᠷᠡ ᠪᠠᠪᠤᠷ ᠤ᠋ᠨ ᠬᠠᠷᠢᠶᠠᠨ ᠳ᠋ᠤ᠌ ᠣᠷᠣᠪᠠ᠃
ᠺᠡᠱᠭᠠᠷ ᠠ᠋ᠴᠠ ᠢᠷᠡᠭᠰᠡᠨ ᠠᠪ· ᠪᠡᠺᠡᠷ ᠦ᠋ᠨ ᠴᠡᠷᠢᠭ ᠸᠠᠯᠢ ᠸᠠᠩ ᠤ᠋ᠨ ᠵᠢᠯᠣᠭᠣᠳᠤᠯᠭ᠎ᠠ ᠪᠠᠷ ᠨᠢᠭᠡ ᠵᠠᠮ ᠰᠢᠯᠤᠭᠤᠬᠠᠨ ᠤᠷᠤᠭᠰᠢᠯᠠᠵᠤ᠂ ᠳᠣᠯᠣᠭᠠᠨ ᠤᠰᠤᠨ ᠳ᠋ᠤ᠌ ᠲᠦᠷᠢᠨ ᠣᠷᠣᠭᠰᠠᠨ ᠳ᠋ᠤ᠌ ᠮᠠᠨᠱᠦ᠋ᠷ ᠬᠠᠭᠠᠨ ᠠᠷᠭ᠎ᠠ ᠪᠤᠰᠤ ᠨᠤᠲᠤᠭ ᠤᠰᠤ ᠠ᠋ᠴᠠ ᠪᠠᠨ ᠰᠠᠯᠵᠤ᠂ ᠨᠢᠭᠡ ᠪᠦᠯᠦᠭ ᠭᠢᠷᠭᠢᠰᠴᠤᠳ ᠢ᠋ ᠳᠠᠭᠠᠭᠤᠯᠤᠨ᠂ ᠬᠠᠷᠠᠱᠠᠷ ᠲᠤ᠌ ᠣᠴᠢᠪᠠ᠃ ᠡᠳᠡᠭᠡᠷ ᠬᠥᠮᠦᠰ ᠦ᠋ᠨ ᠣᠯᠠᠩᠬᠢ ᠨᠢ ᠠᠯᠠᠭᠠᠳᠠᠭᠠᠳ᠂ ᠦᠯᠡᠳᠡᠭᠰᠡᠨ ᠪᠠᠭᠠᠬᠠᠨ ᠬᠡᠰᠡᠭ ᠨᠢ ᠠᠪ· ᠪᠡᠺᠡᠷ ᠦ᠋ᠨ ᠵᠥᠪᠰᠢᠶᠡᠷᠡᠯ ᠲᠡᠢ ᠪᠡᠷ ᠢᠰᠠᠢᠺᠺᠦ᠋ᠯ ᠨᠠᠭᠤᠷ ᠤ᠋ᠨ ᠡᠮᠦᠨ᠎ᠡ ᠡᠷᠭᠢ ᠳ᠋ᠦ᠍ ᠪᠤᠴᠠᠨ᠂ ᠨᠡᠭᠦᠳᠡᠯᠴᠢ ᠠᠮᠢᠳᠤᠷᠠᠯ ᠢ᠋ᠶ᠋ᠠᠨ ᠬᠢᠪᠡ᠃ ᠳᠣᠯᠣᠭᠠᠨ ᠤᠰᠤᠨ ᠤ᠋ ᠤᠮᠠᠷᠠᠲᠤ ᠬᠡᠰᠡᠭ ᠢ᠋ ᠬᠠᠰᠠᠭ ᠤ᠋ᠨ ᠬᠠᠨ ᠺᠡᠰᠢᠨ ᠨᠣᠶᠠᠷᠬᠠᠵᠤ ᠪᠠᠢᠪᠠ᠃ ᠡᠨᠡ ᠬᠥᠮᠦᠨ ᠬᠣᠲᠣᠩ ᠲᠣᠭᠠᠯᠠᠯ ᠤ᠋ᠨ724 ᠣᠨ᠂ ᠢᠰᠦ᠋ᠰ ᠲᠣᠭᠠᠯᠠᠯ ᠤ᠋ᠨ1508 ᠣᠨ ᠳ᠋ᠤ᠌ ᠨᠠᠰᠤ ᠪᠠᠷᠠᠵᠠᠢ᠃ ᠡᠪᠦᠯ ᠦ᠋ᠨ ᠶᠡᠬᠡ ᠤᠷᠲᠤ ᠪᠠᠨ ᠬᠠᠯᠲᠠᠷ ᠲᠤ᠌ ᠪᠤᠰᠬᠠᠪᠠ᠃1510 ᠣᠨ ᠤ᠋ ᠦᠶ᠎ᠡ ᠪᠡᠷ᠂ ᠲᠡᠷᠡ ᠪᠡᠷ ᠦᠽᠪᠧᠺ ᠦ᠋ᠨ ᠬᠠᠨ ᠰᠢᠪᠠᠨᠢ ᠶ᠋ᠢ ᠴᠣᠬᠢᠨ ᠢᠯᠠᠪᠠ᠃1512 ᠣᠨ ᠳ᠋ᠤ᠌᠂ ᠲᠡᠷᠡ ᠪᠡᠷ ᠳ᠋ᠠᠯᠠᠰ ᠪᠣᠯᠤᠨ ᠰᠠᠢᠷᠠᠨ ᠢ᠋ ᠳᠠᠭᠠᠷᠢᠨ ᠡᠵᠡᠯᠡᠵᠦ᠂ ᠲᠠᠱᠺᠸᠨ᠋ᠲ ᠣᠷᠴᠢᠮ ᠢ᠋ ᠬᠦᠷᠲᠡᠯ᠎ᠡ ᠲᠠᠯᠬᠢᠳᠠᠭᠰᠠᠨ ᠪᠠᠢᠨ᠎ᠠ᠃ ᠲᠡᠦᠬᠡᠴᠢ ᠮᠦᠬᠠᠮᠮᠠᠳ᠋· ᠬᠡᠢᠲᠡᠷ ᠢ᠋ᠶ᠋ᠡᠷ ᠲᠤᠬᠠᠢ ᠶ᠋ᠢᠨ ᠦᠶ᠎ᠡ ᠶ᠋ᠢᠨ ᠬᠠᠰᠬᠠᠴᠤᠳ ᠤ᠋ᠨ ᠬᠥᠮᠦᠨ ᠠᠮᠠ ᠶ᠋ᠢᠨ ᠲᠣᠭ᠎ᠠ ᠵᠠᠭᠤᠨ ᠲᠦᠮᠡ ᠳ᠋ᠦ᠍ ᠬᠦᠷᠴᠡᠢ ᠭᠡᠵᠦ ᠲᠥᠰᠥᠭᠡᠯᠡᠪᠡ᠃ ᠲᠡᠦᠬᠡᠴᠢ ᠪᠠᠪᠤᠷ ᠤ᠋ᠨ ᠲᠡᠮᠳᠡᠭᠯᠡᠭᠰᠡᠨ ᠢ᠋ᠶ᠋ᠡᠷ᠂ ᠺᠡᠰᠢᠨ ᠭᠤᠴᠢᠨ ᠲᠦᠮᠡᠨ ᠴᠡᠷᠢᠭ ᠲᠡᠢ ᠪᠠᠢᠵᠢ᠃1513 ᠣᠨ ᠤ᠋ ᠨᠠᠮᠤᠷ᠂ᠴᠦ ᠭᠣᠣᠯ ᠤ᠋ᠨ ᠡᠷᠭᠢᠨ ᠳ᠋ᠦ᠍ ᠺᠡᠰᠢᠨ ᠬᠠᠨ ᠪᠣᠯᠤᠨ ᠰᠠᠢᠳ᠋ ᠠᠭᠤᠯᠵᠠᠨ ᠶᠠᠷᠢᠯᠴᠠᠪᠠ᠂ ᠰᠠᠢᠳ᠋ ᠢ᠋ᠶ᠋ᠠᠷ ᠪᠠᠪᠤᠷ ᠤ᠋ᠨ ᠲᠥᠯᠥᠭᠡᠯᠡᠭᠴᠢ ᠶ᠋ᠢᠨ ᠬᠤᠪᠢ ᠪᠠᠷ ᠬᠤᠷᠠᠯ ᠳ᠋ᠤ᠌ ᠣᠷᠣᠯᠴᠠᠭᠰᠠᠨ ᠪᠠᠢᠵᠠᠢ᠃ ᠺᠡᠰᠢᠨ ᠬᠠᠨ ᠤ᠋ ᠨᠠᠰᠤᠨ ᠰᠡᠭᠦᠳᠡᠷ ᠵᠢᠷᠠᠨ ᠲᠠᠪᠤ ᠬᠦᠷᠦᠭᠰᠡᠨ ᠪᠥᠭᠡᠳ ᠰᠠᠢᠳ᠋ ᠢ᠋ ᠦᠪᠡᠳᠡᠭᠰᠢ ᠶᠡᠬᠡ ᠪᠡᠷ ᠤᠭᠲᠤᠨ ᠠᠪᠴᠠᠢ᠃ ᠡᠭᠦᠨ ᠡᠴᠡ ᠰᠠᠢᠳ᠋ ᠦᠬᠦᠨ ᠦᠬᠦᠲᠡᠯ᠎ᠡ ᠪᠡᠨ ᠡᠨᠡ ᠬᠦ᠌ ᠲᠠᠯ᠎ᠠ ᠨᠤᠲᠤᠭ ᠤ᠋ᠨ ᠠᠬᠠᠯᠠᠭᠴᠢ ᠲᠠᠢ ᠶᠡᠬᠡ ᠤᠷᠲᠤ ᠳ᠋ᠤ᠌ ᠤᠴᠠᠷᠠᠭᠰᠠᠨ ᠲᠡᠷᠡ ᠤᠳᠠᠭ᠎ᠠ ᠪᠠᠨ ᠡᠷᠭᠢᠴᠡᠭᠦᠯᠦᠨ ᠪᠣᠳᠣᠳᠠᠭ ᠪᠠᠢᠪᠠ᠃
1514 ᠣᠨ ᠳ᠋ᠤ᠌᠂ ᠰᠠᠢᠳ᠋ ᠢ᠋ᠶ᠋ᠠᠷ ᠪᠠᠪᠤᠷ ᠠ᠋ᠴᠠ ᠰᠠᠯᠵᠤ᠂ ᠺᠠᠱ(ᠱᠦᠯᠡ) ᠢ᠋ ᠡᠵᠡᠯᠡᠨ ᠠᠪᠬᠤ ᠪᠠᠷ ᠰᠢᠭᠤᠳᠪᠠ᠃ ᠲᠡᠷᠡ ᠳᠣᠯᠣᠭᠠᠨ ᠤᠰᠤᠨ ᠠ᠋ᠴᠠ ᠮᠣᠷᠳᠠᠵᠤ᠂(ᠲᠣᠯᠣᠭᠠᠢᠲᠤ ᠬᠠᠪᠴᠢᠯ ᠢ᠋ᠶ᠋ᠠᠷ ᠥᠩᠭᠡᠷᠡᠭᠰᠡᠨ ᠨᠢ ᠯᠠᠪᠲᠠᠢ) ᠳᠥᠷᠪᠡᠨ ᠮᠢᠩᠭ᠎ᠠ ᠳᠣᠯᠣᠭᠠᠬᠠᠨ ᠵᠠᠭᠤᠨ ᠬᠥᠮᠦᠨ ᠳᠠᠭᠠᠭᠤᠯᠤᠭᠠᠳ ᠲᠤᠰ ᠣᠷᠣᠨ ᠢ᠋ ᠡᠵᠡᠯᠡᠨ ᠠᠪᠤᠭᠰᠠᠨ ᠪᠠᠢᠨ᠎ᠠ᠃ ᠲᠡᠷᠡᠴᠢᠯᠡᠨ ᠡᠵᠡᠷᠬᠡᠭᠴᠢ ᠠᠪ· ᠪᠡᠺᠡᠷ ᠲᠡᠢ ᠢᠯᠡ ᠪᠡᠷ ᠳᠠᠢᠰᠤᠩᠨᠠᠪᠠ᠃ ᠲᠡᠭᠦᠨ ᠦ᠌ ᠪᠦᠲᠦᠭᠡᠬᠦ ᠭᠡᠰᠡᠨ ᠦᠢᠯᠡᠰ ᠨᠢ ᠢᠲᠡᠭᠡᠬᠦᠶ᠎ᠡ ᠪᠡᠷᠬᠡ ᠠᠶᠤᠯ ᠲᠦᠭᠰᠢᠯ ᠲᠡᠢ ᠪᠠᠢᠭᠰᠠᠨ ᠪᠣᠯᠪᠠᠴᠤ᠂ ᠲᠡᠷᠡ ᠡᠴᠦᠰ ᠲᠡᠭᠡᠨ ᠪᠦᠷᠢᠨ ᠢᠯᠠᠯᠲᠠ ᠶ᠋ᠢ ᠣᠯᠤᠭᠰᠠᠨ ᠪᠠᠢᠨ᠎ᠠ᠃ ᠲᠡᠷᠡ ᠪᠡᠷ ᠺᠠᠱ ᠪᠣᠯᠤᠨ ᠶᠡᠷᠺᠡᠨᠳ᠋ ᠢ᠋ ᠳᠠᠢᠯᠠᠨ ᠳᠠᠭᠠᠭᠤᠯᠤᠭᠰᠠᠨ ᠤ᠋ ᠠᠴᠢ ᠪᠠᠷ ᠵᠡᠭᠦᠨ ᠲᠦᠷᠺᠢᠰᠲ᠋ᠠᠨ ᠡᠩᠬᠡ ᠲᠠᠢᠪᠤᠩ ᠪᠣᠯᠪᠠ᠃1516 ᠣᠨ ᠳ᠋ᠤ᠌ ᠠᠯᠪᠠ(ᠠᠺᠰᠤ ᠪᠣᠯᠤᠨ ᠺᠦᠴᠡ ᠶ᠋ᠢᠨ ᠬᠣᠭᠣᠷᠣᠨᠳᠣ ᠪᠣᠢ) ᠬᠡᠮᠡᠬᠦ ᠭᠠᠵᠠᠷ ᠲᠤ᠌ ᠰᠠᠢᠳ᠋ ᠪᠣᠯᠤᠨ ᠮᠠᠨᠱᠦ᠋ᠢ ᠬᠠᠨ ᠡᠪᠯᠡᠷᠡᠭᠰᠡᠨ ᠪᠠᠢᠯ᠎ᠠ᠃ ᠮᠠᠨᠱᠦ᠋ᠢ ᠬᠠᠨ ᠲᠦᠷᠫᠠᠨ ᠢ᠋ ᠦᠷᠭᠦᠯᠵᠢᠯᠡᠨ ᠨᠣᠶᠠᠷᠬᠠᠵᠤ ᠪᠠᠢᠭᠰᠠᠨ ᠪᠣᠯᠪᠠᠴᠤ᠂ ᠵᠡᠭᠦᠨ ᠲᠦᠷᠺᠢᠰᠲ᠋ᠠᠨ ᠤ᠋ ᠡᠵᠡᠨ ᠬᠡᠮᠡᠬᠦ ᠨᠡᠷ᠎ᠡ ᠪᠡᠨ ᠨᠠᠢᠷ ᠲᠠᠯᠪᠢᠨ ᠠᠪᠬᠤ ᠪᠠᠨ ᠪᠣᠯᠢᠪᠠ᠃ ᠲᠡᠳᠡ ᠨᠠᠷ ᠤ᠋ᠨ ᠠᠬ᠎ᠠ ᠳᠡᠭᠦᠦ ᠶ᠋ᠢᠨ ᠬᠢᠨᠢ ᠨᠢᠭᠡ ᠪᠣᠯᠬᠤ ᠡᠮᠢᠯ·ᠾᠣᠵᠠ ᠬᠣᠢᠲᠤ ᠲᠦᠷᠫᠠᠨ ᠪᠣᠯᠤᠨ ᠠᠺᠠᠰᠤ ᠶ᠋ᠢ ᠬᠤᠪᠢᠲᠠᠨ ᠣᠯᠪᠠ᠃ ᠭᠤᠷᠪᠠᠳᠤᠭᠠᠷ ᠳᠡᠭᠦᠦ ᠪᠠᠪᠴᠠᠭ ᠰᠤᠴᠠᠨ ᠨᠢ ᠪᠠᠰᠢ ᠪᠣᠯᠤᠨ ᠺᠦᠴᠠ ᠶ᠋ᠢ ᠬᠤᠪᠢᠳᠠᠨ ᠣᠯᠪᠠ᠃ ᠡᠢᠮᠦᠷᠬᠦᠦ ᠪᠠᠢᠳᠠᠯ ᠤ᠋ᠨ ᠳᠣᠣᠷ᠎ᠠ᠂ ᠵᠡᠭᠦᠨ ᠲᠠᠯ᠎ᠠ ᠶ᠋ᠢᠨ ᠬᠠᠮᠢᠯ(ᠳᠤᠮᠳᠠᠳᠤ ᠤᠯᠤᠰ ᠲᠤ᠌ ᠬᠠᠷᠢᠶᠠᠯᠠᠭᠳᠠᠨ᠎ᠠ) ᠠ᠋ᠴᠠ ᠪᠠᠷᠠᠭᠤᠨ ᠲᠠᠯ᠎ᠠ ᠶ᠋ᠢᠨ ᠠᠨᠵᠢᠶᠠᠨ (ᠳᠠ ᠶᠤᠸᠠᠨ ᠤ᠋ ᠬᠢᠯᠢ ᠳᠣᠲᠣᠷ᠎ᠠ ᠪᠣᠢ) ᠬᠦᠷᠲᠡᠯᠡᠬᠢ ᠨᠤᠲᠤᠭ ᠲᠠᠬᠢ ᠠᠷᠠᠯᠵᠢᠶᠠᠨ ᠤ᠋ ᠬᠠᠷᠢᠴᠠᠭ᠎ᠠ ᠲᠦᠪᠰᠢᠨ ᠪᠠᠲᠤᠯᠠᠭ᠎ᠠ ᠲᠠᠢ ᠪᠣᠯᠵᠤ᠂ ᠠᠷᠠᠯᠵᠢᠶᠠᠴᠢᠳ ᠠ᠋ᠴᠠ ᠠᠰᠢᠭ ᠮᠥᠩᠭᠥ ᠲᠠᠲᠠᠬᠤ ᠪᠠᠨ ᠪᠣᠯᠢᠪᠠ᠃
ᠰᠠᠢᠳ᠋ ᠢ᠋ᠶ᠋ᠠᠷ ᠺᠠᠱ ᠢ᠋ ᠣᠯᠤᠭᠰᠠᠨ ᠢ᠋ᠶ᠋ᠠᠷ ᠦᠯᠦ ᠪᠠᠷᠠᠨ᠂ ᠳᠠᠬᠢᠨ ᠤᠯᠤᠰ ᠢ᠋ᠶ᠋ᠠᠨ ᠰᠡᠷᠭᠦᠭᠡᠨ ᠳᠣᠯᠣᠭᠠᠨ ᠤᠰᠤᠨ ᠤ᠋ ᠡᠮᠦᠨ᠎ᠡ ᠬᠡᠰᠡᠭ ᠢ᠋ ᠡᠵᠡᠯᠡᠨ ᠠᠪᠤᠪᠠ᠃ ᠰᠠᠢᠳ᠋ ᠪᠣᠯᠤᠨ ᠠᠪ· ᠪᠠᠺᠠᠷ ᠤ᠋ᠨ ᠡᠰᠡᠷᠭᠦᠴᠡᠯᠳᠦᠭᠰᠡᠨ ᠲᠡᠢᠨ ᠳ᠋ᠦ᠍᠂ ᠬᠢᠷᠭᠢᠰ ᠬᠠᠨ ᠮᠦᠬᠠᠮᠣᠳ᠋ ᠲᠤᠢᠯ ᠤ᠋ᠨ ᠶᠡᠬᠡ ᠬᠦᠴᠦ ᠭᠠᠷᠭᠠᠭᠰᠠᠨ ᠶᠤᠮ᠃ ᠡᠨᠡ ᠤᠳᠠᠭ᠎ᠠ ᠴᠤ᠌ ᠰᠠᠢᠳ᠋ ᠤ᠋ᠨ ᠡᠮᠦᠨ᠎ᠡ ᠬᠣᠰᠢᠭᠤᠴᠢᠯᠠᠨ ᠣᠷᠣᠪᠠ᠃ ᠰᠠᠢᠳ᠋ ᠢ᠋ᠶ᠋ᠠᠷ ᠮᠠᠨᠱᠦ᠋ᠢ ᠯᠤᠭ᠎ᠠ ᠠᠭᠤᠯᠵᠠᠬᠤ ᠠ᠋ᠴᠠ ᠡᠮᠦᠨ᠎ᠡ᠂ ᠨᠠᠢᠷ ᠤ᠋ᠨ ᠰᠢᠷᠡᠭᠡᠨ᠎ᠡ ᠳᠠᠷᠠᠰᠤ ᠬᠡᠲᠦᠷᠬᠡᠢ ᠤᠤᠭᠤᠭᠰᠠᠨ ᠠ᠋ᠴᠠ ᠪᠡᠶ᠎ᠡ ᠨᠢ ᠲᠠᠭᠠᠷᠠᠳᠬᠠᠨ ᠪᠣᠯᠤᠭᠰᠠᠨ ᠲᠤᠯᠠ᠂ ᠡᠮᠴᠢ ᠶ᠋ᠢᠨ ᠦᠭᠡ ᠶ᠋ᠢ ᠰᠣᠨᠣᠰᠴᠤ᠂ ᠮᠣᠭᠤᠯᠰᠲ᠋ᠠᠨ ᠳ᠋ᠤ᠌ ᠵᠣᠭᠰᠣᠪᠠ᠃1516 ᠣᠨ ᠤ᠋ ᠨᠠᠮᠤᠷ ᠠ᠋ᠴᠠ ᠰᠡᠭᠦᠯᠡᠷ ᠴᠡᠷᠢᠭ ᠳᠠᠭᠠᠭᠤᠯᠤᠨ ᠳᠣᠯᠣᠭᠠᠨ ᠤᠰᠤᠨ ᠳ᠋ᠤ᠌ ᠣᠷᠣᠵᠤ᠂ ᠳᠠ ᠶᠤᠸᠠᠨ ᠳ᠋ᠠᠬᠢ ᠦᠽᠪᠧᠺᠴᠦᠳ ᠲᠡᠢ ᠪᠠᠢᠯᠳᠤᠬᠤ ᠪᠠᠷ ᠪᠡᠯᠡᠳᠬᠡᠪᠡ᠃ ᠺᠠᠳᠢᠯ ᠨᠠᠭᠤᠷ ᠤ᠋ᠨ ᠬᠥᠪᠡᠭᠡᠨ ᠳ᠋ᠦ᠍᠂ ᠲᠡᠷᠡ ᠪᠡᠷ ᠳᠡᠭᠦᠦ ᠪᠠᠪᠴᠠᠭ ᠲᠠᠢ ᠪᠠᠨ ᠠᠭᠤᠯᠵᠠᠪᠠ᠃ ᠠᠯᠪᠠ ᠭᠣᠣᠯ ᠤ᠋ᠨ ᠰᠠᠪᠠ ᠵᠢᠯᠠᠭ᠎ᠠ ᠳ᠋ᠤ᠌ ᠮᠠᠨᠱᠦ᠋ᠢ ᠡᠴᠡ ᠪᠤᠰᠤᠳ ᠠᠬ᠎ᠠ ᠳᠡᠭᠦᠦ ᠨᠠᠷ ᠨᠢ ᠪᠦᠷ ᠴᠤᠭᠯᠠᠷᠠᠪᠠ᠂ ᠲᠡᠢᠨ ᠬᠦ᠌ ᠲᠤᠩ ᠶᠡᠬᠡ ᠬᠡᠪᠴᠢᠶᠡᠨ ᠦ᠌ ᠬᠦᠷᠢᠶ᠎ᠡ ᠠᠪᠠ ᠬᠢᠵᠡᠢ᠃ ᠪᠦᠲᠦᠨ ᠡᠪᠦᠯ ᠨᠠᠢᠷ ᠬᠢᠵᠦ ᠨᠠᠷᠭᠢᠯᠳᠤᠭᠠᠳ ᠳᠠᠢᠯᠠᠯᠳᠤᠬᠤ ᠭᠡᠰᠡᠨ ᠤᠴᠢᠷ ᠢ᠋ᠶ᠋ᠠᠨ ᠲᠠᠭ ᠮᠠᠷᠲᠠᠴᠢᠬᠠᠭᠰᠠᠨ ᠰᠢᠭ᠋ ᠪᠠᠢᠪᠠ᠃
ᠡᠭᠦᠨ ᠦ᠌ ᠵᠡᠷᠭᠡᠴᠡᠭᠡ ᠪᠡᠷ᠂ ᠮᠦᠬᠠᠮᠣᠳ᠋ ᠬᠢᠷᠬᠢᠰᠴᠤᠳ ᠢ᠋ ᠳᠠᠭᠠᠭᠤᠯᠤᠨ ᠲᠥᠷᠥᠭ ᠦ᠋ᠨ ᠨᠤᠲᠤᠭ᠂ ᠲᠠᠱᠺᠸᠨ᠋ᠲ᠂ ᠰᠠᠢᠷᠠᠨ ᠢ᠋ ᠳᠦᠷᠢᠮᠬᠡᠢᠯᠡᠨ ᠲᠦᠢᠪᠡᠭᠡᠪᠡ᠃ ᠮᠦᠬᠠᠮᠣᠳ᠋ ᠢ᠋ᠶ᠋ᠠᠷ ᠲᠥᠷᠥᠭ ᠨᠤᠲᠤᠭ ᠤ᠋ᠨ ᠨᠣᠶᠠᠯᠠᠭᠴᠢ ᠰᠢᠪᠠᠨᠢ ᠶ᠋ᠢᠨ ᠦᠶᠡᠯᠢᠳ ᠳᠡᠭᠦᠦ ᠠᠪᠳᠤᠯᠬᠠ ᠶ᠋ᠢ ᠪᠠᠷᠢᠵᠤ ᠠᠪᠠᠴᠢᠵᠤ ᠬᠣᠷᠢᠭᠰᠠᠨ ᠢ᠋ᠶ᠋ᠠᠨ ᠰᠡᠭᠦᠯᠡᠷ ᠨᠢ ᠶᠡᠬᠡ ᠶᠣᠰᠣᠷᠬᠠᠭ ᠢ᠋ᠶ᠋ᠠᠷ ᠲᠠᠯᠪᠢᠵᠤ ᠶᠠᠪᠤᠭᠤᠯᠤᠭᠰᠠᠨ ᠪᠠᠢᠨ᠎ᠠ᠃ ᠡᠨᠡ ᠨᠢᠭᠡ ᠵᠢᠵᠢᠭ ᠤᠴᠢᠷ ᠠ᠋ᠴᠠ ᠪᠣᠯᠵᠤ ᠰᠠᠢᠳ᠋ ᠪᠣᠯᠤᠨ ᠮᠦᠬᠠᠮᠣᠳ᠋ ᠬᠣᠭᠣᠷᠣᠨᠳᠣ ᠪᠠᠨ ᠲᠡᠢᠨ ᠬᠢᠬᠦ ᠳ᠋ᠦ᠍ ᠬᠦᠷᠴᠡᠢ᠃ ᠲᠡᠦᠬᠡᠴᠢ ᠮᠦᠬᠠᠮᠮᠠᠳ᠋·ᠭᠡᠢᠳᠡᠷ ᠦ᠋ᠨ ᠦᠵᠡᠬᠦ ᠪᠡᠷ᠂ ᠡᠨᠡ ᠤᠳᠠᠭᠠᠨ ᠤ᠋ ᠲᠡᠢᠨ ᠡᠭᠦᠰᠦᠭᠰᠡᠨ ᠰᠢᠯᠲᠠᠭᠠᠨ ᠨᠢ ᠰᠠᠢᠳ᠋ ᠢ᠋ᠶ᠋ᠠᠷ ᠬᠢᠷᠬᠢᠰᠴᠤᠳ ᠤ᠋ᠨ ᠬᠠᠨ ᠢ᠋ ᠮᠥᠰᠯᠢᠮᠴᠤᠳ ᠤ᠋ᠨ ᠲᠠᠷᠢᠶᠠᠨ ᠭᠠᠵᠠᠷ ᠢ᠋ ᠥᠭᠡᠢᠬᠢᠯᠡ ᠭᠡᠵᠦ ᠵᠢᠮᠡᠯᠡᠭᠰᠡᠨ ᠳ᠋ᠦ᠍ ᠣᠷᠣᠰᠢᠨ᠎ᠠ᠂ ᠡᠨᠡ ᠬᠥᠮᠦᠨ ᠥᠪᠡᠷ ᠢ᠋ ᠪᠡᠨ ᠮᠥᠰᠯᠢᠮᠴᠤᠳ ᠤ᠋ᠨ ᠬᠠᠮᠠᠭᠠᠯᠠᠭᠴᠢ ᠭᠡᠵᠦ ᠦᠵᠡᠳᠡᠭ ᠪᠠᠢᠵᠠᠢ᠃ 1517 ᠣᠨ ᠳ᠋ᠤ᠌᠂ ᠰᠠᠢᠳ᠋ ᠢ᠋ᠶ᠋ᠠᠷ ᠴᠡᠷᠢᠭ ᠠᠪᠴᠤ ᠺᠠᠱ ᠠ᠋ᠴᠠ ᠮᠣᠷᠳᠠᠭᠰᠠᠨ ᠳ᠋ᠤ᠌ ᠡᠮᠢᠯ·ᠾᠣᠵᠠ ᠠᠺᠰᠤ ᠠ᠋ᠴᠠ ᠮᠣᠷᠳᠠᠨ᠂ ᠰᠠᠯᠢ· ᠪᠡᠲ·ᠠᠬᠤᠢ ᠬᠠᠪᠴᠢᠯ(《ᠰᠢᠷᠭ᠎ᠠ ᠮᠣᠷᠢᠨ ᠤ᠋ ᠣᠩᠭᠣᠴᠠ》 ᠭᠡᠰᠡᠨ ᠤᠤᠳᠬ᠎ᠠ ᠲᠠᠢ) ᠪᠠᠷ ᠥᠩᠭᠡᠷᠡᠪᠡ᠃ ᠬᠣᠶᠠᠷ ᠴᠡᠷᠢᠭ ᠺᠡᠹᠢᠯ ᠶᠠᠯᠢ ᠭᠡᠳᠡᠭ ᠭᠠᠵᠠᠷ ᠲᠤ᠌ ᠨᠡᠢᠯᠡᠭᠰᠡᠨ ᠦ᠌ ᠳᠠᠷᠠᠭ᠎ᠠ᠂ ᠰᠠᠢᠳ᠋ ᠢ᠋ᠶ᠋ᠠᠷ ᠪᠡᠷᠰᠺᠦ᠋ᠨ ᠭᠣᠣᠯ ᠤ᠋ᠨ ᠵᠢᠯᠠᠭ᠎ᠠ ᠪᠠᠷ ᠳᠣᠣᠷᠠᠲᠤ ᠤᠷᠤᠰᠬᠠᠯ ᠵᠦᠭ ᠮᠣᠷᠳᠠᠪᠠ᠂ ᠡᠮᠢᠯ·ᠾᠣᠵᠠ ᠺᠢᠳᠢ ᠭᠣᠣᠯ ᠤ᠋ᠨ ᠵᠢᠯᠠᠭ᠎ᠠ ᠪᠠᠷ ᠳᠣᠣᠷᠠᠲᠤ ᠤᠷᠤᠰᠬᠠᠯ ᠵᠦᠭ ᠬᠥᠳᠡᠯᠪᠡ᠃ ᠡᠨᠡ ᠦᠶ᠎ᠡ ᠳ᠋ᠦ᠍᠂ ᠮᠦᠬᠠᠮᠣᠳ᠋ ᠤ᠋ᠨ ᠶᠡᠬᠡ ᠴᠠᠴᠠᠷ ᠶᠠᠭ ᠰᠠᠢᠬᠠᠨ ᠪᠡᠷᠰᠺᠦ᠋ᠨ ᠭᠣᠣᠯ ᠤ᠋ᠨ ᠠᠮᠠᠨ ᠳ᠋ᠤ᠌ ᠪᠠᠢᠵᠠᠢ᠃ ᠲᠡᠭᠦᠨ ᠦ᠌ ᠭᠠᠷ ᠳᠣᠣᠷᠠᠬᠢ ᠬᠥᠮᠦᠰ ᠨᠢ ᠲᠡᠭᠦᠨ ᠢ᠋ ᠬᠤᠳᠠᠯᠳᠤᠭᠰᠠᠨ ᠲᠤᠯᠠ ᠲᠡᠷᠡ ᠪᠡᠷ ᠣᠯᠵᠠᠯᠠᠭᠳᠠᠵᠤ ᠵᠡᠭᠦᠨ ᠲᠦᠷᠺᠢᠰᠲ᠋ᠠᠨ ᠳ᠋ᠤ᠌ ᠬᠦᠷᠭᠡᠭᠳᠡᠪᠡ᠃ ᠬᠢᠷᠬᠢᠰᠴᠤᠳ ᠤ᠋ᠨ ᠮᠣᠷᠢ᠂ ᠲᠡᠮᠡᠭᠡ᠂ ᠬᠣᠨᠢᠨ ᠤ᠋ ᠰᠦᠷᠦᠭ ᠨᠢ ᠴᠥᠮ ᠢ᠋ᠶ᠋ᠡᠷ ᠢ᠋ᠶ᠋ᠡᠨ ᠰᠠᠢᠳ᠋ ᠤ᠋ᠨ ᠴᠡᠷᠢᠭ ᠦ᠋ᠨ ᠲᠡᠢᠨ ᠦ᠌ ᠣᠯᠵᠠ ᠪᠣᠯᠪᠠ᠃ ᠣᠯᠵᠠᠯᠠᠭᠳᠠᠭᠰᠠᠨ ᠭᠢᠷᠭᠢᠰᠴᠤᠳ ᠢ᠋ ᠪᠦᠷ ᠲᠠᠯᠪᠢᠵᠤ ᠶᠠᠪᠤᠭᠤᠯᠪᠠ᠃ ᠡᠪᠦᠯ ᠦ᠋ᠨ ᠡᠬᠢ ᠪᠡᠷ᠂ ᠰᠠᠢᠳ᠋ ᠢᠯᠠᠯᠲᠠ ᠶ᠋ᠢᠨ ᠳᠠᠭᠤᠤ ᠬᠠᠩᠭᠢᠨᠠᠭᠤᠯᠵᠤ ᠺᠡᠱ ᠲᠦ᠍ ᠪᠤᠴᠠᠪᠠ᠃
1552 ᠣᠨ ᠳ᠋ᠤ᠌᠂ ᠰᠠᠢᠳ᠋ ᠪᠠᠰᠠ ᠨᠢᠭᠡᠨ ᠰᠢᠨ᠎ᠡ ᠲᠠᠢᠯᠠᠯᠲᠠ ᠬᠢᠪᠡ᠃ ᠡᠭᠦᠨ ᠦ᠌ ᠰᠢᠯᠲᠠᠭᠠᠨ ᠢ᠋ ᠲᠡᠦᠬᠡᠴᠢ ᠮᠦᠬᠠᠮᠮᠠᠳ᠋᠂ ᠬᠡᠢᠳᠡᠷ ᠬᠡᠯᠡᠬᠦ ᠳ᠋ᠡᠭᠡᠨ᠂ ᠬᠠᠨ ᠤ᠋ ᠪᠡᠶ᠎ᠡ ᠳᠠᠬᠢᠨ ᠨᠢᠭᠡ ᠤᠳᠠᠭ᠎ᠠ ᠬᠢᠷᠬᠢᠰᠴᠤᠳ ᠤ᠋ᠨ ᠮᠦᠰᠯᠢᠮ ᠲᠠᠷᠢᠶᠠᠴᠢᠳ ᠤ᠋ᠨ ᠲᠠᠷᠢᠶᠠᠨ ᠭᠠᠵᠠᠷ ᠢ᠋ ᠡᠪᠳᠡᠬᠦ ᠶ᠋ᠢ ᠬᠣᠷᠢᠭᠯᠠᠬᠤ ᠶ᠋ᠢᠨ ᠲᠥᠯᠥᠭᠡ ᠶᠦᠮ ᠭᠡᠵᠡᠢ᠃ ᠭᠡᠪᠡᠴᠦ ᠲᠡᠷᠡ ᠪᠠᠰᠠ ᠡᠨᠡ ᠲᠡᠢᠨ ᠢ᠋ ᠬᠢᠭᠰᠡᠨ ᠦ᠌ ᠥᠭᠡᠷ᠎ᠡ ᠨᠢᠭᠡ ᠵᠢᠩᠬᠢᠨᠢ ᠰᠢᠯᠲᠠᠭᠠᠨ ᠢ᠋ ᠨᠢ ᠲᠣᠳᠣᠷᠬᠠᠢᠯᠠᠵᠠᠢ᠂ ᠲᠤᠬᠠᠢᠯᠠᠪᠠᠯ ᠵᠡᠭᠦᠨ ᠲᠥᠷᠺᠢᠰᠲ᠋ᠠᠨ ᠤ᠋ ᠪᠡᠯᠴᠢᠭᠡᠷ ᠨᠢᠭᠡᠨᠲᠡ ᠮᠣᠩᠭᠣᠯᠴᠤᠳ ᠤ᠋ᠨ ᠦᠬᠡᠷ ᠬᠣᠨᠢᠨ ᠤ᠋ ᠰᠦᠷᠦᠭ ᠢ᠋ ᠲᠡᠵᠢᠭᠡᠵᠦ ᠳᠡᠢᠯᠬᠦ ᠪᠡᠨ ᠪᠣᠯᠢᠭᠰᠠᠨ ᠳ᠋ᠤ᠌ ᠪᠠᠢᠨ᠎ᠠ᠃ ᠰᠠᠢᠳ᠋ ᠬᠠᠨ ᠥᠪᠡᠷ ᠦ᠋ᠨ ᠠᠷᠪᠠᠨ ᠭᠤᠷᠪᠠᠨ ᠨᠠᠰᠤᠲᠠᠢ ᠬᠥᠪᠡᠭᠦᠨ ᠷᠠᠰᠢᠳ᠋ ᠢ᠋ᠶ᠋ᠠᠨ ᠪᠦᠬᠦ ᠴᠡᠷᠢᠭ ᠦ᠋ᠨ ᠶᠡᠷᠦᠩᠬᠡᠢ ᠵᠢᠯᠣᠭᠣᠳᠤᠭᠴᠢ ᠪᠣᠯᠭᠠᠪᠠ᠃ ᠤᠤᠯ ᠤ᠋ᠨ ᠮᠦᠬᠠᠮᠣᠳ᠋ ᠬᠠᠨ ᠬᠡᠳᠦᠢᠨ ᠰᠤᠯᠠᠯᠠᠭᠳᠠᠰᠠᠨ ᠪᠥᠭᠡᠳ ᠦᠷᠭᠦᠯᠵᠢᠯᠡᠨ ᠬᠢᠷᠬᠢᠰᠴᠤᠳ ᠢ᠋ᠶ᠋ᠠᠨ ᠵᠢᠯᠣᠭᠣᠳᠴᠤ ᠪᠠᠢᠪᠠ᠃ ᠡᠨᠡ ᠤᠳᠠᠭ᠎ᠠ ᠷᠠᠰᠢᠳ᠋ ᠲᠠᠢ ᠬᠠᠮᠲᠤ ᠲᠡᠢᠨ ᠳ᠋ᠦ᠍ ᠮᠣᠷᠳᠠᠪᠠ᠃ ᠴᠡᠷᠢᠭ ᠢ᠋ᠶ᠋ᠡᠨ ᠲᠥᠪᠯᠡᠷᠡᠭᠦᠯᠬᠦ ᠶ᠋ᠢᠨ ᠲᠥᠯᠥᠭᠡ᠂ ᠮᠣᠩᠭᠣᠯᠴᠤᠳ ᠺᠦᠴᠠᠭᠠᠷ ᠲᠤ᠌ ᠨᠡᠭᠦᠵᠦ ᠰᠢᠯᠵᠢᠬᠦ ᠦᠭᠡᠢ ᠲᠣᠮᠣ ᠴᠠᠴᠠᠷ ᠪᠠᠢᠭᠤᠯᠵᠠᠢ᠃ ᠬᠢᠷᠬᠢᠰᠴᠤᠳ ᠤ᠋ᠨ ᠨᠢᠭᠡ ᠪᠦᠯᠦᠭ ᠨᠢ ᠬᠣᠯᠠ ᠭᠠᠵᠠᠷ ᠲᠤ᠌ ᠳᠤᠲᠠᠭᠠᠨ ᠣᠴᠢᠭᠰᠠᠨ ᠪᠣᠯᠪᠠᠴᠤ ᠣᠯᠠᠩᠬᠢ ᠨᠢ ᠮᠦᠬᠠᠮᠣᠳ᠋ ᠢ᠋ ᠳᠠᠭᠠᠵᠤ ᠢᠷᠡᠪᠡ᠃ ᠡᠪᠦᠯ᠂ ᠰᠠᠢᠳ᠋ ᠬᠠᠨ ᠥᠪᠡᠷ ᠢ᠋ᠶ᠋ᠡᠨ ᠴᠦ᠍ ᠺᠦᠴᠠᠭᠠᠷ ᠤ᠋ᠨ ᠶᠡᠬᠡ ᠴᠠᠴᠠᠷ ᠲᠠᠭᠠᠨ ᠢᠷᠡᠵᠦ᠂ ᠷᠠᠰᠢᠳ᠋ ᠪᠣᠯᠤᠨ ᠮᠦᠬᠠᠮᠣᠳ᠋ ᠢ᠋ ᠮᠣᠭᠣᠯᠰᠲ᠋ᠠᠨ ᠤ᠋ ᠠᠯᠤᠰ ᠨᠤᠲᠤᠭ ᠲᠤ᠌ ᠣᠴᠢᠵᠤ᠂ ᠬᠢᠷᠬᠢᠰᠴᠤᠳ ᠤ᠋ᠨ ᠦᠯᠡᠳᠡᠵᠦ ᠲᠤᠰᠤᠭᠰᠠᠨ ᠬᠥᠮᠦᠰ ᠢ᠋ ᠡᠷᠢᠵᠦ ᠢᠷᠡᠭᠲᠦᠨ ᠭᠡᠵᠦ ᠵᠠᠬᠢᠪᠠ᠃ ᠲᠡᠭᠦᠨ ᠡᠴᠡ ᠠᠪᠤᠭᠠᠳ ᠰᠠᠢᠳ᠋ ᠵᠢᠯ ᠪᠦᠷᠢ ᠬᠠᠭᠤᠴᠢᠨ ᠴᠠᠴᠠᠷ ᠲᠠᠭᠠᠨ ᠢᠷᠡᠵᠦ ᠣᠬᠣᠷᠬᠠᠨ ᠬᠤᠭᠤᠴᠠᠭ᠎ᠠ ᠰᠠᠭᠤᠵᠤ᠂ ᠬᠥᠪᠡᠭᠦᠨ ᠷᠠᠰᠢᠳ᠋ ᠤ᠋ᠨ ᠢ᠋ᠶ᠋ᠠᠨ ᠰᠦᠷ ᠢᠲᠡᠭᠡᠯ ᠢ᠋ ᠥᠨᠳᠥᠷ ᠪᠣᠯᠭᠠᠬᠤ ᠶ᠋ᠢ ᠬᠢᠴᠢᠶᠡᠪᠡ᠃ ᠨᠢᠭᠡ ᠤᠳᠠᠭ᠎ᠠ᠂ ᠲᠤᠬᠠᠢᠯᠠᠪᠠᠯ 1524 ᠣᠨ ᠳ᠋ᠤ᠌᠂ ᠲᠡᠷᠡ ᠪᠡᠷ ᠬᠠᠰᠠᠭ ᠤ᠋ᠨ ᠺᠠᠰᠢᠨ ᠬᠠᠨ ᠤ᠋ ᠠᠴᠢ᠂ ᠬᠣᠶᠠᠳᠠᠬᠢ ᠵᠠᠯᠭᠠᠮᠵᠢᠯᠠᠭᠴᠢ᠂ ᠳᠣᠯᠣᠭᠠᠨ ᠤᠰᠤᠨ ᠤ᠋ ᠤᠮᠠᠷᠠᠲᠤ ᠬᠡᠰᠡᠭ ᠦ᠋ᠨ ᠨᠣᠶᠠᠯᠠᠭᠴᠢ ᠲᠠᠬᠢᠷ ᠬᠠᠨ ᠢ᠋ ᠬᠦᠯᠢᠶᠡᠨ ᠠᠪᠴᠤ ᠠᠭᠤᠯᠵᠠᠪᠠ᠃ ᠲᠠᠬᠢᠷ ᠬᠠᠨ ᠮᠣᠩᠭᠣᠯᠴᠤᠳ ᠲᠠᠢ ᠨᠠᠢᠷᠰᠠᠭ ᠬᠣᠯᠪᠣᠭ᠎ᠠ ᠪᠠᠢᠭᠤᠯᠬᠤ ᠪᠠᠷ ᠭᠣᠷᠢᠳᠠᠪᠠ᠂ ᠡᠭᠦᠨ ᠦ᠌ ᠵᠣᠷᠢᠯᠭ᠎ᠠ ᠨᠢ ᠲᠡᠷᠡ ᠪᠡᠷ ᠬᠠᠷᠭᠢᠰ ᠵᠠᠰᠠᠭ ᠶᠠᠪᠤᠭᠤᠯᠤᠭᠰᠠᠨ ᠠ᠋ᠴᠠ ᠪᠣᠯᠵᠤ ᠲᠡᠭᠦᠨ ᠢ᠋ ᠬᠣᠷᠣᠰᠤᠨ ᠵᠠᠨᠤᠬᠤ ᠠᠷᠠᠳ ᠢ᠋ᠶ᠋ᠠᠨ ᠰᠡᠷᠭᠡᠢᠯᠡᠬᠦ ᠪᠠ ᠦᠽᠪᠧᠺᠴᠦᠳ ᠪᠣᠯᠤᠨ ᠨᠤᠭᠠᠢᠴᠤᠳ(ᠮᠠᠩᠭᠢᠳᠴᠤᠳ) ᠢ᠋ ᠰᠡᠷᠭᠡᠢᠯᠡᠬᠦ ᠶ᠋ᠢᠨ ᠲᠥᠯᠥᠭᠡ ᠶᠦᠮ᠃ ᠮᠣᠩᠭᠣᠯᠴᠤᠳ ᠬᠠᠭᠤᠴᠢᠨ ᠴᠠᠴᠠᠷ ᠲᠠᠭᠠᠨ ᠲᠡᠭᠦᠨ ᠢ᠋ ᠬᠦᠯᠢᠶᠡᠨ ᠠᠪᠴᠤ ᠵᠣᠴᠢᠯᠠᠭᠰᠠᠨ ᠨᠢ ᠲᠡᠭᠦᠨ ᠦ᠌ ᠰᠠᠨᠠᠭᠰᠠᠨ ᠠ᠋ᠴᠠ ᠪᠦᠷ ᠳᠠᠪᠠᠭᠰᠠᠨ ᠪᠠᠢᠪᠠ ᠃ ᠲᠡᠷᠡ ᠪᠡᠷ ᠥᠬᠢᠨ ᠳᠡᠭᠦᠦ ᠪᠡᠨ ᠷᠠᠰᠢᠳ᠋ ᠲᠤ᠌ ᠡᠬᠡᠨᠡᠷ ᠪᠣᠯᠭᠠᠨ ᠪᠣᠭᠲᠣᠯᠠᠨ ᠥᠭᠴᠡᠢ᠃
ᠪᠠᠭᠤᠨ ᠥᠭᠴᠦ ᠳᠠᠭᠠᠭᠰᠠᠨ ᠮᠦᠬᠠᠮᠣᠳ᠋ ᠢ᠋ ᠦᠽᠪᠧᠺᠴᠦᠳ ᠲᠡᠢ ᠨᠢᠭᠤᠴᠠ ᠪᠠᠷ ᠬᠣᠯᠪᠣᠭᠠᠯᠠᠨ ᠬᠤᠤᠪᠢᠯᠳᠤᠵᠤ ᠪᠠᠢᠨ᠎ᠠ ᠭᠡᠵᠦ ᠰᠡᠵᠢᠭᠯᠡᠭᠡᠳ ᠺᠠᠱ ᠲᠤ᠌ ᠬᠦᠷᠭᠡᠪᠡ᠃ ᠲᠡᠷᠡ ᠪᠡᠷ ᠰᠠᠢᠳ᠋ ᠢ᠋ ᠦᠬᠦᠭᠰᠡᠨ ᠦ᠌ ᠳᠠᠷᠠᠭ᠎ᠠ ᠴᠤ᠌ ᠺᠠᠱ ᠲᠤ᠌ ᠠᠮᠢᠳᠤᠷᠠᠵᠤ ᠪᠠᠢᠪᠠ᠃ ᠤᠯᠤᠰ ᠤ᠋ᠨ ᠳᠣᠲᠣᠭᠠᠳᠤᠬᠢ ᠨᠢᠭᠡᠳᠦᠯᠲᠡᠢ ᠡᠮᠬᠢ ᠵᠠᠮᠪᠠᠷᠠᠭ᠎ᠠ ᠶ᠋ᠢ ᠪᠠᠷᠢᠮᠲᠠᠯᠠᠬᠤ ᠶᠠᠪᠤᠳᠠᠯ ᠢ᠋ ᠲᠡᠦᠬᠡᠴᠢ ᠮᠦᠬᠠᠮᠮᠠᠳ᠋·ᠭᠡᠢᠳᠡᠷ ᠲᠦ᠍ ᠲᠤᠰᠢᠶᠠᠨ ᠥᠭᠭᠦᠭᠰᠡᠨ ᠪᠣᠯᠪᠠᠴᠤ ᠲᠡᠭᠦᠨ ᠦ᠌ ᠴᠢᠷᠮᠠᠢᠯᠭ᠎ᠠ ᠨᠢ ᠡᠴᠦᠰ ᠲᠡᠭᠡᠨ ᠲᠠᠯᠠᠭᠠᠷ ᠪᠣᠯᠤᠭᠰᠠᠨ ᠢ᠋ ᠥᠪᠡᠷ ᠢ᠋ᠶ᠋ᠡᠨ ᠴᠦ᠍ ᠮᠡᠳᠡᠷᠡᠬᠦ ᠦᠭᠡᠢ ᠪᠠᠢᠬᠤ ᠶ᠋ᠢᠨ ᠠᠷᠭ᠎ᠠ ᠦᠭᠡᠢ ᠪᠠᠢᠪᠠ᠃ ᠶᠠᠭᠤ ᠭᠡᠪᠡᠯ ᠵᠣᠩᠬᠢᠯᠠᠬᠤ ᠣᠯᠠᠨ ᠲᠣᠭᠠᠨ ᠤ᠋ ᠭᠢᠷᠭᠢᠰᠴᠦᠳ ᠲᠠᠬᠢᠷ ᠬᠠᠨ ᠢ᠋ ᠳᠠᠭᠠᠭᠰᠠᠨ ᠪᠠᠢᠨ᠎ᠠ᠃ 1525 ᠣᠨ ᠤ᠋ ᠵᠤᠨ ᠤ᠋ ᠰᠡᠭᠦᠯᠴᠢ ᠪᠡᠷ᠂ ᠰᠠᠢᠳ᠋ ᠢᠰᠠᠢᠺᠺᠥ᠋ᠯ ᠨᠠᠭᠤᠷ ᠤ᠋ᠨ ᠣᠷᠴᠢᠮ ᠪᠠᠢᠬᠤ ᠳ᠋ᠠᠭᠠᠨ ᠬᠠᠯᠢᠮᠠᠭᠴᠤᠳ ᠮᠣᠭᠣᠯᠰᠲ᠋ᠠᠨ ᠤ᠋ ᠬᠢᠯᠢ ᠳ᠋ᠦ᠍ ᠴᠡᠷᠢᠭᠯᠡᠨ ᠠᠢᠰᠤᠢ ᠭᠡᠰᠡᠨ ᠴᠢᠮᠡᠭᠡ ᠶ᠋ᠢ ᠭᠡᠨᠡᠳᠲᠡ ᠣᠯᠵᠤ ᠰᠣᠨᠣᠰᠪᠠ᠃ ᠲᠦᠷᠦᠭᠦᠬᠡᠨ᠂ 1523 ~ 1524 ᠣᠨ ᠤ᠋ ᠡᠪᠦᠯ᠂ ᠷᠠᠰᠢᠳ᠋ ᠴᠡᠷᠢᠭ ᠳᠠᠭᠠᠭᠤᠯᠤᠨ ᠬᠠᠯᠢᠮᠠᠭᠴᠤᠳ ᠢ᠋ ᠲᠠᠢᠯᠵᠤ ᠥᠩᠭᠡᠷᠡᠭᠰᠡᠨ ᠪᠥᠭᠡᠳ ᠣᠪᠣᠭ᠎ᠠ ᠪᠦᠲᠦᠮᠵᠢᠲᠡᠢ ᠪᠠᠢᠪᠠ᠃ ᠲᠡᠢᠨ ᠬᠦ᠌《 ᠭᠠᠵᠢ 》(《ᠭᠠᠵᠢᠭᠤ ᠱᠠᠰᠢᠨᠲᠠᠨ ᠢ᠋ ᠳᠠᠢᠳᠤᠨ ᠳᠠᠭᠠᠭᠤᠯᠤᠭᠰᠠᠨ ᠪᠠᠭᠠᠲᠤᠷ》 ᠭᠡᠰᠡᠨ ᠤᠳᠬ᠎ᠠ ᠲᠠᠢ) ᠭᠡᠰᠡᠨ ᠴᠣᠯᠠ ᠣᠯᠪᠠ᠃ ᠰᠠᠢᠳ᠋ ᠢᠰᠠᠢᠺᠺᠥ᠋ᠯ ᠨᠠᠭᠤᠷ ᠤ᠋ᠨ ᠬᠥᠪᠡᠭᠡᠨ ᠦ᠌ ᠬᠣᠢᠭ ᠳᠠᠬᠢ ᠰᠠᠭᠤᠴᠠ ᠠ᠋ᠴᠠ ᠪᠠᠨ ᠮᠣᠷᠳᠠᠵᠤ᠂ ᠬᠠᠯᠢᠮᠠᠭᠴᠤᠳ ᠢ᠋ ᠴᠣᠬᠢᠬᠤ ᠪᠠᠷ ᠺᠠᠪᠢᠺᠠᠯᠠᠷ ᠲᠤ᠌ ᠬᠦᠷᠦᠭᠡᠳ ᠲᠠᠱᠺᠸᠨ᠋ᠲ ᠬᠠᠨ ᠰᠦᠯᠦ ᠶ᠋ᠢᠨ ᠨᠠᠰᠤ ᠨᠥᠭᠴᠢᠭᠰᠡᠨ ᠴᠢᠮᠡᠭᠡ ᠶ᠋ᠢ ᠣᠯᠵᠤ ᠰᠣᠨᠣᠰᠴᠠᠢ᠃ ᠡᠢᠮᠦᠷᠬᠦᠦ ᠶᠠᠪᠤᠳᠠᠯ ᠨᠢ ᠦᠽᠪᠧᠺᠴᠦᠳ ᠯᠤ᠌ᠭᠡ ᠶ᠋ᠢᠨ ᠲᠡᠢᠨ ᠢ᠋ ᠡᠭᠦᠰᠬᠡᠬᠦ ᠳ᠋ᠦ᠍ ᠠᠮᠠᠷᠬᠠᠨ ᠪᠣᠯᠭᠠᠪᠠ᠃ ᠲᠡᠢᠨ ᠬᠦ᠌ ᠰᠠᠢᠳ᠋ ᠳᠣᠣᠷ᠎ᠠ ᠪᠠᠨ ᠴᠡᠷᠢᠭ ᠢ᠋ᠶ᠋ᠡᠨ ᠲᠠᠲᠠᠵᠤ᠂ ᠢᠰᠠᠢᠺᠺᠥ᠋ᠯ ᠨᠠᠭᠤᠷ ᠲᠤ᠌ ᠪᠤᠴᠠᠪᠠ᠃ ᠵᠠᠮ ᠳ᠋ᠠᠭᠠᠨ ᠬᠦᠨᠦᠷ᠂ ᠡᠷᠢᠶᠡᠨ ᠢ᠋ ᠳᠠᠮᠵᠢᠨ᠂ ᠳᠠ ᠶᠤᠸᠠᠨ ᠳ᠋ᠤ᠌ ᠣᠷᠣᠪᠠ᠃ ᠭᠡᠪᠡᠴᠦ ᠳᠠᠩᠴᠤ ᠶᠡᠬᠡ ᠠᠰᠢᠭ ᠣᠯᠵᠤ ᠳᠡᠢᠯᠬᠦ ᠦᠭᠡᠢ ᠭᠡᠳᠡᠭ ᠢ᠋ᠶ᠋ᠡᠨ ᠮᠡᠳᠡᠭᠡᠳ ᠮᠣᠭᠣᠯᠰᠲ᠋ᠠᠨ ᠳ᠋ᠠᠭᠠᠨ ᠪᠤᠴᠠᠪᠠ᠃ ᠵᠠᠮ ᠳ᠋ᠠᠭᠠᠨ ᠲᠡᠷᠡ ᠦᠲ᠋ᠯᠥ᠋ᠺ ᠲᠦ᠍ ᠬᠦᠷᠴᠦ ᠭᠡᠷ ᠪᠦᠯᠢ ᠪᠡᠨ ᠡᠷᠭᠢᠵᠦ ᠦᠵᠡᠭᠡᠳ ᠺᠠᠱ ᠲᠠᠭᠠᠨ ᠪᠤᠴᠠᠵᠠᠢ᠃
ᠳᠠᠷᠠᠭ᠎ᠠ ᠵᠢᠯ ᠦ᠋ᠨ ᠬᠢᠨᠢ ᠡᠪᠦᠯ᠂ ᠲᠠᠬᠢᠷ ᠺᠦᠴᠠᠭᠠᠷ ᠬᠠᠪᠢ ᠪᠠᠷ ᠶᠡᠬᠡ ᠴᠠᠢᠵᠠ ᠪᠣᠰᠬᠠᠭᠰᠠᠨ ᠳ᠋ᠤ᠌ ᠭᠢᠷᠭᠢᠰᠲ᠋ᠠᠨᠴᠤᠳ ᠲᠡᠭᠦᠨ ᠢ᠋ ᠲᠡᠷᠡ ᠳᠣᠣᠷ᠎ᠠ ᠪᠠᠨ ᠲᠦᠰᠢᠷ᠎ᠡ ᠢᠷᠡᠪᠡ᠃ ᠷᠠᠰᠢᠳ᠋ ᠠᠷᠭ᠎ᠠ ᠪᠤᠰᠤ ᠠᠪᠠᠱ ᠲᠤ᠌ ᠤᠬᠤᠷᠢᠪᠠ᠃1526 ᠣᠨ ᠤ᠋ ᠡᠬᠢ ᠪᠡᠷ ᠲᠡᠭᠦᠨ ᠦ᠌ ᠡᠴᠢᠭᠡ ᠰᠠᠢᠳ᠋ ᠬᠠᠨ ᠪᠡᠶ᠎ᠡ ᠪᠡᠷ ᠢ᠋ᠶ᠋ᠡᠨ ᠡᠨᠳᠡ ᠢᠷᠡᠵᠦ᠂ ᠬᠥᠪᠡᠭᠡᠨ ᠲᠡᠢ ᠪᠡᠨ ᠠᠭᠤᠯᠵᠠᠪᠠ᠃ ᠬᠠᠰᠠᠭᠴᠤᠳ ᠳᠣᠯᠣᠭᠠᠨ ᠤᠰᠤᠨ ᠤ᠋ ᠪᠦᠬᠦ ᠨᠤᠲᠤᠭ ᠢ᠋ ᠲᠤᠭᠤᠯᠬᠤ ᠳ᠋ᠠᠭᠠᠨ ᠶᠠᠮᠠᠷ ᠴᠤ᠌ ᠡᠰᠡᠷᠭᠦᠴᠡᠯ ᠳ᠋ᠦ᠍ ᠤᠴᠠᠷᠠᠭᠰᠠᠨ ᠦᠭᠡᠢ ᠪᠡᠷ ᠰᠢᠪ ᠰᠢᠯᠤᠭᠤᠬᠠᠨ ᠺᠠᠱ ᠪᠣᠯᠤᠨ ᠺᠦᠩᠭᠠᠢ ᠳ᠋ᠤ᠌ ᠬᠦᠷᠴᠡᠢ᠃ ᠺᠦᠴᠠᠭᠠᠷ ᠪᠣᠯᠤᠨ ᠵᠤᠩᠬᠠᠷ ᠣᠷᠴᠢᠮ ᠡᠪᠦᠯᠵᠢᠭᠡᠳ ᠲᠠᠬᠢᠷ ᠢ᠋ ᠲᠦᠰᠢᠷ᠎ᠡ ᠣᠴᠢᠵᠤ ᠳᠡᠢᠯᠦᠭᠰᠡᠨ ᠦᠭᠡᠢ ᠬᠡᠰᠡᠭ ᠢ᠋ ᠨᠢ ᠮᠣᠩᠭᠣᠯᠴᠤᠳ ᠠᠪᠠᠱ ᠲᠤ᠌ ᠦᠯᠡᠳᠡᠭᠡᠨ ᠠᠪᠴᠠᠢ᠃ ᠤᠤᠯ ᠤ᠋ᠨ ᠶᠦᠨᠣᠰ ᠬᠠᠨ ᠤ᠋ ᠥᠬᠢᠨ ᠪᠣᠯ ᠲᠠᠬᠢᠷ ᠤ᠋ᠨ ᠬᠣᠢᠲᠤ ᠡᠬᠡ ᠨᠢ ᠪᠣᠯᠬᠤ ᠶᠤᠮ᠂ ᠲᠡᠷᠡ ᠦᠶ᠎ᠡ ᠳ᠋ᠦ᠍ ᠶᠠᠭ ᠰᠠᠢᠬᠠᠨ ᠺᠠᠱ ᠲᠤ᠌ ᠰᠠᠭᠤᠵᠤ ᠪᠠᠢᠭᠰᠠᠨ ᠪᠣᠯᠬᠣᠷ ᠲᠠᠬᠢᠷ ᠲᠠᠢ ᠬᠡᠯᠡᠯᠴᠡᠭᠡᠷ ᠬᠢᠯᠭᠡᠬᠦ ᠪᠡᠷ ᠣᠴᠢᠭᠤᠯᠤᠭᠰᠠᠨ ᠪᠣᠯᠪᠠᠴᠤ ᠦᠷ᠎ᠡ ᠳ᠋ᠦᠩ ᠨᠢ ᠶᠠᠮᠠᠷ ᠪᠣᠯᠤᠭᠰᠠᠨ ᠨᠢ ᠲᠣᠳᠣ ᠮᠡᠳᠡᠬᠦ ᠦᠭᠡᠢ᠃ ᠡᠨᠡ ᠦᠶ᠎ᠡ ᠳ᠋ᠦ᠍ ᠰᠠᠢᠳ᠋ ᠬᠠᠨ ᠶᠠᠭ ᠰᠠᠢᠬᠠᠨ ᠠᠺᠰᠢ ᠳ᠋ᠤ᠌ ᠪᠠᠢᠵᠠᠢ᠂ ᠬᠠᠰᠠᠭᠴᠤᠳ ᠪᠣᠯᠤᠨ ᠬᠢᠷᠬᠢᠰᠴᠤᠳ ᠤ᠋ᠨ ᠬᠣᠭᠣᠷᠣᠨᠳᠣ ᠵᠢᠭᠤᠷᠠᠯᠳᠤᠭᠠᠨ ᠡᠭᠦᠰᠦᠭᠰᠡᠨ ᠢ᠋ ᠣᠯᠵᠤ ᠰᠣᠨᠣᠰᠤᠭᠠᠳ ᠴᠡᠷᠢᠭ ᠭᠠᠷᠭᠠᠵᠤ ᠲᠡᠳᠡᠨ ᠢ᠋ ᠳᠠᠢᠯᠠᠪᠠ᠃ ᠴᠡᠷᠢᠭ ᠨᠢ ᠠᠺᠺᠤᠶᠠᠱ ᠲᠤ᠌ ᠬᠦᠷᠦᠭᠰᠡᠨ ᠢ᠋ᠶ᠋ᠡᠨ ᠳᠠᠬᠢᠭᠠᠳ ᠠᠯᠢᠱᠯᠠᠯ ᠳ᠋ᠤ᠌ ᠬᠦᠷᠪᠡ᠃ ᠮᠣᠩᠭᠣᠯ ᠴᠡᠷᠢᠭ ᠦᠷᠭᠦᠯᠵᠢᠯᠡᠨ ᠳᠠᠪᠰᠢᠵᠤ᠂ ᠺᠦᠴᠸ ᠬᠣᠲᠠ ᠳ᠋ᠤ᠌ ᠬᠦᠷᠦᠭᠡᠳ ᠬᠢᠷᠭᠢᠰ ᠴᠡᠷᠢᠭ ᠲᠦ᠍ ᠢᠯᠠᠭᠳᠠᠭᠰᠠᠨ ᠪᠠᠪᠴᠠᠭ ᠬᠠᠨ ᠤ᠋ ᠴᠡᠷᠢᠭ ᠦ᠋ᠳ ᠦ᠋ᠨ ᠦᠬᠦᠳᠡᠯ ᠬᠡᠭᠦᠷ ᠦ᠋ᠳ ᠲᠡᠢ ᠲᠠᠭᠠᠷᠠᠯᠳᠤᠪᠠ᠃ ᠡᠨᠡ ᠬᠦ᠌ ᠦᠵᠡᠭᠳᠡᠯ ᠨᠢ ᠮᠣᠩᠭᠣᠯᠴᠤᠳ ᠲᠤ᠌ ᠳᠠᠩᠴᠤ ᠶᠡᠬᠡ ᠨᠥᠯᠥᠭᠡ ᠦᠬᠦᠭᠰᠡᠨ ᠪᠣᠯᠤᠯᠲᠠᠢ᠂ ᠲᠡᠳᠡ ᠨᠠᠷ ᠳᠣᠯᠣᠭᠠᠨ ᠤᠰᠤᠨ ᠠ᠋ᠴᠠ ᠤᠬᠤᠷᠢᠨ ᠭᠠᠷᠬᠤ ᠪᠠᠷ ᠰᠢᠭᠤᠳᠤᠭᠠᠳ ᠵᠥᠪᠬᠡᠨ ᠠᠷᠪᠠᠨ ᠲᠦᠮᠡᠨ ᠬᠣᠨᠢ ᠶ᠋ᠢ ᠪᠦᠯᠢᠶᠡᠨ ᠠᠪᠠᠴᠢᠭᠰᠠᠨ ᠳ᠋ᠠᠭᠠᠨ ᠰᠡᠳᠬᠢᠯ ᠬᠠᠨᠤᠭᠰᠠᠨ ᠪᠠᠢᠨ᠎ᠠ᠃ ᠲᠡᠢᠨ ᠭᠡᠬᠦ ᠡᠨᠡ ᠤᠳᠠᠭᠠᠨ ᠤ᠋ ᠲᠡᠢᠨ ᠨᠢ《ᠬᠣᠨᠢᠨ ᠤ᠋ ᠪᠠᠢᠯᠳᠤᠭᠠᠨ》(《ᠬᠤᠢ ᠲᠠᠯᠠᠴᠢ》) ᠭᠡᠰᠡᠨ ᠨᠡᠷ᠎ᠡ ᠣᠯᠵᠠᠢ᠃ 1527 ᠣᠨ ᠤ᠋ ᠡᠷᠲᠡ ᠬᠠᠪᠤᠷ ᠤ᠋ᠨ ᠦᠶ᠎ᠡ ᠪᠡᠷ ᠲᠠᠬᠢᠷ ᠭᠡᠪᠱ ᠲᠦ᠍ ᠬᠦᠷᠴᠦ᠂ ᠮᠣᠩᠭᠣᠯᠴᠤᠳ ᠤ᠋ᠨ ᠣᠷᠬᠢᠵᠤ ᠶᠠᠪᠤᠭᠰᠠᠨ ᠨᠢᠭᠡ ᠪᠦᠯᠦᠭ ᠬᠢᠷᠬᠢᠰᠴᠤᠳ ᠪᠣᠯᠤᠨ ᠠᠳᠤᠭᠤᠨ ᠰᠦᠷᠦᠭ ᠢ᠋ ᠨᠢ ᠠᠪᠴᠤ ᠬᠠᠷᠢᠪᠠ᠃
ᠮᠣᠩᠭᠣᠯᠴᠤᠳ ᠢ᠋ ᠳᠣᠯᠣᠭᠠᠨ ᠤᠰᠤᠨ ᠠ᠋ᠴᠠ ᠤᠬᠤᠷᠢᠨ ᠭᠠᠷᠤᠭᠰᠠᠨ ᠤ᠋ ᠳᠠᠷᠠᠭ᠎ᠠ᠂ ᠬᠠᠰᠠᠭᠴᠤᠳ ᠪᠣᠯᠤᠨ ᠬᠢᠷᠬᠢᠰᠴᠤᠳ ᠡᠨᠳᠡ ᠰᠠᠭᠤᠷᠢᠰᠢᠨ ᠰᠠᠭᠤᠵᠠᠢ᠃ ᠡᠨᠡ ᠬᠣᠶᠠᠷ ᠦᠨᠳᠦᠰᠦᠲᠡᠨ ᠦ᠌ ᠡᠶ᠎ᠡ ᠨᠠᠢᠷᠠᠮᠳᠠᠯ ᠨᠢ ᠲᠤᠩ ᠣᠬᠣᠷᠬᠠᠨ ᠬᠤᠭᠤᠴᠠᠭᠠᠨ᠎ᠠ ᠳᠠᠭᠤᠰᠪᠠ᠃ 1526 ᠣᠨ ᠠ᠋ᠴᠠ ᠠᠪᠤᠭᠠᠳ ᠨᠢᠭᠡ ᠪᠦᠯᠦᠭ ᠬᠠᠰᠠᠭᠴᠤᠳ ᠠᠬ᠎ᠠ ᠳᠡᠭᠦᠦ ᠠᠪᠤᠳ᠋· ᠠᠯ· ᠺᠡᠰᠢᠨ ᠨᠢ ᠲᠠᠬᠢᠷ ᠲᠤ᠌ ᠠᠯᠠᠭᠤᠯᠤᠭᠰᠠᠨ ᠠ᠋ᠴᠠ ᠪᠣᠯᠵᠤ ᠲᠠᠬᠢᠷ ᠢ᠋ ᠣᠷᠬᠢᠨ ᠰᠠᠯᠵᠤ ᠶᠠᠪᠤᠪᠠ᠃ ᠭᠡᠪᠡᠴᠦ ᠬᠢᠷᠬᠢᠰᠴᠤᠳ ᠬᠠᠷᠢᠨ ᠲᠡᠭᠦᠨ ᠳ᠋ᠦ᠍ ᠦᠨᠡᠨᠴᠢ ᠪᠡᠷ ᠬᠠᠨᠳᠤᠨ ᠡᠷᠭᠦᠨ ᠬᠦᠨᠳᠦᠯᠡᠵᠦ ᠪᠠᠢᠪᠠ᠃1529 ᠣᠨ ᠪᠣᠯᠬᠤ ᠳ᠋ᠤ᠌᠂ ᠳᠠᠬᠢᠭᠠᠳ ᠬᠣᠶᠠᠷ ᠠ᠋ᠴᠠ ᠭᠤᠷᠪᠠᠨ ᠲᠦᠮᠡᠨ ᠬᠠᠰᠠᠭᠴᠤᠳ ᠲᠠᠬᠢᠷ ᠤ᠋ᠨ ᠳᠡᠷᠭᠡᠳᠡ ᠬᠦᠷᠴᠦ ᠢᠷᠡᠵᠡᠢ᠃ ᠲᠠᠬᠢᠷ ᠤ᠋ᠨ ᠦᠬᠦᠭᠰᠡᠨ ᠣᠨ ᠰᠠᠷ᠎ᠠ ᠶ᠋ᠢᠨ ᠲᠤᠬᠠᠢ ᠲᠣᠳᠣᠷᠬᠠᠢ ᠲᠡᠮᠳᠡᠭᠯᠡᠯ ᠪᠠᠢᠬᠤ ᠦᠭᠡᠢ᠃ ᠮᠦᠬᠠᠮᠮᠠᠳ᠋ ᠣᠨ ᠲᠡᠮᠳᠡᠭᠯᠡᠨ ᠲᠣᠭᠠᠴᠢᠭᠰᠠᠨ ᠢ᠋ᠶ᠋ᠠᠷ᠂ ᠲᠠᠬᠢᠷ ᠲᠤᠢᠯ ᠤ᠋ᠨ ᠤᠷᠤᠭᠤᠳᠠᠭᠰᠠᠨ ᠪᠠᠢᠳᠠᠯ ᠤ᠋ᠨ ᠳᠣᠣᠷ᠎ᠠ ᠨᠠᠰᠤ ᠪᠠᠷᠠᠵᠠᠢ᠃ ᠲᠡᠭᠦᠨ ᠢ᠋ ᠦᠬᠦᠭᠰᠡᠨ ᠡᠴᠡ ᠬᠣᠢᠰᠢ ᠬᠠᠰᠠᠭᠴᠤᠳ ᠤ᠋ᠨ ᠳᠤᠮᠳᠠ ᠲᠡᠭᠦᠨ ᠰᠢᠭ ᠠᠯᠳᠠᠷ ᠬᠦᠨᠳᠦᠲᠡᠢ ᠬᠠᠨ ᠳᠠᠬᠢᠭᠠᠳ ᠮᠡᠨᠳᠦᠯᠡᠭᠡ ᠦᠭᠡᠢ᠃ ᠬᠡᠢᠳᠡᠷ ᠦ᠋ᠨ ᠬᠡᠯᠡᠬᠦ ᠪᠡᠷ᠂ ᠲᠠᠬᠢᠷ ᠤ᠋ᠨ ᠴᠠᠭᠠᠨ ᠬᠣᠪᠴᠠᠰᠤᠲᠠᠢ᠂ ᠬᠡᠷᠭᠡᠮᠲᠡᠨ ᠳᠡᠭᠦᠦ ᠨᠢ ᠰᠠᠭᠤᠷᠢᠨ ᠢ᠋ ᠨᠢ ᠵᠠᠯᠭᠠᠮᠵᠢᠯᠠᠵᠠᠢ᠃
ᠰᠠᠢᠳ᠋ ᠤ᠋ᠨ ᠬᠥᠪᠡᠭᠦᠨ ᠷᠠᠰᠢᠳ᠋ ᠰᠠᠭᠤᠷᠢᠨ ᠵᠠᠯᠭᠠᠮᠵᠢᠯᠠᠭᠰᠠᠨ (1533~1570) ᠤ᠋ ᠳᠠᠷᠠᠭ᠎ᠠ᠂ ᠮᠣᠩᠭᠣᠯᠴᠤᠳ ᠤᠳᠠᠯ ᠦᠭᠡᠢ ᠳᠣᠯᠣᠭᠠᠨ ᠤᠰᠤᠨ ᠳ᠋ᠤ᠌ ᠡᠷᠬᠡ ᠬᠦᠴᠦ ᠪᠡᠨ ᠳᠠᠬᠢᠨ ᠰᠢᠨ᠎ᠡ ᠪᠡᠷ ᠪᠣᠢ ᠪᠣᠯᠭᠠᠪᠠ᠃ ᠷᠠᠰᠢᠳ᠋ ᠢ᠋ᠶ᠋ᠠᠷ ᠲᠷᠠᠨᠰᠤᠭᠰᠢᠨᠠ ᠶ᠋ᠢᠨ ᠦᠽᠪᠧᠺᠴᠦᠳ ᠲᠡᠢ ᠬᠣᠯᠪᠣᠭ᠎ᠠ ᠪᠠᠢᠭᠤᠯᠤᠨ᠂ ᠬᠠᠮᠲᠤ ᠶ᠋ᠢᠨ ᠳᠠᠢᠰᠤᠨ ᠢ᠋ᠶ᠋ᠠᠨ ᠠᠷᠭᠠᠴᠠᠭᠠᠪᠠ᠃ ᠡᠨᠡ ᠦᠶ᠎ᠡ ᠳ᠋ᠦ᠍ ᠦᠽᠪᠧᠺᠴᠦᠳ ᠲᠠᠱᠺᠸᠨ᠋ᠲ᠋ ᠢ᠋ ᠪᠤᠯᠢᠶᠠᠨ ᠠᠪᠬᠤ ᠶ᠋ᠢᠨ ᠲᠥᠯᠥᠭᠡ ᠶᠠᠭ ᠰᠠᠢᠬᠠᠨ ᠬᠠᠰᠠᠭᠴᠤᠳ ᠲᠠᠢ ᠪᠠᠢᠯᠳᠤᠵᠤ ᠪᠠᠢᠪᠠ᠃ ᠬᠠᠰᠠᠭᠴᠤᠳ ᠤ᠋ᠨ ᠪᠠᠷᠠᠭᠤᠨ ᠬᠣᠢᠲᠤ ᠬᠢᠵᠠᠭᠠᠷ ᠨᠢ ᠴᠦ᠍ ᠨᠤᠭᠤᠢᠴᠤᠳ ᠤ᠋ᠨ ᠲᠦᠢᠪᠡᠭᠡᠯᠭᠡ ᠳ᠋ᠦ᠍ ᠤᠴᠠᠷᠠᠭᠰᠠᠨ ᠪᠠᠢᠨ᠎ᠠ᠃ ᠬᠣᠲᠣᠩ ᠲᠣᠭᠠᠯᠠᠯ ᠤ᠋ᠨ 944 ᠣᠨ᠂ ᠢᠰᠦ᠋ᠰ ᠲᠣᠭᠠᠯᠠᠯ ᠤ᠋ᠨ 1537~1538 ᠣᠨ ᠳ᠋ᠤ᠌᠂ ᠷᠠᠰᠢᠳ᠋ ᠢ᠋ᠶ᠋ᠠᠷ ᠬᠠᠰᠠᠭᠴᠤᠳ ᠲᠤ᠌ ᠰᠦᠢᠷᠡᠯᠲᠡ ᠶ᠋ᠢᠨ ᠴᠢᠨᠠᠷᠲᠠᠢ ᠲᠡᠢᠨ ᠶᠠᠪᠤᠭᠤᠯᠪᠠ᠃ ᠡᠨᠡ ᠤᠳᠠᠭᠠᠨ ᠤ᠋ ᠲᠡᠢᠨ ᠳ᠋ᠦ᠍᠂ ᠲᠠᠬᠢᠷ ᠤ᠋ᠨ ᠠᠬ᠎ᠠ ᠲᠦᠭᠠᠨ ᠬᠠᠨ ᠬᠢᠭᠡᠳ ᠭᠤᠴᠢᠨ ᠳᠣᠯᠣᠭᠠᠨ ᠢᠰᠯᠠᠮ ᠤ᠋ᠨ ᠰᠤᠯᠲᠠᠨ ᠠᠯᠠᠭᠳᠠᠭᠰᠠᠨ ᠪᠠᠢᠪᠠ᠃ ᠠᠯᠤᠰ ᠨᠤᠲᠤᠭ ᠤ᠋ᠨ ᠬᠥᠮᠦᠰ ᠦ᠋ᠨ ᠳᠤᠮᠳᠠ ᠬᠠᠰᠠᠭᠴᠤᠳ ᠪᠦᠬᠦᠨ ᠢ᠋ᠶ᠋ᠡᠷ ᠢ᠋ᠶ᠋ᠡᠨ ᠤᠰᠠᠳᠬᠠᠭᠳᠠᠵᠠᠢ ᠭᠡᠰᠡᠨ ᠴᠤᠤ ᠶᠠᠷᠢᠶ᠎ᠠ ᠶᠠᠪᠤᠭᠳᠠᠬᠤ ᠪᠣᠯᠪᠠ᠃ ᠷᠠᠰᠢᠳ᠋ ᠢ᠋ᠶ᠋ᠠᠷ ᠠᠪᠤ ᠶ᠋ᠢᠨ ᠢ᠋ᠶ᠋ᠡᠨ ᠠᠷᠭ᠎ᠠ ᠬᠢᠳᠡᠯ ᠢ᠋ ᠨᠢ ᠳᠠᠭᠤᠷᠢᠶᠠᠨ᠂ ᠬᠥᠪᠡᠭᠦᠨ ᠠᠪᠣᠳ᠋· ᠠᠯ· ᠯᠠᠳᠢᠫ ᠢ᠋ᠶ᠋ᠠᠨ ᠳᠣᠯᠣᠭᠠᠨ ᠤᠰᠤᠨ ᠳ᠋ᠤ᠌ ᠦᠯᠡᠳᠡᠭᠡᠪᠡ᠃ ᠮᠣᠩᠭᠣᠯᠴᠤᠳ ᠦᠽᠪᠧᠺᠴᠦᠳ ᠲᠡᠢ ᠳᠣᠲᠣᠨᠣ ᠬᠣᠯᠪᠣᠭ᠎ᠠ ᠪᠠᠨ ᠪᠠᠷᠢᠮᠲᠠᠯᠠᠭᠰᠠᠭᠠᠷ ᠪᠠᠢᠪᠠ᠃ ᠬᠣᠲᠣᠩ ᠲᠣᠭᠠᠯᠠᠯ ᠤ᠋ᠨ 951 ᠣᠨ᠂ ᠢᠰᠦ᠋ᠰ ᠲᠣᠭᠠᠯᠠᠯ ᠤ᠋ᠨ 1544~1545 ᠣᠨ ᠳ᠋ᠤ᠌᠂ ᠢᠰᠡᠢᠺᠺᠦ᠋ᠯ ᠨᠠᠭᠤᠷ ᠤ᠋ᠨ ᠬᠥᠪᠡᠭᠦᠨ ᠳᠡᠭᠡᠷ᠎ᠡ᠂ ᠷᠠᠰᠢᠳ᠋ ᠪᠣᠯᠤᠨ ᠲᠠᠱᠺᠸᠨ᠋ᠲ᠋ ᠤ᠋ᠨ ᠬᠠᠨ ᠨᠥᠯᠥ· ᠠᠬᠠᠮᠠᠢ ᠬᠤᠷᠠᠯᠳᠤᠭᠠᠨ ᠬᠢᠪᠡ᠃ ᠬᠡᠳᠦᠢ ᠡᠢᠮᠦ ᠪᠠᠢᠭᠰᠠᠨ ᠴᠤ᠌ ᠬᠠᠰᠠᠭᠴᠤᠳ ᠳᠣᠯᠣᠭᠠᠨ ᠤᠰᠤᠨ ᠤ᠋ ᠨᠤᠲᠤᠭ ᠲᠤ᠌ ᠤᠳᠠᠯ ᠦᠭᠡᠢ ᠪᠠᠰᠠ ᠳᠠᠪᠠᠭᠤ ᠪᠠᠢᠷᠢ ᠶ᠋ᠢ ᠡᠵᠡᠯᠡᠪᠡ᠃ ᠬᠣᠲᠣᠩ ᠲᠣᠭᠠᠯᠠᠯ ᠤ᠋ᠨ 978 ᠣᠨ᠂ ᠢᠰᠦ᠋ᠰ ᠲᠣᠭᠠᠯᠠᠯ ᠤ᠋ᠨ 1570~1571 ᠣᠨ ᠳ᠋ᠤ᠌ ᠷᠠᠰᠢᠳ᠋ ᠨᠠᠰᠤ ᠪᠠᠷᠠᠪᠠ᠂ ᠲᠡᠭᠦᠨ ᠦ᠌ ᠬᠥᠪᠡᠭᠦᠨ ᠠᠪᠣᠳ᠋· ᠠᠯ· ᠯᠠᠳᠢᠫ ᠰᠠᠭᠤᠷᠢᠨ ᠢ᠋ ᠨᠢ ᠵᠠᠯᠭᠠᠮᠵᠢᠯᠠᠪᠠ᠃ ᠯᠠᠳᠢᠫ ᠬᠣᠷᠢᠨ ᠶᠢᠰᠦᠲᠡᠢ ᠵᠢᠯ ᠳ᠋ᠡᠭᠡᠨ ᠬᠠᠰᠠᠭᠴᠤᠳ ᠪᠣᠯᠤᠨ ᠬᠢᠷᠬᠢᠰᠴᠤᠳ ᠤ᠋ᠨ ᠸᠠᠩ — ᠺᠠᠰᠢᠨ ᠤ᠋ ᠬᠥᠪᠡᠭᠦᠨ ᠬᠠᠺ· ᠨᠠᠽᠠ ᠲᠠᠢ ᠬᠢᠭᠰᠡᠨ ᠲᠡᠢᠨ ᠳ᠋ᠦ᠍ ᠠᠯᠠᠭᠳᠠᠪᠠ᠃ ᠵᠠᠨᠺᠢᠨᠰᠤᠨ⑨ ᠤ᠋ ᠮᠡᠳᠡᠭᠦᠯᠦᠯᠲᠡ ᠶ᠋ᠢ ᠦᠨᠳᠦᠰᠦᠯᠡᠪᠡᠯ᠂ 1588 ᠣᠨ ᠪᠣᠯᠬᠤ ᠳ᠋ᠤ᠌ ᠬᠠᠰᠠᠭᠴᠤᠳ ᠤ᠋ᠨ ᠬᠦᠴᠦ ᠳᠠᠱᠺᠸᠨ᠋ᠲ᠋ ᠢ᠋ ᠰᠦᠷᠳᠡᠭᠦᠯᠦᠭᠰᠡᠨ ᠬᠡᠪ ᠢ᠋ᠶ᠋ᠡᠷ ᠢ᠋ᠶ᠋ᠡᠨ ᠪᠠᠢᠪᠠ᠂ ᠡᠭᠦᠨ ᠦ᠌ ᠬᠠᠮᠲᠤ ᠬᠢᠷᠬᠢᠰᠴᠤᠳ ᠤ᠋ᠨ ᠬᠦᠴᠦ ᠬᠠᠷᠢᠨ ᠺᠠᠱ ᠢ᠋ ᠰᠦᠷᠳᠡᠭᠦᠯᠵᠦ ᠪᠠᠢᠪᠠ᠃ ᠡᠨᠡ ᠬᠣᠶᠠᠷ ᠦᠨᠳᠦᠰᠦᠲᠡᠨ ᠦ᠌ ᠬᠢᠨᠢ ᠳᠤᠮᠳᠠᠳᠤ ᠤᠯᠤᠰ ᠲᠤ᠌ ᠨᠡᠪᠲᠡᠷᠡᠬᠦ ᠪᠠ ᠪᠠᠷᠠᠭᠤᠨ ᠠᠽᠢᠶ᠎ᠠ ᠳ᠋ᠤ᠌ ᠨᠡᠪᠲᠡᠷᠡᠬᠦ ᠪᠦᠬᠦ ᠵᠠᠮ ᠢ᠋ ᠲᠠᠰᠤᠯᠵᠤ ᠬᠠᠶᠠᠭᠰᠠᠨ ᠪᠠᠢᠨ᠎ᠠ᠃
— — — —
① ᠲᠡᠮᠦᠷ ᠬᠠᠨᠳᠤ ᠤᠯᠤᠰ ᠤ᠋ᠨ ᠤᠴᠢᠷ᠂《ᠮᠢᠩ ᠤᠯᠤᠰ ᠤ᠋ᠨ ᠲᠡᠦᠬᠡ》 ᠶ᠋ᠢᠨ332 ᠳ᠋ᠤᠭᠠᠷ ᠪᠣᠳᠢ ᠶ᠋ᠢᠨ《ᠪᠠᠷᠠᠭᠤᠨ ᠣᠷᠣᠨ ᠤ᠋ ᠱᠠᠰᠲᠢᠷ ᠳᠥᠷᠪᠡ᠂ ᠰᠠᠮᠠᠷᠺᠠᠨᠳ᠋ ᠤ᠋ᠨ ᠱᠠᠰᠲᠢᠷ ᠪᠣᠯᠤᠨ ᠪᠢᠱᠪᠠᠯᠢᠭ ᠤ᠋ᠨ ᠱᠠᠰᠲᠢᠷ》 ᠲᠤ᠌ ᠦᠵᠡ᠃ ᠺᠧ ᠱᠣᠣ ᠮᠢᠨ《ᠰᠢᠨ᠎ᠡ ᠶᠤᠸᠠᠨ ᠤᠯᠤᠰ ᠤ᠋ᠨ ᠲᠡᠦᠬᠡ》 ᠶ᠋ᠢᠨ228 ᠳ᠋ᠤᠭᠠᠷ ᠪᠣᠳᠢ ᠳ᠋ᠤ᠌ ᠲᠤᠰᠬᠠᠢᠯᠠᠨ ᠲᠡᠮᠦᠷ ᠲᠦ᠍ ᠲᠤᠰᠬᠠᠢ ᠨᠠᠮᠲᠠᠷ ᠪᠢᠴᠢᠵᠦ ᠥᠭᠪᠡ᠃(ᠬᠢᠲᠠᠳᠴᠢᠯᠠᠭᠴᠢ)
② ᠪᠠᠷᠲ᠋ᠣᠯᠳ᠋ ᠤ᠋ᠨ ᠥᠭᠡᠷ᠎ᠡ ᠨᠢᠭᠡ ᠵᠣᠬᠢᠶᠠᠯ《ᠳᠤᠮᠳᠠᠳᠤ ᠠᠽᠢᠶ᠎ᠠ ᠶ᠋ᠢᠨ ᠲᠣᠪᠴᠢ ᠲᠡᠦᠬᠡ》 ᠶ᠋ᠢ ᠦᠨᠳᠦᠰᠦᠯᠡᠪᠡᠯ᠂ ᠲᠡᠮᠦᠷ (1333 ~ 1405) ᠪᠣᠯ ᠪᠠᠷᠯᠣᠰ ᠣᠪᠣᠭᠲᠠᠨ᠃ ᠲᠦᠭᠠᠨ ᠫᠷᠣᠹᠧᠰᠰᠣᠷ ᠤ᠋ᠨ ᠰᠢᠨᠵᠢᠯᠡᠭᠡᠨ ᠢ᠋ᠶ᠋ᠡᠷ᠂ ᠲᠡᠮᠦᠷ ᠬᠢᠭᠡᠳ ᠴᠢᠩᠭᠢᠰ ᠬᠠᠭᠠᠨ ᠡᠪᠦᠭᠡ ᠳᠡᠭᠡᠳᠦᠰ ᠨᠢᠭᠡᠲᠡᠢ᠃ ᠺᠧ ᠱᠣᠣ ᠮᠢᠨ ᠦ᠌ 《ᠰᠢᠨ᠎ᠡ ᠶᠤᠸᠠᠨ ᠤᠯᠤᠰ ᠤ᠋ᠨ ᠲᠡᠦᠬᠡ᠂ ᠲᠡᠮᠦᠷ ᠦ᠋ᠨ ᠨᠠᠮᠲᠠᠷ》 ᠲᠤ᠌ ᠲᠡᠮᠦᠷ ᠺᠠᠰᠬᠡᠩ ᠬᠠᠨ ᠤ᠋ ᠣᠮᠪᠣᠯᠣ ᠥᠬᠢᠨ ᠢ᠋ ᠡᠬᠡᠨᠡᠷ ᠪᠣᠯᠭᠠᠨ ᠠᠪᠴᠠᠢ ᠭᠡᠪᠡ᠃ ᠲᠡᠢᠨ ᠬᠦ᠌ ᠲᠡᠷᠡ ᠣᠪᠣᠭ ᠤ᠋ᠨ ᠬᠥᠮᠦᠰ ᠲᠡᠮᠦᠷ ᠢ᠋ 《ᠹᠦᠮᠡ》 ᠭᠡᠵᠦ ᠳᠠᠭᠤᠳᠠᠳᠠᠭ ᠪᠠᠢᠪᠠ᠃(ᠬᠢᠲᠠᠳᠴᠢᠯᠠᠭᠴᠢ)
③ ᠮᠢᠩ ᠤᠯᠤᠰ ᠤ᠋ᠨ ᠶᠦᠩ ᠯᠧ ᠶ᠋ᠢᠨ ᠬᠣᠶᠠᠳᠤᠭᠠᠷ ᠣᠨ᠃《ᠮᠢᠩ ᠤᠯᠤᠰ ᠤ᠋ᠨ ᠪᠦᠷᠢᠨ ᠲᠡᠮᠳᠡᠭᠯᠡᠯ》 ᠳ᠋ᠦ᠍᠂ ᠶᠦᠩ ᠯᠧ ᠶ᠋ᠢᠨ ᠭᠤᠷᠪᠠᠳᠤᠭᠠᠷ ᠣᠨ ᠳ᠋ᠤ᠌᠂ ᠰᠡᠮᠡᠷᠺᠡᠨᠳ᠋ ᠦ᠋ᠨ ᠬᠣᠲᠣᠩᠴᠤᠳ ᠱᠠᠮᠢᠷᠴᠠᠭᠠᠨ ᠠ᠋ᠴᠠ ᠵᠠᠮ ᠵᠢᠭᠡᠯᠡᠨ ᠵᠡᠭᠦᠨᠰᠢ ᠣᠷᠣᠬᠤ ᠰᠠᠨᠠᠭᠠᠲᠠᠢ ᠪᠠᠢᠪᠠ ᠭᠡᠵᠡᠢ᠃ (ᠬᠢᠲᠠᠳᠴᠢᠯᠠᠭᠴᠢ ᠶ᠋ᠢᠨ ᠲᠠᠢᠯᠪᠤᠷᠢ)
④ ᠮᠢᠩ ᠤᠯᠤᠰ ᠤ᠋ᠨ ᠶᠦᠩ ᠯᠧ ᠶ᠋ᠢᠨ ᠲᠠᠪᠤᠳᠤᠭᠠᠷ ᠣᠨ《ᠮᠢᠩ ᠤᠯᠤᠰ ᠤ᠋ᠨ ᠪᠦᠷᠢᠨ ᠲᠡᠮᠳᠡᠭᠯᠡᠯ》 ᠳ᠋ᠦ᠍᠂ ᠲᠠᠪᠤᠨ ᠣᠨ ᠤ᠋ ᠳᠥᠷᠪᠡᠳᠦᠭᠡᠷ ᠰᠠᠷ᠎ᠠ ᠳ᠋ᠤ᠌ ᠱᠠᠮᠢᠷᠴᠠᠭᠠᠨ ᠢ᠋ᠶ᠋ᠠᠷ ᠰᠡᠮᠷᠷᠺᠡᠨᠳ᠋ ᠪᠣᠯ ᠮᠢᠨᠦ ᠤᠭ ᠨᠤᠲᠤᠭ᠂ ᠴᠡᠷᠢᠭ ᠭᠠᠷᠭᠠᠨ ᠨᠤᠲᠤᠭ ᠢ᠋ᠶ᠋ᠠᠨ ᠡᠭᠡᠭᠦᠯᠦᠨ ᠠᠪᠬᠤ ᠶ᠋ᠢ ᠬᠦᠰᠡᠮᠦᠢ ᠭᠡᠪᠡ᠃(ᠬᠢᠲᠠᠳᠴᠢᠯᠠᠭᠴᠢ ᠶ᠋ᠢᠨ ᠲᠠᠢᠯᠪᠤᠷᠢ)
⑤ ᠴᠣᠷᠣᠰ ᠭᠡᠳᠡᠭ ᠨᠢ ᠵᠡᠭᠦᠨ ᠵᠢᠭᠦᠷ ᠭᠡᠰᠡᠨ ᠭᠡᠰᠡᠨ ᠤᠳᠬ᠎ᠠ ᠲᠠᠢ᠂ ᠲᠤᠬᠠᠢᠯᠠᠪᠠᠯ ᠵᠡᠭᠦᠨᠭᠠᠷ ᠠᠢᠮᠠᠭ ᠤ᠋ᠨ ᠵᠡᠭᠦᠨ ᠵᠢᠭᠦᠷ ᠭᠡᠰᠡᠨ ᠦᠭᠡ᠃
⑥ ᠬᠣᠢᠳ᠃ ᠳᠥᠷᠪᠡᠳ ᠠᠢᠮᠠᠭ ᠢ᠋ ᠢᠰᠯᠠᠮ ᠤ᠋ᠨ ᠱᠠᠰᠢᠨᠲᠠᠳ ᠢᠩᠭᠢᠵᠦ ᠨᠡᠷᠡᠯᠡᠳᠡᠭ᠃(ᠬᠢᠲᠠᠳᠴᠢᠯᠠᠭᠴᠢ ᠶ᠋ᠢᠨ ᠲᠠᠢᠯᠪᠤᠷᠢ)
⑦ ᠳᠣᠯᠣᠭᠠᠨ ᠤᠰᠤᠨ ᠢ᠋ᠶ᠋ᠠᠷ ᠲᠥᠪ ᠪᠣᠯᠭᠠᠨ ᠬᠡᠯᠡᠭᠰᠡᠨ《ᠵᠡᠭᠦᠨ》᠂《ᠪᠠᠷᠠᠭᠤᠨ》 ᠬᠡᠰᠡᠭ ᠨᠢ ᠳᠤᠮᠳᠠᠳᠤ ᠤᠯᠤᠰ ᠤ᠋ᠨ ᠳᠠᠭᠤᠳᠠᠯᠭ᠎ᠠ ᠲᠠᠢ ᠠᠳᠠᠯᠢ ᠦᠭᠡᠢ᠃ ᠳᠤᠮᠳᠠᠳᠤ ᠤᠯᠤᠰ ᠲᠤ᠌ ᠬᠠᠯᠬᠠᠴᠤᠳ ᠢ᠋《ᠵᠡᠭᠦᠨ ᠮᠣᠩᠭᠣᠯ》 ᠥᠭᠡᠯᠡᠳ《ᠣᠢᠷᠠᠳ》 ᠢ᠋《ᠪᠠᠷᠠᠭᠤᠨ ᠮᠣᠩᠭᠣᠯ》 ᠭᠡᠳᠡᠭ᠃ ᠤᠩᠰᠢᠭᠴᠢᠳ ᠮᠠᠨᠢ ᠠᠩᠬᠠᠷᠤᠯ ᠳ᠋ᠠᠭᠠᠨ ᠠᠪᠤᠮᠤ᠃
⑧ ᠴᠧᠨ ᠴᠧᠩ ᠦ᠋ᠨ《ᠪᠠᠷᠠᠭᠤᠨ ᠣᠷᠣᠨ᠎ᠠ ᠡᠯᠴᠢᠯᠡᠭᠰᠡᠨ ᠲᠡᠮᠳᠡᠭᠯᠡᠯ》 ᠢ᠋ ᠬᠡᠯᠡᠵᠦ ᠪᠠᠢᠨ᠎ᠠ᠃《ᠡᠷᠳᠡᠮ ᠦ᠋ᠨ ᠳᠠᠯᠠᠢ ᠶ᠋ᠢᠨ ᠵᠦᠢᠯ ᠬᠤᠪᠢᠶᠠᠭᠰᠠᠨ ᠪᠦᠯᠦᠭ》᠂ ᠪᠡᠭᠡᠵᠢᠩ ᠦ᠋ᠨ ᠨᠣᠮ ᠤ᠋ᠨ ᠰᠠᠩ ᠤ᠋ᠨ《ᠰᠠᠢᠨ ᠤ᠋ ᠡᠬᠢ ᠶ᠋ᠢᠨ ᠴᠤᠪᠤᠷᠠᠯ ᠪᠢᠴᠢᠭ》᠂《ᠮᠢᠩ ᠤᠯᠤᠰ ᠤ᠋ᠨ ᠮᠠᠭᠠᠳ ᠲᠡᠮᠳᠡᠭᠯᠡᠯ》(《ᠶᠦᠩ ᠯᠧ ᠶ᠋ᠢᠨ ᠮᠠᠭᠠᠳ ᠲᠡᠮᠳᠡᠭᠯᠡᠯ》 ᠦ᠋ᠨ98 ᠳ᠋ᠤᠭᠠᠷ ᠪᠣᠳᠢ) ᠵᠡᠷᠭᠡ ᠨᠣᠮ ᠳ᠋ᠤ᠌ ᠬᠤᠷᠢᠶᠠᠭᠳᠠᠨ ᠣᠷᠣᠵᠠᠢ᠃ ᠨᠡᠷ᠎ᠡ ᠶ᠋ᠢ ᠨᠢ《ᠪᠠᠷᠠᠭᠤᠨ ᠣᠷᠣᠨ ᠤ᠋ ᠣᠯᠠᠨ ᠤᠯᠤᠰ ᠤ᠋ᠨ ᠦᠯᠢᠭᠡᠷ》 ᠭᠡᠵᠦ ᠬᠠᠯᠠᠵᠠᠢ᠃(ᠬᠢᠲᠠᠳᠴᠢᠯᠠᠭᠴᠢ ᠶ᠋ᠢᠨ ᠲᠠᠢᠯᠪᠤᠷᠢ)
⑨ ᠵᠠᠨᠺᠢᠨᠰᠤᠨ᠂ 1558~1559 ᠣᠨ᠎ᠠ ᠣᠷᠣᠰ ᠤ᠋ᠨ ᠬᠡᠷᠴᠡᠭᠡᠢ ᠴᠠᠭᠠᠨ ᠬᠠᠭᠠᠨ ᠢᠹᠠᠨ ᠤ᠋ ᠳᠡᠮᠵᠢᠯᠭᠡ ᠶ᠋ᠢ ᠣᠯᠵᠤ᠂ ᠮᠣᠰᠺᠸᠠ ᠺᠣᠮᠫᠠᠨᠢ ᠶ᠋ᠢᠨ ᠶᠡᠷᠦᠩᠬᠡᠢ ᠳᠠᠭᠠᠭᠠᠮᠠᠯ ᠭᠡᠳᠡᠭ ᠨᠡᠷ᠎ᠡ ᠪᠡᠷ ᠺᠢᠸᠠ ᠪᠣᠯᠤᠨ ᠪᠤᠬᠠᠷ ᠣᠷᠴᠢᠮ ᠢ᠋ᠶ᠋ᠠᠷ ᠠᠢᠯᠴᠢᠯᠠᠪᠠ᠃