ᠵᠢᠷᠭᠤᠭᠠ ᠂ ᠮᠣᠩᠭᠣᠯ ᠤ᠋ᠨ ᠴᠠᠭᠠᠲᠠᠢ ᠬᠠᠨᠳᠤ ᠤᠯᠤᠰ ᠤ᠋ᠨ ᠲᠣᠪᠴᠢ ᠲᠡᠦᠬᠡ -1
1220 ᠣᠨ ᠳ᠋ᠤ᠌᠂ ᠠᠯᠲᠠᠨ ᠤᠯᠤᠰ ᠤ᠋ᠨ ᠬᠠᠭᠠᠨ ᠤ᠋ ᠡᠯᠴᠢ ᠦᠬᠦᠰᠳ ᠴᠢᠩᠭᠢᠰ ᠬᠠᠭᠠᠨ ᠳ᠋ᠤ᠌ ᠵᠣᠯᠭᠠᠬᠤ ᠪᠠᠷ ᠪᠠᠷᠠᠭᠤᠨᠰᠢ ᠠᠶᠠᠯᠠᠪᠠ᠃ ᠲᠡᠷᠡ ᠲᠡᠮᠳᠡᠭᠯᠡᠯ ᠳ᠋ᠡᠭᠡᠨ ᠢᠩᠭᠢᠵᠦ ᠬᠡᠯᠡᠪᠡ᠄ ᠬᠢᠲᠠᠨᠴᠤᠳ ᠲᠤᠩ ᠴᠥᠭᠡᠨ ᠦᠯᠡᠳᠡᠵᠡᠢ᠂ ᠭᠡᠪᠡᠴᠦ ᠡᠳᠡᠭᠡᠷ ᠵᠢᠵᠢᠭ ᠪᠦᠯᠦᠭ ᠬᠥᠮᠦᠰ ᠬᠤᠪᠴᠠᠰᠤ ᠬᠤᠨᠠᠷ ᠪᠠ ᠵᠠᠩ ᠵᠠᠩᠰᠢᠯ ᠤ᠋ᠨ ᠲᠠᠯᠠ ᠪᠠᠷ ᠪᠦᠷ ᠤᠢᠭᠤᠷ ᠢ᠋ ᠳᠠᠭᠤᠷᠢᠶᠠᠭᠰᠠᠨ ᠪᠠᠢᠨᠠ᠃ ᠳᠤᠮᠳᠠᠳᠤ ᠤᠯᠤᠰ ᠤ᠋ᠨ ᠬᠥᠮᠦᠨ ᠦ᠌ ᠬᠡᠯᠡᠳᠡᠭ《回鹤》 ᠭᠡᠳᠡᠭ ᠦᠭᠡ ᠵᠠᠷᠢᠮ ᠳ᠋ᠠᠭᠠᠨ ᠢᠰᠯᠠᠮ ᠤ᠋ᠨ ᠱᠠᠰᠢᠨᠲᠠᠨ ᠢ᠋ ᠵᠢᠭᠠᠨᠠ᠂ ᠵᠠᠷᠢᠮ ᠳ᠋ᠠᠭᠠᠨ ᠪᠠᠰᠠ ᠲᠥᠷᠥᠭᠴᠦᠳ ᠢ᠋ ᠬᠡᠯᠡᠨᠡ᠂ ᠣᠨᠴᠠᠭᠠᠢᠯᠠᠨ ᠤᠢᠭᠤᠷ ᠢ᠋ ᠵᠢᠭᠠᠳᠠᠭ᠃ ᠦᠬᠦᠰᠳ ᠦ᠋ᠨ ᠬᠡᠯᠡᠭᠰᠡᠨ ᠨᠢ ᠪᠠᠷᠤᠭ ᠬᠠᠮᠤᠭ ᠤ᠋ᠨ ᠡᠮᠦᠨᠡᠬᠢ ᠨᠢ ᠪᠣᠯᠤᠯᠲᠠᠢ᠂ ᠶᠠᠭᠤ ᠭᠡᠪᠡᠯ ᠮᠣᠩᠭᠣᠯᠴᠤᠳ ᠤ᠋ᠨ ᠳᠠᠢᠯᠠᠨ ᠳᠠᠭᠠᠭᠤᠯᠬᠤ ᠶᠠᠪᠤᠴᠠ ᠳ᠋ᠤ᠌᠂ ᠢᠰᠯᠠᠮ ᠤ᠋ᠨ ᠱᠠᠰᠢᠨᠲᠠᠳ ᠥᠪᠡᠷᠰᠡᠳ ᠦ᠋ᠨ ᠢ᠋ᠶ᠋ᠡᠨ ᠭᠠᠷᠬᠤ ᠵᠠᠮ ᠲᠠᠢ ᠪᠣᠯᠤᠭᠰᠠᠨ ᠢ᠋ ᠣᠯᠵᠤ ᠮᠡᠳᠡᠷᠡᠵᠡᠢ᠃ ᠳᠣᠯᠣᠭᠠᠨ ᠤᠰᠤᠨ ᠤ᠋ ᠢᠰᠯᠠᠮ ᠤ᠋ᠨ ᠱᠠᠰᠢᠨᠲᠠᠳ ᠲᠤᠰ ᠭᠠᠵᠠᠷ ᠤ᠋ᠨ ᠪᠣᠯᠪᠠᠰᠤᠨ ᠤ᠋ ᠪᠤᠰᠤᠳ ᠲᠥᠯᠥᠭᠡᠯᠡᠭᠴᠢ (ᠵᠢᠱ᠌ᠢᠶᠡᠯᠡᠪᠡᠯ ᠾᠷᠢᠰᠲ᠋ᠣᠰ ᠤ᠋ᠨ ᠱᠠᠰᠢᠨᠲᠠᠨ) ᠠ᠋ᠴᠠ ᠬᠣᠯᠠ ᠢᠯᠡᠭᠦᠦ ᠲᠡᠢᠨ ᠪᠠᠢᠯᠳᠤᠭᠠᠨ ᠳ᠋ᠤ᠌ ᠴᠠᠭᠠᠷᠠᠭᠰᠠᠨ ᠪᠠᠢᠵᠠᠢ᠃ ᠦᠬᠦᠰᠦᠨ ᠢᠰᠯᠠᠮ ᠤ᠋ᠨ ᠱᠠᠰᠢᠨ ᠢ᠋ ᠰᠢᠲᠦᠳᠡᠭ ᠤᠢᠭᠤᠷᠴᠤᠳ ᠤ᠋ᠨ ᠪᠠᠯᠠᠮᠠᠳ ᠬᠡᠷᠴᠡᠭᠡᠢ ᠪᠠ ᠬᠣᠪᠳᠣᠭ ᠰᠢᠨᠤᠬᠠᠢ ᠶ᠋ᠢ ᠢᠯᠢ ᠭᠣᠣᠯ ᠤ᠋ᠨ ᠤᠢᠭᠤᠷᠴᠤᠳ ᠲᠠᠢ ᠬᠠᠷᠢᠴᠠᠭᠤᠯᠪᠠ᠃ ᠲᠡᠷᠡ ᠬᠡᠯᠡᠬᠦ ᠳ᠋ᠡᠭᠡᠨ᠂ ᠢᠯᠢ ᠭᠣᠣᠯ ᠤ᠋ᠨ ᠤᠢᠭᠤᠷᠴᠤᠳ ᠵᠠᠩ ᠠᠭᠠᠰᠢ ᠨᠣᠮᠣᠬᠠᠨ ᠳᠣᠷᠣᠢ᠂ ᠵᠥᠭᠡᠯᠡᠨ ᠨᠣᠮᠣᠢ᠂ ᠠᠯᠠᠵᠤ ᠨᠢᠲᠤᠯᠬᠤ ᠶ᠋ᠢ ᠴᠡᠭᠡᠷᠯᠡᠳᠡᠭ ᠪᠥᠭᠡᠳ ᠱᠠᠰᠢᠨ ᠤ᠋ ᠴᠡᠭᠡᠷ ᠢ᠋ᠶ᠋ᠡᠨ ᠴᠢᠩᠭᠠ ᠰᠠᠬᠢᠳᠠᠭ ᠭᠡᠵᠡᠢ᠃
1221 ᠣᠨ ᠳ᠋ᠤ᠌ ᠴᠢᠩᠭᠢᠰ ᠬᠠᠭᠠᠨ ᠳᠤᠮᠳᠠᠳᠤ ᠤᠯᠤᠰ ᠤ᠋ᠨ ᠴᠠᠩ ᠴᠦᠨ ᠵᠸᠨ ᠿᠸᠨ ᠪᠣᠮᠪᠣ ᠶ᠋ᠢ ᠤᠷᠢᠵᠤ᠂ ᠪᠠᠷᠠᠭᠤᠨ ᠠᠽᠢᠶᠠ ᠳ᠋ᠤ᠌ ᠠᠪᠴᠢᠷᠠᠪᠠ᠃ ᠤᠢᠭᠤᠷ ᠤ᠋ᠨ ᠨᠤᠲᠤᠭ ᠢ᠋ ᠥᠩᠭᠡᠷᠡᠭᠡᠭᠰᠡᠨ ᠦ᠌ ᠳᠠᠷᠠᠭᠠ᠂ ᠴᠠᠩ ᠴᠦᠨ ᠵᠸᠨ ᠿᠸᠨ ᠬᠦᠯᠳ᠋ᠵᠡ ᠳ᠋ᠦ᠍ ᠬᠦᠷᠴᠡᠢ᠃ ᠠᠯᠢᠮᠠᠯ ᠢ᠋ ᠨᠢᠭᠡ ᠮᠣᠩᠭᠣᠯ ᠵᠠᠰᠠᠭ ᠤ᠋ᠨ ᠲᠥᠯᠥᠭᠡᠯᠡᠭᠴᠢ(ᠳᠠᠷᠤᠭᠠᠴᠢ) ᠪᠠ ᠲᠤᠬᠠᠢ ᠶ᠋ᠢᠨ ᠭᠠᠵᠠᠷ ᠤ᠋ᠨ ᠨᠢᠭᠡ ᠨᠣᠶᠠᠯᠠᠭᠴᠢ ᠬᠠᠮᠲᠤ ᠳ᠋ᠠᠭᠠᠨ ᠵᠠᠰᠠᠨ ᠵᠠᠬᠢᠷᠳᠠᠭ ᠪᠠᠢᠵᠠᠢ᠃ ᠲᠠᠷᠢᠶᠠᠴᠢᠳ ᠤᠰᠤᠨ ᠰᠤᠪᠠᠭ ᠲᠠᠲᠠᠵᠤ ᠲᠠᠷᠢᠶᠠ ᠪᠠᠨ ᠤᠰᠤᠯᠠᠨᠠ᠂ ᠤᠰᠤ ᠠᠪᠬᠤ ᠭᠠᠭᠴᠠᠬᠠᠨ ᠠᠷᠭᠠ ᠭᠡᠪᠡᠯ ᠭᠠᠩ ᠲᠠᠢ ᠤᠰᠤ ᠪᠠᠨ ᠲᠣᠯᠣᠭᠠᠢ ᠳᠡᠭᠡᠷᠡ ᠪᠡᠨ ᠲᠠᠯᠪᠢᠭᠠᠳ ᠭᠡᠷ ᠲᠡᠭᠡᠨ ᠬᠠᠷᠢᠨᠠ᠃ ᠵᠸᠨ ᠿᠸᠨ ᠪᠣᠮᠪᠣ 10 ᠰᠠᠷᠠ ᠶ᠋ᠢᠨ17 ᠤ᠋ ᠡᠳᠦᠷ ᠵᠢᠵᠢᠭ ᠰᠠᠯ ᠳ᠋ᠤ᠌ ᠰᠠᠭᠤᠵᠤ ᠢᠯᠢ ᠭᠣᠣᠯ ᠢ᠋ ᠭᠡᠲᠦᠯᠪᠡ᠂ ᠡᠨᠳᠡ ᠡᠴᠡ ᠳᠥᠷᠪᠡᠨ ᠡᠳᠦᠷ ᠠᠶᠠᠯᠠᠪᠠᠯ ᠠᠯᠢᠮᠠᠯ ᠳ᠋ᠤ᠌ ᠬᠦᠷᠦᠨᠡ᠃ ᠪᠣᠭᠳᠠ ᠠᠭᠤᠯᠠ ᠶ᠋ᠢᠨ ᠠᠷᠤ ᠳ᠋ᠤ᠌᠂ ᠭᠣᠣᠯ ᠤ᠋ᠨ ᠤᠰᠤᠨ ᠤ᠋ ᠡᠮᠦᠨᠡ᠂ ᠨᠢᠭᠡ ᠵᠢᠵᠢᠭ ᠬᠣᠲᠠ ᠪᠣᠢ᠃ ᠠᠷᠪᠠᠨ ᠬᠡᠳᠦᠨ ᠢᠮᠠᠬᠤ ᠵᠤᠵᠠᠭᠠᠨ ᠴᠠᠰᠤ ᠣᠷᠣᠭᠰᠠᠨ ᠪᠣᠯᠪᠠᠴᠤ ᠨᠠᠷᠠ ᠭᠠᠷᠤᠮᠠᠭᠴᠠ ᠬᠠᠢᠯᠤᠨᠠ᠃11 ᠰᠠᠷᠠ ᠶ᠋ᠢᠨ1 ᠦ᠌ ᠡᠳᠦᠷ᠂ ᠲᠡᠷᠡ ᠨᠢᠭᠡ ᠮᠣᠳᠣᠨ ᠬᠠᠪᠲᠠᠰᠤᠨ ᠬᠥᠭᠥᠷᠭᠡ ᠪᠡᠷ ᠴᠦ ᠭᠣᠣᠯ ① ᠢ᠋ ᠥᠩᠭᠡᠷᠡᠭᠡᠳ᠂ ᠠᠯᠧᠺᠰᠠᠨᠲᠸᠷ ᠠᠭᠤᠯᠠ ᠶ᠋ᠢᠨ ᠬᠥᠯ ᠳ᠋ᠦ᠍ ᠬᠦᠷᠴᠡᠢ᠃ ᠴᠦ ᠭᠣᠣᠯ ᠪᠣᠯᠤᠨ ᠲᠠᠯᠠᠰ ᠭᠣᠣᠯ ᠤ᠋ᠨ ᠬᠣᠭᠣᠷᠣᠨᠳᠣᠬᠢ ᠬᠡᠭᠡᠷᠡ ᠲᠠᠯᠠ (ᠡᠨᠡ ᠪᠣᠯ ᠪᠠᠷᠠᠭᠤᠨ ᠯᠢᠶᠣᠣ ᠶ᠋ᠢᠨ ᠤᠭ ᠨᠤᠲᠤᠭ ᠪᠠᠢᠭᠰᠠᠨ ᠶᠤᠮ) ᠳ᠋ᠤ᠌ ᠰᠠᠭᠤᠭᠠᠯᠢ ᠠᠷᠠᠳ ᠲᠠᠷᠢᠶᠠᠯᠠᠩ ᠡᠷᠬᠢᠯᠡᠵᠦ ᠪᠠᠢᠭᠰᠠᠨ ᠪᠥᠭᠡᠳ ᠬᠦᠷᠢ ᠲᠡᠵᠢᠭᠡᠵᠦ᠂ ᠦᠵᠦᠮ ᠲᠠᠷᠢᠵᠤ ᠪᠠᠢᠪᠠ᠃ ᠵᠢᠮᠢᠰ ᠦ᠋ᠨ ᠮᠣᠳᠣᠳ ᠨᠢ ᠵᠦᠩᠶᠦᠸᠠᠨ ᠣᠷᠣᠨ ᠲᠠᠢ ᠳᠡᠮᠡᠢ ᠢᠯᠭᠠᠭᠠ ᠦᠭᠡᠢ᠃ ᠲᠠᠷᠢᠶᠠ ᠪᠠᠨ ᠰᠤᠪᠠᠭ ᠤ᠋ᠨ ᠤᠰᠤ ᠪᠠᠷ ᠤᠰᠤᠯᠠᠨᠠ᠃1223 ᠣᠨᠠ᠂ ᠲᠡᠷᠡ ᠪᠡᠷ ᠬᠠᠷᠢᠬᠤ ᠵᠠᠮ ᠳ᠋ᠠᠭᠠᠨ ᠠᠯᠢᠮᠠᠯ ᠠ᠋ᠴᠠ ᠵᠠᠭᠤᠨ ᠭᠠᠵᠠᠷ ᠤ᠋ᠨ ᠵᠠᠢᠲᠠᠢ ᠭᠠᠵᠠᠷ ᠲᠤ᠌ ᠢᠯᠢ ᠭᠣᠣᠯ ᠢ᠋ ᠭᠡᠲᠦᠯᠪᠡ᠃ ᠬᠣᠲᠠ ᠣᠷᠣᠭᠰᠠᠨ ᠳ᠋ᠤ᠌ ᠴᠠᠭᠠᠲᠠᠢ ᠶ᠋ᠢᠨ ᠶᠡᠬᠡ ᠴᠠᠴᠠᠷ ᠲᠤ᠌ ᠤᠷᠢᠭᠳᠠᠪᠠ᠂ ᠭᠡᠪᠡᠴᠦ ᠲᠡᠷᠡ ᠡᠨᠡ ᠤᠷᠢᠯᠭᠠ ᠶ᠋ᠢ ᠬᠦᠯᠢᠶᠡᠵᠦ ᠠᠪᠤᠭᠰᠠᠨ ᠦᠭᠡᠢ᠂ ᠲᠡᠷᠡ ᠡᠬᠡ ᠨᠤᠲᠤᠭ ᠲᠠᠭᠠᠨ ᠬᠠᠷᠢᠶᠠ ᠭᠡᠵᠦ ᠶᠡᠬᠡ ᠶᠠᠭᠠᠷᠠᠵᠤ ᠪᠠᠢᠵᠠᠢ᠃
ᠴᠢᠩᠭᠢᠰ ᠬᠠᠭᠠᠨ ᠨᠠᠰᠤ ᠪᠠᠷᠠᠬᠤ ᠠ᠋ᠴᠠ ᠪᠠᠨ ᠡᠮᠦᠨᠡ᠂ ᠨᠢᠭᠡᠨᠲᠡ ᠬᠡᠳᠦᠨ ᠬᠥᠪᠡᠭᠦᠨ ᠳ᠋ᠡᠭᠡᠨ ᠡᠷᠭᠦᠮᠵᠢ ᠶ᠋ᠢᠨ ᠭᠠᠵᠠᠷ ᠬᠤᠪᠢᠶᠠᠵᠤ ᠥᠭᠭᠦᠭᠡᠳ ᠪᠠᠢᠭᠰᠠᠨ ᠢ᠋ ᠴᠠᠩ ᠴᠦᠨ ᠵᠧᠨ ᠿᠧᠨ ᠦ᠌ ᠠᠶᠠᠯᠠᠯ ᠤ᠋ᠨ ᠲᠡᠮᠳᠡᠭᠯᠡᠯ ᠲᠣᠳᠣᠷᠬᠠᠢᠯᠠᠪᠠ᠃ ᠨᠡᠭᠦᠳᠡᠯᠴᠢ ᠢᠵᠠᠭᠤᠷᠲᠠᠳ ᠤ᠋ᠨ ᠦᠵᠡᠬᠦ ᠪᠡᠷ᠂ ᠬᠠᠭᠠᠨᠲᠤ ᠭᠦᠷᠦᠨ ᠪᠣᠯ ᠶᠡᠬᠡ ᠬᠠᠭᠠᠨ ᠤ᠋ ᠬᠤᠪᠢ ᠶ᠋ᠢᠨ ᠡᠳ᠋ ᠬᠥᠷᠥᠩᠭᠡ ᠮᠥᠨ᠂ ᠪᠦᠬᠦ ᠭᠡᠰᠢᠭᠦᠳ ᠬᠥᠮᠦᠨ ᠪᠦᠷᠢ ᠨᠢᠭᠡ ᠬᠤᠪᠢ ᠪᠠᠨ ᠬᠤᠪᠢᠳᠠᠵᠤ ᠣᠯᠬᠤ ᠶᠣᠰᠣᠲᠠᠢ᠃ ᠡᠢᠨ ᠬᠦ᠌ ᠴᠢᠩᠭᠢᠰ ᠬᠠᠭᠠᠨ ᠭᠤᠷᠪᠠᠨ ᠶᠡᠬᠡ ᠬᠥᠪᠡᠭᠦᠨ ᠳ᠋ᠡᠭᠡᠨ ᠲᠤᠰ ᠲᠤᠰ ᠡᠷᠭᠦᠮᠵᠢ ᠶ᠋ᠢᠨ ᠨᠤᠲᠤᠭ(《ᠢᠨᠵᠢ》) ᠬᠤᠪᠢᠶᠠᠨ ᠥᠭᠴᠡᠢ᠃ ᠡᠭᠦᠨ ᠦ᠌ ᠳᠣᠲᠣᠷᠠ ᠵᠣᠬᠢᠬᠤ ᠲᠣᠭᠠᠨ ᠤ᠋ ᠨᠡᠭᠦᠳᠡᠯᠴᠢᠨ ᠠᠢᠮᠠᠭ(《ᠤᠯᠤᠰ》) ᠪᠠᠭᠲᠠᠨᠠ᠂ ᠲᠡᠳᠡᠨ ᠦ᠌ ᠳᠣᠲᠣᠷᠠ ᠠ᠋ᠴᠠ ᠴᠡᠷᠢᠭ ᠲᠠᠲᠠᠵᠤ ᠪᠣᠯᠤᠨᠠ᠃ ᠡᠭᠦᠨ ᠦ᠌ ᠬᠠᠮᠲᠤ᠂ ᠲᠤᠰ ᠠᠢᠮᠠᠭ ᠤ᠋ᠨ ᠬᠢᠨᠢ ᠬᠥᠮᠦᠰ ᠦ᠋ᠨ ᠢ᠋ᠶ᠋ᠡᠨ ᠠᠮᠢᠳᠤᠷᠠᠵᠤ ᠣᠷᠣᠰᠢᠬᠤ ᠭᠠᠵᠠᠷ ᠢ᠋ ᠬᠠᠩᠭᠠᠵᠤ ᠥᠭᠭᠦᠨᠡ᠃ ᠡᠷᠭᠦᠮᠵᠢᠲᠤ ᠨᠤᠲᠤᠭ ᠤ᠋ᠨ ᠵᠠᠬᠠ ᠶ᠋ᠢ ᠪᠦᠳᠦᠭᠦᠪᠴᠢᠯᠡᠨ ᠲᠣᠭᠲᠠᠭᠠᠵᠠᠢ᠃ ᠬᠠᠮᠤᠭ ᠤ᠋ᠨ ᠠᠩᠬᠠᠨ ᠤ᠋ ᠡᠷᠭᠦᠮᠵᠢ ᠶ᠋ᠢᠨ ᠨᠤᠲᠤᠭ ᠢ᠋ ᠶᠡᠬᠡ ᠬᠦᠦ ᠵᠥᠴᠢ ᠳ᠋ᠡᠭᠡᠨ ᠥᠭᠪᠡ᠂1207 ᠣᠨ ᠳ᠋ᠤ᠌ ᠡᠴᠢᠭᠡ ᠨᠢ《ᠣᠢ ᠶ᠋ᠢᠨ ᠢᠷᠭᠡᠳ》 ᠢ᠋ ᠵᠥᠴᠢ ᠳ᠋ᠡᠭᠡᠨ ᠬᠤᠪᠢᠶᠠᠵᠤ ᠥᠭᠭᠦᠭᠰᠡᠨ ᠪᠥᠭᠡᠳ ᠰᠡᠯᠡᠩᠭᠡ ᠶ᠋ᠢᠨ ᠳᠣᠣᠷᠠᠲᠤ ᠤᠷᠤᠰᠬᠠᠯ ᠠ᠋ᠴᠠ ᠡᠷᠴᠢᠰ ᠮᠥᠷᠡᠨ ᠳ᠋ᠦ᠍ ᠬᠦᠷᠬᠦ ᠨᠤᠲᠤᠭ ᠴᠦ᠍ ᠪᠠᠭᠲᠠᠵᠤ ᠪᠠᠢᠪᠠ᠃ ᠷᠠᠰᠢᠳ᠋ — ᠠᠳ᠋— ᠳ᠋ᠢᠨ ᠦ᠌ ᠲᠡᠮᠳᠡᠭᠯᠡᠭᠰᠡᠨ ᠢ᠋ᠶ᠋ᠡᠷ᠂ ᠶᠡᠬᠡ ᠴᠠᠴᠠᠷ ᠢ᠋ᠶ᠋ᠠᠨ ᠡᠷᠴᠢᠰ ᠮᠥᠷᠡᠨ ᠦ᠌ ᠬᠥᠪᠡᠭᠡᠨ ᠳ᠋ᠦ᠍ ᠪᠣᠰᠬᠠᠵᠤ ᠪᠠᠢᠵᠠᠢ᠃ ᠡᠨᠡ ᠨᠢ ᠮᠣᠩᠭᠣᠯ ᠤ᠋ᠨ ᠵᠠᠩᠰᠢᠯ ᠪᠠᠢᠵᠤ ᠴᠦ᠍ ᠮᠡᠳᠡᠨᠡ᠃ ᠴᠢᠩᠭᠢᠰ ᠬᠠᠭᠠᠨ ᠬᠠᠮᠤᠭ ᠤ᠋ᠨ ᠬᠣᠯᠠ ᠨᠤᠲᠤᠭ ᠢ᠋ ᠶᠡᠬᠡ ᠬᠥᠪᠡᠭᠦᠨ ᠳ᠋ᠡᠭᠡᠨ ᠥᠭᠭᠦᠭᠰᠡᠨ ᠪᠥᠭᠡᠳ ᠬᠣᠵᠢᠮ ᠳᠠᠢᠯᠠᠨ ᠳᠠᠭᠠᠭᠤᠯᠤᠭᠰᠠᠨ ᠥᠷᠥᠨᠡ ᠳ᠋ᠠᠬᠢᠨ ᠤ᠋ ᠪᠦᠬᠦ ᠭᠠᠵᠠᠷ ᠢ᠋ ᠶᠡᠬᠡ ᠬᠥᠪᠡᠭᠦᠨ ᠢ᠋ᠶ᠋ᠡᠷ ᠢ᠋ᠶ᠋ᠡᠨ ᠬᠠᠮᠢᠶᠠᠷᠤᠭᠤᠯᠤᠨᠠ ᠭᠡᠵᠦ ᠠᠮᠠᠯᠠᠪᠠ᠃ ᠴᠢᠩᠭᠢᠰ ᠬᠠᠭᠠᠨ ᠢ᠋ ᠨᠠᠰᠤ ᠨᠥᠭᠴᠢᠬᠦ ᠦᠶᠡ ᠳ᠋ᠦ᠍᠂ ᠵᠥᠴᠢ ᠶ᠋ᠢᠨ ᠨᠤᠲᠤᠭ ᠲᠤ᠌ ᠳᠣᠯᠣᠭᠠᠨ ᠤᠰᠤᠨ ᠤ᠋ ᠤᠮᠠᠷᠠ ᠬᠡᠰᠡᠭ᠂ ᠣᠳᠣ ᠶ᠋ᠢᠨ ᠬᠢᠷᠭᠢᠰ ᠦ᠋ᠨ ᠲᠠᠯᠠ ᠨᠤᠲᠤᠭ(ᠬᠠᠰᠠᠭ) ᠤ᠋ᠨ ᠪᠦᠬᠦ ᠨᠤᠲᠤᠭ᠂ ᠬᠣᠷᠧᠽᠮ᠂ ᠴᠢᠨᠠᠭᠰᠢᠯᠠᠭᠠᠳ ᠮᠠᠰᠬᠠᠳᠠᠯᠠᠠ ᠴᠦ᠍ ᠪᠠᠭᠲᠠᠵᠤ ᠪᠠᠢᠵᠠᠢ᠃ ᠴᠠᠭᠠᠲᠠᠢ ᠶ᠋ᠢᠨ ᠡᠷᠭᠦᠮᠵᠢ ᠨᠤᠲᠤᠭ ᠨᠢ ᠤᠢᠭᠤᠷ ᠤ᠋ᠨ ᠨᠤᠲᠤᠭ ᠠ᠋ᠴᠠ ᠰᠠᠮᠠᠷᠺᠠᠨᠳ᠋᠂ ᠪᠤᠬᠠᠷ ᠬᠦᠷᠲᠡᠯᠡ᠂ ᠠᠯᠲᠠᠢ ᠠᠭᠤᠯᠠ ᠶ᠋ᠢᠨ ᠡᠮᠦᠨᠡ ᠡᠴᠡ ᠠᠮᠤ ᠮᠥᠷᠡᠨ ᠬᠦᠷᠦᠨᠡ᠃ ᠥᠭᠡᠳᠡᠢ ᠶᠡᠬᠡ ᠴᠠᠴᠠᠷ ᠢ᠋ᠶ᠋ᠠᠨ ᠲᠠᠷᠪᠠᠭᠠᠲᠠᠢ ᠳ᠋ᠤ᠌ ᠡᠮᠢᠯ ᠮᠥᠷᠡᠨ ᠪᠣᠯᠤᠨ ᠺᠦᠪ ᠮᠥᠷᠡᠨ ᠦ᠌ ᠳᠡᠨᠵᠢᠨ ᠳ᠋ᠦ᠍ ᠪᠠᠢᠭᠤᠯᠵᠠᠢ᠃ ᠡᠷᠭᠦᠮᠵᠢ ᠨᠤᠲᠤᠭ ᠤ᠋ᠨ ᠢ᠋ᠶ᠋ᠠᠨ ᠬᠢᠯᠢ ᠵᠠᠬᠠ ᠶ᠋ᠢ ᠲᠣᠳᠣᠷᠬᠠᠢ ᠲᠣᠭᠲᠠᠭᠠᠭᠠ ᠦᠭᠡᠢ᠃ ᠤᠳᠬᠤᠨ ᠬᠥᠪᠡᠭᠦᠨ ᠲᠤᠯᠤᠢ ᠳ᠋ᠠᠭᠠᠨ ᠨᠤᠲᠤᠭ ᠡᠷᠭᠦᠮᠵᠢᠯᠡᠭᠰᠡᠨ ᠦᠭᠡᠢ᠂ ᠲᠠᠯᠠ ᠨᠤᠲᠤᠭ ᠤ᠋ᠨ ᠵᠤᠷᠰᠢᠯ ᠶᠣᠰᠣᠭᠠᠷ ᠲᠤᠯᠤᠢ ᠪᠣᠯ ᠡᠴᠢᠭᠡ ᠶ᠋ᠢᠨ ᠢ᠋ᠶ᠋ᠡᠨ ᠬᠠᠷᠢᠶᠠ ᠨᠤᠲᠤᠭ ᠢ᠋ ᠥᠪᠯᠡᠨ ᠰᠠᠭᠤᠳᠠᠭ ᠶᠤᠮ ᠪᠠᠢᠨᠠ᠃ ᠳᠥᠷᠪᠡᠨ ᠬᠥᠪᠡᠭᠦᠨ ᠨᠢ ᠨᠢᠵᠡᠭᠡᠳ ᠳᠥᠷᠪᠡᠨ ᠮᠢᠩᠭᠠᠨ ᠮᠣᠩᠭᠣᠯ ᠰᠢᠯᠢᠳᠡᠭ ᠴᠡᠷᠢᠭ ᠬᠤᠪᠢᠲᠠᠨ ᠣᠯᠪᠠ᠃ ᠡᠭᠦᠨ ᠦ᠌ ᠳᠡᠭᠡᠷᠡ ᠥᠪᠡᠷ ᠦ᠋ᠨ ᠬᠠᠷᠢᠶᠠ ᠨᠤᠲᠤᠭ ᠠ᠋ᠴᠠ ᠪᠠᠨ ᠴᠢᠯᠥᠭᠡᠲᠡᠢ ᠴᠡᠷᠢᠭ ᠲᠠᠲᠠᠵᠤ ᠪᠣᠯᠤᠨᠠ᠃
ᠲᠡᠢᠨ ᠬᠦ᠌᠂ ᠬᠠᠭᠠᠨᠲᠤ ᠭᠦᠷᠦᠨ ᠦ᠌ ᠨᠤᠲᠤᠭ ᠳᠡᠪᠢᠰᠬᠡᠷ ᠨᠢ ᠬᠡᠴᠢᠨᠡᠭᠡᠨ ᠥᠷᠭᠡᠨ ᠠᠭᠤᠳᠠᠮ ᠪᠠᠢᠭᠰᠠᠨ ᠴᠦ᠍ ᠴᠢᠩᠭᠢᠰ ᠬᠠᠭᠠᠨ ᠤ᠋ ᠭᠤᠷᠪᠠᠨ ᠶᠡᠬᠡ ᠬᠦᠦ ᠶ᠋ᠢᠨ ᠬᠢᠨᠢ ᠶᠡᠬᠡ ᠴᠠᠴᠠᠷ ᠢ᠋ᠶ᠋ᠠᠨ ᠬᠦᠷᠰᠢ ᠵᠡᠷᠭᠡᠯᠡᠳᠡᠭᠡ ᠪᠤᠰᠬᠠᠭᠰᠠᠨ ᠪᠠᠢᠨᠠ᠃ ᠲᠤᠬᠠᠢ ᠶ᠋ᠢᠨ ᠦᠶᠡ ᠳ᠋ᠦ᠍ ᠬᠤᠪᠢᠳᠠᠵᠤ ᠣᠯᠤᠭᠰᠠᠨ ᠤᠯᠤᠰ ᠨᠤᠲᠤᠭ ᠨᠢ ᠬᠣᠵᠢᠮ ᠤ᠋ᠨ ᠰᠢᠭ᠋ ᠬᠠᠭᠠᠰ ᠪᠡᠶᠡ ᠪᠡᠨ ᠳᠠᠭᠠᠭᠠᠭᠰᠠᠨ ᠪᠢᠰᠢ ᠪᠠᠢᠵᠠᠢ ᠭᠡᠳᠡᠭ ᠢ᠋ ᠨᠢ ᠡᠨᠡ ᠶᠠᠪᠤᠳᠠᠯ ᠭᠡᠷᠡᠴᠢᠯᠡᠵᠦ ᠪᠠᠢᠨᠠ᠃ ᠶᠡᠬᠡ ᠬᠠᠭᠠᠨ ᠤ᠋ ᠲᠥᠷᠥᠯ ᠰᠠᠳᠤᠳ ᠲᠤ᠌ ᠬᠤᠪᠢᠶᠠᠵᠤ ᠥᠭᠭᠦᠭᠰᠡᠨ ᠭᠠᠵᠠᠷ ᠨᠢ ᠣᠷᠣᠯᠭᠠ ᠶ᠋ᠢᠨ ᠬᠢᠨᠢ ᠢᠷᠡᠯᠲᠡ ᠶ᠋ᠢᠨ ᠨᠢᠭᠡ ᠲᠡᠳᠦᠢ᠂ ᠬᠤᠪᠢᠶᠠᠷᠢ ᠤᠯᠤᠰ ᠤ᠋ᠳ ᠨᠢ ᠤᠤᠯ ᠶᠠᠩᠵᠤ ᠪᠠᠷ ᠢ᠋ᠶ᠋ᠠᠨ ᠬᠠᠭᠠᠨᠲᠤ ᠭᠦᠷᠦᠨ ᠦ᠌ ᠲᠥᠪ ᠲᠦ᠍ ᠬᠠᠷᠢᠶᠠᠯᠠᠭᠳᠠᠨᠠ᠃ ᠬᠣᠵᠢᠮ ᠨᠢ ᠲᠠᠷᠢᠶᠠᠯᠠᠬᠤ ᠣᠷᠣᠨ ᠢ᠋ ᠳᠠᠢᠯᠠᠨ ᠡᠵᠡᠷᠬᠡᠭᠰᠡᠨ ᠪᠣᠯᠪᠠᠴᠤ ᠭᠠᠢᠯᠢ ᠲᠠᠲᠠᠪᠤᠷᠢ ᠶ᠋ᠢ ᠣᠯᠠᠨ ᠸᠠᠩ ᠨᠠᠷ ᠥᠪᠡᠷᠰᠡᠳ ᠢ᠋ᠶ᠋ᠡᠨ ᠬᠤᠪᠢᠶᠠᠨ ᠠᠪᠴᠤ ᠪᠣᠯᠬᠤ ᠦᠭᠡᠢ᠂ ᠬᠠᠷᠢᠨ ᠨᠢᠭᠡᠳᠦᠯᠲᠡᠢ ᠬᠤᠪᠢᠶᠠᠳᠠᠭ ᠪᠠᠢᠪᠠ᠃ ᠡᠵᠡᠷᠬᠡᠭᠳᠡᠭᠰᠡᠨ ᠬᠣᠲᠠᠳ ᠤ᠋ᠨ ᠤᠷᠠᠴᠤᠳ ᠢ᠋ ᠴᠦ᠍ ᠭᠠᠢᠯᠢ ᠲᠠᠲᠠᠪᠤᠷᠢ ᠰᠢᠭ᠋ ᠢ᠋ᠶ᠋ᠡᠷ ᠣᠯᠠᠨ ᠸᠠᠩ ᠨᠠᠷ ᠲᠤ᠌ ᠨᠢᠭᠡᠳᠦᠯᠲᠡᠢ ᠬᠤᠪᠢᠶᠠᠨ ᠥᠭᠭᠦᠨᠡ᠃ ᠸᠠᠩ ᠨᠠᠷ ᠤ᠋ᠳ ᠲᠡᠳᠡᠨ ᠳ᠋ᠦ᠍ ᠰᠠᠭᠤᠴᠠ ᠥᠭᠴᠦ᠂ ᠲᠣᠭᠲᠠᠭᠰᠠᠨ ᠤᠷᠠᠨ ᠳᠠᠷᠬᠠᠨ ᠤ᠋ ᠠᠵᠢᠯ ᠬᠢᠯᠭᠡᠨᠡ᠃ ᠸᠠᠩ ᠨᠠᠷ ᠭᠠᠢᠯᠢ ᠲᠠᠲᠠᠪᠤᠷᠢ ᠳ᠋ᠤ᠌ ᠭᠠᠷ ᠲᠥᠷᠥᠵᠦ ᠪᠣᠯᠬᠤ ᠦᠭᠡᠢ᠂ ᠬᠠᠭᠠᠨᠲᠤ ᠭᠦᠷᠦᠨ ᠦ᠌ ᠲᠥᠪ ᠡᠴᠡ ᠭᠠᠢᠯᠢ ᠬᠢᠨᠠᠬᠤ ᠶᠡᠷᠦᠩᠬᠡᠢ ᠵᠠᠬᠢᠷᠤᠭᠴᠢ ᠶ᠋ᠢ ᠲᠣᠮᠢᠯᠠᠨᠠ᠂ ᠤᠤᠯ ᠠ᠋ᠴᠠ ᠪᠠᠨ ᠦᠯᠦ ᠨᠡᠭᠦᠬᠦ ᠰᠠᠭᠤᠭᠠᠯᠢ ᠠᠷᠠᠳ ᠠ᠋ᠴᠠ ᠭᠠᠢᠯᠢ ᠬᠤᠷᠢᠶᠠᠳᠠᠭ᠃ ᠡᠢᠮᠦᠷᠬᠦᠦ ᠪᠠᠢᠭᠤᠯᠤᠮᠵᠢ ᠨᠢ ᠤᠳᠠᠭᠠᠨ ᠲᠣᠭᠲᠠᠨᠢᠵᠤ ᠴᠢᠳᠠᠬᠤ ᠦᠭᠡᠢ ᠨᠢ ᠮᠡᠳᠡᠭᠡᠵᠢ ᠶ᠋ᠢᠨ ᠬᠡᠷᠡᠭ᠃ ᠶᠠᠭᠤ ᠭᠡᠪᠡᠯ ᠶᠡᠬᠡ ᠬᠠᠭᠠᠨ ᠤ᠋ ᠲᠣᠮᠢᠯᠠᠭᠰᠠᠨ ᠢᠯᠪᠢᠨ ᠬᠢᠨᠠᠬᠤ ᠨᠣᠶᠠᠨ ᠨᠢ ᠥᠷᠭᠡᠨ ᠠᠭᠤᠳᠠᠮ ᠬᠠᠷᠢᠶᠠᠲᠤ ᠤᠯᠤᠰ ᠤ᠋ᠳ ᠲᠤ᠌ ᠴᠡᠷᠢᠭ ᠦ᠋ᠨ ᠡᠷᠬᠡ ᠶ᠋ᠢ ᠠᠳᠬᠤᠵᠤ ᠪᠦᠬᠦᠢ ᠸᠠᠩ ᠨᠠᠷ ᠲᠠᠢ ᠦᠵᠡᠯᠴᠡᠵᠦ ᠴᠢᠳᠠᠬᠤ ᠦᠭᠡᠢ ᠶᠦ᠍ᠮ᠃ ᠸᠠᠩ ᠨᠠᠷ ᠥᠪᠡᠷ ᠥᠪᠡᠷ ᠦ᠋ᠨ ᠡᠷᠭᠦᠮᠵᠢᠲᠦ ᠤᠯᠤᠰ ᠤ᠋ᠨ ᠢ᠋ᠶ᠋ᠠᠨ ᠳᠣᠲᠣᠷᠠᠬᠢ ᠡᠷᠬᠡ ᠪᠡᠨ ᠢᠳᠡᠭ ᠢᠳᠡᠭ ᠢ᠋ᠶ᠋ᠡᠷ ᠪᠡᠬᠢᠵᠢᠭᠦᠯᠦᠭᠰᠡᠨ ᠢ᠋ᠶ᠋ᠡᠷ ᠶᠡᠬᠡ ᠬᠠᠭᠠᠨᠲᠤ ᠭᠦᠷᠦᠨ ᠬᠡᠳᠦ ᠬᠡᠳᠦᠨ ᠪᠡᠶᠡ ᠪᠡᠨ ᠳᠠᠭᠠᠭᠠᠭᠰᠠᠨ ᠤᠯᠤᠰ ᠪᠣᠯᠤᠨ ᠵᠠᠳᠠᠷᠠᠵᠠᠢ᠃
ᠴᠢᠩᠭᠢᠰ ᠬᠠᠭᠠᠨ ᠤ᠋ ᠵᠠᠯᠭᠠᠮᠵᠢᠯᠠᠭᠴᠢ ᠥᠭᠡᠳᠡᠢ ᠨᠣᠶᠠᠷᠬᠠᠵᠤ ᠪᠠᠢᠭᠰᠠᠨ ᠬᠤᠭᠤᠴᠠᠭᠠᠨ (1229~1241) ᠳ᠋ᠦ᠍ ᠬᠠᠭᠠᠨᠲᠤ ᠭᠦᠷᠦᠨ ᠦ᠌ ᠳᠣᠲᠣᠭᠠᠳᠤᠬᠢ ᠬᠠᠷᠢᠴᠠᠭᠠ ᠴᠢᠩᠭᠠ ᠨᠢᠭᠲᠠ ᠬᠡᠪ ᠢ᠋ᠶ᠋ᠡᠷ ᠢ᠋ᠶ᠋ᠡᠨ ᠪᠠᠢᠭᠰᠠᠨ ᠪᠥᠭᠡᠳ ᠬᠠᠭᠠᠨᠲᠤ ᠭᠦᠷᠦᠨ ᠦ᠌ ᠳᠣᠲᠣᠭᠠᠳᠤᠬᠢ ᠬᠣᠯᠪᠣᠭᠠᠯᠠᠨ ᠨᠣᠶᠠᠷᠬᠠᠬᠤ ᠵᠠᠷᠴᠢᠮ ᠢ᠋ ᠴᠢᠩᠭᠠ ᠵᠢᠷᠤᠮᠯᠠᠵᠤ ᠪᠠᠢᠭᠰᠠᠨ ᠶᠤᠮ᠃ ᠪᠦᠬᠦᠢ ᠯᠡ ᠬᠠᠭᠠᠨᠲᠤ ᠭᠦᠷᠦᠨ ᠦ᠌ ᠠᠰᠢᠭ ᠲᠤᠰᠠ ᠳ᠋ᠤ᠌ ᠬᠣᠯᠪᠣᠭᠳᠠᠭᠰᠠᠨ ᠬᠠᠤᠯᠢ ᠳᠦᠷᠢᠮ ᠢ᠋ ᠶᠠᠷᠢᠯᠴᠠᠨ ᠲᠣᠭᠲᠠᠭᠠᠬᠤ ᠦᠶᠡ ᠳ᠋ᠦ᠍᠂ ᠡᠷᠭᠦᠮᠵᠢᠲᠦ ᠤᠯᠤᠰ ᠤ᠋ᠳ ᠤ᠋ᠨ ᠲᠦᠷᠦᠭᠦᠴᠦᠳ ᠪᠦᠷ ᠲᠥᠯᠥᠭᠡᠯᠡᠭᠴᠢ ᠲᠣᠮᠢᠯᠠᠳᠠᠭ᠃ ᠰᠢᠨᠡ ᠭᠠᠵᠠᠷ ᠡᠷᠬᠡᠰᠢᠶᠡᠭᠳᠡᠭᠰᠡᠨ ᠦ᠌ ᠳᠠᠷᠠᠭᠠ᠂ ᠣᠯᠠᠨ ᠸᠠᠩ ᠨᠠᠷ ᠤ᠋ᠨ ᠲᠥᠯᠥᠭᠡᠯᠡᠭᠴᠢ ᠨᠢ ᠶᠡᠬᠡ ᠬᠠᠭᠠᠨ ᠤ᠋ ᠢᠯᠪᠢᠨ ᠬᠢᠨᠠᠬᠤ ᠲᠦᠰᠢᠮᠡᠯ ᠲᠡᠢ ᠨᠢᠭᠲᠠ ᠬᠠᠷᠢᠴᠠᠵᠤ ᠪᠠᠢᠳᠠᠭ᠃ ᠶᠡᠬᠡ ᠬᠠᠭᠠᠨ ᠤ᠋ ᠭᠡᠷ ᠤᠭᠰᠠᠭᠠ ᠶ᠋ᠢᠨ ᠬᠢᠨ ᠵᠥᠪᠰᠢᠶᠡᠷᠡᠭᠡᠳ ᠳᠠᠷᠤᠮᠠᠯᠯᠠᠨ ᠲᠠᠷᠬᠠᠭᠠᠭᠰᠠᠨ ᠵᠤᠷᠪᠤᠰ ᠤ᠋ᠳ᠂ ᠵᠢᠱ᠌ᠢᠶᠡᠯᠡᠪᠡᠯ᠂ ᠭᠠᠢᠯᠢ ᠶ᠋ᠢᠨ ᠨᠣᠷᠮᠠ ᠶ᠋ᠢᠨ ᠲᠤᠬᠠᠢ ᠲᠣᠭᠲᠠᠭᠠᠯ᠂ ᠡᠯᠴᠢ ᠲᠦᠰᠢᠮᠡᠳ ᠦ᠋ᠨ ᠤᠭᠲᠤᠵᠤ ᠬᠦᠷᠭᠡᠬᠦ ᠥᠷᠲᠡᠭᠡ ᠤᠯᠠᠭᠠ ᠶ᠋ᠢᠨ ᠦᠢᠯᠡᠴᠢᠯᠡᠭᠡᠨ ᠦ᠌ ᠳᠦᠷᠢᠮ᠂ ᠭᠠᠩ ᠬᠠᠭᠤᠷᠠᠢ ᠲᠠᠯᠠ ᠭᠠᠵᠠᠷ ᠲᠤ᠌ ᠡᠪᠡᠰᠦ ᠤᠷᠭᠤᠭᠤᠯᠬᠤ ᠶ᠋ᠢᠨ ᠲᠥᠯᠥᠭᠡ ᠬᠡᠷᠡᠮ ᠪᠠᠷᠢᠵᠤ ᠤᠰᠤ ᠲᠡᠳᠡᠨ ᠤᠰᠤᠯᠠᠯᠲᠠ ᠬᠢᠬᠦ ᠳᠦᠷᠢᠮ ᠵᠡᠷᠭᠡ ᠶ᠋ᠢ ᠡᠨᠳᠡ ᠨᠠᠷᠢᠨ ᠲᠣᠭᠠᠴᠢᠭᠰᠠᠨ ᠤ᠋ ᠬᠡᠷᠡᠭ ᠠᠯᠠᠭᠠ᠃
ᠵᠥᠴᠢ ᠶ᠋ᠢᠨ ᠡᠷᠭᠦᠮᠵᠢ ᠨᠤᠲᠤᠭ ᠪᠣᠯ ᠤᠤᠯ ᠠ᠋ᠴᠠ ᠪᠠᠨ ᠠᠪᠤᠭᠠᠳ ᠬᠠᠭᠠᠨᠲᠤ ᠭᠦᠷᠦᠨ ᠲᠡᠢ ᠨᠢᠭᠲᠠ ᠬᠠᠷᠢᠴᠠᠭᠠ ᠲᠠᠢ ᠪᠢᠰᠢ ᠪᠠᠢᠭᠰᠠᠨ᠃ ᠵᠥᠴᠢ ᠥᠪᠡᠷ ᠢ᠋ᠶ᠋ᠡᠨ ᠲᠤᠰᠠᠭᠠᠷᠯᠠᠬᠤ ᠪᠣᠳᠣᠯ ᠢ᠋ᠶ᠋ᠠᠨ ᠢᠯᠡᠷᠬᠡᠢᠯᠡᠵᠦ ᠪᠠᠢᠭᠰᠠᠨ ᠶᠤᠮ᠂ ᠲᠡᠷᠡ ᠪᠡᠷ ᠨᠠᠰᠤ ᠪᠠᠷᠠᠭᠰᠠᠨ ᠤ᠋ ᠠᠴᠢ ᠪᠠᠷ ᠡᠴᠢᠭᠡ ᠯᠦ᠍ᠭᠡ ᠪᠡᠨ ᠬᠢᠬᠦ ᠲᠡᠢᠨ ᠡᠭᠦᠰᠦᠭᠰᠡᠨ ᠦᠭᠡᠢ ᠶᠦᠮ᠃ ᠳᠡᠭᠡᠷᠡ ᠳᠤᠷᠠᠳᠴᠤ ᠥᠩᠭᠡᠷᠡᠭᠰᠡᠨ ᠮᠡᠲᠦ ᠪᠡᠷ ᠵᠥᠴᠢ ᠶ᠋ᠢᠨ ᠡᠷᠭᠦᠮᠵᠢ ᠨᠤᠲᠤᠭ ᠲᠤ᠌ ᠳᠣᠯᠣᠭᠠᠨ ᠤᠰᠤᠨ ᠤ᠋ ᠨᠢᠭᠡ ᠬᠡᠰᠡᠭ ᠢ᠋ ᠪᠠᠭᠲᠠᠭᠠᠵᠤ ᠪᠠᠢᠵᠠᠢ᠃ 1246 ᠣᠨ ᠳ᠋ᠤ᠌᠂ ᠫᠯᠠᠨᠣ᠋ ᠺᠠᠷᠫᠢᠨᠢ② ᠡᠨᠳᠡ ᠠᠢᠯᠴᠢᠯᠠᠨ ᠢᠷᠡᠬᠦ ᠳ᠋ᠦ᠍ ᠵᠥᠴᠢ ᠶ᠋ᠢᠨ ᠶᠡᠬᠡ ᠬᠥᠪᠡᠭᠦᠨ ᠣᠷᠣᠳᠠ ᠶ᠋ᠢᠨ ᠶᠡᠬᠡ ᠴᠠᠴᠠᠷ (ᠤᠷᠲᠤ) ᠠᠯ ᠨᠠᠭᠤᠷ ᠣᠷᠴᠢᠮ ᠪᠠᠢᠪᠠ᠂ ᠲᠡᠭᠦᠨ ᠦ᠌ ᠳᠡᠭᠦᠦ ᠶ᠋ᠢᠨ ᠬᠢᠨᠢ ᠶᠡᠬᠡ ᠴᠠᠴᠠᠷ ᠡᠨᠳᠡ ᠡᠴᠡ ᠪᠠᠷᠠᠭᠤᠨᠰᠢ ᠰᠢᠭ᠋ ᠬᠠᠷᠠ ᠬᠢᠳᠠᠨ ᠤᠯᠤᠰ ᠤ᠋ᠨ ᠬᠢᠯᠢ ᠳᠣᠲᠣᠷᠠ ᠪᠠᠢᠵᠠᠢ᠂ ᠳᠣᠯᠣᠭᠠᠨ ᠤᠰᠤᠨ ᠤ᠋ ᠨᠤᠲᠤᠭ ᠤ᠋ᠨ ᠳᠣᠲᠣᠷᠠ ᠴᠦ᠍ ᠪᠠᠢᠭᠰᠠᠨ ᠪᠠᠢᠵᠤ ᠮᠡᠳᠡᠨᠡ᠃
ᠴᠢᠩᠭᠢᠰ ᠬᠠᠭᠠᠨ ᠤ᠋ ᠬᠣᠶᠠᠳᠤᠭᠠᠷ ᠬᠥᠪᠡᠭᠦᠨ ᠴᠠᠭᠠᠲᠠᠢ ᠪᠦᠬᠦᠢ ᠯᠡ ᠬᠠᠭᠠᠨᠲᠤ ᠭᠦᠷᠦᠨ ᠳ᠋ᠡᠭᠡᠨ ᠲᠤᠢᠯ ᠤ᠋ᠨ ᠶᠡᠬᠡ ᠡᠷᠬᠡ ᠰᠦᠷ ᠲᠡᠢ᠂ ᠲᠡᠷᠡ ᠪᠣᠯ ᠭᠡᠷ ᠤᠭᠰᠠᠭᠠᠨ ᠤ᠋ ᠪᠠᠨ ᠠᠬᠠ ᠶ᠋ᠢᠨ ᠪᠠᠢᠷᠢ ᠳ᠋ᠤ᠌ ᠪᠠᠢᠭᠠ ᠪᠥᠭᠡᠳ《ᠵᠠᠰᠠᠭ》(ᠮᠣᠩᠭᠣᠯ ᠤ᠋ᠨ ᠨᠡᠢᠲᠡ ᠶ᠋ᠢᠨ ᠬᠠᠤᠯᠢ) ᠢ᠋ ᠬᠢᠨᠠᠨ ᠬᠠᠮᠠᠭᠠᠯᠠᠭᠴᠢ ᠪᠣᠯᠤᠨᠠ᠂ ᠡᠭᠦᠨ ᠢ᠋ ᠴᠢᠩᠭᠢᠰ ᠬᠠᠭᠠᠨ ᠲᠣᠭᠲᠠᠭᠠᠭᠰᠠᠨ ᠶᠤᠮ᠃ ᠲᠡᠷᠡ ᠵᠤᠨ ᠤ᠋ ᠤᠷᠲᠤ ᠪᠠᠨ ᠭᠦᠶᠠᠱ (《ᠨᠠᠷᠠ》 ᠭᠡᠰᠡᠨ ᠤᠳᠬᠠ ᠲᠠᠢ) ᠳ᠋ᠤ᠌ ᠪᠠᠢᠭᠤᠯᠪᠠ᠃ ᠢᠯᠢ ᠭᠣᠣᠯ ᠤ᠋ᠨ ᠰᠠᠪᠠ ᠵᠢᠯᠠᠭᠠ ᠳ᠋ᠤ᠌ ᠪᠣᠢ᠂ ᠠᠯᠢᠮᠠᠯ ᠣᠷᠴᠢᠮ ᠤ᠋ᠨ ᠬᠥᠬᠡ ᠠᠭᠤᠯᠠ ᠠ᠋ᠴᠠ ᠣᠢᠷᠠᠬᠠᠨ᠃ ᠡᠪᠦᠯ ᠳ᠋ᠡᠭᠡᠨ ᠮᠠᠯᠤᠷᠯᠢᠭ· ᠢᠯᠡ ᠳ᠋ᠦ᠍ ᠡᠪᠦᠯᠵᠢᠨᠡ᠂ ᠡᠨᠡ ᠨᠢ ᠪᠠᠰᠠ ᠢᠯᠢ ᠭᠣᠣᠯ ᠤ᠋ᠨ ᠬᠥᠪᠡᠭᠡᠨ ᠳ᠋ᠦ᠍ ᠪᠠᠢᠭᠰᠠᠨ ᠪᠣᠯᠤᠮᠵᠢ ᠶᠡᠬᠡ ᠪᠠᠢᠨᠠ᠃ ᠭᠦᠶᠠᠱ ᠣᠷᠴᠢᠮ ᠴᠠᠭᠠᠲᠠᠢ ᠨᠢᠭᠡ ᠲᠣᠰᠬᠣᠨ ᠪᠠᠢᠭᠤᠯᠵᠤ᠂ ᠺᠦᠷᠦ (《ᠠᠵᠠ ᠵᠠᠶᠠᠭᠠ》 ᠭᠡᠰᠡᠨ ᠰᠠᠨᠠᠭᠠ ᠲᠠᠢ ) ᠭᠡᠵᠦ ᠨᠡᠷᠡᠯᠡᠪᠡ᠃ ᠴᠠᠩ ᠴᠦᠨ ᠵᠸᠨ ᠿᠸᠨ ᠦ᠌ ᠲᠡᠮᠳᠡᠭᠯᠡᠯ ᠢ᠋ ᠦᠨᠳᠦᠰᠦᠯᠡᠪᠡᠯ᠂ ᠴᠠᠭᠠᠲᠠᠢ ᠶᠡᠬᠡ ᠴᠠᠴᠠᠷ ᠢ᠋ᠶ᠋ᠠᠨ ᠢᠯᠢ ᠭᠣᠣᠯ ᠤ᠋ᠨ ᠡᠮᠦᠨᠡ ᠡᠷᠭᠢ ᠳ᠋ᠦ᠍ ᠪᠣᠰᠬᠠᠪᠠ᠃ ᠲᠡᠭᠦᠨ ᠦ᠌ ᠵᠠᠯᠭᠠᠮᠵᠢᠯᠠᠭᠴᠢ ᠶ᠋ᠢᠨ ᠶᠡᠬᠡ ᠴᠠᠴᠠᠷ ᠢ᠋ ᠵᠦᠸᠠᠢᠨᠢ ᠦᠷᠦ· ᠢᠫ (《ᠥᠨᠳᠥᠷ ᠭᠡᠷ》 ᠭᠡᠰᠡᠨ ᠤᠳᠬᠠ ᠲᠠᠢ) ᠭᠡᠵᠦ ᠬᠡᠯᠡᠭᠰᠡᠨ ᠪᠠᠢᠨᠠ᠂ ᠡᠨᠡ ᠤᠷᠲᠤ ᠴᠦ᠍ ᠡᠨᠳᠡ ᠪᠠᠢᠭᠰᠠᠨ ᠪᠠᠢᠵᠤ ᠮᠡᠳᠡᠨᠡ᠃ ᠵᠠᠮᠠᠷ· ᠺᠠᠱ ᠢ᠋ᠶ᠋ᠠᠷ ᠴᠠᠭᠠᠲᠠᠢ ᠶ᠋ᠢᠨ ᠡᠷᠭᠦᠮᠵᠢ ᠨᠤᠲᠤᠭ ᠲᠠᠬᠢ ᠡᠨᠡ ᠬᠦ᠌ ᠲᠥᠪ ᠭᠠᠵᠠᠷ ᠢ᠋ ᠢᠯ·ᠠᠯᠠᠭ ᠭᠡᠵᠦ ᠨᠡᠷᠡᠯᠡᠪᠡ᠂ ᠲᠥᠪ ᠭᠠᠵᠠᠷ ᠤ᠋ᠨ ᠬᠢᠨᠢ ᠭᠣᠣᠯ ᠬᠣᠲᠠ ᠨᠢ ᠠᠯᠢᠮᠠᠯ ᠪᠣᠯᠤᠨᠠ᠃
《ᠵᠠᠰᠠᠭ》 ᠨᠢ ᠴᠠᠭᠠᠲᠠᠢ ᠬᠠᠨᠳᠤ ᠤᠯᠤᠰ ᠪᠣᠯᠤᠨ ᠳᠤᠮᠳᠠᠳᠤ ᠠᠽᠢᠶᠠ ᠶ᠋ᠢᠨ ᠢᠰᠯᠠᠮ ᠤ᠋ᠨ ᠱᠠᠰᠢᠨᠲᠠᠳ ᠤ᠋ᠨ ᠬᠣᠭᠣᠷᠣᠨᠳᠣ ᠮᠥᠷᠭᠥᠯᠳᠦᠭᠡᠨ ᠡᠭᠦᠰᠬᠡᠳᠡᠭ ᠪᠠᠢᠪᠠ᠃ ᠤᠴᠢᠷ ᠨᠢ ᠮᠣᠩᠭᠣᠯᠴᠤᠳ ᠪᠣᠯ ᠪᠥᠬᠡ ᠮᠥᠷᠭᠥᠯᠲᠡᠨ᠂ ᠲᠡᠳᠡ ᠨᠠᠷ ᠱᠠᠰᠢᠨ ᠰᠢᠲᠦᠯᠭᠡ ᠶ᠋ᠢᠨ ᠠᠰᠠᠭᠤᠳᠠᠯ ᠳ᠋ᠤ᠌ ᠶᠡᠬᠡ ᠠᠭᠤᠴᠢ ᠣᠪᠣᠷ ᠢ᠋ᠶ᠋ᠠᠷ ᠬᠠᠨᠳᠤᠳᠠᠭ᠂ ᠬᠠᠷᠢᠶᠠ ᠨᠤᠲᠤᠭ ᠤ᠋ᠨ ᠡᠯᠡ ᠭᠠᠵᠠᠷ ᠤ᠋ᠨ ᠱᠠᠰᠢᠨ ᠰᠢᠲᠦᠯᠭᠡ ᠶ᠋ᠢ ᠡᠷᠬᠡ ᠲᠡᠭᠰᠢ ᠪᠡᠷ ᠦᠵᠡᠵᠦ ᠬᠦᠨᠳᠦᠳᠬᠡᠨᠡ᠃ ᠶᠦᠳ᠋ᠠᠢ᠌ᠰᠮ ᠱᠠᠰᠢᠨ ᠢ᠋ ᠭᠠᠷᠭᠠᠪᠠᠯ᠂ ᠡᠢᠮᠦᠷᠬᠦᠦ ᠱᠠᠰᠢᠨ ᠤ᠋ ᠠᠵᠢᠯ ᠢ᠋ ᠡᠷᠬᠢᠯᠡᠭᠴᠢᠳ ᠢ᠋ ᠭᠠᠢᠯᠢ ᠭᠤᠪᠴᠢᠭᠤᠷ ᠪᠣᠯᠤᠨ ᠡᠯᠡ ᠵᠦᠢᠯ ᠦ᠋ᠨ ᠠᠯᠪᠠ ᠲᠠᠲᠠᠪᠤᠷᠢ ᠠ᠋ᠴᠠ ᠬᠡᠯᠲᠦᠷᠢᠭᠦᠯᠦᠨᠡ᠃ ᠬᠠᠭᠠᠨᠲᠤ ᠭᠦᠷᠦᠨ ᠦ᠌ ᠬᠡᠪᠴᠢᠶᠡᠨ ᠳ᠋ᠦ᠍ ᠢᠯᠡ ᠪᠡᠷ ᠲᠤᠰᠢᠶᠠᠯ ᠡᠭᠦᠷᠭᠡᠯᠡᠭᠰᠡᠨ ᠱᠠᠰᠢᠨ ᠰᠤᠷᠲᠠᠬᠤᠨ ᠤ᠋ ᠠᠵᠢᠯ ᠢ᠋ ᠬᠠᠷᠢᠴᠠᠯᠠᠰᠢ ᠦᠭᠡᠢ ᠡᠷᠬᠡ ᠲᠡᠭᠰᠢ ᠪᠡᠷ ᠦᠵᠡᠬᠦ ᠨᠢ ᠭᠡᠳᠡᠷᠭᠦ ᠪᠡᠨ ᠱᠠᠰᠢᠨ ᠰᠤᠷᠲᠠᠬᠤᠨ ᠤ᠋ ᠬᠣᠭᠣᠷᠣᠨᠳᠣᠬᠢ ᠡᠩᠬᠡ ᠨᠠᠢᠷᠠᠮᠳᠠᠯ ᠲᠠᠢ ᠣᠷᠣᠰᠢᠬᠤ ᠶ᠋ᠢ ᠪᠠᠲᠤᠯᠠᠵᠤ ᠴᠢᠳᠠᠬᠤ ᠦᠭᠡᠢ ᠭᠡᠳᠡᠭ ᠢ᠋ ᠬᠣᠵᠢᠮ ᠤ᠋ᠨ ᠤᠴᠢᠷ ᠤ᠋ᠳ ᠭᠡᠷᠡᠴᠢᠯᠡᠵᠡᠢ᠃ ᠡᠭᠦᠨ ᠦ᠌ ᠭᠣᠣᠯ ᠰᠢᠯᠲᠠᠭᠠᠨ ᠨᠢ ᠠᠳᠠᠯᠢ ᠪᠤᠰᠤ ᠱᠠᠰᠢᠨ ᠤ᠋ ᠲᠦᠷᠦᠭᠦᠴᠦᠳ ᠬᠣᠭᠣᠷᠣᠨᠳᠣ ᠪᠠᠨ ᠵᠥᠷᠢᠯᠳᠦᠵᠦ᠂ ᠳᠠᠢᠰᠤᠩᠨᠠᠯᠲᠤᠵᠤ᠂ ᠨᠢᠭᠡ ᠨᠢᠭᠡ ᠶ᠋ᠢ ᠪᠡᠨ ᠮᠣᠩᠭᠣᠯ ᠤ᠋ᠨ ᠬᠠᠭᠠᠨ ᠤ᠋ ᠡᠮᠦᠨᠡ ᠳᠠᠷᠤᠵᠤ ᠠᠪᠬᠤ ᠪᠠᠷ ᠣᠷᠣᠯᠳᠣᠳᠠᠭ ᠲᠤ᠌ ᠣᠷᠣᠰᠢᠨᠠ᠃ ᠵᠠᠷᠢᠮ ᠣᠨᠴᠠᠭᠠᠢ ᠪᠠᠢᠳᠠᠯ ᠢ᠋ ᠭᠠᠷᠭᠠᠪᠠᠯ᠂ ᠢᠰᠯᠠᠮ ᠤ᠋ᠨ ᠱᠠᠰᠢᠨᠲᠠᠳ(ᠭᠣᠣᠯᠳᠠᠭᠤ ᠲᠠᠵᠢᠺᠴᠤᠳ) ᠪᠣᠯᠤᠨ ᠤᠢᠭᠤᠷ ᠬᠥᠮᠦᠰ ᠯᠡ ᠪᠣᠯᠪᠠᠰᠤᠨ ᠱᠠᠰᠢᠨ ᠤ᠋ ᠲᠥᠯᠥᠭᠡᠯᠡᠭᠴᠢ ᠶ᠋ᠢᠨ ᠳᠤᠮᠳᠠ ᠥᠪᠡᠷ ᠦ᠋ᠨ ᠤᠯᠤᠰ ᠠ᠋ᠴᠠ ᠪᠠᠨ ᠭᠠᠳᠠᠨᠠᠬᠢ ᠵᠠᠰᠠᠭ ᠵᠠᠬᠢᠷᠭᠠᠨ ᠤ᠋ ᠬᠠᠮᠢᠶᠠᠷᠤᠯᠲᠠ ᠳ᠋ᠤ᠌ ᠣᠷᠣᠯᠴᠠᠨ᠂ ᠣᠯᠠᠨ ᠬᠠᠳ ᠨᠠᠷ ᠲᠤ᠌ ᠦᠢᠯᠡᠴᠢᠯᠡᠵᠦ ᠴᠢᠳᠠᠨᠠ᠃ ᠤᠢᠭᠤᠷᠴᠤᠳ ᠤ᠋ᠨ ᠬᠠᠭᠠᠰ ᠨᠢ ᠾᠷᠢᠰᠲ᠋ᠣᠰ ᠤ᠋ᠨ ᠱᠠᠰᠢᠨᠲᠠᠨ᠂ ᠬᠠᠭᠠᠰ ᠨᠢ ᠪᠤᠷᠬᠠᠨ ᠱᠠᠰᠢᠨᠲᠠᠨ᠃ ᠢᠰᠯᠠᠮ ᠤ᠋ᠨ ᠱᠠᠰᠢᠨᠲᠠᠳ ᠲᠤ᠌ ᠠᠪᠴᠤ ᠬᠡᠯᠡᠪᠡᠯ ᠲᠡᠳᠡ ᠨᠠᠷ ᠬᠠᠮᠤᠭ ᠤ᠋ᠨ ᠬᠡᠷᠴᠡᠭᠡᠢ ᠳᠠᠢᠰᠤᠨ ᠨᠢ ᠪᠣᠯᠳᠠᠭ ᠪᠠᠢᠵᠠᠢ᠃ ᠳᠤᠮᠳᠠᠳᠤ ᠠᠽᠢᠶᠠ ᠳ᠋ᠤ᠌᠂ ᠡᠢᠮᠦᠷᠬᠦᠦ ᠠᠳᠠᠯᠢ ᠪᠤᠰᠤ ᠶ᠋ᠢᠨ ᠱᠠᠰᠢᠨ ᠪᠣᠯᠤᠨ ᠠᠳᠠᠯᠢ ᠪᠤᠰᠤ ᠶ᠋ᠢᠨ ᠰᠣᠶᠣᠯ ᠤ᠋ᠨ ᠪᠦᠯᠬᠦᠮ ᠦ᠋ᠨ ᠬᠣᠭᠣᠷᠣᠨᠳᠣᠬᠢ ᠱᠠᠰᠢᠨ ᠰᠢᠲᠦᠯᠭᠡ ᠶ᠋ᠢᠨ ᠳᠠᠢᠰᠤᠩᠨᠠᠯᠴᠠᠯ ᠬᠢᠭᠡᠳ ᠤᠯᠤᠰ ᠲᠥᠷᠥ ᠶ᠋ᠢᠨ ᠵᠥᠷᠢᠴᠡᠯᠳᠦᠭᠡᠨ ᠨᠡᠩ ᠰᠢᠷᠦᠭᠦᠨ ᠪᠠᠢᠵᠠᠢ᠃ ᠡᠭᠦᠨ ᠦ᠌ ᠤᠴᠢᠷ ᠨᠢ ᠲᠡᠳᠡ ᠨᠠᠷ ᠤ᠋ᠨ ᠡᠨᠳᠡᠬᠢ ᠬᠦᠴᠦ ᠨᠦ᠍ᠭᠦᠳ ᠨᠢ ᠲᠡᠩᠴᠡᠭᠦᠦ ᠣᠷᠴᠢᠮ ᠪᠠᠢᠭᠰᠠᠨ ᠳ᠋ᠤ᠌ ᠣᠷᠣᠰᠢᠨᠠ᠃ ᠲᠡᠷᠡ ᠦᠶᠡ ᠳ᠋ᠦ᠍᠂ ᠢᠰᠯᠠᠮ ᠤ᠋ᠨ ᠱᠠᠰᠢᠨ ᠨᠢ ᠬᠦᠷᠳ᠋ᠵᠠ ᠠ᠋ᠴᠠ ᠵᠡᠭᠦᠨᠰᠢᠬᠢ ᠣᠷᠣᠨ ᠳ᠋ᠤ᠌ ᠬᠠᠮᠤᠭ ᠤ᠋ᠨ ᠳᠡᠭᠡᠳᠦ ᠱᠠᠰᠢᠨ ᠳ᠋ᠤ᠌ ᠲᠣᠭᠠᠴᠠᠭᠳᠠᠬᠤ ᠦᠭᠡᠢ ᠪᠠᠢᠵᠠᠢ᠃ ᠡᠭᠦᠨ ᠢ᠋ᠶ᠋ᠡᠷ ᠵᠣᠭᠰᠣᠬᠤ ᠦᠭᠡᠢ᠂ ᠢᠰᠯᠠᠮ ᠤ᠋ᠨ ᠱᠠᠰᠢᠨ ᠤ᠋ ᠨᠣᠶᠠᠨ ᠲᠣᠮᠢᠯᠠᠭᠰᠠᠨ ᠮᠣᠵᠢ ᠳ᠋ᠤ᠌ ᠳᠣᠯᠣᠭᠠᠨ ᠤᠰᠤᠨ ᠤ᠋ ᠨᠤᠲᠤᠭ ᠢ᠋ ᠪᠠᠭᠲᠠᠭᠠᠵᠤ ᠪᠠᠢᠭᠰᠠᠨ ᠪᠣᠯᠪᠠᠴᠤ ᠢᠰᠯᠠᠮ ᠤ᠋ᠨ ᠪᠤᠰᠤ ᠱᠠᠰᠢᠨ ᠤ᠋ ᠮᠥᠷᠭᠥᠯᠲᠡᠳ ᠴᠦ᠍ ᠦᠷᠭᠦᠯᠵᠢ ᠰᠠᠭᠤᠵᠤ ᠪᠠᠢᠭᠰᠠᠨ ᠶᠤᠮ᠃ ᠫᠢᠱᠪᠤᠺ ᠬᠢᠭᠡᠳ ᠲᠳᠮᠡᠺ ᠦ᠋ᠨ ᠬᠡᠭᠦᠷ ᠣᠩᠭᠣᠨ ᠳ᠋ᠤ᠌ ᠴᠦ ᠭᠣᠣᠯ ᠤ᠋ᠨ ᠰᠠᠪᠠ ᠳᠠᠭᠠᠤ ᠭᠠᠵᠠᠷ ᠤ᠋ᠨ ᠺᠠᠲ᠋ᠤ᠌ᠯᠢᠭ ᠱᠠᠰᠢᠨᠲᠠᠳ ᠤ᠋ᠨ ᠲᠣᠰᠬᠣᠨ ᠣᠷᠣᠰᠢᠵᠤ ᠪᠠᠢᠭᠰᠠᠨ ᠨᠢ ᠭᠡᠷᠡᠴᠢᠯᠡᠭᠳᠡᠭᠰᠡᠨ ᠶᠦ᠍ᠮ᠃ ᠳᠣᠯᠣᠭᠠᠨ ᠤᠰᠤᠨ ᠤ᠋ ᠤᠮᠠᠷᠠ ᠬᠡᠰᠡᠭ ᠺᠠᠶᠠᠯᠢᠭ ᠠ᠋ᠴᠠ ᠤᠮᠠᠷᠠᠰᠢ ᠭᠤᠷᠪᠠᠨ ᠹᠷᠠᠨᠼᠢ ᠭᠠᠵᠠᠷ (ᠨᠠᠢ᠍ᠮᠠᠨ ᠮᠢᠯ) ᠳ᠋ᠦ᠍᠂ 1235 ᠣᠨᠠ ᠷᠦᠪᠷᠦ᠋ᠺ ③ ᠨᠢᠭᠡᠨ ᠺᠠᠲ᠋ᠣᠯᠢᠭ ᠱᠠᠰᠢᠨᠲᠠᠳ ᠤ᠋ᠨ ᠲᠣᠰᠬᠣᠨ ᠪᠠᠢᠬᠤ ᠶ᠋ᠢ ᠣᠯᠵᠤ ᠬᠠᠷᠠᠪᠠ᠂ ᠲᠡᠳᠡ ᠨᠠᠷ ᠥᠪᠡᠷᠰᠡᠳ ᠦ᠋ᠨ ᠢ᠋ᠶ᠋ᠡᠨ ᠳᠤᠭᠠᠩ ᠲᠠᠢ᠃ ᠡᠭᠦᠨ ᠡᠴᠡ ᠭᠠᠳᠠᠨᠠ᠂ 14 ᠳ᠋ᠦ᠍ᠭᠡᠷ ᠵᠠᠭᠤᠨ ᠪᠣᠯᠲᠠᠯᠠ᠂ ᠢᠰᠡᠢᠺᠺᠦ᠋ᠯ ᠨᠠᠭᠤᠷ ᠤ᠋ᠨ ᠡᠷᠭᠢᠨ ᠳᠡᠭᠡᠷᠡ᠂ ᠥᠭᠡᠷᠡ ᠨᠢᠭᠡᠨ ᠢᠵᠢᠯᠢ ᠨᠡᠷᠡ ᠲᠡᠢ ᠲᠣᠰᠬᠣᠨ ᠳ᠋ᠤ᠌᠂ ᠠᠷᠮᠠᠨᠢᠶᠠ ᠮᠠᠶᠢᠭ ᠤ᠋ᠨ ᠨᠢᠭᠡ ᠳᠤᠭᠠᠩ ᠪᠠᠢᠵᠠᠢ᠂ ᠳᠤᠭᠠᠩ ᠳ᠋ᠠᠭᠠᠨ《ᠮᠠᠲ᠋ᠢᠣ᠋ ᠶ᠋ᠢᠨ ᠰᠠᠢᠨ ᠴᠢᠮᠡᠭᠡ》 ᠶ᠋ᠢᠨ ᠡᠯᠡᠭᠳᠡᠭᠰᠡᠨ ᠨᠣᠮ ᠢ᠋ ᠬᠠᠳᠠᠭᠠᠯᠠᠭᠰᠠᠭᠠᠷ ᠪᠠᠢᠪᠠ᠃ ᠴᠠᠭᠠᠲᠠᠢ ᠾᠷᠢᠰᠲ᠋ᠣᠰ ᠱᠠᠰᠢᠨ ᠢ᠋ ᠬᠠᠮᠠᠭᠠᠯᠠᠪᠠ᠃ ᠮᠠᠷᠺᠣ ᠫᠣᠯᠣ᠋ ᠨᠢᠭᠡᠨ ᠪᠠᠳᠠᠭ ᠠᠷᠠᠳ ᠤ᠋ᠨ ᠳᠠᠭᠤᠤ ᠶ᠋ᠢ ᠡᠰᠢᠯᠡᠵᠦ᠂ ᠴᠠᠭᠠᠲᠠᠢ ᠥᠪᠡᠷ ᠢ᠋ᠶ᠋ᠡᠨ ᠴᠦ᠍ ᠾᠷᠢᠰᠲ᠋ᠣᠰ ᠤ᠋ᠨ ᠱᠠᠰᠢᠨᠲᠠᠨ ᠪᠣᠯᠴᠢᠬᠠᠭᠰᠠᠨ ᠭᠡᠪᠡ᠃ ᠨᠥᠭᠥᠭᠡ ᠲᠠᠯᠠ ᠪᠠᠷ᠂ᠮᠣᠩᠭᠣᠯ ᠤ᠋ᠨ ᠨᠡᠢᠲᠡ ᠶ᠋ᠢᠨ ᠬᠠᠤᠯᠢ ᠬᠢᠭᠡᠳ ᠢᠰᠯᠠᠮ ᠤ᠋ᠨ ᠱᠠᠰᠢᠨ ᠤ᠋ ᠤᠯᠤᠰ ᠤ᠋ᠨ ᠸᠠᠩ ᠨᠠᠷ ᠤ᠋ᠨ ᠵᠠᠷᠯᠢᠭ ᠤ᠋ᠨ ᠬᠣᠭᠣᠷᠣᠨᠳᠣᠬᠢ ᠬᠠᠷᠰᠢᠯᠳᠤᠭᠠᠨ ᠣᠷᠣᠰᠢᠵᠤ ᠪᠠᠢᠭᠰᠠᠨ ᠲᠤᠯᠠ ᠢᠰᠯᠠᠮ ᠤ᠋ᠨ ᠱᠠᠰᠢᠨᠲᠠᠳ ᠤ᠋ᠨ ᠡᠭᠳᠡᠭᠦᠴᠡᠯ ᠢ᠋ ᠬᠦᠷᠭᠡᠳᠡᠭ ᠪᠠᠢᠪᠠ᠃ ᠮᠣᠩᠭᠣᠯ ᠤ᠋ᠨ ᠬᠠᠤᠯᠢ ᠳ᠋ᠤ᠌ ᠠᠮᠢᠳᠤ ᠤᠰᠤᠨ ᠳ᠋ᠤ᠌ ᠦᠰᠦᠷᠦᠨ ᠣᠷᠣᠬᠤ ᠶ᠋ᠢ ᠴᠠᠭᠠᠵᠠᠯᠠᠨᠠ ᠭᠡᠰᠡᠨ ᠵᠤᠷᠪᠤᠰ ᠪᠣᠢ᠂ ᠡᠨᠡ ᠨᠢ ᠢᠰᠯᠠᠮ ᠤ᠋ᠨ ᠱᠠᠰᠢᠨ ᠤ᠋ ᠪᠡᠶᠡ ᠪᠡᠨ ᠤᠬᠢᠶᠠᠬᠤ ᠵᠠᠩᠰᠢᠯ ᠲᠠᠢ ᠬᠠᠷᠰᠢᠯᠳᠤᠳᠠᠭ᠃ ᠡᠨᠡ ᠮᠡᠲᠦᠴᠢᠯᠡᠨ ᠮᠣᠩᠭᠣᠯ ᠤ᠋ᠨ ᠬᠠᠤᠯᠢ ᠳ᠋ᠤ᠌ ᠠᠮᠢᠲᠠᠨ ᠤ᠋ ᠪᠠᠭᠠᠯᠵᠤᠤᠷ ᠢ᠋ ᠣᠭᠲᠣᠯᠵᠤ ᠠᠯᠠᠬᠤ ᠶ᠋ᠢ ᠴᠠᠭᠠᠵᠠᠯᠠᠨᠠ ᠭᠡᠵᠦ ᠪᠣᠢ᠃ ᠡᠭᠦᠨ ᠡᠴᠡ ᠪᠣᠯᠵᠤ ᠢᠰᠯᠠᠮ ᠤ᠋ᠨ ᠱᠠᠰᠢᠨ ᠤ᠋ ᠵᠣᠬᠢᠶᠠᠯᠴᠢᠳ ᠴᠠᠭᠠᠲᠠᠢ ᠶ᠋ᠢ ᠢᠰᠯᠠᠮ ᠤ᠋ᠨ ᠱᠠᠰᠢᠨ ᠤ᠋ ᠰᠤᠷᠭᠠᠯ ᠪᠠ ᠢᠰᠯᠠᠮ ᠤ᠋ᠨ ᠱᠠᠰᠢᠨᠲᠠᠳ ᠢ᠋ ᠲᠤᠢᠯ ᠢ᠋ᠶ᠋ᠠᠷ ᠬᠣᠷᠣᠰᠳᠠᠭ ᠭᠡᠵᠦ ᠬᠡᠯᠡᠳᠡᠭ ᠪᠠᠢᠪᠠ ᠬᠣᠷᠣᠰᠳᠠᠭ ᠭᠡᠵᠦ ᠬᠡᠯᠡᠳᠡᠭ ᠪᠠᠢᠪᠠ᠃ ᠴᠠᠭᠠᠲᠠᠢ ᠶ᠋ᠢ ᠨᠠᠰᠤ ᠨᠥᠭᠴᠢᠬᠦ ᠦᠶᠡ ᠶ᠋ᠢᠨ ᠨᠢᠭᠡ ᠰᠢᠯᠦᠭ ᠲᠦ᠍《ᠬᠥᠮᠦᠨ ᠢ᠋ ᠠᠶᠤᠯᠭᠠᠵᠤ ᠪᠡᠶᠡ ᠤᠬᠢᠶᠠᠯᠭᠠᠳᠠᠭ ᠦᠭᠡᠢ ᠲᠡᠷᠡ ᠬᠥᠮᠦᠨ᠂ ᠬᠥᠯ ᠦᠭᠡᠢ ᠦᠬᠦᠯ ᠦ᠋ᠨ ᠳᠠᠯᠠᠢ ᠳ᠋ᠤ᠌ ᠵᠢᠪᠦᠨ ᠲᠤᠨᠤᠵᠠᠢ》 ᠭᠡᠵᠦ ᠪᠢᠴᠢᠪᠡ᠃ ᠳᠡᠭᠡᠷᠡᠬᠢ ᠲᠡᠮᠳᠡᠭᠯᠡᠯ ᠯᠦ᠍ᠭᠡ ᠠᠳᠠᠯᠢᠬᠠᠨ ᠴᠠᠭ ᠦᠶᠡ ᠳ᠋ᠦ᠍ ᠪᠠᠢᠭᠰᠠᠨ ᠬᠥᠮᠦᠨ ᠪᠠᠰᠠ ᠬᠡᠯᠡᠬᠦ ᠳ᠋ᠡᠭᠡᠨ᠂ ᠴᠠᠭᠠᠲᠠᠢ ᠶ᠋ᠢᠨ ᠨᠣᠶᠠᠷᠬᠠᠯ ᠳᠣᠣᠷᠠ᠂ ᠬᠡᠨ ᠴᠦ᠍ ᠭᠡᠳ ᠢᠰᠯᠠᠮ ᠤ᠋ᠨ ᠱᠠᠰᠢᠨᠲᠠᠨ ᠤ᠋ ᠨᠡᠷᠡ ᠶ᠋ᠢ ᠳᠤᠷᠠᠳᠬᠤ ᠳ᠋ᠠᠭᠠᠨ ᠬᠠᠷᠢᠶᠠᠵᠤ ᠵᠥᠭᠡᠬᠦ ᠦᠭᠡᠢ ᠪᠠᠢᠵᠤ ᠴᠢᠳᠠᠬᠤ ᠦᠭᠡᠢ ᠪᠠᠢᠵᠠᠢ ᠭᠡᠪᠡ᠃ ᠥᠭᠡᠷᠡ ᠨᠢᠭᠡᠨ ᠨᠡᠯᠢᠶᠡᠳ ᠰᠡᠭᠦᠯᠴᠢ ᠦᠶᠡ ᠶ᠋ᠢᠨ ᠵᠣᠬᠢᠶᠠᠯᠴᠢ ᠶ᠋ᠢᠨ ᠲᠡᠮᠳᠡᠭᠯᠡᠭᠰᠡᠨ ᠢ᠋ ᠦᠨᠳᠦᠰᠦᠯᠡᠪᠡᠯ᠂ ᠬᠡᠨ ᠬᠥᠮᠦᠨ ᠬᠡᠷᠪᠡ ᠴᠠᠭᠠᠲᠠᠢ ᠳ᠋ᠤ᠌ ᠨᠢᠭᠡ ᠢᠰᠯᠠᠮ ᠤ᠋ᠨ ᠱᠠᠰᠢᠨᠲᠠᠨ ᠤ᠋ ᠠᠮᠢ ᠶ᠋ᠢ ᠬᠣᠷᠣᠭᠠᠯᠠ ᠭᠡᠰᠡᠨ ᠴᠢᠮᠡᠭᠡ ᠬᠡᠯᠡᠵᠦ ᠥᠭᠪᠡᠯ ᠲᠡᠷᠡ ᠬᠥᠮᠦᠨ ᠨᠢᠭᠡ ᠪᠠᠯᠢᠱ (ᠲᠠᠪᠤᠨ ᠵᠠᠭᠤᠨ ᠳ᠋ᠶ᠋ᠨᠠᠷ᠂ ᠬᠣᠶᠠᠷ ᠵᠠᠭᠤᠨ ᠫᠦᠨᠳ᠋) ᠠᠯᠲᠠ ᠣᠯᠳᠠᠭ ᠭᠡᠨᠡ᠃ ᠨᠡᠷᠡ ᠮᠠᠨᠳᠤᠭᠰᠠᠨ ᠢᠰᠯᠠᠮ ᠤ᠋ᠨ ᠱᠠᠰᠢᠨᠲᠠᠨ᠂ ᠡᠷᠳᠡᠮᠲᠡᠨ ᠠᠪᠤ᠂ ᠶᠠᠺᠰᠤᠲ᠂ ᠰᠠᠺᠠᠴᠢ ᠬᠣᠲᠣᠩ ᠲᠣᠭᠠᠯᠠᠯ ᠤ᠋ᠨ626 ᠣᠨ᠂ ᠢᠰᠦ᠋ᠰ ᠲᠣᠭᠠᠯᠯ ᠤ᠋ᠨ1229 ᠣᠨ ᠳ᠋ᠤ᠌ ᠴᠠᠭᠠᠲᠠᠢ ᠶ᠋ᠢᠨ ᠪᠠᠭᠤᠯᠭᠠᠭᠰᠠᠨ ᠵᠠᠷᠯᠢᠭ ᠢ᠋ᠶ᠋ᠠᠷ ᠴᠠᠭᠠᠵᠠ ᠪᠠᠷ ᠠᠯᠠᠭᠳᠠᠭᠰᠠᠨ ᠶᠤᠮ᠃
ᠭᠡᠪᠡᠴᠦ ᠴᠠᠭᠠᠲᠠᠢ ᠶ᠋ᠢᠨ ᠳᠣᠲᠣᠨᠣ ᠢᠲᠡᠭᠡᠯᠲᠦ ᠬᠥᠮᠦᠰ ᠦ᠋ᠨ ᠳᠣᠲᠣᠷᠠ ᠴᠦ᠍ ᠢᠰᠯᠠᠮ ᠤ᠋ᠨ ᠱᠠᠰᠢᠨᠳᠠᠳ ᠪᠠᠢᠭᠠ ᠶ᠋ᠢ ᠪᠢᠳᠡ ᠮᠡᠳᠡᠵᠦ ᠪᠠᠢᠭᠠ᠃ ᠲᠡᠳᠡ ᠨᠠᠷ ᠤ᠋ᠨ ᠳᠣᠲᠣᠷᠠ ᠨᠥᠯᠥᠭᠡ ᠪᠡᠷ ᠬᠠᠮᠤᠭ ᠠ᠋ᠴᠠ ᠶᠡᠬᠡ ᠪᠠᠢᠭᠰᠠᠨ ᠨᠢ ᠺᠥᠲ᠂ ᠠᠳᠢᠨ᠂ ᠬᠠᠪᠠᠱ᠂ ᠠᠮᠢᠳ᠋ ᠪᠣᠯᠤᠨᠠ᠃᠂ ᠲᠡᠷᠡ ᠪᠡᠷ ᠢᠰᠯᠠᠮ ᠤ᠋ᠨ ᠱᠠᠰᠢᠨᠲᠠᠨ ᠤ᠋ ᠪᠠᠶᠠᠨ ᠠᠷᠠᠯᠵᠢᠶᠠᠴᠢᠨ ᠤ᠋ ᠭᠡᠷ ᠲᠦ᠍ ᠲᠥᠷᠥᠪᠡ᠂ ᠮᠣᠩᠭᠣᠯ ᠬᠠᠭᠠᠨᠲᠤ ᠭᠦᠷᠦᠨ ᠦ᠌ ᠴᠢᠬᠤᠯᠠ ᠪᠠᠢᠷᠢ ᠳ᠋ᠤ᠌ ᠪᠠᠢᠵᠤ ᠪᠠᠢᠭᠰᠠᠨ᠃ ᠲᠡᠦᠬᠡᠴᠢ ᠸᠠᠰᠠᠹ ᠲᠡᠭᠦᠨ ᠦ᠌ ᠬᠢᠷᠢ ᠵᠡᠷᠭᠡ ᠲᠣᠮᠣ ᠪᠠᠶᠠᠨ ᠪᠠᠢᠭᠰᠠᠨ ᠢ᠋ ᠮᠠᠭᠲᠠᠨ ᠪᠢᠴᠢᠭᠰᠡᠨ ᠶᠦᠮ᠃ ᠲᠥᠷᠥ ᠶ᠋ᠢᠨ ᠡᠷᠬᠡ ᠰᠦᠷ ᠲᠡᠢ ᠢᠵᠠᠭᠤᠷᠲᠠᠳ ᠪᠦᠷ ᠲᠡᠭᠦᠨ ᠲᠡᠢ ᠤᠷᠤᠭ ᠬᠣᠯᠪᠣᠳᠠᠭ ᠪᠠᠢᠪᠠ᠃ ᠵᠦᠸᠠᠢᠨᠢ ᠶ᠋ᠢᠨ ᠲᠡᠮᠳᠡᠭᠯᠡᠭᠰᠡᠨ ᠢ᠋ ᠦᠨᠳᠦᠰᠦᠯᠡᠪᠡᠯ᠂ ᠴᠠᠭᠠᠲᠠᠢ ᠥᠪᠡᠷ ᠢ᠋ᠶ᠋ᠡᠨ ᠬᠣᠷᠧᠽᠮ ᠸᠠᠩ ᠮᠦᠬᠠᠮᠠᠳ᠋ ᠤ᠋ᠨ ᠨᠢᠭᠡ ᠥᠬᠢᠨ ᠢ᠋ ᠲᠠᠲᠠᠪᠤᠷᠢ ᠪᠣᠯᠭᠠᠨ ᠠᠪᠴᠤ᠂ ᠥᠭᠡᠷᠡ ᠨᠢᠭᠡ ᠥᠬᠢᠨ ᠢ᠋ ᠨᠢ ᠬᠠᠪᠠᠱ᠂ ᠠᠮᠢᠳ᠋ ᠲᠤ᠌ ᠥᠭᠴᠡᠢ᠃ ᠭᠡᠪᠡᠴᠦ ᠢᠰᠯᠠᠮ ᠤ᠋ᠨ ᠱᠠᠰᠢᠨᠲᠠᠳ ᠬᠠᠪᠠᠱ᠂ ᠠᠮᠢᠳ᠋ ᠤ᠋ᠨ ᠵᠠᠰᠠᠭ ᠤ᠋ᠨ ᠭᠠᠵᠠᠷ ᠲᠤ᠌ ᠳᠤᠷᠠ ᠦᠭᠡᠢ ᠪᠠᠢᠵᠠᠢ᠃ ᠨᠡᠷᠡ ᠮᠠᠨᠳᠤᠭᠰᠠᠨ ᠢᠰᠯᠠᠮ ᠤ᠋ᠨ ᠱᠠᠰᠢᠨ ᠤ᠋ ᠳᠤᠷᠠᠰᠢᠯ ᠢ᠋ᠶ᠋ᠠᠨ ᠬᠦᠯᠢᠴᠡᠬᠦ ᠪᠦᠯᠦᠭ ᠦ᠋ᠨ ᠮᠥᠷᠭᠥᠯᠲᠡᠨ ᠰᠠᠢᠹ᠂ ᠠᠳᠢᠨ᠂ ᠪᠠᠬᠠᠵᠢ ᠪᠠᠷ ᠵᠠᠰᠠᠭ ᠤ᠋ᠨ ᠡᠷᠬᠡ ᠪᠠᠷᠢᠭᠴᠢ ᠳ᠋ᠤ᠌ ᠥᠭᠭᠦᠭᠰᠡᠨ ᠨᠢᠭᠡᠨ ᠬᠤᠪᠢ ᠠᠢᠵᠠᠮᠯᠢᠭ ᠵᠠᠬᠢᠳᠠᠯ ᠳ᠋ᠠᠭᠠᠨ ᠲᠤᠷᠰᠢᠯᠭᠠ ᠦᠭᠡᠢ ᠬᠡᠯᠪᠡᠢᠭᠦᠦ ᠰᠢᠲᠦᠯᠭᠡ ᠲᠡᠢ ᠵᠠᠯᠠᠭᠤ ᠬᠥᠮᠦᠨ ᠢ᠋ ᠨᠢᠭᠡ ᠨᠠᠰᠤ ᠪᠠᠷ ᠢ᠋ᠶ᠋ᠠᠨ ᠪᠢᠰᠢᠯᠭᠠᠯ ᠪᠣᠯᠪᠠᠰᠤᠷᠠᠯ ᠬᠢᠵᠦ ᠴᠠᠭᠠᠷᠠᠭᠰᠠᠨ ᠨᠠᠰᠤᠲᠠᠢ ᠬᠥᠮᠦᠨ ᠡᠴᠡ ᠢᠯᠡᠭᠦᠦ ᠢᠲᠡᠭᠡᠬᠦ ᠪᠠ ᠵᠠᠰᠠᠭ ᠤ᠋ᠨ ᠭᠠᠵᠠᠷ ᠠ᠋ᠴᠠ ᠱᠠᠰᠢᠨ ᠰᠤᠷᠲᠠᠬᠤᠨ ᠤ᠋ ᠪᠠᠢᠭᠤᠯᠤᠮᠵᠢ ᠶ᠋ᠢᠨ ᠬᠠᠮᠢᠶᠠᠷᠬᠤ ᠶᠣᠰᠣᠲᠠᠢ ᠠᠮᠢᠳᠤᠷᠠᠯ ᠤ᠋ᠨ ᠬᠡᠷᠡᠭ ᠤᠴᠢᠷ ᠲᠤ᠌ ᠭᠠᠷ ᠲᠥᠷᠥᠬᠦ ᠵᠡᠷᠭᠡ ᠶᠠᠪᠤᠳᠠᠯ ᠳ᠋ᠤ᠌ ᠳᠤᠷᠠ ᠦᠭᠡᠢᠴᠡᠯ ᠢ᠋ᠶ᠋ᠡᠨ ᠢᠯᠡ ᠪᠡᠷ ᠢᠯᠡᠷᠬᠡᠢᠯᠡᠵᠡᠢ᠃ ᠵᠠᠬᠢᠳᠠᠯ ᠳ᠋ᠠᠭᠠᠨ《ᠬᠠᠷᠰᠢ ᠣᠷᠳᠣᠨ ᠱᠠᠰᠢᠨ ᠤ᠋ ᠲᠠᠪᠴᠠᠩ ᠪᠣᠯᠬᠤ ᠳ᠋ᠤ᠌ ᠬᠦᠷᠪᠡᠯ᠂ ᠬᠠᠷᠢᠨ ᠶᠡᠷᠦ ᠡᠴᠡ ᠱᠠᠰᠢᠨ ᠤ᠋ ᠲᠠᠪᠴᠠᠩ ᠭᠡᠵᠦ ᠪᠠᠢᠭᠰᠠᠨ ᠦᠭᠡᠢ ᠨᠢ ᠳᠡᠭᠡᠷᠡ》 ᠭᠡᠵᠦ ᠪᠢᠴᠢᠪᠡ᠃
ᠴᠠᠭᠠᠲᠠᠢ ᠶ᠋ᠢᠨ ᠨᠣᠶᠠᠷᠬᠠᠵᠤ ᠪᠠᠢᠭᠰᠠᠨ ᠰᠡᠭᠦᠯᠴᠢ ᠶ᠋ᠢᠨ ᠦᠶᠡ ᠪᠡᠷ᠂ ᠨᠢᠭᠡ ᠬᠢᠲᠠᠳ ᠬᠥᠮᠦᠨ ᠲᠥᠷᠥ ᠵᠠᠰᠠᠭ ᠤ᠋ᠨ ᠴᠢᠬᠤᠯᠠ ᠬᠥᠮᠦᠨ ᠪᠣᠯᠤᠭᠰᠠᠨ ᠪᠠᠢᠪᠠ᠃ ᠡᠬᠢᠯᠡᠩᠭᠦᠲᠡ ᠪᠡᠨ ᠲᠡᠷᠡ ᠪᠡᠷ ᠴᠠᠭᠠᠲᠠᠢ ᠶ᠋ᠢᠨ ᠣᠢᠷᠠ ᠲᠤᠰᠢᠶᠠ ᠶ᠋ᠢᠨ ᠭᠠᠳᠠᠷ ᠰᠠᠯᠠᠭᠠᠨ ᠤ᠋ ᠡᠮᠴᠢ ᠪᠠᠢᠵᠠᠢ᠃ ᠰᠡᠭᠦᠯᠡᠷ ᠨᠢ ᠮᠣᠩᠭᠣᠯ ᠤ᠋ᠨ ᠳᠡᠭᠡᠳᠦ ᠵᠡᠷᠭᠡ ᠶ᠋ᠢᠨ ᠢᠵᠠᠭᠤᠷᠲᠠᠨ ᠨᠣᠶᠠᠳ ᠤ᠋ᠨ ᠪᠠᠭᠰᠢ ᠪᠣᠯᠪᠠ᠃ ᠦᠢᠯᠡᠴᠢᠯᠡᠬᠦ ᠶᠠᠪᠤᠴᠠ ᠳ᠋ᠠᠭᠠᠨ ᠲᠡᠷᠡ ᠪᠡᠷ ᠴᠢᠩᠭᠢᠰ ᠬᠠᠭᠠᠨ ᠤ᠋ ᠠᠯᠤᠰ ᠬᠣᠯᠠ ᠠᠶᠠᠯᠠᠨ ᠳᠠᠢᠯᠠᠭᠰᠠᠨ ᠥᠩᠭᠡᠷᠡᠯᠲᠡ ᠶ᠋ᠢ ᠰᠠᠢᠨ ᠮᠡᠳᠡᠵᠦ ᠪᠠᠢᠬᠤ ᠪᠠ ᠨᠠᠷᠢᠨ ᠲᠡᠮᠳᠡᠭᠯᠡᠯ ᠲᠡᠢ ᠪᠠᠢᠬᠤ ᠪᠠᠨ ᠢᠯᠡᠷᠡᠭᠦᠯᠪᠡ᠃ ᠴᠠᠭᠠᠲᠠᠢ ᠡᠨᠡ ᠲᠠᠯᠠ ᠶ᠋ᠢᠨ ᠮᠡᠳᠡᠯᠭᠡ ᠶ᠋ᠢ ᠲᠤᠢᠯ ᠢ᠋ᠶ᠋ᠠᠷ ᠬᠦᠨᠳᠦᠳᠬᠡᠵᠦ ᠦᠵᠡᠳᠡᠭ ᠲᠤᠯᠠ ᠲᠡᠭᠦᠨ ᠢ᠋ ᠲᠥᠷᠥ ᠵᠠᠰᠠᠭ ᠲᠠᠭᠠᠨ ᠣᠷᠣᠯᠴᠠᠭᠤᠯᠵᠠᠢ᠃ ᠴᠠᠭᠠᠲᠠᠢ ᠲᠡᠭᠦᠨ ᠢ᠋ ᠶᠠᠪᠤᠬᠤ ᠳᠣᠳᠣᠮ ᠬᠦᠨᠳᠦᠯᠡᠵᠦ ᠪᠠᠢᠬᠤ ᠶ᠋ᠢ ᠦᠵᠡᠭᠡᠳ ᠥᠭᠡᠳᠡᠢ ᠲᠡᠭᠦᠨ ᠳ᠋ᠦ᠍《ᠣᠢᠷᠠ ᠵᠠᠷᠭᠤᠴᠢ》 ᠴᠣᠯᠠ ᠥᠭᠴᠡᠢ᠃ ᠡᠨᠡ ᠬᠥᠮᠦᠨ ᠪᠡᠶᠡ ᠪᠢᠯᠳᠠᠷ ᠢ᠋ᠶ᠋ᠠᠷ ᠪᠠᠭᠠ᠂ ᠶᠡᠬᠡ ᠮᠠᠭᠤ ᠠᠭᠠᠰᠢ ᠲᠠᠢ᠂ ᠭᠡᠪᠡᠴᠦ ᠶᠡᠬᠡ ᠡᠷᠡᠯᠬᠡᠭ ᠪᠥᠭᠡᠳ ᠡᠷᠳᠡᠮ ᠲᠡᠢ᠂ ᠶᠡᠷᠦ ᠶ᠋ᠢᠨ ᠬᠥᠮᠦᠨ ᠡᠴᠡ ᠣᠨᠳᠣᠣ᠂ ᠲᠡᠷᠡ ᠪᠡᠷ ᠵᠠᠰᠠᠭ ᠲᠥᠷᠥ ᠶ᠋ᠢᠨ ᠲᠥᠯᠥᠭᠡᠯᠡᠨ ᠶᠠᠷᠢᠭᠴᠢ ᠪᠣᠯᠪᠠ᠃ ᠨᠢᠭᠡ ᠤᠳᠠᠭᠠ᠂ ᠲᠡᠷᠡ ᠪᠡᠷ ᠴᠠᠭᠠᠲᠠᠢ ᠶ᠋ᠢᠨ ᠪᠦᠰᠡᠭᠦᠢ ᠶ᠋ᠢ᠄《ᠴᠢ ᠨᠢᠭᠡ ᠪᠦᠰᠡᠭᠦᠢ ᠬᠥᠮᠦᠨ᠂ ᠵᠠᠰᠠᠭ ᠤ᠋ᠨ ᠬᠡᠷᠡᠭ ᠲᠦ᠍ ᠪᠢᠲᠡᠭᠡᠢ ᠠᠮᠠ ᠲᠥᠷᠥ》 ᠭᠡᠵᠦ ᠵᠠᠩᠳᠤᠷᠤᠭᠰᠠᠨ ᠪᠠᠢᠨᠠ᠃ ᠪᠠᠰᠠ ᠨᠢᠭᠡᠨ ᠤᠳᠠᠭᠠ᠂ ᠲᠡᠷᠡ ᠥᠪᠡᠷ ᠦ᠋ᠨ ᠦᠵᠡᠯᠲᠡ ᠪᠡᠨ ᠦᠬᠦᠨ ᠪᠠᠷᠢᠮᠲᠠᠯᠠᠵᠤ᠂ ᠴᠠᠭᠠᠲᠠᠢ ᠶ᠋ᠢᠨ ᠳᠡᠭᠦᠦ ᠬᠦᠷᠭᠡᠨ ᠢ᠋ ᠴᠠᠭᠠᠵᠠ ᠪᠠᠷ ᠬᠣᠷᠣᠭᠠᠪᠠ᠃ ᠡᠵᠡᠨ ᠨᠢ ᠲᠡᠭᠦᠨ ᠢ᠋ ᠵᠢᠮᠡᠯᠡᠨ ᠠᠰᠠᠭᠤᠭᠰᠠᠨ ᠳ᠋ᠤ᠌ ᠲᠡᠷᠡ᠄《ᠳᠡᠭᠦᠦ ᠬᠦᠷᠭᠡᠨ ᠴᠢᠨᠢ ᠶᠡᠬᠡ ᠬᠠᠭᠠᠨ ᠤ᠋ ᠡᠬᠡᠨᠡᠷ ᠦ᠋ᠨ ᠨᠡᠷᠡ ᠨᠢᠭᠤᠷ ᠢ᠋ ᠭᠤᠲᠤᠭᠠᠭᠰᠠᠨ ᠴᠦ᠍ ᠲᠠᠵᠢ ᠦᠭᠡᠢ ᠤᠤ?》 ᠭᠡᠵᠦ ᠬᠠᠷᠢᠭᠤᠯᠪᠠ᠃ ᠴᠠᠭᠠᠲᠠᠢ ᠲᠡᠭᠦᠨ ᠲᠡᠢ ᠮᠠᠷᠭᠤᠭᠰᠠᠨ ᠪᠣᠯᠪᠠᠴᠤ ᠡᠴᠦᠰ ᠲᠡᠭᠡᠨ ᠲᠡᠭᠦᠨ ᠢ᠋ ᠪᠢᠰᠢᠷᠡᠪᠡ᠃ ᠲᠡᠭᠦᠨ ᠲᠡᠢ ᠠᠳᠠᠯᠢᠬᠠᠨ ᠴᠠᠭ ᠦᠶᠡ ᠳ᠋ᠦ᠍ ᠠᠮᠢᠳᠤᠷᠠᠵᠤ ᠪᠠᠢᠭᠰᠠᠨ ᠬᠥᠮᠦᠰ ᠲᠡᠭᠦᠨ ᠦ᠌ ᠡᠷᠬᠢᠯᠡᠵᠦ ᠪᠠᠢᠭᠰᠠᠨ ᠦᠶᠡ ᠶ᠋ᠢᠨ ᠵᠠᠰᠠᠭ ᠲᠥᠷᠥ ᠶ᠋ᠢ ᠶᠠᠭᠠᠬᠢᠵᠤ ᠦᠵᠡᠵᠦ ᠪᠠᠢᠭᠰᠠᠨ ᠲᠤᠬᠠᠢ ᠴᠠᠭᠠᠲᠠᠢ ᠳ᠋ᠤ᠌ ᠬᠡᠯᠡᠭᠰᠡᠨ ᠦᠭᠡ ᠡᠴᠡ ᠨᠢ ᠮᠡᠳᠡᠵᠦ ᠪᠣᠯᠤᠨᠠ᠂ ᠲᠡᠷᠡ᠄《ᠴᠢᠨᠦ ᠲᠥᠯᠥᠭᠡ ᠵᠢᠳᠬᠦᠭᠡᠳ ᠪᠢ ᠭᠠᠭᠴᠠ ᠴᠦ᠍ ᠨᠠᠢᠵᠠ ᠦᠭᠡᠢ ᠪᠣᠯᠪᠠ᠂ ᠴᠢ ᠦᠬᠦᠭᠰᠡᠨ ᠦ᠌ ᠳᠠᠷᠠᠭᠠ ᠬᠡᠨ ᠴᠦ᠍ ᠨᠠᠮᠠᠶ᠋ᠢ ᠥᠷᠥᠪᠳᠦᠬᠦ ᠦᠭᠡᠢ ᠶᠦᠮ 》 ᠭᠡᠵᠦ ᠬᠡᠯᠡᠵᠡᠢ᠃
ᠥᠭᠡᠳᠡᠢ 1241 ᠣᠨ ᠤ᠋12 ᠰᠠᠷᠠ ᠳ᠋ᠤ᠌ ᠨᠠᠰᠤ ᠪᠠᠷᠠᠪᠠ᠂ ᠭᠡᠬᠦ ᠳ᠋ᠦ᠍ ᠴᠠᠭᠠᠲᠠᠢ ᠲᠡᠭᠦᠨ ᠡᠴᠡ ᠬᠡᠳᠦᠬᠡᠨ ᠰᠠᠷᠠ ᠢᠯᠡᠭᠦᠦ ᠠᠮᠢᠳᠤᠷᠠᠵᠠᠢ᠃ ᠥᠭᠡᠳᠡᠢ ᠪᠠᠶᠠᠷ ᠴᠡᠩᠭᠡᠯ ᠳ᠋ᠦ᠍ ᠬᠡᠲᠦᠷᠬᠡᠢ ᠰᠢᠨᠤᠭᠰᠠᠨ ᠪᠠᠢᠨᠠ᠂ ᠭᠡᠪᠡᠴᠦ ᠲᠡᠷᠡ ᠥᠷᠦᠪᠴᠢ ᠪᠣᠳᠣᠯ ᠲᠠᠢ᠂ ᠬᠥᠮᠦᠨ ᠳ᠋ᠦ᠍ ᠡᠯᠢᠭᠡᠰᠡᠭ᠂ ᠴᠠᠭᠠᠲᠠᠢ ᠶ᠋ᠢᠨ ᠬᠠᠷᠠᠲᠠᠢ ᠲᠣᠭᠰᠢᠨ ᠢ᠋ ᠶᠠᠭᠠᠬᠢᠵᠤ ᠠᠶᠠᠳᠠᠭᠤᠯᠬᠤ ᠶ᠋ᠢ ᠮᠡᠳᠡᠨᠡ᠂ ᠲᠡᠢᠮᠦ ᠮᠥᠷᠲᠡᠭᠡᠨ ᠬᠠᠷᠢᠯᠴᠠᠨ ᠬᠠᠷᠰᠢᠯᠳᠤᠬᠤ ᠡᠷᠬᠡ ᠰᠦᠷᠲᠡᠳ ᠦ᠋ᠨ ᠤᠪ ᠮᠡᠬᠡ ᠳ᠋ᠦ᠍ ᠴᠣᠬᠢᠯᠲᠠ ᠥᠭᠬᠦ ᠳ᠋ᠡᠭᠡᠨ ᠭᠠᠷᠮᠠᠭᠠᠢ᠃ ᠲᠡᠭᠦᠨ ᠢ᠋ ᠵᠠᠯᠭᠠᠮᠵᠢᠯᠠᠭᠴᠢᠳ ᠨᠢ ᠡᠳᠡᠭᠡᠷ ᠤᠪ ᠮᠡᠬᠡ ᠳ᠋ᠦ᠍ ᠠᠪᠲᠠᠭᠠᠳ ᠵᠢᠭᠰᠢᠭᠦᠷᠢᠲᠡᠢ ᠰᠢᠭᠦᠨ ᠲᠠᠰᠤᠯᠤᠯᠲᠠ ᠪᠠ ᠠᠯᠠᠬᠤ ᠶᠠᠯᠠ ᠵᠡᠷᠭᠡ ᠶ᠋ᠢ ᠡᠳᠦᠭᠰᠡᠨ ᠢ᠋ᠶ᠋ᠡᠷ《ᠶᠡᠬᠡ ᠴᠠᠴᠠᠷ ᠲᠤ᠌ ᠣᠷᠣᠬᠤ》 ᠭᠡᠳᠡᠭ ᠨᠢ ᠬᠦᠨᠳᠦ ᠡᠷᠡᠭᠦᠦ ᠠᠮᠰᠠᠵᠤ ᠠᠮᠢ ᠪᠠᠨ ᠬᠣᠷᠣᠭᠠᠭᠳᠠᠨᠠ ᠭᠡᠰᠡᠨ ᠤᠳᠬᠠ ᠲᠠᠢ ᠦᠭᠡ ᠪᠣᠯᠬᠤ ᠳ᠋ᠤ᠌ ᠬᠦᠷᠦᠭᠰᠡᠨ ᠪᠠᠢᠨᠠ᠃ ᠵᠡᠷᠯᠢᠭ ᠮᠣᠩᠭᠣᠯ ᠤ᠋ᠨ ᠡᠭᠦᠳᠡᠨ ᠡᠮᠦᠨᠡ ᠬᠥᠮᠦᠰ ᠦ᠋ᠨ ᠬᠦᠯᠢᠴᠡᠬᠦ ᠶ᠋ᠢᠨ ᠠᠷᠭᠠ ᠦᠭᠡᠢ ᠠᠶᠤᠮᠰᠢᠭᠲᠤ ᠬᠡᠷᠡᠭ ᠦ᠋ᠳ ᠬᠦᠷᠴᠦ ᠥᠩᠭᠡᠷᠡᠪᠡ᠃ ᠡᠳᠡᠭᠡᠷ ᠬᠡᠷᠡᠭ ᠦ᠋ᠳ ᠢ᠋ ᠪᠦᠷ ᠪᠣᠯᠪᠠᠰᠤᠨ ᠠᠢᠮᠠᠭ ᠤ᠋ᠨ ᠲᠥᠯᠥᠭᠡᠯᠡᠭᠴᠢᠳ ᠳᠣᠲᠣᠷᠠ ᠵᠠᠭᠤᠷᠠ ᠪᠠᠨ ᠬᠠᠷᠰᠢᠯᠳᠤᠵᠤ ᠪᠠᠢᠭᠠᠳ ᠭᠠᠷᠭᠠᠭᠰᠠᠨ ᠢ᠋ ᠭᠡᠷᠡᠴᠢ ᠪᠠᠷᠢᠮᠲᠠ ᠨᠤᠭᠤᠳ ᠪᠠᠲᠤᠲᠠᠢ ᠭᠡᠷᠡᠴᠢᠯᠡᠪᠡ᠃ ᠮᠣᠩᠭᠣᠯ ᠡᠵᠡᠳ ᠨᠢ ᠦᠷᠭᠦᠯᠵᠢ ᠶᠠᠯᠠ ᠶ᠋ᠢ ᠨᠢ ᠲᠣᠭᠲᠠᠭᠠᠭᠰᠠᠨ ᠬᠥᠮᠦᠨ ᠢ᠋ ᠵᠠᠭᠠᠯᠳᠤᠭᠴᠢ ᠳ᠋ᠤ᠌ ᠲᠤᠰᠢᠶᠠᠵᠤ ᠥᠭᠳᠡᠭ ᠪᠠᠢᠪᠠ᠂ ᠲᠡᠭᠡᠬᠦ ᠳ᠋ᠡᠭᠡᠨ ᠲᠡᠳᠡᠭᠡᠷ ᠵᠠᠭᠠᠯᠳᠤᠭᠴᠢᠳ ᠤ᠋ᠨ ᠬᠡᠷᠡᠭ ᠶᠠᠪᠤᠳᠠᠯ ᠨᠢ ᠬᠠᠲᠠᠭᠤ ᠡᠷᠡᠭᠦᠦ ᠬᠦᠯᠢᠶᠡᠨ ᠠᠮᠢ ᠪᠠᠨ ᠠᠯᠳᠠᠭᠰᠠᠨ ᠬᠥᠮᠦᠨ ᠡᠴᠡ ᠰᠠᠢᠨ ᠪᠣᠯᠤᠭᠠᠳ ᠬᠠᠮᠢᠭᠠ ᠬᠦᠷᠬᠦ ᠦᠭᠡᠢ ᠪᠠᠢᠪᠠ᠃
ᠥᠭᠡᠳᠡᠢ ᠶ᠋ᠢᠨ ᠰᠠᠢᠰᠢᠶᠠᠯ ᠵᠥᠪᠰᠢᠶᠡᠷᠡᠯ ᠢ᠋ᠶ᠋ᠡᠷ ᠴᠠᠭᠠᠲᠠᠢ ᠥᠪᠡᠷ ᠦ᠋ᠨ ᠣᠮᠪᠣᠯᠣ ᠬᠠᠷᠠ ᠦᠯᠡ ᠶ᠋ᠢ ᠵᠠᠯᠭᠠᠮᠵᠢᠯᠠᠭᠴᠢ ᠪᠠᠨ ᠪᠣᠯᠭᠠᠬᠤ ᠪᠠᠷ ᠲᠣᠭᠲᠠᠪᠠ᠂ ᠲᠡᠷᠡᠴᠢᠯᠡᠨ ᠴᠠᠭᠠᠲᠠᠢ ᠶ᠋ᠢᠨ ᠪᠦᠰᠡᠭᠦᠢ ᠶᠢᠰᠣᠯᠣᠨ ᠬᠢᠭᠡᠳ ᠲᠡᠷᠢᠭᠦᠨ ᠲᠦᠰᠢᠮᠡᠯ ᠬᠠᠪᠠᠱ· ᠠᠮᠢᠳ᠋ ᠴᠦ᠍ ᠡᠨᠡ ᠬᠥᠪᠡᠭᠦᠨ ᠢ᠋ ᠨᠢ ᠴᠠᠭᠠᠲᠠᠢ ᠬᠠᠨᠳᠤ ᠤᠯᠤᠰ ᠤ᠋ᠨ ᠲᠦᠷᠦᠭᠦᠦ ᠪᠣᠯᠭᠠᠬᠤ ᠪᠠᠷ ᠲᠤᠩᠬᠠᠭᠯᠠᠪᠠ᠃ ᠬᠠᠪᠠᠱ· ᠠᠮᠢᠳ᠋ ᠡᠨᠡ ᠮᠡᠲᠦ ᠪᠡᠷ ᠰᠢᠨᠡ ᠲᠥᠷᠥ ᠳ᠋ᠡᠬᠢ ᠥᠪᠡᠷ ᠦ᠋ᠨ ᠴᠢᠬᠤᠯᠠ ᠪᠠᠢᠷᠢ ᠪᠠᠨ ᠬᠠᠮᠠᠭᠠᠯᠠᠵᠠᠢ᠃ ᠲᠡᠷᠡᠴᠢᠯᠡᠨ ᠴᠠᠭᠠᠲᠠᠢ ᠶ᠋ᠢ ᠡᠮᠴᠢᠯᠡᠭᠡᠳ ᠰᠠᠢᠬᠠᠨ ᠵᠠᠰᠠᠵᠤ ᠴᠢᠳᠠᠭᠰᠠᠨ ᠦᠭᠡᠢ ᠡᠮᠴᠢ ᠨᠦ᠍ᠭᠦᠳ ᠢ᠋ ᠶᠠᠯᠠ ᠲᠤᠯᠭᠠᠨ ᠠᠯᠠᠭᠤᠯᠪᠠ᠂ ᠲᠡᠳᠡᠨ ᠦ᠌ ᠳᠣᠲᠣᠷᠠ《ᠣᠢᠷᠠ ᠵᠠᠷᠭᠤᠴᠢ》 ᠬᠢᠭᠡᠳ ᠢᠰᠯᠠᠮ ᠤ᠋ᠨ ᠱᠠᠰᠢᠨᠲᠠᠨ ᠮᠠᠢᠳ᠋᠂ ᠠᠳ᠋ᠢᠠ ᠴᠦ᠍ ᠬᠠᠮᠤᠷᠤᠭᠳᠠᠭᠰᠠᠨ ᠪᠠᠢᠨᠠ᠃ ᠪᠤᠷᠬᠠᠨ ᠱᠠᠰᠢᠨ ᠢ᠋ ᠰᠢᠲᠦᠳᠡᠭ ᠤᠢᠭᠤᠷ ᠬᠥᠮᠦᠨ ᠴᠦᠷᠴᠦ ᠪᠣᠯ ᠮᠣᠩᠭᠣᠯ ᠡᠵᠡᠷᠬᠡᠵᠦ ᠪᠠᠢᠭᠰᠠᠨ ᠦᠶᠡ ᠳ᠋ᠦ᠍ ᠤᠷᠲᠤ ᠬᠤᠭᠤᠴᠠᠭᠠᠨᠠ ᠫᠧᠷᠰ ᠢ᠋ ᠨᠣᠶᠠᠷᠬᠠᠵᠤ ᠪᠠᠢᠭᠰᠠᠨ ᠪᠣᠯᠪᠠᠴᠤ ᠪᠦᠰᠡᠭᠦᠢ ᠸᠠᠩ ᠶᠢᠰᠣᠯᠣᠨ ᠳ᠋ᠤ᠌ ᠦᠭᠡ ᠬᠡᠯᠡᠬᠦ ᠳ᠋ᠡᠭᠡᠨ ᠬᠢᠴᠢᠶᠡᠩᠭᠦᠢᠯᠡᠭᠰᠡᠨ ᠦᠭᠡᠢ ᠡᠴᠡ ᠪᠣᠯᠵᠤ᠂ ᠬᠠᠷᠠ ᠦᠯᠠ ᠶ᠋ᠢᠨ ᠴᠠᠴᠠᠷ ᠤ᠋ᠨ ᠡᠮᠦᠨᠡ ᠶᠠᠯᠠ ᠲᠤᠯᠭᠠᠨ ᠠᠯᠠᠭᠤᠯᠪᠠ᠃
ᠶᠡᠬᠡ ᠬᠠᠭᠠᠨ ᠤ᠋ ᠣᠷᠣ ᠬᠣᠭᠣᠰᠣᠨ ᠪᠠᠢᠭᠰᠠᠭᠠᠷ ᠪᠠᠢᠪᠠ᠂ 1246 ᠣᠨ ᠳ᠋ᠤ᠌ ᠶᠡᠬᠡ ᠬᠤᠷᠠᠯᠳᠠᠢ ᠪᠣᠯᠵᠤ᠂ ᠥᠭᠡᠳᠡᠢ ᠶ᠋ᠢᠨ ᠠᠬᠠᠮᠠᠳ ᠬᠥᠪᠡᠭᠦᠨ ᠭᠦᠶᠦᠭ ᠢ᠋ ᠶᠡᠬᠡ ᠬᠠᠭᠠᠨ ᠤ᠋ ᠰᠠᠭᠤᠷᠢᠨ ᠢ᠋ ᠵᠠᠯᠭᠠᠮᠵᠢᠯᠠᠭᠤᠯᠪᠠ᠃ ᠭᠦᠶᠦᠭ ᠾᠷᠢᠰᠲ᠋ᠣᠰ ᠤ᠋ᠨ ᠱᠠᠰᠢᠨ ᠤ᠋ ᠬᠥᠮᠦᠵᠢᠯ ᠨᠥᠯᠥᠭᠡ ᠶ᠋ᠢ ᠬᠦᠷᠲᠡᠭᠰᠡᠨ ᠪᠥᠭᠡᠳ ᠢᠰᠯᠠᠮ ᠤ᠋ᠨ ᠱᠠᠰᠢᠨ ᠢ᠋ ᠬᠣᠷᠣᠰᠬᠤ ᠲᠠᠯᠠ ᠪᠠᠷ ᠴᠠᠭᠠᠲᠠᠢ ᠠ᠋ᠴᠠ ᠳᠣᠣᠷᠠᠳᠠᠬᠤ ᠦᠭᠡᠢ ᠪᠠᠢᠪᠠ᠃ ᠲᠡᠢᠮᠦ ᠪᠣᠯᠬᠣᠷ ᠲᠡᠭᠦᠨ ᠢ᠋ ᠬᠠᠨ ᠰᠠᠭᠤᠷᠢᠨ ᠳ᠋ᠤ᠌ ᠪᠠᠢᠭᠰᠠᠨ ᠲᠤᠩ ᠣᠬᠣᠷᠬᠠᠨ ᠬᠤᠭᠤᠴᠠᠭᠠᠨᠠ (1246~1248) ᠾᠷᠢᠰᠲ᠋ᠣᠰ ᠱᠠᠰᠢᠨᠲᠡᠳ ᠪᠦᠬᠦᠢ ᠯᠡ ᠬᠠᠨᠳᠤ ᠤᠯᠤᠰ ᠲᠤ᠌ ᠨᠢᠭᠡᠨ ᠦᠶᠡ ᠰᠦᠷ ᠬᠦᠴᠦ ᠲᠡᠢ ᠪᠣᠯᠤᠭᠰᠠᠨ ᠪᠢᠯᠡ᠃ ᠬᠥᠶᠦᠭ ᠦ᠋ᠨ ᠵᠠᠷᠯᠢᠭ ᠢ᠋ᠶ᠋ᠠᠷ ᠴᠠᠭᠠᠲᠠᠢ ᠬᠠᠨ ᠤ᠋ ᠵᠠᠯᠭᠠᠮᠵᠢᠯᠠᠭᠴᠢ ᠬᠠᠷᠠ ᠦᠯᠡ ᠶ᠋ᠢ ᠤᠭᠴᠠᠷᠠᠭᠤᠯᠵᠤ᠂ ᠴᠠᠭᠠᠲᠠᠢ ᠶ᠋ᠢᠨ ᠥᠭᠡᠷᠡ ᠨᠢᠭᠡ ᠬᠥᠪᠡᠭᠦᠨ᠂ ᠬᠥᠶᠦᠭ ᠦ᠋ᠨ ᠰᠠᠢᠨ ᠨᠠᠢᠵᠠ ᠶᠢᠰᠣᠨᠮᠦ᠋ᠩᠬᠡ ᠶ᠋ᠢ ᠰᠠᠭᠤᠷᠢᠨ ᠳ᠋ᠤ᠌ ᠭᠠᠷᠭᠠᠪᠠ᠃ ᠷᠠᠰᠢᠳ᠋ — ᠠᠳ᠋ — ᠳ᠋ᠢᠨ ᠦ᠌ ᠲᠡᠮᠳᠡᠭᠯᠡᠯ ᠢ᠋ ᠦᠨᠳᠦᠰᠦᠯᠡᠪᠡᠯ᠂ ᠶᠢᠰᠣᠨᠮᠦ᠋ᠩᠬᠡ ᠠᠷᠢᠬᠢᠨ ᠳ᠋ᠤ᠌ ᠬᠡᠲᠦᠷᠬᠡᠢ ᠣᠷᠣᠭᠰᠠᠨ ᠲᠤᠯᠠ ᠲᠥᠷᠥ ᠵᠠᠰᠠᠭ ᠤ᠋ᠨ ᠠᠵᠢᠯ ᠢ᠋ᠶ᠋ᠠᠨ ᠬᠢᠳᠡᠭ ᠦᠭᠡᠢ ᠪᠠᠢᠪᠠ᠃ ᠡᠨᠡ ᠬᠦ᠌ ᠰᠢᠨᠡ ᠬᠠᠨ ᠰᠠᠭᠤᠷᠢᠨ ᠳ᠋ᠤ᠌ ᠭᠠᠷᠤᠭᠰᠠᠨ ᠠ᠋ᠴᠠ ᠪᠣᠯᠵᠤ᠂ ᠬᠠᠪᠠᠱ᠂ ᠠᠮᠢᠳ᠋ ᠢ᠋ ᠲᠠᠢᠰᠠᠨ ᠠ᠋ᠴᠠ ᠬᠥᠭᠡᠭᠡᠨ ᠪᠠᠭᠤᠯᠭᠠᠵᠤ᠂ ᠪᠦᠬᠦᠢ ᠯᠡ ᠡᠳ᠋ ᠦ᠋ᠨ ᠶᠠᠪᠤᠳᠠᠯ ᠢ᠋ ᠶᠢᠰᠣᠨᠮᠦ᠋ᠩᠬᠡ ᠶ᠋ᠢᠨ ᠪᠦᠰᠡᠭᠦᠢ ᠳᠦᠷᠭᠠᠰᠢ ᠬᠠᠮᠢᠶᠠᠷᠬᠤ ᠪᠣᠯᠪᠠ᠃
ᠴᠠᠭᠠᠲᠠᠢ ᠬᠠᠨ ᠢ᠋ ᠠᠮᠢᠳᠤ ᠪᠠᠢᠬᠤ ᠳ᠋ᠤ᠌᠂ ᠬᠠᠪᠠᠱ᠂ ᠠᠮᠢᠳ᠋ ᠢ᠋ᠶ᠋ᠠᠷ ᠬᠠᠨ ᠤ᠋ ᠬᠥᠪᠡᠭᠦᠨ ᠪᠣᠯᠭᠠᠨ ᠤ᠋ ᠡᠮᠦᠨᠡ ᠥᠪᠡᠷ ᠦ᠋ᠨ ᠢ᠋ᠶ᠋ᠡᠨ ᠨᠢᠭᠡ ᠬᠥᠪᠡᠭᠦᠨ ᠢ᠋ ᠲᠣᠮᠢᠯᠠᠳᠠᠭ ᠪᠠᠢᠪᠠ᠂ ᠡᠨᠡ ᠪᠣᠯ ᠥᠪᠡᠷ ᠦ᠋ᠨ ᠢ᠋ᠶ᠋ᠡᠨ ᠭᠡᠷ ᠤᠭᠰᠠᠭᠠᠨ ᠤ᠋ ᠪᠠᠨ ᠠᠰᠢᠭ ᠲᠤᠰᠠ ᠶ᠋ᠢᠨ ᠲᠥᠯᠥᠭᠡ ᠪᠥᠭᠡᠳ ᠲᠣᠬᠢᠶᠠᠯ ᠢ᠋ ᠠᠵᠢᠨ ᠡᠷᠬᠡ ᠣᠯᠵᠤ ᠠᠳᠬᠤᠬᠤ ᠶ᠋ᠢᠨ ᠲᠥᠯᠥᠭᠡ ᠶᠦᠮ᠃ ᠶᠢᠰᠣᠨᠮᠦ᠋ᠩᠬᠡ ᠰᠠᠭᠤᠷᠢᠨ ᠳ᠋ᠤ᠌ ᠭᠠᠷᠤᠭᠰᠠᠨ ᠤ᠋ ᠳᠠᠷᠠᠭᠠ᠂ ᠲᠡᠷᠡ ᠪᠠᠰᠠ ᠥᠪᠡᠷ ᠦ᠋ᠨ ᠡᠷᠭᠦᠭᠰᠡᠨ ᠬᠥᠪᠡᠭᠦᠨ ᠪᠠᠬᠠ᠂ ᠠᠢᠳᠢᠨ᠂ ᠮᠠᠯᠵᠢᠨᠠᠨᠢ ᠶ᠋ᠢ ᠬᠠᠨ ᠤ᠋ ᠡᠮᠦᠨᠡ ᠲᠣᠮᠢᠯᠠᠪᠠ᠂ ᠡᠨᠡ ᠬᠥᠪᠡᠭᠦᠨ ᠦ᠌ ᠲᠥᠷᠥᠭᠰᠡᠨ ᠡᠴᠢᠭᠡ ᠨᠢ ᠹᠸᠷᠬᠠᠨᠠ ᠤᠯᠤᠰ ᠤ᠋ᠨ ᠰᠤᠷᠪᠤᠯᠵᠢᠲᠤ ᠢᠰᠯᠠᠮ ᠤ᠋ᠨ ᠱᠠᠰᠢᠨ ᠤ᠋ ᠪᠠᠭᠰᠢ᠂ ᠡᠬᠡ ᠨᠢ ᠺᠠᠮᠠᠯ ᠬᠠᠨ ᠤ᠋ ᠬᠣᠢᠴᠢᠰ᠃ ᠶᠢᠰᠣᠨᠮᠦ᠋ᠩᠬᠡ ᠬᠠᠪᠠᠱ᠂ ᠠᠮᠢᠳ᠋ ᠢ᠋ ᠲᠤᠢᠯ ᠢ᠋ᠶ᠋ᠠᠷ ᠵᠢᠭᠰᠢᠳᠡᠭ ᠪᠠᠢᠪᠠ᠂ ᠲᠡᠭᠦᠨ ᠢ᠋ ᠬᠠᠷᠠ ᠦᠯᠡ ᠶ᠋ᠢᠨ ᠬᠠᠮᠰᠠᠭᠠᠲᠠᠨ ᠮᠥᠨ ᠭᠡᠵᠦ ᠦᠵᠡᠳᠡᠭ ᠲᠤᠯᠠ ᠪᠠᠬᠠ᠂ ᠠᠢᠳᠢᠨ ᠢ᠋ᠶ᠋ᠠᠷ ᠲᠡᠭᠦᠨ ᠦ᠌ ᠲᠤᠰᠢᠶᠠᠯ ᠢ᠋ ᠣᠷᠣᠯᠠᠭᠤᠯᠪᠠ᠃ ᠪᠠᠬᠠ᠂ ᠠᠢᠳᠢᠨ ᠲᠡᠷᠢᠭᠦᠨ ᠰᠠᠢᠳ ᠤ᠋ᠨ ᠰᠠᠭᠤᠷᠢᠨ ᠳ᠋ᠤ᠌ ᠭᠠᠷᠤᠭᠰᠠᠨ ᠤ᠋ ᠳᠠᠷᠠᠭᠠ᠂ ᠠᠷᠭᠠ ᠪᠦᠬᠦᠨ ᠢ᠋ ᠰᠦᠪᠡᠭᠴᠢᠯᠡᠨ ᠬᠠᠪᠠᠱ᠂ ᠠᠮᠢᠳ᠋ ᠢ᠋ ᠬᠣᠷᠣᠰᠬᠤ ᠶᠢᠰᠣᠨᠮᠦ᠋ᠩᠬᠡ ᠬᠠᠨ ᠤ᠋ ᠬᠣᠷᠣᠰᠤᠯ ᠢ᠋ ᠨᠣᠮᠣᠬᠠᠷᠠᠭᠤᠯᠵᠤ᠂ ᠡᠴᠦᠰ ᠲᠡᠭᠡᠨ ᠬᠠᠪᠠᠱ᠂ ᠠᠮᠢᠳ᠋ ᠤ᠋ᠨ ᠬᠠᠮᠠᠭᠠᠯᠠᠵᠤ ᠴᠢᠳᠠᠪᠠ᠃ ᠲᠡᠦᠬᠡᠴᠢ ᠵᠦᠸᠡᠢᠨᠢ ᠨᠢᠭᠡ ᠤᠳᠠᠭᠠ ᠪᠠᠬᠠ᠂ ᠠᠢᠳᠢᠨ ᠲᠠᠢ ᠶᠠᠷᠢᠯᠴᠠᠵᠤ ᠥᠩᠭᠡᠷᠡᠪᠡ᠂ ᠲᠡᠦᠬᠡᠴᠢ ᠶ᠋ᠢᠨ ᠬᠡᠯᠡᠬᠦ ᠪᠡᠷ ᠪᠠᠬᠠ᠂ ᠠᠢᠳᠢᠨ ᠠᠬᠤᠢ ᠳᠡᠯᠡᠬᠡᠢ ᠶ᠋ᠢᠨ ᠪᠠ ᠣᠶᠤᠨ ᠰᠠᠨᠠᠭᠠᠨ ᠤ᠋ ᠳᠡᠯᠡᠬᠡᠢ ᠶ᠋ᠢᠨ ᠮᠡᠳᠡᠯᠭᠡ ᠶ᠋ᠢ ᠡᠵᠡᠮᠰᠢᠵᠡᠢ᠃ ᠲᠡᠭᠦᠨ ᠦ᠌ ᠭᠡᠷ ᠨᠢ ᠵᠣᠯ ᠢ᠋ᠶ᠋ᠠᠷ ᠠᠮᠢᠳᠤ ᠦᠯᠡᠳᠡᠭᠰᠡᠨ ᠨᠡᠷᠡᠲᠦ ᠡᠷᠳᠡᠮᠲᠡᠳ ᠦ᠋ᠨ ᠲᠥᠪ ᠪᠣᠯᠵᠤ ᠪᠠᠢᠭᠰᠠᠨ ᠪᠥᠭᠡᠳ ᠲᠡᠭᠦᠨ ᠢ᠋ ᠵᠠᠰᠠᠭ ᠪᠠᠷᠢᠵᠤ ᠪᠠᠢᠭᠰᠠᠨ ᠬᠤᠭᠤᠴᠠᠭᠠᠨ ᠳ᠋ᠤ᠌ ᠢᠰᠯᠠᠮ ᠤ᠋ᠨ ᠱᠠᠰᠢᠨ ᠤ᠋ ᠡᠷᠳᠡᠮᠲᠡᠳ ᠳᠠᠬᠢᠨ ᠡᠷᠬᠡ ᠰᠦᠷ ᠢ᠋ᠶ᠋ᠡᠨ ᠰᠡᠷᠭᠦᠭᠡᠪᠡ᠃
ᠵᠥᠴᠢ ᠶ᠋ᠢᠨ ᠬᠥᠪᠡᠭᠦᠨ᠂ ᠬᠠᠭᠠᠨᠲᠤ ᠤᠯᠤᠰ ᠤ᠋ᠨ ᠵᠠᠯᠭᠠᠮᠵᠢᠯᠠᠭᠴᠢ ᠪᠠᠲᠤ᠂ ᠶᠡᠷᠦ ᠡᠴᠡ ᠬᠥᠶᠦᠭ ᠲᠦ᠍ ᠰᠢᠳᠤᠷᠭᠤ ᠰᠠᠨᠠᠭᠠ ᠲᠠᠢ ᠪᠠᠢᠭᠰᠠᠨ ᠶᠤᠮ᠃ ᠭᠡᠪᠡᠴᠦ1248 ᠣᠨ ᠳ᠋ᠤ᠌᠂ ᠬᠥᠶᠦᠭ ᠭᠡᠨᠡᠳᠲᠡ ᠲᠡᠭᠦᠨ ᠦ᠌ ᠵᠦᠭ ᠶᠡᠬᠡ ᠴᠡᠷᠢᠭ ᠲᠣᠮᠢᠯᠠᠭᠰᠠᠨ ᠮᠥᠷᠲᠡᠭᠡᠨ ᠵᠢᠩᠬᠢᠨᠢ ᠵᠣᠷᠢᠯᠭᠠ ᠪᠠᠨ ᠳᠠᠯᠳᠠᠯᠠᠬᠤ ᠶ᠋ᠢᠨ ᠲᠥᠯᠥᠭᠡ᠂ ᠶᠡᠬᠡ ᠬᠠᠨ ᠮᠢᠨᠦ ᠪᠡᠶᠡ ᠠᠮᠢᠯ ᠭᠣᠣᠯ ᠤ᠋ᠨ ᠳᠡᠨᠵᠢᠨ ᠳ᠋ᠡᠬᠢ ᠤᠤᠯ ᠤ᠋ᠨ ᠶᠡᠬᠡ ᠤᠷᠲᠤ ᠳ᠋ᠠᠭᠠᠨ ᠬᠠᠷᠢᠵᠤ ᠪᠡᠶᠡ ᠪᠡᠨ ᠰᠤᠪᠢᠯᠠᠨᠠ ᠭᠡᠵᠦ ᠴᠤᠤ ᠠᠯᠳᠠᠷᠰᠢᠭᠤᠯᠪᠠ᠃ ᠪᠠᠲᠤ ᠬᠠᠨ ᠭᠦᠶᠦᠭ ᠦ᠋ᠨ ᠵᠢᠩᠬᠢᠨᠢ ᠰᠠᠨᠠᠭᠠ ᠶ᠋ᠢ ᠰᠡᠷᠡᠵᠦ ᠮᠡᠳᠡᠭᠡᠳ ᠡᠭᠦᠨ ᠳ᠋ᠦ᠍ ᠵᠣᠬᠢᠴᠠᠭᠤᠯᠤᠨ ᠵᠡᠭᠦᠨᠰᠢ ᠶᠡᠬᠡ ᠴᠡᠷᠢᠭ ᠢ᠋ᠶ᠋ᠡᠨ ᠰᠢᠯᠵᠢᠭᠦᠯᠪᠡ᠃ ᠭᠡᠪᠡᠴᠦ ᠪᠠᠲᠤ ᠬᠠᠨ ᠢ᠋ ᠺᠠᠶᠠᠯᠢᠭ ᠠ᠋ᠴᠠ ᠳᠣᠯᠣᠭᠠᠨ ᠡᠳᠦᠷ ᠦ᠋ᠨ ᠠᠶᠠᠨ ᠤ᠋ ᠵᠠᠢᠲᠠᠢ ᠠᠯᠠ᠂ ᠺᠠᠮᠠ ᠳ᠋ᠤ᠌ ᠬᠦᠷᠬᠦ ᠦᠶᠡ ᠳ᠋ᠦ᠍᠂ ᠬᠥᠶᠦᠭ ᠬᠠᠭᠠᠨ ᠨᠠᠰᠤ ᠪᠠᠷᠠᠭᠰᠠᠨ ᠴᠢᠮᠡᠭᠡ ᠬᠦᠷᠴᠦ ᠢᠷᠡᠪᠡ᠃ ᠪᠠᠲᠤ ᠬᠠᠨ ᠠᠯᠠ᠂ ᠺᠠᠮᠠ ᠳ᠋ᠤ᠌ ᠰᠠᠭᠤᠭᠠᠳ ᠭᠡᠷ ᠤᠭᠰᠠᠭᠠᠨ ᠤ᠋ ᠪᠠᠨ ᠠᠬᠠᠮᠠᠳ ᠤ᠋ᠨ ᠬᠤᠪᠢ ᠪᠠᠷ ᠸᠠᠩ ᠬᠦᠩ ᠨᠠᠷ ᠢ᠋ ᠳᠠᠭᠤᠳᠠᠨ ᠴᠤᠭᠯᠠᠭᠤᠯᠵᠤ ᠬᠠᠭᠠᠨ ᠰᠠᠭᠤᠷᠢᠨ ᠢ᠋ ᠵᠠᠯᠭᠠᠮᠵᠢᠯᠠᠬᠤ ᠠᠰᠠᠭᠤᠳᠠᠯ ᠢ᠋ ᠶᠠᠷᠢᠯᠴᠠᠭᠤᠯᠪᠠ᠃ ᠣᠯᠠᠨ ᠢ᠋ᠶ᠋ᠠᠷ ᠢ᠋ᠶ᠋ᠠᠨ ᠪᠠᠲᠤ ᠶ᠋ᠢᠨ ᠲᠣᠭᠲᠠᠭᠠᠭᠰᠠᠨ ᠢ᠋ ᠳᠠᠭᠠᠨᠠ ᠭᠡᠵᠦ ᠰᠠᠨᠠᠯ ᠢ᠋ᠶ᠋ᠠᠨ ᠢᠯᠡᠷᠬᠡᠢᠯᠡᠭᠰᠡᠨ ᠳ᠋ᠦ᠍ ᠪᠠᠲᠤ ᠬᠠᠷᠢᠨ ᠲᠤᠯᠤᠢ ᠶ᠋ᠢᠨ ᠶᠡᠬᠡ ᠬᠥᠪᠡᠭᠦᠨ ᠮᠥᠩᠬᠡ ᠶ᠋ᠢ ᠰᠠᠭᠤᠷᠢᠨ ᠳ᠋ᠤ᠌ ᠰᠠᠭᠤᠯᠭᠠᠨᠠ ᠭᠡᠵᠦ ᠰᠢᠢᠳᠪᠡ᠃ ᠡᠨᠡ ᠶᠠᠪᠤᠳᠠᠯ ᠥᠭᠡᠳᠡᠢ ᠶ᠋ᠢᠨ ᠣᠮᠪᠣᠯᠣ ᠦᠶᠡ ᠶ᠋ᠢᠨ ᠬᠢᠨ ᠦ᠌ ᠳᠤᠮᠳᠠ ᠴᠢᠩᠭᠠ ᠡᠰᠡᠷᠭᠦᠴᠡᠯ ᠢ᠋ ᠡᠭᠦᠰᠬᠡᠬᠦ ᠳ᠋ᠦ᠍ ᠬᠦᠷᠦᠭᠦᠯᠦᠭᠰᠡᠨ ᠪᠥᠭᠡᠳ ᠮᠠᠨ ᠤ᠋ ᠡᠷᠬᠡ ᠶ᠋ᠢ ᠮᠡᠬᠡᠯᠡᠭᠡᠳ ᠠᠪᠴᠢᠬᠠᠯᠠ ᠭᠡᠵᠦ ᠦᠵᠡᠭᠰᠡᠨ ᠪᠠᠢᠨᠠ᠃ ᠶᠢᠰᠣᠨᠮᠦ᠋ᠩᠬᠡ ᠶ᠋ᠢ ᠪᠠᠭᠲᠠᠭᠠᠭᠰᠠᠨ ᠴᠠᠭᠠᠲᠠᠢ ᠶ᠋ᠢᠨ ᠤᠭᠰᠠᠭᠠᠨ ᠤ᠋ ᠭᠣᠣᠯ ᠭᠣᠣᠯ ᠸᠠᠩ ᠬᠦᠩ ᠦ᠋ᠳ ᠥᠭᠡᠳᠡᠢ ᠶ᠋ᠢᠨ ᠤᠭᠰᠠᠭᠠᠨ ᠤ᠋ ᠣᠮᠪᠣᠯᠣ ᠦᠶᠡ ᠶ᠋ᠢᠨ ᠬᠢᠨ ᠲᠡᠢ ᠵᠣᠭᠰᠣᠯᠲᠠ ᠨᠢᠭᠡᠲᠡᠢ ᠪᠣᠯᠪᠠ᠃ ᠰᠡᠭᠦᠯᠡᠷ ᠨᠢ1251 ᠣᠨ ᠳ᠋ᠤ᠌ ᠬᠠᠷᠠᠬᠣᠷᠣᠮ ᠳ᠋ᠤ᠌ ᠶᠡᠬᠡ ᠬᠤᠷᠠᠯᠲᠠᠢ ᠪᠣᠯᠤᠭᠠᠳ ᠮᠥᠩᠬᠡ ᠰᠠᠶᠢ ᠠᠯᠪᠠᠨ ᠶᠣᠰᠣᠭᠠᠷ ᠶᠡᠬᠡ ᠬᠠᠭᠠᠨ ᠤ᠋ ᠰᠠᠭᠤᠷᠢᠨ ᠳ᠋ᠤ᠌ ᠰᠠᠭᠤᠪᠠ᠃ ᠥᠭᠡᠳᠡᠢ ᠶ᠋ᠢᠨ ᠦᠷᠡ ᠬᠣᠢᠴᠢᠰ ᠨᠢ ᠳᠠᠭᠠᠭᠰᠠᠳ ᠢ᠋ᠶ᠋ᠠᠨ ᠳᠠᠭᠠᠭᠤᠯᠵᠤ᠂ ᠪᠦᠷᠢᠨ ᠵᠡᠪᠰᠡᠭᠯᠡᠭᠡᠳ ᠬᠤᠷᠠᠯ ᠳ᠋ᠤ᠌ ᠣᠷᠣᠯᠴᠠᠬᠤ ᠪᠠᠷ ᠢᠷᠡᠭᠡᠳ ᠲᠣᠬᠢᠶᠠᠯ ᠢ᠋ ᠦᠵᠡᠵᠦ ᠤᠷᠪᠠᠯᠭᠠ ᠭᠠᠷᠭᠠᠬᠤ ᠭᠡᠰᠡᠨ ᠪᠣᠯᠪᠠᠴᠤ ᠬᠤᠤᠪᠢᠯᠳᠤᠯᠭᠠ ᠨᠢ ᠰᠡᠷᠡᠭᠳᠡᠭᠡᠳ ᠶᠠᠯᠠ ᠡᠳᠦᠭᠰᠡᠳ ᠣᠭᠲᠣᠬᠠᠨ ᠴᠦ᠍ ᠡᠰᠡᠷᠭᠦᠴᠡᠵᠦ ᠴᠢᠳᠠᠯ ᠦᠭᠡᠢ ᠪᠠᠷᠢᠪᠴᠢᠯᠠᠭᠳᠠᠪᠠ᠃ ᠢᠩᠭᠢᠭᠡᠳ ᠳᠠᠯᠠᠨ ᠳᠣᠯᠣᠭᠠᠨ ᠨᠡᠷᠡ ᠴᠤᠤᠲᠠᠢ ᠢᠵᠠᠭᠤᠷᠲᠠᠨ ᠴᠠᠭᠠᠵᠠ ᠪᠠᠷ ᠬᠣᠷᠣᠭᠠᠭᠳᠠᠭᠰᠠᠨ ᠪᠠᠢᠨᠠ᠃ ᠵᠠᠷᠢᠮ ᠸᠠᠩ ᠬᠦᠩ ᠢ᠋ ᠨᠢ ᠠᠯᠤᠰ ᠬᠣᠯᠠ ᠶ᠋ᠢᠨ ᠮᠣᠵᠢ ᠳ᠋ᠤ᠌ ᠴᠦᠯᠡᠪᠡ᠂ ᠨᠢᠭᠡ ᠪᠦᠯᠦᠭ ᠨᠢ ᠲᠡᠨᠳᠡ ᠪᠡᠨ ᠨᠢᠭᠤᠴᠠ ᠪᠠᠷ ᠬᠣᠣᠷᠯᠠᠭᠳᠠᠭᠰᠠᠨ ᠪᠠᠢᠨᠠ᠃ ᠶᠢᠰᠣᠨᠮᠦ᠋ᠩᠬᠡ ᠴᠠᠭᠠᠲᠠᠢ ᠶ᠋ᠢᠨ ᠤᠭᠰᠠᠭᠠᠨ ᠤ᠋ ᠶᠡᠬᠡ ᠤᠷᠲᠤ ᠪᠠᠨ ᠡᠷᠬᠡᠰᠢᠶᠡᠭᠰᠡᠭᠡᠷ ᠪᠠᠢᠪᠠ᠂ ᠶᠡᠬᠡ ᠬᠠᠭᠠᠨ ᠲᠤᠰᠬᠠᠢ ᠡᠯᠴᠢ ᠲᠣᠮᠢᠯᠠᠨ ᠬᠠᠭᠠᠨ ᠤ᠋ ᠵᠠᠷᠯᠢᠭ ᠢ᠋ ᠳᠠᠮᠵᠢᠭᠤᠯᠤᠨ᠂ ᠴᠢ ᠬᠡᠷᠪᠡ ᠡᠨᠡ ᠤᠳᠠᠭᠠᠨ ᠤ᠋ ᠬᠤᠤᠪᠢᠯᠳᠤᠯᠭᠠ ᠳ᠋ᠤ᠌ ᠣᠷᠣᠯᠴᠠᠭᠰᠠᠨ ᠦᠭᠡᠢ ᠶᠦᠮ ᠪᠣᠯ ᠶᠡᠬᠡ ᠬᠠᠭᠠᠨ ᠤ᠋ ᠤᠷᠲᠤ ᠶ᠋ᠢᠨ ᠡᠮᠦᠨᠡ ᠢᠷᠡᠵᠦ᠂ ᠰᠢᠳᠤᠷᠭᠤ ᠪᠠᠨ ᠭᠦᠢᠴᠡᠳᠬᠡᠬᠦ ᠲᠠᠩᠭᠠᠷᠢᠭ ᠬᠢᠭᠲᠦᠨ ᠭᠡᠪᠡ᠃ ᠵᠠᠮᠠᠢ᠌ᠯ᠂ ᠭᠠᠯᠰ ᠤ᠋ᠨ ᠲᠡᠮᠳᠡᠭᠯᠡᠯ ᠢ᠋ ᠦᠨᠳᠦᠰᠦᠯᠡᠪᠡᠯ᠂ ᠬᠠᠷᠠ ᠦᠯᠠ ᠠᠩᠬᠠᠨ ᠠ᠋ᠴᠠ ᠪᠠᠨ ᠠᠪᠤᠭᠠᠳ ᠮᠥᠩᠬᠡ ᠶ᠋ᠢᠨ ᠨᠠᠮᠲᠠᠨ ᠪᠠᠢᠵᠠᠢ᠃ ᠲᠡᠷᠡ ᠪᠡᠷ ᠴᠠᠭᠠᠲᠠᠢ ᠶ᠋ᠢᠨ ᠤᠭᠰᠠᠭᠠᠨ ᠤ᠋ ᠴᠡᠷᠢᠭ ᠦ᠋ᠨ ᠪᠣᠳᠠᠲᠤ ᠡᠷᠬᠡ ᠶ᠋ᠢ ᠠᠳᠬᠤᠵᠤ ᠪᠠᠢᠭᠠ ᠠᠬᠠ ᠪᠦᠷᠢ ᠶ᠋ᠢ ᠶᠡᠬᠡ ᠤᠷᠲᠤ ᠳ᠋ᠤ᠌ ᠢᠷᠡᠵᠦ ᠶᠣᠰᠣᠯᠠᠨ ᠵᠣᠯᠭᠠᠬᠤ ᠶ᠋ᠢ ᠰᠠᠨᠠᠭᠠᠴᠢᠯᠠᠪᠠ᠃ ᠲᠦᠷᠭᠠᠰᠢ ᠪᠣᠯᠤᠨ ᠪᠦᠷᠢ ᠬᠦᠷᠴᠦ ᠢᠷᠡᠮᠡᠭᠴᠡ ᠪᠠᠷᠢᠪᠴᠢᠯᠠᠭᠳᠠᠪᠠ᠃ ᠲᠦᠷᠭᠠᠰᠢ ᠶ᠋ᠢ ᠬᠠᠷᠠ ᠦᠯᠠ ᠳ᠋ᠤ᠌ ᠥᠭᠴᠦ ᠰᠢᠢᠳᠬᠡᠭᠦᠯᠪᠡ᠂ ᠬᠠᠷᠠ ᠦᠯᠠ ᠡᠷᠡ ᠶ᠋ᠢᠨ ᠬᠢᠨᠢ ᠨᠢᠭᠤᠷ ᠤ᠋ᠨ ᠡᠮᠦᠨᠡ ᠲᠡᠭᠦᠨ ᠢ᠋ ᠰᠢᠭᠦᠭᠡᠳ᠂ ᠲᠦᠮᠡᠨ ᠠᠭᠲᠠ ᠪᠠᠷ ᠭᠢᠰᠬᠢᠭᠦᠯᠵᠦ ᠠᠯᠠᠬᠤ ᠪᠠᠷ ᠲᠠᠰᠤᠯᠠᠨ ᠰᠢᠢᠳᠬᠡᠪᠡ᠃ ᠶᠢᠰᠣᠨᠮᠦ᠋ᠩᠬᠡ ᠪᠣᠯᠤᠨ ᠪᠦᠷᠢ ᠶ᠋ᠢ ᠪᠠᠲᠤ ᠶ᠋ᠢᠨ ᠣᠷᠣ ᠳ᠋ᠤ᠌ ᠬᠥᠷᠭᠡᠭᠥᠯᠭᠰᠡᠨ ᠳ᠋ᠦ᠍ ᠪᠠᠲᠤ ᠪᠠᠷ ᠬᠠᠷᠠ ᠦᠯᠡ ᠶ᠋ᠢᠨ ᠥᠷᠢᠰᠦᠯᠳᠦᠭᠴᠢ ᠪᠦᠷᠢ ᠶ᠋ᠢ ᠴᠠᠭᠠᠵᠠ ᠪᠠᠷ ᠠᠯᠠᠭᠤᠯᠤᠭᠠᠳ᠂ ᠶᠢᠰᠣᠨᠮᠦ᠋ᠩᠬᠡ ᠳ᠋ᠦ᠍ ᠥᠷᠥᠰᠢᠶᠡᠯ ᠬᠠᠢᠷᠠᠯᠠᠨ ᠠᠮᠢᠳᠤ ᠦᠯᠡᠳᠡᠭᠡᠪᠡ᠃ ᠰᠡᠭᠦᠯᠡᠷ ᠨᠢ ᠬᠠᠷᠠ ᠦᠯᠠ ᠶ᠋ᠢᠨ ᠪᠡᠯᠪᠡᠰᠦᠨ ᠪᠦᠰᠡᠭᠦᠢ ᠣᠷᠬᠤᠨᠠ ᠥᠰᠢᠶᠡ ᠪᠡᠨ ᠠᠪᠤᠭᠰᠠᠨ ᠳ᠋ᠤ᠌ ᠶᠢᠰᠣᠨᠮᠦ᠋ᠩᠬᠡ ᠬᠢᠯᠢᠰ ᠬᠡᠷᠡᠭ ᠲᠦ᠍ ᠬᠣᠯᠪᠣᠭᠳᠠᠪᠠ᠃ ᠮᠥᠩᠬᠡ ᠬᠠᠭᠠᠨ ᠲᠡᠭᠦᠨ ᠢ᠋ ᠴᠠᠭᠠᠲᠠᠢ ᠶ᠋ᠢᠨ ᠤᠭᠰᠠᠭᠠᠨ ᠤ᠋ ᠶᠡᠬᠡ ᠤᠷᠲᠤ ᠳ᠋ᠤ᠌ ᠣᠴᠢᠵᠤ ᠬᠠᠨ ᠰᠠᠭᠤᠷᠢᠨ ᠢ᠋ᠶ᠋ᠠᠨ ᠰᠡᠷᠭᠦᠭᠡᠲᠦᠭᠡᠢ ᠭᠡᠰᠡᠨ ᠳ᠋ᠦ᠍ ᠲᠡᠷᠡ ᠪᠤᠴᠠᠬᠤ ᠵᠠᠮ ᠳ᠋ᠠᠭᠠᠨ ᠨᠠᠰᠤ ᠪᠠᠷᠠᠪᠠ᠃ ᠶᠢᠰᠣᠨᠮᠦ᠋ᠩᠬᠡ ᠦᠬᠦᠭᠰᠡᠨ ᠡᠴᠡ ᠪᠣᠯᠵᠤ ᠬᠠᠪᠠᠱ· ᠠᠮᠢᠳ᠋ ᠳᠠᠬᠢᠨ ᠲᠤᠰᠢᠶᠠᠯ ᠳ᠋ᠠᠭᠠᠨ ᠭᠠᠷᠪᠠ᠃ ᠬᠠᠷᠠ ᠦᠯᠡ ᠲᠡᠭᠦᠨ ᠦ᠌ ᠡᠷᠭᠦᠭᠰᠡᠨ ᠬᠥᠪᠡᠭᠦᠨ ᠪᠠᠬᠠ· ᠠᠢᠳᠢᠨ ᠪᠣᠯᠤᠨ ᠪᠦᠬᠦ ᠭᠡᠷ ᠦ᠋ᠨ ᠬᠢᠨᠢ ᠬᠥᠮᠦᠨ ᠠᠮᠠ᠂ ᠡᠳ᠋ ᠬᠥᠷᠥᠩᠭᠡ ᠶ᠋ᠢ ᠪᠦᠬᠦᠨ ᠢ᠋ ᠲᠡᠭᠦᠨ ᠳ᠋ᠦ᠍ ᠪᠤᠴᠠᠭᠠᠨ ᠥᠭᠴᠡᠢ᠂ ᠭᠡᠲᠡᠯᠡ ᠬᠠᠪᠠᠱ· ᠠᠮᠢᠳ᠋ ᠬᠠᠷᠢᠨ ᠡᠷᠭᠦᠭᠰᠡᠨ ᠬᠥᠪᠡᠭᠦᠨ ᠢ᠋ᠶ᠋ᠡᠨ ᠲᠤᠢᠯ ᠤ᠋ᠨ ᠬᠡᠷᠴᠡᠭᠡᠢ ᠪᠡᠷ ᠠᠮᠢ ᠶ᠋ᠢ ᠨᠢ ᠬᠣᠷᠣᠭᠠᠪᠠ᠃
ᠤᠯᠤᠰ ᠲᠥᠷᠥ ᠶ᠋ᠢᠨ ᠳᠠᠢᠰᠤᠨ ᠢ᠋ᠶ᠋ᠠᠨ ᠪᠦᠬᠦᠨ ᠢ᠋ ᠤᠰᠠᠳᠬᠠᠬᠤ ᠶ᠋ᠢᠨ ᠲᠥᠯᠥᠭᠡ᠂ ᠮᠥᠩᠬᠡ ᠬᠠᠭᠠᠨ ᠪᠠᠷᠠᠭᠤᠨᠰᠢ ᠶᠡᠬᠡ ᠬᠡᠮᠵᠢᠶᠡᠨ ᠦ᠌ ᠴᠡᠷᠢᠭ ᠲᠣᠮᠢᠯᠠᠪᠠ᠃ ᠣᠷᠣᠳᠠ ᠶ᠋ᠢᠨ ᠵᠠᠯᠭᠠᠮᠵᠢᠯᠠᠭᠴᠢ ᠭᠠᠩᠬᠤᠯᠠᠠ ᠶ᠋ᠢᠨ ᠳᠠᠭᠠᠭᠤᠯᠭᠠ ᠳᠣᠣᠷᠠ᠂ ᠬᠠᠷᠠᠬᠣᠷᠣᠮ ᠠ᠋ᠴᠠ ᠪᠢᠱᠪᠠᠯᠢ ᠬᠦᠷᠲᠡᠯᠡᠬᠢ ᠭᠠᠵᠠᠷ ᠢ᠋ ᠡᠵᠡᠯᠡᠨ ᠠᠪᠤᠭᠠᠳ᠂ ᠵᠥᠴᠢ ᠶ᠋ᠢᠨ ᠤᠭᠰᠠᠭᠠᠨ ᠤ᠋ ᠴᠡᠷᠢᠭ ᠲᠡᠢ ᠬᠢᠯᠢ ᠶ᠋ᠢᠨ ᠱᠤᠭᠤᠮ ᠲᠣᠭᠲᠠᠭᠠᠪᠠ᠃ ᠴᠠᠭᠠᠲᠠᠢ ᠶ᠋ᠢᠨ ᠤᠭᠰᠠᠭᠠᠨ ᠤ᠋ ᠳᠣᠲᠣᠷᠠᠬᠢ ᠡᠨᠡ ᠤᠳᠠᠭᠠᠨ ᠤ᠋ ᠬᠤᠤᠪᠢᠯᠳᠤᠯᠭᠠ ᠳ᠋ᠤ᠌ ᠣᠷᠣᠯᠴᠠᠭᠰᠠᠳ ᠤ᠋ᠨ ᠳᠣᠲᠣᠷᠠᠬᠢ ᠥᠷᠦᠪᠳᠦᠵᠦ ᠪᠠᠢᠭᠠ ᠭᠡᠵᠦ ᠰᠡᠵᠢᠭᠯᠡᠭᠳᠡᠭᠰᠡᠨ ᠪᠦᠬᠦᠨ ᠢ᠋ ᠴᠠᠭᠠᠵᠠ ᠪᠠᠷ ᠠᠯᠠᠪᠠ᠃
ᠡᠢᠨ ᠬᠦ᠌ ᠬᠣᠶᠠᠷ ᠶᠡᠬᠡ ᠤᠷᠲᠤ ᠶ᠋ᠢ ᠦᠭᠡᠢ ᠬᠢᠭᠰᠡᠨ ᠶᠡᠬᠡ ᠭᠠᠷᠤᠵᠠ ᠭᠠᠷᠭᠠᠭᠰᠠᠨ ᠤ᠋ ᠡᠴᠦᠰ ᠲᠦ᠍ ᠬᠠᠭᠠᠨᠲᠤ ᠭᠦᠷᠦᠨ ᠢ᠋ᠶ᠋ᠡᠨ ᠲᠦᠷ ᠴᠠᠭ ᠨᠢᠭᠡᠳᠬᠡᠵᠦ ᠴᠢᠳᠠᠪᠠ᠃ ᠭᠡᠪᠡᠴᠦ ᠲᠤᠬᠠᠢ ᠶ᠋ᠢᠨ ᠦᠶᠡ ᠶ᠋ᠢᠨ ᠥᠭᠡᠳᠡᠢ ᠶ᠋ᠢᠨ ᠣᠷᠣ ᠳᠣᠲᠣᠷᠠᠬᠢ ᠨᠢᠭᠡᠳᠦᠯᠲᠡᠢ ᠬᠠᠮᠢᠶᠠᠷᠤᠯᠲᠠ ᠨᠢ ᠣᠳᠣ ᠬᠣᠶᠠᠷ ᠤᠯᠤᠰ ᠲᠥᠷᠥ ᠶ᠋ᠢᠨ ᠬᠦᠴᠦᠨ ᠳ᠋ᠦ᠍ ᠣᠷᠤᠯᠠᠭᠳᠠᠪᠠ᠃ ᠭᠡᠷ ᠤᠭᠰᠠᠭᠠᠨ ᠤ᠋ ᠪᠠᠨ ᠠᠬᠠᠮᠠᠳ ᠨᠢ ᠪᠥᠭᠡᠳ ᠮᠥᠩᠬᠡ ᠶ᠋ᠢ ᠬᠠᠭᠠᠨ ᠰᠠᠭᠤᠷᠢᠨ ᠳ᠋ᠤ᠌ ᠰᠠᠭᠤᠯᠭᠠᠬᠤ ᠤᠴᠢᠷ ᠢ᠋ ᠪᠢᠰᠢᠯᠭᠠᠨ ᠪᠦᠲᠦᠭᠡᠭᠰᠡᠨ ᠪᠠᠲᠤ᠂ ᠶᠡᠬᠡ ᠬᠠᠭᠠᠨ ᠯᠤᠭᠠ ᠬᠤᠪᠢ ᠲᠡᠩᠴᠡᠭᠦᠦ ᠡᠷᠬᠡ ᠬᠦᠴᠦ ᠲᠡᠢ ᠪᠠᠢᠪᠠ᠃ ᠮᠥᠩᠬᠡ ᠷᠦᠪᠷᠥ᠋ᠺ ᠲᠦ᠍᠄《ᠨᠠᠷᠠᠨ ᠤ᠋ ᠭᠡᠷᠡᠯ ᠡᠬᠡ ᠭᠠᠵᠠᠷ ᠢ᠋ ᠭᠡᠢᠭᠦᠯᠬᠦ ᠲᠡᠢ ᠠᠳᠠᠯᠢ ᠪᠠᠷ ᠪᠠᠲᠤ ᠪᠢᠳᠡ ᠬᠣᠶᠠᠷ ᠤ᠋ᠨ ᠡᠷᠬᠡ ᠬᠦᠴᠦ ᠤᠯᠤᠰ ᠳᠠᠶᠠᠭᠠᠷ ᠶᠠᠪᠤᠭᠳᠠᠬᠤ ᠦᠭᠡᠢ ᠭᠠᠵᠠᠷ ᠠᠯᠠᠭᠠ》 ᠭᠡᠵᠦ ᠬᠡᠯᠡᠪᠡ᠃ ᠪᠠᠲᠤ ᠯᠤᠭᠠ ᠶ᠋ᠢᠨ ᠨᠠᠢᠷᠰᠠᠭ ᠳᠣᠲᠣᠨᠣ ᠬᠠᠷᠢᠴᠠᠭᠠ ᠪᠠᠨ ᠢᠯᠡᠳᠬᠡᠬᠦ ᠶ᠋ᠢᠨ ᠲᠥᠯᠥᠭᠡ᠂ ᠶᠡᠬᠡ ᠬᠠᠭᠠᠨ ᠦᠷᠭᠦᠯᠵᠢ ᠡᠢᠮᠦᠷᠬᠦᠦ ᠵᠦᠢᠷᠯᠡᠯ ᠢ᠋ ᠬᠡᠷᠡᠭᠯᠡᠳᠡᠭ᠄《ᠬᠥᠮᠦᠨ ᠦ᠌ ᠲᠣᠯᠣᠭᠠᠢ ᠳ᠋ᠤ᠌ ᠬᠣᠶᠠᠷ ᠨᠢᠳᠦ ᠲᠡᠢ ᠪᠠᠢᠳᠠᠭ ᠪᠣᠯᠪᠠᠴᠤ ᠬᠣᠶᠠᠷ ᠨᠢᠳᠦ ᠨᠢ ᠨᠢᠭᠡ ᠯᠡ ᠬᠠᠷᠠᠯᠲᠠ ᠳᠡᠭᠡᠷᠡ ᠲᠣᠭᠲᠠᠨᠠ᠂ ᠨᠢᠭᠡ ᠨᠢᠳᠦ ᠨᠢ ᠣᠯᠵᠤ ᠬᠠᠷᠠᠭᠰᠠᠭᠠᠷ ᠨᠥᠭᠥᠭᠡ ᠨᠢᠳᠦ ᠨᠢ ᠴᠦ᠍ ᠠᠳᠠᠯᠢᠬᠠᠨ ᠣᠯᠤᠭᠠᠳ ᠬᠠᠷᠠᠴᠢᠬᠠᠨᠠ᠃》 ᠶᠡᠬᠡ ᠬᠠᠭᠠᠨ ᠬᠢᠭᠡᠳ ᠪᠠᠲᠤ ᠶ᠋ᠢᠨ ᠬᠣᠶᠠᠷ ᠭᠡᠷ ᠦ᠋ᠨ ᠬᠦᠴᠦᠨ ᠦ᠌ ᠬᠡᠪᠴᠢᠶᠡ ᠶ᠋ᠢᠨ ᠵᠠᠭᠠᠭ ᠱᠤᠭᠤᠮ ᠨᠢ ᠲᠠᠯᠠᠰ ᠠ᠋ᠴᠠ ᠵᠡᠭᠦᠨᠰᠢ ᠪᠠᠢᠳᠠᠭ᠃ ᠷᠦᠪᠷᠥ᠋ᠺ ᠦ᠋ᠨ ᠪᠣᠳᠣᠯ ᠳ᠋ᠤ᠌ ᠡᠢᠮᠦᠷᠬᠦᠦ ᠰᠠᠭᠤᠭᠳᠠᠯ ᠲᠠᠢ ᠪᠠᠢᠪᠠ᠂ ᠲᠤᠬᠠᠢᠯᠠᠪᠠᠯ᠂ ᠮᠥᠩᠬᠡ ᠶ᠋ᠢᠨ ᠬᠠᠷᠢᠶᠠᠨ ᠳ᠋ᠤ᠌ ᠪᠠᠲᠤ ᠶ᠋ᠢᠨ ᠠᠯᠳᠠᠷ ᠬᠦᠨᠳᠦ ᠲᠤᠩ ᠶᠡᠬᠡ᠂ ᠬᠠᠷᠢᠨ ᠪᠠᠲᠤ ᠶ᠋ᠢᠨ ᠬᠠᠷᠢᠶᠠᠨ ᠳ᠋ᠤ᠌ ᠮᠥᠩᠬᠡ ᠶ᠋ᠢᠨ ᠠᠯᠳᠠᠷ ᠬᠦᠨᠳᠦ ᠬᠠᠷᠢᠴᠠᠩᠭᠤᠢ ᠪᠠᠷ ᠵᠢᠭᠠᠬᠠᠨ ᠲᠣᠯᠢᠳᠠᠨᠠ᠃ ᠶᠡᠬᠡ ᠬᠠᠭᠠᠨ ᠤ᠋ ᠬᠦᠴᠦᠨ ᠦ᠌ ᠬᠡᠪᠴᠢᠶᠡ ᠳ᠋ᠡᠬᠢ ᠳᠣᠯᠣᠭᠠᠨ ᠤᠰᠤᠨ ᠤ᠋ ᠨᠤᠲᠤᠭ ᠲᠠᠬᠢ ᠤᠤᠯ ᠤ᠋ᠨ ᠴᠠᠭᠠᠲᠠᠢ ᠶ᠋ᠢᠨ ᠣᠷᠣ ᠳᠣᠣᠷᠠᠬᠢ ᠰᠢᠭᠤᠳ ᠵᠠᠰᠠᠭ ᠵᠠᠬᠢᠷᠭᠠᠨ ᠤ᠋ ᠡᠷᠬᠡ ᠶ᠋ᠢ ᠬᠠᠷᠠ ᠦᠯᠠ ᠶ᠋ᠢᠨ ᠪᠡᠯᠪᠡᠰᠦᠨ ᠪᠦᠰᠡᠭᠦᠢ ᠤᠷᠬᠤᠨᠠ ᠳ᠋ᠤ᠌ ᠥᠭᠴᠡᠢ᠃ ᠲᠡᠭᠦᠨ ᠦ᠌ ᠭᠠᠷ ᠳᠣᠣᠷᠠᠬᠢ ᠤᠤᠯ ᠤ᠋ᠨ ᠬᠠᠪᠠᠱ᠂ ᠠᠮᠢᠳ᠋ ᠪᠣᠯᠤᠨ ᠲᠡᠭᠦᠨ ᠦ᠌ ᠬᠥᠪᠡᠭᠦᠨ ᠨᠠᠰᠠᠢᠷ᠂ ᠠᠢᠳᠢᠨ ᠪᠦᠷ ᠴᠢᠬᠤᠯᠠ ᠪᠠᠢᠷᠢᠨ ᠳ᠋ᠤ᠌ ᠭᠠᠷᠪᠠ᠃ ᠸᠠᠰᠠᠹ ᠤ᠋ᠨ ᠲᠡᠮᠳᠡᠭᠯᠡᠯ ᠢ᠋ ᠦᠨᠳᠦᠰᠦᠯᠡᠪᠡᠯ᠂ ᠤᠷᠬᠤᠨᠠ ᠪᠣᠯ ᠪᠤᠷᠬᠠᠨ ᠤ᠋ ᠱᠠᠰᠢᠨᠲᠠᠨ᠂ ᠭᠡᠪᠡᠴᠦ ᠲᠡᠷᠡ ᠬᠡᠵᠢᠶᠡᠳᠡ ᠢᠰᠯᠠᠮ ᠤ᠋ᠨ ᠱᠠᠰᠢᠨ ᠢ᠋ ᠥᠮᠥᠭᠯᠡᠳᠡᠭ᠃ ᠵᠠᠮᠠᠢᠯ᠂ ᠭᠠᠯᠱ ᠤ᠋ᠨ ᠲᠡᠮᠳᠡᠭᠯᠡᠭᠰᠡᠨ ᠨᠢ ᠲᠡᠭᠦᠨ ᠲᠡᠢ ᠠᠳᠠᠯᠢ ᠦᠭᠡᠢ᠂ ᠲᠡᠷᠡ ᠬᠡᠯᠡᠬᠦ ᠳ᠋ᠡᠭᠡᠨ᠂ ᠤᠷᠬᠤᠨᠠ ᠪᠣᠯ ᠢᠰᠯᠠᠮ ᠤ᠋ᠨ ᠱᠠᠰᠢᠨᠲᠠᠨ ᠶᠤᠮ ᠭᠡᠵᠡᠢ᠃ 1254 ᠣᠨ ᠳ᠋ᠤ᠌᠂ ᠤᠷᠬᠤᠨᠠ ᠠᠯᠢᠮᠠᠯ ᠳ᠋ᠤ᠌ ᠨᠠᠢᠷ ᠪᠡᠯᠡᠳᠴᠦ ᠶᠡᠬᠡ ᠬᠠᠭᠠᠨ ᠤ᠋ ᠳᠡᠭᠦᠦ ᠬᠥᠯᠡᠬᠦ ᠶ᠋ᠢ ᠳᠠᠢᠯᠠᠪᠠ᠂ ᠲᠤᠬᠠᠢ ᠶ᠋ᠢᠨ ᠦᠶᠡ ᠳ᠋ᠦ᠍ ᠬᠦᠯᠡᠬᠦ ᠶᠠᠭ ᠰᠠᠢᠬᠠᠨ ᠴᠡᠷᠢᠭ ᠳᠠᠭᠠᠭᠤᠯᠤᠨ ᠪᠠᠷᠠᠭᠤᠨ ᠠᠽᠢᠶᠠ ᠶ᠋ᠢ ᠳᠠᠢᠯᠠᠬᠤ ᠪᠠᠷ ᠠᠶᠠᠯᠠᠵᠤ ᠪᠠᠢᠪᠠ᠂ ᠲᠡᠭᠦᠨ ᠦ᠌ ᠴᠡᠷᠢᠭ ᠳᠣᠯᠣᠭᠠᠨ ᠤᠰᠤᠨ ᠤ᠋ ᠨᠤᠲᠤᠭ ᠲᠤ᠌ ᠶᠡᠬᠡ ᠤᠳᠠᠭᠠᠨ ᠠᠶᠠᠯᠠᠵᠠᠢ᠂ 1255 ᠣᠨ ᠤ᠋ ᠨᠠᠮᠤᠷ ᠪᠣᠯᠬᠤ ᠳ᠋ᠤ᠌ ᠰᠠᠶᠢ ᠰᠡᠮᠡᠷᠺᠡᠨᠳ᠋ ᠲᠦ᠍ ᠬᠦᠷᠪᠡ᠃
1253 ᠣᠨ ᠤ᠋11 ᠰᠠᠷᠠ ᠳ᠋ᠤ᠌ ᠳᠣᠯᠣᠭᠠᠨ ᠤᠰᠤᠨ ᠤ᠋ ᠨᠤᠲᠤᠭ ᠢ᠋ᠶ᠋ᠠᠷ ᠥᠩᠭᠡᠷᠡᠭᠰᠡᠨ ᠷᠦᠪᠷᠦ᠋ᠺ ᠢ᠋ᠶ᠋ᠡᠷ ᠮᠥᠩᠬᠡ ᠶ᠋ᠢᠨ ᠨᠣᠶᠠᠷᠬᠠᠯ ᠳᠣᠣᠷᠠᠬᠢ ᠲᠤᠰ ᠭᠠᠵᠠᠷ ᠤ᠋ᠨ ᠪᠠᠢᠳᠠᠯ ᠢ᠋ ᠮᠡᠳᠡᠭᠡᠯᠡᠵᠡᠢ᠃ ᠢᠯᠢ ᠭᠣᠣᠯ ᠢ᠋ ᠭᠡᠲᠦᠯᠦᠭᠰᠡᠨ ᠦ᠌ ᠳᠠᠷᠠᠭᠠ᠂ ᠨᠢᠭᠡ ᠡᠪᠳᠡᠷᠬᠡᠢ ᠪᠡᠬᠢᠯᠡᠯᠲᠡ ᠬᠠᠷᠠᠭᠳᠠᠪᠠ᠂ ᠰᠢᠷᠣᠢ ᠪᠠᠷ ᠪᠠᠷᠢᠭᠰᠠᠨ ᠪᠡᠬᠢᠯᠡᠯᠲᠡ ᠪᠠᠢᠵᠠᠢ᠂ ᠡᠪᠳᠡᠷᠬᠡᠢ ᠪᠡᠬᠢᠯᠡᠯᠲᠡ ᠶ᠋ᠢᠨ ᠳᠡᠷᠭᠡᠳᠡ ᠲᠠᠷᠢᠶᠠᠨ ᠭᠠᠵᠠᠷ ᠪᠣᠢ᠃ ᠡᠮᠦᠨᠡᠰᠢ ᠪᠡᠨ ᠵᠢᠭᠠᠬᠠᠨ ᠶᠠᠪᠤᠪᠠᠯ᠂ ᠷᠦᠪᠷᠦ᠋ᠺ ᠦ᠋ᠨ ᠯᠠᠲ᠋ᠢᠨ ᠨᠡᠷᠡ ᠦᠬᠦᠭᠰᠡᠨ《ᠬᠣᠶᠠᠷ ᠭᠣᠣᠯ》 ᠭᠡᠰᠡᠨ ᠴᠠᠢᠵᠠᠲᠦ ᠬᠣᠲᠠ ᠬᠦᠷᠦᠨᠡ᠂ ᠡᠨᠡ ᠬᠣᠲᠠ ᠳ᠋ᠤ᠌ ᠫᠧᠷᠰ ᠬᠡᠯᠡ ᠪᠡᠷ ᠶᠠᠷᠢᠳᠠᠭ ᠢᠰᠯᠠᠮ ᠤ᠋ᠨ ᠱᠠᠰᠢᠨᠲᠠᠳ ᠰᠠᠭᠤᠵᠤ ᠪᠣᠢ᠃ ᠡᠨᠡ ᠭᠠᠵᠠᠷ ᠨᠢ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠦᠷᠭᠦᠯᠵᠢ ᠳᠤᠷᠠᠳᠤᠭᠳᠠᠳᠠᠭ ᠢᠯᠢᠪᠡᠯᠢ ᠪᠠᠢᠵᠤ ᠮᠡᠳᠡᠨᠡ᠂ ᠠᠷᠮᠸᠨᠢᠶᠠ ᠤᠯᠤᠰ ᠤ᠋ᠨ ᠸᠠᠩ ᠬᠠᠢᠲ᠋ᠤᠨ ᠨᠢᠭᠡᠳᠦᠭᠡᠷ 1255 ᠣᠨ ᠤ᠋ ᠡᠬᠢ ᠪᠡᠷ ᠮᠥᠨ ᠡᠨᠡ ᠬᠣᠲᠠ ᠳ᠋ᠤ᠌ ᠢᠷᠡᠵᠦ ᠥᠩᠭᠡᠷᠡᠵᠡᠢ᠂ ᠲᠡᠷᠡ ᠪᠡᠷ ᠡᠨᠡ ᠬᠣᠲᠠ ᠶ᠋ᠢ ᠢᠯᠠᠨᠪᠠᠯᠢ ᠭᠡᠵᠦ ᠨᠡᠷᠡᠯᠡᠪᠡ᠃ ᠷᠦᠪᠷᠦ᠋ᠺ ᠡᠨᠡ ᠬᠣᠲᠠ ᠳ᠋ᠤ᠌ ᠨᠢᠭᠡ ᠬᠣᠨᠣᠭᠰᠠᠨ ᠤ᠋ ᠳᠠᠷᠠᠭᠠ᠂ ᠳᠠᠷᠠᠭᠠ ᠡᠳᠦᠷ ᠨᠢ ᠨᠡᠯᠢᠶᠡᠳ ᠥᠨᠳᠥᠷ ᠳᠠᠪᠠᠭᠠ ᠶ᠋ᠢ ᠳᠠᠪᠠᠭᠠᠳ ᠨᠢᠭᠡᠨ ᠪᠠᠶᠠᠨ ᠲᠠᠩᠰᠤᠭ ᠭᠣᠣᠯ ᠤ᠋ᠨ ᠰᠠᠪᠠ ᠳ᠋ᠤ᠌ ᠬᠦᠷᠪᠡ᠂ ᠠᠭᠤᠯᠠᠨ ᠠ᠋ᠴᠠ ᠤᠷᠤᠰᠴᠤ ᠭᠠᠷᠴᠤ ᠢᠷᠡᠭᠰᠡᠨ ᠶᠡᠬᠡ ᠣᠯᠠᠨ ᠤᠷᠤᠰᠬᠠᠯ ᠤ᠋ᠳ ᠡᠨᠡ ᠬᠡᠰᠡᠭ ᠬᠣᠲᠣᠭᠣᠷ ᠭᠠᠵᠠᠷ ᠢ᠋ ᠤᠰᠤᠯᠠᠵᠤ ᠪᠠᠢᠨᠠ᠃ ᠡᠳᠡᠭᠡᠷ ᠤᠷᠤᠰᠬᠠᠯ ᠨᠢ ᠡᠴᠦᠰ ᠲᠡᠭᠡᠨ ᠪᠠᠯᠬᠠᠱ ᠨᠠᠭᠤᠷ ᠲᠤ᠌ ᠴᠢᠳᠬᠤᠨ ᠣᠷᠣᠨᠠ᠃ ᠺᠠᠷᠠᠯᠢᠭ ᠬᠣᠲᠠ ᠡᠨᠳᠡ ᠪᠣᠢ᠂ ᠬᠣᠲᠠᠨ ᠳ᠋ᠤᠨᠢ ᠶᠡᠬᠡ ᠣᠯᠠᠨ ᠪᠠᠶᠠᠨ ᠠᠷᠠᠯᠵᠢᠶᠠᠴᠢᠨ ᠰᠠᠭᠤᠵᠤ ᠪᠠᠢᠨᠠ᠃ ᠡᠨᠡ ᠬᠦ᠌ ᠭᠣᠣᠯ ᠤ᠋ᠨ ᠰᠠᠪᠠ ᠬᠣᠲᠣᠭᠣᠷ ᠲᠤ᠌ ᠤᠤᠯ ᠳ᠋ᠠᠭᠠᠨ ᠶᠡᠬᠡ ᠣᠯᠠᠨ ᠬᠣᠲᠠ ᠪᠠᠯᠭᠠᠳ ᠪᠠᠢᠭᠰᠠᠨ᠂ ᠬᠣᠵᠢᠮ ᠨᠢ ᠲᠠᠲ᠋ᠠᠷᠴᠤᠳ ᠡᠨᠡ ᠭᠠᠵᠠᠷ ᠢ᠋ ᠦᠵᠡᠵᠦ ᠲᠣᠭᠣᠭᠠᠳ ᠡᠨᠳᠡ ᠢᠷᠡᠵᠦ ᠵᠣᠩᠬᠢᠯᠠᠬᠤ ᠣᠯᠠᠨ ᠬᠣᠲᠠ ᠶ᠋ᠢ ᠨᠢ ᠡᠪᠳᠡᠵᠦ ᠣᠷᠬᠢᠪᠠ᠃
ᠷᠦᠪᠷᠤ᠌ᠺ ᠡᠨᠡ ᠬᠠᠪᠢ ᠶ᠋ᠢᠨ ᠲᠠᠷᠢᠶᠠᠯᠠᠩ ᠢᠳᠡᠭ ᠢᠳᠡᠭ ᠢ᠋ᠶ᠋ᠡᠷ ᠦᠭᠡᠢ ᠪᠣᠯᠵᠤ᠂ ᠲᠠᠷᠢᠶᠠᠨ ᠭᠠᠵᠠᠷ ᠨᠢ ᠮᠠᠯ ᠤ᠋ᠨ ᠪᠡᠯᠴᠢᠭᠡᠷ ᠪᠣᠯᠵᠤ ᠪᠠᠢᠭᠰᠠᠨ ᠢ᠋ ᠨᠢᠳᠦ ᠪᠡᠷ ᠢ᠋ᠶ᠋ᠡᠨ ᠦᠵᠡᠭᠰᠡᠨ ᠶᠦᠮ᠃ ᠮᠣᠩᠭᠣᠯ ᠤ᠋ᠨ ᠨᠡᠭᠦᠳᠡᠯᠴᠢᠳ ᠳᠣᠯᠣᠭᠠᠨ ᠤᠰᠤᠨ ᠤ᠋ ᠠᠷᠤ ᠬᠡᠰᠡᠭ ᠲᠦ᠍ ᠣᠷᠣᠵᠤ ᠰᠠᠭᠤᠭᠰᠠᠨ ᠢ᠋ ᠵᠦᠸᠠᠢᠨᠢ ᠶ᠋ᠢᠨ ᠲᠡᠮᠳᠡᠭᠯᠡᠯ ᠲᠣᠳᠣᠯᠠᠭᠰᠠᠨ ᠶᠤᠮ᠃ ᠲᠡᠷᠡ ᠬᠡᠯᠡᠬᠦ ᠳ᠋ᠡᠭᠡᠨ ᠮᠥᠩᠬᠡ ᠬᠠᠭᠠᠨ ᠢ᠋ᠶ᠋ᠠᠷ ᠦᠼᠢ᠍ᠭᠠᠨ ᠢ᠋ ᠠᠷᠰᠠᠯᠠᠨ ᠬᠠᠨ ᠺᠡᠷᠯᠤᠺ ᠤ᠋ᠨ ᠬᠥᠪᠡᠭᠦᠨ(ᠠᠩᠬᠠᠷᠬᠤ ᠨᠢ᠂ ᠦᠼᠢ᠍ᠭᠠᠨ ᠢ᠋ ᠥᠭᠭᠦᠭᠰᠡᠨ ᠡᠴᠡ ᠪᠢᠰᠢ᠂ ᠥᠪᠡᠷ ᠦ᠋ᠨ ᠢ᠋ᠶ᠋ᠡᠨ ᠨᠤᠲᠤᠭ ᠺᠠᠶᠠᠯᠢᠭ ᠢ᠋ ᠥᠭᠭᠦᠭᠰᠡᠨ ᠪᠢᠰᠢ ᠶᠦᠮ ) ᠳ᠋ᠦ᠍ ᠥᠭᠴᠡᠢ ᠭᠡᠪᠡ᠃ ᠳᠤᠮᠳᠠᠳᠤ ᠤᠯᠤᠰ ᠤ᠋ᠨ ᠡᠯᠴᠢ ᠴᠠᠩ ᠳᠧ1259 ᠣᠨᠠ ᠬᠥᠯᠡᠬᠦ ᠶ᠋ᠢᠨ ᠲᠡᠨᠳᠡ ᠲᠣᠮᠢᠯᠠᠭᠰᠠᠨ ᠡᠯᠴᠢ ᠶ᠋ᠢᠨ ᠬᠤᠪᠢ ᠪᠠᠷ ᠡᠨᠡᠭᠦᠷ ᠥᠩᠭᠡᠷᠡᠭᠰᠡᠨ ᠶᠦᠮ᠃ ④ ᠲᠡᠷᠡ ᠪᠡᠷ ᠡᠨᠡ ᠭᠠᠵᠠᠷ ᠢ᠋ ᠶᠢ ᠳᠦ ᠭᠡᠵᠦ ᠨᠡᠷᠡᠯᠡᠪᠡ᠂ ᠬᠥᠮᠦᠨ ᠠᠮᠠ ᠶᠡᠬᠡᠲᠡᠢ᠂ ᠭᠡᠪᠡᠴᠦ ᠬᠣᠲᠠ ᠶ᠋ᠢᠨ ᠳᠣᠲᠣᠷᠠ ᠡᠪᠳᠡᠷᠬᠡᠢ ᠪᠡᠬᠢᠯᠡᠯᠲᠡ ᠶᠡᠬᠡ ᠣᠯᠠᠨ᠂ ᠬᠣᠭ ᠨᠣᠪᠰᠢ ᠪᠠᠷ ᠳᠦᠭᠦᠷᠴᠡᠢ᠃ ᠡᠨᠳᠡ ᠮᠥᠨ ᠳᠣᠯᠣᠭᠠᠨ ᠤᠰᠤᠨ ᠤ᠋ ᠲᠠᠷᠢᠶᠠᠯᠠᠩ ᠠᠷᠢᠯᠤᠨ ᠤᠰᠠᠳᠤᠭᠰᠠᠨ ᠴᠢᠮᠡᠭᠡ ᠶ᠋ᠢ ᠳᠤᠷᠠᠳᠴᠠᠢ᠃ ᠡᠢᠮᠦᠷᠬᠦᠦ ᠦᠵᠡᠭᠳᠡᠯ ᠢ᠋ ᠲᠠᠢᠯᠪᠤᠷᠢᠯᠠᠬᠤ ᠳ᠋ᠤ᠌ ᠴᠢᠬᠤᠯᠠ ᠨᠢᠭᠡ ᠵᠦᠢᠯ ᠭᠡᠪᠡᠯ ᠤᠰᠤ ᠡᠪᠡᠰᠦ ᠲᠤᠩ ᠰᠠᠢᠨ ᠪᠠᠢᠭᠰᠠᠨ ᠪᠣᠯᠬᠣᠷ ᠨᠡᠭᠦᠳᠡᠯᠴᠢᠳ ᠦ᠋ᠨ ᠪᠦᠯᠦᠭ ᠦ᠋ᠳ ᠥᠪᠡᠷ ᠦ᠋ᠨ ᠡᠷᠬᠡ ᠦᠭᠡᠢ ᠳᠣᠯᠣᠭᠠᠨ ᠤᠰᠤᠨ ᠤ᠋ ᠨᠤᠲᠤᠭ ᠲᠤ᠌ ᠬᠦᠷᠴᠦ ᠢᠷᠡᠳᠡᠭ ᠶᠠᠪᠤᠳᠠᠯ ᠪᠣᠯᠤᠨᠠ᠃19 ᠳ᠋ᠦ᠍ᠭᠡᠷ ᠵᠠᠭᠤᠨ ᠤ᠋ ᠰᠠᠷᠲ⑤ ᠬᠢᠭᠡᠳ ᠣᠷᠣᠰ ᠤ᠋ᠨ ᠺᠣᠯᠣᠨᠢᠴᠢᠯᠠᠭᠴᠢᠳ ᠤ᠋ᠨ ᠭᠠᠷ ᠲᠤ᠌ ᠣᠷᠣᠭᠠᠳ ᠲᠠᠷᠢᠵᠤ ᠤᠷᠭᠤᠭᠤᠯᠬᠤ ᠦᠢᠯᠡᠰ ᠰᠠᠶᠢ ᠰᠡᠷᠭᠦᠭᠰᠡᠨ ᠶᠦᠮ᠃
1259 ᠣᠨ ᠳ᠋ᠤ᠌᠂ ᠮᠥᠩᠬᠡ ᠬᠠᠭᠠᠨ ᠳᠤᠮᠳᠠᠳᠤ ᠤᠯᠤᠰ ᠢ᠋ ᠳᠠᠢᠯᠠᠬᠤ ᠲᠡᠢᠨ ᠦ᠌ ᠳᠤᠮᠳᠠ ᠨᠠᠰᠤ ᠪᠠᠷᠠᠪᠠ᠃ ᠬᠣᠶᠠᠷ ᠳᠡᠭᠦᠦ ᠨᠢ ᠬᠠᠭᠠᠨ ᠰᠠᠭᠤᠷᠢᠨ ᠢ᠋ ᠪᠤᠯᠢᠶᠠᠯᠳᠤᠭᠠᠳ1260 ᠣᠨ ᠳ᠋ᠤ᠌ ᠮᠣᠩᠭᠣᠯ ᠤ᠋ᠨ ᠲᠡᠦᠬᠡᠨ ᠳᠡᠭᠡᠷᠡᠬᠢ ᠰᠢᠨᠡ ᠲᠡᠮᠳᠡᠭᠯᠡᠯ ᠢ᠋ ᠡᠭᠦᠳᠴᠡᠢ᠂ ᠲᠤᠬᠠᠢᠯᠠᠪᠠᠯ ᠬᠣᠶᠠᠷ ᠥᠷᠢᠰᠦᠯᠳᠦᠭᠴᠢ ᠪᠦᠷ ᠬᠠᠭᠠᠨ ᠰᠠᠭᠤᠷᠢᠨ ᠳ᠋ᠤ᠌ ᠰᠠᠭᠤᠬᠤ ᠪᠠᠷ ᠲᠤᠩᠬᠠᠭᠯᠠᠭᠠᠳ᠂ ᠳᠤᠮᠳᠠᠳᠤ ᠤᠯᠤᠰ ᠲᠤ᠌ ᠰᠠᠭᠤᠭᠠ ᠴᠡᠷᠢᠭ ᠨᠢ ᠬᠤᠪᠢᠯᠠᠢ ᠳ᠋ᠤ᠌ ᠰᠢᠳᠤᠷᠭᠤ ᠪᠠᠢᠬᠤ ᠪᠠᠨ ᠢᠯᠡᠷᠬᠡᠢᠯᠡᠭᠰᠡᠨ ᠳ᠋ᠦ᠍ ᠳᠡᠭᠦᠦ ᠨᠢ ᠠᠷᠢᠬᠪᠥ᠋ᠬᠡ ᠬᠠᠷᠢᠨ ᠬᠠᠷᠠᠬᠣᠷᠣᠮ ᠳ᠋ᠤ᠌ ᠥᠪᠡᠷ ᠢ᠋ ᠪᠡᠨ ᠬᠠᠭᠠᠨ ᠡᠷᠭᠦᠮᠵᠢᠯᠡᠪᠡ᠃ ᠣᠷᠬᠣᠨᠠ᠂ ᠴᠠᠭᠠᠲᠠᠢ ᠬᠠᠨ ᠤ᠋ ᠬᠠᠨ ᠣᠷᠣ ᠶ᠋ᠢᠨ ᠳᠣᠣᠷᠠᠬᠢ ᠲᠦᠷᠦᠭᠦᠴᠢ ᠪᠣᠯᠤᠭᠰᠠᠨ ᠤ᠋ ᠬᠤᠪᠢ ᠳ᠋ᠤ᠌ ᠠᠷᠢᠬᠪᠥ᠋ᠬᠡ ᠶ᠋ᠢᠨ ᠨᠠᠮᠲᠠᠨ ᠪᠣᠯᠪᠠ᠃ ᠬᠤᠪᠢᠯᠠᠢ ᠪᠠᠷ ᠴᠠᠭᠠᠲᠠᠢ ᠶ᠋ᠢᠨ ᠬᠠᠷᠢᠶᠠ ᠨᠤᠲᠤᠭ ᠲᠤ᠌ ᠥᠪᠡᠷ ᠦ᠋ᠨ ᠪᠡᠶᠡ ᠳ᠋ᠡᠭᠡᠨ ᠠᠰᠢᠭ ᠲᠠᠢ ᠰᠠᠮᠠᠭᠤᠷᠠᠯ ᠢ᠋ ᠭᠠᠷᠭᠠᠬᠤ ᠶ᠋ᠢᠨ ᠲᠥᠯᠥᠭᠡ ᠪᠦᠷᠢ ᠶ᠋ᠢᠨ ᠬᠥᠪᠡᠭᠦᠨ ᠠᠪᠢᠰᠢᠭᠠ ᠴᠢᠨ ᠸᠠᠩ ᠢ᠋ ᠲᠣᠮᠢᠯᠠᠪᠠ᠃ ᠭᠡᠪᠡᠴᠦ ᠵᠠᠮ ᠳ᠋ᠠᠭᠠᠨ ᠠᠷᠢᠬᠪᠥ᠋ᠬᠡ ᠶ᠋ᠢᠨ ᠬᠠᠷᠠᠭᠤᠯ ᠤ᠋ᠨ ᠴᠡᠷᠢᠭ ᠲᠦ᠍ ᠪᠠᠷᠢᠭᠳᠠᠭᠠᠳ ᠠᠯᠠᠭᠳᠠᠴᠢᠬᠠᠪᠠ᠃ ᠠᠷᠢᠬᠪᠥ᠋ᠬᠡ ᠴᠦ᠍ ᠠᠬᠠ ᠪᠠᠨ ᠳᠠᠭᠤᠷᠢᠶᠠᠵᠤ᠂ ᠴᠠᠭᠠᠲᠠᠢ ᠶ᠋ᠢᠨ ᠣᠮᠪᠣᠯᠣ᠂ ᠪᠠᠢᠳᠠᠷ ᠤ᠋ᠨ ᠬᠥᠪᠡᠭᠦᠨ ᠠᠯᠬᠤ ᠶ᠋ᠢ ᠪᠠᠷᠠᠭᠤᠨᠰᠢ ᠲᠣᠮᠢᠯᠠᠪᠠ᠃ ᠷᠠᠰᠢᠳ᠋ — ᠠᠳ᠋ — ᠳ᠋ᠢᠨ ᠦ᠌ ᠬᠡᠯᠡᠭᠰᠡᠨ ᠢ᠋ ᠦᠨᠳᠦᠰᠦᠯᠡᠪᠡᠯ᠂ ᠠᠯᠬᠤ ᠶ᠋ᠢᠨ ᠡᠭᠦᠷᠭᠡ ᠪᠣᠯ ᠲᠦᠷᠺᠢᠰᠲ᠋ᠠᠨ ᠠ᠋ᠴᠠ ᠮᠣᠩᠭᠣᠯ ᠣᠷᠣᠨ ᠳ᠋ᠤ᠌ ᠠᠮᠤ ᠪᠤᠳᠠᠭᠠ ᠬᠠᠩᠭᠠᠬᠤ ᠶᠠᠪᠤᠳᠠᠯ ᠢ᠋ ᠵᠣᠬᠢᠶᠠᠨ ᠪᠠᠢᠭᠤᠯᠬᠤ ᠤᠴᠢᠷ ᠪᠣᠯᠤᠨᠠ᠃ ᠤᠴᠢᠷ ᠨᠢ ᠬᠤᠪᠢᠯᠠᠢ ᠳᠤᠮᠳᠠᠳᠤ ᠤᠯᠤᠰ ᠠ᠋ᠴᠠ ᠮᠣᠩᠭᠣᠯ ᠳ᠋ᠤ᠌ ᠥᠭᠬᠦ ᠪᠦᠬᠦ ᠬᠠᠩᠭᠠᠯᠭᠠ ᠶ᠋ᠢ ᠲᠠᠰᠤᠯᠤᠭᠰᠠᠨ ᠲᠤᠯᠠ ᠨᠡᠢᠰᠯᠡᠯ ᠬᠠᠷᠠᠬᠣᠷᠣᠮ ᠳ᠋ᠤ᠌ ᠥᠯᠥᠰᠬᠦᠯᠡᠩ ᠡᠭᠦᠰᠬᠦ ᠰᠣᠪᠢᠩ ᠲᠠᠲᠠᠵᠤ ᠪᠠᠢᠪᠠ᠃
① ᠼᠦᠢ (吹) ᠭᠣᠣᠯ ᠪᠤᠶᠤ ᠼᠦᠢ (垂) ᠭᠣᠣᠯ ᠴᠣ ᠭᠡᠳᠡᠭ᠂ ᠳᠠᠩ ᠤᠯᠤᠰ ᠤ᠋ᠨ ᠦᠶᠡ ᠳ᠋ᠦ᠍ ᠰᠦᠢ ᠶᠧ ᠴᠤᠸᠠᠨ(碎叶川) ᠭᠡᠳᠡᠭ ᠪᠠᠢᠪᠠ᠃
② 1246 ᠣᠨ ᠳ᠋ᠤ᠌ ᠷᠣᠮᠠ ᠶ᠋ᠢᠨ ᠱᠠᠰᠢᠨ ᠤ᠋ ᠬᠠᠭᠠᠨ ᠤ᠋ ᠮᠣᠩᠭᠣᠯ ᠳ᠋ᠤ᠌ ᠲᠣᠮᠢᠯᠠᠭᠰᠠᠨ ᠡᠯᠴᠢ᠃
③ ᠹᠷᠠᠨᠼᠢ ᠶ᠋ᠢᠨ ᠸᠠᠩ ᠯᠦᠶᠢ ᠶᠢᠰᠦᠳᠦᠭᠡᠷ ᠦ᠋ᠨ ᠵᠠᠷᠯᠢᠭ ᠢ᠋ᠶ᠋ᠠᠷ ᠮᠣᠩᠭᠣᠯ ᠳ᠋ᠤ᠌ ᠡᠯᠴᠢᠯᠡᠪᠡ᠃
④ ᠴᠠᠩ ᠳᠧ ᠶ᠋ᠢᠨ ᠡᠯᠴᠢᠯᠡᠭᠰᠡᠨ ᠲᠡᠮᠳᠡᠭᠯᠡᠯ᠂ ᠯᠢᠦ ᠢᠦᠢ ᠶ᠋ᠢᠨ《ᠪᠠᠷᠠᠭᠤᠨᠰᠢ ᠡᠯᠴᠢᠯᠡᠭᠰᠡᠨ ᠲᠡᠮᠳᠡᠭᠯᠡᠯ》 ᠳ᠋ᠦ᠍ ᠦᠵᠡ᠃
⑤ ᠰᠠᠷᠲ ᠬᠥᠮᠦᠨ( sarts )᠂ ᠪᠤᠬᠠᠷ ᠣᠷᠴᠢᠮ ᠰᠠᠭᠤᠵᠤ ᠪᠠᠢᠭᠰᠠᠨ ᠨᠢᠭᠡ ᠠᠢᠮᠠᠭ᠃