ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠶᠡᠷᠦᠩᠬᠡᠢ ᠣᠷᠣᠰᠢᠯ> Долоон усны түүх – [орос] Бартулд зохиов <ерөнхий оршил> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠶᠡᠷᠦᠩᠬᠡᠢ ᠣᠷᠣᠰᠢᠯ> Долоон усны түүх – [орос] Бартулд зохиов <ерөнхий оршил>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ ᠵᠣᠬᠢᠶᠠᠪᠠ <ᠶᠡᠷᠦᠩᠬᠡᠢ ᠣᠷᠣᠰᠢᠯ> Долоон усны түүх – [орос] Бартулд зохиов <ерөнхий оршил>

ᠠᠩᠭᠢᠯᠠᠯ:ᠲᠡᠦᠬᠡ ᠰᠣᠶᠣᠯ
2026-01-05

429

ᠶᠡᠷᠦᠩᠬᠡᠢ ᠣᠷᠣᠰᠢᠯ

   
                                  ᠵᠠᠬᠠᠲᠠᠢ ᠴᠢᠮᠡᠳᠳᠣᠷᠵᠢ 

       ᠮᠣᠩᠭᠣᠯ ᠰᠤᠳᠤᠯᠤᠯ ᠪᠣᠯ ᠮᠣᠩᠭᠣᠯᠴᠤᠳ ᠪᠣᠯᠤᠨ ᠲᠡᠭᠦᠨ ᠦ᠌ ᠢᠵᠠᠭᠤᠷ ᠦᠨᠳᠦᠰᠦ ᠨᠢᠭᠡ ᠲᠡᠢ ᠦᠨᠳᠦᠰᠦᠲᠡᠨ ᠨᠦ᠍ᠭᠦᠳ ᠦ᠋ᠨ ᠨᠡᠢᠭᠡᠮ᠂ ᠲᠡᠦᠬᠡ᠂ ᠰᠣᠶᠣᠯ᠂ ᠬᠡᠯᠡ᠂ ᠤᠳᠬ᠎ᠠ ᠵᠣᠬᠢᠶᠠᠯ᠂ ᠠᠵᠤ ᠠᠬᠤᠢ᠂ ᠬᠠᠤᠯᠢ ᠵᠦᠢ᠂ ᠵᠠᠩ ᠠᠭᠠᠯᠢ ᠵᠡᠷᠭᠡ ᠶ᠋ᠢ ᠰᠤᠳᠤᠯᠳᠠᠭ ᠶᠡᠷᠦᠩᠬᠡᠢᠯᠡᠭᠰᠡᠨ ᠴᠢᠨᠠᠷᠲᠠᠢ ᠡᠷᠳᠡᠮ ᠰᠢᠨᠵᠢᠯᠡᠭᠡᠨ ᠦ᠌ ᠲᠤᠰᠬᠠᠢ ᠮᠡᠷᠭᠡᠵᠢᠯ ᠪᠣᠯᠬᠤ ᠶᠤᠮ᠃ ᠮᠣᠩᠭᠣᠯᠴᠤᠳ ᠳᠡᠯᠡᠬᠡᠢ ᠶ᠋ᠢᠨ ᠲᠡᠦᠬᠡᠨ᠎ᠡ ᠭᠠᠪᠢᠶ᠎ᠠ ᠵᠢᠳᠬᠦᠯ ᠦᠵᠡᠭᠦᠯᠵᠦ ᠤᠯᠠ ᠮᠥᠷ ᠢ᠋ᠶ᠋ᠡᠨ ᠲᠣᠳᠣ ᠰᠠᠢᠬᠠᠨ ᠦᠯᠡᠳᠡᠭᠡᠭᠰᠡᠨ ᠮᠥᠷᠲᠡᠭᠡᠨ ᠬᠥᠮᠦᠨ ᠲᠥᠷᠥᠯᠬᠢᠲᠡᠨ ᠦ᠌ ᠰᠣᠶᠣᠯ ᠪᠣᠯᠪᠠᠰᠤᠨ ᠳ᠋ᠤ᠌ ᠨᠥᠯᠥᠭᠡ ᠰᠣᠶᠣᠷᠬᠠᠯ ᠭᠠᠷᠭᠠᠵᠤ ᠭᠡᠷᠡᠯ ᠭᠢᠯᠪᠠᠭ᠎ᠠ ᠪᠠᠨ ᠰᠠᠴᠤᠷᠠᠭᠤᠯᠤᠭᠰᠠᠨ ᠪᠣᠯᠬᠣᠷ᠂ ᠬᠡᠳᠦᠨ ᠵᠠᠭᠤᠨ ᠣᠨ ᠤ᠋ ᠡᠮᠦᠨ᠎ᠡ ᠡᠴᠡ ᠭᠠᠳᠠᠭᠠᠳᠤ ᠶ᠋ᠢᠨ ᠣᠯᠠᠨ ᠤᠯᠤᠰ ᠣᠷᠣᠨ ᠳ᠋ᠤ᠌ ᠮᠣᠩᠭᠣᠯᠴᠤᠳ ᠤ᠋ᠨ ᠲᠡᠦᠬᠡ ᠰᠣᠶᠣᠯ ᠢ᠋ ᠰᠤᠳᠤᠯᠬᠤ ᠦᠢᠯᠡ ᠠᠵᠢᠯᠯᠠᠭ᠎ᠠ ᠥᠷᠨᠢᠵᠦ᠂ ᠤᠯᠠᠮ ᠢ᠋ᠶ᠋ᠠᠷ19 ᠳ᠋ᠦ᠍ᠭᠡᠷ ᠵᠠᠭᠤᠨ ᠤ᠋ ᠳᠤᠮᠳᠠᠴᠢ ᠠ᠋ᠴᠠ《ᠮᠣᠩᠭᠣᠯ ᠰᠣᠳᠤᠯᠤᠯ》 ᠭᠡᠰᠡᠨ ᠡᠷᠳᠡᠮ ᠰᠢᠨᠵᠢᠯᠡᠭᠡᠨ ᠦ᠌ ᠲᠤᠰᠬᠠᠢ ᠮᠡᠷᠭᠡᠵᠢᠯ ᠧᠦ᠋ᠷᠣᠫᠠ ᠶ᠋ᠢᠨ ᠤᠯᠤᠰ ᠣᠷᠣᠨ ᠳ᠋ᠤ᠌ ᠪᠦᠷᠢᠳᠦᠨ ᠲᠣᠭᠲᠠᠵᠠᠢ᠃ 
       13 ᠳ᠋ᠤᠭᠠᠷ ᠵᠠᠭᠤᠨ ᠤ᠋ ᠳᠤᠮᠳᠠᠴᠢ ᠪᠠᠷ ᠧᠦ᠋ᠷᠣᠫᠠ ᠶ᠋ᠢᠨ ᠷᠣᠮ ᠤᠨ ᠾᠷᠢᠰᠲ᠋ᠣᠰ ᠱᠠᠰᠢᠨ ᠤ᠋ ᠬᠠᠭᠠᠨ ᠣᠷᠳᠣᠨ ᠠ᠋ᠴᠠ ᠶᠡᠬᠡ ᠮᠣᠩᠭᠣᠯ ᠤᠯᠤᠰ ᠤᠷᠤᠭᠤ ᠫᠯᠡᠨᠤ᠋ ᠺᠠᠷᠫᠢᠨᠢ ᠪᠣᠯᠤᠨ ᠸᠢᠯᠢᠶᠡᠮ ᠷᠦᠪᠷᠦ᠋ᠭ᠌ ᠵᠡᠷᠭᠡ ᠡᠯᠴᠢᠳ ᠢ᠋ᠶ᠋ᠡᠨ ᠲᠣᠮᠢᠯᠠᠵᠤ ᠬᠠᠷᠢᠴᠠᠭ᠎ᠠ ᠬᠣᠯᠪᠣᠭ᠎ᠠ ᠪᠠᠢᠭᠤᠯᠤᠭᠰᠠᠨ ᠠ᠋ᠴᠠ ᠬᠣᠢᠰᠢ᠂ ᠡᠳᠡᠭᠡᠷ ᠡᠯᠴᠢᠳ ᠦ᠋ᠨ ᠪᠢᠴᠢᠭᠰᠡᠨ ᠵᠢᠭᠤᠯᠴᠢᠯᠠᠯ ᠤ᠋ᠨ ᠲᠡᠮᠳᠡᠭᠯᠡᠯ ᠦ᠋ᠳ ᠨᠢ ᠧᠦ᠋ᠷᠣᠫᠠ ᠣᠷᠣᠨ ᠳ᠋ᠤ᠌ ᠬᠠᠮᠤᠭ ᠤᠨ ᠠᠩᠬᠠᠨ ᠤ᠋ ᠮᠣᠩᠭᠣᠯᠴᠤᠳ ᠤ᠋ᠨ ᠲᠤᠬᠠᠢ ᠰᠤᠷᠠᠭ ᠴᠢᠮᠡᠭᠡ᠂ ᠣᠢᠯᠠᠭᠠᠯᠲᠠ ᠮᠡᠳᠡᠯᠭᠡ ᠨᠦ᠍ᠭᠦᠳ ᠢ᠋ ᠳᠠᠮᠵᠢᠭᠤᠯᠤᠭᠰᠠᠨ  ᠪᠠᠢᠳᠠᠭ᠃ ᠮᠣᠩᠭᠣᠯ ᠶᠤᠸᠠᠨ ᠤᠯᠤᠰ ᠪᠠᠢᠭᠤᠯᠤᠭᠳᠠᠵᠤ᠂ ᠴᠢᠨᠠᠭᠰᠢᠯᠠᠨ ᠧᠦ᠋ᠷᠣᠫᠠ᠂ ᠲᠥᠪ ᠠᠽᠢᠶ᠎ᠠ ᠶ᠋ᠢᠨ ᠣᠷᠣᠨ ᠳ᠋ᠤ᠌ ᠢᠯ ᠬᠠᠭᠠᠨᠲᠤ ᠤᠯᠤᠰ᠂ ᠬᠢᠪᠴᠠᠭ ᠬᠠᠭᠠᠨᠲᠤ ᠤᠯᠤᠰ ᠬᠢᠭᠡᠳ ᠴᠠᠭᠠᠲᠠᠢ ᠬᠠᠭᠠᠨᠲᠤ ᠤᠯᠤᠰ ᠪᠠᠢᠭᠤᠯᠤᠭᠳᠠᠬᠤ ᠶ᠋ᠢᠨ ᠳᠠᠭᠠᠤ᠂ ᠳᠣᠷᠣᠨᠠᠲᠤ ᠥᠷᠥᠨᠡᠲᠦ ᠶ᠋ᠢᠨ ᠬᠣᠭᠣᠷᠣᠨᠳᠣᠬᠢ ᠵᠠᠮ ᠬᠠᠷᠢᠯᠴᠠᠭ᠎ᠠ ᠨᠡᠭᠡᠭᠡᠭᠳᠡᠵᠦ᠂ ᠵᠦᠢᠯ ᠪᠦᠷᠢ ᠶ᠋ᠢᠨ ᠰᠣᠶᠣᠯ ᠪᠣᠯᠪᠠᠰᠤᠨ ᠬᠠᠷᠢᠯᠴᠠᠨ ᠲᠠᠨᠢᠯᠴᠠᠨ ᠬᠠᠷᠢᠯᠴᠠᠨ ᠨᠥᠯᠥᠭᠡᠯᠡᠯᠳᠦᠵᠦ᠂ ᠡᠨᠡ ᠦᠶ᠎ᠡ ᠶ᠋ᠢᠨ ᠲᠡᠦᠬᠡ᠂ ᠬᠡᠯᠡ ᠰᠣᠶᠣᠯ ᠲᠠᠢ ᠬᠣᠯᠪᠣᠭᠳᠠᠭᠰᠠᠨ ᠯᠠᠲ᠋ᠢᠨ᠂ ᠭᠷᠧᠭ᠂ ᠠᠷᠠᠪ᠂ ᠫᠧᠷᠰ᠂ ᠠᠷᠮᠸᠨᠢᠶ᠎ᠡ᠂ ᠬᠢᠦᠷᠬᠢᠶ᠎ᠡ ᠬᠢᠭᠡᠳ ᠲᠥᠷᠥᠭ ᠬᠡᠯᠡᠨ ᠦ᠌ ᠣᠯᠠᠨ ᠠᠷᠪᠢᠨ ᠲᠡᠦᠬᠡᠨ ᠰᠣᠷᠪᠤᠯᠵᠢᠰ ᠨᠣᠮ ᠪᠦᠲᠦᠭᠡᠯ ᠦ᠋ᠳ ᠪᠦᠷᠢᠳᠦᠨ ᠬᠠᠳᠠᠭᠠᠯᠠᠭᠳᠠᠵᠠᠢ᠃ ᠡᠭᠦᠨ ᠦ᠌ ᠳᠣᠲᠣᠷ᠎ᠠ《ᠮᠠᠷᠺᠣ ᠫᠣᠯᠣ ᠶ᠋ᠢᠨ ᠠᠶᠠᠯᠠᠯ ᠤ᠋ᠨ ᠲᠡᠮᠳᠡᠭᠯᠡᠯ》᠂   ᠷᠠᠰᠢᠳ᠋— ᠠᠳ᠋— ᠳ᠋ᠢᠨ ᠦ᠌《ᠲᠡᠦᠬᠡᠰ ᠦ᠋ᠨ ᠴᠢᠭᠤᠯᠭᠠᠨ》᠂ ᠵᠦᠸᠡᠢᠨᠢ ᠶ᠋ᠢᠨ《 ᠳᠡᠯᠡᠬᠡᠢ ᠶ᠋ᠢ ᠪᠠᠢᠯᠳᠤᠨ ᠳᠠᠭᠠᠭᠤᠯᠤᠭᠴᠢᠳ ᠤ᠋ᠨ ᠲᠡᠦᠬᠡ》᠂  ᠸᠠᠰᠰᠠᠧ ᠤᠨ《ᠢᠯ ᠬᠠᠭᠠᠨ ᠤ᠋ ᠲᠡᠦᠬᠡᠨ ᠲᠡᠮᠳᠡᠭᠯᠡᠯ》 ᠵᠡᠷᠭᠡ ᠪᠣᠢ᠃ 
       16 ᠳ᠋ᠤᠭᠠᠷ ᠵᠠᠭᠤᠨ ᠤ ᠰᠡᠭᠦᠯᠴᠢ ᠠ᠋ᠴᠠ17 ᠳ᠋ᠤᠭᠠᠷ ᠵᠠᠭᠤᠨ ᠬᠦᠷᠲᠡᠯ᠎ᠡ᠂ ᠥᠷᠥᠨᠡᠳᠠᠬᠢᠨ ᠤ᠋ ᠾᠷᠢᠰᠲ᠋ᠣᠰ ᠤ᠋ᠨ ᠱᠠᠰᠢᠨ ᠤ᠋ ᠬᠠᠷ᠎ᠠ ᠯᠠᠮᠠ ᠨᠠᠷ ᠳᠤᠮᠳᠠᠳᠤ ᠤᠯᠤᠰ ᠲᠤ ᠱᠠᠰᠢᠨ ᠳᠡᠯᠭᠡᠷᠡᠭᠦᠯᠬᠦ ᠦᠢᠯᠡ ᠶᠠᠪᠤᠳᠠᠯ ᠪᠣᠯᠤᠨ ᠣᠷᠣᠰ ᠤᠯᠤᠰ ᠠ᠋ᠴᠠ ᠲᠥᠪ ᠠᠽᠢᠶ᠎ᠠ᠂ ᠮᠣᠩᠭᠣᠯ ᠪᠣᠯᠤᠨ ᠠᠯᠤᠰ ᠳᠣᠷᠣᠨᠠᠲᠤ ᠶ᠋ᠢᠨ ᠣᠷᠣᠨ ᠪᠦᠰᠡ ᠤᠷᠤᠭᠤ ᠨᠤᠲᠤᠭ ᠳᠡᠪᠢᠰᠬᠡᠷ ᠢ᠋ᠶ᠋ᠡᠨ ᠳᠠᠯᠠᠨ ᠥᠷᠭᠡᠳᠬᠡᠬᠦ ᠶᠠᠪᠤᠴᠠ ᠶ᠋ᠢᠨ ᠳᠠᠭᠠᠤ᠂ ᠮᠣᠩᠭᠣᠯ ᠦᠨᠳᠦᠰᠦᠲᠡᠨ ᠬᠢᠭᠡᠳ ᠮᠣᠩᠭᠣᠯ ᠣᠷᠣᠨ ᠤ᠋ ᠲᠤᠬᠠᠢ ᠰᠤᠳᠤᠯᠭᠠᠨ ᠲᠠᠬᠢᠨ ᠥᠷᠨᠢᠵᠦ ᠡᠬᠢᠯᠡᠪᠡ᠃ ᠡᠨᠡ ᠦᠶ᠎ᠡ ᠳ᠋ᠦ᠍ ᠵᠣᠬᠢᠶᠠᠭᠳᠠᠭᠰᠠᠨ ᠾᠷᠢᠰᠲ᠋ᠣᠰ ᠤ᠋ᠨ ᠱᠠᠰᠢᠨ ᠤ᠋ ᠬᠠᠷ᠎ᠠ ᠯᠠᠮᠠ ᠨᠠᠷ ᠤ᠋ᠨ ᠵᠣᠬᠢᠶᠠᠯ ᠪᠦᠲᠦᠭᠡᠯ ᠬᠢᠭᠡᠳ ᠣᠷᠣᠰ ᠤ᠋ᠨ ᠣᠯᠠᠨ ᠠᠷᠪᠢᠨ ᠭᠠᠳᠠᠭᠠᠳᠤ ᠬᠠᠷᠢᠯᠴᠠᠭᠠᠨ ᠤ᠋ ᠰᠠᠢᠳ ᠲᠦᠰᠢᠮᠡᠳ᠂ ᠡᠯᠴᠢᠳ ᠪᠣᠯᠤᠨ ᠵᠣᠷᠴᠢᠭᠴᠢᠳ ᠤ᠋ᠨ ᠴᠤᠭᠯᠠᠭᠤᠯᠵᠤ ᠡᠮᠬᠢᠳᠬᠡᠭᠰᠡᠨ ᠮᠣᠩᠭᠣᠯ ᠬᠡᠯᠡ᠂ ᠲᠡᠦᠬᠡ᠂ ᠤᠳᠬ᠎ᠠ ᠵᠣᠬᠢᠶᠠᠯ᠂ ᠱᠠᠰᠢᠨ ᠰᠢᠲᠦᠭᠡᠨ᠂ ᠵᠠᠩ ᠠᠭᠠᠯᠢ ᠵᠢᠴᠢ ᠭᠠᠵᠠᠷ ᠵᠦᠢ ᠶ᠋ᠢᠨ ᠬᠠᠮᠢᠶᠠᠲᠠᠢ ᠰᠤᠷᠪᠤᠯᠵᠢ ᠲᠡᠮᠳᠡᠭᠯᠡᠯ ᠦ᠋ᠳ ᠶᠡᠬᠡ ᠬᠡᠮᠵᠢᠶ᠎ᠡ ᠪᠡᠷ ᠨᠡᠮᠡᠭᠳᠡᠨ᠂ ᠥᠷᠥᠨᠡᠳᠠᠬᠢᠨ ᠤ᠋ ᠮᠣᠩᠭᠣᠯ ᠰᠤᠳᠤᠯᠤᠯ ᠤ᠋ᠨ ᠰᠤᠷᠪᠤᠯᠵᠢ ᠪᠢᠴᠢᠭ ᠦ᠋ᠨ ᠰᠠᠭᠤᠷᠢ ᠶ᠋ᠢ  ᠪᠦᠷᠢᠯᠳᠦᠭᠦᠯᠵᠦ ᠥᠭᠴᠡᠢ᠃18 ᠳ᠋ᠤᠭᠠᠷ ᠵᠠᠭᠤᠨ ᠤ᠋ ᠰᠡᠭᠦᠯ ᠬᠠᠭᠠᠰ ᠪᠣᠯᠬᠤ ᠳ᠋ᠤ᠌᠂ ᠣᠷᠣᠰ ᠬᠠᠭᠠᠨᠲᠤ ᠤᠯᠤᠰ ᠤ᠋ᠨ ᠰᠢᠨᠵᠢᠯᠡᠬᠦ ᠤᠬᠠᠭᠠᠨ ᠤ᠋ ᠠᠺᠠᠳᠧᠮᠢ ᠪᠠᠢᠭᠤᠯᠤᠭᠳᠠᠵᠤ᠂ ᠧᠦ᠋ᠷᠣᠫᠠ ᠶ᠋ᠢᠨ ᠤᠯᠤᠰ ᠤ᠋ᠳ ᠠ᠋ᠴᠠ ᠡᠷᠳᠡᠮᠲᠡᠨ ᠮᠡᠷᠭᠡᠳ ᠢ᠋ ᠤᠷᠢᠨ ᠠᠪᠴᠢᠷᠠᠵᠤ᠂ ᠰᠢᠰᠲ᠋ᠧᠮ ᠲᠡᠢ ᠪᠡᠷ ᠮᠣᠩᠭᠣᠯ ᠰᠤᠳᠤᠯᠤᠯ ᠤ᠋ᠨ ᠦᠢᠯᠡᠰ ᠢ᠋ ᠬᠥᠭᠵᠢᠭᠦᠯᠵᠦ ᠡᠬᠢᠯᠡᠪᠡ᠃  ᠭᠧᠷᠮᠠᠨ ᠤ᠋ ᠪᠠᠢᠭᠠᠯᠢ ᠶ᠋ᠢ ᠰᠢᠨᠵᠢᠭᠡᠴᠢ ᠰᠢᠮᠤᠨ ᠫᠠᠯᠯᠠᠰ(1741—1811) ᠣᠷᠣᠰ ᠤ᠋ᠨ ᠤᠷᠢᠯᠭ᠎ᠠ ᠪᠠᠷ ᠮᠣᠩᠭᠣᠯ ᠣᠷᠣᠨ ᠢ᠋ᠶ᠋ᠠᠷ ᠬᠡᠭᠡᠷ᠎ᠡ ᠶ᠋ᠢᠨ ᠰᠢᠨᠵᠢᠯᠡᠭᠡ ᠬᠢᠵᠦ᠂1776—1801 ᠣᠨ ᠤ᠋ ᠬᠣᠭᠣᠷᠣᠨᠳᠣ ᠰᠠᠨᠲ ᠫᠧᠲᠧᠷᠪᠦ᠋ᠷᠡᠩ ᠬᠣᠲᠠᠨ᠎ᠠ ᠭᠧᠷᠮᠠᠨ ᠬᠡᠯᠡ ᠪᠡᠷ ᠬᠣᠶᠠᠷ ᠪᠣᠳᠢ ᠪᠦᠬᠦᠢ ᠬᠠᠯᠢᠮᠠᠭ ᠮᠣᠩᠭᠣᠯ ᠤ᠋ᠨ ᠲᠤᠬᠠᠢ ᠰᠤᠳᠤᠯᠭᠠᠨ ᠪᠣᠯᠤᠨ ᠬᠣᠪᠣᠷ ᠨᠠᠨᠳᠢᠨ ᠮᠠᠲ᠋ᠧᠷᠢᠶᠠᠯ ᠤ᠋ᠳ ᠢ᠋《ᠮᠣᠩᠭᠣᠯ ᠦᠨᠳᠦᠰᠦᠲᠡᠨ ᠦ᠌ ᠲᠤᠬᠠᠢ ᠮᠡᠳᠡᠭᠡᠯᠡᠯ》 ᠭᠡᠰᠡᠨ ᠠᠯᠳᠠᠷᠲᠤ ᠪᠦᠲᠦᠭᠡᠯ ᠳ᠋ᠡᠭᠡᠨ ᠪᠠᠭᠲᠠᠭᠠᠵᠤ ᠨᠡᠢᠲᠡᠯᠡᠵᠡᠢ᠃ ᠣᠷᠣᠰ ᠤ᠋ᠨ ᠬᠠᠭᠠᠨᠲᠤ ᠤᠯᠤᠰ ᠤ᠋ᠨ ᠰᠢᠨᠵᠢᠯᠡᠬᠦ ᠤᠬᠠᠭᠠᠨ ᠤ᠋ ᠠᠺᠠᠳᠧᠮᠢ ᠶ᠋ᠢᠨ ᠠᠺᠠᠳᠧᠮᠢᠴᠢ᠂ ᠬᠣᠯᠠᠨᠳ᠋ ᠤᠯᠤᠰ ᠤ᠋ᠨ ᠲᠣᠮᠣ ᠡᠷᠳᠡᠮᠲᠡᠨ ᠢᠰᠡᠺ ᠶᠠᠺᠣᠪ ᠱᠮᠢᠲ(1779 —1847 ) 1829 ᠣᠨ ᠳ᠋ᠤ᠌ ᠰᠠᠨᠲ ᠫᠸᠲ᠋ᠸᠷᠢᠪᠦᠷᠩ ᠬᠣᠲᠠᠨ᠎ᠠ ᠮᠣᠩᠭᠣᠯ ᠦᠰᠦᠭ ᠦ᠋ᠨ《ᠡᠷᠳᠡᠨᠢ ᠶ᠋ᠢᠨ ᠲᠣᠪᠴᠢ》 ᠪᠣᠯᠤᠨ ᠲᠡᠭᠦᠨ ᠦ᠌ ᠭᠧᠷᠮᠠᠨ ᠣᠷᠴᠢᠭᠤᠯᠭ᠎ᠠ ᠶ᠋ᠢ ᠨᠡᠢᠲᠡᠯᠡᠵᠦ᠂1832 ᠣᠨ ᠳ᠋ᠤ᠌ ᠬᠠᠮᠤᠭ ᠤ᠋ᠨ ᠠᠩᠬᠠᠨ ᠤ᠋《ᠮᠣᠩᠭᠣᠯ ᠬᠡᠯᠡᠨ ᠵᠦᠢ》᠂1835 ᠣᠨ ᠳ᠋ᠤ᠌《ᠮᠣᠩᠭᠣᠯ ᠭᠧᠷᠮᠠᠨ ᠣᠷᠣᠰ ᠲᠣᠯᠢ ᠪᠢᠴᠢᠭ》 ᠢ᠋ ᠬᠡᠪᠯᠡᠭᠦᠯᠵᠡᠢ᠃ ᠫᠣᠯᠱᠠ ᠤᠳᠤᠮᠲᠠᠢ ᠺᠠᠽᠠᠨ ᠶᠡᠬᠡ ᠰᠤᠷᠭᠠᠭᠤᠯᠢ ᠶ᠋ᠢᠨ ᠫᠷᠣᠹᠧᠰᠰᠣᠷ ᠣ· ᠮ· ᠺᠤᠸᠠᠯᠧᠧᠰᠺᠢ(1801 — 1878) 1844 ᠣᠨ ᠳ᠋ᠤ᠌ ᠺᠠᠽᠠᠨ ᠬᠣᠲᠠᠨ᠎ᠠ《ᠮᠣᠩᠭᠣᠯ ᠣᠷᠣᠰ ᠹᠷᠠᠨᠼᠢ ᠲᠣᠯᠢ》 ᠨᠠᠢᠷᠠᠭᠤᠯᠵᠤ᠂ ᠮᠣᠩᠭᠣᠯ ᠬᠡᠯᠡᠨ ᠦ᠌ ᠰᠤᠳᠤᠯᠤᠯ ᠢ᠋ ᠰᠢᠨ᠎ᠡ ᠲᠦᠪᠰᠢᠨ ᠳ᠋ᠦ᠍ ᠬᠦᠷᠭᠡᠭᠰᠡᠨ ᠪᠠᠢᠨ᠎ᠠ᠃ ᠣᠷᠣᠰ ᠤ᠋ᠨ ᠪᠤᠷᠢᠶᠠᠳ ᠮᠣᠩᠭᠣᠯᠴᠢ ᠡᠷᠳᠡᠮᠲᠡᠳ ᠦ᠋ᠨ ᠣᠷᠣᠯᠴᠠᠯᠭ᠎ᠠ ᠲᠠᠢ ᠪᠠᠷ ᠮᠣᠩᠭᠣᠯ ᠤᠳᠬ᠎ᠠ ᠵᠣᠬᠢᠶᠠᠯ ᠬᠢᠭᠡᠳ ᠲᠡᠦᠬᠡ ᠪᠢᠴᠢᠯᠭᠡ ᠶ᠋ᠢᠨ ᠰᠤᠳᠤᠯᠭ᠎ᠠ ᠡᠷᠴᠢᠮᠲᠡᠢ ᠶᠠᠪᠤᠭᠳᠠᠵᠤ ᠶᠡᠬᠡᠬᠡᠨ ᠠᠮᠵᠢᠯᠲᠠ ᠭᠠᠷᠭᠠᠭᠰᠠᠨ ᠪᠠᠢᠨ᠎ᠠ᠃1836 ᠣᠨ ᠳ᠋ᠤ᠌ ᠠ‍· ᠫᠣᠫᠣᠸ ᠺᠠᠽᠠᠨ ᠬᠣᠲᠠᠨ᠎ᠠ《ᠮᠣᠩᠭᠣᠯ ᠤᠳᠬ᠎ᠠ ᠵᠣᠬᠢᠶᠠᠯ ᠤ᠋ᠨ ᠡᠮᠬᠢᠳᠬᠡᠯ》 ᠢ᠋ ᠨᠡᠢᠲᠡᠯᠡᠵᠦ᠂ ᠲᠤᠰ ᠣᠨ ᠳ᠋ᠤ᠌ ᠶ· ᠱᠮᠢᠲ ᠰᠠᠨᠲ ᠫᠸᠲ᠋ᠸᠷᠢᠪᠦᠷᠩ ᠬᠣᠲᠠᠨ᠎ᠠ《ᠭᠡᠰᠡᠷ ᠲᠤᠤᠯᠢ》 ᠶ᠋ᠢ᠂ 1858 ᠣᠨ ᠳ᠋ᠤ᠌ ᠠ‍ · ᠭᠣᠮᠪᠤᠶᠸᠸ《ᠬᠤᠷᠢᠶᠠᠩᠭᠤᠢ ᠠᠯᠲᠠᠨ ᠲᠣᠪᠴᠢ》 ᠵᠡᠷᠭᠡ ᠶ᠋ᠢ ᠬᠡᠪᠯᠡᠭᠦᠯᠦᠨ ᠨᠡᠢᠲᠡᠯᠡᠵᠡᠢ᠃ ᠭᠧᠷᠮᠠᠨ ᠤᠳᠤᠮᠲᠠᠢ ᠱᠠᠰᠢᠨ ᠳᠡᠯᠭᠡᠷᠡᠭᠦᠯᠦᠭᠴᠢ ᠶᠣ· ᠶᠸᠷᠢᠭ᠌(? — 1795) ᠣᠷᠣᠰ ᠲᠤ᠌ ᠪᠠᠢᠬᠤ ᠳ᠋ᠠᠭᠠᠨ ᠫᠠᠯᠯᠠᠰ ᠲᠤ᠌ ᠪᠠᠷ᠎ᠠ ᠪᠣᠯᠵᠤ᠂ ᠬᠠᠯᠢᠮᠠᠭ ᠨᠤᠲᠤᠭ ᠢ᠋ᠶ᠋ᠠᠷ ᠠᠶᠠᠯᠠᠵᠤ ᠪᠠᠢᠴᠠᠭᠠᠬᠤ ᠶ᠋ᠢᠨ ᠳᠠᠭᠠᠤ1779 ᠣᠨ ᠠ᠋ᠴᠠ ᠡᠬᠢᠯᠡᠨ ᠢᠷᠺᠥ᠋ᠽᠠᠺ ᠪᠣᠯᠤᠨ ᠬᠢᠶᠠᠭᠲᠤ ᠵᠡᠷᠭᠡ ᠣᠷᠣᠨ ᠨᠤᠲᠤᠭ ᠢ᠋ᠶ᠋ᠠᠷ ᠶᠠᠪᠤᠵᠤ᠂ ᠣᠯᠠᠨ ᠠᠷᠪᠢᠨ ᠮᠣᠩᠭᠣᠯ ᠦᠰᠦᠭ ᠦ᠋ᠨ ᠭᠠᠷ ᠪᠢᠴᠢᠮᠡᠯ ᠦ᠋ᠳ ᠢ᠋ ᠴᠤᠭᠯᠠᠭᠤᠯᠵᠤ᠂ ᠡᠳᠡᠭᠡᠷ ᠦ᠋ᠳ ᠦ᠋ᠨ ᠵᠠᠷᠢᠮ ᠢ᠋ ᠭᠧᠷᠮᠠᠨ ᠤ᠋ ᠭᠣᠲ᠋ᠲ᠋ᠶ᠋ᠠᠬ᠌ᠧᠨ ᠬᠣᠲᠠ ᠶ᠋ᠢᠨ ᠨᠣᠮ ᠤ᠋ᠨ ᠰᠠᠩ ᠳ᠋ᠤ᠌ ᠬᠦᠷᠭᠡᠵᠦ ᠥᠭᠭᠦᠭᠰᠡᠨ ᠪᠠᠢᠨ᠎ᠠ᠃ ᠡᠳᠡᠭᠡᠷ ᠮᠠᠲ᠋ᠧᠷᠢᠶᠠᠯ ᠤ᠋ᠳ ᠤ᠋ᠨ ᠵᠠᠷᠢᠮ ᠵᠦᠢᠯᠡᠰ ᠢ᠋1802 ᠣᠨ ᠳ᠋ᠤ᠌ ᠪᠸᠷᠭᠮᠡᠨ ᠭᠡᠳᠡᠭ ᠡᠷᠳᠡᠮᠲᠡᠨ ᠷᠢᠭ᠎ᠠ ᠬᠣᠲᠠᠨ᠎ᠠ ᠬᠡᠪᠯᠡᠭᠦᠯᠦᠨ ᠨᠡᠢᠲᠡᠯᠡᠵᠦ᠂ ᠭᠧᠷᠮᠠᠨ ᠤ᠋ ᠮᠣᠩᠭᠣᠯ ᠰᠤᠳᠤᠯᠤᠯ ᠤ᠋ᠨ ᠡᠬᠢᠯᠡᠯ ᠢ᠋ ᠨᠡᠭᠡᠭᠡᠭᠰᠡᠨ ᠶᠦᠮ᠃ ᠡᠨᠡ ᠦᠶ᠎ᠡ ᠳ᠋ᠦ᠍ ᠰᠸᠧᠳᠧᠨ ᠤᠯᠤᠰ ᠤ᠋ᠨ ᠡᠷᠳᠡᠮᠲᠡᠨ ᠠᠪᠷᠠᠠᡁᠠᠮ ᠳ᠋ᠤᠰᠰᠤᠨ(1779 — 1851) ᠶᠡᠬᠡ ᠬᠡᠮᠵᠢᠶᠡᠨ ᠦ᠌ ᠫᠧᠷᠰ᠂ ᠲᠥᠷᠥᠭ᠂ ᠠᠷᠠᠪ᠂ ᠬᠸᠦᠷᠬᠢᠶ᠎ᠡ᠂ ᠯᠠᠲ᠋ᠢᠨ ᠬᠡᠯᠡᠨ ᠦ᠌ ᠮᠠᠲ᠋ᠧᠷᠢᠶᠠᠯ ᠰᠣᠷᠪᠣᠯᠵᠢᠰ ᠢ᠋ ᠠᠰᠢᠭᠯᠠᠨ᠂1824 ᠣᠨ ᠳ᠋ᠤ᠌ ᠫᠠᠷᠢᠰ ᠬᠣᠲᠠᠨ᠎ᠠ ᠹᠷᠠᠨᠼᠢ ᠬᠡᠯᠡᠨ ᠳ᠋ᠦ᠍《ᠴᠢᠩᠭᠢᠰ ᠬᠠᠭᠠᠨ ᠠ᠋ᠴᠠ ᠡᠬᠢᠯᠡᠨ ᠲᠡᠮᠦᠷ ᠪᠡᠬᠢ ᠪᠤᠶᠤ ᠳᠣᠭᠣᠯᠠᠩ ᠲᠡᠮᠦᠷ ᠬᠦᠷᠲᠡᠯᠡᠬᠢ ᠮᠣᠩᠭᠣᠯ ᠤ᠋ᠨ ᠲᠡᠦᠬᠡ》 ᠭᠡᠰᠡᠨ ᠠᠯᠳᠠᠷᠲᠤ ᠪᠦᠲᠦᠭᠡᠯ ᠢ᠋ᠶ᠋ᠡᠨ ᠬᠡᠪᠯᠡᠭᠦᠯᠪᠡ᠂ ᠰᠡᠭᠦᠯ ᠳ᠋ᠦ᠍ ᠬᠢᠲᠠᠳ ᠡᠷᠳᠡᠮᠲᠡᠨ ᠹᠧᠩ ᠴᠧᠩ ᠵᠢᠶᠦ᠋ᠨ ᠬᠢᠲᠠᠳᠴᠢᠯᠠᠬᠤ ᠳ᠋ᠠᠭᠠᠨ《ᠳ᠋ᠣᠰᠰᠣᠨ ᠤ ᠮᠣᠩᠭᠣᠯ ᠤ᠋ᠨ ᠲᠡᠦᠬᠡ》 ᠭᠡᠵᠦ ᠨᠡᠷᠡᠯᠡᠭᠰᠡᠨ ᠶᠦᠮ᠃ ᠲᠤᠰ ᠨᠣᠮ ᠪᠣᠯ ᠥᠷᠥᠨᠡᠳᠠᠬᠢᠨ ᠤ᠋ ᠡᠷᠳᠡᠮᠲᠡᠳ ᠬᠢᠲᠠᠳ ᠬᠡᠯᠡᠨ ᠡᠴᠡ ᠪᠤᠰᠤ ᠣᠯᠠᠨ ᠵᠦᠢᠯ ᠦ᠋ᠨ ᠦᠰᠦᠭ ᠪᠢᠴᠢᠭ ᠦ᠋ᠨ ᠮᠠᠲ᠋ᠧᠷᠢᠶᠠᠯ ᠤ᠋ᠳ ᠢ᠋ ᠠᠰᠢᠭᠯᠠᠨ ᠪᠢᠴᠢᠭᠰᠡᠨ ᠬᠠᠮᠤᠭ ᠤ᠋ᠨ ᠠᠩᠬᠠᠨ ᠤ᠋ ᠲᠣᠮᠣᠬᠠᠨ ᠲᠡᠦᠬᠡ ᠪᠢᠴᠢᠯᠭᠡ ᠪᠣᠯᠬᠤ ᠶᠤᠮ᠃ ᠹᠷᠠᠨᠼᠢ ᠶ᠋ᠢᠨ ᠡᠷᠳᠡᠮᠲᠡᠨ ᠠᠪᠧᠯ ᠷᠸᠮᠣᠰᠡᠲ(1788—1832) ᠹᠷᠠᠨᠼᠢ ᠶ᠋ᠢᠨ ᠡᠷᠳᠡᠮ ᠰᠢᠨᠵᠢᠯᠡᠭᠡᠨ ᠤ ᠬᠦᠷᠢᠶᠡᠯᠡᠩ ᠳ᠋ᠦ᠍ ᠬᠠᠮᠤᠭ ᠦᠨ ᠠᠩᠬᠠᠨ ᠤ᠋ ᠬᠢᠲᠠᠳ᠂ ᠮᠣᠩᠭᠣᠯ᠂ ᠮᠠᠨᠵᠤ ᠰᠤᠳᠤᠯᠤᠯ ᠤ᠋ᠨ ᠨᠢᠭᠡᠴᠢ ᠪᠠᠢᠭᠤᠯᠵᠤ᠂1822—1824 ᠣᠨ ᠤ᠋ ᠬᠣᠭᠣᠷᠣᠨᠳᠣ ᠢᠯ ᠬᠠᠨ ᠠᠷᠭᠣᠨ ᠪᠣᠯᠤᠨ ᠥᠯᠵᠡᠢᠲᠦ ᠡᠴᠡ ᠹᠷᠠᠨᠼᠢ ᠶ᠋ᠢᠨ ᠬᠠᠭᠠᠨ ᠹᠢᠯᠢᠫ ᠳᠥᠷᠪᠡᠳᠦᠭᠡᠷ ᠲᠦ᠍ ᠢᠯᠡᠭᠡᠭᠰᠡᠨ ᠵᠠᠬᠢᠳᠠᠯ ᠤ᠋ᠳ ᠢ᠋ ᠨᠡᠢᠲᠡᠯᠡᠭᠰᠡᠨ ᠮᠥᠷᠲᠡᠭᠡᠨ《ᠡᠷᠳᠡᠨᠢ ᠶ᠋ᠢᠨ ᠲᠣᠪᠴᠢ》 ᠳ᠋ᠤ᠌ ᠨᠠᠷᠢᠨ ᠭᠦᠨᠵᠡᠭᠡᠢ ᠲᠡᠦᠬᠡᠨ ᠲᠠᠢᠯᠪᠤᠷᠢ ᠵᠡᠭᠦᠯᠲᠡ ᠬᠢᠵᠡᠢ᠃ ᠲᠡᠷᠡ ᠪᠠᠰᠠ ᠬᠢᠲᠠᠳ ᠮᠠᠲ᠋ᠧᠷᠢᠶᠠᠯ ᠤ᠋ᠳ ᠢ᠋ ᠠᠰᠢᠭᠯᠠᠨ ᠶᠡᠬᠡ ᠮᠣᠩᠭᠣᠯ ᠤᠯᠤᠰ ᠤ᠋ᠨ ᠦᠶ᠎ᠡ ᠳ᠋ᠡᠬᠢ ᠰᠦᠪᠡᠲᠡᠢ᠂ ᠶᠸᠯᠢᠤᠢ ᠴᠦᠰᠠᠢ᠂ ᠲᠠᠲᠠᠲᠤᠩᠭ᠎ᠠ ᠵᠡᠷᠭᠡ ᠲᠡᠦᠬᠡᠨ ᠬᠥᠮᠦᠰ ᠢ᠋ ᠰᠤᠳᠤᠯᠵᠤ ᠰᠢᠨᠵᠢᠯᠡᠭᠰᠡᠨ ᠪᠠᠢᠳᠠᠭ᠃ ᠡᠭᠦᠨ ᠦ᠌ ᠳᠠᠷᠠᠭ᠎ᠠ ᠠᠩᠭ᠌ᠯᠢ ᠶ᠋ᠢᠨ ᠲᠡᠦᠬᠡᠴᠢ ᠾᠸᠡᠷᠢ ᠾᠣ᠌ᠸᠣᠷᠽᠢ(1842—1923) ᠠᠩᠭ᠌ᠯᠢ ᠬᠡᠯᠡᠨ ᠳ᠋ᠦ᠍ ᠳᠥᠷᠪᠡᠨ ᠪᠣᠳᠢ ᠪᠦᠬᠦᠢ《ᠮᠣᠩᠭᠣᠯ ᠤ᠋ᠨ ᠲᠡᠦᠬᠡ》 ᠭᠡᠳᠡᠭ ᠲᠣᠮᠣ ᠪᠦᠲᠦᠭᠡᠯ ᠢ᠋ ᠬᠡᠪᠯᠡᠨ ᠨᠡᠢᠲᠡᠯᠡᠵᠦ᠂18—19 ᠳ᠋ᠦ᠍ᠭᠡᠷ ᠵᠠᠭᠤᠨ ᠤ᠋ ᠬᠤᠭᠤᠴᠠᠭᠠᠨ ᠳ᠋ᠤ᠌ ᠧᠦ᠋ᠷᠣᠫᠠ ᠶ᠋ᠢᠨ ᠡᠷᠳᠡᠮᠲᠡᠳ ᠦ᠋ᠨ ᠬᠤᠷᠠᠮᠳᠤᠭᠤᠯᠤᠭᠰᠠᠨ ᠦᠨᠳᠦᠰᠦᠨ ᠪᠦᠲᠦᠭᠡᠯ ᠦ᠋ᠳ ᠢ᠋ ᠬᠠᠮᠤᠷᠤᠨ ᠠᠰᠢᠭᠯᠠᠵᠤ ᠴᠢᠳᠠᠭᠰᠠᠨ ᠪᠠᠢᠪᠠ᠃ ᠣᠷᠣᠰ ᠤ᠋ᠨ ᠮᠣᠩᠭᠣᠯᠴᠢ ᠡᠷᠳᠡᠮᠲᠡᠨ  ᠠ‍· ᠮ· ᠫᠣᠽᠳ᠋ᠨᠢᠶᠸᠸ (1851—1920)ᠰᠡᠨᠲ ᠫᠸᠲ᠋ᠸᠷᠢᠪᠥ᠋ᠷᠡᠭ᠌ ᠶᠡᠬᠡ ᠰᠤᠷᠭᠠᠭᠤᠯᠢ ᠶ᠋ᠢᠨ ᠮᠣᠩᠭᠣᠯ ᠬᠡᠯᠡᠨ ᠫᠷᠣᠹᠧᠰᠰᠣᠷ ᠮᠥᠷᠲᠡᠭᠡᠨ ᠣᠷᠣᠰ ᠤ᠋ᠨ ᠭᠠᠵᠠᠷ ᠵᠦᠢ ᠶ᠋ᠢᠨ ᠨᠡᠢᠭᠡᠮᠯᠢᠭ ᠦ᠋ᠨ ᠴᠢᠬᠤᠯᠠ ᠡᠷᠳᠡᠮᠲᠡᠨ ᠪᠠᠢᠭᠰᠠᠨ ᠤ᠋ ᠬᠤᠪᠢ ᠳ᠋ᠤ᠌᠂ ᠮᠣᠩᠭᠣᠯ ᠣᠷᠣᠨ ᠳ᠋ᠤ᠌ ᠨᠠᠷᠢᠨ ᠭᠦᠨᠵᠡᠭᠡᠢ ᠬᠡᠭᠡᠷ᠎ᠡ ᠶ᠋ᠢᠨ ᠰᠢᠨᠵᠢᠯᠡᠭᠡ ᠬᠢᠵᠦ᠂《ᠮᠣᠩᠭᠣᠯ ᠪᠠ ᠮᠣᠩᠭᠣᠯᠴᠤᠳ》 ᠭᠡᠰᠡᠨ ᠠᠯᠳᠠᠷᠲᠤ ᠪᠦᠲᠦᠭᠡᠯ ᠢ᠋ ᠲᠤᠭᠤᠷᠪᠢᠵᠠᠢ᠃ 
       20 ᠳ᠋ᠤᠭᠠᠷ ᠵᠠᠭᠤᠨ ᠳ᠋ᠤ᠌ ᠣᠷᠣᠬᠤ ᠳ᠋ᠤ᠌᠂ ᠮᠣᠩᠭᠣᠯ ᠰᠤᠳᠤᠯᠤᠯ ᠤᠯᠠᠮ ᠬᠦᠴᠦᠲᠡᠢ ᠬᠥᠭᠵᠢᠵᠦ᠂ ᠣᠯᠠᠨ ᠠᠷᠪᠢᠨ ᠰᠢᠯᠢᠳᠡᠭ ᠮᠣᠩᠭᠣᠯᠴᠢ ᠡᠷᠳᠡᠮᠲᠡᠨ ᠢᠯᠡᠷᠡᠨ ᠭᠠᠷᠴᠤ᠂ ᠡᠯᠪᠡᠭ ᠲᠠᠩᠰᠤᠭ ᠡᠷᠳᠡᠮ ᠰᠢᠨᠵᠢᠯᠡᠭᠡᠨ ᠦ᠌ ᠪᠦᠲᠦᠭᠡᠯ ᠨᠡᠢᠲᠡᠯᠡᠭᠳᠡᠪᠡ᠃ ᠠᠩᠭ᠌ᠯᠢ ᠶ᠋ᠢᠨ ᠲᠡᠦᠬᠡᠴᠢ ᠵ· ᠹ·  ᠪᠠᠳ᠋ᠳ᠋ᠸᠯᠢ (1854—1940) 1910 ᠣᠨ ᠳᠤ ᠯᠣᠨᠳᠣᠨ ᠬᠣᠲᠠᠨ᠎ᠠ《ᠣᠷᠣᠰ᠂ ᠮᠣᠩᠭᠣᠯ᠂ ᠬᠢᠲᠠᠳ》 ᠭᠡᠰᠡᠨ ᠨᠣᠮ ᠬᠡᠪᠯᠡᠭᠦᠯᠵᠦ᠂17—18 ᠳ᠋ᠤᠭᠠᠷ ᠵᠠᠭᠤᠨ ᠤ᠋ ᠦᠶ᠎ᠡ ᠶ᠋ᠢᠨ ᠲᠥᠪ ᠠᠽᠢᠶ᠎ᠠ ᠬᠢᠭᠡᠳ ᠣᠷᠣᠰ᠂ ᠮᠣᠩᠭᠣᠯ ᠬᠢᠲᠠᠳ ᠤ᠋ᠨ ᠬᠣᠭᠣᠷᠣᠨᠳᠣᠬᠢ ᠬᠠᠷᠢᠴᠠᠭ᠎ᠠ ᠶ᠋ᠢ ᠰᠤᠳᠤᠯᠵᠤ᠂ ᠣᠯᠠᠨ ᠠᠷᠪᠢᠨ ᠣᠷᠣᠰ ᠤ᠋ᠨ ᠡᠯᠴᠢᠳ ᠦ᠋ᠨ ᠮᠡᠳᠡᠭᠡᠯᠡᠯ ᠵᠢᠴᠢ ᠪᠤᠰᠤᠳ ᠭᠠᠳᠠᠭᠠᠳᠤ ᠬᠠᠷᠢᠯᠴᠠᠭᠠᠨ ᠤ᠋ ᠳᠠᠩᠰᠠ ᠮᠠᠲ᠋ᠧᠷᠢᠶᠠᠯ ᠤ᠋ᠳ ᠢ᠋ ᠨᠡᠢᠲᠡᠯᠡᠵᠦ ᠢᠷᠯᠡᠭᠦᠯᠦᠭᠰᠡᠨ ᠪᠠᠢᠨ᠎ᠠ᠃ ᠶᠠᠫᠣᠨ ᠤ᠋ ᠡᠷᠳᠡᠮᠲᠡᠨ ᠨᠠᠺᠠ ᠮᠢᠴᠢᠶᠣ᠋(1851—1908)《ᠮᠣᠩᠭᠣᠯ ᠤ᠋ᠨ ᠨᠢᠭᠤᠴᠠ ᠲᠣᠪᠴᠢᠶᠠᠨ》 ᠢ᠋ ᠰᠤᠳᠤᠯᠵᠤ᠂1908 ᠣᠨ ᠳ᠋ᠤ᠌ ᠶᠠᠫᠣᠨ ᠬᠡᠯᠡᠨ ᠳ᠋ᠦ᠍ ᠣᠷᠴᠢᠭᠤᠯᠤᠨ《ᠴᠢᠩᠭᠢᠰ ᠬᠠᠭᠠᠨ ᠤ᠋ ᠮᠠᠭᠠᠳ ᠬᠠᠤᠯᠢ》 ᠭᠡᠰᠡᠨ ᠭᠠᠷᠴᠠᠭ ᠲᠠᠢ ᠪᠠᠷ ᠬᠡᠪᠯᠡᠭᠦᠯᠵᠦ᠂ ᠶᠠᠫᠣᠨ ᠤᠯᠤᠰ ᠤ᠋ᠨ ᠮᠣᠩᠭᠣᠯ ᠰᠤᠳᠤᠯᠤᠯ ᠤ᠋ᠨ ᠡᠬᠢ ᠰᠤᠷᠪᠤᠯᠵᠢ ᠶ᠋ᠢ ᠨᠡᠭᠡᠭᠡᠵᠡᠢ᠃ ᠰᠢᠷᠠᠲ᠋ᠣᠷᠢ ᠺᠤᠷᠡᠺᠢᠴᠢ ᠶᠠᠫᠣᠨ ᠳ᠋ᠤ᠌ ᠳᠣᠷᠣᠨᠠᠳᠠᠬᠢᠨ ᠤ᠋ ᠰᠤᠳᠤᠯᠤᠯ ᠤ᠋ᠨ ᠨᠣᠮ ᠤ᠋ᠨ ᠰᠠᠩ《ᠲᠤᠤᠶᠤ ᠪᠣᠨᠺᠥ᠋》 ᠶ᠋ᠢ ᠴᠣᠭᠴᠠᠯᠠᠵᠤ᠂ ᠶᠠᠫᠣᠨ ᠤ᠋ ᠮᠣᠩᠭᠣᠯ ᠰᠤᠳᠤᠯᠤᠯ ᠳ᠋ᠤ᠌ ᠰᠤᠷᠪᠤᠯᠵᠢ ᠪᠢᠴᠢᠭ ᠦ᠋ᠨ ᠰᠠᠭᠤᠷᠢᠨ ᠢ᠋ ᠲᠠᠯᠪᠢᠭᠰᠠᠨ ᠮᠥᠷᠲᠡᠭᠡᠨ ᠾᠦᠩᠨᠦ᠂ ᠲᠥᠷᠥᠭ᠂ ᠰᠢᠶᠠᠨᠪᠢ᠂ ᠦᠬᠦ ᠲᠠᠷᠯᠠᠬᠢᠨ ᠵᠡᠷᠭᠡ ᠤᠮᠠᠷᠠᠲᠤ ᠶ᠋ᠢᠨ ᠦᠨᠳᠦᠰᠦᠲᠡᠨ ᠤᠭᠰᠠᠭᠠᠲᠠᠨ ᠤ᠋ ᠲᠡᠦᠬᠡ ᠰᠤᠳᠤᠯᠤᠯ ᠳ᠋ᠤ᠌ ᠶᠡᠬᠡᠬᠡᠨ ᠬᠤᠪᠢ ᠨᠡᠮᠡᠷᠢ ᠦᠵᠡᠭᠦᠯᠵᠡᠢ᠃ ᠹᠷᠠᠨᠼᠢ ᠶ᠋ᠢᠨ ᠠᠯᠳᠠᠷᠲᠤ ᠡᠷᠳᠡᠮᠲᠡᠨ ᠫᠸᠯᠯᠢᠤᠲ (1878—1945) ᠲᠡᠦᠬᠡᠨ ᠰᠤᠳᠤᠯᠤᠯ ᠤ᠋ᠨ ᠦᠢᠯᠡ ᠠᠵᠢᠯᠯᠠᠭ᠎ᠠ ᠳ᠋ᠠᠭᠠᠨ ᠮᠠᠰᠢ ᠥᠨᠳᠥᠷ ᠲᠦᠪᠰᠢᠨ ᠦ᠌ ᠬᠡᠯᠡ ᠪᠢᠴᠢᠭ ᠦ᠋ᠨ ᠤᠬᠠᠭᠠᠨ ᠤ᠋ ᠮᠡᠳᠡᠯᠭᠡ ᠶ᠋ᠢ ᠬᠡᠷᠡᠭᠵᠢᠭᠦᠯᠵᠦ᠂ ᠮᠣᠩᠭᠣᠯ ᠲᠡᠦᠬᠡᠨ ᠰᠤᠳᠤᠯᠤᠯ ᠳ᠋ᠠᠬᠢ ᠣᠯᠠᠨ ᠠᠷᠪᠢᠨ ᠬᠦᠨᠳᠦ ᠴᠢᠬᠤᠯᠠ ᠠᠰᠠᠭᠤᠳᠠᠯ ᠢ᠋ ᠲᠣᠳᠣᠷᠬᠠᠢ ᠰᠠᠢᠬᠠᠨ ᠰᠢᠢᠳᠪᠦᠷᠢᠯᠡᠵᠦ᠂ ᠭᠢᠯᠠᠯᠵᠠᠭᠰᠠᠨ ᠠᠮᠵᠢᠯᠲᠠ ᠪᠦᠲᠦᠭᠡᠯ ᠭᠠᠷᠭᠠᠭᠰᠠᠨ ᠶᠤᠮ᠃ ᠲᠡᠭᠦᠨ ᠦ᠌ ᠪᠦᠲᠦᠭᠡᠯ ᠳ᠋ᠦ᠍《ᠮᠣᠩᠭᠣᠯᠴᠤᠳ ᠪᠣᠯᠤᠨ ᠱᠠᠰᠢᠨ ᠤ᠋ ᠬᠠᠭᠠᠨ ᠣᠷᠳᠣᠨ》᠂《ᠪᠣᠭᠳᠠ ᠪᠠᠭᠠᠲᠤᠷ ᠤ᠋ᠨ ᠪᠡᠶ᠎ᠡ ᠪᠡᠷ ᠳᠠᠢᠯᠠᠭᠰᠠᠨ ᠲᠡᠮᠳᠡᠭᠯᠡᠯ ᠦ᠋ᠨ ᠣᠷᠴᠢᠭᠤᠯᠭ᠎ᠠ ᠲᠠᠢᠯᠪᠤᠷᠢ》᠂《ᠮᠠᠷᠺᠣ ᠫᠣᠯᠣ ᠶ᠋ᠢᠨ ᠠᠶᠠᠯᠠᠯ ᠤ᠋ᠨ ᠲᠡᠮᠳᠡᠭᠯᠡᠯ ᠦ᠋ᠨ ᠴᠣᠬᠣᠯᠠᠪᠤᠷᠢ ᠲᠠᠢᠯᠪᠤᠷᠢ》᠂《ᠬᠠᠯᠢᠮᠠᠭ ᠤ᠋ᠨ ᠲᠡᠦᠬᠡ ᠶ᠋ᠢᠨ ᠰᠢᠭᠦᠮᠵᠢ ᠲᠠᠢᠯᠪᠤᠷᠢ》 ᠵᠡᠷᠭᠡ ᠳᠤᠷᠠᠳᠤᠭᠳᠠᠨ᠎ᠠ᠃ ᠡᠳᠡᠭᠡᠷ ᠪᠦᠲᠦᠭᠡᠯ ᠦ᠋ᠳ ᠦ᠋ᠨ ᠵᠣᠩᠬᠢᠯᠠᠬᠤ ᠬᠡᠰᠡᠭ ᠢ᠋ ᠨᠢ ᠲᠡᠭᠦᠨ ᠦ᠌ ᠱᠠᠪᠢ ᠪᠣᠯᠬᠤ ᠯᠣᠢᠰ ᠾᠠᠮᠪᠧᠰ(1906—1978) ᠡᠮᠬᠢᠳᠬᠡᠨ ᠨᠠᠢᠷᠠᠭᠤᠯᠵᠤ᠂ ᠲᠡᠭᠦᠨ ᠢ᠋ ᠲᠠᠭᠠᠯᠠᠯ ᠲᠡᠭᠦᠰᠦᠭᠰᠡᠨ ᠦ᠌ ᠬᠣᠢᠨ᠎ᠠ ᠨᠡᠢᠲᠡᠯᠡᠭᠦᠯᠦᠭᠰᠡᠨ ᠪᠢᠯᠡ᠃ ᠭᠧᠷᠮᠠᠨ ᠤ᠋ ᠮᠣᠩᠭᠣᠯᠴᠢ ᠡᠷᠳᠡᠮᠲᠡᠨ ᠡᠷᠢᠾ ᠾᠢᠢᠨᠢᠰ(1880—1966)1920 ᠣᠨ ᠳ᠋ᠤ᠌ ᠪᠧᠷᠯᠢᠨ ᠶᠡᠬᠡ ᠰᠤᠷᠭᠠᠭᠤᠯᠢ ᠳ᠋ᠤ᠌ ᠮᠣᠩᠭᠣᠯ ᠬᠡᠯᠡᠨ ᠦ᠌ ᠲᠤᠰᠬᠠᠢ ᠮᠡᠷᠭᠡᠵᠢᠯ ᠢ᠋ ᠡᠭᠦᠰᠬᠡᠨ ᠪᠠᠢᠭᠤᠯᠵᠤ᠂ ᠥᠪᠡᠰᠦᠪᠡᠨ ᠮᠣᠩᠭᠣᠯ ᠬᠡᠯᠡᠨ ᠦ᠌ ᠫᠷᠣᠹᠧᠰᠰᠣᠷ ᠪᠣᠯᠤᠭᠰᠠᠨ ᠶᠤᠮ᠃ ᠲᠡᠷᠡ ᠪᠡᠷ ᠭᠦᠨ ᠵᠤᠵᠠᠭᠠᠨ ᠬᠢᠲᠠᠳ᠂ ᠮᠠᠨᠵᠤ᠂ ᠮᠣᠩᠭᠣᠯ ᠰᠤᠳᠤᠯᠤᠯ ᠤ᠋ᠨ ᠥᠷᠭᠡᠨ ᠮᠡᠳᠡᠯᠭᠡ ᠪᠡᠷ ᠢ᠋ᠶ᠋ᠡᠨ ᠮᠣᠩᠭᠣᠯ ᠰᠤᠳᠤᠯᠤᠯ ᠤ᠋ᠨ ᠦᠢᠯᠡᠰ ᠲᠦ᠍ ᠶᠡᠬᠡᠬᠡᠨ ᠬᠤᠪᠢ ᠨᠡᠮᠡᠷᠢ ᠦᠵᠡᠭᠦᠯᠦᠭᠰᠡᠨ ᠪᠠᠢᠳᠠᠭ᠃ ᠲᠡᠷᠡ ᠭᠧᠷᠮᠠᠨ ᠬᠡᠯᠡᠨ ᠳ᠋ᠦ᠍《ᠮᠣᠩᠭᠣᠯ ᠤ᠋ᠨ ᠨᠢᠭᠤᠴᠠ ᠲᠣᠪᠴᠢᠶᠠᠨ》 ᠢ᠋ ᠣᠷᠴᠢᠭᠤᠯᠵᠤ᠂ ᠯᠠᠲ᠋ᠢᠨ ᠭᠠᠯᠢᠭ ᠲᠤ᠌ ᠮᠣᠩᠭᠣᠯᠴᠢᠯᠠᠨ ᠪᠠᠭᠤᠯᠭᠠᠵᠤ ᠬᠡᠪᠯᠡᠭᠦᠯᠦᠭᠰᠡᠨ ᠨᠢ ᠶᠣᠰᠣᠲᠠᠢ ᠭᠠᠢᠬᠠᠯᠲᠠᠢ ᠪᠦᠲᠦᠭᠡᠯ ᠪᠣᠯᠤᠭᠰᠠᠨ ᠶᠤᠮ᠃ ᠡᠭᠦᠨ ᠡᠴᠡ ᠭᠠᠳᠠᠨ᠎ᠠ ᠲᠡᠷᠡ ᠪᠠᠰᠠ《ᠡᠷᠳᠡᠨᠢ ᠶ᠋ᠢᠨ ᠲᠣᠪᠴᠢ》 ᠶ᠋ᠢ ᠭᠧᠷᠮᠠᠨ ᠬᠡᠯᠡᠨ ᠳ᠋ᠦ᠍ ᠣᠷᠴᠢᠭᠤᠯᠤᠨ ᠨᠡᠢᠲᠡᠯᠡᠵᠦ᠂ ᠭᠧᠷᠮᠠᠨ ᠤ᠋ ᠳᠥᠷᠪᠡᠳᠦᠭᠡᠷ ᠤᠳᠠᠭᠠᠨ ᠤ᠋ ᠲᠦᠷᠹᠠᠨ ᠤ᠋ ᠰᠢᠨᠵᠢᠯᠡᠭᠡᠨ ᠦ᠌ ᠣᠯᠳᠠᠪᠤᠷᠢ ᠳ᠋ᠠᠬᠢ ᠶᠤᠸᠠᠨ ᠤᠯᠤᠰ ᠤ᠋ᠨ ᠦᠶ᠎ᠡ ᠶ᠋ᠢᠨ ᠮᠣᠩᠭᠣᠯ ᠪᠢᠴᠢᠮᠡᠯ ᠦ᠋ᠳ ᠢ᠋ ᠰᠤᠳᠤᠯᠤᠨ ᠰᠢᠨᠵᠢᠯᠡᠵᠦ᠂ ᠲᠠᠢᠯᠪᠤᠷᠢᠯᠠᠨ ᠣᠷᠴᠢᠭᠤᠯᠵᠤ ᠨᠡᠢᠲᠡᠯᠡᠭᠰᠡᠨ ᠶᠦᠮ᠃ ᠣᠷᠣᠰ ᠬᠢᠭᠡᠳ ᠵᠥᠪᠯᠡᠯᠲᠦ ᠬᠣᠯᠪᠣᠭᠠᠲᠤ ᠤᠯᠤᠰ ᠤ᠋ᠨ ᠡᠬᠢᠨ ᠦᠶ᠎ᠡ ᠳ᠋ᠦ᠍ ᠨᠢᠭᠡ ᠪᠦᠯᠦᠭ ᠰᠢᠯᠢᠳᠡᠭ ᠮᠣᠩᠭᠣᠯᠴᠢ ᠡᠷᠳᠡᠮᠲᠡᠳ ᠴᠣᠯᠭᠣᠷᠠᠨ ᠭᠠᠷᠴᠠᠢ᠃ ᠡᠭᠦᠨ ᠳ᠋ᠦ᠍ ᠨ᠂ ᠫᠣᠫᠫᠧ(1897—1991) ᠪᠣᠯ ᠴᠢᠬᠤᠯᠠ ᠡᠷᠳᠡᠮ ᠰᠢᠨᠵᠢᠯᠡᠭᠡᠨ ᠦ᠌ ᠨᠥᠯᠥᠭᠡ ᠪᠦᠬᠦᠢ ᠡᠷᠳᠡᠮᠲᠡᠨ᠃ ᠲᠡᠷᠡ ᠠᠯᠲᠠᠢ ᠲᠥᠷᠥᠯ ᠬᠡᠯᠡᠨ ᠦ᠌ ᠣᠨᠣᠯ ᠤ᠋ᠨ ᠰᠠᠭᠤᠷᠢᠯᠠᠭᠴᠢ ᠶ᠋ᠢᠨ ᠨᠢᠭᠡ ᠪᠣᠯᠵᠤ᠂ ᠦᠯᠡᠮᠵᠢ ᠲᠣᠭᠠᠨ ᠤ᠋ ᠮᠣᠩᠭᠣᠯ ᠬᠡᠯᠡ ᠪᠢᠴᠢᠭ᠂ ᠤᠳᠬ᠎ᠠ ᠵᠣᠬᠢᠶᠠᠯ ᠤ᠋ᠨ ᠬᠠᠮᠢᠶᠠᠲᠠᠢ ᠨᠣᠮ ᠵᠣᠬᠢᠶᠠᠯ᠂ ᠥᠭᠦᠯᠡᠯ ᠦ᠋ᠳ ᠨᠡᠢᠲᠡᠯᠡᠭᠦᠯᠵᠡᠢ᠃《 ᠬᠠᠯᠬ᠎ᠠ ᠠᠮᠠᠨ ᠠᠶᠠᠯᠭᠤᠨ ᠤ᠋ ᠬᠡᠯᠡᠨ ᠵᠦᠢ》᠂《ᠮᠣᠩᠭᠣᠯ ᠪᠢᠴᠢᠭ ᠦ᠋ᠨ ᠬᠡᠯᠡᠨ ᠦ᠌ ᠬᠡᠯᠡᠨ ᠵᠦᠢ》᠂《ᠳᠥᠷᠪᠡᠯᠵᠢᠨ ᠦᠰᠦᠭ》᠂《ᠠᠯᠲᠠᠢ ᠬᠡᠯᠡᠨ ᠦ᠌ ᠬᠠᠷᠢᠴᠠᠭᠤᠯᠤᠭᠰᠠᠨ ᠬᠡᠯᠡᠨ ᠵᠦᠢ》 ᠵᠡᠷᠭᠡ ᠪᠣᠯ ᠲᠡᠭᠦᠨ ᠦ᠌ ᠲᠥᠯᠥᠭᠡᠯᠡᠭᠴᠢ ᠪᠦᠲᠦᠭᠡᠯ ᠦ᠋ᠳ ᠪᠣᠯᠬᠤ ᠶᠤᠮ᠃ ᠲᠤᠬᠠᠢ ᠶ᠋ᠢᠨ ᠦᠶ᠎ᠡ ᠶ᠋ᠢᠨ ᠠᠯᠳᠠᠷᠲᠤ ᠡᠷᠳᠡᠮᠲᠡᠨ ᠦ᠌ ᠳᠣᠲᠣᠷ᠎ᠠ ᠪᠠᠰᠠ  ᠪ · ᠶ· ᠸᠯᠠᠳᠢᠮᠢᠷᠼᠣᠸ(1884—1931) ᠪᠠᠭᠲᠠᠬᠤ ᠶᠣᠰᠣᠲᠠᠢ᠃ ᠲᠡᠭᠦᠨ ᠦ᠌ ᠰᠤᠳᠤᠯᠭᠠᠨ ᠤ᠋ ᠬᠦᠷᠢᠶ᠎ᠡ ᠬᠡᠪᠴᠢᠶ᠎ᠡ ᠨᠢ ᠮᠣᠩᠭᠣᠯ ᠬᠡᠯᠡ ᠪᠢᠴᠢᠭ᠂ ᠤᠳᠬ᠎ᠠ ᠵᠣᠬᠢᠶᠠᠯ᠂ ᠲᠡᠦᠬᠡ ᠵᠡᠷᠭᠡ ᠶ᠋ᠢ ᠬᠠᠮᠤᠷᠴᠤ᠂《ᠮᠣᠩᠭᠣᠯ ᠪᠢᠴᠢᠭ ᠦ᠋ᠨ ᠬᠡᠯᠡ ᠬᠢᠭᠡᠳ ᠬᠠᠯᠬ᠎ᠠ ᠠᠮᠠᠨ ᠠᠶᠠᠯᠭᠤᠨ ᠤ᠋ ᠬᠠᠷᠢᠴᠠᠭᠤᠯᠤᠭᠰᠠᠨ ᠬᠡᠯᠡ ᠵᠦᠢ》᠂《ᠮᠣᠩᠭᠣᠯᠴᠤᠳ ᠤ᠋ᠨ ᠨᠡᠢᠭᠡᠮ ᠦ᠋ᠨ ᠪᠠᠢᠭᠤᠯᠤᠯ ᠤ᠋ᠨ ᠲᠡᠦᠬᠡ》 ᠵᠡᠷᠭᠡ ᠠᠯᠳᠠᠷᠲᠤ ᠪᠦᠲᠦᠭᠡᠯ ᠦ᠋ᠳ ᠢ᠋ ᠲᠤᠭᠤᠷᠪᠢᠨ᠂ ᠲᠡᠦᠬᠡᠨ ᠮᠠᠲ᠋ᠧᠷᠢᠶᠠᠯᠢᠰᠮ ᠢ᠋ᠶ᠋ᠠᠷ ᠮᠣᠩᠭᠣᠯ ᠤ᠋ᠨ ᠡᠷᠲᠡᠨ ᠦ᠌ ᠨᠡᠢᠭᠡᠮ ᠦ᠋ᠨ ᠪᠠᠢᠭᠤᠯᠤᠮᠵᠢ ᠶ᠋ᠢ ᠰᠤᠳᠤᠯᠤᠭᠰᠠᠨ ᠠᠯᠳᠠᠷ ᠴᠤᠤᠲᠤ ᠡᠷᠳᠡᠮᠲᠡᠨ ᠪᠣᠯᠤᠭᠰᠠᠨ ᠶᠤᠮ᠃ ᠠᠯᠲᠠᠢ ᠲᠥᠷᠥᠯ ᠬᠡᠯᠡᠨ ᠦ᠌ ᠣᠨᠣᠯ ᠤ᠋ᠨ ᠮᠠᠭᠠᠳᠯᠠᠯ ᠢ᠋ ᠲᠣᠭᠣᠷᠢᠨ᠂ ᠧᠦ᠋ᠷᠣᠫᠠ ᠳ᠋ᠤ᠌ ᠨᠡᠯᠢᠶᠡᠳ ᠣᠯᠠᠨ ᠡᠷᠳᠡᠮᠲᠡᠳ ᠮᠣᠩᠭᠣᠯ ᠬᠡᠯᠡ ᠶ᠋ᠢ ᠰᠤᠳᠤᠯᠵᠤ ᠠᠮᠵᠢᠯᠲᠠ ᠪᠦᠲᠦᠭᠡᠯ ᠭᠠᠷᠭᠠᠭᠰᠠᠨ ᠪᠠᠢᠳᠠᠭ᠃ ᠬᠠᠮᠤᠭ ᠤ᠋ᠨ ᠴᠢᠬᠤᠯᠠ ᠪᠦᠲᠦᠭᠡᠯ ᠲᠡᠢ ᠨᠢ ᠹᠢᠨᠯᠠᠨᠳ᠋ ᠤ᠋ᠨ ᠠᠯᠳᠠᠷ ᠲᠥᠷᠥᠯ ᠬᠡᠯᠡᠨ ᠦ᠌ ᠣᠨᠣᠯ ᠤ᠋ᠨ ᠦᠨᠳᠦᠰᠦᠯᠡᠭᠴᠢ ᠬ᠂ ᠷᠠᠮᠱᠲ᠋ᠸᠳ᠋(1873—1950) ᠪᠣᠯᠬᠤ ᠶᠤᠮ᠃ ᠲᠡᠷᠡ ᠪᠡᠷ《ᠬᠠᠯᠢᠮᠠᠭ ᠬᠡᠯᠡᠨ ᠦ ᠬᠡᠯᠡ ᠵᠦᠢ》᠂《ᠠᠯᠳᠠᠷ ᠬᠡᠯᠡ ᠰᠢᠨᠵᠢᠯᠡᠯ ᠦ᠋ᠨ ᠤᠳᠤᠷᠢᠳᠬᠠᠯ》 ᠵᠡᠷᠭᠡ ᠶ᠋ᠢ ᠨᠡᠢᠲᠡᠯᠡᠭᠰᠡᠨ ᠪᠠᠢᠳᠠᠭ᠃ ᠣᠩᠭᠠᠷ ᠤ᠋ᠨ ᠯ᠂ ᠯᠢᠭᠸᠲ(1902—1987)《ᠢᠰᠲ᠋ᠠᠠᠪᠥ᠋ᠯ ᠦ᠋ᠨ ᠮᠣᠩᠭᠣᠯ ᠬᠡᠯᠡᠨ ᠦ᠌ ᠲᠣᠯᠢ》᠂《ᠮᠣᠩᠭᠣᠯ ᠤ᠋ᠨ ᠨᠢᠭᠤᠴᠠ ᠲᠣᠪᠴᠢᠶᠠᠨ ᠤ᠋ ᠰᠤᠳᠤᠯᠤᠯ》᠂《ᠭᠠᠨᠵᠤᠤᠷ ᠤ᠋ᠨ ᠮᠣᠩᠭᠣᠯ ᠣᠷᠴᠢᠭᠤᠯᠭ᠎ᠠ ᠶ᠋ᠢᠨ ᠭᠠᠷᠴᠠᠭ》 ᠵᠡᠷᠭᠡ ᠪᠦᠲᠦᠭᠡᠯ ᠨᠡᠢᠲᠡᠯᠡᠭᠦᠯᠵᠦ ᠳᠡᠯᠡᠬᠡᠢ ᠳ᠋ᠠᠬᠢᠨ᠎ᠠ ᠠᠯᠳᠠᠷᠰᠢᠭᠰᠠᠨ ᠪᠠᠢᠳᠠᠭ᠃ 
       ᠳᠡᠯᠡᠬᠡᠢ ᠶ᠋ᠢᠨ ᠬᠣᠶᠠᠳᠤᠭᠠᠷ ᠲᠡᠢᠨ ᠦ᠌ ᠳᠠᠷᠠᠭ᠎ᠠ20 ᠳ᠋ᠤᠭᠠᠷ ᠵᠠᠭᠤᠨ ᠤ᠋ ᠡᠴᠦᠰ ᠬᠦᠷᠲᠡᠯ᠎ᠡ ᠮᠣᠩᠭᠣᠯ ᠰᠤᠳᠤᠯᠤᠯ ᠧᠦ᠋ᠷᠣᠫᠠ  ᠠᠮᠸᠷᠢᠺᠠ ᠬᠢᠭᠡᠳ ᠳᠡᠯᠡᠬᠡᠢ ᠶ᠋ᠢᠨ ᠣᠯᠠᠨ ᠣᠷᠣᠨ᠎ᠠ ᠤᠯᠠᠮ ᠨᠢᠭᠡ ᠠᠯᠬᠤᠮ ᠬᠥᠭᠵᠢᠵᠦ ᠪᠡᠶ᠎ᠡ ᠪᠡᠨ ᠳᠠᠭᠠᠭᠠᠭᠰᠠᠨ ᠡᠷᠳᠡᠮ ᠰᠢᠨᠵᠢᠯᠡᠭᠡᠨ ᠦ᠌ ᠰᠠᠯᠠᠭ᠎ᠠ ᠮᠥᠴᠢᠷ ᠪᠣᠯᠵᠤ ᠴᠢᠳᠠᠭᠰᠠᠨ ᠪᠠᠢᠨ᠎ᠠ᠃  ᠭᠧᠷᠮᠠᠨ ᠤ᠋ ᠠᠯᠳᠠᠷᠲᠤ ᠮᠣᠩᠭᠣᠯᠴᠢ ᠡᠷᠳᠡᠮᠲᠡᠨ ᠸᠠᠯᠠᠲ᠋ᠸᠷ ᠾᠢᠰᠰᠢᠭ(1919—2005)ᠠᠩᠬ᠎ᠠ ᠭᠣᠲ᠋ᠲ᠋ᠢᠠᠭᠧᠨ ᠳ᠋ᠤ᠌ ᠳᠠᠷᠠᠭ᠎ᠠ ᠨᠢ ᠪᠣᠨ ᠶᠡᠬᠡ ᠰᠤᠷᠭᠠᠭᠤᠯᠢ ᠳ᠋ᠤ᠌ ᠮᠣᠩᠭᠣᠯ ᠰᠤᠳᠤᠯᠤᠯ ᠤ᠋ᠨ ᠲᠤᠰᠬᠠᠢ ᠪᠠᠢᠭᠤᠯᠤᠮᠵᠢ《ᠲᠥᠪ ᠠᠽᠢᠶ᠎ᠠ ᠶ᠋ᠢᠨ ᠬᠡᠯᠡ ᠰᠣᠶᠣᠯ ᠰᠤᠳᠤᠯᠬᠤ ᠰᠧᠮᠢᠨᠠᠷ》 ᠢ᠋ ᠴᠣᠭᠴᠠᠯᠠᠵᠤ᠂ ᠮᠣᠩᠭᠣᠯ ᠰᠤᠳᠤᠯᠤᠯ ᠤ᠋ᠨ ᠰᠢᠰᠲ᠋ᠧᠮ ᠲᠡᠢ ᠬᠢᠴᠢᠶᠡᠯ ᠺᠦᠷᠰ ᠦ᠋ᠨ ᠳᠠᠭᠠᠤ ᠰᠤᠳᠤᠯᠭᠠᠨ ᠤ᠋ ᠲᠠᠪᠴᠠᠩ ᠭᠠᠷᠭᠠᠵᠤ᠂《ᠲᠥᠪ ᠠᠽᠢᠶ᠎ᠠ ᠶ᠋ᠢᠨ ᠰᠤᠳᠤᠯᠤᠯ》 ᠭᠡᠭᠦ ᠡᠷᠳᠡᠮ ᠰᠢᠨᠵᠢᠯᠡᠭᠡᠨ ᠦ ᠰᠡᠳᠬᠦᠯ ᠡᠷᠬᠢᠯᠡᠨ 《ᠠᠽᠢᠶ᠎ᠠ ᠰᠤᠳᠤᠯᠤᠯ》 ᠬᠡᠮᠡᠬᠦ ᠡᠷᠳᠡᠮ ᠰᠢᠨᠵᠢᠯᠡᠭᠡᠨ ᠦ᠌ ᠭᠠᠭᠴᠠ ᠰᠡᠲᠦᠪᠲᠦ ᠵᠣᠬᠢᠶᠠᠯ ᠪᠦᠲᠦᠭᠡᠯ ᠦᠨ ᠴᠤᠪᠤᠷᠠᠯ ᠢ ᠬᠡᠪᠯᠡᠭᠦᠯᠦᠨ᠂ ᠰᠢᠨ᠎ᠡ ᠡᠷᠳᠡᠮᠲᠡᠳ ᠢ᠋ ᠬᠥᠮᠦᠵᠢᠭᠦᠯᠬᠦ ᠶ᠋ᠢᠨ ᠳᠠᠭᠠᠤ ᠶᠡᠬᠡ ᠬᠡᠮᠵᠢᠶᠡᠨ ᠦ᠌ ᠰᠢᠯᠢᠳᠡᠭ ᠪᠦᠲᠦᠭᠡᠯ ᠦ᠋ᠳ ᠢ᠋ ᠨᠡᠢᠲᠡᠯᠡᠨ ᠬᠡᠪᠯᠡᠭᠦᠯᠵᠡᠢ᠃  ᠡᠭᠦᠨ ᠢᠶᠡᠷ ᠳᠠᠮᠵᠢᠨ᠂ ᠡᠨᠡ ᠬᠦ᠌ ᠰᠸᠮᠢᠨᠠᠷ ᠪᠦᠷᠢᠨ ᠪᠦᠲᠦᠨ ᠴᠣᠭᠴᠠ ᠲᠠᠢ᠂ ᠪᠠᠶᠠᠯᠢᠭ ᠨᠣᠮ ᠤ᠋ᠨ ᠰᠠᠩ ᠲᠠᠢ ᠪᠠᠷᠠᠭᠤᠨ ᠧᠦ᠋ᠷᠣᠫᠠ ᠳ᠋ᠡᠬᠢ ᠮᠣᠩᠭᠣᠯ ᠰᠤᠳᠤᠯᠤᠯ ᠤᠨ ᠲᠥᠪ ᠪᠣᠯᠣᠨ ᠪᠦᠷᠢᠯᠳᠦᠵᠦ᠂ ᠡᠸᠦ᠋ᠷᠦᠫᠡ ᠬᠢᠭᠡᠳ ᠠᠮᠧᠷᠢᠺᠠ ᠳ᠋ᠠᠬᠢ ᠮᠣᠩᠭᠣᠯ ᠰᠤᠳᠤᠯᠤᠯ ᠢ᠋ ᠲᠦᠯᠬᠢᠨ ᠠᠬᠢᠭᠤᠯᠤᠭᠰᠠᠨ ᠪᠠᠢᠨ᠎ᠠ᠃ ᠾᠰᠰᠢᠭ ᠮᠣᠩᠭᠣᠯ ᠰᠤᠷᠪᠤᠯᠵᠢ ᠪᠢᠴᠢᠭ ᠦᠨ ᠰᠤᠳᠤᠯᠤᠯ᠂ ᠮᠣᠩᠭᠣᠯ ᠠᠮᠠᠨ ᠵᠣᠬᠢᠶᠠᠯ ᠤ᠋ᠨ ᠰᠤᠳᠤᠯᠤᠯ᠂ ᠪᠠᠭᠠᠲᠤᠷᠯᠢᠭ ᠲᠤᠤᠯᠢᠰ ᠤ᠋ᠨ ᠰᠤᠳᠤᠯᠤᠯ ᠤ᠋ᠨ ᠬᠦᠷᠢᠶ᠎ᠡ ᠬᠡᠪᠴᠢᠶᠡᠨ᠎ᠡ ᠭᠠᠷᠮᠠᠭᠠᠢ ᠪᠦᠲᠦᠭᠡᠯ ᠣᠯᠠᠨ ᠠᠷᠪᠢᠨ ᠨᠡᠢᠲᠡᠯᠡᠭᠦᠯᠵᠦ᠂ ᠡᠨᠡ ᠦᠶ᠎ᠡ ᠶ᠋ᠢᠨ ᠮᠣᠩᠭᠣᠯᠴᠢ ᠡᠷᠳᠡᠮᠲᠡᠨ ᠦ᠌ ᠮᠠᠩᠯᠠᠢ ᠪᠠᠢᠷᠢ ᠶ᠋ᠢ ᠡᠵᠡᠯᠡᠭᠰᠡᠨ ᠪᠠᠢᠨ᠎ᠠ᠃ ᠲᠡᠭᠦᠨ ᠦ᠌ ᠪᠦᠲᠦᠭᠡᠯ ᠳ᠋ᠦ᠍ ᠬᠣᠶᠠᠷ ᠪᠣᠳᠢ ᠪᠦᠬᠦᠢ《ᠮᠣᠩᠭᠣᠯ ᠤ᠋ᠨ ᠤᠳᠬ᠎ᠠ ᠵᠣᠬᠢᠶᠠᠯ ᠤ᠋ᠨ ᠲᠡᠦᠬᠡ》᠂《ᠮᠣᠩᠭᠣᠯ ᠪᠠᠭᠠᠲᠤᠷᠯᠢᠭ ᠲᠤᠤᠯᠢᠰ ᠤ᠋ᠨ ᠮᠣᠲ᠋ᠢᠹ ᠤ᠋ᠨ ᠰᠤᠳᠤᠯᠤᠯ》᠂《ᠮᠣᠩᠭᠣᠯ ᠦᠨ ᠭᠡᠷ ᠪᠦᠯᠢ ᠬᠢᠭᠡᠳ ᠰᠦᠮ᠎ᠡ ᠬᠡᠢᠳ ᠦ᠋ᠨ ᠲᠡᠦᠬᠡᠨ ᠪᠢᠴᠢᠯᠭᠡ ᠶ᠋ᠢᠨ ᠤᠬᠠᠭᠠᠨ》᠂《ᠣᠯᠠᠨ ᠰᠦᠮ᠎ᠡ ᠶ᠋ᠢᠨ ᠮᠣᠩᠭᠣᠯ ᠦᠰᠦᠭ ᠦ᠋ᠨ ᠳᠠᠮᠳᠤᠭ ᠤ᠋ᠳ ᠤ᠋ᠨ ᠲᠠᠢᠯᠪᠤᠷᠢ ᠰᠢᠨᠵᠢᠯᠡᠭᠡ》 ᠵᠡᠷᠭᠡ ᠣᠯᠠᠨ ᠪᠣᠢ᠃  ᠭᠸᠷᠮᠠᠨ ᠤ᠋ ᠮᠣᠩᠭᠣᠯᠴᠢ ᠡᠷᠳᠡᠮᠲᠡᠳ ᠦ᠋ᠳ ᠪᠠᠰᠠ ᠾᠷᠪᠸᠷᠲ ᠹᠷᠠᠺᠸ(1899—1991)᠂  ᠺᠠᠯᠢᠣᠰ ᠰᠠᠭᠠᠰᠲ᠋ᠸᠷ(1933—)᠂ ᠮᠢᠬᠠᠡᠢ᠋ᠯ ᠸᠠᠢᠷᠰ(1937—)᠂ ᠸᠸᠷᠤᠨᠢᠺᠠ ᠹᠠᠢᠲ(1944—)᠂  ᠬᠠᠠᠰ— ᠫᠸᠲ᠋ᠸᠷ ᠹᠢᠶᠢᠽᠸ(1939—2007)᠂ ᠬ᠌ᠸᠷᠠᠭᠷᠳ᠋ ᠳ᠋ᠣᠷᠹᠸᠷ(1920—2003) ᠵᠡᠷᠭᠡ ᠣᠯᠠᠨ ᠪᠣᠢ᠃ ᠠᠩᠭ᠌ᠯᠢ ᠳ᠋ᠤ᠌ ᠯᠣᠨᠳᠣᠨ ᠶᠡᠬᠡ ᠰᠤᠷᠭᠠᠭᠤᠯᠢ ᠶ᠋ᠢᠨ ᠴᠠᠷᠯᠸᠰ ᠪᠠᠤᠳ᠋ᠸᠨ(1924—) ᠬᠠᠮᠤᠭ ᠤ᠋ᠨ ᠠᠩᠬᠠᠨ ᠤ᠋ ᠮᠣᠩᠭᠣᠯ ᠬᠡᠯᠡᠨ ᠦ᠌ ᠬᠢᠴᠢᠶᠡᠯ ᠨᠡᠭᠡᠭᠡᠵᠦ᠂《 ᠮᠣᠩᠭᠣᠯ ᠤ᠋ᠨ ᠬᠤᠷᠢᠶᠠᠩᠭᠤᠢ ᠠᠯᠲᠠᠨ ᠲᠣᠪᠴᠢ》 ᠶ᠋ᠢ ᠠᠩᠭ᠌ᠯᠢ ᠬᠡᠯᠡᠨ ᠳ᠋ᠦ᠍ ᠣᠷᠴᠢᠭᠤᠯᠤᠨ᠂《 ᠮᠣᠩᠭᠣᠯ ᠤ᠋ᠨ ᠣᠷᠴᠢᠨ ᠦᠶ᠎ᠡ ᠶ᠋ᠢᠨ ᠲᠡᠦᠬᠡ》 ᠶ᠋ᠢ ᠲᠤᠭᠤᠷᠪᠢᠨ᠂ ᠰᠢᠨ᠎ᠡ ᠪᠡᠷ ᠪᠠᠰᠠ《 ᠮᠣᠩᠭᠣᠯ ᠠᠩᠭ᠌ᠯᠢ ᠲᠣᠯᠢ ᠪᠢᠴᠢᠭ》 ᠨᠠᠢᠷᠠᠭᠤᠯᠤᠨ ᠬᠡᠪᠯᠡᠭᠦᠯᠵᠡᠢ᠃ ᠠᠮᠧᠷᠢᠺᠠ ᠠ᠋ᠴᠠ ᠠᠩᠭ᠌ᠯᠢ ᠳ᠋ᠤ᠌ ᠢᠷᠡᠭᠰᠡᠨ ᠤᠸᠸᠨ ᠯᠠᠲ᠋ᠲ᠋ᠢᠮᠣᠷ(1900—1989) ᠳᠤᠮᠳᠠᠳᠤ ᠤᠯᠤᠰ ᠤ᠋ᠨ ᠬᠢᠵᠠᠭᠠᠷ ᠣᠷᠣᠨ ᠤ᠋ ᠰᠣᠳᠣᠯᠠᠭ᠎ᠠ ᠶ᠋ᠢ ᠠᠩᠬ᠎ᠠ ᠲᠦᠷᠦᠭᠦᠦ ᠨᠡᠭᠡᠭᠡᠵᠦ᠂ ᠨᠥᠯᠥᠭᠡ ᠶᠡᠬᠡᠲᠡᠢ ᠪᠦᠲᠦᠭᠡᠯ ᠦ᠋ᠳ ᠢ᠋ ᠨᠡᠢᠲᠡᠯᠡᠭᠦᠯᠦᠭᠰᠡᠨ ᠪᠠᠢᠳᠠᠭ᠃ ᠲᠡᠭᠦᠨ ᠦ᠌ ᠪᠦᠲᠦᠭᠡᠯ ᠳ᠋ᠦ᠍《ᠳᠤᠮᠳᠠᠳᠤ ᠤᠯᠤᠰ ᠤ᠋ᠨ ᠬᠢᠵᠠᠭᠠᠷ ᠣᠷᠣᠨ》᠂《ᠣᠳᠣ ᠦᠶ᠎ᠡ ᠶ᠋ᠢᠨ ᠳᠤᠮᠳᠠᠳᠤ ᠤᠯᠤᠰ ᠤ᠋ᠨ ᠪᠦᠷᠢᠯᠳᠦᠯ》᠂《ᠠᠽᠢᠶ᠎ᠠ ᠲᠢᠪ ᠦ᠋ᠨ ᠬᠢᠵᠠᠭᠠᠷ ᠣᠷᠣᠨ ᠤ᠋ ᠲᠡᠦᠬᠡᠨ ᠰᠤᠳᠤᠯᠤᠯ》 ᠵᠡᠷᠭᠡ ᠣᠯᠠᠨ ᠵᠦᠢᠯ ᠨᠢ ᠠᠷᠪᠢᠨ ᠬᠡᠯᠡᠨ ᠳ᠋ᠦ᠍ ᠣᠷᠴᠢᠭᠤᠯᠤᠭᠳᠠᠨ ᠲᠠᠷᠬᠠᠭᠠᠭᠳᠠᠭᠰᠠᠨ ᠪᠠᠢᠨ᠎ᠠ᠃ᠹᠷᠠᠨᠼᠢ ᠳ᠋ᠤ᠌ ᠳᠡᠭᠡᠷ᠎ᠡ ᠦᠶ᠎ᠡ ᠶ᠋ᠢᠨ ᠮᠣᠩᠭᠣᠯᠴᠢ ᠡᠷᠳᠡᠮᠲᠡᠳ ᠦ᠋ᠨ ᠮᠥᠷ ᠢ᠋ᠶ᠋ᠡᠷ ᠫᠠᠷᠢᠰ ᠤ᠋ᠨ ᠭᠤᠷᠪᠠᠳᠤᠭᠠᠷ᠂ ᠠᠷᠪᠠᠳᠤᠭᠠᠷ ᠶᠡᠬᠡ ᠰᠤᠷᠭᠠᠭᠤᠯᠢ ᠪᠠᠷ ᠲᠥᠪ ᠪᠣᠯᠭᠠᠨ᠂ ᠮᠣᠩᠭᠣᠯ ᠰᠤᠳᠤᠯᠤᠯ ᠢ᠋ ᠨᠡᠯᠢᠶᠡᠳ ᠡᠷᠴᠢᠮ ᠲᠡᠢ ᠥᠷᠨᠢᠭᠦᠯᠦᠭᠰᠡᠨ ᠪᠠᠢᠳᠠᠭ᠃ ᠹᠷᠠᠨᠼᠢᠤᠰ ᠠᠣ᠌ᠪᠢᠨ(1911—) ᠮᠣᠩᠭᠣᠯ ᠤᠯᠤᠰ ᠤ᠋ᠨ ᠣᠳᠣ ᠦᠶ᠎ᠡ ᠶ᠋ᠢᠨ ᠨᠡᠢᠭᠡᠮ ᠦ᠋ᠨ ᠬᠥᠭᠵᠢᠯᠲᠡ ᠶ᠋ᠢ ᠠᠩᠬᠠᠷᠴᠤ ᠰᠤᠳᠤᠯᠭᠠᠨ ᠬᠢᠳᠡᠭ᠃ ᠷᠣᠪᠧᠷᠲ ᠾᠮᠠᠶᠦ᠋ᠨ  (1939—) ᠮᠣᠩᠭᠣᠯ ᠰᠤᠳᠤᠯᠤᠯ ᠤ᠋ᠨ ᠲᠥᠪ ᠪᠠᠢᠭᠤᠯᠵᠤ᠂ ᠪᠤᠷᠢᠶᠠᠳ᠂ ᠰᠢᠪᠡᠷᠢ ᠶ᠋ᠢᠨ ᠰᠡᠮᠡᠨ ᠱᠠᠰᠢᠨ᠂ ᠪᠥᠬᠡ ᠮᠥᠷᠭᠥᠯ ᠦ᠋ᠨ ᠰᠣᠶᠣᠯ ᠢ᠋ ᠰᠤᠳᠤᠯᠵᠤ ᠨᠡᠷ᠎ᠡ ᠠᠯᠳᠠᠷᠰᠢᠭᠰᠠᠨ ᠪᠠᠢᠳᠠᠭ᠃ ᠪᠸᠯᠭᠸᠤᠮ ᠤᠯᠤᠰ ᠤ᠋ᠨ ᠡᠷᠳᠡᠮᠲᠡᠨ᠂ ᠬᠠᠷ᠎ᠠ ᠯᠠᠮᠠ ᠠᠨᠲ᠋ᠣᠨᠢ ᠮᠣᠰᠲ᠋ᠸᠷᠳ᠋(1881—1971) ᠣᠷᠳᠣᠰ ᠲᠤ᠌ 20 ᠳ᠋ᠤᠭᠠᠷ ᠵᠠᠭᠤᠨ ᠤ᠋ ᠡᠬᠢᠨ ᠬᠠᠭᠠᠰ ᠲᠤ᠌ ᠱᠠᠰᠢᠨ ᠳᠡᠯᠭᠡᠷᠡᠭᠦᠯᠵᠦ᠂《ᠣᠷᠳᠣᠰ ᠮᠣᠩᠭᠣᠯ ᠬᠡᠯᠡᠨ ᠦ᠌ ᠲᠣᠯᠢ》᠂《ᠣᠷᠳᠣᠰ ᠰᠤᠳᠤᠯᠤᠯ》 ᠵᠡᠷᠭᠡ ᠶ᠋ᠢ ᠨᠡᠢᠲᠡᠯᠡᠭᠦᠯᠵᠦ᠂ ᠧᠦ᠋ᠷᠣᠫᠠ ᠠᠮᠧᠷᠢᠺᠠ ᠶ᠋ᠢᠨ ᠡᠷᠳᠡᠮ ᠰᠢᠨᠵᠢᠯᠡᠭᠡᠨ ᠦ᠌ ᠲᠠᠪᠴᠠᠩ ᠳ᠋ᠤ᠌ ᠴᠢᠬᠤᠯᠠ ᠪᠠᠢᠷᠢ ᠰᠠᠭᠤᠷᠢ ᠶ᠋ᠢ ᠡᠵᠡᠯᠡᠭᠰᠡᠨ ᠪᠠᠢᠳᠠᠭ᠃ ᠲᠡᠷᠡ ᠪᠡᠷ ᠪᠠᠰᠠ ᠠᠮᠧᠷᠢᠺᠠ ᠶ᠋ᠢᠨ ᠾᠡᠷᠸᠠᠷᠳ᠋ ᠶᠡᠬᠡ ᠰᠤᠷᠭᠠᠭᠤᠯᠢ ᠶ᠋ᠢᠨ ᠡᠷᠳᠡᠮᠲᠡᠨ ᠹᠠᠷᠠᠨᠼᠢᠰ ᠸᠤᠤᠳ᠋ᠮᠠᠨ ᠺᠯᠢ᠋ᠸᠠᠰ ᠲᠠᠢ ᠬᠠᠮᠲᠤᠷᠠᠨ ᠯᠤᠪᠰᠠᠩᠳᠠᠵᠢᠨ ᠤ᠋《ᠠᠯᠲᠠᠨ ᠲᠣᠪᠴᠢ》᠂《ᠮᠣᠩᠭᠣᠯ ᠤ᠋ᠨ ᠨᠢᠭᠤᠴᠠ ᠲᠣᠪᠴᠢᠶᠠᠨ》᠂ ᠶᠤᠸᠠᠨ ᠤᠯᠤᠰ ᠤ᠋ᠨ ᠦᠶ᠎ᠡ ᠶ᠋ᠢᠨ ᠮᠣᠩᠭᠣᠯ ᠦᠰᠦᠭ ᠦ᠋ᠨ ᠴᠢᠯᠠᠭᠤᠨ ᠬᠥᠰᠢᠶ᠎ᠡ ᠪᠢᠴᠢᠭ ᠢ᠋ ᠰᠤᠳᠤᠯᠤᠨ ᠤᠩᠰᠢᠵᠤ᠂᠂ ᠸᠠᠷᠲ᠋ᠢᠭᠠᠨ ᠤ᠋ ᠠᠷᠭᠢᠪ ᠲᠤ᠌ ᠪᠦᠬᠦᠢ ᠢᠯ ᠬᠠᠭᠠᠨᠲᠤ ᠤᠯᠤᠰ ᠤ᠋ᠨ ᠬᠡᠳᠦᠨ ᠬᠠᠭᠠᠨ ᠠ᠋ᠴᠠ ᠷᠣᠮ ᠤ᠋ᠨ ᠱᠠᠰᠢᠨ ᠤ᠋ ᠬᠠᠭᠠᠨ ᠳ᠋ᠤ᠌ ᠢᠯᠡᠭᠡᠭᠰᠡᠨ ᠵᠠᠬᠢᠳᠠᠯ ᠤ᠋ᠳ ᠢ᠋ ᠲᠠᠢᠯᠪᠤᠷᠢᠯᠠᠨ ᠤᠩᠰᠢᠵᠤ ᠨᠡᠢᠲᠡᠯᠡᠭᠦᠯᠦᠭᠡᠳ ᠰᠢᠨᠵᠢᠯᠡᠭᠡᠨ ᠦ᠌ ᠥᠨᠳᠥᠷ ᠲᠦᠪᠰᠢᠨ ᠳ᠋ᠦ᠍ ᠬᠦᠷᠦᠭᠰᠡᠨ ᠪᠠᠢᠨ᠎ᠠ᠃ ᠺᠠᠯᠢᠹᠣᠷᠨᠢᠶ᠎ᠠ ᠶᠡᠬᠡ ᠰᠤᠷᠭᠠᠭᠤᠯᠢ ᠶ᠋ᠢᠨ ᠫᠷᠣᠹᠧᠰᠰᠣᠷ ᠹ· ᠳ᠋ᠢ‍ ·ᠯᠠᠰᠰᠢᠩ(1882—1961) ᠮᠣᠩᠭᠣᠯ ᠬᠡᠯᠡ ᠪᠣᠯᠤᠨ ᠪᠤᠷᠬᠠᠨ ᠱᠠᠰᠢᠨ ᠤ᠋ ᠲᠤᠬᠠᠢ ᠭᠠᠷᠮᠠᠭᠠᠢ ᠪᠦᠲᠦᠭᠡᠯ ᠭᠠᠷᠭᠠᠪᠠ᠂ ᠲᠡᠭᠦᠨ ᠦ᠌ ᠨᠠᠢᠷᠠᠭᠤᠯᠤᠨ ᠬᠡᠪᠯᠡᠭᠦᠯᠦᠭᠰᠡᠨ《ᠮᠣᠩᠭᠣᠯ ᠠᠩᠭ᠌ᠯᠢ ᠲᠣᠯᠢ》 ᠨᠢ ᠣᠳᠣ ᠬᠦᠷᠲᠡᠯ᠎ᠡ ᠳᠡᠯᠡᠬᠡᠢ ᠶ᠋ᠢᠨ ᠮᠣᠩᠭᠣᠯᠴᠢ ᠡᠷᠳᠡᠮᠲᠡᠳ ᠦ᠋ᠨ ᠬᠦᠷᠲᠡᠭᠡᠯ ᠪᠣᠯᠵᠤ ᠠᠰᠢᠭᠯᠠᠭᠳᠠᠭᠰᠠᠭᠠᠷ ᠪᠣᠢ᠃ ᠠᠮᠧᠷᠢᠺᠠ ᠶ᠋ᠢᠨ ᠢᠨᠳᠢᠶᠠᠨᠠ ᠶᠡᠬᠡ ᠰᠤᠷᠭᠠᠭᠤᠯᠢ ᠳ᠋ᠤ᠌ ᠣᠯᠠᠨ ᠤᠯᠤᠰ ᠤ᠋ᠨ ᠠᠯᠲᠠᠢ ᠰᠤᠳᠤᠯᠤᠯ  ᠤ᠋ᠨ ᠲᠥᠪ ᠪᠣᠯᠤᠨ ᠮᠣᠩᠭᠣᠯ ᠰᠤᠳᠤᠯᠤᠯ ᠤ᠋ᠨ ᠨᠡᠢᠭᠡᠮᠯᠢᠭ ᠪᠠᠢᠭᠤᠯᠵᠤ᠂ ᠳ᠋ᠸᠨᠢᠰ ᠰᠢᠨᠤᠷ (1916 — 2011)᠂ ᠵ· ᠿ· ᠺᠷᠠᠤᠭᠧᠷ(1927 — )᠂ ᠬᠠᠩᠭᠢᠨ ᠭᠣᠮᠪᠣᠵᠠᠪ(1921 — 1989)᠂ ᠾ· ᠰᠸᠷᠷᠦᠢᠰ(1911 —1983) ᠵᠡᠷᠭᠡ ᠠᠯᠳᠠᠷᠲᠤ ᠮᠣᠩᠭᠣᠯᠴᠢ ᠡᠷᠳᠡᠮᠲᠡᠳ ᠡᠯᠪᠡᠭ ᠠᠷᠪᠢᠨ ᠪᠦᠲᠦᠭᠡᠯ ᠢ᠋ᠶ᠋ᠡᠷ ᠢ᠋ᠶ᠋ᠡᠨ ᠮᠣᠩᠭᠣᠯ ᠰᠤᠳᠤᠯᠤᠯ ᠳ᠋ᠤ᠌ ᠬᠤᠪᠢ ᠨᠡᠮᠡᠷᠢ ᠦᠵᠡᠭᠦᠯᠦᠭᠰᠡᠨ ᠶᠦᠮ᠃ ᠲᠤᠰ ᠰᠤᠷᠭᠠᠭᠤᠯᠢ ᠶ᠋ᠢᠨ ᠵᠠᠯᠠᠭᠤ ᠮᠣᠩᠭᠣᠯᠴᠢ ᠡᠷᠳᠡᠮᠲᠡᠨ ᠺᠷᠢᠲ᠋ᠥ᠋ᠹᠸᠷ ᠠᠲ᠋ᠸᠤᠳ᠋(1964 —) ᠣᠷᠴᠢᠨ ᠣᠳᠣ ᠦᠶ᠎ᠡ ᠶ᠋ᠢᠨ ᠮᠣᠩᠭᠣᠯ ᠲᠡᠦᠬᠡ᠂ ᠮᠣᠩᠭᠣᠯ ᠤ᠋ᠨ ᠡᠷᠲᠡᠨ ᠦ᠌ ᠰᠤᠷᠪᠤᠯᠵᠢ ᠪᠢᠴᠢᠭ ᠦ᠋ᠨ ᠰᠤᠳᠤᠯᠭᠠᠨ ᠳ᠋ᠤ᠌ ᠴᠢᠬᠤᠯᠠ ᠪᠦᠲᠦᠭᠡᠯ ᠭᠠᠷᠭᠠᠵᠤ᠂ ᠣᠯᠠᠨ ᠤ᠋ ᠠᠩᠬᠠᠷᠤᠯ ᠢ᠋ ᠲᠠᠲᠠᠵᠤ ᠪᠣᠢ᠃ ᠲᠡᠭᠦᠨ ᠦ᠌ ᠪᠦᠲᠦᠭᠡᠯ ᠡᠴᠡ《ᠥᠪᠥᠷ ᠮᠣᠩᠭᠣᠯ ᠤ᠋ᠨ ᠡᠷᠬᠡ ᠮᠠᠲᠠᠯ ᠤ᠋ᠨ ᠬᠣᠭᠣᠰᠣᠨ ᠴᠠᠭ ᠦᠶ᠎ᠡ(1911 — 1931)  ᠶᠢᠨ ᠮᠣᠩᠭᠣᠯ ᠵᠠᠯᠠᠭᠤ ᠰᠡᠭᠡᠭᠡᠲᠡᠳ ᠬᠢᠭᠡᠳ ᠭᠡᠷ ᠣᠷᠣᠨ ᠢ᠋ᠶ᠋ᠠᠨ ᠬᠠᠮᠠᠭᠠᠯᠠᠭᠴᠢᠳ》᠂《ᠮᠣᠩᠭᠣᠯ ᠤᠯᠤᠰ ᠪᠣᠯᠤᠨ ᠮᠣᠩᠭᠣᠯ ᠬᠠᠭᠠᠨᠲᠤ ᠤᠯᠤᠰ ᠤ᠋ᠨ ᠨᠡᠪᠲᠡᠷᠬᠡᠢ ᠲᠣᠯᠢ》 ᠵᠡᠷᠭᠡ ᠶ᠋ᠢ ᠳᠤᠷᠠᠳᠴᠤ ᠪᠣᠯᠤᠨ᠎ᠠ᠃ ᠡᠳᠡᠭᠡᠷ ᠡᠴᠡ ᠭᠠᠳᠠᠨ᠎ᠠ ᠪᠠᠰᠠ ᠪᠠᠷᠠᠭᠤᠨ ᠸᠠᠰᠢᠩᠲ᠋ᠣᠨ ᠶᠡᠬᠡ ᠰᠤᠷᠭᠠᠭᠤᠯᠢ᠂ ᠨᠢᠦ᠋ ᠶᠣᠷᠺ ᠮᠣᠵᠢ ᠶ᠋ᠢᠨ ᠶᠡᠬᠡ ᠰᠤᠷᠭᠠᠭᠤᠯᠢ᠂ ᠪᠠᠷᠠᠬᠠᠮ ᠶᠠᠩ ᠶᠡᠬᠡ ᠰᠤᠷᠭᠠᠭᠤᠯᠢ ᠵᠡᠷᠭᠡ ᠪᠠᠢᠭᠤᠯᠭ᠎ᠠ ᠳ᠋ᠤ᠌ ᠮᠣᠩᠭᠣᠯ ᠰᠤᠳᠤᠯᠤᠯ ᠤ᠋ᠨ ᠡᠷᠳᠡᠮᠲᠡᠳ ᠠᠵᠢᠯᠯᠠᠵᠤ ᠪᠠᠢᠳᠠᠭ᠃ ᠡᠳᠡᠭᠡᠷ ᠦ᠋ᠨ ᠳᠣᠲᠣᠷ᠎ᠠ ᠠᠯᠳᠠᠷᠲᠠᠢ ᠨᠢ ᠾᠧᠨ᠋ᠷᠢ ᠱᠸᠨᠷᠽ᠂ ᠵᠠᠭᠴᠢᠳ ᠰᠡᠴᠡᠨ(1914 — 2008)᠂ ᠫᠠᠤᠯ ᠾᠨᠶᠢᠷ᠂ ᠮᠣᠷᠢᠰ ᠿᠣᠰᠰᠠᠪᠢ ᠵᠡᠷᠭᠡ ᠪᠣᠢ᠃ ᠤᠮᠠᠷᠠᠲᠤ ᠧᠦ᠋ᠷᠣᠫᠠ ᠶ᠋ᠢᠨ ᠬᠡᠳᠦᠨ ᠤᠯᠤᠰ ᠲᠤ᠌ ᠮᠣᠩᠭᠣᠯ ᠰᠤᠳᠤᠯᠤᠯ ᠠᠯᠢ ᠡᠷᠲᠡᠨ ᠡᠴᠡ ᠤᠯᠠᠮᠵᠢᠯᠠᠯ ᠲᠠᠢ ᠪᠣᠯᠤᠭᠰᠠᠨ ᠶᠤᠮ᠃ ᠳ᠋ᠠᠨ᠋ᠮᠠᠷᠺ᠂ ᠰᠸᠧᠳᠧᠨ᠂ ᠨᠣᠷᠸᠠᠢ ᠵᠡᠷᠭᠡ ᠤᠯᠤᠰ ᠤ᠋ᠨ ᠨᠣᠮ ᠤ᠋ᠨ ᠰᠠᠩ ᠪᠣᠯᠤᠨ ᠮᠦᠽᠧᠢ ᠨᠦ᠍ᠭᠦᠳ ᠲᠦ᠍ ᠮᠣᠩᠭᠣᠯ ᠦᠨᠳᠦᠰᠦᠲᠡᠨ ᠦ᠌ ᠦᠯᠡᠮᠵᠢ ᠲᠣᠭᠠᠨ ᠤ᠋ ᠪᠣᠳᠠᠰ ᠤ᠋ᠨ ᠰᠣᠶᠣᠯ ᠤ᠋ᠨ ᠵᠦᠢᠯᠡᠰ ᠪᠣᠯᠤᠨ ᠡᠷᠲᠡᠨ ᠦ᠌ ᠮᠣᠩᠭᠣᠯ ᠭᠠᠷ ᠪᠢᠴᠢᠮᠡᠯ᠂ ᠮᠣᠳᠣᠨ ᠪᠠᠷ ᠤ᠋ᠨ ᠰᠤᠳᠤᠷ ᠳᠡᠪᠲᠡᠷ ᠬᠠᠳᠠᠭᠠᠯᠠᠭᠳᠠᠵᠤ ᠪᠠᠢᠳᠠᠭ᠃ ᠹᠢᠨᠯᠠᠨᠳ᠋ ᠤ᠋ᠨ ᠮᠣᠩᠭᠣᠯ ᠰᠤᠳᠤᠯᠤᠯ ᠭᠣᠣᠯᠳᠠᠭᠤ ᠾᠸᠯᠰᠢᠨᠺᠢ ᠶᠡᠬᠡ ᠰᠤᠷᠭᠠᠭᠤᠯᠢ ᠳ᠋ᠤ᠌ ᠲᠥᠪᠯᠡᠷᠡᠵᠦ ᠪᠠᠢᠳᠠᠭ᠃ ᠷᠠᠮᠱᠲ᠋ᠸᠳ᠋ ᠤ᠋ᠨ ᠰᠤᠷᠤᠭᠴᠢ ᠪᠠᠢᠭᠰᠠᠨ ᠫᠸᠨ᠋ᠲ᠋ᠢ ᠠᠯᠲ᠋ᠸ᠋(1917 — 1999) ᠠᠯᠲᠠᠢ ᠲᠥᠷᠥᠯ ᠬᠡᠯᠡᠨ ᠦ᠌ ᠰᠤᠳᠤᠯᠤᠯ ᠳ᠋ᠤ᠌ ᠶᠡᠬᠡᠬᠡᠨ ᠦᠢᠯᠡᠳᠦᠯ ᠦᠵᠡᠭᠦᠯᠦᠭᠰᠡᠨ ᠢ᠋ᠶ᠋ᠡᠷ ᠪᠠᠷᠠᠬᠤ ᠦᠭᠡᠢ ᠪᠠᠰᠠ ᠮᠣᠩᠭᠣᠯ ᠲᠡᠦᠬᠡ ᠬᠢᠭᠡᠳ ᠬᠠᠯᠢᠮᠠᠭ ᠬᠡᠯᠡᠨ ᠳ᠋ᠦ᠍ ᠭᠦᠨᠵᠡᠭᠡᠢ ᠰᠤᠳᠤᠯᠭ᠎ᠠ ᠬᠢᠭᠰᠡᠨ ᠪᠠᠢᠳᠠᠭ᠃ ᠣᠳᠣ ᠡᠨᠳᠡ ᠲᠡᠭᠦᠨ ᠦ᠌ ᠱᠠᠪᠢ ᠶᠠᠬᠠᠥ᠋ᠨᠸᠠ ᠫᠷᠣᠹᠧᠰᠰᠣᠷ ᠪᠠᠭᠰᠢ ᠶ᠋ᠢᠨ ᠢ᠋ᠶ᠋ᠡᠨ ᠦᠢᠯᠡᠰ ᠢ᠋ ᠵᠠᠯᠭᠠᠮᠵᠢᠯᠠᠵᠤ᠂ ᠮᠠᠨᠵᠤ ᠲᠦᠩᠭᠦᠰ ᠬᠡᠯᠡ ᠪᠣᠯᠤᠨ ᠮᠣᠩᠭᠣᠯ ᠬᠡᠯᠡᠨ ᠦ᠌ ᠬᠠᠷᠢᠴᠠᠭᠤᠯᠤᠭᠰᠠᠨ ᠰᠤᠳᠤᠯᠤᠯ ᠢ᠋ ᠢᠳᠡᠪᠬᠢᠲᠡᠢ ᠬᠢᠵᠦ ᠪᠠᠢᠨ᠎ᠠ᠃ ᠠᠦ᠋ᠰᠲ᠋ᠷᠠᠯᠢᠶ᠎ᠠ ᠤᠯᠤᠰ ᠤ᠋ᠨ ᠶᠡᠬᠡ ᠰᠤᠷᠭᠠᠭᠤᠯᠢ ᠳ᠋ᠤ᠌ ᠢᠭᠣᠷ ᠳᠧ ᠿᠠᠨᡁᠸᠢᠯᠲ᠋ᠽ ᠫᠷᠣᠹᠧᠰᠰᠣᠷ《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠭᠦᠨᠵᠡᠭᠡᠢ ᠰᠤᠳᠤᠯᠤᠯ ᠬᠢᠵᠦ᠂ ᠠᠩᠭ᠌ᠯᠢ ᠬᠡᠯᠡᠨ ᠳ᠋ᠦ᠍ ᠣᠷᠴᠢᠭᠤᠯᠬᠤ ᠶ᠋ᠢᠨ ᠬᠠᠮᠲᠤ ᠯᠠᠲ᠋ᠢᠨ ᠭᠠᠯᠢᠭ ᠲᠤ᠌ ᠮᠣᠩᠭᠣᠯᠴᠢᠯᠠᠨ ᠪᠠᠭᠤᠯᠭᠠᠵᠤ᠂ ᠣᠯᠠᠨ ᠪᠦᠭᠦᠳᠡ ᠶ᠋ᠢ ᠪᠢᠰᠢᠷᠡᠭᠦᠯᠬᠦ ᠲᠣᠮᠣᠬᠠᠨ ᠠᠮᠵᠢᠯᠲᠠ ᠭᠠᠷᠭᠠᠵᠠᠢ᠃ ᠡᠨᠳᠡ ᠥᠪᠥᠷ ᠮᠣᠩᠭᠣᠯ ᠨᠤᠲᠤᠭᠲᠠᠢ ᠵᠠᠯᠠᠭᠤ ᠡᠷᠳᠡᠮᠲᠡᠨ ᠯᠢ ᠨᠠᠷᠠᠩᠭᠤᠸ᠎ᠠ ᠠᠵᠢᠯᠯᠠᠵᠤ᠂ ᠶᠠᠫᠣᠨ ᠮᠣᠩᠭᠣᠯ ᠤ᠋ᠨ ᠰᠣᠶᠣᠯ ᠤ᠋ᠨ ᠬᠠᠷᠢᠯᠴᠠᠭ᠎ᠠ ᠪᠣᠯᠤᠨ ᠣᠳᠣ ᠦᠶ᠎ᠡ ᠶ᠋ᠢᠨ ᠨᠡᠢᠭᠡᠮ ᠦ᠋ᠨ ᠬᠥᠭᠵᠢᠯᠲᠡ ᠬᠤᠪᠢᠷᠠᠯᠲᠠ ᠶ᠋ᠢᠨ ᠲᠠᠯ᠎ᠠ ᠪᠠᠷ ᠨᠡᠯᠢᠶᠡᠳ ᠪᠦᠲᠦᠭᠡᠯ ᠨᠡᠢᠲᠡᠯᠡᠭᠦᠯᠵᠦ ᠬᠡᠪᠯᠡᠭᠦᠯᠵᠡᠢ᠃ ᠵᠡᠭᠦᠨ ᠧᠦ᠋ᠷᠣᠫᠠ ᠶ᠋ᠢᠨ ᠬᠡᠳᠦᠨ ᠤᠯᠤᠰ ᠲᠤ᠌ ᠮᠣᠩᠭᠣᠯ ᠰᠤᠳᠤᠯᠤᠯ ᠦᠷᠭᠦᠯᠵᠢᠯᠡᠨ ᠬᠥᠭᠵᠢᠵᠦ᠂ ᠫᠣᠯᠱᠠ᠂ ᠤᠩᠭᠠᠷ᠂ ᠴᠸᠠᠨ᠌ᠦ᠌ ᠵᠡᠷᠭᠡ ᠤᠯᠤᠰ ᠲᠤ᠌ ᠰᠢᠨ᠎ᠡ ᠦᠶ᠎ᠡ ᠶ᠋ᠢᠨ ᠡᠷᠳᠡᠮᠲᠡᠳ ᠲᠠᠰᠤᠷᠠᠯᠲᠠ ᠦᠭᠡᠢ ᠴᠤᠭᠯᠠᠷᠠᠨ ᠭᠠᠷᠴᠤ ᠪᠣᠢ᠃ 
       ᠮᠣᠩᠭᠣᠯ ᠤᠯᠤᠰ ᠪᠣᠯ ᠬᠡᠯᠡᠯᠭᠡᠨ ᠦᠭᠡᠢ ᠳᠡᠯᠡᠬᠡᠢ ᠶ᠋ᠢᠨ ᠮᠣᠩᠭᠣᠯ ᠰᠤᠳᠤᠯᠤᠯ ᠤ᠋ᠨ ᠲᠥᠪ ᠦ᠋ᠨ ᠨᠢᠭᠡ ᠪᠣᠯᠬᠤ ᠶᠤᠮ᠃ ᠳᠡᠭᠡᠷ᠎ᠡ ᠵᠠᠭᠤᠨ ᠤ᠋ ᠦᠶ᠎ᠡ ᠶ᠋ᠢᠨ ᠲᠣᠮᠣ ᠡᠷᠳᠡᠮᠲᠡᠳ ᠦ᠋ᠨ ᠳᠣᠲᠣᠷ᠎ᠠ ᠠ᠋ᠴᠠ ᠵᠢᠱ᠌ᠢᠨ ᠳᠤᠷᠠᠳᠬᠤ ᠳ᠋ᠤ᠌ ᠱ· ᠯᠤᠪᠰᠠᠩᠸᠠᠩᠳᠠᠨ(1910—1981)《ᠣᠳᠣ ᠦᠶ᠎ᠡ ᠶ᠋ᠢᠨ ᠮᠣᠩᠭᠣᠯ ᠬᠡᠯᠡᠨ ᠵᠦᠢ》᠂《ᠣᠷᠴᠢᠨ ᠴᠠᠭ ᠤ᠋ᠨ ᠮᠣᠩᠭᠣᠯ ᠬᠡᠯᠡ》 ᠵᠡᠷᠭᠡ ᠶ᠋ᠢ ᠲᠤᠭᠤᠷᠪᠢᠵᠤ᠂ᠮᠣᠩᠭᠣᠯ ᠤᠯᠤᠰ ᠤ᠋ᠨ ᠬᠡᠯᠡ ᠰᠢᠨᠵᠢᠯᠡᠭᠡᠨ ᠦ᠌ ᠣᠨᠣᠯ ᠤ᠋ᠨ ᠰᠠᠭᠤᠷᠢ ᠶ᠋ᠢ ᠲᠠᠯᠪᠢᠵᠤ ᠦᠭᠭᠦᠭᠰᠡᠨ᠃ ᠴᠠᠩᠲᠤ ᠶ᠋ᠢᠨ ᠳᠠᠮᠳᠢᠨᠰᠦ᠋ᠷᠦᠩ(1908—1986)《ᠮᠣᠩᠭᠣᠯ ᠤᠷᠠᠨ ᠵᠣᠬᠢᠶᠠᠯ ᠤ᠋ᠨ ᠳᠡᠭᠡᠵᠢ ᠵᠠᠭᠤᠨ ᠪᠢᠯᠢᠭ ᠣᠷᠣᠰᠢᠪᠠᠢ》 ᠶ᠋ᠢ ᠡᠮᠬᠢᠳᠬᠡᠨ ᠨᠠᠢᠷᠠᠭᠤᠯᠵᠤ᠂ᠮᠣᠩᠭᠣᠯ ᠤ᠋ᠨ ᠤᠳᠬ᠎ᠠ ᠵᠣᠬᠢᠶᠠᠯ ᠤ᠋ᠨ ᠲᠡᠦᠬᠡ ᠰᠤᠳᠤᠯᠤᠯ ᠳ᠋ᠤ᠌ ᠠᠷᠭ᠎ᠠ ᠪᠠᠷᠢᠯ᠂ ᠣᠨᠣᠯ ᠤᠬᠠᠭᠠᠨ ᠤ᠋ ᠵᠢᠯᠣᠭᠣᠳᠤᠯᠭ᠎ᠠ ᠶ᠋ᠢ ᠬᠢᠭᠰᠡᠨ᠃ ᠲᠡᠭᠦᠨ ᠦ᠌《ᠮᠣᠩᠭᠣᠯ ᠤ᠋ᠨ ᠨᠢᠭᠤᠴᠠ ᠲᠣᠪᠴᠢᠶᠠᠨ》 ᠤ᠋ ᠣᠷᠴᠢᠨ ᠦᠶ᠎ᠡ ᠶ᠋ᠢᠨ ᠮᠣᠩᠭᠣᠯ ᠬᠡᠯᠡᠨ ᠦ᠌ ᠰᠡᠷᠭᠦᠭᠡᠯᠲᠡ ᠡᠷᠳᠡᠮ ᠰᠢᠨᠵᠢᠯᠡᠭᠡᠨ ᠦ᠌ ᠬᠢᠨ ᠳ᠋ᠦ᠍ ᠭᠦᠨᠵᠡᠭᠡᠢ ᠨᠥᠯᠥᠭᠡ ᠦᠭᠭᠦᠭᠰᠡᠨ᠃ ᠲᠡᠭᠦᠨ ᠦ᠌ ᠲᠥᠪᠡᠳ ᠮᠣᠩᠭᠣᠯ ᠰᠣᠶᠣᠯ ᠤ᠋ᠨ ᠬᠠᠷᠢᠯᠴᠠᠭᠠᠨ ᠤ᠋ ᠲᠤᠬᠠᠢ ᠬᠢᠭᠰᠡᠨ ᠰᠤᠳᠤᠯᠭᠠᠨ ᠥᠨᠥᠳᠥᠷ ᠦ᠋ᠨ ᠮᠣᠩᠭᠣᠯ ᠤᠯᠤᠰ ᠤ᠋ᠨ ᠡᠷᠳᠡᠮᠲᠡᠳ ᠦ᠋ᠨ ᠡᠷᠳᠡᠮ ᠰᠢᠨᠵᠢᠯᠡᠭᠡᠨ ᠦ᠌ ᠵᠠᠮᠨᠠᠯ ᠳ᠋ᠤ᠌ ᠵᠦᠭ ᠴᠢᠭ ᠢ᠋ ᠨᠢ ᠵᠢᠭᠠᠵᠤ ᠦᠭᠭᠦᠭᠰᠡᠨ ᠶᠦ᠍ᠮ᠃ ᠮᠣᠩᠭᠣᠯ ᠤ᠋ᠨ ᠲᠡᠦᠬᠡ ᠰᠣᠶᠣᠯ ᠤ᠋ᠨ ᠲᠣᠮᠣ ᠡᠷᠳᠡᠮᠲᠡᠨ ᠶᠦᠩᠰᠢᠶᠡᠪᠦ ᠶ᠋ᠢᠨ ᠷᠢᠨᠴᠢᠨ ᠮᠣᠩᠭᠣᠯ ᠤ᠋ᠨ ᠡᠷᠲᠡᠨ ᠦ᠌ ᠲᠡᠦᠬᠡ᠂ ᠪᠥᠬᠡ ᠮᠥᠷᠭᠥᠯ᠂ ᠲᠠᠬᠢᠯᠭ᠎ᠠ ᠳᠠᠢᠯᠠᠯᠭ᠎ᠠ ᠪᠣᠯᠤᠨ ᠬᠡᠯᠡᠨ ᠵᠦᠢ ᠳ᠋ᠦ᠍ ᠰᠤᠳᠤᠯᠭ᠎ᠠ ᠬᠢᠵᠦ᠂ ᠣᠯᠠᠨ ᠠᠷᠪᠢᠨ ᠧᠦ᠋ᠷᠣᠫᠠ ᠬᠡᠯᠡ ᠶ᠋ᠢ ᠡᠵᠡᠮᠰᠢᠵᠦ᠂ ᠥᠷᠥᠨᠡᠳᠠᠬᠢᠨ ᠳᠣᠷᠣᠨᠠᠳᠠᠬᠢᠨ ᠤ᠋ ᠰᠣᠶᠣᠯ ᠭᠡᠭᠡᠷᠡᠯ ᠢ᠋ ᠬᠠᠷᠢᠴᠠᠭᠤᠯᠤᠨ ᠰᠤᠳᠤᠯᠵᠤ ᠴᠢᠳᠠᠳᠠᠭ ᠢ᠋ᠶ᠋ᠠᠷ ᠢ᠋ᠶ᠋ᠠᠨ ᠳᠡᠯᠡᠬᠡᠢ ᠳ᠋ᠦ᠍ ᠬᠠᠮᠤᠭ ᠤ᠋ᠨ ᠠᠯᠳᠠᠷᠲᠠᠢ ᠮᠣᠩᠭᠣᠯᠴᠢ ᠡᠷᠳᠡᠮᠲᠡᠨ ᠭᠡᠵᠦ ᠣᠯᠠᠨ᠎ᠠ ᠮᠡᠳᠡᠷᠡᠭᠳᠡᠭᠰᠡᠨ ᠶᠦ᠍ᠮ᠃ ᠲᠡᠭᠦᠨ ᠦ᠌ 《ᠮᠣᠩᠭᠣᠯ ᠦᠰᠦᠭ ᠪᠢᠴᠢᠭ ᠦ᠋ᠨ ᠡᠭᠦᠰᠦᠯ ᠬᠥᠭᠵᠢᠯ》᠂《ᠮᠣᠩᠭᠣᠯ ᠪᠢᠴᠢᠭ ᠦ᠋ᠨ ᠬᠡᠯᠡᠨ ᠦ᠌ ᠵᠦᠢ》᠂《ᠮᠣᠩᠭᠣᠯ ᠪᠥᠬᠡ ᠮᠥᠷᠭᠥᠯ ᠦ᠋ᠨ ᠰᠤᠳᠤᠯᠤᠯ》᠂《ᠰᠦᠪᠡᠭᠴᠢᠯᠡᠯ —ᠮᠣᠩᠭᠣᠯ ᠬᠣᠷᠢᠨ ᠥᠭᠦᠯᠡᠯᠭᠡ》᠂《ᠮᠣᠩᠭᠣᠯ ᠠᠷᠠᠳ ᠤᠯᠤᠰ ᠤ᠋ᠨ ᠤᠭᠰᠠᠭᠠᠲᠠᠨ ᠤ᠋ ᠰᠤᠳᠤᠯᠤᠯ》᠂《ᠬᠡᠯᠡ ᠰᠢᠨᠵᠢᠯᠡᠯ ᠦ᠋ᠨ ᠠᠲ᠋ᠯᠠᠰ》᠂ᠵᠡᠷᠭᠡ ᠨᠣᠮ ᠪᠦᠲᠦᠭᠡᠯ ᠨᠢ ᠣᠳᠣ ᠬᠦᠷᠲᠡᠯ᠎ᠡ ᠦᠨ᠎ᠡ ᠴᠠᠨ᠎ᠠ ᠪᠠᠨ ᠠᠯᠳᠠᠭᠰᠠᠨ ᠦᠭᠡᠢ ᠃ ᠠᠯᠳᠠᠷᠲᠤ ᠲᠡᠦᠬᠡᠴᠢ ᠱ· ᠨᠠᠴᠤᠭᠳᠣᠷᠵᠢ ᠮᠣᠩᠭᠣᠯ ᠤ᠋ᠨ ᠨᠡᠢᠭᠡᠮ ᠳ᠋ᠦ᠍ ᠭᠦᠨᠵᠡᠭᠡᠢ ᠰᠤᠳᠤᠯᠤᠯᠲᠠ ᠬᠢᠵᠦ᠂《 ᠮᠣᠩᠭᠣᠯ ᠤ᠋ᠨ ᠹᠧᠣ᠌ᠳᠠᠯᠯᠢᠰᠮ ᠤ᠋ᠨ ᠦᠨᠳᠦᠰᠦᠨ ᠵᠠᠮᠨᠠᠯ》᠂《ᠬᠠᠯᠬ᠎ᠠ ᠶ᠋ᠢᠨ ᠲᠡᠦᠬᠡ》᠂《ᠮᠠᠩᠯᠠᠢ ᠪᠠᠭᠠᠲᠤᠷ ᠳᠠᠮᠳᠢᠨᠰᠦ᠋ᠷᠦᠩ ᠦ᠋ᠨ ᠨᠠᠮᠲᠠᠷ》᠂《 ᠲᠤᠤ ᠸᠠᠩ᠂ ᠲᠡᠭᠦᠨ ᠦ᠌ ᠰᠤᠷᠭᠠᠯ》᠂《ᠰᠤᠮᠤ᠂ ᠬᠠᠮᠵᠢᠯᠭ᠎ᠠ᠂ ᠱᠠᠪᠢ ᠠᠷᠠᠳ》 ᠵᠡᠷᠭᠡ ᠣᠯᠠᠨ ᠪᠦᠲᠦᠭᠡᠯ ᠲᠤᠭᠤᠷᠪᠢᠵᠠᠢ᠃ ᠮᠣᠩᠭᠣᠯ ᠲᠡᠦᠬᠡᠨ ᠪᠢᠴᠢᠯᠭᠡ ᠶ᠋ᠢᠨ ᠰᠤᠳᠤᠯᠤᠭᠠᠴᠢ ᠱ· ᠪᠢᠷᠠ ᠶ᠋ᠢᠨ《ᠮᠣᠩᠭᠣᠯ ᠲᠡᠦᠬᠡ ᠰᠤᠳᠤᠯᠤᠯ ᠤ᠋ᠨ ᠲᠡᠦᠬᠡ》ᠭᠡᠬᠦ ᠵᠡᠷᠭᠡ ᠠᠯᠳᠠᠷᠲᠠᠢ ᠪᠦᠲᠦᠭᠡᠯ ᠦ᠋ᠳ ᠨᠢ ᠳᠡᠯᠡᠬᠡᠢ ᠳ᠋ᠦ᠍ ᠬᠡᠳᠦ ᠬᠡᠳᠦᠨ ᠬᠡᠯᠡᠨ ᠳ᠋ᠦ᠍ ᠣᠷᠴᠢᠭᠤᠯᠤᠭᠳᠠᠵᠤ ᠲᠠᠷᠬᠠᠭᠠᠭᠳᠠᠵᠠᠢ᠃ ᠮᠣᠩᠭᠣᠯ ᠤᠯᠤᠰ ᠤ᠋ᠨ ᠮᠣᠩᠭᠣᠯ ᠰᠤᠳᠤᠯᠤᠯ ᠪᠣᠢ ᠪᠦᠬᠦᠢ ᠬᠦᠷᠢᠶ᠎ᠡ ᠬᠡᠪᠴᠢᠶ᠎ᠡ ᠶ᠋ᠢ ᠬᠠᠮᠤᠷᠴᠤ᠂ ᠬᠡᠳᠦᠨ ᠦᠶ᠎ᠡ ᠶ᠋ᠢᠨ ᠡᠷᠳᠡᠮᠲᠡᠳ ᠦ᠋ᠨ ᠵᠤᠵᠠᠭᠠᠨ ᠬᠤᠷᠠᠮᠳᠤᠯᠭ᠎ᠠ ᠲᠠᠢ ᠪᠣᠯᠵᠤ᠂ ᠳᠡᠯᠡᠬᠡᠢ ᠶ᠋ᠢᠨ ᠮᠣᠩᠭᠣᠯ ᠰᠤᠳᠤᠯᠤᠯ ᠳ᠋ᠤ᠌ ᠣᠨᠴᠠᠭᠠᠢ ᠴᠢᠬᠤᠯᠠ ᠪᠠᠢᠷᠢ ᠰᠠᠭᠤᠷᠢ ᠪᠠᠨ ᠡᠵᠡᠯᠡᠭᠰᠡᠭᠡᠷ ᠪᠣᠢ᠃ ᠮᠣᠩᠭᠣᠯ ᠤᠯᠤᠰ ᠲᠤ᠌ ᠳᠡᠯᠡᠬᠡᠢ ᠶ᠋ᠢᠨ ᠮᠣᠩᠭᠣᠯᠴᠢ ᠡᠷᠳᠡᠮᠲᠡᠳ ᠦ᠋ᠨ ᠶᠡᠬᠡ ᠬᠤᠷᠠᠯ ᠪᠠᠢᠭᠤᠯᠤᠭᠳᠠᠵᠤ᠂1959 ᠣᠨ ᠠ᠋ᠴᠠ ᠣᠳᠣ ᠬᠦᠷᠲᠡᠯ᠎ᠡ ᠨᠡᠢᠲᠡ9 ᠬᠤᠭᠤᠴᠠᠭᠠᠨ ᠤ᠋ ᠶᠡᠬᠡ ᠬᠤᠷᠠᠯᠳᠤᠭᠠᠨ ᠴᠢᠭᠤᠯᠭᠠᠨ ᠢ᠋ ᠵᠣᠬᠢᠶᠠᠨ ᠪᠠᠢᠭᠤᠯᠤᠭᠠᠳ ᠳᠡᠯᠡᠬᠡᠢ ᠶ᠋ᠢᠨ ᠮᠣᠩᠭᠣᠯ ᠰᠤᠳᠤᠯᠤᠯ ᠢ᠋ ᠬᠦᠴᠦᠲᠡᠢ ᠠᠬᠢᠭᠤᠯᠵᠤ ᠴᠢᠳᠠᠵᠠᠢ᠃ 
       ᠡᠨᠡ ᠦᠶ᠎ᠡ ᠶ᠋ᠢᠨ ᠶᠠᠫᠣᠨ ᠤ᠋ ᠮᠣᠩᠭᠣᠯ ᠰᠤᠳᠤᠯᠤᠯ ᠡᠷᠴᠢᠮᠲᠡᠢ ᠬᠥᠭᠵᠢᠭᠰᠡᠭᠡᠷ ᠰᠢᠨ᠎ᠡ ᠱᠠᠲᠤ ᠦᠶ᠎ᠡ ᠳ᠋ᠦ᠍ ᠬᠦᠷᠦᠭᠰᠡᠨ ᠪᠠᠢᠨ᠎ᠠ᠃ ᠲᠣᠣᠺᠸᠣ ᠶᠡᠬᠡ ᠰᠤᠷᠭᠠᠭᠤᠯᠢ ᠶ᠋ᠢᠨ ᠸᠠᠳᠠ ᠺᠢᠶᠤᠰᠢ(1890—1959)《ᠳᠣᠷᠣᠨᠠᠲᠤ ᠠᠽᠢᠶ᠎ᠠ ᠶ᠋ᠢᠨ ᠰᠤᠳᠤᠯᠤᠯ᠂ ᠮᠣᠩᠭᠣᠯ ᠤ᠋ᠨ ᠪᠦᠯᠦᠭ》 ᠭᠡᠰᠡᠨ ᠠᠯᠳᠠᠷᠲᠤ ᠲᠡᠦᠬᠡᠨ ᠪᠦᠲᠦᠭᠡᠯ ᠢ᠋ ᠭᠦᠢᠴᠡᠳᠬᠡᠵᠦ᠂ ᠬᠢᠲᠠᠳ ᠰᠣᠷᠪᠤᠯᠵᠢᠰ ᠢ᠋ ᠠᠰᠢᠭᠯᠠᠨ ᠮᠢᠩ ᠦ᠋ᠨ ᠲᠥᠷᠥ ᠶ᠋ᠢᠨ ᠦᠶ᠎ᠡ ᠶ᠋ᠢᠨ ᠮᠣᠩᠭᠣᠯᠴᠤᠳ ᠤ᠋ᠨ ᠲᠡᠦᠬᠡ ᠶ᠋ᠢ ᠮᠠᠰᠢ ᠨᠠᠷᠢᠨ ᠭᠦᠨᠵᠡᠭᠡᠢ ᠨᠥᠯᠥᠭᠡ ᠦᠵᠡᠭᠦᠯᠦᠭᠰᠡᠨ ᠪᠠᠢᠨ᠎ᠠ᠃ ᠲᠣᠣᠺᠢᠣ ᠭᠠᠳᠠᠭᠠᠳᠤ ᠬᠡᠯᠡᠨ ᠦ᠌ ᠶᠡᠬᠡ ᠰᠤᠷᠭᠠᠭᠤᠯᠢ ᠶ᠋ᠢᠨ ᠣᠺᠠᠳᠠ ᠾᠢᠳ᠋ᠸᠬᠢᠷᠣ ᠶᠠᠫᠣᠨ ᠳ᠋ᠤ᠌ ᠲᠡᠦᠬᠡᠨ ᠰᠤᠳᠤᠯᠤᠯ ᠤ᠋ᠨ ᠬᠥᠮᠦᠵᠢᠯ ᠢ᠋ ᠬᠦᠷᠲᠡᠭᠰᠡᠨ ᠮᠥᠷᠲᠡᠭᠡᠨ ᠠᠮᠧᠷᠢᠺᠠ ᠳ᠋ᠤ᠌ ᠨ᠂ ᠫᠣᠫᠫᠧ ᠵᠡᠷᠭᠡ ᠬᠥᠮᠦᠨ ᠡᠴᠡ ᠰᠤᠷᠤᠭᠰᠠᠨ ᠪᠣᠯᠬᠣᠷ ᠮᠣᠩᠭᠣᠯ ᠲᠡᠦᠬᠡᠨ ᠰᠤᠳᠤᠯᠤᠯ ᠳ᠋ᠤ᠌ ᠭᠠᠷᠮᠠᠭᠠᠢ ᠪᠦᠲᠦᠭᠡᠯ ᠭᠠᠷᠭᠠᠵᠠᠢ᠃ ᠲᠡᠷᠡ ᠮᠣᠩᠭᠣᠯ ᠲᠡᠦᠬᠡᠨ ᠰᠤᠷᠪᠣᠯᠵᠢᠰ᠂ ᠮᠠᠨᠵᠤ ᠳᠠᠩᠰᠠ ᠠᠷᠬᠢᠪ ᠵᠡᠷᠭᠡ ᠶ᠋ᠢ ᠴᠢᠳᠠᠮᠠᠭᠠᠢ ᠠᠰᠢᠭᠯᠠᠵᠤ᠂ ᠴᠢᠩ ᠦ᠋ᠨ ᠦᠶ᠎ᠡ ᠶ᠋ᠢᠨ ᠮᠣᠩᠭᠣᠯ ᠲᠡᠦᠬᠡ ᠰᠤᠳᠤᠯᠤᠯ ᠳ᠋ᠤ᠌ ᠰᠢᠨ᠎ᠡ ᠶ᠋ᠢ ᠢᠯᠡᠷᠡᠭᠦᠯᠦᠨ ᠬᠣᠭᠣᠰᠣᠨ ᠢ᠋ ᠨᠥᠬᠥᠪᠥᠷᠢᠯᠡᠨ ᠠᠭᠤᠤ ᠶᠡᠬᠡ ᠠᠮᠵᠢᠯᠲᠠ ᠭᠠᠷᠭᠠᠵᠠᠢ᠃ ᠶᠠᠫᠣᠨ ᠤ᠋ ᠡᠷᠳᠡᠮᠲᠡᠳ ᠣᠯᠠᠨ ᠵᠦᠢᠯ ᠦ᠋ᠨ ᠬᠡᠯᠡ᠂ ᠦᠰᠦᠭ ᠪᠢᠴᠢᠭ ᠦ᠋ᠳ ᠦ᠋ᠨ ᠲᠡᠦᠬᠡᠨ ᠰᠣᠷᠪᠣᠯᠵᠢᠰ ᠢ᠋ ᠪᠦᠷᠢᠨ ᠠᠰᠢᠭᠯᠠᠵᠤ ᠴᠢᠳᠠᠬᠤ ᠮᠥᠷᠲᠡᠭᠡᠨ ᠰᠤᠳᠤᠯᠬᠤ ᠠᠷᠭ᠎ᠠ ᠨᠢ ᠨᠠᠷᠢᠨ ᠨᠢᠭᠲᠠ᠂ ᠮᠠᠲ᠋ᠧᠷᠢᠶᠠᠯ ᠢ᠋ ᠠᠰᠢᠭᠯᠠᠬᠤ ᠳ᠋ᠤ᠌ ᠮᠠᠰᠢ ᠬᠢᠴᠢᠶᠡᠮᠡᠲᠡᠭᠡᠢ ᠪᠠᠢᠳᠠᠭ ᠢ᠋ᠶ᠋ᠠᠷ ᠳᠡᠯᠡᠬᠡᠢ ᠶ᠋ᠢᠨ ᠮᠣᠩᠭᠣᠯ ᠰᠤᠳᠤᠯᠤᠯ ᠳ᠋ᠤ᠌ ᠲᠣᠳᠣᠷᠬᠠᠢ ᠣᠨᠴᠠᠯᠢᠭ ᠢ᠋ᠶ᠋ᠠᠷ ᠢᠯᠭᠠᠷᠠᠳᠠᠭ᠃ ᠣᠯᠠᠨ ᠠᠷᠪᠢᠨ ᠡᠷᠳᠡᠮᠲᠡᠳ ᠦ᠋ᠨ ᠳᠣᠲᠣᠷ᠎ᠠ ᠮᠤᠷᠢᠺᠠᠸᠠ ᠲᠠᠽᠢᠡᠥ᠌᠂ ᠶᠣᠰᠢᠳᠠ ᠵᠦᠨᠶᠢᠴᠢ᠂ ᠨᠠᠺᠠᠮᠢ ᠲᠠᠽᠢᠡᠥ᠌᠂ ᠹᠣᠲ᠋ᠠᠺᠢ ᠾᠢᠷᠤᠱᠢ ᠵᠡᠷᠭᠡ ᠪᠣᠯ ᠮᠣᠩᠭᠣᠯ ᠮᠠᠨᠵᠤ ᠮᠠᠲ᠋ᠧᠷᠢᠶᠠᠯ ᠳ᠋ᠤ᠌ ᠴᠢᠳᠠᠮᠠᠭᠠᠢ᠂ ᠰᠣᠬᠢᠶᠠᠮᠨ ᠮᠠᠰᠠᠨᠺᠢ᠂ ᠮᠠᠽᠢᠳᠠ ᠺᠦᠢᠴᠢ ᠵᠡᠷᠭᠡ ᠪᠣᠯ ᠫᠧᠷᠰ ᠬᠡᠯᠡᠨ ᠳ᠋ᠦ᠍ ᠭᠠᠷᠮᠠᠭᠠᠢ᠂ ᠶᠠᠮᠠᠺᠥᠴᠢ ᠵᠦᠢᠠᠠᠥ᠌᠂ ᠸᠠᠺᠠᠮᠡᠽᠢ ᠾᠢ᠍ᠷᠣᠱ᠌ᠢ᠂ ᠢᠰᠢᠬᠠᠮᠠ ᠶᠣᠮᠢᠺᠤ ᠵᠡᠷᠭᠡ ᠪᠣᠯ ᠲᠥᠪᠡᠳ ᠦᠰᠦᠭ ᠪᠢᠴᠢᠭ ᠲᠡᠭᠡᠨ ᠰᠠᠢᠨ᠂ ᠶᠠᠨᠠᠬᠢᠽᠠᠸᠠ ᠠᠺᠸᠷᠠ᠂ ᠺᠠᠲ᠋ᠥ᠌ ᠨᠠᠤᠲ᠋ᠥ᠌ ᠵᠡᠷᠭᠡ ᠮᠠᠰᠢ ᠠᠷᠪᠢᠨ ᠡᠷᠳᠡᠮᠲᠡᠳ ᠮᠠᠨᠵᠤ᠂ ᠣᠷᠣᠰ ᠬᠡᠯᠡᠨ ᠳ᠋ᠡᠭᠡᠨ ᠰᠠᠢᠨ ᠪᠠᠢᠵᠤ᠂ ᠲᠠᠯ᠎ᠠ ᠲᠠᠯ᠎ᠠ ᠠ᠋ᠴᠠ ᠪᠠᠨ ᠰᠤᠳᠤᠯᠭ᠎ᠠ ᠬᠢᠵᠦ᠂ ᠴᠢᠨᠠᠷ ᠰᠠᠢᠲᠠᠢ ᠪᠦᠲᠦᠭᠡᠯ ᠨᠡᠢᠲᠡᠯᠡᠭᠦᠯᠵᠦ ᠪᠠᠢᠨ᠎ᠠ᠃ ᠮᠣᠩᠭᠣᠯ ᠬᠡᠯᠡ ᠤᠳᠬ᠎ᠠ ᠵᠣᠬᠢᠶᠠᠯ ᠰᠤᠳᠤᠯᠤᠯ ᠤ᠋ᠨ ᠲᠠᠯ᠎ᠠ ᠪᠠᠷ ᠾᠡᠽᠢᠲ᠋ᠣᠷᠢ ᠱ᠌ᠢᠷᠥ᠌᠂ ᠨᠣᠮᠤᠷᠠ ᠮᠠᠰᠠᠶᠣᠱ᠌ᠢ᠂ ᠺᠤᠪᠡᠶᠠᠰᠢ ᠲᠡᠬᠡᠱ᠌ᠢᠷᠥ᠌᠂ ᠦᠱ᠌ᠢᠪᠤᠴᠢ ᠲᠡᠺᠡᠰᠢ᠂ ᠬᠠᠶᠠᠰᠢᠶᠠᠮᠠ ᠱ᠌ᠢᠴᠢᠷᠥ᠌ ᠵᠡᠷᠭᠡ ᠡᠷᠳᠡᠮᠲᠡᠳ ᠶᠠᠫᠣᠨ ᠤ᠋ ᠮᠣᠩᠭᠣᠯ ᠬᠡᠯᠡ ᠤᠳᠬ᠎ᠠ ᠵᠣᠬᠢᠶᠠᠯ ᠰᠤᠳᠤᠯᠤᠯ ᠤ᠋ᠨ ᠰᠠᠭᠤᠷᠢ ᠶ᠋ᠢ ᠲᠠᠯᠪᠢᠵᠤ ᠥᠭᠭᠦᠭᠰᠡᠨ ᠪᠥᠭᠡᠳ ᠣᠽᠠᠸᠠ ᠰᠢᠭᠸᠥ᠌᠂ ᠺᠦᠥ᠋ ᠮᠢᠨᠣᠷᠥ᠋᠂ ᠲᠡᠨᠡᠺᠡ ᠬᠡᠽᠢᠬᠢᠺᠦ᠋᠂ ᠨᠡᠺᠠᠨᠥ᠋ ᠮᠢᠶᠣᠺᠥ᠋᠂ ᠺᠤᠷᠢᠪᠠᠶᠠᠰᠢ ᠾᠢ᠍ᠲ᠋ᠣᠱ᠌ᠢ ᠵᠡᠷᠭᠡ ᠰᠢᠨ᠎ᠡ ᠦᠶ᠎ᠡ ᠶ᠋ᠢᠨ ᠬᠢᠨ ᠮᠣᠩᠭᠣᠯ ᠬᠡᠯᠡ ᠪᠢᠴᠢᠭ ᠲᠦ᠍ ᠶᠡᠬᠡ ᠬᠡᠮᠵᠢᠶᠡᠨ ᠦ᠌ ᠰᠤᠳᠤᠯᠭᠠᠨ ᠬᠢᠵᠦ ᠡᠯᠪᠡᠭ ᠪᠦᠲᠦᠭᠡᠯ ᠭᠠᠷᠭᠠᠭᠰᠠᠨ ᠪᠠᠢᠳᠠᠭ᠃ ᠵᠥᠪᠯᠡᠯᠲᠦ ᠬᠣᠯᠪᠣᠭᠠᠲᠤ ᠤᠯᠤᠰ ᠤ᠋ᠨ ᠦᠶ᠎ᠡ ᠶ᠋ᠢᠨ ᠮᠣᠩᠭᠣᠯ ᠰᠤᠳᠤᠯᠤᠯ ᠠᠭᠤᠤ ᠶᠡᠬᠡ ᠪᠦᠲᠦᠭᠡᠯ ᠢ᠋ ᠣᠯᠤᠭᠰᠠᠨ ᠪᠠᠢᠳᠠᠭ᠃ 
       ᠵᠥᠪᠯᠡᠯᠲᠦ ᠶ᠋ᠢᠨ ᠰᠢᠨᠵᠢᠯᠡᠬᠦ ᠤᠬᠠᠭᠠᠨ ᠠᠺᠠᠳᠧᠮᠢ ᠶ᠋ᠢᠨ ᠳᠣᠷᠣᠨᠠᠳᠠᠬᠢᠨ ᠤ᠋ ᠰᠤᠳᠤᠯᠤᠯ ᠤ᠋ᠨ ᠬᠦᠷᠢᠶᠡᠯᠡᠩ᠂ ᠵᠥᠪᠯᠡᠯᠲᠦ ᠶ᠋ᠢᠨ ᠰᠢᠨᠵᠢᠯᠡᠬᠦ ᠤᠬᠠᠭᠠᠨ ᠰᠢᠪᠡᠷᠢ ᠳ᠋ᠡᠬᠢ ᠬᠤᠪᠢᠶᠠᠷᠢ ᠬᠦᠷᠢᠶᠡᠯᠡᠩ᠂ ᠬᠠᠯᠢᠮᠠᠭ ᠤᠯᠤᠰ ᠤ᠋ᠨ ᠲᠡᠦᠬᠡ᠂ ᠬᠡᠯᠡ ᠤᠳᠬ᠎ᠠ ᠵᠣᠬᠢᠶᠠᠯ ᠠᠵᠤ ᠠᠬᠤᠢ ᠶ᠋ᠢᠨ ᠰᠤᠳᠤᠯᠬᠤ ᠬᠦᠷᠢᠶᠡᠯᠡᠩ ᠵᠡᠷᠭᠡ ᠪᠠᠢᠭᠤᠯᠤᠮᠵᠢ ᠨᠤᠭᠤᠳ ᠪᠦᠷ ᠮᠣᠩᠭᠣᠯ ᠰᠤᠳᠤᠯᠤᠯ ᠤ᠋ᠨ ᠨᠢᠭᠡᠴᠢ ᠳ᠋ᠦ᠍ ᠲᠣᠭᠠᠴᠠᠭᠳᠠᠨ᠎ᠠ᠃ ᠮᠣᠰᠺᠸᠠ ᠳ᠋ᠤ᠌ ᠭᠣᠣᠯᠳᠠᠭᠤ ᠮᠣᠩᠭᠣᠯ ᠲᠡᠦᠬᠡ᠂ ᠠᠵᠤ ᠠᠬᠤᠢ᠂ ᠬᠡᠯᠡ ᠪᠢᠴᠢᠭ᠂ ᠰᠣᠶᠣᠯ ᠤ᠋ᠨ ᠰᠤᠳᠤᠯᠤᠯ ᠤ᠋ᠳ ᠢ᠋ ᠡᠷᠬᠢᠯᠡᠨ᠂ ᠯᠧᠨᠢᠩᠷᠠᠳ᠋ ᠲᠤ᠌ ᠬᠠᠷᠢᠨ ᠮᠣᠩᠭᠣᠯ ᠪᠢᠴᠢᠭ ᠦ᠋ᠨ ᠰᠣᠷᠪᠤᠯᠵᠢᠰ᠂ ᠬᠡᠯᠡ ᠰᠢᠨᠵᠢᠯᠡᠯ᠂ ᠵᠠᠩ ᠠᠭᠠᠯᠢ ᠪᠣᠯᠤᠨ ᠪᠤᠷᠬᠠᠨ ᠱᠠᠰᠢᠨ ᠤ᠋ ᠰᠤᠳᠤᠯᠤᠯ ᠢ᠋ ᠭᠣᠣᠯᠴᠢᠯᠠᠨ᠂ ᠬᠠᠯᠢᠮᠠᠭ ᠲᠤ᠌ ᠪᠠᠭᠠᠲᠤᠷᠯᠢᠭ ᠲᠤᠤᠯᠢᠰ ᠤ᠋ᠨ ᠰᠤᠳᠤᠯᠤᠯ᠂ ᠤᠭᠰᠠᠭᠠᠲᠠᠨ ᠵᠦᠢ ᠶ᠋ᠢᠨ ᠰᠤᠳᠤᠯᠤᠯ ᠵᠡᠷᠭᠡ ᠶ᠋ᠢ ᠥᠷᠨᠢᠭᠦᠯᠳᠡᠭ ᠪᠠᠢᠪᠠ᠃ ᠡᠭᠦᠨ ᠢ᠋ᠶ᠋ᠡᠷ ᠪᠠᠷᠠᠬᠤ ᠦᠭᠡᠢ ᠵᠥᠪᠯᠡᠯᠲᠦ ᠬᠣᠯᠪᠣᠭᠠᠲᠤ ᠤᠯᠤᠰ ᠮᠣᠩᠭᠣᠯ ᠤ᠋ᠨ ᠥᠨᠳᠥᠷᠯᠢᠭ ᠲᠦ᠍ ᠶᠡᠬᠡ ᠬᠡᠮᠵᠢᠶᠡᠨ ᠦ᠌ ᠬᠠᠭᠤᠴᠢᠰ ᠤ᠋ᠨ ᠰᠤᠳᠤᠯᠭᠠᠨ ᠬᠢᠭᠰᠡᠨ ᠢ᠋ᠶ᠋ᠡᠷ ᠲᠡᠨᠳᠡ ᠪᠠᠶᠠᠯᠢᠭ ᠰᠠᠢᠬᠠᠨ ᠡᠷᠲᠡᠨ ᠦ᠌ ᠮᠣᠩᠭᠣᠯ ᠤ᠋ᠨ ᠪᠣᠳᠠᠰ ᠤ᠋ᠨ ᠰᠣᠶᠣᠯ ᠤ᠋ᠨ ᠵᠦᠢᠯᠡᠰ ᠬᠠᠳᠠᠭᠠᠯᠠᠭᠳᠠᠵᠤ ᠪᠠᠢᠳᠠᠭ᠃ ᠵᠥᠪᠯᠡᠯᠲᠦ ᠶ᠋ᠢᠨ ᠣᠯᠠᠨ ᠠᠷᠪᠢᠨ ᠮᠦᠽᠧᠢ᠂ ᠨᠣᠮ ᠤ᠋ᠨ ᠰᠠᠩ ᠤ᠋ᠳ ᠲᠤ᠌17 ᠳ᠋ᠤᠭᠠᠷ ᠵᠠᠭᠤᠨ ᠠ᠋ᠴᠠ ᠨᠠᠭᠠᠰᠢ ᠣᠯᠳᠠᠭᠰᠠᠨ ᠮᠣᠩᠭᠣᠯ ᠤ᠋ᠨ ᠰᠤᠷᠪᠤᠯᠵᠢ ᠪᠢᠴᠢᠭ᠂ ᠳᠠᠩᠰᠠ ᠡᠪᠬᠡᠮᠡᠯ ᠦᠯᠡᠮᠵᠢ ᠶᠡᠬᠡ ᠪᠡᠷ ᠬᠠᠳᠠᠭᠠᠯᠠᠭᠳᠠᠵᠤ ᠪᠠᠢᠭ᠎ᠠ ᠲᠤᠯᠠ᠂ ᠮᠣᠩᠭᠣᠯ ᠰᠤᠳᠤᠯᠤᠯ ᠤ᠋ᠨ ᠳᠠᠭᠠᠭᠠᠮᠠᠭᠠᠢ ᠬᠥᠭᠵᠢᠯᠲᠡ ᠳ᠋ᠦ᠍ ᠮᠠᠲ᠋ᠧᠷᠢᠶᠠᠯ ᠰᠣᠷᠪᠤᠯᠵᠢᠰ ᠤ᠋ᠨ ᠰᠠᠭᠤᠷᠢ ᠶ᠋ᠢ ᠪᠠᠲᠤ ᠲᠠᠯᠪᠢᠵᠤ ᠴᠢᠳᠠᠭᠰᠠᠨ ᠶᠤᠮ᠃ 
       ᠳᠡᠭᠡᠷ᠎ᠡ ᠵᠠᠭᠤᠨ ᠤ᠋ ᠰᠡᠭᠦᠯᠴᠢ ᠶ᠋ᠢᠨ ᠦᠶ᠎ᠡ ᠡᠴᠡ ᠡᠬᠢᠯᠡᠨ ᠺᠣᠷᠢᠶᠠ ᠤᠯᠤᠰ ᠲᠤ ᠮᠣᠩᠭᠣᠯ ᠰᠤᠳᠤᠯᠤᠯ ᠮᠠᠰᠢ ᠲᠦᠷᠭᠡᠨ ᠬᠥᠭᠵᠢᠨ ᠥᠷᠨᠢᠵᠦ᠂ ᠲᠠᠨᠺᠦᠭ ᠶᠡᠬᠡ ᠰᠤᠷᠭᠠᠭᠤᠯᠢ᠂ ᠰᠧᠥ᠋ᠯ ᠶᠡᠬᠡ ᠰᠤᠷᠭᠠᠭᠤᠯᠢ ᠳ᠋ᠤ᠌ ᠵᠠᠯᠠᠭᠤ ᠮᠣᠩᠭᠣᠯᠴᠢ ᠡᠷᠳᠡᠮᠲᠡᠳ ᠦ᠋ᠨ ᠡᠩᠨᠡᠭᠡ ᠪᠦᠷᠢᠳᠦᠨ ᠭᠠᠷᠴᠤ ᠢᠷᠡᠭᠰᠡᠨ ᠶᠦᠮ᠃ ᠰᠣᠯᠣᠩᠭᠣᠰ ᠮᠣᠩᠭᠣᠯ ᠬᠡᠯᠡᠨ ᠦ᠌ ᠬᠠᠷᠢᠴᠠᠭᠤᠯᠤᠭᠰᠠᠨ ᠰᠤᠳᠤᠯᠤᠯ᠂ ᠰᠣᠯᠣᠩᠭᠣᠰ ᠮᠣᠩᠭᠣᠯ ᠤ᠋ᠨ ᠬᠠᠷᠢᠯᠴᠠᠭᠠᠨ ᠤ᠋ ᠲᠡᠦᠬᠡᠨ ᠰᠤᠳᠤᠯᠤᠯ ᠡᠷᠴᠢᠮᠲᠡᠢ ᠶᠠᠪᠤᠭᠳᠠᠵᠤ ᠪᠠᠢᠭᠰᠠᠨ ᠮᠥᠷᠲᠡᠭᠡᠨ ᠷᠠᠰᠢᠳ᠋— ᠠᠳ᠋— ᠳ᠋ᠢᠨ ᠦ᠌《ᠲᠡᠦᠬᠡᠰ ᠦ᠋ᠨ ᠴᠢᠭᠤᠯᠭᠠᠨ》 ᠢ᠋ ᠴᠦ᠍ ᠰᠣᠯᠣᠩᠭᠣᠰ ᠬᠡᠯᠡᠨ ᠳ᠋ᠦ᠍ ᠣᠷᠴᠢᠭᠤᠯᠵᠤ ᠬᠡᠪᠯᠡᠭᠰᠡᠨ ᠪᠠᠢᠨ᠎ᠠ᠃ ᠡᠨᠡᠳᠬᠡᠭ ᠤᠯᠤᠰ ᠲᠤ᠌ ᠮᠣᠩᠭᠣᠯ ᠤ᠋ᠨ ᠰᠤᠳᠤᠯᠤᠯ ᠭᠣᠣᠯᠳᠠᠭᠤ ᠪᠤᠷᠬᠠᠨ ᠱᠠᠰᠢᠨ ᠤ᠋ ᠬᠦᠷᠢᠶ᠎ᠡ ᠬᠡᠪᠴᠢᠶᠡᠨ ᠳ᠋ᠦ᠍᠂ ᠲᠦᠷᠺ ᠤᠯᠤᠰ ᠲᠤ᠌ ᠭᠣᠣᠯᠳᠠᠭᠤ ᠲᠥᠷᠥᠭ ᠮᠣᠩᠭᠣᠯ ᠤ᠋ᠨ ᠲᠡᠦᠬᠡᠨ ᠬᠠᠷᠢᠯᠴᠠᠭ᠎ᠠ᠂ ᠰᠣᠶᠣᠯ ᠤ᠋ᠨ ᠬᠠᠷᠢᠯᠴᠠᠭᠠᠨ ᠤ᠋ ᠲᠠᠯ᠎ᠠ ᠪᠠᠷ ᠰᠤᠳᠤᠯᠭᠠᠨ ᠶᠠᠪᠤᠭᠳᠠᠵᠤ ᠪᠣᠢ᠃ ᠢᠰᠷᠧᠠ ᠤᠯᠤᠰ ᠤ᠋ᠨ ᠮᠣᠩᠭᠣᠯ ᠰᠤᠳᠤᠯᠤᠯ ᠮᠠᠰᠢ ᠣᠨᠴᠠᠯᠢᠭ ᠲᠠᠢ ᠪᠠᠢᠵᠤ᠂ ᠢᠯ ᠬᠠᠭᠠᠨᠲᠤ ᠤᠯᠤᠰ ᠤ᠋ᠨ ᠦᠶ᠎ᠡ ᠶ᠋ᠢᠨ ᠲᠡᠦᠬᠡ ᠰᠣᠶᠣᠯ ᠢ᠋ ᠠᠷᠠᠪ᠂ ᠫᠸᠷᠰ ᠦᠰᠦᠭ ᠦ᠋ᠨ ᠮᠠᠲ᠋ᠧᠷᠢᠶᠠᠯ ᠢ᠋ ᠠᠰᠢᠭᠯᠠᠨ᠂ ᠣᠯᠠᠨ ᠠᠷᠪᠢᠨ ᠰᠢᠨ᠎ᠡ ᠰᠣᠷᠭᠣᠭ ᠪᠦᠲᠦᠭᠡᠯ ᠦ᠋ᠳ ᠢ᠋ ᠨᠡᠢᠲᠡᠯᠡᠵᠦ ᠪᠠᠢᠨ᠎ᠠ᠃
       ᠡᠳᠡᠭᠡᠷ ᠪᠦᠬᠦᠨ ᠨᠢ ᠵᠥᠪᠬᠡᠨ ᠳᠡᠯᠡᠬᠡᠢ ᠶ᠋ᠢᠨ ᠮᠣᠩᠭᠣᠯ ᠰᠤᠳᠤᠯᠤᠯ ᠤ᠋ᠨ ᠳᠥᠬᠥᠮᠬᠡᠨ ᠲᠠᠨᠢᠯᠴᠠᠭᠤᠯᠭ᠎ᠠ ᠶ᠋ᠢᠨ ᠲᠡᠳᠦᠢ ᠯᠡ᠃ ᠣᠳᠣ ᠲᠠᠪᠢ ᠭᠠᠷᠤᠢ ᠤᠯᠤᠰ ᠣᠷᠣᠨ ᠳ᠋ᠤ᠌ ᠮᠣᠩᠭᠣᠯ ᠰᠤᠳᠤᠯᠤᠯ ᠶᠠᠪᠤᠭᠳᠠᠵᠤ᠂ ᠮᠣᠩᠭᠣᠯ ᠦᠨᠳᠦᠰᠦᠲᠡᠨ ᠦ᠌ ᠡᠷᠲᠡ ᠡᠳᠦᠭᠡ ᠶ᠋ᠢ ᠣᠯᠠᠨ ᠲᠠᠯ᠎ᠠ ᠪᠠᠷ ᠰᠤᠳᠤᠯᠤᠨ ᠰᠢᠨᠵᠢᠯᠡᠵᠦ ᠪᠣᠢ᠃ ᠮᠣᠩᠭᠣᠯ ᠰᠤᠳᠤᠯᠤᠯ ᠣᠳᠣ ᠳᠠᠬᠢᠨ ᠰᠢᠨ᠎ᠡ ᠬᠥᠭᠵᠢᠯᠲᠡ ᠶ᠋ᠢᠨ ᠵᠠᠮ ᠳ᠋ᠤ᠌ ᠣᠷᠣᠭᠠᠳ ᠮᠣᠩᠭᠣᠯ ᠰᠤᠳᠤᠯᠤᠯ ᠢ᠋ ᠬᠥᠬᠢᠭᠦᠯᠵᠦ ᠬᠥᠭᠵᠢᠭᠦᠯᠬᠦ ᠶ᠋ᠢᠨ ᠲᠤᠯᠠᠳᠠ᠂ ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠠ᠋ᠴᠠ ᠮᠣᠩᠭᠣᠯᠵᠢ ᠡᠷᠳᠡᠮᠲᠡᠳ ᠦ᠋ᠨ ᠶᠡᠬᠡ ᠬᠤᠷᠠᠯ ᠢ᠋ ᠳᠡᠮᠵᠢᠵᠦ᠂ ᠥᠪᠡᠷ ᠦ᠋ᠨ ᠢ᠋ᠶ᠋ᠡᠨ ᠠᠵᠢᠯ ᠤ᠋ᠨ ᠬᠤᠪᠢᠶᠠᠷᠢ ᠳ᠋ᠠᠭᠠᠨ ᠬᠠᠮᠤᠷᠤᠨ ᠣᠷᠣᠭᠤᠯᠤᠭᠰᠠᠨ ᠪᠠᠢᠨ᠎ᠠ᠃ 
       ᠳᠤᠮᠳᠠᠳᠤ ᠤᠯᠤᠰ ᠤ᠋ᠨ ᠮᠣᠩᠭᠣᠯ ᠰᠤᠳᠤᠯᠤᠯ ᠶᠠᠷᠢᠶᠠᠨ ᠦᠭᠡᠢ ᠮᠠᠰᠢ ᠡᠷᠴᠢᠮᠲᠡᠢ ᠬᠥᠭᠵᠢᠭᠰᠡᠭᠡᠷ᠃ ᠣᠯᠠᠨ ᠠᠷᠪᠢᠨ ᠶᠡᠬᠡ ᠰᠤᠷᠭᠠᠭᠤᠯᠢ ᠳ᠋ᠤ᠌ ᠮᠣᠩᠭᠣᠯ ᠰᠤᠳᠤᠯᠤᠯ ᠤ᠋ᠨ ᠲᠤᠰᠬᠠᠢ ᠮᠡᠷᠭᠡᠵᠢᠯ ᠲᠡᠢ ᠮᠥᠷᠲᠡᠭᠡᠨ ᠳᠡᠯᠡᠬᠡᠢ ᠳᠡᠭᠡᠷᠡᠬᠢ ᠬᠠᠮᠤᠭ ᠤ᠋ᠨ ᠲᠣᠮᠣ ᠮᠣᠩᠭᠣᠯ ᠰᠤᠳᠤᠯᠤᠯ ᠤ᠋ᠨ ᠡᠷᠳᠡᠮᠲᠡᠳ ᠦ᠋ᠨ ᠡᠩᠨᠡᠭᠡ ᠡᠨᠳᠡ ᠪᠦᠷᠢᠳᠦᠨ ᠠᠵᠢᠯᠯᠠᠵᠤ ᠪᠣᠢ᠃ ᠵᠢᠯ ᠪᠦᠷᠢ ᠶᠡᠬᠡ ᠬᠡᠮᠵᠢᠶᠡᠨ ᠦ᠌ ᠡᠷᠳᠡᠮ ᠰᠢᠨᠵᠢᠯᠡᠭᠡᠨ ᠦ᠌ ᠦᠷ᠎ᠡ ᠪᠦᠲᠦᠭᠡᠯ ᠦ᠋ᠳ ᠢ᠋ᠶ᠋ᠡᠨ ᠨᠡᠢᠲᠡᠯᠡᠨ ᠳᠡᠯᠡᠬᠡᠢ ᠶ᠋ᠢᠨ ᠮᠣᠩᠭᠣᠯ ᠰᠤᠳᠤᠯᠤᠯ ᠳ᠋ᠤ᠌ ᠬᠦᠴᠦᠲᠡᠢ ᠲᠦᠯᠬᠢᠴᠡ ᠦᠵᠡᠭᠦᠯᠵᠦ ᠪᠣᠢ᠃ ᠮᠣᠩᠭᠣᠯ ᠰᠤᠳᠤᠯᠤᠯ ᠤ᠋ᠨ ᠪᠣᠢ ᠪᠦᠬᠦᠢ ᠰᠠᠯᠠᠭ᠎ᠠ ᠮᠥᠴᠢᠷ ᠲᠦ᠍ ᠣᠯᠠᠨ ᠲᠦᠮᠡᠨᠴᠢ ᠴᠢᠨᠠᠷ ᠲᠠᠢ ᠰᠤᠳᠤᠯᠭᠠᠨ ᠤ᠋ ᠬᠤᠷᠠᠯ ᠨᠡᠢᠭᠡᠮᠯᠢᠭ ᠦ᠋ᠳ ᠪᠠᠢᠭᠤᠯᠤᠭᠳᠠᠵᠤ᠂ ᠣᠯᠠᠨ ᠵᠦᠢᠯ ᠦ᠋ᠨ ᠮᠣᠩᠭᠣᠯ ᠰᠤᠳᠤᠯᠤᠯ ᠤ᠋ᠨ ᠰᠣᠷᠪᠣᠯᠵᠢᠰ᠂ ᠪᠣᠯᠪᠠᠰᠤᠨ ᠬᠦᠴᠦᠨ ᠢ᠋ ᠵᠣᠬᠢᠶᠠᠨ ᠪᠠᠢᠭᠤᠯᠵᠤ᠂ ᠵᠦᠢᠯ ᠪᠦᠷᠢ ᠶ᠋ᠢᠨ ᠡᠯᠸᠮᠸᠨᠲ ᠦ᠋ᠳ ᠢ᠋ ᠭᠦᠢᠴᠡᠳ ᠠᠰᠢᠭᠯᠠᠨ᠂ ᠰᠤᠳᠤᠯᠭᠠᠨ ᠤ᠋ ᠴᠢᠨᠠᠷ ᠴᠢᠨᠰᠠᠭ᠎ᠠ ᠪᠠᠨ ᠳᠡᠭᠡᠭᠰᠢᠯᠡᠭᠦᠯᠦᠭᠰᠡᠭᠡᠷ ᠪᠣᠢ᠃ ᠥᠨᠥᠳᠥᠷ ᠳᠤᠮᠳᠠᠳᠤ ᠤᠯᠤᠰ ᠤ᠋ᠨ ᠮᠣᠩᠭᠣᠯ ᠰᠤᠳᠤᠯᠤᠯ ᠳᠡᠯᠡᠬᠡᠢ ᠳᠡᠭᠡᠷ᠎ᠡ ᠬᠠᠮᠤᠭ ᠤ᠋ᠨ ᠬᠦᠴᠦᠷᠬᠡᠭ ᠡᠷᠳᠡᠮᠲᠡᠳ ᠦ᠋ᠨ ᠡᠩᠨᠡᠭᠡ ᠲᠡᠢ ᠮᠥᠷᠲᠡᠭᠡᠨ ᠬᠠᠮᠤᠭ ᠤ᠋ᠨ ᠪᠠᠶᠠᠯᠢᠭ ᠪᠦᠲᠦᠭᠡᠯ ᠲᠡᠢ ᠪᠣᠯᠤᠯ᠎ᠠ ᠭᠡᠵᠦ ᠲᠤᠩᠬᠠᠭᠯᠠᠵᠤ ᠪᠣᠯᠤᠮᠠᠷ ᠪᠠᠢᠨ᠎ᠠ᠃ ᠳᠤᠮᠳᠠᠳᠤ ᠤᠯᠤᠰ ᠤ᠋ᠨ ᠮᠣᠩᠭᠣᠯ ᠰᠤᠳᠤᠯᠤᠯ ᠦᠨᠳᠦᠰᠦᠲᠡᠨ ᠦ᠌ ᠰᠣᠶᠣᠯ ᠤ᠋ᠨ ᠥᠪ ᠢ᠋ ᠤᠯᠠᠮᠵᠢᠯᠠᠨ ᠪᠠᠶᠠᠯᠢᠭᠵᠢᠭᠤᠯᠤᠭᠰᠠᠨ ᠢ᠋ᠶ᠋ᠠᠷ ᠪᠠᠷᠠᠬᠤ ᠦᠭᠡᠢ ᠤᠯᠤᠰ ᠤ᠋ᠨ ᠨᠢᠭᠡᠳᠦᠯ᠂ ᠦᠨᠳᠦᠰᠦᠲᠡᠨ ᠦ᠌ ᠨᠢᠭᠲᠠᠷᠠᠯ᠂ ᠨᠡᠢᠭᠡᠮ ᠦ᠋ᠨ ᠲᠣᠭᠲᠠᠴᠠ ᠳ᠋ᠤ᠌ ᠮᠠᠰᠢ ᠠᠴᠢᠲᠠᠢ ᠦᠢᠯᠡᠳᠦᠯ ᠦᠵᠡᠭᠦᠯᠵᠦ᠂ ᠨᠠᠮ ᠵᠠᠰᠠᠭ ᠤ᠋ᠨ ᠴᠢᠬᠤᠯᠠᠴᠢᠯᠠᠭ᠎ᠠ ᠶ᠋ᠢ ᠣᠯᠵᠤ ᠪᠠᠢᠨ᠎ᠠ᠃ 
       ᠥᠨᠥᠳᠥᠷ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ ᠳᠡᠯᠡᠬᠡᠢ ᠶ᠋ᠢᠨ ᠣᠯᠠᠨ ᠤᠯᠤᠰ ᠤ᠋ᠨ ᠡᠷᠳᠡᠮᠲᠡᠳ ᠦ᠋ᠨ ᠪᠦᠲᠦᠭᠡᠭᠰᠡᠨ ᠮᠣᠩᠭᠣᠯ ᠤ᠋ᠨ ᠰᠢᠯᠢᠳᠡᠭ ᠪᠦᠲᠦᠭᠡᠯ ᠦ᠋ᠳ ᠢ᠋ ᠰᠣᠩᠭᠣᠨ ᠣᠷᠴᠢᠭᠤᠯᠵᠤ᠂ ᠥᠷᠭᠡᠨ ᠣᠯᠠᠨ ᠮᠣᠩᠭᠣᠯ ᠤᠩᠰᠢᠭᠴᠢᠳ ᠪᠣᠯᠤᠨ ᠡᠷᠳᠡᠮ ᠰᠢᠨᠵᠢᠯᠡᠭᠡᠨ ᠦ᠌ ᠬᠢᠨ ᠳ᠋ᠦ᠍ ᠨᠠᠨᠳᠢᠨ ᠬᠦᠷᠲᠡᠭᠡᠯ ᠪᠣᠯᠭᠠᠨ ᠳᠡᠪᠰᠢᠭᠦᠯᠬᠦ ᠭᠡᠵᠦ ᠡᠨᠡ ᠬᠦ᠌《ᠭᠠᠳᠠᠭᠠᠳᠤ ᠶ᠋ᠢᠨ ᠮᠣᠩᠭᠣᠯᠵᠢ ᠡᠷᠳᠡᠮᠲᠡᠳ ᠦ᠋ᠨ ᠪᠦᠲᠦᠭᠡᠯ ᠦ᠋ᠨ ᠴᠢᠭᠤᠯᠭᠠᠨ》 ᠴᠤᠪᠤᠷᠠᠯ ᠨᠣᠮ ᠢ᠋ ᠰᠠᠳᠤᠨ ᠪᠦᠲᠦᠭᠡᠵᠦ ᠪᠠᠢᠭ᠎ᠠ ᠨᠢ ᠲᠡᠦᠬᠡᠨ ᠳ᠋ᠦ᠍ ᠠᠩᠬ᠎ᠠ ᠭᠠᠷᠴᠤ ᠪᠠᠢᠭ᠎ᠠ ᠲᠣᠮᠣ ᠢᠨᠵᠸᠨᠸᠷᠢᠩ ᠪᠣᠯᠬᠤ ᠶᠤᠮ᠃ ᠣᠳᠣ ᠥᠪᠥᠷ ᠮᠣᠩᠭᠣᠯ ᠣᠷᠣᠨ ᠤ᠋ ᠡᠷᠳᠡᠮᠲᠡᠳ ᠦ᠋ᠨ ᠡᠩᠨᠡᠭᠡ ᠳ᠋ᠦ᠍ ᠡᠯᠳᠡᠪ ᠦ᠋ᠨ ᠬᠡᠯᠡ ᠦᠰᠦᠭ ᠢ᠋ ᠡᠵᠡᠮᠰᠢᠵᠦ ᠴᠢᠳᠠᠭᠰᠠᠨ ᠡᠷᠳᠡᠮᠲᠡᠨ ᠮᠡᠷᠭᠡᠳ ᠴᠣᠯᠭᠣᠷᠠᠨ ᠭᠠᠷᠴᠤ᠂ ᠣᠯᠠᠨ ᠵᠦᠢᠯ ᠦ᠋ᠨ ᠬᠡᠯᠡᠨ ᠳ᠋ᠦ᠍ ᠵᠣᠬᠢᠶᠠᠭᠳᠠᠭᠰᠠᠨ ᠳᠡᠯᠡᠬᠡᠢ ᠶ᠋ᠢᠨ ᠮᠣᠩᠭᠣᠯᠵᠢ ᠡᠷᠳᠡᠮᠲᠡᠳ ᠦ᠋ᠨ ᠵᠣᠬᠢᠶᠠᠯ ᠪᠦᠲᠦᠭᠡᠯ ᠦ᠋ᠳ ᠢ᠋ ᠣᠷᠴᠢᠭᠤᠯᠵᠤ ᠬᠡᠪᠯᠡᠭᠦᠯᠬᠦ ᠴᠢᠳᠠᠪᠤᠷᠢᠲᠠᠢ ᠪᠣᠯᠤᠭᠰᠠᠨ ᠨᠢ ᠢᠯᠡᠬᠡᠨ ᠪᠠᠢᠨ᠎ᠠ᠃ ᠡᠭᠦᠨ ᠳ᠋ᠦ᠍ ᠪᠢ ᠪᠠᠶᠠᠷᠯᠠᠨ ᠬᠥᠭᠡᠷᠴᠦ᠂ ᠣᠯᠠᠨ ᠤᠯᠤᠰ ᠤ᠋ᠨ ᠮᠣᠩᠭᠣᠯ ᠰᠤᠳᠤᠯᠤᠯ ᠤ᠋ᠨ ᠰᠣᠳᠣᠨ ᠪᠦᠲᠦᠭᠡᠯ ᠤᠳᠠᠯ ᠦᠭᠡᠢ ᠨᠣᠮ ᠤ᠋ᠨ ᠳᠡᠯᠭᠡᠭᠦᠷ ᠲᠦ᠍ ᠳᠡᠯᠭᠡᠭᠳᠡᠵᠦ᠂ ᠣᠯᠠᠨ ᠤᠩᠰᠢᠭᠴᠢᠳ ᠤ᠋ᠨ ᠳᠤᠷ᠎ᠠ ᠰᠣᠨᠢᠷᠬᠠᠯ ᠢ᠋ ᠲᠠᠲᠠᠵᠤ᠂ ᠡᠷᠳᠡᠮ ᠦ᠋ᠨ ᠵᠤᠵᠠᠭᠠᠨ ᠰᠣᠶᠣᠷᠬᠠᠯ᠂ ᠨᠣᠮ ᠤ᠋ᠨ ᠴᠠᠭᠠᠨ ᠪᠤᠶᠠᠨ ᠮᠣᠩᠭᠣᠯᠴᠤᠳ ᠤ᠋ᠨ ᠣᠶᠤᠨ ᠤᠬᠠᠭᠠᠨ ᠳ᠋ᠤ᠌ ᠨᠡᠪᠲᠡᠷᠡᠵᠦ ᠮᠣᠩᠭᠣᠯ ᠰᠣᠶᠣᠯ ᠤ᠋ᠨ ᠬᠥᠭᠵᠢᠯᠲᠡ ᠪᠠᠳᠠᠷᠠᠯᠲᠠ ᠳ᠋ᠤ᠌ ᠶᠡᠬᠡᠬᠡᠨ ᠨᠡᠮᠡᠷᠢ ᠬᠠᠨᠳᠢᠪ ᠡᠷᠭᠦᠬᠦ ᠶᠦᠮ ᠭᠡᠵᠦ ᠪᠠᠲᠤ ᠢᠲᠡᠭᠡᠵᠦ ᠪᠣᠢ᠃