ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠲᠠᠪᠤ᠂ ᠬᠠᠷ᠎ᠠ ᠬᠢᠳᠠᠨ(ᠪᠠᠷᠠᠭᠤᠨ ᠯᠢᠶᠣᠣ) ᠶ᠋ᠢᠨ ᠲᠣᠪᠴᠢ ᠲᠡᠦᠬᠡ> Долоон усны түүх – [орос] Бартулд <5᠂ Хар хятан( баруун лийуу) ин товч түүх> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠲᠠᠪᠤ᠂ ᠬᠠᠷ᠎ᠠ ᠬᠢᠳᠠᠨ(ᠪᠠᠷᠠᠭᠤᠨ ᠯᠢᠶᠣᠣ) ᠶ᠋ᠢᠨ ᠲᠣᠪᠴᠢ ᠲᠡᠦᠬᠡ> Долоон усны түүх – [орос] Бартулд <5᠂ Хар хятан( баруун лийуу) ин товч түүх>

ᠳᠣᠯᠣᠭᠠᠨ ᠤᠰᠤᠨ ᠤ ᠲᠡᠦᠬᠡ – [ᠣᠷᠣᠰ]ᠪᠠᠷᠲ᠋ᠣᠯᠳ᠋ <ᠲᠠᠪᠤ᠂ ᠬᠠᠷ᠎ᠠ ᠬᠢᠳᠠᠨ(ᠪᠠᠷᠠᠭᠤᠨ ᠯᠢᠶᠣᠣ) ᠶ᠋ᠢᠨ ᠲᠣᠪᠴᠢ ᠲᠡᠦᠬᠡ> Долоон усны түүх – [орос] Бартулд <5᠂ Хар хятан( баруун лийуу) ин товч түүх>

ᠠᠩᠭᠢᠯᠠᠯ:ᠲᠡᠦᠬᠡ ᠰᠣᠶᠣᠯ
2026-01-25

162

ᠲᠠᠪᠤ᠂ ᠬᠠᠷ᠎ᠠ ᠬᠢᠳᠠᠨ(ᠪᠠᠷᠠᠭᠤᠨ ᠯᠢᠶᠣᠣ) ᠶ᠋ᠢᠨ ᠲᠣᠪᠴᠢ ᠲᠡᠦᠬᠡ


       ᠮᠠᠨ ᠤ᠋ ᠡᠷᠢᠨ ᠦ᠌10 ᠳ᠋ᠤᠭᠠᠷ ᠵᠠᠭᠤᠨ ᠡᠬᠢᠯᠡᠬᠦ ᠦᠶ᠎ᠡ ᠪᠡᠷ᠂ ᠶᠡᠷᠦ ᠳ᠋ᠡᠭᠡᠨ ᠲᠦᠩᠭᠦᠰ(ᠳ᠋ᠦᠩᠬᠤ) ᠤᠭᠰᠠᠭ᠎ᠠ ᠬᠡᠮᠡᠭᠳᠡᠳᠡᠭ ᠮᠥᠷᠲᠡᠭᠡᠨ ᠵᠣᠬᠢᠬᠤ ᠬᠡᠮᠵᠢᠶᠡᠨ ᠦ᠌ ᠮᠣᠩᠭᠣᠯ ᠨᠠᠢᠷᠠᠭ ᠲᠠᠢ ᠭᠢᠳᠠᠨᠴᠤᠳ᠂ ᠨᠢᠭᠡᠨ ᠪᠠᠭ᠎ᠠ ᠪᠤᠰᠤ ᠬᠠᠭᠠᠨᠲᠤ ᠤᠯᠤᠰ ᠢ᠋ ᠪᠠᠢᠭᠤᠯᠪᠠ᠃ ᠨᠣᠮᠣᠬᠠᠨ ᠳᠠᠯᠠᠢ ᠠ᠋ᠴᠠ ᠠᠪᠤᠭᠠᠳ ᠪᠠᠢᠭᠠᠯ ᠨᠠᠭᠤᠷ ᠪᠣᠯᠤᠨ ᠲᠩᠷᠢ ᠠᠭᠤᠯᠠ ᠬᠦᠷᠲᠡᠯ᠎ᠡ ᠰᠤᠨᠤᠨ ᠳᠡᠯᠡᠭᠰᠡᠨ᠂ ᠳᠤᠮᠳᠠᠳᠤ ᠤᠯᠤᠰ ᠤ᠋ᠨ ᠲᠡᠦᠬᠡᠴᠢᠳ ᠲᠦ᠍《ᠯᠢᠶᠣᠣ》 ᠭᠡᠵᠦ ᠨᠡᠷᠡᠯᠡᠭᠳᠡᠭᠰᠡᠨ ᠡᠨᠡ ᠲᠥᠷᠥ ᠨᠢ ᠳᠤᠮᠳᠠᠳᠤ ᠤᠯᠤᠰ ᠤ᠋ᠨ ᠤᠮᠠᠷ᠎ᠠ ᠬᠡᠰᠡᠭ ᠲᠦ᠍ ᠪᠠᠢᠭᠤᠯᠤᠭᠳᠠᠵᠠᠢ᠃ ᠯᠢᠶᠣᠣ ᠤᠯᠤᠰ ᠳᠤᠮᠳᠠᠳᠤ ᠤᠯᠤᠰ ᠤ᠋ᠨ ᠨᠤᠲᠤᠭ ᠳᠡᠪᠢᠰᠬᠡᠷ ᠳᠡᠭᠡᠷ᠎ᠡ ᠤᠷᠲᠤ ᠬᠤᠭᠤᠴᠠᠭ᠎ᠠ ᠪᠠᠷ ᠳᠣᠩᠰᠣᠯᠤᠯᠲᠠ ᠭᠠᠷᠭᠠᠭᠰᠠᠨ ᠮᠥᠷᠲᠡᠭᠡᠨ ᠳᠤᠮᠳᠠᠳᠤ ᠤᠯᠤᠰ ᠤ᠋ᠨ ᠰᠣᠶᠣᠯ ᠤ᠋ᠨ ᠴᠢᠩᠭ᠎ᠠ ᠨᠥᠯᠥᠭᠡ ᠶ᠋ᠢ ᠴᠦ᠍ ᠬᠦᠯᠢᠶᠡᠨ ᠠᠪᠴᠠᠢ᠃ 1125ᠣᠨ ᠪᠣᠯᠬᠤ ᠳ᠋ᠤ᠌᠂ ᠥᠭᠡᠷ᠎ᠡ ᠨᠢᠭᠡᠨ ᠲᠦᠩᠭᠦᠰ ᠤᠭᠰᠠᠭᠠᠨ ᠤ᠋ ᠵᠦᠷᠴᠢᠨᠴᠢᠳ ᠤᠮᠠᠷᠠᠲᠤ ᠰᠥᠩ ᠤᠯᠤᠰ ᠤ᠋ᠨ ᠵᠠᠰᠠᠭ ᠤ᠋ᠨ ᠭᠠᠵᠠᠷ ᠲᠠᠢ ᠬᠣᠯᠪᠣᠭᠠᠯᠠᠨ᠂ ᠯᠢᠶᠣᠣ ᠤᠯᠤᠰ ᠢ᠋ ᠮᠥᠬᠥᠭᠡᠪᠡ᠃ ᠭᠢᠳᠠᠨᠴᠤᠳ ᠤ᠋ᠨ ᠦᠯᠡᠳᠡᠭᠰᠡᠨ ᠬᠡᠰᠡᠭ ᠨᠢ ᠬᠠᠭᠠᠨ ᠤ᠋ ᠤᠭᠰᠠᠭᠠᠨ ᠤ᠋ ᠪᠠᠨ ᠨᠢᠭᠡ ᠭᠡᠰᠢᠭᠦᠨ ᠪᠣᠯᠬᠤ ᠶᠸᠯᠢᠦᠢ ᠳᠠᠰᠢ ᠶ᠋ᠢᠨ ᠳᠠᠭᠠᠭᠤᠯᠤᠭ᠎ᠠ ᠳᠣᠣᠷ᠎ᠠ᠂ ᠪᠠᠷᠠᠭᠤᠨᠰᠢ ᠨᠡᠭᠦᠵᠦ᠂ ᠪᠠᠷᠠᠭᠤᠨ ᠣᠷᠣᠨ ᠳ᠋ᠤ᠌ ᠨᠢᠭᠡ ᠰᠢᠨ᠎ᠡ ᠤᠯᠤᠰ ᠢ᠋ ᠪᠠᠢᠭᠤᠯᠪᠠ᠃  
       ᠭᠢᠲᠠᠨᠴᠤᠳ ᠪᠠᠷᠠᠭᠤᠨᠰᠢ ᠨᠡᠭᠦᠬᠦ ᠳ᠋ᠡᠭᠡᠨ ᠬᠣᠶᠠᠷ ᠱᠤᠭᠤᠮ ᠢ᠋ᠶ᠋ᠠᠷ ᠵᠠᠮᠨᠠᠪᠠ᠄ ᠨᠢᠭᠡ ᠪᠦᠯᠦᠭ ᠨᠢ ᠵᠡᠭᠦᠨ ᠲᠦᠷᠺᠢᠰᠲ᠋ᠠᠨ(ᠳᠤᠮᠳᠠᠳᠤ ᠤᠯᠤᠰ ᠤ᠋ᠨ ᠰᠢᠨᠵᠢᠶᠠᠩ) ᠢ᠋ ᠲᠤᠭᠤᠯᠬᠤ ᠳ᠋ᠠᠭᠠᠨ ᠺᠠᠱᠭᠠᠷ ᠤ᠋ᠨ ᠲᠠᠮᠤᠭ ᠬᠠᠨ ᠬᠣᠰᠠᠠ ᠶ᠋ᠢᠨ ᠬᠥᠪᠡᠭᠦᠨ᠂ ᠠᠷᠰᠯᠠᠨ ᠬᠠᠨ ᠰᠤᠯᠠᠢᠮᠠᠨ ᠤ᠋ ᠣᠮᠪᠣᠯᠣ — ᠠᠷᠰᠯᠠᠨ ᠬᠠᠨ ᠠᠬᠠᠮᠠᠢ᠌ᠲ ᠲᠤ᠌ ᠴᠣᠬᠢᠭᠳᠠᠨ ᠰᠠᠷᠨᠢᠪᠠ᠃ ᠢᠪᠣᠨ᠂ ᠠᠯ᠂ ᠠᠲ᠋ᠢᠯ ᠢ᠋ᠶ᠋ᠠᠷ ᠭᠢᠳᠠᠨᠴᠤᠳ ᠤ᠋ᠨ ᠠᠬᠠᠯᠠᠭᠴᠢ ᠶ᠋ᠢᠨ ᠠᠯᠠᠭᠳᠠᠭᠰᠠᠨ ᠣᠨ ᠢ᠋ ᠬᠣᠲᠣᠩ ᠲᠣᠭᠠᠯᠠᠯ ᠤ᠋ᠨ 522 ᠣᠨ᠂ ᠢᠰᠦᠢᠰ ᠲᠣᠭᠠᠯᠠᠯ ᠤ᠋ᠨ 1128 ᠣᠨ ᠭᠡᠵᠦ ᠲᠡᠮᠳᠡᠭᠯᠡᠪᠡ᠃ ᠦᠨᠡᠨ ᠳ᠋ᠡᠭᠡᠨ᠂ ᠡᠨᠡ ᠬᠡᠷᠡᠭ ᠨᠡᠯᠢᠶᠡᠳ ᠬᠡᠳᠦᠨ ᠵᠢᠯ ᠦ᠋ᠨ ᠳᠠᠷᠠᠭ᠎ᠠ ᠰᠠᠶᠢ ᠭᠠᠷᠤᠭᠰᠠᠨ ᠶᠤᠮ᠃ ᠶᠠᠭᠤ ᠭᠡᠪᠡᠯ᠂ ᠰᠡᠩᠭᠢᠷ ᠰᠤᠯᠲᠠᠨ 1135 ᠣᠨ ᠤ᠋7 ᠰᠠᠷ᠎ᠠ ᠳ᠋ᠤ᠌ ᠵᠢᠳᠳᠠ ᠶ᠋ᠢᠨ ᠵᠠᠰᠠᠭ ᠤ᠋ᠨ ᠭᠠᠵᠠᠷ ᠲᠤ᠌ ᠥᠭᠭᠦᠭᠰᠡᠨ ᠵᠠᠬᠢᠳᠠᠯ ᠳ᠋ᠠᠭᠠᠨ ᠡᠨᠡ ᠤᠳᠠᠭᠠᠨ ᠤ᠋ ᠳᠠᠢᠯᠠᠯᠳᠤᠭᠠᠨ ᠢ᠋ ᠥᠴᠥᠭᠡᠳᠦᠷᠬᠡᠨ ᠭᠠᠷᠤᠭᠰᠠᠨ ᠰᠢᠭ᠋ ᠪᠢᠴᠢᠭᠰᠡᠨ ᠪᠠᠢᠨ᠎ᠠ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠨᠡᠭᠦᠵᠦ ᠪᠠᠢᠭ᠎ᠠ ᠨᠢᠭᠡᠯᠬᠡᠨ ᠰᠠᠯᠠᠭ᠎ᠠ ᠶ᠋ᠢ ᠨᠢ ᠪᠢᠴᠢᠭᠰᠡᠨ ᠪᠥᠭᠡᠳ ᠲᠡᠳᠡ ᠨᠠᠷ ᠢ᠋《ᠪᠠᠷᠠᠭᠤᠨ ᠯᠢᠶᠣᠣ》 ᠤᠯᠤᠰ ᠤ᠋ᠨ ᠪᠠᠢᠭᠤᠯᠤᠭᠳᠠᠭᠰᠠᠨ ᠶᠠᠪᠤᠳᠠᠯ ᠲᠠᠢ ᠬᠣᠯᠪᠣᠵᠠᠢ᠃ ᠡᠢᠨ ᠬᠦ᠌ ᠬᠠᠷ᠎ᠠ ᠬᠢᠳᠠᠨ ᠤᠯᠤᠰ ᠢ᠋ ᠡᠭᠦᠰᠬᠡᠨ ᠪᠠᠢᠭᠤᠯᠤᠭᠴᠢ ᠬᠢᠭᠡᠳ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠠᠬᠢ ᠶᠸᠯᠢᠣᠢ ᠲᠡᠰᠢ ᠨᠢ ᠨᠢᠭᠡ ᠯᠡ ᠬᠥᠮᠦᠨ ᠮᠥᠨ ᠡᠰᠡᠬᠦ ᠨᠢ ᠰᠡᠵᠢᠭᠯᠡᠯ ᠲᠡᠢ ᠤᠴᠢᠷ ᠪᠣᠯᠵᠠᠢ᠃ ①  
       ᠢᠰᠯᠠᠮ ᠤ᠋ᠨ ᠱᠠᠰᠢᠨᠲᠠᠨ ᠤ᠋ ᠪᠦᠬᠦ ᠮᠠᠲ᠋ᠧᠷᠢᠶᠠᠯ ᠳ᠋ᠤ᠌᠂ ᠭᠢᠳᠠᠨᠴᠤᠳ ᠢ᠋ ᠰᠥᠬᠦᠷᠡᠭᠦᠯᠵᠦ ᠠᠪᠤᠭᠰᠠᠨ ᠬᠠᠮᠤᠭ ᠤ᠋ᠨ ᠠᠩᠬᠠᠨ ᠤ᠋ ᠢᠰᠯᠠᠮ ᠤ᠋ᠨ ᠨᠣᠶᠠᠷᠬᠠᠭᠴᠢ ᠪᠣᠯ ᠪᠠᠯᠠᠱᠭᠥ᠋ᠨ ᠬᠠᠨ ᠮᠥᠨ ᠭᠡᠵᠦ ᠮᠠᠭᠠᠳᠯᠠᠨ ᠲᠡᠮᠳᠡᠭᠯᠡᠵᠦ ᠪᠠᠢᠨ᠎ᠠ᠃ ᠢᠪᠣᠨ᠂ ᠠᠯ᠂ ᠠᠲ᠋ᠢ᠍ᠯ ᠤ᠋ᠨ ᠲᠡᠮᠳᠡᠭᠯᠡᠯ ᠢ᠋ ᠦᠨᠳᠦᠰᠦᠯᠡᠪᠡᠯ᠂ ᠠᠯᠢ ᠡᠷᠲᠡ ᠠᠷᠰᠯᠠᠨ ᠬᠠᠨ ᠰᠣᠯᠠᠢ᠌ᠮᠠᠨ ᠤ᠋ ᠦᠶ᠎ᠡ ᠳ᠋ᠦ᠍᠂ ᠲᠦᠮᠡᠭᠡᠳ ᠴᠠᠴᠠᠷ ᠭᠢᠨᠳᠠᠨᠴᠤᠳ ᠳᠣᠯᠣᠭᠠᠨ ᠤᠰᠤᠨ ᠳ᠋ᠤ᠌ ᠨᠤᠲᠤᠭᠯᠠᠨ ᠰᠠᠭᠤᠷᠢᠰᠢᠵᠠᠢ᠃ ᠡᠬᠢᠯᠡᠩᠭᠦᠲᠡ ᠡᠳᠡᠭᠡᠷ ᠬᠥᠮᠦᠰ ᠳᠤᠮᠳᠠᠳᠤ ᠤᠯᠤᠰ ᠪᠣᠯᠤᠨ ᠺᠠᠷᠠᠬᠠᠨ ᠤ᠋ ᠡᠵᠡᠯᠡᠵᠦ ᠪᠦᠬᠦᠢ ᠨᠤᠲᠤᠭ ᠤ᠋ᠨ ᠵᠠᠬ᠎ᠠ ᠬᠥᠪᠡᠭᠡ ᠪᠡᠷ ᠰᠠᠭᠤᠵᠤ᠂ ᠺᠠᠷᠠᠬᠠᠨ ᠤᠯᠤᠰ ᠤ᠋ᠨ ᠲᠥᠯᠥᠭᠡ ᠠᠭᠤᠯᠠᠨ ᠬᠠᠪᠴᠢᠯ ᠢ᠋ ᠪᠡᠬᠢᠯᠡᠨ ᠰᠠᠬᠢᠬᠤ ᠠᠯᠪᠠ ᠶ᠋ᠢ ᠡᠭᠦᠷᠭᠡᠯᠡᠵᠦ ᠪᠠᠢᠪᠠ᠃ ᠬᠠᠷᠠᠮᠵᠢ ᠶ᠋ᠢᠨ ᠣᠷᠣᠨ ᠳ᠋ᠤ᠌ ᠭᠢᠨᠳᠠᠨᠴᠤᠳ ᠠ᠋ᠴᠠ ᠭᠠᠵᠠᠷ ᠤ᠋ᠨ ᠲᠦᠷᠢᠶᠡᠰᠦ ᠪᠠ ᠲᠣᠭᠲᠠᠭᠰᠠᠨ ᠨᠣᠷᠮ᠎ᠠ ᠪᠦᠬᠦᠢ ᠡᠷᠭᠦᠴᠡ ᠮᠥᠩᠭᠥ ᠲᠠᠲᠠᠪᠤᠷᠢᠯᠠᠳᠠᠭ ᠪᠠᠢᠵᠠᠢ᠃ ᠨᠢᠭᠡᠨ ᠡᠳᠦᠷ᠂ ᠲᠡᠳᠡ ᠨᠠᠷ ᠨᠢᠭᠡᠨ ᠪᠠᠶᠠᠨ ᠲᠠᠩᠰᠤᠭ ᠠᠷᠠᠯᠵᠢᠶᠠᠨ ᠤ᠋ ᠠᠩᠭᠢ ᠠ᠋ᠴᠠ ᠰᠠᠢᠬᠠᠨ ᠲᠠᠯ᠎ᠠ ᠨᠤᠲᠤᠭ ᠬᠠᠮᠢᠭ᠎ᠠ ᠠ᠋ᠴᠠ ᠣᠯᠳᠠᠨ᠎ᠠ ᠪᠣᠢ ᠭᠡᠵᠦ ᠠᠰᠠᠭᠤᠨ ᠰᠤᠷᠠᠪᠠ᠃ ᠠᠯᠵᠢᠶᠠᠴᠢᠳ ᠲᠡᠳᠡ ᠨᠠᠷ ᠢ᠋ ᠳᠠᠭᠠᠭᠤᠯᠤᠨ ᠪᠠᠯᠠᠱᠭᠦ᠋ᠨ ᠳ᠋ᠦ᠍ ᠬᠦᠷᠴᠡᠢ᠂ ᠥᠭᠡᠷ᠎ᠡ ᠪᠡᠷ ᠬᠡᠯᠡᠪᠡᠯ᠂ ᠳᠣᠯᠣᠭᠠᠨ ᠤᠰᠤᠨ ᠤ᠋ ᠨᠤᠲᠤᠭ ᠲᠤ᠌ ᠣᠷᠣᠵᠤ ᠢᠷᠡᠭᠰᠡᠨ ᠪᠠᠢᠵᠠᠢ᠃ 16 ᠳ᠋ᠤᠭᠠᠷ ᠵᠠᠭᠤᠨ ᠤ᠋ ᠨᠢᠭᠡᠨ ᠲᠡᠦᠬᠡᠨ ᠮᠠᠲ᠋ᠧᠷᠢᠶᠠᠯ ᠢ᠋ ᠨᠠᠢᠷᠠᠭᠤᠯᠤᠨ ᠪᠢᠴᠢᠭᠴᠢ ② ᠪᠡᠷ ᠭᠢᠳᠠᠨᠴᠤᠳ ᠤ᠋ᠨ ᠨᠡᠭᠦᠭᠰᠡᠨ ᠣᠨ ᠵᠢᠯ ᠢ᠋ ᠬᠣᠲᠣᠩ ᠲᠣᠭᠠᠯᠠᠯ ᠤ᠋ᠨ 443 ᠣᠨ᠂ ᠢᠰᠦ᠋ᠰ ᠲᠣᠭᠠᠯᠠᠯ ᠤ᠋ᠨ 1041 ~ 1042 ᠣᠨ ᠭᠡᠵᠦ ᠪᠢᠴᠢᠵᠡᠢ᠂ ᠡᠨᠡ ᠬᠥᠮᠦᠨ ᠶᠠᠭᠤ ᠶ᠋ᠢ ᠦᠨᠳᠦᠰᠦᠯᠡᠭᠰᠡᠨ ᠢ᠋ ᠰᠠᠢᠨ ᠮᠡᠳᠡᠬᠦ ᠦᠭᠡᠢ ᠪᠠᠢᠨ᠎ᠠ᠃ ᠲᠡᠷᠡ ᠦᠷᠭᠦᠯᠵᠢᠯᠡᠨ ᠲᠡᠮᠳᠡᠭᠯᠡᠬᠦ ᠳ᠋ᠡᠭᠡᠨ᠂ ᠠᠷᠰᠯᠠᠨ ᠬᠠᠨ ᠡᠳᠡᠭᠡᠷ ᠨᠡᠭᠦᠳᠡᠯ ᠢᠷᠭᠡᠳ ᠢ᠋ ᠢᠰᠯᠠᠮ ᠤ᠋ᠨ ᠱᠠᠰᠢᠨ ᠢ᠋ ᠰᠢᠲᠦᠭᠲᠦᠨ ᠭᠡᠵᠦ ᠰᠡᠩᠬᠡᠷᠡᠭᠦᠯᠦᠭᠰᠡᠨ ᠪᠣᠯᠪᠠᠴᠤ ᠲᠡᠳᠡ ᠨᠠᠷ ᠡᠷᠡᠰ ᠲᠠᠲᠠᠭᠠᠯᠵᠠᠭᠰᠠᠨ ᠪᠠᠢᠨ᠎ᠠ ᠭᠡᠪᠡ᠃ ᠭᠡᠬᠦ ᠳ᠋ᠡᠭᠡᠨ ᠪᠤᠰᠤᠳ ᠶᠠᠪᠤᠳᠠᠯ ᠳᠡᠭᠡᠷ᠎ᠡ ᠲᠡᠳᠡ ᠨᠠᠷ ᠬᠠᠨ ᠤ᠋ ᠲᠣᠭᠲᠠᠭᠠᠭᠰᠠᠨ ᠳᠦᠷᠢᠮ ᠭᠣᠷᠢᠮ ᠢ᠋ ᠪᠦᠷᠢᠨ ᠵᠢᠷᠤᠮᠯᠠᠭᠰᠠᠨ ᠪᠠᠢᠨ᠎ᠠ᠂ ᠡᠢᠨ ᠬᠦ᠌ ᠬᠠᠨ ᠢ᠋ᠶ᠋ᠠᠷ ᠲᠡᠳᠡᠨᠦᠰ ᠲᠡᠢ ᠬᠠᠮᠲᠤ ᠪᠠᠢᠯᠴᠠᠬᠤ ᠪᠣᠯᠪᠠ᠃ ᠢᠪᠣᠨ᠂ ᠠᠯ᠂ ᠠᠲ᠋ᠢᠯ ᠢ᠋ᠶ᠋ᠠᠷ ᠠᠷᠰᠯᠠᠨ ᠬᠠᠨ ᠦᠷᠭᠦᠯᠵᠢ ᠲᠡᠳᠡᠨᠦᠰ ᠢ᠋ ᠳᠠᠭᠠᠷᠢᠨ ᠳᠣᠪᠲᠣᠯᠳᠠᠭ ᠲᠤᠯᠠ ᠭᠢᠳᠠᠨᠴᠤᠳ ᠦᠬᠦᠨ ᠠᠶᠤᠳᠠᠭ ᠪᠠᠢᠵᠠᠢ ᠭᠡᠳᠡᠭ ᠢ᠋ ᠯᠡ ᠲᠡᠮᠳᠡᠭᠯᠡᠪᠡ ᠃ ᠬᠢᠳᠠᠨ ᠤ᠋ ᠶᠡᠬᠡ ᠴᠡᠷᠢᠭ ᠳᠣᠯᠣᠭᠠᠨ ᠤᠰᠤᠨ ᠳ᠋ᠤ᠌ ᠨᠤᠲᠤᠭ ᠢ᠋ ᠲᠦᠷᠢᠨ ᠡᠵᠡᠯᠡᠬᠦ ᠦᠶ᠎ᠡ ᠳ᠋ᠦ᠍᠂ ᠠᠯᠢ ᠡᠷᠲᠡ ᠨᠤᠲᠤᠭᠰᠢᠨ ᠰᠠᠭᠤᠷᠢᠰᠢᠭᠰᠠᠨ ᠨᠤᠲᠤᠭ ᠨᠢᠭᠡᠲᠡᠳ ᠨᠢ ᠴᠤᠤᠷᠢᠶᠠᠲᠤᠨ ᠪᠣᠰᠤᠯᠴᠠᠵᠤ᠂ ᠲᠡᠳᠡ ᠨᠠᠷ ᠲᠠᠢ ᠬᠠᠮᠲᠤ ᠵᠡᠭᠦᠨᠰᠢ ᠵᠡᠭᠦᠨ ᠲᠦᠷᠺᠢᠰᠲ᠋ᠠᠨ ᠢ᠋ ᠪᠠᠢᠯᠳᠤᠨ ᠳᠠᠭᠠᠭᠤᠯᠤᠭᠰᠠᠨ ᠪᠠᠢᠨ᠎ᠠ᠃ 
       ᠵᠦᠸᠠᠢ᠌ᠨᠢ ᠶ᠋ᠢᠨ ᠲᠡᠮᠳᠡᠭᠯᠡᠯ ᠢ᠋ ᠦᠨᠳᠦᠰᠦᠯᠡᠪᠡᠯ᠂ ᠬᠢᠲᠠᠨᠴᠤᠳ᠂ ᠡᠰᠡᠬᠦᠯ᠎ᠡ ᠢᠰᠯᠠᠮ ᠤ᠋ᠨ ᠱᠠᠰᠢᠨᠲᠠᠳ ᠤ᠋ᠨ ᠳᠠᠭᠤᠳᠠᠳᠠᠭ ᠬᠠᠷ᠎ᠠ ᠭᠢᠳᠠᠨᠴᠤᠳ ᠬᠢᠷᠭᠢᠰ ᠦ᠋ᠨ ᠨᠤᠲᠤᠭ ᠳᠡᠪᠢᠰᠬᠡᠷ ᠢ᠋ ᠲᠤᠭᠤᠯᠵᠤ᠂ ᠶᠸᠮᠢᠯ ᠭᠣᠣᠯ ᠤ᠋ᠨ ᠰᠠᠪᠠ ᠳ᠋ᠤ᠌ ᠬᠦᠷᠦᠭᠡᠳ ᠨᠢᠭᠡ ᠬᠣᠲᠠ ᠪᠠᠢᠭᠤᠯᠤᠭᠰᠠᠨ ᠪᠠᠢᠨ᠎ᠠ᠃13 ᠳ᠋ᠤᠭᠠᠷ ᠵᠠᠭᠤᠨ ᠪᠣᠯᠬᠤ ᠳ᠋ᠤ᠌ ᠡᠨᠡ ᠬᠣᠲᠠ ᠶ᠋ᠢᠨ ᠪᠠᠭᠤᠷᠢ ᠦᠯᠡᠳᠡᠴᠡ ᠪᠦᠷ ᠪᠠᠯᠠᠷᠬᠠᠢᠰᠢᠪᠠ᠃ ᠡᠨᠡ ᠤᠴᠢᠷ ᠲᠡᠳᠡᠨᠦᠰ ᠦ᠋ᠨ ᠬᠠᠮᠤᠭ ᠤ᠋ᠨ ᠠᠩᠬ᠎ᠠ ᠨᠤᠲᠤᠭᠰᠢᠨ ᠰᠠᠭᠤᠷᠢᠰᠢᠭᠰᠠᠨ ᠭᠠᠵᠠᠷ ᠨᠢ ᠣᠳᠣ ᠶ᠋ᠢᠨ ᠵᠦᠭᠴᠠᠭ ᠪᠠᠢᠵᠤ ᠮᠡᠳᠡᠨ᠎ᠡ ᠭᠡᠳᠡᠭ ᠢ᠋ ᠪᠢᠳᠡᠨ ᠳ᠋ᠦ᠍ ᠮᠡᠳᠡᠭᠳᠡᠵᠦ ᠪᠠᠢᠨ᠎ᠠ᠃ ᠡᠨᠳᠡ᠂ ᠲᠡᠳᠡᠨ ᠦ᠌ ᠴᠠᠴᠠᠷ ᠨᠢ ᠳᠥᠷᠪᠡᠨ ᠲᠦᠮᠡ ᠪᠣᠯᠲᠠᠯ᠎ᠠ ᠥᠷᠭᠡᠳᠴᠡᠢ᠃ ᠺᠠᠷᠠᠬᠠᠨ ᠬᠠᠭᠠᠨᠲᠤ ᠲᠥᠷᠥ (ᠪᠣᠳᠠᠲᠤ ᠨᠡᠷ᠎ᠡ ᠨᠢ ᠦᠯᠡᠳᠡᠭᠳᠡᠭᠡ ᠦᠭᠡᠢ) ᠶ᠋ᠢᠨ ᠪᠠᠯᠠᠱᠭᠦ᠋ᠨ ᠦ᠌ ᠨᠣᠶᠠᠯᠠᠭᠴᠢ ᠨᠢ ᠬᠠᠷ᠎ᠠ ᠬᠢᠳᠠᠨ ᠠ᠋ᠴᠠ ᠲᠤᠰᠠᠯᠠᠮᠵᠢ ᠬᠦᠰᠡᠵᠦ᠂ ᠦᠷᠭᠦᠯᠵᠢ ᠮᠠᠨ ᠢ᠋ ᠲᠦᠢᠪᠡᠭᠡᠳᠡᠭ ᠬᠠᠩᠭ᠌ᠯᠢ ᠂ ᠺᠠᠷᠯᠣᠭ ᠮᠡᠲᠦ ᠶ᠋ᠢᠨ ᠲᠥᠷᠥᠭᠴᠦᠳ ᠦ᠋ᠨ ᠠᠢᠮᠠᠭ ᠤ᠋ᠳ ᠢ᠋ ᠬᠠᠮᠲᠤ ᠪᠠᠷ ᠬᠣᠷᠢᠭᠯᠠᠶ᠎ᠠ ᠭᠡᠰᠡᠨ ᠳ᠋ᠦ᠍ ᠬᠠᠷ᠎ᠠ ᠭᠢᠳᠠᠨᠴᠤᠳ ᠵᠠᠪᠰᠢᠶᠠᠨ ᠢ᠋ ᠳᠠᠯᠢᠮᠳᠠᠭᠤᠯᠤᠨ ᠪᠠᠯᠠᠱᠭᠦ᠋ᠨ ᠢ᠋ ᠡᠵᠡᠯᠡᠭᠡᠳ᠂ ᠡᠨᠡ ᠬᠦ᠌ ᠨᠢᠣᠯᠲᠣ ᠪᠠᠭᠤᠷᠠᠢ ᠤᠤᠯ ᠤ᠋ᠨ ᠨᠣᠶᠠᠷᠬᠠᠭᠴᠢ ᠶ᠋ᠢᠨ ᠬᠠᠵᠠᠭᠤ ᠳ᠋ᠤ᠌ ᠨᠤᠲᠤᠭᠰᠢᠨ ᠰᠠᠭᠤᠷᠢᠰᠢᠭᠠᠳ᠂ ᠶᠧᠨᠢᠰᠧᠢ ᠭᠣᠣᠯ ᠪᠣᠯᠤᠨ ᠲᠠᠯᠠᠰ ᠭᠣᠣᠯ ᠬᠦᠷᠲᠡᠯᠡᠬᠢ ᠠᠭᠤᠳᠠᠮ ᠨᠤᠲᠤᠭ ᠲᠠᠢ ᠤᠯᠤᠰ ᠢ᠋ ᠪᠠᠢᠭᠤᠯᠪᠠ᠃ ᠲᠡᠭᠦᠨ ᠦ᠌ ᠳᠠᠷᠠᠭ᠎ᠠ᠂ ᠲᠡᠳᠡ ᠨᠠᠷ ᠬᠠᠩᠭ᠌ᠯᠢ ᠶ᠋ᠢ ᠳᠠᠢᠯᠠᠨ ᠡᠷᠬᠡᠰᠢᠶᠡᠵᠦ᠂ ᠵᠡᠭᠦᠨ ᠲᠦᠷᠺᠢᠰᠲ᠋ᠠᠨ ᠢ᠋ ᠴᠦ᠍ ᠨᠤᠲᠤᠭ ᠳᠡᠪᠢᠰᠬᠡᠷ ᠲᠡᠭᠡᠨ ᠣᠷᠣᠭᠤᠯᠵᠤ ᠠᠪᠤᠪᠠ᠃ ᠬᠣᠲᠣᠩ ᠲᠣᠭᠠᠯᠠᠯ ᠤ᠋ᠨ 531 ᠣᠨ᠂ ᠢᠰᠦ᠋ᠰ ᠲᠣᠭᠠᠯᠠᠯ ᠤ᠋ᠨ1137 ᠣᠨ ᠳ᠋ᠤ᠌᠂ ᠬᠣᠽᠠᠨ ᠣᠷᠴᠢᠮ ᠲᠷᠠᠨᠰᠤᠭᠰᠢᠨ᠎ᠠ ᠶ᠋ᠢᠨ ᠨᠣᠶᠠᠷᠬᠠᠭᠴᠢ — ᠮᠠᠬᠠᠮᠸᠳ᠋ ᠬᠠᠨ ᠢ᠋ ᠳᠣᠪᠲᠣᠯᠤᠨ ᠰᠦᠢᠷᠡᠭᠦᠯᠪᠡ᠂ 1141 ᠣᠨ ᠳ᠋ᠤ᠌ ᠺᠠᠲ᠋ᠸᠠᠨ ᠤ᠋ ᠶᠡᠬᠡ ᠲᠠᠯ᠎ᠠ ᠳ᠋ᠤ᠌ ᠰᠸᠯᠵᠦᠭ ᠰᠤᠯᠲᠠᠨ ᠰᠠᠩᠳᠢᠯ ᠤ᠋ᠨ ᠴᠡᠷᠢᠭ ᠢ᠋ ᠲᠤᠢᠯᠪᠤᠷᠢᠲᠠᠢ ᠴᠣᠬᠢᠨ ᠰᠦᠢᠷᠡᠭᠦᠯᠪᠡ᠃ ᠡᠭᠦᠨ ᠡᠴᠡ ᠭᠠᠳᠠᠨ᠎ᠠ᠂ ᠲᠤᠰᠬᠠᠢ ᠲᠣᠮᠢᠯᠠᠭᠰᠠᠨ ᠨᠢᠭᠡ ᠰᠠᠯᠠᠭ᠎ᠠ ᠴᠡᠷᠢᠭ ᠨᠢ ᠬᠣᠷᠧᠽᠮ ᠢ᠋ ᠪᠠᠭᠤᠯᠭᠠᠨ ᠠᠪᠤᠭᠰᠠᠨ ᠭᠡᠨ᠎ᠡ᠃ ᠡᠢᠨ ᠬᠦ᠌ ᠳᠣᠯᠣᠭᠠᠨ ᠤᠰᠤᠨ ᠤ᠋ ᠨᠤᠲᠤᠭ ᠬᠢᠭᠡᠳ ᠵᠡᠭᠦᠨ ᠲᠦᠷᠺᠢᠰᠲ᠋ᠠᠨ ᠤ᠋ ᠨᠤᠲᠤᠭ ᠨᠢ ᠬᠠᠮᠲᠤ ᠳ᠋ᠠᠭᠠᠨ ᠬᠠᠷ᠎ᠠ ᠬᠢᠳᠠᠨ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠦ᠋ᠨ ᠨᠢᠭᠡ ᠬᠡᠰᠡᠭ ᠪᠣᠯᠤᠭᠰᠠᠨ ᠪᠠᠢᠨ᠎ᠠ᠃ ᠬᠠᠭᠠᠨᠲᠤ ᠤᠯᠤᠰ ᠤ᠋ᠨ ᠠᠬᠠᠯᠠᠭᠴᠢ ᠨᠢ《ᠬᠥᠷ ᠬᠠᠨ》 ᠭᠡᠰᠡᠨ ᠴᠣᠯᠠ ᠠᠪᠤᠪᠠ( ᠢᠰᠯᠠᠮ ᠤ᠋ᠨ ᠱᠠᠰᠢᠨᠲᠠᠳ ᠤ᠋ᠨ ᠲᠠᠢᠯᠪᠤᠷᠢᠯᠠᠭᠰᠠᠨ ᠢ᠋ᠶ᠋ᠠᠷ ᠡᠨᠡ ᠨᠢ《ᠬᠠᠳ ᠤ᠋ᠨ ᠳᠣᠲᠣᠷᠠᠬᠢ ᠬᠠᠨ》 ᠭᠡᠰᠡᠨ ᠤᠳᠬ᠎ᠠ ᠲᠠᠢ ) ᠂ ᠧᠦ᠋ᠷᠣᠫᠠ ᠶ᠋ᠢᠨ ᠵᠠᠷᠢᠮ ᠡᠷᠳᠡᠮᠲᠡᠳ ᠬᠠᠷᠢᠨ ᠭᠷᠢᠭᠤᠷᠢᠶᠸᠪ ᠤ᠋ᠨ ᠲᠠᠢᠯᠪᠤᠷᠢᠯᠠᠭᠰᠠᠨ ᠲᠥᠷᠥᠭ᠂ ᠮᠣᠩᠭᠣᠯ ᠦᠰᠦᠭ ᠦ᠋ᠨ《ᠬᠦᠷᠭᠡᠨ》 ᠭᠡᠰᠡᠨ ᠦᠭᠡ ᠮᠥᠨ ᠭᠡᠳᠡᠭ ᠢ᠋ ᠬᠦᠯᠢᠶᠡᠨ ᠠᠪᠴᠠᠢ᠃ ᠵᠡᠭᠦᠨ ᠯᠢᠶᠣᠣ ᠤᠯᠤᠰ ᠤ᠋ᠨ ᠲᠥᠷᠥᠯ ᠪᠣᠯᠤᠭᠰᠠᠨ ᠤ᠋ ᠬᠤᠪᠢ ᠳ᠋ᠤ᠌᠂ ᠬᠠᠷ᠎ᠠ ᠬᠢᠳᠠᠨ ᠡᠢᠮᠦᠷᠬᠦᠦ ᠴᠣᠯᠠ ᠶ᠋ᠢ ᠠᠪᠤᠪᠠ᠂ ᠬᠣᠵᠢᠮ ᠨᠢ ᠲᠡᠮᠦᠷ ᠴᠦ᠍ ᠭᠡᠰᠡᠨ ᠡᠨᠡ ᠴᠣᠯᠠ ᠶ᠋ᠢ ᠵᠠᠯᠭᠠᠮᠵᠢᠯᠠᠨ ᠠᠪᠴᠠᠢ᠃ ᠡᠢᠮᠦᠷᠬᠦᠦ ᠲᠠᠢᠯᠪᠤᠷᠢᠯᠠᠯ ᠨᠢ ᠶᠠᠮᠠᠷᠬᠠᠨ ᠪᠣᠯᠬᠤ ᠲᠤᠬᠠᠢ᠂ ᠬᠢᠳᠠᠨ ᠬᠡᠯᠡᠨ ᠳ᠋ᠦ᠍《ᠬᠥᠷ ᠬᠠᠨ》 ᠪᠣᠯᠤᠨ《ᠭᠦᠷᠭᠠᠨ》 ᠭᠡᠳᠡᠭ ᠨᠢ ᠶᠠᠮᠠᠷᠬᠠᠨ ᠢᠯᠭᠠᠭ᠎ᠠ ᠲᠠᠢ ᠪᠠᠢᠬᠤ ᠲᠤᠬᠠᠢ ᠲᠣᠳᠣᠷᠬᠠᠢ ᠶᠠᠷᠢᠬᠤ ᠳ᠋ᠤ᠌ ᠪᠡᠷᠬᠡ᠃ ᠢᠪᠣᠨ᠂ ᠠᠯ᠂ ᠠᠲ᠋ᠢᠯ ᠤ᠋ᠨ ᠲᠡᠮᠳᠡᠭᠯᠡᠯ ᠢ᠋ ᠦᠨᠳᠦᠰᠦᠯᠡᠪᠡᠯ᠂ ᠬᠠᠮᠤᠭ ᠤ᠋ᠨ ᠠᠩᠬᠠᠨ ᠤ᠋ ᠬᠥᠷ ᠬᠠᠨ ᠮᠠᠨᠢ ᠶ᠋ᠢᠨ ᠱᠠᠰᠢᠨ ᠢ᠋ ᠰᠢᠲᠦᠳᠡᠭ ᠪᠠᠢᠵᠠᠢ᠂ ᠥᠩᠭᠡ ᠵᠢᠰᠦ ᠨᠢ ᠲᠤᠩ ᠭᠣᠶᠣ᠂ ᠳᠤᠮᠳᠠᠳᠤ ᠤᠯᠤᠰ ᠤ᠋ᠨ ᠲᠣᠷᠭᠠᠨ ᠬᠤᠪᠴᠠᠰᠤ ᠶ᠋ᠢ ᠡᠮᠦᠰᠳᠡᠭ ᠪᠥᠭᠡᠳ ᠨᠢᠭᠤᠷ ᠢ᠋ᠶ᠋ᠠᠨ ᠪᠦᠲᠡᠭᠡᠳᠡᠭ᠂ ᠲᠤᠬᠠᠢ ᠶ᠋ᠢᠨ ᠭᠠᠵᠠᠷ ᠤ᠋ᠨ ᠸᠠᠩ ᠬᠡᠷᠭᠡᠮᠲᠡᠨ ᠦ᠌ ᠶᠣᠰᠣ ᠳᠦᠷᠢᠮ ᠢ᠋ ᠵᠢᠷᠤᠮᠯᠠᠳᠠᠭ ᠪᠣᠯᠬᠣᠷ ᠡᠢᠮᠦ ᠪᠠᠢᠵᠠᠢ᠃ ᠠᠷᠠᠳ ᠣᠯᠠᠨ ᠤ᠋ ᠪᠠᠨ ᠳᠤᠮᠳᠠ ᠲᠤᠢᠯ ᠤ᠋ᠨ ᠠᠯᠳᠠᠷ ᠬᠦᠨᠳᠦᠲᠡᠢ᠂ ᠴᠡᠷᠢᠭ ᠢ᠋ᠶ᠋ᠡᠨ ᠴᠢᠩᠭ᠎ᠠ ᠪᠣᠯᠪᠠᠰᠤᠷᠠᠭᠤᠯᠳᠠᠭ ᠬᠠᠷ᠎ᠠ ᠭᠢᠳᠠᠨᠴᠤᠳ ᠬᠣᠲᠠ ᠪᠠᠯᠭᠠᠰᠤ ᠶ᠋ᠢ ᠡᠵᠡᠯᠡᠨ ᠠᠪᠬᠤ ᠪᠦᠷᠢ ᠳᠤᠮᠳᠠᠳᠤ ᠤᠯᠤᠰ ᠤ᠋ᠨ《ᠡᠷᠦᠬᠡ》 ᠶ᠋ᠢᠨ ᠶᠣᠰᠣᠭᠠᠷ ᠡᠷᠦᠬᠡ ᠪᠦᠷᠢ ᠡᠴᠡ ᠨᠢᠭᠡ ᠳ᠋ᠢᠨᠢᠷ (ᠨᠢᠭᠡ ᠵᠦᠢᠯ ᠦ᠋ᠨ ᠠᠯᠲᠠᠨ ᠵᠣᠭᠣᠰ᠂ ᠪᠠᠷᠤᠭ ᠠᠷᠪᠠᠨ ᠭᠤᠷᠪᠠᠨ ᠹᠠᠷᠠᠩᠺ ᠪᠤᠶᠤ ᠶᠢᠰᠦᠨ ᠰᠢᠯᠢᠩ ᠲᠡᠢ ᠲᠡᠩᠴᠡᠨ᠎ᠡ) ᠠᠪᠤᠪᠠᠯ ᠪᠣᠯᠴᠢᠬᠠᠨ᠎ᠠ᠃ ᠭᠡᠪᠡᠴᠦ ᠴᠡᠷᠢᠭ ᠦ᠋ᠳ ᠦ᠋ᠨ ᠢ᠋ᠶ᠋ᠡᠨ ᠪᠠᠯᠠᠮᠠᠳᠯᠠᠬᠤ᠂ ᠥᠭᠡᠷ᠎ᠡ ᠪᠡᠷ ᠬᠡᠯᠡᠪᠡᠯ ᠲᠤᠬᠠᠢ ᠶ᠋ᠢᠨ ᠭᠠᠵᠠᠷ ᠤ᠋ᠨ ᠰᠠᠭᠤᠭᠠᠯᠢ ᠠᠷᠠᠳ ᠤ᠋ᠨ ᠡᠷᠬᠡ ᠳ᠋ᠦ᠍ ᠬᠠᠯᠳᠠᠬᠤ ᠶᠠᠪᠤᠳᠠᠯ ᠢ᠋ ᠶᠠᠯᠠᠯᠠᠨ ᠰᠢᠳᠬᠡᠳᠡᠭ ᠦᠭᠡᠢ᠃ ᠬᠥᠷ ᠬᠠᠨ ᠶᠡᠷᠦ ᠡᠴᠡ ᠳᠠᠭᠠᠭᠰᠠᠳ ᠲᠠᠭᠠᠨ ᠨᠤᠲᠤᠭ ᠰᠢᠷᠣᠢ ᠬᠤᠪᠢᠶᠠᠵᠤ ᠥᠭᠳᠡᠭ ᠦᠭᠡᠢ᠂ ᠲᠡᠷᠡᠴᠢᠯᠡᠨ ᠵᠠᠭᠤᠨ ᠬᠥᠮᠦᠨ ᠡᠴᠡ ᠳᠡᠭᠡᠭᠰᠢᠬᠢ ᠮᠣᠷᠢᠲᠤ ᠴᠡᠷᠢᠭ ᠳᠠᠭᠠᠭᠤᠯᠤᠭᠰᠠᠨ ᠶᠠᠮᠠᠷ ᠴᠦ᠍ ᠬᠥᠮᠦᠨ ᠢ᠋ ᠢᠲᠡᠭᠡᠳᠡᠭ ᠦᠭᠡᠢ (ᠣᠢᠷ᠎ᠠ ᠵᠠᠮ ᠤ᠋ᠨ ᠴᠡᠷᠢᠭ ᠦ᠋ᠨ ᠠᠶᠠᠨ ᠠ᠋ᠴᠠ ᠭᠠᠳᠠᠨ᠎ᠠ)᠃ ᠵᠠᠷᠢᠮ ᠭᠠᠵᠠᠷ ᠢ᠋ ᠨᠣᠶᠠᠯᠠᠭᠴᠢᠳ ᠬᠥᠷ ᠬᠠᠨ ᠳ᠋ᠤ᠌ ᠪᠠᠭᠤᠵᠤ ᠥᠭᠭᠦᠪᠡᠯ ᠪᠦᠰᠡᠨ ᠳᠡᠭᠡᠷ᠎ᠡ ᠪᠡᠨ ᠨᠢᠭᠡ ᠮᠥᠩᠭᠥᠨ ᠫᠠᠢᠰᠠ ᠵᠡᠭᠦᠵᠦ᠂ ᠣᠷᠣᠵᠤ ᠥᠭᠭᠦᠭᠰᠡᠨ ᠢ᠋ᠶ᠋ᠡᠨ ᠢᠯᠡᠳᠬᠡᠨ᠎ᠡ᠃ ᠡᠨᠡ ᠮᠡᠲᠦ ᠳᠠᠭᠠᠭᠰᠠᠨ ᠲᠦᠷᠦᠭᠦᠴᠦᠳ ᠲᠤᠩ ᠴᠥᠭᠡᠨ᠃ ᠮᠠᠨᠤᠰ ᠤ᠋ᠨ ᠠᠯᠢ ᠴᠢᠳᠠᠬᠤ ᠪᠠᠷ ᠱᠦᠭᠦᠵᠦ ᠣᠯᠤᠭᠰᠠᠨ ᠮᠠᠲ᠋ᠧᠷᠢᠶᠠᠯ ᠢ᠋ ᠦᠨᠳᠦᠰᠦᠯᠡᠪᠡᠯ᠂ ᠬᠥᠷ ᠬᠠᠨ ᠳ᠋ᠤ᠌ ᠰᠢᠭᠤᠳ ᠬᠠᠷᠢᠶᠠᠯᠠᠭᠳᠠᠬᠤ ᠭᠠᠵᠠᠷ ᠨᠤᠲᠤᠭ ᠨᠢ ᠬᠦᠯᠳ᠋ᠵᠠ ᠣᠷᠣᠨ ᠪᠣᠯᠤᠨ ᠳᠣᠯᠣᠭᠠᠨ ᠤᠰᠤᠨ ᠮᠣᠵᠢ ᠶ᠋ᠢᠨ ᠡᠮᠦᠨᠡᠲᠦ ᠬᠡᠰᠡᠭ ᠵᠢᠴᠢ ᠰᠢᠷ ᠮᠥᠷᠡᠨ ᠮᠣᠵᠢ ᠶ᠋ᠢᠨ ᠵᠡᠭᠦᠨ ᠬᠣᠢᠲᠤ ᠬᠡᠰᠡᠭ ᠯᠡ ᠪᠣᠯᠤᠨ᠎ᠠ᠃ ᠬᠥᠷ ᠬᠠᠨ ᠨᠡᠢᠰᠯᠡᠯ ᠢ᠋ᠶ᠋ᠡᠨ ᠢᠯᠢ ᠭᠣᠣᠯ ᠠ᠋ᠴᠠ ᠪᠠᠷᠠᠭᠤᠨᠰᠢ ᠴᠦ ᠭᠣᠣᠯ ᠤ᠋ᠨ ᠡᠷᠭᠢ ᠪᠤᠶᠤ ᠪᠠᠯᠠᠱᠭᠦ᠋ᠨ ᠡᠴᠡ ᠬᠣᠯᠠ ᠪᠢᠰᠢ ᠬᠦᠰ ᠤᠷᠲᠤ(《 ᠶᠡᠬᠡ ᠴᠠᠴᠠᠷ》 ᠭᠡᠰᠡᠨ ᠤᠳᠬ᠎ᠠ ᠲᠠᠢ)᠂ ᠡᠰᠡᠬᠦᠯ᠎ᠡ ᠬᠣᠲ᠋ᠠ (《ᠬᠣᠲᠠ》) ᠭᠡᠰᠡᠨ ᠪᠠᠢᠭᠤᠯᠵᠠᠢ᠃ ᠳᠣᠯᠣᠭᠠᠨ ᠤᠰᠤᠨ ᠮᠣᠵᠢ ᠶ᠋ᠢᠨ ᠥᠭᠡᠷ᠎ᠡ ᠬᠡᠰᠡᠭ ᠪᠣᠯᠬᠤ ᠢᠯᠢ ᠭᠣᠣᠯ ᠠ᠋ᠴᠠ ᠤᠮᠠᠷᠠᠰᠢᠬᠢ ᠨᠢ ᠺᠠᠷᠯᠣᠭ ᠤ᠋ᠨ ᠬᠠᠳ ᠨᠠᠷ ᠲᠤ᠌ ᠬᠠᠷᠢᠶᠠᠯᠠᠭᠳᠠᠵᠤ ᠪᠠᠢᠵᠠᠢ᠂ ᠨᠡᠢᠰᠯᠡᠯ ᠢ᠋ᠶ᠋ᠡᠨ ᠺᠠᠶᠠᠯᠢᠭ ᠲᠤ᠌ ᠪᠠᠢᠭᠤᠯᠤᠭᠰᠠᠨ ᠪᠠᠢᠪᠠ᠂ ᠡᠨᠡ ᠭᠠᠵᠠᠷ ᠬᠥᠬᠡᠪᠦᠷ ᠡᠴᠡ ᠪᠠᠷᠠᠭᠤᠨᠰᠢᠬᠢ ᠨᠢᠭᠡᠨ ᠲᠡᠭᠰᠢ ᠲᠠᠯ᠎ᠠ ᠳ᠋ᠤ᠌ ᠪᠣᠢ᠃ ᠬᠠᠷᠠᠬᠠᠨ ᠤᠯᠤᠰ ᠤ᠋ᠨ ᠬᠠᠳ ᠨᠠᠷ ᠲᠷᠠᠨᠰᠤᠭᠰᠢᠨᠠ ᠪᠣᠯᠤᠨ ᠵᠡᠭᠦᠨ ᠲᠦᠷᠺᠢᠰᠲ᠋ᠠᠨ ᠢ᠋ ᠨᠣᠶᠠᠷᠬᠠᠭᠰᠠᠭᠠᠷ ᠪᠠᠢᠪᠠ᠃ ᠬᠥᠷ ᠬᠠᠨ ᠤ᠋ ᠤᠯᠤᠰ ᠲᠤ᠌᠂ ᠶᠠᠳᠠᠬᠤ ᠳ᠋ᠠᠭᠠᠨ ᠲᠡᠷᠡ ᠪᠡᠷ ᠨᠣᠶᠠᠯᠠᠵᠤ ᠪᠠᠢᠭᠰᠠᠨ ᠰᠡᠭᠦᠯᠴᠢ ᠶ᠋ᠢᠨ ᠦᠶ᠎ᠡ ᠪᠡᠷ᠂ ᠭᠤᠷᠪᠠᠨ ᠳᠡᠰ ᠦ᠋ᠨ ᠬᠠᠷᠢᠶᠠᠯᠠᠵᠤ ᠬᠠᠷᠢᠶᠠᠯᠠᠭᠳᠠᠬᠤ ᠬᠠᠷᠢᠴᠠᠭ᠎ᠠ ᠲᠠᠢ ᠪᠠᠢᠭᠰᠠᠨ ᠢ᠋ ᠪᠢᠳᠡ ᠣᠯᠵᠤ ᠮᠡᠳᠡᠪᠡ᠃ ᠡᠨᠡ ᠨᠢ ᠮᠣᠩᠭᠣᠯᠴᠤᠳ ᠣᠷᠣᠰ ᠢ᠋ ᠨᠣᠶᠠᠷᠬᠠᠵᠤ ᠪᠠᠢᠭᠰᠠᠨ ᠲᠡᠦᠬᠡᠨ ᠴᠠᠭ ᠦᠶ᠎ᠡ ᠲᠡᠢ ᠠᠳᠠᠯᠢᠬᠠᠨ᠂ ᠵᠢᠱ᠌ᠢᠶᠡᠯᠡᠪᠡᠯ ᠰᠠᠮᠠᠷᠺᠠᠠᠳ᠋ ᠤ᠋ᠨ ᠨᠣᠶᠠᠷᠬᠠᠭᠴᠢ ᠨᠢ ᠬᠥᠷ ᠬᠠᠨ ᠤ᠋ ᠲᠣᠮᠢᠯᠠᠭᠰᠠᠨ ᠪᠠᠢᠩᠭᠤ ᠰᠠᠭᠤᠬᠤ ᠲᠥᠯᠥᠭᠡᠯᠡᠭᠴᠢ ᠶ᠋ᠢᠨ ᠡᠮᠦᠨ᠎ᠡ ᠬᠠᠷᠢᠶᠠᠯᠠᠭᠳᠠᠵᠤ ᠪᠠᠢᠭ᠎ᠠ ᠬᠠᠷᠢᠴᠠᠭ᠎ᠠ ᠪᠠᠨ ᠠᠯᠪᠠ ᠶ᠋ᠢᠨ ᠲᠡᠳᠦᠢ ᠮᠡᠳᠡᠷᠡᠳᠡᠭ ᠪᠠᠢᠪᠠ᠃ ᠪᠤᠰᠤᠳ ᠲᠦᠷᠦᠭᠦᠴᠦᠳ᠂ ᠵᠢᠱ᠌ᠢᠶᠡᠯᠡᠪᠡᠯ ᠬᠣᠷᠧᠽᠮ ᠤᠯᠤᠰ ᠤ᠋ᠨ ᠸᠠᠩ ᠵᠥᠪᠬᠡᠨ ᠲᠣᠭᠲᠠᠭᠰᠠᠨ ᠬᠤᠭᠤᠴᠠᠭᠠᠨ ᠳ᠋ᠠᠭᠠᠨ ᠬᠥᠮᠦᠨ ᠲᠣᠮᠢᠯᠠᠵᠤ ᠲᠦᠷᠢᠶᠡᠰᠦᠨ ᠭᠠᠢᠯᠢ ᠬᠣᠷᠢᠶᠠᠯᠭᠠᠳᠠᠭ ᠪᠠᠢᠪᠠ᠃ ᠥᠭᠡᠷ᠎ᠡ ᠨᠢᠭᠡ ᠪᠦᠯᠦᠭ᠂ ᠵᠢᠱ᠌ᠢᠶᠡᠯᠡᠪᠡᠯ ᠪᠤᠬᠠᠷ ᠤ᠋ᠨ ᠢᠰᠯᠠᠮ ᠤ᠋ᠨ ᠱᠠᠰᠢᠨ ᠤ᠋ ᠲᠣᠭᠣᠷᠢᠭ ᠲᠤ᠌ ᠬᠠᠨᠳᠤᠬᠤ ᠳ᠋ᠠᠭᠠᠨ ᠨᠢᠭᠡᠨ ᠦᠶ᠎ᠡ ᠶ᠋ᠢᠨ ᠯᠠᠮᠠ ᠬᠤᠸᠠᠷᠠᠭ ᠢ᠋ ᠨᠣᠶᠠᠷᠬᠠᠬᠤ ᠡᠷᠬᠡ ᠶ᠋ᠢ ᠪᠦᠷ ᠥᠪᠡᠷ ᠢ᠋ᠶ᠋ᠡᠨ ᠡᠵᠡᠮᠰᠢᠳᠡᠭ ᠪᠠᠢᠪᠠ᠂ ᠬᠠᠷ᠎ᠠ ᠬᠢᠳᠠᠨ ᠤ᠋ ᠲᠤᠰᠢᠶᠠᠬᠤ ᠶᠣᠰᠣᠲᠠᠢ ᠭᠠᠢᠯᠢ ᠶ᠋ᠢ ᠭᠠᠵᠠᠷ ᠣᠷᠣᠨ ᠤ᠋ ᠲᠥᠯᠥᠭᠡᠯᠡᠭᠴᠢ ᠪᠡᠷ ᠬᠠᠷᠢᠶᠠᠯᠭᠠᠳᠠᠭ ᠪᠠᠢᠪᠠ᠃ 
       ᠢᠪᠣᠨ᠂ ᠠᠯ᠂ ᠠᠲ᠋ᠢᠯ ᠤ᠋ᠨ ᠲᠡᠮᠳᠡᠭᠯᠡᠭᠰᠡᠨ ᠢ᠋ᠶ᠋ᠡᠷ ᠠᠩᠬᠠᠳᠠᠭᠴᠢ ᠬᠥᠷ ᠬᠠᠨ 1143 ᠣᠨ ᠤ᠋ ᠡᠬᠢ ᠪᠡᠷ ᠨᠠᠰᠤ ᠪᠠᠷᠠᠭᠰᠠᠨ ᠪᠠᠢᠨ᠎ᠠ᠃ ᠥᠬᠢᠨ ᠨᠢ ᠰᠠᠭᠤᠷᠢᠨ ᠢ᠋ ᠨᠢ ᠵᠠᠯᠭᠠᠮᠵᠢᠯᠠᠭᠠᠳ ᠮᠥᠨ ᠤᠳᠠᠯ ᠦᠭᠡᠢ ᠦᠬᠦᠪᠡ᠃ ᠲᠥᠷᠥ ᠶ᠋ᠢᠨ ᠡᠷᠬᠡ ᠶ᠋ᠢ ᠡᠬᠡ ᠨᠢ᠂ ᠲᠤᠬᠠᠢᠯᠠᠪᠠᠯ ᠬᠥᠷ ᠬᠠᠨ ᠤ᠋ ᠪᠡᠯᠪᠡᠰᠦᠨ ᠪᠦᠰᠡᠭᠦᠢ ᠠᠳᠬᠤᠵᠤ ᠪᠠᠢᠭᠰᠠᠨ ᠢ᠋ᠶ᠋ᠠᠨ ᠬᠥᠪᠡᠭᠦᠨ ᠮᠦᠬᠠᠮᠠᠳ᠋ ᠤ᠋ᠨ ᠬᠢᠨᠢ ᠭᠠᠷ ᠲᠤ᠌ ᠣᠷᠣᠪᠠ᠃ ᠳᠤᠮᠳᠠᠳᠤ ᠤᠯᠤᠰ ᠤ᠋ᠨ ᠮᠠᠲ᠋ᠧᠷᠢᠶᠠᠯ ᠢ᠋ ᠦᠨᠳᠦᠰᠦᠯᠡᠪᠡᠯ᠂ ᠲᠤᠯᠭᠤᠷ ᠲᠥᠷᠥ ᠪᠠᠢᠭᠤᠯᠤᠭᠴᠢ ᠶ᠋ᠢᠨ ᠬᠥᠪᠡᠭᠦᠨ — ᠶᠸᠯᠢᠣᠢ ᠢᠯᠸ ᠪᠣᠯᠤᠨ ᠲᠡᠭᠦᠨ ᠦ᠌ ᠡᠬᠡ ᠶ᠋ᠢᠨ ᠡᠷᠬᠡ ᠪᠠᠷᠢᠭᠰᠠᠨ ᠴᠠᠭ ᠨᠢ ᠶᠠᠭ ᠲᠣᠩᠭᠣᠷᠠᠭᠰᠠᠨ ᠪᠠᠢᠨ᠎ᠠ᠂ ᠢᠯᠸ ᠦ᠋ᠨ ᠥᠬᠢᠨ ᠳᠡᠭᠦᠦ ᠶ᠋ᠢᠨ ᠬᠢᠨᠢ ᠡᠷᠬᠡ ᠪᠠᠷᠢᠭᠰᠠᠨ ᠴᠠᠭ ᠨᠢ ᠰᠡᠭᠦᠯᠡᠷ ᠪᠣᠯᠤᠭᠰᠠᠨ ᠪᠠᠢᠪᠠ᠃ ᠵᠦᠸᠠᠢᠨᠢ ᠶ᠋ᠢᠨ ᠨᠢᠭᠲᠠᠯᠠᠨ ᠲᠣᠳᠣᠯᠠᠭᠰᠠᠨ ᠢ᠋ᠶ᠋ᠠᠷ᠂ ᠬᠥᠷ ᠬᠠᠨ ᠤ᠋ ᠥᠬᠢᠨ ᠬᠠᠷ᠎ᠠ ᠬᠢᠳᠠᠨ ᠸᠠᠩᠲᠤ ᠤᠯᠤᠰ ᠢ᠋ ᠨᠣᠶᠠᠷᠬᠠᠵᠤ ᠪᠠᠢᠭᠰᠠᠨ ᠴᠠᠭ ᠦᠶ᠎ᠡ ᠪᠣᠯ 12 ᠳ᠋ᠤᠭᠠᠷ ᠵᠠᠭᠤᠨ ᠤ᠋ ᠳᠠᠯᠠᠭᠠᠳ ᠣᠨ ᠪᠣᠯᠤᠨ᠎ᠠ᠃ ᠶᠸᠯᠢᠦᠢ ᠢᠯᠸ ᠵᠠᠷᠯᠢᠭ ᠪᠠᠭᠤᠯᠭᠠᠨ ᠪᠦᠬᠦ ᠤᠯᠤᠰ ᠲᠠᠭᠠᠨ ᠬᠥᠮᠦᠨ ᠠᠮᠠ ᠶ᠋ᠢᠨ ᠪᠠᠢᠴᠠᠭᠠᠯᠲᠠ ᠬᠢᠯᠭᠡᠭᠰᠡᠨ ᠳ᠋ᠦ᠍ ᠨᠠᠢ᠍ᠮᠠᠨ ᠲᠦᠮᠡ ᠳᠥᠷᠪᠡᠨ ᠮᠢᠩᠭ᠎ᠠ ᠲᠠᠪᠤᠨ ᠵᠠᠭᠤᠨ ᠡᠷᠦᠬᠡ ᠪᠠᠢᠪᠠ᠃(《ᠯᠢᠶᠣᠣ ᠤᠯᠤᠰ ᠤ᠋ᠨ ᠲᠡᠦᠬᠡ 》) ᠡᠨᠡ ᠲᠣᠭᠠᠨ ᠳ᠋ᠤ᠌ ᠬᠥᠷ ᠬᠠᠨ ᠤ᠋ ᠰᠢᠭᠤᠳ ᠬᠠᠷᠢᠶᠠᠲᠤ ᠨᠤᠲᠤᠭ ᠲᠠᠬᠢ ᠨᠡᠭᠦᠳᠡᠯᠯᠡᠵᠦ ᠮᠠᠯᠵᠢᠳᠠᠭ ᠬᠥᠮᠦᠰ ᠢ᠋ ᠯᠡ ᠪᠠᠭᠲᠠᠭᠠᠭᠰᠠᠨ ᠰᠢᠭ᠋ ᠪᠠᠢᠨ᠎ᠠ᠃ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠲᠡᠮᠳᠡᠭᠯᠡᠭᠰᠡᠨ ᠢ᠋ᠶ᠋ᠡᠷ ᠶᠸᠯᠢᠦᠢ ᠢᠯᠸ ᠦ᠋ᠨ ᠥᠬᠢᠨ ᠳᠡᠭᠦᠦ ᠶ᠋ᠢᠨ ᠬᠢᠨᠢ ᠨᠡᠷ᠎ᠡ ᠫᠦᠰᠦᠸᠠᠨ᠃13 ᠳ᠋ᠤᠭᠠᠷ ᠵᠠᠭᠤᠨ ᠤ᠋ ᠡᠬᠢᠨ ᠦ᠌ ᠦᠶ᠎ᠡ ᠶ᠋ᠢᠨ ᠢᠰᠯᠠᠮ ᠤ᠋ᠨ ᠱᠠᠰᠢᠨᠲᠠᠳ ᠤ᠋ᠨ ᠬᠡᠯᠡᠬᠦ ᠪᠡᠷ ᠡᠨᠡ ᠬᠡᠦᠬᠡᠨ ᠦ᠌ ᠴᠣᠯᠠ ᠨᠢ《ᠬᠠᠳ ᠤ᠋ᠨ ᠳᠣᠲᠣᠷᠠᠬᠢ ᠬᠠᠨ》 ᠭᠡᠨ᠎ᠡ᠃ ᠵᠦᠸᠠᠢᠨᠢ ᠶ᠋ᠢᠨ ᠲᠡᠮᠳᠡᠭᠯᠡᠭᠰᠡᠨ ᠢ᠋ᠶ᠋ᠡᠷ᠂ ᠪᠦᠰᠡᠭᠦᠢ ᠸᠠᠩ ᠲᠥᠷᠥ ᠵᠠᠰᠠᠵᠤ ᠪᠠᠢᠭᠰᠠᠨ ᠬᠤᠭᠤᠴᠠᠭᠠᠨ ᠳ᠋ᠤ᠌ ᠪᠣᠳᠠᠲᠤ ᠡᠷᠬᠡ ᠡᠷ᠎ᠡ ᠶ᠋ᠢᠨ ᠬᠢᠨᠢ ᠭᠠᠷ ᠲᠤ᠌ ᠪᠠᠢᠵᠠᠢ᠃ ᠭᠡᠬᠦ ᠳ᠋ᠦ᠍ ᠳᠤᠮᠳᠠᠳᠤ ᠤᠯᠤᠰ ᠤ᠋ᠨ ᠲᠡᠦᠬᠡᠨ ᠮᠠᠲ᠋ᠧᠷᠢᠶᠠᠯ ᠳ᠋ᠤ᠌ ᠲᠡᠮᠳᠡᠭᠯᠡᠭᠰᠡᠨ ᠢ᠋ᠶ᠋ᠡᠷ᠂ ᠪᠦᠰᠡᠭᠦᠢ ᠸᠠᠩ ᠡᠷ᠎ᠡ ᠪᠡᠨ ᠠᠯᠠᠭᠠᠳ᠂ ᠬᠠᠨᠢᠯᠠᠭᠰᠠᠨ ᠡᠷ᠎ᠡ ᠲᠡᠢ ᠪᠡᠨ ᠰᠠᠭᠤᠭᠰᠠᠨ ᠪᠠᠢᠨ᠎ᠠ᠃ ᠠᠯᠠᠭᠳᠠᠭᠰᠠᠨ ᠡᠷ᠎ᠡ ᠶ᠋ᠢᠨ ᠬᠢᠨᠢ ᠡᠴᠢᠭᠡ ᠨᠢ ᠪᠣᠰᠤᠯᠭ᠎ᠠ ᠭᠠᠷᠭᠠᠭᠰᠠᠨ ᠳ᠋ᠤ᠌ ᠣᠯᠠᠨ ᠬᠥᠮᠦᠰ ᠸᠠᠩ ᠤ᠋ᠨ ᠣᠷᠳᠣᠨ ᠢ᠋ ᠪᠦᠰᠡᠯᠡᠨ ᠬᠠᠭᠠᠪᠠ᠂ ᠪᠦᠰᠡᠭᠦᠢ ᠸᠠᠩ ᠣᠯᠠᠨ ᠤ᠋ ᠡᠮᠦᠨ᠎ᠡ ᠬᠠᠨᠢᠯᠠᠭᠰᠠᠨ ᠡᠷ᠎ᠡ ᠪᠡᠨ ᠠᠯᠠᠭᠤᠯᠤᠭᠠᠳ ᠰᠠᠶᠢ ᠠᠮᠢ ᠪᠠᠨ ᠣᠯᠵᠤ ᠬᠠᠮᠠᠭᠠᠯᠠᠭᠰᠠᠨ ᠪᠠᠢᠨ᠎ᠠ᠃ ᠭᠡᠬᠦ ᠳ᠋ᠡᠭᠡᠨ ᠵᠦᠸᠠᠢᠨᠢ ᠶ᠋ᠢᠨ ᠲᠡᠮᠳᠡᠭᠯᠡᠯ ᠳ᠋ᠦ᠍ ᠬᠥᠷ ᠬᠠᠨ ᠪᠡᠯᠪᠡᠰᠦᠨ ᠪᠦᠰᠡᠭᠦᠢ ᠪᠣᠯᠤᠨ ᠲᠡᠭᠦᠨ ᠦ᠌ ᠬᠠᠨᠢᠯᠠᠭᠰᠠᠨ ᠡᠷ᠎ᠡ ᠪᠣᠰᠤᠯᠭ᠎ᠠ ᠶ᠋ᠢᠨ ᠴᠡᠷᠢᠭ ᠲᠦ᠍ ᠪᠦᠰᠡᠯᠡᠭᠳᠡᠭᠡᠳ ᠬᠣᠶᠠᠭᠤᠯᠠ ᠪᠠᠨ ᠠᠯᠠᠭᠳᠠᠵᠠᠢ ᠭᠡᠵᠦ ᠪᠢᠴᠢᠪᠡ᠃ ᠵᠦᠸᠠᠢᠨᠢ ᠬᠠᠷ᠎ᠠ ᠬᠢᠳᠠᠨ ᠤ᠋ ᠲᠡᠦᠬᠡᠨ ᠮᠠᠲ᠋ᠧᠷᠢᠶᠠᠯ ᠳ᠋ᠠᠭᠠᠨ ᠬᠥᠷ ᠬᠠᠨ ᠤ᠋ ᠥᠬᠢᠨ ᠦ᠌ ᠤᠴᠢᠷ ᠢ᠋ ᠲᠡᠮᠳᠡᠭᠯᠡᠭᠡ ᠦᠭᠡᠢ᠂《ᠪᠡᠯᠪᠡᠰᠦᠨ ᠪᠦᠰᠡᠭᠦᠢ》ᠡᠨᠡ ᠲᠡᠷᠡ ᠭᠡᠳᠡᠭ ᠨᠢ 《ᠥᠬᠢᠨ》ᠭᠡᠳᠡᠭ ᠢ᠋ ᠪᠤᠷᠤᠭᠤ ᠲᠡᠮᠳᠡᠭᠯᠡᠭᠰᠡᠨ ᠤᠴᠢᠷ ᠪᠠᠢᠵᠤ ᠮᠡᠳᠡᠨ᠎ᠡ᠃ ᠰᠡᠭᠦᠯᠡᠷ ᠨᠢ ᠪᠤᠰᠤᠳ ᠮᠠᠲ᠋ᠧᠷᠢᠶᠠᠯ ᠳ᠋ᠤ᠌ ᠵᠦᠸᠡᠢᠨᠢ ᠬᠥᠷ ᠬᠠᠨ ᠤ᠋ ᠥᠬᠢᠨ ᠢ᠋ ᠳᠤᠷᠠᠳᠴᠤ ᠥᠩᠭᠡᠷᠡᠪᠡ᠃ ᠫᠦᠰᠦᠸᠠᠨ ᠢ᠋ ᠨᠠᠰᠤ ᠪᠠᠷᠠᠭᠰᠠᠨ ᠤ᠋ ᠳᠠᠷᠠᠭ᠎ᠠ᠂ ᠶᠸᠯᠢᠦᠢ ᠢᠯᠸ ᠦ᠋ᠨ ᠬᠣᠶᠠᠳᠤᠭᠠᠷ ᠬᠥᠪᠡᠭᠦᠨ ᠶᠸᠯᠢᠦᠢ ᡁᠢ ᠯᠦ᠍ ᠬᠦ ᠰᠠᠭᠤᠷᠢᠨ ᠵᠠᠯᠭᠠᠮᠵᠢᠯᠠᠪᠠ᠃ ᠲᠡᠭᠦᠨ ᠢ᠋ ᠠᠬ᠎ᠠ ᠪᠠᠨ ᠬᠣᠣᠷᠯᠠᠨ ᠠᠯᠠᠯ᠎ᠠ ᠭᠡᠵᠦ ᠵᠦᠸᠡᠢᠨᠢ ᠲᠡᠮᠳᠡᠭᠯᠡᠪᠡ᠃ ᠢᠰᠯᠠᠮ ᠤ᠋ᠨ ᠱᠠᠰᠢᠨᠲᠠᠨ ᠤ᠋ ᠮᠠᠲ᠋ᠧᠷᠢᠶᠠᠯ ᠢ᠋ ᠦᠨᠳᠦᠰᠦᠯᠡᠪᠡᠯ ᠬᠠᠮᠤᠭ ᠤ᠋ᠨ ᠡᠴᠦᠰ ᠦ᠋ᠨ ᠡᠨᠡ ᠬᠦ᠌ ᠬᠥᠷ ᠬᠠᠨ ᠤ᠋ ᠨᠡᠷ᠎ᠡ ᠶ᠋ᠢ ᠮᠦᠨᠢ ᠭᠡᠳᠡᠭ ᠪᠠᠢᠨ᠎ᠠ᠂ ᠪᠠᠰᠠ ᠨᠢᠭᠡᠨ ᠮᠠᠲ᠋ᠧᠷᠢᠶᠠᠯ ᠳ᠋ᠤ᠌ ᠺᠦᠮᠠᠨ ᠪᠤᠶᠤ ᠹᠦᠮᠨ ᠭᠡᠵᠦ ᠲᠡᠮᠳᠡᠭᠯᠡᠪᠡ᠃ 
       ᠪᠦᠰᠡᠭᠦᠢ ᠬᠥᠮᠦᠨ ᠪᠠᠢᠨ ᠪᠠᠢᠨ ᠲᠥᠷᠥ ᠵᠠᠰᠠᠬᠤ ᠪᠣᠯᠤᠭᠰᠠᠨ ᠪᠥᠭᠡᠳ ᠣᠨᠴᠠᠭᠠᠢᠯᠠᠨ ᠡᠨᠡ ᠬᠦ᠌ ᠪᠦᠰᠡᠭᠦᠢ ᠡᠵᠡᠨ ᠬᠤᠪᠢ ᠶ᠋ᠢᠨ ᠠᠮᠢᠳᠤᠷᠠᠯ ᠤ᠋ᠨ ᠲᠠᠯ᠎ᠠ ᠪᠠᠷ ᠠᠩᠭ᠌ᠯᠢ ᠶ᠋ᠢᠨ ᠰᠲ᠋ᠦ᠋ᠭᠠᠷᠲ᠋ ᠲᠥᠷᠥ ᠶ᠋ᠢᠨ ᠪᠦᠰᠡᠭᠦᠢ ᠸᠠᠩ ᠮᠡᠷᠢ ᠰᠢᠭ ᠡᠳᠦᠷ ᠰᠠᠷ᠎ᠠ ᠶ᠋ᠢ ᠥᠩᠭᠡᠷᠡᠭᠡᠬᠦ ᠪᠣᠯᠤᠭᠰᠠᠨ ᠢ᠋ᠶ᠋ᠠᠷ ᠸᠠᠩ ᠤ᠋ᠨ ᠤᠭᠰᠠᠭᠠᠨ ᠤ᠋ ᠡᠷᠬᠡ ᠰᠦᠷ ᠢ᠋ ᠶᠠᠭᠠᠬᠢᠬᠤ ᠶ᠋ᠢᠨ ᠠᠷᠭ᠎ᠠ ᠦᠭᠡᠢ ᠪᠠᠭᠤᠷᠠᠭᠤᠯᠪᠠ᠃ ᠵᠠᠷᠢᠮ ᠢᠰᠯᠠᠮ ᠤ᠋ᠨ ᠱᠠᠰᠢᠨᠲᠠᠨ ᠤ᠋ ᠮᠠᠲ᠋ᠧᠷᠢᠶᠠᠯ ᠠ᠋ᠴᠠ ᠦᠵᠡᠪᠡᠯ᠂ ᠬᠠᠷ᠎ᠠ ᠬᠢᠳᠠᠨ ᠤ᠋ ᠬᠡᠳᠦᠨ ᠸᠠᠩ ᠬᠦᠩ ᠦ᠋ᠨ ᠭᠠᠷ ᠲᠠᠬᠢ ᠡᠷᠬᠡ ᠨᠢ ᠬᠥᠷ ᠬᠠᠨ ᠠ᠋ᠴᠠ ᠳᠡᠮᠡᠢ ᠲᠣᠯᠢᠳᠠᠬᠤ ᠦᠭᠡᠢ ᠪᠠᠢᠪᠠ᠃ ᠡᠨᠡ ᠨᠢ ᠬᠠᠷ᠎ᠠ ᠬᠢᠳᠠᠨ ᠬᠠᠭᠠᠨᠲᠤ ᠤᠯᠤᠰ ᠤ᠋ᠨ ᠪᠤᠰᠤᠳ ᠨᠡᠭᠦᠳᠡᠯᠴᠢᠳ ᠦ᠋ᠨ ᠤᠯᠤᠰ ᠤ᠋ᠳ ᠲᠠᠢ ᠠᠳᠠᠯᠢ ᠦᠭᠡᠢ ᠶ᠋ᠢ ᠬᠠᠷᠠᠭᠤᠯᠵᠤ ᠪᠠᠢᠨ᠎ᠠ᠃ ᠲᠡᠷᠡᠴᠢᠯᠡᠨ ᠤᠤᠯ ᠤ᠋ᠨ ᠵᠡᠭᠦᠨ ᠯᠢᠶᠣᠣ ᠤᠯᠤᠰ ᠤ᠋ᠨ ᠳᠤᠮᠳᠠᠳᠤ ᠤᠯᠤᠰ ᠤ᠋ᠨ ᠪᠣᠯᠪᠠᠰᠤᠨ ᠤ᠋ ᠨᠥᠯᠥᠭᠡ ᠶ᠋ᠢ ᠬᠦᠷᠲᠡᠭᠰᠡᠨ ᠪᠠᠢᠭᠤᠯᠤᠮᠵᠢ ᠨᠢ ᠤᠳᠠᠭᠠᠨ ᠲᠣᠭᠲᠠᠨᠢᠵᠤ ᠴᠢᠳᠠᠬᠤ ᠦᠭᠡᠢ ᠭᠡᠳᠡᠭ ᠢ᠋ ᠲᠤᠰᠬᠠᠵᠤ ᠪᠠᠢᠨ᠎ᠠ᠃ ᠵᠦᠸᠡᠢᠨᠢ ᠶ᠋ᠢᠨ ᠲᠡᠮᠳᠡᠭᠯᠡᠭᠰᠡᠨ ᠢ᠋ᠶ᠋ᠡᠷ᠂ ᠬᠠᠷ᠎ᠠ ᠬᠢᠳᠠᠨ ᠤ᠋ ᠭᠠᠢᠯᠢ ᠶ᠋ᠢᠨ ᠲᠦᠰᠢᠮᠡᠯ ᠦ᠋ᠨ ᠬᠢᠳᠡᠯ ᠶᠠᠪᠤᠳᠠᠯ ᠨᠢ《ᠤᠷᠢᠳᠤ ᠶ᠋ᠢᠨ ᠬᠢ ᠲᠡᠢ ᠪᠡᠨ ᠪᠦᠷ ᠠᠳᠠᠯᠢ ᠦᠭᠡᠢ ᠪᠣᠯᠪᠠ》᠂ ᠬᠥᠷ ᠬᠠᠨ ᠤ᠋ ᠲᠣᠮᠢᠯᠠᠭᠰᠠᠨ ᠡᠯᠴᠢᠳ ᠦ᠋ᠨ ᠣᠮᠣᠷᠬᠠᠭ ᠪᠠᠷᠳᠠᠮ ᠠᠭᠠᠰᠢ ᠨᠢ ᠳᠠᠭᠠᠭᠤᠯᠢ ᠤᠯᠤᠰ ᠤ᠋ᠳ ᠤ᠋ᠨ ᠢᠵᠠᠭᠤᠷᠲᠠᠳ ᠤ᠋ᠨ ᠳᠤᠷ᠎ᠠ ᠦᠭᠡᠢᠴᠡᠯ ᠢ᠋ ᠬᠦᠷᠭᠡᠪᠡ᠃ ᠲᠡᠷᠡᠴᠢᠯᠡᠨ ᠬᠥᠮᠦᠨ ᠠᠮᠠ ᠶ᠋ᠢᠨ ᠬᠢᠨᠢ ᠣᠯᠠᠨ ᠲᠣᠭ᠎ᠠ ᠶ᠋ᠢ ᠡᠵᠡᠯᠡᠬᠦ ᠢᠰᠯᠠᠮ ᠤ᠋ᠨ ᠱᠠᠰᠢᠨᠲᠠᠳ ᠢ᠋ᠶ᠋ᠠᠷ ᠪᠦᠲᠦᠭᠰᠡᠨ ᠬᠠᠭᠠᠨᠲᠤ ᠤᠯᠤᠰ ᠲᠤ᠌᠂ ᠢᠵᠢᠯᠢ ᠪᠤᠰᠤ ᠱᠠᠰᠢᠨᠲᠠᠨ ᠤ᠋ ᠡᠵᠡᠷᠬᠡᠭᠯᠡᠯ ᠨᠢ ᠢᠰᠯᠠᠮ ᠤ᠋ᠨ ᠱᠠᠰᠢᠨᠲᠠᠨ ᠤ᠋ ᠰᠡᠳᠬᠢᠯ ᠢ᠋ ᠰᠢᠷᠬᠠᠲᠤᠭᠤᠯᠬᠤ ᠨᠢ ᠠᠶᠠᠨᠳᠠᠭᠠᠨ ᠤ᠋ ᠬᠡᠷᠡᠭ ᠶᠦ᠍ᠮ᠃ ᠬᠥᠷ ᠬᠠᠨ ᠴᠣᠬᠣᠮ ᠶᠠᠮᠠᠷ ᠱᠠᠰᠢᠨ ᠢ᠋ ᠰᠢᠲᠦᠳᠡᠭ ᠪᠠᠢᠭᠰᠠᠨ ᠪᠣᠢ? ᠢᠪᠣᠨ᠂ ᠠᠯ᠂ ᠠᠲ᠋ᠢ᠍ᠯ ᠤ᠋ᠨ ᠲᠡᠮᠳᠡᠭᠯᠡᠭᠰᠡᠨ ᠰᠢᠭ ᠠᠩᠬᠠᠳᠠᠭᠴᠢ ᠬᠥᠷ ᠬᠠᠨ ᠨᠢ ᠨᠡᠭᠡᠷᠡᠨ ᠮᠠᠨᠢ ᠶ᠋ᠢᠨ ᠱᠠᠰᠢᠨ ᠢ᠋ ᠰᠢᠲᠦᠳᠡᠭ ᠪᠠᠢᠭᠰᠠᠨ ᠶᠤᠮ ᠤᠤ᠂ ᠡᠰᠡᠬᠦᠯ᠎ᠡ ᠣᠪᠤᠯᠲ᠋ᠽᠠᠺ ᠤ᠋ᠨ ᠮᠡᠳᠡᠭᠡᠯᠡᠭᠰᠡᠨ ᠰᠢᠭ ᠾᠷᠢᠰᠲ᠋ᠣᠰ ᠤ᠋ᠨ ᠱᠠᠰᠢᠨᠲᠠᠨ ᠪᠠᠢᠭᠰᠠᠨ ᠶᠠᠮᠤ ᠤᠤ᠂ ᠲᠡᠳᠡ ᠨᠠᠷ ᠤ᠋ᠨ ᠨᠢᠭᠲᠠᠯᠠᠨ ᠲᠣᠳᠣᠯᠠᠭᠰᠠᠨ ᠢ᠋ᠶ᠋ᠠᠷ ᠠᠩᠬᠠᠳᠠᠭᠴᠢ ᠬᠥᠷ ᠬᠠᠨ ᠪᠣᠯ ᠧᠦ᠋ᠷᠣᠫᠠ ᠶ᠋ᠢᠨ ᠳᠤᠮᠳᠠᠳᠤ ᠡᠷᠲᠡᠨ ᠦ᠌ ᠤᠯᠠᠮᠵᠢᠯᠠᠯ ᠶᠠᠷᠢᠶᠠᠨ ᠳ᠋ᠤ᠌ ᠭᠠᠷᠳᠠᠭ《ᠱᠠᠰᠢᠨ ᠢ᠋ ᠬᠠᠮᠠᠭᠠᠯᠠᠭᠴᠢ ᠶᠤᠬᠠᠨ》 ᠮᠥᠨ— ᠢᠩᠭᠢᠵᠦ ᠬᠡᠯᠡᠬᠦ ᠳ᠋ᠦ᠍ ᠲᠣᠩ ᠪᠡᠷᠬᠡ ᠶᠦᠮ᠃ᠬᠣᠢᠨᠠᠬᠢ ᠡᠨᠡ ᠲᠥᠰᠦᠭᠡᠯᠡᠯ ᠨᠢ ᠨᠠᠢᠳᠠᠪᠤᠷᠢᠲᠠᠢ ᠭᠡᠷᠡᠴᠢ ᠪᠠᠷᠢᠮᠲᠠ ᠪᠠᠷ ᠳᠤᠲᠠᠮᠠᠭ᠃ 15 ᠳ᠋ᠤᠭᠠᠷ ᠵᠠᠭᠤᠨ ᠤ᠋ ᠲᠡᠦᠬᠡ ᠨᠠᠢᠷᠠᠭᠤᠯᠤᠭᠴᠢᠳ ᠤ᠋ᠨ ᠬᠡᠯᠡᠭᠰᠡᠨᠴᠢᠯᠡᠨ ᠬᠠᠮᠤᠭ ᠤ᠋ᠨ ᠡᠴᠦᠰ ᠦ᠋ᠨ ᠬᠥᠷ ᠬᠠᠨ ᠤ᠋ ᠥᠬᠢᠨ ᠨᠢ ᠾᠷᠢᠰᠲ᠋ᠣᠰ ᠤ᠋ᠨ ᠱᠠᠰᠢᠨᠲᠠᠨ ᠪᠠᠢᠵᠠᠢ ᠭᠡᠳᠡᠭ ᠢ᠋ ᠴᠦ᠍ ᠨᠡᠯᠢᠶᠡᠳ ᠡᠷᠲᠡ ᠦᠶ᠎ᠡ ᠶ᠋ᠢᠨ ᠮᠠᠲ᠋ᠧᠷᠢᠶᠠᠯ ᠢ᠋ᠶ᠋ᠠᠷ ᠨᠤᠲᠠᠯᠠᠬᠤ ᠳ᠋ᠤ᠌ ᠪᠡᠷᠬᠡ᠂ ᠲᠤᠬᠠᠢ ᠶ᠋ᠢᠨ ᠦᠶ᠎ᠡ ᠳ᠋ᠦ᠍ ᠢᠰᠯᠠᠮ ᠤ᠋ᠨ ᠱᠠᠰᠢᠨ ᠬᠣᠣᠷᠯᠠᠯ ᠠᠮᠰᠠᠵᠤ ᠪᠠᠢᠭᠰᠠᠨ ᠦᠭᠡᠢ᠃ ᠲᠡᠷᠡᠴᠢᠯᠡᠨ ᠢᠰᠯᠠᠮ ᠤ᠋ᠨ ᠱᠠᠰᠢᠨ ᠤ᠋ ᠵᠣᠬᠢᠶᠠᠯᠴᠢᠳ ᠨᠢᠭᠡᠳᠦᠭᠡᠷ᠂ ᠬᠣᠶᠠᠳᠤᠭᠠᠷ ᠦᠶ᠎ᠡ ᠶ᠋ᠢᠨ ᠬᠥᠷ ᠬᠠᠨ ᠢ᠋ ᠲᠥᠪ ᠭᠣᠣᠯᠴᠢ ᠪᠥᠭᠡᠳ ᠢᠰᠯᠠᠮ ᠤ᠋ᠨ ᠱᠠᠰᠢᠨ ᠢ᠋ ᠬᠦᠨᠳᠦᠳᠬᠡᠳᠡᠭ ᠪᠠᠢᠯ᠎ᠠ ᠭᠡᠵᠦ ᠮᠠᠭᠲᠠᠨ ᠳᠠᠭᠤᠯᠠᠪᠠ᠃ ᠢᠰᠯᠠᠮ ᠤ᠋ᠨ ᠱᠠᠰᠢᠨ ᠰᠢᠬᠠᠭᠳᠠᠭᠠᠳ᠂ ᠭᠠᠭᠴᠠᠭᠠᠷ ᠣᠷᠣᠰᠢᠬᠤ ᠪᠠᠢᠷᠢ ᠰᠠᠭᠤᠷᠢ ᠪᠠᠨ ᠠᠯᠳᠠᠭᠠᠳ᠂ ᠪᠤᠰᠤᠳ ᠰᠢᠲᠦᠯᠭᠡ ᠲᠡᠢ ᠵᠡᠷᠭᠡᠴᠡᠨ ᠣᠷᠣᠰᠢᠬᠤ ᠪᠣᠯᠤᠭᠰᠠᠨ ᠲᠡᠳᠦᠢ᠃ ᠲᠡᠳᠡ ᠨᠠᠷ ᠤ᠋ᠨ ᠦᠵᠡᠬᠦ ᠪᠡᠷ᠂ ᠡᠢᠮᠦᠷᠬᠦᠦ ᠰᠢᠨ᠎ᠡ ᠡᠷᠬᠡ ᠴᠢᠯᠥᠭᠡ ᠡᠴᠡ ᠪᠣᠯᠵᠤ ᠢᠰᠯᠠᠮ ᠤ᠋ᠨ ᠱᠠᠰᠢᠨ ᠢ᠋ ᠰᠢᠲᠦᠬᠦ ᠬᠥᠮᠦᠨ ᠦ᠌ ᠲᠣᠭ᠎ᠠ ᠭᠡᠳᠡᠷᠭᠦ ᠪᠡᠨ ᠨᠡᠮᠡᠭᠳᠡᠭᠰᠡᠨ ᠪᠠᠢᠨ᠎ᠠ᠃ ᠺᠠᠲ᠋ᠣᠯᠢᠭ ᠱᠠᠰᠢᠨ ᠤ᠋ ᠲᠦᠷᠦᠭᠦᠦ ᠠᠯᠢᠶᠠᠰ ᠭᠤᠷᠪᠠᠳᠤᠭᠠᠷ(1176—1190) ᠺᠠᠱᠭᠠᠷ ᠲᠤ᠌ ᠨᠢᠭᠡ ᠱᠠᠰᠢᠨ ᠤ᠋ ᠲᠥᠪ ᠪᠠᠢᠭᠤᠯᠪᠠ᠂ ᠭᠠᠵᠠᠷ ᠣᠷᠣᠨ ᠤ᠋ ᠵᠠᠰᠠᠭ ᠤ᠋ᠨ ᠭᠠᠵᠠᠷ ᠨᠢ《ᠺᠠᠱᠭᠠᠷ ᠬᠢᠭᠡᠳ᠂ ᠨᠠᠸᠠᠺᠠ ᠶ᠋ᠢᠨ ᠨᠡᠢᠰᠯᠡᠯ ᠬᠣᠲᠠ》 ᠭᠡᠰᠡᠨ ᠨᠡᠷᠡᠢᠳᠦᠯ ᠢ᠋ ᠠᠪᠴᠠᠢ᠃ ᠡᠨᠡ ᠶᠠᠪᠤᠳᠠᠯ ᠨᠢ ᠺᠠᠱᠭᠠᠷ ᠨᠢᠭᠡ ᠦᠶ᠎ᠡ ᠳᠣᠯᠣᠭᠠᠨ ᠤᠰᠤᠨ ᠤ᠋ ᠡᠮᠦᠨ᠎ᠡ ᠬᠡᠰᠡᠭ ᠢ᠋ ᠵᠠᠬᠢᠷᠴᠤ ᠪᠠᠢᠭᠰᠠᠨ ᠢ᠋ ᠬᠠᠷᠠᠭᠤᠯᠵᠤ ᠪᠠᠢᠨ᠎ᠠ᠃ ᠣᠳᠣ ᠲᠣᠭᠮᠣᠺ ᠪᠣᠯᠤᠨ ᠫᠢᠱᠪᠣᠺ ᠤ᠋ᠨ ᠪᠤᠯᠠᠰᠢ ᠨᠤᠭᠤᠳ ᠤ᠋ᠨ ᠳᠣᠲᠣᠷ᠎ᠠ᠂ ᠬᠠᠷ᠎ᠠ ᠬᠢᠳᠠᠨ ᠨᠣᠶᠠᠷᠬᠠᠵᠤ ᠪᠠᠢᠭᠰᠠᠨ ᠦᠶ᠎ᠡ ᠶ᠋ᠢᠨ ᠺᠠᠲ᠋ᠣᠯᠢᠭ ᠱᠠᠰᠢᠨᠲᠠᠨ ᠤ᠋ ᠪᠤᠯᠠᠰᠢ ᠴᠦ᠍ ᠪᠠᠢᠨ᠎ᠠ᠃ ᠾᠷᠢᠰᠲ᠋ᠣᠰ ᠤ᠋ᠨ ᠱᠠᠰᠢᠨ ᠤ᠋ ᠲᠠᠰᠤᠷᠠᠯᠲᠠ ᠦᠭᠡᠢ ᠢᠯᠠᠯᠲᠠ ᠣᠯᠤᠭᠰᠠᠨ ᠶᠠᠪᠤᠳᠠᠯ ᠨᠢ ᠢᠰᠯᠠᠮ ᠤ᠋ᠨ ᠱᠠᠰᠢᠨᠲᠠᠳ ᠤ᠋ᠨ ᠳᠤᠷ᠎ᠠ ᠦᠭᠡᠢᠴᠡᠯ ᠢ᠋ ᠬᠦᠷᠭᠡᠭᠰᠡᠨ ᠪᠣᠯᠤᠮᠵᠢ ᠶᠡᠬᠡ ᠪᠠᠢᠭ᠎ᠠ᠃ ᠡᠭᠦᠨ ᠦ᠌ ᠳᠡᠭᠡᠷ᠎ᠡ ᠤᠯᠤᠰ ᠤ᠋ᠨ ᠳᠣᠲᠣᠭᠠᠳᠤ ᠳ᠋ᠠᠬᠢ ᠤᠯᠤᠰ ᠲᠥᠷᠥ ᠶ᠋ᠢᠨ ᠨᠣᠶᠠᠷᠬᠠᠯ ᠠ᠋ᠴᠠ ᠪᠣᠯᠵᠤ᠂ ᠳᠤᠮᠳᠠᠳᠤ ᠠᠽᠢᠶ᠎ᠠ ᠶ᠋ᠢᠨ ᠲᠡᠦᠬᠡᠨ ᠳᠡᠭᠡᠷᠡᠬᠢ ᠢᠰᠯᠠᠮ ᠤ᠋ᠨ ᠱᠠᠰᠢᠨᠲᠠᠳ ᠤ᠋ᠨ ᠨᠢᠭᠡ ᠤᠳᠠᠭᠠᠨ ᠤ᠋ ᠬᠠᠮᠤᠭ ᠤ᠋ᠨ ᠬᠦᠨᠳᠦ ᠰᠦᠷᠡᠬᠡᠢ ᠪᠣᠰᠤᠯᠭ᠎ᠠ ᠭᠠᠷᠤᠭᠰᠠᠨ ᠪᠠᠢᠨ᠎ᠠ᠃  
       ᠰᠠᠮᠠᠭᠤᠷᠠᠯ ᠡᠭᠦᠰᠦᠮᠡᠭᠴᠡ ᠬᠥᠷ ᠬᠠᠨ ᠲᠡᠭᠦᠨ ᠦ᠌ ᠬᠦᠷᠢᠶ᠎ᠡ ᠬᠡᠪᠴᠢᠶ᠎ᠡ ᠪᠣᠯᠤᠨ ᠠᠶᠤᠯᠲᠤ ᠴᠢᠨᠠᠷ ᠢ᠋ ᠣᠯᠵᠤ ᠬᠠᠷᠠᠵᠠᠢ᠃ ᠡᠨᠡ ᠤᠳᠠᠭᠠᠨ ᠤ᠋ ᠤᠷᠪᠠᠯᠭ᠎ᠠ ᠶ᠋ᠢ ᠺᠦᠰᠲ᠋ᠠᠨᠠ ᠶ᠋ᠢᠨ ᠨᠣᠶᠠᠷᠬᠠᠭᠴᠢ ᠳᠠᠭᠠᠭᠤᠯᠤᠨ ᠡᠭᠦᠰᠬᠡᠪᠡ᠃ ᠬᠥᠷ ᠬᠠᠨ ᠲᠡᠷᠡ ᠳᠣᠣᠷ᠎ᠠ ᠪᠠᠨ ᠬᠦᠷᠰᠢ ᠵᠡᠷᠭᠡᠯᠡᠳᠡᠭᠡ ᠢᠰᠯᠠᠮ ᠳᠠᠭᠠᠭᠤᠯᠢ ᠤᠯᠤᠰ ᠤ᠋ᠨ ᠸᠠᠩ ᠠᠷᠰᠯᠠᠨ ᠬᠠᠨ ᠺᠠᠯᠣᠺ ᠢ᠋ ᠰᠡᠵᠢᠭᠯᠡᠵᠦ᠂ ᠲᠡᠭᠦᠨ ᠢ᠋ ᠲᠤᠰᠠᠯᠠᠬᠤ ᠴᠡᠷᠢᠭ ᠢᠷᠡᠭᠦᠯᠵᠦ᠂ ᠳᠠᠢᠰᠤᠨ ᠢ᠋ ᠳᠠᠷᠤᠩᠭᠤᠢᠯᠠᠬᠤ ᠳ᠋ᠤ᠌ ᠣᠷᠣᠯᠴᠠᠭᠲᠤᠨ ᠭᠡᠪᠡ᠃ ᠡᠨᠡ ᠨᠢ ᠲᠡᠭᠦᠨ ᠢ᠋ ᠠᠯᠪᠠᠳᠠᠵᠤ ᠪᠠᠢᠭᠠᠳ ᠡᠰᠡᠬᠦᠯ᠎ᠡ ᠢᠯᠡ ᠪᠡᠷ ᠤᠷᠪᠠᠯᠭ᠎ᠠ ᠳ᠋ᠤ᠌ ᠣᠷᠣᠯᠴᠠ᠂ ᠡᠰᠡᠬᠦᠯ᠎ᠡ ᠢᠰᠯᠠᠮ ᠤ᠋ᠨ ᠱᠠᠰᠢᠨᠲᠠᠳ ᠢ᠋ ᠳᠠᠷᠤᠩᠭᠤᠢᠯᠠ ᠭᠡᠰᠡᠨ ᠰᠠᠨᠠᠭ᠎ᠠ ᠶᠤᠮ᠃ ᠠᠷᠰᠯᠠᠨ ᠬᠠᠨ ᠬᠡᠷᠪᠡ ᠬᠣᠶᠠᠳᠤᠭᠠᠷ ᠢ᠋ ᠨᠢ ᠰᠣᠩᠭᠣᠬᠤ ᠳ᠋ᠤ᠌ ᠬᠦᠷᠪᠡᠯ ᠬᠥᠷ ᠬᠠᠨ ᠰᠢᠯᠲᠠᠭ ᠡᠷᠢᠵᠦ ᠪᠠᠢᠭᠠᠳ ᠡᠨᠡ ᠬᠦ᠌ ᠠᠶᠤᠯᠲᠤ ᠳᠠᠭᠠᠭᠤᠯᠢ ᠤᠯᠤᠰ ᠤ᠋ᠨ ᠢ᠋ᠶ᠋ᠠᠨ ᠸᠠᠩ ᠢ᠋ ᠬᠣᠷᠣᠭᠠᠵᠤ ᠬᠠᠶᠠᠨ᠎ᠠ᠃ ᠠᠷᠰᠯᠠᠨ ᠬᠠᠨ ᠨᠡᠭᠡᠷᠡᠨ ᠬᠣᠶᠠᠳᠠᠬᠢ ᠵᠠᠮ ᠢ᠋ ᠰᠣᠩᠭᠣᠵᠤ᠂ ᠳᠡᠭᠡᠷ᠎ᠡ ᠱᠠᠲᠤᠨ ᠤ᠋ ᠪᠠᠨ ᠵᠠᠷᠯᠢᠭ ᠢ᠋ ᠭᠦᠢᠴᠡᠳᠬᠡᠪᠡ᠃ ᠬᠠᠷ᠎ᠠ ᠬᠢᠳᠠᠨ ᠤᠯᠤᠰ ᠤ᠋ᠨ ᠢᠵᠠᠭᠤᠷᠲᠠᠳ ᠤ᠋ᠨ ᠳᠣᠲᠣᠷ᠎ᠠ᠂ ᠲᠡᠭᠦᠨ ᠳ᠋ᠦ᠍ ᠨᠢᠭᠡᠨ ᠨᠠᠢᠵᠠ ᠪᠠᠢᠵᠠᠢ᠃ ᠨᠡᠷ᠎ᠡ ᠨᠢ ᠰᠠᠮᠣᠯ᠂ ᠳ᠋ᠠᠶᠠᠩᠬᠦ᠃ ᠡᠨᠡ ᠨᠠᠢᠵᠠ ᠨᠢ ᠠᠷᠰᠯᠠᠨ ᠬᠠᠨ ᠳ᠋ᠤ᠌ ᠬᠥᠷ ᠬᠠᠨ ᠤ᠋ ᠭᠣᠷᠢᠳᠠᠯᠭ᠎ᠠ ᠶ᠋ᠢ ᠬᠡᠯᠡᠵᠦ ᠥᠭᠭᠦᠭᠡᠳ᠂ ᠬᠡᠷᠡᠭ ᠪᠦᠲᠦᠭᠰᠡᠭᠡᠷ ᠬᠥᠷ ᠬᠠᠨ ᠲᠠᠨ ᠤ᠋ ᠦᠨᠳᠦᠰᠦ ᠤᠭᠰᠠᠭ᠎ᠠ ᠶ᠋ᠢ ᠬᠦᠢᠰᠦ ᠲᠡᠮᠲᠡᠷᠢᠨ᠎ᠡ᠂ ᠡᠢᠮᠦ ᠡᠴᠡ ᠲᠠ ᠦᠷ᠎ᠡ ᠬᠣᠢᠴᠢᠰ ᠤ᠋ᠨ ᠢ᠋ᠶ᠋ᠠᠨ ᠬᠤᠪᠢ ᠵᠠᠶᠠᠭ᠎ᠠ ᠶ᠋ᠢ ᠨᠠᠨᠳᠢᠩᠨᠠᠳᠠᠭ ᠶᠤᠮ ᠪᠣᠯ ᠬᠥᠷ ᠬᠠᠨ ᠠ᠋ᠴᠠ ᠡᠮᠦᠨ᠎ᠡ ᠬᠥᠳᠡᠯᠵᠦ᠂ ᠳᠠᠢᠰᠤᠨ ᠢ᠋ ᠳᠠᠷᠤᠭᠠᠳ ᠥᠪᠡᠷ ᠢ᠋ᠶ᠋ᠡᠨ ᠬᠣᠣᠷ ᠤᠤᠭᠤᠵᠤ ᠠᠮᠢ ᠪᠠᠨ ᠬᠣᠷᠣᠭᠠᠭᠲᠤᠨ᠂ ᠢᠩᠭᠢᠪᠡᠯ ᠬᠦᠦ ᠴᠢᠨᠢ ᠬᠠᠨ ᠰᠠᠭᠤᠷᠢᠨ ᠢ᠋ ᠵᠠᠯᠭᠠᠮᠵᠢᠯᠠᠵᠤ ᠴᠢᠳᠠᠨ᠎ᠠ ᠭᠡᠵᠦ ᠰᠡᠷᠡᠮᠵᠢᠯᠡᠭᠦᠯᠪᠡ᠃ ᠠᠷᠰᠯᠠᠨ ᠬᠠᠨ ᠳ᠋ᠤ᠌ ᠥᠭᠡᠷ᠎ᠡ ᠶᠠᠪᠤᠬᠤ ᠵᠠᠮ ᠦᠭᠡᠢ ᠲᠤᠯᠠ᠂ ᠨᠠᠢᠵᠠ ᠶ᠋ᠢᠨ ᠢ᠋ᠶ᠋ᠡᠨ ᠢᠳᠬᠠᠯ ᠢ᠋ ᠬᠦᠯᠢᠶᠡᠨ ᠠᠪᠴᠠᠢ᠃ ᠰᠠᠮᠣᠯ᠂ ᠳ᠋ᠠᠶᠠᠩᠬᠦ ᠴᠦ᠍ ᠨᠡᠭᠡᠷᠡᠨ ᠠᠷᠰᠯᠠᠨ ᠬᠠᠨ ᠤ᠋ ᠬᠥᠪᠡᠭᠦᠨ ᠢ᠋ ᠪᠦᠲᠦᠮᠵᠢᠲᠡᠢ ᠪᠡᠷ ᠬᠠᠨ ᠰᠠᠭᠤᠷᠢᠨ ᠢ᠋ ᠨᠢ ᠵᠠᠯᠭᠠᠮᠵᠢᠯᠠᠭᠤᠯᠵᠤ᠂ ᠬᠥᠷ ᠬᠠᠨ ᠤ᠋ ᠨᠢᠭᠡ ᠲᠥᠯᠥᠭᠡᠯᠡᠭᠴᠢ ᠪᠡᠷ ᠪᠠᠷ᠎ᠠ ᠪᠣᠯᠭᠠᠵᠤ᠂ ᠺᠠᠶᠠᠯᠢᠭ ᠲᠤ᠌ ᠬᠠᠷᠢᠭᠤᠯᠤᠭᠰᠠᠨ ᠪᠠᠢᠨ᠎ᠠ᠃  
       ᠡᠴᠦᠰ ᠲᠦ᠍᠂ ᠬᠠᠷ᠎ᠠ ᠬᠢᠳᠠᠨ ᠤ᠋ ᠵᠠᠰᠠᠭ ᠤ᠋ᠨ ᠭᠠᠵᠠᠷ ᠢᠰᠯᠠᠮ ᠤ᠋ᠨ ᠱᠠᠰᠢᠨᠲᠠᠨ ᠤ᠋ ᠳᠠᠭᠠᠭᠤᠯᠢ ᠤᠯᠤᠰ ᠤ᠋ᠨ ᠢ᠋ᠶ᠋ᠠᠨ ᠤᠷᠪᠠᠯᠭ᠎ᠠ ᠶ᠋ᠢ ᠳᠠᠷᠤᠩᠭᠤᠢᠯᠠᠬᠤ ᠲᠠᠯ᠎ᠠ ᠪᠠᠷ ᠪᠦᠷᠢᠨ ᠠᠮᠵᠢᠯᠲᠠ ᠣᠯᠪᠠ᠃ ᠬᠣᠵᠢᠮ ᠨᠢ ᠪᠠᠢᠳᠠᠯ ᠨᠢ ᠬᠤᠪᠢᠷᠠᠯᠲᠠ ᠭᠠᠷᠴᠠᠢ᠂ ᠶᠠᠭᠤ ᠭᠡᠪᠡᠯ ᠲᠡᠳᠡᠨ ᠦ᠌ ᠵᠡᠭᠦᠨ ᠬᠡᠰᠡᠭ ᠦ᠋ᠨ ᠬᠢᠯᠢ ᠨᠢ ᠮᠣᠩᠭᠣᠯ ᠤ᠋ᠨ ᠨᠤᠲᠤᠭ ᠳᠡᠪᠢᠰᠬᠡᠷ ᠡᠴᠡ ᠴᠢᠩᠭᠢᠰ ᠬᠠᠭᠠᠨ ᠳ᠋ᠤ᠌ ᠬᠥᠭᠡᠭᠡᠭᠳᠡᠨ ᠭᠠᠷᠴᠤ ᠢᠷᠡᠭᠰᠡᠨ ᠨᠡᠭᠦᠳᠡᠯᠴᠢᠨ ᠠᠢᠮᠠᠭ ᠲᠤ᠌ ᠡᠵᠡᠯᠡᠭᠳᠡᠵᠡᠢ᠃ ᠡᠨᠡ ᠠᠢᠮᠠᠭ ᠢ᠋ ᠮᠣᠩᠭᠣᠯ ᠤ᠋ᠨ ᠣᠯᠠᠨ ᠠᠢᠮᠠᠭ ᠤ᠋ᠳ ᠤ᠋ᠨ ᠳᠣᠲᠣᠷᠠᠬᠢ ᠬᠠᠮᠤᠭ ᠤ᠋ᠨ ᠬᠦᠴᠦᠷᠬᠡᠭ ᠠᠢᠮᠠᠭ— ᠨᠠᠢ᠍ᠮᠠᠨ ᠠᠢᠮᠠᠭ ᠤ᠋ᠨ ᠬᠠᠮᠤᠭ ᠤ᠋ᠨ ᠡᠴᠦᠰ ᠦ᠋ᠨ ᠬᠠᠭᠠᠨ ᠤ᠋ ᠬᠥᠪᠡᠭᠦᠨ ᠬᠦᠴᠦᠯᠢᠭ ᠳᠠᠭᠠᠭᠤᠯᠤᠭᠰᠠᠨ ᠪᠠᠢᠪᠠ᠃ ᠨᠢᠭᠡ ᠮᠠᠲ᠋ᠧᠷᠢᠶᠠᠯ ᠢ᠋ ᠦᠨᠳᠦᠰᠦᠯᠡᠪᠡᠯ᠂ ᠬᠦᠴᠦᠯᠢᠭ ᠳᠣᠯᠣᠭᠠᠨ ᠤᠰᠤᠨ ᠤ᠋ ᠨᠤᠲᠤᠭ ᠲᠤ᠌ ᠣᠷᠣᠮᠠᠭᠴᠠ(1209 ᠣᠨ ᠣᠷᠴᠢᠮ) ᠬᠥᠷ ᠬᠠᠨ ᠳ᠋ᠤ᠌ ᠣᠷᠣᠵᠤ ᠥᠭᠪᠡ᠃ ᠥᠭᠡᠷ᠎ᠡ ᠨᠢᠭᠡ ᠮᠠᠲ᠋ᠧᠷᠢᠶᠠᠯ ᠢ᠋ ᠦᠨᠳᠦᠰᠦᠯᠡᠪᠡᠯ᠂ ᠲᠡᠷᠡ ᠬᠠᠷ᠎ᠠ ᠬᠢᠳᠠᠨ ᠤ᠋ ᠴᠡᠷᠢᠭ ᠲᠦ᠍ ᠣᠯᠵᠠᠯᠠᠭᠳᠠᠭᠰᠠᠨ ᠪᠣᠯᠪᠠᠴᠤ ᠬᠥᠷ ᠬᠠᠨ ᠤ᠋ ᠥᠷᠥᠰᠢᠶᠡᠯ ᠢ᠋ ᠬᠦᠷᠲᠡᠭᠰᠡᠨ ᠪᠠᠢᠪᠠ᠂ ᠬᠥᠷ ᠬᠠᠨ ᠲᠡᠭᠦᠨ ᠦ᠌ ᠠᠢᠮᠠᠭ ᠤᠭᠰᠠᠭ᠎ᠠ ᠶ᠋ᠢᠨ ᠢ᠋ᠶ᠋ᠡᠨ ᠦᠯᠡᠳᠡᠭᠰᠡᠨ ᠬᠡᠰᠡᠭ ᠢ᠋ ᠬᠣᠷᠢᠶᠠᠨ ᠴᠤᠭᠯᠠᠭᠤᠯᠬᠤ ᠶ᠋ᠢ ᠵᠥᠪᠰᠢᠶᠡᠷᠡᠵᠡᠢ᠂ ᠭᠡᠲᠡᠯ᠎ᠡ ᠬᠦᠴᠦᠯᠢᠭ ᠲᠣᠬᠢᠶᠠᠯ ᠢ᠋ ᠦᠵᠡᠵᠦ ᠠᠴᠢᠲᠤ ᠬᠥᠮᠦᠨ ᠡᠴᠡ ᠪᠡᠨ ᠤᠷᠪᠠᠨ ᠲᠡᠷᠰᠯᠡᠭᠰᠡᠨ ᠪᠠᠢᠨ᠎ᠠ᠃ ᠵᠦᠸᠡᠢᠨᠢ ᠶ᠋ᠢᠨ ᠲᠡᠮᠳᠡᠭᠯᠡᠭᠰᠡᠨ ᠢ᠋ᠶ᠋ᠡᠷ᠂ ᠬᠦᠴᠦᠯᠢᠭ ᠢᠰᠯᠠᠮ ᠤ᠋ᠨ ᠱᠠᠰᠢᠨᠲᠠᠨ ᠤ᠋ ᠤᠷᠪᠠᠯᠭ᠎ᠠ ᠭᠠᠷᠭᠠᠭᠴᠢᠳ ᠤ᠋ᠨ ᠳᠣᠲᠣᠷᠠᠬᠢ ᠬᠠᠮᠤᠭ ᠤ᠋ᠨ ᠬᠦᠴᠦᠷᠬᠡᠭ ᠬᠣᠷᠧᠽᠮ ᠸᠠᠩ ᠮᠦᠬᠠᠮᠠᠳ᠋ ᠲᠠᠢ ᠭᠡᠷ᠎ᠡ ᠲᠣᠭᠲᠠᠵᠤ᠂ ᠬᠡᠨ ᠤᠷᠢᠳ ᠢ᠋ᠶ᠋ᠠᠷ ᠬᠥᠷ ᠬᠠᠨ ᠢ᠋ ᠴᠣᠬᠢᠵᠤ ᠢᠯᠠᠪᠠᠯ ᠲᠡᠷᠡ ᠬᠥᠮᠦᠨ ᠬᠦᠯᠳ᠋ᠵᠡ(ᠣᠳᠣ ᠶ᠋ᠢᠨ ᠢᠯᠢ ᠣᠷᠣᠨ) ᠪᠣᠯᠤᠨ ᠳᠣᠯᠣᠭᠠᠨ ᠤᠰᠤᠨ ᠤ᠋ ᠰᠠᠪᠠ ᠭᠠᠵᠠᠷ ᠤ᠋ᠨ ᠡᠵᠡᠨ ᠰᠠᠭᠤᠨ᠎ᠠ ᠭᠡᠪᠡ᠃ ᠡᠨᠡ ᠬᠦ᠌ ᠲᠡᠮᠳᠡᠭᠯᠡᠯ ᠢ᠋ ᠪᠢᠳᠡ ᠢᠲᠡᠭᠡᠬᠦ ᠳ᠋ᠦ᠍ ᠪᠡᠷᠬᠡ ᠪᠠᠢᠨ᠎ᠠ᠃ ᠨᠠᠰᠠᠸᠢ ᠭᠡᠳᠡᠭ ᠲᠡᠦᠬᠡᠴᠢ ᠬᠣᠷᠧᠽᠮ ᠦ᠋ᠨ ᠣᠷᠳᠣᠨ ᠤ᠋ ᠤᠴᠢᠷ ᠤ᠋ᠳ ᠢ᠋ ᠶᠡᠬᠡ ᠰᠠᠢᠨ ᠮᠡᠳᠡᠳᠡᠭ ᠪᠠᠢᠪᠠ᠃ ᠲᠡᠢᠮᠦ ᠮᠥᠷᠲᠡᠭᠡᠨ ᠮᠦᠬᠠᠮᠠᠳ᠋ ᠤ᠋ᠨ ᠬᠦᠴᠦᠯᠢᠭ ᠦ᠋ᠨ ᠵᠦᠭ ᠢᠯᠡᠭᠡᠭᠰᠡᠨ ᠨᠢᠭᠡ ᠡᠯᠴᠢ ᠲᠡᠢ ᠬᠤᠪᠢ ᠶ᠋ᠢᠨ ᠬᠠᠷᠢᠴᠠᠭ᠎ᠠ ᠲᠠᠢ ᠪᠠᠢᠵᠠᠢ᠃ ᠲᠡᠷᠡ ᠬᠡᠯᠡᠬᠦ ᠳ᠋ᠡᠭᠡᠨ᠂ ᠬᠦᠴᠦᠯᠢᠭ ᠠᠷᠰᠯᠠᠨ ᠬᠠᠨ ᠤ᠋ ᠬᠥᠪᠡᠭᠦᠨ ᠮᠡᠩᠲᠦ ᠬᠠᠨ ᠺᠡᠷᠯᠤᠺ ᠲᠠᠢ ᠴᠡᠷᠢᠭ ᠬᠣᠯᠪᠣᠭᠠᠯᠠᠬᠤ ᠬᠡᠯᠡᠯᠴᠡᠭᠡᠷ ᠲᠣᠭᠲᠠᠭᠰᠠᠨ ᠲᠡᠳᠦᠢ ᠶᠦᠮ ᠭᠡᠵᠡᠢ᠃ ᠥᠭᠡᠷ᠎ᠡ ᠪᠡᠷ ᠬᠡᠯᠡᠪᠡᠯ ᠲᠡᠷᠡ ᠳᠣᠯᠣᠭᠠᠨ ᠤᠰᠤᠨ ᠤ᠋ ᠢᠰᠯᠠᠮ ᠤ᠋ᠨ ᠱᠠᠰᠢᠨᠲᠠᠨ ᠤ᠋ ᠤᠷᠪᠠᠯᠭ᠎ᠠ ᠭᠠᠷᠭᠠᠭᠴᠢᠳ ᠤ᠋ᠨ ᠳᠡᠮᠵᠢᠯᠭᠡ ᠶ᠋ᠢ ᠣᠯᠤᠭᠰᠠᠨ ᠪᠠᠢᠨ᠎ᠠ᠃ ᠬᠦᠴᠦᠯᠢᠭ ᠬᠥᠷ ᠬᠠᠨ ᠤ᠋ ᠦᠼᠢ᠍ᠭᠠᠨ ᠳ᠋ᠤ᠌ ᠬᠠᠳᠠᠭᠠᠯᠠᠵᠤ ᠪᠠᠢᠭᠰᠠᠨ ᠡᠳ᠋ ᠡᠷᠳᠡᠨᠢᠰ ᠢ᠋ ᠥᠪᠡᠷ ᠦ᠋ᠨ ᠢ᠋ᠶ᠋ᠡᠨ ᠪᠣᠯᠭᠠᠵᠤ ᠠᠪᠤᠪᠠ᠃ ᠡᠭᠦᠨ ᠦ᠌ ᠬᠠᠮᠲᠤ (1210 ᠣᠨ) ᠬᠣᠷᠧᠽᠮ ᠸᠠᠩ ᠪᠣᠯᠤᠨ ᠰᠠᠮᠠᠷᠺᠠᠨᠳ᠋ ᠤ᠋ᠨ ᠦᠲ᠋ᠮᠡᠨ ᠦ᠌ ᠴᠡᠷᠢᠭ ᠬᠣᠯᠪᠣᠭᠠᠯᠠᠵᠤ᠂ ᠬᠠᠷ᠎ᠠ ᠬᠢᠳᠠᠨ ᠤ᠋ ᠴᠡᠷᠢᠭ ᠯᠣ᠌ᠭᠡ ᠲᠠᠯᠠᠰ ᠭᠣᠣᠯ ᠣᠷᠴᠢᠮ ᠤ᠋ᠨ ᠢᠯᠠᠮᠢᠱ ᠤ᠋ᠨ ᠲᠡᠭᠰᠢ ᠲᠠᠯ᠎ᠠ ᠳ᠋ᠤ᠌ ᠲᠡᠢᠨ ᠬᠢᠪᠡ᠃ ᠠᠯᠢ ᠲᠠᠯ᠎ᠠ ᠨᠢ ᠳᠡᠢᠯᠦᠭᠰᠡᠨ ᠢ᠋ ᠮᠡᠳᠡᠬᠦ ᠦᠭᠡᠢ᠂ ᠬᠠᠷ᠎ᠠ ᠬᠢᠳᠠᠨ ᠤ᠋ ᠭᠣᠣᠯ ᠵᠠᠩᠵᠤᠨ ᠳ᠋ᠠᠶᠠᠩᠬᠦ᠂ ᠳᠠᠯᠠᠽᠢ ᠣᠯᠵᠠᠯᠠᠭᠳᠠᠭᠰᠠᠨ ᠤ᠋ ᠳᠠᠷᠠᠭ᠎ᠠ᠂ ᠪᠦᠬᠦ ᠴᠡᠷᠢᠭ ᠨᠢ ᠠᠷᠭ᠎ᠠ ᠪᠤᠰᠤ ᠬᠣᠢᠰᠢ ᠤᠬᠤᠷᠢᠭᠰᠠᠨ ᠢ᠋ ᠯᠡ ᠮᠡᠳᠡᠵᠦ ᠪᠠᠢᠨ᠎ᠠ᠃ ᠪᠠᠯᠠᠱᠬᠥ᠋ᠨ ᠣᠷᠴᠢᠮ ᠤ᠋ᠨ ᠰᠠᠭᠤᠭᠠᠯᠢ ᠠᠷᠠᠳ ᠢᠰᠯᠠᠮ ᠤ᠋ᠨ ᠱᠠᠰᠢᠨᠲᠠᠨ ᠤ᠋ ᠴᠡᠷᠢᠭ ᠬᠢᠷᠢ ᠵᠡᠷᠭᠡ ᠪᠦᠷᠢᠨ ᠢᠯᠠᠯᠲᠠ ᠶ᠋ᠢ ᠣᠯᠤᠭᠰᠠᠨ ᠲᠤᠬᠠᠢ ᠬᠡᠲᠦᠷᠬᠡᠢ ᠳᠠᠪᠠᠭᠤᠯᠤᠭᠰᠠᠨ ᠴᠤᠤ ᠶᠠᠷᠢᠶ᠎ᠠ ᠶ᠋ᠢ ᠰᠣᠨᠣᠰᠤᠭᠠᠳ ᠰᠡᠳᠬᠢᠯ ᠬᠥᠳᠡᠯᠵᠦ᠂ ᠬᠣᠷᠧᠽᠮ ᠸᠠᠩ ᠤᠳᠠᠯ ᠦᠭᠡᠢ ᠬᠦᠷᠴᠦ ᠢᠷᠡᠨ᠎ᠡ ᠭᠡᠵᠦ ᠪᠠᠲᠤ ᠢᠲᠡᠭᠡᠭᠡᠳ᠂ ᠬᠣᠲᠠ ᠶ᠋ᠢᠨ ᠬᠠᠭᠠᠯᠭ᠎ᠠ ᠪᠠᠨ ᠴᠢᠩᠭ᠎ᠠ ᠳᠠᠷᠤᠭᠠᠳ ᠬᠠᠷ᠎ᠠ ᠬᠢᠳᠠᠨ ᠤ᠋ ᠴᠡᠷᠢᠭ ᠢ᠋ ᠣᠷᠣᠭᠤᠯᠤᠭᠰᠠᠨ ᠦᠭᠡᠢ᠃ ᠬᠥᠷ ᠬᠠᠨ ᠳ᠋ᠤ᠌ ᠰᠢᠳᠤᠷᠭᠤ ᠦᠢᠯᠡᠴᠢᠯᠡᠳᠡᠭ ᠮᠠᠬᠠᠮᠣᠳ᠋᠂ ᠪᠠᠶᠢ ᠭᠡᠳᠡᠭ ᠪᠠᠶᠠᠨ ᠠᠷᠠᠯᠵᠢᠶᠠᠴᠢᠨ ᠬᠣᠲᠠ ᠶ᠋ᠢᠨ ᠳᠣᠲᠣᠷᠠᠬᠢ ᠬᠥᠮᠦᠰ ᠢ᠋ ᠪᠠᠭᠤᠵᠤ ᠦᠭᠭᠦᠵᠡᠭᠡᠶ᠎ᠠ ᠭᠡᠵᠦ ᠢᠳᠬᠠᠭᠰᠠᠨ ᠪᠣᠯᠪᠠᠴᠤ ᠲᠡᠭᠦᠨ ᠦ᠌ ᠦᠭᠡ ᠶ᠋ᠢ ᠠᠪᠤᠭᠰᠠᠨ ᠦᠭᠡᠢ᠃ 16 ᠡᠳᠦᠷ ᠬᠣᠲᠠ ᠶ᠋ᠢ ᠪᠦᠰᠡᠯᠡᠭᠡᠳ ᠡᠴᠦᠰ ᠲᠡᠭᠡᠨ ᠬᠣᠲᠠ ᠶ᠋ᠢ ᠡᠪᠳᠡᠵᠦ᠂ ᠬᠠᠷ᠎ᠠ ᠬᠢᠳᠠᠨ ᠤ᠋ ᠴᠡᠷᠢᠭ ᠭᠤᠷᠪᠠᠨ ᠡᠳᠦᠷ ᠶᠡᠬᠡ ᠪᠡᠷ ᠠᠯᠠᠯᠭ᠎ᠠ ᠬᠢᠵᠦ᠂ ᠳᠥᠷᠪᠡᠨ ᠲᠦᠮᠡ ᠳᠣᠯᠣᠭᠠᠨ ᠮᠢᠩᠭᠠᠨ ᠢᠰᠯᠠᠮ ᠤ᠋ᠨ ᠱᠠᠰᠢᠨᠲᠠᠨ ᠢ᠋ ᠠᠯᠠᠪᠠ᠃ ᠡᠨᠡ ᠮᠡᠲᠦ ᠪᠡᠷ᠂ ᠬᠣᠷᠧᠽᠮ ᠸᠠᠩ ᠳᠣᠯᠣᠭᠠᠨ ᠤᠰᠤᠨ ᠤ᠋ ᠢᠰᠯᠠᠮ ᠤ᠋ᠨ ᠱᠠᠰᠢᠨᠲᠠᠳ ᠤ᠋ᠨ ᠬᠦᠰᠡᠯ ᠢ᠋ ᠬᠥᠰᠡᠷᠳᠡᠭᠦᠯᠵᠦ ᠲᠷᠠᠨᠰᠤᠭᠰᠢᠨᠠ ᠬᠣᠲᠠ ᠪᠠᠨ ᠯᠠ ᠪᠠᠲᠤᠯᠠᠨ ᠬᠠᠮᠠᠭᠠᠯᠠᠪᠠ᠃ ᠬᠦᠴᠦᠯᠢᠭ ᠦ᠋ᠨ ᠴᠡᠷᠢᠭ ᠴᠦ᠍ ᠪᠠᠯᠠᠱᠬᠦ᠋ᠨ ᠣᠷᠴᠢᠮ ᠬᠠᠷ᠎ᠠ ᠬᠢᠳᠠᠨ ᠤ᠋ ᠴᠡᠷᠢᠭ ᠲᠦ᠍ ᠢᠯᠠᠭᠳᠠᠪᠠ᠃ ᠬᠥᠷ ᠬᠠᠨ ᠤ᠋ ᠡᠳ᠋ ᠡᠷᠳᠡᠨᠢᠰ ᠬᠠᠷ᠎ᠠ ᠬᠢᠳᠠᠨ ᠤ᠋ ᠴᠡᠷᠢᠭ ᠦ᠋ᠨ ᠭᠠᠷ ᠲᠤ᠌ ᠣᠷᠣᠵᠠᠢ᠂ ᠬᠥᠷ ᠬᠠᠨ ᠵᠠᠷᠯᠢᠭ ᠪᠠᠭᠤᠯᠭᠠᠨ ᠡᠳ᠋ ᠡᠷᠳᠡᠨᠢᠰ ᠢ᠋ ᠠᠪᠴᠢᠷᠠᠭᠤᠯᠬᠤ ᠭᠡᠰᠡᠨ ᠳ᠋ᠦ᠍ ᠴᠡᠷᠢᠭ ᠠᠩᠭᠢ ᠨᠢ ᠤᠷᠪᠠᠨ ᠲᠡᠷᠰᠯᠡᠭᠰᠡᠨ ᠪᠠᠢᠨ᠎ᠠ᠃ ᠬᠦᠴᠦᠯᠢᠭ ᠲᠣᠬᠢᠶᠠᠯ ᠢ᠋ ᠠᠰᠢᠭᠯᠠᠨ ᠤᠷᠪᠠᠭᠰᠠᠨ ᠴᠡᠷᠢᠭ ᠲᠡᠢ ᠬᠠᠮᠰᠠᠭᠰᠠᠨ ᠳ᠋ᠤ᠌ ᠬᠥᠷ ᠬᠠᠨ ᠭᠠᠴᠠᠭᠠᠷᠳᠠᠭᠠᠳ ᠠᠷᠭ᠎ᠠ ᠪᠤᠰᠤ ᠳᠠᠢᠰᠤᠨ ᠳ᠋ᠠᠭᠠᠨ ᠪᠠᠭᠤᠵᠤ ᠥᠭᠪᠡ᠃ ᠬᠦᠴᠦᠯᠢᠭ ᠨᠢᠭᠤᠷ ᠳᠡᠭᠡᠷ᠎ᠡ ᠪᠡᠨ ᠬᠥᠷ ᠬᠠᠨ ᠢ᠋ ᠡᠷᠭᠦᠨ ᠬᠦᠨᠳᠦᠯᠡᠵᠦ᠂ ᠬᠣᠶᠠᠷ ᠵᠢᠯ ᠦ᠋ᠨ ᠳᠠᠷᠠᠭ᠎ᠠ ᠨᠠᠰᠤ ᠨᠥᠭᠴᠢᠬᠦ ᠪᠣᠯᠲᠠᠯ᠎ᠠ ᠨᠢ ᠲᠡᠷᠡ ᠶᠠᠩᠵᠤ ᠪᠠᠷ ᠨᠢ ᠬᠠᠨ ᠰᠠᠭᠤᠷᠢᠨ ᠳ᠋ᠤᠨᠢ ᠪᠠᠢᠯᠭᠠᠪᠠ᠃ 
       ᠡᠨᠡ ᠪᠦᠬᠦᠢ ᠬᠡᠷᠡᠭ ᠶᠠᠪᠤᠳᠠᠯ ᠤ᠋ᠳ ᠶᠡᠬᠡ ᠲᠥᠯᠥᠪ 1212 ᠣᠨ ᠳ᠋ᠤ᠌ ᠭᠠᠷᠴᠠᠢ᠃ ᠡᠭᠦᠨ ᠡᠴᠡ ᠡᠮᠦᠨᠡᠬᠡᠨ ᠦ᠌1211 ᠣᠨ ᠳ᠋ᠤ᠌᠂ ᠴᠢᠩᠭᠢᠰ ᠬᠠᠭᠠᠨ ᠤ᠋ ᠵᠠᠩᠵᠤᠳ ᠤ᠋ᠨ ᠳᠣᠲᠣᠷᠠᠬᠢ ᠨᠣᠶᠠᠨ ᠬᠤᠪᠢᠯᠠᠢ ᠶ᠋ᠢᠨ ᠳᠠᠭᠠᠭᠤᠯᠤᠭᠰᠠᠨ ᠨᠢᠭᠡᠨ ᠰᠠᠯᠠᠭ᠎ᠠ ᠮᠣᠩᠭᠣᠯ ᠴᠡᠷᠢᠭ ᠳᠣᠯᠣᠭᠠᠨ ᠤᠰᠤᠨ ᠤ᠋ ᠤᠮᠠᠷ᠎ᠠ ᠬᠡᠰᠡᠭ ᠲᠦ᠍ ᠬᠠᠷᠠᠭᠳᠠᠭᠰᠠᠨ ᠪᠠᠢᠨ᠎ᠠ᠃ ᠠᠷᠰᠯᠠᠨ ᠬᠠᠨ ᠺᠠᠷᠯᠣᠺ (ᠳᠡᠭᠡᠷ᠎ᠡ ᠳᠤᠷᠠᠳᠴᠤ ᠥᠩᠭᠡᠷᠡᠭᠰᠡᠨ ᠠᠷᠰᠯᠠᠨ ᠬᠠᠨ ᠢ᠋ ᠬᠥᠪᠡᠭᠦᠨ ᠮᠠᠩᠳᠦ ᠬᠠᠨ ᠤ᠋ ᠳᠡᠭᠦᠦ ᠪᠠᠢᠵᠤ ᠮᠡᠳᠡᠨ᠎ᠡ) ᠺᠠᠶᠠᠯᠢᠭ ᠤ᠋ᠨ ᠬᠠᠷ᠎ᠠ ᠬᠢᠳᠠᠨ ᠤ᠋ ᠶᠡᠷᠦᠩᠬᠡᠢ ᠵᠠᠬᠢᠷᠤᠭᠴᠢ ᠶ᠋ᠢ ᠠᠯᠠᠭᠠᠳ ᠴᠢᠩᠭᠢᠰ ᠬᠠᠭᠠᠨ ᠤ᠋ ᠲᠦᠰᠢᠮᠡᠯ ᠪᠣᠯᠵᠤ ᠳᠠᠭᠠᠭᠰᠠᠨ ᠢ᠋ᠶ᠋ᠠᠨ ᠲᠤᠩᠬᠠᠭᠯᠠᠪᠠ᠃ ᠢᠰᠯᠠᠮ ᠤ᠋ᠨ ᠱᠠᠰᠢᠨᠲᠠᠳ ᠬᠡᠷᠡᠭ ᠡᠳᠦᠬᠦ ᠶᠠᠪᠤᠴᠠ ᠳ᠋ᠤ᠌᠂ ᠬᠦᠯᠳ᠋ᠵᠡ ᠣᠷᠣᠨ ᠳ᠋ᠤ᠌ ᠨᠢᠭᠡᠨ ᠰᠢᠨ᠎ᠡ ᠤᠯᠤᠰ ᠪᠠᠢᠭᠤᠯᠤᠭᠳᠠᠭᠰᠠᠨ ᠪᠠᠢᠨ᠎ᠠ᠃ ᠢᠰᠯᠠᠮ ᠤ᠋ᠨ ᠱᠠᠰᠢᠨᠲᠠᠳ ᠲᠤ᠌ ᠪᠦᠷᠵᠡᠯ ᠬᠡᠮᠡᠭᠴᠢ ᠪᠡᠷ ᠤᠭ ᠨᠢ ᠬᠤᠷᠰᠢᠶ᠎ᠠ ᠨᠠᠮ ᠪᠠᠢᠭᠤᠯᠵᠤ ᠬᠤᠯᠠᠭᠠᠢ ᠳᠡᠭᠡᠷᠡᠮ ᠬᠢᠳᠡᠭ ᠮᠥᠷᠡᠨ ᠦ᠌ ᠬᠤᠯᠠᠭᠠᠢᠴᠢ ᠪᠠᠢᠵᠠᠢ᠂ ᠣᠳᠣ ᠬᠦᠴᠦ ᠲᠡᠩᠬᠡᠭᠡ ᠨᠢ ᠨᠡᠮᠡᠭᠳᠡᠭᠡᠳ ᠡᠨᠡ ᠨᠤᠲᠤᠭ ᠤ᠋ᠨ ᠭᠣᠣᠯ ᠬᠣᠲᠠ ᠪᠣᠯᠬᠤ ᠠᠯᠢᠮᠠᠯ ᠢ᠋ ᠡᠵᠡᠯᠡᠨ ᠠᠪᠴᠤ᠂ ᠥᠪᠡᠷ ᠢ᠋ ᠪᠡᠨ ᠳᠣᠭᠯᠢᠯ ᠬᠠᠨ ᠬᠡᠮᠡᠪᠡ᠃ ᠲᠡᠷᠡ ᠴᠢᠩᠭᠢᠰ ᠬᠠᠭᠠᠨ ᠳ᠋ᠤ᠌ ᠡᠷᠬᠡᠰᠢᠶᠡᠭᠳᠡᠬᠦ ᠪᠡᠨ ᠮᠡᠳᠡᠷᠡᠪᠡ᠃ 
       ᠮᠣᠩᠭᠣᠯ ᠴᠡᠷᠢᠭ ᠦ᠋ᠨ ᠪᠠᠷᠠᠭᠤᠨ ᠱᠤᠭᠤᠮ ᠳ᠋ᠤ᠌ ᠢᠯᠠᠯᠲᠠ ᠣᠯᠬᠤ ᠶᠠᠪᠤᠳᠠᠯ ᠳᠤᠮᠳᠠᠳᠤ ᠤᠯᠤᠰ ᠢ᠋ ᠠᠷᠭᠠᠴᠠᠬᠤ ᠤᠴᠢᠷ ᠠ᠋ᠴᠠ ᠪᠣᠯᠵᠤ ᠬᠣᠢᠰᠢᠯᠠᠭᠳᠠᠪᠠ᠃ ᠲᠡᠢᠨ ᠬᠦ᠌ ᠬᠦᠴᠦᠯᠢᠭ ᠬᠠᠷ᠎ᠠ ᠬᠢᠳᠠᠨ ᠬᠠᠭᠠᠨᠲᠤ ᠤᠯᠤᠰ ᠤ᠋ᠨ ᠪᠠᠭᠤᠷᠢ ᠳᠡᠭᠡᠷ᠎ᠡ ᠡᠷᠬᠡ ᠪᠡᠨ ᠪᠠᠢᠭᠤᠯᠬᠤ ᠲᠣᠬᠢᠶᠠᠯ ᠲᠠᠢ ᠪᠣᠯᠵᠠᠢ᠃ ᠨᠢᠭᠡ ᠳ᠋ᠦ᠍᠂ ᠲᠡᠷᠡ ᠡᠷᠬᠡᠪᠰᠢ ᠥᠪᠡᠷ ᠦ᠋ᠨ ᠵᠣᠷᠢᠯᠭ᠎ᠠ ᠪᠠᠨ ᠪᠡᠶᠡᠯᠡᠭᠦᠯᠬᠦ ᠶ᠋ᠢᠨ ᠲᠥᠯᠥᠭᠡ ᠠᠰᠢᠭᠯᠠᠵᠤ ᠥᠩᠭᠡᠷᠡᠭᠰᠡᠨ ᠢᠰᠯᠠᠮ ᠤ᠋ᠨ ᠱᠠᠰᠢᠨᠲᠠᠳ ᠲᠠᠢ ᠬᠠᠷᠢᠴᠠᠬᠤ ᠬᠡᠷᠡᠭᠲᠡᠢ ᠪᠠᠢᠪᠠ᠃ ᠱᠠᠰᠢᠨ ᠤ᠋ ᠰᠢᠲᠦᠯᠭᠡ ᠶ᠋ᠢᠨ ᠡᠭᠦᠳᠡᠨ ᠡᠴᠡ ᠠᠪᠴᠤ ᠬᠡᠯᠡᠪᠡᠯ᠂ ᠬᠦᠴᠦᠯᠢᠭ ᠢᠰᠯᠠᠮ ᠤ᠋ᠨ ᠱᠠᠰᠢᠨᠲᠠᠳ ᠢ᠋ ᠬᠥᠷ ᠬᠠᠨ ᠰᠢᠭ᠋ ᠵᠢᠭᠰᠢᠳᠡᠭ᠃ ᠨᠠᠢ᠍ᠮᠠᠨ ᠠᠢᠮᠠᠭ ᠤ᠋ᠨ ᠣᠯᠠᠩᠬᠢ ᠬᠥᠮᠦᠰ ᠲᠡᠢ ᠠᠳᠠᠯᠢ ᠪᠠᠷ ᠬᠦᠴᠦᠯᠢᠭ ᠪᠣᠯ ᠺᠠᠲ᠋ᠣᠯᠢᠭ(ᠡᠷᠭᠡᠭᠦᠨ) ᠱᠠᠰᠢᠨ ᠤ᠋ ᠮᠥᠷᠭᠥᠯᠴᠢᠨ ᠪᠠᠢᠭᠰᠠᠨ ᠶᠤᠮ᠂ ᠭᠡᠪᠡᠴᠦ ᠬᠣᠵᠢᠮ ᠨᠢ ᠲᠡᠷᠡ ᠬᠥᠷ ᠬᠠᠨ ᠯᠤᠭ᠎ᠠ ᠤᠷᠤᠭ ᠤ᠋ᠨ ᠪᠣᠯᠵᠣᠭ᠎ᠠ ᠲᠣᠭᠲᠠᠵᠤ ᠥᠩᠭᠡᠷᠡᠭᠰᠡᠨ ᠬᠠᠷ᠎ᠠ ᠬᠢᠳᠠᠨ ᠤ᠋ ᠨᠢᠭᠡᠨ ᠢᠵᠠᠭᠤᠷᠲᠠᠨ ᠪᠦᠰᠡᠭᠦᠢ ᠶ᠋ᠢ ᠳᠠᠭᠠᠵᠤ ᠣᠩᠭᠣᠳ ᠱᠠᠰᠢᠨ(ᠪᠤᠷᠬᠠᠨ ᠱᠠᠰᠢᠨ ᠪᠠᠢᠵᠤ ᠮᠡᠳᠡᠨ᠎ᠡ) ᠢ᠋ ᠰᠢᠲᠦᠬᠦ ᠪᠣᠯᠪᠠ᠃ ᠡᠭᠦᠨ ᠡᠴᠡ ᠭᠠᠳᠠᠨ᠎ᠠ᠂ ᠢᠰᠯᠠᠮ ᠤ᠋ᠨ ᠱᠠᠰᠢᠨ ᠤ᠋ ᠬᠥᠳᠡᠯᠭᠡᠭᠡᠨ ᠦ᠌ ᠤᠳᠤᠷᠢᠳᠤᠭᠴᠢ ᠬᠣᠷᠧᠽᠮ ᠸᠠᠩ ᠮᠦᠬᠠᠮᠠᠳ᠋ ᠢ᠋ᠶ᠋ᠠᠷ ᠬᠦᠴᠦᠯᠢᠭ ᠢ᠋ ᠬᠣᠷᠧᠽᠮ ᠦ᠋ᠨ ᠬᠠᠷ᠎ᠠ ᠬᠢᠳᠠᠨ ᠢ᠋ ᠢᠯᠠᠭᠰᠠᠨ ᠢᠯᠠᠯᠲᠠ ᠶ᠋ᠢ ᠪᠤᠰᠠᠨᠢᠭᠤᠯᠵᠤ᠂ ᠢᠰᠯᠠᠮ ᠤ᠋ᠨ ᠱᠠᠰᠢᠨᠲᠡᠳ ᠲᠦ᠍ ᠬᠠᠷᠢᠶᠠᠯᠠᠭᠳᠠᠬᠤ ᠶᠣᠰᠣᠲᠠᠢ ᠢᠯᠠᠯᠲᠠ ᠶ᠋ᠢᠨ ᠦᠷ᠎ᠡ ᠪᠦᠲᠦᠭᠡᠯ ᠢ᠋ ᠪᠤᠯᠢᠶᠠᠨ ᠠᠪᠠᠴᠢᠯ᠎ᠠ ᠭᠡᠵᠦ ᠭᠣᠣᠯᠴᠢ ᠪᠤᠰᠤ ᠪᠠᠷ ᠵᠢᠮᠡᠯᠡᠪᠡ᠃ ᠬᠣᠷᠧᠽᠮ ᠸᠠᠩ ᠤ᠋ᠨ ᠬᠦᠴᠦᠯᠢᠭ ᠦ᠋ᠨ ᠵᠦᠭ ᠲᠣᠮᠢᠯᠠᠭᠰᠠᠨ ᠡᠯᠴᠢ ᠨᠠᠷ ᠭᠠᠭᠴᠠ ᠪᠤᠰᠤ ᠤᠳᠠᠭ᠎ᠠ ᠰᠦᠷᠳᠡᠭᠦᠯᠵᠦ ᠪᠠᠢᠭᠰᠠᠨ ᠪᠣᠯᠪᠠᠴᠤ ᠪᠣᠳᠠᠲᠠᠢ ᠠᠵᠢᠯᠯᠠᠭ᠎ᠠ ᠬᠢᠭᠰᠡᠨ ᠦᠭᠡᠢ᠃ ᠬᠣᠷᠧᠽᠮ ᠸᠠᠩ ᠬᠥᠷ ᠬᠠᠨ ᠬᠠᠭᠠᠨᠲᠤ ᠤᠯᠤᠰ ᠤ᠋ᠨ ᠵᠡᠭᠦᠨ ᠬᠡᠰᠡᠭ᠂ ᠴᠢᠨᠠᠭᠰᠢᠯᠠᠭᠠᠳ ᠤᠤᠯ ᠤ᠋ᠨ ᠰᠢᠷ ᠮᠥᠷᠡᠨ ᠦ᠌ ᠪᠠᠷᠠᠭᠤᠨ ᠡᠷᠭᠢ ᠶ᠋ᠢᠨ ᠨᠤᠲᠤᠭ ᠳᠡᠪᠢᠰᠬᠡᠷ ᠢ᠋ ᠴᠦ᠍ ᠠᠷᠭ᠎ᠠ ᠪᠤᠰᠤ ᠬᠦᠴᠦᠯᠢᠭ ᠲᠦ᠍ ᠦᠯᠡᠳᠡᠭᠡᠨ ᠥᠭᠴᠡᠢ᠃ ᠡᠨᠡ ᠬᠡᠰᠡᠭ ᠨᠤᠲᠤᠭ ᠢ᠋ ᠨᠢᠭᠡ ᠤᠳᠠᠭ᠎ᠠ ᠲᠠᠯᠬᠢᠵᠤ ᠥᠩᠭᠡᠷᠡᠭᠰᠡᠨ ᠪᠣᠯᠬᠣᠷ ᠳᠠᠢᠰᠤᠨ ᠨᠢ ᠳᠡᠮᠡᠢ ᠣᠯᠵᠠ ᠣᠯᠤᠭ᠎ᠠ ᠦᠭᠡᠢ᠃ 
       ᠬᠣᠷᠧᠽᠮ ᠸᠠᠩ ᠮᠦᠬᠠᠮᠠᠳ᠋ ᠬᠦᠴᠦᠯᠢᠭ ᠦ᠋ᠨ ᠵᠡᠭᠦᠨ ᠳᠦᠷᠺᠢᠰᠲ᠋ᠠᠨ ᠳ᠋ᠤ᠌ ᠡᠷᠬᠡ ᠪᠡᠨ ᠪᠠᠲᠤᠳᠬᠠᠬᠤ ᠶ᠋ᠢ ᠪᠦᠷ ᠬᠣᠷᠢᠭᠯᠠᠵᠤ ᠳᠡᠢᠯᠬᠦ ᠪᠡᠨ ᠪᠣᠯᠢᠪᠠ᠃ ᠡᠨᠡ ᠬᠡᠰᠡᠭ ᠭᠠᠵᠠᠷ ᠲᠤ᠌ ᠬᠦᠴᠦᠯᠢᠭ ᠠᠯᠪᠠᠨ ᠶᠣᠰᠣᠭᠠᠷ ᠳᠠᠢᠯᠠᠨ ᠳᠠᠭᠠᠭᠤᠯᠬᠤ ᠠᠷᠭ᠎ᠠ ᠶ᠋ᠢ ᠠᠪᠤᠭᠰᠠᠨ ᠦᠭᠡᠢ᠂ ᠬᠠᠷᠢᠨ ᠭᠤᠷᠪᠠ ᠳᠥᠷᠪᠡᠨ ᠵᠢᠯ ᠦ᠋ᠨ ᠲᠤᠷᠰᠢ ᠬᠤᠷᠢᠶᠠᠯᠲᠠ ᠠᠪᠬᠤ ᠦᠶ᠎ᠡ ᠪᠡᠷ ᠴᠡᠷᠢᠭ ᠬᠥᠳᠡᠯᠦᠨ ᠳᠠᠭᠠᠷᠢᠯᠲᠠ ᠬᠢᠳᠡᠭ ᠪᠠᠢᠪᠠ᠂ ᠲᠡᠢᠨ ᠬᠦ᠌ ᠲᠤᠬᠠᠢ ᠶ᠋ᠢᠨ ᠭᠠᠵᠠᠷ ᠤ᠋ᠨ ᠲᠠᠯᠬᠢᠭᠳᠠᠭᠰᠠᠨ ᠠᠷᠠᠳ ᠡᠴᠦᠰ ᠲᠡᠭᠡᠨ ᠲᠡᠭᠦᠨ ᠳ᠋ᠦ᠍ ᠪᠠᠭᠤᠨ ᠥᠭᠴᠡᠢ᠃ ᠢᠰᠯᠠᠮ ᠤ᠋ᠨ ᠱᠠᠰᠢᠨᠲᠠᠳ ᠤ᠋ᠨ ᠮᠤᠵᠢᠭᠤᠳᠠ ᠡᠰᠡᠷᠭᠦᠴᠡᠯ ᠳ᠋ᠦ᠍ ᠬᠠᠷᠢᠭᠤ ᠠᠷᠭ᠎ᠠ ᠠᠪᠴᠤ᠂ ᠲᠡᠷᠡ ᠪᠡᠷ ᠢᠰᠯᠠᠮ ᠤ᠋ᠨ ᠱᠠᠰᠢᠨᠲᠠᠳ ᠢ᠋ ᠡᠭᠡᠯᠵᠢ ᠪᠡᠷ ᠳᠠᠭᠤᠳᠠᠨ ᠠᠪᠴᠢᠷᠠᠵᠤ᠂ ᠲᠡᠳᠡᠨ ᠢ᠋ ᠢᠰᠦ᠋ᠰ ᠪᠤᠶᠤ ᠪᠤᠷᠬᠠᠨ ᠢ᠋ ᠰᠢᠲᠦᠭᠲᠦᠨ ᠭᠡᠵᠦ ᠤᠷᠢᠶᠠᠯᠠᠪᠠ᠂ ᠡᠰᠡᠬᠦᠯ᠎ᠡ ᠤᠤᠯ ᠰᠢᠲᠦᠭᠡᠨ ᠢ᠋ᠶ᠋ᠡᠨ ᠣᠷᠬᠢᠭᠲᠤᠨ ᠭᠡᠵᠦ ᠲᠤᠩᠬᠠᠭᠯᠠᠭᠠᠳ ᠳᠤᠮᠳᠠᠳᠤ ᠤᠯᠤᠰ ᠤ᠋ᠨ ᠮᠠᠶᠢᠭ ᠤ᠋ᠨ ᠬᠤᠪᠴᠠᠰᠤ ᠡᠮᠦᠰᠬᠡᠬᠦ ᠭᠡᠪᠡ᠃ ᠡᠨᠡ ᠵᠣᠷᠢᠯᠭ᠎ᠠ ᠳ᠋ᠠᠭᠠᠨ ᠬᠦᠷᠬᠦ ᠶ᠋ᠢᠨ ᠲᠥᠯᠥᠭᠡ᠂ ᠲᠡᠷᠡ ᠯᠦᠶᠢ ᠠᠷᠪᠠᠨ ᠳᠥᠷᠪᠡᠳᠦᠭᠡᠷ ᠦ᠋ᠨ《ᠯᠤᠤᠲᠤ ᠮᠣᠷᠢᠲᠤ ᠴᠡᠷᠢᠭ》 ᠦ᠋ᠨ ᠬᠢ ᠰᠢᠭ ᠠᠷᠭ᠎ᠠ ᠶ᠋ᠢ ᠠᠪᠴᠠᠢ᠂ ᠲᠤᠬᠠᠢᠯᠠᠪᠠᠯ ᠬᠦᠴᠦᠯᠢᠭ ᠦ᠋ᠨ ᠴᠡᠷᠢᠭ ᠢᠰᠯᠠᠮ ᠤ᠋ᠨ ᠱᠠᠰᠢᠨᠲᠠᠨ ᠤ᠋ ᠭᠡᠷ ᠲᠦ᠍ ᠣᠷᠣᠵᠤ ᠰᠠᠭᠤᠭᠠᠳ ᠦᠭᠡᠨ ᠳ᠋ᠦ᠍ ᠣᠷᠣᠬᠤ ᠦᠭᠡᠢ ᠬᠥᠮᠦᠰ ᠢ᠋ ᠵᠠᠯᠬᠠᠭᠠᠨ ᠰᠢᠳᠬᠡᠬᠦ ᠶ᠋ᠢ ᠵᠥᠪᠰᠢᠶᠡᠷᠡᠪᠡ᠃ ᠲᠡᠢᠨ ᠬᠦ᠌ ᠢᠰᠯᠠᠮ ᠤ᠋ᠨ ᠱᠠᠰᠢᠨᠲᠠᠳ ᠤ᠋ᠨ ᠢᠯᠡ ᠪᠡᠷ ᠨᠠᠮᠠᠨᠴᠢᠯᠠᠬᠤ ᠪᠠ ᠨᠣᠮ ᠤᠩᠰᠢᠬᠤ ᠶᠠᠪᠤᠳᠠᠯ ᠨᠢᠭᠡ ᠦᠶ᠎ᠡ ᠪᠦᠷᠢᠮᠦᠰᠦᠨ ᠵᠣᠭᠰᠣᠭᠰᠠᠨ ᠪᠠᠢᠨ᠎ᠠ᠃  
       ᠬᠦᠴᠦᠯᠢᠭ ᠤᠯᠤᠰ ᠤ᠋ᠨ ᠬᠢᠯᠢ ᠶ᠋ᠢᠨ ᠢ᠋ᠶ᠋ᠡᠨ ᠵᠡᠭᠦᠨ ᠬᠣᠢᠲᠤ ᠬᠡᠰᠡᠭ ᠲᠦ᠍ ᠨᠢᠭᠡ ᠤᠳᠠᠭ᠎ᠠ ᠠᠪᠠ ᠬᠢᠵᠦ ᠪᠠᠢᠭᠠᠳ ᠲᠣᠬᠢᠶᠠᠯ ᠢ᠋ ᠦᠵᠡᠨ ᠪᠦᠷᠵᠡᠯ ᠢ᠋ ᠪᠠᠷᠢᠪᠴᠢᠯᠠᠨ ᠠᠯᠠᠭᠠᠳ ᠠᠯᠢᠮᠠᠯ ᠬᠣᠲᠠ ᠶ᠋ᠢ ᠪᠦᠰᠡᠯᠡᠨ ᠬᠠᠭᠠᠪᠠ᠃ ᠭᠡᠪᠡᠴᠦ ᠲᠡᠭᠦᠨ ᠦ᠌ ᠡᠨᠡ ᠠᠵᠢᠯᠯᠠᠭ᠎ᠠ ᠨᠢ ᠬᠣᠷᠢᠬᠯᠠᠭᠳᠠᠵᠢ᠂ ᠮᠣᠩᠭᠣᠯᠴᠤᠳ1217 ᠣᠨ ᠳ᠋ᠤ᠌ ᠪᠠᠷᠠᠭᠤᠨᠰᠢ ᠬᠢᠬᠦ ᠲᠡᠢᠨ ᠢ᠋ᠶ᠋ᠡᠨ ᠳᠠᠬᠢᠨ ᠰᠡᠷᠭᠦᠭᠡᠭᠰᠡᠨ ᠪᠠᠢᠨ᠎ᠠ᠃1218 ᠣᠨ ᠳ᠋ᠤ᠌᠂ ᠵᠡᠪᠡ ᠨᠣᠶᠠᠨ ᠬᠣᠶᠠᠷ ᠲᠦᠮᠡᠨ ᠬᠥᠮᠦᠨ ᠲᠡᠢ ᠨᠢᠭᠡᠨ ᠰᠠᠯᠠᠭ᠎ᠠ ᠮᠣᠩᠭᠣᠯ ᠴᠡᠷᠢᠭ ᠢ᠋ ᠳᠠᠭᠠᠭᠤᠯᠤᠨ ᠪᠠᠷᠠᠭᠤᠨᠰᠢ ᠬᠦᠴᠦᠯᠢᠭ ᠢ᠋ ᠴᠣᠬᠢᠪᠠ᠃ ᠬᠦᠴᠦᠯᠢᠭ ᠦ᠋ᠨ ᠴᠡᠷᠢᠭ ᠠᠯᠢᠮᠠᠯ ᠬᠣᠲᠠ ᠶ᠋ᠢ ᠪᠦᠰᠡᠯᠡᠬᠦ ᠪᠠᠨ ᠪᠣᠯᠢᠵᠤ ᠬᠣᠢᠰᠢ ᠤᠬᠤᠷᠢᠪᠠ᠃ ᠵᠡᠪᠡ ᠨᠣᠶᠠᠨ ᠠᠯᠢᠮᠠᠯ ᠬᠣᠲᠠ ᠳ᠋ᠤ᠌ ᠪᠦᠷᠵᠡᠯ ᠦ᠋ᠨ ᠬᠥᠪᠡᠭᠦᠨ ᠰᠤᠨᠠ᠂ ᠳᠠᠵᠢᠨ ᠢ᠋ ᠰᠠᠭᠤᠷᠢᠨ ᠳ᠋ᠤ᠌ ᠰᠠᠭᠤᠯᠭᠠᠪᠠ᠃ ᠮᠣᠩᠭᠣᠯ ᠵᠠᠩᠵᠤᠨ ᠨᠣᠶᠠᠳ ᠬᠦᠴᠦᠯᠢᠭ ᠦ᠋ᠨ ᠡᠵᠡᠯᠡᠵᠦ ᠪᠠᠢᠭᠰᠠᠨ ᠣᠷᠣᠨ ᠳ᠋ᠤ᠌ ᠣᠷᠣᠮᠠᠭᠴᠠ ᠱᠠᠰᠢᠨ ᠰᠢᠲᠦᠯᠭᠡ ᠶ᠋ᠢᠨ ᠪᠦᠷᠢᠨ ᠡᠷᠬᠡ ᠴᠢᠯᠥᠭᠡ ᠲᠡᠢ ᠭᠡᠵᠦ ᠲᠤᠩᠬᠠᠭᠯᠠᠵᠠᠢ᠃ ᠡᠢᠨ ᠬᠦ᠌ ᠢᠰᠯᠠᠮ ᠤ᠋ᠨ ᠱᠠᠰᠢᠨᠲᠠᠳ ᠤ᠋ᠨ ᠪᠣᠰᠤᠯᠴᠠᠨ᠂ ᠢᠲᠡᠭᠡᠯ ᠪᠢᠰᠢᠷᠡᠯ ᠢ᠋ ᠨᠢ ᠳᠠᠷᠤᠩᠭᠤᠢᠯᠠᠳᠠᠭ ᠡᠲᠡᠭᠡᠳ ᠢ᠋ᠶ᠋ᠡᠨ ᠡᠰᠡᠷᠭᠦᠴᠡᠬᠦ ᠶ᠋ᠢ ᠶᠡᠬᠡ ᠪᠡᠷ ᠵᠣᠷᠢᠭᠵᠢᠭᠤᠯᠤᠭᠰᠠᠨ ᠪᠠᠢᠨ᠎ᠠ᠃ ᠬᠦᠴᠦᠯᠢᠭ ᠳᠣᠯᠣᠭᠠᠨ ᠤᠰᠤᠨ ᠤ᠋ ᠣᠷᠣᠨ ᠤ᠋ ᠨᠢᠭᠡ ᠠᠭᠤᠯᠠ ᠶ᠋ᠢᠨ ᠠᠮᠠᠨ ᠳ᠋ᠤ᠌ ᠮᠣᠩᠭᠣᠯ ᠴᠡᠷᠢᠭ ᠢ᠋ ᠰᠡᠷᠭᠡᠢᠯᠡᠬᠦ ᠪᠡᠬᠢᠯᠡᠯᠲᠡ ᠪᠠᠷᠢᠭᠤᠯᠤᠭᠰᠠᠨ ᠪᠣᠯᠪᠠᠴᠤ ᠪᠦᠲᠦᠭᠰᠡᠨ ᠦᠭᠡᠢ᠂ ᠺᠠᠱᠠᠭᠠᠷ ᠲᠤ᠌ ᠳᠤᠲᠠᠭᠠᠨ ᠣᠳᠴᠠᠢ᠃ ᠮᠣᠩᠭᠣᠯᠴᠤᠳ ᠪᠠᠯᠠᠱᠬᠦ᠋ᠨ ᠢ᠋ ᠡᠵᠡᠯᠡᠬᠦ ᠳ᠋ᠦ᠍ ᠪᠠᠷᠤᠭ ᠶᠠᠮᠠᠷᠴᠤ ᠡᠰᠡᠷᠭᠦᠴᠡᠯ ᠤᠴᠠᠷᠠᠭ᠎ᠠ ᠦᠭᠡᠢ᠃ ᠶᠠᠭᠤ ᠭᠡᠪᠡᠯ ᠮᠣᠩᠭᠣᠯᠴᠤᠳ ᠡᠨᠡ ᠬᠣᠲᠠ ᠳ᠋ᠤ᠌ ᠬᠡᠪᠯᠢᠭ (《ᠰᠠᠢᠨ ᠬᠣᠲᠠ》) ᠭᠡᠰᠡᠨ ᠨᠡᠷ᠎ᠡ ᠥᠭᠭᠦᠭᠰᠡᠨ ᠪᠠᠢᠨ᠎ᠠ᠃ ᠡᠢᠮᠦ ᠨᠡᠷ᠎ᠡ ᠶ᠋ᠢ ᠳᠤᠷᠠᠲᠠᠢ ᠪᠠᠭᠤᠵᠤ ᠥᠭᠭᠦᠭᠰᠡᠨ ᠬᠣᠲᠠ ᠪᠠᠯᠭᠠᠳ ᠲᠤ᠌ ᠯᠠ ᠥᠭᠳᠡᠭ ᠪᠠᠢᠵᠠᠢ᠃ ᠺᠠᠱᠠᠭᠠᠷ ᠣᠷᠣᠨ ᠳ᠋ᠤ᠌᠂ ᠢᠰᠯᠠᠮ ᠤ᠋ᠨ ᠱᠠᠰᠢᠨᠲᠠᠳ ᠪᠣᠰᠤᠯᠴᠠᠭᠠᠳ ᠬᠦᠴᠦᠯᠢᠭ ᠦ᠋ᠨ ᠲᠣᠮᠢᠯᠠᠵᠤ ᠭᠡᠷ ᠲᠦ᠍ ᠨᠢ ᠰᠠᠭᠤᠯᠭᠠᠭᠰᠠᠨ ᠴᠡᠷᠢᠭ ᠦ᠋ᠳ ᠢ᠋ ᠶᠡᠬᠡ ᠪᠡᠷ ᠠᠯᠠᠵᠤ ᠬᠢᠳᠤᠪᠠ᠃ ᠲᠡᠷᠡᠴᠢᠯᠡᠨ ᠮᠣᠩᠭᠣᠯ ᠴᠡᠷᠢᠭ ᠢ᠋ ᠠᠪᠤᠷᠠᠭᠴᠢ ᠪᠠᠨ ᠪᠣᠯᠭᠠᠵᠤ ᠤᠭᠲᠤᠨ ᠠᠪᠴᠠᠢ᠃ ᠲᠡᠳᠡ ᠨᠠᠷ ᠮᠣᠩᠭᠣᠯ ᠴᠡᠷᠢᠭ ᠪᠣᠯᠪᠠᠰᠤᠷᠠᠯ ᠰᠠᠢᠲᠠᠢ ᠪᠥᠭᠡᠳ ᠡᠩᠬᠡ ᠲᠠᠢᠪᠤᠭᠤᠨ ᠠᠵᠤ ᠲᠥᠷᠥᠵᠦ ᠪᠠᠢᠭ᠎ᠠ ᠰᠠᠭᠤᠭᠠᠯᠢ ᠠᠷᠠᠳ ᠲᠤ᠌ ᠣᠭᠲᠣᠬᠠᠨ ᠴᠦ᠍ ᠬᠣᠣᠷ ᠦᠭᠡᠢ ᠤᠴᠢᠷ ᠲᠤ᠌ ᠶᠡᠬᠡ ᠲᠠᠯᠠᠷᠬᠠᠳᠠᠭ ᠪᠠᠢᠪᠠ᠃ ᠬᠦᠴᠦᠯᠢᠭ ᠰᠡᠯᠢᠬᠡᠯ(ᠰᠡᠯᠬᠢᠬᠣᠨ ᠴᠤ᠌ ᠭᠡᠳᠡᠭ) ᠲᠦ᠍ ᠳᠤᠲᠠᠭᠠᠨ ᠬᠦᠷᠦᠭᠡᠳ ᠮᠣᠩᠭᠣᠯ ᠴᠡᠷᠢᠭ ᠲᠦ᠍ ᠪᠠᠷᠢᠭᠳᠠᠨ ᠠᠯᠠᠭᠳᠠᠪᠠ᠃

— — — — 
 ① ᠬᠢᠲᠠᠳᠴᠢᠯᠠᠭᠴᠢ ᠶ᠋ᠢᠨ ᠴᠣᠬᠣᠯᠠᠪᠤᠷᠢ᠄ ᠡᠨᠡ ᠪᠠᠳᠠᠭ ᠦᠭᠡ ᠶ᠋ᠢᠨ ᠬᠣᠶᠠᠷ ᠵᠦᠢᠯ ᠢ᠋ ᠣᠨᠴᠠᠭᠠᠢ ᠬᠦᠨᠳᠦᠳᠬᠡᠵᠦ ᠦᠵᠡᠬᠦ ᠬᠡᠷᠡᠭᠲᠡᠢ᠃ 
a. ᠪᠠᠷᠲ᠋ᠤᠯᠳ᠋ ᠬᠡᠯᠡᠬᠦ ᠳ᠋ᠡᠭᠡᠨ᠄《 ᠭᠢᠲᠠᠨᠴᠤᠳ ᠪᠠᠷᠠᠭᠤᠨᠰᠢ ᠨᠡᠭᠦᠬᠦ ᠳ᠋ᠡᠭᠡᠨ ᠬᠣᠶᠠᠷ ᠱᠤᠭᠤᠮ ᠢ᠋ᠶ᠋ᠠᠷ ᠵᠠᠮᠨᠠᠵᠠᠢ》 ᠭᠡᠪᠡ᠃ ᠡᠨᠡ ᠦᠭᠡ ᠲᠤᠢᠯ ᠤ᠋ᠨ ᠦᠨ᠎ᠡ ᠴᠠᠨ᠎ᠠ ᠲᠠᠢ ᠶᠤᠮ᠂ ᠡᠭᠦᠨ ᠡᠴᠡ ᠶᠠᠫᠣᠨ ᠡᠷᠳᠡᠮᠲᠡᠨ ᠬᠠᠨ᠋ᠸᠳᠠ ᠲᠦᠦᠷᠣ᠋ ᠪᠣᠯᠤᠨ ᠳᠤᠮᠳᠠᠳᠤ ᠤᠯᠤᠰ ᠤ᠋ᠨ ᠲᠡᠦᠬᠡᠨ ᠡᠷᠳᠡᠮᠲᠡᠨ ᠯᠢᠶᠠᠩ ᠶᠤᠸᠠᠨ ᠳ᠋ᠦᠩ ᠨᠠᠷ ᠤ᠋ᠨ ᠬᠣᠭᠣᠷᠣᠨᠳᠣᠬᠢ ᠮᠠᠷᠭᠤᠭᠠᠨ ᠢ᠋ ᠰᠡᠢᠳᠪᠤᠷᠢᠯᠡᠵᠤ ᠪᠣᠯᠤᠨ᠎ᠠ᠃ 
b. ᠭᠡᠬᠦ ᠳ᠋ᠡᠭᠡᠨ ᠲᠡᠭᠦᠨ ᠦ᠌ ᠬᠠᠷ᠎ᠠ ᠬᠢᠳᠠᠨ ᠢ᠋ ᠡᠭᠦᠰᠬᠡᠨ ᠪᠠᠢᠭᠤᠯᠤᠭᠴᠢ ᠪᠣᠯᠤᠨ ᠳᠠᠰᠢ ᠨᠢᠭᠡ ᠬᠥᠮᠦᠨ ᠮᠥᠨ ᠡᠰᠡᠬᠦ ᠶ᠋ᠢᠨ ᠲᠤᠬᠠᠢ ᠰᠡᠵᠢᠭᠯᠡᠯ ᠢ᠋ ᠨᠠᠢᠳᠠᠪᠤᠷᠢᠵᠢᠭᠤᠯᠬᠤ ᠳ᠋ᠤ᠌ ᠲᠤᠩ ᠪᠡᠷᠬᠡ᠃ ᠶᠠᠭᠤ ᠭᠡᠪᠡᠯ ᠰᠡᠩᠭᠢᠷ ᠰᠤᠯᠲᠠᠨ ᠬᠠᠯᠢᠹᠠ ᠪᠣᠯᠤᠨ ᠵᠢᠳᠳᠠ ᠶ᠋ᠢᠨ ᠵᠠᠰᠠᠭ ᠤ᠋ᠨ ᠭᠠᠵᠠᠷ ᠲᠤ᠌ ᠥᠭᠭᠦᠭᠰᠡᠨ ᠵᠠᠬᠢᠳᠠᠯ ᠤ᠋ᠨ ᠣᠨ ᠵᠢᠯ ᠢ᠋ ᠲᠡᠮᠳᠡᠭᠯᠡᠬᠦ ᠳ᠋ᠡᠭᠡᠨ ᠪᠠᠷᠲ᠋ᠤ᠌ᠯᠳ᠋ ᠤ᠋ᠨ ᠨᠣᠮ ᠳ᠋ᠤ᠌ ᠨᠢᠭᠡ ᠤᠳᠠᠭ᠎ᠠ 1133 ᠣᠨ ᠭᠡᠵᠦ ᠲᠡᠮᠳᠡᠭᠯᠡᠭᠡᠳ ᠪᠠᠰᠠ ᠨᠢᠭᠡ ᠤᠳᠠᠭ᠎ᠠ 1135 ᠣᠨ ᠭᠡᠵᠦ ᠲᠡᠮᠳᠡᠭᠯᠡᠵᠡᠢ᠃ ᠵᠠᠬᠢᠳᠠᠯ ᠤ᠋ᠨ ᠠᠭᠤᠯᠭ᠎ᠠ ᠶ᠋ᠢᠨ ᠲᠤᠬᠠᠢ ᠪᠠᠷᠲ᠋ᠤ᠌ᠯᠳ᠋ ᠤ᠋ᠨ ᠨᠣᠮ ᠳ᠋ᠤ᠌ ᠨᠢᠭᠡ ᠤᠳᠠᠭ᠎ᠠ ᠬᠡᠯᠡᠬᠦ ᠳ᠋ᠡᠭᠡᠨ ᠬᠠᠷ᠎ᠠ ᠬᠢᠳᠠᠨ ᠤ᠋ ᠲᠦᠷᠦᠭᠦᠦ ᠣᠯᠵᠠᠯᠠᠭᠳᠠᠪᠠ ᠭᠡᠰᠡᠨ ᠢ᠋ᠶ᠋ᠡᠨ ᠥᠭᠡᠷ᠎ᠡ ᠶᠠᠩᠵᠤ ᠪᠠᠷ ᠬᠡᠯᠡᠬᠦ ᠳ᠋ᠡᠭᠡᠨ ᠠᠯᠠᠭᠳᠠᠪᠠ ᠭᠡᠪᠡ᠃ ᠡᠨᠡ ᠬᠦ᠌ ᠶᠡᠬᠡ ᠵᠦᠷᠢᠶᠡᠨ ᠲᠡᠢ ᠵᠠᠬᠢᠳᠠᠯ ᠢ᠋ ᠦᠨᠳᠦᠰᠦᠯᠡᠨ ᠳᠠᠰᠢ ᠶ᠋ᠢᠨ ᠣᠷᠣᠰᠢᠵᠤ ᠪᠠᠢᠭᠰᠠᠨ ᠡᠰᠡᠬᠦ ᠶ᠋ᠢ ᠰᠡᠵᠢᠭᠯᠡᠬᠦ ᠨᠢ ᠪᠠᠷᠢᠮᠲᠠ ᠪᠠᠷ ᠳᠤᠲᠠᠮᠠᠭ ᠶᠤᠮ᠃ 
 ② ᠲᠤᠭᠤᠷᠪᠢᠭᠰᠠᠨ ᠨᠣᠮ ᠤ᠋ᠨ ᠨᠡᠷ᠎ᠡ ᠨᠢ《ᠪᠤᠬᠠᠷ ᠤ᠋ᠨ ᠲᠡᠦᠬᠡ ᠪᠠ ᠭᠠᠵᠠᠷ ᠵᠦᠢ》᠃ ᠲᠤᠰ ᠨᠣᠮ ᠳ᠋ᠤ᠌ ᠨᠤᠲᠠᠯᠠᠭᠰᠠᠨ ᠭᠢᠳᠠᠨᠴᠤᠳ ᠤ᠋ᠨ ᠠᠩᠬᠠᠳᠠᠭᠴᠢ ᠨᠡᠭᠦᠭᠰᠡᠨ ᠣᠨ ᠵᠢᠯ ᠨᠢ ᠶᠡᠬᠡ ᠲᠥᠯᠥᠪ ᠤᠮᠠᠷᠠᠲᠤ ᠰᠥᠩ ᠤᠯᠤᠰ ᠤ᠋ᠨ ᠷᠸᠨ ᠽᠦᠩ ᠬᠠᠭᠠᠨ ᠤ᠋ ᠴᠢᠩ ᠯᠢ ᠶ᠋ᠢᠨ ᠲᠡᠷᠢᠭᠦᠨ ᠣᠨ ᠪᠣᠯᠤᠨ᠎ᠠ(ᠡᠨᠡ ᠨᠣᠮ 1892 ᠣᠨ ᠳ᠋ᠤ᠌ ᠫᠠᠷᠢᠰ ᠲᠤ᠌ ᠬᠡᠪᠯᠡᠭᠳᠡᠪᠡ)(ᠤᠤᠯ ᠲᠠᠢᠯᠪᠤᠷᠢ)