ᠪᠠᠲᠤ ᠬᠠᠭᠠᠨ 7-02 ᠣᠢ ᠶ᠋ᠢᠨ ᠰᠢᠷᠢᠩᠭᠢ ᠳᠡᠭᠡᠷ᠎ᠡ-ᠲᠣᠭᠰᠢᠨ ᠶᠸᠸᠫᠡᠲBat khaan Бат хаан-ᠷᠣᠮᠠᠨ
ᠠᠩᠭᠢᠯᠠᠯ:ᠲᠤᠭᠤᠵᠢ ᠷᠣᠮᠠᠨТоож роман 2025-11-18
185
ᠬᠣᠶᠠᠷ ᠂ ᠣᠢ ᠶ᠋ᠢᠨ ᠰᠢᠷᠢᠩᠭᠢ ᠳᠡᠭᠡᠷ᠎ᠡ ᠰᠡᠢᠷᠡᠭ ᠶᠡᠬᠡ ᠣᠢ ᠳᠣᠲᠣᠷ᠎ᠠ ᠴᠢᠪ ᠴᠢᠮᠡᠭᠡ ᠦᠭᠡᠢ ᠠᠵᠢ᠃ ᠮᠣᠳᠣᠨ ᠤ᠋ ᠮᠥᠴᠢᠷ ᠡᠴᠡ ᠪᠥᠭᠡᠮ ᠪᠥᠭᠡᠮ ᠴᠠᠰᠤ ᠤᠨᠠᠬᠤ᠂ ᠬᠡᠷᠡᠮ ᠬᠠᠷᠠᠢᠯᠠᠯᠳᠤᠬᠤ ᠪᠠ ᠡᠪᠦᠯ ᠴᠠᠭ ᠭᠠᠭᠴᠠᠭᠠᠷ ᠣᠷᠣᠰᠢᠬᠤ ᠰᠢᠪᠠᠭᠤᠳ ᠤ᠋ᠨ ᠨᠢᠰᠬᠦ ᠨᠢ ᠲᠣᠪ ᠲᠣᠳᠣᠷᠬᠠᠢ ᠰᠣᠨᠣᠰᠳᠠᠨ᠎ᠠ᠃ᠵᠠᠷᠢᠮ ᠳ᠋ᠠᠭᠠᠨ ᠬᠦᠢᠲᠡᠨ ᠡᠴᠡ ᠮᠣᠳᠣ ᠨᠤᠭᠤᠳ ᠳᠡᠰ ᠳᠡᠰ ᠬᠢᠨ ᠬᠠᠭᠠᠷᠠᠬᠤ ᠨᠢ ᠠᠯᠤᠰ ᠤ᠋ᠨ ᠣᠢ ᠳ᠋ᠤ᠌ ᠴᠤᠤᠷᠢᠶᠠᠲᠤᠨ᠎ᠠ᠃ ᠥᠨᠳᠥᠷ ᠨᠠᠷᠠᠰᠤᠨ ᠤ᠋ ᠣᠷᠣᠢ ᠰᠠᠯᠬᠢᠨ᠎ᠠ ᠭᠠᠩᠬᠤᠨ ᠬᠥᠳᠡᠯᠬᠦ...