ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠲᠠᠪᠤ〕 Цаг төрийн үймээн – Д ᠂ Намдаг - Цаг төрийн үймээн ᠂ хоёрдугаар бүлэг -15 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠲᠠᠪᠤ〕 Цаг төрийн үймээн – Д ᠂ Намдаг - Цаг төрийн үймээн ᠂ хоёрдугаар бүлэг -15

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠲᠠᠪᠤ〕 Цаг төрийн үймээн – Д ᠂ Намдаг - Цаг төрийн үймээн ᠂ хоёрдугаар бүлэг -15

ᠠᠩᠭᠢᠯᠠᠯ:ᠲᠤᠭᠤᠵᠢ ᠷᠣᠮᠠᠨ
2025-12-05

127

ᠭᠠᠮᠢᠩ ᠤᠨ ᠪᠠᠢᠴᠠᠭᠠᠯᠲᠠ


       ᠪᠠᠯᠳᠠᠨᠴᠡᠷᠢᠩ᠂ ᠵᠠᠯᠠᠬᠠᠵᠠ ᠬᠤᠲᠤᠭᠲᠤ ᠠ᠋ᠴᠠ᠄ 
       — ᠬᠡᠨ ᠬᠥᠮᠦᠨ ᠲᠡᠢ ᠬᠠᠮᠢᠶ᠎ᠠ ᠦᠭᠡᠢ ᠶᠠᠷᠢᠬᠤ ᠬᠡᠷᠡᠭ ᠦᠭᠡᠢ ᠭᠡᠵᠦ ᠠᠢᠯᠠᠳᠤᠭᠰᠠᠨ ᠢ᠋ ᠰᠠᠨᠠᠨ ᠲᠣᠪ ᠳᠤᠭᠤᠢ ᠪᠠᠢᠬᠤ ᠶ᠋ᠢ ᠬᠢᠴᠢᠶᠡᠨ᠎ᠡ᠃ ᠪᠤᠰᠤᠳ ᠢ᠋ ᠠᠵᠢᠬᠤ ᠳ᠋ᠤ᠌ ᠲᠡᠳᠡ ᠲᠣᠪ ᠳᠤᠭᠤᠢ ᠪᠢᠰᠢ᠂ ᠶᠡᠬᠡᠰ ᠳᠡᠭᠡᠳᠦᠰ ᠦ᠋ᠳ ᠲᠡᠨᠳᠡ ᠪᠡᠨ ᠨᠢᠭᠡ ᠬᠡᠰᠡᠭ᠂ ᠲᠡᠭᠦᠨ ᠡᠴᠡ ᠳᠣᠷᠣᠭᠰᠢᠬᠢ ᠨᠢ ᠬᠣᠶᠠᠷ ᠢ᠋ᠶ᠋ᠠᠷ ᠢ᠋ᠶ᠋ᠠᠨ ᠵᠠᠷᠢᠮ ᠨᠢ ᠭᠤᠷᠪᠠᠨ ᠪᠡᠶ᠎ᠡ ᠬᠣᠰᠢᠭᠤ ᠬᠣᠯᠪᠣᠨ ᠰᠢᠪᠠᠷ ᠠᠪᠢᠷ ᠶᠠᠷᠢᠯᠴᠠᠨ᠎ᠠ᠃ ᠡᠨᠡ ᠪᠣᠯ ᠮᠡᠳᠡᠭᠡᠵᠢ ᠪᠡᠷ ᠡᠷᠲᠡ ᠤᠷᠢᠳᠤ ᠶ᠋ᠢᠨ ᠲᠠᠨᠢᠯ ᠲᠠᠯ᠎ᠠ ᠪᠤᠶᠤ᠂ ᠡᠰᠡᠪᠡᠯ ᠡᠨᠳᠡ ᠣᠷᠣᠵᠤ ᠢᠷᠡᠭᠰᠡᠨ ᠬᠣᠢᠨ᠎ᠠ ᠪᠠᠨ ᠲᠠᠨᠢᠯᠴᠠᠭᠰᠠᠨ ᠠᠮᠢᠨ ᠰᠦᠨᠡᠰᠦ ᠪᠡᠨ ᠮᠡᠳᠡᠯᠴᠡᠭᠡᠳ ᠠᠮᠢᠨ ᠰᠦᠨᠡᠰᠦᠨ ᠦ᠌ ᠪᠡᠨ ᠦᠭᠡᠰ ᠢ᠋ ᠬᠡᠯᠡᠯᠴᠡᠵᠦ ᠪᠠᠢᠭ᠎ᠠ ᠬᠡᠷᠡᠭ᠃ ᠭᠡᠲᠡᠯ᠎ᠡ ᠪᠠᠯᠳᠠᠨᠴᠡᠷᠢᠩ ᠦ᠋ᠨ ᠬᠠᠵᠠᠭᠤᠳᠠᠬᠢ ᠵᠠᠮᠢᠶᠠᠨ ᠲᠠᠢ ᠶᠠᠷᠢᠯᠴᠠᠬᠤ ᠬᠥᠮᠦᠨ ᠶᠡᠷᠦ ᠦᠭᠡᠢ᠂ ᠬᠠᠷᠢᠨ ᠴᠦ᠍ ᠬᠣᠭᠣᠷᠣᠨᠳᠣ ᠶ᠋ᠢᠨ ᠢ᠋ᠶ᠋ᠡᠨ ᠶᠠᠷᠢᠶᠠᠨ ᠢ᠋ ᠨᠢᠭᠤᠴᠠᠯᠠᠨ᠎ᠠ᠃ ᠵᠠᠮᠢᠶᠠᠨ᠄ ᠲᠡᠢᠮᠦ᠂ ᠦᠭᠡᠢ᠂ ᠮᠡᠳᠡᠬᠦ ᠦᠭᠡᠢ ᠭᠡᠬᠦ ᠲᠡᠳᠦᠢᠬᠡᠨ ᠢ᠋ᠶ᠋ᠡᠷ ᠬᠠᠷᠢᠭᠤᠯᠵᠠᠢ᠃  
       — ᠶᠠᠭᠤᠨ ᠳ᠋ᠤ᠌ ᠡᠨᠡ ᠪᠣᠢ? ᠪᠦᠦ ᠮᠡᠳᠡ᠃  
       ᠰᠥᠨᠢ ᠪᠣᠯᠤᠨ ᠪᠦᠬᠦ ᠱᠣᠷᠣᠩ ᠢ᠋ᠶ᠋ᠠᠷ ᠢ᠋ᠶ᠋ᠠᠨ ᠤᠨᠲᠠᠵᠤ ᠡᠬᠢᠯᠡᠬᠦ ᠳ᠋ᠦ᠍ ᠡᠳᠦᠷ ᠦ᠋ᠨ ᠪᠠᠢᠴᠠᠭᠠᠯᠲᠠ ᠳ᠋ᠤ᠌ ᠬᠡᠳᠦ ᠪᠠᠯᠪᠠᠭᠤᠯᠤᠭᠰᠠᠨ ᠬᠥᠮᠦᠰ ᠦ᠋ᠨ ᠶᠣᠣᠯᠠᠬᠤ ᠨᠢ ᠶᠣᠣᠯᠠᠵᠤ᠂ ᠢᠨᠴᠠᠭᠯᠠᠬᠤ ᠨᠢ ᠢᠨᠴᠠᠭᠯᠠᠨ᠎ᠠ᠃ ᠢᠩᠭᠢᠬᠦ ᠳ᠋ᠦ᠍᠂ ᠢᠷᠡᠭᠡᠳᠦᠢ ᠳ᠋ᠦ᠍ ᠴᠣᠬᠣᠮ ᠶᠠᠭᠤ ᠦᠵᠡᠨ᠂ ᠶᠠᠮᠠᠷ ᠶᠠᠭᠤᠮ᠎ᠠ ᠲᠠᠢ ᠲᠤᠯᠭᠠᠷᠠᠬᠤ ᠪᠠᠨ ᠮᠡᠳᠡᠬᠦ ᠦᠭᠡᠢ ᠪᠠᠢᠭ᠎ᠠ ᠪᠠᠯᠳᠠᠨᠴᠡᠷᠢᠩ ᠳ᠋ᠦ᠍ ᠨᠢᠭᠡ ᠯᠡ ᠠᠶᠠᠭᠦᠢ᠂ ᠵᠢᠷᠦᠬᠡ ᠰᠢᠮᠰᠢᠷᠡᠨ ᠰᠡᠳᠬᠢᠯ ᠵᠣᠪᠠᠭᠤᠷᠢᠯᠠᠨ᠎ᠠ᠃ ᠵᠡᠷᠭᠡᠯᠡᠳᠡᠭᠡ ᠬᠡᠪᠲᠡᠵᠦ ᠪᠠᠢᠭ᠎ᠠ ᠵᠠᠮᠢᠶᠠᠨ᠂ ᠪᠤᠰᠤᠳ ᠲᠤ ᠮᠡᠳᠡᠭᠳᠡᠬᠦ ᠦᠭᠡᠢ ᠶ᠋ᠢ ᠬᠢᠴᠢᠶᠡᠨ ᠬᠠᠮᠠᠷ ᠢ᠋ᠶ᠋ᠠᠷ ᠢ᠋ᠶ᠋ᠠᠨ ᠢᠨᠴᠠᠭᠯᠠᠬᠤ ᠨᠢ《ᠡᠷᠡᠭᠦᠦ ᠰᠢᠭᠦᠯᠲᠡ ᠶ᠋ᠢ ᠦᠵᠡᠭᠰᠡᠨ ᠤᠤ》 ᠭᠡᠬᠦ ᠳ᠋ᠦ᠍᠄《ᠦᠵᠡᠭᠰᠡᠨ》 ᠭᠡᠳ᠄《ᠬᠦᠨᠳᠦ ᠡᠷᠡᠭᠦᠦ》 ᠭᠡᠬᠦ ᠳ᠋ᠦ᠍᠄《ᠲᠡᠢᠮᠦ》 ᠭᠡᠵᠦ ᠬᠠᠷᠢᠭᠤᠯᠤᠭᠰᠠᠨ ᠲᠠᠢ ᠪᠠᠨ ᠲᠣᠬᠢᠷᠠᠨ᠎ᠠ᠃  
       ᠨᠢᠭᠡ ᠡᠳᠦᠷ ᠥᠩᠭᠡᠷᠡᠵᠦ ᠨᠥᠭᠦᠭᠡ ᠡᠳᠦᠷ ᠡᠬᠢᠯᠡᠬᠦ ᠳ᠋ᠦ᠍ ᠱᠣᠷᠣᠩ ᠤ᠋ᠨ ᠬᠦᠨᠳᠦ ᠬᠠᠭᠠᠯᠭ᠎ᠠ ᠶ᠋ᠢᠨ ᠠᠷᠤ ᠳ᠋ᠤ᠌ ᠪᠠᠢᠨ ᠪᠠᠢᠨ ᠲᠦᠯᠬᠢᠭᠦᠷ ᠱᠠᠴᠢᠭᠢᠨᠠᠨ ᠴᠣᠣᠵᠢ ᠲᠦᠯᠬᠢᠭᠳᠡᠭᠡᠳ ᠬᠥᠨᠳᠡᠯᠡᠨ ᠳᠠᠷᠤᠭᠤᠯᠭ᠎ᠠ ᠲᠡᠮᠦᠷ ᠨᠢ ᠰᠢᠳᠡᠭᠳᠡᠨ ᠬᠠᠩ ᠶᠠᠩ ᠳᠤᠤᠭᠠᠷᠴᠤ᠂ ᠬᠠᠭᠠᠯᠭ᠎ᠠ ᠨᠡᠭᠡᠭᠡᠭᠳᠡᠨ ᠬᠥᠮᠦᠰ ᠳᠠᠭᠤᠳᠠᠭᠳᠠᠨ᠎ᠠ᠃ ᠬᠠᠭᠠᠯᠭ᠎ᠠ ᠨᠡᠭᠡᠭᠡᠭᠳᠡᠬᠦ ᠪᠦᠷᠢ ᠳᠡᠭᠡᠷ᠎ᠡ᠂ ᠱᠣᠷᠣᠩ ᠳ᠋ᠤ᠌ ᠡᠳᠦᠷ ᠦ᠋ᠨ ᠰᠠᠢᠬᠠᠨ ᠴᠠᠭᠠᠨ ᠭᠡᠷᠡᠯ ᠴᠠᠩ ᠬᠡᠦᠷᠡᠭ ᠮᠠᠨᠠᠯᠵᠠᠭᠤᠯᠤᠨ ᠣᠷᠣᠵᠤ ᠢᠷᠡᠬᠦ ᠪᠥᠭᠡᠳ ᠲᠡᠷᠡ ᠵᠠᠪᠰᠢᠶᠠᠨ ᠳ᠋ᠤ᠌ ᠬᠥᠮᠦᠰ ᠦ᠋ᠨ ᠴᠢᠷᠠᠢ ᠶ᠋ᠢ ᠠᠵᠢᠬᠤ ᠳ᠋ᠤ᠌᠄ ᠣᠳᠣ ᠨᠠᠮᠠᠶ᠋ᠢ ᠤᠤ ᠭᠡᠵᠦ ᠵᠢᠷᠦᠬᠡ ᠰᠢᠮᠰᠢᠷᠡᠵᠦ ᠪᠠᠢᠭ᠎ᠠ ᠨᠢ ᠢᠯᠡᠳᠲᠡ ᠦᠵᠡᠭᠳᠡᠨ᠎ᠡ᠃
      《ᠳᠠᠮᠳᠢᠨᠰᠦ᠋ᠷᠦᠩ ᠠ᠋!》 ᠭᠡᠵᠦ ᠬᠤᠶᠠᠭ ᠤ᠋ᠳ ᠤ᠋ᠨ ᠳᠠᠷᠤᠭ᠎ᠠ ᠶ᠋ᠢᠨ ᠳᠠᠭᠤᠳᠠᠬᠤ ᠳ᠋ᠤ᠌ ᠲᠡᠷᠲᠡᠭᠡ ᠬᠣᠢᠨ᠎ᠠ ᠠ᠋ᠴᠠ ᠮᠠᠩᠯᠠᠢ ᠸᠠᠩ ᠳᠠᠮᠳᠢᠨᠰᠦ᠋ᠷᠦᠩ ᠤᠷᠢᠳᠠ ᠤᠳᠠᠭ᠎ᠠ ᠶ᠋ᠢᠨ ᠢ᠋ᠶ᠋ᠡᠨ ᠡᠷᠡᠭᠦᠦ ᠰᠢᠭᠦᠯᠲᠡ ᠨᠦ᠍ᠭᠦᠳ ᠲᠦ᠍ ᠰᠢᠷᠬᠠᠯᠠᠭᠰᠠᠨ ᠡᠪᠡᠳᠴᠢᠲᠡᠢ ᠪᠡᠶ᠎ᠡ ᠪᠡᠨ ᠳᠠᠭᠠᠭᠠᠵᠤ ᠶᠠᠳᠠᠨ ᠪᠣᠰᠤᠨ᠎ᠠ᠃ ᠸᠠᠩ ᠤ᠋ᠨ ᠨᠠᠰᠤ ᠥᠨᠳᠥᠷ᠂ ᠪᠡᠶ᠎ᠡ ᠶᠠᠩᠬᠢᠭᠠᠷ᠂ ᠨᠢᠭᠤᠷ ᠲᠤ ᠪᠠᠨ ᠨᠢᠭᠡ ᠨᠠᠰᠤ ᠪᠠᠷ ᠲᠡᠮᠡᠴᠡᠯ ᠪᠠ ᠲᠡᠮᠡᠴᠡᠯ ᠦ᠋ᠨ ᠬᠠᠲᠠᠭᠤ ᠰᠢᠷᠦᠭᠦᠨ ᠬᠢᠭᠡᠳ ᠵᠣᠪᠠᠯᠠᠩ ᠵᠦᠳᠡᠭᠦᠷᠡᠯ ᠦᠵᠡᠭᠰᠡᠨ ᠢ᠋ᠶ᠋ᠡᠨ ᠭᠡᠷᠡᠴᠢᠯᠡᠬᠦ ᠳᠦᠭᠦᠷᠡᠩ᠂ ᠭᠦᠨ ᠰᠠᠭᠤᠭᠰᠠᠨ ᠦᠷᠴᠢᠯᠡᠭᠡᠰᠦ ᠨᠦ᠍ᠭᠦᠳ ᠲᠡᠢ ᠬᠥᠮᠦᠨ ᠪᠢᠯᠡ᠃  
       — ᠵᠠ ᠸᠠᠩ ᠮᠢᠨᠢ᠂ ᠥᠨᠥᠳᠥᠷ ᠮᠥᠨ ᠯᠡ ᠲᠡᠰᠪᠦᠷᠢᠯᠡᠨ᠎ᠡ ᠰᠢᠦ ᠳᠡ ᠭᠡᠵᠦ ᠬᠠᠵᠠᠭᠤ ᠶ᠋ᠢᠨ ᠨᠢᠭᠡᠨ ᠬᠥᠮᠦᠨ ᠦ᠌ ᠵᠠᠬᠢᠨ ᠥᠭᠦᠯᠡᠬᠦ ᠳ᠋ᠦ᠍᠄  
       — ᠲᠡᠭᠡᠨ᠎ᠡ ᠠ᠋! ᠮᠢᠬ᠎ᠠ ᠴᠢᠰᠤ ᠪᠠᠢᠲᠤᠭᠠᠢ ᠠᠮᠢᠨ ᠭᠣᠣᠯ ᠢ᠋ᠶ᠋ᠠᠨ ᠣᠭᠲᠣᠯᠤᠭᠤᠯᠪᠠᠴᠤ ᠲᠡᠰᠦᠨ᠎ᠡ ᠭᠡᠳ ᠮᠠᠩᠯᠠᠢ ᠸᠠᠩ ᠵᠥᠪᠬᠡᠨ ᠵᠢᠷᠦᠬᠡ ᠪᠡᠨ ᠪᠢᠰᠢ ᠪᠦᠬᠦ ᠪᠡᠶ᠎ᠡ ᠪᠡᠨ ᠴᠢᠩᠭᠠᠯᠠᠨ ᠡᠷᠡᠭᠦᠯ ᠬᠥᠮᠦᠨ ᠰᠢᠭ ᠭᠠᠪᠰᠢᠭᠠᠢᠯᠠᠨ ᠭᠢᠰᠬᠢᠵᠦ ᠱᠣᠷᠣᠩ ᠠ᠋ᠴᠠ ᠭᠠᠷᠪᠠ᠃ ᠢᠩᠭᠢᠬᠦ ᠳ᠋ᠦ᠍ ᠬᠡᠳᠦ ᠬᠡᠳᠦᠨ ᠬᠥᠮᠦᠨ ᠳᠠᠭᠤᠳᠠᠭᠳᠠᠨ ᠶᠠᠪᠤᠭᠰᠠᠨ ᠤ᠋ ᠳᠠᠷᠠᠭ᠎ᠠ᠂ ᠥᠴᠥᠭᠡᠳᠦᠷ ᠥᠪᠡᠷ ᠦ᠋ᠨ ᠤᠬᠠᠭᠠᠨ ᠦᠭᠡᠢ ᠲᠠᠮᠤᠯᠠᠭᠤᠯᠤᠨ ᠢᠷᠡᠭᠡᠳ ᠰᠥᠨᠢ ᠶ᠋ᠢᠨ ᠲᠤᠷᠰᠢ ᠶᠣᠣᠯᠠᠨ ᠨᠣᠢᠷ ᠦᠭᠡᠢ ᠬᠣᠨᠣᠭᠰᠠᠨ ᠫᠦᠷᠪᠦ ᠶ᠋ᠢᠨ ᠨᠡᠷ᠎ᠡ ᠭᠠᠷᠪᠠ᠃ ᠫᠦᠷᠪᠦ ᠠᠭᠤᠷᠲᠠᠢ ᠪᠠᠷ ᠥᠨᠳᠡᠢᠨ᠄ 
       — ᠲᠠ ᠨᠠᠷ ᠨᠠᠳᠠ ᠪᠠᠷ ᠶᠠᠮᠠᠷ ᠡᠯᠦᠨᠴᠡ ᠪᠡᠨ ᠬᠢᠬᠦ ᠬᠡ ᠪᠣᠢ? ᠨᠢᠭᠡ ᠳ᠋ᠦ᠍ ᠨᠠᠳᠠ ᠪᠣᠰᠬᠤ ᠴᠢᠳᠠᠯ ᠠᠯᠠᠭ᠎ᠠ᠃ ᠬᠣᠶᠠᠷ ᠲᠤ ᠶᠠᠭᠠᠬᠢᠯ᠎ᠠ ᠴᠦ᠍ ᠭᠡᠰᠡᠨ ᠮᠡᠳᠡᠭᠦᠯᠬᠦ ᠶᠠᠭᠤᠮ᠎ᠠ ᠪᠠᠢᠬᠤ ᠦᠭᠡᠢ ᠪᠣᠯᠬᠣᠷ ᠲᠠ ᠨᠠᠷ ᠲᠤ ᠠᠵᠢᠯ ᠤ᠋ᠨ ᠰᠠᠭᠠᠳ ᠭᠡᠵᠦ ᠬᠡᠯᠡ ᠭᠡᠵᠦ ᠵᠠᠩᠳᠤᠷᠤᠨ ᠬᠠᠰᠬᠢᠷᠪᠠ᠃ ᠭᠡᠯ᠎ᠡ ᠴᠦ᠍ ᠨᠡᠮᠡᠷᠢ ᠠᠯᠠᠭ᠎ᠠ᠃ ᠬᠣᠶᠠᠷ ᠬᠤᠶᠠᠭ ᠳᠠᠮᠨᠠᠭᠤᠷ ᠠᠪᠴᠢᠷᠠᠨ ᠳᠡᠭᠡᠷ᠎ᠡ ᠨᠢ ᠲᠠᠯᠪᠢᠭᠠᠳ ᠶᠠᠪᠤᠯ᠎ᠠ᠃  
       ᠬᠠᠮᠤᠭ ᠤ᠋ᠨ ᠡᠴᠦᠰ ᠲᠦ᠍ ᠪᠠᠯᠳᠠᠨᠴᠡᠷᠢᠩ ᠳᠠᠭᠤᠳᠠᠭᠳᠠᠯ᠎ᠠ᠃《ᠣᠳᠣ ᠪᠤᠰᠤᠳ ᠤ᠋ᠨ ᠠᠳᠠᠯᠢ ᠬᠦᠨᠳᠦ ᠡᠷᠡᠭᠦᠦ ᠰᠢᠭᠦᠯᠲᠡ ᠦᠵᠡᠨ᠎ᠡ ᠪᠣᠢ》 ᠭᠡᠬᠦ ᠡᠴᠡ ᠰᠡᠳᠬᠢᠯ ᠲᠦᠭᠰᠢᠵᠦ ᠪᠠᠢᠯ᠎ᠠ᠃ ᠭᠡᠪᠡᠴᠦ ᠱᠣᠷᠣᠩ ᠠ᠋ᠴᠠ ᠭᠠᠷᠤᠮᠠᠭᠴᠠ ᠡᠷᠡᠭᠦᠯ ᠠᠭᠠᠷ ᠥᠭᠡᠳᠡ ᠡᠴᠡ ᠨᠢ ᠤᠭᠲᠤᠨ ᠠᠭᠤᠰᠬᠢᠨ ᠳ᠋ᠤᠨᠢ ᠰᠡᠩᠭᠢᠨᠡᠵᠦ᠂ ᠲᠤᠩᠭᠠᠯᠠᠭ ᠨᠠᠷᠠᠨ ᠴᠢᠯᠠᠰ ᠪᠠᠭᠤᠨ ᠬᠣᠯᠠ ᠣᠢᠷ᠎ᠠ ᠶ᠋ᠢᠨ ᠶᠠᠭᠤᠮ᠎ᠠ ᠶ᠋ᠢ ᠨᠢᠳᠦᠨ ᠦ᠌ ᠬᠢᠨᠢ ᠡᠮᠦᠨ᠎ᠡ ᠠᠪᠴᠢᠷᠠᠭᠰᠠᠨ ᠢ᠋ ᠬᠡᠯᠡᠬᠦ ᠤᠤ᠂ ᠰᠡᠳᠬᠢᠯ ᠦ᠋ᠨ ᠠᠶᠠᠭᠦᠢᠴᠡᠯ ᠳᠣᠣᠷᠠᠬᠠᠨ ᠢ᠋ᠶ᠋ᠠᠨ ᠠᠷᠢᠯᠵᠤ᠄《ᠦᠭᠡᠢ ᠡᠨᠡ ᠠᠭᠠᠷ᠂ ᠡᠨᠡ ᠨᠠᠷᠠ᠂ ᠠᠢ ᠳᠠ ᠡᠨᠡ ᠶᠢᠷᠲᠢᠨᠴᠦ ᠶ᠋ᠢᠨ ᠬᠠᠮᠤᠭ ᠰᠠᠢᠬᠠᠨ ᠨᠢ ᠡᠨᠡ ᠠᠭᠠᠷ ᠨᠠᠷᠠ ᠬᠣᠶᠠᠷ ᠲᠠᠭᠠᠨ ᠪᠠᠢᠳᠠᠭ ᠶᠤᠮ ᠪᠠᠢᠨ᠎ᠠ ᠳᠠ》 ᠭᠡᠵᠦ ᠪᠣᠳᠣᠵᠠᠢ᠃ 
       ᠤᠭ ᠱᠣᠷᠣᠩ ᠢ᠋ ᠰᠠᠭᠤᠯᠭᠠᠨ ᠪᠠᠷᠢᠭᠰᠠᠨ ᠳᠡᠨᠵᠢ ᠳᠡᠭᠡᠷ᠎ᠡ ᠭᠠᠷᠤᠮᠠᠭᠴᠠ ᠭᠠᠮᠢᠩ ᠤ᠋ᠨ ᠣᠯᠠᠨ ᠶᠠᠮᠤᠳ ᠢ᠋ ᠨᠢᠭᠡ ᠳᠣᠣᠷ᠎ᠠ ᠲᠥᠪᠯᠡᠷᠡᠭᠦᠯᠦᠭᠰᠡᠨ《ᠰᠧᠯᠢᠩᠪᠦ ᠶ᠋ᠢᠨ ᠶᠠᠮᠤᠨ》 ᠭᠡᠭᠴᠢ ᠬᠡᠳᠦᠨ ᠪᠠᠢᠰᠢᠩ ᠤ᠋ᠳ ᠤᠷᠤᠭᠤ ᠣᠷᠣᠨ᠎ᠠ᠃ ᠲᠡᠭᠦᠨ ᠦ᠌ ᠳᠤᠮᠳᠠᠬᠠᠨ ᠲᠠᠢ ᠴᠣᠩᠬᠣ ᠪᠦᠷᠢ ᠪᠡᠬᠢ ᠪᠠᠲᠤ ᠲᠡᠮᠦᠷ ᠰᠡᠷᠡᠯᠵᠢ ᠪᠡᠷ ᠪᠡᠬᠢᠯᠡᠭᠰᠡᠨ ᠬᠥᠨᠳᠡᠯᠡᠨ ᠴᠠᠭᠠᠨ ᠪᠠᠢᠰᠢᠩ ᠪᠠᠢᠳᠠᠭ ᠨᠢ ᠬᠡᠷᠡᠭᠲᠡᠨ ᠢ᠋ ᠰᠢᠭᠦᠳᠡᠭ ᠰᠢᠭᠦᠬᠦ ᠶᠠᠮᠤᠨ ᠨᠢ ᠪᠠᠢᠯ᠎ᠠ᠃ ᠬᠠᠭᠠᠯᠭ᠎ᠠ ᠶ᠋ᠢ ᠲᠡᠳᠡᠨ ᠣᠷᠣᠮᠠᠭᠴᠠ᠂ ᠤᠷᠲᠤ ᠭᠤᠲᠤᠮ ᠨᠢᠳᠦᠨ᠎ᠡ ᠲᠤᠰᠤᠨ᠎ᠠ᠃ ᠲᠡᠭᠦᠨ ᠦ᠌ ᠣᠷᠣᠭᠰᠢ ᠬᠠᠷᠠᠭᠰᠠᠨ ᠲᠠᠪᠤ ᠵᠢᠷᠭᠤᠭᠠᠨ ᠲᠠᠰᠤᠯᠭ᠎ᠠ ᠪᠦᠷᠢ ᠡᠴᠡ ᠳᠠᠩ ᠰᠢᠷᠦᠭᠦᠨ ᠠᠪᠢᠶ᠎ᠠ᠄ ᠬᠡᠯᠡ! ᠴᠣᠬᠢ! ᠭᠡᠵᠦ ᠬᠢᠲᠠᠳ ᠬᠥᠮᠦᠰ ᠦ᠋ᠨ ᠤᠷᠲᠤ ᠬᠠᠰᠬᠢᠷᠤᠭ᠎ᠠ ᠶ᠋ᠢ ᠬᠡᠯᠡᠮᠦᠷᠴᠢ ᠪᠡᠷ ᠳᠠᠪᠲᠠᠭᠰᠠᠨ ᠬᠠᠰᠬᠢᠷᠤᠯᠲᠠ᠂ ᠪᠠᠩᠵᠠ᠂ ᠱᠠᠬᠠᠢ ᠳᠡᠰ ᠨᠢᠰ ᠪᠠᠭᠤᠬᠤ᠂ ᠬᠠᠷᠢᠭᠤ ᠳ᠋ᠤᠨᠢ《ᠡᠨᠡ ᠡᠵᠡᠳ ᠮᠢᠨᠢ ᠥᠷᠥᠰᠢᠶᠡ᠂ ᠪᠢ ᠮᠡᠳᠡᠬᠦ ᠦᠭᠡᠢ᠂ ᠴᠢᠩ ᠦᠨᠡᠨ ᠮᠢᠨᠢ ᠡᠨᠡ ᠠ᠋!》 ᠭᠡᠵᠦ ᠤᠬᠢᠯᠠᠬᠤ᠂ ᠪᠠᠷᠬᠢᠷᠠᠬᠤ᠂ ᠬᠠᠷᠢᠶᠠᠬᠤ᠂ ᠬᠡᠳᠡᠷᠯᠡᠬᠦ᠂ ᠤᠬᠠᠭᠠᠨ ᠠᠯᠲᠠᠨ ᠮᠠᠭᠤᠵᠢᠷᠠᠬᠤ᠂ ᠳᠥᠩᠭᠡᠨ ᠲᠠᠩᠭᠠᠨ ᠢᠨᠴᠠᠭᠯᠠᠬᠤ ᠡᠨᠡ ᠪᠦᠭᠦᠳᠡ ᠨᠢᠭᠡ ᠵᠡᠷᠭᠡ ᠰᠣᠨᠣᠰᠳᠠᠨ᠎ᠠ᠃ ᠶᠡᠷᠦ ᠡᠨᠳᠡ ᠠᠯᠪᠠᠨ ᠬᠡᠷᠡᠭ ᠢ᠋ᠶ᠋ᠡᠨ ᠶᠠᠪᠤᠭᠤᠯᠵᠤ ᠪᠠᠢᠭ᠎ᠠ ᠦᠶ᠎ᠡ ᠪᠡᠷ ᠢᠯᠠᠩᠭᠤᠶ᠎ᠠ ᠪᠠᠢᠴᠠᠭᠠᠭᠳᠠᠬᠤ ᠪᠠᠷ ᠣᠷᠣᠵᠤ ᠢᠷᠡᠵᠦ ᠪᠠᠢᠭ᠎ᠠ ᠬᠥᠮᠦᠨ ᠳ᠋ᠦ᠍ ᠮᠠᠰᠢ ᠬᠦᠨᠳᠦ᠂ ᠥᠪᠡᠷ ᠦ᠋ᠨ ᠡᠷᠬᠡ ᠦᠭᠡᠢ ᠵᠢᠷᠦᠬᠡ ᠠᠯᠳᠠᠬᠤ ᠪᠥᠭᠡᠳ ᠲᠡᠷᠡ ᠶᠣᠰᠣᠭᠠᠷ ᠪᠠᠯᠳᠠᠨᠴᠡᠷᠢᠩ ᠦ᠋ᠨ ᠵᠢᠷᠦᠬᠡ ᠱᠠᠵᠢᠭᠢᠨᠠᠨ ᠰᠢᠮᠰᠢᠷᠡᠨ᠎ᠡ᠃ ᠭᠡᠪᠡᠴᠦ ᠪᠠᠯᠳᠠᠨᠴᠡᠷᠢᠩ ᠲᠡᠷᠡ ᠳᠣᠣᠷᠠᠬᠠᠨ ᠢ᠋ᠶ᠋ᠠᠨ᠄ ᠠᠶᠤᠨ ᠰᠦᠷᠳᠡᠬᠦ ᠪᠣᠯ ᠳᠡᠮᠡᠢ ᠪᠠᠯᠠᠢ ᠳᠣᠩᠭᠣᠰᠬᠤ ᠳ᠋ᠤ᠌ ᠬᠦᠷᠬᠦ ᠶ᠋ᠢᠨ ᠲᠡᠮᠳᠡᠭ ᠰᠢᠦ ᠳᠡ ᠭᠡᠬᠦ ᠪᠣᠳᠣᠨ ᠵᠢᠷᠦᠬᠡ ᠴᠢᠩᠭᠠᠯᠠᠨ ᠰᠡᠳᠬᠢᠯ ᠢ᠋ᠶ᠋ᠡᠨ ᠢᠳᠬᠠᠪᠠ᠃  
       ᠤᠷᠢᠳᠠ ᠨᠢ ᠶᠠᠪᠤᠭ᠎ᠠ ᠭᠠᠮᠢᠩ ᠳᠠᠷᠤᠭ᠎ᠠ ᠨᠢᠭᠡ ᠲᠠᠰᠤᠯᠭᠠᠨ ᠤ᠋ ᠬᠠᠭᠠᠯᠭ᠎ᠠ ᠨᠡᠭᠡᠭᠡᠨ ᠳᠣᠲᠣᠭᠰᠢ ᠣᠷᠣᠬᠤ ᠶ᠋ᠢ ᠳᠣᠬᠢᠪᠠ᠃ ᠬᠢᠲᠠᠳ ᠮᠠᠶᠢᠭ ᠤ᠋ᠨ ᠠᠯᠪᠠᠨ ᠰᠢᠷᠡᠭᠡᠨ ᠦ᠌ ᠠᠷᠤ ᠳ᠋ᠤ᠌ ᠲᠠᠷᠭᠤᠨ ᠴᠠᠳᠬᠤᠯᠠᠩ ᠪᠡᠶ᠎ᠡ ᠲᠡᠢ᠂ ᠴᠠᠭᠠᠨ ᠴᠢᠷᠠᠢ ᠲᠠᠢ᠂ ᠨᠢᠳᠦᠨ ᠳ᠋ᠡᠭᠡᠨ ᠰᠢᠯ ᠲᠡᠢ᠂ ᠮᠥᠷᠦᠨ ᠳᠡᠭᠡᠷ᠎ᠡ ᠪᠡᠨ ᠳᠤᠮᠳᠠ ᠲᠤᠰᠢᠶᠠᠯᠲᠠᠨ ᠤ᠋ ᠲᠡᠮᠳᠡᠭ ᠵᠡᠭᠦᠭᠰᠡᠨ ᠴᠡᠷᠢᠭ ᠬᠤᠪᠴᠠᠰᠤ ᠲᠠᠢ ᠰᠡᠬᠡᠭᠡᠲᠡᠨ ᠦ᠌ ᠰᠢᠨᠵᠢ ᠪᠦᠬᠦᠢ ᠬᠥᠮᠦᠨ ᠰᠠᠭᠤᠵᠤ ᠪᠠᠢᠭ᠎ᠠ ᠦᠵᠡᠭᠳᠡᠨ᠎ᠡ᠃ ᠡᠨᠡ ᠪᠣᠯ ᠪᠠᠢᠴᠠᠭᠠᠭᠴᠢ ᠠᠵᠢ᠃ ᠪᠠᠯᠳᠠᠨᠴᠡᠷᠢᠩ ᠴᠦ᠍ ᠪᠠᠢᠴᠠᠭᠠᠭᠴᠢ ᠪᠣᠯᠬᠤ ᠶ᠋ᠢ ᠨᠢ ᠬᠠᠷᠠᠬᠤ ᠲᠠᠢ ᠪᠠᠨ ᠵᠡᠷᠭᠡ ᠮᠡᠳᠡᠨ᠂ ᠠᠰᠠᠭᠤᠯᠲᠠ ᠪᠦᠷᠢ ᠬᠠᠰᠢᠷᠯᠠᠨ ᠬᠠᠷᠢᠭᠤᠯᠬᠤ ᠪᠠᠨ ᠪᠣᠳᠣᠪᠠ᠃ 
       — ᠲᠠ ᠲᠡᠨᠳᠡ ᠰᠠᠭᠤ ᠭᠡᠵᠦ ᠪᠠᠢᠴᠠᠭᠠᠭᠴᠢ ᠡᠶᠡᠯᠳᠡᠭ ᠢ᠋ᠶ᠋ᠡᠷ ᠢᠨᠢᠶᠡᠮᠰᠦᠭᠯᠡᠨ ᠥᠪᠡᠷ ᠦ᠋ᠨ ᠢ᠋ᠶ᠋ᠡᠨ ᠰᠢᠷᠡᠭᠡᠨ ᠡᠴᠡ ᠭᠤᠷᠪᠠᠨ ᠠᠯᠬᠤᠮ ᠤ᠋ᠨ ᠵᠠᠢ ᠲᠠᠢ ᠲᠠᠯᠪᠢᠭᠰᠠᠨ ᠪᠢᠴᠢᠬᠠᠨ ᠪᠠᠨᠲᠠᠩ ᠰᠠᠨᠳᠠᠯᠢ ᠤᠷᠤᠭᠤ ᠭᠠᠷ ᠰᠤᠩᠭᠠᠨ ᠵᠢᠭᠠᠪᠠ᠃ ᠪᠠᠯᠳᠠᠨᠴᠡᠷᠢᠩ ᠦᠯᠦ ᠣᠢᠯᠠᠭᠠᠬᠤ ᠪᠠᠢᠳᠠᠯ ᠢ᠋ᠶ᠋ᠠᠷ ᠠᠯᠮᠠᠢᠷᠠᠨ ᠵᠣᠭᠰᠣᠵᠤ᠄ ᠡᠨᠡ ᠬᠥᠮᠦᠨ ᠲᠡᠢ ᠬᠢᠲᠠᠳ ᠢ᠋ᠶ᠋ᠠᠷ ᠶᠠᠷᠢᠬᠤ ᠤᠤ ᠪᠠᠢᠬᠤ ᠤᠤ ᠭᠡᠳᠡᠭ ᠢ᠋ᠶ᠋ᠡᠨ ᠪᠣᠳᠣᠪᠠ᠃ ᠬᠢᠲᠠᠳ ᠬᠡᠯᠡ ᠪᠡᠷ ᠪᠠᠢᠴᠠᠭᠠᠭᠳᠠᠬᠤ ᠶ᠋ᠢᠨ ᠣᠷᠣᠨ ᠳ᠋ᠤ᠌ ᠬᠡᠯᠡᠮᠦᠷᠴᠢ ᠪᠡᠷ ᠳᠠᠮᠵᠢᠭᠤᠯᠤᠨ ᠪᠠᠢᠴᠠᠭᠠᠭᠳᠠᠪᠠᠯ ᠬᠡᠯᠡᠬᠦ ᠦᠭᠡ ᠶ᠋ᠢ ᠪᠣᠳᠣᠬᠤ ᠳ᠋ᠤ᠌ ᠴᠢᠯᠥᠭᠡ ᠲᠡᠢ ᠪᠠᠢᠯᠭᠠᠵᠤ ᠪᠣᠯᠬᠤ ᠰᠢᠭ᠋ ᠰᠠᠨᠠᠭᠳᠠᠵᠠᠢ᠃ ᠥᠨᠥᠬᠢ ᠪᠠᠢᠴᠠᠭᠠᠭᠴᠢ ᠲᠦᠷᠦᠭᠦᠴᠢ ᠶ᠋ᠢᠨ ᠢ᠋ᠶ᠋ᠡᠨ ᠦᠭᠡ ᠶ᠋ᠢ ᠳᠠᠪᠲᠠᠨ᠂ ᠳᠠᠬᠢᠨ ᠰᠠᠨᠳᠠᠯᠢ ᠤᠷᠤᠭᠤ ᠵᠢᠭᠠᠪᠠ᠃ ᠪᠠᠯᠳᠠᠨᠴᠡᠷᠢᠩ ᠵᠥᠪᠬᠡᠨ ᠳᠣᠬᠢᠯᠲᠠ ᠶ᠋ᠢ ᠣᠢᠯᠠᠭᠠᠬᠤ ᠪᠠᠢᠳᠠᠯ ᠭᠠᠷᠭᠠᠨ ᠰᠠᠨᠳᠠᠯᠢ ᠳᠡᠭᠡᠷ᠎ᠡ ᠰᠠᠭᠤᠪᠠ᠃ ᠪᠠᠢᠴᠠᠭᠠᠭᠴᠢ ᠭᠠᠢᠬᠠᠭᠰᠠᠨ ᠴᠢᠷᠠᠢ ᠭᠠᠷᠭᠠᠨ ᠲᠠᠪᠤ᠂ ᠠᠷᠪᠠᠨ ᠬᠠᠭᠤᠳᠠᠰᠤ ᠠᠬᠤᠭᠤᠯᠤᠭᠰᠠᠨ ᠬᠠᠪᠲᠠᠰᠤ ᠨᠡᠭᠡᠭᠡᠨ ᠭᠠᠪᠰᠢᠭᠠᠢᠯᠠᠨ ᠬᠠᠷᠠᠭᠰᠠᠨ ᠢ᠋ᠶ᠋ᠠᠨ᠄  
       — ᠲᠠ ᠬᠢᠲᠠᠳ ᠬᠡᠯᠡ ᠰᠠᠢᠨ ᠮᠡᠳᠡᠳᠡᠭ ᠠᠲᠠᠯ᠎ᠠ ᠪᠠᠨ ᠶᠠᠭᠠᠬᠢᠭᠠᠳ ᠮᠢᠨᠦ ᠦᠭᠡ ᠶ᠋ᠢ ᠣᠢᠯᠠᠭᠠᠬᠤ ᠦᠭᠡᠢ ᠪᠠᠢᠨ᠎ᠠ ᠪᠣᠢ? 
       ᠪᠠᠯᠳᠠᠨᠴᠡᠷᠢᠩ ᠲᠣᠯᠣᠭᠠᠢ ᠰᠡᠭᠰᠦᠷᠪᠡ᠃ ᠪᠠᠢᠴᠠᠭᠠᠭᠴᠢ《ᠬᠠᠢ》 ᠭᠡᠵᠦ ᠳᠠᠭᠤ ᠠᠯᠲᠠᠨ ᠪᠣᠰᠤᠨ᠂ ᠣᠢᠷᠠᠲᠤᠨ ᠢᠷᠡᠵᠦ᠄ ᠵᠦᠭᠡᠷ ᠬᠢᠲᠠᠳ ᠢ᠋ᠶ᠋ᠠᠷ ᠶᠠᠷᠢ! ᠲᠠ ᠣᠳᠣ ᠬᠡᠳᠦᠢᠪᠡᠷ ᠱᠣᠷᠣᠩ ᠳ᠋ᠤ᠌ ᠪᠠᠢᠭ᠎ᠠ ᠪᠣᠯᠪᠠᠴᠤ ᠬᠦᠨᠳᠦ ᠬᠡᠷᠡᠭᠲᠡᠨ ᠪᠢᠰᠢ᠂ ᠨᠢᠭᠡ ᠬᠣᠶᠠᠷ ᠠᠰᠠᠭᠤᠭᠠᠳ ᠰᠤᠯᠠᠯᠠᠭᠳᠠᠨ᠎ᠠ᠂ ᠲᠡᠭᠡᠭᠡᠳ ᠲᠠᠨ ᠳ᠋ᠤ᠌ ᠬᠦᠰᠡᠯ ᠪᠠᠢᠪᠠᠯ ᠪᠢᠳᠡ ᠲᠠᠨ ᠢ᠋ ᠠᠯᠪᠠᠨ ᠠᠵᠢᠯ ᠳ᠋ᠤ᠌ ᠣᠷᠣᠭᠤᠯᠤᠨ ᠠᠪᠴᠤ ᠪᠣᠯᠤᠨ᠎ᠠ᠃ ᠵᠠ ᠮᠢᠨᠦ ᠴᠢᠩ ᠰᠡᠳᠬᠢᠯ ᠦ᠋ᠨ ᠦᠭᠡ ᠡᠢᠮᠦ ᠪᠠᠢᠨ᠎ᠠ ᠭᠡᠵᠦ ᠴᠡᠪᠡᠷ ᠪᠡᠭᠡᠵᠢᠩ ᠬᠡᠯᠡᠨ ᠦ᠌ ᠭᠠᠩᠭᠠᠨ ᠠᠶᠠᠯᠭᠤ ᠶ᠋ᠢ ᠤᠯᠠᠮ ᠢ᠋ᠶ᠋ᠠᠷ ᠤᠶᠠᠨ ᠬᠠᠳᠠᠨ ᠪᠣᠯᠭᠠᠨ ᠥᠭᠦᠯᠡᠪᠡ᠃ ᠪᠠᠯᠳᠠᠨᠴᠡᠷᠢᠩ᠄  
       — ᠪᠢ ᠬᠢᠲᠠᠳ ᠬᠡᠯᠡ ᠮᠡᠳᠡᠬᠦ ᠦᠭᠡᠢ ᠭᠡᠵᠦ ᠮᠣᠩᠭᠣᠯ ᠢ᠋ᠶ᠋ᠠᠷ ᠥᠭᠦᠯᠡᠨ᠂ ᠲᠣᠯᠣᠭᠠᠢ ᠰᠡᠭᠰᠦᠷᠪᠡ᠃ ᠪᠠᠢᠴᠠᠭᠠᠭᠴᠢ ᠶ᠋ᠢᠨ ᠴᠢᠷᠠᠢ ᠬᠣᠪᠢᠰᠬᠢᠨ᠄ 
       — ᠮᠠᠭᠤ ᠪᠠᠢᠨ᠎ᠠ ᠭᠡᠰᠡᠨ ᠢ᠋ᠶ᠋ᠡᠨ ᠬᠠᠭᠤᠷᠮᠠᠭ ᠢ᠋ᠶ᠋ᠠᠷ ᠢᠨᠢᠶᠡᠮᠰᠦᠭᠯᠡᠨ᠄ ᠠᠷᠠᠢ ᠲᠠ ᠨᠠᠳᠠ ᠲᠠᠢ ᠡᠪᠯᠡᠷᠡᠬᠦ ᠶ᠋ᠢᠨ ᠣᠷᠣᠨ ᠳ᠋ᠤ᠌ ᠳᠠᠢᠰᠤᠩᠨᠠᠯᠴᠠᠬᠤ ᠶ᠋ᠢ ᠪᠣᠳᠣᠵᠤ ᠪᠠᠢᠭ᠎ᠠ ᠦᠭᠡᠢ ᠪᠣᠢ ᠵ᠎ᠠ? ᠭᠡᠵᠦ ᠬᠡᠯᠡᠩᠭᠦᠲᠡ ᠪᠡᠨ ᠳᠠᠬᠢᠨ ᠣᠢᠷᠠᠲᠤᠨ᠎ᠠ᠃ 
       ᠪᠠᠯᠳᠠᠨᠴᠡᠷᠢᠩ ᠲᠣᠯᠣᠭᠠᠢ ᠰᠡᠭᠰᠦᠷᠪᠡ᠃  
       — ᠲᠠ ᠪᠣᠳᠣᠬᠤ ᠬᠡᠷᠡᠭᠲᠡᠢ! ᠬᠡᠷᠪᠡ ᠪᠣᠳᠣᠬᠤ ᠦᠭᠡᠢ ᠪᠣᠯ ᠥᠪᠡᠷ ᠲᠦ᠍ ᠴᠢᠨᠢ ᠮᠠᠭᠤ ᠪᠣᠯᠤᠨ᠎ᠠ᠃ 
       ᠪᠠᠯᠳᠠᠨᠴᠡᠷᠢᠩ ᠳᠠᠬᠢᠨ ᠲᠣᠯᠣᠭᠠᠢ ᠰᠡᠭᠰᠦᠷᠪᠡ᠃ ᠪᠠᠢᠴᠠᠭᠠᠭᠴᠢ ᠶ᠋ᠢᠨ ᠠᠷᠭ᠎ᠠ ᠪᠠᠷᠠᠭᠳᠠᠪᠠ ᠪᠣᠯᠤᠯᠲᠠᠢ᠂ ᠪᠠᠯᠳᠠᠨᠴᠡᠷᠢᠩ ᠦ᠋ᠨ ᠨᠢᠭᠤᠷ ᠥᠭᠡᠳᠡ ᠨᠢᠭᠡ ᠬᠡᠰᠡᠭ ᠨᠢᠳᠦ ᠴᠠᠪᠴᠢᠯ ᠦᠭᠡᠢ ᠰᠢᠷᠳᠡᠭᠰᠡᠨ ᠢ᠋ᠶ᠋ᠡᠨ ᠠᠭᠤᠷᠯᠠᠨ ᠡᠷᠭᠢᠵᠦ᠂ ᠬᠠᠭᠠᠯᠭ᠎ᠠ ᠨᠡᠭᠡᠭᠡᠨ ᠨᠢᠭᠡ ᠬᠥᠮᠦᠨ ᠢ᠋ ᠳᠠᠭᠤᠳᠠᠪᠠ᠃ ᠡᠨᠡ ᠳᠠᠷᠤᠢ ᠲᠠᠰᠢᠶᠠᠨ ᠳ᠋ᠠᠭᠠᠨ ᠬᠦᠷᠦᠭᠰᠡᠨ ᠣᠨᠣᠭᠣ ᠲᠠᠢ ᠤᠷᠲᠤ ᠨᠠᠷᠢᠬᠠᠨ ᠬᠠᠷ᠎ᠠ ᠳᠡᠪᠡᠯ ᠲᠡᠢ ᠬᠢᠲᠠᠳ ᠬᠡᠯᠡᠮᠦᠷᠴᠢ ᠣᠷᠣᠵᠤ ᠢᠷᠡᠪᠡ᠃ ᠪᠠᠢᠴᠠᠭᠠᠭᠴᠢ ᠰᠢᠷᠡᠭᠡᠨ ᠦ᠌ ᠪᠡᠨ ᠠᠷᠤ ᠳ᠋ᠤ᠌ ᠳᠠᠪᠠᠯᠠᠨ ᠰᠠᠭᠤᠵᠤ ᠲᠦᠷᠦᠭᠦᠨ ᠨᠢᠭᠡ ᠤᠳᠠᠭ᠎ᠠ ᠨᠡᠭᠡᠭᠡᠭᠰᠡᠨ ᠲᠠᠪᠤ᠂ ᠠᠷᠪᠠᠨ ᠬᠠᠭᠤᠳᠠᠰᠤ ᠬᠠᠪᠴᠢᠭᠤᠯᠤᠭᠰᠠᠨ ᠬᠠᠪᠲᠠᠰᠤ ᠪᠠᠨ ᠨᠡᠭᠡᠭᠡᠨ ᠪᠠᠯᠳᠠᠨᠴᠡᠷᠢᠩ ᠦ᠋ᠨ ᠨᠡᠷ᠎ᠡ᠂ ᠨᠠᠰᠤ᠂ ᠤᠳᠠᠭ᠎ᠠ ᠳᠠᠷᠠᠭ᠎ᠠ ᠶ᠋ᠢᠨ ᠬᠠᠭᠠᠭᠰᠠᠨ ᠠᠯᠪᠠᠨ ᠠᠵᠢᠯ ᠡᠨᠡ ᠲᠡᠷᠡ ᠶ᠋ᠢ ᠯᠠᠪᠯᠠᠨ ᠠᠰᠠᠭᠤᠨ᠎ᠠ᠃ ᠲᠡᠷᠡ ᠪᠦᠷᠢ ᠳᠡᠭᠡᠷ᠎ᠡ ᠪᠠᠯᠳᠠᠨᠴᠡᠷᠢᠩ ᠰᠢᠯᠤᠭᠤᠨ ᠰᠢᠭᠤᠷᠬᠠᠢ ᠬᠠᠷᠢᠭᠤᠯᠵᠤ ᠪᠠᠢᠭᠰᠠᠨ ᠢ᠋ᠶ᠋ᠠᠨ᠄《ᠬᠢᠲᠠᠳ ᠬᠡᠯᠡ ᠮᠡᠳᠡᠳᠡᠭ ᠤᠤ》 ᠭᠡᠳᠡᠭ ᠳᠡᠭᠡᠷ᠎ᠡ᠄ 
       — ᠦᠭᠡᠢ ᠠ᠋᠂ ᠪᠢ ᠮᠡᠳᠡᠳᠡᠭ ᠦᠭᠡᠢ᠃ 
       — ᠶᠠᠭᠤ᠂ ᠲᠠ ᠮᠡᠳᠡᠳᠡᠭ ᠰᠢᠦ ᠳᠡ? 
       — ᠦᠭᠡᠢ᠂ ᠪᠢ ᠮᠡᠳᠡᠳᠡᠭ ᠦᠭᠡᠢ᠃ 
       ᠢᠩᠭᠢᠭᠰᠡᠭᠡᠷ ᠨᠢᠭᠡ ᠬᠡᠰᠡᠭ《ᠮᠡᠳᠡᠨ᠎ᠡ!》《ᠮᠡᠳᠡᠬᠦ ᠦᠭᠡᠢ》 ᠭᠡᠰᠡᠨ ᠮᠡᠳᠬᠡᠯᠴᠡᠭᠡᠨ ᠶᠠᠪᠤᠭᠳᠠᠭᠠᠳ ᠡᠴᠦᠰ ᠲᠦ᠋ᠨᠢ ᠪᠠᠢᠴᠠᠭᠠᠭᠴᠢ ᠡᠭᠳᠡᠭᠦᠴᠡᠨ᠄ 
       — ᠵᠠ ᠶᠠᠭᠠᠬᠢᠬᠤᠪ᠂ ᠡᠨᠡ ᠪᠣᠯ ᠮᠢᠨᠦ ᠲᠠᠨ ᠠ᠋ᠴᠠ ᠠᠰᠠᠭᠤᠬᠤ ᠵᠦᠢᠯ ᠦ᠋ᠨ ᠭᠣᠣᠯ ᠪᠢᠰᠢ ᠪᠣᠯᠬᠷ ᠪᠢ ᠤᠷᠭᠢᠶ᠎ᠠ᠃ ᠭᠡᠪᠡᠴᠦ ᠪᠢ ᠲᠠᠨ ᠤ᠋ ᠬᠢᠲᠠᠳ ᠬᠡᠯᠡ ᠮᠡᠳᠡᠳᠡᠭ ᠢ᠋ ᠥᠪᠡᠷ ᠲᠡᠭᠡᠨ ᠬᠠᠳᠠᠭᠠᠯᠠᠨ᠎ᠠ᠃ ᠲᠠ ᠴᠦ᠍ ᠮᠡᠳᠡᠬᠦ ᠦᠭᠡᠢ ᠭᠡᠵᠦ ᠵᠢᠳᠬᠦᠭᠰᠡᠨ ᠢ᠋ᠶ᠋ᠡᠨ ᠬᠤᠪᠢ ᠳ᠋ᠠᠭᠠᠨ ᠬᠠᠳᠠᠭᠠᠯᠠᠭᠠᠷᠠᠢ! ᠭᠡᠵᠦ ᠵᠠᠨᠤᠯᠬᠢᠯᠠᠭᠠᠳ᠄ 
       — ᠣᠳᠣ ᠪᠢ ᠲᠠᠨ ᠠ᠋ᠴᠠ ᠵᠠᠪᠠᠯ ᠮᠡᠳᠡᠪᠡᠯ ᠵᠣᠬᠢᠬᠤ ᠵᠦᠢᠯ ᠳ᠋ᠡᠭᠡᠨ ᠣᠷᠣᠶ᠎ᠠ᠃ ᠲᠠ ᠰᠦᠬᠡᠪᠠᠭᠠᠲᠤᠷ ᠲᠠᠢ ᠴᠣᠬᠣᠮ ᠬᠡᠳᠦᠢ ᠡᠴᠡ ᠡᠬᠢᠯᠡᠨ ᠨᠠᠢᠵᠢ ᠨᠥᠬᠥᠳ ᠪᠣᠯᠤᠯᠴᠠᠭᠰᠠᠨ ᠪᠣᠢ?   
       — ᠦᠭᠡᠢ᠂ ᠪᠢ ᠲᠠᠨᠢᠬᠤ ᠦᠭᠡᠢ᠃  
       — ᠲᠠᠨᠢᠬᠤ ᠦᠭᠡᠢ ᠭᠡᠨ᠎ᠡ? ᠪᠠᠷ᠎ᠠ ᠶ᠋ᠢ ᠨᠢ ᠬᠠᠷᠠᠭ᠎ᠠ ᠦᠭᠡᠢ ᠭᠡᠵᠦ ᠤᠤ? 
       — ᠬᠠᠷᠠᠭᠰᠠᠨ᠃ ᠴᠣᠬᠣᠮ ᠨᠢᠭᠤᠷ ᠤᠴᠠᠷᠠᠨ ᠦᠭᠡ ᠬᠡᠯᠡ ᠠᠪᠤᠯᠴᠠᠵᠤ ᠪᠠᠢᠭᠰᠠᠨ ᠤᠳᠠᠭ᠎ᠠ ᠠᠯᠠᠭ᠎ᠠ᠃ 
       — ᠶᠠᠭᠠᠬᠢᠭᠠᠳ ᠲᠡᠷᠡ ᠪᠣᠢ? 
       — ᠶᠠᠭᠠᠬᠢᠬᠤᠪ᠂ ᠨᠢᠭᠡᠨᠲᠡ ᠬᠡᠵᠢᠶᠡᠨ ᠦ᠌ ᠲᠠᠨᠢᠯ ᠪᠢᠰᠢ ᠪᠣᠯᠬᠤ ᠶ᠋ᠢᠨ ᠳᠡᠭᠡᠷ᠎ᠡ ᠪᠢᠳᠡᠨ ᠦ᠌ ᠬᠣᠭᠣᠷᠣᠨᠳᠣ ᠠᠭᠤᠯᠵᠠᠬᠤ ᠬᠡᠷᠡᠭ ᠶᠠᠪᠤᠳᠠᠯ ᠲᠣᠬᠢᠶᠠᠯᠳᠤᠵᠤ ᠪᠠᠢᠭᠰᠠᠨ ᠦᠭᠡᠢ᠃  
       — ᠬᠤᠳᠠᠯ!  
       — ᠦᠨᠡᠨ᠃  
       — ᠢᠩᠭᠢᠬᠦ ᠳ᠋ᠦ᠍ ᠲᠠ ᠮᠢᠨᠦ ᠠᠰᠠᠭᠤᠭᠰᠠᠨ ᠪᠦᠷᠢ ᠶ᠋ᠢ ᠵᠣᠷᠢᠭ ᠪᠠᠢᠪᠠᠯ ᠥᠪᠡᠷ ᠲᠡᠭᠡᠨ ᠠᠰᠢᠭ ᠲᠠᠢ ᠪᠣᠯᠤᠨ᠎ᠠ ᠭᠡᠵᠦ ᠪᠣᠳᠣᠵᠤ ᠪᠠᠢᠨ᠎ᠠ ᠤᠤ? 
       — ᠬᠠᠮᠢᠭ᠎ᠠ ᠠ᠋ᠴᠠ ᠬᠠᠷᠢᠨ ᠴᠢᠩ ᠦᠨᠡᠨ ᠢ᠋ᠶ᠋ᠡᠨ ᠠᠢᠯᠠᠳᠬᠠᠵᠤ ᠪᠠᠢᠬᠤ ᠨᠢ ᠴᠢᠬᠤᠯᠠ ᠭᠡᠵᠦ ᠪᠣᠳᠣᠨ᠎ᠠ᠃  
       — ᠲᠡᠭᠡᠪᠡᠯ ᠲᠠ ᠵᠠᠮᠢᠶᠠᠨ ᠬᠦᠩ ᠭᠡᠭᠴᠢ ᠶ᠋ᠢ ᠲᠠᠨᠢᠬᠤ ᠤᠤ? 
       — ᠲᠠᠨᠢᠨ᠎ᠠ᠃ 
       — ᠬᠡᠳᠦᠢ ᠡᠴᠡ ᠡᠬᠢᠯᠡᠨ ᠲᠠᠨᠢᠬᠤ ᠪᠣᠯᠤᠭᠰᠠᠨ ᠪᠣᠢ? 
       — ᠪᠢᠳᠡ ᠠᠦ᠋ᠲ᠋ᠣᠨᠣᠮᠢᠲᠤ ᠶ᠋ᠢᠨ ᠦᠶ᠎ᠡ ᠳ᠋ᠦ᠍ ᠬᠦᠩ ᠵᠡᠷᠭᠡ ᠬᠦᠷᠲᠡᠬᠦ ᠳ᠋ᠡᠭᠡᠨ ᠨᠢᠭᠡ ᠵᠠᠷᠯᠢᠭ ᠢ᠋ᠶ᠋ᠠᠷ ᠬᠦᠷᠲᠡᠭᠰᠡᠨ ᠦ᠌ ᠤᠴᠢᠷ ᠠᠩᠬ᠎ᠠ ᠨᠢᠭᠤᠷ ᠤᠴᠠᠷᠠᠨ ᠲᠠᠨᠢᠯᠴᠠᠭᠰᠠᠨ ᠶᠤᠮ᠃ 
       ᠪᠠᠢᠴᠠᠭᠠᠭᠴᠢ ᠣᠯᠵᠠᠭᠤᠷᠬᠠᠨ ᠲᠡᠮᠳᠡᠭᠯᠡᠨ ᠠᠪᠤᠪᠠ᠃ ᠪᠠᠯᠳᠠᠨᠴᠡᠷᠢᠩ ᠴᠦ᠍ ᠴᠣᠬᠣᠮ ᠶᠠᠮᠠᠷ ᠢ᠋ᠶ᠋ᠠᠷ ᠪᠣᠯᠬᠤ ᠶ᠋ᠢ ᠡᠰᠡ ᠮᠡᠳᠡᠬᠦ ᠪᠣᠯᠪᠠᠴᠤ ᠨᠢᠭᠡᠨ ᠵᠦᠢᠯ ᠢ᠋ ᠠᠯᠲᠠᠨ ᠥᠴᠢᠭᠯᠡᠵᠦ ᠪᠠᠢᠭ᠎ᠠ ᠪᠠᠨ ᠣᠢᠯᠠᠭᠠᠨ ᠰᠡᠳᠬᠢᠯ ᠭᠣᠩᠰᠣᠢᠨ ᠬᠠᠷᠠᠭᠤᠰᠠᠨ᠎ᠡ᠃  
       — ᠵᠠ ᠴᠠᠰᠢ ᠨᠢ! ᠭᠡᠵᠦ ᠪᠠᠢᠴᠠᠭᠠᠭᠴᠢ ᠠᠰᠠᠭᠤᠬᠤ ᠳ᠋ᠤ᠌᠂ 
       — ᠠᠩᠬ᠎ᠠ ᠲᠠᠨᠢᠯᠴᠠᠭᠰᠠᠨ ᠠ᠋ᠴᠠ ᠬᠣᠢᠰᠢ ᠵᠣᠷᠢᠭᠤᠳᠠ ᠠᠭᠤᠯᠵᠠᠯᠳᠤᠵᠤ ᠪᠠᠢᠭᠰᠠᠨ ᠤᠳᠠᠭ᠎ᠠ ᠦᠭᠡᠢ᠂ ᠵᠦᠭᠡᠷ ᠳᠠᠭᠠᠷᠢᠯᠳᠤᠬᠤ ᠪᠦᠷᠢ ᠳ᠋ᠡᠭᠡᠨ ᠠᠮᠤᠷ ᠮᠡᠨᠳᠦ ᠪᠡᠨ ᠮᠡᠳᠡᠯᠴᠡᠨ ᠥᠩᠭᠡᠷᠡᠳᠡᠭ ᠪᠠᠢᠭᠰᠠᠭᠠᠷ ᠡᠳᠦᠢ ᠬᠦᠷᠪᠡ᠃ 
       — ᠣᠳᠣ ᠱᠣᠷᠣᠩ ᠳ᠋ᠤ᠌ ᠵᠠᠮᠢᠶᠠᠨ ᠴᠢᠮ᠎ᠠ ᠳ᠋ᠤ᠌ ᠶᠠᠭᠤ ᠶᠠᠷᠢᠵᠤ ᠪᠠᠢᠨ᠎ᠠ?  
       — ᠶᠠᠭᠤ ᠴᠦ᠍ ᠶᠠᠷᠢᠭᠰᠠᠨ ᠦᠭᠡᠢ᠃  
       — ᠶᠠᠭᠠᠬᠢᠭᠠᠳ ᠲᠡᠷᠡ ᠪᠣᠢ? 
       — ᠮᠡᠳᠡᠬᠦ ᠦᠭᠡᠢ᠃ ᠶᠡᠷᠦᠨᠢ ᠭᠠᠭᠴᠠ ᠵᠠᠮᠢᠶᠠᠨ ᠪᠢᠰᠢ᠂ ᠱᠣᠷᠣᠩ ᠳ᠋ᠤ᠌ ᠪᠠᠢᠭ᠎ᠠ ᠪᠦᠬᠦᠨ ᠬᠣᠭᠣᠷᠣᠨᠳᠣ ᠪᠠᠨ ᠶᠠᠷᠢᠯᠴᠠᠬᠤ ᠦᠭᠡᠢ ᠪᠠᠢᠨ᠎ᠠ᠃  
       — ᠲᠠ ᠲᠡᠳᠡᠨ ᠡᠴᠡ ᠶᠠᠭᠤᠮ᠎ᠠ ᠠᠰᠠᠭᠤᠭᠰᠠᠨ ᠦᠭᠡᠢ ᠭᠡᠵᠢ ᠤᠤ? 
       — ᠦᠭᠡᠢ ᠳᠡ᠂ 
       — ᠶᠠᠭᠠᠬᠢᠭᠠᠳ ᠲᠡᠷᠡ ᠪᠣᠢ?  
       — ᠮᠠᠨ ᠤ᠋ ᠡᠴᠢᠭᠡ ᠡᠪᠦᠭᠡᠳ ᠦ᠋ᠨ ᠤᠯᠠᠮᠵᠢᠯᠠᠯᠲᠤ ᠦᠭᠡᠨ ᠳ᠋ᠦ᠍᠂ ᠢᠨᠢᠶᠡᠭᠰᠡᠨ ᠡᠴᠡ ᠠᠰᠠᠭᠤ᠂ ᠤᠬᠢᠯᠠᠭᠰᠠᠨ ᠠ᠋ᠴᠠ ᠪᠤᠤ ᠠᠰᠠᠭᠤ ᠭᠡᠰᠡᠨ ᠰᠤᠷᠭᠠᠮᠵᠢ ᠦᠭᠡ ᠪᠠᠢᠳᠠᠭ ᠠ᠋ᠴᠠ ᠨᠠᠳᠠ ᠳ᠋ᠤ᠌ ᠱᠣᠷᠣᠩ ᠤ᠋ᠨ ᠬᠥᠮᠦᠰ ᠡᠴᠡ ᠶᠠᠭᠤᠮ᠎ᠠ ᠠᠰᠠᠭᠤᠬᠤ ᠬᠦᠰᠡᠯ ᠪᠠᠢᠭᠰᠠᠨ ᠦᠭᠡᠢ᠃ 
       ᠣᠳᠣ ᠪᠠᠢᠴᠠᠭᠠᠭᠴᠢ ᠮᠤᠬᠤᠷᠳᠠᠪᠠ ᠪᠣᠯᠤᠯᠲᠠᠢ᠄ 
       — ᠵᠠ ᠶᠠᠭᠠᠬᠢᠬᠤᠪ᠂ ᠡᠨᠡ ᠪᠣᠯ ᠲᠠᠨ ᠠ᠋ᠴᠠ ᠠᠰᠠᠭᠤᠬᠤ ᠵᠦᠢᠯ ᠦ᠋ᠨ ᠭᠣᠣᠯ ᠪᠢᠰᠢ ᠭᠡᠳ᠄ 
       — ᠲᠠ ᠨᠢᠮᠠᠵᠠᠪ ᠪᠠᠢᠰᠠ ᠲᠠᠢ ᠨᠠᠢᠵᠢ ᠪᠠᠢᠬᠤ ᠠ᠋?  
       ᠡᠨᠡ ᠠᠰᠠᠭᠤᠳᠠᠯ ᠢ᠋ ᠪᠠᠯᠳᠠᠨᠴᠡᠷᠢᠩ ᠪᠠᠢᠴᠠᠭᠠᠭᠴᠢ ᠶ᠋ᠢᠨ ᠠᠮᠠᠨ ᠠ᠋ᠴᠠ ᠭᠠᠷᠬᠤ ᠠ᠋ᠴᠠ ᠨᠢ ᠠᠪᠤᠭᠠᠳ ᠬᠡᠯᠡᠮᠦᠷᠴᠢ ᠪᠡᠷ ᠳᠠᠮᠵᠢᠨ ᠢᠷᠡᠬᠦ ᠬᠦᠷᠲᠡᠯ᠎ᠡ ᠨᠢ ᠬᠡᠷᠬᠢᠨ ᠬᠠᠷᠢᠭᠤᠯᠬᠤ ᠪᠠᠨ ᠪᠣᠳᠣᠨ ᠰᠢᠢᠳᠪᠦᠷᠢᠯᠡᠵᠦ ᠡᠰᠡ ᠴᠢᠳᠠᠪᠠ᠃ ᠴᠠᠭᠠᠰᠢ ᠪᠠᠰᠠ ᠪᠣᠳᠣᠬᠤ ᠬᠤᠭᠤᠴᠠᠭ᠎ᠠ ᠣᠯᠬᠤ ᠭᠡᠵᠦ᠄ 
       — ᠨᠢᠮᠠᠵᠠᠪ ᠪᠡᠢᠰᠡ ᠭᠡᠨ᠎ᠡ? ᠭᠡᠵᠦ ᠬᠡᠯᠡᠮᠦᠷᠴᠢ ᠪᠡᠷ ᠳᠠᠮᠵᠢᠭᠤᠯᠤᠨ ᠯᠠᠪᠯᠠᠪᠠ᠃ ᠭᠡᠯ᠎ᠡ ᠴᠦ᠍ ᠮᠥᠨ ᠰᠢᠢᠳᠪᠦᠷᠢᠯᠡᠵᠦ ᠴᠢᠳᠠᠭᠰᠠᠨ ᠦᠭᠡᠢ᠄ 
       — ᠣᠯᠠᠨᠲᠠ ᠲᠤᠭᠤᠯᠤᠭᠰᠠᠨ ᠨᠡᠷ᠎ᠡ ᠪᠠᠢᠨ᠎ᠠ ᠭᠡᠪᠡ᠃ 
       ᠪᠠᠢᠴᠠᠭᠠᠭᠴᠢ ᠠᠭᠤᠷᠯᠠᠨ ᠬᠠᠷᠢᠶᠠᠯ ᠥᠭᠦᠯᠡᠨ᠄ 
       — ᠦᠭᠡᠢ ᠪᠢ ᠲᠠᠨ ᠠ᠋ᠴᠠ ᠨᠡᠷ᠎ᠡ ᠲᠡᠳᠦᠢ ᠶ᠋ᠢ ᠠᠰᠠᠭᠤᠵᠤ ᠪᠠᠢᠭ᠎ᠠ ᠪᠢᠰᠢ᠂ ᠠᠯᠢ ᠬᠢᠷᠢ ᠳᠣᠲᠣᠨᠣ ᠪᠣᠯᠬᠤ ᠶ᠋ᠢ ᠴᠢᠨᠢ ᠠᠰᠠᠭᠤᠵᠤ ᠪᠠᠢᠨ᠎ᠠ ᠭᠡᠵᠦ ᠣᠷᠣᠭᠰᠢ ᠲᠡᠮᠡᠦᠯᠦᠨ ᠥᠨᠳᠡᠢᠪᠡ᠃ ᠬᠠᠷᠢᠭᠤ ᠳ᠋ᠤᠨᠢ ᠪᠠᠯᠳᠠᠨᠴᠡᠷᠢᠩ᠄  
       — ᠵᠥᠪᠬᠡᠨ ᠵᠢᠰᠦ ᠲᠠᠨᠢᠬᠤ ᠠ᠋ᠴᠠ ᠥᠭᠡᠷ᠎ᠡ ᠶᠠᠭᠤᠮ᠎ᠠ ᠠᠯᠠᠭ᠎ᠠ᠃ 
       ᠪᠠᠢᠴᠠᠭᠠᠭᠴᠢ ᠬᠣᠢᠰᠢ ᠰᠠᠭᠤᠨ ᠬᠣᠶᠠᠳᠠᠬᠢ ᠪᠠᠨ ᠣᠯᠵᠠᠭᠤᠷᠬᠠᠨ ᠲᠡᠮᠳᠡᠭᠯᠡᠨ᠎ᠡ᠃ ᠪᠠᠯᠳᠠᠨᠴᠡᠷᠢᠩ ᠴᠦ᠍ ᠬᠣᠶᠠᠳᠠᠬᠢ ᠤᠳᠠᠭ᠎ᠠ ᠪᠠᠨ ᠠᠯᠳᠠᠵᠤ ᠪᠠᠢᠭ᠎ᠠ ᠪᠠᠨ ᠮᠡᠳᠡᠨ ᠭᠣᠣᠯ ᠬᠠᠷᠠᠯᠠᠯ᠎ᠠ᠃  
       — ᠥᠨᠥᠳᠥᠷ ᠦ᠋ᠨ ᠪᠠᠢᠴᠠᠭᠠᠯᠲᠠ ᠶ᠋ᠢ ᠳᠠᠭᠤᠰᠬᠠᠶ᠎ᠠ᠃ ᠲᠠ ᠡᠭᠦᠨ ᠳᠡᠭᠡᠷ᠎ᠡ ᠭᠠᠷ ᠤ᠋ᠨ ᠢ᠋ᠶ᠋ᠠᠨ ᠦᠰᠦᠭ ᠢ᠋ ᠵᠢᠷᠤ! ᠭᠡᠬᠦ ᠳ᠋ᠦ᠍ ᠪᠠᠯᠳᠠᠨᠴᠡᠷᠢᠩ ᠪᠣᠰᠤᠨ ᠰᠢᠷᠡᠭᠡᠨ ᠦ᠌ ᠬᠢᠨᠢ ᠡᠮᠦᠨ᠎ᠡ ᠣᠴᠢᠨ ᠪᠢᠴᠢᠭᠰᠡᠨ ᠤᠷᠤᠭᠤ ᠨᠢ ᠥᠩᠭᠡᠢᠭᠡᠳ᠄ 
       — ᠡᠨᠡ ᠴᠢᠨᠢ ᠴᠣᠬᠣᠮ ᠶᠠᠭᠤᠨ ᠲᠤᠬᠠᠢ ᠪᠢᠴᠢᠭ ᠪᠣᠢ? 
       — ᠥᠪᠡᠷ ᠢ᠋ᠶ᠋ᠡᠨ ᠤᠩᠰᠢ!  
       — ᠪᠢ ᠲᠠᠨ ᠤ᠋ ᠪᠢᠴᠢᠭ ᠢ᠋ ᠪᠠᠢᠲᠤᠭᠠᠢ ᠬᠡᠯᠡ ᠮᠡᠳᠡᠳᠡᠭ ᠦᠭᠡᠢ ᠪᠡᠨ ᠳᠡᠭᠡᠷ᠎ᠡ ᠠᠢᠯᠠᠳᠬᠠᠭᠰᠠᠨ ᠰᠢᠦ ᠳᠡ᠃ 
       — ᠮᠡᠳᠡᠭᠡᠳ ᠤᠩᠰᠢ! ᠭᠡᠳ ᠪᠠᠢᠴᠠᠭᠠᠭᠴᠢ ᠶᠠᠨᠲ᠋ᠠᠢ ᠪᠠᠷ ᠢ᠋ᠶ᠋ᠠᠨ ᠰᠢᠷᠡᠭᠡ ᠴᠣᠬᠢᠨ ᠵᠠᠩᠳᠤᠷᠪᠠ᠃ ᠪᠠᠯᠳᠠᠨᠴᠡᠷᠢᠩ᠄  
       — ᠮᠠᠨ ᠤ᠋ ᠬᠡᠯᠡᠨ ᠳ᠋ᠦ᠍ ᠮᠡᠳᠡᠬᠦ ᠦᠭᠡᠢ ᠭᠡᠳᠡᠭ ᠪᠣᠯ ᠦᠯᠦ ᠮᠡᠳᠡᠬᠦ ᠪᠡᠨ ᠢᠯᠡᠷᠡᠭᠦᠯᠦᠭᠰᠡᠨ ᠭᠠᠭᠴᠠ ᠤᠳᠬ᠎ᠠ ᠲᠠᠢ ᠪᠠᠢᠳᠠᠭ ᠪᠣᠯᠬᠣᠷ ᠨᠠᠳᠠ ᠲᠠᠨ ᠤ᠋ ᠡᠨᠡ ᠦᠭᠡ ᠶ᠋ᠢ ᠣᠢᠯᠠᠭᠠᠬᠤ ᠳ᠋ᠤ᠌ ᠪᠡᠷᠬᠡ ᠲᠡᠢ ᠪᠠᠢᠨ᠎ᠠ ᠭᠡᠵᠦ ᠬᠡᠯᠡᠭᠡᠳ ᠡᠴᠦᠰ ᠲᠦ᠋ᠨᠢ᠂ ᠬᠡᠲᠦᠷᠬᠡᠢ ᠬᠡᠳᠡᠷᠯᠡᠭᠰᠡᠨ ᠬᠡᠷᠡᠭ ᠪᠣᠯᠴᠢᠬᠠᠪᠠᠤ ᠭᠡᠵᠦ ᠳᠣᠲᠣᠷ᠎ᠠ ᠪᠠᠨ ᠪᠣᠳᠣᠨ ᠥᠪᠡᠷ ᠢ᠋ ᠪᠡᠨ ᠵᠢᠮᠡᠯᠡᠬᠦ ᠳ᠋ᠦ᠍ ᠬᠦᠷᠪᠡ᠃ ᠭᠡᠲᠡᠯ᠎ᠡ ᠬᠡᠯᠡᠮᠦᠷᠴᠢ ᠤᠭ ᠦᠭᠡ ᠶ᠋ᠢ ᠲᠤᠩ ᠳᠤᠯᠢᠮᠬᠠᠨ ᠣᠢᠯᠠᠭᠠᠭᠰᠠᠨ ᠳ᠋ᠠᠭᠠᠨ᠄ ᠮᠡᠳᠡᠬᠦ ᠦᠭᠡᠢ᠂ ᠬᠡᠯᠡ ᠴᠦ᠍ ᠮᠡᠳᠡᠬᠦ ᠦᠭᠡᠢ᠂ ᠪᠢᠴᠢᠭ ᠴᠦ᠍ ᠮᠡᠳᠡᠬᠦ ᠦᠭᠡᠢ ᠭᠡᠵᠦ ᠪᠠᠢᠨ᠎ᠠ ᠭᠡᠵᠦ ᠳᠠᠮᠵᠢᠭᠤᠯᠪᠠ᠃
       ᠪᠠᠢᠴᠠᠭᠠᠭᠴᠢ ᠠᠭᠤᠷ ᠲᠠᠢ ᠪᠠᠷ ᠪᠢᠴᠢᠭ ᠢ᠋ᠶ᠋ᠡᠨ ᠰᠢᠭᠦᠷᠡᠨ ᠠᠪᠴᠤ ᠤᠩᠰᠢᠪᠠ᠃ ᠲᠡᠭᠦᠨ ᠳ᠋ᠡᠭᠡᠨ᠄ ᠰᠦᠬᠡᠪᠠᠭᠠᠲᠤᠷ ᠢ᠋ ᠲᠠᠨᠢᠬᠤ ᠦᠭᠡᠢ᠂ ᠬᠢᠲᠠᠳ ᠬᠡᠯᠡ ᠪᠢᠴᠢᠭ ᠮᠡᠳᠡᠬᠦ ᠦᠭᠡᠢ᠃ ᠵᠠᠮᠢᠶᠠᠨ ᠬᠦᠩ ᠢ᠋ ᠲᠠᠨᠢᠨ᠎ᠠ᠃ ᠨᠢᠮᠠᠵᠠᠪ ᠪᠠᠢᠰᠠ ᠲᠠᠢ ᠨᠠᠢᠵᠢ ᠪᠢᠰᠢ᠂ ᠵᠥᠪᠬᠡᠨ ᠵᠢᠰᠦ ᠲᠠᠨᠢᠨ᠎ᠠ ᠭᠡᠵᠦ ᠲᠣᠪᠴᠢ ᠪᠢᠴᠢᠭᠰᠡᠨ ᠪᠠᠢᠯ᠎ᠠ᠃ 
       ᠪᠠᠯᠳᠠᠨᠴᠡᠷᠢᠩ ᠭᠠᠷ ᠤ᠋ᠨ ᠦᠰᠦᠭ ᠵᠢᠷᠤᠪᠠ᠃ ᠲᠡᠨᠳᠡᠴᠡ ᠡᠷᠭᠢᠨ ᠰᠠᠭᠤᠳᠠᠯ ᠳ᠋ᠠᠭᠠᠨ ᠰᠠᠭᠤᠬᠤ ᠳ᠋ᠤ᠌ ᠪᠠᠢᠴᠠᠭᠠᠭᠴᠢ ᠰᠠᠨᠠᠭ᠎ᠠ ᠠᠯᠲᠠᠨ ᠪᠠᠯᠳᠠᠨᠴᠡᠷᠢᠩ ᠢ᠋ ᠬᠥᠭᠡᠷᠦᠬᠦᠢᠯᠡᠬᠦ ᠪᠠᠢᠳᠠᠯ ᠢ᠋ᠶ᠋ᠠᠷ ᠰᠢᠷᠳᠡᠵᠦ᠄ 
       — ᠦᠨᠡᠨ ᠢ᠋ ᠬᠡᠯᠡᠬᠦ ᠳ᠋ᠦ᠍ ᠲᠠᠨ ᠤ᠋ ᠬᠡᠷᠡᠭ ᠪᠤᠰᠤᠳ ᠤ᠋ᠨ ᠬᠢ ᠪᠣᠳᠣᠪᠠᠯ ᠲᠤᠩ ᠶᠠᠯᠢᠮ ᠦᠭᠡᠢ ᠶᠦᠮ ᠰᠠᠨ᠃ ᠭᠡᠲᠡᠯ᠎ᠡ ᠥᠨᠥᠳᠥᠷ ᠦ᠋ᠨ ᠬᠤᠪᠢ ᠪᠠᠷ ᠪᠣᠯ ᠲᠠ ᠥᠪᠡᠷ ᠢ᠋ᠶ᠋ᠡᠨ ᠦᠨᠡᠨ ᠢ᠋ᠶ᠋ᠡᠨ ᠪᠤᠷᠤᠭᠤᠯᠠᠨ ᠭᠤᠢᠪᠢᠭᠤᠯᠤᠭᠰᠠᠭᠠᠷ ᠪᠠᠢᠭᠠᠳ ᠶᠡᠬᠡ ᠯᠡ ᠨᠣᠷᠰᠢᠶᠠᠨ ᠲᠠᠢ ᠪᠣᠯᠭᠠᠬᠤ ᠲᠠᠢᠰᠢ ᠬᠠᠨᠳᠤᠭᠤᠯᠵᠤ ᠣᠷᠬᠢᠪᠠ᠃ ᠬᠡᠷᠪᠡ ᠲᠠ ᠬᠣᠢᠰᠢᠳᠠ ᠪᠠᠨ ᠡᠨᠡ ᠬᠡᠪ ᠢ᠋ᠶ᠋ᠡᠷ ᠢ᠋ᠶ᠋ᠡᠨ ᠪᠠᠢᠬᠤ ᠠᠪᠠᠰᠤ ᠬᠦᠵᠦᠭᠦᠦ ᠪᠡᠨ ᠬᠡᠳᠦᠨ ᠳᠠᠪᠬᠤᠷ ᠬᠦᠨᠳᠦ ᠶᠠᠭᠤᠮᠠᠨ ᠳ᠋ᠤ᠌ ᠣᠷᠢᠶᠠᠯᠳᠤᠭᠤᠯᠬᠤ ᠪᠣᠯᠤᠨ᠎ᠠ ᠰᠢᠦ ᠭᠡᠳᠡᠭ ᠢ᠋ ᠪᠢ ᠬᠤᠪᠢ ᠠ᠋ᠴᠠ ᠰᠠᠨᠠᠭᠤᠯᠤᠶ᠎ᠠ᠃ ᠨᠠᠳᠠ ᠪᠣᠯ ᠲᠠ ᠪᠣᠯᠣᠳ ᠲᠠᠨ ᠤ᠋ ᠬᠠᠨᠢ ᠨᠥᠬᠥᠳ᠂ ᠶᠡᠷᠦ ᠡᠨᠳᠡ ᠪᠣᠯᠪᠠᠴᠤ ᠠᠶᠤᠯ ᠵᠣᠪᠠᠯᠠᠩ ᠤᠴᠠᠷᠠᠭᠤᠯᠬᠤ ᠶ᠋ᠢ ᠬᠦᠰᠡᠬᠦ ᠶᠠᠭᠤᠮ᠎ᠠ ᠶᠠᠭᠤ ᠪᠠᠢᠬᠤ ᠪᠢᠯᠡ᠃ ᠬᠠᠤᠯᠢ ᠪᠣᠯ ᠡᠨᠡᠷᠢᠩᠭᠦᠢ᠃ ᠪᠦᠬᠦ ᠨᠡᠢᠭᠡᠮ ᠳ᠋ᠦ᠍ ᠡᠷᠬᠡ ᠴᠢᠯᠥᠭᠡ᠂ ᠡᠩᠬᠡ ᠠᠮᠤᠭᠤᠯᠠᠩ᠂ ᠠᠷᠢᠭᠤᠨ ᠰᠢᠳᠤᠷᠭᠤ ᠶ᠋ᠢ ᠯᠡ ᠬᠦᠰᠡᠨ᠎ᠡ᠃ ᠭᠡᠪᠡᠴᠦ ᠬᠠᠤᠯᠢ ᠪᠣᠯ ᠨᠡᠢᠭᠡᠮ ᠦ᠋ᠨ ᠮᠠᠲᠠᠯ ᠤ᠋ᠨ ᠬᠡᠷᠡᠭ ᠪᠢᠰᠢ᠂ ᠨᠡᠢᠭᠡᠮ ᠢ᠋ ᠭᠠᠷ ᠲᠠᠭᠠᠨ ᠠᠳᠬᠤᠭᠰᠠᠨ ᠲᠥᠷᠥ ᠶ᠋ᠢᠨ ᠵᠡᠪᠰᠡᠭ ᠪᠣᠯᠬᠤ ᠤᠴᠢᠷ ᠠᠷᠢᠭᠤᠨ ᠰᠢᠳᠤᠷᠭᠤ ᠪᠠᠨ ᠠᠯᠲᠠᠨ ᠡᠰᠡᠷᠭᠦᠴᠡᠨ ᠲᠡᠮᠡᠴᠡᠭᠰᠡᠳ ᠢ᠋ ᠶᠠᠭᠠᠬᠢᠬᠤ ᠠ᠋ᠴᠠ ᠪᠠᠨ ᠴᠦ᠍ ᠪᠤᠴᠠᠬᠤ ᠦᠭᠡᠢ ᠰᠢᠦ ᠳᠡ᠃ ᠵᠠ ᠡᠢᠮᠦ ᠪᠠᠢᠨ᠎ᠠ᠃ ᠲᠠ ᠪᠣᠳᠣᠬᠤ ᠬᠡᠷᠡᠭᠲᠡᠢ! ᠮᠠᠷᠭᠠᠰᠢ ᠪᠢ ᠲᠠᠨ ᠲᠠᠢ ᠳᠠᠬᠢᠨ ᠠᠭᠤᠯᠵᠠᠵᠤ᠂ ᠪᠠᠢᠴᠠᠭᠠᠯᠲᠠ ᠪᠠᠨ ᠦᠷᠭᠦᠯᠵᠢᠯᠡᠭᠦᠯᠦᠨ᠎ᠡ᠃ 
       ᠪᠠᠯᠳᠠᠨᠴᠡᠷᠢᠩ ᠬᠣᠶᠠᠷ ᠬᠤᠶᠠᠭ ᠲᠤ ᠲᠠᠭᠤᠭᠳᠠᠨ ᠱᠣᠷᠣᠩ ᠤᠷᠤᠭᠤ ᠶᠠᠪᠤᠵᠤ ᠪᠠᠢᠬᠤ ᠳ᠋ᠠᠭᠠᠨ ᠠᠭᠠᠷ ᠤ᠋ᠨ ᠰᠠᠢᠬᠠᠨ ᠢ᠋ ᠠᠮᠲᠠᠷᠬᠠᠨ ᠠᠮᠢᠰᠬᠤᠯᠠᠬᠤ ᠪᠠᠨ ᠣᠷᠣ ᠲᠠᠰᠤ ᠮᠠᠷᠲᠠᠪᠠ᠃ ᠨᠢᠳᠦᠨ ᠦ᠌ ᠡᠮᠦᠨ᠎ᠡ ᠲᠤᠰᠬᠤ ᠣᠷᠴᠢᠨ ᠤ᠋ ᠶᠠᠭᠤᠮᠠᠰ ᠢ᠋ ᠴᠦ᠍ ᠠᠩᠬᠠᠷᠤᠨ ᠠᠵᠢᠭᠰᠠᠨ ᠵᠦᠢᠯ ᠦᠭᠡᠢ᠂ ᠰᠡᠳᠬᠢᠯ ᠳ᠋ᠦ᠍ᠨᠢ ᠰᠠᠶᠢ ᠶ᠋ᠢᠨ ᠪᠠᠢᠴᠠᠭᠠᠯᠲᠠ ᠪᠠ ᠥᠪᠡᠷ ᠦ᠋ᠨ ᠲᠠᠯ᠎ᠠ ᠳ᠋ᠤ᠌ ᠥᠭᠭᠦᠭᠰᠡᠨ ᠮᠡᠳᠡᠭᠦᠯᠭᠡ ᠡᠰᠢ ᠮᠤᠬᠤᠷ ᠦᠭᠡᠢ ᠡᠷᠭᠢᠯᠳᠦᠨ᠎ᠡ᠃ ᠳᠠᠷᠠᠭ᠎ᠠ ᠨᠢ ᠪᠠᠢᠴᠠᠭᠠᠭᠴᠢ ᠶ᠋ᠢᠨ ᠲᠤᠬᠠᠢ ᠪᠣᠳᠣᠪᠠ᠃ ᠲᠡᠭᠦᠨ ᠦ᠌ ᠡᠴᠦᠰ ᠦ᠋ᠨ ᠬᠡᠯᠡᠭᠰᠡᠨ ᠦᠭᠡᠨ ᠡᠴᠡ《ᠰᠦᠷᠡᠬᠡᠢ ᠤᠬᠠᠭᠠᠨ ᠲᠠᠢ ᠪᠣᠯᠤᠭᠠᠳ᠂ ᠮᠥᠨ ᠴᠦ᠍ ᠠᠷᠢᠭᠤᠨ ᠰᠢᠳᠤᠷᠭᠤ ᠶ᠋ᠢ ᠪᠠᠷᠢᠭᠰᠠᠨ ᠬᠥᠮᠦᠨ ᠪᠠᠢᠬᠤ ᠨᠢ ᠠ᠋》 ᠭᠡᠵᠦ ᠪᠢᠰᠢᠷᠡᠨ ᠰᠦᠰᠦᠭᠯᠡᠬᠦ ᠰᠡᠳᠬᠢᠯ ᠲᠥᠷᠥᠪᠡ᠃ ᠭᠡᠪᠡᠴᠦ ᠲᠡᠷᠡ ᠳᠣᠣᠷᠠᠬᠠᠨ ᠢ᠋ᠶ᠋ᠠᠨ《ᠶᠠᠮᠠᠷᠴᠤ ᠪᠠᠢᠯ᠎ᠠ ᠭᠡᠰᠡᠨ ᠮᠢᠨᠦ ᠳᠠᠢᠰᠤᠨ᠂ ᠮᠣᠩᠭᠣᠯ ᠤ᠋ᠨ ᠠᠷᠠᠳ ᠲᠦᠮᠡᠨ ᠢ᠋ ᠳᠠᠷᠤᠩᠭᠤᠢᠯᠠᠨ ᠵᠠᠬᠢᠷᠬᠤ ᠶ᠋ᠢᠨ ᠲᠥᠯᠥᠭᠡ ᠵᠢᠳᠬᠦᠭᠴᠢ ᠰᠢᠦ ᠳᠡ》 ᠭᠡᠵᠦ ᠪᠣᠳᠣᠨ ᠰᠡᠳᠬᠢᠯ ᠢ᠋ᠶ᠋ᠡᠨ ᠲᠠᠲᠠᠵᠤ ᠠᠪᠤᠪᠠ᠃ ᠬᠠᠷᠠᠩᠭᠤᠢ ᠱᠣᠷᠣᠩ ᠤ᠋ᠨ ᠮᠠᠭᠤᠬᠠᠢ ᠦᠨᠦᠷ ᠭᠡᠨᠡᠳᠲᠡ ᠬᠠᠮᠠᠷ ᠤ᠋ᠨ ᠨᠦᠬᠡ ᠪᠡᠷ ᠪᠠᠭᠲᠠᠵᠤ ᠶᠠᠳᠠᠨ ᠬᠠᠩᠬᠤᠯᠬᠤ ᠳ᠋ᠤ᠌ ᠪᠠᠯᠳᠠᠨᠴᠡᠷᠢᠩ ᠱᠣᠷᠣᠩ ᠳ᠋ᠠᠭᠠᠨ ᠣᠷᠣᠵᠤ ᠢᠷᠡᠵᠦ ᠪᠠᠢᠭ᠎ᠠ ᠪᠠᠨ ᠮᠡᠳᠡᠪᠡ᠃ 
       — ᠵᠠ ᠪᠠᠢᠴᠠᠭᠠᠭᠳᠠᠭᠰᠠᠨ ᠬᠡᠷᠡᠭ ᠶᠠᠮᠠᠷ ᠪᠠᠢᠨ᠎ᠠ ᠭᠡᠵᠦ ᠵᠠᠮᠢᠶᠠᠨ ᠤ᠋ ᠠᠰᠠᠭᠤᠬᠤ ᠳ᠋ᠤ᠌᠂ 
       — ᠠᠢ ᠬᠠᠢ ᠮᠡᠳᠡᠬᠦ ᠦᠭᠡᠢ᠃ ᠲᠡᠷᠡ ᠭᠡᠬᠦ ᠲᠡᠮᠳᠡᠭ ᠠᠯᠠᠭ᠎ᠠ ᠭᠡᠯ᠎ᠡ᠃  
       — ᠬᠦᠯᠢᠶᠡᠭᠰᠡᠨ ᠬᠡᠷᠡᠭ ᠦᠭᠡᠢ ᠪᠢᠵᠡ ᠳᠡ ᠭᠡᠬᠦ ᠳ᠋ᠦ᠍ᠨᠢ᠄ 
       — ᠪᠠᠢᠬᠤ ᠦᠭᠡᠢ ᠭᠡᠯ᠎ᠡ᠃ 
       ᠵᠠᠮᠢᠶᠠᠨ᠂ ᠪᠠᠯᠳᠠᠨᠴᠡᠷᠢᠩ ᠦ᠋ᠨ ᠶᠠᠷᠢᠶ᠎ᠠ ᠶᠡᠷᠦ ᠳ᠋ᠡᠭᠡᠨ ᠯᠡ ᠡᠨᠡ᠃  
       ᠪᠤᠰᠤᠳ ᠬᠥᠮᠦᠰ ᠪᠠᠯᠳᠠᠨᠴᠡᠷᠢᠩ ᠢ᠋ ᠬᠠᠨᠢ ᠨᠥᠬᠥᠷ ᠢ᠋ᠶ᠋ᠡᠨ ᠭᠡᠵᠦ ᠦᠵᠡᠬᠦ ᠶ᠋ᠢᠨ ᠣᠷᠣᠨ ᠳ᠋ᠤ᠌ ᠭᠠᠮᠢᠩ ᠤ᠋ᠨ ᠲᠠᠩᠨᠠᠭᠤᠯ ᠪᠠᠢᠵᠤ ᠮᠠᠭᠠᠳ ᠦᠭᠡᠢ ᠭᠡᠵᠦ ᠰᠠᠮ ᠠᠵᠢᠭᠯᠠᠨ᠎ᠠ᠃ ᠰᠥᠨᠢ ᠪᠠᠯᠳᠠᠨᠴᠡᠷᠢᠩ ᠡᠳᠦᠷ ᠦ᠋ᠨ ᠢ᠋ᠶ᠋ᠡᠨ ᠪᠠᠢᠴᠠᠭᠠᠭᠳᠠᠭᠰᠠᠨ ᠢ᠋ ᠳᠠᠬᠢᠨ ᠳᠠᠪᠲᠠᠨ ᠪᠣᠳᠣᠭᠰᠠᠨ ᠠ᠋ᠴᠠ ᠪᠣᠯᠤᠨ ᠨᠣᠢᠷ ᠬᠤᠯᠵᠢᠪᠠ᠃ ᠬᠠᠵᠠᠭᠤ ᠳ᠋ᠤᠨᠢ ᠮᠥᠨ ᠡᠳᠦᠷ ᠦ᠋ᠨ ᠡᠷᠡᠭᠦᠦ ᠰᠢᠭᠦᠯᠲᠡ ᠳ᠋ᠦ᠍ ᠰᠢᠨᠠᠯᠤᠨ ᠰᠢᠷᠠᠯᠠᠭᠰᠠᠨ ᠬᠥᠮᠦᠰ ᠦ᠋ᠨ ᠶᠣᠣᠯᠠᠬᠤ ᠨᠢ ᠶᠣᠣᠯᠠᠵᠤ᠂ ᠢᠨᠴᠠᠭᠯᠠᠬᠤ ᠨᠢ ᠢᠨᠴᠠᠭᠯᠠᠵᠤ ᠤᠨᠲᠠᠬᠤ ᠨᠣᠢᠷ ᠤᠯᠠᠮ ᠬᠤᠯᠵᠢᠭᠠᠬᠤ ᠠᠵᠢ᠃ ᠢᠩᠭᠢᠭᠰᠡᠭᠡᠷ ᠪᠠᠢᠲᠠᠯ᠎ᠠ ᠬᠣᠶᠠᠳᠠᠬᠢ ᠰᠥᠨᠢ ᠥᠩᠭᠡᠷᠡᠵᠦ᠂ ᠬᠣᠶᠠᠳᠠᠬᠢ ᠡᠳᠦᠷ ᠡᠬᠢᠯᠡᠵᠦ ᠬᠣᠶᠠᠳᠠᠬᠢ ᠤᠳᠠᠭ᠎ᠠ ᠶ᠋ᠢᠨ ᠪᠠᠢᠴᠠᠭᠠᠯᠲᠠ ᠳ᠋ᠤ᠌ ᠣᠴᠢᠯ᠎ᠠ᠃  
       ᠲᠠᠷᠭᠤᠨ ᠴᠠᠳᠬᠤᠯᠠᠩ ᠴᠠᠭᠠᠨ ᠴᠢᠷᠠᠢ ᠲᠠᠢ ᠪᠠᠢᠴᠠᠭᠠᠭᠴᠢ ᠲᠠᠰᠤᠯᠭᠠᠨ ᠳ᠋ᠠᠭᠠᠨ ᠭᠠᠭᠴᠠᠭᠠᠷ ᠢ᠋ᠶ᠋ᠠᠨ ᠨᠢᠳᠦᠨ ᠦ᠌ ᠪᠡᠨ ᠲᠤᠩᠭᠠᠯᠠᠭ ᠰᠢᠯ ᠢ᠋ ᠲᠣᠷᠭᠠᠮᠰᠤᠭ ᠡᠳ᠋ᠯᠡᠯ ᠢ᠋ᠶ᠋ᠡᠷ ᠰᠠᠢᠲᠤᠷ ᠠᠷᠴᠢᠵᠤ᠂ ᠨᠢᠳᠦᠨ ᠳ᠋ᠡᠭᠡᠨ ᠠᠪᠠᠴᠢᠨ ᠪᠠᠲᠤᠲᠠᠢ ᠰᠠᠭᠤᠯᠭᠠᠵᠤ ᠠᠪᠤᠭᠠᠳ᠄  
       — ᠪᠢ ᠲᠠᠨ ᠢ᠋ ᠥᠴᠥᠭᠡᠳᠦᠷ ᠦ᠋ᠨ ᠬᠢ ᠰᠢᠭ ᠳᠡᠮᠡᠢ ᠪᠠᠯᠠᠢ ᠶᠠᠷᠢᠬᠤ ᠦᠭᠡᠢ ᠪᠠᠢᠬᠤ ᠭᠡᠵᠦ ᠢᠲᠡᠭᠡᠵᠦ ᠪᠠᠢᠨ᠎ᠠ ᠭᠡᠵᠦ ᠦᠭᠡ ᠪᠡᠨ ᠡᠬᠢᠯᠡᠪᠡ᠃ ᠪᠠᠯᠳᠠᠨᠴᠡᠷᠢᠩ ᠪᠠᠢᠴᠠᠭᠠᠭᠴᠢ ᠶ᠋ᠢᠨ ᠦᠭᠡ ᠶ᠋ᠢ ᠬᠦᠯᠢᠶᠡᠨ ᠠᠪᠬᠤ ᠶ᠋ᠢᠨ ᠣᠷᠣᠨ ᠳ᠋ᠤ᠌ ᠵᠥᠪᠬᠡᠨ ᠬᠢᠲᠠᠳ ᠬᠡᠯᠡ ᠮᠡᠳᠡᠬᠦ ᠦᠭᠡᠢ ᠭᠡᠵᠦ ᠮᠡᠳᠡᠭᠦᠯᠦᠭᠡᠳ᠂ ᠮᠡᠳᠡᠬᠦ ᠦᠭᠡᠢ ᠭᠡᠰᠡᠨ ᠳᠡᠭᠡᠷ᠎ᠡ ᠪᠡᠨ ᠲᠡᠮᠡᠴᠡᠯ ᠬᠢᠭᠰᠡᠨ ᠢ᠋ᠶ᠋ᠡᠨ ᠰᠠᠨᠠᠨ ᠲᠣᠯᠣᠭᠠᠢ ᠰᠡᠭᠰᠦᠷᠪᠡ᠃  
       — ᠲᠠ ᠪᠢᠲᠡᠭᠡᠢ ᠮᠠᠶᠢᠭᠯᠠ! ᠲᠠᠨ ᠤ᠋ ᠡᠨᠡ ᠮᠠᠶᠢᠭᠯᠠᠯ ᠥᠪᠡᠷ ᠲᠦ᠍ ᠴᠢᠨᠢ ᠡᠷᠡᠭᠦᠦ ᠰᠢᠭᠦᠯᠲᠡ ᠦᠵᠡᠬᠦ ᠳ᠋ᠦ᠍ ᠬᠦᠷᠭᠡᠬᠦ ᠲᠡᠳᠦᠢ ᠦᠭᠡᠢ᠂ ᠬᠤᠪᠢ ᠵᠠᠶᠠᠭ᠎ᠠ ᠶ᠋ᠢ ᠴᠢᠨᠢ ᠳᠣᠷᠣᠢᠲᠠᠭᠤᠯᠬᠤ ᠰᠢᠦ ᠳᠡ᠃ 
       ᠪᠠᠯᠳᠠᠨᠴᠡᠷᠢᠩ ᠳᠠᠬᠢᠨ ᠲᠣᠯᠣᠭᠠᠢ ᠰᠡᠭᠰᠦᠷᠪᠡ᠃  
       ᠪᠠᠢᠴᠠᠭᠠᠭᠴᠢ ᠠᠭᠤᠷᠯᠠᠯ᠎ᠠ᠃ 
       — ᠴᠢ ᠶᠡᠷᠦᠨᠢ ᠶᠠᠭᠤ ᠪᠣᠢ? ᠬᠡᠨ ᠪᠣᠯᠤᠭᠠᠳ ᠴᠢ ᠮᠠᠨ ᠤ᠋ ᠳᠤᠮᠳᠠᠳᠤ ᠢᠷᠭᠡᠨ ᠤᠯᠤᠰ ᠤ᠋ᠨ ᠠᠷᠢᠭᠤᠨ ᠬᠠᠤᠯᠢ ᠶ᠋ᠢ ᠮᠥᠴᠡᠭᠡᠷᠬᠡᠨ ᠲᠡᠮᠡᠴᠡᠵᠦ ᠪᠠᠢᠨ᠎ᠠ ᠪᠣᠢ? ᠭᠡᠵᠦ ᠴᠢᠬᠢᠨ ᠳ᠋ᠦ᠍ ᠬᠠᠲᠠᠭᠠᠨ ᠬᠠᠰᠬᠢᠷᠤᠨ ᠳᠠᠪᠰᠢᠯᠠᠪᠠ᠃ ᠬᠠᠷᠢᠭᠤ ᠳ᠋ᠤᠨᠢ ᠪᠠᠯᠳᠠᠨᠴᠡᠷᠢᠩ ᠠᠶᠤᠨ ᠰᠠᠨᠳᠤᠷᠤᠭᠰᠠᠨ ᠬᠥᠮᠦᠨ ᠪᠣᠯᠤᠨ ᠪᠣᠰᠤᠨ ᠬᠠᠷᠠᠢᠵᠤ᠄ 
       — ᠠᠢ ᠨᠣᠶᠠᠨ ᠥᠷᠥᠰᠢᠶᠡ! ᠭᠡᠵᠦ ᠭᠠᠵᠠᠷ ᠰᠥᠬᠥᠷᠡᠨ ᠤᠨᠠᠵᠤ ᠮᠥᠷᠭᠥᠪᠡ᠃ ᠡᠨᠡ ᠨᠢ ᠭᠡᠪᠡᠯ ᠶᠣᠰᠣᠲᠠᠢ ᠯᠠ ᠮᠠᠶᠢᠭᠯᠠᠯ ᠪᠠᠢᠯ᠎ᠠ᠃ 
       ᠪᠠᠢᠴᠠᠭᠠᠭᠴᠢ ᠬᠠᠭᠠᠯᠭ᠎ᠠ ᠨᠡᠭᠡᠭᠡᠨ ᠬᠡᠯᠡᠮᠦᠷᠴᠢ ᠪᠡᠨ ᠳᠠᠭᠤᠳᠠᠪᠠ᠃ ᠠᠭᠤᠷ ᠢ᠋ᠶ᠋ᠠᠨ ᠪᠠᠷᠢᠬᠤ ᠶ᠋ᠢ ᠤᠷᠤᠯᠳᠤᠨ ᠴᠢᠷᠠᠢ ᠪᠠᠨ ᠲᠥᠪ ᠪᠣᠯᠭᠠᠪᠠᠴᠤ ᠠᠮᠢᠰᠬᠤᠯ ᠨᠢ ᠡᠰᠡ ᠳᠠᠷᠤᠭᠳᠠᠬᠤ ᠠᠵᠢ᠃ ᠬᠡᠯᠡᠮᠦᠷᠴᠢ ᠶ᠋ᠢᠨ ᠢ᠋ᠶ᠋ᠡᠨ ᠣᠷᠣᠵᠤ ᠢᠷᠡᠬᠦ ᠳ᠋ᠦ᠍᠄ 
       — ᠴᠢ ᠡᠭᠦᠨ ᠳ᠋ᠦ᠍ ᠬᠡᠯᠡ! ᠥᠴᠥᠭᠡᠳᠦᠷ ᠦ᠋ᠨ ᠢ᠋ᠶ᠋ᠡᠨ ᠬᠤᠳᠠᠯ ᠮᠡᠳᠡᠭᠦᠯᠭᠡ ᠶ᠋ᠢ ᠪᠤᠴᠠᠭᠠᠨ ᠠᠪᠴᠤ ᠥᠷᠥᠰᠢᠶᠡᠯ ᠭᠤᠶᠤᠬᠤ ᠰᠡᠳᠬᠢᠯ ᠪᠠᠢᠨ᠎ᠠ ᠤᠤ? ᠬᠡ ᠭᠡᠪᠡ᠃  
       — ᠵᠠ ᠥᠷᠥᠰᠢᠶᠡ! ᠮᠢᠨᠦ ᠥᠴᠥᠭᠡᠳᠦᠷ ᠦ᠋ᠨ ᠮᠡᠳᠡᠭᠦᠯᠭᠡ ᠦᠨᠡᠨ᠁  
       — ᠠ ᠲᠡᠢᠮᠦ ᠤᠤ? ᠬᠤᠳᠠᠯ ᠪᠣᠯᠬᠤ ᠶ᠋ᠢ ᠪᠢ ᠣᠳᠣᠬᠠᠨ ᠦᠵᠡᠭᠦᠯᠦᠨ᠎ᠡ᠃  
       ᠪᠠᠢᠴᠠᠭᠠᠭᠴᠢ ᠬᠠᠭᠤᠳᠠᠰᠤ ᠠᠪᠤᠨ ᠬᠡᠳᠦᠨ ᠦᠭᠡ ᠪᠡᠴᠢᠨ ᠬᠡᠯᠡᠮᠦᠷᠴᠢ ᠳ᠋ᠦ᠍ ᠥᠭᠪᠡ᠃ ᠬᠡᠯᠡᠮᠦᠷᠴᠢ ᠠᠪᠴᠤ ᠦᠵᠡᠩᠭᠦᠲᠡ ᠪᠡᠨ ᠶᠠᠭᠠᠷᠠᠨ ᠭᠠᠷᠪᠠ᠃ ᠪᠠᠢᠴᠠᠭᠠᠭᠴᠢ ᠪᠠᠯᠳᠠᠨᠴᠡᠷᠢᠩ ᠦ᠋ᠨ ᠡᠮᠦᠨ᠎ᠡ ᠢᠷᠡᠨ ᠨᠢᠭᠡ ᠬᠠᠷᠢᠶᠠᠪᠠ᠃ ᠬᠣᠶᠠᠳᠠᠬᠢ ᠪᠠᠨ ᠬᠠᠷᠢᠶᠠᠪᠠ᠃ ᠪᠠᠯᠳᠠᠨᠴᠡᠷᠢᠩ ᠦ᠋ᠨ ᠬᠡᠯᠡ ᠮᠡᠳᠡᠬᠦ ᠦᠭᠡᠢ ᠭᠡᠳᠡᠢᠭᠰᠡᠨ ᠦ᠌ ᠥᠰᠢᠶᠡᠨ ᠳ᠋ᠦ᠍ ᠪᠤᠶᠤ ᠡᠰᠡᠪᠡᠯ ᠦᠨᠡᠬᠡᠷ ᠮᠡᠳᠡᠬᠦ ᠡᠰᠡᠬᠦ ᠶ᠋ᠢ ᠨᠢ ᠰᠢᠯᠭᠠᠬᠤ ᠭᠡᠵᠦ ᠬᠠᠷᠢᠶᠠᠬᠤ ᠵᠠᠨᠤᠬᠤ ᠳᠣᠷᠣᠮᠵᠢᠯᠠᠬᠤ ᠭᠤᠷᠪᠠ ᠶ᠋ᠢ ᠪᠠᠬᠠᠨ ᠦᠷᠭᠦᠯᠵᠢᠯᠡᠭᠦᠯᠦᠭᠰᠡᠨ ᠢ᠋ᠶ᠋ᠡᠨ᠄ 
       — ᠴᠢ᠂ ᠮᠢᠨᠦ ᠬᠥᠮᠦᠨ ᠦᠵᠡᠭᠡᠳ ᠬᠥᠮᠦᠨ ᠦ᠌ ᠶᠣᠰᠣᠭᠠᠷ ᠬᠡᠯᠡᠯᠴᠡᠬᠦ ᠭᠡᠰᠡᠨ ᠢ᠋ ᠭᠤᠲᠤᠭᠠᠭᠰᠠᠨ ᠤ᠋ ᠪᠠᠨ ᠪᠤᠵᠠᠷ ᠵᠢᠭᠰᠢᠭᠦᠷᠢ ᠶ᠋ᠢ ᠣᠳᠣᠬᠠᠨ ᠦᠵᠡᠬᠦ ᠪᠡᠨ ᠮᠡᠳᠡᠵᠦ ᠪᠠᠢᠨ᠎ᠠ ᠤᠤ? ᠭᠡᠵᠦ ᠠᠮᠠ᠂ ᠬᠠᠮᠠᠷ᠂ ᠭᠠᠷ ᠬᠤᠷᠤᠭᠤ ᠪᠦᠬᠦᠨ ᠢ᠋ᠶ᠋ᠡᠷ ᠢ᠋ᠶ᠋ᠡᠨ ᠵᠠᠨᠤᠯᠬᠢᠯᠠᠨ ᠬᠡᠯᠡᠪᠡ᠃ 
       ᠬᠠᠷᠢᠭᠤ ᠳ᠋ᠤᠨᠢ ᠪᠠᠯᠳᠠᠨᠴᠡᠷᠢᠩ ᠲᠠᠭ ᠴᠢᠭ ᠶᠣᠰᠣᠲᠠᠢ ᠳᠦᠯᠡᠢ ᠲᠦᠮᠪᠦᠭᠡ ᠣᠷᠬᠢᠨ ᠰᠠᠭᠤᠨ᠎ᠠ᠃ ᠰᠡᠳᠬᠢᠯ ᠳ᠋ᠡᠭᠡᠨ ᠶᠠᠭᠤ ᠴᠦ᠍ ᠠᠲᠤᠭᠠᠢ ᠲᠠ ᠨᠠᠷ ᠲᠤ ᠡᠷᠯᠢᠭ ᠦ᠋ᠨ ᠲᠣᠯᠢ ᠭᠡᠭᠴᠢ ᠪᠡᠷ ᠬᠥᠮᠦᠨ ᠦ᠌ ᠳᠣᠲᠣᠷ᠎ᠠ ᠪᠠᠨ ᠬᠠᠳᠠᠭᠠᠯᠠᠭᠰᠠᠨ ᠢ᠋ ᠮᠡᠳᠡᠬᠦ ᠪᠠᠭᠠᠵᠢ ᠬᠡᠷᠡᠭᠯᠡᠯ ᠪᠠᠢᠬᠤ ᠦᠭᠡᠢ ᠨᠢ ᠯᠡ ᠮᠠᠭᠠᠳ ᠳᠠ ᠭᠡᠵᠦ ᠪᠣᠳᠣᠨ᠎ᠠ᠃ 
       ᠬᠠᠭᠠᠯᠭ᠎ᠠ ᠨᠡᠭᠡᠭᠡᠭᠳᠡᠪᠡ᠃ ᠡᠬᠢᠯᠡᠭᠡᠳ ᠨᠢᠮᠠᠵᠠᠪ᠂ ᠳᠠᠷᠠᠭ᠎ᠠ ᠨᠢ ᠬᠡᠯᠡᠮᠦᠷᠴᠢ ᠣᠷᠣᠵᠤ ᠢᠷᠡᠯ᠎ᠡ᠃ ᠨᠢᠮᠠᠵᠠᠪ᠂ ᠪᠠᠢᠴᠠᠭᠠᠭᠴᠢ ᠶ᠋ᠢᠨ ᠵᠦᠭ ᠴᠡᠭᠡᠵᠢ ᠲᠥᠷᠥᠨ ᠮᠡᠬᠦᠢᠨ ᠠᠮᠤᠷ ᠡᠷᠢᠵᠦ᠂ ᠬᠠ ᠬᠠ ᠢᠨᠢᠶᠡᠭᠰᠡᠨ ᠢ᠋ᠶ᠋ᠡᠨ ᠪᠠᠯᠳᠠᠨᠴᠡᠷᠢᠩ ᠢ᠋ ᠬᠠᠷᠠᠬᠤ ᠲᠠᠢ ᠪᠠᠨ ᠵᠡᠷᠭᠡ ᠴᠢᠷᠠᠢ ᠨᠢ ᠬᠣᠪᠢᠰᠬᠢᠨ ᠨᠢᠭᠤᠷ ᠪᠤᠷᠤᠭᠤᠯᠠᠨ᠎ᠠ᠃ 
       — ᠡᠷᠬᠢᠮ ᠨᠣᠶᠠᠨ ᠲᠠ ᠡᠨᠡ ᠬᠥᠮᠦᠨ ᠦ᠌ ᠲᠤᠬᠠᠢ ᠬᠡᠳᠦᠨ ᠦᠭᠡ ᠬᠡᠯᠡᠵᠦ ᠥᠭᠴᠦ ᠪᠣᠯᠬᠤ ᠤᠤ? ᠭᠡᠵᠦ ᠪᠠᠢᠴᠠᠭᠠᠭᠴᠢ ᠶ᠋ᠢᠨ ᠬᠡᠯᠡᠬᠦ ᠳ᠋ᠦ᠍ ᠨᠢᠮᠠᠵᠠᠪ᠄ 
       — ᠠᠢ ᠪᠣᠯᠣᠯᠭᠦᠢ ᠶᠠᠭᠠᠬᠢᠬᠤᠪ᠃ 
       — ᠮᠠᠰᠢ ᠰᠠᠢᠨ᠃ ᠲᠠ ᠡᠨᠡ ᠬᠥᠮᠦᠨ ᠦ᠌ ᠬᠡᠨ ᠪᠣᠯᠬᠤ ᠶ᠋ᠢ ᠬᠡᠯᠡᠵᠦ ᠥᠭᠭᠦᠨ᠎ᠡ ᠤᠤ?  
       — ᠠ ᠡᠨᠡ ᠪᠣᠯ ᠪᠠᠯᠳᠠᠨᠴᠡᠷᠢᠩ ᠬᠦᠩ ᠭᠡᠭᠴᠢ᠃ 
       — ᠡᠨᠡ ᠬᠥᠮᠦᠨ ᠢ᠋ ᠲᠠ ᠰᠠᠢᠨ ᠲᠠᠨᠢᠬᠤ ᠤᠤ?  
       — ᠰᠠᠢᠨ ᠲᠠᠨᠢᠨ᠎ᠠ᠃ ᠳᠣᠲᠣᠨᠣ ᠨᠠᠢᠵᠢ ᠭᠡᠵᠦ ᠴᠦ᠍ ᠬᠡᠯᠡᠵᠦ ᠪᠣᠯᠤᠨ᠎ᠠ᠃  
       — ᠲᠡᠭᠡᠪᠡᠯ ᠲᠠᠨ ᠤ᠋ ᠡᠨᠡ ᠨᠠᠢᠵᠢ ᠬᠢᠲᠠᠳ ᠬᠡᠯᠡ ᠮᠡᠳᠡᠳᠡᠭ ᠤᠤ?  
       — ᠮᠡᠳᠡᠨ᠎ᠡ᠃ ᠬᠡᠯᠡ᠂ ᠪᠢᠴᠢᠭ ᠬᠣᠶᠠᠭᠤᠯᠠ ᠶ᠋ᠢ ᠰᠠᠢᠨ ᠮᠡᠳᠡᠳᠡᠭ ᠶᠦᠮ᠃ 
       ᠪᠠᠢᠴᠠᠭᠠᠭᠴᠢ ᠪᠠᠯᠳᠠᠨᠴᠡᠷᠢᠩ ᠤᠷᠤᠭᠤ ᠬᠠᠨᠳᠤᠨ ᠠᠮᠠ ᠠᠰᠠᠭᠤᠬᠤ ᠪᠠᠢᠳᠠᠯ ᠢ᠋ᠶ᠋ᠠᠷ ᠢᠨᠢᠶᠡᠮᠰᠦᠭᠯᠡᠨ᠄ 
       — ᠵᠠ ᠲᠠ ᠣᠳᠣ ᠲᠦᠷᠦᠭᠦᠴᠢ ᠶ᠋ᠢᠨ ᠢ᠋ᠶ᠋ᠡᠨ ᠲᠡᠰᠢᠶ᠎ᠡ ᠮᠡᠳᠡᠭᠦᠯᠦᠭᠰᠡᠨ ᠢ᠋ ᠪᠤᠴᠠᠭᠠᠨ ᠠᠪᠴᠤ ᠪᠣᠯᠬᠤ ᠰᠠᠨ ᠪᠣᠯ ᠤᠤ? 
       — ᠦᠭᠡᠢ᠃ ᠪᠢ ᠲᠠᠨ ᠤ᠋ ᠤᠯᠤᠰ ᠤ᠋ᠨ ᠬᠡᠯᠡ᠂ ᠪᠢᠴᠢᠭ ᠢ᠋ ᠮᠡᠳᠡᠬᠦ ᠦᠭᠡᠢ᠃ ᠮᠡᠳᠡᠬᠦ ᠶ᠋ᠢ ᠤᠷᠤᠯᠳᠤᠵᠤ ᠪᠠᠢᠭᠰᠠᠨ ᠤᠳᠠᠭ᠎ᠠ ᠴᠦ᠍ ᠦᠭᠡᠢ᠃  
       ᠨᠢᠮᠠᠵᠠᠪ ᠰᠣᠴᠢᠨ ᠰᠠᠨᠳᠤᠷᠪᠠ᠃ ᠪᠠᠯᠳᠠᠨᠴᠡᠷᠢᠩ ᠦ᠋ᠨ ᠨᠢᠭᠤᠷ ᠢ᠋ ᠠᠩᠬ᠎ᠠ ᠤᠳᠠᠭ᠎ᠠ ᠡᠭᠴᠡᠯᠡᠨ ᠬᠠᠷᠠᠵᠤ᠄ ᠪᠠᠯᠳᠠᠨᠴᠡᠷᠢᠩ ᠠ᠋᠂ ᠪᠠᠯᠳᠠᠨᠴᠡᠷᠢᠩ ᠠ᠋ ᠭᠡᠵᠦ ᠰᠢᠪᠡᠨᠡᠪᠡ᠃ ᠡᠨᠡ ᠨᠢ ᠦᠨᠡᠨ ᠢ᠋ ᠨᠢ ᠬᠡᠯᠡᠭᠦᠯᠬᠦ ᠭᠡᠰᠡᠨ ᠣᠷᠣᠯᠳᠣᠯᠭ᠎ᠠ ᠪᠠᠢᠯ᠎ᠠ᠃  
       ᠪᠠᠢᠴᠠᠭᠠᠭᠴᠢ ᠲᠤᠩ ᠲᠠᠢᠪᠤᠩ ᠢ᠋ᠶ᠋ᠠᠷ ᠢᠨᠢᠶᠡᠮᠰᠦᠭᠯᠡᠨ᠄  
       — ᠨᠣᠶᠠᠨ ᠲᠠ ᠵᠣᠪᠠᠬᠤ ᠬᠡᠷᠡᠭ ᠦᠭᠡᠢ᠃ ᠡᠨᠡ ᠲᠠᠨ ᠤ᠋ ᠡᠷᠬᠢᠮ ᠨᠠᠢᠵᠢ ᠣᠳᠣ ᠮᠡᠳᠡᠬᠦ ᠦᠭᠡᠢ ᠭᠡᠵᠦ ᠬᠡᠯᠡᠵᠦ ᠪᠠᠢᠭ᠎ᠠ ᠪᠣᠯᠪᠠᠴᠤ ᠤᠳᠠᠬᠤ ᠦᠭᠡᠢ ᠮᠡᠳᠡᠬᠦ ᠪᠣᠯᠤᠨ᠎ᠠ᠂ ᠮᠡᠳᠡᠬᠦ ᠲᠡᠷᠡ ᠬᠡᠯᠡ ᠪᠡᠷ ᠢ᠋ᠶ᠋ᠡᠨ ᠥᠷᠥᠰᠢᠶᠡᠯ ᠭᠤᠶᠤᠨ᠎ᠠ᠂ ᠭᠡᠰᠡᠨ ᠢ᠋ᠶ᠋ᠡᠨ᠄ ᠡᠨᠡ ᠬᠥᠮᠦᠨ ᠰᠦᠬᠡᠪᠠᠭᠠᠲᠤᠷ ᠢ᠋ ᠲᠠᠨᠢᠬᠤ ᠤᠤ? 
       — ᠲᠠᠨᠢᠨ᠎ᠠ᠃  
       — ᠲᠠᠨᠢᠳᠠᠭ ᠢ᠋ ᠨᠢ ᠲᠠ ᠶᠠᠭᠠᠬᠢᠵᠤ ᠮᠡᠳᠡᠭᠰᠡᠨ ᠪᠣᠢ? 
       — ᠨᠢᠳᠤᠨᠤᠨ ᠡᠪᠦᠯ ᠰᠦᠬᠡᠪᠠᠭᠠᠲᠤᠷ ᠲᠠᠢ ᠳᠤᠮᠳᠠ ᠭᠣᠣᠯ ᠤ᠋ᠨ ᠭᠦᠦᠷ ᠳᠡᠭᠡᠷ᠎ᠡ ᠨᠠᠢᠵᠢ ᠨᠥᠬᠥᠳ ᠦ᠋ᠨ ᠶᠣᠰᠣᠭᠠᠷ ᠶᠠᠷᠢᠯᠴᠠᠵᠤ ᠪᠠᠢᠬᠤ ᠶ᠋ᠢ ᠨᠢ ᠪᠢ ᠨᠢᠭᠡ ᠤᠳᠠᠭ᠎ᠠ ᠬᠠᠷᠠᠭᠰᠠᠨ᠃ ᠳᠠᠷᠠᠭ᠎ᠠ ᠨᠢ ᠬᠦᠷᠢᠶᠡᠨ ᠦ᠌ ᠵᠡᠭᠦᠨ ᠬᠣᠢᠨ᠎ᠠ ᠠ᠋ᠴᠠ ᠬᠣᠶᠠᠷᠬᠠᠨ ᠪᠡᠶ᠎ᠡ ᠪᠡᠷ ᠨᠠᠭᠠᠰᠢ ᠴᠠᠭᠠᠰᠢ ᠬᠣᠯᠬᠢᠨ ᠶᠡᠬᠡᠬᠡᠨ ᠵᠦᠢᠯ ᠬᠡᠯᠡᠯᠴᠡᠨ ᠶᠠᠪᠤᠬᠤ ᠶ᠋ᠢ ᠨᠢ ᠪᠢ ᠮᠥᠨ ᠬᠠᠷᠠᠭᠰᠠᠨ᠃ ᠡᠨᠡ ᠤᠴᠢᠷ ᠠ᠋ᠴᠠ ᠪᠢ ᠪᠠᠯᠳᠠᠨᠴᠡᠷᠢᠩ᠂ ᠰᠦᠬᠡᠪᠠᠭᠠᠲᠤᠷ ᠬᠣᠶᠠᠷ ᠢ᠋ ᠡᠷᠬᠡ ᠦᠭᠡᠢ ᠳᠣᠲᠣᠨᠣ ᠶ᠋ᠢᠨ ᠨᠠᠢᠵᠢ ᠨᠥᠬᠥᠳ ᠮᠥᠨ ᠭᠡᠵᠦ ᠭᠡᠷᠡᠴᠢᠯᠡᠨ᠎ᠡ ᠭᠡᠪᠡ᠃  
       ᠡᠨᠡ ᠵᠠᠭᠤᠷ᠎ᠠ ᠪᠠᠯᠳᠠᠨᠴᠡᠷᠢᠩ ᠪᠠᠴᠢᠮᠳᠠᠨ ᠰᠠᠨᠳᠤᠷᠤᠭᠰᠠᠨ ᠵᠦᠢᠯ ᠣᠭᠲᠣ ᠦᠭᠡᠢ᠂ ᠬᠦᠨᠳᠦ ᠬᠦᠨᠳᠦ ᠬᠡᠷᠡᠭ ᠦ᠋ᠳ ᠢ᠋ ᠣᠯᠠᠨᠲᠠ ᠳᠠᠪᠠᠨ ᠲᠤᠭᠤᠯᠤᠭᠰᠠᠨ ᠲᠤᠷᠰᠢᠯᠭ᠎ᠠ ᠲᠠᠢ ᠬᠥᠮᠦᠨ ᠦ᠌ ᠶᠣᠰᠣᠭᠠᠷ ᠨᠢᠮᠠᠵᠠᠪ ᠤ᠋ᠨ ᠨᠢᠭᠤᠷᠳᠠᠯᠭ᠎ᠠ ᠪᠠ ᠦᠨᠡᠨ ᠲᠡᠢ ᠭᠡᠷᠡᠴᠢᠯᠡᠭᠡ ᠡᠴᠡ ᠬᠡᠷᠬᠢᠨ ᠵᠠᠢᠯᠠᠨ ᠭᠠᠷᠬᠤ ᠪᠠᠨ ᠲᠠᠢᠪᠤᠩ ᠢ᠋ᠶ᠋ᠠᠷ ᠪᠣᠳᠣᠵᠤ ᠪᠠᠢᠯ᠎ᠠ᠃ ᠭᠡᠲᠡᠯ᠎ᠡ ᠨᠢᠮᠠᠵᠠᠪ ᠲᠤ ᠭᠡᠨᠡᠳᠲᠡ ᠠᠭᠤᠷ ᠬᠦᠷᠪᠡ᠃ ᠲᠡᠭᠦᠨ ᠦ᠌ ᠡᠬᠡ ᠣᠷᠣᠨ᠂ ᠠᠷᠠᠳ ᠲᠦᠮᠡᠨ ᠡᠴᠡ ᠪᠡᠨ ᠤᠷᠪᠠᠨ ᠡᠨᠡ ᠲᠡᠷᠡ ᠶ᠋ᠢ ᠭᠠᠮᠢᠩ ᠳ᠋ᠤ᠌ ᠮᠡᠳᠡᠭᠦᠯᠳᠡᠭ ᠭᠠᠮᠢᠩ ᠤ᠋ᠨ ᠲᠠᠩᠨᠠᠭᠤᠯ ᠪᠣᠯᠤᠭᠰᠠᠨ ᠤ᠋ ᠬᠤᠪᠢ ᠳ᠋ᠤ᠌ ᠬᠢᠵᠠᠭᠠᠷ ᠦᠭᠡᠢ ᠶᠡᠬᠡ ᠠᠭᠤᠷ ᠭᠦᠷᠦᠨ᠄ ᠬᠤᠳᠠᠯ ᠠ᠋! ᠣᠷᠣ ᠦᠨᠳᠦᠰᠦ ᠦᠭᠡᠢ ᠬᠤᠳᠠᠯ ᠠ᠋! ᠭᠡᠵᠦ ᠬᠠᠰᠬᠢᠷᠤᠨ ᠪᠣᠰᠤᠨ ᠬᠠᠷᠠᠢᠪᠠ᠃ 
       — ᠨᠢᠭᠤᠷ ᠨᠢᠳᠦ ᠪᠡᠨ ᠠᠯᠳᠠᠭᠰᠠᠨ ᠴᠢᠮᠠᠶ᠋ᠢ ᠴᠦ᠍ ᠲᠠᠨᠢᠬᠤ ᠦᠭᠡᠢ ᠭᠡᠵᠦ ᠬᠠᠨᠴᠤᠢ ᠰᠢᠮᠡᠯᠡᠨ ᠣᠷᠣᠭᠰᠢ ᠦᠰᠦᠷᠬᠦ ᠳ᠋ᠦ᠍ ᠨᠢᠮᠠᠵᠠᠪ ᠰᠠᠨᠳᠤᠷᠤᠨ ᠪᠠᠢᠴᠠᠭᠠᠭᠴᠢ ᠶ᠋ᠢᠨ ᠠᠷᠤ ᠪᠠᠷ ᠭᠦᠶᠦᠨ ᠣᠷᠣᠪᠠ᠃ ᠭᠡᠯ᠎ᠡ ᠴᠦ᠍ ᠪᠠᠯᠳᠠᠨᠴᠡᠷᠢᠩ ᠳ᠋ᠦ᠍ ᠠᠰᠢᠭ ᠠᠯᠠᠭ᠎ᠠ᠃ ᠠᠷᠤ ᠠ᠋ᠴᠠ ᠨᠢ ᠬᠣᠶᠠᠷ ᠬᠥᠮᠦᠨ ᠪᠠᠷᠢᠨ ᠠᠪᠴᠤ ᠬᠣᠢᠰᠢ ᠲᠠᠲᠠᠨ᠎ᠠ᠃ ᠬᠠᠷᠠᠪᠠᠯ ᠬᠣᠶᠠᠷ ᠭᠠᠮᠢᠩ ᠬᠤᠶᠠᠭ ᠠᠵᠢ᠃ ᠬᠡᠷᠪᠡ ᠡᠨᠡ ᠲᠠᠰᠤᠯᠭᠠᠨ ᠳ᠋ᠤ᠌ ᠶᠠᠮᠠᠷ ᠨᠢᠭᠡᠨ ᠦᠢᠮᠡᠭᠡᠨ ᠱᠤᠤᠭᠢᠶᠠᠨ ᠳᠡᠭᠳᠡᠪᠡᠯ ᠪᠠᠢᠴᠠᠭᠠᠭᠳᠠᠨ ᠰᠠᠭᠤᠭ᠎ᠠ ᠬᠥᠮᠦᠨ ᠦ᠌ ᠠᠷᠤ ᠳ᠋ᠠᠬᠢ ᠬᠠᠭᠠᠯᠭ᠎ᠠ ᠠ᠋ᠴᠠ ᠬᠣᠶᠠᠷ ᠬᠥᠮᠦᠨ ᠦᠰᠦᠷᠦᠨ ᠭᠠᠷᠴᠤ ᠢᠷᠡᠳᠡᠭ ᠪᠠᠢᠪᠠ᠃ ᠬᠣᠢᠨ᠎ᠠ ᠠ᠋ᠴᠠ ᠨᠢ ᠬᠡᠯᠡᠮᠦᠷᠴᠢ ᠭᠠᠷᠤᠭᠰᠠᠨ ᠢ᠋ᠶ᠋ᠠᠨ ᠵᠠᠮᠢᠶᠠᠨ ᠬᠦᠩ ᠢ᠋ ᠤᠷᠢᠳᠠ ᠪᠠᠨ ᠣᠷᠣᠭᠤᠯᠤᠨ ᠣᠷᠣᠵᠤ ᠢᠷᠡᠪᠡ᠃ ᠡᠨᠡ ᠨᠢ ᠪᠠᠯᠳᠠᠨᠴᠡᠷᠢᠩ ᠳ᠋ᠦ᠍ ᠠᠩᠬᠠᠨ ᠳ᠋ᠠᠭᠠᠨ ᠶᠣᠰᠣᠲᠠᠢ ᠠᠶᠤᠮᠰᠢᠭ ᠰᠠᠨᠠᠭᠳᠠᠪᠠ᠃ ᠡᠨᠡ ᠪᠠᠢᠴᠠᠭᠠᠭᠴᠢ ᠵᠠᠮᠢᠶᠠᠨ ᠢ᠋ᠶ᠋ᠠᠷ ᠶᠠᠭᠤ ᠬᠡᠯᠡᠭᠦᠯᠵᠦ ᠨᠠᠳᠠ ᠲᠤᠯᠭᠠᠬᠤ ᠭᠡᠵᠦ ᠪᠠᠢᠭ᠎ᠠ ᠪᠣᠯ ᠭᠡᠬᠦ ᠡᠴᠡ ᠵᠢᠷᠦᠬᠡ ᠴᠣᠬᠢᠯᠠᠨ ᠬᠥᠯᠥᠰᠥ ᠴᠢᠬᠠᠷᠠᠨ᠎ᠠ᠃ ᠨᠢᠳᠦᠨ ᠦ᠌ ᠪᠤᠯᠤᠩ ᠢ᠋ᠶ᠋ᠠᠷ ᠵᠠᠮᠢᠶᠠᠨ ᠢ᠋ ᠠᠵᠢᠬᠤ ᠳ᠋ᠤ᠌ ᠳᠣᠣᠷ᠎ᠠ ᠬᠣᠷᠮᠣᠢ ᠶ᠋ᠢᠨ ᠦᠵᠦᠭᠦᠷ ᠴᠡᠴᠡᠷᠡᠨ ᠠᠮᠢᠰᠬᠤᠯ ᠨᠢ ᠳᠣᠩᠰᠣᠯᠭᠠᠨ ᠲᠠᠢ ᠪᠠᠷ ᠰᠣᠨᠣᠰᠳᠠᠨ᠎ᠠ᠃ 
       — ᠵᠠᠮᠢᠶᠠᠨ ᠴᠢ ᠡᠨᠡ ᠬᠥᠮᠦᠨ ᠢ᠋ ᠲᠠᠨᠢᠬᠤ ᠤᠤ? 
       — ᠲᠠᠨᠢᠬᠤ ᠦᠭᠡᠢ᠂ ᠱᠣᠷᠣᠩ ᠳ᠋ᠤ᠌ ᠣᠷᠣᠵᠤ ᠢᠷᠡᠭᠰᠡᠨ ᠡᠴᠡ ᠨᠢ ᠬᠣᠢᠰᠢ ᠵᠢᠰᠦ ᠪᠡᠨ ᠲᠠᠨᠢᠬᠤ ᠪᠣᠯᠵᠤ ᠪᠠᠢᠨ᠎ᠠ ᠭᠡᠵᠦ ᠵᠠᠮᠢᠶᠠᠨ ᠠᠶᠤᠨ ᠴᠡᠴᠡᠷᠡᠭᠰᠡᠨ ᠬᠣᠭᠣᠯᠠᠢ ᠪᠠᠷ ᠬᠠᠷᠢᠭᠤᠯᠪᠠ᠃ 
       ᠪᠠᠢᠴᠠᠭᠠᠭᠴᠢ ᠶᠠᠮᠠᠷ ᠨᠢᠭᠡᠨ ᠠᠮᠲᠠᠲᠠᠢᠬᠠᠨ ᠶᠠᠭᠤᠮ᠎ᠠ ᠶ᠋ᠢ ᠠᠮᠲᠠᠷᠬᠠᠬᠤ ᠪᠠᠢᠳᠠᠯ ᠢ᠋ᠶ᠋ᠠᠷ ᠠᠮᠠ ᠬᠥᠳᠡᠯᠭᠡᠨ ᠢᠨᠢᠶᠡᠮᠰᠦᠭᠯᠡᠵᠦ᠄  
       — ᠢᠩᠭᠢᠬᠦ ᠳ᠋ᠦ᠍ ᠪᠠᠯᠳᠠᠨᠴᠡᠷᠢᠩ ᠴᠢ ᠰᠠᠢᠨ ᠲᠠᠨᠢᠳᠠᠭ ᠭᠡᠵᠦ ᠮᠡᠳᠡᠭᠦᠯᠦᠭᠰᠡᠨ ᠪᠠᠢᠬ᠎ᠠ? 
       — ᠲᠡᠢᠮᠦ ᠠ᠋᠂ ᠲᠠᠨᠢᠳᠠᠭ ᠭᠡᠵᠦ ᠮᠡᠳᠡᠭᠦᠯᠦᠭᠰᠡᠨ᠃  
       ᠵᠠᠮᠢᠶᠠᠨ ᠤ᠋ ᠬᠦᠴᠦ ᠪᠡᠷ ᠰᠠᠨᠠᠭ᠎ᠠ ᠠᠯᠳᠠᠬᠤ ᠴᠢᠬᠢᠨ ᠳ᠋ᠦ᠍ᠨᠢ ᠰᠣᠨᠣᠰᠳᠠᠨ᠎ᠠ᠃ ᠭᠡᠪᠡᠴᠦ ᠪᠠᠢᠴᠠᠭᠠᠭᠴᠢ ᠵᠠᠮᠢᠶᠠᠨ ᠠ᠋ᠴᠠ ᠥᠭᠡᠷ᠎ᠡ ᠦᠭᠡ ᠠᠰᠠᠭᠤᠯ ᠦᠭᠡᠢ ᠭᠠᠷᠭᠠᠪᠠ᠃ ᠡᠨᠡ ᠲᠤᠬᠠᠢ ᠪᠠᠯᠳᠠᠨᠴᠡᠷᠢᠩ ᠭᠠᠢᠬᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠪᠥᠭᠡᠳ ᠡᠴᠦᠰ ᠲᠦ᠋ᠨᠢ ᠪᠠᠢᠴᠠᠭᠠᠭᠴᠢ ᠶ᠋ᠢᠨ ᠬᠡᠯᠡ ᠨᠢᠭᠤᠷ ᠲᠤᠯᠭᠠᠳᠠᠭ ᠢ᠋ ᠵᠥᠪᠬᠡᠨ ᠰᠠᠨᠠᠭ᠎ᠠ ᠰᠡᠳᠬᠢᠯ ᠢ᠋ ᠮᠢᠨᠢ ᠪᠦᠷᠢᠮᠦᠰᠦᠨ ᠪᠠᠭᠤᠯᠭᠠᠨ ᠠᠪᠬᠤ ᠶ᠋ᠢᠨ ᠡᠭᠦᠳᠡᠨ ᠡᠴᠡ ᠪᠣᠯ ᠤᠤ ᠭᠡᠵᠦ ᠳᠣᠲᠣᠷ᠎ᠠ ᠪᠠᠨ ᠳᠠᠭᠠᠪᠤᠷᠢᠯᠠᠪᠠ᠃ 
       — ᠵᠠᠮᠢᠶᠠᠨ ᠴᠢᠮᠠᠶ᠋ᠢ ᠲᠠᠨᠢᠬᠤ ᠦᠭᠡᠢ ᠭᠡᠯ᠎ᠡ᠃ ᠴᠢ ᠲᠠᠨᠢᠳᠠᠭ ᠭᠡᠳ ᠪᠠᠢᠭ᠎ᠠ᠂ ᠢᠩᠭᠢᠬᠦ ᠪᠡᠷ ᠬᠠᠤᠯᠢ ᠲᠠ ᠬᠣᠶᠠᠷ ᠤ᠋ᠨ ᠬᠡᠨ ᠦ᠌ ᠬᠢ ᠶ᠋ᠢ ᠦᠨᠡᠨ ᠭᠡᠵᠦ ᠦᠵᠡᠪᠡᠯ ᠵᠣᠬᠢᠬᠤ ᠪᠣᠢ? ᠭᠡᠳ ᠪᠠᠢᠴᠠᠭᠠᠭᠴᠢ ᠰᠠᠨᠳᠠᠯᠢ ᠶ᠋ᠢᠨ ᠢ᠋ᠶ᠋ᠡᠨ ᠠᠷᠤ ᠲᠦᠰᠢᠭᠦᠷᠢ ᠶ᠋ᠢ ᠨᠠᠯᠠᠨ ᠭᠡᠳᠡᠢᠪᠡ᠃  
       — ᠮᠢᠨᠦ ᠪᠣᠳᠣᠬᠤ ᠳ᠋ᠤ᠌ ᠬᠡᠨ ᠬᠡᠨ ᠦ᠌ ᠬᠢ ᠶ᠋ᠢ ᠦᠨᠡᠨ ᠭᠡᠵᠦ ᠦᠵᠡᠪᠡᠯ ᠵᠣᠬᠢᠨ᠎ᠠ᠃ 
       — ᠶᠠᠭᠠᠬᠢᠭᠠᠳ ᠭᠡᠵᠦ ᠪᠠᠢᠴᠠᠭᠠᠭᠴᠢ ᠣᠷᠣᠭᠰᠢ ᠪᠥᠬᠥᠢᠪᠡ᠃ 
       — ᠵᠠᠮᠢᠶᠠᠨ ᠬᠦᠩ ᠵᠡᠷᠭᠡ ᠱᠠᠩᠨᠠᠭᠳᠠᠬᠤ ᠳ᠋ᠠᠭᠠᠨ ᠨᠠᠮᠠᠶ᠋ᠢ ᠠᠩᠬ᠎ᠠ ᠦᠵᠡᠭᠰᠡᠨ ᠢ᠋ᠶ᠋ᠡᠨ ᠮᠠᠷᠲᠠᠭᠰᠠᠨ ᠪᠠᠢᠵᠤ ᠪᠣᠯᠤᠨ᠎ᠠ᠃  
       ᠪᠠᠢᠴᠠᠭᠠᠭᠴᠢ ᠲᠡᠰᠦᠷᠡᠬᠦ ᠮᠡᠲᠦ ᠭᠡᠨᠡᠳᠲᠡ ᠢᠨᠢᠶᠡᠳᠦ ᠠᠯᠳᠠᠨ᠎ᠠ᠃ 
       — ᠬᠥᠮᠦᠨ ᠲᠡᠢᠮᠦ ᠴᠢᠬᠤᠯᠠ ᠬᠡᠷᠡᠭ ᠳᠡᠭᠡᠷ᠎ᠡ ᠠᠭᠤᠯᠵᠠᠯᠳᠤᠭᠰᠠᠨ ᠢ᠋ᠶ᠋ᠠᠨ ᠪᠠᠰᠠ ᠮᠠᠷᠲᠠᠬᠤ ᠭᠡᠵᠢ ᠤᠤ? 
       — ᠲᠡᠢᠮᠦ ᠠ᠋᠂ ᠮᠠᠷᠲᠠᠬᠤ ᠤᠴᠢᠷ ᠦᠭᠡᠢ᠂ ᠭᠡᠪᠡᠴᠦ ᠵᠠᠮᠢᠶᠠᠨ ᠡᠷᠳᠡᠮ ᠨᠣᠮ ᠶᠡᠬᠡ ᠲᠡᠢ᠂ ᠮᠥᠨ ᠴᠦ᠍ ᠨᠠᠰᠤ ᠪᠠᠷ ᠨᠠᠳᠠ ᠠ᠋ᠴᠠ ᠣᠯᠠᠨ ᠠᠬ᠎ᠠ ᠪᠣᠯᠬᠣᠷ ᠨᠠᠮᠠᠶ᠋ᠢ ᠬᠥᠮᠦᠨ ᠭᠡᠵᠦ ᠲᠣᠭᠣᠭ᠎ᠠ ᠦᠭᠡᠢ ᠪᠠᠢᠵᠤ ᠪᠣᠯᠤᠨ᠎ᠠ᠃ ᠢᠩᠭᠢᠬᠦᠯᠡᠷ ᠲᠡᠭᠦᠨ ᠦ᠌ ᠨᠠᠮᠠᠶ᠋ᠢ ᠲᠠᠨᠢᠬᠤ ᠦᠭᠡᠢ ᠭᠡᠬᠦ ᠨᠢ ᠵᠦᠢ ᠶ᠋ᠢᠨ ᠬᠡᠷᠡᠭ ᠪᠠᠢᠬᠤ ᠠ᠋᠃  
       ᠪᠠᠢᠴᠠᠭᠠᠭᠴᠢ ᠬᠡᠯᠡᠬᠦ ᠦᠭᠡ ᠦᠭᠡᠢ ᠪᠣᠯᠪᠠ ᠪᠣᠯᠤᠯᠲᠠᠢ᠃ ᠠᠮᠠ ᠨᠡᠭᠡᠭᠡᠨ ᠬᠡᠯᠡ ᠪᠡᠨ ᠬᠡᠳᠦ ᠳᠠᠬᠢᠨ ᠪᠤᠯᠲᠠᠭᠠᠨᠠᠭᠤᠯᠤᠨ ᠡᠭᠡᠳᠡᠷᠡᠭᠡᠳ᠄ 
       — ᠴᠢ ᠪᠤᠰᠤᠳ ᠥᠭᠡᠷ᠎ᠡ ᠲᠠᠰᠤᠯᠭ᠎ᠠ ᠨᠤᠭᠤᠳ ᠲᠤ ᠶᠠᠭᠤ ᠪᠣᠯᠵᠤ ᠪᠠᠢᠭ᠎ᠠ ᠶ᠋ᠢ ᠰᠣᠨᠣᠰᠴᠤ ᠪᠠᠢᠨ᠎ᠠ ᠤᠤ?  
       — ᠴᠠᠭ ᠢᠮᠠᠭᠲᠠ ᠰᠣᠨᠣᠰᠤᠭᠰᠠᠭᠠᠷ ᠪᠠᠢᠨ᠎ᠠ᠃ 
       — ᠶᠠᠭᠤ ᠳᠤᠭᠤᠯᠳᠠᠵᠤ ᠪᠠᠢᠨ᠎ᠠ ᠪᠣᠢ? ᠭᠡᠳ ᠬᠦᠢᠲᠡᠨ ᠢ᠋ᠶ᠋ᠡᠷ ᠢᠨᠢᠶᠡᠮᠰᠦᠭᠯᠡᠬᠦ ᠶ᠋ᠢᠨ ᠢ᠋ᠶ᠋ᠡᠨ ᠰᠠᠴᠠᠭᠤ ᠪᠠᠷ ᠵᠠᠨᠤᠯᠬᠢᠯᠠᠨ ᠰᠢᠷᠲᠡᠬᠦ ᠨᠢ ᠲᠤᠩᠭᠠᠯᠠᠭ ᠰᠢᠯ ᠢ᠋ᠶ᠋ᠡᠷ ᠨᠡᠪᠲᠡ ᠬᠠᠷᠠᠭᠳᠠᠯ᠎ᠠ᠃  
       ᠬᠠᠵᠠᠭᠤ ᠶ᠋ᠢᠨ ᠥᠭᠡᠷ᠎ᠡ ᠲᠠᠰᠤᠯᠭ᠎ᠠ ᠨᠤᠭᠤᠳ ᠢ᠋ᠶ᠋ᠠᠷ ᠭᠡᠪᠡᠯ᠄《 ᠬᠡᠯᠡ! ᠴᠣᠬᠢ!》 ᠭᠡᠵᠦ ᠳᠠᠭᠠᠷᠢᠨ ᠳᠠᠪᠰᠢᠯᠠᠭᠰᠠᠨ ᠬᠠᠰᠬᠢᠷᠤᠭᠠᠨ᠂ ᠪᠠᠩᠵᠠ ᠱᠠᠬᠠᠢ ᠶ᠋ᠢᠨ ᠳᠡᠰ ᠨᠢᠰ ᠪᠠᠭᠤᠬᠤ᠂ ᠲᠡᠭᠦᠨ ᠦ᠌ ᠬᠠᠷᠢᠭᠤ ᠳ᠋ᠤ᠌ ᠥᠨᠥᠬᠢ ᠶ᠋ᠢᠨ ᠯᠡ ᠶᠠᠩᠵᠤ ᠪᠦᠷᠢ ᠶ᠋ᠢᠨ ᠪᠠᠷᠬᠢᠷᠠᠭᠠᠨ᠂ ᠬᠠᠷᠢᠶᠠᠨ ᠵᠥᠭᠡᠬᠦ᠂ ᠭᠣᠪᠢᠰᠢᠬᠤ᠂ ᠮᠠᠭᠤᠵᠢᠷᠠᠨ ᠢᠨᠴᠠᠭᠯᠠᠬᠤ ᠴᠥᠮ ᠲᠣᠳᠣᠬᠠᠨ ᠰᠣᠨᠣᠰᠤᠭᠳᠠᠬᠤ ᠪᠠᠷ ᠦᠯᠦ ᠪᠠᠷᠠᠮ ᠬᠡᠨ ᠦ᠌ ᠠᠪᠢᠶ᠎ᠠ᠂ ᠬᠡᠷᠬᠢᠨ ᠶᠠᠭᠤ ᠪᠣᠯᠵᠤ ᠪᠠᠢᠭ᠎ᠠ ᠨᠢ ᠬᠦᠷᠲᠡᠯ᠎ᠡ ᠮᠡᠳᠡᠭᠳᠡᠵᠦ ᠲᠠᠨᠢᠭᠳᠠᠨ᠎ᠠ᠃ ᠡᠨᠡ ᠠᠶᠤᠮᠰᠢᠭᠲᠤ ᠠᠪᠢᠶ᠎ᠠ ᠶ᠋ᠢ ᠪᠠᠯᠳᠠᠨᠴᠡᠷᠢᠩ ᠠᠩᠬ᠎ᠠ ᠰᠣᠨᠣᠰᠬᠤ ᠳ᠋ᠠᠭᠠᠨ ᠰᠥᠰᠥ ᠴᠠᠯᠭᠢᠵᠤ᠂ ᠵᠢᠷᠦᠬᠡ ᠰᠢᠮᠰᠢᠷᠡᠭᠦᠯᠵᠦ ᠪᠠᠢᠭᠰᠠᠨ ᠪᠥᠭᠡᠳ ᠬᠠᠷᠢᠨ ᠥᠨᠥᠳᠥᠷ ᠦ᠋ᠨ ᠬᠤᠪᠢ ᠳ᠋ᠤ᠌ ᠭᠡᠪᠡᠯ ᠨᠢᠭᠡ ᠲᠠᠯ᠎ᠠ ᠪᠠᠷ ᠬᠣᠶᠠᠷ ᠡᠳᠦᠷ ᠦᠷᠭᠦᠯᠵᠢᠯᠡᠨ ᠰᠣᠨᠣᠰᠤᠭᠰᠠᠨ ᠳ᠋ᠠᠭᠠᠨ ᠰᠡᠳᠬᠢᠯ ᠲᠦᠵᠢᠷᠡᠵᠦ᠂ ᠨᠥᠭᠦᠭᠡ ᠲᠠᠯ᠎ᠠ ᠪᠠᠷ ᠱᠣᠷᠣᠩ ᠳ᠋ᠤ᠌ ᠣᠷᠣᠭᠠᠳ ᠭᠠᠮᠢᠩ ᠳ᠋ᠤ᠌ ᠪᠠᠭᠤᠵᠤ ᠥᠭᠬᠦ ᠬᠦᠰᠡᠯ ᠦᠭᠡᠢ ᠪᠣᠯᠵᠤ᠂ ᠵᠠᠢᠯᠠᠰᠢ ᠦᠭᠡᠢ ᠦᠵᠡᠬᠦ ᠡᠷᠡᠭᠦᠦ ᠰᠢᠭᠦᠯᠲᠡ ᠶ᠋ᠢ ᠶᠡᠷᠦ ᠳ᠋ᠡᠭᠡᠨ ᠯᠡ ᠪᠦᠬᠦ ᠴᠢᠳᠠᠯ ᠢ᠋ᠶ᠋ᠠᠷ ᠢ᠋ᠶ᠋ᠠᠨ ᠦᠵᠡᠬᠦ ᠨᠢ ᠶᠠᠭᠠᠮᠠᠢ ᠬᠡᠷᠡᠭ ᠭᠡᠵᠦ ᠪᠣᠳᠣᠬᠤ ᠪᠣᠯᠤᠭᠰᠠᠨ ᠠᠵᠢ᠃  
       — ᠨᠠᠳᠠ ᠳ᠋ᠤ᠌ ᠳᠤᠭᠤᠯᠳᠠᠵᠤ ᠪᠠᠢᠭ᠎ᠠ ᠪᠠᠷ ᠪᠣᠯ ᠦᠨᠡᠨ ᠬᠤᠳᠠᠯ ᠢ᠋ ᠢᠯᠭᠠᠬᠤ ᠨᠢᠳᠦ ᠪᠡᠨ ᠠᠯᠳᠠᠭᠰᠠᠨ ᠲᠠᠨ ᠤ᠋ ᠪᠠᠢᠴᠠᠭᠠᠭᠴᠢ ᠨᠠᠷ ᠤ᠋ᠨ ᠬᠡᠷᠴᠡᠭᠡᠢ ᠬᠠᠰᠬᠢᠷᠤᠭᠠᠨ᠂ ᠲᠡᠳᠡᠨ ᠦ᠌ ᠳᠣᠣᠷ᠎ᠠ ᠠᠷᠠᠰᠤ ᠮᠢᠬ᠎ᠠ ᠪᠠᠨ ᠲᠠᠰᠤᠴᠢᠭᠤᠯᠵᠤ ᠪᠠᠢᠭ᠎ᠠ ᠬᠥᠭᠡᠷᠦᠬᠦᠢ ᠮᠣᠩᠭᠣᠯ ᠠᠬ᠎ᠠ ᠳᠡᠭᠦᠦ ᠨᠠᠷ ᠤ᠋ᠨ ᠭᠠᠰᠠᠯᠠᠯᠭ᠎ᠡ ᠯᠡ ᠳᠤᠭᠤᠯᠳᠠᠵᠤ ᠪᠠᠢᠨ᠎ᠠ ᠭᠡᠬᠦ ᠳ᠋ᠦ᠍ ᠪᠠᠢᠴᠠᠭᠠᠭᠴᠢ ᠶ᠋ᠢᠨ ᠠᠭᠤᠷ ᠰᠢᠳᠡᠪᠡ᠃ ᠭᠡᠨᠡᠳᠲᠡ ᠬᠠᠰᠬᠢᠷᠤᠨ ᠤᠤᠬᠢᠯᠠᠵᠤ ᠦᠰᠦᠷᠬᠦ ᠳ᠋ᠦ᠍ᠨᠢ ᠪᠠᠯᠳᠠᠨᠴᠡᠷᠢᠩ ᠦ᠋ᠨ ᠴᠢᠬᠢ ᠳᠣᠲᠣᠷ᠎ᠠ ᠪᠠᠨ ᠶᠠᠩ ᠭᠡᠲᠡᠯ᠎ᠡ ᠳᠣᠷᠭᠢᠪᠠ᠃ ᠪᠤᠵᠠᠷ ᠪᠣᠯᠠᠢ ᠬᠠᠷᠢᠶᠠᠯ ᠤ᠋ᠨ ᠦᠭᠡᠰ ᠢ᠋ ᠪᠠᠢᠴᠠᠭᠠᠭᠴᠢ ᠡᠷᠡᠭᠡ ᠴᠡᠭᠡᠷ ᠦᠭᠡᠢ ᠤᠷᠤᠰᠬᠠᠨ ᠤᠷᠢᠳᠤ ᠪᠠᠨ ᠪᠠᠢᠭ᠎ᠠ ᠠᠳᠬᠤ ᠲᠦᠭᠦᠷᠡᠮ᠎ᠡ ᠶ᠋ᠢᠨ ᠬᠡᠮᠵᠢᠶᠡᠨ ᠦ᠌ ᠭᠠᠤᠯᠢᠨ ᠶᠠᠨᠲ᠋ᠠᠢ ᠪᠠᠨ ᠰᠢᠭᠦᠷᠡᠨ ᠠᠪᠴᠤ ᠰᠢᠷᠡᠭᠡ ᠪᠡᠨ ᠴᠣᠬᠢᠬᠤ ᠳ᠋ᠤᠨᠢ ᠰᠢᠷᠡᠭᠡᠨ ᠦ᠌ ᠶᠠᠭᠤᠮᠠᠰ ᠣᠢᠨ ᠪᠠᠭᠤᠬᠤ ᠦᠵᠡᠭᠳᠡᠨ᠎ᠡ᠃ ᠭᠡᠲᠡᠯ᠎ᠡ ᠪᠠᠯᠳᠠᠨᠴᠡᠷᠢᠩ ᠦ᠋ᠨ ᠠᠷᠤ ᠳ᠋ᠠᠬᠢ ᠬᠠᠭᠠᠯᠭ᠎ᠠ ᠠ᠋ᠴᠠ ᠬᠣᠶᠠᠷ ᠡᠷᠡᠭᠦᠳᠡᠭᠴᠢ ᠦᠰᠦᠷᠦᠨ ᠭᠠᠷᠴᠤ ᠢᠷᠡᠭᠡᠳ ᠪᠠᠢᠴᠠᠭᠠᠭᠴᠢ ᠶ᠋ᠢᠨ《ᠪᠠᠯᠪᠠ᠂ ᠴᠣᠬᠢ!》 ᠭᠡᠵᠦ ᠬᠡᠯᠡᠬᠦ ᠶ᠋ᠢ ᠬᠦᠯᠢᠶᠡᠵᠦ ᠪᠠᠢᠭ᠎ᠠ ᠪᠢᠯᠡ᠃ 
       — ᠴᠢ ᠪᠦᠬᠦ ᠪᠠᠢᠴᠠᠭᠠᠭᠳᠠᠵᠤ ᠪᠠᠢᠭ᠎ᠠ ᠬᠥᠮᠦᠰ ᠢ᠋ ᠡᠬᠡ ᠣᠷᠣᠨ ᠠ᠋ᠴᠠ ᠪᠠᠨ ᠤᠷᠪᠠᠭᠰᠠᠨ ᠪᠢᠰᠢ ᠭᠡᠬᠦ ᠤᠤ᠃ ᠤᠯᠠᠭᠠᠨ ᠣᠷᠣᠰ ᠲᠠᠢ ᠰᠦᠯᠪᠡᠭᠡᠯᠳᠦᠨ ᠲᠡᠷᠰᠯᠡᠭᠴᠢᠳ ᠪᠢᠰᠢ ᠭᠡᠵᠦ ᠬᠡᠯᠡᠭᠡᠳ ᠡᠨᠳᠡ ᠭᠠᠷᠭᠠᠨ ᠲᠠᠯᠪᠢᠬᠤ ᠪᠠᠷᠢᠮᠲᠠ ᠪᠠᠢᠨ᠎ᠠ ᠤᠤ? ᠬᠡᠯᠡᠭᠡᠳ ᠠᠯᠢ! ᠬᠡᠯᠡᠭᠡᠳ ᠠᠯᠢ᠁ ᠭᠡᠵᠦ ᠪᠠᠢᠴᠠᠭᠠᠭᠴᠢ ᠰᠢᠷᠡᠭᠡᠨ ᠳᠡᠭᠡᠭᠦᠷ ᠴᠡᠭᠡᠵᠢ ᠪᠡᠨ ᠳᠠᠪᠠᠭᠤᠯᠤᠨ ᠲᠡᠩᠨᠡᠵᠦ ᠨᠣᠬᠠᠢ ᠪᠣᠷᠭᠣᠬᠤ ᠰᠢᠭ᠋ ᠶᠦᠮ ᠪᠣᠯᠪᠠ᠃ 
       ᠡᠨᠡ ᠪᠣᠯ ᠪᠠᠢᠴᠠᠭᠠᠭᠴᠢ ᠶ᠋ᠢᠨ ᠦᠨᠡᠨ ᠨᠢᠭᠤᠷ᠃ ᠤᠷᠢᠳ ᠡᠮᠦᠨ᠎ᠡ ᠪᠠᠯᠳᠠᠨᠴᠡᠷᠢᠩ ᠡᠨᠡ ᠬᠥᠮᠦᠨ ᠢ᠋ ᠣᠶᠤᠲᠠᠨ ᠰᠡᠬᠡᠭᠡᠲᠡᠨ ᠭᠡᠵᠦ ᠳᠣᠲᠣᠷ᠎ᠠ ᠪᠠᠨ ᠬᠦᠨᠳᠦᠳᠬᠡᠨ ᠦᠵᠡᠳᠡᠭ ᠪᠠᠢᠭᠰᠠᠨ ᠤᠴᠢᠷ ᠣᠳᠣ《ᠡᠨᠡ ᠬᠥᠮᠦᠨ ᠶᠠᠭᠤ ᠪᠣᠯᠵᠤ ᠣᠷᠬᠢᠪᠠ?》 ᠭᠡᠵᠦ ᠭᠥᠯᠢᠷᠡᠨ ᠭᠠᠢᠬᠠᠨ᠎ᠠ᠃ ᠭᠡᠪᠡᠴᠦ ᠪᠠᠯᠳᠠᠨᠴᠡᠷᠢᠩ ᠦ᠋ᠨ ᠰᠡᠳᠬᠢᠬᠦᠢ ᠶ᠋ᠢᠨ ᠭᠦᠨ ᠳ᠋ᠦ᠍ ᠰᠦᠬᠡᠪᠠᠭᠠᠲᠤᠷ! ᠰᠦᠬᠡᠪᠠᠭᠠᠲᠤᠷ ᠤ᠋ᠨ ᠶᠠᠷᠢᠭᠰᠠᠨ ᠶᠠᠷᠢᠶ᠎ᠠ᠂ ᠣᠳᠣ ᠶ᠋ᠢᠨ ᠱᠣᠷᠣᠩ ᠳ᠋ᠤ᠌ ᠪᠠᠢᠭ᠎ᠠ ᠬᠥᠮᠦᠰ ᠴᠥᠮ ᠰᠦᠬᠡᠪᠠᠭᠠᠲᠤᠷ ᠤ᠋ᠨ ᠦᠢᠯᠡ ᠬᠡᠷᠡᠭ ᠲᠦ᠍ ᠬᠣᠯᠪᠣᠭᠳᠠᠯ ᠲᠠᠢ ᠨᠢ ᠲᠣᠳᠣᠷᠬᠠᠢ ᠪᠣᠯᠤᠨ ᠡᠷᠭᠢᠯᠳᠦᠬᠦ ᠪᠥᠭᠡᠳ ᠬᠠᠷᠢᠨ ᠥᠪᠡᠷ ᠦ᠋ᠨ ᠪᠡᠶ᠎ᠡ ᠶ᠋ᠢ ᠡᠨᠡ ᠬᠡᠷᠡᠭ ᠲᠦ᠍ ᠶᠠᠮᠠᠷ ᠴᠦ᠍ ᠬᠣᠯᠪᠣᠭᠳᠠᠯ ᠦᠭᠡᠢ ᠭᠡᠵᠦ ᠪᠣᠳᠣᠨ᠎ᠠ᠃ ᠭᠡᠲᠡᠯ᠎ᠡ ᠪᠠᠢᠴᠠᠭᠠᠭᠴᠢ᠄ 
       — ᠴᠢ ᠰᠦᠬᠡᠪᠠᠭᠠᠲᠤᠷ ᠲᠠᠢ ᠶᠠᠮᠠᠷ ᠬᠣᠯᠪᠣᠭ᠎ᠠ ᠲᠠᠢ ᠪᠣᠯᠬᠤ ᠪᠠᠨ ᠳᠠᠷᠤᠢ ᠬᠡᠯᠡ! ᠭᠡᠵᠦ ᠶᠠᠨᠲ᠋ᠠᠢ ᠪᠠᠷ ᠢ᠋ᠶ᠋ᠠᠨ ᠰᠢᠷᠡᠭᠡ ᠴᠣᠬᠢᠨ ᠳᠠᠪᠰᠢᠯᠠᠬᠤ ᠪᠣᠯᠪᠠ᠃  
       — ᠨᠠᠳᠠ ᠶᠠᠮᠠᠷ ᠴᠦ᠍ ᠬᠣᠯᠪᠣᠭ᠎ᠠ ᠪᠠᠢᠬᠤ ᠦᠭᠡᠢ ᠭᠡᠬᠦ ᠳ᠋ᠦ᠍ ᠪᠠᠢᠴᠠᠭᠠᠭᠴᠢ《ᠴᠣᠬᠢ! ᠴᠣᠬᠢ!》 ᠭᠡᠵᠦ ᠰᠢᠷᠡᠭᠡᠨ ᠦ᠌ ᠡᠮᠦᠨ᠎ᠡ ᠦᠰᠦᠷᠦᠨ ᠭᠠᠷᠴᠤ ᠢᠷᠡᠪᠡ᠃ ᠡᠨᠡ ᠳᠠᠷᠤᠢ ᠪᠠᠯᠳᠠᠨᠴᠡᠷᠢᠩ ᠦ᠋ᠨ ᠠᠷᠤ ᠳ᠋ᠤ᠌ ᠪᠡᠯᠡᠨ ᠪᠠᠢᠭ᠎ᠠ ᠬᠣᠶᠠᠷ ᠡᠷᠡᠭᠦᠳᠡᠭᠴᠢ ᠬᠣᠶᠠᠷ ᠲᠠᠯ᠎ᠠ ᠠ᠋ᠴᠠ ᠨᠢ ᠴᠢᠬᠢᠳᠡᠨ ᠬᠠᠴᠠᠷ ᠳᠡᠭᠡᠷ᠎ᠡ ᠳᠡᠰ ᠨᠢᠰ ᠪᠠᠭᠤᠯᠭᠠᠨ᠎ᠠ᠃ ᠡᠨᠡ ᠪᠣᠯ ᠱᠠᠬᠠᠢᠳᠠᠯᠲᠠ᠃ ᠡᠬᠢᠨ ᠦ᠌ ᠴᠣᠬᠢᠯᠲᠠ ᠳ᠋ᠤ᠌ ᠰᠡᠷᠡᠭᠦᠦ ᠲᠠᠲᠠᠬᠤ ᠰᠢᠭ᠋ ᠪᠣᠯᠤᠭᠠᠳ ᠬᠣᠶᠠᠳᠠᠬᠢ ᠳᠡᠭᠡᠷ᠎ᠡ ᠬᠣᠷᠣᠰᠤᠭᠠᠳ᠂ ᠭᠤᠷᠪᠠᠳᠠᠬᠢ ᠳᠡᠭᠡᠷ᠎ᠡ ᠪᠡᠨ ᠲᠣᠯᠣᠭᠠᠢ ᠶ᠋ᠢᠨ ᠶᠠᠰᠤ ᠲᠡᠷᠡ ᠠᠶᠠᠪᠡᠷ ᠢ᠋ᠶ᠋ᠡᠨ ᠶᠠᠩᠭᠢᠨᠠᠭᠠᠳ ᠴᠠᠭᠠᠰᠢ ᠪᠠᠨ ᠨᠢᠳᠦᠨ ᠳ᠋ᠦ᠍ ᠭᠠᠯ ᠴᠠᠬᠢᠯᠭᠠᠨ ᠠᠪᠤᠯᠴᠠᠬᠤ ᠮᠡᠲᠦ ᠪᠣᠯᠤᠨ ᠦᠷᠭᠦᠯᠵᠢᠯᠡᠨ᠎ᠡ᠃ ᠭᠡᠪᠡᠴᠦ ᠪᠠᠯᠳᠠᠨᠴᠡᠷᠢᠩ ᠣᠯᠠᠩᠬᠢ ᠬᠥᠮᠦᠰ ᠦ᠋ᠨ ᠠᠳᠠᠯᠢ ᠳᠠᠭᠤ ᠴᠢᠮᠡᠭᠡ ᠪᠣᠯᠤᠭᠰᠠᠨ ᠦᠭᠡᠢ ᠰᠢᠳᠦ ᠪᠡᠨ ᠰᠤᠭᠤᠷᠠᠨ ᠤᠨᠠᠭᠠᠬᠤ ᠦᠭᠡᠢ ᠶ᠋ᠢ ᠪᠣᠳᠣᠨ ᠵᠠᠵᠢᠭᠤᠷ ᠵᠠᠭᠤᠨ᠎ᠠ᠃《ᠴᠣᠬᠢ! ᠴᠣᠬᠢ!》 ᠭᠡᠬᠦ ᠬᠠᠰᠬᠢᠷᠤᠯᠲᠠ᠂ ᠬᠠᠴᠠᠷ ᠳᠡᠭᠡᠷ᠎ᠡ ᠳᠡᠰ ᠨᠢᠰ ᠪᠠᠭᠤᠨ ᠭᠠᠯ ᠴᠠᠬᠢᠯᠭᠠᠨ ᠠᠪᠤᠯᠴᠠᠬᠤ ᠦᠷᠭᠦᠯᠵᠢᠯᠡᠭᠰᠡᠭᠡᠷ ᠨᠢᠭᠡ ᠮᠡᠳᠡᠬᠦ ᠳ᠋ᠦ᠍ ᠬᠦᠢᠲᠡᠨ ᠰᠡᠷᠡᠭᠦᠨ ᠶᠠᠭᠤᠮ᠎ᠠ ᠬᠣᠭᠣᠯᠠᠢ ᠤᠷᠤᠭᠤ ᠪᠠᠭᠤᠨ ᠢᠷᠡᠬᠦ ᠰᠢᠭ ᠪᠣᠯᠤᠨ᠎ᠠ᠃ ᠡᠨᠡ ᠴᠢᠨᠢ ᠶᠠᠭᠤ ᠪᠢᠯᠡ? ᠴᠢᠰᠤ᠂ ᠬᠠᠴᠠᠷ ᠤ᠋ᠨ ᠠᠷᠠᠰᠤ ᠤᠷᠠᠭᠳᠠᠨ ᠴᠢᠰᠤ ᠨᠢ ᠤᠷᠤᠰᠴᠤ ᠪᠠᠢᠬᠤ ᠠᠵᠢ᠃ ᠨᠢᠭᠡ ᠮᠡᠳᠡᠬᠦ ᠳ᠋ᠦ᠍ ᠪᠠᠢᠴᠠᠭᠠᠭᠴᠢ ᠶ᠋ᠢᠨ ᠳᠠᠭᠤ ᠲᠠᠰᠤᠷᠠᠵᠤ ᠱᠠᠬᠠᠢᠳᠠᠬᠤ ᠨᠢ ᠵᠣᠭᠰᠣᠪᠠ᠃ ᠣᠳᠣ ᠥᠪᠡᠷ ᠦ᠋ᠨ ᠪᠡᠶ᠎ᠡ ᠶ᠋ᠢ ᠠᠵᠢᠬᠤ ᠳ᠋ᠤ᠌ ᠲᠣᠯᠣᠭᠠᠢ ᠳᠦᠢᠩᠭᠢ᠂ ᠤᠬᠠᠭᠠᠨ ᠪᠠᠯᠠᠷ᠂ ᠳᠡᠰ ᠨᠢᠰ ᠭᠡᠬᠦ ᠠᠪᠢᠶ᠎ᠠ ᠴᠢᠬᠢᠨ ᠳ᠋ᠦ᠍ ᠰᠣᠨᠣᠰᠤᠭᠳᠠᠭᠰᠠᠭᠠᠷ᠃ ᠨᠢᠳᠦ ᠠᠨᠢᠨ ᠳᠣᠷᠣᠭᠰᠢ ᠪᠥᠬᠥᠢᠨ ᠨᠢᠭᠡ ᠬᠡᠰᠡᠭ ᠪᠣᠯᠤᠭᠠᠳ ᠪᠠᠢᠴᠠᠭᠠᠭᠴᠢ ᠶ᠋ᠢ ᠬᠠᠷᠠᠬᠤ ᠳ᠋ᠤᠨᠢ ᠠᠮᠠ ᠨᠢ ᠬᠥᠳᠡᠯᠵᠦ ᠪᠠᠢᠨ᠎ᠠ᠂ ᠠᠮᠠ ᠶ᠋ᠢᠨ ᠬᠢᠨᠢ ᠬᠥᠳᠡᠯᠭᠡᠭᠡᠨ ᠢ᠋ᠶ᠋ᠡᠷ ᠪᠣᠯ《ᠬᠡᠯᠡ᠂ ᠬᠡᠯᠡ!》 ᠭᠡᠵᠦ ᠪᠠᠢᠭ᠎ᠠ ᠨᠢ ᠢᠯᠡᠷᠬᠡᠢ᠃ 
       ᠪᠠᠯᠳᠠᠨᠴᠡᠷᠢᠩ ᠳᠤᠤᠭᠠᠷᠤᠭᠰᠠᠨ ᠦᠭᠡᠢ᠃ ᠭᠡᠮ ᠦᠭᠡᠢ ᠬᠥᠮᠦᠨ ᠢ᠋ ᠪᠠᠷᠢᠵᠤ ᠬᠣᠷᠢᠨ᠂ ᠲᠡᠷᠡ ᠮᠥᠷᠲᠡᠭᠡᠨ ᠮᠠᠭᠤ ᠶ᠋ᠢ ᠨᠢ ᠦᠵᠡᠵᠦ ᠪᠠᠢᠭ᠎ᠠ ᠶ᠋ᠢᠨ ᠴᠢᠨᠢ ᠬᠠᠷᠢᠭᠤ ᠳ᠋ᠤ᠌ ᠳᠤᠤᠭᠠᠷᠬᠤ ᠦᠭᠡᠢ ᠯᠡ ᠪᠠᠢᠶ᠎ᠠ ᠭᠡᠵᠦ ᠪᠣᠳᠣᠨ᠎ᠠ᠃ ᠲᠡᠭᠡᠭᠡᠳ ᠡᠨᠡ ᠡᠳᠦᠷ ᠪᠠᠢᠴᠠᠭᠠᠯᠲᠠ ᠶ᠋ᠢ ᠲᠣᠪ ᠳᠤᠭᠤᠢ ᠰᠠᠭᠤᠭᠰᠠᠭᠠᠷ ᠠᠷᠤ ᠳ᠋ᠠᠭᠠᠨ ᠲᠠᠯᠪᠢᠪᠠ᠃ 
       ᠠᠷᠤ ᠥᠪᠥᠷ ᠬᠣᠶᠠᠷ ᠲᠠᠭᠠᠨ ᠵᠡᠪᠰᠡᠭᠲᠦ ᠬᠥᠮᠦᠰ ᠢ᠋ᠶ᠋ᠡᠷ ᠬᠠᠮᠠᠭᠠᠯᠠᠭᠤᠯᠤᠨ᠂ ᠱᠣᠷᠣᠩ ᠤ᠋ᠨ ᠵᠦᠭ ᠬᠡᠯᠲᠦᠷᠢᠵᠦ ᠶᠠᠪᠤᠬᠤ ᠳ᠋ᠤ᠌ ᠬᠦᠢᠲᠡᠨ ᠠᠭᠠᠷ ᠬᠣᠭᠣᠯᠠᠢ ᠤᠷᠤᠭᠤ ᠰᠡᠩᠭᠢᠨᠡᠨ ᠲᠣᠯᠣᠭᠠᠢ ᠳᠦᠢᠷᠡᠯᠲᠡ ᠶ᠋ᠢ ᠰᠡᠷᠭᠦᠭᠡᠨ᠎ᠡ᠃ ᠭᠡᠯ᠎ᠡ ᠴᠦ᠍ ᠪᠠᠯᠳᠠᠨᠴᠡᠷᠢᠩ ᠦ᠋ᠨ ᠰᠡᠳᠬᠢᠯ ᠳ᠋ᠦ᠍ ᠪᠠᠶᠠᠰᠬᠤ ᠶᠠᠭᠤᠮ᠎ᠠ ᠠᠯᠠᠭ᠎ᠠ᠃ ᠬᠠᠷᠢᠨ ᠴᠦ᠍ ᠰᠡᠳᠬᠢᠯ ᠦᠢᠮᠡᠨ ᠭᠣᠣᠯ ᠬᠠᠷᠠᠯᠠᠵᠤ᠂ ᠭᠠᠮᠢᠩ ᠢ᠋ ᠥᠰᠢᠨ ᠵᠠᠨᠤᠬᠤ ᠨᠡᠮᠡᠭᠳᠡᠨ᠎ᠡ᠃ ᠱᠣᠷᠣᠩ ᠤ᠋ᠨ ᠡᠭᠦᠳᠦᠨ᠎ᠡ ᠢᠷᠡᠬᠦ ᠳ᠋ᠦ᠍ ᠬᠠᠭᠠᠯᠭ᠎ᠠ ᠳ᠋ᠤ᠌ ᠤᠭᠲᠤᠨ ᠨᠡᠭᠡᠭᠡᠭᠳᠡᠵᠦ ᠳᠦᠭᠦᠷᠡᠩ ᠭᠠᠩ ᠲᠠᠢ ᠪᠣᠬᠢᠷ ᠢ᠋ ᠬᠣᠶᠠᠷ ᠬᠥᠮᠦᠨ ᠳᠠᠮᠨᠠᠨ ᠭᠠᠷᠴᠤ ᠢᠷᠡᠪᠡ᠃ ᠲᠡᠷᠢᠭᠦᠨ ᠳ᠋ᠦ᠍ᠨᠢ ᠶᠠᠪᠤᠭ᠎ᠠ ᠳᠡᠮᠨᠠᠭᠴᠢ ᠨᠢ ᠨᠠᠮᠬᠠᠨ ᠨᠢᠷᠤᠭᠤ ᠲᠠᠢ ᠰᠠᠯᠪᠠᠷᠬᠠᠢ ᠳᠡᠪᠡᠯ ᠲᠡᠢ ᠪᠥᠭᠡᠳ ᠪᠠᠯᠳᠠᠨᠴᠡᠷᠢᠩ ᠦ᠋ᠨ ᠨᠢᠳᠦᠨ ᠦ᠌ ᠦᠵᠦᠭᠦᠷ ᠲᠦ᠍ ᠲᠠᠨᠢᠬᠤ ᠬᠥᠮᠦᠨ ᠰᠢᠭ ᠲᠤᠰᠪᠠ᠃ ᠯᠠᠪᠯᠠᠨ ᠬᠠᠷᠠᠬᠤ ᠳ᠋ᠤ᠌ ᠮᠠᠩᠨᠠᠢ ᠳ᠋ᠤᠨᠢ ᠮᠣᠷᠢᠨ ᠲᠤᠭᠤᠷᠠᠢ ᠶ᠋ᠢᠨ ᠬᠡᠯᠪᠡᠷᠢ ᠶ᠋ᠢᠨ ᠭᠢᠯᠠᠭᠠᠨ ᠰᠣᠷᠪᠢ ᠲᠣᠳᠣᠷᠠᠵᠤ᠂ ᠬᠠᠮᠢᠭ᠎ᠠ ᠳᠠᠭᠠᠷᠢᠯᠳᠤᠭᠰᠠᠨ ᠬᠡᠨ ᠪᠣᠯᠬᠤ ᠪᠠᠨ ᠲᠣᠳᠣᠬᠠᠨ ᠰᠠᠨᠠᠭᠳᠠᠭᠤᠯᠤᠨ᠎ᠠ᠃ ᠠᠩᠬ᠎ᠠ ᠠᠭᠤᠯᠵᠠᠭᠰᠠᠨ ᠲᠡᠷᠡ ᠴᠠᠭ ᠲᠠᠭᠠᠨ ᠪᠠᠯᠳᠠᠨᠴᠡᠷᠢᠩ ᠡᠨᠡ ᠬᠥᠮᠦᠨ ᠢ᠋ ᠦᠨᠡᠬᠡᠷ ᠦᠷᠦ ᠡᠪᠡᠳᠴᠦ ᠪᠠᠢᠭᠰᠠᠨ ᠪᠣᠯ ᠣᠳᠣ ᠢᠵᠢᠯᠢ ᠳ᠋ᠡᠭᠡᠨ ᠢᠵᠢᠯᠢ᠂ ᠭᠣᠳᠣᠯᠢ ᠳ᠋ᠠᠭᠠᠨ ᠭᠣᠳᠣᠯᠢ ᠭᠡᠭᠴᠢ ᠪᠡᠷ ᠮᠥᠨ ᠱᠣᠷᠣᠩ ᠳ᠋ᠤ᠌ ᠰᠠᠭᠤᠵᠤ ᠪᠠᠢᠭ᠎ᠠ ᠶ᠋ᠢᠨ ᠬᠤᠪᠢ ᠳ᠋ᠤ᠌ ᠦᠷᠦ ᠡᠪᠡᠳᠬᠦ ᠶᠠᠭᠤᠮ᠎ᠠ ᠠᠯᠠᠭ᠎ᠠ᠂ ᠵᠥᠪᠬᠡᠨ ᠤᠷᠢᠳᠠ ᠤᠳᠠᠭ᠎ᠠ ᠵᠢᠰᠦ ᠲᠠᠨᠢᠬᠤ ᠪᠣᠯᠤᠭᠰᠠᠨ ᠤ᠋ ᠬᠤᠪᠢ᠄ 
       — ᠵᠠ ᠰᠠᠢᠨ ᠪᠠᠢᠨ᠎ᠠ ᠤᠤ? ᠭᠡᠯ᠎ᠡ᠃ 
       ᠭᠣᠣᠵᠣᠣ ᠵᠣᠭ ᠲᠣᠰᠣᠨ ᠠᠵᠢᠭᠰᠠᠨ ᠢ᠋ᠶ᠋ᠠᠨ ᠭᠠᠩ ᠲᠠᠢ ᠪᠠᠨ ᠢ᠋ ᠳᠣᠷᠣᠭᠰᠢ ᠪᠠᠭᠤᠯᠭᠠᠪᠠ᠃ ᠴᠢᠷᠠᠢ ᠳ᠋ᠤᠨᠢ ᠪᠠᠶᠠᠷ ᠪᠠᠶᠠᠰᠬᠤᠯᠠᠩ ᠤ᠋ᠨ ᠶᠠᠭᠤᠮ᠎ᠠ ᠪᠣᠢ ᠪᠣᠯᠤᠭᠰᠠᠨ ᠢ᠋ᠶ᠋ᠠᠨ ᠳᠠᠷᠤᠢ ᠬᠤᠪᠢᠷᠠᠨ ᠭᠤᠨᠢᠷᠬᠠᠯ ᠲᠠᠢ ᠪᠣᠯᠵᠤ ᠬᠥᠮᠦᠨ ᠪᠦᠷᠢ ᠶ᠋ᠢᠨ ᠠᠮᠠ ᠠ᠋ᠴᠠ ᠭᠠᠷᠳᠠᠭ ᠦᠭᠡᠢ ᠬᠠᠷᠢᠶᠠᠯ ᠢ᠋ ᠬᠢᠲᠠᠳ ᠢ᠋ᠶ᠋ᠠᠷ ᠬᠡᠯᠡᠪᠡ᠃ ᠡᠨᠡ ᠨᠢ ᠪᠠᠯᠳᠠᠨᠴᠡᠷᠢᠩ ᠦ᠋ᠨ ᠱᠣᠷᠣᠩ ᠳ᠋ᠤ᠌ ᠡᠷᠡᠭᠦᠦ ᠰᠢᠭᠦᠯᠲᠡ ᠳ᠋ᠦ᠍ ᠲᠠᠮᠤᠯᠠᠭᠳᠠᠭᠰᠠᠨ ᠢ᠋ ᠦᠵᠡᠵᠦ ᠭᠣᠣᠯ ᠬᠠᠷᠠᠯᠠᠭᠰᠠᠨ ᠤ᠋ ᠬᠢ ᠪᠠᠢᠵᠠᠢ᠂ ᠠᠷᠤ ᠳ᠋ᠤᠨᠢ ᠶᠠᠪᠤᠭ᠎ᠠ ᠭᠠᠮᠢᠩ《ᠶᠠᠪᠤ!》 ᠭᠡᠵᠦ ᠵᠠᠩᠳᠤᠷᠤᠨ ᠲᠤᠰᠢᠶᠠᠪᠠ᠃ ᠭᠣᠣᠵᠣᠣ ᠳᠠᠮᠨᠠᠭᠤᠷ ᠢ᠋ᠶ᠋ᠠᠨ ᠮᠥᠷᠥᠪᠴᠢᠯᠡᠨ ᠭᠠᠩ ᠲᠠᠢ ᠪᠠᠨ ᠢ᠋ ᠳᠡᠭᠡᠭᠰᠢ ᠡᠷᠭᠦᠨ ᠤᠷᠤᠭᠰᠢ ᠭᠢᠰᠬᠢᠯᠡᠪᠡ᠃ ᠣᠳᠣ ᠦᠵᠡᠪᠡᠯ ᠭᠣᠣᠵᠣᠣ ᠭᠠᠷ᠂ ᠬᠥᠯ ᠬᠣᠶᠠᠷ ᠲᠠᠭᠠᠨ ᠮᠥᠨ ᠯᠡ ᠭᠠᠪ ᠭᠢᠨᠵᠢ ᠲᠡᠢ᠂ ᠲᠡᠷᠡ ᠨᠢ ᠭᠢᠰᠬᠢᠬᠦ ᠪᠦᠷᠢ ᠶ᠋ᠢᠨ ᠲᠣᠭ᠎ᠠ ᠪᠠᠷ ᠱᠠᠴᠢᠭᠢᠨᠠᠨ ᠵᠢᠩᠭᠢᠨᠡᠨ᠎ᠡ᠃ 
       ᠪᠠᠯᠳᠠᠨᠴᠡᠷᠢᠩ ᠱᠣᠷᠣᠩ ᠤᠷᠤᠭᠤ ᠣᠷᠣᠪᠠ᠃ ᠬᠥᠮᠦᠰ ᠱᠠᠬᠠᠢᠳᠠᠭᠤᠯᠤᠭᠰᠠᠨ ᠢ᠋ ᠨᠢ ᠦᠵᠡᠭᠡᠳ ᠨᠢᠳᠦ ᠪᠡᠨ ᠲᠣᠮᠣ ᠪᠣᠯᠭᠠᠨ ᠠᠵᠢᠭᠯᠠᠨ᠎ᠠ᠃ ᠲᠡᠷᠡ ᠳᠤᠮᠳᠠ ᠠ᠋ᠴᠠ ᠵᠠᠮᠢᠶᠠᠨ ᠰᠡᠳᠬᠢᠯ ᠪᠠᠬᠠᠨ ᠵᠣᠪᠠᠨᠢᠩᠭᠤᠢ᠄ 
       — ᠵᠠ ᠲᠡᠭᠡᠭᠡᠳ ᠬᠦᠯᠢᠶᠡᠭᠰᠡᠨ ᠶᠠᠭᠤᠮ᠎ᠠ ᠪᠣᠢ ᠤᠤ? ᠭᠡᠵᠦ ᠰᠢᠪᠡᠨᠡᠨ᠎ᠡ᠃  
       — ᠪᠠᠢᠬᠤ ᠦᠭᠡᠢ ᠭᠡᠳ ᠪᠠᠯᠳᠠᠨᠴᠡᠷᠢᠩ ᠭᠤᠷᠪᠠ ᠨᠤᠭᠤᠯᠤᠨ ᠣᠯᠪᠣᠭ ᠪᠣᠯᠭᠠᠨ ᠲᠠᠯᠪᠢᠭᠰᠠᠨ ᠳᠡᠪᠢᠰᠬᠡᠷ ᠳᠡᠭᠡᠷ᠎ᠡ ᠪᠡᠨ ᠡᠪᠦᠳᠦᠭ ᠨᠤᠭᠤᠯᠤᠨ ᠰᠠᠭᠤᠵᠤ᠂ ᠪᠠᠮᠪᠠᠢᠨ ᠬᠠᠪᠤᠳᠤᠭᠰᠠᠨ ᠬᠠᠴᠠᠷ ᠢ᠋ᠶ᠋ᠠᠨ ᠲᠡᠮᠲᠡᠷᠢᠨ ᠦᠵᠡᠵᠦ ᠪᠠᠢᠯ᠎ᠠ᠃  
       — ᠴᠢᠮ᠎ᠠ ᠳ᠋ᠤ᠌ ᠡᠷᠭᠢᠯᠲᠡ ᠢᠷᠡᠭᠰᠡᠨ᠂ ᠲᠡᠭᠦᠨ ᠡᠴᠡ ᠪᠡᠨ ᠢᠳᠡ ᠳᠠ ᠭᠡᠵᠦ ᠵᠠᠮᠢᠶᠠᠨ ᠬᠡᠯᠡᠪᠡ᠃  
       — ᠨᠠᠳᠠ ᠳ᠋ᠤ᠌ ᠭᠡᠨ᠎ᠡ? ᠭᠡᠵᠦ ᠪᠠᠯᠳᠠᠨᠴᠡᠷᠢᠩ ᠭᠠᠢᠬᠠᠪᠠ᠃ 
       — ᠲᠡᠢᠮᠦ ᠠ᠋᠂ ᠴᠢᠮ᠎ᠠ ᠳ᠋ᠤ᠌ ᠭᠡᠳ ᠵᠠᠮᠢᠶᠠᠨ ᠳᠠᠯᠤ ᠳᠥᠷᠪᠡᠨ ᠥᠨᠳᠥᠷ ᠲᠡᠢ ᠲᠠᠷᠭᠤᠨ ᠢᠷᠭᠡᠨ ᠦ᠌ ᠤᠭᠤᠴᠠ ᠶ᠋ᠢ ᠡᠮᠦᠨ᠎ᠡ ᠨᠢ ᠲᠠᠯᠪᠢᠪᠠ᠃ ᠪᠠᠯᠳᠠᠨᠴᠡᠷᠢᠩ ᠤᠯᠠᠮ ᠢ᠋ᠶ᠋ᠠᠷ ᠭᠠᠢᠬᠠᠨ᠎ᠠ᠃ ᠥᠪᠡᠷ ᠦ᠋ᠨ ᠬᠢᠨᠢ ᠪᠣᠳᠣᠯ ᠢ᠋ᠶ᠋ᠠᠷ ᠪᠣᠯ ᠡᠷᠭᠢᠬᠦ ᠬᠥᠮᠦᠨ ᠶᠠᠭ ᠪᠠᠢᠮ᠎ᠠ ᠦᠭᠡᠢ ᠠᠵᠢ᠃ ᠨᠡᠷ᠎ᠡ ᠲᠠᠰᠢᠶᠠᠷᠠᠭᠰᠠᠨ ᠬᠡᠷᠡᠭ ᠪᠣᠯ ᠤᠤ ᠭᠡᠵᠦ ᠪᠣᠳᠣᠯ᠎ᠠ᠃ ᠭᠡᠪᠡᠴᠦ ᠡᠨᠡ ᠲᠤᠬᠠᠢ ᠳᠤᠷᠠᠳᠬᠤ ᠶ᠋ᠢᠨ ᠬᠡᠷᠡᠭ ᠦᠭᠡᠢ ᠮᠡᠲᠦ ᠪᠠᠢᠬᠤ ᠠᠵᠢ᠃  
       — ᠳᠡᠭᠡᠭᠰᠢ ᠨᠢ ᠪᠠᠷᠢᠭᠰᠠᠨ ᠤᠤ? ᠭᠡᠬᠦ ᠳ᠋ᠦ᠍᠄  
       — ᠪᠠᠷᠢᠭᠰᠠᠨ᠂ ᠴᠥᠮ ᠵᠣᠭᠣᠭᠯᠠᠭᠰᠠᠨ ᠭᠡᠵᠦ ᠵᠠᠮᠢᠶᠠᠨ ᠬᠠᠷᠢᠭᠤᠯᠪᠠ᠃ ᠡᠨᠡ ᠱᠣᠷᠣᠩ ᠳ᠋ᠤ᠌ ᠡᠷᠭᠢᠯᠲᠡ ᠠᠪᠤᠭᠰᠠᠨ ᠬᠥᠮᠦᠰ ᠶᠠᠭᠤᠨ ᠤ᠋ ᠤᠷᠢᠳ ᠶᠡᠬᠡᠰ ᠳᠡᠭᠡᠳᠦᠰ ᠦ᠋ᠳ ᠲᠡᠭᠡᠨ ᠪᠠᠷᠢᠬᠤ ᠪᠥᠭᠡᠳ ᠲᠡᠨᠳᠡ ᠡᠴᠡ ᠬᠥᠮᠦᠰ ᠳᠡᠰ ᠳᠠᠷᠠᠭ᠎ᠠ ᠪᠠᠷ ᠥᠪᠡᠷ ᠦ᠋ᠨ ᠲᠠᠭᠠᠯᠠᠯ ᠢ᠋ᠶ᠋ᠠᠷ ᠵᠣᠭᠣᠭᠯᠠᠨ ᠪᠠᠭᠤᠵᠤ ᠢᠷᠡᠭᠰᠡᠨ ᠬᠣᠢᠨ᠎ᠠ ᠥᠪᠡᠷ ᠢ᠋ᠶ᠋ᠡᠨ ᠢᠳᠡᠬᠦ ᠪᠥᠭᠡᠳ ᠡᠭᠦᠨᠴᠢᠯᠡᠨ ᠲᠡᠷᠡ ᠳᠡᠭᠡᠳᠦᠰ ᠦ᠋ᠳ ᠡᠷᠭᠢᠯᠲᠡ ᠪᠡᠨ ᠳᠣᠣᠷᠠᠲᠤ ᠬᠥᠮᠦᠰ ᠲᠡᠢ ᠬᠤᠪᠢᠶᠠᠨ ᠢᠳᠡᠬᠦ ᠡᠢᠮᠦ ᠵᠢᠷᠤᠮ ᠠᠶᠠᠨᠳᠠᠭᠠᠨ ᠲᠣᠭᠲᠠᠭᠠᠭᠳᠠᠭᠰᠠᠨ ᠪᠠᠢᠵᠠᠢ᠃ 
       ᠪᠠᠯᠳᠠᠨᠴᠡᠷᠢᠩ ᠳ᠋ᠦ᠍ ᠶᠠᠭᠤᠮ᠎ᠠ ᠢᠳᠡᠬᠦ ᠬᠦᠰᠡᠯ ᠦᠭᠡᠢ ᠪᠠᠢᠭ᠎ᠠ ᠪᠥᠭᠡᠳ ᠬᠠᠴᠠᠷ ᠤ᠋ᠨ ᠬᠢᠨᠢ ᠬᠠᠪᠤᠳᠠᠷ ᠠᠮᠠ ᠬᠥᠳᠡᠯᠬᠦ ᠪᠦᠷᠢ ᠳ᠋ᠦ᠍ ᠡᠮᠵᠡᠭᠯᠡᠨ᠎ᠡ᠃ ᠲᠡᠭᠡᠵᠦ ᠪᠠᠢᠲᠠᠯ᠎ᠠ ᠭᠣᠣᠵᠣᠣ ᠨᠥᠬᠥᠷ ᠲᠡᠢ ᠪᠡᠨ ᠬᠣᠭᠣᠰᠣᠨ ᠭᠠᠩ ᠢ᠋ᠶ᠋ᠠᠨ ᠦᠮᠡᠬᠡᠢ ᠰᠡᠮᠡᠬᠡᠢ ᠬᠠᠩᠬᠤᠯᠤᠭᠤᠯᠤᠨ ᠣᠷᠣᠵᠤ ᠢᠷᠡᠪᠡ᠃ ᠪᠠᠯᠳᠠᠨᠴᠡᠷᠢᠩ ᠢ᠋ ᠬᠠᠷᠠᠨ ᠢᠨᠢᠶᠡᠮᠰᠦᠭᠯᠡᠬᠦ ᠪᠣᠯᠪᠠᠴᠤ ᠪᠠᠰᠠ ᠨᠢᠭᠡ ᠬᠠᠷᠢᠶᠠᠯ ᠲᠠᠯᠪᠢᠭᠰᠠᠨ ᠤ᠋ ᠪᠠᠨ ᠳᠠᠷᠠᠭ᠎ᠠ ᠭᠣᠣᠵᠣᠣ ᠨᠢᠳᠦ ᠪᠡᠨ ᠬᠤᠷᠴᠠᠯᠠᠨ᠂ ᠨᠢᠭᠤᠷ ᠢ᠋ᠶ᠋ᠠᠨ ᠤᠯᠠᠢᠯᠭᠠᠨ᠄ 
       — ᠪᠢᠳᠡ ᠥᠨᠥᠳᠥᠷ ᠭᠠᠮᠢᠩ ᠤ᠋ᠨ ᠭᠠᠷ ᠲᠤ ᠲᠠᠷᠴᠢᠯᠠᠨ ᠲᠠᠮᠤᠯᠠᠭᠳᠠᠵᠤ ᠪᠠᠢᠭ᠎ᠠ ᠪᠣᠯᠪᠠᠴᠤ ᠬᠣᠭᠣᠯᠠᠢ ᠳ᠋ᠤᠨᠢ ᠬᠢᠲᠤᠭ᠎ᠠ ᠲᠠᠯᠪᠢᠵᠤ ᠬᠠᠷᠢᠭᠤ ᠪᠠᠨ ᠠᠪᠬᠤ ᠴᠠᠭ ᠢᠷᠡᠨ᠎ᠡ ᠭᠡᠵᠦ ᠵᠠᠨᠤᠯᠬᠢᠯᠠᠨ ᠰᠢᠲᠦᠨ ᠦ᠌ ᠪᠡᠨ ᠵᠠᠪᠰᠠᠷ ᠢ᠋ᠶ᠋ᠠᠷ ᠵᠢᠰ ᠨᠢᠰ ᠢᠰᠬᠡᠷᠦᠭᠦᠯᠦᠨ ᠬᠡᠯᠡᠪᠡ᠃ 
       ᠡᠨᠡ ᠦᠭᠡ ᠶ᠋ᠢ ᠬᠡᠨ ᠰᠣᠨᠢᠷᠬᠠᠪᠠ? ᠬᠡᠨ ᠴᠦ᠍ ᠦᠭᠡᠢ᠂ ᠤᠷᠠᠩᠬᠠᠢ ᠳᠡᠪᠡᠯ ᠲᠡᠢ ᠲᠤᠷᠠᠩᠬᠠᠢ ᠴᠢᠷᠠᠢ ᠲᠠᠢ ᠠᠳᠠᠭ ᠤ᠋ᠨ ᠮᠠᠭᠤ ᠳᠣᠣᠷᠠᠲᠤ ᠬᠣᠷᠢᠭᠳᠠᠯ ᠬᠡᠯᠡᠵᠦ ᠪᠠᠢᠭ᠎ᠠ ᠬᠥᠮᠦᠨ ᠬᠢᠨᠢ ᠬᠤᠪᠢ ᠳ᠋ᠤ᠌《ᠡᠨᠡ ᠬᠥᠮᠦᠨ ᠭᠠᠯᠵᠠᠭᠤ ᠶᠤᠮ ᠤᠤ ᠯᠠ》 ᠭᠡᠵᠦ ᠪᠣᠳᠣᠨ᠎ᠠ᠃ ᠭᠠᠭᠴᠠᠬᠠᠨ ᠣᠯᠠᠨ ᠳᠠᠶᠠᠭᠠᠷ ᠲᠤ《ᠰᠣᠭᠲᠣᠭᠤ ᠪᠠᠭᠠᠲᠤᠷ》 ᠭᠡᠵᠦ ᠠᠯᠳᠠᠷᠰᠢᠭᠰᠠᠨ ᠶᠠᠩᠭᠢᠷ ᠪᠡᠶ᠎ᠡ ᠲᠡᠢ ᠡᠷ᠎ᠡ᠄《ᠠᠢ ᠳᠠ!》 ᠭᠡᠵᠦ ᠳᠠᠭᠤ ᠠᠯᠳᠠᠪᠠ᠃ ᠭᠡᠲᠡᠯ᠎ᠡ ᠨᠡᠭᠡᠭᠡᠯᠲᠡ ᠲᠡᠢ ᠬᠠᠭᠠᠯᠭᠠᠨ ᠳᠡᠭᠡᠷ᠎ᠡ ᠱᠣᠷᠣᠩ ᠳ᠋ᠤ᠌ ᠣᠷᠣᠵᠤ ᠢᠷᠡᠬᠦ ᠠᠭᠠᠷ ᠨᠠᠷᠠ ᠬᠣᠶᠠᠷ ᠢ᠋ ᠬᠠᠯᠬᠠᠯᠠᠨ ᠲᠠᠰᠢᠶ᠎ᠠ ᠲᠤᠯᠤᠨ ᠵᠣᠭᠰᠣᠵᠤ ᠪᠠᠢᠭ᠎ᠠ ᠭᠠᠮᠢᠩ᠄《ᠪᠢᠲᠡᠭᠡᠢ ᠶᠠᠷᠢᠯᠴᠠ!》 ᠭᠡᠵᠦ ᠬᠢᠲᠠᠳ ᠢ᠋ᠶ᠋ᠠᠷ ᠵᠠᠩᠳᠤᠷᠪᠠ᠃ ᠭᠣᠣᠵᠣᠣ ᠲᠣᠯᠣᠭᠠᠢ ᠨᠠᠮ ᠪᠠᠭᠤᠯᠭᠠᠨ ᠮᠥᠷᠭᠥᠵᠦ᠄ 
       — ᠨᠣᠶᠠᠨ ᠥᠷᠥᠰᠢᠶᠡ᠂ ᠪᠢ ᠡᠨᠡ ᠤᠯᠤᠰ ᠲᠤ ᠬᠣᠭᠣᠯᠠᠨ ᠠ᠋ᠴᠠ ᠪᠠᠨ ᠰᠡᠳᠬᠢᠯ ᠬᠠᠷᠠᠮ ᠦᠭᠡᠢ ᠬᠠᠢᠷᠠᠯᠠᠵᠤ ᠪᠠᠢᠳᠠᠭ ᠲᠤᠨᠢ ᠪᠠᠶᠠᠷᠯᠠᠨ ᠬᠡᠳᠦᠨ ᠦᠭᠡ ᠬᠡᠯᠡᠪᠡ᠃ ᠲᠠ ᠪᠦᠬᠦᠨ ᠡᠴᠡ ᠲᠡᠷᠡ ᠵᠦᠢᠯ ᠢ᠋ ᠰᠠᠭᠠᠳ ᠦᠭᠡᠢ ᠳᠠᠮᠵᠢᠭᠤᠯᠵᠤ ᠪᠠᠢᠳᠠᠭ ᠲᠤ ᠪᠠᠶᠠᠷᠯᠠᠨ᠎ᠠ ᠭᠡᠵᠦ ᠬᠢᠲᠠᠳ ᠢ᠋ᠶ᠋ᠠᠷ ᠤᠰᠤ ᠴᠠᠰᠤ ᠰᠢᠭ᠋ ᠤᠷᠤᠰᠬᠠᠨ ᠬᠡᠯᠡᠭᠡᠳ᠂ ᠱᠣᠷᠣᠩ ᠤ᠋ᠨ ᠬᠥᠮᠦᠰ ᠤᠷᠤᠭᠤ ᠬᠠᠨᠳᠤᠨ ᠨᠢᠭᠡ ᠦᠭᠡ ᠬᠡᠯᠡᠬᠦ ᠭᠡᠲᠡᠯ᠎ᠡ ᠭᠠᠮᠢᠩ᠄ 
       — ᠬᠠᠢ ᠮᠠᠭᠤ ᠭᠤᠢᠯᠭᠠᠴᠢᠨ ᠲᠦᠷᠭᠡᠨ ᠭᠠᠷ! ᠴᠢᠨᠦ ᠡᠨᠡ ᠳᠡᠮᠡᠢ ᠶᠠᠷᠢᠶ᠎ᠠ ᠬᠡᠨ ᠳ᠋ᠦ᠍ ᠴᠦ᠍ ᠬᠡᠷᠡᠭ ᠦᠭᠡᠢ ᠭᠡᠵᠦ ᠦᠭᠡ ᠶ᠋ᠢ ᠨᠢ ᠲᠠᠰᠤᠯᠪᠠ᠃ ᠪᠠᠯᠳᠠᠨᠴᠡᠷᠢᠩ ᠭᠣᠣᠵᠣᠣ ᠶ᠋ᠢᠨ ᠬᠣᠢᠰᠢ ᠡᠷᠭᠢᠬᠦ ᠳ᠋ᠦ᠍ᠨᠢ ᠲᠠᠷᠭᠤᠨ ᠬᠣᠨᠢᠨ ᠤ᠋ ᠪᠠᠨ ᠤᠭᠤᠴᠠ ᠶ᠋ᠢ ᠰᠤᠭᠤᠨ ᠳ᠋ᠤᠨᠢ ᠬᠠᠪᠴᠢᠭᠤᠯᠪᠠ᠂ ᠭᠣᠣᠵᠣᠣ ᠪᠠᠶᠠᠷᠯᠠᠬᠤ ᠳ᠋ᠠᠭᠠᠨ ᠪᠣᠯᠤᠯᠲᠠᠢ ᠡᠷᠭᠢᠨ ᠣᠯᠠᠨ ᠤ᠋ ᠵᠦᠭ ᠢᠨᠢᠶᠡᠮᠰᠦᠭᠯᠡᠨ᠄《ᠮᠢᠨᠦ ᠨᠡᠷ᠎ᠡ ᠭᠣᠣᠵᠣᠣ ᠪᠠᠭᠠᠲᠤᠷ ᠰᠢᠦ》 ᠭᠡᠳ ᠴᠠᠭᠠᠰᠢ ᠡᠷᠭᠢᠨ ᠬᠥᠯ ᠦ᠋ᠨ ᠢ᠋ᠶ᠋ᠡᠨ ᠭᠢᠨᠵᠢ ᠶ᠋ᠢ ᠶᠠᠩᠭᠢᠷ ᠵᠢᠩᠭᠢᠷ ᠳᠤᠤᠭᠠᠷᠭᠠᠨ ᠭᠠᠷᠴᠤ ᠣᠳᠪᠠ᠃ ᠢᠩᠭᠢᠬᠦ ᠳ᠋ᠦ᠍ ᠬᠥᠮᠦᠰ ᠭᠣᠣᠵᠣᠣ ᠶ᠋ᠢ ᠶᠡᠷᠦ ᠰᠣᠨᠢᠷᠬᠠᠭᠰᠠᠨ ᠵᠦᠢᠯ ᠦᠭᠡᠢ ᠪᠥᠭᠡᠳ ᠰᠣᠨᠢᠷᠬᠠᠭᠰᠠᠨ ᠴᠦ᠍《ᠡᠨᠡ ᠡᠷ᠎ᠡ ᠴᠦ᠍ ᠬᠠᠴᠢᠨ ᠡᠷ᠎ᠡ ᠪᠠᠢᠨ᠎ᠠ ᠳᠠ ᠭᠠᠯᠵᠠᠭᠤ ᠰᠣᠯᠢᠶ᠎ᠠ ᠲᠠᠢ ᠴᠦ᠍ ᠪᠠᠢᠵᠤ ᠮᠠᠭᠠᠳ》 ᠭᠡᠵᠦ ᠬᠡᠯᠡᠯᠴᠡᠨ᠎ᠡ᠃

        ᠦᠰᠦᠭ ᠠᠮᠢᠯᠠᠭᠤᠯᠤᠭᠴᠢ᠄  ᠳᠠᠪᠰᠢᠯᠲᠦ