ᠪᠠᠲᠤ ᠬᠠᠭᠠᠨ 8-11ᠰᠢᠲ ᠦ᠋ᠨ ᠨᠠᠮᠤᠭ ᠳᠡᠭᠡᠷ᠎ᠡ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠨᠢᠭᠡ ᠂ ᠰᠢᠲ ᠦ᠋ᠨ ᠨᠠᠮᠤᠭ ᠳᠡᠭᠡᠷ᠎ᠡ
ᠸᠡᠰᠢᠯᠢᠺᠦ ᠸᠠᠩ ᠤ᠋ᠨ ᠨᠣᠢᠷ ᠨᠢ ᠬᠦᠷᠬᠦ ᠦᠭᠡᠢ ᠪᠠᠢᠨ᠎ᠠ᠂ ᠡᠷᠭᠢᠯᠳᠦᠨ ᠬᠥᠷᠪᠡᠨ ᠬᠤᠴᠢᠭᠰᠠᠨ ᠳᠡᠪᠡᠯ ᠢ᠋ ᠪᠠᠢᠨ ᠪᠠᠢᠨ ᠵᠠᠰᠠᠨ᠎ᠠ᠂ ᠲᠡᠷᠡ ᠱᠠᠯᠠ ᠳᠡᠭᠡᠷ᠎ᠡ ᠰᠡᠪᠰᠡᠭᠡᠷ ᠡᠪᠡᠰᠦ ᠳᠡᠪᠢᠰᠦᠨ ᠡᠭᠦᠳᠡ ᠶ᠋ᠢᠨ ᠣᠷᠴᠢᠮ᠂ ᠬᠠᠮᠤᠭ ᠤ᠋ᠨ ᠵᠠᠬ᠎ᠠ ᠳ᠋ᠤ᠌ ᠬᠡᠪᠲᠡᠵᠡᠢ᠃ ᠳᠡᠷᠭᠡᠳᠡ ᠨᠢ ᠲᠡᠭᠦᠨ ᠦ᠌ ᠰᠢᠳᠠᠷ ᠴᠡᠷᠢᠭ ᠦ᠋ᠳ ᠰᠢᠬᠠᠴᠠᠯᠳᠤᠨ ᠤᠨᠲᠠᠵᠤ᠂ ᠲᠠᠯ᠎ᠠ ᠪᠦᠷᠢ ᠳ᠋ᠦ᠍ᠨᠢ ᠬᠤᠤᠬᠢᠷᠤᠯᠳᠤᠨᠠ᠃ ᠡᠭᠦᠳᠡ ᠪᠡᠷ ᠰᠠᠯᠬᠢ ᠦᠯᠢᠶᠡᠵᠦ᠂ ᠵᠢᠵᠢᠭᠬᠡᠨ ᠵᠠᠪᠰᠠᠷ ᠢ᠋ᠶ᠋ᠠᠷ ᠭᠤᠨᠢᠭᠲᠠᠢ ᠢᠰᠬᠡᠷᠦᠨ᠎ᠡ᠃《 ᠠᠷᠠᠳ ᠣᠯᠠᠨ ᠤ᠋ ᠡᠳᠦᠢ ᠶᠡᠬᠡ ᠠᠶᠤᠯ ᠵᠣᠪᠠᠯᠠᠩ ᠤ᠋ᠨ ᠳᠣᠲᠣᠷ᠎ᠠ ᠶᠠᠭᠤ ᠬᠢᠪᠡᠯ ᠵᠣᠬᠢᠬᠤ ᠪᠢᠯᠡ ? 》 ᠭᠡᠳᠡᠭ ᠪᠣᠳᠣᠯ ᠸᠠᠩ ᠤ᠋ᠨ ᠰᠡᠳᠬᠢᠯ ᠢ᠋ ᠦᠷᠭᠦᠯᠵᠢᠯᠡᠨ ᠲᠠᠮᠤᠯᠠᠵᠤ᠂ ᠶᠠᠩᠵᠤ ᠪᠦᠷᠢ ᠶ᠋ᠢᠨ ᠬᠠᠷ᠎ᠠ ᠪᠣᠳᠣᠯ ᠤ᠋ᠳ ᠡᠭᠡᠯᠵᠢᠯᠡᠨ ᠡᠷᠡᠰ ᠢ᠋ᠶ᠋ᠡᠷ ᠨᠣᠢᠷ ᠢ᠋ ᠬᠤᠯᠵᠢᠭᠠᠨᠠ᠃《 ᠠᠬ᠎ᠠ ᠸᠠᠩ ᠭᠸᠤᠷᠬᠢ ᠡᠨᠳᠡ ᠶᠠᠭᠤ ᠪᠡᠯᠡᠳᠬᠡᠵᠦ ᠪᠣᠢ? ᠬᠦᠦ ᠳ᠋ᠡᠭᠡᠨ ᠦᠯᠡᠳᠡᠭᠡᠬᠦ ᠵᠤᠨ ᠤ᠋ ᠰᠢᠨ᠎ᠡ ᠥᠷᠯᠥᠭᠡ ᠪᠣᠰᠴᠤ ᠪᠠᠢᠭ᠎ᠠ ᠪᠢᠰᠢ ᠪᠠᠢᠭ᠎ᠠ? ᠲᠠᠲ᠋ᠠᠷ ᠤ᠋ᠳ ᠠᠶᠠᠨᠳᠠᠭᠠᠨ ᠵᠠᠢᠯᠠᠵᠤ ᠣᠳᠬᠤ ᠶ᠋ᠢ ᠬᠦᠯᠢᠶᠡᠵᠦ ᠪᠠᠢᠭ᠎ᠠ ᠪᠢᠰᠢ ᠪᠢᠵᠡ ᠳ᠋ᠠ? ᠲᠡᠭᠡᠪᠡᠯ ᠤᠮᠠᠷᠠᠲᠤ ᠣᠷᠣᠰ ᠤ᠋ᠨ ᠬᠠᠮᠤᠭ ᠤ᠋ᠨ ᠬᠦᠴᠦᠷᠬᠡᠭ ᠸᠠᠩ ᠲᠡᠷᠡ ᠸᠯᠠᠳᠢᠮᠢᠷ ᠬᠣᠲᠠ ᠲᠠᠢ ᠪᠠᠨ ᠨᠢᠭᠡᠨ ᠠᠳᠠᠯᠢ ᠭᠣᠶᠣᠮᠰᠣᠭ ᠨᠡᠢᠰᠯᠡᠯ ᠬᠣᠲᠠ ᠶ᠋ᠢ ᠰᠢᠨ᠎ᠡ ᠪᠡᠷ ᠪᠠᠢᠭᠤᠯᠬᠤ ᠨᠢ ᠤᠤ? ᠡᠨᠳᠡ ᠭᠣᠣᠯ ᠢ᠋ ᠭᠤᠷᠪᠠᠨ ᠭᠠᠵᠠᠷ ᠢ᠋ᠶ᠋ᠠᠷ ᠪᠣᠭᠣᠵᠤ ᠴᠥᠭᠥᠷᠥᠮ ᠪᠣᠯᠭᠠᠨ ᠤᠰᠤᠨ ᠲᠡᠭᠡᠷᠮ᠎ᠡ ᠪᠠ ᠲᠠᠷᠢᠶ᠎ᠠ ᠴᠡᠪᠡᠷᠯᠡᠬᠦ ᠭᠠᠵᠠᠷ ᠬᠢᠭᠡᠳ ᠪᠠᠷᠠᠭ᠎ᠠ ᠠᠬᠤᠭᠤᠯᠬᠤ ᠣᠷᠣᠨ ᠰᠠᠪᠠ ᠪᠠᠷᠢᠪᠠᠯ ᠵᠣᠬᠢᠨ᠎ᠠ ᠭᠡᠵᠦ ᠶᠠᠷᠢᠳᠠᠭ ᠪᠠᠢᠭᠰᠠᠨ ᠶᠤᠮᠰᠠᠨ᠃《 ᠲᠣᠭᠲᠠᠮᠠᠯ ᠴᠡᠷᠢᠭ ᠦ᠋ᠨ ᠬᠥᠮᠦᠰ ᠢᠷᠡᠬᠦ ᠨᠢ ᠶᠡᠬᠡ ᠪᠣᠯᠵᠠᠢ᠃ ᠲᠠᠷᠢᠶ᠎ᠠ ᠪᠤᠳᠠᠭ᠎ᠠ ᠶ᠋ᠢ ᠥᠪᠡᠷᠰᠡᠳ ᠢ᠋ᠶ᠋ᠡᠨ ᠲᠡᠭᠡᠷᠮᠡᠳᠡᠪᠡᠯ ᠠᠰᠢᠭᠲᠠᠢ ᠪᠤᠰᠤ ᠤᠤ? 》 ᠭᠡᠳᠡᠭ ᠰᠠᠨ᠂ ᠭᠡᠲᠡᠯ᠎ᠡ ᠣᠢ ᠶ᠋ᠢᠨ ᠴᠠᠭᠠᠨ᠎ᠠ ᠲᠦᠢᠮᠡᠷ ᠳᠡᠭᠳᠡᠨ ᠲᠣᠰᠬᠣᠨ ᠨᠤᠭᠤᠳ ᠰᠢᠲᠠᠭᠠᠳ ᠲᠠᠲ᠋ᠠᠷ ᠤ᠋ᠳ ᠵᠠᠮ ᠳ᠋ᠠᠭᠠᠨ ᠲᠣᠬᠢᠶᠠᠯᠳᠤᠭᠰᠠᠨ ᠲᠡᠳᠡᠨ ᠦ᠌ ᠭᠠᠷ ᠣᠷᠣᠭᠰᠠᠨ ᠪᠦᠬᠦᠨ ᠢ᠋ ᠴᠠᠪᠴᠢᠯᠠᠵᠤ ᠪᠠᠯᠠᠯᠤᠭᠠᠳ᠁ ᠪᠢ ᠤᠳᠠᠭᠠᠨ ᠬᠦᠯᠢᠶᠡᠵᠦ ᠴᠢᠳᠠᠬᠤ ᠦᠭᠡᠢ᠂ ᠬᠡᠷᠪᠡ ᠭᠸᠤᠷᠬᠢ ᠸᠠᠩ ᠪᠠᠢᠯᠳᠤᠵᠤ ᠡᠬᠢᠯᠡᠬᠦ ᠦᠭᠡᠢ ᠪᠣᠯ ᠪᠢ ᠷᠤᠰᠲ᠋ᠣᠸ ᠤ᠋ᠨ ᠰᠦᠰᠦᠭ ᠦ᠋ᠨ ᠴᠡᠷᠢᠭ ᠢ᠋ᠶ᠋ᠡᠨ ᠠᠪᠴᠤ ᠣᠢ ᠳ᠋ᠤ᠌ ᠣᠷᠣᠭᠠᠳ ᠥᠷᠭᠡᠨ ᠵᠠᠮ ᠤ᠋ᠨ ᠣᠢᠷᠠᠯᠴᠠᠭ᠎ᠠ ᠲᠠᠲ᠋ᠠᠷ ᠤ᠋ᠳ ᠢ᠋ ᠰᠢᠭᠦᠷᠳᠡᠨ ᠪᠠᠷᠢᠵᠤ ᠤᠯᠠᠮ ᠢ᠋ᠶ᠋ᠠᠷ ᠬᠣᠣᠷᠲᠤ ᠮᠣᠭᠠᠢ ᠪᠠᠲᠤ ᠬᠠᠭᠠᠨ ᠳ᠋ᠤ᠌ ᠭᠠᠷ ᠬᠦᠷᠭᠡᠶ᠎ᠡ᠁ 》
ᠸᠠᠩ ᠥᠨᠳᠡᠢᠵᠦ ᠬᠠᠷᠠᠩᠭᠤᠢ ᠳ᠋ᠤ᠌ ᠲᠡᠮᠲᠡᠷᠢᠨ᠂ ᠭᠠᠯ ᠤ᠋ᠨ ᠵᠤᠤᠬᠠᠨ ᠳ᠋ᠤ᠌ ᠡᠭᠡᠭᠡᠵᠦ ᠬᠠᠲᠠᠭᠠᠭᠰᠠᠨ ᠥᠷᠮᠥᠭ ᠣᠷᠢᠶᠠᠯᠲᠠ ᠶ᠋ᠢ ᠣᠯᠵᠤ ᠬᠥᠯ ᠢ᠋ ᠣᠷᠢᠶᠠᠭᠠᠳ ᠳᠡᠭᠡᠷ᠎ᠡ ᠡᠴᠡ ᠨᠢ ᠨᠣᠣᠰᠣᠨ ᠪᠣᠭᠣᠯᠲᠠ ᠪᠠᠷ ᠪᠣᠭᠣᠵᠤ᠂ ᠪᠤᠯᠢᠭᠠᠷᠢ ᠶ᠋ᠢᠨ ᠱᠠᠬᠠᠢ ᠪᠠᠨ ᠡᠮᠦᠰᠦᠭᠡᠳ ᠣᠭᠲᠣᠷ ᠳᠡᠪᠡᠯ ᠢ᠋ ᠡᠮᠦᠰᠴᠦ ᠴᠢᠭ ᠰᠢᠯᠤᠭᠤᠨ ᠰᠡᠯᠡᠮ᠎ᠡ ᠲᠡᠢ ᠰᠣᠷᠣᠨ ᠪᠦᠰᠡ ᠶ᠋ᠢ ᠴᠢᠩᠭᠠᠯᠠᠭᠠᠳ ᠡᠭᠦᠳᠡ ᠶ᠋ᠢ ᠲᠦᠯᠬᠢᠪᠡ᠃
ᠪᠠᠢᠰᠢᠩ ᠤ᠋ᠨ ᠳᠣᠲᠣᠷ᠎ᠠ ᠪᠦᠭᠦᠳᠡᠭᠡᠷ ᠭᠦᠨ ᠨᠣᠢᠷ ᠢ᠋ᠶ᠋ᠠᠨ ᠦᠷᠭᠦᠯᠵᠢᠯᠡᠭᠦᠯᠦᠭᠰᠡᠭᠡᠷ ᠪᠠᠢᠯ᠎ᠠ᠃ ᠣᠳᠣᠨ ᠮᠡᠴᠢᠳ ᠦᠭᠡᠢ ᠲᠠᠢᠪᠤᠩ ᠣᠭᠲᠠᠷᠭᠤᠢ ᠳ᠋ᠤ᠌ ᠪᠠᠷᠠᠭᠤᠨ ᠲᠠᠯ᠎ᠠ ᠠ᠋ᠴᠠ ᠰᠢᠨ᠎ᠡ ᠰᠠᠷ᠎ᠠ ᠬᠡᠷᠡᠯᠳᠦᠵᠦ ᠪᠠᠢᠪᠠ᠃ ᠰᠠᠯᠬᠢ᠂ ᠥᠷᠭᠡᠰᠦᠲᠦ ᠴᠠᠰᠤ ᠪᠠᠷ ᠨᠢᠭᠤᠷ ᠤᠷᠤᠭᠤ ᠰᠢᠪᠬᠠᠷᠳᠠᠭᠠᠳ ᠪᠠᠢᠪᠠ᠃ ᠸᠠᠩ ᠰᠠᠭᠤᠷᠢᠨ ᠤ᠋ ᠣᠷᠳᠣᠨ ᠢ᠋ ᠳᠠᠭᠠᠵᠤ ᠶᠠᠪᠤᠪᠠ᠃ ᠦᠷ ᠴᠠᠢᠬᠤ ᠣᠢᠷᠠᠲᠤᠭᠰᠠᠨ ᠠᠵᠢ᠃ ᠴᠠᠭᠠᠨ ᠴᠠᠰᠤᠨ ᠳᠡᠭᠡᠷ᠎ᠡ ᠰᠢᠨ᠎ᠡ ᠳ᠋ᠥ᠋ᠨᠵᠡᠨ ᠪᠠᠢᠰᠢᠩ ᠨᠤᠭᠤᠳ ᠪᠠ ᠨᠦᠬᠡᠨ ᠭᠡᠷ᠂ ᠰᠢᠪᠡᠭᠡ ᠨᠤᠭᠦᠳ ᠴᠥᠮ ᠲᠣᠪ ᠲᠣᠳᠣᠷᠬᠠᠢ ᠬᠠᠷᠠᠭᠳᠠᠭᠠᠳ ᠪᠠᠢᠯᠳᠤᠭᠠᠨ ᠤ᠋ ᠰᠠᠭᠤᠷᠢᠨ ᠳᠣᠲᠣᠷ᠎ᠠ ᠨᠠᠮ ᠭᠦᠮ᠂ ᠴᠥᠮ ᠤᠨᠲᠠᠵᠠᠢ᠃ ᠳᠠᠢᠰᠤᠨ ᠬᠣᠯᠠ ᠪᠠᠶ᠋ᠢᠵᠠᠢ᠂ ᠡᠢᠮᠦ ᠰᠢᠷᠢᠩᠭᠢ ᠤᠷᠤᠭᠤ ᠡᠨᠡ ᠬᠡᠴᠡᠭᠦᠦ ᠵᠢᠪᠠᠷ ᠲᠤ᠌ ᠬᠡᠨ ᠲᠡᠮᠡᠦᠯᠬᠦ ᠪᠢᠯᠡ᠃ ᠬᠠᠷᠠᠭᠤᠯ ᠤ᠋ᠨ ᠬᠥᠮᠦᠨ ᠦ᠌ ᠳᠠᠭᠤ ᠴᠤ᠌ ᠦᠭᠡᠢ᠂ ᠲᠣᠭᠰᠢᠬᠤ ᠴᠤ᠌ ᠦᠭᠡᠢ᠂ ᠬᠥᠯ ᠦ᠋ᠨ ᠱᠠᠭᠢᠬᠤ ᠳᠠᠭᠤ ᠴᠤ᠌ ᠦᠭᠡᠢ ᠪᠠᠢᠨ᠎ᠠ᠃
ᠸᠠᠩ ᠶᠠᠪᠤᠵᠤ ᠬᠤᠷᠢᠶᠠᠯᠭᠠᠳᠠᠢ ᠳ᠋ᠥ᠋ᠨᠵᠡᠨ ᠳᠡᠭᠡᠷ᠎ᠡ ᠰᠠᠭᠤᠪᠠ᠂ ᠲᠡᠭᠦᠨ ᠦ᠌ ᠵᠢᠷᠦᠬᠡ ᠨᠢ ᠡᠮᠭᠡᠨᠢᠨ ᠪᠦᠷᠬᠦᠨ᠎ᠡ᠃《 ᠠᠢ ᠣᠷᠣᠰ ᠨᠤᠲᠤᠭ! ᠴᠠᠰᠤᠲᠤ ᠲᠠᠯᠠᠪᠠᠢ᠂ ᠪᠢᠲᠡᠭᠦᠦ ᠣᠢ ᠦᠷᠭᠦᠯᠵᠢᠯᠡᠭᠰᠡᠨ ᠠᠭᠤᠳᠠᠮ ᠰᠠᠢᠬᠠᠨ ᠣᠷᠣᠨ᠂ ᠴᠢᠨᠦ ᠬᠠᠮᠠᠭᠠᠯᠠᠯ ᠭᠡᠪᠡᠯ ᠵᠥᠪᠬᠡᠨ ᠣᠢ ᠶ᠋ᠢᠨ ᠰᠢᠷᠢᠩᠭᠢ᠂ ᠢᠷᠭᠡᠨ ᠬᠠᠷᠠᠴᠤᠳ ᠤ᠋ᠨ ᠴᠢᠳᠠᠯ ᠬᠣᠶᠠᠷ ᠪᠠᠢᠨ᠎ᠠ᠃ ᠣ᠁ ᠣᠷᠣᠰ ᠤ᠋ᠨ ᠲᠣᠰᠬᠣᠨ ᠪᠦᠷᠢ ᠶ᠋ᠢᠨ ᠠᠷᠠᠳ ᠤ᠋ᠳ ᠴᠤᠭᠯᠠᠷᠠᠨ ᠢᠷᠡᠭᠡᠳ ᠲᠡᠳᠡᠨ ᠢ᠋ ᠡᠪᠦᠭᠡᠨ ᠢᠯᠢᠶ᠎ᠠ ᠮᠥᠷᠤᠮᠸᠼ ᠳᠠᠭᠠᠭᠠᠵᠤ ᠪᠠᠢᠯᠳᠤᠭᠠᠨ ᠳ᠋ᠤ᠌ ᠣᠷᠣᠭᠰᠠᠨ ᠪᠣᠯᠤᠭᠠᠰᠠᠢ! ᠶᠠᠮᠠᠷ ᠬᠣᠣᠷᠲᠤ ᠳᠠᠢᠰᠤᠨ ᠲᠡᠰᠪᠦᠷᠢᠯᠡᠬᠦ ᠪᠢᠯᠡ? ᠮᠠᠭᠤ ᠬᠤᠯᠠᠭᠠᠢ ᠳᠠᠢᠰᠤᠨ ᠨᠤᠭᠤᠳ ᠠ᠋ᠴᠠ ᠴᠥᠮ ᠢ᠋ ᠡᠷᠲᠡ ᠴᠠᠭ ᠲᠤ᠌ ᠦᠯᠳᠡᠨ ᠬᠥᠭᠡᠭᠡᠳᠡᠭ ᠲᠡᠢ ᠪᠡᠨ ᠠᠳᠠᠯᠢᠬᠠᠨ ᠦᠯᠳᠡᠨ ᠬᠥᠭᠡᠭᠡᠬᠦ ᠰᠠᠨ᠃ ᠮᠠᠨ ᠤ᠋ ᠨᠤᠲᠤᠭ ᠲᠤ᠌ ᠠᠭᠤᠷᠲᠠᠢ ᠳᠣᠭᠰᠢᠨ᠂ ᠡᠨᠡᠷᠢᠩᠭᠦᠢ ᠰᠡᠳᠬᠢᠯ ᠦᠭᠡᠢ ᠬᠠᠷᠢ ᠶ᠋ᠢᠨ ᠬᠥᠮᠦᠰ ᠨᠡᠪᠲᠡᠷᠡᠨ ᠣᠷᠣᠵᠠᠢ᠃ ᠡᠳᠡᠨᠠᠷ ᠭᠦᠨ ᠨᠡᠪᠲᠡᠷᠡᠵᠦ ᠣᠷᠣᠰ ᠭᠠᠵᠠᠷ ᠤ᠋ᠨ ᠵᠢᠷᠦᠬᠡᠨ ᠳ᠋ᠦ᠍ ᠬᠦᠷᠦᠭᠡᠳ ᠣᠷᠣᠰ ᠭᠠᠵᠠᠷ ᠢ᠋ ᠵᠢᠵᠢᠭ ᠵᠢᠵᠢᠭ ᠢ᠋ᠶ᠋ᠡᠷ ᠲᠠᠰᠤᠯᠵᠤ᠂ ᠨᠢᠭᠡ ᠴᠥ᠍ ᠠᠮᠤᠰᠬᠢᠯᠭᠡᠬᠦ ᠦᠭᠡᠢ ᠬᠡᠮᠡᠯᠢᠵᠦ᠂ ᠵᠣᠭᠣᠭᠯᠠᠵᠤ᠂ ᠢᠳᠡᠵᠦ ᠪᠠᠢᠨ᠎ᠠ᠃ ᠣ᠁ ᠬᠦᠴᠦ ᠪᠡᠨ ᠬᠤᠷᠠᠯᠳᠤᠭᠤᠯᠤᠨ ᠵᠡᠬᠡᠵᠦ᠂ ᠬᠠᠯᠳᠠᠭᠰᠠᠨ ᠳᠠᠢᠰᠤᠨ ᠢ᠋ ᠮᠣᠷᠢᠨ ᠠ᠋ᠴᠠ ᠨᠢ ᠰᠡᠭᠰᠦᠷᠦᠨ ᠤᠨᠠᠭᠠᠬᠤ ᠰᠠᠨ 》ᠭᠡᠵᠦ ᠪᠣᠳᠣᠨ᠎ᠠ᠃
ᠭᠡᠲᠡᠯ᠎ᠡ ᠳᠥᠷᠥᠭᠡ ᠬᠠᠩᠭᠢᠨᠠᠬᠤ ᠰᠣᠨᠣᠰᠳᠠᠪᠠ᠃ ᠰᠡᠭᠦᠳᠡᠷ ᠪᠦᠷᠦᠯᠵᠡᠨ ᠮᠣᠷᠢᠲᠠᠢ ᠬᠥᠮᠦᠨ ᠤᠯᠠᠮ ᠣᠢᠷᠠᠲᠤᠨ ᠢᠷᠡᠪᠡ᠃ ᠸᠠᠩ ᠳᠣᠣᠷ᠎ᠠ ᠪᠠᠨ ᠴᠢᠪ ᠴᠢᠮᠡᠭᠡ ᠦᠭᠡᠢ ᠪᠣᠯᠵᠤ ᠱᠠᠭᠠᠢᠨ ᠬᠠᠷᠠᠪᠠ᠃ ᠬᠡᠨ ᠡᠳᠦᠢ ᠳ᠋ᠦ᠍ ᠶᠠᠭᠤ ᠭᠡᠵᠦ ᠰᠥᠨᠢ ᠶ᠋ᠢᠨ ᠭᠦᠨ ᠳᠤᠮᠳᠠ ᠴᠡᠷᠢᠭ ᠦ᠋ᠨ ᠬᠦᠷᠢᠶ᠎ᠡ ᠪᠡᠷ ᠭᠡᠲᠡᠵᠦ ᠶᠠᠪᠤᠳᠠᠭ ᠪᠢᠯᠡ? ᠭᠸᠤᠷᠭᠢ ᠶ᠋ᠢᠨ ᠨᠣᠶᠠᠨ ᠪᠢᠰᠢ ᠪᠢᠵᠡ? ᠮᠣᠷᠢ ᠨᠢ ᠥᠨᠳᠥᠷ ᠭᠣᠶᠣᠮᠰᠣᠭ ᠺᠸᠫᠴᠡᠺ ᠦ᠋ᠨ ᠪᠠᠢᠲᠠᠯ᠎ᠠ ᠤᠨᠤᠵᠤ ᠶᠠᠪᠤᠭᠴᠢ ᠨᠢ ᠣᠷᠣᠰ ᠬᠥᠮᠦᠨ ᠪᠢᠰᠢ!
一ᠡᠨᠡ ᠶᠠᠭᠠᠬᠢᠵᠤ ᠡᠨᠳᠡ ᠢᠷᠡᠪᠡ? ᠲᠠᠲ᠋ᠠᠷ ᠪᠣᠯ ᠶᠠᠭᠠᠬᠢᠬᠤ ᠪᠢᠯᠡ?
ᠸᠠᠰᠢᠯᠢᠺᠣ ᠨᠣᠶᠠᠨ ᠰᠡᠯᠡᠮ᠎ᠡ ᠶ᠋ᠢᠨ ᠡᠰᠢ ᠶ᠋ᠢ ᠴᠢᠩᠭ᠎ᠠ ᠠᠳᠬᠤᠵᠤ ᠣᠷᠣᠭᠰᠢ ᠤᠬᠤᠰᠬᠢᠪᠡ᠂ ᠮᠣᠷᠢ ᠬᠠᠵᠠᠭᠤ ᠲᠠᠰᠢ ᠪᠠᠨ ᠬᠠᠷᠠᠢᠨ ᠪᠤᠰᠬᠠᠵᠤ ᠲᠡᠷᠡ ᠬᠥᠮᠦᠨ ᠣᠢ ᠶ᠋ᠢᠨ ᠵᠠᠪᠰᠠᠷ ᠢ᠋ᠶ᠋ᠠᠷ ᠬᠠᠯᠢᠵᠤ ᠳᠠᠪᠬᠢᠵᠤ ᠰᠢᠬᠠᠭᠤ ᠭᠠᠴᠤᠷ᠎ᠠ ᠶ᠋ᠢᠨ ᠳᠤᠮᠳᠠᠭᠤᠷ ᠣᠷᠣᠵᠤ ᠠᠯᠠᠭ᠎ᠠ ᠪᠣᠯᠪᠠ᠃ ᠲᠠᠲ᠋ᠠᠷ ᠲᠠᠩᠨᠠᠭᠤᠯᠴᠢ! ᠁ ᠪᠠᠢᠨ᠎ᠠ᠃
ᠸᠠᠰᠢᠯᠢᠺᠣ ᠬᠣᠢᠨ᠎ᠠ ᠠ᠋ᠴᠠ ᠨᠢ ᠬᠥᠭᠡᠭᠡᠨ ᠭᠦᠶᠦᠭᠰᠡᠨ ᠪᠣᠯᠪᠠᠴᠤ ᠭᠦᠢᠴᠡᠬᠦ ᠠᠷᠭ᠎ᠠ ᠦᠭᠡᠢ ᠪᠢᠯᠡ᠃ ᠭᠡᠲᠡᠯ᠎ᠡ ᠨᠥᠭᠦᠭᠡ ᠲᠠᠯ᠎ᠠ ᠠ᠋ᠴᠠ ᠨᠢ ᠥᠭᠡᠷ᠎ᠡ ᠨᠢᠭᠡᠨ ᠮᠣᠷᠢ ᠲᠠᠢ ᠬᠥᠮᠦᠨ ᠦᠵᠡᠭᠳᠡᠪᠡ᠃ ᠡᠮᠦᠨ᠎ᠡ ᠨᠢ ᠠᠯᠠᠭ ᠲᠣᠮᠣ ᠨᠣᠬᠠᠢ ᠶᠠᠪᠤᠨ᠎ᠠ᠃《 ᠪᠠᠰᠠ ᠳᠠᠢᠰᠤᠨ? ᠡᠭᠦᠨ ᠢ᠋ ᠬᠡᠷᠬᠢᠪᠡᠴᠦ ᠭᠠᠷᠭᠠᠬᠤ ᠦᠭᠡᠢ ᠳ᠋ᠠ》 ᠭᠡᠵᠦ ᠰᠢᠢᠳᠪᠡ ᠃ ᠮᠣᠷᠢ ᠲᠠᠢ ᠬᠥᠮᠦᠨ ᠤᠯᠠᠮ ᠤᠯᠠᠮ ᠣᠢᠷᠠᠲᠤᠨ ᠭᠣᠶᠣᠮᠰᠣᠭ ᠮᠣᠷᠢ ᠠᠵᠢᠭ ᠦᠭᠡᠢ ᠱᠣᠭᠰᠢᠵᠤ ᠶᠠᠪᠤᠲᠠᠯ᠎ᠠ ᠨᠣᠬᠠᠢ ᠠᠷᠬᠢᠷᠠᠵᠤ᠂ ᠲᠡᠷᠡ ᠬᠥᠮᠦᠨ ᠮᠣᠷᠢᠨ ᠤ᠋ ᠵᠢᠯᠣᠭᠣ ᠶ᠋ᠢ ᠲᠠᠲᠠᠵᠤ ᠵᠣᠭᠰᠣᠪᠠ᠃
— ᠴᠢ ᠬᠡᠨ ᠪᠣᠢ?
— ᠸᠯᠠᠳᠢᠮᠢᠷ ᠠ᠋ᠴᠠ ᠭᠠᠷᠤᠭᠰᠠᠨ ᠡᠯᠴᠢ ᠪᠠᠢᠨ᠎ᠠ᠃ ᠶᠡᠬᠡ ᠨᠣᠶᠠᠨ ᠭᠧᠣᠷᠺᠢ ᠸᠰᠧᠸᠣᠯᠣᠳᠣᠸᠢᠴ ᠲᠸ᠋ ᠵᠣᠯᠭᠠᠨ᠎ᠠ᠃
— ᠶᠠᠭᠤ ᠵᠣᠷᠢᠭᠰᠠᠨ ᠭᠠᠵᠠᠷ ᠲᠠᠭᠠᠨ ᠳᠠᠭᠠᠷᠢᠯᠳᠤᠵᠠᠢ᠃ ᠸᠯᠠᠳᠢᠮᠢᠷ ᠠ᠋ᠴᠠ ᠭᠠᠷᠤᠭᠰᠠᠭᠠᠷ ᠤᠳᠠᠪᠠ ᠤᠤ?
— ᠤᠳᠠᠭᠰᠠᠨ᠂ ᠠᠷᠪᠠᠨ ᠲᠠᠪᠤᠨ ᠬᠣᠨᠣᠭ ᠶᠠᠪᠤᠯ᠎ᠠ᠃ ᠲᠣᠭᠣᠷᠢᠵᠤ ᠲᠡᠨᠦᠵᠦ ᠢᠷᠡᠪᠡ᠃ ᠭᠠᠵᠠᠷ ᠪᠦᠬᠦᠨ ᠳ᠋ᠦ᠍ ᠲᠠᠲ᠋ᠠᠷ ᠤ᠋ᠳ ᠵᠠᠨᠤᠵᠤ ᠪᠠᠢᠨ᠎ᠠ᠃ ᠭᠤᠷᠪᠠᠨ ᠤᠳᠠᠭ᠎ᠠ ᠲᠡᠳᠡᠨ ᠲᠡᠢ ᠲᠤᠯᠤᠯᠳᠤᠵᠤ ᠵᠠᠢᠯᠠᠪᠠ᠂ ᠲᠡᠨᠳᠡ ᠡᠴᠡ ᠭᠠᠭᠴᠠ ᠰᠠᠢᠨ ᠮᠣᠷᠢᠨ ᠤ᠋ ᠠᠴᠢ ᠪᠠᠷ ᠭᠠᠷᠴᠤ ᠪᠠᠢᠯ᠎ᠠ᠃
— ᠸᠯᠠᠳᠢᠮᠢᠷ ᠤ᠋ᠨ ᠲᠤᠬᠠᠢ ᠶᠠᠭᠤ ᠲᠤᠭᠤᠯᠵᠤ ᠰᠣᠨᠣᠰᠪᠠ?
— ᠮᠢᠨᠦ ᠭᠠᠷᠬᠤ ᠳ᠋ᠤ᠌ ᠸᠯᠠᠳᠢᠮᠢᠷ ᠲᠣᠭᠲᠠᠨ ᠪᠠᠢᠭᠰᠠᠨ ᠶᠤᠮᠰᠠᠨ᠂ ᠬᠠᠷᠢᠨ ᠵᠠᠮ ᠳ᠋ᠠᠭᠠᠨ ᠰᠣᠨᠣᠰᠪᠠᠯ ᠮᠠᠭᠤ ᠴᠤᠤᠷᠬᠠᠯ ᠶᠠᠪᠤᠵᠤ ᠪᠠᠢᠨ᠎ᠠ ᠪᠢᠯᠡ᠃
一ᠸᠯᠠᠳᠢᠮᠢᠷ ᠠᠪᠲᠠᠭᠳᠠᠭᠰᠠᠨ ᠭᠡᠵᠢ ᠤᠤ?
— ᠬᠠᠷᠢᠨ ᠲᠡᠢᠮᠦ᠂ ᠰᠢᠲᠠᠭᠠᠵᠠᠢ ᠭᠡᠵᠦ ᠶᠠᠷᠢᠯᠴᠠᠨ᠎ᠠ᠂ ᠲᠩᠷᠢ ᠭᠤᠷᠪᠠᠨ ᠬᠣᠨᠣᠭ ᠤᠯᠠᠢᠷᠠᠭᠰᠠᠨ( ᠤᠯᠠᠢᠭᠰᠠᠨ) ᠭᠡᠨ᠎ᠡ᠃
ᠸᠠᠩ ᠸᠠᠰᠢᠯᠢᠺᠣ ᠲᠣᠯᠣᠭᠠᠢ ᠶ᠋ᠢ ᠤᠨᠵᠢᠢᠭᠤᠯᠵᠤ ᠬᠣᠷᠣᠮᠬᠠᠨ ᠵᠠᠭᠤᠷ᠎ᠠ ᠳᠠᠬᠢᠨ ᠰᠡᠷᠭᠦᠵᠦ ᠬᠡᠯᠡᠪᠡ᠃
— ᠰᠠᠶᠢᠬᠠᠨ ᠴᠢᠨᠦ ᠤᠷᠢᠳᠠᠬᠠᠨ ᠨᠢᠭᠡ ᠮᠣᠷᠢ ᠲᠠᠢ ᠬᠥᠮᠦᠨ ᠶᠠᠪᠤᠭᠠᠳ᠂ ᠮᠢᠨᠦ ᠳᠠᠭᠤ ᠭᠠᠷᠬᠤ ᠳ᠋ᠤ᠌ ᠲᠡᠷᠡ ᠳᠠᠪᠬᠢᠨ ᠣᠳᠪᠠ᠃
— ᠮᠠᠨ ᠤ᠋ ᠬᠢᠨ ᠪᠣᠯ ᠵᠢᠭᠤᠲᠠᠬᠤ ᠦᠭᠡᠢ ᠰᠠᠨ᠂ ᠲᠡᠷᠡ ᠯᠠᠪ ᠲᠠᠲ᠋ᠠᠷ ᠤ᠋ᠨ ᠲᠠᠩᠨᠠᠭᠤᠯᠴᠢ ᠪᠢᠵᠡ᠂ ᠪᠣᠯᠭᠣᠮᠵᠢᠯᠠᠬᠤ ᠬᠡᠷᠡᠭᠲᠡᠢ! ᠲᠠᠲ᠋ᠠᠷ ᠤ᠋ᠳ ᠣᠢᠷᠠᠬᠠᠨ ᠰᠢᠦ! ᠭᠡᠨᠡᠳᠲᠡ ᠣᠪᠣᠭᠠᠷᠠᠨ ᠳᠠᠭᠠᠷᠢᠬᠤ ᠳ᠋ᠤᠨᠢ ᠳᠠᠭᠤ ᠴᠥ᠍ ᠭᠠᠷᠴᠤ ᠵᠠᠪᠳᠤᠬᠤ ᠦᠭᠡᠢ ᠰᠢᠦ᠁
— ᠲᠦᠷᠭᠡᠨ ᠶᠠᠪᠤᠵᠤ ᠸᠠᠩ ᠲᠠᠢ ᠠᠭᠤᠯᠵᠠᠶ᠎ᠠ᠃
ᠦᠰᠦᠭ ᠠᠮᠢᠯᠠᠭᠤᠯᠤᠭᠴᠢ᠄ ᠭᠡᠷᠡᠯ 2᠂ ᠠᠯᠲᠠᠨᠴᠢᠮᠡᠭ 1᠂ ᠬᠦᠦᠳᠠᠭᠠᠭᠤᠯ 1
ᠬᠢᠨᠠᠭᠴᠢ᠄ ᠪᠠᠶᠠᠨᠴᠡᠴᠡᠭ 2
ᠶᠡᠷᠦᠩᠬᠡᠢ ᠬᠢᠨᠠᠭᠴᠢ᠄ ᠠᠯᠲᠠᠨᠴᠢᠮᠡᠭ 4᠂ ᠠᠷᠢᠭᠤᠨ 4
