ᠪᠠᠲᠤ ᠬᠠᠭᠠᠨ 8-12 ᠰᠢᠲ ᠲᠦ᠍ ᠰᠢᠭᠤᠷᠭ᠎ᠠ ᠰᠢᠭᠤᠷᠪᠠ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠬᠣᠶᠠᠷ ᠂ ᠰᠢᠲ ᠲᠦ᠍ ᠰᠢᠭᠤᠷᠭ᠎ᠠ ᠰᠢᠭᠤᠷᠪᠠ
ᠠᠷᠪᠠᠨ ᠬᠣᠶᠠᠷ ᠂ ᠰᠢᠲ ᠲᠦ᠍ ᠰᠢᠭᠤᠷᠭ᠎ᠠ ᠰᠢᠭᠤᠷᠪᠠ
ᠲᠣᠷᠣᠫᠺᠠ ᠸᠯᠠᠳᠢᠮᠢᠷ ᠤ᠋ᠨ ᠡᠯᠴᠢ ᠪᠡᠷ ᠴᠡᠷᠢᠭ ᠦ᠋ᠨ ᠬᠦᠷᠢᠶᠡᠨ ᠳ᠋ᠦ᠍ ᠢᠷᠡᠭᠡᠳ ᠨᠤᠲᠤᠭ ᠤ᠋ᠨ ᠬᠥᠮᠦᠰ ᠲᠡᠢ ᠤᠴᠠᠷᠠᠪᠠ᠃ ᠲᠡᠳᠡᠨᠡᠷ ᠲᠡᠭᠦᠨ ᠦ᠌ ᠡᠴᠢᠭᠡ ᠰᠡᠸᠧᠯᠢ ᠳ᠋ᠢᠺᠣᠷᠣᠰ ᠪᠠᠢᠯᠳᠤᠭᠠᠨ ᠤ᠋ ᠪᠠᠢᠷᠢᠨ ᠳ᠋ᠤ᠌ ᠪᠠᠢᠲᠠᠯ᠎ᠠ ᠥᠩᠭᠡᠷᠡᠭᠰᠡᠨ ᠡᠳᠦᠷ ᠭᠤᠯᠢᠷ ᠪᠤᠳᠠᠭ᠎ᠠ ᠡᠪᠡᠰᠦ ᠠᠪᠴᠢᠷᠠᠬᠤ ᠪᠠᠷ ᠬᠥᠰᠬᠡ ᠲᠡᠷᠭᠡ ᠲᠡᠢ ᠶᠠᠪᠤᠭᠰᠠᠨ ᠭᠡᠪᠡ᠃
ᠲᠣᠷᠣᠫᠺᠠ ᠲᠡᠨᠳᠡ ᠪᠡᠨ ᠤᠳᠠᠬᠤ ᠠᠷᠭ᠎ᠠ ᠦᠭᠡᠢ ᠪᠠᠢᠪᠠ᠃ ᠸᠠᠩ ᠸᠠᠰᠢᠯᠢᠺᠣ ᠷᠣᠰᠲ᠋ᠣᠸᠰᠺᠢ ᠲᠡᠭᠦᠨ ᠢ᠋ ᠰᠢᠲ ᠡᠴᠡ ᠮᠸᠢᠱᠺᠢᠨ ᠬᠣᠲᠠ ᠬᠦᠷᠬᠦ ᠵᠠᠮ ᠤ᠋ᠨ ᠪᠡᠯᠴᠢᠭᠡᠷ ᠳᠡᠭᠡᠷᠡᠬᠢ ᠰᠠᠬᠢᠬᠤ ᠬᠠᠷᠠᠭᠤᠯ ᠤᠷᠤᠭᠤ ᠵᠠᠷᠤᠪᠠ᠃
ᠸᠠᠩ ᠸᠠᠰᠢᠯᠢᠺᠣ ᠵᠠᠬᠢᠬᠤ ᠳ᠋ᠠᠭᠠᠨ᠄
— ᠴᠢᠨᠦ ᠮᠣᠷᠢ ᠰᠠᠯᠬᠢ ᠮᠡᠲᠦ ᠬᠤᠷᠳᠤᠨ ᠲᠤᠯᠠ ᠬᠡᠷᠪᠡ ᠲᠠᠲ᠋ᠠᠷ ᠴᠡᠷᠢᠭ ᠬᠠᠷᠠᠭᠳᠠᠪᠠᠯ᠂ ᠨᠠᠰᠢ ᠪᠠᠨ ᠳᠠᠪᠬᠢᠵᠤ ᠢᠷᠡᠵᠦ ᠪᠢᠳᠡᠨ ᠦ᠌ ᠬᠥᠳᠡᠯᠬᠦ
ᠳ᠋ᠤ᠌ ᠪᠡᠯᠡᠬᠡᠨ ᠪᠣᠯᠭᠠᠰᠤᠭᠠᠢ ᠭᠡᠵᠦ ᠵᠠᠬᠢᠨ᠎ᠠ᠃
ᠴᠠᠪᠴᠢᠮᠠᠯ ᠡᠷᠭᠢᠲᠤ ᠥᠨᠳᠥᠷ ᠭᠠᠩᠭ᠎ᠠ ᠶ᠋ᠢᠨ ᠤᠷᠤᠭᠤᠳᠠᠭᠰᠠᠨ ᠠᠮᠠᠨ ᠤ᠋ ᠢᠷᠣᠭᠠᠷ ᠲᠸ᠋ ᠣᠪᠣᠭᠠᠯᠠᠭᠰᠠᠨ ᠮᠥᠴᠢᠷ ᠦ᠋ᠨ ᠳᠤᠮᠳᠠ ᠪᠢᠴᠢᠬᠠᠨ ᠲᠦᠳᠡᠭ ᠭᠠᠯ ᠴᠢᠳ ᠴᠢᠳ ᠨᠣᠴᠣᠨ᠎ᠠ᠃
— ᠶᠠᠮᠠᠷ ᠴᠥᠪᠲᠦ ᠴᠠᠭ ᠪᠣᠢ! ᠲᠠᠲ᠋ᠠᠷ ᠤ᠋ᠳ ᠭᠠᠵᠠᠷ ᠪᠦᠬᠦᠨ ᠬᠡᠰᠦᠭᠦᠯᠴᠢᠯᠡᠨ ᠰᠢᠨᠵᠢᠯᠡᠵᠦ ᠮᠣᠳᠣᠨ ᠳᠣᠲᠣᠷ᠎ᠠ ᠭᠠᠯ ᠦᠵᠡᠪᠡᠯ ᠳᠠᠷᠤᠢ ᠳᠠᠭᠠᠷᠢᠨ ᠣᠷᠣᠨ᠎ᠠ᠂ ᠵᠠᠯᠪᠠᠷᠢᠬᠤ ᠶ᠋ᠢᠨ ᠵᠠᠪᠳᠤᠯ ᠦᠭᠡᠢ ᠲᠣᠯᠣᠭᠠᠢ ᠦᠭᠡᠢ ᠪᠣᠯᠤᠨ᠎ᠠ ᠭᠡᠯᠴᠡᠨ᠎ᠡ᠃
ᠲᠡᠢᠮᠦ ᠴᠦ᠍ ᠤᠴᠢᠷ ᠠ᠋ᠴᠠ ᠰᠥᠨᠢ ᠶ᠋ᠢᠨ ᠬᠠᠷᠠᠭᠤᠯ ᠤ᠋ᠳ ᠭᠠᠯ ᠢ᠋ᠶ᠋ᠠᠨ ᠲᠠᠲ᠋ᠠᠷ ᠤ᠋ᠳ ᠠ᠋ᠴᠠ ᠨᠢᠭᠤᠬᠤ ᠶ᠋ᠢᠨ ᠲᠤᠯᠠ ᠲᠠᠲ᠋ᠠᠷ ᠲᠸ᠋ ᠦᠯᠦ ᠦᠵᠡᠭᠳᠡᠭᠦᠯᠬᠦ ᠪᠡᠷ ᠮᠣᠳᠣᠨ ᠤ᠋ ᠮᠥᠴᠢᠷ ᠰᠠᠯᠠᠭ᠎ᠠ ᠪᠠᠷ ᠬᠠᠰᠢᠶᠠᠯᠠᠬᠤ ᠪᠣᠯᠵᠠᠢ᠃ ᠭᠠᠩᠭ᠎ᠠ ᠶ᠋ᠢᠨ ᠡᠷᠭᠢᠨ ᠡᠴᠡ ᠥᠳᠬᠡᠨ ᠣᠢ ᠰᠢᠭᠤᠢ ᠡᠬᠢᠯᠡᠭᠡᠳ᠂ ᠤᠮᠠᠷᠠᠲᠤ ᠵᠦᠭ ᠶᠡᠬᠡ ᠯᠡ ᠬᠣᠯᠠ ᠬᠦᠷᠲᠡᠯ᠎ᠡ ᠦᠷᠭᠦᠯᠵᠢᠯᠡᠨ᠎ᠡ᠃ ᠠᠩᠴᠢᠳ ᠤ᠋ᠨ ᠬᠡᠯᠡ ᠪᠡᠷ ᠪᠣᠯ ᠴᠠᠭᠠᠨ ᠳᠠᠯᠠᠢ ᠭᠡᠭᠴᠢ ᠶ᠋ᠢ ᠬᠦᠷᠳᠡᠭ ᠠᠵᠢ᠃ ᠡᠨᠡ ᠣᠢ ᠲᠠᠢᠭ᠎ᠠ ᠳ᠋ᠤ᠌ ᠵᠦᠭ ᠲᠡᠮᠳᠡᠭ ᠦ᠋ᠳ ᠢ᠋ ᠮᠡᠳᠡᠬᠦ ᠬᠥᠮᠦᠨ ᠭᠠᠭᠴᠠᠬᠦ ᠠᠩ ᠠᠷᠢᠶᠠᠲᠠᠨ ᠤ᠋ ᠮᠥᠷ ᠢ᠋ᠶ᠋ᠡᠷ ᠶᠠᠪᠤᠵᠤ ᠪᠣᠯᠤᠨ᠎ᠠ᠃ ᠮᠥᠨ ᠵᠥᠷᠢᠭ ᠵᠠᠮ ᠢ᠋ ᠠᠩ ᠭᠥᠷᠥᠭᠡᠰᠦ᠂ ᠣᠢ ᠶ᠋ᠢᠨ ᠮᠠᠩᠭᠤᠰ᠂ ᠴᠢᠳᠬᠥᠷ ᠰᠢᠮᠨᠤᠰ ᠤ᠋ᠳ ᠴᠥᠮ ᠣᠯᠠᠨ ᠵᠠᠭᠤᠨ ᠵᠢᠯ ᠳ᠋ᠦ᠍ ᠬᠡᠰᠡᠭᠯᠡᠨ ᠭᠠᠷᠭᠠᠭᠰᠠᠨ ᠶᠤᠮ᠃ ᠬᠡᠷᠪᠡ ᠵᠥᠷᠢᠭ ᠵᠠᠮ ᠠ᠋ᠴᠠ ᠪᠠᠷᠠᠭᠤᠨ ᠵᠡᠭᠦᠨ ᠲᠡᠰᠢ ᠬᠠᠵᠠᠢᠪᠠᠯ ᠲᠡᠨᠳᠡ ᠨᠣᠢᠲᠠᠨ ᠬᠥᠪᠳᠥ ᠲᠤᠩ ᠶᠡᠬᠡ ᠤᠴᠢᠷ ᠮᠥᠷᠥ ᠪᠡᠨ ᠲᠤᠯᠲᠠᠯ᠎ᠠ ᠰᠢᠭᠢᠳᠦᠨᠡ᠃
ᠲᠦᠳᠡᠭ ᠭᠠᠯ ᠤ᠋ᠨ ᠳᠡᠷᠭᠡᠳᠡ ᠳᠥᠷᠪᠡᠨ ᠡᠷ᠎ᠡ ᠬᠡᠪᠲᠡᠵᠦ ᠪᠠᠢᠪᠠ᠃ ᠡᠳᠡᠨᠡᠷ ᠪᠣᠷᠣᠭ᠎ᠠ᠂ ᠴᠠᠰᠤ᠂ ᠰᠠᠯᠬᠢ᠂ ᠰᠢᠭᠤᠷᠭ᠎ᠠ᠂ ᠴᠢᠳᠬᠥᠷ ᠰᠢᠮᠨᠤᠰ ᠤ᠋ᠨ ᠬᠣᠣᠷᠯᠠᠯ᠂ ᠠᠯᠢᠨ ᠢ᠋ ᠴᠥ᠍ ᠲᠣᠭᠣᠮᠵᠢᠷᠯᠠᠬᠤ ᠦᠭᠡᠢ ᠴᠢᠳᠠᠮᠠᠭᠠᠢ ᠡᠷᠡᠴᠦᠳ ᠪᠠᠢᠵᠠᠢ᠃ ᠬᠣᠨᠢᠨ ᠤ᠋ ᠨᠡᠬᠡᠢ᠂ ᠠᠩ ᠤ᠋ᠨ ᠠᠷᠠᠰᠤ ᠪᠠᠷ ᠪᠡᠶᠡᠰ ᠢ᠋ᠶ᠋ᠡᠨ ᠣᠷᠢᠶᠠᠭᠰᠠᠨ ᠲᠡᠳᠡᠨᠡᠷ ᠭᠠᠴᠤᠷ᠎ᠠ ᠮᠣᠳᠣᠨ ᠤ᠋ ᠮᠥᠴᠢᠷ ᠢ᠋ᠶ᠋ᠡᠷ ᠵᠢᠰᠢᠭᠦᠦ ᠰᠠᠷᠠᠪᠴᠢ ᠪᠠᠷᠢᠵᠤ᠂ ᠪᠠᠰᠠ ᠭᠠᠴᠤᠷ᠎ᠠ ᠶ᠋ᠢᠨ ᠮᠥᠴᠢᠷ ᠳᠡᠪᠢᠰᠦᠭᠡᠳ ᠡᠪᠦᠯ ᠦ᠋ᠨ ᠵᠢᠪᠠᠷ ᠰᠠᠯᠬᠢᠨ ᠤ᠋ ᠵᠢᠪᠡᠭᠦᠨ ᠢᠰᠬᠡᠷᠦᠯᠲᠡ ᠶ᠋ᠢ ᠠᠵᠢᠭ ᠦᠭᠡᠢ ᠴᠢᠩᠨᠠᠨ ᠬᠡᠪᠲᠡᠵᠡᠭᠡᠪᠡ᠃ ᠲᠡᠳᠡᠨᠡᠷ ᠭᠠᠯ ᠤ᠋ᠨ ᠴᠣᠭ ᠳᠡᠭᠡᠷ᠎ᠡ ᠨᠠᠷᠢᠨ ᠵᠦᠰᠦᠮᠡᠯ ᠠᠳᠤᠭᠤᠨ ᠤ᠋ ᠮᠢᠬ᠎ᠠ ᠰᠢᠷᠠᠨ᠎ᠠ᠃ ᠳᠡᠷᠭᠡᠳᠡ ᠨᠢ ᠪᠠᠢᠭ᠎ᠠ ᠮᠣᠳᠣᠨ ᠤ᠋ ᠰᠠᠯᠠᠭ᠎ᠠ ᠮᠥᠴᠢᠷ ᠲᠦ᠍ ᠵᠡᠭᠡᠷᠳᠡ ᠮᠣᠷᠢᠨ ᠤ᠋ ᠠᠷᠠᠰᠤ ᠶ᠋ᠢ ᠳᠡᠯᠭᠡᠭᠰᠡᠨ ᠪᠠᠢᠨ᠎ᠠ᠃ ᠴᠡᠷᠢᠭ ᠦ᠋ᠳ
ᠲᠣᠷᠤᠰᠬᠠᠯᠠᠭᠰᠠᠨ ᠲᠡᠷᠡ ᠮᠣᠷᠢ ᠶ᠋ᠢ ᠦᠬᠦᠬᠦ ᠶ᠋ᠢᠨ ᠡᠮᠦᠨ᠎ᠡ ᠶᠠᠭᠠᠷᠠᠪᠴᠢᠯᠠᠨ ᠠᠯᠠᠵᠤ ᠢᠳᠡᠵᠡᠢ᠃ ᠲᠡᠳᠡᠨᠡᠷ ᠦ᠋ᠨ ᠬᠠᠮᠲᠤ ᠲᠣᠷᠤᠫᠺᠠ ᠬᠡᠪᠲᠡᠬᠦ ᠪᠠ ᠲᠡᠭᠦᠨ ᠦ᠌ ᠳᠡᠷᠭᠡᠳᠡ ᠦᠨᠡᠨᠴᠢ ᠨᠥᠬᠥᠷ ᠫᠸᠭᠠᠱ ᠨᠣᠬᠠᠢ ᠴᠠᠭᠠᠷᠢᠭᠯᠠᠨ ᠬᠡᠪᠲᠡᠨ᠎ᠡ᠃
ᠬᠠᠷᠠᠭᠤᠯ ᠤ᠋ᠨ ᠡᠷᠡᠯᠬᠡᠭ ᠳᠥᠷᠪᠡᠨ ᠡᠷ᠎ᠡ ᠷᠶᠠᠽᠠᠨ ᠳ᠋ᠤ᠌ ᠲᠠᠲ᠋ᠠᠷ ᠤ᠋ᠨ ᠪᠤᠭᠤᠢᠯᠢ ᠠ᠋ᠴᠠ ᠮᠤᠯᠲᠤᠷᠠᠵᠤ ᠳᠥᠷᠪᠡᠭᠦᠯᠡ ᠪᠡᠨ ᠣᠢ ᠳᠣᠲᠣᠷ᠎ᠠ ᠡᠷᠭᠢ ᠳᠣᠣᠷ᠎ᠠ ᠡᠷᠬᠡ ᠳᠤᠷ᠎ᠠ ᠪᠠᠷ ᠢ᠋ᠶ᠋ᠠᠨ ᠪᠠᠢᠯᠳᠤᠨ ᠶᠠᠪᠤᠵᠤ 《 ᠭᠥᠷᠥᠭᠡᠯᠡᠬᠦ 》ᠪᠣᠯᠪᠠ᠃ ᠡᠨᠡ ᠳᠥᠷᠪᠡ ᠲᠥᠭᠡᠷᠢᠭᠰᠡᠨ ᠪᠤᠶᠤ ᠨᠥᠬᠥᠳ ᠡᠴᠡ ᠲᠠᠰᠤᠷᠠᠭᠰᠠᠨ ᠲᠠᠲ᠋ᠠᠷ ᠤ᠋ᠳ ᠢ᠋ ᠰᠥᠨᠥᠭᠡᠵᠦ ᠪᠠᠢᠯ᠎ᠠ᠃
ᠸᠠᠩ ᠭᠸᠤᠷᠭᠢ ᠸᠰᠸᠸᠤᠯᠤᠳᠤᠸᠢᠴ ᠢᠵᠢᠯ ᠮᠥᠷᠡᠨ ᠦ᠌ ᠡᠬᠢ ᠪᠡᠷ ᠨᠢᠭᠡᠨ ᠭᠠᠵᠠᠷ ᠴᠡᠷᠢᠭ ᠴᠤᠭᠯᠠᠭᠤᠯᠵᠤ ᠪᠠᠢᠭ᠎ᠠ ᠶ᠋ᠢ ᠰᠣᠨᠣᠰᠤᠭᠠᠳ ᠭᠥᠷᠥᠭᠡᠴᠢᠨ ᠦ᠌ ᠴᠠᠨ᠎ᠠ ᠪᠠᠷ ᠭᠦᠶᠦᠯᠭᠡᠨ ᠶᠠᠪᠤᠵᠤ ᠢᠷᠡᠭᠡᠳ᠂ ᠲᠡᠭᠦᠨ ᠦ᠌ ᠲᠤᠰᠢᠶᠠᠯ ᠢ᠋ᠶ᠋ᠠᠷ ᠡᠨᠡ ᠭᠠᠩᠭ᠎ᠠ ᠬᠠᠪᠢ ᠳ᠋ᠤ᠌ ᠪᠥᠭᠯᠡᠭᠦᠦ ᠵᠠᠮ ᠢ᠋ ᠰᠠᠬᠢᠬᠤ ᠬᠠᠷᠠᠭᠤᠯ ᠳ᠋ᠤ᠌ ᠣᠨᠣᠭᠳᠠᠪᠠ᠃
ᠲᠦᠭᠰᠢᠭᠦᠷᠢᠲᠡᠢ ᠴᠠᠭ ᠲᠣᠬᠢᠶᠠᠯᠳᠤᠪᠠᠯ ᠬᠤᠷᠳᠤᠨ᠎ᠠ ᠴᠡᠷᠢᠭ ᠦ᠋ᠨ ᠰᠠᠭᠤᠷᠢᠨ ᠳ᠋ᠤ᠌ ᠮᠡᠳᠡᠭᠳᠡᠭᠦᠯᠬᠦ ᠶ᠋ᠢᠨ ᠲᠤᠯᠠ ᠸᠠᠩ ᠲᠡᠳᠡᠨ ᠳ᠋ᠦ᠍ ᠰᠠᠢᠨ ᠮᠣᠷᠢ ᠥᠭᠭᠦᠭᠦᠯᠪᠡ᠃ ᠮᠣᠷᠢᠨ ᠤ᠋ ᠲᠡᠵᠢᠭᠡᠯ ( ᠢ᠋ ) ᠸᠠᠩ ᠲᠠᠯᠪᠢᠵᠤ ᠥᠭᠭᠦᠭᠰᠡᠨ ᠦᠭᠡᠢ᠂ ᠥᠪᠡᠷᠰᠡᠳ ᠢ᠋ᠶ᠋ᠡᠨ ᠠᠷᠭᠠᠴᠠᠭᠠᠨ ᠣᠯᠤᠭᠲᠤᠨ ᠭᠡᠵᠡᠢ! ᠭᠡᠲᠡᠯ᠎ᠡ ᠡᠷᠭᠢᠨ ᠲᠣᠭᠣᠷᠢᠨ ᠪᠤᠬᠠᠯ ᠴᠤ᠌ ᠡᠪᠡᠰᠦ ᠦᠭᠡᠢ᠂ ᠨᠠᠮᠤᠭ ᠤ᠋ᠨ ᠵᠡᠭᠡᠰᠦ ᠴᠦ᠍ ᠦᠭᠡᠢ ᠲᠤᠯᠠ᠂ ᠲᠡᠳᠡᠨᠡᠷ ᠥᠪᠡᠷᠰᠡᠳ ᠦ᠋ᠨ ᠴᠢᠳᠠᠮᠠᠭᠠᠢ ᠬᠥᠯ ᠪᠠ ᠬᠥᠩᠭᠡᠨ ᠰᠠᠢᠨ ᠴᠠᠨ᠎ᠠ ᠳ᠋ᠠᠭᠠᠨ ᠨᠠᠢᠳᠠᠵᠤ ᠮᠣᠷᠢ ᠪᠠᠨ ᠠᠯᠠᠵᠤ ᠢᠳᠡᠵᠡᠢ᠃
ᠲᠡᠳᠡᠨᠡᠷ᠂ ᠪᠠᠭᠠᠲᠤᠷ ᠬᠥᠮᠦᠰ ᠦ᠋ᠨ ᠶᠠᠪᠤᠳᠠᠯ᠂ ᠶᠸᠯᠸᠢ᠌ᠴᠢ ᠶ᠋ᠢᠨ ᠰᠢᠳᠢᠲᠡᠨ ᠬᠥᠮᠦᠰ ᠦ᠋ᠨ ᠭᠠᠢᠬᠠᠮᠰᠢᠭᠲᠤ ᠶᠠᠪᠤᠳᠠᠯ ᠢ᠋ ᠶᠠᠷᠢᠯᠴᠠᠨ ᠴᠠᠭ ᠢ᠋ ᠨᠥᠭᠴᠢᠭᠡᠨ᠎ᠡ᠃ ᠡᠨᠡ ᠬᠠᠷᠠᠭᠤᠯ ᠳᠡᠭᠡᠷ᠎ᠡ ᠲᠤᠷᠤᠫᠺᠠ ᠢᠷᠡᠭᠡᠳ ᠶᠠᠷᠢᠶ᠎ᠠ ᠶ᠋ᠢ ᠴᠢᠩᠨᠠᠨ ᠵᠡᠭᠡᠷᠳᠡ ᠮᠣᠷᠢᠨ ᠤ᠋ ᠠᠷᠠᠰᠤ ᠤᠷᠤᠭᠤ ᠭᠢᠯᠦᠢᠵᠦ ᠲᠡᠭᠦᠨ ᠤ᠋ ᠬᠡᠭᠡᠷ ᠮᠣᠷᠢᠨ ᠳ᠋ᠤ᠌ ᠲᠡᠢᠮᠦ ᠦᠢᠯᠡ ᠤᠴᠠᠷᠠᠬᠤ ᠪᠣᠢ ᠭᠡᠵᠦ ᠪᠣᠳᠣᠬᠤ ᠠ᠋ᠴᠠ ᠡᠮᠢᠶᠡᠬᠦ ᠪᠣᠯᠪᠠ᠃ ᠡᠳᠡᠨ ᠤ᠋ ᠨᠢᠭᠡ ᠨᠢ ᠶᠠᠷᠢᠵᠤ ᠪᠠᠢᠪᠠ᠃
一 ᠨᠢᠭᠡᠨ ᠴᠠᠭ ᠲᠤ᠌ ᠬᠠᠷᠠᠴᠤᠳ ᠣᠢ ᠳᠣᠲᠣᠷ᠎ᠠ ᠶᠠᠪᠤᠵᠤ ᠪᠠᠢᠲᠠᠯ᠎ᠠ ᠨᠢᠭᠡᠨ ᠪᠢᠴᠢᠬᠠᠨ ᠪᠡᠶ᠎ᠡ ᠲᠡᠢ ᠪᠥᠭᠲᠥᠷ ᠡᠪᠦᠭᠡᠨ ᠥᠪᠡᠷ ᠦ᠋ᠨ ᠪᠡᠶ᠎ᠡ ᠡᠴᠡ ᠠᠷᠪᠠ ᠳᠠᠬᠢᠨ ᠶᠡᠬᠡ ᠪᠠᠭᠯᠠᠭ᠎ᠠ ᠲᠦᠯᠡᠭᠡ ᠡᠭᠦᠷᠦᠨ ᠭᠦᠶᠦᠬᠦ ᠶ᠋ᠢ ᠦᠵᠡᠪᠡ᠂《 ᠡᠪᠦᠭᠡᠨ ᠴᠢ ᠣᠢ ᠳᠣᠲᠣᠷ᠎ᠠ ᠶᠠᠭᠤᠨ ᠳ᠋ᠤ᠌ ᠲᠦᠯᠡᠭᠡ ᠵᠥᠭᠡᠭᠡᠨ᠎ᠡ ᠪᠣᠢ? ᠡᠷᠭᠢᠨ ᠲᠣᠭᠣᠷᠢᠨ ᠲᠦᠯᠡᠭᠡ ᠳᠦᠭᠦᠷᠡᠩ ᠪᠠᠢᠭ᠎ᠠ ᠪᠢᠰᠢ ᠤᠤ ? 》ᠭᠡᠬᠦ ᠳ᠋ᠦ᠍《 ᠬᠡᠷᠡᠭ ᠲᠡᠢ ᠪᠣᠯᠤᠭᠠᠳ ᠯᠠ ᠠᠪᠴᠤ ᠪᠠᠢᠭ᠎ᠠ ᠪᠢᠵᠡ ᠠ᠋᠂ ᠪᠢ ᠲᠥᠷᠥᠭᠰᠡᠨ ᠨᠤᠲᠤᠭ ᠢ᠋ᠶ᠋ᠠᠨ ᠠᠪᠤᠷᠠᠬᠤ ᠭᠡᠵᠦ ᠶᠠᠪᠤᠨ᠎ᠠ᠃ ᠲᠠᠲ᠋ᠠᠷ ᠤ᠋ᠳ ᠲᠠᠢ ᠬᠡᠷᠴᠢᠮ ᠢ᠋ᠶ᠋ᠡᠷ ᠪᠠᠢᠯᠳᠤᠬᠤ ᠭᠡᠵᠦ ᠶᠠᠪᠤᠨ᠎ᠠ 》 ᠭᠡᠪᠡ᠃
一 ᠴᠢ ᠲᠡᠳᠡᠨ ᠲᠡᠢ ᠶᠠᠭᠠᠬᠢᠵᠤ ᠬᠡᠷᠴᠢᠮ ᠢ᠋ᠶ᠋ᠡᠷ ᠪᠠᠢᠯᠳᠤᠬᠤ ᠶᠤᠮ ? ᠳᠡᠮᠡᠢ ᠪᠤᠤ ᠶᠠᠷᠢ᠃
ᠡᠨᠡ ᠵᠠᠪᠰᠠᠷ ᠭᠡᠨᠡᠳᠲᠡ ᠲᠠᠲ᠋ᠠᠷ ᠨᠠᠷ ᠳᠣᠪᠲᠣᠯᠤᠨ ᠢᠷᠡᠪᠡ᠃ ᠪᠥᠭᠲᠥᠷ ᠡᠪᠦᠭᠡᠨ ᠠᠭᠤᠷᠯᠠᠵᠤ ᠪᠠᠭᠯᠠᠭ᠎ᠠ ᠪᠠᠨ ᠭᠠᠵᠠᠷ ᠬᠠᠶᠠᠭᠠᠳ ᠲᠠᠲ᠋ᠠᠷ ᠤ᠋ᠳ ᠢ᠋ ᠲᠦᠯᠡᠭᠡ ᠪᠡᠷ ᠢ᠋ᠶ᠋ᠡᠨ ᠰᠢᠳᠡᠯᠡᠵᠦ ᠭᠠᠷᠪᠠ᠃ ᠨᠢᠭᠡᠨ ᠬᠡᠷᠴᠢᠮ ᠰᠢᠳᠡᠬᠦ ᠳ᠋ᠦ᠍ᠨᠢ ᠴᠡᠷᠢᠭ ᠦ᠋ᠨ ᠡᠷ᠎ᠡ ᠪᠣᠯᠤᠨ ᠪᠣᠰᠴᠤ᠂ ᠪᠠᠰᠠ ᠨᠢᠭᠡ ᠶ᠋ᠢ ᠰᠢᠳᠡᠬᠦ ᠳ᠋ᠦ᠍ᠨᠢ ᠲᠠᠪᠰᠢᠬᠤ ᠴᠡᠷᠢᠭ ᠦ᠋ᠳ ᠭᠠᠷᠴᠤ ᠢᠷᠡᠨ ᠪᠦᠷᠢᠶ᠎ᠡ ᠦᠯᠢᠶᠡᠵᠦ᠂ ᠬᠡᠩᠭᠡᠷᠭᠡ ᠴᠠᠩ ᠳᠡᠯᠡᠳᠴᠦ ᠰᠡᠯᠡᠮ᠎ᠡ ᠳᠠᠯᠠᠢᠨ ᠰᠠᠢᠨ ᠡᠷᠡᠰ ᠦ᠋ᠳ ᠲᠡᠳᠡᠨᠡᠷ ᠤᠷᠤᠭᠤ ᠳᠣᠪᠲᠣᠯᠤᠭᠠᠳ ᠴᠥᠮ ᠢ᠋ ᠨᠢ ᠬᠠᠳᠤᠭᠤᠷ ᠢ᠋ᠶ᠋ᠠᠷ ᠬᠠᠳᠤᠬᠤ ᠲᠠᠢ ᠠᠳᠠᠯᠢ ᠠᠷᠢᠯᠭᠠᠭᠰᠠᠨ ᠭᠡᠨ᠎ᠡ᠃ ᠲᠣᠮᠣᠭᠠᠲᠠᠢ ᠬᠥᠮᠦᠰ ᠦ᠋ᠨ ᠬᠡᠯᠡᠬᠦ ᠨᠢ ᠲᠡᠷᠡ ᠪᠥᠭᠲᠥᠷ ᠡᠪᠦᠭᠡᠨ ᠬᠡᠳᠦᠢᠨᠡᠢ ᠰᠢᠲ ᠲᠦ᠍ ᠢᠷᠡᠭᠡᠳ ᠲᠠᠲ᠋ᠠᠷ ᠤ᠋ᠳ ᠲᠠᠢ ᠪᠠᠢᠯᠳᠤᠬᠤ ᠭᠡᠵᠦ ᠪᠠᠢᠭ᠎ᠠ ᠭᠡᠳᠡᠭ᠃
ᠥᠭᠡᠷ᠎ᠡ ᠨᠢᠭᠡᠨ ᠬᠠᠷᠠᠭᠤᠯ ᠦᠷᠭᠦᠯᠵᠢᠯᠡᠨ ᠬᠡᠯᠡᠪᠡ᠃
— ᠡᠷᠲᠡ ᠨᠢᠭᠡᠨ ᠴᠠᠭ ᠲᠸ᠋ ᠡᠨᠳᠡ ᠨᠢᠭᠡᠨ ᠡᠪᠦᠭᠡᠨ ᠢᠷᠡᠭᠰᠡᠨ ᠭᠡᠨ᠎ᠡ᠃ ᠰᠠᠬᠠᠯ ᠢ᠋ᠶ᠋ᠠᠨ ᠰᠤᠮᠤ ᠵᠢᠭᠠᠰᠤᠨ ᠤ᠋ ᠰᠠᠬᠠᠯ ᠰᠢᠭ᠋ ᠤᠷᠲᠤ ᠴᠢᠬᠢᠨ ᠳᠡᠭᠡᠭᠦᠷ ᠢ᠋ᠶ᠋ᠡᠨ ᠳᠠᠪᠠᠭᠤᠯᠤᠨ ᠢᠮᠡᠷᠳᠡᠭ ᠭᠡᠨ᠎ᠡ᠃ ᠲᠡᠷᠡ ᠪᠣᠷᠣᠭ᠎ᠠ ᠰᠢᠭᠤᠷᠭ᠎ᠠ᠂ ᠳᠤᠯᠠᠭᠠᠨ ᠠᠭᠤᠷ ᠠᠮᠢᠰᠬᠤᠯ ᠶᠠᠭᠤ ᠶ᠋ᠢ ᠴᠦ᠍ ᠰᠢᠪᠰᠢᠨ ᠳᠠᠭᠤᠳᠠᠵᠤ ᠠᠪᠴᠢᠷᠠᠨ᠎ᠠ ᠭᠡᠵᠦ ᠭᠠᠢᠬᠠᠭᠤᠯᠵᠠᠢ᠃ ᠴᠠᠭᠠᠨ ᠬᠠᠷ᠎ᠠ ᠲᠠᠢᠷᠠᠩ ᠤ᠋ᠳ ᠴᠥᠮ ᠲᠡᠭᠦᠨ ᠦ᠌ ᠦᠭᠡ ᠶ᠋ᠢ ᠳᠠᠭᠠᠨ᠎ᠠ᠃《 ᠲᠠᠢᠷᠠᠩ ᠤ᠋ᠳ ᠢ᠋ ᠳᠠᠭᠤᠳᠠᠶ᠎ᠠ 》᠃ ᠲᠡᠳᠡᠨᠡᠷ ᠲᠠᠲ᠋ᠠᠷ ᠤ᠋ᠳ ᠢ᠋ ᠬᠥᠯᠳᠡᠭᠡᠵᠦ ᠴᠠᠰᠤ ᠪᠠᠷ ᠪᠤᠯᠠᠨ᠎ᠠ᠃ ᠲᠠᠲ᠋ᠠᠷ ᠤ᠋ᠳ ᠡᠨᠳᠡ ᠪᠡᠨ ᠰᠥᠨᠥᠬᠦ ᠪᠣᠯᠤᠨ᠎ᠠ᠃ ᠾᠷᠢᠰᠲ᠋ᠣᠰ ᠱᠠᠰᠢᠨ ᠤ᠋ ᠲᠠᠢᠷᠠᠩ ᠤ᠋ᠳ ᠣᠷᠣᠰ ᠤ᠋ᠨ ᠲᠠᠷᠢᠶᠠᠴᠢᠳ ᠲᠸ᠋ ᠭᠠᠷ ᠬᠦᠷᠬᠦ ᠦᠭᠡᠢ᠂ ᠡᠭᠦᠨ ᠦ᠌ ᠲᠤᠬᠠᠢ ᠲᠤᠰᠬᠠᠢ ᠬᠠᠷᠢᠶᠠᠯ ᠢ᠋ ᠰᠠᠢᠨ ᠮᠡᠳᠡᠨ᠎ᠡ᠃ ᠲᠡᠷᠡ ᠭᠠᠢᠬᠠᠯ ᠤ᠋ᠨ ᠨᠡᠷ᠎ᠡ ᠶ᠋ᠢ ᠪᠠᠷᠠᠢᠪᠠ ᠭᠡᠳᠡᠭ ᠶᠤᠮ ᠠ᠋ ᠭᠡᠵᠡᠢ᠃
ᠲᠣᠷᠣᠫᠺᠠ ᠬᠠᠢᠭᠤᠯᠴᠢᠳ ᠤ᠋ᠨ ᠬᠠᠮᠲᠤ ᠦᠯᠡᠳᠡᠵᠦ ᠪᠣᠯᠬᠤ ᠦᠭᠡᠢ ᠪᠠᠢᠪᠠ᠃ ᠰᠢᠲ ᠭᠣᠣᠯ ᠤᠷᠤᠭᠤ ᠣᠷᠣᠬᠤ ᠣᠢ ᠶ᠋ᠢᠨ ᠬᠠᠯᠵᠠ ᠪᠠᠷ ᠠᠯᠤᠰ ᠲᠸ᠋ ᠬᠠᠷ᠎ᠠ ᠤᠲᠤᠭ᠎ᠠ ᠬᠠᠷᠠᠭᠳᠠᠪᠠ᠃
— ᠡᠨᠡ ᠪᠣᠵᠸᠨ᠋ᠺᠢ ᠰᠢᠲᠠᠵᠤ ᠪᠠᠢᠨ᠎ᠠ᠂ ᠲᠠᠲ᠋ᠠᠷ ᠤ᠋ᠳ ᠡᠵᠡᠯᠡᠵᠦ ᠠᠪᠤᠭᠰᠠᠨ ᠶᠤᠮ ᠭᠡᠵᠦ ᠪᠠᠢᠭ᠎ᠠ ᠭᠡᠵᠦ ᠲᠡᠳᠡᠨᠡᠷ ᠶᠠᠷᠢᠯᠴᠠᠪᠠ᠃ ᠨᠢᠭᠡ ᠨᠢ ᠬᠠᠢᠭᠤᠯ ᠳ᠋ᠤ᠌ ᠭᠠᠭᠴᠠᠭᠠᠷ ᠢ᠋ᠶ᠋ᠠᠨ ᠦᠯᠡᠳᠡᠵᠦ᠂ ᠪᠤᠰᠤᠳ ᠨᠢ ᠴᠡᠷᠢᠭ ᠦ᠋ᠨ ᠰᠠᠭᠤᠷᠢᠨ ᠤᠷᠤᠭᠤ ᠶᠠᠭᠠᠷᠠᠨ ᠬᠥᠳᠡᠯᠪᠡ᠃
ᠦᠰᠦᠭ ᠠᠮᠢᠯᠠᠭᠤᠯᠤᠭᠴᠢ᠄ ᠮᠡᠷᠭᠡᠨᠭᠤᠸᠠ 1᠂ ᠬᠦᠦᠳᠠᠭᠠᠭᠤᠯ 1᠂ ᠭᠡᠷᠡᠯ 1
ᠬᠢᠨᠠᠭᠴᠢ᠄ ᠪᠠᠶᠠᠨᠴᠡᠴᠡᠭ 1
ᠶᠡᠷᠦᠩᠬᠡᠢ ᠬᠢᠨᠠᠭᠴᠢ᠄ ᠠᠯᠲᠠᠨᠴᠢᠮᠡᠭ 3᠂ ᠠᠷᠢᠭᠤᠨ 3
