ᠪᠠᠲᠤ ᠬᠠᠭᠠᠨ 8-14ᠪᠠᠢᠯᠳᠤᠭᠠᠨ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-14ᠪᠠᠢᠯᠳᠤᠭᠠᠨ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-14ᠪᠠᠢᠯᠳᠤᠭᠠᠨ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-12-09

158

ᠠᠷᠪᠠᠨ ᠳᠥᠷᠪᠡ᠂ ᠪᠠᠢᠯᠳᠤᠭᠠᠨ



ᠰᠠᠢᠨ ᠮᠣᠷᠢᠳ ᠢ᠋ᠶ᠋ᠠᠨ ᠴᠢᠳᠦᠷᠯᠡᠯ ᠦᠭᠡᠢ ᠬᠡᠭᠡᠷ᠎ᠡ ᠪᠤᠤ ᠳᠡᠯᠪᠢ! ᠬᠠᠷᠠᠭᠤᠯ ᠮᠠᠨᠠᠭ᠎ᠠ ᠭᠠᠷᠭᠠᠭᠠᠳᠤᠢ ᠤᠨᠲᠠᠬᠤ ᠪᠠᠷ ᠪᠤᠤ ᠬᠡᠪᠲᠡ᠃
     
      (ᠡᠷᠲᠡᠨ ᠦ᠌ ᠬᠠᠰᠠᠭ ᠳᠠᠭᠤᠤ ᠠ᠋ᠴᠠ)

ᠬᠠᠳ᠋ᠵᠢ ᠷᠠᠾᠢᠮ ᠤ᠋ᠨ ᠪᠢᠴᠢᠭᠰᠡᠨ ᠨᠢ᠄

《ᠠᠢ ᠮᠥᠩᠬᠡ ᠲᠩᠷᠢ ᠮᠢᠨᠢ! ᠴᠢ ᠨᠠᠮᠠᠶ᠋ᠢ ᠵᠢᠷᠦᠬᠡ ᠴᠡᠴᠡᠷᠡᠮ᠎ᠡ ᠠᠶᠤᠮᠰᠢᠭᠲᠠᠢ ᠶᠠᠪᠤᠳᠠᠯ ᠤ᠋ᠨ ᠭᠡᠷᠡᠴᠢ ᠪᠣᠯᠵᠤ ᠪᠠᠢᠬᠤ ᠪᠠᠷ ᠲᠤᠯᠭᠠᠭᠰᠠᠭᠠᠷ ᠪᠠᠢᠨ᠎ᠠ᠃ ᠪᠢ ᠳᠡᠮᠡᠢ ᠡᠮᠭᠡᠨᠢᠨ ᠦᠷᠦ ᠡᠪᠡᠳᠬᠦ ᠡᠴᠡ ᠥᠭᠡᠷ᠎ᠡ ᠶᠠᠮᠠᠷ ᠴᠤ᠌ ᠲᠤᠰᠠ ᠶ᠋ᠢ ᠬᠦᠷᠭᠡᠵᠦ ᠴᠢᠳᠠᠬᠤ ᠦᠭᠡᠢ᠃ ᠪᠢ ᠡᠨᠡ ᠲᠡᠰᠬᠢᠮ᠎ᠡ ᠬᠦᠢᠲᠡᠨ ᠳ᠋ᠦ᠍᠂ ᠢᠷᠣᠭᠠᠯ ᠦᠭᠡᠢ ᠨᠠᠮᠤᠭ ᠤ᠋ᠨ ᠮᠥᠰᠥᠨ ᠳᠡᠭᠡᠷ᠎ᠡ ᠪᠣᠯᠤᠭᠰᠠᠨ ᠠᠶᠤᠮᠰᠢᠭᠲᠠᠢ ᠲᠤᠯᠤᠯᠳᠤᠭᠠᠨ ᠢ᠋ ᠦᠵᠡᠪᠡ᠃

ᠬᠡᠳᠦᠨ ᠲᠦᠮᠡᠨ ᠤᠯᠠᠩᠭᠠᠰᠤᠭᠰᠠᠨ ᠠᠭᠤᠷᠰᠠᠭᠰᠠᠨ ᠲᠠᠲ᠋ᠠᠷ ᠤ᠋ᠳ᠂ ᠣᠷᠣᠰ ᠤ᠋ᠨ ᠬᠡᠳᠦᠨ ᠮᠢᠩᠭᠠᠨ ᠲᠠᠷᠢᠶᠠᠴᠢᠨ ᠢ᠋ ᠳᠣᠪᠲᠣᠯᠬᠤ ᠳ᠋ᠤ᠌ ᠣᠷᠣᠰ ᠤ᠋ᠳ ᠨᠢᠭᠡ ᠨᠢ ᠴᠦ᠍ ᠪᠠᠭᠤᠵᠤ ᠥᠭᠬᠦ ᠶ᠋ᠢ ᠬᠦᠰᠡᠭᠰᠡᠨ ᠦᠭᠡᠢ᠃ ᠬᠠᠷᠢᠨ ᠰᠡᠯᠡᠮ᠎ᠡ ᠬᠢᠲᠤᠭ᠎ᠠ ᠪᠠᠷ ᠣᠭᠲᠣᠯᠤᠯᠴᠠᠨ᠂ ᠰᠦᠬᠡ ᠪᠡᠷ ᠴᠠᠪᠴᠢᠵᠤ ᠭᠥᠷᠥᠭᠡᠴᠢᠨ ᠳ᠋ᠦ᠍ ᠪᠦᠰᠡᠯᠡᠭᠳᠡᠭᠰᠡᠨ ᠴᠢᠨᠣ᠎ᠠ ᠰᠢᠭ᠋ ᠦᠬᠦᠲᠡᠯ᠎ᠡ ᠪᠡᠨ ᠨᠣᠴᠣᠯᠳᠤᠨ ᠲᠡᠮᠡᠴᠡᠵᠦ ᠪᠠᠢᠬᠤ ᠶ᠋ᠢ ᠦᠵᠡᠭᠰᠡᠨ ᠪᠢᠯᠡ᠃ ᠪᠢ ᠡᠨᠡ ᠪᠦᠬᠦᠨ ᠢ᠋ ᠴᠥᠮ ᠢ᠋ ᠦᠵᠡᠭᠰᠡᠨ ᠴᠦ᠍ ᠦᠬᠦᠭᠡ ᠦᠭᠡᠢ ᠣᠳᠣ ᠬᠦᠷᠲᠡᠯ᠎ᠡ ᠠᠮᠢᠳᠤ ᠶᠠᠪᠤᠭᠰᠠᠭᠠᠷ ᠪᠠᠢᠨ᠎ᠠ》᠃
 
ᠬᠠᠳ᠋ᠵᠢ ᠷᠠᠾᠢᠮ ᠪᠣᠷᠤᠨᠲᠡᠢ ᠶ᠋ᠢᠨ ᠬᠣᠶᠠᠷ ᠲᠦᠮᠡᠨ ᠴᠡᠷᠢᠭ ᠦ᠋ᠨ ᠰᠠᠯᠪᠤᠷᠢ ᠳ᠋ᠤ᠌ ᠪᠠᠢᠵᠤ ᠨᠣᠮᠣᠬᠠᠨ ᠮᠣᠷᠢ ᠤᠨᠤᠵᠤ ᠴᠡᠪᠡᠷ ᠪᠣᠭᠣᠯᠲᠠ᠂ ᠬᠡᠭᠦᠷ ᠦ᠋ᠨ ᠨᠤᠲᠤᠭ ( ᠬᠦᠬᠦᠷ ᠤ᠋ᠨ ᠨᠤᠨᠲᠠᠭ ?)᠂ ᠰᠢᠲᠠᠭᠠᠭᠰᠠᠨ ᠢᠰᠡᠭᠡᠢ᠂ ᠬᠠᠨᠳᠠ ᠡᠮ ᠵᠡᠷᠭᠡ ᠰᠢᠷᠬᠠᠳᠤᠭᠴᠢᠳ ᠢ᠋ ᠡᠮᠴᠢᠯᠡᠬᠦ ᠬᠡᠷᠡᠭᠰᠡᠯ ᠪᠦᠬᠦᠢ ᠲᠣᠮᠣ ᠪᠤᠯᠢᠭᠠᠷᠢ ᠳᠦᠷᠦᠪᠴᠢ (ᠲᠦᠷᠡᠶ᠋ᠢᠪᠴᠢ) ᠲᠡᠢ ᠶᠠᠪᠤᠨ᠎ᠠ᠃ ᠪᠠᠭ᠎ᠠ ᠪᠡᠶ᠎ᠡ ᠲᠡᠢ ᠪᠣᠯᠪᠠᠴᠤ ᠲᠡᠩᠬᠡᠭᠡ ᠲᠡᠢ ᠲᠡᠭᠦᠨ ᠦ᠌ ᠮᠣᠩᠭᠣᠯ ᠮᠣᠷᠢ ᠪᠦᠬᠦ ᠴᠡᠷᠢᠭ ᠦ᠋ᠨ ᠬᠠᠮᠲᠤ ᠳᠠᠪᠬᠢᠬᠤ ᠪᠤᠶᠤ ᠵᠣᠭᠰᠣᠨ ᠪᠠᠭᠤᠳᠠᠯᠯᠠᠵᠤ ᠶᠠᠪᠤᠪᠠ᠃  ᠬᠠᠳ᠋ᠵᠢ ᠷᠠᠾᠢᠮ ᠬᠡᠦᠬᠡᠳ ᠰᠢᠭ ᠣᠢᠴᠢᠬᠤ ᠠ᠋ᠴᠠ ᠠᠶᠤᠵᠤ ᠪᠦᠬᠦ ᠬᠦᠴᠦᠨ ᠢ᠋ᠶ᠋ᠡᠷ ᠢ᠋ᠶ᠋ᠡᠨ ᠡᠮᠡᠭᠡᠯ ᠦ᠋ᠨ ᠪᠦᠷᠬᠦᠭᠡ ᠡᠴᠡ ᠵᠠᠭᠤᠷᠠᠬᠤ ᠳ᠋ᠤ᠌᠂ ᠲᠡᠭᠦᠨ ᠦ᠌ ᠮᠣᠷᠢ ᠵᠢᠯᠣᠭᠣᠳᠬᠤ ᠶ᠋ᠢ ᠦᠯᠦ ᠬᠡᠷᠡᠭᠯᠡᠨ᠎ᠡ᠃

ᠪᠣᠷᠤᠨᠲᠠᠢ ᠴᠡᠷᠢᠭ ᠲᠡᠭᠡᠨ ᠪᠠᠢᠯᠳᠤᠭᠠᠨ ᠤ᠋ ᠲᠤᠩ ᠲᠠᠲᠠᠮᠠᠭᠴᠠ ᠳᠠᠭᠠᠷᠢᠨ ᠣᠷᠣᠬᠤ ᠳ᠋ᠤ᠌ ᠪᠡᠯᠡᠬᠡᠨ ᠪᠠᠢᠬᠤ ᠲᠤᠰᠢᠶᠠᠯ ᠥᠭᠴᠡᠢ᠃ ᠬᠥᠮᠦᠨ ᠪᠦᠷᠢ ᠮᠣᠷᠢᠨ ᠠ᠋ᠴᠠ ᠪᠠᠨ ᠬᠣᠯᠠᠳᠠᠯ ᠦᠭᠡᠢ ᠴᠤᠯᠪᠤᠭᠤᠷ ᠢ᠋ ᠪᠥᠰᠡᠨ ᠡᠴᠡ ᠪᠡᠨ ᠤᠶᠠᠵᠤ᠂ ᠮᠣᠷᠢᠨ ᠤ᠋ ᠪᠠᠨ ᠤᠷᠲᠤ ᠬᠥᠯ ᠦ᠋ᠨ ᠳᠡᠷᠭᠡᠳᠡ ᠮᠤᠤᠷ ᠰᠢᠭ᠋ ᠰᠥᠨᠢ ᠲᠤᠷᠰᠢ ᠴᠠᠰᠤᠨ ᠳᠡᠭᠡᠷ᠎ᠡ ᠠᠲᠤᠷᠢᠯᠳᠤᠨ ᠬᠡᠪᠲᠡᠪᠡ᠃ ᠦᠷ ᠬᠠᠶᠠᠭᠠᠷᠠᠵᠤ ᠲᠤᠩ ᠪᠦᠷᠢᠶ᠎ᠡ ᠬᠠᠩᠭᠢᠨᠠᠬᠤ ᠳ᠋ᠤ᠌ ᠮᠣᠷᠢᠳ ᠨᠢ ᠴᠠᠩᠲᠤᠵᠤ ᠮᠥᠩᠭᠥ ᠰᠢᠭ ᠪᠣᠯᠤᠭᠰᠠᠨ ᠪᠠᠢᠪᠠ᠃

ᠲᠤᠯᠤᠯᠳᠤᠨ ᠪᠠᠢᠯᠳᠤᠬᠤ ᠪᠠ ᠬᠠᠮᠠᠭᠠᠯᠠᠬᠤ ᠳ᠋ᠤ᠌ ᠪᠡᠯᠡᠳᠬᠡᠭᠰᠡᠨ ᠣᠷᠣᠰ ᠤ᠋ᠨ ᠪᠠᠢᠯᠳᠤᠭᠠᠨ ᠤ᠋ ᠬᠦᠷᠢᠶ᠎ᠡ ᠶ᠋ᠢ ᠳᠣᠪᠲᠣᠯᠤᠨ ᠣᠷᠣᠬᠤ ᠠᠶᠤᠯᠲᠠᠢ ᠶᠠᠪᠤᠳᠠᠯ ᠲᠤᠯᠭᠠᠷᠠᠵᠠᠢ᠃ᠠᠯᠤᠰ ᠬᠣᠯᠠ ᠶ᠋ᠢᠨ ᠬᠠᠷᠢ ᠶ᠋ᠢᠨ ᠨᠤᠲᠤᠭ ᠦᠬᠦᠯ ᠪᠤᠶᠤ ᠠᠮᠵᠢᠯᠲᠠ ᠬᠣᠶᠠᠷ ᠤ᠋ᠨ ᠨᠢᠭᠡ ᠲᠡᠭᠦᠨ ᠢ᠋ ᠬᠦᠯᠢᠶᠡᠨ᠎ᠡ ᠭᠡᠳᠡᠭ ᠢ᠋ ᠮᠣᠩᠭᠣᠯ ᠴᠡᠷᠢᠭ ᠪᠦᠬᠦᠨ ᠮᠡᠳᠡᠵᠦ ᠪᠠᠢᠪᠠ᠃ ᠴᠡᠷᠢᠭ ᠦ᠋ᠳ ᠰᠢᠷᠦᠭᠦᠨ ᠢ᠋ᠶ᠋ᠡᠷ ᠱᠣᠭᠰᠢᠨ ᠬᠥᠳᠡᠯᠵᠦ ᠵᠠᠷᠢᠮ ᠳ᠋ᠠᠭᠠᠨ ᠴᠠᠭᠠᠨ ᠭᠠᠵᠠᠷ ᠴᠣᠭᠭᠢᠨ᠎ᠠ᠃ᠲᠡᠭᠡᠬᠦ ᠳ᠋ᠦ᠍ᠨᠢ ᠭᠠᠵᠠᠷ ᠳᠣᠷᠭᠢᠯᠤᠨ ᠮᠥᠰᠥ ᠬᠠᠭᠠᠷᠠᠵᠤ ᠣᠯᠠᠨ ᠮᠢᠩᠭᠠᠨ ᠮᠣᠷᠢᠳ ᠤ᠋ᠨ ᠳᠠᠪᠬᠢᠬᠤ ᠲᠤᠭᠤᠷᠠᠢ ᠶ᠋ᠢᠨ ᠴᠢᠮᠡᠭᠡ ᠡᠷᠭᠢᠨ ᠲᠣᠭᠣᠷᠢᠨ ᠳ᠋ᠤ᠌ ᠬᠦᠷᠬᠢᠷᠡᠨ ᠠᠶᠤᠮᠰᠢᠭᠲᠠᠢ ᠰᠣᠨᠣᠰᠤᠭᠳᠠᠨ᠎ᠠ᠃

ᠬᠠᠳ᠋ᠵᠢ ᠷᠠᠾᠢᠮ ᠴᠢᠭᠢᠷᠠᠭ ᠮᠣᠷᠢᠨ ᠤ᠋ ᠠᠮᠠ ᠶ᠋ᠢ ᠳᠤᠷ᠎ᠠ ᠪᠠᠷ ᠲᠠᠯᠪᠢᠪᠠ᠃ ᠣᠢ ᠰᠡᠢᠷᠡᠭ ᠪᠣᠯᠵᠤ ᠡᠬᠢᠯᠡᠪᠡ᠂ ᠬᠥᠯᠳᠡᠭᠰᠡᠨ ᠭᠣᠣᠯ ᠳᠤᠭᠤᠢᠷᠠᠨ ᠦᠵᠡᠭᠳᠡᠪᠡ᠃ ᠲᠦᠮᠡᠲᠦ ᠶ᠋ᠢᠨ ᠨᠣᠶᠠᠨ ᠪᠣᠷᠣᠨᠳᠠᠢ᠂《ᠵᠡᠪᠰᠡᠭ ᠢ᠋ᠶ᠋ᠡᠨ ᠪᠡᠯᠡᠳᠬᠡᠭᠲᠦᠨ! 》ᠭᠡᠳᠡᠭ ᠲᠤᠰᠢᠶᠠᠯ ᠢ᠋ ᠵᠢᠭᠰᠠᠭᠠᠯ ᠤ᠋ᠨ ᠡᠩᠨᠡᠭᠡ ᠪᠡᠷ ᠳᠠᠮᠵᠢᠭᠤᠯᠤᠨ ᠥᠭᠪᠡ᠃

ᠮᠣᠩᠭᠣᠯᠴᠤᠳ᠂ ᠪᠠᠷᠠᠭᠤᠨ ᠬᠠᠨᠴᠤᠢ ᠶ᠋ᠢ ᠲᠣᠬᠣᠢ ᠳ᠋ᠤ᠌ ᠬᠦᠷᠲᠡᠯ᠎ᠡ ᠰᠢᠮᠠᠯᠠᠭᠠᠳ ᠲᠠᠬᠢᠷ ᠰᠡᠯᠡᠮ᠎ᠡ ᠶ᠋ᠢ ᠬᠤᠢ ᠠ᠋ᠴᠠ ᠢᠰᠬᠡᠷᠦᠭᠦᠯᠦᠨ ᠵᠢᠩᠭᠢᠨᠡᠭᠦᠯᠦᠨ ᠰᠤᠭᠤᠯᠵᠤ ᠪᠠᠷᠠᠭᠤᠨ ᠮᠥᠷᠥ ᠳᠡᠭᠡᠷ᠎ᠡ ᠪᠡᠨ ᠲᠠᠯᠪᠢᠪᠠ᠂ ᠮᠣᠷᠢᠨ ᠤ᠋ ᠶᠠᠪᠤᠳᠠᠯ ᠲᠦᠷᠭᠡᠰᠴᠦ᠂ ᠣᠢ ᠶ᠋ᠢᠨ ᠵᠠᠬ᠎ᠠ ᠶ᠋ᠢ ᠥᠩᠭᠡᠷᠡᠭᠡᠳ ᠴᠠᠰᠤᠲᠠᠢ ᠥᠷᠭᠡᠨ ᠲᠠᠯ᠎ᠠ ᠤᠷᠤᠭᠤ ᠰᠦᠷᠡᠬᠡᠢ ᠪᠡᠷ ᠬᠠᠰᠬᠢᠷᠤᠯᠳᠤᠨ ᠤᠯᠠᠮ ᠢ᠋ᠶ᠋ᠠᠷ ᠴᠢᠷᠠᠯᠠᠬᠤ ᠳᠠᠭᠤ ᠦᠷᠭᠦᠯᠵᠢᠯᠡᠭᠰᠡᠭᠡᠷ᠄
— ᠬᠦᠢ᠂ ᠬᠦᠢ ᠮᠣᠩᠭᠣᠯᠴᠤᠳ ᠠ᠋! ᠣᠷᠣᠭᠰᠢ ᠪᠠᠨ᠂ ᠤᠷᠤᠭᠰᠢ ᠪᠠᠨ ᠭᠡᠵᠦ ᠨᠢᠰᠬᠦ ᠮᠡᠲᠦ ᠳᠠᠪᠬᠢᠪᠠ᠃

ᠥᠷᠭᠡᠨ ᠲᠠᠯ᠎ᠠ ᠠᠯᠤᠰ ᠢ᠋ ᠬᠦᠷᠲᠡᠯ᠎ᠡ ᠦᠷᠭᠦᠯᠵᠢᠯᠡᠵᠦ ᠬᠠᠷᠠᠭᠳᠠᠨ᠎ᠠ᠃ ᠡᠨᠡ ᠲᠠᠯ᠎ᠠ ᠶ᠋ᠢᠨ ᠳᠤᠮᠳᠠᠭᠤᠷ ᠲᠣᠮᠣᠬᠠᠨ ᠭᠣᠣᠯ ᠵᠤᠷᠠᠢᠨ᠎ᠠ᠃ ᠪᠠᠷᠠᠭᠤᠨ ᠲᠠᠯ᠎ᠠ ᠳ᠋ᠤᠨᠢ ᠥᠨᠳᠥᠷ ᠪᠤᠰᠤ ᠪᠣᠯᠪᠠᠴᠤ ᠨᠠᠮᠤᠭ ᠲᠠᠢ ᠥᠳᠬᠡᠨ ᠣᠢ ᠦᠵᠡᠭᠳᠡᠨ᠎ᠡ᠃ ᠴᠠᠰᠤᠨ ᠳ᠋ᠤ᠌ ᠳᠠᠷᠤᠭᠰᠠᠨ ᠬᠡᠳᠦᠨ ᠠᠷᠪᠠᠭᠠᠳ ᠨᠠᠷᠠᠰᠤ ᠲᠠᠢ ᠬᠥᠪᠡᠭᠡ ᠢᠯᠭᠠᠷᠠᠨ ᠬᠠᠷᠠᠭᠳᠠᠨ᠎ᠠ᠃ ᠵᠡᠭᠦᠨ ᠲᠡᠢ ᠭᠣᠣᠯ ᠤ᠋ᠨ ᠨᠥᠭᠦᠭᠡ ᠡᠷᠭᠢ ᠡᠴᠡ ᠡᠬᠢᠯᠡᠨ᠂ ᠬᠠᠭᠤᠴᠢᠷᠠᠭᠰᠠᠨ ᠰᠦᠮ᠎ᠡ ᠲᠡᠢ ᠣᠷᠣᠰ ᠤ᠋ᠨ ᠰᠠᠭᠤᠷᠢᠨ ᠲᠠᠷᠠᠭᠤ ᠦᠵᠡᠭᠳᠡᠭᠡᠳ ᠪᠠᠰᠠ ᠲᠡᠷᠡ ᠡᠷᠭᠢ ᠳᠡᠭᠡᠷ᠎ᠡ ᠰᠢᠨ᠎ᠡ ᠴᠠᠭᠠᠨ ᠪᠠᠢᠰᠢᠩ ᠤ᠋ᠳ ᠊ᠢ ᠪᠠᠷᠢᠭᠰᠠᠨ ᠪᠠᠢᠨ᠎ᠠ᠃ ᠭᠣᠣᠯ ᠤ᠋ᠨ ᠬᠣᠶᠠᠷ ᠡᠷᠭᠢ ᠶ᠋ᠢᠨ ᠳᠡᠭᠡᠭᠦᠷ ᠮᠣᠷᠢ ᠪᠠᠷ ᠭᠠᠷᠬᠤ ᠵᠠᠮ  ᠢ᠋ ᠬᠠᠭᠠᠵᠤ ᠳ᠋ᠦ᠋ᠨᠵᠡ᠂ ᠭᠠᠴᠤᠷ᠎ᠠ᠂ ᠤᠷᠲᠤ ᠦᠨᠳᠦᠰᠦᠲᠡᠢ ᠬᠣᠵᠤᠤᠯ᠎ᠠ ᠣᠪᠣᠭᠠᠯᠠᠨ ᠰᠢᠪᠡᠭᠡᠯᠡᠵᠡᠢ᠃

ᠣᠷᠣᠰ ᠤ᠋ᠨ ᠲᠠᠲ᠋ᠠᠷ ᠤ᠋ᠳ ᠢ᠋ ᠳᠠᠭᠠᠷᠢᠵᠤ ᠣᠷᠣᠨ᠎ᠠ ᠭᠡᠵᠦ ᠪᠣᠳᠣᠭᠰᠠᠨ ᠦᠭᠡᠢ ᠪᠠᠢᠳᠠᠯ ᠲᠠᠢ ᠪᠠᠢᠰᠢᠩ ᠤ᠋ᠳ ᠠ᠋ᠴᠠ ᠭᠦᠶᠦᠯᠳᠦᠨ ᠭᠠᠷᠴᠠᠭᠠᠵᠤ ᠶᠠᠪᠤᠳᠠᠯ ᠳᠤᠮᠳᠠ ᠪᠠᠨ ᠬᠤᠪᠴᠠᠰᠤᠯᠠᠵᠤ᠂ ᠬᠠᠷ᠎ᠠ ᠲᠤᠭ ᠨᠠᠮᠢᠯᠵᠠᠭᠤᠯᠤᠭᠰᠠᠨ ᠰᠢᠨ᠎ᠡ ᠴᠠᠭᠠᠨ ᠪᠠᠢᠰᠢᠩ ᠤᠷᠤᠭᠤ ᠶᠠᠭᠠᠷᠠᠨ ᠬᠥᠳᠡᠯᠪᠡ᠃ ᠲᠠᠯ᠎ᠠ ᠳ᠋ᠤ᠌ ᠮᠣᠩᠭᠣᠯᠴᠤᠳ ᠭᠠᠷᠴᠤ ᠢᠷᠡᠭᠰᠡᠨ ᠡᠴᠡ ᠬᠣᠢᠰᠢ ᠰᠠᠶᠢ ᠣᠷᠣᠰ ᠤ᠋ᠨ ᠲᠤᠩ ᠬᠠᠩᠭᠢᠨᠠᠵᠤ᠂ ᠪᠦᠷᠢᠶ᠎ᠡ ᠳᠤᠤᠭᠠᠷᠤᠨ ᠪᠥᠮᠪᠥᠷ ᠳᠡᠯᠡᠳᠴᠦ ᠡᠬᠢᠯᠡᠪᠡ᠃

ᠤᠳᠠᠯ ᠦᠭᠡᠢ ᠰᠦᠮ᠎ᠡ ᠶ᠋ᠢᠨ ᠳᠡᠷᠭᠡᠳᠡ ᠮᠥᠩᠭᠥᠨ ᠬᠤᠶᠠᠭ᠂ ᠠᠯᠲᠠᠨ ᠳᠤᠭᠤᠯᠠᠭ᠎ᠠ ᠨᠢ ᠭᠢᠯᠠᠯᠵᠠᠭᠰᠠᠨ᠂ ᠲᠣᠮᠣ ᠬᠠᠷ᠎ᠠ ᠰᠠᠬᠠᠯ ᠲᠠᠢ᠂ ᠡᠷ᠎ᠡ ᠶ᠋ᠢᠨ ᠴᠢᠳᠠᠯ ᠪᠦᠷᠢᠳᠦᠭᠰᠡᠨ ᠲᠣᠮᠣ ᠰᠠᠢᠬᠠᠨ ᠡᠷ᠎ᠡ ᠥᠨᠳᠥᠷ ᠬᠡᠭᠡᠷ ᠮᠣᠷᠢ  ᠶ᠋ᠢ ᠤᠨᠤᠵᠤ ᠭᠠᠷᠴᠤ ᠢᠷᠡᠪᠡ᠃ ᠡᠨᠡ ᠪᠣᠯ ᠣᠷᠣᠰ  ᠤ᠋ᠳ ᠢ᠋ ᠵᠠᠬᠢᠷᠤᠭᠴᠢ ᠶᠡᠬᠡ ᠸᠠᠩ ᠭᠸᠤᠷᠭᠢ ᠪᠠᠢᠵᠠᠢ᠃

ᠠᠷᠤ ᠳ᠋ᠤᠨᠢ ᠭᠤᠷᠪᠠᠨ ᠮᠣᠷᠢ ᠲᠠᠢ ᠬᠥᠮᠦᠨ ᠰᠠᠯᠤᠯ ᠦᠭᠡᠢ ᠳᠠᠭᠠᠵᠠᠢ᠃ ᠳᠤᠮᠳᠠᠬᠢ ᠨᠢ ᠠᠯᠲᠠ ᠪᠠᠷ ᠴᠢᠮᠡᠭᠯᠡᠨ ᠣᠶᠣᠭᠰᠠᠨ ᠬᠠᠷ᠎ᠠ ᠲᠤᠭ ᠪᠠᠷᠢᠵᠠᠢ᠃

ᠮᠣᠩᠭᠣᠯᠴᠤᠳ ᠵᠠᠩᠵᠤᠨ ᠤ᠋ ᠴᠢᠩᠭ᠎ᠠ ᠲᠤᠰᠢᠶᠠᠯ ᠢ᠋ ᠵᠠᠯᠪᠠᠷᠢᠨ ᠲᠤᠯᠭᠠᠷᠠᠭᠰᠠᠨ ᠳᠠᠢᠰᠤᠨ ᠤ᠋ ᠡᠮᠦᠨ᠎ᠡ ᠭᠱᠠᠨ ᠵᠠᠭᠤᠷ᠎ᠠ ᠴᠤ᠌ ᠶᠠᠮᠠᠷ ᠴᠤ᠌ ᠰᠠᠭᠠᠳ ᠤ᠋ᠨ ᠡᠮᠦᠨ᠎ᠡ ᠰᠠᠭᠠᠲᠤᠨ ᠵᠣᠭᠰᠣᠵᠤ ᠪᠣᠯᠬᠤ ᠦᠭᠡᠢ ᠭᠡᠰᠡᠨ ᠢ᠋ ᠰᠠᠨᠠᠪᠠ᠃ ᠨᠢᠭᠡᠨ ᠬᠡᠰᠡᠭ ᠴᠡᠷᠢᠭ ᠵᠡᠭᠦᠨ ᠲᠡᠰᠢ ᠤᠬᠤᠰᠬᠢᠨ ᠭᠣᠣᠯ ᠤ᠋ᠨ ᠮᠥᠰᠥᠨ ᠳᠡᠭᠡᠭᠦᠷ ᠶᠠᠪᠤᠵᠤ ᠨᠥᠭᠦᠭᠡ ᠡᠷᠭᠢ ᠥᠭᠡᠳᠡ ᠭᠠᠷᠤᠨ ᠲᠡᠷᠡ ᠪᠠᠢᠰᠢᠩ ᠤ᠋ᠳ ᠤ᠋ᠨ ᠵᠦᠭ ᠴᠠᠰᠢ ᠬᠥᠳᠡᠯᠪᠡ᠃ ᠥᠭᠡᠷ᠎ᠡ ᠨᠢᠭᠡᠨ ᠬᠡᠰᠡᠭ ᠨᠢ ᠪᠠᠷᠠᠭᠤᠨ ᠳᠠᠰᠢ ᠰᠢᠪᠡᠭᠡᠨ ᠦ᠌ ᠳᠠᠭᠠᠤ ᠳᠠᠪᠬᠢᠨ ᠲᠣᠭᠣᠷᠢᠵᠤ ᠭᠠᠷᠤᠭᠠᠳ ᠮᠥᠨ ᠭᠣᠣᠯ ᠤᠷᠤᠭᠤ ᠪᠠᠭᠤᠮᠠᠭᠴᠠ ᠮᠥᠰᠥᠨ ᠳᠡᠭᠡᠷ᠎ᠡ ᠣᠷᠣᠰ ᠴᠡᠷᠢᠭ ᠦ᠋ᠳ ᠲᠡᠢ ᠲᠤᠯᠤᠯᠳᠤᠪᠠ᠃

ᠮᠣᠩᠭᠣᠯ ᠴᠡᠷᠢᠭ ᠦ᠋ᠨ ᠳᠤᠮᠳᠠ ᠲᠠᠯ᠎ᠠ ᠳ᠋ᠤ᠌ ᠶᠠᠪᠤᠭᠰᠠᠨ ᠭᠤᠷᠪᠠᠳᠤᠭᠠᠷ ᠬᠡᠰᠡᠭ ᠴᠡᠷᠢᠭ ᠲᠠᠴᠢᠶᠠᠳᠠᠨ ᠤᠯᠠᠢᠵᠤ ᠰᠢᠪᠡᠭᠡ ᠰᠠᠭᠠᠳ ᠤᠷᠤᠭᠤ ᠰᠢᠭᠤᠳ ᠵᠦᠰᠦᠨ ᠳᠠᠭᠠᠷᠢᠬᠤ ᠳ᠋ᠤ᠌ ᠣᠯᠠᠨ ᠮᠢᠩᠭᠠᠨ ᠮᠣᠩᠭᠣᠯ ᠮᠣᠷᠢᠳ ᠴᠡᠭᠡᠵᠢ ᠪᠡᠷ ᠢ᠋ᠶ᠋ᠡᠨ ᠰᠢᠪᠡᠭᠡ ᠶ᠋ᠢ ᠳᠠᠭᠠᠷᠢᠵᠤ ᠲᠣᠬᠢᠶᠠᠯᠳᠤᠭᠰᠠᠨ ᠪᠡᠬᠢᠯᠡᠯᠲᠡ ᠶ᠋ᠢ ᠡᠪᠳᠡᠪᠡ᠃ ᠮᠣᠷᠢᠳ ᠤᠨᠠᠵᠤ ᠪᠠᠢᠪᠠ᠃ ᠬᠥᠮᠦᠨ ᠨᠢ ᠮᠣᠷᠢᠳ ᠤ᠋ᠨ ᠬᠠᠮᠲᠤ ᠬᠥᠰᠡᠷ ᠥᠩᠬᠥᠷᠢᠨ ᠤᠨᠠᠵᠠᠭᠠᠪᠠ᠃ ᠤᠨᠠᠭ᠎ᠠ ᠦᠭᠡᠢ ᠬᠡᠰᠡᠭ ᠨᠢ ᠤᠨᠠᠭᠰᠠᠳ ᠤ᠋ᠨ ᠳᠡᠭᠡᠭᠦᠷ ᠭᠢᠰᠬᠢᠯᠡᠨ ᠪᠡᠬᠢᠯᠡᠯᠲᠡ ᠳ᠋ᠦ᠍ ᠬᠦᠷᠦᠭᠡᠳ ᠳᠣᠲᠣᠭᠰᠢ ᠪᠠᠨ ᠬᠠᠷᠠᠢᠨ ᠣᠷᠣᠵᠠᠭᠠᠵᠤ ᠰᠠᠭᠠᠳᠤᠯ ᠦᠭᠡᠢ ᠴᠠᠰᠢ ᠳᠣᠪᠲᠣᠯᠤᠨ ᠭᠣᠣᠯ ᠤ᠋ᠨ ᠡᠭᠴᠡ ᠡᠷᠭᠢ ᠤᠷᠤᠭᠤ ᠬᠤᠢᠯᠠᠷᠠᠨ ᠣᠷᠣᠵᠠᠭᠠᠵᠤ ᠪᠠᠢᠪᠠ᠃ ᠭᠣᠣᠯ ᠤ᠋ᠨ ᠮᠥᠰᠥ ᠬᠦᠨᠳᠦ ᠶ᠋ᠢ ᠳᠠᠭᠠᠭᠠᠯ ᠦᠭᠡᠢ ᠴᠥᠮᠥᠷᠡᠪᠡ᠃ ᠴᠡᠷᠢᠭ ᠦ᠋ᠳ ᠤᠰᠤᠨ ᠳ᠋ᠤ᠌ ᠤᠨᠠᠵᠠᠭᠠᠵᠤ ᠪᠠᠢᠪᠠ᠃

ᠣᠷᠣᠰ ᠤ᠋ᠳ ᠨᠦᠬᠡ ( ᠨᠥᠭᠦᠭᠡ ? ) ᠡᠷᠭᠢ ᠳᠡᠭᠡᠷ᠎ᠡ ᠡᠴᠡ ᠮᠣᠩᠭᠣᠯᠴᠤᠳ ᠢ᠋ ᠲᠣᠰᠣᠨ ᠭᠦᠶᠦᠵᠦ ᠶᠠᠭ ᠮᠥᠰᠥᠨ ᠳᠡᠭᠡᠷ᠎ᠡ ᠭᠣᠣᠯ ᠲᠤᠯᠤᠯᠳᠤᠭᠠᠨ ᠲᠤᠯᠭᠠᠷᠠᠨ᠂ ᠴᠥᠮᠥᠷᠬᠡᠢ ᠴᠤᠭᠤᠷᠬᠠᠢ ᠤᠷᠤᠭᠤ ᠮᠣᠩᠭᠣᠯ᠂ ᠣᠷᠣᠰ ᠠᠯᠢᠨ ᠴᠥ᠍ ᠥᠩᠬᠥᠷᠢᠨ ᠣᠷᠣᠨ᠎ᠠ᠃ ᠲᠡᠳᠡ ᠤᠰᠤᠨ ᠳ᠋ᠤ᠌ ᠤᠨᠠᠭᠰᠠᠨ ᠪᠣᠯᠪᠠᠴᠤ ᠪᠠᠢᠯᠳᠤᠭᠰᠠᠭᠠᠷ ᠪᠠᠢᠯ᠎ᠠ᠃

ᠣᠷᠣᠰ ᠤ᠋ᠨ ᠸᠠᠩ ᠭᠸᠤᠷᠬᠢ ᠬᠡᠳᠦᠨ ᠵᠠᠭᠤᠨ ᠳᠠᠭᠠᠭᠤᠯᠢ ᠴᠡᠷᠢᠭ ᠦ᠋ᠳ ᠦ᠋ᠨ ᠬᠠᠮᠲᠤ ᠭᠣᠣᠯ ᠤᠷᠤᠭᠤ ᠲᠦᠷᠭᠡᠨ ᠪᠠᠭᠤᠵᠤ ᠪᠠᠷᠠᠭᠤᠨ ᠡᠷᠭᠢ ᠥᠭᠡᠳᠡ ᠭᠠᠷᠪᠠ᠃

ᠣᠷᠣᠰ ᠤ᠋ᠳ ᠣᠢ ᠳᠣᠲᠣᠷ᠎ᠠ ᠠ᠋ᠴᠠ ᠭᠠᠷᠴᠤ ᠢᠷᠡᠭᠰᠡᠨ ᠮᠣᠩᠭᠣᠯᠴᠤᠳ ᠤ᠋ᠨ ᠵᠦᠭ ᠵᠣᠷᠢᠭᠲᠠᠢ ᠪᠠᠷ ᠳᠣᠪᠲᠣᠯᠤᠨ ᠳᠠᠭᠠᠷᠢᠵᠤ᠂ ᠳᠠᠭᠠᠭᠤᠯᠢ ᠴᠡᠷᠢᠭ ᠦ᠋ᠳ ᠤᠷᠲᠤ ᠬᠦᠨᠳᠦ ᠢᠯᠳᠦ ᠶ᠋ᠢ ᠳᠠᠳᠮᠠᠭᠠᠢ ᠪᠠᠷ ᠡᠷᠭᠢᠭᠦᠯᠵᠦ ᠭᠠᠪᠰᠢᠭᠠᠢ ᠬᠥᠳᠡᠯᠵᠦ ᠪᠠᠢᠯᠳᠤᠨ᠎ᠠ᠃ ᠲᠠᠲ᠋ᠠᠷ ᠤ᠋ᠳ ᠤ᠋ᠨ ᠨᠠᠷᠢᠬᠠᠨ ᠰᠡᠯᠡᠮ᠎ᠡ ᠨᠦ᠍ᠭᠦᠳ ᠣᠷᠣᠰ ᠤ᠋ᠨ ᠢᠯᠳᠦ ᠳ᠋ᠦ᠍ ᠳᠠᠭᠠᠷᠢᠭᠳᠠᠨ ᠬᠤᠭᠤ ᠦᠰᠦᠷᠦᠨ ᠤᠨᠠᠬᠤ ᠨᠢ ᠣᠯᠠᠨᠲᠠ ᠦᠵᠡᠭᠳᠡᠪᠡ᠃ ᠣᠷᠣᠰ ᠤ᠋ᠳ ᠬᠥᠮᠦᠨ ᠪᠦᠷᠢ ᠲᠤᠰ ᠲᠤᠰ ᠲᠠᠭᠠᠨ ᠪᠠᠢᠯᠳᠤᠬᠤ ᠳ᠋ᠤ᠌ ᠲᠠᠲ᠋ᠠᠷ ᠤ᠋ᠨ ᠠᠷᠪᠠᠭᠠᠳ ᠴᠡᠷᠢᠭ ᠦ᠋ᠳ ᠡᠩᠨᠡᠭᠡ ᠪᠡᠷ ᠢ᠋ᠶ᠋ᠡᠨ ᠪᠡᠶ᠎ᠡ ᠪᠡᠶ᠎ᠡ ᠡᠴᠡ ᠪᠡᠨ ᠰᠠᠯᠤᠯ ᠦᠭᠡᠢ ᠵᠡᠷᠭᠡᠴᠡᠨ ᠲᠤᠯᠤᠯᠳᠤᠨ᠎ᠠ᠃

ᠬᠠᠳ᠋ᠵᠢ ᠷᠠᡁᠢᠮ ᠳᠠᠪᠬᠢᠯᠳᠤᠬᠤ ᠮᠣᠷᠢᠳ ᠤ᠋ᠨ ᠤᠷᠤᠰᠬᠠᠯ ᠳ᠋ᠤ᠌ ᠠᠪᠲᠠᠭᠳᠠᠨ ᠮᠣᠷᠢᠨ ᠤ᠋ ᠠᠮᠠ ᠶ᠋ᠢ ᠳᠡᠢᠯᠦᠭᠰᠡᠨ ᠦᠭᠡᠢ ᠲᠡᠳᠡᠨ ᠦ᠌ ᠳᠤᠮᠳᠠ ᠣᠷᠣᠭᠠᠳ ᠰᠢᠭᠤᠳ ᠰᠢᠪᠡᠭᠡ ᠤᠷᠤᠭᠤ ᠳᠠᠪᠬᠢᠨ ᠶᠠᠪᠤᠪᠠ᠃ ᠬᠠᠳ᠋ᠵᠢ ᠷᠠᡁᠢᠮ ᠵᠠᠢᠯᠠᠰᠢ ᠦᠭᠡᠢ ᠦᠬᠦᠯ ᠡᠴᠡ ᠠᠶᠤᠨ ᠰᠣᠴᠢᠵᠤ᠂ ᠡᠮᠡᠭᠡᠯ ᠡᠴᠡ ᠪᠡᠨ ᠪᠠᠭᠤᠨ ᠬᠠᠷᠠᠢᠵᠤ ᠴᠠᠰᠤᠨ ᠳᠡᠭᠡᠷ᠎ᠡ ᠤᠨᠠᠪᠠ᠃ ᠮᠣᠷᠢᠲᠠᠢ ᠬᠡᠳᠦᠨ ᠴᠡᠷᠢᠭ ᠦ᠋ᠳ ᠳᠡᠭᠡᠭᠦᠷ ᠨᠢ ᠳᠠᠪᠬᠢᠵᠤ ᠲᠡᠭᠦᠨ ᠢ᠋ ᠠᠷᠠᠢ ᠳᠠᠭᠠᠷᠢᠭᠰᠠᠨ ᠦᠭᠡᠢ ᠲᠤᠯᠠ ᠲᠡᠷᠡ ᠪᠣᠰᠴᠤ ᠪᠤᠰᠢᠭᠤᠬᠠᠨ ᠵᠠᠢᠯᠠᠵᠤ ᠠᠮᠵᠢᠪᠠ᠃

ᠡᠮᠦᠨ᠎ᠡ ᠨᠢ ᠨᠢᠭᠡᠨ ᠪᠠᠭᠠᠬᠠᠨ ᠳᠣᠪᠣᠴᠠᠭ ᠲᠣᠯᠣᠭᠠᠢ ᠦᠵᠡᠭᠳᠡᠬᠦ ᠳ᠋ᠦ᠍ ᠬᠠᠳ᠋ᠵᠢ ᠷᠠᠾᠢᠮ ᠲᠡᠭᠦᠨ ᠦ᠌ ᠳᠡᠭᠡᠷ᠎ᠡ ᠭᠠᠷᠴᠤ ᠢᠷᠡᠭᠡᠳ ᠤᠯᠠᠮ ᠢ᠋ᠶ᠋ᠠᠷ ᠰᠢᠷᠦᠭᠦᠰᠴᠦ ᠪᠠᠢᠭ᠎ᠠ ᠪᠠᠢᠯᠳᠤᠭᠠᠨ ᠢ᠋ ᠠᠵᠢᠭᠯᠠᠨ ᠬᠠᠷᠠᠵᠤ᠂ ᠬᠡᠷᠪᠡ ᠸᠠᠩ ᠭᠧᠣᠷᠬᠢ ᠴᠡᠷᠢᠭ ᠦ᠋ᠳ ᠲᠡᠢ ᠪᠡᠨ ᠬᠠᠮᠲᠤ ᠪᠡᠶ᠎ᠡ ᠪᠡᠶ᠎ᠡ ᠲᠡᠢ ᠪᠡᠨ ᠵᠡᠷᠭᠡᠴᠡᠨ ᠰᠠᠯᠤᠯ ᠦᠭᠡᠢ ᠪᠠᠢᠯᠳᠤᠵᠤ ᠴᠢᠳᠠᠪᠠᠯ ᠲᠠᠲ᠋ᠠᠷ ᠤ᠋ᠳ ᠤ᠋ᠨ ᠡᠩᠨᠡᠭᠡ ᠶ᠋ᠢ ᠴᠥᠮᠥᠷᠡᠨ ᠭᠠᠷᠴᠤ ᠣᠢ ᠮᠣᠳᠣ ᠤᠷᠤᠭᠤ ᠵᠠᠮ ᠭᠠᠷᠭᠠᠨ ᠦᠯᠦ ᠮᠡᠳᠡᠭᠳᠡᠬᠦ ᠵᠥᠷᠢᠭ ᠵᠠᠮ ᠢ᠋ᠶ᠋ᠠᠷ ᠪᠤᠷᠤᠭᠤᠯᠠᠨ ᠠᠮᠢ ᠭᠠᠷᠴᠤ ᠴᠢᠳᠠᠬᠤ ᠰᠠᠨ ᠪᠢᠯᠡ᠃ ᠣᠳᠣ ᠡᠨᠳᠡ ᠲᠡᠳᠡᠨ ᠦ᠌ ᠢᠯᠡᠳᠲᠡ ᠰᠥᠨᠥᠬᠦ ᠶ᠋ᠢ ᠤᠷᠢᠳ ᠠ᠋ᠴᠠ ᠬᠡᠯᠡᠵᠦ ᠪᠣᠯᠬᠤ ᠪᠠᠢᠨ᠎ᠠ᠃ ᠬᠠᠷᠠᠪᠠᠯ ᠣᠷᠣᠰ ᠤ᠋ᠨ ᠴᠡᠷᠢᠭ ᠦ᠋ᠳ ᠦ᠋ᠨ ᠨᠢᠭᠡ ᠨᠢ ᠪᠠᠷᠠᠭᠤᠨ ᠲᠠᠰᠢ ᠪᠠᠨ᠂ ᠨᠢᠭᠡ ᠨᠢ ᠵᠡᠭᠦᠨ ᠳᠠᠰᠢ ᠪᠠᠨ ᠭᠦᠶᠦᠯᠳᠦᠵᠦ ᠪᠡᠶ᠎ᠡ ᠪᠡᠶ᠎ᠡ ᠡᠴᠡ ᠪᠡᠨ ᠬᠣᠯᠠᠳᠠᠭᠰᠠᠭᠠᠷ ᠶᠠᠪᠤᠵᠤ ᠠᠭᠠᠵᠢᠮ ᠳ᠋ᠠᠭᠠᠨ ᠲᠠᠲ᠋ᠠᠷ ᠤ᠋ᠨ ᠪᠥᠭᠡᠮ ᠳᠣᠲᠣᠷ᠎ᠠ ᠲᠠᠷᠠᠵᠠᠢ᠃ ᠸᠠᠩ ᠭᠧᠣᠷᠬᠢ ᠶ᠋ᠢᠨ ᠬᠠᠷ᠎ᠠ ᠲᠤᠭ ᠭᠬᠢᠷᠢ ᠨᠢ ᠪᠠᠢᠯᠳᠤᠭᠠᠨ ᠤ᠋ ᠲᠠᠯᠠᠪᠠᠢ ᠶ᠋ᠢᠨ ᠳᠡᠭᠡᠭᠦᠷ ᠨᠡᠯᠢᠶᠡᠳ ᠤᠳᠠᠭᠠᠨ ᠬᠡᠢᠰᠴᠦ ᠭᠠᠷᠳᠠᠨ ᠪᠠᠢᠯᠳᠤᠵᠤ ᠲᠡᠪᠰᠢᠯᠡᠨ ᠣᠷᠣᠬᠤ ᠣᠷᠣᠰ ᠤ᠋ᠨ ᠴᠡᠷᠢᠭ ᠦ᠋ᠳ ᠦ᠋ᠨ ᠬᠠᠮᠲᠤ ᠬᠤᠷᠳᠤᠨ ᠢ᠋ᠶ᠋ᠠᠷ ᠤᠷᠤᠭᠰᠢᠯᠠᠨ ᠶᠠᠪᠤᠭᠰᠠᠭᠠᠷ ᠰᠡᠭᠦᠯ ᠳ᠋ᠦ᠍ᠨᠢ ᠨᠠᠢᠭᠤᠯᠵᠠᠵᠤ ᠬᠠᠵᠠᠢᠵᠤ ᠡᠬᠢᠯᠡᠭᠡᠳ ᠳᠠᠷᠠᠭ᠎ᠠ ᠨᠢ ᠳᠣᠷᠣᠭᠰᠢ ᠤᠨᠠᠪᠠ᠃ ᠲᠡᠭᠦᠨ ᠡᠴᠡ ᠲᠡᠳᠦᠢ ᠯᠡ ᠬᠣᠯᠠ ᠦᠭᠡᠢ ᠣᠷᠣᠰ ᠤ᠋ᠨ ᠸᠠᠩ ᠭᠧᠣᠷᠬᠢ ᠰᠤᠮᠤ ᠪᠠ ᠵᠢᠳᠠ ᠪᠠᠷ ᠨᠡᠪᠲᠡ ᠬᠠᠳᠬᠤᠭᠳᠠᠵᠤ ᠠᠯᠠᠭᠳᠠᠭᠰᠠᠨ ᠪᠠᠢᠪᠠ᠃

ᠪᠠᠢᠯᠳᠤᠭᠠᠨ ᠢ᠋ ᠤᠳᠤᠷᠢᠳᠴᠤ ᠪᠠᠢᠭ᠎ᠠ ᠲᠦᠮᠡᠨ ᠦ᠌ ᠨᠣᠶᠠᠨ ᠪᠤᠷᠤᠨᠳᠠᠢ ᠨᠠᠷᠠᠰᠤᠨ ᠮᠣᠳᠣ ᠪᠠᠷ ᠪᠦᠷᠬᠦᠭᠳᠡᠭᠰᠡᠨ ᠥᠨᠳᠥᠷ ᠲᠣᠯᠣᠭᠠᠢ ᠳᠡᠭᠡᠷ᠎ᠡ ᠵᠣᠭᠰᠣᠵᠤ ᠪᠠᠢᠪᠠ᠃

ᠬᠠᠳ᠋ᠵᠢ ᠷᠠᠾᠢᠮ ᠲᠡᠷᠡ ᠲᠣᠯᠣᠭᠠᠢ ᠳᠡᠭᠡᠷ᠎ᠡ ᠭᠠᠷᠴᠤ ᠢᠷᠡᠯ᠎ᠡ᠃ ᠥᠨᠳᠥᠷ ᠪᠥᠭᠡᠳ ᠲᠤᠷᠠᠩᠬᠠᠢ ᠪᠡᠶ᠎ᠡ ᠲᠡᠢ ᠬᠥᠳᠡᠯᠭᠡᠭᠡᠨ ᠦᠭᠡᠢ ᠰᠢᠷᠭᠠᠯ ᠴᠢᠷᠠᠢ ᠲᠠᠢ ᠪᠤᠷᠤᠨᠳᠠᠢ ᠰᠢᠷᠭᠠᠯ ᠮᠣᠷᠢ ※  ᠶ᠋ᠢ ᠤᠨᠤᠵᠤ ᠤᠯᠠᠩᠭᠠᠷᠠᠭᠰᠠᠨ ( ᠤᠯᠠᠩᠭᠠᠰᠤᠭᠰᠠᠨ ) ᠬᠡᠳᠦᠨ ᠮᠢᠩᠭᠠᠨ ᠶᠠᠪᠠᠭᠠᠨ ᠪᠠ ᠮᠣᠷᠢᠲᠠᠢ ᠴᠡᠷᠢᠭ ᠦ᠋ᠳ ᠬᠡᠷᠬᠢᠨ ᠭᠠᠷᠳᠠᠨ ᠠᠪᠤᠯᠴᠠᠵᠤ
——————
※ ᠴᠢᠩᠭᠢᠰ ᠬᠠᠭᠠᠨ ᠰᠢᠷᠭᠠᠯ ᠮᠣᠷᠢ ᠤᠨᠤᠳᠠᠭ ᠪᠠᠢᠭᠰᠠᠨ ᠲᠤᠯᠠ ᠲᠡᠭᠦᠨ ᠦ᠌ ᠴᠡᠷᠢᠭ ᠦ᠋ᠨ ᠠᠬᠠᠮᠠᠳ ᠨᠣᠶᠠᠳ ᠨᠢ ᠴᠢᠩᠭᠢᠰ ᠢ᠋ ᠳᠠᠭᠤᠷᠢᠶᠠᠵᠤ ᠠᠳᠤᠭᠤᠨ ᠠ᠋ᠴᠠ ᠪᠠᠨ ᠰᠢᠷᠭᠠᠯ ᠮᠣᠷᠢ ᠶ᠋ᠢ ᠰᠢᠯᠢᠵᠦ ᠤᠨᠤᠳᠠᠭ ᠪᠠᠢᠵᠠᠢ᠃

ᠠᠯᠠᠯᠳᠤᠨ ᠬᠢᠲᠤᠯᠳᠤᠵᠠᠭᠠᠵᠤ ᠵᠦᠭ ᠵᠦᠭ ᠳᠠᠰᠢ ᠪᠠᠨ ᠪᠤᠵᠢᠭᠢᠨᠠᠯᠳᠤᠨ ᠭᠦᠶᠦᠯᠳᠦᠵᠦ ᠪᠠᠢᠬᠤ ᠶ᠋ᠢ ᠶᠡᠷᠦ ᠶᠠᠮᠠᠷ ᠴᠥ᠍ ᠠᠵᠢᠭ ᠬᠡᠨᠡᠭ ᠦᠭᠡᠢ ᠪᠡᠷ ᠬᠠᠷᠠᠵᠤ ᠵᠣᠭᠰᠣᠬᠤ ᠮᠡᠲᠦ ᠪᠠᠢᠯ᠎ᠠ᠃

ᠪᠣᠷᠣᠨᠲᠠᠢ ᠲᠡᠷᠡ ᠬᠠᠷ᠎ᠠ ᠲᠤᠭ ᠤ᠋ᠨ ᠨᠠᠢᠭᠤᠯᠵᠠᠨ ᠤᠨᠠᠬᠤ ᠶ᠋ᠢ ᠬᠠᠷᠠᠭᠠᠳ ᠭᠡᠨᠡᠳᠲᠡ ᠰᠡᠷᠢᠭᠰᠡᠨ ᠮᠡᠲᠦ《 ᠮᠢᠨᠦ ᠬᠣᠢᠨ᠎ᠠ ᠠ᠋ᠴᠠ ᠣᠷᠣᠭᠰᠢ ᠪᠠᠨ ! 》ᠭᠡᠵᠦ ᠵᠡᠷᠯᠢᠭ ᠳᠠᠭᠤ ᠪᠠᠷ ᠬᠠᠰᠬᠢᠷᠤᠨ ᠥᠪᠡᠷ ᠦ᠋ᠨ ᠪᠡᠶ᠎ᠡ ᠬᠠᠮᠠᠭᠠᠯᠠᠭᠴᠢ ᠵᠠᠭᠤᠨ ᠤ᠋ ᠬᠠᠮᠲᠤ ᠥᠨᠥᠬᠢ ᠲᠣᠯᠣᠭᠠᠢ ᠳᠡᠭᠡᠷ᠎ᠡ ᠡᠴᠡ ᠤᠷᠤᠭᠰᠢ ᠳᠠᠪᠬᠢᠵᠤ ᠣᠳᠪᠠ᠃ ᠲᠡᠭᠦᠨ ᠦ᠌ ᠴᠡᠷᠢᠭ ᠦ᠋ᠳ ᠨᠢ ᠡᠮᠦᠨ᠎ᠡ ᠪᠡᠨ ᠳᠠᠭᠠᠷᠢᠯᠳᠤᠭᠰᠠᠨ ᠪᠦᠬᠦᠨ ᠢ᠋ ᠬᠠᠢᠷ᠎ᠠ ᠭᠠᠮ ᠦᠭᠡᠢ ᠪᠡᠷ ᠵᠠᠢᠯᠠᠭᠤᠯᠤᠨ ᠬᠢᠳᠤᠵᠤ ᠶᠠᠪᠤᠭᠰᠠᠭᠠᠷ ᠸᠠᠩ ᠭᠸᠣᠷᠬᠢ ᠶ᠋ᠢ ᠠᠮᠢᠳᠤ ᠪᠠᠷ ᠣᠯᠵᠠᠯᠠᠨ ᠠᠪᠬᠤ ᠶ᠋ᠢ ᠬᠢᠴᠢᠶᠡᠵᠦ ᠲᠡᠭᠦᠨ ᠦ᠌ ᠪᠠᠢᠭᠰᠠᠨ ᠭᠠᠵᠠᠷ ᠲᠸ᠋ ᠬᠦᠷᠦᠯᠴᠡᠨ ᠢᠷᠡᠪᠡ᠃

ᠡᠨᠳᠡ ᠥᠴᠢᠨᠡᠨ ᠲᠥᠴᠢᠨᠡᠨ ᠰᠢᠷᠬᠠᠳᠤᠭᠰᠠᠨ ᠪᠠ ᠠᠯᠠᠭᠳᠠᠭᠰᠠᠨ ᠬᠥᠮᠦᠨ ᠵᠥᠩᠳᠡᠭᠡᠨ ᠪᠣᠢ ᠲᠤᠯᠠ ᠸᠠᠩ ᠢ᠋ ᠲᠡᠷᠡ ᠳᠠᠷᠤᠢ ᠣᠯᠵᠤ ᠠᠪᠬᠤ ᠳ᠋ᠤ᠌ ᠲᠡᠢᠮᠦ ᠴᠦ᠍ ᠪᠡᠯᠡᠬᠡᠨ ᠦᠭᠡᠢ ᠪᠠᠢᠵᠠᠢ᠃ ᠰᠡᠭᠦᠯ ᠳ᠋ᠦ᠍ᠨᠢ ᠲᠡᠭᠦᠨ ᠢ᠋ ᠮᠥᠩᠭᠥᠨ ᠬᠤᠶᠠᠭ ᠪᠠ ᠤᠯᠠᠭᠠᠨ ᠰᠠᠪᠢᠬᠢᠨ ᠭᠤᠲᠤᠯ ᠢ᠋ᠶ᠋ᠠᠷ ᠨᠢ ᠲᠠᠨᠢᠵᠤ ᠣᠯᠪᠠ᠃ ᠬᠡᠭᠦᠷ ᠦ᠋ᠳ ᠪᠠ ᠴᠢᠩᠭ᠎ᠠ ᠪᠠᠷ ᠣᠷᠢᠯᠠᠯᠳᠤᠨ ᠬᠡᠪᠲᠡᠬᠦ ᠰᠢᠷᠬᠠᠳᠤᠭᠰᠠᠨ ᠬᠥᠮᠦᠰ ᠲᠦ᠍ ᠳᠠᠷᠤᠭᠳᠠᠭᠰᠠᠨ ᠬᠠᠷ᠎ᠠ ᠲᠤᠭ ᠨᠢ ᠣᠢᠷᠠᠬᠠᠨ ᠬᠡᠪᠲᠡᠵᠦ ᠪᠠᠢᠪᠠ᠃ ᠲᠠᠲ᠋ᠠᠷ ᠤ᠋ᠳ ᠥᠪᠡᠷᠰᠡᠳ ᠦ᠋ᠨ ᠢ᠋ᠶ᠋ᠡᠨ ᠰᠢᠷᠬᠠᠳᠤᠭᠰᠠᠨ ᠬᠥᠮᠦᠰ ᠢ᠋ ᠵᠠᠢᠯᠠᠭᠤᠯᠤᠨ ᠠᠪᠴᠤ ᠣᠷᠣᠰ ᠤ᠋ᠨ ᠰᠢᠷᠬᠠᠳᠤᠭᠴᠢᠳ ᠢ᠋ ᠴᠠᠪᠴᠢᠵᠤ ᠭᠦᠢᠴᠡᠭᠡᠨ ᠠᠯᠠᠨ᠎ᠠ᠃

ᠸᠠᠩ ᠭᠸᠣᠷᠬᠢ ᠦᠬᠦᠭᠰᠡᠨ ᠪᠠᠢᠵᠠᠢ᠃ ᠲᠠᠲ᠋ᠠᠷ ᠤ᠋ᠨ ᠰᠡᠯᠡᠮ᠎ᠡ ᠶ᠋ᠢᠨ ᠭᠦᠨᠵᠡᠭᠡᠢ ᠴᠣᠬᠢᠯᠲᠠ᠂ ᠳᠤᠭᠤᠯᠠᠭ᠎ᠠ ᠶ᠋ᠢ ᠨᠢ ᠤᠨᠠᠭᠠᠵᠤ ᠮᠠᠩᠨᠠᠢ ᠶ᠋ᠢ ᠨᠢ ᠬᠠᠭ᠎ᠠ ᠴᠣᠬᠢᠭᠰᠠᠨ ᠪᠠ ᠬᠣᠶᠠᠷ ᠰᠤᠮᠤ ᠬᠣᠭᠣᠯᠠᠢ ᠤᠷᠤᠭᠤ ᠨᠢ ᠰᠢᠭᠢᠳᠦᠭᠰᠡᠨ ᠪᠠᠢᠯ᠎ᠠ᠃

ᠪᠣᠷᠣᠨᠲᠠᠢ ᠮᠣᠷᠢ ᠪᠠᠨ ᠵᠣᠭᠰᠣᠭᠠᠵᠤ ᠴᠢᠰᠤ ᠠᠰᠬᠠᠷᠠᠭᠰᠠᠨ ᠴᠠᠰᠤᠨ ᠳᠡᠭᠡᠷ᠎ᠡ ᠮᠣᠷᠢᠨ ᠠ᠋ᠴᠠ ᠪᠠᠨ ᠪᠠᠭᠤᠵᠤ ᠣᠴᠢᠭᠠᠳ ᠸᠠᠩ ᠭᠸᠣᠷᠬᠢ ᠶ᠋ᠢᠨ ᠲᠣᠯᠣᠭᠠᠢ ᠶ᠋ᠢ ᠵᠢᠵᠢᠭ ᠬᠢᠲᠤᠭ᠎ᠠ ᠪᠠᠷ ᠥᠪᠡᠷ ᠢ᠋ᠶ᠋ᠡᠨ ᠶᠠᠭᠠᠷᠠᠯ ᠦᠭᠡᠢ ᠪᠡᠷ ᠲᠠᠰᠤ ᠣᠭᠲᠣᠯᠤᠨ ᠠᠪᠤᠭᠠᠳ ᠨᠠᠷᠢᠬᠠᠨ ᠲᠦᠭᠦᠬᠡᠢ ᠰᠤᠷ ᠢ᠋ ᠤᠷᠲᠤ ᠬᠠᠷ᠎ᠠ ᠰᠠᠬᠠᠯᠲᠠᠢ᠂ ᠪᠤᠭᠤᠷᠤᠯᠲᠤᠵᠤ ᠶᠠᠪᠤᠭ᠎ᠠ ᠪᠤᠷᠵᠢᠭᠢᠷ ᠦᠰᠦᠲᠡᠢ ᠲᠣᠯᠣᠭᠠᠢ ᠶ᠋ᠢᠨ ᠴᠢᠬᠢ ᠪᠡᠷ ᠨᠢ ᠨᠡᠪᠲᠡ ᠭᠠᠷᠭᠠᠨ ᠥᠪᠡᠷ ᠦ᠋ᠨ ᠮᠣᠷᠢᠨ ᠤ᠋ ᠰᠡᠭᠦᠯ ᠦ᠋ᠨ ᠤᠭ ᠠ᠋ᠴᠠ ᠰᠠᠢᠲᠤᠷ ᠪᠡᠬᠢᠯᠡᠨ ᠤᠶᠠᠭᠠᠳ ᠴᠢᠰᠤ ᠪᠣᠯᠤᠭᠰᠠᠨ ᠬᠤᠷᠤᠭᠤ ᠨᠤᠭᠤᠳ ᠢ᠋ᠶ᠋ᠠᠨ ᠳᠡᠪᠡᠯ ᠦ᠋ᠨ ᠬᠣᠷᠮᠣᠢ ᠳ᠋ᠤ᠌ ᠠᠷᠴᠢᠵᠤ ᠮᠣᠷᠢᠨ ᠳ᠋ᠠᠭᠠᠨ ᠮᠣᠷᠳᠠᠭᠠᠳ ᠬᠡᠯᠡᠭᠰᠡᠨ ᠨᠢ᠄

— ᠣᠳᠣ ᠪᠠᠲᠤ ᠬᠠᠭᠠᠨ ᠨᠠᠮᠠᠶ᠋ᠢ ᠪᠠ ᠮᠢᠨᠦ ᠴᠡᠷᠢᠭ ᠦ᠋ᠳ ᠢ᠋᠂ ᠮᠣᠩᠭᠣᠯ ᠤ᠋ᠨ ᠨᠡᠷ᠎ᠡ ᠰᠦᠷ ᠢ᠋ ᠤᠯᠠᠮ ᠢ᠋ᠶ᠋ᠠᠷ ᠠᠯᠳᠠᠷᠰᠢᠭᠤᠯᠬᠤ ᠶ᠋ᠢ ᠬᠢᠴᠢᠶᠡᠳᠡᠭ ᠦᠭᠡᠢ ᠭᠡᠵᠦ ᠳᠠᠬᠢᠨ ᠵᠢᠮᠡᠯᠡᠵᠦ ᠴᠢᠳᠠᠬᠤ ᠦᠭᠡᠢ ᠪᠣᠯᠪᠠ᠃ ᠣᠷᠣᠰ ᠤ᠋ᠨ ᠸᠠᠩ ᠤ᠋ᠨ ᠲᠣᠯᠣᠭᠠᠢ ᠨᠢ ᠮᠢᠨᠦ ᠮᠣᠷᠢᠨ ᠤ᠋ ᠰᠡᠭᠦᠯ ᠳ᠋ᠦ᠍ ᠤᠶᠠᠭᠠᠲᠠᠢ ᠪᠠᠢᠨ᠎ᠠ!
— ᠭᠡᠪᠡᠴᠦ ᠪᠠᠲᠤ ᠬᠠᠭᠠᠨ ᠤ᠋ ᠮᠣᠷᠢᠨ ᠤ᠋ ᠰᠡᠭᠦᠯ ᠡᠴᠡ ᠤᠶᠠᠭᠳᠠᠭᠰᠠᠨ ᠦᠭᠡᠢ ᠭᠡᠵᠦ ᠨᠢᠭᠡᠨ ᠬᠠᠭᠤᠴᠢᠨ ᠴᠡᠷᠢᠭ ᠦ᠋ᠨ ᠬᠡᠯᠡᠬᠦ ᠳ᠋ᠦ᠍᠂
— ᠴᠢ ᠪᠣᠯᠭᠣᠮᠵᠢᠲᠠᠢ ᠶᠠᠷᠢ! ᠵᠠᠩᠵᠤᠨ ᠴᠢᠮᠠᠶ᠋ᠢ ᠡᠭᠦᠨ ᠳ᠋ᠦ᠍ ᠴᠢᠨᠦ ᠡᠨᠡ ᠦᠭᠡ ᠶ᠋ᠢ ᠥᠷᠥᠰᠢᠶᠡᠵᠦ ᠥᠩᠭᠡᠷᠡᠭᠦᠯᠬᠦ ᠦᠭᠡᠢ ᠰᠢᠦ! ( ᠭᠡᠪᠡ)᠃

ᠲᠤᠩ ᠰᠠᠢᠬᠠᠨ ᠬᠥᠮᠦᠰ ᠠᠮᠤᠭᠤᠯᠠᠩ ᠲᠠᠢᠪᠤᠩ ᠶᠠᠪᠤᠵᠠᠭᠠᠵᠤ ᠠᠵᠢᠯᠯᠠᠨ ᠠᠮᠢᠳᠤᠷᠠᠵᠤ ᠪᠠᠢᠭᠰᠠᠨ ᠪᠠᠢᠯᠳᠤᠭᠠᠨ ᠤ᠋ ᠡᠨᠡ ᠪᠠᠢᠷᠢᠨ ᠳ᠋ᠤ᠌ ᠲᠣᠷᠤᠫᠺᠠ ᠭᠦᠶᠦᠨ ᠬᠦᠷᠴᠦ ᠢᠷᠡᠭᠡᠳ ᠠᠶᠤᠮᠰᠢᠭᠲᠤ ᠶᠡᠬᠡ ᠲᠡᠮᠡᠴᠡᠯ ᠪᠣᠯᠵᠤ ᠪᠠᠢᠬᠤ ᠶ᠋ᠢ ᠦᠵᠡᠪᠡ᠃ ᠲᠠᠲ᠋ᠠᠷ ᠤ᠋ᠳ ᠮᠠᠰᠢ ᠣᠯᠠᠨ ᠪᠠᠢᠪᠠ᠃ ᠥᠷᠭᠡᠨ ᠲᠠᠯ᠎ᠠ ᠶ᠋ᠢᠨ ᠳᠤᠮᠳᠠᠭᠤᠷ ᠭᠣᠣᠯ ᠤ᠋ᠨ ᠬᠣᠶᠠᠷ ᠡᠷᠭᠢ ᠪᠡᠷ ᠨᠢᠰᠬᠦ ᠮᠡᠲᠦ ᠳᠠᠪᠬᠢᠯᠳᠤᠵᠤ ᠵᠡᠷᠯᠢᠭ ᠮᠠᠭᠤᠬᠠᠢ ᠪᠠᠷ ᠬᠠᠰᠬᠢᠷᠤᠯᠳᠤᠨ ᠲᠠᠬᠢᠷ ᠰᠡᠯᠡᠮ᠎ᠡ ᠪᠡᠷ ᠴᠠᠪᠴᠢᠯᠠᠨ᠎ᠠ᠃ ᠣᠷᠣᠰ ᠤ᠋ᠳ ᠰᠠᠯᠠᠭ᠎ᠠ ᠵᠢᠳᠠ ᠱᠣᠷᠣ ᠪᠠ ᠰᠦᠬᠡ ᠪᠡᠷ ᠬᠣᠷᠢᠭᠯᠠᠨ ᠪᠠᠢᠯᠳᠤᠬᠤ ᠪᠤᠶᠤ ᠪᠠᠰᠠ ᠥᠪᠡᠷᠰᠡᠳ ᠢ᠋ᠶ᠋ᠡᠨ ᠴᠦ᠍ ᠳᠠᠭᠠᠷᠢᠨ ᠣᠷᠣᠬᠤ ᠨᠢ ᠦᠵᠡᠭᠳᠡᠨ᠎ᠡ᠃

ᠲᠣᠷᠤᠫᠺᠠ ᠸᠠᠩ ᠸᠠᠰᠢᠯᠢᠺᠦ ᠶ᠋ᠢ ᠣᠯᠵᠤ ᠦᠵᠡᠪᠡ᠃ ᠲᠡᠷᠡ ᠷᠤᠰᠲ᠋ᠤᠸ ᠤ᠋ᠨ ᠴᠡᠷᠢᠭ ᠦ᠋ᠳ ᠦ᠋ᠨ ᠲᠡᠷᠢᠭᠦᠨ ᠦ᠌ ᠡᠩᠨᠡᠭᠡᠨ ᠦ᠌ ᠬᠠᠮᠤᠭ ᠤ᠋ᠨ ᠵᠡᠭᠦᠨ ᠵᠠᠬ᠎ᠠ ᠶ᠋ᠢ ᠪᠠᠷᠢᠵᠤ ᠶᠠᠪᠤᠪᠠ᠃ ᠷᠤᠰᠲ᠋ᠤᠸ ᠤ᠋ᠨ ᠴᠡᠷᠢᠭ ᠦ᠋ᠳ ᠨᠢ ᠰᠦᠬᠡ ᠰᠡᠯᠡᠮ᠎ᠡ ᠨᠦ᠍ᠭᠦᠳ ᠢ᠋ᠶ᠋ᠡᠨ ᠪᠠᠷᠢᠵᠤ ᠨᠢᠭᠡᠨ ᠵᠢᠭᠳᠡ ᠪᠥᠭᠡᠮ ᠪᠥᠭᠡᠮ ᠢ᠋ᠶ᠋ᠡᠷ ᠢ᠋ᠶ᠋ᠡᠨ ᠭᠦᠶᠦᠵᠡᠭᠡᠵᠦ ᠡᠪᠳᠡᠷᠡᠭᠡ ᠦᠭᠡᠢ ᠬᠠᠭᠠᠯᠲᠠ ᠶ᠋ᠢᠨ ᠵᠦᠭ ᠲᠦᠷᠭᠡᠨ ᠢ᠋ᠶ᠋ᠡᠷ ᠣᠢᠷᠠᠲᠤᠨ ᠢᠷᠡᠬᠦ ᠨᠢ ᠢᠯᠠᠭᠳᠠᠰᠢ ᠦᠭᠡᠢ ᠮᠡᠲᠦ ᠠᠵᠢ᠃ ᠲᠡᠳᠡᠨ ᠦ᠌ ᠡᠮᠦᠨ᠎ᠡ ᠡᠴᠡ ᠲᠠᠲ᠋ᠠᠷ ᠤ᠋ᠳ ᠳᠠᠪᠬᠢᠨ ᠣᠴᠢᠵᠤ ᠮᠣᠷᠢᠳ ᠤ᠋ᠨ ᠳᠣᠪᠲᠣᠯᠭᠠᠨ ᠢ᠋ᠶ᠋ᠠᠷ ᠲᠡᠳᠡᠨ ᠢ᠋ ᠰᠠᠷᠨᠢᠭᠤᠯᠤᠨ ᠪᠤᠲᠠᠷᠠᠭᠠᠬᠤ ᠶ᠋ᠢ ᠡᠷᠡᠮᠡᠯᠵᠡᠬᠦ ᠪᠣᠯᠪᠠᠴᠤ ᠷᠣᠰᠲ᠋ᠣᠸ ᠤ᠋ᠨ ᠬᠢᠨ ᠪᠡᠶ᠎ᠡ ᠪᠡᠶ᠎ᠡ ᠡᠴᠡ ᠪᠡᠨ ᠰᠠᠯᠤᠯ ᠦᠭᠡᠢ ᠶᠠᠪᠤᠵᠠᠭᠠᠵᠤ ᠲᠠᠲ᠋ᠠᠷ ᠤ᠋ᠳ ᠲᠠᠢ ᠴᠠᠪᠴᠢᠯᠳᠤᠨ ᠣᠢ ᠮᠣᠳᠣᠨ ᠲᠠᠰᠢ ᠴᠢᠭᠯᠡᠨ ᠣᠷᠣᠭᠰᠢ ᠪᠠᠨ ᠳᠠᠪᠰᠢᠨ ᠶᠠᠪᠤᠵᠠᠭᠠᠨ᠎ᠠ᠃

ᠬᠣᠶᠠᠷ ᠲᠠᠯ᠎ᠠ ᠶ᠋ᠢᠨ ᠬᠦᠴᠦᠨ ᠨᠢ ᠲᠡᠩᠴᠡᠵᠦ ᠢᠷᠡᠪᠡ᠃ ᠣᠷᠣᠰ ᠤ᠋ᠨ ᠴᠡᠷᠢᠭ ᠦ᠋ᠳ ᠲᠠᠲ᠋ᠠᠷ ᠤ᠋ᠳ ᠤ᠋ᠨ ᠠᠩᠬᠠᠨ ᠤ᠋ ᠳᠠᠭᠠᠷᠢᠯᠲᠠ ᠶ᠋ᠢ ᠨᠢᠴᠤᠭᠠᠵᠤ ᠴᠢᠳᠠᠭᠠᠳ ᠥᠪᠡᠷᠰᠡᠳ ᠢ᠋ᠶ᠋ᠡᠨ ᠲᠡᠳᠡᠨ ᠢ᠋ ᠳᠣᠪᠲᠣᠯᠤᠨ ᠰᠢᠬᠠᠪᠠ᠃ ᠲᠠᠲ᠋ᠠᠷ ᠤ᠋ᠳ ᠵᠦᠭ ᠪᠦᠷᠢ ᠪᠤᠵᠢᠭᠢᠨᠠᠯᠳᠤᠨ ᠰᠠᠨᠳᠤᠷᠤᠨ ᠳᠠᠪᠬᠢᠵᠠᠭᠠᠵᠤ ᠶᠠᠪᠤᠲᠠᠯ᠎ᠠ ᠪᠤᠴᠠᠵᠤ ᠡᠷᠭᠢᠨ ᠮᠣᠷᠢᠳ ᠢ᠋ᠶ᠋ᠠᠨ ᠲᠦᠷᠭᠡᠨ ᠢ᠋ᠶ᠋ᠡᠷ ᠡᠷᠭᠢᠭᠦᠯᠦᠨ ᠳᠠᠬᠢᠨ ᠣᠷᠣᠰ ᠤ᠋ᠳ ᠢ᠋ ᠳᠠᠭᠠᠷᠢᠨ ᠣᠷᠣᠨ᠎ᠠ ᠃ᠷᠣᠰᠲ᠋ᠣᠸ ᠤ᠋ᠳ ᠤ᠋ᠨ ᠴᠡᠷᠢᠭ ᠦ᠋ᠳ ᠦ᠋ᠨ ᠳᠣᠲᠣᠷ᠎ᠠ ᠸᠠᠩ ᠸᠠᠰᠢᠯᠢᠺᠦ ᠡᠷᠡᠯᠬᠡᠭ ᠭᠠᠷᠮᠠᠭᠠᠢ ᠪᠠᠷ ᠪᠠᠢᠯᠳᠤᠵᠤ ᠶᠠᠪᠤᠪᠠ᠃ ᠲᠣᠷᠣᠫᠺᠠ ᠲᠡᠭᠦᠨ ᠳᠠᠰᠢ ᠶᠠᠭᠠᠷᠠᠪᠴᠢᠯᠠᠨ ᠶᠠᠪᠤᠪᠠ᠃

ᠣᠷᠣᠰ ᠤ᠋ᠳ ᠳᠠᠶ᠋ᠢᠯᠠᠵᠤ( ᠲᠠᠢᠯᠵᠤ ) ᠡᠬᠢᠯᠡᠪᠡ᠃ ᠭᠡᠲᠡᠯ᠎ᠡ ᠣᠢ ᠮᠣᠳᠣᠨ ᠤ᠋ ᠴᠢᠯᠥᠭᠡᠨ ᠡᠴᠡ ᠲᠠᠲ᠋ᠠᠷ ᠤ᠋ᠨ ᠮᠣᠷᠢᠨ ᠣᠲ᠋ᠷᠢᠶᠠᠳ᠋ ᠤ᠋ᠳ ᠳᠠᠬᠢᠨ ᠭᠠᠷᠴᠤ ᠢᠷᠡᠬᠦ ᠨᠢ ᠦᠵᠡᠭᠳᠡᠪᠡ᠃ ᠲᠡᠳᠡᠨᠡᠷ ᠠᠶᠤᠮᠰᠢᠭᠲᠠᠢ ᠮᠠᠭᠤᠬᠠᠢ ᠪᠠᠷ ᠣᠷᠢᠯᠠᠯᠳᠤᠨ ᠰᠢᠩᠭᠡᠨ ᠳᠠᠭᠤ ᠪᠠᠷ ᠣᠯᠢᠬᠤ ᠮᠡᠲᠦ ᠬᠠᠰᠬᠢᠷᠤᠭᠰᠠᠭᠠᠷ ᠮᠣᠳᠣᠨ ᠳᠣᠲᠣᠷ᠎ᠠ ᠠ᠋ᠴᠠ ᠲᠠᠰᠤᠷᠠᠯᠲᠠ ᠦᠭᠡᠢ ᠴᠤᠪᠤᠷᠠᠨ ᠳᠠᠪᠬᠢᠵᠤ ᠠᠢᠰᠤᠢ᠃

ᠡᠨᠡ ᠪᠣᠯ ᠰᠦᠪᠡᠭᠡᠳᠡᠢ ᠪᠠᠭᠠᠲᠤᠷ ᠪᠠ ᠪᠠᠲᠤ ᠬᠠᠭᠠᠨ ᠤ᠋ ᠲᠦᠮᠡᠲᠦ ᠨᠦ᠍ᠭᠦᠳ ᠳᠠᠪᠬᠢᠨ ᠢᠷᠡᠵᠡᠢ᠃ ᠭᠡᠨᠡᠳᠲᠡ ᠳᠠᠪᠬᠢᠨ ᠢᠷᠡᠭᠰᠡᠨ ᠲᠠᠲ᠋ᠠᠷ ᠤ᠋ᠳ ᠬᠠᠷ᠎ᠠ ᠴᠠᠯᠮ᠎ᠠ ᠨᠤᠭᠤᠳ ᠢ᠋ ᠬᠠᠶᠠᠵᠤ ᠸᠠᠩ ᠸᠠᠰᠢᠯᠢᠺᠦ ᠶ᠋ᠢ ᠪᠠᠷᠢᠵᠤ ᠠᠪᠤᠪᠠ᠃ ᠸᠠᠩ ᠸᠠᠰᠢᠯᠢᠺᠦ ᠴᠠᠯᠮ᠎ᠠ ᠨᠤᠭᠤᠳ ᠢ᠋ ᠲᠠᠰᠤ ᠣᠭᠲᠣᠯᠬᠤ ᠶ᠋ᠢ ᠡᠷᠡᠮᠡᠯᠵᠡᠲᠡᠯ᠎ᠡ ᠪᠠᠰᠠ ᠨᠢᠭᠡᠨ ᠴᠠᠯᠮ᠎ᠠ ᠲᠡᠭᠦᠨ ᠦ᠌ ᠬᠦᠵᠦᠭᠦᠦ ᠶ᠋ᠢ ᠣᠷᠢᠶᠠᠵᠤ ᠬᠥᠯ ᠳᠡᠭᠡᠷ᠎ᠡ ᠡᠴᠡ ᠨᠢ ᠤᠨᠠᠭᠠᠪᠠᠯ ᠲᠠᠲ᠋ᠠᠷ ᠪᠠᠶᠠᠷᠯᠠᠨ ᠬᠠᠰᠬᠢᠷᠴᠠᠭᠠᠵᠤ ᠲᠡᠭᠦᠨ ᠢ᠋ ᠴᠠᠰᠤᠨ ᠳᠡᠭᠡᠭᠦᠷ ᠥᠩᠬᠥᠷᠢᠭᠦᠯᠦᠨ ᠴᠢᠷᠪᠡ᠃

ᠲᠣᠷᠣᠫᠺᠠ ᠲᠡᠭᠦᠨ ᠳ᠋ᠦ᠍ ᠲᠤᠰᠠᠯᠠᠮᠵᠢ ᠦᠵᠡᠭᠦᠯᠬᠦ ᠭᠡᠵᠦ ᠤᠬᠤᠰᠬᠢᠨ ᠬᠥᠳᠡᠯᠲᠡᠯ᠎ᠡ ᠳᠠᠪᠬᠢᠵᠤ ᠢᠷᠡᠭᠰᠡᠨ ᠮᠣᠷᠢᠨ ᠤ᠋ ᠬᠦᠴᠦᠲᠡᠢ ᠳᠠᠭᠠᠷᠢᠯᠲᠠ ᠳ᠋ᠤ᠌ ᠴᠣᠬᠢᠭᠳᠠᠵᠤ ᠭᠠᠵᠠᠷ ᠤᠨᠠᠪᠠ᠃ ᠲᠡᠷᠡ ᠳᠠᠬᠢᠨ ᠪᠣᠰᠴᠤ ᠦᠬᠦᠭᠰᠡᠨ ᠬᠥᠮᠦᠰ ᠦ᠋ᠨ ᠳᠡᠭᠡᠭᠦᠷ ᠬᠠᠷᠠᠢᠨ ᠬᠡᠳᠦᠨ ᠠᠯᠬᠤᠮ ᠬᠤᠷᠳᠤᠯᠠᠨ ᠶᠠᠪᠤᠲᠠᠯ᠎ᠠ ᠲᠣᠯᠣᠭᠠᠢ ᠳᠤᠮᠳᠠᠭᠤᠷ ᠢ᠋ᠶ᠋ᠠᠨ ᠳᠠᠬᠢᠨ ᠴᠣᠬᠢᠭᠤᠯᠵᠤ ᠭᠠᠵᠠᠷ ᠤᠨᠠᠪᠠ᠃

ᠲᠣᠷᠤᠫᠺᠡ ᠠᠯᠠᠭᠳᠠᠭᠰᠠᠨ ᠣᠷᠣᠰ ᠪᠠ ᠲᠠᠲ᠋ᠠᠷ ᠬᠣᠶᠠᠷ ᠤ᠋ᠨ ᠬᠡᠭᠦᠷ ᠦ᠋ᠳ ᠦ᠋ᠨ ᠬᠣᠭᠣᠷᠣᠨᠳᠣ ᠤᠨᠠᠭᠠᠳ ᠬᠥᠮᠦᠰ ᠦ᠋ᠨ ᠬᠠᠰᠬᠢᠷᠤᠯᠳᠤᠬᠤ ᠶ᠋ᠢ ᠣᠢᠷᠠᠬᠠᠨ ᠵᠠᠭᠤᠷ᠎ᠠ ᠰᠣᠨᠣᠰᠴᠤ ᠪᠠᠢᠭᠰᠠᠨ ᠪᠣᠯᠪᠠᠴᠤ ᠲᠡᠷᠡ ᠱᠤᠤᠭᠢᠶᠠᠨ ᠳᠠᠬᠢᠨ ᠪᠦᠳᠡᠭᠢᠷᠡᠵᠦ ᠲᠤᠷᠤᠫᠺᠡ ᠤᠬᠠᠭᠠᠨ ᠠᠯᠳᠠᠪᠠ᠃

  ᠦᠰᠦᠭ ᠠᠮᠢᠯᠠᠭᠤᠯᠤᠭᠴᠢ᠄  ᠮᠡᠷᠭᠡᠨᠭᠣᠸ᠎ᠠ 2᠂  ᠪᠠᠶᠠᠨᠴᠡᠴᠡᠭ 2᠂  ᠬᠦᠦᠳᠠᠭᠠᠭᠤᠯ 1᠂ ᠠᠯᠲᠠᠨᠴᠢᠮᠡᠭ 1᠂ ᠭᠡᠷᠡᠯ 1᠂
  ᠬᠢᠨᠠᠭᠴᠢ᠄ ᠪᠠᠶᠠᠨᠴᠡᠴᠡᠭ 5
  ᠶᠡᠷᠦᠩᠬᠡᠢ ᠬᠢᠨᠠᠭᠴᠢ᠄ ᠠᠯᠲᠠᠨᠴᠢᠮᠡᠭ 8᠂ ᠠᠷᠢᠭᠤᠨ 8