ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ ᠂ᠬᠣᠶᠠᠳᠤᠭᠠᠷ ᠪᠦᠯᠦᠭ 〔ᠳᠣᠯᠣᠭ᠎ᠠ〕 Цаг төрийн үймээн – Д ᠂ Намдаг - Цаг төрийн үймээн ᠂ хоёрдугаар бүлэг -7
ᠠᠩᠭᠢᠯᠠᠯ:ᠲᠤᠭᠤᠵᠢ ᠷᠣᠮᠠᠨТоож роман 2025-11-07
162
ᠵᠠᠩᠴᠢᠬᠦᠦ ᠳᠡᠭᠡᠷ᠎ᠡ ᠡᠳᠦᠷ ᠳᠤᠮᠳᠠ ᠥᠩᠭᠡᠷᠡᠬᠦ ᠶ᠋ᠢᠨ ᠬᠢᠷᠢ ᠳ᠋ᠦ᠍ ᠫᠦ ᠵᠢᠩ ᠳ᠋ᠠᠨᠽᠡᠨ ᠬᠣᠶᠠᠷ ᠵᠠᠩᠴᠢᠬᠦᠦ ᠣᠷᠣᠵᠤ ᠢᠷᠡᠵᠡᠢ᠃ ᠪᠤᠰᠤᠳ ᠲᠤ ᠪᠠᠷᠢᠭᠳᠠᠨ ᠭᠠᠢ ᠭᠠᠮᠰᠢᠭ ᠲᠤ ᠤᠨᠠᠬᠤ ᠠ᠋ᠴᠠ ᠪᠣᠯᠭᠣᠮᠵᠢᠯᠠᠨ ᠵᠠᠮ ᠢ᠋ᠶ᠋ᠠᠨ ᠭᠠᠵᠢᠭᠤᠳᠠᠭᠤᠯᠤᠭᠰᠠᠨ ᠠ᠋ᠴᠠ ᠤᠭ ᠬᠣᠲᠠ ᠶ᠋ᠢᠨ ᠵᠡᠭᠦᠨ ᠬᠣᠢᠨ᠎ᠠ ᠠ᠋ᠴᠠ ᠣᠷᠣᠵᠤ ᠢᠷᠡᠵᠡᠢ᠃ ᠳ᠋ᠠᠨᠽᠡᠨ ᠳ᠋ᠦ᠍ ᠤᠷᠢᠳ ᠡᠮᠦᠨ᠎ᠡ ᠳᠠᠭᠠᠷᠢᠯᠳᠤᠭ᠎ᠠ ᠦᠭᠡᠢ ᠭᠤᠳᠤᠮᠵᠢ᠂ ᠨᠤᠷᠠᠵᠤ ᠤᠨᠠᠬᠤ ᠪᠠᠨ ᠰᠢᠬᠠᠭᠰᠠᠨ ᠣᠷᠣᠨ ᠪᠠᠢᠰᠢᠩ᠂ ᠬᠣ...