ᠪᠠᠲᠤ ᠬᠠᠭᠠᠨ 8-16ᠪᠠᠢᠯᠳᠤᠭᠠᠨ ᠤ᠋ ᠰᠡᠭᠦᠯ ᠳ᠋ᠦ᠍-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠵᠢᠷᠭᠤᠭ᠎ᠠ᠂ ᠪᠠᠢᠯᠳᠤᠭᠠᠨ ᠤ᠋ ᠰᠡᠭᠦᠯ ᠳ᠋ᠦ᠍
᠁ ᠣᠷᠣᠰ ᠤ᠋ᠨ ᠳᠠᠭᠤᠤ !
ᠴᠢ ᠵᠥᠩᠳᠡᠭᠡᠨ ᠵᠣᠬᠢᠶᠠᠭᠳᠠᠭᠰᠠᠨ᠂ ᠳᠠᠭᠤᠯᠠᠭᠳᠠᠭᠰᠠᠨ ᠪᠢᠰᠢ ᠠ᠋ ᠄ ᠴᠠᠰᠤ ᠪᠣᠷᠣᠭ᠎ᠠ ᠴᠢᠮᠠᠶ᠋ᠢ ᠬᠥᠳᠡᠭᠡ ᠲᠠᠯ᠎ᠠ ᠠ᠋ᠴᠠ ᠤᠷᠤᠰᠬᠠᠨ ᠠᠪᠴᠢᠷᠠᠪᠠ᠂ ᠤᠲᠤᠭ᠎ᠠ ᠲᠣᠷᠲᠣᠭ ᠴᠢᠮᠠᠶ᠋ᠢ ᠲᠦᠢᠮᠡᠷ ᠡᠴᠡ ᠦᠯᠢᠶᠡᠵᠦ ᠠᠪᠴᠢᠷᠠᠪᠠ᠃ ᠰᠢᠭᠤᠷᠭ᠎ᠠ ᠰᠠᠯᠬᠢ ᠴᠢᠮᠠᠶ᠋ᠢ ᠴᠢᠭᠢᠭᠲᠦ ᠪᠤᠯᠠᠰᠢ ᠠ᠋ᠴᠠ ᠰᠢᠭᠤᠷᠴᠤ ᠠᠪᠴᠢᠷᠠᠪᠠ᠃
( ᠯᠸᠸ ᠮᠧᠢ ᠂ 《 ᠳᠠᠭᠤᠯᠠᠯ 》 )
ᠬᠠᠯᠠᠭᠤᠨ ᠰᠢᠷᠦᠭᠦᠨ ᠬᠡᠯᠡ ᠨᠢᠭᠤᠷ ᠳᠣᠯᠢᠶᠠᠵᠤ ᠪᠠᠢᠪᠠ᠁ ᠠᠶᠠᠷᠬᠠᠨ ᠢ᠋ᠶ᠋ᠠᠷ ᠬᠢᠬᠤᠲᠤᠨᠠᠬᠤ ᠪᠠ ᠰᠠᠯᠤᠰᠢ ᠦᠭᠡᠢ ᠪᠣᠭᠣᠨᠢ ᠪᠠᠷ ᠬᠤᠴᠠᠬᠤ ᠨᠢ ᠳᠤᠭᠤᠯᠳᠠᠨ᠎ᠠ᠁ ᠡᠨᠡ ᠬᠡᠨ ᠪᠣᠢ? ᠲᠤᠷᠤᠫᠺᠠ ᠠᠭᠠᠵᠢᠮ ᠢ᠋ᠶ᠋ᠠᠷ ᠤᠬᠠᠭᠠᠨ ᠣᠷᠣᠪᠠ᠃ ᠠᠩᠬᠠᠨ ᠤ᠋ ᠪᠣᠳᠣᠯ ᠨᠢ ᠲᠡᠭᠦᠨ ᠢ᠋ ᠠᠶᠤᠯᠭᠠᠪᠠ᠄《 ᠬᠡᠭᠦᠷ ᠢᠳᠡᠳᠡᠭ ᠨᠣᠬᠠᠢ! ᠴᠢᠰᠤ ᠶ᠋ᠢ ᠳᠣᠯᠢᠶᠠᠵᠤ ᠪᠠᠢᠨ᠎ᠠ᠃ ᠳᠠᠷᠠᠭ᠎ᠠ ᠨᠢ ᠨᠢᠭᠤᠷ ᠢ᠋ ᠬᠡᠮᠡᠯᠢᠵᠦ ᠡᠬᠢᠯᠡᠨ᠎ᠡ ! 》 ᠭᠡᠵᠦ ᠪᠣᠳᠣᠭᠳᠠᠪᠠ᠃
ᠲᠤᠷᠤᠫᠺᠠ ᠠᠷᠠᠢᠭᠡᠵᠦ ᠳᠠᠷᠤᠭᠳᠠᠭᠰᠠᠨ ᠭᠠᠷ ᠢ᠋ᠶ᠋ᠠᠨ ᠰᠤᠭᠤᠯᠤᠨ ᠠᠪᠤᠭᠠᠳ ᠨᠣᠬᠠᠢ ᠶ᠋ᠢᠨ ᠬᠣᠭᠣᠯᠠᠢ ᠶ᠋ᠢ ᠪᠠᠵᠠᠵᠤ ᠠᠪᠤᠪᠠ᠃ ᠲᠡᠭᠦᠨ ᠦ᠌ ᠬᠦᠵᠦᠭᠦᠨ ᠳ᠋ᠦ᠍ᠨᠢ ᠣᠯᠣᠰᠣᠨ ᠤ᠋ ᠲᠠᠰᠤᠷᠬᠠᠢ᠁᠁ ᠦᠭᠡᠢ ᠡᠨᠡ ᠴᠢᠨᠢ ᠫᠧᠭᠠᠱ ᠪᠠᠢᠨ᠎ᠠ ! ᠡᠨᠡ ᠤᠶᠠᠭ᠎ᠠ ᠪᠠᠨ ᠲᠠᠰᠤᠯᠵᠤ ᠬᠡᠮᠡᠯᠢᠭᠡᠳ ᠡᠵᠡᠨ ᠢ᠋ᠶ᠋ᠡᠨ ᠡᠷᠢᠬᠦ ᠪᠡᠷ ᠭᠦᠶᠦᠨ ᠢᠷᠡᠵᠡᠢ᠃ ᠲᠡᠢᠮᠦ ᠠ᠋᠂ ᠡᠨᠡ ᠨᠢ ᠫᠧᠭᠠᠱ ᠪᠠᠢᠨ᠎ᠠ!
ᠲᠤᠷᠤᠫᠺᠠ ᠬᠠᠷᠠᠩᠭᠤᠢ ᠳ᠋ᠤ᠌ ᠲᠡᠭᠦᠨ ᠢ᠋ ᠲᠡᠮᠲᠡᠷᠢᠨ ᠦᠵᠡᠭᠡᠳ ᠲᠡᠭᠦᠨ ᠦ᠌ ᠤᠷᠲᠤ ᠬᠣᠰᠢᠭᠤ ᠪᠣᠰᠤᠭ᠎ᠠ ᠴᠢᠬᠢ ᠪᠠ ᠴᠢᠨᠣ᠎ᠠ ᠶ᠋ᠢᠨ ᠰᠢᠳᠦᠨ ᠦ᠌ ᠬᠠᠭᠤᠴᠢᠨ ᠰᠣᠷᠪᠢ ᠲᠠᠢ ᠥᠷᠭᠡᠨ ᠴᠡᠭᠡᠵᠢ ᠶ᠋ᠢ ᠨᠢ ᠲᠠᠨᠢᠪᠠ᠃
ᠲᠤᠷᠤᠫᠺᠠ ᠪᠣᠰᠬᠤ ᠶ᠋ᠢ ᠡᠷᠡᠮᠡᠯᠵᠡᠬᠦ ᠪᠣᠯᠪᠠᠴᠤ ᠬᠦᠨᠳᠦ ᠵᠣᠪᠠᠯᠭ᠎ᠠ ᠲᠡᠭᠦᠨ ᠦ᠌ ᠬᠥᠯ ᠢ᠋ ᠳᠠᠷᠤᠭᠰᠠᠨ ᠪᠠᠢᠨ᠎ᠠ᠃ ᠦᠵᠡᠪᠡᠯ ᠲᠡᠭᠦᠨ ᠦ᠌ ᠳᠡᠭᠡᠷ᠎ᠡ ᠠᠯᠠᠭᠳᠠᠭᠰᠠᠨ ᠮᠣᠷᠢ ᠤᠨᠠᠵᠠᠢ᠃ ᠵᠡᠭᠦᠨ ᠭᠠᠷ ᠨᠢ ᠪᠠᠰᠠ ᠨᠢᠭᠡᠨ ᠶᠠᠭᠤᠮᠠᠨ ᠳ᠋ᠤ᠌ ᠳᠠᠷᠤᠭᠳᠠᠵᠠᠢ᠁ ᠦᠬᠦᠯ ᠨᠢ ᠢᠷᠡᠭᠰᠡᠨ ᠮᠠᠭᠠᠳ ᠪᠣᠯᠪᠠ ᠤᠤ? ᠲᠡᠷᠡ ᠦᠬᠦᠭᠴᠢᠳ ᠦ᠋ᠨ ᠳᠤᠮᠳᠠ ᠬᠡᠪᠲᠡᠨ᠎ᠡ᠃ ᠣᠳᠣ ᠲᠡᠭᠦᠨ ᠦ᠌ ᠡᠭᠡᠯᠵᠢ ᠢᠷᠡᠪᠡ᠃ ᠶᠠᠭᠤᠮ᠎ᠠ ᠤᠤᠭᠤᠬᠤ ᠶᠤᠮᠰᠠᠨ! ᠲᠡᠭᠡᠭᠡᠳ ᠲᠤᠷᠤᠫᠺᠠ ᠨᠢᠭᠡᠨ ᠠᠳᠬᠤ ᠨᠣᠢᠲᠠᠨ ᠴᠠᠰᠤ ᠠᠪᠤᠪᠠ᠁ ᠴᠠᠰᠤ ᠨᠢ ᠴᠢᠰᠤ ᠪᠠᠷ ᠠᠮᠲᠠᠭᠳᠠᠨ᠎ᠠ᠃
ᠲᠡᠷᠡ᠂ ᠪᠢ ᠬᠠᠮᠢᠭ᠎ᠠ ᠪᠠᠢᠭ᠎ᠠ ᠶᠤᠮ ᠪᠣᠢ? ᠲᠡᠭᠦᠨ ᠦ᠌ ᠬᠠᠮᠤᠭ ᠤ᠋ᠨ ᠡᠴᠦᠰ ᠦ᠋ᠨ ᠤᠬᠠᠭᠠᠨ ᠲᠠᠢ ᠪᠠᠢᠭᠰᠠᠨ ᠭᠱᠠᠨ ᠵᠠᠭᠤᠷ᠎ᠠ ᠶ᠋ᠢᠨ ᠦᠶ᠎ᠡ ᠨᠢ ᠰᠠᠨᠠᠭᠳᠠᠨ᠎ᠠ᠃
ᠠᠶᠤᠮᠰᠢᠭᠲᠠᠢ ᠪᠠᠷ ᠤᠯᠠᠩᠭᠠᠷᠠᠭᠰᠠᠨ ( ᠤᠯᠠᠩᠭᠠᠰᠤᠭᠰᠠᠨ ) ᠨᠢᠭᠤᠷ ᠴᠢᠷᠠᠢᠲᠠᠢ ᠲᠠᠲ᠋ᠠᠷ ᠤ᠋ᠳ ᠤ᠋ᠨ ᠳᠠᠪᠬᠢᠵᠤ ᠶᠠᠪᠤᠭ᠎ᠠ᠂ ᠲᠣᠯᠣᠭᠠᠢ ᠳᠤᠮᠳᠠᠭᠤᠷ ᠨᠢ ᠴᠣᠬᠢᠬᠤ ᠴᠣᠬᠢᠯᠲᠠ᠂ ᠮᠠᠨᠠᠷᠠᠨ ᠤᠨᠠᠪᠠ᠁ ᠡᠨᠡ ᠨᠢ ᠪᠠᠢᠯᠳᠤᠭᠠᠨ ᠤ᠋ ᠲᠠᠯᠠᠪᠤᠷ ᠶᠤᠮ ᠠ᠋᠁ ᠶᠠᠭᠤᠨ ᠳ᠋ᠤ᠌ ᠨᠠᠮ ᠭᠦᠮ ᠪᠠᠢᠳᠠᠭ ᠪᠢᠯᠡ? ᠳᠡᠭᠡᠷ᠎ᠡ ᠨᠢ ᠬᠠᠷᠠᠩᠭᠤᠢ ᠲᠩᠷᠢ᠂ ᠮᠥᠩᠭᠥ ᠮᠡᠲᠦ ᠬᠠᠪᠢᠷᠭᠠᠨ ᠰᠠᠷ᠎ᠠ ᠦᠵᠡᠭᠳᠡᠨ᠎ᠡ᠃ ᠪᠦᠳᠡᠭᠢ ᠮᠠᠭᠤᠬᠠᠢ ᠭᠡᠷᠡᠯ ᠨᠢ ᠬᠣᠯᠠ ᠦᠭᠡᠢ ᠪᠠᠢᠬᠤ ᠨᠠᠮ ᠭᠦᠮ ᠣᠢ᠂ ᠥᠨᠳᠥᠷ ᠭᠠᠴᠤᠷ᠎ᠠ ᠮᠣᠳᠣ᠂ ᠴᠠᠰᠤ ᠪᠠᠷ ᠪᠦᠷᠬᠦᠮᠡᠯ ᠥᠷᠭᠡᠨ ᠲᠠᠯ᠎ᠠ ᠶ᠋ᠢ ᠠᠷᠠᠶ᠋ᠢᠭᠡᠵᠦ ᠪᠦᠳᠡᠭᠢ ᠭᠡᠢᠭᠦᠯᠦᠨ᠎ᠡ᠃
ᠶᠣᠢᠯᠠᠪᠠ᠁ ᠬᠥᠮᠦᠨ ᠦ᠌ ᠶᠣᠢᠯᠠᠬᠤ ᠢᠯᠡᠬᠡᠨ ᠳᠤᠭᠤᠯᠳᠠᠪᠠ᠃ ᠥᠭᠡᠷ᠎ᠡ ᠵᠦᠭ ᠲᠦ᠍ ᠤᠯᠠᠮ ᠭᠣᠮᠣᠳᠠᠯ ᠲᠠᠢ ᠰᠡᠭᠦᠷᠡᠰᠦᠨ ᠠᠯᠳᠠᠵᠤ ᠰᠣᠨᠣᠰᠳᠠᠨ᠎ᠠ᠃ ᠵᠣᠪᠠᠯᠠᠩ ᠲᠠᠢ ᠭᠠᠰᠠᠯᠠᠩᠲᠠᠢ ᠳᠠᠭᠤ ᠨᠤᠭᠤᠳ ᠡᠨᠳᠡ ᠲᠡᠨᠳᠡ ᠦᠭᠡᠢ ᠳᠤᠭᠤᠯᠳᠠᠪᠠ᠃ ᠣᠷᠣᠰ ᠤ᠋ᠨ ᠭᠠᠵᠠᠷ ᠨᠤᠲᠤᠭ᠂ ᠡᠨᠡ ᠴᠠᠰᠤᠲᠤ ᠲᠠᠯᠠᠪᠠᠢ ᠳᠡᠭᠡᠷ᠎ᠡ ᠠᠮᠢ ᠠᠯᠳᠠᠭᠰᠠᠨ ᠬᠥᠪᠡᠭᠦᠳ ᠦ᠋ᠨ ᠢ᠋ᠶ᠋ᠡᠨ ᠲᠥᠯᠥᠭᠡ ᠭᠠᠰᠢᠭᠤᠳᠠᠨ ᠤᠬᠢᠯᠠᠬᠤ ᠮᠡᠲᠦ ᠪᠠᠢᠯ᠎ᠠ᠃
ᠲᠠᠲ᠋ᠠᠷ ᠤ᠋ᠳ ᠶᠠᠭᠠᠬᠢᠭᠰᠠᠨ ᠶᠤᠮ ᠪᠣᠯ? ᠲᠠᠲ᠋ᠠᠷ ᠤ᠋ᠳ ᠰᠢᠷᠬᠠᠳᠤᠭᠰᠠᠨ ᠬᠥᠮᠦᠰ ᠢ᠋ ᠦᠯᠡᠳᠡᠭᠡᠬᠦ ᠦᠭᠡᠢ ᠵᠠᠪᠠᠯ ᠭᠦᠢᠴᠡᠭᠡᠨ ᠠᠯᠠᠵᠤ ᠳᠠᠭᠤᠰᠬᠠᠳᠠᠭ ᠪᠢᠯᠡ᠃ ᠲᠤᠷᠤᠫᠺᠠ ᠬᠠᠰᠬᠢᠷᠴᠤ ᠲᠤᠰᠠᠯᠠᠮᠵᠢ ᠡᠷᠢᠬᠦ ᠶ᠋ᠢ ᠪᠣᠳᠣᠪᠠᠴᠤ ᠲᠠᠲ᠋ᠠᠷ ᠤ᠋ᠳ ᠳᠣᠭᠣᠯᠴᠢᠬᠠᠨᠠ! ᠭᠡᠵᠦ ᠠᠶᠤᠨ᠎ᠠ᠃
ᠫᠧᠭᠠᠱ ᠴᠢᠮᠡᠭᠡ ᠦᠭᠡᠢ ᠪᠣᠯᠵᠤ ᠴᠢᠩᠨᠠᠭᠠᠳ ᠠᠷᠬᠢᠷᠠᠵᠤ ᠡᠬᠢᠯᠡᠪᠡ᠃ ᠰᠥᠨᠢ ᠶ᠋ᠢᠨ ᠨᠠᠮ ᠭᠦᠮ ᠳ᠋ᠦ᠍ ᠬᠥᠮᠦᠨ ᠦ᠌ ᠬᠥᠯ ᠦ᠋ᠨ ᠴᠢᠮᠡᠭᠡ ᠳᠤᠭᠤᠯᠳᠠᠪᠠ᠃ ᠨᠢᠭᠡᠨ ᠬᠥᠮᠦᠨ ᠭᠠᠭᠴᠠᠭᠠᠷ ᠢ᠋ᠶ᠋ᠠᠨ ᠣᠢᠯᠠᠭᠠᠭᠳᠠᠬᠤ ᠦᠭᠡᠢ ᠪᠡᠷ ᠶᠠᠷᠢᠬᠤ ᠰᠣᠨᠣᠰᠳᠠᠪᠠ᠃
ᠲᠤᠷᠤᠫᠺᠠ ᠠᠷᠠᠶ᠋ᠢᠭᠡᠵᠦ ᠲᠣᠯᠣᠭᠠᠢ ᠪᠠᠨ ᠥᠨᠳᠡᠢᠯᠭᠡᠵᠦ ᠬᠠᠷᠠᠪᠠ᠃ ᠪᠠᠷᠤᠭ ᠥᠰᠥᠭᠡᠢ ᠳ᠋ᠡᠭᠡᠨ ᠬᠦᠷᠦᠭᠰᠡᠨ ᠤᠷᠲᠤ ᠬᠤᠪᠴᠠᠰᠤ ᠲᠠᠢ ᠪᠠ ᠱᠣᠪᠬᠣ ᠣᠷᠣᠢ ᠲᠠᠢ ᠮᠠᠯᠠᠭᠠᠢ ᠲᠠᠢ ᠥᠨᠳᠥᠷ ᠬᠥᠮᠦᠨ ᠦᠵᠡᠭᠳᠡᠪᠡ᠃ ᠮᠥᠷᠦᠨ ᠳᠡᠭᠡᠭᠦᠷ ᠢ᠋ᠶ᠋ᠡᠨ ᠣᠭᠣᠰᠣᠷ ᠲᠠᠢ ᠲᠦᠷᠡᠢᠪᠴᠢ ᠵᠡᠭᠦᠵᠡᠢ᠃ ᠨᠢᠭᠡ ᠭᠠᠷ ᠲᠠᠭᠠᠨ ᠰᠢᠳᠠᠮ᠂ ᠨᠥᠭᠦᠭᠡ ᠭᠠᠷ ᠲᠠᠭᠠᠨ ᠳ᠋ᠧᠩᠯᠦ ᠪᠠᠷᠢᠵᠠᠢ᠃ ᠳ᠋ᠧᠩᠯᠦ ᠶ᠋ᠢᠨ ᠪᠦᠳᠡᠭᠢ ᠭᠡᠷᠡᠯ ᠨᠢ ᠳᠡᠭᠦᠵᠢᠩᠨᠡᠵᠦ ᠴᠠᠰᠤᠨ ᠳᠡᠭᠡᠭᠦᠷ ᠴᠠᠭᠠᠨ ᠲᠣᠯᠪᠣ ᠭᠦᠶᠦᠨ᠎ᠡ᠃
《 ᠰᠥᠨᠢ ᠶ᠋ᠢᠨ ᠳᠡᠭᠡᠷᠡᠮᠴᠢᠨ ᠤᠤ? ᠠᠯᠠᠭᠳᠠᠭᠴᠢᠳ ᠢ᠋ ᠲᠣᠨᠣᠵᠤ ᠬᠢᠳᠤᠵᠤ ᠶᠠᠪᠤᠨ᠎ᠠ ᠤᠤ?᠁ 》 ᠲᠡᠳᠦᠢ ᠯᠡ ᠬᠣᠯᠠ ᠦᠭᠡᠢ ᠤᠷᠲᠤ ᠪᠠᠷ ᠶᠣᠢᠯᠠᠨ ᠭᠠᠰᠠᠯᠬᠤ ᠳᠠᠭᠤ ᠳᠠᠬᠢᠨ ᠳᠤᠭᠤᠯᠳᠠᠪᠠ᠃
— ᠠᠢ ᠦᠬᠦᠬᠦ ᠨᠢ ᠠ᠋! ᠁ ᠶᠠᠭᠤᠮ᠎ᠠ ᠤᠤᠭᠤᠬᠤ ᠶᠤᠮᠰᠠᠨ! ᠦᠬᠦᠵᠦ ᠪᠠᠢᠨ᠎ᠠ᠃
ᠦᠯᠦ ᠲᠠᠨᠢᠭᠳᠠᠬᠤ ᠥᠨᠳᠥᠷ ᠬᠥᠮᠦᠨ ᠣᠢᠷᠠᠲᠤᠵᠤ ᠣᠴᠢᠭᠠᠳ ᠬᠡᠪᠲᠡᠵᠦ ᠪᠠᠢᠭ᠎ᠠ ᠬᠥᠮᠦᠨ ᠦ᠌ ᠳᠡᠭᠡᠷ᠎ᠡ ᠡᠴᠡ ᠪᠥᠬᠥᠢᠪᠡ᠃ ᠲᠤᠷᠤᠫᠺᠠ ᠵᠣᠷᠢᠭ ᠣᠷᠣᠵᠤ᠄
— ᠨᠠᠰᠢ ᠪᠠᠨ! ᠨᠠᠳᠠ ᠣᠢᠷᠠᠳᠤᠭᠠᠴᠢ! ᠭᠡᠵᠦ ᠬᠡᠯᠡᠪᠡ᠃ ᠬᠠᠴᠢᠨ ᠬᠥᠮᠦᠨ ᠣᠢᠷᠠᠲᠤᠵᠤ ᠢᠷᠡᠪᠡ᠂ ᠰᠢᠳᠠᠮ ᠢ᠋ᠶ᠋ᠠᠨ ᠡᠷᠭᠦᠵᠦ ᠪᠣᠯᠭᠣᠮᠵᠢᠯᠠᠨ ᠬᠠᠷᠠᠳᠠᠵᠤ ᠵᠣᠭᠰᠣᠨ᠎ᠠ᠃
ᠫᠧᠭᠠᠱ ᠠᠷᠬᠢᠷᠠᠨᠠ᠂ ᠲᠡᠭᠦᠨ ᠦ᠌ ᠰᠡᠷᠪᠡᠭᠡ ᠳᠡᠭᠡᠷᠡᠬᠢ ᠦᠰᠦ ᠨᠢ ᠪᠣᠰᠴᠠᠢ᠃
— ᠫᠧᠭᠠᠱ! ᠭᠡᠳᠡᠷᠭᠦ ᠪᠡᠨ!
ᠲᠡᠷᠡᠬᠦ ᠬᠥᠮᠦᠨ ᠪᠠᠰᠠ ᠨᠢᠭᠡᠨ ᠠᠯᠬᠤᠮ ᠣᠢᠷᠠᠲᠤᠪᠠ᠃ ᠲᠡᠷᠡ ᠴᠡᠪᠡᠷ ᠪᠤᠰᠤ ᠬᠡᠯᠡ ᠪᠡᠷ᠄
— ᠣᠲᠠᠴᠢ ᠪᠠᠢᠨ᠎ᠠ᠁ ᠠᠮᠢᠳᠤ ᠪᠠᠢᠨ᠎ᠠ ᠤᠤ?
ᠡᠨᠡ ᠲᠠᠲ᠋ᠠᠷ ᠤ᠋ᠳ ᠤ᠋ᠨ ᠣᠲᠠᠴᠢ ᠪᠤᠰᠤ ᠪᠠᠢᠭ᠎ᠠ ᠳ᠋ᠠ? ᠦᠷᠦ ᠡᠪᠡᠳᠬᠦ ᠮᠠᠭᠠᠳ ᠦᠭᠡᠢ ᠪᠣᠯ ᠤᠤ? ᠬᠡᠷᠪᠡ ᠲᠡᠷᠡ᠂ ᠲᠠᠲ᠋ᠠᠷ ᠬᠥᠮᠦᠨ ᠪᠢᠰᠢ ᠪᠠᠢᠬᠤ ᠶ᠋ᠢ ᠦᠵᠡᠭᠡᠳ ᠰᠢᠳᠠᠮ ᠢ᠋ᠶ᠋ᠠᠷ ᠢ᠋ᠶ᠋ᠠᠨ ᠴᠣᠬᠢᠴᠢᠬᠠᠬᠤ ᠪᠣᠯᠪᠠᠤ᠁ ᠭᠡᠰᠡᠨ ᠴᠦ᠍ ᠦᠬᠦᠬᠦ ᠮᠥᠷ ᠨᠢᠭᠡ ᠭᠡᠵᠦ ᠪᠣᠳᠣᠭᠠᠳ᠁ ᠲᠤᠷᠤᠫᠺᠠ᠂
— ᠲᠤᠰᠠᠯᠠᠭᠠᠴᠢ! ᠭᠡᠵᠦ ᠭᠤᠶᠤᠪᠠ᠃
ᠤᠷᠲᠤ ᠰᠠᠬᠠᠯᠲᠠᠢ ᠲᠡᠷᠡ ᠬᠥᠮᠦᠨ ᠪᠥᠬᠥᠢᠵᠦ ᠥᠭᠡᠬᠦᠨ ᠲᠣᠰᠣᠨ ᠯᠠ ᠲᠠᠢ ᠳ᠋ᠧᠩᠯᠦ ᠪᠡᠷ ᠭᠡᠷᠡᠯᠲᠦᠭᠦᠯᠦᠨ᠎ᠡ᠃
ᠳ᠋ᠧᠩᠯᠦ ᠪᠡᠨ ᠦᠬᠦᠭᠰᠡᠨ ᠮᠣᠷᠢᠨ ᠤ᠋ ᠬᠠᠪᠢᠷᠭᠠᠨ ᠳᠡᠭᠡᠷ᠎ᠡ ᠲᠠᠯᠪᠢᠵᠤ ᠲᠦᠷᠡᠢᠪᠴᠢ ᠪᠠ ᠰᠢᠲᠠᠮ ᠢ᠋ᠶ᠋ᠠᠨ ᠴᠠᠰᠤᠨ ᠳᠡᠭᠡᠷ᠎ᠡ ᠲᠠᠯᠪᠢᠭᠠᠳ᠂ ᠲᠤᠷᠤᠫᠺᠠ ᠶ᠋ᠢᠨ ᠳᠡᠭᠡᠭᠦᠷ ᠬᠥᠨᠳᠡᠯᠡᠨ ᠤᠨᠠᠭᠰᠠᠨ ᠬᠣᠶᠠᠷ ᠬᠡᠭᠦᠷ ᠢ᠋ ᠪᠦᠬᠦ ᠬᠦᠴᠦ ᠪᠡᠷ ᠢ᠋ᠶ᠋ᠡᠨ ᠳᠡᠭᠡᠭᠰᠢ ᠪᠡᠨ ᠡᠷᠭᠦᠬᠦ ᠶ᠋ᠢ ᠡᠷᠡᠮᠡᠯᠵᠡᠨ᠎ᠡ᠃ ᠲᠡᠷᠡ ᠬᠥᠮᠦᠨ ᠠᠭᠠᠬᠢᠯᠠᠵᠤ᠂ ᠤᠭᠤᠬᠢᠯᠠᠵᠤ ᠣᠢᠯᠠᠭᠠᠭᠳᠠᠬᠤ ᠦᠭᠡᠢ ᠦᠭᠡᠰ ᠢ᠋ ᠰᠢᠪᠡᠨᠡᠨ᠎ᠡ᠃
ᠲᠤᠷᠤᠫᠺᠠ ᠴᠢᠯᠥᠭᠡᠲᠡᠢ ᠪᠣᠯᠵᠤ ᠨᠥᠭᠦᠭᠡ ᠭᠠᠷ ᠢ᠋ᠶ᠋ᠠᠨ ᠬᠥᠳᠡᠯᠭᠡᠵᠦ ᠴᠢᠳᠠᠬᠤ ᠪᠣᠯᠪᠠ᠃ ᠣᠳᠣ ᠪᠠᠰᠠ ᠮᠣᠷᠢᠨ ᠤ᠋ ᠬᠡᠭᠦᠷ ᠦ᠋ᠨ ᠳᠣᠣᠷ᠎ᠠ ᠠ᠋ᠴᠠ ᠬᠥᠯ ᠢ᠋ᠶ᠋ᠡᠨ ᠭᠠᠷᠭᠠᠵᠤ ᠠᠪᠬᠤ ᠬᠡᠷᠡᠭᠲᠡᠢ᠃ ᠬᠥᠯ ᠢ᠋ᠶ᠋ᠡᠨ ᠴᠦ᠍ ᠪᠠᠰᠠ ᠪᠦᠬᠦ ᠬᠦᠴᠦ ᠪᠡᠨ ᠰᠢᠪᠬᠠᠨ ᠣᠷᠣᠯᠳᠣᠭᠰᠠᠭᠠᠷ ᠪᠠᠢᠵᠤ ᠭᠠᠷᠭᠠᠪᠠ᠃ ᠲᠤᠷᠤᠫᠺᠠ ᠳᠡᠭᠡᠭᠰᠢ ᠪᠡᠨ ᠥᠨᠳᠡᠢᠵᠦ ᠰᠠᠭᠤᠪᠠ᠃ ᠣᠲᠠᠴᠢ ᠲᠡᠭᠦᠨ ᠦ᠌ ᠲᠣᠯᠣᠭᠠᠢ ᠮᠥᠷᠥ ᠶ᠋ᠢ ᠪᠡᠷᠢᠯᠡᠵᠦ ᠦᠵᠡᠪᠡ᠃
ᠲᠤᠷᠤᠫᠺᠠ ᠶ᠋ᠢᠨ ᠮᠠᠩᠨᠠᠢ ᠶ᠋ᠢᠨ ᠦᠰᠦ ᠨᠢ ᠴᠢᠰᠤ ᠲᠠᠢ ᠪᠠᠨ ᠪᠠᠷᠢᠯᠳᠤᠵᠤ ᠨᠠᠭᠠᠯᠳᠤᠵᠠᠢ᠃ ᠳᠠᠭᠵᠠ ᠨᠢ ᠯᠤᠭᠰᠢᠵᠤ ᠪᠠᠷᠠᠭᠤᠨ ᠭᠠᠷ ᠨᠢ ᠮᠠᠭᠤᠬᠠᠨ ᠬᠥᠳᠡᠯᠦᠨ᠎ᠡ᠃ ᠲᠡᠷᠡ ᠣᠲᠠᠴᠢ ᠳᠣᠷᠣᠭᠰᠢ ᠪᠠᠨ ᠰᠥᠬᠥᠷᠡᠵᠦ ᠰᠠᠭᠤᠭᠠᠳ ᠲᠤᠷᠤᠫᠺᠠ ᠶ᠋ᠢᠨ ᠪᠣᠭᠣᠨᠢ ᠳᠡᠪᠡᠯ ᠦ᠋ᠨ ᠲᠣᠪᠴᠢ ᠨᠤᠭᠤᠳ ᠢ᠋ ᠠᠶᠠᠷᠬᠠᠨ ᠢ᠋ᠶ᠋ᠠᠷ ᠲᠠᠢᠯᠵᠤ ᠬᠠᠷ᠎ᠠ ᠨᠥᠵᠢᠷᠡᠭᠰᠡᠨ ᠴᠢᠰᠤ ᠪᠠᠷ ᠪᠦᠷᠬᠦᠭᠰᠡᠨ ᠮᠥᠷᠥ ᠶ᠋ᠢ ᠨᠢ ᠢᠯᠡ ᠭᠠᠷᠭᠠᠪᠠ᠃ ᠲᠡᠭᠡᠭᠡᠳ ᠥᠩᠭᠡ ᠶ᠋ᠢᠨ ᠳᠠᠪᠤᠤ ᠶ᠋ᠢ ᠭᠠᠷᠭᠠᠵᠤ ᠲᠡᠭᠦᠨ ᠢ᠋ ᠯᠣᠩᠬᠣ ᠲᠠᠢ ᠠᠭᠤᠰᠬᠠᠮᠠᠯ ᠢ᠋ᠶ᠋ᠠᠷ ᠨᠣᠷᠭᠠᠵᠤ ᠰᠢᠷᠬ᠎ᠠ ᠶ᠋ᠢ ᠪᠣᠭᠣᠭᠠᠳ ᠪᠣᠭᠣᠨᠢ ᠳᠡᠪᠡᠯ ᠢ᠋ ᠳᠠᠬᠢᠨ ᠲᠣᠪᠴᠢᠯᠠᠨ᠎ᠠ᠃
一 ᠡᠷᠡᠭᠦᠯ ᠪᠣᠯᠤᠨ᠎ᠠ! ᠭᠡᠳ ᠴᠡᠭᠡᠵᠢ ᠶ᠋ᠢᠨ ᠳᠠᠰᠢ ᠪᠠᠨ ᠬᠤᠷᠤᠭᠤ ᠪᠠᠷ ᠢ᠋ᠶ᠋ᠠᠨ ᠵᠢᠭᠠᠵᠤ
一 ᠪᠢ ᠪᠣᠯ ᠡᠮᠴᠢ ᠬᠠᠳ᠋ᠵᠢ ᠷᠠᠾᠢᠮ ᠭᠡᠳᠡᠭ ᠪᠠᠢᠨ᠎ᠠ ᠭᠡᠵᠦ ᠬᠡᠯᠡᠪᠡ᠃
ᠲᠡᠷᠡ ᠣᠲᠠᠴᠢ ᠠᠯᠭᠤᠷ ᠲᠠᠢᠪᠤᠩ ᠠᠯᠬᠤᠮ ᠢ᠋ᠶ᠋ᠠᠷ ᠬᠣᠯᠠᠳᠠᠨ ᠶᠠᠪᠤᠵᠤ ᠳᠠᠬᠢᠨ ᠰᠢᠨ᠎ᠡ ᠪᠡᠷ ᠭᠠᠰᠠᠯᠤᠨ ᠤᠬᠢᠯᠠᠬᠤ ᠬᠥᠮᠦᠨ ᠲᠡᠰᠢ ᠴᠢᠭᠯᠡᠨ ᠶᠠᠪᠤᠪᠠ᠃ ᠲᠤᠷᠤᠫᠺᠠ ᠦᠬᠦᠭᠰᠡᠨ ᠮᠣᠷᠢᠨ ᠤ᠋ ᠬᠠᠵᠠᠭᠤ ᠳᠡᠭᠡᠷ᠎ᠡ ᠰᠠᠨᠳᠠᠢᠯᠠᠨ ᠰᠠᠭᠤᠭᠠᠳ᠄ ᠣᠳᠣ ᠶᠠᠭᠠᠬᠢᠬᠤ ᠪᠢᠯᠡ? ᠲᠠᠲ᠋ᠠᠷ ᠤ᠋ᠳ ᠬᠠᠮᠢᠭᠠᠰᠢ ᠣᠳᠤᠭᠰᠠᠨ ᠪᠣᠯ? ᠠᠯᠢ ᠵᠦᠭ ᠳᠠᠰᠢ ᠶᠠᠪᠤᠭᠰᠠᠨ ᠪᠣᠯ ᠳ᠋ᠠ? ᠮᠣᠳᠣᠨ ᠳᠣᠲᠣᠷ᠎ᠠ ᠤᠶᠠᠭᠠᠲᠠᠢ ᠪᠠᠢᠭ᠎ᠠ ᠥᠯᠥᠰᠬᠦᠯᠡᠩ ᠮᠣᠷᠢᠨ ᠳ᠋ᠠᠭᠠᠨ ᠣᠴᠢᠶ᠎ᠠ ᠭᠡᠵᠦ ᠪᠣᠳᠣᠨ᠎ᠠ᠃ ᠲᠡᠭᠦᠨ ᠢ᠋ ᠣᠯᠵᠤ ᠠᠪᠤᠭᠠᠳ ᠣᠢ ᠶ᠋ᠢᠨ ᠨᠠᠷᠢᠨ ᠵᠠᠮ ᠢ᠋ᠶ᠋ᠠᠷ ᠭᠡᠳᠡᠷᠭᠦ ᠪᠡᠨ ᠫᠧᠷᠦ᠋ᠨᠦᠧ ᠶ᠋ᠢᠨ ᠰᠢᠭᠤᠢ ᠤᠷᠤᠭᠤ ᠭᠡᠷ ᠲᠡᠭᠡᠨ ᠬᠠᠷᠢᠬᠤ ᠬᠡᠷᠡᠭᠲᠡᠢ ᠪᠠᠢᠨ᠎ᠠ᠃
ᠲᠡᠭᠦᠨ ᠦ᠌ ᠬᠣᠶᠠᠷ ᠰᠠᠢᠨ ᠨᠥᠬᠥᠳ ᠨᠢ᠂ ᠦᠯᠡᠳᠡᠵᠦ ᠬᠣᠴᠣᠷᠤᠭᠰᠠᠨ ᠨᠢ一ᠮᠣᠷᠢ ᠪᠠ ᠫᠧᠭᠠᠱ ᠨᠣᠬᠠᠢ ᠬᠣᠶᠠᠷ ᠶᠤᠮ ! ᠡᠴᠢᠭᠡ ᠮᠢᠨᠢ ᠬᠠᠮᠢᠭ᠎ᠠ ᠪᠠᠢᠭ᠎ᠠ ᠪᠣᠯ ? ᠡᠨᠡ ᠠᠶᠤᠮᠰᠢᠭᠲᠠᠢ ᠲᠤᠯᠤᠯᠳᠤᠭᠠᠨ ᠳ᠋ᠤ᠌ ᠲᠡᠷᠡ ᠠᠮᠢ ᠦᠷᠡᠭᠳᠡᠭᠰᠡᠨ ᠶᠤᠮ ᠪᠢᠰᠢ ᠪᠠᠢᠭ᠎ᠠ ᠳ᠋ᠠ? ᠲᠡᠭᠦᠨ ᠢ᠋ ᠡᠷᠢᠵᠦ ᠣᠯᠬᠤ ᠬᠡᠷᠡᠭ ᠲᠡᠢ ᠪᠠᠢᠨ᠎ᠠ ᠤᠤ?
ᠲᠤᠷᠤᠫᠺᠠ ᠲᠡᠭᠦᠨ ᠢ᠋ ᠫᠸᠭᠠᠱ ᠲᠸ᠋ ᠣᠢᠯᠠᠭᠠᠭᠤᠯᠬᠤ ᠭᠡᠬᠦ ᠳ᠋ᠦ᠍ ᠭᠠᠶ᠋ᠢᠬᠠᠵᠤ ᠤᠷᠢᠳᠠᠬᠢ ᠬᠥᠯ ᠢ᠋ᠶ᠋ᠡᠨ ᠡᠭᠡᠯᠵᠢᠯᠡᠨ ᠡᠷᠭᠦᠵᠦ ᠭᠠᠰᠠᠯᠬᠤ ᠲᠡᠷᠡ ᠡᠵᠡᠨ ᠨᠢ ᠶᠠᠭᠤ ᠶ᠋ᠢ ᠱᠠᠭᠠᠷᠳᠠᠵᠤ ᠪᠠᠢᠭ᠎ᠠ ᠶ᠋ᠢ ᠪᠠᠰᠠ ᠴᠥ᠍ ᠤᠬᠠᠭᠠᠷᠠᠵᠤ ᠠᠪᠬᠤ ᠶ᠋ᠢ ᠬᠦᠰᠡᠨ᠎ᠡ᠃
— ᠫᠧᠭᠠᠱ! ᠲᠠᠯ᠎ᠠ ᠪᠠᠷ ᠭᠦᠶᠦᠨ ᠶᠠᠪᠤᠵᠤ ᠦᠬᠦᠭᠰᠡᠨ ᠬᠥᠮᠦᠰ ᠦ᠋ᠨ ᠨᠢᠭᠤᠷ ᠴᠢᠷᠠᠢ ᠨᠤᠭᠤᠳ ᠢ᠋ ᠬᠠᠷᠠᠵᠤ ᠮᠠᠨ ᠤ᠋ ᠡᠵᠡᠨ ᠪᠠᠢᠨ᠎ᠠ ᠤᠤ᠂ ᠦᠭᠡᠢ ᠤᠤ ᠭᠡᠵᠦ ᠦᠵᠡᠨ᠂ ᠡᠵᠡᠨ ᠴᠢᠨᠢ ᠬᠠᠮᠢᠭ᠎ᠠ ᠪᠠᠢᠨ᠎ᠠ? ᠡᠵᠡᠨ ᠴᠢᠨᠢ ᠬᠠᠮᠢᠭ᠎ᠠ ᠪᠠᠢᠨ᠎ᠠ? ᠡᠷᠢᠵᠦ ᠣᠯ !
ᠲᠤᠷᠤᠫᠺᠡ ᠨᠢ ᠫᠧᠭᠠᠱ ᠤ᠋ᠨ ᠬᠣᠰᠢᠭᠤ ᠶ᠋ᠢ ᠢᠯᠢᠵᠦ ᠲᠠᠯ᠎ᠠ ᠳᠠᠰᠢ ᠬᠠᠷᠠᠭᠤᠯᠤᠨ ᠲᠦᠯᠬᠢᠨ᠎ᠡ᠃
— ᠡᠵᠡᠨ ᠴᠢᠨᠢ ᠬᠠᠮᠢᠭ᠎ᠠ ᠪᠠᠢᠨᠠᠮ ? ᠡᠷᠢ !
ᠫᠧᠭᠠᠱ ᠬᠠᠷ᠎ᠠ ᠬᠤᠷᠳᠤᠨ ᠢ᠋ᠶ᠋ᠠᠷ ᠤᠷᠤᠭᠰᠢ ᠪᠠᠨ ᠭᠦᠶᠦᠵᠦ ᠬᠡᠭᠦᠷ ᠦ᠋ᠳ ᠦ᠋ᠨ ᠳᠡᠭᠡᠭᠦᠷ ᠬᠠᠷᠠᠢᠵᠤ ᠡᠷᠢᠵᠦ᠂ ᠦᠨᠦᠷᠲᠦᠵᠦ ᠡᠷᠭᠢᠯᠳᠦᠵᠦ ᠶᠠᠪᠤᠭᠰᠠᠭᠠᠷ ᠭᠡᠨᠡᠳᠲᠡ ᠵᠣᠭᠰᠣᠵᠤ ᠬᠤᠴᠠᠭᠠᠳ ᠨᠠᠷᠢᠬᠠᠨ ᠳᠠᠭᠤ ᠪᠠᠷ ᠣᠯᠢᠪᠠ᠃
ᠲᠤᠷᠤᠫᠺᠠ ᠪᠣᠰᠴᠤ ᠬᠡᠪᠲᠡᠵᠦ ᠪᠠᠢᠭ᠎ᠠ ᠬᠡᠭᠦᠷ ᠦ᠋ᠳ ᠦ᠋ᠨ ᠳᠡᠭᠡᠭᠦᠷ ᠠᠶᠠᠷᠬᠠᠨ ᠢ᠋ᠶ᠋ᠠᠷ ᠠᠯᠬᠤᠵᠤ ᠶᠠᠪᠤᠪᠠ᠃ ᠲᠡᠭᠦᠨ ᠦ᠌ ᠮᠣᠷᠢᠨ ᠳ᠋ᠤ᠌ ᠳᠠᠷᠤᠭᠳᠠᠭᠰᠠᠨ ᠬᠥᠯ ᠨᠢ ᠣᠳᠣ ᠴᠥ᠍ ᠭᠡᠰᠡᠨ ᠲᠡᠳᠦᠢ ᠯᠡ ᠰᠠᠢᠨ ᠢ᠋ᠶ᠋ᠠᠷ ᠭᠢᠰᠬᠢᠭᠳᠡᠬᠦ ᠦᠭᠡᠢ ᠪᠣᠯᠪᠠᠴᠤ ᠲᠤᠷᠤᠫᠺᠠ ᠶᠠᠭᠤ ᠴᠥ᠍ ᠠᠲᠤᠭᠠᠢ ᠪᠡᠶ᠎ᠡ ᠪᠡᠨ ᠠᠯᠪᠠᠳᠠᠵᠤ ᠤᠷᠤᠭᠰᠢ ᠶᠠᠪᠤᠬᠤ ᠶ᠋ᠢ ᠴᠢᠷᠮᠠᠢᠨ᠎ᠠ᠃
ᠲᠤᠷᠤᠫᠺᠠ ᠲᠦᠷᠭᠡᠯᠡᠨ ᠠᠯᠬᠤᠯᠠᠪᠠ᠃ ᠪᠣᠳᠣᠪᠠᠯ ᠫᠧᠭᠠᠱ᠂ ᠡᠴᠢᠭᠡ ᠶ᠋ᠢ ᠨᠢ ᠣᠯᠤᠭᠰᠠᠨ ᠪᠢᠵᠡ ᠠ᠋? ᠦᠨᠡᠨᠴᠢ ᠰᠠᠢᠨ ᠨᠣᠬᠠᠢ᠂ ᠵᠠᠮᠪᠠᠷᠠᠭ᠎ᠠ ᠦᠭᠡᠢ ᠣᠪᠣᠭᠠᠷᠠᠨ ᠤᠨᠠᠭᠰᠠᠨ ᠬᠡᠳᠦᠨ ᠬᠡᠭᠦᠷ ᠦ᠋ᠳ ᠦ᠋ᠨ ᠳᠡᠷᠭᠡᠳᠡ ᠵᠣᠭᠰᠣᠵᠤ ᠪᠠᠢᠪᠠ᠃
ᠲᠡᠳᠡᠨᠡᠷ ᠨᠢ ᠲᠠᠲ᠋ᠠᠷ ᠤ᠋ᠳ ᠤ᠋ᠨ ᠰᠤᠮᠤ ᠪᠤᠶᠤ ᠰᠡᠯᠡᠮ᠎ᠡ ᠪᠡᠷ ᠬᠡᠷᠬᠢᠨ ᠴᠠᠪᠴᠢᠭᠳᠠᠭᠰᠠᠨ ᠲᠡᠷᠡ ᠠᠶ᠎ᠠ ᠪᠠᠷ ᠢ᠋ᠶ᠋ᠠᠨ ᠰᠢᠪᠡᠷᠡᠯᠳᠦᠨ ᠬᠡᠪᠲᠡᠵᠦ ᠪᠠᠢᠨ᠎ᠠ᠃
ᠲᠤᠷᠤᠫᠺᠠ ᠠᠶᠤᠨ ᠰᠣᠴᠢᠭᠰᠠᠭᠠᠷ ᠣᠢᠷᠠᠲᠤᠪᠠ᠂ ᠴᠠᠰᠤᠨ ᠳ᠋ᠤ᠌ ᠳᠠᠷᠤᠭᠳᠠᠵᠤ ᠴᠠᠷᠴᠠᠭᠰᠠᠨ ᠬᠡᠭᠦᠷ ᠦ᠋ᠳ ᠦ᠋ᠨ ᠳᠡᠭᠡᠷ᠎ᠡ ᠡᠴᠡ ᠲᠣᠩᠭᠣᠢᠵᠤ ᠦᠵᠡᠪᠡ᠄ ᠦᠭᠡᠢ ! ᠡᠨᠡ ᠡᠴᠢᠭᠡ ᠪᠢᠰᠢ ᠪᠠᠢᠨ᠎ᠠ! ᠵᠠᠯᠠᠭᠤ ᠰᠠᠢᠬᠠᠨ ᠠᠪᠠᠴᠢᠨ᠂ ᠴᠣᠬᠣᠢ ᠰᠢᠭ᠋ ᠴᠠᠭᠠᠨ ᠴᠢᠷᠠᠢ ᠪᠠᠢᠨ᠎ᠠ᠁ ᠡᠨᠡ ᠴᠢᠨᠢ ᠡᠷᠡᠭᠲᠡᠢ ᠬᠡᠦᠬᠡᠳ ᠪᠠᠢᠵᠤ᠁ ᠤᠷᠲᠤ ᠰᠤᠷᠮᠤᠤᠰᠤᠲᠠᠢ ᠬᠥᠬᠡ ᠨᠢᠳᠦ ᠨᠢ ᠲᠠᠢᠪᠤᠩ ᠢ᠋ᠶ᠋ᠠᠷ ᠣᠭᠲᠠᠷᠭᠤᠢ ᠶ᠋ᠢ ᠰᠢᠷᠲᠡᠨ᠎ᠡ᠃ ᠰᠣᠷᠮᠤᠤᠰᠤ ᠳᠡᠭᠡᠷ᠎ᠡ ᠨᠢ ᠴᠠᠭᠠᠨ ᠴᠠᠰᠤᠨ ᠤ᠋ ᠰᠢᠷᠬᠡᠭ ᠦ᠋ᠳ ᠣᠴᠢ ᠮᠡᠲᠦ ᠭᠢᠯᠠᠯᠵᠠᠨ᠎ᠠ᠃ ᠬᠠᠴᠠᠷ ᠳᠡᠭᠡᠷᠡᠬᠢ ᠰᠡᠪᠬᠡ ᠨᠤᠭᠦᠳ ᠨᠢ ᠲᠣᠳᠣᠬᠠᠨ ᠬᠠᠷᠠᠭᠳᠠᠵᠤ ᠴᠡᠪᠡᠷᠬᠡᠨ ᠰᠠᠢᠬᠠᠨ ᠤᠷᠤᠭᠤᠯ ᠠᠮᠠ ᠬᠠᠭᠠᠰ ᠠᠩᠭᠠᠢᠭᠰᠠᠨ ᠪᠠᠢᠬᠤ ᠨᠢ ᠡᠶᠡᠯᠳᠡᠭ ᠦᠭᠡ ᠶ᠋ᠢ ᠰᠢᠪᠡᠨᠡᠬᠦ ᠮᠡᠲᠦ ᠠᠵᠢ᠃
ᠶᠠᠭᠠᠬᠢᠭᠰᠠᠨ ᠲᠠᠨᠢᠮᠠᠷ ᠨᠢᠭᠤᠷ ᠪᠣᠢ! ᠸᠸᠱᠨ᠋ᠶᠠᠩᠺᠠ ! ᠴᠢ ᠶᠠᠭᠠᠬᠢᠵᠤ ᠡᠨᠳᠡ ᠢᠷᠡᠭᠰᠡᠨ ᠪᠣᠢ? ᠡᠷᠡᠭᠲᠡᠢ ᠬᠡᠦᠬᠡᠳ ᠦ᠋ᠨ ᠬᠤᠪᠴᠠᠰᠤ ᠲᠠᠢ᠁ ᠲᠠᠲ᠋ᠠᠷ ᠤ᠋ᠨ ᠲᠠᠬᠢᠷ ᠰᠡᠯᠡᠮ᠎ᠡ ᠴᠢᠮᠠᠶ᠋ᠢ ᠴᠠᠪᠴᠢᠪᠠ !
ᠲᠣᠷᠣᠫᠺᠠ ᠶᠠᠮᠠᠷ ᠴᠥ᠍ ᠬᠥᠳᠡᠯᠭᠡᠭᠡᠨ ᠦᠭᠡᠢ ᠲᠡᠷᠡ ᠬᠡᠭᠦᠷ ᠦ᠋ᠨ ᠳᠡᠷᠭᠡᠳᠡ ᠰᠠᠭᠤᠪᠠ᠁ ᠡᠨᠡ ᠪᠠᠰᠠ ᠡᠷᠡᠭᠲᠡᠢ ᠬᠥᠮᠦᠨ ᠦ᠌ ᠬᠤᠪᠴᠠᠰᠤ ᠡᠮᠦᠰᠦᠭᠰᠡᠨ ᠬᠡᠦᠬᠡᠨ ᠬᠡᠪᠲᠡᠨ᠎ᠡ᠁ ᠡᠳᠡᠨᠡᠷ ᠴᠦ᠍ ᠭᠡᠰᠡᠨ ᠡᠬᠡ ᠣᠷᠣᠨ ᠤ᠋ ᠪᠠᠨ ᠲᠥᠯᠥᠭᠡ ᠲᠠᠲ᠋ᠠᠷ ᠤ᠋ᠳ ᠲᠠᠢ ᠪᠠᠢᠯᠳᠤᠵᠠᠢ᠃
ᠲᠣᠷᠣᠫᠺᠠ ᠠᠯᠭᠤᠷᠬᠠᠨ ᠢ᠋ᠶ᠋ᠠᠷ ᠲᠣᠩᠭᠣᠢᠵᠤ ᠬᠥᠳᠡᠯᠭᠡᠭᠡᠨ ᠦᠭᠡᠢ ᠨᠢᠭᠤᠷ ᠲᠤᠨᠢ ᠤᠷᠤᠭᠤᠯ ᠢ᠋ᠶ᠋ᠠᠨ ᠬᠦᠷᠭᠡᠪᠡ᠃ ᠸᠸᠱᠨ᠋ᠶᠠᠩᠺᠠ ᠲᠡᠷᠡ ( ᠶ᠋ᠢᠨ ) ᠰᠠᠯᠤᠯᠴᠠᠬᠤ ᠦᠶ᠎ᠡ ᠳ᠋ᠦ᠍ ᠲᠡᠭᠦᠨ ᠦ᠌ ᠡᠷᠬᠡᠯᠡᠨ ᠰᠠᠢᠬᠠᠨ ᠢ᠋ᠶ᠋ᠠᠷ ᠮᠢᠰᠢᠯᠵᠡᠬᠦ ᠪᠠ ᠭᠤᠨᠢᠭᠲᠠᠢ ᠦᠭᠡ ᠪᠡᠨ ᠬᠡᠯᠡᠵᠦ ᠪᠠᠢᠭᠰᠠᠨ ᠨᠢ ᠰᠠᠨᠠᠭᠳᠠᠪᠠ᠃
— ᠸᠸᠱᠨ᠋ᠶᠠᠩᠺᠠ ! ᠡᠴᠦᠰ ᠦ᠋ᠨ ᠢ᠋ᠶ᠋ᠡᠨ ᠭᠠᠭᠴᠠᠬᠠᠨ ᠦᠭᠡ ᠶ᠋ᠢ ᠬᠡᠯᠡᠳᠡᠭ ᠪᠣᠯᠤᠭᠠᠰᠠᠢ᠃ ᠰᠠᠯᠵᠤ ᠬᠠᠭᠠᠴᠠᠬᠤ ᠦᠭᠡ ᠪᠡᠨ ᠬᠡᠯᠡ ᠳ᠋ᠠ! ᠴᠢ ᠨᠠᠮᠠᠶ᠋ᠢ ᠬᠦᠯᠢᠶᠡᠨ᠎ᠡ ᠭᠡᠵᠦ ᠬᠡᠯᠡᠭᠰᠡᠨ ᠰᠢᠦ ᠳ᠋ᠠ! ᠬᠦᠯᠢᠶᠡᠵᠡᠢ᠂ ᠬᠠᠷᠢᠨ ᠡᠨᠡ ᠤᠢᠳᠬᠠᠷ ᠭᠠᠰᠠᠯᠠᠩ ᠤ᠋ᠨ ᠬᠡᠭᠦᠷ ᠦ᠋ᠨ ᠲᠠᠯᠠᠪᠠᠢ ᠳ᠋ᠤ᠌ ᠠᠭᠤᠯᠵᠠᠬᠤ ᠪᠠᠢᠵᠠᠢ! ᠭᠡᠵᠦ ᠲᠣᠷᠣᠫᠺᠠ ᠰᠢᠪᠡᠭᠡᠨᠡᠨ ᠶᠠᠷᠢᠨ᠎ᠠ᠃ ᠲᠡᠷᠡ ᠮᠥᠰᠥ ᠰᠢᠭ᠌ ᠬᠦᠢᠲᠡᠨ ᠤᠷᠤᠭᠤᠯ ᠢ᠋ ᠨᠢ ᠳᠠᠬᠢᠨ ᠨᠢᠭᠡ ᠦᠨᠦᠰᠴᠦ ᠬᠦᠢᠲᠡᠨ ᠪᠠ ᠬᠥᠰᠢᠴᠢᠬᠡᠭᠰᠡᠨ ᠬᠥᠯᠳᠡᠭᠦᠦ ᠭᠠᠷ ᠢ᠋ ᠨᠢ ᠪᠠᠷᠢᠵᠤ ᠦᠵᠡᠭᠡᠳ᠁ ᠳᠤᠭᠤᠢ ᠪᠣᠳᠣᠯᠭ᠎ᠠ ᠪᠣᠯᠪᠠ᠃
ᠭᠡᠨᠡᠳᠲᠡ ᠤᠢᠳᠬᠠᠷᠲᠠᠢ ᠳᠠᠭᠤ ᠨᠤᠭᠤᠳ ᠲᠠᠢᠪᠤᠩ ᠬᠦᠢᠲᠡᠨ ᠠᠭᠠᠷ ᠲᠸ᠋ ᠳᠤᠭᠤᠯᠳᠠᠪᠠ᠃ ᠡᠨᠡ ᠪᠣᠯ ᠨᠤᠲᠤᠭ ᠤ᠋ᠨ ᠬᠥᠮᠦᠰ ᠦ᠋ᠨ ᠬᠡᠭᠦᠷ ᠦ᠋ᠳ ᠰᠢᠬᠠᠴᠠᠯᠳᠤᠨ ᠣᠷᠣᠰᠢᠬᠤ ᠫᠸᠷᠦᠨᠣᠸ ᠤᠨ ᠰᠢᠭᠤᠢ ᠶ᠋ᠢᠨ ᠪᠤᠯᠠᠰᠢᠨ ᠳᠡᠭᠡᠷ᠎ᠡ ᠣᠯᠠᠨᠲᠠ ᠰᠣᠨᠣᠰᠤᠭᠰᠠᠨ ᠲᠠᠨᠢᠬᠤ ᠮᠡᠳᠡᠬᠦ ᠳᠠᠭᠤ ᠠᠵᠢ᠃
ᠡᠮᠡᠭᠲᠡᠢ ᠬᠥᠮᠦᠨ ᠦ᠌ ᠨᠠᠷᠢᠬᠠᠨ ᠴᠢᠩᠭ᠎ᠠ ᠬᠣᠭᠣᠯᠠᠢ ᠪᠠᠷ ᠳᠠᠭᠤᠯᠠᠬᠤ ᠪᠠ ᠪᠠᠰᠠ ᠨᠢᠭᠡᠨ ᠰᠤᠯᠠᠬᠠᠨ ᠬᠥᠨᠳᠡᠢ ᠬᠣᠭᠣᠯᠠᠢ ᠲᠡᠭᠦᠨ ᠢ᠋ ᠳᠠᠭᠠᠵᠤ ᠳᠠᠭᠤᠯᠠᠬᠤ ᠠᠵᠢ᠃ ᠳᠠᠷᠠᠭ᠎ᠠ ᠨᠢ ᠲᠡᠷᠡ ᠬᠣᠶᠠᠷ ᠬᠣᠭᠣᠯᠠᠢ ᠶ᠋ᠢᠨ ᠬᠥᠭ ᠲᠡᠪᠡᠷᠢᠯᠳᠦᠭᠰᠡᠨ ᠮᠡᠲᠦ ᠨᠡᠢᠯᠡᠵᠦ ᠣᠷᠣᠰ ᠤ᠋ᠨ ᠦᠬᠦᠭᠰᠡᠨ ᠴᠡᠷᠢᠭ ᠦ᠋ᠳ ᠨᠢᠳᠦ ᠪᠡᠨ ᠬᠠᠷᠠᠵᠠᠭᠠᠵᠤ ᠠᠩᠬᠠᠷᠤᠯᠲᠠᠢ ᠴᠢᠩᠨᠠᠬᠤ ᠮᠡᠲᠦ ᠴᠠᠰᠤᠲᠠᠢ ᠥᠷᠭᠡᠨ ᠲᠠᠯ᠎ᠠ ᠶ᠋ᠢᠨ ᠨᠠᠮ ᠭᠦᠮ ᠦ᠋ᠨ ᠳᠣᠲᠣᠷ᠎ᠠ ᠠᠯᠭᠤᠷᠬᠠᠨᠠ ᠳᠣᠯᠭᠢᠶᠠᠯᠠᠨ ᠰᠣᠨᠣᠰᠳᠠᠪᠠ᠃
ᠨᠠᠷᠢᠬᠠᠨ ᠬᠣᠭᠣᠯᠠᠢ ᠪᠠᠷ ᠭᠠᠰᠠᠯᠠᠩᠲᠠᠢ ᠳᠠᠭᠤᠯᠠᠬᠤ ᠨᠢ᠄
ᠥᠨᠳᠥᠷ ᠠᠭᠤᠯᠠᠰ ᠤ᠋ᠨ ᠣᠷᠣᠢ ᠶ᠋ᠢᠨ ᠴᠠᠭᠠᠭᠤᠷ/
ᠥᠳᠬᠡᠨ ᠣᠢ᠂ ᠬᠥᠪᠴᠢ ᠶ᠋ᠢᠨ ᠴᠠᠭᠠᠭᠤᠷ/
ᠰᠦᠯᠵᠢᠨ ᠶᠠᠪᠤᠬᠤ ᠡᠭᠦᠯᠡᠰ ᠦ᠋ᠨ ᠴᠠᠭᠠᠭᠤᠷ/
ᠥᠷᠥᠨ᠎ᠡ ᠶ᠋ᠢᠨ ᠣᠯᠠᠨ ᠣᠳᠣᠳ ᠤ᠋ᠨ ᠲᠡᠷᠲᠡᠭᠡ /
ᠤᠯᠠᠭᠠᠨ ᠶᠠᠭᠠᠨ ᠥᠬᠢᠨ ᠪᠣᠯᠵᠤ/
ᠫᠧᠩ ᠦ᠋ᠨ ᠡᠭᠦᠳᠡ ᠶ᠋ᠢ ᠲᠠᠲᠠᠪᠠᠤ /ᠦᠬᠡᠷ ᠮᠠᠯ ᠦᠷ᠎ᠡ ᠬᠡᠦᠬᠡᠳ ᠲᠡᠢ ᠮᠢᠨᠢ ᠥᠨᠦᠴᠢᠷᠡᠭᠦᠯᠦᠨ/
ᠨᠠᠮᠠᠶ᠋ᠢ ᠣᠷᠬᠢᠵᠤ ᠣᠳᠪᠠ /ᠦᠷᠭᠦᠯᠵᠢ ᠶ᠋ᠢᠨ ᠭᠠᠰᠠᠯᠠᠩ ᠳ᠋ᠤ᠌ ᠦᠯᠡᠳᠡᠭᠡᠵᠦ ᠣᠳᠪᠠ/
ᠡᠭᠦᠷᠢᠳᠡ ᠶ᠋ᠢᠨ ᠡᠭᠦᠷᠢᠳᠡ ᠬᠠᠶᠠᠵᠤ ᠣᠳᠪᠠ/
ᠪᠠᠰᠠ ᠨᠢᠭᠡᠨ ᠰᠤᠯᠠᠬᠠᠨ ᠬᠣᠭᠣᠯᠠᠢ ᠦᠷᠭᠦᠯᠵᠢᠯᠡᠭᠦᠯᠦᠨ᠄
ᠬᠣᠣᠷᠲᠤ ᠦᠬᠦᠯ ᠣᠢᠷᠠᠲᠤᠨ ᠢᠷᠡᠪᠡ/
ᠬᠣᠣᠷ ᠬᠥᠨᠥᠭᠡᠯᠲᠦ ᠲᠡᠷᠡ ᠮᠢᠷᠠᠨ ᠢᠷᠡᠭᠡᠳ/
ᠵᠠᠯᠠᠭᠤ ᠰᠠᠢᠬᠠᠨ ᠡᠬᠡᠨᠡᠷ ᠪᠣᠯᠵᠤ/
ᠳᠣᠪᠵᠢᠶᠠᠨ ᠳᠡᠭᠡᠭᠦᠷ ᠶᠠᠪᠤᠪᠠ ᠤᠤ/
ᠤᠯᠠᠭᠠᠨ ᠶᠠᠭᠠᠨ ᠥᠬᠢᠨ ᠪᠣᠯᠵᠤ/
ᠫᠧᠩ ᠦ᠋ᠨ ᠡᠭᠦᠳᠡ ᠶ᠋ᠢ ᠲᠠᠲᠠᠪᠠ ᠤᠤ/
ᠡᠷᠡᠮᠳᠡᠭ ᠵᠡᠷᠡᠮᠳᠡᠭ ᠭᠤᠢᠯᠢᠨᠴᠢᠨ ᠪᠣᠯᠵᠤ ᠬᠡᠰᠦᠪᠡ ᠤᠤ/
ᠰᠡᠮᠬᠡᠨ ᠶᠠᠪᠤᠵᠤ ᠣᠢᠷᠠᠲᠤᠨ ᠢᠷᠡᠭᠡᠳ/
ᠬᠠᠷ᠎ᠠ ᠬᠡᠷᠢᠶ᠎ᠡ ᠪᠣᠯᠵᠤ ᠴᠣᠩᠬᠣ ᠪᠠᠷ
ᠨᠢᠰᠦᠨ ᠣᠷᠣᠭᠠᠳ /
ᠥᠨᠳᠥᠷ ᠳᠡᠷᠡ ᠶ᠋ᠢᠨ ᠳᠡᠭᠡᠷ᠎ᠡ
ᠨᠢᠭᠤᠭᠳᠠᠵᠤ ᠰᠠᠭᠤᠨ /
ᠴᠠᠭᠠᠨ ᠴᠡᠭᠡᠵᠢ ᠡᠴᠡ ᠠᠮᠢᠨ
ᠰᠦᠨᠡᠰᠦ ᠨᠤᠭᠦᠳ ᠢ᠋ ᠰᠤᠭᠤᠯᠤᠨ ᠠᠪᠤᠪᠠ᠃
ᠲᠤᠷᠤᠫᠺᠠ ᠲᠠᠮᠢᠷ ᠦᠭᠡᠢ ᠲᠤᠯᠠ ᠭᠠᠩᠬᠤᠵᠤ ᠭᠤᠢᠪᠢᠭᠰᠠᠭᠠᠷ ᠶᠠᠪᠤᠵᠤ ᠳᠠᠭᠤᠯᠠᠵᠤ ᠪᠠᠢᠭ᠎ᠠ ᠡᠮᠡᠭᠲᠡᠢᠴᠦᠳ ᠦ᠋ᠨ ᠳᠡᠷᠭᠡᠳᠡ ᠣᠢᠷᠠᠲᠤᠵᠤ ᠢᠷᠡᠪᠡ᠃ ᠲᠡᠳᠡᠨᠡᠷ ᠲᠣᠭᠣᠷᠢᠨ ᠰᠠᠭᠤᠵᠠᠭᠠᠨ᠎ᠠ᠃ ᠳᠤᠮᠳᠠ ᠨᠢ ᠣᠷᠣᠰ ᠤ᠋ᠨ ᠴᠡᠷᠢᠭ ᠦ᠋ᠳ ᠦ᠋ᠨ ᠬᠡᠭᠦᠷ ᠦ᠋ᠳ ᠴᠠᠰᠤᠨ ᠳᠡᠭᠡᠷ᠎ᠡ ᠵᠡᠷᠭᠡᠯᠡᠨ ᠬᠡᠪᠲᠡᠨ᠎ᠡ᠃ ᠡᠮᠡᠭᠲᠡᠢᠴᠦᠳ ᠦ᠋ᠨ ᠣᠯᠠᠩᠬᠢ ᠨᠢ ᠡᠷᠡᠭᠲᠡᠢ ᠬᠥᠮᠦᠨ ᠦ᠌ ᠬᠤᠪᠴᠠᠰᠤ ᠲᠠᠢ ᠪᠠ ᠲᠡᠳᠡᠨᠡᠷ ᠦ᠋ᠨ ᠳᠡᠷᠭᠡᠳᠡ ᠨᠢ ᠰᠦᠬᠡ ᠨᠤᠭᠦᠳ ᠪᠠ ᠰᠡᠷᠡᠭᠡ ᠵᠢᠳᠠ ᠨᠤᠭᠤᠳ ᠬᠡᠪᠲᠡᠪᠡ᠃ ᠡᠮᠡᠭᠲᠡᠢᠴᠦᠳ ᠳᠤᠭᠤᠢ ᠪᠣᠯᠵᠤ ᠣᠢᠷᠠᠲᠤᠨ ᠶᠠᠪᠤᠭ᠎ᠠ ᠲᠤᠷᠤᠫᠺᠠ ᠶ᠋ᠢ ᠠᠶᠤᠨ ᠭᠠᠢᠬᠠᠵᠤ ᠬᠠᠷᠠᠵᠠᠭᠠᠪᠠ᠃
— ᠮᠡᠨᠳᠦ ᠪᠠᠢᠵᠠᠭᠠᠨ᠎ᠠ ᠤᠤ ? ᠲᠠᠨ ᠤ᠋ ᠡᠨᠳᠡ ᠪᠠᠰᠠ ᠨᠢᠭᠡᠨ ᠬᠡᠦᠬᠡᠨ ᠢ᠋ ᠲᠠᠯᠪᠢᠵᠤ ᠪᠣᠯᠬᠤ ᠤᠤ?
— ᠢᠷ᠎ᠡ ! ᠢᠷ᠎ᠡ ! ᠨᠠᠰᠢ ᠪᠠᠨ ᠪᠢᠳᠡᠨ ᠦ᠌ ᠳᠡᠷᠭᠡᠳᠡ ᠢᠷ᠎ᠡ! ᠴᠢ᠂ ᠬᠠᠮᠢᠭ᠎ᠠ ᠪᠣᠢ ?
— ᠷᠶᠡᠽᠡᠨ ᠦ᠌ ᠲᠡᠨᠳᠡ ᠡᠴᠡ᠁
— ᠲᠡᠭᠦᠨ ᠦ᠌ ᠴᠢᠨᠢ ᠲᠤᠬᠠᠢ ᠴᠤ᠌ ᠪᠠᠰᠠ ᠭᠠᠰᠢᠭᠤᠳᠠᠵᠠᠭᠠᠶᠠ᠃ ᠥᠪᠡᠷᠰᠡᠳ ᠢ᠋ᠶ᠋ᠡᠨ ᠬᠠᠢᠷᠠᠲᠤ ᠡᠷᠡᠴᠦᠳ ᠦ᠋ᠨ ᠬᠠᠮᠲᠤ ᠴᠢᠳᠠᠬᠤ ᠴᠢᠨᠡᠭᠡ ᠪᠡᠷ ᠢ᠋ᠶ᠋ᠡᠨ ᠠᠪᠰᠠ ᠦᠭᠡᠢ ᠪᠡᠷ ᠴᠦ᠍ ᠪᠣᠯᠤᠭᠰᠠᠨ ᠣᠷᠣᠰᠢᠭᠤᠯᠤᠨ᠎ᠠ᠃
ᠬᠣᠶᠠᠷ ᠡᠮᠡᠭᠲᠡᠢ ᠪᠣᠰᠴᠤ ᠲᠤᠷᠤᠫᠺᠠ ᠶ᠋ᠢᠨ ᠬᠣᠢᠨ᠎ᠠ ᠠ᠋ᠴᠠ ᠶᠠᠪᠤᠪᠠ᠃ ᠲᠡᠳᠡᠨᠡᠷ ᠨᠢ ᠸᠸᠱᠨ᠋ᠶᠠᠩᠺᠡ ᠶ᠋ᠢ ᠡᠭᠦᠷᠴᠦ ᠠᠪᠴᠢᠷᠠᠭᠠᠳ ᠥᠪᠡᠷᠰᠡᠳ ᠦ᠋ᠨ ᠬᠥᠮᠦᠰ ᠦ᠋ᠨ ᠳᠡᠷᠭᠡᠳᠡ ᠲᠠᠯᠪᠢᠪᠠ ᠃ ᠲᠤᠷᠤᠫᠺᠠ ᠴᠠᠰᠤᠨ ᠳᠡᠭᠡᠷ᠎ᠡ ᠰᠠᠭᠤᠵᠤ ᠡᠮᠡᠭᠲᠡᠢᠴᠦᠳ ᠦ᠋ᠨ ᠵᠠᠷᠢᠮ ᠳ᠋ᠠᠭᠠᠨ ᠪᠦᠭᠦᠳᠡᠭᠡᠷ ᠢ᠋ᠶ᠋ᠡᠨ᠂ ᠵᠠᠷᠢᠮ ᠳ᠋ᠠᠭᠠᠨ ᠨᠢᠭᠡ ᠨᠢᠭᠡ ᠪᠡᠷ ᠢ᠋ᠶ᠋ᠡᠨ ᠴᠤᠪᠤᠷᠠᠵᠤ ᠳᠠᠭᠤᠯᠠᠬᠤ ᠶ᠋ᠢ ᠴᠢᠩᠨᠠᠵᠤ ᠪᠠᠢᠪᠠ᠃
— ᠤᠢᠳᠬᠠᠷ ᠮᠢᠨᠢ ᠴᠢ ᠲᠠᠨᠢᠭᠳᠠᠬᠤ ᠦᠭᠡᠢ ᠡᠪᠡᠰᠦ ᠪᠣᠯᠤᠨ ᠤᠷᠭᠤᠵᠤ ᠶᠠᠩᠵᠤ ᠪᠦᠷᠢ ᠶ᠋ᠢᠨ ᠴᠡᠴᠡᠭ ᠪᠣᠯᠤᠨ ᠴᠡᠴᠡᠭᠯᠡᠨ ᠭᠠᠩᠬᠤᠭᠠᠷᠠᠢ / ᠳᠡᠷᠭᠡᠳᠡᠭᠦᠷ ᠴᠢᠨᠢ ᠬᠥᠮᠦᠰ ᠶᠠᠪᠤᠵᠤ ᠭᠠᠢᠬᠠᠵᠤ ᠡᠩᠬᠦᠷᠡᠢᠯᠡᠭ᠂ ᠨᠠᠰᠤᠲᠠᠢ ᠬᠥᠭᠰᠢᠨ ᠶᠠᠪᠤᠪᠠᠯ ᠳᠠᠭᠤᠷᠢᠰᠤᠨ ᠤᠬᠢᠯᠠᠯᠳᠤᠨ ᠥᠩᠭᠡᠷᠡᠭ / ᠵᠠᠭᠤᠨ ᠨᠠᠰᠤᠲᠠᠢ ᠡᠪᠦᠭᠡᠳ ᠶᠠᠪᠤᠪᠠᠯ ᠰᠣᠴᠢᠨ ᠰᠠᠭᠤᠵᠤ ᠪᠠᠢᠭ᠁
ᠬᠠᠳ᠋ᠵᠢ ᠷᠡᠾᠢ᠍ᠮ ᠴᠢᠮᠡᠭᠡ ᠦᠭᠡᠢ ᠪᠡᠷ ᠠᠯᠬᠤᠯᠠᠨ ᠶᠠᠪᠤᠵᠤ᠂ ᠰᠠᠭᠤᠵᠤ ᠪᠠᠢᠭ᠎ᠠ ᠬᠥᠮᠦᠰ ᠦ᠋ᠨ ᠳᠡᠷᠭᠡᠳᠡ ᠬᠦᠷᠴᠦ ᠢᠷᠡᠪᠡ᠃ ᠲᠡᠷᠡ ᠮᠠᠰᠢ ᠴᠢᠮᠡᠭᠡ ᠦᠭᠡᠢ ᠪᠡᠷ ᠣᠢᠷᠠᠲᠤᠵᠤ ᠢᠷᠡᠭᠰᠡᠨ ᠲᠤᠯᠠ ᠡᠮᠡᠭᠲᠡᠢᠴᠦᠳ ᠰᠠᠨᠳᠤᠷᠤᠨ ᠰᠣᠴᠢᠵᠤ ᠳᠤᠭᠤᠢ ᠪᠣᠯᠪᠠ᠃ ᠲᠡᠷᠡ ᠭᠠᠷ ᠢ᠋ᠶ᠋ᠠᠨ ᠴᠡᠭᠡᠵᠢ ᠪᠠ ᠤᠷᠤᠭᠤᠯ ᠮᠠᠩᠨᠠᠢ ᠳ᠋ᠠᠭᠠᠨ ᠬᠦᠷᠭᠡᠵᠦ ᠶᠣᠰᠣᠯᠠᠨ ᠮᠡᠨᠳᠦᠴᠢᠯᠡᠭᠰᠡᠨ ᠳᠣᠬᠢᠶ᠎ᠠ ᠶ᠋ᠢ ᠥᠭᠪᠡ᠃
— ᠲᠠᠲ᠋ᠠᠷ ᠤ᠋ᠨ ᠶᠣᠰᠣᠯᠠᠯ ᠢ᠋ᠶ᠋ᠠᠷ ᠮᠥᠷᠭᠥᠵᠦ ᠪᠠᠢᠨ᠎ᠠ! ᠭᠡᠵᠦ ᠨᠢᠭᠡᠨ ᠬᠥᠮᠦᠨ ᠬᠡᠯᠡᠪᠡ᠃
— ᠬᠡᠨ ᠪᠣᠢ? ᠭᠡᠵᠦ ᠠᠰᠠᠭᠤᠪᠠ᠃
— ᠡᠨᠡ ᠲᠠᠲ᠋ᠠᠷ ᠤ᠋ᠨ ᠣᠲᠠᠴᠢ᠂ ᠰᠣᠯᠢᠶ᠎ᠠ ᠤᠬᠠᠭᠠᠨ ᠲᠠᠢ ᠶᠤᠮ ᠰᠢᠭ᠋ ᠡᠨᠡ ᠬᠤᠪᠢᠯᠭᠠᠨ ᠥᠪᠡᠷᠰᠡᠳ ᠦ᠋ᠨ ᠴᠦ᠍ ᠠᠲᠤᠭᠠᠢ ᠮᠠᠨ ᠤ᠋ ᠬᠢᠨ ᠢ᠋ ᠴᠥ᠍ ᠠᠲᠤᠭᠠᠢ ᠪᠦᠭᠦᠳᠡ ᠶ᠋ᠢ ᠶᠠᠮᠠᠷ ᠴᠥ᠍ ᠢᠯᠭᠠᠯ ᠦᠭᠡᠢ ᠪᠡᠷ ᠡᠮᠴᠢᠯᠡᠳᠡᠭ᠂ ᠲᠡᠭᠡᠭᠡᠳ ᠶᠠᠭᠤ ᠴᠥ᠍ ᠠᠪᠳᠠᠭ ᠦᠭᠡᠢ ᠶᠤᠮ᠃
ᠬᠠᠳ᠋ᠵᠢ ᠷᠠᡁᠢᠮ ᠰᠢᠲᠠᠮ ᠢ᠋ᠶ᠋ᠠᠨ ᠲᠤᠯᠵᠤ ᠤᠳᠠᠭᠠᠨ ᠵᠣᠭᠰᠣᠵᠤ᠂ ᠬᠡᠪᠲᠡᠵᠦ ᠪᠠᠢᠭ᠎ᠠ ᠬᠡᠭᠦᠷ ᠦ᠋ᠳ ᠢ᠋ ᠬᠥᠳᠡᠯᠭᠡᠭᠡ ᠦᠭᠡᠢ ᠨᠢᠳᠦ ᠪᠡᠷ ᠢ᠋ᠶ᠋ᠡᠨ ᠬᠠᠷᠠᠵᠤ ᠪᠠᠢᠯ᠎ᠠ᠃ ᠲᠡᠷᠡ ᠶᠡᠬᠡ ᠤᠳᠠᠭᠠᠨ ᠵᠣᠭᠰᠣᠬᠤ ᠤᠴᠢᠷ ᠡᠮᠡᠭᠲᠡᠢᠴᠦᠳ ᠪᠡᠶ᠎ᠡ ᠪᠡᠶ᠎ᠡ ᠪᠡᠨ ᠭᠠᠢᠬᠠᠨ ᠬᠠᠷᠠᠵᠠᠭᠠᠭᠠᠳ ᠳᠠᠬᠢᠨ ᠤᠢᠳᠬᠠᠷ ᠲᠠᠢ ᠪᠠᠷ ᠳᠠᠭᠤᠯᠠᠵᠤ ᠡᠬᠢᠯᠡᠪᠡ᠃
ᠫᠧᠭᠠᠱ ᠰᠡᠭᠦᠯ ᠢ᠋ᠶ᠋ᠡᠨ ᠬᠠᠪᠴᠢᠵᠤ ᠬᠠᠷᠠᠢᠨ ᠣᠲᠠᠴᠢ ᠶ᠋ᠢᠨ ᠠᠷᠤ ᠠ᠋ᠴᠠ ᠨᠢ ᠶᠠᠪᠤᠵᠤ ᠣᠴᠢᠭᠠᠳ ᠲᠡᠭᠦᠨ ᠦ᠌ ᠬᠤᠪᠴᠠᠰᠤᠨ ᠤ᠋ ᠬᠣᠷᠮᠣᠢ ᠶ᠋ᠢ ᠦᠨᠦᠷᠲᠦᠪᠡ᠃ ᠳᠠᠷᠠᠭ᠎ᠠ ᠨᠢ ᠲᠣᠭᠣᠮᠰᠠᠷ ᠦᠭᠡᠢ ᠪᠡᠷ ᠵᠠᠢᠯᠠᠨ ᠶᠠᠪᠤᠵᠤ ᠲᠤᠷᠤᠫᠺᠠ ᠶ᠋ᠢᠨ ᠬᠥᠯ ᠦ᠋ᠨ ᠳᠡᠷᠭᠡᠳᠡ ᠴᠠᠭᠠᠷᠢᠭᠯᠠᠨ ᠬᠡᠪᠲᠡᠪᠡ᠃
ᠬᠠᠳ᠋ᠵᠢ ᠷᠠᡁᠢᠮ ᠡᠷᠭᠢᠵᠦ ᠭᠠᠷ ᠢ᠋ᠶ᠋ᠠᠨ ᠡᠷᠭᠦᠪᠡ᠃ ᠲᠡᠭᠦᠨ ᠦ᠌ ᠬᠠᠷ᠎ᠠ ᠨᠢᠳᠦ ᠨᠢ ᠭᠠᠯ ᠤ᠋ᠨ ᠭᠡᠷᠡᠯ ᠳ᠋ᠦ᠍ ᠭᠢᠯᠠᠯᠵᠠᠪᠠ᠂ ᠳᠠᠭᠤᠯᠠᠵᠤ ᠪᠠᠢᠬᠴᠢᠳ ᠨᠢ ᠴᠢᠮᠡᠭᠡ ᠦᠭᠡᠢ ᠪᠣᠯᠪᠠ᠁ ᠲᠡᠷᠡ ᠣᠷᠣᠰ ᠦᠭᠡ ᠨᠤᠭᠦᠳ ᠢ᠋ ᠬᠠᠶᠠ ᠣᠷᠣᠭᠤᠯᠤᠨ ᠰᠢᠮᠳᠠᠨ ᠬᠡᠯᠡᠪᠡ᠃ ᠡᠮᠡᠭᠲᠡᠢᠴᠦᠳ ᠠᠮᠠ ᠪᠠᠨ ᠠᠩᠭᠠᠢᠯᠭᠠᠵᠤ ᠮᠠᠰᠢ ᠶᠡᠬᠡ ᠠᠩᠬᠠᠷᠤᠯᠲᠠᠢ ᠪᠠᠷ ᠰᠣᠨᠣᠰᠴᠤ ᠪᠠᠢᠪᠠ᠃
— ᠬᠠᠷᠠᠪᠠᠤ᠂ ᠶᠠᠭᠤ ᠶᠠᠷᠢᠵᠤ ᠪᠠᠢᠨ᠎ᠠ ᠪᠣᠢ᠂ ᠠᠢ ᠮᠡᠳᠡᠬᠦ ᠦᠭᠡᠢ ! ᠡᠷᠳᠡᠮᠲᠡᠨ ᠪᠠᠢᠬ᠎ᠠ ! ᠭᠡᠵᠦ ᠡᠮᠡᠭᠲᠡᠢᠴᠦᠳ ᠰᠢᠪᠡᠨᠡᠯᠳᠦᠨ ᠶᠠᠷᠢᠵᠠᠭᠠᠪᠠ᠃
ᠲᠠᠲ᠋ᠠᠷ ᠤ᠋ᠨ ᠣᠲᠠᠴᠢ ᠮᠡᠨᠳᠦᠴᠢᠯᠡᠬᠦ ᠳᠣᠬᠢᠶ᠎ᠠ ᠶ᠋ᠢ ᠳᠠᠬᠢᠨ ᠭᠠᠷ ᠢ᠋ᠶ᠋ᠠᠷ ᠢ᠋ᠶ᠋ᠠᠨ ᠳᠠᠪᠲᠠᠭᠠᠳ ᠠᠭᠠᠵᠢᠮ ᠢ᠋ᠶ᠋ᠠᠷ ᠠᠯᠬᠤᠯᠠᠨ ᠶᠠᠪᠤᠵᠤ ᠬᠠᠷᠠᠩᠭᠤᠢ ᠳ᠋ᠤ᠌ ᠣᠷᠣᠵᠤ ᠦᠵᠡᠭᠳᠡᠬᠦ ᠦᠭᠡᠢ ᠪᠣᠯᠪᠠ᠃
ᠦᠰᠦᠭ ᠠᠮᠢᠯᠠᠭᠤᠯᠤᠭᠴᠢ᠄ ᠡᠷᠳᠡᠨᠢᠭᠣᠸ᠎ᠠ 2᠂ ᠤᠰᠬᠠᠯ 1᠂ ᠰᠤᠳᠤᠯᠲᠦ 2᠂ ᠡᠵᠡᠨ᠎ᠡ 1᠂ ᠪᠠᠶᠠᠨᠰᠡᠷᠡᠩ 1᠂ ᠭᠡᠷᠡᠯ 1᠂ ᠬᠦᠦᠳᠠᠭᠠᠭᠤᠯ 1᠂ ᠬᠡᠷᠡᠶ᠋ᠢᠳ ᠂ ᠮᠥᠩᠬᠡᠨᠠᠰᠤᠨ 1
ᠬᠢᠨᠠᠭᠴᠢ᠄ ᠪᠠᠯ 2᠂ ᠲ᠂ ᠬᠦᠮᠦᠵᠢᠯᠲᠦ 1᠂ ᠪᠠᠶᠠᠨᠴᠡᠴᠡᠭ 1
ᠶᠡᠷᠦᠩᠬᠡᠢ ᠬᠢᠨᠠᠭᠴᠢ᠄ ᠠᠯᠲᠠᠨᠴᠢᠮᠡᠭ 10᠂ ᠠᠷᠢᠭᠤᠨ 10
