ᠪᠠᠲᠤ ᠬᠠᠭᠠᠨ 8-13ᠠᠶᠤᠯᠲᠠᠢ ᠮᠡᠳᠡᠭᠡ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠭᠤᠷᠪᠠ ᠂ ᠠᠶᠤᠯᠲᠠᠢ ᠮᠡᠳᠡᠭᠡ
ᠭᠧᠣᠷᠬᠢ ᠸᠠᠩ ᠸᠠᡁᠷᠠᠮᠧᠶᠠ ᠯᠠᠮᠠ ᠶ᠋ᠢᠨ ᠪᠠᠢᠰᠢᠩ ᠳᠣᠲᠣᠷ᠎ᠠ ᠬᠠᠷᠠᠯᠠᠭᠰᠠᠨ ᠬᠠᠭᠤᠴᠢᠨ ᠴᠠᠷᠠᠰᠤᠨ ᠰᠢᠷᠡᠭᠡᠨ ᠦ᠌ ᠬᠠᠵᠠᠭᠤ ᠳ᠋ᠤ᠌ ᠲᠣᠯᠣᠭᠠᠢ ᠶ᠋ᠢ ᠤᠨᠵᠢᠭᠤᠯᠤᠨ ᠰᠢᠨ᠎ᠠ ᠪᠠᠨ ᠲᠤᠯᠵᠤ ᠪᠤᠭᠤᠷᠤᠯᠲᠤᠭᠰᠠᠨ ᠪᠤᠵᠢᠭᠢᠷ ᠦᠰᠦ ᠶ᠋ᠢ ᠬᠤᠷᠤᠭᠤ ᠪᠠᠷ ᠢ᠋ᠶ᠋ᠠᠨ ᠪᠠᠵᠠᠭᠠᠳ ᠭᠦᠨ᠎ᠡ ᠭᠠᠰᠢᠭᠤᠳᠠᠨ ᠰᠠᠭᠤᠨ᠎ᠠ᠃ ᠲᠡᠳᠡᠨ ᠦ᠌ ᠡᠮᠦᠨ᠎ᠡ ᠨᠠᠨᠳᠢᠨ ᠨᠣᠮ ᠠ᠋ᠴᠠ ᠤᠷᠠᠵᠤ ᠠᠪᠤᠭᠰᠠᠨ ᠭᠠᠩᠳᠠᠮᠠᠯ ᠬᠡᠰᠡᠭ ᠴᠠᠭᠠᠰᠤ ᠬᠡᠪᠲᠡᠪᠡ᠃ ᠸᠠᠩ ᠤ᠋ᠨ ᠬᠠᠲᠤᠨ ᠠᠭᠠᠹᠢᠶᠠ ᠶ᠋ᠢᠨ ᠪᠢᠴᠢᠭᠰᠡᠨ ᠲᠠᠨᠢᠯ ᠲᠣᠮᠣ ᠦᠰᠦᠭ ᠦ᠋ᠨ ᠵᠢᠭᠳᠡ ᠪᠤᠰᠤ ᠮᠥᠷ ᠢ᠋ ᠬᠡᠳᠦᠨ ᠤᠳᠠᠭ᠎ᠠ ᠤᠩᠰᠢᠭᠰᠠᠨ ᠠᠵᠢ᠃
《ᠮᠢᠨᠦ ᠬᠠᠢᠷᠠᠲᠤ ᠪᠦᠷᠭᠦᠳ ᠭᠧᠣᠷᠬᠢ ᠸᠠᠩ ᠴᠢ! ᠥᠪᠡᠷ ᠦ᠋ᠨ ᠬᠣᠩ ᠢ᠋ᠶ᠋ᠠᠨ ᠣᠷᠬᠢᠨ ᠬᠠᠮᠢᠭᠠᠰᠢ ᠨᠢᠰᠦᠨ ᠣᠳᠪᠠ ? ᠬᠣᠣᠷᠲᠤ ᠲᠠᠲ᠋ᠠᠷ ᠤ᠋ᠳ ᠮᠠᠰᠢ ᠣᠯᠠᠨ ᠢ᠋ᠶ᠋ᠠᠷ ᠢ᠋ᠶ᠋ᠠᠨ ᠬᠣᠲᠠ ᠶ᠋ᠢ ᠮᠢᠨᠢ ᠵᠦᠭ ᠪᠦᠬᠦᠨ ᠡᠴᠡ ᠬᠦᠷᠢᠶᠡᠯᠡᠨ ᠲᠣᠭᠣᠷᠢᠵᠠᠢ᠃ ᠦᠬᠦᠯ ᠦ᠋ᠨ ᠠᠶᠤᠯ᠂ ᠨᠠᠳᠠ ᠶ᠋ᠢ ᠪᠠ ᠮᠠᠨ ᠤ᠋ ᠬᠡᠦᠬᠡᠳ ᠢ᠋᠂ ᠪᠦᠬᠦ ᠬᠥᠮᠦᠨ ᠠᠮᠢᠲᠠᠨ ᠳ᠋ᠤ᠌ ᠤᠴᠠᠷᠠᠬᠤ ᠳ᠋ᠤ᠌ ᠣᠢᠷᠠᠬᠠᠨ ᠪᠠᠢᠨ᠎ᠠ᠃ ᠴᠢᠮᠠᠶ᠋ᠢ ᠨᠢᠰᠦᠨ ᠳᠠᠢᠰᠤᠨ ᠨᠤᠭᠤᠳ ᠢ᠋ ᠪᠤᠲᠠᠷᠠᠭᠠᠨ ᠰᠢᠳᠡᠯᠡᠵᠦ ᠬᠥᠭᠡᠭᠡᠬᠦ ᠪᠣᠯᠪᠠ ᠤᠤ ᠭᠡᠳᠡᠭ ᠭᠠᠭᠴᠠ ᠭᠣᠷᠢᠳᠠᠯᠭ᠎ᠠ ᠪᠠᠢᠨ᠎ᠠ᠃ ᠠᠪᠤᠷᠠᠭᠴᠢ ᠰᠠᠬᠢᠭᠤᠯᠰᠤᠨ ᠳ᠋ᠤ᠌ ᠵᠠᠯᠪᠠᠷᠢᠨ ᠮᠥᠷᠭᠥᠵᠦ ᠠᠮᠠᠷᠠᠭ ᠴᠢᠨᠦ ᠲᠤᠩᠭᠠᠯᠠᠭ ᠨᠢᠳᠦ ᠶ᠋ᠢ ᠳᠠᠬᠢᠨ ᠬᠠᠷᠠᠬᠤ ᠪᠠᠶᠠᠷ ᠢ᠋ ᠭᠤᠶᠤᠵᠤ ᠬᠦᠰᠡᠨ᠎ᠡ᠂ ᠭᠡᠪᠡᠴᠦ ᠪᠤᠷᠬᠠᠨ ᠤ᠋ ᠰᠢᠢᠳᠦᠭᠰᠡᠨ ᠲᠡᠷᠡ ᠶᠣᠰᠣᠭᠠᠷ ᠪᠣᠯᠤᠨ᠎ᠠ ᠪᠢᠵᠡ ᠠ᠋᠃ ᠪᠤᠰᠢᠭᠤ ᠨᠠᠰᠢ ᠪᠠᠨ ᠢᠷᠡᠭᠡᠴᠢ᠁》
ᠬᠠᠷ᠎ᠠ ᠯᠠᠮᠠ ᠸᠠᡁᠷᠠᠮᠧᠶᠠ ᠴᠡᠭᠡᠵᠢᠨ ᠳ᠋ᠡᠭᠡᠨ ᠡᠷᠲᠡᠨ ᠦ᠌ ᠵᠡᠰ ᠵᠠᠭᠠᠯᠮᠠᠢ ᠪᠠᠷᠢᠵᠤ ᠸᠠᠩ ᠤ᠋ᠨ ᠰᠡᠳᠬᠢᠯ ᠢ᠋ ᠲᠠᠢᠳᠬᠤᠷᠠᠭᠤᠯᠤᠨ ᠵᠣᠷᠢᠭ ᠲᠥᠷᠥᠭᠦᠯᠬᠦ ᠶ᠋ᠢ ᠡᠷᠡᠮᠡᠯᠵᠡᠨ᠎ᠡ᠃
ᠸᠠᠩ ᠲᠡᠭᠦᠨ ᠢ᠋ ᠰᠣᠨᠣᠰᠬᠤ ᠴᠥ᠍ ᠦᠭᠡᠢ᠂ ᠪᠠᠢᠰᠢᠩ ᠤ᠋ᠨ ᠳᠣᠪᠵᠢᠶᠠᠨ ᠳᠡᠭᠡᠷ᠎ᠡ ᠬᠠᠲᠤᠨ ᠲᠠᠢ ᠪᠠᠨ ᠰᠠᠯᠬᠤ ᠶ᠋ᠢᠨ ᠶᠣᠰᠣ ᠶ᠋ᠢ ᠭᠦᠢᠴᠡᠳᠬᠡᠵᠦ ᠪᠠᠢᠬᠤ ᠳ᠋ᠤ᠌ ᠲᠡᠭᠦᠨ ᠦ᠌ ᠴᠠᠢᠷᠠᠵᠤ ᠴᠡᠴᠡᠷᠡᠭᠰᠡᠨ ᠤᠷᠤᠭᠤᠯ᠂ ᠬᠠᠴᠠᠷ ᠤ᠋ᠨ ᠳᠡᠭᠡᠭᠦᠷ ᠬᠤᠷᠳᠤᠨ ᠪᠥᠮᠪᠥᠷᠢᠬᠦ ᠨᠢᠯᠪᠤᠰᠤ᠂ ᠵᠥᠭᠡᠯᠡᠨ ᠲᠡᠪᠡᠷᠢᠬᠦ ᠴᠤᠯᠴᠠᠭᠠᠷᠬᠠᠨ ᠬᠠᠯᠠᠭᠤᠨ ᠭᠠᠷ᠂ ᠡᠨᠡ ᠪᠦᠭᠦᠳᠡ ᠶ᠋ᠢ ᠪᠣᠳᠣᠵᠤ ᠦᠭᠡ ᠳᠠᠭᠤ ᠦᠭᠡᠢ ᠰᠠᠭᠤᠨ᠎ᠠ᠃
ᠭᠡᠲᠡᠯ᠎ᠡ ᠬᠠᠰᠬᠢᠷᠬᠤ ᠳᠠᠭᠤ ᠰᠣᠨᠣᠰᠳᠠᠪᠠ᠃
— ᠸᠠᠩ ᠬᠠᠮᠢᠭ᠎ᠠ ᠪᠠᠢᠨ᠎ᠠ? ᠲᠡᠭᠦᠨ ᠢ᠋ ᠲᠦᠷᠭᠡᠨ ᠪᠣᠰᠬᠠᠭᠲᠤᠨ ᠭᠡᠪᠡ᠃
ᠭᠸᠤᠷᠬᠢ ᠸᠠᠩ ᠰᠡᠭᠡᠭᠡ ᠠᠪᠴᠤ ᠴᠢᠩᠨᠠᠪᠠ᠃
— ᠸᠠᠩ ᠳ᠋ᠤ᠌ ᠬᠡᠯᠡᠭᠲᠦᠨ᠂ ᠲᠠᠲ᠋ᠠᠷ ᠤ᠋ᠳ ᠦᠶᠡᠷ ᠦ᠋ᠨ ᠤᠰᠤ ᠰᠢᠭ᠋ ᠣᠷᠣᠵᠤ ᠢᠷᠡᠯ᠎ᠡ!
ᠸᠠᠩ ᠪᠠᠨᠲᠠᠩ ᠢ᠋ ᠣᠩᠬᠣᠯᠢᠳᠤᠭᠤᠯᠤᠨ ᠦᠰᠦᠷᠦᠨ ᠪᠣᠰᠤᠭᠠᠳ ᠡᠭᠦᠳᠡ ᠶ᠋ᠢ ᠵᠠᠳᠠᠭᠠᠢ ᠬᠠᠶᠠᠵᠤ ᠪᠠᠢᠰᠢᠩ ᠠ᠋ᠴᠠ ᠭᠦᠶᠦᠨ ᠭᠠᠷᠪᠠ᠃
ᠬᠠᠯᠠᠭᠤᠴᠠᠲᠠᠯᠠ ᠲᠦᠯᠡᠭᠰᠡᠨ ᠥᠷᠥᠭᠡᠨ ᠳ᠋ᠦ᠍ ᠬᠦᠢᠲᠡᠨ ᠮᠠᠨᠠᠨ ᠪᠥᠭᠡᠮᠨᠡᠷᠡᠨ ᠣᠷᠣᠪᠠ᠃ ᠸᠠᡁᠷᠠᠮᠸᠶᠠ ᠯᠠᠮᠠ ᠶ᠋ᠢᠨ ᠭᠠᠷ ᠨᠢ ᠴᠡᠴᠡᠷᠡᠨ᠎ᠡ ᠥᠷᠭᠡᠨ ᠳᠡᠪᠡᠯ ᠢ᠋ᠶ᠋ᠡᠨ ᠤᠭᠯᠠᠭᠠᠳ ᠲᠦᠯᠡᠭᠡ ᠵᠥᠭᠡᠭᠡᠳᠡᠭ ᠣᠯᠣᠰᠣ ᠶ᠋ᠢ ᠠᠪᠴᠤ ᠴᠢᠩᠭ᠎ᠠ ᠪᠦᠰᠡᠯᠡᠭᠡᠳ᠂ ᠭᠠᠷ ᠲᠠᠭᠠᠨ ᠵᠡᠰ ᠵᠠᠭᠠᠯᠮᠠᠢ ᠠᠪᠤᠭᠠᠳ᠂ ᠠᠶᠤᠵᠤ ᠭᠠᠷ ᠢ᠋ᠶ᠋ᠠᠨ ᠳᠡᠮᠡᠢ ᠯᠡ ᠡᠷᠭᠦᠨ ᠰᠠᠨᠳᠤᠷᠤᠨ ᠵᠣᠭᠰᠣᠬᠤ ᠡᠬᠡᠨᠡᠷ ᠲᠡᠭᠡᠨ ᠬᠡᠯᠡᠪᠡ᠃
— ᠤᠯᠢᠮᠫᠶᠠᠳ᠋ ᠭᠡᠷᠭᠡᠢ ᠴᠢᠮ᠎ᠠ ᠶ᠋ᠢ ᠲᠩᠷᠢ ᠢᠪᠡᠭᠡᠲᠦᠭᠡᠢ᠂ ᠣᠳᠣ ᠮᠢᠨᠦ ᠪᠠᠢᠷᠢ ᠴᠡᠷᠢᠭ ᠦ᠋ᠨ ᠡᠷᠡᠰ ᠦ᠋ᠨ ᠳᠡᠷᠭᠡᠳᠡ ᠪᠠᠢᠬᠤ ᠶᠣᠰᠣᠲᠠᠢ᠃ ᠠᠯᠠᠯᠳᠤᠬᠤ ᠲᠤᠯᠤᠯᠳᠤᠭᠠᠨ ᠡᠭᠦᠰᠬᠦ ᠰᠢᠨᠵᠢ ᠪᠦᠷᠢᠳᠪᠡ᠁
ᠯᠠᠮᠠ ᠸᠠᡁᠷᠠᠮᠸᠶᠠ ᠡᠪᠦᠭᠡᠷᠡᠵᠦ ᠦᠮᠡᠬᠡᠢᠷᠡᠭᠰᠡᠨ ᠬᠥᠯ ᠢ᠋ᠶ᠋ᠡᠨ ᠴᠡᠴᠡᠷᠡᠭᠦᠯᠦᠨ ᠲᠠᠯᠪᠢᠭᠰᠠᠭᠠᠷ ᠬᠥᠬᠡ ᠪᠦᠷᠦᠩᠬᠦᠢ ᠶ᠋ᠢᠨ ᠳᠣᠲᠣᠷ᠎ᠠ ᠦᠭᠡᠢ ᠪᠣᠯᠪᠠ᠃
ᠭᠸᠤᠷᠬᠢ ᠸᠠᠩ ᠰᠢᠨ᠎ᠡ ᠪᠠᠢᠰᠢᠩ ᠳ᠋ᠠᠭᠠᠨ ᠭᠦᠶᠦᠨ ᠢᠷᠡᠵᠦ
— ᠠᠷᠭᠠᠳᠠ᠂ ᠪᠤᠰᠢᠭᠤᠯᠠ᠂ ᠬᠤᠶᠠᠭ ᠳᠤᠭᠤᠯᠠᠭ᠎ᠠ ᠤᠯᠠᠭᠠᠨ ᠭᠤᠲᠤᠯ ᠠᠪᠤᠭᠠᠳ ᠠᠯᠢ! ᠠᠷᠭᠠᠳᠠ! ᠲᠦᠷᠭᠡᠯᠡ᠂ ᠬᠡᠭᠡᠷ ᠮᠣᠷᠢ ᠶ᠋ᠢ ᠡᠮᠡᠭᠡᠯᠯᠡ ᠭᠡᠪᠡ᠃
ᠸᠠᠩ ᠶᠡᠬᠡ ᠰᠠᠨᠳᠤᠷᠤᠨ ᠮᠣᠳᠣᠨ ᠬᠠᠳᠠᠭᠠᠰᠤ ᠠ᠋ᠴᠠ ᠵᠡᠪᠰᠡᠭ ᠢ᠋ ᠰᠢᠭᠦᠷᠡᠨ ᠠᠪᠤᠨ᠎ᠠ᠂ ᠡᠪᠦᠭᠡᠨ ᠵᠠᠷᠤᠴᠠ ᠥᠨᠳᠥᠷ ᠳᠡᠪᠡᠯ ᠦ᠋ᠨ ᠭᠠᠳᠠᠭᠤᠷ ᠨᠢ ᠬᠤᠶᠠᠭ ᠳᠤᠭᠤᠯᠠᠭ᠎ᠠ ᠶ᠋ᠢ ᠡᠮᠦᠰᠬᠡᠨ ᠲᠤᠰᠠᠯᠠᠵᠤ ᠣᠭᠣᠰᠣᠷ ᠪᠦᠴᠡ ᠶ᠋ᠢ ᠤᠶᠠᠯᠠᠨᠠ᠃
ᠴᠡᠷᠢᠭ ᠦ᠋ᠳ ᠭᠦᠶᠦᠯᠳᠦᠨ ᠣᠷᠣᠵᠤ ᠢᠷᠡᠵᠡᠭᠡᠨ ᠨᠣᠶᠠᠨ ᠤ᠋ ᠲᠤᠰᠢᠶᠠᠯ ᠢ᠋ ᠬᠦᠯᠢᠶᠡᠨ ᠠᠪᠤᠭᠠᠳ ᠶᠠᠭᠠᠷᠠᠨ ᠭᠠᠷᠪᠠ᠃
ᠬᠠᠰᠢᠶᠠᠨ ᠳᠣᠲᠣᠷ᠎ᠠ ᠬᠠᠰᠬᠢᠷᠤᠯᠳᠤᠨ ᠱᠤᠤᠭᠢᠨ᠎ᠠ᠃ ᠡᠪᠦᠯ ᠦ᠋ᠨ ᠬᠦᠢᠲᠡᠨ ᠳ᠋ᠦ᠍ ᠲᠠᠭᠠᠷᠠᠵᠤ ᠬᠥᠬᠡᠷᠡᠴᠢᠬᠡᠭᠰᠡᠨ ᠬᠣᠶᠠᠷ ᠨᠢᠴᠦᠭᠦᠨ ᠬᠥᠮᠦᠨ ᠢ᠋ ᠨᠢᠭᠡᠨ ᠴᠡᠷᠢᠭ ᠪᠠᠢᠰᠢᠩ ᠤᠷᠤᠭᠤ ᠲᠦᠯᠬᠢᠨ ᠣᠷᠣᠭᠤᠯᠪᠠ᠃ ᠲᠡᠳᠡᠨᠡᠷ᠂
— ᠶᠠᠭᠠᠬᠢᠬᠤ ᠨᠢ ᠡᠨᠡ ᠪᠣᠢ? ᠬᠠᠮᠢᠶ᠎ᠠ ᠦᠭᠡᠢ! ᠁ ᠭᠡᠵᠦ ᠬᠠᠰᠬᠢᠷᠤᠯᠳᠤᠨ ᠣᠷᠣᠬᠤ ᠦᠭᠡᠢ ᠶ᠋ᠢ ᠣᠷᠣᠯᠳᠣᠨ᠎ᠠ᠂
— ᠣᠷᠣᠵᠠᠭ᠎ᠠ! ᠣᠷᠣᠵᠠᠭ᠎ᠠ ! ᠸᠠᠩ ᠳ᠋ᠤ᠌ ᠲᠠᠨᠠᠷ ᠥᠪᠡᠷᠰᠡᠳ ᠢ᠋ᠶ᠋ᠡᠨ ᠶᠠᠷᠢᠬᠤ ᠬᠡᠷᠡᠭᠲᠡᠢ ᠭᠡᠪᠡ᠃
ᠳᠠᠭᠠᠭᠤᠯᠢ ᠨᠤᠭᠤᠳ᠂ ᠰᠠᠨᠳᠤᠷᠤᠨ ᠮᠡᠩᠳᠡᠨ ᠭᠦᠶᠦᠬᠦ ᠴᠡᠷᠢᠭ ᠦ᠋ᠳ ᠦ᠋ᠨ ᠳᠠᠭᠤ ᠴᠢᠮᠡᠭᠡᠨ ᠡᠴᠡ ᠢᠯᠡᠭᠦᠦ ᠭᠠᠷᠬᠤ ᠶ᠋ᠢ ᠴᠢᠷᠮᠠᠢᠨ ᠵᠣᠪᠠᠵᠤ᠂ ᠪᠣᠬᠢᠮᠳᠠᠭᠰᠠᠨ ᠭᠸᠤᠷᠬᠢ ᠸᠠᠩ ᠳ᠋ᠤ᠌ ᠬᠡᠯᠡᠪᠡ᠃
— ᠶᠡᠬᠡ ᠨᠣᠶᠠᠨ ᠲᠠ ᠬᠠᠷ᠎ᠠ! ᠡᠳᠡ ᠠᠵᠠ ᠲᠠᠢ ᠬᠥᠮᠦᠰ ᠪᠠᠢᠨ᠎ᠠ᠃ ᠲᠠᠲ᠋ᠠᠷ ᠤ᠋ᠳ ᠲᠤ᠌ ᠨᠢᠴᠦᠭᠦᠯᠡᠭᠦᠯᠦᠭᠡᠳ ᠠᠯᠲᠠᠨ ᠵᠢᠭᠠᠰᠤ ᠠᠳᠠᠯᠢ ᠵᠤᠯᠪᠠᠨ ᠭᠠᠷᠴᠠᠢ᠃
— ᠡᠳᠡᠨ ᠦ᠌ ᠴᠣᠭ ᠵᠠᠯᠢ ᠠᠯᠳᠠᠷ ᠨᠢ ᠳᠠᠭᠤᠷᠢᠰᠤᠭᠳᠠᠭᠠ ᠦᠭᠡᠢ ᠭᠡᠵᠦ ᠭᠸᠤᠷᠬᠢ ᠸᠠᠩ ᠬᠡᠯᠡᠭᠡᠳ᠂
— ᠬᠣᠶᠠᠭᠤᠯᠠᠨ ᠳ᠋ᠤ᠌ ᠳᠡᠪᠡᠯ ᠬᠤᠪᠴᠠᠰᠤ ᠥᠭᠭᠦᠭᠲᠦᠨ ᠭᠡᠪᠡ᠃ ᠳᠠᠭᠠᠭᠤᠯᠢ ᠪᠠᠰᠠ ᠬᠡᠯᠡᠪᠡ᠃
— ᠡᠳᠡᠨᠡᠷ ᠲᠠᠲ᠋ᠠᠷ ᠤ᠋ᠳ ᠢ᠋ ᠠᠵᠢᠭᠯᠠᠨ ᠬᠠᠷᠠᠵᠤ ᠪᠠᠢᠪᠠ᠃ ᠴᠡᠷᠢᠭ ᠦ᠋ᠨ ᠵᠠᠬᠢᠷᠤᠯ ᠳ᠋ᠣᠷᠤᠵᠠ ᠠᠮᠢ ᠲᠠᠯᠪᠢᠵᠤ ᠤᠨᠠᠲᠠᠯ᠎ᠠ ᠪᠠᠨ ᠲᠤᠯᠤᠯᠳᠤᠬᠤ ᠶ᠋ᠢ ᠬᠠᠷᠠᠭᠰᠠᠨ ᠪᠠᠢᠨ᠎ᠠ᠂ ᠲᠠᠲ᠋ᠠᠷ ᠤ᠋ᠳ ᠣᠢᠷᠠᠲᠤᠭᠰᠠᠨ ᠭᠡᠨ᠎ᠡ᠂ ᠤᠳᠠᠬᠤ ᠦᠭᠡᠢ ᠡᠨᠳᠡ ᠢᠷᠡᠨ᠎ᠡ ᠭᠡᠨ᠎ᠡ᠃
ᠭᠸᠤᠷᠬᠢ ᠸᠠᠩ ᠭᠦᠶᠦᠵᠦ ᠬᠠᠰᠢᠶᠠᠨ ᠳᠣᠲᠣᠷ᠎ᠠ ᠭᠠᠷᠪᠠ᠃ ᠳᠠᠭᠠᠭᠤᠯᠢ ᠨᠤᠭᠤᠳ ᠥᠨᠳᠥᠷ ᠬᠡᠭᠡᠷ ᠮᠣᠷᠢᠨ ᠤ᠋ ᠣᠯᠣᠩ ᠢ᠋ ᠴᠢᠩᠭᠠᠯᠠᠪᠠ᠃ ᠸᠠᠩ ᠮᠣᠷᠢᠨ ᠳ᠋ᠠᠭᠠᠨ ᠮᠣᠷᠳᠠᠵᠤ ᠪᠠᠷᠭᠠᠳ ᠭᠠᠷ ᠤ᠋ᠨ ᠪᠡᠭᠡᠯᠡᠢ ᠲᠡᠢ ᠭᠠᠷ ᠢ᠋ᠶ᠋ᠠᠷ ᠵᠢᠯᠣᠭᠣ ᠶ᠋ᠢ ᠲᠠᠲᠠᠵᠤ ᠵᠡᠭᠦᠨ ᠭᠠᠷ ᠲᠤ᠌ ᠪᠢᠴᠢᠬᠠᠨ ᠳᠤᠭᠤᠢ ᠪᠠᠮᠪᠠᠢ ᠶ᠋ᠢᠨ ᠰᠤᠷ ᠣᠭᠣᠰᠣᠷ ᠢ᠋ ᠤᠭᠯᠠᠨ᠂ ᠠᠯᠲᠠᠨ ᠳᠤᠭᠤᠯᠠᠭ᠎ᠠ ᠶ᠋ᠢ ᠬᠥᠮᠥᠰᠬᠡ ᠤᠷᠤᠭᠤ ᠪᠠᠨ ᠳᠠᠷᠤᠪᠠ᠃
— ᠵᠠ ᠨᠠᠴᠢᠨ ᠬᠠᠷᠴᠠᠭᠠᠢ ᠨᠤᠭᠤᠳ ᠮᠢᠨᠢ᠂ ᠪᠡᠯᠡᠬᠡᠨ ᠪᠣᠯᠪᠠ ᠤᠤ!
ᠳᠠᠭᠠᠭᠤᠯᠢ ᠶ᠋ᠢᠨ ᠴᠡᠷᠢᠭ ᠦ᠋ᠳ ᠵᠦᠭ ᠪᠦᠷᠢ ᠡᠴᠡ ᠮᠣᠷᠢᠳ ᠢ᠋ᠶ᠋ᠠᠨ ᠬᠥᠲᠥᠯᠦᠨ ᠭᠦᠶᠦᠯᠳᠦᠨ ᠢᠷᠡᠵᠡᠭᠡᠪᠡ᠃ᠪᠠᠢᠯᠳᠤᠭᠠᠨ ᠤ᠋ ᠬᠦᠷᠢᠶᠡᠨ ᠳᠣᠲᠣᠷ᠎ᠠ ᠭᠠᠵᠠᠷ ᠪᠦᠬᠦᠨ ᠳ᠋ᠦ᠍ ᠪᠠᠢᠯᠳᠤᠭᠠᠨ ᠤ᠋ ᠲᠤᠩ ᠬᠠᠩᠭᠢᠨᠠᠵᠤ ᠪᠦᠷᠢᠶ᠎ᠡ ᠳᠤᠤᠭᠠᠷᠤᠨ ᠵᠢᠵᠢᠭ ᠪᠥᠮᠪᠥᠷ ᠫᠠᠵᠢᠭᠢᠨᠠᠪᠠ᠃
ᠦᠰᠦᠭ ᠠᠮᠢᠯᠠᠭᠤᠯᠤᠭᠴᠢ᠄ ᠮᠡᠷᠭᠡᠨᠭᠣᠣ᠎ᠠ 1᠂ ᠪᠠᠶᠠᠨᠴᠡᠴᠡᠭ 1᠂ ᠠᠯᠲᠠᠨᠴᠢᠮᠡᠭ 2
ᠶᠡᠷᠦᠩᠬᠡᠢ ᠬᠢᠨᠠᠭᠴᠢ᠄ ᠠᠯᠲᠠᠨᠴᠢᠮᠡᠭ 4᠂ ᠠᠷᠢᠭᠤᠨ 4
