ᠪᠠᠲᠤ ᠬᠠᠭᠠᠨ 8-15ᠲᠠᠪᠢᠯᠠᠩᠲᠤ ᠡᠳᠦᠷ-ᠰᠢᠭᠤᠷᠭ᠎ᠠ ᠲᠠᠯᠪᠢᠪᠠBat khaan Бат хаан-ᠷᠣᠮᠠᠨ
ᠠᠷᠪᠠᠨ ᠲᠠᠪᠤ ᠂ ᠲᠠᠪᠢᠯᠠᠩᠲᠤ ᠡᠳᠦᠷ
1238᠂ ᠶᠦᠷᠢ ᠬᠣᠶᠠᠳᠤᠭᠠᠷ ( ᠰᠦᠽᠳᠠᠯᠢ ᠶ᠋ᠢᠨ ᠪᠤᠶᠤ ᠸᠯᠠᠳᠢᠮᠢᠷ ᠤ᠋ᠨ ᠶᠡᠬᠡ ᠸᠠᠩ) ᠰᠢᠲ ᠭᠣᠣᠯ ᠤ᠋ᠨ ᠳᠡᠷᠭᠡᠳᠡ ᠪᠤᠲᠠ ᠴᠣᠬᠢᠭᠳᠠᠵᠤ ᠠᠯᠳᠠᠷ ᠲᠠᠢ ᠬᠥᠮᠦᠰ ᠦ᠋ᠨ ᠬᠠᠮᠲᠤ ᠪᠠᠢᠯᠳᠤᠭᠠᠨ ᠤ᠋ ᠲᠠᠯᠠᠪᠠᠢ ᠳᠡᠭᠡᠷ᠎ᠡ ᠠᠮᠢ ᠠᠯᠳᠠᠵᠠᠢ᠃ ᠣᠷᠣᠰ ᠤ᠋ᠨ ᠬᠤᠪᠢ ᠵᠠᠶᠠᠭ᠎ᠠ ᠨᠢ 250 ᠵᠢᠯ ᠳ᠋ᠦ᠍ ᠰᠢᠢᠳᠪᠦᠷᠢᠯᠡᠭᠳᠡᠪᠡ᠃
( ᠺ᠊᠂ ᠮᠠᠷᠺᠰ᠂ ᠣᠨ ᠳᠠᠷᠠᠭᠠᠯᠠᠭᠰᠠᠨ ᠲᠡᠮᠳᠡᠭᠯᠡᠯ ᠦ᠋ᠳ)
᠁ ᠪᠠᠲᠤ ᠬᠠᠭᠠᠨ ᠥᠪᠡᠷ ᠦ᠋ᠨ ᠲᠦᠮᠡᠲᠦ ᠶ᠋ᠢᠨ ᠲᠡᠷᠢᠭᠦᠨ ᠳ᠋ᠦ᠍ ᠳᠠᠪᠬᠢᠵᠤ ᠪᠠᠢᠯᠳᠤᠭᠠᠨ ᠤ᠋ ᠲᠠᠯᠠᠪᠠᠢ ᠳᠡᠭᠡᠷ᠎ᠡ ᠬᠦᠷᠴᠦ ᠢᠷᠡᠪᠡ᠃ ᠰᠦᠪᠡᠭᠡᠳᠡᠢ ᠪᠠᠭᠠᠲᠤᠷ ᠲᠡᠭᠦᠨ ᠢ᠋ ᠢᠳᠬᠠᠵᠤ ᠬᠡᠯᠡᠭᠰᠡᠨ ᠨᠢ ᠳᠡᠮᠡᠢ ᠪᠣᠯᠵᠤ ᠲᠡᠷᠡ ᠢᠳᠬᠠᠬᠤ ᠳ᠋ᠠᠭᠠᠨ᠄
— ᠮᠡᠷᠭᠡᠨ ᠡᠪᠦᠭᠡ( ᠪᠡᠨ )ᠰᠠᠨᠠᠭᠲᠤᠨ᠃ ᠲᠡᠷᠡ ᠡᠷᠡᠯᠬᠡᠭ ᠨᠡᠷ᠎ᠡ ᠶ᠋ᠢ ᠣᠯᠬᠤ ᠶ᠋ᠢᠨ ᠲᠤᠯᠠ ᠰᠣᠭᠲᠣᠭᠤ ᠴᠡᠷᠢᠭ ᠰᠢᠭ᠌ ᠣᠯᠠᠨ ᠤ᠋ ᠡᠮᠦᠨ᠎ᠡ ᠲᠦᠷᠦᠭᠦᠯᠡᠨ ᠳᠠᠪᠬᠢᠳᠠᠭ ᠦᠭᠡᠢ ᠰᠠᠨ᠂ ᠲᠡᠷᠡ ᠦᠷᠭᠦᠯᠵᠢ ᠲᠡᠮᠦᠷ ᠮᠡᠲᠦ ᠢᠯᠠᠭᠳᠠᠰᠢ ᠦᠭᠡᠢ ᠲᠦᠮᠡᠨ ᠴᠡᠷᠢᠭ ᠦ᠋ᠨ ᠢ᠋ᠶ᠋ᠡᠨ ᠬᠣᠢᠨ᠎ᠠ ᠶᠠᠪᠤᠵᠤ ᠲᠡᠳᠡᠨ ᠢ᠋ ᠴᠢᠳᠠᠮᠠᠭᠠᠢ ᠪᠠᠷ ᠵᠢᠯᠣᠭᠣᠳᠴᠤ ᠶᠠᠪᠤᠭᠰᠠᠨ ᠪᠤᠶᠤ ᠬᠠᠮᠢᠭ᠎ᠠ ᠪᠠᠨ ᠰᠢᠢᠳᠪᠦᠷᠢᠲᠡᠢ ᠴᠣᠬᠢᠯᠲᠠ ᠶ᠋ᠢ ᠥᠭᠬᠦ ᠬᠡᠷᠡᠭ ᠲᠡᠢ ᠪᠣᠯᠤᠭᠰᠠᠨ ᠭᠠᠵᠠᠷ ᠲᠤᠰᠠᠯᠠᠮᠵᠢ ᠶ᠋ᠢᠨ ᠴᠡᠷᠢᠭ ᠶᠠᠪᠤᠭᠤᠯᠵᠤ ᠪᠠᠢᠭᠰᠠᠨ ᠰᠢᠦ᠃ ᠥᠪᠡᠷ ᠦ᠋ᠨ ᠵᠠᠯᠠᠭᠤ ᠳᠡᠭᠦᠦ ᠬᠥᠩᠭᠡᠮᠰᠦᠭ ᠺᠶᠦᠯᠺᠡᠨ ( ᠬᠥᠯᠭᠡᠨ ) ᠬᠠᠭᠠᠨ ᠢ᠋ ᠰᠠᠨᠠᠭᠲᠤᠨ᠃ ᠲᠡᠷᠡ ᠭᠠᠪᠰᠢᠭᠠᠢ ᠭᠠᠷᠮᠠᠭᠠᠢ ᠪᠠᠨ ᠭᠠᠢᠬᠠᠭᠤᠯᠬᠤ ᠭᠡᠵᠦ ᠶᠠᠪᠤᠭᠠᠳ ᠶᠠᠮᠠᠷ ᠴᠤ᠌ ᠠᠰᠢᠭ ᠦᠭᠡᠢ᠂ ᠬᠣᠭᠣᠯᠠᠢ ᠳ᠋ᠠᠭᠠᠨ ᠰᠤᠮᠤ ᠰᠢᠭᠠᠯᠭᠠᠭᠰᠠᠨ ᠪᠢᠯᠡ᠁
ᠪᠠᠲᠤ ᠬᠠᠭᠠᠨ ᠳᠤᠭᠤᠢ ᠪᠠᠢᠵᠤ᠂ ᠳᠤᠷ᠎ᠠ ᠦᠭᠡᠢᠴᠡᠨ᠂ ᠬᠠᠷᠢᠭᠤ ᠬᠡᠯᠡᠭᠰᠡᠨ ᠨᠢ᠄
— ᠲᠦᠮᠡᠲᠦ ᠶ᠋ᠢᠨ ᠳᠠᠷᠤᠭ᠎ᠠ ᠪᠣᠷᠣᠨᠲᠠᠢ ᠠᠭᠤᠤ ᠶᠡᠬᠡ ᠢᠯᠠᠯᠲᠠ ᠶ᠋ᠢ ᠮᠢᠨᠦ ᠡᠪᠦᠷ ᠡᠴᠡ ᠪᠤᠯᠢᠶᠠᠨ ᠠᠪᠬᠤ ᠶ᠋ᠢ ᠨᠢ ᠪᠢ ᠬᠦᠰᠡᠬᠦ ᠦᠭᠡᠢ ᠪᠠᠢᠨ᠎ᠠ᠃
ᠪᠠᠲᠤ ᠬᠠᠭᠠᠨ ᠤ᠋ ᠴᠡᠷᠢᠭ ᠦ᠋ᠳ ᠲᠠᠲ᠋ᠠᠷ ᠤ᠋ᠳ ᠤ᠋ᠨ ᠢᠯᠠᠯᠲᠠ ᠭᠤᠢᠪᠢᠵᠤ ᠪᠠᠢᠬᠤ ᠦᠶᠡᠰ ᠲᠦ᠍ ᠰᠢᠲ ᠭᠣᠣᠯ ᠤ᠋ᠨ ᠡᠷᠭᠢ ᠳᠡᠭᠡᠷ᠎ᠡ ᠬᠦᠷᠦᠯᠴᠡᠨ ᠢᠷᠡᠵᠡᠭᠡᠪᠡ᠃ ᠣᠷᠣᠰ ᠤ᠋ᠳ ᠮᠠᠰᠢ ᠭᠠᠷᠮᠠᠭᠠᠢ ᠪᠠᠷ ᠪᠠᠢᠯᠳᠤᠵᠤ ᠪᠠᠢᠪᠠ᠃ ᠲᠠᠲ᠋ᠠᠷ ᠤ᠋ᠳ ᠶᠠᠮᠠᠷ ᠴᠤ᠌ ᠡᠮᠬᠢ ᠵᠠᠮᠪᠠᠷᠠᠭ᠎ᠠ ᠦᠭᠡᠢ ᠪᠡᠷ ᠦᠢᠮᠡᠯᠳᠦᠵᠦ ᠪᠠᠢᠪᠠ᠃
ᠲᠦᠮᠡᠲᠦ ᠶ᠋ᠢᠨ ᠳᠠᠷᠤᠭ᠎ᠠ ᠪᠣᠷᠣᠨᠲᠠᠢ ᠳᠠᠢᠰᠤᠨ ᠤ᠋ ᠰᠢᠷᠦᠭᠦᠨ ᠡᠰᠡᠷᠭᠦᠴᠡᠯ ᠢ᠋ ᠭᠠᠭᠴᠠᠬᠠᠨ ᠴᠣᠬᠢᠯᠲᠠ ᠪᠠᠷ ᠨᠢᠴᠤᠭᠠᠬᠤ ᠶ᠋ᠢᠨ ᠲᠤᠯᠠᠳᠠ ᠥᠪᠡᠷ ᠦ᠋ᠨ ᠲᠠᠷᠬᠠᠵᠤ ᠪᠤᠲᠠᠷᠠᠭᠰᠠᠨ ᠮᠣᠷᠢᠨ ᠴᠡᠷᠢᠭ ᠦ᠋ᠳ ᠢ᠋ ᠴᠤᠭᠯᠠᠭᠤᠯᠤᠨ ᠠᠪᠴᠤ ᠴᠢᠳᠠᠬᠤ ᠦᠭᠡᠢ ᠪᠠᠢᠪᠠ᠃
ᠰᠢᠨ᠎ᠡ ᠢᠷᠡᠭᠰᠡᠨ ᠬᠣᠶᠠᠷ ᠲᠦᠮᠡᠨ ᠴᠡᠷᠢᠭ ᠶᠡᠬᠡ ᠲᠤᠯᠤᠯᠳᠤᠭᠠᠨ ᠤ᠋ ᠲᠡᠭᠦᠰᠬᠡᠯ ᠢ᠋ ᠰᠢᠢᠳᠪᠦᠷᠢᠯᠡᠵᠡᠢ᠃ ᠣᠷᠣᠰ ᠤ᠋ᠳ ᠤᠬᠤᠷᠢᠵᠤ ᠭᠣᠣᠯ ᠤ᠋ᠨ ᠡᠭᠴᠡ ᠡᠷᠭᠢ ᠡᠴᠡ ᠤᠷᠤᠭᠤᠳᠠᠨ ᠤᠨᠠᠵᠠᠭᠠᠵᠤ ᠣᠢ ᠮᠣᠳᠣ ᠶ᠋ᠢ ᠴᠢᠭᠯᠡᠨ ᠵᠢᠭᠤᠲᠠᠵᠤ ᠡᠬᠢᠯᠡᠪᠡ᠃ ᠲᠠᠲ᠋ᠠᠷ ᠤ᠋ᠨ ᠰᠢᠨ᠎ᠡ ᠬᠦᠷᠦᠯᠴᠡᠨ ᠢᠷᠡᠭᠰᠡᠨ ᠣᠲ᠋ᠷᠢᠶᠠᠳ᠋ ᠤ᠋ᠳ ᠲᠠᠢ ᠡᠰᠡᠷᠭᠦᠴᠡᠨ ᠲᠡᠭᠦᠪᠦᠷᠢᠯᠡᠬᠦ ᠬᠦᠴᠦᠨ ᠲᠡᠳᠡᠨ ᠳ᠋ᠦ᠍ ᠪᠠᠢᠭᠰᠠᠨ ᠦᠭᠡᠢ ᠪᠢᠯᠡ᠃ ᠲᠡᠮᠡᠴᠡᠯ ᠪᠠᠢᠯᠳᠤᠭᠴᠢ ᠨᠠᠷ ᠢ᠋ ᠨᠢᠭᠡᠳᠬᠡᠨ ᠪᠥᠭᠡᠮᠨᠡᠷᠡᠭᠦᠯᠵᠦ ᠠᠶᠤᠯᠲᠠᠢ ᠭᠠᠵᠠᠷ ᠤᠷᠤᠭᠤ ᠴᠢᠭᠯᠡᠭᠦᠯᠬᠦ ᠤᠳᠤᠷᠢᠳᠤᠭᠴᠢ ᠪᠠᠢᠭᠰᠠᠨ ᠦᠭᠡᠢ᠂ ᠬᠠᠷ᠎ᠠ ᠲᠤᠭ ᠤᠨᠠᠵᠤ ᠸᠠᠩ ᠭᠸᠤᠷᠬᠢ ᠠᠯᠠᠭᠳᠠᠭᠰᠠᠨ ᠪᠠ ᠲᠤᠷᠰᠢᠯᠭ᠎ᠠ ᠲᠠᠢ ᠡᠷᠡᠯᠬᠡᠭ ᠵᠣᠷᠢᠭᠲᠠᠢ ᠸᠠᠩ ᠸᠠᠰᠢᠯᠢᠺᠤ ᠠᠮᠢᠳᠤ ᠪᠠᠷ ᠣᠯᠵᠠᠯᠠᠭᠳᠠᠭᠰᠠᠨ ᠪᠠᠢᠵᠠᠢ᠃ ᠣᠷᠣᠰ ᠤ᠋ᠨ ᠴᠡᠷᠢᠭ ᠦ᠋ᠳ ᠶᠠᠮᠠᠷ ᠴᠥ᠍ ᠡᠮᠬᠢ ᠵᠠᠮᠪᠠᠷᠠᠭ᠎ᠠ ᠦᠭᠡᠢ ᠪᠥᠭᠡᠮᠨᠡᠷᠡᠨ ᠦᠢᠮᠡᠯᠳᠦᠬᠦ ᠪᠣᠯᠤᠭᠰᠠᠨ ᠪᠠ ᠬᠥᠮᠦᠨ ᠪᠦᠷᠢ ᠥᠪᠡᠷ ᠦ᠋ᠨ ᠴᠢᠳᠠᠬᠤ ᠬᠢᠷᠢ ᠪᠡᠷ ᠪᠠᠢᠯᠳᠤᠵᠤ ᠪᠠᠢᠪᠠ᠃ ᠴᠡᠷᠢᠭ ᠦ᠋ᠳ ᠦ᠋ᠨ ᠡᠷᠡᠯᠬᠡᠭ ᠵᠣᠷᠢᠭ ᠪᠠ ᠲᠡᠳᠡᠭᠡᠷ ᠦ᠋ᠨ ᠶᠡᠬᠡ ᠳᠤᠷᠠᠰᠬᠠᠯᠲᠤ ᠵᠢᠳᠬᠦᠯ ᠨᠢ ᠠᠰᠢᠭ ᠲᠤᠰᠠ ᠲᠠᠢ ᠪᠣᠯᠵᠠᠢ᠃
ᠪᠠᠲᠤ ᠬᠠᠭᠠᠨ ᠨᠢᠭᠡᠨ ᠥᠨᠳᠥᠷᠯᠢᠭ ᠬᠥᠪᠡᠭᠡᠨ ᠳᠡᠭᠡᠷ᠎ᠡ ᠭᠠᠷᠴᠤ ᠲᠠᠲ᠋ᠠᠷ ᠤ᠋ᠨ ᠴᠡᠷᠢᠭ ᠦ᠋ᠳ ᠬᠡᠷᠬᠢᠨ ᠬᠠᠰᠬᠢᠷᠤᠯᠳᠤᠨ ᠳᠣᠪᠲᠣᠯᠬᠤ ᠪᠠ ᠣᠷᠣᠰ ᠤ᠋ᠳ ᠲᠠᠢ ᠲᠤᠯᠭᠠᠷᠠᠮᠠᠭᠴᠠ ᠬᠡᠷᠬᠢᠨ ᠳᠠᠭᠤ ᠴᠢᠮᠡᠭᠡ ᠪᠡᠨ ᠬᠤᠷᠢᠶᠠᠵᠤ ᠬᠡᠷᠬᠢᠨ ᠭᠠᠯᠵᠠᠭᠤᠷᠠᠭᠰᠠᠨ ᠮᠡᠲᠦ ᠴᠠᠪᠴᠢᠯᠳᠤᠬᠤ ᠶ᠋ᠢ ᠲᠡᠨᠳᠡ ᠡᠴᠡ ᠬᠢᠨᠠᠨ ᠬᠠᠷᠠᠵᠤ ᠪᠠᠢᠵᠠᠢ᠃ ᠭᠠᠭᠴᠠᠬᠦ ᠬᠦᠨᠳᠦ ᠪᠡᠷ ᠰᠢᠷᠬᠠᠲᠤᠭᠰᠠᠨ ᠬᠥᠮᠦᠰ ᠦ᠋ᠨ ᠬᠠᠶᠠ ᠬᠠᠰᠬᠢᠷᠴᠤ ᠭᠠᠰᠠᠯᠬᠤ ᠨᠢ ᠴᠠᠰᠤᠲᠤ ᠲᠠᠯ᠎ᠠ ᠶ᠋ᠢ ᠠᠶᠤᠮᠰᠢᠭᠲᠤ ᠮᠠᠭᠤᠬᠠᠢ ᠳᠠᠭᠤ ᠨᠤᠭᠤᠳ ᠢ᠋ᠶ᠋ᠠᠷ ᠪᠦᠷᠬᠦᠭᠦᠯᠦᠨ᠎ᠡ᠃
ᠲᠡᠭᠦᠨ ᠦ᠌ ᠳᠠᠷᠤᠭ᠎ᠠ ( ᠳᠠᠷᠠᠭ᠎ᠠ ) ᠪᠣᠷᠤᠨᠳᠠᠢ ᠮᠣᠷᠢᠨ ᠠ᠋ᠴᠠ ᠪᠠᠨ ᠪᠠᠭᠤᠵᠤ ᠠᠶᠠᠷᠬᠠᠨ ᠶᠠᠪᠤᠵᠤ ᠲᠣᠯᠣᠭᠠᠢ ᠳᠡᠭᠡᠷ᠎ᠡ ᠭᠠᠷᠪᠠ᠃ ᠬᠡᠵᠢᠶᠡᠳᠡ ᠶᠠᠭᠤᠮ᠎ᠠ ᠤᠷᠤᠭᠤ ᠳᠣᠷᠣᠢ ᠤᠢᠳᠬᠠᠷᠲᠠᠢ ᠪᠠᠷ ᠶᠠᠪᠤᠳᠠᠭ ᠪᠤᠷᠤᠨᠳᠠᠢ᠂ ᠪᠠᠲᠤ ᠬᠠᠭᠠᠨ ᠤ᠋ ᠳᠡᠷᠭᠡᠳᠡ ᠬᠦᠷᠴᠦ ᠥᠷᠥᠭᠡᠰᠦᠨ ᠬᠥᠯ ᠢ᠋ᠶ᠋ᠡᠨ ᠰᠥᠭᠥᠳᠦᠨ ᠮᠣᠷᠢᠨ ᠤ᠋ ᠲᠤᠭᠤᠷᠠᠢ ᠶ᠋ᠢ ᠦᠨᠦᠰᠪᠡ᠃ ᠪᠣᠷᠣᠨᠳᠠᠢ ᠡᠷᠭᠢᠵᠦ ᠬᠣᠢᠨ᠎ᠠ ᠠ᠋ᠴᠠ ᠪᠠᠨ ᠳᠠᠭᠠᠵᠤ ᠶᠠᠪᠤᠭᠰᠠᠨ ᠴᠡᠷᠢᠭ ᠦ᠋ᠨ ᠭᠠᠷ ᠠ᠋ᠴᠠ ᠠᠯᠲᠠᠨ ᠬᠡ ᠬᠤᠸᠠᠷᠲᠠᠢ ᠪᠠᠭᠠᠬᠠᠨ ᠪᠣᠯᠣᠳ ᠪᠠᠮᠪᠠᠢ ᠶ᠋ᠢ ᠠᠪᠴᠤ ᠲᠣᠯᠣᠭᠠᠢ ᠳᠡᠭᠡᠷ᠎ᠡ ᠪᠡᠨ ᠡᠷᠭᠦᠭᠰᠡᠨ ᠨᠢ ᠲᠡᠭᠦᠨ ᠦ᠌ ᠳᠡᠭᠡᠷ᠎ᠡ ᠸᠠᠩ ᠭᠧᠤᠷᠬᠢ ᠶ᠋ᠢᠨ ᠲᠣᠯᠣᠭᠠᠢ ᠶ᠋ᠢ ᠲᠠᠯᠪᠢᠭᠰᠠᠨ ᠠᠵᠢ᠃
ᠪᠠᠲᠤ ᠬᠠᠭᠠᠨ ᠪᠣᠷᠤᠨᠳᠠᠢ ᠶ᠋ᠢ ᠣᠭᠲᠣ ᠠᠵᠢᠬᠤ ᠦᠭᠡᠢ ᠠᠯᠤᠰ ᠢ᠋ ᠬᠠᠷᠠᠵᠤ᠂ ᠡᠭᠳᠡᠭᠦᠷᠬᠡᠨ᠂
— ᠶᠠᠭᠤᠨ ᠳ᠋ᠤ᠌ ᠣᠷᠣᠰ ᠤ᠋ᠨ ᠪᠤᠷᠬᠠᠨ ᠤ᠋ ᠰᠦᠮ᠎ᠡ ᠰᠢᠳᠡᠵᠦ ᠪᠠᠢᠨ᠎ᠠ ᠪᠣᠢ? ᠮᠣᠩᠭᠣᠯᠴᠤᠳ ᠤ᠋ᠨ ᠠᠭᠤᠤ ᠶᠡᠬᠡ ᠬᠠᠭᠠᠨ ᠤ᠋ ᠲᠥᠯᠥᠭᠡᠨ᠎ᠡ ᠮᠥᠷᠭᠥᠯ ᠬᠢᠵᠦ ᠪᠠᠢᠬᠤ ᠶ᠋ᠢᠨ ᠲᠤᠯᠠ ᠣᠷᠣᠰ ᠤ᠋ᠨ ᠪᠥᠬᠡ ᠨᠠᠷ ᠢ᠋ ᠥᠷᠥᠰᠢᠶᠡᠵᠦ ᠬᠠᠮᠠᠭᠠᠯᠠᠵᠤ ᠪᠠᠢᠭᠲᠤᠨ ᠭᠡᠵᠦ ᠪᠢ ᠲᠤᠰᠢᠶᠠᠭᠰᠠᠨ ᠪᠢᠯᠡ! ᠭᠡᠵᠦ ᠳᠤᠷ᠎ᠠ ᠦᠭᠡᠢᠴᠡᠨ ᠬᠡᠯᠡᠪᠡ᠃
ᠪᠣᠷᠤᠨᠳᠠᠢ ᠮᠥᠨ ᠪᠠᠮᠪᠠᠢ ᠶ᠋ᠢ ᠲᠣᠯᠣᠭᠠᠢ ᠳᠡᠭᠡᠷ᠎ᠡ ᠪᠡᠨ ᠪᠠᠷᠢᠵᠤ ᠳᠠᠭᠤ ᠴᠢᠮᠡᠭᠡ ᠦᠭᠡᠢ ᠪᠡᠷ ᠡᠪᠦᠳᠦᠭᠯᠡᠵᠦ ᠵᠣᠭᠰᠣᠭᠰᠠᠭᠠᠷ ᠪᠠᠢᠨ᠎ᠠ᠃ ᠪᠠᠲᠤ ᠬᠠᠭᠠᠨ᠂ ᠣᠷᠣᠰ ᠤ᠋ᠨ ᠸᠠᠩ ᠭᠧᠤᠷᠬᠢ ᠶ᠋ᠢᠨ ᠲᠣᠯᠣᠭᠠᠢ ᠳ᠋ᠤ᠌ ᠬᠠᠷᠠᠭ᠎ᠠ ᠪᠠᠨ ᠳᠤᠰᠬᠠᠪᠠ᠃ ᠲᠡᠭᠦᠨ ᠦ᠌ ᠪᠤᠵᠢᠭᠢᠷ ᠪᠤᠭᠤᠷᠤᠯ ᠦᠰᠦᠲᠡᠢ᠂ ᠬᠠᠷ᠎ᠠ ᠰᠠᠬᠠᠯᠲᠠᠢ᠂ ᠬᠠᠷ᠎ᠠ ᠬᠦᠷᠡᠩ ᠴᠢᠰᠤ ᠪᠣᠯᠤᠭᠰᠠᠨ ᠨᠢᠭᠤᠷ ᠨᠢ ᠭᠠᠰᠠᠯᠠᠩ ᠵᠣᠪᠠᠯᠠᠩ ᠢ᠋ ᠶᠡᠷᠦ ᠮᠡᠳᠡᠬᠦ ᠦᠭᠡᠢ ᠤᠨᠲᠠᠵᠤ ᠪᠠᠢᠭ᠎ᠠ ᠰᠢᠭ᠋ ᠰᠠᠨᠠᠭᠳᠠᠪᠠ᠃
ᠪᠠᠲᠤ ᠬᠠᠭᠠᠨ ᠡᠷᠡᠰ ᠲᠣᠩᠭᠣᠢᠵᠤ ᠣᠭᠲᠣᠯᠤᠭᠰᠠᠨ ᠲᠣᠯᠣᠭᠠᠢ ᠶ᠋ᠢᠨ ᠴᠢᠬᠢᠨ ᠳ᠋ᠦ᠍ ᠬᠦᠷᠴᠦ ᠦᠵᠡᠭᠡᠳ᠄
— ᠴᠢᠬᠢ ᠨᠢ ᠤᠷᠠᠭᠳᠠᠵᠤ ᠭᠡᠮᠲᠦᠭᠰᠡᠨ ᠪᠠᠢᠨ᠎ᠠ! ᠴᠢ ᠥᠪᠡᠷ ᠦ᠋ᠨ ᠢ᠋ᠶ᠋ᠡᠨ ᠮᠣᠷᠢᠨ ᠤ᠋ ᠰᠡᠭᠦᠯ ᠳ᠋ᠦ᠍ ᠤᠶᠠᠵᠤ ᠴᠢᠷᠴᠦ ᠣᠷᠬᠢᠭᠰᠠᠨ ᠡᠨᠡ ᠪᠡᠯᠡᠭ ᠢ᠋ ᠨᠠᠳᠠᠳᠤ ᠬᠦᠷᠭᠡᠵᠦ ᠪᠠᠷᠢᠵᠤ ᠪᠠᠢᠨ᠎ᠠ ᠤᠤ? ᠴᠢ ᠨᠠᠳᠠ ᠪᠠᠷ ᠢᠨᠢᠶᠡᠳᠦᠮ ᠪᠣᠯᠭᠠᠬᠤ ᠶ᠋ᠢ ᠬᠦᠰᠡᠵᠦ ᠪᠠᠢᠨ᠎ᠠ ᠤᠤ? ᠁ ᠵᠠᠢᠯᠠ!
ᠪᠠᠲᠤ ᠬᠠᠭᠠᠨ ᠲᠡᠷᠡ ᠪᠠᠮᠪᠠᠢ ᠶ᠋ᠢ ᠲᠠᠰᠢᠭᠤᠷᠳᠠᠪᠠ᠃ ᠳᠡᠭᠡᠷᠡᠬᠢ ᠲᠣᠯᠣᠭᠠᠢ ᠨᠢ ᠤᠨᠠᠵᠤ ᠥᠨᠳᠥᠷ ᠬᠥᠪᠡᠭᠡᠨ ᠦ᠌ ᠡᠭᠴᠡ ᠪᠠᠯ ᠢ᠋ ᠤᠷᠤᠭᠤᠳᠠᠨ ᠥᠩᠬᠥᠷᠢᠵᠦ ᠴᠠᠰᠤᠨ ᠳ᠋ᠤ᠌ ᠰᠢᠭᠢᠳᠴᠦ ᠵᠣᠭᠰᠣᠪᠠ᠃ ᠠᠭᠤᠷᠯᠠᠭᠰᠠᠨ ᠰᠢᠷ᠎ᠠ ᠴᠢᠷᠠᠢ ᠲᠠᠢ ᠪᠣᠷᠤᠨᠲᠠᠢ ᠡᠪᠦᠳᠦᠭ ᠢ᠋ᠶ᠋ᠡᠨ ᠬᠦᠷᠲᠡᠯ᠎ᠡ ᠲᠣᠩᠭᠣᠢᠵᠤ ᠬᠦᠨᠳᠦᠳᠬᠡᠭᠰᠡᠨ ᠵᠢᠵᠢᠭᠬᠡᠨ ᠠᠯᠬᠤᠮ ᠢ᠋ᠶ᠋ᠠᠷ ᠵᠠᠢᠯᠠᠵᠤ ᠣᠳᠪᠠ᠃
ᠪᠠᠲᠤ ᠬᠠᠭᠠᠨ ᠤ᠋ ᠪᠠᠷ᠎ᠠ ᠪᠣᠯᠤᠭᠴᠢᠳ ᠨᠢ ᠵᠠᠩᠵᠤᠨ ᠴᠠᠰᠢ ᠶᠠᠭᠠᠬᠢᠬᠤ ᠪᠠ ᠥᠪᠡᠷ ᠦ᠋ᠨ ᠠᠭᠤᠷ ᠢ᠋ ᠬᠡᠷᠬᠢᠨ ᠭᠠᠷᠭᠠᠬᠤ ᠶ᠋ᠢ ᠮᠠᠰᠢ ᠰᠣᠨᠢᠷᠬᠠᠨ ᠬᠠᠷᠠᠵᠠᠭᠠᠵᠤ ᠪᠠᠢᠪᠠ᠃ ᠭᠡᠲᠡᠯ᠎ᠡ ᠪᠠᠲᠤ ᠬᠠᠭᠠᠨ ᠶᠠᠭᠤ ᠨᠢ ᠴᠦ᠍ ᠮᠡᠳᠡᠭᠳᠡᠬᠦ ᠦᠭᠡᠢ ᠨᠢᠭᠤᠷ ᠴᠢᠷᠠᠢ ᠭᠠᠷᠭᠠᠵᠤ ᠲᠤᠯᠤᠯᠳᠤᠭᠠᠨ ᠢ᠋ ᠲᠠᠢᠪᠤᠩ ᠢ᠋ᠶ᠋ᠠᠷ ᠬᠢᠨᠠᠨ ᠬᠠᠷᠠᠭᠰᠠᠭᠠᠷ ᠵᠣᠭᠰᠣᠵᠤ ᠪᠠᠢᠯ᠎ᠠ᠃
ᠣᠷᠣᠰ ᠤ᠋ᠳ ᠵᠦᠭ ᠪᠦᠷᠢ ᠳ᠋ᠦ᠍ ᠤᠬᠤᠷᠢᠵᠤ ᠡᠭᠴᠡ ᠡᠷᠭᠢ ᠳᠡᠭᠡᠷ᠎ᠡ ᠡᠴᠡ ᠬᠤᠷᠳᠤᠨ ᠭᠦᠶᠦᠯᠳᠦᠨ ᠮᠥᠰᠥᠨ ᠳᠡᠭᠡᠷ᠎ᠡ ᠪᠠᠭᠤᠵᠤ ᠨᠥᠭᠦᠭᠡ ᠡᠷᠭᠢ ᠥᠭᠡᠳᠡ ᠶᠠᠭᠠᠷᠠᠨ ᠭᠠᠷᠤᠭᠠᠳ ᠣᠢ ᠮᠣᠳᠣᠨ ᠤ᠋ ᠭᠦᠨ ᠳ᠋ᠦ᠍ ᠳᠠᠯᠳᠠ ᠣᠷᠣᠨ᠎ᠠ᠃ ᠲᠠᠲ᠋ᠠᠷ ᠤ᠋ᠳ ᠲᠡᠳᠡᠨ ᠢ᠋ ᠭᠦᠢᠴᠡᠨ ᠣᠴᠢᠵᠤ ᠪᠠᠷᠢᠯᠴᠠᠨ ᠠᠪᠤᠯᠴᠠᠵᠤ ᠴᠠᠪᠴᠢᠯᠳᠤᠨ ᠴᠠᠰᠢ ᠳᠠᠪᠬᠢᠯᠳᠤᠵᠠᠭᠠᠨᠠ᠃ ᠴᠠᠰᠤᠲᠠᠢ ᠴᠠᠭᠠᠨ ᠲᠠᠯ᠎ᠠ ᠳᠡᠭᠡᠷ᠎ᠡ ᠠᠯᠠᠭᠳᠠᠭᠴᠢᠳ ᠤ᠋ᠨ ᠬᠡᠭᠦᠷ ᠦ᠋ᠳ ᠬᠣᠴᠣᠷᠤᠨ᠎ᠠ᠃
ᠵᠠᠩᠵᠤᠨ ᠠᠯᠠᠭᠳᠠᠭᠰᠠᠨ ᠸᠠᠩ ᠭᠸᠤᠷᠬᠢ ᠶ᠋ᠢᠨ ᠪᠡᠶ᠎ᠡ ᠶ᠋ᠢ ᠦᠵᠡᠬᠦ ᠶ᠋ᠢ ᠬᠦᠰᠡᠬᠦ ᠤᠴᠢᠷ ᠬᠥᠪᠡᠭᠡᠨ ᠦ᠌ ᠳᠡᠭᠡᠷ᠎ᠡ ᠡᠴᠡ ᠪᠠᠭᠤᠬᠤ ᠪᠠᠷ ᠬᠥᠳᠡᠯᠪᠡ᠃ ᠲᠡᠭᠦᠨ ᠦ᠌ ᠪᠣᠷᠣ ᠮᠣᠷᠢ ᠨᠢ ᠬᠥᠯ ᠢ᠋ᠶ᠋ᠡᠨ ᠡᠷᠭᠦᠵᠦ ᠦᠬᠦᠭᠴᠢᠳ ᠦ᠋ᠨ ᠬᠡᠭᠦᠷ ᠦ᠋ᠨ ᠳᠡᠭᠡᠭᠦᠷ ᠬᠠᠷᠠᠢᠵᠤ ᠪᠣᠯᠭᠣᠮᠵᠢᠲᠠᠢ ᠪᠠᠷ ᠠᠯᠬᠤᠯᠠᠨ ᠶᠠᠪᠤᠨ᠎ᠠ᠃ ᠪᠣᠷᠤᠨᠲᠠᠢ ᠵᠠᠮ ᠵᠢᠭᠠᠵᠤ ᠡᠮᠦᠨ᠎ᠡ ᠨᠢ ᠶᠠᠪᠤᠪᠠ᠃
ᠣᠷᠣᠰ ᠤ᠋ᠨ ᠸᠠᠩ ᠤ᠋ᠨ ᠬᠡᠭᠦᠷ ᠦ᠋ᠨ ᠳᠡᠷᠭᠡᠳᠡ ᠬᠣᠶᠠᠷ ᠴᠡᠷᠢᠭ ᠵᠣᠳᠣᠯᠳᠤᠵᠤ ᠪᠠᠢᠪᠠ᠃ ᠨᠢᠭᠡ ᠨᠢ ᠬᠡᠭᠦᠷ ᠦ᠋ᠨ ᠬᠥᠯ ᠡᠴᠡ ᠨᠢ ᠤᠯᠠᠭᠠᠨ ᠰᠠᠪᠢᠬᠢᠨ ᠭᠤᠲᠤᠯ ᠤ᠋ᠨ ᠥᠷᠥᠭᠡᠰᠦᠨ ᠢ᠋ ᠲᠠᠢᠯᠵᠤ ᠠᠪᠤᠭᠠᠳ ᠰᠤᠭᠤᠨ ᠳ᠋ᠠᠭᠠᠨ ᠬᠠᠪᠴᠢᠭᠤᠯᠵᠤ ᠨᠥᠭᠦᠭᠡ ᠶ᠋ᠢ ᠨᠢ ᠲᠠᠢᠯᠵᠤ ᠠᠪᠬᠤ ᠶ᠋ᠢ ᠣᠷᠣᠯᠳᠣᠨ᠎ᠠ᠃ ᠨᠥᠭᠦᠭᠡ ᠨᠢ ᠲᠡᠭᠦᠨ ᠢ᠋ ᠵᠠᠢᠯᠠᠭᠤᠯᠬᠤ ᠭᠡᠵᠦ ᠲᠦᠯᠬᠢᠯᠴᠡᠨ ᠨᠢᠭᠤᠷ ᠤᠷᠤᠭᠤ ᠨᠢ ᠨᠢᠳᠤᠷᠭᠠᠯᠠᠨᠠ᠃ ᠲᠡᠷᠡ ᠬᠣᠶᠠᠷ ᠶᠡᠬᠡ ᠠᠭᠤᠷᠯᠠᠯᠳᠤᠨ ᠵᠣᠳᠣᠯᠳᠤᠵᠤ ᠪᠠᠢᠭᠰᠠᠨ ᠲᠤᠯᠠ ᠴᠡᠷᠢᠭ ᠦ᠋ᠨ ᠶᠡᠬᠡ ᠨᠣᠶᠠᠳ ᠤ᠋ᠨ ᠣᠢᠷᠠᠲᠤᠵᠤ ᠢᠷᠡᠭᠰᠡᠨ ᠢ᠋ ᠶᠡᠷᠦ ᠮᠡᠳᠡᠭᠰᠡᠨ ᠦᠭᠡᠢ ᠠᠵᠢ᠃
一 ᠡᠳᠡᠨᠠᠷ ᠢ᠋ ᠪᠠᠷᠢᠵᠤ ᠠᠪᠤᠭᠲᠤᠨ! ᠰᠠᠪᠢᠬᠢᠨ ᠭᠤᠲᠤᠯ ᠢ᠋ ᠮᠢᠨᠦ ᠠᠴᠢᠶᠠᠨ ᠳ᠋ᠤ᠌ ᠠᠪᠠᠴᠢᠵᠤ ᠬᠢᠭᠲᠦᠨ᠁ ᠭᠡᠵᠦ ᠪᠠᠲᠤ ᠬᠠᠭᠠᠨ ᠲᠤᠰᠢᠶᠠᠪᠠ᠃ ᠰᠢᠳᠠᠷ ᠴᠡᠷᠢᠭ ᠦ᠋ᠨ ᠬᠥᠮᠦᠰ ᠮᠣᠷᠢᠨ ᠠ᠋ᠴᠠ ᠪᠠᠨ ᠪᠠᠭᠤᠵᠠᠭᠠᠵᠤ ᠨᠥᠭᠦᠭᠡ ᠵᠣᠳᠣᠭᠠᠴᠢ ᠨᠠᠷ ᠢ᠋ ᠪᠠᠷᠢᠵᠤ ᠠᠪᠤᠪᠠ᠃
一 ᠶᠢᠷᠲᠢᠨᠴᠦᠰ ᠦ᠋ᠨ ᠶᠡᠬᠡ ᠡᠵᠡᠨ ᠮᠣᠩᠭᠣᠯ ᠤ᠋ᠨ ᠴᠡᠷᠢᠭ ᠦ᠋ᠨ ᠳᠣᠲᠣᠷ᠎ᠠ ᠬᠡᠷᠡᠭᠦᠯ ᠵᠣᠳᠣᠭᠠᠨ᠂ ᠬᠤᠯᠠᠭᠠᠢ ᠬᠤᠳᠠᠯ᠂ ᠬᠣᠭᠣᠷᠣᠨᠳᠣ ᠪᠠᠨ ᠠᠯᠠᠯᠳᠤᠬᠤ ᠶᠠᠪᠤᠳᠠᠯ ᠪᠠᠢᠬᠤ ᠶᠣᠰᠣ ᠦᠭᠡᠢ᠃ ᠬᠡᠷᠪᠡ ᠮᠣᠩᠭᠣᠯ ᠤ᠋ᠨ ᠴᠡᠷᠢᠭ ᠦ᠋ᠳ ᠬᠣᠭᠣᠷᠣᠨᠳᠣ ᠪᠠᠨ ᠵᠠᠨᠴᠢᠯᠳᠤᠬᠤ ᠶᠤᠮ ᠪᠣᠯ ᠶᠠᠭᠠᠬᠢᠨ ᠢᠯᠠᠵᠤ ᠴᠢᠳᠠᠬᠤ ᠶᠤᠮ ᠪᠢᠯᠡ? ᠴᠢᠩᠭᠢᠰ ᠬᠠᠭᠠᠨ ᠤ᠋ ᠵᠠᠰᠠᠭ ᠤ᠋ᠨ ᠬᠠᠤᠯᠢ ᠶ᠋ᠢ ᠪᠠᠲᠤ ᠪᠠᠷ ᠰᠠᠨᠠᠬᠤ ᠬᠡᠷᠡᠭᠲᠡᠢ᠃ ᠭᠡᠮᠲᠦ ᠡᠲᠡᠭᠡᠳ ᠨᠠᠷ ᠨᠢᠭᠡᠨ ᠠᠳᠠᠯᠢ ᠠᠯᠠᠭᠳᠠᠬᠤ ᠶᠠᠯ᠎ᠠ ᠶ᠋ᠢ ᠡᠳ᠋ᠯᠡᠨ᠎ᠡ᠃ ᠲᠡᠳᠡᠨᠡᠷ ᠲᠦ᠍ ᠡᠨᠡ ᠳᠣᠣᠷ᠎ᠠ ᠨᠢ ᠰᠢᠢᠳᠬᠡᠯ ᠢ᠋ ᠨᠢ ᠦᠵᠡᠭᠦᠯ!
ᠰᠢᠳᠠᠷ ᠴᠡᠷᠢᠭ ᠦ᠋ᠳ ᠢᠨᠢᠶᠡᠯᠳᠦᠵᠦ ᠵᠣᠳᠣᠯᠳᠤᠭᠰᠠᠨ ᠬᠥᠮᠦᠰ ᠦ᠋ᠨ ᠨᠢᠭᠡ ᠶ᠋ᠢ ᠨᠢ ᠲᠣᠯᠣᠭᠠᠢ ᠪᠠᠷ ᠤᠷᠤᠭᠤ ᠬᠠᠨᠳᠤᠭᠤᠯᠤᠨ ᠲᠠᠯᠪᠢᠪᠠ᠃ ᠲᠡᠭᠦᠨ ᠦ᠌ ᠤᠷᠲᠤ ᠱᠣᠪᠬᠣ ᠥᠰᠥᠭᠡᠢ ᠲᠡᠢ ᠬᠠᠭᠤᠴᠢᠨ ᠵᠠᠩ ᠲᠠᠯᠪᠢᠭᠰᠠᠨ ᠰᠢᠷ᠎ᠠ ᠰᠠᠪᠢᠬᠢᠨ ᠭᠤᠲᠤᠯ ᠲᠠᠢ ᠬᠥᠯ ᠨᠢ ᠠᠭᠠᠷ ᠢ᠋ᠶ᠋ᠠᠷ ᠬᠡᠢᠰᠬᠦ ᠮᠡᠲᠦ ᠦᠵᠡᠭᠳᠡᠪᠡ᠃ ᠲᠡᠷᠡ ᠪᠠᠷᠢᠭᠳᠠᠭᠰᠠᠨ ᠴᠡᠷᠢᠭ ᠨᠢ ᠠᠮᠢᠰᠬᠤᠭᠠᠳᠠᠵᠤ ᠨᠣᠴᠣᠯᠳᠤᠵᠤ ᠬᠠᠰᠬᠢᠷᠬᠤ ᠨᠢ᠂
一 ᠮᠢᠨᠦ ᠪᠤᠷᠤᠭᠤ ᠪᠢᠰᠢ᠂ ᠬᠠᠷᠢᠨ ᠲᠡᠷᠡ ᠳᠡᠯᠲᠦ ᠴᠢᠨᠣ᠎ᠠ ᠪᠠ ᠭᠠᠬᠠᠢ ᠶ᠋ᠢᠨ ᠬᠦᠦ ᠺᠢᠫᠴᠠᠺ ᠪᠣᠯᠪᠠ ᠭᠡᠵᠦ ᠤᠷᠢᠯᠠᠨᠠ᠃
ᠴᠢᠭᠢᠷᠠᠭ ᠬᠣᠶᠠᠷ ᠮᠣᠩᠭᠣᠯᠴᠤᠳ᠂ᠰᠢᠢᠳᠬᠡᠭᠳᠡᠵᠦ ᠪᠠᠢᠭ᠎ᠠ ᠬᠥᠮᠦᠨ ᠦ᠌ ᠬᠥᠯ ᠦ᠋ᠨ ᠤᠯᠠ ᠶ᠋ᠢ ᠲᠡᠭᠦᠨ ᠦ᠌ ᠰᠢᠯᠢ ᠶ᠋ᠢᠨ ᠬᠦᠵᠦᠭᠦᠨ ᠳ᠋ᠦ᠍ ᠲᠤᠯᠭᠠᠵᠤ ᠨᠤᠵᠢᠭᠢᠨᠠᠲᠠᠯᠠ ᠳᠠᠷᠤᠪᠠ᠃ ᠴᠣᠴᠢᠮᠠᠭ ᠣᠷᠢᠯᠠᠬᠤ ᠳᠠᠭᠤ ᠭᠡᠨᠡᠳᠲᠡ ᠲᠠᠰᠤᠷᠠᠪᠠ᠃ ᠪᠠᠰᠠ ᠡᠢᠮᠦ ᠶᠠᠪᠤᠳᠠᠯ ᠨᠥᠭᠦᠭᠡ ᠳ᠋ᠦ᠍ᠨᠢ ᠳᠠᠪᠲᠠᠭᠳᠠᠪᠠ᠃ᠨᠥᠭᠦᠭᠡ ᠵᠣᠳᠣᠯᠳᠤᠭᠠᠴᠢ᠄
— ᠪᠢ ᠲᠠᠬᠢᠶᠠᠨ ᠤ᠋ ᠮᠠᠨᠠᠭᠠᠴᠢ ᠨᠠᠽᠠᠷ ᠺᠶᠡᠷᠢᠽᠧᠺ ᠦ᠋ᠨ ᠬᠦᠦ ᠪᠦᠷᠢᠪᠡᠢ ᠪᠠᠢᠨ᠎ᠠ ᠭᠡᠰᠡᠨ᠂ ᠭᠡᠪᠡᠴᠦ ᠴᠠᠷᠭᠢᠶ᠎ᠠ ᠳᠠᠭᠤ ᠠᠷᠠᠢ ᠪᠣᠭᠣᠨᠢᠬᠠᠨ ᠰᠣᠨᠣᠰᠳᠠᠭᠠᠳ ᠲᠡᠰᠬᠢᠬᠦ ᠴᠢᠮᠡᠭᠡ ᠭᠠᠷᠭᠠᠨ ᠲᠠᠰᠤᠯᠳᠠᠪᠠ᠃ ᠢᠩᠭᠢᠭᠡᠳ ᠠᠯᠠᠭᠳᠠᠭᠴᠢᠳ ᠭᠠᠢᠬᠠᠭᠰᠠᠨ ᠮᠡᠲᠦ ᠨᠢᠳᠦ ᠪᠡᠨ ᠬᠠᠷᠠᠵᠤ ᠴᠠᠰᠤᠨ ᠳᠡᠭᠡᠷ᠎ᠡ ᠬᠡᠪᠲᠡᠵᠦ ᠬᠣᠴᠣᠷᠪᠠ᠃
ᠲᠤᠯᠤᠯᠳᠤᠭᠠᠨ ᠲᠡᠭᠦᠰᠪᠡ᠃ ᠲᠠᠯ᠎ᠠ ᠲᠠᠯ᠎ᠠ ᠠ᠋ᠴᠠ ᠪᠠᠨ ᠪᠦᠰᠡᠯᠡᠭᠳᠡᠭᠰᠡᠨ ᠠᠪᠠᠴᠤ ᠡᠰᠡᠷᠭᠦᠴᠡᠭᠰᠡᠭᠡᠷ ᠦᠯᠡᠳᠡᠭᠰᠡᠨ ᠣᠷᠣᠰ ᠤ᠋ᠳ ᠢ᠋ ᠮᠣᠩᠭᠣᠯᠴᠤᠳ ᠴᠠᠪᠴᠢᠯᠠᠨ ᠰᠥᠨᠥᠭᠡᠵᠦ ᠳᠠᠭᠤᠰᠪᠠ᠃
ᠪᠠᠲᠤ ᠬᠠᠭᠠᠨ᠂ ᠮᠣᠷᠢ ᠪᠠ ᠴᠡᠷᠢᠭ ᠦ᠋ᠨ ᠬᠡᠭᠦᠷ ᠢ᠋ᠶ᠋ᠡᠷ ᠪᠦᠷᠬᠦᠭᠳᠡᠭᠰᠡᠨ ᠣᠷᠣᠰ ᠤ᠋ᠨ ᠪᠡᠬᠢᠯᠡᠯᠲᠡ ᠶ᠋ᠢᠨ ᠳᠠᠭᠠᠤ ᠶᠠᠪᠤᠵᠤ ᠭᠣᠣᠯ ᠤ᠋ᠨ ᠨᠥᠭᠦᠭᠡ ᠡᠷᠭᠢ ᠳᠡᠭᠡᠷ᠎ᠡ ᠭᠠᠷᠴᠤ ᠢᠷᠡᠭᠡᠳ ᠰᠢᠲᠠᠭᠰᠠᠨ ᠰᠦᠮ᠎ᠡ ᠶ᠋ᠢᠨ ᠪᠠᠭᠤᠷᠢᠨ ᠤ᠋ ᠳᠡᠷᠭᠡᠳᠡ ᠵᠣᠭᠰᠣᠪᠠ᠃ ᠲᠡᠷᠡ ᠲᠡᠨᠳᠡ ᠠᠮᠠᠷᠠᠬᠤ ᠶ᠋ᠢ ᠬᠦᠰᠡᠵᠡᠢ᠃ ᠰᠢᠳᠠᠷ ᠴᠡᠷᠢᠭ ᠦ᠋ᠳ ᠣᠷᠣᠰ ᠤ᠋ᠨ ᠪᠥᠬᠡ ᠶ᠋ᠢᠨ ᠪᠠᠢᠰᠢᠩ ᠳᠣᠲᠣᠷ᠎ᠠ ᠠ᠋ᠴᠠ ᠬᠥᠯᠳᠡᠭᠰᠡᠨ ᠬᠣᠨᠢᠨ ᠤ᠋ ᠮᠢᠬ᠎ᠠ ᠣᠯᠵᠤ ᠠᠪᠤᠭᠠᠳ ᠮᠣᠳᠣᠨ ᠰᠠᠪᠠᠭ᠎ᠠ ᠪᠠᠷ ᠨᠡᠪᠲᠡ ᠱᠣᠷᠣᠯᠠᠵᠤ ᠪᠦᠲᠦᠨ ᠢ᠋ᠶ᠋ᠡᠷ ᠨᠢ ᠤᠯᠠᠭᠠᠨ ᠴᠣᠭ ᠤ᠋ᠨ ᠳᠡᠭᠡᠷ᠎ᠡ ᠪᠠᠷᠢᠵᠤ ᠰᠢᠷᠠᠵᠤ ᠢᠳᠡᠪᠡ᠃
ᠰᠥᠪᠡᠭᠡᠳᠡᠢ ᠪᠠᠭᠠᠲᠤᠷ ᠪᠠᠲᠤ ᠬᠠᠭᠠᠨ ᠤ᠋ ᠳᠡᠷᠭᠡᠳᠡ ᠢᠰᠡᠭᠡᠢ ᠨᠥᠮᠥᠷᠭᠡᠨ ᠳᠡᠭᠡᠷ᠎ᠡ ᠰᠠᠭᠤᠵᠤ ᠲᠩᠷᠢ ᠥᠭᠡᠳᠡ ᠵᠢᠭᠠᠨ ᠠᠮᠠᠨ ᠳᠣᠲᠣᠷ᠎ᠠ ᠪᠠᠨ ᠦᠭᠡᠯᠡᠨ᠎ᠡ᠃
— ᠣᠷᠣᠰ ᠤ᠋ᠨ ᠪᠥᠬᠡ ᠨᠠᠷ ᠶᠠᠭᠤ ᠴᠥ᠍ ᠭᠡᠰᠡᠨ ᠮᠠᠰᠢ ᠶᠡᠬᠡ ᠬᠦᠴᠦᠲᠡᠢ ᠰᠢᠦ᠂ ᠪᠢᠳᠡᠨ ᠳ᠋ᠦ᠍ ᠬᠣᠣᠷ ᠬᠥᠨᠥᠭᠡᠯ ᠢ᠋ ᠤᠴᠠᠷᠠᠭᠤᠯᠤᠨ᠎ᠠ᠃ ᠡᠨᠡ ᠬᠠᠷᠠᠩᠭᠤᠢ ᠣᠢ ᠮᠣᠳᠣᠨ ᠨᠦᠬᠡᠨ ᠡᠴᠡ ᠭᠠᠷᠴᠤ ᠣᠳᠬᠤ ᠴᠠᠭ ᠪᠢᠳᠡᠨ ᠳ᠋ᠦ᠍ ᠲᠤᠯᠭᠠᠷᠠᠨ ᠢᠷᠡᠵᠡᠢ᠃
— ᠪᠢ ᠤᠷᠢᠳᠠᠪᠡᠷ ᠨᠣᠸᠭᠣᠷᠣᠳ᠋ ᠢ᠋ ᠠᠪᠤᠨ᠎ᠠ! ᠭᠡᠵᠦ ᠪᠠᠲᠤ ᠬᠠᠭᠠᠨ ᠬᠠᠷᠢᠭᠤ ᠲᠠᠯᠪᠢᠪᠠ᠃
ᠦᠳᠡ ᠳᠤᠮᠳᠠ ᠶ᠋ᠢᠨ ᠦᠶ᠎ᠡ ᠳ᠋ᠦ᠍ ᠰᠠᠯᠬᠢ ᠥᠭᠡᠷᠡᠴᠢᠯᠡᠭᠳᠡᠨ ᠨᠥᠭᠦᠭᠡ ᠵᠦᠭ ᠲᠡᠰᠢ ᠦᠯᠢᠶᠡᠵᠦ ᠬᠥᠬᠡ ᠪᠣᠷᠣ ᠡᠭᠦᠯᠡ ᠨᠤᠭᠦᠳ ᠢ᠋ ᠲᠠᠷᠬᠠᠭᠠᠨ ᠬᠥᠭᠡᠭᠡᠭᠰᠡᠨ ᠳ᠋ᠦ᠍ ᠬᠠᠪᠤᠷ ᠤ᠋ᠨ ᠬᠥᠬᠡ ᠴᠡᠩᠬᠡᠷ ᠲᠡᠭᠷᠢ ᠳ᠋ᠦ᠍ ᠭᠡᠷᠡᠯᠲᠦ ᠰᠢᠷ᠎ᠠ ᠨᠠᠷᠠᠨ ᠦᠵᠡᠭᠳᠡᠪᠡ᠃ ᠠᠯᠲᠠᠨ ᠰᠢᠷ᠎ᠠ ᠲᠤᠶᠠᠭ᠎ᠠ ᠴᠠᠰᠤ ᠲᠠᠢ ᠲᠠᠯᠠᠪᠠᠢ ᠶ᠋ᠢᠨ ᠳᠡᠭᠡᠭᠦᠷ ᠭᠢᠯᠪᠠᠯᠵᠠᠵᠤ ᠬᠠᠯᠠᠭᠠᠬᠤ ᠳ᠋ᠤ᠌ ᠭᠠᠵᠠᠷ ᠪᠦᠷᠢ ᠴᠠᠰᠤ ᠬᠠᠢᠯᠵᠤ᠂ ᠭᠣᠷᠣᠬ᠎ᠠ ᠱᠠᠯᠪᠠᠭ ᠢ᠋ ᠤᠷᠤᠰᠬᠠᠨ ᠴᠠᠰᠤ ᠰᠡᠪᠰᠡᠭᠡᠷ ᠰᠡᠢᠷᠡᠭ ᠪᠣᠯᠪᠠ᠃ ᠮᠣᠷᠢᠳ ᠨᠢ ᠴᠠᠰᠤᠨ ᠳ᠋ᠤ᠌ ᠡᠪᠦᠳᠦᠭ ᠢ᠋ᠶ᠋ᠡᠨ ᠬᠦᠷᠲᠡᠯ᠎ᠡ ᠴᠥᠮᠥᠷᠡᠬᠦ ᠪᠣᠯᠪᠠ᠃
ᠬᠡᠳᠦᠨ ᠬᠠᠷ᠎ᠠ ᠰᠢᠪᠠᠭᠤ ᠴᠠᠰᠤ ᠪᠠᠷ ᠪᠦᠷᠬᠦᠭᠳᠡᠭᠰᠡᠨ ᠬᠡᠭᠦᠷ ᠦ᠋ᠳ ᠳᠡᠭᠡᠷ᠎ᠡ ᠢᠷᠡᠵᠦ ᠰᠠᠭᠤᠪᠠ᠃ ᠲᠠᠲ᠋ᠠᠷ ᠤ᠋ᠳ ᠮᠠᠯᠠᠭᠠᠢ ᠨᠤᠭᠤᠳ ᠢ᠋ᠶ᠋ᠠᠨ ᠠᠪᠴᠤ ᠬᠢᠲᠤᠭ᠎ᠠ ᠪᠠᠷ ᠬᠤᠰᠤᠭᠳᠠᠭᠰᠠᠨ ᠠᠷᠤ ᠰᠢᠯᠢ ᠪᠡᠨ ᠮᠠᠭᠠᠵᠢᠵᠤ ᠠᠭᠠᠷ ᠢ᠋ ᠦᠨᠦᠷᠲᠦᠨ᠎ᠡ᠃
— ᠮᠣᠩᠭᠣᠯ ᠤ᠋ᠨ ᠲᠠᠯ᠎ᠠ ᠠ᠋ᠴᠠ ᠳᠤᠯᠠᠭᠠᠨ ᠰᠠᠯᠬᠢ ᠰᠡᠩᠭᠢᠨᠡᠵᠦ ᠪᠠᠢᠨ᠎ᠠ᠁ ᠬᠠᠷᠠᠪᠠᠤ᠂ ᠬᠠᠷ᠎ᠠ ᠰᠢᠪᠠᠭᠤ ᠨᠢᠰᠴᠦ ᠢᠷᠡᠵᠡᠢ᠃ ᠰᠡᠭᠦᠯ ᠳᠡᠭᠡᠷ᠎ᠡ ᠪᠡᠨ ᠬᠠᠪᠤᠷ ᠢ᠋ ᠠᠪᠴᠤ ᠢᠷᠡᠵᠡᠢ! ᠭᠡᠯᠴᠡᠨ᠎ᠡ᠃
ᠵᠡᠰ ᠬᠠᠷᠠᠩᠭ᠎ᠠ ᠨᠤᠭᠤᠳ ᠢ᠋ ᠲᠦᠷᠭᠡᠨ ᠲᠦᠷᠭᠡᠨ ᠴᠣᠬᠢᠯᠠᠵᠤ ᠭᠡᠳᠡᠷᠭᠦ ᠪᠤᠴᠠᠵᠤ ᠴᠤᠭᠯᠠᠷᠠᠬᠤ ᠶ᠋ᠢ ᠤᠷᠢᠶᠠᠯᠠᠨ᠎ᠠ᠃ ᠲᠡᠮᠦᠷ ᠮᠡᠲᠦ ᠬᠠᠲᠠᠭᠤ ᠰᠠᠬᠢᠯᠭᠠᠨ ᠳ᠋ᠤ᠌ ᠵᠡᠬᠢᠷᠣᠬᠳᠠᠰᠠᠨ ᠲᠠᠲ᠋ᠠᠷ ᠤ᠋ᠳ ᠨᠢ ᠣᠯᠵᠠᠨ ᠠ᠋ᠴᠠ ᠬᠠᠭᠠᠴᠠᠪᠠ ᠭᠡᠵᠦ ᠬᠠᠷᠢᠶᠠᠯ ᠲᠠᠯᠪᠢᠭᠰᠠᠭᠠᠷ ᠬᠡᠭᠦᠷ ᠦ᠋ᠳ ᠢ᠋ ᠲᠤᠨᠤᠬᠤ ᠶᠠᠪᠤᠳᠠᠯ ᠢ᠋ᠶ᠋ᠠᠨ ᠣᠷᠬᠢᠵᠤ ᠮᠣᠷᠢᠳ ᠢ᠋ᠶ᠋ᠠᠨ ᠡᠷᠭᠢᠭᠦᠯᠦᠨ ᠰᠠᠢᠬᠠᠨ ᠪᠠᠢᠭᠰᠠᠨ ᠲᠣᠰᠬᠣᠨ ᠤ᠋ ᠣᠷᠣᠨ ᠳ᠋ᠤ᠌ ᠤᠲᠤᠭ᠎ᠠ ᠮᠠᠨᠠᠷᠠᠨ ᠪᠠᠢᠭ᠎ᠠ ᠭᠠᠵᠠᠷ ᠢ᠋ ᠴᠢᠭᠯᠡᠨ ᠳᠠᠪᠬᠢᠵᠠᠭᠠᠪᠠ᠃ ᠡᠨᠳᠡ ᠵᠠᠩᠵᠤᠨ ᠤ᠋ ᠵᠡᠰ ᠪᠠ ᠠᠯᠲᠠᠨ ᠴᠢᠮᠡᠭ ᠢ᠋ᠶ᠋ᠡᠷ ᠭᠢᠯᠠᠯᠵᠠᠭᠰᠠᠨ ᠬᠡᠭᠡᠷ ᠮᠣᠷᠢᠨ ᠤ᠋ ᠰᠡᠭᠦᠯ ᠪᠦᠬᠦᠢ ᠬᠢᠶᠤᠷ᠂ ᠭᠠᠯ ᠤ᠋ᠨ ᠠᠶᠤᠯ ᠠ᠋ᠴᠠ ᠦᠯᠡᠳᠡᠵᠦ ᠬᠣᠴᠣᠷᠤᠭᠰᠠᠨ ᠴᠠᠭᠠᠨ ᠪᠠᠢᠰᠢᠩ ᠤ᠋ᠨ ᠳᠡᠷᠭᠡᠳᠡ ᠪᠤᠰᠬᠠᠭᠰᠠᠨ ᠥᠨᠳᠥᠷ ᠱᠣᠩ ᠤ᠋ᠨ ᠳᠡᠭᠡᠷ᠎ᠡ ᠦᠵᠡᠭᠳᠡᠵᠦ ᠪᠠᠢᠪᠠ᠃ ᠵᠠᠭᠤᠲᠤ ᠶ᠋ᠢᠨ ᠳᠠᠷᠤᠭ᠎ᠠ ᠨᠠᠷ ᠵᠦᠭ ᠪᠦᠷᠢ ᠲᠠᠰᠢ ᠪᠠᠨ ᠳᠠᠪᠬᠢᠵᠠᠭᠠᠵᠤ ᠴᠡᠷᠢᠭ ᠦ᠋ᠳ ᠢ᠋ᠶ᠋ᠡᠨ ᠲᠤᠰ ᠪᠦᠷᠢ ᠶ᠋ᠢᠨ ᠣᠲ᠋ᠷᠢᠶᠠᠳ᠋ ᠲᠸ᠋ ᠴᠤᠭᠯᠠᠭᠤᠯᠤᠨ᠎ᠠ᠃
— ᠪᠠᠶᠠᠨ ᠨᠤᠸᠭᠣᠷᠤᠳ᠋ ᠲᠡᠰᠢ ᠶᠠᠪᠤᠯ᠎ᠠ! ᠡᠨᠳᠡ ᠡᠴᠡ᠂ ᠪᠤᠭ ᠴᠢᠳᠬᠥᠷ ᠲᠡᠢ ᠨᠠᠮᠤᠭ ᠠ᠋ᠴᠠ ᠲᠦᠷᠭᠡᠨ ᠵᠠᠢᠯᠠᠶ᠎ᠠ!ᠪᠤᠰᠢᠭᠤᠯᠠ! ᠡᠰᠡᠬᠦᠯ᠎ᠡ ᠪᠢᠳᠡ ᠪᠦᠭᠦᠳᠡᠭᠡᠷ ᠢ᠋ᠶ᠋ᠡᠨ ᠡᠨᠳᠡ ᠦᠬᠦᠨ᠎ᠡ! ᠭᠡᠵᠦ ᠬᠠᠰᠬᠢᠷᠤᠯᠳᠤᠬᠤ ᠳᠠᠭᠤ ᠨᠤᠭᠤᠳ ᠰᠣᠨᠣᠰᠳᠠᠨ᠎ᠠ᠃
ᠲᠠᠲ᠋ᠠᠷ ᠤ᠋ᠳ ᠰᠥᠭᠡᠩᠭᠢ ᠬᠣᠭᠣᠯᠠᠢ ᠪᠠᠷ ᠬᠠᠰᠬᠢᠷᠤᠯᠳᠤᠨ ᠲᠦᠷᠭᠡᠨ ᠢ᠋ᠶ᠋ᠡᠷ ᠠᠷᠪᠠᠲᠤ᠂ ᠵᠠᠭᠤᠲᠤ ᠨᠤᠭᠤᠳ ᠢ᠋ᠶ᠋ᠠᠷ ᠢ᠋ᠶ᠋ᠠᠨ ᠵᠢᠭᠰᠠᠵᠠᠭᠠᠪᠠ᠃ ᠲᠡᠳᠡᠭᠡᠷ ᠦ᠋ᠨ ᠵᠠᠷᠢᠮ ᠨᠢ ᠣᠯᠵᠠᠯᠠᠭᠰᠠᠨ ᠲᠤᠷᠠᠩᠬᠠᠢ ᠮᠣᠷᠢᠳ ᠢ᠋ ᠴᠠᠯᠮ᠎ᠠ ᠪᠡᠷ ᠢ᠋ᠶ᠋ᠡᠨ ᠬᠣᠢᠨ᠎ᠠ ᠠ᠋ᠴᠠ ᠨᠢ ᠬᠥᠲᠥᠯᠵᠦ ᠶᠠᠪᠤᠵᠠᠭᠠᠨ᠎ᠠ᠃
ᠤᠳᠠᠯ ᠦᠭᠡᠢ ᠵᠠᠩᠵᠤᠨ ᠤ᠋ ᠬᠢᠶᠤᠷ ᠨᠠᠢᠭᠤᠯᠵᠠᠨ ᠬᠥᠳᠡᠯᠵᠦ ᠪᠡᠶ᠎ᠡ ᠬᠠᠮᠠᠭᠠᠯᠠᠬᠤ ᠵᠠᠭᠤᠲᠤ ᠶ᠋ᠢᠨ ᠡᠮᠦᠨ᠎ᠡ ᠨᠢ ᠭᠠᠷᠴᠤ ᠢᠷᠡᠪᠡ᠃ ᠪᠠᠲᠤ ᠬᠠᠭᠠᠨ᠂ ᠴᠣᠬᠣᠷ ᠪᠣᠷᠣ ᠮᠣᠷᠢ ᠶ᠋ᠢ ᠤᠨᠤᠵᠤ ᠪᠣᠳᠣᠯᠭ᠎ᠠ ᠪᠣᠳᠣᠭᠰᠠᠨ ᠤᠢᠳᠬᠠᠷ ᠲᠠᠢ ᠴᠢᠷᠠᠢ ᠲᠠᠢ ᠠᠵᠢ᠃ ᠲᠡᠷᠡ ᠨᠢᠳᠦ ᠪᠡᠨ ᠠᠨᠢᠪᠴᠢᠯᠠᠵᠤ ᠬᠡᠳᠦᠨ ᠵᠠᠭᠤᠨ ᠨᠠᠰᠤᠲᠠᠢ ᠣᠢ ᠮᠣᠳᠣᠨ ᠤ᠋ ᠵᠠᠪᠰᠠᠷ ᠢ᠋ᠶ᠋ᠠᠷ ᠠᠵᠢᠭᠯᠠᠨ ᠬᠠᠷᠠᠨ᠎ᠠ᠃ ᠪᠠᠲᠤ ᠬᠠᠭᠠᠨ ᠤ᠋ ᠬᠣᠢᠨ᠎ᠠ ᠠ᠋ᠴᠠ ᠡᠪᠦᠭᠡᠨ 《 ᠢᠯᠠᠭᠳᠠᠰᠢ ᠦᠭᠡᠢ 》 ᠰᠥᠪᠡᠭᠡᠲᠡᠢ ᠪᠠᠭᠠᠲᠤᠷ ᠪᠠ ᠪᠤᠰᠤᠳ ᠰᠢᠳᠠᠷ ᠬᠠᠭᠠᠳ ᠳᠠᠭᠠᠵᠤ ᠶᠠᠪᠤᠨ᠎ᠠ᠃ ᠲᠡᠳᠡᠨ ᠦ᠌ ᠬᠣᠢᠨ᠎ᠠ ᠠ᠋ᠴᠠ ᠲᠠᠲ᠋ᠠᠷ ᠤ᠋ᠨ ᠴᠡᠷᠢᠭ ᠦ᠋ᠳ ᠦ᠋ᠨ ᠤᠷᠲᠤ ᠪᠠ ᠲᠠᠰᠤᠷᠠᠯᠲᠠ ᠦᠭᠡᠢ ᠴᠤᠪᠤᠭ᠎ᠠ ᠲᠠᠬᠢᠷᠯᠠᠨ ᠶᠠᠪᠤᠬᠤ ᠠᠵᠢ᠃
ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠬᠦᠦᠳᠠᠭᠠᠭᠤᠯ 1᠂ ᠡᠷᠳᠡᠨᠢᠭᠣᠸ᠎ᠠ 2᠂ ᠮᠡᠷᠭᠡᠨᠭᠣᠸ᠎ᠠ 1᠂ ᠬᠡᠷᠡᠶ᠋ᠢᠳ ᠂ ᠮᠥᠩᠬᠡᠨᠠᠰᠤᠨ 1᠂ ᠭᠡᠷᠡᠯ 1
ᠬᠢᠨᠠᠭᠴᠢ᠄ ᠭᠡᠷᠡᠯ 1᠂ ᠪᠠᠯ 1᠂ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 8᠂ ᠠᠷᠢᠭᠤᠨ 8
