ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ хоёрдугаар бүлэг -16 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ хоёрдугаар бүлэг -16

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Цаг төрийн үймээн ᠂ хоёрдугаар бүлэг -16

ᠠᠩᠭᠢᠯᠠᠯ:ᠲᠤᠭᠤᠵᠢ ᠷᠣᠮᠠᠨ
2025-12-09

123

ᠬᠦᠨᠳᠦ ᠡᠷᠡᠭᠦᠦ ᠰᠢᠭᠦᠯᠲᠡ


       ᠮᠠᠷᠭᠠᠰᠢ ᠨᠢ ᠪᠠᠯᠳᠠᠨᠴᠡᠷᠢᠩ ᠮᠥᠨ ᠯᠡ ᠪᠠᠢᠴᠠᠭᠠᠯᠲᠠ ᠳ᠋ᠤ᠌ ᠣᠷᠣᠯ᠎ᠠ᠃ ᠪᠠᠢᠴᠠᠭᠠᠴᠢ ᠰᠢᠷᠡᠭᠡᠨ ᠦ᠌ ᠪᠡᠨ ᠠᠷᠤ ᠳ᠋ᠤ᠌ ᠰᠠᠭᠤᠳᠠᠭ ᠢ᠋ᠶ᠋ᠠᠷ ᠢ᠋ᠶ᠋ᠠᠨ ᠰᠠᠭᠤᠵᠤ ᠪᠠᠢᠭ᠎ᠠ ᠪᠣᠯᠪᠠᠴᠤ ᠥᠴᠥᠭᠡᠳᠦᠷ ᠦ᠋ᠨ ᠢ᠋ᠶ᠋ᠡᠨ ᠰᠢᠷᠦᠭᠦᠨ ᠲᠣᠭᠰᠢᠨ ᠢ᠋ᠶ᠋ᠠᠷ ᠠᠪᠤᠷᠢᠯᠠᠨ ᠡᠷᠡᠭᠦᠦ ᠰᠢᠭᠦᠯᠲᠡ ᠦᠵᠡᠭᠦᠯᠦᠭᠰᠡᠨ ᠢ᠋ᠶ᠋ᠡᠨ ᠠᠷᠢᠭᠤᠳᠬᠠᠨ ᠴᠠᠭᠠᠳᠬᠠᠬᠤ ᠶ᠋ᠢ ᠡᠷᠡᠮᠡᠯᠵᠡᠬᠦ ᠮᠡᠲᠦ᠄ 
       — ᠲᠠᠨ ᠤ᠋ ᠪᠡᠶ᠎ᠡ ᠠᠱ᠌ᠢᠭᠦᠢ ᠵᠦᠭᠡᠷ ᠤᠤ᠂ ᠲᠠᠪᠠᠲᠠᠢ ᠨᠣᠢᠷᠰᠤᠵᠤ ᠬᠣᠨᠣᠭ᠎ᠠ ᠪᠢᠵᠡ ᠳᠡ? ᠦᠨᠡᠨ ᠢ᠋ ᠬᠡᠯᠡᠬᠦ ᠳ᠋ᠦ᠍ ᠥᠴᠥᠭᠡᠳᠦᠷ ᠲᠠ ᠪᠢᠳᠡᠨ ᠦ᠌ ᠬᠣᠭᠣᠷᠣᠨᠳᠣ ᠲᠤᠩ ᠡᠪ ᠦᠭᠡᠢ ᠶᠠᠪᠤᠳᠠᠯ ᠪᠣᠯᠤᠭᠰᠠᠨ ᠪᠠᠢᠨ᠎ᠠ᠃ ᠬᠠᠷᠢᠨ ᠥᠨᠥᠳᠥᠷ ᠡᠪ ᠲᠡᠢ ᠰᠠᠢᠬᠠᠨ ᠶᠠᠷᠢᠯᠴᠠᠨ᠎ᠠ ᠰᠢᠦ ᠳᠡ ᠭᠡᠵᠦ ᠥᠭᠦᠯᠡᠪᠦᠷᠢ ᠪᠣᠯᠭᠠᠨ ᠳᠡᠭᠡᠷ᠎ᠡ ᠪᠡᠨ ᠢᠨᠢᠶᠡᠮᠰᠦᠭᠯᠡᠨ ᠪᠠᠢᠴᠠᠭᠠᠯᠲᠠ ᠪᠠᠨ ᠡᠬᠢᠯᠡᠪᠡ᠃ ᠳᠠᠮᠵᠢᠭᠤᠯᠬᠤ ᠭᠡᠰᠡᠨ ᠶᠦᠮ ᠰᠢᠭ ᠠᠶᠠᠲᠠᠢᠬᠠᠨ ᠵᠠᠩ ᠭᠠᠷᠭᠠᠨ᠎ᠠ᠃ 
       ᠪᠠᠯᠳᠠᠨᠴᠡᠷᠢᠩ ᠳᠠᠭᠤ ᠦᠭᠡᠢ ᠯᠡ ᠪᠠᠢᠯ᠎ᠠ᠃  
       — ᠲᠠ ᠶᠠᠭᠤᠨ ᠳ᠋ᠤ᠌ ᠳᠠᠭᠤ ᠦᠭᠡᠢ ᠪᠠᠢᠨ᠎ᠠ? ᠠᠷᠠᠢ ᠨᠠᠳᠠ ᠲᠠᠢ ᠳᠤᠤᠭᠠᠷᠬᠤ ᠦᠭᠡᠢ ᠭᠡᠵᠦ ᠪᠣᠳᠣᠭᠰᠠᠨ ᠶᠠᠭᠤᠮ᠎ᠠ ᠪᠢᠰᠢ ᠪᠣᠢ ᠊ᠶ᠎ᠠ? ᠬᠡᠷᠪᠡ ᠲᠡᠢᠮᠦ ᠪᠣᠯ ᠳᠡᠮᠡᠢ! ᠲᠤᠩ ᠳᠡᠮᠡᠢ! ᠨᠢᠭᠡ ᠳ᠋ᠦ᠍᠂ ᠪᠢ ᠲᠠᠨ ᠢ᠋ ᠶᠠᠮᠠᠷ ᠥᠪᠡᠷ ᠦ᠋ᠨ ᠢ᠋ᠶ᠋ᠡᠨ ᠳᠤᠷ᠎ᠠ ᠪᠠᠷ ᠡᠮᠦᠨ᠎ᠡ ᠪᠡᠨ ᠠᠪᠴᠢᠷᠠᠨ ᠪᠠᠢᠴᠠᠭᠠᠵᠤ ᠪᠠᠢᠭ᠎ᠠ ᠪᠢᠰᠢ᠂ ᠬᠣᠶᠠᠷ ᠲᠤ᠂ ᠪᠢ ᠪᠣᠯ ᠥᠪᠡᠷ ᠦ᠋ᠨ ᠡᠷᠬᠡ ᠦᠭᠡᠢ ᠳᠡᠭᠡᠳᠦ ᠨᠣᠶᠠᠳ ᠳᠠᠷᠤᠭ᠎ᠠ ᠨᠠᠷ ᠤ᠋ᠨ ᠲᠤᠰᠢᠶᠠᠯ ᠢ᠋ ᠦᠭᠡ ᠳᠠᠭᠤ ᠦᠭᠡᠢ ᠭᠦᠢᠴᠡᠳᠬᠡᠬᠦ ᠡᠭᠦᠷᠭᠡ ᠲᠡᠢ ᠴᠡᠷᠢᠭ ᠦ᠋ᠨ ᠬᠥᠮᠦᠨ᠃ ᠡᠨᠡ ᠤᠴᠢᠷ ᠠ᠋ᠴᠠ ᠲᠠ ᠶᠠᠮᠠᠷ ᠪᠣᠯᠪᠠᠴᠤ ᠪᠠᠢᠴᠠᠭᠠᠴᠢ ᠮᠢᠨᠦ ᠡᠮᠦᠨ᠎ᠡ ᠴᠢᠩ ᠦᠨᠡᠨ ᠢ᠋ᠶ᠋ᠡᠨ ᠬᠡᠯᠡᠬᠦ ᠦᠭᠡᠢ ᠪᠠᠢᠵᠤ ᠶᠠᠭᠠᠬᠢᠵᠤ ᠪᠣᠯᠬᠤ ᠪᠣᠢ᠃ ᠲᠠ ᠠᠰᠠᠭᠤᠭᠰᠠᠨ ᠪᠦᠬᠦᠨ ᠢ᠋ ᠦᠨᠡᠨ ᠮᠥᠨ ᠢ᠋ᠶ᠋ᠡᠷ ᠨᠢ ᠬᠠᠷᠢᠭᠤᠯᠵᠤ᠂ ᠥᠪᠡᠷ ᠲᠡᠭᠡᠨ ᠬᠠᠯᠠ ᠪᠡᠯᠡ ᠦᠭᠡᠢ ᠪᠡᠷ ᠡᠨᠳᠡᠴᠡ ᠮᠤᠯᠲᠤᠷᠠᠨ ᠭᠠᠷᠬᠤ ᠴᠤ᠌ ᠶᠣᠰᠣᠲᠠᠢ ᠰᠢᠦ ᠳᠡ᠃ ᠵᠠ ᠲᠠ ᠶᠠᠷᠢ᠃ ᠪᠢ ᠴᠦ᠍ ᠲᠠᠨ ᠤ᠋ ᠬᠡᠷᠡᠭ ᠢ᠋ ᠠᠯᠢ ᠪᠣᠯᠬᠣᠷ ᠬᠥᠩᠭᠡᠨ ᠪᠣᠯᠭᠠᠬᠤ ᠶ᠋ᠢ ᠪᠣᠳᠣᠵᠤ ᠦᠵᠡᠶ᠎ᠡ᠃ 
       — ᠪᠢ ᠲᠠᠨ ᠲᠠᠢ ᠶᠠᠷᠢᠯᠴᠠᠬᠤ ᠳ᠋ᠤ᠌ ᠪᠡᠯᠡᠬᠡᠨ ᠪᠠᠢᠨ᠎ᠠ᠃ ᠭᠡᠪᠡᠴᠦ ᠨᠠᠮᠠᠶ᠋ᠢ ᠭᠡᠮᠲᠦ ᠡᠲᠡᠭᠡᠳ ᠭᠡᠵᠦ ᠦᠵᠡᠭᠡᠳ ᠬᠢᠭᠰᠡᠨ ᠬᠡᠷᠡᠭ ᠢ᠋ᠶ᠋ᠡᠨ ᠬᠡᠯᠡ ᠭᠡᠵᠦ ᠲᠤᠯᠭᠠᠵᠤ ᠪᠠᠢᠭ᠎ᠠ ᠪᠣᠯᠬᠣᠷ ᠨᠠᠳᠠ ᠳ᠋ᠤ᠌ ᠶᠠᠷᠢᠬᠤ ᠶᠠᠭᠤᠮ᠎ᠠ ᠠᠯᠠᠭ᠎ᠠ᠃ 
       — ᠡᠨᠡ ᠲᠠᠨ ᠤ᠋ ᠵᠥᠪ ᠪᠠᠢᠵᠤ ᠪᠣᠯᠤᠨ᠎ᠠ᠃ ᠪᠢ ᠴᠦ᠍ ᠲᠠᠨ ᠢ᠋ ᠬᠦᠨᠳᠦ ᠬᠡᠷᠡᠭᠲᠡᠨ ᠭᠡᠵᠦ ᠦᠵᠡᠵᠦ ᠪᠠᠢᠭ᠎ᠠ ᠪᠢᠰᠢ ᠰᠢᠦ᠃ ᠬᠦᠯᠢᠶᠡᠬᠦ ᠵᠦᠢᠯ ᠴᠢᠨᠢ ᠨᠢᠭᠡ ᠳ᠋ᠦ᠍ ᠲᠠ ᠰᠦᠬᠡᠪᠠᠭᠠᠲᠤᠷ ᠲᠠᠢ ᠤᠳᠠᠭ᠎ᠠ ᠳᠠᠷᠠᠭᠠᠯᠠᠨ ᠠᠭᠤᠯᠵᠠᠵᠤ ᠪᠠᠢᠭᠰᠠᠨ ᠤ᠋ ᠪᠠᠨ ᠤᠴᠢᠷ ᠢ᠋ ᠲᠣᠳᠣᠷᠬᠠᠢᠯᠠᠴᠢᠬ᠎ᠠ! ᠬᠣᠶᠠᠷ ᠲᠤ ᠰᠦᠬᠡᠪᠠᠭᠠᠲᠤᠷ ᠤ᠋ᠨ ᠶᠠᠭᠤ ᠶᠠᠭᠤ ᠬᠡᠯᠡᠵᠦ ᠪᠠᠢᠭᠰᠠᠨ ᠢ᠋ ᠨᠢᠭᠤᠯ ᠦᠭᠡᠢ ᠬᠡᠯᠡᠴᠢᠬᠡ! ᠢᠩᠭᠢᠭᠡᠳ ᠯᠡ ᠲᠠᠨ ᠤ᠋ ᠬᠡᠷᠡᠭ ᠭᠦᠢᠴᠡᠨ᠎ᠡ᠃ ᠲᠠ ᠱᠣᠷᠣᠩ ᠠ᠋ᠴᠠ ᠭᠠᠷᠤᠨ᠎ᠠ᠃ 
       — ᠣᠢᠯᠠᠭᠠᠯ᠎ᠠ! ᠭᠡᠲᠡᠯ᠎ᠡ ᠶᠠᠭᠠᠬᠢᠶ᠎ᠠ ᠭᠡᠬᠦ ᠪᠣᠢ᠂ ᠨᠠᠳᠠ ᠰᠦᠬᠡᠪᠠᠭᠠᠲᠤᠷ ᠲᠠᠢ ᠠᠭᠤᠯᠵᠠᠵᠤ ᠪᠠᠢᠭᠰᠠᠨ ᠤᠳᠠᠭ᠎ᠠ ᠠᠯᠠᠭ᠎ᠠ᠃ 
       — ᠠᠢ! ᠭᠡᠵᠦ ᠪᠠᠢᠴᠠᠭᠠᠴᠢ ᠨᠢᠳᠦ ᠪᠡᠨ ᠲᠣᠮᠣ ᠪᠣᠯᠭᠠᠨ ᠰᠢᠷᠲᠡᠵᠦ᠄ 
       — ᠨᠢᠮᠠᠵᠠᠪ ᠨᠣᠶᠠᠨ ᠰᠦᠬᠡᠪᠠᠭᠠᠲᠤᠷ ᠲᠠ ᠬᠣᠶᠠᠷ ᠤ᠋ᠨ ᠠᠭᠤᠯᠵᠠᠳᠠᠭ ᠪᠠᠢᠭᠰᠠᠨ ᠢ᠋ ᠬᠡᠯᠡᠵᠦ ᠪᠠᠢᠬᠤ ᠳ᠋ᠤ᠌ ᠲᠠ ᠢᠩᠭᠢᠵᠦ ᠬᠡᠯᠡᠵᠦ ᠶᠠᠭᠠᠬᠢᠵᠤ ᠪᠣᠯᠤᠨ᠎ᠠ ᠪᠣᠢ? 
       — ᠲᠡᠷᠡ ᠪᠣᠯ ᠣᠷᠣ ᠦᠨᠳᠦᠰᠦ ᠦᠭᠡᠢ ᠵᠦᠢᠯ᠃ 
       — ᠬᠡᠷᠪᠡ ᠲᠠ ᠢᠩᠭᠢᠵᠦ ᠵᠢᠳᠬᠦᠪᠡᠯ ᠪᠢ ᠲᠠᠨ ᠳ᠋ᠤ᠌ ᠡᠷᠡᠭᠦᠦ ᠰᠢᠭᠦᠯᠲᠡ ᠲᠤᠯᠭᠠᠬᠤ ᠠ᠋ᠴᠠ ᠥᠭᠡᠷ᠎ᠡ ᠠᠷᠭ᠎ᠠ ᠠᠯᠠᠭ᠎ᠠ᠃ 
       — ᠣᠳᠣ ᠲᠠ ᠪᠣᠳᠣ! ᠲᠠ ᠣᠳᠣ ᠥᠴᠥᠭᠡᠳᠦᠷ ᠦ᠋ᠨ ᠬᠢ ᠡᠴᠡ ᠪᠦᠷ ᠬᠡᠳᠦᠨ ᠬᠤᠪᠢ ᠬᠦᠨᠳᠦ ᠶᠠᠭᠤᠮ᠎ᠠ ᠦᠵᠡᠬᠦ ᠪᠣᠯᠤᠨ᠎ᠠ᠃ 
       — ᠣᠳᠣ ᠶᠠᠭᠠᠬᠢᠶ᠎ᠠ ᠭᠡᠬᠦ ᠪᠣᠢ᠃ 
       ᠪᠠᠢᠴᠠᠭᠠᠭᠴᠢ ᠠᠮᠠᠨ ᠳᠣᠲᠣᠷ᠎ᠠ ᠪᠠᠨ ᠬᠠᠷᠢᠶᠠᠯ ᠪᠣᠳᠣᠭᠰᠠᠨ ᠢ᠋ᠶ᠋ᠠᠨ ᠲᠦᠳᠡᠬᠡᠨ ᠴᠢᠷᠠᠢ ᠪᠠᠨ ᠲᠥᠪ ᠪᠣᠯᠭᠠᠵᠤ᠂ ᠤᠴᠠᠭᠠᠷᠯᠠᠬᠤ ᠪᠠᠢᠳᠠᠯ ᠳ᠋ᠤ᠌ ᠣᠷᠣᠯ᠎ᠠ᠃ ᠲᠡᠭᠦᠨ ᠦ᠌ ᠦᠭᠡ ᠪᠡᠷ ᠪᠣᠯ ᠥᠪᠡᠷ ᠢ᠋ᠶ᠋ᠡᠨ《ᠨᠠᠨᠵᠢᠩ ᠬᠣᠲᠠ ᠳ᠋ᠤ᠌ ᠰᠢᠭᠦᠬᠦ ᠴᠠᠭᠠᠵᠠ ᠶ᠋ᠢᠨ ᠰᠤᠷᠭᠠᠭᠤᠯᠢ ᠲᠡᠭᠦᠰᠦᠭᠰᠡᠨ ᠬᠥᠮᠦᠨ ᠭᠡᠨ᠎ᠡ᠃ ᠪᠠᠢᠴᠠᠭᠠᠨ ᠰᠢᠯᠭᠠᠬᠤ ᠲᠤᠬᠠᠢ ᠥᠭᠦᠯᠡᠬᠦ ᠳ᠋ᠡᠭᠡᠨ᠂ ᠬᠡᠷᠡᠭᠲᠡᠨ ᠡᠲᠡᠭᠡᠳ ᠢ᠋ ᠰᠢᠭᠦᠯᠲᠡ ᠪᠡᠷ ᠬᠠᠳᠠᠭᠤᠯᠬᠤ ᠨᠢ ᠵᠦᠢ ᠶ᠋ᠢᠨ ᠬᠡᠷᠡᠭ ᠪᠣᠯᠪᠠᠴᠤ ᠦᠨᠡᠨ ᠵᠥᠪ ᠢ᠋ ᠣᠯᠬᠤ ᠳ᠋ᠤ᠌ ᠵᠣᠬᠢᠰ ᠲᠠᠢ ᠠᠷᠭ᠎ᠠ ᠪᠢᠰᠢ》 ᠭᠡᠨ᠎ᠡ᠃ ᠶᠠᠭᠠᠬᠢᠭᠠᠳ ᠪᠣᠢ? ᠭᠡᠵᠦ ᠪᠠᠢᠴᠠᠭᠠᠴᠢ ᠠᠰᠠᠭᠤᠯᠲᠠ ᠲᠠᠯᠪᠢᠨ ᠥᠪᠡᠷ ᠢ᠋ᠶ᠋ᠡᠨ ᠬᠠᠷᠢᠭᠤᠯᠬᠤ ᠳ᠋ᠠᠭᠠᠨ᠂《ᠬᠥᠮᠦᠨ ᠵᠣᠪᠠᠨ ᠲᠠᠷᠴᠢᠯᠠᠵᠤ ᠠᠶᠤᠨ ᠰᠠᠨᠳᠤᠷᠬᠤ ᠳ᠋ᠠᠭᠠᠨ ᠪᠤᠷᠤᠭᠤ ᠵᠥᠷᠢᠭᠦᠦ ᠮᠡᠳᠡᠭᠦᠯᠭᠡ ᠭᠠᠷᠭᠠᠨ᠂ ᠪᠠᠢᠴᠠᠭᠠᠭᠴᠢ ᠶ᠋ᠢᠨ ᠲᠠᠯ᠎ᠠ ᠠ᠋ᠴᠠ ᠦᠨᠡᠨ ᠢ᠋ ᠨᠢ ᠰᠢᠯᠭᠠᠨ ᠣᠯᠬᠤ ᠶᠠᠪᠤᠳᠠᠯ ᠳ᠋ᠤ᠌ ᠪᠡᠷᠬᠡᠰᠢᠶᠡᠯ ᠤᠴᠠᠷᠠᠭᠤᠯᠤᠨ᠎ᠠ ᠭᠡᠨ᠎ᠡ᠃ ᠲᠡᠭᠦᠪᠡᠷ ᠴᠦ᠍ ᠪᠠᠷᠠᠬᠤ ᠦᠭᠡᠢ ᠵᠠᠷᠢᠮ ᠬᠡᠷᠡᠭᠲᠡᠨ ᠬᠦᠨᠳᠦ ᠡᠷᠡᠭᠦᠦ ᠰᠢᠭᠦᠯᠲᠡ ᠡᠴᠡ ᠪᠣᠯᠤᠨ ᠥᠴᠢᠨᠡᠨ ᠲᠥᠴᠢᠨᠡᠨ ᠢᠯᠡᠭᠦᠦ ᠶᠠᠭᠤᠮ᠎ᠠ ᠥᠪᠡᠷ ᠳᠡᠭᠡᠷ᠎ᠡ ᠪᠡᠨ ᠣᠪᠣᠭᠠᠯᠠᠨ ᠣᠨᠣᠭᠳᠠᠬᠤ ᠶᠠᠯ᠎ᠠ ᠪᠠᠨ ᠬᠦᠨᠳᠦᠷᠡᠭᠦᠯᠬᠦ ᠴᠦ᠍ ᠶᠠᠪᠤᠳᠠᠯ ᠪᠣᠢ》 ᠭᠡᠵᠦ ᠪᠠᠢᠴᠠᠭᠠᠭᠴᠢ ᠦᠨᠡᠬᠡᠷ ᠠᠷᠢᠭᠤᠨ ᠰᠢᠳᠤᠷᠭᠤ ᠰᠢᠭᠦᠭᠴᠢ ᠶ᠋ᠢᠨ ᠳᠦᠷᠢ ᠪᠠᠷᠢᠨ ᠬᠡᠯᠡᠪᠡ᠃ ᠳᠠᠷᠠᠭ᠎ᠠ ᠨᠢ ᠪᠠᠢᠴᠠᠭᠠᠭᠴᠢ ᠬᠠᠤᠯᠢ ᠶ᠋ᠢᠨ ᠳᠣᠲᠣᠷᠠᠬᠢ ᠠᠭᠤᠯᠭ᠎ᠠ ᠳ᠋ᠤ᠌ ᠣᠷᠣᠬᠤ ᠳ᠋ᠠᠭᠠᠨ᠁ ᠬᠠᠤᠯᠢ ᠪᠣᠯ ᠨᠠᠷᠢᠨ ᠭᠡᠨ᠎ᠡ᠃ ᠬᠠᠤᠯᠢ ᠪᠣᠯ ᠰᠢᠳᠤᠷᠭᠤ ᠭᠡᠨ᠎ᠡ᠃ ᠭᠡᠪᠡᠴᠦ ᠬᠠᠤᠯᠢ ᠶ᠋ᠢᠨ ᠰᠢᠳᠤᠷᠭᠤ ᠪᠠᠢᠬᠤ ᠡᠰᠡᠬᠦ ᠶ᠋ᠢ ᠭᠠᠭᠴᠠ ᠪᠠᠢᠴᠠᠭᠠᠭᠴᠢ ᠪᠢᠰᠢ᠂ ᠪᠠᠢᠴᠠᠭᠠᠭᠴᠢ ᠬᠡᠷᠡᠭᠲᠡᠨ ᠬᠣᠶᠠᠷ ᠤ᠋ᠨ ᠰᠢᠳᠤᠷᠭᠤ ᠬᠠᠷᠢᠯᠴᠠᠬᠤ ᠡᠰᠡᠬᠦ ᠡᠴᠡ ᠪᠣᠯᠬᠤ ᠭᠡᠨ᠎ᠡ᠃ ᠢᠩᠭᠢᠭᠡᠳ ᠪᠠᠢᠴᠠᠭᠠᠭᠴᠢ ᠬᠡᠷᠡᠭ ᠨᠡᠬᠡᠮᠵᠢᠯᠡᠬᠦ ᠠᠵᠢᠯ ᠳ᠋ᠠᠭᠠᠨ ᠠᠶᠠᠲᠠᠢᠬᠠᠨ ᠢ᠋ᠶ᠋ᠠᠷ ᠬᠡᠯᠪᠡᠢᠨ ᠣᠷᠣᠵᠤ᠂ ᠪᠠᠬᠠᠨ ᠶᠠᠷᠢᠭᠠᠳ ᠡᠴᠦᠰ ᠲᠦ᠋ᠨᠢ ᠪᠢ ᠪᠣᠳᠣᠪᠠᠯ ᠲᠠ ᠣᠳᠣ ᠰᠦᠬᠡᠪᠠᠭᠠᠲᠤᠷ ᠲᠠᠢ ᠬᠡᠳᠦᠨ ᠤᠳᠠᠭ᠎ᠠ ᠠᠭᠤᠯᠵᠠᠭᠰᠠᠨ᠂ ᠲᠡᠭᠦᠨ ᠦ᠌ ᠶᠠᠭᠤ ᠶᠠᠭᠤ ᠶᠠᠷᠢᠭᠰᠠᠨ ᠢ᠋ ᠨᠢᠭᠡ ᠳ᠋ᠦ᠍ ᠨᠢᠭᠡ ᠦᠭᠡᠢ ᠮᠡᠳᠡᠭᠦᠯᠬᠦ ᠪᠢᠵᠡ᠃ ᠬᠠᠷᠢᠨ ᠮᠢᠨᠦ ᠲᠠᠯ᠎ᠠ ᠠ᠋ᠴᠠ ᠰᠠᠨᠠᠭᠤᠯᠬᠤ ᠳ᠋ᠤ᠌᠂ ᠲᠠ ᠢᠯᠡᠭᠦᠦ ᠶᠠᠭᠤᠮ᠎ᠠ ᠪᠢᠲᠡᠭᠡᠢ ᠬᠡᠯᠡᠭᠡᠷᠡᠢ᠃ ᠲᠡᠷᠡ ᠪᠠᠢᠲᠤᠭᠠᠢ ᠰᠠᠨᠠᠭᠠᠨ ᠳ᠋ᠠᠭᠠᠨ ᠲᠣᠳᠣᠷᠬᠠᠢ ᠪᠢᠰᠢ ᠪᠠᠢᠭ᠎ᠠ ᠶᠠᠭᠤᠮ᠎ᠠ ᠶ᠋ᠢ ᠴᠦ᠍ ᠳᠤᠷᠠᠳᠬᠤ ᠶ᠋ᠢᠨ ᠬᠡᠷᠡᠭ ᠦᠭᠡᠢ᠃ ᠢᠯᠠᠩᠭᠤᠶ᠎ᠠ ᠰᠦᠬᠡᠪᠠᠭᠠᠲᠤᠷ ᠳᠡᠭᠡᠷ᠎ᠡ᠃ ᠰᠦᠬᠡᠪᠠᠭᠠᠲᠤᠷ ᠬᠡᠳᠦᠢᠪᠡᠷ ᠤᠯᠠᠭᠠᠨ ᠣᠷᠣᠰ ᠲᠠᠢ ᠰᠦᠯᠪᠡᠭᠡᠯᠳᠡᠨ ᠡᠬᠡ ᠣᠷᠣᠨ ᠠ᠋ᠴᠠ ᠪᠠᠨ ᠤᠷᠪᠠᠨ ᠲᠡᠷᠰᠯᠡᠵᠦ ᠪᠠᠢᠭ᠎ᠠ ᠬᠥᠮᠦᠨ ᠪᠣᠯᠪᠠᠴᠤ ᠬᠠᠤᠯᠢ ᠲᠡᠭᠦᠨ ᠢ᠋ ᠮᠥᠨ ᠬᠠᠢᠷᠠᠯᠠᠨ ᠡᠨᠡᠷᠢᠨ᠎ᠡ᠃ ᠵᠠ ᠲᠠ ᠶᠠᠷᠢ! ᠪᠢ ᠪᠢᠴᠢᠶ᠎ᠡ᠃ 
       ᠪᠢᠷ ᠢ᠋ᠶ᠋ᠡᠨ ᠰᠢᠭᠦᠷᠦᠨ ᠠᠪᠴᠤ ᠶᠠᠨ᠌ᠲ᠋ᠡᠢ ᠳ᠋ᠡᠭᠠᠨ ᠨᠡᠢᠯᠡᠨ ᠬᠦᠯᠢᠶᠡᠪᠡ᠃ 
       ᠪᠠᠯᠳᠠᠨᠴᠡᠷᠢᠩ ᠡᠬᠢᠯᠡᠭᠡᠳ ᠪᠠᠢᠴᠠᠭᠠᠭᠴᠢ ᠶ᠋ᠢᠨ ᠶᠠᠷᠢᠶ᠎ᠠ ᠶᠢ ᠲᠤᠩ ᠲᠣᠭᠣᠮᠰᠠᠷ ᠦᠭᠡᠢ ᠵᠥᠪᠬᠡᠨ ᠭᠠᠳᠠᠨ᠎ᠠ ᠪᠠᠨ ᠬᠢᠴᠢᠶᠡᠩᠭᠦᠢᠯᠡᠨ ᠴᠢᠩᠨᠠᠬᠤ ᠪᠠᠢᠳᠠᠯ ᠭᠠᠷᠭᠠᠭᠰᠠᠨ ᠪᠢᠯᠡ᠃ ᠭᠡᠪᠡᠴᠦ ᠨᠢᠭᠡ ᠮᠡᠳᠡᠬᠦ ᠳ᠋ᠦ᠍ ᠲᠡᠭᠦᠨ ᠦ᠌ ᠤᠷᠠᠨ ᠦᠭᠡᠨ ᠳ᠋ᠦ᠍ ᠠᠪᠲᠠᠭᠳᠠᠨ᠂ ᠥᠴᠢᠭ ᠮᠡᠳᠡᠭᠦᠯᠬᠦ ᠦᠭᠡᠢ ᠪᠠᠢᠬᠤ ᠭᠡᠰᠡᠨ ᠬᠠᠲᠠᠭᠤᠵᠢᠯ᠂ ᠤᠭ ᠤ᠋ᠨ ᠬᠢᠨᠠᠭᠤᠷ ᠬᠤᠷᠴᠠ ᠤᠬᠠᠭᠠᠨ ᠬᠣᠶᠠᠷ ᠢ᠋ᠶ᠋ᠠᠨ ᠠᠯᠲᠠᠨ《ᠡᠨᠡ ᠪᠠᠢᠴᠠᠭᠠᠭᠴᠢ ᠠᠷᠭ᠎ᠠ ᠦᠭᠡᠢ ᠮᠡᠷᠭᠡᠨ ᠤᠬᠠᠭᠠᠨ ᠲᠠᠢ ᠪᠣᠯᠤᠭᠠᠳ᠂ ᠦᠨᠡᠨ ᠰᠢᠳᠤᠷᠭᠤ ᠶ᠋ᠢ ᠪᠠᠷᠢᠮᠲᠠᠯᠠᠭᠰᠠᠨ ᠬᠥᠮᠦᠨ ᠪᠠᠢᠬᠤ ᠨᠢ ᠶᠠᠭᠤ ᠪᠣᠢ?》 ᠭᠡᠵᠦ ᠪᠣᠳᠣᠵᠤ ᠡᠬᠢᠯᠡᠭᠰᠡᠨ ᠪᠥᠭᠡᠳ ᠲᠡᠷᠡ ᠨᠢ ᠤᠯᠠᠮ ᠢ᠋ᠶ᠋ᠠᠷ ᠭᠦᠨᠵᠡᠭᠡᠢᠷᠡᠵᠦ《ᠶᠡᠷᠦᠨᠢ ᠰᠦᠬᠡᠪᠠᠭᠠᠲᠤᠷ ᠲᠠᠢ ᠠᠭᠤᠯᠵᠠᠵᠤ ᠪᠠᠢᠭᠰᠠᠨ ᠢ᠋ᠶ᠋ᠠᠨ ᠬᠡᠯᠡᠪᠡᠯ ᠶᠠᠭᠠᠬᠢᠭᠰᠠᠨ ᠶᠤᠮ ᠪᠣᠢ? ᠨᠠᠳᠠ ᠳ᠋ᠤ᠌ ᠴᠠᠭᠠᠰᠢ ᠬᠣᠯᠪᠣᠭ᠎ᠠ ᠦᠭᠡᠢ ᠪᠥᠭᠡᠳ ᠰᠦᠬᠡᠪᠠᠭᠠᠲᠤᠷ ᠤ᠋ᠨ ᠶᠠᠷᠢᠭᠰᠠᠨ ᠢ᠋ ᠡᠨᠳᠡ ᠬᠡᠯᠡᠯ᠎ᠡ ᠴᠦ᠍ ᠭᠡᠰᠡᠨ ᠲᠡᠷᠡ ᠥᠪᠡᠷ ᠢ᠋ᠶ᠋ᠡᠨ ᠣᠷᠣ ᠰᠤᠷᠠᠭ ᠦᠭᠡᠢ ᠠᠯᠠᠭ᠎ᠠ ᠪᠣᠯᠤᠭᠰᠠᠨ ᠬᠥᠮᠦᠨ ᠲᠤᠯᠠ ᠠᠶᠤᠯ ᠤᠴᠠᠷᠠᠬᠤ ᠶᠠᠭᠤᠮ᠎ᠠ ᠠᠯᠠᠭ᠎ᠠ》 ᠭᠡᠰᠡᠨ ᠨᠢᠭᠡ ᠪᠣᠳᠣᠯ ᠰᠡᠳᠬᠢᠯ ᠳ᠋ᠦ᠍ᠨᠢ ᠡᠷᠭᠢᠯᠳᠦᠨ᠎ᠡ᠃ ᠭᠡᠪᠡᠴᠦ ᠶᠠᠮᠠᠷ ᠰᠢᠦ ᠮᠠᠶᠢᠭ ᠢ᠋ᠶ᠋ᠠᠷ ᠡᠪᠯᠡᠭᠦᠯᠦᠨ ᠬᠡᠯᠡᠬᠦ ᠪᠣᠢ? ᠡᠭᠦᠨ ᠢ᠋ ᠪᠣᠯᠪᠠᠰᠤᠷᠠᠭᠤᠯᠬᠤ ᠳ᠋ᠤ᠌ ᠶᠠᠯᠢᠮ ᠦᠭᠡᠢᠬᠡᠨ ᠬᠤᠭᠤᠴᠠᠭ᠎ᠠ ᠬᠡᠷᠡᠭᠲᠡᠢ ᠪᠣᠯᠪᠠ᠃  
       — ᠲᠠ ᠵᠢᠭᠠᠬᠠᠨ ᠬᠦᠯᠢᠶᠡ᠃ ᠪᠢ ᠤᠷᠢᠳᠠ ᠪᠠᠷ ᠪᠣᠳᠣᠶ᠎ᠠ᠃ 
       ᠪᠠᠢᠴᠠᠭᠠᠭᠴᠢ ᠪᠡᠶᠡᠰᠦᠨ᠄ 
       — ᠰᠠᠢᠨ᠂ ᠮᠠᠰᠢ ᠰᠠᠢᠨ! ᠲᠠ ᠪᠣᠳᠣᠬᠤ ᠬᠡᠷᠡᠭᠲᠡᠢ᠂ ᠭᠡᠬᠦ ᠳ᠋ᠡᠭᠡᠨ ᠬᠠ ᠬᠠ᠁ ᠭᠡᠵᠦ ᠢᠨᠢᠶᠡᠬᠦ ᠲᠡᠳᠦᠢ ᠦᠭᠡᠢ ᠲᠣᠯᠣᠭᠠᠢ ᠳᠠᠷᠤᠨ ᠶᠣᠰᠣᠯᠠᠵᠤ᠂ ᠪᠢᠷ ᠢ᠋ᠶ᠋ᠡᠨ ᠳᠣᠷᠣᠭᠰᠢ ᠲᠠᠯᠪᠢᠪᠠ᠃  
       ᠪᠠᠯᠳᠠᠨᠴᠡᠷᠢᠩ ᠦᠭᠡ ᠪᠡᠨ ᠪᠣᠯᠪᠠᠰᠤᠷᠠᠭᠤᠯᠵᠤ ᠠᠪᠤᠭᠠᠳ ᠠᠮᠠ ᠨᠡᠭᠡᠭᠡᠬᠦ ᠭᠡᠲᠡᠯ᠎ᠡ ᠬᠠᠭᠠᠯᠭ᠎ᠠ ᠨᠡᠭᠡᠭᠡᠭᠳᠡᠨ ᠰᠠᠭᠠᠳ ᠪᠣᠯᠤᠯ᠎ᠠ᠃ 
       ᠬᠡᠨ ᠣᠷᠣᠵᠤ ᠢᠷᠡᠪᠡ᠃ ᠦᠭᠡᠢ ᠡᠨᠡ ᠴᠢᠨᠢ ᠶᠠᠮᠠᠷ ᠭᠠᠢᠬᠠᠯᠲᠠᠢ ᠯᠠ ᠶᠠᠭᠤᠮ᠎ᠠ ᠭᠡᠭᠴᠢ ᠪᠣᠯᠤᠭᠠᠳ ᠪᠠᠢᠨ᠎ᠠ ᠳᠠ! ᠨᠢᠳᠤᠨᠤᠨ ᠣᠷᠣᠨ ᠨᠤᠲᠤᠭ ᠲᠠᠭᠠᠨ ᠬᠠᠷᠢᠨ᠎ᠠ ᠭᠡᠵᠦ ᠭᠡᠷ ᠡᠴᠡ ᠭᠠᠷᠴᠤ ᠠᠯᠠᠭ᠎ᠠ ᠪᠣᠯᠤᠭᠰᠠᠨ ᠭᠠᠭᠴᠠ ᠱᠠᠪᠢ ᠨᠠᠮᠰᠠᠷᠠᠢ ᠨᠢ ᠣᠷᠣᠭᠠᠳ ᠢᠷᠡᠴᠢᠭᠰᠡᠨ ᠪᠠᠢᠨ᠎ᠠ᠃ ᠣᠳᠣ ᠨᠠᠮᠰᠠᠷᠠᠢ ᠭᠠᠮᠢᠩ ᠴᠡᠷᠢᠭ ᠦ᠋ᠨ ᠬᠠᠭᠤᠴᠢᠷᠠᠭᠰᠠᠨ ᠮᠠᠭᠤ ᠬᠤᠪᠴᠠᠰᠤᠨ ᠤ᠋ ᠲᠡᠮᠳᠡᠭ ᠲᠡᠢ᠂ ᠲᠡᠷᠡ ᠮᠥᠷᠲᠡᠭᠡᠨ ᠭᠠᠮᠢᠩ ᠴᠡᠷᠢᠭ ᠰᠢᠭ ᠱᠣᠪᠣᠰᠬᠢᠨ ᠶᠣᠰᠣᠯᠠᠵᠤ᠂《ᠳᠠᠷᠤᠭ᠎ᠠ ᠲᠠᠨ ᠳ᠋ᠤ᠌ ᠶᠡᠬᠡ ᠨᠣᠶᠠᠨ ᠤ᠋ ᠢᠯᠡᠭᠡᠭᠰᠡᠨ ᠪᠢᠴᠢᠭ ᠢ᠋ ᠪᠠᠷᠢᠵᠤ ᠪᠣᠯᠬᠤ ᠪᠣᠯᠪᠠᠤ?》 ᠭᠡᠵᠦ ᠬᠢᠲᠠᠳ ᠢ᠋ᠶ᠋ᠠᠷ ᠥᠭᠦᠯᠡᠬᠦ ᠨᠢ ᠶᠠᠭᠤ ᠪᠣᠢ?  
       ᠡᠨᠡ ᠪᠣᠯ ᠪᠠᠯᠳᠠᠨᠴᠡᠷᠢᠩ ᠳ᠋ᠦ᠍ ᠶᠣᠰᠣᠲᠠᠢ ᠵᠣᠯᠢᠭ ᠮᠣᠨᠳᠢ᠂ ᠭᠠᠢ ᠭᠠᠮᠰᠢᠭ ᠭᠡᠭᠴᠢ ᠪᠠᠢᠯ᠎ᠠ᠃ 
       ᠨᠠᠮᠰᠠᠷᠠᠢ ᠪᠠᠯᠳᠠᠨᠴᠡᠷᠢᠩ ᠢ᠋ ᠬᠠᠷᠠᠬᠤ ᠲᠠᠢ ᠵᠡᠷᠭᠡ ᠨᠢᠭᠤᠷ ᠪᠤᠷᠤᠭᠤᠯᠠᠨ ᠪᠠᠢᠴᠠᠭᠠᠭᠴᠢ ᠳ᠋ᠤ᠌ ᠲᠣᠭᠳᠣᠢ ᠲᠠᠢ ᠪᠢᠴᠢᠭ ᠢ᠋ ᠭᠠᠷᠭᠠᠵᠤ ᠥᠭᠭᠦᠭᠡᠳ᠂ ᠮᠥᠨ ᠨᠢᠭᠤᠷ ᠪᠤᠷᠤᠭᠤᠯᠠᠭᠰᠠᠨ ᠴᠢᠭ ᠢ᠋ᠶ᠋ᠡᠷ ᠢ᠋ᠶ᠋ᠡᠨ ᠭᠠᠷᠪᠠ᠃ ᠪᠠᠢᠴᠠᠭᠠᠭᠴᠢ ᠲᠣᠭᠳᠣᠢ ᠶ᠋ᠢ ᠨᠡᠭᠡᠭᠡᠨ᠂ ᠨᠢᠭᠡ ᠬᠠᠭᠤᠳᠠᠰᠤ ᠳᠦᠭᠦᠷᠡᠩ ᠪᠢᠴᠢᠭ ᠭᠠᠷᠭᠠᠵᠤ᠂ ᠨᠢᠳᠦ ᠭᠦᠶᠦᠯᠭᠡᠵᠦ᠂ ᠠᠮᠠ ᠬᠥᠳᠡᠯᠭᠡᠨ ᠤᠩᠰᠢᠨ᠎ᠠ᠃ ᠪᠠᠯᠳᠠᠨᠴᠡᠷᠢᠩ ᠦ᠋ᠨ ᠰᠡᠳᠬᠢᠯ ᠳ᠋ᠦ᠍ ᠤᠷᠪᠠᠬᠤ ᠭᠡᠳᠡᠭ ᠦᠭᠡ ᠠᠷᠪᠠ ᠳᠠᠬᠢᠨ ᠡᠷᠭᠢᠯᠳᠦᠵᠦ᠂ ᠤᠷᠪᠠᠭᠰᠠᠳ ᠢ᠋ ᠬᠡᠳᠦᠨ ᠠᠷᠪᠠᠨ ᠳᠠᠪᠬᠤᠷ ᠵᠠᠨᠤᠨ᠎ᠠ᠃ ᠭᠡᠲᠡᠯ᠎ᠡ ᠣᠳᠣ ᠥᠪᠡᠷ ᠢ᠋ᠶ᠋ᠡᠨ ᠥᠪᠡᠷ ᠢ᠋ ᠪᠡᠨ ᠰᠤᠨᠵᠢᠨ ᠦᠵᠡᠬᠦ ᠳ᠋ᠦ᠍ ᠮᠥᠨ ᠤᠷᠪᠠᠬᠤ᠂ ᠤᠷᠪᠠᠬᠤ ᠶ᠋ᠢᠨ ᠳᠠᠪᠠᠭᠠᠨ ᠳᠡᠭᠡᠷ᠎ᠡ ᠢᠷᠡᠭᠡᠳ ᠪᠠᠢᠭ᠎ᠠ ᠨᠢ ᠲᠣᠳᠣᠷᠬᠠᠢ ᠪᠠᠢᠬᠤ ᠲᠤᠯᠠ ᠭᠣᠣᠯ ᠬᠠᠷᠠᠯᠠᠨ ᠨᠢᠳᠦᠨ ᠳ᠋ᠦ᠍ᠨᠢ ᠨᠢᠯᠪᠤᠰᠤ ᠬᠤᠷᠠᠯᠳᠤᠨ᠎ᠠ᠃ ᠪᠠᠢᠴᠠᠭᠠᠭᠴᠢ ᠪᠢᠴᠢᠭ ᠢ᠋ᠶ᠋ᠡᠨ ᠤᠩᠰᠢᠵᠤ ᠳᠠᠭᠤᠰᠬᠠᠭᠠᠳ᠂ ᠲᠣᠯᠣᠭᠠᠢ ᠭᠡᠯᠵᠡᠢᠯᠭᠡᠨ ᠨᠢᠭᠡ ᠬᠡᠰᠡᠭ ᠪᠣᠳᠣᠭᠰᠠᠨ ᠢ᠋ᠶ᠋ᠠᠨ ᠰᠠᠨᠠᠭ᠎ᠠ ᠠᠯᠳᠠᠪᠠ᠃ ᠲᠡᠭᠡᠭᠡᠳ ᠪᠢᠴᠢᠭ ᠢ᠋ᠶ᠋ᠡᠨ ᠤᠩᠰᠢᠵᠤ ᠡᠭᠡᠭᠦᠯᠵᠦ ᠲᠣᠭᠳᠣᠢ ᠳ᠋ᠤᠨᠢ ᠰᠢᠷᠭᠤᠭᠤᠯᠪᠠ᠃ ᠡᠭᠦᠨ ᠡᠴᠡ ᠨᠢ ᠦᠵᠡᠬᠦ ᠳ᠋ᠦ᠍ ᠲᠡᠷᠡ ᠪᠢᠴᠢᠭ ᠲᠦ᠍ ᠶᠠᠮᠠᠷ ᠨᠢᠭᠡᠨ ᠠᠮᠤᠷ ᠦᠭᠡᠢ ᠶᠠᠪᠤᠳᠠᠯ ᠪᠠᠢᠭ᠎ᠠ ᠨᠢ ᠢᠯᠡᠷᠬᠡᠢ᠃ ᠭᠡᠪᠡᠴᠦ ᠪᠠᠯᠳᠠᠨᠴᠡᠷᠢᠩ ᠪᠠᠢᠴᠠᠭᠠᠭᠴᠢ ᠶ᠋ᠢ ᠠᠵᠢᠭᠰᠠᠨ ᠵᠦᠢᠯ ᠦᠭᠡᠢ᠃ ᠤᠷᠪᠠᠭᠰᠠᠨ ᠱᠠᠪᠢ᠂ ᠤᠷᠪᠠᠭᠰᠠᠨ ᠨᠢᠮᠠᠵᠠᠪ ᠪᠠᠢᠰᠠ ᠬᠣᠶᠠᠷ ᠢ᠋ ᠥᠪᠡᠷ ᠦ᠋ᠨ ᠭᠠᠷ ᠢ᠋ᠶ᠋ᠠᠷ ᠵᠢᠷᠦᠬᠡ ᠶ᠋ᠢ ᠨᠢ ᠰᠤᠭᠤᠯᠬᠤ ᠰᠠᠨ ᠯᠠ ᠭᠡᠵᠦ ᠪᠣᠳᠣᠨ᠎ᠠ᠃ 
       — ᠵᠠ ᠲᠠ ᠣᠳᠣ ᠪᠣᠳᠣᠵᠤ ᠭᠦᠢᠴᠡᠭᠡ ᠪᠢᠵᠡ ᠳᠡ ᠭᠡᠵᠦ ᠡᠶᠡᠯᠳᠡᠭᠬᠡᠨ ᠢ᠋ᠶ᠋ᠡᠷ ᠥᠭᠦᠯᠡᠬᠦ ᠶ᠋ᠢ ᠪᠠᠯᠳᠠᠨᠴᠡᠷᠢᠩ ᠰᠣᠨᠣᠰᠤᠭᠠᠳ ᠲᠣᠯᠣᠭᠠᠢ ᠡᠷᠭᠦᠨ ᠬᠠᠷᠠᠪᠠᠯ᠂ ᠪᠠᠢᠴᠠᠭᠠᠭᠴᠢ ᠬᠡᠨ ᠪᠦᠬᠦᠨ ᠢ᠋ ᠮᠠᠳᠠᠭ ᠦᠭᠡᠢ ᠲᠥᠭᠡᠷᠢᠯᠳᠦᠭᠦᠯᠵᠦ ᠴᠢᠳᠠᠳᠠᠭ ᠠᠶᠠᠲᠠᠢᠬᠠᠨ ᠢᠨᠢᠶᠡᠮᠰᠦᠭᠯᠡᠯ ᠢ᠋ᠶ᠋ᠡᠷ ᠢ᠋ᠶ᠋ᠡᠨ ᠪᠢᠷ ᠢ᠋ᠶ᠋ᠡᠨ ᠶᠠᠨᠲ᠋ᠨ᠌ᠢ ᠳ᠋ᠠᠭᠠᠨ ᠨᠡᠢᠯᠡᠵᠦ ᠪᠠᠢᠭ᠎ᠠ ᠦᠵᠡᠭᠳᠡᠨ᠎ᠡ᠃ 
       — ᠨᠠᠳᠠ ᠮᠡᠳᠡᠭᠦᠯᠬᠦ ᠶᠠᠭᠤᠮ᠎ᠠ ᠪᠠᠢᠬᠤ ᠦᠭᠡᠢ ᠠ᠋᠃ ᠪᠢ ᠤᠳᠠᠭ᠎ᠠ ᠳᠠᠷᠠᠭᠠᠯᠠᠨ ᠮᠡᠳᠡᠭᠦᠯᠦᠭᠰᠡᠭᠡᠷ ᠢᠷᠡᠭᠰᠡᠨ ᠪᠢᠯᠡ ᠭᠡᠵᠦ ᠪᠠᠯᠳᠠᠨᠴᠡᠷᠢᠩ ᠪᠠᠢᠴᠠᠭᠠᠭᠴᠢ ᠠ᠋ᠴᠠ ᠠᠶᠤᠨ ᠲᠡᠪᠡᠳᠡᠬᠦ ᠳ᠋ᠡᠭᠡᠨ ᠪᠢᠰᠢ᠂ ᠠᠷᠠᠳ ᠲᠦᠮᠡᠨ ᠡᠴᠡ ᠤᠷᠪᠠᠭᠰᠠᠳ ᠢ᠋ ᠥᠰᠢᠨ ᠵᠠᠨᠤᠭᠰᠠᠨ ᠠᠭᠤᠷ ᠲᠠᠭᠠᠨ ᠬᠣᠭᠣᠯᠠᠢ ᠴᠡᠴᠡᠷᠡᠭᠦᠯᠦᠨ ᠥᠭᠦᠯᠡᠪᠡ᠃  
       ᠪᠠᠢᠴᠠᠭᠠᠭᠴᠢ᠄ 
       — ᠶᠠᠭᠤ? ᠭᠡᠵᠦ ᠳᠠᠭᠤ ᠠᠯᠲᠠᠨ ᠪᠣᠰᠤᠨ ᠬᠠᠷᠠᠢᠪᠠ᠃ 
       ᠣᠳᠣ ᠦᠵᠡᠪᠡᠯ ᠡᠨᠡ ᠪᠠᠢᠴᠠᠭᠠᠭᠴᠢ ᠳ᠋ᠤ᠌ ᠰᠠᠢᠬᠠᠨ ᠶᠠᠭᠤᠮ᠎ᠠ ᠶᠡᠷᠦ ᠠᠯᠠᠭ᠎ᠠ᠃ ᠰᠠᠢᠬᠠᠨ ᠲᠤᠩᠭᠠᠯᠠᠭ ᠴᠠᠭᠠᠨ ᠴᠢᠷᠠᠢ ᠴᠤ᠌ ᠠᠯᠠᠭ᠎ᠠ᠂ ᠣᠶᠤᠨ ᠤᠬᠠᠭᠠᠨ ᠤ᠋ ᠠᠷᠢᠭᠤᠨ ᠰᠢᠳᠤᠷᠭᠤ ᠶ᠋ᠢᠨ ᠶᠠᠮᠠᠷ ᠴᠤ᠌ ᠦᠨᠦᠷ ᠠᠯᠠᠭ᠎ᠠ᠃ ᠲᠡᠭᠦᠨ ᠳ᠋ᠦ᠍ ᠪᠠᠢᠭ᠎ᠠ ᠶᠠᠭᠤᠮ᠎ᠠ ᠭᠡᠪᠡᠯ ᠴᠥᠮ ᠶᠧᠯᠸᠢ᠂ ᠷᠢᠳᠢ ᠰᠢᠳᠢ᠃ ᠬᠥᠮᠦᠨ ᠢ᠋ ᠦᠨᠡᠭᠡ ᠰᠢᠭ ᠵᠠᠯᠢᠯᠠᠨ ᠮᠡᠬᠡᠯᠡᠬᠦ᠂ ᠡᠷᠡᠭᠦᠳᠡᠨ ᠲᠠᠮᠤᠯᠠᠬᠤ ᠬᠣᠶᠠᠷ ᠢ᠋ ᠡᠭᠡᠯᠵᠢᠯᠡᠭᠦᠯᠦᠨ ᠬᠡᠷᠡᠭᠯᠡᠬᠦ ᠳ᠋ᠦ᠍ ᠮᠡᠷᠭᠡᠵᠢᠭᠰᠡᠨ ᠶᠣᠰᠣᠲᠠᠢ ᠯᠠ ᠬᠥᠮᠦᠨ ᠦ᠌ ᠶᠠᠰᠤ ᠮᠢᠬ᠎ᠠ ᠶ᠋ᠢ ᠠᠮᠢᠳᠤ ᠪᠠᠷ ᠨᠢ ᠬᠡᠮᠡᠯᠢᠭᠴᠢ ᠠᠷᠢᠶᠠᠲᠠᠨ ᠦᠵᠡᠭᠳᠡᠨ᠎ᠡ᠃ 
       — ᠨᠠᠳᠠ ᠮᠡᠳᠡᠭᠦᠯᠬᠦ ᠶᠠᠭᠤᠮ᠎ᠠ ᠪᠠᠢᠬᠤ ᠦᠭᠡᠢ! ᠭᠡᠵᠦ ᠪᠠᠯᠳᠠᠨᠴᠡᠷᠢᠩ ᠲᠡᠭᠦᠨ ᠦ᠌ ᠰᠣᠴᠢᠨ ᠳᠠᠭᠤ ᠠᠯᠳᠠᠭᠰᠠᠨ ᠠ᠋ᠴᠠ ᠨᠢ ᠠᠷᠠᠢ ᠳᠠᠪᠠᠭᠤ ᠳᠠᠭᠤ ᠪᠠᠷ ᠬᠡᠯᠡᠪᠡ᠃ ᠭᠠᠤᠯᠢᠨ ᠶᠠᠨᠲ᠋ᠨ᠌ᠢ ᠰᠢᠷᠡᠭᠡᠨ ᠳᠡᠭᠡᠷ᠎ᠡ ᠳᠡᠰ ᠪᠠᠭᠤᠨ ᠬᠡᠯᠡᠬᠦ ᠤᠤ᠂ ᠦᠭᠡᠢ ᠤᠤ? ᠭᠡᠵᠦ ᠬᠠᠰᠬᠢᠷᠬᠤ ᠳ᠋ᠤᠨᠢ ᠴᠣᠩᠬᠣᠨ ᠤ᠋ ᠰᠢᠯ ᠳᠣᠷᠭᠢᠨ᠎ᠠ᠃ ᠪᠠᠯᠳᠠᠨᠴᠡᠷᠢᠩ ᠳ᠋ᠦ᠍ ᠰᠦᠷᠳᠡᠬᠦ ᠶᠠᠭᠤᠮ᠎ᠠ ᠠᠯᠠᠭ᠎ᠠ᠃ ᠦᠬᠦᠲᠡᠯ᠎ᠡ ᠪᠡᠨ ᠲᠡᠮᠡᠴᠡᠬᠦ᠂ ᠦᠬᠦᠭᠰᠡᠨ ᠬᠣᠢᠨ᠎ᠠ ᠪᠠᠨ ᠪᠠᠰᠠ ᠲᠡᠮᠡᠴᠡᠬᠦ ᠡᠢᠮᠦ ᠪᠣᠳᠣᠯ ᠳ᠋ᠤ᠌ ᠪᠦᠬᠦ ᠰᠡᠳᠬᠢᠯ ᠮᠡᠳᠡᠷᠡᠯ ᠨᠢ ᠡᠵᠡᠯᠡᠭᠳᠡᠭᠰᠡᠨ ᠪᠠᠢᠯ᠎ᠠ᠃ 
       — ᠪᠢ ᠡᠬᠡ ᠣᠷᠣᠨ ᠠᠷᠠᠳ ᠲᠦᠮᠡᠨ ᠡᠴᠡ ᠪᠡᠨ ᠬᠡᠵᠢᠶ᠎ᠡ ᠴᠦ᠍ ᠤᠷᠪᠠᠬᠤ ᠦᠭᠡᠢ ᠭᠡᠵᠦ ᠬᠠᠷᠢᠭᠤ ᠬᠠᠰᠬᠢᠷᠤᠨ ᠥᠭᠡᠳᠡ ᠡᠴᠡ ᠨᠢ ᠦᠰᠦᠷᠪᠡ᠃ ᠭᠡᠪᠡᠴᠦ ᠣᠷᠣᠭᠰᠢ ᠦᠰᠦᠷᠦᠭᠰᠡᠨ ᠦ᠌ ᠠᠰᠢᠭ ᠶᠠᠭᠤ ᠪᠠᠢᠬᠤ ᠪᠢᠯᠡ? ᠬᠡᠯᠡᠮᠦᠷᠴᠢ ᠤᠷᠢᠳᠤᠭᠤᠷ ᠨᠢ ᠣᠷᠣᠨ ᠪᠠᠢᠴᠠᠭᠠᠭᠴᠢ ᠪᠠᠨ ᠬᠠᠮᠠᠭᠠᠯᠠᠨ᠎ᠠ᠃ ᠠᠷᠤ ᠠ᠋ᠴᠠ ᠨᠢ ᠪᠠᠰᠠ ᠯᠠ ᠬᠣᠶᠠᠷ ᠬᠥᠮᠦᠨ ᠪᠠᠷᠢᠨ ᠠᠪᠤᠯ᠎ᠠ᠃《ᠴᠣᠬᠢ ᠪᠠᠩᠵᠠᠳᠠ!》 ᠭᠡᠵᠦ ᠪᠠᠢᠴᠠᠭᠠᠭᠴᠢ ᠬᠠᠰᠬᠢᠷᠤᠭᠰᠠᠨ ᠢ᠋ᠶ᠋ᠠᠷ ᠬᠣᠶᠠᠷ ᠡᠷᠡᠭᠦᠳᠡᠭᠴᠢ ᠬᠡᠯᠡᠮᠦᠷᠴᠢ ᠲᠡᠢ ᠬᠠᠮᠲᠤᠷᠠᠨ ᠳᠡᠪᠡᠯ ᠲᠠᠢᠯᠤᠨ ᠥᠮᠥᠳᠥ ᠰᠢᠪᠲᠤᠯᠤᠨ᠎ᠠ᠃ ᠥᠭᠡᠳᠡ ᠡᠴᠡ ᠨᠢ ᠪᠠᠯᠳᠠᠨᠴᠡᠷᠢᠩ ᠬᠠᠷᠢᠶᠠᠪᠠ ᠵᠠᠨᠤᠪᠠ᠃ ᠭᠠᠷ ᠬᠥᠯ᠂ ᠪᠦᠬᠦ ᠪᠠᠢᠭ᠎ᠠ ᠪᠠᠷ ᠢ᠋ᠶ᠋ᠠᠨ ᠡᠰᠡᠷᠭᠦᠴᠡᠨ ᠲᠤᠯᠤᠯᠳᠤᠪᠠ᠃ ᠭᠡᠯ᠎ᠡ ᠴᠦ᠍ ᠨᠡᠮᠡᠷᠢ ᠠᠯᠠᠭ᠎ᠠ ᠳᠠᠩᠴᠤ ᠠᠯᠠᠭ᠎ᠠ᠃ ᠱᠠᠯᠳᠠᠩ ᠭᠤᠶᠠᠨ ᠳᠡᠭᠡᠷ᠎ᠡ ᠤᠷᠲᠤ ᠬᠤᠯᠤᠰᠤᠨ ᠪᠠᠩᠵᠠ ᠨᠠᠬᠢᠰ ᠪᠠᠭᠤᠵᠤ᠂ ᠪᠠᠢᠴᠠᠭᠠᠭᠴᠢ ᠶ᠋ᠢᠨ᠄《ᠪᠠᠯᠪᠠ! ᠴᠣᠬᠢ! ᠬᠡᠯᠡ!》 ᠭᠡᠵᠦ ᠲᠠᠰᠤᠷᠠᠯᠲᠠ ᠦᠭᠡᠢ ᠬᠠᠰᠬᠢᠷᠬᠤ ᠶ᠋ᠢ ᠬᠡᠯᠡᠮᠦᠷᠴᠢ ᠪᠠᠰᠠ ᠮᠣᠩᠭᠣᠯ ᠢ᠋ᠶ᠋ᠠᠷ ᠳᠠᠪᠲᠠᠨ᠎ᠠ᠃ ᠢᠩᠭᠢᠭᠰᠡᠭᠡᠷ ᠤᠳᠠᠯ᠎ᠠ᠃ ᠲᠤᠩ ᠶᠡᠬᠡ ᠤᠳᠠᠯ᠎ᠠ᠃
       ᠪᠠᠯᠳᠠᠨᠴᠡᠷᠢᠩ ᠡᠨᠡ ᠡᠳᠦᠷ ᠪᠠᠢᠴᠠᠭᠠᠯᠲᠠ ᠳᠠᠭᠤᠰᠴᠤ ᠬᠣᠶᠠᠷ ᠬᠥᠮᠦᠨ ᠢ᠋ᠶ᠋ᠡᠷ ᠳᠠᠮᠵᠢᠭᠤᠯᠤᠨ᠂ ᠱᠣᠷᠣᠩ ᠳ᠋ᠤ᠌ ᠢᠷᠡᠭᠰᠡᠨ ᠢ᠋ᠶ᠋ᠡᠨ ᠦᠯᠦ ᠮᠡᠳᠡᠨ᠎ᠡ᠃ ᠬᠠᠵᠠᠭᠤ ᠳ᠋ᠤ᠌ ᠰᠠᠭᠤᠭᠴᠢ ᠵᠠᠮᠢᠶᠠᠨ ᠤ᠋ ᠬᠦᠢᠲᠡᠨ ᠶᠠᠭᠤᠮ᠎ᠠ ᠠᠮᠠ ᠤᠷᠤᠭᠤ ᠬᠢᠵᠦ ᠪᠠᠢᠬᠤ ᠳ᠋ᠤᠨᠢ ᠤᠬᠠᠭᠠᠨ ᠣᠷᠣᠪᠠ᠃ ᠬᠠᠮᠤᠭ ᠤ᠋ᠨ ᠲᠦᠷᠦᠭᠦᠦ ᠨᠢ ᠪᠥᠭᠰᠡᠨ ᠪᠡᠶ᠎ᠡ ᠬᠠᠯᠠᠭᠤᠨ ᠣᠷᠬᠢᠨ ᠱᠠᠷᠬᠢᠷᠠᠵᠤ ᠪᠠᠢᠭ᠎ᠠ ᠨᠢ ᠮᠡᠳᠡᠭᠳᠡᠨ᠎ᠡ᠃ ᠪᠠᠢᠴᠠᠭᠠᠭᠴᠢ ᠪᠠ ᠲᠡᠭᠦᠨ ᠦ᠌ ᠡᠷᠡᠭᠦᠳᠡᠭᠴᠢ ᠨᠠᠷ ᠵᠥᠪᠬᠡᠨ ᠬᠣᠶᠠᠷ ᠬᠣᠩᠭᠣ ᠪᠠᠯᠪᠠᠭᠠᠳ ᠵᠣᠭᠰᠣᠭᠰᠠᠨ ᠪᠢᠰᠢ᠂ ᠴᠡᠭᠡᠵᠢᠨ ᠪᠡᠶ᠎ᠡ ᠳ᠋ᠦ᠍ ᠬᠥᠨᠳᠡᠭᠦᠷᠯᠡᠬᠦ ᠭᠠᠵᠠᠷ ᠣᠯᠠᠨ ᠪᠠᠢᠨ᠎ᠠ᠃ ᠬᠠᠵᠠᠭᠤ ᠠ᠋ᠴᠠ ᠨᠢ ᠨᠢᠭᠡ ᠬᠥᠮᠦᠨ《ᠬᠡᠷᠡᠭ ᠬᠦᠯᠢᠶᠡᠭᠰᠡᠨ ᠤᠤ?》 ᠭᠡᠵᠦ ᠠᠰᠠᠭᠤᠬᠤ ᠰᠢᠭ᠋᠃ ᠦᠨᠡᠨ ᠦᠨᠡᠨ ᠳ᠋ᠡᠭᠡᠨ ᠬᠡᠨ ᠴᠦ᠍ ᠠᠰᠠᠭᠤᠭᠰᠠᠨ ᠪᠢᠰᠢ᠂ ᠵᠥᠪᠬᠡᠨ ᠰᠡᠳᠬᠢᠯ ᠳ᠋ᠦ᠍ ᠪᠣᠳᠣᠭᠳᠠᠭᠰᠠᠨ ᠢ᠋ ᠰᠣᠨᠣᠰᠪᠠ ᠭᠡᠵᠦ ᠲᠠᠰᠢᠶᠠᠷᠠᠭᠰᠠᠨ ᠠᠵᠢ᠃《ᠦᠭᠡᠢ ᠠ᠋᠂ ᠥᠪᠡᠷ ᠦ᠋ᠨ ᠤᠬᠠᠭᠠᠨ ᠲᠠᠢ ᠪᠠᠢᠬᠤ ᠳ᠋ᠠᠭᠠᠨ ᠯᠠ ᠦᠭᠡᠢ》 ᠭᠡᠵᠦ ᠬᠡᠯᠡᠭᠡᠳ ᠪᠠᠯᠳᠠᠨᠴᠡᠷᠢᠩ᠂ ᠤᠬᠠᠭᠠᠨ ᠠᠯᠳᠠᠭᠰᠠᠨ ᠬᠣᠢᠨ᠎ᠠ ᠪᠠᠨ ᠦᠭᠡ ᠠᠯᠲᠠᠨ ᠭᠠᠷ ᠤ᠋ᠨ ᠦᠰᠦᠭ ᠵᠢᠷᠣᠭ᠎ᠠ ᠦᠭᠡᠢ ᠪᠠᠢᠭ᠎ᠠ ᠭᠡᠵᠦ ᠪᠣᠳᠣᠨ ᠵᠣᠪᠠᠨᠢᠨ᠎ᠠ᠃ ᠰᠥᠨᠢ ᠳ᠋ᠡᠭᠡᠨ ᠪᠡᠶ᠎ᠡ ᠨᠢ ᠠᠠᠢᠬᠤᠪᠲᠤᠷ ᠬᠠᠯᠠᠭᠤᠷᠠᠪᠠ᠃ ᠬᠥᠳᠡᠯᠬᠦ ᠪᠦᠷᠢ ᠳ᠋ᠦ᠍ ᠪᠠᠯᠪᠠᠭᠤᠯᠤᠭᠰᠠᠨ ᠭᠠᠵᠠᠷ ᠤ᠋ᠨ ᠠᠷᠠᠰᠤ ᠮᠢᠬ᠎ᠠ ᠲᠠᠲᠠᠯᠳᠤᠨ ᠡᠮᠵᠡᠭᠯᠡᠨ᠎ᠡ᠃ ᠡᠭᠦᠨᠴᠡ ᠪᠠᠯᠳᠠᠨᠴᠡᠷᠢᠩ ᠤᠳᠠᠭ᠎ᠠ ᠳᠠᠷᠠᠭ᠎ᠠ ᠶ᠋ᠢᠨ ᠬᠦᠨᠳᠦ ᠪᠡᠷ ᠡᠷᠡᠭᠦᠳᠡᠭᠦᠯᠦᠭᠰᠡᠨ ᠬᠥᠮᠦᠰ ᠦ᠋ᠨ ᠰᠥᠨᠢ ᠳ᠋ᠡᠭᠡᠨ ᠶᠡᠬᠡᠳᠡ ᠠᠮᠢᠰᠬᠤᠭᠠᠳᠠᠨ ᠢᠨᠴᠠᠭᠯᠠᠬᠤ ᠶ᠋ᠢᠨ ᠤᠴᠢᠷ ᠢ᠋ ᠣᠯᠵᠤ ᠮᠡᠳᠡᠪᠡ᠃ ᠲᠡᠭᠡᠭᠡᠳ ᠥᠪᠡᠷ ᠢ᠋ᠶ᠋ᠡᠨ ᠠᠯᠢ ᠪᠣᠯᠬᠣᠷ ᠴᠢᠯᠥᠭᠡ ᠲᠡᠢ ᠠᠮᠢᠰᠬᠤᠯᠠᠨ ᠪᠡᠶ᠎ᠡ ᠪᠡᠨ ᠠᠮᠠᠷᠠᠬᠤ ᠶ᠋ᠢ ᠶ᠋ᠢ ᠪᠣᠳᠣᠨ ᠲᠣᠪ ᠳᠤᠭᠤᠢ ᠪᠠᠢᠬᠤ ᠪᠥᠭᠡᠳ ᠰᠡᠳᠬᠢᠯ ᠳ᠋ᠦ᠍ᠨᠢ ᠡᠬᠢ ᠠᠳᠠᠭ ᠦᠭᠡᠢ ᠶᠠᠭᠤᠮᠠᠰ ᠣᠷᠣᠵᠤ ᠢᠷᠡᠨ ᠨᠣᠢᠷ ᠬᠤᠯᠵᠢᠨ᠎ᠠ᠃ ᠭᠡᠲᠡᠯ᠎ᠡ ᠲᠡᠨᠳᠡ ᠨᠢᠭᠡ ᠬᠥᠮᠦᠨ ᠵᠡᠭᠦᠳᠦᠯᠡᠵᠦ ᠪᠠᠢᠨ᠎ᠠ᠃《ᠠᠢ ᠥᠷᠥᠰᠢᠶᠡ! ᠨᠠᠳᠠ ᠮᠡᠳᠡᠭᠦᠯᠬᠦ ᠶᠠᠭᠤᠮ᠎ᠠ ᠠᠯᠠᠭ᠎ᠠ᠂ ᠠᠯᠠᠭ᠎ᠠ᠁》 ᠭᠡᠵᠦ ᠠᠮᠠ ᠳ᠋ᠠᠭᠠᠨ ᠥᠭᠦᠯᠡᠨ᠎ᠡ᠂ ᠥᠭᠡᠷ᠎ᠡ ᠨᠢᠭᠡ ᠭᠠᠵᠠᠷ ᠡᠷᠡᠭᠦᠦ ᠰᠢᠭᠦᠯᠲᠡ ᠶ᠋ᠢ ᠦᠵᠡᠭᠡ ᠦᠭᠡᠢ ᠬᠥᠮᠦᠨ ᠪᠠᠢᠬᠤ ᠠᠲᠠᠯ᠎ᠠ《ᠦᠬᠦᠬᠦ ᠨᠢ᠂ ᠦᠬᠦᠬᠦ ᠨᠢ᠂ ᠶᠠᠭᠠᠬᠢᠬᠤ ᠪᠢᠯᠡ》 ᠭᠡᠵᠦ ᠠᠮᠢᠰᠬᠤᠭᠠᠳᠠᠨ᠎ᠠ᠃ ᠪᠦᠷ ᠬᠣᠢᠨ᠎ᠠ᠂ ᠶᠡᠬᠡᠰ ᠳᠡᠭᠡᠳᠦᠰ ᠦ᠋ᠳ ᠦ᠋ᠨ ᠳᠤᠮᠳᠠ ᠪᠣᠯᠤᠯᠲᠠᠢ ᠨᠢᠭᠡ ᠬᠥᠮᠦᠨ ᠪᠠᠢᠵᠤ ᠶᠠᠳᠠᠨ ᠢᠨᠴᠠᠭᠯᠠᠨ᠎ᠠ᠃ ᠲᠡᠷᠡ ᠪᠣᠯ ᠮᠠᠩᠯᠠᠢ ᠸᠠᠩ ᠳᠠᠮᠳᠢᠨᠰᠦ᠋ᠷᠦᠩ᠃ ᠮᠠᠨᠵᠤ ᠬᠢᠲᠠᠳ ᠤ᠋ᠨ ᠳᠠᠷᠤᠯᠠᠯ ᠤ᠋ᠨ ᠡᠰᠡᠷᠭᠦ ᠢᠳᠡᠷ ᠵᠠᠯᠠᠭᠤ ᠴᠠᠭ ᠠ᠋ᠴᠠ ᠪᠠᠨ ᠡᠬᠢᠯᠡᠨ ᠲᠡᠮᠡᠴᠡᠭᠰᠡᠨ ᠲᠡᠦᠬᠡᠲᠦ ᠬᠥᠮᠦᠨ ᠪᠣᠯᠬᠤ ᠤᠴᠢᠷ᠂ ᠭᠠᠮᠢᠩ ᠤ᠋ᠳ ᠲᠤ᠌ ᠬᠠᠮᠤᠭ ᠤ᠋ᠨ ᠶᠡᠬᠡ ᠥᠰᠢᠭᠲᠡᠨ ᠵᠠᠨᠤᠭᠳᠠᠭᠰᠠᠨ ᠬᠥᠮᠦᠨ ᠠᠵᠢ᠃ ᠡᠳᠦᠷ ᠪᠦᠷᠢ ᠪᠠᠢᠴᠠᠭᠠᠭᠳᠠᠨ᠂ ᠲᠡᠷᠡ ᠪᠦᠷᠢ ᠳᠡᠭᠡᠷ᠎ᠡ ᠪᠡᠨ᠂ ᠡᠷᠡᠭᠦᠦ ᠰᠢᠭᠦᠯᠲᠡ ᠳᠠᠪᠬᠤᠷ ᠳᠠᠪᠬᠤᠷ ᠦᠵᠡᠭᠦᠯᠦᠭᠰᠡᠭᠡᠷ ᠭᠠᠮᠢᠩ ᠤ᠋ᠳ ᠥᠪᠡᠷ ᠦ᠋ᠨ ᠤᠬᠠᠭᠠᠨ ᠦᠭᠡᠢ ᠪᠣᠯᠲᠠᠯ᠎ᠠ ᠨᠢ ᠪᠠᠯᠪᠠᠭᠠᠳ᠂ ᠦᠬᠦᠯ ᠦ᠋ᠨ ᠳᠠᠪᠠᠭᠠᠨ ᠳᠡᠭᠡᠷ᠎ᠡ ᠢᠷᠡᠬᠦ ᠪᠡᠷ ᠨᠢ ᠳᠠᠮᠨᠠᠨ ᠠᠪᠴᠢᠷᠠᠵᠤ ᠱᠣᠷᠣᠩ ᠤ᠋ᠨ ᠮᠤᠬᠤᠷ ᠲᠤ ᠬᠠᠶᠠᠨ᠎ᠠ᠃ 
       ᠦᠷ ᠴᠠᠢᠬᠤ ᠶ᠋ᠢᠨ ᠡᠮᠦᠨᠡᠬᠡᠨ ᠪᠠᠯᠳᠠᠨᠴᠡᠷᠢᠩ ᠬᠦᠨᠳᠦ ᠶᠠᠳᠠᠷᠠᠯ ᠳ᠋ᠤ᠌ ᠳᠠᠷᠤᠭᠳᠠᠨ ᠤᠬᠠᠭᠠᠨ ᠦᠭᠡᠢ ᠤᠨᠲᠠᠯ᠎ᠠ᠃ ᠡᠳᠦᠷ ᠳᠤᠮᠳᠠ ᠶ᠋ᠢᠨ ᠬᠢᠷᠢ ᠳ᠋ᠦ᠍ ᠬᠥᠮᠦᠰ ᠰᠠᠨᠳᠤᠷᠤᠨ《ᠶᠠᠭᠠᠬᠢᠬᠤ ᠪᠢᠯᠡ᠂ ᠦᠬᠦᠬᠦ ᠨᠢ᠂ ᠥᠩᠭᠡᠷᠡᠬᠦ ᠨᠢ!》 ᠭᠡᠵᠦ ᠰᠠᠮ ᠦᠭᠦᠯᠡᠯᠳᠦᠨ ᠪᠣᠰᠬᠤ ᠴᠢᠮᠡᠭᠡ ᠪᠡᠷ ᠰᠡᠷᠡᠪᠡ᠃ ᠨᠢᠭᠡ ᠬᠥᠮᠦᠨ ᠬᠦᠨᠳᠦ ᠪᠡᠷ ᠠᠮᠢᠰᠬᠤᠭᠠᠳᠠᠨ ᠲᠠ ᠮᠢᠨᠢ ᠨᠠᠮᠠᠶ᠋ᠢ ᠳᠡᠯᠪᠢ᠂ ᠪᠢᠲᠡᠭᠡᠢ ᠳᠥᠰᠢ᠂ ᠪᠢ ᠥᠪᠡᠷ ᠢ᠋ᠶ᠋ᠡᠨ ᠥᠨᠳᠡᠢᠨ᠎ᠡ᠃ ᠥᠪᠡᠷ ᠢ᠋ᠶ᠋ᠡᠨ ᠥᠪᠡᠷ ᠢ᠋ᠶ᠋ᠡᠨ᠁ ᠭᠡᠵᠦ ᠠᠭᠠᠬᠢᠯᠠᠨ ᠬᠡᠯᠡᠬᠦ ᠰᠣᠨᠣᠰᠳᠠᠨ᠎ᠠ᠃  
       ᠡᠨᠡ ᠪᠣᠯ ᠮᠠᠩᠯᠠᠢ ᠸᠠᠩ ᠳᠠᠮᠳᠢᠨᠰᠦ᠋ᠷᠦᠩ᠃ ᠲᠣᠯᠣᠭᠠᠢ ᠪᠠᠨ ᠳᠠᠭᠠᠭᠠᠬᠤ ᠦᠭᠡᠢ ᠪᠣᠯᠤᠨ ᠬᠥᠮᠦᠨ ᠦ᠌ ᠭᠠᠷ ᠲᠤ ᠣᠷᠣᠭᠰᠠᠨ ᠬᠥᠮᠦᠨ ᠠᠲᠠᠯ᠎ᠠ ᠥᠪᠡᠷ ᠢ᠋ᠶ᠋ᠡᠨ ᠥᠨᠳᠡᠢᠪᠡ᠃ ᠪᠠᠰᠠ ᠴᠠᠭᠠᠰᠢ ᠪᠣᠰᠬᠤ ᠭᠡᠵᠦ ᠲᠡᠮᠡᠦᠯᠦᠨ᠎ᠡ᠃ ᠬᠥᠮᠦᠰ ᠲᠡᠭᠦᠨ ᠢ᠋ ᠬᠠᠢᠷᠠᠯᠠᠨ ᠬᠠᠯᠠᠭᠤᠨ ᠳᠡᠮᠵᠢᠯᠭᠡ ᠦᠵᠡᠭᠦᠯᠬᠦ ᠰᠠᠨ ᠭᠡᠬᠦ ᠳ᠋ᠡᠭᠡᠨ ᠲᠤᠰ ᠪᠦᠷᠢ ᠪᠡᠨ ᠭᠠᠷ ᠰᠠᠷᠪᠠᠢᠯᠭᠠᠨ ᠰᠢᠷᠲᠡᠨ᠎ᠡ᠃ ᠭᠡᠲᠡᠯ᠎ᠡ ᠳᠠᠮᠳᠢᠨᠰᠦ᠋ᠷᠦᠩ《ᠦᠭᠡᠢ ᠠ᠋ ᠪᠠᠢᠵᠠ! ᠪᠢ ᠥᠪᠡᠷ ᠢ᠋ᠶ᠋ᠡᠨ! ᠥᠪᠡᠷ ᠢ᠋ᠶ᠋ᠡᠨ ᠪᠣᠰᠬᠤ ᠮᠢᠨᠢ!》 ᠭᠡᠵᠦ ᠳᠡᠭᠡᠭᠰᠢ ᠵᠢᠳᠬᠦᠭᠰᠡᠨ ᠢ᠋ᠶ᠋ᠡᠨ ᠡᠰᠡ ᠴᠢᠳᠠᠪᠠ᠃ ᠬᠣᠶᠠᠳᠠᠬᠢ ᠳᠡᠭᠡᠷ᠎ᠡ ᠪᠡᠨ ᠮᠥᠨ ᠡᠰᠡ ᠴᠢᠳᠠᠬᠤ ᠪᠣᠯᠪᠠᠴᠤ ᠱᠣᠷᠣᠩ ᠤ᠋ᠨ ᠪᠦᠳᠦᠭᠦᠨ ᠳ᠋ᠦᠨᠵᠡᠨ ᠬᠠᠨ᠎ᠠ ᠶ᠋ᠢ ᠲᠦᠰᠢᠨ ᠠᠪᠤᠯ᠎ᠠ᠃ ᠲᠡᠭᠡᠭᠡᠳ ᠲᠡᠨᠳᠡ ᠡᠴᠡ ᠳᠡᠭᠡᠭᠰᠢ ᠠᠪᠠᠷᠢᠬᠤ ᠶ᠋ᠢ ᠣᠷᠣᠯᠳᠣᠨ᠎ᠠ᠃ ᠨᠠᠰᠤᠨ ᠤ᠋ ᠥᠲᠡᠯᠦᠯᠲᠡ ᠳ᠋ᠦ᠍ ᠠᠷᠠᠰᠤ ᠬᠥᠷᠥᠰᠥ ᠨᠢ ᠦᠷᠴᠢᠢᠵᠦ᠂ ᠱᠣᠷᠣᠩ ᠤ᠋ᠨ ᠶᠠᠳᠠᠷᠠᠯᠲᠠ ᠳ᠋ᠤ᠌ ᠲᠤᠷᠠᠭᠠᠯ ᠤ᠋ᠨ ᠲᠤᠢᠯ ᠪᠣᠯᠤᠭᠰᠠᠨ ᠤᠷᠲᠤ ᠭᠠᠷ ᠢ᠋ᠶ᠋ᠠᠨ ᠳᠡᠭᠡᠭᠰᠢ ᠰᠤᠩᠭᠠᠨ ᠬᠠᠨ᠎ᠠ ᠶ᠋ᠢᠨ ᠳ᠋ᠦᠨᠵᠡᠨ ᠨᠦ᠍ᠭᠦᠳ ᠢ᠋ ᠰᠠᠮᠤᠷᠳᠠᠨ ᠮᠠᠭᠠᠵᠢᠯᠠᠨ᠎ᠠ᠃ ᠨᠢᠭᠡ ᠬᠥᠮᠦᠨ ᠲᠡᠰᠴᠦ ᠶᠠᠳᠠᠨ ᠲᠤᠰᠠᠯᠠᠬᠤ ᠭᠡᠬᠦ ᠳ᠋ᠦ᠍ ᠬᠠᠵᠠᠭᠤ ᠠ᠋ᠴᠠ ᠨᠢ ᠨᠢᠭᠡ ᠬᠥᠮᠦᠨ《ᠪᠠᠢᠭ! ᠥᠪᠡᠷ ᠢ᠋ᠶ᠋ᠡᠨ ᠪᠣᠰᠤᠭ! ᠥᠪᠡᠷ ᠢ᠋ᠶ᠋ᠡᠨ ᠪᠣᠰᠬᠤ ᠭᠡᠵᠦ ᠵᠢᠳᠬᠦᠬᠦ ᠨᠢ ᠤᠴᠢᠷ ᠲᠠᠢ ᠬᠡᠷᠡᠭ》 ᠭᠡᠵᠦ ᠰᠢᠪᠡᠨᠡᠪᠡ᠃ ᠢᠩᠭᠢᠵᠦ ᠬᠡᠯᠡᠭᠰᠡᠨ ᠲᠡᠷᠡ ᠬᠥᠮᠦᠨ ᠨᠢ ᠬᠠᠯᠬ᠎ᠠ ᠳᠠᠶᠠᠭᠠᠷ ᠲᠤ ᠠᠮᠢᠳᠤ ᠪᠤᠷᠬᠠᠨ ᠭᠡᠵᠦ ᠠᠯᠳᠠᠷᠰᠢᠭᠰᠠᠨ ᠵᠠᠯᠠᠬᠠᠵᠠ ᠬᠤᠲᠤᠭᠲᠤ ᠪᠠᠢᠬᠤ ᠲᠤᠯᠠ ᠨᠥᠭᠦᠭᠡ ᠬᠥᠮᠦᠨ ᠭᠠᠷ ᠢ᠋ᠶ᠋ᠠᠨ ᠶᠠᠭᠠᠷᠠᠨ ᠬᠣᠢᠰᠢ ᠲᠠᠲᠠᠯ᠎ᠠ᠃ 
       ᠳᠠᠮᠳᠢᠨᠰᠦ᠋ᠷᠦᠩ ᠶᠠᠭᠤ ᠶᠠᠭᠤ ᠦᠭᠡᠢ ᠪᠣᠰᠬᠤ ᠶ᠋ᠢᠨ ᠳᠠᠪᠠᠭᠠᠨ ᠳᠡᠭᠡᠷ᠎ᠡ ᠢᠷᠡᠭᠰᠡᠨ ᠢ᠋ᠶ᠋ᠡᠨ ᠲᠡᠩᠬᠡᠯ ᠠᠯᠲᠠᠨ ᠨᠢᠭᠡ ᠬᠡᠰᠡᠭ ᠵᠣᠭᠰᠣᠪᠠ᠃ ᠳᠠᠬᠢᠨ ᠴᠠᠭᠠᠰᠢ ᠵᠢᠳᠬᠦᠯ᠎ᠡ᠃ ᠭᠠᠷ ᠤ᠋ᠨ ᠬᠢᠨᠢ ᠬᠤᠷᠤᠭᠤ ᠨᠤᠭᠤᠳ ᠳ᠋ᠦᠨᠵᠡ ᠮᠣᠳᠣᠨ ᠳ᠋ᠤ᠌ ᠬᠠᠳᠠᠭᠠᠰᠤ ᠮᠡᠲᠦ ᠰᠢᠭᠢᠳᠦᠨ ᠮᠠᠭᠠᠵᠢᠯᠠᠵᠤ ᠪᠠᠢᠭ᠎ᠠ ᠨᠢ ᠲᠣᠳᠣᠬᠠᠨ ᠰᠣᠨᠣᠰᠤᠭᠳᠠᠨ᠎ᠠ᠃ 
       ᠳᠠᠮᠳᠢᠨᠰᠦ᠋ᠷᠦᠩ ᠪᠣᠰᠤᠯ᠎ᠠ᠃ ᠪᠦᠷ ᠬᠥᠯ ᠳᠡᠭᠡᠷ᠎ᠡ ᠪᠡᠨ ᠪᠣᠰᠴᠤ ᠴᠢᠳᠠᠭᠰᠠᠨ ᠳ᠋ᠠᠭᠠᠨ  ᠳᠠᠮᠳᠢᠨᠰᠦ᠋ᠷᠦᠩ ᠪᠠᠶᠠᠷᠯᠠᠨ ᠬᠥᠯᠥᠰᠥ ᠴᠢᠬᠠᠷᠠᠭᠰᠠᠨ ᠪᠠᠷᠠᠭᠠᠨ ᠨᠢᠭᠤᠷ ᠢ᠋ᠶ᠋ᠠᠷ ᠢ᠋ᠶ᠋ᠠᠨ ᠲᠣᠭᠣᠷᠢᠨ ᠵᠣᠭᠰᠣᠭᠰᠠᠨ ᠬᠠᠨᠢ ᠨᠥᠬᠥᠳ ᠢ᠋ᠶ᠋ᠡᠨ ᠢᠨᠢᠶᠡᠮᠰᠦᠭᠯᠡᠨ ᠬᠠᠷᠠᠪᠠ᠃ ᠡᠨᠡ ᠨᠢ ᠶᠣᠰᠣᠲᠠᠢ ᠶᠡᠷᠦ ᠪᠤᠰᠤ ᠶ᠋ᠢᠨ ᠬᠡᠷᠡᠭ ᠪᠠᠢᠯᠭᠦᠢ᠃ ᠬᠣᠶᠠᠷ ᠨᠢᠳᠦ ᠨᠢ ᠵᠠᠯᠠᠭᠤ ᠬᠥᠮᠦᠨ ᠦ᠌ ᠬᠢ ᠰᠢᠭ ᠭᠠᠯ ᠲᠠᠢ ᠪᠢᠰᠢ ᠪᠣᠯᠪᠠᠴᠤ ᠨᠢᠭᠤᠷ ᠳᠦᠭᠦᠷᠡᠩ ᠭᠦᠨ ᠰᠠᠭᠤᠭᠰᠠᠨ ᠣᠯᠠᠨ ᠵᠢᠷᠤᠭᠠᠰᠤ ᠨᠤᠭᠤᠳ ᠤ᠋ᠨ ᠢ᠋ᠶ᠋ᠠᠨ ᠬᠠᠮᠲᠤ ᠪᠠᠷ ᠱᠣᠷᠣᠩ ᠤ᠋ᠨ ᠬᠠᠷᠠᠩᠭᠤᠢ ᠳ᠋ᠤ᠌ ᠲᠣᠳᠣᠬᠠᠨ ᠬᠠᠷᠠᠭᠳᠠᠨ᠎ᠠ᠃ ᠲᠡᠷᠡ ᠪᠠᠢᠲᠤᠭᠠᠢ ᠥᠷᠭᠡᠨ ᠴᠡᠭᠡᠵᠢ ᠶ᠋ᠢᠨ ᠬᠢᠨᠢ ᠶᠠᠩᠭᠠᠷ ᠶᠠᠰᠤ᠂ ᠡᠮᠦᠰᠦᠭᠰᠡᠨ ᠳᠡᠪᠡᠯ ᠡᠴᠡ ᠪᠡᠨ ᠨᠡᠪᠲᠡ ᠬᠠᠷᠠᠭᠳᠠᠬᠤ ᠰᠢᠭ᠋᠃ ᠲᠡᠭᠡᠭᠡᠳ ᠴᠣᠬᠣᠮ ᠶᠠᠭᠤ ᠰᠢᠭ᠋ ᠪᠠᠢᠪᠠ? ᠡᠭᠡᠭᠡ ᠯᠡ ᠬᠠᠳᠠ! ᠬᠠᠳᠠ ᠬᠠᠳᠠ ᠳ᠋ᠠᠭᠠᠨ ᠬᠠᠯᠠᠭᠤᠨ ᠨᠠᠷᠠᠨ᠂ ᠬᠠᠷᠠᠩᠭᠤᠢ ᠰᠥᠨᠢ ᠵᠥᠭᠡᠯᠡᠨ ᠪᠣᠷᠣᠭᠠᠨ᠂ ᠤᠷᠢᠬᠠᠨ ᠰᠠᠯᠬᠢ᠂ ᠰᠢᠷᠦᠭᠦᠨ ᠮᠥᠨᠳᠥᠷ᠂ ᠲᠣᠭᠰᠢᠨ ᠰᠠᠯᠬᠢ᠂ ᠠᠶᠤᠩᠭ᠎ᠠ ᠠᠭᠠᠳᠠᠷ ᠠᠯᠢ ᠪᠦᠭᠦᠳᠡ ᠶ᠋ᠢ ᠦᠵᠡᠨ ᠪᠦᠭᠦᠳᠡ ᠳ᠋ᠦ᠍ ᠡᠯᠡᠭᠳᠡᠨ ᠬᠠᠭᠤᠴᠢᠷᠠᠭᠰᠠᠨ ᠥᠨᠳᠥᠷ ᠭᠡᠭᠴᠢ ᠶ᠋ᠢᠨ ᠬᠠᠳᠠᠨ ᠴᠣᠬᠢᠶ᠎ᠠ ᠰᠢᠭ᠋ ᠪᠠᠢᠬᠤ ᠲᠡᠳᠦᠢ ᠦᠭᠡᠢ᠂ ᠬᠣᠢᠰᠢᠳᠠ ᠪᠠᠨ ᠮᠥᠨ ᠬᠡᠵᠢᠶ᠎ᠡ ᠬᠡᠳᠦᠢ ᠳ᠋ᠦ᠍ ᠴᠦ᠍ ᠶᠠᠭ ᠡᠨᠡ ᠬᠡᠪ ᠢ᠋ᠶ᠋ᠡᠷ ᠢ᠋ᠶ᠋ᠡᠨ ᠵᠣᠭᠰᠣᠵᠤ ᠪᠠᠢᠬᠤ ᠰᠢᠭ᠋ ᠯᠡ ᠦᠵᠡᠭᠳᠡᠨ᠎ᠡ᠃   
       ᠭᠡᠲᠡᠯ᠎ᠡ ᠡᠨᠡ ᠬᠠᠳᠠ ᠪᠦᠷᠦᠩᠬᠦᠢ ᠪᠣᠯᠪᠠᠴᠤ᠂ ᠪᠦᠬᠦ ᠱᠣᠷᠣᠩ ᠤ᠋ᠨ ᠬᠠᠷᠠᠩᠭᠤᠢ ᠬᠥᠨᠳᠡᠢ ᠳ᠋ᠦ᠍ ᠳᠦᠭᠦᠷᠡᠩ ᠰᠣᠨᠣᠰᠤᠭᠳᠠᠬᠤ ᠳᠠᠭᠤ ᠪᠠᠷ᠄    ᠭᠠᠮᠢᠩ ᠤ᠋ᠳ ᠨᠠᠰᠤᠨ ᠳ᠋ᠤ᠌ ᠳᠠᠷᠤᠭᠳᠠᠭᠰᠠᠨ ᠮᠢᠨᠦ ᠠᠷᠠᠰᠤ ᠮᠢᠬ᠎ᠠ ᠠ᠋ᠴᠠ ᠥᠯᠥᠰᠬᠦᠯᠡᠩ ᠴᠢᠨᠣ᠎ᠠ ᠰᠢᠭ᠋ ᠵᠤᠯᠭᠠᠭᠠᠨ ᠭᠡᠪᠳᠡᠭᠦᠯᠦᠭᠰᠡᠨ ᠪᠢᠯᠢᠤ? ᠭᠡᠵᠦ ᠠᠮᠠ ᠠᠰᠠᠭᠤᠬᠤ ᠮᠡᠲᠦ ᠢᠨᠢᠶᠡᠮᠰᠦᠭᠯᠡᠭᠡᠳ᠂ ᠳᠠᠷᠠᠭ᠎ᠠ ᠨᠢ ᠦᠭᠡᠢ ᠯᠡ ᠳᠡ᠂ ᠲᠡᠳᠡ ᠨᠠᠮᠠᠶ᠋ᠢ ᠭᠡᠪᠳᠡᠭᠦᠯᠵᠦ ᠴᠢᠳᠠᠭ᠎ᠠ ᠦᠭᠡᠢ᠂ ᠪᠢ ᠬᠥᠯ ᠳᠡᠭᠡᠷ᠎ᠡ ᠪᠡᠨ ᠵᠣᠭᠰᠣᠵᠤ ᠪᠠᠢᠨ᠎ᠠ᠃ ᠲᠡᠢᠮᠦ ᠪᠢᠵᠡ ᠳᠡ?  
       —ᠲᠡᠢᠮᠦ ᠠ᠋᠂ ᠲᠠ ᠬᠥᠯ ᠳᠡᠭᠡᠷ᠎ᠡ ᠪᠡᠨ ᠵᠣᠭᠰᠣᠵᠤ ᠪᠠᠢᠨ᠎ᠠ ᠭᠡᠵᠦ ᠬᠥᠮᠦᠰ ᠬᠠᠷᠢᠭᠤᠯᠪᠠ᠃ 
       — ᠭᠠᠮᠢᠩ ᠤ᠋ᠳ ᠮᠢᠨᠦ ᠤᠳᠠᠭ᠎ᠠ ᠳᠠᠷᠠᠭ᠎ᠠ ᠶ᠋ᠢᠨ ᠲᠡᠮᠡᠴᠡᠯ ᠳ᠋ᠦ᠍ ᠪᠤᠷᠤᠭᠤ ᠶ᠋ᠢ ᠬᠦᠯᠢᠶᠡᠯᠭᠡᠬᠦ ᠭᠡᠵᠦ ᠤᠯᠠᠢᠰᠬᠠᠭᠰᠠᠨ ᠬᠠᠯᠠᠭᠤᠨ ᠲᠡᠮᠦᠷ ᠢ᠋ᠶ᠋ᠡᠷ ᠬᠦᠷᠲᠡᠯ᠎ᠡ ᠬᠠᠭᠠᠷᠢᠵᠤ ᠪᠠᠢᠭᠰᠠᠨ᠃ ᠲᠡᠢᠮᠦ ᠪᠢᠵᠡ ᠳᠡ? 
       — ᠲᠡᠢᠮᠦ ᠠ᠋᠂ ᠪᠢᠳᠡ ᠡᠭᠦᠨ ᠢ᠋ ᠨᠢᠳᠦ ᠪᠡᠷ ᠦᠵᠡᠭᠰᠡᠨ᠂ ᠬᠡᠵᠢᠶ᠎ᠡ ᠴᠦ᠍ ᠮᠠᠷᠲᠠᠬᠤ ᠦᠭᠡᠢ ᠭᠡᠵᠦ ᠬᠥᠮᠦᠰ ᠬᠠᠷᠢᠭᠤᠯᠪᠠ᠃  
       — ᠥᠪᠡᠷ ᠦ᠋ᠨ ᠡᠷᠬᠡ ᠦᠭᠡᠢ ᠦᠭᠡ ᠠᠯᠳᠠᠮᠠᠷ ᠡᠷᠡᠭᠦᠦ ᠰᠢᠭᠦᠯᠲᠡ ᠶ᠋ᠢ ᠪᠢ ᠣᠯᠠᠨᠲᠠ ᠦᠵᠡᠯ᠎ᠡ᠃ ᠭᠡᠪᠡᠴᠦ ᠲᠡᠷᠡ ᠪᠦᠷᠢ ᠳᠡᠭᠡᠷ᠎ᠡ ᠥᠪᠡᠷ ᠦ᠋ᠨ ᠢ᠋ᠶ᠋ᠡᠨ ᠳᠠᠢᠰᠤᠨ ᠳ᠋ᠤ᠌ ᠢᠯᠠᠭᠳᠠᠨ ᠪᠠᠭᠤᠵᠤ ᠥᠭᠬᠦ ᠰᠢᠭ ᠭᠤᠲᠤᠮᠰᠢᠭ ᠡᠨᠡ ᠬᠣᠷᠸ᠎ᠠ ᠳ᠋ᠤ᠌ ᠦᠭᠡᠢ ᠭᠡᠵᠦ ᠪᠣᠳᠣᠭᠰᠠᠨ ᠨᠢᠭᠡ ᠪᠣᠳᠣᠯ᠂ ᠥᠪᠡᠷ ᠦ᠋ᠨ ᠬᠡᠷᠡᠭ ᠢ᠋ ᠢᠯᠡᠴᠢᠯᠡᠭᠰᠡᠭᠡᠷ ᠬᠠᠢᠷᠠᠲᠤ ᠬᠠᠨᠢ ᠨᠥᠬᠥᠳ ᠢ᠋ᠶ᠋ᠡᠨ ᠬᠡᠯᠡᠵᠦ ᠥᠭᠬᠦ ᠳ᠋ᠦ᠍ ᠬᠦᠷᠳᠡᠭ ᠪᠠᠰᠠ ᠨᠢᠭᠡ ᠭᠤᠲᠤᠮᠰᠢᠭ᠂ ᠡᠨᠡ ᠬᠣᠶᠠᠷ ᠮᠢᠨᠦ ᠬᠡᠯᠡ ᠶ᠋ᠢ ᠬᠥᠨᠳᠡᠯᠡᠨ ᠵᠠᠭᠤᠯᠭᠠᠵᠤ ᠪᠠᠢᠭᠰᠠᠨ ᠤ᠋ ᠳᠡᠭᠡᠷ᠎ᠡ᠂ ᠤᠯᠤᠰ ᠣᠷᠣᠨ ᠤ᠋ ᠲᠤᠰᠠᠭᠠᠷ ᠲᠣᠭᠲᠠᠨᠢᠯ ᠨᠢ ᠠᠮᠢᠳᠤ ᠬᠥᠮᠦᠨ ᠦ᠌ ᠬᠤᠪᠢ ᠵᠠᠶᠠᠭᠠᠨ ᠤ᠋ ᠬᠡᠷᠡᠭ ᠪᠣᠯᠪᠠᠴᠤ ᠠᠮᠢ ᠪᠡᠶ᠎ᠡ ᠬᠠᠢᠷ᠎ᠠ ᠦᠭᠡᠢ ᠵᠢᠳᠬᠦᠭᠰᠡᠳ ᠦ᠋ᠨ ᠲᠡᠮᠡᠴᠡᠯ ᠢ᠋ᠶ᠋ᠡᠷ ᠪᠠᠲᠤᠵᠢᠨ ᠪᠣᠢᠵᠢᠨ᠎ᠠ ᠭᠡᠰᠡᠨ ᠮᠢᠨᠦ ᠲᠥᠷᠥᠯᠬᠢ ᠶ᠋ᠢᠨ ᠰᠠᠨᠠᠭ᠎ᠠ ᠡᠭᠦᠷᠢᠳᠡ ᠶ᠋ᠢᠨ ᠢᠲᠡᠭᠡᠯ᠂ ᠬᠣᠢᠰᠢᠳᠠ ᠶ᠋ᠢᠨ ᠬᠦᠰᠡᠯ ᠡᠨᠡ ᠪᠦᠭᠦᠳᠡ ᠨᠠᠮᠠᠶ᠋ᠢ ᠬᠠᠳᠠ ᠴᠢᠯᠠᠭᠤ ᠰᠢᠭ᠋ ᠪᠣᠯᠭᠠᠵᠤ ᠪᠠᠢᠪᠠ᠃ 
       ᠡᠨᠡ ᠦᠶ᠎ᠡ ᠳ᠋ᠦ᠍ ᠪᠠᠯᠳᠠᠨᠴᠡᠷᠢᠩ ᠠᠷᠠᠰᠤ ᠮᠢᠬᠠᠨ ᠤ᠋ ᠡᠮᠵᠡᠭᠯᠡᠨ ᠡᠪᠡᠳᠬᠦ ᠶ᠋ᠢ ᠡᠰᠡ ᠬᠠᠢᠬᠤᠷᠤᠨ ᠪᠣᠰᠴᠤ᠂ ᠮᠠᠩᠯᠠᠢ ᠸᠠᠩᠲᠠᠨ ᠤ᠋ ᠡᠮᠦᠨ᠎ᠡ ᠵᠣᠭᠰᠣᠵᠤ ᠪᠠᠢᠯ᠎ᠠ᠃ ᠠᠷᠤ ᠳ᠋ᠤᠨᠢ ᠨᠢᠭᠡ ᠬᠥᠮᠦᠨ ᠮᠡᠭᠰᠢᠨ ᠤᠬᠢᠯᠠᠬᠤ ᠰᠣᠨᠣᠰᠳᠠᠨ᠎ᠠ᠃ ᠡᠷᠭᠢᠨ ᠬᠠᠷᠠᠪᠠᠯ ᠵᠠᠮᠢᠶᠠᠨ ᠬᠦᠩ᠂ ᠬᠣᠶᠠᠷ ᠭᠠᠷ ᠢ᠋ᠶ᠋ᠠᠷ ᠢ᠋ᠶ᠋ᠠᠨ ᠭᠣᠳᠤᠷᠠᠯᠳᠤ ᠨᠢᠭᠤᠷ ᠢ᠋ᠶ᠋ᠠᠨ ᠬᠠᠪ ᠳᠠᠷᠤᠨ ᠮᠡᠭᠰᠢᠵᠦ ᠪᠠᠢᠭᠰᠠᠨ ᠢ᠋ᠶ᠋ᠠᠨ ᠪᠦᠷ ᠢᠩᠭᠢᠨᠡᠨ ᠤᠬᠢᠯᠠᠬᠤ ᠪᠣᠯᠤᠯ᠎ᠠ᠃ 
       ᠶᠠᠭᠤᠨ ᠳ᠋ᠤ᠌ ᠡᠨᠡ ᠪᠣᠢ? 
       ᠡᠨᠡ ᠬᠥᠮᠦᠨ ᠬᠡᠷᠡᠭ ᠬᠦᠯᠢᠶᠡᠭᠰᠡᠨ ᠬᠥᠮᠦᠨ ᠠᠵᠢ᠃ ᠬᠡᠷᠡᠭ ᠬᠦᠯᠢᠶᠡᠨ ᠬᠠᠨᠢ ᠨᠥᠬᠥᠳ ᠢ᠋ᠶ᠋ᠡᠨ ᠢᠯᠡᠴᠢᠯᠡᠵᠦ ᠣᠷᠬᠢᠭᠰᠠᠨ ᠳ᠋ᠠᠭᠠᠨ ᠣᠳᠣ ᠭᠣᠣᠯ ᠬᠠᠷᠠᠯᠠᠨ ᠤᠬᠢᠯᠠᠵᠤ ᠪᠠᠢᠭ᠎ᠠ ᠠᠵᠢ᠃ 
       ᠸᠠᠩ ᠤ᠋ᠨ ᠤᠷᠤᠭᠤᠯ ᠲᠠᠲᠠᠯᠳᠤᠨ ᠬᠥᠳᠡᠯᠪᠡ᠃ ᠡᠨᠡ ᠪᠣᠯ ᠢᠨᠢᠶᠡᠮᠰᠦᠭᠯᠡᠯ᠂ ᠢᠨᠢᠶᠡᠮᠰᠦᠭᠯᠡᠵᠦ ᠪᠠᠢᠭ᠎ᠠ ᠶ᠋ᠢ ᠨᠢ ᠬᠥᠮᠦᠰ ᠣᠢᠯᠠᠭᠠᠪᠠ᠃ ᠠᠮᠠ ᠨᠢ ᠨᠠᠭᠠᠰᠢ ᠴᠠᠭᠠᠰᠢ ᠲᠠᠲᠠᠯᠳᠤᠨ ᠠᠬᠢᠨ ᠠᠬᠢᠨ ᠬᠥᠳᠡᠯᠦᠨ᠎ᠡ᠃ ᠡᠨᠡ ᠪᠣᠯ ᠲᠡᠭᠦᠨ ᠦ᠌ ᠶᠠᠷᠢᠵᠤ ᠪᠠᠢᠭ᠎ᠠ ᠬᠡᠷᠡᠭ! ᠪᠢ ᠭᠠᠮᠢᠩ ᠤ᠋ᠨ ᠱᠣᠷᠣᠩ ᠳ᠋ᠤ᠌ ᠬᠡᠪᠲᠡᠭᠡ ᠪᠡᠷ ᠢ᠋ᠶ᠋ᠡᠨ ᠦᠬᠦᠬᠦ ᠦᠭᠡᠢ ᠶ᠋ᠢ ᠵᠣᠷᠢᠨ ᠪᠣᠰᠴᠤ ᠴᠢᠳᠠᠯ᠎ᠠ᠃ ᠡᠭᠦᠪᠡᠷ ᠦᠵᠡᠪᠡᠯ ᠰᠦᠬᠡᠪᠠᠭᠠᠲᠤᠷ ᠤ᠋ᠨ ᠵᠣᠷᠢᠭᠰᠠᠨ ᠶᠡᠬᠡ ᠬᠡᠷᠡᠭ ᠵᠠᠪᠠᠯ ᠪᠡᠶᠡᠯᠡᠬᠦ ᠶᠦᠮ ᠪᠠᠢᠨ᠎ᠠ ᠭᠡᠵᠦ ᠬᠡᠯᠡᠭᠰᠡᠨ ᠨᠢ ᠬᠥᠮᠦᠰ ᠦ᠋ᠨ ᠴᠢᠬᠢᠨ ᠳ᠋ᠦ᠍ ᠠᠯᠤᠰ ᠤ᠋ᠨ ᠠᠯᠤᠰ ᠠ᠋ᠴᠠ ᠳᠠᠮᠵᠢᠨ ᠢᠷᠡᠬᠦ ᠴᠤᠤᠷᠢᠶ᠎ᠠ ᠮᠡᠲᠦ ᠰᠣᠨᠣᠰᠳᠠᠪᠠ᠃ 
       ᠸᠠᠩ ᠤ᠋ᠨ ᠠᠮᠢᠰᠬᠤᠯ ᠵᠣᠭᠰᠣᠯ᠎ᠠ᠃ ᠴᠢᠰᠤ ᠨᠢ ᠭᠦᠶᠦᠬᠦ ᠪᠡᠨ ᠪᠣᠯᠢᠵᠤ᠂ ᠴᠢᠷᠠᠢ ᠨᠢ ᠬᠥᠬᠡᠷᠡᠨ᠂ ᠲᠥᠪ ᠬᠥᠳᠡᠯᠭᠡᠭᠡᠨ ᠦᠭᠡᠢ ᠪᠣᠯᠬᠤ ᠪᠣᠯᠪᠠᠴᠤ ᠥᠨᠥᠬᠢ ᠬᠠᠨᠠᠨ ᠳ᠋ᠠᠭᠠᠨ ᠵᠣᠭᠰᠣᠭᠰᠠᠭᠠᠷ ᠪᠠᠢᠬᠤ ᠨᠢ ᠭᠠᠢᠬᠠᠯᠲᠠᠢ᠃ ᠭᠡᠲᠡᠯ᠎ᠡ ᠭᠡᠨᠡᠳᠲᠡ ᠪᠡᠬᠢ ᠪᠠᠲᠤ ᠭᠡᠭᠴᠢ ᠶ᠋ᠢᠨ ᠥᠨᠳᠥᠷ ᠪᠠᠭᠠᠨ᠎ᠠ ᠬᠠᠵᠠᠭᠤ ᠲᠡᠢᠰᠢ ᠬᠠᠵᠠᠢᠬᠤ ᠮᠡᠲᠦ ᠬᠠᠵᠠᠢᠪᠠ᠃ ᠬᠠᠵᠠᠢᠨ ᠬᠠᠵᠠᠢᠭᠰᠠᠭᠠᠷ ᠫᠠᠰ ᠪᠠᠭᠤᠨ ᠤᠨᠠᠪᠠ᠃ ᠡᠨᠡ ᠳᠠᠷᠤᠢ ᠢᠷᠦᠭᠡᠯ ᠡᠬᠢᠯᠡᠯ᠎ᠡ᠃ 
       ᠵᠠᠯᠠᠬᠠᠵᠠ ᠬᠤᠲᠤᠭᠲᠤ᠂ ᠳᠠᠷᠢ ᠡᠬᠡ ᠯᠠᠮᠠᠳᠠᠨ᠂ ᠳᠤᠢᠩᠬᠤᠷ  ᠤ᠋ᠨ ᠳᠠ ᠯᠠᠮᠠ ᠡᠨᠡ ᠭᠤᠷᠪᠠ ᠤᠶᠠᠬᠠᠨ ᠨᠠᠮᠤᠭᠤᠨ ᠬᠣᠭᠣᠯᠠᠢ ᠪᠠᠷ ᠡᠬᠢᠯᠡᠭᠰᠡᠨ ᠦ᠌ ᠳᠠᠷᠠᠭ᠎ᠠ ᠲᠡᠷᠡ ᠢᠷᠦᠭᠡᠯ ᠢ᠋ ᠮᠡᠳᠡᠳᠡᠭ ᠪᠦᠬᠦᠨ ᠢ᠋ᠶ᠋ᠡᠷ ᠢ᠋ᠶ᠋ᠡᠨ ᠳᠠᠭᠠᠨ ᠤᠩᠰᠢᠪᠠ᠃ ᠢᠩᠭᠢᠬᠦ ᠳ᠋ᠦ᠍ ᠡᠨᠡ ᠣᠷᠣᠨ ᠥᠨᠥᠬᠢ ᠭᠠᠮᠢᠩ ᠤ᠋ᠨ ᠦᠮᠡᠬᠡᠢ ᠱᠣᠷᠣᠩ ᠪᠢᠰᠢ ᠪᠣᠯᠤᠯ᠎ᠠ᠂ ᠶᠡᠷᠦ ᠡᠴᠡ ᠪᠡᠨ ᠭᠠᠵᠠᠷ ᠳᠣᠣᠷ᠎ᠠ ᠪᠠᠷᠢᠭᠳᠠᠭᠰᠠᠨ ᠬᠠᠷᠠᠩᠭᠤᠢ ᠣᠷᠣᠨ ᠴᠤ᠌ ᠪᠢᠰᠢ᠂ ᠬᠠᠷᠢᠨ ᠴᠤ᠌ ᠮᠠᠨ ᠤ᠋ ᠭᠠᠵᠠᠷ ᠳᠡᠯᠡᠬᠡᠢ ᠳᠡᠭᠡᠷ᠎ᠡ! ᠳᠡᠭᠡᠷ᠎ᠡ ᠳᠡᠭᠡᠷ᠎ᠡ ᠪᠡᠨ ᠳᠡᠯᠡᠬᠡᠢ ᠳ᠋ᠦ᠍ ᠪᠢᠰᠢ ᠳᠡᠭᠡᠷ᠎ᠡ ᠲᠩᠷᠢ ᠳ᠋ᠦ᠍ ᠪᠠᠢᠳᠠᠭ ᠳ᠋ᠧᠪᠠᠵᠠᠨ ᠤ᠋ ᠣᠷᠣᠨ ᠭᠡᠭᠴᠢ ᠶ᠋ᠢ ᠰᠠᠨᠠᠭᠳᠠᠭᠤᠯᠤᠨ᠎ᠠ᠃ ᠭᠡᠪᠡᠴᠦ ᠭᠠᠭᠴᠠ ᠳ᠋ᠧᠪᠠᠵᠠᠨ ᠢ᠋ ᠪᠢᠰᠢ᠂ ᠭᠠᠵᠠᠷ ᠳᠡᠭᠡᠷ᠎ᠡ《ᠰᠦᠬᠡᠪᠠᠭᠠᠲᠤᠷ ᠤ᠋ᠨ ᠵᠣᠷᠢᠭᠰᠠᠨ ᠶᠡᠬᠡ ᠬᠡᠷᠡᠭ ᠵᠠᠪᠠᠯ ᠪᠡᠶᠡᠯᠡᠬᠦ ᠶᠦᠮ ᠪᠠᠢᠨ᠎ᠠ》 ᠭᠡᠵᠦ ᠸᠠᠩᠲᠠᠨ ᠤ᠋ ᠬᠡᠯᠡᠭᠰᠡᠨ ᠢ᠋ ᠳᠠᠪᠬᠤᠷ ᠰᠠᠨᠠᠨ ᠢᠷᠦᠭᠡᠯ ᠤᠩᠰᠢᠨ᠎ᠠ᠃  

          ᠦᠰᠦᠭ ᠠᠮᠢᠯᠠᠭᠤᠯᠤᠭᠰᠠᠨ ᠨᠢ᠄  ᠪᠠᠭᠠᠲᠤᠷ