ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Цаг төрийн үймээн ᠂ хоёрдугаар бүлэг -17 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Цаг төрийн үймээн ᠂ хоёрдугаар бүлэг -17

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠳᠣᠯᠣᠭ᠎ᠠ〕 Цаг төрийн үймээн – Д ᠂ Намдаг - Цаг төрийн үймээн ᠂ хоёрдугаар бүлэг -17

ᠠᠩᠭᠢᠯᠠᠯ:ᠲᠤᠭᠤᠵᠢ ᠷᠣᠮᠠᠨ
2025-12-12

128

ᠥᠩᠭᠡᠷᠡᠭᠰᠡᠨ ᠪᠠᠭᠠᠲᠤᠷ ‍ᠤᠨ ᠠᠷᠤ ᠳᠤ ᠦᠯᠡᠳᠡᠭᠰᠡᠳ

 
       ᠨᠢᠭᠡ ᠬᠥᠮᠦᠨ ᠳᠠᠭᠤᠳᠠᠭᠳᠠᠨ ᠪᠠᠢᠴᠠᠭᠠᠯᠲᠠ ᠳ᠋ᠤ᠌ ᠶᠠᠪᠤᠯ᠎ᠠ᠃ ᠳᠠᠷᠠᠭ᠎ᠠ ᠨᠢ ᠪᠠᠰᠠ ᠨᠢᠭᠡ ᠬᠥᠮᠦᠨ ᠶᠠᠪᠤᠯ᠎ᠠ᠃ ᠨᠢᠭᠡ ᠰᠥᠨᠢ ᠥᠩᠭᠡᠷᠡᠵᠦ᠂ ᠨᠢᠭᠡ ᠡᠳᠦᠷ ᠡᠬᠢᠯᠡᠭᠰᠡᠭᠡᠷ ᠬᠥᠮᠦᠰ ᠢᠷᠡᠬᠦ ᠤᠳᠠᠭ᠎ᠠ ᠳᠠᠷᠠᠭ᠎ᠠ ᠪᠠᠷ ᠳᠠᠭᠤᠳᠠᠭᠳᠠᠨ ᠶᠠᠪᠤᠭᠠᠳ ᠣᠷᠣᠢ ᠶᠣᠣᠯᠠᠨ ᠢᠨᠴᠠᠭᠯᠠᠨ ᠡᠭᠡᠵᠦ ᠢᠷᠡᠨ᠎ᠡ᠃ ᠡᠨᠡ ᠪᠣᠯ ᠡᠳᠦᠷ ᠳᠣᠳᠣᠮ ᠤ᠋ᠨ ᠬᠡᠪ ᠦ᠋ᠨ ᠶᠠᠪᠤᠳᠠᠯ᠃ ᠭᠡᠪᠡᠴᠦ ᠬᠥᠮᠦᠰ ᠣᠳᠣ ᠪᠡᠶ᠎ᠡ ᠪᠡᠶ᠎ᠡ ᠡᠴᠡ ᠪᠡᠨ ᠵᠥᠪᠬᠡᠨ《ᠶᠠᠭᠤᠮ᠎ᠠ ᠬᠦᠯᠢᠶᠡᠭᠰᠡᠨ ᠤᠤ?》 ᠭᠡᠵᠦ ᠠᠰᠠᠭᠤᠬᠤ ᠲᠡᠳᠦᠢ ᠪᠢᠰᠢ᠂《ᠵᠠ ᠶᠠᠭᠤ ᠪᠣᠯᠪᠠ? ᠶᠠᠭᠤ ᠭᠡᠵᠦ ᠠᠰᠠᠭᠤᠭᠳᠠᠪᠠ? ᠶᠠᠭᠤ ᠭᠡᠵᠦ ᠥᠴᠢᠪᠡ?》 ᠭᠡᠬᠦ ᠡᠴᠡ ᠡᠬᠢᠯᠡᠨ ᠭᠠᠮᠢᠩ ᠤ᠋ᠳ ᠤ᠋ᠨ ᠴᠣᠬᠣᠮ ᠶᠠᠭᠤ ᠬᠡᠯᠡᠭᠦᠯᠬᠦ ᠭᠡᠳ ᠪᠠᠢᠭ᠎ᠠ ᠪᠠ ᠶᠠᠮᠠᠷ ᠠᠷᠭ᠎ᠠ ᠪᠠᠷ ᠬᠦᠯᠢᠶᠡᠯᠭᠡᠬᠦ ᠶ᠋ᠢ ᠣᠷᠣᠯᠳᠣᠳᠠᠭ ᠡᠨᠡ ᠲᠡᠷᠡ ᠶ᠋ᠢ ᠡᠷᠡᠭᠡ ᠴᠡᠭᠡᠷ ᠦᠭᠡᠢ ᠬᠡᠯᠡᠯᠴᠡᠬᠦ ᠪᠣᠯᠤᠭᠰᠠᠨ ᠪᠥᠭᠡᠳ ᠡᠭᠦᠨᠴᠢᠯᠡᠨ ᠪᠠᠢᠴᠠᠭᠠᠯᠲᠠ ᠶ᠋ᠢᠨ ᠡᠮᠦᠨ᠎ᠡ ᠶᠠᠮᠠᠷ ᠪᠠᠢᠪᠠᠯ ᠵᠣᠬᠢᠬᠤ ᠶ᠋ᠢ ᠵᠥᠪᠯᠡᠨ ᠬᠡᠯᠡᠯᠴᠡᠨ᠎ᠡ᠃ ᠡᠨᠡ ᠪᠣᠯ ᠸᠠᠩᠲᠠᠨ ᠤ᠋ ᠨᠠᠰᠤ ᠪᠠᠷᠠᠭᠰᠠᠨ ᠠ᠋ᠴᠠ ᠬᠣᠢᠰᠢ ᠯᠠ ᠡᠢᠮᠦ ᠪᠣᠯᠤᠭᠰᠠᠨ ᠪᠢᠯᠡ᠃ ᠸᠠᠩᠲᠠᠨ ᠤ᠋ ᠨᠠᠰᠤ  ᠪᠠᠷᠠᠬᠤ ᠳ᠋ᠤ᠌ ᠬᠥᠮᠦᠰ ᠣᠢ ᠭᠠᠰᠢᠭᠤᠨ ᠪᠣᠯᠤᠭᠰᠠᠨ ᠪᠥᠭᠡᠳ ᠲᠡᠷᠡ  ᠵᠠᠭᠤᠷ᠎ᠠ ᠪᠡᠶ᠎ᠡ ᠪᠡᠶ᠎ᠡ ᠪᠡᠨ ᠠᠵᠢᠭᠯᠠᠨ ᠡᠨᠳᠡ ᠭᠠᠮᠢᠩ ᠤ᠋ᠨ ᠲᠠᠩᠨᠠᠭᠤᠯ ᠪᠠᠢᠬᠤ ᠦᠭᠡᠢ ᠶ᠋ᠢ ᠲᠣᠳᠣᠷᠬᠠᠢ ᠮᠡᠳᠡᠭᠰᠡᠨ ᠤᠴᠢᠷ  ᠡᠢᠨᠬᠦ ᠢᠲᠡᠬᠡᠯᠵᠢᠬᠦ ᠪᠣᠯᠤᠭᠰᠠᠨ ᠪᠠᠢᠯ᠎ᠠ᠃ 
       ᠭᠠᠮᠢᠩ ᠤ᠋ᠳ ᠬᠥᠮᠦᠰ ᠢ᠋ ᠤᠯᠠᠢᠯᠭᠠᠬᠤ ᠳ᠋ᠠᠭᠠᠨ᠄ ᠠᠶᠤᠯᠭᠠᠨ ᠰᠦᠷᠳᠡᠭᠦᠯᠬᠦ᠂ ᠠᠷᠭᠠᠳᠠᠨ ᠤᠶᠠᠷᠠᠭᠤᠯᠬᠤ᠂ ᠭᠡᠨᠡᠳᠲᠡ ᠭᠡᠨᠡᠳᠡᠭᠦᠯᠬᠦ᠂ ᠶᠠᠯᠢᠮ ᠦᠭᠡᠢ ᠵᠦᠢᠯ ᠢ᠋ᠶ᠋ᠡᠷ ᠣᠷᠢᠶᠠᠨ ᠨᠢᠭᠡ ᠦᠭᠡ ᠠᠯᠳᠠᠭᠤᠯᠵᠤ ᠠᠪᠤᠭᠠᠳ ᠶᠡᠬᠡ ᠬᠡᠷᠡᠭ ᠲᠦ᠍ ᠲᠤᠯᠭᠠᠨ ᠵᠠᠭᠤᠷᠠᠯᠳᠤᠭᠤᠯᠬᠤ᠂ ᠲᠡᠭᠡᠭᠡᠳ ᠡᠰᠡ ᠪᠣᠯᠪᠠᠯ ᠪᠠᠯᠪᠠᠭᠠᠳ᠂ ᠲᠡᠭᠡᠵᠦ ᠪᠠᠯᠪᠠᠭᠠᠳ ᠡᠰᠡ ᠪᠣᠯᠬᠣᠷ ᠥᠪᠡᠷ ᠢ᠋ᠶ᠋ᠡᠨ ᠮᠡᠳᠡᠭᠦᠯᠭᠡ ᠭᠠᠷᠭᠠᠨ ᠪᠢᠴᠢᠭᠡᠳ ᠲᠡᠭᠦᠨ ᠳᠡᠭᠡᠷ᠎ᠡ ᠭᠠᠷ ᠤ᠋ᠨ ᠦᠰᠦᠭ ᠵᠢᠷᠤᠭᠤᠯᠬᠤ ᠭᠡᠵᠦ ᠤᠬᠠᠭᠠᠨ ᠵᠢᠯᠣᠭᠣ ᠦᠭᠡᠢ ᠵᠢᠳᠬᠦᠬᠦ᠂ ᠶᠣᠰᠣᠲᠠᠢ ᠳᠣᠯᠣᠭᠠᠨ ᠵᠦᠢᠯ ᠦ᠋ᠨ ᠴᠢᠳᠬᠥᠷ ᠦ᠋ᠨ ᠠᠷᠭ᠎ᠠ ᠲᠠᠢ ᠪᠠᠢᠵᠠᠢ᠃ ᠡᠢᠮᠦ ᠳ᠋ᠦ᠍ ᠬᠥᠮᠦᠨ᠂ ᠲᠡᠷᠡ ᠳᠣᠯᠣᠭᠠᠨ ᠠᠷᠭ᠎ᠠ ᠶ᠋ᠢᠨ ᠨᠢᠭᠡ ᠶ᠋ᠢ ᠳᠠᠪᠠᠨ᠎ᠠ᠃ ᠬᠣᠶᠠᠷ ᠢ᠋ ᠨᠢ ᠳᠠᠪᠠᠨ᠎ᠠ᠂ ᠪᠦᠷ ᠨᠡᠯᠢᠶᠡᠳ ᠬᠡᠰᠡᠭ ᠢ᠋ ᠳᠠᠪᠠᠵᠤ ᠪᠠᠢᠭᠰᠠᠨ ᠢ᠋ᠶ᠋ᠠᠨ ᠭᠡᠨᠡᠳᠲᠡ ᠬᠥᠯ ᠠᠯᠲᠠᠨ ᠨᠢᠭᠡ ᠳ᠋ᠦ᠍ᠨᠢ ᠪᠦᠳᠦᠷᠢᠨ᠎ᠡ᠃ ᠭᠡᠲᠡᠯ᠎ᠡ ᠬᠥᠮᠦᠨ ᠬᠡᠴᠢᠨᠡᠨ ᠬᠠᠰᠢᠷ ᠳᠣᠬᠢ ᠪᠣᠯᠬᠤ ᠶ᠋ᠢᠨ ᠢ᠋ᠶ᠋ᠡᠨ ᠬᠢᠷᠢ ᠪᠡᠷ ᠠᠮᠠᠷᠬᠠᠨ ᠪᠦᠳᠦᠷᠢᠳᠡᠭ ᠪᠣᠯᠤᠯᠲᠠᠢ᠃ 
       ᠵᠠᠮᠢᠶᠠᠨ ᠬᠦᠩ ᠪᠠᠯᠪᠠᠨ ᠵᠠᠨᠴᠢᠬᠤ ᠳ᠋ᠤᠨᠢ ᠳᠡᠮᠡᠢ ᠰᠠᠨᠳᠤᠷᠤᠨ ᠨᠢᠭᠡᠮᠦᠰᠦᠨ ᠪᠦᠳᠦᠷᠢᠵᠦ ᠪᠦᠬᠦ ᠬᠡᠷᠡᠭ ᠢ᠋ᠶ᠋ᠡᠨ ᠲᠣᠭᠠᠴᠢᠵᠤ ᠣᠷᠬᠢᠭᠰᠠᠨ ᠪᠠᠢᠯ᠎ᠠ᠃ ᠭᠡᠪᠡᠴᠦ ᠶᠠᠭᠤᠨ ᠳ᠋ᠤ᠌ ᠴᠣ ᠪᠦᠳᠦᠷᠢᠳᠡᠭ ᠦᠭᠡᠢ ᠵᠣᠷᠢᠭᠲᠠᠨ ᠣᠯᠠᠨ ᠪᠠᠢᠨ᠎ᠠ᠃ 
       ᠵᠢᠱ᠌ᠢᠶᠡᠯᠡᠪᠡᠯ ᠵᠢᠭᠮᠡᠳ ᠬᠦᠩ᠂ ᠵᠢᠭᠮᠡᠳ ᠪᠣᠯ ᠪᠡᠶ᠎ᠡ ᠪᠡᠷ ᠪᠠᠭ᠎ᠠ᠂ ᠠᠷᠠᠰᠤ ᠬᠥᠷᠥᠰᠥ ᠨᠢᠮᠭᠡᠨ ᠲᠡᠢ᠂ ᠠᠯᠢ ᠬᠠᠷ᠎ᠠ ᠪᠠᠭ᠎ᠠ ᠠ᠋ᠴᠠ ᠪᠠᠨ ᠡᠬᠢᠯᠡᠨ ᠦᠯᠢᠭᠡᠷ ᠲᠣᠭᠣᠵᠢ᠂ ᠤᠳᠬ᠎ᠠ ᠵᠣᠬᠢᠶᠠᠯ ᠤᠩᠰᠢᠬᠤ᠂ ᠬᠤᠭᠤᠷ ᠬᠥᠭᠵᠢᠮ ᠳᠠᠷᠤᠨ ᠨᠠᠭᠠᠳᠬᠤ ᠠ᠋ᠴᠠ ᠥᠭᠡᠷ᠎ᠡ ᠣᠨᠴᠠ ᠶ᠋ᠢᠨ ᠶᠠᠭᠤᠮ᠎ᠠ ᠦᠵᠡᠭᠡ ᠦᠭᠡᠢ ᠨᠣᠮᠣᠬᠠᠨ ᠳᠠᠷᠤᠤ ᠬᠥᠮᠦᠨ ᠠᠲᠠᠯ᠎ᠠ ᠶᠠᠭᠤᠨ ᠳ᠋ᠤ᠌ ᠴᠦ᠍ ᠪᠦᠳᠦᠷᠢᠯ ᠦᠭᠡᠢ ᠶᠠᠪᠤ ᠶᠠᠪᠤᠭᠰᠠᠭᠠᠷ ᠭᠠᠮᠢᠩ ᠤ᠋ᠨ ᠪᠠᠢᠴᠠᠭᠠᠭᠴᠢ ᠨᠠᠷ ᠠ᠋ᠴᠠ ᠠᠶᠤᠨ ᠰᠠᠨᠳᠤᠷᠤᠭᠴᠢ ᠪᠢᠰᠢ᠂ ᠲᠡᠳᠡᠨ ᠢ᠋ ᠠᠶᠤᠯᠭᠠᠨ ᠰᠦᠷᠳᠡᠭᠦᠯᠦᠭᠴᠢ ᠪᠣᠯᠤᠭᠰᠠᠨ ᠠᠵᠢ᠃ ᠶᠠᠭᠠᠬᠢᠭᠠᠳ ᠡᠨᠡ ᠪᠣᠢ? ᠥᠪᠡᠷ ᠦ᠋ᠨ ᠬᠢᠨᠢ ᠦᠭᠡ ᠪᠡᠷ ᠪᠣᠯ ᠬᠥᠮᠦᠨ ᠠᠶᠤᠬᠤ ᠬᠡᠷᠡᠭ ᠦᠭᠡᠢ᠂ ᠪᠣᠳᠣᠬᠤ ᠴᠦ᠍ ᠬᠡᠷᠡᠭ ᠦᠭᠡᠢ᠃ ᠪᠠᠢᠴᠠᠭᠠᠯᠲᠠ ᠳ᠋ᠤ᠌ ᠠᠩᠬ᠎ᠠ ᠣᠷᠣᠬᠤ ᠠ᠋ᠴᠠ ᠪᠠᠨ ᠠᠪᠤᠭᠠᠳ ᠤᠬᠠᠭᠠᠨ ᠠᠯᠳᠠᠬᠤ ᠬᠦᠷᠲᠡᠯ᠎ᠡ ᠠᠮᠠᠨ ᠳ᠋ᠠᠭᠠᠨ ᠣᠷᠣᠭᠰᠠᠨ ᠬᠠᠷᠢᠶᠠᠯ ᠪᠦᠬᠦᠨ ᠢ᠋ᠶ᠋ᠡᠷ ᠢ᠋ᠶ᠋ᠡᠨ ᠬᠡᠳᠡᠷᠯᠡᠨ ᠲᠡᠮᠡᠴᠡᠬᠦ ᠬᠡᠷᠡᠭᠲᠡᠢ ᠭᠡᠨ᠎ᠡ᠃ ᠢᠩᠭᠢᠭᠰᠡᠭᠡᠷ ᠶᠠᠭᠤ ᠪᠣᠯᠬᠤ ᠪᠣᠢ ᠭᠡᠪᠡᠯ ᠪᠠᠯᠪᠠᠭᠤᠯᠤᠨ᠎ᠠ᠃ ᠭᠠᠮᠢᠩ ᠤ᠋ᠳ ᠪᠠᠯᠪᠠᠭᠰᠠᠭᠠᠷ ᠡᠴᠦᠰ ᠲᠦ᠋ᠨᠢ ᠴᠥᠬᠥᠷᠡᠩᠭᠡ ᠪᠡᠨ ᠪᠠᠷᠠᠨ ᠥᠪᠡᠷᠰᠡᠳ ᠢ᠋ᠶ᠋ᠡᠨ ᠠᠶᠤᠨ ᠰᠦᠷᠳᠡᠳᠡᠭ ᠪᠣᠯᠤᠭᠰᠠᠨ ᠠᠵᠢ᠃ 
       ᠡᠨᠡ ᠪᠣᠯ ᠠᠮᠠᠷ ᠦᠭᠡᠢ ᠬᠡᠷᠡᠭ᠃ ᠭᠡᠪᠡᠴᠦ ᠡᠨᠳᠡ ᠵᠢᠭᠮᠡᠳ ᠡᠴᠡ ᠢᠯᠡᠭᠦᠦ ᠵᠣᠷᠢᠭᠲᠠᠨ ᠪᠠᠰᠠ ᠪᠠᠢᠨ᠎ᠠ᠃ ᠡᠨᠡ ᠪᠣᠯ ᠰᠣᠭᠲᠣᠭᠤ ᠪᠠᠭᠠᠲᠤᠷ ᠪᠢᠯᠡ᠃ ᠪᠠᠢᠴᠠᠭᠠᠭᠴᠢ ᠠ᠋ᠴᠠ᠄ 
       — ᠴᠢ ᠮᠠᠨ ᠤ᠋ ᠢᠷᠭᠡᠨ ᠤᠯᠤᠰ ᠤ᠋ᠨ ᠲᠠᠪᠤᠨ ᠤᠭᠰᠠᠭ᠎ᠠ ᠨᠢᠭᠡᠨ ᠭᠡᠷ ᠲᠡᠭᠡᠨ ᠪᠠᠬᠠᠳᠤᠨ ᠡᠷᠬᠡ ᠲᠡᠭᠰᠢ ᠪᠠᠲᠤᠵᠢᠨ ᠲᠣᠭᠲᠠᠨᠢᠬᠤ ᠶ᠋ᠢ ᠴᠢᠩ ᠰᠡᠳᠬᠢᠯ ᠡᠴᠡ ᠪᠡᠨ ᠡᠰᠡᠷᠭᠦᠴᠡᠳᠡᠭ ᠬᠥᠮᠦᠨ ᠶᠦᠮ ᠪᠢᠵᠡ ᠳᠡ ᠭᠡᠵᠦ ᠪᠠᠢᠴᠠᠭᠠᠯᠲᠠ ᠡᠬᠢᠯᠡᠬᠦ ᠳ᠋ᠦ᠍᠄ 
       — ᠵᠠ ᠶᠠᠷᠰᠢᠭ! ᠪᠢ ᠲᠠ ᠨᠠᠷ ᠤ᠋ᠨ ᠲᠡᠷᠡ ᠤᠭᠰᠠᠭ᠎ᠠ ᠵᠣᠭᠰᠣᠭ᠎ᠠ ᠡᠷᠬᠡ ᠶᠠᠩᠪᠠ ᠡᠨᠡ ᠲᠡᠷᠡ ᠶ᠋ᠢ ᠮᠡᠳᠡᠳᠡᠭ ᠬᠥᠮᠦᠨ ᠪᠢᠰᠢ ᠠ᠋᠂ ᠴᠢ ᠵᠦᠭᠡᠷ ᠮᠠᠨ ᠤ᠋ ᠤᠯᠤᠰ ᠠ᠋ᠴᠠ ᠲᠠᠨ ᠤ᠋ ᠤᠯᠤᠰ ᠣᠷᠣᠨ ᠢ᠋ ᠡᠵᠡᠯᠡᠭᠰᠡᠨ ᠲᠤᠬᠠᠢ ᠶᠠᠭᠤ ᠭᠡᠵᠦ ᠦᠵᠡᠳᠡᠭ ᠪᠣᠢ? ᠭᠡᠵᠦ ᠠᠰᠠᠭᠤ ᠭᠡᠪᠡ᠃ 
       — ᠦᠭᠡᠢ ᠠ᠋᠂ ᠮᠠᠨ ᠤ᠋ ᠤᠯᠤᠰ᠂ ᠲᠠᠨ ᠤ᠋ ᠤᠯᠤᠰ ᠢ᠋ ᠡᠵᠡᠯᠡᠭᠰᠡᠨ ᠬᠡᠷᠡᠭ ᠪᠢᠰᠢ᠂ ᠬᠠᠷᠢᠨ ᠲᠠᠨ ᠤ᠋ ᠤᠯᠤᠰ ᠲᠤᠰᠠᠭᠠᠷ ᠤᠯᠤᠰ ᠪᠣᠯᠤᠨ ᠲᠣᠭᠲᠠᠨᠢᠵᠤ ᠴᠢᠳᠠᠬᠤ ᠪᠠᠨ ᠪᠣᠯᠢᠭᠠᠳ᠂ ᠮᠠᠨ ᠤ᠋ ᠤᠯᠤᠰ ᠤ᠋ᠨ ᠨᠥᠮᠥᠷᠢ ᠨᠥᠯᠦᠭᠡᠨ ᠳ᠋ᠦ᠍ ᠪᠠᠭᠲᠠᠨ ᠠᠮᠤᠷ ᠵᠢᠮᠦᠷ ᠵᠢᠷᠭᠠᠶ᠎ᠠ ᠭᠡᠵᠦ ᠭᠤᠶᠤᠭᠰᠠᠨ ᠳ᠋ᠤ᠌ ᠪᠢᠳᠡ ᠢᠷᠡᠭᠰᠡᠨ ᠶᠦᠮ ᠭᠡᠳ ᠪᠠᠢᠴᠠᠭᠠᠭᠴᠢ ᠴᠠᠭᠠᠰᠢ ᠤᠬᠠᠭᠤᠯᠤᠨ ᠰᠡᠩᠬᠡᠷᠡᠭᠦᠯᠬᠦ ᠭᠡᠵᠦ ᠣᠷᠣᠯᠳᠣᠭᠰᠠᠨ ᠳ᠋ᠤ᠌᠂ ᠮᠠᠨᠢ ᠡᠷ᠎ᠡ ᠰᠣᠨᠣᠰᠤᠭᠰᠠᠨ ᠴᠦ᠍ ᠦᠭᠡᠢ᠂ ᠰᠣᠨᠢᠷᠬᠠᠭᠰᠠᠨ ᠴᠦ᠍ ᠦᠭᠡᠢ᠃ 
       — ᠵᠠ ᠶᠠᠷᠰᠢᠭ! ᠬᠤᠳᠠᠯ ᠦᠭᠡᠨ ᠳ᠋ᠦ᠍ ᠪᠡᠭᠡᠵᠢᠩ ᠶᠠᠷᠢᠶᠠᠨ ᠤ᠋ ᠬᠡᠷᠡᠭ ᠶᠠᠭᠤ ᠪᠢᠯᠡ! ᠭᠡᠵᠦ ᠬᠡᠯᠡᠵᠦ ᠣᠷᠬᠢᠭᠠᠳ ᠪᠠᠩᠵᠠᠳᠠᠭᠤᠯᠤᠭᠰᠠᠨ ᠭᠡᠨ᠎ᠡ᠃ ᠭᠡᠪᠡᠴᠦ ᠮᠠᠨᠢ ᠡᠷ᠎ᠡ᠂ ᠪᠠᠭᠠᠲᠤᠷ ᠨᠡᠷ᠎ᠡ ᠪᠡᠨ ᠬᠠᠳᠠᠭᠠᠯᠠᠬᠤ ᠭᠡᠵᠦ ᠶᠣᠣᠯᠠᠭᠰᠠᠨ ᠴᠦ᠍ ᠦᠭᠡᠢ᠂ ᠢᠨᠴᠠᠭᠯᠠᠭᠰᠠᠨ ᠴᠦ᠍ ᠦᠭᠡᠢ᠂ ᠲᠠᠯ᠎ᠠ ᠶ᠋ᠢᠨ ᠲᠠᠪᠢ ᠴᠣᠬᠢᠭᠰᠠᠨ ᠢ᠋ ᠲᠠᠪᠠᠲᠠᠢ ᠲᠣᠭᠠᠯᠠᠨ ᠳᠠᠭᠤᠰᠬᠠᠭᠠᠳ᠄ 
       — ᠲᠠ ᠨᠠᠷ ᠴᠢᠨᠢ ᠠᠷᠠᠳ ᠤ᠋ᠨ ᠬᠥᠷᠥᠩᠭᠡ ᠶ᠋ᠢ ᠲᠣᠨᠣᠵᠤ ᠬᠠᠨᠳᠠᠭ ᠦᠭᠡᠢ᠂ ᠠᠮᠢᠲᠠᠨ ᠤ᠋ ᠮᠢᠬ᠎ᠠ ᠶ᠋ᠢ ᠱᠤᠯᠤᠪᠠᠴᠦ ᠴᠠᠳᠳᠠᠭ ᠦᠭᠡᠢ ᠶᠠᠭᠠᠬᠢᠭᠰᠠᠨ ᠮᠠᠭᠤᠬᠠᠢ ᠤᠯᠤᠰ ᠪᠣᠢ ᠭᠡᠵᠦ ᠰᠦᠷᠡᠬᠡᠢ ᠵᠠᠩᠳᠤᠷᠤᠨ ᠬᠠᠰᠬᠢᠷᠴᠠᠢ᠃ ᠲᠡᠭᠡᠭᠡᠳ ᠡᠨᠡ ᠬᠥᠮᠦᠨ ᠭᠠᠯᠵᠠᠭᠤ ᠰᠣᠭᠲᠣᠭᠤ ᠶ᠋ᠢᠨ ᠲᠣᠭᠠᠨ ᠳ᠋ᠤ᠌ ᠣᠷᠣᠭᠰᠠᠨ ᠪᠣᠯᠤᠯᠲᠠᠢ᠂ ᠳᠠᠬᠢᠨ ᠨᠢᠭᠡ ᠴᠦ᠍ ᠪᠠᠢᠴᠠᠭᠠᠭᠳᠠᠭᠰᠠᠨ ᠦᠭᠡᠢ᠃ 
       ᠢᠩᠭᠢᠬᠦ ᠳ᠋ᠦ᠍ ᠪᠠᠰᠠ ᠡᠮᠦᠨ᠎ᠡ ᠲᠤᠯᠭᠠᠷᠠᠭᠰᠠᠨ ᠬᠡᠷᠡᠭ ᠢ᠋ ᠡᠪᠲᠡᠢᠬᠡᠨ ᠢ᠋ᠶ᠋ᠡᠷ ᠪᠤᠯᠵᠠᠭᠠᠷᠠᠭᠤᠯᠵᠤ ᠴᠢᠳᠠᠳᠠᠭ ᠤᠷᠠᠨ ᠠᠷᠭᠠᠳᠠᠨ ᠪᠠᠰᠠ ᠪᠠᠢᠨ᠎ᠠ᠃ ᠪᠠᠷᠠᠭᠤᠨ ᠠᠢᠮᠠᠭ ᠤ᠋ᠨ ᠴᠡᠯᠮᠡᠭ ᠰᠢᠷ᠎ᠠ ᠭᠡᠳᠡᠭ ᠬᠣᠴᠢᠲᠠᠢ᠂ ᠬᠥᠮᠦᠨ ᠪᠦᠷᠢ ᠶ᠋ᠢᠨ ᠡᠮᠦᠨ᠎ᠡ 《ᠵᠠ᠂ ᠲᠠ》 ᠢᠨᠢᠶᠡᠮᠰᠦᠭᠯᠡᠨ ᠨᠠᠬᠢᠯᠵᠠᠭᠰᠠᠨ ᠠᠬᠢᠭᠠᠳ ᠨᠠᠰᠤᠨ ᠤ᠋ ᠱᠠᠮᠰᠢᠭᠠᠷ ᠰᠢᠷ᠎ᠠ ᠴᠢᠷᠠᠢ ᠲᠠᠢ ᠵᠢᠷ ᠦ᠋ᠨ ᠨᠢᠭᠡ ᠠᠷᠠᠳ᠂ ᠠᠮᠢ ᠬᠤᠪᠢ ᠶ᠋ᠢᠨ ᠬᠡᠷᠡᠭ ᠢ᠋ᠶ᠋ᠡᠷ ᠬᠦᠷᠢᠶ᠎ᠡ ᠣᠷᠣᠵᠤ ᠢᠷᠡᠭᠡᠳ ᠰᠦᠬᠡᠪᠠᠭᠠᠲᠤᠷ ᠲᠠᠢ ᠠᠭᠤᠯᠵᠠᠬᠤ ᠭᠡᠵᠦ ᠡᠷᠢᠵᠦ ᠶᠠᠪᠤᠭᠠᠳ ᠭᠠᠮᠢᠩ ᠳ᠋ᠤ᠌ ᠪᠠᠷᠢᠭᠳᠠᠭᠰᠠᠨ ᠠᠵᠢ᠃ ᠲᠡᠭᠡᠭᠡᠳ ᠥᠪᠡᠷ ᠦ᠋ᠨ ᠡᠷᠬᠡ ᠦᠭᠡᠢ ᠰᠦᠬᠡᠪᠠᠭᠠᠲᠤᠷ ᠤ᠋ᠨ ᠬᠠᠨᠢ ᠬᠠᠮᠰᠠᠭᠠᠲᠠᠨ ᠪᠣᠯᠬᠤ ᠬᠡᠷᠡᠭ ᠲᠦ᠍ ᠲᠤᠯᠭᠠᠷᠠᠪᠠ᠃ ᠴᠡᠯᠮᠡᠭ ᠰᠢᠷ᠎ᠠ ᠥᠪᠡᠷ ᠢ᠋ᠶ᠋ᠡᠨ ᠴᠢᠬᠢ ᠤᠷᠲᠤ ᠲᠠᠢ ᠪᠣᠯᠤᠭᠠᠳ ᠨᠢᠭᠡᠨᠲᠡ ᠲᠤᠭᠤᠯᠤᠭᠰᠠᠨ ᠢ᠋ᠶ᠋ᠠᠨ ᠬᠡᠳᠦᠨ ᠲᠠᠯ᠎ᠠ ᠪᠠᠷ ᠡᠷᠭᠢᠴᠡᠭᠦᠯᠦᠨ ᠪᠣᠳᠣᠵᠤ ᠤᠯᠠ ᠮᠥᠷ ᠢ᠋ ᠨᠢ ᠲᠣᠳᠣᠷᠬᠠᠢ ᠰᠠᠢᠨ ᠮᠡᠳᠡᠵᠦ ᠴᠢᠳᠠᠳᠠᠭ ᠬᠥᠮᠦᠨ ᠪᠣᠯᠬᠤ ᠲᠤᠯᠠ ᠰᠦᠬᠡᠪᠠᠭᠠᠲᠤᠷ ᠤ᠋ᠨ ᠦᠢᠯᠡ ᠬᠡᠷᠡᠭ ᠢ᠋ ᠪᠦᠷᠢᠨ ᠮᠡᠳᠡᠬᠦ ᠪᠥᠭᠡᠳ ᠲᠡᠭᠡᠭᠡᠳ ᠴᠦ᠍ ᠰᠦᠬᠡᠪᠠᠭᠠᠲᠤᠷ ᠤ᠋ᠨ ᠬᠠᠨᠢ ᠨᠥᠬᠥᠳ ᠪᠣᠯᠬᠤ ᠶ᠋ᠢ ᠵᠣᠷᠢᠨ ᠰᠤᠷᠪᠤᠯᠵᠢᠯᠠᠵᠤ ᠶᠠᠪᠤᠭᠰᠠᠨ ᠪᠠᠢᠪᠠ᠃ ᠡᠨᠡ ᠨᠢ ᠣᠳᠣ ᠭᠠᠮᠢᠩ ᠤ᠋ᠳ ᠲᠤ᠌ ᠨᠢᠭᠡᠨᠲᠡ ᠲᠣᠳᠣᠷᠬᠠᠢ ᠪᠢᠰᠢ ᠪᠠᠢᠭ᠎ᠠ ᠲᠤᠯᠠ᠂ ᠮᠠᠨᠢ ᠴᠡᠯᠮᠡᠭ ᠲᠦ᠍ ᠲᠡᠢᠮᠦ ᠴᠦ᠍ ᠠᠶᠤᠯ ᠲᠠᠢ ᠪᠢᠰᠢ ᠪᠠᠢᠭ᠎ᠠ ᠪᠥᠭᠡᠳ ᠭᠠᠭᠴᠠᠬᠠᠨ ᠰᠦᠬᠡᠪᠠᠭᠠᠲᠤᠷ ᠢ᠋ ᠡᠷᠢᠨ ᠶᠠᠪᠤᠭᠰᠠᠨ ᠭᠡᠳᠡᠭ ᠡᠴᠡ ᠵᠠᠢᠯᠠᠨ ᠭᠠᠷᠬᠤ ᠨᠥᠬᠥᠴᠡᠯ ᠦᠭᠡᠢ ᠪᠠᠢᠪᠠ᠃ ᠭᠡᠪᠡᠴᠦ ᠴᠡᠯᠮᠡᠭ ᠰᠢᠷ᠎ᠠ ᠶᠠᠭᠤ ᠶᠠᠭᠤ ᠦᠭᠡᠢ ᠪᠠᠩᠵᠠ ᠱᠠᠬᠠᠢ ᠲᠤᠯᠭᠠᠷᠠᠬᠤ ᠳ᠋ᠤ᠌᠄ 
       — ᠠ᠋᠂ ᠡᠵᠡᠳ ᠮᠢᠨᠢ ᠥᠷᠥᠰᠢᠶᠡ! ᠪᠢ ᠴᠢᠨᠢ ᠦᠨᠡᠨ ᠢ᠋ᠶ᠋ᠡᠨ ᠠᠢᠯᠠᠳᠬᠠᠶ᠎ᠠ ᠭᠡᠳ᠄ 
       — ᠮᠢᠨᠦ ᠰᠦᠬᠡᠪᠠᠭᠠᠲᠤᠷ ᠢ᠋ ᠡᠷᠢᠨ ᠶᠠᠪᠤᠭᠰᠠᠨ ᠦᠨᠡᠨ ᠤᠴᠢᠷ ᠶᠠᠭᠤ ᠪᠣᠢ ᠭᠡᠪᠡᠯ ᠮᠢᠨᠦ ᠡᠨᠡ ᠴᠢᠷᠠᠢ ᠰᠢᠷᠭᠠᠯ ᠪᠣᠯᠤᠭᠰᠠᠨ ᠢ᠋ ᠪᠠᠭᠰᠢ ᠮᠡᠷᠭᠡᠨ ᠦᠵᠡᠭᠡᠳ ᠲᠦᠮᠡᠨ ᠣᠯᠠᠨ ᠳ᠋ᠤ᠌ ᠳᠠᠷᠬᠠᠨ ᠴᠣᠯᠠ ᠣᠯᠤᠭᠰᠠᠨ ᠢᠳᠡᠷ ᠴᠢᠭᠢᠷᠠᠭ ᠡᠷ᠎ᠡ ᠬᠥᠮᠦᠨ ᠢ᠋ᠶ᠋ᠡᠷ ᠲᠠᠯ᠎ᠠ ᠶ᠋ᠢᠨ ᠲᠠᠪᠤ᠂ ᠲᠠᠪᠤ ᠠᠯᠠᠭᠠᠳᠠᠭᠤᠯᠪᠠᠯ ᠵᠦᠭᠡᠷ ᠪᠣᠯᠤᠨ᠎ᠠ ᠭᠡᠵᠦ ᠠᠢᠯᠠᠳᠬᠠᠭᠰᠠᠨ ᠠ᠋ᠴᠠ ᠲᠡᠷᠡ ᠪᠢᠯᠡ ᠭᠡᠪᠡ ᠭᠡᠲᠡᠯ᠎ᠡ ᠪᠠᠢᠴᠠᠭᠠᠭᠴᠢ᠄ 
       — ᠦᠨᠡᠬᠡᠷ ᠲᠡᠢᠮᠦ ᠪᠣᠯ ᠦᠨᠡᠨ ᠢ᠋ᠶ᠋ᠡᠨ ᠡᠷᠲᠡᠬᠡᠨ ᠬᠡᠯᠡᠬᠦ ᠶᠣᠰᠣᠲᠠᠢ ᠪᠠᠢᠭᠰᠠᠨ ᠠᠲᠠᠯ᠎ᠠ᠂ ᠮᠡᠳᠡᠬᠦ ᠦᠭᠡᠢ᠂ ᠳᠤᠭᠤᠯᠠᠭ᠎ᠠ ᠦᠭᠡᠢ ᠭᠡᠳᠡᠭ ᠢ᠋ᠶ᠋ᠡᠷ ᠴᠠᠭᠠᠷᠭᠠᠯᠠᠨ ᠡᠳᠦᠢ ᠬᠦᠷᠦᠭᠰᠡᠨ ᠪᠢᠯᠡ ᠭᠡᠳ ᠤᠭ ᠬᠡᠷᠡᠭ ᠲᠡᠢ ᠤᠯᠠᠮ ᠢ᠋ᠶ᠋ᠠᠷ ᠲᠤᠯᠭᠠᠪᠠ᠃ ᠬᠠᠷᠢᠭᠤ ᠳ᠋ᠤᠨᠢ ᠴᠡᠯᠮᠡᠭ ᠰᠢᠷ᠎ᠠ᠂ ᠵᠠ ᠭᠡᠵᠦ ᠠᠯᠠᠭ᠎ᠠ ᠬᠠᠪᠰᠤᠷᠤᠨ ᠮᠡᠬᠦᠢᠭᠡᠳ᠄ 
       — ᠶᠡᠬᠡ ᠶᠠᠮᠤᠨ ᠤ᠋ ᠪᠣᠱᠣᠭ᠎ᠠ ᠥᠨᠳᠥᠷ᠂ ᠡᠷᠬᠢᠮ ᠨᠣᠶᠠᠨ ᠤ᠋ ᠪᠡᠶ᠎ᠡ ᠰᠦᠷᠯᠢᠭ᠂ ᠰᠦᠰᠦᠭ ᠢ᠋ᠶ᠋ᠡᠷ ᠡᠷᠢᠭᠡ ᠦᠭᠡᠢ᠂ ᠰᠠᠨᠠᠮᠰᠠᠷ ᠦᠭᠡᠢ ᠰᠤᠷᠠᠭᠯᠠᠭᠰᠠᠨ ᠰᠦᠬᠡᠪᠠᠭᠠᠲᠤᠷ ᠲᠠᠢ ᠰᠢᠭᠤᠳ ᠬᠣᠯᠪᠣᠨ ᠲᠤᠯᠭᠠᠭᠰᠠᠨ ᠤᠴᠢᠷ᠃ ᠪᠣᠭᠣᠯ ᠪᠢ ᠪᠠᠴᠢᠮᠳᠠᠨ ᠪᠤᠷᠤᠭᠤ ᠲᠡᠰᠢᠶ᠎ᠡ ᠬᠡᠷᠡᠭ ᠬᠦᠯᠢᠶᠡᠭᠰᠡᠨ᠂ ᠡᠨᠡ ᠦᠨᠡᠨ! ᠭᠡᠵᠦ ᠥᠴᠢᠭ ᠭᠠᠷᠭᠠᠨ ᠪᠠᠢᠴᠠᠭᠠᠭᠴᠢ ᠶ᠋ᠢᠨ ᠠᠮᠠ ᠶ᠋ᠢ ᠨᠢᠭᠡ ᠤᠳᠠᠭ᠎ᠠ ᠲᠠᠭᠯᠠᠵᠠᠢ᠃ ᠭᠡᠯ᠎ᠡ ᠴᠦ᠍ ᠬᠥᠮᠦᠨ ᠢᠩᠭᠢᠭᠰᠡᠨ ᠢ᠋ᠶ᠋ᠡᠷ ᠬᠡᠷᠡᠭ ᠡᠴᠡ ᠮᠤᠯᠲᠤᠷᠠᠨ ᠭᠠᠷᠴᠤ ᠠᠮᠵᠢᠳᠠᠭ ᠦᠭᠡᠢ ᠠᠵᠢ᠃  ᠮᠠᠷᠭᠠᠰᠢ ᠨᠢ ᠪᠠᠢᠴᠠᠭᠠᠭᠴᠢ᠂ ᠴᠡᠯᠮᠡᠭ ᠰᠢᠷ᠎ᠠ ᠶ᠋ᠢ ᠰᠦᠬᠡᠪᠠᠭᠠᠲᠤᠷ ᠲᠠᠢ ᠬᠣᠯᠪᠣᠬᠤ ᠪᠠᠨ ᠪᠣᠯᠢᠭᠠᠳ《ᠤᠯᠠᠭᠠᠨ ᠣᠷᠣᠰ ᠲᠠᠢ ᠶᠠᠮᠠᠷ ᠬᠣᠯᠪᠣᠭ᠎ᠠ ᠲᠠᠢ ᠪᠣᠢ?》 ᠭᠡᠵᠦ ᠠᠰᠠᠭᠤᠵᠤ ᠡᠬᠢᠯᠡᠪᠡ᠃ ᠴᠡᠯᠮᠡᠭ ᠴᠦ᠍ ᠲᠡᠷᠡ ᠪᠠᠢᠴᠠᠭᠠᠭᠴᠢ ᠶ᠋ᠢᠨ ᠤᠯᠠᠭᠠᠨ ᠣᠷᠣᠰ ᠲᠠᠢ ᠬᠣᠯᠪᠣᠨ ᠨᠢᠭᠡ ᠦᠭᠡ ᠠᠯᠳᠠᠭᠤᠯᠵᠤ ᠠᠪᠤᠭᠠᠳ ᠳᠠᠷᠠᠭ᠎ᠠ ᠨᠢ ᠰᠦᠬᠡᠪᠠᠭᠠᠲᠤᠷ ᠲᠠᠢ ᠬᠣᠯᠪᠣᠬᠤ ᠭᠡᠵᠦ ᠪᠠᠢᠭ᠎ᠠ ᠶ᠋ᠢ ᠮᠡᠳᠡᠪᠡ᠃ 
       — ᠵᠠ᠂ ᠦᠭᠡᠢ ᠠ᠋᠂ ᠮᠡᠳᠡᠬᠦ ᠦᠭᠡᠢ ᠠ᠋᠂ ᠶᠡᠷᠦ ᠲᠤᠭᠤᠯᠭ᠎ᠠ ᠦᠭᠡᠢ ᠶᠦᠮ ᠪᠠᠢᠨ᠎ᠠ ᠭᠡᠵᠦ ᠥᠴᠢᠭ ᠥᠭᠪᠡ᠃ ᠦᠨᠡᠨ ᠳ᠋ᠡᠭᠡᠨ ᠴᠡᠯᠮᠡᠭ ᠰᠢᠷ᠎ᠠ ᠤᠯᠠᠭᠠᠨ ᠣᠷᠣᠰ ᠢ᠋ ᠰᠠᠢᠨ ᠮᠡᠳᠡᠨ᠎ᠡ᠃ ᠴᠠᠭᠠᠨ ᠤ᠋ ᠮᠥᠨ ᠪᠣᠯᠬᠤ ᠶ᠋ᠢ ᠲᠠᠨᠢᠵᠤ ᠮᠡᠳᠡᠭᠰᠡᠨ ᠪᠥᠭᠡᠳ ᠰᠦᠬᠡᠪᠠᠭᠠᠲᠤᠷ ᠤ᠋ᠨ ᠲᠡᠭᠦᠨ ᠢ᠋ ᠲᠦᠰᠢᠭᠯᠡᠬᠦ ᠭᠡᠰᠡᠨ ᠢ᠋ ᠨᠢ ᠳᠠᠮ ᠰᠣᠨᠣᠰᠤᠭᠠᠳ ᠴᠢᠩ ᠰᠡᠳᠬᠢᠯ ᠡᠴᠡ ᠲᠠᠯᠠᠷᠬᠠᠭᠰᠠᠨ ᠬᠥᠮᠦᠨ ᠶᠦᠮ᠃ ᠭᠡᠲᠡᠯ᠎ᠡ ᠴᠡᠯᠮᠡᠭ ᠰᠢᠷ᠎ᠠ ᠣᠳᠣ ᠡᠨᠡ ᠬᠡᠷᠡᠭ ᠨᠡᠮᠡᠷᠢ ᠠᠯᠠᠭ᠎ᠠ᠂ ᠵᠠᠭᠤ ᠲᠠᠬᠢᠪᠠᠴᠤ ᠦᠨᠡᠬᠡᠷ ᠨᠡᠮᠡᠷᠢ ᠦᠭᠡᠢ᠃ ᠱᠠᠯᠳᠠᠩ ᠭᠤᠶ᠎ᠠ ᠳᠡᠭᠡᠷ᠎ᠡ ᠪᠡᠨ ᠬᠤᠯᠤᠰᠤᠨ ᠪᠠᠩᠵᠠ ᠨᠠᠬᠢᠰ ᠳᠠᠬᠢᠰ ᠪᠠᠭᠤᠵᠤ ᠡᠬᠢᠯᠡᠬᠦ ᠳ᠋ᠦ᠍᠄ 
      — ᠠ᠋᠂ ᠡᠵᠡᠳ ᠮᠢᠨᠢ ᠠ᠋᠂ ᠥᠷᠥᠰᠢᠶᠡ᠂ ᠣᠳᠣ ᠪᠢ ᠴᠢᠨᠢ ᠦᠨᠡᠨ ᠢ᠋ᠶ᠋ᠡᠨ ᠮᠡᠳᠡᠭᠦᠯᠦᠶ᠎ᠡ ᠭᠡᠵᠦ ᠭᠤᠶᠤᠪᠠ᠃ 
       ᠪᠠᠢᠴᠠᠭᠠᠭᠴᠢ ᠳᠠᠷᠤᠢ ᠪᠠᠯᠪᠠᠨ ᠪᠠᠩᠵᠠᠳᠠᠬᠤ ᠶ᠋ᠢ ᠵᠣᠭᠰᠣᠨ ᠥᠪᠡᠷ ᠢ᠋ᠶ᠋ᠡᠨ ᠭᠦᠶᠦᠨ ᠭᠠᠷᠪᠠ᠃ ᠦᠨᠡᠬᠡᠷ ᠨᠢᠭᠡ ᠲᠣᠮᠣ ᠬᠡᠷᠡᠭ ᠢᠯᠡᠷᠡᠬᠦ ᠭᠡᠵᠦ ᠪᠠᠶᠠᠷᠯᠠᠬᠤ ᠳ᠋ᠠᠭᠠᠨ ᠶᠡᠬᠡᠰ ᠳᠡᠭᠡᠳᠦᠰ ᠦ᠋ᠳ ᠡᠴᠡ ᠪᠡᠨ ᠤᠷᠢᠨ ᠠᠪᠴᠢᠷᠠᠪᠠ ᠪᠣᠯᠤᠯᠲᠠᠢ᠂ ᠬᠣᠶᠠᠷ ᠲᠣᠮᠣ ᠲᠤᠰᠢᠶᠠᠯᠲᠠᠨ ᠢ᠋ ᠳᠠᠭᠠᠭᠤᠯᠤᠨ ᠣᠷᠣᠵᠤ ᠢᠷᠡᠪᠡ᠃ 
       — ᠵᠠ ᠴᠢ ᠦᠨᠡᠨ ᠢ᠋ᠶ᠋ᠡᠨ ᠮᠡᠳᠡᠭᠦᠯᠦᠨ᠎ᠡ ᠭᠡᠰᠡᠨ ᠪᠢᠵᠡ ᠳᠡ? ᠭᠡᠬᠦ ᠳ᠋ᠦ᠍ᠨᠢ᠄ 
       — ᠵᠠ ᠲᠡᠢᠮᠦ ᠠ᠋᠂ ᠴᠢᠩ ᠦᠨᠡᠨ ᠢ᠋ᠶ᠋ᠡᠨ ᠮᠡᠳᠡᠭᠦᠯᠦᠨ᠎ᠡ᠃ 
       — ᠢᠩᠭᠢᠬᠦ ᠳ᠋ᠦ᠍ ᠴᠢ ᠠᠯᠢ ᠲᠦᠷᠦᠭᠦᠴᠢ ᠡᠴᠡ ᠠᠪᠤᠨ ᠣᠭᠲᠣ ᠮᠡᠳᠡᠭᠦᠯᠬᠦ ᠦᠭᠡᠢ ᠪᠠᠢᠭᠰᠠᠨ ᠢ᠋ᠶ᠋ᠠᠨ ᠶᠠᠭᠠᠬᠢᠭᠠᠳ ᠣᠳᠣ ᠮᠡᠳᠡᠭᠦᠯᠬᠦ ᠪᠣᠯᠪᠠ? 
       — ᠵᠠ ᠶᠠᠭᠠᠬᠢᠶ᠎ᠠ ᠭᠡᠬᠦ ᠪᠣᠢ᠂ ᠪᠢ ᠬᠡᠷᠡᠭ ᠬᠡᠯᠡᠬᠦ ᠦᠭᠡᠢ ᠪᠠᠢᠬᠤ ᠶ᠋ᠢ ᠪᠣᠳᠣᠭᠰᠠᠨ ᠶᠤᠮ᠂ ᠭᠡᠲᠡᠯ᠎ᠡ ᠲᠠᠨ ᠤ᠋ ᠬᠠᠤᠯᠢ ᠨᠢᠭᠡ ᠨᠢᠳᠦᠲᠡᠢ ᠪᠢᠰᠢ᠂ ᠮᠢᠩᠭᠠᠨ ᠮᠡᠯᠮᠡᠢ ᠲᠡᠢ ᠪᠣᠯᠬᠤ ᠪᠠᠩᠵᠠ ᠴᠣᠬᠢᠯᠲᠠ ᠨᠢᠭᠡ ᠪᠦᠷᠢ ᠶᠠᠭᠠᠬᠢᠬᠤ ᠶ᠋ᠢᠨ ᠠᠷᠭ᠎ᠠ ᠦᠭᠡᠢ ᠲᠣᠳᠣᠷᠬᠠᠢ ᠪᠣᠯᠤᠭᠰᠠᠨ ᠤᠴᠢᠷ ᠥᠴᠦᠬᠡᠨ ᠪᠣᠭᠣᠯ ᠶᠠᠭᠠᠬᠢᠶ᠎ᠠ ᠭᠡᠬᠦ ᠪᠣᠢ᠂ ᠴᠢᠩ ᠦᠨᠡᠨ ᠢ᠋ᠶ᠋ᠡᠨ ᠮᠡᠳᠡᠭᠦᠯᠬᠦ ᠡᠴᠡ ᠥᠭᠡᠷ᠎ᠡ ᠠᠷᠭ᠎ᠠ ᠦᠭᠡᠢ ᠪᠣᠯᠪᠠ ᠭᠡᠬᠦ ᠳ᠋ᠦ᠍ ᠥᠨᠥᠬᠢ ᠪᠠᠢᠴᠠᠭᠠᠭᠴᠢ᠄ 
       — ᠵᠥᠪ᠂ ᠮᠠᠨ ᠤ᠋ ᠬᠠᠤᠯᠢ ᠮᠢᠩᠭᠠᠨ ᠨᠢᠳᠦᠲᠡᠢ ᠭᠡᠵᠦ ᠰᠡᠳᠬᠢᠯ ᠬᠠᠨᠤᠨ ᠢᠨᠢᠶᠡᠪᠡ᠃ ᠨᠥᠭᠦᠭᠡ ᠬᠣᠶᠠᠷ ᠨᠢ ᠪᠠᠰᠠ ᠴᠠᠭᠠᠰᠤ ᠪᠡᠯᠡᠳᠬᠡᠨ ᠬᠡᠯᠡᠬᠦ ᠦᠭᠡ ᠶ᠋ᠢ ᠬᠦᠯᠢᠶᠡᠨ ᠰᠢᠷᠲᠡᠨ᠎ᠡ᠃  ᠮᠠᠨᠢ ᠴᠡᠯᠮᠡᠭ ᠰᠢᠷ᠎ᠠ ᠮᠡᠳᠡᠭᠦᠯᠬᠦ ᠡᠴᠡ ᠪᠡᠨ ᠬᠠᠯᠠᠰᠢᠷᠠᠬᠤ ᠪᠠᠢᠳᠠᠯ ᠦᠵᠡᠭᠦᠯᠬᠦ ᠭᠡᠵᠦ ᠠᠮᠢᠰᠬᠤᠯ ᠢ᠋ᠶ᠋ᠠᠨ ᠬᠣᠭᠣᠯᠠᠢ ᠳ᠋ᠠᠭᠠᠨ ᠪᠠᠷᠢᠨ ᠨᠢᠭᠤᠷ ᠢ᠋ᠶ᠋ᠠᠨ ᠤᠯᠠᠢᠯᠭᠠᠨ ᠬᠥᠯᠥᠰᠥ ᠪᠡᠨ ᠠᠷᠴᠢᠭᠠᠳ᠄ 
       — ᠵᠠ ᠡᠵᠡᠳ ᠮᠢᠨᠢ ᠦᠢᠯᠡᠳᠦᠭᠰᠡᠨ ᠬᠡᠷᠡᠭ ᠦᠨᠡᠨ ᠬᠦᠨᠳᠦ᠂ ᠠᠮᠠᠨ ᠠ᠋ᠴᠠ ᠭᠠᠷᠬᠤ ᠳ᠋ᠤ᠌ ᠲᠤᠩ ᠬᠡᠴᠡᠭᠦᠦ ᠪᠠᠢᠨ᠎ᠠ ᠭᠡᠬᠦ ᠳ᠋ᠦ᠍ ᠪᠠᠢᠴᠠᠭᠠᠭᠴᠢ᠄ 
       — ᠵᠦᠭᠡᠷ᠂ ᠬᠡᠯᠡ! ᠪᠢᠳᠡ ᠴᠢᠮᠠᠢ᠍ᠢ ᠶᠠᠭᠠᠬᠢᠬᠤ ᠴᠦ᠍ ᠦᠭᠡᠢ ᠭᠡᠵᠦ ᠢᠨᠢᠶᠡᠮᠰᠦᠭᠯᠡᠬᠦ ᠶ᠋ᠢᠨ ᠵᠡᠷᠭᠡᠴᠡᠭᠡ ᠪᠡᠷ᠄ 
       — ᠦᠨᠡᠨ ᠢ᠋ᠶ᠋ᠡᠨ ᠮᠡᠳᠡᠭᠦᠯᠦᠨ ᠪᠤᠷᠤᠭᠤ ᠪᠠᠨ ᠬᠦᠯᠢᠶᠡᠭᠰᠡᠨ ᠬᠥᠮᠦᠨ ᠢ᠋ ᠮᠠᠨ ᠤ᠋ ᠬᠠᠤᠯᠢ ᠥᠷᠥᠰᠢᠶᠡᠳᠡᠭ ᠶᠦᠮ ᠭᠡᠵᠦ ᠬᠠᠵᠠᠭᠤ ᠶ᠋ᠢᠨ ᠬᠢᠨᠢ ᠨᠣᠶᠠᠨ ᠨᠡᠮᠡᠨ ᠲᠠᠢᠯᠪᠤᠷᠢᠯᠠᠪᠠ᠃ ᠴᠡᠯᠮᠡᠭ ᠰᠢᠷ᠎ᠠ ᠵᠠ! ᠭᠡᠳ ᠠᠯᠠᠭ᠎ᠠ ᠬᠠᠪᠰᠤᠷᠤᠨ ᠮᠥᠷᠭᠥᠭᠡᠳ᠄ 
       — ᠬᠥᠲᠥᠯᠦᠭᠡ ᠮᠣᠷᠢ ᠲᠠᠢ ᠭᠡᠷ ᠡᠴᠡ ᠭᠠᠷᠤᠨ ᠬᠣᠶᠠᠷ ᠬᠣᠨᠣᠭ ᠳᠠᠪᠬᠢᠨ ᠤᠯᠠᠭᠠᠨ ᠣᠷᠣᠰ ᠤ᠋ᠳ ᠲᠤ᠌ ᠣᠴᠢᠭᠠᠳ ᠬᠠᠭᠠᠨ ᠳ᠋ᠤᠨᠢ ᠪᠠᠷᠠᠭᠠᠯᠬᠠᠨ ᠤᠴᠢᠷ ᠢ᠋ᠶ᠋ᠠᠨ ᠠᠢᠯᠠᠳᠬᠠᠨ ᠲᠤᠰᠠᠯᠠᠮᠵᠢ ᠭᠤᠶᠤᠭᠰᠠᠨ ᠪᠢᠯᠡ ᠭᠡᠬᠦ ᠳ᠋ᠦ᠍ ᠨᠥᠭᠥᠭᠡᠳᠦᠭᠦᠯᠡ ᠭᠠᠢᠬᠠᠭᠰᠠᠨ ᠴᠢᠷᠠᠢ ᠪᠠᠷ ᠥᠪᠡᠷ ᠬᠣᠭᠣᠷᠣᠨᠳᠣ ᠪᠠᠨ ᠬᠡᠯᠡᠯᠴᠡᠨ᠎ᠡ᠃ 
       — ᠤᠴᠢᠷ ᠠᠢᠯᠠᠳᠬᠠᠭᠰᠠᠨ ᠭᠡᠵᠦ ᠶᠠᠭᠤ ᠪᠣᠢ? ᠶᠠᠭᠤᠨ ᠲᠤᠬᠠᠢ ᠬᠡᠯᠡᠭᠰᠡᠨ ᠶᠦᠮ ᠪᠣᠢ? ᠭᠡᠬᠦ ᠳ᠋ᠦ᠍ᠨᠢ ᠴᠡᠯᠮᠡᠭ᠄ 
       — ᠲᠠ ᠪᠦᠬᠦᠨ ᠦ᠌ ᠲᠤᠬᠠᠢ᠃ ᠮᠣᠩᠭᠣᠯ ᠣᠷᠣᠨ ᠢ᠋ ᠡᠵᠡᠯᠡᠨ ᠠᠷᠠᠳ ᠲᠦᠮᠡᠨ ᠢ᠋ ᠳᠠᠷᠤᠯᠠᠵᠤ ᠪᠠᠢᠨ᠎ᠠ ᠭᠡᠵᠦ ᠬᠡᠯᠡᠭᠰᠡᠨ ᠬᠡᠷᠡᠭ᠃ 
       — ᠤᠤᠬᠠᠢ ᠲᠡᠭᠡᠭᠡᠳ᠂ ᠶᠠᠮᠠᠷ ᠲᠤᠰᠠᠯᠠᠮᠵᠢ ᠭᠤᠶᠤᠭᠰᠠᠨ ᠪᠣᠢ? 
       — ᠵᠠᠷ ᠵᠡᠪᠰᠡᠭ᠃ 
       — ᠥᠭᠭᠦᠨ᠎ᠡ ᠭᠡᠰᠡᠨ ᠤᠤ? 
       — ᠥᠭᠭᠦᠨ᠎ᠡ ᠭᠡᠰᠡᠨ ᠢ᠋ᠶ᠋ᠡᠨ ᠪᠠᠷᠠᠬᠤ ᠦᠭᠡᠢ ᠮᠢᠩᠭᠠᠨ ᠰᠤᠮᠤ ᠲᠠᠢ ᠯᠢᠶᠠᠨᠵᠤᠤ ᠨᠢᠭᠡ ᠶ᠋ᠢ ᠦᠨ᠎ᠡ ᠲᠥᠯᠥᠪᠦᠷᠢ ᠦᠭᠡᠢ ᠥᠭᠭᠦᠭᠰᠡᠨ᠃ ᠭᠠᠮᠢᠩ ᠤ᠋ᠳ ᠳᠠᠬᠢᠨ ᠦᠢᠮᠡᠨ ᠬᠡᠯᠡᠯᠴᠡᠭᠡᠳ᠄ 
       — ᠲᠡᠭᠡᠭᠡᠳ ᠤᠯᠠᠭᠠᠨ ᠣᠷᠣᠰ ᠴᠢᠮ᠎ᠠ ᠳ᠋ᠤ᠌ ᠶᠠᠭᠤ ᠳᠠᠭᠠᠭᠠᠯᠭᠠᠪᠠ? 
       — ᠰᠠᠢᠨ ᠪᠠᠢᠯᠳᠤᠬᠤ ᠶ᠋ᠢ ᠳᠠᠭᠠᠭᠠᠯᠭᠠᠭᠠᠳ᠂ ᠭᠢᠯᠠᠮᠠᠩ ᠰᠢᠷ᠎ᠠ ᠴᠢᠷᠠᠢ ᠲᠠᠢ ᠶᠤᠮ ᠪᠠᠢᠨ᠎ᠠ᠂ ᠭᠡᠪᠡᠴᠦ ᠶᠠᠭᠠᠬᠢᠬᠤ ᠪᠣᠢ᠂ ᠬᠡᠷᠡᠭ ᠵᠣᠷᠢᠭ ᠢ᠋ᠶ᠋ᠠᠨ ᠭᠦᠢᠴᠡᠳᠬᠡᠭᠰᠡᠨ ᠦ᠌ ᠴᠢᠨᠢ ᠳᠠᠷᠠᠭ᠎ᠠ ᠬᠠᠯᠬ᠎ᠠ ᠮᠣᠩᠭᠣᠯ ᠤ᠋ᠨ ᠬᠠᠭᠠᠨ ᠪᠣᠯᠭᠠᠮᠵᠠ ᠭᠡᠵᠦ ᠯᠡ ᠪᠠᠢᠨ᠎ᠠ ᠪᠢᠯᠡ ᠭᠡᠬᠦ ᠳ᠋ᠦ᠍ ᠭᠠᠮᠢᠩ ᠤ᠋ᠳ ᠤ᠋ᠨ ᠲᠣᠯᠣᠭᠠᠢ ᠳ᠋ᠤ᠌ ᠶᠣᠰᠣᠲᠠᠢ ᠲᠦᠢᠮᠡᠷ ᠠᠰᠪᠠ ᠪᠣᠯᠤᠯᠲᠠᠢ᠂ ᠲᠤᠰ ᠪᠦᠷᠢ ᠪᠡᠨ ᠬᠠᠰᠬᠢᠷᠤᠨ ᠪᠣᠰᠤᠨ ᠬᠠᠷᠠᠢᠵᠤ ᠳᠠᠪᠰᠢᠯᠠᠬᠤ ᠪᠣᠯᠪᠠ᠃ ᠢᠩᠭᠢᠬᠦ ᠶ᠋ᠢ ᠴᠦ᠍ ᠴᠡᠯᠮᠡᠭ ᠰᠢᠷ᠎ᠠ ᠬᠦᠯᠢᠶᠡᠵᠦ ᠪᠠᠢᠭᠰᠠᠨ ᠬᠡᠷᠡᠭ᠃ ᠨᠢᠭᠡ ᠲᠠᠯ᠎ᠠ ᠪᠠᠷ ᠰᠡᠳᠬᠢᠯ ᠲᠦᠭᠰᠢᠨ᠂ ᠨᠥᠭᠦᠭᠡ ᠲᠠᠯ᠎ᠠ ᠪᠠᠷ ᠢᠨᠢᠶᠡᠳᠦ ᠭᠦᠷᠦᠨ ᠲᠡᠳᠡᠨ ᠢ᠋ ᠠᠵᠢᠭᠯᠠᠨ᠎ᠠ᠃ ᠬᠡᠯᠡᠮᠦᠷᠴᠢ ᠶ᠋ᠢᠨ ᠳᠠᠮᠵᠢᠭᠤᠯᠤᠨ ᠬᠡᠯᠡᠬᠦ ᠶ᠋ᠢ ᠰᠣᠨᠣᠰᠪᠠᠯ ᠲᠡᠳᠡ《ᠬᠤᠳᠠᠯ ᠬᠡᠯᠡᠪᠡ᠂ ᠬᠠᠤᠯᠢ ᠶ᠋ᠢ ᠮᠡᠬᠡᠯᠡᠨ ᠳᠣᠷᠣᠮᠵᠢᠯᠠᠬᠤ ᠶ᠋ᠢ ᠣᠷᠣᠯᠳᠣᠪᠠ᠂ ᠬᠡᠨ ᠴᠢᠮ᠎ᠠ ᠳ᠋ᠤ᠌ ᠢᠩᠭᠢᠵᠦ ᠮᠡᠳᠡᠭᠦᠯᠬᠦ ᠶ᠋ᠢ ᠵᠢᠭᠠᠪᠠ᠂ ᠣᠳᠣ ᠦᠨᠡᠨ ᠢ᠋ᠶ᠋ᠡᠨ ᠮᠡᠳᠡᠭᠦᠯ!》 ᠭᠡᠵᠦ ᠪᠠᠢᠭ᠎ᠠ ᠠᠵᠢ᠃ ᠬᠠᠷᠢᠭᠤ ᠳ᠋ᠤᠨᠢ ᠴᠡᠯᠮᠡᠭ ᠰᠢᠷ᠎ᠠ ᠤᠭ ᠮᠡᠳᠡᠭᠦᠯᠦᠭᠰᠡᠨ ᠢ᠋ᠶ᠋ᠡᠨ ᠦᠨᠡᠨ ᠭᠡᠵᠦ ᠵᠢᠳᠬᠦᠨ᠎ᠡ᠃《ᠦᠨᠡᠨ ᠢ᠋ᠶ᠋ᠡᠨ ᠮᠡᠳᠡᠭᠦᠯᠦᠨ ᠥᠷᠥᠰᠢᠶᠡᠯ ᠭᠤᠶᠤᠵᠤ ᠪᠠᠢᠭ᠎ᠠ ᠮᠢᠨᠢ ᠡᠨᠡ!》 ᠭᠡᠵᠦ ᠪᠠᠬᠠᠨ ᠵᠢᠳᠬᠦᠭᠡᠳ ᠡᠴᠦᠰ ᠲᠦ᠋ᠨᠢ《ᠬᠢᠭᠰᠡᠨ ᠬᠡᠷᠡᠭ ᠦᠭᠡᠢ ᠪᠠᠢᠬᠤ ᠠᠲᠠᠯ᠎ᠠ ᠲᠠ ᠪᠦᠬᠦᠨ ᠬᠡᠷᠡᠭ ᠢ᠋ᠶ᠋ᠡᠨ ᠬᠡᠯᠡ ᠭᠡᠵᠦ ᠪᠠᠯᠪᠠᠨ ᠵᠠᠨᠴᠢᠬᠤ ᠲᠤᠯᠠ ᠪᠢ ᠶᠠᠭᠠᠬᠢᠶ᠎ᠠ ᠭᠡᠬᠦ ᠪᠣᠢ᠂ ᠬᠢᠭᠰᠡᠨ ᠬᠡᠷᠡᠭ ᠲᠡᠢ ᠬᠥᠮᠦᠨ ᠪᠣᠯᠬᠤ ᠭᠡᠵᠦ ᠮᠡᠳᠡᠭᠦᠯᠦᠭᠰᠡᠨ ᠮᠢᠨᠢ ᠡᠨᠡ ᠠ᠋》 ᠭᠡᠵᠦ ᠪᠦᠬᠦ ᠪᠦᠬᠦ ᠮᠡᠳᠡᠭᠦᠯᠦᠭᠰᠡᠨ ᠢ᠋ᠶ᠋ᠡᠨ ᠪᠤᠴᠠᠪᠠ᠃ 
       ᠡᠨᠡ ᠪᠣᠯ ᠲᠡᠷᠡ ᠬᠥᠮᠦᠨ ᠦ᠌ ᠠᠷᠭ᠎ᠠ᠃ ᠥᠪᠡᠷ ᠦ᠋ᠨ ᠢ᠋ᠶ᠋ᠡᠨ ᠪᠡᠶ᠎ᠡ ᠳ᠋ᠦ᠍ ᠡᠷᠡᠭᠦᠦ ᠰᠢᠭᠦᠯᠲᠡ ᠶ᠋ᠢ ᠲᠤᠯᠭᠠᠬᠤ ᠪᠦᠷᠢ ᠳᠡᠭᠡᠷ᠎ᠡ ᠴᠡᠯᠮᠡᠭ ᠰᠢᠷ᠎ᠠ᠄《ᠠ᠋ ᠡᠵᠡᠳ ᠮᠢᠨᠢ ᠣᠳᠣ ᠴᠢᠩ ᠦᠨᠡᠨ ᠢ᠋ᠶ᠋ᠡᠨ ᠠᠢᠯᠠᠳᠬᠠᠶ᠎ᠠ》 ᠭᠡᠳ ᠳᠡᠭᠡᠷᠡᠬᠢ ᠠᠳᠠᠯᠢ ᠮᠡᠳᠡᠭᠦᠯᠭᠡ ᠨᠦ᠍ᠭᠦᠳ ᠢ᠋ ᠪᠠᠢᠨ ᠪᠠᠢᠨ ᠭᠠᠷᠭᠠᠭᠰᠠᠭᠠᠷ ᠪᠠᠢᠭᠠᠳ᠂ ᠭᠠᠮᠢᠩ ᠤ᠋ᠳ ᠲᠤ᠌ ᠶᠠᠭᠠᠬᠢᠵᠤ ᠴᠦ᠍ ᠪᠣᠯᠳᠠᠭ ᠦᠭᠡᠢ ᠨᠢᠭᠡ ᠭᠠᠢᠲᠠᠢ ᠠᠮᠢᠲᠠᠨ ᠪᠣᠯᠤᠭᠰᠠᠨ ᠠᠵᠢ᠃ 
       ᠡᠭᠦᠨᠴᠢᠯᠡᠨ ᠬᠥᠮᠦᠨ ᠪᠦᠷᠢ ᠳ᠋ᠦ᠍ ᠨᠢᠭᠡ ᠬᠡᠷᠡᠭ ᠬᠦᠯᠢᠶᠡᠬᠦ ᠦᠭᠡᠢ ᠪᠠᠢᠬᠤ ᠳ᠋ᠤ᠌ ᠴᠢᠭᠯᠡᠭᠰᠡᠨ ᠨᠢᠭᠡ ᠰᠠᠨᠠᠭ᠎ᠠ ᠨᠢᠭᠡ ᠠᠷᠭ᠎ᠠ ᠪᠠᠢᠨ᠎ᠠ᠃ ᠲᠡᠭᠡᠬᠦ ᠳ᠋ᠡᠭᠡᠨ ᠲᠡᠷᠡ ᠪᠦᠷᠢ ᠪᠡᠷ ᠢ᠋ᠶ᠋ᠡᠨ ᠰᠠᠶᠢ ᠶ᠋ᠢᠨ ᠨᠡᠷ᠎ᠡ ᠳᠤᠷᠠᠳᠤᠭᠰᠠᠨ ᠬᠥᠮᠦᠰ ᠦ᠋ᠨ ᠰᠢᠭ ᠲᠤᠰᠢᠶ᠎ᠠ ᠲᠠᠢ ᠪᠢᠰᠢ᠂ ᠭᠡᠯ᠎ᠡ ᠴᠦ᠍ ᠮᠠᠩᠯᠠᠢ ᠸᠠᠩ ᠳᠠᠮᠳᠢᠨᠰᠦ᠋ᠷᠦᠩ ᠨᠠᠰᠤ ᠪᠣᠯᠤᠭᠰᠠᠨ ᠠ᠋ᠴᠠ ᠬᠣᠢᠰᠢ ᠬᠥᠮᠦᠨ ᠪᠦᠬᠦᠨ ᠦ᠌ ᠰᠠᠨᠠᠭ᠎ᠠ ᠡᠷᠡᠰ ᠵᠣᠷᠢᠭᠵᠢᠨ ᠭᠠᠮᠢᠩ ᠤ᠋ᠨ ᠡᠮᠦᠨ᠎ᠡ ᠬᠡᠷᠡᠭ ᠬᠦᠯᠢᠶᠡᠬᠦ ᠬᠥᠮᠦᠨ ᠦᠭᠡᠢ ᠪᠣᠯᠤᠭᠰᠠᠨ ᠪᠥᠭᠡᠳ《ᠵᠣᠷᠢᠭ ᠬᠠᠲᠠᠭᠤ ᠪᠠᠢᠬᠤ ᠶ᠋ᠢᠨ ᠬᠢᠷᠢ ᠪᠡᠷ ᠡᠷᠡᠭᠦᠦ ᠰᠢᠭᠦᠯᠲᠡ ᠶ᠋ᠢ ᠳᠠᠪᠠᠨ ᠲᠤᠭᠤᠯᠬᠤ ᠳ᠋ᠤ᠌ ᠠᠮᠠᠷ ᠪᠠᠢᠨ᠎ᠠ》 ᠭᠡᠵᠦ ᠬᠡᠯᠡᠯᠴᠡᠨ᠎ᠡ᠃ 
       ᠪᠠᠯᠳᠠᠨᠴᠡᠷᠢᠩ ᠦ᠋ᠨ ᠲᠤᠬᠠᠢ ᠳ᠋ᠤ᠌ ᠭᠡᠪᠡᠯ ᠡᠴᠦᠰ ᠦ᠋ᠨ ᠤᠳᠠᠭ᠎ᠠ ᠰᠦᠷᠡᠬᠡᠢ ᠡᠷᠡᠭᠦᠳᠡᠭᠳᠡᠨ ᠰᠢᠭᠦᠭᠳᠡᠭᠰᠡᠨ ᠡᠴᠡ ᠨᠢ ᠬᠣᠢᠰᠢ ᠳᠠᠬᠢᠨ ᠪᠠᠢᠴᠠᠭᠠᠭᠳᠠᠭᠰᠠᠨ ᠦᠭᠡᠢ ᠪᠢᠯᠡ᠃ ᠥᠪᠡᠷ ᠲᠤᠨᠢ ᠠᠶᠤᠨ ᠵᠣᠪᠠᠨᠢᠬᠤ ᠶᠠᠭᠤᠮ᠎ᠠ ᠠᠯᠠᠭ᠎ᠠ᠃ ᠪᠣᠳᠣᠬᠤ ᠶᠠᠭᠤᠮ᠎ᠠ ᠴᠦ᠍ ᠠᠯᠠᠭ᠎ᠠ᠃ ᠭᠠᠭᠴᠠᠬᠠᠨ ᠭᠠᠮᠢᠩ ᠤ᠋ᠳ ᠲᠤ᠌ ᠬᠡᠷᠬᠢᠪᠡᠴᠦ ᠶᠠᠭᠤᠮ᠎ᠠ ᠬᠦᠯᠢᠶᠡᠬᠦ ᠦᠭᠡᠢ ᠭᠡᠰᠡᠨ ᠨᠢᠭᠡ ᠪᠣᠳᠣᠯ ᠡᠷᠭᠢᠯᠳᠦᠨ᠎ᠡ᠃ 
       ᠡᠭᠦᠨᠴᠡ ᠭᠠᠳᠠᠨ᠎ᠠ ᠪᠠᠯᠳᠠᠨᠴᠡᠷᠢᠩ ᠤᠷᠢᠳ ᠡᠮᠦᠨ᠎ᠡ ᠦᠶᠡᠷᠬᠡᠨ ᠨᠥᠬᠥᠷᠯᠡᠵᠦ ᠪᠠᠢᠭ᠎ᠠ ᠦᠭᠡᠢ ᠦᠨᠡᠨ ᠰᠡᠳᠬᠢᠯ ᠡᠴᠡ ᠪᠡᠨ ᠡᠷᠬᠢᠮᠯᠡᠨ ᠬᠦᠨᠳᠦᠳᠬᠡᠵᠦ ᠶᠠᠪᠤᠭᠰᠠᠨ ᠵᠠᠮᠢᠶᠠᠨ ᠲᠠᠢ ᠴᠢᠩ ᠰᠡᠳᠬᠢᠯ ᠦ᠋ᠨ ᠢ᠋ᠶ᠋ᠡᠨ ᠦᠭᠡᠰ ᠢ᠋ ᠦᠷᠭᠦᠯᠵᠢ ᠬᠡᠯᠡᠯᠴᠡᠬᠦ ᠪᠣᠯᠤᠭᠰᠠᠨ ᠠ᠋ᠴᠠ ᠤᠯᠤᠰ ᠣᠷᠣᠨ ᠤ᠋ ᠳᠣᠲᠣᠷ᠎ᠠ ᠠᠷᠠᠳ ᠤ᠋ᠨ ᠨᠠᠮ ᠪᠠᠢᠭᠤᠯᠤᠭᠳᠠᠭᠰᠠᠨ᠂ ᠥᠨᠥ ᠶ᠋ᠢᠨ ᠪᠣᠯᠣᠳ ᠢᠷᠡᠭᠡᠳᠦᠢ ᠶ᠋ᠢᠨ ᠵᠣᠷᠢᠯᠲᠠ᠂ ᠰᠦᠬᠡᠪᠠᠭᠠᠲᠤᠷ᠂ ᠴᠣᠢᠪᠠᠯᠰᠠᠩ᠂ ᠪᠣᠣᠳᠤᠤ᠂ ᠳ᠋ᠠᠨᠽᠠᠨ᠂ ᠱᠠᠭᠳᠠᠷ᠂ ᠯᠣᠰᠣᠯ᠂ ᠳᠣᠭᠰᠣᠮ ᠳᠣᠯᠣᠭᠠᠨ ᠬᠥᠮᠦᠨ ᠦ᠌ ᠵᠥᠪᠯᠡᠯᠲᠦ ᠣᠷᠣᠰ ᠠ᠋ᠴᠠ ᠲᠤᠰᠠᠯᠠᠮᠵᠢ ᠭᠤᠶᠤᠬᠤ ᠪᠠᠷ ᠶᠠᠪᠤᠭᠰᠠᠨ ᠢ᠋ ᠪᠦᠷᠢᠨ ᠲᠣᠳᠣᠷᠬᠠᠢ ᠣᠯᠵᠤ ᠰᠣᠨᠣᠰᠪᠠ᠃ ᠡᠭᠦᠨᠴᠢᠯᠡᠨ ᠪᠠᠯᠳᠠᠨᠴᠡᠷᠢᠩ ᠤᠯᠠᠭᠠᠨ ᠣᠷᠣᠰ《ᠵᠥᠪᠯᠡᠯᠲᠦ ᠣᠷᠣᠰ ᠤᠯᠤᠰ》 ᠭᠡᠵᠦ ᠶᠠᠭᠤ ᠪᠣᠯᠬᠤ ᠶ᠋ᠢ ᠲᠣᠳᠣᠷᠬᠠᠢ ᠮᠡᠳᠡᠯ᠎ᠡ᠃ ᠤᠷᠢᠳᠠ ᠡᠮᠦᠨ᠎ᠡ ᠣᠷᠣᠰ ᠭᠡᠳᠡᠭ ᠦᠭᠡ ᠶ᠋ᠢ ᠰᠣᠨᠣᠰᠤᠮᠠᠭᠴᠠ ᠤᠬᠠᠭᠠᠨ ᠮᠡᠳᠡᠷᠡᠯ ᠵᠢᠷᠡᠰᠬᠢᠭᠳᠡᠭ ᠪᠠᠢᠭᠰᠠᠨ ᠪᠣᠯ ᠣᠳᠣ ᠴᠣᠬᠣᠮ ᠶᠠᠮᠠᠷ ᠣᠷᠣᠰ ᠪᠣᠢ ᠭᠡᠳᠡᠭ ᠢ᠋ ᠪᠣᠳᠣᠬᠤ ᠨᠢ ᠴᠢᠬᠤᠯᠠ ᠶᠤᠮ ᠪᠠᠢᠨ᠎ᠠ ᠭᠡᠵᠦ ᠪᠣᠳᠣᠬᠤ ᠲᠡᠳᠦᠢ ᠦᠭᠡᠢ ᠬᠥᠮᠦᠨ ᠳᠡᠭᠡᠷ᠎ᠡ ᠪᠣᠯᠪᠠᠴᠤ ᠶᠠᠮᠠᠷ ᠦᠵᠡᠯ ᠦ᠋ᠨ ᠬᠥᠮᠦᠨ ᠪᠣᠢ? ᠭᠡᠵᠦ ᠦᠵᠡᠬᠦ ᠨᠢ ᠴᠢᠬᠤᠯᠠ ᠶᠤᠮ ᠪᠠᠢᠨ᠎ᠠ ᠭᠡᠵᠦ ᠪᠠᠯᠳᠠᠨᠴᠡᠷᠢᠩ ᠪᠣᠳᠣᠳᠠᠭ ᠪᠣᠯᠵᠠᠢ᠃ ᠶᠠᠭᠤᠮ᠎ᠠ ᠶᠡᠷᠦ ᠬᠠᠴᠢᠨ ᠰᠢᠦ᠃ ᠵᠠᠮᠢᠶᠠᠨ ᠬᠦᠩ ᠦ᠋ᠨ ᠦᠭᠡ ᠪᠡᠷ ᠦᠵᠡᠬᠦ ᠳ᠋ᠦ᠍ ᠡᠨᠳᠡ ᠬᠣᠷᠢᠭᠳᠠᠵᠤ ᠰᠠᠭᠤᠭ᠎ᠠ ᠵᠠᠯᠠᠬᠠᠵᠠ ᠬᠤᠲᠤᠭᠲᠤ᠂ ᠳᠠᠷᠢ ᠡᠬᠡ ᠯᠠᠮᠠᠲᠠᠨ᠂ ᠳᠦᠢᠩᠬᠣᠷ ᠤ᠋ᠨ ᠳᠠ ᠯᠠᠮ᠎ᠠ ᠭᠡᠬᠦ ᠮᠡᠲᠦ ᠶ᠋ᠢᠨ ᠬᠥᠮᠦᠰ ᠠᠷᠠᠳ ᠤ᠋ᠨ ᠨᠠᠮ ᠤ᠋ᠨ ᠭᠡᠰᠢᠭᠦᠨ ᠪᠢᠰᠢ ᠭᠡᠨ᠎ᠡ᠃ ᠭᠡᠯ᠎ᠡ ᠴᠦ᠍ ᠱᠣᠷᠣᠩ ᠳ᠋ᠤ᠌ ᠰᠠᠭᠤᠵᠤ ᠪᠠᠢᠨ᠎ᠠ᠃ ᠶᠠᠭᠠᠬᠢᠭᠠᠳ ᠲᠡᠷᠡ ᠪᠣᠢ? ᠡᠳᠡ ᠪᠣᠯ ᠬᠡᠵᠢᠶᠡᠨ ᠦ᠌ ᠡᠬᠡ ᠣᠷᠣᠨᠴᠢᠳ᠂ ᠨᠥᠭᠦᠭᠡ ᠲᠠᠯ᠎ᠠ ᠪᠠᠷ ᠮᠥᠨ ᠴᠦ᠍ ᠠᠷᠠᠳ ᠤ᠋ᠨ ᠨᠠᠮ ᠪᠠᠢᠭᠤᠯᠤᠭᠳᠠᠵᠤ᠂ ᠵᠥᠪᠯᠡᠯᠲᠦ ᠤᠯᠤᠰ ᠲᠤᠰᠠᠯᠠᠮᠵᠢ ᠦᠵᠡᠭᠦᠯᠬᠦ ᠶ᠋ᠢ ᠪᠦᠷᠢᠨ ᠮᠡᠳᠡᠵᠦ ᠰᠠᠢᠰᠢᠶᠠᠨ ᠲᠠᠯᠠᠷᠬᠠᠭᠰᠠᠨ ᠤᠯᠤᠰ ᠤᠴᠢᠷ ᠠ᠋ᠴᠠ ᠡᠢᠨᠬᠦ ᠪᠠᠷᠢᠭᠳᠠᠵᠠᠢ᠃ ᠭᠡᠯ᠎ᠡ ᠴᠦ᠍ ᠡᠳᠡ ᠮᠡᠳᠡᠭᠰᠡᠨ ᠲᠡᠷᠡ ᠵᠦᠢᠯᠡᠰ ᠢ᠋ᠶ᠋ᠡᠨ ᠤᠳᠠᠭ᠎ᠠ ᠳᠠᠷᠠᠭ᠎ᠠ ᠶ᠋ᠢᠨ ᠬᠠᠲᠠᠭᠤ ᠰᠢᠷᠦᠭᠦᠨ ᠪᠠᠢᠴᠠᠭᠠᠯᠲᠠ ᠳᠤ ᠬᠡᠯᠡᠭᠡ ᠦᠭᠡᠢ᠁ ᠶᠡᠷᠦ ᠡᠴᠡ ᠪᠡᠨ ᠦᠭᠡᠢ ᠭᠡᠳᠡᠭ ᠭᠠᠢᠬᠠᠯᠲᠠᠢ ᠤᠯᠤᠰ ᠪᠠᠢᠯ᠎ᠠ᠃ ᠭᠡᠲᠡᠯ᠎ᠡ ᠵᠠᠷᠢᠮ ᠳ᠋ᠠᠭᠠᠨ ᠪᠠᠯᠳᠠᠨᠴᠡᠷᠢᠩ ᠦ᠋ᠨ ᠰᠡᠳᠬᠢᠯ ᠳ᠋ᠦ᠍ ᠬᠠᠷᠠᠬᠠᠨ ᠪᠣᠳᠣᠭᠳᠠᠬᠤ ᠦᠭᠡᠢ ᠶᠠᠭᠤᠮ᠎ᠠ ᠶ᠋ᠢ ᠶᠠᠷᠢᠨ᠎ᠠ᠃ ᠵᠢᠱ᠌ᠢᠶᠡᠯᠡᠪᠡᠯ ᠨᠢᠭᠡ ᠰᠥᠨᠢ ᠶ᠋ᠢᠨ ᠰᠢᠪᠡᠨᠡᠭᠡᠨ ᠳ᠋ᠦ᠍᠄ ᠬᠡᠷᠪᠡ ᠮᠠᠨ ᠤ᠋ ᠨᠠᠮ ᠤ᠋ᠨ ᠦᠢᠯᠡ ᠬᠡᠷᠡᠭ ᠪᠦᠲᠦᠵᠦ᠂ ᠵᠢᠩᠬᠢᠨᠢ ᠠᠷᠠᠳ ᠤ᠋ᠨ ᠵᠠᠰᠠᠭ ᠲᠥᠷᠥ ᠶ᠋ᠢ ᠲᠣᠭᠲᠠᠭᠠᠬᠤ ᠳ᠋ᠤ᠌ ᠬᠦᠷᠪᠡᠯ ᠡᠨᠡ ᠶᠡᠬᠡᠰ ᠳᠡᠭᠡᠳᠦᠰ ᠦ᠋ᠳ ᠪᠢᠳᠡᠨ ᠲᠡᠢ ᠨᠢᠭᠡᠨᠲᠡ ᠨᠡᠢᠯᠡᠵᠦ ᠴᠢᠳᠠᠬᠤ ᠦᠭᠡᠢ᠂ ᠬᠠᠷᠢᠨ ᠡᠰᠡᠷᠭᠦᠴᠡᠨ ᠲᠡᠮᠡᠴᠡᠭᠴᠢᠳ ᠨᠠᠷ ᠪᠣᠯᠤᠨ ᠬᠤᠪᠢᠷᠠᠨ᠎ᠠ ᠪᠠᠢᠬ᠎ᠠ ᠠ᠋ ᠭᠡᠪᠡ᠃
       — ᠶᠠᠭᠠᠬᠢᠭᠠᠳ ᠲᠡᠷᠡ ᠪᠣᠢ? ᠭᠡᠬᠦ ᠳ᠋ᠦ᠍᠄  
       — ᠡᠳᠡ᠂ ᠬᠠᠷᠢ ᠣᠷᠣᠨ ᠤ᠋ ᠭᠠᠷ ᠪᠠᠢᠭ᠎ᠠ ᠴᠠᠭ ᠲᠤ ᠤᠯᠤᠰ ᠣᠷᠣᠨ ᠳ᠋ᠠᠭᠠᠨ ᠴᠢᠩ ᠰᠡᠳᠬᠢᠯ ᠢ᠋ᠶ᠋ᠡᠨ ᠲᠠᠯᠪᠢᠬᠤ ᠪᠣᠯᠪᠠᠴᠤ ᠤᠯᠤᠰ ᠣᠷᠣᠨ ᠤ᠋ ᠪᠠᠲᠤᠵᠢᠨ ᠲᠣᠭᠲᠠᠨᠢᠬᠤ ᠴᠠᠭ ᠲᠤ ᠰᠢᠨ᠎ᠡ ᠶ᠋ᠢ ᠬᠦᠰᠡᠬᠦ ᠦᠭᠡᠢ ᠵᠥᠪᠬᠡᠨ ᠬᠠᠭᠤᠴᠢᠨ ᠢ᠋ ᠬᠦᠰᠡᠨ᠎ᠡ ᠭᠡᠳ ᠴᠠᠭᠠᠰᠢ ᠶᠠᠷᠢᠬᠤ ᠶ᠋ᠢ ᠴᠡᠭᠡᠷᠯᠡᠨ ᠠᠮᠠ ᠪᠠᠨ ᠵᠢᠮᠢᠢᠪᠡ᠃ ᠡᠭᠦᠨ ᠢ᠋ ᠪᠠᠯᠳᠠᠨᠴᠢᠷᠢᠩ ᠡᠰᠡ ᠣᠢᠯᠠᠭᠠᠨ᠎ᠠ᠃ ᠥᠪᠡᠷ ᠦ᠋ᠨ ᠬᠢᠨᠢ ᠪᠣᠳᠣᠯ ᠳ᠋ᠤ᠌ ᠬᠠᠮᠤᠭ ᠤ᠋ᠨ ᠲᠦᠷᠦᠭᠦᠨ ᠠᠷᠠᠳ ᠲᠦᠮᠡᠨ᠃ ᠠᠷᠠᠳ ᠲᠦᠮᠡᠨ ᠢ᠋ ᠯᠡ ᠪᠣᠳᠣᠳᠠᠭ ᠢ᠋ᠶ᠋ᠠᠷ ᠢ᠋ᠶ᠋ᠠᠨ ᠪᠠᠯᠳᠠᠨᠴᠢᠷᠢᠩ᠂ ᠵᠠᠮᠢᠶᠠᠨ ᠤ᠋ ᠶᠡᠬᠡᠰ ᠳᠡᠭᠡᠳᠦᠰ ᠦ᠋ᠳ ᠦ᠋ᠨ ᠲᠤᠬᠠᠢ ᠶᠠᠷᠢᠭᠰᠠᠨ ᠢ᠋ ᠡᠰᠡ ᠣᠢᠯᠠᠭᠠᠨ᠎ᠠ᠃ ᠭᠡᠯ᠎ᠡ ᠴᠦ᠍ ᠵᠠᠮᠢᠶᠠᠨ ᠳ᠋ᠤ᠌ ᠪᠠᠶᠠᠷᠯᠠᠨ᠎ᠠ᠃ ᠵᠠᠮᠢᠶᠠᠨ ᠠ᠋ᠴᠠ ᠤᠯᠤᠰ ᠲᠥᠷᠥ ᠶ᠋ᠢᠨ ᠴᠢᠬᠤᠯᠠ ᠶᠠᠭᠤᠮ᠎ᠠ ᠣᠯᠠᠨ ᠢ᠋ ᠰᠣᠨᠣᠰᠤᠨ ᠰᠡᠳᠬᠢᠯ ᠥᠭᠡᠷᠡᠴᠢᠯᠡᠭᠳᠡᠵᠦ᠂ ᠠᠯᠤᠰ ᠤ᠋ᠨ ᠶᠠᠭᠤᠮ᠎ᠠ ᠶ᠋ᠢ ᠬᠡᠳᠦᠨ ᠳᠠᠪᠬᠤᠷ ᠪᠣᠳᠣᠬᠤ ᠪᠣᠯᠤᠭᠰᠠᠨ ᠳ᠋ᠠᠭᠠᠨ ᠪᠠᠶᠠᠷᠯᠠᠨ᠎ᠠ᠃ ᠱᠣᠷᠣᠩ ᠳ᠋ᠤ᠌ ᠣᠷᠣᠭᠰᠠᠨ ᠢ᠋ ᠣᠯᠵᠠᠭᠤᠷᠬᠠᠨ᠎ᠠ᠃ ᠢᠩᠭᠢᠬᠦ ᠳ᠋ᠦ᠍ ᠪᠠᠰᠠ ᠠᠵᠠ ᠬᠡᠢ ᠮᠣᠷᠢ ᠴᠦ᠍ ᠮᠠᠭᠤ ᠦᠭᠡᠢ ᠪᠠᠢᠬᠤ ᠰᠢᠭ᠋᠃ ᠭᠠᠳᠠᠨ᠎ᠠ ᠠ᠋ᠴᠠ ᠬᠣᠶᠠᠷ ᠬᠣᠨᠣᠭ ᠳᠣᠳᠣᠮ ᠳ᠋ᠤ᠌ ᠲᠠᠷᠭᠤᠨ ᠬᠣᠨᠢᠨ ᠤ᠋ ᠤᠭᠤᠴᠠ᠂ ᠳᠠᠯᠤ ᠳᠥᠷᠪᠡᠨ ᠥᠨᠳᠥᠷ ᠲᠡᠢ ᠣᠷᠣᠵᠤ ᠢᠷᠡᠨ᠎ᠡ᠃ ᠡᠭᠦᠨ ᠢ᠋ ᠠᠪᠬᠤ ᠳ᠋ᠠᠭᠠᠨ ᠪᠤᠰᠤᠳ ᠤ᠋ᠨ ᠶᠠᠭᠤᠮ᠎ᠠ ᠨᠡᠷ᠎ᠡ ᠲᠠᠰᠢᠶᠠᠷᠠᠭᠳᠠᠨ ᠢᠷᠡᠵᠦ ᠪᠠᠢᠨ᠎ᠠ ᠤᠤ ᠭᠡᠵᠦ ᠪᠠᠬᠠᠨ ᠵᠣᠪᠠᠳᠠᠭ ᠪᠠᠢᠭᠰᠠᠨ ᠨᠢ ᠠᠶᠠᠨᠳᠠᠭᠠᠨ ᠦᠭᠡᠢᠰᠴᠦ᠂《ᠥᠨᠥᠳᠥᠷ ᠨᠠᠳᠠ ᠡᠷᠭᠢᠯᠲᠡ ᠢᠷᠡᠳᠡᠭ ᠡᠳᠦᠷ》 ᠭᠡᠵᠦ ᠬᠦᠯᠢᠶᠡᠨ ᠰᠠᠭᠤᠳᠠᠭ ᠪᠣᠯᠵᠠᠢ᠃ ᠲᠡᠷᠡ ᠨᠢ ᠴᠦ᠍ ᠵᠠᠪᠠᠯ ᠢᠷᠡᠳᠡᠭ ᠢ᠋ᠶ᠋ᠡᠷ ᠢ᠋ᠶ᠋ᠡᠨ ᠢᠷᠡᠨ᠎ᠡ᠃ 
       ᠭᠡᠲᠡᠯ᠎ᠡ ᠨᠢᠭᠡ ᠡᠳᠦᠷ ᠲᠠᠰᠤᠯᠲᠠᠯ᠎ᠠ᠃ ᠪᠤᠰᠤᠳ ᠬᠥᠮᠦᠰ ᠦ᠋ᠨ ᠬᠢ ᠴᠦ᠍ ᠠᠯᠠᠭ᠎ᠠ᠃ ᠪᠠᠢᠴᠠᠭᠠᠯᠲᠠ ᠪᠠᠰᠠ ᠲᠠᠰᠤᠷᠠᠪᠠ᠃ ᠥᠨᠥᠳᠥᠷ ᠴᠣᠬᠣᠮ ᠬᠡᠳᠦᠨ ᠰᠠᠷ᠎ᠠ ᠶ᠋ᠢᠨ ᠬᠡᠳᠦᠨ ᠪᠣᠯᠬᠤ ᠶ᠋ᠢ ᠲᠣᠭᠠᠯᠠᠵᠤ ᠦᠵᠡᠬᠦ ᠳ᠋ᠦ᠍ ᠡᠪᠦᠯ ᠦ᠋ᠨ ᠤᠯᠠᠷᠢᠯ ᠤ᠋ᠨ ᠰᠡᠭᠦᠯ ᠰᠠᠷ᠎ᠠ ᠶ᠋ᠢᠨ ᠬᠣᠷᠢᠨ ᠵᠢᠷᠭᠤᠭᠠᠨ᠂ ᠱᠣᠷᠣᠩ ᠤ᠋ᠨ ᠬᠥᠮᠦᠰ ᠢᠳᠡᠰᠢ ᠤᠤᠭᠤᠰᠢ ᠶ᠋ᠢᠨ ᠵᠦᠢᠯ ᠢ᠋ ᠳᠠᠷᠠᠭ᠎ᠠ ᠢᠳᠡᠬᠦ ᠪᠡᠷ ᠬᠣᠢᠰᠢ ᠲᠠᠯᠪᠢᠵᠤ᠂ ᠵᠠᠩᠰᠢᠭ᠎ᠠ ᠦᠭᠡᠢ ᠲᠤᠯᠠ ᠭᠠᠮᠢᠩ ᠤ᠋ᠨ ᠥᠭᠳᠡᠭ ᠰᠢᠮ᠎ᠡ ᠲᠡᠵᠢᠭᠡᠯ ᠦᠭᠡᠢ ᠲᠡᠷᠴᠢᠩ ᠬᠣᠭᠣᠯᠠ ᠪᠠᠷ ᠲᠡᠷᠡ ᠡᠳᠦᠷ ᠢ᠋ ᠠᠪᠤᠯ᠎ᠠ᠃ ᠮᠠᠷᠭᠠᠰᠢ ᠨᠢ ᠮᠥᠨ ᠬᠡᠨ ᠳ᠋ᠦ᠍ ᠴᠦ᠍ ᠶᠠᠭᠤᠮ᠎ᠠ ᠢᠷᠡᠭᠰᠡᠨ ᠦᠭᠡᠢ᠂ ᠥᠯᠥᠰᠬᠦᠯᠡᠩ ᠡᠬᠢᠯᠡᠯ᠎ᠡ᠃ ᠥᠯᠥᠰᠬᠦᠯᠡᠩ ᠦ᠋ᠨ ᠬᠠᠵᠠᠭᠤ ᠪᠠᠷ ᠵᠡᠷᠭᠡᠯᠡᠳᠡᠭᠡ ᠱᠣᠷᠣᠩ ᠤ᠋ᠨ ᠡᠳᠦᠷ ᠪᠦᠷᠢ ᠣᠷᠣᠵᠤ ᠢᠷᠡᠨ ᠭᠠᠩ ᠲᠠᠢ ᠪᠣᠬᠢᠷ ᠢ᠋ ᠠᠰᠬᠠᠳᠠᠭ ᠥᠪᠥᠷ ᠮᠣᠩᠭᠣᠯ ᠤ᠋ᠨ ᠬᠢᠨ ᠠᠯᠠᠭ᠎ᠠ᠃ ᠬᠥᠮᠦᠰ ᠬᠣᠭᠣᠷᠣᠨᠳᠣ ᠪᠠᠨ《ᠦᠭᠡᠢ ᠲᠠ ᠮᠢᠨᠢ ᠡᠨᠡ ᠴᠢᠨᠢ ᠶᠠᠭᠤ ᠪᠣᠯᠵᠤ ᠪᠠᠢᠨ᠎ᠠ ᠪᠣᠢ? ᠶᠠᠳᠠᠵᠤ ᠭᠠᠮᠢᠩ ᠤ᠋ᠳ ᠪᠢᠳᠡᠨ ᠢ᠋ ᠳᠠᠭᠤᠳᠠᠨ ᠪᠠᠢᠴᠠᠭᠠᠬᠤ ᠪᠠᠨ ᠴᠦ᠍ ᠪᠣᠯᠢᠴᠢᠬᠠᠯ᠎ᠠ》 ᠭᠡᠵᠦ ᠭᠠᠢᠬᠠᠨ ᠬᠡᠯᠡᠯᠴᠡᠨ᠎ᠡ᠃ 
       ᠣᠷᠣᠢ ᠶ᠋ᠢᠨ ᠴᠠᠭ ᠢ᠋ᠶ᠋ᠠᠷ ᠨᠢᠭᠡ ᠤᠳᠠᠭ᠎ᠠ ᠥᠭᠳᠡᠭ ᠬᠣᠭᠣᠯᠠ ᠣᠷᠣᠵᠤ ᠢᠷᠡᠬᠦ ᠳᠡᠯᠢᠮ ᠳ᠋ᠦ᠍ ᠭᠠᠩ ᠲᠠᠢ ᠶᠠᠭᠤᠮ᠎ᠠ ᠶ᠋ᠢᠨ ᠰᠦᠢᠳ ᠪᠣᠯᠵᠤ ᠪᠠᠢᠭ᠎ᠠ ᠶ᠋ᠢ ᠠᠮᠠ ᠠᠮᠠᠨ ᠳ᠋ᠠᠭᠠᠨ ᠳᠤᠤᠭᠠᠷᠤᠨ ᠥᠪᠡᠷᠰᠡᠳ ᠢ᠋ᠶ᠋ᠡᠨ ᠭᠠᠷᠭᠠᠨ ᠠᠰᠬᠠᠶ᠎ᠠ ᠭᠡᠬᠦ ᠳ᠋ᠦ᠍ ᠬᠤᠶᠠᠭ ᠭᠠᠮᠢᠩ᠄  
       — ᠲᠠ ᠨᠠᠷ ᠢ᠋ ᠭᠠᠳᠠᠭᠰᠢ ᠭᠠᠷᠭᠠᠵᠤ ᠪᠣᠯᠬᠤ ᠦᠭᠡᠢ ᠭᠡᠰᠡᠨ ᠳᠡᠭᠡᠳᠦ ᠭᠠᠵᠠᠷ ᠤ᠋ᠨ ᠲᠤᠰᠢᠶᠠᠯ ᠪᠣᠢ ᠭᠡᠪᠡ᠃ ᠳᠠᠷᠠᠭ᠎ᠠ ᠨᠢ ᠬᠠᠵᠠᠭᠤ ᠶ᠋ᠢᠨ ᠱᠣᠷᠣᠩ ᠤ᠋ᠨ ᠬᠥᠮᠦᠰ ᠶᠠᠭᠠᠬᠢᠭᠰᠠᠨ ᠢ᠋ ᠠᠰᠠᠭᠤᠬᠤ ᠳ᠋ᠤ᠌ ᠲᠡᠷᠡ ᠭᠠᠮᠢᠩ ᠭᠠᠷ ᠢ᠋ᠶ᠋ᠠᠷ ᠢ᠋ᠶ᠋ᠠᠨ ᠫᠤᠤ ᠱᠠᠭᠠᠢᠬᠤ ᠬᠥᠳᠡᠯᠭᠡᠭᠡᠨ ᠬᠢᠨ᠂ ᠠᠮᠠ ᠪᠠᠷ ᠢ᠋ᠶ᠋ᠠᠨ ᠫᠤᠤᠳᠠᠬᠤ ᠴᠢᠮᠡᠭᠡ ᠭᠠᠷᠭᠠᠨ ᠶᠡᠷᠦ ᠪᠤᠰᠤ ᠪᠠᠷ ᠢᠨᠢᠶᠡᠮᠰᠦᠭᠯᠡᠪᠡ᠃  
       ᠡᠢᠮᠦ ᠳ᠋ᠦ᠍ ᠬᠥᠮᠦᠰ᠂ ᠥᠪᠥᠷ ᠮᠣᠩᠭᠣᠯ ᠤ᠋ᠨ ᠬᠢᠨ ᠢ᠋ ᠠᠯᠠᠭᠳᠠᠵᠤ ᠭᠡᠵᠦ ᠪᠣᠳᠣᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠪᠥᠭᠡᠳ ᠵᠠᠯᠠᠬᠠᠵᠠ ᠬᠤᠲᠤᠭᠲᠤ᠄  
       — ᠠᠢ ᠬᠥᠭᠡᠷᠦᠬᠦᠢ᠂ ᠲᠡᠷᠡ ᠴᠢᠩ ᠵᠣᠷᠢᠭᠲᠤ ᠰᠠᠢᠨ ᠡᠷᠡᠰ ᠦ᠋ᠨ ᠲᠥᠯᠥᠭᠡ ᠮᠡᠳᠡᠳᠡᠭ ᠨᠢ ᠢᠷᠦᠭᠡᠯ᠂ ᠡᠰᠡ ᠮᠡᠳᠡᠬᠦ ᠨᠢ ᠮᠠᠨᠢ ᠮᠡᠭᠵᠡᠮ ᠢ᠋ᠶ᠋ᠡᠨ ᠤᠩᠰᠢᠭᠠᠷᠠᠢ! ᠭᠡᠪᠡ᠃ ᠡᠨᠡ ᠳᠠᠷᠤᠢ ᠪᠤᠶᠠᠨ ᠨᠣᠮ ᠤ᠋ᠨ ᠡᠭᠡᠰᠢᠭ ᠱᠣᠷᠣᠩ ᠳᠦᠭᠦᠷᠡᠩ ᠴᠤᠤᠷᠢᠶᠠᠳᠠᠬᠤ ᠶ᠋ᠢᠨ ᠵᠡᠷᠭᠡᠴᠡᠭᠡ ᠪᠡᠷ ᠬᠥᠮᠦᠰ ᠦ᠋ᠨ ᠰᠡᠳᠬᠢᠯ ᠳ᠋ᠦ᠍ ᠤᠷᠢᠳᠠ ᠡᠮᠦᠨ᠎ᠡ ᠲᠣᠭᠣᠭᠳᠠᠭ᠎ᠠ ᠦᠭᠡᠢ ᠥᠨᠥᠬᠢ ᠮᠠᠩᠨᠠᠢ ᠳ᠋ᠠᠭᠠᠨ ᠮᠣᠷᠢᠨ ᠲᠤᠭᠤᠷᠠᠢ ᠶ᠋ᠢᠨ ᠬᠡᠯᠪᠡᠷᠢ ᠶ᠋ᠢᠨ ᠭᠢᠯᠠᠭᠠᠨ ᠰᠣᠷᠪᠢᠲᠤ ᠭᠣᠣᠵᠣᠣ ᠪᠠᠭᠠᠲᠤᠷ ᠪᠤᠰᠤᠳ ᠠ᠋ᠴᠠ ᠣᠨᠴᠠᠯᠠᠭᠳᠠᠨ ᠡᠷᠭᠢᠯᠳᠦᠪᠡ᠃  
       ᠬᠣᠷᠢᠨ ᠨᠠᠢ᠍ᠮᠠ᠂ ᠶᠢᠰᠦ᠂ ᠭᠤᠴᠢᠨ ᠡᠨᠡ ᠭᠤᠷᠪᠠᠨ ᠡᠳᠦᠷ ᠪᠦᠷ ᠬᠡᠴᠡᠭᠦᠦ᠃ ᠡᠷᠭᠢᠯᠲᠡ ᠲᠣᠭᠣᠷᠢᠯᠲᠠ ᠶ᠋ᠢᠨ ᠶᠠᠪᠤᠳᠠᠯ ᠲᠠᠭ ᠴᠢᠭ ᠲᠠᠰᠤᠷᠠᠭᠰᠠᠨ ᠤ᠋ ᠤᠯᠠᠮ ᠠ᠋ᠴᠠ ᠳᠠᠩ ᠥᠯᠥᠰᠬᠦᠯᠡᠩ᠂ ᠱᠣᠷᠣᠩ ᠳᠦᠭᠦᠷᠡᠩ ᠦᠮᠡᠬᠡᠢ᠂ ᠱᠠᠯᠠ ᠳᠡᠭᠡᠭᠦᠷ ᠨᠣᠢᠲᠠᠨ ᠪᠣᠬᠢᠷ᠃ ᠡᠭᠦᠨᠴᠡ ᠱᠣᠷᠣᠩ ᠤ᠋ᠨ ᠬᠤᠶᠠᠭ᠂ ᠳᠠᠷᠤᠭ᠎ᠠ ᠨᠠᠷ ᠪᠣᠯᠪᠠᠴᠤ ᠵᠢᠭᠰᠢᠨ ᠵᠠᠢᠯᠠᠪᠠ ᠪᠣᠯᠤᠯᠲᠠᠢ ᠣᠷᠣᠵᠤ ᠢᠷᠡᠬᠦ ᠨᠢ ᠴᠥᠭᠡᠷᠡᠪᠡ᠃ ᠲᠡᠭᠡᠭᠡᠳ ᠪᠢᠲᠡᠭᠦᠨ ᠭᠡᠳᠡᠭ ᠡᠳᠦᠷ ᠪᠣᠯᠬᠤ ᠳ᠋ᠤ᠌ ᠥᠷᠯᠥᠭᠡᠨ ᠦ᠌ ᠬᠠᠷ᠎ᠠ ᠴᠠᠢ ᠴᠦ᠍ ᠠᠯᠠᠭ᠎ᠠ᠃ ᠠᠯᠢᠪᠠ ᠶᠠᠭᠤᠮ᠎ᠠ ᠠᠮᠢᠳᠤ ᠬᠥᠮᠦᠨ ᠦ᠌ ᠶᠠᠪᠤᠳᠠᠯ ᠠ᠋ᠴᠠ ᠬᠡᠳᠦᠨ ᠬᠤᠪᠢ ᠥᠩᠭᠡᠷᠡᠭᠰᠡᠨ ᠤᠴᠢᠷ ᠬᠥᠮᠦᠰ《ᠣᠳᠣ ᠯᠠ ᠠᠯᠠᠬᠤ ᠨᠢ ᠪᠣᠯᠤᠯᠲᠠᠢ᠃ ᠠᠯᠠᠬᠤ ᠠᠯᠠᠬᠤ ᠳ᠋ᠠᠭᠠᠨ ᠥᠯᠥᠰᠬᠦᠯᠡᠩ ᠢ᠋ᠶ᠋ᠡᠷ》 ᠭᠡᠵᠦ ᠬᠡᠯᠡᠯᠴᠡᠨ ᠭᠤᠨᠢᠬᠤ ᠨᠢ ᠭᠤᠨᠢᠵᠤ᠂ ᠠᠶᠤᠬᠤ ᠨᠢ ᠠᠶᠤᠵᠤ᠂ ᠵᠣᠷᠢᠭᠯᠠᠬᠤ ᠨᠢ ᠵᠣᠷᠢᠭᠯᠠᠨ᠎ᠠ᠃ ᠭᠡᠪᠡᠴᠦ ᠠᠮᠢ ᠬᠣᠣᠷᠯᠠᠬᠤ ᠬᠥᠮᠦᠨ ᠠᠯᠠᠭ᠎ᠠ᠃ ᠠᠮᠢ ᠪᠠᠨ ᠬᠣᠣᠷᠯᠠᠪᠠᠯ ᠬᠥᠮᠦᠨ ᠠᠯᠠᠭᠰᠠᠨ ᠤ᠋ ᠠᠳᠠᠯᠢ ᠨᠢᠭᠦᠯ ᠲᠡᠢ ᠭᠡᠳᠡᠭ ᠢ᠋ ᠰᠠᠨᠠᠨ ᠠᠮᠢᠳᠤ ᠯᠠ ᠪᠠᠢᠨ᠎ᠠ᠃ 
       ᠪᠢᠲᠡᠭᠦᠨ ᠥᠩᠭᠡᠷᠡᠵᠦ ᠰᠢᠨ᠎ᠡ ᠶ᠋ᠢᠨ ᠨᠢᠭᠡᠨ ᠪᠣᠯᠤᠯ᠎ᠠ᠃
      《ᠥᠨᠥᠳᠥᠷ ᠪᠣᠯ ᠴᠠᠭᠠᠨ ᠰᠠᠷ᠎ᠠ᠃ ᠬᠥᠮᠦᠨ ᠪᠦᠷᠢ ᠳ᠋ᠦ᠍ ᠨᠢᠭᠡ ᠵᠢᠯ ᠥᠩᠭᠡᠷᠡᠵᠦ᠂ ᠨᠢᠭᠡ ᠨᠠᠰᠤ ᠨᠡᠮᠡᠭᠳᠡᠵᠦ ᠪᠠᠢᠭᠠᠳ ᠪᠠᠶᠠᠷᠯᠠᠨ ᠰᠠᠢᠨ ᠰᠠᠢᠬᠠᠨ ᠦᠭᠡ ᠪᠡᠷ ᠠᠮᠤᠷ ᠮᠡᠨᠳᠦ ᠪᠡᠨ ᠮᠡᠳᠡᠯᠴᠡᠨ ᠵᠣᠯᠭᠠᠳᠠᠭ ᠰᠢᠦ ᠳᠡ》 ᠭᠡᠰᠡᠨ ᠪᠣᠳᠣᠯ ᠲᠡᠳᠡᠨ ᠦ᠌ ᠰᠡᠳᠬᠢᠯ ᠳ᠋ᠦ᠍ ᠲᠠᠰᠤᠷᠠᠯᠲᠠ ᠦᠭᠡᠢ ᠡᠷᠭᠢᠯᠳᠦᠭᠡᠳ᠄《ᠭᠠᠳᠠᠭ᠎ᠠ ᠨᠠᠷᠠ ᠭᠠᠷᠴᠤ ᠪᠠᠢᠭ᠎ᠠ ᠪᠣᠯ ᠤᠤ᠂ ᠶᠠᠭᠠᠬᠢᠵᠤ ᠪᠠᠢᠭ᠎ᠠ ᠪᠣᠯ?》 ᠭᠡᠵᠦ ᠪᠡᠶ᠎ᠡ ᠪᠡᠶ᠎ᠡ ᠡᠴᠡ ᠪᠠᠢᠨ ᠪᠠᠢᠨ ᠠᠰᠠᠭᠤᠨ᠎ᠠ᠃ ᠲᠡᠭᠡᠭᠡᠳ ᠱᠣᠷᠣᠩ ᠤ᠋ᠨ ᠬᠠᠭᠠᠯᠭ᠎ᠠ ᠶ᠋ᠢᠨ ᠳᠡᠭᠡᠳᠦᠬᠢ ᠴᠠᠰᠤ ᠮᠥᠰᠥ ᠪᠡᠷ ᠪᠢᠲᠡᠭᠦᠦ ᠪᠦᠷᠬᠦᠭᠳᠡᠭᠰᠡᠨ ᠪᠠᠢᠯ᠎ᠠ᠃  
       ᠭᠡᠭᠡᠪᠴᠢ ᠪᠡᠷ ᠯᠠᠪᠲᠠᠢ ᠭᠡᠭᠡ ᠲᠣᠰᠴᠤ ᠡᠬᠢᠯᠡᠬᠦ ᠳ᠋ᠦ᠍《ᠵᠠ ᠲᠠ ᠮᠢᠨᠢ ᠰᠢᠨᠡᠯᠡᠵᠡᠭᠡᠶ᠎ᠡ!》 ᠭᠡᠳ ᠵᠣᠯᠭᠠᠵᠠᠭᠠᠪᠠ᠂《ᠰᠠᠷ᠎ᠠ ᠰᠢᠨ᠎ᠡ ᠰᠠᠢᠬᠠᠨ ᠰᠢᠨᠠᠯᠪᠠᠤ? ᠪᠡᠶ᠎ᠡ ᠯᠠᠭᠰᠢᠨ ᠲᠠᠪᠠᠲᠠᠢ ᠲᠤᠩᠭᠠᠯᠠᠭ ᠤᠤ? ᠨᠠᠰᠤ ᠰᠡᠭᠦᠳᠡᠷ ᠬᠡᠳᠦ ᠬᠦᠷᠴᠦ ᠪᠠᠢᠭ᠎ᠠ ᠪᠢᠯᠡ?》 ᠭᠡᠳᠡᠭ ᠦᠭᠡ ᠬᠥᠮᠦᠨ ᠪᠦᠷᠢ ᠶ᠋ᠢᠨ ᠠᠮᠠᠨ ᠠ᠋ᠴᠠ ᠭᠠᠷᠪᠠ᠃ ᠦᠵᠡᠲᠡᠯ᠎ᠡ ᠡᠳᠡ ᠥᠯᠥᠰᠬᠦᠯᠡᠩ᠂ ᠦᠬᠦᠯ ᠢ᠋ᠶ᠋ᠡᠨ ᠬᠦᠯᠢᠶᠡᠵᠦ ᠪᠠᠢᠭ᠎ᠠ ᠪᠣᠯᠪᠠᠴᠤ ᠦᠨᠡᠬᠡᠷ ᠨᠢᠭᠡ ᠪᠠᠶᠠᠷ! ᠢᠨᠢᠶᠡᠨ ᠪᠠᠶᠠᠰᠤᠭᠰᠠᠨ ᠴᠢᠷᠠᠢ ᠭᠠᠷᠤᠭ᠎ᠠ ᠦᠭᠡᠢ ᠬᠥᠮᠦᠨ ᠨᠢᠭᠡ ᠴᠦ᠍ ᠦᠭᠡᠢ ᠪᠥᠭᠡᠳ ᠭᠡᠲᠡᠯ᠎ᠡ ᠭᠡᠨᠡᠳᠲᠡ ᠬᠠᠭᠠᠯᠭ᠎ᠠ ᠴᠣᠬᠢᠯ᠎ᠠ᠃ ᠦᠨᠡᠨ ᠳ᠋ᠡᠭᠡᠨ ᠴᠣᠬᠢᠬᠤ ᠪᠢᠰᠢ ᠰᠢᠭᠤᠳ ᠡᠪᠳᠡᠬᠦ ᠪᠡᠷ ᠫᠠᠰ ᠫᠠᠰ ᠪᠠᠭᠤᠯᠭᠠᠨ ᠪᠠᠯᠪᠠᠭᠠᠳ᠂ ᠶᠠᠭᠤ ᠶᠠᠭᠤ ᠦᠭᠡᠢ ᠡᠪᠳᠡᠵᠦ ᠡᠬᠢᠯᠡᠬᠦ ᠳ᠋ᠦ᠍ ᠰᠣᠴᠢᠨ ᠵᠢᠪᠡᠭᠦᠴᠡᠭᠡ ᠦᠭᠡᠢ ᠬᠥᠮᠦᠨ ᠨᠢᠭᠡ ᠴᠦ᠍ ᠦᠭᠡᠢ᠃ ᠴᠥᠮ ᠦ᠋ᠨ ᠠᠮᠢᠰᠬᠤᠯ ᠶᠠᠭ ᠵᠣᠭᠰᠣᠨ᠂ ᠴᠥᠮ ᠦ᠋ᠨ ᠴᠢᠷᠠᠢ ᠬᠡᠦᠬᠡᠨ ᠴᠠᠭᠠᠨ ᠪᠣᠯᠵᠠᠢ᠃  
       ᠬᠠᠭᠠᠯᠭ᠎ᠠ ᠪᠦᠷ ᠡᠪᠳᠡᠷᠡᠯ᠎ᠡ᠃ ᠥᠷᠯᠥᠭᠡᠨ ᠦ᠌ ᠳᠡᠰ ᠨᠢᠰ ᠬᠢᠭᠰᠡᠨ ᠬᠦᠢᠲᠡᠨ ᠵᠢᠪᠠᠷ ᠲᠤᠩ ᠴᠠᠭᠠᠨ ᠴᠠᠩ ᠬᠡᠦᠷᠡᠭ ᠭᠢᠯᠠᠯᠵᠠᠭᠤᠯᠤᠨ ᠱᠣᠷᠣᠩ ᠳᠦᠭᠦᠷᠡᠩ ᠣᠷᠣᠵᠤ ᠢᠷᠡᠪᠡ᠃ ᠲᠡᠭᠦᠨ ᠦ᠌ ᠠᠷᠤ ᠳ᠋ᠤ᠌ ᠳᠥᠷᠪᠡᠨ ᠫᠤᠤ ᠲᠠᠢ ᠬᠥᠮᠦᠨ ᠵᠣᠭᠰᠣᠵᠤ ᠪᠠᠢᠭ᠎ᠠ ᠨᠢ ᠰᠣᠴᠢᠨ ᠵᠢᠪᠡᠭᠦᠴᠡᠭᠰᠡᠨ ᠬᠥᠮᠦᠰ ᠦ᠋ᠨ ᠨᠢᠳᠦᠨ ᠦ᠌ ᠦᠵᠦᠭᠦᠷ ᠲᠦ᠍ ᠬᠡᠳᠦᠨ ᠠᠷᠪᠠᠨ ᠬᠥᠮᠦᠨ ᠪᠣᠯᠤᠨ ᠦᠵᠡᠭᠳᠡᠬᠦ ᠠᠵᠢ᠃ ᠭᠡᠲᠡᠯ᠎ᠡ ᠲᠡᠷᠡ ᠬᠥᠮᠦᠰ ᠦ᠋ᠨ ᠨᠢᠭᠡ ᠨᠢ᠄  
       — ᠵᠠ ᠳᠡᠭᠡᠳᠦᠰ ᠦ᠋ᠳ ᠮᠢᠨᠢ ᠮᠣᠷᠢᠯᠠᠨ ᠭᠠᠷᠴᠠᠭ᠎ᠠ! ᠣᠳᠣ ᠡᠨᠳᠡᠴᠡ ᠭᠠᠷᠬᠤ ᠴᠠᠭ ᠪᠣᠯᠤᠭᠰᠠᠨ! ᠭᠡᠵᠦ ᠥᠪᠥᠷ ᠮᠣᠩᠭᠣᠯ ᠬᠡᠯᠡᠨ ᠦ᠌ ᠠᠶᠠᠯᠭᠤ ᠪᠠᠷ ᠬᠠᠰᠬᠢᠷᠪᠠ᠃ ᠡᠨᠡ ᠪᠣᠯ ᠵᠡᠭᠦᠳᠦ ᠪᠢᠰᠢ᠂ ᠳ᠋ᠦᠩᠨᠡᠯᠲᠡ ᠴᠦ᠍ ᠪᠢᠰᠢ᠂ ᠪᠣᠳᠠᠲᠤ ᠬᠡᠷᠡᠭ ᠪᠥᠭᠡᠳ ᠲᠡᠷᠡ ᠬᠠᠰᠬᠢᠷᠤᠭᠴᠢ ᠨᠢ ᠥᠨᠥᠬᠢ᠂ ᠮᠠᠩᠨᠠᠢ ᠳ᠋ᠠᠭᠠᠨ ᠮᠣᠷᠢᠨ ᠲᠤᠭᠤᠷᠠᠢ ᠬᠡᠯᠪᠡᠷᠢ ᠶ᠋ᠢᠨ ᠭᠢᠯᠠᠭᠠᠨ ᠰᠣᠷᠪᠢᠲᠤ ᠭᠣᠣᠵᠣᠣ ᠪᠠᠭᠠᠲᠤᠷ ᠮᠥᠨ᠃ 
       ᠡᠨᠡ ᠪᠣᠯ ᠦᠨᠡᠬᠡᠷ ᠵᠡᠭᠦᠳᠦ᠂ ᠵᠦᠩ ᠬᠣᠶᠠᠷ ᠤ᠋ᠨ ᠠᠯᠢᠨ ᠴᠦ᠍ ᠪᠢᠰᠢ᠃ ᠭᠡᠯ᠎ᠡ ᠴᠦ᠍ ᠬᠥᠮᠦᠰ ᠠᠯᠮᠠᠢᠷᠠᠨ ᠵᠣᠭᠰᠣᠨ᠎ᠠ᠃ ᠲᠡᠷᠡ ᠳᠤᠮᠳᠠ ᠠ᠋ᠴᠠ ᠵᠠᠮᠢᠶᠠᠨ ᠬᠦᠩ᠂ ᠡᠯᠳᠡᠪ ᠬᠡᠷᠡᠭ ᠲᠦ᠍ ᠰᠡᠴᠡᠨ ᠮᠡᠷᠭᠡᠨ ᠢ᠋ᠶ᠋ᠡᠷ ᠢ᠋ᠶ᠋ᠡᠨ ᠶᠡᠬᠡᠰ ᠳᠡᠭᠡᠳᠦᠰ ᠦ᠋ᠳ ᠦ᠋ᠨ ᠢ᠋ᠶ᠋ᠡᠨ ᠡᠮᠦᠨ᠎ᠡ ᠣᠴᠢᠨ ᠬᠣᠷᠮᠣᠢ ᠳᠡᠪᠢᠰᠦᠨ ᠰᠥᠭᠥᠳᠴᠦ᠄  
       — ᠵᠠ ᠪᠠᠭᠰᠢ ᠮᠡᠷᠭᠡᠳ ᠮᠢᠨᠢ ᠴᠠᠭ ᠪᠣᠯᠤᠭᠰᠠᠨ ᠭᠡᠯ᠎ᠡ᠃ ᠭᠠᠳᠠᠭᠰᠢ ᠮᠣᠷᠢᠯᠠᠵᠤ ᠬᠠᠢᠷᠠᠯᠠ! ᠭᠡᠪᠡ᠃ 
       ᠡᠨᠳᠡ ᠡᠴᠡ ᠵᠠᠯᠠᠬᠠᠵᠠ ᠬᠤᠲᠤᠭᠲᠤ᠂ ᠳᠠᠷᠢ ᠡᠬᠡ ᠯᠠᠮ᠎ᠠ᠂ ᠳᠦᠢᠩᠬᠣᠷ ᠤ᠋ᠨ ᠳᠠ ᠯᠠᠮᠠ ᠨᠠᠷ ᠲᠦᠷᠦᠭᠦᠯᠡᠨ ᠭᠠᠷᠪᠠ᠃ ᠲᠡᠭᠡᠬᠦ ᠳ᠋ᠡᠭᠡᠨ ᠲᠡᠳᠡ ᠭᠠᠮᠢᠩ ᠤ᠋ᠨ ᠦᠮᠡᠬᠡᠢ ᠬᠠᠷ᠎ᠠ ᠱᠣᠷᠣᠩ ᠠ᠋ᠴᠠ ᠪᠢᠰᠢ᠂ ᠠᠯᠲᠠᠨ ᠳᠡᠭᠡᠪᠦᠷᠲᠦ ᠳᠤᠭᠠᠩ ᠠ᠋ᠴᠠ ᠭᠠᠷᠤᠨ ᠣᠷᠳᠣᠨ ᠥᠷᠥᠭᠡ ᠤᠷᠤᠭᠤ ᠪᠠᠨ ᠶᠠᠪᠤᠬᠤ ᠮᠡᠲᠦ ᠬᠣᠶᠠᠷ ᠬᠠᠨᠴᠤᠢ ᠪᠠᠨ ᠳᠣᠷᠣᠭᠰᠢ ᠰᠤᠩᠭᠠᠨ ᠲᠠᠯᠪᠢᠵᠤ ᠠᠮᠤᠭᠤᠯᠠᠩ ᠲᠠᠢᠪᠤᠩ ᠭᠢᠰᠬᠢᠯᠡᠨ᠎ᠡ᠃ ᠡᠳᠡᠨ ᠦ᠌ ᠠᠷᠤ ᠠ᠋ᠴᠠ ᠬᠠᠳᠠᠨ ᠪᠠᠭᠠᠲᠤᠷ ᠮᠠᠭᠰᠤᠷᠵᠠᠪᠲᠠᠨ ᠠᠦ᠋ᠲ᠋ᠣᠨᠣᠮᠢᠲᠤ ᠶ᠋ᠢᠨ ᠦᠶ᠎ᠡ ᠶ᠋ᠢᠨ ᠬᠠᠭᠠᠳ ᠬᠦᠩ ᠦ᠋ᠳ ᠢ᠋ ᠬᠣᠢᠨ᠎ᠠ ᠠ᠋ᠴᠠ ᠪᠠᠨ ᠳᠠᠭᠠᠭᠤᠯᠤᠨ ᠮᠥᠨ ᠯᠡ ᠱᠣᠷᠣᠩ ᠠ᠋ᠴᠠ ᠪᠢᠰᠢ᠂ ᠠᠯᠪᠠᠨ ᠶᠠᠮᠤᠨ ᠤᠷᠤᠭᠤ ᠶᠠᠪᠤᠬᠤ ᠪᠠᠢᠳᠠᠯ ᠢ᠋ᠶ᠋ᠠᠷ ᠭᠠᠷᠪᠠ᠃ ᠳᠠᠷᠠᠭ᠎ᠠ ᠳ᠋ᠤᠨᠢ ᠤᠯᠤᠰ ᠣᠷᠣᠨ ᠤ᠋ ᠪᠠᠨ ᠲᠥᠯᠥᠭᠡ ᠴᠢᠩ ᠰᠡᠳᠬᠢᠯ ᠢ᠋ ᠪᠠᠷᠢᠭᠰᠠᠨ ᠵᠢᠷ ᠦ᠋ᠨ ᠬᠠᠷᠠᠴᠤ ᠬᠥᠮᠦᠰ᠁  
       ᠬᠡᠮᠵᠢᠶ᠎ᠡ ᠬᠢᠵᠠᠭᠠᠷ ᠢ᠋ᠶ᠋ᠠᠨ ᠠᠯᠳᠠᠭᠰᠠᠨ ᠬᠦᠢᠲᠡᠨ ᠵᠢᠪᠠᠷ᠂ ᠭᠢᠰᠬᠢᠬᠦ ᠪᠦᠷᠢ ᠳ᠋ᠦ᠍ ᠬᠥᠯ ᠢ᠋ᠶ᠋ᠡᠷ ᠵᠠᠭᠤᠷᠠᠯᠳᠤᠨ ᠬᠢᠬᠠᠷ ᠬᠤᠬᠠᠷ ᠳᠤᠤᠭᠠᠷᠤᠭᠰᠠᠨ ᠵᠤᠵᠠᠭᠠᠨ ᠴᠠᠰᠤ ᠲᠡᠳᠡᠨ ᠢ᠋ ᠤᠭᠲᠤᠨ ᠠᠪᠤᠪᠠ᠃ ᠴᠥᠮ ᠭᠠᠷᠴᠤ ᠭᠦᠢᠴᠡᠭᠡᠳ ᠨᠢᠭᠡ ᠳᠣᠣᠷ᠎ᠠ ᠪᠥᠭᠡᠮᠨᠡᠷᠡᠨ ᠵᠣᠭᠰᠣᠬᠤ ᠳ᠋ᠤ᠌ ᠭᠤᠤᠵᠤᠤ᠂ ᠪᠠᠷᠤᠨ ᠣᠩᠭᠧᠷᠡᠨ ᠬᠡᠮᠡᠬᠦ ᠴᠠᠭᠠᠨ ᠣᠷᠣᠰ ᠤ᠋ᠨ ᠶᠡᠬᠡ ᠵᠠᠩᠵᠤᠨ ᠭᠠᠮᠢᠩ ᠲᠠᠢ ᠪᠠᠢᠯᠳᠤᠨ ᠮᠠᠢᠮᠠᠢ ᠬᠣᠲᠠ ᠶ᠋ᠢ ᠠᠪᠤᠭᠠᠳ ᠣᠳᠣ ᠲᠦᠷᠦᠭᠦᠴᠢ ᠨᠢ ᠬᠦᠷᠢᠶᠡᠨ ᠳ᠋ᠦ᠍ ᠣᠷᠣᠵᠤ ᠢᠷᠡᠵᠦ ᠪᠠᠢᠭ᠎ᠠ ᠶ᠋ᠢ ᠬᠡᠯᠡᠪᠡ᠃ ᠴᠢᠬᠢ ᠲᠠᠯᠪᠢᠨ ᠴᠢᠩᠨᠠᠬᠤ ᠳ᠋ᠤ᠌ ᠵᠦᠭ ᠪᠦᠷᠢ ᠡᠴᠡ ᠫᠤᠤ ᠶ᠋ᠢᠨ ᠳᠠᠭᠤ᠂ ᠲᠦᠰ ᠫᠢᠰ ᠰᠣᠨᠣᠰᠤᠭᠳᠠᠨ᠎ᠠ᠃ ᠬᠥᠮᠦᠰ ᠭᠤᠤᠵᠤᠤ ᠠ᠋ᠴᠠ ᠶᠠᠭᠠᠬᠢᠵᠤ ᠶᠠᠪᠤᠭᠠᠳ ᠲᠡᠷᠡ ᠪᠠᠷᠤᠨ ᠤ᠋ ᠬᠢᠨ ᠲᠡᠢ ᠨᠡᠢᠯᠡᠨ ᠭᠠᠮᠢᠩ ᠲᠠᠢ ᠪᠠᠢᠯᠳᠤᠬᠤ ᠪᠣᠯᠤᠭᠰᠠᠨ ᠢ᠋ ᠨᠢ ᠠᠰᠠᠭᠤᠪᠠ᠃ ᠢᠩᠭᠢᠬᠦ ᠳ᠋ᠦ᠍ ᠭᠠᠮᠢᠩ ᠤ᠋ᠳ ᠥᠰᠢᠨ ᠵᠠᠨᠤᠭᠰᠠᠨ ᠥᠪᠥᠷ ᠮᠣᠩᠭᠣᠯ ᠤ᠋ᠨ ᠬᠥᠮᠦᠰ ᠢ᠋ᠶ᠋ᠡᠨ ᠱᠣᠷᠣᠩ ᠠ᠋ᠴᠠ ᠭᠠᠷᠭᠠᠨ ᠫᠤᠤ ᠵᠡᠪᠰᠡᠭ ᠪᠠᠷᠢᠭᠤᠯᠤᠨ ᠤᠷᠢᠳᠠ ᠪᠠᠨ ᠣᠷᠣᠭᠤᠯᠤᠨ ᠪᠠᠷᠤᠨ ᠲᠠᠢ ᠪᠠᠢᠯᠳᠤᠭᠰᠠᠨ ᠪᠠᠢᠬᠤ ᠪᠥᠭᠡᠳ ᠭᠡᠲᠡᠯ᠎ᠡ ᠲᠡᠳᠡ ᠨᠢ ᠭᠡᠨᠡᠳᠲᠡ ᠡᠷᠭᠢᠨ ᠥᠪᠡᠷᠰᠡᠳ ᠢ᠋ ᠨᠢ ᠬᠢᠳᠤᠭᠰᠠᠨ ᠠᠵᠢ᠃  
       ᠣᠳᠣ ᠦᠵᠡᠪᠡᠯ ᠡᠨᠡ ᠭᠤᠤᠵᠤᠤ ᠦᠨᠡᠬᠡᠷ ᠪᠠᠭᠠᠲᠤᠷ᠂ ᠠᠷᠤ ᠳ᠋ᠠᠭᠠᠨ ᠴᠦ᠍ ᠫᠤᠤ ᠥᠪᠥᠷ ᠲᠡᠭᠡᠨ ᠴᠦ᠍ ᠫᠤᠤ᠂ ᠴᠡᠭᠡᠵᠢ ᠳᠦᠭᠦᠷᠡᠩ ᠪᠠᠭᠯᠠᠭᠰᠠᠨ ᠰᠤᠮᠤ᠂ ᠲᠠᠰᠢᠶᠠᠨ ᠳ᠋ᠤᠨᠢ ᠴᠢᠰᠤ ᠪᠣᠯᠤᠭᠰᠠᠨ ᠬᠤᠢ ᠦᠭᠡᠢ ᠴᠠᠭᠠᠨ ᠰᠡᠯᠡᠮ᠎ᠡ ᠬᠥᠳᠡᠯᠬᠦ ᠪᠦᠷᠢ ᠳᠠᠶᠠᠯᠵᠠᠨ ᠭᠢᠯᠠᠯᠵᠠᠨ᠎ᠠ᠃ ᠦᠭᠡ ᠬᠡᠯᠡᠬᠦ ᠳ᠋ᠡᠭᠡᠨ ᠤᠷᠤᠭᠤᠯ ᠢ᠋ᠶ᠋ᠠᠨ ᠴᠢᠩᠭᠠᠳᠠ ᠪᠠᠷᠢᠨ ᠥᠮᠥᠯᠵᠡᠬᠦ᠂ ᠡᠩ ᠦ᠋ᠨ ᠳ᠋ᠡᠭᠡᠨ ᠠᠷᠠᠭ᠎ᠠ ᠰᠢᠲᠦ ᠪᠡᠨ ᠲᠠᠰᠤᠷᠠᠯᠲᠠ ᠦᠭᠡᠢ ᠬᠠᠪᠢᠷᠤᠨ ᠰᠢᠨᠠ ᠪᠠᠨ ᠭᠦᠷᠡᠯᠵᠡᠭᠦᠯᠬᠦ᠂ ᠮᠠᠩᠨᠠᠢ ᠶ᠋ᠢᠨ ᠬᠢᠨᠢ ᠭᠢᠯᠠᠭᠠᠨ ᠰᠣᠷᠪᠢ ᠲᠡᠭᠦᠨ ᠦ᠌ ᠳᠣᠣᠷᠠᠬᠢ ᠴᠢᠨᠣ᠎ᠠ ᠶ᠋ᠢᠨ ᠬᠡᠯᠪᠡᠷᠢ ᠶ᠋ᠢᠨ ᠭᠤᠷᠪᠠᠯᠵᠢᠨ ᠨᠢᠳᠦ ᠪᠦᠭᠦᠳᠡ ᠨᠢ ᠳᠠᠩ ᠥᠰᠢᠶ᠎ᠡ᠂ ᠦᠨᠡᠬᠡᠷ ᠥᠰᠢᠶ᠎ᠡ ᠬᠣᠷᠣᠰᠤᠯ ᠰᠢᠩᠭᠡᠭᠰᠡᠨ ᠢ᠋ ᠨᠢ ᠨᠢᠭᠡ ᠬᠠᠷᠠᠬᠤ ᠳ᠋ᠤ᠌ ᠠᠶᠤᠮᠠᠷ᠂ ᠠᠬᠢᠨ ᠬᠠᠷᠠᠬᠤ ᠳ᠋ᠤ᠌ ᠪᠢᠰᠢᠷᠡᠮᠡᠷ᠃  
       — ᠣᠳᠣ ᠨᠠᠳᠠ ᠭᠠᠮᠢᠩ ᠤ᠋ᠳ ᠢ᠋ ᠠᠯᠠᠨ ᠬᠢᠳᠤᠬᠤ ᠠ᠋ᠴᠠ ᠥᠭᠡᠷ᠎ᠡ ᠬᠡᠷᠡᠭᠲᠡᠢ ᠶᠠᠭᠤᠮ᠎ᠠ ᠪᠠᠢᠬᠤ ᠦᠭᠡᠢ᠂ ᠡᠨᠡ ᠪᠣᠯ ᠮᠢᠨᠦ ᠠᠮᠢᠳᠤ ᠶᠠᠪᠤᠭ᠎ᠠ ᠶ᠋ᠢᠨ ᠪᠠᠶᠠᠷ! ᠦᠬᠦᠨ ᠦᠬᠦᠲᠡᠯ᠎ᠡ ᠪᠡᠨ ᠠᠯᠠᠯᠴᠠᠨ ᠲᠤᠯᠤᠯᠳᠤᠵᠤ ᠶᠠᠪᠤᠬᠤ ᠣᠳᠣᠨ ᠳ᠋ᠤ᠌ ᠪᠢ ᠲᠥᠷᠥᠵᠡᠢ᠃ ᠵᠠ ᠡᠢᠮᠦ ᠪᠠᠢᠨ᠎ᠠ᠃ ᠥᠨᠳᠥᠷ ᠵᠠᠶᠠᠭᠠᠲᠤ ᠳᠡᠭᠡᠳᠦᠰ ᠦ᠋ᠳ ᠮᠢᠨᠢ ᠨᠠᠮᠠᠶ᠋ᠢ ᠪᠢᠲᠡᠭᠡᠢ ᠮᠠᠷᠲᠠᠭᠠᠷᠠᠢ ᠭᠡᠳ ᠭᠤᠤᠵᠤᠤ ᠦᠵᠡᠲᠡᠯ᠎ᠡ᠂ ᠭᠠᠮᠢᠩ ᠤ᠋ᠨ ᠠᠯᠢ ᠨᠢᠭᠡᠨ ᠥᠨᠳᠥᠷ ᠲᠤᠰᠢᠶᠠᠯᠲᠠᠨ ᠤ᠋ ᠡᠵᠡᠮᠰᠢᠯ ᠳ᠋ᠦ᠍ ᠪᠠᠢᠭᠰᠠᠨ ᠠ᠋ᠴᠠ ᠦᠯᠦ ᠵᠠᠢᠯᠠᠬᠤ᠂ ᠣᠪᠢᠶᠠᠰᠤ᠂ ᠸᠠᠩᠳᠤᠢ ᠬᠣᠶᠠᠷ ᠢ᠋ᠶ᠋ᠠᠷ ᠲᠡᠵᠢᠭᠡᠭᠳᠡᠨ ᠠᠭᠠᠷᠴᠠᠭ ᠳᠦᠭᠦᠷᠡᠩ ᠲᠠᠷᠭᠤᠯᠠᠭᠰᠠᠨ ᠳᠡᠰ ᠬᠠᠷ᠎ᠠ ᠨᠢᠳᠦ ᠲᠡᠢ ᠬᠤᠨ ᠴᠠᠭᠠᠨ ᠮᠣᠷᠢᠨ ᠳᠡᠭᠡᠷ᠎ᠡ ᠦᠰᠦᠷᠦᠨ ᠭᠠᠷᠴᠤ᠂ ᠬᠠᠨᠢ ᠨᠥᠬᠥᠳ ᠢ᠋ᠶ᠋ᠡᠨ ᠳᠠᠭᠠᠭᠤᠯᠤᠨ ᠳᠠᠪᠬᠢᠨ ᠣᠳᠪᠠ᠃   
       ᠪᠠᠯᠳᠠᠨᠴᠢᠷᠢᠩ ᠭᠡᠷ ᠦ᠋ᠨ ᠵᠦᠭ ᠶᠠᠪᠤᠯ᠎ᠠ᠃ ᠬᠥᠯ ᠳ᠋ᠦ᠍ᠨᠢ ᠬᠡᠳᠦᠨ ᠬᠣᠨᠣᠭ ᠦᠷᠭᠦᠯᠵᠢᠯᠡᠨ ᠣᠷᠣᠭᠰᠠᠨ ᠬᠥᠯᠳᠡᠭᠦᠦ ᠴᠠᠰᠤ ᠭᠢᠰᠬᠢᠭᠳᠡᠨ ᠬᠦᠷᠵᠢᠭᠢᠨᠡᠨ᠎ᠡ᠃ ᠭᠠᠵᠠᠷ ᠳᠡᠯᠡᠬᠡᠢ ᠶ᠋ᠢ ᠪᠢᠲᠡᠭᠦᠦ ᠪᠦᠷᠬᠦᠭᠰᠡᠨ ᠲᠡᠷᠡ ᠴᠠᠰᠤᠨ ᠳᠡᠭᠡᠷ᠎ᠡ ᠡᠯᠳᠡᠪ ᠠᠮᠢᠲᠠᠨ ᠤ᠋ ᠮᠥᠷ ᠪᠢᠰᠢᠭᠦᠢ ᠪᠠᠢᠬᠤ ᠪᠣᠯᠪᠠᠴᠤ ᠣᠳᠣ ᠳ᠋ᠠᠭᠠᠨ ᠠᠮᠢᠳᠤ ᠭᠣᠣᠯ ᠲᠠᠢ ᠶᠠᠭᠤᠮᠠᠨ ᠤ᠋ ᠪᠠᠷ᠎ᠠ ᠣᠷᠣ ᠦᠭᠡᠢ᠃ ᠵᠥᠪᠬᠡᠨ ᠠᠯᠠᠭᠳᠠᠭᠰᠠᠨ ᠭᠠᠮᠢᠩ ᠤ᠋ᠨ ᠬᠡᠭᠦᠷ ᠡᠨᠳᠡ ᠲᠡᠨᠳᠡ ᠪᠦᠷᠲᠡᠭᠡᠷ ᠬᠠᠷ᠎ᠠ ᠲᠣᠯᠪᠣ ᠪᠣᠯᠤᠨ ᠬᠡᠪᠲᠡᠭᠡ ᠦᠵᠡᠭᠳᠡᠨ᠎ᠡ᠃ ᠭᠡᠪᠡᠴᠦ ᠫᠤᠤ ᠶ᠋ᠢᠨ ᠳᠠᠭᠤ ᠦᠷᠭᠦᠯᠵᠢᠯᠡᠨ ᠰᠣᠨᠣᠰᠳᠠᠬᠤ ᠶ᠋ᠢᠨ ᠰᠠᠴᠠᠭᠤ ᠪᠠᠷ ᠴᠣᠢᠯᠠᠭᠰᠠᠨ ᠪᠠ ᠲᠡᠨᠦᠭᠰᠡᠨ ᠰᠤᠮᠤ ᠠᠭᠠᠷ ᠲᠤ ᠪᠠᠢᠨ ᠪᠠᠢᠨ ᠢᠰᠬᠡᠷᠦᠨ᠎ᠡ᠃ ᠢᠩᠭᠢᠬᠦ ᠳ᠋ᠦ᠍ ᠬᠠᠷᠢᠨ ᠪᠠᠯᠳᠠᠨᠴᠡᠷᠢᠩ ᠳ᠋ᠦ᠍ ᠠᠶᠤᠬᠤ ᠶᠠᠭᠤᠮ᠎ᠠ ᠠᠯᠠᠭ᠎ᠠ᠂ ᠪᠠᠶᠠᠷᠯᠠᠬᠤ ᠴᠦ᠍ ᠶᠠᠭᠤᠮ᠎ᠠ ᠠᠯᠠᠭ᠎ᠠ《ᠱᠣᠷᠣᠩ ᠠ᠋ᠴᠠ ᠠᠮᠢᠳᠤ ᠮᠡᠨᠳᠦ ᠭᠠᠷᠪᠠ ᠭᠡᠵᠦ ᠤᠭᠲᠤᠨ ᠠᠪᠬᠤ ᠬᠡᠨ ᠪᠠᠢᠬᠤ ᠪᠢᠯᠡ? ᠬᠡᠨ ᠴᠦ᠍ ᠦᠭᠡᠢ᠃ ᠠᠷᠤ ᠳ᠋ᠤ᠌ ᠦᠯᠡᠳᠡᠭᠰᠡᠨ ᠡᠴᠡ ᠳᠥᠷᠪᠡᠨ ᠬᠠᠨ᠎ᠠ ᠲᠠᠢ ᠭᠡᠷ ᠪᠠᠢᠬᠤ ᠪᠣᠯᠪᠠᠴᠤ ᠲᠡᠷᠡ ᠣᠳᠣ ᠮᠥᠰᠥᠨ ᠦ᠌ ᠬᠣᠩᠭᠢᠯ ᠪᠣᠯᠤᠭᠠᠳ ᠪᠠᠢᠭ᠎ᠠ ᠠ᠋ᠴᠠ ᠥᠭᠡᠷ᠎ᠡ ᠶᠠᠭᠤ ᠪᠠᠢᠬᠤ ᠪᠢᠯᠡ》 ᠭᠡᠬᠦ ᠲᠡᠳᠦᠢ ᠦᠭᠡᠢ᠂ ᠡᠨᠡ ᠬᠥᠯ ᠦᠢᠮᠡᠭᠡᠨ ᠢ᠋ᠶ᠋ᠡᠷ ᠣᠷᠣᠨ ᠭᠡᠷ ᠢ᠋ᠶ᠋ᠡᠨ ᠮᠥᠷ ᠦᠭᠡᠢ ᠪᠣᠯᠤᠭᠰᠠᠨ ᠴᠦ᠍ ᠪᠠᠢᠵᠤ ᠮᠡᠳᠡᠬᠦ ᠰᠢᠦ ᠳᠡ ᠭᠡᠵᠦ ᠪᠣᠳᠣᠬᠤ ᠲᠤᠯᠠ ᠦᠨᠡᠬᠡᠷ ᠪᠠᠶᠠᠷᠯᠠᠬᠤ ᠶᠠᠭᠤᠮ᠎ᠠ ᠦᠭᠡᠢ ᠠᠵᠢ᠃  
       ᠬᠠᠰᠢᠶᠠᠨ ᠤ᠋ ᠪᠠᠨ ᠬᠠᠭᠠᠯᠭᠠᠨ ᠳᠡᠭᠡᠷ᠎ᠡ ᠢᠷᠡᠬᠦ ᠳ᠋ᠦ᠍ ᠨᠢᠭᠡ ᠬᠥᠮᠦᠨ ᠣᠷᠣᠭᠰᠠᠨ ᠤ᠋ ᠮᠥᠷ ᠦᠵᠡᠭᠳᠡᠪᠡ᠃ ᠬᠠᠭᠠᠯᠭ᠎ᠠ ᠪᠠᠨ ᠠᠯᠭᠤᠷ ᠲᠦᠯᠬᠢᠨ ᠰᠠᠮ ᠠᠵᠢᠬᠤ ᠳ᠋ᠤ᠌ ᠭᠡᠷ ᠦ᠋ᠨ ᠶᠠᠩᠳᠦᠩ ᠡᠴᠡ ᠰᠢᠷᠦᠭᠦᠨ ᠭᠠᠯ ᠤ᠋ᠨ ᠤᠲᠤᠭ᠎ᠠ ᠣᠷᠭᠢᠯᠤᠨ ᠪᠣᠷᠭᠢᠯᠠᠵᠤ ᠪᠠᠢᠭ᠎ᠠ ᠪᠥᠭᠡᠳ ᠲᠡᠭᠦᠨ ᠢ᠋ ᠦᠵᠡᠬᠦ ᠳ᠋ᠦ᠍ ᠪᠠᠯᠳᠠᠨᠴᠢᠷᠢᠩ ᠤ᠋ᠨ ᠰᠡᠳᠬᠢᠯ ᠡᠪ ᠦᠭᠡᠢ ᠪᠣᠯᠤᠯ᠎ᠠ᠃《ᠶᠠᠮᠠᠷ ᠨᠢᠭᠡ ᠡᠲᠡᠭᠡᠳ ᠨᠠᠮᠠᠶ᠋ᠢ ᠦᠬᠦᠵᠦ ᠦᠷᠡᠭᠳᠡᠭᠰᠡᠨ ᠭᠡᠵᠦ ᠪᠤᠲᠠ ᠭᠡᠷ ᠣᠷᠣᠨ ᠢ᠋ ᠮᠢᠨᠢ ᠳᠤᠷ᠎ᠠ ᠮᠡᠳᠡᠨ ᠡᠵᠡᠮᠰᠢᠭᠰᠡᠨ ᠬᠡᠷᠡᠭ ᠪᠣᠯ ᠤᠤ》 ᠭᠡᠵᠦ ᠪᠣᠳᠣᠨ ᠬᠡᠰᠡᠭ ᠵᠣᠭᠰᠣᠭᠠᠳ ᠳᠣᠲᠣᠭᠰᠢ ᠣᠷᠣᠨ ᠭᠡᠷ ᠦ᠋ᠨ ᠢ᠋ᠶ᠋ᠡᠨ ᠬᠠᠭᠠᠯᠭ᠎ᠠ ᠶ᠋ᠢ ᠲᠠᠲᠠᠪᠠ᠃ ᠨᠡᠯᠢᠶᠡᠳ ᠪᠢᠳᠠᠷᠠᠭᠤ ᠪᠡᠶ᠎ᠡ ᠲᠡᠢ ᠴᠠᠭᠠᠨ ᠨᠡᠬᠡᠢ ᠳᠡᠪᠡᠯ ᠲᠡᠢ ᠢᠳᠡᠷ ᠨᠠᠰᠤᠨ ᠤ᠋ ᠡᠷ᠎ᠡ ᠴᠠᠭᠠᠰᠢ ᠬᠠᠷᠠᠨ ᠭᠤᠯᠢᠷ ᠡᠯᠳᠡᠵᠦ ᠰᠠᠭᠤᠭᠰᠠᠨ ᠢ᠋ᠶ᠋ᠠᠨ ᠰᠣᠴᠢᠰᠬᠢᠨ ᠡᠷᠭᠢᠨ ᠬᠠᠷᠠᠪᠠ᠃ ᠠᠮᠤᠷ ᠮᠡᠨᠳᠦ ᠮᠡᠳᠡᠬᠦ ᠳ᠋ᠦ᠍ ᠬᠠᠷᠢᠭᠤ ᠮᠡᠨᠳᠦᠯᠡᠭᠡᠳ ᠰᠦᠷᠡᠬᠡᠢ ᠠᠵᠢᠭᠯᠠᠨ᠎ᠠ᠃ 
       — ᠡᠨᠡ ᠴᠢᠨᠢ ᠬᠡᠨ ᠦ᠌ ᠬᠢ ᠭᠡᠳᠡᠭ ᠪᠢᠯᠡ? ᠭᠡᠵᠦ ᠠᠰᠠᠭᠤᠭᠰᠠᠨ ᠳ᠋ᠤ᠌᠂ 
       — ᠡᠨᠡ ᠪᠣᠯ ᠪᠠᠯᠳᠠᠨᠴᠢᠷᠢᠩ ᠤ᠋ᠨ ᠬᠢ ᠭᠡᠪᠡ᠃  
       — ᠲᠠ ᠲᠡᠷᠡ ᠬᠥᠮᠦᠨ ᠦ᠌ ᠶᠠᠭᠤ ᠨᠢ ᠪᠣᠢ? 
       — ᠶᠠᠭᠤᠨ ᠨᠢ ᠴᠦ᠍ ᠪᠢᠰᠢ᠂ ᠵᠦᠭᠡᠷ ᠡᠵᠡᠭᠦᠢ ᠪᠠᠢᠭ᠎ᠠ ᠶ᠋ᠢᠨ ᠬᠢᠨᠢ ᠬᠤᠪᠢ ᠳ᠋ᠤ᠌ ᠭᠡᠷ ᠪᠠᠷᠠᠭ᠎ᠠ ᠶ᠋ᠢ ᠨᠢ ᠬᠠᠷᠠᠵᠤ ᠪᠠᠢᠳᠠᠭ ᠤᠬᠠᠭᠠᠨ ᠲᠠᠢ᠃ 
       ᠪᠠᠯᠳᠠᠨᠴᠢᠷᠢᠩ ᠭᠠᠢᠬᠠᠯ᠎ᠠ᠃ ᠲᠡᠷᠡ ᠬᠥᠮᠦᠨ ᠴᠦ᠍ ᠤᠯᠠᠮ ᠢ᠋ᠶ᠋ᠠᠷ ᠠᠵᠢᠭᠯᠠᠨ ᠰᠢᠷᠳᠡᠨ᠎ᠡ᠃  
       — ᠶᠠᠭᠠᠬᠢᠭᠰᠠᠨ ᠭᠠᠢᠬᠠᠯᠲᠠᠢ ᠬᠡᠷᠡᠭ ᠪᠣᠢ? ᠤᠭ ᠨᠢ ᠲᠡᠷᠡ ᠪᠠᠯᠳᠠᠨᠴᠢᠷᠢᠩ ᠭᠡᠳᠡᠭ ᠴᠢᠨᠢ ᠪᠢ ᠶᠦᠮ ᠰᠠᠨ ᠭᠡᠬᠦ ᠳ᠋ᠦ᠍ ᠲᠡᠷᠡ ᠬᠠᠷ᠎ᠠ ᠬᠥᠮᠦᠨ᠄《ᠵᠠ ᠲᠡᠢᠮᠦ ᠪᠠᠢᠯᠭᠦᠢ᠃ ᠪᠢ ᠴᠣᠬᠣᠮ ᠲᠠᠨ ᠢ᠋ ᠣᠳᠣ ᠯᠠ ᠨᠢᠭᠡ ᠢᠷᠡᠵᠦ ᠮᠠᠭᠠᠳ ᠦᠭᠡᠢ ᠭᠡᠵᠦ ᠭᠣᠷᠢᠳᠠᠨ ᠬᠣᠭᠣᠯᠠ ᠬᠣᠰᠢ ᠪᠡᠯᠡᠳᠬᠡᠨ ᠰᠠᠭᠤᠭ᠎ᠠ ᠮᠢᠨᠢ ᠡᠨᠡ》 ᠭᠡᠵᠦ ᠳᠠᠭᠤ ᠠᠯᠲᠠᠨ ᠪᠣᠰᠤᠨ ᠬᠠᠷᠠᠢᠭᠰᠠᠨ ᠢ᠋ᠶ᠋ᠠᠨ᠂ 
       — ᠲᠠ ᠨᠠᠳᠠ ᠠᠳᠢᠰ ᠬᠠᠢᠷᠠᠯᠠ ᠭᠡᠵᠦ ᠡᠪᠦᠳᠦᠭ ᠳᠡᠭᠡᠷ᠎ᠡ ᠪᠡᠨ ᠰᠥᠬᠥᠷᠡᠨ ᠮᠡᠬᠦᠢᠪᠡ᠃ 
       ᠪᠠᠯᠳᠠᠨᠴᠢᠷᠢᠩ ᠪᠦᠷ ᠰᠠᠨᠳᠤᠷᠤᠨ ᠲᠡᠪᠡᠳᠡᠵᠦ᠄  
       — ᠦᠭᠡᠢ ᠲᠠ ᠪᠣᠰ! ᠪᠢ ᠶᠠᠮᠠᠷ ᠬᠥᠮᠦᠨ ᠠᠮᠢᠲᠠᠨ ᠳ᠋ᠤ᠌ ᠠᠳᠢᠰ ᠲᠠᠯᠪᠢᠳᠠᠭ ᠬᠥᠮᠦᠨ ᠪᠢᠰᠢ᠃ 
       — ᠵᠠ᠂ ᠲᠡᠢᠮᠦ᠂ ᠭᠡᠪᠡᠴᠦ ᠲᠠ ᠪᠣᠯ ᠮᠢᠨᠦ ᠠᠮᠢ ᠶ᠋ᠢ ᠠᠪᠤᠷᠠᠭᠰᠠᠨ ᠤᠴᠢᠷ ᠪᠢ ᠲᠠᠨ ᠠ᠋ᠴᠠ ᠠᠳᠢᠰ ᠠᠪᠬᠤ ᠶᠣᠰᠣᠲᠠᠢ᠃ ᠦᠭᠡᠢ ᠲᠠ ᠮᠡᠳᠡᠵᠦ ᠪᠠᠢᠭ᠎ᠠ ᠪᠢᠵᠡ ᠳᠡ᠂ ᠮᠢᠨᠦ ᠰᠤᠪᠤᠷᠭᠠᠨ ᠤ᠋ ᠢᠷᠣᠭᠠᠷ ᠲᠤ ᠦᠬᠦᠯᠦᠭᠦᠲᠡ ᠬᠡᠪᠲᠡᠵᠦ ᠪᠠᠢᠭᠰᠠᠨ ᠢ᠋!  
       ᠪᠠᠯᠳᠠᠨᠴᠢᠷᠢᠩ ᠣᠳᠣ ᠣᠢᠯᠠᠭᠠᠯ᠎ᠠ᠃ ᠦᠨᠡᠨ ᠰᠡᠳᠬᠢᠯ ᠡᠴᠡ ᠪᠡᠨ ᠰᠥᠭᠥᠳᠦᠨ ᠮᠥᠷᠭᠥᠵᠦ ᠪᠠᠢᠭ᠎ᠠ ᠶ᠋ᠢᠨ ᠬᠢᠨᠢ ᠬᠤᠪᠢ ᠳ᠋ᠤ᠌ ᠭᠠᠷ ᠤ᠋ᠨ ᠦᠵᠦᠭᠦᠷ ᠢ᠋ᠶ᠋ᠡᠷ ᠠᠳᠢᠰ ᠲᠠᠯᠪᠢᠭᠠᠳ ᠳᠠᠷᠠᠭ᠎ᠠ ᠨᠢ《ᠥᠨᠥᠬᠢ ᠱᠣᠷᠣᠩ ᠳ᠋ᠤ᠌ ᠪᠠᠢᠬᠤ ᠳ᠋ᠤ᠌ ᠦᠨᠵᠢᠭᠡᠳ ᠨᠢᠭᠡ ᠡᠷᠭᠢᠯᠲᠡ ᠣᠷᠣᠭᠤᠯᠵᠤ ᠪᠠᠢᠭᠰᠠᠨ ᠬᠥᠮᠦᠨ ᠡᠨᠡ ᠪᠠᠢᠬᠤ ᠨᠢ ᠠ᠋!》 ᠭᠡᠵᠦ ᠳᠣᠲᠣᠷ᠎ᠠ ᠪᠠᠨ ᠪᠣᠳᠣᠪᠠ᠃ 

        ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂  ᠭᠠᠷᠮ᠎ᠠ